ᠬᠥᠬᠡ ᠰᠤᠳᠤᠷ - ᠢᠨᠵᠠᠨᠨᠠᠰᠢ < ᠠᠩᠬ᠎ᠠ ᠪᠦᠯᠦᠭ > Хөх судар - Инжинаш < Анх бүлэг >
ᠲᠡᠭᠷᠢ ᠶ᠋ᠢᠨ ᠲᠠᠭᠠᠴᠠ ᠤᠯᠠᠷᠢᠯ ᠢ᠋ ᠨᠡᠭᠡᠭᠡᠵᠦ ᠪᠣᠭᠳᠠ ᠬᠥᠮᠦᠨ ᠶᠢᠷᠲᠢᠨᠴᠦ ᠳ᠋ᠦ᠍ ᠲᠥᠷᠥᠪᠡ
ᠭᠠᠵᠠᠷ ᠤᠨ ᠬᠦᠴᠦ ᠠᠭᠤᠷ ᠪᠠᠳᠠᠷᠠᠭᠠᠳ ᠪᠠᠭᠠᠳᠤᠷ ᠢᠳᠡᠲᠡᠨ ᠨᠢᠭᠡᠨ᠎ᠡ ᠬᠤᠷᠠᠪᠠ
ᠠᠩᠬ᠎ᠠ ᠪᠦᠯᠦᠭ
ᠰᠥᠩ ᠤᠯᠤᠰ ᠤ᠋ᠨ ᠠᠷᠪᠠᠳᠤᠭᠠᠷ ᠬᠠᠭᠠᠨ᠂ ᠭᠤᠤᠽᠦ᠋ᠩ ᠦ᠋ᠨ ᠱᠣᠣ ᠰᠢᠩ ᠬᠡᠮᠡᠬᠦ ᠶ᠋ᠢᠨ ᠭᠤᠴᠢᠨ ᠬᠣᠶᠠᠳᠤᠭᠠᠷ ᠣᠨ᠂
ᠠᠯᠲᠠᠨ ᠤᠯᠤᠰ ᠤ᠋ᠨ ᠲᠠᠪᠤᠳᠤᠭᠠᠷ ᠬᠠᠭᠠᠨ᠂ ᠱᠢᠽᠦ᠋ᠩ ᠦ᠋ᠨ ᠳᠡ ᠳ᠋ᠢᠩ ᠬᠡᠮᠡᠬᠦ ᠶ᠋ᠢᠨ ᠬᠣᠶᠠᠳᠤᠭᠠᠷ ᠣᠨ᠂
ᠬᠠᠷ᠎ᠠ ᠮᠣᠷᠢᠨ ᠵᠢᠯ᠂ ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ
ᠬᠤᠸᠠᠩᠳᠢ ᠴᠢᠩᠭᠢᠰ ᠬᠠᠭᠠᠨ ᠡᠨᠡ ᠵᠢᠯ ᠮᠡᠨᠳᠦᠯᠡᠪᠡ᠂ ᠬᠢᠨᠠᠨ ᠲᠡᠮᠳᠡᠭᠯᠡᠪᠡᠰᠦ ᠵᠣᠬᠢᠮᠤᠢ᠃
ᠲᠡᠭᠷᠢ ᠶ᠋ᠢᠨ ᠲᠠᠭᠠᠴᠠ ᠤᠯᠠᠷᠢᠯ ᠢ᠋ ᠨᠡᠭᠡᠭᠡᠵᠦ ᠪᠣᠭᠳᠠ ᠬᠥᠮᠦᠨ ᠶᠢᠷᠲᠢᠨᠴᠦ ᠳ᠋ᠦ᠍ ᠲᠥᠷᠥᠪᠡ
ᠭᠠᠵᠠᠷ ᠤ᠋ᠨ ᠬᠦᠴᠦ ᠠᠭᠤᠷ ᠪᠠᠳᠠᠷᠠᠭᠠᠳ ᠪᠠᠭᠠᠲᠤᠷ ᠢᠳᠡᠲᠡᠨ ᠨᠢᠭᠡᠨ᠎ᠡ ᠬᠤᠷᠠᠪᠠ
ᠠᠤᠭ᠎ᠠ ᠬᠦᠴᠦᠲᠦ ᠶᠢᠰᠦᠭᠡᠢ ᠪᠠᠭᠠᠲᠤᠷ ᠲᠡᠮᠡᠭᠡᠴᠢᠨ ᠠᠢᠮᠠᠭ ᠢ᠋ ᠣᠯᠵᠠᠯᠠᠭᠰᠠᠨᠠ
ᠠᠰᠤᠷᠤ ᠪᠤᠶᠠᠨᠲᠤ ᠥᠭᠡᠯᠦᠨ ᠥᠵᠢᠨ ᠲᠩᠷᠢᠯᠢᠭ ᠡᠪᠦᠭᠡ ᠶ᠋ᠢ ᠮᠠᠨᠳᠤᠯᠠᠪᠠᠢ᠂
ᠠᠯᠲᠠᠨ ᠶᠠᠰᠤᠲᠤ ᠲᠠᠢᠽᠦ ᠲᠡᠮᠦᠵᠢᠨ ᠡᠴᠢᠭᠡ ᠶ᠋ᠢᠨ ᠦᠰ ᠢ᠋ ᠠᠪᠬᠤᠶ᠎ᠠ
ᠠᠷᠭ᠎ᠠ ᠪᠣᠳᠣᠯᠭᠠᠲᠤ ᠬᠦᠯᠦᠭ ᠮᠤᠬᠤᠯᠢ ᠡᠵᠡᠨ ᠪᠣᠭᠳᠠ ᠶ᠋ᠢ ᠲᠠᠨᠢᠵᠤᠬᠤᠢ᠃
ᠥᠭᠦᠯᠡᠬᠦ ᠢᠨᠤ᠂ ᠪᠧᠲ᠋ᠠ᠋ ᠤᠯᠤᠰ ᠤ᠋ᠨ ᠡᠵᠡᠨ ᠶᠢᠰᠦᠭᠡᠢ ᠪᠠᠭᠠᠲᠤᠷ ᠪᠠᠯᠭᠤ ᠬᠣᠷᠣᠭᠠᠨ ᠤ᠋ ᠬᠠᠭᠤᠴᠢᠨ ᠪᠧᠲ᠋ᠠ᠋ ᠤᠯᠤᠰ ᠤ᠋ᠨ ᠨᠤᠲᠤᠭ ᠲᠤᠷ ᠤᠰᠤ ᠡᠪᠡᠰᠦᠨ ᠦ᠌ ᠰᠠᠢᠨ ᠢ᠋ ᠰᠣᠩᠭᠣᠵᠤ᠂ ᠰᠢᠷᠣᠢ ᠶ᠋ᠢᠨ ᠬᠣᠲᠠ ᠮᠣᠳᠣᠨ ᠤ᠋ ᠰᠢᠪᠡᠭᠡ ᠪᠠᠢᠭᠤᠯᠵᠤ ᠰᠠᠭᠤᠭᠠᠳ ᠭᠣᠣᠯ ᠭᠡᠲᠦᠯᠬᠦ ᠬᠥᠭᠥᠷᠭᠡ ᠪᠠᠷᠢᠵᠤ ᠢᠨᠠᠭᠰᠢ ᠴᠢᠨᠠᠭᠰᠢ ᠶᠠᠪᠤᠨ᠂ ᠲᠡᠳᠦᠢ ᠳᠥᠷᠪᠡᠨ ᠡᠲᠡᠭᠡᠳ ᠦ᠋ᠨ ᠣᠯᠠᠨ ᠠᠢᠮᠠᠭ ᠲᠡᠭᠦᠨ ᠦ᠌ ᠮᠡᠷᠭᠡᠨ ᠪᠠᠭᠠᠲᠤᠷ ᠲᠤᠷ ᠰᠢᠳᠦᠨ ᠪᠢᠰᠢᠷᠡᠵᠦ᠂ ᠪᠠᠰᠠ ᠠᠶᠤᠨ ᠰᠢᠷᠪᠡᠭᠡᠲᠦᠭᠰᠡᠨ ᠪᠥᠭᠡᠳ ᠪᠠᠯ ᠵᠥᠭᠡᠢ ᠮᠡᠲᠦ ᠳᠠᠭᠠᠭᠰᠠᠨ ᠢ᠋ᠶ᠋ᠠᠷ ᠰᠦᠷ ᠬᠦᠴᠦᠨ ᠶᠡᠬᠡᠳᠡ ᠪᠠᠳᠠᠷᠠᠩᠭᠤᠢ᠃
ᠨᠢᠭᠡᠨ ᠡᠳᠦᠷ ᠴᠡᠷᠢᠭ ᠦ᠋ᠨ ᠬᠦᠷᠢᠶᠡᠨ ᠦ᠌ ᠡᠮᠦᠨ᠎ᠡ ᠥᠨᠳᠥᠷ ᠳᠣᠪᠣ ᠶ᠋ᠢᠨ ᠠᠷᠰᠯᠠᠨᠲᠤ ᠴᠠᠴᠠᠷ ᠲᠠᠭᠠᠨ ᠰᠠᠭᠤᠵᠤ ᠥᠪᠡᠷ ᠦ᠋ᠨ ᠪᠧᠲ᠋ᠠ᠋ ᠤᠯᠤᠰ ᠤ᠋ᠨ ᠠᠷᠪᠠᠨ ᠲᠦᠮᠡᠨ ᠶᠡᠬᠡ ᠴᠡᠷᠢᠭ ᠢ᠋ᠶ᠋ᠡᠨ ᠪᠣᠯᠪᠠᠰᠤᠷᠠᠭᠤᠯᠤᠨ ᠪᠦᠬᠦᠢ ᠳ᠋ᠦ᠍ᠷ ᠭᠡᠨᠡᠳᠲᠡ ᠦᠵᠡᠪᠡᠰᠦ ᠨᠠᠷᠠᠨ ᠮᠠᠨᠳᠤᠬᠤ ᠵᠦᠭ ᠡᠴᠡ ᠪᠠᠷᠮᠠᠨᠤᠰ ᠤ᠋ᠨ ᠲᠣᠭᠣᠰᠣᠨ ᠳᠡᠭᠳᠡᠵᠦ᠂ ᠵᠠᠭᠤᠨ ᠢᠯᠡᠭᠦᠦ ᠮᠣᠷᠢᠲᠠᠨ ᠨᠢᠭᠡᠨ ᠬᠥᠮᠦᠨ ᠢ᠋ ᠪᠠᠭᠯᠠᠷᠠᠨ ᠳᠠᠭᠠᠵᠤ ᠨᠢᠰᠬᠦ ᠮᠡᠲᠦ ᠳᠣᠪᠲᠣᠯᠤᠨ ᠢᠷᠡᠮᠦᠢ᠃ ᠲᠠᠨᠢᠬᠤ ᠵᠠᠩᠵᠤᠨ ᠨᠠᠷ ᠮᠡᠳᠡᠭᠦᠯᠦᠷᠦᠨ᠄《 ᠡᠨᠡ ᠢᠷᠡᠬᠦ ᠯᠠᠪ ᠬᠡᠷᠡᠢᠳ ᠤᠯᠤᠰ ᠤ᠋ᠨ ᠸᠠᠩ ᠪᠣᠢ ᠶᠠ ! 》ᠬᠡᠮᠡᠲᠡᠯ᠎ᠡ ᠦᠨᠡᠬᠡᠷ ᠲᠤᠭ ᠲᠤᠷ ᠨᠢᠰᠬᠦ ᠥᠲᠡᠭᠡ ᠵᠢᠷᠤᠵᠤ ᠤᠢᠭᠤᠷ ᠤᠯᠤᠰ ᠤ᠋ᠨ ᠦᠰᠦᠭ ᠢ᠋ᠶ᠋ᠡᠷ ᠬᠡᠷᠡᠢᠳ ᠤᠯᠤᠰ ᠤ᠋ᠨ ᠸᠠᠩ ᠭᠡᠮᠡᠨ ᠪᠢᠴᠢᠵᠦ᠂ ᠣᠷᠣᠢ ᠳ᠋ᠤᠷ ᠲᠣᠭᠣᠰ ᠤ᠋ᠨ ᠰᠡᠭᠦᠯ ᠬᠠᠳᠬᠤᠵᠤ᠂ ᠵᠠᠯᠠᠭ᠎ᠠ ᠳ᠋ᠠᠭᠠᠨ ᠢᠷᠪᠢᠰ ᠦ᠋ᠨ ᠰᠡᠭᠦᠯ ᠭᠠᠨᠵᠤᠭᠠᠯᠠᠵᠤᠬᠤᠢ᠃ ᠤᠭ ᠠ᠋ᠴᠠ ᠡᠨᠡ ᠬᠡᠷᠡᠢᠳ ᠤᠯᠤᠰ ᠤ᠋ᠨ ᠤᠷᠢᠳᠤ ᠶ᠋ᠢᠨ ᠡᠵᠡᠨ ᠪᠠᠢᠯᠤ ᠠᠯᠲᠠᠨ ᠤᠯᠤᠰ ᠢ᠋ ᠶᠡᠬᠡ ᠤᠯᠤᠰ ᠭᠡᠮᠡᠨ ᠳᠤᠯᠳᠤᠢᠳᠤᠨ ᠶᠠᠪᠤᠬᠤᠢ ᠳ᠋ᠤᠷ ᠠᠯᠲᠠᠨ ᠤᠯᠤᠰ ᠲᠡᠭᠦᠨ ᠢ᠋ ᠬᠣᠢᠲᠤ ᠬᠢᠵᠠᠭᠠᠷ ᠤ᠋ᠨ ᠮᠣᠵᠢ ᠶ᠋ᠢᠨ ᠶᠡᠬᠡ ᠪᠡᠢᠯᠡ ᠭᠡᠮᠡᠨ ᠸᠠᠩ ᠡᠷᠭᠦᠮᠵᠢᠯᠡᠭᠰᠡᠨ ᠠᠵᠤᠭᠤ ᠃ ᠪᠠᠢᠯᠤ ᠥᠩᠭᠡᠷᠡᠭᠰᠡᠨ ᠦ᠌ ᠬᠣᠢᠨ᠎ᠠ ᠂ ᠲᠡᠭᠦᠨ ᠦ᠌ ᠠᠬᠠᠮᠠᠳ ᠬᠥᠪᠡᠭᠦᠨ ᠨᠡᠷ᠎ᠡ ᠲᠤᠭᠤᠷᠢᠯ ᠸᠠᠩ ᠤ᠋ᠨ ᠰᠠᠭᠤᠷᠢᠨ ᠢ᠋ ᠵᠠᠯᠭᠠᠮᠵᠢᠯᠠᠨ ᠡᠵᠡᠯᠡᠭᠡᠳ ᠲᠡᠭᠦᠨ ᠦ᠌ ᠣᠯᠠᠨ ᠠᠬ᠎ᠠ ᠳᠡᠭᠦᠦ ᠨᠠᠷ ᠢ᠋ᠶ᠋ᠠᠨ ᠶᠣᠰᠣ ᠦᠭᠡᠢ ᠪᠡᠷ ᠥ ᠡᠷᠢᠨ ᠠᠯᠠᠬᠤᠢ ᠳ᠋ᠤᠷ ᠲᠣᠭᠣᠷᠢᠯ ᠤ᠋ᠨ ᠠᠪᠠᠭ᠎ᠠ᠂ ᠨᠡᠷ᠎ᠡ ᠵᠦᠷ᠎ᠠ ᠬᠡᠮᠡᠭᠴᠢ ᠬᠢᠯᠢᠩ ᠲᠥᠷᠥᠵᠦ ᠴᠡᠷᠢᠭ ᠪᠠᠢᠭᠤᠯᠤᠨ᠂ ᠲᠣᠭᠣᠷᠢᠯ ᠢ᠋ ᠠᠯᠠᠵᠤ ᠸᠠᠩ ᠤ᠋ᠨ ᠰᠠᠭᠤᠷᠢᠨ ᠢ᠋ ᠢᠨᠦ ᠪᠤᠯᠢᠶᠠᠨ ᠡᠵᠡᠯᠡᠰᠦᠭᠡᠢ ᠭᠡᠮᠡᠨ ᠢᠷᠡᠭᠰᠡᠨ᠎ᠡ ᠲᠣᠭᠣᠷᠢᠯ ᠬᠠᠷᠢᠶᠠᠲᠤ ᠴᠡᠷᠢᠭ ᠢ᠋ᠶ᠋ᠡᠨ ᠠᠪᠴᠤ ᠭᠠᠯᠠᠭᠤᠨ ᠨᠡᠷᠡᠲᠦ ᠭᠠᠵᠠᠷ᠎ᠠ ᠤᠭᠲᠤᠨ ᠪᠠᠢᠯᠳᠤᠵᠤ ᠂ ᠲᠡᠭᠦᠨ ᠦ᠌ ᠳᠣᠲᠣᠷ᠎ᠠ ᠭᠠᠳᠠᠨ᠎ᠠ ᠠ᠋ᠴᠠ ᠵᠥᠪᠳᠡᠭᠰᠡᠨ ᠠᠷᠭ᠎ᠠ ᠳ᠋ᠤᠷ ᠤᠨᠠᠵᠤ᠂ ᠴᠡᠷᠢᠭ ᠶᠡᠬᠡᠯ᠎ᠡ ᠳᠠᠷᠤᠭᠳᠠᠵᠤ ᠤᠯᠤᠰ ᠲᠥᠷᠥ᠂ ᠠᠯᠪᠠᠲᠤ ᠬᠠᠷᠢᠶᠠᠲᠤ ᠪᠠᠨ ᠪᠤᠯᠲᠤ ᠪᠦᠬᠦᠨ ᠢ᠋ᠶ᠋ᠡᠨ ᠪᠤᠯᠢᠶᠠᠭᠳᠠᠭᠠᠳ ᠪᠡᠶ᠎ᠡ ᠣᠢᠷ᠎ᠠ ᠦᠯᠡᠳᠡᠭᠰᠡᠨ ᠴᠡᠷᠢᠭ ᠢ᠋ᠶ᠋ᠡᠨ ᠠᠪᠴᠤ ᠪᠤᠷᠤᠭᠤᠯᠠᠨ ᠶᠢᠰᠦᠭᠡᠢ ᠪᠠᠭᠠᠲᠤᠷ ᠠ᠋ᠴᠠ ᠲᠤᠰᠠᠯᠠᠬᠤ ᠴᠡᠷᠢᠭ ᠭᠤᠶᠤᠷ᠎ᠠ ᠢᠷᠡᠭᠰᠡᠨ ᠠᠵᠤᠭᠤ᠃
ᠲᠡᠷᠡ ᠦᠶ᠎ᠡ ᠶ᠋ᠢᠨ ᠬᠥᠮᠦᠨ ᠲᠡᠭᠦᠨ ᠢ᠋ ᠬᠡᠷᠡᠢᠳ ᠤᠯᠤᠰ ᠤ᠋ᠨ ᠸᠠᠩ ᠲᠤᠯᠠ ᠾᠧ ᠸᠠᠩ ᠭᠡᠮᠡᠨ ᠳᠠᠭᠤᠳᠠᠮᠤᠢ᠃ ᠲᠡᠭᠦᠨᠴᠡ ᠾᠧ ᠸᠠᠩ ᠬᠦᠷᠢᠶᠡᠨ ᠦ᠌ ᠡᠮᠦᠨ᠎ᠡ ᠬᠦᠷᠴᠦ ᠢᠷᠡᠭᠡᠳ ᠬᠣᠯᠠ ᠠ᠋ᠴᠠ ᠮᠣᠷᠢᠨ ᠠ᠋ᠴᠠ ᠪᠠᠨ ᠬᠠᠷᠠᠢᠨ ᠪᠠᠭᠤᠵᠤ᠂ ᠡᠪᠦᠳᠦᠭ ᠢ᠋ᠶ᠋ᠡᠷ ᠮᠥᠯᠬᠥᠨ ᠣᠷᠣᠵᠤ ᠢᠷᠡᠭᠡᠳ ᠴᠡᠷᠢᠭ ᠳᠠᠷᠤᠭᠳᠠᠭᠰᠠᠨ ᠤᠴᠢᠷ ᠢ᠋ᠶ᠋ᠠᠨ ᠤᠬᠢᠯᠠᠨ ᠬᠡᠯᠡᠵᠦ ᠮᠦᠷᠬᠦᠯᠬᠢᠯᠡᠨ ᠭᠤᠶᠤᠨ ᠥᠭᠦᠯᠡᠷᠦᠨ᠄ 《ᠥᠩᠭᠡᠷᠡᠭᠰᠡᠨ ᠪᠠᠷᠲᠠᠨ ᠪᠠᠭᠠᠲᠤᠷ ᠬᠠᠨ ᠠᠪᠠᠭ᠎ᠠ ᠪᠦᠬᠦᠢ ᠡᠴᠡ ᠥᠮᠥᠭᠯᠡᠨ ᠬᠠᠮᠠᠭᠠᠯᠠᠵᠤ ᠮᠠᠨ ᠤ᠋ ᠬᠡᠷᠡᠢᠳ ᠢ᠋ ᠲᠡᠳᠬᠦᠯᠭᠡ᠃ ᠥᠨᠥ ᠶᠡᠬᠡ ᠪᠠᠭᠠᠲᠤᠷ ᠴᠢ ᠪᠡᠷ ᠥᠷᠥᠰᠢᠶᠡᠯᠳᠦ ᠰᠡᠳᠬᠢᠯ ᠢ᠋ ᠡᠪᠦᠷᠯᠡᠨ ᠥᠨᠥᠴᠢᠨ ᠶᠠᠳᠠᠩᠭᠢ ᠶ᠋ᠢ ᠲᠡᠳᠬᠦᠳᠡᠭ ᠦ᠋ᠨ ᠲᠤᠯᠠ ᠥᠴᠦᠬᠡᠨ ᠨᠠᠮᠠᠶ᠋ᠢ ᠥᠷᠥᠰᠢᠶᠡ᠂ ᠥᠮᠦᠭᠳᠦ ᠴᠡᠷᠢᠭ ᠢ᠋ᠶ᠋ᠡᠨ ᠠᠪᠴᠤ ᠦᠬᠦᠬᠦ ᠳ᠋ᠦ᠍ᠷ ᠬᠦᠷᠦᠭᠰᠡᠨ ᠮᠢᠨᠦ ᠥᠰᠢᠶ᠎ᠡ ᠶ᠋ᠢ ᠬᠠᠷᠢᠭᠤᠯᠵᠤ ᠥᠭᠬᠦ ᠠᠵᠢᠶᠠᠮᠤ! 》 ᠭᠡᠮᠡᠨ ᠦᠷᠦ ᠡᠪᠡᠳᠲᠡᠯᠡ ᠥᠭᠦᠯᠡᠵᠦ ᠮᠥᠷᠭᠥᠬᠦᠶ᠎ᠡ ᠶᠢᠰᠦᠭᠡᠢ ᠪᠠᠭᠠᠲᠤᠷ ᠮᠡᠩᠳᠡᠨ ᠰᠡᠩᠳᠡᠨ ᠴᠠᠴᠠᠷ ᠠ᠋ᠴᠠ ᠪᠠᠨ ᠪᠠᠭᠤᠵᠤ ᠂ ᠲᠡᠭᠦᠨ ᠢ᠋ ᠲᠡᠳᠬᠦᠨ ᠪᠣᠰᠬᠠᠵᠤ ᠬᠠᠷᠢᠭᠤ ᠥᠭᠦᠯᠡᠷᠦᠨ᠄ 《ᠪᠠᠭᠤᠷᠠᠢ ᠶ᠋ᠢ ᠲᠡᠳᠬᠦᠨ ᠂ ᠳᠠᠷᠤᠭᠳᠠᠭᠰᠠᠨ ᠢ᠋ ᠲᠡᠩᠬᠡᠷᠡᠭᠦᠯᠬᠦ ᠢᠨᠦ᠂ ᠪᠠᠴᠢᠮ ᠵᠠᠩᠲᠤ ᠮᠢᠨᠦ ᠪᠠᠭ᠎ᠠ ᠠ᠋ᠴᠠ ᠶᠠᠪᠤᠭᠰᠠᠨ ᠡᠩ ᠦ᠋ᠨ ᠶᠠᠪᠤᠳᠠᠯ ᠪᠥᠯᠥᠭᠡ᠃ ᠪᠠᠢᠯᠳᠤᠭᠠᠨ᠎ᠠ ᠳᠠᠢᠰᠤᠨ ᠤ᠋ ᠴᠡᠷᠢᠭ ᠲᠦ᠍ᠷ ᠡᠮ᠎ᠡ ᠦᠷ᠎ᠡ ᠪᠡᠨ ᠴᠥᠮ ᠠᠪᠲᠠᠭᠰᠠᠨ ᠸᠠᠩ ᠠᠬᠠᠢ ᠴᠢᠨᠦ ᠪᠠᠷᠠᠭᠳᠠᠰᠢ ᠦᠭᠡᠢ ᠡᠨᠡ ᠶᠡᠬᠡ ᠵᠣᠪᠠᠯᠠᠩ ᠳ᠋ᠤᠷ ᠪᠠᠭᠠᠲᠤᠷᠬᠢᠯᠡᠨ ᠲᠤᠰᠠᠯᠠᠬᠤ ᠦᠬᠡᠷ ᠪᠠᠢᠳᠠᠭ ᠭᠡᠵᠢ ᠦᠦ ? ᠪᠠᠴᠢᠮᠳᠠᠵᠤ ᠪᠢᠲᠡᠭᠡᠢ ᠭᠠᠰᠠᠯᠠ ! 》ᠬᠡᠮᠡᠭᠡᠳ ᠪᠠᠶᠠᠷᠯᠠᠨ ᠢᠨᠢᠶᠡᠵᠦ ᠲᠣᠬᠣᠷᠤᠭᠤᠯᠵᠤ ᠪᠠᠯᠠᠢ ᠶᠡᠬᠡ ᠬᠤᠷᠢᠮ ᠪᠡᠯᠡᠳᠬᠡᠨ ᠬᠦᠨᠳᠦᠯᠡᠭᠡᠳ ᠳᠠᠷᠤᠢ ᠨᠢᠭᠡ ᠲᠦᠮᠡᠨ ᠰᠢᠯᠭᠠᠭᠰᠠᠨ ᠴᠡᠷᠢᠭ ᠂ ᠪᠠᠭᠠᠲᠤᠷ ᠵᠠᠩᠵᠤᠨ ᠢ᠋ᠶ᠋ᠠᠨ ᠥᠪᠡᠷ ᠦ᠋ᠨ ᠪᠡᠶ᠎ᠡ ᠪᠡᠷ ᠠᠪᠴᠤ ᠶᠡᠬᠡ ᠫᠤᠤ ᠲᠠᠯᠪᠢᠨ ᠬᠡᠩᠭᠡᠷᠭᠡ ᠳᠡᠯᠡᠳᠦᠨ ᠂ ᠪᠠᠷᠰ ᠤ᠋ᠨ ᠰᠡᠭᠦᠯᠲᠦ ᠲᠤᠭ ᠢ᠋ᠶ᠋ᠠᠨ ᠳᠠᠯᠠᠯᠤᠨ ᠬᠡᠷᠡᠢᠳ ᠤᠯᠤᠰ ᠤ᠋ᠨ ᠵᠦᠭ ᠮᠣᠷᠳᠠᠭᠠᠳ ᠣᠢᠷ᠎ᠠ ᠪᠣᠯᠤᠭᠰᠠᠨ ᠬᠣᠢᠨ᠎ᠠ ᠶᠢᠰᠦᠭᠡᠢ ᠪᠠᠭᠠᠲᠤᠷ ᠾᠧ ᠸᠠᠩ ᠤ᠋ᠨ ᠵᠦᠭ ᠥᠭᠦᠯᠡᠷᠦᠨ᠄ 《ᠴᠢᠨᠦ ᠠᠪᠠᠭ᠎ᠠ ᠵᠦᠷ᠎ᠠ᠂ ᠮᠢᠨᠦ ᠢᠷᠡᠭᠰᠡᠨ ᠢ᠋ ᠰᠣᠨᠣᠰᠪᠠᠰᠤ ᠲᠡᠷᠡ ᠯᠠᠪ ᠪᠠᠲᠤᠯᠠᠨ ᠰᠠᠬᠢᠭᠠᠳ ᠭᠠᠷᠬᠤ ᠦᠭᠡᠢ ᠪᠣᠯᠪᠠᠰᠤ ᠶᠠᠷᠰᠢᠭ ᠪᠣᠯᠤᠮᠤᠢ᠃ ᠨᠡᠩ ᠴᠢᠨᠦ ᠡᠮ᠎ᠡ ᠦᠷ᠎ᠡ ᠲᠡᠭᠦᠨ ᠦ᠌ ᠭᠠᠷ ᠲᠤᠷ ᠪᠣᠢ ᠲᠤᠯᠠ ᠶᠡᠬᠡᠳᠡ ᠲᠦᠭᠰᠢᠯᠲᠡᠢ ᠪᠣᠯᠠᠢ᠃ ᠲᠡᠢᠨ ᠬᠦ᠌ ᠴᠢ ᠤᠷᠢᠳᠠ ᠣᠳᠴᠤ ᠲᠡᠭᠦᠨ ᠢ᠋ ᠴᠣᠴᠢᠮᠠᠲᠠᠭᠠᠢ ᠪᠠᠷ ᠠᠭᠤᠷᠯᠠᠭᠤᠯᠤᠨ ᠥᠳᠥᠭᠡᠨ ᠠᠪᠴᠤ ᠢᠷ᠎ᠡ᠃ ᠪᠢ ᠡᠨᠡ ᠭᠠᠯᠠᠭᠤᠨ ᠠᠭᠤᠯᠠᠨ ᠤ᠋ ᠵᠡᠪᠡ ᠳ᠋ᠦ᠍ ᠪᠦᠭᠭᠦᠵᠦ ᠭᠡᠨᠡᠳᠲᠡ ᠴᠣᠬᠢᠨ ᠭᠠᠷᠴᠤ ᠲᠠᠰᠤᠯᠤᠨ ᠪᠠᠢᠯᠳᠤᠵᠤ ᠣᠷᠣᠪᠠᠰᠤ ᠰᠠᠶᠢ ᠪᠦᠷᠢᠨ᠎ᠡ ᠳᠠᠷᠤᠪᠠᠰᠤ ᠪᠣᠯᠤᠮᠤᠢ᠃》ᠬᠡᠮᠡᠭᠰᠡᠨ ᠳ᠋ᠦ᠍ᠷ᠂ ᠾᠧ ᠸᠠᠩ ᠶᠡᠬᠡᠯ᠎ᠡ ᠪᠠᠶᠠᠷᠯᠠᠨ ᠮᠥᠨ ᠬᠦ᠌ ᠵᠠᠭᠤᠭᠠᠳ ᠮᠣᠷᠢᠲᠠᠨ ᠢ᠋ᠶ᠋ᠠᠨ ᠠᠪᠴᠤ ᠳᠣᠪᠲᠣᠯᠤᠨ ᠵᠦᠷ᠎ᠠ ᠶ᠋ᠢᠨ ᠪᠠᠭᠤᠳᠠᠯ ᠤ᠋ᠨ ᠡᠮᠦᠨ᠎ᠡ ᠢᠷᠡᠭᠡᠳ ᠵᠠᠭᠤᠨ ᠵᠦᠢᠯ ᠢ᠋ᠶ᠋ᠡᠷ ᠭᠤᠲᠤᠭᠠᠨ ᠬᠠᠷᠢᠶᠠᠵᠤ᠄ 《ᠠᠴᠢ ᠪᠡᠷᠢ ᠪᠡᠨ ᠮᠢᠨᠦ ᠡᠮ᠎ᠡ ᠶ᠋ᠢ ᠠᠪᠠᠭ᠎ᠠ ᠴᠢ ᠡᠬᠡ ᠪᠡᠨ ᠬᠢᠮᠦᠢ ᠦᠦ ? 》ᠭᠡᠮᠡᠨ ᠢᠴᠢᠭᠡᠨ ᠬᠠᠷᠢᠶᠠᠬᠤᠶᠠ ᠵᠦᠷ᠎ᠠ᠂ ᠾᠧ ᠸᠠᠩ ᠢ᠋ ᠳᠠᠬᠢᠨ ᠢᠷᠡᠵᠦ ᠡᠨᠡ ᠮᠡᠲᠦ ᠬᠠᠷᠢᠶᠠᠮᠤᠢ ᠭᠡᠮᠡᠨ ᠰᠣᠨᠣᠰᠴᠤ ᠰᠥᠰᠥ ᠴᠠᠯᠭᠢᠲᠠᠯ᠎ᠠ ᠶᠡᠬᠡᠯ᠎ᠡ ᠠᠭᠤᠷᠯᠠᠭᠠᠳ ᠳᠠᠷᠤᠢ ᠬᠤᠶᠠᠭ ᠳᠤᠭᠤᠯᠠᠭ᠎ᠠ ᠪᠠᠨ ᠡᠮᠦᠰᠴᠦ ᠵᠢᠳᠠ ᠪᠠᠷᠢᠨ ᠮᠣᠷᠢ ᠪᠠᠨ ᠤᠨᠤᠵᠤ ᠪᠡᠯᠡᠨ ᠪᠦᠬᠦᠢ ᠴᠡᠷᠢᠭ ᠢ᠋ᠶ᠋ᠡᠨ ᠠᠪᠤᠨ ᠪᠠᠢᠯᠳᠤᠨ ᠭᠠᠷᠴᠤ ᠶᠡᠬᠡ ᠳᠠᠭᠤᠨ ᠢ᠋ᠶ᠋ᠠᠷ᠄ 《ᠦᠬᠦᠯ ᠢ᠋ᠶ᠋ᠡᠨ ᠡᠷᠢᠭᠰᠡᠨ ᠥᠴᠦᠬᠡᠨ ᠵᠤᠯᠵᠠᠭ᠎ᠠ ᠦᠨᠡᠬᠡᠷ ᠠᠮᠢ ᠪᠠᠨ ᠬᠦᠷᠭᠡᠵᠦ ᠢᠷᠡᠪᠡᠦ! 》 ᠭᠡᠮᠡᠨ ᠵᠠᠩᠳᠠᠨ ᠵᠢᠳᠠᠯᠠᠨ ᠣᠷᠣᠵᠤ ᠬᠡᠳᠦᠨ ᠦᠶ᠎ᠡ ᠵᠥᠷᠢᠴᠡᠯᠳᠦᠭᠡᠳ ᠾᠧ ᠸᠠᠩ ᠦᠨᠡᠬᠡᠷ ᠵᠦᠷ᠎ᠠ ᠲᠠᠢ ᠪᠠᠢᠯᠳᠤᠵᠤ ᠲᠡᠰᠬᠦ ᠦᠭᠡᠢ ᠲᠤᠯᠠ ᠳᠠᠷᠤᠢ ᠢᠯᠳᠦ ᠪᠡᠨ ᠬᠤᠷᠤᠢᠯᠠᠨ ᠳᠤᠲᠠᠭᠠᠪᠠᠢ᠃ ᠵᠦᠷ᠎ᠠ ᠴᠡᠷᠢᠭ ᠢ᠋ᠶ᠋ᠡᠨ ᠨᠢᠭᠡᠨᠲᠡ ᠬᠠᠰᠬᠢᠷᠤᠨ ᠲᠠᠯᠪᠢᠯ ᠦᠭᠡᠢ ᠨᠡᠬᠡᠵᠦ᠂ ᠭᠠᠯᠠᠭᠤᠨ ᠠᠭᠤᠯᠠᠨ ᠳ᠋ᠤᠷ ᠬᠦᠷᠦᠮᠡᠭᠴᠡ ᠾᠧ ᠸᠠᠩ ᠨᠢᠭᠡᠨᠲᠡ ᠪᠦᠷᠢᠶ᠎ᠡ ᠲᠠᠲᠠᠭᠤᠯᠤᠮᠠᠭᠴᠠ ᠶᠢᠰᠦᠭᠡᠢ ᠪᠠᠭᠠᠲᠤᠷ ᠲᠠᠪᠤᠨ ᠠᠩᠭᠢ ᠪᠦᠭᠭᠦᠭᠰᠡᠨ ᠴᠡᠷᠢᠭ ᠢ᠋ᠶ᠋ᠡᠨ ᠴᠤᠭᠠᠷ ᠠᠪᠴᠤ ᠠᠭᠤᠯᠠᠨ ᠤ᠋ ᠵᠡᠪᠡ ᠡᠴᠡ ᠵᠦᠷ᠎ᠠ ᠶ᠋ᠢᠨ ᠴᠡᠷᠢᠭ ᠦ᠋ᠨ ᠳᠤᠮᠳᠠᠭᠤᠷ ᠲᠠᠰᠤ ᠴᠣᠬᠢᠨ ᠠᠯᠠᠨ ᠭᠠᠷᠪᠠ᠃ ᠾᠧ ᠸᠠᠩ ᠮᠥᠨ ᠠᠨᠳᠠ ᠨᠡᠷᠡᠲᠦ ᠵᠠᠩᠵᠤᠨ ᠢ᠋ᠶ᠋ᠠᠨ ᠠᠪᠴᠤ ᠡᠭᠡᠵᠦ ᠪᠠᠢᠯᠳᠤᠬᠤᠢ ᠳ᠋ᠤᠷ ᠵᠦᠷ᠎ᠠ ᠶ᠋ᠢᠨ ᠴᠡᠷᠢᠭ ᠬᠣᠶᠠᠷ ᠲᠡᠰᠢ ᠲᠠᠰᠤᠯᠤᠭᠳᠠᠵᠤ᠂ ᠲᠣᠯᠣᠭᠠᠢ ᠰᠡᠭᠦᠯ ᠴᠥᠮ ᠳᠠᠢᠰᠤᠨ ᠳ᠋ᠤ᠌ ᠤᠴᠠᠷᠠᠵᠤ ᠰᠣᠴᠢᠨ ᠪᠠᠯᠠᠷᠠᠵᠤ ᠶᠡᠬᠡᠯ᠎ᠡ ᠰᠠᠮᠠᠭᠤᠷᠠᠪᠠ᠃ ᠵᠦᠷ᠎ᠠ ᠭᠡᠨᠡᠳᠲᠡ ᠡᠭᠡᠨ ᠪᠠᠢᠯᠳᠤᠬᠤᠶ᠎ᠠ ᠴᠢᠪᠬᠢᠲᠡᠯ᠎ᠡ ᠶᠢᠰᠦᠭᠡᠢ ᠪᠠᠭᠠᠲᠤᠷ ᠲᠤᠷ ᠤᠴᠠᠷᠠᠭᠠᠳ ᠰᠥᠰᠥ ᠬᠡᠮᠬᠡᠷᠡᠨ ᠶᠡᠬᠡᠯ᠎ᠡ ᠭᠡᠯᠮᠡᠵᠦ᠂ ᠵᠢᠷᠦᠬᠡ ᠲᠦᠭᠰᠢᠨ ᠭᠠᠷ ᠴᠡᠴᠡᠷᠡᠵᠦ ᠰᠢᠭᠤᠳ ᠪᠠᠢᠯᠳᠤᠨ ᠴᠢᠳᠠᠬᠤ ᠦᠭᠡᠢ ᠪᠣᠯᠪᠠᠢ᠃ ᠾᠧ ᠸᠠᠩ ᠪᠠᠰᠠ ᠡᠭᠡᠵᠦ ᠠᠯᠠᠭᠰᠠᠭᠠᠷ ᠬᠦᠷᠴᠦ ᠢᠷᠡᠬᠦᠢ ᠳ᠋ᠦ᠍ᠷ ᠵᠦᠷ᠎ᠠ ᠶ᠋ᠢᠨ ᠴᠡᠷᠢᠭ ᠳᠠᠷᠤᠢ ᠳᠥᠷᠪᠡᠨ ᠵᠦᠭ ᠠᠶᠤᠨ ᠰᠠᠷᠨᠢᠯᠴᠠᠨ ᠪᠤᠷᠤᠭᠤᠯᠠᠪᠠ᠃
ᠲᠡᠳᠦᠢ ᠶᠢᠰᠦᠭᠡᠢ ᠪᠠᠭᠠᠲᠤᠷ ᠥᠨᠳᠥᠷ ᠳᠠᠭᠤᠨ ᠢ᠋ᠶ᠋ᠠᠷ ᠨᠢᠭᠡᠨᠲᠡ ᠵᠠᠩᠳᠠᠨ ᠵᠦᠷ᠎ᠠ ᠶ᠋ᠢ ᠬᠡᠳᠦ ᠬᠡᠳᠦᠨᠲᠡ ᠵᠢᠳᠠᠯᠠᠨ ᠰᠢᠷᠠᠭᠳᠤᠭᠤᠯᠤᠭᠰᠠᠨ ᠳ᠋ᠤᠷ ᠵᠦᠷ᠎ᠠ ᠡᠪᠡᠷᠰᠢᠶᠡᠵᠦ ᠭᠠᠷ ᠬᠥᠯ ᠰᠡᠷᠪᠡᠯᠵᠡᠨ ᠶᠡᠬᠡᠯ᠎ᠡ ᠪᠠᠷᠬᠢᠷᠠᠨ ᠶᠣᠢᠯᠠᠵᠤ ᠮᠣᠷᠢᠨ ᠢ᠋ᠶ᠋ᠠᠨ ᠲᠣᠯᠣᠭᠠᠢ ᠲᠦᠷᠦᠭᠦᠦ ᠦᠭᠡᠢ ᠰᠠᠪᠠᠵᠤ᠂ ᠮᠡᠩᠳᠡᠭᠦᠦ ᠠᠮᠢ ᠪᠠᠨ ᠠᠪᠴᠤ ᠪᠤᠷᠤᠭᠤᠯᠠᠨ ᠭᠠᠷᠴᠤ ᠬᠡᠷᠡᠢᠳ ᠤᠯᠤᠰ ᠢ᠋ ᠨᠢᠭᠡᠨᠲᠡ ᠬᠠᠮᠠᠭᠠᠯᠠᠨ ᠴᠢᠳᠠᠬᠤ ᠦᠭᠡᠢ ᠪᠣᠯᠤᠭᠰᠠᠨ ᠢ᠋ᠶ᠋ᠠᠨ ᠮᠡᠳᠡᠭᠡᠳ ᠭᠠᠭᠴᠠ ᠪᠡᠶ᠎ᠡ ᠪᠡᠷ ᠪᠤᠷᠤᠭᠤᠯᠠᠵᠤ ᠰᠢᠶᠠ ᠤᠯᠤᠰ ᠲᠤ᠌ ᠡᠴᠢᠪᠡ᠃ ᠶᠢᠰᠦᠭᠡᠢ ᠪᠠᠭᠠᠲᠤᠷ ᠬᠡᠷᠡᠢᠳ ᠤᠯᠤᠰ ᠤ᠋ᠨ ᠨᠡᠢᠲᠡ ᠶ᠋ᠢ ᠳᠠᠭᠠᠭᠤᠯᠤᠨ ᠲᠦᠪᠰᠢᠳᠬᠡᠭᠡᠳ ᠲᠡᠢᠨ ᠦ᠌ ᠣᠯᠵᠠ ᠪᠦᠬᠦᠨ ᠢ᠋ ᠴᠥᠮ ᠾᠧ ᠸᠠᠩ ᠳ᠋ᠤᠷ ᠥᠭᠴᠦ ᠪᠠᠰᠠ ᠲᠡᠭᠦᠨ ᠦ᠌ ᠠᠢᠮᠠᠭ ᠤ᠋ᠨ ᠪᠠᠭᠠᠲᠤᠷ ᠮᠡᠳᠡᠯᠲᠡᠨ ᠬᠣᠷᠣᠭ᠎ᠠ᠂ ᠠᠨᠳᠠ ᠨᠠᠷ ᠤ᠋ᠨ ᠬᠡᠳᠦᠨ ᠬᠥᠮᠦᠨ ᠢ᠋ ᠰᠣᠩᠭᠣᠨ ᠭᠠᠷᠭᠠᠵᠤ᠂ ᠾᠧ ᠸᠠᠩ ᠳ᠋ᠤᠷ ᠲᠤᠰᠠᠯᠠᠨ ᠡᠷᠬᠡ ᠲᠣᠪᠴᠢ ᠶ᠋ᠢ ᠪᠡᠷᠢ ᠭᠡᠮᠡᠨ ᠴᠡᠷᠢᠭ ᠦ᠋ᠨ ᠲᠦᠰᠢᠮᠡᠯ ᠵᠠᠩᠵᠤᠨ ᠲᠠᠯᠪᠢᠵᠤ ᠥᠭᠭᠦᠭᠡᠳ ᠪᠠᠰᠠ ᠾᠧ ᠸᠠᠩ ᠢ᠋ ᠵᠦᠷ᠎ᠠ ᠶ᠋ᠢᠨ ᠡᠮ᠎ᠡ ᠦᠷ᠎ᠡ ᠶ᠋ᠢ ᠬᠡᠲᠦᠷᠬᠡᠢ ᠪᠢᠲᠡᠭᠡᠢ ᠭᠠᠴᠢᠭᠳᠠᠭᠤᠯᠤᠨ ᠵᠤᠪᠠᠭ᠎ᠠ ᠭᠡᠮᠡᠨ ᠬᠡᠷᠡᠢᠳ ᠦ᠋ᠨ ᠤᠯᠤᠰ ᠲᠥᠷᠥ ᠶ᠋ᠢ ᠢᠨᠦ ᠵᠠᠰᠠᠪᠤᠷᠢᠯᠠᠨ ᠲᠣᠭᠲᠠᠭᠠᠭᠠᠳ ᠶᠡᠬᠡ ᠬᠤᠷᠢᠮ ᠬᠤᠷᠢᠮᠯᠠᠬᠤᠢ ᠳ᠋ᠤᠷ ᠾᠧ ᠸᠠᠩ ᠶᠢᠰᠦᠭᠡᠢ ᠪᠠᠭᠠᠲᠤᠷ ᠤ᠋ᠨ ᠠᠴᠢ ᠬᠡᠰᠢᠭ ᠢ᠋ ᠰᠠᠨᠠᠵᠤ᠂ ᠨᠢᠳᠦᠨ ᠦ᠌ ᠨᠢᠯᠪᠤᠰᠤᠨ ᠤᠨᠠᠭᠠᠨ ᠱᠣᠭᠰᠢᠨ ᠪᠦᠭᠰᠢᠵᠦ ᠤᠬᠢᠯᠠᠨ ᠠᠮᠠ ᠠᠯᠲᠠᠨ ᠲᠠᠩᠭᠠᠷᠢᠭᠯᠠᠵᠤ ᠶᠢᠰᠦᠭᠡᠢ ᠪᠠᠭᠠᠲᠤᠷ ᠠ᠋ᠴᠠ ᠨᠠᠰᠤᠨ ᠳᠡᠭᠦᠦ ᠪᠣᠯᠪᠠᠴᠤ ᠠᠬ᠎ᠠ ᠪᠣᠯᠭᠠᠨ ᠶᠣᠰᠣᠯᠠᠨ ᠮᠥᠷᠭᠥᠵᠦ ᠴᠢᠰᠤ ᠰᠠᠴᠤᠨ ᠴᠢᠭᠤᠯᠭᠠᠨ ᠨᠡᠢᠯᠡᠪᠡᠢ᠃
ᠲᠡᠭᠦᠨᠴᠡ ᠶᠢᠰᠦᠭᠡᠢ ᠪᠠᠭᠠᠲᠤᠷ ᠤ᠋ᠨ ᠴᠡᠷᠢᠭ ᠲᠦ᠍ᠷ ᠾᠧ ᠸᠠᠩ ᠤ᠋ᠨ ᠠᠴᠢ ᠬᠠᠷᠢᠭᠤᠯᠠᠨ ᠱᠠᠩᠨᠠᠬᠤ ᠶ᠋ᠢ ᠶᠠᠭᠤᠨ ᠥᠭᠦᠯᠡᠬᠦ ᠠᠵᠢ ! ᠲᠡᠳᠦᠢ ᠶᠢᠰᠦᠭᠡᠢ ᠪᠠᠭᠠᠲᠤᠷ ᠳᠡᠢᠯᠦᠭᠰᠡᠨ ᠴᠡᠷᠢᠭ ᠢ᠋ᠶ᠋ᠡᠨ ᠠᠪᠴᠤ ᠪᠧᠲ᠋ᠠ᠋ ᠤᠯᠤᠰ ᠲᠤᠷ ᠢ᠋ᠶ᠋ᠠᠨ ᠢᠷᠡᠬᠦᠢ ᠵᠠᠮ ᠳ᠋ᠤᠷ ᠭᠡᠨᠡᠳᠲᠡ ᠲᠤᠷᠰᠢᠭᠤᠯ ᠤ᠋ᠨ ᠬᠥᠮᠦᠨ ᠨᠢᠰᠬᠦ ᠮᠡᠲᠦ ᠢᠷᠡᠵᠦ ᠮᠡᠳᠡᠭᠦᠯᠦᠷᠦᠨ᠄ 《 ᠲᠠᠲ᠋ᠠᠷ ᠠᠢᠮᠠᠭ ᠤ᠋ᠨ ᠴᠡᠷᠢᠭ ᠡᠵᠡᠨ ᠢ᠋ ᠦᠭᠡᠢ ᠬᠣᠭᠣᠷᠣᠨᠳᠣ ᠢᠷᠡᠵᠦ᠂ ᠮᠠᠨ ᠤ᠋ ᠪᠠᠷᠠᠭᠤᠨ ᠭᠠᠷᠤᠨ ᠬᠠᠷᠢᠶᠠᠲᠤ ᠵᠦᠷᠭᠡᠨ ᠠᠢᠮᠠᠭ ᠢ᠋ ᠳᠣᠪᠲᠣᠯᠤᠨ ᠢᠷᠡᠵᠦ ᠲᠡᠪᠴᠢᠯᠡᠨ ᠡᠳ᠋ ᠮᠠᠯ ᠢ᠋ ᠠᠪᠴᠤ ᠡᠬᠡᠨᠡᠷ ᠬᠡᠦᠬᠡᠳ ᠢ᠋ ᠪᠤᠯᠢᠶᠠᠨ ᠠᠪᠠᠴᠢᠪᠠ ! 》ᠬᠡᠮᠡᠭᠰᠡᠨ ᠳ᠋ᠦ᠍ᠷ ᠶᠢᠰᠦᠭᠡᠢ ᠪᠠᠭᠠᠲᠤᠷ ᠠᠶᠤᠩᠭ᠎ᠠ ᠮᠡᠲᠦ ᠬᠢᠯᠢᠩᠯᠡᠵᠦ ᠤᠯᠤᠰ ᠲᠠᠭᠠᠨ ᠬᠦᠷᠴᠦ ᠠᠮᠤᠷ ᠴᠡᠷᠢᠭ ᠢ᠋ᠶ᠋ᠡᠨ ᠨᠡᠮᠡᠨ ᠪᠠᠢᠭᠤᠯᠵᠤ ᠰᠢᠯᠭᠠᠭᠠᠳ ᠳᠠᠷᠤᠢ ᠲᠠᠲ᠋ᠠᠷ ᠠᠢᠮᠠᠭ ᠢ᠋ ᠳᠠᠢᠯᠠᠷ᠎ᠠ ᠦᠬᠡᠷ ᠫᠤᠤ ᠲᠠᠯᠪᠢᠵᠤ᠂ ᠠᠭᠤᠯᠠ ᠨᠤᠷᠠᠵᠤ ᠮᠥᠷᠡᠨ ᠴᠠᠯᠭᠢᠨ ᠪᠠᠢᠬᠤ ᠮᠡᠲᠦ ᠴᠡᠷᠢᠭ ᠮᠣᠷᠳᠠᠪᠠᠢ ᠃
ᠲᠡᠷᠡ ᠲᠤᠬᠠᠢ ᠳ᠋ᠤᠷ ᠶᠢᠰᠦᠭᠡᠢ ᠪᠠᠭᠠᠲᠤᠷ ᠵᠢᠨ ᠬᠠᠲᠤᠨ ᠤᠯᠬᠤᠨᠤᠳ ᠥᠭᠡᠯᠦᠨ ᠥᠵᠢᠨ ᠴᠢᠩᠭᠢᠰ ᠪᠣᠭᠳᠠ ᠶ᠋ᠢ ᠵᠢᠷᠮᠦᠰᠦᠨ ᠪᠥᠯᠥᠭᠡ᠃ ᠠᠩᠬ᠎ᠠ ᠬᠥᠯ ᠬᠦᠨᠳᠦ ᠪᠣᠯᠬᠤᠢ ᠳ᠋ᠤᠷ ᠨᠢᠭᠡᠨ ᠰᠥᠨᠢ ᠨᠣᠢᠷᠰᠤᠵᠤ ᠪᠦᠬᠦᠢ ᠥᠷᠭᠥᠭᠡ ᠶ᠋ᠢᠨ ᠡᠷᠦᠬᠡ ᠶ᠋ᠢᠨ ᠨᠦᠬᠡ ᠪᠡᠷ ᠠᠯᠲᠠᠨ ᠡᠦᠲᠦᠨ ᠬᠠᠷᠪᠤᠨ ᠣᠷᠣᠵᠤ ᠢᠷᠡᠭᠡᠳ ᠭᠣᠯᠣᠮᠲᠠ ᠶ᠋ᠢᠨ ᠲᠣᠨᠣᠭ ᠲᠤᠷ ᠲᠣᠰᠴᠤ ᠭᠡᠷ ᠳᠦᠭᠦᠷᠡᠩ ᠴᠠᠭᠠᠨ ᠭᠡᠷᠡᠯ ᠲᠤᠶᠠᠭᠠᠯᠠᠨ ᠰᠠᠴᠤᠷᠠᠵᠤ᠂ ᠪᠠᠰᠠ ᠴᠤᠭᠯᠠᠷᠠᠨ ᠪᠠᠭᠯᠠᠷᠠᠭᠰᠠᠭᠠᠷ ᠮᠥᠩᠭᠥᠨ ᠤᠰᠤ ᠮᠡᠲᠦ ᠬᠢᠪᠡᠩᠳᠡᠨ ᠮᠡᠯᠮᠡᠯᠵᠡᠵᠦ᠂ ᠬᠠᠷᠢᠨ ᠨᠢᠭᠡᠨ ᠴᠠᠭᠠᠨ ᠮᠣᠷᠢ ᠤᠨᠤᠭᠰᠠᠨ ᠮᠥᠩᠭᠥᠨ ᠬᠤᠶᠠᠭ ᠳᠤᠭᠤᠯᠠᠭᠠᠡᠮᠦᠰᠦᠭᠰᠡᠨ ᠶᠢᠰᠦᠨ ᠲᠣᠬᠣᠢ ᠥᠨᠳᠥᠷ ᠪᠠᠷ᠎ᠠ ᠲᠠᠢ᠂ ᠲᠠᠪᠤᠨ ᠮᠤᠰᠬᠢᠶ᠎ᠡ ᠰᠠᠢᠬᠠᠨ ᠰᠠᠬᠠᠯ ᠲᠠᠢ ᠰᠠᠷᠠᠨ ᠮᠡᠲᠦ ᠴᠢᠷᠠᠢ᠂ ᠡᠦᠲᠦᠨ ᠮᠡᠲᠦ ᠨᠢᠳᠦᠨ᠂ ᠭᠠᠷ ᠲᠤᠷ ᠮᠥᠩᠭᠥᠨ ᠡᠰᠢᠲᠦ ᠭᠠᠩ ᠵᠢᠳᠠ ᠪᠠᠷᠢᠭᠰᠠᠨ᠂ ᠠᠯᠲᠠᠨ ᠥᠩᠭᠡᠲᠦ ᠲᠡᠭᠷᠢ ᠪᠣᠯᠤᠨ ᠬᠤᠪᠢᠯᠤᠭᠠᠳ ᠰᠢᠭᠤᠳ ᠥᠭᠡᠯᠦᠨ ᠡᠬᠡ ᠶ᠋ᠢᠨ ᠨᠣᠢᠷᠰᠤᠭᠰᠠᠨ ᠣᠷᠣᠨ ᠰᠢᠷᠡᠭᠡᠨ᠎ᠡ ᠠᠯᠬᠤᠨ ᠭᠠᠷᠴᠤ ᠢᠷᠡᠭᠡᠳ ᠥᠭᠡᠯᠦᠨ ᠡᠬᠡ ᠶ᠋ᠢ ᠠᠰᠠᠷᠠᠨ ᠨᠢᠭᠦᠯᠡᠰᠦᠭᠰᠡᠨ ᠳ᠋ᠦ᠍ᠷ ᠥᠭᠡᠯᠦᠨ ᠡᠬᠡ ᠠᠶᠤᠭᠰᠠᠭᠠᠷ ᠰᠠᠷᠢᠪᠠᠰᠤ ᠬᠠᠷᠢᠨ ᠵᠡᠭᠦᠳᠦᠨ ᠵᠡᠷᠭᠡᠯᠭᠡᠨ ᠮᠡᠲᠦ ᠪᠣᠯᠤᠭᠰᠠᠨ ᠪᠥᠭᠡᠳ ᠡᠭᠦᠨᠴᠡ ᠲᠠᠢᠽᠦ ᠪᠣᠭᠳᠠ ᠶ᠋ᠢ ᠰᠢᠯᠲᠠᠭᠠᠨ ᠲᠠᠢ ᠪᠣᠯᠤᠭᠰᠠᠨ ᠠᠵᠤᠭᠤ᠃ ᠡᠳᠦᠭᠡ ᠮᠣᠩᠭᠣᠯ ᠲᠣᠭᠠᠲᠠᠨ ᠪᠠᠳᠠᠷᠠᠩᠭᠤᠢ ᠴᠠᠭᠠᠨ ᠰᠦᠯᠳᠡ ᠲᠡᠭᠷᠢ ᠭᠡᠮᠡᠨ ᠲᠠᠬᠢᠬᠤ ᠠᠨᠤ ᠡᠨᠡ ᠲᠡᠭᠷᠢ ᠡᠴᠢᠭᠡ ᠮᠥᠨ᠃
ᠲᠡᠨᠳᠡᠴᠡ ᠶᠢᠰᠦᠭᠡᠢ ᠪᠠᠭᠠᠲᠤᠷ ᠶᠡᠬᠡ ᠴᠡᠷᠢᠭ ᠢ᠋ᠶ᠋ᠡᠨ ᠠᠪᠴᠤ ᠲᠠᠲ᠋ᠠᠷ ᠠᠢᠮᠠᠭ ᠢ᠋ ᠳᠠᠢᠯᠠᠷ᠎ᠠ ᠡᠴᠢᠭᠡᠳ ᠪᠧᠲ᠋ᠠ᠋ ᠤᠯᠤᠰ ᠲᠤᠷ ᠬᠡᠷᠡᠭ ᠦᠭᠡᠢ ᠲᠤᠯᠠ ᠨᠢᠭᠡᠨ ᠡᠳᠦᠷ ᠬᠠᠷᠠᠬᠠᠨ ᠳᠥᠷᠪᠡᠨ ᠰᠠᠷ᠎ᠠ ᠶ᠋ᠢᠨ ᠦᠶ᠎ᠡ ᠪᠣᠯᠵᠤ᠂ ᠲᠠᠯ᠎ᠠ ᠶ᠋ᠢᠨ ᠬᠥᠬᠡ ᠵᠦᠯᠭᠡ ᠬᠥᠬᠡᠷᠡᠨ᠂ ᠠᠭᠤᠯᠠᠨ ᠤ᠋ ᠵᠠᠭᠤᠨ ᠴᠡᠴᠡᠭ ᠦ᠋ᠳ ᠳᠡᠯᠭᠡᠷᠡᠵᠦ᠂ ᠡᠯᠳᠡᠪ ᠵᠦᠢᠯ ᠦ᠋ᠨ ᠪᠣᠯᠵᠣᠮᠣᠷ ᠵᠢᠷᠭᠢᠵᠦ ᠵᠣᠬᠢᠰᠲᠠᠶᠠ ᠨᠠᠢᠷᠠᠮᠳᠠᠭᠤ ᠴᠠᠭ ᠪᠣᠯᠤᠭᠰᠠᠨ ᠲᠤᠯᠠ ᠥᠭᠡᠯᠦᠨ ᠥᠵᠢᠨ ᠤᠢᠳᠬᠠᠷᠯᠠᠨ ᠨᠢᠭᠡᠨ ᠬᠣᠶᠠᠷ ᠥᠬᠢᠳ ᠢ᠋ ᠠᠪᠴᠤ ᠤᠨᠤᠨ ᠮᠥᠷᠡᠨ ᠤ ᠬᠥᠪᠡᠭᠡᠨ ᠳ᠋ᠡᠬᠢ ᠳᠡᠯᠢᠭᠦᠨ ᠪᠣᠯᠳᠠᠭ ᠠᠭᠤᠯᠠᠨ᠎ᠠ ᠴᠡᠴᠡᠭ ᠡᠪᠡᠰᠦ ᠦᠵᠡᠨ᠂ ᠪᠣᠯᠵᠣᠮᠣᠷ ᠰᠢᠪᠠᠤᠬᠠᠢ ᠳᠣᠩᠭᠣᠳᠬᠤ ᠶ᠋ᠢ ᠰᠣᠨᠣᠰᠤᠷᠠ ᠵᠣᠭᠣᠭᠬᠢᠵᠤ ᠭᠠᠷᠤᠭᠠᠳ ᠡᠯᠳᠡᠪ ᠥᠩᠭᠡ ᠶ᠋ᠢᠨ ᠴᠡᠴᠡᠭ ᠡᠪᠡᠰᠦ ᠶ᠋ᠢ ᠰᠣᠨᠢᠷᠬᠠᠨ ᠶᠠᠪᠤᠭᠰᠠᠭᠠᠷ ᠭᠡᠨᠡᠳᠲᠡ ᠵᠢᠪᠠᠷ ᠰᠠᠯᠬᠢᠨ ᠳ᠋ᠤᠷ ᠵᠠᠭᠤᠨ ᠵᠦᠢᠯ ᠨᠠᠢᠷᠠᠯᠳᠤᠨ᠂ ᠽᠠᠨᠳᠠᠨ ᠬᠥᠬᠥᠯ ᠦ᠋ᠨ ᠰᠠᠢᠬᠠᠨ ᠦᠨᠦᠷ ᠬᠠᠪᠠᠷ ᠲᠤᠷ ᠦᠨᠦᠰᠳᠡᠵᠦ ᠵᠢᠷᠦᠬᠡ ᠡᠯᠢᠭᠡ ᠳ᠋ᠦ᠍ᠷ ᠨᠡᠪᠲᠡᠷᠡᠵᠦ ᠰᠡᠴᠡ ᠬᠡᠪᠡᠯᠢ ᠡᠪᠡᠳᠦᠨ ᠡᠭᠦᠰᠬᠡᠪᠡ᠃ ᠥᠭᠡᠯᠦᠨ ᠡᠬᠡ ᠭᠡᠨᠡᠳᠲᠡ ᠤᠷᠤᠭ ᠢ᠋ᠶ᠋ᠠᠨ ᠰᠠᠨᠠᠭᠠᠯᠵᠠᠨ ᠲᠣᠭᠠᠯᠠᠨ ᠦᠵᠡᠪᠡᠰᠦ ᠴᠢᠪᠬᠢᠲᠡᠯ᠎ᠡ ᠠᠷᠪᠠᠨ ᠰᠠᠷ᠎ᠠ ᠳᠦᠭᠦᠷᠴᠦ ᠬᠥᠩᠭᠡᠵᠢᠬᠦ ᠴᠠᠭ ᠪᠣᠯᠤᠭᠰᠠᠨ ᠲᠤᠯᠠ ᠬᠡᠳᠦᠢ ᠠᠩᠬ᠎ᠠ ᠨᠢᠷᠠᠢᠯᠠᠬᠤ ᠪᠣᠯᠪᠠᠴᠤ ᠬᠡᠪᠡᠯᠢ ᠡᠪᠡᠳᠬᠦ ᠶ᠋ᠢᠨ ᠪᠠᠢᠳᠠᠯ ᠢ᠋ ᠰᠢᠨᠵᠢᠪᠡᠰᠦ ᠬᠠᠷᠢᠵᠤ ᠵᠠᠪᠳᠤᠬᠤ ᠦᠭᠡᠢ ᠪᠡᠨ ᠮᠡᠳᠡᠭᠡᠳ ᠶᠠᠭᠠᠷᠠᠨ ᠳᠠᠯᠳᠠ ᠰᠢᠭ᠋ ᠨᠥᠮᠥᠷᠢ ᠭᠠᠵᠠᠷ ᠢ᠋ ᠡᠷᠢᠵᠦ ᠡᠴᠢᠭᠡᠳ ᠲᠠᠢᠽᠦ ᠪᠣᠭᠳᠠ ᠶ᠋ᠢ ᠮᠠᠨᠳᠤᠯᠠᠪᠠᠢ᠃ ᠲᠡᠷᠡ ᠦᠶ᠎ᠡ ᠳ᠋ᠦ᠍ᠷ ᠡᠭᠦᠯᠡ ᠦᠭᠡᠢ ᠪᠠᠢᠭᠰᠠᠨ ᠪᠥᠭᠡᠲᠡᠯ᠎ᠡ ᠭᠡᠨᠡᠳᠲᠡ ᠨᠢᠭᠡᠨ ᠬᠡᠰᠡᠭ ᠲᠠᠪᠤᠨ ᠥᠩᠭᠡ ᠶ᠋ᠢᠨ ᠡᠭᠦᠯᠡ ᠢᠷᠡᠵᠦ ᠳᠡᠭᠡᠷ᠎ᠡ ᠪᠦᠷᠬᠦᠨ ᠬᠥᠪᠬᠡᠯᠵᠡᠵᠦ᠂ ᠨᠢᠭᠡᠨ ᠵᠡᠷᠭᠡ ᠶ᠋ᠢᠨ ᠴᠡᠴᠡᠭ ᠦ᠋ᠨ ᠭᠡᠰᠡᠷ ᠮᠡᠲᠦ ᠰᠠᠢᠬᠠᠨ ᠦᠨᠦᠷᠲᠦ ᠨᠣᠢᠲᠠᠨ ᠬᠤᠷ᠎ᠠ ᠰᠢᠪᠡᠷᠡᠨ ᠥᠩᠭᠡᠷᠡᠵᠦ᠂ ᠲᠡᠷᠡ ᠳᠡᠯᠢᠭᠦᠨ ᠪᠣᠯᠳᠠᠭ ᠠᠭᠤᠯᠠᠨ ᠤ᠋ ᠣᠷᠣᠢ ᠠ᠋ᠴᠠ ᠨᠢᠭᠡᠨ ᠵᠤᠷᠪᠤᠰ ᠬᠡᠳᠦᠨ ᠲᠡᠪᠡᠷᠢ ᠪᠦᠳᠦᠭᠦᠨ ᠴᠠᠭᠠᠨ ᠭᠡᠷᠡᠯ ᠮᠠᠨᠳᠤᠨ ᠭᠠᠷᠴᠤ ᠰᠣᠯᠣᠩᠭ᠎ᠠ ᠮᠡᠲᠦ ᠲᠡᠭᠷᠢ ᠶ᠋ᠢᠨ ᠴᠡᠭᠡᠯ ᠳ᠋ᠦ᠍ᠷ ᠲᠤᠯᠵᠤ ᠡᠳᠦᠷ ᠰᠥᠨᠢ ᠦᠭᠡᠢ ᠭᠤᠷᠪᠠᠨ ᠬᠣᠨᠣᠭ ᠪᠠᠢᠵᠤᠬᠤᠢ᠃ ᠡᠭᠦᠨ ᠢ᠋ ᠪᠧᠲ᠋ᠠ᠋ ᠤᠯᠤᠰ ᠤ᠋ᠨ ᠬᠥᠮᠦᠨ ᠪᠠ ᠣᠯᠠᠨ ᠠᠢᠮᠠᠭ ᠤ᠋ᠨ ᠬᠣᠲᠠᠯᠠᠭᠠᠷ ᠦᠵᠡᠭᠰᠡᠨ ᠢ᠋ ᠴᠦ᠍ ᠪᠠᠢᠲᠤᠭᠠᠢ᠂ ᠬᠡᠳᠦᠢ ᠡᠮᠦᠨ᠎ᠡ ᠰᠥᠩ ᠂ ᠠᠯᠲᠠᠨ ᠂ ᠯᠢᠶᠣᠤ ᠂ ᠰᠢᠶᠠ ᠵᠡᠷᠭᠡ ᠶ᠋ᠢᠨ ᠣᠯᠠᠨ ᠤᠯᠤᠰ ᠤ᠋ᠳ ᠴᠤ᠌ ᠴᠥᠮ ᠦᠵᠡᠵᠦ᠂ ᠤᠯᠤᠰ ᠤᠯᠤᠰ ᠤ᠋ᠨ ᠲᠡᠭᠷᠢ ᠶ᠋ᠢ ᠰᠦᠰᠦᠭᠯᠡᠬᠦ ᠰᠢᠨᠵᠢᠬᠦ ᠶᠠᠮᠤᠨ ᠠ᠋ᠴᠠ ᠤᠮᠠᠷ᠎ᠠ ᠣᠭᠲᠠᠷᠭᠤᠢ ᠳ᠋ᠤᠷ ᠦᠨᠡᠨ ᠲᠡᠭᠷᠢ ᠶ᠋ᠢᠨ ᠬᠥᠪᠡᠭᠦᠨ ᠦ᠌ ᠴᠠᠭᠠᠨ ᠠᠭᠤᠷ ᠲᠡᠭᠷᠢ ᠳ᠋ᠦ᠍ᠷ ᠲᠤᠯᠪᠠ ᠭᠡᠮᠡᠨ ᠠᠢᠯᠠᠳᠬᠠᠵᠤᠬᠤᠢ᠃ ᠡᠨᠡ ᠢᠨᠦ ᠬᠠᠷ᠎ᠠ ᠮᠣᠷᠢᠨ ᠵᠢᠯ ᠦ᠋ᠨ ᠳᠥᠷᠪᠡᠨ ᠰᠠᠷ᠎ᠠ ᠶ᠋ᠢᠨ ᠠᠷᠪᠠᠨ ᠵᠢᠷᠭᠤᠭᠠᠨ ᠤ᠋ ᠮᠣᠷᠢᠨ ᠴᠠᠭ ᠠᠵᠤᠭᠤ᠃ ᠡᠨᠡ ᠬᠠᠷ᠎ᠠ ᠮᠣᠷᠢᠨ ᠵᠢᠯ ᠢ᠋ 《ᠽᠢ ᡁᠢ ᠲᠦᠩ ᠵᠢᠶᠠᠨ ᠭᠠᠩ ᠮᠦ᠍ ᠪᠢᠴᠢᠭ 》ᠪᠠ 《ᠱᠢ ᠱᠢ ᠲᠦᠩ ᠺᠣᠤ ᠪᠢᠴᠢᠭ 》ᠬᠢᠭᠡᠳ 《ᠸᠠᠨ ᠨᠢᠶᠠᠨ ᠯᠢ ᠪᠢᠴᠢᠭ 》 ᠲᠣᠷ ᠬᠢᠨᠠᠨ ᠨᠠᠷᠢᠪᠴᠢᠯᠠᠨ ᠴᠠᠭ ᠦᠶᠡᠰ ᠯᠦ᠍ᠭᠡ ᠲᠣᠬᠢᠶᠠᠯᠳᠤᠭᠤᠯᠤᠨ ᠦᠵᠡᠪᠡᠰᠦ᠂ ᠡᠮᠦᠨ᠎ᠡ ᠶᠡᠬᠡ ᠰᠥᠩ ᠤᠯᠤᠰ ᠤ᠋ᠨ ᠬᠠᠩ ᠵᠧᠦ ᠳ᠋ᠦ᠍ᠷ ᠳᠤᠲᠠᠭᠠᠨ ᠡᠴᠢᠭᠰᠡᠨ ᠠᠷᠪᠠᠳᠤᠭᠠᠷ ᠡᠵᠡᠨ᠂ ᠰᠥᠩ ᠭᠤᠤᠼᠦ᠋ᠩ᠂ ᠨᠡᠷ᠎ᠡ ᠵᠣᠣ ᠭᠧᠦ᠂ ᠡᠭᠦᠨ ᠦ᠌ ᠱᠣᠣ ᠰᠢᠩ ᠬᠡᠮᠡᠬᠦ ᠣᠨ ᠤ᠋ ᠭᠤᠴᠢᠨ ᠬᠣᠶᠠᠳᠤᠭᠠᠷ ᠣᠨ᠂ ᠡᠨᠡ ᠵᠢᠯ ᠦ᠋ᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ᠂ ᠰᠥᠩ ᠤᠯᠤᠰ ᠲᠤᠷ ᠨᠠᠷᠠᠨ ᠪᠦᠬᠦᠯᠢ ᠪᠡᠷ ᠭᠬᠢᠷᠲᠦᠪᠡ᠃ ᠵᠢᠴᠢ ᠠᠯᠲᠠᠨ ᠤᠯᠤᠰ ᠤ᠋ᠨ ᠲᠠᠪᠤᠳᠤᠭᠠᠷ ᠬᠠᠭᠠᠨ ᠱᠢᠽᠦ᠋ᠩ ᠬᠠᠭᠠᠨ ᠸᠠᠨ ᠶᠠᠨ ᠶᠦᠩ ᠦ᠋ᠨ ᠳᠡ ᠳ᠋ᠢᠩ ᠬᠡᠮᠡᠬᠦ ᠶ᠋ᠢᠨ ᠬᠣᠶᠠᠳᠤᠭᠠᠷ ᠣᠨ ᠪᠥᠯᠥᠭᠡ᠃ ᠠᠯᠲᠠᠨ ᠤᠯᠤᠰ ᠤ᠋ᠨ ᠤᠷᠢᠳᠤ ᠶ᠋ᠢᠨ ᠡᠵᠡᠨ ᠸᠠᠨ ᠶᠠᠨ ᠯᠢᠶᠠᠩ ᠦᠬᠦᠵᠦ᠂ ᠬᠣᠵᠢᠮ ᠤ᠋ᠨ ᠬᠠᠭᠠᠨ ᠪᠠ ᠲᠦᠰᠢᠮᠡᠳ ᠲᠡᠭᠦᠨ ᠦ᠌ ᠶᠠᠯ᠎ᠠ ᠶ᠋ᠢ ᠲᠣᠭᠠᠴᠢᠵᠤ ᠸᠠᠨ ᠶᠠᠨ ᠯᠢᠶᠠᠩ ᠢ᠋ ᠪᠠᠭᠤᠷᠠᠭᠤᠯᠵᠤ ᠯᠢᠶᠠᠩ ᠸᠠᠩ ᠬᠡᠮᠡᠪᠡ᠃ ᠡᠨᠡ ᠲᠤᠬᠠᠢ ᠣᠯᠠᠨ ᠤᠯᠤᠰ ᠵᠡᠷᠭᠡ ᠪᠡᠷ ᠡᠨᠡ ᠤᠮᠠᠷ᠎ᠠ ᠣᠭᠲᠠᠷᠭᠤᠢ ᠶ᠋ᠢᠨ ᠴᠠᠭᠠᠨ ᠭᠡᠷᠡᠯ ᠳ᠋ᠦ᠍ᠷ ᠶᠡᠬᠡᠯ᠎ᠡ ᠠᠶᠤᠯᠳᠤᠭᠰᠠᠨ ᠪᠥᠯᠥᠭᠡ᠃ ᠡᠨᠡ ᠬᠠᠷ᠎ᠠ ᠮᠣᠷᠢᠨ ᠵᠢᠯ ᠡᠴᠡ ᠮᠠᠨ ᠤ᠋ ᠡᠨᠡ ᠳᠠᠢᠴᠢᠩ ᠤᠯᠤᠰ ᠠᠷᠪᠠᠳᠤᠭᠠᠷ ᠬᠠᠭᠠᠨ ᠤ᠋ ᠪᠦᠷᠢᠨᠲᠦ ᠵᠠᠰᠠᠭᠴᠢ ᠶ᠋ᠢᠨ ᠠᠷᠪᠠᠳᠤᠭᠠᠷ ᠣᠨ ᠤ᠋ ᠴᠠᠭᠠᠭᠴᠢᠨ ᠬᠣᠨᠢᠨ ᠵᠢᠯ ᠪᠣᠯᠲᠠᠯ᠎ᠠ ᠴᠢᠪᠬᠢᠲᠡᠯ᠎ᠡ ᠳᠣᠯᠣᠭᠠᠨ ᠵᠠᠭᠤᠨ ᠠᠷᠪᠠᠨ ᠵᠢᠯ ᠪᠣᠯᠵᠤᠬᠤᠢ᠃ ᠥᠭᠡᠯᠦᠨ ᠦᠵᠢᠨ ᠰᠠᠶᠢ ᠠᠷᠪᠠᠨ ᠶᠢᠰᠦᠨ ᠨᠠᠰᠤᠨ ᠰᠡᠭᠦᠳᠡᠷ ᠲᠡᠢ ᠪᠥᠯᠥᠭᠡ᠃ ᠶᠢᠰᠦᠭᠡᠢ ᠪᠠᠭᠠᠲᠤᠷ ᠬᠣᠷᠢᠨ ᠲᠠᠪᠤᠨ ᠨᠠᠰᠤᠨ ᠰᠡᠭᠦᠳᠡᠷ ᠲᠡᠢ ᠵᠢᠯ ᠳᠡᠭᠡᠷ᠎ᠡ ᠲᠠᠢᠽᠦ ᠪᠣᠭᠳᠠ ᠶ᠋ᠢ ᠮᠡᠨᠳᠦᠯᠡᠭᠰᠡᠨ ᠠᠵᠤᠭᠤ ᠃
ᠲᠡᠨᠳᠡᠴᠡ ᠡᠨᠡ ᠡᠳᠦᠷ ᠡᠴᠡ ᠡᠬᠢᠯᠡᠨ ᠤᠨᠤᠨ ᠮᠥᠷᠡᠨ ᠦ᠌ ᠤᠰᠤᠨ ᠭᠤᠷᠪᠠᠨ ᠡᠳᠦᠷ ᠢᠵᠠᠭᠤᠷ ᠲᠤᠷ ᠬᠦᠷᠲᠡᠯ᠎ᠡ ᠲᠣᠪ ᠲᠤᠩᠭᠠᠯᠠᠭ ᠤᠷᠤᠰᠴᠤ ᠬᠡᠳᠦᠨ ᠠᠯᠲᠠ ᠶ᠋ᠢᠨ ᠶᠡᠬᠡ ᠵᠢᠭᠠᠰᠤ ᠴᠥᠮ ᠦᠵᠡᠭᠳᠡᠪᠡ᠃ ᠡᠨᠡ ᠢᠨᠦ ᠲᠠᠢᠽᠦ ᠪᠣᠭᠳᠠ ᠶ᠋ᠢ ᠤᠬᠢᠶᠠᠭᠰᠠᠨ ᠪᠣᠯᠣᠷ ᠪᠤᠯᠠᠭ ᠤ᠋ᠨ ᠤᠰᠤᠨ ᠤᠷᠤᠰᠴᠤ ᠣᠷᠣᠭᠰᠠᠨ ᠠ᠋ᠴᠠ ᠪᠣᠯᠵᠤᠬᠤᠢ᠃ ᠲᠡᠳᠦᠢ ᠲᠠᠢᠽᠦ ᠶ᠋ᠢ ᠦᠶ᠎ᠡ ᠴᠠᠭᠠᠨ ᠡᠪᠡᠰᠦᠨ ᠦ᠌ ᠵᠦᠯᠭᠡ ᠶ᠋ᠢᠨ ᠳᠡᠭᠡᠷ᠎ᠡ ᠮᠡᠨᠳᠦᠯᠡᠭᠡᠳ ᠬᠦᠢᠰᠦ ᠣᠭᠲᠣᠯᠬᠤ ᠵᠠᠪ ᠦᠭᠡᠢ ᠲᠤᠯᠠ ᠳᠠᠷᠤᠢ ᠲᠡᠷᠡ ᠦᠶ᠎ᠡ ᠴᠠᠭᠠᠨ ᠡᠪᠡᠰᠦᠨ ᠢ᠋ᠶ᠋ᠡᠷ ᠬᠦᠢᠰᠦ ᠶ᠋ᠢ ᠢᠨᠦ ᠤᠶᠠᠵᠤ ᠂ ᠳᠠᠭᠠᠯᠲᠠ ᠡᠬᠡᠨᠡᠷ ᠥᠬᠢᠳ ᠢ᠋ᠶ᠋ᠡᠷ ᠳᠡᠯᠢᠭᠦᠨ ᠪᠣᠯᠳᠠᠭ ᠬᠠᠳᠠ ᠶ᠋ᠢᠨ ᠢᠷᠲᠦ ᠴᠢᠯᠠᠭᠤᠨ ᠢ᠋ ᠠᠪᠤᠭᠤᠯᠵᠤ ᠬᠣᠶᠠᠷ ᠬᠠᠳᠠ ᠴᠢᠯᠠᠭᠤᠨ ᠢ᠋ᠶ᠋ᠠᠷ ᠵᠠᠨᠴᠢᠬᠤᠢ ᠳ᠋ᠤᠷ ᠥᠭᠡᠯᠡ ᠡᠬᠡ ᠬᠥᠪᠡᠭᠦᠨ ᠢ᠋ᠶ᠋ᠡᠨ ᠦᠵᠡᠵᠦ ᠦᠷᠦ ᠡᠪᠡᠳᠦᠨ ᠳᠣᠲᠣᠷ᠎ᠠ ᠢᠭᠲᠦᠯᠦᠨ ᠬᠥᠳᠡᠯᠵᠦ᠂ ᠰᠠᠪᠠᠭᠠᠨᠠᠲᠠᠯᠠ ᠤᠨᠠᠭᠰᠠᠨ ᠨᠢᠯᠪᠤᠰᠤᠨ ᠬᠦᠢᠰ ᠪᠠ ᠴᠢᠯᠠᠭᠤ ᠡᠪᠡᠰᠦ ᠳ᠋ᠦ᠍ᠷ ᠲᠤᠰᠤᠭᠰᠠᠨ ᠢ᠋ ᠡᠢᠨ ᠢᠷᠥᠭᠡᠨ ᠥᠭᠦᠯᠡᠷᠦᠨ᠄
ᠠᠶ᠎ᠠ ᠠᠭᠤᠯᠠᠨ ᠳ᠋ᠤᠷ ᠲᠥᠷᠥᠭᠰᠡᠨ ᠠᠩᠭ᠎ᠠ ᠨᠢᠯᠬ᠎ᠠ ᠮᠢᠨᠦ
ᠡᠪᠡᠰᠦᠨ ᠳ᠋ᠦ᠍ᠷ ᠤᠨᠠᠭᠰᠠᠨ ᠡᠷᠳᠡᠨᠢ ᠬᠡᠦᠬᠡ ᠮᠢᠨᠦ
ᠠᠴᠢ ᠴᠢᠨᠦ ᠦᠶ᠎ᠡ ᠴᠠᠭᠠᠨ ᠡᠪᠡᠰᠦᠨ ᠳ᠋ᠦ᠍ᠷ ᠠᠳᠠᠯᠢ ᠣᠯᠠᠨ ᠪᠣᠯᠲᠤᠭᠠᠢ ᠂
ᠬᠠᠭᠠᠨ ᠤᠭᠰᠠᠭ᠎ᠠ ᠴᠢᠨᠦ ᠬᠠᠳᠠ ᠴᠢᠯᠠᠭᠤᠨ ᠳ᠋ᠤᠷ ᠠᠳᠠᠯᠢ ᠪᠠᠲᠤ ᠪᠣᠯᠲᠤᠭᠠᠢ !
ᠭᠡᠮᠡᠨ ᠴᠢᠩ ᠦᠨᠡᠨ ᠢ᠋ᠶ᠋ᠡᠷ ᠡᠨᠡᠷᠢᠨ ᠢᠭᠲᠦᠯᠵᠦ ᠢᠷᠥᠭᠡᠯᠦᠭᠡ᠃ ᠡᠢᠨ ᠢᠷᠦᠭᠡᠭᠰᠡᠨ ᠢ᠋ᠶ᠋ᠡᠷ ᠡᠳᠦᠭᠡ ᠪᠣᠭᠳᠠ ᠶ᠋ᠢᠨ ᠦᠷᠡᠰ ᠦ᠋ᠨ ᠨᠢᠭᠡᠨ ᠵᠠᠭᠤᠨ ᠳᠠᠯᠠᠨ ᠬᠣᠰᠢᠭᠤ ᠣᠯᠠᠨ ᠦᠷᠡᠵᠢᠭᠰᠡᠨ ᠪᠠ ᠪᠠᠰᠠ ᠲᠡᠭᠷᠢ ᠨᠠᠷ ᠤ᠋ᠨ ᠵᠡᠷᠭᠡ ᠦᠶ᠎ᠡ ᠤᠯᠠᠷᠢᠨ ᠦᠯᠦ ᠲᠠᠰᠤᠷᠠᠬᠤ ᠠᠨᠤ ᠡᠭᠦᠨ ᠡᠴᠡ ᠪᠣᠯᠪᠠ ᠬᠡᠮᠡᠵᠦᠬᠦᠢ᠃ ᠬᠠᠳᠠ ᠶ᠋ᠢᠨ ᠴᠢᠯᠠᠭᠤ ᠶ᠋ᠢ ᠡᠷᠬᠢᠯᠡᠭᠰᠡᠨ ᠢᠨᠦ ᠠᠷᠤ ᠭᠠᠵᠠᠷ ᠴᠢᠯᠠᠭᠤᠲᠤ ᠠᠭᠤᠯᠠ ᠮᠠᠰᠢ ᠴᠤᠬᠠᠭ ᠭᠠᠭᠴᠠ ᠳᠡᠯᠢᠭᠦᠨ ᠪᠣᠯᠳᠠᠭ ᠨᠡᠷᠡᠲᠦ ᠠᠭᠤᠯᠠᠨ ᠳ᠋ᠤᠷ ᠬᠠᠳᠠ ᠲᠠᠢ ᠬᠣᠱᠣᠣ ᠪᠦᠬᠦᠢ ᠳ᠋ᠦ᠍ᠷ ᠡᠭᠦᠨ ᠢ᠋ ᠳᠠᠭᠠᠵᠤ ᠮᠠᠩᠬ᠎ᠠ ᠬᠡᠳᠦᠢᠴᠢᠨᠡᠭᠡᠨ ᠭᠠᠵᠠᠷ ᠤᠷᠲᠤ ᠯᠤᠤ ᠮᠡᠲᠦ᠂ ᠬᠣᠯᠠ ᠠ᠋ᠴᠠ ᠦᠵᠡᠪᠡᠰᠦ ᠦᠬᠡᠷ ᠦ᠋ᠨ ᠳᠡᠯᠢᠭᠦᠦ ᠮᠡᠲᠦ ᠲᠤᠯᠠ ᠳᠡᠯᠢᠭᠦᠨ ᠪᠣᠯᠳᠠᠭ ᠭᠡᠮᠡᠨ ᠨᠡᠷᠡᠢᠳᠴᠦᠬᠦᠢ᠃ ᠲᠠᠢᠽᠦ ᠶ᠋ᠢ ᠰᠠᠢᠬᠠᠨ ᠡᠨᠡ ᠮᠠᠩᠬ᠎ᠠ ᠶ᠋ᠢᠨ ᠯᠤᠤ ᠶ᠋ᠢᠨ ᠡᠷᠳᠡᠨᠢ ᠶ᠋ᠢᠨ ᠲᠠᠨ᠎ᠠ ᠶ᠋ᠢᠨ ᠬᠣᠱᠣᠣ ᠳᠡᠭᠡᠷ᠎ᠡ ᠮᠡᠨᠳᠦᠯᠡᠵᠦᠬᠦᠢ᠂ ᠬᠣᠢᠨ᠎ᠠ ᠣᠭ᠌ᠶᠤ ᠶ᠋ᠢᠨ ᠪᠣᠯᠳᠠᠭ ᠭᠡᠮᠡᠨ ᠡᠷᠭᠦᠨ ᠨᠡᠷᠡᠯᠡᠪᠡ᠃ ᠡᠨᠡ ᠭᠠᠵᠠᠷ ᠡᠳᠦᠭᠡ ᠳᠥᠷᠪᠡᠨ ᠬᠠᠯᠬ᠎ᠠ ᠶ᠋ᠢᠨ ᠠᠯᠢ ᠬᠠᠯᠬ᠎ᠠ ᠶ᠋ᠢᠨ ᠭᠠᠵᠠᠷ ᠪᠠᠢᠬᠤ ᠶ᠋ᠢ ᠮᠡᠳᠡᠬᠦ ᠦᠭᠡᠢ᠂ ᠯᠠᠪ ᠤᠨᠤᠨ ᠮᠥᠷᠡᠨ ᠦ᠌ ᠣᠢᠷ᠎ᠠ ᠪᠣᠢ᠂ ᠳᠡᠯᠢᠭᠦᠨ ᠪᠣᠯᠳᠠᠭ ᠭᠡᠮᠡᠨ ᠤᠨᠤᠨ ᠮᠥᠷᠡᠨ ᠦ᠌ ᠣᠢᠷᠠᠯᠴᠠᠭ᠎ᠠ ᠪᠠᠢᠪᠠᠰᠤ ᠯᠠᠪ ᠮᠥᠨ᠂ ᠬᠣᠵᠢᠮ ᠤ᠋ᠨ ᠮᠡᠷᠭᠡᠳ ᠠᠷᠤ ᠭᠠᠵᠠᠷ ᠤ᠋ᠨ ᠬᠥᠮᠦᠨ ᠯᠦ᠍ᠭᠡ ᠬᠡᠯᠡᠯᠴᠡᠭᠰᠡᠭᠡᠷ ᠬᠡᠷᠪᠡ ᠦᠨᠡᠨ ᠭᠠᠵᠠᠷ ᠢ᠋ ᠣᠯᠪᠠᠰᠤ ᠡᠷᠬᠡᠪᠰᠢ ᠡᠨᠡ ᠪᠢᠴᠢᠭ ᠲᠣᠷ ᠲᠣᠳᠤᠷᠬᠠᠶ᠎ᠠ ᠡᠨᠡ ᠦᠶ᠎ᠡ ᠶ᠋ᠢᠨ ᠨᠡᠷ᠎ᠡ ᠪᠡᠷ ᠵᠢᠭᠠᠨ ᠭᠠᠷᠭᠠᠵᠤ ᠮᠣᠩᠭᠣᠯ ᠲᠤᠭᠠᠳᠠᠨᠠ ᠮᠡᠳᠡᠭᠦᠯᠬᠦ ᠪᠣᠯᠪᠠᠤ ! ᠲᠡᠢᠨ ᠬᠦ᠌ ᠬᠣᠵᠢᠮ ᠤ᠋ᠨ ᠮᠡᠷᠭᠡᠳ ᠦ᠋ᠨ ᠰᠤᠷᠪᠤᠯᠵᠢᠯᠠᠨ ᠤᠯᠪᠠᠰᠤ ᠪᠢᠴᠢᠬᠦ ᠵᠠᠢ ᠶ᠋ᠢ ᠦᠯᠡᠳᠡᠭᠡᠨ ᠲᠠᠯᠪᠢᠪᠠ᠂ ᠬᠠᠭᠤᠯᠤᠭᠴᠢᠳ ᠪᠣᠯᠪᠠᠴᠤ ᠮᠥᠨ ᠡᠢᠮᠦ ᠭᠠᠵᠠᠷ ᠦᠯᠡᠳᠡᠭᠡᠲᠦᠭᠡᠢ᠂ ᠬᠡᠵᠢᠶ᠎ᠡ ᠣᠯᠬᠤ ᠮᠠᠭᠠᠳ ᠦᠭᠡᠢ ᠪᠣᠯᠠᠢ᠂ ᠠᠷᠤ ᠥᠪᠥᠷ ᠪᠦᠭᠦᠳᠡᠭᠡᠷ ᠢ᠋ᠶ᠋ᠡᠨ ᠰᠤᠷᠪᠤᠯᠵᠢᠯᠠᠲᠤᠭᠠᠢ᠂ ᠲᠡᠢᠨ ᠬᠦ᠌ ᠬᠡᠳᠦᠨ ᠮᠥᠷ ᠵᠠᠢ ᠦᠯᠡᠳᠡᠭᠡᠪᠡᠢ᠃
ᠲᠡᠨᠳᠡᠴᠡ ᠲᠠᠢᠽᠦ ᠶ᠋ᠢ ᠮᠥᠨ ᠬᠠᠳᠠ ᠶ᠋ᠢᠨ ᠪᠣᠯᠣᠷ ᠪᠤᠯᠠᠭ ᠤ᠋ᠨ ᠤᠰᠤᠨ ᠢ᠋ᠶ᠋ᠠᠷ ᠤᠬᠢᠶᠠᠬᠤᠢ ᠳ᠋ᠤᠷ ᠦᠵᠡᠪᠡᠰᠦ ᠲᠠᠢᠽᠦ ᠬᠣᠶᠠᠷ ᠭᠠᠷ ᠲᠠᠭᠠᠨ ᠬᠣᠨᠢᠨ ᠤ᠋ ᠱᠠᠭ᠎ᠠ ᠶ᠋ᠢᠨ ᠴᠢᠨᠡᠭᠡᠨ ᠬᠣᠶᠠᠷ ᠬᠡᠰᠡᠭ ᠨᠥᠵᠢ ᠠᠳᠬᠤᠨ ᠲᠥᠷᠥᠭᠰᠡᠨ ᠠᠵᠤᠭᠤ ᠃ ᠨᠥᠵᠢ ᠬᠡᠮᠡᠭᠴᠢ ᠰᠢᠷᠪᠥᠰᠥᠯᠡᠭᠰᠡᠨ ᠴᠢᠯᠠᠭᠤ ᠮᠡᠲᠦ ᠴᠢᠰᠤ ᠪᠣᠯᠠᠢ ᠃ ᠲᠡᠳᠦᠢ ᠳᠠᠭᠠᠭᠰᠠᠨ ᠡᠬᠡᠨᠡᠷ ᠦ᠋ᠳ ᠬᠡᠳᠦᠢᠨᠡᠢ ᠬᠣᠷᠣᠭ᠎ᠠ ᠳ᠋ᠤᠷ ᠭᠦᠶᠦᠵᠦ ᠤᠯᠠᠭᠠᠨ ᠣᠷᠣᠨ ᠢᠰᠡᠭᠡᠢ ᠪᠦᠷᠬᠦᠭᠡᠲᠡᠰᠦ ᠲᠡᠢ ᠲᠡᠷᠭᠡ ᠠᠪᠴᠢᠷᠠᠵᠤ ᠬᠠᠲᠤᠨ ᠦᠵᠢᠨ ᠢ᠋ ᠰᠠᠭᠤᠯᠭᠠᠨ ᠬᠠᠷᠢᠵᠤ ᠢᠷᠡᠬᠦᠶ᠎ᠡ ᠂ ᠵᠠᠮ ᠳ᠋ᠤᠷ ᠨᠢᠭᠡᠨ ᠬᠥᠮᠦᠨ ᠤᠴᠠᠷᠠᠵᠤ ᠲᠡᠷᠭᠡ ᠶ᠋ᠢ ᠬᠠᠯᠠᠭᠯᠠᠨ ᠭᠠᠷ ᠲᠠᠭᠠᠨ ᠭᠤᠷᠪᠠ ᠳᠥᠷᠪᠡᠨ ᠨᠠᠰᠤ ᠲᠠᠢ ᠂ ᠬᠠᠰ ᠠᠳᠠᠯᠢ ᠴᠡᠴᠡᠭ ᠮᠡᠲᠦ ᠰᠠᠢᠬᠠᠨ ᠲᠥᠷᠥᠭᠰᠡᠨ ᠬᠥᠪᠡᠭᠦᠨ ᠢ᠋ ᠲᠡᠪᠡᠷᠢᠵᠦ ᠥᠭᠦᠯᠡᠷᠦᠨ᠄《ᠦ ! ᠦᠨᠡᠨ ᠪᠣᠭᠳᠠ ᠲᠡᠭᠷᠢ ᠶ᠋ᠢᠨ ᠬᠥᠪᠡᠭᠦᠨ ᠠᠳᠠ ᠪᠠᠢᠬᠤ ᠠᠵᠤᠭᠤ! 》 ᠭᠡᠮᠡᠨ ᠳᠠᠭᠤᠨ ᠠᠯᠳᠠᠪᠠ᠃ ᠡᠨᠡ ᠬᠥᠮᠦᠨ ᠬᠡᠨ ᠬᠡᠮᠡᠪᠡᠰᠦ ᠡᠳᠦᠭᠡ ᠪᠦᠬᠦᠢ ᠵᠡᠭᠦᠨ ᠲᠦᠮᠡᠳ ᠪᠠ ᠭᠤᠷᠪᠠᠨ ᠬᠠᠷᠠᠴᠢᠨ ᠤ᠋ ᠡᠪᠦᠭᠡ ᠪᠣᠯᠬᠤ ᠵᠡᠯᠮ᠎ᠡ ᠶ᠋ᠢᠨ ᠡᠴᠢᠭᠡ ᠣᠷᠢᠶᠠᠩᠬᠠᠨ ᠠᠢᠮᠠᠭ ᠤ᠋ᠨ ᠬᠥᠮᠦᠨ᠂ ᠨᠡᠷ᠎ᠡ ᠵᠠᠷᠴᠢᠭᠤᠳᠠᠢ᠂ ᠲᠥᠷᠥᠯᠬᠢ ᠰᠡᠴᠡᠨ ᠮᠡᠷᠭᠡᠨ᠂ ᠨᠢᠳᠦᠷᠮᠡᠭᠴᠢ ᠰᠢᠨᠵᠢᠭᠴᠢ ᠂ ᠵᠡᠭᠦᠨ ᠨᠢᠳᠦᠨ ᠳ᠋ᠦ᠍ᠷ ᠬᠣᠣᠰ ᠴᠡᠴᠡᠭᠡᠢ ᠲᠡᠢ᠃ ᠡᠯ᠎ᠡ ᠵᠦᠢᠯ ᠢ᠋ ᠰᠢᠨᠵᠢᠬᠦ ᠪᠣᠳᠣᠬᠤ ᠳ᠋ᠤᠷ ᠬᠤᠪᠢᠯᠭᠠᠨ ᠮᠡᠲᠦ ᠲᠤᠯᠠ ᠭᠠᠵᠠᠷ ᠪᠦᠷᠢ ᠵᠠᠯᠠᠵᠤ ᠭᠠᠵᠠᠷ ᠨᠤᠲᠤᠭ᠂ ᠨᠡᠭᠦᠳᠡᠯ ᠪᠠᠭᠤᠳᠠᠯ ᠪᠠ ᠬᠡᠦᠬᠡᠳ ᠥᠬᠢᠳ᠂ ᠮᠠᠯ ᠮᠣᠷᠢ ᠶ᠋ᠢ ᠰᠢᠨᠵᠢᠭᠦᠯᠦᠮᠦᠢ᠃ ᠨᠠᠰᠤᠨ ᠳᠤᠮᠳᠠ ᠬᠦᠷᠴᠦ ᠰᠠᠶᠢ ᠨᠢᠭᠡᠨ ᠬᠥᠪᠡᠭᠦᠨ ᠲᠡᠢ ᠪᠣᠯᠬᠤᠢ ᠳ᠋ᠤᠷ ᠥᠷᠯᠥᠭᠡ ᠶ᠋ᠢᠨ ᠵᠡᠭᠦᠳᠦᠨ ᠳ᠋ᠦ᠍ᠷ ᠨᠢᠭᠡᠨ ᠠᠯᠲᠠᠨ ᠡᠮᠡᠭᠡᠯ ᠬᠠᠵᠠᠭᠠᠷᠲᠤ ᠰᠠᠬᠢᠭᠤᠯᠰᠤᠨ ᠮᠣᠷᠢ᠂ ᠠᠮᠠᠨ ᠳ᠋ᠠᠭᠠᠨ ᠡᠮᠡᠭᠡᠯ ᠢ᠋ᠶ᠋ᠡᠨ ᠵᠠᠭᠤᠵᠤ ᠳᠣᠪᠲᠣᠯᠤᠨ ᠣᠷᠣᠵᠤ ᠢᠷᠡᠭᠡᠳ ᠡᠮᠡᠭᠡᠯ ᠢ᠋ᠶ᠋ᠡᠨ ᠲᠡᠭᠦᠨ ᠡᠮᠦᠨ᠎ᠡ ᠲᠠᠯᠪᠢᠭᠰᠠᠨ ᠳ᠋ᠤᠷ ᠯᠠᠪ ᠡᠮᠡᠭᠡᠯᠯᠡᠨ ᠬᠡᠮᠡᠭᠰᠡᠨ ᠪᠣᠢ ᠶᠠ ᠭᠡᠮᠡᠨ ᠠᠪᠴᠤ ᠡᠮᠡᠭᠡᠯᠯᠡᠭᠡᠳ ᠣᠯᠣᠩ ᠴᠠᠪᠢᠯᠤᠤᠷ ᠢ᠋ ᠲᠠᠲᠠᠰᠤᠭᠠᠢ ᠬᠡᠮᠡᠪᠡᠰᠦ ᠡᠯ᠎ᠡ ᠵᠦᠢᠯ ᠴᠥᠮ ᠪᠦᠷᠢᠨ ᠪᠥᠭᠡᠲᠡᠯ᠎ᠡ ᠭᠠᠭᠴᠠ ᠣᠯᠣᠩ ᠴᠠᠪᠢᠯᠤᠤᠷ ᠤ᠋ᠨ ᠭᠣᠷᠭᠢ ᠶ᠋ᠢ ᠲᠠᠲᠠᠬᠤ ᠵᠢᠷᠢᠮ ᠰᠤᠷ ᠦᠭᠡᠢ ᠬᠠᠷᠠᠬᠠᠨ ᠴᠢᠬᠤᠯᠳᠠᠬᠤᠶᠠ᠂ ᠲᠡᠭᠦᠨ ᠦ᠌ ᠡᠮ᠎ᠡ ᠤᠷᠠᠨ ᠬᠢᠰᠤᠭ ᠪᠡᠯᠬᠡᠭᠦᠰᠦᠨ ᠳ᠋ᠡᠭᠡᠨ ᠢᠷᠪᠢᠰ ᠦ᠋ᠨ ᠰᠢᠷᠪᠥᠰᠥ ᠪᠡᠷ ᠬᠦᠷᠦᠭᠰᠡᠨ ᠵᠢᠷᠢᠮ ᠰᠤᠷ ᠢ᠋ ᠪᠦᠰᠡᠯᠡᠵᠦ ᠪᠣᠢ ᠲᠤᠯᠠ ᠶᠠᠭᠠᠷᠠᠨ ᠠᠪᠴᠤ ᠡᠮᠡᠭᠡᠯ ᠳ᠋ᠦ᠍ᠷ ᠤᠶᠠᠭᠠᠳ ᠣᠯᠣᠩ ᠴᠠᠪᠢᠯᠤᠤᠷ ᠢ᠋ ᠲᠠᠲᠠᠮᠠᠭᠴᠠ ᠮᠣᠷᠢᠨ ᠤ᠋ ᠠᠯᠲᠠᠨ ᠦᠰᠦᠲᠦ ᠳᠡᠯ ᠰᠡᠭᠦᠯ ᠡᠴᠡ ᠭᠠᠯ ᠪᠠᠳᠠᠷᠠᠨ ᠨᠢᠭᠡᠨ ᠭᠠᠯ ᠤ᠋ᠨ ᠯᠤᠤ ᠪᠣᠯᠤᠨ ᠬᠤᠪᠢᠯᠵᠤ ᠳᠡᠭᠳᠡᠨ ᠡᠴᠢᠬᠦᠶ᠎ᠡ᠂ ᠲᠡᠭᠦᠨ ᠦ᠌ ᠭᠡᠷ ᠦ᠋ᠨ ᠬᠣᠲᠠᠯᠠᠭᠠᠷ ᠢ᠋ ᠠᠪᠤᠨ ᠳᠡᠭᠳᠡᠭᠰᠡᠨ ᠳ᠋ᠦ᠍ᠷ᠂ ᠶᠡᠬᠡᠯ᠎ᠡ ᠠᠶᠤᠨ ᠰᠠᠷᠢᠪᠠᠰᠤ ᠲᠡᠭᠦᠨ ᠦ᠌ ᠡᠮ᠎ᠡ ᠤᠷᠠᠨ ᠬᠢᠰᠤᠭ ᠳᠠᠷᠤᠢ ᠡᠨᠡ ᠬᠥᠪᠡᠭᠦᠨ ᠢ᠋ ᠲᠥᠷᠥᠭᠰᠡᠨ ᠳ᠋ᠦ᠍ᠷ ᠡᠨᠡ ᠬᠥᠪᠡᠭᠦᠨ ᠦ᠌ ᠯᠠᠪ ᠶᠡᠬᠡ ᠬᠡᠷᠡᠭ ᠪᠦᠲᠦᠭᠡᠬᠦ ᠶ᠋ᠢ ᠮᠡᠳᠡᠵᠦ ᠵᠡᠭᠦᠳᠦᠨ ᠦ᠌ ᠰᠢᠯᠲᠠᠭᠠᠨ ᠢ᠋ᠶ᠋ᠠᠷ ᠨᠡᠷ᠎ᠡ ᠶ᠋ᠢ ᠵᠡᠯᠮ᠎ᠡ ᠭᠡᠮᠡᠨ ᠨᠡᠷᠡᠢᠳᠴᠦ ᠣᠢᠷᠠᠯᠴᠠᠭ᠎ᠠ ᠵᠠᠯᠠᠯᠭᠠᠨ ᠳ᠋ᠤᠷ ᠲᠡᠪᠡᠷᠢᠵᠦ ᠶᠠᠪᠤᠮᠤᠢ᠃ ᠡᠨᠡ ᠡᠳᠦᠷ ᠴᠢᠪᠬᠢᠲᠡᠯ᠎ᠡ ᠪᠠᠯᠭᠤ ᠬᠣᠷᠣᠭᠠᠨ᠎ᠠ ᠢᠷᠡᠵᠦ ᠴᠠᠭᠠᠨ ᠭᠡᠷᠡᠯ ᠭᠠᠷᠤᠭᠰᠠᠨ᠂ ᠤᠨᠤᠨ ᠮᠥᠷᠡᠨ ᠲᠤᠨᠤᠯᠵᠠᠭᠰᠠᠨ ᠢ᠋ ᠦᠵᠡᠵᠦ᠂ ᠭᠡᠷᠡᠯ ᠢ᠋ ᠦᠵᠡᠷ᠎ᠡ ᠡᠴᠢᠬᠦᠢ ᠳ᠋ᠡᠭᠡᠨ ᠥᠭᠡᠯᠦᠨ ᠦᠵᠢᠨ ᠳ᠋ᠦ᠍ᠷ ᠵᠣᠯᠭᠠᠵᠤ ᠲᠠᠢᠽᠦ ᠶ᠋ᠢ ᠲᠠᠨᠢᠭᠠᠳ ᠳᠠᠭᠤᠨ ᠠᠯᠳᠠᠵᠤ ᠬᠣᠷᠣᠭᠠᠨ ᠢ᠋ ᠠᠨᠤ ᠳ᠋ᠠᠭᠠᠨ ᠢᠷᠡᠵᠦ ᠥᠭᠦᠯᠡᠷᠦᠨ᠄ 《ᠡᠨᠡ ᠬᠥᠮᠦᠨ ᠬᠡᠷᠬᠢᠪᠡᠴᠦ ᠶᠢᠷᠲᠢᠨᠴᠦ ᠶ᠋ᠢᠨ ᠬᠥᠮᠦᠨ ᠦ᠌ ᠰᠢᠮ᠎ᠡ ᠪᠤᠰᠤ᠂ ᠶᠡᠷᠦ ᠶ᠋ᠢᠨ ᠬᠥᠮᠦᠨ ᠯᠦ᠍ᠭᠡ ᠦᠯᠢᠳᠬᠡᠵᠦ ᠰᠢᠷᠡᠭᠡᠨ ᠪᠠ ᠬᠦᠰᠡᠷ᠎ᠡ ᠳ᠋ᠦ᠍ᠷ ᠬᠡᠪᠲᠡᠭᠦᠯᠦᠨ ᠲᠡᠵᠢᠭᠡᠵᠦ ᠦᠯᠦ ᠪᠣᠯᠤᠮᠤᠢ᠂ ᠲᠤᠳᠤᠷᠬᠠᠶᠠ ᠲᠡᠭᠷᠢ ᠶ᠋ᠢᠨ ᠰᠠᠬᠢᠭᠤᠯᠰᠤᠨ᠂ ᠣᠳᠣᠨ ᠭᠠᠷᠠᠭ ᠮᠥᠨ᠂ ᠡᠷᠬᠡᠪᠰᠢ ᠬᠡᠢ ᠠᠭᠠᠷ ᠲᠤ᠌ ᠬᠥᠨᠳᠡᠢ ᠲᠡᠵᠢᠭᠡᠪᠡᠰᠦ ᠪᠤᠵᠠᠷ ᠪᠤᠷᠲᠠᠭ ᠦᠯᠦ ᠬᠠᠯᠳᠠᠮᠤᠢ᠃ 》ᠬᠡᠮᠡᠬᠦᠢ ᠳ᠋ᠦ᠍ᠷ ᠥᠭᠡᠯᠦᠨ ᠡᠬᠡ ᠬᠡᠷᠬᠢᠨ ᠬᠡᠢ ᠠᠭᠠᠷ ᠲᠤᠷ ᠬᠥᠨᠳᠡᠢ ᠲᠡᠵᠢᠭᠡᠮᠦᠢ ᠭᠡᠮᠡᠨ ᠠᠰᠠᠭᠤᠯᠭᠠᠭᠰᠠᠨ ᠳ᠋ᠤᠷ ᠵᠠᠷᠴᠢᠭᠤᠳᠠᠢ ᠪᠠᠬᠠᠨ ᠪᠣᠳᠣᠭᠠᠳ ᠡᠨᠡ ᠬᠢᠯᠪᠠᠷ ᠬᠡᠮᠡᠭᠡᠳ᠄ 《ᠲᠠᠯ᠎ᠠ ᠶ᠋ᠢᠨ ᠪᠤᠷᠭᠠᠰᠤᠨ ᠤ᠋ ᠪᠦᠳᠦᠭᠦᠨ ᠢ᠋ ᠢᠨᠤ ᠠᠷᠭᠠᠯ ᠤ᠋ᠨ ᠭᠠᠯ ᠳ᠋ᠤ᠌ ᠨᠤᠭᠤᠯᠵᠤ ᠠᠷᠠᠯ ᠪᠣᠯᠭᠠᠨ᠂ ᠨᠠᠷᠢᠨ ᠢ᠋ ᠠᠨᠤ ᠮᠤᠷᠤᠢᠯᠭᠠᠨ ᠳᠣᠣᠷ᠎ᠠ ᠠᠨᠤ ᠢᠯᠠᠤ ᠬᠢᠵᠦ᠂ ᠰᠠᠢᠬᠠᠨ ᠢ᠋ ᠠᠨᠤ ᠬᠦᠷᠦᠵᠦ ᠭᠠᠷᠠᠬ᠎ᠠ ᠪᠣᠯᠭᠠᠨ ᠂ ᠲᠡᠷᠢᠭᠦᠨ ᠢ᠋ ᠬᠠᠯᠠᠭᠯᠠᠨ ᠵᠤᠨ ᠤ᠋ ᠴᠢᠭᠢᠭ ᠲᠣᠷ ᠡᠯᠭᠦᠵᠦ ᠲᠡᠵᠢᠭᠡ᠃ ᠡᠪᠦᠯ ᠦ᠋ᠨ ᠬᠦᠢᠲᠡᠨ ᠳ᠋ᠦ᠍ᠷ ᠡᠪᠦᠷᠯᠡᠵᠦ ᠬᠥᠬᠥᠭᠦᠯ᠂ ᠦᠯᠡᠮᠵᠢ ᠪᠤᠶᠠᠨᠲᠠᠨ ᠢ᠋ ᠡᠭᠦᠨ ᠳ᠋ᠦ᠍ᠷ ᠲᠡᠵᠢᠭᠡᠬᠦ ᠲᠤᠯᠠ ᠨᠡᠷ᠎ᠡ ᠶ᠋ᠢ < ᠥᠯᠥᠭᠡᠢ > ᠭᠡᠮᠡᠨ ᠨᠡᠷᠡᠯᠡᠭᠡᠳ ᠮᠠᠰᠢ ᠪᠤᠶᠠᠨᠲᠠᠨ ᠢ᠋ ᠲᠡᠵᠢᠭᠡᠭᠰᠡᠨ ᠡᠴᠡ ᠮᠠᠨᠴᠤᠢ 》ᠬᠡᠮᠡᠪᠡ᠃ ᠥᠯᠥᠭᠡᠢ ᠬᠡᠮᠡᠭᠴᠢ ᠡᠭᠦᠨ ᠡᠴᠡ ᠰᠠᠶᠢ ᠡᠭᠦᠳᠦᠭᠰᠡᠨ ᠪᠥᠯᠥᠭᠡ᠂ ᠬᠣᠢᠨ᠎ᠠ ᠣᠯᠠᠨ ᠢ᠋ᠶ᠋ᠠᠷ ᠡᠢᠨ ᠬᠦ᠌ ᠲᠡᠵᠢᠭᠡᠭᠰᠡᠨ ᠢ᠋ᠶ᠋ᠡᠷ ᠡᠵᠡᠨ ᠪᠣᠯᠪᠠ᠂ ᠬᠠᠪᠴᠢᠵᠤ ᠲᠡᠵᠢᠭᠡᠭᠰᠡᠨ ᠢ᠋ᠶ᠋ᠡᠷ ᠬᠠᠭᠠᠨ ᠰᠠᠭᠤᠪᠠ ᠭᠡᠮᠡᠨ ᠳᠠᠭᠤᠷᠢᠶᠠᠯᠴᠠᠵᠤ ᠡᠳᠦᠭᠡ ᠪᠣᠯᠲᠠᠯ᠎ᠠ ᠤᠯᠠᠮᠵᠢᠯᠠᠵᠤᠬᠤᠢ᠃
ᠲᠡᠭᠦᠨᠴᠡ ᠲᠡᠷᠡ ᠥᠯᠥᠭᠡᠢ ᠶ᠋ᠢᠨ ᠳᠡᠭᠡᠷ᠎ᠡ᠂ ᠲᠡᠮᠳᠡᠭ ᠦᠭᠡᠢ ᠴᠠᠭᠠᠨ ᠬᠣᠨᠢᠨ ᠤ᠋ ᠬᠤᠷᠠᠭᠠᠨ ᠠᠷᠠᠰᠤ ᠪᠠᠷ ᠲᠤᠯᠤᠮ ᠬᠢᠵᠦ ᠳᠣᠲᠣᠷ᠎ᠠ ᠠᠨᠤ ᠡᠮᠦᠨ᠎ᠡ ᠭᠠᠵᠠᠷ ᠤ᠋ᠨ ᠶᠢᠰᠦᠨ ᠲᠠᠷᠢᠶᠠᠨ ᠤ᠋ ᠦᠷ᠎ᠡ ᠶ᠋ᠢ ᠳᠦᠭᠦᠷᠭᠡᠵᠦ ᠳᠡᠪᠢᠰᠦᠭᠡᠳ ᠶᠢᠰᠦᠨ ᠥᠩᠭᠡ ᠶ᠋ᠢᠨ ᠭᠬᠢᠪ ᠲᠣᠷᠭ᠎ᠠ ᠪᠠᠷ ᠭᠠᠷᠠᠬ᠎ᠠ ᠶ᠋ᠢ ᠪᠦᠷᠬᠦᠵᠦ᠂ ᠭᠤᠷᠪᠠᠨ ᠬᠣᠨᠣᠭ ᠲᠤᠷ ᠡᠪᠦᠷ ᠡᠴᠡ ᠭᠠᠷᠭᠠᠵᠤ ᠂ ᠶᠢᠰᠦᠨ ᠪᠤᠯᠠᠭ ᠤ᠋ᠨ ᠶᠢᠰᠦᠨ ᠵᠦᠢᠯ ᠦ᠋ᠨ ᠤᠰᠤᠨ ᠢ᠋ᠶ᠋ᠠᠷ ᠳᠠᠬᠢᠨ ᠤᠬᠢᠶᠠᠵᠤ ᠶᠢᠰᠦᠨ ᠥᠩᠭᠡ ᠶ᠋ᠢᠨ ᠭᠡᠭᠦᠦ ᠶ᠋ᠢᠨ ᠰᠦᠨ ᠢ᠋ᠶ᠋ᠡᠷ ᠰᠦᠷᠴᠢᠵᠦ ᠥᠯᠥᠭᠡᠢ ᠳ᠋ᠦ᠍ᠷ ᠣᠷᠣᠭᠤᠯᠬᠤᠶᠠ ᠂ ᠵᠠᠷᠴᠢᠭᠤᠲᠠᠢ ᠶᠢᠰᠦᠨ ᠥᠩᠭᠡ ᠶ᠋ᠢᠨ ᠤᠮᠳᠠ᠂ ᠲᠣᠰᠣ ᠲᠠᠷᠠᠭ ᠵᠥᠭᠡᠬᠡᠢ ᠪᠡᠷ ᠥᠯᠥᠭᠡᠢ ᠶ᠋ᠢ ᠮᠢᠯᠢᠶᠠᠵᠤ ᠡᠢᠨ ᠪᠡᠯᠭᠡᠯᠡᠷᠦᠨ :
《ᠲᠡᠭᠰᠢ ᠰᠠᠢᠬᠠᠨ ᠥᠯᠥᠭᠡᠢ ᠳ᠋ᠦ᠍ᠷ ᠬᠡᠪᠲᠡᠭᠰᠡᠨ ᠢ᠋ᠶ᠋ᠡᠷ
ᠲᠡᠭᠷᠢ ᠶ᠋ᠢᠨ ᠦᠷᠡᠰ ᠲᠣᠷ ᠲᠡᠮᠡᠴᠡᠯ ᠦᠯᠦ ᠬᠠᠯᠳᠠᠲᠤᠭᠠᠢ ᠂
ᠪᠤᠷᠭᠠᠰᠤᠨ ᠮᠣᠳᠣᠨ ᠤ᠋ ᠥᠯᠥᠭᠡᠢ ᠳ᠋ᠦ᠍ᠷ ᠬᠡᠪᠲᠡᠭᠰᠡᠨ ᠢ᠋ᠶ᠋ᠡᠷ
ᠪᠣᠭᠳᠠ ᠶ᠋ᠢᠨ ᠦᠷᠡᠰ ᠲᠣᠷ ᠪᠤᠷᠲᠠᠭ ᠦᠯᠦ ᠪᠣᠯᠲᠤᠭᠠᠢ ᠃
ᠬᠠᠰ ᠰᠠᠢᠬᠠᠨ ᠥᠯᠥᠭᠡᠢ ᠳ᠋ᠦ᠍ᠷ ᠬᠡᠪᠲᠡᠭᠰᠡᠨ ᠢ᠋ᠶ᠋ᠡᠷ
ᠬᠠᠨ ᠬᠥᠪᠡᠭᠦᠨ ᠴᠢ ᠬᠠᠮᠤᠭ ᠢ᠋ ᠡᠵᠡᠯᠡᠭᠴᠢ ᠬᠠᠭᠠᠨ ᠰᠠᠭᠤᠵᠤ ᠣᠯᠠᠨ ᠢ᠋ ᠠᠮᠤᠭᠤᠯᠲᠤᠭᠠᠢ ᠂
ᠳᠡᠭᠡᠳᠦ ᠬᠥᠨᠳᠡᠢ ᠥᠯᠥᠭᠡᠢ ᠳ᠋ᠦ᠍ᠷ ᠬᠡᠪᠲᠡᠭᠰᠡᠨ ᠢ᠋ᠶ᠋ᠡᠷ
ᠳᠡᠯᠭᠡᠷᠡᠭᠴᠢ ᠪᠣᠭᠳᠠ ᠴᠢ ᠳᠡᠯᠡᠬᠡᠢ ᠶ᠋ᠢ ᠡᠵᠡᠯᠡᠭᠴᠢ ᠡᠵᠡᠨ ᠪᠣᠯᠵᠤ ᠨᠡᠢᠲᠡ ᠶ᠋ᠢ ᠵᠢᠷᠭᠠᠭᠤᠯᠲᠤᠭᠠᠢ !》ᠬᠡᠮᠡᠵᠦ ᠂
《ᠵᠠᠯᠮ᠎ᠠ ᠬᠥᠪᠡᠭᠦᠨ ᠢ᠋ᠶ᠋ᠡᠨ ᠦᠯᠡᠳᠡᠭᠡᠨ ᠥᠭᠴᠦ
ᠵᠠᠶᠠᠭᠠᠲᠤ ᠲᠦᠰᠢᠮᠡᠯ ᠢ᠋ ᠢᠨᠤ ᠪᠣᠯᠭᠠᠰᠤᠭᠠᠢ ᠬᠡᠮᠡᠮᠦᠢ ᠪᠢ ᠂
ᠠᠮᠠᠷᠠᠭ ᠦᠷ᠎ᠡ ᠪᠡᠨ ᠦᠯᠡᠳᠡᠭᠡᠨ ᠥᠭᠴᠦ
ᠠᠩᠬ᠎ᠠ ᠰᠠᠢᠳ ᠠᠨᠤ ᠪᠣᠯᠭᠠᠰᠤᠭᠠᠢ ᠬᠡᠮᠡᠮᠦᠢ ᠪᠢ 》 ᠬᠡᠮᠡᠭᠰᠡᠨ ᠳ᠋ᠦ᠍ᠷ ᠥᠭᠡᠯᠦᠨ ᠦᠵᠢᠨ ᠄ 《ᠠᠷᠠᠬᠠᠨ ᠪᠢᠴᠢᠬᠠᠨ ᠪᠠᠢᠨᠠᠮ ᠂ ᠣᠷᠣᠯᠳᠣᠬᠤᠶᠠ ᠪᠡᠷᠬᠡ ᠂ ᠬᠣᠢᠴᠢ ᠡᠳᠦᠷ ᠶᠡᠬᠡ ᠪᠣᠯᠤᠭᠰᠠᠨ ᠬᠣᠢᠨ᠎ᠠ ᠥᠭᠴᠦ ᠲᠡᠳᠬᠦᠭᠦᠯᠲᠦᠭᠡᠢ ! 》 ᠬᠡᠮᠡᠭᠡᠳ ᠭᠤᠷᠪᠠᠨ ᠡᠳᠦᠷ ᠦ᠋ᠨ ᠬᠤᠷᠢᠮ ᠤ᠋ᠨ ᠲᠡᠷᠢᠭᠦᠨ ᠳ᠋ᠦ᠍ ᠰᠠᠭᠤᠯᠭᠠᠨ ᠬᠦᠨᠳᠦᠯᠡᠭᠦᠯᠵᠦ᠂ ᠬᠦᠨᠳᠦ ᠪᠡᠯᠡᠭ ᠱᠠᠩᠨᠠᠵᠤ ᠬᠠᠷᠢᠭᠤᠯᠪᠠᠢ᠃
ᠲᠡᠷᠡ ᠴᠠᠭ ᠲᠤᠷ ᠶᠢᠰᠦᠭᠡᠢ ᠪᠠᠭᠠᠲᠤᠷ ᠲᠠᠲ᠋ᠠᠷ ᠤᠯᠤᠰ ᠢ᠋ ᠶᠡᠬᠡᠯ᠎ᠡ ᠳᠠᠷᠤᠭᠠᠳ ᠠᠯᠠᠨ ᠰᠠᠷᠨᠢᠭᠤᠯᠵᠤ᠂ ᠲᠠᠲ᠋ᠠᠷ ᠠᠢᠮᠠᠭ ᠤ᠋ᠨ ᠡᠵᠡᠨ ᠳᠠᠷᠠᠮ ᠢ᠋ ᠠᠮᠢᠳᠤ ᠪᠠᠷ ᠪᠠᠷᠢᠭᠠᠳ ᠵᠠᠮ ᠳ᠋ᠤᠷ ᠪᠠᠰᠠ ᠲᠡᠮᠡᠭᠡᠴᠢᠨ ᠠᠢᠮᠠᠭ ᠢ᠋ ᠣᠯᠵᠠᠯᠠᠵᠤ᠂ ᠪᠠᠯᠭᠤ ᠬᠣᠷᠣᠭ᠎ᠠ ᠳ᠋ᠠᠭᠠᠨ ᠪᠠᠶᠠᠷ ᠪᠠᠶᠠᠰᠬᠤᠯᠠᠩᠲᠠᠢ ᠪᠠᠷ ᠡᠭᠡᠵᠦ ᠢᠷᠡᠬᠦᠢ ᠳ᠋ᠦ᠍ᠷ ᠴᠢᠪᠬᠢᠲᠡᠯ᠎ᠡ ᠲᠠᠢᠽᠦ ᠶ᠋ᠢᠨ ᠰᠠᠷ᠎ᠠ ᠳᠦᠭᠦᠷᠬᠦ ᠳ᠋ᠦ᠍ᠷ ᠲᠣᠬᠢᠶᠠᠯᠳᠤᠭᠠᠳ ᠲᠠᠢᠽᠦ ᠶ᠋ᠢ ᠦᠵᠡᠪᠡᠰᠦ ᠴᠠᠭᠠᠨ ᠲᠠᠷᠠᠭ ᠴᠣᠭᠴᠠᠯᠠᠭᠰᠠᠨ ᠮᠡᠲᠦ ᠭᠡᠷᠡᠯ ᠲᠡᠢ᠂ ᠰᠢᠷ᠎ᠠ ᠲᠣᠰᠣᠨ ᠴᠠᠷᠴᠠᠭᠰᠠᠨ ᠮᠡᠲᠦ ᠰᠢᠮ᠎ᠡ ᠲᠡᠢ᠃ ᠲᠣᠯᠣᠭᠠᠢ ᠶᠡᠬᠡ᠂ ᠨᠢᠭᠤᠷ ᠳᠥᠷᠪᠡᠯᠵᠢᠨ᠂ ᠰᠦᠷ ᠭᠡᠷᠡᠯ ᠲᠡᠢ ᠪᠥᠭᠡᠳ ᠭᠦᠨ ᠰᠢᠨᠵᠢ ᠲᠡᠢ ᠲᠤᠯᠠ ᠲᠡᠰᠬᠡᠯ ᠦᠭᠡᠢ ᠶᠡᠬᠡᠯ᠎ᠡ ᠪᠠᠶᠠᠷᠯᠠᠨ ᠥᠭᠦᠯᠡᠷᠦᠨ:《ᠡᠨᠡ ᠬᠥᠪᠡᠭᠦᠨ ᠢ᠋ ᠲᠥᠷᠥᠬᠦᠢ ᠳ᠋ᠦ᠍ᠢ ᠪᠢ ᠳᠠᠢᠰᠤᠨ ᠢ᠋ᠶ᠋ᠠᠨ ᠳᠠᠷᠤᠪᠠ ᠂ ᠡᠨᠡ ᠪᠠᠰᠠ ᠨᠥᠵᠢ ᠠᠳᠬᠤᠨ ᠲᠥᠷᠥᠭᠰᠡᠨ ᠢᠨᠤ ᠬᠣᠢᠴᠢ ᠡᠳᠦᠷ ᠯᠠᠪ ᠨᠢᠭᠡᠨ ᠰᠣᠨᠢᠨ ᠭᠠᠢᠬᠠᠮᠰᠢᠭ᠍ᠲᠤ ᠶᠡᠬᠡ ᠡᠷ᠎ᠡ ᠭᠠᠷᠤᠨᠠᠮ ᠶᠠ᠃ ᠲᠠᠲ᠋ᠠᠷ ᠢ᠋ ᠳᠠᠷᠤᠭᠠᠳ ᠲᠡᠮᠡᠭᠡᠴᠢᠨ ᠢ᠋ ᠣᠯᠵᠠᠯᠠᠭᠰᠠᠨ ᠲᠡᠭᠷᠢ ᠶ᠋ᠢᠨ ᠪᠡᠯᠡᠭ ᠲᠣᠷ ᠲᠣᠬᠢᠶᠠᠯᠳᠤᠪᠠ᠃ 》ᠭᠡᠮᠡᠨ ᠨᠡᠷ᠎ᠡ ᠶ᠋ᠢ ᠲᠡᠮᠦᠵᠢᠨ ᠭᠡᠮᠡᠨ ᠥᠭᠪᠡᠢ᠃ ᠲᠠᠢᠽᠦ ᠪᠣᠭᠳᠠ ᠶ᠋ᠢᠨ ᠡᠩ ᠲᠡᠷᠢᠭᠦᠨ ᠡᠩᠬᠦᠷᠡᠢᠯᠡᠯ ᠦ᠋ᠨ ᠨᠡᠷ᠎ᠡ ᠢᠨᠤ ᠲᠡᠭᠷᠢ ᠶ᠋ᠢᠨ ᠥᠭᠭᠦᠭᠰᠡᠨ ᠲᠡᠮᠦᠵᠢᠨ ᠬᠡᠮᠡᠭᠴᠢ ᠡᠢᠮᠦ ᠰᠢᠯᠲᠠᠭᠠᠨ ᠪᠥᠯᠥᠭᠡ᠃
ᠲᠡᠭᠦᠨᠴᠡ ᠨᠠᠷᠠᠨ ᠰᠠᠷᠠᠨ ᠤ᠋ ᠥᠩᠭᠡᠷᠡᠬᠦ ᠢᠨᠦ ᠬᠠᠷᠪᠤᠭᠰᠠᠨ ᠰᠤᠮᠤ ᠮᠡᠲᠦ ᠲᠦᠷᠭᠡᠨ᠂ ᠡᠳᠦᠷ ᠰᠠᠷ᠎ᠠ ᠶ᠋ᠢᠨ ᠡᠷᠭᠢᠬᠦ ᠢᠨᠦ ᠰᠠᠯᠬᠢᠨ ᠬᠦᠷᠳᠦ ᠮᠡᠲᠦ ᠬᠤᠷᠳᠤᠨ ᠲᠤᠯᠠ ᠨᠢᠳᠦ ᠴᠠᠪᠴᠢᠬᠤ ᠶ᠋ᠢᠨ ᠵᠠᠪᠰᠠᠷ᠎ᠠ ᠂ ᠲᠠᠢᠽᠦ ᠥᠰᠴᠦ ᠶᠢᠰᠦᠨ ᠨᠠᠰᠤ ᠲᠠᠢ ᠪᠣᠯᠵᠤ᠂ ᠳᠣᠣᠷ᠎ᠠ ᠮᠥᠨ ᠳᠥᠷᠪᠡᠨ ᠳᠡᠭᠦᠦ ᠳᠡᠯᠭᠡᠷᠡᠵᠦ᠂ ᠨᠢᠭᠡᠨ ᠠᠪᠠᠬᠠᠢ ᠲᠥᠷᠥᠪᠡ ᠃ ᠨᠢᠭᠡᠨ ᠡᠳᠦᠷ ᠶᠢᠰᠦᠭᠡᠢ ᠪᠠᠭᠠᠲᠤᠷ ᠮᠢᠩᠭᠠᠨ ᠠᠪᠠ ᠪᠠᠷ ᠠᠪᠠᠯᠠᠵᠤ ᠡᠭᠡᠵᠦ ᠢᠷᠡᠪᠡᠰᠦ᠂ ᠲᠠᠢᠽᠦ ᠬᠤᠪᠢᠯᠭᠠᠨ ᠬᠥᠪᠡᠭᠦᠨ ᠮᠡᠲᠦ ᠰᠦᠷ ᠭᠡᠷᠡᠯᠲᠡᠢ᠂ ᠨᠢᠭᠡᠨ ᠰᠦᠷᠦᠭ ᠬᠡᠳᠦᠢᠴᠢᠨᠡᠭᠡᠨ ᠬᠡᠦᠬᠡᠳ ᠢ᠋ ᠠᠪᠴᠤ ᠶᠡᠬᠡ ᠨᠠᠷᠠᠰᠤᠨ ᠮᠣᠳᠣᠨ ᠤ᠋ ᠳᠣᠪᠣ ᠶ᠋ᠢᠨ ᠳᠡᠭᠡᠷ᠎ᠡ ᠮᠣᠳᠣᠨ ᠮᠣᠷᠢ ᠤᠨᠤᠵᠤ ᠂ ᠪᠤᠷᠭᠠᠰᠤᠨ ᠰᠢᠭᠦᠷ ᠡᠷᠭᠦᠭᠦᠯᠵᠦ ᠬᠠᠲᠤᠨ ᠠᠪᠤᠮᠤᠢ ᠂ ᠬᠠᠭᠠᠨ ᠰᠠᠭᠤᠮᠤᠢ ᠭᠡᠮᠡᠨ ᠨᠠᠭᠠᠳᠴᠤ ᠪᠠᠢᠬᠤ ᠲᠤᠯᠠ ᠶᠢᠰᠦᠭᠡᠢ ᠪᠠᠭᠠᠲᠤᠷ ᠡᠨᠡ ᠬᠥᠪᠡᠭᠦᠨ ᠳ᠋ᠦ᠍ ᠪᠡᠷᠢ ᠭᠤᠶᠤᠬᠤ ᠴᠠᠭ ᠪᠣᠯᠪᠠ ᠬᠡᠮᠡᠵᠦ᠂ ᠥᠭᠡᠯᠦᠨ ᠬᠠᠲᠤᠨ ᠤ᠋ ᠲᠥᠷᠬᠥᠮ ᠤᠯᠬᠤᠨᠤᠳ ᠲᠤᠷ ᠰᠠᠢᠨ ᠥᠬᠢᠨ ᠲᠦᠷᠦᠮᠦᠢ ᠭᠡᠮᠡᠨ ᠲᠠᠢᠽᠦ ᠶ᠋ᠢ ᠮᠣᠷᠢ ᠤᠨᠤᠭᠤᠯᠤᠨ ᠬᠡᠳᠦᠨ ᠠᠷᠪᠠᠨ ᠮᠣᠷᠢᠲᠠᠨ ᠢ᠋ ᠠᠪᠴᠤ ᠨᠠᠭᠠᠴᠤ ᠨᠠᠷ ᠲᠤᠷ ᠠᠨᠤ ᠵᠣᠷᠢᠬᠤᠶᠠ ᠂ ᠵᠠᠮ ᠳ᠋ᠤ᠌ ᠬᠣᠩᠭᠢᠷᠠᠳ ᠠᠢᠮᠠᠭ ᠢ᠋ᠶ᠋ᠠᠷ ᠬᠥᠳᠡᠭᠡᠰᠡᠬᠦ ᠳ᠋ᠦ᠍ᠷ ᠬᠣᠩᠭᠢᠷᠠᠳ ᠤ᠋ᠨ ᠡᠵᠡᠨ ᠢᠨᠤ ᠲᠠᠢ ᠰᠡᠴᠡᠨ ᠮᠣᠷᠢ ᠤᠨᠤᠵᠤ᠂ ᠠᠵᠢᠨᠠᠢ ᠮᠡᠷᠭᠡᠨ᠂ ᠬᠤᠳᠠᠷᠠᠭᠠ ᠪᠠᠭᠠᠲᠤᠷ ᠬᠡᠮᠡᠬᠦ ᠬᠣᠶᠠᠷ ᠬᠥᠪᠡᠭᠦᠨ ᠢ᠋ᠶ᠋ᠡᠨ ᠳᠠᠭᠠᠭᠤᠯᠤᠨ ᠠᠭᠤᠯᠠᠨ ᠤ᠋ ᠵᠠᠬ᠎ᠠ ᠪᠠᠷ ᠶᠠᠪᠤᠬᠤᠶ᠎ᠠ᠂ ᠶᠢᠰᠦᠭᠡᠢ ᠪᠠᠭᠠᠲᠤᠷ ᠲᠤᠷ ᠴᠢᠪ ᠤᠴᠠᠷᠠᠯᠳᠤᠭᠠᠳ ᠬᠣᠶᠠᠭᠤᠯᠠ ᠮᠣᠷᠢᠨ ᠠ᠋ᠴᠠ ᠪᠠᠭᠤᠵᠤ ᠬᠠᠷᠢᠯᠴᠠᠨ ᠵᠣᠯᠭᠠᠯᠳᠤᠭᠰᠠᠨ ᠬᠣᠢᠨ᠎ᠠ ᠂ ᠲᠠᠢ ᠰᠡᠴᠡᠨ ᠮᠡᠬᠦᠢᠰᠬᠢᠨ ᠠᠰᠠᠭᠤᠷᠤᠨ :《ᠶᠡᠬᠡ ᠪᠠᠭᠠᠲᠤᠷ ᠬᠠᠮᠢᠭᠠᠰᠢ ᠮᠣᠷᠳᠠᠮᠤᠢ ? 》 ᠶᠢᠰᠦᠭᠡᠢ ᠪᠠᠭᠠᠲᠤᠷ ᠥᠭᠦᠯᠡᠷᠦᠨ : 《ᠪᠢ ᠡᠨᠡ ᠬᠥᠪᠡᠭᠦᠨ ᠳ᠋ᠡᠭᠡᠨ ᠨᠠᠭᠠᠴᠤ ᠠ᠋ᠴᠠ ᠠᠨᠤ ᠪᠡᠷᠢ ᠭᠣᠶᠣᠷ᠎ᠠ ᠣᠯᠬᠤᠨᠤᠳ ᠠᠢᠮᠠᠭ ᠲᠤᠷ ᠡᠴᠢᠰᠦᠭᠡᠢ ᠬᠡᠮᠡᠮᠦᠢ ᠃ 》ᠬᠡᠮᠡᠭᠰᠡᠨ ᠳ᠋ᠦ᠍ᠷ ᠲᠡᠢ ᠰᠡᠴᠡᠨ ᠨᠢᠳᠦ ᠡᠷᠭᠦᠨ ᠲᠠᠢᠽᠦ ᠶ᠋ᠢ ᠦᠵᠡᠭᠡᠳ ᠶᠡᠬᠡᠯ᠎ᠡ ᠰᠣᠴᠢᠨ ᠳᠠᠭᠤᠨ ᠠᠯᠳᠠᠵᠤ ᠭᠠᠢᠬᠠᠨ᠂ ᠴᠢᠷᠠᠢ ᠢᠷᠠᠯᠵᠠᠨ ᠰᠢᠨᠵᠢᠯᠡᠪᠡᠰᠦ : ᠲᠡᠷᠭᠡᠯ ᠰᠠᠷᠠᠨ ᠮᠡᠲᠦ ᠬᠠᠰ ᠴᠠᠭᠠᠨ ᠴᠢᠷᠠᠢ ᠲᠠᠢ᠂ ᠲᠡᠭᠦᠰ ᠭᠡᠭᠡᠬᠡᠨ ᠯᠤᠤ ᠶ᠋ᠢᠨ ᠨᠢᠳᠦᠨ ᠣᠷᠭᠣᠭᠠᠳ ᠳᠠᠩ ᠭᠠᠷᠤᠲᠢ ᠶ᠋ᠢᠨ ᠬᠣᠶᠠᠷ ᠬᠥᠮᠥᠰᠬᠡ ᠥᠷᠭᠡᠨ ᠬᠠᠪᠠᠷ ᠠᠨᠤ ᠬᠠᠢᠷᠬᠠᠨ ᠠᠭᠤᠯᠠ ᠮᠡᠲᠦ ᠥᠨᠳᠥᠷ᠂ ᠤᠷᠤᠭᠤᠯ ᠠᠨᠤ ᠣᠭ᠌ᠶᠤ ᠶ᠋ᠢᠨ ᠪᠣᠯᠳᠠᠭ ᠠᠳᠠᠯᠢ ᠵᠤᠵᠠᠭᠠᠨ᠂ ᠨᠢᠭᠤᠷ ᠳᠥᠷᠪᠡᠯᠵᠢᠨ ᠨᠢᠷᠤᠭᠤ ᠤᠷᠲᠤ᠂ ᠴᠢᠬᠢ ᠶᠡᠬᠡ᠂ ᠴᠡᠭᠡᠵᠢ ᠥᠨᠳᠥᠷ᠂ ᠢᠯᠡ ᠢᠨᠦ ᠠᠷᠪᠠᠨ ᠠᠯᠬᠤᠮ ᠤ᠋ᠨ ᠭᠠᠳᠠᠨ᠎ᠠ ᠰᠦᠷ ᠭᠡᠷᠡᠯ ᠪᠠᠳᠠᠷᠠᠭᠠᠳ ᠡᠴᠢᠨ᠎ᠡ ᠢᠨᠤ ᠨᠢᠭᠡᠨ ᠲᠥᠷᠥ ᠶ᠋ᠢᠨ ᠡᠵᠡᠨ ᠬᠠᠭᠠᠨ ᠰᠠᠭᠤᠬᠤ ᠪᠤᠶᠠᠨ ᠪᠣᠢ᠃ ᠡᠭᠦᠨ ᠢ᠋ ᠤᠬᠠᠵᠤ ᠣᠯᠤᠭᠠᠳ ᠶᠠᠭᠠᠷᠠᠨ ᠢᠨᠢᠶᠡᠨ ᠥᠭᠦᠯᠡᠷᠦᠨ : 《ᠥᠴᠥᠭᠡᠳᠦᠷ ᠰᠥᠨᠢ ᠮᠢᠨᠦ ᠵᠡᠭᠦᠳᠦᠨ ᠳ᠋ᠦ᠍ᠷ ᠨᠢᠭᠡᠨ ᠶᠡᠬᠡ ᠴᠠᠭᠠᠨ ᠱᠣᠩᠬᠣᠷ ᠰᠢᠪᠠᠭᠤ ᠠᠮᠠᠨ ᠳ᠋ᠠᠭᠠᠨ ᠤᠯᠠᠭᠠᠨ ᠨᠠᠷᠠᠨ ᠢ᠋ ᠵᠠᠭᠤᠵᠤ ᠢᠷᠡᠭᠡᠳ ᠮᠢᠨᠦ ᠥᠷᠭᠥᠭᠡ ᠭᠡᠷ ᠦ᠋ᠨ ᠲᠣᠭᠣᠨᠣ ᠶ᠋ᠢᠨ ᠳᠡᠭᠡᠷ᠎ᠡ ᠰᠠᠭᠤᠪᠠ ᠭᠡᠮᠡᠨ ᠵᠡᠭᠦᠳᠦᠯᠡᠭᠰᠡᠨ ᠪᠥᠯᠥᠭᠡ᠃ ᠪᠢ ᠡᠨᠡ ᠥᠷᠯᠥᠭᠡ ᠲᠥᠯᠭᠡ ᠲᠠᠲᠠᠵᠤ ᠦᠵᠡᠪᠡᠰᠦ ᠡᠨᠡ ᠡᠳᠦᠷ ᠬᠢᠶᠦᠳ ᠶᠠᠰᠤᠲᠠᠨ᠂ ᠬᠠᠳ ᠪᠤᠶᠠᠨᠲᠠᠨ ᠮᠢᠨᠦ ᠭᠡᠷ ᠲᠦ᠍ ᠪᠠᠭᠤᠬᠤ ᠪᠡᠯᠭᠡ ᠪᠣᠯᠤᠭᠰᠠᠨ ᠲᠤᠯᠠ ᠲᠤᠬᠠᠢᠯᠠᠨ ᠲᠥᠯᠭᠡ ᠶ᠋ᠢᠨ ᠵᠦᠭ ᠢ᠋ᠶ᠋ᠡᠷ ᠤᠭᠲᠤᠨ ᠦᠵᠡᠷ᠎ᠡ ᠢᠷᠡᠪᠡ᠂ ᠯᠠᠪ ᠲᠠ ᠮᠥᠨ᠂ ᠮᠢᠨᠦ ᠭᠡᠷ ᠲᠦ᠍ ᠪᠦᠷᠬᠦᠭᠰᠡᠨ ᠢᠰᠡᠭᠡᠢ ᠶ᠋ᠢ ᠨᠡᠪᠲᠡ ᠬᠡᠷᠡᠯᠳᠦᠵᠦ ᠲᠥᠷᠥᠭᠰᠡᠨ ᠪᠦᠷᠳᠡᠭᠡᠯᠵᠢᠨ ᠨᠡᠷᠡᠲᠡᠢ ᠨᠢᠭᠡᠨ ᠰᠣᠨᠢᠨ ᠬᠡᠦᠬᠡᠨ ᠪᠠᠢᠨᠠᠮ᠂ ᠮᠥᠨ ᠶᠢᠰᠦᠨ ᠨᠠᠰᠤ ᠲᠠᠢ ᠪᠥᠯᠥᠭᠡ᠂ ᠴᠢ ᠡᠴᠢᠭᠡᠳ ᠦᠵᠡᠨ ᠪᠠᠢᠵᠤ ᠮᠡᠳᠡ᠂ ᠡᠨᠡ ᠬᠣᠶᠠᠷ ᠬᠡᠦᠬᠡᠳ ᠨᠠᠰᠤᠨ ᠪᠠᠭ᠎ᠠ ᠪᠣᠯᠪᠠᠴᠤ ᠪᠡᠶ᠎ᠡ ᠮᠠᠰᠢ ᠥᠭᠡᠯᠡᠢ᠂ ᠠᠷᠪᠠᠨ ᠬᠣᠶᠠᠷ ᠭᠤᠷᠪᠠᠨ ᠨᠠᠰᠤ ᠲᠠᠢ ᠶ᠋ᠢᠨ ᠪᠡᠶ᠎ᠡ ᠪᠣᠢ ᠃ 》ᠭᠡᠮᠡᠨ ᠳᠠᠷᠤᠢ ᠨᠠᠢᠷ ᠲᠠᠯᠪᠢᠨ ᠭᠡᠷ ᠲᠡᠭᠡᠨ ᠪᠠᠭᠤᠯᠭᠠᠪᠠᠢ ᠃
ᠦᠵᠡᠰᠡ ᠡᠨᠡ ᠪᠦᠷᠲᠡᠭᠡᠯᠵᠢᠨ ᠬᠠᠲᠤᠨ ᠤ᠋ ᠲᠥᠷᠥᠭᠰᠡᠨ ᠢᠨᠤ ᠲᠠᠢᠽᠦ ᠯᠤᠭ᠎ᠠ ᠨᠢᠭᠡᠨ ᠡᠳᠦᠷ ᠪᠣᠯᠪᠠᠴᠤ ᠴᠠᠭ ᠠᠨᠤ ᠥᠭᠡᠷ᠎ᠡ᠂ ᠲᠡᠷᠡ ᠬᠠᠷ᠎ᠠ ᠮᠣᠷᠢᠨ ᠵᠢᠯ ᠦ᠋ᠨ ᠳᠥᠷᠪᠡᠨ ᠰᠠᠷ᠎ᠠ ᠶ᠋ᠢᠨ ᠠᠷᠪᠠᠨ ᠵᠢᠷᠭᠤᠭᠠᠨ ᠤ᠋ ᠮᠣᠷᠢᠨ ᠴᠠᠭ ᠲᠤᠷ ᠲᠠᠢᠽᠦ ᠲᠥᠷᠥᠭᠡᠳ ᠰᠥᠨᠢ ᠳᠦᠯᠢ ᠶ᠋ᠢᠨ ᠬᠤᠯᠤᠭᠠᠨ᠎ᠠ ᠴᠠᠭ ᠲᠤᠷ ᠪᠥᠷᠲᠡᠭᠡᠯᠵᠢᠨ ᠬᠠᠲᠤᠨ ᠢ᠋ ᠲᠥᠷᠥᠬᠦᠶᠡ᠂ ᠬᠡᠳᠦᠢᠴᠢᠨᠡᠭᠡᠨ ᠳᠠᠪᠬᠤᠷ ᠢᠰᠡᠭᠡᠢ ᠪᠡᠷ ᠪᠦᠷᠬᠦᠭᠰᠡᠨ ᠥᠷᠭᠥᠭᠡ ᠭᠡᠷ ᠪᠦᠷᠬᠦᠭᠦᠯᠲᠦ ᠵᠤᠯᠠ ᠶ᠋ᠢᠨ ᠴᠠᠭᠠᠰᠤ ᠮᠡᠲᠦ ᠤᠯᠠᠭᠠᠨ ᠭᠡᠷᠡᠯ ᠲᠤᠶᠠᠭᠠᠯᠠᠭᠰᠠᠨ ᠢ᠋ ᠪᠦᠭᠦᠳᠡᠭᠡᠷ ᠦᠵᠡᠭᠰᠡᠨ ᠢ᠋ᠶ᠋ᠡᠷ ᠪᠦᠷᠬᠦᠭᠰᠡᠨ ᠢᠰᠡᠭᠡᠢ ᠶ᠋ᠢ ᠨᠡᠪᠲᠡ ᠭᠡᠢᠭᠦᠯᠪᠡ ᠭᠡᠮᠡᠨ ᠨᠡᠷ᠎ᠡ ᠶ᠋ᠢ ᠪᠦᠷᠳᠡᠭᠡᠯᠵᠢᠨ ᠭᠡᠮᠡᠨ ᠥᠭᠭᠦᠭᠰᠡᠨ ᠠᠵᠤᠭᠤ᠃ ᠤᠭ ᠲᠤᠷ ᠠᠷᠤ ᠭᠠᠵᠠᠷ ᠰᠢᠲᠠᠷ᠎ᠠ ᠪᠠ ᠲᠥᠷᠥ ᠶ᠋ᠢᠨ ᠶᠠᠲᠤᠭ᠎ᠠ ᠶ᠋ᠢ ᠶᠡᠬᠡᠬᠡᠨ ᠭᠡᠷ ᠪᠦᠷᠢ ᠮᠠᠰᠢ ᠡᠷᠬᠢᠯᠡᠳᠡᠭ ᠲᠤᠯᠠ ᠲᠠᠢ ᠰᠡᠴᠡᠨ ᠡᠨᠡ ᠬᠡᠦᠬᠡᠨ ᠢ᠋ᠶ᠋ᠡᠨ ᠰᠣᠨᠢᠨ ᠥᠪᠡᠷ᠎ᠡ᠂ ᠰᠡᠴᠡᠨ ᠰᠡᠷᠭᠦᠯᠡᠩ ᠪᠠ ᠥᠩᠭᠡ ᠵᠢᠰᠦ ᠥᠷᠯᠥᠭᠡ ᠶ᠋ᠢᠨ ᠨᠠᠷᠠ ᠮᠡᠲᠦ ᠣᠨᠴᠠᠭᠠᠢ ᠬᠤᠷᠴᠠ ᠳ᠋ᠤᠷ ᠠᠨᠤ ᠬᠡᠲᠦᠷᠬᠡᠶ᠎ᠡ ᠬᠠᠢᠷᠠᠯᠠᠨ ᠶᠠᠲᠤᠭ᠎ᠠ ᠮᠢᠭ᠍ᠮᠠᠨ ᠢ᠋ ᠰᠤᠷᠭᠠᠭᠰᠠᠨ ᠪᠥᠯᠥᠭᠡ᠃
ᠲᠡᠨᠳᠡᠴᠡ ᠲᠡᠢ ᠰᠡᠴᠡᠨ ᠶᠢᠰᠦᠭᠡᠢ ᠪᠠᠭᠠᠲᠤᠷ ᠢ᠋ ᠭᠡᠷ ᠲᠡᠭᠡᠨ ᠵᠠᠯᠠᠵᠤ ᠪᠠᠭᠤᠯᠭᠠᠨ ᠳᠣᠲᠣᠭᠠᠳᠤ ᠥᠷᠭᠥᠭᠡ ᠳ᠋ᠦ᠍ᠷ ᠣᠷᠣᠬᠤᠶ᠎ᠠ ᠶᠠᠲᠤᠭ᠎ᠠ ᠴᠢᠪᠬᠠᠳᠠᠬᠤ ᠳᠠᠭᠤᠨ ᠰᠣᠨᠣᠰᠳᠠᠮᠤᠢ᠃ ᠲᠡᠳᠦᠢ ᠲᠡᠢ ᠰᠡᠴᠡᠨ ᠳᠣᠲᠣᠭᠠᠳᠤ ᠢᠰᠡᠭᠡᠢ ᠬᠦᠷᠢᠶᠡᠨ ᠦ᠌ ᠵᠦᠭ ᠪᠦᠷᠲᠡᠭᠡᠯᠵᠢᠨ ᠭᠡᠮᠡᠨ ᠳᠠᠭᠤᠳᠠᠭᠰᠠᠨ ᠳ᠋ᠤᠷ ᠶᠠᠲᠤᠭ᠎ᠠ ᠶ᠋ᠢᠨ ᠳᠠᠭᠤᠨ ᠵᠣᠭᠰᠣᠵᠤ᠂ ᠥᠬᠢᠨ ᠢᠨᠤ ᠵᠧ ᠭᠡᠮᠡᠨ ᠥᠴᠢᠵᠦ ᠤᠭᠲᠤᠨ ᠭᠠᠷᠴᠤ ᠢᠷᠡᠪᠡ᠃ ᠲᠡᠷᠡ ᠳᠠᠭᠤᠨ ᠤ᠋ ᠥᠩᠭᠡ ᠢᠨᠤ ᠬᠤᠯᠤᠰᠤᠨ ᠴᠢᠯᠠᠭᠤᠨ ᠤ᠋ ᠴᠢᠮᠡᠭᠡ ᠮᠡᠲᠦ ᠲᠤᠩᠭᠠᠯᠠᠭ ᠴᠢᠪᠬᠠᠢ ᠃ ᠲᠡᠳᠦᠢ ᠶᠢᠰᠦᠭᠡᠢ ᠪᠠᠭᠠᠲᠤᠷ ᠨᠢᠳᠦ ᠣᠷᠬᠢᠨ ᠲᠡᠷᠡ ᠥᠬᠢᠨ ᠢ᠋ ᠦᠵᠡᠪᠡᠰᠦ : ᠥᠷᠯᠥᠭᠡ ᠶ᠋ᠢᠨ ᠲᠤᠶᠠᠭ᠎ᠠ ᠮᠡᠲᠦ ᠲᠤᠩᠭᠠᠯᠠᠭ ᠬᠡᠢᠪᠠᠩ ᠵᠢᠰᠦ ᠳ᠋ᠦ᠍ᠷ ᠦᠯᠢᠳᠬᠡᠰᠢ ᠦᠭᠡᠢ ᠭᠠᠷᠤᠳᠢ ᠭᠠᠯᠪᠢᠩᠭ᠎ᠠ ᠶ᠋ᠢᠨ ᠨᠢᠳᠦ ᠲᠡᠢ᠃ ᠡᠭᠦᠯᠡ ᠠᠷᠢᠯᠤᠭᠰᠠᠨ ᠣᠭᠲᠠᠷᠭᠤᠢ ᠶ᠋ᠢᠨ ᠬᠥᠮᠥᠰᠬᠡ ᠤᠷᠲᠤ ᠬᠠᠰ ᠢ᠋ᠶ᠋ᠠᠷ ᠵᠦᠯᠭᠦᠭᠰᠡᠨ ᠴᠢᠬᠡ ᠰᠠᠢᠬᠠᠨ ᠬᠠᠪᠠᠷ ᠂ ᠱ᠌ᠢᠷᠦ ᠪᠡᠷ ᠰᠢᠭᠢᠳᠬᠡᠭᠰᠡᠨ ᠤᠯᠠᠭᠠᠨ ᠲᠣᠪᠴᠢ ᠶ᠋ᠢᠨ ᠤᠷᠤᠭᠤᠯ ᠂ ᠨᠢᠳᠦ ᠳᠦᠭᠦᠷᠡᠩ ᠭᠠᠯ ᠬᠠᠴᠠᠷ ᠳᠦᠭᠦᠷᠡᠩ ᠭᠡᠷᠡᠯ ᠂ ᠪᠡᠯᠭᠡᠭᠦᠰᠦᠨ ᠨᠠᠷᠢᠨ ᠂ ᠪᠡᠶ᠎ᠡ ᠬᠢᠩᠭᠠᠯᠬᠠᠨ ᠂ ᠠᠪᠤᠨ ᠦᠵᠡᠪᠡᠰᠦ ᠶᠢᠰᠦᠨ ᠲᠡᠭᠷᠢ ᠶ᠋ᠢᠨ ᠬᠤᠪᠢᠯᠭᠠᠨ ᠥᠬᠢᠨ ᠮᠡᠲᠦ᠂ ᠠᠭᠠᠵᠢᠮ ᠰᠢᠨᠵᠢᠪᠡᠰᠦ ᠭᠤᠷᠪᠠᠨ ᠣᠷᠳᠣᠨ ᠤ᠋ ᠤᠯᠤᠰ ᠤ᠋ᠨ ᠡᠬᠡ ᠪᠣᠯᠬᠤ ᠬᠤᠪᠢ ᠵᠠᠶᠠᠭ᠎ᠠ ᠠᠬᠤ ᠶ᠋ᠢ ᠲᠠᠨᠢᠵᠤ ᠭᠠᠷᠤᠭᠠᠳ ᠰᠡᠮᠡᠬᠡᠷ ᠪᠡᠶᠡᠰᠴᠦ ᠭᠦᠨ᠎ᠡ ᠲᠣᠭᠣᠮᠵᠢᠯᠠᠪᠠ᠃
ᠲᠡᠳᠦᠢ ᠲᠠᠢᠽᠦ ᠪᠣᠭᠳᠠ ᠪᠦᠷᠲᠡᠭᠡᠯᠵᠢᠨ ᠬᠠᠲᠤᠨ ᠬᠣᠶᠠᠭᠤᠯᠠ ᠬᠠᠷᠢᠯᠴᠠᠨ ᠦᠵᠡᠮᠡᠭᠴᠡ ᠬᠠᠭᠤᠴᠢᠨ ᠲᠠᠨᠢᠯ ᠮᠡᠲᠦ ᠠᠯᠤᠰᠬᠢᠨ ᠪᠠᠶᠠᠷᠯᠠᠵᠤ ᠰᠣᠴᠢᠯᠴᠠᠪᠠᠢ᠃ ᠲᠡᠭᠦᠨᠴᠡ ᠶᠢᠰᠦᠭᠡᠢ ᠪᠠᠭᠠᠲᠤᠷ᠂ ᠲᠠᠢ ᠰᠡᠴᠡᠨ ᠬᠣᠶᠠᠭᠤᠯᠠ ᠥᠬᠢᠳ ᠬᠡᠦᠬᠡᠳ ᠢ᠋ᠶ᠋ᠡᠨ ᠵᠣᠭᠰᠣᠭᠠᠵᠤ ᠡᠰᠡᠷᠭᠦ ᠰᠠᠭᠤᠯᠴᠠᠨ ᠠᠷᠢᠬᠢ ᠤᠤᠭᠤᠯᠴᠠᠬᠤᠢ ᠳ᠋ᠤᠷ ᠲᠠᠢ ᠰᠡᠴᠡᠨ ᠥᠭᠦᠯᠡᠷᠦᠨ: 《ᠪᠢᠳᠡ ᠪᠡᠷ ᠡᠷᠲᠡᠨ ᠡᠴᠡ ᠢᠨᠠᠭᠰᠢᠳᠠ ᠦᠵᠡᠰᠬᠦᠯᠡᠩᠲᠦ ᠭᠤᠸ᠎ᠠ ᠥᠬᠢᠳ ᠢ᠋ᠶ᠋ᠡᠨ ᠦᠨᠡᠮᠴᠢᠲᠦ ᠪᠣᠷᠵᠢᠭᠢᠳ ᠲᠤᠷ ᠬᠠᠲᠤᠨ ᠪᠣᠯᠭᠠᠨ᠂ ᠵᠢᠪᠬᠤᠯᠠᠩᠲᠤ ᠰᠠᠢᠬᠠᠨ ᠥᠬᠢᠳ ᠢ᠋ᠶ᠋ᠡᠨ ᠵᠠᠶᠠᠭᠠᠲᠤ ᠪᠣᠷᠵᠢᠭᠢᠳ ᠲᠤ᠌ ᠬᠠᠲᠤᠨ ᠪᠣᠯᠭᠠᠭᠰᠠᠭᠠᠷ ᠢᠷᠡᠭᠰᠡᠨ ᠬᠠᠭᠤᠴᠢᠨ ᠤᠷᠤᠭ ᠪᠥᠯᠥᠭᠡ᠃ ᠮᠢᠨᠦ ᠥᠬᠢᠨ᠂ ᠴᠢᠨᠦ ᠬᠥᠪᠡᠭᠦᠨ ᠳ᠋ᠦ᠍ᠷ ᠦᠯᠦ ᠲᠡᠩᠴᠡᠮᠦᠢ ᠦᠦ ? 》 ᠬᠡᠮᠡᠭᠰᠡᠨ ᠳ᠋ᠦ᠍ᠷ ᠶᠢᠰᠦᠭᠡᠢ ᠪᠠᠭᠠᠲᠤᠷ ᠬᠥᠪᠡᠭᠦᠨ ᠡᠴᠡ ᠪᠡᠨ ᠠᠰᠠᠭᠤᠰᠤᠭᠠᠢ ᠭᠡᠮᠡᠨ ᠰᠠᠨᠠᠵᠤ ᠂ ᠬᠣᠶᠠᠷ ᠬᠡᠦᠬᠡᠳ ᠴᠥᠮ ᠪᠠᠭ᠎ᠠ ᠪᠠᠢᠭᠰᠠᠭᠠᠷ ᠠᠯᠭᠤᠷᠯᠠᠨ ᠲᠣᠭᠲᠠᠭᠠᠶ᠎ᠠ ᠬᠡᠮᠡᠵᠦ ᠪᠠᠬᠠᠨ ᠲᠦᠳᠡᠭᠡᠯᠵᠡᠰᠦᠭᠡᠢ ᠬᠡᠮᠡᠬᠦᠢ ᠳ᠋ᠦ᠍ᠷ ᠲᠠᠢᠽᠦ ᠳᠠᠷᠤᠢ ᠤᠷᠣᠭ᠍ᠰᠢ ᠰᠥᠭᠥᠳᠴᠦ ᠮᠡᠳᠡᠭᠦᠯᠦᠷᠦᠨ : 《ᠠᠰᠢᠳᠠ ᠡᠨᠡ ᠬᠡᠷᠡᠭ ᠪᠣᠯᠤᠨᠠᠮ ᠶᠠ ᠂ ᠪᠣᠯᠤᠰ ᠪᠣᠯᠲᠤᠭᠠᠢ ! 》 ᠬᠡᠮᠡᠭᠰᠡᠨ ᠳ᠋ᠦ᠍ᠷ ᠶᠢᠰᠦᠭᠡᠢ ᠪᠠᠭᠠᠲᠤᠷ ᠶᠡᠬᠡᠯ᠎ᠡ ᠪᠠᠶᠠᠷᠯᠠᠵᠤ᠂ ᠲᠡᠭᠷᠢ ᠶ᠋ᠢᠨ ᠲᠥᠷᠥᠯᠬᠢ ᠬᠤᠪᠢ ᠵᠣᠬᠢᠶᠠᠯ ᠪᠠᠢᠨᠠᠮ ᠬᠡᠮᠡᠵᠦ ᠠᠷᠢᠬᠢ ᠪᠠᠷᠢᠵᠤ᠂ ᠪᠡᠯᠡᠳᠬᠡᠵᠦ ᠶᠠᠪᠤᠭᠰᠠᠨ ᠬᠣᠣᠷᠠᠵᠠ ᠠᠷᠢᠬᠢ ᠪᠠᠨ ᠤᠤᠭᠤᠯᠭᠠᠨ ᠬᠣᠨᠢ ᠰᠠᠷᠬᠤᠳ ᠢ᠋ᠶ᠋ᠠᠨ ᠪᠠᠷᠢᠵᠤ ᠭᠠᠯ ᠭᠣᠯᠣᠮᠲᠠ ᠳ᠋ᠤᠷ ᠠᠨᠤ ᠬᠠᠯᠢᠮ ᠣᠷᠬᠢᠵᠤ᠂ ᠬᠣᠶᠠᠷ ᠶᠢᠰᠦᠨ ᠦ᠌ ᠪᠡᠯᠡᠭ ᠦ᠋ᠨ ᠮᠣᠷᠢᠨ ᠢ᠋ᠶ᠋ᠠᠨ ᠪᠠᠷᠢᠵᠤ᠂ ᠲᠠᠢᠽᠦ ᠶ᠋ᠢ ᠮᠥᠷᠭᠥᠭᠦᠯᠦᠨ᠂ ᠭᠤᠶᠤᠵᠤ ᠲᠣᠭᠲᠠᠭᠰᠠᠨ ᠪᠠᠶᠠᠷ ᠲᠤᠷ ᠨᠢᠭᠡᠨ ᠡᠳᠦᠷ ᠬᠤᠷᠢᠮᠯᠠᠨ ᠥᠨᠵᠢᠭᠡᠳ ᠬᠠᠷᠢᠰᠤᠭᠠᠢ ᠬᠡᠮᠡᠬᠦᠢ ᠳ᠋ᠦ᠍ᠷ ᠲᠡᠢ ᠰᠡᠴᠡᠨ ᠥᠭᠦᠯᠡᠷᠦᠨ : 《ᠬᠥᠪᠡᠭᠦᠨ ᠢ᠋ ᠴᠢᠨᠦ ᠦᠵᠡᠪᠡᠰᠦ ᠬᠥᠮᠦᠨ ᠦ᠌ ᠮᠠᠩᠯᠠᠢ ᠂ ᠶᠡᠷᠦ ᠭᠠᠢᠬᠠᠯᠲᠠᠢ ᠳᠦᠷᠰᠦ ᠲᠡᠢ ᠪᠠᠢᠨᠠᠮ᠂ ᠡᠨᠳᠡ ᠦᠯᠡᠳᠡᠭᠡᠨ ᠡᠴᠢᠲᠦᠭᠡᠢ᠂ ᠪᠢ ᠪᠠᠬᠠᠨ ᠤᠬᠠᠭᠠᠨ ᠡᠷᠳᠡᠮ ᠢ᠋ᠶ᠋ᠡᠨ ᠰᠤᠷᠭᠠᠰᠤᠭᠠᠢ ᠃ 》ᠬᠡᠮᠡᠭᠰᠡᠨ ᠳ᠋ᠦ᠍ᠷ ᠶᠢᠰᠦᠭᠡᠢ ᠪᠠᠭᠠᠲᠤᠷ ᠦᠭᠡ ᠶ᠋ᠢ ᠵᠥᠪᠰᠢᠶᠡᠵᠦ ᠂ ᠲᠠᠢᠽᠦ ᠶ᠋ᠢ ᠬᠠᠳᠠᠮ ᠳ᠋ᠤᠷ ᠠᠨᠤ ᠦᠯᠡᠳᠡᠭᠡᠭᠡᠳ ᠬᠠᠷᠢᠵᠤ ᠢᠷᠡᠬᠦᠶ᠎ᠡ ᠵᠠᠮ ᠳ᠋ᠤᠷ ᠥᠷᠥᠰᠢᠶᠡᠨ ᠦᠯᠡᠳᠡᠭᠡᠭᠰᠡᠨ ᠲᠡᠷᠡ ᠬᠦ᠌ ᠲᠠᠲ᠋ᠠᠷ ᠠᠢᠮᠠᠭ ᠢ᠋ᠶ᠋ᠠᠷ ᠥᠩᠭᠡᠷᠡᠬᠦ ᠲᠤᠯᠠ ᠲᠠᠲ᠋ᠠᠷ ᠤ᠋ᠨ ᠪᠤᠲᠠᠷᠠᠵᠤ ᠦᠯᠡᠳᠡᠭᠰᠡᠨ ᠠᠷᠠᠳ ᠬᠤᠷᠠᠯᠳᠤᠨ ᠵᠠᠮ ᠲᠣᠰᠴᠤ ᠶᠢᠰᠦᠭᠡᠢ ᠪᠠᠭᠠᠲᠤᠷ ᠢ᠋ ᠵᠠᠯᠠᠵᠤ ᠂ ᠪᠢᠳᠡᠨ ᠢ᠋ ᠠᠯᠠᠯ ᠦᠭᠡᠢ ᠦᠯᠡᠳᠡᠭᠡᠭᠰᠡᠨ ᠡᠵᠡᠨ ᠦ᠌ ᠠᠴᠢ ᠬᠡᠰᠢᠭ ᠲᠦ᠍ ᠠᠷᠢᠬᠢ ᠪᠠᠷᠢᠵᠤ ᠮᠥᠷᠭᠥᠮᠦᠢ ᠬᠡᠮᠡᠵᠦ ᠮᠥᠯᠬᠥᠨ ᠤᠭᠲᠤᠵᠤ ᠬᠤᠷᠢᠮ ᠪᠠᠷᠢᠭ᠍ᠰᠠᠨ ᠳ᠋ᠤᠷ ᠶᠢᠰᠦᠭᠡᠢ ᠪᠠᠭᠠᠲᠤᠷ ᠡᠰᠡ ᠰᠡᠷᠡᠵᠦ ᠬᠣᠣᠷᠠᠲᠤ ᠠᠷᠢᠬᠢ ᠳ᠋ᠤ᠌ ᠬᠣᠣᠷᠯᠠᠭᠳᠠᠭᠠᠳ ᠰᠠᠶᠢ ᠤᠬᠠᠵᠤ ᠶᠡᠬᠡᠯ᠎ᠡ ᠬᠢᠯᠢᠩᠯᠡᠵᠦ ᠂ ᠲᠡᠷᠢᠭᠦᠯᠡᠭᠰᠡᠨ ᠲᠠᠪᠤᠨ ᠬᠥᠮᠦᠨ ᠡᠴᠡ ᠳᠥᠷᠪᠡᠨ ᠢ᠋ ᠢᠨᠤ ᠥᠪᠡᠷ ᠦ᠋ᠨ ᠭᠠᠷ ᠢ᠋ᠶ᠋ᠠᠷ ᠲᠠᠰᠤ ᠲᠠᠰᠤ ᠴᠠᠪᠴᠢᠨ ᠠᠯᠠᠭᠠᠳ ᠬᠤᠷᠠᠭᠰᠠᠨ ᠣᠯᠠᠨ ᠢ᠋ ᠠᠯᠠᠨ ᠰᠠᠷᠨᠢᠭᠤᠯᠵᠤ᠂ ᠮᠣᠷᠢ ᠪᠠᠨ ᠤᠨᠤᠨ ᠮᠡᠩᠳᠡᠨ ᠰᠡᠩᠳᠡᠨ ᠳᠣᠪᠲᠣᠯᠵᠤ᠂ ᠪᠠᠯᠭᠤ ᠬᠣᠷᠣᠭ᠎ᠠ ᠳ᠋ᠠᠭᠠᠨ ᠬᠦᠷᠴᠦ ᠢᠷᠡᠭᠡᠳ ᠬᠦᠷᠢᠶᠡᠨ ᠦ᠌ ᠡᠮᠦᠨ᠎ᠡ ᠮᠣᠷᠢᠨ ᠠ᠋ᠴᠠ ᠪᠠᠨ ᠤᠨᠠᠪᠠᠢ᠃ ᠳᠠᠭᠠᠭᠰᠠᠨ ᠠᠷᠠᠳ ᠳᠥᠰᠢᠨ ᠣᠷᠣᠭᠤᠯᠤᠭᠰᠠᠨ ᠬᠣᠢᠨ᠎ᠠ ᠥᠭᠡᠯᠦᠨ ᠬᠠᠲᠤᠨ ᠶᠡᠬᠡᠯ᠎ᠡ ᠰᠣᠴᠢᠨ ᠠᠶᠤᠵᠤ᠂ ᠤᠴᠢᠷ ᠢ᠋ ᠠᠰᠠᠭᠤᠭᠰᠠᠨ ᠳ᠋ᠤᠷ ᠶᠢᠰᠦᠭᠡᠢ ᠪᠠᠭᠠᠲᠤᠷ ᠥᠭᠦᠯᠡᠷᠦᠨ :
ᠠᠶᠤᠯ ᠲᠠᠢ ᠲᠠᠲ᠋ᠠᠷ ᠢ᠋ ᠳᠠᠭᠠᠷᠢᠭ᠍ᠰᠠᠨ ᠪᠥᠯᠥᠭᠡ
ᠠᠮᠲᠠᠲᠤ ᠢᠳᠡᠭᠡᠨ ᠢ᠋ ᠢᠳᠡᠭᠰᠡᠨ ᠪᠥᠯᠥᠭᠡ᠂
ᠠᠷᠢᠬᠢᠨ ᠤ᠋ ᠳᠣᠲᠣᠷ᠎ᠠ ᠬᠣᠣᠷ᠎ᠠ ᠬᠣᠯᠢᠵᠤ
ᠠᠮᠢᠨ ᠳ᠋ᠤᠷ ᠮᠢᠨᠦ ᠳᠠᠢᠰᠤᠨ ᠪᠣᠯᠭᠠᠪᠠᠢ᠃
ᠣᠢᠷ᠎ᠠ ᠮᠢᠨᠦ ᠬᠡᠨ ᠪᠣᠢ ? ᠬᠡᠮᠡᠭᠰᠡᠨ᠎ᠡ ᠬᠣᠩᠬᠣᠲᠠᠨ ᠤ᠋ ᠮᠡᠩᠬᠡᠯᠢᠭ : 《ᠵᠧ ᠪᠢ ᠪᠣᠢ 》ᠭᠡᠮᠡᠨ ᠭᠠᠷᠪᠠ ᠃ ᠶᠢᠰᠦᠭᠡᠢ ᠪᠠᠭᠠᠲᠤᠷ ᠥᠭᠦᠯᠡᠷᠦᠨ : 《ᠲᠡᠮᠦᠵᠢᠨ ᠢ᠋ ᠪᠢ ᠬᠣᠩᠭᠢᠷᠠᠳ ᠤ᠋ᠨ ᠲᠠᠢ ᠰᠡᠴᠡᠨ ᠳ᠋ᠦ᠍ᠷ ᠬᠦᠷᠭᠡᠨ ᠪᠣᠯᠭᠠᠨ ᠣᠷᠬᠢᠵᠤ ᠢᠷᠡᠲᠡᠯ᠎ᠡ ᠲᠠᠲ᠋ᠠᠷ ᠬᠤᠯᠠᠭᠠᠢ ᠨᠠᠷ ᠲᠤᠷ ᠬᠣᠣᠷᠯᠠᠭᠳᠠᠪᠠ ᠃ ᠠᠶᠤᠤᠯᠢᠬᠠᠢ ᠳ᠋ᠤᠷ ᠮᠢᠨᠦ ᠮᠠᠭᠤᠬᠠᠢ ᠪᠠᠢᠨᠠᠮ ᠂ ᠠᠮᠠᠷᠠᠭ ᠬᠥᠪᠡᠭᠦᠨ ᠢ᠋ ᠮᠢᠨᠦ ᠠᠪᠴᠤ ᠢᠷᠡᠭᠲᠦᠨ᠂ ᠲᠦᠷᠭᠡᠨ ! 》ᠬᠡᠮᠡᠭᠡᠳ ᠤᠨᠠᠵᠤ ᠬᠡᠪᠲᠡᠪᠡᠢ᠃
ᠲᠡᠳᠦᠢ ᠥᠭᠡᠯᠦᠨ ᠬᠠᠲᠤᠨ ᠶᠠᠭᠠᠷᠠᠨ ᠬᠣᠩᠬᠣᠳᠠᠨ ᠤ᠋ ᠮᠡᠩᠬᠡᠯᠢᠭ ᠢ᠋ ᠲᠠᠢᠽᠦ ᠶ᠋ᠢ ᠠᠪᠤᠭᠤᠯᠤᠷ᠎ᠠ ᠳᠣᠪᠲᠣᠯᠭᠠᠪᠠ᠃ ᠲᠠᠢᠽᠦ ᠮᠠᠭᠤ ᠮᠡᠳᠡᠭᠡ ᠶ᠋ᠢ ᠰᠣᠨᠣᠰᠴᠤ ᠶᠠᠭᠠᠷᠠᠨ ᠰᠥᠨᠢ ᠳᠦᠯᠢᠨ ᠰᠡᠬᠦᠭᠦᠯᠦᠨ ᠳᠣᠪᠲᠣᠯᠤᠭᠰᠠᠭᠠᠷ ᠬᠦᠷᠴᠦ ᠢᠷᠡᠲᠡᠯ᠎ᠡ ᠶᠢᠰᠦᠭᠡᠢ ᠪᠠᠭᠠᠲᠤᠷ ᠬᠡᠳᠦᠢᠨᠡᠢ ᠲᠡᠭᠷᠢ ᠪᠣᠯᠵᠤᠬᠤᠢ᠃ ᠡᠨᠡ ᠵᠢᠯ ᠭᠤᠴᠢᠨ ᠭᠤᠷᠪᠠᠨ ᠨᠠᠰᠤ ᠲᠠᠢ ᠪᠥᠯᠥᠭᠡ᠃ ᠥᠭᠡᠯᠦᠨ ᠬᠠᠲᠤᠨ ᠬᠣᠷᠢᠨ ᠳᠣᠯᠣᠭᠠᠨ ᠨᠠᠰᠤᠨ ᠰᠡᠭᠦᠳᠡᠷ ᠲᠡᠢ ᠠᠵᠤᠭᠤ᠃
ᠲᠡᠭᠦᠨᠴᠡ ᠲᠠᠢᠽᠦ ᠡᠴᠢᠭᠡ ᠪᠡᠨ ᠦᠵᠡᠮᠡᠭᠴᠡ ᠳᠣᠲᠣᠷ᠎ᠠ ᠬᠠᠷᠠᠯᠠᠵᠤ ᠭᠠᠵᠠᠷ ᠲᠤᠷ ᠤᠨᠠᠨ ᠂ ᠪᠡᠶ᠎ᠡ ᠪᠡᠨ ᠬᠦᠰᠡᠷ᠎ᠡ ᠳᠡᠯᠡᠳᠴᠦ ᠥᠨᠳᠥᠷ ᠳᠠᠭᠤᠨ ᠢ᠋ᠶ᠋ᠡᠷ ᠤᠬᠢᠯᠠᠨ ᠥᠭᠦᠯᠡᠷᠦᠨ :
ᠥᠷᠥᠰᠢᠶᠡᠯᠳᠦ ᠡᠴᠢᠭᠡ ᠮᠢᠨᠦ
ᠥᠴᠦᠬᠡᠨ ᠬᠥᠪᠡᠭᠦᠨ ᠦ᠌ ᠪᠡᠨ ᠲᠤᠯᠠ ᠶᠠᠪᠤᠭᠰᠠᠭᠠᠷ
ᠥᠪᠡᠷ ᠦ᠋ᠨ ᠠᠮᠢᠨ ᠢ᠋ᠶ᠋ᠠᠨ ᠭᠡᠭᠡᠪᠡᠢ᠃
ᠰᠦᠷᠲᠦ ᠡᠴᠢᠭᠡ ᠮᠢᠨᠦ
ᠰᠥᠳᠥ ᠬᠥᠪᠡᠭᠦᠨ ᠦ᠌ ᠪᠡᠨ ᠲᠤᠯᠠ ᠶᠠᠪᠤᠭᠰᠠᠭᠠᠷ
ᠰᠦᠯᠳᠡᠲᠦ ᠶᠠᠰᠤᠨ ᠢ᠋ᠶ᠋ᠠᠨ ᠤᠭᠤᠷᠠᠪᠠᠢ᠃
ᠬᠡᠮᠡᠵᠦ ᠭᠠᠰᠢᠭᠤᠳᠠᠨ ᠬᠠᠷᠠᠩᠭᠤᠳᠪᠠᠢ᠃ ᠥᠭᠡᠯᠦᠨ ᠡᠬᠡ ᠤᠬᠢᠯᠠᠨ ᠲᠡᠩᠬᠡᠷᠡᠭᠦᠯᠦᠭᠰᠡᠨ ᠬᠣᠢᠨ᠎ᠠ ᠰᠠᠶᠢ ᠳᠥᠷᠪᠡᠨ ᠳᠡᠭᠦᠦ ᠨᠠᠷ ᠲᠠᠭᠠᠨ ᠤᠴᠠᠷᠠᠪᠠᠢ᠂ ᠶᠢᠰᠦᠭᠡᠢ ᠪᠠᠭᠠᠲᠤᠷ ᠲᠤᠷ ᠲᠠᠪᠤᠨ ᠬᠥᠪᠡᠭᠦᠨ ᠪᠣᠢ᠂ ᠠᠬᠠᠮᠠᠳ ᠠᠨᠤ ᠲᠠᠢᠽᠦ ᠲᠡᠮᠦᠵᠢᠨ ᠴᠢᠩᠭᠢᠰ ᠪᠣᠭᠳᠠ ᠮᠥᠨ᠂ ᠬᠣᠶᠠᠳᠤᠭᠠᠷ ᠠᠨᠤ ᠪᠦᠬᠦ ᠪᠡᠯᠭᠦᠳᠡᠢ ᠵᠡᠪᠡ ᠴᠢᠯᠠᠭᠤᠨ ᠳ᠋ᠤ᠌ ᠣᠨᠣᠭᠳᠠᠪᠠᠴᠤ ᠥᠴᠦᠬᠡᠨ ᠴᠦ᠍ ᠠᠯᠵᠠᠳᠠᠭ ᠦᠭᠡᠢ ᠲᠤᠯᠠ ᠪᠦᠬᠦ ᠪᠡᠯᠭᠦᠳᠡᠢ ᠬᠡᠮᠡᠵᠦᠬᠦᠢ᠃ ᠭᠤᠷᠪᠠᠳᠤᠭᠠᠷ ᠠᠨᠤ ᠬᠠᠪᠤᠲᠤ ᠬᠠᠰᠠᠷ ᠬᠠᠷᠪᠤᠬᠤ ᠪᠦᠷᠢ ᠵᠡᠪᠡ ᠬᠣᠭᠣᠰᠣᠨ ᠦᠭᠡᠢ ᠲᠤᠯᠠ ᠬᠠᠪᠤᠲᠤ ᠬᠠᠰᠠᠷ ᠬᠡᠮᠡᠵᠦᠬᠦᠢ᠃ ᠳᠥᠷᠪᠡᠳᠦᠭᠡᠷ ᠢᠨᠦ ᠣᠢᠲᠤ ᠤᠴᠢᠭ᠂ ᠡᠨᠡ ᠦᠶ᠎ᠡ ᠶ᠋ᠢᠨ ᠣᠯᠠᠩᠬᠢ ᠨᠢ ᠴᠥᠮ ᠣᠢᠲᠤ ᠸᠴᠢᠷ ᠭᠡᠮᠡᠨ ᠳᠠᠭᠤᠳᠠᠮᠤᠢ᠂ ᠣᠩᠨᠢᠭᠤᠳ ᠬᠣᠶᠠᠷ ᠬᠣᠰᠢᠭᠤ ᠡᠭᠦᠨ ᠦ᠌ ᠦᠷᠡᠰ ᠮᠥᠨ᠂ ᠴᠢᠬᠢ ᠨᠢᠳᠦᠨ ᠢ᠋ᠶ᠋ᠡᠷ ᠨᠢᠭᠡᠨᠲᠡ ᠥᠩᠭᠡᠷᠡᠭᠰᠡᠨ ᠢ᠋ ᠢᠨᠦ ᠬᠡᠷᠬᠢᠪᠡᠴᠦ ᠤᠮᠠᠷᠲᠠᠬᠤ ᠦᠭᠡᠢ ᠲᠤᠯᠠ ᠣᠢᠲᠤ ᠣᠴᠢᠭ ᠬᠡᠮᠡᠵᠦᠬᠦᠢ᠃ ᠲᠠᠪᠤᠳᠤᠭᠠᠷ ᠠᠨᠤ ᠤᠷᠠᠨ ᠭᠠᠴᠤᠭ᠂ ᠵᠢᠷᠤᠬᠤ ᠰᠡᠢᠯᠬᠦ ᠡᠭᠦᠳᠬᠦ ᠦᠢᠯᠡᠳᠬᠦ ᠳ᠋ᠦ᠍ᠷ ᠮᠠᠰᠢ ᠤᠷᠠᠨ ᠨᠠᠷᠢᠨ ᠲᠤᠯᠠ ᠤᠷᠠᠨ ᠭᠠᠴᠤᠭ ᠬᠡᠮᠡᠵᠦᠬᠦᠢ᠃ ᠪᠠᠰᠠ ᠨᠢᠭᠡᠨ ᠠᠪᠠᠬᠠᠢ ᠪᠠᠢᠬᠤ᠂ ᠬᠡᠲᠦᠷᠬᠡᠶ᠎ᠡ ᠭᠡᠭᠡᠨ ᠴᠠᠭᠠᠨ ᠪᠥᠭᠡᠳ ᠭᠤᠸ᠎ᠠ ᠦᠵᠡᠰᠬᠦᠯᠡᠩ ᠲᠤᠯᠠ ᠨᠡᠷ᠎ᠡ ᠶ᠋ᠢ ᠲᠤᠨᠤᠮᠠᠯ ᠲᠠᠵᠢ ᠬᠡᠮᠡᠵᠦᠬᠦᠢ᠂ ᠪᠦᠭᠦᠳᠡ ᠶ᠋ᠢᠨ ᠥᠬᠢᠨ ᠳᠡᠭᠦᠦ ᠪᠥᠯᠥᠭᠡ ᠃
ᠲᠡᠭᠦᠨᠴᠡ ᠲᠠᠢᠽᠦ ᠡᠴᠢᠭᠡ ᠪᠡᠨ ᠦᠵᠡᠮᠡᠭᠴᠡ ᠳᠣᠲᠣᠷ᠎ᠠ ᠬᠠᠷᠠᠯᠠᠵᠤ ᠭᠠᠵᠠᠷ ᠲᠤᠷ ᠤᠨᠠᠨ ᠂ ᠪᠡᠶ᠎ᠡ ᠪᠡᠨ ᠬᠦᠰᠡᠷ᠎ᠡ ᠳᠡᠯᠡᠳᠴᠦ ᠥᠨᠳᠥᠷ ᠳᠠᠭᠤᠨ ᠢ᠋ᠶ᠋ᠡᠷ ᠤᠬᠢᠯᠠᠨ ᠥᠭᠦᠯᠡᠷᠦᠨ :
ᠥᠷᠥᠰᠢᠶᠡᠯᠳᠦ ᠡᠴᠢᠭᠡ ᠮᠢᠨᠦ
ᠥᠴᠦᠬᠡᠨ ᠬᠥᠪᠡᠭᠦᠨ ᠦ᠌ ᠪᠡᠨ ᠲᠤᠯᠠ ᠶᠠᠪᠤᠭᠰᠠᠭᠠᠷ
ᠥᠪᠡᠷ ᠦ᠋ᠨ ᠠᠮᠢᠨ ᠢ᠋ᠶ᠋ᠠᠨ ᠭᠡᠭᠡᠪᠡᠢ᠃
ᠰᠦᠷᠲᠦ ᠡᠴᠢᠭᠡ ᠮᠢᠨᠦ
ᠰᠥᠳᠥ ᠬᠥᠪᠡᠭᠦᠨ ᠦ᠌ ᠪᠡᠨ ᠲᠤᠯᠠ ᠶᠠᠪᠤᠭᠰᠠᠭᠠᠷ
ᠰᠦᠯᠳᠡᠲᠦ ᠶᠠᠰᠤᠨ ᠢ᠋ᠶ᠋ᠠᠨ ᠤᠭᠤᠷᠠᠪᠠᠢ᠃
ᠬᠡᠮᠡᠵᠦ ᠭᠠᠰᠢᠭᠤᠳᠠᠨ ᠬᠠᠷᠠᠩᠭᠤᠳᠪᠠᠢ᠃ ᠥᠭᠡᠯᠦᠨ ᠡᠬᠡ ᠤᠬᠢᠯᠠᠨ ᠲᠡᠩᠬᠡᠷᠡᠭᠦᠯᠦᠭᠰᠡᠨ ᠬᠣᠢᠨ᠎ᠠ ᠰᠠᠶᠢ ᠳᠥᠷᠪᠡᠨ ᠳᠡᠭᠦᠦ ᠨᠠᠷ ᠲᠠᠭᠠᠨ ᠤᠴᠠᠷᠠᠪᠠᠢ᠂ ᠶᠢᠰᠦᠭᠡᠢ ᠪᠠᠭᠠᠲᠤᠷ ᠲᠤᠷ ᠲᠠᠪᠤᠨ ᠬᠥᠪᠡᠭᠦᠨ ᠪᠣᠢ᠂ ᠠᠬᠠᠮᠠᠳ ᠠᠨᠤ ᠲᠠᠢᠽᠦ ᠲᠡᠮᠦᠵᠢᠨ ᠴᠢᠩᠭᠢᠰ ᠪᠣᠭᠳᠠ ᠮᠥᠨ᠂ ᠬᠣᠶᠠᠳᠤᠭᠠᠷ ᠠᠨᠤ ᠪᠦᠬᠦ ᠪᠡᠯᠭᠦᠳᠡᠢ ᠵᠡᠪᠡ ᠴᠢᠯᠠᠭᠤᠨ ᠳ᠋ᠤ᠌ ᠣᠨᠣᠭᠳᠠᠪᠠᠴᠤ ᠥᠴᠦᠬᠡᠨ ᠴᠦ᠍ ᠠᠯᠵᠠᠳᠠᠭ ᠦᠭᠡᠢ ᠲᠤᠯᠠ ᠪᠦᠬᠦ ᠪᠡᠯᠭᠦᠳᠡᠢ ᠬᠡᠮᠡᠵᠦᠬᠦᠢ᠃ ᠭᠤᠷᠪᠠᠳᠤᠭᠠᠷ ᠠᠨᠤ ᠬᠠᠪᠤᠲᠤ ᠬᠠᠰᠠᠷ ᠬᠠᠷᠪᠤᠬᠤ ᠪᠦᠷᠢ ᠵᠡᠪᠡ ᠬᠣᠭᠣᠰᠣᠨ ᠦᠭᠡᠢ ᠲᠤᠯᠠ ᠬᠠᠪᠤᠲᠤ ᠬᠠᠰᠠᠷ ᠬᠡᠮᠡᠵᠦᠬᠦᠢ᠃ ᠳᠥᠷᠪᠡᠳᠦᠭᠡᠷ ᠢᠨᠦ ᠣᠢᠲᠤ ᠤᠴᠢᠭ᠂ ᠡᠨᠡ ᠦᠶ᠎ᠡ ᠶ᠋ᠢᠨ ᠣᠯᠠᠩᠬᠢ ᠨᠢ ᠴᠥᠮ ᠣᠢᠲᠤ ᠸᠴᠢᠷ ᠭᠡᠮᠡᠨ ᠳᠠᠭᠤᠳᠠᠮᠤᠢ᠂ ᠣᠩᠨᠢᠭᠤᠳ ᠬᠣᠶᠠᠷ ᠬᠣᠰᠢᠭᠤ ᠡᠭᠦᠨ ᠦ᠌ ᠦᠷᠡᠰ ᠮᠥᠨ᠂ ᠴᠢᠬᠢ ᠨᠢᠳᠦᠨ ᠢ᠋ᠶ᠋ᠡᠷ ᠨᠢᠭᠡᠨᠲᠡ ᠥᠩᠭᠡᠷᠡᠭᠰᠡᠨ ᠢ᠋ ᠢᠨᠦ ᠬᠡᠷᠬᠢᠪᠡᠴᠦ ᠤᠮᠠᠷᠲᠠᠬᠤ ᠦᠭᠡᠢ ᠲᠤᠯᠠ ᠣᠢᠲᠤ ᠣᠴᠢᠭ ᠬᠡᠮᠡᠵᠦᠬᠦᠢ᠃ ᠲᠠᠪᠤᠳᠤᠭᠠᠷ ᠠᠨᠤ ᠤᠷᠠᠨ ᠭᠠᠴᠤᠭ᠂ ᠵᠢᠷᠤᠬᠤ ᠰᠡᠢᠯᠬᠦ ᠡᠭᠦᠳᠬᠦ ᠦᠢᠯᠡᠳᠬᠦ ᠳ᠋ᠦ᠍ᠷ ᠮᠠᠰᠢ ᠤᠷᠠᠨ ᠨᠠᠷᠢᠨ ᠲᠤᠯᠠ ᠤᠷᠠᠨ ᠭᠠᠴᠤᠭ ᠬᠡᠮᠡᠵᠦᠬᠦᠢ᠃ ᠪᠠᠰᠠ ᠨᠢᠭᠡᠨ ᠠᠪᠠᠬᠠᠢ ᠪᠠᠢᠬᠤ᠂ ᠬᠡᠲᠦᠷᠬᠡᠶ᠎ᠡ ᠭᠡᠭᠡᠨ ᠴᠠᠭᠠᠨ ᠪᠥᠭᠡᠳ ᠭᠤᠸ᠎ᠠ ᠦᠵᠡᠰᠬᠦᠯᠡᠩ ᠲᠤᠯᠠ ᠨᠡᠷ᠎ᠡ ᠶ᠋ᠢ ᠲᠤᠨᠤᠮᠠᠯ ᠲᠠᠵᠢ ᠬᠡᠮᠡᠵᠦᠬᠦᠢ᠂ ᠪᠦᠭᠦᠳᠡ ᠶ᠋ᠢᠨ ᠥᠬᠢᠨ ᠳᠡᠭᠦᠦ ᠪᠥᠯᠥᠭᠡ ᠃
ᠲᠡᠭᠦᠨᠴᠡ ᠪᠧᠲ᠋ᠠ᠋ ᠤᠯᠤᠰ ᠤ᠋ᠨ ᠬᠣᠲᠠᠯᠠᠭᠠᠷ ᠬᠦᠨᠳᠦ ᠪᠡᠯᠪᠡᠰᠦᠷᠡᠨ᠂ ᠭᠠᠰᠠᠯᠠᠩ ᠢ᠋ ᠲᠡᠭᠦᠰᠬᠡᠬᠦ ᠶ᠋ᠢ ᠬᠡᠯᠡᠯᠴᠡᠬᠦ ᠦᠭᠡᠢ᠃ ᠡᠨᠡ ᠦᠶ᠎ᠡ ᠳ᠋ᠦ᠍ᠷ ᠠᠬ᠎ᠠ ᠳᠡᠭᠦᠦ ᠨᠠᠷ ᠴᠥᠮ ᠪᠠᠭ᠎ᠠ ᠲᠤᠯᠠ ᠳᠣᠣᠷᠠᠬᠢ ᠣᠯᠠᠨ ᠠᠢᠮᠠᠭ ᠤ᠋ᠳ ᠣᠯᠠᠩᠬᠢ ᠠᠨᠤ ᠲᠠᠢᠴᠢᠭᠤᠳ ᠠᠢᠮᠠᠭ ᠢ᠋ ᠬᠦᠴᠦ ᠲᠡᠢ ᠭᠡᠮᠡᠨ ᠤᠷᠪᠠᠨ ᠣᠳᠬᠤᠢ ᠳ᠋ᠤᠷ ᠲᠠᠢᠽᠦ ᠶ᠋ᠢ ᠰᠢᠳᠠᠷ ᠳᠠᠭᠠᠭᠰᠠᠨ ᠬᠤᠯᠵᠢᠨ ᠬᠡᠮᠡᠭᠴᠢ ᠮᠥᠨ ᠤᠷᠪᠠᠨ ᠣᠳᠴᠤᠬᠤᠢ᠃ ᠲᠠᠢᠽᠦ ᠬᠥᠭᠡᠭᠡᠨ ᠣᠳᠴᠤ ᠬᠠᠨᠴᠤ ᠠ᠋ᠴᠠ ᠠᠳᠬᠤᠨ ᠲᠡᠳᠡᠨ ᠪᠠᠷᠢᠵᠤ ᠨᠢᠳᠦᠨ ᠡᠴᠡ ᠪᠡᠨ ᠨᠢᠯᠪᠤᠰᠤᠨ ᠤᠨᠠᠭᠠᠨ ᠬᠣᠷᠢᠭ᠍ᠯᠠᠨ ᠥᠭᠦᠯᠡᠪᠡᠴᠦ ᠬᠤᠯᠵᠢᠨ ᠥᠭᠦᠯᠡᠷᠦᠨ : 《ᠭᠦᠨ ᠨᠠᠭᠤᠷ ᠤ᠋ᠨ ᠤᠰᠤᠨ ᠰᠢᠷᠭᠢᠵᠦ᠂ ᠪᠠᠲᠤ ᠬᠠᠳᠠ ᠶ᠋ᠢᠨ ᠴᠢᠯᠠᠭᠤ ᠨᠢᠭᠡᠨᠲᠡ ᠬᠡᠮᠬᠡᠷᠡᠪᠡᠢ᠂ ᠨᠠᠳᠠ ᠯᠤᠭ᠎ᠠ ᠵᠠᠭᠤᠷᠠᠬᠤ ᠶᠠᠭᠤᠨ ᠬᠡᠷᠡᠭ ? 》 ᠬᠡᠮᠡᠭᠡᠳ ᠭᠠᠷ ᠢ᠋ᠶ᠋ᠠᠨ ᠳᠤᠭᠲᠤᠷᠤᠨ ᠠᠯᠳᠠᠭᠤᠯᠵᠤ ᠣᠯᠠᠨ ᠠ᠋ᠴᠠ ᠲᠦᠷᠦᠭᠦᠯᠡᠨ ᠤᠷᠪᠠᠨ ᠣᠳᠪᠠᠢ᠃ ᠬᠣᠢᠨ᠎ᠠ ᠲᠠᠢᠽᠦ ᠡᠨᠡ ᠬᠤᠯᠵᠢᠨ ᠢ᠋ ᠪᠠᠷᠢᠵᠤ ᠬᠡᠰᠡᠭᠯᠡᠨ ᠣᠭᠲᠣᠴᠢᠵᠤ ᠠᠯᠠᠵᠤᠬᠤᠢ᠃ ᠡᠭᠦᠨ ᠳ᠋ᠦ᠍ᠷ ᠴᠠᠢᠯᠵᠢ ᠬᠡᠮᠡᠬᠦ ᠨᠢᠭᠡᠨ ᠠᠢᠮᠠᠭ ᠤ᠋ᠨ ᠥᠨᠢ᠂ ᠥᠨᠳᠥᠷ ᠬᠡᠮᠡᠬᠦ ᠠᠬ᠎ᠠ ᠳᠡᠭᠦᠦ ᠪᠣᠢ ᠪᠥᠯᠥᠭᠡ᠃ ᠠᠬ᠎ᠠ ᠢᠨᠤ ᠠᠢᠮᠠᠭ ᠢ᠋ᠶ᠋ᠠᠨ ᠲᠡᠷᠢᠭᠦᠯᠡᠵᠦ ᠤᠷᠪᠠᠨ ᠣᠳᠬᠤᠶᠠ ᠳᠡᠭᠦᠦ ᠢᠨᠤ ᠥᠨᠳᠥᠷ ᠬᠡᠷᠬᠢᠨ ᠢᠳᠬᠠᠪᠠᠴᠤ ᠪᠣᠯᠬᠤ ᠦᠭᠡᠢ ᠡᠴᠢᠬᠦᠢ ᠳ᠋ᠦ᠍ᠷ ᠳᠡᠭᠦᠦ ᠢᠨᠤ ᠥᠨᠳᠥᠷ ᠡᠴᠢᠭᠰᠡᠨ ᠦᠭᠡᠢ᠃ ᠪᠠᠰᠠ ᠨᠢᠭᠡᠨ ᠦᠨᠡᠨ ᠬᠡᠮᠡᠭᠴᠢ ᠲᠥᠷᠥᠯ ᠯᠦ᠍ᠭᠡ ᠬᠠᠮᠲᠤ ᠲᠠᠢᠽᠦ ᠳ᠋ᠦ᠍ᠷ ᠲᠠᠩᠭᠠᠷᠢᠭ᠍ᠯᠠᠨ ᠳᠠᠭᠠᠵᠤ ᠬᠣᠴᠣᠷᠤᠭᠰᠠᠨ ᠳ᠋ᠤᠷ ᠲᠠᠢᠽᠦ ᠭᠠᠢᠬᠠᠨ᠂ ᠥᠨᠳᠥᠷ ᠰᠡᠴᠡᠨ᠂ ᠦᠨᠡᠨ ᠲᠥᠷᠥ ᠭᠡᠮᠡᠨ ᠴᠣᠯᠠ ᠬᠠᠢᠷᠠᠯᠠᠪᠠᠢ᠂ ᠤᠷᠪᠠᠬᠤ ᠠᠨᠤ ᠤᠯᠠᠮ ᠤᠯᠠᠮ ᠣᠯᠠᠨ ᠪᠣᠯᠤᠭᠰᠠᠨ ᠳ᠋ᠤᠷ ᠲᠠᠢᠽᠦ ᠠᠷᠪᠠᠨ ᠭᠤᠷᠪᠠᠨ ᠨᠠᠰᠤᠨ ᠳ᠋ᠤᠷ ᠨᠢᠭᠡᠨ ᠵᠡᠷᠭᠡ ᠴᠡᠷᠢᠭ ᠢ᠋ᠶ᠋ᠡᠨ ᠪᠠᠢᠴᠠᠭᠠᠨ᠂ ᠥᠭᠡᠯᠦᠨ ᠡᠬᠡ ᠮᠥᠨ ᠳᠠᠭᠠᠵᠤ ᠲᠡᠳᠬᠦᠨ᠂ ᠤᠷᠪᠠᠭᠰᠠᠳ ᠢ᠋ ᠨᠢᠭᠡᠨ ᠤᠳᠠᠭ᠎ᠠ ᠳᠡᠢᠯᠦᠭᠰᠡᠨ ᠢ᠋ᠶ᠋ᠡᠷ ᠪᠧᠲ᠋ᠠ᠋ ᠤᠯᠤᠰ ᠰᠠᠶᠢ ᠪᠠᠬᠠᠨ ᠲᠣᠭᠲᠠᠪᠠ᠃
ᠲᠡᠭᠦᠨᠴᠡ ᠲᠠᠢᠽᠦ ᠶ᠋ᠢᠨ ᠠᠬ᠎ᠠ ᠳᠡᠭᠦᠦ ᠤᠯᠠᠮ ᠥᠰᠴᠦ ᠠᠪᠠ ᠰᠢᠪᠠᠭᠤᠨ ᠳ᠋ᠤ᠌ ᠪᠠᠬᠠᠨ ᠵᠥᠷᠢᠴᠡᠯᠳᠦᠨ ᠱᠠᠷ ᠱᠣᠷ ᠭᠡᠮᠡᠨ ᠡᠪᠳᠡᠷᠡᠯᠴᠡᠭᠰᠡᠨᠡ ᠂ ᠥᠭᠡᠯᠦᠨ ᠡᠬᠡ ᠶᠡᠬᠡ ᠵᠣᠪᠠᠨᠢᠵᠤ ᠂ ᠨᠢᠭᠡᠨ ᠡᠳᠦᠷ ᠬᠡᠦᠬᠡᠳ ᠢ᠋ᠶ᠋ᠡᠨ ᠳᠠᠭᠤᠳᠠᠨ ᠢᠷᠡᠵᠦ ᠬᠠᠮᠲᠤ ᠵᠣᠭᠰᠣᠭᠠᠭᠠᠳ ᠡᠴᠢᠭᠡ ᠶ᠋ᠢᠨ ᠬᠢᠨᠢ ᠰᠠᠭᠠᠳᠠᠭ ᠠ᠋ᠴᠠ ᠲᠠᠪᠤᠨ ᠰᠤᠮᠤ ᠶ᠋ᠢ ᠰᠤᠭᠤᠯᠤᠨ ᠠᠪᠴᠤ ᠡᠭᠦᠨ ᠢ᠋ ᠲᠠ ᠲᠠᠪᠤᠭᠤᠯᠠ ᠬᠠᠮᠲᠤ ᠪᠠᠷᠢᠵᠤ ᠬᠤᠭᠤᠯ ᠭᠡᠮᠡᠨ ᠥᠭᠭᠦᠭᠰᠡᠨ ᠳ᠋ᠦ᠍ᠷ ᠠᠯᠢᠨ ᠴᠤ᠌ ᠴᠥᠮ ᠬᠤᠭᠤᠯᠤᠨ ᠡᠰᠡ ᠴᠢᠳᠠᠪᠠᠢ᠃ ᠲᠡᠳᠦᠢ ᠮᠡᠰᠡ ᠶ᠋ᠢ ᠰᠠᠯᠭᠠᠵᠤ ᠨᠢᠭᠡ ᠨᠢᠭᠡᠨ ᠢ᠋ᠶ᠋ᠡᠷ ᠬᠤᠭᠤᠯᠤᠭᠤᠯᠤᠭᠰᠠᠨ ᠳ᠋ᠤᠷ ᠴᠥᠮ ᠬᠤᠭᠤᠯᠪᠠᠢ᠃ ᠥᠭᠡᠯᠦᠨ ᠡᠬᠡ ᠬᠥᠪᠡᠭᠦᠨ ᠢ᠋ᠶ᠋ᠡᠨ ᠰᠤᠷᠭᠠᠨ ᠥᠭᠦᠯᠡᠷᠦᠨ : 《ᠮᠢᠨᠦ ᠬᠡᠦᠬᠡᠳ ᠲᠠ ᠦᠵᠡ᠂ ᠠᠳᠠᠯᠢ ᠰᠤᠮᠤ ᠪᠥᠭᠡᠲᠡᠯ᠎ᠡ ᠬᠠᠮᠲᠤᠳᠪᠠᠰᠤ ᠪᠥᠬᠡ ᠪᠣᠯᠤᠭᠠᠳ ᠬᠠᠭᠠᠴᠠᠪᠠᠰᠤ ᠬᠡᠪᠡᠷᠡᠭ ᠪᠣᠯᠵᠤᠬᠤᠢ᠃ ᠲᠠᠨ ᠤ᠋ ᠠᠬ᠎ᠠ ᠳᠡᠭᠦᠦ ᠲᠠᠪᠤᠭᠤᠯᠠ ᠮᠥᠨ ᠮᠡᠲᠦ ᠪᠣᠯᠠᠢ᠂ ᠡᠳᠦᠭᠡ ᠲᠠ ᠡᠪ ᠲᠡᠢ ᠰᠠᠢᠬᠠᠨ ᠶᠠᠪᠤᠪᠠᠰᠤ ᠤᠷᠢᠳᠠ ᠶ᠋ᠢᠨ ᠴᠤᠭᠯᠠᠷᠠᠭᠰᠠᠨ ᠮᠡᠰᠡ ᠮᠡᠲᠦ ᠪᠤᠰᠤᠳ ᠲᠤᠷ ᠦᠯᠦ ᠢᠯᠠᠭᠤᠭᠳᠠᠮᠤᠢ᠂ ᠬᠡᠷᠪᠡ ᠡᠪᠳᠡᠷᠡᠯᠴᠡᠨ ᠰᠠᠯᠤᠯᠴᠠᠪᠠᠰᠤ ᠬᠣᠵᠢᠮ ᠤ᠋ᠨ ᠰᠠᠯᠤᠭᠰᠠᠨ ᠮᠡᠰᠡ ᠮᠡᠲᠦ ᠭᠠᠭᠴᠠ ᠬᠥᠮᠦᠨ ᠳ᠋ᠦ᠍ᠷ ᠴᠦ᠍ ᠴᠢᠳᠠᠭᠳᠠᠮᠤᠢ᠃ ᠲᠠᠨ ᠤ᠋ ᠡᠴᠢᠭᠡ ᠭᠠᠭᠴᠠᠭᠠᠷ ᠶᠠᠪᠤᠭᠰᠠᠭᠠᠷ ᠡᠲᠡᠭᠳᠡᠭᠰᠡᠨ ᠢ᠋ ᠡᠰᠡ ᠦᠵᠡᠪᠡᠦ ? ᠦᠯᠡᠳᠡᠭᠰᠡᠨ ᠲᠠ ᠨᠠᠷ ᠥᠷᠥᠭᠡᠰᠦᠨ ᠪᠡᠯᠪᠡᠰᠦᠨ ᠡᠬᠡ ᠶ᠋ᠢᠨ ᠢ᠋ᠶ᠋ᠡᠨ ᠰᠡᠳᠬᠢᠯ ᠢ᠋ ᠪᠠᠬᠠᠨ ᠠᠮᠤᠭᠤᠯᠪᠠᠰᠤ ᠵᠣᠬᠢᠮᠤᠢ᠃ 》ᠭᠡᠮᠡᠨ ᠬᠡᠯᠡᠭᠰᠡᠭᠡᠷ ᠳᠣᠲᠣᠷ᠎ᠠ ᠤᠶᠠᠷᠠᠵᠤ ᠨᠢᠯᠪᠤᠰᠤᠨ ᠤᠨᠠᠭᠠᠭᠰᠠᠨ ᠳ᠋ᠤᠷ ᠲᠠᠢᠽᠦ ᠤᠷᠢᠳᠤ ᠶ᠋ᠢᠨ ᠡᠨᠳᠡᠭᠦᠦ ᠪᠡᠨ ᠮᠡᠳᠡᠵᠦ ᠭᠡᠨᠡᠳᠲᠡ ᠰᠡᠳᠬᠢᠯ ᠤᠶᠡᠷᠡᠨ ᠶᠡᠬᠡᠯ᠎ᠡ ᠭᠡᠮᠰᠢᠨ᠂ ᠳᠥᠷᠪᠡᠨ ᠳᠡᠭᠦᠦ ᠪᠡᠨ ᠠᠪᠴᠤ ᠰᠥᠭᠥᠳᠦᠭᠡᠳ ᠥᠭᠡᠯᠦᠨ ᠡᠬᠡ ᠶ᠋ᠢᠨ ᠢ᠋ᠶ᠋ᠡᠨ ᠰᠡᠳᠬᠢᠯ ᠢ᠋ ᠲᠣᠬᠣᠷᠤᠭᠤᠯᠵᠤ᠂ ᠡᠭᠦᠨ ᠡᠴᠡ ᠬᠣᠢᠰᠢ ᠳᠡᠭᠦᠦ ᠨᠠᠷ ᠤ᠋ᠨ ᠢ᠋ᠶ᠋ᠠᠨ ᠠᠯᠢᠪᠠ ᠮᠠᠭᠤ ᠶ᠋ᠢ ᠴᠥᠮ ᠪᠠᠭᠲᠠᠭᠠᠨ ᠠᠪᠤᠷᠠᠵᠤ ᠶᠠᠪᠤᠪᠠᠢ᠃
ᠲᠡᠭᠦᠨᠴᠡ ᠲᠠᠢᠽᠦ ᠠᠷᠪᠠᠨ ᠭᠤᠷᠪᠠᠨ ᠨᠠᠰᠤᠨ ᠳ᠋ᠤᠷ ᠢ᠋ᠶ᠋ᠠᠨ ᠲᠠᠲ᠋ᠠᠷ ᠠᠢᠮᠠᠭ ᠢ᠋ ᠨᠢᠭᠡᠨ ᠤᠳᠠᠭ᠎ᠠ ᠪᠠᠢᠯᠳᠤᠵᠤ᠂ ᠡᠴᠢᠭᠡ ᠶ᠋ᠢᠨ ᠦᠰ ᠢ᠋ ᠨᠡᠬᠡᠭᠡᠳ ᠪᠠᠰᠠ ᠪᠠᠷᠠᠲᠠᠯ᠎ᠠ ᠠᠷᠢᠯᠭᠠᠨ ᠴᠢᠳᠠᠭᠰᠠᠨ ᠦᠭᠡᠢ᠃ ᠬᠡᠳᠦᠨ ᠵᠢᠯ ᠬᠣᠷᠣᠰᠤᠯ ᠢ᠋ ᠡᠪᠦᠷᠯᠡᠨ ᠲᠡᠨᠴᠢᠭᠦᠷᠡᠪᠡᠴᠦ ᠨᠠᠰᠤᠨ ᠪᠠᠬ᠎ᠠ ᠲᠤᠯᠠ ᠡᠬᠡ ᠢᠨᠤ ᠡᠨᠳᠡᠭᠳᠡᠯ ᠭᠠᠷᠭᠤᠵᠠᠢ ᠭᠡᠮᠡᠨ ᠵᠠᠬᠢᠷᠬᠤ ᠠᠨᠤ ᠮᠠᠰᠢ ᠴᠢᠩᠭ᠎ᠠ᠂ ᠴᠡᠷᠢᠭ ᠦ᠋ᠨ ᠲᠡᠮᠳᠡᠭ ᠵᠡᠪᠡ ᠪᠡᠨ ᠥᠪᠡᠷ ᠢ᠋ᠶ᠋ᠡᠨ ᠨᠢᠭᠤᠨ ᠬᠠᠳᠠᠭᠠᠯᠠᠵᠤ᠂ ᠲᠠᠢᠽᠦ ᠶ᠋ᠢᠨ ᠵᠣᠷᠢᠭ ᠢ᠋ᠶ᠋ᠡᠷ ᠴᠡᠷᠢᠭ ᠬᠥᠳᠡᠯᠭᠡᠯᠭᠡᠬᠦ ᠦᠭᠡᠢ᠃
ᠨᠢᠭᠡᠨ ᠡᠳᠦᠷ ᠲᠠᠢᠽᠦ ᠪᠡᠶ᠎ᠡ ᠥᠰᠴᠦ ᠠᠷᠪᠠᠨ ᠵᠢᠷᠭᠤᠭ᠎ᠠ ᠬᠦᠷᠦᠭᠡᠳ ᠡᠴᠢᠭᠡ ᠶ᠋ᠢ ᠬᠣᠣᠷᠠᠳᠠᠭᠤᠯᠤᠭᠰᠠᠨ ᠥᠰᠲᠦ ᠬᠥᠮᠦᠨ ᠦᠯᠡᠳᠡᠭᠰᠡᠨ ᠤᠷᠤᠭᠤᠯ ᠬᠡᠮᠡᠭᠴᠢ ᠶ᠋ᠢ ᠣᠯᠵᠤ ᠠᠯᠠᠨ ᠴᠢᠳᠠᠬᠤ ᠦᠭᠡᠢ ᠳ᠋ᠦ᠍ᠷ ᠢ᠋ᠶ᠋ᠡᠨ ᠬᠣᠷᠣᠰᠴᠤ ᠠᠪᠠᠯᠠᠷ᠎ᠠ ᠭᠠᠷᠬᠤᠢ ᠳ᠋ᠤᠷ ᠰᠢᠯᠲᠠᠵᠤ᠂ ᠰᠡᠮᠡᠬᠡᠷ ᠡᠴᠢᠭᠡ ᠶ᠋ᠢᠨ ᠢ᠋ᠶ᠋ᠡᠨ ᠡᠷᠳᠡᠨᠢ ᠶ᠋ᠢᠨ ᠢᠯᠳᠦᠨ ᠢ᠋ ᠵᠡᠭᠦᠵᠦ᠂ ᠳ᠋ᠡᠷᠭᠢ ᠬᠣᠩᠭᠣᠷ ᠮᠣᠷᠢᠨ ᠢ᠋ᠶ᠋ᠠᠨ ᠤᠨᠤᠵᠤ᠂ ᠳᠡᠭᠦᠦ ᠨᠠᠷ ᠪᠠ ᠲᠦᠰᠢᠮᠡᠳ ᠳᠠᠭᠠᠭᠰᠠᠳ ᠠ᠋ᠴᠠ ᠪᠠᠨ ᠴᠥᠮ ᠨᠢᠭᠤᠵᠤ᠂ ᠮᠣᠷᠢᠨ ᠤ᠋ ᠵᠢᠯᠣᠭᠣ ᠪᠠᠨ ᠬᠡᠢᠰᠬᠡᠨ ᠲᠠᠯᠪᠢᠵᠤ ᠲᠠᠲ᠋ᠠᠷ ᠠᠢᠮᠠᠭ ᠢ᠋ ᠰᠤᠷᠪᠤᠯᠵᠢᠯᠠᠨ ᠡᠴᠢᠪᠡ ᠃ ᠠᠷᠤ ᠭᠠᠵᠠᠷ ᠤᠷᠲᠤᠳᠠ ᠪᠠᠭᠤᠳᠠᠯ ᠨᠡᠭᠦᠳᠡᠯ ᠲᠤᠯᠠ ᠲᠣᠭᠲᠠᠭᠰᠠᠨ ᠣᠷᠣᠨ ᠦᠭᠡᠢ᠂ ᠬᠠᠷᠠᠬᠠᠨ ᠰᠤᠷᠪᠤᠯᠵᠢᠯᠠᠨ ᠶᠠᠪᠤᠬᠤᠶ᠎ᠠ᠂ ᠵᠠᠯᠠᠢᠳ ᠠᠢᠮᠠᠭ ᠤ᠋ᠨ ᠳᠡᠯᠭᠡᠳᠦ ᠪᠠᠶᠠᠨ ᠬᠡᠮᠡᠬᠦ ᠶ᠋ᠢᠨ ᠨᠤᠲᠤᠭ ᠤ᠋ᠨ ᠣᠢᠷ᠎ᠠ ᠬᠦᠷᠴᠦ ᠦᠵᠡᠪᠡᠰᠦ ᠨᠢᠭᠡᠨ ᠳᠣᠪᠣ ᠶ᠋ᠢᠨ ᠳᠡᠭᠡᠷ᠎ᠡ ᠴᠢᠷᠠᠢ ᠬᠠᠷᠠᠪᠲᠤᠷ᠂ ᠣᠳᠣᠨ ᠰᠠᠷᠠᠨ ᠮᠡᠲᠦ ᠨᠢᠳᠦ ᠲᠡᠢ ᠬᠥᠪᠡᠭᠦᠨ ᠭᠠᠪ ᠭᠠᠭᠴᠠᠭᠠᠷ ᠲᠡᠮᠦᠷ ᠰᠢᠳᠡᠮ ᠪᠠᠷᠢᠵᠤ ᠰᠠᠭᠤᠭᠠᠳ ᠬᠡᠳᠦᠨ ᠮᠢᠩᠭᠠᠨ ᠮᠠᠯ ᠢ᠋ ᠬᠠᠷᠢᠭᠤᠯᠵᠤ ᠪᠠᠢᠮᠤᠢ᠃ ᠪᠠᠢᠳᠠᠯ ᠳᠦᠷᠰᠦ ᠪᠠᠮᠪᠤᠷᠰᠢ ᠥᠲᠡᠭᠡ ᠮᠡᠲᠦ ᠭᠦᠨ᠎ᠡ ᠰᠦᠷ ᠲᠡᠢ᠂ ᠨᠠᠰᠤᠨ ᠤ᠋ ᠪᠠᠷᠤᠭ ᠲᠠᠢᠽᠦ ᠶ᠋ᠢᠨ ᠨᠠᠰᠤ ᠠ᠋ᠴᠠ ᠬᠡᠳᠦ ᠳᠡᠭᠦᠦ ᠪᠣᠯᠪᠠᠴᠤ ᠪᠡᠶ᠎ᠡ ᠪᠠᠢᠳᠠᠯ ᠠᠰᠤᠷᠤ ᠡᠷᠡᠯᠬᠡᠭ᠃ ᠲᠡᠳᠦᠢ ᠲᠠᠢᠽᠦ ᠳᠡᠷᠭᠡᠳᠡ ᠢᠨᠤ ᠬᠦᠷᠴᠦ ᠲᠡᠷᠡ ᠬᠥᠪᠡᠭᠦᠨ ᠡᠴᠡ ᠵᠠᠩᠳᠠᠨ ᠠᠰᠠᠭᠤᠷᠤᠨ : 《ᠦᠢ! ᠬᠥᠪᠡᠭᠦᠨ ᠴᠢ ᠲᠠᠲ᠋ᠠᠷ ᠠᠢᠮᠠᠭ ᠤ᠋ᠳ ᠬᠠᠮᠢᠭ᠎ᠠ ᠪᠠᠭᠤᠳᠠᠯᠯᠠᠭᠰᠠᠨ ᠢ᠋ ᠮᠡᠳᠡᠮᠦᠢ ᠤᠤ? 》 ᠬᠡᠮᠡᠭᠰᠡᠨ ᠳ᠋ᠦ᠍ᠷ ᠲᠡᠷᠡ ᠬᠥᠪᠡᠭᠦᠨ ᠶᠡᠬᠡᠯ᠎ᠡ ᠲᠠᠪᠠ ᠦᠭᠡᠢ ᠪᠣᠯᠵᠤ ᠭᠢᠯᠦᠢᠵᠦ ᠦᠵᠡᠭᠡᠳ ᠭᠡᠳᠡᠰᠬᠢᠨ ᠭᠦᠶᠦᠨ ᠪᠣᠰᠴᠤ ᠬᠠᠷᠢᠭᠤ ᠶᠡᠬᠡᠯ᠎ᠡ ᠵᠠᠩᠳᠤᠷᠤᠨ ᠥᠭᠦᠯᠡᠷᠦᠨ : 《ᠴᠢ ᠶᠠᠮᠪᠠᠷ ᠵᠡᠷᠭᠡ ᠶ᠋ᠢᠨ ᠬᠥᠮᠦᠨ ᠭᠡᠮᠡᠨ ᠡᠨᠡ ᠮᠡᠲᠦ ᠣᠮᠣᠷᠬᠠᠭ ᠦᠭᠡᠰ ᠳᠡᠭᠡᠷᠡᠩᠭᠦᠢ ᠠᠶᠠᠰ ᠢ᠋ᠶ᠋ᠠᠷ ᠬᠥᠮᠦᠨ ᠡᠴᠡ ᠦᠭᠡ ᠠᠰᠠᠭᠤᠮᠤᠢ ? 》 ᠬᠡᠮᠡᠭᠰᠡᠨ ᠳ᠋ᠦ᠍ᠷ ᠲᠠᠢᠽᠦ ᠳᠣᠲᠣᠷ᠎ᠠ ᠪᠠᠨ ᠲᠡᠭᠦᠨ ᠦ᠌ ᠵᠣᠷᠢᠭ ᠵᠢᠷᠦᠬᠡ ᠴᠢᠭᠢᠷᠠᠭ ᠲᠤᠯᠭᠠᠭᠤᠷᠢ ᠲᠠᠢ ᠶ᠋ᠢ ᠰᠡᠮᠡᠬᠡᠷ ᠭᠠᠢᠬᠠᠨ ᠪᠠᠰᠠ ᠵᠣᠷᠢᠮᠠᠭ ᠢ᠋ᠶ᠋ᠠᠷ ᠥᠭᠦᠯᠡᠷᠦᠨ : 《ᠡᠰᠡᠷᠭᠦᠴᠡᠯ ᠦᠭᠡᠢ ᠡᠷᠬᠡ ᠪᠠᠭᠠᠲᠤᠷ ᠬᠡᠮᠡᠭᠴᠢ ᠪᠢ ᠮᠥᠨ !》ᠭᠡᠮᠡᠨ ᠬᠡᠯᠡᠵᠦ ᠡᠷᠡᠬᠡᠢ ᠬᠤᠷᠤᠭᠤ ᠪᠠᠨ ᠦᠵᠡᠬᠦᠯᠭᠦᠢ ᠳ᠋ᠦ᠍ᠷ ᠲᠡᠷᠡ ᠬᠥᠪᠡᠭᠦᠨ ᠵᠣᠭᠰᠣᠭᠰᠠᠨ ᠭᠠᠵᠠᠷ ᠲᠤᠷ ᠲᠡᠮᠦᠷ ᠰᠢᠳᠡᠮ ᠢ᠋ᠶ᠋ᠡᠨ ᠨᠢᠭᠡᠨᠲᠡ ᠬᠠᠳᠬᠠᠳ ᠠᠭᠰᠤᠷᠬᠢᠯᠠᠨ ᠥᠭᠦᠯᠡᠷᠦᠨ : 《ᠲᠡᠢᠮᠦ ᠪᠥᠭᠡᠰᠦ ᠴᠢ ᠮᠣᠷᠢᠨ ᠠ᠋ᠴᠠ ᠪᠠᠨ ᠪᠠᠭᠤᠵᠤ ᠢᠷ᠎ᠡ᠂ ᠪᠢᠳᠡ ᠬᠣᠶᠠᠭᠤᠯᠠ ᠪᠠᠷᠢᠯᠳᠤᠵᠤ ᠦᠵᠡᠶ᠎ᠡ᠂ ᠴᠢ ᠳᠡᠢᠯᠦᠭᠡᠳ ᠬᠡᠯᠡᠭᠰᠡᠨ ᠦᠭᠡ ᠳ᠋ᠡᠭᠡᠨ ᠬᠦᠷᠴᠦ ᠴᠢᠳᠠᠪᠠᠰᠤ ᠪᠢ ᠲᠠᠲ᠋ᠠᠷ ᠠᠢᠮᠠᠭ ᠢ᠋ ᠵᠢᠭᠠᠵᠤ ᠥᠭᠰᠦᠭᠡᠢ !》ᠬᠡᠮᠡᠭᠰᠡᠨ ᠳ᠋ᠦ᠍ᠷ ᠲᠠᠢᠽᠦ ᠲᠡᠭᠦᠨ ᠢ᠋ ᠪᠠᠭ᠎ᠠ ᠬᠡᠦᠬᠡᠳ ᠭᠡᠮᠡᠨ ᠳᠠᠷᠤᠢ ᠮᠣᠷᠢᠨ ᠠ᠋ᠴᠠ ᠪᠠᠨ ᠬᠠᠷᠠᠢᠨ ᠪᠠᠭᠤᠵᠤ ᠢᠯᠳᠦ ᠪᠡᠨ ᠠᠪᠴᠤ ᠲᠠᠯᠪᠢᠭᠠᠳ ᠲᠡᠭᠦᠨ ᠯᠦ᠍ᠭᠡ ᠪᠠᠷᠢᠯᠳᠤᠬᠤᠢ ᠳ᠋ᠤᠷ ᠲᠡᠷᠡ ᠬᠥᠪᠡᠭᠦᠨ ᠦ᠌ ᠭᠠᠷ ᠬᠥᠯ ᠰᠠᠯᠬᠢᠨ ᠭᠠᠯ ᠮᠡᠲᠦ ᠠᠰᠤᠷᠤ ᠲᠦᠷᠭᠡᠨ ᠰᠠᠪᠠᠭᠠᠨᠠᠬᠤᠢ ᠳ᠋ᠤᠷ ᠲᠠᠢᠽᠦ ᠳᠣᠲᠣᠷ᠎ᠠ ᠪᠠᠨ ᠡᠨᠡ ᠬᠥᠪᠡᠭᠦᠨ ᠢ᠋ ᠲᠦᠷᠭᠡᠨ ᠡᠰᠡ ᠢᠳᠡᠪᠴᠢᠯᠡᠨ ᠤᠨᠠᠭᠠᠪᠠᠰᠤ᠂ ᠪᠢ ᠬᠡᠷᠬᠢᠪᠡᠴᠦ ᠲᠠᠢᠯᠤᠨ ᠴᠢᠳᠠᠬᠤ ᠦᠭᠡᠢ᠂ ᠭᠡᠳᠡᠷᠭᠦ ᠭᠡᠨᠡᠳᠡᠭᠳᠡᠬᠦ ᠪᠣᠯᠭᠤᠵᠠᠢ ᠭᠡᠮᠡᠨ ᠰᠠᠨᠠᠭᠠᠳ ᠬᠣᠢᠰᠢ ᠬᠡᠳᠦᠨ ᠠᠯᠬᠤᠮ ᠤᠬᠤᠷᠢᠭᠠᠳ ᠭᠡᠨᠡᠳᠲᠡ ᠪᠦᠬᠦ ᠬᠦᠴᠦᠨ ᠢ᠋ᠶ᠋ᠡᠨ ᠭᠠᠷᠭᠠᠵᠤ ᠳᠤᠭᠲᠤᠷᠤᠨ ᠲᠡᠪᠡᠷᠢᠵᠦ ᠳᠣᠷᠣᠭ᠍ᠰᠢ ᠨᠢᠭᠡᠨᠲᠡ ᠰᠣᠢᠯᠠᠨ ᠳᠠᠷᠤᠭᠰᠠᠨ ᠳ᠋ᠤᠷ ᠲᠡᠷᠡ ᠬᠥᠪᠡᠭᠦᠨ ᠦ᠌ ᠬᠥᠯ ᠢ᠋ ᠴᠢᠳᠬᠥᠷ ᠴᠣᠬᠢᠭ᠍ᠰᠠᠨ ᠮᠡᠲᠦ ᠲᠡᠰᠦᠰᠢ ᠦᠭᠡᠢ ᠨᠤᠭᠤᠷᠠᠭᠳᠠᠵᠤ ᠬᠣᠶᠠᠷ ᠡᠪᠦᠳᠦᠭ ᠢ᠋ᠶ᠋ᠡᠷ ᠲᠦᠰᠬᠢᠲᠡᠯ᠎ᠡ ᠬᠦᠰᠡᠷ᠎ᠡ ᠰᠥᠭᠥᠳᠪᠡ᠃ ᠲᠠᠢᠽᠦ ᠭᠠᠷ ᠲᠠᠯᠪᠢᠨ ᠬᠣᠢᠰᠢ ᠤᠬᠤᠷᠢᠨ ᠶᠡᠬᠡᠯ᠎ᠡ ᠢᠨᠢᠶᠡᠵᠦ :《ᠦᠭᠡᠨ ᠳ᠋ᠦ᠍ᠷ ᠢ᠋ᠶ᠋ᠡᠨ ᠬᠦᠷᠪᠡ᠂ ᠴᠢ ᠣᠳᠣ ᠪᠣᠰᠴᠤ ᠵᠢᠭᠠᠵᠤ ᠥᠭ ! 》 ᠬᠡᠮᠡᠭᠰᠡᠨ ᠳ᠋ᠦ᠍ᠷ ᠲᠡᠷᠡ ᠬᠥᠪᠡᠭᠦᠨ ᠰᠥᠭᠥᠳᠴᠦ ᠥᠨᠳᠥᠷ ᠳᠠᠭᠤᠨ ᠢ᠋ᠶ᠋ᠠᠷ ᠥᠭᠦᠯᠡᠷᠦᠨ : 《ᠡᠬᠡ ᠡᠴᠡ ᠲᠦᠷᠦᠭᠰᠡᠭᠡᠷ ᠡᠨᠡ ᠪᠡᠶ᠎ᠡ ᠬᠠᠶᠠᠭᠳᠠᠭᠠᠳᠤᠢ – ᠮᠣᠬᠣᠰᠢ ᠦᠭᠡᠢ ᠮᠤᠬᠤᠯᠢ ᠪᠢ᠃ ᠡᠨᠡ ᠡᠳᠦᠷ ᠡᠰᠡᠷᠭᠦᠴᠡᠯ ᠦᠭᠡᠢ ᠡᠷᠬᠡ ᠬᠦᠴᠦᠲᠡᠨ ᠳ᠋ᠦ᠍ ᠳᠠᠷᠤᠭᠳᠠᠪᠠᠢ᠂ ᠡᠷᠬᠡ ᠦᠭᠡᠢ ᠡᠭᠡᠯ ᠬᠥᠮᠦᠨ ᠪᠤᠰᠤ ᠴᠢ᠂ ᠡᠷᠬᠡᠪᠰᠢ ᠦᠨᠡᠨ ᠨᠡᠷ᠎ᠡ ᠣᠪᠣᠭ ᠢ᠋ᠶ᠋ᠠᠨ ᠬᠡᠯᠡᠮᠦ ! 》 ᠬᠡᠮᠡᠭᠰᠡᠨ ᠳ᠋ᠦ᠍ᠷ ᠲᠠᠢᠽᠦ ᠰᠠᠶᠢ ᠦᠨᠡᠨ ᠢ᠋ᠶ᠋ᠡᠷ ᠵᠦᠢ ᠵᠦᠢ ᠪᠡᠷ ᠬᠡᠯᠡᠭᠰᠡᠨ ᠳ᠋ᠦ᠍ᠷ ᠲᠡᠷᠡ ᠮᠤᠬᠤᠯᠢ ᠶᠡᠬᠡᠳᠡ ᠪᠠᠶᠠᠷᠯᠠᠵᠤ ᠰᠥᠭᠥᠳᠦᠨ ᠮᠥᠷᠭᠥᠵᠦ ᠥᠭᠦᠯᠡᠷᠦᠨ :《ᠪᠤᠶᠠᠨᠲᠤ ᠶᠡᠬᠡ ᠪᠣᠷᠵᠢᠭᠢᠳ ᠣᠪᠣᠭᠲᠠᠨ ᠤ᠋ ᠲᠡᠮᠦᠵᠢᠨ ᠬᠡᠮᠡᠭᠴᠢ ᠪᠣᠳᠠᠲᠠᠶ᠎ᠠ ᠲᠡᠭᠷᠢ ᠶ᠋ᠢᠨ ᠬᠥᠪᠡᠭᠦᠨ ᠬᠡᠮᠡᠭᠰᠡᠨ ᠢᠨᠤ ᠦᠨᠡᠨ ᠠᠵᠤᠭᠤ ! ᠪᠣᠯᠵᠣᠭᠠᠲᠤ ᠪᠢ ᠡᠵᠡᠨ ᠴᠢᠨᠦ ᠮᠣᠷᠢᠨ ᠤ᠋ ᠬᠥᠲᠥᠴᠢ ᠪᠣᠯᠵᠤ ᠬᠦᠴᠦᠨ ᠢ᠋ᠶ᠋ᠡᠨ ᠪᠠᠷᠢᠵᠤ᠂ ᠶᠡᠬᠡ ᠦᠢᠯᠡᠰ ᠢ᠋ ᠪᠦᠲᠦᠭᠡᠬᠦ ᠶ᠋ᠢ ᠬᠦᠰᠡᠮᠦᠢ᠃ ᠪᠢ ᠳᠠᠷᠤᠢ ᠡᠨᠡ ᠵᠠᠯᠠᠢ᠍ᠢ᠌ᠳ ᠤ᠋ᠨ ᠳᠡᠯᠭᠡᠳᠦ ᠪᠠᠶᠠᠨ ᠤ᠋ ᠠᠩᠬ᠎ᠠ ᠡᠮ᠎ᠡ ᠶ᠋ᠢᠨ ᠶᠡᠬᠡ ᠬᠥᠪᠡᠭᠦᠨ᠂ ᠮᠢᠨᠦ ᠭᠡᠷ ᠲᠦ᠍ ᠬᠣᠢᠲᠤ ᠡᠬᠡ ᠡᠴᠡ ᠲᠥᠷᠥᠭᠰᠡᠨ ᠲᠡᠢᠨ ᠰᠠᠩ ᠨᠡᠷᠡᠲᠦ ᠳᠡᠭᠦᠦ ᠪᠣᠢ – ᠮᠤᠬᠤᠯᠢ ᠬᠡᠮᠡᠭᠴᠢ ᠶᠠᠭᠤᠨ ᠢ᠋ ᠪᠣᠯᠪᠠᠴᠤ ᠮᠣᠬᠣᠭᠠᠨ ᠳ᠋ᠤᠷ ᠲᠤᠯᠲᠠᠯ᠎ᠠ ᠪᠣᠳᠣᠵᠤ ᠶᠠᠪᠤᠬᠤ ᠶ᠋ᠢᠨ ᠲᠤᠯᠠᠳᠠ ᠲᠡᠢᠨ ᠨᠡᠷᠡᠢᠳᠴᠦᠬᠦᠢ᠃ ᠲᠡᠢᠨ ᠰᠠᠩ ᠬᠡᠮᠡᠭᠴᠢ᠂ ᠲᠡᠭᠦᠨ ᠦ᠌ ᠡᠴᠢᠭᠡ ᠲᠡᠢᠨ ᠳ᠋ᠦ᠍ᠷ ᠭᠠᠷᠴᠤ ᠲᠡᠢᠨ ᠦ᠌ ᠰᠠᠩ ᠢ᠋ ᠶᠡᠬᠡᠯ᠎ᠡ ᠣᠯᠵᠠᠯᠠᠨ ᠢᠷᠡᠭᠰᠡᠨ᠎ᠡ᠂ ᠡᠭᠦᠨ ᠢ᠋ ᠲᠥᠷᠥᠭᠰᠡᠨ ᠢ᠋ᠶ᠋ᠡᠷ ᠲᠡᠢᠨ ᠰᠠᠩ ᠬᠡᠮᠡᠵᠦᠬᠦᠢ᠂ ᠬᠢᠲᠠᠳ ᠤ᠋ᠨ《ᠽᠢ ᡁᠢ ᠲᠦᠩ ᠵᠢᠶᠠᠨ ᠭᠠᠩ ᠮᠦ᠍ ᠪᠢᠴᠢᠭ 》 ᠲᠣᠷ ᠮᠤᠬᠤᠯᠢ ᠬᠡᠮᠡᠭᠰᠡᠨ ᠢ᠋ ᠮᠦ᠍ ᠬᠤᠸᠠ ᠯᠢ ᠭᠡᠮᠡᠨ ᠪᠢᠴᠢᠭᠡᠳ ᠲᠡᠢᠨ ᠰᠠᠩ ᠬᠡᠮᠡᠭᠰᠡᠨ ᠢ᠋ ᠳ᠋ᠠᠢ ᠰᠦᠨ ᠭᠡᠮᠡᠨ ᠴᠥᠮ ᠦᠰᠦᠭ ᠰᠠᠯᠭᠠᠨ ᠬᠠᠯᠭᠤᠤ ᠪᠢᠴᠢᠵᠦᠬᠦᠢ – ᠲᠡᠷᠡ ᠡᠴᠢᠭᠡ ᠯᠦ᠍ᠭᠡ ᠭᠡᠷ ᠲᠦ᠍ ᠠᠵᠤ ᠲᠥᠷᠥᠵᠦ ᠰᠠᠭᠤᠲᠤᠭᠠᠢ᠂ ᠪᠢ ᠭᠠᠭᠴᠠ ᠪᠡᠶ᠎ᠡ ᠨᠢᠭᠡᠨ ᠰᠢᠳᠠᠮ ᠢ᠋ᠶ᠋ᠡᠷ ᠭᠡᠷ ᠡᠴᠡ ᠭᠠᠷᠴᠤ ᠡᠵᠡᠨ ᠢ᠋ ᠳᠠᠭᠠᠵᠤ ᠶᠡᠬᠡ ᠦᠢᠯᠡ ᠶ᠋ᠢ ᠡᠭᠦᠰᠬᠡᠶᠡ᠃ ᠡᠴᠢᠭᠡ ᠮᠢᠨᠦ ᠨᠢᠳᠤᠨᠤᠨ ᠵᠢᠯ ᠡᠴᠡ ᠨᠠᠮᠠᠶ᠋ᠢ ᠢᠯᠡᠭᠡᠵᠦ ᠡᠵᠡᠨ ᠴᠢᠮ᠎ᠠ ᠳ᠋ᠤᠷ ᠳᠠᠭ᠎ᠠ ᠬᠡᠮᠡᠪᠡ᠂ ᠡᠨᠡ ᠪᠡᠶ᠎ᠡ ᠳ᠋ᠦ᠍ᠷ ᠦᠰᠦᠨ ᠦ᠌ ᠲᠡᠳᠦᠢ ᠴᠢᠷᠦᠭᠳᠡᠯ ᠦᠭᠡᠢ᠂ ᠡᠵᠡᠨ ᠮᠢᠨᠦ ᠥᠷᠥᠰᠢᠶᠡᠨ ᠬᠤᠷᠢᠶᠠᠮᠵᠢᠯᠠᠨ ᠠᠪᠤᠮᠤ !》ᠬᠡᠮᠡᠭᠰᠡᠨ ᠳ᠋ᠦ᠍ᠷ ᠲᠠᠢᠽᠦ ᠶᠡᠬᠡᠯ᠎ᠡ ᠪᠠᠶᠠᠷᠯᠠᠨ ᠶᠠᠭᠠᠷᠠᠨ ᠲᠦᠰᠢᠵᠦ ᠬᠣᠶᠠᠷ ᠭᠠᠷ ᠢ᠋ᠶ᠋ᠠᠷ ᠲᠡᠳᠬᠦᠨ ᠪᠣᠰᠬᠠᠵᠤ᠂ ᠪᠠᠰᠠ ᠲᠠᠲ᠋ᠠᠷ ᠠᠢᠮᠠᠭ ᠢ᠋ ᠠᠰᠠᠭᠤᠬᠤᠢ ᠳ᠋ᠤᠷ ᠮᠤᠬᠤᠯᠢ ᠵᠢᠭᠠᠵᠤ ᠥᠭᠦᠯᠡᠷᠦᠨ : 《ᠡᠨᠳᠡ ᠡᠴᠡ ᠵᠡᠭᠦᠨ ᠬᠣᠢᠲᠤ ᠡᠲᠡᠭᠡᠳ ᠰᠠᠷᠠᠭᠤᠯ ᠲᠠᠯ᠎ᠠ ᠳ᠋ᠤᠷ ᠨᠢᠭᠡᠨ ᠨᠡᠭᠦᠳᠡᠯ ᠲᠠᠲ᠋ᠠᠷ ᠤ᠋ᠨ ᠤᠷᠤᠭᠤᠯ ᠬᠡᠮᠡᠭᠴᠢ ᠨᠢᠭᠡᠨ ᠢᠨᠦ ᠪᠠᠰᠠ ᠣᠯᠠᠨ ᠯᠤᠭ᠎ᠠ ᠪᠠᠨ ᠦᠯᠦ ᠳᠠᠭᠠᠴᠢᠨ ᠭᠠᠭᠴᠠᠭᠠᠷ ᠨᠡᠭᠦᠵᠦ ᠰᠠᠷᠠᠭᠤᠯ ᠲᠠᠯ᠎ᠠ ᠳ᠋ᠤᠷ ᠪᠠᠭᠤᠭᠰᠠᠨ ᠠᠵᠤᠭᠤ 》᠃
ᠲᠡᠨᠳᠡᠴᠡ ᠲᠠᠢᠽᠦ ᠶᠡᠬᠡᠯ᠎ᠡ ᠪᠠᠶᠠᠷᠯᠠᠵᠤ :《ᠮᠤᠬᠤᠯᠢ ᠴᠢ ᠡᠨᠳᠡ ᠬᠦᠯᠢᠶᠡ᠂ ᠪᠢ ᠳᠠᠷᠤᠢ ᠡᠭᠡᠵᠦ ᠢᠷᠡᠰᠦᠭᠡᠢ᠃ 》ᠬᠡᠮᠡᠭᠡᠳ ᠮᠣᠷᠢ ᠪᠠᠨ ᠠᠯᠠᠪᠬᠢᠨ ᠤᠨᠤᠵᠤ ᠢᠯᠳᠦ ᠪᠡᠨ ᠵᠡᠭᠦᠵᠦ ᠰᠠᠷᠠᠭᠤᠯ ᠲᠠᠯ᠎ᠠ ᠶ᠋ᠢᠨ ᠵᠦᠭ ᠳᠣᠪᠲᠣᠯᠤᠨ ᠬᠦᠷᠴᠦ ᠢᠷᠡᠪᠡᠰᠦ ᠤᠷᠤᠭᠤᠯ ᠠᠪᠠᠯᠠᠷ᠎ᠠ ᠭᠠᠷᠤᠭᠠᠳ ᠭᠠᠭᠴᠠ ᠡᠮᠡᠰ ᠬᠡᠦᠬᠡᠳ ᠢᠨᠤ ᠭᠡᠷ ᠲᠡᠭᠡᠨ ᠬᠣᠴᠣᠷᠴᠤᠬᠤᠢ᠃ ᠲᠠᠢᠽᠦ ᠮᠣᠷᠢ ᠪᠠᠨ ᠡᠭᠦᠳᠡᠨ ᠳ᠋ᠦ᠍ᠷ ᠤᠶᠠᠭᠠᠳ ᠵᠠᠮ ᠠᠰᠠᠭᠤᠭᠴᠢ ᠪᠣᠯᠤᠨ ᠭᠡᠷ ᠲᠦ᠍ ᠢᠨᠤ ᠣᠷᠣᠭᠰᠠᠨ ᠳ᠋ᠤᠷ ᠤᠷᠤᠭᠤᠯ ᠤ᠋ᠨ ᠬᠣᠶᠠᠷ ᠡᠮ᠎ᠡ ᠂ ᠲᠠᠢᠽᠦ ᠶ᠋ᠢᠨ ᠥᠩᠭᠡ ᠵᠢᠰᠦ ᠠᠰᠤᠷᠤ ᠭᠡᠷᠡᠯᠲᠡᠢ ᠰᠠᠢᠬᠠᠨ ᠢ᠋ ᠭᠠᠢᠬᠠᠵᠤ ᠪᠠᠭ᠎ᠠ ᠡᠮ᠎ᠡ ᠢᠨᠤ ᠬᠤᠷᠤᠳ ᠢᠳᠡᠭᠦᠯᠰᠦᠭᠡᠢ ᠭᠡᠮᠡᠨ ᠠᠪᠤᠷᠠ ᠡᠴᠢᠭᠰᠡᠨ ᠴᠢᠯᠥᠭᠡᠨ ᠳ᠋ᠦ᠍ ᠢᠯᠳᠦ ᠪᠡᠨ ᠰᠤᠭᠤᠯᠵᠤ ᠶᠡᠬᠡ ᠡᠮ᠎ᠡ ᠶ᠋ᠢ ᠢᠨᠤ ᠨᠢᠭᠡᠨᠲᠡ ᠴᠠᠪᠴᠢᠨ ᠬᠣᠶᠠᠷ ᠠᠩᠭᠢ ᠪᠣᠯᠭᠠᠭᠠᠳ ᠭᠠᠷᠴᠤ ᠢᠷᠡᠲᠡᠯ᠎ᠡ ᠪᠠᠭ᠎ᠠ ᠡᠮ᠎ᠡ ᠢᠨᠤ ᠨᠢᠭᠡᠨ ᠲᠠᠪᠰᠢ ᠳ᠋ᠤᠷ ᠬᠤᠷᠤᠳ ᠬᠢᠵᠦ᠂ ᠨᠢᠭᠡᠨ ᠮᠣᠳᠣᠨ ᠠᠶᠠᠭ᠎ᠠ ᠰᠦ ᠲᠡᠢ ᠴᠠᠢ ᠪᠠᠷᠢᠵᠤ ᠡᠭᠦᠳᠡᠨ ᠳ᠋ᠦ᠍ᠷ ᠤᠴᠠᠷᠠᠭᠠᠳ ᠢᠨᠢᠶᠡᠬᠦ ᠴᠢᠷᠠᠢ ᠪᠠᠷ :《ᠭᠡᠢᠴᠢᠨ ᠴᠠᠢ ᠴᠦ᠍ ᠤᠤᠭᠤᠬᠤ ᠦᠭᠡᠢ ᠪᠡᠷ ᠬᠠᠮᠢᠭᠠᠰᠢ ᠡᠴᠢᠮᠦᠢ ? 》ᠬᠡᠮᠡᠭᠰᠡᠨ ᠳ᠋ᠦ᠍ᠷ ᠲᠠᠢᠽᠦ ᠡᠷ᠎ᠡ ᠶ᠋ᠢ ᠴᠢᠨᠦ ᠠᠯᠠᠷ᠎ᠠ ᠡᠴᠢᠮᠦᠢ ᠬᠡᠮᠡᠭᠡᠳ ᠲᠡᠭᠦᠨ ᠢ᠋ ᠨᠢᠭᠡᠨᠲᠡ ᠴᠠᠪᠴᠢᠵᠤ ᠤᠨᠠᠭᠠᠭᠰᠠᠨ ᠳ᠋ᠤᠷ ᠴᠠᠢ ᠬᠤᠷᠤᠳ ᠴᠥᠮ ᠭᠠᠵᠠᠷ ᠲᠤᠷ ᠠᠰᠬᠠᠪᠠᠢ᠃ ᠲᠠᠢᠽᠦ ᠪᠠᠰᠠ ᠨᠥᠭᠥᠭᠡ ᠭᠡᠷ ᠲᠦ᠍ᠷ ᠣᠷᠣᠬᠤᠢ ᠳ᠋ᠤᠷ ᠨᠢᠭᠡᠨ ᠰᠢᠪᠡᠭᠴᠢᠨ ᠡᠬᠡᠨᠡᠷ ᠴᠢᠪ ᠤᠴᠠᠷᠠᠭᠠᠳ ᠶᠡᠬᠡᠯ᠎ᠡ ᠠᠶᠤᠵᠤ᠂ ᠬᠥᠮᠦᠨ ᠠᠯᠠᠪᠠ ᠭᠡᠮᠡᠨ ᠪᠠᠷᠬᠢᠷᠠᠲᠠᠯᠠ ᠬᠦᠵᠦᠭᠦᠦ ᠶ᠋ᠢ ᠲᠠᠰᠤ ᠴᠠᠪᠴᠢᠨ ᠳᠠᠭᠤᠨ ᠵᠠᠭᠤᠷᠮ᠎ᠠ ᠲᠠᠰᠤᠷᠠᠪᠠ᠃ ᠤᠷᠤᠭᠤᠯ ᠤ᠋ᠨ ᠬᠣᠶᠠᠷ ᠬᠥᠪᠡᠭᠦᠨ ᠭᠡᠷ ᠦ᠋ᠨ ᠢ᠋ᠶ᠋ᠡᠨ ᠠᠷᠤ ᠳ᠋ᠤᠷ ᠨᠠᠭᠠᠳᠬᠤᠢ ᠳ᠋ᠤ᠌ ᠪᠠᠷᠬᠢᠷᠠᠬᠤ ᠳᠠᠭᠤᠨ ᠢ᠋ ᠰᠣᠨᠣᠰᠤᠭᠠᠳ ᠭᠦᠶᠦᠯᠴᠡᠨ ᠢᠷᠡᠲᠡᠯ᠎ᠡ ᠲᠠᠢᠽᠦ ᠨᠢᠭᠡ ᠨᠢᠭᠡᠨ ᠢ᠋ᠶ᠋ᠡᠷ ᠴᠠᠪᠴᠢᠨ ᠠᠯᠠᠭᠠᠳ ᠵᠢᠴᠢ ᠡᠷᠢᠪᠡᠰᠦ ᠬᠥᠮᠦᠨ ᠦᠭᠡᠢ ᠪᠣᠯᠤᠭᠰᠠᠨ ᠲᠤᠯᠠ ᠪᠦᠭᠦᠳᠡ ᠶ᠋ᠢᠨ ᠲᠣᠯᠣᠭᠠᠢ ᠶ᠋ᠢ ᠣᠷᠣᠨ ᠰᠢᠷᠡᠭᠡᠨ᠎ᠡ ᠵᠡᠷᠭᠡᠴᠡᠭᠦᠯᠦᠨ ᠲᠠᠯᠪᠢᠭᠠᠳ ᠮᠣᠷᠢ ᠪᠠᠨ ᠤᠨᠤᠵᠤ ᠬᠣᠢᠰᠢ ᠡᠭᠡᠨ ᠢᠷᠡᠬᠦᠢ ᠳ᠋ᠦ᠍ᠷ ᠨᠢᠭᠡᠨ ᠡᠪᠦᠭᠡᠨ ᠠᠷᠭᠠᠯ ᠲᠡᠭᠦᠵᠦ ᠪᠣᠢ᠂ ᠲᠠᠢᠽᠦ ᠮᠣᠷᠢ ᠪᠠᠨ ᠲᠡᠳᠡᠨ ᠵᠣᠭᠰᠣᠭᠠᠵᠤ ᠠᠰᠠᠭᠤᠷᠤᠨ : 《ᠬᠥᠭᠰᠢᠨ ᠴᠢ ᠤᠷᠤᠭᠤᠯ ᠤ᠋ᠨ ᠭᠡᠷ ᠲᠡᠬᠢ ᠪᠤᠰᠤ ᠤᠤ ?》 ᠡᠪᠦᠭᠡᠨ : 《ᠮᠥᠨ 》 ᠬᠡᠮᠡᠪᠡ ᠃ ᠲᠠᠢᠽᠦ ᠥᠭᠦᠯᠡᠷᠦᠨ : 《ᠪᠢ ᠬᠡᠮᠡᠭᠴᠢ ᠨᠡᠷ᠎ᠡ ᠣᠪᠣᠭ ᠢ᠋ᠶ᠋ᠠᠨ ᠦᠯᠦ ᠨᠢᠭᠤᠬᠤ ᠪᠣᠷᠵᠢᠭᠢᠳ ᠤ᠋ᠨ ᠲᠡᠮᠦᠵᠢᠨ ᠬᠡᠮᠡᠭᠴᠢ ᠮᠥᠨ᠂ ᠲᠠᠲ᠋ᠠᠷ ᠤ᠋ᠨ ᠤᠷᠤᠭᠤᠯ᠂ ᠮᠢᠨᠦ ᠡᠴᠢᠭᠡ ᠳ᠋ᠦ᠍ᠷ ᠬᠣᠣᠷ᠎ᠠ ᠥᠭᠭᠦᠭᠰᠡᠨ ᠲᠤᠯᠠ ᠥᠰᠢᠶ᠎ᠡ ᠶ᠋ᠢ ᠠᠪᠤᠷᠠ ᠢᠷᠡᠬᠦᠶ᠎ᠡ᠂ ᠤᠷᠤᠭᠤᠯ ᠦᠭᠡᠢ ᠲᠤᠯᠠ ᠲᠡᠭᠦᠨ ᠦ᠌ ᠡᠮ᠎ᠡ ᠦᠷ᠎ᠡ ᠶ᠋ᠢ ᠴᠥᠮ ᠠᠯᠠᠪᠠ᠃ ᠴᠢ ᠬᠥᠭᠰᠢᠷᠡᠭᠰᠡᠨ ᠲᠤᠯᠠ ᠥᠷᠥᠰᠢᠶᠡᠵᠦ ᠴᠢᠨᠦ ᠠᠮᠢᠨ ᠢ᠋ ᠬᠡᠯᠲᠦᠷᠢᠭᠦᠯᠰᠦᠭᠡᠢ᠂ ᠤᠷᠤᠭᠤᠯ ᠢᠷᠡᠪᠡᠰᠦ ᠬᠡᠯᠡᠵᠦ ᠥᠭ᠂ ᠴᠢᠳᠠᠯ ᠲᠠᠢ ᠪᠣᠯᠪᠠᠰᠤ ᠮᠢᠨᠦ ᠬᠣᠢᠨ᠎ᠠ ᠠ᠋ᠴᠠ ᠨᠡᠬᠡ ! 》 ᠬᠡᠮᠡᠭᠡᠳ ᠮᠣᠷᠢ ᠪᠠᠨ ᠳᠠᠪᠬᠢᠨ ᠬᠡᠢᠰᠬᠡᠨ ᠲᠠᠯᠪᠢᠵᠤ ᠤᠳᠠᠭᠰᠠᠨ ᠦᠭᠡᠢ ᠰᠢᠷᠣᠢ ᠶ᠋ᠢᠨ ᠳᠣᠪᠣ ᠳ᠋ᠤᠷ ᠬᠦᠷᠴᠦ ᠢᠷᠠᠪᠠᠰᠤ᠂ ᠮᠤᠬᠤᠯᠢ ᠭᠡᠷ ᠲᠡᠭᠡᠨ ᠬᠠᠷᠢᠵᠤ ᠤᠴᠢᠷ ᠢ᠋ᠶ᠋ᠠᠨ ᠪᠦᠷᠢᠳᠬᠡᠨ ᠬᠡᠯᠡᠵᠦ ᠂ ᠳᠡᠭᠦᠦ ᠪᠡᠨ ᠰᠤᠷᠭᠠᠭᠠᠳ ᠮᠠᠯ ᠠᠳᠤᠭᠤᠯᠠᠬᠤ ᠬᠥᠮᠦᠨ ᠳ᠋ᠡᠭᠡᠨ ᠲᠤᠰᠢᠶᠠᠨ ᠥᠭᠴᠦ ᠪᠣᠭᠣᠳᠠᠯ ᠰᠢᠳᠠᠮ ᠢ᠋ᠶ᠋ᠡᠨ ᠡᠭᠦᠷᠦᠭᠡᠳ ᠰᠡᠬᠦᠢᠨ ᠵᠣᠭᠰᠣᠵᠤ ᠬᠦᠯᠢᠶᠡᠨ ᠪᠠᠢᠬᠤ ᠠᠵᠤᠭᠤ᠃ ᠲᠠᠢᠽᠦ ᠲᠡᠭᠦᠨ ᠦ᠌ ᠮᠣᠷᠢ ᠦᠭᠡᠢ ᠶ᠋ᠢ ᠦᠵᠡᠭᠡᠳ ᠤᠴᠢᠷ ᠢ᠋ ᠠᠰᠠᠭᠤᠪᠠᠰᠤ ᠲᠡᠷᠡ ᠢᠨᠢᠶᠡᠨ ᠥᠭᠦᠯᠡᠷᠦᠨ : 《ᠰᠠᠢᠨ ᠡᠷ᠎ᠡ ᠬᠤᠶᠠᠭ ᠦᠭᠡᠢ ᠪᠡᠷ ᠳᠠᠢᠰᠤᠨ ᠢ᠋ ᠳᠠᠷᠤᠮᠤᠢ᠂ ᠰᠠᠨᠠᠭ᠎ᠠ ᠲᠠᠢ ᠡᠷ᠎ᠡ ᠨᠢᠴᠦᠭᠦᠨ ᠪᠡᠶ᠎ᠡ ᠪᠡᠷ ᠦᠢᠯᠡ ᠶ᠋ᠢ ᠪᠦᠲᠦᠭᠡᠮᠦᠢ᠂ ᠰᠠᠢᠨ ᠮᠣᠷᠢ ᠡᠮᠡᠭᠡᠯ ᠳ᠋ᠦ᠍ᠷ ᠦᠭᠡᠢ᠂ ᠰᠠᠢᠬᠠᠨ ᠵᠢᠰᠦ ᠳᠡᠪᠡᠯ ᠳ᠋ᠦ᠍ᠷ ᠦᠭᠡᠢ᠂ ᠡᠬᠡ ᠡᠴᠡ ᠲᠦᠷᠦᠬᠦᠢ ᠳ᠋ᠦ᠍ᠷ ᠳᠡᠪᠡᠯ ᠦᠭᠡᠢ᠂ ᠲᠥᠷᠥᠭᠰᠡᠨ ᠪᠡᠶ᠎ᠡ ᠡᠵᠡᠨ ᠢ᠋ᠶ᠋ᠡᠨ ᠳᠠᠭᠠᠬᠤᠢ ᠳ᠋ᠤᠷ ᠮᠣᠷᠢ ᠪᠠᠷ ᠶᠠᠭᠠᠬᠢᠮᠤᠢ ?》ᠬᠡᠮᠡᠭᠰᠡᠨ ᠳ᠋ᠦ᠍ᠷ ᠲᠠᠢᠽᠦ ᠲᠡᠭᠦᠨ ᠦ᠌ ᠡᠳᠡᠭᠡᠷ ᠦᠭᠡ ᠴᠥᠮ ᠭᠦᠨ᠎ᠡ ᠵᠦᠢ ᠪᠣᠢ ᠲᠤᠯᠠ ᠶᠡᠬᠡᠯ᠎ᠡ ᠭᠠᠢᠬᠠᠨ ᠪᠠᠶᠠᠷᠯᠠᠵᠤ᠂ ᠮᠣᠷᠢᠨ ᠳ᠋ᠤᠷ ᠰᠤᠨᠳᠠᠯ᠎ᠠ ᠬᠡᠮᠡᠪᠡᠰᠦ ᠮᠤᠬᠤᠯᠢ ᠥᠭᠦᠯᠡᠷᠦᠨ : 《ᠬᠣᠶᠠᠷ ᠬᠥᠯ ᠪᠠᠢᠲᠠᠯ᠎ᠠ ᠬᠤᠲᠤᠭᠲᠤ ᠡᠵᠡᠨ ᠢ᠋ᠶ᠋ᠡᠨ ᠬᠦᠨᠳᠦᠯᠡᠬᠦ ᠶ᠋ᠢ ᠠᠯᠳᠠᠵᠤ ᠦᠯᠦ ᠪᠣᠯᠤᠮᠤᠢ ᠃ 》 ᠲᠠᠢᠽᠦ ᠲᠡᠭᠦᠨ ᠦ᠌ ᠥᠲᠡᠯ᠎ᠡ ᠬᠥᠮᠦᠨ ᠪᠤᠰᠤ ᠶ᠋ᠢ ᠦᠵᠡᠭᠡᠳ ᠰᠡᠳᠬᠢᠯ ᠢ᠋ ᠢᠨᠤ ᠠᠪᠰᠤᠭᠠᠢ ᠭᠡᠮᠡᠨ ᠮᠣᠷᠢᠨ ᠢ᠋ᠶ᠋ᠠᠨ ᠤᠨᠤᠬᠤ ᠦᠭᠡᠢ᠂ ᠲᠡᠭᠦᠨ ᠯᠦ᠍ᠭᠡ ᠬᠡᠯᠡᠯᠴᠡᠭᠴᠢ ᠪᠣᠯᠤᠨ ᠶᠠᠪᠠᠭᠠᠯᠠᠨ ᠬᠣᠶᠠᠷ ᠭᠠᠵᠠᠷ ᠠᠯᠬᠤᠬᠤᠢ ᠳ᠋ᠤᠷ ᠮᠤᠬᠤᠯᠢ ᠡᠵᠡᠨ ᠮᠣᠷᠢᠯᠠᠲᠤᠭᠠᠢ ᠭᠡᠮᠡᠨ ᠵᠢᠷᠭᠤᠭᠠᠨ ᠳᠣᠯᠣᠭᠠᠨ ᠤᠳᠠᠭ᠎ᠠ ᠬᠡᠯᠡᠲᠡᠯ᠎ᠡ ᠲᠠᠢᠽᠦ ᠦᠯᠦ ᠪᠣᠯᠬᠤᠢ ᠳ᠋ᠤᠷ ᠮᠤᠬᠤᠯᠢ ᠰᠡᠳᠬᠢᠯ ᠬᠥᠳᠡᠯᠵᠦ ᠂ ᠬᠠᠵᠠᠭᠠᠷ ᠠ᠋ᠴᠠ ᠪᠠᠷᠢᠵᠤ ᠵᠠᠮ ᠤ᠋ᠨ ᠬᠠᠵᠠᠭᠤ ᠳ᠋ᠤ᠌ ᠰᠥᠭᠥᠳᠦᠨ ᠨᠢᠯᠪᠤᠰᠤᠨ ᠤᠨᠠᠭᠠᠵᠤ ᠥᠭᠦᠯᠡᠷᠦᠨ :《ᠡᠵᠡᠨ ᠬᠣᠶᠠᠷ ᠭᠠᠵᠠᠷ ᠶᠠᠪᠠᠭᠠᠯᠠᠭᠰᠠᠨ ᠢ᠋ᠶ᠋ᠡᠷ ᠡᠵᠡᠨ ᠦ᠌ ᠲᠥᠷᠥ ᠬᠣᠶᠠᠷ ᠮᠢᠩᠭᠠᠨ ᠣᠨ ᠪᠣᠯᠤᠮᠤᠢ᠂ ᠳᠣᠯᠣᠭᠠᠨ ᠤᠳᠠᠭ᠎ᠠ ᠮᠡᠳᠡᠭᠦᠯᠲᠡᠯ᠎ᠡ ᠮᠠᠷᠭᠤᠭᠰᠠᠨ ᠢ᠋ᠶ᠋ᠠᠷ ᠳᠣᠯᠣᠭᠠᠨ ᠵᠡᠷᠭᠡ ᠬᠥᠭᠵᠢᠬᠦ ᠪᠠᠢᠨᠠᠮ᠂ ᠡᠵᠡᠨ ᠮᠢᠨᠦ ᠮᠣᠷᠢᠯᠠᠲᠤᠭᠠᠢ ! 》 ᠭᠡᠮᠡᠨ ᠲᠠᠢᠽᠦ ᠶ᠋ᠢ ᠲᠦᠰᠢᠵᠦ ᠮᠣᠷᠢᠯᠠᠭᠤᠯᠤᠭᠠᠳ ᠮᠤᠬᠤᠯᠢ ᠮᠣᠷᠢᠨ ᠤ᠋ ᠡᠮᠦᠨ᠎ᠡ ᠶᠠᠪᠠᠭᠠᠯᠠᠨ ᠠᠯᠬᠤᠵᠤ ᠪᠠᠯᠭᠤ ᠬᠣᠷᠣᠭ᠎ᠠ ᠳ᠋ᠤᠷ ᠬᠦᠷᠴᠦ ᠢᠷᠡᠭᠡᠳ ᠬᠤᠷᠢᠮᠯᠠᠨ ᠬᠦᠨᠳᠦᠯᠡᠪᠡᠢ᠃
ᠲᠡᠳᠦᠢ ᠲᠠᠲ᠋ᠠᠷ ᠤ᠋ᠨ ᠨᠡᠬᠡᠨ ᠢᠷᠡᠬᠦ ᠶ᠋ᠢ ᠪᠡᠯᠡᠳᠦᠨ ᠪᠥᠬᠥᠶ᠎ᠡ ᠂ ᠦᠨᠡᠬᠡᠷ ᠨᠢᠭᠡᠨ ᠥᠷᠯᠥᠭᠡ ᠬᠡᠩᠭᠡᠷᠭᠡ ᠪᠦᠷᠢᠶ᠎ᠡ ᠶ᠋ᠢᠨ ᠳᠠᠭᠤᠨ ᠶᠡᠬᠡᠯ᠎ᠡ ᠭᠠᠷᠴᠤ ᠨᠢᠭᠡᠨ ᠠᠩᠭᠢ ᠶ᠋ᠢᠨ ᠴᠡᠷᠢᠭ ᠢᠷᠡᠭᠡᠳ ᠪᠠᠯᠭᠤ ᠬᠣᠷᠣᠭ᠎ᠠ ᠶ᠋ᠢ ᠲᠥᠭᠥᠷᠢᠭᠯᠡᠨ ᠬᠠᠭᠠᠵᠤ᠂ ᠣᠯᠠᠨ ᠴᠡᠷᠢᠭ ᠬᠠᠰᠬᠢᠷᠤᠯᠳᠤᠨ ᠭᠠᠭᠴᠠ ᠲᠡᠮᠦᠵᠢᠨ ᠢ᠋ ᠭᠠᠷᠭᠠᠵᠤ ᠥᠭ ᠬᠡᠮᠡᠮᠦᠢ᠃
ᠦᠵᠡᠰᠡ ᠤᠷᠤᠭᠤᠯ ᠭᠡᠷ ᠲᠡᠭᠡᠨ ᠡᠭᠡᠵᠦ ᠢᠷᠡᠭᠡᠳ ᠡᠮᠡᠰ ᠬᠡᠦᠬᠡᠳ ᠦ᠋ᠨ ᠢ᠋ᠶ᠋ᠡᠨ ᠵᠡᠷᠭᠡᠴᠡᠭᠦᠯᠦᠭᠰᠡᠨ ᠲᠣᠯᠣᠭᠠᠢ ᠶ᠋ᠢ ᠦᠵᠡᠭᠡᠳ ᠶᠡᠬᠡᠯ᠎ᠡ ᠬᠣᠷᠣᠰᠴᠤ ᠲᠠᠲ᠋ᠠᠷ ᠠᠢᠮᠠᠭ ᠠ᠋ᠴᠠ ᠪᠠᠨ ᠴᠡᠷᠢᠭ ᠲᠠᠲᠠᠷᠠ ᠡᠴᠢᠰᠦᠭᠡᠢ ᠬᠡᠮᠡᠪᠡᠰᠦ ᠤᠭ ᠲᠤᠷ ᠦᠯᠦ ᠵᠣᠬᠢᠴᠠᠨ ᠭᠠᠷᠴᠤ ᠢᠷᠡᠭᠰᠡᠨ ᠲᠤᠯᠠ ᠲᠠᠢᠴᠢᠭᠤᠳ ᠠᠢᠮᠠᠭ ᠢ᠋ ᠡᠷᠢᠨ ᠣᠳᠴᠤ ᠴᠢᠯᠭᠡᠷ ᠪᠥᠬᠡ᠂ ᠳᠠᠬᠠᠷ ᠬᠣᠶᠠᠭᠤᠯᠠ ᠠ᠋ᠴᠠ ᠵᠣᠪᠠᠯᠠᠩ ᠢ᠋ᠶ᠋ᠠᠨ ᠲᠣᠭᠠᠴᠢᠨ ᠤᠬᠢᠯᠠᠵᠤ ᠴᠡᠷᠢᠭ ᠭᠤᠶᠤᠭᠰᠠᠨ ᠳ᠋ᠤᠷ᠂ ᠲᠠᠢᠴᠢᠭᠤᠳ ᠠᠢᠮᠠᠭ ᠤ᠋ᠨ ᠴᠢᠯᠭᠡᠷ ᠪᠥᠬᠡ ᠥᠪᠡᠷ ᠵᠠᠭᠤᠷ᠎ᠠ ᠪᠠᠨ ᠵᠥᠪᠯᠡᠯᠳᠦᠷᠦᠨ : 《ᠶᠢᠰᠦᠭᠡᠢ ᠪᠠᠭᠠᠲᠤᠷ ᠤᠷᠢᠳᠠ ᠮᠠᠨ ᠢ᠋ ᠭᠢᠰᠬᠢᠯᠡᠵᠦ ᠢᠰᠬᠦᠯᠦᠨ ᠶᠠᠪᠤᠭᠰᠠᠨ ᠪᠥᠯᠥᠭᠡ᠃ ᠲᠡᠷᠡᠬᠡᠨ ᠵᠢᠯ ᠲᠡᠭᠦᠨ ᠦ᠌ ᠡᠮ᠎ᠡ ᠥᠭᠡᠯᠦᠨ ᠪᠠᠰᠠ ᠮᠠᠨ ᠳ᠋ᠤ᠌ ᠳᠠᠭᠠᠭᠰᠠᠨ ᠲᠡᠳᠡᠨ ᠦ᠌ ᠬᠠᠷᠢᠶᠠᠲᠤ ᠠᠯᠪᠠᠲᠤ ᠳ᠋ᠠᠭᠠᠨ ᠴᠡᠷᠢᠭᠯᠡᠪᠡ᠃ ᠪᠢᠳᠡ ᠪᠠᠰᠠ ᠨᠡᠬᠡᠯᠴᠡᠭᠡᠳᠦᠢ᠃ ᠡᠳᠦᠭᠡ ᠣᠳᠣ ᠪᠠᠷᠰ ᠤ᠋ᠨ ᠥᠰᠢᠶ᠎ᠡ ᠶ᠋ᠢ ᠪᠠᠮᠪᠤᠷ ᠠ᠋ᠴᠠ ᠠᠪᠤᠶ᠎ᠠ !》 ᠬᠡᠮᠡᠯᠳᠦᠵᠦ ᠨᠢᠭᠡᠨ ᠮᠢᠩᠭᠠᠨ ᠴᠡᠷᠢᠭ ᠰᠢᠯᠭᠠᠭᠠᠳ ᠪᠠᠯᠭᠤ ᠬᠣᠷᠣᠭᠠᠨ ᠢ᠋ ᠪᠠᠢᠯᠳᠤᠷ᠎ᠠ ᠢᠷᠡᠭᠰᠡᠨ ᠠᠵᠤᠭᠤ᠃
ᠲᠡᠭᠦᠨ ᠡᠴᠡ ᠲᠠᠢᠽᠦ ᠤᠴᠢᠷ ᠢ᠋ ᠮᠡᠳᠡᠭᠡᠳ ᠬᠤᠶᠠᠭ ᠳᠤᠭᠤᠯᠠᠭ᠎ᠠ ᠡᠮᠦᠰᠴᠦ ᠪᠦᠬᠦ ᠪᠡᠯᠭᠦᠳᠡᠢ᠂ ᠬᠠᠪᠤᠲᠤ ᠬᠠᠰᠠᠷ ᠬᠣᠶᠠᠷ ᠳᠡᠭᠦᠦ ᠪᠡᠨ ᠠᠪᠴᠤ ᠬᠣᠩᠬᠣᠲᠠᠨ ᠤ᠋ ᠮᠡᠩᠬᠡᠯᠢᠭ᠂ ᠵᠠᠯᠠᠢᠳ ᠤ᠋ᠨ ᠮᠤᠬᠤᠯᠢ ᠂ ᠪᠡᠯᠡᠨ ᠪᠦᠬᠦᠢ ᠲᠠᠪᠤᠨ ᠵᠠᠭᠤᠨ ᠴᠡᠷᠢᠭ ᠢ᠋ ᠠᠪᠴᠤ ᠤᠭᠲᠤᠨ ᠭᠠᠷᠴᠤ ᠵᠢᠭ᠍ᠰᠠᠭᠠᠭᠰᠠᠨ ᠳ᠋ᠤᠷ ᠤᠷᠤᠭᠤᠯ ᠭᠠᠷᠴᠤ ᠶᠡᠬᠡ ᠳᠠᠭᠤᠨ ᠢ᠋ᠶ᠋ᠠᠷ ᠬᠠᠷᠢᠶᠠᠨ ᠥᠭᠦᠯᠡᠷᠦᠨ : 《ᠪᠤᠷᠤᠭᠤᠳᠠᠭᠰᠠᠨ ᠪᠣᠷᠵᠢᠭᠢᠳ ᠲᠡᠪᠡᠳᠡᠭᠰᠡᠨ ᠲᠡᠮᠦᠵᠢᠨ ᠶᠠᠭᠠᠬᠢᠨ ᠮᠢᠨᠦ ᠡᠮ᠎ᠡ ᠦᠷ᠎ᠡ ᠶ᠋ᠢ ᠴᠥᠮ ᠠᠯᠠᠪᠠ ? ᠤᠷᠢᠳᠠ ᠪᠢ ᠡᠴᠢᠭᠡ ᠶ᠋ᠢ ᠴᠢᠨᠦ ᠠᠯᠠᠪᠠ᠂ ᠡᠳᠦᠭᠡ ᠣᠳᠣ ᠡᠬᠡ ᠶ᠋ᠢ ᠴᠢᠨᠦ ᠠᠯᠠᠵᠤ ᠥᠰᠢᠶ᠎ᠡ ᠪᠡᠨ ᠠᠪᠤᠮᠤᠢ ! 》ᠬᠡᠮᠡᠭᠰᠡᠨ ᠳ᠋ᠦ᠍ᠷ ᠲᠠᠢᠽᠦ ᠶᠡᠬᠡᠯ᠎ᠡ ᠬᠢᠯᠢᠩᠯᠡᠵᠦ ᠨᠢᠳᠦᠨ ᠡᠴᠡ ᠭᠠᠯ ᠭᠠᠷᠴᠤ ᠠᠶᠤᠩᠭ᠎ᠠ ᠮᠡᠲᠦ ᠵᠠᠩᠳᠠᠵᠤ᠂ ᠳ᠋ᠠᠷᠬᠢ ᠬᠣᠩᠭᠣᠷ ᠮᠣᠷᠢ ᠪᠠᠨ ᠳᠡᠪᠬᠡᠴᠡᠭᠦᠯᠦᠨ ᠤᠷᠤᠭᠤᠯ ᠢ᠋ ᠡᠷᠢᠨ ᠣᠨᠣᠯᠠᠨ ᠣᠷᠣᠭᠰᠠᠨ ᠳ᠋ᠤᠷ ᠪᠡᠯᠭᠦᠳᠡᠢ ᠲᠠᠨ ᠳᠥᠷᠪᠡᠭᠦᠯᠡ ᠵᠡᠷᠭᠡ ᠪᠡᠷ ᠠᠯᠠᠨ ᠣᠷᠣᠵᠤ ᠬᠣᠶᠠᠷ ᠡᠲᠡᠭᠡᠳ ᠬᠤᠳᠬᠠᠳ ᠵᠢᠭᠤᠷᠠᠯᠳᠤᠵᠤ ᠨᠢᠭᠡᠨ ᠵᠡᠷᠭᠡ ᠶᠡᠬᠡᠯ᠎ᠡ ᠪᠠᠢᠯᠳᠤᠪᠠ᠃ ᠨᠢᠭᠡ ᠳ᠋ᠦ᠍ᠷ ᠴᠥᠭᠡᠨ ᠢᠨᠤ ᠣᠯᠠᠨ ᠳ᠋ᠤᠷ ᠲᠡᠩᠴᠡᠬᠦᠶᠡ ᠪᠡᠷᠬᠡ᠂ ᠬᠣᠶᠠᠷ ᠲᠤᠷ ᠲᠠᠢᠴᠢᠭᠤᠳ ᠤ᠋ᠨ ᠴᠡᠷᠢᠭ ᠪᠠᠰᠠ ᠰᠢᠯᠭᠠᠵᠤ ᠢᠷᠡᠭᠰᠡᠨ ᠲᠤᠯᠠ ᠪᠧᠲ᠋ᠠ᠋ ᠤᠯᠤᠰ ᠤ᠋ᠨ ᠴᠡᠷᠢᠭ ᠤᠯᠠᠮ ᠤᠯᠠᠮ ᠲᠤᠯᠤᠨ ᠪᠠᠢᠯᠳᠤᠵᠤ ᠴᠢᠳᠠᠬᠤ ᠦᠭᠡᠢ᠂ ᠬᠦᠷᠢᠶ᠎ᠡ ᠪᠡᠨ ᠬᠠᠮᠠᠭᠠᠯᠠᠵᠤ ᠲᠤᠯᠤᠯᠴᠠᠮᠤᠢ᠃ ᠭᠠᠭᠴᠠ ᠲᠠᠢᠽᠦ ᠤᠷᠤᠭᠤᠯ ᠢ᠋ ᠣᠨᠣᠯᠠᠨ ᠣᠷᠣᠵᠤ ᠲᠠᠯᠪᠢᠯ ᠦᠭᠡᠢ ᠪᠠᠢᠯᠳᠤᠬᠤᠢ ᠳ᠋ᠤᠷ ᠤᠷᠤᠭᠤᠯ ᠲᠠᠢᠽᠦ ᠲᠡᠢ ᠲᠤᠯᠤᠨ ᠴᠢᠳᠠᠬᠤ ᠦᠭᠡᠢ ᠰᠢᠷᠭᠤᠯᠠᠨ ᠳᠤᠲᠠᠭᠠᠬᠤᠶ᠎ᠠ᠂ ᠲᠠᠢᠽᠦ ᠰᠢᠳᠦ ᠪᠡᠨ ᠵᠠᠭᠤᠨ ᠲᠠᠯᠪᠢᠯ ᠥᠭᠡᠶ᠎ᠡ ᠨᠡᠬᠡᠨ ᠤᠲᠤᠭᠰᠠᠭᠠᠷ ᠲᠠᠢᠴᠢᠭᠤᠳ ᠤ᠋ᠨ ᠮᠣᠳᠣᠨ ᠤ᠋ ᠦᠨᠳᠦᠰᠦᠨ ᠡᠴᠡ ᠵᠠᠮ ᠬᠥᠨᠳᠡᠯᠡᠨ ᠲᠠᠲᠠᠭᠰᠠᠨ ᠵᠡᠯ᠎ᠡ ᠳᠡᠭᠡᠰᠦᠨ ᠳ᠋ᠦ᠍ᠷ ᠮᠣᠷᠢᠨ ᠤ᠋ ᠬᠥᠯ ᠪᠦᠳᠦᠷᠢᠵᠦ ᠤᠨᠠᠮᠠᠭᠴᠠ ᠬᠤᠯᠤᠰᠤ ᠡᠪᠡᠰᠦᠨ ᠡᠴᠡ ᠳᠡᠭᠡᠭᠡ ᠭᠣᠬ᠎ᠠ ᠪᠠᠷᠢᠭ᠍ᠰᠠᠨ ᠴᠡᠷᠢᠭ ᠭᠠᠷᠴᠤ ᠲᠠᠢᠽᠦ ᠶ᠋ᠢ ᠳᠠᠷᠤᠵᠤ ᠬᠦᠯᠢᠪᠡᠢ ᠃ ᠲᠠᠢᠴᠢᠭᠤᠳ ᠤ᠋ᠨ ᠭᠣᠣᠯ ᠠ᠋ᠴᠠ ᠴᠢᠯᠭᠡᠷ ᠪᠥᠬᠡ᠂ ᠵᠢᠴᠢ ᠲᠠᠬᠠᠷ ᠲᠠᠯᠪᠤᠲᠠᠢ ᠨᠠᠷ ᠬᠠᠷᠠᠩᠭ᠎ᠠ ᠴᠣᠬᠢᠨ ᠴᠡᠷᠢᠭ ᠢ᠋ᠶ᠋ᠡᠨ ᠬᠤᠷᠢᠶᠠᠵᠤ᠂ ᠲᠠᠢᠽᠦ ᠶ᠋ᠢ ᠭᠢᠨᠵᠢᠯᠡᠨ ᠠᠪᠴᠤ ᠡᠭᠡᠭᠡᠳ ᠤᠷᠤᠭᠤᠯ ᠠᠯᠠᠰᠤᠭᠠᠢ ᠭᠡᠮᠡᠨ ᠰᠢᠪᠲᠠᠬᠤᠢ ᠳ᠋ᠤᠷ ᠴᠢᠯᠭᠡᠷ ᠪᠥᠬᠡ ᠳᠠᠷᠤᠢ ᠠᠯᠠᠬᠤᠶ᠎ᠠ ᠵᠠᠪᠳᠤᠬᠤᠢ ᠳ᠋ᠤᠷ ᠲᠠᠢᠴᠢᠭᠤᠳ ᠲᠤᠷ ᠰᠠᠭᠤᠵᠤ ᠪᠠᠢᠬᠤ ᠰᠦᠯᠳᠡ ᠶ᠋ᠢᠨ ᠲᠣᠷᠭᠠᠨ ᠰᠢᠷ᠎ᠠ ᠬᠡᠮᠡᠭᠴᠢ ᠶᠠᠭᠠᠷᠠᠨ ᠭᠠᠷᠴᠤ ᠬᠣᠷᠢᠭ᠍ᠯᠠᠨ ᠥᠭᠦᠯᠡᠷᠦᠨ :《ᠪᠣᠯᠬᠤ ᠦᠭᠡᠢ ᠪᠣᠯᠬᠤ ᠦᠭᠡᠢ᠂ ᠪᠧᠲ᠋ᠠ᠋ ᠤᠯᠤᠰ ᠤ᠋ᠨ ᠲᠡᠮᠦᠵᠢᠨ ᠪᠠᠷᠢᠭ᠍ᠳᠠᠭᠰᠠᠨ ᠪᠣᠯᠪᠠᠴᠤ ᠪᠧᠲ᠋ᠠ᠋ ᠤᠯᠤᠰ ᠬᠡᠮᠡᠭᠴᠢ ᠬᠣᠷᠢᠨ ᠬᠡᠳᠦᠨ ᠦᠶ᠎ᠡ ᠶ᠋ᠢᠨ ᠦᠨᠳᠦᠰᠦᠲᠦ ᠶᠡᠬᠡ ᠤᠯᠤᠰ ᠪᠥᠭᠡᠳ ᠲᠡᠮᠦᠵᠢᠨ ᠦ᠌ ᠳᠡᠭᠦᠦ ᠨᠠᠷ ᠪᠠ ᠲᠦᠰᠢᠮᠡᠳ ᠬᠢᠭᠡᠳ ᠬᠡᠳᠦᠨ ᠲᠦᠮᠡᠨ ᠠᠯᠪᠠᠲᠤ ᠤᠯᠤᠰ ᠂ ᠬᠡᠴᠡᠭᠦᠦ ᠮᠡᠷᠭᠡᠨ ᠤᠷᠤᠭ ᠰᠠᠳᠤᠨ ᠬᠠᠳᠠᠮ ᠬᠠᠷᠢ ᠪᠣᠢ ᠠᠮᠤᠢ᠃ ᠡᠨᠡ ᠤᠳᠠᠭ᠎ᠠ ᠴᠣᠴᠢᠮᠠᠲᠠᠭᠠᠢ ᠪᠠᠷ ᠳᠡᠢᠯᠦᠭᠳᠡᠪᠡ᠂ ᠬᠡᠷᠪᠡ ᠲᠡᠮᠦᠵᠢᠨ ᠢ᠋ ᠠᠯᠠᠪᠠᠰᠤ ᠯᠠᠪ ᠶᠡᠬᠡ ᠵᠣᠪᠠᠯᠠᠩ ᠡᠳᠦᠮᠦᠢ᠃ ᠲᠡᠭᠦᠨ ᠢ᠋ ᠲᠦᠷ ᠬᠣᠷᠢᠭᠠᠳ ᠲᠡᠭᠦᠨ ᠦ᠌ ᠳᠡᠭᠦᠦ ᠨᠠᠷ ᠢ᠋ ᠪᠠᠷᠢᠵᠤ᠂ ᠤᠯᠤᠰ ᠢ᠋ ᠠᠨᠤ ᠮᠥᠬᠥᠭᠡᠭᠰᠡᠨ ᠬᠣᠢᠨ᠎ᠠ ᠠᠯᠠᠪᠠᠰᠤ ᠶᠡᠬᠡ ᠵᠣᠪᠠᠯᠠᠩ ᠦᠭᠡᠢ ᠪᠣᠯᠤᠮᠤᠢ᠃ 》ᠬᠡᠮᠡᠭᠰᠡᠨ ᠳ᠋ᠦ᠍ᠷ ᠲᠠᠢᠴᠢᠭᠤᠳ ᠤ᠋ᠨ ᠡᠵᠡᠨ ᠴᠢᠯᠭᠡᠷ ᠪᠥᠬᠡ ᠵᠢᠴᠢ ᠲᠠᠬᠠᠷ ᠨᠠᠷ ᠲᠣᠷᠭᠠᠨ ᠰᠢᠷ᠎ᠠ ᠶ᠋ᠢᠨ ᠦᠭᠡ ᠮᠥᠨ ᠮᠠᠰᠢ ᠨᠡᠢᠴᠡᠬᠦ ᠲᠤᠯᠠ ᠳᠠᠷᠤᠢ ᠵᠥᠪᠰᠢᠶᠡᠷᠡᠵᠦ᠂ ᠳᠣᠣᠷᠠᠬᠢ ᠠᠷᠠᠳ ᠢ᠋ ᠬᠡᠷᠦᠵᠦ ᠴᠢᠩᠳᠠᠯᠠᠨ ᠬᠠᠳᠠᠭᠠᠯᠠ ᠭᠡᠮᠡᠨ ᠲᠤᠰᠢᠶᠠᠵᠤ᠂ ᠳᠡᠨᠵᠢ ᠳᠠᠷᠤᠰᠤᠭᠠᠢ ᠬᠡᠮᠡᠪᠡ᠃ ᠡᠭᠦᠨ ᠳ᠋ᠦ᠍ᠷ ᠤᠷᠤᠭᠤᠯ ᠪᠠᠶᠠᠷ ᠦᠭᠡᠢ ᠡᠭᠡᠪᠡ ᠃
ᠲᠡᠭᠦᠨᠴᠡ ᠲᠠᠢᠴᠢᠭᠤᠳ ᠳᠠᠢᠰᠤᠨ ᠢ᠋ ᠳᠠᠷᠤᠪᠠ ᠭᠡᠮᠡᠨ ᠶᠡᠬᠡ ᠪᠠᠶᠠᠷ ᠬᠢᠵᠦ ᠂ ᠭᠤᠷᠪᠠᠨ ᠡᠳᠦᠷ ᠶᠡᠬᠡᠯ᠎ᠡ ᠬᠤᠷᠢᠮᠯᠠᠨ᠂ ᠲᠠᠢᠽᠦ ᠶ᠋ᠢᠨ ᠡᠯᠦᠨᠴᠡ ᠬᠠᠪᠤᠯ ᠬᠠᠨ᠂ ᠡᠪᠦᠭᠡ ᠪᠠᠷᠳᠠᠨ ᠪᠠᠭᠠᠲᠤᠷ᠂ ᠡᠴᠢᠭᠡ ᠶᠢᠰᠦᠭᠡᠢ ᠪᠠᠭᠠᠲᠤᠷ᠂ ᠭᠤᠷᠪᠠᠨ ᠦᠶ᠎ᠡ ᠶ᠋ᠢᠨ ᠲᠡᠮᠡᠴᠡᠯ ᠢ᠋ ᠡᠨᠡ ᠡᠳᠦᠷ ᠰᠠᠶᠢ ᠠᠮᠲᠠ ᠲᠠᠢ ᠪᠠᠷᠠᠪᠠ ᠭᠡᠮᠡᠨ ᠨᠠᠭᠤᠷ ᠳᠠᠯᠠᠢ ᠮᠡᠲᠦ ᠠᠷᠢᠬᠢ ᠨᠡᠷᠡᠵᠦ ᠬᠤᠷᠢᠮᠯᠠᠬᠤᠢ ᠳ᠋ᠤᠷ ᠲᠠᠢᠽᠦ ᠶ᠋ᠢ ᠬᠠᠳᠠᠭᠠᠯᠠᠭᠰᠠᠨ ᠬᠣᠶᠠᠷ ᠬᠥᠮᠦᠨ ᠣᠮᠲᠣᠭᠠᠢᠯᠠᠨ᠂ ᠦᠳᠡᠰᠢ ᠪᠠᠰᠠ ᠠᠷᠢᠬᠢ ᠤᠤᠭᠤᠵᠤ ᠨᠤᠯᠭᠤ ᠰᠣᠭᠲᠣᠵᠤ᠂ ᠪᠠᠰᠠ ᠲᠠᠢᠽᠦ ᠮᠠᠨ ᠢ᠋ ᠠᠮᠤᠷ ᠦᠯᠦ ᠤᠮᠳᠠᠭᠤᠯᠤᠮᠤᠢ ᠭᠡᠮᠡᠨ ᠵᠠᠭᠤᠨ ᠵᠦᠢᠯ ᠢ᠋ᠶ᠋ᠡᠷ ᠬᠠᠷᠢᠶᠠᠬᠤᠢ ᠳ᠋ᠤᠷ ᠲᠠᠢᠽᠦ ᠶᠡᠬᠡᠯ᠎ᠡ ᠬᠢᠯᠢᠩ ᠲᠥᠷᠥᠬᠦ ᠪᠥᠯᠥᠭᠡ᠃ ᠰᠥᠨᠢ ᠤᠷᠤᠭᠤᠯ ᠪᠠᠰᠠ ᠬᠤᠯᠠᠭᠤᠨ ᠣᠷᠣᠵᠤ ᠠᠯᠠᠬᠤ ᠶ᠋ᠢ ᠪᠡᠯᠡᠳᠬᠡᠨ ᠪᠥᠬᠥᠶ᠎ᠡ᠂ ᠲᠠᠢᠽᠦ ᠡᠨᠡ ᠬᠠᠷᠢᠶᠠᠬᠤᠢ ᠳ᠋ᠤᠷ ᠲᠡᠰᠬᠡᠯ ᠦᠭᠡᠢ ᠠᠭᠤᠷᠯᠠᠵᠤ ᠲᠡᠭᠷᠢ ᠡᠴᠢᠭᠡ ᠭᠡᠮᠡᠨ ᠨᠢᠭᠡᠨᠲᠡ ᠳᠠᠭᠤᠳᠠᠵᠤ ᠭᠠᠷ ᠳᠠᠬᠢ ᠭᠠᠪᠠᠵᠢ ᠪᠠᠨ ᠮᠤᠯᠲᠤ ᠮᠤᠰᠬᠢᠵᠦ ᠂ ᠬᠥᠯ ᠦ᠋ᠨ ᠳᠥᠩᠭᠡ ᠪᠡᠨ ᠨᠢᠭᠡᠨᠲᠡ ᠢᠰᠬᠦᠯᠦᠭᠰᠡᠨᠡ ᠪᠡᠶ᠎ᠡ ᠡᠴᠡ ᠤᠯᠠᠭᠠᠨ ᠭᠡᠷᠡᠯ ᠰᠠᠴᠤᠷᠠᠨ ᠭᠠᠷᠴᠤ ᠳᠥᠩᠭᠡ ᠰᠡᠳᠡ ᠡᠴᠢᠭᠡᠳ ᠥᠨᠳᠥᠷ ᠳᠠᠭᠤᠨ ᠢ᠋ᠶ᠋ᠠᠷ ᠨᠢᠭᠡᠨᠲᠡ ᠵᠠᠩᠳᠠᠨ᠂ ᠬᠠᠳᠠᠭᠠᠯᠠᠭᠰᠠᠨ ᠬᠥᠮᠦᠨ ᠢ᠋ ᠳᠥᠩᠭᠡ ᠪᠡᠷ ᠲᠣᠯᠣᠭᠠᠢ ᠶ᠋ᠢ ᠬᠡᠮᠬᠡ ᠴᠣᠬᠢᠵᠤ᠂ ᠭᠠᠷᠴᠤ ᠳᠤᠲᠠᠭᠠᠬᠤᠶ᠎ᠠ ᠨᠥᠭᠥᠭᠡ ᠨᠢᠭᠡᠨ ᠶᠡᠬᠡ ᠳᠠᠭᠤᠨ ᠢ᠋ᠶ᠋ᠠᠷ ᠪᠠᠷᠬᠢᠷᠠᠨ ᠨᠣᠴᠣᠨ ᠢᠷᠡᠭᠰᠡᠨ ᠳ᠋ᠦ᠍ᠷ ᠲᠠᠢᠽᠦ ᠪᠠᠷᠠᠭᠤᠨ ᠬᠥᠯ ᠢ᠋ᠶ᠋ᠡᠨ ᠡᠷᠭᠦᠵᠦ᠂ ᠠᠶᠤᠤᠯᠢᠬᠠᠢ ᠶ᠋ᠢ ᠣᠨᠣᠯᠠᠨ ᠨᠢᠭᠡᠨᠲᠡ ᠢᠰᠬᠦᠯᠦᠨ ᠤᠨᠠᠭᠠᠭᠠᠳ ᠳᠥᠩᠭᠡ ᠶ᠋ᠢᠨ ᠨᠥᠭᠥᠭᠡ ᠬᠠᠭᠠᠰ ᠢ᠋ᠶ᠋ᠠᠷ ᠲᠣᠯᠣᠭᠠᠢ ᠶ᠋ᠢ ᠠᠨᠤ ᠪᠠᠯᠪᠠ ᠳᠡᠯᠡᠳᠦᠭᠰᠡᠨ ᠳ᠋ᠦ᠍ᠷ ᠴᠢᠰᠤ ᠲᠠᠷᠢᠬᠢ ᠬᠠᠮᠲᠤ ᠪᠠᠷ ᠦᠰᠦᠷᠪᠡ᠃
ᠡᠨᠡ ᠮᠠᠭᠤ ᠳᠠᠭᠤᠨ ᠳ᠋ᠤ᠌ ᠮᠠᠨᠠᠭᠠᠨ ᠤ᠋ ᠠᠷᠠᠳ ᠴᠤᠭᠠᠷ ᠬᠠᠰᠬᠢᠷᠤᠨ ᠲᠠᠢᠽᠦ ᠶ᠋ᠢ ᠡᠷᠢᠨ ᠢᠷᠡᠪᠡᠰᠦ ᠣᠯᠳᠠᠬᠤ ᠦᠭᠡᠢ ᠪᠣᠯᠵᠤᠬᠤᠢ᠃ ᠬᠡᠳᠦᠨ ᠵᠠᠭᠤᠨ ᠬᠥᠮᠦᠨ ᠳᠥᠷᠪᠡᠨ ᠵᠦᠭ ᠢ᠋ ᠪᠦᠷᠬᠦᠨ ᠡᠷᠢᠨ ᠭᠠᠷᠪᠠᠢ᠃
ᠲᠡᠭᠦᠨᠴᠡ ᠲᠣᠷᠭᠠᠨ ᠰᠢᠷ᠎ᠠ ᠬᠤᠷᠢᠮ ᠲᠠᠷᠬᠠᠵᠤ ᠭᠡᠷ ᠲᠡᠭᠡᠨ ᠢᠷᠡᠬᠦᠢ ᠳ᠋ᠦ᠍ᠷ ᠡᠪᠡᠰᠦᠲᠦ ᠨᠠᠭᠤᠷ ᠤ᠋ᠨ ᠳᠣᠲᠣᠷ᠎ᠠ ᠤᠯᠠᠭᠠᠨ ᠭᠡᠷᠡᠯ ᠰᠠᠴᠤᠷᠠᠨ ᠭᠠᠷᠬᠤᠢ ᠳ᠋ᠤᠷ ᠮᠣᠷᠢ ᠪᠠᠨ ᠲᠡᠩᠬᠡᠷᠡᠭᠦᠯᠦᠨ ᠢᠷᠡᠵᠦ ᠦᠵᠡᠪᠡᠰᠦ ᠲᠠᠢᠽᠦ ᠤᠰᠤᠨ ᠤ᠋ ᠳᠣᠲᠣᠷ᠎ᠠ ᠠ᠋ᠴᠠ ᠲᠣᠯᠣᠭᠠᠢ ᠪᠠᠨ ᠭᠠᠷᠭᠠᠵᠤ᠂ ᠳᠡᠪᠡᠯ ᠬᠤᠪᠴᠠᠰᠤᠨ ᠭᠢᠨᠵᠢ ᠲᠡᠢ ᠪᠡᠷ ᠬᠡᠪᠲᠡᠵᠦᠬᠦᠢ ᠃ ᠲᠣᠷᠭᠠᠨ ᠰᠢᠷ᠎ᠠ ᠰᠡᠭᠬᠢᠵᠦ ᠳᠣᠲᠣᠷ᠎ᠠ ᠪᠠᠨ ᠰᠠᠨᠠᠷᠤᠨ : ᠣᠯᠠᠨ ᠤ᠋ ᠬᠡᠯᠡᠯᠴᠡᠬᠦ ᠪᠡᠷ ᠵᠡᠭᠦᠳᠦᠨ ᠡᠴᠡ ᠣᠯᠤᠭᠰᠠᠨ ᠲᠡᠭᠷᠢ ᠶ᠋ᠢᠨ ᠬᠥᠪᠡᠭᠦᠨ ᠲᠡᠮᠦᠵᠢᠨ ᠬᠡᠮᠡᠭᠴᠢ ᠲᠡᠮᠳᠡᠭᠲᠡᠶ᠎ᠡ ᠳᠡᠭᠷᠢᠯᠢᠭ ᠦ᠋ᠨ ᠦᠷᠡᠰ ᠬᠡᠮᠡᠯᠳᠦᠬᠦ ᠢᠨᠤ ᠦᠨᠡᠬᠡᠷ ᠮᠠᠰᠢ ᠦᠨᠡᠨ ᠠᠵᠤᠭᠤ᠃ ᠮᠢᠨᠦ ᠡᠭᠦᠨ ᠢ᠋ ᠠᠪᠤᠷᠠᠭᠰᠠᠨ ᠠᠨᠤ ᠶᠡᠬᠡᠯ᠎ᠡ ᠵᠣᠬᠢᠪᠠ ᠬᠡᠮᠡᠭᠡᠳ ᠰᠡᠮᠡᠬᠡᠷ ᠳᠠᠭᠤᠳᠠᠨ ᠥᠭᠦᠯᠡᠷᠦᠨ : 《ᠠᠤᠭ᠎ᠠ ᠬᠦᠴᠦᠲᠦ ᠠᠪᠤᠷᠠᠬᠤ ᠵᠠᠩᠲᠤ ᠴᠢ ᠦᠳᠲᠡᠷ ᠪᠣᠰᠴᠤ ᠤᠯᠤᠰ ᠲᠠᠭᠠᠨ 《ᠠᠤᠭ᠎ᠠ ᠬᠦᠴᠦᠲᠦ ᠠᠪᠤᠷᠠᠬᠤ ᠵᠠᠩᠲᠤ ᠴᠢ ᠦᠳᠲᠡᠷ ᠪᠣᠰᠴᠤ ᠤᠯᠤᠰ ᠲᠠᠭᠠᠨ ᠣᠳ᠂ ᠡᠷᠢᠬᠦ ᠴᠡᠷᠢᠭ ᠥᠩᠭᠡᠷᠡᠨ ᠭᠠᠷᠪᠠ᠂ ᠬᠣᠣᠷᠲᠤ ᠮᠠᠭᠤ ᠳ᠋ᠤᠷ ᠪᠢ ᠦᠯᠦ ᠬᠡᠯᠡᠮᠦᠢ᠂ ᠬᠣᠢᠴᠢ ᠡᠳᠦᠷ ᠨᠠᠮᠠᠶ᠋ᠢ ᠪᠦᠦ ᠮᠠᠷᠲᠠ᠂ ᠮᠢᠨᠦ ᠨᠡᠷ᠎ᠡ ᠲᠣᠷᠭᠠᠨ ᠰᠢᠷ᠎ᠠ᠃ 》 ᠬᠡᠮᠡᠭᠡᠳ ᠮᠣᠷᠢ ᠪᠠᠨ ᠲᠠᠰᠢᠭᠤᠷᠳᠠᠨ ᠡᠴᠢᠪᠡᠢ᠃ ᠲᠠᠢᠽᠦ ᠰᠠᠨᠠᠪᠠᠰᠤ ᠡᠨᠡ ᠰᠥᠨᠢ ᠶᠠᠪᠤᠪᠠᠴᠤ ᠨᠡᠬᠡᠵᠦ ᠢᠷᠡᠬᠦ ᠴᠡᠷᠢᠭ ᠢ᠋ ᠭᠡᠲᠦᠯᠬᠦᠶᠡ ᠪᠡᠷᠬᠡ ᠲᠤᠯᠠ ᠲᠣᠷᠭᠠᠨ ᠰᠢᠷ᠎ᠠ ᠶ᠋ᠢᠨ ᠮᠣᠷᠢᠨ ᠤ᠋ ᠬᠣᠢᠨ᠎ᠠ ᠠ᠋ᠴᠠ ᠮᠥᠷᠳᠡᠨ ᠭᠡᠷ ᠲᠦ᠍ᠷ ᠢᠷᠡᠭᠰᠡᠨ ᠳ᠋ᠦ᠍ᠷ ᠲᠣᠷᠭᠠᠨ ᠰᠢᠷ᠎ᠠ ᠦᠵᠡᠭᠡᠳ ᠶᠡᠬᠡᠯ᠎ᠡ ᠡᠠᠶᠤᠵᠤ ᠬᠥᠮᠥᠰᠬᠡ ᠪᠡᠨ ᠵᠠᠩᠭᠢᠳᠤᠨ ᠥᠭᠦᠯᠡᠷᠦᠨ : 《ᠠᠶ᠎ᠠ ! ᠪᠢ ᠴᠢᠮᠠᠶ᠋ᠢ ᠤᠯᠤᠰ ᠲᠠᠭᠠᠨ ᠲᠦᠷᠭᠡᠨ ᠡᠭᠡᠨ ᠣᠳ ᠬᠡᠮᠡᠲᠡᠯ᠎ᠡ ᠴᠢ ᠶᠠᠭᠤᠨ ᠳ᠋ᠤᠷ ᠡᠨᠳᠡ ᠢᠷᠡᠪᠡ ? ᠲᠡᠳᠡ ᠮᠡᠳᠡᠪᠡᠰᠦ ᠮᠢᠨᠦ ᠭᠡᠷ ᠦ᠋ᠨ ᠬᠣᠲᠠᠯᠠᠭᠠᠷ ᠦᠬᠦᠬᠦ ᠪᠣᠯᠠᠢ !》 ᠬᠡᠮᠡᠬᠦᠢ ᠳ᠋ᠦ᠍ᠷ ᠶᠡᠬᠡ ᠬᠥᠪᠡᠭᠦᠨ ᠴᠢᠯᠠᠭᠤᠨ᠂ ᠲᠠᠢᠽᠦ ᠶ᠋ᠢᠨ ᠲᠡᠭᠷᠢ ᠶ᠋ᠢᠨ ᠰᠠᠬᠢᠭᠤᠯᠰᠤᠨ ᠮᠡᠲᠦ ᠰᠦᠷ ᠭᠡᠷᠡᠯ ᠲᠡᠢ᠂ ᠴᠣᠭ ᠦᠵᠡᠰᠬᠦᠯᠡᠩ ᠲᠡᠢ ᠶ᠋ᠢ ᠦᠵᠡᠭᠡᠳ ᠰᠡᠳᠬᠢᠯ ᠳ᠋ᠦ᠍ᠷ ᠶᠡᠬᠡᠯ᠎ᠡ ᠵᠣᠬᠢᠰ ᠲᠠᠢ ᠪᠣᠯᠵᠤ᠂ ᠶᠠᠭᠠᠷᠠᠨ ᠡᠴᠢᠭᠡ ᠶ᠋ᠢᠨ ᠵᠦᠭ ᠥᠭᠦᠯᠡᠷᠦᠨ :《ᠪᠣᠯᠵᠣᠮᠣᠷ ᠪᠤᠲᠠᠨ ᠳ᠋ᠤᠷ ᠰᠢᠷᠭᠤᠭᠠᠳ ᠭᠠᠷᠳᠠᠭ ᠪᠢᠰᠢ ᠦᠦ ? ᠪᠣᠷᠵᠢᠭᠢᠳ ᠤ᠋ᠨ ᠦᠷᠡᠰ ᠲᠡᠭᠷᠢ ᠶ᠋ᠢᠨ ᠬᠥᠪᠡᠭᠦᠨ ᠲᠡᠮᠦᠵᠢᠨ ᠢ᠋ ᠶᠠᠭᠤᠨ ᠳ᠋ᠤᠷ ᠪᠤᠴᠠᠭᠠᠰᠤᠭᠠᠢ ᠬᠡᠮᠡᠮᠦᠢ ? 》 ᠬᠡᠮᠡᠭᠡᠳ ᠪᠣᠳᠣᠭᠳᠠᠭᠰᠠᠨ ᠨᠣᠢᠲᠠᠨ ᠳᠡᠪᠡᠯ ᠢ᠋ ᠬᠠᠯᠠᠵᠤ ᠥᠭᠭᠦᠭᠡᠳ ᠪᠠᠭᠠᠯᠵᠤᠷ ᠤ᠋ᠨ ᠭᠢᠨᠵᠢ ᠶ᠋ᠢ ᠰᠦᠬᠡ ᠪᠡᠷ ᠴᠠᠪᠴᠢᠨ ᠂ ᠣᠨᠢᠰᠣ ᠶ᠋ᠢ ᠡᠪᠳᠡᠯᠡᠭᠡᠳ ᠪᠤᠳᠠᠭ᠎ᠠ ᠢᠳᠡᠭᠦᠯᠵᠦ ᠬᠣᠨᠣᠭᠤᠯᠪᠠᠢ ᠃
ᠵᠢᠴᠢ ᠥᠷᠯᠥᠭᠡ ᠴᠢᠩᠭ᠎ᠠ ᠳᠠᠭᠤᠨ ᠭᠠᠷᠴᠤ ᠤᠷᠤᠭᠤᠯ ᠨᠢᠭᠡᠨ ᠠᠩᠭᠢ ᠶ᠋ᠢᠨ ᠡᠷᠢᠬᠦ ᠴᠡᠷᠢᠭ ᠬᠣᠷᠢ ᠭᠤᠴᠢᠨ ᠬᠥᠮᠦᠨ ᠢ᠋ ᠳᠠᠭᠠᠭᠤᠯᠤᠨ ᠵᠠᠷ ᠵᠡᠪᠰᠡᠭ ᠪᠠᠷᠢᠵᠤ ᠢᠷᠡᠬᠦᠢ ᠳ᠋ᠦ᠍ᠷ ᠲᠣᠷᠭᠠᠨ ᠰᠢᠷ᠎ᠠ ᠴᠢᠷᠠᠢ ᠠᠯᠲᠠᠨ ᠠᠶᠤᠵᠤ ᠶᠠᠭᠠᠷᠠᠨ ᠲᠠᠢᠽᠦ ᠶ᠋ᠢ ᠲᠡᠷᠭᠡᠨ ᠳ᠋ᠦ᠍ ᠨᠢᠭᠤᠯᠭᠠᠵᠤ ᠳᠡᠭᠡᠷ᠎ᠡ ᠢᠨᠦ ᠬᠣᠨᠢᠨ ᠤ᠋ ᠤᠩᠭᠠᠰᠤ ᠶ᠋ᠢ ᠪᠦᠲᠡᠭᠡᠵᠦ ᠣᠪᠣᠭᠠᠯᠠᠪᠠ ᠃ ᠤᠳᠠᠭᠰᠠᠨ ᠦᠭᠡᠢ ᠤᠷᠤᠭᠤᠯ ᠭᠡᠷ ᠪᠦᠯᠢ ᠶ᠋ᠢ ᠨᠡᠩᠵᠢᠭᠰᠡᠭᠡᠷ ᠲᠣᠷᠭᠠᠨ ᠰᠢᠷ᠎ᠠ ᠶ᠋ᠢᠨ ᠭᠡᠷ ᠲᠦ᠍ᠷ ᠣᠷᠣᠵᠤ ᠴᠡᠷᠢᠭ ᠢ᠋ᠶ᠋ᠡᠷ ᠪᠦᠰᠡᠯᠡᠭᠦᠯᠵᠦ ᠭᠡᠷ ᠡᠷᠦᠬᠡ ᠶ᠋ᠢ ᠪᠠᠷᠠᠲᠠᠯ᠎ᠠ ᠨᠡᠩᠵᠢᠭᠡᠳ ᠣᠯᠳᠠᠬᠤ ᠦᠭᠡᠢ ᠪᠣᠯᠤᠭᠰᠠᠨ ᠳ᠋ᠤᠷ᠂ ᠤᠩᠭᠠᠰᠤᠨ ᠲᠡᠷᠭᠡ ᠶ᠋ᠢ ᠤᠷᠪᠠᠭᠤᠯᠤᠨ ᠨᠡᠩᠵᠢᠷᠡ ᠢᠷᠡᠪᠡᠢ᠃ ᠡᠭᠦᠨ ᠦ᠌ ᠬᠡᠷᠬᠢᠬᠦ ᠶ᠋ᠢ ᠮᠡᠳᠡᠬᠦ ᠦᠭᠡᠢ ᠮᠡᠷᠭᠡᠳ ᠶᠠᠭᠠᠷᠠᠪᠠᠰᠤ ᠰᠤᠳᠤᠷᠴᠢ ᠲᠦᠰᠢᠮᠡᠯ ᠮᠢᠨᠦ ᠴᠡᠴᠡᠭ ᠦ᠋ᠨ ᠬᠦᠷᠢᠶᠡᠯᠡᠩ ᠳ᠋ᠦ᠍ᠷ ᠡᠴᠢᠵᠦ ᠨᠣᠭᠣᠭᠠᠨ ᠳᠠᠪᠠᠯᠭᠠᠨᠲᠤ ᠲᠠᠩᠬᠢᠮ ᠳ᠋ᠤᠷ ᠴᠡᠴᠡᠭ ᠦ᠋ᠨ ᠦᠨᠦᠷ ᠢ᠋ ᠦᠨᠦᠰᠦᠨ ᠪᠣᠯᠵᠣᠮᠣᠷ ᠤ᠋ᠨ ᠳᠠᠭᠤᠨ ᠢ᠋ ᠴᠢᠩᠨᠠᠨ ᠪᠠᠢᠵᠤ ᠂ ᠬᠠᠭᠤᠯᠤᠨ ᠪᠢᠴᠢᠭᠰᠡᠨ ᠳᠣᠣᠷᠠᠲᠤ ᠪᠦᠯᠦᠭ ᠲᠦ᠍ ᠦᠵᠡᠭᠳᠡᠬᠦᠢ᠃
ᠴᠣᠬᠣᠯᠠᠭᠰᠠᠨ ᠠᠨᠤ
ᠡᠷᠲᠡᠨ ᠦ᠌ ᠦᠭᠡᠰ ᠲᠦ᠍ᠷ《ᠰᠠᠢᠨ ᠢ᠋ ᠴᠣᠭᠴᠠᠯᠠᠭᠰᠠᠨ ᠭᠡᠷ ᠲᠦ᠍ᠷ ᠰᠠᠭᠠᠷ ᠦᠭᠡᠢ ᠰᠠᠢᠨ ᠪᠡᠯᠭᠡ ᠦᠯᠡᠮᠵᠢ᠂ ᠮᠠᠭᠤ ᠶ᠋ᠢ ᠴᠤᠭᠯᠠᠷᠠᠭᠤᠯᠤᠭᠰᠠᠨ ᠭᠡᠷ ᠲᠦ᠍ᠷ ᠮᠠᠭᠠᠳ ᠢ᠋ᠶ᠋ᠠᠷ ᠮᠠᠭᠤ ᠢᠷᠣ᠎ᠠ ᠮᠡᠳᠡᠭᠳᠡᠮᠦᠢ 》ᠬᠡᠮᠡᠵᠦᠬᠦᠢ᠃ ᠲᠡᠭᠦᠨᠴᠢᠯᠡᠬᠦ ᠡᠨᠡ ᠪᠦᠯᠦᠭ ᠲᠣᠷ ᠶᠢᠰᠦᠭᠡᠢ ᠪᠠᠭᠠᠲᠤᠷ ᠤ᠋ᠨ ᠦᠨᠡᠨᠴᠢ ᠴᠢᠬᠡᠴᠢ ᠥᠷᠥᠰᠢᠶᠡᠯᠲᠡᠢ ᠪᠠᠭᠠᠲᠤᠷ ᠤ᠋ᠨ ᠨᠢᠭᠡᠬᠡᠨ ᠬᠠᠲᠠᠭᠤ ᠦᠨᠳᠦᠰᠦᠨ ᠡᠰᠢ ᠡᠴᠡ ᠠᠷᠪᠠᠨ ᠵᠦᠢᠯ ᠦ᠋ᠨ ᠭᠠᠢᠬᠠᠮᠰᠢᠭ᠋ ᠲᠥᠷᠥᠭᠳᠡᠭᠰᠡᠨ ᠢ᠋ ᠦᠵᠡᠭᠳᠡᠬᠦᠢ : ᠲᠡᠷᠢᠭᠦᠨ ᠳ᠋ᠦ᠍ᠷ ᠪᠠᠳᠠᠷᠠᠩᠭᠤᠢ ᠴᠠᠭᠠᠨ ᠰᠦᠯᠳᠡ ᠲᠡᠭᠷᠢ ᠡᠴᠢᠭᠡ ᠥᠭᠡᠯᠦᠨ ᠡᠬᠡ ᠶ᠋ᠢᠨ ᠵᠡᠭᠦᠳᠦᠨ ᠳ᠋ᠦ᠍ᠷ ᠣᠷᠣᠵᠤ ᠪᠣᠷᠵᠢᠭᠢᠳ ᠤ᠋ᠨ ᠲᠡᠭᠷᠢ ᠤᠭᠰᠠᠭ᠎ᠠ ᠶ᠋ᠢ ᠳᠠᠬᠢᠨ ᠰᠢᠨᠡᠳᠬᠡᠵᠦ᠂ ᠣᠷᠴᠢᠯᠠᠩ ᠤ᠋ᠨ ᠬᠥᠮᠦᠨ ᠦ᠌ ᠡᠰᠢ᠂ ᠲᠡᠭᠷᠢ ᠡᠴᠡ ᠤᠯᠠᠮᠵᠢᠯᠠᠬᠤ ᠶ᠋ᠢ ᠦᠵᠡᠬᠦᠯ᠎ᠡ ᠂ ᠮᠣᠩᠭᠣᠯ ᠡᠭᠦᠨᠴᠡ ᠶᠣᠰᠣ ᠵᠦᠢ ᠶ᠋ᠢ ᠤᠬᠠᠵᠤ ᠵᠣᠭᠰᠣᠯᠲᠠ ᠶ᠋ᠢ ᠣᠯᠤᠭᠰᠠᠨ ᠪᠣᠯᠠᠢ᠃ ᠬᠣᠶᠠᠷ ᠲᠤᠷ ᠲᠠᠢᠽᠦ ᠪᠣᠭᠳᠠ ᠴᠢᠩᠭᠢᠰ ᠬᠠᠭᠠᠨ ᠮᠡᠨᠳᠦᠯᠡᠬᠦᠶᠡ᠂ ᠠᠭᠤᠯᠠ ᠠ᠋ᠴᠠ ᠴᠠᠭᠠᠨ ᠭᠡᠷᠡᠯ ᠭᠠᠷᠴᠤ ᠤᠨᠤᠨ ᠮᠥᠷᠡᠨ ᠦ᠌ ᠢᠷᠣᠭᠠᠷ ᠲᠤᠷ ᠬᠦᠷᠲᠡᠯ᠎ᠡ ᠲᠣᠨᠣᠭᠰᠠᠨ᠂ ᠪᠡᠯᠭᠡᠲᠦ ᠡᠭᠦᠯᠡ ᠪᠦᠷᠬᠦᠵᠦ ᠴᠡᠴᠡᠭ ᠦ᠋ᠨ ᠬᠤᠷ᠎ᠠ ᠣᠷᠣᠭᠰᠠᠨ ᠂ ᠡᠳᠡᠭᠡᠷ ᠴᠥᠮ ᠲᠡᠭᠷᠢ ᠭᠠᠵᠠᠷ ᠤ᠋ᠨ ᠭᠠᠢᠬᠠᠮᠰᠢᠭ᠍ᠲᠤ ᠰᠠᠢᠨ ᠠᠭᠤᠷ ᠴᠤᠭᠯᠠᠷᠠᠨ ᠪᠠᠭᠯᠠᠷᠠᠭᠰᠠᠨ ᠠ᠋ᠴᠠ ᠪᠣᠯᠵᠤ ᠂ ᠡᠷᠲᠡᠨ ᠦ᠌ ᠶᠣᠣ ᠂ ᠱᠦᠨ ᠂ ᠢᠦᠢ ᠂ ᠳᠠᠩ ᠤ᠋ᠨ ᠵᠡᠷᠭᠡ ᠬᠠᠭᠠᠳ ᠸᠧᠨ ᠂ ᠡᠦ ᠂ ᠶᠣᠣ ᠂ ᠮᠦ᠍ ᠶ᠋ᠢᠨ ᠵᠡᠷᠭᠡ ᠶ᠋ᠢᠨ ᠸᠠᠩ ᠤ᠋ᠳ ᠤ᠋ᠨ ᠦᠶ᠎ᠡ ᠳ᠋ᠦ᠍ᠷ ᠲᠡᠩᠴᠡᠵᠦᠬᠦᠢ ᠃ ᠭᠤᠷᠪᠠ ᠳ᠋ᠤᠷ ᠤᠷᠢᠶᠠᠩᠬᠠᠨ ᠤ᠋ ᠨᠢᠳᠦᠷᠮᠡᠭᠴᠢ ᠮᠡᠷᠭᠡᠨ ᠵᠠᠷᠴᠢᠭᠤᠲᠠᠢ ᠶ᠋ᠢᠨ ᠰᠢᠨᠵᠢᠵᠦ ᠣᠯᠤᠭᠠᠳ ᠥᠯᠥᠭᠡᠢ ᠬᠢᠵᠦ ᠲᠡᠵᠢᠭᠡᠨ᠂ ᠰᠤᠪᠢᠯᠠᠬᠤ ᠶ᠋ᠢ ᠵᠢᠭᠠᠭᠰᠠᠨ ᠠᠨᠤ ᠂ ᠨᠢᠭᠡᠬᠡᠨ ᠨᠢᠳᠦᠨ ᠳ᠋ᠦ᠍ᠷ ᠬᠣᠣᠰ ᠴᠡᠴᠡᠭᠡᠢ ᠲᠡᠢ ᠪᠠᠢᠭᠠᠳ ᠬᠠᠷᠢᠨ ᠡᠷᠲᠡᠨ ᠦ᠌ ᠬᠣᠶᠠᠷ ᠨᠢᠳᠦᠨ ᠳ᠋ᠡᠭᠡᠨ ᠬᠣᠣᠰ ᠴᠡᠴᠡᠭᠡᠢᠲᠦ ᠶ᠋ᠢᠨ ᠸᠧᠨ ᠬᠦᠩ᠂ ᠴᠦ ᠪᠠ ᠸᠠᠩ ᠠ᠋ᠴᠠ ᠬᠡᠲᠦᠷᠡᠵᠦ᠂ ᠨᠢᠭᠡᠨ ᠨᠡᠢᠭᠡᠮ ᠳᠡᠯᠡᠬᠡᠢ ᠳ᠋ᠠᠬᠢᠨ ᠤ᠋ ᠡᠵᠡᠨ ᠢ᠋ ᠲᠡᠳᠬᠦᠨ ᠲᠤᠰᠠᠯᠠᠵᠤᠬᠤᠢ᠃ ᠳᠥᠷᠪᠡ ᠳ᠋ᠦ᠍ᠷ ᠶᠢᠰᠦᠭᠡᠢ ᠪᠠᠭᠠᠲᠤᠷ᠂ ᠲᠠᠢᠽᠦ ᠶ᠋ᠢᠨ ᠪᠡᠯᠭᠡ ᠲᠡᠮᠳᠡᠭ ᠢ᠋ ᠦᠵᠡᠮᠡᠭᠴᠡ ᠮᠠᠭᠠᠳ ᠭᠠᠢᠬᠠᠮᠰᠢᠭ᠋ ᠲᠠᠢ ᠶ᠋ᠢ ᠤᠬᠠᠵᠤ᠂ ᠡᠷᠲᠡᠬᠡᠨ ᠪᠡᠷᠢ ᠭᠤᠶᠤᠬᠤ ᠶ᠋ᠢ ᠲᠣᠭᠲᠠᠵᠤ ᠬᠣᠩᠭᠢᠷᠠᠳ ᠲᠤᠷ ᠲᠣᠬᠢᠶᠠᠯᠳᠤᠨ᠂ ᠠᠯᠲᠠᠨ ᠯᠤᠤ ᠬᠠᠰ ᠭᠠᠷᠤᠳᠢ ᠶ᠋ᠢᠨ ᠤᠴᠠᠷᠠᠯ ᠪᠣᠯᠵᠤ᠂ ᠬᠣᠶᠠᠷ ᠡᠲᠡᠭᠡᠳ ᠬᠠᠷᠢᠯᠴᠠᠨ ᠰᠢᠨᠵᠢᠵᠦ ᠣᠯᠤᠭᠠᠳ ᠪᠣᠭᠳᠠ ᠬᠥᠮᠦᠨ ᠥᠪᠡᠷ ᠢ᠋ᠶ᠋ᠡᠨ ᠠᠮᠠ ᠭᠠᠷᠴᠤ ᠲᠣᠭᠲᠠᠭᠰᠠᠨ ᠠᠨᠤ ᠦᠨᠡᠨ ᠢ᠋ᠶ᠋ᠡᠷ ᠲᠡᠭᠷᠢ ᠡᠴᠢᠭᠡ ᠭᠠᠵᠠᠷ ᠡᠬᠡ ᠥᠪᠡᠷ ᠲᠡᠭᠡᠨ ᠨᠠᠷᠠᠨ ᠰᠠᠷᠠᠨ ᠪᠦᠲᠦᠭᠰᠡᠨ ᠪᠠ ᠲᠦᠮᠡᠨ ᠪᠣᠳᠠᠰ ᠲᠥᠷᠥᠬᠦ ᠮᠡᠲᠦ ᠪᠣᠯᠠᠢ᠃ ᠲᠠᠪᠤ ᠳ᠋ᠤᠷ ᠶᠢᠰᠦᠭᠡᠢ ᠪᠠᠭᠠᠲᠤᠷ ᠤᠷᠢᠳᠠ ᠲᠥᠷᠥᠵᠦ ᠡᠴᠢᠭᠡ ᠪᠣᠯᠤᠨ ᠮᠣᠩᠭᠣᠯ ᠤ᠋ᠨ ᠡᠴᠢᠭᠡ ᠡᠬᠡ ᠶ᠋ᠢ ᠪᠠᠷᠢᠯᠳᠤᠭᠤᠯᠤᠨ ᠪᠦᠲᠦᠭᠡᠮᠡᠭᠴᠡ ᠲᠣᠭ᠎ᠠ ᠲᠡᠭᠦᠰᠴᠦ ᠶᠢᠷᠲᠢᠨᠴᠦ ᠡᠴᠡ ᠡᠭᠡᠭᠰᠡᠨ ᠳ᠋ᠦ᠍ᠷ ᠣᠷᠴᠢᠯᠠᠩ ᠤ᠋ᠨ ᠬᠣᠭᠣᠷᠣᠨᠳᠣ ᠬᠥᠮᠦᠨ ᠦ᠌ ᠨᠢᠮᠭᠡᠨ ᠵᠠᠩ ᠂ ᠮᠣᠩᠭᠣᠯ ᠤ᠋ᠨ ᠴᠦᠯᠢᠰ ᠴᠤᠯᠭᠤᠢ ᠢᠯᠡᠷᠡᠨ᠂ ᠣᠯᠠᠨ ᠠᠢᠮᠠᠭ ᠤ᠋ᠨ ᠤᠷᠪᠠᠨ ᠣᠳᠴᠤ ᠰᠢᠳᠠᠷ ᠪᠣᠭᠣᠯ ᠬᠠᠷᠢᠭᠤᠴᠠᠯ ᠲᠣᠳᠣᠷᠠᠵᠤ ᠠᠭᠠᠰᠢᠯᠠᠭᠰᠠᠨ ᠠᠨᠤ ᠪᠣᠭᠳᠠ ᠬᠥᠮᠦᠨ ᠳ᠋ᠦ᠍ᠷ ᠶᠢᠷᠲᠢᠨᠴᠦ ᠶ᠋ᠢᠨ ᠬᠥᠮᠦᠨ ᠢ᠋ ᠵᠠᠰᠠᠨ ᠵᠠᠯᠠᠬᠤ ᠰᠦᠷ ᠬᠦᠴᠦᠨ ᠦᠭᠡᠢ ᠪᠣᠯᠪᠠᠰᠤ ᠦᠯᠦ ᠪᠣᠯᠬᠤ ᠶ᠋ᠢ ᠵᠢᠷᠦᠬᠡᠨ ᠳ᠋ᠦ᠍ᠷ ᠣᠷᠣᠲᠠᠯ᠎ᠠ ᠰᠤᠷᠭᠠᠭᠰᠠᠨ ᠪᠤᠶᠤ ᠃ ᠵᠢᠷᠭᠤᠭᠠᠨ ᠳ᠋ᠤᠷ ᠲᠠᠢᠽᠦ᠂ ᠡᠴᠢᠭᠡ ᠥᠩᠭᠡᠷᠡᠵᠦ ᠡᠬᠡ ᠪᠡᠯᠪᠡᠰᠦᠨ ᠪᠥᠭᠡᠳ ᠳᠡᠭᠦᠦ ᠨᠠᠷ ᠢᠨᠤ ᠪᠠᠭ᠎ᠠ ᠳ᠋ᠤᠷ ᠡᠬᠡ ᠶ᠋ᠢ ᠲᠣᠬᠣᠷᠤᠭᠤᠯᠤᠨ ᠳᠡᠭᠦᠦ ᠨᠠᠷ ᠢ᠋ᠶ᠋ᠠᠨ ᠪᠠᠭᠲᠠᠭᠠᠨ ᠶᠠᠪᠤᠭᠰᠠᠨ ᠠᠨᠤ ᠡᠨᠡ ᠶᠢᠷᠲᠢᠨᠴᠦ ᠶ᠋ᠢᠨ ᠬᠣᠭᠣᠷᠣᠨᠳᠣ ᠬᠥᠮᠦᠨ ᠦ᠌ ᠦᠷ᠎ᠡ ᠪᠣᠯᠤᠭᠴᠢᠳ ᠂ ᠬᠥᠮᠦᠨ ᠦ᠌ ᠠᠬᠠᠮᠠᠳ ᠪᠣᠯᠤᠭᠴᠢᠳ ᠤ᠋ᠨ ᠲᠠᠰᠤᠷᠬᠠᠢ ᠰᠤᠷᠭᠠᠯ ᠪᠤᠰᠤ ᠤᠤ ! ᠳᠣᠯᠣᠭ᠎ᠠ ᠳ᠋ᠤᠷ ᠲᠠᠢᠽᠦ ᠪᠣᠭᠳᠠ ᠡᠴᠢᠭᠡ ᠶ᠋ᠢᠨ ᠦᠰ ᠢ᠋ ᠬᠠᠷᠢᠭᠤ ᠠᠪᠠᠬᠤᠢ ᠳ᠋ᠤᠷ ᠭᠠᠭᠴᠠ ᠪᠡᠶ᠎ᠡ ᠨᠢᠭᠡᠬᠡᠨ ᠮᠣᠷᠢ ᠪᠠᠷ ᠳᠣᠪᠲᠣᠯᠤᠨ ᠡᠴᠢᠬᠦ ᠢᠨᠤ ᠲᠡᠷᠡ ᠨᠢᠭᠡᠨ ᠴᠠᠭ ᠤ᠋ᠨ ᠭᠠᠭᠴᠠ ᠲᠠᠬᠢᠮᠳᠠᠭᠤ ᠰᠡᠳᠬᠢᠯ᠂ ᠡᠷᠲᠡᠨ ᠦ᠌ ᠡᠦ ᠽᠢ ᠰᠢᠦᠢ ᠂ ᠡᠦ ᠶᠤᠸᠠᠨ ᠂ ᠸᠧᠢ ᠡᠦ ᠳᠢ ᠼᠤᠤ ᠼᠤᠤ ᠨᠠᠷ ᠤ᠋ᠨ ᠡᠴᠢᠭᠡ ᠶ᠋ᠢᠨ ᠢ᠋ᠶ᠋ᠡᠨ ᠦᠰ ᠨᠡᠬᠡᠭᠰᠡᠨ ᠲᠡᠢ ᠦᠯᠢᠳᠬᠡᠪᠡᠰᠦ ᠠᠷᠪᠠᠨ ᠬᠤᠪᠢ ᠴᠢᠭᠢᠷᠠᠭ ᠪᠤᠶᠤ᠂ ᠪᠠᠭᠠᠲᠤᠷ ᠤ᠋ᠨ ᠮᠠᠩᠯᠠᠢ ᠪᠣᠯᠠᠢ᠃ ᠡᠷᠲᠡᠨ ᠦ᠌ ᠡᠴᠢᠭᠡ ᠪᠡᠨ ᠠᠮᠢᠳᠤ ᠪᠠᠷ ᠪᠠᠷᠢᠭ᠍ᠳᠠᠭᠰᠠᠨ ᠯᠢᠦ ᠪᠠᠩ ᠂ ᠴᠦ ᠪᠠ ᠸᠠᠩ ᠯᠤᠭ᠎ᠠ ᠡᠴᠢᠭᠡ ᠶ᠋ᠢᠨ ᠢ᠋ᠶ᠋ᠡᠨ ᠱᠥᠯᠥ ᠶ᠋ᠢ ᠬᠤᠪᠢᠶᠠᠯᠴᠠᠨ ᠤᠤᠭᠤᠰᠤᠭᠠᠢ ᠬᠡᠮᠡᠭᠰᠡᠨ ᠬᠠᠨ ᠤᠯᠤᠰ ᠤ᠋ᠨ ᠭᠤᠤᠽᠤ ᠬᠢᠭᠡᠳ ᠵᠢᠴᠢ ᠰᠥᠩ ᠤᠯᠤᠰ ᠤ᠋ᠨ ᠴᠢᠨᠽᠦ᠋ᠩ ᠨᠡᠷ᠎ᠡ ᠵᠣᠣ ᠰᠢᠦᠢ ᠂ ᠪᠠᠰᠠ ᠡᠭᠦᠨ ᠦ᠌ ᠶᠢᠰᠦᠳᠦᠭᠡᠷ ᠳᠡᠭᠦᠦ ᠨᠠᠨ ᠰᠥᠩ ᠦ᠋ᠨ ᠭᠤᠤᠽᠦ᠋ᠩ ᠵᠣᠣ ᠭᠧᠦ ᠡᠴᠢᠭᠡ ᠪᠠ ᠠᠬ᠎ᠠ ᠪᠠᠨ ᠴᠥᠮ ᠠᠯᠲᠠᠨ ᠤᠯᠤᠰ ᠤ᠋ᠨ ᠡᠵᠡᠨ ᠳ᠋ᠦ᠍ᠷ ᠠᠮᠢᠳᠤ ᠪᠠᠷ ᠪᠠᠷᠢᠭ᠍ᠳᠠᠭᠤᠯᠤᠭᠠᠳ ᠰᠢᠭᠤᠳ ᠠᠪᠬᠤ ᠦᠭᠡᠢ ᠪᠣᠯᠵᠤ᠂ ᠬᠠᠩ ᠵᠧᠦ ᠳ᠋ᠦ᠍ᠷ ᠬᠠᠭᠠᠨ ᠰᠠᠭᠤᠵᠤ ᠵᠢᠷᠭᠠᠮᠤᠢ᠂ ᠡᠴᠢᠭᠡ ᠪᠠ ᠠᠬ᠎ᠠ ᠠᠨᠤ ᠠᠯᠲᠠᠨ ᠤᠯᠤᠰ ᠤ᠋ᠨ ᠡᠦ ᠭᠦᠸᠧ ᠴᠧᠩ ᠬᠣᠲᠠᠨ ᠳ᠋ᠤ᠌ ᠪᠡᠶ᠎ᠡ ᠳ᠋ᠦ᠍ᠷ ᠬᠡᠩᠭᠡᠷᠭᠡ ᠴᠠᠩ ᠳᠠᠮᠠᠷᠤ ᠬᠣᠩᠬᠣ ᠤᠶᠠᠵᠤ᠂ ᠤᠯᠠᠢᠮ᠎ᠠ ᠭᠠᠤᠯᠢᠨ ᠬᠠᠨᠵᠤ ᠳ᠋ᠤᠷ ᠬᠥᠯ ᠨᠢᠴᠦᠭᠦᠨ ᠵᠣᠭᠰᠣᠭᠠᠭᠳᠠᠨ ᠦᠰᠦᠷᠬᠢᠯᠡᠨ ᠵᠠᠭᠤᠨ ᠵᠦᠢᠯ ᠦ᠋ᠨ ᠬᠡᠩᠭᠡᠷᠭᠡ ᠴᠠᠩ ᠬᠣᠩᠬᠣ ᠴᠢᠩᠭᠢᠯᠵᠠᠭᠤᠷ ᠤ᠋ᠨ ᠳᠠᠭᠤᠨ ᠭᠠᠷᠭᠠᠵᠤ᠂ ᠬᠤᠷᠢᠮ ᠳ᠋ᠤᠷ ᠢᠨᠢᠶᠡᠳᠦᠮ ᠪᠣᠯᠭᠠᠭᠰᠠᠨ ᠠ᠋ᠴᠠ ᠮᠠᠰᠢᠳᠠ ᠳᠡᠭᠡᠷ᠎ᠡ ᠪᠣᠯᠠᠢ᠃ ᠨᠠᠢ᠍ᠮᠠ ᠳ᠋ᠤᠷ ᠵᠠᠯᠠᠢᠳ ᠤ᠋ᠨ ᠮᠤᠬᠤᠯᠢ ᠶ᠋ᠢᠨ ᠲᠠᠢᠽᠦ ᠳ᠋ᠦ᠍ᠷ ᠳᠠᠭᠠᠭᠰᠠᠨ ᠲᠡᠷᠡ ᠨᠢᠭᠡᠨ ᠠᠩᠭᠢ ᠶ᠋ᠢᠨ ᠤᠷᠢᠳᠤ ᠬᠣᠢᠲᠤ ᠶ᠋ᠢᠨ ᠲᠡᠳᠡᠭᠡᠷ ᠦᠭᠡᠰ ᠪᠠ ᠶᠠᠪᠤᠳᠠᠯ ᠬᠢᠭᠡᠳ ᠲᠠᠢᠽᠦ ᠶ᠋ᠢᠨ ᠬᠣᠶᠠᠷ ᠭᠠᠵᠠᠷ ᠶᠠᠪᠠᠭᠠᠯᠠᠨ ᠠᠯᠬᠤᠭᠰᠠᠨ ᠠᠨᠤ ᠡᠷᠲᠡᠨ ᠦ᠌ ᠵᠧᠦ ᠤᠯᠤᠰ ᠤ᠋ᠨ ᠸᠧᠨ ᠸᠠᠩ ᠂ ᠬᠠᠨ ᠤᠯᠤᠰ ᠤ᠋ᠨ ᠵᠦᠩ ᠸᠠᠩ ᠂ ᠽᠢ ᠶᠠ ᠂ ᠵᠧᠦ ᠭᠧ ᠶ᠋ᠢ ᠵᠠᠯᠠᠭᠰᠠᠨ ᠠ᠋ᠴᠠ ᠬᠠᠷᠢᠨ ᠳᠡᠭᠡᠷ᠎ᠡ ᠪᠥᠭᠡᠳ ᠰᠠᠢᠳ ᠪᠣᠯᠤᠭᠴᠢᠳ ᠤᠷᠢᠳᠠ ᠪᠡᠶ᠎ᠡ ᠪᠡᠨ ᠬᠦᠨᠳᠦ ᠲᠡᠢ ᠪᠣᠯᠭᠠᠬᠤ ᠠᠨᠤ ᠬᠡᠳᠦᠢ ᠤᠯᠤᠰ ᠤ᠋ᠨ ᠲᠥᠯᠥᠭᠡ ᠭᠡᠪᠡᠴᠦ ᠡᠷᠬᠢᠮ ᠢ᠋ ᠪᠠᠰᠠ ᠬᠦ᠌ ᠲᠡᠭᠦᠨ ᠦ᠌ ᠪᠡᠶ᠎ᠡ ᠡᠳ᠋ᠯᠡᠬᠦ ᠲᠤᠯᠠ ᠥᠪᠡᠷᠴᠢᠯᠡᠯ ᠡᠴᠡ ᠭᠡᠯᠳᠦᠷᠢᠬᠦᠶᠡ ᠪᠡᠷᠬᠡ᠃ ᠡᠨᠡ ᠢᠨᠤ ᠮᠤᠬᠤᠯᠢ ᠶ᠋ᠢᠨ ᠰᠠᠶᠢ ᠲᠦᠮᠡᠨ ᠦᠶ᠎ᠡ ᠶ᠋ᠢᠨ ᠰᠠᠢᠳ ᠪᠣᠯᠤᠭᠴᠢᠳ ᠤ᠋ᠨ ᠲᠤᠢᠯ ᠤ᠋ᠨ ᠴᠢᠩ ᠦᠨᠡᠨ ᠪᠣᠯᠠᠢ᠃ ᠶᠢᠰᠦ ᠳ᠋ᠦ᠍ᠷ ᠲᠠᠢᠴᠢᠭᠤᠳ ᠠᠢᠮᠠᠭ ᠤ᠋ᠨ ᠭᠤᠷᠪᠠᠨ ᠦᠶ᠎ᠡ ᠶ᠋ᠢᠨ ᠥᠰᠢᠶ᠎ᠡ ᠪᠡᠨ ᠪᠠᠷᠰ ᠤ᠋ᠨ ᠦᠰ ᠢ᠋ ᠪᠠᠮᠪᠣᠷ ᠠ᠋ᠴᠠ ᠠᠪᠤᠮᠤᠢ ᠭᠡᠮᠡᠨ ᠪᠦᠰᠡᠯᠡᠭᠰᠡᠨ ᠠᠲᠠᠯ᠎ᠠ ᠲᠠᠢᠽᠦ ᠶ᠋ᠢᠨ ᠴᠥᠭᠡᠨ ᠴᠡᠷᠢᠭ ᠢ᠋ᠶ᠋ᠡᠷ ᠤᠭᠲᠤᠨ ᠭᠠᠷᠤᠭᠠᠳ ᠪᠠᠷᠢᠭ᠍ᠳᠠᠭᠰᠠᠨ ᠡᠨᠡ ᠵᠣᠷᠢᠭ ᠵᠢᠷᠦᠬᠡ ᠣᠳᠣ ᠬᠠᠭᠤᠷᠮᠠᠭ ᠦᠭᠡᠢ ᠪᠤᠰᠤ ᠤᠤ ? ᠠᠷᠪᠠ ᠳ᠋ᠤᠷ ᠲᠠᠢᠽᠦ ᠬᠠᠷᠢᠶᠠᠭᠳᠠᠨ ᠲᠡᠰᠬᠦ ᠦᠭᠡᠢ ᠬᠡᠲᠦᠷᠬᠡᠶ᠎ᠡ ᠴᠢᠬᠤᠯᠳᠠᠭᠰᠠᠨ ᠳ᠋ᠤᠷ ᠦᠨᠡᠨ ᠯᠤᠤ ᠶ᠋ᠢᠨ ᠠᠯᠲᠠᠨ ᠭᠡᠷᠡᠯ ᠰᠠᠴᠤᠷᠠᠨ ᠭᠠᠷᠴᠤ ᠳᠥᠩᠭᠡ ᠭᠠᠪᠠᠵᠢ ᠶ᠋ᠢ ᠰᠡᠳᠡ ᠢᠰᠬᠦᠯᠦᠨ ᠳᠤᠲᠠᠭᠠᠵᠤ᠂ ᠲᠡᠭᠷᠢ ᠶ᠋ᠢᠨ ᠬᠥᠪᠡᠭᠦᠨ ᠢ᠋ ᠬᠠᠷᠢᠶᠠᠭᠰᠠᠨ ᠬᠣᠶᠠᠷ ᠪᠣᠭᠣᠯ ᠢ᠋ ᠮᠠᠲᠠᠷ ᠳᠣᠣᠷ᠎ᠠ ᠠᠨᠤ ᠦᠵᠡᠭᠦᠯᠵᠦ ᠡᠪᠡᠰᠦᠲᠦ ᠨᠠᠭᠤᠷ ᠲᠤᠷ ᠬᠡᠪᠲᠡᠭᠰᠡᠨᠡ᠂ ᠤᠯᠠᠭᠠᠨ ᠭᠡᠷᠡᠯ ᠰᠠᠴᠤᠷᠠᠨ ᠲᠦᠰᠢᠮᠡᠯ ᠦ᠋ᠨ ᠣᠳᠣᠨ ᠢ᠋ ᠤᠳᠤᠷᠢᠳᠤᠨ ᠲᠣᠷᠭᠠᠨ ᠰᠢᠷ᠎ᠠ ᠶ᠋ᠢ ᠬᠥᠳᠡᠯᠭᠡᠨ᠂ ᠪᠠᠰᠠ ᠵᠠᠩᠵᠤᠨ ᠤ᠋ ᠣᠳᠣᠨ ᠴᠢᠯᠠᠭᠤᠨ ᠳ᠋ᠤ᠌ ᠠᠭᠤᠯᠵᠠᠭᠰᠠᠨ ᠠᠨᠤ᠂ ᠲᠣᠪᠴᠢᠯᠠᠪᠠᠰᠤ ᠲᠡᠭᠷᠢ ᠭᠠᠵᠠᠷ ᠬᠤᠪᠢᠯᠭᠠᠨ ᠰᠠᠬᠢᠭᠤᠯᠰᠤᠨ ᠴᠤᠭᠠᠷ ᠲᠤᠰᠠᠯᠠᠭᠰᠠᠨ ᠪᠣᠯᠠᠢ᠃ ᠡᠷᠲᠡᠨ ᠦ᠌ ᠡᠯ᠎ᠡ ᠤᠯᠤᠰ ᠪᠠᠢᠭᠤᠯᠤᠭᠰᠠᠨ ᠬᠠᠳ ᠣᠯᠠᠩᠬᠢ ᠨᠢ ᠲᠦᠰᠢᠮᠡᠯ ᠪᠤᠰᠤ ᠪᠣᠯᠪᠠᠴᠤ ᠮᠥᠨ ᠤᠯᠤᠰ ᠤ᠋ᠨ ᠢᠷᠭᠡᠨ ᠲᠤᠯᠠ ᠬᠡᠷᠬᠢᠪᠡᠴᠦ ᠡᠵᠡᠨ ᠢ᠋ᠶ᠋ᠡᠨ ᠲᠠᠪᠴᠢᠯᠠᠨ ᠲᠥᠷᠥ ᠶ᠋ᠢ ᠢᠨᠤ ᠪᠤᠯᠢᠶᠠᠭᠰᠠᠨ ᠠ᠋ᠴᠠ ᠭᠡᠯᠳᠦᠷᠢᠬᠦᠶᠡ ᠪᠡᠷᠬᠡ ᠪᠣᠯᠠᠢ᠃ ᠡᠨᠡ ᠲᠠᠢᠽᠦ ᠬᠠᠭᠠᠨ ᠤ᠋ ᠮᠡᠲᠦ ᠤᠭ ᠠ᠋ᠴᠠ ᠬᠠᠭᠠᠨ ᠦᠨᠳᠦᠰᠦᠲᠦ ᠭᠠᠳᠠᠭᠠᠳᠤ ᠤᠯᠤᠰ ᠠ᠋ᠴᠠ ᠮᠠᠨᠳᠤᠨ ᠭᠠᠷᠤᠭᠰᠠᠨ ᠠᠨᠤ ᠦᠨᠡᠬᠡᠷ ᠣᠯᠬᠤᠶ᠎ᠠ ᠪᠡᠷᠬᠡ ᠢᠨᠦ ᠪᠣᠯᠠᠢ᠃ ᠮᠡᠷᠭᠡᠳ ᠪᠡᠷ ᠭᠦᠨᠡᠴᠢᠯᠡᠨ ᠰᠢᠨᠵᠢᠵᠦ ᠠᠢᠯᠠᠳᠤᠮᠤ ᠃
