ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠳᠣᠯᠣᠳᠤᠭᠠᠷ ᠠᠩᠭᠢ > Хөх судар - Инжинаш < Товчит толт - Долдугар анги >
ᠬᠥᠬᠡ ᠰᠤᠳᠤᠷ - ᠲᠣᠪᠴᠢᠲᠤ ᠲᠣᠯᠲᠣ < ᠳᠣᠯᠣᠳᠤᠭᠠᠷ ᠠᠩᠭᠢ >
ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ ᠤ᠋ᠨ ᠤᠴᠢᠷ
ᠰᠢᠯᠲᠠᠭᠠᠨ ᠨᠢᠭᠡᠨ ᠢᠵᠢ ᠂ ᠲᠣᠪᠴᠢᠲᠤ ᠲᠣᠯᠲᠣ ᠶ᠋ᠢᠨ ᠳᠣᠯᠣᠳᠤᠭᠠᠷ ᠠᠩᠭᠢ
ᠬᠡᠯᠪᠡᠷᠢᠭᠦᠦ ᠲᠠᠰᠢᠮᠠᠭᠠᠢ ᠶ᠋ᠢ ᠢᠯᠭᠠᠭᠰᠠᠨ ᠰᠢᠳᠤᠷᠭᠤ ᠰᠢᠭᠦᠮᠵᠢᠯᠡᠯ
ᠡᠷᠲᠡᠨ ᠦ᠌ ᠬᠢᠲᠠᠳ ᠪᠢᠴᠢᠭ ᠦ᠋ᠨ ᠶᠡᠬᠡᠳᠡ ᠦᠨᠡᠨᠴᠢ ᠲᠤᠢᠯ ᠤ᠋ᠨ ᠪᠣᠭᠳᠠ ᠺᠦᠩ ᠹᠦᠽᠢ ᠶ᠋ᠢᠨ ᠥᠭᠦᠯᠡᠭᠰᠡᠨ ᠢᠨᠤ᠄ 《ᠬᠡᠷᠡᠭ ᠲᠦ᠍ᠷ ᠡᠭᠦᠰᠬᠡᠯ ᠲᠡᠭᠦᠰᠬᠡᠯ ᠪᠣᠢ᠂ ᠪᠣᠳᠠᠰ ᠲᠤᠷ ᠡᠬᠢ ᠡᠴᠦᠰ ᠠᠮᠤᠢ 》 ᠬᠡᠮᠡᠵᠦᠬᠦ᠃ ᠲᠡᠢᠨ ᠬᠦ᠌ ᠶᠢᠷᠲᠢᠨᠴᠦ ᠶ᠋ᠢᠨ ᠬᠥᠮᠦᠨ ᠤᠭ ᠢᠵᠠᠭᠤᠷ ᠡᠦᠲᠦᠮ ᠦᠨᠳᠦᠰᠦᠨ ᠢ᠋ᠶ᠋ᠡᠨ ᠮᠡᠳᠡᠬᠦ ᠢᠨᠤ ᠵᠦᠢ ᠪᠣᠯᠠᠢ᠃ ᠬᠡᠳᠦᠢᠪᠡᠷ ᠬᠠᠭᠠᠨ ᠤ᠋ ᠰᠠᠭᠤᠷᠢᠨ ᠳ᠋ᠤ᠌ ᠬᠦᠷᠦᠭᠰᠡᠨ ᠲᠡᠭᠷᠢ ᠶ᠋ᠢᠨ ᠬᠥᠪᠡᠭᠦᠨ ᠪᠣᠯᠪᠠᠴᠤ ᠦᠯᠢᠭᠡᠷᠯᠡᠪᠡᠰᠦ ᠡᠴᠢᠭᠡ ᠡᠬᠡ ᠪᠡᠨ ᠡᠴᠢᠭᠡ ᠡᠬᠡ ᠭᠡᠮᠡᠨ ᠣᠨᠴᠠᠭᠠᠢᠯᠠᠨ ᠠᠴᠢᠯᠠᠬᠤ ᠡᠯᠪᠡᠷᠢᠬᠦ ᠲᠠᠬᠢᠮᠳᠠᠬᠤ ᠶ᠋ᠢ ᠡᠰᠡ ᠮᠡᠳᠡᠪᠡᠰᠦ᠂ ᠡᠩ ᠦ᠋ᠨ ᠬᠥᠮᠦᠨ ᠳ᠋ᠦ᠍ᠷ ᠴᠦ᠍ ᠬᠦᠷᠬᠦ ᠦᠭᠡᠢ ᠪᠤᠰᠤ ᠤᠤ? ᠲᠡᠭᠦᠨᠴᠢᠯᠡᠨ ᠬᠥᠮᠦᠨ ᠲᠥᠷᠥᠯᠬᠢᠲᠡᠨ ᠥᠪᠡᠷ ᠦ᠋ᠨ ᠤᠭ ᠦᠨᠳᠦᠰᠦᠨ᠂ ᠢᠵᠠᠭᠤᠷ ᠡᠦᠲᠦᠮ ᠢ᠋ᠶ᠋ᠡᠨ ᠦᠯᠦ ᠮᠡᠳᠡᠨ᠂ ᠥᠪᠡᠷ ᠦ᠋ᠨ ᠤᠷᠢᠳᠤᠰ ᠳᠡᠭᠡᠳᠦᠰ ᠦ᠋ᠨ ᠦᠢᠯᠡ ᠶᠠᠪᠤᠳᠠᠯ ᠪᠠ ᠨᠡᠷ᠎ᠡ ᠣᠪᠣᠭ ᠢ᠋ ᠡᠰᠡ ᠮᠡᠳᠡᠭᠡᠳ ᠡᠭᠦᠨ ᠡᠴᠡ ᠭᠠᠳᠠᠨ᠎ᠠ ᠬᠡᠳᠦᠢ ᠲᠩᠷᠢ ᠶ᠋ᠢᠨ ᠤᠳᠬ᠎ᠠ᠂ ᠭᠠᠵᠠᠷ ᠤ᠋ᠨ ᠵᠦᠢ ᠶ᠋ᠢ ᠴᠥᠮ ᠤᠬᠠᠵᠤ᠂ ᠳᠡᠯᠡᠬᠡᠢ ᠶ᠋ᠢᠨ ᠶᠣᠰᠣ᠂ ᠣᠷᠴᠢᠯᠠᠩ ᠤ᠋ᠨ ᠤᠴᠢᠷ ᠢ᠋ ᠴᠥᠮ ᠨᠠᠪᠲᠠᠷᠠᠪᠠᠴᠤ ᠲᠡᠭᠦᠨ ᠢ᠋ ᠲᠥᠭᠡ ᠢᠮᠠᠬᠤ ᠶ᠋ᠢᠨ ᠮᠣᠳᠣ ᠶ᠋ᠢ ᠥᠨᠳᠥᠷ ᠠᠰᠠᠷ ᠤ᠋ᠨ ᠨᠢᠷᠤᠭᠤᠨ ᠤ᠋ ᠳᠡᠭᠡᠷ᠎ᠡ ᠲᠠᠯᠪᠢᠭᠠᠳ ᠲᠡᠷᠡ ᠮᠣᠳᠣ ᠶ᠋ᠢ ᠠᠰᠠᠷ ᠠ᠋ᠴᠠ ᠥᠨᠳᠥᠷ ᠬᠡᠮᠡᠬᠦ ᠮᠡᠲᠦ ᠤᠭ ᠦᠨᠳᠦᠰᠦᠨ ᠦᠭᠡᠢ ᠯᠦ᠍ᠭᠡ ᠨᠢᠭᠡᠨ ᠠᠳᠠᠯᠢ ᠪᠣᠯᠤᠮᠤᠢ᠃ ᠲᠡᠢᠨ ᠬᠦ᠌ ᠲᠠᠢᠵᠢ ᠢᠨᠵᠠᠨᠨᠠᠰᠢ ᠪᠢ ᠮᠣᠩᠭᠣᠯ ᠲᠣᠭᠠᠲᠠᠨᠠ ᠨᠡᠢᠲᠡ ᠪᠡᠷ ᠢ᠋ ᠮᠡᠳᠡᠲᠦᠭᠡᠢ ᠤᠬᠠᠲᠤᠭᠠᠢ ᠭᠡᠮᠡᠨ ᠡᠴᠢᠭᠡ ᠨᠣᠶᠠᠨ ᠤ᠋ ᠪᠠᠨ ᠬᠤᠷᠢᠶᠠᠭᠰᠠᠨ ᠬᠥᠬᠡ ᠮᠣᠩᠭᠣᠯ ᠤ᠋ᠨ ᠶᠡᠬᠡ ᠶᠤᠸᠠᠨ ᠤᠯᠤᠰ ᠤ᠋ᠨ ᠣᠯᠠᠨ ᠵᠦᠢᠯ ᠦ᠋ᠨ ᠰᠤᠳᠤᠷ ᠪᠢᠴᠢᠭ ᠱᠠᠰᠲᠢᠷ ᠲᠡᠦᠬᠡ ᠪᠦᠷᠢ ᠶ᠋ᠢ ᠴᠥᠮ ᠠᠭᠤᠳᠠᠯᠤᠨ ᠭᠠᠷᠭᠠᠵᠤ᠂ ᠡᠴᠢᠭᠡ ᠨᠣᠶᠠᠨ ᠤ᠋ ᠪᠠᠨ ᠰᠠᠨᠠᠭᠠᠨ ᠢ᠋ ᠵᠠᠯᠭᠠᠮᠵᠢᠯᠠᠨ ᠡᠨᠡ ᠶᠡᠬᠡ ᠶᠤᠸᠠᠨ ᠤᠯᠤᠰ ᠤ᠋ᠨ ᠰᠤᠳᠤᠷ ᠢ᠋ ᠪᠦᠷᠢᠳᠬᠡᠨ ᠭᠠᠷᠭᠠᠵᠤ᠂ ᠬᠤᠢᠴᠢᠬᠢ ᠦᠶ᠎ᠡ ᠳ᠋ᠦ᠍ᠷ ᠮᠡᠷᠭᠡᠨ ᠮᠤᠩᠬᠠᠭ ᠦᠭᠡᠶ᠎ᠡ ᠮᠡᠳᠡᠲᠦᠭᠡᠢ ᠤᠬᠠᠲᠤᠭᠠᠢ ᠭᠡᠮᠡᠨ ᠰᠤᠳᠤᠷ ᠪᠦᠷᠢ ᠶ᠋ᠢ ᠵᠠᠬ᠎ᠠ ᠳᠠᠷᠠᠭᠠᠯᠠᠨ ᠦᠵᠡᠪᠡᠰᠦ ᠠᠯᠢ ᠰᠤᠳᠤᠷ ᠠᠨᠤ ᠪᠣᠯᠪᠠᠴᠤ ᠲᠡᠷᠡ ᠮᠡᠲᠦ ᠨᠠᠷᠢᠨ ᠨᠢᠭᠲᠠ ᠢᠯᠡᠷᠬᠡᠢ ᠲᠣᠳᠣᠷᠬᠠᠢ ᠤᠴᠢᠷ᠂ ᠬᠡᠳᠦᠢᠪᠡᠷ ᠵᠠᠷᠯᠢᠭ ᠢ᠋ᠶ᠋ᠠᠷ ᠣᠷᠴᠢᠭᠤᠯᠤᠭᠰᠠᠨ ᠶᠤᠸᠠᠨ ᠤᠯᠤᠰ ᠤ᠋ᠨ ᠲᠥᠪ ᠦ᠋ᠨ ᠰᠤᠳᠤᠷ᠂ ᠤᠯᠤᠰ ᠤ᠋ᠨ ᠲᠡᠮᠳᠡᠭᠯᠡᠯ ᠪᠣᠯᠪᠠᠴᠤ ᠭᠡᠭᠡᠭᠳᠡᠵᠦ ᠣᠷᠬᠢᠭᠳᠠᠭᠰᠠᠨ ᠪᠠ ᠳᠤᠲᠠᠭᠤ ᠳᠣᠷᠭᠣᠨ ᠮᠠᠰᠢ ᠣᠯᠠᠨ᠃ ᠲᠡᠢᠨ ᠬᠦ᠌ ᠲᠡᠭᠦᠨ ᠦ᠌ ᠵᠢᠯ ᠣᠨ ᠪᠠ ᠴᠠᠭ ᠦᠶᠡᠰ ᠢ᠋ ᠠᠨᠤ ᠡᠷᠢᠪᠡᠰᠦ ᠵᠠᠷᠢᠮ ᠳ᠋ᠤᠷ ᠤᠷᠢᠳ᠂ ᠵᠠᠷᠢᠮ ᠳ᠋ᠤᠷ ᠬᠣᠵᠢᠳ ᠪᠣᠯᠵᠤ᠂ ᠠᠷᠪᠠᠨ ᠵᠦᠢᠯ ᠦ᠋ᠨ ᠰᠤᠳᠤᠷ ᠤ᠋ᠨ ᠰᠤᠳᠠᠯ ᠬᠡᠳᠦᠢ ᠨᠢᠭᠡ ᠪᠣᠯᠪᠠᠴᠤ ᠰᠠᠯᠠᠭᠠᠨ ᠠᠨᠤ ᠠᠷᠠᠬᠠᠨ ᠣᠯᠠᠨ ᠲᠤᠯᠠ ᠦᠵᠡᠬᠦ ᠮᠡᠷᠭᠡᠳ ᠦ᠋ᠨ ᠤᠬᠠᠭᠠᠨ ᠳ᠋ᠤᠷ ᠲᠥᠷᠥᠭᠳᠡᠬᠦᠶᠡ ᠪᠡᠷᠬᠡ ᠶ᠋ᠢᠨ ᠣᠴᠢᠷ᠎ᠠ᠂ ᠳᠠᠷᠤᠢ ᠡᠴᠢᠭᠡ ᠨᠣᠶᠠᠨ ᠤ᠋ ᠴᠥᠯᠪᠡᠭᠰᠡᠨ ᠨᠠᠢ᠍ᠮᠠᠨ ᠪᠦᠯᠦᠭ ᠡᠴᠡ ᠵᠠᠯᠭᠠᠵᠤ᠂ ᠴᠥᠮ ᠡᠨᠡ ᠦᠶ᠎ᠡ ᠶ᠋ᠢᠨ ᠮᠡᠳᠡᠬᠦᠢ ᠳ᠋ᠦ᠍ᠷ ᠬᠢᠯᠪᠠᠷ ᠦᠭᠡ ᠪᠡᠷ ᠴᠥᠯᠪᠡᠨ ᠪᠢᠴᠢᠬᠦᠶ᠎ᠡ ᠂ ᠲᠡᠭᠦᠨ ᠦ᠌ ᠵᠢᠯ ᠣᠨ ᠢ᠋ ᠠᠨᠤ 《 ᠭᠠᠩ ᠮᠦ᠍ ᠪᠢᠴᠢᠭ 》 ᠠ᠋ᠴᠠ ᠠᠪᠰᠤᠭᠠᠢ ᠭᠡᠮᠡᠨ ᠵᠢᠷᠭᠤᠳᠤᠭᠠᠷ ᠠᠬ᠎ᠠ ᠲᠠᠮᠠᠭ᠎ᠠ ᠬᠠᠮᠢᠶᠠᠷᠤᠭᠰᠠᠨ ᠲᠤᠰᠠᠯᠠᠭᠴᠢ ᠰᠥᠩ ᠢ᠋ ᠭᠤᠶᠤᠵᠤ ᠣᠷᠴᠢᠭᠤᠯᠪᠠᠰᠤ ᠲᠡᠷᠡ ᠭᠠᠩ ᠮᠦ᠍ ᠳ᠋ᠦ᠍ᠷ ᠮᠣᠩᠭᠣᠯ ᠤ᠋ᠨ ᠬᠡᠷᠡᠭ ᠪᠠ ᠴᠡᠷᠢᠭ ᠲᠡᠢᠨ ᠦ᠌ ᠶᠠᠪᠤᠳᠠᠯ ᠬᠢᠭᠡᠳ ᠬᠣᠲᠠ ᠪᠠᠯᠭᠠᠳ ᠢ᠋ ᠠᠪᠤᠭᠰᠠᠨ ᠠᠨᠤ ᠬᠡᠳᠦᠢ ᠲᠣᠳᠣᠷᠬᠠᠢ ᠪᠠᠢᠪᠠᠴᠤ ᠲᠠᠢᠽᠦ ᠶ᠋ᠢᠨ ᠳᠥᠴᠢᠨ ᠲᠠᠪᠤᠨ ᠨᠠᠰᠤᠨ ᠰᠡᠭᠦᠳᠡᠷ ᠲᠡᠭᠡᠨ ᠰᠠᠭᠤᠭᠰᠠᠨ ᠤᠯᠠᠭᠠᠨ ᠪᠠᠷᠰ ᠵᠢᠯ ᠡᠴᠡ ᠤᠷᠤᠭᠰᠢ ᠬᠡᠷᠡᠭ ᠣᠭᠲᠣ ᠦᠭᠡᠢ ᠪᠥᠭᠡᠳ ᠲᠡᠭᠦᠨ ᠡᠴᠡ ᠬᠣᠢᠰᠢ ᠬᠡᠳᠦᠢ ᠶᠡᠬᠡ ᠲᠥᠯᠥᠪ ᠪᠠᠬᠠᠨ ᠪᠠᠢᠪᠠᠴᠤ ᠮᠣᠩᠭᠣᠯ ᠵᠠᠩᠵᠤᠨ ᠨᠠᠷ ᠤ᠋ᠨ ᠨᠡᠷ᠎ᠡ ᠪᠠ ᠤᠯᠤᠰ ᠠᠢᠮᠠᠭ ᠭᠠᠵᠠᠷ ᠤ᠋ᠨ ᠨᠡᠷ᠎ᠡ ᠳᠠᠭᠤᠳᠠᠯᠲᠠ ᠶ᠋ᠢ ᠶᠠᠭᠤ ᠶᠠᠭᠤᠨ ᠴᠤ᠌ ᠪᠤᠰᠤ ᠪᠠᠷ ᠪᠢᠴᠢᠭᠰᠡᠨ ᠢ᠋ᠶ᠋ᠡᠷ ᠦᠯᠦ ᠪᠠᠷᠠᠮ᠂ ᠨᠡᠩ ᠪᠠᠰᠠ ᠡᠯᠢᠭᠡ ᠬᠥᠰᠢᠲᠡᠯ᠎ᠡ ᠢᠨᠢᠶᠡᠯᠲᠡᠢ ᠨᠢᠭᠡᠨ ᠵᠦᠢᠯ ᠦ᠋ᠨ ᠭᠤᠲᠤᠮᠰᠢᠭ ᠮᠠᠭᠤᠬᠠᠢ ᠵᠠᠩ ᠪᠠᠢᠬᠤ ᠠᠨᠤ ᠬᠡᠯᠡᠵᠦ ᠭᠠᠷᠭᠠᠪᠠᠰᠤ ᠨᠡᠩ ᠢᠨᠢᠶᠡᠯᠲᠡᠢ᠃ ᠤᠴᠢᠷ ᠶᠠᠭᠤᠨ ᠬᠡᠮᠡᠪᠡᠰᠦ᠄ ᠡᠨᠡ ᠳᠡᠯᠡᠬᠡᠢ ᠳ᠋ᠠᠬᠢᠨ᠎ᠠ ᠶᠠᠮᠪᠠᠷ ᠬᠥᠮᠦᠨ ᠪᠣᠯᠪᠠᠴᠤ ᠡᠭᠡᠨᠡᠭᠲᠡ ᠨᠢᠭᠡᠨ ᠵᠦᠢᠯ ᠦ᠋ᠨ ᠭᠣᠣᠯᠴᠢ ᠰᠢᠳᠤᠷᠭᠤ ᠬᠡᠯᠪᠡᠢᠭᠦᠦ ᠦᠭᠡᠢ ᠲᠠᠰᠢᠮᠠᠭᠠᠢ ᠦᠭᠡᠢ ᠪᠡᠷ ᠨᠢᠭᠡᠨ ᠪᠢᠲᠡᠭᠦᠨ ᠦᠭᠡᠰ ᠢ᠋ ᠬᠡᠯᠡᠪᠡᠴᠦ ᠬᠥᠮᠦᠨ ᠰᠣᠨᠣᠰᠪᠠᠴᠤ ᠪᠠᠬᠠᠨ ᠠᠮᠲᠠᠲᠠᠢᠬᠠᠨ ᠪᠥᠭᠡᠳ ᠤᠴᠢᠷ ᠲᠠᠢ ᠲᠤᠯᠠ ᠬᠡᠳᠦᠢᠪᠡᠷ ᠠᠭᠤᠯᠠ ᠬᠡᠭᠡᠷ᠎ᠡ ᠶ᠋ᠢᠨ ᠠᠢᠯ ᠲᠤᠰᠬᠤ ᠳ᠋ᠤᠷ ᠪᠣᠯᠪᠠᠴᠤ ᠲᠡᠢᠮᠦ ᠰᠢᠳᠤᠷᠭᠤ ᠴᠢᠬᠡᠴᠢ ᠬᠡᠯᠡᠳᠡᠭ ᠡᠪᠦᠭᠡᠨ ᠢ᠋ᠶ᠋ᠡᠨ ᠬᠦᠨᠳᠦ ᠦᠵᠡᠵᠦ ᠬᠦᠨᠳᠦᠯᠡᠵᠦ᠂ ᠲᠡᠭᠦᠨ ᠦ᠌ ᠦᠭᠡ ᠶ᠋ᠢ ᠰᠣᠨᠣᠰᠪᠠᠰᠤ ᠪᠦᠭᠦᠳᠡᠭᠡᠷ ᠢᠲᠡᠭᠡᠳᠡᠭ ᠲᠤᠯᠠ ᠰᠠᠶᠢ ᠨᠢᠭᠡᠨ ᠵᠦᠢᠯ ᠪᠣᠯᠭᠠᠨ ᠬᠡᠯᠡᠯᠴᠡᠮᠦᠢ᠃ ᠬᠡᠳᠦᠢᠪᠡᠷ ᠨᠢᠭᠡᠨ ᠠᠢᠯ ᠬᠥᠳᠡᠭᠡ ᠶ᠋ᠢᠨ ᠪᠢᠲᠡᠭᠦᠯᠢᠭ ᠲᠠᠷᠢᠶᠠᠨ ᠠᠷᠠᠳ ᠪᠣᠯᠪᠠᠴᠤ ᠪᠠᠰᠠ ᠬᠡᠯᠪᠡᠢᠭᠦᠦ ᠦᠭᠡᠢ ᠲᠠᠰᠢᠮᠠᠭᠠᠢ ᠦᠭᠡᠢ ᠶ᠋ᠢ ᠵᠣᠭᠰᠣᠯᠲᠠ ᠪᠣᠯᠭᠠᠨ ᠢᠲᠡᠭᠡᠮᠵᠢ ᠪᠣᠯᠭᠠᠨ ᠪᠥᠭᠡᠲᠡᠯ᠎ᠡ ᠨᠡᠩ ᠡᠦᠲᠦ ᠪᠢᠴᠢᠭ ᠰᠤᠳᠤᠷ ᠲᠤᠷ ᠥᠭᠦᠯᠡᠬᠦ ᠪᠠ ᠰᠢᠭᠦᠮᠵᠢᠯᠡᠬᠦᠢ ᠳ᠋ᠦ᠍ᠷ ᠡᠷᠬᠡᠪᠰᠢ ᠪᠠᠰᠠ ᠦᠨᠡᠨ ᠴᠢᠬᠡᠴᠢ ᠲᠥᠪ ᠭᠣᠣᠯᠴᠢ ᠪᠠᠷ ᠪᠢᠴᠢᠪᠡᠰᠦ ᠲᠦᠮᠡᠨ ᠬᠥᠮᠦᠨ ᠦᠵᠡᠪᠡᠴᠦ ᠡᠰᠡ ᠪᠢᠰᠢᠷᠡᠨ ᠢᠲᠡᠭᠡᠬᠦᠨ ᠢ᠋ᠶ᠋ᠡᠷ ᠦᠭᠡᠢ ᠪᠣᠯᠠᠢ᠃ ᠲᠡᠢᠨ ᠠᠲᠠᠯ᠎ᠠ ᠮᠢᠩ ᠤᠯᠤᠰ ᠤ᠋ᠨ ᠦᠶ᠎ᠡ ᠳ᠋ᠦ᠍ 《 ᠭᠠᠩ ᠮᠦ᠍ ᠪᠢᠴᠢᠭ 》 ᠢ᠋ ᠵᠠᠯᠭᠠᠨ ᠬᠠᠭᠤᠯᠵᠤ ᠴᠣᠬᠣᠯᠠᠨ ᠲᠣᠭᠲᠠᠭᠠᠭᠴᠢ ᠳ᠋ᠤᠷ ᠮᠣᠩᠭᠣᠯ ᠤ᠋ᠨ ᠡᠯ᠎ᠡ ᠶᠡᠬᠡᠬᠡᠨ ᠬᠡᠷᠡᠭ ᠪᠦᠷᠢ ᠶ᠋ᠢ ᠭᠠᠷᠭᠠᠬᠤᠢ ᠳ᠋ᠤᠷ ᠪᠠᠰᠠ ᠲᠡᠭᠦᠨ ᠲᠤᠢᠯ ᠤ᠋ᠨ ᠮᠠᠭᠤ ᠶ᠋ᠢ ᠲᠣᠳᠤᠷᠬᠠᠢᠶᠠ ᠵᠢᠭᠠᠨ ᠭᠠᠷᠭᠠᠵᠤ ᠴᠢᠳᠠᠬᠤ ᠦᠭᠡᠢ ᠪᠥᠭᠡᠳ ᠪᠠᠰᠠ ᠬᠡᠷᠡᠭ ᠪᠦᠷᠢ ᠶ᠋ᠢ ᠪᠢᠴᠢᠭᠡᠳ ᠬᠣᠢᠨ᠎ᠠ ᠢᠯᠡᠳᠬᠡᠯ ᠪᠠ ᠢᠯᠭᠠᠯ ᠳ᠋ᠤᠷ ᠮᠣᠩᠭᠣᠯ ᠤ᠋ᠨ ᠦᠨᠡᠨ ᠮᠠᠭᠤ ᠶ᠋ᠢ ᠴᠦ᠍ ᠮᠠᠭᠤ᠂ ᠦᠨᠡᠨ ᠰᠠᠢᠨ ᠢ᠋ ᠴᠥᠮ ᠮᠠᠭᠤ ᠭᠡᠮᠡᠨ ᠬᠡᠯᠪᠡᠢᠭᠦᠦ ᠲᠠᠰᠢᠮᠠᠭᠠᠢ ᠥᠴᠦᠬᠡᠨ ᠠᠳᠬᠠᠭ ᠢ᠋ᠶ᠋ᠠᠷ ᠤᠷᠠᠯᠠᠨ ᠪᠢᠴᠢᠯᠴᠡᠵᠦ᠂ ᠦᠭᠡ ᠠᠶᠠᠰ ᠤ᠋ᠨ ᠵᠠᠪᠰᠠᠷ ᠲᠤᠷ ᠥᠷᠭᠡᠰᠦ ᠰᠤᠨᠳᠤᠤ ᠨᠢᠭᠤᠵᠤ᠂ ᠬᠡᠳᠦᠢ ᠶᠡᠬᠡ ᠡᠨᠳᠡᠭᠦᠦ᠂ ᠶᠡᠬᠡ ᠪᠤᠷᠤᠭᠤ᠂ ᠶᠡᠬᠡ ᠬᠠᠷᠭᠢᠰ᠂ ᠶᠡᠬᠡ ᠶᠠᠯ᠎ᠠ ᠶ᠋ᠢ ᠵᠢᠭᠠᠨ ᠭᠠᠷᠭᠠᠵᠤ ᠡᠰᠡ ᠴᠢᠳᠠᠪᠠᠰᠤ ᠰᠠᠢᠳ ᠤ᠋ᠨ ᠡᠨᠳᠡᠭᠦᠦ ᠦᠭᠡᠰ ᠢ᠋ ᠡᠵᠡᠨ ᠳ᠋ᠦ᠍ᠷ ᠢᠨᠤ ᠨᠥᠮᠥᠷᠭᠡᠵᠦ ᠬᠡᠯᠡᠬᠦ ᠪᠠ ᠶᠡᠷᠦ ᠶ᠋ᠢᠨ ᠦᠭᠡᠰ ᠢ᠋ ᠦᠨᠡᠨ ᠬᠡᠷᠡᠭ ᠲᠦ᠍ᠷ ᠨᠠᠭᠠᠯᠳᠤᠭᠤᠯᠤᠨ ᠬᠡᠯᠡᠭᠡᠳ ᠮᠣᠩᠭᠣᠯ ᠤ᠋ᠨ ᠲᠠᠢᠽᠦ ᠂ ᠲᠠᠢᠽᠦ᠋ᠩ ᠠᠯᠢ ᠠᠯᠢ ᠤᠯᠤᠰ ᠢ᠋ ᠳᠠᠢᠯᠠᠬᠤᠶᠠ ᠬᠡᠳᠦᠢᠴᠢᠨᠡᠭᠡᠨ ᠬᠣᠲᠠ ᠶ᠋ᠢᠨ ᠬᠥᠮᠦᠨ ᠢ᠋ ᠴᠥᠮ ᠠᠯᠠᠪᠠ᠂᠂ ᠪᠠᠰᠠ ᠶᠠᠮᠪᠠᠷ ᠶᠠᠮᠪᠠᠷ ᠭᠠᠵᠠᠷ ᠪᠠᠢᠯᠳᠤᠬᠤᠶ᠎ᠠ ᠬᠡᠳᠦᠢ ᠬᠡᠳᠦᠢᠴᠢᠨᠡᠭᠡᠨ ᠹᠦ᠂ ᠵᠧᠦ᠂ ᠰᠢᠶᠠᠨ ᠢ᠋ ᠲᠡᠯᠡᠪᠡ ᠭᠡᠮᠡᠨ ᠮᠣᠩᠭᠣᠯ ᠢ᠋ ᠡᠷᠬᠡᠪᠰᠢ ᠥᠷᠥᠰᠢᠶᠡᠯ ᠦᠭᠡᠢ ᠬᠠᠷᠭᠢᠰ ᠳᠣᠭᠰᠢᠨ ᠢ᠋ᠶ᠋ᠠᠷ ᠬᠡᠯᠡᠮᠦᠢ ᠬᠡᠮᠡᠭᠰᠡᠭᠡᠷ ᠨᠢᠭᠡᠨ ᠥᠪᠡᠷᠴᠢᠯᠡᠯ ᠦᠭᠡᠢ ᠦᠨᠡᠨ ᠡᠷᠳᠡᠮᠲᠦ ᠵᠣ᠌ ᠰᠢ ᠶ᠋ᠢᠨ ᠢᠯᠭᠠᠭᠰᠠᠨ 《 ᠽᠢ ᡁᠢ ᠲᠦᠩ ᠵᠢᠶᠠᠨ ᠭᠠᠩ ᠮᠦ᠍ ᠰᠤᠳᠤᠷ 》 ᠢ᠋ ᠰᠤᠳᠤᠷ ᠮᠠᠭᠤ ᠡᠬᠡᠨᠡᠷ ᠦ᠋ᠨ ᠬᠠᠷᠢᠶᠠᠯ ᠵᠦᠬᠡᠯ ᠮᠡᠲᠦ ᠣᠯᠢᠭ ᠱᠠᠯᠢᠭ ᠪᠣᠯᠭᠠᠵᠤ ᠂ ᠨᠢᠭᠡᠮᠦᠰᠦᠨ ᠬᠡᠯᠪᠡᠢᠭᠦᠦ ᠲᠠᠰᠢᠮᠠᠭᠠᠢ ᠶ᠋ᠢᠨ ᠲᠤᠢᠯ ᠳ᠋ᠤ᠌ ᠬᠦᠷᠦᠭᠦᠯᠵᠦ᠂ ᠰᠢᠭᠤᠳ ᠬᠡᠯᠪᠡᠢᠭᠦᠦ ᠲᠠᠰᠢᠮᠠᠭᠠᠢ ᠪᠠᠨ ᠬᠠᠯᠠᠭᠯᠠᠨ ᠬᠤᠴᠢᠵᠤ ᠨᠢᠭᠤᠨ ᠳᠠᠯᠳᠠᠯᠠᠵᠤ ᠴᠢᠳᠠᠬᠤ ᠦᠭᠡᠢ ᠳ᠋ᠦ᠍ᠷ ᠬᠦᠷᠦᠭᠡᠳ ᠨᠢᠭᠡᠮᠦᠰᠦᠨ ᠥᠴᠦᠬᠡᠨ ᠬᠥᠮᠦᠨ ᠦ᠌ ᠡᠯᠢᠭᠡ ᠠᠭᠤᠰᠬᠢ ᠪᠠ ᠮᠤᠩᠬᠠᠭ ᠰᠢᠪᠡᠭᠴᠢᠨ ᠦ᠌ ᠴᠠᠯᠴᠢᠵᠤ ᠪᠢᠯᠴᠢᠬᠤ ᠬᠣᠩᠰᠢᠶᠠᠷ ᠤᠷᠤᠭᠤᠯ ᠢ᠋ᠶ᠋ᠠᠨ ᠪᠦᠷᠢᠨ᠎ᠡ ᠮᠡᠳᠡᠭᠳᠡᠵᠦᠬᠦᠢ᠃ ᠲᠡᠷᠡ ᠢᠨᠤ ᠶᠠᠭᠤᠨ ᠳ᠋ᠤᠷ ᠲᠡᠢᠮᠦ ᠪᠣᠯᠪᠠ ᠬᠡᠮᠡᠪᠡᠰᠦ ᠂ ᠪᠠᠰᠠ ᠮᠢᠨᠦ ᠨᠢᠭᠡ ᠨᠢᠭᠡᠨ ᠢ᠋ᠶ᠋ᠡᠷ ᠲᠠᠢᠯᠤᠨ ᠮᠡᠳᠡᠭᠦᠯᠬᠦ ᠶ᠋ᠢ ᠰᠣᠨᠣᠰ᠄ ᠡᠭᠦᠨ ᠦ᠌ ᠳᠣᠲᠣᠷ᠎ᠠ ᠨᠢᠭᠡᠨ ᠵᠦᠢᠯ ᠦ᠋ᠨ ᠰᠢᠯᠲᠠᠭᠠᠨ ᠪᠣᠢ᠂ ᠤᠭ ᠲᠤᠷ ᠳᠤᠮᠳᠠᠳᠤ ᠤᠯᠤᠰ ᠤ᠋ᠨ ᠬᠢᠲᠠᠳ᠂ ᠠᠷᠤ ᠭᠠᠵᠠᠷ ᠤ᠋ᠨ ᠮᠣᠩᠭᠣᠯ ᠢ᠋ ᠡᠭᠡᠨᠡᠭᠲᠡ ᠬᠥᠮᠦᠨ ᠦ᠌ ᠲᠣᠭ᠎ᠠ ᠳ᠋ᠤᠷ ᠣᠷᠣᠭᠤᠯᠬᠤ ᠦᠭᠡᠢ ᠂ ᠶᠡᠷᠦ ᠶ᠋ᠢᠨ ᠠᠳᠤᠭᠤᠰᠤ ᠪᠣᠯᠪᠠᠰᠤ ᠳᠥᠷᠪᠡᠨ ᠬᠥᠯ ᠲᠡᠢ ᠲᠤᠯᠠ ᠬᠡᠪᠲᠡᠭᠡ ᠪᠡᠷ ᠶᠠᠪᠤᠮᠤᠢ᠂ ᠠᠷᠤ ᠭᠠᠵᠠᠷ ᠤ᠋ᠨ ᠬᠥᠮᠦᠨ ᠭᠠᠭᠴᠠ ᠬᠣᠶᠠᠷ ᠬᠥᠯ ᠲᠡᠢ ᠪᠣᠯᠤᠭᠠᠳ ᠪᠣᠰᠤᠭ᠎ᠠ ᠪᠠᠷ ᠶᠠᠪᠤᠬᠤ ᠠᠨᠤ ᠠᠳᠤᠭᠤᠰᠤᠨ ᠮᠠᠯ ᠠ᠋ᠴᠠ ᠪᠠᠬᠠᠨ ᠥᠪᠡᠷ᠎ᠡ ᠪᠣᠢ ᠊ᠶ᠎ᠠ ᠂ ᠪᠤᠰᠤ ᠵᠦᠢᠯ ᠦ᠋ᠨ ᠦᠢᠯᠡᠰ ᠶᠠᠪᠤᠳᠠᠯ ᠵᠠᠩ ᠠᠪᠢᠶᠠᠰ ᠠᠨᠤ ᠰᠢᠭᠤᠳ ᠮᠠᠯ ᠠᠳᠤᠭᠤᠰᠤ ᠪᠣᠯᠠᠢ ᠭᠡᠮᠡᠨ ᠨᠢᠭᠡᠨᠲᠡ ᠪᠠᠰᠤᠮᠵᠢᠯᠠᠨ ᠰᠠᠨᠠᠭᠠᠳ ᠬᠡᠳᠦᠢ ᠠᠷᠪᠠᠨ ᠬᠤᠪᠢ ᠶ᠋ᠢᠨ ᠠᠷᠤᠤᠬᠠᠨ ᠡᠷᠳᠡᠮᠲᠡᠨ ᠢᠨᠤ ᠪᠣᠯᠪᠠᠴᠤ ᠲᠡᠢᠨ ᠪᠠᠷᠢᠮᠲᠠᠯᠠᠨ ᠰᠠᠨᠠᠵᠤ ᠠᠲᠠᠯ᠎ᠠ ᠰᠠᠨᠠᠮᠰᠠᠷ ᠦᠭᠡᠢ ᠠᠯᠲᠠᠨ ᠭᠠᠳᠠᠰᠤ ᠡᠦᠲᠦᠨ ᠤᠮᠠᠷ᠎ᠠ ᠡᠲᠡᠭᠡᠳ ᠦ᠋ᠨ ᠮᠠᠩᠬ᠎ᠠ ᠡᠯᠡᠰᠦᠨ ᠪᠠᠭᠤᠵᠤ᠂ ᠱᠧᠩ ᠡᠦ ᠬᠤᠸᠠᠩᠳᠢ ᠪᠣᠭᠳᠠ ᠪᠠᠭᠠᠲᠤᠷ ᠴᠢᠩᠭᠢᠰ ᠬᠠᠭᠠᠨ ᠮᠡᠨᠳᠦᠯᠡᠭᠡᠳ ᠠᠶᠤᠩᠭ᠎ᠠ ᠴᠠᠬᠢᠯᠭᠠᠨ ᠮᠡᠲᠦ ᠨᠢᠭᠡᠨᠲᠡ ᠠᠶᠤᠩᠭᠠᠯᠠᠮᠠᠭᠴᠠ ᠳᠠᠷᠤᠢ ᠨᠢᠭᠡᠨ ᠵᠠᠭᠤᠨ ᠵᠢᠷᠠᠨ ᠬᠣᠶᠠᠷ ᠵᠢᠯ ᠦ᠋ᠨ ᠳᠡᠯᠡᠬᠡᠢ ᠳ᠋ᠠᠬᠢᠨ ᠢ᠋ ᠪᠠᠢᠭᠤᠯᠵᠤ ᠡᠳᠡᠭᠡᠷ ᠵᠦᠩ ᠶᠤᠸᠠᠨ ᠤ᠋ ᠬᠢᠲᠠᠳ ᠢ᠋ ᠪᠣᠭᠣᠯ ᠪᠣᠯᠭᠠᠭᠰᠠᠨ ᠳ᠋ᠤᠷ ᠡᠳᠡᠭᠡᠷ ᠥᠴᠦᠬᠡᠨ ᠠᠳᠬᠠᠭ ᠡᠬᠡᠨᠡᠷ ᠥᠪᠡᠷᠴᠢᠯᠡᠯᠳᠦ ᠬᠢᠲᠠᠳ ᠨᠠᠷ ᠲᠡᠭᠷᠢ ᠶ᠋ᠢᠨ ᠴᠠᠭ ᠭᠠᠵᠠᠷ ᠤ᠋ᠨ ᠬᠡᠮᠵᠢᠶᠡᠨ ᠦ᠌ ᠶᠡᠬᠡ ᠵᠦᠢ ᠶ᠋ᠢ ᠣᠭᠲᠣ ᠪᠣᠳᠣᠬᠤ ᠦᠭᠡᠢ᠂ ᠣᠨᠴᠠ ᠥᠪᠡᠷ ᠦ᠋ᠨ ᠲᠡᠷᠡ ᠨᠢᠭᠡᠨ ᠵᠦᠢᠯ ᠦ᠋ᠨ ᠦᠮᠡᠬᠡᠢ ᠥᠪᠡᠷᠴᠢᠯᠡᠯ ᠢ᠋ᠶ᠋ᠡᠨ ᠡᠷᠬᠢᠯᠡᠵᠦ᠂ ᠪᠠᠰᠠ ᠲᠡᠭᠷᠢ ᠶ᠋ᠢᠨ ᠲᠣᠭ᠎ᠠ ᠠ᠋ᠴᠠ ᠵᠥᠷᠢᠴᠡᠵᠦ ᠴᠢᠳᠠᠬᠤ ᠦᠭᠡᠢ ᠲᠤᠯᠠ ᠲᠡᠰᠬᠦ ᠠᠯᠳᠠᠷᠠᠨ᠂ ᠰᠢᠳᠦ ᠵᠠᠭᠠᠲᠤᠨᠠᠨ᠂ ᠭᠠᠷ ᠨᠤᠬᠤᠯᠬᠢᠯᠠᠨ᠂ ᠲᠣᠯᠣᠭᠠᠢ ᠪᠠᠨ ᠮᠠᠭᠠᠵᠢᠯᠬᠢᠯᠠᠨ ᠶᠡᠬᠡ ᠶᠤᠸᠠᠨ ᠤᠯᠤᠰ ᠤ᠋ᠨ ᠠᠷᠪᠠᠨ ᠳᠥᠷᠪᠡᠨ ᠬᠠᠭᠠᠨ ᠤ᠋ ᠨᠢᠭᠡ ᠵᠠᠭᠤᠨ ᠵᠢᠷᠠᠨ ᠬᠣᠶᠠᠷ ᠵᠢᠯ ᠪᠣᠭᠣᠯ ᠪᠣᠯᠵᠤ ᠠᠷᠠᠢ ᠮᠢᠩ ᠤᠯᠤᠰ ᠲᠤᠷ ᠬᠦᠷᠦᠮᠡᠭᠴᠡ ᠳᠠᠷᠤᠢ ᠲᠡᠷᠡ ᠬᠣᠷᠣᠰᠤᠯ ᠢ᠋ᠶ᠋ᠠᠨ ᠬᠠᠷᠢᠭᠤ ᠠᠪᠬᠤ ᠭᠠᠵᠠᠷ ᠦᠭᠡᠢ ᠳ᠋ᠡᠭᠡᠨ ᠬᠤᠶᠠᠯᠢ ᠡᠬᠡᠨᠡᠷ ᠦ᠋ᠨ ᠣᠭᠣᠯᠢ ᠶ᠋ᠢᠨ ᠬᠣᠩᠰᠢᠶᠠᠷ ᠢ᠋ᠶ᠋ᠠᠨ ᠪᠢᠯᠡᠭᠦᠳᠡᠵᠦ ᠵᠣ᠌ ᠹᠦᠽᠢ ᠶ᠋ᠢᠨ ᠲᠥᠪ ᠠᠷᠢᠭᠤᠨ ᠶᠡᠬᠡ ᠭᠠᠩ ᠮᠦ᠍ ᠰᠤᠳᠤᠷ ᠲᠤ᠌ ᠮᠣᠩᠭᠣᠯ ᠡᠢᠮᠦ ᠮᠠᠭᠤ᠂ ᠲᠡᠢᠮᠦ ᠬᠠᠷᠭᠢᠰ᠂ ᠡᠨᠡ ᠮᠡᠲᠦ ᠥᠷᠥᠰᠢᠶᠡᠯ ᠦᠭᠡᠢ᠂ ᠲᠡᠷᠡ ᠮᠡᠲᠦ ᠮᠠᠲᠠᠯ ᠦᠭᠡᠢ ᠭᠡᠮᠡᠨ ᠠᠮᠠᠨ ᠤ᠋ ᠲᠠᠪᠠ᠂ ᠬᠡᠯᠡᠨ ᠦ᠌ ᠵᠣᠷᠢᠭ ᠢ᠋ᠶ᠋ᠠᠷ ᠤᠴᠢᠷ ᠲᠣᠮᠣᠭ᠎ᠠ ᠦᠭᠡᠢ ᠴᠠᠯᠴᠢᠵᠤ ᠪᠢᠯᠴᠢᠭᠰᠠᠨ ᠪᠣᠯᠠᠢ᠃ ᠬᠥᠭᠡᠷᠦᠬᠦᠢ ᠡᠨᠡ ᠳᠠᠷᠤᠢ ᠬᠢᠲᠠᠳ ᠰᠤᠳᠤᠷᠴᠢ ᠶ᠋ᠢᠨ ᠦᠮᠡᠬᠡᠢ ᠠᠳᠬᠠᠭ᠂ ᠥᠴᠦᠬᠡᠨ᠂ ᠥᠪᠡᠷᠴᠢᠯᠡᠯ ᠢ᠋ᠶ᠋ᠡᠨ ᠡᠷᠲᠡᠨ ᠦ᠌ ᠶᠡᠬᠡ ᠰᠤᠳᠤᠷ ᠢ᠋ ᠭᠤᠲᠤᠭᠠᠨ ᠪᠤᠵᠠᠷᠯᠠᠭᠰᠠᠨ ᠶᠡᠬᠡ ᠶᠠᠯ᠎ᠠ ᠮᠠᠰᠢ ᠲᠣᠳᠣᠷᠬᠠᠢ ᠢᠯᠡᠷᠡᠵᠦᠬᠦᠢ᠃ ᠡᠨᠡ ᠣᠷᠴᠢᠯᠠᠩ ᠬᠡᠮᠡᠭᠴᠢ ᠲᠡᠭᠷᠢ ᠭᠠᠵᠠᠷ ᠨᠠᠷᠠᠨ ᠰᠠᠷᠠᠨ ᠠ᠋ᠴᠠ ᠳᠠᠷᠠᠭᠠᠯᠠᠨ ᠲᠦᠮᠡᠨ ᠪᠣᠳᠠᠰ ᠲᠤᠷ ᠬᠦᠷᠲᠡᠯ᠎ᠡ ᠴᠥᠮ ᠢ᠋ᠶ᠋ᠡᠷ ᠠᠷᠭ᠎ᠠ ᠪᠢᠯᠢᠭ ᠦ᠋ᠨ ᠬᠣᠶᠠᠷ ᠠᠮᠢᠰᠬᠤᠯ ᠠ᠋ᠴᠠ ᠡᠭᠦᠰᠬᠡᠵᠦ ᠲᠠᠪᠤᠨ ᠮᠠᠬᠠᠪᠣᠳ ᠤ᠋ᠨ ᠵᠦᠢ ᠰᠢᠯᠲᠠᠭᠠᠨ ᠯᠤᠭ᠎ᠠ ᠬᠣᠣᠰᠯᠠᠯᠳᠤᠨ ᠪᠠᠷᠢᠯᠳᠤᠵᠤ ᠪᠦᠲᠦᠭᠡᠳ ᠳᠡᠯᠡᠬᠡᠢ ᠳᠦᠭᠦᠷᠡᠩ ᠪᠣᠳᠠᠰ ᠶᠠᠭᠤᠮ᠎ᠠ ᠳᠡᠯᠭᠡᠷᠡᠭᠰᠡᠨ ᠦ᠌ ᠲᠤᠯᠠᠳᠠ ᠳᠡᠯᠡᠬᠡᠢ ᠳ᠋ᠠᠬᠢᠨ ᠤ᠋ ᠲᠦᠮᠡᠨ ᠪᠣᠳᠠᠰ ᠲᠤᠷ ᠵᠦᠢ ᠦᠭᠡᠢᠬᠦᠨ ᠢ᠋ᠶ᠋ᠡᠷ ᠦᠭᠡᠢ᠂ ᠭᠠᠭᠴᠠ ᠵᠦᠢ ᠢᠨᠤ ᠮᠣᠬᠣᠭᠠᠨ ᠪᠣᠳᠣᠬᠤᠢ ᠳ᠋ᠤᠷ ᠪᠣᠢ ᠬᠡᠮᠡᠭᠰᠡᠨ ᠪᠣᠯᠠᠢ᠃ ᠲᠡᠢᠨ ᠬᠦ᠌ ᠣᠷᠴᠢᠯᠠᠩ ᠤ᠋ᠨ ᠬᠣᠭᠣᠷᠣᠨᠳᠣ ᠪᠦᠬᠦᠢ ᠬᠥᠮᠦᠨ ᠪᠦᠬᠦᠨ᠎ᠡ ᠥᠪᠡᠷᠴᠢᠯᠡᠯ ᠦᠭᠡᠢᠬᠦᠨ ᠢ᠋ᠶ᠋ᠡᠷ ᠦᠭᠡᠢ᠂ ᠥᠪᠡᠷᠴᠢᠯᠡᠯ ᠬᠡᠲᠦᠷᠡᠪᠡᠰᠦ ᠠᠳᠬᠠᠭ ᠪᠣᠯᠤᠮᠤᠢ᠃ ᠦᠯᠢᠳᠬᠡᠪᠡᠰᠦ ᠡᠳᠦᠭᠡᠬᠢ ᠡᠩ ᠦ᠋ᠨ ᠵᠠᠩ ᠥᠪᠡᠷ ᠦ᠋ᠨ ᠶᠠᠪᠤᠳᠠᠯ ᠮᠥᠨ᠂ ᠪᠤᠰᠤᠳ ᠤ᠋ᠨ ᠦᠢᠯᠡ ᠪᠤᠷᠤᠭᠤ ᠬᠡᠮᠡᠳᠡᠭ ᠲᠤᠯᠠᠳᠠ ᠡᠯᠳᠡᠪ ᠵᠦᠢᠯ ᠦ᠋ᠨ ᠪᠤᠯᠢᠶᠠᠯᠳᠤᠭᠠᠨ ᠭᠠᠷᠴᠤ ᠴᠠᠭ ᠵᠣᠭᠰᠣᠬᠤ ᠦᠭᠡᠢ ᠳ᠋ᠦ᠍ᠷ ᠪᠤᠷᠬᠠᠨ ᠤ᠋ ᠨᠣᠮ ᠳ᠋ᠤᠷ ᠰᠠᠶᠢ ᠲᠡᠮᠡᠴᠡᠯᠳᠦ ᠶᠢᠷᠲᠢᠨᠴᠦ ᠵᠣᠪᠠᠯᠠᠩᠲᠤ ᠶ᠋ᠢᠨ ᠣᠷᠣᠨ ᠬᠡᠮᠡᠴᠦᠬᠦᠢ᠃ ᠲᠡᠢᠨ ᠬᠦ᠌ ᠡᠳᠦᠭᠡ ᠥᠪᠡᠷ᠎ᠡ ᠶ᠋ᠢ ᠴᠥᠮ ᠬᠡᠯᠡᠯᠴᠡᠬᠦ ᠶ᠋ᠢ ᠪᠠᠢᠭᠠᠳ ᠳᠠᠷᠤᠢ ᠡᠨᠡ ᠢᠯᠡᠳᠲᠡ ᠦᠵᠡᠭᠳᠡᠬᠦ ᠨᠣᠮ ᠪᠢᠴᠢᠭ ᠬᠣᠶᠠᠷ ᠰᠤᠷᠭᠠᠯ ᠢ᠋ᠶ᠋ᠠᠷ ᠪᠠᠷᠢᠵᠤ ᠦᠯᠢᠳᠬᠡᠰᠦᠭᠡᠢ᠂ ᠡᠨᠡ ᠨᠣᠮ ᠪᠢᠴᠢᠭ ᠬᠣᠶᠠᠷ ᠰᠤᠷᠭᠠᠯ ᠂ ᠤᠭ ᠠ᠋ᠴᠠ ᠨᠢᠭᠡᠨ ᠠᠳᠠᠯᠢ ᠴᠥᠮ ᠰᠠᠢᠨ ᠰᠡᠳᠬᠢᠯ ᠦ᠋ᠨ ᠦᠨᠳᠦᠰᠦᠨ ᠪᠥᠭᠡᠲᠡᠯ᠎ᠡ ᠨᠣᠮ ᠳ᠋ᠤᠷ ᠬᠣᠭᠣᠰᠣᠨ ᠢ᠋ ᠮᠣᠬᠣᠯ ᠪᠣᠯᠭᠠᠵᠤ ᠣᠷᠴᠢᠯᠠᠩ ᠤ᠋ᠨ ᠮᠡᠷᠭᠡᠳ ᠢ᠋ ᠬᠣᠭᠣᠰᠣᠨ ᠤ᠋ ᠬᠣᠢᠨ᠎ᠠ ᠠ᠋ᠴᠠ ᠬᠥᠭᠡᠯᠭᠡᠵᠦᠬᠦᠢ᠃ ᠪᠢᠴᠢᠭ ᠲᠣᠷ ᠪᠣᠢ ᠶ᠋ᠢ ᠪᠠᠷᠢᠮᠲᠠᠯᠠᠵᠤ ᠶᠢᠷᠲᠢᠨᠴᠦ ᠶ᠋ᠢᠨ ᠠᠮᠢᠲᠠᠨ ᠢ᠋ ᠪᠣᠢ ᠶ᠋ᠢᠨ ᠬᠣᠢᠨ᠎ᠠ ᠠ᠋ᠴᠠ ᠨᠡᠭᠦᠯᠭᠡᠵᠦᠬᠦᠢ᠃ ᠡᠢᠨ ᠬᠦ᠌ ᠠᠪᠤᠰᠢ ᠠᠨᠤ ᠵᠥᠷᠢᠴᠡᠭᠰᠡᠨ ᠢ᠋ᠶ᠋ᠡᠷ ᠬᠣᠶᠠᠷ ᠰᠤᠷᠭᠠᠯ ᠤ᠋ᠨ ᠮᠥᠴᠢᠳ ᠠᠷᠠᠳ ᠬᠠᠷᠢᠯᠴᠠᠨ ᠦᠯᠦ ᠲᠣᠭᠣᠮᠵᠢᠯᠠᠬᠤ ᠠᠳᠬᠠᠭ ᠰᠠᠨᠠᠭᠠᠨ ᠢ᠋ ᠡᠪᠦᠷᠯᠡᠵᠦᠬᠦᠢ᠃ ᠡᠨᠡ ᠠᠳᠬᠠᠭ ᠰᠠᠨᠠᠭᠠᠨ ᠢ᠋ ᠨᠣᠮ ᠪᠢᠴᠢᠭ ᠬᠣᠶᠠᠭᠤᠯᠠ ᠡᠪᠦᠷᠯᠡᠭᠰᠡᠨ ᠪᠤᠰᠤ᠂ ᠴᠥᠮ ᠨᠣᠮ ᠪᠢᠴᠢᠭ ᠢ᠋ ᠦᠵᠡᠭᠰᠡᠨ ᠥᠴᠦᠬᠡᠨ ᠣᠶᠤᠲᠠᠨ ᠨᠢᠮᠭᠡᠨ ᠠᠳᠬᠠᠲᠠᠨ ᠠ᠋ᠴᠠ ᠡᠭᠦᠰᠬᠡᠨ ᠡᠳᠦᠭᠰᠡᠨ ᠪᠤᠶᠤ᠃ ᠦᠨᠡᠨ ᠢ᠋ ᠬᠡᠯᠡᠪᠡᠰᠦ ᠡᠨᠡ ᠪᠣᠢ ᠬᠣᠭᠣᠰᠣᠨ ᠬᠡᠮᠡᠬᠦ ᠦᠭᠡᠰ ᠢ᠋ ᠬᠡᠯᠡᠬᠦᠢ ᠳ᠋ᠦ᠍ᠷ ᠬᠣᠶᠠᠷ ᠥᠪᠡᠷ᠎ᠡ ᠦᠭᠡᠰ ᠪᠣᠯᠪᠠᠴᠤ ᠰᠠᠨᠠᠭᠠᠨ ᠠᠨᠤ ᠨᠢᠭᠡᠨ ᠪᠣᠯᠠᠢ᠃ ᠤᠴᠢᠷ ᠶᠠᠭᠤ ᠬᠡᠮᠡᠪᠡᠰᠦ ᠪᠣᠢ ᠶ᠋ᠢᠨ ᠰᠠᠶᠢ ᠬᠣᠭᠣᠰᠣᠨ ᠬᠡᠮᠡᠭᠰᠡᠨ ᠨᠢᠭᠡᠨ ᠦᠭᠡᠰ ᠭᠠᠷᠤᠭᠰᠠᠨ ᠪᠣᠯᠠᠢ᠃ ᠬᠣᠭᠣᠰᠣᠨ ᠬᠡᠮᠡᠭᠰᠡᠨ ᠨᠢᠭᠡᠨ ᠦᠭᠡᠰ ᠪᠠᠢᠬᠤ ᠲᠤᠯᠠ ᠪᠠᠰᠠ ᠰᠠᠶᠢ ᠪᠣᠢ ᠬᠡᠮᠡᠬᠦ ᠨᠢᠭᠡᠨ ᠦᠭᠡ ᠵᠣᠬᠢᠶᠠᠵᠤᠬᠤᠢ᠃ ᠡᠨᠡ ᠪᠣᠢ ᠬᠣᠭᠣᠰᠣᠨ ᠬᠣᠶᠠᠭᠤᠯᠠ ᠲᠣᠯᠣᠭᠠᠢ ᠰᠡᠭᠦᠯ ᠵᠠᠯᠭᠠᠯᠳᠤᠭᠰᠠᠨ ᠨᠢᠭᠡᠨ ᠭᠠᠷᠠᠬ᠎ᠠ ᠮᠡᠲᠦ ᠦᠭᠡ ᠪᠤᠶᠤ᠃ ᠪᠢᠲᠡᠭᠦᠨ ᠢᠯᠡᠷᠬᠡᠢ ᠪᠡᠷ ᠦᠯᠢᠳᠬᠡᠪᠡᠰᠦ ᠬᠥᠮᠦᠨ ᠠᠮᠢᠲᠠᠨ ᠠᠮᠢᠳᠤ ᠴᠠᠭ ᠲᠤᠷ ᠪᠣᠢ᠂ ᠦᠬᠦᠵᠦ ᠡᠴᠢᠪᠡᠰᠦ ᠬᠣᠭᠣᠰᠣᠨ᠂ ᠪᠤᠲᠠ ᠶᠠᠭᠤᠮ᠎ᠠ ᠪᠦᠲᠦᠵᠦ ᠪᠠᠢᠪᠠᠰᠤ ᠪᠣᠢ᠂ ᠡᠪᠳᠡᠷᠡᠵᠦ ᠪᠠᠷᠠᠭᠳᠠᠪᠠᠰᠤ ᠬᠣᠭᠣᠰᠣᠨ᠃ ᠪᠠᠰᠠ ᠦᠯᠢᠳᠬᠡᠪᠡᠰᠦ ᠡᠷᠲᠡᠨ ᠦ᠌ ᠥᠩᠭᠡᠷᠡᠭᠰᠡᠨ ᠲᠡᠳᠡᠭᠡᠷ ᠲᠦᠮᠡᠨ ᠮᠢᠩᠭᠠᠨ ᠵᠦᠢᠯ ᠦ᠋ᠨ ᠤᠯᠤᠰ ᠲᠥᠷᠥ ᠶ᠋ᠢᠨ ᠬᠥᠮᠦᠨ ᠠᠮᠢᠲᠠᠨ ᠠᠬᠤ ᠴᠠᠭ ᠲᠠᠭᠠᠨ ᠴᠥᠮ ᠪᠣᠢ ᠪᠥᠯᠥᠭᠡ᠂ ᠡᠳᠦᠭᠡ ᠥᠩᠭᠡᠷᠡᠭᠡᠳ ᠴᠥᠮ ᠬᠣᠭᠣᠰᠣᠨ ᠪᠣᠯᠵᠤᠬᠤᠢ᠃ ᠡᠳᠦᠭᠡ ᠮᠠᠨ ᠤ᠋ ᠡᠨᠡ ᠤᠯᠤᠰ ᠡᠨᠡ ᠪᠡᠶᠡᠰ ᠡᠳᠦᠭᠡ ᠦᠵᠡᠲᠡᠯ᠎ᠡ ᠴᠥᠮ ᠪᠣᠢ ᠪᠥᠭᠡᠲᠡᠯ᠎ᠡ ᠡᠴᠦᠰ ᠲᠦ᠍ᠷ ᠪᠠᠰᠠ ᠬᠣᠭᠣᠰᠣᠨ ᠪᠣᠯᠬᠤ ᠠ᠋ᠴᠠ ᠬᠡᠷᠬᠢᠪᠡᠴᠦ ᠬᠡᠯᠲᠦᠷᠢᠨ ᠴᠢᠳᠠᠬᠤ ᠦᠭᠡᠢ ᠲᠤᠯᠠ ᠪᠣᠢ ᠪᠥᠭᠡᠳ ᠬᠣᠭᠣᠰᠣᠨ ᠪᠤᠰᠤ ᠶᠠᠭᠤᠨ ? ᠪᠢᠳᠡ ᠬᠣᠭᠣᠰᠣᠨ ᠪᠣᠯᠵᠤ ᠡᠴᠢᠭᠰᠡᠨ ᠬᠣᠢᠨ᠎ᠠ᠂ ᠲᠡᠷᠡ ᠦᠶ᠎ᠡ ᠶ᠋ᠢᠨ ᠬᠤᠢᠴᠢᠬᠢ ᠶ᠋ᠢᠨ ᠬᠥᠮᠦᠨ ᠪᠠᠰᠠ ᠪᠣᠢ ᠲᠤᠯᠠ ᠬᠣᠭᠣᠰᠣᠨ ᠪᠥᠭᠡᠳ ᠪᠣᠢ ᠪᠤᠰᠤ ᠶᠠᠭᠤᠨ ? ᠲᠡᠢᠨ ᠬᠦ᠌ ᠪᠣᠢ ᠬᠡᠮᠡᠪᠡᠰᠦ ᠴᠥᠮ ᠪᠣᠢ᠂ ᠬᠣᠭᠣᠰᠣᠨ ᠬᠡᠮᠡᠪᠡᠰᠦ ᠴᠥᠮ ᠬᠣᠭᠣᠰᠣᠨ᠂ ᠪᠣᠢ ᠶ᠋ᠢᠨ ᠬᠣᠢᠨ᠎ᠠ ᠠ᠋ᠴᠠ ᠬᠣᠭᠣᠰᠣᠨ ᠮᠥᠨ ᠪᠣᠢ᠃ ᠡᠨᠡ ᠪᠣᠢ ᠬᠣᠭᠣᠰᠣᠨ ᠬᠣᠶᠠᠭᠤᠯᠠ ᠬᠠᠷᠢᠯᠴᠠᠨ ᠮᠠᠰᠢ ᠢᠨᠠᠭ ᠮᠠᠰᠢ ᠠᠮᠠᠷᠠᠭ᠂ ᠰᠢᠭᠤᠳ ᠨᠢᠭᠡ ᠦᠭᠡᠰ ᠪᠣᠯᠬᠤ ᠦᠭᠡᠢ ᠬᠠᠮᠢᠭᠠᠰᠢ ᠡᠴᠢᠮᠦᠢ ? ᠪᠣᠢ ᠪᠠ ᠬᠣᠭᠣᠰᠣᠨ ᠡᠭᠡᠨᠡᠭᠲᠡ ᠨᠢᠭᠡᠨ ᠦᠭᠡᠰ ᠪᠥᠭᠡᠲᠡᠯ᠎ᠡ ᠨᠣᠮ ᠪᠢᠴᠢᠭ ᠦ᠋ᠨ ᠬᠣᠶᠠᠷ ᠰᠤᠷᠭᠠᠯ ᠤ᠋ᠨ ᠬᠠᠷ᠎ᠠ ᠰᠢᠷ᠎ᠠ ᠬᠣᠶᠠᠷ ᠥᠩᠭᠡᠲᠦ ᠬᠥᠮᠦᠨ ᠡᠴᠦᠰ ᠲᠦ᠍ᠷ ᠶᠠᠭᠤᠨ ᠪᠤᠯᠢᠶᠠᠯᠳᠤᠨ ᠶᠠᠭᠤᠨ ᠢ᠋ ᠲᠡᠮᠡᠴᠡᠯᠳᠦᠵᠦ ᠬᠠᠷᠢᠯᠴᠠᠨ ᠦᠯᠦ ᠲᠣᠭᠣᠮᠵᠢᠯᠠᠬᠤ ᠰᠢᠭᠦᠮᠵᠢᠯᠡᠯ ᠭᠠᠷᠤᠭᠰᠠᠨ ᠠᠵᠢ? ᠡᠭᠦᠨ ᠳ᠋ᠦ᠍ᠷ ᠮᠤᠩᠬᠠᠭ ᠪᠢ ᠪᠣᠳᠣᠭᠰᠠᠭᠠᠷ ᠠᠳᠠ ᠬᠦᠷᠴᠦ ᠬᠣᠭᠣᠰᠣᠨ ᠵᠦᠭ ᠬᠠᠨᠳᠤᠵᠤ ᠪᠦᠬᠦᠢ ᠳᠠᠭᠤᠨ ᠢ᠋ᠶ᠋ᠠᠷ ᠨᠢᠭᠡᠨ ᠵᠡᠷᠭᠡ ᠡᠯᠢᠭᠡ ᠬᠥᠰᠢᠲᠡᠯ᠎ᠡ ᠢᠨᠢᠶᠡᠭᠡᠳ ᠪᠣᠢ ᠬᠣᠭᠣᠰᠣᠨ ᠬᠣᠶᠠᠷ ᠢ᠋ ᠳᠡᠮᠡᠢᠯᠡ ᠪᠤᠯᠢᠶᠠᠯᠳᠤᠵᠤ ᠶᠠᠭᠤᠨ ᠤ᠋ ᠲᠤᠰᠠ ᠠᠵᠢ? ᠰᠢᠯᠲᠠᠭᠠᠨ ᠠᠨᠤ ᠶᠠᠭᠤᠨ ᠭᠡᠮᠡᠨ ᠪᠣᠳᠣᠪᠠᠰᠤ ᠡᠴᠦᠰ ᠲᠦ᠍ᠷ ᠨᠢᠭᠡᠨ ᠥᠴᠦᠬᠡᠨ ᠥᠪᠡᠷᠴᠢᠯᠡᠯ ᠡᠴᠡ ᠡᠳᠦᠵᠦᠬᠦᠢ᠃ ᠲᠡᠭᠦᠨᠴᠢᠯᠡᠨ ᠡᠳᠦᠭᠡᠬᠢ ᠲᠣᠭᠲᠠᠭᠰᠠᠨ ᠡᠩ ᠦ᠋ᠨ ᠵᠠᠩ ᠠᠨᠤ᠂ ᠵᠡᠭᠦᠨ ᠭᠡᠷ ᠢᠨᠤ ᠪᠠᠷᠠᠭᠤᠨ ᠭᠡᠷ ᠢ᠋ᠶ᠋ᠡᠨ ᠮᠠᠭᠤᠰᠢᠶᠠᠬᠤ ᠪᠠ ᠡᠮᠦᠨ᠎ᠡ ᠮᠣᠵᠢ ᠠᠨᠤ ᠬᠣᠢᠲᠤ ᠭᠠᠵᠠᠷ ᠢ᠋ᠶ᠋ᠠᠨ ᠪᠠᠰᠤᠮᠵᠢᠯᠠᠬᠤ᠂ ᠳᠤᠮᠳᠠᠳᠤ ᠤᠯᠤᠰ ᠠᠨᠤ ᠭᠠᠳᠠᠭᠠᠳᠤ ᠠᠢᠮᠠᠭ ᠢ᠋ᠶ᠋ᠠᠨ ᠳᠣᠷᠣᠰᠢᠶᠠᠬᠤ᠂ ᠳᠡᠭᠡᠷ᠎ᠡ ᠠᠭᠴᠢᠳ ᠠᠨᠤ ᠳᠣᠣᠷ᠎ᠠ ᠪᠦᠬᠦᠢ ᠶᠦ᠍ᠭᠡᠨ ᠳᠠᠷᠤᠯᠠᠬᠤ ᠠᠨᠤ ᠡᠨᠡ ᠪᠤᠶᠤ᠂ ᠲᠡᠢᠨ ᠬᠦ᠌ ᠡᠭᠦᠨ ᠳ᠋ᠦ᠍ᠷ ᠡᠰᠡᠷᠭᠦ ᠪᠠᠢᠬᠤ ᠠᠨᠤ ᠪᠠᠰᠠ ᠴᠤ᠌ ᠡᠭᠦᠨ ᠳ᠋ᠦ᠍ᠷ ᠨᠢᠭᠡᠨ ᠠᠳᠠᠯᠢ ᠰᠠᠨᠠᠭᠠᠨ ᠲᠥᠷᠥᠬᠦ ᠢᠨᠤ ᠢᠯᠡᠷᠬᠡᠢ ᠪᠠᠢᠬᠤ ᠬᠡᠷᠡᠭ ᠪᠤᠰᠤ ᠤᠤ? ᠲᠡᠢᠨ ᠬᠦ᠌ ᠣᠷᠴᠢᠯᠠᠩ ᠳ᠋ᠤᠷ ᠮᠢᠩᠭᠠᠨ ᠭᠠᠵᠠᠷ ᠨᠢᠰᠦᠭᠴᠢ ᠭᠠᠷᠤᠳᠢ ᠰᠢᠪᠠᠭᠤᠨ ᠪᠦᠬᠦᠢ ᠳ᠋ᠦ᠍ᠷ ᠭᠠᠵᠠᠷ ᠲᠤᠷ ᠪᠠᠰᠠ ᠮᠢᠩᠭᠠᠨ ᠭᠠᠵᠠᠷ ᠳᠣᠪᠲᠣᠯᠤᠭᠴᠢ ᠬᠦᠯᠦᠭ ᠭᠡᠮᠡᠨ ᠭᠠᠷᠴᠤᠬᠤᠢ᠃ ᠲᠡᠢᠮᠦ ᠶ᠋ᠢᠨ ᠲᠤᠯᠠ ᠡᠨᠡ ᠶᠢᠷᠲᠢᠨᠴᠦ ᠳᠡᠭᠡᠷ᠎ᠡ ᠪᠤᠷᠤᠭᠤ ᠶᠣᠰᠣ ᠤᠳᠠᠵᠤ ᠦᠯᠦ ᠪᠣᠯᠤᠮᠤᠢ ᠂ ᠪᠤᠰᠤᠴᠢᠷ ᠰᠤᠷᠭᠠᠯ ᠳᠡᠯᠭᠡᠷᠡᠵᠦ ᠦᠯᠦ ᠣᠷᠣᠰᠢᠮᠤᠢ ᠃ ᠲᠥᠷᠥᠯᠬᠢ ᠪᠣᠭᠳᠠ ᠬᠥᠮᠦᠨ ᠪᠤᠰᠤ ᠪᠣᠯᠪᠠᠰᠤ ᠲᠡᠯᠡᠬᠡᠷ ᠳ᠋ᠠᠬᠢᠨ ᠢ᠋ ᠡᠵᠡᠯᠡᠵᠦ ᠦᠯᠦ ᠴᠢᠳᠠᠮᠤᠢ᠃ ᠲᠥᠷᠥᠯᠬᠢ ᠲᠡᠭᠷᠢ ᠰᠠᠬᠢᠭᠤᠯᠰᠤᠨ ᠪᠤᠰᠤ ᠪᠣᠯᠪᠠᠰᠤ ᠳᠡᠯᠡᠬᠡᠢ ᠳ᠋ᠠᠬᠢᠨ ᠢ᠋ ᠪᠠᠢᠭᠤᠯᠵᠤ ᠦᠯᠦ ᠴᠢᠳᠠᠮᠤᠢ᠃ ᠪᠤᠷᠤᠭᠤ ᠰᠠᠮᠠᠭᠤᠨ ᠪᠤᠰᠤᠴᠢᠷ ᠬᠠᠷᠭᠢᠰ ᠢ᠋ᠶ᠋ᠠᠷ ᠭᠡᠷᠬᠢᠨ ᠳᠥᠷᠪᠡᠨ ᠲᠡᠯᠡᠶ ᠶ᠋ᠢᠨ ᠳᠣᠲᠣᠭᠠᠳᠤ ᠶ᠋ᠢᠨ ᠬᠢᠨ ᠢ ᠨᠡᠢᠭᠡᠮᠯᠡᠨ ᠡᠵᠡᠯᠡᠵᠦ ᠪᠣᠯᠬᠤ ᠠᠵᠢ? ᠦᠵᠡᠲᠡᠯ᠎ᠡ ᠴᠢᠨ ᠤᠯᠤᠰ ᠤ᠋ᠨ ᠱᠢ ᠬᠤᠸᠠᠩ ᠤᠭ ᠠ᠋ᠴᠠ ᠦᠨᠳᠦᠰᠦᠲᠦ ᠤᠯᠤᠰ ᠪᠥᠭᠡᠳ ᠬᠠᠷᠭᠢᠰ ᠲᠣᠭᠰᠢᠨ ᠪᠣᠯᠤᠭᠠᠳ ᠬᠡᠳᠦᠬᠡᠨ ᠵᠢᠯ ᠪᠣᠯᠪᠠ? ᠡᠨᠡ ᠳᠠᠷᠤᠢ ᠶᠢᠷᠲᠢᠨᠴᠦ ᠳ᠋ᠡᠬᠢ ᠬᠥᠮᠦᠨ ᠪᠦᠬᠦᠨ ᠦ᠌ ᠨᠢᠳᠦᠨ ᠳ᠋ᠦ᠍ᠷ ᠢᠯᠡᠷᠬᠡᠶ᠎ᠡ ᠦᠵᠡᠭᠳᠡᠵᠦ ᠪᠠᠢᠬᠤ ᠭᠡᠷᠡᠴᠢ ᠲᠡᠮᠳᠡᠭᠲᠡᠶ᠎ᠡ ᠶᠣᠰᠣ ᠪᠤᠰᠤ ᠤᠤ? ᠬᠥᠬᠡ ᠮᠣᠩᠭᠣᠯ ᠤ᠋ᠨ ᠶᠡᠬᠡ ᠶᠤᠸᠠᠨ ᠤᠯᠤᠰ ᠤ᠋ᠨ ᠡᠵᠡᠳ ᠦᠨᠡᠬᠡᠷ ᠲᠡᠷᠡ ᠮᠡᠲᠦ ᠬᠠᠷᠭᠢᠰ ᠬᠠᠷᠠᠲᠠᠢ ᠪᠥᠭᠡᠰᠦ ᠳᠡᠭᠡᠳᠦ ᠲᠡᠭᠷᠢ ᠪᠠᠰᠠ ᠶᠠᠭᠤᠨᠠᠢ ᠶᠤᠸᠠᠨ ᠤᠯᠤᠰ ᠲᠤᠷ ᠨᠢᠭᠡᠨ ᠵᠠᠭᠤᠨ ᠵᠢᠷᠠᠨ ᠬᠣᠶᠠᠷ ᠵᠢᠯ ᠦ᠋ᠨ ᠳᠡᠯᠡᠬᠡᠢ ᠳ᠋ᠠᠬᠢᠨ ᠢ᠋ ᠰᠣᠶᠣᠷᠬᠠᠬᠤ ᠠᠵᠢ! ᠪᠠᠰᠠ ᠴᠤ᠌ ᠡᠳᠦᠭᠡ ᠬᠦᠷᠲᠡᠯ᠎ᠡ ᠳᠣᠯᠣᠭᠠᠨ ᠵᠠᠭᠤᠨ ᠠᠷᠪᠠᠨ ᠵᠢᠯ ᠪᠣᠯᠲᠠᠯ᠎ᠠ ᠮᠣᠩᠭᠣᠯ ᠭᠡᠮᠡᠨ ᠨᠢᠭᠡᠨ ᠵᠠᠭᠤᠨ ᠳᠠᠯᠠᠨ ᠬᠣᠰᠢᠭᠤ ᠲᠡᠢᠴᠢ ᠨᠡᠷ᠎ᠡ ᠶ᠋ᠢ ᠦᠷᠡᠵᠢᠭᠦᠯᠵᠦ᠂ ᠬᠣᠢᠲᠤ ᠡᠲᠡᠭᠡᠳ ᠲᠦᠮᠡᠨ ᠭᠠᠵᠠᠷ ᠰᠢᠬᠠᠮ ᠢ᠋ ᠡᠵᠡᠯᠡᠭᠦᠯᠬᠦ ᠪᠣᠢ᠃ ᠠᠶ᠎ᠠ ᠬᠡᠯᠪᠡᠢᠭᠦᠦ ᠦᠭᠡᠢ᠂ ᠲᠠᠰᠢᠮᠠᠭᠠᠢ ᠦᠭᠡᠢ᠂ ᠦᠨᠡᠨ ᠰᠢᠳᠤᠷᠭᠤ ᠪᠠᠷ ᠬᠡᠯᠡᠪᠡᠰᠦ ᠮᠣᠩᠭᠣᠯ ᠤ᠋ᠨ ᠪᠣᠯᠬᠢ ᠪᠢᠲᠡᠭᠦᠯᠢᠭ ᠲᠡᠨᠡᠭ ᠰᠡᠬᠦᠳᠡᠭ ᠪᠠ ᠣᠮᠣᠷᠬᠠᠭ ᠪᠠᠷᠳᠠᠮ ᠴᠦᠯᠢᠰ ᠴᠢᠯᠳᠡᠢ ᠠᠨᠤ ᠮᠠᠰᠢ ᠦᠨᠡᠨ ᠪᠣᠯᠪᠠᠴᠤ ᠡᠭᠡᠨᠡᠭᠲᠡ ᠮᠣᠩᠭᠣᠯ ᠳ᠋ᠤᠷ ᠳᠠᠯᠳᠠ ᠨᠢᠭᠤᠴᠠ ᠵᠠᠯᠢᠬᠠᠢ ᠬᠠᠷᠭᠢᠰ ᠪᠠ ᠭᠦᠨ ᠬᠦᠨᠳᠦ ᠬᠣᠣᠷ᠎ᠠ ᠬᠠᠷ᠎ᠠ ᠦᠭᠡᠢ ᠪᠣᠯᠠᠢ᠃ ᠴᠥᠮ ᠮᠠᠰᠢ ᠰᠢᠯᠤᠭᠤᠨ ᠴᠢᠬᠡᠴᠢ ᠦᠨᠡᠨᠴᠢ ᠲᠦᠪᠰᠢᠨ ᠢ᠋ ᠡᠷᠭᠢᠯᠡᠬᠦᠢ ᠵᠠᠩ ᠲᠠᠢ ᠠᠲᠠᠯ᠎ᠠ ᠬᠣᠢᠨ᠎ᠠ ᠮᠢᠩ ᠤᠯᠤᠰ ᠤ᠋ᠨ ᠦᠶ᠎ᠡ ᠥᠴᠦᠬᠡᠨ ᠥᠪᠡᠷᠴᠢᠯᠡᠯ ᠪᠢᠴᠢᠬᠠᠨ ᠠᠤᠬᠬᠠᠲᠤ ᠬᠢᠲᠠᠳ ᠪᠢᠴᠢᠭᠡᠴᠢ ᠨᠠᠷ ᠥᠪᠡᠷ ᠦ᠋ᠨ ᠠᠮᠠᠨ ᠤ᠋ ᠠᠶ᠎ᠠ᠂ ᠰᠠᠨᠠᠭᠠᠨ ᠤ᠋ ᠵᠣᠷᠢᠭ ᠢ᠋ᠶ᠋ᠠᠷ ᠨᠡᠮᠡᠵᠦ ᠴᠢᠮᠡᠨ ᠣᠨᠴᠠ ᠮᠣᠩᠭᠣᠯ ᠢ᠋ ᠮᠠᠭᠤᠰᠢᠶᠠᠰᠤᠭᠠᠢ ᠬᠡᠮᠡᠭᠰᠡᠭᠡᠷ ᠬᠠᠢᠷᠠᠬᠠᠨ ᠰᠥᠩ ᠤᠯᠤᠰ ᠤ᠋ᠨ ᠦᠶ᠎ᠡ ᠶ᠋ᠢᠨ ᠵᠣ᠌ ᠶᠤᠸᠠᠨ ᠾᠦᠢ ᠥᠪᠡᠷᠴᠢᠯᠡᠯ ᠠᠳᠬᠠᠭ ᠦᠭᠡᠢ ᠪᠡᠷ ᠦᠨᠡᠨᠴᠢᠯᠡᠨ ᠢᠯᠭᠠᠭᠰᠠᠨ ᠶᠡᠬᠡ ᠭᠠᠩ ᠮᠦ᠍ ᠪᠢᠴᠢᠭ ᠦ᠋ᠨ ᠤᠭ ᠰᠠᠨᠠᠭᠠᠨ ᠢ᠋ ᠲᠡᠰᠡᠷᠭᠦᠯᠡᠬᠦ ᠲᠥᠪ ᠦᠨᠡᠨᠴᠢ ᠰᠤᠳᠤᠷ ᠢ᠋ ᠪᠤᠵᠠᠷᠯᠠᠨ ᠭᠤᠲᠤᠭᠠᠵᠤ ᠶᠡᠬᠡ ᠰᠤᠳᠤᠷ ᠤ᠋ᠨ ᠵᠦᠢ ᠶ᠋ᠢ ᠠᠯᠳᠠᠭᠤᠯᠬᠤ ᠳ᠋ᠤᠷ ᠬᠦᠷᠭᠡᠪᠡ᠃ ᠡᠷᠲᠡᠨ ᠡᠴᠡ ᠬᠣᠶᠠᠷ ᠤᠯᠤᠰ ᠳᠡᠯᠡᠬᠡᠢ ᠳ᠋ᠠᠬᠢᠨ ᠢ᠋ ᠪᠤᠯᠢᠶᠠᠯᠳᠤᠨ ᠲᠡᠮᠡᠴᠡᠯᠳᠦᠬᠦᠶᠡ ᠠᠯᠢ ᠤᠯᠤᠰ ᠤ᠋ᠨ ᠣᠯᠠᠨ ᠢᠷᠭᠡᠨ ᠪᠤᠲᠠᠷᠠᠨ ᠰᠠᠷᠨᠢᠵᠤ ᠵᠣᠪᠠᠵᠤ ᠵᠦᠳᠡᠭᠰᠡᠨ ᠦᠭᠡᠢ ᠠᠵᠢ! ᠬᠡᠳᠦᠢᠪᠡᠷ ᠡᠷᠲᠡᠨ ᠦ᠌ ᠵᠧᠦ ᠤᠯᠤᠰ ᠤ᠋ᠨ ᠸᠧᠨ ᠸᠠᠩ ᠂ ᠡᠦ ᠸᠠᠩ ᠬᠣᠶᠠᠷ ᠪᠣᠭᠳᠠ ᠲᠤᠰᠠ ᠡᠵᠡᠨ ᠢ᠋ᠶ᠋ᠡᠨ ᠱᠠᠩ ᠤᠯᠤᠰ ᠤ᠋ᠨ ᠵᠧᠦ ᠸᠠᠩ ᠢ᠋ ᠲᠠᠢᠯᠠᠬᠤᠢ ᠳ᠋ᠤᠷ ᠪᠣᠯᠪᠠᠴᠤ ᠬᠣᠶᠠᠷ ᠡᠲᠡᠭᠡᠳ ᠦ᠋ᠨ ᠴᠡᠷᠢᠭ ᠲᠦ᠍ᠷ ᠠᠯᠠᠭᠳᠠᠭᠰᠠᠨ ᠬᠥᠮᠦᠨ ᠦ᠌ ᠶᠠᠰᠤᠨ ᠲᠠᠯ᠎ᠠ ᠳ᠋ᠤᠷ ᠳᠦᠭᠦᠷᠴᠦ ᠤᠯᠠᠭᠠᠨ ᠴᠢᠰᠤᠨ ᠭᠣᠣᠯ ᠳ᠋ᠤᠷ ᠤᠷᠤᠰᠪᠠ ᠬᠡᠮᠡᠵᠦ ᠪᠠᠢᠲᠠᠯ᠎ᠠ ᠡᠭᠦᠨ ᠡᠴᠡ ᠬᠣᠵᠢᠮ ᠬᠣᠶᠠᠷ ᠮᠢᠩᠭᠠᠨ ᠢᠯᠡᠭᠦᠦ ᠣᠨ ᠪᠣᠯᠵᠤ ᠮᠣᠩᠭᠣᠯ ᠳᠤᠮᠳᠠᠳᠤ ᠤᠯᠤᠰ ᠲᠤᠷ ᠣᠭᠲᠣ ᠳᠠᠭᠠᠭᠰᠠᠨ ᠦᠭᠡ᠃ ᠳᠠᠩ ᠤ᠋ᠨ ᠵᠡᠷᠭᠡ ᠶ᠋ᠢᠨ ᠤᠯᠤᠰ᠂ ᠠᠯᠲᠠᠨ᠂ ᠰᠥᠩ ᠬᠣᠶᠠᠷ ᠤᠯᠤᠰ ᠢ᠋ ᠪᠠᠢᠯᠳᠤᠨ ᠠᠪᠬᠤᠢ ᠳ᠋ᠤᠷ ᠴᠡᠷᠢᠭ ᠢᠷᠭᠡᠨ ᠦ᠌ ᠬᠠᠷᠢᠯᠴᠠᠨ ᠬᠣᠬᠢᠷᠠᠬᠤ ᠶ᠋ᠢ ᠬᠡᠷᠬᠢᠨ ᠦᠭᠡᠢ ᠪᠣᠯᠭᠠᠵᠤ ᠪᠣᠯᠤᠮᠤᠢ? ᠡᠨᠡ ᠮᠡᠲᠦ ᠴᠡᠷᠢᠭ ᠲᠡᠢᠨ ᠦ᠌ ᠶᠡᠷᠦ ᠶ᠋ᠢᠨ ᠬᠡᠷᠡᠭ ᠢ᠋ ᠶᠠᠭᠠᠬᠢᠨ ᠳᠠᠷᠤᠢ ᠥᠷᠥᠰᠢᠶᠡᠯ ᠦᠭᠡᠢ ᠬᠠᠷᠭᠢᠰ ᠮᠠᠭᠤ ᠳ᠋ᠤᠷ ᠰᠢᠭᠤᠳᠬᠠᠨ ᠲᠣᠭᠠᠴᠢᠵᠤ ᠪᠣᠯᠬᠤ ᠠᠵᠢ! ᠡᠭᠦᠪᠡᠷ ᠦᠯᠦ ᠪᠠᠷᠠᠨ ᠣᠨᠴᠠᠭᠠᠢ ᠴᠣᠯᠭᠣᠷᠠᠭᠰᠠᠨ ᠰᠠᠢᠨ ᠭᠠᠵᠠᠷ ᠭᠠᠢᠬᠠᠮᠰᠢᠭ ᠲᠠᠢ ᠦᠢᠯᠡᠰ ᠣᠯᠠᠨᠲᠠ ᠭᠠᠷᠤᠭᠰᠠᠨ ᠢ᠋ ᠴᠥᠮ ᠬᠠᠯᠬᠠᠯᠠ ᠳᠠᠷᠤᠵᠤ ᠦᠯᠦ ᠢᠯᠡᠷᠡᠭᠦᠯᠦᠨ᠂ ᠣᠨᠴᠠ ᠥ ᠰᠡᠪ ᠭᠠᠷᠭᠠᠨ ᠡᠳᠦᠵᠦ ᠰᠤᠨᠵᠢᠵᠤ ᠴᠠᠯᠴᠢᠨ ᠪᠢᠯᠴᠢᠬᠤ ᠠᠨᠤ ᠥᠴᠦᠬᠡᠨ ᠴᠦ᠍ ᠪᠡᠬᠡᠰ ᠦ᠋ᠨ ᠤᠰᠤᠨ ᠤ᠋ ᠳᠤᠰᠤᠯ ᠳ᠋ᠤᠷ ᠬᠦᠷᠲᠡᠭᠰᠡᠨ ᠳᠦᠷᠢᠮ ᠦᠭᠡᠢ ᠪᠣᠯᠵᠤᠬᠤᠢ᠃ ᠤᠯᠠᠮ ᠪᠠᠢᠭᠰᠠᠭᠠᠷ ᠸᠧᠨ ᠡᠤ ᠬᠤᠸᠠᠩᠳᠢ ᠬᠤᠪᠢᠯᠠᠢ ᠰᠡᠴᠡᠨ ᠱ᠌ᠢᠽᠦ ᠬᠠᠭᠠᠨ ᠢ᠋ ᠮᠥᠨ ᠰᠡᠪᠯᠡᠬᠦᠢ ᠳ᠋ᠦ᠍ᠷ ᠬᠦᠷᠦᠭᠰᠡᠨ ᠢᠨᠤ ᠰᠢᠭᠤᠳ ᠥᠴᠦᠬᠡᠨ ᠬᠡᠦᠬᠡᠳ ᠦ᠋ᠨ ᠴᠠᠯᠴᠢᠶ᠎ᠠ ᠦᠭᠡᠰ ᠪᠠ ᠮᠠᠭᠤ ᠡᠬᠡᠨᠡᠷ ᠦ᠋ᠨ ᠶᠠᠩᠰᠢᠶ᠎ᠠ ᠬᠠᠷᠢᠶᠠᠯ ᠳ᠋ᠤᠷ ᠬᠥᠷᠥᠵᠦᠬᠦᠢ᠃ ᠲᠡᠢᠨ ᠬᠦ᠌ ᠡᠨᠡ ᠦᠶ᠎ᠡ ᠶ᠋ᠢᠨ ᠬᠡᠳᠦᠨ ᠦᠰᠦᠭ ᠲᠠᠨᠢᠬᠤ ᠠᠷᠠᠳ ᠡᠨᠡ 《 ᠭᠠᠩ ᠵᠢᠶᠠᠨ 》 ᠢ᠋ ᠦᠵᠡᠭᠡᠳ ᠴᠥᠮ ᠦᠨᠡᠨ ᠬᠡᠷᠡᠭ ᠢ᠋ ᠬᠡᠯᠡᠵᠡᠢ ᠬᠡᠮᠡᠵᠦ ᠲᠡᠷᠡ ᠪᠢᠴᠢᠭ ᠦ᠋ᠨ ᠴᠠᠭ ᠦᠶ᠎ᠡ ᠪᠠ ᠬᠢᠲᠠᠳ ᠮᠣᠩᠭᠣᠯ ᠤ᠋ᠨ ᠢᠯᠭᠠᠯ ᠢ᠋ ᠣᠭᠲᠣ ᠦᠵᠡᠬᠦ ᠦᠭᠡᠢ ᠪᠣᠳᠣᠬᠤ ᠦᠭᠡᠢ ᠪᠡᠷ ᠳᠠᠷᠤᠢ ᠲᠡᠷᠡ ᠭᠠᠩ ᠵᠢᠶᠠᠨ ᠤ᠋ ᠮᠠᠭᠤᠰᠢᠶᠠᠨ ᠳᠣᠷᠣᠮᠵᠢᠯᠠᠭᠰᠠᠨ ᠦᠭᠡᠰ ᠢ᠋ ᠪᠠᠷᠢᠮᠲᠠᠯᠠᠨ ᠬᠥᠮᠦᠨ ᠦ᠌ ᠵᠦᠭ ᠮᠠᠨ ᠤ᠋ ᠮᠣᠩᠭᠣᠯ ᠡᠢᠮᠦ᠂ ᠮᠠᠨ ᠤ᠋ ᠮᠣᠩᠭᠣᠯ ᠲᠡᠢᠮᠦ ᠬᠡᠮᠡᠬᠦ ᠠᠨᠤ ᠮᠠᠰᠢ ᠣᠯᠠᠨ ᠪᠣᠢ᠃ ᠲᠡᠳᠡᠭᠡᠷ ᠴᠥᠮ ᠡᠭᠡᠨᠡᠭᠲᠡ ᠬᠥᠬᠡ ᠮᠣᠩᠭᠣᠯ ᠤ᠋ᠨ ᠲᠥᠪ ᠦ᠋ᠨ ᠰᠤᠳᠤᠷ ᠤ᠋ᠳ ᠢ᠋ ᠡᠰᠡ ᠦᠵᠡᠭᠰᠡᠨ ᠡᠴᠡ ᠪᠣᠯᠵᠤᠬᠤᠢ᠃ ᠲᠡᠢᠨ ᠬᠦ᠌ ᠡᠷᠲᠡᠨ ᠤ ᠶᠡᠬᠡ ᠤᠯᠤᠰ᠂ ᠤᠯᠤᠰ ᠤ᠋ᠨ ᠰᠤᠳᠤᠷᠴᠢ ᠲᠦᠰᠢᠮᠡᠯ ᠪᠠᠢᠭᠤᠯᠬᠤᠢ ᠳ᠋ᠤᠷ ᠡᠷᠬᠡᠪᠰᠢ ᠳᠠᠬᠢᠨ ᠳᠠᠪᠲᠠᠨ ᠰᠣᠩᠭᠣᠵᠤ ᠰᠢᠯᠭᠠᠨ᠂ ᠶᠡᠬᠡ ᠡᠷᠳᠡᠮ ᠢ᠋ᠶ᠋ᠡᠷ ᠰᠡᠳᠬᠢᠯ ᠦ᠋ᠨ ᠥᠪᠡᠷᠴᠢᠯᠡᠯ ᠠᠳᠬᠠᠭ ᠢ᠋ ᠨᠢᠭᠡᠨᠲᠡ ᠠᠷᠢᠯᠭᠠᠨ ᠴᠢᠳᠠᠭᠠᠳ ᠠᠮᠠᠨ ᠠ᠋ᠴᠠ ᠨᠢᠭᠡᠨ ᠦᠭᠡᠰ ᠭᠠᠷᠪᠠᠰᠤ ᠲᠦᠮᠡᠨ ᠦᠶ᠎ᠡ ᠳ᠋ᠦ᠍ᠷ ᠬᠥᠮᠦᠨ ᠡᠰᠡᠷᠭᠦ ᠢᠨᠤ ᠪᠤᠷᠤᠭᠤᠰᠢᠶᠠᠨ ᠰᠤᠨᠵᠢᠵᠤ ᠪᠣᠯᠬᠤ ᠦᠭᠡᠢ᠂ ᠰᠥᠷᠴᠦ ᠬᠡᠯᠡᠯᠴᠡᠨ ᠴᠢᠳᠠᠬᠤ ᠦᠭᠡᠢ ᠶ᠋ᠢ ᠢᠨᠤ ᠰᠠᠶᠢ ᠤᠯᠤᠰ ᠤ᠋ᠨ ᠶᠡᠬᠡ ᠰᠤᠳᠤᠷᠴᠢ ᠲᠦᠰᠢᠮᠡᠯ ᠪᠠᠢᠭᠤᠯᠬᠤ ᠠᠨᠤ ᠲᠡᠢᠮᠦ ᠪᠣᠯᠠᠢ᠃ ᠲᠡᠷᠡ ᠴᠦ᠍ ᠨᠢᠭᠡᠨ ᠳ᠋ᠦ᠍ᠷ ᠦᠨᠡᠨᠴᠢ ᠶ᠋ᠢ ᠡᠷᠬᠢᠯᠡᠵᠦ᠂ ᠬᠣᠶᠠᠷ ᠲᠤᠷ ᠬᠣᠢᠴᠢ ᠡᠳᠦᠷ ᠰᠤᠨᠵᠢᠭᠤᠷᠢ ᠦᠭᠡᠢ ᠪᠣᠯᠵᠤ᠂ ᠤᠯᠤᠰ ᠲᠥᠷᠥ ᠶ᠋ᠢᠨ ᠲᠥᠪ ᠶᠡᠬᠡ ᠦᠭᠡ ᠶ᠋ᠢ ᠬᠦᠨᠳᠦ ᠦᠵᠡᠭᠰᠡᠨ ᠦ᠌ ᠤᠴᠢᠷ ᠪᠥᠭᠡᠲᠡᠯ᠎ᠡ ᠮᠢᠩ ᠤᠯᠤᠰ ᠤ᠋ᠨ ᠦᠶ᠎ᠡ ᠳ᠋ᠦ᠍ ᠠᠳᠬᠠᠭ ᠥᠪᠡᠷᠴᠢᠯᠡᠯ ᠠᠷᠢᠯᠤᠭᠠᠳᠤᠢ ᠠᠷᠠᠳ ᠢ᠋ ᠤᠯᠤᠰ ᠤ᠋ᠨ ᠶᠡᠬᠡ ᠰᠤᠳᠤᠷᠴᠢ ᠳ᠋ᠤᠷ ᠬᠡᠷᠡᠭᠯᠡᠵᠦ ᠬᠡᠳᠦᠢᠴᠢᠨᠡᠭᠡᠨ ᠬᠡᠯᠪᠡᠢᠭᠦᠦ ᠲᠠᠰᠢᠮᠠᠭᠠᠢ ᠦᠭᠡ ᠠᠶᠠᠰ ᠢ᠋ ᠬᠡᠷᠡᠭᠯᠡᠭᠦᠯᠦᠭᠰᠡᠨ ᠢᠨᠤ ᠡᠭᠡᠨᠡᠭᠲᠡ ᠬᠤᠶᠠᠯᠢ ᠡᠬᠡᠨᠡᠷ ᠦ᠋ᠨ ᠬᠠᠷᠠᠮ ᠬᠠᠷᠭᠢᠰ ᠬᠠᠷᠠᠩᠭᠤᠢ ᠠᠳᠬᠠᠭ ᠠ᠋ᠴᠠ ᠭᠡᠯᠳᠦᠷᠢᠬᠦᠶᠡ ᠪᠡᠷᠬᠡ ᠪᠣᠯᠵᠤᠬᠤᠢ᠃ ᠲᠡᠢᠨ ᠬᠦ᠌ ᠮᠢᠩ ᠤᠯᠤᠰ ᠤ᠋ᠨ ᠲᠡᠮᠳᠡᠭᠯᠡᠭᠰᠡᠨ 《 ᠮᠧᠩ ᠵᠢᠢ ᠭᠠᠩ ᠮᠦ 》 ᠳ᠋ᠦ᠍ᠷ ᠮᠣᠩᠭᠣᠯ ᠤ᠋ᠨ ᠶᠡᠬᠡ ᠶᠤᠸᠠᠨ ᠤᠯᠤᠰ ᠤ᠋ᠨ ᠲᠠᠢᠽᠦ ᠂ ᠲᠠᠢᠽᠦ᠋ᠩ ᠂ ᠳ᠋ᠢᠩᠽᠦ᠋ᠩ᠂ ᠰᠢᠶᠡᠨᠽᠦ᠋ᠩ᠂ ᠡᠨᠡ ᠳᠥᠷᠪᠡᠨ ᠬᠠᠭᠠᠨ ᠤ᠋ ᠲᠠᠪᠢᠨ ᠳᠥᠷᠪᠡᠨ ᠵᠢᠯ ᠢ᠋ ᠲᠠᠢᠴᠢᠵᠤ ᠭᠠᠷᠭᠠᠭᠠᠳ ᠪᠠᠰᠠ ᠱᠧᠦ ᠬᠠᠭᠠᠨ ᠤ᠋ ᠵᠦᠩ ᠲᠦᠩ ᠦ᠋ᠨ ᠳᠥᠷᠪᠡᠨ ᠣᠨ ᠂ ᠵᠢᠴᠢ ᡁᠢ ᠶᠤᠸᠠᠨ ᠤ᠋ ᠠᠷᠪᠠᠨ ᠵᠢᠷᠭᠤᠭᠠᠨ ᠣᠨ ᠲᠠᠢ ᠨᠡᠢᠲᠡ ᠨᠠᠶᠠᠨ ᠶᠢᠰᠦᠨ ᠵᠢᠯ ᠪᠣᠯᠭᠠᠵᠤ᠂ ᠠᠷᠤ ᠭᠠᠵᠠᠷ ᠤ᠋ᠨ ᠬᠥᠮᠦᠨ ᠳ᠋ᠦ᠍ᠷ ᠵᠠᠭᠤᠨ ᠵᠢᠯ ᠦ᠋ᠨ ᠤᠯᠠᠷᠢᠯ ᠦᠭᠡᠢ ᠭᠡᠮᠡᠨ ᠮᠢᠩ ᠲᠠᠢᠽᠦ ᠶ᠋ᠢ ᠪᠢᠯᠳᠠᠤᠴᠢᠯᠠᠨ ᠠᠢᠯᠠᠳᠬᠠᠵᠤᠬᠤᠢ᠃ ᠡᠳᠡᠭᠡᠷ ᠴᠥᠮ ᠰᠠᠳᠤᠷ ᠡᠬᠡᠨᠡᠷ ᠬᠡᠳᠦᠨ ᠡᠷ᠎ᠡ ᠯᠦ᠍ᠭᠡ ᠬᠠᠨᠢᠯᠠᠨ ᠨᠥᠬᠥᠴᠡᠯᠳᠦᠭᠡᠳ ᠨᠢᠭᠡᠨ ᠢ᠋ ᠦᠵᠡᠪᠡᠰᠦ ᠨᠢᠭᠡᠨ ᠶᠠᠩᠵᠤ ᠪᠠᠷ ᠠᠭᠠᠰᠢᠯᠠᠨ᠂ ᠳᠠᠭᠤᠴᠢ ᠡᠬᠡᠨᠡᠷ ᠵᠣᠴᠢᠳ ᠤ᠋ᠨ ᠵᠦᠭ ᠲᠠᠪᠠ ᠳ᠋ᠤᠷ ᠨᠡᠢᠯᠡᠭᠦᠯᠦᠨ ᠰᠠᠳᠤᠷᠯᠠᠨ ᠤᠵᠢᠳᠯᠠᠵᠤ ᠥᠳᠥᠭᠡᠨ ᠨᠡᠢᠯᠡᠭᠦᠯᠬᠦ ᠡᠴᠡ ᠶᠠᠭᠤᠨ ᠥᠪᠡᠷ᠎ᠡ? ᠡᠳᠡᠭᠡᠷ ᠠᠷᠠᠳ ᠬᠠᠷ᠎ᠠ ᠪᠡᠬᠡᠰ ᠢ᠋ ᠬᠠᠮᠢᠭ᠎ᠠ ᠬᠦᠷᠲᠡᠯ᠎ᠡ ᠭᠤᠲᠤᠭᠠᠭᠰᠠᠨ ᠪᠣᠢ! ᠬᠡᠷᠪᠡ ᠤᠭ ᠬᠠᠭᠤᠴᠢᠨ ᠤᠯᠤᠰ ᠠᠨᠤ ᠬᠡᠷᠬᠢᠨ ᠳᠣᠷᠣᠢᠲᠠᠨ ᠪᠠᠭᠤᠷᠠᠵᠤ ᠬᠥᠮᠦᠨ ᠳ᠋ᠦ᠍ᠷ ᠠᠯᠪᠠ ᠪᠠᠷᠢᠨ ᠪᠣᠭᠣᠯᠴᠢᠯᠠᠨ ᠶᠠᠪᠤᠪᠠᠴᠤ ᠲᠡᠭᠦᠨ ᠦ᠌ ᠦᠷᠡᠰ ᠢᠨᠤ ᠨᠢᠭᠡᠨ ᠬᠠᠭᠠᠨ ᠬᠡᠮᠡᠬᠦ ᠨᠡᠷ᠎ᠡ ᠪᠡᠨ ᠡᠰᠡ ᠠᠯᠳᠠᠪᠠᠰᠤ ᠮᠥᠨ ᠬᠦ᠌ ᠳᠡᠯᠡᠬᠡᠢ ᠳ᠋ᠠᠬᠢᠨ ᠢ᠋ ᠲᠡᠭᠦᠨ ᠦ᠌ ᠳᠡᠯᠡᠬᠡᠢ ᠳ᠋ᠠᠬᠢᠨ ᠭᠡᠮᠡᠨ ᠲᠣᠭᠠᠴᠠᠮᠤᠢ ᠬᠡᠮᠡᠪᠡᠰᠦ ᠦᠵᠡᠲᠡᠯ᠎ᠡ ᠮᠠᠨ ᠤ᠋ ᠮᠣᠩᠭᠣᠯ ᠤ᠋ᠨ ᠶᠡᠬᠡ ᠶᠤᠸᠠᠨ ᠤᠯᠤᠰ ᠤ᠋ᠨ ᠦᠷᠡᠰ ᠥᠨᠥᠬᠡᠨ ᠡᠨᠡ ᠳᠠᠢᠴᠢᠩ ᠤᠯᠤᠰ ᠤ᠋ᠨ ᠲᠠᠢᠽᠦ᠂ ᠲᠠᠢᠽᠦ᠋ᠩ ᠦ᠋ᠨ ᠦᠶ᠎ᠡ ᠪᠣᠯᠲᠠᠯ᠎ᠠ ᠬᠥᠬᠡᠬᠣᠲᠠ ᠶ᠋ᠢᠨ ᠰᠡᠩᠭᠡᠳᠦ᠋ᠭᠦᠷᠡᠩ ᠬᠠᠭᠠᠨ ᠤ᠋ ᠪᠡᠶ᠎ᠡ ᠳ᠋ᠦ᠍ᠷ ᠬᠦᠷᠲᠡᠯ᠎ᠡ ᠵᠠᠯᠭᠠᠮᠵᠢᠯᠠᠨ ᠰᠠᠭᠤᠭᠰᠠᠭᠠᠷ ᠢᠷᠡᠭᠰᠡᠨ ᠢ᠋ᠶ᠋ᠡᠷ ᠦᠯᠦ ᠪᠠᠷᠠᠨ᠂ ᠡᠳᠦᠭᠡ ᠪᠣᠯᠲᠠᠯ᠎ᠠ ᠬᠠᠯᠬ᠎ᠠ ᠶ᠋ᠢᠨ ᠳᠥᠷᠪᠡᠨ ᠠᠢᠮᠠᠭ ᠲᠤᠷ ᠳᠥᠷᠪᠡᠨ ᠬᠠᠨ ᠨᠡᠷᠡᠯᠡᠵᠦ ᠬᠠᠨ ᠭᠡᠮᠡᠨ ᠰᠠᠭᠤᠵᠤ ᠪᠣᠢ᠃ ᠨᠡᠩ ᠪᠠᠰᠠ ᠡᠨᠡ ᠳᠠᠢᠴᠢᠩ ᠤᠯᠤᠰ ᠤ᠋ᠨ ᠬᠠᠤᠯᠢ ᠰᠤᠳᠤᠷ ᠲᠤᠷ ᠪᠣᠯᠪᠠᠴᠤ ᠲᠣᠳᠣᠷᠬᠠᠢᠯᠠᠨ ᠭᠠᠷᠭᠠᠵᠤ ᠪᠣᠢ ᠠᠮᠤᠢ᠃ ᠲᠡᠢᠮᠦ ᠪᠥᠭᠡᠰᠦ ᠡᠦᠲᠦ ᠶᠡᠬᠡ ᠶᠤᠸᠠᠨ ᠤᠯᠤᠰ ᠠ᠋ᠴᠠ ᠬᠣᠵᠢᠮ ᠰᠠᠭᠤᠭᠰᠠᠨ ᠮᠢᠩ ᠤᠯᠤᠰ ᠡᠳᠦᠭᠡᠬᠢ ᠴᠠᠭ ᠤ᠋ᠨ ᠴᠢᠩ ᠤᠯᠤᠰ᠂ ᠡᠨᠡ ᠬᠣᠶᠠᠷ ᠤᠯᠤᠰ ᠢ᠋ ᠬᠠᠭᠠᠨ ᠳ᠋ᠤᠷ ᠲᠣᠭᠠᠴᠠᠬᠤ ᠦᠭᠡᠢ᠂ ᠶᠡᠬᠡ ᠶᠤᠸᠠᠨ ᠤ᠋ ᠦᠷᠡᠰ ᠮᠢᠩ ᠤᠯᠤᠰ ᠡᠴᠦᠰᠲᠡᠯ᠎ᠡ ᠡᠰᠡ ᠳᠠᠭᠠᠭᠰᠠᠨ ᠪᠠ ᠬᠣᠢᠲᠤ ᠡᠲᠡᠭᠡᠳ ᠨᠡᠢᠭᠡᠮ ᠡᠰᠡ ᠪᠣᠯᠤᠭᠰᠠᠨ ᠪᠠ ᠪᠠᠰᠠ ᠡᠳᠦᠭᠡ ᠶᠤᠸᠠᠨ ᠤᠯᠤᠰ ᠤ᠋ᠨ ᠭᠣᠣᠯ ᠰᠠᠯᠠᠭᠠᠨ ᠬᠠᠭᠠᠨ ᠰᠠᠭᠤᠷᠢᠨ ᠢ᠋ᠶ᠋ᠠᠨ ᠪᠠᠰᠠ ᠬᠦ᠌ ᠠᠭᠰᠠᠭᠠᠷ ᠬᠡᠮᠡᠵᠦ ᠂ ᠮᠢᠩ ᠴᠢᠩ ᠬᠣᠶᠠᠷ ᠤᠯᠤᠰ ᠢ᠋ ᠴᠥᠮ ᠵᠠᠪᠰᠠᠷ ᠤᠯᠤᠰ ᠭᠡᠮᠡᠨ ᠰᠢᠭᠦᠮᠵᠢᠯᠡᠪᠡᠰᠦ ᠪᠣᠯᠤᠮᠤᠢ ᠤᠤ ? ᠨᠡᠩ ᠮᠢᠩ ᠤᠯᠤᠰ ᠡᠴᠦᠰᠲᠡᠯ᠎ᠡ ᠬᠣᠢᠲᠤ ᠬᠢᠵᠠᠭᠠᠷ ᠢ᠋ ᠨᠡᠢᠭᠡᠮᠯᠡᠨ ᠡᠰᠡ ᠴᠢᠳᠠᠭᠰᠠᠨ ᠲᠤᠯᠠ ᠲᠡᠭᠦᠨ ᠢ᠋ ᠡᠦᠲᠦ ᠰᠢᠭᠤᠳ ᠯᠢᠶᠣᠤ ᠂ ᠠᠯᠲᠠᠨ ᠬᠣᠶᠠᠷ ᠤᠯᠤᠰ ᠢ᠋ ᠡᠴᠦᠰᠲᠡᠯ᠎ᠡ ᠡᠮᠦᠨ᠎ᠡ ᠨᠠᠩᠭᠢᠶᠠᠳ ᠢ᠋ ᠡᠰᠡ ᠡᠵᠡᠯᠡᠨ ᠴᠢᠳᠠᠭᠰᠠᠨ ᠢ᠋ᠶ᠋ᠠᠷ ᠨᠡᠢᠭᠡᠮ ᠲᠡᠭᠷᠢ ᠶ᠋ᠢᠨ ᠳᠣᠣᠷ᠎ᠠ ᠬᠢᠨ ᠦ᠌ ᠡᠵᠡᠨ ᠪᠤᠰᠤ ᠭᠡᠮᠡᠨ ᠲᠡᠭᠷᠢ ᠶ᠋ᠢᠨ ᠬᠥᠪᠡᠭᠦᠨ ᠳ᠋ᠦ᠍ᠷ ᠡᠰᠡ ᠲᠣᠭᠠᠴᠠᠪᠠᠰᠤ ᠪᠣᠯᠤᠮᠤᠢ ᠤᠤ? ᠲᠡᠳᠡᠭᠡᠷ ᠴᠥᠮ ᠭᠥᠷᠴᠢᠯᠡᠨ ᠪᠢᠯᠳᠠᠵᠤ ᠪᠣᠯᠢᠮᠰᠤᠨ ᠲᠠᠰᠢᠭᠰᠠᠨ ᠠᠮᠲᠠ ᠰᠢᠮᠳᠠ ᠶ᠋ᠢᠨ ᠦᠨᠡᠨ ᠮᠥᠨ ᠴᠢᠨᠠᠷ ᠦᠭᠡᠢ ᠦᠭᠡᠰ ᠨᠡᠢᠲᠡ ᠶ᠋ᠢ ᠪᠠᠶᠠᠰᠬᠠᠨ ᠪᠢᠰᠢᠷᠡᠭᠦᠯᠬᠦᠶᠡ ᠪᠡᠷᠬᠡ ᠪᠤᠳᠤᠯᠢᠶᠠᠨ ᠰᠢᠭᠦᠮᠵᠢᠯᠡᠯ ᠪᠣᠯᠠᠢ᠃ ᠶᠡᠬᠡ ᠤᠯᠤᠰ ᠪᠠ ᠵᠢᠴᠢ ᠠᠯᠲᠠᠨ ᠤᠯᠤᠰ᠂ ᠶᠡᠬᠡ ᠶᠤᠸᠠᠨ ᠤᠯᠤᠰ ᠤ᠋ᠨ ᠲᠠᠢᠽᠦ ᠬᠠᠭᠠᠨ ᠤ᠋ ᠪᠡᠶ᠎ᠡ ᠪᠠᠢᠲᠠᠯ᠎ᠠ ᠨᠢᠭᠡᠨᠲᠡ ᠠᠯᠪᠠ ᠡᠷᠭᠦᠵᠦ ᠲᠠᠩᠭᠠᠷᠢᠭᠯᠠᠨ ᠳᠠᠭᠠᠭᠰᠠᠨ ᠪᠣᠯᠠᠢ᠃ ᠲᠡᠷᠡ ᠳᠤᠬᠠᠢ ᠣᠯᠠᠨ ᠲᠦᠰᠢᠮᠡᠳ ᠢᠨᠤ ᠡᠨᠡ ᠤᠴᠢᠷ ᠲᠤᠷ ᠠᠯᠲᠠᠨ ᠤᠯᠤᠰ ᠢ᠋ ᠨᠢᠭᠡᠮᠦᠰᠦᠨ ᠮᠥᠬᠥᠭᠡᠨ ᠲᠠᠰᠤᠯᠵᠤ ᠬᠣᠵᠢᠮ ᠤ᠋ᠨ ᠤᠷᠪᠠᠬᠤ ᠬᠥᠷᠪᠡᠬᠦ ᠵᠣᠪᠠᠯᠠᠩ ᠢ᠋ ᠲᠠᠰᠤᠯᠰᠤᠭᠠᠢ ᠬᠡᠮᠡᠲᠡᠯ᠎ᠡ ᠪᠣᠭᠳᠠ ᠴᠢᠩᠭᠢᠰ ᠬᠠᠭᠠᠨ ᠬᠠᠭᠤᠴᠢᠨ ᠤᠯᠤᠰ ᠢ᠋ ᠨᠢᠭᠡᠨ ᠥᠷᠯᠥᠭᠡ ᠶ᠋ᠢᠨ ᠵᠠᠭᠤᠷ᠎ᠠ ᠮᠥᠬᠥᠭᠡᠨ ᠲᠠᠰᠤᠯᠬᠤᠢ ᠳ᠋ᠤᠷ ᠮᠢᠨᠦ ᠳᠣᠲᠣᠷ᠎ᠠ ᠲᠦᠪᠳᠡᠬᠦ ᠦᠭᠡᠢ ᠭᠡᠮᠡᠨ ᠮᠤᠰᠬᠢᠵᠦ ᠪᠣᠯᠤᠭᠰᠠᠨ ᠦᠭᠡᠢ᠃ ᠡᠭᠦᠨ ᠳ᠋ᠦ᠍ᠷ ᠰᠠᠶᠢ ᠦᠨᠡᠨ ᠪᠣᠭᠳᠠ ᠶ᠋ᠢ ᠲᠠᠨᠢᠵᠤᠬᠤᠢ᠃ ᠬᠣᠢᠨ᠎ᠠ ᠬᠡᠳᠦᠢ ᠠᠯᠲᠠᠨ᠂ ᠰᠥᠩ ᠢ᠋ ᠴᠥᠮ ᠦᠨᠳᠦᠰᠦᠨ ᠢ᠋ ᠲᠠᠰᠤᠯᠤᠨ ᠤᠯᠤᠰ ᠢ᠋ ᠮᠥᠬᠥᠭᠡᠭᠰᠡᠨ ᠢᠨᠤ ᠴᠥᠮ ᠲᠠᠩᠭᠠᠷᠢᠭ ᠠ᠋ᠴᠠ ᠪᠠᠨ ᠨᠢᠴᠤᠵᠤ ᠂ ᠳᠠᠭᠠᠭᠰᠠᠨ ᠠ᠋ᠴᠠ ᠪᠠᠨ ᠤᠷᠪᠠᠭᠰᠠᠨ ᠤᠴᠢᠷ ᠲᠠᠢ ᠪᠣᠯᠠᠢ᠃ ᠲᠡᠢᠨ ᠬᠦ᠌ ᠲᠡᠳᠡᠭᠡᠷ ᠬᠢᠲᠠᠳ ᠤ᠋ᠨ ᠥᠪᠡᠷᠴᠢᠯᠡᠯ ᠲᠠᠰᠢᠮᠠᠭᠠᠢ ᠠᠨᠤ ᠭᠡᠷᠡᠴᠢ ᠲᠡᠮᠳᠡᠭᠲᠡᠶ᠎ᠡ ᠢᠯᠡᠷᠡᠵᠦ ᠪᠦᠬᠦᠢ ᠢᠨᠤ ᠪᠤᠰᠤ ᠤᠤ? ᠴᠣᠬᠣᠮ ᠭᠥᠷᠴᠢ ᠦᠭᠡᠢ ᠬᠡᠯᠪᠢᠭᠦᠦ ᠦᠭᠡᠢ ᠥᠪᠡᠷᠴᠢᠯᠡᠯ ᠦᠭᠡᠢ ᠲᠠᠰᠢᠮᠠᠭᠠᠢ ᠦᠭᠡᠢ᠂ ᠭᠣᠣᠯᠴᠢ ᠰᠢᠳᠤᠷᠭᠤ ᠪᠠᠷ ᠰᠢᠭᠦᠮᠵᠢᠯᠡᠪᠡᠰᠦ ᠰᠢᠨ᠎ᠡ ᠬᠠᠭᠤᠴᠢᠨ ᠢ᠋ ᠬᠡᠯᠡᠯᠴᠡᠬᠦ ᠦᠭᠡᠢ᠂ ᠠᠯᠪᠠ ᠪᠠᠷᠢᠪᠠᠰᠤ ᠳᠠᠷᠤᠢ ᠲᠦᠰᠢᠮᠡᠯ ᠪᠣᠯᠤᠭᠰᠠᠨ ᠪᠣᠯᠠᠢ᠃ ᠠᠯᠪᠠ ᠠᠪᠤᠭᠰᠠᠨ ᠠᠨᠤ ᠡᠵᠡᠨ ᠪᠣᠯᠠᠢ᠃ ᠲᠡᠢᠮᠦ ᠶ᠋ᠢᠨ ᠲᠤᠯᠠ ᠡᠷᠲᠡᠨ ᠦ᠌ ᠵᠧᠦ ᠤᠯᠤᠰ ᠡᠴᠦᠰᠲᠡᠯ᠎ᠡ ᠡᠵᠡᠨ ᠢ᠋ᠶ᠋ᠡᠷ ᠪᠣᠯᠵᠤᠬᠤᠢ᠃ ᠲᠡᠭᠦᠨ ᠢ᠋ ᠴᠣᠬᠣᠮ ᠲᠥᠪ ᠦ᠋ᠨ ᠤᠯᠤᠰ ᠲᠤᠷ ᠲᠣᠭᠠᠴᠠᠬᠤ ᠪᠣᠯᠠᠢ᠃ ᠳᠡᠯᠡᠬᠡᠢ ᠳ᠋ᠠᠬᠢᠨ ᠳ᠋ᠤᠷ ᠪᠠᠰᠠ ᠬᠥᠮᠦᠨ ᠳ᠋ᠦ᠍ᠷ ᠠᠯᠪᠠ ᠪᠠᠷᠢᠵᠤ ᠪᠠᠢᠭᠠᠳ ᠳᠥᠷᠪᠡᠨ ᠳᠠᠯᠠᠢ ᠶ᠋ᠢᠨ ᠨᠡᠢᠭᠡᠮ ᠦ᠋ᠨ ᠡᠵᠡᠨ ᠲᠡᠭᠷᠢ ᠶ᠋ᠢᠨ ᠬᠥᠪᠡᠭᠦᠨ ᠭᠡᠮᠡᠨ ᠪᠠᠢᠬᠤ ᠶᠣᠰᠣ ᠪᠣᠢ ᠤᠤ? ᠡᠳᠡᠭᠡᠷ ᠤᠴᠢᠷ ᠪᠣᠢ ᠲᠤᠯᠠ ᠲᠡᠢᠨ ᠬᠦ᠌ ᠡᠲᠡᠭᠡᠳ ᠤᠯᠤᠰ ᠢ᠋ ᠪᠤᠰᠤ ᠦᠭᠡ ᠪᠡᠷ ᠳᠠᠯᠳᠠ ᠳᠣᠷᠣᠮᠵᠢᠯᠠᠬᠤ ᠪᠠ ᠪᠤᠰᠤ ᠰᠤᠷᠭᠠᠯ ᠳᠡᠮᠡᠢᠬᠡᠨ ᠢ᠋ᠶ᠋ᠡᠷ ᠪᠤᠷᠤᠭᠤᠰᠢᠶᠠᠬᠤ ᠪᠤᠰᠤᠴᠢᠯᠠᠬᠤ ᠠᠨᠤ ᠨᠡᠢᠲᠡ ᠪᠡᠷ ᠴᠥᠮ ᠮᠠᠭᠤ ᠡᠬᠡᠨᠡᠷ ᠦ᠋ᠨ ᠥᠴᠦᠬᠡᠨ ᠠᠳᠬᠠᠭ᠂ ᠳᠠᠭᠤᠴᠢ ᠬᠤᠶᠠᠯᠢ ᠶ᠋ᠢᠨ ᠠᠩᠭᠠᠯᠵᠠᠨ ᠳᠡᠪᠢᠯᠵᠡᠬᠦ ᠶ᠋ᠢᠨ ᠦᠮᠡᠬᠡᠢ ᠬᠣᠩᠰᠢᠶᠠᠷ ᠤ᠋ᠨ ᠮᠠᠰᠢ ᠡᠭᠡᠯ ᠂ ᠮᠠᠰᠢ ᠥᠲᠡᠯ᠎ᠡ ᠂ ᠮᠠᠰᠢ ᠮᠠᠭᠤᠬᠠᠢ ᠂ ᠮᠠᠰᠢ ᠵᠢᠭᠰᠢᠮᠦᠷᠢᠲᠡᠢ ᠡᠩ ᠦ᠋ᠨ ᠵᠠᠩ ᠪᠣᠯᠠᠢ᠃ ᠲᠡᠢᠨ ᠬᠦ᠌ ᠡᠷᠲᠡᠨ ᠦ᠌ ᠦᠭᠡᠨ ᠳ᠋ᠦ᠍ᠷ᠄ 《 ᠳᠡᠯᠡᠬᠡᠢ ᠳ᠋ᠠᠬᠢᠨ ᠤ᠋ ᠬᠥᠮᠦᠨ ᠪᠦᠬᠦᠨ ᠴᠥᠮ ᠥᠪᠡᠷ ᠦ᠋ᠨ ᠶᠠᠪᠤᠳᠠᠯ ᠢ᠋ᠶ᠋ᠠᠨ ᠵᠥᠪ ᠬᠡᠮᠡᠮᠦᠢ᠂ ᠬᠡᠷᠪᠡ ᠥᠪᠡᠷ ᠦ᠋ᠨ ᠶᠠᠪᠤᠳᠠᠯ ᠢ᠋ᠶ᠋ᠠᠨ ᠪᠤᠷᠤᠭᠤ ᠬᠡᠮᠡᠭᠴᠢᠳ ᠠᠪᠠᠰᠤ ᠲᠡᠷᠡ ᠳᠠᠷᠤᠢ ᠮᠡᠷᠭᠡᠳ ᠰᠠᠢᠳ 》 ᠬᠡᠮᠡᠵᠦᠬᠦᠢ᠃ ᠮᠤᠩᠬᠠᠭ ᠪᠢ ᠬᠠᠷᠠᠬᠠᠨ ᠮᠠᠲᠠᠯ ᠣᠷᠣᠭᠰᠠᠨ ᠠ᠋ᠴᠠ ᠢᠨᠠᠭᠰᠢ ᠨᠢᠳᠦ ᠣᠷᠬᠢᠨ ᠣᠯᠠᠩᠬᠢ ᠶ᠋ᠢᠨ ᠵᠠᠩ ᠢ᠋ ᠦᠵᠡᠪᠡᠰᠦ ᠶᠡᠬᠡᠬᠡᠨ ᠮᠡᠷᠭᠡᠳ ᠭᠡᠮᠡᠨ ᠶᠠᠪᠤᠬᠤ ᠠᠨᠤ ᠪᠤᠰᠤ ᠠᠢᠮᠠᠭ ᠢ ᠪᠤᠷᠤᠭᠤᠰᠢᠶᠠᠮᠤᠢ᠃ ᠦᠯᠡᠮᠵᠢᠬᠡᠨ ᠡᠷᠳᠡᠮᠲᠡᠨ ᠬᠡᠮᠡᠬᠦ ᠢᠨᠤ ᠪᠤᠰᠤ ᠰᠤᠷᠭᠠᠯ ᠢ᠋ ᠮᠠᠭᠤᠰᠢᠶᠠᠮᠤᠢ᠃ ᠲᠡᠢᠨ ᠬᠦ᠌ ᠲᠡᠳᠡᠭᠡᠷ ᠴᠥᠮ ᠮᠥᠨ ᠬᠦ᠌ ᠬᠡᠯᠪᠡᠢᠭᠦᠦ ᠲᠠᠰᠢᠮᠠᠭᠠᠢ ᠠ᠋ᠴᠠ ᠭᠡᠯᠳᠦᠷᠢᠬᠦᠶᠡ ᠪᠡᠷᠬᠡ᠃ ᠪᠢᠲᠡᠭᠦᠪᠴᠢᠯᠡᠨ ᠦᠯᠢᠳᠬᠡᠪᠡᠰᠦ ᠨᠢᠭᠡᠨ ᠨᠠᠮ ᠤ᠋ᠨ ᠦᠢᠯᠡᠴᠢᠨ᠂ ᠤᠷᠠᠴᠤᠳ᠂ ᠪᠢᠴᠢᠭᠡᠴᠢ᠂ ᠬᠤᠳᠠᠯᠳᠤᠭᠠᠴᠢᠨ ᠪᠠ ᠡᠮᠴᠢ᠂ ᠪᠥᠬᠡ᠂ ᠢᠳᠤᠬᠠᠨ᠂ ᠵᠠᠭᠤᠴᠢ ᠨᠠᠷ ᠤ᠋ᠨ ᠨᠠᠮ ᠨᠠᠮ ᠢ᠋ᠶ᠋ᠠᠨ ᠬᠠᠷᠢᠯᠴᠠᠨ ᠦᠯᠦ ᠲᠠᠭᠠᠯᠠᠯᠴᠠᠨ᠂ ᠰᠠᠢᠬᠠᠨ ᠳᠠᠯᠳᠠ ᠭᠠᠵᠠᠷ ᠳᠣᠷᠣᠮᠵᠢᠯᠠᠨ ᠮᠠᠭᠤᠰᠢᠶᠠᠵᠤ᠂ ᠣᠨᠴᠠ ᠲᠡᠭᠦᠨ ᠦ᠌ ᠥᠪᠡᠷ ᠦ᠋ᠨ ᠢᠨᠤ ᠰᠠᠶᠢ ᠰᠠᠢᠬᠠᠨ ᠭᠡᠮᠡᠨ ᠪᠣᠳᠣᠬᠤ ᠯᠤᠭ᠎ᠠ ᠨᠢᠭᠡᠨ ᠠᠳᠠᠯᠢ ᠬᠡᠷᠡᠭ ᠪᠣᠯᠠᠢ᠃ ᠵᠠᠷᠢᠮ ᠮᠡᠷᠭᠡᠳ ᠣᠨᠴᠠ ᠮᠠᠨ ᠤ᠋ ᠡᠨᠡ ᠵᠦᠩ ᠶᠤᠸᠠᠨ ᠤ᠋ ᠭᠠᠵᠠᠷ ᠳᠤᠮᠳᠠᠳᠤ ᠤᠯᠤᠰ ᠠᠨᠤ ᠰᠠᠶᠢ ᠴᠣᠬᠣᠮ ᠬᠥᠮᠦᠨ ᠦ᠌ ᠬᠡᠯᠬᠢᠶᠡᠲᠦ ᠨᠠᠷᠢᠨ ᠨᠢᠭᠲᠠ ᠲᠡᠭᠷᠢ ᠶ᠋ᠢᠨ ᠤᠯᠤᠰ᠂ ᠡᠨᠡ ᠭᠠᠵᠠᠷ ᠰᠠᠶᠢ ᠨᠠᠷᠠᠨ ᠰᠠᠷᠠᠨ ᠤ᠋ ᠭᠣᠣᠯ ᠰᠢᠮ᠎ᠡ ᠶ᠋ᠢ ᠣᠯᠤᠭᠰᠠᠨ ᠣᠷᠣᠨ᠂ ᠠᠳᠠ ᠴᠣᠬᠣᠮ ᠣᠶᠤᠲᠠᠨ ᠮᠡᠷᠭᠡᠳ ᠡᠷᠳᠡᠮᠲᠡᠨ ᠤᠬᠠᠭᠠᠨᠲᠠᠨ ᠲᠦᠷᠦᠮᠦᠢ᠃ ᠡᠭᠦᠨ ᠡᠴᠡ ᠪᠤᠰᠤᠳ ᠠᠨᠤ ᠴᠥᠮ ᠰᠣᠨᠢᠨ ᠥᠪᠡᠷ᠎ᠡ ᠭᠠᠵᠢᠭᠤ ᠮᠠᠭᠤ ᠥᠪᠡᠷᠮᠢᠴᠡ ᠡᠲᠡᠭᠡᠳ ᠭᠡᠮᠡᠨ ᠲᠠᠢᠯᠤᠨ ᠬᠡᠯᠡᠬᠦ ᠪᠡᠷ ᠦᠯᠦ ᠪᠠᠷᠠᠨ᠂ ᠰᠡᠳᠬᠢᠯ ᠳ᠋ᠦ᠍ᠷ ᠢ᠋ᠶ᠋ᠡᠨ ᠮᠥᠨ ᠲᠡᠢᠨ ᠬᠦ᠌ ᠪᠠᠷᠢᠮᠲᠠᠯᠠᠨ ᠰᠠᠨᠠᠬᠤ ᠮᠡᠷᠭᠡᠳ ᠢ᠋ ᠪᠢ ᠣᠯᠠᠨᠲᠠ ᠦᠵᠡᠪᠡ᠃ ᠲᠡᠢᠮᠦ ᠪᠣᠯᠪᠠᠰᠤ ᠡᠷᠲᠡᠨ ᠦ᠌ ᠭᠤᠷᠪᠠᠨ ᠬᠤᠸᠠᠩ ᠲᠠᠪᠤᠨ ᠳᠢ ᠡᠴᠡ ᠢᠨᠠᠭᠰᠢ ᠭᠤᠷᠪᠠᠨ ᠮᠢᠩᠭᠠᠨ ᠵᠢᠯ ᠪᠣᠯᠲᠠᠯ᠎ᠠ ᠨᠠᠷᠠᠨ ᠰᠠᠷᠠᠨ ᠤ᠋ ᠬᠬᠢᠷᠲᠦᠬᠦ ᠪᠦᠷᠬᠦᠬᠦ ᠶ᠋ᠢ ᠲᠣᠳᠣᠷᠬᠠᠢ ᠢᠯᠭᠠᠨ᠂ ᠡᠳᠦᠷ ᠴᠠᠭ ᠢ᠋ ᠲᠣᠭᠲᠠᠭᠠᠨ ᠴᠢᠳᠠᠭᠰᠠᠨ ᠦᠭᠡᠶ᠎ᠡ᠂ ᠬᠡᠵᠢᠶ᠎ᠡ ᠡᠨᠡ ᠳᠠᠢᠴᠢᠩ ᠤᠯᠤᠰ ᠤ᠋ᠨ ᠳᠥᠲᠥᠭᠡᠷ ᠡᠵᠡᠨ ᠱᠸᠩᠽᠦ ᠥᠷᠥᠰᠢᠶᠡᠯᠲᠦ ᠬᠤᠸᠠᠩᠳᠢ ᠡᠩᠬᠡ ᠠᠮᠤᠭᠤᠯᠠᠩ ᠡᠵᠡᠨ ᠦ᠌ ᠦᠶ᠎ᠡ ᠳ᠋ᠦ᠍ ᠪᠠᠷᠠᠭᠤᠨ ᠰᠢ ᠶᠠᠩ ᠤᠯᠤᠰ ᠤ᠋ᠨ ᠬᠣᠲᠣᠩ ᠬᠥᠮᠦᠨ᠂ ᠨᠡᠷ᠎ᠡ ᠨᠠᠨ ᠬᠤᠸᠠ ᠿᠸᠨ ᠬᠡᠮᠡᠭᠴᠢ ᠪᠡᠷ ᠪᠣᠳᠣᠭᠤᠯᠤᠨ ᠲᠣᠭᠲᠠᠭᠠᠯᠭᠠᠭᠰᠠᠨ ᠪᠥᠯᠥᠭᠡ᠃ ᠡᠭᠦᠨ ᠢ᠋ᠶ᠋ᠡᠷ ᠳᠠᠷᠤᠢ ᠮᠡᠳᠡᠪᠡᠰᠦ ᠪᠣᠯᠬᠤ ᠦᠭᠡᠢ ᠦᠦ ? ᠲᠡᠢᠨ ᠬᠦ᠌ ᠮᠤᠩᠬᠠᠭ ᠪᠢ ᠪᠡᠷ ᠲᠡᠳᠡᠭᠡᠷ ᠥᠪᠡᠷᠴᠢᠯᠡᠨ ᠥᠭᠦᠯᠡᠭᠴᠢ ᠮᠡᠷᠭᠡᠳ ᠢ᠋ ᠭᠠᠢᠬᠠᠨ ᠰᠡᠵᠢᠭᠯᠡᠬᠦ ᠢᠨᠤ᠂ ᠲᠡᠳᠡᠭᠡᠷ ᠮᠡᠷᠭᠡᠳ ᠲᠡᠳᠡᠭᠡᠷ ᠦ᠋ᠨ ᠰᠤᠷᠭᠠᠯ ᠳ᠋ᠤᠷ ᠣᠭᠲᠣ ᠲᠤᠢᠯ ᠳ᠋ᠤᠷ ᠬᠦᠷᠲᠡᠯ᠎ᠡ ᠬᠢᠴᠢᠶᠡᠭᠰᠡᠨ ᠦᠭᠡᠢ ᠪᠥᠭᠡᠳ ᠮᠠᠨ ᠤ᠋ ᠰᠤᠷᠭᠠᠯ ᠰᠠᠶᠢ ᠡᠷᠬᠢᠮ ᠂ ᠪᠤᠰᠤ ᠰᠤᠷᠭᠠᠯ ᠴᠥᠮ ᠪᠤᠷᠤᠭᠤ ᠶ᠋ᠢ ᠲᠡᠳᠡᠭᠡᠷ ᠮᠡᠷᠭᠡᠳ ᠶᠠᠭᠠᠬᠢᠨ ᠣᠯᠵᠤ ᠮᠡᠳᠡᠭᠰᠡᠨ ᠠᠵᠢ!
ᠮᠤᠩᠬᠠᠭ ᠪᠢ ᠠᠯᠢ ᠰᠤᠷᠭᠠᠯ ᠳ᠋ᠤᠷ ᠪᠠᠰᠠ ᠨᠡᠪᠲᠡᠷᠡᠭᠰᠡᠨ ᠪᠣᠯᠪᠠᠴᠤ ᠠᠯᠢ ᠰᠤᠷᠭᠠᠯ ᠢ᠋ ᠴᠦ᠍ ᠳᠣᠲᠣᠷ᠎ᠠ ᠪᠠᠨ ᠲᠠᠰᠤᠷᠬᠠᠢ ᠪᠤᠷᠤᠭᠤ ᠭᠡᠮᠡᠨ ᠰᠠᠨᠠᠬᠤ ᠦᠭᠡᠢ᠂ ᠶᠠᠭᠤᠨ ᠬᠡᠮᠡᠪᠡᠰᠦ᠄ ᠪᠤᠷᠬᠠᠨ ᠤ᠋ ᠰᠤᠷᠭᠠᠯ ᠰᠠᠨᠰᠠᠷ ᠢ᠋ ᠬᠣᠭᠣᠰᠣᠷᠠᠲᠠᠯ᠎ᠠ ᠭᠡᠲᠦᠯᠭᠡᠬᠦ ᠶ᠋ᠢ ᠤᠭ ᠰᠡᠳᠬᠢᠯ ᠦ᠋ᠨ ᠣᠨᠣᠯ ᠪᠣᠯᠭᠠᠭᠰᠠᠨ ᠪᠥᠭᠡᠳ ᠪᠣᠭᠳᠠ ᠶ᠋ᠢᠨ ᠰᠤᠷᠭᠠᠯ ᠴᠠᠭ ᠡᠴᠦᠰᠲᠡᠯ᠎ᠡ ᠦᠷ᠎ᠡ ᠠᠴᠢ ᠳᠡᠯᠭᠡᠷᠡᠵᠦ᠂ ᠭᠠᠪᠢᠶ᠎ᠠ ᠡᠷᠳᠡᠮ ᠦ᠋ᠨ ᠬᠣᠢᠨ᠎ᠠ ᠠ᠋ᠴᠠ ᠬᠥᠭᠡᠭᠡᠯᠭᠡᠵᠦ ᠶᠢᠷᠲᠢᠨᠴᠦ ᠶ᠋ᠢᠨ ᠦᠨᠳᠦᠰᠦᠨ ᠪᠣᠯᠭᠠᠵᠤᠬᠤᠢ᠃ ᠡᠨᠡ ᠬᠣᠶᠠᠷ ᠰᠤᠷᠭᠠᠯ ᠨᠢᠭᠡᠨ ᠢᠨᠤ ᠣᠷᠴᠢᠯᠠᠩ ᠢ᠋ ᠬᠣᠭᠣᠰᠣᠯᠠᠰᠤᠭᠠᠢ ᠬᠡᠮᠡᠬᠦᠢ ᠳ᠋ᠦ᠍ᠷ ᠨᠢᠭᠡᠨ ᠮᠢᠨᠦ ᠣᠷᠴᠢᠯᠠᠩ ᠢ᠋ ᠳᠦᠭᠦᠷᠭᠡᠰᠦᠭᠡᠢ ᠬᠡᠮᠡᠮᠦᠢ᠃ ᠠᠪᠤᠨ ᠦᠵᠡᠬᠦᠢ ᠳ᠋ᠦ᠍ᠷ ᠡᠨᠡ ᠮᠡᠲᠦ ᠵᠥᠷᠢᠴᠡᠪᠡᠴᠦ ᠠᠯᠤᠰ ᠴᠢᠨᠠᠷ ᠠᠨᠤ ᠨᠢᠭᠡᠨ ᠰᠠᠢᠨ ᠤ᠋ ᠦᠨᠳᠦᠰᠦᠨ ᠳ᠋ᠦ᠍ᠷ ᠮᠣᠬᠣᠬᠤ ᠶ᠋ᠢᠨ ᠲᠤᠯᠠ ᠳᠠᠷᠤᠢ ᠡᠨᠡ ᠨᠢᠳᠦᠨ ᠦ᠌ ᠡᠮᠦᠨ᠎ᠡ ᠢᠯᠡᠷᠬᠡᠢ ᠪᠠᠢᠬᠤ ᠰᠢᠷ᠎ᠠ ᠬᠠᠷ᠎ᠠ ᠬᠣᠶᠠᠷ ᠰᠤᠷᠭᠠᠯ ᠢ᠋ᠶ᠋ᠠᠷ ᠦᠯᠢᠳᠬᠡᠨ ᠦᠵᠡᠭᠦᠯᠦᠨ᠂ ᠳᠠᠷᠤᠢ ᠥᠪᠡᠷ᠎ᠡ ᠡᠯᠳᠡᠪ ᠵᠦᠢᠯ ᠦ᠋ᠨ ᠪᠣᠮᠪᠣ ᠶ᠋ᠢᠨ ᠰᠤᠷᠭᠠᠯ᠂ ᠢᠰᠦᠰ ᠦ᠋ᠨ ᠰᠤᠷᠭᠠᠯ ᠂ ᠶᠠᠩ ᠵᠣ᠌ ᠶ᠋ᠢᠨ ᠰᠤᠷᠭᠠᠯ ᠂ ᠮᠦᠸᠧ ᠳᠢ ᠶ᠋ᠢᠨ ᠰᠤᠷᠭᠠᠯ ᠂ ᠲᠢᠶᠠᠨ ᠵᠣ᠌ ᠶ᠋ᠢᠨ ᠰᠤᠷᠭᠠᠯ ᠬᠡᠮᠡᠬᠦ ᠵᠡᠷᠭᠡ ᠶ᠋ᠢᠨ ᠣᠯᠠᠨ ᠵᠦᠢᠯ ᠦ᠋ᠨ ᠰᠤᠷᠭᠠᠯ ᠢ᠋ ᠲᠡᠷᠡ ᠰᠤᠷᠭᠠᠯ ᠤ᠋ᠨ ᠨᠡᠪᠲᠡᠷᠡᠭᠰᠡᠨ ᠠᠷᠠᠳ ᠠ᠋ᠴᠠ ᠠᠰᠠᠭᠤᠨ ᠬᠡᠯᠡᠯᠴᠡᠵᠦ ᠦᠵᠡᠬᠦᠯ᠎ᠡ᠂ ᠡᠭᠡᠨᠡᠭᠲᠡ ᠪᠠᠰᠠ ᠬᠦ᠌ ᠥᠲᠡᠯ᠎ᠡ ᠠᠷᠠᠳ ᠢ᠋ᠶ᠋ᠠᠨ ᠰᠠᠢᠨ ᠢ᠋ᠶ᠋ᠠᠷ ᠶᠠᠪᠤᠭᠲᠤᠨ ᠭᠡᠮᠡᠨ ᠰᠤᠷᠭᠠᠭᠰᠠᠨ ᠦᠭᠡᠰ ᠪᠣᠢ ᠊ᠶ᠎ᠠ᠃ ᠶᠡᠷᠦ ᠬᠣᠯᠠ ᠬᠥᠮᠦᠨ ᠢ᠋ ᠬᠣᠣᠷᠯᠠᠨ᠂ ᠣᠢᠷ᠎ᠠ ᠲᠥᠷᠥᠯ ᠲᠥᠷᠥᠭᠰᠡᠨ ᠢ᠋ᠶ᠋ᠡᠨ ᠠᠯᠠ ᠬᠡᠮᠡᠭᠰᠡᠨ ᠢ᠋ᠶ᠋ᠡᠷ ᠦᠭᠡᠢ ᠲᠡᠳᠦᠢ᠃ ᠡᠳᠦᠭᠡᠬᠢ ᠦᠶ᠎ᠡ ᠶ᠋ᠢᠨ ᠦᠬᠡᠷ ᠬᠣᠨᠢ ᠠᠯᠠᠭᠴᠢ ᠬᠣᠲᠣᠩ ᠤ᠋ᠨ ᠰᠤᠷᠭᠠᠯ ᠪᠣᠯᠪᠠᠴᠤ ᠲᠡᠷᠡ ᠵᠥᠪ ᠵᠦᠭᠡᠷ ᠢ᠋ᠶ᠋ᠡᠷ ᠠᠮᠢᠲᠠᠨ ᠢ᠋ ᠠᠯᠠᠵᠤ ᠮᠢᠬ᠎ᠠ ᠶ᠋ᠢ ᠢᠳᠡᠬᠦ ᠳ᠋ᠦ᠍ᠷ ᠢ᠋ᠶ᠋ᠡᠨ ᠲᠦᠪᠳᠡᠬᠦ ᠦᠭᠡᠢ ᠳ᠋ᠡᠭᠡᠨ ᠪᠠᠰᠠ ᠨᠢᠭᠡᠨ ᠵᠦᠢᠯ ᠦ᠋ᠨ ᠠᠯᠠᠭᠳᠠᠭᠰᠠᠨ ᠠᠮᠢᠲᠠᠨ ᠤ᠋ ᠰᠦᠨᠡᠰᠦᠨ ᠢ᠋ ᠲᠡᠭᠷᠢ ᠳ᠋ᠦ᠍ᠷ ᠲᠥᠷᠥᠭᠦᠯᠬᠦ ᠲᠠᠷᠨᠢ ᠨᠣᠮ ᠤᠩᠰᠢᠨ ᠬᠢᠲᠤᠭ᠎ᠠ ᠪᠠᠨ ᠲᠠᠷᠨᠢᠳᠠᠵᠤ ᠰᠠᠶᠢ ᠠᠯᠠᠮᠤᠢ᠃ ᠲᠡᠷᠡ ᠬᠡᠳᠦᠢ ᠲᠡᠭᠷᠢ ᠳ᠋ᠦ᠍ᠷ ᠲᠥᠷᠥᠭᠦᠯᠦᠨ ᠡᠰᠡ ᠴᠢᠳᠠᠪᠠᠴᠤ ᠡᠳᠦᠭᠡᠬᠢ ᠮᠠᠨ ᠤ᠋ ᠮᠣᠩᠭᠣᠯ ᠢᠷᠭᠡᠨ ᠦ᠌ ᠵᠦᠭ ᠵᠦᠭᠡᠷ ᠠᠯᠠᠵᠤ ᠢᠳᠡᠬᠦ ᠪᠠ ᠠᠰᠢᠭ ᠡᠷᠢᠬᠦ ᠠᠷᠠᠳ ᠲᠤᠷ ᠦᠯᠢᠳᠬᠡᠪᠡᠰᠦ ᠲᠡᠷᠡ ᠬᠣᠲᠣᠩ ᠨᠠᠷ ᠲᠤᠷ ᠪᠠᠰᠠ ᠨᠢᠭᠡᠨ ᠵᠦᠢᠯ ᠦ᠋ᠨ ᠰᠠᠢᠨ ᠰᠡᠳᠬᠢᠯ ᠪᠠᠢᠬᠤ ᠪᠤᠰᠤ ᠤᠤ! ᠦᠯᠦ ᠬᠢᠨᠠᠭᠴᠢ ᠠᠷᠠᠳ ᠶᠡᠷᠦ ᠶ᠋ᠢᠨ ᠥᠲᠡᠯ᠎ᠡ ᠵᠠᠩ ᠢ᠋ᠶ᠋ᠠᠷ ᠣᠯᠠᠨ ᠬᠥᠮᠦᠨ ᠢ᠋ ᠳᠠᠭᠤᠷᠢᠶᠠᠨ᠂ ᠬᠣᠲᠣᠩ ᠬᠡᠮᠡᠭᠴᠢ ᠮᠠᠭᠤ ᠰᠤᠷᠭᠠᠯᠲᠤ ᠭᠠᠵᠢᠭᠤ ᠨᠣᠮᠲᠤ ᠠᠳᠤᠭᠤᠰᠤᠨ ᠤ᠋ ᠦᠨᠳᠦᠰᠦᠲᠦ ᠬᠥᠮᠦᠨ ᠬᠡᠮᠡᠮᠦᠢ᠃ ᠠᠶ᠎ᠠ ᠶᠠᠭᠤᠲᠠᠢ ᠬᠡᠯᠪᠡᠢᠭᠦᠦ ᠪᠣᠢ! ᠦᠯᠢᠳᠬᠡᠬᠦᠯᠡ ᠡᠳᠦᠭᠡ ᠰᠢᠷ᠎ᠠ ᠶ᠋ᠢᠨ ᠱᠠᠰᠢᠨ ᠳ᠋ᠤᠷ ᠦᠬᠦᠭᠰᠡᠨ ᠬᠥᠮᠦᠨ ᠦ᠌ ᠮᠥᠷ ᠵᠢᠭᠠᠵᠤ ᠰᠣᠺᠠᠸᠠᠳᠢ ᠶ᠋ᠢᠨ ᠠᠪᠢᠳᠠ ᠪᠤᠷᠬᠠᠨ ᠤ᠋ ᠣᠷᠣᠨ᠎ᠠ ᠲᠥᠷᠥᠭᠦᠯᠬᠦᠢ ᠭᠡᠮᠡᠨ ᠬᠡᠭ ᠬᠠᠭ ᠤ᠋ᠨ ᠪᠠᠢᠵᠤ ᠪᠠᠢᠬᠤ ᠠᠷᠠᠳ ᠢ᠋ᠶ᠋ᠠᠷ ᠬᠡᠳᠦᠢᠪᠡᠷ ᠮᠥᠷ ᠮᠠᠭᠠᠳ ᠵᠢᠭᠠᠵᠤ ᠡᠰᠡ ᠴᠢᠳᠠᠪᠠᠴᠤ ᠰᠡᠳᠬᠢᠯ ᠳ᠋ᠡᠭᠡᠨ ᠪᠢ ᠯᠠᠪ ᠵᠢᠭᠠᠵᠤ ᠢᠯᠡᠭᠡᠪᠡ ᠭᠡᠮᠡᠨ ᠰᠠᠨᠠᠨ ᠬᠡᠷᠬᠢᠪᠡᠴᠦ ᠲᠠᠮᠤ ᠳ᠋ᠤᠷ ᠢᠯᠡᠭᠡᠵᠦ ᠲᠥᠷᠥᠭᠦᠯᠪᠡ ᠭᠡᠮᠡᠨ ᠰᠠᠨᠠᠬᠤ ᠦᠭᠡᠢ ᠪᠣᠯᠠᠢ᠃ ᠡᠭᠦᠨ ᠤ ᠳᠣᠲᠣᠷ᠎ᠠ ᠭᠠᠷ ᠢ᠋ᠶ᠋ᠠᠷ ᠠᠯᠠᠭᠰᠠᠨ ᠪᠠ ᠥᠪᠡᠷ ᠢ᠋ᠶ᠋ᠡᠨ ᠦᠬᠦᠭᠰᠡᠨ ᠦ᠌ ᠲᠡᠳᠦᠢ ᠥᠪᠡᠷ᠎ᠡ ᠪᠣᠢ ᠊ᠶ᠎ᠠ᠂ ᠰᠠᠨᠠᠬᠤ ᠰᠠᠨᠠᠭᠠᠨ ᠠᠨᠤ ᠨᠢᠭᠡᠨ ᠠᠳᠠᠯᠢ ᠪᠤᠰᠤ ᠤᠤ? ᠲᠡᠢᠨ ᠬᠦ᠌ ᠣᠷᠴᠢᠯᠠᠩ ᠤ᠋ᠨ ᠡᠯ᠎ᠡ ᠦᠢᠯᠡᠰ ᠴᠥᠮ ᠰᠠᠨᠠᠭᠠᠨ ᠠ᠋ᠴᠠ ᠪᠦᠲᠦᠬᠦ ᠶ᠋ᠢᠨ ᠲᠤᠯᠠᠳᠠ ᠲᠡᠷᠡ ᠰᠠᠨᠠᠭᠠᠨ ᠴᠤ᠌ ᠮᠥᠨ ᠰᠠᠢᠨ ᠰᠠᠨᠠᠭᠠᠨ ᠮᠥᠨ ᠦ᠌ ᠲᠤᠯᠠ ᠲᠡᠭᠦᠨ ᠢ᠋ ᠰᠠᠶᠢ ᠲᠡᠷᠡ ᠠᠢᠮᠠᠭ ᠤ᠋ᠨ ᠠᠷᠠᠳ ᠠᠨᠤ ᠣᠯᠠᠨ ᠢ᠋ᠶ᠋ᠠᠷ ᠳᠠᠭᠠᠵᠤ ᠶᠠᠪᠤᠨ᠂ ᠲᠡᠭᠦᠨ ᠤ ᠰᠠᠢᠨ ᠳ᠋ᠤᠷ ᠠᠨᠤ ᠳᠤᠷᠠᠯᠠᠵᠤ ᠰᠠᠶᠢ ᠰᠤᠷᠭᠠᠯ ᠭᠡᠮᠡᠨ ᠨᠡᠷᠡᠢᠳᠴᠦᠬᠦᠢ᠃ ᠪᠣᠳᠣᠪᠠᠰᠤ ᠰᠤᠷᠭᠠᠯ ᠪᠠᠢᠭᠤᠯᠤᠭᠰᠠᠨ ᠡᠵᠡᠨ ᠢᠨᠤ ᠡᠨᠡ ᠰᠤᠷᠭᠠᠯ ᠢ᠋ᠶ᠋ᠠᠷ ᠠᠯᠲᠠᠨ ᠮᠥᠩᠭᠥᠨ ᠡᠳ᠋ ᠲᠠᠸᠠᠷ ᠣᠯᠵᠤ ᠵᠢᠷᠭᠠᠨ ᠴᠡᠩᠭᠡᠯᠳᠦᠵᠦ ᠦᠯᠦ ᠪᠣᠯᠬᠤ ᠶ᠋ᠢᠨ ᠲᠤᠯᠠᠳᠠ ᠵᠥᠪ ᠵᠦᠭᠡᠷ ᠲᠡᠢᠮᠦ ᠨᠢᠭᠡᠨ ᠪᠤᠷᠤᠭᠤ ᠰᠤᠷᠭᠠᠯ ᠢ᠋ ᠵᠣᠪᠠᠨ ᠵᠦᠳᠡᠵᠦ ᠦᠯᠡᠳᠡᠭᠡᠭᠡᠳ ᠲᠡᠭᠦᠨ ᠳ᠋ᠦ᠍ᠷ ᠲᠤᠰᠠ ᠪᠣᠯᠬᠤ ᠭᠠᠵᠠᠷ ᠶᠠᠭᠤᠨ ᠪᠣᠢ? ᠲᠡᠢᠨ ᠬᠦ᠌ ᠮᠤᠩᠬᠠᠭ ᠪᠢ ᠰᠠᠨᠠᠬᠤ ᠠᠨᠤ ᠨᠢᠭᠡᠨᠲᠡ ᠨᠢᠭᠡᠨ ᠵᠦᠢᠯ ᠦ᠋ᠨ ᠰᠤᠷᠭᠠᠯ ᠬᠡᠮᠡᠪᠡᠰᠦ ᠲᠡᠭᠦᠨ ᠦ᠌ ᠳᠣᠲᠣᠷ᠎ᠠ ᠯᠠᠪ ᠨᠢᠭᠡᠨ ᠵᠦᠢᠯ ᠦ᠋ᠨ ᠰᠠᠢᠨ ᠭᠠᠵᠠᠷ ᠵᠥᠪ ᠵᠠᠮ ᠪᠣᠢ ᠭᠡᠮᠡᠨ ᠪᠣᠳᠣᠮᠤᠢ᠃ ᠮᠠᠭᠠᠳ ᠯᠠᠪ ᠪᠤᠷᠤᠭᠤ ᠬᠡᠮᠡᠬᠦ ᠰᠡᠳᠬᠢᠯ ᠰᠡᠳᠬᠢᠨ ᠲᠥᠷᠥᠭᠳᠡᠬᠦ ᠦᠭᠡᠢ᠂ ᠭᠠᠭᠴᠠ ᠪᠢᠳᠡ ᠪᠡᠷ ᠲᠡᠳᠡᠭᠡᠷ ᠦ᠋ᠨ ᠨᠠᠷᠢᠨ ᠨᠢᠭᠲᠠ ᠳ᠋ᠤᠷ ᠡᠰᠡ ᠬᠦᠷᠦᠭᠰᠡᠨ ᠢ᠋ᠶ᠋ᠡᠷ ᠲᠡᠳᠡᠭᠡᠷ ᠦ᠋ᠨ ᠣᠨᠣᠯ ᠰᠠᠨᠠᠯ ᠤ᠋ᠨ ᠮᠥᠨ ᠴᠢᠨᠠᠷ ᠢ ᠮᠡᠳᠡᠬᠦ ᠦᠭᠡᠢ ᠳ᠋ᠡᠭᠡᠨ ᠰᠠᠶᠢ ᠲᠡᠭᠦᠨ ᠦ᠌ ᠰᠤᠷᠭᠠᠯ ᠢ᠋ ᠦᠯᠦ ᠲᠠᠭᠠᠯᠠᠨ ᠪᠤᠷᠤᠭᠤ ᠭᠡᠮᠡᠨ ᠬᠡᠯᠪᠡᠷᠢᠨ ᠰᠡᠳᠬᠢᠬᠦ ᠪᠣᠯᠠᠢ᠃ ᠵᠢᠴᠢ ᠠᠯᠢ ᠰᠤᠷᠭᠠᠯ ᠪᠠᠢᠭᠤᠯᠬᠤ ᠡᠵᠡᠳ ᠢᠨᠤ ᠥᠪᠡᠷ ᠦ᠋ᠨ ᠰᠤᠷᠭᠠᠯ ᠰᠠᠢᠨ ᠵᠥᠪ ᠭᠡᠮᠡᠨ ᠦᠯᠦ ᠬᠡᠯᠡᠨ᠂ ᠮᠢᠨᠦ ᠰᠤᠷᠭᠠᠯ ᠮᠠᠭᠤ ᠪᠤᠷᠤᠭᠤ᠂ ᠪᠤᠰᠤ ᠰᠤᠷᠭᠠᠯ ᠰᠠᠢᠨ᠂ ᠲᠠ ᠲᠡᠭᠦᠨ ᠢ᠋ ᠳᠠᠭᠠᠵᠤ ᠶᠠᠪᠤᠭᠲᠤᠨ᠂ ᠮᠢᠨᠦ ᠰᠤᠷᠭᠠᠯ ᠢ᠋ ᠭᠡᠭᠡᠲᠦᠭᠡᠢ᠂ ᠣᠷᠭᠢᠲᠤᠭᠠᠢ᠂ ᠪᠤᠤ ᠰᠤᠷᠲᠤᠭᠠᠢ᠂ ᠦᠲᠡᠭᠡᠷᠲᠦᠭᠡᠢ ᠭᠡᠮᠡᠨ ᠬᠡᠯᠡᠬᠦᠨ ᠢ᠋ᠶ᠋ᠡᠷ ᠬᠡᠷᠬᠢᠪᠡᠴᠦ ᠦᠭᠡᠢ ᠪᠣᠯᠠᠢ᠃ ᠪᠠᠰᠠ ᠪᠣᠳᠣᠪᠠᠰᠤ ᠰᠤᠷᠭᠠᠯ ᠭᠡᠮᠡᠨ ᠨᠡᠷᠡᠢᠳᠪᠡᠰᠦ ᠡᠭᠡᠨᠡᠭᠲᠡ ᠬᠥᠮᠦᠨ ᠢ᠋ ᠰᠤᠷᠭᠠᠬᠤ ᠶ᠋ᠢᠨ ᠲᠤᠯᠠ ᠰᠤᠷᠭᠠᠯ ᠪᠠᠢᠭᠤᠯᠤᠭᠰᠠᠨ ᠪᠥᠭᠡᠲᠡᠯ᠎ᠡ ᠲᠡᠭᠦᠨ ᠳ᠋ᠦ᠍ᠷ ᠶᠠᠮᠪᠠᠷ ᠮᠠᠭᠤ ᠪᠤᠷᠤᠭᠤ ᠵᠦᠢᠯ ᠪᠠᠢᠬᠤ ᠠᠵᠢ ! ᠲᠡᠢᠨ ᠬᠦ᠌ ᠡᠳᠦᠭᠡ ᠳᠥᠷᠪᠡᠨ ᠵᠦᠭ ᠦ᠋ᠨ ᠲᠦᠮᠡᠨ ᠥᠪᠡᠷ᠎ᠡ ᠤᠯᠤᠰ ᠲᠤᠷ ᠪᠠᠰᠠ ᠥᠪᠡᠷ ᠥᠪᠡᠷ ᠦ᠋ᠨ ᠭᠠᠵᠠᠷ ᠣᠷᠣᠨ ᠤ᠋ ᠳᠠᠷᠢᠯᠲᠠ ᠤᠷᠭᠤᠯᠲᠠ᠂ ᠭᠠᠵᠠᠷ ᠭᠠᠵᠠᠷ ᠤ᠋ᠨ ᠥᠰᠦᠯᠲᠡ ᠪᠣᠯᠪᠠᠰᠤᠷᠠᠯᠲᠠ᠂ ᠲᠠᠮᠢᠷ ᠰᠢᠮ᠎ᠡ ᠦᠷᠡᠰ ᠰᠢᠮᠠᠰ ᠢ᠋ᠶ᠋ᠠᠷ ᠥᠪᠡᠷ ᠥᠪᠡᠷ ᠦ᠋ᠨ ᠣᠨᠳᠣᠷᠣᠯ ᠠᠮᠢᠳᠤᠷᠠᠯ ᠢ᠋ᠶ᠋ᠠᠷ ᠶᠠᠪᠤᠬᠤ ᠮᠡᠲᠦ ᠪᠣᠯᠠᠢ᠃ ᠦᠵᠡᠲᠡᠯ᠎ᠡ ᠡᠳᠦᠭᠡ ᠭᠠᠵᠠᠷ ᠭᠠᠵᠠᠷ ᠤ᠋ᠨ ᠲᠠᠷᠢᠶ᠎ᠠ ᠵᠢᠮᠢᠰ ᠦ᠋ᠨ ᠥᠰᠦᠯᠲᠡ ᠲᠠᠷᠢᠯᠲᠠ ᠴᠥᠮ ᠥᠪᠡᠷ᠎ᠡ ᠥᠪᠡᠷ᠎ᠡ ᠢᠨᠤ ᠭᠠᠵᠠᠷ ᠭᠠᠵᠠᠷ ᠤ᠋ᠨ ᠰᠡᠷᠭᠡᠭ ᠶᠣᠩᠬᠣᠷ ᠥᠪᠡᠷ᠎ᠡ ᠥᠪᠡᠷ᠎ᠡ ᠳ᠋ᠦ᠍ᠷ ᠠᠳᠠᠯᠢ᠂ ᠳᠠᠷᠤᠢ ᠥᠪᠡᠷ ᠥᠪᠡᠷ ᠦ᠋ᠨ ᠳᠠᠭᠤᠳᠠᠬᠤ ᠨᠡᠷ᠎ᠡ ᠪᠡᠷ ᠳᠠᠭᠤᠳᠠᠬᠤ ᠳ᠋ᠤᠷ ᠠᠳᠠᠯᠢ᠃ ᠪᠠᠰᠠ ᠦᠯᠢᠳᠬᠡᠪᠡᠰᠦ ᠡᠳᠦᠭᠡ ᠡᠮᠦᠨ᠎ᠡ ᠰᠦᠵᠸᠦ᠂ ᠬᠠᠩᠵᠧᠦ ᠶ᠋ᠢᠨ ᠵᠡᠷᠭᠡ ᠶ᠋ᠢᠨ ᠭᠠᠵᠠᠷ ᠡᠬᠡᠨᠡᠷ ᠦ᠋ᠨ ᠪᠤᠵᠠᠷ ᠰᠠᠮᠠᠭᠤᠨ ᠢ᠋ ᠡᠯᠡᠭᠯᠡᠬᠦ ᠦᠭᠡᠢ᠂ ᠭᠡᠷ ᠦ᠋ᠨ ᠶᠠᠳᠠᠩᠭᠢ ᠳᠣᠣᠷᠠᠲᠤ ᠶ᠋ᠢ ᠡᠯᠡᠭᠯᠡᠮᠦᠢ ᠬᠡᠮᠡᠮᠦᠢ᠃ ᠲᠡᠢᠮᠦ ᠬᠡᠮᠡᠭᠡᠳ ᠲᠡᠳᠡᠭᠡᠷ ᠦ᠋ᠨ ᠵᠠᠩ ᠮᠠᠨ ᠤ᠋ ᠵᠦᠩ ᠶᠤᠸᠠᠨ ᠤ᠋ ᠭᠠᠵᠠᠷ ᠯᠤᠭ᠎ᠠ ᠨᠡᠢᠴᠡᠬᠦ ᠦᠭᠡᠢ ᠬᠡᠮᠡᠵᠦ ᠲᠡᠭᠦᠨ ᠢ᠋ ᠰᠢᠭᠤᠳ ᠬᠥᠮᠦᠨ ᠪᠤᠰᠤ ᠬᠡᠮᠡᠵᠦ ᠪᠣᠯᠤᠮᠤᠢ ᠤᠤ ? ᠲᠡᠳᠡ ᠬᠡᠷᠪᠡ ᠡᠬᠡᠨᠡᠷ ᠦ᠋ᠨ ᠪᠤᠵᠠᠷ ᠰᠠᠮᠠᠭᠤᠨ ᠢ᠋ ᠪᠤᠵᠠᠷ ᠰᠠᠮᠠᠭᠤᠨ ᠭᠡᠮᠡᠨ ᠬᠡᠯᠡᠬᠦ ᠦᠭᠡᠢ᠂ ᠪᠣᠳᠣᠯᠭ᠎ᠠ ᠤᠳᠬ᠎ᠠ ᠲᠠᠢ ᠬᠡᠮᠡᠳᠡᠭ ᠪᠣᠯᠪᠠᠰᠤ ᠬᠠᠷᠢᠨ ᠲᠡᠷᠡ ᠭᠠᠵᠠᠷ ᠤ᠋ᠨ ᠠᠵᠤ ᠲᠥᠷᠥᠵᠦ ᠠᠮᠢᠳᠤᠷᠠᠬᠤ ᠣᠨᠳᠣᠷᠣᠬᠤ ᠶ᠋ᠢᠨ ᠲᠥᠪ ᠶᠠᠪᠤᠳᠠᠯ ᠳ᠋ᠤᠷ ᠣᠷᠣᠬᠤ ᠦᠭᠡᠢ ᠦᠦ? ᠪᠠᠰᠠ ᠲᠣᠪᠴᠢᠯᠠᠨ ᠦᠯᠢᠳᠬᠡᠪᠡᠰᠦ ᠂ ᠵᠠᠷᠢᠮ ᠭᠠᠵᠠᠷ ᠤ᠋ᠨ ᠵᠠᠩ ᠠᠨᠤ ᠡᠴᠢᠭᠡ ᠡᠬᠡ ᠢᠨᠤ ᠦᠬᠦᠪᠡᠰᠦ ᠠᠯᠲᠠᠨ ᠬᠠᠰ ᠢᠶᠠᠷ ᠣᠷᠣᠰᠢᠭᠤᠯᠤᠮᠤᠢ᠃ ᠵᠠᠷᠢᠮ ᠭᠠᠵᠠᠷ ᠤ᠋ᠨ ᠵᠠᠩ ᠠᠨᠤ ᠡᠴᠢᠭᠡ ᠡᠬᠡ ᠠᠨᠤ ᠦᠬᠦᠪᠡᠰᠦ ᠭᠠᠤᠯᠢ ᠲᠡᠮᠦᠷ ᠢ᠋ᠶ᠋ᠡᠷ ᠪᠠᠲᠤᠯᠠᠮᠤᠢ᠃ ᠵᠠᠷᠢᠮ ᠤ᠋ᠳ ᠠᠨᠤ ᠮᠣᠳᠣᠨ ᠠᠪᠰᠠ ᠪᠠᠷ ᠣᠷᠣᠰᠢᠭᠤᠯᠤᠮᠤᠢ᠂ ᠵᠠᠷᠢᠮ ᠤ᠋ᠳ ᠬᠣᠭᠣᠰᠣᠨ ᠰᠢᠷᠣᠢ ᠪᠠᠷ ᠪᠤᠯᠠᠮᠤᠢ᠂ ᠵᠠᠷᠢᠮ ᠤ᠋ᠳ ᠭᠠᠯ ᠤᠲᠤᠭ᠎ᠠ ᠪᠠᠷ ᠮᠠᠨᠳᠠᠯᠳᠠᠮᠤᠢ᠃ ᠵᠠᠷᠢᠮ ᠤ᠋ᠳ ᠤᠰᠤᠨ ᠮᠥᠷᠡᠨ᠎ᠡ ᠲᠤᠩᠭᠠᠮᠤᠢ᠃ ᠵᠠᠷᠢᠮ ᠤ᠋ᠳ ᠲᠡᠮᠦᠷ ᠬᠢᠲᠤᠭ᠎ᠠ ᠪᠠᠷ ᠲᠤᠶᠠᠴᠢᠵᠤ ᠰᠢᠪᠠᠭᠤ ᠲᠡᠵᠢᠭᠡᠮᠦᠢ᠂ ᠵᠠᠷᠢᠮ ᠤ᠋ᠳ ᠠᠢᠯ ᠠᠢᠮᠠᠭ ᠢ᠋ᠶ᠋ᠠᠨ ᠵᠠᠯᠠᠵᠤ ᠮᠢᠬ᠎ᠠ ᠶ᠋ᠢ ᠠᠨᠤ ᠢᠲᠡᠯᠴᠡᠮᠦᠢ᠃ ᠡᠲᠡᠭᠡᠷ ᠬᠡᠳᠦᠢᠴᠢᠨᠡᠭᠡᠨ ᠵᠦᠢᠯ ᠦ᠋ᠨ ᠭᠠᠰᠠᠯᠠᠩ ᠤ᠋ᠨ ᠪᠠᠢᠳᠠᠯ ᠠᠨᠤ ᠬᠡᠳᠦᠢ ᠥᠪᠡᠷ᠎ᠡ ᠥᠪᠡᠷ᠎ᠡ ᠪᠣᠯᠪᠠᠴᠤ ᠲᠡᠭᠦᠨ ᠦ᠌ ᠦᠷ᠎ᠡ ᠠᠴᠢ ᠢᠨᠠᠭ ᠰᠠᠳᠤᠨ ᠤ᠋ ᠤᠶᠠᠷᠠᠬᠤ ᠭᠣᠮᠣᠳᠠᠬᠤ ᠭᠠᠰᠠᠯᠬᠤ ᠤᠬᠢᠯᠠᠬᠤ ᠠᠨᠤ ᠨᠢᠭᠡᠨ ᠠᠳᠠᠯᠢ ᠪᠣᠯᠠᠢ᠂ ᠴᠥᠮ ᠭᠠᠵᠠᠷ ᠭᠠᠵᠠᠷ ᠤ᠋ᠨ ᠵᠠᠩ ᠢ᠋ᠶ᠋ᠠᠷ ᠲᠡᠭᠦᠨ ᠦ᠌ ᠨᠢᠭᠡᠨ ᠰᠠᠢᠨ ᠭᠠᠵᠠᠷ ᠢ᠋ ᠡᠷᠢᠭᠰᠡᠨ ᠰᠠᠨᠠᠭᠠᠨ ᠪᠣᠢ ᠪᠣᠯᠠᠢ᠃ ᠭᠠᠭᠴᠠ ᠪᠠᠢᠳᠠᠯ ᠠᠨᠤ ᠥᠪᠡᠷ᠎ᠡ ᠪᠣᠢ ᠊ᠶ᠎ᠠ᠂ ᠰᠡᠳᠬᠢᠯ ᠢᠨᠤ ᠨᠢᠭᠡᠨ ᠠᠳᠠᠯᠢ᠃ ᠳᠣᠲᠣᠭᠠᠳᠤ ᠭᠠᠵᠠᠷ ᠠᠯᠲᠠᠨ ᠬᠠᠰ ᠢ᠋ᠶ᠋ᠠᠷ ᠣᠷᠣᠰᠢᠭᠤᠯᠤᠮᠤᠢ᠂ ᠵᠦᠩ ᠶᠤᠸᠠᠨ ᠤ᠋ ᠭᠠᠵᠠᠷ ᠮᠣᠳᠣᠨ ᠠᠪᠰᠠ ᠪᠠᠷ ᠣᠷᠣᠰᠢᠭᠤᠯᠤᠮᠤᠢ᠂ ᠨᠠᠩᠭᠢᠶᠠᠳ ᠭᠠᠵᠠᠷ ᠮᠥᠷᠡᠨ ᠲᠠᠩᠭᠢᠰ ᠲᠤᠷ ᠲᠤᠩᠭᠠᠮᠤᠢ᠃ ᠮᠣᠩᠭᠣᠯ ᠭᠠᠵᠠᠷ ᠭᠠᠯ ᠤᠲᠤᠭ᠎ᠠ ᠪᠠᠷ ᠮᠠᠨᠳᠠᠯᠳᠠᠮᠤᠢ᠂ ᠬᠣᠲᠣᠩ ᠤᠯᠤᠰ ᠬᠣᠭᠣᠰᠣᠨ ᠰᠢᠷᠣᠢ ᠪᠠᠷ ᠪᠤᠯᠠᠮᠤᠢ᠂ ᠡᠮᠦᠨᠡᠲᠦ ᠭᠠᠵᠠᠷ ᠴᠢᠯᠠᠭᠤ ᠲᠡᠮᠦᠷ ᠢ᠋ᠶ᠋ᠡᠷ ᠪᠠᠲᠤᠯᠠᠮᠤᠢ᠂ ᠪᠠᠷᠠᠭᠤᠨ ᠲᠥᠪᠡᠳ ᠲᠣᠷ ᠬᠢᠲᠤᠭ᠎ᠠ ᠪᠠᠷ ᠮᠢᠬ᠎ᠠ ᠶ᠋ᠢ ᠲᠤᠶᠠᠴᠢᠵᠤ ᠰᠦᠬᠡ ᠪᠡᠷ ᠶᠠᠰᠤᠨ ᠢ᠋ ᠪᠠᠯᠪᠠᠴᠢᠵᠤ ᠰᠢᠪᠠᠭᠤ ᠳ᠋ᠤ᠌ ᠢᠳᠡᠭᠦᠯᠦᠮᠦᠢ᠃ᠭᠠᠭᠴᠠ ᠡᠨᠡ ᠮᠢᠬ᠎ᠠ ᠶ᠋ᠢ ᠠᠨᠤ ᠢᠳᠡᠬᠦ ᠶᠠᠪᠤᠳᠠᠯ ᠤ᠋ᠨ ᠲᠤᠬᠠᠢ 《 ᠸᠠᠨ ᠪᠤᠤ ᠴᠢᠤᠸᠠᠨ ᠪᠢᠴᠢᠭ 》 ᠲᠣᠷ ᠄ 《 ᠵᠡᠭᠦᠨ ᠡᠮᠦᠨ᠎ᠡ ᠳᠠᠯᠠᠢ ᠶ᠋ᠢᠨ ᠬᠣᠢᠭ ᠲᠤᠷ ᠡᠷᠲᠡᠨ ᠦ᠌ ᠮᠠᠨ ᠤ᠋ ᠤᠯᠤᠰ ᠤ᠋ᠨ ᠣᠢᠷᠠᠯᠴᠠᠭ᠎ᠠ ᠳ᠋ᠤᠷ ᠵᠢᠨ ᠸᠧ ᠭᠦᠸᠧ ᠬᠡᠮᠡᠬᠦ ᠨᠢᠭᠡᠨ ᠠᠢᠮᠠᠭ ᠥᠴᠦᠬᠡᠨ ᠤᠯᠤᠰ ᠠᠮᠤᠢ᠂ ᠶᠡᠷᠦ ᠶ᠋ᠢᠨ ᠡᠳᠦᠷ ᠠᠭᠤᠯᠠ ᠬᠡᠭᠡᠷ᠎ᠡ ᠶ᠋ᠢᠨ ᠠᠷᠢᠶᠠᠲᠠᠨ ᠵᠢᠭᠦᠷᠲᠡᠨ ᠳ᠋ᠦ᠍ᠷ ᠠᠪᠠᠯᠠᠨ ᠰᠢᠪᠠᠭᠤᠯᠠᠵᠤ ᠠᠮᠢᠳᠤᠷᠠᠮᠤᠢ᠃ ᠲᠡᠷᠡ ᠭᠠᠵᠠᠷ ᠢ᠋ ᠪᠠᠰᠠ ᠮᠠᠨ ᠯᠦᠸᠧ ᠡᠦ ᠭᠡᠮᠡᠨ ᠬᠡᠯᠡᠮᠦᠢ᠃ ᠳᠤᠮᠳᠠᠳᠤ ᠤᠯᠤᠰ ᠤ᠋ᠨ ᠬᠤᠳᠠᠯᠳᠤᠭᠠᠨ ᠤ᠋ ᠣᠩᠭᠣᠴᠠ ᠬᠠᠶᠠ ᠰᠠᠯᠬᠢᠨ᠎ᠠ ᠣᠨᠣᠭᠳᠠᠵᠤ ᠡᠴᠢᠪᠡᠰᠦ ᠲᠡᠷᠡ ᠭᠠᠵᠠᠷ ᠤ᠋ᠨ ᠠᠷᠠᠳ ᠪᠦᠭᠦᠳᠡᠭᠡᠷ ᠰᠦᠷᠦᠭᠯᠡᠨ ᠢᠷᠡᠵᠦ ᠪᠠᠷᠢᠨ ᠠᠪᠤᠭᠠᠳ ᠠᠯᠠᠵᠤ ᠮᠢᠬ᠎ᠠ ᠶᠠᠰᠤ ᠶ᠋ᠢ ᠪᠦᠷᠢᠨ᠎ᠡ ᠰᠢᠷᠠᠵᠤ ᠢᠲᠡᠯᠴᠡᠮᠦᠢ ᠂ ᠬᠥᠮᠦᠨ ᠦ᠌ ᠭᠠᠪᠠᠯᠠ ᠪᠠ ᠴᠢᠮᠥᠭᠡ ᠪᠡᠷ ᠰᠠᠪᠠ ᠰᠠᠭᠠᠯᠢ ᠬᠢᠵᠦ ᠵᠠᠷᠤᠮᠤᠢ᠃ ᠡᠴᠢᠭᠡ ᠡᠬᠡ ᠪᠡᠨ ᠦᠬᠦᠲᠦᠭᠡᠢ ᠭᠡᠮᠡᠨ ᠡᠳᠦᠷ ᠰᠥᠨᠢ ᠦᠭᠡᠢ ᠵᠥᠭᠡᠭᠰᠡᠭᠡᠷ ᠬᠡᠷᠪᠡ ᠦᠬᠦᠪᠡᠰᠦ ᠳᠠᠷᠤᠢ ᠶᠡᠬᠡ ᠬᠡᠩᠭᠡᠷᠭᠡ ᠴᠣᠬᠢᠵᠤ ᠠᠢᠯ ᠠᠢᠮᠠᠭ ᠢ᠋ᠶ᠋ᠠᠨ ᠪᠦᠭᠦᠳᠡᠭᠡᠷ ᠢ᠋ ᠬᠤᠷᠢᠶᠠᠵᠤ ᠮᠢᠬ᠎ᠠ ᠶ᠋ᠢ ᠢᠳᠡᠭᠦᠯᠦᠮᠦᠢ᠂ ᠬᠥᠮᠦᠨ ᠦ᠌ ᠡᠰᠢ ᠬᠡᠯᠬᠢᠶ᠎ᠡ ᠦᠭᠡᠢ ᠨᠢᠭᠡᠨ ᠠᠩᠭᠢ ᠤᠯᠤᠰ 》ᠭᠡᠮᠡᠨ ᠪᠢᠴᠢᠵᠦᠬᠦᠢ᠃ ᠡᠨᠡ ᠴᠦ᠍ ᠮᠥᠨ ᠬᠡᠯᠪᠡᠢᠭᠦᠦ ᠰᠢᠭᠦᠮᠵᠢᠯᠡᠯ ᠪᠣᠯᠠᠢ᠂ ᠶᠠᠭᠠᠬᠢᠨ ᠮᠡᠳᠡᠪᠡ ? ᠬᠡᠮᠡᠪᠡᠰᠦ᠄ ᠰᠢᠭᠤᠳ ᠨᠢᠳᠦᠨ ᠦ᠌ ᠡᠮᠦᠨ᠎ᠡ ᠪᠠᠢᠬᠤ ᠪᠠᠷ ᠰᠢᠭᠦᠮᠵᠢᠯᠡᠪᠡᠰᠦ᠂ ᠡᠳᠦᠭᠡ ᠮᠠᠨ ᠤ᠋ ᠮᠣᠩᠭᠣᠯ ᠭᠠᠵᠠᠷ ᠲᠠᠪᠢᠨ ᠵᠢᠷᠠᠨ ᠣᠨ ᠠ᠋ᠴᠠ ᠤᠷᠢᠳᠠ ᠬᠠᠷ᠎ᠠ ᠬᠥᠮᠦᠨ ᠪᠣᠯᠪᠠᠴᠤ ᠡᠴᠢᠭᠡ ᠡᠬᠡ ᠪᠡᠨ ᠦᠬᠦᠪᠡᠰᠦ ᠪᠯᠠᠮ᠎ᠠ ᠵᠠᠯᠠᠵᠤ ᠲᠣᠰᠣ ᠴᠢᠳᠬᠤᠭᠤᠯᠤᠨ ᠭᠠᠯ ᠢ᠋ᠶ᠋ᠠᠷ ᠮᠠᠨᠳᠠᠯᠳᠠᠵᠤ ᠰᠢᠲᠠᠭᠠᠮᠤᠢ᠂ ᠡᠳᠦᠭᠡ ᠪᠣᠯᠲᠠᠯ᠎ᠠ ᠪᠯᠠᠮ᠎ᠠ ᠨᠠᠷ ᠪᠠᠭᠰᠢ ᠪᠯᠠᠮ᠎ᠠ ᠨᠠᠷ ᠢ᠋ᠶ᠋ᠠᠨ ᠦᠬᠦᠪᠡᠰᠦ ᠴᠥᠮ ᠮᠠᠨᠳᠠᠯᠳᠠᠵᠤ ᠪᠠᠢᠬᠤ ᠦᠭᠡᠢ ᠦᠦ? ᠡᠭᠦᠨ ᠢ᠋ ᠪᠢᠳᠡᠨ ᠭᠠᠵᠠᠷ ᠤ᠋ᠨ ᠬᠥᠮᠦᠨ ᠦᠵᠡᠪᠡᠰᠦ᠂ ᠡᠨᠡ ᠮᠢᠬ᠎ᠠ ᠶ᠋ᠢ ᠠᠨᠤ ᠪᠤᠷᠬᠠᠨ ᠳ᠋ᠤ᠌ ᠵᠣᠭᠣᠭᠯᠠᠭᠤᠯᠵᠤ᠂ ᠲᠡᠭᠦᠨ ᠦ᠌ ᠰᠦᠨᠡᠰᠦᠨ ᠢ᠋ ᠠᠨᠤ ᠪᠤᠷᠬᠠᠨ ᠪᠣᠯᠭᠠᠮᠤᠢ ᠭᠡᠵᠦ ᠪᠣᠢ ᠭᠡᠮᠡᠨ ᠰᠠᠨᠠᠬᠤ ᠪᠣᠢ ᠊ᠶ᠎ᠠ᠂ ᠬᠡᠷᠬᠢᠪᠡᠴᠦ ᠡᠴᠢᠭᠡ ᠡᠬᠡ ᠪᠡᠨ ᠵᠥᠭᠡᠭᠰᠡᠭᠡᠷ ᠦᠬᠦᠭᠦᠯᠦᠭᠡᠳ ᠪᠠᠰᠠ ᠰᠡᠳᠬᠢᠯ ᠢᠨᠤ ᠬᠠᠩᠬᠤ ᠦᠭᠡᠢ ᠂ ᠦᠬᠦᠭᠰᠡᠨ ᠶᠠᠰᠤᠨ ᠢ᠋ ᠠᠨᠤ ᠪᠠᠰᠠ ᠬᠤᠢᠬᠠᠯᠠᠵᠤ ᠦᠰ ᠢ᠋ᠶ᠋ᠡᠨ ᠠᠪᠤᠮᠤᠢ ᠭᠡᠮᠡᠨ ᠰᠠᠨᠠᠬᠤ ᠦᠭᠡᠢ ᠪᠢᠰᠢ ᠦᠦ? ᠬᠡᠷᠪᠡ ᠲᠡᠳᠡᠭᠡᠷ ᠡᠮᠦᠨᠡᠲᠦ ᠵᠦᠭ ᠦ᠋ᠨ ᠳᠣᠲᠣᠭᠠᠳᠤ ᠭᠠᠵᠠᠷ ᠤ᠋ᠨ ᠡᠴᠢᠭᠡ ᠡᠬᠡ ᠪᠡᠨ ᠠᠯᠲᠠᠨ ᠬᠠᠰ ᠢ᠋ᠶ᠋ᠠᠷ ᠬᠠᠰᠢᠵᠤ ᠴᠢᠯᠠᠭᠤ ᠲᠡᠮᠦᠷ ᠢ᠋ᠶ᠋ᠡᠷ ᠪᠠᠲᠤᠯᠠᠭᠴᠢ ᠬᠢᠲᠠᠳ ᠬᠥᠮᠦᠨ ᠭᠡᠨᠡᠳᠲᠡ ᠮᠠᠨ ᠤ᠋ ᠡᠨᠡ ᠤᠮᠠᠷᠠᠲᠤ ᠭᠠᠵᠠᠷ ᠤ᠋ᠨ ᠭᠠᠯ ᠢ᠋ᠶ᠋ᠠᠷ ᠬᠤᠢᠬᠠᠯᠠᠬᠤ ᠶ᠋ᠢ ᠦᠵᠡᠪᠡᠰᠦ ᠲᠡᠷᠡ ᠤᠴᠢᠷ ᠢ᠋ ᠮᠡᠲᠡᠬᠦ ᠦᠭᠡᠢ ᠲᠤᠯᠠ ᠣᠳᠣ ᠪᠠᠰᠠ ᠲᠡᠷᠡ ᠶ᠋ᠢᠨ ᠸᠸ ᠭᠦᠸᠧ ᠤᠯᠤᠰ ᠊ᠢ ᠬᠡᠯᠡᠭᠰᠡᠨ ᠶᠣᠰᠣᠭᠠᠷ ᠮᠣᠩᠭᠣᠯ ᠡᠴᠢᠭᠡ ᠡᠬᠡ ᠪᠡᠨ ᠵᠥᠭᠡᠭᠰᠡᠭᠡᠷ ᠦᠬᠦᠭᠦᠯᠪᠡᠰᠦ ᠶᠠᠰᠤᠨ ᠢ᠋ ᠠᠨᠤ ᠰᠢᠲᠠᠭᠠᠨ ᠬᠤᠢᠬᠠᠯᠠᠬᠤ ᠪᠠᠷ ᠦᠯᠦ ᠪᠠᠷᠠᠨ ᠪᠠᠰᠠ ᠬᠠᠷᠢᠨ ᠤᠯᠠᠭᠠᠨ ᠰᠢᠷ᠎ᠠ ᠡᠮᠦᠰᠦᠭᠰᠡᠨ ᠭᠡᠵᠢᠭᠡ ᠦᠭᠡᠢ ᠮᠣᠯᠲᠣᠭ ᠲᠣᠢᠮᠣᠭ ᠲᠣᠯᠣᠭᠠᠢᠲᠤ ᠬᠥᠮᠦᠨ ᠢ᠋ᠶ᠋ᠡᠷ ᠳᠡᠭᠡᠷ᠎ᠡ ᠡᠴᠡ ᠢᠨᠤ ᠡᠯᠳᠡᠪ ᠵᠦᠢᠯ ᠦ᠋ᠨ ᠵᠠᠷ ᠵᠡᠪᠰᠡᠭ ᠢ᠋ᠶ᠋ᠡᠷ ᠵᠢᠭᠠᠯᠭᠢᠯᠠᠭᠤᠯᠤᠨ ᠵᠢᠳᠠᠯᠠᠭᠤᠯᠵᠤ ᠲᠣᠰᠣ ᠴᠢᠳᠬᠤᠨ ᠲᠦᠯᠡᠭᠡ ᠨᠡᠮᠡᠭᠦᠯᠵᠦ ᠦᠰ ᠢ᠋ᠶ᠋ᠡᠨ ᠠᠪᠤᠮᠤᠢ ᠬᠡᠮᠡᠬᠦ ᠪᠣᠢ ᠊ᠶ᠎ᠠ᠃ ᠬᠡᠷᠬᠢᠪᠡᠴᠦ ᠲᠡᠷᠡ ᠦᠬᠦᠭᠰᠡᠨ ᠮᠢᠬ᠎ᠠ ᠶ᠋ᠢ ᠠᠨᠤ ᠵᠣᠭᠣᠭᠯᠠᠭᠤᠯᠵᠤ ᠪᠤᠷᠬᠠᠨ ᠳ᠋ᠤᠷ ᠲᠡᠭᠦᠨ ᠦ᠌ ᠰᠦᠨᠡᠰᠦᠨ ᠢ᠋ ᠠᠨᠤ ᠪᠤᠷᠬᠠᠨ ᠪᠣᠯᠭᠠᠵᠤ ᠪᠠᠢᠨᠠᠮ ᠭᠡᠮᠡᠨ ᠮᠡᠳᠡᠬᠦ ᠦᠭᠡᠢ ᠪᠣᠯᠠᠢ᠃ ᠡᠳᠦᠭᠡ ᠪᠠᠷᠠᠭᠤᠨ ᠲᠥᠪᠡᠳ ᠦ᠋ᠨ ᠵᠣᠣ ᠶ᠋ᠢᠨ ᠭᠠᠵᠠᠷ ᠲᠤᠷ ᠦᠬᠦᠭᠰᠡᠨ ᠬᠥᠮᠦᠨ ᠢ᠋ ᠡᠪᠳᠡᠭᠴᠢ ᠬᠡᠭᠡᠷ᠎ᠡ ᠶ᠋ᠢᠨ ᠳᠡᠰ ᠰᠢᠪᠠᠭᠤᠨ ᠢ᠋ ᠲᠡᠵᠢᠭᠡᠬᠦ ᠶ᠋ᠢᠨ ᠤᠴᠢᠷ ᠠᠨᠤ ᠲᠡᠳᠡᠭᠡᠷ ᠳᠡᠰ ᠰᠢᠪᠠᠭᠤᠨ ᠬᠡᠮᠡᠭᠴᠢ ᠴᠥᠮ ᠴᠣᠢᠵᠣᠩ ᠰᠠᠬᠢᠭᠤᠯᠰᠤᠨ ᠤ᠋ ᠨᠥᠬᠥᠳ ᠬᠤᠪᠢᠯᠭᠠᠨ ᠮᠥᠨ᠂ ᠲᠡᠳᠡ ᠨᠥᠭᠴᠢᠭᠰᠡᠳ ᠦ᠋ᠨ ᠮᠢᠬ᠎ᠠ ᠶ᠋ᠢ ᠢᠳᠡᠪᠡᠰᠦ ᠨᠥᠭᠴᠢᠭᠰᠡᠳ ᠦ᠋ᠨ ᠨᠢᠭᠦᠯ ᠠᠷᠢᠯᠤᠭᠠᠳ ᠰᠦᠨᠡᠰᠦᠨ ᠳᠡᠭᠡᠳᠦ ᠰᠠᠢᠨ ᠲᠥᠷᠥᠯ ᠢ᠋ ᠠᠪᠤᠮᠤᠢ᠂ ᠬᠡᠷᠪᠡ ᠶᠡᠬᠡ ᠨᠢᠭᠦᠯᠲᠡᠨ ᠢ᠋ ᠢᠨᠤ ᠰᠢᠪᠠᠭᠤᠨ ᠢᠳᠡᠵᠦ ᠥᠭᠬᠦ ᠦᠭᠡᠢ ᠪᠣᠯᠪᠠᠰᠤ ᠶᠡᠬᠡᠳᠡ ᠭᠦᠷᠢᠮ ᠬᠢᠵᠦ ᠶᠡᠬᠡ ᠰᠠᠩ ᠲᠠᠯᠪᠢᠵᠤ ᠳᠠᠬᠢᠨ ᠳᠠᠪᠲᠠᠨ ᠠᠷᠢᠭᠤᠯᠠᠵᠤ ᠰᠠᠶᠢ ᠢᠳᠡᠭᠦᠯᠦᠮᠦᠢ᠃ ᠡᠨᠡ ᠴᠦ᠍ ᠲᠡᠭᠦᠨ ᠤ ᠲᠤᠰᠠ ᠶ᠋ᠢ ᠪᠣᠳᠣᠭᠰᠠᠨ ᠰᠠᠢᠨ ᠰᠡᠳᠬᠢᠯ ᠡᠴᠡ ᠦᠨᠳᠦᠰᠦᠯᠡᠵᠦᠬᠦᠢ᠃ ᠲᠡᠷᠡ ᠶ᠋ᠢᠨ ᠸᠧ ᠭᠦᠸᠧ ᠤᠯᠤᠰ ᠪᠣᠯᠪᠠᠴᠤ ᠲᠡᠷᠡ ᠤᠯᠤᠰ ᠤ᠋ᠨ ᠬᠥᠮᠦᠨ ᠣᠯᠠᠨ ᠭᠠᠵᠠᠷ ᠴᠢᠬᠤᠯ᠂ ᠭᠡᠷ ᠦ᠋ᠨ ᠲᠡᠵᠢᠭᠡᠯ ᠦᠭᠡᠢ᠂ ᠬᠥᠮᠦᠰ ᠢᠨᠤ ᠬᠥᠮᠦᠨ ᠦ᠌ ᠮᠢᠬ᠎ᠠ ᠶ᠋ᠢᠨ ᠠᠮᠲᠠ ᠶ᠋ᠢ ᠬᠡᠳᠦᠢᠨᠡᠢ ᠡᠴᠡ ᠣᠯᠵᠤᠬᠤᠢ᠃ ᠲᠡᠢᠨ ᠬᠦ᠌ ᠡᠴᠢᠭᠡ ᠡᠬᠡ ᠢᠨᠤ ᠦᠬᠦᠪᠡᠰᠦ ᠠᠢᠯ ᠠᠢᠮᠠᠭ ᠲᠣᠭᠠᠲᠠᠨᠠ ᠨᠢᠭᠡᠨ ᠤᠳᠠᠭ᠎ᠠ ᠴᠠᠳᠲᠠᠯ᠎ᠠ ᠢᠳᠡᠭᠦᠯᠪᠡᠰᠦ ᠣᠯᠠᠨ ᠢ᠋ ᠴᠠᠭ ᠬᠱᠠᠨᠠ ᠴᠠᠳᠬᠠᠭᠰᠠᠨ ᠪᠤᠶᠠᠨ ᠢ᠋ᠶ᠋ᠠᠷ ᠲᠡᠭᠦᠨ ᠦ᠌ ᠰᠦᠨᠡᠰᠦᠨ ᠲᠡᠭᠷᠢ ᠳ᠋ᠦ᠍ᠷ ᠲᠥᠷᠥᠮᠦᠢ ᠬᠡᠮᠡᠮᠦᠢ᠃ ᠶᠡᠬᠡ ᠪᠠᠷᠤᠭ ᠢ᠋ ᠲᠣᠪᠴᠢᠯᠠᠪᠠᠰᠤ ᠨᠡᠢᠲᠡ ᠪᠡᠷ ᠲᠣᠷ ᠴᠥᠮ ᠨᠢᠭᠡᠨ ᠵᠦᠢᠯ ᠦ᠋ᠨ ᠤᠶᠠᠷᠠᠬᠤ ᠭᠣᠮᠣᠳᠠᠬᠤ ᠵᠦᠢᠯ ᠪᠣᠢ᠂ ᠡᠴᠢᠭᠡ ᠡᠬᠡ ᠶᠦᠭᠡᠨ ᠮᠢᠬ᠎ᠠ ᠶ᠋ᠢ ᠢᠳᠡᠬᠦᠢ ᠳ᠋ᠦ᠍ᠷ ᠬᠦᠷᠦᠭᠰᠡᠨ ᠤᠯᠤᠰ ᠲᠤᠷ ᠴᠤ᠌ ᠨᠢᠭᠡᠨ ᠵᠦᠢᠯ ᠦ᠋ᠨ ᠲᠥᠪ ᠶᠣᠰᠣᠨ᠂ ᠰᠠᠢᠨ ᠰᠠᠢᠬᠠᠨ ᠠᠲᠠᠯ᠎ᠠ ᠡᠦᠲᠦ ᠰᠤᠷᠭᠠᠯ ᠭᠡᠮᠡᠨ ᠨᠡᠷᠡᠢᠳᠦᠭᠴᠢᠳ ᠲᠦ᠍ᠷ ᠨᠢᠭᠡᠨ ᠵᠦᠢᠯ ᠵᠠ ᠵᠥᠪ ᠭᠡᠮ ᠦᠭᠡᠢ ᠶᠣᠰᠣ ᠪᠣᠢ᠃ ᠭᠠᠭᠴᠠ ᠭᠠᠵᠠᠷ ᠭᠠᠵᠠᠷ ᠤ᠋ᠨ ᠵᠠᠩ ᠠᠨᠤ ᠥᠪᠡᠷ᠎ᠡ ᠂ ᠠᠪᠤᠴᠠ ᠠᠨᠤ ᠡᠲᠡᠭᠡᠳ ᠦᠵᠡᠭᠳᠡᠪᠡᠰᠦ ᠰᠠᠨᠠᠭᠠᠨ ᠠᠨᠤ ᠨᠢᠭᠡᠨ ᠠᠳᠠᠯᠢ ᠪᠤᠰᠤ ᠤᠤ? ᠲᠡᠢᠨ ᠬᠦ᠌ ᠬᠣᠲᠣᠩ ᠤ᠋ᠨ ᠰᠤᠷᠭᠠᠯ ᠤ᠋ᠨ ᠰᠣᠨᠢᠨ ᠡᠲᠡᠭᠡᠳ ᠵᠢᠨ ᠸᠧ ᠭᠦᠸᠧ ᠤᠯᠤᠰ ᠤ᠋ᠨ ᠵᠠᠩ ᠳ᠋ᠤᠷ ᠪᠣᠯᠪᠠᠴᠤ ᠴᠥᠮ ᠢ᠋ᠶ᠋ᠡᠷ ᠨᠢᠭᠡᠨ ᠵᠦᠢᠯ ᠦ᠋ᠨ ᠵᠥᠪ ᠵᠠᠮ ᠰᠠᠢᠨ ᠰᠡᠳᠬᠢᠯ ᠠᠲᠠᠯ᠎ᠠ ᠳᠥᠷᠪᠡᠨ ᠳᠠᠯᠠᠢ ᠶ᠋ᠢ ᠡᠵᠡᠯᠡᠭᠰᠡᠨ ᠨᠢᠭᠡᠨ ᠶᠡᠬᠡ ᠶᠤᠸᠠᠨ ᠤᠯᠤᠰ ᠤ᠋ᠨ ᠲᠡᠭᠷᠢ ᠶ᠋ᠢᠨ ᠬᠥᠪᠡᠭᠦᠨ ᠢ᠋ ᠥᠴᠦᠬᠡᠨ ᠠᠳᠬᠠᠭ ᠢ᠋ᠶ᠋ᠠᠷ ᠬᠡᠷᠬᠢᠨ ᠳᠠᠭᠠᠷᠢᠭᠤᠯᠤᠨ ᠮᠠᠭᠤᠰᠢᠶᠠᠨ ᠰᠡᠪᠯᠡᠵᠦ ᠰᠤᠨᠵᠢᠵᠤ ᠪᠣᠯᠤᠮᠤᠢ᠃ ᠨᠢᠭᠡᠬᠡᠨ ᠦᠶ᠎ᠡ ᠪᠢᠴᠢᠭ ᠰᠢᠯᠭᠠᠵᠤ ᠵᠤᠸᠠᠩ ᠶᠤᠸᠠᠨ ᠤ᠋ ᠵᠡᠷᠭᠡ ᠳ᠋ᠦ᠍ᠷ ᠬᠦᠷᠦᠭᠴᠢᠳ ᠢ᠋ ᠪᠠᠰᠠ ᠲᠡᠭᠦᠨ ᠶᠢᠰᠦᠨ ᠦᠶ᠎ᠡ ᠶ᠋ᠢᠨ ᠡᠪᠦᠭᠡᠳ ᠦ᠋ᠨ ᠨᠢᠭᠤᠴᠠ ᠪᠤᠶᠠᠨ ᠢ᠋ ᠬᠣᠯᠪᠣᠭᠳᠠᠭᠤᠯᠤᠨ ᠬᠡᠯᠡᠯᠴᠡᠵᠦ ᠪᠠᠢᠲᠠᠯ᠎ᠠ ᠨᠢᠭᠡᠨ ᠳᠡᠯᠡᠬᠡᠢ ᠳ᠋ᠠᠬᠢᠨ ᠢ᠋ ᠡᠵᠡᠯᠡᠭᠰᠡᠨ ᠲᠡᠭᠷᠢ ᠶ᠋ᠢᠨ ᠬᠥᠪᠡᠭᠦᠨ ᠭᠠᠭᠴᠠ ᠬᠥᠮᠦᠨ ᠢ᠋ ᠴᠥᠮ ᠮᠤᠩᠬᠠᠭ ᠬᠠᠷᠭᠢᠰ ᠢ᠋ᠶ᠋ᠠᠷ ᠬᠡᠯᠪᠡᠷᠢᠨ ᠪᠤᠷᠤᠭᠤᠰᠢᠶᠠᠬᠤᠢ ᠳ᠋ᠤᠷ ᠪᠢᠴᠢᠭ ᠦ᠋ᠨ ᠬᠥᠮᠦᠨ ᠴᠦ᠍ ᠦᠯᠦ ᠪᠢᠰᠢᠷᠡᠬᠦ ᠶ᠋ᠢ ᠴᠦ᠍ ᠪᠠᠢᠲᠤᠭᠠᠢ᠂ ᠬᠡᠳᠦᠢ ᠪᠢᠲᠡᠭᠦᠯᠢᠭ ᠲᠠᠷᠢᠶᠠᠯᠠᠩ ᠤ᠋ᠨ ᠬᠥᠮᠦᠨ ᠴᠦ᠍ ᠮᠥᠨ ᠢᠲᠡᠭᠡᠬᠦ ᠦᠭᠡᠢ ᠪᠣᠯᠠᠢ᠃ ᠲᠡᠢᠨ ᠬᠦ᠌ ᠮᠠᠰᠢ ᠢᠨᠢᠶᠡᠯᠲᠡᠢ ᠢᠨᠤ ᠨᠢᠭᠡᠨ ᠶᠡᠬᠡ 《ᠭᠠᠩ ᠮᠦ᠍ ᠪᠢᠴᠢᠭ》 ᠢ᠋ ᠡᠳᠡᠭᠡᠷ ᠵᠡᠷᠭᠡ ᠶ᠋ᠢᠨ ᠬᠤᠶᠠᠯᠢ ᠳᠠᠭᠤᠴᠢ ᠮᠡᠲᠦ ᠬᠣᠪᠴᠢ ᠪᠢᠯᠳᠠᠤᠴᠢ ᠠᠷᠠᠳ᠂ ᠥᠴᠦᠬᠡᠨ ᠬᠥᠮᠦᠨ ᠳ᠋ᠦ᠍ᠷ ᠲᠤᠰᠢᠶᠠᠨ ᠬᠢᠯᠭᠡᠭᠰᠡᠨ ᠢᠨᠤ ᠶᠠᠭᠤᠲᠠᠢ ᠶᠡᠬᠡ ᠨᠢᠳᠦ ᠪᠣᠢ᠂ ᠡᠳᠡᠭᠡᠷ ᠮᠠᠲᠠᠯ ᠥᠴᠦᠬᠡᠨ᠂ ᠣᠶᠤᠨ ᠭᠦᠶᠦᠭᠡᠨ ᠲᠠᠰᠢᠮᠠᠭᠠᠢ ᠬᠡᠯᠪᠡᠷᠢᠭᠦᠦ ᠬᠢᠲᠠᠳ ᠪᠢᠴᠢᠭᠡᠴᠢ ᠨᠠᠷ ᠶᠢᠷᠲᠢᠨᠴᠦ ᠶ᠋ᠢᠨ ᠵᠦᠢ ᠤᠴᠢᠷ ᠢ᠋ ᠥᠴᠦᠬᠡᠨ ᠴᠦ᠍ ᠲᠤᠩᠭᠠᠨ ᠪᠣᠳᠣᠵᠤ ᠰᠠᠨᠠᠬᠤ ᠦᠭᠡᠢ ᠪᠡᠷ ᠠᠮᠠᠨ ᠤ᠋ ᠲᠠᠪᠠ ᠪᠠᠷ ᠴᠠᠯᠴᠢᠭᠠᠳ ᠦᠭᠡ ᠪᠤᠰᠤ ᠶ᠋ᠢ ᠬᠡᠯᠡᠵᠦ ᠦᠯᠡᠳᠡᠭᠡᠭᠡᠳ ᠬᠣᠢᠴᠢ ᠡᠳᠦᠷ ᠭᠡᠨᠡᠳᠲᠡ ᠨᠢᠭᠡᠨ ᠥᠪᠡᠷᠴᠢᠯᠡᠯ ᠦᠭᠡᠢ ᠮᠡᠷᠭᠡᠳ ᠲᠣᠷ ᠤᠴᠠᠷᠠᠭᠠᠳ ᠣᠷᠣᠢ ᠲᠥᠷᠥ ᠦᠭᠡᠢ ᠪᠤᠷᠤᠭᠤᠰᠢᠶᠠᠭᠳᠠᠬᠤ ᠶ᠋ᠢ ᠶᠠᠭᠤᠨ ᠳ᠋ᠤᠷ ᠥᠴᠦᠬᠡᠨ ᠴᠢ ᠡᠰᠡ ᠪᠣᠳᠣᠭᠰᠠᠨ ᠪᠣᠢ! ᠠᠶ᠎ᠠ ᠠᠷᠤ ᠭᠠᠵᠠᠷ ᠤ᠋ᠨ ᠬᠥᠮᠦᠨ ᠳ᠋ᠤᠷ ᠵᠠᠭᠤᠨ ᠵᠢᠯ ᠦ᠋ᠨ ᠤᠯᠠᠷᠢᠯ ᠦᠭᠡᠢ ᠭᠡᠮᠡᠨ ᠲᠣᠭᠲᠠᠭᠠᠨ ᠬᠡᠯᠡᠭᠰᠡᠨ ᠠᠲᠠᠯ᠎ᠠ ᠡᠳᠦᠭᠡ ᠳᠠᠢᠴᠢᠩ ᠤᠯᠤᠰ ᠤ᠋ᠨ ᠲᠠᠢᠽᠦ ᠂ ᠲᠠᠢᠽᠦ᠋ᠩ ᠵᠢᠴᠢ ᠱ᠌ᠢᠽᠦ ᠶ᠋ᠢᠨ ᠵᠡᠭᠦᠨ ᠱᠧᠩ ᠵᠢᠩ ᠳ᠋ᠦ᠍ᠷ ᠨᠠᠢ᠍ᠮᠠᠨ ᠵᠢᠯ ᠰᠠᠭᠤᠭᠰᠠᠨ ᠲᠠᠢ ᠬᠣᠷᠢᠨ ᠶᠢᠰᠦᠨ ᠵᠢᠯ ᠢ᠋ ᠲᠠᠢᠴᠢᠭᠠᠳ ᠱ᠌ᠢᠽᠦ ᠶ᠋ᠢᠨ ᠨᠠᠢᠷᠠᠯᠲᠤ ᠲᠥᠪ ᠦ᠋ᠨ ᠲᠡᠷᠢᠭᠦᠨ ᠣᠨ ᠠ᠋ᠴᠠ ᠠᠷᠪᠠᠳᠤᠭᠠᠷ ᠬᠠᠭᠠᠨ ᠪᠦᠷᠢᠨᠲᠦ ᠵᠠᠰᠠᠭᠴᠢ ᠶ᠋ᠢᠨ ᠡᠨᠡ ᠠᠷᠪᠠᠳᠤᠭᠠᠷ ᠣᠨ ᠪᠣᠯᠲᠠᠯ᠎ᠠ ᠬᠣᠶᠠᠷ ᠵᠠᠭᠤᠨ ᠬᠣᠷᠢᠨ ᠨᠠᠢ᠍ᠮᠠᠨ ᠣᠨ ᠪᠣᠯᠵᠤᠬᠤᠢ᠂ ᠬᠡᠷᠪᠡ ᠴᠢᠩ ᠲᠠᠢᠽᠦ ᠶ᠋ᠢᠨ ᠠᠷᠪᠠᠨ ᠨᠢᠭᠡᠨ ᠵᠢᠯ ᠂ ᠲᠠᠢᠽᠦ᠋ᠩ ᠦ᠋ᠨ ᠠᠷᠪᠠᠨ ᠵᠢᠯ ᠂ ᠪᠠᠰᠠ ᠱ᠌ᠢᠽᠦ ᠶ᠋ᠢᠨ ᠳᠡᠭᠡᠳᠦ ᠡᠷᠳᠡᠮᠲᠦ ᠬᠡᠮᠡᠭᠰᠡᠨ ᠨᠠᠢ᠍ᠮᠠᠨ ᠵᠢᠯ ᠂ ᠡᠨᠡ ᠲᠡᠭᠷᠢ ᠶ᠋ᠢᠨ ᠪᠣᠱᠣᠭᠲᠤ ᠂ ᠲᠡᠭᠷᠢ ᠶ᠋ᠢᠨ ᠰᠡᠴᠡᠨ ᠂ ᠳᠡᠭᠡᠳᠦ ᠡᠷᠳᠡᠮᠲᠦ ᠡᠨᠡ ᠭᠤᠷᠪᠠᠨ ᠤ᠋ ᠬᠣᠷᠢᠨ ᠶᠢᠰᠦᠨ ᠵᠢᠯ ᠢ᠋ ᠣᠷᠣᠭᠤᠯᠪᠠᠰᠤ ᠨᠡᠢᠲᠡ ᠬᠣᠶᠠᠷ ᠵᠠᠭᠤᠨ ᠲᠠᠪᠢᠨ ᠳᠣᠯᠣᠭᠠᠨ ᠵᠢᠯ ᠪᠣᠯᠪᠠ᠃ ᠴᠠᠭᠠᠨ ᠬᠡᠷᠡᠮ ᠦ᠋ᠨ ᠭᠠᠳᠠᠭᠠᠳᠤ ᠶ᠋ᠢ ᠴᠥᠮ ᠠᠷᠤ ᠭᠠᠵᠠᠷ ᠬᠡᠮᠡᠮᠦᠢ ᠂ ᠲᠡᠢᠨ ᠬᠦ᠌ ᠡᠨᠡ ᠳᠠᠢᠴᠢᠩ ᠤᠯᠤᠰ ᠪᠠᠰᠠ ᠴᠤᠬᠤᠮᠬᠠᠨ ᠠᠷᠤ ᠭᠠᠵᠠᠷ ᠤ᠋ᠨ ᠬᠥᠮᠦᠨ ᠪᠣᠯᠵᠤᠬᠤᠢ᠃ ᠣᠳᠣ ᠡᠨᠡ ᠠᠷᠤ ᠭᠠᠵᠠᠷ ᠤ᠋ᠨ ᠬᠥᠮᠦᠨ ᠬᠣᠶᠠᠷ ᠵᠠᠭᠤᠨ ᠬᠣᠷᠢᠨ ᠨᠠᠢ᠍ᠮᠠᠨ ᠣᠨ ᠪᠣᠯᠤᠭᠰᠠᠨ ᠢ᠋ ᠡᠦᠲᠦ ᠪᠠᠰᠠ ᠶᠠᠭᠤᠨ ᠭᠡᠮᠡᠨ ᠤᠩᠭᠤᠰᠤ ᠠᠯᠳᠠᠮᠤᠢ ? ᠡᠨᠡ ᠴᠥᠮ ᠣᠨᠴᠠ ᠮᠣᠩᠭᠣᠯ ᠢ᠋ ᠮᠠᠭᠤ ᠬᠡᠯᠡᠰᠦᠭᠡᠢ ᠬᠡᠮᠡᠭᠰᠡᠭᠡᠷ ᠥᠪᠡᠷ ᠦ᠋ᠨ ᠬᠡᠯᠪᠡᠢᠭᠦᠦ ᠲᠠᠰᠢᠮᠠᠭᠠᠢ ᠪᠢᠯᠳᠠᠤᠴᠢ ᠬᠤᠶᠠᠯᠢ ᠪᠠᠨ ᠢᠯᠡᠷᠡᠭᠦᠯᠬᠦᠢ ᠳ᠋ᠦ᠍ᠷ ᠭᠥᠷᠦᠭᠦᠯᠵᠦᠬᠦᠢ᠂ ᠬᠥᠭᠡᠷᠦᠬᠦᠢ ᠪᠣᠯᠠᠢ ! ᠶᠠᠭᠤᠲᠠᠢ ᠢᠴᠢᠭᠦᠷᠢᠲᠡᠢ ᠪᠣᠢ ! ᠶᠡᠬᠡ ᠪᠠᠷᠤᠭ ᠢ᠋ ᠬᠡᠯᠡᠪᠡᠰᠦ ᠨᠠᠷᠠᠨ ᠤ᠋ ᠡᠭᠡᠭᠡᠯᠲᠡ ᠭᠡᠷᠡᠯ ᠬᠦᠷᠬᠦ ᠭᠠᠵᠠᠷ ᠪᠥᠭᠡᠰᠦ ᠨᠢᠭᠡᠨ ᠵᠦᠢᠯ ᠦ᠋ᠨ ᠮᠡᠷᠭᠡᠳ ᠡᠷᠳᠡᠮᠲᠡᠨ ᠲᠥᠷᠥᠬᠦ ᠪᠣᠯᠠᠢ᠃ ᠪᠢ ᠪᠤᠷᠬᠠᠨ ᠤ᠋ ᠬᠣᠶᠠᠷ ᠵᠦᠢᠯ ᠦ᠋ᠨ ᠨᠣᠮ ᠢ᠋ ᠮᠠᠰᠢᠳᠠ ᠭᠠᠢᠬᠠᠮᠤᠢ ᠂ ᠠᠯᠢ ᠬᠣᠶᠠᠷ ᠵᠦᠢᠯ ᠬᠡᠮᠡᠪᠡᠰᠦ᠄ 《 ᠭᠠᠨᠵᠤᠤᠷ 》᠂ 《 ᠳ᠋ᠠᠨᠵᠤᠤᠷ 》 ᠬᠡᠮᠡᠬᠦᠢ ᠬᠣᠶᠠᠷ ᠵᠦᠢᠯ ᠦ᠋ᠨ ᠨᠣᠮ ᠪᠤᠶᠤ ᠂ ᠦᠨᠡᠬᠡᠷ ᠲᠠᠪᠤᠨ ᠲᠡᠷᠭᠡ ᠰᠢᠬᠠᠮ ᠪᠣᠢ᠂ ᠡᠳᠡᠭᠡᠷ ᠨᠣᠮ ᠳ᠋ᠤᠷ ᠡᠭᠡᠨᠡᠭᠲᠡ ᠴᠥᠮ ᠶᠠᠭᠤᠨ ᠢ᠋ ᠬᠡᠯᠡᠭᠰᠡᠨ ᠠᠮᠤᠢ ? ᠬᠡᠮᠡᠪᠡᠰᠦ ᠲᠡᠷᠡ ᠰᠤᠷᠭᠠᠯ ᠳ᠋ᠤᠷ ᠨᠡᠪᠲᠡᠷᠡᠭᠰᠡᠨ ᠣᠶᠤᠨ ᠮᠡᠳᠡᠯᠲᠦ ᠪᠯᠠᠮ᠎ᠠ ᠨᠠᠷ ᠤ᠋ᠨ ᠬᠡᠯᠡᠬᠦ ᠢᠨᠤ᠂ ᠲᠡᠳᠡᠭᠡᠷ ᠴᠥᠮ ᠭᠤᠷᠪᠠᠨ ᠭᠦᠯᠭᠡᠨ ᠵᠢᠷᠭᠤᠭᠠᠨ ᠪᠠᠷᠠᠮᠢᠳ ᠢ᠋ ᠳᠡᠯᠭᠡᠷᠡᠭᠦᠯᠵᠦᠬᠦᠢ ᠬᠡᠮᠡᠮᠦᠢ ᠃ ᠬᠣᠢᠨ᠎ᠠ ᠪᠠᠰᠠ ᠴᠧᠩ ᠳ᠋ᠸ ᠹᠦ ᠶ᠋ᠢᠨ ᠬᠠᠭᠠᠨ ᠤ᠋ ᠬᠠᠯᠠᠭᠤᠨ ᠢ᠋ ᠵᠠᠢᠯᠠᠬᠤ ᠣᠷᠳᠣᠨ ᠤ᠋ ᠳᠣᠲᠣᠷ᠎ᠠ ᠬᠠᠭᠠᠨ ᠤ᠋ ᠪᠢᠴᠢᠭ ᠠᠢᠯᠠᠳᠬᠤ ᠬᠠᠷᠰᠢ ᠸᠧᠨ ᠵᠢᠩ ᠭᠸ ᠳ᠋ᠦ᠍ᠷ ᠣᠷᠣᠵᠤ ᠦᠵᠡᠬᠦᠯ᠎ᠡ ᠳᠣᠯᠣᠭᠠᠨ ᠵᠢᠶᠠᠨ ᠥᠨᠳᠥᠷ ᠠᠰᠠᠷ ᠤ᠋ᠨ ᠳᠥᠷᠪᠡᠨ ᠬᠡᠷᠡᠮ ᠪᠠ ᠳᠡᠭᠡᠷ᠎ᠡ ᠳᠣᠣᠷ᠎ᠠ ᠲᠥᠪ ᠳᠦᠭᠦᠷᠡᠩ ᠃ ᠭᠠᠵᠠᠷ ᠤ᠋ᠨ ᠳᠤᠮᠳᠠ ᠷᠠ ᠷᠠ ᠪᠠᠷ ᠪᠢᠴᠢᠭ ᠦ᠋ᠨ ᠲᠠᠯᠪᠢᠭᠤᠷ ᠲᠤᠷ ᠪᠠᠰᠠ ᠲᠥᠪ ᠳᠦᠭᠦᠷᠡᠩ ᠡᠭᠦᠨ ᠡᠴᠡ ᠭᠠᠳᠠᠨ᠎ᠠ ᠬᠠᠭᠠᠨ ᠤ᠋ ᠶᠢᠰᠦᠨ ᠵᠢᠶᠠᠨ ᠲᠥᠪ ᠦ᠋ᠨ ᠨᠠᠨ ᠮᠦ᠍ ᠳ᠋ᠢᠶᠠᠨ ᠬᠠᠷᠰᠢ ᠶ᠋ᠢᠨ ᠬᠣᠢᠲᠤ ᠲᠤᠭᠤᠷᠭ᠎ᠠ ᠳ᠋ᠤᠷ ᠫᠧᠩ ᠲᠤᠯᠲᠠᠯ᠎ᠠ ᠲᠥᠪ ᠳᠦᠭᠦᠷᠡᠩ ᠪᠢᠴᠢᠭ᠃ ᠪᠠᠰᠠ ᠬᠣᠶᠠᠷ ᠡᠲᠡᠭᠡᠳ ᠦ᠋ᠨ ᠣᠷᠳᠣᠨ ᠳ᠋ᠤᠷ ᠲᠥᠪ ᠳᠦᠭᠦᠷᠡᠩ ᠲᠠᠪᠤᠨ ᠴᠢ ᠬᠢᠷᠢᠲᠡᠢ ᠣᠪᠣᠭᠠᠯᠠᠵᠤ ᠂ ᠪᠠᠰᠠ ᠳᠠᠯᠠᠨ ᠬᠡᠳᠦᠨ ᠤᠷᠲᠤ ᠬᠠᠷᠰᠢ ᠳ᠋ᠤᠷ ᠠᠷᠪᠠ ᠬᠣᠷᠢ ᠪᠠᠷ ᠣᠪᠣᠭᠠᠯᠠᠵᠤ ᠪᠢᠴᠢᠭ ᠦᠭᠡᠢ ᠭᠠᠵᠠᠷ ᠦᠭᠡᠢ ᠃ ᠡᠭᠦᠨ ᠦ᠌ ᠳᠣᠲᠣᠷ᠎ᠠ ᠳᠠᠪᠬᠤᠷᠯᠠᠭᠰᠠᠨ ᠪᠢᠴᠢᠭ ᠦᠭᠡᠢ ᠬᠡᠮᠡᠮᠦᠢ ᠃ ᠪᠦᠭᠦᠳᠡᠭᠡᠷ ᠢ᠋ ᠨᠡᠢᠯᠡᠭᠦᠯᠪᠡᠰᠦ ᠲᠠᠲᠠᠬᠤ ᠳ᠋ᠠᠭᠠᠨ ᠠᠷᠪᠠᠨ ᠲᠡᠷᠭᠡ ᠪᠣᠢ ᠃ ᠲᠡᠳᠦᠢ ᠪᠢ ᠡᠳᠦᠢᠴᠢᠨᠡᠭᠡᠨ ᠪᠢᠴᠢᠭ ᠲᠣᠷ ᠡᠭᠡᠨᠡᠭᠲᠡ ᠶᠠᠭᠤᠨ ᠢ᠋ ᠲᠣᠭᠠᠴᠢᠭᠰᠠᠨ ᠪᠣᠢ ? ᠬᠡᠮᠡᠪᠡᠰᠦ ᠪᠢᠴᠢᠭ ᠦ᠋ᠨ ᠮᠡᠷᠭᠡᠳ ᠦ᠋ᠨ ᠬᠡᠯᠡᠬᠦ ᠢᠨᠤ ᠂ ᠡᠴᠦᠰ ᠲᠦ᠍ᠷ ᠴᠥᠮ ᠳᠥᠷᠪᠡᠨ ᠶᠡᠬᠡ ᠲᠠᠪᠤᠨ ᠡᠭᠦᠷᠢᠳᠡ ᠶ᠋ᠢ ᠲᠠᠢᠯᠪᠤᠷᠢᠯᠠᠬᠤᠢ ᠬᠡᠮᠡᠮᠦᠢ᠃ ᠲᠡᠢᠨ ᠬᠦ ᠪᠢ ᠡᠯ᠎ᠡ ᠰᠤᠷᠭᠠᠯ ᠬᠡᠮᠡᠪᠡᠰᠦ ᠡᠭᠡᠨᠡᠭᠲᠡ ᠴᠥᠮ ᠬᠥᠮᠦᠨ ᠢ᠋ ᠰᠠᠢᠨ ᠢ᠋ᠶ᠋ᠠᠷ ᠰᠤᠷᠭᠠᠭᠤᠯᠢᠯᠠᠬᠤ ᠶ᠋ᠢ ᠨᠡᠪᠲᠡ ᠣᠯᠵᠤ ᠮᠡᠳᠡᠪᠡ᠃ ᠨᠢᠭᠡᠨᠲᠡ ᠰᠤᠷᠭᠠᠯ ᠪᠦᠬᠦᠨ ᠴᠥᠮ ᠬᠥᠮᠦᠨ ᠰᠠᠢᠨ ᠢ᠋ᠶ᠋ᠠᠷ ᠰᠤᠷᠭᠠᠬᠤ ᠪᠣᠯᠪᠠᠰᠤ ᠲᠡᠭᠦᠨ ᠳ᠋ᠦ᠍ᠷ ᠡᠦᠲᠦ ᠶᠠᠭᠤᠨ ᠤ᠋ ᠲᠡᠷᠰᠯᠡᠭᠦᠦ ᠪᠤᠷᠤᠭᠤ ᠮᠠᠭᠤ ᠬᠠᠷᠭᠢᠰ ᠵᠦᠢᠯ ᠪᠠᠢᠬᠤ ᠠᠵᠢ᠂ ᠬᠡᠳᠦᠢᠪᠡᠷ ᠡᠳᠦᠭᠡ ᠰᠢ ᠶᠠᠩ ᠬᠣᠲᠣᠩ ᠤ᠋ᠨ ᠶᠠᠷᠭᠠᠴᠢᠨ ᠨᠠᠷ ᠲᠤᠷ ᠪᠣᠯᠪᠠᠴᠤ ᠲᠡᠭᠦᠨ ᠦ᠌ ᠮᠡᠷᠭᠡᠳ ᠲᠣᠷ ᠤᠴᠠᠷᠠᠵᠤ ᠬᠡᠯᠡᠯᠴᠡᠨ ᠦᠵᠡᠪᠡᠰᠦ ᠮᠥᠨ ᠣᠯᠠᠨ ᠤ᠋ ᠰᠡᠳᠬᠢᠯ ᠢ᠋ ᠵᠠᠰᠠᠬᠤ ᠂ ᠪᠡᠶ᠎ᠡ ᠶ᠋ᠢ ᠪᠠᠷᠢᠮᠲᠠᠯᠠᠬᠤ ᠵᠡᠷᠭᠡ ᠦᠭᠡᠰ ᠪᠣᠢ ᠶᠡᠷᠦ ᠠᠳᠬᠠᠭ ᠥᠪᠡᠷᠴᠢᠯᠡᠯ ᠢ᠋ᠶ᠋ᠡᠷ ᠪᠤᠰᠤᠳ ᠢ᠋ ᠬᠥᠨᠥᠭᠡᠬᠦᠢ ᠬᠣᠣᠷᠯᠠᠬᠤ ᠵᠦᠢᠯ ᠢ᠋ᠶ᠋ᠡᠷ ᠣᠭᠲᠣ ᠦᠭᠡᠢ᠂ ᠲᠡᠭᠦᠨ ᠦ᠌ ᠰᠤᠷᠲᠠᠯᠳᠠᠨ ᠤ᠋ ᠬᠡᠯᠡᠬᠦ ᠪᠠ ᠶᠠᠪᠤᠬᠤ ᠠᠨᠤ ᠮᠥᠨ ᠬᠦ᠌ ᠮᠠᠨ ᠤ᠋ ᠡᠨᠳᠡᠬᠢ ᠰᠤᠷᠭᠠᠯ ᠰᠣᠨᠣᠰᠬᠠᠯᠳᠤ ᠬᠥᠮᠦᠨ ᠦ᠌ ᠨᠠᠮ ᠳᠥᠯᠭᠡᠨ ᠵᠥᠭᠡᠯᠡᠨ ᠡᠶᠡᠪᠡᠷᠭᠦ ᠠᠷᠠᠳ ᠯᠤᠭ᠎ᠠ ᠨᠢᠭᠡᠨ ᠠᠳᠠᠯᠢ ᠪᠣᠯᠠᠢ᠃ ᠵᠢᠴᠢ ᠪᠤᠷᠬᠠᠨ ᠪᠠ ᠪᠣᠭᠳᠠ ᠶ᠋ᠢᠨ ᠶᠣᠰᠣ ᠶ᠋ᠢ ᠬᠡᠯᠡᠬᠦ ᠢᠨᠤ ᠮᠥᠨ ᠮᠠᠰᠢ ᠨᠠᠷᠢᠨ ᠨᠢᠭᠲᠠ᠂ ᠪᠠᠰᠠ ᠲᠡᠭᠦᠨ ᠦ᠌ ᠮᠣᠩᠭᠣᠯ ᠢ᠋ᠶ᠋ᠠᠷ ᠣᠷᠴᠢᠭᠤᠯᠤᠭᠰᠠᠨ ᠨᠣᠮ ᠢ᠋ ᠠᠨᠤ ᠦᠵᠡᠪᠡᠰᠦ ᠲᠡᠷᠡ ᠮᠥᠨ ᠪᠤᠷᠬᠠᠨ ᠢ᠋ ᠣᠭᠲᠣ ᠮᠠᠭᠤᠰᠢᠶᠠᠨ ᠪᠤᠷᠤᠭᠤᠰᠢᠶᠠᠭᠰᠠᠨ ᠭᠠᠵᠠᠷ ᠦᠭᠡᠢ᠂ ᠭᠠᠭᠴᠠ ᠪᠠᠬᠠᠨ ᠪᠤᠷᠬᠠᠨ ᠤ᠋ ᠨᠡᠷ᠎ᠡ ᠶ᠋ᠢ ᠵᠢᠭᠠᠵᠤ ᠥᠪᠡᠷ ᠦ᠋ᠨ ᠪᠡᠶ᠎ᠡ ᠪᠡᠨ ᠬᠦᠨᠳᠦ ᠡᠷᠭᠢᠨ ᠪᠣᠯᠭᠠᠨ ᠡᠷᠭᠢᠭᠦᠯᠬᠦ ᠪᠠ ᠪᠠᠰᠠ ᠡᠭᠡᠯ ᠪᠡᠶ᠎ᠡ ᠪᠥᠭᠡᠳ ᠪᠤᠷᠬᠠᠨ ᠤ᠋ ᠦᠢᠯᠡ ᠶ᠋ᠢ ᠳᠠᠭᠤᠷᠢᠶᠠᠨ ᠴᠢᠳᠠᠬᠤ ᠦᠭᠡᠢ ᠦᠢᠯᠡ ᠪᠡᠷ ᠶᠠᠪᠤᠵᠤ ᠬᠥᠮᠦᠨ ᠢ᠋ ᠮᠡᠬᠡᠯᠡᠬᠦ ᠶ᠋ᠢ ᠪᠠᠬᠠᠨ ᠬᠣᠷᠢᠭᠯᠠᠵᠤᠬᠤᠢ᠃ ᠲᠡᠷᠡ ᠰᠡᠳᠬᠢᠯ ᠢᠨᠦ ᠮᠠᠨ ᠤ᠋ ᠮᠣᠩᠭᠣᠯ ᠳ᠋ᠤᠷ ᠮᠥᠨ ᠲᠥᠷᠥᠭᠳᠡᠵᠦ ᠪᠣᠢ ᠪᠣᠯᠠᠢ᠃ ᠪᠤᠷᠬᠠᠨ ᠤ᠋ ᠱᠠᠪᠢ ᠨᠠᠷ ᠭᠡᠭᠡᠨ ᠬᠤᠲᠤᠭᠲᠤ ᠬᠡᠮᠡᠬᠦ ᠠᠷᠠᠳ ᠴᠡᠷᠢᠭ ᠲᠦ᠍ᠷ ᠭᠠᠷᠴᠤ ᠬᠥᠮᠦᠨ ᠠᠯᠠᠵᠤ ᠭᠠᠯ ᠲᠠᠯᠪᠢᠨ ᠶᠠᠪᠤᠵᠤ᠂ ᠬᠠᠭᠠᠨ ᠤ᠋ ᠭᠠᠪᠢᠶ᠎ᠠ ᠨᠡᠷ᠎ᠡ ᠱᠠᠩ ᠬᠡᠰᠢᠭ ᠲᠣᠷ ᠳᠤᠷᠠᠯᠠᠵᠤ ᠶᠠᠪᠤᠭᠰᠠᠭᠠᠷ ᠪᠠᠰᠠ ᠠᠯᠳᠠᠰᠢ ᠭᠠᠷᠴᠤ ᠤᠯᠤᠰ ᠤ᠋ᠨ ᠴᠠᠭᠠᠵᠠ ᠪᠠ ᠬᠠᠤᠯᠢ ᠳ᠋ᠤᠷ ᠠᠨᠤ ᠲᠣᠷᠭᠠᠭᠳᠠᠨ ᠶᠠᠪᠤᠭᠴᠢᠳ ᠪᠣᠢ ᠠᠮᠤᠢ᠃ ᠡᠨᠡ ᠢᠨᠤ ᠳᠠᠭᠤᠨ ᠭᠠᠷᠴᠤ ᠦᠯᠦ ᠴᠢᠳᠠᠬᠤ ᠪᠤᠷᠬᠠᠨ ᠢ᠋ ᠳᠠᠷᠤᠯᠠᠬᠤ ᠠᠨᠤ ᠶᠠᠮᠪᠠᠷ ᠬᠢᠷᠢᠲᠡᠢ ᠵᠠᠨᠤᠯᠲᠠᠢ ᠪᠣᠢ! ᠪᠤᠷᠬᠠᠨ ᠤ᠋ ᠬᠣᠶᠠᠷ ᠵᠠᠭᠤᠨ ᠵᠢᠷᠠᠨ ᠲᠠᠪᠤᠨ ᠰᠠᠨᠸᠠᠷ ᠲᠤᠷ ᠠᠯᠢᠨ ᠳ᠋ᠤᠷ ᠬᠥᠮᠦᠨ ᠠᠯᠠᠵᠤ ᠭᠠᠯ ᠲᠠᠯᠪᠢᠬᠤ ᠰᠠᠨᠸᠠᠷ ᠪᠣᠢ ? ᠦᠨᠡᠬᠡᠷ ᠮᠠᠭᠠᠳ ᠣᠨᠣᠯ ᠢ᠋ ᠣᠯᠵᠤ ᠳᠡᠭᠡᠳᠦ ᠬᠥᠯᠭᠡᠨ ᠳ᠋ᠦ᠍ᠷ ᠲᠠᠷᠨᠢ ᠶ᠋ᠢᠨ ᠶᠣᠰᠣᠨ᠎ᠠ ᠬᠡᠳᠦᠢᠪᠡᠷ ᠨᠢᠭᠡᠨ ᠠᠯᠠᠨ ᠲᠣᠨᠢᠯᠭᠠᠭᠴᠢ ᠶ᠋ᠢᠨ ᠥᠭᠦᠯᠡᠯ ᠪᠣᠢ ᠪᠣᠯᠪᠠᠴᠤ ᠲᠡᠭᠦᠨ ᠢ᠋ ᠡᠩ ᠦ᠋ᠨ ᠰᠠᠨᠸᠠᠷ ᠱᠠᠭᠱᠠᠪᠣᠳ ᠢ᠋ ᠰᠠᠬᠢᠬᠤ ᠲᠣᠢᠨ ᠬᠤᠸᠠᠷᠠᠭ ᠤ᠋ᠳ ᠢ᠋ ᠰᠢᠭᠤᠳ ᠦᠢᠯᠡᠳ ᠬᠡᠮᠡᠭᠰᠡᠨ ᠰᠤᠷᠭᠠᠯ ᠪᠣᠢ ᠤᠤ ? ᠨᠡᠩᠳᠡ ᠡᠳᠦᠭᠡᠬᠢ ᠽᠣᠩᠺᠠᠸᠠ ᠵᠧ ᠪᠯᠠᠮ᠎ᠠ ᠶ᠋ᠢᠨ ᠰᠢᠷ᠎ᠠ ᠶ᠋ᠢᠨ ᠱᠠᠰᠢᠨ ᠳ᠋ᠤᠷ ᠦᠨᠡᠬᠡᠷ ᠲᠠᠷᠨᠢ ᠶ᠋ᠢᠨ ᠬᠥᠯᠭᠡᠨ ᠦ᠌ ᠣᠨᠣᠯ ᠢ᠋ ᠮᠠᠭᠠᠳ ᠣᠯᠤᠭᠰᠠᠨ ᠬᠥᠮᠦᠨ ᠬᠡᠷᠪᠡ ᠲᠠᠷᠨᠢ ᠶ᠋ᠢᠨ ᠭᠦᠯᠭᠡᠨ ᠢ᠋ ᠪᠢᠰᠢᠯᠭᠠᠨ ᠪᠦᠲᠦᠭᠡᠬᠦ ᠪᠣᠯᠪᠠᠰᠤ ᠲᠣᠢᠨ ᠤ᠋ ᠪᠠᠢᠳᠠᠯ ᠢ᠋ ᠬᠠᠯᠠᠵᠤ ᠬᠠᠷ᠎ᠠ ᠬᠥᠮᠦᠨ ᠪᠣᠯᠤᠭᠠᠳ ᠴᠢᠨᠠᠳᠤ ᠳ᠋ᠤᠷ ᠢ᠋ᠶ᠋ᠠᠨ ᠰᠠᠨᠸᠠᠷ ᠱᠠᠭᠱᠠᠪᠣᠳ ᠤ᠋ᠨ ᠣᠨᠣᠯ ᠰᠠᠨᠠᠯ ᠢ᠋ᠶ᠋ᠠᠨ ᠬᠢᠴᠢᠶᠡᠨ ᠰᠠᠬᠢᠵᠤ ᠪᠦᠲᠦᠭᠡ ᠂ ᠬᠡᠷᠪᠡ ᠵᠥᠷᠢᠴᠡᠪᠡᠰᠦ ᠬᠠᠭᠠᠨ ᠤ᠋ ᠵᠠᠰᠠᠭ ᠪᠠ ᠱᠠᠰᠢᠨ ᠤ᠋ ᠴᠠᠭᠠᠵᠠᠨ ᠳ᠋ᠤᠷ ᠬᠠᠷᠰᠢᠯᠠᠮᠤᠢ ᠬᠡᠮᠡᠵᠦ ᠂ ᠳᠠᠪᠬᠤᠷ ᠳᠠᠪᠬᠤᠷ ᠲᠣᠳᠣᠷᠬᠠᠢ ᠴᠠᠭᠠᠵᠠᠯᠠᠵᠤ ᠪᠠᠢᠲᠠᠯ᠎ᠠ ᠡᠳᠦᠭᠡ ᠪᠠᠷᠠᠭᠤᠨ ᠲᠠᠩᠭᠤᠳ ᠪᠠ ᠬᠣᠢᠲᠤ ᠠᠷᠤ ᠭᠠᠵᠠᠷ ᠲᠤᠷ ᠨᠣᠮᠲᠤ ᠲᠠᠬᠢᠯ ᠡᠭᠦᠷᠦᠭᠰᠡᠨ ᠭᠡᠯᠦᠩ ᠭᠡᠰᠦᠯ ᠰᠠᠨᠸᠠᠷᠲᠦ ᠭᠡᠭᠡᠨ ᠬᠤᠲᠤᠭᠲᠤ ᠪᠠ ᠵᠠᠰᠠᠭ ᠪᠯᠠᠮ᠎ᠠ ᠠᠨᠤ ᠴᠡᠷᠢᠭ ᠲᠦ᠍ᠷ ᠭᠠᠷᠬᠤ ᠠᠨᠤ ᠮᠠᠰᠢ ᠣᠯᠠᠨᠲᠠ ᠪᠣᠢ᠃ ᠡᠳᠡᠭᠡᠷ ᠦ᠋ᠳ ᠢ᠋ ᠬᠡᠷᠬᠢᠨ ᠪᠤᠷᠬᠠᠨ ᠤ᠋ ᠱᠠᠪᠢ ᠳ᠋ᠤᠷ ᠲᠣᠭᠠᠴᠠᠴᠤ ᠪᠣᠯᠤᠮᠤᠢ? ᠲᠡᠢᠮᠦ ᠬᠡᠮᠡᠭᠡᠳ ᠡᠳᠡᠭᠡᠷ ᠳᠠᠮᠰᠢᠭ ᠤ᠋ᠳ ᠤ᠋ᠨ ᠶᠠᠯ᠎ᠠ ᠶ᠋ᠢ ᠪᠤᠷᠬᠠᠨ ᠳ᠋ᠤᠷ ᠨᠥᠮᠥᠷᠭᠡᠵᠦ ᠪᠣᠯᠤᠮᠤᠢ ᠤᠤ ? ᠪᠠᠰᠠ ᠪᠣᠭᠳᠠ ᠺᠦᠩ ᠹᠦᠽᠢ ᠶ᠋ᠢᠨ ᠱᠠᠪᠢ ᠨᠠᠷ ᠭᠡᠮᠡᠨ ᠴᠡᠷᠢᠭ ᠦᠵᠡᠭᠰᠡᠨ ᠠᠷᠠᠳ ᠬᠠᠭᠠᠨ ᠠ᠋ᠴᠠ ᠤᠷᠪᠠᠵᠤ ᠡᠵᠡᠨ ᠢ᠋ᠶ᠋ᠡᠨ ᠲᠡᠷᠰᠯᠡᠨ ᠡᠵᠡᠨ ᠦ᠌ ᠪᠡᠨ ᠲᠥᠷᠥ ᠶ᠋ᠢ ᠪᠤᠯᠢᠶᠠᠭᠰᠠᠨ ᠪᠠ ᠪᠠᠰᠠ ᠴᠦᠨ ᠴᠢᠦ ᠶ᠋ᠢᠨ ᠦᠶ᠎ᠡ ᠡᠴᠡ ᠡᠳᠦᠭᠡ ᠳ᠋ᠦ᠍ᠷ ᠬᠦᠷᠲᠡᠯ᠎ᠡ ᠡᠷᠬᠡ ᠶ᠋ᠢ ᠪᠤᠯᠢᠶᠠᠯᠳᠤᠨ ᠡᠴᠢᠭᠡ ᠠᠬ᠎ᠠ ᠪᠠᠨ ᠠᠯᠠᠭᠰᠠᠨ ᠬᠢᠭᠡᠳ ᠲᠥᠷᠥ ᠰᠠᠭᠠᠷᠢᠨ ᠢ᠋ ᠡᠵᠡᠯᠡᠭᠰᠡᠨ ᠢᠨᠤ ᠮᠠᠰᠢ ᠣᠯᠠᠨ ᠭᠠᠷᠴᠤᠬᠤᠢ᠂ ᠡᠳᠦᠭᠡᠬᠢ ᠴᠠᠭ ᠤ᠋ᠨ ᠪᠢᠴᠢᠭ ᠢ᠋ᠶ᠋ᠡᠷ ᠰᠢᠯᠭᠠᠵᠤ ᠭᠠᠷᠤᠭᠰᠠᠨ ᠬᠠᠷᠭᠢᠰ ᠲᠤᠷᠰᠢᠮᠠᠯ ᠬᠣᠪᠳᠣᠭ ᠰᠠᠢᠳ ᠤᠯᠤᠰ ᠲᠤᠷ ᠳᠦᠭᠦᠷᠡᠩ ᠪᠣᠢ᠂ ᠡᠳᠡᠭᠡᠷ ᠦ᠋ᠨ ᠶᠠᠯ᠎ᠠ ᠶ᠋ᠢ ᠪᠣᠭᠳᠠ ᠺᠦᠩ ᠹᠦᠽᠢ ᠶ᠋ᠢᠨ ᠳᠡᠭᠡᠷ᠎ᠡ ᠨᠥᠮᠥᠷᠭᠡᠨ ᠬᠡᠯᠡᠯᠴᠡᠵᠦ ᠪᠣᠯᠤᠮᠤᠢ ᠤᠤ ? ᠡᠳᠡᠨ ᠢ᠋ ᠮᠠᠭᠠᠳ ᠺᠦᠩ ᠹᠦᠽᠢ ᠶ᠋ᠢᠨ ᠱᠠᠪᠢ ᠳ᠋ᠤᠷ ᠬᠡᠷᠬᠢᠨ ᠲᠣᠭᠠᠴᠠᠵᠤ ᠪᠣᠯᠤᠮᠤᠢ? ᠲᠡᠢᠨ ᠬᠦ᠌ ᠠᠯᠢ ᠰᠤᠷᠭᠠᠯ ᠳ᠋ᠤᠷ ᠮᠠᠭᠤ ᠬᠥᠮᠦᠨ ᠦᠭᠡᠢ ᠠᠵᠢ ? ᠭᠠᠭᠴᠠ ᠬᠢᠴᠢᠶᠡᠨ ᠳᠠᠭᠠᠭᠰᠠᠳ ᠢ᠋ ᠲᠡᠷᠡ ᠰᠤᠷᠭᠠᠯ ᠤ᠋ᠨ ᠱᠠᠪᠢ ᠬᠡᠮᠡᠮᠦᠢ ᠂ ᠰᠥᠷᠴᠦ ᠲᠡᠷᠰᠯᠡᠭᠴᠢᠳ ᠢ᠋ ᠲᠡᠷᠡ ᠰᠤᠷᠭᠠᠯ ᠤ᠋ᠨ ᠬᠤᠯᠠᠭᠠᠢ ᠬᠡᠮᠡᠬᠦ ᠪᠣᠯᠠᠢ ᠃ ᠪᠠᠰᠠ ᠦᠯᠢᠳᠬᠡᠪᠡᠰᠦ ᠮᠠᠨ ᠤ᠋ ᠳᠤᠮᠳᠠᠳᠤ ᠲᠡᠭᠷᠢ ᠶ᠋ᠢᠨ ᠤᠯᠤᠰ ᠪᠣᠯᠪᠠᠰᠤ ᠰᠠᠶᠢ ᠬᠥᠮᠦᠨ ᠦ᠌ ᠬᠡᠯᠬᠢᠶ᠎ᠡ ᠲᠡᠢ ᠬᠡᠮᠡᠬᠦ ᠪᠥᠭᠡᠳ ᠮᠣᠵᠢ ᠪᠦᠷᠢ ᠶ᠋ᠢᠨ ᠹᠦ ᠂ ᠵᠧᠦ ᠂ ᠰᠢᠶᠠᠨ ᠤ᠋ ᠭᠢᠨᠳᠠᠨ ᠪᠦᠷᠢ ᠳ᠋ᠦ᠍ ᠲᠥᠪ ᠳᠦᠭᠦᠷᠡᠩ ᠬᠣᠷᠢᠵᠤ ᠪᠠᠢᠬᠤ ᠠᠨᠤ ᠴᠥᠮ ᠭᠠᠳᠠᠭᠠᠳᠤ ᠤᠯᠤᠰ ᠤ᠋ᠨ ᠬᠥᠮᠦᠨ ᠦ᠌ ᠡᠰᠢ ᠬᠡᠯᠬᠢᠶ᠎ᠡ ᠦᠭᠡᠢ ᠬᠥᠮᠦᠨ ᠪᠤᠶᠤ? ᠲᠡᠢᠮᠦ ᠠᠷᠠᠳ ᠮᠠᠨ ᠤ᠋ ᠤᠯᠤᠰ ᠲᠤᠷ ᠭᠠᠷᠪᠠ ᠭᠡᠮᠡᠨ ᠪᠢᠳᠡ ᠤᠯᠤᠰ ᠢ᠋ᠶ᠋ᠠᠨ ᠲᠡᠪᠴᠢᠵᠦ ᠪᠤᠰᠤ ᠭᠠᠵᠠᠷ ᠪᠤᠰᠤ ᠤᠯᠤᠰ ᠲᠤᠷ ᠨᠡᠭᠦᠨ ᠡᠴᠢᠪᠡᠰᠦ ᠵᠣᠬᠢᠮᠤᠢ ᠤᠤ ? ᠪᠠᠰᠠ ᠲᠡᠭᠷᠢ ᠶ᠋ᠢᠨ ᠬᠥᠪᠡᠭᠦᠨ ᠬᠠᠭᠠᠨ ᠪᠣᠯᠤᠭᠰᠠᠨ ᠠ᠋ᠴᠠ ᠳᠣᠷᠣᠭᠰᠢ ᠰᠤᠯᠠ ᠢᠷᠭᠡᠨ ᠳ᠋ᠦ᠍ᠷ ᠬᠦᠷᠲᠡᠯ᠎ᠡ ᠡᠴᠢᠭᠡ ᠡᠵᠡᠨ ᠢ᠋ᠶ᠋ᠡᠨ ᠠᠯᠠᠭᠰᠠᠨ ᠬᠡᠷᠡᠭ ᠂ ᠮᠠᠨ ᠤ᠋ ᠡᠨᠡ ᠳᠤᠮᠳᠠᠳᠤ ᠲᠡᠭᠷᠢ ᠶ᠋ᠢᠨ ᠤᠯᠤᠰ ᠲᠤᠷ ᠣᠯᠠᠨᠲᠠ ᠭᠠᠷᠪᠠ᠃ ᠲᠡᠢᠮᠦ ᠬᠡᠮᠡᠭᠡᠳ ᠭᠠᠳᠠᠭᠠᠳᠤ ᠤᠯᠤᠰ ᠮᠠᠨ ᠤ᠋ ᠳᠤᠮᠳᠠᠳᠤ ᠤᠯᠤᠰ ᠢ᠋ ᠨᠡᠢᠲᠡ ᠪᠡᠷ ᠴᠥᠮ ᠲᠡᠢᠮᠦ ᠭᠡᠮᠡᠨ ᠲᠣᠭᠲᠠᠭᠠᠨ ᠬᠡᠯᠡᠪᠡᠰᠦ ᠪᠢᠳᠡ ᠲᠡᠳᠡᠨ ᠢ᠋ ᠰᠡᠳᠬᠢᠯ ᠡᠴᠡ ᠪᠡᠨ ᠯᠠᠪ ᠪᠢᠰᠢᠷᠡᠨ ᠳᠠᠭᠠᠮᠤᠢ ᠬᠡᠮᠡᠮᠦᠢ ᠦᠦ ? ᠲᠡᠢᠮᠦ ᠶ᠋ᠢᠨ ᠲᠤᠯᠠ ᠬᠡᠯᠪᠡᠢᠭᠦᠦ ᠲᠠᠰᠢᠮᠠᠭᠠᠢ ᠦᠭᠡ ᠶ᠋ᠢᠨ ᠤᠴᠢᠷ ᠣᠭᠲᠣ ᠠᠮᠲᠠ ᠦᠭᠡᠢ ᠢᠨᠤ ᠡᠨᠡ ᠪᠣᠯᠠᠢ᠃ ᠲᠡᠳᠡᠭᠡᠷ ᠲᠠᠰᠢᠮᠠᠭᠠᠢ ᠪᠢᠯᠳᠠᠤᠴᠢ ᠬᠢᠲᠠᠳ ᠪᠢᠴᠢᠭᠡᠴᠢ ᠨᠠᠷ ᠤ᠋ᠨ ᠥᠴᠦᠬᠡᠨ ᠥᠪᠡᠷᠴᠢᠯᠡᠯ ᠢ᠋ᠶ᠋ᠡᠷ ᠬᠠᠢᠷᠠᠬᠠᠨ ᠡᠷᠲᠡᠨ ᠦ᠌ ᠵᠣ᠌ ᠹᠦᠽᠢ ᠶ᠋ᠢ ᠶᠡᠬᠡᠯ᠎ᠡ ᠭᠤᠲᠤᠭᠠᠪᠠ ᠬᠡᠮᠡᠬᠦ ᠢᠨᠤ ᠡᠨᠡ ᠪᠣᠯᠠᠢ᠃ ᠣᠨᠴᠠ ᠮᠣᠩᠭᠣᠯ ᠪᠦᠬᠦᠨ ᠴᠥᠮ ᠮᠠᠭᠤ ᠬᠡᠮᠡᠬᠦ ᠢᠨᠤ ᠢᠲᠡᠭᠡᠯᠲᠡᠢ ᠦᠦ ? ᠦᠭᠡᠢ ᠦᠦ ? ᠵᠢᠴᠢ ᠮᠤᠩᠬᠠᠭ ᠪᠢ ᠣᠨᠴᠠ ᠮᠣᠩᠭᠣᠯ ᠢ᠋ᠶ᠋ᠠᠨ ᠥᠮᠥᠭᠯᠡᠭᠰᠡᠨ ᠪᠠ ᠦᠭᠡᠢ ᠶᠢ ᠬᠣᠢᠴᠢ ᠡᠳᠦᠷ ᠦ᠋ᠨ ᠮᠡᠷᠭᠡᠳ ᠪᠡᠷ ᠬᠢᠨᠠᠨ ᠦᠵᠡᠵᠦ ᠂ ᠮᠤᠩᠬᠠᠭ ᠮᠢᠨᠦ ᠰᠠᠨᠠᠭᠠᠨ ᠳ᠋ᠤᠷ ᠡᠨᠡ ᠨᠢᠭᠡᠨ ᠠᠩᠭᠢ ᠶ᠋ᠢᠨ ᠰᠢᠳᠤᠷᠭᠤ ᠰᠢᠭᠦᠮᠵᠢ ᠭᠡᠮᠡᠨ ᠰᠠᠨᠠᠮᠤᠢ᠃ ᠲᠡᠢᠮᠦ ᠶ᠋ᠢᠨ ᠲᠤᠯᠠ 《 ᠶᠡᠬᠡ ᠰᠤᠷᠲᠠᠬᠤᠢ ᠪᠢᠴᠢᠭ 》 ᠲᠣᠷ ᠥᠭᠦᠯᠡᠭᠰᠡᠨ ᠢᠨᠤ ᠄ 《 ᠳᠡᠭᠡᠳᠦ ᠱᠠᠰᠲᠢᠷ ᠤ᠋ᠨ ᠵᠢᠷᠭᠤᠳᠤᠭᠠᠷ ᠪᠦᠯᠦᠭ ᠰᠠᠨᠠᠭᠠᠨ ᠢ᠋ ᠦᠨᠡᠨ ᠬᠦ᠌ ᠪᠣᠯᠭᠠᠬᠤ ᠶ᠋ᠢ ᠲᠠᠢᠯᠤᠭᠰᠠᠨ ᠳᠠᠷᠠᠭ᠎ᠠ ᠪᠠᠷ ᠪᠣᠢ ᠠᠨᠤ ᠂ ᠪᠡᠶ᠎ᠡ ᠶ᠋ᠢ ᠵᠠᠰᠠᠬᠤ ᠠᠨᠤ ᠰᠡᠳᠬᠢᠯ ᠢ᠋ ᠲᠥᠪ ᠪᠣᠯᠭᠠᠬᠤᠢ ᠳ᠋ᠤᠷ ᠪᠣᠢ ᠬᠡᠮᠡᠬᠦ ᠮᠢᠨᠦ ᠪᠡᠶ᠎ᠡ ᠳ᠋ᠦ᠍ᠷ ᠬᠢᠯᠢᠩᠯᠡᠬᠦ᠂ ᠬᠣᠷᠣᠰᠬᠤ ᠶᠠᠪᠤᠳᠠᠯ ᠪᠣᠢ ᠪᠣᠯᠪᠠᠰᠤ ᠲᠥᠪ ᠢ᠋ ᠣᠯᠬᠤ ᠦᠭᠡᠢ ᠂ ᠪᠡᠶ᠎ᠡ ᠳ᠋ᠦ᠍ᠷ ᠠᠶᠤᠬᠤ ᠡᠮᠢᠶᠡᠬᠦ ᠶᠠᠪᠤᠳᠠᠯ ᠪᠣᠢ ᠪᠣᠯᠪᠠᠰᠤ ᠲᠥᠪ ᠢ᠋ ᠣᠯᠬᠤ ᠦᠭᠡᠢ᠂ ᠪᠡᠶ᠎ᠡ ᠳ᠋ᠦ᠍ ᠵᠣᠪᠠᠬᠤ ᠭᠠᠰᠠᠯᠬᠤ ᠶᠠᠪᠤᠳᠠᠯ ᠪᠣᠢ ᠪᠣᠯᠪᠠᠰᠤ ᠲᠥᠪ ᠢ᠋ ᠣᠯᠬᠤ ᠦᠭᠡᠢ ᠂ ᠪᠡᠶ᠎ᠡ ᠳ᠋ᠦ᠍ᠷ ᠬᠦᠰᠡᠬᠦ ᠳᠤᠷᠠᠯᠠᠬᠤ ᠶᠠᠪᠤᠳᠠᠯ ᠪᠣᠢ ᠪᠣᠯᠪᠠᠰᠤ ᠲᠥᠪ ᠢ᠋ ᠣᠯᠬᠤ ᠦᠭᠡᠢ᠂ ᠰᠡᠳᠬᠢᠯ ᠳ᠋ᠦ᠍ᠷ ᠢᠨᠤ ᠦᠭᠡᠢ ᠪᠣᠯᠪᠠᠰᠤ ᠦᠵᠡᠪᠡᠴᠦ ᠦᠵᠡᠭᠳᠡᠬᠦ ᠦᠭᠡᠢ᠂ ᠴᠢᠩᠨᠠᠪᠠᠴᠤ ᠰᠣᠨᠣᠰᠳᠠᠬᠤ ᠦᠭᠡᠢ᠂ ᠢᠳᠡᠪᠡᠴᠦ ᠠᠮᠲᠠ ᠶ᠋ᠢ ᠮᠡᠳᠡᠬᠦ ᠦᠭᠡᠢ᠃ ᠡᠨᠡ ᠪᠡᠶ᠎ᠡ ᠶ᠋ᠢ ᠵᠠᠰᠠᠬᠤ ᠠᠨᠤ ᠰᠡᠳᠬᠢᠯ ᠢ᠋ ᠲᠥᠪ ᠪᠣᠯᠭᠠᠬᠤᠢ ᠳ᠋ᠤᠷ ᠪᠣᠢ ! 》 ᠬᠡᠮᠡᠭᠰᠡᠨ ᠢᠨᠤ ᠡᠨᠡ ᠪᠤᠶᠤ᠃ ᠳᠡᠭᠡᠳᠦ ᠱᠠᠰᠲᠢᠷ ᠤ᠋ᠨ ᠳᠣᠯᠣᠳᠤᠭᠠᠷ ᠪᠦᠯᠦᠭ ᠦ᠋ᠨ ᠰᠡᠳᠬᠢᠯ ᠢ᠋ᠶ᠋ᠡᠨ ᠲᠥᠪ ᠪᠣᠯᠭᠠᠬᠤᠢ ᠳ᠋ᠤᠷ ᠪᠡᠶ᠎ᠡ ᠶ᠋ᠢ ᠵᠠᠰᠠᠬᠤ ᠶ᠋ᠢ ᠲᠠᠢᠯᠵᠤᠬᠤᠢ᠂ ᠳᠠᠷᠠᠭ᠎ᠠ ᠪᠠᠷ ᠭᠡᠷ ᠢ᠋ ᠲᠡᠭᠰᠢᠯᠡᠬᠦ ᠢᠨᠤ ᠪᠡᠶ᠎ᠡ ᠶ᠋ᠢ ᠵᠠᠰᠠᠬᠤᠢ ᠳ᠋ᠤᠷ ᠪᠠᠢᠮᠤᠢ ᠬᠡᠮᠡᠭᠰᠡᠨ ᠢᠨᠤ ᠬᠥᠮᠦᠨ ᠥᠪᠡᠷ ᠦ᠋ᠨ ᠢᠨᠠᠭ ᠠᠮᠠᠷᠠᠭ ᠲᠤᠷ ᠬᠡᠯᠪᠡᠷᠢᠮᠦᠢ᠂ ᠬᠥᠮᠦᠨ ᠥᠪᠡᠷ ᠦ᠋ᠨ ᠳᠣᠷᠣᠮᠵᠢᠯᠠᠬᠤ ᠵᠢᠭᠰᠢᠬᠦᠢ ᠳ᠋ᠦ᠍ᠷ ᠬᠡᠯᠪᠡᠷᠢᠮᠦᠢ ᠂ ᠬᠥᠮᠦᠨ ᠥᠪᠡᠷ ᠦ᠋ᠨ ᠪᠣᠯᠭᠣᠮᠵᠢᠯᠠᠬᠤ ᠬᠢᠴᠢᠶᠡᠩᠭᠦᠢᠯᠡᠬᠦ ᠳ᠋ᠦ᠍ᠷ ᠬᠡᠯᠪᠡᠷᠢᠮᠦᠢ᠂ ᠬᠥᠮᠦᠨ ᠥᠪᠡᠷ ᠦ᠋ᠨ ᠥᠷᠥᠰᠢᠶᠡᠬᠦᠢ ᠨᠢᠭᠦᠯᠡᠰᠬᠦᠢ ᠳ᠋ᠦ᠍ᠷ ᠬᠡᠯᠪᠡᠷᠢᠮᠦᠢ᠂ ᠬᠥᠮᠦᠨ ᠥᠪᠡᠷ ᠦ᠋ᠨ ᠣᠮᠣᠷᠬᠠᠭᠯᠠᠬᠤ ᠵᠠᠯᠬᠠᠭᠤᠷᠠᠬᠤᠢ ᠳ᠋ᠤᠷ ᠬᠡᠯᠪᠡᠷᠢᠮᠦᠢ ᠂ ᠲᠡᠢᠮᠦ ᠶ᠋ᠢᠨ ᠲᠤᠯᠠ ᠰᠠᠢᠰᠢᠶᠠᠨᠠᠮ ᠪᠥᠭᠡᠳ ᠲᠡᠭᠦᠨ ᠤ ᠮᠠᠭᠤ ᠶ᠋ᠢ ᠰᠡᠷᠡᠬᠦ ᠂ ᠵᠢᠭᠰᠢᠨᠡᠮ ᠪᠥᠭᠡᠳ ᠲᠡᠭᠦᠨ ᠦ᠌ ᠰᠠᠢᠨ ᠢ᠋ ᠤᠬᠠᠮᠵᠢᠯᠠᠪᠠᠰᠤ ᠰᠠᠶᠢ ᠡᠦᠲᠦ ᠶᠡᠬᠡ ᠰᠤᠳᠤᠷ ᠶᠡᠬᠡ ᠵᠦᠢ ᠶ᠋ᠢ ᠢᠯᠭᠠᠨ ᠰᠠᠯᠭᠠᠨ ᠲᠠᠢᠯᠪᠠᠰᠤ ᠪᠣᠯᠤᠮᠤᠢ᠃ ᠡᠳᠡᠭᠡᠷ ᠬᠢᠲᠠᠳ ᠪᠢᠴᠢᠭᠡᠴᠢ ᠨᠠᠷ ᠠᠳᠠᠭ ᠲᠠᠭᠠᠨ ᠪᠡᠶ᠎ᠡ ᠶ᠋ᠢ ᠲᠥᠪ᠂ ᠰᠡᠳᠬᠢᠯ ᠢ᠋ ᠬᠡᠯᠪᠡᠷᠢᠯ ᠦᠭᠡᠢ ᠠᠷᠢᠯᠭᠠᠨ ᠴᠢᠳᠠᠭᠠᠳᠤᠢ ᠪᠠᠷ ᠤᠯᠤᠰ ᠲᠥᠷᠥ ᠶ᠋ᠢᠨ ᠶᠡᠬᠡ ᠬᠡᠷᠡᠭ ᠢ᠋ ᠵᠣᠷᠢᠭ ᠢ᠋ᠶ᠋ᠠᠷ ᠥ ᠭᠠᠷᠭᠠᠨ ᠰᠡᠪ ᠡᠷᠢᠨ ᠮᠠᠭᠤᠰᠢᠶᠠᠬᠤ ᠠᠨᠤ ᠮᠠᠰᠢ ᠢᠴᠢᠩᠭᠦᠷᠡᠯᠲᠡᠢ ᠪᠣᠯᠠᠢ᠃ ᠲᠡᠢᠨ ᠬᠦ᠌ ᠪᠦᠯᠦᠭ ᠪᠦᠷᠢ ᠶ᠋ᠢᠨ ᠰᠡᠭᠦᠯ ᠳ᠋ᠦ᠍ᠷ ᠬᠡᠯᠪᠡᠢᠭᠦᠦ ᠰᠢᠭᠦᠮᠵᠢᠯᠡᠯ ᠳ᠋ᠦ᠍ᠷ ᠮᠤᠩᠬᠠᠭ ᠢᠨᠵᠠᠨᠨᠠᠰᠢ ᠮᠢᠨᠦ ᠬᠠᠷᠢᠭᠤ ᠴᠣᠭᠤᠯᠠᠭᠰᠠᠨ ᠢ᠋ ᠮᠡᠷᠭᠡᠳ ᠪᠡᠷ ᠢᠨᠢᠶᠡᠳᠦᠮ ᠪᠣᠯᠭᠠᠨ ᠳᠤᠯᠢᠳᠠᠲᠤᠭᠠᠢ᠃
