ᠲᠠᠪᠢ ᠶ᠋ᠢᠨ ᠳᠠᠪᠠᠭ᠎ᠠ ᠬᠣᠯᠠᠳᠠᠨ᠎ᠠ -ᠬᠣᠨᠢᠴᠢᠨ ᠨᠠ᠊· ᠮᠥᠩᠬᠡᠪᠠᠭᠠᠲᠤᠷТавийн даваа холдоно-Хоньчин На·Мөнхбаатар
ᠲᠠᠪᠢ ᠶ᠋ᠢᠨ ᠳᠠᠪᠠᠭ᠎ᠠ ᠬᠣᠯᠠᠳᠠᠨ᠎ᠠ
ᠵᠣᠬᠢᠶᠠᠭᠴᠢ᠄ ᠬᠣᠨᠢᠴᠢᠨ ᠨᠠ᠊· ᠮᠥᠩᠬᠡᠪᠠᠭᠠᠲᠤᠷ
ᠤᠶᠠᠩᠭᠠᠯᠠᠭᠴᠢ᠄ ᠬᠣᠨᠢᠴᠢᠨ ᠨᠠ᠊· ᠮᠥᠩᠬᠡᠪᠠᠭᠠᠲᠤᠷ
ᠡᠷᠢᠶᠡᠨ ᠪᠠᠷᠠᠭᠠᠨ ᠲᠠᠢ ᠡᠨᠡᠬᠡᠨ ᠳᠡᠯᠡᠬᠡᠢ ᠳ᠋ᠦ᠍
ᠳᠦᠩᠭᠢᠨᠡᠵᠦ ᠮᠣᠩᠭᠢᠨᠡᠨ ᠠᠮᠢᠳᠤᠷᠠᠭᠰᠠᠭᠠᠷ
ᠡᠷᠭᠢᠬᠦ ᠪᠥᠮᠪᠥᠷᠴᠡᠭ ᠦ᠋ᠨ ᠴᠠᠭ ᠤ᠋ᠨ ᠤᠷᠤᠰᠬᠠᠯ ᠳ᠋ᠤ᠌
ᠨᠠᠰᠤᠨ ᠤ᠋ ᠬᠠᠭᠠᠰ ᠢ᠋ ᠬᠥᠪᠦᠭᠦᠯᠪᠡᠢ
ᠡᠩᠬᠦᠯ ᠳᠤᠩᠬᠤᠯ ᠲᠠᠢ ᠶᠢᠷᠲᠢᠨᠴᠦ ᠶ᠋ᠢᠨ ᠵᠠᠮ ᠢ᠋ᠶ᠋ᠠᠷ
ᠲᠥᠭᠡᠷᠢᠵᠦ ᠲᠡᠨᠦᠩᠭᠡᠨ ᠶᠠᠪᠤᠭᠰᠠᠭᠠᠷ
ᠡᠷᠭᠢᠭᠡᠨ ᠤᠷᠪᠠᠭᠠᠨ ᠲᠠᠢ ᠣᠷᠴᠢᠯᠠᠩ ᠤ᠋ᠨ ᠠᠳᠠᠷᠠᠮᠠᠨ ᠳ᠋ᠤ᠌
ᠡᠨᠡ ᠴᠣᠭᠴᠠ ᠶ᠋ᠢ ᠵᠦᠳᠡᠭᠡᠪᠡᠢ
ᠡᠭᠡᠳᠡᠷᠡᠭᠡᠨ ᠪᠤᠳᠤᠯᠢᠶᠠᠨ ᠲᠠᠢ ᠬᠥᠮᠦᠨ ᠵᠤᠨ ᠤ᠋
ᠰᠠᠯᠬᠢ ᠪᠣᠷᠣᠭᠠᠨ ᠳ᠋ᠤ᠌ ᠭᠤᠶᠠᠳᠠᠭᠳᠠᠭᠰᠠᠭᠠᠷ
ᠡᠪᠦᠭᠡᠷᠡᠬᠦ ᠵᠦᠭ ᠦ᠋ᠨ ᠢ᠋ᠶ᠋ᠡᠨ ᠠᠶᠠᠨ ᠤ᠋ ᠵᠢᠯᠣᠭᠣ ᠶ᠋ᠢ
ᠬᠣᠷᠸ᠎ᠠ ᠶ᠋ᠢᠨ ᠵᠢᠮ᠎ᠡ ᠪᠡᠷ ᠰᠢᠭᠦᠷᠡᠪᠡᠢ᠃
ᠬᠠᠯᠠ ᠵᠣᠪᠠᠯᠠᠩ ᠲᠠᠢ ᠠᠮᠢᠳᠤᠷᠠᠯ ᠤ᠋ᠨ ᠪᠠᠷᠲᠠᠭᠠᠨ ᠳ᠋ᠤ᠌
ᠵᠣᠷᠢᠭ ᠴᠢᠩᠭᠠᠯᠠᠨ ᠶᠠᠪᠤᠭᠰᠠᠭᠠᠷ
ᠬᠠᠩᠬᠠᠯ ᠪᠡᠶ᠎ᠡ ᠶ᠋ᠢᠨ ᠮᠢᠨᠢ ᠣᠮᠣᠭ ᠪᠠᠭᠤᠷᠠᠵᠤ
ᠪᠤᠯᠴᠢᠩ ᠰᠤᠯᠠᠷᠠᠬᠤ ᠨᠢ ᠮᠡᠳᠡᠭᠳᠡᠪᠡᠢ
ᠬᠠᠲᠠᠭᠤ ᠪᠡᠷᠬᠡᠰᠢᠶᠡᠯ ᠲᠡᠢ ᠠᠵᠢᠯ ᠤ᠋ᠨ ᠪᠠᠢᠷᠢᠨ ᠳ᠋ᠤ᠌
ᠶᠠᠳᠠᠷᠠᠵᠤ ᠵᠦᠳᠡᠷᠡᠨ ᠪᠠᠢᠭᠰᠠᠭᠠᠷ
ᠬᠠᠢᠷᠠᠨ ᠴᠣᠭᠴᠠᠰ ᠤ᠋ᠨ ᠰᠢᠨᠳᠠᠰᠤ ᠮᠠᠭᠤᠳᠠᠵᠤ
ᠨᠢᠷᠤᠭᠤ ᠱᠠᠷᠬᠢᠷᠠᠬᠤ ᠨᠢ ᠣᠯᠠᠳᠠᠪᠠᠢ
ᠬᠠᠷᠠᠬᠠᠨ ᠭᠡᠵᠢᠭᠡ ᠮᠢᠨᠢ ᠰᠢᠷᠬᠡᠭ ᠰᠢᠷᠬᠡᠭ ᠢ᠋ᠶ᠋ᠡᠷ
ᠴᠠᠢᠵᠤ ᠤᠨᠠᠨ ᠰᠢᠩᠭᠡᠷᠡᠭᠰᠡᠭᠡᠷ
ᠬᠠᠯᠢᠮᠠᠭ ᠦᠭᠡᠢ ᠬᠠᠯᠵᠠᠨ ᠲᠣᠯᠣᠭᠠᠢ
ᠲᠠᠪᠢ ᠶ᠋ᠢᠨ ᠳᠠᠪᠠᠭᠠᠨ ᠳ᠋ᠤᠷ ᠮᠡᠬᠦᠢᠪᠡᠢ᠃
ᠳᠤᠷᠠᠨ ᠬᠠᠷᠠᠭᠠᠨ ᠳ᠋ᠤ᠌ ᠨᠣᠮ ᠤ᠋ᠨ ᠬᠠᠭᠤᠳᠠᠰᠤ
ᠢᠳᠡᠭ ᠢᠳᠡᠭ ᠢ᠋ᠶ᠋ᠡᠷ ᠪᠦᠷᠦᠯᠵᠡᠭᠰᠡᠭᠡᠷ
ᠳᠤᠯᠠᠭᠠᠨ ᠦᠷᠭᠦᠭᠡᠨ ᠳ᠋ᠦ᠍ ᠰᠢᠯ ᠲᠡᠢ ᠡᠪᠦᠭᠡᠨ
ᠰᠢᠷᠡᠭᠡ ᠡᠯᠢᠭᠡᠳᠡᠨ ᠢᠯᠡᠷᠡᠪᠡᠢ
ᠳᠤᠷᠠᠢᠵᠤ ᠦᠯᠡᠳᠡᠬᠦ ᠰᠢᠯᠦᠭ ᠦ᠋ᠨ ᠮᠥᠷ ᠢ᠋ᠶ᠋ᠡᠷ
ᠳᠤᠷᠠᠮᠠᠭ ᠲᠠᠯᠲᠠᠷᠢᠨ ᠠᠯᠬᠤᠯᠠᠭᠰᠠᠭᠠᠷ
ᠳᠤᠲᠠᠭᠤ ᠳᠣᠷᠭᠣᠨ ᠮᠡᠳᠡᠯᠭᠡ ᠶ᠋ᠢᠨ ᠬᠡᠪᠴᠢᠶᠡᠨ ᠳ᠋ᠡᠭᠡᠨ
ᠲᠠᠰᠤᠭ ᠪᠣᠰᠤᠭ ᠡᠷᠢᠶᠡᠴᠢᠪᠡᠢ
ᠳᠤᠷ᠎ᠠ ᠰᠢᠷ᠎ᠠ ᠶ᠋ᠢᠨ ᠳᠤᠷᠠᠰᠢᠯ ᠪᠠᠭᠠᠰᠴᠤ
ᠬᠠᠨᠢ ᠶ᠋ᠢᠨ ᠳᠡᠷᠡ ᠡᠴᠡ ᠬᠣᠯᠠᠳᠠᠭᠰᠠᠭᠠᠷ
ᠳᠤᠷᠠᠰᠤᠯ ᠤ᠋ᠨ ᠲᠣᠷᠭᠠᠨ ᠰᠢᠵᠢᠮ ᠠᠯᠳᠠᠯᠠᠵᠤ
ᠨᠡᠷᠡᠲᠦ ᠶ᠋ᠢᠨ ᠶᠣᠰᠣᠨ ᠳ᠋ᠤᠷ ᠭᠤᠨᠢᠷᠠᠪᠠᠢ᠃
ᠲᠠᠯ᠎ᠠ ᠶ᠋ᠢᠨ ᠬᠠᠮᠬᠤᠤᠯ ᠰᠢᠭ᠋ ᠪᠥᠮᠪᠥᠷᠢᠵᠦ ᠪᠠᠢᠭᠰᠠᠨ
ᠲᠠᠩᠬᠢᠯ ᠵᠠᠯᠠᠭᠤ ᠨᠠᠰᠤ ᠮᠢᠨᠢ
ᠲᠠᠯᠠᠭᠠᠷ ᠶᠠᠪᠤᠭᠰᠠᠨ ᠨᠠᠮᠲᠠᠷ ᠲᠡᠦᠬᠡ ᠲᠡᠢ ᠮᠢᠨᠢ
ᠲᠠᠷᠢᠬᠢᠨ ᠳ᠋ᠤ᠌ ᠨᠣᠪᠰᠢᠷᠠᠵᠤ ᠲᠣᠳᠣᠷᠠᠨ᠎ᠠ
ᠳᠠᠬᠢᠭᠠᠳ ᠴᠤ᠌ ᠤᠷᠭᠤᠬᠤ ᠦᠭᠡᠢ ᠬᠣᠵᠢᠭᠢᠷᠲᠤᠭᠰᠠᠨ
ᠳᠡᠰ ᠬᠠᠷ᠎ᠠ ᠦᠰᠦ ᠮᠢᠨᠢ
ᠲᠠᠪᠢᠯᠠᠩ ᠵᠠᠶᠠᠭᠠᠨ ᠤ᠋ ᠰᠡᠪᠬᠢᠬᠦ ᠬᠠᠭᠤᠳᠠᠰᠤᠨ ᠳ᠋ᠤ᠌
ᠲᠠᠮᠢᠷ ᠰᠢᠯᠭᠠᠵᠤ ᠬᠡᠢᠰᠦᠨ᠎ᠡ
ᠲᠠᠢᠪᠤᠩ ᠽᠠᠮᠪᠤᠯᠢᠩ ᠤ᠋ᠨ ᠡᠯᠢᠭᠡᠨ ᠳ᠋ᠦ᠍
ᠲᠠᠲᠠᠭ ᠢᠳᠡᠭ ᠲᠠᠲᠠᠪᠠᠯᠵᠠᠨ ᠶᠠᠪᠤᠬᠤ ᠪᠠᠷ
ᠲᠠᠮᠠᠭᠠᠯᠠᠵᠤ ᠣᠷᠬᠢᠭᠰᠠᠨ ᠲᠠᠪᠢ ᠶ᠋ᠢᠨ ᠳᠠᠪᠠᠭ᠎ᠠ
ᠲᠠᠰᠢᠭᠤᠷ ᠨᠡᠮᠡᠵᠦ ᠬᠣᠯᠠᠳᠠᠨ᠎ᠠ
ᠬᠣᠷᠭᠣᠳᠠᠵᠤ ᠬᠣᠴᠣᠷᠤᠭᠠ ᠦᠭᠡᠢ
ᠬᠣᠯᠠᠳᠠᠵᠤ ᠶᠠᠪᠤᠭ᠎ᠠ ᠲᠠᠪᠢ ᠶ᠋ᠢᠨ ᠳᠠᠪᠠᠭᠠᠨ ᠤ᠋
ᠬᠣᠨᠣᠭ ᠡᠳᠦᠷ ᠢ᠋ ᠨᠢ ᠬᠣᠢᠰᠢᠯᠠᠭᠤᠯᠬᠤ
ᠤᠪᠠᠳᠢᠰ ᠨᠠᠳᠠ ᠪᠠᠢᠳᠠᠭ ᠴᠦ᠍ ᠪᠣᠯᠤᠭᠠᠰᠠᠢ
ᠬᠣᠷᠯᠣ ᠲᠣᠭᠣᠨᠣ ᠲᠠᠢ ᠭᠣᠯᠣᠮᠳᠠᠨ ᠳ᠋ᠠᠭᠠᠨ
ᠬᠣᠷᠢᠵᠤ ᠨᠢᠭᠡ ᠴᠦ᠍ ᠦᠵᠡᠬᠦ ᠶᠦᠮ ᠰᠠᠨ᠁
ᠬᠣᠪᠣᠷ ᠨᠠᠨᠳᠢᠨ ᠨᠠᠰᠤ ᠶ᠋ᠢ ᠮᠢᠨᠢ
ᠬᠤᠮᠢᠵᠤ ᠠᠯᠤᠰᠯᠠᠭᠠ ᠲᠠᠪᠢ ᠶ᠋ᠢᠨ ᠳᠠᠪᠠᠭᠠᠨ ᠳ᠋ᠤ᠌
ᠬᠣᠯᠪᠣᠭ᠎ᠠ ᠰᠢᠯᠦᠭ ᠦ᠋ᠨ ᠮᠥᠷ ᠪᠠᠳᠠᠭ ᠢ᠋ᠶ᠋ᠠᠷ
ᠮᠥᠷᠥᠭᠡᠳᠦᠯ ᠬᠡᠯᠬᠢᠨ ᠳᠡᠭᠡᠵᠢᠯᠡᠵᠦ
ᠬᠣᠵᠢᠮ ᠬᠣᠢᠨᠠᠬᠢ ᠶ᠋ᠢᠨ ᠰᠣᠨᠣᠷ ᠲᠤ᠌
ᠬᠤᠩᠬ᠎ᠠ ᠪᠣᠯᠭᠠᠵᠤ ᠥᠭᠬᠦ ᠴᠦ᠍ ᠶᠦᠮ ᠰᠠᠨ᠁
ᠬᠣᠵᠢᠮ ᠬᠣᠢᠨᠠᠬᠢ ᠶ᠋ᠢᠨ ᠰᠣᠨᠣᠷ ᠲᠤ᠌
ᠬᠤᠩᠬ᠎ᠠ ᠪᠣᠯᠭᠠᠵᠤ ᠥᠭᠬᠦ ᠴᠦ᠍ ᠶᠦᠮ ᠰᠠᠨ᠁
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠣᠳᠬᠠᠨᠰᠣ᠎ᠠ
