ᠬᠥᠬᠡ ᠰᠤᠳᠤᠷ - ᠢᠨᠵᠠᠨᠨᠠᠰᠢ < ᠭᠤᠲᠠᠭᠠᠷ ᠪᠦᠯᠦᠭ > Хөх судар - Инжинаш < Гутгар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠭᠤᠲᠠᠭᠠᠷ ᠪᠦᠯᠦᠭ > Хөх судар - Инжинаш < Гутгар бүлэг >

ᠬᠥᠬᠡ ᠰᠤᠳᠤᠷ - ᠢᠨᠵᠠᠨᠨᠠᠰᠢ < ᠭᠤᠲᠠᠭᠠᠷ ᠪᠦᠯᠦᠭ > Хөх судар - Инжинаш < Гутгар бүлэг >

ᠠᠩᠭᠢᠯᠠᠯ:ᠲᠡᠦᠬᠡ ᠰᠣᠶᠣᠯ
2023-06-17

299

ᠬᠡᠷᠦᠯᠦᠨ ᠮᠥᠷᠡᠨ᠎ᠡ ᠬᠡᠷᠰᠡᠦ ᠮᠤᠬᠤᠯᠢ ᠠᠩᠬ᠎ᠠ ᠤᠳᠠᠭ᠎ᠠ ᠴᠡᠷᠢᠭ ᠬᠡᠷᠡᠭᠯᠡᠮᠦᠢ

ᠳᠠᠯᠠᠭᠤᠢ ᠠᠭᠤᠯᠠᠨ᠎ᠠ ᠲᠠᠢᠽᠦ ᠪᠣᠭᠳᠠ ᠭᠠᠭᠴᠠ ᠵᠡᠪᠡ ᠪᠡᠷ ᠪᠠᠷᠰ ᠢ᠋ ᠬᠠᠷᠪᠤᠮᠤᠢ

              ᠭᠤᠲᠠᠭᠠᠷ ᠪᠦᠯᠦᠭ     

                      ᠰᠥᠩ ᠰᠢᠶᠤᠤᠽᠦ᠋ᠩ ᠦ᠋ᠨ ᠴᠦᠨ ᠰᠢ ᠶ᠋ᠢᠨ ᠵᠢᠷᠭᠤᠳᠤᠭᠠᠷ ᠣᠨ ᠂ ᠠᠯᠲᠠᠨ ᠤᠯᠤᠰ ᠤ᠋ᠨ 
                              ᠲᠠᠪᠤᠳᠤᠭᠠᠷ ᠬᠠᠭᠠᠨ ᠱᠢᠽᠦ᠋ᠩ ᠦ᠋ᠨ ᠳᠡ ᠳ᠋ᠢᠩ ᠬᠡᠮᠡᠬᠦ ᠶ᠋ᠢᠨ ᠠᠷᠪᠠᠨ ᠶᠢᠰᠦᠳᠦᠭᠡᠷ ᠣᠨ ᠂ 
                              ᠰᠢᠷᠠᠭ᠍ᠴᠢᠨ ᠭᠠᠬᠠᠢ ᠵᠢᠯ   ᠲᠠᠢᠽᠦ ᠠᠷᠪᠠᠨ ᠨᠠᠢ᠍ᠮᠠᠨ ᠰᠡᠭᠦᠳᠡᠷ ᠲᠡᠢ ᠪᠣᠯᠪᠠ 

            ᠬᠡᠷᠦᠯᠦᠨ ᠮᠥᠷᠡᠨ᠎ᠡ ᠬᠡᠷᠰᠡᠦ ᠮᠤᠬᠤᠯᠢ ᠠᠩᠬ᠎ᠠ ᠤᠳᠠᠭ᠎ᠠ ᠴᠡᠷᠢᠭ ᠬᠡᠷᠡᠭᠯᠡᠮᠦᠢ 
            ᠳᠠᠯᠠᠭᠤᠢ ᠠᠭᠤᠯᠠᠨ᠎ᠠ ᠲᠠᠢᠽᠦ ᠪᠣᠭᠳᠠ ᠭᠠᠭᠴᠠ ᠵᠡᠪᠡ ᠪᠡᠷ ᠪᠠᠷᠰ ᠢ᠋ ᠬᠠᠷᠪᠤᠮᠤᠢ  

              ᠬᠣᠯᠠ ᠪᠣᠳᠣᠯᠭᠠᠲᠤ ᠵᠢᠨᠦᠩ ᠮᠤᠬᠤᠯᠢ ᠭᠤᠷᠪᠠᠨ ᠦᠶ᠎ᠡ ᠲᠡᠩᠰᠡᠵᠦ ᠲᠠᠢᠴᠢᠭᠤᠳ ᠤ᠋ᠨ ᠴᠡᠷᠢᠭ ᠢ᠋ ᠳᠠᠷᠤᠪᠠᠢ 
                   ᠬᠣᠣᠰ ᠦᠭᠡᠢ ᠬᠠᠷ᠎ᠠ ᠬᠢᠷᠤ ᠴᠢᠨᠣ᠎ᠠ ᠰᠢᠳᠦᠲᠦ ᠪᠢᠯᠠᠭᠤ ᠪᠠᠷ ᠮᠡᠭᠡᠵᠢᠨ ᠰᠡᠭᠡᠷ ᠢ᠋ ᠰᠢᠳᠠᠮᠯᠠᠪᠠᠢ᠂ 
                   ᠬᠤᠪᠢᠯᠭᠠᠨ ᠬᠠᠷᠪᠤᠭᠠᠴᠢ ᠴᠤᠤ ᠮᠡᠷᠭᠡᠨ ᠨᠢᠭᠡᠬᠡᠨ ᠰᠤᠮᠤ ᠪᠠᠷ ᠲᠡᠷᠰᠯᠡᠭᠦᠦ ᠬᠤᠯᠵᠢᠨ ᠢ᠋ ᠬᠠᠷᠪᠤᠪᠠᠢ 
                   ᠬᠤᠪᠢ ᠪᠠᠢᠬᠤ ᠬᠦᠯᠦᠭ ᠪᠤᠭᠤᠷᠵᠢ ᠭᠡᠨᠡᠳᠲᠡ ᠲᠣᠬᠢᠶᠠᠯᠳᠤᠵᠤ ᠡᠰᠡᠷᠭᠦᠴᠡᠯ ᠦ᠋ᠨ ᠳᠤᠳᠢᠰᠠᠯ ᠢ᠋ ᠪᠠᠷᠢᠪᠠᠢ ᠃

      ᠲᠡᠨᠳᠡᠴᠡ ᠬᠤᠷᠢᠮ ᠤ᠋ᠨ ᠳᠡᠭᠡᠷ᠎ᠡ ᠯᠠᠶ᠋ᠢᠬᠠᠳ ᠠᠢᠮᠠᠭ ᠤ᠋ᠨ ᠬᠤᠯᠠᠭᠠᠢ ᠶ᠋ᠢᠨ ᠦᠷᠡᠰ ᠰᠡᠴᠡᠨ ᠪᠥᠬᠡ ᠰᠠᠮᠠᠭᠤᠨ ᠡᠭᠦᠰᠬᠡᠭᠰᠡᠨ ᠳ᠋ᠦ᠍ᠷ ᠮᠤᠬᠤᠯᠢ ᠲᠡᠷᠢᠭᠦᠯᠡᠨ ᠨᠢᠭᠡᠨᠲᠡ ᠬᠠᠰᠬᠢᠷᠤᠯᠳᠤᠨ ᠣᠯᠠᠨ ᠢ᠋ ᠠᠪᠴᠤ ᠭᠦᠶᠦᠯᠳᠦᠨ ᠭᠠᠷᠴᠤ ᠪᠠᠷᠢᠷ᠎ᠠ ᠢᠷᠡᠬᠦᠢ ᠳ᠋ᠦ᠍ᠷ ᠰᠡᠴᠡᠨ ᠪᠥᠬᠡ ᠪᠠᠢᠳᠠᠯ ᠪᠤᠰᠤ ᠶ᠋ᠢ ᠦᠵᠡᠭᠡᠳ ᠢᠯᠳᠦ ᠪᠡᠨ ᠬᠤᠷᠤᠢᠯᠠᠵᠤ᠂ ᠮᠣᠷᠢᠨ ᠳ᠋ᠤᠷ ᠢ᠋ᠶ᠋ᠠᠨ ᠳᠡᠪᠬᠡᠯᠦᠨ ᠭᠠᠷᠴᠤ ᠤᠨᠤᠭᠠᠳ ᠯᠠᠶ᠋ᠢᠬᠠᠳ ᠠᠢᠮᠠᠭ ᠤ᠋ᠨ ᠨᠡᠢᠲᠡ ᠪᠡᠨ ᠠᠪᠴᠤ ᠬᠤᠯᠤᠭᠠᠨ᠎ᠠ ᠮᠡᠲᠦ ᠪᠤᠷᠤᠭᠤᠯᠠᠨ ᠰᠡᠴᠢᠩ ᠤᠰᠤᠨ ᠤ᠋ ᠵᠦᠭ ᠠᠢᠮᠠᠭ ᠲᠠᠭᠠᠨ ᠳᠤᠲᠠᠭᠠᠨ ᠡᠴᠢᠪᠡ᠃ 
      ᠲᠡᠭᠦᠨᠴᠡ ᠲᠠᠢᠽᠦ ᠳᠡᠭᠦᠦ ᠶᠦ᠍ᠭᠡᠨ ᠰᠢᠷᠬᠠᠲᠤᠪᠠᠢ ᠭᠡᠮᠡᠨ ᠠᠶᠤᠩᠭ᠎ᠠ ᠮᠡᠲᠦ ᠬᠢᠯᠢᠩᠨᠡᠵᠦ᠂ ᠬᠤᠷᠳᠤᠨ ᠰᠡᠴᠡᠨ ᠪᠥᠬᠡ ᠶ᠋ᠢ ᠪᠠᠷᠢᠵᠤ ᠠᠪᠴᠢᠷᠠ ᠭᠡᠮᠡᠨ ᠨᠢᠭᠡᠨ ᠠᠮᠢ ᠪᠠᠷ ᠲᠠᠴᠢᠭᠢᠨᠠᠲᠠᠯ᠎ᠠ ᠪᠠᠷᠬᠢᠷᠠᠵᠤ᠂ ᠪᠡᠶ᠎ᠡ ᠪᠡᠷ ᠨᠡᠬᠡᠵᠦ ᠮᠣᠷᠢᠯᠠᠰᠤᠭᠠᠢ ᠬᠡᠮᠡᠲᠡᠯ᠎ᠡ ᠣᠷᠢᠶᠠᠩᠬᠠᠨ ᠤ᠋ ᠵᠠᠯᠮ᠎ᠠ ᠬᠣᠶᠠᠷ ᠰᠤᠭᠤᠨ ᠳ᠋ᠠᠭᠠᠨ ᠬᠣᠶᠠᠷ ᠡᠬᠡᠨᠡᠷ ᠢ᠋ ᠬᠠᠪᠴᠢᠨ ᠠᠪᠴᠤ ᠢᠷᠡᠪᠡᠢ᠃ ᠲᠠᠢᠽᠦ ᠦᠵᠡᠪᠡᠰᠦ ᠨᠢᠭᠡᠨ ᠢᠨᠦ ᠰᠡᠴᠡᠨ ᠪᠥᠬᠡ ᠶ᠋ᠢᠨ ᠪᠠᠭ᠎ᠠ ᠡᠬᠡ ᠢᠪᠤᠬᠠᠢ᠂ ᠨᠢᠭᠡᠨ ᠢᠨᠦ ᠰᠡᠴᠡᠨ ᠪᠥᠬᠡ ᠶ᠋ᠢᠨ ᠡᠮ᠎ᠡ ᠬᠣᠷᠴᠢᠨ ᠬᠣᠶᠠᠭᠤᠯᠠ ᠲᠤᠯᠠ ᠲᠠᠢᠽᠦ ᠵᠠᠩᠳᠠᠵᠤ ᠨᠦᠬᠡ ᠶ᠋ᠢᠨ ᠭᠢᠨᠳᠠᠨ ᠳ᠋ᠤ᠌ ᠬᠣᠷᠢᠭᠤᠯᠤᠭᠠᠳ ᠬᠢᠯᠢᠩ ᠪᠠᠰᠠ ᠬᠦ᠌ ᠲᠠᠢᠳᠬᠤᠷᠠᠬᠤ ᠦᠭᠡᠢ᠄ 《 ᠬᠡᠨ ᠮᠢᠨᠦ ᠡᠮᠦᠨ᠎ᠡ ᠲᠡᠷᠢᠭᠦᠯᠡᠨ ᠣᠳᠴᠤ ᠰᠠᠮᠠᠭᠤᠨ ᠪᠣᠭᠣᠯ ᠰᠡᠴᠡᠨ ᠪᠥᠬᠡ ᠶ᠋ᠢ ᠪᠠᠷᠢᠵᠤ ᠢᠷᠡᠮᠦᠢ ? 》 ᠬᠡᠮᠡᠲᠡᠯ᠎ᠡ ᠰᠤᠯᠳᠠᠰᠤᠨ ᠤ᠋ ᠲᠣᠷᠭᠠᠨ ᠰᠢᠷ᠎ᠠ ᠶ᠋ᠢᠨ ᠬᠥᠪᠡᠭᠦᠨ ᠴᠢᠯᠠᠭᠤᠨ ᠶᠠᠭᠠᠷᠠᠨ ᠬᠡᠬᠦᠯᠵᠡᠨ ᠭᠠᠷᠴᠤ᠄ 《 ᠲᠦᠰᠢᠮᠡᠯ ᠪᠢ ᠡᠴᠢᠬᠦ ᠶ᠋ᠢ ᠬᠦᠰᠡᠮᠦᠢ 》 ᠬᠡᠮᠡᠭᠡᠳ ᠪᠡᠯᠡᠨ ᠪᠦᠬᠦᠢ ᠲᠠᠪᠤᠨ ᠵᠠᠭᠤᠨ ᠴᠡᠷᠢᠭ ᠢ᠋ ᠲᠡᠭᠰᠢᠯᠡᠨ ᠠᠪᠴᠤ ᠬᠡᠩᠭᠡᠷᠭᠡ ᠳᠡᠯᠡᠳᠦᠨ ᠰᠠᠶᠢ ᠮᠣᠷᠳᠠᠲᠠᠯ᠎ᠠ ᠪᠦᠬᠦ ᠪᠡᠯᠭᠦᠳᠡᠢ ᠴᠡᠷᠢᠭ ᠦ᠋ᠨ ᠪᠦᠷᠢᠶ᠎ᠡ ᠬᠡᠩᠭᠡᠷᠭᠡ ᠶ᠋ᠢᠨ ᠳᠠᠭᠤᠨ ᠢ᠋ ᠰᠣᠨᠣᠰᠴᠤ ᠶᠠᠭᠠᠷᠠᠨ ᠬᠥᠮᠦᠨ ᠢ᠋ ᠲᠦᠰᠢᠨ ᠢᠷᠡᠵᠦ ᠠᠬ᠎ᠠ ᠲᠠᠢᠽᠦ ᠶ᠋ᠢ ᠬᠣᠷᠢᠭ᠍ᠯᠠᠨ᠄ 《ᠠᠬ᠎ᠠ ᠮᠢᠨᠦ ᠴᠢ ᠡᠳᠦᠭᠡ ᠬᠠᠷᠠᠬᠠᠨ ᠳᠡᠯᠡᠬᠡᠢ ᠳ᠋ᠠᠬᠢᠨ ᠤ᠋ ᠶᠡᠬᠡ ᠦᠢᠯᠡ ᠶ᠋ᠢ ᠲᠤᠭᠤᠷᠪᠢᠰᠤᠭᠠᠢ ᠬᠡᠮᠡᠬᠦ ᠪᠥᠭᠡᠳ ᠮᠢᠨᠦ ᠨᠢᠭᠡᠨ ᠥᠴᠦᠬᠡᠨ ᠰᠢᠷᠬ᠎ᠠ ᠶ᠋ᠢᠨ ᠤᠴᠢᠷ ᠲᠤᠷ ᠶᠡᠬᠡ ᠴᠡᠷᠢᠭ ᠲᠡᠢᠨ ᠳᠡᠭᠳᠡᠵᠦ᠂ ᠥᠪᠡᠷᠴᠢᠯᠡᠨ ᠥᠮᠥᠭᠯᠡᠪᠡᠰᠦ ᠬᠡᠷᠬᠢᠨ ᠨᠡᠢᠲᠡ ᠪᠦᠬᠦᠨ ᠦ᠌ ᠰᠡᠳᠬᠢᠯ ᠢ᠋  ᠪᠠᠶᠠᠰᠬᠠᠨ ᠪᠢᠰᠢᠷᠡᠭᠦᠯᠵᠦ ᠳᠠᠭᠠᠭᠤᠯᠤᠨ ᠴᠢᠳᠠᠬᠤ ᠪᠣᠢ ! ᠵᠢᠴᠢ ᠳ᠋ᠦ᠍ᠷ ᠪᠠᠰᠠ ᠳᠡᠭᠦᠦ ᠮᠢᠨᠦ ᠰᠢᠷᠬ᠎ᠠ ᠳᠡᠮᠡᠢ ᠬᠦᠨᠳᠦ ᠪᠤᠰᠤ᠂ ᠬᠡᠷᠬᠢᠪᠡᠴᠦ ᠦᠬᠦᠬᠦᠢ ᠳ᠋ᠦ᠍ᠷ ᠦᠯᠦ ᠬᠥᠷᠥᠮᠦᠢ᠃ ᠲᠡᠭᠦᠨ ᠢ᠋ ᠨᠡᠬᠡᠵᠦ ᠶᠡᠬᠡ ᠴᠡᠷᠢᠭ ᠲᠡᠢᠨ ᠳᠡᠭᠳᠡᠭᠡᠬᠦ ᠶ᠋ᠢ ᠠᠬ᠎ᠠ ᠮᠢᠨᠦ ᠪᠠᠢᠪᠠᠰᠤ ᠵᠣᠬᠢᠮᠤᠢ 》 ᠭᠡᠮᠡᠨ ᠬᠣᠷᠢᠭ᠍ᠯᠠᠭᠰᠠᠨ᠎ᠠ ᠲᠠᠢᠽᠦ ᠲᠡᠷᠢᠭᠦᠯᠡᠨ ᠡᠰᠡ ᠭᠠᠢᠬᠠᠭᠰᠠᠨ ᠬᠥᠮᠦᠨ ᠦᠭᠡᠢ᠃ ᠡᠭᠦᠨ ᠳ᠋ᠦ᠍ᠷ ᠲᠠᠢᠽᠦ ᠶ᠋ᠢᠨ ᠬᠢᠯᠢᠩ ᠪᠠᠬᠠᠨ ᠲᠣᠬᠣᠷᠴᠤ ᠳᠡᠭᠦᠦ ᠪᠡᠨ ᠪᠡᠯᠭᠦᠳᠡᠢ ᠶ᠋ᠢ ᠶᠡᠬᠡᠯ᠎ᠡ ᠰᠠᠢᠰᠢᠶᠠᠨ ᠮᠠᠭᠲᠠᠵᠤ᠂ ᠴᠢᠯᠠᠭᠤᠨ ᠤ᠋ ᠴᠡᠷᠢᠭ ᠢ᠋ ᠬᠠᠷᠠᠩᠭ᠎ᠠ ᠴᠣᠬᠢᠵᠤ ᠬᠤᠷᠢᠶᠠᠭᠠᠳ ᠨᠡᠬᠡᠬᠦ ᠶ᠋ᠢ ᠪᠠᠢᠯᠭᠠᠪᠠ᠃ ᠲᠡᠷᠡ ᠦᠶ᠎ᠡ ᠳ᠋ᠦ᠍ᠷ ᠭᠤᠷᠪᠠᠨ ᠡᠳᠦᠷ ᠦ᠋ᠨ ᠶᠡᠬᠡ ᠬᠤᠷᠢᠮ ᠳᠦᠭᠦᠷᠴᠦ ᠲᠡᠷᠢᠭᠦᠨ ᠬᠣᠲᠠ ᠲᠠᠢ ᠰᠡᠴᠡᠨ ᠲᠡᠷᠢᠭᠦᠯᠡᠨ ᠶᠢᠰᠦᠨ ᠶᠢᠰᠦᠨ ᠬᠣᠲᠠ ᠳ᠋ᠤᠷ ᠶᠢᠰᠦ ᠶᠢᠰᠦ ᠪᠡᠷ ᠳᠠᠪᠬᠤᠷᠯᠠᠨ ᠬᠠᠷᠢᠭᠤ ᠪᠡᠯᠡᠭ ᠪᠠᠷᠢᠵᠤ᠂ ᠣᠯᠠᠨ ᠤᠷᠠᠯᠠᠴᠢᠨ᠎ᠠ ᠮᠥᠨ ᠬᠦᠨᠳᠦ ᠪᠡᠯᠡᠭ ᠪᠠᠷᠢᠵᠤ ᠮᠣᠷᠳᠠᠭᠤᠯᠬᠤᠶ᠎ᠠ᠂ ᠲᠠᠢ ᠰᠡᠴᠡᠨ ᠦᠵᠡᠪᠡᠰᠦ ᠬᠤᠷᠢᠮ ᠤ᠋ᠨ ᠳᠡᠭᠡᠷ᠎ᠡ ᠲᠠᠢᠽᠦ ᠪᠠᠢᠨ ᠪᠠᠢᠨ ᠪᠤᠭᠤᠷᠤᠯ ᠢ᠋ ᠮᠠᠭᠲᠠᠵᠤ ᠵᠣᠭᠰᠣᠬᠤ ᠦᠭᠡᠢ ᠳ᠋ᠦ᠍ᠷ ᠲᠠᠢᠽᠦ ᠪᠤᠭᠤᠷᠤᠯ ᠢ᠋ ᠲᠠᠭᠠᠯᠠᠨ ᠪᠠᠶᠠᠰᠬᠤ ᠶ᠋ᠢ ᠮᠡᠳᠡᠭᠡᠳ ᠲᠡᠢ ᠰᠡᠴᠡᠨ ᠳᠠᠷᠤᠢ ᠪᠤᠭᠤᠷᠤᠯ ᠢ᠋ ᠳᠠᠭᠤᠳᠠᠨ ᠠᠪᠴᠢᠷᠠᠵᠤ ᠠᠷᠢᠬᠢ ᠬᠠᠢᠷᠠᠯᠠᠨ ᠲᠠᠢᠽᠦ ᠳ᠋ᠦ᠍ᠷ ᠶᠣᠰᠣᠯᠠᠭᠤᠯᠤᠨ ᠮᠥᠷᠭᠥᠭᠦᠯᠵᠦ ᠡᠭᠦᠨᠴᠡ ᠲᠠᠢᠽᠦ ᠶ᠋ᠢ ᠳᠠᠭᠠᠵᠤ ᠬᠦᠴᠦᠨ ᠢ᠋ᠶ᠋ᠡᠨ ᠪᠠᠷᠢᠭ᠍ᠳᠠᠬᠤᠢ ᠬᠡᠮᠡᠭᠰᠡᠨ ᠳ᠋ᠦ᠍ᠷ ᠲᠠᠢᠽᠦ ᠶᠡᠬᠡᠳᠡ ᠪᠠᠶᠠᠷᠯᠠᠨ᠂ ᠲᠠᠢ ᠰᠡᠴᠡᠨ ᠳ᠋ᠦ᠍ᠷ ᠠᠷᠢᠬᠢ ᠪᠠᠷᠢᠵᠤ ᠭᠦᠨ᠎ᠡ ᠲᠠᠯᠠᠷᠬᠠᠨ ᠶᠣᠰᠣᠯᠠᠵᠤ ᠪᠤᠭᠤᠷᠤᠯ ᠳ᠋ᠤᠷ ᠪᠠᠰᠠ ᠠᠷᠢᠬᠢ ᠬᠠᠢᠷᠠᠯᠠᠵᠤ᠂ ᠤᠨᠤᠭᠰᠠᠨ ᠮᠣᠷᠢᠨ ᠢ᠋ᠶ᠋ᠠᠨ ᠡᠮᠡᠭᠡᠯ ᠬᠠᠵᠠᠭᠠᠷ ᠲᠠᠢ ᠱᠠᠩᠨᠠᠭᠰᠠᠨ ᠳ᠋ᠤᠷ ᠬᠦᠢᠰᠦᠨ ᠦ᠌ ᠪᠤᠭᠤᠷᠤᠯ ᠬᠥᠯ ᠨᠤᠭᠤᠯᠤᠨ ᠰᠥᠭᠥᠳᠴᠦ ᠬᠦᠨᠳᠦ ᠶᠣᠰᠣᠯᠠᠨ ᠮᠥᠷᠭᠥᠵᠦ ᠮᠡᠳᠡᠭᠦᠯᠦᠷᠦᠨ᠄  
                ᠬᠥᠬᠡ ᠲᠡᠭᠷᠢ᠎ ᠡᠴᠡ ᠵᠠᠶᠠᠭᠠᠲᠤ 
                ᠬᠥᠮᠦᠨ ᠢ᠋ ᠡᠵᠡᠯᠡᠭᠴᠢ ᠪᠤᠶᠠᠨᠲᠤ 
                ᠬᠦᠷᠭᠡᠨ ᠡᠵᠡᠨ ᠴᠢᠨᠦ ᠬᠦᠷᠲᠡᠭᠡᠭᠰᠡᠨ 
                ᠬᠦᠯᠦᠭ ᠮᠣᠷᠢᠨ ᠤ᠋ ᠴᠢᠨᠦ ᠬᠠᠷᠢᠭᠤ ᠄  
                ᠬᠦᠴᠦᠲᠦ ᠳᠠᠢᠰᠤᠨ ᠳ᠋ᠤᠷ ᠴᠢᠨᠦ ᠬᠥᠷᠪᠡᠶ᠎ᠡ 
                ᠬᠦᠨᠳᠦ ᠬᠠᠭᠠᠭᠰᠠᠨ ᠢ᠋ ᠴᠢᠨᠦ ᠨᠡᠪᠲᠡᠯᠦᠶ᠎ᠡ  
                ᠬᠥᠮᠦᠨ ᠦ᠌ ᠪᠡᠶ᠎ᠡ ᠶ᠋ᠢ ᠭᠡᠭᠡᠨ ᠣᠷᠭᠢᠲᠠᠯ᠎ᠠ 
                ᠬᠦᠷᠦᠭᠰᠡᠨ ᠭᠠᠵᠠᠷ᠎ᠠ ᠲᠡᠷᠢᠭᠦᠯᠡᠶ᠎ᠡ ᠪᠢ① 
– – – – 
① ᠡᠨᠡ ᠨᠢᠭᠡᠨ ᠵᠡᠷᠭᠡ ᠶ᠋ᠢᠨ ᠦᠭᠡᠰ ᠢ᠋ ᠦᠵᠡᠬᠦ ᠮᠡᠷᠭᠡᠳ ᠰᠠᠢᠲᠤᠷ ᠲᠡᠮᠳᠡᠭᠡᠯᠡᠭᠳᠡᠬᠦᠢ᠂ ᠬᠣᠢᠨ᠎ᠠ ᠦᠨᠡᠬᠡᠷ ᠰᠢ ᠢᠦᠢ ᠤᠯᠤᠰ ᠲᠤᠷ ᠦᠬᠦᠪᠡᠢ ᠃ 

ᠬᠡᠮᠡᠵᠦ ᠮᠥᠷᠭᠥᠵᠦ ᠳᠠᠭᠠᠪᠠᠢ᠃  
      ᠲᠡᠭᠦᠨᠴᠡ ᠶᠡᠬᠡ ᠤᠷᠤᠭ ᠮᠣᠷᠳᠠᠬᠤᠶ᠎ᠠ ᠠᠷᠯᠤᠳ ᠤ᠋ᠨ ᠯᠠᠬᠤ ᠪᠠᠶᠠᠨ ᠤ᠋ ᠬᠥᠪᠡᠭᠦᠨ ᠪᠤᠭᠤᠷᠵᠢ ᠪᠠᠰᠠ ᠢᠷᠡᠵᠦ ᠰᠠᠯᠬᠤ ᠶᠣᠰᠣ ᠬᠢᠬᠦᠢ ᠳ᠋ᠦ᠍ᠷ ᠲᠠᠢᠽᠦ ᠲᠡᠭᠦᠨ ᠦ᠌ ᠭᠠᠷ᠎ ᠡᠴᠡ ᠪᠠᠷᠢᠵᠤ ᠠᠰᠠᠭᠤᠷᠤᠨ᠄ 《 ᠴᠢᠨᠦ ᠤᠷᠢᠳᠤ ᠶ᠋ᠢᠨ ᠬᠡᠯᠡᠭᠰᠡᠨ ᠦᠭᠡ ᠪᠣᠢ ᠪᠢᠰᠢ ᠦᠦ ᠂ ᠡᠳᠦᠭᠡ ᠳᠠᠷᠤᠢ ᠨᠠᠳᠠ ᠯᠤᠭ᠎ᠠ ᠬᠠᠮᠲᠤ ᠠᠬᠤ ᠦᠭᠡᠢ ᠬᠠᠮᠢᠭᠠᠰᠢ ᠡᠴᠢᠰᠦᠭᠡᠢ ᠬᠡᠮᠡᠮᠦᠢ? 》 ᠪᠤᠭᠤᠷᠵᠢ ᠰᠥᠭᠥᠳᠴᠦ ᠮᠡᠳᠡᠭᠦᠯᠦᠷᠦᠨ᠄ 《 ᠲᠦᠰᠢᠮᠡᠯ ᠨᠠᠮ᠎ᠠ ᠶ᠋ᠢ ᠭᠠᠷᠴᠤ ᠢᠷᠡᠬᠦ ᠦᠶ᠎ᠡ ᠳ᠋ᠦ᠍ᠷ ᠮᠢᠨᠦ ᠡᠴᠢᠭᠡ ᠭᠡᠷ ᠲᠦ᠍ ᠦᠭᠡᠢ ᠪᠥᠯᠥᠭᠡ᠃ ᠪᠢ ᠡᠳᠦᠭᠡ ᠬᠠᠷᠢᠭᠠᠳ ᠡᠴᠢᠭᠡ ᠳ᠋ᠦ᠍ᠷ ᠤᠴᠢᠷ ᠢ᠋ᠶ᠋ᠠᠨ ᠲᠣᠳᠣᠷᠬᠠᠢᠯᠠᠨ ᠮᠡᠳᠡᠭᠦᠯᠦᠭᠡᠳ ᠭᠡᠷ ᠦ᠋ᠨ ᠪᠦᠬᠦᠨ ᠨᠡᠭᠦᠳᠡᠯ  ᠪᠠᠭᠤᠳᠠᠯ ᠢ᠋ᠶ᠋ᠠᠨ ᠠᠪᠤᠨ ᠢᠷᠡᠵᠦ᠂ ᠡᠵᠡᠨ ᠴᠢᠨᠦ ᠮᠣᠷᠢᠨ ᠤ᠋ ᠡᠮᠦᠨ᠎ᠡ ᠲᠡᠷᠭᠡᠨ ᠦ᠌ ᠬᠣᠢᠨ᠎ᠠ ᠵᠢᠳᠬᠦᠨ ᠶᠠᠪᠤᠵᠤ ᠬᠦᠴᠦᠨ ᠢ᠋ᠶ᠋ᠡᠨ ᠪᠠᠷᠢᠰᠤᠭᠠᠢ ! 》 ᠬᠡᠮᠡᠭᠰᠡᠨ ᠳ᠋ᠦ᠍ᠷ ᠲᠠᠢᠽᠦ ᠠᠷᠭ᠎ᠠ ᠦᠬᠡᠷ ᠵᠥᠪᠰᠢᠶᠡᠵᠦ᠂ ᠭᠠᠷ ᠲᠠᠯᠪᠢᠵᠤ ᠪᠤᠭᠤᠷᠵᠢ ᠶᠣᠰᠣᠯᠠᠨ ᠰᠠᠯᠵᠤ ᠡᠴᠢᠪᠡ᠃ 
      ᠡᠭᠦᠨᠴᠡ ᠨᠢᠭᠡᠨ ᠬᠣᠶᠠᠷ ᠵᠢᠯ ᠦ᠋ᠨ ᠬᠣᠭᠣᠷᠣᠨᠳᠣ ᠪᠧᠲ᠋ᠠ᠋ ᠤᠯᠤᠰ ᠬᠦᠴᠦᠨ ᠲᠠᠮᠢᠷ ᠢ᠋ᠶ᠋ᠠᠨ ᠲᠡᠵᠢᠭᠡᠭᠰᠡᠨ ᠢ᠋ᠶ᠋ᠡᠷ ᠲᠠᠢᠽᠦ ᠶ᠋ᠢᠨ ᠠᠤᠭ᠎ᠠ ᠠᠯᠳᠠᠷ ᠮᠠᠰᠢᠳᠠ ᠳᠡᠯᠭᠡᠷᠡᠨ ᠨᠡᠮᠡᠭᠳᠡᠵᠦ᠂ ᠰᠦᠷ ᠬᠦᠴᠦᠨ ᠮᠠᠨᠳᠤᠵᠤ ᠪᠠᠳᠠᠷᠠᠭᠠᠳ ᠮᠤᠬᠤᠯᠢ᠂ ᠪᠤᠭᠤᠷᠵᠢ᠂ ᠪᠤᠭᠤᠷᠤᠯ᠂ ᠴᠢᠯᠠᠭᠤᠨ ᠨᠠᠷ ᠴᠥᠮ ᠡᠮ᠎ᠡ ᠠᠪᠴᠤ ᠪᠡᠶ᠎ᠡ ᠪᠦᠲᠦᠪᠡᠢ᠃ ᠡᠨᠡ ᠵᠠᠪᠰᠠᠷ ᠲᠤ᠌ ᠪᠠᠰᠠ ᠲᠠᠢᠽᠦ ᠶ᠋ᠢᠨ ᠣᠢᠷ᠎ᠠ ᠤᠭᠰᠠᠭ᠎ᠠ ᠶ᠋ᠢᠨ ᠠᠪᠠᠭ᠎ᠠ ᠠᠯᠲᠠᠨ ᠤᠯᠤᠰ ᠤ᠋ᠨ ᠴᠠᠪᠴᠢᠯ ᠪᠣᠭᠣᠮᠲᠠ ᠶ᠋ᠢᠨ ᠭᠠᠳᠠᠨ᠎ᠠ ᠰᠠᠭᠤᠬᠤ ᠰᠠᠢᠨ ᠪᠥᠬᠡ ᠬᠠᠨ ᠤ᠋ ᠥᠬᠢᠨ ᠭᠡᠭᠡᠨ ᠳᠠᠷᠬᠠᠢ ᠠᠪᠠᠬᠠᠢ ᠶ᠋ᠢ ᠵᠠᠯᠮ᠎ᠠ ᠳ᠋ᠤᠷ ᠬᠣᠯᠪᠣᠵᠤ ᠪᠣᠷᠵᠢᠭᠢᠳ ᠤ᠋ᠨ ᠬᠦᠷᠭᠡᠨ ᠪᠣᠯᠭᠠᠵᠤ᠂ ᠰᠠᠢᠨ ᠪᠥᠬᠡ ᠬᠠᠨ ᠤ᠋ ᠳᠡᠳ᠋ ᠬᠥᠪᠡᠭᠦᠨ ᠵᠠᠮᠪᠠᠯ ᠤᠷᠲᠤᠳᠠ ᠢᠷᠡᠵᠦ ᠬᠠᠷᠢᠯᠴᠠᠨ ᠲᠤᠰᠠᠯᠠᠯᠴᠠᠨ ᠶᠠᠪᠤᠵᠤ᠂ ᠬᠡᠳᠦᠨ ᠣᠨ ᠤ᠋ ᠬᠣᠭᠣᠷᠣᠨᠳᠣ ᠪᠧᠲ᠋ᠠ᠋ ᠤᠯᠤᠰ ᠬᠠᠭᠤᠴᠢᠨ ᠣᠷᠣᠨ ᠳ᠋ᠤᠷ ᠲᠣᠬᠣᠷᠤᠨ ᠣᠢᠷᠠᠲᠤᠵᠤ᠂ ᠬᠠᠷᠠᠬᠠᠨ ᠬᠤᠶᠠᠭ ᠴᠡᠷᠢᠭ ᠢ᠋ᠶ᠋ᠡᠨ ᠪᠣᠯᠪᠠᠰᠤᠷᠠᠭᠤᠯᠤᠨ ᠪᠥᠬᠥᠶ᠎ᠡ ᠾᠧ ᠸᠠᠩ ᠲᠣᠭᠣᠷᠢᠯ ᠤ᠋ᠨ ᠠᠬ᠎ᠠ ᠢᠯᠡᠭᠦᠦ ᠬᠠᠷ᠎ᠠ᠂ ᠮᠠᠶ᠋ᠢᠯᠵᠢ ᠠᠢᠮᠠᠭ ᠤ᠋ᠨ ᠡᠵᠡᠨ ᠥᠨᠢ ᠶ᠋ᠢ ᠠᠯᠠᠵᠤ ᠠᠢᠮᠠᠭ ᠢ᠋ ᠡᠵᠡᠯᠡᠭᠰᠡᠨ ᠲᠣᠳᠣ ᠯᠤᠭ᠎ᠠ ᠨᠡᠢᠯᠡᠵᠦ᠂ ᠬᠡᠷᠡᠢᠳ ᠠᠢᠮᠠᠭ ᠢ᠋ ᠴᠢᠯᠦᠭᠡᠳᠡᠵᠦ ᠪᠠᠢᠯᠳᠤᠨ ᠡᠪᠳᠡᠵᠦ᠂ ᠾᠧ ᠸᠠᠩ ᠤ᠋ᠨ ᠭᠡᠷ ᠦ᠋ᠨ ᠬᠣᠲᠠᠯᠠᠭᠠᠷ ᠴᠥᠮ ᠪᠤᠲᠠᠷᠠᠨ ᠰᠠᠷᠨᠢᠭ᠍ᠰᠠᠨ ᠳ᠋ᠤᠷ ᠲᠠᠢᠽᠦ ᠰᠣᠨᠣᠰᠴᠤ ᠥᠨᠳᠥᠷ ᠰᠡᠴᠡᠨ᠂ ᠦᠨᠡᠨ ᠲᠥᠷᠥ ᠨᠠᠷ ᠢ᠋ ᠵᠦᠭ ᠵᠦᠭ ᠲᠦ᠍ᠷ ᠵᠠᠮ ᠬᠤᠪᠢᠶᠠᠨ ᠴᠡᠷᠢᠭ ᠥᠭᠴᠦ ᠭᠠᠷᠭᠠᠨ᠂ ᠰᠢᠶᠠ ᠤᠯᠤᠰ᠎ ᠠ᠋ᠴᠠ ᠾᠧ ᠸᠠᠩ ᠢ᠋ ᠤᠭᠲᠤᠨ ᠠᠪᠴᠢᠷᠠᠭᠤᠯᠵᠤ᠂ ᠪᠠᠰᠠ ᠾᠧ ᠸᠠᠩ ᠤ᠋ᠨ ᠲᠥᠷᠥᠭᠰᠡᠨ ᠳᠡᠭᠦᠦ ᠰᠠᠢᠨ ᠤᠬᠠᠭᠠᠨᠲᠤ ᠶ᠋ᠢᠨ ᠠᠯᠲᠠᠨ ᠤᠯᠤᠰ ᠤ᠋ᠨ ᠬᠡᠷᠡᠮ ᠦ᠋ᠨ ᠭᠠᠳᠠᠨ᠎ᠠ ᠂ ᠨᠢᠭᠡᠨ ᠶᠡᠬᠡ ᠪᠠᠶᠠᠨ ᠬᠢᠲᠠᠳ ᠤ᠋ᠨ ᠭᠡᠷ ᠲᠦ᠍ ᠮᠠᠯ ᠠᠳᠤᠭᠤᠯᠠᠵᠤ ᠪᠦᠬᠦᠢ ᠶ᠋ᠢ ᠪᠠᠰᠠ ᠤᠭᠰᠠᠭ᠎ᠠ ᠶ᠋ᠢᠨ ᠳᠡᠭᠦᠦ ᠵᠠᠮᠪᠠᠯ ᠳ᠋ᠤᠷ ᠬᠥᠮᠦᠨ ᠳᠣᠪᠲᠣᠯᠭᠠᠨ ᠡᠷᠢᠭᠦᠯᠦᠨ ᠠᠪᠴᠢᠷᠠᠵᠤ᠂ ᠤᠯᠤᠰ ᠲᠤᠷ ᠢ᠋ᠶ᠋ᠠᠨ ᠰᠠᠭᠤᠯᠭᠠᠨ ᠾᠧ ᠸᠠᠩ ᠤ᠋ᠨ ᠨᠢᠭᠡᠨ ᠭᠡᠷ ᠢ᠋ ᠪᠦᠷᠢᠨ ᠪᠦᠲᠦᠨ ᠪᠣᠯᠭᠠᠨ ᠰᠠᠭᠤᠯᠭᠠᠵᠤ᠂ ᠤᠷᠢᠳᠤ ᠡᠳᠦᠷ ᠦ᠋ᠨ ᠶᠢᠰᠦᠭᠡᠢ ᠪᠠᠭᠠᠲᠤᠷ ᠤ᠋ᠨ ᠰᠠᠢᠬᠠᠨ ᠶᠠᠪᠤᠭᠰᠠᠨ ᠢ᠋ ᠭᠦᠢᠴᠡᠳᠬᠡᠪᠡᠢ ᠃ 
      ᠳᠠᠭᠠᠯᠳᠤᠭ᠎ᠠ ᠢᠯᠡᠭᠦᠦ ᠬᠠᠷ᠎ᠠ ᠪᠠᠰᠠ ᠨᠠᠢ᠍ᠮᠠᠨ ᠤᠯᠤᠰ ᠪᠠ ᠮᠠᠶ᠋ᠢᠯᠵᠢ ᠠᠢᠮᠠᠭ ᠤ᠋ᠨ ᠲᠣᠳᠣ ᠨᠠᠷ ᠢ᠋ ᠪᠢᠯᠳᠠᠤᠴᠢᠯᠠᠵᠤ ᠴᠡᠷᠢᠭ ᠨᠡᠢᠯᠡᠭᠡᠳ ᠪᠠᠰᠠ ᠬᠠᠭᠠᠭᠰᠠᠨ ᠳ᠋ᠤᠷ ᠲᠠᠢᠽᠦ ᠪᠠᠰᠠ ᠬᠠᠪᠤᠲᠤ ᠬᠠᠰᠠᠷ᠂ ᠪᠦᠬᠦ ᠪᠡᠯᠭᠦᠳᠡᠢ ᠳ᠋ᠦ᠍ᠷ ᠲᠠᠪᠤᠨ ᠮᠢᠩᠭᠠᠨ ᠴᠡᠷᠢᠭ ᠥᠭᠴᠦ ᠰᠠᠢᠨ ᠪᠥᠬᠡ ᠬᠠᠨ ᠤ᠋ ᠳᠣᠣᠷᠠᠲᠤ ᠰᠠᠷᠠᠨ ᠪᠦᠷᠭᠡ᠂ ᠰᠠᠢᠨ ᠲᠠᠮᠲᠤ ᠬᠣᠶᠠᠷ ᠤᠭᠰᠠᠭ᠎ᠠ ᠶ᠋ᠢᠨ ᠵᠠᠩᠵᠤᠨ ᠢ᠋ ᠢᠯᠡᠭᠡᠵᠦ᠂ ᠮᠠᠶ᠋ᠢᠯᠵᠢ ᠠᠢᠮᠠᠭ ᠤ᠋ᠨ ᠲᠣᠳᠣ ᠶ᠋ᠢᠨ ᠤᠯᠤᠰ ᠢ᠋ ᠴᠢᠯᠦᠭᠡᠳᠡᠨ ᠪᠠᠢᠯᠳᠤᠵᠤ ᠳᠠᠷᠤᠭᠠᠳ ᠶᠡᠬᠡᠳᠡ ᠣᠯᠵᠠᠯᠠᠵᠤ᠂ ᠾᠧ ᠸᠠᠩ ᠢ᠋ ᠠᠪᠤᠷᠠᠨ ᠭᠠᠷᠭᠠᠵᠤ᠂ ᠮᠠᠶ᠋ᠢᠯᠵᠢ ᠶ᠋ᠢᠨ ᠣᠯᠵᠠ ᠶ᠋ᠢ ᠴᠥᠮ ᠾᠧ ᠸᠠᠩ ᠳ᠋ᠤᠷ ᠥᠭᠴᠦ ᠲᠡᠭᠦᠨ ᠦ᠌ ᠬᠡᠷᠡᠢᠳ ᠠᠢᠮᠠᠭ ᠤ᠋ᠨ ᠥᠯᠥᠰᠬᠦ ᠥᠯᠪᠡᠷᠬᠦ ᠎ᠡᠴᠡ ᠭᠡᠲᠦᠯᠭᠡᠪᠡ᠃
      ᠳᠠᠭᠠᠯᠳᠤᠭ᠎ᠠ ᠲᠠᠢᠽᠦ ᠪᠡᠶ᠎ᠡ ᠪᠡᠷ ᠴᠡᠷᠢᠭ ᠠᠪᠤᠨ ᠭᠠᠷᠴᠤ ᠾᠧ ᠸᠠᠩ ᠳ᠋ᠤᠷ ᠬᠠᠪᠰᠤᠷᠤᠨ ᠲᠡᠭᠦᠨ ᠦ᠌ ᠠᠢᠮᠠᠭ ᠤᠯᠤᠰ ᠪᠤᠰᠤ ᠠᠢᠮᠠᠭ ᠲᠤᠷ ᠪᠤᠲᠠᠷᠠᠯᠴᠠᠭᠰᠠᠨ ᠢ᠋ ᠠᠨᠤ ᠬᠤᠷᠢᠶᠠᠮᠵᠢᠯᠠᠨ ᠬᠤᠮᠪᠢᠬᠤᠶ᠎ᠠ᠂ ᠰᠠᠨᠠᠮᠰᠠᠷ ᠦᠭᠡᠢ ᠪᠠᠰᠠ ᠪᠧᠲ᠋ᠠ᠋ ᠤᠯᠤᠰ ᠲᠤᠷ ᠭᠤᠷᠪᠠᠨ ᠦᠶ᠎ᠡ ᠶ᠋ᠢᠨ ᠬᠠᠭᠤᠴᠢᠨ ᠥᠰᠲᠦ ᠲᠠᠢᠴᠢᠭᠤᠳ ᠠᠢᠮᠠᠭ ᠪᠠ ᠪᠠᠰᠠ ᠰᠢᠨᠡᠬᠡᠨ ᠥᠰᠲᠦ ᠲᠠᠲ᠋ᠠᠷ ᠠᠢᠮᠠᠭ ᠤᠳ᠎ ᠠ᠋ᠴᠠ ᠥ ᠳᠡᠭᠳᠡᠭᠡᠨ ᠴᠡᠷᠢᠭ ᠵᠢᠭᠡᠯᠡᠬᠦ ᠬᠡᠷᠡᠭ ᠭᠠᠷᠪᠠ᠃ ᠪᠠᠰᠠ ᠶᠠᠮᠪᠠᠷ ᠬᠥᠮᠦᠨ ᠬᠡᠮᠡᠪᠡᠰᠦ᠄ ᠬᠡᠳᠦᠨ ᠵᠢᠯ ᠦ᠋ᠨ ᠡᠮᠦᠨ᠎ᠡ ᠲᠠᠢᠽᠦ ᠶ᠋ᠢᠨ ᠨᠠᠢ᠍ᠮᠠᠨ ᠰᠢᠷᠭ᠎ᠠ ᠡᠷᠳᠡᠨᠢ ᠶ᠋ᠢᠨ ᠠᠭᠲᠠ ᠶ᠋ᠢ ᠬᠤᠯᠠᠭᠤᠭᠰᠠᠨ ᠬᠤᠯᠠᠭᠠᠢ ᠪᠥᠭᠡᠰᠦ ᠰᠠᠮᠣᠣ ᠬᠡᠮᠡᠬᠦ ᠪᠢᠴᠢᠬᠠᠨ ᠠᠢᠮᠠᠭ ᠤ᠋ᠨ ᠡᠵᠡᠨ ᠦ᠌ ᠨᠡᠷ᠎ᠡ ᠲᠤᠳᠢᠰᠠᠯ᠂ ᠲᠡᠭᠦᠨ ᠦ᠌ ᠭᠠᠭᠴᠠ ᠬᠥᠪᠡᠭᠦᠨ ᠦ᠌ ᠨᠡᠷ᠎ᠡ ᠪᠠᠭᠠᠷᠳᠠᠩ - ᠡᠨᠡ ᠪᠠᠭᠠᠷᠳᠠᠩ ᠤ᠋ᠨ ᠨᠥᠬᠥᠷ ᠰᠡᠯᠲᠡ ᠨᠠᠷ ᠠᠵᠤᠭᠤ᠃ ᠪᠠᠭᠠᠷᠳᠠᠩ ᠂ ᠪᠤᠭᠤᠷᠵᠢ ᠶ᠋ᠢᠨ ᠳ᠋ᠠᠮ ᠢᠯᠳᠦᠨ ᠦ᠌ ᠳᠣᠣᠷ᠎ᠠ ᠦᠬᠦᠭᠡᠳ ᠳᠠᠭᠠᠭᠰᠠᠨ ᠨᠢᠭᠡᠬᠡᠨ ᠬᠥᠮᠦᠨ ᠳᠤᠲᠠᠭᠠᠨ ᠭᠠᠷᠴᠤ ᠲᠤᠳᠢᠰᠠᠯ ᠳ᠋ᠤᠷ ᠢᠷᠡᠵᠦ ᠤᠬᠢᠯᠠᠨ ᠬᠡᠯᠡᠭᠰᠡᠨ ᠳ᠋ᠦ᠍ᠷ ᠳᠣᠳᠢᠰᠠᠯ ᠲᠡᠨᠴᠢᠭᠦᠷᠡᠨ ᠬᠠᠷᠠᠩᠭᠤᠳᠴᠤ ᠦᠰ ᠠᠪᠬᠤ ᠶ᠋ᠢ ᠰᠡᠳᠬᠢᠬᠦᠶ᠎ᠡ᠂ ᠰᠠᠮᠣᠣ ᠠᠢᠮᠠᠭ ᠬᠡᠳᠦᠢ ᠥᠴᠦᠬᠡᠨ ᠠᠢᠮᠠᠭ ᠪᠣᠯᠪᠠᠴᠤ ᠬᠥᠪᠡᠭᠦᠨ ᠢ᠋ᠶ᠋ᠡᠨ ᠠᠯᠠᠭᠳᠠᠭᠰᠠᠨ ᠳ᠋ᠤᠷ ᠦᠯᠦ ᠬᠣᠷᠣᠰᠬᠤ ᠶᠣᠰᠣ ᠪᠣᠢ ᠤᠤ ? ᠲᠡᠳᠦᠢ ᠬᠡᠳᠦᠨ ᠵᠢᠯ ᠦᠰ ᠢ᠋ ᠡᠪᠦᠷᠯᠡᠵᠦ ᠬᠠᠷᠠᠬᠠᠨ ᠠᠷᠭ᠎ᠠ ᠦᠭᠡᠢ ᠪᠥᠬᠥᠶ᠎ᠡ ᠡᠳᠦᠭᠡ ᠴᠢᠪᠬᠢᠲᠡᠯ᠎ᠡ ᠲᠠᠢᠽᠦ ᠶ᠋ᠢᠨ ᠬᠡᠷᠡᠢᠳ ᠤᠯᠤᠰ ᠤ᠋ᠨ ᠪᠤᠲᠠᠷᠠᠭᠰᠠᠨ ᠠᠷᠠᠳ ᠢ᠋ ᠬᠤᠷᠢᠶᠠᠮᠵᠢᠯᠠᠬᠤᠶ᠎ᠠ ᠲᠠᠲ᠋ᠠᠷ ᠲᠠᠢᠴᠢᠭᠤᠳ ᠬᠣᠶᠠᠷ ᠠᠢᠮᠠᠭ ᠢ᠋ ᠬᠠᠷᠠᠬᠠᠨ ᠲᠠᠪᠠ ᠦᠭᠡᠢ ᠪᠠᠢᠬᠤᠢ ᠳ᠋ᠤᠷ ᠲᠣᠳᠢᠰᠠᠯ ᠰᠦᠪᠡᠭᠴᠢᠯᠡᠨ ᠰᠣᠨᠣᠰᠴᠤ ᠰᠠᠨᠠᠪᠠᠰᠤ ᠭᠠᠭᠴᠠᠭᠠᠷ ᠤ᠋ᠨ ᠬᠦᠴᠦᠨ ᠬᠡᠷᠬᠢᠪᠡᠴᠦ ᠮᠡᠬᠦᠰᠳᠡᠬᠦ ᠤᠴᠢᠷ᠂ ᠲᠠᠢᠴᠢᠭᠤᠳ ᠠᠢᠮᠠᠭ ᠤ᠌ᠭ ᠠ᠋ᠴᠠ ᠪᠣᠷᠵᠢᠭᠢᠳ ᠯᠦ᠍ᠭᠡ ᠭᠤᠷᠪᠠᠨ ᠦᠶ᠎ᠡ ᠶ᠋ᠢᠨ ᠭᠦᠨ᠎ᠡ ᠥᠰᠢᠶᠡᠲᠡᠨ ᠲᠤᠯᠠ ᠲᠠᠢᠴᠢᠭᠤᠳ ᠢ᠋ ᠡᠷᠢᠨ ᠲᠤᠰᠠᠯᠠᠬᠤ ᠶ᠋ᠢ ᠭᠣᠶᠣᠷ᠎ᠠ ᠢᠷᠡᠭᠰᠡᠨ ᠳ᠋ᠦ᠍ᠷ ᠴᠢᠪᠬᠢᠲᠡᠯ᠎ᠡ ᠲᠠᠢᠴᠢᠭᠤᠳ ᠤ᠋ᠨ ᠡᠵᠡᠨ ᠴᠢᠯᠭᠡᠷ ᠪᠥᠬᠡ᠂ ᠲᠠᠬᠠᠷ ᠵᠢᠴᠢ ᠲᠠᠬᠠᠷ ᠤ᠋ᠨ ᠬᠣᠶᠠᠷ ᠬᠥᠪᠡᠭᠦᠨ ᠲᠠᠷᠭᠤᠲᠠᠢ᠂ ᠲᠠᠯᠪᠤᠳᠠᠢ ᠨᠠᠷ ᠤ᠋ᠨ ᠰᠡᠳᠬᠢᠯ ᠳ᠋ᠦ᠍ ᠨᠡᠢᠯᠡᠵᠦ᠂ ᠪᠠᠰᠠ ᠲᠠᠢᠽᠦ ᠶ᠋ᠢᠨ ᠪᠠᠭᠠᠲᠤᠷ ᠤ᠋ᠨ ᠬᠡᠴᠡᠭᠦᠦ ᠪᠠ ᠮᠤᠬᠤᠯᠢ ᠶ᠋ᠢᠨ ᠠᠷᠭ᠎ᠠ ᠪᠣᠳᠣᠯᠭᠠᠲᠠᠢ᠎ ᠠ᠋ᠴᠠ ᠪᠣᠯᠭᠣᠮᠵᠢᠯᠠᠵᠤ᠂ ᠴᠡᠷᠢᠭ ᠨᠡᠮᠡᠬᠦ ᠠᠷᠭ᠎ᠠ ᠶ᠋ᠢ ᠵᠥᠪᠯᠡᠬᠦᠢ ᠳ᠋ᠦ᠍ᠷ ᠤᠷᠤᠭᠤᠯ ᠶᠡᠬᠡ ᠪᠠᠶᠠᠷᠯᠠᠵᠤ ᠵᠡᠷᠭᠡ᠎ ᠡᠴᠡ ᠭᠠᠷᠴᠤ ᠥᠭᠦᠯᠡᠷᠦᠨ᠄ ᠰᠣᠨᠣᠰᠬᠤᠯ᠎ᠠ ᠮᠠᠨ ᠤ᠋ ᠲᠠᠲ᠋ᠠᠷ ᠠᠢᠮᠠᠭ ᠤ᠋ᠨ ᠡᠵᠡᠨ ᠴᠣᠷᠤᠪ ᠦᠬᠦᠵᠦ᠂ ᠲᠡᠭᠦᠨ ᠦ᠌ ᠳᠣᠣᠷᠠᠬᠢ ᠮᠡᠭᠡᠵᠢᠨ ᠰᠡᠭᠡᠷ᠂ ᠮᠡᠭᠡᠵᠢᠨ ᠰᠡᠭᠦᠯ ᠠᠬ᠎ᠠ ᠳᠡᠭᠦᠦ ᠬᠣᠶᠠᠭᠤᠯᠠ ᠶ᠋ᠢᠨ ᠠᠬ᠎ᠠ ᠠᠨᠤ ᠮᠡᠬᠡᠵᠢᠨ ᠰᠡᠭᠡᠷ ᠲᠠᠲ᠋ᠠᠷ ᠠᠢᠮᠠᠭ ᠢ᠋ ᠡᠵᠡᠯᠡᠪᠡ ᠬᠡᠮᠡᠮᠦᠢ᠃ ᠲᠡᠷᠡ ᠤ᠌ᠭ ᠠ᠋ᠴᠠ ᠨᠠᠳᠠ ᠯᠤᠭ᠎ᠠ ᠮᠠᠰᠢ ᠰᠠᠢᠬᠠᠨ ᠪᠥᠯᠥᠭᠡ᠃ ᠡᠵᠡᠨ ᠨᠠᠳᠠ ᠳ᠋ᠤᠷ ᠠᠷᠪᠠᠭᠠᠳ ᠮᠣᠷᠢᠲᠠᠨ ᠥᠭ᠂ ᠲᠦᠰᠢᠮᠡᠯ ᠪᠢ ᠣᠳᠴᠤ ᠮᠠᠨ ᠤ᠋ ᠲᠠᠲ᠋ᠠᠷ ᠤ᠋ᠨ ᠴᠡᠷᠢᠭ ᠢ᠋ ᠨᠢᠭᠡ ᠲᠦᠮᠡ ᠠᠪᠴᠤ ᠢᠷᠡᠪᠡᠴᠦ ᠰᠠᠮᠣᠣ ᠲᠠᠢᠴᠢᠭᠤᠳ ᠯᠤᠭ᠎ᠠ ᠭᠤᠷᠪᠠᠨ ᠲᠦᠮᠡᠨ ᠴᠡᠷᠢᠭ ᠢ᠋ᠶ᠋ᠡᠷ ᠪᠣᠷᠵᠢᠭᠢᠳ ᠠᠢᠮᠠᠭ ᠢ᠋ ᠪᠠᠷᠲᠠᠭᠠᠪᠠᠷ ᠮᠥᠬᠥᠭᠡᠵᠦ ᠪᠣᠯᠤᠮᠤᠢ 》 ᠬᠡᠮᠡᠭᠰᠡᠨ ᠳ᠋ᠦ᠍ᠷ ᠴᠢᠯᠭᠡᠷ ᠪᠥᠬᠡ ᠳᠠᠬᠠᠷ ᠨᠠᠷ ᠯᠤᠭ᠎ᠠ ᠶᠡᠬᠡᠯ᠎ᠡ ᠪᠠᠶᠠᠷᠯᠠᠵᠤ ᠳᠠᠷᠤᠢ ᠤᠷᠤᠭᠤᠯ ᠳ᠋ᠤᠷ ᠠᠷᠪᠠᠭᠠᠳ ᠢᠯᠡᠭᠦᠦ ᠮᠣᠷᠢᠲᠤ ᠴᠡᠷᠢᠭ ᠳᠠᠭᠠᠭᠤᠯᠤᠨ ᠥᠭᠴᠦ ᠢᠯᠡᠭᠡᠪᠡ᠃ ᠤᠷᠤᠭᠤᠯ ᠵᠠᠮ ᠳ᠋ᠤᠷ ᠬᠣᠩᠭᠢᠷᠠᠳ ᠠᠢᠮᠠᠭ ᠢ᠋ᠶ᠋ᠠᠷ ᠬᠦᠳᠡᠭᠡᠰᠡᠬᠦ ᠲᠤᠯᠠ ᠬᠣᠩᠭᠢᠷᠠᠳ ᠤ᠋ᠨ ᠡᠵᠡᠨ ᠲᠡᠢ ᠰᠡᠴᠡᠨ ᠤᠴᠢᠷ ᠢ᠋ ᠲᠤᠷᠰᠢᠵᠤ ᠮᠡᠳᠡᠭᠡᠳ ᠶᠡᠬᠡᠳᠡ ᠰᠣᠴᠢᠵᠤ᠂ ᠶᠡᠬᠡ ᠬᠥᠪᠡᠭᠦᠨ ᠢ᠋ᠶ᠋ᠡᠨ ᠠᠵᠢᠨᠠᠢ ᠮᠡᠷᠭᠡᠨ ᠢ᠋ ᠮᠡᠳᠡᠭᠡ ᠬᠦᠷᠭᠡᠭᠦᠯᠦᠷ᠎ᠡ ᠳᠣᠪᠲᠣᠯᠭᠠᠪᠠ᠃ ᠲᠡᠷᠡ ᠤᠳᠠᠭᠰᠠᠨ ᠦᠭᠡᠢ  ᠪᠧᠲ᠋ᠠ᠋ ᠤᠯᠤᠰ ᠲᠤᠷ ᠬᠦᠷᠴᠦ ᠲᠠᠢᠽᠦ ᠳ᠋ᠦ᠍ᠷ ᠵᠣᠯᠭᠠᠵᠤ᠂ ᠢᠷᠡᠭᠰᠡᠨ ᠤᠴᠢᠷ ᠢ᠋ ᠵᠦᠢ ᠵᠦᠢ ᠪᠡᠷ ᠮᠡᠳᠡᠭᠦᠯᠦᠭᠰᠡᠨ ᠳ᠋ᠦ᠍ᠷ ᠲᠠᠢᠽᠦ ᠬᠦᠨᠳᠦᠳᠡ ᠲᠠᠯᠠᠷᠬᠠᠨ ᠬᠤᠷᠢᠮᠯᠠᠨ ᠬᠦᠨᠳᠦᠯᠡᠭᠡᠳ ᠰᠥᠨᠢ ᠵᠤᠯᠠ ᠶ᠋ᠢᠨ ᠳᠣᠣᠷ᠎ᠠ ᠬᠠᠷᠠᠬᠠᠨ ᠴᠠᠢ ᠵᠣᠭᠣᠭᠯᠠᠵᠤ ᠳᠠᠢᠰᠤᠨ ᠯᠤᠭ᠎ᠠ ᠲᠤᠯᠬᠤ ᠠᠷᠭ᠎ᠠ ᠶ᠋ᠢ ᠪᠤᠳᠤᠬᠤᠶ᠎ᠠ ᠵᠠᠭᠤᠴᠢ ᠶ᠋ᠢᠨ ᠦᠷᠭᠦᠭᠡᠨ ᠦ᠌ ᠣᠶᠤᠲᠤ ᠰᠡᠴᠡᠨ ᠬᠡᠷᠡᠭ ᠮᠡᠳᠡᠭᠦᠯᠬᠦ ᠳᠣᠬᠢᠶᠠᠨ ᠤ᠋ ᠮᠣᠳᠣ ᠲᠣᠭᠰᠢᠵᠤ ᠣᠷᠣᠵᠤ ᠮᠡᠳᠡᠭᠦᠯᠦᠷᠦᠨ᠄ 《 ᠭᠠᠳᠠᠨ᠎ᠠ ᠵᠠᠯᠠᠢᠳ ᠤ᠋ᠨ ᠮᠤᠬᠤᠯᠢ ᠢᠷᠡᠵᠦ ᠡᠵᠡᠨ ᠳ᠋ᠦ᠍ᠷ ᠵᠣᠯᠭᠠᠰᠤᠭᠠᠢ ᠭᠡᠮᠡᠨ ᠬᠦᠯᠢᠶᠡᠵᠦᠬᠦᠢ᠃》 ᠬᠡᠮᠡᠭᠰᠡᠨ ᠳ᠋ᠦ᠍ᠷ ᠲᠠᠢᠽᠦ ᠠᠯᠤᠰᠬᠢᠨ ᠪᠡᠶᠡᠰᠴᠦ ᠰᠠᠨᠠᠷᠤᠨ᠄ ᠡᠨᠡ ᠬᠥᠮᠦᠨ ᠢᠷᠡᠭᠰᠡᠨ ᠢᠨᠦ ᠯᠠᠪ ᠨᠢᠭᠡᠨ ᠤᠴᠢᠷ ᠪᠣᠢ ᠬᠡᠮᠡᠵᠦ ᠶᠠᠭᠠᠷᠠᠨ ᠤᠷᠤᠭᠤᠯ ᠬᠡᠮᠡᠵᠦ᠂ ᠮᠤᠬᠤᠯᠢ ᠣᠷᠣᠵᠤ ᠰᠥᠭᠥᠳᠴᠦ ᠵᠣᠯᠭᠠᠭᠰᠠᠨ ᠬᠣᠢᠨ᠎ᠠ ᠲᠠᠢᠽᠦ ᠰᠢᠷᠡᠭᠡᠨ ᠦ᠌ ᠬᠠᠵᠠᠭᠤᠳᠠ ᠪᠠᠨ ᠣᠢᠷ᠎ᠠ ᠰᠠᠭᠤᠳᠠᠯ ᠬᠠᠢᠷᠠᠯᠠᠨ ᠰᠠᠭᠤᠯᠭᠠᠭᠰᠠᠨ᠎ᠠ᠂ ᠮᠤᠬᠤᠯᠢ ᠬᠡᠰᠢᠭ ᠲᠣᠷ ᠮᠥᠷᠭᠥᠵᠦ ᠪᠠᠷᠰ ᠤ᠋ᠨ ᠠᠷᠠᠰᠤᠨ ᠤ᠋ ᠳᠡᠪᠢᠰᠬᠡᠷ ᠲᠣᠷ ᠬᠥᠯ ᠢ᠋ᠶ᠋ᠡᠨ ᠨᠤᠭᠤᠯᠵᠤ ᠲᠠᠢᠽᠦ ᠶ᠋ᠢᠨ ᠵᠦᠭ ᠬᠠᠨᠳᠤᠵᠤ ᠡᠪᠦᠳᠦᠭ ᠢ᠋ᠶ᠋ᠡᠨ ᠲᠡᠪᠡᠷᠢᠵᠦ ᠴᠣᠮᠴᠣᠢᠨ ᠰᠠᠭᠤᠪᠠ᠃ ᠲᠠᠢᠽᠦ ᠪᠡᠶ᠎ᠡ ᠡᠭᠡᠵᠦ ᠮᠤᠬᠤᠯᠢ ᠶ᠋ᠢᠨ ᠵᠦᠭ ᠪᠠᠶᠠᠰᠬᠤᠯᠠᠩᠲᠠᠢ ᠴᠢᠷᠠᠢ ᠪᠠᠷ ᠮᠦᠰᠢᠶᠡᠨ ᠠᠰᠠᠭᠤᠷᠤᠨ᠄ 
             ᠰᠠᠨᠠᠭ᠎ᠠ ᠰᠠᠢᠲᠤ ᠰᠠᠢᠳ ᠴᠢ 
             ᠰᠠᠷᠠᠭᠤᠯ ᠪᠤᠰᠤ ᠰᠥᠨᠢ ᠪᠡᠷ 
             ᠰᠡᠩᠳᠡᠨ ᠮᠡᠩᠳᠡᠨ ᠢᠷᠡᠭᠰᠡᠨ ᠴᠢᠨᠢ 
             ᠰᠠᠨᠠᠪᠠᠰᠤ ᠨᠢᠭᠡᠨ ᠴᠢᠬᠤᠯᠠ ᠦᠭᠡ ᠪᠣᠢ᠃ 
             ᠰᠠᠭᠠᠲᠠᠯ ᠥᠭᠡᠷ᠎ᠡ ᠰᠠᠢᠬᠠᠨ ᠮᠡᠳᠡᠭᠦᠯ 
             ᠰᠠᠢᠨ ᠮᠠᠭᠤ ᠶ᠋ᠢ ᠪᠢᠲᠡᠭᠡᠢ ᠳᠠᠯᠳᠠᠯᠠ ! 
ᠬᠡᠮᠡᠭᠰᠡᠨ ᠳ᠋ᠦ᠍ᠷ ᠮᠤᠬᠤᠯᠢ ᠰᠠᠭᠤᠭᠰᠠᠨ ᠭᠠᠵᠠᠷ ᠲᠠᠭᠠᠨ ᠰᠥᠭᠥᠳᠴᠦ ᠮᠡᠳᠡᠭᠦᠯᠦᠷᠦᠨ᠄  
             ᠰᠠᠨᠠᠭᠠᠨ ᠮᠣᠬᠣᠳᠠᠭ ᠰᠠᠢᠳ ᠮᠤᠬᠤᠯᠢ  
             ᠰᠠᠪᠠᠭ᠎ᠠ ᠦᠭᠡᠢ ᠲᠠᠢᠴᠢᠭᠤᠳ ᠢ᠋ ᠰᠣᠨᠣᠰᠬᠤᠯ᠎ᠠ  
             ᠰᠠᠮᠤᠤ ᠲᠠᠲ᠋ᠠᠷ ᠬᠠᠮᠲᠤ ᠨᠡᠢᠯᠡᠵᠦ 
             ᠰᠠᠭᠠᠷ ᠦᠭᠡᠢ ᠭᠤᠷᠪᠠᠨ ᠲᠦᠮᠡᠨ ᠢ᠋ᠶ᠋ᠡᠷ  
             ᠰᠠᠨᠠᠭᠠᠨ ᠳ᠋ᠤᠷ ᠦᠭᠡᠢ ᠪᠡᠷ ᠪᠠᠢᠯᠳᠤᠷ᠎ᠠ ᠢᠷᠠᠮᠤ   
             ᠰᠠᠢᠲᠤᠷ ᠲᠤᠯᠵᠤ ᠪᠠᠢᠯᠳᠤᠨ ᠡᠭᠡᠭᠦᠯᠬᠦ 
             ᠰᠠᠢᠨ ᠠᠷᠭ᠎ᠠ ᠶ᠋ᠢ ᠡᠰᠢᠯᠡᠶ᠎ᠡ ᠢᠷᠡᠪᠡᠢ  
             ᠰᠠᠢᠬᠠᠨ ᠨᠢᠭ᠍ᠲᠠᠯᠠᠮᠤ ᠡᠵᠡᠨ ᠮᠢᠨᠦ ᠠ᠋! 
ᠬᠡᠮᠡᠵᠦ ᠡᠢᠨ ᠮᠡᠳᠡᠭᠦᠯᠦᠷᠦᠨ᠄ 《 ᠡᠳᠦᠭᠡ ᠰᠣᠨᠣᠰᠬᠤᠯ᠎ᠠ ᠲᠠᠢᠴᠢᠭᠤᠳ᠂ ᠰᠠᠮᠣᠣ᠂ ᠲᠠᠲ᠋ᠠᠷ ᠭᠤᠷᠪᠠᠨ ᠠᠢᠮᠠᠭ ᠨᠡᠢᠯᠡᠵᠦ ᠭᠤᠷᠪᠠᠨ ᠲᠦᠮᠡᠨ ᠴᠡᠷᠢᠭ ᠢ᠋ᠶ᠋ᠡᠷ ᠪᠠᠢᠯᠳᠤᠷ᠎ᠠ ᠢᠷᠡᠮᠦᠢ ᠬᠡᠮᠡᠮᠦ᠂ ᠡᠵᠡᠨ ᠮᠢᠨᠦ ᠲᠤᠯᠰᠤᠭᠠᠢ ᠬᠡᠮᠡᠮᠦᠢ ᠦᠦ᠂ ᠵᠠᠢᠯᠠᠰᠤᠭᠠᠢ ᠬᠡᠮᠡᠮᠦᠢ ᠦᠦ ? 》 ᠲᠠᠢᠽᠦ ᠪᠠᠬᠠᠨ ᠮᠦᠰᠢᠶᠡᠵᠦ ᠵᠠᠬᠢᠷᠤᠨ:《 ᠳᠠᠢᠰᠤᠨ ᠢᠷᠡᠪᠡᠰᠦ ᠲᠤᠯᠬᠤ ᠠᠨᠤ ᠲᠣᠭᠲᠠᠭᠰᠠᠨ ᠶᠣᠰᠣ ᠪᠣᠯᠠᠢ᠂ ᠳᠤᠲᠠᠭᠠᠬᠤ ᠶᠣᠰᠣ ᠪᠣᠢ ᠤᠤ ?》 ᠮᠤᠬᠤᠯᠢ ᠮᠡᠳᠡᠭᠦᠯᠦᠷᠦᠨ᠄ 《ᠲᠡᠢᠨ ᠪᠣᠯᠪᠠᠰᠤ ᠮᠠᠨ ᠤ᠋ ᠪᠧᠲ᠋ᠠ᠋ ᠤᠯᠤᠰ ᠤ᠋ᠨ ᠬᠤᠶᠠᠭ ᠡᠮᠦᠰᠬᠡᠵᠦ ᠪᠣᠯᠬᠤ ᠡᠷ᠎ᠡ ᠶ᠋ᠢᠨ ᠲᠣᠭ᠎ᠠ ᠶ᠋ᠢ ᠪᠠᠢᠴᠠᠭᠠᠪᠠᠰᠤ ᠬᠥᠭᠰᠢᠨ ᠶᠠᠳᠠᠭᠤᠯᠢᠭ᠋ ᠲᠠᠢ ᠣᠷᠣᠭᠤᠯᠤᠭᠠᠳ ᠬᠣᠶᠠᠷ ᠲᠦᠮᠡᠨ ᠳ᠋ᠦ᠍ᠷ ᠬᠦᠷᠬᠦ ᠦᠭᠡᠢ᠂ ᠲᠠᠢᠴᠢᠭᠤᠳ᠂ ᠲᠠᠲ᠋ᠠᠷ᠂ ᠰᠠᠮᠣᠣ ᠭᠤᠷᠪᠠᠨ ᠠᠢᠮᠠᠭ ᠬᠡᠮᠡᠭᠴᠢ ᠴᠥᠮ ᠮᠠᠨ ᠯᠤᠭ᠎ᠠ ᠬᠦᠨᠳᠦ ᠥᠰᠢᠶ᠎ᠡ ᠬᠣᠷᠣᠰᠤᠯᠳᠤ ᠠᠢᠮᠠᠭ ᠤ᠋ᠳ ᠪᠥᠭᠡᠳ ᠨᠡᠩ ᠪᠠᠰᠠ ᠲᠠᠢᠴᠢᠭᠤᠳ ᠤ᠋ᠨ ᠬᠦᠴᠦᠨ ᠬᠤᠷᠴᠠ ᠳᠡᠭᠡᠷᠡᠩᠭᠦᠢ᠃ ᠮᠠᠨ ᠤ᠋ ᠬᠣᠶᠠᠷ ᠲᠦᠮᠡ ᠬᠦᠷᠬᠦ ᠦᠭᠡᠢ ᠬᠥᠭᠰᠢᠨ ᠶᠠᠳᠠᠭᠤᠯᠢᠭ᠋ ᠴᠡᠷᠢᠭ ᠢ᠋ᠶ᠋ᠡᠷ ᠭᠤᠷᠪᠠᠨ ᠲᠦᠮᠡ ᠢᠯᠡᠭᠦᠦ ᠬᠤᠷᠴᠠ ᠬᠣᠷᠣᠰᠤᠯᠳᠤ ᠴᠡᠷᠢᠭ ᠢ᠋ ᠲᠤᠯᠬᠤᠢ ᠳ᠋ᠤᠷ ᠲᠡᠭᠷᠢᠯᠢᠭ ᠡᠵᠡᠨ ᠳ᠋ᠦ᠍ᠷ ᠮᠢᠨᠦ ᠶᠠᠮᠪᠠᠷ ᠮᠠᠭᠠᠳ ᠲᠠᠶ᠋ᠢᠯᠪᠠᠰᠤ ᠪᠣᠯᠬᠤ ᠶ᠋ᠢ ᠢᠲᠡᠭᠡᠮᠵᠢᠯᠡᠭᠰᠡᠨ ᠶᠠᠪᠤᠳᠠᠯ ᠪᠠᠢᠨ᠎ᠠ ᠤᠤ ? 》 ᠬᠡᠮᠡᠭᠰᠡᠨ ᠳ᠋ᠦ᠍ᠷ ᠲᠠᠢᠽᠦ ᠡᠨᠡ ᠦᠭᠡᠨ ᠳ᠋ᠦ᠍ᠷ ᠠᠯᠤᠰᠬᠢᠨ ᠪᠠᠶᠠᠷᠯᠠᠵᠤ ᠵᠠᠬᠢᠷᠤᠨ᠄ 《 ᠪᠢ ᠶᠡᠷᠦ ᠶ᠋ᠢᠨ ᠡᠳᠦᠷ ᠢᠳᠡᠭᠡᠨ ᠬᠤᠪᠴᠠᠳ ᠬᠣᠶᠠᠷ ᠵᠦᠢᠯ ᠢ᠋ ᠶᠡᠷᠦ ᠪᠡᠶ᠎ᠡ ᠳ᠋ᠦ᠍ᠷ ᠭᠠᠭᠴᠠᠭᠠᠷᠯᠠᠬᠤ ᠦᠭᠡᠢ᠂ ᠡᠷᠬᠡᠪᠰᠢ ᠥᠯᠥᠰᠬᠦ ᠲᠠᠭᠠᠷᠠᠬᠤ ᠠᠷᠠᠳ ᠠᠯᠪᠠᠲᠤ ᠬᠥᠮᠦᠨ ᠠᠮᠢᠳᠠᠨ᠎ᠠ ᠬᠤᠪᠢᠶᠠᠨ ᠥᠭᠳᠡᠭ ᠪᠥᠯᠥᠭᠡ᠃ ᠣᠯᠠᠨ ᠢ᠋ᠶ᠋ᠠᠷ ᠮᠢᠨᠦ ᠬᠡᠰᠢᠭ ᠲᠣᠷ ᠰᠢᠲᠦᠭᠰᠡᠨ ᠢ᠋ᠶ᠋ᠡᠷ ᠢᠲᠡᠭᠡᠵᠦ ᠪᠠᠢᠯᠳᠤᠪᠠᠰᠤ ᠪᠣᠯᠬᠤᠢ ᠤᠤ ? 》 ᠮᠤᠬᠤᠯᠢ ᠮᠡᠳᠡᠭᠦᠯᠦᠷᠦᠨ᠄ 《 ᠡᠨᠡ ᠨᠢᠭᠡᠨ ᠵᠦᠢᠯ ᠪᠣᠯᠬᠤ ᠪᠣᠯᠪᠠᠴᠤ ᠨᠢᠭᠡᠨ ᠳ᠋ᠦ᠍ᠷ ᠥᠴᠦᠬᠡᠨ ᠬᠡᠰᠢᠭ ᠪᠥᠭᠡᠳ ᠬᠣᠶᠠᠷ ᠲᠤᠷ ᠪᠠᠰᠠ ᠬᠣᠲᠠᠯᠠ ᠳ᠋ᠤᠷ ᠡᠰᠡ ᠬᠦᠷᠦᠯᠴᠡᠭᠰᠡᠨ ᠢ᠋ᠶ᠋ᠡᠷ ᠢᠲᠡᠭᠡᠪᠡᠰᠦ ᠪᠣᠯᠬᠤ ᠦᠭᠡᠢ᠃ 》 ᠲᠠᠢᠽᠦ ᠵᠠᠬᠢᠷᠤᠨ᠄ 《 ᠪᠢ ᠶᠡᠷᠦ ᠶ᠋ᠢᠨ ᠡᠳᠦᠷ ᠡᠴᠢᠭᠡ ᠡᠪᠦᠭᠡ ᠶ᠋ᠢᠨ ᠢᠵᠠᠭᠤᠷ ᠤ᠋ᠨ ᠰᠦᠷ ᠰᠠᠬᠢᠭᠤᠯᠰᠤᠨ ᠳ᠋ᠤᠷ ᠴᠢᠩ ᠦᠨᠡᠨ ᠢ᠋ᠶ᠋ᠡᠷ ᠵᠠᠯᠪᠠᠷᠢᠨ ᠰᠦᠰᠦᠭᠯᠡᠳᠡᠭ ᠪᠥᠯᠥᠭᠡ᠂ ᠳᠡᠭᠡᠳᠦ ᠲᠡᠭᠷᠢ ᠰᠠᠬᠢᠭᠤᠯᠰᠤᠨ ᠮᠢᠨᠦ ᠰᠦᠰᠦᠭ ᠢ᠋ ᠠᠢᠯᠠᠳᠤᠭᠰᠠᠨ ᠢ᠋ᠶ᠋ᠠᠷ ᠢᠲᠡᠭᠡᠵᠦ ᠪᠠᠢᠯᠳᠤᠪᠠᠰᠤ ᠪᠤᠯᠬᠤᠢ ᠤᠤ ? 》 ᠮᠤᠬᠤᠯᠢ ᠮᠡᠳᠡᠭᠦᠯᠦᠷᠦᠨ᠄ 《 ᠡᠨᠡ ᠬᠣᠶᠠᠷ ᠵᠦᠢᠯ ᠪᠣᠯᠬᠤ ᠪᠣᠯᠪᠠᠴᠤ ᠨᠢᠭᠡᠨ ᠳ᠋ᠦ᠍ᠷ ᠡᠩ ᠦ᠋ᠨ ᠰᠦᠰᠦᠭ ᠪᠥᠭᠡᠳ ᠬᠣᠶᠠᠷ ᠲᠤᠷ ᠪᠠᠰᠠ ᠬᠥᠮᠦᠨ ᠦ᠌ ᠰᠡᠳᠬᠢᠯ ᠢ᠋ ᠡᠰᠡ ᠨᠡᠢᠯᠡᠭᠦᠯᠦᠭᠰᠡᠨ ᠢ᠋ᠶ᠋ᠡᠷ ᠢᠲᠡᠭᠡᠪᠡᠰᠦ ᠪᠣᠯᠬᠤ ᠦᠭᠡᠢ᠃ 》 ᠲᠠᠢᠽᠦ ᠪᠠᠰᠠ ᠵᠠᠬᠢᠷᠤᠨ᠄ 《 ᠪᠢ ᠶᠡᠷᠦ ᠶ᠋ᠢᠨ ᠡᠳᠦᠷ ᠬᠠᠷᠢᠶᠠᠲᠤ ᠤᠯᠤᠰ ᠤ᠋ᠨ ᠵᠠᠷᠭᠤ ᠵᠠᠭᠠᠯᠢᠬᠠᠢ ᠪᠠ ᠵᠠᠨᠴᠢᠬᠤ ᠠᠯᠠᠬᠤ ᠬᠡᠷᠡᠭ ᠢ᠋ ᠡᠷᠬᠡᠪᠰᠢ ᠥᠪᠡᠷ ᠦ᠋ᠨ ᠰᠢᠳᠬᠡᠯ ᠯᠦ᠍ᠭᠡ ᠦᠯᠢᠭᠡᠷᠯᠡᠨ ᠰᠢᠭᠦᠵᠦ᠂ ᠬᠥᠮᠦᠨ ᠢ᠋ ᠡᠰᠡ ᠬᠢᠯᠢᠰᠳᠡᠭᠦᠯᠦᠭᠰᠡᠨ ᠢ᠋ᠶ᠋ᠡᠷ ᠢᠲᠡᠭᠡᠵᠦ ᠪᠠᠢᠯᠳᠤᠪᠠᠰᠤ ᠪᠣᠯᠬᠤᠢ ᠤᠤ ? 》 ᠮᠤᠬᠤᠯᠢ ᠮᠡᠳᠡᠭᠦᠯᠦᠷᠦᠨ᠄ 《 ᠵᠠᠨᠴᠢᠬᠤ ᠠᠯᠠᠬᠤ ᠶ᠋ᠢ ᠥᠪᠡᠷ ᠲᠣᠷ ᠡᠷᠭᠢᠴᠡᠭᠦᠯᠬᠦ ᠢᠨᠦ ᠡᠵᠡᠨ ᠪᠣᠯᠤᠭᠴᠢᠳ ᠤ᠋ᠨ ᠲᠤᠰᠬᠠᠢ ᠬᠡᠷᠡᠭ ᠪᠣᠯᠠᠢ᠃ ᠡᠨᠡ ᠭᠤᠷᠪᠠᠨ ᠵᠦᠢᠯ ᠬᠠᠪᠰᠤᠷᠤᠭᠰᠠᠨ ᠢ᠋ᠶ᠋ᠠᠷ ᠰᠠᠶᠢ ᠢᠲᠡᠭᠡᠵᠦ ᠪᠠᠢᠯᠳᠤᠪᠠᠰᠤ ᠪᠣᠯᠤᠮᠤᠢ᠃ ᠲᠡᠢᠨ ᠪᠣᠯᠪᠠᠴᠤ ᠠᠷᠠᠰᠤᠨ ᠬᠡᠩᠭᠡᠷᠭᠡ ᠭᠠᠤᠯᠢᠨ ᠴᠠᠩ ᠬᠡᠮᠡᠭᠴᠢ ᠴᠢᠨᠠᠳᠤᠰ ᠲᠤᠷ ᠪᠣᠯᠪᠠᠰᠤ ᠪᠤᠰᠤᠳ ᠤ᠋ᠨ ᠴᠢᠬᠢ ᠨᠢᠳᠦᠨ ᠢ᠋ ᠠᠶᠤᠯᠭᠠᠮᠤᠢ᠂ ᠢᠨᠠᠳᠤ ᠳ᠋ᠤᠷ ᠪᠣᠯᠪᠠᠰᠤ ᠥᠪᠡᠷ ᠦ᠋ᠨ ᠴᠡᠷᠢᠭ ᠦ᠋ᠨ ᠬᠥᠮᠦᠨ ᠣᠯᠠᠨ ᠪᠣᠯᠤᠭᠰᠠᠨ ᠢ᠋ᠶ᠋ᠠᠷ ᠦᠭᠡ ᠵᠠᠬᠢᠷᠤᠯᠭ᠎ᠠ ᠬᠠᠷᠢᠯᠴᠠᠨ ᠰᠣᠨᠣᠰᠳᠠᠬᠤ ᠦᠭᠡᠢ ᠲᠤᠯᠠ ᠳᠣᠬᠢᠶ᠎ᠠ ᠴᠢᠮᠡᠭᠡ ᠪᠣᠯᠭᠠᠮᠤᠢ᠃ ᠲᠤᠭ ᠬᠢᠭᠢᠷᠢ ᠰᠢᠭᠦᠷ ᠳᠠᠯᠪᠠᠭ᠎ᠠ ᠬᠡᠮᠡᠭᠴᠢ ᠴᠢᠨᠠᠳᠤ ᠳ᠋ᠤᠷ ᠪᠣᠯᠪᠠᠰᠤ ᠪᠤᠰᠤᠳ ᠤ᠋ᠨ ᠨᠢᠳᠦᠨ ᠢ᠋ ᠠᠶᠤᠯᠭᠠᠮᠠᠷ᠂ ᠢᠨᠠᠳᠤ ᠳ᠋ᠤᠷ ᠪᠣᠯᠪᠠᠰᠤ ᠥᠪᠡᠷ ᠦ᠋ᠨ ᠴᠡᠷᠢᠭ ᠦ᠋ᠨ ᠬᠥᠮᠦᠨ ᠣᠯᠠᠨ ᠪᠣᠯᠤᠭᠰᠠᠨ ᠢ᠋ᠶ᠋ᠠᠷ ᠣᠷᠣᠬᠤ ᠡᠭᠡᠬᠦ ᠬᠠᠷᠢᠯᠴᠠᠨ ᠦᠵᠡᠭᠳᠡᠬᠦ ᠦᠭᠡᠢ ᠲᠤᠯᠠ ᠲᠡᠮᠳᠡᠭ ᠬᠠᠷᠠᠯᠲᠠ ᠪᠣᠯᠭᠠᠮᠤᠢ᠃ ᠲᠡᠢᠨ ᠬᠦ᠌ ᠡᠳᠡᠭᠡᠷ ᠵᠦᠢᠯ ᠢ᠋ ᠦᠯᠡᠮᠵᠢᠬᠡᠨ ᠡᠰᠡ ᠪᠡᠯᠡᠳᠬᠡᠪᠡᠰᠦ ᠪᠣᠯᠬᠤ ᠦᠭᠡᠢ᠃ 》 ᠬᠡᠮᠡᠭᠰᠡᠨ ᠳ᠋ᠦ᠍ᠷ ᠲᠠᠢᠽᠦ ᠮᠠᠯ ᠠᠳᠤᠭᠤᠯᠠᠵᠤ ᠮᠤᠩᠭᠠᠨᠢᠨ ᠶᠠᠪᠤᠭᠰᠠᠨ ᠮᠤᠬᠤᠯᠢ ᠬᠥᠪᠡᠭᠦᠨ ᠳ᠋ᠦ᠍ᠷ ᠡᠨᠡ ᠵᠡᠷᠭᠡ ᠶ᠋ᠢᠨ ᠤᠬᠠᠭᠠᠨ ᠪᠣᠳᠣᠯᠭ᠎ᠠ ᠵᠣᠷᠢᠭ ᠲᠤᠯᠭᠠᠭᠤᠷᠢ ᠪᠠᠢᠬᠤ ᠶ᠋ᠢ ᠰᠠᠶᠢ ᠮᠡᠳᠡᠵᠦ ᠲᠡᠰᠳᠡᠰᠢ ᠦᠭᠡᠢ ᠶᠡᠬᠡᠯ᠎ᠡ  ᠭᠠᠢᠬᠠᠨ ᠪᠠᠶᠠᠷᠯᠠᠵᠤ᠂ ᠪᠠᠰᠠ ᠲᠡᠭᠦᠨᠴᠡ ᠴᠡᠷᠢᠭ ᠢ᠋ ᠳᠠᠢᠯᠠᠬᠤ ᠠᠷᠭ᠎ᠠ ᠶ᠋ᠢ ᠠᠰᠠᠭᠤᠭᠰᠠᠨ ᠳ᠋ᠤᠷ ᠮᠤᠬᠤᠯᠢ ᠥᠭᠦᠯᠡᠷᠦᠨ᠄ 《 ᠲᠡᠷᠡ ᠲᠣᠬᠠᠢ ᠳ᠋ᠤᠷ ᠪᠠᠢᠳᠠᠯ ᠳ᠋ᠤᠷ ᠨᠡᠢᠯᠡᠭᠦᠯᠦᠨ ᠤᠭᠲᠤᠵᠤ ᠬᠤᠪᠢᠯᠭᠠᠬᠤ ᠠᠨᠤ᠂ ᠳᠠᠢᠰᠤᠨ ᠳ᠋ᠤᠷ ᠲᠤᠯᠭᠠᠯᠴᠠᠭᠰᠠᠨ ᠬᠣᠢᠨ᠎ᠠ ᠤᠷᠪᠠᠭᠤᠯᠤᠨ ᠬᠤᠪᠢᠯᠭᠠᠬᠤ ᠦᠶ᠎ᠡ ᠳ᠋ᠦ᠍ᠷ ᠪᠣᠢ ‍ᠢ᠎ᠠ᠃ ᠤᠷᠢᠳᠠᠰᠠ ᠲᠣᠭᠲᠠᠭᠠᠨ ᠵᠠᠳᠠᠷᠠᠭᠤᠯᠪᠠᠰᠤ ᠪᠣᠯᠬᠤ ᠦᠭᠡᠢ᠃ 》 ᠬᠡᠮᠡᠭᠰᠡᠨ ᠳ᠋ᠦ᠍ᠷ ᠲᠠᠢᠽᠦ ᠶᠡᠬᠡᠳᠡ ᠪᠡᠶᠡᠰᠦᠨ ᠰᠠᠢᠰᠢᠶᠠᠵᠤ᠂ ᠲᠡᠭᠦᠨᠴᠡ ᠰᠥᠨᠢ ᠳᠦᠯᠢᠨ ᠪᠦᠷᠳᠡᠭᠡᠯᠵᠢᠨ ᠵᠦᠰᠦᠨ ᠬᠠᠲᠤᠨ ᠡᠮᠡᠰ ᠥᠬᠢᠳ ᠢ᠋ᠶ᠋ᠡᠨ ᠲᠡᠷᠢᠭᠦᠯᠡᠨ ᠴᠠᠯᠮ᠎ᠠ᠂ ᠲᠠᠷᠮ᠎ᠠ᠂ ᠢᠰᠡᠭᠡᠢ ᠪᠤᠯᠢᠭᠠᠷᠢ ᠪᠠ ᠲᠣᠷᠭ᠎ᠠ ᠲᠥᠷᠭᠡ ᠭᠬᠢᠪ ᠪᠥᠰ ᠢ᠋ᠶ᠋ᠡᠷ ᠲᠤᠭ ᠬᠢᠭᠢᠷᠢ ᠰᠢᠬᠦᠷ ᠳᠠᠯᠪᠠᠭ᠎ᠠ ᠣᠶᠣᠵᠤ ᠡᠭᠦᠰᠬᠡᠨ᠂ ᠤᠷᠢᠶᠠᠩᠬᠠᠨ ᠤ᠋ ᠵᠠᠯᠮ᠎ᠠ ᠤᠷᠤᠭ᠍ᠰᠢ ᠬᠣᠢᠰᠢ ᠭᠦᠶᠦᠵᠦ ᠬᠡᠩᠭᠡᠷᠭᠡ ᠴᠠᠩ ᠢ᠋ ᠬᠡᠳᠦᠨ ᠲᠡᠷᠭᠡ ᠪᠡᠯᠡᠳᠬᠡᠨ ᠠᠪᠴᠤ ᠵᠢᠴᠢ ᠥᠷᠯᠥᠭᠡ ᠲᠠᠢᠽᠦ ᠥᠪᠡᠷ ᠦ᠋ᠨ ᠴᠡᠷᠢᠭ ᠢ᠋ᠶ᠋ᠡᠨ ᠰᠢᠯᠭᠠᠨ ᠬᠥᠭᠰᠢᠨ ᠶᠠᠳᠠᠭᠤᠯᠢᠭ᠋ ᠢ᠋ ᠴᠥᠮ ᠭᠠᠷᠭᠠᠭᠠᠳ ᠢᠳᠡᠷ ᠵᠠᠯᠠᠭᠤᠰ ᠬᠤᠷᠴᠠ ᠪᠠᠭᠠᠲᠤᠷ ᠢ᠋ ᠢᠨᠦ ᠨᠢᠭᠡᠨ ᠲᠦᠮᠡᠨ ᠭᠤᠷᠪᠠᠨ ᠮᠢᠩᠭᠠᠨ ᠲᠡᠳᠦᠢ ᠣᠯᠤᠭᠰᠠᠨ ᠲᠤᠯᠠ ᠠᠷᠪᠠᠨ ᠭᠤᠷᠪᠠᠨ ᠪᠦᠯᠦᠭ ᠪᠣᠯᠭᠠᠨ ᠵᠣᠬᠢᠶᠠᠵᠤ ᠪᠦᠬᠦ ᠪᠡᠯᠭᠦᠳᠡᠢ᠂ ᠬᠠᠪᠤᠲᠤ ᠬᠠᠰᠠᠷ᠂ ᠤᠷᠠᠨ ᠭᠠᠴᠤᠭ᠂ ᠣᠢᠲᠤ ᠤᠴᠢᠭ᠂ ᠲᠣᠷᠭᠠᠨ ᠰᠢᠷ᠎ᠠ᠂ ᠴᠤᠤ ᠮᠡᠷᠭᠡᠨ᠂ ᠰᠢᠷᠢ ᠬᠤᠲᠤᠭ᠂ ᠬᠠᠷ᠎ᠠ ᠬᠢᠷᠤ᠂ ᠵᠡᠯᠮ᠎ᠡ᠂ ᠪᠤᠭᠤᠷᠤᠯ᠂ ᠵᠡᠪᠡ᠂ ᠴᠢᠯᠠᠭᠤᠨ᠂ ᠮᠡᠩᠭᠡᠯᠢᠭ ᠡᠨᠡ ᠠᠷᠪᠠᠨ ᠭᠤᠷᠪᠠᠨ ᠬᠥᠮᠦᠨ ᠳ᠋ᠦ᠍ᠷ ᠨᠢᠵᠡᠭᠡᠳ ᠨᠢᠵᠡᠭᠡᠳ ᠠᠩᠭᠢ ᠵᠠᠬᠢᠷᠤᠭᠤᠯᠵᠤ᠂ ᠭᠠᠭᠴᠠ ᠮᠤᠬᠤᠯᠢ ᠶ᠋ᠢ ᠥᠨᠳᠥᠷ ᠳᠣᠪᠣ ᠶ᠋ᠢᠨ ᠪᠠᠷᠰ ᠤ᠋ᠨ ᠠᠷᠠᠰᠤᠨ ᠤ᠋ ᠴᠠᠴᠠᠷ ᠲᠤᠷ ᠭᠠᠷᠭᠠᠵᠤ᠂ ᠲᠠᠢᠽᠦ ᠥᠪᠡᠷ ᠦ᠋ᠨ ᠪᠡᠶ᠎ᠡ ᠪᠡᠷ ᠳᠡᠭᠡᠳᠦᠰ ᠦ᠋ᠨ ᠦᠶ᠎ᠡ ᠶ᠋ᠢᠨ ᠲᠣᠪᠴᠢ ᠴᠠᠭᠠᠵᠠᠨ ᠤ᠋ ᠠᠯᠲᠠᠨ ᠳᠤᠬᠤᠨ᠂ ᠰᠤᠪᠤᠳ ᠣᠳᠣᠲᠤ ᠵᠡᠪᠡ ᠶ᠋ᠢ ᠠᠪᠴᠢᠷᠠᠵᠤ ᠲᠤᠰᠢᠶᠠᠭᠠᠳ ᠪᠦᠭᠦᠳᠡ ᠴᠡᠷᠢᠭ ᠢ᠋ ᠵᠠᠬᠢᠷᠬᠤ ᠵᠢᠨᠦᠩ ᠭᠡᠮᠡᠨ ᠡᠷᠭᠦᠨ ᠲᠠᠯᠪᠢᠪᠠ᠃ 
      ᠲᠡᠨᠳᠡᠴᠡ ᠲᠤᠭ ᠬᠢᠭᠢᠷᠢ ᠴᠠᠩ ᠬᠡᠩᠭᠡᠷᠭᠡ ᠨᠢᠭᠡᠨ ᠴᠠᠭ ᠲᠤᠷ ᠴᠥᠮ ᠪᠦᠷᠢᠳᠦᠭᠰᠡᠨ ᠲᠤᠯᠠ ᠵᠢᠨᠦᠩ ᠮᠤᠬᠤᠯᠢ ᠪᠣᠭᠣᠨᠢ ᠠᠷᠠᠳ ᠲᠤᠷ ᠳᠡᠭᠡᠭᠡ ᠪᠠᠮᠪᠠᠷ ᠪᠠᠷᠢᠭᠤᠯᠵᠤ᠂ ᠲᠠᠳᠠᠩᠬᠤ ᠠᠷᠠᠳ ᠲᠤᠷ ᠬᠣᠯᠬᠣᠪᠴᠢ ᠨᠤᠮᠤ ᠪᠠᠷᠢᠭᠤᠯᠵᠤ᠂ ᠴᠢᠭᠢᠷᠠᠭ ᠠᠷᠠᠳ ᠲᠤᠷ ᠲᠤᠭ ᠬᠢᠭᠢᠷᠢ ᠪᠠᠷᠢᠭᠤᠯᠵᠤ᠂ ᠪᠠᠭᠠᠲᠤᠷ ᠠᠷᠠᠳ ᠲᠤᠷ ᠬᠡᠩᠭᠡᠷᠭᠡ ᠴᠠᠩ ᠪᠠᠷᠢᠭᠤᠯᠵᠤ᠂ ᠬᠡᠷᠦᠯᠦᠨ ᠮᠥᠷᠡᠨ ᠦ᠌ ᠵᠠᠬ᠎ᠠ ᠳ᠋ᠤᠷ ᠭᠤᠷᠪᠠᠨ ᠡᠳᠦᠷ ᠴᠡᠷᠢᠭ ᠰᠤᠷᠭᠠᠭᠰᠠᠨ ᠬᠣᠢᠨ᠎ᠠ ᠲᠠᠢᠴᠢᠭᠤᠳ ᠨᠠᠷ ᠤ᠋ᠨ ᠴᠡᠷᠢᠭ ᠦᠨᠡᠬᠡᠷ ᠭᠤᠷᠪᠠᠨ ᠲᠦᠮᠡᠨ ᠦ᠌ ᠣᠯᠠᠨ ᠢ᠋ᠶ᠋ᠠᠨ ᠠᠪᠴᠤ ᠬᠦᠷᠴᠦ ᠢᠷᠡᠭᠡᠳ ᠮᠥᠷᠡᠨ ᠦ᠌ ᠴᠢᠨᠠᠳᠤ ᠬᠥᠪᠡᠭᠡᠨ ᠳ᠋ᠦ᠍ᠷ ᠬᠦᠷᠢᠶ᠎ᠡ ᠪᠠᠭᠤᠪᠠ᠃ 
      ᠲᠠᠢᠽᠦ ᠮᠣᠷᠢ ᠤᠨᠤᠵᠤ ᠥᠨᠳᠥᠷ ᠳᠣᠪᠣ ᠳ᠋ᠤᠷ ᠭᠠᠷᠴᠤ ᠦᠵᠡᠪᠡᠰᠦ ᠭᠤᠷᠪᠠᠨ ᠠᠢᠮᠠᠭ ᠤ᠋ᠨ ᠴᠡᠷᠢᠭ ᠦ᠋ᠨ ᠬᠦᠴᠦᠨ ᠮᠠᠰᠢ ᠴᠢᠩᠭ᠎ᠠ ᠶ᠋ᠢᠨ ᠲᠤᠯᠠᠳᠠ ᠪᠠᠭᠤᠵᠤ ᠢᠷᠡᠭᠡᠳ ᠥᠪᠡᠷ ᠦ᠋ᠨ ᠴᠡᠷᠢᠭ ᠲᠦ᠍ᠷ ᠴᠠᠭᠠᠵᠠ ᠲᠤᠩᠬᠠᠭᠯᠠᠵᠤ ᠴᠡᠷᠢᠭ ᠢ᠋ ᠡᠭᠡᠭᠦᠯᠦᠨ ᠬᠣᠷᠢᠨ ᠲᠠᠪᠤᠨ ᠭᠠᠵᠠᠷ ᠤᠬᠤᠷᠢᠵᠤ ᠬᠦᠷᠢᠶ᠎ᠡ ᠪᠠᠭᠤᠪᠠ᠃ ᠲᠣᠷᠭᠠᠨ ᠰᠢᠷ᠎ᠠ᠂ ᠴᠤᠤ ᠮᠡᠷᠭᠡᠨ ᠲᠠᠨ ᠮᠤᠬᠤᠯᠢ ᠶ᠋ᠢᠨ ᠭᠡᠨᠡᠳᠲᠡ ᠡᠷᠭᠦᠭᠳᠡᠵᠦ ᠣᠯᠠᠨ ᠠ᠋ᠴᠠ ᠶᠡᠬᠡ ᠪᠣᠯᠤᠭᠰᠠᠨ ᠳ᠋ᠤᠷ ᠮᠤᠬᠤᠯᠢ ᠶ᠋ᠢ ᠪᠠᠭ᠎ᠠ ᠭᠡᠮᠡᠨ ᠲᠣᠭᠣᠮᠵᠢᠯᠠᠬᠤ ᠦᠭᠡᠢ᠃ ᠲᠡᠳᠦᠢ ᠮᠤᠬᠤᠯᠢ ᠶ᠋ᠢᠨ ᠳᠡᠷᠭᠡᠳᠡ ᠢᠷᠡᠵᠦ ᠠᠰᠠᠭᠤᠷᠤᠨ᠄ 《 ᠳᠠᠢᠰᠤᠨ ᠤ᠋ ᠴᠡᠷᠢᠭ ᠭᠤᠷᠪᠠᠨ ᠲᠦᠮᠡ᠂ ᠮᠠᠨ ᠤ᠋ ᠴᠡᠷᠢᠭ ᠬᠠᠭᠠᠰ ᠲᠤᠷ ᠴᠤ᠌ ᠮᠥᠨ ᠬᠦᠷᠬᠦ ᠦᠭᠡᠢ ᠲᠤᠯᠠ ᠲᠤᠯᠵᠤ ᠦᠯᠦ ᠪᠣᠯᠬᠤ ᠠᠨᠤ ᠮᠠᠭᠠᠳ ᠪᠣᠯᠠᠢ᠂ ᠡᠵᠡᠨ ᠪᠠᠰᠠ ᠳᠠᠢᠰᠤᠨ ᠤ᠋ ᠴᠡᠷᠢᠭ ᠢ᠋ ᠦᠵᠡᠭᠡᠳ ᠬᠣᠷᠢᠨ ᠲᠠᠪᠤᠨ ᠭᠠᠵᠠᠷ ᠤᠬᠤᠷᠢᠵᠤ ᠪᠠᠭᠤᠭᠰᠠᠨ ᠠᠨᠤ ᠶᠠᠮᠪᠠᠷ ᠰᠠᠨᠠᠭ᠎ᠠ?  ᠵᠢᠨᠦᠩ ᠣᠯᠵᠤ ᠮᠡᠳᠡᠪᠡᠦ ? 》 ᠬᠡᠮᠡᠭᠰᠡᠨ ᠳ᠋ᠦ᠍ᠷ ᠮᠤᠬᠤᠯᠢ ᠢᠨᠢᠶᠡᠨ ᠥᠭᠦᠯᠡᠷᠦᠨ᠄ 《 ᠡᠨᠡ ᠴᠣᠬᠣᠮ ᠮᠠᠨ ᠤ᠋ ᠪᠤᠶᠠᠨᠲᠤ ᠡᠵᠡᠨ ᠦ᠌ ᠪᠣᠳᠣᠯᠭᠠᠲᠤ ᠰᠠᠨᠠᠭ᠎ᠠ᠂ ᠰᠦᠷᠲᠦ ᠡᠵᠡᠨ ᠦ᠌ ᠰᠦᠷᠳᠡᠭᠦᠯᠬᠦ ᠠᠷᠭ᠎ᠠ᠃ ᠤᠷᠢᠳᠠᠰᠠ ᠬᠡᠯᠡᠪᠡᠰᠦ ᠦᠯᠦ ᠪᠣᠯᠤᠮᠤᠢ᠂ ᠤᠴᠠᠷᠠᠭᠰᠠᠨ ᠴᠠᠭ ᠲᠤ᠌ ᠶᠠᠷᠠᠭᠳᠠᠭᠠᠨ ᠮᠡᠳᠡᠮᠦᠢ ! 》 ᠬᠡᠮᠡᠭᠰᠡᠨ ᠳ᠋ᠦ᠍ᠷ ᠲᠣᠷᠭᠠᠨ ᠰᠢᠷ᠎ᠠ ᠪᠠᠶᠠᠷ ᠦᠭᠡᠢ ᠡᠭᠡᠪᠡ᠃ 
      ᠲᠡᠷᠡ ᠦᠶ᠎ᠡ ᠳ᠋ᠦ᠍ ᠲᠠᠢᠽᠦ ᠣᠶᠤᠲᠤ ᠰᠡᠴᠡᠨ ᠢ᠋ ᠮᠤᠬᠤᠯᠢ ᠶ᠋ᠢᠨ ᠬᠦᠷᠢᠶᠡᠨ ᠳ᠋ᠦ᠍ᠷ ᠶᠠᠭᠠᠬᠢᠵᠤ ᠪᠦᠬᠦᠢ ᠶ᠋ᠢ ᠦᠵᠡᠭᠦᠯᠦᠷ᠎ᠡ ᠢᠯᠡᠭᠡᠭᠰᠡᠨ ᠪᠥᠯᠥᠭᠡ᠃ ᠣᠶᠤᠲᠤ ᠰᠡᠴᠡᠨ ᠡᠭᠡᠵᠦ ᠲᠣᠷᠭᠠᠨ ᠰᠢᠷ᠎ᠠ ᠶ᠋ᠢᠨ ᠡᠴᠢᠵᠦ ᠠᠰᠠᠭᠤᠭᠰᠠᠨ ᠪᠠ ᠮᠤᠬᠤᠯᠢ ᠶ᠋ᠢᠨ ᠬᠠᠷᠢᠭᠤ ᠥᠴᠢᠭᠰᠡᠨ ᠢ᠋ ᠴᠥᠮ ᠮᠡᠳᠡᠭᠦᠯᠦᠭᠰᠡᠨ ᠳ᠋ᠦ᠍ᠷ ᠲᠠᠢᠽᠦ ᠪᠠᠶᠠᠷᠯᠠᠨ᠄ 《 ᠮᠤᠬᠤᠯᠢ ᠮᠢᠨᠦ ᠰᠠᠨᠠᠭᠠᠨ ᠢ᠋ ᠮᠡᠳᠡᠪᠡ ! 》 ᠬᠡᠮᠡᠵᠦ ᠪᠠᠰᠠ ᠰᠣᠨᠣᠰᠬᠠᠷ᠎ᠠ ᠢᠯᠡᠭᠡᠪᠡ᠃ ᠣᠶᠤᠲᠤ ᠰᠡᠴᠡᠨ ᠬᠦᠷᠴᠦ ᠦᠵᠡᠪᠡᠰᠦ ᠮᠤᠬᠤᠯᠢ ᠪᠤᠭᠤᠷᠤᠯ ᠢ᠋ ᠳᠠᠭᠤᠳᠠᠵᠤ ᠥᠭᠦᠯᠡᠷᠦᠨ᠄ 《 ᠴᠢ ᠨᠢᠭᠡ ᠮᠢᠩᠭᠠᠨ ᠴᠡᠷᠢᠭ ᠢ᠋ᠶ᠋ᠡᠨ ᠠᠪᠴᠤ ᠰᠥᠨᠢ ᠳᠦᠯᠢᠨ ᠰᠠᠮ ᠢ᠋ᠶ᠋ᠠᠷ ᠬᠡᠷᠦᠯᠦᠨ ᠮᠥᠷᠡᠨ ᠢ᠋ ᠭᠡᠲᠦᠯᠵᠦ ᠴᠢᠨᠠᠳᠤ ᠬᠥᠪᠡᠭᠡᠨ ᠳ᠋ᠦ᠍ᠷ ᠪᠦᠭᠭᠦᠲᠦᠭᠡᠢ᠃ ᠮᠠᠷᠭᠠᠲᠠ ᠪᠡᠴᠢᠨ ᠴᠠᠭ ᠤ᠋ᠨ ᠰᠡᠭᠦᠯ ᠳ᠋ᠦ᠍ᠷ ᠲᠠᠢᠴᠢᠭᠤᠳ ᠬᠡᠷᠪᠡ ᠳᠠᠷᠤᠭᠳᠠᠵᠤ᠂ ᠮᠥᠷᠡᠨ ᠦ᠌ ᠬᠠᠭᠠᠰ ᠢ᠋ ᠭᠡᠲᠦᠯᠦᠭᠰᠡᠨ ᠦᠶ᠎ᠡ ᠳ᠋ᠦ᠍ ᠴᠢ ᠴᠡᠷᠢᠭ ᠢ᠋ᠶ᠋ᠡᠨ ᠠᠪᠴᠤ ᠬᠥᠨᠳᠡᠯᠡᠨ ᠡᠲᠡᠭᠡᠳ᠎ ᠡᠴᠡ ᠲᠣᠰᠴᠤ ᠠᠯᠠᠨ ᠭᠠᠷᠴᠤ ᠲᠡᠳᠡᠨ ᠦ᠌ ᠮᠣᠷᠢ ᠬᠤᠶᠠᠭ ᠢ᠋ ᠪᠤᠯᠢᠶᠠᠭᠲᠤᠨ᠃ ᠡᠨᠡ ᠬᠡᠮᠡᠭᠴᠢ ᠡᠵᠡᠨ ᠦ᠌ ᠲᠤᠯᠠ ᠵᠢᠳᠬᠦᠬᠦ ᠴᠢᠬᠤᠯᠠ ᠬᠡᠷᠡᠭ᠃ ᠠᠳᠠ ᠴᠢᠮ᠎ᠠ᠎ ᠠ᠋ᠴᠠ ᠥᠪᠡᠷ᠎ᠡ ᠬᠥᠮᠦᠨ ᠴᠢᠳᠠᠬᠤ ᠦᠭᠡᠢ 》 ᠬᠡᠮᠡᠭᠰᠡᠨ ᠳ᠋ᠦ᠍ᠷ ᠪᠤᠭᠤᠷᠤᠯ ᠳᠤᠷᠠᠲᠠᠶ᠎ᠠ ᠬᠦᠯᠢᠶᠡᠨ ᠠᠪᠴᠤ ᠡᠴᠢᠪᠡ᠃ ᠮᠤᠬᠤᠯᠢ ᠪᠠᠰᠠ ᠴᠢᠯᠠᠭᠤᠨ᠂ ᠵᠡᠪᠡ ᠬᠣᠶᠠᠭᠤᠯᠠ ᠶ᠋ᠢ ᠳᠠᠭᠤᠳᠠᠵᠤ ᠥᠭᠦᠯᠡᠷᠦᠨ᠄ 《 ᠲᠠ ᠬᠣᠶᠠᠭᠤᠯᠠ ᠬᠣᠶᠠᠷ ᠮᠢᠩᠭᠠᠨ ᠴᠡᠷᠢᠭ ᠢ᠋ᠶ᠋ᠡᠨ ᠠᠪᠴᠤ ᠮᠥᠨ ᠬᠦ᠌ ᠰᠥᠨᠢ ᠳᠦᠯᠢᠨ ᠮᠥᠷᠡᠨ ᠢ᠋ ᠭᠡᠲᠦᠯᠵᠦ᠂ ᠠᠳᠠ᠎ ᠠ᠋ᠴᠠ ᠭᠤᠴᠢᠨ ᠭᠠᠵᠠᠷ ᠤ᠋ᠨ ᠦᠵᠦᠭᠦᠷ ᠦ᠋ᠨ ᠳᠠᠷᠪᠠᠭ ᠤ᠋ᠨ ᠮᠠᠩᠬ᠎ᠠ ᠶ᠋ᠢᠨ ᠬᠣᠶᠠᠷ ᠡᠲᠡᠭᠡᠳ ᠲᠣᠷ ᠪᠦᠭᠭᠦᠲᠦᠭᠡᠢ᠃ ᠮᠠᠷᠭᠠᠲᠠ ᠨᠠᠷᠠᠨ ᠰᠢᠩᠭᠡᠬᠦ ᠦᠶ᠎ᠡ ᠳ᠋ᠦ᠍ ᠭᠤᠷᠪᠠᠨ ᠠᠢᠮᠠᠭ ᠤ᠋ᠨ ᠴᠡᠷᠢᠭ ᠬᠡᠷᠪᠡ ᠳᠠᠷᠤᠭᠳᠠᠪᠠᠰᠤ ᠯᠠᠪ ᠲᠡᠷᠡ ᠭᠠᠵᠠᠷ᠎ᠠ ᠰᠢᠭᠤᠷ᠎ᠠ ᠡᠴᠢᠮᠦᠢ᠃ ᠶᠡᠬᠡ ᠳᠠᠷᠤᠭᠳᠠᠪᠠᠰᠤ ᠲᠡᠭᠦᠨ ᠳ᠋ᠦ᠍ᠷ ᠰᠢᠷᠭᠤᠯ ᠦᠭᠡᠢ ᠪᠡᠷ ᠥᠩᠭᠡᠷᠡᠨ ᠭᠠᠷᠤᠮᠤᠢ᠃ ᠲᠡᠭᠦᠨ ᠳ᠋ᠦ᠍ᠷ ᠲᠠ ᠪᠤᠤ ᠲᠤᠰ᠂ ᠪᠠᠰᠠ ᠪᠤᠤ ᠰᠤᠨᠳᠠᠯᠠ᠂ ᠳᠤᠮᠳᠠ ᠬᠠᠭᠠᠰ ᠢ᠋ ᠥᠩᠭᠡᠷᠡᠭᠦᠯᠦᠭᠡᠳ ᠭᠡᠨᠡᠳᠲᠡ ᠭᠠᠷᠴᠤ ᠲᠠᠰᠤᠯᠤᠨ ᠠᠯᠠᠵᠤ ᠪᠠᠢᠯᠳᠤᠨ ᠡᠬᠡ᠃ 》 ᠬᠡᠮᠡᠭᠰᠡᠨ ᠳ᠋ᠦ᠍ᠷ ᠬᠣᠶᠠᠷ ᠬᠥᠮᠦᠨ ᠬᠦᠯᠢᠶᠡᠨ ᠠᠪᠴᠤ ᠡᠴᠢᠪᠡ᠃ ᠡᠭᠦᠨ ᠳ᠋ᠦ᠍ᠷ ᠲᠣᠷᠭᠠᠨ ᠰᠢᠷ᠎ᠠ᠂ ᠴᠤᠤ ᠮᠡᠷᠭᠡᠨ ᠲᠠᠨ ᠬᠠᠷᠠᠬᠠᠨ ᠮᠠᠨ ᠤ᠋ ᠴᠡᠷᠢᠭ ᠴᠥᠭᠡᠨ ᠭᠡᠮᠡᠨ ᠵᠣᠪᠠᠨᠢᠬᠤᠢ ᠳ᠋ᠤᠷ ᠡᠳᠦᠭᠡ ᠪᠠᠰᠠ ᠭᠤᠷᠪᠠᠨ ᠮᠢᠩᠭᠠᠨ ᠴᠡᠷᠢᠭ ᠢ᠋ ᠶᠠᠪᠤᠭᠤᠯᠤᠭᠰᠠᠨ ᠳ᠋ᠤᠷ ᠶᠡᠬᠡᠯ᠎ᠡ ᠠᠶᠤᠵᠤ ᠮᠤᠬᠤᠯᠢ ᠶ᠋ᠢᠨ ᠳᠡᠷᠭᠡᠳᠡ ᠢᠷᠡᠵᠦ ᠬᠠᠮᠲᠤ ᠪᠠᠷ ᠤᠴᠢᠷ ᠢ᠋ ᠠᠰᠠᠭᠤᠭᠰᠠᠨ᠎ᠠ ᠮᠤᠬᠤᠯᠢ ᠢᠨᠢᠶᠡᠨ ᠥᠭᠦᠯᠡᠷᠦᠨ᠄ 《 ᠨᠠᠳᠠ ᠳ᠋ᠤᠷ ᠲᠣᠭᠲᠠᠭᠰᠠᠨ ᠰᠠᠨᠠᠭᠠᠨ ᠪᠣᠢ᠂ ᠠᠬᠠᠢ ᠨᠠᠷ ᠲᠠ ᠰᠡᠳᠬᠢᠯ ᠢ᠋ ᠰᠤᠯᠠ ᠲᠠᠯᠪᠢᠵᠤ᠂ ᠮᠠᠨ ᠤ᠋ ᠡᠵᠡᠨ ᠲᠦᠰᠢᠮᠡᠯ ᠦ᠋ᠨ ᠳᠠᠢᠰᠤᠨ ᠢ᠋ ᠳᠠᠷᠤᠬᠤ ᠶ᠋ᠢ ᠦᠵᠡ ! 》 ᠬᠡᠮᠡᠭᠰᠡᠨ ᠳ᠋ᠦ᠍ᠷ ᠲᠡᠳᠡ ᠬᠣᠶᠠᠭᠤᠯᠠ ᠬᠦᠢᠲᠡᠨ ᠢ᠋ᠶ᠋ᠡᠷ ᠢᠨᠢᠶᠡᠵᠦ ᠡᠭᠡᠪᠡ᠃ ᠡᠳᠡᠭᠡᠷ ᠤᠴᠢᠷ ᠢ᠋ ᠣᠶᠤᠲᠤ ᠰᠡᠴᠡᠨ ᠡᠭᠡᠵᠦ ᠵᠦᠢ ᠵᠦᠢ ᠪᠡᠷ ᠬᠡᠯᠡᠭᠰᠡᠨ ᠳ᠋ᠦ᠍ᠷ ᠲᠠᠢᠽᠦ ᠠᠯᠠᠭ᠎ᠠ ᠪᠠᠨ ᠮᠠᠩᠨᠠᠢ ᠳ᠋ᠤᠷ ᠢ᠋ᠶ᠋ᠠᠨ ᠲᠤᠯᠭᠠᠵᠤ ᠵᠠᠯᠪᠠᠷᠢᠨ ᠥᠭᠦᠯᠡᠷᠦᠨ᠄ 《 ᠲᠡᠭᠷᠢ ᠡᠴᠢᠭᠡ ᠮᠢᠨᠦ ᠲᠡᠮᠳᠡᠭᠲᠡᠶ᠎ᠡ ᠡᠨᠡ ᠮᠡᠲᠦ ᠬᠥᠮᠦᠨ ᠢ᠋ ᠲᠥᠷᠥᠭᠦᠯᠵᠦ ᠨᠠᠳᠠ ᠳ᠋ᠤᠷ ᠲᠤᠰᠠᠯᠠᠭᠤᠯᠬᠤᠢ ᠳ᠋ᠤᠷ ᠪᠢ ᠶᠠᠭᠤᠨ ᠵᠣᠪᠠᠬᠤ ᠭᠠᠵᠠᠷ ᠪᠣᠢ ?》 ᠬᠡᠮᠡᠪᠡ᠃ 
      ᠵᠢᠴᠢ ᠡᠳᠦᠷ ᠭᠤᠷᠪᠠᠨ ᠠᠢᠮᠠᠭ ᠤ᠋ᠨ ᠴᠡᠷᠢᠭ᠂ ᠲᠠᠢᠽᠦ ᠶ᠋ᠢᠨ ᠴᠡᠷᠢᠭ ᠤᠬᠤᠷᠢᠭ᠍ᠰᠠᠨ ᠢ᠋ ᠦᠵᠡᠭᠡᠳ ᠶᠡᠬᠡᠯ᠎ᠡ ᠣᠮᠣᠭᠰᠢᠵᠤ᠂ ᠤᠷᠤᠭᠤᠯ ᠲᠤᠳᠢᠰᠠᠯ ᠬᠣᠶᠠᠭᠤᠯᠠ ᠡᠮᠦᠨ᠎ᠡ ᠣᠷᠣᠵᠤ ᠴᠢᠯᠭᠡᠷ ᠪᠥᠬᠡ᠂ ᠳᠠᠬᠠᠷ᠂ ᠮᠡᠬᠡᠵᠢᠨ ᠰᠡᠭᠡᠷ ᠲᠠᠨ ᠢ᠋ ᠤᠳᠤᠷᠢᠳᠤᠨ ᠮᠥᠷᠡᠨ ᠢ᠋ ᠭᠡᠲᠦᠯᠦᠭᠡᠳ ᠬᠣᠷᠢᠨ ᠲᠠᠪᠤᠨ ᠭᠠᠵᠠᠷ ᠴᠣᠬᠢᠨ ᠶᠠᠪᠤᠵᠤ  ᠪᠧᠲ᠋ᠠ᠋ ᠤᠯᠤᠰ ᠤ᠋ᠨ ᠴᠡᠷᠢᠭ ᠦ᠋ᠨ ᠬᠦᠷᠢᠶᠡᠨ ᠦ᠌ ᠡᠮᠦᠨ᠎ᠡ ᠬᠦᠷᠴᠦ ᠢᠷᠡᠭᠡᠳ ᠵᠢᠭᠰᠠᠭᠠᠯ ᠵᠢᠭ᠍ᠰᠠᠭᠠᠵᠤ᠂ ᠯᠤᠤ ᠴᠠᠭ ᠠ᠋ᠴᠠ ᠮᠣᠷᠢᠨ ᠴᠠᠭ ᠪᠣᠯᠲᠠᠯ᠎ᠠ ᠪᠠᠢᠯᠳᠤᠰᠤᠭᠠᠢ ᠭᠡᠮᠡᠨ ᠬᠠᠷᠢᠶᠠᠪᠠᠴᠤ ᠮᠤᠬᠤᠯᠢ ᠴᠡᠷᠢᠭ ᠢ᠋ᠶ᠋ᠡᠨ ᠴᠢᠩᠳᠠ ᠴᠠᠭᠠᠵᠠᠯᠠᠭᠠᠳ ᠥᠩᠭᠡ ᠳᠠᠭᠤᠨ ᠴᠤ᠌ ᠬᠥᠳᠡᠯᠭᠡᠭᠰᠡᠨ ᠦᠭᠡᠢ᠃ ᠲᠠᠢᠽᠦ ᠬᠡᠳᠦᠨ ᠤᠳᠠᠭ᠎ᠠ ᠱᠠᠭᠠᠷᠳᠠᠭᠰᠠᠨ ᠬᠣᠢᠨ᠎ᠠ ᠮᠤᠬᠤᠯᠢ ᠴᠡᠷᠢᠭ ᠦ᠋ᠨ ᠠᠷᠠᠳ ᠢ᠋ ᠴᠠᠳᠲᠠᠯ᠎ᠠ ᠪᠤᠳᠠᠭᠠᠯᠠᠭᠠᠳ ᠬᠣᠨᠢᠨ ᠴᠠᠭ ᠤ᠋ᠨ ᠡᠬᠢᠨ ᠳ᠋ᠦ᠍ᠷ ᠰᠠᠶᠢ ᠶᠡᠬᠡ ᠴᠡᠷᠢᠭ ᠢ᠋ ᠠᠪᠤᠨ ᠭᠠᠷᠴᠤ ᠵᠢᠭ᠍ᠰᠠᠭᠠᠪᠠ᠃ ᠭᠤᠷᠪᠠᠨ ᠠᠢᠮᠠᠭ ᠤ᠋ᠨ ᠴᠡᠷᠢᠭ ᠬᠦᠯᠢᠶᠡᠭᠰᠡᠭᠡᠷ ᠳᠠᠩᠴᠤ ᠶᠠᠳᠠᠭᠰᠠᠨ ᠲᠤᠯᠠ ᠳᠠᠷᠤᠢ ᠶᠡᠬᠡ ᠴᠡᠷᠢᠭ ᠢ᠋ᠶ᠋ᠡᠷ ᠳᠠᠭᠠᠷᠢᠨ ᠢᠷᠡᠬᠦᠢ ᠳ᠋ᠦ᠍ᠷ ᠮᠤᠬᠤᠯᠢ ᠮᠣᠳᠣ ᠲᠣᠭᠰᠢᠮᠠᠭᠴᠠ ᠶᠡᠬᠡ ᠴᠡᠷᠢᠭ ᠦ᠋ᠨ ᠳᠣᠲᠣᠷ᠎ᠠ᠎ ᠠ᠋ᠴᠠ ᠬᠣᠯᠬᠣᠪᠴᠢ ᠨᠤᠮᠤ ᠪᠠᠷᠢᠭ᠍ᠰᠠᠨ ᠴᠡᠷᠢᠭ ᠴᠤᠭᠠᠷ ᠭᠠᠳᠠᠭ᠍ᠰᠢ ᠬᠠᠷᠪᠤᠵᠤ ᠳᠠᠢᠰᠤᠨ ᠤ᠋ ᠴᠡᠷᠢᠭ ᠵᠡᠪᠡ ᠳ᠋ᠦ᠍ᠷ ᠣᠨᠣᠭᠳᠠᠵᠤ ᠨᠡᠯᠢᠶᠡᠳ ᠮᠢᠷᠠᠪᠠ᠃ 
      ᠲᠠᠢᠽᠦ ᠶ᠋ᠢᠨ ᠴᠡᠷᠢᠭ ᠦ᠋ᠨ ᠬᠥᠯ ᠲᠡᠮᠦᠷ ᠵᠠᠩᠭᠤᠤ ᠮᠡᠲᠦ ᠪᠠᠲᠤ ᠵᠣᠭᠰᠣᠵᠤ ᠥᠴᠦᠬᠡᠨ ᠴᠦ᠍ ᠬᠥᠳᠡᠯᠦᠭᠰᠡᠨ ᠦᠭᠡᠢ᠂ ᠲᠠᠢᠴᠢᠭᠤᠳ ᠤ᠋ᠨ ᠴᠡᠷᠢᠭ ᠦ᠋ᠨ ᠡᠮᠦᠨ᠎ᠡ᠂ ᠲᠠᠢᠽᠦ ᠶ᠋ᠢ ᠪᠠᠭ᠎ᠠ ᠳ᠋ᠤᠷ ᠣᠬᠢᠯᠠᠲᠠᠯ᠎ᠠ ᠣᠷᠬᠢᠵᠤ ᠤᠷᠪᠠᠵᠤ ᠣᠳᠤᠭᠰᠠᠨ ᠬᠤᠯᠵᠢᠨ ᠮᠣᠷᠢ ᠪᠠᠨ ᠳᠡᠪᠬᠡᠴᠡᠭᠦᠯᠦᠨ ᠶᠠᠪᠤᠬᠤ ᠶ᠋ᠢ ᠦᠵᠡᠭᠡᠳ ᠲᠠᠢᠽᠦ ᠶ᠋ᠢᠨ  ᠨᠢᠳᠦᠨ ᠡᠴᠡ ᠭᠠᠯ ᠭᠠᠷᠴᠤ ᠶᠡᠬᠡ ᠯᠡ ᠬᠢᠯᠢᠩᠨᠡᠵᠦ ᠳᠠᠷᠤᠢ ᠪᠠᠢᠯᠳᠤᠰᠤᠭᠠᠢ ᠬᠡᠮᠡᠬᠦᠢ ᠳ᠋ᠦ᠍ᠷ ᠮᠤᠬᠤᠯᠢ ᠶᠠᠭᠠᠷᠠᠨ ᠢᠷᠡᠵᠦ ᠬᠣᠷᠢᠭ᠍ᠯᠠᠨ ᠮᠡᠳᠡᠭᠦᠯᠦᠷᠦᠨ᠄ 《ᠲᠦᠷ ᠪᠠᠢᠯᠳᠤᠵᠤ ᠪᠣᠯᠬᠤ ᠦᠭᠡᠢ ! 》 ᠬᠡᠮᠡᠭᠡᠳ ᠲᠠᠢᠴᠢᠭᠤᠳ ᠤ᠋ᠨ ᠴᠡᠷᠢᠭ ᠭᠤᠷᠪᠠᠨ ᠤᠳᠠᠭ᠎ᠠ ᠳᠠᠭᠠᠷᠢᠨ ᠢᠷᠡᠭᠰᠡᠨ ᠬᠣᠢᠨ᠎ᠠ ᠮᠤᠬᠤᠯᠢ ᠥᠨᠳᠥᠷ ᠬᠠᠰᠠᠭ ᠲᠤᠷ ᠭᠠᠷᠴᠤ ᠥᠨᠳᠡᠢᠵᠦ ᠦᠵᠡᠭᠡᠳ ᠡᠦᠲᠦ ᠪᠠᠢᠯᠳᠤᠪᠠᠰᠤ ᠪᠣᠯᠤᠮᠤᠢ ᠬᠡᠮᠡᠭᠡᠳ ᠥᠪᠡᠷ ᠦ᠋ᠨ ᠪᠡᠶ᠎ᠡ ᠮᠣᠷᠢᠨ ᠠ᠋ᠴᠠ ᠪᠠᠨ ᠪᠠᠭᠤᠵᠤ ᠲᠥᠪ ᠦ᠋ᠨ ᠶᠡᠬᠡ ᠬᠡᠩᠭᠡᠷᠭᠡ ᠶ᠋ᠢ ᠬᠦᠴᠦᠯᠡᠨ ᠳᠡᠯᠡᠳᠴᠦ ᠨᠢᠭᠡᠨᠲᠡ ᠬᠠᠰᠬᠢᠷᠤᠭᠰᠠᠨ ᠳ᠋ᠤᠷ ᠨᠠᠢ᠍ᠮᠠᠨ ᠡᠲᠡᠭᠡᠳ ᠎ᠡᠴᠡ ᠠᠷᠪᠠᠨ ᠠᠩᠭᠢ ᠴᠡᠷᠢᠭ ᠦ᠋ᠨ ᠴᠠᠩ ᠬᠡᠩᠭᠡᠷᠭᠡ ᠴᠤᠭᠠᠷ ᠳᠠᠭᠤᠷᠢᠰᠴᠤ ᠣᠯᠠᠨ ᠴᠡᠷᠢᠭ ᠨᠢᠭᠡᠨᠲᠡ ᠬᠠᠰᠬᠢᠷᠤᠯᠳᠤᠨ ᠴᠣᠬᠢᠵᠤ ᠠᠯᠠᠨ ᠣᠷᠣᠭᠰᠠᠨ ᠳ᠋ᠤᠷ ᠨᠢᠭᠡᠨ ᠢᠨᠦ ᠠᠷᠪᠠᠨ ᠳ᠋ᠤᠷ ᠦᠯᠸ᠋ ᠲᠡᠩᠴᠡᠭᠦᠨ ᠢ᠋ᠶ᠋ᠡᠷ ᠦᠭᠡᠢ᠃ ᠭᠤᠷᠪᠠᠨ ᠠᠢᠮᠠᠭ ᠤ᠋ᠨ ᠴᠡᠷᠢᠭ ᠶᠡᠬᠡᠯ᠎ᠡ ᠳᠠᠷᠤᠭᠳᠠᠵᠤ ᠳᠣᠪᠲᠣᠯᠬᠤᠶ᠎ᠠ ᠥᠪᠡᠷ ᠵᠠᠭᠤᠷ᠎ᠠ ᠪᠠᠨ ᠭᠢᠰᠬᠢᠯᠳᠦᠨ ᠦᠬᠦᠭᠰᠡᠨ ᠢᠨᠦ ᠲᠣᠭᠠᠯᠠᠰᠢ ᠦᠭᠡᠢ᠃ ᠲᠠᠢᠽᠦ ᠭᠠᠭᠴᠠ ᠮᠣᠷᠢᠨ ᠢ᠋ᠶ᠋ᠠᠷ ᠴᠡᠷᠢᠭ ᠦ᠋ᠨ ᠡᠮᠦᠨ᠎ᠡ ᠲᠡᠷᠢᠭᠦᠯᠡᠵᠦ ᠬᠤᠯᠵᠢᠨ ᠢ᠋ ᠠᠯᠠᠷ᠎ᠠ ᠢᠷᠡᠭᠰᠡᠨ ᠳ᠋ᠦ᠍ᠷ ᠬᠤᠯᠵᠢᠨ ᠦᠵᠡᠭᠡᠳ ᠰᠥᠰᠥ ᠬᠡᠮᠬᠡᠷᠡᠲᠡᠯ᠎ᠡ ᠠᠶᠤᠵᠤ ᠶᠠᠭᠠᠷᠠᠨ ᠮᠣᠷᠢ ᠪᠠᠨ ᠲᠡᠩᠬᠡᠷᠡᠭᠦᠯᠦᠨ ᠪᠤᠷᠤᠭᠤᠯᠠᠨ ᠣᠳᠪᠠᠢ᠃ ᠡᠭᠦᠨ ᠳ᠋ᠦ᠍ᠷ ᠬᠠᠪᠤᠲᠤ ᠬᠠᠰᠠᠷ᠂ ᠪᠦᠬᠦ ᠪᠡᠯᠭᠦᠳᠡᠢ ᠬᠣᠶᠠᠭᠤᠯᠠ ᠬᠣᠶᠠᠷ ᠡᠲᠡᠭᠡᠳ᠎ ᠡᠴᠡ ᠬᠠᠪᠴᠢᠨ ᠠᠯᠠᠬᠤᠢ ᠳ᠋ᠤᠷ ᠭᠤᠷᠪᠠᠨ ᠠᠢᠮᠠᠭ ᠤ᠋ᠨ ᠴᠡᠷᠢᠭ ᠢᠯᠳᠦ ᠵᠢᠳᠠ ᠪᠠᠨ ᠬᠥᠨᠳᠡᠯᠡᠨ ᠭᠤᠯᠳᠤ ᠦᠭᠡᠢ ᠣᠷᠬᠢᠵᠤ ᠪᠤᠷᠤᠭᠤᠯᠠᠪᠠ᠃ ᠡᠭᠦᠨ ᠳ᠋ᠦ᠍ᠷ ᠬᠠᠷ᠎ᠠ ᠬᠢᠷᠤ ᠬᠠᠷᠠᠬᠠᠨ ᠠᠯᠠᠨ ᠶᠠᠪᠤᠬᠤᠶ᠎ᠠ ᠴᠢᠪᠬᠢᠲᠡᠯ᠎ᠡ ᠮᠡᠬᠡᠵᠢᠨ ᠰᠡᠭᠡᠷ ᠲᠣᠷ ᠤᠴᠠᠷᠠᠵᠤ᠂ ᠴᠢᠨᠣ᠎ᠠ ᠶ᠋ᠢᠨ ᠰᠢᠳᠦᠲᠦ ᠪᠢᠯᠠᠭᠤ ᠪᠠᠷ ᠨᠢᠭᠡᠨᠲᠡ ᠪᠢᠯᠠᠭᠤᠳᠠᠭᠰᠠᠨ ᠳ᠋ᠤᠷ ᠮᠡᠬᠡᠵᠢᠨ ᠰᠡᠭᠡᠷ ᠦ᠋ᠨ ᠪᠠᠷᠠᠭᠤᠨ ᠮᠥᠷᠥ ᠣᠨᠣᠭᠳᠠᠵᠤ ᠮᠣᠷᠢᠨ ᠤ᠋ ᠳᠡᠭᠡᠷ᠎ᠡ ᠬᠡᠳᠦᠨᠲᠡ ᠭᠡᠯᠳᠦᠷᠢᠬᠢᠯᠡᠵᠦ ᠡᠮᠡᠭᠡᠯ ᠦ᠋ᠨ ᠪᠦᠭᠦᠷᠭᠡ ᠪᠡᠨ ᠲᠡᠪᠡᠷᠢᠵᠦ ᠳᠤᠲᠠᠭᠠᠪᠠᠢ᠃ ᠰᠢᠷᠢ ᠬᠤᠲᠤᠭ ᠳᠠᠷᠤᠢ ᠶᠡᠬᠡ ᠴᠡᠷᠢᠭ ᠢ᠋ ᠰᠢᠪᠠᠳᠠᠵᠤ ᠨᠡᠬᠡᠰᠦᠭᠡᠢ ᠬᠡᠮᠡᠬᠦᠢ ᠳ᠋ᠦ᠍ᠷ ᠮᠤᠬᠤᠯᠢ ᠲᠦᠷ ᠵᠠᠩᠳᠠᠨ ᠵᠣᠭᠰᠣᠭᠠᠵᠤ᠄ 《 ᠲᠦᠷ ᠨᠡᠬᠡᠬᠦ ᠶ᠋ᠢ ᠪᠠᠢᠵᠠ ! 》 ᠬᠡᠮᠡᠭᠡᠳ ᠮᠣᠷᠢᠨ ᠠ᠋ᠴᠠ ᠪᠠᠨ ᠪᠠᠭᠤᠵᠤ ᠲᠠᠢᠴᠢᠭᠤᠳ ᠤ᠋ᠨ ᠮᠣᠷᠢᠨ ᠤ᠋ ᠬᠥᠯ ᠪᠠ ᠲᠡᠷᠭᠡᠨ ᠦ᠌ ᠮᠥᠷ ᠢ᠋ ᠬᠢᠨᠠᠨ ᠦᠵᠡᠭᠡᠳ ᠪᠠᠰᠠ ᠬᠠᠰᠠᠭ ᠲᠡᠷᠭᠡᠨ ᠦ᠌ ᠳᠡᠭᠡᠷ᠎ᠡ ᠠᠪᠠᠷᠢᠵᠤ ᠲᠠᠢᠴᠢᠭᠤᠳ ᠤ᠋ᠨ ᠲᠤᠭ ᠳᠠᠯᠪᠠᠭ᠎ᠠ ᠲᠣᠭᠣᠰᠣ ᠲᠣᠷᠤᠮᠤ ᠶ᠋ᠢ ᠦᠵᠡᠭᠡᠳ᠄ 《ᠡᠦᠲᠦ ᠨᠡᠬᠡᠵᠦ ᠪᠣᠯᠤᠮᠤᠢ ! 》 ᠭᠡᠮᠡᠨ ᠶᠡᠬᠡ ᠴᠡᠷᠢᠭ ᠢ᠋ ᠬᠥᠳᠡᠯᠭᠡᠵᠦ ᠭᠡᠵᠢᠭᠡ ᠳᠠᠷᠤᠨ ᠬᠤᠳᠠᠷᠭᠠᠯᠠᠨ ᠠᠯᠠᠨ ᠣᠷᠣᠬᠤᠢ ᠳ᠋ᠤᠷ ᠣᠯᠠᠨ ᠴᠡᠷᠢᠭ ᠦ᠋ᠨ ᠱᠠᠯᠠᠮᠠᠭᠠᠢᠯᠠᠨ ᠣᠷᠣᠬᠤ ᠠᠨᠤ ᠠᠭᠤᠯᠠ ᠶᠡᠭᠦᠷᠡᠨ ᠮᠥᠷᠡᠨ ᠰᠡᠲᠡᠷᠡᠭᠰᠡᠨ ᠮᠡᠲᠦ᠂ ᠭᠤᠷᠪᠠᠨ ᠠᠢᠮᠠᠭ ᠤ᠋ᠨ ᠴᠡᠷᠢᠭ ᠦ᠋ᠨ ᠦᠬᠦᠭᠰᠡᠨ ᠶᠠᠰᠤ ᠲᠠᠯ᠎ᠠ ᠳ᠋ᠤᠷ ᠳᠦᠭᠦᠷᠴᠦ ᠬᠡᠷᠦᠯᠦᠨ ᠮᠥᠷᠡᠨ ᠳ᠋ᠦ᠍ᠷ ᠬᠦᠷᠴᠦ ᠢᠷᠡᠭᠡᠳ ᠰᠠᠶᠢ ᠬᠠᠭᠠᠰ ᠭᠡᠲᠦᠯᠲᠡᠯ᠎ᠡ ᠳᠡᠭᠡᠷ᠎ᠡ ᠤᠷᠤᠰᠬᠠᠯ᠎ ᠠ᠋ᠴᠠ ᠴᠠᠩ ᠬᠡᠩᠭᠡᠷᠭᠡ ᠶ᠋ᠢᠨ ᠳᠠᠭᠤᠨ ᠭᠠᠷᠴᠤ ᠪᠤᠭᠤᠷᠤᠯ ᠨᠢᠭᠡᠨ ᠮᠢᠩᠭᠠᠨ ᠲᠦᠭᠦᠬᠡᠢ ᠬᠦᠴᠦᠲᠦ ᠴᠡᠷᠢᠭ ᠢ᠋ ᠠᠪᠴᠤ ᠠᠯᠠᠨ ᠪᠠᠭᠤᠵᠤ ᠢᠷᠡᠭᠰᠡᠨ ᠳ᠋ᠦ᠍ᠷ ᠬᠡᠷᠦᠯᠦᠨ ᠮᠥᠷᠡᠨ ᠤᠯᠠᠭᠠᠨ ᠢ᠋ᠶ᠋ᠠᠷ ᠤᠷᠤᠰᠪᠠ᠃ 
      ᠲᠠᠢᠽᠦ ᠪᠠᠰᠠ ᠬᠦ᠌ ᠬᠤᠯᠵᠢᠨ ᠢ᠋ ᠡᠷᠢᠨ ᠮᠥᠷᠡᠨ ᠦ᠌ ᠵᠠᠬ᠎ᠠ ᠪᠠᠷ ᠬᠦᠷᠴᠦ ᠢᠷᠡᠲᠡᠯ᠎ᠡ ᠬᠤᠯᠵᠢᠨ ᠴᠢᠨᠠᠳᠤ ᠬᠥᠪᠡᠭᠡᠨ ᠳ᠋ᠦ᠍ᠷ ᠠᠪᠠᠷᠢᠪᠠᠢ᠃ ᠲᠠᠢᠽᠦ ᠶᠡᠬᠡᠯ᠎ᠡ ᠲᠡᠨᠴᠢᠭᠦᠷᠡᠨ ᠲᠡᠷᠢᠭᠦᠨ ᠡᠷᠭᠢᠵᠦ ᠦᠵᠡᠪᠡᠰᠦ ᠴᠤᠤ ᠮᠡᠷᠭᠡᠨ ᠳᠣᠪᠲᠣᠯᠤᠨ ᠭᠦᠢᠴᠡᠵᠦ ᠢᠷᠡᠭᠰᠡᠨ ᠳ᠋ᠦ᠍ᠷ ᠲᠠᠢᠽᠦ ᠶᠠᠭᠠᠷᠠᠨ ᠴᠤᠤ ᠮᠡᠷᠭᠡᠨ ᠢ᠋ ᠬᠠᠷᠠᠵᠤ ᠬᠤᠷᠤᠭᠤ ᠪᠠᠷ ᠬᠤᠯᠵᠢᠨ ᠢ᠋ ᠵᠢᠭᠠᠵᠤ ᠦᠳᠲᠡᠷ ᠲᠡᠷᠡ ᠬᠥᠮᠦᠨ ᠢ᠋ ᠬᠠᠷᠪᠤ ᠬᠡᠮᠡᠭᠰᠡᠨ ᠳ᠋ᠦ᠍ᠷ ᠴᠤᠤ ᠮᠡᠷᠭᠡᠨ ᠨᠤᠮᠤ ᠪᠠᠨ ᠳᠦᠭᠦᠷᠲᠡᠯ᠎ᠡ ᠲᠠᠲᠠᠵᠤ ᠬᠠᠷᠪᠤᠨ ᠢᠯᠡᠭᠡᠭᠰᠡᠨ ᠳ᠋ᠦ᠍ᠷ ᠲᠣᠪᠬᠢᠲᠠᠯ᠎ᠠ ᠬᠤᠯᠵᠢᠨ ᠤ᠋ ᠳᠠᠯᠤ ᠶ᠋ᠢᠨ ᠬᠣᠭᠣᠷᠣᠨᠳᠣ ᠣᠨᠣᠭᠳᠠᠵᠤ ᠮᠣᠷᠢᠨ ᠠ᠋ᠴᠠ ᠪᠠᠨ ᠲᠣᠩᠭᠣᠷᠴᠠᠭᠯᠠᠨ ᠤᠨᠠᠭᠰᠠᠨ ᠳ᠋ᠤᠷ ᠪᠤᠭᠤᠷᠤᠯ ᠤ᠋ᠨ ᠳᠣᠣᠷᠠᠬᠢ ᠴᠡᠷᠢᠭ ᠪᠠᠷᠢᠵᠤ ᠬᠦᠯᠢᠪᠡᠢ᠃ ᠲᠠᠢᠴᠢᠭᠤᠳ ᠤ᠋ᠨ ᠴᠡᠷᠢᠭ ᠤᠰᠤᠨ ᠳ᠋ᠤᠷ ᠴᠠᠴᠠᠭᠰᠠᠨ ᠪᠠ ᠲᠡᠢᠨ ᠳ᠋ᠦ᠍ᠷ ᠦᠬᠦᠭᠰᠡᠨ ᠲᠡᠢ ᠶᠡᠬᠡ ᠬᠠᠭᠠᠰ ᠠᠨᠤ ᠬᠣᠬᠢᠷᠠᠵᠤ᠂ ᠪᠤᠷᠤᠭᠤᠯᠠᠭᠰᠠᠭᠠᠷ ᠪᠠᠷᠤᠭ ᠪᠦᠷᠦᠭ ᠪᠣᠯᠤᠭᠰᠠᠨ ᠳ᠋ᠤᠷ ᠲᠠᠬᠠᠷ᠂ ᠴᠢᠯᠭᠡᠷ ᠪᠥᠬᠡ ᠬᠣᠶᠠᠭᠤᠯᠠ ᠳᠥᠷᠦᠭᠡᠨ ᠦ᠌ ᠳᠣᠲᠣᠷ᠎ᠠ ᠬᠥᠯ ᠳᠡᠪᠰᠡᠨ ᠭᠠᠰᠠᠯᠵᠤ ᠥᠭᠦᠯᠡᠷᠦᠨ᠄ 《 ᠡᠨᠡ ᠴᠥᠮ ᠲᠤᠳᠢᠰᠠᠯ ᠪᠣᠭᠣᠯ ᠨᠢᠭᠡᠨ ᠬᠥᠮᠦᠨ ᠦ᠌ ᠦᠭᠡ ᠶ᠋ᠢ ᠠᠪᠤᠭᠰᠠᠨ ᠢ᠋ᠶ᠋ᠠᠷ ᠨᠢᠭᠡᠨ ᠠᠢᠮᠠᠭ ᠪᠤᠰᠠᠨᠢᠬᠤ ᠰᠢᠬᠠᠪᠠ ! 》 ᠬᠡᠮᠡᠬᠦ ᠦᠭᠡ ᠬᠡᠯᠡᠵᠦ ᠪᠠᠷᠠᠬᠤ ᠶ᠋ᠢᠨ ᠤᠷᠢᠳ᠂ ᠪᠠᠰᠠ ᠭᠡᠨᠡᠳᠲᠡ ᠴᠠᠩ ᠬᠡᠩᠭᠡᠷᠭᠡ ᠶ᠋ᠢᠨ ᠳᠠᠭᠤᠨ ᠠᠶᠤᠩᠭ᠎ᠠ ᠮᠡᠲᠦ ᠬᠦᠩᠭᠡᠷᠢᠰᠴᠤ ᠵᠡᠪᠡ᠂ ᠴᠢᠯᠠᠭᠤᠨ ᠬᠣᠶᠠᠭᠤᠯᠠ ᠬᠣᠶᠠᠷ ᠡᠲᠡᠭᠡᠳ ᠎ᠡᠴᠡ ᠬᠠᠰᠬᠢᠷᠤᠯᠳᠤᠨ ᠠᠯᠠᠨ ᠣᠷᠣᠭᠰᠠᠨ᠎ᠠ ᠭᠤᠷᠪᠠᠨ ᠠᠢᠮᠠᠭ ᠤ᠋ᠨ ᠴᠡᠷᠢᠭ ᠰᠥᠰᠥ ᠬᠡᠮᠬᠡᠷᠡᠵᠦ ᠶᠡᠬᠡᠯ᠎ᠡ ᠰᠠᠮᠠᠭᠤᠷᠠᠪᠠ᠃ ᠴᠢᠯᠠᠭᠤᠨ ᠪᠠᠰᠠ ᠴᠡᠷᠢᠭ ᠦ᠋ᠨ ᠠᠷᠠᠳ ᠲᠤᠷ ᠰᠤᠷᠭᠠᠵᠤ᠂ ᠳᠠᠭᠠᠭᠰᠠᠨ ᠴᠡᠷᠢᠭ ᠦ᠋ᠨ ᠠᠮᠢᠨ ᠢ᠋ ᠭᠡᠯᠳᠦᠷᠢᠭᠦᠯᠦᠮᠦᠢ ᠭᠡᠮᠡᠨ ᠪᠠᠷᠬᠢᠷᠠᠨ ᠵᠠᠷᠯᠠᠭᠰᠠᠨ ᠳ᠋ᠤᠷ ᠭᠤᠷᠪᠠᠨ ᠠᠢᠮᠠᠭ ᠤ᠋ᠨ ᠴᠡᠷᠢᠭ ᠴᠥᠮ ᠢ᠋ᠶ᠋ᠡᠷ ᠵᠡᠪᠰᠡᠭ ᠢ᠋ᠶ᠋ᠡᠨ ᠲᠠᠶᠠᠭᠳᠠᠵᠤ ᠰᠥᠭᠥᠳᠴᠦ ᠳᠠᠭᠠᠭᠰᠠᠨ ᠠᠨᠤ ᠶᠢᠰᠦᠨ ᠮᠢᠩᠭᠠᠨ ᠢᠯᠡᠭᠦᠦ ᠪᠣᠢ᠃ ᠤᠷᠤᠭᠤᠯ᠂ ᠲᠠᠬᠠᠷ ᠢ᠋ ᠤᠳᠤᠷᠢᠳᠤᠨ ᠵᠠᠮ ᠡᠷᠢᠨ ᠪᠤᠷᠤᠭᠤᠯᠠᠪᠠ᠂ ᠮᠡᠬᠡᠵᠢᠨ ᠰᠡᠭᠡᠷ᠂ ᠴᠢᠯᠭᠡᠷ ᠪᠥᠬᠡ ᠬᠣᠶᠠᠭᠤᠯᠠ ᠵᠠᠢ ᠶ᠋ᠢ ᠦᠵᠡᠵᠦ ᠰᠢᠷᠭᠤᠯᠠᠨ ᠭᠠᠷᠴᠤ ᠳᠤᠲᠠᠭᠠᠪᠠ᠃ ᠲᠤᠲᠢᠰᠠᠯ᠂ ᠲᠠᠬᠠᠷ ᠴᠢᠯᠭᠡᠷ ᠪᠥᠬᠡ ᠬᠣᠶᠠᠭᠤᠯᠠ ᠶ᠋ᠢᠨ ᠥᠨᠥᠬᠡᠨ ᠬᠡᠯᠡᠭᠰᠡᠨ ᠦᠭᠡ ᠶ᠋ᠢ ᠲᠡᠭᠦᠨ ᠦ᠌ ᠳᠣᠣᠷᠠᠬᠢ  ᠴᠡᠷᠢᠭ ᠡᠴᠡ ᠰᠣᠨᠣᠰᠤᠭᠰᠠᠨ ᠲᠤᠯᠠ ᠠᠶᠤᠮᠰᠢᠭ᠋ ᠦᠭᠡᠢ ᠲᠡᠭᠦᠨ ᠢ᠋ ᠳᠠᠭᠠᠵᠤ ᠡᠴᠢᠬᠦ ᠦᠭᠡᠢ᠂ ᠭᠠᠭᠴᠠᠭᠠᠷ ᠥᠪᠡᠷ᠎ᠡ ᠳᠠᠰᠢ ᠪᠤᠷᠤᠭᠤᠯᠠᠨ ᠮᠣᠷᠢ ᠪᠠᠨ ᠬᠡᠢᠰᠬᠡᠨ ᠲᠠᠯᠪᠢᠵᠤ ᠲᠠᠯ᠎ᠠ ᠪᠠᠷᠢᠵᠤ ᠳᠣᠪᠲᠣᠯᠤᠭᠰᠠᠭᠠᠷ ᠨᠢᠭᠡᠨ ᠶᠡᠬᠡ ᠭᠣᠣ ᠳ᠋ᠤᠷ ᠬᠦᠷᠴᠦ ᠰᠠᠶᠢ ᠪᠠᠬᠠᠨ ᠰᠡᠭᠬᠢᠵᠦ ᠡᠮᠡᠭᠡᠯ ᠢ᠋ᠶ᠋ᠡᠨ ᠵᠠᠰᠠᠰᠤᠭᠠᠢ ᠬᠡᠮᠡᠲᠡᠯ᠎ᠡ ᠪᠠᠰᠠ ᠴᠢᠪᠬᠢᠲᠡᠯ᠎ᠡ ᠭᠤᠷᠪᠠᠨ ᠮᠣᠷᠢᠲᠤ ᠬᠥᠮᠦᠨ ᠢᠷᠡᠬᠦᠢ ᠳ᠋ᠦ᠍ᠷ ᠤᠴᠠᠷᠠᠪᠠ᠃ ᠲᠡᠷᠡ ᠲᠤᠬᠠᠢ ᠰᠢᠨ᠎ᠡ ᠶ᠋ᠢᠨ ᠰᠠᠷᠠᠨ ᠪᠠᠬᠠᠨ ᠪᠦᠳᠡᠭᠢ ᠲᠤᠯᠠ ᠲᠤᠳᠢᠰᠠᠯ ᠰᠠᠷᠠᠨ ᠤ᠋ ᠡᠰᠡᠷᠭᠦ ᠪᠥᠬᠥᠢᠵᠦ ᠦᠵᠡᠪᠡᠰᠦ ᠲᠡᠷᠢᠭᠦᠨ ᠨᠢᠭᠡᠨ ᠢᠨᠦ ᠪᠡᠶ᠎ᠡ ᠥᠨᠳᠥᠷ᠂ ᠴᠢᠷᠠᠢ ᠳᠥᠷᠪᠡᠯᠵᠢᠨ ᠪᠡᠴᠢᠨ ᠦ᠌ ᠮᠥᠷᠥ ᠥᠲᠡᠭᠡ ᠶ᠋ᠢᠨ ᠬᠦᠵᠦᠭᠦᠦ ᠲᠡᠢ᠂ ᠬᠣᠢᠨ᠎ᠠ᠎ ᠡᠴᠡ ᠬᠣᠶᠠᠷ ᠳᠠᠭᠠᠭᠰᠠᠳ ᠳᠠᠭᠠᠵᠤᠬᠤᠢ᠃ ᠲᠡᠭᠦᠨ ᠦ᠌ ᠬᠣᠢᠨ᠎ᠠ ᠨᠡᠯᠢᠶᠡᠳ ᠲᠡᠮᠡᠭᠡᠨ ᠦ᠌ ᠠᠴᠢᠶ᠎ᠠ ᠬᠥᠰᠬᠡ ᠲᠡᠷᠭᠡ ᠵᠣᠭᠰᠣᠵᠤᠬᠤᠢ᠂ ᠪᠠᠢᠳᠠᠯ ᠠᠨᠤ ᠪᠠᠭᠤᠳᠠᠯ ᠨᠡᠭᠦᠬᠦ ᠬᠥᠮᠦᠨ ᠮᠡᠲᠦ᠃ ᠲᠡᠳᠦᠢ ᠲᠡᠷᠡ ᠶᠡᠬᠡ ᠡᠷ᠎ᠡ ᠲᠤᠳᠢᠰᠠᠯ ᠤ᠋ᠨ ᠳᠡᠷᠭᠡᠳᠡ ᠬᠦᠷᠴᠦ ᠢᠷᠡᠭᠡᠳ ᠲᠡᠭᠦᠨ ᠦ᠌ ᠮᠡᠩᠳᠡᠨ ᠰᠡᠩᠳᠡᠬᠦ ᠪᠠᠢᠳᠠᠯ ᠢ᠋ ᠦᠵᠡᠭᠡᠳ ᠵᠠᠩᠳᠠᠨ ᠠᠰᠠᠭᠤᠷᠤᠨ᠄ 《 ᠴᠢ ᠶᠠᠭᠤ ᠬᠢᠬᠦ ᠬᠥᠮᠦᠨ ? ᠶᠠᠭᠤᠨ ᠤ᠋ ᠤᠴᠢᠷ ᠲᠤᠷ ᠡᠳᠦᠢᠯᠡ ᠶᠠᠭᠠᠷᠠᠨ ᠳᠣᠪᠲᠣᠯᠤᠨ ᠶᠠᠪᠤᠵᠤ᠂ ᠮᠣᠷᠢ ᠴᠥᠮ ᠱᠠᠯ ᠬᠥᠯᠥᠰᠥ ᠪᠣᠯᠪᠠ ? 》 ᠬᠡᠮᠡᠭᠰᠡᠨ ᠳ᠋ᠦ᠍ᠷ ᠲᠤᠳᠢᠰᠠᠯ ᠲᠡᠭᠦᠨ ᠢ᠋ ᠠᠶᠠᠨ ᠤ᠋ ᠬᠥᠮᠦᠨ ᠪᠣᠯᠭᠠᠨ ᠪᠠᠭᠤᠳᠠᠯ ᠳ᠋ᠤᠷ ᠠᠨᠤ ᠰᠢᠷᠭᠤᠨ ᠨᠢᠭᠡᠨ ᠰᠥᠨᠢ ᠬᠣᠨᠣᠰᠤᠭᠠᠢ ᠬᠡᠮᠡᠵᠦ ᠦᠨᠡᠨ ᠤᠴᠢᠷ ᠢ᠋ᠶ᠋ᠠᠨ ᠬᠡᠯᠡᠭᠰᠡᠭᠡᠷ ᠰᠠᠶᠢ ᠳᠤᠮᠳᠠᠯᠠᠮᠠᠭᠴᠠ ᠲᠡᠷᠡ ᠶᠡᠬᠡ ᠡᠷ᠎ᠡ ᠬᠡᠯᠡᠵᠦ ᠪᠠᠷᠠᠬᠤ ᠶ᠋ᠢ ᠬᠦᠯᠢᠶᠡᠬᠦ ᠦᠭᠡᠢ᠂ ᠶᠡᠬᠡ ᠳᠠᠭᠤᠨ ᠢ᠋ᠶ᠋ᠠᠷ ᠨᠢᠭᠡᠨᠲᠡ ᠵᠠᠩᠳᠠᠨ ᠪᠡᠴᠢᠨ ᠮᠥᠷᠥ ᠪᠡᠨ ᠰᠤᠩᠭᠠᠨ ᠲᠤᠳᠢᠰᠠᠯ ᠤ᠋ᠨ ᠪᠦᠰᠡ ᠎ᠡᠴᠡ ᠠᠳᠬᠤᠨ ᠠᠪᠴᠤ ᠳᠡᠭᠡᠭᠰᠢ ᠨᠢᠭᠡᠨᠲᠡ ᠳᠤᠭᠲᠤᠷᠤᠮᠠᠭᠴᠠ ᠡᠮᠡᠭᠡᠯ ᠦ᠋ᠨ ᠪᠦᠭᠦᠷᠭᠡᠨ ᠳᠡᠭᠡᠷ᠎ᠡ ᠪᠡᠨ ᠲᠡᠳᠡᠨ ᠭᠠᠷᠭᠠᠵᠤ ᠪᠠᠷᠢᠵᠤ ᠬᠦᠯᠢᠭᠦᠯᠪᠡ᠃ ᠡᠨᠡ ᠬᠥᠮᠦᠨ ᠬᠡᠨ ᠬᠡᠮᠡᠪᠡᠰᠦ ᠦᠵᠡᠰᠡ ᠠᠷᠯᠤᠳ ᠤ᠋ᠨ ᠪᠤᠭᠤᠷᠵᠢ ᠲᠡᠷᠡ ᠵᠢᠯ ᠬᠠᠷᠢᠭᠠᠳ ᠶᠠᠭᠠᠷᠠᠨ ᠰᠢᠪᠠᠳᠠᠵᠤ ᠭᠤᠸ᠎ᠠ ᠨᠡᠷᠡᠲᠦ ᠭᠡᠷᠭᠡᠢ ᠪᠡᠨ ᠪᠠᠭᠤᠯᠭᠠᠨ ᠨᠢᠭᠡᠨ ᠬᠥᠪᠡᠭᠦᠨ ᠲᠡᠢ ᠪᠣᠯᠵᠤ᠂ ᠵᠡᠭᠦᠳᠦᠨ ᠳ᠋ᠦ᠍ᠷ ᠡᠭᠦᠯᠡᠨ᠎ᠡ ᠴᠡᠷᠪᠡᠬᠦ ᠶ᠋ᠢ ᠵᠡᠭᠦᠳᠦᠯᠡᠭᠰᠡᠨ᠎ᠡ ᠬᠥᠪᠡᠭᠦᠨ ᠳ᠋ᠡᠭᠡᠨ ᠡᠭᠦᠯᠡᠨ ᠴᠠᠷᠪᠠ ᠬᠡᠮᠡᠬᠦ ᠨᠡᠷ᠎ᠡ ᠥᠭᠴᠦ ᠬᠥᠮᠦᠨ ᠦ᠌ ᠭᠠᠭᠴᠠ ᠬᠥᠪᠡᠭᠦᠨ ᠦ᠌ ᠶᠣᠰᠣ ᠭᠦᠢᠴᠡᠳᠬᠡᠵᠦ᠂ ᠡᠴᠢᠭᠡ ᠡᠬᠡ ᠳ᠋ᠦ᠍ᠷ ᠢ᠋ᠶ᠋ᠡᠨ ᠦᠯᠡᠳᠡᠭᠡᠵᠦ ᠥᠭᠭᠦᠭᠡᠳ ᠭᠡᠷᠭᠡᠢ ᠪᠡᠨ ᠠᠪᠴᠤ ᠲᠠᠢᠽᠦ ᠳ᠋ᠦ᠍ᠷ ᠳᠠᠭᠠᠷ᠎ᠠ ᠪᠠᠭᠤᠳᠠᠯ ᠢ᠋ᠶ᠋ᠠᠨ ᠠᠪᠴᠤ ᠢᠷᠡᠬᠦᠶ᠎ᠡ᠂ ᠵᠠᠮ ᠳ᠋ᠤᠷ ᠲᠣᠳᠢᠰᠠᠯ ᠳ᠋ᠤ᠌ ᠤᠴᠠᠷᠠᠭᠰᠠᠨ ᠠᠵᠤᠭᠤ᠃ 
      ᠲᠡᠨᠳᠡᠴᠡ ᠮᠤᠬᠤᠯᠢ ᠬᠠᠷᠠᠩᠭ᠎ᠠ ᠴᠣᠬᠢᠵᠤ ᠴᠡᠷᠢᠭ ᠢ᠋ᠶ᠋ᠡᠨ ᠬᠤᠷᠢᠶᠠᠵᠤ᠂ ᠵᠢᠴᠢ ᠥᠷᠯᠥᠭᠡ ᠲᠠᠢᠽᠦ ᠴᠠᠴᠠᠷ ᠲᠤᠷ ᠭᠠᠷᠤᠭᠰᠠᠨ ᠤ᠋ ᠬᠣᠢᠨ᠎ᠠ ᠪᠤᠭᠤᠷᠤᠯ᠂ ᠬᠤᠯᠵᠢᠨ ᠢ᠋ ᠪᠠᠷᠢᠵᠤ ᠬᠦᠯᠢᠭᠡᠳ ᠲᠦᠯᠬᠢᠯᠡᠨ ᠠᠪᠴᠢᠷᠠᠪᠠ᠃ ᠲᠠᠢᠽᠦ ᠦᠵᠡᠭᠡᠳ ᠬᠠᠷᠢᠶᠠᠨ ᠥᠭᠦᠯᠡᠷᠦᠨ᠄ 《 ᠡᠨᠡ ᠪᠣᠭᠣᠯ ᠴᠢ ᠤᠷᠢᠳᠠ ᠨᠠᠮᠠᠶ᠋ᠢ ᠨᠢᠯᠬ᠎ᠠ ᠦᠶ᠎ᠡ ᠳ᠋ᠦ᠍ᠷ ᠳᠣᠷᠣᠮᠵᠢᠯᠠᠨ ᠳᠠᠷᠤᠯᠠᠵᠤ᠂ ᠭᠠᠷ ᠢ᠋ ᠮᠢᠨᠦ ᠳᠤᠭᠲᠤᠷᠤᠨ ᠠᠯᠳᠠᠭᠤᠯᠵᠤ ᠤᠷᠪᠠᠵᠤ ᠡᠴᠢᠭᠡᠳ ᠡᠳᠦᠭᠡ ᠪᠠᠰᠠ ᠳᠠᠢᠰᠤᠨ ᠪᠣᠯᠤᠨ ᠡᠷᠢᠨ ᠢᠷᠡᠭᠰᠡᠨ ᠢᠨᠦ ᠪᠢ ᠴᠢᠮ᠎ᠠ ᠶ᠋ᠢ ᠶᠠᠮᠪᠠᠷ ᠦᠲᠡᠭᠡᠷᠦᠭᠰᠡᠨ ᠭᠠᠵᠠᠷ ᠪᠣᠢ? 》 ᠭᠡᠮᠡᠨ ᠠᠰᠠᠭᠤᠭᠰᠠᠨ ᠳ᠋ᠤᠷ ᠶᠣᠳᠤᠷ ᠬᠤᠯᠵᠢᠨ ᠲᠣᠯᠣᠭᠠᠢ ᠠᠪᠤᠯ ᠦᠭᠡᠢ ᠮᠥᠷᠭᠥᠵᠦ ᠮᠡᠳᠡᠭᠦᠯᠦᠷᠦᠨ᠄ 《 ᠪᠣᠭᠣᠯ ᠪᠢ ᠲᠡᠷᠡ ᠦᠶ᠎ᠡ ᠳ᠋ᠦ᠍ᠷ ᠡᠵᠡᠨ ᠲᠠᠨ ᠢ᠋ ᠬᠡᠷᠬᠢᠪᠡᠴᠦ ᠡᠨᠡ ᠮᠡᠲᠦ ᠪᠣᠯᠤᠮᠤᠢ ᠭᠡᠮᠡᠨ ᠰᠠᠨᠠᠭᠰᠠᠨ ᠦᠭᠡᠢ ᠲᠤᠯᠠ ᠤᠷᠪᠠᠪᠠᠢ᠃ ᠡᠨᠡ ᠲᠤᠬᠠᠢ ᠡᠵᠡᠨ ᠲᠠ ᠪᠠᠢᠪᠠᠰᠤ ᠯᠠᠪ ᠦᠰ ᠠᠪᠤᠮᠤᠢ ᠭᠡᠮᠡᠨ ᠠᠶᠤᠵᠤ ᠠᠯᠠᠵᠤ ᠮᠥᠬᠥᠭᠡᠰᠦᠭᠡᠢ ᠭᠡᠮᠡᠨ ᠰᠠᠨᠠᠵᠤ ᠢᠷᠡᠪᠡᠢ᠃ ᠡᠳᠦᠭᠡ ᠨᠢᠭᠡᠨᠲᠡ ᠪᠠᠷᠢᠭ᠍ᠳᠠᠭᠰᠠᠨ ᠲᠤᠯᠠ ᠡᠵᠡᠨ ᠡᠴᠡ ᠪᠡᠨ ᠠᠮᠢᠨ ᠬᠡᠯᠲᠦᠷᠢᠭᠦᠯᠬᠦ ᠶᠡᠬᠡ ᠥᠷᠥᠰᠢᠶᠡᠯ ᠢ᠋ ᠭᠤᠶᠤᠨᠠᠮ᠃ ᠡᠵᠡᠨ ᠮᠢᠨᠦ ᠬᠠᠭᠤᠴᠢᠨ ᠪᠣᠭᠣᠯ ᠤ᠋ᠨ ᠰᠠᠢᠨ ᠢ᠋ ᠪᠣᠳᠣᠵᠤ ᠪᠤᠷᠤᠭᠤ ᠶ᠋ᠢ ᠮᠢᠨᠦ ᠬᠡᠯᠲᠦᠷᠢᠭᠦᠯᠦᠨ ᠠᠭᠤᠴᠢᠯᠠᠬᠤ ᠪᠣᠯᠪᠠᠤ ! 》 ᠬᠡᠮᠡᠵᠦ ᠮᠦᠷᠭᠦᠯᠬᠢᠯᠡᠬᠦᠢ ᠳ᠋ᠦ᠍ᠷ ᠲᠠᠢᠽᠦ᠎ ᠡᠴᠡ ᠲᠡᠷᠢᠭᠦᠯᠡᠨ ᠰᠢᠳᠠᠷ ᠠᠭ᠍ᠴᠢᠳ ᠴᠥᠮ ᠢᠨᠢᠶᠡᠳᠦᠮ ᠲᠥᠷᠥᠪᠡᠢ᠃ ᠲᠠᠢᠽᠦ ᠥᠴᠦᠬᠡᠨ ᠮᠦᠰᠢᠶᠡᠵᠦ ᠡᠨᠡ ᠮᠡᠲᠦ ᠡᠵᠡᠨ ᠢ᠋ᠶ᠋ᠡᠨ ᠲᠡᠰᠡᠷᠭᠦᠯᠡᠭᠴᠢᠳ ᠪᠠᠰᠠ ᠡᠳᠡᠭᠡᠷ ᠵᠡᠷᠭᠡ ᠶ᠋ᠢᠨ ᠦᠭᠡᠰ ᠲᠡᠢ ᠬᠡᠮᠡᠵᠦ ᠶᠡᠬᠡᠯ᠎ᠡ ᠬᠢᠯᠢᠩᠨᠡᠵᠦ ᠡᠨᠡ ᠪᠣᠭᠣᠯ ᠢ᠋ ᠦᠳᠲᠡᠷ ᠭᠠᠷᠭᠠᠵᠤ ᠲᠦᠮᠡᠨ ᠳᠠᠰᠢ ᠣᠭᠲᠣᠴᠢᠨ ᠠᠯᠠᠵᠤ ᠣᠯᠠᠨ ᠳ᠋ᠤᠷ ᠦᠵᠡᠭᠦᠯ ! 》 ᠬᠡᠮᠡᠵᠦ ᠮᠡᠩᠭᠡᠯᠢᠭ ᠲᠣᠷ ᠲᠤᠰᠢᠶᠠᠨ ᠥᠭᠴᠦ ᠲᠦᠯᠬᠢᠨ ᠭᠠᠷᠭᠠᠵᠤ ᠢᠷᠡᠬᠦᠶ᠎ᠡ᠂ ᠬᠤᠯᠵᠢᠨ ᠪᠠᠰᠠ ᠬᠦ᠌ ᠬᠣᠢᠰᠢ ᠬᠠᠨᠳᠤᠨ᠄  ᠠᠮᠢᠨ ᠢ᠋ ᠮᠢᠨᠦ ᠬᠡᠯᠲᠦᠷᠢᠭᠦᠯ ᠪᠣᠭᠣᠯ ᠪᠢ ᠣᠭᠲᠣᠬᠠᠨ ᠴᠤ᠌ ᠤᠷᠪᠠᠬᠤ ᠦᠭᠡᠢ ! 》 ᠬᠡᠮᠡᠬᠦᠢ ᠳ᠋ᠦ᠍ᠷ ᠢᠯᠳᠦ ᠰᠦᠬᠡ ᠪᠠᠷᠢᠭ᠍ᠰᠠᠨ ᠠᠷᠠᠳ ᠬᠤᠯᠵᠢᠨ ᠤ᠋ ᠠᠮᠠ ᠬᠠᠪᠠᠷ ᠢ᠋ ᠢᠯᠠᠪ ᠢᠯᠠᠪ ᠪᠢᠯᠠᠭᠤᠳᠠᠵᠤ ᠴᠢᠷᠦᠨ ᠠᠪᠴᠤ ᠭᠠᠷᠲᠠᠯ᠎ᠠ ᠣᠶᠤᠲᠤ ᠰᠡᠴᠡᠨ ᠣᠷᠣᠵᠤ ᠰᠥᠭᠥᠳᠦᠨ ᠮᠡᠳᠡᠭᠦᠯᠦᠷᠦᠨ᠄ 《 ᠭᠠᠳᠠᠨ᠎ᠠ ᠠᠷᠯᠤᠳ ᠤ᠋ᠨ ᠪᠤᠭᠤᠷᠵᠢ ᠲᠤᠳᠢᠰᠠᠯ ᠢ᠋ ᠠᠮᠢᠳᠤ ᠪᠠᠷᠢᠨ ᠠᠪᠴᠤ ᠢᠷᠡᠵᠦᠬᠦᠢ᠃ 》 ᠬᠡᠮᠡᠭᠰᠡᠨ ᠳ᠋ᠦ᠍ᠷ ᠲᠠᠢᠽᠦ ᠪᠡᠶᠡᠰᠴᠦ ᠤᠷᠤᠭᠤᠯ ᠬᠡᠮᠡᠪᠡ᠃ ᠪᠤᠭᠤᠷᠵᠢ ᠣᠷᠣᠵᠤ ᠮᠥᠷᠭᠥᠨ ᠵᠣᠯᠭᠠᠭᠠᠳ ᠲᠤᠳᠢᠰᠠᠯ ᠢ᠋ ᠪᠠᠷᠢᠭ᠍ᠰᠠᠨ ᠤᠴᠢᠷ ᠢ᠋ ᠮᠡᠳᠡᠭᠦᠯᠵᠦ ᠲᠦᠯᠬᠢᠨ ᠠᠪᠴᠢᠷᠠᠵᠤ ᠰᠥᠭᠥᠳᠬᠡᠭᠰᠡᠨ᠎ᠡ ᠲᠠᠢᠽᠦ ᠪᠤᠭᠤᠷᠵᠢ ᠶ᠋ᠢ ᠮᠠᠭᠲᠠᠨ ᠰᠠᠢᠰᠢᠶᠠᠵᠤ ᠬᠤᠷᠢᠮ ᠬᠠᠢᠷᠠᠯᠠᠭᠠᠳ ᠲᠤᠳᠢᠰᠠᠯ ᠤ᠋ᠨ ᠶᠠᠯ᠎ᠠ ᠶ᠋ᠢ ᠠᠰᠠᠭᠤᠯᠭᠠᠨ ᠴᠠᠭᠠᠵᠠ ᠪᠠᠷ ᠴᠠᠪᠴᠢᠨ ᠠᠯᠠᠭᠠᠳ ᠲᠣᠯᠣᠭᠠᠢ ᠶ᠋ᠢ ᠣᠭᠲᠣᠴᠢᠨ ᠬᠡᠰᠡᠭᠯᠡᠵᠦ ᠬᠤᠯᠵᠢᠨ ᠤ᠋ ᠲᠣᠯᠣᠭᠠᠢ ᠯᠤᠭ᠎ᠠ ᠬᠣᠣᠰᠯᠠᠨ ᠥᠨᠳᠥᠷ ᠰᠢᠷᠤᠭ ᠲᠤᠷ ᠬᠠᠳᠠᠭᠤᠯᠵᠤ ᠣᠯᠠᠨ ᠳ᠋ᠤᠷ ᠦᠵᠡᠭᠦᠯᠪᠡᠢ᠃ 
       ᠡᠨᠡ ᠤᠳᠠᠭ᠎ᠠ ᠶ᠋ᠢᠨ ᠲᠡᠢᠨ ᠳ᠋ᠦ᠍ᠷ ᠣᠯᠵᠠᠯᠠᠭᠰᠠᠨ ᠣᠯᠵᠠ ᠶ᠋ᠢᠨ ᠲᠣᠭ᠎ᠠ ᠠᠨᠤ᠄ ᠮᠣᠷᠢ ᠲᠡᠮᠡᠭᠡ ᠬᠣᠶᠠᠷ ᠲᠦᠮᠡ ᠭᠤᠷᠪᠠᠨ ᠮᠢᠩᠭᠠᠨ ᠢᠯᠡᠭᠦᠦ᠂ ᠵᠠᠷ ᠵᠡᠪᠰᠡᠭ ᠬᠤᠶᠠᠭ ᠳᠤᠭᠤᠯᠠᠭ᠎ᠠ ᠵᠠᠭᠤᠨ ᠢᠯᠡᠭᠦᠦ ᠲᠡᠷᠭᠡ᠂ ᠳᠠᠭᠠᠭᠰᠠᠨ ᠴᠡᠷᠢᠭ ᠶᠢᠰᠦᠨ ᠮᠢᠩᠭᠠᠨ ᠬᠣᠶᠠᠷ ᠵᠠᠭᠤᠨ ᠰᠢᠬᠠᠮ ᠪᠣᠢ᠃ 
       ᠲᠡᠨᠳᠡᠴᠡ ᠲᠣᠷᠭᠠᠨ ᠰᠢᠷ᠎ᠠ᠂ ᠴᠤᠤ ᠮᠡᠷᠭᠡᠨ᠂ ᠰᠢᠷᠢ ᠬᠤᠲᠤᠭ᠂ ᠵᠠᠯᠮ᠎ᠠ ᠨᠠᠷ ᠪᠦᠭᠦᠳᠡᠭᠡᠷ ᠵᠢᠨᠦᠩ᠎ ᠡᠴᠡ ᠡᠵᠡᠨ ᠦ᠌ ᠴᠡᠷᠢᠭ ᠢ᠋ ᠤᠬᠤᠷᠢᠭᠤᠯᠤᠨ ᠪᠠᠭᠤᠭᠰᠠᠨ ᠪᠠ ᠲᠡᠭᠦᠨ ᠦ᠌ ᠬᠡᠩᠭᠡᠷᠭᠡ ᠶ᠋ᠢ ᠳᠠᠷᠤᠢ ᠦᠯᠦ ᠳᠡᠯᠡᠳᠬᠦ᠂ ᠪᠠᠰᠠ ᠳᠠᠢᠰᠤᠨ ᠢ᠋ ᠳᠠᠷᠤᠢ ᠦᠯᠦ ᠨᠡᠬᠡᠬᠦ ᠤᠴᠢᠷ ᠢ᠋ ᠠᠰᠠᠭᠤᠭᠰᠠᠨ ᠬᠣᠢᠨ᠎ᠠ ᠮᠤᠬᠤᠯᠢ ᠥᠭᠦᠯᠡᠷᠦᠨ᠄ 《 ᠣᠯᠠᠨ ᠠᠬᠠᠢ ᠨᠠᠷ ᠬᠢᠨᠠᠨ ᠪᠣᠳᠣᠪᠠᠰᠤ ᠵᠣᠬᠢᠮᠤᠢ᠂ ᠦᠬᠡᠷ ᠬᠦᠴᠦᠲᠦ ᠲᠡᠨᠡᠭ ᠡᠷ᠎ᠡ᠂ ᠤᠷᠠᠨ ᠪᠣᠯᠭᠣᠮᠵᠢᠲᠠᠢ ᠮᠡᠬᠡᠲᠦ ᠬᠥᠮᠦᠨ ᠬᠣᠶᠠᠭᠤᠯᠠ ᠪᠠᠷᠢᠯᠳᠤᠪᠠᠰᠤ ᠲᠡᠨᠡᠭ ᠡᠷ᠎ᠡ ᠮᠠᠭᠠᠳ ᠭᠡᠨᠡᠳᠡᠭᠳᠡᠬᠦ ᠪᠣᠯᠠᠢ᠃ ᠲᠡᠭᠦᠨᠴᠢᠯᠡᠨ ᠳᠠᠢᠰᠤᠨ ᠤ᠋ ᠴᠡᠷᠢᠭ ᠦ᠋ᠨ ᠬᠦᠴᠦᠨ ᠬᠠᠷᠠᠬᠠᠨ ᠴᠢᠭᠢᠷᠠᠭ ᠤ᠋ᠨ ᠲᠤᠯᠠ ᠮᠠᠨ ᠤ᠋ ᠡᠵᠡᠨ ᠲᠡᠭᠦᠨ ᠳ᠋ᠦ᠍ᠷ ᠦᠬᠡᠨᠴᠡ ᠪᠠᠭᠤᠷᠠᠢ ᠶ᠋ᠢ ᠦᠵᠡᠭᠦᠯᠵᠦ ᠳᠠᠢᠰᠤᠨ ᠢ᠋ ᠬᠥᠭᠡᠭᠡᠵᠦ ᠣᠮᠣᠭ ᠢ᠋ ᠨᠡᠮᠡᠭᠦᠯᠵᠦᠬᠦᠢ᠃ ᠠᠯᠢᠪᠠ ᠬᠥᠮᠦᠨ ᠦ᠌ ᠣᠮᠣᠭ ᠬᠡᠲᠦᠷᠡᠪᠡᠰᠦ ᠰᠡᠷᠡᠮᠵᠢ ᠦᠭᠡᠢ ᠪᠣᠯᠬᠤ ᠲᠤᠯᠠ ᠡᠨᠡ ᠳᠠᠢᠰᠤᠨ ᠢ᠋ ᠳᠡᠢᠯᠪᠡᠰᠦ ᠪᠣᠯᠬᠤ ᠨᠢᠭᠡᠨ ᠵᠦᠢᠯ᠃ ᠠᠯᠢᠪᠠ ᠴᠡᠷᠢᠭ ᠦ᠋ᠨ ᠠᠭᠤᠷ ᠥᠷᠯᠥᠭᠡ ᠡᠷᠲᠡ ᠶ᠋ᠢᠨ ᠠᠭᠤᠷ ᠬᠦᠴᠦᠷᠬᠡᠭ᠂ ᠡᠳᠦᠷ ᠳᠦᠯᠢ ᠶ᠋ᠢᠨ ᠠᠭᠤᠷ ᠠᠯᠵᠢᠶᠠᠩᠭᠤᠢ᠂ ᠨᠠᠷᠠᠨ ᠲᠠᠰᠢᠪᠠᠰᠤ ᠠᠭᠤᠷ ᠪᠠᠭᠤᠷᠠᠮᠤᠢ᠃ ᠪᠤᠳᠠᠭᠠᠨ ᠳ᠋ᠤᠷ ᠴᠠᠳᠪᠠᠰᠤ ᠠᠭᠤᠷ ᠴᠢᠭᠢᠷᠠᠭ᠂ ᠪᠢ ᠲᠡᠢᠨ ᠬᠦ᠌ ᠲᠡᠳᠡᠨ ᠦ᠌ ᠴᠡᠷᠢᠭ ᠦ᠋ᠨ ᠠᠯᠵᠢᠶᠠᠩᠭᠤᠢ ᠪᠠᠭᠤᠷᠠᠢ ᠪᠣᠯᠬᠤ ᠶ᠋ᠢ ᠬᠦᠯᠢᠶᠡᠵᠦ᠂ ᠮᠠᠨ ᠤ᠋ ᠴᠡᠷᠢᠭ ᠦ᠋ᠨ ᠪᠤᠳᠠᠭᠠᠨ ᠢ᠋ ᠢᠳᠡᠭᠦᠯᠦᠨ ᠴᠢᠭᠢᠷᠠᠭ ᠪᠣᠯᠭᠠᠵᠤ ᠰᠠᠶᠢ ᠭᠠᠷᠤᠭᠰᠠᠨ ᠲᠤᠯᠠ ᠡᠨᠡ ᠳᠠᠢᠰᠤᠨ ᠢ᠋ ᠳᠡᠢᠯᠪᠡᠰᠦ ᠪᠣᠯᠬᠤ ᠬᠣᠶᠠᠷ ᠵᠦᠢᠯ᠃ ᠪᠠᠰᠠ ᠪᠠᠢᠯᠳᠤᠬᠤᠢ ᠳ᠋ᠤᠷ ᠡᠷᠬᠡᠪᠰᠢ ᠴᠡᠷᠢᠭ ᠦ᠋ᠨ ᠠᠭᠤᠷ ᠤ᠋ᠨ ᠲᠦᠷᠢᠮᠡᠬᠡᠢ ᠶ᠋ᠢ ᠡᠷᠭᠢᠨ ᠪᠣᠯᠭᠠᠮᠤᠢ᠃ ᠬᠡᠩᠭᠡᠷᠭᠡ ᠠᠩᠬ᠎ᠠ ᠳᠡᠯᠡᠳᠦᠮᠡᠭᠴᠡ ᠴᠡᠷᠢᠭ ᠦ᠋ᠨ ᠠᠭᠤᠷ ᠴᠥᠮ ᠬᠥᠭᠵᠢᠮᠦᠢ᠃ ᠲᠡᠢᠨ ᠬᠦ᠌ ᠱᠠᠯᠠᠮᠠᠭᠠᠢᠯᠠᠨ ᠤᠷᠤᠭ᠍ᠰᠢ ᠣᠷᠣᠮᠤᠢ᠂ ᠳᠠᠬᠢᠨ ᠳᠡᠯᠡᠳᠪᠡᠰᠦ ᠴᠡᠷᠢᠭ ᠦ᠋ᠨ ᠠᠭᠤᠷ ᠪᠠᠬᠠᠨ ᠰᠣᠭᠲᠣᠮᠤᠢ᠂ ᠭᠤᠷᠪᠠᠨᠲᠠ ᠳᠡᠯᠡᠳᠪᠡᠰᠦ ᠴᠡᠷᠢᠭ ᠦ᠋ᠨ ᠠᠭᠤᠷ ᠨᠢᠭᠡᠮᠦᠰᠦᠨ ᠳᠠᠭᠤᠰᠬᠤᠢ ᠳ᠋ᠤᠷ ᠬᠦᠷᠬᠦ ᠪᠣᠯᠠᠢ᠃ ᠲᠡᠳᠡᠨ ᠦ᠌ ᠴᠡᠷᠢᠭ ᠮᠠᠨ ᠢ᠋ ᠭᠤᠷᠪᠠᠨ ᠤᠳᠠᠭ᠎ᠠ ᠳᠠᠭᠠᠷᠢᠨ ᠢᠷᠡᠵᠦ ᠲᠦᠷᠢᠮᠡᠬᠡᠢ ᠠᠭᠤᠷ ᠨᠢᠭᠡᠨᠲᠡ ᠳᠠᠭᠤᠰᠪᠠᠢ᠃ ᠮᠠᠨ ᠤ᠋ ᠴᠡᠷᠢᠭ ᠨᠢᠭᠡᠨᠲᠡ ᠬᠡᠩᠭᠡᠷᠭᠡ ᠳᠡᠯᠡᠳᠬᠦᠢ ᠳ᠋ᠦ᠍ᠷ ᠠᠭᠤᠷ ᠠᠩᠬ᠎ᠠ ᠪᠠᠳᠠᠷᠠᠬᠤ ᠴᠠᠭ ᠲᠤᠯᠠ ᠮᠠᠨ ᠤ᠋ ᠠᠩᠬ᠎ᠠ ᠪᠠᠳᠠᠷᠠᠭᠰᠠᠨ ᠠᠭᠤᠷ ᠢ᠋ᠶ᠋ᠠᠷ ᠲᠡᠳᠡᠨ ᠦ᠌ ᠨᠢᠭᠡᠨᠲᠡ ᠳᠠᠭᠤᠰᠤᠭᠰᠠᠨ ᠠᠭᠤᠷ ᠲᠤᠷ ᠣᠷᠣᠪᠠᠰᠤ ᠡᠨᠡ ᠮᠠᠭᠠᠳ ᠳᠡᠶ᠋ᠢᠯᠪᠡᠰᠦ ᠪᠣᠯᠬᠤ ᠭᠤᠷᠪᠠᠳᠤᠭᠠᠷ ᠵᠦᠢᠯ᠃ ᠵᠢᠴᠢ ᠨᠢᠭᠡᠨᠲᠡ ᠳᠡᠢᠯᠦᠭᠰᠡᠨ ᠦ᠌ ᠬᠣᠢᠨ᠎ᠠ ᠳᠠᠷᠤᠢ ᠲᠥᠷᠭᠡᠨ᠎ᠡ ᠨᠡᠬᠡᠵᠦ ᠠᠯᠠᠬᠤ ᠪᠥᠭᠡᠲᠡᠯ᠎ᠡ ᠪᠠᠰᠠ ᠦᠯᠦ ᠨᠡᠬᠡᠬᠦ ᠢᠨᠦ ᠲᠠᠢᠴᠢᠭᠤᠳ ᠬᠡᠮᠡᠭᠴᠢ ᠶᠡᠬᠡ ᠠᠢᠮᠠᠭ ᠪᠣᠯᠠᠢ᠂ ᠶᠡᠬᠡ ᠠᠢᠮᠠᠭ ᠢ᠋ ᠪᠠᠰᠤᠪᠠᠰᠤ ᠦᠯᠦ ᠪᠣᠯᠤᠮᠤᠢ᠃ ᠬᠡᠷᠪᠡᠷ ᠲᠡᠳᠡᠨ ᠦ᠌ ᠪᠦᠭᠭᠦᠭᠰᠡᠨ ᠴᠡᠷᠢᠭ ᠪᠣᠢ ᠪᠣᠯᠪᠠᠰᠤ ᠪᠢᠳᠡ ᠪᠠᠰᠠ ᠳᠠᠷᠤᠭᠳᠠᠬᠤ ᠪᠣᠯᠠᠢ᠃ ᠲᠡᠢᠨ ᠬᠦ᠌ ᠪᠦᠭᠭᠦᠭᠰᠡᠨ ᠴᠡᠷᠢᠭ ᠦᠨᠡᠬᠡᠷ ᠪᠤᠢ ᠪᠣᠯᠪᠠᠰᠤ ᠲᠡᠳᠡᠨ ᠦ᠌ ᠴᠡᠷᠢᠭ ᠦ᠋ᠨ ᠬᠥᠯ ᠪᠠ ᠮᠣᠷᠢᠨ ᠤ᠋ ᠮᠥᠷ ᠢ᠋ ᠦᠵᠡᠪᠡᠰᠦ ᠴᠥᠮ ᠣᠯᠢᠤ ᠰᠣᠯᠢᠤ ᠦᠯᠸ᠋ ᠪᠣᠯᠤᠮᠤᠢ᠂ ᠡᠷᠬᠡᠪᠰᠢ ᠠᠩᠭᠢ ᠪᠠᠭ ᠯᠠᠪ ᠲᠡᠭᠰᠢ ᠪᠣᠯᠠᠢ᠂ ᠲᠡᠶ᠋ᠢᠨ ᠬᠦ᠌ ᠮᠣᠷᠢᠨ ᠠ᠋ᠴᠠ ᠪᠠᠭᠤᠵᠤ ᠲᠡᠳᠡᠨ ᠦ᠌ ᠴᠡᠷᠢᠭ ᠦ᠋ᠨ ᠬᠥᠯ ᠪᠠ ᠮᠣᠷᠢᠨ ᠤ᠋ ᠮᠥᠷ ᠢ᠋ ᠦᠵᠡᠪᠡᠰᠦ ᠦᠨᠡᠬᠡᠷ ᠴᠥᠮ ᠣᠯᠢᠤ ᠰᠣᠯᠢᠤ ᠪᠣᠯᠵᠤ ᠮᠠᠰᠢ ᠰᠠᠮᠠᠭᠤᠨ ᠪᠣᠯᠵᠤᠬᠤᠢ᠃ ᠪᠠᠰᠠ ᠬᠠᠰᠠᠭ ᠲᠡᠷᠭᠡᠨ ᠳ᠋ᠦ᠍ᠷ ᠠᠪᠠᠷᠢᠵᠤ ᠲᠡᠳᠡᠨ ᠦ᠌ ᠲᠤᠭ ᠬᠢᠭᠢᠷᠢ ᠪᠠ ᠲᠣᠭᠣᠰᠣ ᠲᠣᠷᠤᠮ ᠢ᠋ ᠰᠢᠨᠵᠢᠯᠡᠪᠡᠰᠦ ᠠᠩᠭᠢ ᠪᠠᠭ ᠠᠨᠤ ᠦᠢᠮᠡᠷᠡᠨ ᠵᠢᠭᠤᠷᠠᠯᠳᠤᠵᠤ ᠲᠡᠭᠰᠢ ᠦᠭᠡᠢ ᠪᠣᠯᠵᠤᠬᠤᠢ᠃ ᠲᠡᠢᠨ ᠬᠦ᠌ ᠦᠨᠡᠬᠡᠷ ᠳᠠᠷᠤᠭᠳᠠᠵᠤ ᠪᠦᠭᠭᠦᠭᠰᠡᠨ ᠴᠡᠷᠢᠭ ᠦᠭᠡᠢ ᠶ᠋ᠢ ᠲᠣᠳᠣᠷᠬᠠᠢ ᠮᠡᠳᠡᠵᠦ ᠨᠢᠭᠡᠨᠲᠡ ᠨᠡᠬᠡᠭᠰᠡᠨ ᠢ᠋ᠶ᠋ᠡᠷ ᠰᠠᠶᠢ ᠪᠦᠷᠢᠨ᠎ᠡ ᠣᠯᠵᠤ ᠳᠡᠢᠯᠦᠭᠰᠡᠨ ᠪᠣᠯᠠᠢ᠃ ᠡᠭᠦᠨ ᠢ᠋ ᠠᠮᠤᠷ ᠢ᠋ᠶ᠋ᠠᠷ ᠶᠠᠳᠠᠭᠰᠠᠨ ᠢ᠋ ᠲᠤᠯᠬᠤ᠂ ᠴᠥᠭᠡᠨ ᠢ᠋ᠶ᠋ᠡᠷ ᠣᠯᠠᠨ ᠢ᠋ ᠳᠡᠢᠯᠬᠦ ᠶᠣᠰᠣ ᠬᠡᠮᠡᠬᠦ ᠪᠣᠯᠠᠢ ! 》 ᠬᠡᠮᠡᠭᠰᠡᠨ ᠳ᠋ᠦ᠍ᠷ ᠣᠯᠠᠨ ᠲᠦᠰᠢᠮᠡᠳ ᠮᠤᠬᠤᠯᠢ ᠶ᠋ᠢᠨ ᠮᠡᠷᠭᠡᠨ ᠪᠠᠭᠠᠲᠤᠷ ᠢ᠋ ᠶᠡᠬᠡᠯ᠎ᠡ ᠭᠠᠢᠬᠠᠯᠳᠤᠵᠤ ᠡᠭᠦᠨᠴᠡ ᠰᠠᠶᠢ ᠪᠢᠰᠢᠷᠡᠨ ᠳᠠᠭᠠᠪᠠᠢ᠃ 
      ᠨᠢᠭᠡᠨ ᠵᠢᠯ ᠦ᠋ᠨ ᠬᠣᠭᠣᠷᠣᠨᠳᠣ ᠳᠥᠷᠪᠡᠨ ᠵᠦᠭ ᠦ᠋ᠨ ᠣᠯᠠᠨ ᠠᠢᠮᠠᠭ ᠤ᠋ᠳ ᠳᠠᠭᠠᠵᠤ ᠢᠷᠡᠭᠰᠡᠨ ᠢᠨᠦ ᠵᠠᠯᠠᠢᠳ᠂ ᠭᠠᠴᠢᠭᠤᠨ᠂ ᠬᠠᠷᠭᠠᠢ᠂ ᠭᠡᠷᠡᠯᠲᠡᠢ᠂ ᠴᠢᠮᠡᠳ᠂ ᠭᠤᠷᠪᠠᠳ᠂ ᠲᠣᠷᠭᠤᠳ᠂ ᠪᠠᠷᠭᠤ᠎ ᠠ᠋ᠴᠠ ᠣᠶᠤᠨ ᠭᠤᠸ᠎ᠠ᠂ ᠲᠠᠷᠠᠭᠤᠨ ᠠ᠋ᠴᠠ ᠬᠤᠷᠴᠠ ᠪᠠᠢᠷᠢ᠂ ᠰᠢᠯᠳᠡᠳ᠎ ᠠ᠋ᠴᠠ ᠴᠢᠨᠳᠠᠭᠠᠨ᠎ᠠ ᠰᠡᠴᠡᠨ᠂ ᠭᠣᠷᠯᠣᠳ᠎ ᠠ᠋ᠴᠠ ᠵᠠᠮᠤᠬ᠎ᠠ ᠨᠠᠷ ᠲᠡᠷᠢᠭᠦᠯᠡᠨ ᠠᠷᠪᠠᠨ ᠢᠯᠡᠭᠦᠦ ᠠᠢᠮᠠᠭ ᠢᠷᠡᠵᠦ ᠳᠠᠭᠠᠭᠰᠠᠨ ᠳ᠋ᠤᠷ ᠲᠠᠢᠽᠦ ᠪᠡᠶᠡᠰᠦᠨ ᠬᠥᠬᠢᠭᠦᠯᠵᠦ᠂ ᠤᠨᠤᠬᠤ ᠬᠦᠯᠦᠭ ᠮᠣᠷᠢᠨ ᠪᠠ ᠥᠪᠡᠷ ᠦ᠋ᠨ ᠡᠮᠦᠰᠦᠭᠰᠡᠨ ᠳᠡᠪᠡᠯ ᠬᠤᠪᠴᠠᠳ᠂ ᠥᠪᠡᠷ ᠦ᠋ᠨ ᠠᠮᠢᠳᠤᠷᠠᠬᠤ ᠠᠳᠤᠭᠤ ᠮᠠᠯ ᠪᠠ ᠥᠪᠡᠷ ᠦ᠋ᠨ ᠢᠳᠡᠬᠦ ᠴᠠᠢ ᠲᠣᠰᠣ ᠶ᠋ᠢ ᠬᠤᠪᠢᠶᠠᠯᠴᠠᠨ ᠱᠠᠩᠨᠠᠵᠤ᠂ ᠣᠯᠠᠨ ᠤ᠋ ᠦᠭᠡᠢᠭᠦᠦ ᠳᠣᠷᠭᠣᠨ ᠤ᠋ ᠪᠡᠷᠬᠡ ᠵᠦᠳᠡᠭᠦᠷᠢ ᠶ᠋ᠢ ᠶᠡᠬᠡᠯ᠎ᠡ ᠲᠡᠩᠬᠦᠷᠡᠭᠦᠯᠦᠭᠰᠡᠨ ᠳ᠋ᠦ᠍ᠷ ᠲᠠᠢᠽᠦ ᠶ᠋ᠢᠨ ᠥᠷᠥᠰᠢᠶᠡᠯᠲᠦ ᠨᠡᠷ᠎ᠡ ᠶᠡᠬᠡᠯ᠎ᠡ ᠳᠠᠭᠤᠷᠢᠰᠤᠨ ᠠᠯᠳᠠᠷᠰᠢᠵᠤ ᠳᠥᠷᠪᠡᠨ ᠵᠦᠭ ᠲᠦ᠍ᠷ ᠲᠠᠢᠽᠦ ᠶ᠋ᠢ ᠳᠣᠷᠭᠢᠯᠤᠨ ᠬᠡᠯᠡᠯᠴᠡᠬᠦ ᠢᠨᠦ᠄ ᠪᠧᠲ᠋ᠠ᠋ ᠤᠯᠤᠰ ᠤ᠋ᠨ ᠡᠵᠡᠨ ᠲᠡᠭᠷᠢᠯᠢᠭ ᠦ᠋ᠨ ᠦᠷᠡᠰ ᠲᠡᠮᠦᠵᠢᠨ ᠡᠮᠦᠰᠦᠭᠰᠡᠨ ᠳᠡᠪᠡᠯ ᠢ᠋ᠶ᠋ᠡᠨ ᠪᠤᠰᠤᠳ ᠲᠤᠷ ᠲᠠᠢᠯᠤᠨ ᠡᠮᠦᠰᠬᠡᠵᠦ ᠤᠨᠤᠭᠰᠠᠨ ᠮᠣᠷᠢᠨ ᠢ᠋ᠶ᠋ᠠᠨ ᠪᠤᠰᠤᠳ ᠲᠤᠷ ᠪᠠᠭᠤᠵᠤ ᠤᠨᠤᠭᠤᠯᠤᠮᠤᠢ᠂ ᠦᠨᠡᠬᠡᠷ ᠡᠮᠦᠨ᠎ᠡ ᠰᠠᠯᠬᠢᠨ᠎ᠠ ᠮᠥᠯᠰᠥ ᠬᠡᠰᠦᠨ ᠡᠭᠦᠯᠡ ᠠᠷᠢᠯᠵᠤ ᠨᠠᠷᠠᠨ ᠭᠠᠷᠤᠭᠰᠠᠨ ᠮᠡᠲᠦ᠂ ᠦᠨᠡᠬᠡᠷ ᠴᠣᠬᠣᠮ ᠦᠨᠡᠨ ᠲᠡᠭᠷᠢ ᠶ᠋ᠢᠨ ᠬᠥᠪᠡᠭᠦᠨ ᠠᠯᠲᠠᠨ ᠭᠠᠳᠠᠰᠤ ᠡᠦᠲᠦᠨ ᠮᠥᠨ ᠬᠡᠮᠡᠯᠳᠦᠵᠦ ᠲᠠᠢᠽᠦ ᠶ᠋ᠢᠨ ᠰᠦᠷ ᠨᠡᠷ᠎ᠡ ᠦᠨᠡᠬᠡᠷ  ᠡᠦ ᠬᠤᠸᠠᠨ ᠤ᠋ ᠬᠣᠢᠲᠤ ᠳ᠋ᠤᠷ ᠶᠡᠬᠡᠯ᠎ᠡ ᠠᠯᠳᠠᠷᠰᠢᠪᠠᠢ᠃ 
     ᠲᠡᠭᠦᠨᠴᠡ ᠬᠤᠯᠠᠭᠠᠢ ᠶ᠋ᠢᠨ ᠦᠷᠡᠰ ᠯᠠᠶ᠋ᠢᠬᠠᠳ ᠠᠢᠮᠠᠭ ᠤ᠋ᠨ ᠰᠡᠴᠡᠨ ᠪᠥᠬᠡ ᠲᠠᠢᠽᠦ ᠎ᠡᠴᠡ ᠡᠬᠡ ᠪᠠ ᠡᠮ᠎ᠡ ᠪᠡᠨ ᠪᠤᠯᠢᠶᠠᠶ᠎ᠠ ᠡᠴᠢᠵᠦ ᠲᠡᠮᠡᠴᠡᠰᠦᠭᠡᠢ ᠬᠡᠮᠡᠬᠦᠯ᠎ᠡ ᠬᠦᠴᠦᠨ ᠴᠢᠳᠠᠯ ᠨᠡᠩ ᠬᠦᠷᠦᠯᠴᠡᠬᠦ ᠦᠭᠡᠢ ᠪᠣᠯᠤᠭᠰᠠᠨ ᠲᠤᠯᠠ ᠪᠡᠶ᠎ᠡ ᠪᠡᠨ ᠬᠦᠯᠢᠵᠦ᠂ ᠪᠠᠷᠠᠭᠠᠨ ᠥᠩᠭᠡᠲᠦ ᠶᠠᠯᠠᠲᠤ ᠳᠡᠪᠡᠯ ᠡᠮᠦᠰᠴᠦ ᠮᠥᠯᠬᠥᠨ ᠣᠷᠣᠵᠤ ᠮᠥᠷᠭᠥᠨ ᠤᠬᠢᠯᠠᠨ ᠠᠯᠠᠬᠤ ᠶᠠᠯ᠎ᠠ ᠶ᠋ᠢ ᠬᠦᠯᠢᠶᠡᠨ ᠮᠡᠬᠦᠢᠨ ᠰᠥᠭᠥᠳᠦᠭᠰᠡᠨ ᠳ᠋ᠦ᠍ᠷ ᠲᠠᠢᠽᠦ ᠪᠠᠬᠠᠨ ᠴᠢᠷᠠᠢ ᠪᠠᠷᠤᠢᠵᠤ ᠲᠠᠪᠠ ᠦᠭᠡᠢ ᠪᠡᠷ ᠬᠠᠷᠠᠵᠤ ᠴᠢᠩᠭ᠎ᠠ ᠳᠠᠭᠤᠨ ᠢ᠋ᠶ᠋ᠠᠷ ᠳᠣᠩᠭᠣᠳᠤᠨ ᠵᠠᠬᠢᠷᠤᠨ᠄ 《 ᠪᠢ ᠴᠢᠮᠠᠶ᠋ᠢ ᠦᠵᠡᠪᠡᠰᠦ ᠣᠭᠣᠯᠢ ᠶ᠋ᠢᠨ ᠪᠠᠢᠳᠠᠯ ᠤᠷᠪᠠᠯᠭ᠎ᠠ ᠶ᠋ᠢᠨ ᠨᠢᠳᠦᠲᠦ ᠤᠷᠪᠠᠮᠠᠲᠠᠭᠠᠢ ᠬᠦᠷᠪᠡᠮᠡᠲᠡᠭᠡᠢ ᠤᠷᠠᠨ ᠬᠣᠩᠰᠢᠶᠠᠷᠳᠠᠨ ᠣᠯᠢᠭ ᠬᠣᠯᠢᠭ ᠮᠡᠲᠦ ᠰᠥᠷᠭᠡᠦ ᠲᠡᠷᠰ ᠢᠲᠡᠭᠡᠯ ᠦᠭᠡᠢ ᠬᠥᠮᠦᠨ ᠪᠠᠢᠨᠠᠮ᠃ ᠡᠨᠡ ᠡᠳᠦᠷ ᠡᠷᠢᠨ ᠳᠠᠭᠠᠵᠤ ᠡᠬᠡ ᠪᠠ ᠡᠮ᠎ᠡ ᠪᠡᠨ ᠭᠠᠷᠭᠠᠨ ᠠᠪᠠᠴᠢᠪᠠᠰᠤ ᠮᠠᠷᠭᠠᠲᠠ ᠳᠠᠷᠤᠢ ᠤᠷᠪᠠᠵᠤ ᠬᠤᠪᠢᠰᠤᠨ ᠵᠠᠯᠢᠬᠠᠢ ᠵᠢᠰᠤᠷ ᠢ᠋ᠶ᠋ᠠᠨ ᠭᠠᠷᠭᠠᠬᠤ ᠠᠮᠢᠲᠠᠨ ᠪᠣᠯᠠᠢ ! 》 ᠬᠡᠮᠡᠭᠰᠡᠨ ᠳ᠋ᠦ᠍ᠷ ᠰᠡᠴᠡᠨ ᠪᠥᠬᠡ ᠲᠣᠯᠣᠭᠠᠢ ᠪᠠᠷ ᠭᠠᠵᠠᠷ ᠢ᠋ ᠮᠦᠷᠬᠦᠯᠬᠢᠯᠡᠨ ᠮᠡᠳᠡᠭᠦᠯᠦᠷᠦᠨ᠄  
          ᠡᠴᠢᠭᠡ ᠮᠡᠲᠦ ᠡᠨᠡᠷᠢᠯᠲᠦ ᠡᠵᠡᠨ ᠬᠡᠷᠪᠡ ᠮᠢᠨᠦ  
          ᠡᠬᠡ ᠪᠠ ᠡᠮ᠎ᠡ ᠶ᠋ᠢ ᠡᠷᠭᠢᠭᠦᠯᠦᠨ ᠥᠭᠴᠦ᠂ 
          ᠡᠨᠡ ᠪᠣᠭᠣᠯ ᠤ᠋ᠨ ᠠᠮᠢᠨ ᠢ᠋ ᠭᠡᠯᠳᠦᠷᠢᠭᠦᠯᠪᠡᠰᠦ  
          ᠡᠭᠦᠨᠴᠡ ᠬᠣᠢᠰᠢ ᠢᠴᠢᠭᠦᠷᠢᠲᠦ ᠪᠣᠭᠣᠯ ᠴᠢᠨᠦ ᠰᠡᠴᠡᠨ ᠪᠥᠬᠡ ᠪᠢ 
          ᠡᠨᠳᠡᠭᠦᠦ ᠪᠡᠨ ᠬᠠᠯᠠᠵᠤ ᠦᠬᠦᠲᠡᠯ᠎ᠡ ᠵᠢᠳᠬᠦᠨ ᠶᠠᠪᠤᠶ᠎ᠠ᠃  
          ᠡᠰᠡᠷᠭᠦᠴᠡᠯᠡᠯ ᠳᠠᠢᠰᠤᠨ᠎ᠠ ᠤᠴᠠᠷᠠᠪᠠᠰᠤ 
          ᠡᠮᠦᠨ᠎ᠡ ᠴᠢᠨᠦ ᠪᠣᠯᠵᠤ ᠤᠷᠤᠭᠰᠢᠯᠠᠨ ᠳᠣᠪᠲᠣᠯᠵᠤ ᠣᠷᠣᠰᠤᠭᠠᠢ ᠪᠢ᠂ 
          ᠠᠩ ᠭᠥᠷᠦᠭᠡᠰᠦᠨ ᠢ᠋ ᠠᠪᠠᠯᠠᠪᠠᠰᠤ  
          ᠡᠩᠭᠡᠷ ᠴᠢᠨᠦ ᠪᠣᠯᠵᠤ ᠡᠪᠬᠡᠨ ᠬᠠᠰᠢᠵᠤ ᠥᠭᠰᠦᠭᠡᠢ ᠪᠢ᠃ 
          ᠬᠠᠳᠬᠤᠯᠳᠤᠬᠤ ᠳᠠᠢᠰᠤᠨ ᠤᠴᠠᠷᠠᠪᠠᠰᠤ 
          ᠬᠠᠯᠬᠠᠪᠴᠢ ᠴᠢᠨᠦ ᠪᠣᠯᠵᠤ ᠬᠠᠮᠵᠢᠨ ᠳᠣᠪᠲᠣᠯᠵᠤ ᠣᠷᠣᠰᠤᠭᠠᠢ ᠪᠢ᠂  
          ᠬᠠᠳᠠ ᠶ᠋ᠢᠨ ᠠᠩ ᠳ᠋ᠤᠷ ᠠᠪᠠᠯᠠᠪᠠᠰᠤ  
          ᠬᠠᠨᠴᠤ ᠴᠢᠨᠦ ᠪᠣᠯᠵᠤ ᠬᠠᠷᠪᠤᠰᠢ ᠶ᠋ᠢ ᠴᠢᠨᠢ ᠪᠤᠰᠬᠠᠰᠤᠭᠠᠢ ᠪᠢ᠃  
          ᠬᠡᠴᠡᠭᠦᠦ ᠳᠠᠢᠰᠤᠨ᠎ᠠ ᠤᠴᠠᠷᠠᠪᠠᠰᠤ ᠬᠡᠷᠡᠮ ᠴᠢᠨᠦ ᠪᠣᠯᠵᠤ 
          ᠬᠡᠨ ᠡᠴᠡ ᠤᠷᠢᠳᠠ ᠣᠷᠣᠰᠤᠭᠠᠢ ᠪᠢ᠂  
          ᠬᠡᠳᠦᠢ ᠪᠡᠷᠬᠡ ᠳ᠋ᠦ᠍ᠷ ᠠᠪᠠᠯᠠᠪᠠᠰᠤ  
          ᠬᠡᠪᠲᠡᠰᠢ ᠶ᠋ᠢ ᠴᠢᠨᠦ ᠬᠥᠳᠡᠯᠭᠡᠵᠦ 
          ᠬᠡᠭᠡᠷ ᠮᠣᠷᠢ ᠶ᠋ᠢ ᠴᠢᠨᠦ ᠬᠥᠲᠥᠯᠰᠦᠭᠡᠢ ᠪᠢ᠃ 
          ᠬᠠᠷᠠᠳᠠᠨ ᠳᠠᠢᠰᠤᠨ᠎ᠠ ᠤᠴᠠᠷᠠᠪᠠᠰᠤ  
          ᠬᠠᠰᠠᠨ ᠴᠢᠨᠦ ᠪᠣᠯᠵᠤ  
          ᠬᠠᠲᠠᠷᠢ ᠦᠭᠡᠢ ᠮᠥᠷᠥ ᠶ᠋ᠢ ᠴᠢᠨᠦ ᠨᠤᠭᠤᠯᠰᠤᠭᠠᠢ ᠪᠢ᠂ 
          ᠬᠠᠢᠷᠬᠠᠨ ᠠᠭᠤᠯᠠᠨ ᠳ᠋ᠤᠷ ᠠᠪᠠᠯᠠᠪᠠᠰᠤ 
          ᠬᠠᠷᠠᠭᠤᠯ ᠴᠢᠨᠦ ᠪᠣᠯᠵᠤ   
          ᠬᠠᠩᠭᠠᠢ ᠶ᠋ᠢᠨ ᠪᠤᠭᠤ ᠶ᠋ᠢ ᠴᠢᠨᠦ ᠬᠠᠭᠠᠵᠤ ᠥᠭᠰᠦᠭᠡᠢ ᠪᠢ ᠃ 
          ᠡᠩᠬᠡ ᠲᠥᠷᠥ᠎ᠡᠴᠡ ᠴᠢᠨᠦ ᠡᠶ᠎ᠡ ᠪᠤᠷᠤᠭᠤᠳᠬᠤ ᠪᠣᠯᠪᠠᠰᠤ 
          ᠡᠨᠡ ᠪᠡᠶ᠎ᠡ ᠶ᠋ᠢ ᠮᠢᠨᠦ ᠬᠡᠮᠬᠡᠯᠲᠦᠭᠡᠢ᠂  
          ᠬᠠᠮᠤᠭ ᠬᠡᠯᠡᠭᠰᠡᠨ ᠦᠭᠡᠨ ᠳ᠋ᠡᠭᠡᠨ ᠡᠰᠡ ᠬᠦᠷᠪᠡᠰᠦ 
          ᠬᠠᠷ᠎ᠠ ᠲᠡᠷᠢᠭᠦᠨ ᠢ᠋ ᠮᠢᠨᠦ ᠣᠭᠲᠣᠯᠤᠨ ᠠᠪᠲᠤᠭᠠᠢ ! 
ᠭᠡᠮᠡᠨ ᠲᠠᠩᠭᠠᠷᠢᠭ᠍ᠯᠠᠭᠰᠠᠨ ᠳ᠋ᠤᠷ ᠲᠠᠢᠽᠦ ᠡᠭᠦᠨ ᠦ᠌ ᠡᠨᠡ ᠮᠡᠲᠦ ᠤᠷᠲᠤ ᠲᠠᠩᠭᠠᠷᠢᠭ᠋ ᠲᠤᠷ ᠢᠨᠢᠶᠡᠳᠦᠮ ᠲᠥᠷᠥᠵᠦ ᠥᠴᠦᠬᠡᠨ ᠮᠦᠰᠢᠶᠡᠵᠦ ᠵᠠᠬᠢᠷᠤᠨ᠄ 《 ᠠᠯᠤᠰ ᠴᠠᠭᠠᠨᠠᠬᠢ ᠰᠡᠳᠬᠢᠯ ᠢ᠋ᠶ᠋ᠡᠨ ᠡᠰᠡ ᠲᠡᠭᠰᠢᠳᠬᠡᠪᠡᠰᠦ ᠠᠮᠠᠨ ᠬᠣᠩᠰᠢᠶᠠᠷ ᠤ᠋ᠨ ᠤᠷᠠᠨ ᠢ᠋ᠶ᠋ᠠᠷ ᠶᠠᠭᠤ ᠪᠣᠯᠵᠤ ᠴᠢᠳᠠᠮᠤᠢ᠂ ᠠᠰᠢᠳᠠ ᠬᠡᠷᠪᠡ ᠵᠠᠯᠢᠬᠠᠢ ᠬᠠᠷᠭᠢᠰ ᠢ᠋ᠶ᠋ᠠᠨ ᠡᠰᠡ ᠬᠠᠯᠠᠪᠠᠰᠤ ᠠᠮᠠᠯᠳᠤᠭᠰᠠᠨ ᠶᠣᠰᠣᠭᠠᠷ ᠠᠯᠠᠭᠳᠠᠬᠤ ᠠᠨᠤ ᠮᠠᠭᠠᠳ ᠪᠠᠢᠨᠠᠮ ! 》 ᠬᠡᠮᠡᠵᠦ ᠴᠢᠨᠳᠠᠭᠠᠨ᠎ᠠ ᠰᠡᠴᠡᠨ ᠢ᠋ ᠳᠠᠭᠤᠳᠠᠵᠤ᠂ ᠢᠪᠤᠬᠠᠢ᠂ ᠬᠣᠷᠴᠢᠨ ᠬᠣᠶᠠᠷ ᠡᠬᠡᠨᠡᠷ ᠢ᠋ ᠨᠦᠬᠡ ᠶ᠋ᠢᠨ  ᠭᠢᠨᠳᠠᠨ ᠠ᠋ᠴᠠ ᠭᠠᠷᠭᠠᠯᠭᠠᠵᠤ ᠥᠭᠪᠡᠢ᠃ 
        ᠲᠡᠨᠳᠡᠴᠡ ᠲᠠᠢᠴᠢᠭᠤᠳ ᠤ᠋ᠨ ᠡᠵᠡᠨ ᠲᠠᠬᠠᠷ ᠨᠢᠭᠡᠨ ᠵᠡᠷᠭᠡ ᠶᠡᠬᠡᠯ᠎ᠡ ᠳᠠᠷᠤᠭᠳᠠᠵᠤ᠂ ᠰᠠᠮᠠᠭᠤᠨ ᠴᠡᠷᠢᠭ ᠲᠦ᠍ᠷ ᠬᠦᠨᠳᠦ ᠰᠢᠷᠬ᠎ᠠ ᠣᠯᠵᠤ ᠡᠭᠡᠭᠡᠳ ᠬᠡᠳᠦᠨ ᠰᠠᠷ᠎ᠠ ᠪᠣᠯᠤᠭᠰᠠᠨ ᠦᠭᠡᠢ ᠮᠥᠨ ᠰᠢᠷᠬ᠎ᠠ ᠳ᠋ᠠᠭᠠᠨ ᠦᠬᠦᠭᠰᠡᠨ ᠳ᠋ᠦ᠍ᠷ᠂ ᠲᠡᠭᠦᠨ ᠦ᠌ ᠬᠥᠪᠡᠭᠦᠨ ᠲᠠᠷᠭᠤᠲᠠᠢ᠂ ᠲᠠᠯᠪᠤᠲᠠᠢ ᠬᠣᠶᠠᠷ᠎ ᠠ᠋ᠴᠠ ᠲᠠᠷᠭᠤᠲᠠᠢ ᠠᠨᠤ ᠴᠢᠯᠭᠡᠷ ᠪᠥᠬᠡ ᠲᠠᠢᠴᠢᠭᠤᠳ ᠢ᠋ ᠡᠵᠡᠯᠡᠭᠡᠳ ᠶᠣᠰᠣ ᠦᠭᠡᠢ ᠪᠡᠷ ᠶᠠᠪᠤᠬᠤᠢ ᠳ᠋ᠤᠷ ᠲᠡᠭᠦᠨ ᠦ᠌ ᠲᠥᠷᠥᠯ ᠵᠤᠯᠠᠢ ᠠᠢᠮᠠᠭ ᠤ᠋ᠨ ᠡᠵᠡᠨ ᠢᠷᠥᠬᠡᠷ ᠬᠡᠮᠡᠭᠴᠢ ᠰᠡᠳᠬᠢᠯ ᠬᠤᠪᠢᠰᠴᠤ ᠲᠠᠢᠽᠦ ᠶ᠋ᠢᠨ ᠣᠢᠷ᠎ᠠ ᠨᠥᠬᠥᠴᠡᠨ ᠳᠠᠭᠠᠰᠤᠭᠠᠢ ᠭᠡᠮᠡᠨ ᠲᠠᠢᠽᠦ ᠶ᠋ᠢᠨ ᠵᠠᠩ ᠢ᠋ ᠲᠡᠩᠰᠡᠰᠦᠭᠡᠢ ᠬᠡᠮᠡᠵᠦ ᠬᠥᠮᠦᠨ ᠵᠠᠷᠤᠵᠤ ᠳᠠᠯᠠᠭᠠᠳ ᠨᠡᠷᠡᠲᠦ ᠭᠠᠵᠠᠷ᠎ᠠ ᠨᠡᠢᠯᠡᠵᠦ ᠠᠪᠠᠯᠠᠰᠤᠭᠠᠢ ᠭᠡᠮᠡᠨ ᠵᠠᠯᠠᠷ᠎ᠠ ᠢᠷᠡᠭᠰᠡᠨ ᠳ᠋ᠦ᠍ᠷ ᠲᠠᠢᠽᠦ ᠰᠢᠭᠤᠳ ᠡᠴᠢᠰᠦᠭᠡᠢ ᠬᠡᠮᠡᠪᠡ᠃ ᠪᠤᠭᠤᠷᠤᠯ ᠭᠠᠷᠴᠤ ᠬᠣᠷᠢᠭ᠍ᠯᠠᠨ ᠥᠭᠦᠯᠡᠷᠦᠨ᠄ 《 ᠵᠤᠯᠠᠢ ᠬᠡᠮᠡᠭᠴᠢ ᠲᠠᠢᠴᠢᠭᠤᠳ ᠠᠢᠮᠠᠭ ᠤ᠋ᠨ ᠣᠢᠷ᠎ᠠ ᠰᠠᠯᠠᠭ᠎ᠠ᠂ ᠤ᠌ᠭ ᠠ᠋ᠴᠠ ᠮᠠᠨ ᠯᠤᠭ᠎ᠠ ᠨᠡᠢᠰ ᠦᠭᠡᠢ ᠡᠳᠦᠭᠡ ᠪᠠᠰᠠ ᠰᠢᠨᠡᠬᠡᠨ ᠦᠰ ᠲᠡᠢ ᠪᠣᠯᠪᠠ᠃ ᠡᠵᠡᠨ ᠬᠥᠩᠭᠡᠯᠡᠨ ᠡᠴᠢᠪᠡᠰᠦ ᠦᠯᠦ ᠪᠣᠯᠤᠮᠤᠢ᠃》 ᠲᠠᠢᠽᠦ ᠵᠠᠬᠢᠷᠤᠨ ᠄《 ᠪᠢ ᠢᠷᠡᠭᠰᠡᠨ ᠬᠥᠮᠦᠨ ᠦ᠌ ᠵᠢᠰᠦ ᠪᠠᠢᠳᠠᠯ ᠢ᠋ ᠰᠢᠨᠵᠢᠪᠡᠰᠦ ᠬᠠᠷᠢᠨ ᠴᠤ᠌ ᠥᠪᠡᠷ᠎ᠡ ᠪᠠᠢᠳᠠᠯ ᠦᠭᠡᠢ ᠮᠡᠲᠦ᠂ ᠲᠡᠷᠡ ᠴᠦ᠍ ᠪᠠᠢᠲᠤᠭᠠᠢ ᠴᠢᠨᠣ᠎ᠠ ᠶ᠋ᠢᠨ ᠰᠦᠷᠦᠭ ᠲᠣᠷ ᠡᠰᠡ ᠣᠷᠣᠪᠠᠰᠤ ᠴᠢᠨᠣ᠎ᠠ ᠶ᠋ᠢᠨ ᠪᠡᠯᠲᠡᠷᠭᠡ ᠶ᠋ᠢ ᠪᠠᠷᠢᠬᠤᠶ᠎ᠠ ᠪᠡᠷᠬᠡ᠂ ᠭᠠᠢ ᠦᠭᠡᠢ ᠪᠢ ᠡᠴᠢᠵᠦ ᠮᠡᠳᠡᠶ᠎ᠡ ! 》 ᠬᠡᠮᠡᠭᠰᠡᠨ ᠳ᠋ᠦ᠍ᠷ ᠲᠣᠷᠭᠠᠨ ᠰᠢᠷ᠎ᠠ ᠭᠠᠷᠴᠤ ᠮᠡᠳᠡᠭᠦᠯᠦᠷᠦᠨ᠄ 《 ᠡᠵᠡᠨ ᠮᠢᠨᠦ ᠡᠴᠢᠪᠡᠰᠦ ᠡᠴᠢᠲᠦᠭᠡᠢ᠂ ᠡᠷᠡᠯᠬᠡᠭ ᠰᠡᠷᠡᠮᠵᠢᠲᠦ ᠡᠷᠡᠰ ᠢ᠋ ᠡᠰᠡ ᠳᠠᠭᠠᠭᠤᠯᠪᠠᠰᠤ ᠦᠯᠦ ᠪᠣᠯᠤᠮᠤᠢ᠃ 》 ᠬᠡᠮᠡᠭᠰᠡᠨ ᠳ᠋ᠦ᠍ᠷ ᠵᠢᠨᠦᠩ ᠮᠤᠬᠤᠯᠢ:《 ᠤᠨᠤᠭᠰᠠᠨ ᠪᠣᠯᠠᠢ ! 》 ᠬᠡᠮᠡᠵᠦ ᠪᠤᠭᠤᠷᠵᠢ᠂ ᠪᠤᠭᠤᠷᠤᠯ᠂ ᠵᠠᠯᠮ᠎ᠠ᠂ ᠵᠡᠪᠡ᠂ ᠴᠤᠤ ᠮᠡᠷᠭᠡᠨ᠂ ᠰᠢᠷᠢ ᠬᠤᠲᠤᠭ᠂ ᠵᠢᠷᠭᠤᠭᠠᠨ ᠰᠠᠢᠳ ᠢ᠋ ᠳᠠᠭᠠᠭᠤᠯᠵᠤ᠂ ᠭᠤᠷᠪᠠᠨ ᠵᠠᠭᠤᠨ ᠴᠡᠷᠢᠭ ᠰᠢᠯᠭᠠᠭᠠᠳ ᠲᠤᠰᠢᠶᠠᠨ ᠶᠠᠪᠤᠭᠤᠯᠪᠠ᠃ ᠬᠡᠳᠦᠨ ᠬᠣᠨᠣᠭ ᠶᠠᠪᠤᠵᠤ ᠳᠠᠯᠠᠭᠠᠳ ᠤ᠋ᠨ ᠭᠠᠵᠠᠷ ᠲᠤᠷ ᠬᠦᠷᠴᠦ ᠢᠷᠠᠪᠠᠰᠤ ᠵᠤᠯᠠᠢ ᠠᠢᠮᠠᠭ ᠤ᠋ᠨ ᠡᠵᠡᠨ ᠢᠷᠦᠭᠡᠷ ᠬᠦᠷᠴᠦ ᠢᠷᠡᠭᠡᠳ ᠭᠤᠷᠪᠠ ᠬᠣᠨᠣᠭᠰᠠᠨ ᠠᠵᠤᠭᠤ᠂ ᠲᠡᠳᠦᠢ ᠪᠠᠶᠠᠷᠯᠠᠨ ᠵᠣᠯᠭᠠᠪᠠ᠃ ᠬᠠᠮᠲᠤ ᠬᠡᠳᠦᠨ ᠡᠳᠦᠷ ᠠᠪᠠᠯᠠᠬᠤᠢ ᠳ᠋ᠤᠷ ᠲᠠᠢᠽᠦ ᠲᠡᠭᠦᠨ ᠦ᠌ ᠨᠥᠬᠥᠷ ᠰᠡᠯᠲᠡ ᠳ᠋ᠦ᠍ᠷ ᠢᠳᠡᠭᠡᠨ ᠤᠮᠳᠠᠭᠠᠨ ᠢ᠋ ᠬᠠᠨᠲᠠᠯ᠎ᠠ ᠢᠳᠡᠭᠦᠯᠪᠡᠢ᠃ ᠲᠡᠷᠡ ᠦᠶ᠎ᠡ ᠳ᠋ᠦ᠍ᠷ ᠬᠠᠷᠠᠬᠠᠨ ᠬᠥᠬᠡᠭᠡ ᠡᠪᠦᠯ ᠦ᠋ᠨ ᠴᠠᠭ ᠲᠤᠯᠠ ᠵᠤᠯᠠᠢ ᠠᠢᠮᠠᠭ ᠤ᠋ᠨ ᠬᠥᠮᠦᠨ ᠦ᠌ ᠬᠤᠪᠴᠠᠳ ᠨᠢᠮᠭᠡᠨ ᠢ᠋ ᠦᠵᠡᠭᠡᠳ ᠲᠠᠢᠽᠦ ᠪᠤᠭᠤᠷᠤᠯ ᠢ᠋ ᠵᠠᠷᠤᠵᠤ ᠬᠣᠷᠢᠨ ᠲᠡᠮᠡᠭᠡᠨ ᠠᠴᠢᠶ᠎ᠠ ᠪᠠᠷ ᠨᠡᠬᠡᠢ ᠳᠡᠪᠡᠯ ᠠᠪᠤᠭᠤᠯᠤᠷ᠎ᠠ ᠢᠯᠡᠭᠡᠪᠡ᠃ ᠲᠡᠷᠡ ᠵᠢᠯ ᠪᠧᠲ᠋ᠠ᠋ ᠤᠯᠤᠰ ᠲᠤᠷ ᠬᠣᠨᠢ ᠶᠡᠬᠡᠯ᠎ᠡ ᠦᠷᠡᠵᠢᠭᠰᠡᠨ ᠢ᠋ᠶ᠋ᠡᠷ ᠪᠤᠭᠤᠷᠤᠯ ᠢᠯᠡᠭᠦᠦ ᠠᠷᠪᠠᠨ ᠠᠴᠢᠶ᠎ᠠ᠂ ᠨᠡᠢᠲᠡ ᠭᠤᠴᠢᠨ ᠠᠴᠢᠶ᠎ᠠ ᠨᠡᠬᠡᠢ ᠳᠡᠪᠡᠯ ᠠᠪᠴᠤ ᠬᠦᠷᠴᠦ ᠢᠷᠡᠲᠡᠯ᠎ᠡ ᠬᠠᠢᠷᠠᠬᠠᠨ ᠤᠯᠠᠭᠠᠨ ᠨᠠᠷᠠᠨ ᠭᠡᠷᠡᠯ ᠦᠬᠡᠢ ᠪᠣᠯᠵᠤ᠂ ᠰᠢᠷ᠎ᠠ ᠡᠯᠡᠰᠦᠨ ᠣᠭᠲᠠᠷᠭᠤᠢ ᠳ᠋ᠤᠷ ᠪᠦᠷᠬᠦᠵᠦ᠂ ᠲᠡᠰᠬᠢᠮ᠎ᠡ ᠬᠦᠢᠲᠡᠨ ᠦ᠌ ᠦᠶ᠎ᠡ ᠳ᠋ᠦ᠍ ᠲᠣᠬᠢᠶᠠᠯᠳᠤᠭᠰᠠᠨ᠎ᠠ ᠲᠠᠢᠽᠦ᠂ ᠢᠷᠥᠬᠡᠷ ᠢ᠋ ᠳᠠᠭᠠᠭᠰᠠᠨ ᠳᠥᠷᠪᠡᠨ ᠵᠠᠭᠤᠨ ᠢᠯᠡᠭᠦᠦ ᠬᠥᠮᠦᠨ ᠳ᠋ᠦ᠍ᠷ ᠴᠥᠮ ᠬᠤᠪᠢᠶᠠᠨ ᠲᠦᠭᠡᠭᠡᠵᠦ ᠥᠭᠭᠦᠭᠰᠡᠨ ᠳ᠋ᠦ᠍ᠷ ᠵᠤᠯᠠᠢ ᠠᠢᠮᠠᠭ ᠤ᠋ᠨ ᠬᠥᠮᠦᠨ ᠦ᠌ ᠪᠠᠶᠠᠷᠯᠠᠯᠴᠠᠨ ᠳᠠᠭᠤᠳᠠᠯᠴᠠᠬᠠᠤ ᠲᠠᠭᠤᠨ᠎ᠠ ᠭᠣᠣᠯ ᠠᠨᠢᠷᠯᠠᠨ ᠠᠭᠤᠯᠠ ᠬᠦᠩᠭᠢᠨᠡᠪᠡ᠃ 
      ᠨᠢᠭᠡᠨ ᠡᠳᠦᠷ ᠠᠪᠠᠯᠠᠭᠰᠠᠭᠠᠷ ᠬᠠᠪᠴᠢᠭᠠᠷ ᠪᠠᠯᠠᠷ ᠵᠡᠪᠡ ᠳ᠋ᠦ᠍ᠷ ᠣᠷᠣᠭᠰᠠᠨ ᠳ᠋ᠤᠷ ᠢᠷᠦᠭᠡᠷ ᠭᠡᠨᠡᠳᠲᠡ ᠨᠢᠭᠡᠨ ᠪᠠᠷᠰ ᠦᠵᠡᠭᠡᠳ ᠠᠶᠤᠨ ᠪᠠᠷᠬᠢᠷᠠᠭᠰᠠᠨ᠎ᠠ ᠪᠠᠷᠰ ᠠᠭᠤᠷᠯᠠᠭᠠᠳ ᠵᠠᠢᠯᠠᠨ ᠬᠤᠯᠠᠭᠤᠬᠤ ᠪᠠᠨ ᠪᠠᠢᠵᠤ᠂ ᠢᠴᠢᠩᠭᠦᠷᠡᠯ ᠳ᠋ᠦ᠍ᠷ ᠨᠢᠭᠡᠨᠲᠡ ᠬᠠᠷᠴᠢᠭᠢᠨᠠᠨ ᠣᠷᠬᠢᠷᠠᠵᠤ ᠰᠠᠯᠬᠢᠨ ᠱᠠᠷᠬᠢᠷᠠᠨ᠂ ᠰᠢᠲᠦᠨ ᠰᠢᠭᠡᠪᠦᠷᠢ ᠶ᠋ᠢᠨ ᠳᠣᠲᠣᠷ᠎ᠠ᠎ ᠠ᠋ᠴᠠ ᠨᠢᠭᠡᠨ ᠮᠠᠩᠨᠠᠢ ᠬᠠᠯᠵᠠᠨ ᠫᠣᠭᠳᠣᠭ ᠪᠢᠲᠡᠭᠦᠨ ᠶᠡᠬᠡ ᠪᠠᠷᠰ ᠭᠠᠵᠠᠷ ᠯᠤᠭ᠎ᠠ ᠦᠷᠭᠦᠯᠵᠢᠯᠡᠨ ᠬᠡᠪᠲᠡᠭᠡ ᠪᠡᠷ ᠮᠠᠯᠲᠠᠯᠬᠢᠯᠠᠨ ᠨᠣᠴᠣᠨ ᠢᠷᠡᠵᠦ ᠬᠠᠷᠬᠢᠷᠠᠨ ᠣᠷᠬᠢᠷᠠᠬᠤ ᠳᠠᠭᠤᠨ ᠳ᠋ᠤᠷ  ᠬᠠᠳᠠ ᠳᠠᠩᠭᠢᠨᠠᠨ ᠠᠭᠤᠯᠠ ᠬᠦᠩᠭᠢᠨᠡᠵᠦ ᠬᠠᠲᠠᠭᠰᠠᠨ ᠮᠣᠳᠣᠨ ᠤ᠋ ᠨᠠᠪᠴᠢ ᠰᠡᠷᠴᠢᠭᠢᠨᠡᠨ ᠤᠨᠠᠮᠤᠢ᠃ ᠢᠷᠥᠬᠡᠷ ᠪᠠᠷᠰ ᠤ᠋ᠨ ᠴᠢᠮᠡᠭᠡ ᠶ᠋ᠢ ᠠᠪᠤᠮᠠᠭᠴᠠ ᠶᠠᠭᠠᠷᠠᠨ ᠮᠣᠷᠢ ᠪᠠᠨ ᠡᠭᠡᠭᠦᠯᠦᠨ ᠳᠤᠲᠠᠭᠠᠯ᠎ᠠ᠃ ᠲᠡᠷᠡ ᠪᠠᠷᠰ ᠤ᠋ᠨ ᠰᠠᠪᠠᠭᠠᠨᠠᠨ ᠣᠷᠣᠵᠤ ᠢᠷᠡᠬᠦ ᠢᠨᠦ ᠰᠠᠯᠬᠢᠨ ᠭᠠᠯ᠎ ᠠ᠋ᠴᠠ ᠴᠤ᠌ ᠲᠦᠷᠭᠡᠨ᠂ ᠨᠢᠳᠦ ᠴᠠᠪᠴᠢᠬᠤ ᠶ᠋ᠢᠨ ᠬᠣᠭᠣᠷᠣᠨᠳᠣ ᠢᠷᠥᠬᠡᠷ ᠦ᠋ᠨ ᠮᠣᠷᠢᠨ ᠤ᠋ ᠰᠡᠭᠦᠯ ᠢ᠋ ᠰᠢᠭᠦᠷᠦᠨ ᠬᠦᠷᠬᠦ ᠰᠢᠬᠠᠪᠠ᠃ ᠲᠠᠢᠽᠦ ᠦᠵᠡᠭᠡᠳ ᠶᠡᠬᠡᠯ᠎ᠡ ᠶᠠᠭᠠᠷᠠᠨ ᠠᠭᠤᠯᠠᠨ ᠤ᠋ ᠬᠥᠲᠥᠯ᠎ ᠡᠴᠡ ᠳ᠋ᠠᠷᠬᠢ ᠬᠣᠩᠭᠣᠷ ᠮᠣᠷᠢᠨ ᠢ᠋ᠶ᠋ᠠᠨ ᠲᠡᠪᠬᠡᠯᠡᠭᠦᠯᠦᠨ ᠪᠠᠭᠤᠵᠤ ᠢᠷᠡᠭᠡᠳ ᠪᠠᠷᠰ ᠤ᠋ᠨ ᠬᠠᠪᠢᠷᠭ᠎ᠠ ᠪᠡᠶ᠎ᠡ ᠪᠡᠷ ᠳᠣᠪᠲᠣᠯᠤᠨ ᠣᠷᠣᠵᠤ᠂ ᠲᠡᠷᠡ ᠪᠠᠷᠰ ᠤ᠋ᠨ ᠤᠯᠠᠭᠠᠨ ᠰᠤᠭᠤ ᠪᠠᠷ ᠠᠯᠲᠠᠨ ᠲᠣᠭᠤᠨᠤᠪ ᠢ᠋ᠶ᠋ᠠᠷ ᠰᠢᠪᠲᠤ ᠬᠠᠷᠪᠤᠵᠤ ᠤᠨᠠᠭᠠᠪᠠ᠂ ᠵᠤᠯᠠᠢ ᠠᠢᠮᠠᠭ ᠤ᠋ᠨ ᠠᠷᠠᠳ ᠬᠤᠷᠠᠵᠤ ᠢᠷᠡᠭᠡᠳ ᠮᠠᠨ ᠤ᠋ ᠡᠵᠡᠨ ᠦ᠌ ᠬᠠᠷᠪᠤᠭᠰᠠᠨ ᠪᠠᠷᠰ ᠬᠡᠮᠡᠵᠦ ᠲᠠᠰᠢᠶᠠᠷᠠᠨ ᠳᠠᠮᠨᠠᠵᠤ ᠠᠪᠠᠴᠢᠬᠤᠢ ᠳ᠋ᠤᠷ ᠢᠷᠦᠭᠡᠷ ᠢᠯᠭᠠᠨ ᠦᠯᠦ ᠥᠭᠦᠯᠡᠬᠦ ᠪᠥᠭᠡᠳ ᠴᠢᠷᠠᠢ ᠳ᠋ᠤᠷ ᠬᠠᠷᠢᠨ ᠣᠮᠣᠷᠬᠠᠭ ᠪᠠᠢᠳᠠᠯ ᠢ᠋ ᠭᠠᠷᠭᠠᠭᠰᠠᠨ ᠳ᠋ᠤᠷ ᠵᠢᠷᠭᠤᠭᠠᠨ ᠰᠠᠢᠳ ᠴᠥᠮ ᠠᠭᠤᠷᠯᠠᠵᠤ ᠪᠤᠯᠢᠶᠠᠰᠤᠭᠠᠢ ᠬᠡᠮᠡᠬᠦᠢ ᠳ᠋ᠦ᠍ᠷ ᠲᠠᠢᠽᠦ ᠲᠡᠷᠢᠭᠦᠨ ᠰᠠᠵᠢᠵᠤ ᠵᠣᠭᠰᠣᠭᠠᠳ ᠬᠠᠷᠢᠨ ᠲᠡᠳᠡᠨ ᠦ᠌ ᠠᠢᠮᠠᠭ ᠤ᠋ᠨ ᠵᠦᠭ ᠲᠡᠳᠡᠨ ᠦ᠌ ᠡᠵᠡᠨ ᠢᠷᠦᠭᠡᠷ ᠦ᠋ᠨ ᠡᠷᠳᠡᠮ ᠴᠢᠳᠠᠯ ᠢ᠋ ᠮᠠᠭᠲᠠᠵᠤ ᠶᠡᠬᠡᠯ᠎ᠡ ᠰᠠᠢᠰᠢᠶᠠᠪᠠ᠂ ᠪᠤᠭᠤᠷᠵᠢ ᠡᠵᠡᠨ ᠦ᠌ ᠰᠠᠨᠠᠭᠠᠨ ᠢ᠋ ᠤᠬᠠᠵᠤ ᠵᠢᠴᠢ ᠡᠳᠦᠷ ᠪᠠᠰᠠ ᠠᠩ ᠭᠥᠷᠦᠭᠡᠰᠦᠨ ᠢ᠋ ᠬᠠᠭᠠᠯᠭᠠᠨ ᠵᠤᠯᠠᠢ ᠠᠢᠮᠠᠭ ᠤ᠋ᠨ ᠵᠦᠭ ᠬᠥᠭᠡᠭᠡᠯᠭᠡᠭᠰᠡᠨ ᠳ᠋ᠦ᠍ᠷ ᠵᠤᠯᠠᠢ ᠠᠢᠮᠠᠭ ᠤ᠋ᠨ ᠠᠷᠠᠳ ᠠᠩ ᠭᠥᠷᠦᠭᠡᠰᠦᠨ ᠢ᠋ ᠮᠠᠰᠢ ᠣᠯᠠᠨ ᠠᠯᠠᠵᠤ ᠶᠡᠬᠡᠯ᠎ᠡ ᠪᠠᠶᠠᠰᠤᠯᠴᠠᠪᠠᠢ ᠃ ᠠᠷᠪᠠᠨ ᠡᠳᠦᠷ ᠦ᠋ᠨ ᠠᠪᠠ ᠳᠦᠭᠦᠷᠴᠦ ᠲᠠᠢᠽᠦ ᠬᠠᠷᠢᠵᠤ ᠢᠷᠡᠬᠦᠢ ᠳ᠋ᠦ᠍ᠷ ᠢᠷᠥᠬᠡᠷ ᠵᠤᠯᠠᠢ ᠠᠢᠮᠠᠭ ᠤ᠋ᠨ ᠳᠥᠷᠪᠡᠨ ᠵᠠᠭᠤᠨ ᠢᠯᠡᠭᠦᠦ ᠬᠥᠮᠦᠨ ᠢ᠋ ᠠᠪᠴᠤ ᠵᠠᠮ ᠤ᠋ᠨ ᠬᠠᠵᠠᠭᠤᠳᠠ ᠰᠥᠭᠥᠳᠴᠦ ᠨᠢᠯᠪᠤᠰᠤᠨ ᠤᠨᠠᠭᠠᠨ ᠥᠭᠦᠯᠡᠷᠦᠨ᠄ 《 ᠲᠠᠢᠴᠢᠭᠤᠳ ᠬᠡᠳᠦᠢ ᠮᠠᠨ ᠤ᠋ ᠠᠬ᠎ᠠ ᠳᠡᠭᠦᠦ ᠤᠯᠤᠰ ᠪᠣᠯᠪᠠᠴᠤ ᠦᠷᠭᠦᠯᠵᠢ ᠮᠠᠨ ᠤ᠋ ᠡᠳ᠋ ᠮᠠᠯ ᠢ᠋ ᠪᠤᠯᠢᠶᠠᠵᠤ ᠶᠣᠰᠣ ᠦᠭᠡᠢ ᠪᠣᠷ ᠳᠠᠷᠤᠯᠠᠮᠤᠢ᠃ ᠡᠵᠡᠨ ᠲᠠᠨ ᠤᠯᠤᠰ ᠢ᠋ ᠡᠵᠡᠯᠡᠬᠦ ᠰᠡᠳᠬᠢᠯ ᠥᠴᠦᠬᠡᠨ ᠴᠦ᠍ ᠦᠭᠡᠢ᠂ ᠪᠢᠳᠡ ᠦᠵᠡᠬᠦᠯ᠎ᠡ ᠳᠡᠯᠡᠬᠡᠢ ᠳ᠋ᠠᠬᠢᠨ ᠢ᠋ ᠡᠵᠡᠯᠡᠬᠦ ᠢᠨᠦ ᠡᠵᠡᠨ ᠴᠢᠮ᠎ᠠ᠎ ᠠ᠋ᠴᠠ ᠥᠪᠡᠷ᠎ᠡ ᠬᠥᠮᠦᠨ ᠦᠭᠡᠢ ᠠᠵᠤᠭᠤ᠃ ᠪᠢᠳᠡ ᠡᠭᠡᠵᠦ ᠡᠴᠢᠭᠰᠡᠨ ᠬᠣᠢᠨ᠎ᠠ ᠠᠢᠮᠠᠭ ᠤ᠋ᠨ ᠤᠯᠤᠰ ᠢ᠋ᠶ᠋ᠠᠨ ᠪᠠᠭᠴᠠᠯᠠᠨ ᠠᠪᠴᠤ ᠤᠳᠠᠬᠤ ᠦᠭᠡᠢ ᠣᠳᠴᠤ ᠡᠵᠡᠨ ᠴᠢᠮ᠎ᠠ ᠳ᠋ᠤᠷ ᠣᠷᠣᠵᠤ ᠥᠭᠰᠦᠭᠡᠢ! 》ᠬᠡᠮᠡᠭᠰᠡᠨ ᠳ᠋ᠦ᠍ᠷ ᠲᠠᠢᠽᠦ ᠰᠠᠢᠨ ᠦᠭᠡ ᠪᠡᠷ ᠲᠣᠬᠣᠨᠢᠭᠤᠯᠵᠤ ᠰᠠᠯᠤᠯᠴᠠᠪᠠᠢ᠃ 
      ᠲᠠᠢᠽᠦ ᠡᠭᠡᠵᠦ ᠨᠢᠭᠡᠨ ᠬᠣᠨᠣᠭ ᠤ᠋ᠨ ᠭᠠᠵᠠᠷ ᠶᠠᠪᠤᠵᠤ ᠥᠩᠭᠡᠷᠡᠭᠡᠳ ᠠᠭᠤᠯᠠᠨ ᠤ᠋ ᠳᠣᠲᠣᠭᠠᠳᠤ ᠤᠰᠤᠨ ᠤ᠋ ᠤᠷᠤᠰᠬᠠᠯ ᠢ᠋ᠶ᠋ᠠᠷ ᠶᠠᠪᠤᠬᠤᠢ ᠳ᠋ᠤᠷ ᠦᠵᠡᠪᠡᠰᠦ ᠭᠠᠵᠠᠷ ᠮᠠᠰᠢ ᠪᠡᠷᠬᠡ ᠬᠠᠪᠴᠢᠯ ᠲᠤᠯᠠ ᠵᠢᠷᠭᠤᠭᠠᠨ ᠰᠠᠢᠳ ᠤ᠋ᠨ ᠵᠦᠭ ᠥᠭᠦᠯᠡᠷᠦᠨ᠄ 《 ᠬᠡᠳᠡᠷ ᠪᠡᠷᠬᠡ ᠵᠠᠮ ᠳ᠋ᠤᠷ ᠬᠢᠴᠢᠶᠡᠯᠲᠡᠢ᠂ ᠰᠡᠷᠪᠡᠭᠡᠷ ᠬᠠᠳᠠᠲᠤ ᠠᠭᠤᠯᠠᠨ᠎ᠠ ᠰᠡᠷᠡᠮᠵᠢᠯᠡᠯᠲᠡᠢ ᠬᠡᠮᠡᠳᠡᠭ ᠪᠢᠰᠢ ᠦᠦ ᠂ ᠡᠨᠳᠡ ᠬᠡᠷᠪᠡ ᠳᠠᠢᠰᠤᠨ ᠬᠤᠯᠠᠭᠠᠢ ᠤᠴᠠᠷᠠᠪᠠᠰᠤ ᠬᠡᠷᠬᠢᠮᠦᠢ ? ᠡᠨᠡ ᠪᠡᠶ᠎ᠡ ᠮᠢᠨᠦ ᠪᠠᠰᠠ ᠤᠰᠤ ᠬᠠᠷᠰᠢᠵᠤ ᠡᠪᠡᠳᠴᠢᠨ ᠪᠣᠯᠪᠠ᠃ 》 ᠬᠡᠮᠡᠭᠰᠡᠨ ᠳ᠋ᠦ᠍ᠷ ᠪᠤᠭᠤᠷᠴᠢ ᠰᠦᠷ ᠰᠠᠷᠠᠯ ᠮᠣᠷᠢᠨ ᠢ᠋ᠶ᠋ᠠᠨ ᠬᠥᠳᠡᠯᠭᠡᠵᠦ ᠰᠤᠮᠤ ᠵᠡᠪᠡ ᠪᠡᠨ  ᠰᠠᠭᠠᠳᠠᠭ ᠠ᠋ᠴᠠ  ᠪᠠᠨ ᠰᠤᠭᠤᠯᠵᠤ ᠰᠤᠩᠭᠠᠨ ᠲᠡᠪᠬᠡᠨ ᠡᠵᠡᠨ ᠦ᠌ ᠡᠮᠦᠨ᠎ᠡ ᠣᠷᠣᠵᠤ ᠢᠷᠡᠭᠡᠳ ᠱᠣᠭ ᠱᠣᠭ ᠬᠠᠲᠠᠷᠢᠭᠤᠯᠤᠨ ᠶᠠᠪᠤᠵᠤ ᠡᠵᠡᠨ ᠢ᠋ ᠮᠠᠭᠲᠠᠨ ᠡᠶ᠋ᠢᠨ ᠳᠠᠭᠤᠯᠠᠷᠤᠨ᠂ ᠲᠡᠷᠡ ᠳᠠᠭᠤᠨ ᠤ᠋ ᠦᠭᠡ᠄ 
              ᠡᠷᠬᠡᠲᠦ ᠲᠡᠭᠷᠢ ᠶ᠋ᠢᠨ ᠬᠥᠪᠡᠭᠦᠨ ᠪᠦᠬᠦᠢ ᠳ᠋ᠦ᠍ᠷ 
              ᠡᠷᠡᠮᠡᠬᠡᠢ ᠳᠠᠢᠰᠦᠨ ᠠ᠋ᠴᠠ ᠶᠠᠭᠤᠨ ᠳ᠋ᠤᠷ ᠡᠮᠢᠶᠡᠮᠦᠢ ᠪᠢᠳᠡ᠂   
              ᠡᠳᠡᠭᠡᠷ ᠪᠦᠭᠦᠳᠡ ᠲᠦᠰᠢᠮᠡᠳ ᠴᠢᠨᠦ ᠪᠠᠢᠲᠠᠯ᠎ᠠ  
              ᠡᠷᠢᠶᠡᠳᠦ ᠬᠤᠯᠠᠭᠠᠢ᠎ ᠠ᠋ᠴᠠ ᠶᠠᠭᠤᠨ ᠳ᠋ᠤᠷ ᠠᠶᠤᠮᠤᠢ ᠡᠵᠡᠨ ᠮᠢᠨᠦ ᠃ 
              ᠬᠤᠨ ᠤ᠋ ᠵᠤᠯᠵᠠᠭ᠎ᠠ ᠮᠡᠲᠦ ᠪᠤᠤ ᠬᠣᠶ᠋ᠢᠪᠠᠯᠵᠠᠶ᠎ᠠ ᠪᠢᠳᠡ᠂ 
              ᠬᠤᠳᠠᠯᠴᠢ ᠮᠠᠭᠤ ᠬᠥᠮᠦᠨ ᠦ᠌ ᠦᠭᠡᠨ ᠳ᠋ᠦ᠍ᠷ ᠪᠤᠤ ᠣᠷᠣᠶ᠎ᠠ ᠪᠢᠳᠡ᠂ 
              ᠬᠤᠳᠬᠤᠬᠤ ᠳᠠᠢᠰᠤᠨ ᠳ᠋ᠤᠷ ᠠᠮᠢ ᠪᠡᠶ᠎ᠡ ᠪᠡᠨ ᠲᠠᠯᠪᠢᠶ᠎ᠠ 
              ᠬᠣᠢᠰᠢ ᠤᠬᠤᠷᠢᠯ ᠦᠭᠡᠢ ᠦᠬᠦᠨ ᠵᠢᠳᠬᠦᠵᠦ ᠣᠷᠣᠯᠴᠠᠶ᠎ᠠ ᠪᠢᠳᠡ 
              ᠬᠠᠨ ᠡᠵᠡᠨ ᠢ᠋ᠶ᠋ᠡᠨ ᠡᠮᠦᠨ᠎ᠡ ᠶᠠᠪᠤᠵᠤ ᠪᠥᠬᠥᠶ᠎ᠡ ᠪᠢᠳᠡ 
              ᠬᠠᠷᠠᠳᠠᠨ ᠳᠠᠢᠰᠦᠨ ᠠ᠋ᠴᠠ ᠶᠠᠭᠤᠨ ᠳ᠋ᠤᠷ ᠠᠶᠤᠮᠤᠢ ᠪᠢᠳᠡ 
              ᠬᠠᠮᠲᠤ ᠪᠦᠭᠦᠳᠡᠭᠡᠷ ᠨᠢᠭᠡᠨ᠎ᠡ ᠶᠠᠪᠤᠬᠤ ᠪᠥᠭᠡᠳ ᠪᠢᠳᠡ 
              ᠬᠠᠷᠭᠢᠰ ᠬᠤᠯᠠᠭᠠᠢ᠎ ᠠ᠋ᠴᠠ ᠶᠠᠭᠤᠨ ᠳ᠋ᠤᠷ ᠠᠶᠤᠮᠤᠢ ᠪᠢᠳᠡ᠃ 
              ᠠᠯᠠᠭ ᠠᠩᠭᠢᠷᠠᠳ ᠤ᠋ᠨ ᠵᠤᠯᠵᠠᠭ᠎ᠠ ᠮᠡᠲᠦ ᠪᠤᠤ ᠠᠶ᠋ᠢᠮᠠᠯᠴᠠᠶ᠎ᠠ ᠪᠢᠳᠡ 
              ᠠᠯᠢᠶ᠎ᠠ ᠮᠠᠭᠤ ᠬᠥᠮᠦᠨ ᠦ᠌ ᠦᠭᠡ ᠶ᠋ᠢ ᠪᠤᠤ ᠰᠣᠨᠣᠰᠤᠯᠴᠠᠶ᠎ᠠ ᠪᠢᠳᠡ᠃ 
              ᠠᠯᠠᠯᠳᠤᠬᠤ ᠳᠠᠢ᠋ᠰᠤᠨ᠎ᠠ ᠤᠴᠠᠷᠠᠪᠠᠰᠤ ᠠᠮᠢ ᠪᠠᠷ᠎ᠠ ᠪᠠᠨ ᠭᠡᠭᠡᠶ᠎ᠡ ᠪᠢᠳᠡ 
              ᠠᠯᠠᠭᠠᠰᠠᠩᠭᠤᠢ ᠦᠭᠡᠢ ᠰᠡᠳᠬᠢᠯ ᠢ᠋ᠶ᠋ᠡᠷ ᠵᠢᠳᠬᠦᠨ ᠶᠠᠪᠤᠯᠴᠠᠶ᠎ᠠ᠃  
ᠭᠡᠮᠡᠨ ᠳᠠᠭᠤᠯᠠᠨ ᠶᠠᠪᠤᠲᠠᠯ᠎ᠠ ᠭᠡᠨᠡᠳᠲᠡ ᠠᠭᠤᠯᠠᠨ ᠤ᠋ ᠬᠣᠪᠬᠢᠯ᠎ ᠠ᠋ᠴᠠ ᠴᠢᠮᠦᠭᠡᠨ ᠪᠦᠷᠢᠶ᠎ᠡ ᠶ᠋ᠢᠨ ᠳᠠᠭᠤᠨ ᠭᠠᠷᠴᠤ ᠴᠢᠨᠠᠳᠤ ᠳᠡᠪᠰᠡᠭ ᠦ᠋ᠨ ᠳᠡᠭᠡᠷ᠎ᠡ ᠬᠠᠷ᠎ᠠ ᠳᠡᠰ ᠦ᠋ᠨ ᠲᠤᠭ ᠪᠣᠰᠬᠠᠮᠠᠭᠴᠠ ᠳᠥᠷᠪᠡᠨ ᠡᠲᠡᠭᠡᠳ ᠦ᠋ᠨ ᠵᠠᠪᠠ᠎ ᠠ᠋ᠴᠠ ᠬᠣᠶᠠᠷ ᠭᠤᠷᠪᠠᠨ ᠵᠠᠭᠤᠨ ᠪᠦᠭᠭᠦᠭᠰᠡᠨ ᠴᠡᠷᠢᠭ ᠬᠠᠰᠬᠢᠷᠤᠯᠳᠤᠨ ᠭᠠᠷᠴᠤ ᠲᠠᠢᠽᠦ ᠶ᠋ᠢᠨ ᠡᠵᠡᠨ ᠲᠦᠰᠢᠮᠡᠯ ᠢ᠋ ᠲᠥᠪ ᠳᠤᠮᠳᠠ ᠪᠠᠨ ᠲᠥᠭᠥᠷᠢᠭᠯᠡᠨ ᠬᠠᠭᠠᠪᠠᠢ᠃ ᠪᠤᠭᠤᠷᠵᠢ ᠮᠣᠷᠢ ᠪᠠᠨ ᠳᠠᠪᠬᠢᠨ ᠤᠷᠤᠭ᠍ᠰᠢ ᠣᠷᠣᠵᠤ ᠶᠡᠬᠡ ᠳᠠᠭᠤᠨ ᠢ᠋ᠶ᠋ᠠᠷ ᠠᠰᠠᠭᠤᠷᠤᠨ᠄ 《ᠲᠡᠭᠷᠢᠯᠢᠭ ᠡᠵᠡᠨ ᠠᠳᠠ ᠪᠣᠢ᠂ ᠲᠡᠮᠳᠡᠭ ᠦᠭᠡᠢ ᠲᠠ ᠬᠡᠷᠬᠢᠭᠰᠡᠨ ᠬᠥᠮᠦᠨ ? 》 ᠬᠡᠮᠡᠭᠰᠡᠨ ᠳ᠋ᠦ᠍ᠷ ᠴᠢᠨᠠᠳᠤ ᠳᠠᠢᠰᠤᠨ ᠤ᠋ ᠲᠡᠷᠢᠭᠦᠯᠡᠭᠰᠡᠨ ᠬᠥᠮᠦᠨ ᠵᠠᠩᠳᠠᠨ ᠥᠭᠦᠯᠡᠷᠦᠨ᠄ 《 ᠨᠡᠷ᠎ᠡ ᠲᠡᠢ ᠬᠥᠮᠦᠨ ᠲᠠ ᠨᠡᠷ᠎ᠡ ᠪᠡᠨ ᠬᠡᠯᠡ᠂ ᠨᠡᠷ᠎ᠡ ᠦᠭᠡᠢ ᠬᠥᠮᠦᠨ ᠪᠢᠳᠡ ᠠᠮᠢᠨ ᠢ᠋ ᠲᠠᠨ ᠠᠪᠤᠶ᠎ᠠ! 》 ᠪᠤᠭᠤᠷᠵᠢ ᠬᠢᠯᠢᠩ ᠲᠥᠷᠥᠵᠦ ᠥᠭᠦᠯᠡᠷᠦᠨ᠄ 《 ᠨᠡᠷ᠎ᠡ ᠦᠭᠡᠢ ᠲᠠ ᠦᠨᠡᠭᠡ ᠲᠠᠤᠯᠠᠢ ᠤᠤ ? ᠲᠡᠢᠨ ᠬᠦ᠌ ᠨᠡᠷ᠎ᠡ ᠦᠭᠡᠢ ᠪᠥᠭᠡᠳ ᠢᠴᠢᠭᠦᠷᠢ ᠦᠬᠡᠷ ᠲᠠ ᠶᠠᠭᠤᠨ ᠳ᠋ᠤᠷ ᠮᠠᠨ ᠢ᠋ ᠬᠠᠭᠠᠮᠤᠢ ? 》 ᠬᠡᠮᠡᠭᠰᠡᠨ ᠳ᠋ᠦ᠍ᠷ ᠲᠡᠷᠡ ᠬᠥᠮᠦᠨ ᠥᠭᠦᠯᠡᠷᠦᠨ᠄ 《 ᠮᠠᠨ ᠳ᠋ᠤᠷ ᠶᠠᠮᠪᠠᠷ ᠰᠠᠢᠨ ᠨᠡᠷ᠎ᠡ ᠲᠥᠷᠥ ᠪᠣᠢ! ᠪᠢᠳᠡ ᠵᠢᠭᠠᠰᠤᠴᠢᠨ ᠲᠠᠷᠪᠠᠭᠠᠴᠢᠨ ! 》 ᠬᠡᠮᠡᠬᠦ ᠦᠭᠡ ᠪᠠᠷᠠᠬᠤ ᠶ᠋ᠢᠨ ᠤᠷᠢᠳᠠ ᠬᠠᠵᠠᠭᠤ ᠎ ᠠ᠋ᠴᠠ ᠰᠢᠷᠢ ᠬᠤᠲᠤᠭ ᠰᠦᠷᠡᠬᠡᠢ ᠳᠠᠭᠤᠨ ᠢ᠋ᠶ᠋ᠠᠷ ᠪᠠᠷᠬᠢᠷᠠᠨ ᠥᠭᠦᠯᠡᠷᠦᠨ᠄ 《ᠲᠡᠳᠡᠨ ᠡᠴᠡ ᠶᠠᠮᠪᠠᠷ ᠰᠠᠢᠨ ᠦᠭᠡ ᠠᠰᠠᠭᠤᠨᠠᠮ ? ᠲᠡᠮᠳᠡᠭᠲᠡᠶ᠎ᠡ ᠲᠠᠲ᠋ᠠᠷ ᠤ᠋ᠨ ᠮᠡᠬᠡᠵᠢᠨ ᠰᠡᠭᠡᠷ ᠪᠤᠰᠤ ᠤᠤ? 》 ᠬᠡᠮᠡᠭᠡᠳ ᠶᠡᠬᠡ ᠰᠠᠷᠠᠨ ᠰᠦᠬᠡ ᠪᠡᠨ ᠳᠠᠯᠠᠢᠵᠤ ᠬᠠᠵᠠᠭᠤ᠎ ᠡᠴᠡ ᠴᠠᠪᠴᠢᠨ ᠣᠷᠣᠪᠠ᠃ ᠪᠤᠭᠤᠷᠵᠢ ᠲᠠᠲ᠋ᠠᠷ ᠭᠡᠮᠡᠨ ᠰᠣᠨᠣᠰᠤᠮᠠᠭᠴᠠ ᠨᠢᠳᠦ ᠤᠯᠠᠢᠵᠤ ᠳ᠋ᠠᠮ ᠢᠯᠳᠦ ᠪᠡᠨ ᠴᠠᠬᠢᠯᠭᠠᠨ ᠮᠡᠲᠦ ᠴᠠᠪᠴᠢᠯᠬᠢᠯᠠᠨ᠂ ᠵᠠᠯᠮ᠎ᠠ ᠵᠡᠪᠡ ᠬᠣᠶᠠᠷ ᠵᠡᠷᠭᠡ ᠪᠡᠷ ᠮᠣᠷᠢ ᠪᠠᠨ ᠬᠡᠢᠰᠬᠡᠨ ᠲᠠᠯᠪᠢᠵᠤ ᠵᠢᠳᠠ ᠢᠯᠳᠦ ᠪᠡᠨ ᠪᠥᠵᠢᠭᠯᠡᠨ ᠡᠭᠦᠰᠬᠡᠪᠡ᠃ ᠰᠢᠷᠢ ᠬᠤᠲᠤᠭ ᠬᠠᠷᠬᠢᠷᠤᠨ ᠪᠠᠷᠬᠢᠷᠠᠵᠤ ᠤᠷᠲᠤ ᠡᠰᠢᠲᠦ ᠰᠦᠬᠡ ᠪᠡᠨ ᠳᠠᠯᠠᠢᠨ ᠮᠡᠬᠡᠵᠢᠨ ᠰᠡᠭᠡᠷ ᠢ᠋ ᠴᠠᠪᠴᠢᠷ᠎ᠠ ᠢᠷᠡᠭᠰᠡᠨ ᠳ᠋ᠦ᠍ᠷ ᠬᠠᠵᠠᠭᠤ᠎ ᠡᠴᠡ ᠤᠷᠤᠭᠤᠯ ᠭᠠᠷᠴᠤ ᠲᠣᠰᠴᠤ ᠪᠠᠢᠯᠳᠤᠪᠠ᠃ ᠲᠡᠷᠡ ᠦᠶ᠎ᠡ ᠳ᠋ᠦ᠍ᠷ ᠲᠠᠢᠽᠦ ᠶ᠋ᠢᠨ ᠪᠠᠷ᠎ᠠ ᠪᠠᠬᠠᠨ ᠴᠢᠯᠡᠭᠡᠲᠡᠢ ᠲᠤᠯᠠ ᠴᠤᠤ ᠮᠡᠷᠭᠡᠨ ᠬᠦᠢᠰᠦᠨ ᠦ᠌ ᠪᠤᠭᠤᠷᠤᠯ ᠬᠣᠶᠠᠭᠤᠯᠠ ᠬᠠᠵᠠᠭᠤ ᠳ᠋ᠤ᠌ ᠪᠠᠢᠭᠰᠠᠨ ᠪᠥᠯᠥᠭᠡ᠃ ᠮᠡᠬᠡᠵᠢᠨ ᠰᠡᠭᠡᠷ ᠲᠠᠢᠽᠦ ᠶ᠋ᠢᠨ ᠲᠦᠰᠢᠮᠡᠳ ᠪᠠᠭᠠᠲᠤᠷ ᠢ᠋ ᠦᠵᠡᠭᠡᠳ ᠶᠠᠭᠠᠷᠠᠨ᠄《ᠰᠤᠮᠤ ᠳᠡᠯᠪᠢ!》 ᠬᠡᠮᠡᠭᠰᠡᠨ ᠳ᠋ᠦ᠍ᠷ ᠳᠥᠷᠪᠡᠨ ᠡᠲᠡᠭᠡᠳ᠎ ᠡᠴᠡ ᠬᠠᠷᠪᠤᠬᠤ ᠠᠨᠤ ᠴᠠᠷᠴᠠᠬᠠᠢ ᠨᠢᠰᠬᠦ ᠮᠡᠲᠦ᠃ ᠪᠤᠭᠤᠷᠤᠯ ᠶᠠᠭᠠᠷᠠᠨ ᠮᠣᠷᠢᠨ ᠠ᠋ᠴᠠ ᠪᠠᠨ ᠪᠠᠭᠤᠵᠤ᠂ ᠪᠣᠷᠣ ᠰᠢᠷᠲᠡᠭ ᠲᠣᠬᠣᠮ ᠢ᠋ᠶ᠋ᠠᠨ ᠠᠪᠴᠤ ᠳᠠᠬᠢᠨ ᠠᠯᠠᠪᠬᠢᠨ ᠤᠨᠤᠵᠤ ᠲᠠᠢᠽᠦ ᠶ᠋ᠢᠨ ᠡᠮᠦᠨ᠎ᠡ ᠬᠠᠯᠬᠠᠪᠴᠢ ᠪᠣᠯᠭᠠᠨ ᠪᠠᠷᠢᠵᠤ ᠵᠣᠭᠰᠣᠪᠠ᠃ ᠴᠤᠤ ᠮᠡᠷᠭᠡᠨ ᠵᠡᠪᠡ ᠶ᠋ᠢᠨ ᠰᠠᠮᠠᠭᠤᠨ᠎ᠠ ᠳᠡᠮᠡᠢ ᠳᠠᠯᠳᠢᠷᠠᠬᠤᠶ᠎ᠠ ᠪᠤᠭᠤᠷᠵᠢ ᠤᠷᠤᠭ᠍ᠰᠢ ᠪᠠᠢᠯᠳᠤᠨ ᠪᠥᠭᠡᠳ ᠬᠣᠢᠰᠢ ᠬᠠᠷᠠᠭᠠᠳ ᠳᠠᠭᠤᠳᠠᠨ ᠥᠭᠦᠯᠡᠷᠦᠨ᠄ 《 ᠬᠥᠶᠢ ! ᠴᠤᠤ ᠮᠡᠷᠭᠡᠨ᠂ ᠡᠵᠡᠨ ᠦ᠌ ᠡᠮᠦᠨ᠎ᠡ ᠢᠩᠭᠢᠵᠦ ᠬᠦᠴᠦᠨ ᠢ᠋ᠶ᠋ᠡᠨ ᠥᠭᠳᠡᠭ ᠪᠤᠶᠤ᠂ ᠨᠦᠬᠡᠨ ᠡᠴᠡ ᠭᠠᠷᠤᠭᠰᠠᠨ ᠠᠯᠠᠭᠳᠠᠭ᠎ᠠ ᠮᠡᠲᠦ ᠬᠣᠲᠣᠢᠭᠠᠳ ᠠᠷᠪᠠᠯᠵᠠᠨ ᠰᠠᠷᠪᠠᠯᠵᠠᠬᠤ ᠴᠢᠨᠦ ᠶᠠᠭᠤ ᠪᠣᠢ ? 》 ᠬᠡᠮᠡᠭᠰᠡᠨ ᠳ᠋ᠦ᠍ᠷ ᠴᠤᠤ ᠮᠡᠷᠭᠡᠨ ᠶᠡᠬᠡᠯ᠎ᠡ ᠢᠴᠢᠩᠭᠦᠷᠡᠨ ᠶᠠᠭᠠᠷᠠᠨ ᠨᠤᠮᠤ ᠰᠤᠮᠤ ᠪᠠᠨ ᠭᠠᠷᠭᠠᠵᠤ ᠳᠠᠢᠰᠤᠨ ᠤ᠋ ᠡᠰᠡᠷᠭᠦ ᠬᠠᠷᠪᠤᠯᠠᠬᠤᠢ ᠳ᠋ᠤᠷ ᠰᠤᠮᠤ ᠪᠦᠷᠢ ᠬᠣᠭᠣᠰᠣᠨ ᠦᠭᠡᠢ᠃ ᠦᠨᠡᠬᠡᠷ ᠴᠤᠤ ᠮᠡᠷᠭᠡᠨ ᠬᠡᠮᠡᠭᠰᠡᠨ ᠨᠡᠷ᠎ᠡ ᠶ᠋ᠢ ᠭᠤᠲᠤᠭᠠᠭᠰᠠᠨ ᠦᠬᠡᠷ ᠠᠵᠤᠭᠤ᠃ ᠲᠠᠲ᠋ᠠᠷ ᠤ᠋ᠨ ᠰᠢᠯᠭᠠᠭᠰᠠᠨ ᠴᠡᠷᠢᠭ᠂ ᠡᠰᠡᠷᠭᠦᠴᠡᠯ ᠦ᠋ᠨ ᠴᠡᠷᠢᠭ ᠮᠥᠨ ᠬᠠᠷᠪᠤᠨ ᠡᠭᠦᠰᠬᠡᠭᠰᠡᠨ ᠢ᠋ ᠦᠵᠡᠭᠡᠳ ᠬᠦᠴᠦᠨ ᠨᠡᠮᠡᠵᠦ ᠶᠡᠬᠡᠯ᠎ᠡ ᠬᠠᠷᠪᠤᠬᠤᠢ ᠳ᠋ᠤᠷ ᠨᠢᠭᠡᠨ ᠰᠤᠮᠤ ᠲᠦᠪᠭᠢᠲᠡᠯ᠎ᠡ ᠪᠤᠭᠤᠷᠤᠯ ᠤ᠋ᠨ ᠲᠣᠯᠣᠭᠠᠢ ᠳ᠋ᠤᠷ ᠲᠣᠰᠴᠤ ᠮᠣᠷᠢᠨ ᠠ᠋ᠴᠠ ᠤᠨᠠᠪᠠ᠃ ᠡᠭᠦᠨ ᠦ᠌ ᠬᠡᠷᠬᠢᠬᠦ ᠶ᠋ᠢ ᠮᠡᠳᠡᠰᠦᠭᠡᠢ ᠬᠡᠮᠡᠪᠡᠰᠦ ᠰᠤᠳᠤᠷᠴᠢ ᠮᠢᠨᠦ ᠭᠡᠷ ᠦ᠋ᠨ ᠭᠡᠭᠡ ᠭᠦᠨᠢᠶᠠᠩ ᠤ᠋ᠳ ᠤ᠋ᠨ ᠤᠷᠠᠨ ᠭᠠᠷᠤᠭᠰᠠᠨ ᠬᠣᠢᠨ᠎ᠠ ᠵᠠᠯᠭᠠᠭᠰᠠᠨ ᠪᠦᠯᠦᠭ ᠲᠣᠷ ᠦᠵᠡᠭᠳᠡᠬᠦᠢ᠃ 

 ᠴᠣᠬᠣᠯᠠᠭᠰᠠᠨ ᠠᠨᠤ 
       ᠰᠤᠳᠤᠷᠴᠢ ᠲᠠᠢᠵᠢ ᠪᠢ ᠤ᠌ᠭ ᠠ᠋ᠴᠠ ᠳᠦᠷᠰᠦ ᠦᠭᠡᠢ ᠲᠤᠯᠠ ᠲᠤᠰᠠ ᠦᠭᠡᠢ ᠳ᠋ᠦ᠍ᠷ ᠣᠷᠣᠯᠳᠣᠭᠴᠢ ᠵᠠᠩ ᠲᠠᠢ ᠶ᠋ᠢᠨ ᠣᠴᠢᠷ᠎ᠠ᠂ ᠪᠠᠭ᠎ᠠ᠎ ᠠ᠋ᠴᠠ ᠵᠢᠷᠤᠭ ᠲᠤᠷ ᠤᠷᠤᠯᠳᠤᠬᠤᠶ᠎ᠠ᠂ ᠵᠢᠷᠤᠭ ᠤ᠋ᠨ《 ᠬᠤᠸᠠ ᠫᠦ  》 ᠳ᠋ᠦ᠍ᠷ ᠬᠡᠯᠡᠭᠰᠡᠨ ᠢᠨᠦ᠄ 《 ᠵᠢᠷᠤᠭ ᠵᠢᠷᠤᠵᠤ ᠰᠤᠷᠬᠤᠢ ᠳ᠋ᠤᠷ ᠭᠤᠷᠪᠠᠨ ᠵᠦᠢᠯ ᠦ᠋ᠨ ᠵᠠᠮ ᠪᠣᠢ᠂ ᠲᠡᠷᠢᠭᠦᠨ ᠳ᠋ᠦ᠍ᠷ ᠥᠪᠡᠷ ᠦ᠋ᠨ ᠳ᠋ᠦ᠍ᠷ ᠰᠡᠳᠬᠢᠯ᠎ ᠡᠴᠡ ᠲᠥᠷᠥᠭᠳᠡᠵᠦ ᠵᠢᠷᠤᠬᠤ᠂ ᠬᠣᠶᠠᠷ ᠲᠤᠷ ᠪᠠᠭ᠍ᠰᠢ ᠶ᠋ᠢ ᠳᠠᠭᠠᠵᠤ ᠶᠣᠰᠣ ᠪᠠᠷ ᠰᠤᠷᠬᠤ᠂ ᠭᠤᠷᠪᠠᠨ ᠳ᠋ᠤᠷ ᠪᠣᠳᠠᠲᠠᠢ ᠶ᠋ᠢ ᠪᠠᠷᠢᠵᠤ ᠠᠳᠠᠯᠢ ᠵᠢᠷᠤᠬᠤ᠂ ᠡᠨᠡ  ᠭᠤᠷᠪᠠᠨ ᠠ᠋ᠴᠠ ᠡᠷᠬᠢᠮ ᠢᠨᠦ ᠰᠠᠨᠠᠭᠠᠨ ᠠ᠋ᠴᠠ ᠲᠥᠷᠥᠭᠳᠡᠵᠦ ᠵᠢᠷᠤᠬᠤ ᠠᠨᠤ ᠮᠠᠰᠢ ᠡᠷᠬᠢᠮ ᠬᠡᠮᠡᠵᠦᠬᠦᠢ᠃ 》 ᠲᠡᠭᠦᠨᠴᠢᠯᠡᠬᠦ ᠡᠨᠡ ᠨᠢᠭᠡᠨ ᠪᠦᠯᠦᠭ ᠢ᠋ ᠦᠵᠡᠬᠦᠢ ᠳ᠋ᠦ᠍ᠷ ᠬᠡᠳᠦᠢ ᠨᠢᠭᠡᠬᠡᠨ ᠬᠡᠰᠡᠭ ᠪᠣᠯᠪᠠᠴᠤ ᠰᠠᠯᠭᠠᠪᠠᠰᠤ ᠡᠭᠦᠨ ᠦ᠌ ᠳᠣᠲᠣᠷ᠎ᠠ ᠨᠡᠶ᠋ᠢᠲᠡ ᠶᠢᠰᠦᠨ ᠠᠩᠭᠢ᠂ ᠥᠪᠡᠷ ᠲᠡᠭᠡᠨ ᠲᠥᠷᠥᠭᠳᠡᠭᠰᠡᠨ ᠶᠢᠰᠦᠨ ᠵᠦᠢᠯ ᠦ᠋ᠨ ᠶᠡᠬᠡ ᠵᠢᠷᠤᠮ ᠪᠣᠢ᠃ ᠬᠡᠷᠪᠡ ᠡᠮᠦᠨᠡᠲᠦ ᠭᠠᠵᠠᠷ ᠪᠥᠭᠡᠰᠦ ᠰᠤᠷᠬᠤ ᠪᠠ ᠳᠠᠭᠤᠷᠢᠶᠠᠨ ᠳᠦᠷᠢᠮᠯᠡᠬᠦ ᠦᠯᠢᠭᠡᠷ ᠳᠦᠷᠢᠮ ᠪᠣᠢ ᠲᠤᠯᠠ ᠡᠷᠲᠡᠨ ᠦ᠌ ᠮᠡᠷᠭᠡᠳ ᠡᠷᠳᠡᠮᠲᠡᠨ ᠦ᠌ ᠶᠠᠷᠠᠭᠳᠠᠭᠠᠨ ᠰᠡᠳᠬᠢᠯ᠎ ᠡᠴᠡ ᠡᠳᠦᠭᠰᠡᠨ ᠢᠨᠦ ᠢᠯᠡᠷᠡᠬᠦ ᠦᠭᠡᠢ᠂ ᠭᠠᠭᠴᠠ ᠡᠨᠡ ᠠᠷᠤ ᠭᠠᠵᠠᠷ ᠬᠡᠮᠡᠭᠴᠢ ᠲᠥᠷᠥᠯᠬᠢ ᠮᠥᠨ ᠴᠢᠨᠠᠷ᠎ ᠠ᠋ᠴᠠ ᠪᠤᠰᠤ ᠠᠨᠤ ᠦᠭᠡᠢ ᠲᠤᠯᠠ ᠦᠨᠡᠨ ᠮᠥᠨ ᠴᠢᠨᠠᠷ᠎ ᠠ᠋ᠴᠠ ᠡᠭᠦᠰᠬᠡᠭᠰᠡᠨ ᠶᠢᠰᠦᠨ ᠵᠦᠢᠯ ᠦ᠋ᠨ ᠭᠠᠢᠬᠠᠮᠰᠢᠭ᠋ ᠠᠯᠢ ᠪᠣᠢ ᠬᠡᠮᠡᠪᠡᠰᠦ᠂ ᠲᠣᠪᠴᠢᠯᠠᠪᠠᠰᠤ ᠲᠠᠢᠽᠦ ᠶ᠋ᠢᠨ ᠲᠥᠷᠥᠯᠬᠢ ᠣᠶᠤᠨ ᠮᠠᠲᠠᠯ ᠤ᠋ᠨ ᠪᠣᠭᠳᠠ ᠬᠥᠮᠦᠨ ᠭᠡᠭᠡᠬᠡᠨ ᠲᠣᠳᠣᠷᠬᠠᠢ ᠠᠨᠤ ᠲᠡᠭᠷᠢ ᠮᠡᠲᠦ ᠥᠨᠳᠥᠷ᠃ ᠲᠠᠢᠽᠦ ᠶ᠋ᠢᠨ ᠰᠢᠨ᠎ᠡ ᠬᠠᠭᠤᠴᠢᠨ ᠲᠦᠰᠢᠮᠡᠳ ᠢ᠋ᠶ᠋ᠡᠨ ᠥᠷᠥᠰᠢᠶᠡᠬᠦ ᠠᠰᠠᠷᠠᠯᠲᠤ ᠰᠡᠳᠬᠢᠯ ᠦ᠋ᠨ ᠬᠠᠢᠷ᠎ᠠ ᠠᠨᠤ ᠭᠠᠵᠠᠷ ᠮᠡᠲᠦ ᠵᠤᠵᠠᠭᠠᠨ᠃ ᠪᠡᠯᠭᠦᠳᠡᠢ᠂ ᠪᠤᠭᠤᠷᠤᠯ᠂ ᠮᠤᠬᠤᠯᠢ᠂ ᠢᠷᠥᠬᠡᠷ ᠦ᠋ᠨ ᠪᠢᠰᠢᠷᠡᠨ ᠰᠢᠲᠦᠬᠦ ᠢᠨᠦ ᠴᠣᠬᠣᠮ ᠡᠵᠡᠨ ᠢ᠋ ᠣᠯᠵᠤᠬᠤᠢ᠃ ᠲᠠᠢᠽᠦ ᠶ᠋ᠢᠨ ᠾᠧ ᠸᠠᠩ ᠢ᠋ ᠭᠤᠷᠪᠠᠨ ᠵᠡᠷᠭᠡ ᠲᠡᠩᠬᠦᠷᠡᠭᠦᠯᠦᠭᠰᠡᠨ ᠢᠨᠦ ᠴᠥᠮ ᠡᠴᠢᠭᠡ ᠪᠡᠨ ᠮᠥᠷᠳᠡᠭᠰᠡᠨ ᠬᠡᠷᠡᠭ᠂ ᠲᠠᠢᠽᠦ ᠶ᠋ᠢᠨ ᠪᠤᠰᠤᠳ ᠲᠤᠷ ᠳᠡᠪᠡᠯ ᠮᠣᠷᠢ ᠢᠳᠡᠭᠡᠨ ᠬᠤᠪᠴᠠᠳ ᠢ᠋ᠶ᠋ᠠᠨ ᠲᠦᠭᠡᠭᠡᠬᠦ ᠠᠨᠤ ᠥᠷᠥᠰᠢᠶᠡᠯ᠃ ᠪᠡᠯᠭᠦᠳᠡᠢ ᠪᠤᠭᠤᠷᠤᠯ᠂ ᠮᠤᠬᠤᠯᠢ ᠶ᠋ᠢᠨ ᠲᠡᠳᠡᠭᠡᠷ ᠦᠭᠡᠰ ᠢ᠋ᠶ᠋ᠡᠨ ᠮᠡᠳᠡᠭᠦᠯᠬᠦ ᠢᠨᠦ ᠵᠢᠷᠤᠮ᠃ ᠢᠷᠥᠬᠡᠷ ᠦ᠋ᠨ ᠲᠠᠢᠽᠦ ᠶ᠋ᠢᠨ ᠵᠠᠩ ᠢ᠋ ᠲᠡᠩᠰᠡᠵᠦ ᠳᠠᠭᠠᠭᠰᠠᠨ ᠠᠨᠤ ᠶᠣᠰᠣᠯᠠᠯ᠃ ᠲᠠᠢ ᠰᠡᠴᠡᠨ ᠦ᠌ ᠪᠤᠭᠤᠷᠤᠯ ᠢ᠋ ᠲᠠᠢᠽᠦ ᠳ᠋ᠦ᠍ᠷ ᠥᠭᠭᠦᠭᠰᠡᠨ ᠢᠨᠦ ᠮᠡᠷᠭᠡᠨ᠃ ᠪᠤᠭᠤᠷᠵᠢ ᠶ᠋ᠢᠨ ᠬᠡᠯᠡᠭᠰᠡᠨ ᠦᠭᠡ ᠳ᠋ᠡᠭᠡᠨ ᠬᠦᠷᠴᠦ ᠢᠷᠡᠵᠦ ᠳᠠᠭᠠᠭᠰᠠᠨ ᠠᠨᠤ ᠪᠠᠲᠤ᠃ ᠲᠡᠢᠨ ᠬᠦ᠌ ᠭᠠᠵᠠᠷ ᠡᠵᠡᠨ ᠡᠴᠢᠭᠡ ᠥᠷᠥᠰᠢᠶᠡᠯ ᠵᠢᠷᠤᠮ ᠶᠣᠰᠣᠯᠠᠯ ᠮᠡᠷᠭᠡᠨ ᠪᠠᠲᠤ ᠡᠨᠡ ᠶᠢᠰᠦᠨ ᠭᠠᠢᠬᠠᠮᠰᠢᠭ᠋ ᠶᠠᠷᠠᠭᠳᠠᠭᠠᠨ ᠪᠦᠲᠦᠭᠰᠡᠨ ᠪᠤᠶᠤ᠃ ᠡᠨᠡ ᠢᠨᠦ ᠲᠣᠪᠴᠢᠯᠠᠨ ᠪᠢᠴᠢᠭᠰᠡᠨ ᠲᠣᠪᠴᠢ ᠬᠡᠷᠪᠡ ᠵᠠᠬ᠎ᠠ ᠳᠠᠷᠠᠭᠠᠯᠠᠨ ᠬᠡᠷᠡᠭ ᠢ᠋ ᠰᠠᠯᠭᠠᠵᠤ ᠲᠣᠭᠠᠯᠠᠪᠠᠰᠤ ᠲᠡᠷᠢᠭᠦᠨ ᠬᠡᠰᠡᠭ ᠪᠡᠯᠭᠦᠳᠡᠢ ᠶ᠋ᠢᠨ ᠲᠠᠢᠽᠦ ᠶ᠋ᠢ ᠬᠣᠷᠢᠭ᠍ᠯᠠᠭᠰᠠᠨ᠂ ᠬᠣᠶᠠᠳᠤᠭᠠᠷ ᠬᠡᠰᠡᠭ ᠪᠤᠭᠤᠷᠤᠯ ᠤ᠋ᠨ ᠦᠵᠡᠵᠦ ᠮᠥᠷᠭᠥᠭᠰᠡᠨ᠂ ᠭᠤᠷᠪᠠᠳᠤᠭᠠᠷ ᠬᠡᠰᠡᠭ ᠾᠧ ᠸᠠᠩ ᠢ᠋ ᠠᠪᠤᠷᠠᠭᠰᠠᠨ᠂ ᠳᠥᠷᠪᠡᠳᠦᠭᠡᠷ ᠬᠡᠰᠡᠭ ᠮᠤᠬᠤᠯᠢ ᠶ᠋ᠢᠨ ᠵᠥᠪᠳᠡᠭᠰᠡᠨ᠂ ᠲᠠᠪᠤᠳᠤᠭᠠᠷ ᠬᠡᠰᠡᠭ ᠳᠠᠢᠰᠤᠨ ᠢ᠋ ᠳᠠᠷᠤᠭᠰᠠᠨ᠂ ᠵᠢᠷᠭᠤᠳᠤᠭᠠᠷ ᠬᠡᠰᠡᠭ ᠮᠤᠬᠤᠯᠢ ᠶ᠋ᠢᠨ ᠲᠠᠢᠯᠪᠤᠷᠢᠯᠠᠭᠰᠠᠨ᠂ ᠳᠣᠯᠣᠳᠤᠭᠠᠷ ᠬᠡᠰᠡᠭ ᠣᠯᠠᠨ ᠠᠢᠮᠠᠭ ᠢᠷᠡᠵᠦ ᠳᠠᠭᠠᠭᠰᠠᠨ᠂ ᠨᠠᠢ᠍ᠮᠠᠳᠤᠭᠠᠷ ᠬᠡᠰᠡᠭ ᠰᠡᠴᠡᠨ ᠪᠥᠬᠡ ᠶ᠋ᠢ ᠳᠣᠩᠭᠣᠳᠴᠤ ᠬᠡᠯᠲᠦᠷᠢᠭᠦᠯᠦᠭᠰᠡᠨ᠂ ᠶᠢᠰᠦᠳᠦᠭᠡᠷ ᠬᠡᠰᠡᠭ ᠵᠤᠯᠠᠢ ᠠᠢᠮᠠᠭ ᠲᠤᠷ ᠠᠪᠠᠯᠠᠵᠤ ᠳᠠᠭᠠᠭᠤᠯᠤᠭᠰᠠᠨ᠃ ᠡᠨᠡ ᠶᠢᠰᠦᠨ ᠬᠡᠰᠡᠭ ᠲᠣᠷ ᠪᠠᠰᠠ ᠶᠢᠰᠦᠨ ᠠᠩᠭᠢ ᠶ᠋ᠢᠨ ᠭᠦᠨ ᠢᠯᠭᠠᠯ ᠪᠣᠢ ᠠᠮᠤᠢ᠃ ᠪᠦᠬᠦ ᠪᠡᠯᠭᠦᠳᠡᠢ ᠬᠡᠮᠡᠭᠴᠢ ᠲᠡᠷᠢᠭᠦᠨ ᠨᠢᠭᠡᠨ ᠪᠠᠭᠠᠲᠤᠷ ᠬᠦᠴᠦᠲᠦ ᠲᠡᠨᠡᠭ ᠴᠢᠬᠡᠴᠢ ᠬᠥᠮᠦᠨ ᠪᠥᠭᠡᠳ ᠰᠢᠷᠬ᠎ᠠ ᠶ᠋ᠢ ᠬᠦᠯᠢᠴᠡᠨ ᠠᠬ᠎ᠠ ᠪᠠᠨ ᠢᠳᠬᠠᠭᠰᠠᠨ ᠠᠨᠤ ᠡᠷᠲᠡᠨ ᠦ᠌ ᠴᠦ ᠪᠠ ᠸᠠᠩ ᠤ᠋ᠨ ᠵᠠᠩ ᠬᠠᠨ ᠢ᠋ ᠳᠠᠭᠠᠭᠤᠯᠤᠭᠰᠠᠨ᠂ ᠵᠠᠩ ᠡᠢ ᠳᠧ᠂ ᠶᠠᠨ ᠶᠤᠸᠠᠨ ᠢ᠋  ᠬᠦᠨᠳᠦᠯᠡᠭᠰᠡᠨ ᠡᠴᠡ ᠬᠡᠲᠦᠢᠳᠴᠦᠬᠦᠢ᠃ ᠪᠤᠭᠤᠷᠵᠢ ᠶ᠋ᠢᠨ ᠥᠴᠢᠨ ᠮᠥᠷᠭᠥᠵᠦ ᠲᠠᠢᠽᠦ ᠶ᠋ᠢ ᠳᠠᠭᠠᠭᠰᠠᠨ ᠠᠨᠤ᠂ ᠭᠤᠸᠠᠨ ᠶᠦᠨ ᠴᠠᠩ ᠤ᠋ᠨ ᠵᠢᠷᠤᠮ ᠤ᠋ᠨ ᠬᠥᠪᠡᠭᠦᠨ ᠭᠤᠸᠠᠨ ᠫᠢᠩ᠎ ᠡᠴᠡ ᠳᠣᠣᠷ᠎ᠠ ᠦᠭᠡᠢ᠃ ᠲᠠᠢᠽᠦ ᠶ᠋ᠢᠨ ᠾᠧ ᠸᠠᠩ ᠤ᠋ᠨ ᠤᠯᠤᠰ ᠢ᠋ ᠪᠦᠲᠦᠭᠡᠵᠦ ᠥᠭᠭᠦᠭᠰᠡᠨ ᠴᠦᠨ ᠴᠢᠦ ᠶ᠋ᠢᠨ ᠴᠠᠭ ᠤ᠋ᠨ ᠲᠠᠪᠤᠨ ᠲᠦᠷᠢᠮᠡᠬᠡᠢ ᠶ᠋ᠢᠨ ᠲᠡᠷᠢᠭᠦᠨ ᠴᠢ ᠬᠤᠸᠠᠨ ᠬᠦᠩ ᠡᠴᠡ ᠬᠡᠲᠦᠢᠳᠦᠨ ᠭᠠᠷᠴᠤᠬᠤᠢ᠃ ᠮᠤᠬᠤᠯᠢ ᠶ᠋ᠢᠨ ᠵᠥᠪᠳᠡᠵᠦ ᠠᠰᠠᠭᠤᠭᠰᠠᠨ ᠠᠨᠤ᠂ ᠭᠤᠸᠠᠨ ᠵᠦᠩ ᠦ᠋ᠨ ᠴᠢ ᠤᠯᠤᠰ ᠲᠤᠷ ᠲᠤᠯᠭᠤᠷ ᠣᠷᠣᠭᠰᠠᠨ᠎ ᠡᠴᠡ ᠠᠮᠲᠠᠲᠠᠢ᠂ ᠳᠠᠢᠰᠤᠨ ᠢ᠋ ᠳᠠᠷᠤᠵᠤ ᠲᠠᠢᠴᠢᠭᠤᠳ ᠢ᠋ ᠳᠡᠢᠯᠦᠭᠰᠡᠨ ᠢᠨᠦ᠂ ᠰᠦᠨ ᠡᠦ ᠽᠢ ᠶ᠋ᠢᠨ ᠶᠤᠸᠠᠢ ᠤᠯᠤᠰ ᠢ᠋  ᠪᠠᠢᠯᠳᠤᠭᠰᠠᠨ᠎ ᠡᠴᠡ ᠳᠥᠭᠥᠮ ᠪᠥᠭᠡᠳ ᠴᠢᠭᠢᠷᠠᠭ᠂ ᠮᠤᠬᠤᠯᠢ ᠶ᠋ᠢᠨ ᠲᠠᠢᠯᠪᠤᠷᠢᠯᠠᠨ ᠬᠡᠯᠡᠭᠰᠡᠨ᠂ ᠵᠣ᠌ ᠭᠧ ᠯᠢᠶᠠᠩ ᠤ᠋ᠨ ᠵᠡᠭᠦᠨ ᠡᠦ ᠤᠯᠤᠰ ᠲᠤᠷ ᠬᠡᠯᠡᠨ ᠢ᠋ᠶ᠋ᠡᠷ  ᠪᠠᠢᠯᠳᠤᠭᠰᠠᠨ᠎ ᠡᠴᠡ ᠭᠠᠪᠢᠶᠠᠲᠠᠢ ᠪᠥᠭᠡᠳ ᠭᠡᠷᠡᠴᠢ ᠲᠡᠢ᠃ ᠣᠯᠠᠨ ᠠᠢᠮᠠᠭ ᠤ᠋ᠳ ᠤ᠋ᠨ ᠢᠷᠡᠵᠦ ᠳᠠᠭᠠᠭᠰᠠᠨ ᠠᠨᠤ ᠵᠧᠦ ᠤᠯᠤᠰ ᠤ᠋ᠨ ᠸᠧᠨ ᠸᠠᠩ ᠳ᠋ᠤᠷ ᠲᠡᠩᠴᠡᠵᠦ ᠪᠣᠯᠤᠯᠲᠠᠢ᠃ ᠰᠡᠴᠡᠨ ᠪᠥᠬᠡ ᠶ᠋ᠢ ᠳᠣᠩᠭᠣᠳᠴᠤ ᠬᠡᠯᠲᠦᠷᠢᠭᠦᠯᠦᠭᠰᠡᠨ ᠢᠨᠦ ᠵᠣ᠌ ᠭᠧ ᠡᠦ ᠾᠧᠦ ᠶ᠋ᠢᠨ ᠮᠧᠩ  ᠾᠦᠸᠧ ᠶ᠋ᠢ ᠲᠠᠯᠪᠢᠭ᠍ᠰᠠᠨ ᠰᠠᠨᠠᠭᠠᠨ ᠳ᠋ᠤᠷ ᠪᠠᠷᠤᠭᠲᠠᠢ᠃ ᠲᠠᠢᠽᠦ ᠶ᠋ᠢᠨ ᠵᠤᠯᠠᠢ ᠠᠢᠮᠠᠭ ᠲᠠᠢ ᠠᠪᠠᠯᠠᠷ᠎ᠠ ᠡᠴᠢᠵᠦ ᠥᠭᠯᠢᠭᠡ ᠬᠡᠰᠢᠭ ᠢ᠋ ᠬᠦᠨᠳᠦ ᠬᠡᠷᠡᠭᠯᠡᠭᠰᠡᠨ ᠢᠨᠦ ᠬᠠᠨ ᠵᠦᠩ ᠸᠠᠩ ᠯᠢᠦ ᠪᠧᠢ ᠶ᠋ᠢᠨ ᠵᠡᠭᠦᠨ ᠡᠦ ᠤᠯᠤᠰ ᠲᠤᠷ ᠰᠦᠨ ᠹᠦ ᠿᠧᠨ ᠢ᠋ ᠠᠪᠤᠭᠰᠠᠨ ᠡᠴᠡ ᠬᠠᠷᠢᠨ ᠳᠡᠭᠡᠷ᠎ᠡ ᠦᠭᠡᠢ ᠦᠦ ? ᠲᠡᠳᠡᠭᠡᠷ ᠬᠡᠷᠡᠭ ᠦ᠋ᠨ ᠲᠡᠳᠡᠭᠡᠷ ᠪᠢᠴᠢᠭ ᠲᠣᠷ ᠪᠠᠰᠠ ᠴᠥᠮ ᠨᠠᠢᠷᠠᠭᠤᠯᠬᠤ ᠤᠳᠬ᠎ᠠ ᠴᠢᠮᠡᠭᠯᠡᠬᠦ ᠤᠶᠠᠩᠭ᠎ᠠ ᠣᠷᠣᠵᠤᠬᠤᠢ᠃ ᠡᠨᠡ ᠪᠢᠴᠢᠭ ᠦ᠋ᠨ ᠡᠳᠡᠭᠡᠷ ᠴᠥᠮ ᠦᠨᠡᠨ ᠢ᠋ᠶ᠋ᠡᠨ ᠴᠦ᠍ ᠬᠡᠯᠡᠵᠦ ᠪᠦᠷᠢᠳᠬᠡᠨ ᠡᠰᠡ ᠴᠢᠳᠠᠭᠰᠠᠨ ᠦᠨᠡᠨ ᠬᠡᠷᠡᠭ ᠪᠥᠭᠡᠳ ᠲᠡᠳᠡᠭᠡᠷ ᠬᠥᠮᠦᠰ ᠦ᠋ᠨ ᠦᠭᠡ ᠶᠠᠪᠤᠳᠠᠯ ᠴᠥᠮ ᠢ᠋ᠶ᠋ᠡᠷ ᠴᠢᠩ ᠦᠨᠡᠨ ᠮᠥᠨ ᠴᠢᠨᠠᠷ᠎ ᠡᠴᠡ ᠡᠭᠦᠰᠬᠡᠵᠦ ᠲᠥᠷᠥᠭᠰᠡᠨ ᠰᠡᠳᠬᠢᠯ ᠪᠣᠢ ‍ᠶ᠎ᠠ᠃ ᠰᠤᠷᠬᠤ ᠪᠠ ᠳᠠᠭᠤᠷᠢᠶᠠᠭᠰᠠᠨ ᠢ᠋ᠶ᠋ᠠᠷ ᠦᠰᠦᠨ ᠦ᠌ ᠲᠡᠳᠦᠢ ᠥ ᠦᠭᠡᠢ ᠪᠣᠯᠠᠢ᠂ ᠰᠤᠷᠲᠠᠯ ᠶᠣᠰᠣᠯᠠᠯ ᠴᠡᠪᠡᠷ ᠢᠴᠢᠭᠦᠷᠢ ᠦᠭᠡᠢ ᠭᠠᠵᠠᠷ ᠬᠡᠮᠡᠬᠦ ᠪᠥᠭᠡᠳ ᠳᠥᠷᠪᠡᠨ ᠶᠡᠬᠡ ᠲᠠᠪᠤᠨ ᠡᠭᠦᠷᠢᠳᠡ ᠶ᠋ᠢ ᠶᠠᠷᠠᠭᠳᠠᠭᠠᠨ ᠰᠤᠷᠭᠠᠯ ᠦᠭᠡᠢ ᠪᠡᠷ ᠶᠠᠪᠤᠵᠤ ᠴᠢᠳᠠᠬᠤ ᠠᠨᠤ ᠬᠠᠷᠢᠨ ᠡᠷᠲᠡᠨ ᠦ᠌ ᠴᠦᠨ ᠴᠢᠦ ᠶ᠋ᠢᠨ ᠦᠶ᠎ᠡ ᠶ᠋ᠢᠨ ᠥᠬᠢᠨ  ᠳᠡᠭᠦᠦ ᠪᠡᠨ ᠠᠪᠤᠭᠰᠠᠨ᠂ ᠪᠡᠷᠢ ᠪᠡᠨ ᠠᠪᠤᠭᠰᠠᠨ ᠰᠤᠷᠲᠠᠯᠲᠤ ᠴᠦ ᠫᠢᠩ ᠸᠠᠩ᠂ ᠴᠢ ᠰᠢᠶᠠᠩ ᠭᠦᠩ᠎ ᠎ᠡᠴᠡ ᠨᠡᠯᠢᠶᠡᠳ ᠳᠡᠭᠡᠷ᠎ᠡ ᠪᠣᠯᠤᠭᠰᠠᠨ ᠮᠡᠲᠦ᠃ ᠲᠡᠢᠨ ᠬᠦ᠌ 《ᠶᠡᠬᠡ ᠰᠤᠷᠲᠠᠬᠤᠢ》 ᠪᠢᠴᠢᠭ ᠲᠣᠷ ᠥᠭᠦᠯᠡᠭᠰᠡᠨ ᠢᠨᠦ 《 ᠡᠷᠳᠡᠮᠲᠡᠨ ᠰᠠᠢᠳ ᠡᠷᠬᠡᠡᠦ᠋ᠭᠡᠢ ᠰᠠᠨᠠᠭᠠᠨ ᠢ᠋ ᠦᠨᠡᠨ ᠬᠦ᠌ ᠪᠣᠯᠭᠠᠮᠤᠢ》 ᠬᠡᠮᠡᠵᠦᠬᠦᠢ᠃