ᠬᠥᠬᠡ ᠰᠤᠳᠤᠷ - ᠢᠨᠵᠠᠨᠨᠠᠰᠢ < ᠳᠡᠳ᠋ ᠪᠦᠯᠦᠭ > Хөх судар - Инжинаш < Дэд бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠳᠡᠳ᠋ ᠪᠦᠯᠦᠭ > Хөх судар - Инжинаш < Дэд бүлэг >

ᠬᠥᠬᠡ ᠰᠤᠳᠤᠷ - ᠢᠨᠵᠠᠨᠨᠠᠰᠢ < ᠳᠡᠳ᠋ ᠪᠦᠯᠦᠭ > Хөх судар - Инжинаш < Дэд бүлэг >

ᠠᠩᠭᠢᠯᠠᠯ:ᠲᠡᠦᠬᠡ ᠰᠣᠶᠣᠯ
2023-06-16

372

ᠲᠠᠪᠤᠨ ᠬᠤᠯᠠᠭᠠᠢ ᠶ᠋ᠢᠨ ᠰᠦᠷᠦᠭ ᠲᠣᠷ ᠬᠦᠯᠦᠭ ᠪᠤᠭᠤᠷᠵᠢ ᠪᠠᠭᠠᠲᠤᠷ ᠢ᠋ ᠢᠯᠡᠳᠬᠡᠪᠡᠢ

ᠣᠯᠠᠨ ᠮᠡᠷᠭᠡᠳ ᠦ᠋ᠨ ᠬᠤᠷᠠᠯ ᠳ᠋ᠤᠷ ᠣᠶᠤᠲᠤ ᠰᠡᠴᠡᠨ ᠠᠷᠢᠬᠢ ᠶ᠋ᠢ ᠰᠢᠭᠦᠮᠵᠢᠯᠡᠪᠡᠢ


                         ᠳᠡᠳ᠋ ᠪᠥᠯᠥᠭ

               ᠰᠥᠩ ᠤᠯᠤᠰ ᠤ᠋ᠨ ᠠᠷᠪᠠᠨ ᠨᠢᠭᠡᠳᠦᠭᠡᠷ ᠬᠠᠭᠠᠨ ᠰᠢᠶᠤᠤᠽᠦ᠋ᠩ ᠦ᠋ᠨ ᠴᠦᠨ ᠰᠢ ᠬᠡᠮᠡᠬᠦ ᠶ᠋ᠢᠨ ᠳᠥᠷᠪᠡᠳᠦᠭᠡᠷ ᠣᠨ᠂ 
                    ᠣᠯᠠᠭ᠍ᠴᠢᠨ ᠲᠠᠬᠢᠶ᠎ᠠ ᠵᠢᠯ᠂ ᠠᠯᠲᠠᠨ ᠤᠯᠤᠰ ᠤ᠋ᠨ ᠱᠢᠽᠦ᠋ᠩ ᠬᠠᠭᠠᠨ ᠤ᠋ ᠳᠠ ᠳ᠋ᠢᠩ ᠬᠡᠮᠡᠬᠦ ᠶ᠋ᠢᠨ ᠠᠷᠪᠠᠨ ᠳᠣᠯᠣᠳᠤᠭᠠᠷ ᠣᠨ᠂
                    ᠲᠠᠢᠽᠦ ᠠᠷᠪᠠᠨ ᠵᠢᠷᠭᠤᠭᠠᠨ ᠨᠠᠰᠤᠨ ᠰᠡᠭᠦᠳᠡᠷ ᠲᠡᠢ ᠪᠣᠯᠪᠠ  

            ᠲᠠᠪᠤᠨ ᠬᠤᠯᠠᠭᠠᠢ ᠶ᠋ᠢᠨ ᠰᠦᠷᠦᠭ ᠲᠣᠷ ᠬᠦᠯᠦᠭ ᠪᠤᠭᠤᠷᠵᠢ ᠪᠠᠭᠠᠲᠤᠷ ᠢ᠋ ᠢᠯᠡᠳᠬᠡᠪᠡᠢ 
            ᠣᠯᠠᠨ ᠮᠡᠷᠭᠡᠳ ᠦ᠋ᠨ ᠬᠤᠷᠠᠯ ᠳ᠋ᠤᠷ ᠣᠶᠤᠲᠤ ᠰᠡᠴᠡᠨ ᠠᠷᠢᠬᠢ ᠶ᠋ᠢ ᠰᠢᠭᠦᠮᠵᠢᠯᠡᠪᠡᠢ    

                   ᠡᠷᠬᠡᠲᠦ ᠲᠡᠭᠷᠢᠯᠢᠭ ᠤ᠋ᠨ ᠭᠠᠭᠴᠠ ᠡᠵᠡᠨ ᠪᠡᠶ᠎ᠡ  ᠪᠦᠲᠦᠵᠦ ᠪᠥᠷᠲᠡᠭᠡᠯᠵᠢᠨ ᠬᠠᠲᠤᠨ ᠢ᠋ᠶ᠋ᠠᠨ ᠪᠠᠭᠤᠯᠭᠠᠬᠤᠶ᠎ᠠ 
                   ᠡᠷᠡᠯᠬᠡᠭ ᠪᠠᠭᠠᠲᠤᠷ ᠳᠥᠷᠪᠡᠨ ᠬᠦᠯᠦᠭ ᠬᠠᠮᠲᠤ ᠬᠤᠷᠠᠵᠤ ᠪᠤᠷᠬᠠᠨ ᠭᠠᠯᠳᠤᠨ᠎ᠠ ᠳ᠋ᠤᠷ ᠬᠤᠷᠢᠮᠯᠠᠪᠠ 
                   ᠡᠷᠳᠡᠮ ᠤᠬᠠᠭᠠᠨᠲᠤ ᠵᠢᠷᠭᠤᠭᠠᠨ ᠰᠠᠢᠳ ᠨᠢᠭᠡᠨ᠎ᠡ ᠴᠢᠭᠤᠯᠵᠤ ᠪᠧᠲ᠋ᠠ᠋ ᠤᠯᠤᠰ ᠲᠤᠷ ᠵᠢᠳᠬᠦᠵᠦ 
                   ᠡᠭᠦᠷᠢᠳᠡ ᠭᠠᠪᠢᠶᠠᠲᠤ ᠶᠢᠰᠦᠨ ᠥᠷᠯᠥᠭ ᠦ᠋ᠨ ᠣᠯᠠᠨ ᠲᠦᠰᠢᠮᠡᠳ ᠶᠡᠬᠡ ᠲᠥᠷᠥ ᠳ᠋ᠦ᠍ᠷ ᠪᠦᠷᠢᠳᠪᠡᠢ᠃ 

      ᠲᠡᠨᠳᠡᠴᠡ ᠲᠣᠷᠭᠠᠨ ᠰᠢᠷ᠎ᠠ ᠶ᠋ᠢᠨ ᠬᠥᠪᠡᠭᠦᠨ ᠴᠢᠯᠠᠭᠤᠨ ᠤ᠋ ᠲᠥᠷᠥᠭᠰᠡᠨ ᠢᠨᠦ: ᠪᠡᠶ᠎ᠡ ᠥᠨᠳᠥᠷ ᠪᠡᠯᠭᠡᠭᠦᠰᠦᠨ ᠨᠠᠷᠢᠨ᠂ ᠴᠢᠷᠠᠢ ᠴᠢᠪᠠᠭ᠎ᠠ ᠮᠡᠲᠦ ᠤᠯᠠᠭᠠᠨ᠂ ᠨᠢᠳᠦᠨ ᠣᠳᠣᠨ ᠳ᠋ᠤᠷ ᠠᠳᠠᠯᠢ ᠭᠡᠷᠡᠯ ᠲᠡᠢ᠂ ᠳᠠᠭᠤᠨ ᠴᠠᠩ ᠴᠣᠬᠢᠬᠤ ᠮᠡᠲᠦ᠂ ᠬᠦᠴᠦᠨ ᠴᠠᠬᠢᠯᠭᠠᠨ ᠪᠠᠭᠤᠬᠤ ᠠᠳᠠᠯᠢ᠃ ᠤᠷᠤᠭᠤᠯ ᠲᠡᠭᠦᠨ ᠦ᠌ ᠭᠡᠷ ᠢ᠋ ᠨᠡᠩᠵᠢᠬᠦ ᠶ᠋ᠢ ᠦᠵᠡᠭᠡᠳ ᠬᠡᠲᠦᠢ᠍ᠨᠡᠢ ᠶᠡᠬᠡᠯ᠎ᠡ ᠲᠠᠪᠠ ᠦᠭᠡᠢ ᠪᠣᠯᠵᠤ᠂ ᠰᠦᠬᠡ ᠪᠠᠷᠢᠵᠤ ᠰᠦᠷᠡᠬᠡᠢ ᠨᠢᠳᠦ ᠪᠡᠷ ᠬᠠᠷᠠᠵᠤ ᠦᠵᠡᠨ ᠭᠠᠷ ᠬᠥᠳᠡᠯᠦᠮᠡᠷ ᠪᠥᠯᠥᠭᠡ᠃ ᠡᠳᠦᠭᠡ ᠬᠣᠨᠢᠨ ᠤᠩᠭᠠᠰᠤᠨ ᠤ᠋ ᠲᠡᠷᠭᠡ ᠶ᠋ᠢ ᠤᠷᠪᠠᠭᠤᠯᠤᠷ᠎ᠠ ᠵᠦᠭᠯᠡᠬᠦ ᠶ᠋ᠢ ᠦᠵᠡᠭᠡᠳ ᠠᠯᠠᠬᠤ ᠰᠡᠳᠬᠢᠯ ᠲᠣᠭᠲᠠᠭᠠᠳ ᠥᠨᠳᠥᠷ ᠳᠠᠭᠤᠨ ᠢ᠋ᠶ᠋ᠠᠷ ᠬᠠᠰᠬᠢᠷᠤᠨ ᠵᠠᠩᠳᠠᠵᠤ ᠪᠠᠯᠲᠠ ᠰᠦᠬᠡ ᠪᠡᠨ ᠭᠢᠯᠪᠠᠯᠵᠠᠭᠤᠯᠤᠨ᠂ ᠤᠷᠤᠭᠤᠯ ᠢ᠋ ᠵᠢᠭᠠᠵᠤ ᠬᠠᠷᠢᠶᠠᠨ ᠥᠭᠦᠯᠡᠷᠦᠨ : 《ᠲᠡᠩᠬᠡᠭᠡ ᠪᠡᠨ ᠪᠠᠷᠠᠭᠰᠠᠨ ᠲᠠᠲ᠋ᠠᠷ᠂ ᠤᠷᠭᠤᠵᠤ ᠪᠣᠰᠤᠭᠰᠠᠨ ᠤᠷᠤᠭᠤᠯ ! ᠪᠢᠳᠡ ᠲᠠᠨ ᠤ᠋ ᠶᠠᠭᠤᠨ ᠢ᠋ ᠬᠤᠯᠠᠭᠤᠪᠠ ᠭᠡᠮᠡᠨ ᠠᠶᠤᠮᠰᠢᠭ᠋ ᠦᠭᠡᠢ ᠮᠠᠨ ᠤ᠋ ᠤᠯᠤᠰ ᠲᠤᠷ ᠢᠷᠡᠵᠦ ᠨᠡᠩᠵᠢᠨ ᠪᠠᠢᠴᠠᠭᠠᠵᠤ ᠶᠠᠪᠤᠮᠤᠢ? ᠡᠢᠮᠦ ᠶᠡᠬᠡ ᠬᠠᠯᠠᠭᠤᠨ ᠤ᠋ ᠴᠠᠭ ᠲᠤᠷ ᠡᠴᠢᠭᠡ ᠶ᠋ᠢ ᠴᠢᠨᠦ ᠭᠡᠮᠡᠨ ᠤᠩᠭᠠᠰᠤᠨ ᠤ᠋ ᠳᠣᠲᠣᠷ᠎ᠠ ᠪᠤᠯᠠᠮᠤᠢ ᠤᠤ ? ᠡᠨᠡ ᠮᠡᠲᠦ ᠮᠠᠭᠤ ᠰᠡᠳᠬᠢᠯ ᠳ᠋ᠡᠭᠡᠨ ᠡᠮ᠎ᠡ ᠦᠷ᠎ᠡ ᠪᠡᠨ ᠠᠯᠠᠭᠳᠠᠭᠰᠠᠨ ᠪᠣᠭᠣᠯ ᠴᠢ᠂ ᠡᠷᠢᠵᠦ ᠡᠰᠡ ᠭᠠᠷᠭᠠᠪᠠᠰᠤ ᠡᠷᠭᠢᠵᠦ ᠠᠮᠢᠳᠤ ᠭᠠᠷᠬᠤ ᠶ᠋ᠢ ᠪᠢᠲᠡᠭᠡᠢ ᠰᠠᠨᠠ ᠴᠢ!  》 ᠭᠡᠮᠡᠨ ᠲᠠᠢᠽᠦ ᠳ᠋ᠦ᠍ᠷ ᠪᠠᠷᠢᠭᠤᠯᠬᠤ ᠢᠯᠳᠦᠨ ᠢ᠋ ᠪᠡᠯᠡᠳᠬᠡᠵᠦ ᠬᠣᠢᠨ᠎ᠠ ᠠ᠋ᠴᠠ ᠢᠷᠡᠬᠦᠢ ᠳ᠋ᠦ᠍ᠷ ᠤᠷᠤᠭᠤᠯ ᠶᠡᠬᠡᠯ᠎ᠡ ᠰᠣᠴᠢᠨ ᠮᠡᠬᠡᠢᠷᠡᠵᠦ ᠪᠡᠶ᠎ᠡ ᠵᠣᠭᠰᠣᠨ ᠥᠭᠦᠯᠡᠷᠦᠨ:《ᠪᠢ ᠲᠠᠨ ᠤ᠋ ᠡᠵᠡᠨ ᠦ᠌ ᠵᠠᠷᠯᠢᠭ ᠢ᠋ᠶ᠋ᠠᠷ ᠡᠷᠢᠮᠦᠢ ‍ᠶ᠎ᠠ᠂ ᠲᠡᠭᠦᠨ ᠡᠴᠡ ᠪᠤᠰᠤ ᠪᠣᠯᠪᠠᠰᠤ ᠨᠠᠳᠠ ᠳ᠋ᠤᠷ ᠳᠠᠯᠵᠢ ᠲᠠᠢ ᠤᠤ ? 》ᠬᠡᠮᠡᠭᠡᠳ ᠤᠩᠭᠠᠰᠤᠨ ᠤ᠋ ᠲᠡᠷᠭᠡ ᠶ᠋ᠢ ᠨᠡᠩᠵᠢᠬᠦ ᠪᠡᠨ ᠪᠠᠢᠭᠠᠳ ᠭᠠᠷᠴᠤ ᠡᠴᠢᠨ᠂ ᠪᠤᠰᠤ ᠭᠡᠷ ᠲᠦ᠍ ᠨᠡᠩᠵᠢᠷ᠎ᠡ ᠡᠴᠢᠪᠡ᠃ ᠴᠢᠯᠠᠭᠤᠨ ᠳᠠᠷᠤᠢ ᠲᠠᠢᠽᠦ ᠶ᠋ᠢ ᠭᠠᠷᠭᠠᠵᠤ ᠬᠥᠯᠥᠰᠥ ᠶ᠋ᠢ ᠰᠡᠷᠭᠦᠭᠡᠨ ᠬᠠᠭᠤᠷᠠᠢ ᠬᠤᠪᠴᠠᠰᠤᠨ ᠢ᠋ ᠡᠮᠦᠰᠬᠡᠨ᠂ ᠡᠷᠡᠮᠡᠭ ᠰᠢᠷᠭ᠎ᠠ ᠠᠭᠲᠠ ᠪᠠᠨ ᠡᠮᠡᠭᠡᠯᠯᠡᠵᠦ ᠥᠭᠭᠦᠭᠡᠳ ᠡᠷᠬᠢᠮ ᠰᠠᠢᠨ ᠬᠤᠷᠠᠭ᠎ᠠ ᠠᠯᠠᠵᠤ ᠰᠠᠷᠬᠤᠳ ᠬᠦᠨᠡᠰᠦ ᠪᠡᠯᠡᠳᠬᠡᠬᠦᠶ᠎ᠡ᠂ ᠲᠣᠷᠭᠠᠨ ᠰᠢᠷ᠎ᠠ ᠬᠥᠯᠥᠰᠥᠨ ᠢ᠋ᠶ᠋ᠡᠨ ᠠᠷᠴᠢᠵᠤ ᠥᠭᠦᠯᠡᠷᠦᠨ:《ᠰᠦᠨᠡᠰᠦᠨ ᠢ᠋ ᠮᠢᠨᠦ ᠬᠡᠢᠰᠬᠡ ᠠᠯᠳᠠᠪᠠ᠂ ᠦᠬᠦᠯ ᠳ᠋ᠦ᠍ᠷ ᠮᠢᠨᠦ ᠬᠦᠷᠭᠡ ᠠᠯᠳᠠᠪᠠ᠂ ᠦᠳᠲᠡᠷ ᠲᠦᠷᠭᠡᠨ᠎ᠡ ᠳᠣᠪᠲᠣᠯᠵᠤ ᠥᠮᠥᠭᠲᠦ ᠤᠯᠤᠰ ᠲᠤᠷ ᠢ᠋ᠶ᠋ᠠᠨ ᠣᠳᠲᠤᠭᠠᠢ᠂ ᠥᠷᠯᠥᠭᠡ ᠡᠷᠲᠡ ᠰᠣᠨᠣᠰᠬᠤᠯ᠎ᠠ ᠦᠰ ᠠᠪᠬᠤ ᠲᠠᠨ ᠤ᠋ ᠴᠡᠷᠢᠭ ᠠᠢᠰᠤᠢ ᠬᠡᠮᠡᠮᠦ! 》ᠬᠡᠮᠡᠭᠰᠡᠨ ᠳ᠋ᠦ᠍ᠷ ᠴᠢᠯᠠᠭᠤᠨ ᠥᠭᠦᠯᠡᠷᠦᠨ: 《ᠴᠣᠬᠣᠮ ᠵᠠᠶᠠᠭᠠᠲᠤ ᠡᠵᠡᠨ ᠮᠢᠨᠦ ᠡᠳᠦᠭᠡ ᠤᠴᠠᠷᠠᠪᠠ᠂ ᠴᠢᠯᠠᠭᠤᠨ ᠨᠠᠷᠠᠳᠠᠨ ᠡᠨᠡ ᠪᠡᠶ᠎ᠡ ᠳᠠᠭᠠᠵᠤ ᠡᠴᠢᠬᠦ ᠪᠣᠯᠪᠠ ! 》 ᠬᠡᠮᠡᠭᠡᠳ ᠴᠣᠬᠣᠨ ᠳᠡᠯ ᠲᠡᠢ ᠮᠣᠷᠢ ᠪᠠᠨ ᠡᠮᠡᠭᠡᠯᠯᠡᠭᠡᠳ ᠴᠤᠭᠠᠷ ᠬᠠᠮᠲᠤ ᠰᠥᠨᠢ ᠳᠦᠯᠢᠨ ᠡᠭᠡᠵᠦ ᠢᠷᠡᠬᠦᠶ᠎ᠡ ᠂ ᠵᠠᠮ ᠳ᠋ᠤᠷ ᠮᠤᠬᠤᠯᠢ ᠲᠡᠮᠦᠷ ᠰᠢᠳᠠᠮ ᠢ᠋ᠶ᠋ᠠᠨ ᠲᠠᠶᠠᠭ ᠪᠣᠯᠭᠠᠨ ᠲᠤᠯᠵᠤ ᠂ ᠡᠪᠡᠳᠴᠢᠲᠦ ᠬᠥᠮᠦᠨ ᠢ᠋ᠶ᠋ᠡᠷ ᠠᠷᠭᠠᠯᠠᠨ᠂ ᠡᠩ ᠲᠡᠷᠢᠭᠦᠨ ᠴᠡᠷᠢᠭ ᠦ᠋ᠨ ᠡᠮᠦᠨ᠎ᠡ ᠡᠵᠡᠨ ᠦ᠌ ᠮᠡᠳᠡᠭᠡ ᠶ᠋ᠢ ᠭᠠᠭᠴᠠᠭᠠᠷ ᠰᠤᠷᠪᠤᠯᠵᠢᠯᠠᠨ ᠢᠷᠡᠬᠦᠢ ᠳ᠋ᠦ᠍ᠷ ᠤᠴᠠᠷᠠᠭᠠᠳ ᠶᠡᠬᠡᠯ᠎ᠡ ᠪᠠᠶᠠᠷᠯᠠᠯᠴᠠᠨ ᠭᠤᠷᠪᠠᠭᠤᠯᠠ ᠲᠡᠷᠢᠭᠦᠨ ᠠᠩᠭᠢ ᠶ᠋ᠢᠨ ᠴᠡᠷᠢᠭ ᠢ᠋ ᠡᠭᠡᠭᠦᠯᠦᠨ ᠬᠠᠮᠲᠤ ᠪᠠᠯᠭᠤ ᠬᠣᠷᠣᠭᠠᠨ ᠳ᠋ᠤᠷ ᠬᠦᠷᠴᠦ ᠲᠠᠢᠽᠦ ᠡᠬᠡ ᠬᠥᠪᠡᠭᠦᠨ ᠡᠪᠦᠳᠦᠭ ᠲᠡᠪᠡᠷᠢᠯᠴᠡᠨ ᠤᠬᠢᠯᠠᠯᠴᠠᠨ ᠵᠣᠯᠭᠠᠯᠳᠤᠵᠤ᠂ ᠮᠤᠬᠤᠯᠢ᠂ ᠴᠢᠯᠠᠭᠤᠨ ᠮᠥᠨ ᠮᠥᠷᠭᠥᠨ ᠠᠭᠤᠯᠵᠠᠵᠤ᠂ ᠬᠡᠳᠦᠨ ᠠᠩᠭᠢ ᠶ᠋ᠢᠨ ᠴᠡᠷᠢᠭ ᠡᠵᠡᠨ ᠦ᠌ ᠡᠭᠡᠭᠰᠡᠨ ᠢ᠋ ᠰᠣᠨᠣᠰᠴᠤ ᠴᠥᠮ ᠮᠣᠷᠳᠠᠬᠤ ᠪᠠᠨ ᠵᠣᠭᠰᠣᠨ ᠢᠷᠡᠨ ᠵᠣᠯᠭᠠᠬᠤᠶ᠎ᠠ᠂ ᠬᠠᠰᠠᠷ ᠪᠡᠯᠭᠦᠳᠡᠢ ᠬᠣᠶᠠᠭᠤᠯᠠ ᠦᠵᠡᠭᠳᠡᠬᠦ ᠦᠭᠡᠢ ᠳ᠋ᠦ᠍ᠷ ᠠᠰᠠᠭᠤᠭᠰᠠᠨ᠎ᠠ ᠮᠡᠩᠬᠡᠯᠢᠭ ᠮᠡᠳᠡᠭᠦᠯᠦᠷᠦᠨ : 《ᠲᠠᠢᠴᠢᠭᠤᠳ ᠤ᠋ᠨ ᠴᠡᠷᠢᠭ ᠡᠭᠡᠭᠰᠡᠨ ᠳᠠᠷᠤᠢ ᠬᠠᠰᠠᠷ᠂ ᠪᠡᠯᠭᠦᠳᠡᠢ ᠨᠡᠬᠡᠬᠦ ᠴᠡᠷᠢᠭ ᠠᠪᠤᠨ ᠡᠴᠢᠬᠦᠶ᠎ᠡ᠂ ᠡᠵᠡᠨ ᠦ᠌ ᠡᠮᠡᠭᠡᠯ ᠦ᠋ᠨ ᠨᠠᠢ᠍ᠮᠠᠨ ᠰᠢᠷ᠎ᠠ ᠠᠭᠲᠠ ᠡᠷᠳᠡᠨᠢ ᠶ᠋ᠢᠨ ᠮᠣᠷᠢᠨ ᠢ᠋ ᠵᠠᠮ ᠳ᠋ᠤᠷ ᠬᠤᠯᠠᠭᠠᠢ ᠳ᠋ᠤᠷ ᠠᠪᠲᠠᠭᠠᠳ ᠡᠵᠡᠨ ᠦ᠌ ᠡᠭᠡᠭᠰᠡᠨ ᠢ᠋ ᠰᠣᠨᠣᠰᠴᠤ ᠴᠡᠷᠢᠭ ᠢ᠋ ᠡᠭᠡᠭᠦᠯᠵᠦ ᠲᠡᠳᠡ ᠠᠬ᠎ᠠ ᠳᠡᠭᠦᠦ ᠬᠣᠶᠠᠭᠤᠯᠠ ᠪᠡᠶ᠎ᠡ ᠪᠡᠷ ᠬᠡᠳᠦᠨ ᠮᠣᠷᠢᠲᠠᠨ ᠢ᠋ ᠠᠪᠴᠤ ᠵᠠᠮ ᠬᠤᠪᠢᠶᠠᠨ ᠡᠷᠢᠷ᠎ᠡ ᠡᠴᠢᠪᠡ᠃ 》 ᠭᠡᠮᠡᠨ ᠬᠡᠯᠡᠭᠰᠡᠨ ᠳ᠋ᠦ᠍ᠷ ᠲᠠᠢᠽᠦ ᠵᠣᠪᠠᠵᠤ ᠥᠭᠦᠯᠡᠷᠦᠨ : 《ᠬᠣᠶᠠᠷ ᠪᠠᠭ᠎ᠠ ᠳᠡᠭᠦᠦ ᠮᠢᠨᠦ ᠬᠠᠮᠢᠭ᠎ᠠ ᠮᠤᠩᠭᠠᠨᠢᠨ ᠶᠠᠪᠤᠬᠤ ᠪᠣᠯᠪᠠ ? 》ᠬᠡᠮᠡᠭᠡᠳ ᠮᠡᠩᠭᠡᠯᠢᠭ᠂ ᠮᠤᠬᠤᠯᠢ᠂ ᠴᠢᠯᠠᠭᠤᠨ ᠭᠤᠷᠪᠠᠭᠤᠯᠠ᠂ ᠥᠨᠳᠥᠷ ᠰᠡᠴᠡᠨ᠂ ᠦᠨᠡᠨ ᠲᠥᠷᠥ ᠬᠣᠶᠠᠭᠤᠯᠠ ᠶ᠋ᠢ ᠳᠠᠭᠤᠳᠠᠭᠤᠯᠵᠤ ᠲᠠᠢᠴᠢᠭᠤᠳ ᠢ᠋ ᠰᠡᠷᠭᠡᠢᠯᠡᠨ ᠴᠡᠷᠢᠭ ᠲᠦ᠍ᠷ ᠱᠠᠩᠨᠠᠨ ᠬᠥᠬᠢᠭᠦᠯᠵᠦ ᠪᠣᠯᠪᠠᠰᠤᠷᠠᠭᠤᠯᠵᠤ ᠪᠠᠢᠭᠲᠤᠨ᠃ ᠪᠢ ᠡᠷᠳᠡᠨᠢ ᠶ᠋ᠢᠨ ᠮᠣᠷᠢᠨ ᠢ᠋ ᠡᠷᠬᠢᠯᠡᠬᠦ ᠦᠭᠡᠢ᠂ ᠡᠬᠡ ᠨᠢᠭᠡ ᠳᠡᠭᠦᠦ ᠮᠢᠨᠦ ᠴᠢᠬᠤᠯᠠ᠂ ᠡᠷᠬᠡᠪᠰᠢ ᠪᠡᠶ᠎ᠡ ᠪᠡᠷ ᠡᠷᠢᠨ ᠠᠪᠴᠢᠷᠠᠭᠠᠳ ᠡᠩ ᠢ᠋ᠶ᠋ᠡᠷ ᠬᠠᠮᠲᠤ ᠵᠥᠪᠯᠡᠶ᠎ᠡ ᠭᠡᠮᠡᠨ ᠵᠠᠬᠢᠭᠠᠳ ᠬᠡᠳᠦᠨ ᠮᠣᠷᠢᠲᠠᠨ ᠢ᠋ ᠠᠪᠴᠤ ᠠᠭᠲᠠ ᠠᠯᠳᠠᠭᠰᠠᠨ ᠭᠠᠵᠠᠷ᠎ᠠ ᠬᠦᠷᠴᠦ ᠠᠬ᠎ᠠ ᠳᠡᠭᠦᠦ ᠰᠠᠯᠤᠯᠴᠠᠨ ᠡᠴᠢᠭᠰᠡᠨ ᠭᠠᠵᠠᠷ ᠲᠤᠷ ᠵᠣᠭᠰᠣᠵᠤ᠂ ᠳᠠᠭᠠᠭᠰᠠᠨ ᠠᠷᠠᠳ ᠢ᠋ ᠮᠥᠨ ᠬᠦ᠌ ᠬᠣᠶᠠᠷ ᠲᠡᠰᠢ ᠵᠠᠮ ᠬᠤᠪᠢᠶᠠᠨ ᠮᠥᠷ ᠮᠥᠰᠬᠢᠭᠦᠯᠦᠨ ᠳᠠᠭᠤᠳᠠᠷ᠎ᠠ ᠢᠯᠡᠭᠡᠭᠡᠳ ᠡᠨᠳᠡ ᠤᠴᠠᠷᠠᠬᠤ ᠶ᠋ᠢ ᠪᠣᠯᠵᠣᠵᠤ ᠲᠣᠭᠲᠠᠪᠠ᠃ 
      ᠲᠡᠨᠳᠡᠴᠡ ᠨᠢᠭᠡᠨ ᠬᠣᠨᠣᠭ ᠤ᠋ᠨ ᠪᠠᠭᠤᠳᠠᠯ ᠡᠷᠢᠰᠦᠭᠡᠢ ᠭᠡᠮᠡᠨ ᠡᠪᠡᠰᠦᠨ ᠦ᠌ ᠨᠠᠯᠠᠷᠬᠠᠢ ᠪᠠᠷ ᠣᠢᠷᠠᠯᠴᠠᠭ᠎ᠠ ᠪᠠᠭᠤᠳᠠᠯ ᠢ᠋ ᠡᠷᠢᠭᠰᠡᠭᠡᠷ ᠠᠷᠯᠤᠳ ᠠᠢᠮᠠᠭ ᠤ᠋ᠨ ᠨᠢᠭᠡᠨ ᠶᠡᠬᠡ ᠪᠠᠭᠤᠳᠠᠯ ᠤ᠋ᠨ ᠡᠮᠦᠨ᠎ᠡ ᠬᠦᠷᠴᠦ ᠢᠷᠠᠪᠠᠰᠤ᠂ ᠬᠦᠷᠢᠶᠡᠨ ᠦ᠌ ᠡᠮᠦᠨ᠎ᠡ ᠬᠡᠳᠦᠨ ᠮᠢᠩᠭᠠᠨ ᠠᠳᠤᠭᠤ ᠬᠤᠷᠯᠠᠵᠤ ᠪᠣᠢ᠃ ᠪᠠᠭᠤᠳᠠᠯ ᠤ᠋ᠨ ᠳᠣᠲᠣᠷ᠎ᠠ ᠨᠢᠭᠡᠨ ᠴᠠᠭᠠᠨ ᠴᠢᠷᠠᠢ᠂ ᠬᠥᠬᠡ ᠦᠰᠦ᠂ ᠪᠡᠴᠢᠨ ᠦ᠌ ᠮᠥᠷᠥ᠂ ᠥᠲᠡᠭᠡ ᠶ᠋ᠢᠨ ᠬᠦᠵᠦᠭᠦᠦ ᠲᠡᠢ ᠠᠷᠪᠠᠨ ᠲᠠᠪᠤᠨ ᠵᠢᠷᠭᠤᠭᠠᠨ ᠨᠠᠰᠤᠨ ᠤ᠋ ᠣᠷᠴᠢᠨ ᠤ᠋ ᠨᠢᠭᠡᠨ ᠬᠥᠪᠡᠭᠦᠨ ᠬᠠᠷᠠᠬᠠᠨ ᠬᠤᠷᠴᠠ ᠬᠢᠲᠤᠭ᠎ᠠ ᠪᠠᠷᠢᠵᠤ ᠦᠬᠡᠷ ᠡᠪᠳᠡᠮᠦᠢ᠃ ᠲᠠᠢᠽᠦ ᠲᠡᠭᠦᠨ ᠦ᠌ ᠣᠯᠠᠨ ᠠᠳᠤᠭᠤᠨ ᠤ᠋ ᠳᠣᠲᠣᠷ᠎ᠠ  ᠥᠪᠡᠷ ᠦ᠋ᠨ ᠨᠠᠢ᠍ᠮᠠᠨ ᠰᠢᠷ᠎ᠠ ᠡᠷᠳᠡᠨᠢ ᠶ᠋ᠢᠨ ᠬᠥᠯᠭᠡ ᠪᠣᠢ ᠪᠣᠯᠪᠠᠤ ?  ᠭᠡᠮᠡᠨ ᠪᠠᠬᠠᠨ ᠠᠵᠢᠶᠠᠷᠠᠨ ᠦᠵᠡᠬᠦᠢ ᠳ᠋ᠦ᠍ᠷ ᠲᠡᠷᠡ ᠬᠥᠪᠡᠭᠦᠨ ᠦᠵᠡᠭᠡᠳ ᠤᠬᠤᠰᠬᠢᠵᠦ ᠬᠢᠲᠤᠭ᠎ᠠ ᠪᠠᠨ ᠲᠠᠶᠠᠭᠳᠠᠵᠤ᠂ ᠳ᠋ᠠᠮ ᠢᠯᠳᠦᠨ ᠪᠠᠷᠢᠵᠤ ᠮᠣᠷᠢᠨ ᠳ᠋ᠠᠭᠠᠨ ᠠᠯᠠᠪᠬᠢᠨ ᠮᠣᠷᠳᠠᠵᠤ ᠳᠣᠪᠲᠣᠯᠤᠨ ᠢᠷᠡᠵᠦ ᠥᠨᠳᠥᠷ ᠳᠠᠭᠤᠨ ᠢ᠋ᠶ᠋ᠠᠷ ᠵᠠᠩᠳᠠᠨ ᠥᠭᠦᠯᠡᠷᠦᠨ :《ᠴᠢ ᠶᠠᠮᠪᠠᠷ ᠠᠶᠤᠮᠰᠢᠭ᠋ ᠦᠭᠡᠢ ᠮᠢᠨᠦ ᠠᠳᠤᠭᠤᠨ ᠢ᠋ ᠬᠤᠯᠠᠭᠤᠨ ᠦᠵᠡᠵᠦ ᠬᠡᠷᠬᠢᠰᠦᠭᠡᠢ ᠬᠡᠮᠡᠮᠦᠢ?》ᠬᠡᠮᠡᠭᠰᠡᠨ ᠳ᠋ᠦ᠍ᠷ ᠲᠠᠢᠽᠦ ᠠᠯᠭᠤᠷ ᠠᠭᠠᠵᠢᠮ ᠢ᠋ᠶ᠋ᠠᠷ ᠢᠨᠢᠶᠡᠨ ᠥᠭᠦᠯᠡᠷᠦᠨ : 《ᠪᠢ ᠬᠡᠮᠡᠭᠴᠢ ᠠᠭᠲᠠ ᠠᠯᠳᠠᠭᠰᠠᠨ ᠬᠥᠮᠦᠨ᠂ ᠴᠢᠨᠦ ᠠᠳᠤᠭᠤᠨ ᠳ᠋ᠤᠷ ᠪᠣᠢ ᠪᠣᠯᠪᠠᠰᠤ ᠭᠡᠮᠡᠨ ᠦᠵᠡᠪᠡ᠃ 》 ᠲᠡᠷᠡ ᠬᠥᠪᠡᠭᠦᠨ ᠠᠰᠠᠭᠤᠷᠤᠨ: 《ᠴᠢ ᠠᠯᠢ ᠠᠢᠮᠠᠭ ᠤ᠋ᠨ ᠬᠥᠮᠦᠨ᠂ ᠣᠪᠣᠭ ᠶᠠᠭᠤᠨ ᠨᠡᠷ᠎ᠡ ᠬᠡᠨ᠂ ᠬᠡᠳᠦᠨ ᠠᠭᠲᠠ ᠠᠯᠳᠠᠪᠠ ? 》ᠬᠡᠮᠡᠭᠰᠡᠨ ᠳ᠋ᠦ᠍ᠷ ᠲᠠᠢᠽᠦ ᠬᠠᠷᠢᠭᠤ ᠥᠭᠦᠯᠡᠷᠦᠨ:《ᠪᠢ ᠬᠡᠮᠡᠭᠴᠢ ᠪᠧᠲ᠋ᠠ᠋ ᠤᠯᠤᠰ ᠤ᠋ᠨ ᠬᠥᠮᠦᠨ᠂ ᠪᠣᠷᠵᠢᠭᠢᠳ ᠣᠪᠣᠭᠲᠠᠨ ᠤ᠋ ᠲᠡᠮᠦᠵᠢᠨ ᠬᠡᠮᠡᠭᠴᠢ ᠮᠢᠨᠦ ᠪᠡᠶ᠎ᠡ ᠮᠥᠨ᠂ ᠡᠷᠭᠢᠨ ᠠᠨᠳᠠ ᠴᠢ ᠰᠤᠷᠠᠭ ᠰᠣᠨᠣᠰᠪᠠᠤ?》 ᠬᠡᠮᠡᠭᠰᠡᠨ ᠳ᠋ᠦ᠍ᠷ ᠲᠡᠷᠡ ᠬᠥᠪᠡᠭᠦᠨ ᠪᠣᠷᠵᠢᠭᠢᠳ ᠤ᠋ᠨ ᠲᠡᠮᠦᠵᠢᠨ ᠬᠡᠮᠡᠬᠦ ᠶ᠋ᠢ ᠰᠣᠨᠣᠰᠴᠤ ᠴᠢᠷᠠᠢ ᠳ᠋ᠤᠷ ᠪᠠᠶᠠᠷ ᠤ᠋ᠨ ᠪᠠᠢᠳᠠᠯ ᠢᠯᠡᠷᠡᠭᠡᠳ ᠦᠭᠡ ᠳᠠᠷᠤᠢ ᠲᠠᠭᠠᠯᠠᠮᠵᠢᠲᠠᠢ ᠪᠣᠯᠵᠤ ᠥᠴᠢᠷᠳ:《ᠰᠤᠷᠠᠭ ᠰᠣᠨᠣᠰᠬᠤ ᠶ᠋ᠢ ᠴᠦ᠍ ᠪᠠᠢᠲᠤᠭᠠᠢ ᠨᠢᠳᠦᠨ ᠢ᠋ᠶ᠋ᠡᠷ ᠮᠥᠨ ᠦᠵᠡᠪᠡ᠃ ᠪᠠᠢᠵᠠ ᠪᠢ ᠲᠦᠷ ᠬᠡᠳᠦᠨ ᠦᠭᠡ ᠠᠰᠠᠭᠤᠰᠤᠭᠠᠢ᠃ ᠬᠥᠮᠦᠨ ᠪᠦᠬᠦᠨ ᠴᠢᠮᠠᠶ᠋ᠢ ᠴᠠᠭᠠᠨ ᠭᠡᠷᠡᠯ ᠡᠴᠡ ᠣᠯᠤᠭᠰᠠᠨ ᠴᠠᠭᠯᠠᠰᠢ ᠦᠭᠡᠢ ᠰᠡᠴᠡᠨ ᠮᠡᠷᠭᠡᠨ᠂ ᠲᠡᠭᠷᠢ ᠰᠠᠬᠢᠭᠤᠯᠰᠤᠨ ᠠ᠋ᠴᠠ ᠣᠯᠤᠭᠰᠠᠨ ᠲᠡᠩᠴᠡᠰᠢ ᠦᠭᠡᠢ ᠠᠤᠭ᠎ᠠ ᠬᠦᠴᠦᠲᠦ ᠲᠡᠮᠦᠵᠢᠨ ᠭᠡᠮᠡᠨ ᠲᠦᠷᠬᠢᠷᠡᠨ ᠬᠡᠯᠡᠯᠴᠡᠮᠦᠢ᠃ ᠬᠣᠢᠴᠢ ᠡᠳᠦᠷ ᠡᠷᠬᠡ ᠦᠭᠡᠢ ᠬᠣᠯᠠ ᠣᠢᠷ᠎ᠠ ᠶ᠋ᠢ ᠬᠤᠮᠢᠨ ᠬᠤᠷᠢᠶᠠᠬᠤ᠂ ᠬᠣᠣᠰ ᠦᠭᠡᠢ ᠬᠠᠭᠠᠨ ᠰᠠᠭᠤᠬᠤ᠂ ᠬᠤᠪᠢ ᠪᠤᠶᠠᠨᠲᠤ ᠶᠡᠬᠡ ᠵᠠᠶᠠᠭᠠᠲᠠᠨ ᠬᠡᠮᠡᠬᠦ ᠢᠨᠤ ᠡᠷᠭᠢᠨ ᠴᠢᠮ᠎ᠠ ᠳ᠋ᠤ᠌ ᠬᠡᠳᠦᠨ ᠬᠥᠪᠴᠢᠲᠦ ᠨᠤᠮᠤ ᠶ᠋ᠢ ᠲᠠᠲᠠᠬᠤ᠂ ᠬᠡᠳᠦᠢ ᠬᠦᠨᠳᠦ ᠴᠢᠯᠠᠭᠤ ᠶ᠋ᠢ ᠡᠷᠭᠦᠬᠦ ᠢᠳᠡ ᠬᠦᠴᠦᠨ ᠪᠣᠢ ? 》ᠬᠡᠮᠡᠭᠰᠡᠨ ᠳ᠋ᠦ᠍ᠷ ᠲᠠᠢᠽᠦ ᠲᠡᠷᠡ ᠬᠥᠪᠡᠭᠦᠨ ᠢ᠋ ᠦᠵᠡᠪᠡᠰᠦ ᠥᠩᠭᠡ ᠵᠢᠰᠦ ᠳ᠋ᠦ᠍ᠷ ᠥᠪᠡᠷ᠎ᠡ ᠵᠦᠢᠯ ᠦ᠋ᠨ ᠰᠦᠷ ᠰᠢᠨᠵᠢ ᠨᠢᠭᠤᠭᠳᠠᠵᠤ᠂ ᠦᠭᠡ ᠳᠠᠭᠤᠨ ᠳ᠋ᠤᠷ ᠥᠨᠳᠥᠷ ᠬᠦᠩᠭᠢᠨᠡᠮ᠎ᠡ ᠠᠶᠠᠰ ᠡᠭᠡᠰᠢᠭ ᠢᠯᠡᠷᠡᠭᠰᠡᠨ ᠳ᠋ᠦ᠍ᠷ ᠯᠠᠪ ᠨᠢᠭᠡᠨ ᠪᠠᠭᠠᠲᠤᠷ ᠬᠦᠴᠦᠲᠡᠨ ᠮᠥᠨ ᠢ᠋ ᠮᠡᠳᠡᠭᠡᠳ ᠢᠨᠢᠶᠡᠨ ᠥᠭᠦᠯᠡᠷᠦᠨ:《ᠣᠯᠠᠨ ᠢ᠋ ᠬᠤᠷᠢᠶᠠᠮᠵᠢᠯᠠᠬᠤᠢ ᠳ᠋ᠤᠷ ᠢᠲᠡᠭᠡᠯ ᠡᠷᠳᠡᠮ ᠳ᠋ᠦ᠍ᠷ ᠪᠣᠢ ‍ᠶ᠎ᠠ᠂ ᠢᠳᠡ ᠬᠦᠴᠦᠨ ᠳ᠋ᠦ᠍ᠷ ᠦᠭᠡᠢ ᠪᠣᠯᠠᠢ᠃ ᠴᠢ ᠲᠡᠷᠡ ᠦᠬᠡᠷ ᠡᠪᠳᠡᠬᠦ ᠬᠢᠲᠤᠭ᠎ᠠ ᠪᠠᠨ ᠢᠨᠠᠭ᠍ᠰᠢ ᠠᠪᠴᠢᠷᠠ ᠂ ᠪᠢ ᠴᠢᠮ᠎ᠠ ᠳ᠋ᠤᠷ ᠨᠠᠷᠢᠪᠴᠢᠯᠠᠨ ᠬᠡᠯᠡᠵᠦ ᠥᠭᠰᠦᠭᠡᠢ᠃ 》ᠬᠡᠮᠡᠭᠰᠡᠨ ᠳ᠋ᠦ᠍ᠷ ᠲᠡᠷᠡ ᠬᠥᠪᠡᠭᠦᠨ ᠬᠢᠲᠤᠭ᠎ᠠ ᠪᠠᠨ ᠲᠠᠢᠽᠦ ᠳ᠋ᠦ᠍ᠷ ᠥᠭᠪᠡ᠃ ᠲᠠᠢᠽᠦ ᠬᠢᠲᠤᠭ᠎ᠠ ᠶ᠋ᠢ ᠠᠪᠴᠤ ᠦᠵᠡᠪᠡᠰᠦ ᠢᠷ ᠮᠠᠰᠢ ᠨᠢᠮᠭᠡᠨ᠂ ᠮᠡᠰᠡ ᠪᠠᠬᠠᠨ ᠴᠤ᠌ ᠮᠢᠷᠠᠭᠰᠠᠨ ᠦᠭᠡᠢ ᠠᠰᠤᠷᠤ ᠬᠤᠷᠴᠠ ᠲᠤᠯᠠ ᠲᠡᠷᠡ ᠬᠢᠲᠤᠭ᠎ᠠ ᠶ᠋ᠢ ᠪᠠᠷᠢᠵᠤ ᠲᠤᠶᠤᠯᠬᠢᠯᠠᠨ ᠥᠭᠦᠯᠡᠷᠦᠨ: 《ᠳᠡᠯᠡᠬᠡᠢ ᠳ᠋ᠠᠬᠢᠨ ᠢ᠋ ᠵᠠᠰᠠᠬᠤ ᠠᠨᠤ ᠴᠢᠨᠦ ᠡᠨᠡ ᠦᠬᠡᠷ ᠡᠪᠳᠡᠬᠦᠢ ᠳ᠋ᠦ᠍ᠷ ᠠᠳᠠᠯᠢ ᠪᠣᠯᠠᠢ᠂ ᠦᠬᠡᠷ ᠡᠪᠳᠡᠵᠦ ᠦᠯᠦ ᠴᠢᠳᠠᠬᠤ ᠠᠷᠠᠳ᠂ ᠦᠬᠡᠷ ᠦ᠋ᠨ ᠵᠠᠪᠰᠠᠷ ᠵᠠᠭᠠᠯᠢᠬᠠᠢ ᠶ᠋ᠢ ᠦᠯᠦ ᠮᠡᠳᠡᠬᠦ ᠲᠤᠯᠠ ᠨᠢᠳᠦᠨ ᠳ᠋ᠦ᠍ᠷ ᠦᠵᠡᠭᠳᠡᠬᠦ ᠢᠨᠦ ᠭᠠᠭᠴᠠ ᠨᠢᠭᠡᠨ ᠪᠦᠬᠦᠯᠢ ᠦᠬᠡᠷ ᠪᠣᠯᠠᠢ᠂ ᠬᠡᠷᠪᠡ ᠦᠬᠡᠷ ᠡᠪᠳᠡᠵᠦ ᠴᠢᠳᠠᠬᠤ ᠠᠷᠠᠳ ᠪᠤᠯᠪᠰᠤ ᠦᠬᠡᠷ ᠦ᠋ᠨ ᠭᠡᠰᠢᠭᠦᠨ ᠦ᠌ ᠵᠠᠪᠰᠠᠷ ᠵᠠᠭᠠᠯᠢᠬᠠᠢ ᠠᠨᠤ ᠲᠡᠭᠦᠨ ᠦ᠌ ᠴᠡᠭᠡᠵᠢᠨ ᠳ᠋ᠦ᠍ᠷ ᠲᠣᠳᠣᠷᠬᠠᠢ ᠪᠣᠢ ᠶ᠋ᠢᠨ ᠤᠴᠢᠷ᠂ ᠨᠢᠳᠦᠨ᠎ᠡ ᠦᠵᠡᠭᠳᠡᠬᠦ ᠢᠨᠦ ᠴᠥᠮ ᠲᠣᠯᠣᠭᠠᠢ ᠰᠢᠭᠢᠷ᠎ᠡ ᠡᠪᠴᠢᠭᠦᠦ ᠤᠭᠤᠴᠠ ᠲᠤᠰ ᠲᠤᠰ ᠲᠠᠭᠠᠨ ᠴᠤᠴᠠᠷᠬᠠᠢ ᠦᠵᠡᠭᠳᠡᠬᠦ ᠪᠣᠢ ‍ᠶ᠎ᠠ᠂ ᠪᠦᠲᠦᠨ ᠦᠬᠡᠷ ᠦᠵᠡᠭᠳᠡᠬᠦ ᠦᠭᠡᠢ ᠪᠣᠯᠤᠮᠤᠢ᠂ ᠲᠡᠢᠨ ᠬᠦ᠌ ᠭᠠᠷ ᠬᠥᠳᠡᠯᠦᠮᠡᠭᠴᠡ ᠬᠢᠲᠤᠭ᠎ᠠ ᠨᠡᠪᠲᠡᠷᠡᠵᠦ᠂ ᠦᠬᠡᠷ ᠦ᠋ᠨ ᠶᠠᠰᠤ ᠮᠢᠬᠠᠨ ᠤ᠋ ᠵᠠᠪᠰᠠᠷ ᠢ᠋ᠶ᠋ᠠᠷ ᠶᠠᠪᠤᠨ ᠳᠡᠮᠡᠢ ᠬᠦᠴᠦᠨ ᠬᠡᠷᠡᠭᠯᠡᠯ ᠦᠭᠡᠢ ᠪᠡᠷ ᠡᠪᠳᠡᠭᠡᠳ ᠬᠢᠲᠤᠭ᠎ᠠ ᠮᠥᠨ ᠮᠢᠷᠠᠬᠤ ᠦᠭᠡᠢ᠃ ᠶᠠᠭᠤᠨ ᠬᠡᠮᠡᠪᠡᠰᠦ ᠦᠬᠡᠷ ᠦ᠋ᠨ ᠦᠶᠡᠰ ᠭᠡᠰᠢᠭᠦᠨ ᠳ᠋ᠦ᠍ᠷ ᠴᠥᠮ ᠵᠠᠪᠰᠠᠷ ᠪᠣᠢ ᠲᠤᠯᠠ ᠭᠢᠲᠤᠬ᠎ᠠ ᠶ᠋ᠢᠨ ᠢᠷ ᠪᠠᠰᠠ ᠮᠠᠰᠢ ᠨᠢᠮᠭᠡᠨ᠂ ᠬᠢᠲᠤᠭᠠᠨ ᠤ᠋ ᠢᠷ ᠦᠬᠡᠷ ᠦ᠋ᠨ ᠵᠠᠪᠰᠠᠷ ᠪᠦᠬᠦᠢ ᠶᠠᠰᠤ ᠰᠢᠷᠪᠦᠰᠦᠨ ᠤ ᠬᠣᠭᠣᠷᠣᠨᠳᠣ ᠣᠷᠣᠪᠠᠰᠤ ᠬᠥᠨᠳᠡᠢ ᠬᠣᠭᠣᠷᠣᠨᠳᠣ ᠳ᠋ᠤᠷ ᠴᠥᠮ ᠮᠡᠰᠡ ᠶᠠᠪᠤᠬᠤ ᠲᠤᠯᠠ ᠮᠠᠰᠢ ᠬᠢᠯᠪᠠᠷ ᠪᠤᠰᠤ ᠤᠤ ? ᠲᠡᠢᠨ ᠬᠦ᠌ ᠦᠬᠡᠷ ᠡᠪᠳᠡᠵᠦ ᠴᠢᠳᠠᠭᠴᠢᠳ ᠪᠥᠭᠡᠰᠦ ᠠᠷᠪᠠᠨ ᠦᠬᠡᠷ ᠡᠪᠳᠡᠬᠦᠢ ᠳ᠋ᠦ᠍ᠷ ᠨᠢᠭᠡᠨ ᠬᠢᠲᠤᠭ᠎ᠠ ᠬᠡᠷᠡᠭᠯᠡᠮᠦᠢ᠂ ᠬᠡᠷᠪᠡ ᠦᠬᠡᠷ ᠡᠪᠳᠡᠨ ᠦᠯᠦ ᠲᠥᠰᠥᠭᠡᠯᠡᠭᠴᠢᠳ ᠪᠣᠯᠪᠠᠰᠤ ᠨᠢᠭᠡᠨ ᠦᠬᠡᠷ ᠡᠪᠳᠡᠬᠦᠢ ᠳ᠋ᠦ᠍ᠷ ᠬᠡᠳᠦᠢ ᠠᠷᠪᠠᠨ ᠬᠢᠲᠤᠭ᠎ᠠ ᠬᠡᠷᠡᠭᠯᠡᠪᠡᠴᠦ ᠮᠥᠨ ᠴᠢᠳᠠᠬᠤ ᠦᠭᠡᠢ ᠪᠣᠯᠤᠭᠠᠳ ᠣᠳᠣ ᠡᠷᠬᠡᠪᠰᠢ ᠪᠦᠳᠦᠭᠦᠨ ᠶᠠᠰᠤ ᠶ᠋ᠢ ᠰᠦᠬᠡ ᠪᠡᠷ ᠴᠠᠪᠴᠢᠬᠤᠢ ᠳ᠋ᠤᠷ ᠬᠦᠷᠬᠦ ᠲᠤᠯᠠ ᠬᠦᠴᠦᠨ ᠰᠦᠢᠳᠬᠡᠭᠡᠳ ᠪᠠᠰᠠ ᠶᠣᠰᠣ ᠪᠤᠰᠤ ᠪᠣᠯᠬᠤ ᠪᠤᠰᠤ ᠤᠤ?  ᠦᠯᠢᠳᠬᠡᠪᠡᠰᠦ ᠳᠡᠯᠡᠬᠡᠢ ᠳ᠋ᠠᠬᠢᠨ ᠬᠡᠮᠡᠭᠴᠢ ᠦᠬᠡᠷ ᠲᠣᠷ ᠠᠳᠠᠯᠢ᠂ ᠳᠡᠯᠡᠬᠡᠢ ᠳ᠋ᠠᠬᠢᠨ ᠢ᠋ ᠵᠠᠰᠠᠬᠤ ᠠᠨᠤ ᠦᠬᠡᠷ ᠡᠪᠳᠡᠬᠦᠢ ᠳ᠋ᠦ᠍ᠷ ᠠᠳᠠᠯᠢ᠂ ᠳᠡᠯᠡᠬᠡᠢ ᠳ᠋ᠠᠬᠢᠨ ᠤ᠋ ᠶᠣᠰᠣ ᠵᠦᠢ ᠢᠨᠤ ᠦᠬᠡᠷ ᠦ᠋ᠨ ᠶᠠᠰᠤᠨ ᠤ᠋ ᠵᠠᠢ ᠵᠠᠪᠰᠠᠷ ᠲᠤᠷ ᠠᠳᠠᠯᠢ᠂ ᠳᠡᠯᠡᠬᠡᠢ ᠳ᠋ᠠᠬᠢᠨ ᠢ᠋ ᠵᠠᠰᠠᠬᠤ ᠠᠷᠭ᠎ᠠ ᠤᠬᠠᠭᠠᠨ ᠠᠨᠤ ᠬᠢᠲᠤᠭᠠᠨ ᠤ᠋ ᠢᠷ ᠮᠡᠰᠡ ᠠᠳᠠᠯᠢ᠃ ᠲᠡᠢᠮᠦ ᠶ᠋ᠢᠨ ᠲᠤᠯᠠ ᠳᠡᠯᠡᠬᠡᠢ ᠳ᠋ᠠᠬᠢᠨ ᠤ᠋ ᠣᠯᠠᠨ ᠢ᠋ ᠬᠤᠷᠢᠶᠠᠮᠵᠢᠯᠠᠬᠤ ᠠᠨᠤ ᠢᠲᠡᠭᠡᠮᠵᠢ ᠡᠷᠳᠡᠮ ᠳ᠋ᠦ᠍ᠷ ᠪᠣᠢ ‍ᠶ᠎ᠠ᠂ ᠢᠳᠡ ᠬᠦᠴᠦᠨ ᠳ᠋ᠦ᠍ᠷ ᠪᠠᠢᠬᠤ ᠪᠤᠰᠤ᠂ ᠲᠡᠢᠨ ᠬᠦ᠌ ᠡᠩ ᠦ᠋ᠨ ᠦᠭᠡᠨ ᠳ᠋ᠦ᠍ᠷ : < ᠰᠡᠭᠦᠵᠢ ᠳ᠋ᠡᠭᠡᠨ ᠢᠳᠡᠲᠡᠨ ᠨᠢᠭᠡᠬᠡᠨ ᠪᠡᠶ᠎ᠡ ᠪᠡᠨ ᠵᠠᠷᠤᠮᠤᠢ᠂ ᠰᠡᠳᠬᠢᠯ ᠳ᠋ᠡᠭᠡᠨ ᠢᠳᠡᠲᠡᠨ ᠲᠦᠮᠡᠨ ᠬᠥᠮᠦᠨ ᠢ᠋ ᠵᠠᠷᠤᠴᠠᠯᠠᠮᠤᠢ >  ᠬᠡᠮᠡᠭᠰᠡᠨ ᠪᠢᠰᠢ ᠦᠦ?  ᠶᠠᠭᠤᠨ ᠳ᠋ᠤᠷ ᠦᠨᠡᠨ ᠡᠷᠳᠡᠮ ᠢ᠋ ᠬᠦᠰᠡᠬᠦ ᠦᠭᠡᠢ᠂ ᠦᠬᠡᠷ ᠬᠦᠴᠦᠨ ᠢ᠋ ᠡᠷᠬᠢᠯᠡᠮᠦᠢ? 》ᠬᠡᠮᠡᠭᠡᠳ ᠬᠢᠲᠤᠭ᠎ᠠ ᠶ᠋ᠢ ᠲᠠᠶᠠᠭᠳᠠᠭᠰᠠᠨ ᠡᠨᠡ ᠨᠢᠭᠡᠨ ᠵᠡᠷᠭᠡ ᠶ᠋ᠢᠨ ᠦᠭᠡᠨ ᠳ᠋ᠦ᠍ ᠲᠡᠷᠡ ᠬᠥᠪᠡᠭᠦᠨ ᠦ᠌ ᠰᠢᠷ᠎ᠠ ᠦᠰᠦᠨ ᠰᠡᠷᠬᠡᠢᠨ ᠪᠣᠰᠴᠤ ᠰᠡᠳᠬᠢᠯ ᠡᠴᠡ ᠰᠡᠬᠡᠭᠡᠷᠡᠨ ᠪᠢᠰᠢᠷᠡᠭᠡᠳ ᠶᠠᠭᠠᠷᠠᠨ ᠮᠣᠷᠢᠨ ᠠ᠋ᠴᠠ ᠪᠠᠨ ᠪᠠᠭᠤᠭᠠᠳ ᠮᠡᠬᠦᠢᠨ ᠰᠥᠭᠥᠳᠴᠦ ᠳᠠᠭᠠᠪᠠᠢ᠃ ᠡᠨᠡ ᠬᠥᠪᠡᠭᠦᠨ ᠢ᠋ ᠬᠡᠨ ᠬᠡᠮᠡᠪᠡᠰᠦ ᠳᠠᠷᠤᠢ ᠠᠷᠯᠤᠳ ᠤ᠋ᠨ ᠯᠠᠬᠤ ᠪᠠᠶᠠᠨ ᠬᠡᠮᠡᠭᠴᠢ ᠶ᠋ᠢᠨ ᠬᠥᠪᠡᠭᠦᠨ ᠪᠣᠳᠣᠯᠭ᠎ᠠ ᠤᠬᠠᠭᠠᠨᠲᠠᠢ ᠪᠤᠭᠤᠷᠵᠢ ᠬᠡᠮᠡᠭᠴᠢ ᠡᠨᠡ ᠮᠥᠨ ᠪᠤᠶᠤ᠃ ᠲᠠᠢᠽᠦ ᠶ᠋ᠢᠨ ᠳᠥᠷᠪᠡᠨ ᠬᠦᠯᠦᠭ ᠦ᠋ᠨ ᠨᠢᠭᠡᠨ ᠢᠨᠤ ᠡᠨᠡ ᠮᠥᠨ ᠪᠣᠯᠠᠢ᠃ ᠡᠭᠦᠨ ᠢ᠋ ᠪᠤᠭᠳᠣᠲᠣ᠌ ᠦᠬᠡᠷ ᠢ᠋ ᠰᠢᠭᠦᠮᠵᠢᠯᠡᠵᠦ ᠪᠤᠭᠤᠷᠵᠢ ᠪᠠᠭᠠᠲᠤᠷ ᠢ᠋ ᠳᠠᠭᠠᠭᠤᠯᠪᠠ ᠬᠡᠮᠡᠮᠦᠢ᠃  ᠪᠤᠭᠤᠷᠵᠢ ᠭᠡᠮᠡᠨ ᠨᠡᠷᠡᠯᠡᠭᠰᠡᠨ ᠢᠨᠤ: ᠲᠥᠷᠥᠭᠰᠡᠨ ᠡᠴᠡ ᠢᠨᠠᠭᠰᠢ ᠨᠢᠭᠡᠨ ᠡᠳᠦᠷ ᠨᠢᠭᠡᠨ ᠡᠳᠦᠷ ᠡᠴᠡ ᠥᠰᠴᠦ ᠰᠠᠷ᠎ᠠ ᠳᠦᠭᠦᠷᠦᠭᠡᠳ ᠰᠡᠴᠡ ᠪᠤᠰᠤᠳ ᠤ᠋ᠨ ᠨᠢᠭᠡᠨ ᠣᠢ ᠪᠣᠯᠤᠭᠰᠠᠨ ᠬᠡᠦᠬᠡᠳ ᠮᠡᠲᠦ ᠶᠡᠬᠡ ᠳ᠋ᠦ᠍ᠷ ᠪᠤᠭᠤ ᠭᠥᠷᠥᠭᠡᠰᠦ ᠮᠡᠲᠦ ᠥᠰᠦᠮᠦᠢ ᠬᠡᠮᠡᠵᠦ ᠪᠤᠭᠤᠷᠵᠢ ᠭᠡᠮᠡᠨ ᠨᠡᠷᠡᠢᠳᠦᠭᠰᠡᠨ ᠠᠵᠤᠭᠤ᠃ 
      ᠲᠡᠨᠳᠡᠴᠡ ᠲᠠᠢᠽᠦ ᠮᠣᠷᠢᠨ ᠠ᠋ᠴᠠ ᠪᠠᠨ ᠬᠠᠷᠠᠢᠨ ᠪᠠᠭᠤᠵᠤ ᠲᠡᠳᠬᠦᠨ ᠪᠤᠰᠬᠠᠭᠰᠠᠨ ᠬᠣᠢᠨ᠎ᠠ  ᠪᠤᠭᠤᠷᠵᠢ ᠥᠭᠦᠯᠡᠷᠦᠨ:《ᠥᠴᠥᠭᠡᠳᠦᠷ ᠪᠦᠷᠦᠭ ᠪᠠᠷᠤᠭ ᠤ᠋ᠨ ᠦᠶ᠎ᠡ ᠳ᠋ᠦ᠍ᠷ ᠨᠢᠭᠡᠨ ᠰᠦᠷᠦᠭ ᠲᠠᠪᠤᠨ ᠮᠣᠷᠢᠲᠠᠨ ᠥᠨᠳᠥᠷ ᠶᠡᠬᠡ ᠨᠠᠢ᠍ᠮᠠᠨ ᠰᠠᠢᠬᠠᠨ ᠰᠢᠷᠬ᠎ᠠ ᠠᠭᠲᠠ ᠶ᠋ᠢ ᠭᠡᠯᠢᠵᠦ ᠭᠠᠷᠤᠭᠰᠠᠨ ᠪᠥᠯᠥᠭᠡ᠂ ᠡᠨᠳᠡ ᠡᠴᠡ ᠪᠠᠷᠠᠭᠤᠨ ᠳᠠᠰᠢ ᠡᠴᠢᠪᠡ᠂ ᠡᠵᠡᠨ ᠴᠢᠨᠦ ᠮᠣᠷᠢᠨ ᠴᠢᠯᠡᠵᠦᠬᠦᠢ ! 》ᠭᠡᠮᠡᠨ ᠭᠡᠷ ᠲᠡᠭᠡᠨ ᠵᠠᠯᠠᠵᠤ ᠪᠠᠭᠤᠯᠭᠠᠨ ᠬᠤᠷᠢᠮ ᠪᠠᠷᠢᠭᠠᠳ :《ᠰᠥᠨᠢ ᠪᠡᠷ ᠳᠣᠪᠲᠣᠯᠤᠨ ᠨᠡᠬᠡᠪᠡᠰᠦ ᠰᠠᠶᠢ ᠬᠥᠭᠡᠭᠡᠵᠦ ᠭᠦᠢᠴᠡᠮᠦᠢ ! 》 ᠬᠡᠮᠡᠭᠡᠳ ᠰᠢᠩᠭᠤᠯᠭᠠᠨ ᠰᠠᠷᠠᠯ ᠢ᠋ᠶ᠋ᠠᠨ ᠡᠮᠡᠭᠡᠯᠯᠡᠭᠡᠳ ᠲᠠᠢᠽᠦ ᠳ᠋ᠦ᠍ᠷ ᠬᠠᠯᠠᠨ ᠤᠨᠤᠭᠤᠯᠤᠨ᠂ ᠬᠤᠷᠳᠤᠨ ᠬᠤᠪᠢ ᠬᠡᠮᠡᠬᠦ ᠪᠡᠨ ᠥᠪᠡᠷ ᠢ᠋ᠶ᠋ᠡᠨ ᠤᠨᠤᠭᠠᠳ ᠬᠣᠶᠠᠭᠤᠯᠠ ᠬᠠᠮᠲᠤ ᠨᠡᠬᠡᠵᠦ ᠡᠴᠢᠪᠡᠢ᠃ ᠪᠠᠰᠠ ᠨᠢᠭᠡᠨ ᠬᠣᠨᠣᠭ ᠤ᠋ᠨ ᠦᠳᠡᠰᠢ ᠶ᠋ᠢᠨ ᠦᠶ᠎ᠡ ᠳ᠋ᠦ᠍ ᠬᠤᠯᠠᠭᠠᠢ ᠶ᠋ᠢᠨ ᠨᠡᠭᠦᠷᠢ ᠶ᠋ᠢ ᠬᠥᠭᠡᠭᠡᠵᠦ ᠭᠦᠢᠴᠡᠭᠡᠳ ᠦᠵᠡᠪᠡᠰᠦ᠂ ᠬᠦᠷᠢᠶ᠎ᠡ ᠲᠠᠲᠠᠵᠤ ᠨᠠᠢ᠍ᠮᠠᠨ ᠠᠭᠲᠠ ᠶ᠋ᠢ ᠬᠣᠷᠢᠭᠠᠳ ᠬᠤᠯᠠᠭᠠᠢ ᠨᠠᠷ ᠬᠠᠷᠠᠬᠠᠨ ᠤᠮᠳᠠᠵᠤᠬᠤᠢ᠃  ᠲᠠᠢᠽᠦ ᠥᠭᠦᠯᠡᠷᠦᠨ : 《ᠨᠥᠬᠥᠷ ᠴᠢ ᠡᠨᠳᠡ ᠬᠦᠯᠢᠶᠡ᠂ ᠮᠢᠨᠦ ᠪᠡᠶ᠎ᠡ ᠬᠤᠯᠠᠭᠠᠢ ᠶ᠋ᠢᠨ ᠬᠦᠷᠢᠶ᠎ᠡ ᠳ᠋ᠦ᠍ ᠴᠠᠪᠴᠢᠨ ᠣᠷᠣᠵᠤ ᠠᠭᠲᠠ ᠶ᠋ᠢ ᠲᠠᠭᠤᠵᠤ ᠭᠠᠷᠭᠠᠰᠤᠭᠠᠢ᠃ 》 ᠪᠤᠭᠤᠷᠵᠢ ᠥᠭᠦᠯᠡᠷᠦᠨ: 《ᠪᠤᠶᠠᠨᠲᠤ ᠡᠵᠡᠨ ᠭᠡᠮᠡᠨ ᠴᠢᠮᠠᠶ᠋ᠢ ᠳᠠᠭᠠᠯᠤᠭ᠎ᠠ ᠪᠢ᠂  ᠪᠣᠯᠭ᠎ᠠ ᠳ᠋ᠤᠷ ᠪᠤᠯᠲᠠᠷᠠᠪᠠᠰᠤ ᠶᠠᠮᠪᠠᠷ ᠭᠠᠪᠢᠶ᠎ᠠ? 》 ᠬᠡᠮᠡᠭᠡᠳ ᠤᠷᠢᠳᠠ ᠬᠤᠯᠠᠭᠠᠢ ᠶ᠋ᠢᠨ ᠰᠢᠷ᠎ᠠ ᠳᠡᠭᠡᠰᠦᠨ ᠬᠦᠷᠢᠶ᠎ᠡ ᠶ᠋ᠢ ᠲᠠᠰᠤ ᠴᠠᠪᠴᠢᠨ ᠣᠷᠣᠵᠤ᠂ ᠨᠠᠢ᠍ᠮᠠᠨ ᠠᠭᠲᠠ ᠶ᠋ᠢ ᠭᠡᠯᠢᠵᠦ ᠭᠠᠷᠭᠠᠬᠤᠶ᠎ᠠ᠂ ᠲᠠᠪᠤᠨ ᠬᠤᠯᠠᠭᠠᠢ ᠰᠡᠷᠢᠭᠡᠳ ᠬᠠᠰᠬᠢᠷᠤᠯᠳᠤᠨ᠂ ᠨᠢᠭᠡᠨ ᠢᠨᠦ ᠭᠠᠷᠴᠤ ᠢᠷᠡᠭᠰᠡᠨ ᠳ᠋ᠦ᠍ᠷ ᠪᠤᠭᠤᠷᠵᠢ ᠳ᠋ᠠᠮ ᠢᠯᠳᠦ ᠪᠡᠨ ᠬᠥᠨᠳᠡᠯᠡᠨ ᠪᠠᠷᠢᠵᠤ ᠬᠤᠯᠠᠭᠠᠢ ᠶ᠋ᠢ ᠲᠣᠰᠴᠤ ᠠᠪᠤᠭᠠᠳ ᠶᠡᠬᠡ ᠳᠠᠭᠤᠨ ᠢ᠋ᠶ᠋ᠠᠷ : 《ᠡᠵᠡᠨ ᠮᠢᠨᠦ ᠠᠭᠲᠠ ᠶ᠋ᠢ ᠲᠦᠷᠭᠡᠨ᠎ᠡ ᠬᠥᠭᠡᠭᠡᠵᠦ ᠠᠪᠠᠴᠢ ! 》ᠬᠡᠮᠡᠭᠰᠡᠨ ᠳ᠋ᠦ᠍ᠷ ᠲᠠᠢᠽᠦ ᠮᠣᠷᠢ ᠪᠠᠨ ᠳᠠᠪᠬᠢᠨ ᠨᠠᠢ᠍ᠮᠠᠨ ᠠᠨᠳᠠ ᠪᠠᠨ ᠬᠥᠭᠡᠭᠡᠵᠦ ᠳᠣᠪᠲᠣᠯᠪᠠ᠃ ᠬᠤᠯᠠᠭᠠᠢ ᠨᠠᠷ ᠦᠵᠡᠭᠡᠳ ᠭᠤᠷᠪᠠᠨ ᠠᠨᠤ ᠪᠤᠭᠤᠷᠵᠢ ᠶ᠋ᠢ ᠬᠠᠭᠠᠵᠤ ᠪᠠᠢᠯᠳᠤᠨ᠂ ᠬᠣᠶᠠᠷ ᠠᠨᠤ ᠲᠠᠢᠽᠦ ᠶ᠋ᠢ ᠬᠥᠭᠡᠭᠡᠨ ᠢᠷᠡᠬᠦᠢ ᠳ᠋ᠦ᠍ᠷ ᠪᠤᠭᠤᠷᠵᠢ ᠶᠡᠬᠡᠯ᠎ᠡ ᠬᠢᠯᠢᠩᠨᠡᠨ ᠬᠤᠯᠠᠭᠠᠢ ᠶ᠋ᠢᠨ ᠲᠡᠷᠢᠭᠦᠨ ᠢ᠋ ᠴᠠᠪᠴᠢᠨ ᠮᠣᠷᠢᠨ ᠠ᠋ᠴᠠ ᠤᠨᠠᠭᠠᠪᠠ᠃ ᠲᠠᠢᠽᠦ ᠬᠣᠶᠠᠷ ᠬᠤᠯᠠᠭᠠᠢ ᠶ᠋ᠢᠨ ᠬᠦᠷᠴᠦ ᠢᠷᠡᠬᠦᠢ ᠶ᠋ᠢ ᠦᠵᠡᠭᠡᠳ ᠵᠡᠪᠡ ᠣᠨᠢᠯᠠᠨ ᠮᠣᠷᠢ ᠪᠠᠨ ᠲᠡᠰᠡᠷᠭᠦᠯᠡᠨ ᠪᠡᠯᠡᠳᠴᠦ ᠪᠠᠢᠭᠰᠠᠨ ᠲᠤᠯᠠ ᠨᠤᠮᠤ ᠪᠠᠨ ᠳᠦᠭᠦᠷᠲᠡᠯ᠎ᠡ ᠲᠠᠲᠠᠵᠤ ᠤᠭᠲᠤᠵᠤ ᠬᠠᠷᠪᠤᠭᠰᠠᠨ ᠳ᠋ᠤᠷ ᠡᠮᠦᠨ᠎ᠡ ᠬᠥᠭᠡᠭᠡᠬᠦ ᠬᠤᠯᠠᠭᠠᠢ ᠶ᠋ᠢᠨ ᠵᠤᠯᠠᠢ ᠳᠡᠭᠡᠷ᠎ᠡ ᠨᠡᠪᠲᠡ ᠭᠠᠳᠠᠭᠠᠳ ᠠᠷᠤ ᠪᠠᠷ ᠲᠠᠪᠠᠷᠴᠠᠭᠯᠠᠨ ᠤᠨᠠᠪᠠ᠃ ᠬᠣᠢᠨ᠎ᠠ ᠬᠥᠭᠡᠭᠡᠬᠦ ᠬᠤᠯᠠᠭᠠᠢ ᠶᠡᠬᠡᠯ᠎ᠡ ᠠᠶᠤᠵᠤ᠂ ᠶᠠᠭᠠᠷᠠᠨ ᠮᠣᠷᠢ ᠪᠠᠨ ᠡᠭᠡᠭᠦᠯᠦᠨ ᠬᠣᠢᠰᠢ ᠪᠤᠷᠤᠭᠤᠯᠠᠬᠤᠢ ᠳ᠋ᠤᠷ ᠲᠠᠢᠽᠦ ᠭᠡᠳᠡᠷᠭᠦ ᠬᠥᠭᠡᠭᠡᠨ ᠡᠴᠢᠭᠡᠳ ᠪᠠᠰᠠ ᠨᠢᠭᠡᠨ ᠵᠡᠪᠡ ᠣᠨᠢᠯᠠᠨ ᠪᠤᠷᠤᠭᠤ ᠬᠠᠨᠳᠤᠨ᠂ ᠪᠤᠷᠤᠭᠤᠯᠠᠬᠤ ᠬᠤᠯᠠᠭᠠᠢ ᠶ᠋ᠢᠨ ᠨᠠᠷᠢᠨ ᠨᠢᠷᠤᠭᠤ ᠪᠠᠷ ᠰᠢᠪᠲᠤ ᠬᠠᠷᠪᠤᠨ ᠤᠨᠠᠭᠠᠪᠠ᠃ ᠨᠥᠭᠥᠭᠡ ᠬᠣᠶᠠᠷ ᠬᠤᠯᠠᠭᠠᠢ ᠦᠵᠡᠭᠡᠳ ᠰᠥᠰᠥ ᠬᠡᠮᠬᠡᠷᠡᠵᠦ᠂ ᠭᠠᠷ ᠬᠥᠯ ᠤᠮᠳᠠᠷᠠᠨ ᠰᠠᠮᠠᠭᠤᠷᠠᠭᠰᠠᠨ ᠳ᠋ᠤᠷ ᠪᠤᠭᠤᠷᠵᠢ ᠳᠡᠢᠯᠦᠭᠰᠡᠨ ᠬᠦᠴᠦᠨ ᠳ᠋ᠦ᠍ᠷ ᠢ᠋ᠶ᠋ᠠᠨ ᠢᠯᠳᠦ ᠪᠡᠨ ᠡᠷᠭᠢᠭᠦᠯᠦᠨ ᠨᠢᠭᠡᠨᠲᠡ ᠵᠠᠩᠳᠠᠵᠤ᠂ ᠪᠠᠰᠠ ᠨᠢᠭᠡᠨ ᠬᠤᠯᠠᠭᠠᠢ ᠶ᠋ᠢᠨ ᠲᠣᠯᠣᠭᠠᠢ ᠶ᠋ᠢ ᠲᠠᠰᠤ ᠴᠠᠪᠴᠢᠨ ᠤᠨᠠᠭᠠᠪᠠ᠃ ᠦᠯᠡᠳᠡᠭᠰᠡᠨ ᠨᠢᠭᠡᠨ ᠬᠤᠯᠠᠭᠠᠢ ᠰᠥᠰᠥ ᠳᠡᠯᠪᠡᠷᠡᠲᠡᠯ᠎ᠡ ᠠᠶᠤᠵᠤ᠂ ᠪᠠᠰᠠ ᠲᠠᠢᠽᠦ ᠶ᠋ᠢᠨ ᠵᠢᠳᠠᠯᠠᠨ ᠬᠦᠷᠴᠦ ᠢᠷᠡᠭᠰᠡᠨ ᠢ᠋ ᠦᠵᠡᠭᠡᠳ ᠶᠠᠭᠠᠷᠠᠨ ᠡᠨᠡ ᠵᠠᠪ ᠲᠤᠷ ᠪᠤᠭᠤᠷᠵᠢ ᠶ᠋ᠢᠨ ᠳ᠋ᠠᠮ ᠢᠯᠳᠦᠨ ᠦ᠌ ᠳᠣᠣᠭᠤᠷ ᠰᠢᠷᠭᠤᠨ ᠮᠣᠷᠢ ᠪᠠᠨ ᠬᠡᠳᠦ ᠬᠡᠳᠦᠨᠲᠡ ᠲᠠᠰᠢᠭᠤᠷᠳᠠᠵᠤ ᠨᠢᠰᠬᠦ ᠮᠡᠲᠦ ᠪᠤᠷᠤᠭᠤᠯᠠᠨ ᠳᠤᠲᠠᠭᠠᠪᠠᠢ᠃ ᠪᠤᠭᠤᠷᠵᠢ ᠮᠣᠷᠢ ᠤᠬᠤᠰᠬᠢᠨ ᠨᠡᠬᠡᠵᠦ ᠣᠳᠬᠤᠢ ᠳ᠋ᠤᠷ ᠲᠠᠢᠽᠦ ᠥᠨᠳᠥᠷ ᠳᠠᠭᠤᠨ ᠢ᠋ᠶ᠋ᠠᠷ ᠳᠠᠭᠤᠳᠠᠨ ᠥᠭᠦᠯᠡᠷᠦᠨ : 《ᠨᠥᠬᠥᠷ ᠪᠢᠳᠡ ᠪᠤᠲᠠ ᠪᠠᠨ ᠣᠯᠪᠠᠰᠤ ᠪᠠᠷᠠᠪᠠᠢ ‍ᠶ᠎ᠠ᠂ ᠪᠤᠷᠤᠭᠤᠯᠠᠭᠰᠠᠨ ᠬᠤᠯᠠᠭᠠᠢ ᠶ᠋ᠢ ᠪᠢᠲᠡᠭᠡᠢ ᠨᠡᠬᠡ᠃ 》ᠬᠡᠮᠡᠭᠰᠡᠨ ᠳ᠋ᠦ᠍ ᠪᠤᠭᠤᠷᠵᠢ ᠰᠠᠶᠢ ᠮᠣᠷᠢ ᠪᠠᠨ ᠲᠠᠲᠠᠵᠤ ᠡᠭᠡᠵᠦ ᠢᠷᠡᠨ ᠥᠭᠦᠯᠡᠷᠦᠨ : 《ᠬᠤᠯᠠᠭᠠᠢ ᠶ᠋ᠢᠨ ᠦᠨᠳᠦᠰᠦᠨ ᠢ᠋ ᠡᠰᠡ ᠲᠠᠰᠤᠯᠪᠠᠰᠤ ᠬᠣᠵᠢᠮ ᠪᠠᠰᠠ ᠬᠣᠷᠣᠰᠤᠯ ᠪᠣᠯᠭᠤᠵᠠᠢ 》 ᠬᠡᠮᠡᠪᠡ᠃  ᠲᠠᠢᠽᠦ ᠥᠭᠦᠯᠡᠷᠦᠨ :  < ᠪᠤᠭᠤ ᠭᠥᠷᠦᠭᠡᠰᠦᠨ ᠢ᠋ ᠪᠢᠲᠡᠭᠡᠢ ᠣᠭᠲᠣ᠂ ᠪᠤᠷᠤᠭᠤᠯᠠᠭᠰᠠᠨ ᠳᠠᠢᠰᠤᠨ ᠢ᠋ ᠪᠦᠦ ᠨᠡᠬᠡ ! >  ᠬᠡᠮᠡᠭᠰᠡᠨ ᠢᠨᠤ ᠂ ᠪᠣᠭᠣᠭᠳᠠᠨ ᠪᠠᠴᠢᠮᠳᠠᠪᠠᠴᠤ ᠥᠪᠡᠷ᠎ᠡ ᠠᠯᠳᠠᠰᠢ ᠭᠠᠷᠭᠤᠵᠠᠢ ᠬᠡᠮᠡᠭᠰᠡᠨ ᠰᠠᠨᠠᠭᠠᠨ ᠪᠣᠯᠠᠢ ᠂ ᠪᠤᠷᠤᠭᠤ ᠬᠤᠯᠠᠭᠠᠢ ᠨᠢᠭᠡᠨ ᠬᠥᠮᠦᠨ ᠦ᠌ ᠬᠡᠷᠡᠭ ᠶᠠᠭᠤᠨ ᠪᠣᠢ ?  ᠪᠤᠭᠤᠷᠵᠢ ᠨᠥᠬᠥᠷ ᠴᠢᠨᠦ ᠠᠯᠳᠠᠰᠢ ᠭᠠᠷᠪᠠᠰᠤ ᠶᠠᠮᠪᠠᠷ ᠠᠮᠲᠠ !》ᠭᠡᠮᠡᠨ ᠬᠣᠶᠠᠭᠤᠯᠠ ᠨᠠᠢ᠍ᠮᠠᠨ ᠰᠠᠢᠬᠠᠨ ᠰᠢᠷᠭ᠎ᠠ ᠠᠭᠲᠠ ᠶ᠋ᠢᠨ ᠭᠠᠳᠠᠨ᠎ᠠ᠂ ᠬᠤᠯᠠᠭᠠᠢ ᠶ᠋ᠢᠨ ᠳᠥᠷᠪᠡᠨ ᠰᠠᠢᠨ ᠮᠣᠷᠢᠨ ᠢ᠋ ᠭᠡᠯᠢᠵᠦ ᠢᠷᠡᠭᠡᠳ ᠯᠠᠬᠤ ᠪᠠᠶᠠᠨ ᠤ᠋ ᠭᠡᠷ ᠲᠦ᠍ ᠪᠠᠭᠤᠪᠠ ᠃ ᠲᠡᠷᠡ ᠦᠶ᠎ᠡ ᠳ᠋ᠦ᠍ ᠪᠤᠭᠤᠷᠵᠢ ᠰᠠᠶᠢ ᠠᠷᠪᠠᠨ ᠲᠠᠪᠤᠨ ᠨᠠᠰᠤ ᠲᠠᠢ᠂ ᠲᠠᠢᠽᠦ ᠠ᠋ᠴᠠ ᠨᠢᠭᠡᠨ ᠨᠠᠰᠤ ᠳᠡᠭᠦᠦ ᠪᠥᠯᠥᠭᠡ᠃ ᠯᠠᠬᠤ ᠪᠠᠶᠠᠨ ᠬᠠᠷᠠᠬᠠᠨ ᠵᠣᠪᠠᠨᠢᠬᠤᠢ ᠳ᠋ᠤᠷ ᠬᠥᠪᠡᠭᠦᠨ ᠢ᠋ᠶ᠋ᠡᠨ ᠡᠭᠡᠵᠦ ᠢᠷᠡᠭᠰᠡᠨ ᠢ᠋ ᠦᠵᠡᠭᠡᠳ ᠪᠠᠶᠠᠷᠯᠠᠵᠤ᠂ ᠲᠠᠢᠽᠦ ᠶ᠋ᠢ ᠬᠡᠨ ᠭᠡᠮᠡᠨ ᠠᠰᠠᠭᠤᠭᠰᠠᠨ᠎ᠠ ᠪᠤᠭᠤᠷᠵᠢ ᠵᠦᠢ ᠵᠦᠢ ᠪᠡᠷ ᠬᠡᠯᠡᠪᠡ᠃ ᠯᠠᠬᠤ ᠪᠠᠶᠠᠨ ᠡᠰᠡᠷᠭᠦ ᠬᠠᠨᠳᠤᠨ ᠢᠨᠢᠶᠡᠭᠡᠳ ᠪᠤᠷᠤᠭᠤ ᠬᠠᠨᠳᠤᠨ ᠪᠤᠷᠤᠢᠵᠤ᠂ ᠲᠠᠢᠽᠦ ᠶ᠋ᠢ ᠬᠣᠨᠣᠭᠤᠯᠤᠨ ᠬᠥᠪᠡᠭᠦᠨ ᠢ᠋ᠶ᠋ᠡᠨ ᠵᠦᠭ ᠰᠡᠮᠡᠬᠡᠷ ᠥᠭᠦᠯᠡᠷᠦᠨ : 《<  ᠥᠩᠭᠡᠲᠦ ᠪᠣᠷᠵᠢᠭᠢᠳ ᠤ᠋ᠨ ᠥᠰᠢᠶᠡᠲᠡᠨ ᠢᠨᠦ ᠦᠯᠡᠮᠵᠢ᠂ ᠲᠡᠭᠷᠢᠯᠢᠭ ᠲᠡᠮᠦᠵᠢᠨ ᠦ᠌ ᠲᠡᠮᠡᠴᠡᠯ ᠢᠨᠦ ᠣᠯᠠᠨ >  ᠭᠡᠮᠡᠨ ᠰᠣᠨᠣᠰᠤᠭᠰᠠᠨ ᠪᠥᠯᠥᠭᠡ᠂ ᠬᠥᠪᠡᠭᠦᠨ ᠴᠢ ᠰᠡᠷᠡᠮᠵᠢᠯᠡᠨ ᠪᠠᠢᠵᠤ ᠬᠠᠨᠢᠯᠠ᠂ ᠨᠠᠭᠠᠳᠤᠮ ᠪᠢᠲᠡᠭᠡᠢ ᠪᠣᠯᠭᠠᠬᠳᠤᠨ ! 》 ᠬᠡᠮᠡᠭᠰᠡᠨ ᠳ᠋ᠦ᠍ᠷ ᠪᠤᠭᠤᠷᠵᠢ ᠥᠭᠦᠯᠡᠷᠦᠨ: 《ᠥᠰᠢᠶᠡᠨ ᠢᠨᠦ ᠣᠯᠠᠨ ᠪᠣᠯᠪᠠᠴᠤ ᠥᠨᠳᠥᠷ ᠢᠵᠠᠭᠤᠷᠲᠠᠨ ᠪᠢᠰᠢ ᠦᠦ ?  ᠲᠡᠮᠡᠴᠡᠯ ᠢᠨᠤ ᠦᠯᠡᠮᠵᠢ ᠪᠣᠯᠪᠠᠴᠤ ᠲᠡᠭᠷᠢ ᠶ᠋ᠢᠨ ᠦᠷᠡᠰ ᠪᠠᠢᠨᠠᠮ᠂ ᠬᠠᠨᠢᠯᠠᠨ ᠶᠠᠪᠤᠵᠤ ᠮᠡᠳᠡᠶ᠎ᠡ 》 ᠬᠡᠮᠡᠪᠡᠢ᠃ ᠵᠢᠴᠢ ᠥᠷᠯᠥᠭᠡ ᠲᠠᠢᠽᠦ ᠪᠤᠰᠤ ᠨᠠᠢ᠍ᠮᠠᠨ ᠰᠢᠷᠭ᠎ᠠ ᠡᠷᠳᠡᠨᠢ ᠶ᠋ᠢᠨ ᠠᠭᠲᠠ ᠠ᠋ᠴᠠ ᠪᠠᠨ ᠳᠥᠷᠪᠡᠨ ᠢ᠋ ᠬᠤᠪᠢᠶᠠᠨ ᠥᠭᠬᠦᠢ ᠳ᠋ᠦ᠍ᠷ ᠪᠤᠭᠤᠷᠵᠢ ᠶᠠᠭᠠᠷᠠᠨ ᠪᠤᠷᠤᠢᠵᠤ ᠥᠭᠦᠯᠡᠷᠦᠨ:《ᠵᠠᠶᠠᠭᠠᠲᠤ ᠡᠵᠡᠨ ᠮᠢᠨᠦ ᠪᠤᠶᠤ ᠭᠡᠮᠡᠨ ᠵᠢᠳᠬᠦᠨ ᠶᠠᠪᠤᠭᠰᠠᠨ ᠪᠥᠯᠥᠭᠡ ᠪᠢ᠂ ᠪᠤᠶᠠᠨᠲᠤ ᠡᠵᠡᠨ ᠮᠢᠨᠦ ᠪᠤᠶᠤ ᠭᠡᠮᠡᠨ ᠪᠣᠳᠣᠵᠤ ᠳᠠᠭᠠᠭᠰᠠᠨ ᠪᠥᠯᠥᠭᠡ ᠪᠢ᠃ ᠡᠴᠢᠭᠡ ᠶ᠋ᠢᠨ ᠮᠢᠨᠦ ᠬᠤᠷᠢᠶᠠᠭᠰᠠᠨ ᠡᠳᠦᠢᠴᠢᠨᠡᠭᠡᠨ ᠠᠳᠤᠭᠤᠨ᠂ ᠡᠨᠡ ᠭᠠᠭᠴᠠ ᠪᠡᠶ᠎ᠡ ᠳ᠋ᠦ᠍ᠷ ᠡᠳ᠋ᠯᠡᠵᠦ ᠪᠠᠷᠠᠰᠢ ᠦᠭᠡᠢ ᠪᠥᠭᠡᠲᠡᠯ᠎ᠡ ᠡᠵᠡᠨ ᠴᠢᠨᠦ ᠡᠷᠳᠡᠨᠢ ᠶ᠋ᠢᠨ ᠠᠭᠲᠠ ᠶ᠋ᠢ ᠠᠪᠤᠪᠠᠰᠤ ᠡᠭᠡᠨᠡᠭᠲᠡ ᠮᠢᠨᠦ ᠶᠠᠮᠪᠠᠷ ᠲᠤᠰᠠ ᠭᠠᠪᠢᠶ᠎ᠠ ᠪᠣᠢ? 》 ᠬᠡᠮᠡᠬᠦᠢ ᠳ᠋ᠦ᠍ᠷ ᠲᠠᠢᠽᠦ ᠥᠭᠦᠯᠡᠷᠦᠨ: 《ᠡᠳᠡᠭᠡᠷ ᠶᠠᠪᠤᠳᠠᠯ ᠴᠥᠮ ᠡᠷᠬᠢᠮ ᠨᠥᠬᠥᠷ ᠴᠢᠨᠦ ᠡᠷᠭᠦᠵᠦ ᠲᠡᠳᠬᠦᠭᠰᠡᠨ ᠢ᠋ᠶ᠋ᠡᠷ ᠰᠠᠶᠢ ᠡᠢᠮᠦ ᠪᠣᠯᠤᠭᠰᠠᠨ ᠪᠥᠭᠡᠲᠡᠯ᠎ᠡ ᠡᠷᠡᠭᠡᠯᠡᠯ ᠦᠭᠡᠢ ᠰᠡᠳᠬᠢᠯ ᠢ᠋ᠶ᠋ᠡᠷ ᠡᠲᠡᠭᠡᠳ ᠥᠮᠴᠢᠯᠡᠪᠡᠰᠦ ᠪᠣᠯᠤᠮᠤᠢ ᠤᠤ? ᠡᠷᠬᠡᠪᠰᠢ ᠬᠠᠮᠲᠤ ᠠᠳᠠᠯᠢ ᠪᠠᠷ ᠡᠳ᠋ᠯᠡᠵᠦ ᠶᠠᠪᠤᠪᠠᠰᠤ ᠵᠣᠬᠢᠮᠤᠢ! 》 ᠬᠡᠮᠡᠵᠦ ᠬᠣᠶᠠᠭᠤᠯᠠ ᠴᠢᠬᠤᠯᠳᠠᠬᠤᠢ ᠳ᠋ᠤᠷ ᠯᠠᠬᠤ ᠪᠠᠶᠠᠨ ᠯᠠᠷᠪᠠᠢᠨ ᠪᠠᠶᠠᠷᠯᠠᠵᠤ ᠢᠨᠢᠶᠡᠨ᠂ ᠣᠯᠵᠠᠯᠠᠨ ᠠᠪᠴᠢᠷᠠᠭᠰᠠᠨ ᠳᠥᠷᠪᠡᠨ ᠮᠣᠷᠢ ᠶ᠋ᠢ ᠦᠯᠡᠳᠡᠭᠡᠵᠦ ᠠᠪᠤᠭᠰᠠᠨ ᠬᠣᠢᠨ᠎ᠠ ᠰᠠᠶᠢ ᠲᠠᠢᠽᠦ ᠲᠠᠯ᠎ᠠ ᠥᠭᠴᠦ ᠮᠣᠷᠳᠠᠬᠤᠶ᠎ᠠ ᠪᠤᠭᠤᠷᠵᠢ ᠬᠡᠳᠦᠨ ᠭᠠᠵᠠᠷ ᠦᠳᠡᠵᠦ᠂ ᠳᠡᠭᠦᠦ ᠨᠠᠷ ᠲᠤᠷ ᠵᠣᠯᠭᠠᠬᠤ ᠪᠣᠯᠵᠣᠭᠠᠨ ᠤ᠋ ᠭᠠᠵᠠᠷ᠎ᠠ ᠬᠦᠷᠪᠡᠰᠦ ᠬᠠᠷᠢᠨ ᠴᠥᠮ ᠴᠤᠭᠯᠠᠨ ᠢᠷᠡᠵᠦ ᠪᠠᠭᠤᠳᠠᠯ ᠪᠠᠭᠤᠨ ᠬᠦᠯᠢᠶᠡᠵᠦᠬᠦᠢ᠃ ᠲᠡᠳᠦᠢ ᠲᠠᠢᠽᠦ ᠣᠯᠠᠨ ᠳ᠋ᠤᠷ ᠵᠣᠯᠭᠠᠵᠤ ᠪᠤᠭᠤᠷᠵᠢ ᠠ᠋ᠴᠠ ᠰᠠᠯᠤᠨ ᠡᠴᠢᠬᠦᠢ ᠳ᠋ᠦ᠍ᠷ ᠪᠤᠭᠤᠷᠵᠢ ᠶ᠋ᠢᠨ ᠭᠠᠷ ᠢ᠋ ᠪᠠᠷᠢᠵᠤ ᠰᠠᠯᠤᠨ ᠲᠦᠪᠳᠡᠬᠦ ᠦᠭᠡᠢ ᠳ᠋ᠦ᠍ᠷ ᠪᠤᠭᠤᠷᠵᠢ ᠶᠠᠭᠠᠷᠠᠨ ᠰᠥᠭᠥᠳᠴᠦ ᠠᠶᠠᠷᠯᠠᠨ ᠥᠭᠦᠯᠡᠷᠦᠨ: 《ᠥᠨᠳᠥᠷ ᠢᠵᠠᠭᠤᠷᠲᠤ ᠡᠵᠡᠨ ᠮᠢᠨᠦ ᠦᠳᠲᠡᠷ ᠲᠦᠷᠭᠡᠨ᠎ᠡ ᠥᠭᠡᠳᠡ ᠪᠣᠯᠤᠨ ᠮᠣᠷᠳᠠᠲᠤᠭᠠᠢ᠂ ᠦᠨᠡᠮᠴᠢᠯᠡᠨ ᠳᠠᠭᠠᠭᠰᠠᠨ ᠪᠤᠭᠤᠷᠵᠢ ᠴᠢᠨᠦ ᠪᠢ ᠦᠯᠦ ᠤᠳᠠᠨ ᠳᠠᠷᠤᠢ ᠬᠦᠷᠴᠦ ᠮᠥᠷᠭᠥᠨ ᠵᠣᠯᠭᠠᠮᠤᠢ ! 》 ᠬᠡᠮᠡᠭᠰᠡᠨ ᠳ᠋ᠦ᠍ᠷ ᠲᠠᠢᠽᠦ ᠰᠠᠶᠢ ᠭᠠᠷ ᠲᠠᠯᠪᠢᠨ ᠰᠠᠯᠤᠯᠴᠠᠵᠤ ᠡᠭᠡᠨ ᠮᠣᠷᠢᠯᠠᠨ ᠢᠷᠡᠭᠡᠳ ᠳᠥᠷᠪᠡᠨ ᠳᠡᠭᠦᠦ ᠲᠠᠪᠤᠨ ᠲᠦᠰᠢᠮᠡᠯ ᠨᠠᠷ ᠬᠠᠷᠢᠯᠴᠠᠨ ᠪᠠᠶᠠᠷᠯᠠᠯᠳᠤᠨ ᠵᠣᠯᠭᠠᠯᠳᠤᠵᠤ᠂ ᠨᠠᠢ᠍ᠮᠠᠨ ᠡᠷᠳᠡᠨᠢ ᠶ᠋ᠢᠨ ᠠᠭᠲᠠ ᠪᠠᠨ ᠲᠤᠰᠢᠶᠠᠨ ᠥᠭᠴᠦ ᠣᠷᠣᠵᠤ ᠥᠭᠡᠯᠦᠨ ᠡᠬᠡ ᠳ᠋ᠦ᠍ᠷ ᠪᠦᠭᠦᠳᠡᠭᠡᠷ ᠵᠣᠯᠭᠠᠪᠠᠢ᠃ 
      ᠡᠨᠡ ᠦᠶ᠎ᠡ ᠳ᠋ᠦ᠍ᠷ ᠲᠠᠢᠴᠢᠭᠤᠳ ᠠᠢᠮᠠᠭ ᠤ᠋ᠨ ᠭᠠᠵᠠᠷ ᠠᠭᠤᠤ᠂ ᠤᠯᠤᠰ ᠶᠡᠬᠡ ᠢᠷᠭᠡᠨ ᠣᠯᠠᠨ ᠪᠣᠯᠵᠤ ᠬᠦᠴᠦᠨ ᠮᠥᠨ ᠦᠯᠡᠮᠵᠢ ᠲᠤᠯᠠ ᠪᠠᠢᠨ ᠪᠠᠢᠨ ᠲᠤᠯᠤᠯᠳᠤᠷ᠎ᠠ ᠢᠷᠡᠵᠦ ᠠᠮᠤᠷ ᠤᠮᠳᠠᠭᠤᠯᠬᠤ ᠦᠭᠡᠢ ᠳ᠋ᠦ᠍ᠷ ᠲᠠᠢᠽᠦ ᠴᠢᠬᠤᠯᠳᠠᠵᠤ᠂ ᠤᠯᠤᠰ ᠤ᠋ᠨ ᠬᠣᠲᠠᠯᠠᠭᠠᠷ ᠢ᠋ ᠴᠥᠮ ᠠᠪᠴᠤ ᠨᠢᠭᠡᠨ ᠵᠡᠷᠭᠡ ᠲᠠᠰᠤᠯᠤᠨ ᠪᠠᠢᠯᠳᠤᠰᠤᠭᠠᠢ ᠭᠡᠮᠡᠨ ᠳᠥᠷᠪᠡᠨ ᠳᠡᠭᠦᠦ ᠪᠠ ᠮᠡᠩᠬᠡᠯᠢᠭ᠂ ᠥᠨᠳᠥᠷ ᠰᠡᠴᠡᠨ᠂ ᠦᠨᠡᠨ ᠲᠥᠷᠥ᠂ ᠮᠤᠬᠤᠯᠢ᠂ ᠴᠢᠯᠠᠭᠤᠨ ᠯᠤᠭ᠎ᠠ ᠵᠥᠪᠳᠡᠬᠦᠯ᠎ᠡ ᠣᠯᠠᠨ ᠢ᠋ᠶ᠋ᠠᠷ ᠮᠥᠨ ᠥᠰᠢᠶ᠎ᠡ ᠠᠪᠰᠤᠭᠠᠢ ᠭᠡᠮᠡᠨ ᠱᠦᠯᠬᠦᠲᠦᠬᠦᠢ ᠳ᠋ᠦ᠍ᠷ ᠮᠤᠬᠤᠯᠢ ᠭᠠᠷᠴᠤ ᠬᠣᠷᠢᠭ᠍ᠯᠠᠨ ᠥᠭᠦᠯᠡᠷᠦᠨ:《 ᠪᠣᠯᠬᠤ ᠦᠭᠡᠢ᠂ ᠶᠡᠷᠦ ᠶ᠋ᠢᠨ ᠦᠭᠡᠨ ᠳ᠋ᠦ᠍ᠷ < ᠬᠠᠳᠠ ᠶ᠋ᠢᠨ ᠬᠦᠳᠡᠷ ᠢ᠋ ᠬᠠᠷᠪᠤᠬᠤᠢ ᠳ᠋ᠤᠷ ᠬᠠᠴᠢᠷ ᠥᠳᠥᠲᠦ ᠰᠤᠮᠤᠨ ᠢ᠋ᠶ᠋ᠠᠨ ᠬᠠᠢᠷᠠᠯᠠᠮᠤᠢ᠂ ᠬᠠᠷᠠᠳᠠᠨ ᠳᠠᠢᠰᠤᠨ᠎ᠠ ᠲᠡᠮᠡᠴᠡᠬᠦᠢ ᠳ᠋ᠦ᠍ᠷ ᠬᠠᠮᠤᠭ ᠤᠯᠤᠰ ᠤ᠋ᠨ ᠬᠦᠴᠦᠨ ᠢ᠋ᠶ᠋ᠡᠨ ᠮᠡᠳᠡᠲᠦᠭᠡᠢ > ᠬᠡᠮᠡᠵᠦᠬᠦᠢ᠃ ᠬᠠᠨ ᠭᠠᠷᠤᠳᠢ ᠰᠢᠪᠠᠭᠤᠨ ᠤ᠋ ᠲᠡᠭᠷᠢ ᠳ᠋ᠦ᠍ᠷ ᠲᠤᠯᠲᠠᠯ᠎ᠠ ᠳᠡᠭᠳᠡᠬᠦ ᠢᠨᠦ ᠬᠠᠲᠠᠭᠤ ᠬᠦᠴᠦᠲᠡᠢ ᠵᠢᠭᠦᠷ ᠥᠳᠥ ᠶ᠋ᠢᠨ ᠴᠢᠳᠠᠯ ᠳ᠋ᠤᠷ ᠪᠣᠯᠠᠢ᠃ ᠬᠠᠭᠠᠨ ᠦᠨᠳᠦᠰᠦᠲᠦ ᠡᠵᠡᠨ ᠮᠢᠨᠦ ᠬᠠᠷᠠᠬᠠᠨ ᠥᠳᠥ ᠰᠣᠳᠣ ᠪᠠᠨ ᠲᠡᠵᠢᠭᠡᠨ ᠪᠦᠷᠢᠳᠬᠡᠬᠦ ᠴᠠᠭ᠂ ᠬᠠᠲᠠᠭᠤ ᠬᠦᠴᠦᠳᠡᠨ᠎ᠡ ᠬᠠᠷᠢᠭᠤᠴᠠᠨ ᠪᠠᠢᠯᠳᠤᠬᠤ ᠦᠶ᠎ᠡ ᠪᠤᠰᠤ᠃ ᠬᠠᠷᠢᠨ ᠴᠤ᠌ ᠨᠢᠭᠡᠨ ᠬᠦᠴᠦᠨ ᠢ᠋ᠶ᠋ᠡᠨ ᠲᠡᠵᠢᠭᠡᠬᠦ ᠰᠠᠢᠨ ᠭᠠᠵᠠᠷ ᠢ᠋ ᠡᠷᠢᠬᠦ ᠢᠨᠤ ᠳᠡᠭᠡᠷ᠎ᠡ ! 》ᠬᠡᠮᠡᠭᠰᠡᠨ ᠳ᠋ᠦ᠍ᠷ ᠲᠠᠢᠽᠦ ᠮᠤᠬᠤᠯᠢ ᠶ᠋ᠢᠨ ᠡᠳᠡᠭᠡᠷ ᠦᠭᠡᠰ ᠲᠣᠷ ᠦᠨᠡᠬᠡᠷ ᠤᠴᠢᠷ ᠪᠦᠬᠦᠢ ᠶ᠋ᠢ ᠦᠵᠡᠭᠡᠳ ᠶᠡᠬᠡᠯ᠎ᠡ ᠰᠣᠴᠢᠨ ᠪᠠᠶᠠᠷᠯᠠᠵᠤ : 《ᠮᠣᠬᠣᠲᠠᠯ᠎ᠠ ᠪᠣᠳᠣᠭᠴᠢ ᠮᠤᠬᠤᠯᠢ ᠶ᠋ᠢᠨ ᠦᠭᠡ ᠮᠠᠰᠢ ᠵᠦᠢᠲᠡᠢ᠂ ᠨᠠᠰᠤᠨ ᠪᠠᠭ᠎ᠠ ᠪᠥᠭᠡᠳ ᠨᠠᠷᠠᠨ ᠮᠡᠲᠦ ᠭᠡᠭᠡᠬᠡᠨ ᠪᠣᠳᠣᠯᠭ᠎ᠠ ᠲᠠᠢ ! 》ᠬᠡᠮᠡᠵᠦ ᠥᠭᠡᠯᠦᠨ ᠡᠬᠡ ᠳ᠋ᠦ᠍ᠷ ᠮᠡᠳᠡᠭᠦᠯᠦᠭᠰᠡᠨ᠎ᠡ᠂ ᠥᠭᠡᠯᠦᠨ ᠡᠬᠡ ᠶᠡᠬᠡᠯ᠎ᠡ ᠵᠥᠪᠰᠢᠶᠡᠭᠡᠳ ᠥᠭᠦᠯᠡᠷᠦᠨ : 《ᠴᠢᠨᠦ ᠡᠪᠦᠭᠡ ᠶ᠋ᠢᠨ ᠦᠶ᠎ᠡ ᠳ᠋ᠦ᠍ᠷ ᠪᠤᠷᠬᠠᠨ ᠭᠠᠯᠳᠤᠨ᠎ᠠ ① ᠶ᠋ᠢᠨ ᠥᠪᠥᠷ ᠲᠣᠷ ᠠᠭᠤᠯᠠ ᠪᠠᠷ ᠬᠣᠲᠠ ᠬᠢᠵᠦ᠂ ᠪᠡᠷᠬᠡ ᠠᠮᠠ ᠶ᠋ᠢ ᠪᠠᠲᠤᠯᠠᠨ ᠰᠠᠬᠢᠵᠤ ᠨᠤᠲᠤᠭᠯᠠᠵᠤᠬᠤᠢ᠃ ᠡᠳᠦᠭᠡ ᠰᠠᠮᠠᠭᠤᠨ ᠠ᠋ᠴᠠ ᠵᠠᠢᠯᠠᠵᠤ ᠲᠡᠨᠳᠡ ᠨᠡᠭᠦᠨ ᠡᠴᠢᠵᠦ ᠬᠡᠳᠦᠨ ᠵᠢᠯ ᠲᠠᠮᠢᠷ ᠬᠦᠴᠦᠨ ᠢ᠋ ᠲᠡᠵᠢᠭᠡᠵᠦ ᠴᠡᠷᠢᠭ ᠢᠷᠭᠡᠨ ᠢ᠋ᠶ᠋ᠡᠨ ᠪᠣᠯᠪᠠᠰᠤᠷᠠᠭᠤᠯᠪᠠᠰᠤ ᠵᠣᠬᠢᠮᠤᠢ 》ᠬᠡᠮᠡᠭᠰᠡᠨ ᠳ᠋ᠦ᠍ᠷ ᠲᠠᠢᠽᠦ ᠡᠬᠡ ᠶ᠋ᠢᠨ ᠵᠠᠷᠯᠢᠭ ᠪᠠ ᠮᠤᠬᠤᠯᠢ ᠶ᠋ᠢᠨ ᠳᠤᠷᠠᠳᠬᠠᠯ ᠢ᠋ ᠠᠪᠴᠤ ᠳᠠᠷᠤᠢ ᠪᠤᠷᠬᠠᠨ ᠭᠠᠯᠳᠤᠨ᠎ᠠ ᠳ᠋ᠤᠷ ᠨᠡᠭᠦᠵᠦ ᠢᠷᠡᠭᠡᠳ ᠪᠤᠷᠬᠠᠨ ᠭᠠᠯᠳᠤᠨ᠎ᠠ ᠶ᠋ᠢᠨ ᠥᠪᠥᠷ ᠦ᠋ᠨ ᠠᠷᠰᠯᠠᠨ ᠤ᠋ ᠠᠮᠠᠲᠤ ᠬᠣᠷᠢᠨ ᠭᠠᠵᠠᠷ ᠤ᠋ᠨ ᠳᠡᠪᠰᠡᠭ ᠲᠣᠷ ᠨᠤᠲᠤᠭᠯᠠᠵᠤ᠂ ᠪᠠᠯᠭᠤ ᠬᠤᠷᠤᠭᠤᠨ ᠤ᠋ ᠤᠯᠤᠰ ᠠᠯᠪᠠᠲᠤ ᠴᠥᠮ ᠨᠡᠭᠦᠨ ᠢᠷᠡᠭᠡᠳ ᠪᠤᠷᠬᠠᠨ ᠭᠠᠯᠳᠤᠨ᠎ᠠ ᠶ᠋ᠢᠨ ᠰᠦᠪᠡ ᠠᠮᠠ ᠪᠡᠷᠬᠡ ᠬᠠᠪᠴᠢᠯ ᠢ᠋ ᠪᠡᠬᠢᠯᠡᠨ ᠰᠠᠬᠢᠵᠤ᠂ ᠤᠰᠤ ᠡᠪᠡᠰᠦ ᠪᠠᠰᠠ ᠰᠠᠢᠨ ᠲᠤᠯᠠ ᠪᠧᠲ᠋ᠠ᠋ ᠤᠯᠤᠰ ᠶᠡᠬᠡᠯ᠎ᠡ ᠲᠡᠩᠬᠡᠵᠢᠨ᠂ ᠲᠠᠢᠽᠦ ᠶ᠋ᠢᠨ ᠰᠦᠷ ᠬᠦᠴᠦᠨ ᠠᠤᠭ᠎ᠠ ᠠᠯᠳᠠᠷ ᠤᠯᠠᠮ ᠨᠡᠮᠡᠭᠳᠡᠬᠦ ᠳ᠋ᠦ᠍ᠷ ᠳᠥᠷᠪᠡᠨ ᠡᠲᠡᠭᠡᠳ ᠦ᠋ᠨ ᠪᠠᠭ᠎ᠠ ᠠᠢᠮᠠᠭ ᠤ᠋ᠳ ᠤ᠋ᠨ ᠰᠢᠷᠭᠤᠨ ᠢᠷᠡᠭᠰᠡᠨ ᠢᠨᠤ ᠮᠠᠰᠢ ᠣᠯᠠᠨ ᠪᠣᠯᠵᠤ  ᠪᠧᠲ᠋ᠠ᠋ ᠤᠯᠤᠰ ᠨᠡᠯᠢᠶᠡᠳ ᠲᠡᠩᠬᠡᠷᠡᠪᠡᠢ᠃  
– – – – 
① ᠡᠨᠡ ᠪᠤᠷᠬᠠᠨ ᠬᠡᠮᠡᠭᠴᠢ ᠨᠣᠮ ᠪᠤᠷᠬᠠᠨ ᠤ᠋ ᠪᠤᠷᠬᠠᠨ ᠪᠤᠰᠤ ᠂ ᠠᠷᠤ ᠭᠠᠵᠠᠷ ᠤ᠋ᠨ ᠠᠭᠤᠯᠠᠨ ᠳ᠋ᠤᠷ ᠲᠦᠯᠡᠭᠡ ᠮᠣᠳᠣ ᠲᠠᠢ ᠠᠨᠤ ᠮᠠᠰᠢ ᠴᠥᠭᠡᠨ ᠪᠥᠭᠡᠲᠡᠯ᠎ᠡ ᠡᠨᠡ ᠭᠠᠯᠳᠤᠨ᠎ᠠ ᠶ᠋ᠢᠨ ᠠᠭᠤᠯᠠ ᠳ᠋ᠤᠷ ᠨᠠᠷᠠᠰᠤ ᠮᠠᠢᠯᠠᠰᠤ ᠪᠤᠷᠤᠢᠵᠤ ᠪᠠᠷᠤᠢᠲᠠᠯ᠎ᠠ ᠤᠷᠭᠤᠭᠰᠠᠨ ᠲᠤᠯᠠ ᠪᠦᠷ ᠬᠠᠨ ᠭᠠᠯᠳᠤᠨ᠎ᠠ ᠭᠡᠮᠡᠨ ᠨᠡᠷᠡᠢᠳᠴᠦᠬᠦᠢ ᠃ 

     ᠲᠠᠢᠽᠦ ᠠᠷᠪᠠᠨ ᠳᠣᠯᠣᠭᠠᠨ ᠨᠠᠰᠤᠨ ᠰᠡᠭᠦᠳᠡᠷ ᠪᠣᠯᠤᠭᠰᠠᠨ ᠲᠤᠯᠠ ᠥᠭᠡᠯᠦᠨ ᠡᠬᠡ᠂ ᠤᠷᠢᠳᠠ ᠡᠴᠢᠭᠡ ᠢᠨᠦ ᠬᠣᠩᠭᠢᠷᠠᠳ ᠤ᠋ᠨ ᠲᠠᠢ ᠰᠡᠴᠡᠨ ᠦ᠌ ᠥᠬᠢᠨ ᠢ᠋ ᠭᠤᠶᠤᠵᠤ ᠲᠣᠭᠲᠠᠭᠰᠠᠨ ᠪᠥᠯᠥᠭᠡ ᠬᠡᠮᠡᠵᠦ ᠪᠠᠭᠤᠯᠭᠠᠨ ᠠᠪᠬᠤ ᠡᠳᠦᠷ ᠢ᠋ ᠲᠣᠭᠲᠠᠭᠠᠳ ᠮᠡᠩᠬᠡᠯᠢᠭ᠂ ᠴᠢᠯᠠᠭᠤᠨ ᠬᠣᠶᠠᠭᠤᠯᠠ ᠳ᠋ᠤᠷ ᠮᠥᠩᠭᠥᠨ ᠦ᠌ ᠪᠤᠢᠯᠠ᠂ ᠪᠤᠯᠠᠭᠠᠨ ᠮᠣᠨᠴᠣᠭᠲᠤ ᠴᠠᠭᠠᠨ ᠲᠡᠮᠡᠭᠡ ᠲᠡᠷᠢᠭᠦᠯᠡᠨ᠂ ᠬᠠᠰ ᠤ᠋ᠨ ᠬᠠᠵᠠᠭᠠᠷ ᠡᠷᠳᠡᠨᠢᠰ ᠦ᠋ᠨ ᠰᠢᠭᠢᠳᠬᠡᠷᠲᠦ ᠡᠮᠡᠭᠡᠯ ᠬᠠᠵᠠᠭᠠᠷᠲᠤ ᠴᠠᠭᠠᠨ ᠠᠭᠲᠠ ᠶᠢᠰᠦ᠂ ᠰᠤᠯᠠ ᠮᠣᠷᠢ ᠬᠣᠶᠠᠷ ᠶᠢᠰᠦ᠂ ᠦᠬᠡᠷ ᠬᠣᠨᠢ ᠭᠤᠷᠪᠠᠨ ᠶᠢᠰᠦ᠂ ᠰᠢᠭᠦᠰᠦ ᠵᠤᠯᠤᠮ᠎ᠠ᠂ ᠠᠷᠢᠬᠢ ᠭᠤᠷᠪᠠᠨ ᠶᠢᠰᠦ᠂ ᠶᠢᠰᠦᠨ ᠪᠡᠯᠡᠭ ᠢ᠋ ᠪᠠᠷᠢᠭᠤᠯᠵᠤ᠂ ᠲᠠᠢ ᠰᠡᠴᠡᠨ ᠳ᠋ᠦ᠍ᠷ ᠪᠡᠯᠡᠭ ᠬᠦᠷᠭᠡᠨ ᠡᠳᠦᠷ ᠪᠣᠯᠵᠣᠭᠤᠯᠤᠷ᠎ᠠ ᠢᠯᠡᠭᠡᠪᠡ᠃ ᠬᠣᠶᠠᠷ ᠬᠥᠮᠦᠨ ᠨᠥᠬᠥᠷ ᠰᠡᠯᠲᠡ ᠳᠠᠭᠠᠭᠰᠠᠳ ᠬᠥᠲᠥᠴᠢ ᠪᠡᠨ ᠠᠪᠴᠤ ᠬᠡᠷᠦᠯᠦᠨ ᠮᠥᠷᠡᠨ ᠢ᠋ ᠥᠭᠡᠳᠡᠯᠡᠨ ᠬᠣᠩᠭᠢᠷᠠᠳ ᠲᠤᠷ ᠬᠦᠷᠴᠦ ᠲᠡᠢ ᠰᠡᠴᠡᠨ ᠳ᠋ᠦ᠍ᠷ ᠵᠣᠯᠭᠠᠵᠤ ᠪᠡᠯᠡᠭ ᠢ᠋ᠶ᠋ᠡᠨ ᠮᠡᠳᠡᠭᠦᠯᠦᠭᠰᠡᠨ ᠳ᠋ᠦ᠍ᠷ ᠲᠡᠢ ᠰᠡᠴᠡᠨ ᠪᠡᠯᠡᠳᠬᠡᠨ ᠬᠦᠨᠳᠦᠯᠡᠵᠦ ᠪᠠᠶᠠᠷᠯᠠᠨ ᠥᠭᠦᠯᠡᠷᠦᠨ :《ᠲᠠᠨ ᠤ᠋ ᠠᠢᠮᠠᠭ ᠢ᠋ ᠲᠠᠢᠴᠢᠭᠤᠳ ᠠᠢᠮᠠᠭ ᠪᠠᠢᠯᠳᠤᠪᠠ ᠭᠡᠮᠡᠨ ᠪᠢ ᠴᠡᠷᠢᠭ ᠪᠠᠢᠭᠤᠯᠤᠨ ᠪᠦᠬᠦᠢ ᠳ᠋ᠦ᠍ᠷ ᠲᠠᠨ ᠤ᠋ ᠡᠵᠡᠨ ᠢ᠋ ᠡᠭᠡᠪᠡ ᠭᠡᠮᠡᠨ ᠰᠣᠨᠣᠰᠤᠭᠰᠠᠨ ᠲᠤᠯᠠ ᠡᠰᠡ ᠡᠴᠢᠯᠦᠭᠡ᠃ ᠲᠡᠭᠷᠢ ᠯᠠᠪ ᠲᠡᠮᠦᠵᠢᠨ ᠬᠦᠷᠭᠡᠨ ᠢ᠋ ᠮᠢᠨᠦ ᠦᠯᠦ ᠮᠥᠬᠥᠭᠡᠮᠦᠢ ᠬᠡᠮᠡᠭᠰᠡᠨ ᠪᠥᠯᠥᠭᠡ᠃ ᠡᠳᠦᠭᠡ ᠤᠯᠠᠭᠠᠨ ᠨᠠᠷᠠᠨ ᠳᠣᠷᠣᠨ᠎ᠠ ᠠ᠋ᠴᠠ ᠮᠠᠨᠳᠤᠵᠤ ᠂ ᠤᠯᠤᠰ ᠲᠥᠷᠥ ᠤᠯᠠᠮ ᠲᠣᠭᠲᠠᠨᠢᠬᠤ ᠰᠢᠬᠠᠪᠠ᠃ 》ᠬᠡᠮᠡᠭᠡᠳ ᠡᠳᠦᠷ ᠢ᠋ ᠲᠣᠭᠲᠠᠭᠠᠵᠤ ᠬᠠᠷᠢᠭᠤᠯᠪᠠᠢ᠃ ᠲᠡᠷᠡ ᠦᠶ᠎ᠡ ᠳ᠋ᠦ᠍ᠷ ᠴᠢᠯᠠᠭᠤᠨ ᠤ᠋ ᠡᠴᠢᠭᠡ ᠲᠣᠷᠭᠠᠨ ᠰᠢᠷ᠎ᠠ ᠲᠠᠢᠴᠢᠭᠤᠳ ᠠᠢᠮᠠᠭ ᠯᠤᠭ᠎ᠠ ᠲᠠᠭᠠᠷᠠᠯᠴᠠᠬᠤ ᠦᠭᠡᠢ ᠪᠣᠯᠵᠤ ᠠᠩᠭᠢᠳᠠ ᠰᠠᠭᠤᠭᠰᠠᠨ ᠲᠤᠯᠠ ᠲᠠᠢᠽᠦ ᠬᠥᠮᠦᠨ ᠵᠠᠷᠤᠵᠤ ᠵᠠᠯᠠᠵᠤ ᠠᠪᠴᠢᠷᠠᠭᠠᠳ ᠪᠠᠰᠠ ᠲᠡᠭᠦᠨ ᠦ᠌ ᠬᠣᠶᠠᠷ ᠪᠠᠭ᠎ᠠ ᠬᠥᠪᠡᠭᠦᠨ ᠴᠢᠮᠪᠠᠢ᠂ ᠲᠡᠮᠦᠷ ᠨᠠᠷ ᠯᠤᠭ᠎ᠠ ᠭᠠᠵᠠᠷ ᠨᠤᠲᠤᠭ ᠥᠭᠴᠦ ᠰᠠᠭᠤᠯᠭᠠᠭᠠᠳ ᠲᠣᠷᠭᠠᠨ ᠰᠢᠷ᠎ᠠ ᠶ᠋ᠢ ᠬᠤᠷᠢᠮ ᠳ᠋ᠤᠷ ᠡᠴᠢᠬᠦ ᠲᠡᠷᠢᠭᠦᠯᠡᠭᠴᠢ ᠠᠨᠳᠠ ᠪᠣᠯᠭᠠᠵᠤ᠂ ᠰᠠᠢᠨ ᠡᠳᠦᠷ ᠰᠢᠬᠠᠭᠰᠠᠨ ᠬᠣᠢᠨ᠎ᠠ ᠰᠠᠢᠳ ᠮᠡᠷᠭᠡᠳ ᠢ᠋ᠶ᠋ᠠᠨ ᠳᠠᠭᠠᠭᠤᠯᠤᠨ ᠬᠣᠩᠭᠢᠷᠠᠳ ᠠᠢᠮᠠᠭ ᠲᠤᠷ ᠮᠣᠷᠳᠠᠵᠤ ᠂ ᠪᠦᠷᠲᠡᠭᠡᠯᠵᠢᠨ ᠵᠦᠰᠦᠨ ① ᠬᠠᠲᠤᠨ ᠢ᠋ᠶ᠋ᠠᠨ ᠪᠣᠭᠲᠣᠯᠠᠷ᠎ᠠ ᠢᠷᠡᠪᠡ ᠃ ᠲᠡᠨᠳᠡᠴᠡ ᠲᠡᠢ ᠰᠡᠴᠡᠨ ᠦ᠌ ᠶᠡᠬᠡ ᠪᠠᠭᠤᠳᠠᠯ ᠤ᠋ᠨ ᠡᠮᠦᠨ᠎ᠡ ᠬᠦᠷᠴᠦ ᠢᠷᠠᠪᠠᠰᠤ᠂ ᠲᠠᠢ ᠰᠡᠴᠡᠨ ᠦ᠌ ᠭᠡᠷ ᠦ᠋ᠨ ᠲᠦᠰᠢᠮᠡᠯ ᠬᠦᠢᠰᠡᠨ ᠦ᠌ ᠪᠤᠭᠤᠷᠤᠯ ② ᠭᠠᠷᠴᠤ ᠠᠰᠠᠭᠤᠷᠤᠨ:《ᠡᠳᠦᠷ ᠨᠠᠷᠠᠨ ᠡᠷᠲᠡ ᠪᠥᠭᠡᠲᠡᠯ᠎ᠡ ᠡᠭᠦᠳᠡ ᠳᠠᠷᠤᠵᠤ ᠪᠠᠭᠤᠭᠰᠠᠨ ᠲᠠᠨ ᠤ᠋ ᠶᠠᠭᠤᠨ?  ᠬᠠᠮᠤᠭ ᠪᠦᠭᠦᠳᠡ ᠡᠶᠡᠲᠡᠢ ᠪᠥᠭᠡᠲᠡᠯ᠎ᠡ ᠬᠠᠭᠠᠯᠭ᠎ᠠ ᠳᠠᠷᠤᠵᠤ ᠪᠠᠭᠤᠭᠰᠠᠨ ᠲᠠᠨ ᠤ᠋ ᠶᠠᠭᠤᠨ? 》ᠬᠡᠮᠡᠭᠰᠡᠨ ᠳ᠋ᠦ᠍ᠷ ᠡᠨᠳᠡᠬᠢ ᠡᠲᠡᠭᠡᠳ ᠡᠴᠡ ᠮᠡᠩᠭᠡᠯᠢᠭ ᠭᠠᠷᠴᠤ ᠥᠭᠦᠯᠡᠷᠦᠨ: 《ᠡᠷᠭᠢᠨ ᠲᠠᠨ ᠳ᠋ᠤᠷ ᠨᠢᠭᠡᠨ ᠠᠪᠠᠬᠠᠢ ᠪᠣᠢ ᠬᠡᠮᠡᠯᠦᠭᠡ᠂ ᠡᠷᠲᠡ ᠡᠳᠦᠷ ᠮᠠᠨ ᠤ᠋ ᠡᠵᠡᠨ ᠳ᠋ᠦ᠍ᠷ ᠥᠭᠰᠦᠭᠡᠢ ᠭᠡᠮᠡᠨ ᠲᠣᠭᠲᠠᠯᠤᠭ᠎ᠠ᠃ ᠬᠠᠳᠠᠮ ᠤᠷᠤᠭ ᠤ᠋ᠨ ᠬᠠᠰ ᠮᠡᠲᠦ ᠠᠪᠠᠬᠠᠢ ᠶ᠋ᠢ ᠴᠢᠨᠦ ᠬᠠᠨ ᠬᠥᠪᠡᠭᠦᠨ ᠡᠵᠡᠨ ᠢᠨᠦ ᠬᠠᠲᠤᠨ ᠢ᠋ᠶ᠋ᠠᠨ ᠪᠣᠭᠲᠣᠯᠠᠷ᠎ᠠ ᠢᠷᠡᠪᠡ᠃ ᠬᠠᠴᠢᠷ ᠥᠳᠥᠲᠦ ᠰᠤᠮᠤᠨ ᠢ᠋ᠶ᠋ᠠᠨ ᠦᠵᠡᠭᠳᠡᠬᠦᠢ᠃ 》ᠭᠡᠮᠡᠨ ᠤᠷᠢᠳᠤ ᠲᠠᠢᠽᠦ ᠶ᠋ᠢᠨ ᠶᠢᠰᠦᠭᠡᠢ ᠪᠠᠭᠠᠲᠤᠷ ᠤ᠋ᠨ ᠲᠡᠭᠷᠢ ᠪᠣᠯᠬᠤ ᠲᠤᠬᠠᠢ ᠳᠣᠪᠲᠣᠯᠤᠨ ᠬᠠᠷᠢᠬᠤᠢ ᠳ᠋ᠤᠷ ᠲᠠᠢ ᠰᠡᠴᠡᠨ ᠦ᠌ ᠲᠡᠮᠳᠡᠭ ᠪᠣᠯᠭᠠᠨ ᠥᠭᠭᠦᠭᠰᠡᠨ ᠰᠠᠭᠠᠳᠠᠭ ᠤ᠋ᠨ ᠠᠯᠲᠠᠨ ᠲᠣᠭᠣᠨᠣᠪᠲᠤ ᠰᠤᠮᠤ ᠶ᠋ᠢ ᠠᠪᠴᠤ ᠦᠵᠡᠭᠦᠯᠪᠡ᠃   
– – – – 
① ᠡᠨᠡ ᠵᠦᠰᠦᠨ ᠬᠡᠮᠡᠭᠴᠢ ᠤᠢᠭᠤᠷ ᠤᠯᠤᠰ ᠤ᠋ᠨ ᠡᠵᠡᠨ ᠬᠠᠲᠤᠨ ᠬᠡᠮᠡᠭᠰᠡᠨ ᠦᠭᠡ ᠂ ᠵᠠᠷᠢᠮ ᠳ᠋ᠤᠷ ᠪᠠᠰᠠ ᠵᠠᠰᠠᠨ ᠬᠠᠲᠤᠨ ᠭᠡᠮᠡᠨ  ᠪᠢᠴᠢᠵᠦᠬᠦᠢ᠂ ᠲᠡᠢᠨ ᠬᠦ᠌ ᠲᠡᠷᠡ ᠶᠣᠰᠣᠭᠠᠷ ᠪᠢᠴᠢᠪᠡᠢ ᠃ 
②   ᠡᠭᠦᠨ ᠢ᠋ ᠮᠠᠩᠨᠠᠢ ᠳ᠋ᠤᠷ ᠨᠢᠭᠡ ᠬᠡᠰᠡᠭ ᠪᠤᠭᠤᠷᠤᠯ ᠴᠠᠭᠠᠨ ᠦᠰᠦ ᠪᠣᠢ ᠲᠤᠯᠠ ᠲᠡᠢᠨ ᠬᠦ᠌ ᠲᠥᠷᠥᠯᠬᠢ ᠪᠤᠭᠤᠷᠤᠯ ᠭᠡᠮᠡᠨ ᠡᠢᠨ ᠨᠡᠷᠡᠢᠳᠪᠡᠢ ᠃ 

      ᠲᠡᠳᠦᠢ ᠲᠡᠢ ᠰᠡᠴᠡᠨ ᠥᠭᠦᠯᠡᠷᠦᠨ: 《ᠭᠣᠣᠯ ᠮᠡᠲᠦ ᠬᠡᠦᠬᠡᠨ ᠊ᠢ ᠠᠪᠬᠤ ᠲᠤᠯᠠ ᠭᠣᠯᠣᠮᠲᠠ ᠶ᠋ᠢ ᠮᠢᠨᠦ ᠲᠠᠬᠢᠬᠤ ᠬᠡᠷᠡᠭᠲᠡᠢ᠂ ᠭᠠᠷ ᠮᠡᠲᠦ ᠥᠬᠢᠨ ᠢ᠋ ᠮᠢᠨᠦ ᠠᠪᠬᠤ ᠲᠤᠯᠠ ᠭᠠᠯ ᠢ᠋ ᠮᠢᠨᠦ ᠲᠠᠬᠢᠬᠤ ᠬᠡᠷᠡᠭᠲᠡᠢ᠃ 》ᠭᠡᠮᠡᠨ ᠡᠯ᠎ᠡ ᠵᠦᠢᠯ ᠦ᠋ᠨ ᠶᠣᠰᠣᠯᠠᠯ ᠢ᠋ ᠪᠦᠷᠢᠳᠬᠡᠯᠭᠡᠨ᠂ ᠶᠢᠰᠦᠨ ᠵᠦᠢᠯ ᠦ᠋ᠨ ᠬᠤᠭᠤᠷ ᠴᠣᠭᠣᠷ ᠱᠠᠪᠠᠩ ᠬᠥᠭᠵᠢᠮ ᠢ᠋ᠶ᠋ᠡᠷ ᠭᠤᠴᠢᠨ ᠬᠣᠶᠠᠷ ᠬᠠᠨᠠᠲᠤ ᠥᠷᠭᠥᠭᠡ᠂ ᠨᠠᠶᠠᠨ ᠨᠢᠭᠡᠨ ᠡᠷᠦᠬᠡ ᠭᠡᠷ ᠢᠨᠵᠢ ᠲᠡᠢ ᠪᠠᠭᠤᠯᠭᠠᠨ ᠥᠭᠪᠡ᠃ 
      ᠲᠡᠷᠡ ᠦᠶ᠎ᠡ ᠳ᠋ᠦ᠍ᠷ ᠬᠣᠩᠭᠢᠷᠠᠳ ᠤ᠋ᠨ ᠰᠡᠴᠡᠳ ᠤᠬᠠᠭᠠᠨᠲᠠᠨ ᠣᠯᠠᠨ ᠲᠤᠯᠠ ᠲᠠᠢᠽᠦ ᠶ᠋ᠢ ᠪᠠᠭᠤᠯᠭᠠᠬᠤ ᠳ᠋ᠤᠷ ᠪᠠᠰᠠ ᠠᠷᠪᠠᠨ ᠬᠣᠶᠠᠷ ᠬᠠᠨᠠᠲᠤ ᠶᠡᠬᠡ ᠮᠠᠩᠨᠤᠭ ᠥᠷᠭᠥᠭᠡ ᠪᠠᠷᠢᠵᠤ᠂ ᠥᠬᠢᠨ ᠢ᠋ᠶ᠋ᠡᠨ ᠪᠣᠭᠲᠣᠯᠠᠬᠤᠢ ᠳ᠋ᠤᠷ ᠬᠦᠷᠭᠡᠵᠦ ᠢᠷᠡᠭᠡᠳ ᠲᠠᠢᠽᠦ ᠶ᠋ᠢᠨ ᠲᠦᠰᠢᠮᠡᠳ ᠦ᠋ᠨ ᠤᠬᠠᠭᠠᠨ ᠢ᠋ ᠲᠡᠩᠰᠡᠰᠦᠭᠡᠢ ᠭᠡᠮᠡᠨ《ᠮᠠᠨ ᠤ᠋ ᠮᠠᠩᠨᠤᠭ ᠭᠡᠷ ᠢ᠋ ᠪᠡᠯᠭᠡᠲᠦ ᠦᠭᠡᠰ ᠢ᠋ᠶ᠋ᠡᠷ ᠮᠠᠭᠲᠠᠵᠤ᠂ ᠲᠣᠰᠣᠨ ᠢ᠋ᠶ᠋ᠠᠷ ᠪᠣᠱᠣᠭ᠎ᠠ ᠶ᠋ᠢ ᠮᠢᠯᠢᠶᠠᠬᠤ ᠬᠡᠷᠡᠭᠲᠡᠢ 》ᠭᠡᠮᠡᠨ ᠬᠡᠯᠡᠭᠰᠡᠨ ᠳ᠋ᠦ᠍ᠷ ᠮᠡᠩᠭᠡᠯᠢᠭ ᠬᠡᠬᠦᠯᠵᠡᠨ ᠭᠠᠷᠴᠤ ᠲᠣᠰᠣᠨ ᠢ᠋ᠶ᠋ᠠᠷ ᠮᠢᠯᠢᠶᠠᠨ ᠰᠠᠴᠤᠯᠢ ᠥᠭᠴᠦ ᠥᠨᠳᠥᠷ ᠳᠠᠭᠤ ᠪᠠᠷ ᠪᠡᠯᠭᠡᠯᠡᠷᠦᠨ:
          ᠢᠰᠡᠭᠡᠢ ᠪᠡᠷ  ᠪᠦᠷᠬᠦᠭᠰᠡᠨ ᠭᠡᠷ ᠴᠢᠨᠦ  
          ᠡᠷᠳᠡᠮᠲᠦ ᠳᠡᠭᠡᠳᠦ ᠣᠷᠳᠣᠨ ᠪᠣᠯᠲᠤᠭᠠᠢ᠃ 
          ᠡᠷᠳᠡᠮᠲᠦ ᠣᠷᠳᠣᠨ ᠳ᠋ᠤᠷ ᠰᠠᠭᠤᠭᠰᠠᠨ ᠡᠵᠡᠨ ᠮᠢᠨᠦ   
          ᠡᠷᠬᠡ ᠬᠦᠴᠦᠨ ᠨᠡᠮᠡᠭᠳᠡᠵᠦ ᠡᠢᠨ ᠵᠢᠷᠭᠠᠨ ᠠᠲᠤᠭᠠᠢ᠃ 
          ᠪᠣᠱᠣᠭᠲᠤ ᠭᠡᠷ ᠦ᠋ᠨ ᠡᠭᠦᠳᠡᠨ ᠡᠴᠡ
          ᠪᠤᠶᠠᠨᠲᠤ ᠪᠤᠯᠠᠭ ᠳᠠᠭᠠᠪᠤᠷᠯᠠᠨ ᠭᠠᠷᠲᠤᠭᠠᠢ᠃ 
          ᠪᠣᠷᠵᠢᠭᠢᠳ ᠢᠵᠠᠭᠤᠷᠲᠤ ᠳᠠᠭ᠌ᠷᠢᠯᠢᠭ᠌ ᠡᠵᠡᠨ ᠮᠢᠨᠦ
          ᠪᠤᠯᠲᠤ ᠪᠦᠬᠦᠨ ᠢ᠋ ᠡᠵᠡᠯᠡᠨ ᠰᠠᠭᠤᠬᠤ ᠪᠣᠯᠲᠤᠭᠠᠢ᠃ 
          ᠮᠠᠩᠨᠤᠭ ᠢ᠋ᠶ᠋ᠠᠷ ᠪᠦᠷᠬᠦᠭᠰᠡᠨ ᠥᠷᠭᠥᠭᠡ ᠴᠢᠨᠦ 
          ᠮᠠᠰᠢ ᠳᠡᠭᠡᠳᠦ ᠣᠷᠣᠨ ᠪᠣᠯᠲᠤᠭᠠᠢ᠃ 
          ᠮᠠᠨᠵᠢᠯᠭᠠᠲᠤ ᠬᠥᠰᠢᠭᠡ ᠳ᠋ᠦ᠍ᠷ ᠰᠠᠭᠤᠭᠰᠠᠨ ᠮᠠᠨ ᠤ᠋ ᠡᠵᠡᠨ 
          ᠮᠠᠭᠠᠳ ᠢ᠋ᠶ᠋ᠠᠷ ᠳᠡᠯᠡᠬᠡᠢ ᠳ᠋ᠠᠬᠢᠨ ᠢ᠋ ᠡᠵᠡᠯᠡᠲᠦᠭᠡᠢ᠃ 
          ᠲᠠᠵᠢ ᠪᠠᠷ ᠲᠣᠳᠣᠯᠠᠭᠰᠠᠨ ᠥᠷᠭᠥᠭᠡ ᠴᠢᠨᠦ 
          ᠲᠡᠩᠰᠦᠭ᠋ ᠰᠠᠢᠬᠠᠨ ᠬᠠᠷᠰᠢ ᠪᠣᠯᠲᠤᠭᠠᠢ᠃  
          ᠲᠠᠪᠠᠲᠠᠶ᠎ᠠ ᠳᠣᠲᠣᠷ᠎ᠠ ᠰᠠᠭᠤᠭᠴᠢ ᠪᠢᠳᠡᠨ ᠦ᠌ ᠡᠵᠡᠨ 
          ᠲᠠᠰᠤᠷᠬᠠᠢ ᠶᠡᠬᠡ ᠬᠠᠭᠠᠨ ᠰᠠᠭᠤᠷᠢᠨ ᠳ᠋ᠤᠷ ᠰᠠᠭᠤᠲᠤᠭᠠᠢ᠃ 
          ᠲᠣᠭᠣᠨᠣ ᠳ᠋ᠤᠷ ᠠᠭᠰᠠᠨ ᠭᠡᠷ ᠦ᠋ᠨ ᠰᠠᠬᠢᠭᠤᠯᠰᠤᠨ ᠳ᠋ᠤᠷ 
          ᠲᠤᠨᠤᠮᠠᠯ ᠷᠠᠰᠢᠶᠠᠨ ᠤ᠋ ᠰᠠᠴᠤᠯᠢ ᠡᠷᠭᠦᠮᠦ᠃ 
          ᠳᠣᠲᠣᠷ᠎ᠠ ᠣᠷᠣᠰᠢᠭ᠍ᠰᠠᠨ ᠡᠷᠬᠡᠲᠦ ᠡᠵᠡᠨ ᠢ᠋ ᠮᠢᠨᠦ 
          ᠲᠤᠤᠬᠠᠷ ᠦᠭᠡᠶ᠎ᠡ ᠵᠢᠷᠭᠠᠯᠠᠩᠲᠤ ᠪᠣᠯᠭᠠᠨ ᠰᠣᠶᠣᠷᠬ᠎ᠠ᠃ 
          ᠬᠣᠢᠮᠣᠷ ᠠᠭᠰᠠᠨ ᠰᠢᠷᠡᠭᠡ ᠰᠠᠭᠤᠳᠠᠯ ᠤ᠋ᠨ ᠡᠵᠡᠳ ᠲᠣᠷ 
          ᠬᠣᠲᠠᠯᠠ ᠪᠦᠷᠢᠨ ᠷᠠᠰᠢᠶᠠᠨ ᠤ᠋ ᠰᠠᠴᠤᠯᠢ ᠡᠷᠭᠦᠮᠦ᠃ 
          ᠬᠣᠣᠰ ᠰᠠᠢᠬᠠᠨ ᠳᠥᠷᠪᠡᠨ ᠬᠥᠯᠲᠦ ᠰᠠᠨᠳᠠᠯᠢ ᠪᠠᠨ 
          ᠬᠣᠯᠠ ᠤᠷᠲᠤᠳᠠ ᠪᠠᠲᠤ ᠪᠣᠯᠭᠠᠨ ᠵᠣᠬᠢᠶᠠ᠃ 
ᠬᠡᠮᠡᠭᠰᠡᠨ ᠳ᠋ᠦ᠍ᠷ ᠬᠣᠩᠭᠢᠷᠠᠳ ᠤ᠋ᠨ ᠬᠣᠲᠠᠯᠠ ᠤᠯᠤᠰ ᠶᠡᠬᠡᠯ᠎ᠡ ᠭᠠᠢᠬᠠᠯᠳᠤᠪᠠ᠃ ᠪᠤᠭᠤᠷᠤᠯ᠂ ᠮᠡᠩᠭᠡᠯᠢᠭ ᠦ᠋ᠨ ᠬᠤᠷᠴᠠ ᠬᠡᠯᠡᠮᠦᠷᠴᠢ ᠶ᠋ᠢ ᠦᠵᠡᠭᠡᠳ ᠡᠭᠦᠨ ᠢ᠋ ᠮᠣᠬᠣᠭᠠᠵᠤ ᠪᠧᠲ᠋ᠠ᠋ ᠤᠯᠤᠰ ᠤ᠋ᠨ ᠣᠮᠣᠭ ᠢ᠋ ᠪᠠᠬᠠᠨ ᠰᠢᠨᠲᠠᠷᠠᠭᠤᠯᠰᠤᠭᠠᠢ ᠭᠡᠮᠡᠨ ᠰᠢᠭᠤᠳᠤᠭᠠᠳ ᠬᠣᠶᠠᠷ ᠤᠯᠤᠰ ᠤ᠋ᠨ ᠲᠦᠰᠢᠮᠡᠯ ᠬᠦᠵᠢ ᠽᠠᠨᠳᠠᠨ ᠰᠢᠲᠠᠭᠠᠨ ᠲᠡᠭᠷᠢ ᠭᠠᠵᠠᠷ ᠢ᠋ ᠳᠠᠬᠢᠵᠤ᠂ ᠲᠠᠢᠽᠦ ᠬᠠᠲᠤᠨ ᠬᠣᠶᠠᠭᠤᠯᠠ ᠶ᠋ᠢ ᠲᠡᠭᠷᠢ ᠰᠠᠭᠢᠭᠤᠯᠰᠤᠨ᠎ᠠ ᠶᠣᠰᠣᠯᠠᠭᠤᠯᠤᠨ᠂ ᠱᠠᠭᠠᠨᠲᠤ ᠲᠠᠰᠠᠮ᠎ᠠ ᠶ᠋ᠢ ᠪᠦᠷᠢᠳᠬᠡᠵᠦ᠂ ᠶᠡᠬᠡ ᠦᠷᠭᠦᠭᠡᠨ᠎ᠡ ᠵᠠᠯᠠᠵᠤ ᠨᠤᠮᠤ ᠪᠠᠷᠢᠨ ᠪᠦᠷᠬᠦᠭᠦᠯ ᠢ᠋ ᠠᠪᠤᠭᠤᠯᠵᠤ ᠯᠤᠤ ᠶ᠋ᠢᠨ ᠬᠥᠰᠢᠭᠡ ᠳ᠋ᠦ᠍ᠷ ᠣᠷᠣᠭᠤᠯᠤᠨ ᠠᠯᠲᠠᠨ ᠬᠤᠨᠳᠠᠭ᠎ᠠ ᠶ᠋ᠢ ᠬᠣᠯᠪᠣᠵᠤ᠂ ᠬᠣᠶᠠᠷ ᠡᠲᠡᠭᠡᠳ ᠦ᠋ᠨ ᠨᠣᠶᠠᠳ ᠲᠦᠰᠢᠮᠡᠳ ᠶᠢᠰᠦᠨ ᠪᠦᠬᠦᠯᠢ ᠶ᠋ᠢᠨ ᠶᠡᠬᠡ ᠬᠤᠷᠢᠮ ᠬᠤᠷᠢᠮᠯᠠᠵᠤ᠂ ᠲᠣᠷᠭᠠᠨ ᠰᠢᠷ᠎ᠠ᠂ ᠲᠠᠢ ᠰᠡᠴᠡᠨ ᠳ᠋ᠦ᠍ᠷ ᠶᠢᠰᠦᠨ ᠴᠠᠭᠠᠨ ᠤ᠋ ᠬᠠᠷᠢᠭᠤ ᠪᠡᠯᠡᠭ ᠪᠠᠷᠢᠨ ᠮᠣᠷᠳᠠᠭᠤᠯᠤᠭᠰᠠᠨ ᠬᠣᠢᠨ᠎ᠠ᠂ ᠬᠥᠰᠢᠭᠡ ᠲᠠᠢᠯᠬᠤ ᠥᠷᠯᠥᠭᠡ ᠬᠣᠶᠠᠷ ᠡᠲᠡᠭᠡᠳ ᠦ᠋ᠨ ᠲᠦᠰᠢᠮᠡᠳ ᠣᠳᠣᠨ ᠮᠡᠲᠦ ᠣᠯᠠᠨ ᠴᠤᠭᠯᠠᠵᠤᠬᠤᠢ᠃ ᠪᠤᠭᠤᠷᠤᠯ᠂ ᠮᠡᠩᠬᠡᠯᠢᠭ ᠢ᠋ ᠮᠣᠬᠣᠭᠠᠰᠤᠭᠠᠢ ᠭᠡᠮᠡᠨ ᠶᠡᠬᠡ  ᠯᠤᠤᠲᠤ ᠬᠥᠰᠢᠭᠡ ᠳ᠋ᠦ᠍ᠷ ᠶᠢᠰᠦᠨ ᠪᠦᠴᠡ ᠤᠶᠠᠵᠤ᠂ ᠣᠯᠠᠨ ᠤ᠋ ᠡᠮᠦᠨ᠎ᠡ ᠡᠷᠳᠡᠮ ᠢ᠋ᠶ᠋ᠠᠨ ᠢᠯᠡᠳᠬᠡᠨ ᠰᠦᠷᠦᠭ ᠦ᠋ᠨ ᠳᠣᠲᠣᠷ᠎ᠠ ᠠ᠋ᠴᠠ ᠴᠣᠯᠭᠣᠷᠠᠨ ᠭᠠᠷᠴᠤ ᠥᠨᠳᠥᠷ ᠡᠭᠡᠰᠢᠭᠲᠦ ᠳᠠᠭᠤᠨ ᠢ᠋ᠶ᠋ᠠᠷ ᠪᠡᠯᠭᠡᠯᠡᠷᠦᠨ : 
          ᠮᠠᠩᠨᠤᠭ ᠯᠤᠤ ᠶ᠋ᠢᠨ ᠬᠡᠮᠡᠷᠯᠢᠭ ᠬᠥᠰᠢᠭᠡ ᠪᠡᠨ ᠲᠠᠲᠠᠭᠠᠳ 
          ᠮᠠᠨᠵᠢᠯᠭ᠎ᠠ ᠪᠦᠴᠡ ᠨᠦ᠍ᠭᠦᠳ ᠢ᠋ ᠰᠠᠢᠲᠤᠷ ᠵᠠᠩᠭᠢᠳᠪᠠᠢ᠃  
          ᠮᠠᠰᠢ ᠰᠠᠢᠨ ᠡᠳᠦᠷ ᠴᠠᠭ ᠲᠤᠷ ᠲᠠᠢᠯᠤᠭᠰᠠᠨ ᠢ᠋ᠶ᠋ᠠᠷ  
          ᠮᠠᠭᠠᠳ ᠰᠠᠢᠬᠠᠨ ᠵᠢᠷᠭᠠᠯᠠᠩ 
          ᠮᠠᠨ ᠤ᠋ ᠬᠣᠶᠠᠷ ᠤᠷᠤᠭ ᠲᠤ᠌ ᠪᠣᠯᠲᠤᠭᠠᠢ !  
ᠭᠡᠮᠡᠨ ᠬᠡᠯᠡᠵᠦ ᠬᠥᠰᠢᠭᠡ ᠶ᠋ᠢᠨ ᠪᠦᠴᠡ ᠶ᠋ᠢ ᠥᠭᠡᠳᠡᠯᠡᠵᠦ ᠴᠥᠮ ᠵᠠᠩᠭᠢᠳᠪᠠᠢ᠃ ᠮᠡᠩᠭᠡᠯᠢᠭ ᠤᠷᠤᠭ᠍ᠰᠢ ᠲᠠᠪᠰᠢᠵᠤ ᠰᠠᠶᠢ ᠲᠠᠢᠯᠰᠤᠭᠠᠢ ᠬᠡᠮᠡᠲᠡᠯ᠎ᠡ ᠪᠤᠭᠤᠷᠤᠯ ᠭᠠᠷ ᠢ᠋ᠶ᠋ᠠᠷ ᠬᠠᠯᠬᠠᠯᠠᠵᠤ ᠥᠭᠦᠯᠡᠷᠦᠨ:《ᠲᠦᠷ ᠪᠠᠢᠵᠠ᠂ ᠡᠷᠬᠡᠪᠰᠢ ᠮᠢᠨᠦ ᠠᠳᠠᠯᠢ ᠪᠡᠯᠭᠡᠯᠡᠵᠦ ᠰᠠᠶᠢ ᠲᠠᠢᠯᠲᠤᠭᠠᠢ! 》 ᠬᠡᠮᠡᠭᠰᠡᠨ ᠳ᠋ᠦ᠍ᠷ ᠮᠡᠩᠭᠡᠯᠢᠭ ᠵᠣᠭᠰᠣᠵᠤ᠂ ᠮᠥᠨ ᠠᠯᠭᠤᠷ ᠠᠭᠠᠵᠢᠮ ᠢ᠋ᠶ᠋ᠠᠷ ᠥᠨᠳᠥᠷ ᠡᠭᠡᠰᠢᠭᠯᠡᠨ ᠪᠡᠯᠭᠡᠯᠡᠷᠦᠨ: 
          ᠠᠷᠠᠵᠠ ᠬᠣᠣᠷᠠᠵᠠ ᠤᠭᠤᠷᠠᠭ ᠢ᠋ᠶ᠋ᠠᠷ ᠮᠢᠯᠢᠶᠠᠭᠰᠠᠨ ᠳ᠋ᠤᠷ 
          ᠠᠯᠳᠠᠷ ᠨᠡᠷ᠎ᠡ ᠢᠨᠤ ᠠᠷᠪᠠᠨ ᠵᠦᠭ ᠲᠦ᠍ᠷ ᠳᠠᠭᠤᠷᠢᠰᠲᠤᠭᠠᠢ᠃ 
          ᠠᠴᠢ ᠦᠷ᠎ᠡ ᠢᠨᠤ ᠰᠠᠢᠲᠤᠷ ᠳᠡᠯᠭᠡᠷᠡᠵᠦ 
          ᠠᠯᠪᠠᠲᠤ ᠬᠠᠷᠠᠴᠤᠰ ᠮᠠᠨ ᠳ᠋ᠤᠷ ᠡᠭᠦᠷᠢᠳᠡ ᠬᠠᠮᠠᠭᠠᠯᠠᠯ ᠪᠣᠯᠲᠤᠭᠠᠢ ! 
ᠬᠡᠮᠡᠭᠡᠳ ᠶᠢᠰᠦᠨ ᠪᠦᠴᠡ ᠶ᠋ᠢ ᠡᠬᠢᠯᠡᠨ ᠲᠠᠢᠯᠠᠬᠤᠢ ᠳ᠋ᠤᠷ ᠨᠢᠭᠡ ᠨᠢᠭᠡᠨ ᠢ᠋ᠶ᠋ᠡᠷ ᠪᠡᠯᠭᠡᠯᠡᠨ ᠥᠭᠦᠯᠡᠷᠦᠨ :  
          ᠣᠭᠲᠠᠷᠭᠤᠢ ᠳᠦᠭᠦᠷᠡᠩ ᠰᠠᠬᠢᠭᠤᠯᠰᠤᠨ ᠰᠠᠬᠢᠲᠤᠭᠠᠢ 
          ᠣᠯᠠᠨ ᠪᠦᠬᠦᠨ᠎ᠡ ᠨᠡᠷ᠎ᠡ ᠠᠯᠳᠠᠷᠰᠢᠲᠤᠭᠠᠢ᠃  
          ᠤᠷᠤᠭ ᠰᠠᠳᠤᠨ ᠳ᠋ᠤᠷ ᠬᠠᠯᠠᠮᠵᠢᠲᠠᠢ ᠪᠣᠯᠲᠤᠭᠠᠢ  
          ᠤᠯᠤᠰ ᠢᠷᠭᠡᠨ ᠳᠠᠯᠠᠢ ᠶ᠋ᠢ ᠳᠠᠪᠠᠲᠤᠭᠠᠢ᠃  
          ᠬᠠᠳ ᠶᠡᠬᠡᠰ ᠲᠣᠷ ᠬᠠᠮᠲᠤ ᠵᠡᠷᠭᠡᠴᠡᠲᠦᠭᠡᠢ 
          ᠬᠠᠷᠠᠴᠤᠰ ᠢᠷᠭᠡᠨ ᠳ᠋ᠦ᠍ᠷ ᠡᠷᠭᠦᠭᠳᠡᠨ ᠬᠦᠨᠳᠦᠯᠡᠭᠳᠡᠲᠦᠭᠡᠢ᠃ 
          ᠬᠠᠷᠢ ᠬᠣᠯᠠ ᠳ᠋ᠤᠷ ᠬᠦᠰᠡᠭᠳᠡᠲᠦᠭᠡᠢ 
          ᠬᠠᠮᠤᠭ ᠪᠦᠭᠦᠳᠡ ᠳ᠋ᠦ᠍ᠷ ᠬᠠᠭᠠᠨ ᠰᠠᠭᠤᠲᠤᠭᠠᠢ᠃ 
          ᠶᠢᠰᠦᠨ ᠬᠦᠰᠡᠯ 
          ᠡᠢᠨ ᠬᠦ᠌ ᠭᠦᠢᠴᠡᠲᠦᠭᠡᠢ 
ᠬᠡᠮᠡᠭᠡᠳ ᠴᠥᠮ ᠥᠭᠡᠳᠡᠯᠡᠨ ᠲᠠᠢᠯᠤᠨ ᠪᠠᠷᠠᠭᠰᠠᠨ ᠬᠣᠢᠨ᠎ᠠ᠂ ᠪᠤᠭᠤᠷᠤᠯ ᠪᠠᠰᠠ ᠲᠠᠪᠰᠢᠵᠤ ᠳᠣᠣᠷ᠎ᠠ ᠠ᠋ᠴᠠ ᠳᠡᠭᠡᠭᠰᠢ ᠤᠶᠠᠵᠤ ᠪᠡᠯᠭᠡᠯᠡᠨ ᠥᠭᠦᠯᠡᠷᠦᠨ :  
          ᠬᠠᠷᠠᠴᠤᠰ ᠢᠷᠭᠡᠨ ᠢ᠋ᠶ᠋ᠡᠨ ᠢᠯᠪᠢᠨ ᠲᠡᠵᠢᠭᠡ  
          ᠬᠠᠷᠢᠶᠠᠲᠤ ᠵᠠᠷᠤᠳᠠᠰᠤ ᠪᠠᠨ ᠬᠥᠭᠵᠢᠭᠡᠨ ᠬᠥᠮᠦᠵᠢᠭᠦᠯ᠃  
          ᠬᠠᠮᠤᠭ ᠪᠣᠭᠣᠯᠴᠤᠳ ᠢ᠋ᠶ᠋ᠠᠨ ᠠᠳᠠᠯᠢ ᠪᠠᠷ ᠠᠰᠠᠷᠠᠨ  
          ᠬᠡᠷᠡᠭᠲᠦ ᠠᠯᠪᠠᠲᠤ ᠪᠠᠨ ᠬᠢᠴᠢᠶᠡᠨ ᠲᠡᠵᠢᠭᠡ᠂  
          ᠭᠡᠪᠴᠢᠭᠦᠷᠢᠲᠦ ᠲᠦᠰᠢᠮᠡᠳ ᠢ᠋ᠶ᠋ᠡᠨ ᠬᠡᠮᠵᠢᠶᠡᠯᠡᠨ ᠬᠡᠷᠡᠭᠯᠡ   
          ᠬᠡᠯᠬᠢᠶᠡᠲᠦ ᠰᠠᠢᠳ ᠤ᠋ᠨ ᠦᠭᠡ ᠶ᠋ᠢ ᠠᠪ᠃   
          ᠲᠥᠷᠥᠭᠰᠡᠨ ᠦᠷᠡᠰ ᠢ᠋ᠶ᠋ᠡᠨ ᠰᠠᠢᠨ ᠢ᠋ᠶ᠋ᠠᠷ ᠰᠤᠷᠭᠠᠯᠲᠠᠢ   
          ᠲᠦᠪᠡᠭᠳᠡᠭᠰᠡᠨ ᠬᠠᠲᠤᠨ ᠳ᠋ᠠᠭᠠᠨ ᠥᠯᠵᠡᠢᠲᠦ ᠪᠣᠯᠤᠯᠲᠠᠢ ᠂ 
          ᠲᠦᠮᠡᠯᠡᠪᠡᠴᠦ ᠡᠬᠡ ᠳ᠋ᠡᠭᠡᠨ ᠠᠴᠢ ᠶ᠋ᠢ ᠬᠠᠷᠢᠭᠤᠯᠠᠯᠲᠠᠢ 
ᠭᠡᠮᠡᠨ ᠨᠢᠭᠡᠨ ᠪᠠᠳᠠᠭ ᠬᠡᠯᠡᠪᠡᠰᠦ ᠨᠢᠭᠡᠨ ᠪᠦᠴᠡ ᠶ᠋ᠢ ᠤᠶᠠᠭᠰᠠᠭᠠᠷ ᠴᠥᠮ ᠵᠠᠩᠭᠢᠳᠪᠠᠢ ᠃ ᠮᠡᠩᠭᠡᠯᠢᠭ ᠥᠴᠦᠬᠡᠨ ᠴᠦ᠍ ᠬᠡᠷᠡᠭᠰᠡᠬᠦ ᠦᠭᠡᠢ ᠪᠠᠰᠠ ᠬᠡᠬᠦᠯᠵᠡᠨ ᠳᠡᠪᠰᠢᠭᠡᠳ ᠪᠠᠰᠠ ᠬᠦ᠌ ᠳᠣᠣᠷ᠎ᠠ ᠠ᠋ᠴᠠ ᠳᠡᠭᠡᠭᠰᠢ ᠥᠭᠡᠳᠡᠯᠡᠨ ᠲᠠᠢᠯᠵᠤ ᠪᠡᠯᠭᠡᠯᠡᠨ ᠥᠭᠦᠯᠡᠷᠦᠨ : 
          ᠰᠤᠳᠠᠳᠠᠨᠢ ᠶ᠋ᠢᠨ ᠬᠥᠪᠡᠭᠦᠨ ᠮᠡᠲᠦ ᠪᠦᠬᠦᠨ᠎ᠡ ᠡᠷᠭᠦᠭᠳᠡᠲᠦᠭᠡᠢ 
          ᠰᠤᠳᠠᠷᠠᠰᠤᠨ ᠤ᠋ ᠡᠵᠡᠨ ᠮᠡᠲᠦ ᠣᠯᠠᠨ ᠢ᠋ ᠡᠵᠡᠯᠡᠲᠦᠭᠡᠢ᠂ 
          ᠰᠣᠷᠢᠨᠵᠢᠨ ᠬᠦᠷᠦ ᠮᠡᠲᠦ ᠡᠷᠬᠡ ᠪᠠᠲᠤᠳᠲᠤᠭᠠᠢ᠂ 
          ᠰᠦᠮᠪᠦᠷ ᠠᠭᠤᠯᠠ ᠮᠡᠲᠦ ᠵᠢᠪᠬᠤᠯᠠᠩ ᠴᠣᠭᠴᠠᠯᠠᠲᠤᠭᠠᠢ᠃ 
          ᠰᠦᠨ ᠳᠠᠯᠠᠢ ᠮᠡᠲᠦ ᠬᠡᠰᠢᠭ ᠠᠷᠪᠢᠳᠲᠤᠭᠠᠢ᠂ 
          ᠰᠦᠮᠡᠨ ᠡᠪᠡᠰᠦᠨ ᠮᠡᠲᠦ ᠡᠴᠢᠨ᠎ᠡ ᠠᠩᠬᠢᠯᠲᠤᠭᠠᠢ ᠂
          ᠨᠠᠷᠠᠨ ᠰᠠᠷᠠᠨ ᠮᠡᠲᠦ ᠭᠡᠷᠡᠯ ᠳᠦᠭᠦᠷᠭᠡᠲᠦᠭᠡᠢ᠂ 
          ᠨᠠᠪᠴᠢ ᠴᠡᠴᠡᠭ ᠮᠡᠲᠦ ᠦᠷᠡᠰ ᠳᠡᠯᠭᠡᠷᠡᠲᠦᠭᠡᠢ 
          ᠨᠠᠷᠠᠰᠤ ᠮᠠᠢᠯᠠᠰᠤᠨ ᠮᠡᠲᠦ ᠨᠠᠰᠤᠨ ᠤᠷᠲᠤᠳᠲᠤᠭᠠᠢ! 
ᠬᠡᠮᠡᠵᠦ ᠪᠠᠰᠠ ᠲᠠᠢᠯᠤᠨ ᠪᠠᠷᠠᠭᠰᠠᠨ ᠳ᠋ᠤᠷ ᠭᠦᠢᠰᠡᠨ ᠦ᠌ ᠪᠤᠭᠤᠷᠤᠯ᠂ ᠬᠣᠩᠭᠣᠳᠠᠨ ᠤ᠋ ᠮᠡᠩᠭᠡᠯᠢᠭ ᠦ᠋ᠨ ᠶᠢᠰᠦᠨ ᠮᠡᠲᠦ ᠪᠡᠷ ᠪᠡᠯᠭᠡᠯᠡᠨ ᠥᠭᠦᠯᠡᠭᠰᠡᠨ ᠢ᠋ ᠦᠵᠡᠭᠡᠳ ᠪᠠᠰᠠ ᠳᠠᠬᠢᠨ ᠵᠠᠩᠭᠢᠳᠬᠤ ᠰᠠᠨᠠᠭ᠎ᠠ ᠲᠠᠢ ᠰᠠᠶᠢ ᠥᠭᠦᠯᠡᠰᠦᠭᠡᠢ ᠬᠡᠮᠡᠲᠡᠯ᠎ᠡ ᠲᠠᠢᠽᠦ ᠯᠤᠤ ᠶ᠋ᠢᠨ ᠬᠥᠰᠢᠭᠡ ᠶ᠋ᠢᠨ ᠳᠣᠲᠣᠷ᠎ᠠ ᠠ᠋ᠴᠠ ᠮᠡᠩᠭᠡᠯᠢᠭ ᠢ᠋ ᠦᠭᠡ ᠠᠪᠲᠠᠭᠤᠵᠠᠢ ᠭᠡᠮᠡᠨ ᠬᠣᠭᠣᠯᠠᠢ ᠵᠠᠰᠠᠪᠠ᠃ ᠲᠡᠷᠡ ᠦᠶ᠎ᠡ ᠳ᠋ᠦ᠍ ᠵᠠᠯᠠᠢᠳ ᠤ᠋ᠨ ᠮᠤᠬᠤᠯᠢ ᠶᠡᠬᠡ ᠦᠷᠭᠦᠭᠡᠨ ᠦ᠌ ᠭᠠᠳᠠᠨ᠎ᠠ ᠲᠠᠢᠽᠦ ᠪᠠ ᠬᠠᠲᠤᠨ ᠤ᠋ ᠴᠠᠭᠠᠨ ᠭᠬᠢᠪ᠂ ᠪᠣᠷᠣ ᠴᠤᠯᠪᠤᠭᠤᠷ ᠢ᠋ ᠤᠶᠠᠭᠰᠠᠨ ᠪᠡᠯᠡᠭ ᠪᠥᠭᠲᠥᠭᠡᠳᠦ ᠮᠣᠷᠢ ᠶ᠋ᠢ ᠪᠠᠷᠢᠵᠤ ᠵᠣᠭᠰᠣᠨ ᠬᠦᠯᠢᠶᠡᠭᠰᠡᠭᠡᠷ ᠮᠠᠰᠢ ᠤᠳᠠᠭᠠᠳ ᠲᠡᠳᠡᠨ ᠦ᠌ ᠶᠠᠷᠰᠢᠭ᠍ᠯᠠᠬᠤᠢ ᠳ᠋ᠤᠷ ᠬᠠᠷᠠᠬᠠᠨ ᠲᠠᠪᠠ ᠦᠭᠡᠢ ᠪᠠᠢᠭᠰᠠᠨ ᠲᠤᠯᠠ ᠡᠳᠦᠭᠡ ᠲᠠᠢᠽᠦ ᠶ᠋ᠢᠨ ᠬᠣᠭᠣᠯᠠᠢ ᠵᠠᠰᠠᠬᠤ ᠳᠠᠭᠤᠨ ᠢ᠋ ᠰᠣᠨᠣᠰᠤᠮᠠᠭᠴᠠ ᠶᠡᠬᠡᠯ᠎ᠡ ᠪᠠᠶᠠᠷᠯᠠᠨ ᠥᠨᠳᠥᠷ ᠳᠠᠭᠤᠨ ᠢ᠋ᠶ᠋ᠠᠷ ᠵᠠᠩᠳᠠᠨ ᠥᠭᠦᠯᠡᠷᠦᠨ : 《ᠡᠨᠡ ᠵᠡᠷᠭᠡ ᠶ᠋ᠢᠨ ᠡᠭᠡᠯ ᠠᠷᠠᠳ ᠲᠠ ᠡᠭᠡᠨᠡᠭᠲᠡ ᠡᠩ ᠦ᠋ᠨ ᠦᠭᠡ ᠶ᠋ᠢ ᠪᠤᠯᠢᠶᠠᠯᠳᠤᠮᠤᠢ᠂ ᠲᠠᠨ ᠤ᠋ ᠡᠯᠳᠡᠪ ᠪᠡᠯᠭᠡᠯᠡᠭᠰᠡᠨ ᠡᠯ᠎ᠡ ᠦᠭᠡᠰ ᠦ᠋ᠨ ᠶᠣᠰᠣᠭᠠᠷ ᠡᠵᠡᠨ ᠮᠢᠨᠦ ᠭᠠᠷᠴᠤ ᠢᠷᠠᠪᠠᠰᠤ᠂ ᠢᠷᠡᠭᠰᠡᠨ ᠪᠦᠬᠦᠨ ᠡᠨᠡ ᠶᠣᠰᠣᠭᠠᠷ ᠪᠦᠲᠦᠮᠦᠢ᠃ ᠡᠷᠬᠢᠮ ᠳᠡᠭᠡᠳᠦ ᠡᠵᠡᠨ ᠦ᠌ ᠮᠣᠷᠢᠯᠠᠬᠤ ᠶ᠋ᠢ ᠪᠢᠲᠡᠭᠡᠢ ᠰᠠᠭᠠᠲᠠᠭᠤᠯ᠂ ᠡᠢᠮᠦ ᠣᠯᠠᠨ ᠤᠯᠤᠰ ᠠᠯᠪᠠᠲᠤ ᠬᠡᠳᠦᠨ ᠮᠢᠩᠭᠠᠨ ᠢ᠋ᠶ᠋ᠠᠷ ᠡᠵᠡᠨ ᠬᠠᠲᠤᠨ ᠬᠣᠶᠠᠭᠤᠯᠠ ᠶ᠋ᠢ ᠬᠦᠯᠢᠶᠡᠨ ᠵᠣᠭᠰᠣᠵᠤ ᠪᠠᠢᠨᠠᠮ᠂ ᠡᠷᠳᠡᠨᠢᠰ ᠦ᠋ᠨ ᠴᠣᠭᠴᠠ ᠵᠠᠯᠠᠷᠠᠨ ᠭᠠᠷᠴᠤ ᠢᠷᠡᠭᠡᠳ ᠡᠩᠭᠡᠷ ᠪᠦᠭᠦᠳᠡᠭᠡᠷ ᠡᠭᠡᠵᠦ ᠮᠣᠷᠢᠯᠠᠬᠤ ᠴᠠᠭ ᠪᠣᠯᠪᠠ ! 》 ᠭᠡᠮᠡᠨ ᠭᠠᠳᠠᠨ᠎ᠠ ᠰᠥᠭᠥᠳᠴᠦ ᠮᠡᠳᠡᠭᠦᠯᠦᠭᠰᠡᠨ ᠳ᠋ᠦ᠍ᠷ ᠲᠠᠢᠽᠦ ᠠᠯᠤᠰᠬᠢᠨ ᠪᠠᠶᠠᠷᠯᠠᠵᠤ᠂ ᠯᠤᠤ ᠶ᠋ᠢᠨ ᠬᠠᠨᠴᠤ ᠪᠠᠷ ᠭᠠᠷᠤᠳᠢ ᠶ᠋ᠢᠨ ᠬᠥᠰᠢᠭᠡ ᠶ᠋ᠢ ᠰᠡᠬᠦᠨ ᠵᠠᠯᠠᠷᠠᠨ ᠭᠠᠷᠴᠤ ᠢᠷᠡᠪᠡ᠃ ᠬᠣᠶᠠᠷ ᠡᠲᠡᠭᠡᠳ ᠦ᠋ᠨ ᠣᠯᠠᠨ ᠲᠦᠰᠢᠮᠡᠳ ᠮᠥᠷᠭᠥᠭᠰᠡᠨ ᠦ᠌ ᠬᠣᠢᠨ᠎ᠠ᠂ ᠲᠠᠢᠽᠦ ᠨᠢᠳᠦ ᠣᠷᠬᠢᠨ ᠪᠤᠭᠤᠷᠤᠯ ᠢ᠋ ᠦᠵᠡᠪᠡᠰᠦ ᠢᠷᠪᠢᠰ ᠦ᠋ᠨ ᠲᠣᠯᠣᠭᠠᠢ᠂ ᠪᠠᠷᠰ ᠤ᠋ᠨ ᠴᠡᠭᠡᠵᠢ᠂ ᠴᠢᠷᠠᠢ ᠰᠢᠷ᠎ᠠ ᠦᠰᠦ ᠪᠤᠭᠤᠷᠤᠯ᠂ ᠨᠢᠷᠤᠭᠤ ᠤᠷᠲᠤ ᠮᠥᠷᠥ ᠥᠷᠭᠡᠨ᠂ ᠮᠥᠨ ᠨᠢᠭᠡᠨ ᠪᠠᠷᠰ ᠤ᠋ᠨ ᠲᠦᠰᠢᠮᠡᠯ ᠠᠵᠤᠭᠤ᠂ ᠲᠡᠳᠦᠢ ᠲᠠᠢᠽᠦ ᠶᠡᠬᠡᠯ᠎ᠡ ᠰᠠᠢᠰᠢᠶᠠᠨ ᠬᠣᠶᠠᠷ ᠲᠦᠰᠢᠮᠡᠯ ᠢ᠋ ᠠᠳᠠᠯᠢ ᠪᠠᠷ ᠱᠠᠩᠨᠠᠪᠠ᠃ 
      ᠲᠡᠭᠦᠨᠴᠡ ᠲᠡᠢ ᠰᠡᠴᠡᠨ ᠬᠥᠰᠢᠭᠡ ᠲᠠᠢᠯᠤᠨ ᠪᠠᠷᠠᠭᠰᠠᠨ ᠢ᠋ ᠰᠣᠨᠣᠰᠤᠭᠠᠳ ᠥᠬᠢᠨ ᠢ᠋ᠶ᠋ᠡᠨ ᠦᠳᠡᠷ᠎ᠡ ᠢᠷᠡᠭᠰᠡᠨ ᠳ᠋ᠦ᠍ᠷ ᠲᠠᠢᠽᠦ ᠪᠥᠷᠲᠡᠭᠡᠯᠵᠢᠨ ᠬᠠᠲᠤᠨ ᠬᠣᠶᠠᠭᠤᠯᠠ ᠬᠠᠮᠲᠤ ᠶᠣᠰᠣᠯᠠᠪᠠᠢ᠃ ᠲᠡᠭᠦᠨᠴᠡ ᠶᠢᠰᠦᠨ ᠵᠦᠢᠯ ᠦ᠋ᠨ ᠡᠷᠳᠡᠨᠢ ᠬᠠᠲᠠᠭᠰᠠᠨ ᠪᠦᠷᠢᠶᠡᠰᠦᠲᠦ ᠲᠡᠷᠭᠡᠨ ᠳ᠋ᠦ᠍ᠷ ᠮᠥᠩᠭᠥᠨ ᠦ᠌ ᠳᠥᠷᠥᠭᠡ ᠶ᠋ᠢ ᠭᠢᠰᠬᠢᠨ ᠭᠠᠷᠴᠤ ᠴᠠᠭ ᠪᠣᠯᠤᠭᠰᠠᠨ ᠳ᠋ᠤᠷ ᠲᠠᠢ ᠰᠡᠴᠡᠨ ᠥᠬᠢᠨ ᠢ᠋ᠶ᠋ᠡᠨ ᠭᠠᠷ ᠠ᠋ᠴᠠ ᠪᠠᠷᠢᠵᠤ ᠰᠤᠷᠭᠠᠨ ᠥᠭᠦᠯᠡᠷᠦᠨ :《ᠡᠳᠡ ᠪᠡᠷ ᠬᠥᠰᠢᠭᠡ ᠶ᠋ᠢᠨ ᠪᠦᠴᠡ ᠶ᠋ᠢ ᠶᠢᠰᠦᠨᠲᠡ ᠵᠠᠩᠭᠢᠳᠴᠤ ᠶᠢᠰᠦᠨᠲᠡ ᠲᠠᠢᠯᠵᠤ ᠶᠢᠰᠦᠨ ᠤᠳᠠᠭ᠎ᠠ ᠪᠡᠯᠭᠡᠯᠡᠭᠰᠡᠨ ᠦ᠌ ᠲᠤᠯᠠᠳᠠ ᠪᠢ ᠮᠥᠨ ᠴᠢᠮᠠᠶ᠋ᠢ ᠶᠢᠰᠦᠨ ᠵᠦᠢᠯ ᠢ᠋ᠶ᠋ᠡᠷ ᠰᠤᠷᠭᠠᠰᠤᠭᠠᠢ᠂ ᠡᠴᠢᠭᠡ ᠶ᠋ᠢᠨ ᠬᠡᠦᠬᠡᠨ ᠬᠢᠴᠢᠶᠡᠨ ᠲᠡᠮᠳᠡᠭᠯᠡᠵᠦ ᠳᠠᠭᠠᠵᠤ ᠶᠠᠪᠤᠭᠲᠤᠨ᠃ ᠲᠡᠷᠢᠭᠦᠨ ᠳ᠋ᠦ᠍ᠷ ᠣᠶᠣᠬᠤ ᠲᠣᠪᠬᠢᠬᠤ ᠶ᠋ᠢ ᠬᠢᠴᠢᠶᠡ᠂ ᠬᠣᠶᠠᠷ ᠲᠤᠷ ᠢᠳᠡᠭᠡᠨ ᠤᠮᠳᠠᠭᠠᠨ ᠢ᠋ ᠴᠡᠪᠡᠷᠯᠡ᠂ ᠭᠤᠷᠪᠠᠳᠤᠭᠠᠷ ᠲᠤᠷ ᠪᠣᠳᠣᠬᠤ ᠤᠬᠠᠬᠤ ᠶ᠋ᠢ ᠬᠢᠨᠠ᠂ ᠳᠥᠷᠪᠡᠳᠦᠭᠡᠷ ᠲᠣᠷ ᠵᠢᠷᠦᠬᠡ ᠪᠠᠭ᠎ᠠ ᠦᠭᠡ ᠴᠥᠭᠡᠨ ᠪᠣᠯ᠂ ᠲᠠᠪᠤᠳᠤᠭᠠᠷ ᠲᠤᠷ ᠪᠡᠶ᠎ᠡ ᠪᠡᠨ ᠰᠠᠬᠢᠨ ᠵᠣᠷᠢᠭ ᠪᠠᠲᠤ ᠪᠣᠯᠣᠭᠳᠤᠨ᠂ ᠵᠢᠷᠭᠤᠳᠤᠭᠠᠷ ᠲᠤᠷ ᠳᠠᠭᠤᠯᠠᠬᠤ ᠭᠢᠩᠰᠢᠬᠦ ᠶ᠋ᠢ ᠪᠢᠲᠡᠭᠡᠢ ᠰᠤᠷ᠂ ᠳᠣᠯᠣᠳᠤᠭᠠᠷ ᠲᠤᠷ ᠬᠠᠷᠠᠮ ᠬᠠᠷᠭᠢᠰ ᠢ᠋ ᠬᠢᠴᠢᠶᠡᠨ ᠴᠡᠭᠡᠷᠯᠡ᠂ ᠨᠠᠢ᠍ᠮᠠᠳᠤᠭᠠᠷ ᠲᠤᠷ ᠬᠠᠳᠠᠮ ᠬᠠᠷᠢ ᠪᠠᠨ ᠬᠢᠴᠢᠶᠡᠩᠭᠦᠢᠯᠡᠨ ᠬᠦᠨᠳᠦᠯᠡ᠂ ᠶᠢᠰᠦᠳᠦᠭᠡᠷ ᠲᠣᠷ ᠠᠯᠵᠠᠭᠤ ᠵᠠᠯᠬᠠᠭᠤ ᠶ᠋ᠢ ᠲᠡᠪᠴᠢᠲᠦᠭᠡᠢ᠃ ᠡᠨᠡ ᠶᠢᠰᠦᠨ ᠡᠴᠡ ᠨᠢᠭᠡᠨ ᠢ᠋ ᠣᠰᠣᠯᠳᠠᠪᠠᠰᠤ ᠶᠢᠰᠦᠨ ᠤᠯᠤᠰ ᠤ᠋ᠨ ᠬᠡᠯᠡ① ᠶ᠋ᠢ ᠰᠤᠷᠴᠤ  ᠪᠢᠴᠢᠭ ᠢ᠋ ᠬᠢᠴᠢᠶᠡᠭᠰᠡᠨ ᠲᠡᠢ ᠰᠡᠴᠡᠨ ᠴᠣᠯᠠᠲᠤ ᠮᠢᠨᠦ ᠬᠡᠦᠬᠡᠨ ᠪᠤᠰᠤ ᠪᠣᠯᠤᠮᠤᠢ ! 》ᠬᠡᠮᠡᠭᠰᠡᠨ ᠳ᠋ᠦ᠍ᠷ ᠪᠦᠷᠲᠡᠭᠡᠯᠵᠢᠨ ᠬᠠᠲᠤᠨ ᠨᠢᠭᠡᠨ ᠨᠢᠭᠡᠨ ᠢ᠋ᠶ᠋ᠡᠷ ᠬᠦᠯᠢᠶᠡᠨ ᠠᠪᠴᠤ ᠨᠢᠯᠪᠤᠰᠤ ᠤᠨᠠᠭᠠᠨ ᠳᠥᠷᠥᠭᠡ ᠭᠢᠰᠬᠢᠨ ᠲᠡᠷᠭᠡᠨ ᠳ᠋ᠦ᠍ᠷ ᠰᠠᠭᠤᠪᠠ᠃ ᠰᠢᠳᠠᠷ ᠰᠠᠢᠳ ᠣᠭ᠌ᠶᠤ ᠱ᠌ᠢᠷᠦ ᠶ᠋ᠢᠨ ᠣᠷᠬᠢᠭᠤᠯ ᠢ᠋ ᠤᠨᠠᠭᠠᠨ ᠲᠠᠪᠤᠨ ᠬᠠᠯᠬᠠᠪᠴᠢ ᠶ᠋ᠢ ᠮᠡᠩᠭᠡᠯᠢᠭ ᠠᠷᠤ ᠳ᠋ᠤ᠌ ᠡᠭᠦᠷᠦᠭᠡᠳ ᠡᠮᠦᠨ᠎ᠡ ᠵᠣᠭᠰᠣᠪᠠ ᠃
– – – – 
①ᠡᠨᠡ ᠶᠢᠰᠦᠨ ᠬᠡᠯᠡ ᠶ᠋ᠢ ᠲᠥᠰᠦᠭᠡᠯᠡᠬᠦ ᠰᠤᠷᠭᠠᠯ ᠂ ᠡᠳᠦᠭᠡ ᠪᠣᠯᠲᠠᠯ᠎ᠠ ᠠᠷᠤ ᠭᠠᠵᠠᠷ ᠤ᠋ᠨ ᠲᠢᠪᠴᠤ ᠬᠡᠮᠡᠬᠦ ᠣᠷᠣᠨ᠎ᠠ ᠪᠠᠰᠠ ᠪᠠᠢᠭᠰᠠᠭᠠᠷ ᠬᠡᠮᠡᠮᠦᠢ ᠂ ᠶᠡᠬᠡ ᠪᠠᠷᠤᠭ ᠢ᠋ ᠬᠡᠯᠡᠪᠡᠰᠦ ᠯᠠᠪ ᠶᠠᠭᠤᠮ᠎ᠠ ᠶ᠋ᠢᠨ ᠳᠠᠭᠤᠨ ᠢ᠋ᠶ᠋ᠡᠷ ᠮᠡᠳᠡᠬᠦ  ᠷᠠ ᠬᠡᠮᠡᠬᠦ ᠰᠤᠷᠭᠠᠯ ᠮᠡᠲᠦ ᠃

      ᠲᠡᠳᠦᠢ ᠲᠠᠢᠽᠦ ᠵᠢᠷᠭᠤᠭᠠᠨ ᠵᠦᠢᠯ ᠦ᠋ᠨ ᠶᠣᠰᠣᠯᠠᠯ ①  ᠊ᠢ ᠲᠡᠭᠦᠰᠬᠡᠵᠦ ᠪᠦᠷᠲᠡᠭᠡᠯᠵᠢᠨ ᠵᠦᠰᠦᠨ ᠬᠠᠲᠤᠨ ᠢ᠋ᠶ᠋ᠠᠨ ᠪᠠᠭᠤᠯᠭᠠᠨ ᠠᠪᠴᠤ ᠢᠷᠡᠬᠦᠢ ᠳ᠋ᠦ᠍ᠷ ᠂ ᠲᠡᠢ ᠰᠡᠴᠡᠨ ᠥᠪᠡᠷ ᠦ᠋ᠨ ᠪᠡᠶ᠎ᠡ ᠲᠡᠷᠢᠭᠦᠯᠡᠨ ᠶᠢᠰᠦᠨ ᠬᠣᠲᠠ ᠠᠪᠴᠤ ᠶᠢᠰᠦᠨ ᠵᠠᠭᠤᠨ ᠶᠡᠷᠡᠨ ᠶᠢᠰᠦᠨ ᠤᠷᠠᠯᠠᠴᠢᠨ ᠢ᠋ ᠳᠠᠭᠠᠭᠤᠯᠤᠨ ᠪᠧᠲ᠋ᠠ᠋ ᠤᠯᠤᠰ ᠲᠤᠷ ᠳᠠᠯᠠᠢ ᠳᠠᠪᠠᠯᠭᠠᠯᠠᠬᠤ ᠮᠡᠲᠦ ᠬᠦᠷᠭᠡᠵᠦ ᠢᠷᠡᠪᠡ᠃ 
       ᠲᠡᠷᠡ ᠦᠶ᠎ᠡ ᠳ᠋ᠦ᠍ ᠬᠡᠷᠡᠢᠳ ᠤᠯᠤᠰ ᠤ᠋ᠨ ᠾᠧ ᠸᠠᠩ ᠲᠣᠭᠣᠷᠢᠯ ᠪᠧᠲ᠋ᠠ᠋ ᠤᠯᠤᠰ ᠤ᠋ᠨ ᠲᠠᠢᠽᠦ ᠶ᠋ᠢᠨ ᠳᠠᠬᠢᠨ ᠳᠡᠭᠡᠷ᠎ᠡ ᠮᠠᠨᠳᠤᠭᠰᠠᠨ ᠢ᠋ ᠰᠣᠨᠣᠰᠤᠭᠠᠳ ᠤᠷᠢᠬᠤ ᠶ᠋ᠢᠨ ᠤᠷᠢᠳ ᠬᠤᠷᠢᠮ ᠳ᠋ᠤᠷ ᠤᠷᠤᠭᠰᠢᠯᠠᠨ ᠢᠷᠡᠵᠦᠬᠦᠢ᠃ ᠲᠠᠢᠽᠦ ᠶ᠋ᠢ ᠬᠦᠷᠴᠦ ᠢᠷᠡᠬᠦ ᠶ᠋ᠢᠨ ᠤᠷᠢᠳ ᠥᠭᠡᠯᠦᠨ ᠡᠬᠡ᠂ ᠥᠨᠳᠥᠷ ᠰᠡᠴᠡᠨ᠂ ᠦᠨᠡᠨ ᠲᠥᠷᠥ ᠬᠣᠶᠠᠭᠤᠯᠠ ᠪᠠᠷ ᠶᠡᠬᠡ ᠬᠤᠷᠢᠮ ᠲᠣᠢ ᠶ᠋ᠢᠨ ᠶᠡᠬᠡ ᠪᠠᠭᠤᠳᠠᠯ ᠢ᠋ ᠪᠡᠯᠡᠳᠬᠡᠯᠭᠡᠨ ᠬᠠᠷᠠᠬᠠᠨ ᠳᠥᠷᠪᠡᠨ ᠵᠦᠭ ᠡᠴᠡ ᠢᠷᠡᠭᠰᠡᠨ ᠤᠷᠠᠯᠠᠴᠢᠨ ᠵᠣᠴᠢᠳ ᠤ᠋ᠨ ᠪᠠᠭᠤᠳᠠᠯ ᠳ᠋ᠤᠷ ᠬᠣᠨᠢ ᠦᠬᠡᠷ᠂ ᠴᠠᠢ ᠲᠣᠰᠣ ᠬᠤᠪᠢᠶᠠᠨ ᠬᠦᠷᠭᠡᠭᠦᠯᠬᠦᠶ᠎ᠡ ᠤᠷᠢᠶᠠᠩᠬᠠᠨ ᠤ᠋ ᠵᠠᠷᠴᠢᠭᠤᠳᠠᠢ᠂ ᠨᠢᠳᠦᠷᠮᠡᠭᠴᠢ ᠬᠥᠪᠡᠭᠦᠨ ᠵᠡᠯᠮ᠎ᠡ ᠶ᠋ᠢ ᠳᠠᠭᠠᠭᠤᠯᠤᠨ ᠪᠠᠶᠠᠷ ᠤ᠋ᠨ ᠶᠣᠰᠣᠭᠠᠷ ᠣᠷᠣᠵᠤ ᠥᠭᠡᠯᠦᠨ ᠡᠬᠡ ᠳ᠋ᠦ᠍ᠷ ᠮᠥᠷᠭᠥᠨ ᠵᠣᠯᠭᠠᠵᠤ ᠮᠡᠳᠡᠭᠦᠯᠦᠷᠦᠨ : 《ᠤᠷᠢᠳᠤ ᠪᠠᠭ᠎ᠠ ᠡᠵᠡᠨ ᠦ᠌ ᠣᠭ᠌ᠶᠦᠨ ᠤ᠋ ᠳᠡᠯᠢᠭᠦᠨ ᠪᠣᠯᠳᠠᠭ ᠲᠤᠷ ᠮᠡᠨᠳᠦᠯᠡᠭᠰᠡᠨ ᠲᠤᠬᠠᠢ᠂ ᠪᠢ ᠥᠯᠥᠭᠡᠢ ᠬᠢᠵᠦ ᠪᠠᠷᠢᠬᠤᠶ᠎ᠠ᠂ ᠡᠨᠡ ᠬᠥᠪᠡᠭᠦᠨ ᠢ᠋ ᠭᠤᠷᠪᠠᠨ ᠨᠠᠰᠤ ᠲᠠᠢ ᠠᠪᠴᠤ ᠢᠷᠡᠵᠦ ᠥᠭᠭᠦᠭᠰᠡᠨ ᠳ᠋ᠦ᠍ᠷ ᠥᠵᠢᠨ ᠡᠬᠡ ᠪᠢᠴᠢᠬᠠᠨ ᠭᠡᠮᠡᠨ ᠡᠭᠡᠭᠦᠯᠦᠭᠰᠡᠨ ᠪᠥᠯᠥᠭᠡ ᠃ 
 – – – – 
①  ᠵᠢᠷᠭᠤᠭᠠᠨ ᠵᠦᠢᠯ ᠦ᠋ᠨ ᠶᠣᠰᠣᠯᠠᠯ ᠬᠡᠮᠡᠭᠴᠢ : ᠤᠷᠤᠭ ᠬᠡᠯᠡᠯᠴᠡᠬᠦ ᠂ ᠬᠠᠳᠠᠭ ᠲᠠᠯᠪᠢᠬᠤ ᠂ ᠠᠷᠢᠬᠢ ᠤᠤᠭᠤᠯᠭᠠᠬᠤ ᠂ ᠶᠡᠬᠡ ᠰᠤᠮᠤᠨ ᠪᠡᠯᠡᠭ ᠬᠦᠷᠭᠡᠬᠦ ᠡᠳᠦᠷ ᠢ᠋ ᠪᠣᠯᠵᠣᠵᠤ ᠬᠡᠯᠡᠬᠦ ᠂ ᠠᠷᠢᠬᠢ ᠪᠠᠷᠢᠨ ᠨᠡᠷ᠎ᠡ ᠭᠤᠶᠤᠬᠤ ᠂ ᠪᠣᠭᠲᠣᠯᠠᠨ ᠪᠠᠭᠤᠯᠭᠠᠬᠤ ᠂ ᠡᠨᠡ ᠢᠨᠤ ᠮᠣᠩᠭᠣᠯ ᠤ᠋ᠨ ᠵᠢᠷᠭᠤᠭᠠᠨ ᠶᠣᠰᠣᠯᠠᠯ ᠪᠣᠯᠠᠢ ᠂ ᠡᠰᠡ ᠮᠡᠳᠡᠪᠡᠰᠦ ᠪᠣᠯᠤᠮᠤᠢ ᠤᠤ ᠃ 

       ᠡᠨᠡ ᠵᠠᠪᠰᠠᠷ ᠪᠢ ᠡᠭᠦᠨ ᠢ᠋ ᠠᠪᠴᠤ ᠶᠠᠪᠤᠨ ᠡᠮᠦᠨ᠎ᠡ ᠠᠯᠲᠠᠨ ᠤᠯᠤᠰ ᠂ ᠰᠥᠩ ᠤᠯᠤᠰ ᠂ ᠰᠢᠶᠠ ᠤᠯᠤᠰ ᠂ ᠯᠢᠶᠣᠤ ᠤᠯᠤᠰ ᠤ᠋ᠨ ᠵᠡᠷᠭᠡ ᠭᠠᠵᠠᠷ ᠠ᠋ᠴᠠ ᠠᠷᠠᠯᠵᠢᠶ᠎ᠠ ᠠᠷᠠᠯᠵᠢᠨ ᠶᠠᠪᠤᠭᠰᠠᠭᠠᠷ ᠡᠨᠡ ᠬᠥᠪᠡᠭᠦᠨ ᠬᠣᠷᠢᠨ ᠨᠠᠰᠤᠨ ᠰᠢᠬᠠᠵᠤ ᠪᠡᠶ᠎ᠡ ᠳ᠋ᠦ᠍ᠷ ᠬᠦᠷᠪᠡ᠃ ᠬᠡᠳᠦᠨ ᠤᠯᠤᠰ ᠤ᠋ᠨ ᠪᠢᠴᠢᠭ ᠦᠰᠦᠭ ᠲᠣᠷ ᠮᠡᠷᠭᠡᠰᠢᠵᠦ ᠦᠭᠡ ᠬᠡᠯᠡ ᠶ᠋ᠢ ᠲᠥᠰᠥᠭᠡᠯᠡᠪᠡ᠃ ᠴᠡᠷᠢᠭ ᠦ᠋ᠨ ᠡᠷᠳᠡᠮ ᠢ᠋ ᠰᠤᠷᠪᠠ ᠂ ᠫᠤᠤ ᠶ᠋ᠢᠨ ᠡᠮ ᠢ᠋ ᠤᠬᠠᠪᠠᠢ᠃ ᠣᠳᠣ ᠪᠠᠭ᠎ᠠ ᠡᠵᠡᠨ ᠦ᠌ ᠡᠮᠦᠨ᠎ᠡ ᠡᠮᠡᠭᠡᠯ ᠲᠣᠬᠣᠭᠤᠯᠵᠤ ᠳᠥᠷᠥᠭᠡ ᠳᠠᠷᠤᠨ ᠬᠠᠵᠠᠭᠠᠷ ᠪᠠᠷᠢᠵᠤ ᠲᠠᠰᠢᠭᠤᠷ ᠡᠷᠭᠦᠭᠦᠯᠵᠦ ᠪᠣᠯᠤᠮᠤᠢ᠃ ᠬᠣᠢᠲᠤ ᠣᠷᠣᠰ ᠤᠯᠤᠰ ᠲᠤᠷ ᠮᠥᠨ ᠬᠡᠳᠦᠨ ᠤᠳᠠᠭ᠎ᠠ ᠠᠷᠠᠯᠵᠢᠶᠠᠯᠠᠪᠠ᠂ ᠠᠯᠢᠪᠠ ᠵᠦᠢᠯ ᠳ᠋ᠦ᠍ᠷ ᠴᠥᠮ ᠪᠠᠬᠠᠨ ᠣᠷᠣᠯᠴᠠᠪᠠ᠃ ᠠᠶᠠᠨ ᠲᠡᠢᠨ ᠠᠪᠠ ᠬᠣᠮᠣᠷᠭᠠᠨ ᠠᠯᠢᠨ ᠳ᠋ᠤᠷ ᠪᠣᠯᠪᠠᠴᠤ ᠴᠥᠮ ᠪᠠᠬᠠᠨ ᠬᠦᠴᠦᠨ ᠪᠠᠷᠢᠵᠤ ᠪᠣᠯᠤᠮᠤᠢ᠃ ᠠᠯᠲᠠᠨ ᠦᠵᠢᠨ ᠡᠬᠡ ᠠᠰᠠᠷᠠᠨ ᠬᠠᠢᠷᠠᠯᠠᠵᠤ ᠦᠯᠡᠳᠡᠭᠡᠨ ᠠᠪᠬᠤ ᠪᠣᠯᠪᠠᠤ ! 》ᠬᠡᠮᠡᠭᠰᠡᠨ ᠳ᠋ᠦ᠍ᠷ ᠥᠭᠡᠯᠦᠨ ᠬᠠᠲᠤᠨ ᠥᠵᠢᠨ ᠡᠬᠡ ᠦᠵᠡᠪᠡᠰᠦ  ᠵᠡᠯᠮ᠎ᠡ ᠶ᠋ᠢᠨ ᠲᠥᠷᠥᠭᠰᠡᠨ  ᠢᠨᠤ ᠪᠡᠶ᠎ᠡ ᠥᠨᠳᠥᠷ ᠂ ᠪᠡᠯᠭᠡᠭᠦᠰᠦᠨ ᠨᠠᠷᠢᠨ᠂ ᠴᠢᠷᠠᠢ ᠴᠠᠭᠠᠨ ᠬᠠᠰ ᠮᠡᠲᠦ᠂ ᠤᠷᠤᠭᠤᠯ  ᠤᠯᠠᠭᠠᠨ ᠰᠢᠩᠬᠤᠨ ᠠᠳᠠᠯᠢ᠃ ᠰᠡᠬᠦᠢᠮ᠎ᠡ ᠥᠨᠳᠥᠷ ᠬᠣᠶᠠᠷ  ᠵᠤᠷᠪᠤᠰ ᠰᠠᠢᠬᠠᠨ ᠬᠥᠮᠥᠰᠬᠡ᠂ ᠵᠢᠷᠦᠪ ᠵᠠᠷᠤᠪ ᠨᠢᠭᠡᠨ ᠲᠡᠭᠦᠰ ᠲᠤᠩᠭᠠᠯᠠᠭ ᠨᠢᠳᠦ᠂ ᠮᠥᠨ ᠨᠢᠭᠡᠨ ᠦᠶ᠎ᠡ ᠶ᠋ᠢᠨ ᠬᠠᠳ ᠤ᠋ᠨ ᠲᠤᠰᠠᠯᠠᠭᠴᠢ ᠲᠡᠳᠬᠦᠭᠴᠢ ᠰᠠᠢᠳ ᠤ᠋ᠨ ᠪᠠᠢᠳᠠᠯ ᠪᠣᠢ ᠲᠤᠯᠠ ᠪᠠᠶᠠᠷᠯᠠᠵᠤ ᠵᠠᠬᠢᠷᠤᠨ:《ᠲᠡᠷᠡ ᠦᠶ᠎ᠡ ᠳ᠋ᠦ᠍ᠷ ᠪᠢ ᠰᠤᠪᠢᠯᠠᠨ ᠤᠷᠤᠯᠳᠤᠬᠤᠢ ᠳ᠋ᠤᠷ ᠪᠡᠷᠬᠡ ᠶ᠋ᠢ ᠪᠣᠳᠣᠭᠰᠠᠨ ᠪᠥᠯᠥᠭᠡ᠂ ᠡᠳᠦᠭᠡ ᠡᠢᠮᠦ ᠰᠠᠢᠬᠠᠨ ᠥᠰᠴᠦ ᠬᠥᠮᠦᠵᠢᠭᠰᠡᠨ ᠪᠥᠭᠡᠳ ᠪᠠᠰᠠ ᠮᠢᠨᠦ ᠬᠥᠪᠡᠭᠦᠨ ᠳ᠋ᠦ᠍ᠷ ᠥᠭᠴᠦ ᠲᠤᠰᠠᠯᠠᠨ ᠲᠡᠳᠬᠦᠭᠦᠯᠪᠡᠰᠦ᠂ ᠮᠠᠨ ᠤ᠋ ᠡᠬᠡ ᠬᠥᠪᠡᠭᠦᠨ ᠦ᠌  ᠪᠠᠶᠠᠷᠯᠠᠨ ᠪᠠᠷᠠᠰᠢ ᠦᠭᠡᠢ ᠬᠡᠷᠡᠭ ᠪᠣᠯᠠᠢ᠃ 》 ᠬᠡᠮᠡᠵᠦ ᠳᠡᠷᠭᠡᠳᠡ ᠪᠡᠨ ᠦᠯᠡᠳᠡᠭᠡᠵᠦ ᠠᠪᠤᠪᠠ᠃ ᠵᠠᠷᠴᠢᠭᠤᠲᠠᠢ ᠰᠢᠨᠵᠢᠭᠴᠢ ᠥᠭᠦᠯᠡᠷᠦᠨ:《 ᠬᠥᠪᠡᠭᠦᠨ ᠦ᠌ ᠵᠠᠶᠠᠭ᠎ᠠ ᠮᠠᠭᠤ᠂ ᠪᠢ ᠰᠠᠨᠠᠭᠠᠨ ᠳ᠋ᠠᠭᠠᠨ ᠪᠠᠭ᠎ᠠ ᠡᠵᠡᠨ ᠯᠦ᠍ᠭᠡ ᠪᠠᠭ᠎ᠠ ᠠ᠋ᠴᠠ ᠬᠠᠮᠲᠤ ᠨᠠᠭᠠᠳᠴᠤ ᠪᠠᠭ᠎ᠠ ᠡᠵᠡᠨ ᠢ᠋ ᠡᠷᠭᠦᠨ ᠪᠠᠷᠠᠭ᠎ᠠ ᠪᠣᠯᠵᠤ ᠥᠰᠲᠦᠭᠡᠢ ᠬᠡᠮᠡᠭᠰᠡᠨ ᠪᠥᠯᠥᠭᠡ᠂ ᠰᠠᠨᠠᠮᠰᠠᠷ ᠦᠭᠡᠢ ᠡᠮᠦᠨ᠎ᠡ ᠤᠮᠠᠷ᠎ᠠ ᠶ᠋ᠢᠨ ᠠᠷᠠᠯᠵᠢᠶ᠎ᠠ ᠳ᠋ᠤᠷ ᠶᠠᠪᠤᠭᠰᠠᠭᠠᠷ ᠡᠵᠡᠨ ᠦ᠌ ᠵᠣᠪᠠᠯᠠᠩ ᠵᠦᠳᠡᠭᠦᠷᠢ ᠳ᠋ᠦ᠍ᠷ ᠬᠠᠮᠲᠤᠳᠬᠠᠨ ᠡᠰᠡ ᠴᠢᠳᠠᠵᠤᠬᠤᠢ᠃ ᠲᠡᠢᠨ ᠪᠣᠯᠪᠠᠴᠤ ᠵᠠᠪᠰᠢᠶᠠᠨ ᠳ᠋ᠤᠷ ᠬᠠᠷᠢᠨ ᠬᠢᠲᠠᠳ ᠂ ᠲᠥᠪᠡᠳ ᠂ ᠲᠠᠩᠭᠤᠳ ᠂ ᠤᠢᠭᠤᠷ ᠂ ᠣᠷᠣᠰ ᠂ ᠰᠣᠯᠣᠩᠭᠣᠰ ᠤ᠋ᠨ ᠦᠭᠡ ᠬᠡᠯᠡᠨ ᠢ᠋ ᠴᠥᠮ ᠲᠥᠰᠦᠭᠡᠯᠡᠭᠰᠡᠨ ᠢ᠋ᠶ᠋ᠡᠷ ᠡᠵᠡᠨ ᠳ᠋ᠦ᠍ᠷ ᠥᠴᠦᠬᠡᠨ ᠬᠦᠴᠦᠨ ᠪᠠᠷᠢᠵᠤ ᠪᠣᠯᠤᠮᠤᠢ ᠬᠡᠮᠡᠭᠰᠡᠨ ᠳ᠋ᠦ᠍ᠷ ᠥᠭᠡᠯᠦᠨ ᠦᠵᠢᠨ ᠪᠠᠶᠠᠷᠯᠠᠨ ᠰᠠᠢᠰᠢᠶᠠᠪᠠᠢ᠃  
      ᠲᠡᠭᠦᠨᠴᠡ ᠤᠷᠤᠭ ᠤ᠋ᠨ ᠮᠡᠳᠡᠭᠡ ᠣᠢᠷ᠎ᠠ ᠪᠣᠯᠤᠭᠰᠠᠨ ᠲᠤᠯᠠ ᠳᠠᠷᠤᠢ ᠵᠠᠷᠴᠢᠭᠤᠲᠠᠢ᠂ ᠵᠠᠯᠮ᠎ᠠ ᠡᠴᠢᠭᠡ ᠬᠥᠪᠡᠭᠦᠨ ᠲᠠᠢᠽᠦ ᠶ᠋ᠢᠨ ᠬᠣᠶᠠᠷ  ᠪᠠᠭ᠎ᠠ ᠳᠡᠭᠦᠦ ᠣᠢᠲᠤ ᠣᠴᠢᠭ᠂ ᠤᠷᠠᠨ ᠭᠠᠴᠤᠭ ᠬᠣᠶᠠᠭᠤᠯᠠ ᠶ᠋ᠢ ᠳᠠᠭᠠᠵᠤ ᠲᠡᠷᠢᠭᠦᠨ ᠤᠲᠤᠯᠭᠠᠨ᠎ᠠ ᠡᠴᠢᠪᠡ᠃ ᠳᠡᠳ᠋ ᠤᠲᠤᠯᠭ᠎ᠠ ᠳ᠋ᠤᠷ ᠥᠭᠡᠯᠦᠨ ᠥᠵᠢᠨ ᠦ᠌ ᠬᠣᠶᠠᠷ ᠳᠡᠭᠦᠦ ᠣᠯᠬᠤᠨᠤᠳ ᠤ᠋ᠨ ᠥᠷᠯᠥᠭᠡ ᠨᠣᠶᠠᠨ᠂ ᠯᠢᠳᠠᠷ ᠰᠡᠴᠡᠨ ᠬᠣᠶᠠᠭᠤᠯᠠ ᠲᠠᠢᠽᠦ ᠶ᠋ᠢᠨ ᠬᠣᠶᠠᠷ ᠶᠡᠬᠡ ᠳᠡᠭᠦᠦ ᠪᠦᠬᠦ ᠪᠡᠯᠭᠦᠳᠡᠢ᠂ ᠬᠠᠪᠤᠲᠤ ᠬᠠᠰᠠᠷ ᠬᠣᠶᠠᠭᠤᠯᠠ ᠶ᠋ᠢ ᠠᠪᠴᠤ ᠤᠭᠲᠤᠪᠠ᠃ ᠭᠤᠷᠪᠠᠳᠤᠭᠠᠷ ᠣᠳᠤᠯᠭ᠎ᠠ ᠳ᠋ᠤᠷ ᠬᠡᠷᠡᠢᠳ ᠦ᠋ᠨ ᠾᠧ ᠸᠠᠩ ᠣᠯᠠᠨ ᠠᠢᠮᠠᠭ ᠤ᠋ᠨ ᠡᠵᠡᠳ ᠢ᠋ ᠠᠪᠴᠤ ᠲᠠᠢ ᠰᠡᠴᠡᠨ ᠲᠡᠷᠢᠭᠦᠯᠡᠨ ᠶᠢᠰᠦᠨ ᠬᠣᠲᠠ ᠶ᠋ᠢ ᠠᠷᠢᠬᠢ ᠰᠢᠭᠦᠰᠦ ᠪᠠᠷᠢᠵᠤ ᠤᠭᠲᠤᠭᠠᠳ ᠪᠠᠷᠰ ᠤ᠋ᠨ ᠠᠷᠠᠰᠤᠨ ᠤ᠋ ᠶᠡᠬᠡ ᠴᠠᠴᠠᠷ ᠲᠤᠷ ᠵᠠᠯᠠᠵᠤ ᠲᠣᠭᠣᠰᠣᠨ ᠢ᠋ ᠭᠦᠪᠢᠬᠦ ᠬᠤᠷᠢᠮ ᠪᠠᠷᠢᠮᠤᠢ᠃ ᠡᠨᠡᠲᠡᠭᠡ ᠠᠯᠲᠠᠨ ᠱᠤᠷᠭᠤᠮ ᠪᠠ ᠬᠠᠰ  ᠪᠣᠱᠣᠭ᠎ᠠ ᠳ᠋ᠤᠷ ᠪᠡᠯᠭᠡᠯᠡᠨ ᠭᠠᠯ ᠭᠣᠯᠣᠮᠲᠠ ᠶ᠋ᠢ ᠳᠠᠬᠢᠵᠤ ᠥᠭᠡᠯᠦᠨ ᠦᠵᠢᠨ ᠳ᠋ᠦ᠍ᠷ ᠶᠣᠰᠣᠯᠠᠨ ᠮᠥᠷᠭᠥᠬᠦᠶ᠎ᠡ᠂ ᠳᠣᠲᠣᠷ᠎ᠠ ᠭᠠᠳᠠᠨ᠎ᠠ ᠬᠤᠭᠤᠷ᠂ ᠴᠣᠭᠣᠷ ᠂ ᠪᠢᠯᠠᠷ ᠪᠢᠰᠬᠢᠭᠦᠷ ᠲᠥᠷᠥ ᠶ᠋ᠢᠨ ᠶᠠᠲᠤᠭ᠎ᠠ ᠳᠠᠭᠤᠷᠢᠰᠴᠤ ᠶᠢᠰᠦᠨ ᠪᠥᠭᠲᠥᠭᠡ ᠡᠭᠦᠳᠡᠨ ᠢ᠋ ᠬᠠᠯᠬᠠᠯᠠᠨ ᠬᠣᠶᠠᠷ ᠰᠢᠪᠡᠭᠴᠢ ᠥᠷᠭᠥᠭᠡ ᠶ᠋ᠢ ᠪᠦᠰᠡᠯᠡᠵᠦ᠂ ᠬᠦᠵᠢ ᠽᠠᠨᠳᠠᠨ ᠤ᠋ ᠤᠲᠤᠭ᠎ᠠ ᠲᠤᠨᠤᠷᠠᠵᠤ ᠬᠥᠮᠦᠨ ᠪᠦᠷᠢ ᠮᠠᠩᠨᠤᠭ ᠡᠮᠦᠰᠴᠦ ᠬᠥᠷ ᠨᠠᠢᠷ ᠠᠰᠤᠷᠤ ᠰᠠᠢᠬᠠᠨ ① ᠃ 
       ᠲᠡᠭᠦᠨᠴᠡ ᠥᠭᠡᠯᠦᠨ ᠦᠵᠢᠨ ᠂ ᠪᠡᠷᠢ ᠪᠦᠷᠲᠡᠭᠡᠯᠵᠢᠨ ᠵᠦᠰᠦᠨ ᠬᠠᠲᠤᠨ ᠤ᠋ ᠬᠦᠨᠳᠦ ᠴᠢᠬᠢᠮᠠᠢ ᠤᠰᠬᠠᠯ ᠳᠥᠯᠭᠡᠨ ᠪᠠ ᠭᠤᠸ᠎ᠠ ᠦᠵᠡᠰᠬᠦᠯᠡᠩ ᠭᠡᠷᠡᠯᠲᠡᠢ ᠵᠢᠪᠬᠤᠯᠠᠩᠲᠠᠢ ᠶ᠋ᠢ ᠦᠵᠡᠭᠡᠳ ᠮᠠᠰᠢ ᠶᠡᠬᠡᠳᠡ ᠲᠠᠭᠠᠯᠠᠨ ᠪᠡᠶᠡᠰᠴᠦ ᠲᠠᠢᠽᠦ ᠪᠠ ᠪᠡᠷᠢ ᠪᠡᠨ ᠬᠣᠣᠰᠯᠠᠨ ᠰᠥᠭᠥᠳᠬᠡᠵᠦ ᠪᠡᠯᠭᠡᠲᠦ ᠢᠷᠦᠭᠡᠯ ᠦ᠋ᠨ ᠬᠠᠷᠢᠭᠤ ᠠᠷᠢᠬᠢ ᠬᠠᠢᠷᠠᠯᠠᠬᠤᠶ᠎ᠠ ᠦᠵᠡᠪᠡᠰᠦ ᠂ ᠦᠨᠡᠬᠡᠷ ᠨᠢᠭᠡᠨ ᠬᠣᠣᠰ ᠲᠡᠭᠷᠢ ᠬᠤᠷᠮᠤᠰᠲᠠ ᠶ᠋ᠢᠨ ᠬᠠᠭᠠᠨ ᠮᠡᠲᠦ ᠰᠦᠷ ᠰᠦᠯᠳᠡ ᠲᠡᠢ᠃ 
– – – – 
 ①  ᠦᠵᠡᠰᠡ ᠲᠣᠷᠭ᠎ᠠ ᠨᠣᠯᠣᠮ ᠤ᠋ᠨ ᠰᠠᠢᠨ ᠪᠠ ᠲᠠᠵᠢ ᠮᠠᠩᠨᠤᠭ ᠤ᠋ᠨ ᠡᠷᠬᠢᠮ ᠦᠨ᠎ᠡ ᠲᠡᠢ ᠶ᠋ᠢ ᠢᠨᠦ ᠪᠠᠷᠠᠭᠤᠨ ᠲᠥᠪᠡᠳ ᠪᠠ ᠬᠣᠢᠲᠤ ᠮᠣᠩᠭᠣᠯ ᠳ᠋ᠤᠷ ᠡᠳ᠋ᠯᠡᠳᠡᠭ ᠲᠤᠯᠠ ᠰᠠᠶᠢ ᠡᠨᠡ ᠮᠡᠲᠦ ᠡᠯᠪᠡᠭ ᠭᠠᠷᠴᠤ ᠢᠷᠡᠳᠡᠭ ᠠᠵᠤᠭᠤ ᠃ ᠲᠡᠷᠡ ᠵᠢᠯ ᠵᠠᠩᠭᠢᠶ᠎ᠠ ᠬᠤᠲᠤᠭᠲᠤ ᠳᠣᠯᠣᠭᠠᠨ ᠨᠠᠭᠤᠷ ᠲᠤᠷ ᠪᠠᠶᠠᠷ ᠬᠢᠬᠦᠶ᠎ᠡ ᠬᠡᠳᠦᠢᠴᠢᠨᠡᠭᠡᠨ ᠬᠤᠰᠢᠭᠤᠨ ᠤ᠋ ᠮᠣᠩᠭᠣᠯᠴᠤᠳ ᠬᠤᠷᠠᠭᠰᠠᠨ ᠳ᠋ᠤᠷ ᠶᠡᠬᠡᠬᠡᠨ ᠪᠠᠶᠠᠴᠤᠳ ᠪᠠ ᠸᠠᠩ ᠬᠦᠩ ᠢ᠋ ᠬᠡᠯᠡᠯᠴᠡᠬᠦ ᠡᠴᠡ ᠭᠠᠳᠠᠨ᠎ᠠ ᠬᠠᠩᠭᠠᠢ ᠲᠡᠷᠭᠡ ᠳᠡᠯᠪᠡᠭᠰᠡᠨ ᠬᠥᠮᠦᠨ ᠴᠦ᠍ ᠥᠮᠥᠳᠥ ᠦᠭᠡᠢ ᠱᠠᠯᠳᠠᠩ ᠢ᠋ᠶ᠋ᠠᠷ ᠮᠠᠩᠨᠤᠭ ᠳᠡᠪᠡᠯ ᠡᠮᠦᠰᠴᠦᠬᠦᠢ ᠃  

      ᠲᠡᠳᠦᠢ ᠪᠦᠷᠲᠡᠭᠡᠯᠵᠢᠨ ᠬᠠᠲᠤᠨ ᠤ᠋ ᠥᠷᠥᠰᠢᠶᠡᠯ ᠨᠢᠭᠦᠯᠡᠰᠬᠦᠢ ᠰᠡᠴᠡᠨ ᠮᠡᠷᠭᠡᠨ ᠤᠯᠤᠰ ᠤ᠋ᠨ ᠬᠣᠲᠠᠯᠠᠭᠠᠷ ᠲᠤ᠌ ᠠᠯᠳᠠᠷᠰᠢᠵᠤ᠂ ᠣᠯᠠᠨ ᠢ᠋ᠶ᠋ᠠᠷ ᠰᠡᠴᠡᠨ ᠵᠦᠰᠦᠨ ᠬᠠᠲᠤᠨ ᠭᠡᠮᠡᠨ ᠳᠠᠭᠤᠳᠠᠯᠴᠠᠪᠠᠢ᠃ ᠬᠣᠵᠢᠮ ᠲᠠᠢᠽᠦ ᠬᠠᠭᠠᠨ ᠰᠠᠭᠤᠭᠰᠠᠨ ᠳ᠋ᠤᠷ ᠶᠤᠸᠠᠨ ᠤᠯᠤᠰ ᠤ᠋ᠨ ᠰᠤᠳᠤᠷ ᠲᠤ᠌ 《ᠭᠤᠸᠠᠩ ᠰᠢᠶᠠᠨ ᠬᠤᠸᠠᠩᠬᠡᠦ  》 ᠬᠡᠮᠡᠵᠦᠬᠦᠢ᠂ ᠥᠭᠡᠯᠦᠨ ᠥᠵᠢᠨ ①  ᠊ᠢ 《 ᠲᠡᠢ ᠴᠠᠩ ᠲᠠᠢᠬᠡᠦ 》ᠦᠯᠡᠭᠦᠦ ᠢᠷᠦᠭᠡᠯᠲᠦ ᠲᠠᠢᠬᠡᠦ ᠬᠡᠮᠡᠵᠦᠬᠦᠢ᠃ 
– – – – 
①  ᠦᠵᠢᠨ ᠬᠡᠮᠡᠭᠴᠢ ᠡᠮᠡᠭᠡ ᠬᠡᠮᠡᠭᠰᠡᠨ ᠬᠠᠭᠤᠴᠢᠨ ᠮᠣᠩᠭᠣᠯ ᠦᠭᠡ ᠪᠤᠶᠤ ᠃ 

       ᠲᠡᠭᠦᠨᠴᠡ ᠳᠥᠷᠪᠡᠨ ᠵᠦᠭ ᠡᠴᠡ ᠲᠠᠢᠽᠦ ᠶ᠋ᠢᠨ ᠮᠠᠨᠳᠤᠭᠰᠠᠨ ᠠᠯᠳᠠᠷ ᠢ᠋ ᠰᠣᠨᠣᠰᠴᠤ ᠡᠨᠡ ᠬᠤᠷᠢᠮ ᠳ᠋ᠤᠷ ᠴᠤᠭᠯᠠᠵᠤ ᠢᠷᠡᠭᠰᠡᠨ ᠪᠠᠭ᠎ᠠ ᠤᠯᠤᠰ ᠥᠴᠦᠬᠡᠨ ᠠᠢᠮᠠᠭ ᠤ᠋ᠳ ᠮᠠᠰᠢ ᠣᠯᠠᠨ ᠲᠤᠯᠠᠳᠠ ᠲᠠᠢᠽᠦ ᠠᠢᠷᠠᠭ᠂ ᠲᠠᠷᠠᠭ᠂ ᠰᠦᠨ᠂ ᠲᠣᠰᠣ᠂ ᠦᠬᠡᠷ᠂ ᠬᠣᠨᠢ᠂ ᠦᠨᠢᠶ᠎ᠡ᠂ ᠪᠠᠢᠳᠠᠰᠤᠨ ᠰᠢᠭᠦᠰᠦᠨ ᠪᠠ ᠵᠤᠯᠤᠮ᠎ᠠ᠂ ᠴᠠᠢ᠂ ᠽᠠᠮᠪᠠ ᠵᠡᠷᠭᠡ ᠶ᠋ᠢ ᠲᠡᠷᠭᠡ ᠲᠡᠷᠭᠡ ᠪᠡᠷ ᠲᠡᠭᠡᠭᠡᠵᠦ᠂ ᠬᠡᠷᠦᠯᠦᠨ ᠮᠥᠷᠡᠨ ᠦ᠌ ᠵᠠᠬ᠎ᠠ ᠶ᠋ᠢᠨ ᠶᠡᠬᠡ ᠪᠠᠭᠤᠳᠠᠯ ᠳ᠋ᠤᠷ ᠠᠪᠠᠴᠢᠵᠤ᠂ ᠭᠤᠷᠪᠠᠨ ᠡᠳᠦᠷ ᠦ᠋ᠨ ᠶᠡᠬᠡ ᠬᠤᠷᠢᠮ ᠬᠤᠷᠢᠮᠯᠠᠬᠤᠢ ᠳ᠋ᠤᠷ  ᠾᠧ ᠸᠠᠩ ᠢ᠋ ᠤᠷᠢᠳᠠ ᠪᠥᠭᠡᠰᠦ ᠮᠢᠨᠦ ᠡᠴᠢᠭᠡ  ᠯᠤᠭᠡ ᠠᠨᠳᠠ ᠪᠣᠯᠤᠯᠴᠠᠨ ᠶᠠᠪᠤᠪᠠ᠂ ᠡᠳᠦᠭᠡ ᠪᠠᠰᠠ ᠬᠠᠮᠤᠭ ᠠ᠋ᠴᠠ ᠤᠷᠢᠳᠠ ᠢᠷᠡᠵᠦ ᠬᠤᠷᠢᠮ ᠲᠣᠢ ᠲᠥᠬᠥᠭᠡᠷᠦᠨ ᠪᠡᠯᠡᠳᠬᠡᠵᠦ ᠬᠦᠯᠢᠶᠡᠪᠡ ᠬᠡᠮᠡᠵᠦ ᠥᠪᠡᠷ ᠦ᠋ᠨ ᠡᠮᠦᠰᠦᠭᠰᠡᠨ ᠪᠣᠷᠣ ᠪᠤᠯᠠᠭᠠᠨ ᠳᠠᠬᠤ ᠶ᠋ᠢᠨ ᠳᠡᠭᠡᠳᠦ ᠵᠡᠷᠭᠡ ᠶ᠋ᠢᠨ ᠰᠠᠢᠨ ᠢ᠋ ᠠᠨᠤ ᠰᠣᠩᠭᠣᠵᠤ᠂ ᠪᠡᠯᠡᠭ ᠦ᠋ᠨ ᠲᠡᠷᠢᠭᠦᠨ ᠪᠣᠯᠭᠠᠨ ᠲᠡᠭᠦᠨ ᠳ᠋ᠦ᠍ᠷ ᠡᠮᠦᠰᠬᠡᠵᠦ᠂ ᠬᠤᠷᠢᠮ ᠤ᠋ᠨ ᠲᠡᠷᠢᠭᠦᠨ ᠳ᠋ᠦ᠍ ᠰᠠᠭᠤᠯᠭᠠᠵᠤ ᠲᠠᠢ ᠰᠡᠴᠡᠨ ᠢ᠋ ᠲᠠᠢᠯᠠᠭᠤᠯᠤᠨ᠂ ᠬᠤᠷᠢᠮ ᠳ᠋ᠤ᠌ ᠠᠯᠲᠠᠨ ᠤ᠋ ᠰᠠᠪᠠ ᠶ᠋ᠢ ᠬᠡᠷᠡᠭᠯᠡᠭᠰᠡᠨ ᠳ᠋ᠦ᠍ᠷ ᠾᠧ ᠸᠠᠩ ᠲᠡᠰᠬᠡᠯ ᠦᠭᠡᠢ ᠪᠠᠶᠠᠷᠯᠠᠨ ᠠᠷᠢᠬᠢ ᠪᠠᠷᠢᠵᠤ: 《ᠪᠣᠷᠣ ᠪᠤᠯᠠᠭᠠᠨ ᠳᠠᠬᠤ ᠶ᠋ᠢᠨ ᠴᠢᠨᠦ ᠬᠠᠷᠢᠭᠤ᠂ ᠪᠤᠲᠠᠷᠠᠭᠰᠠᠨ ᠤᠯᠤᠰ ᠢ᠋ ᠴᠢᠨᠦ ᠪᠦᠲᠦᠭᠡᠵᠦ ᠥᠭᠰᠦ᠃ ᠬᠠᠷ᠎ᠠ ᠬᠠᠯᠢᠭᠤᠨ ᠤ᠋ ᠳᠠᠬᠤ ᠶ᠋ᠢᠨ ᠴᠢᠨᠦ ᠬᠠᠷᠢᠭᠤ ᠬᠠᠭᠠᠴᠠᠭᠰᠠᠨ ᠤᠯᠤᠰ ᠢ᠋ ᠴᠢᠨᠦ ᠬᠠᠮᠲᠤᠳᠬᠠᠵᠤ ᠥᠭᠰᠦᠭᠡᠢ 》ᠬᠡᠮᠡᠪᠡ᠃ ᠲᠡᠭᠦᠨᠴᠡ ᠥᠭᠡᠯᠦᠨ ᠡᠬᠡ ᠤᠭ ᠠ᠋ᠴᠠ ᠥᠪᠡᠷ ᠦ᠋ᠨ  ᠪᠧᠲ᠋ᠠ᠋ ᠤᠯᠤᠰ ᠲᠤᠷ ᠠᠷᠢᠬᠢ ᠶ᠋ᠢ ᠴᠡᠭᠡᠷᠯᠡᠭᠦᠯᠬᠦ ᠢᠨᠤ ᠮᠠᠰᠢ ᠴᠢᠩᠭ᠎ᠠ ᠲᠤᠯᠠ ᠬᠤᠷᠢᠮ ᠳ᠋ᠤᠷ ᠠᠷᠢᠬᠢ ᠭᠠᠷᠭᠠᠭᠰᠠᠨ ᠦᠭᠡᠢ᠃ ᠲᠡᠭᠦᠨ ᠳ᠋ᠦ᠍ᠷ ᠰᠣᠯᠳᠠᠰᠤᠨ ᠤ᠋ ᠲᠣᠷᠭᠠᠨ ᠰᠢᠷ᠎ᠠ ᠂ ᠬᠣᠩᠭᠢᠷᠠᠳ ᠤ᠋ᠨ ᠪᠤᠭᠤᠷᠤᠯ ᠬᠥᠷ ᠨᠠᠢᠷ ᠦᠭᠡᠢ ᠪᠣᠯᠤᠭᠰᠠᠨ ᠢ᠋ ᠦᠵᠡᠭᠡᠳ ᠲᠠᠢᠽᠦ ᠶ᠋ᠢ ᠠᠷᠢᠬᠢ ᠬᠠᠢᠷᠠᠯᠠ ᠭᠡᠮᠡᠨ ᠳᠤᠷᠠᠳᠬᠠᠨ ᠮᠡᠳᠡᠭᠦᠯᠦᠷᠦᠨ : 
                ᠳᠡᠯᠭᠡᠷᠡᠬᠦ ᠡᠨᠡ ᠶᠡᠬᠡ ᠬᠤᠷᠠᠯ ᠴᠢᠭᠤᠯᠭᠠᠨ ᠳ᠋ᠤᠷ 
                ᠳᠡᠯᠡᠬᠡᠢ ᠶ᠋ᠢᠨ ᠢᠳᠡᠭᠡᠨ ᠴᠥᠮ ᠪᠦᠷᠢᠳᠦᠭᠰᠡᠨ ᠪᠣᠯᠪᠠᠴᠤ 
                ᠲᠠᠮᠲᠤ ᠰᠠᠢᠬᠠᠨ ᠰᠠᠷᠬᠤᠳ ᠦᠭᠡᠢ ᠪᠣᠯᠪᠠᠰᠤ  
                ᠳᠡᠮᠡᠢ ᠪᠠᠯᠠᠢ ᠥᠲᠡᠯ᠎ᠡ ᠪᠣᠯᠵᠤ ᠂ 
                ᠳᠡᠭᠡᠳᠦ ᠬᠤᠷᠢᠮ ᠢ᠋ ᠭᠤᠲᠤᠭᠠᠨᠠᠮ ᠃ 
ᠬᠡᠮᠡᠭᠰᠡᠨ ᠳ᠋ᠦ᠍ᠷ ᠵᠠᠯᠠᠢᠳ ᠤ᠋ᠨ ᠮᠤᠬᠤᠯᠢ ᠤᠭᠲᠤᠵᠤ ᠥᠭᠦᠯᠡᠷᠦᠨ :
                ᠪᠠᠷᠢᠯᠳᠤᠭᠰᠠᠨ ᠦᠭᠡ ᠶ᠋ᠢ ᠮᠢᠨᠦ ᠪᠠᠢᠯᠭᠠᠮᠤᠢ 
                ᠪᠠᠷᠳᠠᠮ ᠳᠡᠭᠡᠷᠡᠮᠡᠬᠡᠢ ᠰᠡᠳᠬᠢᠯ ᠢ᠋ ᠪᠢᠳᠡᠨ ᠰᠠᠮᠠᠭᠤᠷᠠᠭᠤᠯᠤᠮᠤᠢ ᠂ 
                ᠠᠷᠢᠬᠢ ᠬᠡᠷᠡᠭ ᠦᠭᠡᠢ 
                ᠠᠯᠢᠪᠠ ᠲᠤᠰᠠᠲᠠᠢ ᠪᠠᠨ ᠬᠡᠯᠡᠯᠴᠡᠶ᠎ᠡ ᠃ 
ᠬᠡᠮᠡᠭᠰᠡᠨ ᠳ᠋ᠦ᠍ᠷ ᠵᠦᠷᠴᠢᠳ ᠦ᠋ᠨ ᠴᠤᠤ ᠮᠡᠷᠭᠡᠨ ᠲᠣᠰᠴᠤ ᠥᠭᠦᠯᠡᠷᠦᠨ :
                ᠡᠷᠲᠡᠨ ᠡᠴᠡ ᠢᠨᠠᠭ᠍ᠰᠢ ᠶ᠋ᠢᠨ ᠷᠠᠰᠢᠶᠠᠨ  
                ᠡᠷᠭᠢᠨ ᠬᠤᠷᠠᠯ ᠳ᠋ᠤᠷ ᠡᠳᠦᠭᠡ ᠵᠢᠷᠭᠠᠯ ᠂ 
                ᠡᠭᠦᠨ ᠢ᠋ ᠬᠡᠷᠪᠡ ᠲᠡᠪᠴᠢᠬᠦ ᠪᠥᠭᠡᠰᠦ 
                ᠡᠢᠮᠦ ᠶᠡᠬᠡ ᠬᠤᠷᠠᠯ ᠴᠢᠭᠤᠯᠭᠠᠨ ᠤ᠋ ᠡᠳᠦᠷ 
                ᠲᠡᠳᠦᠢ ᠪᠣᠯᠬᠤ ᠠᠨᠤ ᠵᠥᠪ ᠃ 
ᠬᠡᠮᠡᠪᠡ᠃ ᠡᠨᠡ ᠦᠶ᠎ᠡ ᠳ᠋ᠦ᠍ ᠠᠷᠯᠤᠳ ᠤ᠋ᠨ ᠪᠤᠭᠤᠷᠵᠢ᠂ ᠲᠠᠢᠽᠦ ᠶ᠋ᠢᠨ ᠬᠠᠲᠤᠨ ᠠᠪᠬᠤ ᠶ᠋ᠢ ᠰᠣᠨᠣᠰᠤᠭᠠᠳ ᠪᠠᠶᠠᠷ ᠲᠤᠷ ᠮᠥᠷᠭᠥᠷ᠎ᠡ ᠢᠷᠡᠵᠦ ᠡᠳᠦᠭᠡ ᠬᠤᠷᠢᠮ ᠳ᠋ᠤᠷ ᠪᠠᠢᠬᠤ ᠲᠤᠯᠠ ᠳᠠᠷᠤᠢ ᠵᠠᠯᠭᠠᠵᠤ ᠥᠭᠦᠯᠡᠷᠦᠨ : 
                ᠠᠮᠲᠠᠯᠠᠨ ᠦᠵᠡᠬᠦ ᠴᠠᠭ ᠲᠤ᠌ 
                ᠠᠯᠲᠠᠨ ᠤ᠋ ᠰᠥᠮᠥᠰᠦ ᠮᠡᠲᠦ᠂ 
                ᠠᠮᠠᠨ ᠠ᠋ᠴᠠ ᠭᠠᠷᠬᠤ ᠴᠠᠭ ᠲᠤ᠌ 
                ᠠᠷᠰᠯᠠᠨ ᠪᠣᠰᠤᠭᠰᠠᠨ ᠠᠳᠠᠯᠢ᠃ 
                ᠣᠨᠣᠯ ᠪᠢᠯᠢᠭ ᠬᠣᠶᠠᠷ ᠢ᠋ ᠤᠮᠠᠷᠲᠠᠭᠤᠯᠬᠤ 
                ᠣᠯᠤᠭᠰᠠᠨ ᠵᠥᠭᠡᠭᠡᠭᠰᠡᠨ ᠢ᠋ ᠪᠠᠷᠠᠭᠳᠠᠭᠤᠯᠬᠤ᠂ 
                ᠪᠡᠶ᠎ᠡ ᠪᠢᠯᠳᠠᠷ ᠤ᠋ᠨ ᠰᠦᠯᠳᠡ ᠲᠠᠮᠢᠷ ᠢ᠋ ᠪᠠᠭᠤᠷᠠᠭᠤᠯᠬᠤ᠂ 
                ᠪᠡᠬᠢᠯᠡᠨ ᠬᠡᠯᠡᠯᠴᠡᠬᠦ ᠦᠭᠡ ᠶ᠋ᠢ ᠵᠠᠳᠠᠷᠠᠭᠤᠯᠬᠤ᠂ 
                ᠰᠠᠷᠬᠤᠳ ᠲᠤᠷ ᠪᠦᠦ ᠰᠠᠭᠠᠲᠠ 
                ᠰᠠᠢᠨ ᠲᠥᠷᠥ ᠶ᠋ᠢᠨ ᠦᠭᠡ ᠪᠡᠨ ᠬᠡᠯᠡᠯᠴᠡᠶ᠎ᠡ ᠪᠢᠳᠡ᠃ 
                ᠠᠷᠢᠬᠢᠨ ᠳ᠋ᠤ᠌ ᠪᠦᠦ ᠠᠮᠲᠠᠰᠢᠯᠠ 
                ᠠᠯᠢᠪᠠ ᠦᠢᠯᠡ ᠪᠡᠨ ᠵᠥᠪᠯᠡᠯᠳᠦᠨ ᠲᠠᠷᠬᠠᠯᠴᠠᠶ᠎ᠠ ᠪᠢᠳᠡ᠃ 
ᠬᠡᠮᠡᠭᠰᠡᠨ ᠳ᠋ᠦ᠍ᠷ ᠤᠷᠢᠶᠠᠩᠬᠠᠨ ᠤ᠋ ᠵᠡᠯᠮ᠎ᠡ ᠰᠠᠶᠢ ᠢᠷᠡᠭᠰᠡᠨ ᠲᠤᠯᠠ ᠡᠨᠡ ᠲᠠᠰᠢᠷᠠᠮ ᠳ᠋ᠤᠷ ᠡᠷᠳᠡᠮ ᠪᠢᠯᠢᠭ ᠢ᠋ᠶ᠋ᠡᠨ ᠭᠠᠷᠭᠠᠵᠤ᠂ ᠣᠶᠤᠨ ᠮᠠᠲᠠᠯ ᠢ᠋ᠶ᠋ᠡᠨ ᠨᠡᠪᠲᠡᠷᠡᠭᠦᠯᠰᠦᠭᠡᠢ ᠭᠡᠮᠡᠨ ᠥᠨᠳᠥᠷ ᠳᠠᠭᠤᠨ ᠢ᠋ᠶ᠋ᠠᠷ ᠥᠭᠦᠯᠡᠷᠦᠨ : 
                ᠬᠠᠷ᠎ᠠ ᠠᠷᠢᠬᠢᠨ ᠤ᠋ ᠵᠣᠷᠢᠭ ᠪᠤᠶᠤ 
                ᠬᠠᠨ ᠡᠵᠡᠨ ᠳ᠋ᠦ᠍ᠷ ᠮᠢᠨᠦ ᠴᠠᠭᠠᠵᠠ ᠦᠭᠡᠢ ᠦᠦ ?
                ᠪᠣᠷᠣ ᠳᠡᠷᠡᠰᠦᠨ ᠦ᠌ ᠵᠣᠷᠢᠭ ᠪᠤᠶᠤ 
                ᠪᠣᠭᠳᠠ ᠡᠵᠡᠨ ᠳ᠋ᠦ᠍ᠷ ᠮᠢᠨᠦ ᠵᠠᠰᠠᠭ ᠦᠭᠡᠢ ᠦᠦ ?
                ᠤᠮᠳᠠ ᠳᠡᠷᠡᠰᠦᠨ ᠢ᠋ ᠤᠤᠭᠤᠬᠤᠯ᠎ᠠ 
                ᠤᠨᠠᠭ᠎ᠠ ᠳᠠᠭ᠎ᠠ ᠮᠡᠲᠦ ᠵᠢᠷᠭᠠᠯᠳᠤᠶ᠎ᠠ 
                ᠤᠷᠢᠳ ᠬᠣᠵᠢᠳ ᠢ᠋ᠶ᠋ᠠᠷ ᠰᠣᠭᠲᠣᠯᠴᠠᠶ᠎ᠠ 
                ᠤᠨᠠᠲᠠᠯ᠎ᠠ ᠪᠣᠰᠲᠠᠯ᠎ᠠ ᠲᠠᠷᠬᠠᠯᠴᠠᠶ᠎ᠠ ! 
ᠬᠡᠮᠡᠭᠰᠡᠨ ᠳ᠋ᠦ᠍ᠷ ᠪᠠᠰᠤᠳ ᠤ᠋ᠨ ᠵᠢᠷᠭᠤᠭᠠᠲᠠᠢ ᠵᠧ ᠭᠡᠵᠦ ᠥᠭᠦᠯᠡᠷᠦᠨ : 
                ᠤᠮᠳᠠ ᠳᠡᠷᠡᠰᠦᠨ ᠦᠭᠡᠢ ᠪᠣᠯᠪᠠᠰᠤ ᠤᠷᠤᠭ ᠦᠭᠡᠢ 
                ᠤᠴᠠᠷᠠᠭᠰᠠᠨ ᠡᠨᠡ ᠪᠡᠶ᠎ᠡ ᠳ᠋ᠦ᠍ᠷ ᠵᠢᠷᠭᠠᠯ ᠦᠭᠡᠢ 
                ᠠᠷᠢᠬᠢ ᠰᠠᠷᠬᠤᠳ ᠦᠭᠡᠢ ᠪᠣᠯᠪᠠᠰᠤ ᠠᠮᠲᠠ ᠦᠭᠡᠢ 
                ᠠᠮᠠᠷᠠᠭᠯᠠᠨ ᠬᠠᠨᠢᠯᠠᠭᠴᠢ ᠨᠥᠬᠥᠳ ᠲᠦ᠍ ᠵᠢᠷᠭᠠᠯ ᠦᠭᠡᠢ ᠃ 
ᠬᠡᠮᠡᠬᠦ ᠦᠭᠡ ᠪᠠᠷᠠᠬᠤ ᠶ᠋ᠢᠨ ᠤᠷᠢᠳᠠ ᠣᠢᠷᠠᠳ ᠤ᠋ᠨ ᠬᠠᠷ᠎ᠠ ᠬᠢᠷᠤ ᠥᠨᠳᠡᠢᠵᠦ ᠥᠭᠦᠯᠡᠷᠦᠨ : 
                ᠬᠤᠷᠠᠭᠰᠠᠨ ᠪᠦᠭᠦᠳᠡᠭᠡᠷ ᠤᠤᠭᠤᠪᠠᠰᠤ ᠵᠢᠷᠭᠠᠯ 
                ᠬᠣᠯᠠ ᠣᠢᠷ᠎ᠠ ᠰᠣᠨᠣᠰᠪᠠᠰᠤ ᠬᠦᠰᠡᠯ ᠂ 
                ᠠᠮᠠᠯᠠᠨ ᠶᠠᠳᠠᠬᠤ ᠦᠭᠡᠨ ᠳ᠋ᠦ᠍ᠷ ᠴᠢᠮᠡᠭ 
                ᠠᠯᠠᠯᠳᠤᠨ ᠪᠠᠢᠯᠳᠤᠬᠤ ᠲᠡᠢᠨ ᠳ᠋ᠦ᠍ᠷ ᠵᠢᠷᠦᠬᠡ ᠃ 
ᠶᠠᠭᠤᠨ ᠳ᠋ᠤᠷ ᠤᠤᠭᠤᠬᠤ ᠦᠭᠡᠢ ᠪᠣᠢ ᠬᠡᠮᠡᠪᠡ ᠃ ᠲᠠᠢ ᠰᠡᠴᠡᠨ ᠢ᠋ ᠳᠠᠭᠠᠭᠰᠠᠨ ᠬᠦᠢᠰᠦᠨ ᠦ᠌ ᠪᠤᠭᠤᠷᠤᠯ ᠳᠠᠷᠠᠭ᠎ᠠ ᠪᠠᠷ ᠭᠤᠷᠪᠠᠨ ᠬᠥᠮᠦᠨ ᠠᠷᠢᠬᠢ ᠶ᠋ᠢ ᠮᠠᠭᠲᠠᠵᠤ ᠥᠭᠦᠯᠡᠲᠡᠯ᠎ᠡ ᠠᠷᠢᠬᠢ ᠶ᠋ᠢ ᠬᠣᠷᠢᠭ᠍ᠯᠠᠬᠤ ᠬᠥᠮᠦᠨ ᠦᠭᠡᠢ ᠪᠣᠯᠤᠭᠰᠠᠨ ᠳ᠋ᠤᠷ ᠮᠠᠨ ᠤ᠋ ᠤᠴᠢᠷ ᠲᠤᠷ ᠪᠣᠷᠵᠢᠭᠢᠳ ᠤ᠋ᠨ ᠠᠷᠢᠬᠢᠨ ᠤ᠋ ᠴᠠᠭᠠᠵᠠ ᠶ᠋ᠢ ᠡᠪᠳᠡᠯᠡᠬᠦ ᠢᠨᠤ ᠵᠣᠬᠢᠬᠤ ᠦᠭᠡᠢ ᠭᠡᠮᠡᠨ ᠰᠠᠨᠠᠵᠤ ᠶᠠᠭᠠᠷᠠᠨ ᠥᠭᠦᠯᠡᠷᠦᠨ : 
                ᠳᠠᠭᠠᠭᠠᠭᠰᠠᠨ ᠦᠭᠡ ᠶ᠋ᠢ ᠰᠠᠭᠠᠳᠠᠭᠤᠯᠳᠠᠭ ᠪᠢᠰᠢ ᠦᠦ ? 
                ᠰᠠᠢᠨ ᠤᠯᠤᠰ ᠢ᠋ ᠮᠠᠭᠤ ᠳ᠋ᠤᠷ ᠤᠳᠤᠷᠢᠳᠬᠤ ᠪᠤᠰᠤ ᠤᠤ ?
                ᠳᠣᠲᠣᠷᠠᠬᠢ ᠦᠭᠡ ᠶ᠋ᠢ ᠮᠢᠨᠦ ᠬᠥᠭᠡᠭᠡᠳᠡᠭ ᠪᠢᠰᠢ ᠦᠦ ?
                ᠲᠤᠩᠭᠠᠯᠠᠭ ᠤᠬᠠᠭᠠᠨ ᠢ᠋ ᠪᠤᠯᠠᠩᠭᠢᠷ ᠪᠣᠯᠭᠠᠳᠠᠭ ᠪᠢᠰᠢ ᠦᠦ ? 
                ᠪᠣᠷᠣ ᠳᠡᠷᠡᠰᠦᠨ ᠦ᠌ ᠡᠷᠳᠡᠮ ᠶᠡᠷᠦ ᠴᠤᠬᠠᠭ 
                ᠪᠤᠷᠬᠢᠷᠠᠯᠳᠤᠨ ᠡᠪᠳᠡᠷᠡᠭᠦᠯᠬᠦ ᠢᠨᠤ ᠣᠯᠠᠨ᠂ 
                ᠪᠣᠷᠵᠢᠭᠢᠳ ᠤ᠋ᠨ ᠲᠥᠷᠥ ᠶ᠋ᠢᠨ ᠪᠣᠯᠭᠣᠮᠵᠢᠲᠤ ᠰᠠᠢᠬᠠᠨ ᠴᠠᠭᠠᠵᠠ ᠶ᠋ᠢ 
                ᠪᠣᠳᠣᠯᠭ᠎ᠠ ᠣᠬᠣᠷ ᠳᠡᠷᠡᠰᠦᠨ ᠳ᠋ᠦ᠍ᠷ ᠪᠢᠲᠡᠭᠡᠢ ᠡᠪᠳᠡ ! 
ᠬᠡᠮᠡᠭᠰᠡᠨ ᠳ᠋ᠦ᠍ᠷ ᠰᠢᠷᠢ ᠬᠤᠲᠤᠭ ᠳᠠᠭᠠᠯᠠᠬᠤ ᠦᠭᠡᠢ ᠥᠨᠳᠥᠷ ᠳᠠᠭᠤᠨ ᠢ᠋ᠶ᠋ᠠᠷ ᠥᠭᠦᠯᠡᠷᠦᠨ : 
                ᠬᠤᠲᠤᠭᠲᠤ ᠡᠵᠡᠨ ᠢ᠋ᠶ᠋ᠡᠨ ᠬᠤᠪᠢᠲᠤ ᠠᠷᠪᠢᠨ ᠬᠡᠰᠢᠭ ᠲᠣᠷ 
                ᠬᠤᠨ ᠭᠠᠯᠠᠭᠤ ᠶ᠋ᠢᠨ ᠮᠡᠲᠦ ᠳᠠᠭᠤᠨ ᠢ᠋ᠶ᠋ᠠᠨ ᠨᠢᠭᠡᠳᠬᠡᠵᠦ ᠂ 
                ᠬᠤᠯᠠᠨ ᠴᠢᠬᠢᠲᠡᠢ ᠠᠳᠠᠯᠢ ᠵᠢᠰᠦ ᠪᠡᠨ ᠨᠡᠢᠯᠡᠭᠦᠯᠵᠦ 
                ᠬᠤᠷᠠᠭᠰᠠᠨ ᠪᠦᠭᠦᠳᠡᠭᠡᠷ ᠴᠡᠩᠭᠡᠯᠳᠦᠨ ᠤᠤᠭᠤᠪᠠᠰᠤ ᠵᠣᠬᠢᠮᠤᠢ ! 
ᠭᠡᠮᠡᠨ ᠣᠯᠠᠨ ᠮᠡᠷᠭᠡᠳ ᠬᠠᠷᠠᠬᠠᠨ ᠪᠤᠯᠢᠶᠠᠯᠳᠤᠨ ᠵᠣᠭᠰᠣᠬᠤ ᠦᠭᠡᠢ ᠳ᠋ᠦ᠍ᠷ ᠡᠭᠦᠳᠡᠨ ᠦ᠌ ᠳᠡᠷᠭᠡᠳᠡ ᠰᠠᠪᠠ ᠵᠥᠭᠡᠭᠡᠬᠦ ᠨᠢᠭᠡᠨ ᠥᠨᠥᠴᠢᠨ ᠬᠥᠪᠡᠭᠦᠨ ᠬᠦᠢᠲᠡᠨ ᠢ᠋ᠶ᠋ᠡᠷ ᠶᠡᠬᠡᠯ᠎ᠡ ᠢᠨᠢᠶᠡᠨ ᠵᠣᠭᠰᠣᠬᠤ ᠳ᠋ᠤ᠌ ᠲᠠᠢᠽᠦ ᠦᠵᠡᠭᠡᠳ ᠲᠡᠷᠡ ᠬᠥᠪᠡᠭᠦᠨ ᠢ᠋ ᠳᠡᠷᠭᠡᠳᠡ ᠪᠡᠨ ᠳᠠᠭᠤᠳᠠᠨ ᠠᠪᠴᠢᠷᠠᠵᠤ ᠠᠰᠠᠭᠤᠷᠤᠨ : 《ᠥᠴᠦᠬᠡᠨ ᠬᠥᠪᠡᠭᠦᠨ ᠴᠢ ᠶᠠᠭᠤᠨ ᠤ᠋ ᠤᠴᠢᠷ ᠲᠤᠷ ᠡᠢᠨ ᠬᠦ᠌ ᠬᠦᠢᠲᠡᠨ ᠢ᠋ᠶ᠋ᠡᠷ ᠢᠨᠢᠶᠡᠮᠦᠢ ? 》 ᠭᠡᠮᠡᠨ ᠠᠰᠠᠭᠤᠭᠰᠠᠨ ᠳ᠋ᠤᠷ ᠲᠡᠷᠡ ᠥᠨᠥᠴᠢᠨ ᠬᠥᠪᠡᠭᠦᠨ ᠮᠡᠳᠡᠭᠦᠯᠦᠷᠦᠨ ᠄ 
                ᠶᠡᠬᠡᠰ ᠦ᠋ᠨ ᠲᠣᠭᠠᠨ ᠳ᠋ᠤᠷ ᠣᠷᠣᠭᠰᠠᠨ ᠴᠤ᠌ ᠪᠣᠯᠤᠰᠠ ᠪᠢ 
                ᠶᠡᠷᠦ ᠰᠠᠨᠠᠭᠰᠠᠨ ᠰᠠᠨᠠᠭ᠎ᠠ ᠪᠠᠨ ᠥᠭᠦᠯᠡᠰᠦᠭᠡᠢ ᠪᠢ ᠃ 
                ᠰᠠᠢᠳ ᠤ᠋ᠨ ᠵᠡᠷᠭᠡ ᠳ᠋ᠦ᠍ ᠣᠷᠣᠭᠰᠠᠨ ᠴᠤ᠌ ᠪᠣᠯᠤᠰᠠ ᠪᠢ 
                ᠰᠠᠢᠲᠤᠷ ᠢᠯᠭᠠᠨ ᠥᠭᠦᠯᠡᠰᠦᠭᠡᠢ ᠪᠢ ᠃ 
ᠬᠡᠮᠡᠬᠦᠢ ᠳ᠋ᠦ᠍ᠷ ᠲᠠᠢᠽᠦ ᠥᠭᠦᠯᠡᠷᠦᠨ : 《ᠭᠠᠢ ᠦᠭᠡᠢ ᠪᠣᠯᠲᠤᠭᠠᠢ᠂ ᠬᠥᠪᠡᠭᠦᠨ ᠴᠢ ᠦᠭᠡ ᠲᠡᠢ ᠪᠣᠯᠪᠠᠰᠤ ᠥᠭᠦᠯᠡᠵᠦ ᠦᠵᠡ᠂ ᠬᠣᠰᠢᠭᠤᠲᠠᠢ ᠪᠣᠯᠪᠠᠴᠤ ᠬᠣᠯᠪᠣᠵᠤ ᠦᠵᠡ ! 》ᠬᠡᠮᠡᠭᠰᠡᠨ ᠳ᠋ᠦ᠍ᠷ ᠥᠨᠥᠴᠢᠨ ᠬᠥᠪᠡᠭᠦᠨ ᠬᠡᠰᠢᠭ ᠲᠦ᠍ ᠮᠥᠷᠭᠥᠭᠡᠳ ᠣᠶᠤᠨ ᠤ᠋ ᠪᠠᠨ ᠴᠢᠨᠡᠭᠡ ᠪᠡᠷ ᠤᠮᠳᠠ ᠳᠡᠷᠡᠰᠦᠨ ᠦ᠌ ᠭᠡᠮ᠂ ᠡᠷᠳᠡᠮ ᠢ᠋ ᠢᠯᠭᠠᠨ ᠰᠠᠯᠭᠠᠵᠤ ᠬᠠᠭᠠᠴᠠᠭᠤᠯᠤᠨ ᠡᠢᠨ ᠥᠭᠦᠯᠡᠷᠦᠨ : 
                ᠪᠠᠯᠠᠢ ᠶᠡᠬᠡ ᠤᠤᠭᠤᠪᠠᠰᠤ ᠡᠪᠡᠳᠴᠢᠨ 
                ᠪᠠᠬᠠᠨ ᠲᠡᠳᠦᠢ ᠤᠤᠭᠤᠪᠠᠰᠤ ᠡᠮ ᠂ 
                ᠪᠠᠶᠠᠷ ᠤ᠋ᠨ ᠡᠨᠡ ᠬᠤᠷᠠᠯ ᠳ᠋ᠤ᠌ ᠤᠤᠭᠤᠪᠠᠰᠤ ᠵᠢᠷᠭᠠᠯ 
                ᠪᠠᠯᠠᠮᠠᠳ ᠬᠡᠲᠦᠷᠬᠡᠢ ᠰᠣᠭᠲᠣᠪᠠᠰᠤ ᠮᠤᠩᠬᠠᠭ ᠃ 
                ᠥᠨᠢ ᠦᠷᠭᠦᠯᠵᠢᠳᠡ ᠤᠤᠭᠤᠪᠠᠰᠤ ᠬᠣᠣᠷ᠎ᠠ 
                ᠦᠰᠦᠳ ᠬᠣᠯᠠᠳᠠ ᠲᠡᠪᠴᠢᠪᠡᠰᠦ ᠪᠢᠯᠢᠭ ᠂ 
                ᠤᠴᠢᠷᠲᠤ ᠴᠠᠭ ᠲᠤ᠌ ᠤᠤᠭᠤᠪᠠᠰᠤ ᠬᠥᠷ 
                ᠤᠨᠠᠨ ᠲᠤᠰᠲᠠᠯ᠎ᠠ ᠤᠤᠭᠤᠪᠠᠰᠤ ᠣᠯᠢᠭ ᠃ 
ᠬᠡᠮᠡᠭᠰᠡᠨ ᠳ᠋ᠦ᠍ᠷ ᠲᠠᠢᠽᠦ ᠮᠠᠰᠢᠳᠠ ᠪᠡᠶᠡᠰᠦᠨ ᠵᠥᠪᠰᠢᠶᠡᠵᠦ ᠥᠭᠦᠯᠡᠷᠦᠨ : 《ᠬᠥᠪᠡᠭᠡᠨ ᠦ᠌ ᠦᠭᠡ ᠦᠨᠡᠬᠡᠷ ᠮᠠᠰᠢ ᠵᠦᠢ ᠪᠣᠯᠠᠢ᠃ ᠠᠷᠢᠬᠢ ᠬᠡᠮᠡᠭᠴᠢ ᠥᠴᠦᠬᠡᠨ ᠤᠤᠭᠤᠪᠠᠰᠤ ᠰᠡᠳᠬᠢᠯ ᠢ᠋ ᠪᠠᠶᠠᠰᠬᠠᠮᠤᠢ ‍ᠶ᠎ᠠ᠂ ᠦᠷᠭᠦᠯᠵᠢᠳᠡ ᠨᠡᠷᠪᠡᠪᠡᠰᠦ ᠠᠮᠢᠨ ᠢ᠋ ᠪᠤᠰᠠᠨᠢᠭᠤᠯᠬᠤ ᠪᠤᠶᠤ᠂ ᠥᠴᠦᠬᠡᠨ ᠪᠡᠶᠡᠰᠪᠡᠴᠦ ᠶᠠᠭᠤᠨ ᠲᠤᠰᠠ ᠂ ᠦᠯᠡᠮᠵᠢ ᠰᠣᠭᠲᠣᠭᠰᠠᠨ ᠤ᠋ ᠭᠡᠮ ᠠᠷᠪᠢᠨ ! ᠬᠡᠮᠡᠵᠦ ᠲᠡᠷᠡ ᠬᠥᠪᠡᠭᠦᠨ ᠦ᠌ ᠭᠠᠵᠠᠷ ᠨᠤᠲᠤᠭ ᠣᠪᠣᠭ ᠨᠡᠷ᠎ᠡ ᠶ᠋ᠢ ᠠᠰᠠᠭᠤᠪᠠᠰᠤ ᠲᠡᠷᠡ ᠬᠥᠪᠡᠭᠦᠨ ᠰᠥᠭᠥᠳᠴᠦ ᠮᠡᠳᠡᠭᠦᠯᠦᠨ ᠂ ᠥᠴᠦᠬᠡᠨ ᠪᠢ ᠪᠠᠶᠠᠪᠤᠳ ᠤ᠋ᠨ ᠠᠷᠪᠠᠨ ᠭᠤᠷᠪᠠᠨ ᠨᠠᠰᠤ ᠲᠠᠢ ᠥᠨᠥᠴᠢᠨ ᠬᠥᠪᠡᠭᠦᠨ ᠨᠡᠷ᠎ᠡ ᠰᠣᠴᠢ ①  ᠬᠡᠮᠡᠭᠰᠡᠨ ᠳ᠋ᠦ᠍ᠷ ᠲᠠᠢᠽᠦ ᠮᠠᠰᠢᠳᠠ ᠲᠠᠭᠠᠯᠠᠨ ᠪᠡᠶᠡᠰᠴᠦ ᠶᠣᠰᠣᠲᠤ ᠳᠡᠪᠡᠯ ᠮᠠᠯᠠᠭ᠎ᠠ ᠱᠠᠩᠨᠠᠨ ᠲᠡᠭᠦᠨ ᠦ᠌ ᠨᠡᠷ᠎ᠡ ᠶ᠋ᠢ ᠬᠠᠯᠠᠵᠤ᠂ ᠣᠯᠠᠨ ᠮᠡᠷᠭᠡᠳ ᠦ᠋ᠨ ᠳᠣᠲᠣᠷ᠎ᠠ ᠤᠴᠢᠷ ᠢ᠋ ᠢᠯᠭᠠᠨ ᠴᠢᠳᠠᠪᠠ ᠭᠡᠮᠡᠨ ᠣᠶᠤᠲᠤ ᠰᠡᠴᠡᠨ ᠬᠡᠮᠡᠬᠦ ᠨᠡᠷ᠎ᠡ ᠶ᠋ᠢ ᠬᠠᠢᠷᠠᠯᠠᠭᠠᠳ ᠲᠡᠭᠦᠨᠴᠡ ᠣᠶᠤᠲᠤ ᠰᠡᠴᠡᠨ ᠢ᠋ ᠳᠡᠪᠰᠢᠭᠦᠯᠵᠦ ᠳᠡᠷᠭᠡᠳᠡ ᠪᠡᠨ ᠰᠢᠳᠠᠷ ᠶᠠᠪᠤᠭᠤᠯᠵᠤ ᠂ ᠲᠡᠷᠡ ᠪᠠᠰᠠ ᠤᠢᠭᠤᠷ ᠤᠯᠤᠰ ᠤ᠋ᠨ ᠦᠰᠦᠭ ᠲᠣᠷ ᠮᠠᠰᠢ ᠰᠠᠢᠨ ᠤ᠋ ᠲᠤᠯᠠᠳᠠ ᠲᠠᠢᠽᠦ ᠶ᠋ᠢᠨ ᠣᠷᠣᠬᠤ ᠭᠠᠷᠬᠤ ᠪᠣᠰᠬᠤ ᠰᠠᠭᠤᠬᠤ ᠶ᠋ᠢ ᠲᠡᠮᠳᠡᠭᠯᠡᠬᠦ ᠲᠤᠰᠢᠶᠠᠯ ᠳ᠋ᠤᠷ ᠵᠠᠷᠤᠴᠠᠯᠠᠨ ᠰᠢᠩᠬᠤᠲᠤ ᠦᠵᠦᠭ ᠬᠠᠢᠷᠠᠯᠠᠪᠠ ᠃
– – – – 
 ① ᠰᠣᠴᠢ ᠬᠡᠮᠡᠭᠴᠢ ᠪᠢᠴᠢᠬᠠᠨ ᠠ᠋ᠴᠠ ᠬᠥᠮᠦᠨ ᠪᠦᠬᠦᠨ ᠢ᠋ ᠰᠣᠴᠢᠲᠠᠯ᠎ᠠ ᠦᠭᠡ ᠬᠡᠯᠡᠳᠡᠭ ᠲᠤᠯᠠ ᠡᠴᠢᠭᠡ ᠡᠬᠡ ᠢᠨᠤ ᠰᠣᠴᠢᠵᠤ ᠨᠡᠷ᠎ᠡ ᠶ᠋ᠢ ᠢᠨᠤ ᠰᠣᠴᠢ ᠭᠡᠮᠡᠨ ᠥᠭᠭᠦᠭᠰᠡᠨ ᠠᠵᠤᠭᠤ᠃ 

      ᠲᠡᠨᠳᠡᠴᠡ ᠲᠠᠢᠽᠦ ᠪᠣᠰᠴᠤ ᠪᠠᠭᠤᠳᠠᠯ ᠬᠣᠷᠣᠭ᠎ᠠ ᠳ᠋ᠤᠷ ᠢᠷᠡᠵᠦ᠂ ᠳᠣᠲᠣᠭᠠᠳᠤ ᠥᠷᠭᠥᠭᠡ ᠳ᠋ᠦ᠍ᠷ ᠣᠷᠣᠵᠤ ᠥᠭᠡᠯᠦᠨ ᠦᠵᠢᠨ ᠳ᠋ᠦ᠍ᠷ ᠠᠷᠢᠬᠢ ᠬᠠᠢᠷᠠᠯᠠᠬᠤ ᠤᠴᠢᠷ ᠢ᠋ ᠭᠤᠶᠤᠨ ᠮᠡᠳᠡᠭᠦᠯᠦᠭᠰᠡᠨ ᠳ᠋ᠦ᠍ᠷ ᠥᠭᠡᠯᠦᠨ ᠥᠵᠢᠨ ᠬᠠᠷᠠᠬᠠᠨ ᠰᠠᠢᠨ ᠪᠡᠷᠢ ᠳ᠋ᠡᠭᠡᠨ ᠶᠡᠬᠡᠯ᠎ᠡ ᠪᠠᠶᠠᠰᠬᠤ ᠴᠠᠭ ᠲᠤᠯᠠ ᠲᠠᠢᠽᠦ ᠶ᠋ᠢᠨ ᠮᠡᠳᠡᠭᠦᠯᠦᠯ ᠢ᠋ ᠵᠥᠪᠰᠢᠶᠡᠵᠦ᠂ ᠴᠠᠢ ᠰᠠᠷᠬᠤᠳ ᠢ᠋ ᠬᠠᠮᠲᠤᠳᠬᠠᠨ ᠳᠠᠭᠠᠭᠠᠭᠰᠠᠨ ᠲᠦᠰᠢᠮᠡᠯ ᠰᠢᠭᠦᠷ ᠬᠡᠮᠡᠭᠴᠢ ᠶ᠋ᠢ ᠳᠠᠭᠤᠳᠠᠵᠤ ᠵᠠᠬᠢᠶ᠎ᠠ ᠥᠭᠴᠦ ᠬᠡᠳᠦ ᠬᠡᠳᠦᠨ ᠵᠦᠢᠯ ᠦ᠋ᠨ ᠠᠷᠢᠬᠢ ᠰᠠᠷᠬᠤᠳ ᠠᠷᠠᠵᠠ ᠬᠣᠣᠷᠠᠵᠠ ᠶ᠋ᠢ ᠬᠡᠳᠦᠨ ᠲᠡᠷᠭᠡ ᠲᠡᠭᠡᠭᠡᠯᠭᠡᠨ ᠶᠡᠬᠡ ᠬᠤᠷᠢᠮ ᠳ᠋ᠤᠷ ᠬᠦᠷᠭᠡᠭᠦᠯᠪᠡ᠃ ᠡᠭᠦᠨ ᠳ᠋ᠦ᠍ᠷ ᠬᠡᠳᠦᠨ ᠮᠢᠩᠭᠠᠨ ᠤᠷᠠᠯᠠᠴᠢᠳ ᠪᠠᠶᠠᠷᠯᠠᠨ᠂ ᠨᠠᠭᠤᠷ ᠳᠠᠯᠠᠢ ᠮᠡᠲᠦ ᠠᠷᠢᠬᠢ ᠰᠠᠷᠬᠤᠳ ᠠᠭᠤᠯᠠ ᠣᠪᠣᠭ᠎ᠠ ᠠᠳᠠᠯᠢ ᠮᠢᠬ᠎ᠠ ᠢᠳᠡᠭᠡᠨ ᠪᠠ ᠲᠠᠪᠤᠨ ᠰᠠᠷᠠᠭᠤᠯ᠂ ᠳᠣᠯᠣᠭᠠᠨ ᠵᠥᠭᠡᠯᠡᠪᠯᠡᠯ ᠶᠢᠰᠦᠨ ᠪᠦᠬᠦᠯᠢ ᠶ᠋ᠢᠨ ᠶᠡᠬᠡ ᠬᠤᠷᠢᠮ ᠢ᠋ᠶ᠋ᠠᠷ ᠬᠤᠷᠢᠮᠯᠠᠵᠤ᠂ ᠣᠷᠣᠯᠳᠣᠭ᠎ᠠ ᠪᠠᠷᠢᠯᠳᠤᠯᠭ᠎ᠠ᠂ ᠬᠠᠷᠪᠤᠬᠤ ᠨᠠᠮᠨᠠᠬᠤ᠂ ᠬᠣᠯᠪᠣᠬᠤ ᠪᠡᠯᠭᠡᠯᠡᠬᠦ ᠪᠠ ᠬᠤᠭᠤᠷ᠂ ᠴᠣᠭᠣᠷ᠂ ᠶᠠᠲᠤᠭ᠎ᠠ᠂ ᠪᠢᠰᠬᠢᠭᠦᠷ ᠬᠥᠭ ᠳᠠᠭᠤᠨ᠂ ᠮᠠᠭᠰᠢᠯᠭ᠎ᠠ ᠭᠡᠭᠡᠯᠭᠡ ᠶ᠋ᠢᠨ ᠬᠥᠷ ᠨᠠᠢᠷ ᠪᠠᠶᠠᠷ ᠴᠡᠩᠭᠡᠯ ᠦ᠋ᠨ ᠪᠠᠳᠠᠷᠠᠩᠭᠤᠢ ᠰᠠᠢᠬᠠᠨ ᠢ᠋ ᠲᠦᠮᠡᠨ ᠦᠭᠡᠰ ᠲᠣᠷ ᠳᠡᠭᠦᠰᠦᠰᠢ ᠦᠭᠡᠢ᠃ ᠲᠡᠢ ᠰᠡᠴᠡᠨ ᠴᠦ᠍ ᠮᠠᠰᠢᠳᠠ ᠪᠠᠶᠠᠷᠯᠠᠨ ᠰᠠᠢᠰᠢᠶᠠᠮᠤᠢ᠃ ᠠᠷᠤ ᠭᠠᠵᠠᠷ ᠤ᠋ᠨ ᠡᠩ ᠦ᠋ᠨ ᠵᠠᠩ ᠪᠠᠰᠠ ᠴᠦᠯᠢᠰ ᠬᠦᠷᠮᠡᠳᠡᠭᠡᠢ ᠨᠢᠮᠭᠡᠨ ᠪᠢᠯᠳᠠᠤᠴᠢ᠃ ᠡᠨᠡ ᠨᠢᠭᠡᠨ ᠴᠠᠭ ᠤ᠋ᠨ ᠪᠧᠲ᠋ᠠ᠋ ᠤᠯᠤᠰ ᠤ᠋ᠨ ᠰᠦᠷ ᠳᠦᠷᠢᠮ ᠳ᠋ᠦ᠍ᠷ ᠣᠯᠠᠨ ᠠᠢᠮᠠᠭ ᠤ᠋ᠳ ᠲᠡᠰᠢᠨ ᠨᠠᠭᠠᠯᠳᠤᠵᠤ ᠡᠷᠢᠨ ᠳᠠᠭᠠᠭᠰᠠᠨ ᠠᠨᠤ ᠮᠥᠨ ᠨᠡᠯᠢᠶᠡᠳ ᠪᠣᠢ᠃ ᠲᠠᠢ ᠰᠡᠴᠡᠨ ᠬᠤᠷᠢᠮ ᠳ᠋ᠤᠷ ᠨᠢᠳᠦ ᠣᠷᠬᠢᠨ ᠦᠵᠡᠪᠡᠰᠦ᠂ ᠡᠨᠡ ᠬᠤᠷᠠᠯ ᠳ᠋ᠤᠷ ᠴᠢᠭᠤᠯᠤᠭᠰᠠᠨ ᠢᠳᠡᠷ ᠮᠡᠷᠭᠡᠳ ᠣᠨᠴᠠᠭᠠᠢ ᠳᠦᠷᠰᠦᠲᠡᠨ᠂ ᠣᠯᠠᠨ ᠠᠢᠮᠠᠭ ᠤ᠋ᠨ ᠠᠷᠠᠳ ᠢ᠋ ᠦᠵᠡᠪᠡᠰᠦ ᠢᠳᠡᠷ ᠵᠠᠯᠠᠭᠤ ᠪᠦᠬᠦᠨ ᠢᠨᠤ ᠴᠥᠮ ᠢ᠋ᠶ᠋ᠠᠷ ᠬᠦᠷᠭᠡᠨ ᠲᠠᠢᠽᠦ ᠶ᠋ᠢ ᠰᠡᠳᠬᠢᠯ ᠡᠴᠡ ᠪᠡᠨ ᠡᠷᠭᠦᠨ ᠬᠦᠨᠳᠦᠯᠡᠬᠦ ᠪᠠᠢᠳᠠᠯ ᠪᠣᠢ᠃ ᠪᠠᠰᠠ ᠨᠢᠳᠦᠨ ᠡᠷᠭᠢᠭᠦᠯᠦᠨ ᠬᠦᠷᠭᠡᠨ ᠢ᠋ᠶ᠋ᠡᠨ ᠲᠠᠢᠽᠦ ᠶ᠋ᠢ ᠦᠵᠡᠪᠡᠰᠦ ᠰᠠᠷᠠᠨ ᠬᠤᠷᠮᠤᠰᠲᠠ ᠮᠡᠲᠦ ᠬᠠᠰ ᠬᠠᠳᠠ ᠠᠳᠠᠯᠢ᠂ ᠴᠢᠷᠠᠢ ᠶ᠋ᠢᠨ ᠭᠡᠷᠡᠯ ᠬᠣᠲᠠᠯᠠ ᠤᠯᠤᠰ ᠢ᠋ ᠳᠠᠷᠤᠵᠤ᠂ ᠨᠢᠳᠦᠨ ᠦ᠌ ᠰᠦᠷ ᠨᠡᠢᠲᠡ ᠬᠥᠮᠦᠨ ᠢ᠋ ᠰᠦᠷᠲᠡᠭᠡᠮᠦᠢ᠃ ᠦᠨᠡᠨ ᠢ᠋ᠶ᠋ᠡᠷ ᠲᠦᠮᠡᠨ ᠬᠥᠮᠦᠨ ᠦ᠌ ᠰᠦᠷᠦᠭ ᠲᠣᠷ ᠲᠦᠭᠡᠭᠡᠯ ᠭᠡᠷᠡᠯ ᠰᠠᠴᠤᠷᠠᠵᠤ᠂ ᠣᠯᠠᠨ ᠬᠥᠮᠦᠨ ᠦ᠌ ᠳᠣᠲᠣᠷ᠎ᠠ ᠤᠯᠠᠭᠠᠨ ᠲᠤᠶᠠᠭ᠎ᠠ ᠭᠢᠯᠪᠠᠰᠬᠢᠵᠦ᠂ ᠦᠨᠡᠬᠡᠷ ᠲᠥᠷᠥᠯᠬᠢ ᠲᠡᠭᠷᠢ ᠶ᠋ᠢᠨ ᠬᠥᠪᠡᠭᠦᠨ ᠦ᠌ ᠪᠤᠶᠠᠨᠲᠤ ᠪᠠᠢᠳᠠᠯ ᠢ᠋ ᠨᠢᠭᠤᠨ ᠳᠠᠯᠳᠠᠯᠠᠰᠢ ᠦᠭᠡᠢ ᠳ᠋ᠦ᠍ᠷ ᠲᠡᠢ ᠰᠡᠴᠡᠨ ᠳᠣᠲᠣᠷ᠎ᠠ ᠪᠠᠨ ᠲᠡᠰᠬᠡᠯ ᠦᠭᠡᠢ ᠪᠠᠶᠠᠷᠯᠠᠨ᠂ ᠥᠪᠡᠷ ᠦ᠋ᠨ ᠨᠠᠰᠤᠨ ᠪᠠᠰᠠ ᠳᠥᠴᠢ ᠬᠦᠷᠦᠭᠡᠳᠦᠢ ᠲᠤᠯᠠ ᠯᠠᠪ ᠡᠨᠡ ᠨᠢᠭᠡᠨ ᠰᠦᠷᠦᠭ ᠦ᠋ᠨ ᠡᠵᠡᠨ ᠰᠠᠢᠳ ᠤ᠋ᠨ ᠰᠠᠢᠨ ᠴᠠᠭ ᠢ᠋ ᠪᠠᠷᠲᠠᠭᠠᠪᠠᠷ ᠦᠵᠡᠮᠦᠢ ᠭᠡᠮᠡᠨ ᠨᠡᠩᠳᠡ ᠪᠠᠶᠠᠷᠯᠠᠨ ᠤᠤᠭᠤᠮᠤᠢ᠃ ᠪᠠᠰᠠ ᠬᠦᠷᠭᠡᠨ ᠳ᠋ᠡᠭᠡᠨ ᠡᠰᠡᠷᠭᠦᠯᠡᠭᠴᠢᠳ ᠪᠣᠢ ᠪᠣᠯᠪᠠᠤ ᠭᠡᠮᠡᠨ ᠰᠡᠮᠡᠬᠡᠷ ᠰᠢᠨᠵᠢᠯᠡᠨ ᠦᠵᠡᠪᠡᠰᠦ : ᠲᠡᠷᠢᠭᠦᠨ ᠳ᠋ᠦ᠍ᠷ ᠰᠠᠭᠤᠭᠰᠠᠨ ᠾᠧ ᠸᠠᠩ ᠬᠡᠮᠡᠭᠴᠢ ᠴᠢᠷᠠᠢ ᠰᠢᠷ᠎ᠠ᠂ ᠰᠠᠬᠠᠯ ᠰᠢᠩᠭᠡᠨ᠂ ᠨᠢᠳᠦ ᠭᠤᠷᠪᠠᠯᠵᠢᠨ᠂ ᠴᠡᠴᠡᠭᠡᠢ ᠰᠢᠷᠠᠩᠭᠤᠢ᠂ ᠬᠥᠮᠦᠨ ᠢᠨᠦ ᠲᠥᠪ ᠦᠭᠡᠢ᠃ ᠨᠡᠩ ᠲᠡᠭᠦᠨ ᠦ᠌ ᠬᠥᠪᠡᠭᠦᠨ ᠢᠨᠤ ᠠᠯᠲᠠᠨ ᠤᠯᠤᠰ ᠠ᠋ᠴᠠ ᠰᠢᠨᠡᠬᠡᠨ ᠬᠦᠩ ᠦ᠋ᠨ ᠴᠣᠯᠠ ᠥᠭᠭᠦᠭᠰᠡᠨ ᠨᠡᠷ᠎ᠡ ᠢᠯᠠᠭᠤ ᠬᠡᠮᠡᠭᠴᠢ ᠣᠮᠣᠷᠬᠠᠭ ᠪᠠᠷᠳᠠᠮ᠂ ᠪᠠᠯᠠᠮᠠᠳ ᠳᠡᠭᠡᠷᠡᠩᠭᠦᠢ᠃ ᠲᠠᠢᠽᠦ ᠶ᠋ᠢᠨ ᠰᠦᠷ ᠭᠡᠷᠡᠯ ᠢ᠋ ᠶᠡᠬᠡᠯ᠎ᠡ ᠳᠠᠭᠠᠯᠠᠬᠤ ᠦᠭᠡᠢ ᠠᠲᠠᠭᠠᠷᠬᠠᠨ ᠲᠡᠮᠡᠴᠡᠬᠦ ᠪᠠᠢᠳᠠᠯ ᠪᠣᠢ᠃ ᠲᠡᠭᠦᠨ ᠦ᠌ ᠲᠥᠷᠥᠭᠰᠡᠨ ᠢᠨᠦ ᠵᠤᠷᠠᠮ᠎ᠠ ᠶ᠋ᠢᠨ ᠲᠣᠯᠣᠭᠠᠢ ᠵᠢᠷᠦᠬᠡᠪᠴᠢ ᠶ᠋ᠢᠨ ᠨᠢᠳᠦ᠂ ᠦᠨᠡᠭᠡ ᠶ᠋ᠢᠨ ᠱᠣᠩᠰᠢᠯᠭ᠎ᠠ᠂ ᠴᠢᠨᠣ᠎ᠠ ᠶ᠋ᠢᠨ ᠬᠠᠷᠠᠯᠲᠠ ᠲᠠᠢ᠃ ᠵᠢᠴᠢ ᠭᠣᠷᠯᠣᠳ ᠠ᠋ᠴᠠ ᠢᠷᠡᠭᠰᠡᠨ ᠨᠢᠭᠡᠨ ᠵᠠᠮᠤᠬ᠎ᠠ ᠬᠡᠮᠡᠭᠴᠢ ᠨᠢᠷᠤᠭᠤ ᠣᠬᠣᠷ᠂ ᠬᠥᠯ ᠤᠷᠲᠤ᠂ ᠴᠢᠷᠠᠢ ᠰᠢᠷᠠᠪᠲᠤᠷ᠂ ᠰᠢᠲᠦ ᠲᠣᠭᠰᠣᠭ᠂ ᠮᠣᠭᠠᠢ ᠶ᠋ᠢᠨ ᠨᠢᠳᠦ᠂ ᠬᠤᠯᠤᠩᠰᠤ ᠶ᠋ᠢᠨ ᠬᠠᠷᠠᠯᠭ᠎ᠠ ᠲᠠᠢ᠃ ᠪᠠᠰᠠ ᠤᠭ ᠠ᠋ᠴᠠ ᠬᠤᠯᠠᠭᠠᠢ ᠦᠨᠳᠦᠰᠦᠲᠦ ᠯᠠᠢᠬᠠᠳ ᠠᠢᠮᠠᠭ ᠤ᠋ᠨ ᠰᠡᠴᠡᠨ ᠪᠥᠬᠡ ᠬᠡᠮᠡᠭᠴᠢ ᠣᠭᠣᠯᠢ ᠶ᠋ᠢᠨ ᠲᠣᠯᠣᠭᠠᠢ᠂ ᠰᠢᠷ᠎ᠠ ᠰᠢᠪᠠᠭᠤᠨ ᠤ᠋ ᠨᠢᠳᠦ᠂ ᠴᠢᠨᠣ᠎ᠠ ᠶ᠋ᠢᠨ ᠵᠠᠪᠠᠵᠢ᠂ ᠮᠡᠯᠡᠬᠡᠢ ᠶ᠋ᠢᠨ ᠰᠡᠭᠦᠵᠢ᠂ ᠮᠠᠰᠢ ᠨᠢᠭᠡᠨ ᠪᠣᠯᠣᠰᠢ ᠦᠭᠡᠢ ᠬᠥᠮᠦᠨ᠃ ᠵᠢᠴᠢ ᠬᠠᠷᠭᠠᠢ ᠠᠢᠮᠠᠭ ᠤ᠋ᠨ ᠮᠡᠭᠡᠵᠢᠨ ᠰᠡᠭᠡᠷ ᠬᠡᠮᠡᠭᠴᠢ ᠦᠨᠡᠬᠡᠷ ᠭᠠᠬᠠᠢ ᠶ᠋ᠢᠨ ᠰᠡᠭᠡᠷ᠂ ᠲᠡᠮᠡᠭᠡᠨ ᠦ᠌ ᠬᠥᠯ ᠲᠡᠢ᠂ ᠮᠠᠰᠢ ᠵᠢᠪᠡᠭᠦᠨ᠃ ᠪᠠᠰᠠ ᠮᠠᠢᠯᠵᠢ ᠠᠢᠮᠠᠭ ᠤ᠋ᠨ ᠡᠵᠡᠨ ᠥᠨᠳᠥᠷ ᠰᠡᠴᠡᠨ ᠦ᠌ ᠠᠬ᠎ᠠ᠂ ᠥᠨᠢ ᠶ᠋ᠢᠨ ᠡᠮᠦᠨ᠎ᠡ ᠡᠴᠡ ᠲᠡᠩᠰᠡᠷ᠎ᠡ ᠢᠷᠡᠭᠰᠡᠨ ᠲᠣᠳᠣ ᠬᠡᠮᠡᠭᠴᠢ ᠲᠠᠤᠯᠠᠢ ᠶ᠋ᠢᠨ ᠲᠣᠯᠣᠭᠠᠢ᠂ ᠮᠣᠭᠠᠢ ᠶ᠋ᠢᠨ ᠨᠢᠳᠦ᠂ ᠥᠲᠡᠭᠡ ᠶ᠋ᠢᠨ ᠬᠦᠵᠦᠭᠦᠦ᠂ ᠦᠬᠡᠷ ᠦ᠋ᠨ ᠬᠣᠩᠰᠢᠶᠠᠷ ᠲᠠᠢ᠃ ᠨᠡᠯᠢᠶᠡᠳ ᠰᠣᠨᠢᠨ ᠰᠢᠨᠵᠢ ᠪᠣᠢ ᠲᠤᠯᠠ ᠰᠥᠨᠢ ᠨᠢᠭᠡᠨ ᠨᠢᠭᠡᠨ ᠢ᠋ᠶ᠋ᠡᠷ ᠴᠥᠮ ᠲᠠᠢᠽᠦ ᠳ᠋ᠦ᠍ᠷ ᠬᠡᠯᠡᠵᠦ ᠲᠡᠳᠡᠭᠡᠷ ᠢ᠋ ᠡᠭᠦᠷᠢᠳᠡ ᠰᠡᠷᠭᠡᠢᠯᠡ ᠬᠡᠮᠡᠪᠡ᠃ ᠡᠨᠡ ᠦᠶ᠎ᠡ ᠳ᠋ᠦ᠍ᠷ ᠢᠵᠢᠯᠴᠢ ᠴᠢᠴᠢᠯᠵᠢ ᠮᠢᠵᠢᠯᠵᠢ ᠬᠡᠮᠡᠬᠦ ᠭᠤᠷᠪᠠᠨ ᠠᠢᠮᠠᠭ ᠪᠣᠢ ᠪᠥᠯᠥᠭᠡ᠃ 
      ᠲᠡᠭᠦᠨᠴᠡ ᠵᠢᠴᠢ ᠡᠳᠦᠷ ᠮᠥᠨ ᠬᠦ᠌ ᠨᠠᠭᠤᠷ ᠳᠠᠯᠠᠢ ᠮᠡᠲᠦ ᠬᠤᠷᠢᠮᠯᠠᠬᠤᠶ᠎ᠠ᠂ ᠪᠠᠰᠤᠳ ᠤ᠋ᠨ ᠵᠢᠷᠭᠤᠭᠠᠲᠠᠢ ᠪᠠᠷᠬᠢᠷᠠᠨ ᠭᠠᠷᠴᠤ ᠰᠥᠭᠥᠳᠦᠭᠡᠳ ᠥᠭᠦᠯᠡᠷᠦᠨ : 《ᠪᠢ ᠡᠷᠲᠡ ᠲᠠᠢᠴᠢᠭᠤᠳ ᠯᠤᠭ᠎ᠠ ᠡᠵᠡᠨ ᠴᠢᠨᠦ ᠤᠨᠤᠭᠰᠠᠨ ᠵᠢᠪᠡᠨ ᠤᠯᠠᠭᠠᠨ ᠮᠣᠷᠢᠨ ᠤ᠋ ᠬᠦᠵᠦᠭᠦᠨ ᠢ᠋ ᠲᠠᠰᠤ ᠬᠠᠷᠪᠤᠵᠤ ᠤᠨᠠᠭᠠᠭᠰᠠᠨ ᠢ᠋ ᠡᠵᠡᠨ ᠲᠠ ᠲᠣᠳᠣᠷᠬᠠᠢ ᠮᠡᠳᠡᠬᠦ ᠪᠥᠭᠡᠲᠡᠯ᠎ᠡ ᠡᠳᠦᠭᠡ ᠶᠠᠭᠤᠨ ᠳ᠋ᠤᠷ ᠡᠨᠡ ᠮᠡᠲᠦ ᠥᠷᠥᠰᠢᠶᠡᠮᠦᠢ ? 》ᠬᠡᠮᠡᠭᠰᠡᠨ ᠳ᠋ᠦ᠍ᠷ ᠲᠠᠢᠽᠦ ᠥᠴᠦᠬᠡᠨ ᠮᠤᠰᠢᠶᠡᠵᠦ ᠥᠭᠦᠯᠡᠷᠦᠨ:《ᠥᠰᠢᠶᠡᠲᠡᠨ ᠪᠥᠭᠡᠳ ᠦᠵᠡᠷ᠎ᠡ ᠢᠷᠡᠭᠰᠡᠨ ᠢᠨᠤ ᠰᠠᠢᠨ ᠡᠷ᠎ᠡ ᠪᠣᠯᠠᠢ᠂ ᠰᠠᠢᠨ ᠡᠷ᠎ᠡ ᠶ᠋ᠢ ᠰᠠᠯᠠᠭ᠎ᠠ ᠰᠦᠶᠦᠭᠡ ᠮᠡᠲᠦ ᠠᠬ᠎ᠠ  ᠳᠡᠭᠦᠦ ᠠᠳᠠᠯᠢ ᠬᠠᠢᠷᠠᠯᠠᠵᠤ ᠰᠠᠨᠠ᠂ ᠬᠦᠰᠡᠵᠦ ᠬᠦᠨᠳᠦᠯᠡᠬᠦ ᠪᠥᠭᠡᠲᠡᠯ᠎ᠡ ᠬᠠᠷᠠᠳᠠᠵᠤ ᠥᠰᠯᠡᠬᠦ ᠶᠣᠰᠣ ᠪᠣᠢ ᠤᠤ? 》 ᠬᠡᠮᠡᠭᠰᠡᠨ ᠳ᠋ᠦ᠍ᠷ ᠵᠢᠷᠭᠤᠭᠠᠲᠠᠢ: 《ᠵᠠᠶᠠᠭᠠᠲᠤ ᠡᠵᠡᠨ ᠮᠢᠨᠦ ᠡᠨᠡ ᠪᠣᠯᠠᠢ! 》 ᠭᠡᠮᠡᠨ ᠤᠬᠢᠯᠠᠨ ᠮᠥᠷᠭᠥᠵᠦ ᠳᠠᠭᠠᠭᠰᠠᠨ ᠳ᠋ᠤᠷ ᠠᠷᠢᠬᠢ ᠰᠢᠭᠦᠮᠵᠢᠯᠡᠭᠰᠡᠨ ᠪᠦᠭᠦᠳᠡᠭᠡᠷ ᠠᠰᠤᠷᠤ ᠪᠢᠰᠢᠷᠡᠭᠡᠳ ᠳᠠᠭᠠᠵᠤ ᠮᠥᠷᠭᠥᠪᠡᠢ᠃ ᠲᠡᠢᠨ ᠬᠦ᠌ ᠵᠢᠷᠭᠤᠭᠠᠲᠠᠢ ᠶ᠋ᠢ ᠵᠡᠪᠡ ᠪᠡᠷ ᠵᠢᠪᠡᠨ ᠤᠯᠠᠭᠠᠨ ᠮᠣᠷᠢ ᠶ᠋ᠢ ᠮᠢᠨᠦ ᠬᠠᠷᠪᠤᠵᠤ ᠠᠯᠠᠭᠠᠳ ᠵᠢᠪᠡᠭᠦᠷᠡᠯᠲᠡᠢ ᠥᠰᠢᠶ᠎ᠡ ᠡᠴᠡ ᠠᠶᠤᠬᠤ ᠦᠭᠡᠢ ᠵᠡᠪᠡ ᠮᠡᠲᠦ ᠬᠠᠷᠪᠤᠨ ᠢᠷᠡᠵᠦ ᠳᠠᠭᠠᠭᠰᠠᠨ ᠲᠤᠯᠠ ᠵᠢᠷᠭᠤᠭᠠᠲᠠᠢ ᠶ᠋ᠢ ᠬᠠᠯᠠᠵᠤ ᠵᠡᠪᠡ ᠭᠡᠮᠡᠨ ᠨᠡᠷᠡᠢᠳᠴᠦ ᠵᠢᠭ᠍ᠰᠠᠭᠠᠯ ᠢ᠋ᠶ᠋ᠠᠨ ᠳᠠᠭᠠᠭᠠᠯᠭᠠᠪᠠᠢ᠃ ᠡᠳᠡᠭᠡᠷ ᠣᠯᠠᠨ ᠢᠭᠲᠦᠯᠦᠨ ᠬᠥᠳᠡᠯᠦᠭᠰᠡᠨ ᠂ ᠲᠡᠭᠷᠢ ᠭᠠᠵᠠᠷ ᠤ᠋ᠨ ᠡᠴᠢᠭᠡ ᠡᠬᠡ ᠨᠠᠷᠠᠨ ᠰᠠᠷᠠᠨ ᠪᠦᠷᠢᠳᠦᠨ᠂ ᠬᠠᠭᠠᠨ ᠬᠠᠲᠤᠨ ᠬᠣᠶᠠᠭᠤᠯᠠ ᠤᠴᠠᠷᠠᠯᠳᠤᠨ ᠪᠦᠷᠢᠳᠦᠭᠰᠡᠨ ᠪᠡᠯᠭᠡ ᠳ᠋ᠦ᠍ᠷ ᠲᠦᠮᠡᠨ ᠪᠣᠳᠠᠰ ᠳᠡᠯᠭᠡᠷᠡᠭᠰᠡᠨ ᠮᠡᠲᠦ ᠪᠣᠯᠪᠠ᠃ 
      ᠲᠡᠭᠦᠨᠴᠡ ᠬᠣᠶᠠᠳᠤᠭᠠᠷ ᠡᠳᠦᠷ ᠮᠥᠨ ᠬᠦ᠌ ᠨᠠᠭᠤᠷ ᠮᠡᠲᠦ ᠠᠷᠢᠬᠢ᠂ ᠠᠭᠤᠯᠠ ᠠᠳᠠᠯᠢ ᠮᠢᠬ᠎ᠠ ᠪᠠᠷ ᠬᠤᠷᠢᠮᠯᠠᠨ ᠪᠦᠬᠦᠢ ᠳ᠋ᠦ᠍ᠷ᠂ ᠠᠩᠬᠠᠨ ᠤ᠋ ᠡᠳᠦᠷ ᠤᠷᠢᠯᠴᠠ ᠳ᠋ᠤᠷ ᠢᠷᠡᠭᠰᠡᠨ ᠯᠠᠢᠬᠠᠳ ᠠᠢᠮᠠᠭ ᠤ᠋ᠨ ᠬᠤᠯᠠᠭᠠᠢᠴᠢ ᠶ᠋ᠢᠨ ᠦᠷᠡᠰ ᠰᠡᠴᠡᠨ ᠪᠥᠬᠡ ᠬᠡᠮᠡᠭᠴᠢ ᠳ᠋ᠦ᠍ᠷ ᠬᠣᠶᠠᠷ ᠡᠬᠡ ᠪᠣᠢ ᠪᠥᠯᠥᠭᠡ᠃ ᠶᠡᠬᠡ ᠡᠬᠡ ᠬᠠᠭᠤᠴᠢᠨ ᠬᠠᠲᠤᠨ᠂ ᠪᠠᠭ᠎ᠠ ᠡᠬᠡ ᠢᠪᠤᠬᠠᠢ ᠰᠠᠶᠢ ᠬᠣᠷᠢᠨ ᠬᠡᠳᠦᠨ ᠨᠠᠰᠤ ᠲᠠᠢ ᠪᠥᠭᠡᠳ ᠥᠩᠭᠡ ᠵᠢᠰᠦ ᠭᠤᠸ᠎ᠠ ᠰᠠᠢᠬᠠᠨ᠂ ᠠᠷᠢᠬᠢ ᠳ᠋ᠤᠷ ᠮᠥᠨ ᠰᠠᠢᠨ ᠲᠤᠯᠠ ᠬᠤᠷᠢᠮ ᠲᠦᠭᠡᠭᠡᠬᠦ ᠠᠷᠠᠳ ᠢᠪᠤᠬᠠᠢ ᠳ᠋ᠤᠷ ᠬᠣᠶᠠᠷ ᠬᠦᠬᠦᠷ ᠠᠷᠢᠬᠢ ᠥᠭᠴᠦ ᠶᠡᠬᠡ ᠡᠬᠡ ᠳ᠋ᠦ᠍ᠷ ᠠᠨᠤ ᠤᠤᠭᠤᠵᠤ ᠴᠢᠳᠠᠬᠤ ᠦᠭᠡᠢ ᠭᠡᠮᠡᠨ ᠨᠢᠭᠡᠨ ᠬᠦᠬᠦᠷ ᠥᠭᠭᠦᠭᠰᠡᠨ ᠳ᠋ᠦ᠍ᠷ ᠬᠠᠭᠤᠴᠢᠨ ᠬᠠᠲᠤᠨ ᠠᠳᠬᠠᠭ ᠲᠥᠷᠥᠭᠡᠳ ᠥᠭᠡᠯᠦᠨ ᠥᠵᠢᠨ ᠦ᠌ ᠳᠡᠷᠭᠡᠳᠡ ᠡᠴᠡ ᠠᠭᠤᠷᠯᠠᠨ ᠭᠠᠷᠴᠤ ᠢᠷᠡᠭᠡᠳ ᠬᠤᠷᠢᠮ ᠲᠦᠭᠡᠭᠡᠬᠦ ᠠᠷᠠᠳ ᠢ᠋ ᠡᠷᠢᠵᠦ:《ᠲᠠ ᠶᠠᠮᠪᠠᠷ ᠤᠴᠢᠷ ᠲᠤᠷ ᠢᠪᠤᠬᠠᠢ ᠯᠤᠭ᠎ᠠ ᠬᠠᠨᠢᠯᠠᠭᠠᠳ ᠨᠠᠮᠠᠶ᠋ᠢ ᠳᠣᠣᠷ᠎ᠠ ᠦᠵᠡᠪᠡ? 》 ᠬᠡᠮᠡᠵᠦ ᠰᠢᠬᠦᠷ ᠢ᠋ ᠨᠢᠭᠡᠨ ᠵᠡᠷᠭᠡ ᠤᠷᠠᠵᠤ ᠮᠠᠯᠲᠠᠨ᠂ ᠪᠠᠰᠠ ᠢᠪᠤᠬᠠᠢ ᠶ᠋ᠢ ᠪᠠᠷᠢᠵᠤ ᠰᠠᠢᠲᠤᠷ ᠵᠠᠨᠴᠢᠭᠠᠳ ᠬᠠᠷᠢᠵᠤ ᠡᠴᠢᠭᠰᠡᠨ ᠢ᠋ ᠰᠢᠬᠦᠷ ᠲᠠᠢᠽᠦ ᠳ᠋ᠦ᠍ᠷ ᠮᠡᠳᠡᠭᠦᠯᠦᠭᠰᠡᠨ᠎ᠡ᠂ ᠲᠠᠢᠽᠦ ᠥᠴᠦᠬᠡᠨ ᠮᠦᠰᠢᠶᠡᠵᠦ:《ᠮᠠᠲᠠᠯ ᠦᠭᠡᠢ ᠮᠠᠭᠤ ᠡᠬᠡᠨᠡᠷ ᠢ᠋ ᠶᠠᠭᠤᠨ ᠲᠣᠭᠠᠴᠢᠬᠤ ᠭᠠᠵᠠᠷ ᠪᠣᠢ ? 》ᠭᠡᠮᠡᠨ ᠪᠠᠭᠲᠠᠭᠠᠨ ᠥᠩᠭᠡᠷᠡᠭᠦᠯᠪᠡ᠃ ᠭᠤᠷᠪᠠᠳᠤᠭᠠᠷ ᠡᠳᠦᠷ ᠪᠠᠰᠠ ᠰᠡᠴᠡᠨ ᠪᠥᠬᠡ ᠶ᠋ᠢᠨ ᠮᠣᠷᠢᠨ ᠤ᠋ ᠬᠥᠲᠥᠴᠢ ᠪᠣᠯᠠᠢ᠂ ᠪᠦᠬᠦ ᠪᠡᠯᠭᠦᠳᠡᠢ ᠶ᠋ᠢᠨ ᠢᠷᠪᠢᠰ ᠦ᠋ᠨ ᠰᠢᠷᠪᠦᠰᠦᠨ ᠮᠣᠷᠢᠨ ᠤ᠋ ᠴᠠᠪᠢᠯᠤᠤᠷ ᠢ᠋ ᠬᠤᠯᠠᠭᠤᠨ ᠠᠪᠬᠤᠢ ᠳ᠋ᠤᠷ ᠪᠠᠷᠢᠭ᠍ᠳᠠᠭᠠᠳ ᠪᠡᠯᠭᠦᠳᠡᠢ ᠬᠡᠳᠦᠨ ᠦᠭᠡ ᠰᠤᠷᠭᠠᠨ ᠬᠡᠯᠡᠵᠦ ᠰᠥᠭᠥᠳᠬᠡᠭᠰᠡᠨ ᠢ᠋ ᠰᠡᠴᠡᠨ ᠪᠥᠬᠡ ᠭᠡᠨᠡᠳᠲᠡ ᠦᠵᠡᠭᠡᠳ ᠢᠴᠢᠭᠦᠷᠢ ᠪᠣᠯᠭᠠᠨ ᠠᠭᠤᠷᠯᠠᠵᠤ᠂ ᠪᠡᠯᠭᠦᠳᠡᠢ ᠶ᠋ᠢ ᠬᠠᠷᠢᠶᠠᠬᠤᠢ ᠳ᠋ᠤᠷ ᠪᠡᠯᠭᠦᠳᠡᠢ ᠥᠭᠦᠯᠡᠷᠦᠨ:《ᠮᠢᠨᠦ ᠠᠬ᠎ᠠ ᠲᠠᠨ ᠢ᠋ ᠵᠣᠴᠢᠯᠠᠨ ᠬᠦᠨᠳᠦᠯᠡᠵᠦ ᠬᠣᠲᠠ ᠠᠨᠳᠠ ᠯᠤᠭ᠎ᠠ ᠵᠡᠷᠭᠡᠴᠡᠭᠦᠯᠦᠨ ᠰᠠᠭᠤᠯᠭᠠᠵᠤ ᠬᠤᠷᠢᠮᠯᠠᠨ ᠪᠥᠭᠡᠲᠡᠯ᠎ᠡ ᠲᠠ ᠶᠠᠭᠤᠨ ᠳ᠋ᠤᠷ ᠡᠢᠨ ᠬᠦ᠌ ᠨᠢᠭᠤᠷ ᠦᠭᠡᠢ ᠠᠭᠠᠰᠢᠯᠠᠮᠤᠢ?  ᠥᠴᠥᠭᠡᠳᠦᠷ ᠬᠡᠮᠡᠪᠡᠰᠦ ᠴᠢᠨᠦ ᠬᠣᠶᠠᠷ ᠡᠬᠡ ᠬᠡᠷᠡᠭᠦᠯ ᠪᠣᠯᠵᠤ ᠮᠠᠨ ᠤ᠋ ᠬᠤᠷᠢᠮ ᠢ᠋ ᠭᠤᠲᠤᠭᠠᠪᠠ᠃ ᠡᠨᠡ ᠡᠳᠦᠷ ᠬᠡᠮᠡᠬᠦᠯ᠎ᠡ ᠴᠢᠨᠦ ᠬᠥᠲᠥᠴᠢ ᠰᠣᠭᠲᠣᠵᠤ ᠪᠠᠰᠠ ᠮᠢᠨᠦ ᠮᠣᠷᠢᠨ ᠤ᠋ ᠴᠠᠪᠢᠯᠤᠤᠷ ᠢ᠋ ᠬᠤᠯᠠᠭᠤᠪᠠ᠃ ᠪᠠᠰᠠ ᠡᠢᠮᠦ ᠨᠢᠭᠤᠷ ᠦᠯᠦ ᠠᠪᠬᠤ ᠠᠷᠠᠳ ᠪᠣᠢ ᠤᠤ ? 》ᠬᠡᠮᠡᠭᠰᠡᠨ ᠳ᠋ᠦ᠍ᠷ ᠰᠡᠴᠡᠨ ᠪᠥᠬᠡ ᠨᠡᠩ ᠶᠡᠬᠡ ᠠᠭᠤᠷᠯᠠᠵᠤ ᠰᠣᠭᠲᠣᠭᠤ ᠪᠠᠷ ᠢᠯᠳᠦ ᠪᠡᠨ ᠰᠤᠭᠤᠯᠤᠨ ᠴᠠᠪᠴᠢᠬᠤᠢ ᠳ᠋ᠤᠷ ᠪᠡᠯᠭᠦᠳᠡᠢ ᠶᠠᠭᠠᠷᠠᠨ ᠪᠥᠬᠥᠢᠵᠦ ᠵᠠᠢᠯᠠᠲᠠᠯ᠎ᠠ ᠨᠢᠷᠤᠭᠤ ᠣᠨᠣᠭᠳᠠᠵᠤ ᠴᠢᠰᠤᠨ ᠭᠠᠷᠪᠠ᠃ ᠪᠡᠯᠭᠦᠳᠡᠢ ᠶ᠋ᠢᠨ ᠳᠣᠣᠷᠠᠬᠢ ᠠᠷᠠᠳ ᠦᠵᠡᠭᠡᠳ ᠥᠨᠳᠥᠷ ᠳᠠᠭᠤᠨ ᠢ᠋ᠶ᠋ᠠᠷ ᠨᠢᠭᠡᠨᠲᠡ ᠬᠠᠰᠬᠢᠷᠤᠯᠳᠤᠨ ᠠᠢᠷᠠᠭ ᠤ᠋ᠨ ᠪᠦᠯᠢᠭᠦᠷ᠂ ᠮᠢᠬᠠᠨ ᠤ᠋ ᠰᠢᠷᠡᠭᠡ᠂ ᠰᠢᠷᠤᠭ ᠮᠣᠳᠣ᠂ ᠳᠤᠭᠤᠯᠠᠭ᠎ᠠ ᠲᠡᠮᠦᠷ ᠢ᠋ ᠪᠠᠷᠢᠵᠤ ᠵᠠᠨᠴᠢᠨ ᠣᠷᠣᠪᠠ᠃ ᠡᠭᠦᠨ ᠳ᠋ᠦ᠍ᠷ ᠰᠡᠴᠡᠨ ᠪᠥᠬᠡ ᠢᠯᠳᠦ ᠪᠡᠨ ᠡᠷᠭᠢᠭᠦᠯᠵᠦ ᠶᠡᠬᠡᠯ᠎ᠡ ᠦᠢᠮᠡᠬᠦᠢ ᠳ᠋ᠦ᠍ᠷ ᠪᠡᠯᠭᠦᠳᠡᠢ ᠥᠨᠳᠥᠷ ᠳᠠᠭᠤᠨ ᠢ᠋ᠶ᠋ᠠᠷ ᠳᠣᠣᠷᠠᠲᠤ ᠠᠷᠠᠳ ᠢ᠋ᠶ᠋ᠠᠨ ᠵᠠᠩᠳᠠᠨ ᠥᠭᠦᠯᠡᠷᠦᠨ:《ᠲᠠ ᠶᠠᠭᠤᠨ ᠳ᠋ᠤᠷ ᠮᠢᠨᠦ ᠠᠬ᠎ᠠ ᠶ᠋ᠢᠨ ᠶᠡᠬᠡ ᠪᠠᠶᠠᠷ ᠲᠤ᠌ ᠰᠠᠮᠠᠭᠤᠨ ᠡᠳᠦᠬᠦ ᠶ᠋ᠢ ᠡᠷᠢᠮᠦᠢ?  ᠮᠢᠨᠦ ᠰᠢᠷᠬ᠎ᠠ ᠠᠰᠤᠷᠤ ᠬᠦᠨᠳᠦ ᠪᠤᠰᠤ  》ᠬᠡᠮᠡᠲᠡᠯ᠎ᠡ ᠬᠤᠯᠠᠭᠠᠢᠴᠢ ᠶ᠋ᠢᠨ ᠦᠷᠡᠰ ᠯᠠᠢᠬᠠᠳ ᠤ᠋ᠨ ᠠᠢᠮᠠᠭ ᠴᠥᠮ ᠢ᠋ᠶ᠋ᠠᠷ ᠵᠡᠪᠰᠡᠭ ᠢ᠋ᠶ᠋ᠡᠨ ᠭᠠᠷᠭᠠᠯᠴᠠᠨ ᠪᠠᠷᠢᠵᠤ ᠠᠯᠠᠯᠳᠤᠨ ᠣᠷᠣᠪᠠ᠃ ᠡᠭᠦᠨ ᠳ᠋ᠦ᠍ᠷ ᠬᠣᠶᠠᠷ ᠡᠲᠡᠭᠡᠳ ᠪᠤᠷᠭᠢᠯᠳᠤᠨ ᠡᠭᠦᠰᠬᠡᠭᠰᠡᠨ ᠳ᠋ᠦ᠍ᠷ ᠲᠠᠢᠽᠦ᠂ ᠪᠡᠯᠭᠦᠳᠡᠢ ᠶ᠋ᠢᠨ ᠨᠢᠷᠤᠭᠤ ᠶ᠋ᠢ ᠴᠠᠪᠴᠢᠪᠠ ᠭᠡᠮᠡᠨ ᠰᠣᠨᠣᠰᠤᠭᠠᠳ ᠠᠶᠤᠩᠭ᠎ᠠ ᠮᠡᠲᠦ ᠬᠢᠯᠢᠩᠨᠡᠵᠦ᠂ ᠰᠢᠷᠡᠭᠡᠨ ᠢ᠋ ᠴᠣᠬᠢᠨ ᠥᠨᠳᠥᠷ ᠳᠠᠭᠤᠨ ᠢ᠋ᠶ᠋ᠠᠷ ᠨᠢᠭᠡᠨᠲᠡ ᠵᠠᠩᠳᠠᠨ : 《 ᠣᠲᠣᠷ ᠰᠠᠮᠠᠭᠤᠨ ᠪᠣᠭᠣᠯ ᠰᠡᠴᠡᠨ ᠪᠥᠬᠡ ᠶ᠋ᠢ ᠴᠠᠪᠴᠢᠨ ᠤᠨᠠᠭᠠᠵᠤ ᠪᠠᠷᠢᠵᠤ ᠠᠪᠴᠢᠷᠠ ! 》 ᠬᠡᠮᠡᠮᠡᠭᠴᠡ ᠮᠤᠬᠤᠯᠢ ᠂  ᠪᠤᠭᠤᠷᠵᠢ ᠂ ᠪᠤᠭᠤᠷᠤᠯ ᠂ ᠴᠢᠯᠠᠭᠤᠨ ᠲᠠᠨ ᠵᠡᠷᠭᠡ ᠪᠡᠷ ᠭᠠᠷ ᠬᠥᠳᠡᠯᠦᠨ ᠵᠡᠪᠰᠡᠭ ᠰᠢᠭᠦᠷᠡᠵᠦ ᠭᠦᠶᠦᠯᠳᠦᠨ ᠭᠠᠷᠴᠤ ᠢᠷᠡᠪᠡ᠃ ᠡᠨᠡ ᠨᠢᠭᠡᠨ ᠤᠳᠠᠭ᠎ᠠ ᠶ᠋ᠢᠨ ᠪᠠᠢᠷᠢ ᠶᠠᠭᠤᠨ ᠪᠣᠯᠬᠤ ᠶ᠋ᠢ ᠡᠷᠬᠡᠪᠰᠢ ᠮᠡᠳᠡᠰᠦᠭᠡᠢ ᠬᠡᠮᠡᠬᠦᠯ᠎ᠡ ᠰᠤᠳᠤᠷᠴᠢ ᠲᠦᠰᠢᠮᠡᠯ ᠮᠢᠨᠦ ᠬᠥᠬᠡ ᠵᠤᠯᠠ ᠶ᠋ᠢ ᠵᠠᠢᠯᠠᠭᠤᠯᠤᠨ᠂ ᠴᠠᠭᠠᠨ ᠨᠣᠰᠤᠮᠪᠤᠷ ᠤ᠋ᠨ ᠬᠥᠰᠢᠭᠡ ᠳ᠋ᠦ᠍ᠷ ᠨᠢᠭᠡᠨ ᠰᠥᠨᠢ ᠠᠮᠠᠷᠠᠭᠠᠳ ᠤᠯᠠᠭᠠᠨ ᠨᠠᠷᠠᠨ ᠤ᠋ ᠤᠷᠢᠳᠠ ᠡᠬᠡ ᠶ᠋ᠢᠨ ᠠᠮᠤᠭᠤᠯᠠᠩ ᠢ᠋ ᠡᠷᠢᠵᠦ ᠂ ᠬᠠᠷ᠎ᠠ ᠪᠡᠬᠡᠰ ᠢ᠋ ᠵᠢᠭᠤᠷᠠᠵᠤ ᠬᠥᠬᠡ ᠰᠤᠳᠤᠷ ᠢ᠋ ᠵᠠᠯᠭᠠᠨ ᠪᠢᠴᠢᠭᠰᠡᠨ ᠳᠣᠣᠷᠠᠲᠤ ᠪᠦᠯᠦᠭ ᠲᠣᠷ ᠦᠵᠡᠭᠳᠡᠬᠦᠢ᠃ 
       ᠠᠶᠠᠯᠭᠤ ᠰᠠᠢᠬᠠᠨ ᠰᠢᠯᠦᠭ ᠬᠣᠯᠪᠣᠭᠠᠨ ᠠᠷᠢᠬᠢᠨ ᠤ᠋ ᠤᠴᠢᠷ ᠲᠥᠷᠥᠨ ᠠᠲᠠᠯ᠎ᠠ 
       ᠠᠯᠠᠯᠳᠤᠨ ᠪᠠᠢᠯᠳᠤᠬᠤ ᠠᠭᠤᠷ ᠬᠢᠯᠢᠩ ᠠᠶ᠎ᠠ ᠮᠥᠨ ᠬᠦ᠌ ᠲᠡᠭᠦᠨᠴᠡ ᠳᠡᠭᠳᠡᠪᠡ ᠃  


ᠴᠣᠬᠣᠯᠠᠭᠰᠠᠨ ᠠᠨᠤ 
      ᠬᠥᠮᠦᠨ ᠲᠥᠷᠥᠯᠬᠢᠲᠡᠨ ᠦ᠌ ᠡᠬᠡ ᠡᠴᠡ ᠲᠥᠷᠥᠬᠦ ᠨᠢᠭᠡᠨ ᠬᠤᠷᠢᠮ᠂ ᠡᠨᠡ ᠪᠡᠶ᠎ᠡ ᠪᠦᠲᠦᠬᠦ ᠶ᠋ᠢᠨ ᠨᠢᠭᠡᠨ ᠬᠤᠷᠢᠮ᠂ ᠡᠴᠦᠰᠯᠡᠨ ᠦᠬᠦᠬᠦ ᠶ᠋ᠢᠨ ᠨᠢᠭᠡᠨ ᠬᠤᠷᠢᠮ᠂ ᠪᠠᠰᠠ ᠡᠷ᠎ᠡ ᠬᠥᠮᠦᠨ ᠦ᠌ ᠪᠡᠶ᠎ᠡ ᠪᠦᠲᠦᠬᠦ ᠶ᠋ᠢ ᠪᠠᠭ᠎ᠠ ᠬᠥᠮᠦᠵᠢᠯ᠂ ᠡᠨᠡ ᠪᠡᠶ᠎ᠡ ᠶ᠋ᠢᠨ ᠡᠷᠬᠢᠮ ᠪᠣᠯᠬᠤ ᠶ᠋ᠢ ᠶᠡᠬᠡ ᠬᠥᠮᠦᠵᠢᠯ ᠬᠡᠮᠡᠵᠦᠬᠦᠢ᠃ ᠪᠠᠭ᠎ᠠ ᠬᠥᠮᠦᠵᠢᠯ ᠬᠡᠮᠡᠭᠴᠢ ᠲᠠᠷᠢᠵᠤ ᠠᠷᠴᠢᠬᠤ ᠴᠠᠭ ᠮᠡᠲᠦ ᠦᠨᠳᠦᠰᠦᠨ ᠬᠠᠳᠬᠤᠬᠤ ᠶ᠋ᠢ ᠡᠷᠢᠭᠡᠳ ᠶᠡᠬᠡ ᠬᠥᠮᠦᠵᠢᠯ ᠬᠡᠮᠡᠭᠴᠢ ᠬᠠᠳᠤᠬᠤ ᠬᠤᠷᠢᠶᠠᠬᠤ ᠦᠶ᠎ᠡ ᠠᠳᠠᠯᠢ ᠠᠴᠢᠯᠠᠯ ᠢ᠋ ᠭᠦᠢᠴᠡᠳᠬᠡᠬᠦ ᠶ᠋ᠢ ᠡᠷᠬᠢᠯᠡᠵᠦᠬᠦᠢ᠃ ᠡᠨᠡ ᠭᠤᠷᠪᠠᠨ ᠬᠤᠷᠢᠮ ᠬᠣᠶᠠᠷ ᠬᠥᠮᠦᠵᠢᠯ ᠬᠥᠮᠦᠨ ᠪᠣᠯᠤᠭᠴᠢᠳ ᠤ᠋ᠨ ᠲᠠᠪᠤᠨ ᠴᠢᠬᠤᠯᠠ ᠦᠢᠯᠡᠰ ᠲᠤᠯᠠ ᠳᠥᠷᠪᠡᠨ ᠡᠲᠡᠭᠡᠳ ᠦ᠋ᠨ ᠣᠯᠠᠨ ᠤᠯᠤᠰ ᠡᠷᠬᠡᠪᠰᠢ ᠪᠡᠯᠭᠡᠯᠡᠨ ᠳᠦᠷᠢᠮᠯᠡᠬᠦ ᠶ᠋ᠢ ᠡᠷᠬᠢᠯᠡᠵᠦᠬᠦᠢ᠃ ᠡᠨᠡ ᠬᠣᠭᠣᠰᠣᠨ ᠦᠭᠡᠰ ᠦ᠋ᠨ ᠶᠠᠷᠰᠢᠭ᠋ ᠲᠤᠷ ᠬᠠᠷᠠᠬᠠᠨ ᠢᠨᠢᠶᠡᠳᠦᠨ ᠲᠦᠷᠦᠬᠦᠶ᠎ᠡ᠂ ᠡᠨᠡ ᠪᠢᠴᠢᠭ ᠦ᠋ᠨ ᠤᠷᠢᠳᠤ ᠪᠦᠯᠦᠭ ᠲᠣᠷ ᠲᠠᠢᠽᠦ ᠶ᠋ᠢ ᠮᠡᠨᠳᠦᠯᠡᠬᠦᠶ᠎ᠡ᠂ ᠥᠭᠡᠯᠦᠨ ᠡᠬᠡ ᠶ᠋ᠢᠨ ᠢᠷᠦᠭᠡᠭᠰᠡᠨ ᠪᠠ ᠡᠨᠡ ᠪᠦᠯᠦᠭ ᠲᠣᠷ ᠬᠠᠲᠤᠨ ᠠᠪᠬᠤᠶ᠎ᠠ ᠣᠯᠠᠨ ᠤ᠋ ᠪᠡᠯᠭᠡᠯᠡᠭᠰᠡᠨ ᠬᠣᠢᠨ᠎ᠠ ᠴᠥᠮ ᠳᠠᠭᠤᠷᠢᠶᠠᠨ ᠠᠳᠠᠯᠢ ᠨᠡᠢᠯᠡᠭᠰᠡᠨ ᠳ᠋ᠦ᠍ᠷ ᠰᠠᠶᠢ ᠢᠷᠦᠭᠡᠭᠡᠳ ᠪᠡᠯᠭᠡ ᠬᠡᠮᠡᠭᠴᠢ ᠶ᠋ᠢ ᠠᠷᠠᠢᠬᠠᠨ ᠬᠣᠭᠣᠰᠣᠨ ᠦᠭᠡᠰ ᠦ᠋ᠨ ᠢᠯᠡᠭᠦᠴᠡ ᠶᠠᠷᠰᠢᠭ᠋ ᠬᠡᠮᠡᠵᠦ ᠦᠯᠦ ᠪᠣᠯᠬᠤ ᠠᠵᠢ ᠭᠡᠮᠡᠨ ᠮᠡᠳᠡᠪᠡᠢ᠃ ᠬᠡᠳᠦᠢ ᠡᠭᠡᠯ ᠠᠷᠠᠳ ᠲᠤᠷ ᠡᠰᠡ ᠲᠣᠬᠢᠶᠠᠯᠳᠤᠪᠠᠰᠤ ᠦᠨᠡᠨ ᠦᠭᠡᠰ ᠪᠦᠲᠦᠳᠡᠭ ᠂ ᠬᠠᠳ ᠡᠵᠡᠳ ᠲᠣᠷ ᠲᠣᠬᠢᠶᠠᠯᠳᠤᠪᠠᠰᠤ ᠦᠨᠡᠬᠡᠷ ᠦᠨᠡᠨ ᠪᠡᠯᠭᠡ ᠪᠣᠯᠬᠤ ᠠᠵᠤᠭᠤ ᠃ ᠦᠯᠢᠳᠬᠡᠪᠡᠰᠦ ᠬᠥᠮᠦᠨ ᠰᠠᠶᠢ ᠡᠬᠡ ᠶ᠋ᠢᠨ ᠬᠡᠪᠡᠯᠢ ᠳ᠋ᠦ᠍ᠷ ᠲᠣᠭᠲᠠᠮ ᠪᠦᠲᠦᠬᠦᠢ ᠳ᠋ᠦ᠍ᠷ ᠲᠠᠪᠤᠨ ᠮᠠᠬᠠᠪᠣᠳ ᠪᠦᠷᠢᠳᠴᠦ ᠰᠠᠶᠢ ᠪᠡᠶ᠎ᠡ ᠴᠣᠭᠴᠠ ᠪᠦᠷᠢᠳᠦᠨ ᠬᠥᠮᠦᠵᠢᠬᠦ ᠮᠡᠲᠦ ᠡᠨᠡ ᠪᠦᠯᠦᠭ ᠲᠣᠷ ᠮᠥᠨ ᠲᠠᠪᠤᠨ ᠰᠤᠳᠠᠰᠤ ᠪᠣᠢ᠂ ᠠᠯᠢ ᠲᠠᠪᠤᠨ ᠬᠡᠮᠡᠪᠡᠰᠦ : ᠲᠠᠢᠽᠦ ᠶ᠋ᠢᠨ ᠵᠣᠪᠠᠯᠠᠩ ᠳ᠋ᠤᠷ ᠲᠤᠰᠢᠶᠠᠭᠰᠠᠨ ᠴᠠᠭ ᠲᠤᠷ ᠲᠣᠷᠭᠠᠨ ᠰᠢᠷ᠎ᠠ ᠶ᠋ᠢᠨ ᠬᠥᠪᠡᠭᠦᠨ ᠴᠢᠯᠠᠭᠤᠨ᠂ ᠡᠵᠡᠨ ᠲᠦᠰᠢᠮᠡᠯ ᠦ᠋ᠨ ᠣᠳᠣᠨ ᠭᠠᠷᠠᠭ ᠤᠴᠠᠷᠠᠯᠳᠤᠭᠰᠠᠨ ᠲᠤᠯᠠ ᠴᠢᠯᠠᠭᠤᠨ ᠰᠡᠳᠬᠢᠯ ᠰᠢᠭᠤᠳᠴᠤ ᠳᠠᠭᠠᠭᠠᠳ ᠤᠷᠤᠭᠤᠯ ᠬᠡᠳᠦᠢ ᠨᠡᠩᠵᠢᠨ ᠭᠠᠷᠭᠠᠪᠠᠴᠤ ᠮᠥᠨ ᠬᠢᠯᠪᠠᠷ ᠪᠠᠷᠢᠭ᠍ᠳᠠᠬᠤ ᠦᠭᠡᠢ ᠯᠠᠪ ᠠᠯᠠᠨ ᠭᠠᠷᠤᠮᠤᠢ᠃ ᠡᠨᠡ ᠢᠨᠦ ᠡᠵᠡᠨ ᠲᠦᠰᠢᠮᠡᠯ ᠦ᠋ᠨ ᠦᠬᠦᠵᠦ ᠲᠦᠷᠦᠪᠡᠴᠦ ᠦᠯᠦ ᠬᠠᠭᠠᠴᠠᠬᠤ ᠪᠠᠷᠢᠯᠳᠤᠯᠭ᠎ᠠ ᠡᠨᠡ ᠨᠢᠭᠡ᠃ ᠵᠢᠴᠢ ᠡᠷᠲᠡᠨ ᠦ᠌ ᠵᠧᠦ ᠤᠯᠤᠰ ᠤ᠋ᠨ ᠸᠸᠨ ᠸᠠᠩ ᠪᠠᠰᠠ ᠮᠦ᠍ ᠸᠠᠩ ᠳ᠋ᠤᠷ ᠴᠥᠮ ᠨᠠᠢ᠍ᠮᠠᠨ ᠡᠷᠳᠡᠨᠢ ᠶ᠋ᠢᠨ ᠮᠣᠷᠢᠨ ᠪᠣᠢ ᠭᠡᠮᠡᠨ ᠰᠣᠨᠣᠰᠴᠤ ᠭᠠᠢᠬᠠᠭᠰᠠᠨ ᠪᠥᠯᠥᠭᠡ ᠃ ᠡᠳᠦᠭᠡ ᠡᠨᠡ ᠪᠦᠯᠦᠭ ᠦ᠋ᠨ ᠳᠣᠲᠣᠷ᠎ᠠ ᠪᠠᠰᠠ ᠨᠠᠢ᠍ᠮᠠᠨ ᠰᠢᠷᠭ᠎ᠠ ᠡᠷᠳᠡᠨᠢ ᠶ᠋ᠢᠨ ᠮᠣᠷᠢᠨ ᠭᠡᠮᠡᠨ ᠭᠠᠷᠴᠤ ᠢᠷᠡᠭᠰᠡᠨ ᠳ᠋ᠦ᠍ᠷ ᠰᠠᠶᠢ ᠪᠣᠭᠳᠠ ᠬᠠᠳ ᠪᠤᠶᠠᠨᠲᠤ ᠡᠵᠡᠨ ᠭᠠᠷᠪᠠᠰᠤ ᠡᠷᠬᠡᠪᠰᠢ ᠡᠷᠳᠡᠨᠢ ᠶ᠋ᠢᠨ ᠮᠣᠷᠢᠨ ᠳᠠᠭᠠᠵᠤ ᠭᠠᠷᠬᠤ ᠶ᠋ᠢ ᠮᠡᠳᠡᠪᠡ᠂ ᠡᠨᠡ ᠬᠣᠶᠠᠷ᠃ ᠵᠢᠴᠢ ᠨᠠᠢ᠍ᠮᠠᠨ ᠪᠦᠯᠦᠭ᠂ ᠬᠣᠶᠠᠷ ᠳᠡᠭᠦᠦ ᠶ᠋ᠢᠨ ᠤᠴᠢᠷ ᠶᠠᠪᠤᠭᠰᠠᠭᠠᠷ ᠠᠷᠯᠤᠳ ᠤ᠋ᠨ ᠪᠤᠭᠤᠷᠵᠢ ᠳ᠋ᠤᠷ ᠠᠭᠤᠯᠵᠠᠭᠠᠳ ᠪᠣᠳᠠᠲᠠᠢ ᠦᠬᠡᠷ ᠢ᠋ ᠰᠢᠭᠦᠮᠵᠢᠯᠡᠵᠦ ᠂ ᠪᠣᠳᠣᠯᠭᠠᠲᠠᠢ ᠪᠤᠭᠤᠷᠵᠢ ᠶ᠋ᠢ ᠣᠷᠣᠭᠤᠯᠪᠠ ᠃ ᠠᠩᠬ᠎ᠠ ᠪᠦᠯᠦᠭ ᠲᠣᠷ ᠬᠤᠪᠢᠯᠭᠠᠨ ᠬᠦᠴᠦᠨ ᠢ᠋ᠶ᠋ᠡᠷ ᠮᠣᠬᠣᠰᠢ ᠦᠭᠡᠢ ᠮᠤᠬᠤᠯᠢ ᠪᠠᠭᠠᠲᠤᠷ ᠢ᠋ ᠳᠠᠷᠤᠵᠤ ᠳᠠᠭᠠᠭᠤᠯᠤᠭᠠᠳ ᠡᠨᠡ ᠪᠦᠯᠦᠭ ᠲᠣᠷ ᠥᠯᠢᠳᠬᠡᠯ ᠰᠢᠭᠦᠮᠵᠢᠯᠡᠯ ᠢ᠋ᠶ᠋ᠡᠷ ᠦᠯᠡᠮᠵᠢ ᠬᠦᠴᠦᠲᠦ ᠪᠤᠭᠤᠷᠵᠢ ᠬᠦᠯᠦᠭ ᠢ᠋ ᠪᠢᠰᠢᠷᠡᠭᠦᠯᠦᠭᠰᠡᠨ᠂ ᠦᠨᠡᠬᠡᠷ ᠲᠡᠭᠷᠢ ᠶ᠋ᠢᠨ ᠬᠥᠪᠡᠭᠦᠨ ᠦ᠌ ᠰᠡᠴᠡᠨ ᠮᠡᠷᠭᠡᠨ ᠢᠨᠤ ᠴᠢᠬᠤᠯᠠ ᠴᠠᠭ ᠲᠤᠷ ᠬᠡᠲᠡ ᠴᠠᠬᠢᠭᠤᠷ ᠤ᠋ᠨ ᠭᠠᠯ ᠮᠡᠲᠦ ᠳᠠᠷᠤᠢ ᠭᠠᠷᠴᠤ ᠢᠷᠡᠬᠦ ᠮᠡᠲᠦ ᠠᠯᠢ ᠵᠦᠢᠯ ᠢ᠋ ᠬᠡᠷᠡᠭᠯᠡᠪᠡᠰᠦ ᠲᠡᠷᠡ ᠵᠦᠢᠯ ᠭᠠᠷᠴᠤ ᠢᠷᠡᠮᠦᠢ᠂ ᠡᠨᠡ ᠭᠤᠷᠪᠠ ᠃ ᠵᠢᠴᠢ ᠪᠧᠲ᠋ᠠ᠋ ᠤᠯᠤᠰ ᠤ᠋ᠨ ᠳᠠᠬᠢᠨ ᠳᠡᠭᠡᠷ᠎ᠡ ᠭᠠᠷᠴᠤ ᠢᠷᠡᠭᠰᠡᠨ ᠢ᠋ ᠦᠵᠡᠮᠡᠭᠴᠡ ᠾᠧ ᠸᠠᠩ ᠠ᠋ᠴᠠ ᠲᠡᠷᠢᠭᠦᠯᠡᠨ ᠪᠠᠭ᠎ᠠ ᠠᠢᠮᠠᠭ ᠤ᠋ᠳ ᠪᠠᠰᠠ ᠪᠢᠯᠲᠠᠳᠴᠢᠯᠡᠷ᠎ᠡ ᠴᠤᠭᠯᠠᠵᠤ ᠂ ᠵᠢᠷᠭᠤᠭᠠᠲᠠᠢ ᠲᠡᠨᠡᠭ ᠲᠡᠨᠡᠭᠷᠡᠭᠡᠨ ᠢᠷᠡᠭᠡᠳ ᠪᠣᠭᠳᠠ ᠬᠥᠮᠦᠨ ᠦ᠌ ᠠᠭᠤᠳᠠᠮ ᠥᠷᠥᠰᠢᠶᠡᠯ ᠢ᠋ ᠣᠯᠠᠨ ᠳ᠋ᠤᠷ ᠢᠯᠡᠳᠬᠡᠭᠰᠡᠨ ᠢᠨᠤ ᠴᠢᠪᠬᠢᠲᠡᠯ᠎ᠡ ᠲᠠᠢᠽᠦ ᠶ᠋ᠢᠨ ᠪᠠᠭ᠎ᠠ ᠬᠦᠮᠦᠵᠢᠯᠭᠡ ᠳ᠋ᠦ᠍ᠷ ᠲᠡᠭᠷᠢ ᠡᠴᠡ ᠪᠡᠯᠭᠡ ᠵᠢᠭᠠᠵᠤ ᠂ ᠨᠢᠭᠡᠬᠡᠨ ᠬᠥᠮᠦᠨ ᠦ᠌ ᠰᠢᠯᠲᠠᠭᠠᠨ ᠢ᠋ᠶ᠋ᠠᠷ ᠲᠦᠮᠡᠨ ᠬᠥᠮᠦᠨ ᠦ᠌ ᠰᠡᠳᠬᠢᠯ ᠢ᠋ ᠢᠭᠲᠦᠯᠦᠭᠦᠯᠵᠦ᠂ ᠣᠯᠠᠨ ᠤ᠋ ᠬᠦᠴᠦᠨ ᠢ᠋ ᠬᠠᠮᠲᠤᠳᠬᠠᠭᠰᠠᠨ ᠠᠨᠤ ᠡᠨᠡ ᠳᠥᠷᠪᠡ᠃ ᠵᠢᠴᠢ ᠪᠠᠰᠠ ᠶᠢᠰᠦᠨ ᠤᠯᠤᠰ ᠤ᠋ᠨ ᠶᠢᠰᠦᠨ ᠬᠡᠯᠡ ᠶ᠋ᠢ ᠲᠥᠰᠦᠭᠡᠯᠡᠭᠰᠡᠨ ᠮᠡᠷᠭᠡᠨ –– ᠲᠡᠢ ᠰᠡᠴᠡᠨ᠂ ᠾᠧ ᠸᠠᠩ ᠠ᠋ᠴᠠ ᠲᠡᠷᠢᠭᠦᠯᠡᠨ ᠲᠡᠭᠦᠨ ᠦ᠌ ᠬᠥᠪᠡᠭᠦᠨ ᠰᠢᠨ᠎ᠡ ᠬᠦᠩ ᠢᠯᠠᠭᠤ ᠂ ᠵᠢᠴᠢ ᠵᠠᠮᠤᠬ᠎ᠠ ᠂ ᠰᠡᠴᠡᠨ ᠪᠥᠬᠡ ᠂ ᠮᠡᠭᠡᠵᠢᠨ ᠰᠡᠭᠡᠷ ᠂ ᠲᠣᠳᠣ ᠨᠠᠷ ᠤ᠋ᠨ ᠰᠥᠷᠭᠡᠦ ᠰᠢᠨᠵᠢ ᠶ᠋ᠢ ᠰᠢᠨᠵᠢᠯᠡᠨ ᠭᠠᠷᠭᠠᠭᠠᠳ ᠲᠠᠢᠽᠦ ᠳ᠋ᠦ᠍ᠷ ᠰᠡᠮᠡᠬᠡᠷ ᠤᠬᠠᠭᠠᠤᠯᠤᠨ ᠬᠡᠯᠡᠭᠰᠡᠨ ᠢᠨᠦ᠂ ᠤᠯᠤᠰ ᠲᠥᠷᠥ ᠮᠠᠨᠳᠤᠬᠤ ᠶ᠋ᠢᠨ ᠰᠢᠯᠲᠠᠭᠠᠨ᠎ᠠ ᠤᠳᠠᠷᠠᠰᠠᠳ ᠣᠳᠣᠨ ᠠᠯᠲᠠᠨ ᠭᠠᠳᠠᠰᠤ ᠣᠳᠣᠨ ᠢ᠋ ᠬᠠᠮᠠᠭᠠᠯᠠᠨ ᠲᠤᠰᠠᠯᠠᠬᠤ ᠶ᠋ᠢᠨ ᠲᠤᠯᠠ ᠤᠷᠤᠭ ᠰᠠᠳᠤᠨ ᠪᠣᠯᠵᠤ ᠲᠡᠳᠬᠦᠬᠦ ᠢᠨᠤ ᠪᠣᠯᠠᠢ᠂ ᠡᠨᠡ ᠲᠠᠪᠤ᠃ ᠡᠨᠡ ᠲᠠᠪᠤᠨ ᠡᠰᠢ ᠳᠠᠷᠤᠢ ᠶᠡᠬᠡ  ᠶᠤᠸᠠᠨ ᠤᠯᠤᠰ ᠤ᠋ᠨ ᠡᠭᠦᠰᠬᠡᠯ ᠦ᠋ᠨ ᠲᠠᠪᠤᠨ ᠮᠠᠬᠠᠪᠣᠳ ᠤ᠋ᠨ ᠰᠤᠳᠠᠯ ᠪᠤᠶᠤ᠃ ᠦᠵᠡᠬᠦ ᠮᠡᠷᠭᠡᠳ ᠪᠢᠲᠡᠭᠡᠢ ᠮᠤᠩᠬᠠᠭ ᠮᠣᠩᠭᠣᠯ ᠳ᠋ᠤᠷ ᠴᠤ᠌ ᠶᠠᠭᠤᠨ ᠪᠣᠢ ᠭᠡᠮᠡᠨ ᠪᠠᠰᠤᠮᠵᠢᠯᠠᠭᠳᠠᠬᠤᠢ᠃ ᠪᠢ ᠡᠷᠲᠡᠨ ᠦ᠌ ᠴᠢ ᠬᠤᠸᠠᠨ ᠬᠦᠩ ᠦ᠋ᠨ ᠪᠡᠶ᠎ᠡ ᠪᠡᠨ ᠬᠠᠷᠪᠤᠭᠰᠠᠨ᠂ ᠭᠤᠸᠠᠨ ᠵᠦᠩ ᠢ᠋ ᠬᠣᠢᠨ᠎ᠠ ᠡᠷᠢᠨ ᠳᠠᠭᠠᠭᠤᠯᠵᠤ ᠡᠷᠬᠢᠮᠯᠡᠨ ᠡᠷᠭᠦᠭᠰᠡᠨ ᠢ᠋ ᠮᠠᠰᠢ ᠭᠠᠢᠬᠠᠨ ᠪᠣᠯᠥᠭᠡ᠃ ᠡᠳᠦᠭᠡ ᠡᠨᠡ ᠪᠦᠯᠦᠭ ᠲᠣᠷ ᠲᠠᠢᠽᠦ ᠶ᠋ᠢᠨ ᠮᠣᠷᠢ ᠶ᠋ᠢ ᠬᠠᠷᠪᠤᠭᠰᠠᠨ ᠵᠢᠷᠭᠤᠭᠠᠲᠠᠢ ᠶ᠋ᠢ ᠳᠠᠭᠠᠭᠤᠯᠤᠨ ᠵᠡᠪᠡ ᠭᠡᠮᠡᠨ ᠨᠡᠷᠡᠢᠳᠦᠭᠰᠡᠨ ᠡᠨᠡ ᠨᠢᠭᠡᠨ ᠠᠩᠭᠢ ᠳ᠋ᠤᠷ ᠰᠠᠶᠢ ᠡᠷᠲᠡᠨ ᠦ᠌  ᠲᠦᠷᠢᠮᠡᠬᠡᠢ ᠶ᠋ᠢᠨ ᠶᠣᠰᠣ ᠂ ᠸᠠᠩ ᠤ᠋ᠨ ᠶᠣᠰᠣ ᠭᠡᠮᠡᠨ ᠢᠯᠭᠠᠭᠰᠠᠨ ᠢ᠋ ᠭᠠᠢᠬᠠᠨ ᠪᠢᠰᠢᠷᠡᠪᠡ᠃ ᠶᠠᠭᠤᠨ ᠬᠡᠮᠡᠪᠡᠰᠦ : ᠸᠠᠩ ᠤ᠋ᠨ ᠶᠣᠰᠣ ᠬᠡᠮᠡᠭᠴᠢ ᠰᠡᠳᠬᠢᠯ ᠡᠴᠡ ᠪᠡᠨ ᠶᠠᠷᠠᠭᠳᠠᠭᠠᠨ ᠲᠥᠷᠥᠭᠳᠡᠭᠰᠡᠨ ᠠᠭᠤᠳᠠᠮ ᠥᠷᠥᠰᠢᠶᠡᠯ ᠢ᠋ ᠸᠠᠩ ᠤ᠋ᠨ ᠶᠣᠰᠣ ᠬᠡᠮᠡᠮᠦᠢ᠂ ᠰᠡᠳᠬᠢᠯ ᠢ᠋ ᠮᠤᠰᠬᠢᠵᠦ ᠂ ᠲᠡᠭᠦᠨ ᠦ᠌ ᠲᠤᠰᠠ ᠶ᠋ᠢ ᠡᠷᠢᠭᠰᠡᠨ ᠥᠷᠥᠰᠢᠶᠡᠯ ᠵᠢᠷᠤᠮ ᠢ᠋ ᠲᠦᠷᠢᠮᠡᠬᠡᠢ ᠶ᠋ᠢᠨ ᠶᠣᠰᠣ ᠬᠡᠮᠡᠮᠦᠢ᠃ ᠲᠡᠢᠨ ᠬᠦ᠌ ᠲᠠᠢᠽᠦ ᠵᠡᠪᠡ ᠶ᠋ᠢ ᠬᠡᠯᠲᠦᠷᠢᠭᠦᠯᠦᠭᠰᠡᠨ ᠠᠭᠤᠳᠠᠮ ᠥᠷᠥᠰᠢᠶᠡᠯ ᠦᠨᠡᠬᠡᠷ ᠰᠡᠳᠬᠢᠯ ᠡᠴᠡ ᠶᠠᠷᠠᠭᠳᠠᠭᠠᠨ ᠲᠥᠷᠥᠭᠳᠡᠭᠰᠡᠨ ᠲᠤᠯᠠ ᠸᠠᠩ ᠤ᠋ᠨ ᠶᠣᠰᠣ ᠪᠣᠯᠤᠭᠠᠳ ᠴᠢ ᠬᠤᠸᠠᠨ ᠬᠦᠩ ᠲᠡᠷᠡ ᠭᠤᠸᠠᠨ ᠵᠦᠩ ᠢ᠋ ᠪᠠᠭᠲᠠᠭᠠᠭᠰᠠᠨ ᠠᠨᠤ ᠲᠤᠰᠠ ᠶ᠋ᠢ ᠡᠷᠢᠭᠰᠡᠨ ᠢ᠋ᠶ᠋ᠡᠷ ᠲᠦᠷᠢᠮᠡᠬᠡᠢ ᠶ᠋ᠢᠨ ᠶᠣᠰᠣ ᠪᠣᠯᠵᠤᠬᠤᠢ᠃ ᠲᠡᠢᠨ ᠬᠦ᠌ ᠸᠠᠩ ᠤ᠋ᠨ ᠶᠣᠰᠣ ᠬᠡᠮᠡᠭᠴᠢ ᠮᠠᠰᠢ ᠦᠨᠡᠨᠴᠢ ᠮᠠᠰᠢ ᠠᠭᠤᠳᠠᠮ ᠲᠤᠯᠠ ᠰᠠᠶᠢ ᠣᠯᠠᠨ ᠢ᠋ᠶ᠋ᠠᠷ ᠬᠦᠨᠳᠦᠯᠡᠵᠦ᠂ ᠶᠢᠰᠦᠨ ᠡᠩ ᠦ᠋ᠨ ᠲᠦᠰᠢᠮᠡᠳ ᠨᠢᠭᠡᠬᠡᠨ ᠵᠡᠪᠡ ᠳ᠋ᠦ᠍ᠷ ᠢᠭᠲᠦᠯᠦᠨ ᠳᠠᠭᠠᠭᠰᠠᠨ ᠪᠣᠯᠠᠢ᠃ ᠲᠡᠢᠮᠦ ᠶ᠋ᠢᠨ ᠲᠤᠯᠠ ᠨᠢᠭᠡᠨ ᠦᠭᠡᠰ ᠲᠣᠷ ᠤᠯᠤᠰ ᠡᠪᠳᠡᠷᠡᠬᠦ᠂ ᠨᠢᠭᠡᠨ ᠦᠭᠡᠰ ᠲᠣᠷ ᠤᠯᠤᠰ ᠮᠠᠨᠳᠤᠬᠤ ᠬᠡᠮᠡᠭᠰᠡᠨ ᠢᠨᠤ ᠡᠨᠡ ᠪᠤᠶᠤ᠃ ᠬᠣᠢᠴᠢ ᠡᠳᠦᠷ ᠦ᠋ᠨ ᠮᠡᠷᠭᠡᠳ ᠰᠠᠢᠳ ᠪᠡᠷ ᠪᠢᠲᠡᠭᠦᠯᠢᠭ ᠮᠣᠩᠭᠣᠯ ᠭᠡᠮᠡᠨ ᠲᠠᠰᠢᠶᠠᠷᠠᠭᠤᠯᠤᠨ ᠥᠩᠭᠡᠷᠡᠭᠦᠯᠪᠡᠰᠦ ᠦᠨᠡᠬᠡᠷ ᠮᠠᠰᠢ ᠬᠠᠢᠷᠠᠬᠠᠨ ᠪᠣᠯᠠᠢ !