ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠨᠠᠢ᠍ᠮᠠᠳᠤᠭᠠᠷ ᠠᠩᠭᠢ > Хөх судар - Инжинаш < Товчит толт - Наймдугаар анги >
ᠬᠥᠬᠡ ᠰᠤᠳᠤᠷ - ᠲᠣᠪᠴᠢᠲᠤ ᠲᠣᠯᠲᠣ < ᠨᠠᠢ᠍ᠮᠠᠳᠤᠭᠠᠷ ᠠᠩᠭᠢ >
ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ ᠤ᠋ᠨ ᠤᠴᠢᠷ
ᠰᠢᠯᠲᠠᠭᠠᠨ ᠨᠢᠭᠡᠨ ᠢᠵᠢ ᠂ ᠲᠣᠪᠴᠢᠲᠤ ᠲᠣᠯᠲᠣ ᠶ᠋ᠢᠨ ᠨᠠᠢ᠍ᠮᠠᠳᠤᠭᠠᠷ ᠠᠩᠭᠢ
ᠪᠢᠴᠢᠭ ᠦ᠋ᠨ ᠰᠤᠷᠭᠠᠯ ᠤ᠋ᠨ ᠪᠣᠭᠳᠠ ᠺᠦᠩ ᠹᠦᠽᠢ ᠶ᠋ᠢᠨ ᠲᠥᠷᠥᠭᠰᠡᠨ ᠵᠢᠯ ᠦ᠋ᠨ ᠡᠳᠦᠷ ᠰᠠᠷ᠎ᠠ ᠶ᠋ᠢ ᠲᠣᠪᠴᠢᠯᠠᠨ ᠭᠠᠷᠭᠠᠵᠤ ᠂ ᠬᠣᠢᠰᠢ ᠡᠳᠦᠷ ᠦ᠋ᠨ ᠮᠡᠷᠭᠡᠳ ᠦ᠋ᠨ ᠮᠡᠳᠡᠬᠦᠶ᠎ᠡ ᠳᠥᠭᠥᠮ ᠪᠣᠯᠭᠠᠭᠰᠠᠨ ᠠᠨᠤ 《 ᠱᠢ ᠵᠢᠢ ᠱᠠᠰᠲᠢᠷ ᠂ ᠱᠢ ᠵᠢᠶᠠᠨ 》 ᠪᠦᠯᠦᠭ ᠲᠣᠷ ᠥᠭᠦᠯᠡᠭᠰᠡᠨ ᠢᠨᠤ ᠄ 《 ᠺᠦᠩᠽᠢ ᠶ᠋ᠢᠨ ᠨᠡᠷ᠎ᠡ ᠴᠢᠦ ᠂ ᠡᠷᠭᠦᠭᠰᠡᠨ ᠨᠡᠷ᠎ᠡ ᠵᠦᠩ ᠨᠢ ᠂ ᠲᠡᠭᠦᠨ ᠦ᠌ ᠤᠭ ᠡᠪᠦᠭᠡ ᠰᠥᠩ ᠤᠯᠤᠰ ᠤ᠋ᠨ ( ᠣᠯᠠᠨ ᠤᠯᠤᠰ ᠤ᠋ᠨ ᠦᠶ᠎ᠡ ᠶ᠋ᠢᠨ ᠰᠥᠩ ᠪᠤᠶᠤ) ᠬᠥᠮᠦᠨ ᠪᠥᠯᠥᠭᠡ᠃ ᠺᠦᠩᠽᠢ ᠶ᠋ᠢᠨ ᠡᠴᠢᠭᠡ ᠱᠤ᠌ ᠯᠢᠶᠠᠩ ᠾᠧ ᠂ ᠡᠬᠡ ᠢᠨᠤ ᠶᠠᠨ ᠱᠢ ᠂ ᠯᠦ᠍ ᠤᠯᠤᠰ ᠤ᠋ᠨ ᠰᠢᠶᠠᠩ ᠬᠦᠩ ᠦ᠋ᠨ ᠴᠠᠭᠠᠨ ᠨᠣᠬᠠᠢ ᠵᠢᠯ᠂ ᠬᠣᠷᠢᠨ ᠬᠣᠶᠠᠳᠤᠭᠠᠷ ᠣᠨ ᠂ ᠠᠷᠪᠠᠨ ᠨᠢᠭᠡᠨ ᠰᠠᠷ᠎ᠠ ᠶ᠋ᠢᠨ ᠴᠠᠭᠠᠨ ᠬᠤᠯᠤᠭᠠᠨ᠎ᠠ ᠡᠳᠦᠷ –– ᠡᠨᠡ ᠡᠳᠦᠷ ᠰᠠᠷ᠎ᠠ ᠴᠠᠭ ᠢ᠋ 《 ᠴᠦᠨ ᠬᠤ᠌ ᠶᠠᠨ ᠡᠢ ᠪᠢᠴᠢᠭ 》 ᠪᠠ《 ᠸᠠᠨ ᠨᠢᠶᠠᠨ ᠯᠢ ᠪᠢᠴᠢᠭ 》 ᠵᠢᠴᠢ 《 ᠱᠢ ᠱᠢ ᠲᠦᠩ ᠺᠣᠤ ᠪᠢᠴᠢᠭ 》 ᠣᠯᠠᠨ ᠰᠤᠳᠤᠷ ᠲᠤᠷ ᠡᠷᠢᠪᠡᠰᠦ ᠡᠨᠡ ᠴᠠᠭ ᠡᠳᠦᠷ ᠡᠷᠲᠡᠨ ᠦ᠌ ᠵᠧᠦ ᠤᠯᠤᠰ ᠤ᠋ᠨ ᠬᠣᠷᠢᠨ ᠳᠥᠷᠪᠡᠳᠦᠭᠡᠷ ᠦᠶ᠎ᠡ ᠶ᠋ᠢᠨ ᠵᠧᠦ ᠯᠢᠩ ᠸᠠᠩ ᠤ᠋ᠨ ᠬᠣᠷᠢᠨ ᠨᠢᠭᠡᠳᠦᠭᠡᠷ ᠣᠨ ᠳ᠋ᠤᠷ ᠠᠵᠤᠭᠤ᠃ ᠺᠦᠩᠽᠢ ᠶ᠋ᠢ ᠯᠦ᠍ ᠤᠯᠤᠰ ᠤ᠋ᠨ ᠴᠠᠩ ᠫᠠᠩ ᠰᠢᠶᠠᠩ ᠤ᠋ᠨ ᠱᠤ᠌ ᠨᠡᠷᠡᠲᠦ ᠬᠣᠲᠠᠨ ᠳ᠋ᠤᠷ ᠲᠥᠷᠥᠪᠡ ᠃ ᠺᠦᠩᠽᠢ ᠬᠡᠦᠬᠡᠳ ᠦ᠋ᠨ ᠦᠶ᠎ᠡ ᠶ᠋ᠢᠨ ᠨᠠᠭᠠᠳᠤᠮ ᠳ᠋ᠤᠷ ᠤᠷᠲᠤᠳᠠ ᠽᠢᠦ᠂ ᠳ᠋ᠧᠦ ᠶ᠋ᠢ ᠵᠢᠭᠰᠠᠭᠠᠨ ᠶᠣᠰᠣᠯᠠᠯ ᠤ᠋ᠨ ᠳᠦᠷᠢᠮ ᠢ᠋ᠶ᠋ᠡᠷ ᠶᠠᠪᠤᠨᠠᠮ ᠪᠥᠯᠥᠭᠡ᠃ ᠥᠰᠦᠭᠰᠡᠨ ᠦ᠌ ᠬᠣᠢᠨ᠎ᠠ ᠸᠧᠢ ᠯᠢ ᠲᠦᠰᠢᠮᠡᠯ ᠪᠣᠯᠵᠤ ᠪᠣᠳᠣᠭᠰᠠᠨ ᠬᠡᠮᠵᠢᠭᠰᠡᠨ ᠢᠨᠤ ᠮᠠᠰᠢ ᠲᠦᠪᠰᠢᠨ ᠂ ᠪᠠᠰᠠ ᠴᠧᠩ ᠲᠢᠶᠠᠨ ᠲᠦᠰᠢᠮᠡᠯ ᠪᠣᠯᠤᠭᠠᠳ ᠮᠠᠯ ᠲᠡᠵᠢᠭᠡᠨ ᠦᠷᠡᠵᠢᠭᠦᠯᠪᠡ ᠃ ᠵᠢᠴᠢ ᠵᠧᠦ ᠤᠯᠤᠰ ᠲᠤᠷ ᠣᠳᠴᠤ ᠯᠣᠣᠽᠢ ᠠ᠋ᠴᠠ ᠶᠣᠰᠣᠯᠠᠯ ᠢ᠋ ᠠᠰᠠᠭᠤᠪᠠ᠃ ᠬᠣᠢᠰᠢ ᠢᠷᠡᠭᠰᠡᠨ ᠬᠣᠢᠨ᠎ᠠ ᠱᠠᠪᠢ ᠨᠠᠷ ᠨᠡᠩ ᠣᠯᠠᠨ ᠣᠷᠣᠵᠤ ᠢᠷᠡᠪᠡᠢ᠃ ᠵᠧᠦ ᠬᠦᠩ ᠦ᠋ᠨ ᠬᠥᠬᠡ ᠪᠡᠴᠢᠨ ᠵᠢᠯ ᠬᠣᠷᠢᠨ ᠲᠠᠪᠤᠳᠤᠭᠠᠷ ᠣᠨ ᠂ ᠺᠦᠩᠽᠢ ᠭᠤᠴᠢᠨ ᠲᠠᠪᠤᠨ ᠨᠠᠰᠤ ᠲᠠᠢ ᠪᠥᠯᠥᠭᠡ –– ᠵᠧᠦ ᠤᠯᠤᠰ ᠤ᠋ᠨ ᠵᠢᠩ ᠸᠠᠩ ᠤ᠋ᠨ ᠳᠥᠷᠪᠡᠳᠦᠭᠡᠷ ᠣᠨ᠂ ᠬᠥᠬᠡ ᠪᠡᠴᠢᠨ ᠵᠢᠯ ᠦ᠋ᠨ ᠬᠡᠷᠡᠭ ᠠᠵᠤᠭᠤ᠃ ᠯᠦ᠍ ᠤᠯᠤᠰ ᠰᠠᠮᠠᠭᠤᠨ ᠪᠣᠯᠵᠤ ᠲᠡᠢᠨ ᠳᠡᠭᠳᠡᠭᠰᠡᠨᠡ ᠂ ᠲᠡᠭᠦᠨᠴᠡ ᠺᠦᠩᠽᠢ ᠴᠢ ᠤᠯᠤᠰ ᠲᠤᠷ ᠣᠳᠴᠤ ᠭᠣᠣ ᠵᠣᠣ ᠽᠢ ᠶ᠋ᠢᠨ ᠭᠡᠷ ᠦ᠋ᠨ ᠲᠦᠰᠢᠮᠡᠯ ᠪᠣᠯᠵᠤ ᠂ ᠵᠢᠩ ᠬᠦᠩ ᠳ᠋ᠦ᠍ᠷ ᠵᠣᠯᠭᠠᠪᠠᠢ᠃ ᠬᠦᠩ ᠂ ᠨᠢ ᠰᠢ ᠶ᠋ᠢᠨ ᠭᠠᠵᠠᠷ ᠤ᠋ᠨ ᠲᠠᠷᠢᠶᠠᠯᠠᠩ ᠢ᠋ ᠥᠭᠴᠦ ᠡᠷᠭᠦᠮᠵᠢᠯᠡᠰᠦᠭᠡᠢ ᠬᠡᠮᠡᠬᠦᠢ ᠳ᠋ᠦ᠍ᠷ ᠢᠩ ᠬᠦᠩ ᠦ᠋ᠨ ᠬᠤᠪᠢ ᠶ᠋ᠢᠨ ᠰᠠᠢᠳ ᠂ ᠶᠠᠨ ᠢᠩ ᠬᠡᠮᠡᠭᠴᠢ ᠪᠣᠯᠬᠤ ᠦᠭᠡᠢ ᠭᠡᠮᠡᠨ ᠤᠴᠢᠷ ᠵᠣᠬᠢᠶᠠᠨ ᠬᠣᠷᠢᠭᠯᠠᠭᠰᠠᠨ ᠳ᠋ᠤᠷ ᠵᠢᠩ ᠬᠦᠩ ᠰᠡᠵᠢᠭᠯᠡᠵᠦ ᠡᠷᠭᠦᠭᠰᠡᠨ ᠦᠭᠡᠢ ᠳ᠋ᠦ᠍ᠷ ᠺᠦᠩᠽᠢ ᠲᠡᠳᠦᠢ ᠵᠣᠷᠢᠵᠤ ᠯᠦ᠍ ᠤᠯᠤᠰ ᠲᠠᠭᠠᠨ ᠡᠭᠡᠪᠡ᠃ ᠳ᠋ᠠᠩ ᠬᠦᠩ ᠦ᠋ᠨ ᠠᠩᠬ᠎ᠠ ᠣᠨ᠂ ᠬᠠᠷ᠎ᠠ ᠯᠤᠤ ᠵᠢᠯ ᠺᠦᠩᠽᠢ ᠳᠥᠴᠢᠨ ᠭᠤᠷᠪᠠᠨ ᠨᠠᠰᠤᠨ ᠰᠡᠭᠦᠳᠡᠷ ᠲᠡᠢ ᠪᠥᠯᠥᠭᠡ –– ᠵᠧᠦ ᠵᠢᠩ ᠸᠠᠩ ᠤ᠋ᠨ ᠠᠷᠪᠠᠨ ᠨᠢᠭᠡᠳᠦᠭᠡᠷ ᠣᠨ᠃ ᠲᠡᠭᠦᠨᠴᠡ ᠵᠢᠢ ᠱᠢ ᠬᠡᠮᠡᠭᠴᠢ ᠬᠡᠲᠦᠷᠬᠡᠶ᠎ᠡ ᠬᠦᠴᠦᠷᠬᠡᠨ ᠶᠠᠪᠤᠵᠤ ᠂ ᠲᠡᠭᠦᠨ ᠦ᠌ ᠳᠣᠣᠷᠠᠬᠢ ᠲᠦᠰᠢᠮᠡᠯ ᠶᠠᠩ ᠾᠦ᠋ᠸᠧ ᠬᠡᠮᠡᠭᠴᠢ ᠰᠠᠮᠠᠭᠤᠨ ᠡᠭᠦᠰᠬᠡᠵᠦ ᠵᠠᠰᠠᠭ ᠢ᠋ ᠡᠵᠡᠷᠬᠡᠭᠰᠡᠨ ᠳ᠋ᠦ᠍ᠷ ᠲᠡᠢᠨ ᠬᠦ᠌ ᠺᠦᠩᠽᠢ ᠲᠦᠰᠢᠮᠡᠯ ᠰᠠᠭᠤᠬᠤ ᠦᠭᠡᠢ᠂ ᠡᠭᠡᠵᠦ ᠡᠴᠢᠭᠡᠳ 《 ᠰᠢᠯᠦᠭᠯᠡᠯᠳᠦ ᠨᠣᠮ 》᠂ 《 ᠵᠠᠰᠠᠭᠲᠤ ᠨᠣᠮ》᠂ 《 ᠶᠣᠰᠣᠯᠠᠯᠲᠤ ᠨᠣᠮ 》᠂ 《 ᠱᠠᠰᠢᠨᠲᠤ ᠨᠣᠮ 》 ᠵᠡᠷᠭᠡ ᠶ᠋ᠢᠨ ᠣᠯᠠᠨ ᠪᠢᠴᠢᠭ ᠦ᠋ᠳ ᠢ᠋ ᠵᠠᠰᠠᠪᠠ ᠃ ᠱᠠᠪᠢ ᠨᠠᠷ ᠨᠡᠩ ᠢᠯᠡᠭᠦᠦ ᠣᠯᠠᠨ ᠪᠣᠯᠪᠠ᠃ ᠳ᠋ᠢᠩ ᠬᠦᠩ ᠦ᠋ᠨ ᠶᠢᠰᠦᠳᠦᠭᠡᠷ ᠣᠨ ᠤ᠋ ᠴᠠᠭᠠᠨ ᠬᠤᠯᠤᠭᠠᠨ᠎ᠠ ᠵᠢᠯ ᠂ ᠺᠦᠩᠽᠢ ᠲᠠᠪᠢᠨ ᠨᠢᠭᠡᠨ ᠨᠠᠰᠤᠨ ᠰᠡᠭᠦᠳᠡᠷ ᠲᠡᠢ ᠪᠥᠯᠥᠭᠡ –– ᠵᠧᠦ ᠵᠢᠩ ᠸᠠᠩ ᠤ᠋ᠨ ᠠᠷᠪᠠᠨ ᠶᠢᠰᠦᠳᠦᠭᠡᠷ ᠣᠨ ᠤ᠋ ᠬᠡᠷᠡᠭ ᠃ ᠲᠡᠭᠦᠨᠴᠡ ᠶᠠᠩ ᠾᠦ᠋ᠸᠧ ᠂ ᠬᠦᠩ ᠱᠠᠨ ᠹᠦ ᠶᠣᠣ᠂ ᠮᠢ ᠨᠡᠷᠡᠲᠦ ᠭᠠᠵᠠᠷ ᠢ᠋ ᠠᠪᠴᠤ ᠵᠢᠢ ᠱᠢ ᠡᠴᠡ ᠤᠷᠪᠠᠭᠠᠳ ᠺᠦᠩᠽᠢ ᠶ᠋ᠢ ᠵᠠᠯᠠᠭᠰᠠᠨ ᠳ᠋ᠤᠷ ᠺᠦᠩᠽᠢ ᠡᠴᠢᠰᠦᠭᠡᠢ ᠭᠡᠮᠡᠨ ᠬᠡᠯᠡᠭᠰᠡᠨ ᠪᠣᠯᠪᠠᠴᠤ ᠡᠭᠡᠨᠡᠭᠲᠡ ᠡᠴᠢᠭᠰᠡᠨ ᠦᠭᠡᠢ᠃ ᠳ᠋ᠢᠩ ᠬᠦᠩ ᠺᠦᠩᠽᠢ ᠶ᠋ᠢ ᠵᠦᠩ ᠳ᠋ᠦ᠋ ᠬᠣᠲᠠᠨ ᠳ᠋ᠤᠷ ᠽᠠᠢ ᠲᠦᠰᠢᠮᠡᠯ ᠪᠣᠯᠭᠠᠭᠰᠠᠨ ᠬᠣᠢᠨ᠎ᠠ ᠂ ᠨᠢᠭᠡᠨ ᠵᠢᠯ ᠦ᠋ᠨ ᠳᠣᠲᠣᠷ᠎ᠠ ᠳᠥᠷᠪᠡᠨ ᠵᠦᠭ ᠳᠠᠬᠢᠨ ᠳᠠᠭᠤᠷᠢᠶᠠᠯᠴᠠᠪᠠ᠃ ᠲᠡᠭᠦᠨᠴᠡ ᠪᠠᠰᠠ ᠰᠧ ᠺᠦᠩ ᠲᠦᠰᠢᠮᠡᠯ ᠪᠣᠯᠭᠠᠵᠤ ᠂ ᠪᠠᠰᠠ ᠳᠠ ᠰᠧ ᠺᠧᠦ ᠲᠦᠰᠢᠮᠡᠯ ᠪᠣᠯᠭᠠᠪᠠ᠃ ᠯᠦ᠍ ᠳ᠋ᠢᠩ ᠬᠦᠩ ᠦ᠋ᠨ ᠠᠷᠪᠠᠳᠤᠭᠠᠷ ᠣᠨ ᠴᠠᠭᠠᠭᠴᠢᠨ ᠦᠬᠡᠷ ᠵᠢᠯ ᠂ ᠺᠦᠩᠽᠢ ᠲᠠᠪᠢᠨ ᠬᠣᠶᠠᠷ ᠰᠡᠭᠦᠳᠡᠷ ᠲᠡᠢ –– ᠵᠧᠦ ᠵᠢᠩ ᠸᠠᠩ ᠤ᠋ᠨ ᠬᠣᠷᠢᠳᠤᠭᠠᠷ ᠣᠨ ᠤ᠋ ᠬᠡᠷᠡᠭ ᠮᠥᠨ ᠪᠤᠶᠤ᠃ ᠯᠦ᠍ ᠤᠯᠤᠰ ᠤ᠋ᠨ ᠵᠢᠩ ᠬᠦᠩ ᠳ᠋ᠦ᠍ᠷ ᠲᠤᠰᠠᠯᠠᠨ ᠂ ᠴᠢ ᠤᠯᠤᠰ ᠤ᠋ᠨ ᠾᠧᠦ ᠯᠦ᠍ᠭᠡ ᠵᠢᠶᠠ ᠭᠧᠦ ᠶ᠋ᠢᠨ ᠭᠠᠵᠠᠷ ᠲᠤ᠌ ᠴᠢᠭᠤᠯᠭᠠᠨ ᠨᠡᠢᠯᠡᠵᠦ ᠵᠣᠯᠭᠠᠭᠰᠠᠨ ᠳ᠋ᠤᠷ ᠴᠢ ᠤᠯᠤᠰ ᠤ᠋ᠨ ᠬᠥᠮᠦᠨ᠂ ᠯᠦ᠍ ᠤᠯᠤᠰ ᠠ᠋ᠴᠠ ᠪᠤᠯᠢᠶᠠᠵᠤ ᠠᠪᠤᠭᠰᠠᠨ ᠭᠠᠵᠠᠷ ᠢ᠋ ᠡᠭᠡᠭᠦᠯᠵᠦ ᠥᠭᠪᠡ ᠃ ᠯᠦ᠍ ᠳ᠋ᠢᠩ ᠬᠦᠩ ᠦ᠋ᠨ ᠠᠷᠪᠠᠨ ᠬᠣᠶᠠᠳᠤᠭᠠᠷ ᠣᠨ ᠬᠠᠷᠠᠭᠴᠢᠨ ᠲᠠᠤᠯᠠᠢ ᠵᠢᠯ ᠺᠦᠩᠽᠢ ᠲᠠᠪᠢᠨ ᠳᠥᠷᠪᠡᠨ ᠰᠡᠭᠦᠳᠡᠷ ᠲᠡᠢ ᠪᠥᠯᠥᠭᠡ — ᠵᠧᠦ ᠵᠢᠩ ᠸᠠᠩ ᠤ᠋ᠨ ᠬᠣᠷᠢᠨ ᠬᠣᠶᠠᠳᠤᠭᠠᠷ ᠣᠨ᠂ ᠵᠦᠩ ᠡᠦ ᠵᠢᠢ ᠶ᠋ᠢ ᠱᠢ ᠭᠠᠵᠠᠷ ᠲᠤᠷ ᠽᠠᠢ ᠲᠤᠷᠰᠢᠮᠠᠯ ᠪᠣᠯᠭᠠᠵᠤ ᠂ ᠭᠤᠷᠪᠠᠨ ᠬᠣᠲᠠᠨ ᠢ᠋ ᠡᠪᠳᠡᠯᠡᠨ ᠂ ᠲᠡᠭᠦᠨ ᠦ᠌ ᠬᠤᠶᠠᠭ ᠵᠡᠪᠰᠡᠭ ᠢ᠋ ᠬᠣᠷᠢᠶᠠᠨ ᠠᠪ ᠭᠡᠮᠡᠨ ᠡᠬᠢᠯᠡᠵᠦ ᠮᠧᠩ ᠰᠢ ᠴᠧᠩ ᠢ᠋ ᠡᠪᠳᠡᠯᠡᠭᠰᠡᠨ ᠦᠭᠡᠢ ᠲᠤᠯᠠ ᠬᠣᠲᠠ ᠶ᠋ᠢ ᠬᠠᠭᠠᠪᠠᠴᠤ ᠣᠯᠤᠭᠰᠠᠨ ᠦᠭᠡᠢ᠃ ᠯᠦ᠍ ᠵᠢᠩ ᠬᠦᠩ ᠦ᠋ᠨ ᠠᠷᠪᠠᠨ ᠳᠥᠷᠪᠡᠳᠦᠭᠡᠷ ᠣᠨ ᠂ ᠬᠥᠬᠡᠭᠴᠢᠨ ᠮᠣᠭᠠᠢ ᠵᠢᠯ ᠺᠦᠩᠽᠢ ᠲᠠᠪᠢᠨ ᠵᠢᠷᠭᠤᠭᠠᠨ ᠨᠠᠰᠤ ᠲᠠᠢ –– ᠵᠧᠦ ᠵᠢᠩ ᠸᠠᠩ ᠤ᠋ᠨ ᠬᠣᠷᠢᠨ ᠳᠥᠷᠪᠡᠳᠦᠭᠡᠷ ᠣᠨ ᠂ ᠯᠦ᠍ ᠵᠢᠩ ᠬᠦᠩ ᠺᠦᠩᠽᠢ ᠶ᠋ᠢ ᠤᠯᠤᠰ ᠤ᠋ᠨ ᠲᠤᠰᠠᠯᠠᠭᠴᠢ ᠶ᠋ᠢᠨ ᠬᠡᠷᠡᠭ ᠢ᠋ ᠬᠠᠮᠢᠶᠠᠷᠤᠭᠤᠯᠵᠤ ᠂ ᠵᠠᠰᠠᠭ ᠢ᠋ ᠲᠤᠰᠢᠶᠠᠭᠰᠠᠨ ᠳ᠋ᠤᠷ ᠱᠣᠣ ᠵᠧᠩ ᠮᠣᠤ ᠶ᠋ᠢ ᠠᠯᠠᠵᠤ ᠤᠯᠤᠰ ᠤ᠋ᠨ ᠵᠠᠰᠠᠭ ᠲᠤᠷ ᠥᠮᠥᠭᠯᠡᠭᠰᠡᠨ ᠢ᠋ᠶ᠋ᠡᠷ ᠭᠤᠷᠪᠠᠨ ᠰᠠᠷ᠎ᠠ ᠶ᠋ᠢᠨ ᠳᠣᠲᠣᠷ᠎ᠠ ᠯᠦ᠍ ᠤᠯᠤᠰ ᠶᠡᠬᠡᠯ᠎ᠡ ᠵᠠᠰᠠᠷᠠᠪᠠ ᠃ ᠴᠢ ᠤᠯᠤᠰ ᠤ᠋ᠨ ᠾᠧᠦ ᠠᠷᠭ᠎ᠠ ᠬᠡᠷᠡᠭᠯᠡᠨ ᠯᠦ᠍ ᠤᠯᠤᠰ ᠲᠤᠷ ᠡᠬᠡᠨᠡᠷ ᠬᠥᠭᠵᠢᠮ ᠬᠦᠷᠭᠡᠭᠰᠡᠨ ᠢ᠋ ᠵᠢᠢ ᠬᠤᠸᠠᠨ ᠽᠢ ᠬᠦᠯᠢᠶᠡᠨ ᠠᠪᠴᠤ ᠵᠢᠦ ᠳ᠋ᠦ᠍ ᠲᠠᠬᠢᠭᠰᠠᠨ ᠲᠠᠬᠢᠯᠭ᠎ᠠ ᠶ᠋ᠢᠨ ᠮᠢᠬ᠎ᠠ ᠶ᠋ᠢ ᠳ᠋ᠠᠢᠹᠦ᠋ ᠲᠦᠰᠢᠮᠡᠯ ᠳ᠋ᠦ᠍ᠷ ᠬᠦᠷᠦᠭᠦᠯᠦᠭᠰᠡᠨ ᠦᠭᠡᠢ ᠪᠣᠯᠤᠭᠰᠠᠨ ᠳ᠋ᠤᠷ ᠥᠩᠭᠡ ᠬᠦᠨᠳᠦ ᠶᠣᠰᠣ ᠬᠥᠩᠭᠡᠨ ᠪᠣᠯᠤᠭᠰᠠᠨ ᠢ᠋ ᠮᠡᠳᠡᠭᠡᠳ ᠺᠦᠩᠽᠢ ᠲᠦᠰᠢᠮᠡᠯ ᠢ᠋ ᠭᠡᠭᠡᠵᠦ ᠵᠣᠷᠢᠪᠠ ᠃ ᠸᠧᠢ ᠤᠯᠤᠰ ᠲᠤᠷ ᠡᠴᠢᠵᠦ ᠹᠦᠽᠢ ᠶ᠋ᠢᠨ ᠱᠠᠪᠢ ᠽᠢ ᠡᠦ ᠶ᠋ᠢᠨ ᠬᠠᠳᠠᠮ ᠠᠬ᠎ᠠ᠂ ᠶᠠᠨ ᠶᠣᠣ ᠽᠧᠦ ᠶ᠋ᠢᠨ ᠭᠡᠷ ᠲᠦ᠍ᠷ ᠪᠠᠭᠤᠪᠠ ᠃ ᠴᠧᠨ ᠤᠯᠤᠰ ᠲᠤᠷ ᠣᠳᠬᠤᠶᠠ ᠭᠤᠸᠠᠩ ᠤ᠋ᠨ ᠭᠠᠵᠠᠷ ᠢ᠋ᠶ᠋ᠠᠷ ᠥᠩᠭᠡᠷᠡᠨ ᠭᠠᠷᠬᠤᠢ ᠳ᠋ᠤᠷ ᠭᠤᠸᠠᠩ ᠭᠠᠵᠠᠷ ᠤ᠋ᠨ ᠬᠥᠮᠦᠨ ᠺᠦᠩᠽᠢ ᠶ᠋ᠢ ᠶᠠᠩ ᠾᠦ᠋ᠸᠧ ᠪᠣᠯᠭᠠᠨ ᠡᠨᠳᠡᠭᠦᠷᠡᠨ ᠴᠡᠷᠢᠭ ᠢ᠋ᠶ᠋ᠡᠷ ᠬᠠᠭᠠᠵᠤ ᠂ ᠦᠨᠡᠨ ᠢ᠋ ᠣᠯᠤᠭᠠᠳ ᠲᠠᠢᠯᠤᠭᠰᠠᠨ ᠤ᠋ ᠬᠣᠢᠨ᠎ᠠ ᠸᠧᠢ ᠤᠯᠤᠰ ᠲᠤᠷ ᠡᠭᠡᠵᠦ ᠴᠢᠦᠢ ᠪᠦᠸᠧ ᠢᠦᠢ ᠶ᠋ᠢᠨ ᠭᠡᠷ ᠲᠦ᠍ ᠪᠠᠭᠤᠪᠠ ᠃ ᠵᠢᠴᠢ ᠸᠧᠢ ᠤᠯᠤᠰ ᠤ᠋ᠨ ᠡᠵᠡᠨ ᠦ᠌ ᠡᠮ᠎ᠡ ᠨᠠᠨᠽᠢ ᠬᠡᠮᠡᠭᠴᠢ ᠳ᠋ᠦ᠍ᠷ ᠵᠣᠯᠭᠠᠪᠠ ᠃ ᠰᠥᠩ ᠤᠯᠤᠰ ᠠ᠋ᠴᠠ ᠡᠴᠢᠬᠦ ᠳ᠋ᠦ᠍ᠷ ᠰᠧ ᠮᠠ ᠬᠤᠸᠠᠨ ᠲᠦᠢ ᠂ ᠺᠦᠩᠽᠢ ᠶ᠋ᠢ ᠠᠯᠠᠰᠤᠭᠠᠢ ᠬᠡᠮᠡᠭᠰᠡᠨ ᠪᠥᠯᠥᠭᠡ᠃ ᠪᠠᠰᠠ ᠴᠧᠨ ᠤᠯᠤᠰ ᠲᠤᠷ ᠡᠴᠢᠵᠦ ᠺᠦᠩᠽᠢ ᠰᠧ ᠴᠧᠩ ᠵᠧᠨ ᠽᠢ ᠶ᠋ᠢᠨ ᠭᠡᠷ ᠲᠦ᠍ ᠪᠠᠭᠤᠪᠠ ᠃ ᠭᠤᠷᠪᠠᠨ ᠵᠢᠯ ᠰᠠᠭᠤᠵᠤ ᠸᠧᠢ ᠤᠯᠤᠰ ᠲᠤᠷ ᠡᠭᠡᠪᠡ᠃ ᠯᠢᠩ ᠬᠦᠩ ᠺᠦᠩᠽᠢ ᠶ᠋ᠢ ᠬᠡᠷᠡᠭᠯᠡᠨ ᠴᠢᠳᠠᠭᠰᠠᠨ ᠦᠭᠡᠢ᠃ ᠵᠢᠨ ᠤᠯᠤᠰ ᠤ᠋ᠨ ᠵᠣᠣ ᠱᠢ ᠶ᠋ᠢᠨ ᠭᠡᠷ ᠦ᠋ᠨ ᠲᠦᠰᠢᠮᠡᠯ ᠪᠢ ᠰᠢ ᠬᠡᠮᠡᠭᠴᠢ ᠵᠦᠩ ᠮᠦ᠍ ᠬᠡᠮᠡᠬᠦ ᠭᠠᠵᠠᠷ ᠢ᠋ ᠠᠪᠴᠤ ᠤᠷᠪᠠᠭᠠᠳ ᠪᠠᠰᠠ ᠺᠦᠩᠽᠢ ᠶ᠋ᠢ ᠵᠠᠯᠠᠭᠰᠠᠨ ᠳ᠋ᠤᠷ ᠺᠦᠩᠽᠢ ᠡᠴᠢᠰᠦᠭᠡᠢ ᠬᠡᠮᠡᠭᠰᠡᠨ ᠪᠣᠯᠪᠠᠴᠤ ᠪᠠᠰᠠ ᠡᠴᠢᠭᠰᠡᠨ ᠦᠭᠡᠢ ᠂ ᠪᠠᠷᠠᠭᠤᠨ ᠶᠣᠣ ᠵᠢᠶᠠᠨ ᠽᠢ ᠳ᠋ᠦ᠍ᠷ ᠵᠣᠯᠭᠠᠷ᠎ᠠ ᠤᠳᠤᠭᠠᠳ ᠭᠣᠣᠯ ᠳ᠋ᠤᠷ ᠬᠦᠷᠦᠭᠡᠳ ᠡᠭᠡᠵᠦ ᠪᠠᠰᠠ ᠴᠢᠦᠢ ᠪᠦᠸᠧ ᠶ᠋ᠢᠨ ᠭᠡᠷ ᠲᠦ᠍ ᠪᠠᠭᠤᠪᠠ ᠃ ᠯᠢᠩ ᠬᠦᠩ ᠺᠦᠩᠽᠢ ᠡᠴᠡ ᠴᠡᠷᠢᠭ ᠦ᠋ᠨ ᠵᠢᠭᠰᠠᠭᠠᠯ ᠢ᠋ ᠠᠰᠠᠭᠤᠭᠰᠠᠨ ᠳ᠋ᠤᠷ ᠺᠦᠩᠽᠢ ᠥᠴᠢᠭᠰᠡᠨ ᠦᠭᠡᠢ ᠪᠡᠷ ᠵᠣᠷᠢᠪᠠ ᠃ ᠪᠠᠰᠠ ᠴᠧᠨ ᠤᠯᠤᠰ ᠲᠤᠷ ᠢᠷᠡᠭᠰᠡᠨ ᠳ᠋ᠦ᠍ᠷ ᠵᠢᠢ ᠬᠤᠸᠠᠨ ᠽᠢ ᠡᠴᠦᠰᠯᠡᠬᠦᠢ ᠳ᠋ᠦ᠍ᠷ ᠭᠡᠷᠢᠶᠡᠰᠯᠡᠨ ᠺᠠᠩ ᠽᠢ ᠶ᠋ᠢᠨ ᠵᠦᠭ ᠥᠭᠦᠯᠡᠭᠰᠡᠨ ᠢᠨᠤ᠄ 《 ᠡᠷᠬᠡᠪᠰᠢ ᠺᠦᠩᠽᠢ ᠶ᠋ᠢ ᠵᠠᠯᠠᠵᠤ ᠬᠡᠷᠡᠭ ᠢ᠋ ᠵᠥᠪᠯᠡ 》 ᠬᠡᠮᠡᠭᠰᠡᠨ ᠪᠥᠯᠥᠭᠡ ᠃ ᠬᠣᠢᠨ᠎ᠠ ᠬᠤᠪᠢ ᠶ᠋ᠢᠨ ᠰᠠᠢᠳ ᠠᠨᠤ ᠺᠠᠩ ᠽᠢ ᠶ᠋ᠢ ᠬᠣᠷᠢᠵᠤ ᠵᠣᠭᠰᠣᠭᠠᠭᠰᠠᠨᠠ᠂ ᠺᠠᠩ ᠽᠢ ᠂ ᠷᠧᠨ ᠴᠢᠦ ᠶ᠋ᠢ ᠤᠷᠢᠪᠠ ᠃ ᠺᠦᠩᠽᠢ ᠼᠠᠢ ᠤᠯᠤᠰ ᠲᠤᠷ ᠣᠳᠴᠤ ᠱᠧ ᠭᠠᠵᠠᠷ ᠲᠤᠷ ᠬᠦᠷᠪᠡ ᠃ ᠴᠦ ᠤᠯᠤᠰ ᠤ᠋ᠨ ᠵᠣᠣ ᠸᠠᠩ ᠱᠤ᠌ ᠱᠧ ᠨᠡᠷᠡᠲᠦ ᠭᠠᠵᠠᠷ ᠢ᠋ ᠥᠭᠴᠦ ᠺᠦᠩᠽᠢ ᠶ᠋ᠢ ᠡᠷᠭᠦᠮᠵᠢᠯᠡᠵᠦ ᠂ ᠤᠯᠤᠰ ᠤ᠋ᠨ ᠵᠠᠰᠠᠭ ᠲᠤᠷ ᠲᠤᠰᠠᠯᠠᠭᠤᠯᠰᠤᠭᠠᠢ ᠬᠡᠮᠡᠬᠦᠢ ᠳ᠋ᠦ᠍ᠷ ᠲᠡᠭᠦᠨ ᠦ᠌ ᠳᠣᠣᠷᠠᠬᠢ ᠯᠢᠩ ᠰᠢᠨ ᠲᠦᠰᠢᠮᠡᠯ ᠽᠢ ᠱᠢ ᠦᠯᠦ ᠪᠣᠯᠬᠤ ᠭᠡᠮᠡᠨ ᠤᠴᠢᠷ ᠵᠣᠬᠢᠶᠠᠨ ᠰᠡᠵᠢᠭᠯᠡᠭᠦᠯᠵᠦ ᠪᠠᠢᠯᠭᠠᠪᠠ ᠃ ᠪᠠᠰᠠ ᠸᠧᠢ ᠤᠯᠤᠰ ᠲᠤᠷ ᠡᠭᠡᠨ ᠢᠷᠡᠪᠡ ᠂ ᠯᠢᠩ ᠬᠦᠩ ᠡᠴᠦᠰᠯᠡᠵᠦᠬᠦᠢ ᠃ ᠸᠧᠢ ᠤᠯᠤᠰ ᠤ᠋ᠨ ᠡᠵᠡᠨ ᠶᠧ ᠂ ᠺᠦᠩᠽᠢ ᠶ᠋ᠢ ᠵᠠᠰᠠᠭ ᠲᠤᠷ ᠠᠬᠤᠭᠤᠯᠤᠶᠠ ᠬᠡᠮᠡᠭᠰᠡᠨ ᠪᠥᠯᠥᠭᠡ ᠂ ᠷᠸᠨ ᠴᠢᠦ ᠂ ᠵᠢᠢ ᠱᠢ ᠶ᠋ᠢᠨ ᠵᠠᠩᠵᠤᠨ ᠪᠣᠯᠵᠤ ᠴᠢ ᠤᠯᠤᠰ ᠯᠤᠭ᠎ᠠ ᠪᠠᠢᠯᠳᠤᠭᠠᠳ ᠶᠡᠬᠡᠳᠡ ᠳᠡᠢᠯᠦᠭᠰᠡᠨ ᠭᠠᠪᠢᠶ᠎ᠠ ᠪᠣᠢ ᠶ᠋ᠢᠨ ᠲᠤᠯᠠ ᠺᠠᠩ ᠽᠢ ᠺᠦᠩᠽᠢ ᠶ᠋ᠢ ᠵᠠᠯᠠᠪᠠ ᠃ ᠺᠦᠩᠽᠢ ᠯᠦ᠍ ᠤᠯᠤᠰ ᠲᠤᠷ ᠡᠭᠡᠵᠦ ᠢᠷᠡᠪᠡ ᠃ ᠳᠠᠷᠤᠢ ᠯᠦ᠍ ᠠᠢ ᠬᠦᠩ ᠦ᠋ᠨ ᠠᠷᠪᠠᠨ ᠨᠢᠭᠡᠳᠦᠭᠡᠷ ᠣᠨ ᠤᠯᠠᠭᠴᠢᠨ ᠮᠣᠭᠠᠢ ᠵᠢᠯ ᠺᠦᠩᠽᠢ ᠵᠢᠷᠠᠨ ᠨᠢ᠋ᠮᠠ ᠨᠠᠰᠤᠨ ᠰᠡᠭᠦᠳᠡᠷ ᠲᠡᠢ ᠪᠣᠯᠪᠠ –– ᠵᠧᠦ ᠵᠢᠩ ᠸᠠᠩ ᠤ᠋ᠨ ᠭᠤᠴᠢᠨ ᠵᠢᠷᠭᠤᠳᠤᠭᠠᠷ ᠣᠨ ᠤ᠋ ᠤᠯᠠᠭᠴᠢᠨ ᠮᠣᠭᠠᠢ ᠵᠢᠯ ᠃ ᠯᠦ᠍ ᠤᠯᠤᠰ ᠡᠴᠦᠰᠲᠡᠯ᠎ᠡ ᠺᠦᠩᠽᠢ ᠶ᠋ᠢ ᠬᠡᠷᠡᠭᠯᠡᠨ ᠴᠢᠳᠠᠭᠰᠠᠨ ᠦᠭᠡᠢ ᠪᠤᠶᠤ ᠃ ᠺᠦᠩᠽᠢ ᠮᠥᠨ ᠨᠢᠭᠡᠨᠲᠡ ᠲᠦᠰᠢᠮᠡᠯ ᠰᠠᠭᠤᠬᠤ ᠰᠡᠳᠬᠢᠯ ᠦᠭᠡᠢ ᠪᠣᠯᠵᠤ 《 ᠵᠠᠰᠠᠭᠲᠤ ᠨᠣᠮ 》 ᠢ᠋ ᠢᠯᠭᠠᠨ ᠂ ᠶᠣᠰᠣᠯᠠᠯᠲᠤ ᠨᠣᠮ 》 ᠢ᠋ ᠨᠠᠢᠷᠠᠭᠤᠯᠪᠠ ᠃《 ᠰᠢᠯᠦᠭᠯᠡᠯᠳᠦ ᠨᠣᠮ 》 ᠢ᠋ ᠵᠠᠰᠠᠯᠬᠢᠯᠠᠪᠠ ᠂《 ᠱᠠᠰᠢᠨᠲᠤ ᠨᠣᠮ 》 ᠢ᠋ ᠵᠠᠯᠠᠷᠠᠭᠤᠯᠪᠠ ᠃ 《 ᠵᠢᠷᠤᠬᠠᠢᠲᠤ ᠨᠣᠮ 》 ᠤ᠋ᠨ ᠲᠤᠸᠠᠨ ᠂ ᠰᠢ ᠰᠢᠶᠠᠩ ᠂ ᠱᠣᠣ ᠭᠦᠸᠧ ᠂ ᠸᠧᠨ ᠶᠠᠨ ᠤ᠋ ᠵᠡᠷᠭᠡ ᠶ᠋ᠢᠨ ᠪᠦᠯᠦᠭ ᠦ᠋ᠳ ᠢ᠋ ᠵᠣᠬᠢᠶᠠᠪᠠ ᠃ ᠱᠠᠪᠢ ᠨᠠᠷ ᠭᠤᠷᠪᠠᠨ ᠮᠢᠩᠭᠠᠨ ᠪᠥᠯᠥᠭᠡ ᠂ ᠵᠢᠷᠭᠤᠭᠠᠨ ᠴᠢᠳᠠᠯ ᠢ᠋ ᠨᠡᠪᠲᠡᠷᠡᠭᠰᠡᠨ ᠢᠨᠤ ᠳᠠᠯᠠᠨ ᠬᠣᠶᠠᠷ ᠬᠥᠮᠦᠨ ᠃ ᠯᠦ᠍ ᠠᠢ ᠬᠦᠩ ᠦ᠋ᠨ ᠠᠷᠪᠠᠨ ᠳᠥᠷᠪᠡᠳᠦᠭᠡᠷ ᠣᠨ ᠤ᠋ ᠴᠠᠭᠠᠨ ᠪᠡᠴᠢᠨ ᠵᠢᠯ ᠂ ᠺᠦᠩᠽᠢ ᠳᠠᠯᠠᠨ ᠨᠢᠭᠡᠨ ᠨᠠᠰᠤᠨ ᠰᠡᠭᠦᠳᠡᠷ ᠲᠡᠢ ᠪᠣᠯᠪᠠ –– ᠵᠧᠦ ᠵᠢᠩ ᠸᠠᠩ ᠤ᠋ᠨ ᠭᠤᠴᠢᠨ ᠶᠢᠰᠦᠳᠦᠭᠡᠷ ᠣᠨ ᠴᠠᠭᠠᠨ ᠪᠡᠴᠢᠨ ᠪᠤᠶᠤ ᠃ ᠯᠦ᠍ ᠤᠯᠤᠰ ᠪᠠᠷᠠᠭᠤᠨᠲᠠ ᠠᠪᠠᠯᠠᠭᠠᠳ ᠪᠢᠯᠢᠭᠲᠦ ᠭᠥᠷᠦᠭᠡᠰᠦᠨ ᠣᠯᠤᠭᠰᠠᠨ ᠳ᠋ᠤᠷ ᠠᠪᠠ ᠬᠥᠭᠡᠭᠡᠬᠦ ᠲᠠᠷᠢᠶᠠᠨ ᠤ᠋ ᠠᠷᠠᠳ ᠪᠢᠯᠠᠭᠤᠳᠠᠨ ᠠᠯᠠᠭᠰᠠᠨ ᠳ᠋ᠤᠷ ᠺᠦᠩᠽᠢ ᠶᠡᠬᠡᠯ᠎ᠡ ᠤᠬᠢᠯᠠᠵᠤ ᠡᠭᠦᠨᠴᠡ ᠥᠪᠡᠷ ᠦ᠋ᠨ ᠪᠡᠶ᠎ᠡ ᠲᠡᠷᠡ ᠪᠢᠯᠢᠭᠲᠦ ᠭᠥᠷᠦᠭᠡᠰᠦᠨ ᠮᠡᠲᠦ ᠬᠡᠮᠡᠪᠡ ᠃ ᠬᠣᠢᠲᠤ ᠣᠨ ᠂ ᠴᠠᠭᠠᠭᠴᠢᠨ ᠲᠠᠬᠢᠶ᠎ᠠ ᠵᠢᠯ ᠺᠦᠩᠽᠢ ᠶ᠋ᠢᠨ ᠱᠠᠪᠢ ᠽᠢ ᠯᠦ᠍ ᠂ ᠸᠧᠢ ᠤᠯᠤᠰ ᠲᠤᠷ ᠦᠬᠦᠪᠡ ᠃ ᠬᠠᠷ᠎ᠠ ᠨᠣᠬᠠᠢ ᠵᠢᠯ ᠂ ᠯᠤᠤ ᠠᠢ ᠬᠦᠩ ᠦ᠋ᠨ ᠠᠷᠪᠠᠨ ᠵᠢᠷᠭᠤᠳᠤᠭᠠᠷ ᠣᠨ –– ᠵᠧᠦ ᠵᠢᠩ ᠸᠠᠩ ᠤ᠋ᠨ ᠳᠥᠴᠢᠨ ᠨᠢᠭᠡᠳᠦᠭᠡᠷ ᠣᠨ ᠤ᠋ ᠳᠥᠷᠪᠡᠨ ᠰᠠᠷ᠎ᠠ ᠶ᠋ᠢᠨ ᠰᠢᠷᠠᠭᠴᠢᠨ ᠦᠬᠡᠷ ᠡᠳᠦᠷ ᠺᠦᠩᠽᠢ ᠡᠴᠦᠰᠯᠡᠪᠡᠢ ᠃ ᠳᠠᠯᠠᠨ ᠭᠤᠷᠪᠠᠨ ᠨᠠᠰᠤᠨ ᠰᠡᠭᠦᠳᠡᠷ ᠲᠡᠢ ᠪᠥᠯᠥᠭᠡ ᠃ ᠴᠢᠨᠳᠠᠷ ᠢ᠋ ᠯᠦ᠍ ᠤᠯᠤᠰ ᠤ᠋ᠨ ᠪᠠᠯᠭᠠᠰᠤᠨ ᠤ᠋ ᠬᠣᠢᠲᠤ ᠰᠧ ᠭᠣᠣᠯ ᠤ᠋ᠨ ᠳᠡᠷᠭᠡᠳᠡ ᠲᠠᠯᠪᠢᠪᠠ᠃ ᠱᠠᠪᠢ ᠨᠠᠷ ᠴᠥᠮ ᠰᠡᠳᠬᠢᠯ ᠢ᠋ᠶ᠋ᠡᠷ ᠭᠤᠷᠪᠠᠨ ᠵᠢᠯ ᠪᠡᠯᠪᠡᠰᠦᠷᠡᠵᠦ ᠰᠠᠶᠢ ᠡᠴᠢᠪᠡ ᠃ ᠭᠠᠭᠴᠠ ᠽᠢ ᠬᠦᠩ ᠂ ᠺᠦᠩᠽᠢ ᠶ᠋ᠢᠨ ᠬᠡᠭᠦᠷ ᠦ᠋ᠨ ᠳᠡᠷᠭᠡᠳᠡ ᠪᠦᠷᠭᠡ ᠪᠠᠷᠢᠵᠤ ᠪᠦᠭᠦᠳᠡ ᠵᠢᠷᠭᠤᠭᠠᠨ ᠵᠢᠯ ᠰᠠᠭᠤᠵᠤᠬᠤᠢ ᠃ ᠺᠦᠩ ᠹᠦᠽᠢ ᠡᠴᠡ ᠲᠥᠷᠥᠭᠰᠡᠨ ᠭᠠᠭᠴᠠ ᠬᠥᠪᠡᠭᠦᠨ ᠂ ᠹᠦᠽᠢ ᠡᠴᠡ ᠤᠷᠢᠳᠠ ᠪᠡᠶ᠎ᠡ ᠥᠩᠭᠡᠷᠡᠪᠡ ᠂ ᠨᠡᠷ᠎ᠡ ᠢᠨᠤ ᠺᠦᠩ ᠯᠢ ᠂ ᠴᠣᠯᠠ ᠪᠦᠸᠧ ᠢᠦᠢ ᠪᠥᠯᠥᠭᠡ ᠃ ᠪᠦᠸᠧ ᠢᠦᠢ ᠶ᠋ᠢᠨ ᠬᠥᠪᠡᠭᠦᠨ ᠨᠡᠷ᠎ᠡ ᠺᠦᠩ ᠵᠢᠢ ᠂ ᠴᠣᠯᠠ ᠰᠸᠽᠢ《 ᠬᠡᠪ ᠳᠤᠮᠳᠠᠳᠤ ᠪᠢᠴᠢᠭ》 ᠢ᠋ ᠲᠡᠷᠡ ᠵᠣᠬᠢᠶᠠᠭᠰᠠᠨ ᠪᠤᠶᠤ ᠃ ᠺᠦᠩ ᠹᠦᠽᠢ ᠶ᠋ᠢᠨ ᠲᠥᠷᠥᠭᠰᠡᠨ ᠂ ᠵᠧᠦ ᠤᠯᠤᠰ ᠤ᠋ᠨ ᠬᠣᠷᠢᠨ ᠳᠥᠷᠪᠡᠳᠦᠭᠡᠷ ᠦᠷ᠎ᠡ ᠶ᠋ᠢᠨ ᠬᠠᠭᠠᠨ ᠵᠧᠦ ᠯᠢᠩ ᠸᠠᠩ ᠤ᠋ᠨ ᠬᠣᠷᠢᠨ ᠨᠢᠭᠡᠳᠦᠭᠡᠷ ᠣᠨ ᠤ᠋ ᠴᠠᠭᠠᠨ ᠨᠣᠬᠠᠢ ᠵᠢᠯ ᠦ᠋ᠨ ᠠᠷᠪᠠᠨ ᠨᠢᠭᠡᠨ ᠰᠠᠷ᠎ᠠ ᠶ᠋ᠢᠨ ᠴᠠᠭᠠᠨ ᠬᠤᠯᠤᠭᠠᠨ᠎ᠠ ᠡᠳᠦᠷ ᠡᠴᠡ ᠢᠨᠠᠭᠰᠢ 《 ᠸᠠᠨ ᠨᠢᠶᠠᠨ ᠯᠢ ᠪᠢᠴᠢᠭ 》 ᠢ᠋ ᠪᠠᠷᠢᠵᠤ ᠲᠣᠭᠠᠯᠠᠪᠠᠰᠤ ᠡᠨᠡ ᠦᠶ᠎ᠡ ᠶ᠋ᠢᠨ ᠳᠠᠢᠴᠢᠩ ᠤᠯᠤᠰ ᠤ᠋ᠨ ᠠᠷᠪᠠᠳᠤᠭᠠᠷ ᠬᠠᠭᠠᠨ ᠪᠦᠷᠢᠨᠲᠦ ᠵᠠᠰᠠᠭᠴᠢ ᠶ᠋ᠢᠨ ᠠᠷᠪᠠᠳᠤᠭᠠᠷ ᠣᠨ ᠤ᠋ ᠴᠠᠭᠠᠭᠴᠢᠨ ᠬᠣᠨᠢᠨ ᠵᠢᠯ ᠪᠣᠯᠲᠠᠯ᠎ᠠ ᠬᠣᠶᠠᠷ ᠮᠢᠩᠭᠠᠨ ᠳᠥᠷᠪᠡᠨ ᠵᠠᠭᠤᠨ ᠬᠣᠷᠢᠨ ᠬᠣᠶᠠᠷ ᠣᠨ ᠪᠣᠯᠵᠤᠬᠤᠢ ᠃ ᠬᠣᠵᠢᠮ ᠤ᠋ᠨ ᠮᠡᠷᠭᠡᠳ ᠡᠨᠡ ᠵᠢᠯ ᠡᠴᠡ ᠳᠣᠷᠣᠭᠰᠢ ᠵᠠᠯᠭᠠᠵᠤ ᠲᠣᠭᠠᠯᠠᠭᠲᠤᠨ ᠃ ᠱᠠᠭᠢᠮᠤᠨᠢ ᠪᠤᠷᠬᠠᠨ ᠤ᠋ ᠮᠡᠨᠳᠦᠯᠡᠭᠰᠡᠨ ᠡᠴᠡ ᠬᠣᠢᠰᠢ ᠳᠥᠷᠪᠡᠨ ᠵᠠᠭᠤᠨ ᠳᠠᠯᠠᠨ ᠨᠢᠭᠡᠨ ᠵᠢᠯ ᠳᠡᠭᠡᠷ᠎ᠡ ᠺᠦᠩᠽᠢ ᠪᠣᠭᠳᠠ ᠶ᠋ᠢ ᠲᠦᠷᠦᠵᠦᠬᠦᠢ ᠃ ᠬᠣᠢᠨ᠎ᠠ ᠨᠢᠭᠡ ᠮᠢᠩᠭᠠᠨ ᠨᠠᠢ᠍ᠮᠠᠨ ᠵᠠᠭᠤᠨ ᠣᠨ ᠭᠠᠷᠴᠤ ᠶᠡᠬᠡ ᠶᠤᠸᠠᠨ ᠤᠯᠤᠰ ᠤ᠋ᠨ ᠲᠠᠪᠤᠳᠤᠭᠠᠷ ᠬᠠᠭᠠᠨ ᠶᠤᠸᠠᠨ ᠱ᠌ᠢᠽᠦ ᠬᠤᠪᠢᠯᠠᠢ ᠰᠡᠴᠡᠨ ᠂ ᠱᠧᠩ ᠸᠧᠨ ᠡᠦ ᠬᠤᠸᠠᠩᠳᠢ ᠶ᠋ᠢᠨ ᠦᠶ᠎ᠡ ᠳ᠋ᠦ᠍ ᠰᠠᠶᠢ 《ᠳᠠ ᠴᠧᠩ ᡁᠢ ᠱᠧᠩ 》 ᠶᠡᠬᠡᠳᠡ ᠲᠡᠭᠦᠰᠦᠭᠰᠡᠨ ᠲᠤᠢᠯ ᠤ᠋ᠨ ᠪᠣᠭᠳᠠ ᠬᠡᠮᠡᠬᠦ ᠴᠣᠯᠠ ᠶ᠋ᠢ ᠣᠯᠵᠤ ᠡᠷᠭᠦᠭᠰᠡᠨ ᠪᠥᠯᠥᠭᠡ ᠃ ᠡᠭᠦᠨᠴᠡ ᠣᠷᠣᠭᠰᠢ ᠤᠯᠤᠰ ᠴᠥᠮ ᠺᠦᠩ ᠹᠦᠽᠢ ᠶ᠋ᠢ ᠡᠢᠮᠦ ᠬᠦᠩ ᠲᠡᠢᠮᠦ ᠸᠠᠩ ᠭᠡᠮᠡᠨ ᠡᠷᠭᠦᠨ ᠳᠠᠬᠢᠳᠠᠭ ᠠᠵᠤᠭᠤ ᠃
ᠵᠢᠴᠢ ᠡᠨᠡ ᠪᠢᠴᠢᠭ ᠲᠣᠷ 《 ᠡᠢᠨ ᠬᠦ᠌ 》ᠬᠡᠮᠡᠬᠦ ᠦᠰᠦᠭ ᠢ᠋ ᠳᠥᠭᠥᠮ ᠢ᠋ᠶ᠋ᠡᠷ 《 ᠡᠢᠨᠬᠦ 》 ᠭᠡᠮᠡᠨ ᠪᠢᠴᠢᠭᠰᠡᠨ ᠪᠠ 《 ᠲᠡᠢᠨ ᠬᠦ᠌ 》 ᠬᠡᠮᠡᠭᠰᠡᠨ ᠦᠰᠦᠭ ᠢ᠋《 ᠲᠡᠢᠨᠬᠦ᠌ 》 ᠭᠡᠮᠡᠨ ᠰᠢᠲᠦ ᠪᠦᠷᠢᠨ ᠦᠭᠡᠢ ᠦᠰᠦᠭ ᠨᠡᠯᠢᠶᠡᠳ ᠪᠣᠢ ᠠᠮᠤᠢ ᠃ ᠪᠢᠴᠢᠭ ᠠᠢᠯᠠᠳᠬᠤ ᠮᠡᠷᠭᠡᠳ ᠪᠡᠷ ᠲᠡᠳᠡᠭᠡᠷ ᠦᠭᠡᠰ ᠢ᠋ ᠦᠵᠡᠪᠡᠰᠦ ᠳᠡᠭᠡᠷ᠎ᠡ ᠳᠣᠣᠷ᠎ᠠ ᠶ᠋ᠢᠨ ᠵᠣᠬᠢᠰ ᠢ᠋ ᠦᠵᠡᠵᠦ ᠤᠩᠰᠢᠬᠤ ᠪᠣᠯᠪᠠᠤ ᠃ ᠬᠡᠷᠪᠡ ᠬᠠᠭᠤᠯᠤᠨ ᠠᠪᠤᠭᠴᠢᠳ ᠪᠣᠯᠪᠠᠰᠤ ᠳᠠᠷᠤᠢ ᠡᠳᠦᠭᠡᠬᠢ ᠦᠶ᠎ᠡ ᠶ᠋ᠢᠨ ᠰᠢᠨ᠎ᠡ ᠦᠰᠦᠭ ᠦ᠋ᠨ ᠶᠣᠰᠣᠭᠠᠷ 《 ᠡᠢᠬᠦ ᠲᠡᠢᠨᠬᠦ᠌ 》 ᠬᠡᠮᠡᠭᠰᠡᠨ ᠦᠰᠦᠭ ᠢ᠋ 《 ᠡᠢᠨ ᠬᠦ᠌ ᠂ ᠲᠡᠢᠨ ᠬᠦ᠌ 》 ᠭᠡᠮᠡᠨ ᠬᠠᠯᠠᠨ ᠪᠢᠴᠢᠬᠦ ᠪᠣᠯᠪᠠᠤ᠃ ᠬᠣᠯᠪᠣᠭᠠᠨ ᠦᠭᠡᠰ ᠪᠡᠯᠭᠡᠯᠡᠭᠰᠡᠨ ᠦᠭᠡ ᠡᠴᠡ ᠪᠤᠰᠤ ᠳ᠋ᠤᠷ ᠨᠡᠯᠢᠶᠡᠳ 《 ᠡᠢ ᠂ ᠨᠢ ᠂ ᠨᠦ᠍᠂ ᠯᠠ᠂ ᠮᠠ 》 ᠶ᠋ᠢ ᠠᠯᠳᠠᠭᠰᠠᠨ ᠭᠠᠵᠠᠷ ᠪᠣᠢ᠂ ᠣᠯᠳᠠᠬᠤᠯ᠎ᠠ ᠲᠡᠭᠦᠨ ᠢ᠋ ᠦᠵᠡᠪᠡᠰᠦ ᠭᠠᠷ ᠠᠯᠵᠢᠶᠠᠨ ᠨᠢᠭᠡᠨ ᠪᠢᠷ ᠢ᠋ᠶ᠋ᠡᠷ ᠵᠠᠰᠠᠵᠤ ᠬᠠᠢᠷᠠᠯᠠᠮᠤ ᠂ ᠬᠡᠷᠪᠡ ᠪᠢᠷ ᠵᠢᠭᠤᠷᠠᠭᠤᠯ ᠤ᠋ᠨ ᠪᠡᠯᠡᠨ ᠦᠭᠡᠢ ᠳ᠋ᠦ᠍ᠷ ᠪᠢᠴᠢᠭ ᠦᠵᠡᠬᠦ ᠶ᠋ᠢ ᠰᠠᠭᠠᠲᠠᠭᠤᠯᠤᠮᠤᠢ ᠭᠡᠮᠡᠨ ᠪᠡᠷᠬᠡᠰᠢᠶᠡᠪᠡᠰᠦ ᠨᠢᠭᠡᠨ ᠬᠡᠰᠡᠭ ᠴᠠᠭᠠᠰᠤ ᠪᠠᠷ ᠮᠥᠨ ᠮᠥᠷ ᠦ᠋ᠨ ᠳᠡᠭᠡᠷ᠎ᠡ ᠲᠣᠯᠣᠭᠠᠢ ᠭᠠᠷᠭᠠᠨ ᠨᠠᠭᠠᠵᠤ ᠥᠭᠭᠦᠮᠦ ᠃
( ᠡᠭᠦᠨ ᠡᠴᠡ ᠳᠣᠷᠣᠭᠰᠢ ᠳᠥᠷᠪᠡᠨ ᠠᠩᠭᠢ ᠶ᠋ᠢ ᠣᠯᠤᠭᠠᠳᠤᠢ )
