ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠵᠢᠷᠭᠤᠳᠤᠭᠠᠷ ᠠᠩᠭᠢ > Хөх судар - Инжинаш < Товчит толт - Зургадугаар анги > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠵᠢᠷᠭᠤᠳᠤᠭᠠᠷ ᠠᠩᠭᠢ > Хөх судар - Инжинаш < Товчит толт - Зургадугаар анги >

ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠵᠢᠷᠭᠤᠳᠤᠭᠠᠷ ᠠᠩᠭᠢ > Хөх судар - Инжинаш < Товчит толт - Зургадугаар анги >

ᠠᠩᠭᠢᠯᠠᠯ:ᠲᠡᠦᠬᠡ ᠰᠣᠶᠣᠯ
2023-06-12

401

ᠬᠥᠬᠡ ᠰᠤᠳᠤᠷ - ᠲᠣᠪᠴᠢᠲᠤ ᠲᠣᠯᠲᠣ < ᠵᠢᠷᠭᠤᠳᠤᠭᠠᠷ ᠠᠩᠭᠢ >


               ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ ᠤ᠋ᠨ ᠤᠴᠢᠷ 
               ᠰᠢᠯᠲᠠᠭᠠᠨ ᠨᠢᠭᠡᠨ ᠢᠵᠢ ᠂ ᠲᠣᠪᠴᠢᠲᠤ ᠲᠣᠯᠲᠣ ᠶ᠋ᠢᠨ ᠵᠢᠷᠭᠤᠳᠤᠭᠠᠷ ᠠᠩᠭᠢ 

      ᠠᠶ᠎ᠠ ᠡᠨᠡ ᠳᠡᠯᠡᠬᠡᠢ ᠳ᠋ᠠᠬᠢᠨ ᠤ᠋ ᠲᠡᠭᠷᠢ ᠭᠠᠵᠠᠷ ᠤ᠋ᠨ ᠠᠭᠤᠷ ᠠᠮᠢᠰᠬᠤᠯ ᠪᠣᠯᠪᠠᠴᠤ ᠨᠠᠷᠠᠨ ᠤ᠋ ᠡᠭᠡᠭᠡᠯᠲᠡ ᠶ᠋ᠢᠨ ᠬᠣᠯᠠ ᠣᠢᠷ᠎ᠠ ᠪᠠ ᠭᠠᠵᠠᠷ ᠤ᠋ᠨ ᠤᠷᠭᠤᠭᠰᠠᠨ ᠥᠨᠳᠥᠷ ᠪᠣᠭᠣᠨᠢ ᠶ᠋ᠢᠨ ᠡᠷᠬᠡ ᠪᠡᠷ ᠬᠠᠪᠤᠷ ᠨᠠᠮᠤᠷ ᠤ᠋ᠨ ᠡᠷᠲᠡ ᠣᠷᠣᠢ ᠪᠠ ᠵᠤᠨ ᠡᠪᠦᠯ ᠦ᠋ᠨ ᠬᠦᠢᠲᠡᠨ ᠬᠠᠯᠠᠭᠤᠨ ᠠᠨᠤ ᠭᠠᠵᠠᠷ ᠭᠠᠵᠠᠷ ᠤ᠋ᠨ ᠠᠶ᠎ᠠ ᠶ᠋ᠢ ᠳᠠᠭᠠᠵᠤ ᠥᠪᠡᠷ᠎ᠡ ᠥᠪᠡᠷ᠎ᠡ ᠠᠳᠠᠯᠢ ᠦᠭᠡᠢ ᠶ᠋ᠢᠨ ᠡᠷᠬᠡ ᠪᠡᠷ ᠡᠨᠡ ᠶᠢᠷᠲᠢᠨᠴᠦ ᠳ᠋ᠡᠬᠢ ᠲᠦᠮᠡᠨ ᠪᠣᠳᠠᠰ ᠴᠤ᠌ ᠴᠥᠮ ᠬᠤᠪᠢ ᠬᠣᠪᠢᠨ ᠳ᠋ᠤᠷ ᠢ᠋ᠶ᠋ᠠᠨ ᠥᠪᠡᠷ᠎ᠡ ᠥᠪᠡᠷ᠎ᠡ ᠤᠷᠭᠤᠵᠤ᠂ ᠨᠢᠭᠡᠨ ᠠᠳᠠᠯᠢ ᠨᠠᠷᠢᠮᠤ ᠶ᠋ᠢᠨ ᠦᠷ᠎ᠡ ᠠᠲᠠᠯ᠎ᠠ ᠠᠭᠤᠯᠠ ᠶ᠋ᠢᠨ ᠲᠠᠷᠢᠶᠠᠨ ᠤ᠋ ᠨᠠᠷᠢᠮᠤ ᠠᠨᠤ ᠵᠠᠭᠯᠠᠭᠤᠨ ᠴᠢᠬᠢᠮᠠᠢ ᠪᠥᠭᠡᠳ ᠲᠠᠯ᠎ᠠ ᠶ᠋ᠢᠨ ᠲᠠᠷᠢᠶᠠᠨ ᠤ᠋ ᠨᠠᠷᠢᠮᠤ ᠠᠨᠤ ᠵᠥᠭᠡᠯᠡᠨ ᠨᠡᠮᠡᠭᠦᠨ᠃ ᠡᠨᠡ ᠨᠢᠭᠡᠨ ᠢ᠋ᠶ᠋ᠡᠷ ᠳᠡᠯᠡᠬᠡᠢ ᠳ᠋ᠠᠬᠢᠨ ᠤ᠋ ᠨᠡᠢᠲᠡ ᠵᠦᠢ ᠶ᠋ᠢ ᠲᠠᠷᠢᠶᠠᠯᠠᠩ ᠤ᠋ᠨ ᠡᠭᠡᠯ ᠠᠷᠠᠳ ᠪᠣᠯᠪᠠᠴᠤ ᠮᠥᠨ ᠤᠬᠠᠪᠠᠰᠤ ᠪᠣᠯᠬᠤ ᠪᠣᠯᠠᠢ᠃ ᠶᠠᠭᠠᠬᠢᠭᠰᠠᠨ ᠮᠥᠷᠡᠨ ᠦ᠌ ᠬᠣᠢᠲᠤ ᠶ᠋ᠢᠨ ᠵᠦᠷᠵᠢ᠂ ᠮᠥᠷᠡᠨ ᠦ᠌ ᠡᠮᠦᠨᠡᠲᠦ ᠶ᠋ᠢᠨ ᠵᠦᠷᠵᠢᠯᠢᠭ ᠦ᠋ᠨ ᠤᠴᠢᠷ ᠢ᠋ ᠰᠢᠭᠦᠮᠵᠢᠯᠡᠬᠦ ᠪᠣᠢ! ᠲᠡᠢᠨ ᠬᠦ᠌ ᠡᠨᠡ ᠶᠢᠷᠲᠢᠨᠴᠦ ᠳ᠋ᠦ᠍ᠷ ᠣᠷᠣᠰᠢᠬᠤ ᠬᠥᠮᠦᠨ ᠠᠮᠢᠲᠠᠨ ᠴᠤ᠌ ᠮᠥᠨ ᠠᠳᠠᠯᠢ ᠦᠭᠡᠢ ᠶ᠋ᠢᠨ ᠲᠤᠯᠠ ᠬᠡᠳᠦᠢ ᠡᠷᠲᠡᠨ ᠦ᠌ ᠣᠯᠠᠨ ᠪᠣᠭᠳᠠᠰ ᠪᠠ  ᠮᠡᠷᠭᠡᠳ ᠵᠢᠴᠢ ᠶᠡᠬᠡ ᠪᠤᠶᠠᠨᠲᠠᠨ᠂ ᠶᠡᠬᠡ ᠬᠦᠴᠦᠲᠡᠨ ᠪᠣᠯᠪᠠᠴᠤ ᠮᠥᠨ ᠨᠢᠭᠡᠨ ᠠᠳᠠᠯᠢ ᠦᠭᠡᠢ᠂ ᠴᠥᠮ ᠲᠤᠰ ᠲᠤᠰ ᠤ᠋ᠨ ᠵᠠᠩ ᠠᠭᠠᠯᠢ ᠪᠠᠷ ᠲᠤᠰ ᠲᠤᠰ ᠤ᠋ᠨ ᠴᠣᠯᠭᠣᠷᠠᠭᠰᠠᠨ ᠥᠷᠥᠰᠢᠶᠡᠯ ᠡᠷᠳᠡᠮ ᠢ᠋ᠶ᠋ᠡᠷ ᠶᠠᠪᠤᠵᠤᠬᠤᠢ᠃ ᠲᠡᠢᠨ ᠬᠦ᠌ ᠤᠯᠤᠰ ᠤᠯᠤᠰ ᠤ᠋ᠨ ᠵᠠᠩ ᠰᠤᠷᠲᠠᠯ ᠤ᠋ᠨ ᠠᠶ᠎ᠠ ᠶ᠋ᠢ ᠳᠠᠭᠠᠵᠤ᠂ ᠤᠯᠤᠰ ᠤᠯᠤᠰ ᠤ᠋ᠨ ᠪᠢᠴᠢᠭ ᠰᠤᠳᠤᠷ ᠴᠤ᠌ ᠶᠡᠬᠡ ᠠᠶᠠᠰ ᠵᠠᠩ ᠰᠠᠨᠠᠭᠠᠨ ᠠᠨᠤ ᠥᠪᠡᠷ᠎ᠡ ᠥᠪᠡᠷ᠎ᠡ᠃ ᠦᠯᠢᠭᠡᠷᠯᠡᠪᠡᠰᠦ ᠶᠢᠷᠲᠢᠨᠴᠦ ᠶ᠋ᠢᠨ ᠠᠭᠤᠷ ᠠᠮᠢᠰᠬᠤᠯ ᠲᠤᠢᠯ ᠤ᠋ᠨ ᠰᠠᠢᠬᠠᠨ ᠥᠩᠭᠡᠲᠦ ᠢᠨᠤ ᠴᠡᠴᠡᠭ ᠠᠲᠠᠯ᠎ᠠ ᠴᠡᠴᠡᠭ ᠪᠦᠷᠢ ᠠᠳᠠᠯᠢ ᠦᠭᠡᠢ᠂ ᠥᠪᠡᠷ ᠥᠪᠡᠷ ᠲᠡᠭᠡᠨ ᠨᠢᠭᠡᠨ ᠵᠦᠢᠯ ᠦ᠋ᠨ ᠰᠠᠢᠬᠠᠨ ᠥᠩᠭᠡ ᠪᠣᠢ᠃ ᠪᠠᠰᠠ ᠶᠢᠷᠲᠢᠨᠴᠦ ᠶ᠋ᠢᠨ ᠠᠭᠤᠷ ᠠᠮᠢᠰᠬᠤᠯ ᠤ᠋ᠨ ᠲᠤᠢᠯ ᠤ᠋ᠨ ᠠᠮᠲᠠᠲᠠᠢᠬᠠᠨ ᠠᠮᠲᠠ ᠠᠨᠤ ᠵᠢᠮᠢᠰ ᠪᠥᠭᠡᠲᠡᠯ᠎ᠡ ᠵᠢᠮᠢᠰ ᠪᠦᠷᠢ ᠠᠳᠠᠯᠢ ᠦᠭᠡᠢ᠂ ᠲᠤᠰ ᠲᠤᠰ ᠲᠠᠭᠠᠨ ᠨᠢᠭᠡᠨ ᠵᠦᠢᠯ ᠦ᠋ᠨ ᠠᠮᠲᠠᠲᠠᠢᠬᠠᠨ ᠪᠣᠢ ᠪᠤᠰᠤ ᠤᠤ ? ᠦᠵᠡᠲᠡᠯ᠎ᠡ ᠢᠷᠭᠡᠨ ᠦᠭᠡᠰ ᠰᠡᠭᠦᠯ ᠳᠠᠷᠤᠨ ᠬᠡᠯᠡᠵᠦ ᠮᠣᠩᠭᠣᠯ ᠦᠭᠡ ᠲᠣᠯᠣᠭᠠᠢ ᠬᠣᠯᠪᠣᠨ ᠥᠭᠦᠯᠡᠬᠦ ᠪᠠ ᠲᠥᠪᠡᠳ ᠦᠰᠦᠭ ᠲᠦᠷᠭᠡᠨ ᠲᠦᠳᠡ ᠶ᠋ᠢ ᠡᠷᠬᠢᠯᠡᠵᠦ ᠂ ᠮᠠᠨᠵᠤ ᠦᠰᠦᠭ ᠲᠤᠰ ᠲᠠᠭᠠᠷᠠᠭᠤᠯᠤᠨ ᠵᠣᠬᠢᠶᠠᠵᠤᠬᠤᠢ ᠃ ᠲᠡᠢᠮᠦ ᠶ᠋ᠢᠨ ᠲᠤᠯᠠ ᠡᠨᠡ ᠪᠢᠴᠢᠭ ᠴᠣᠬᠣᠮ ᠮᠣᠩᠭᠣᠯ ᠤ᠋ᠨ ᠪᠠ ᠪᠠᠰᠠ ᠮᠣᠩᠭᠣᠯ ᠦᠰᠦᠭ ᠦ᠋ᠨ ᠰᠤᠳᠤᠷ ᠲᠤᠯᠠᠳᠠ ᠪᠠᠢᠨ ᠪᠠᠢᠨ ᠬᠣᠯᠪᠣᠨ ᠪᠡᠯᠭᠡᠯᠡᠬᠦ ᠪᠠ ᠦᠭᠡ ᠳᠠᠷᠰᠢᠭᠤᠯᠤᠨ ᠬᠡᠯᠡᠯᠴᠡᠬᠦ ᠬᠢᠭᠡᠳ ᠪᠠᠰᠠ ᠪᠦᠳᠦᠭᠦᠨ ᠬᠠᠷ᠎ᠠ ᠦᠭᠡ᠂ ᠳᠥᠭᠥᠮ ᠨᠣᠮ ᠤ᠋ᠨ ᠦᠭᠡᠰ᠂ ᠲᠦᠳᠡ ᠬᠤᠷᠢᠶᠠᠩᠭᠤᠢ ᠦᠰᠦᠭ ᠂ ᠬᠠᠭᠤᠴᠢᠨ ᠮᠣᠩᠭᠣᠯ ᠦᠰᠦᠭ ᠣᠯᠠᠨᠲᠠ ᠪᠣᠢ ᠠᠮᠤᠢ᠃ ᠬᠠᠯᠠᠪᠠᠰᠤ ᠦᠯᠦ ᠪᠣᠯᠬᠤ ᠬᠥᠮᠦᠨ ᠦ᠌ ᠨᠡᠷ᠎ᠡ ᠪᠠ ᠠᠢᠮᠠᠭ ᠤ᠋ᠨ ᠨᠡᠷ᠎ᠡ ᠂ ᠵᠢᠴᠢ ᠬᠣᠯᠪᠣᠭᠠᠨ ᠦᠭᠡᠰ ᠦ᠋ᠨ ᠲᠣᠯᠣᠭᠠᠢ ᠪᠠ ᠬᠣᠣᠰᠯᠠᠨ ᠬᠡᠯᠡᠯᠴᠡᠭᠰᠡᠨ ᠦᠭᠡᠰ ᠦ᠋ᠨ ᠳᠣᠲᠣᠷᠠᠬᠢ ᠶ᠋ᠢ ᠬᠡᠪ ᠢ᠋ᠶ᠋ᠡᠷ ᠲᠠᠯᠪᠢᠪᠠ ᠃ᠬᠣᠢᠴᠢ ᠡᠳᠦᠷ ᠦ᠋ᠨ ᠮᠡᠷᠭᠡᠳ ᠰᠠᠢᠳ ᠪᠢᠲᠡᠭᠡᠢ ᠰᠤᠳᠤᠷᠴᠢ  ᠲᠠᠢᠵᠢ ᠢᠨᠵᠠᠨᠨᠠᠰᠢ  ᠨᠠᠮᠠᠶ᠋ᠢ ᠲᠡᠳᠡᠭᠡᠷ ᠦᠭᠡᠰ ᠦ᠋ᠳ ᠢ᠋ ᠵᠠᠯᠠᠷᠠᠭᠤᠯᠤᠨ ᠵᠠᠰᠠᠵᠤ ᠡᠳᠦᠭᠡᠬᠢ ᠵᠠᠰᠠᠪᠤᠷᠢᠯᠠᠵᠤ ᠭᠠᠷᠤᠭᠰᠠᠨ ᠦᠰᠦᠭ ᠢ᠋ᠶ᠋ᠡᠷ  ᠪᠢᠴᠢᠵᠦ ᠭᠠᠷᠭᠠᠨ ᠴᠢᠳᠠᠭᠰᠠᠨ ᠦᠭᠡᠢ ᠭᠡᠮᠡᠨ ᠲᠠᠰᠢᠮᠠᠭᠠᠢᠯᠠᠠ ᠪᠤᠷᠤᠭᠤᠰᠢᠶᠠ ᠃ ᠪᠤᠰᠤ ᠰᠤᠯᠠ ᠤᠴᠢᠷ ᠤ᠋ᠨ ᠦᠭᠡ ᠠᠶᠠᠰ ᠢ᠋ ᠡᠨᠡ ᠦᠶ᠎ᠡ ᠶ᠋ᠢᠨ ᠮᠡᠳᠡᠬᠦᠢ ᠳ᠋ᠦ᠍ᠷ ᠬᠢᠯᠪᠠᠷ ᠦᠰᠦᠭ ᠢ᠋ᠶ᠋ᠡᠷ ᠪᠢᠴᠢᠬᠦᠢ ᠳ᠋ᠦ᠍ᠷ ᠴᠥᠮ ᠭᠠᠢ ᠦᠭᠡᠢ᠂ ᠭᠠᠭᠴᠠ ᠲᠡᠳᠡᠭᠡᠷ ᠬᠣᠯᠪᠣᠭᠠᠨ ᠦᠭᠡᠰ ᠪᠠ ᠳᠠᠷᠰᠢᠭᠤᠯᠤᠭᠰᠠᠨ ᠦᠭᠡᠰ ᠢ᠋ ᠬᠡᠲᠦᠷᠬᠡᠶ᠎ᠡ ᠬᠠᠯᠠᠪᠠᠰᠤ ᠡᠦᠲᠦ ᠮᠠᠰᠢ ᠡᠪ ᠵᠢᠪ ᠦᠭᠡᠢ ᠳ᠋ᠦ᠍ᠷ ᠬᠥᠷᠥᠮᠦᠢ᠃ ᠬᠡᠳᠦᠢᠪᠡᠷ ᠬᠣᠢᠴᠢ ᠡᠳᠦᠷ ᠪᠣᠭᠳᠠ ᠶ᠋ᠢᠨ ᠦᠷᠡᠰ ᠡᠴᠡ ᠭᠡᠨᠡᠳᠲᠡ ᠨᠢᠭᠡᠨ ᠭᠡᠭᠡᠬᠡᠨ ᠬᠡᠬᠦᠳᠡᠭ ᠲᠤᠩᠭᠠᠯᠠᠭ ᠴᠡᠭᠡᠵᠢᠲᠦ ᠡᠷᠬᠢᠮ ᠵᠡᠷᠭᠡ ᠡᠳ᠋ ᠬᠦᠴᠦᠨ ᠲᠡᠭᠦᠰᠦᠭᠰᠡᠨ ᠡᠷᠳᠡᠮᠲᠡᠨ ᠰᠠᠢᠳ ᠭᠠᠷᠤᠭᠠᠳ ᠪᠢ ᠪᠠᠰᠠ ᠡᠨᠡ ᠪᠢᠴᠢᠭ ᠢ᠋ ᠳᠠᠭᠠᠵᠤ ᠮᠥᠨ ᠣᠷᠴᠢᠯᠠᠩ ᠤ᠋ᠨ ᠬᠣᠭᠣᠷᠣᠨᠳᠣ ᠲᠦᠮᠡᠨ ᠦᠶ᠎ᠡ ᠬᠣᠴᠣᠷᠴᠤ ᠲᠦᠮᠡᠨ ᠦᠶ᠎ᠡ ᠬᠤᠢᠴᠢᠬᠢ ᠬᠥᠮᠦᠨ ᠳ᠋ᠦ᠍ᠷ ᠳᠤᠷᠠᠳᠤᠭᠳᠠᠨ ᠲᠠᠨᠢᠭᠳᠠᠵᠤ ᠪᠢᠰᠢᠷᠡᠭᠳᠡᠨ ᠬᠦᠨᠳᠦᠯᠡᠭᠳᠡᠰᠦᠭᠡᠢ ᠭᠡᠮᠡᠨ ᠡᠨᠡ ᠪᠢᠴᠢᠭ ᠢ᠋ ᠬᠡᠪ ᠲᠣᠷ ᠭᠠᠷᠭᠠᠬᠤ ᠪᠤᠶᠤ ᠡᠰᠡᠬᠦᠯ᠎ᠡ ᠬᠢᠲᠠᠳ ᠬᠥᠮᠦᠨ ᠡᠭᠡᠨᠡᠭᠲᠡ ᠮᠠᠨ ᠤ᠋ ᠮᠣᠩᠭᠣᠯ ᠢ᠋ ᠮᠠᠭᠤ ᠬᠡᠯᠡᠳᠡᠭ ᠲᠤᠯᠠ ᠡᠨᠡ ᠰᠤᠳᠤᠷ ᠢ᠋ ᠢᠷᠭᠡᠨ ᠦᠰᠦᠭ ᠢ᠋ᠶ᠋ᠡᠷ ᠣᠷᠴᠢᠭᠤᠯᠤᠨ ᠭᠠᠷᠭᠠᠵᠤ᠂ ᠬᠡᠪ ᠰᠡᠢᠯᠦᠭᠦᠯᠦᠨ ᠳᠡᠯᠡᠬᠡᠢ ᠳ᠋ᠠᠬᠢᠨ᠎ᠠ ᠲᠦᠮᠡᠨ ᠦᠶ᠎ᠡ ᠮᠣᠩᠭᠣᠯ ᠤ᠋ᠨ ᠦᠨᠡᠨ ᠭᠠᠢᠬᠠᠯ ᠢ᠋ ᠬᠣᠴᠣᠷᠤᠭᠤᠯᠰᠤᠭᠠᠢ ᠬᠡᠮᠡᠭᠴᠢᠳ ᠴᠣᠯᠭᠣᠷᠠᠨ ᠭᠠᠷᠴᠤ ᠢᠷᠡᠭᠡᠳ ᠰᠢᠲᠦ ᠵᠠᠭᠤᠨ ᠵᠣᠷᠢᠭᠯᠠᠵᠤ ᠶᠡᠬᠡ ᠡᠷᠳᠡᠮ ᠡᠷᠬᠡ ᠪᠤᠶᠤ ᠶᠡᠬᠡ ᠡᠳ᠋ ᠠᠰᠢᠭ ᠢ᠋ᠶ᠋ᠠᠷ ᠮᠥᠨ ‍ᠬᠦ ᠥᠪᠥᠷ ᠭᠤᠷᠪᠠᠨ ᠴᠢᠭᠤᠯᠭᠠᠨ ᠤ᠋ ᠮᠣᠩᠭᠣᠯ ᠡᠷᠳᠡᠮᠲᠡᠨ ᠬᠢᠲᠠᠳ ᠪᠢᠴᠢᠭ ᠲᠣᠷ ᠮᠡᠷᠭᠡᠰᠢᠵᠦ᠂ ᠪᠢᠷ ᠪᠠᠷᠢᠮᠠᠭᠴᠠ ᠤᠳᠬ᠎ᠠ ᠪᠦᠲᠦᠭᠡᠨ ᠴᠢᠳᠠᠭᠴᠢ ᠡᠷᠳᠡᠮᠲᠡᠨ ᠨᠠᠷ ᠡᠨᠡ ᠪᠢᠴᠢᠭ ᠢ᠋ ᠬᠢᠲᠠᠳ ᠦᠰᠦᠭ ᠲᠣᠷ ᠣᠷᠴᠢᠭᠤᠯᠪᠠᠴᠤ ᠲᠡᠳᠡᠭᠡᠷ ᠬᠣᠯᠪᠣᠭᠠᠨ ᠦᠭᠡᠰ᠂ ᠬᠣᠣᠰᠯᠠᠯ ᠦᠭᠡ ᠶ᠋ᠢ ᠮᠥᠨ ‍ᠬᠦ ᠬᠢᠲᠠᠳ ᠤ᠋ᠨ ᠦᠰᠦᠭ ᠦ᠋ᠨ ᠠᠶ᠎ᠠ ᠡᠪ ᠢ᠋ᠶ᠋ᠡᠷ ᠰᠡᠭᠦᠯ ᠳᠠᠷᠤᠨ ᠰᠢᠯᠦᠭ ᠮᠡᠲᠦ᠂ ᠳᠠᠭᠤᠯᠠᠯ ᠰᠢᠭ᠋᠂ ᠡᠰᠡᠬᠦᠯ᠎ᠡ ᠤᠳᠬ᠎ᠠ ᠤᠶᠠᠩᠭ᠎ᠠ ᠠᠳᠠᠯᠢ᠂ ᠡᠰᠡᠬᠦᠯ᠎ᠡ ᠰᠢᠭᠦᠮᠵᠢᠯᠡᠯ ᠥᠭᠦᠯᠡᠯ ᠮᠡᠲᠦ ᠱᠢ ᠂ ᠼᠢ ᠂ ᠭᠧ ᠂  ᠹᠦ ᠂ ᠰᠧ ᠂ ᠱᠤ᠌᠂ ᠯᠦᠨ ᠂ ᠢᠦᠢ ᠠᠳᠠᠯᠢ ᠪᠠᠷ ᠵᠣᠬᠢᠶᠠᠯᠭᠠᠨ ᠂ ᠪᠠᠰᠠ ᠬᠥᠮᠦᠨ ᠦ᠌ ᠨᠡᠷᠡᠰ ᠪᠠ ᠭᠠᠵᠠᠷ ᠣᠷᠣᠨ ᠤᠯᠤᠰ ᠠᠢᠮᠠᠭ ᠤ᠋ᠨ ᠨᠡᠷ᠎ᠡ ᠶ᠋ᠢ ᠰᠠᠨᠠᠭᠠᠨ ᠢ᠋ ᠠᠨᠤ ᠦᠵᠡᠵᠦ ᠢᠷᠭᠡᠨ ᠦᠭᠡᠰ ᠢ᠋ᠶ᠋ᠡᠷ ᠬᠠᠯᠠᠵᠤ ᠨᠡᠷᠡᠯᠡᠭᠡᠳ ᠭᠠᠷᠭᠠᠪᠠᠰᠤ ᠬᠠᠷᠢᠨ ᠴᠤ᠌ ᠨᠢᠭᠡᠨ ᠵᠦᠢᠯ ᠦ᠋ᠨ ᠠᠮᠲᠠᠲᠠᠢ ᠰᠤᠳᠤᠷ ᠪᠣᠯᠤᠮᠤᠢ᠃ ᠬᠡᠷᠪᠡ ᠨᠡᠷ᠎ᠡ ᠬᠡᠮᠡᠭᠴᠢ ᠶ᠋ᠢ ᠬᠠᠯᠠᠵᠤ ᠦᠯᠦ ᠪᠣᠯᠬᠤ ᠬᠡᠮᠡᠬᠦ ᠤᠯᠠᠮᠵᠢᠯᠠᠯ ᠢ᠋ᠶ᠋ᠠᠷ ᠣᠨᠴᠠ ᠲᠡᠭᠦᠨ ᠦ᠌ ᠲᠤᠰ ᠨᠡᠷ᠎ᠡ ᠶ᠋ᠢ ᠭᠠᠷᠭᠠᠮᠤᠢ ᠬᠡᠮᠡᠪᠡᠰᠦ ᠮᠥᠨ ᠬᠦ᠌ ᠡᠨᠡ ᠦᠶ᠎ᠡ 《 ᠭᠠᠩ ᠵᠢᠶᠠᠨ ᠪᠢᠴᠢᠭ 》 ᠲᠦ᠍ᠷ ᠨᠢᠭᠡᠨ ᠬᠥᠮᠦᠨ ᠦ᠌ ᠨᠡᠷ᠎ᠡ ᠶ᠋ᠢ ᠬᠡᠯᠡᠪᠡᠰᠦ ᠭᠤᠷᠪᠠᠨ ᠠᠯᠲᠠ ᠤᠷᠲᠤ ᠶᠠᠷᠢᠬᠤ ᠯᠤᠭ᠎ᠠ ᠠᠳᠠᠯᠢ ᠪᠣᠯᠭᠠᠭᠠᠳ ᠡᠦᠲᠦ ᠦᠵᠡᠬᠦ ᠮᠡᠷᠭᠡᠳ ᠦ᠋ᠨ ᠬᠡᠯᠡ ᠣᠷᠢᠶᠠᠯᠳᠤᠭᠠᠳ ᠲᠤᠬᠠᠢ ᠤᠴᠢᠷ ᠢ᠋ ᠰᠠᠭᠠᠲᠠᠭᠤᠯᠵᠤ᠂ ᠬᠥᠮᠦᠨ ᠦ᠌ ᠳᠤᠷ᠎ᠠ ᠶ᠋ᠢ ᠬᠠᠷᠢᠭᠤᠯᠬᠤᠢ ᠳ᠋ᠤᠷ ᠬᠦᠷᠦᠭᠦᠯᠵᠦ ᠣᠷᠬᠢᠨ ᠲᠠᠶᠠᠭᠳᠠᠬᠤᠢ ᠳ᠋ᠤᠷ ᠲᠤᠯᠤᠮᠤᠢ᠃ ᠲᠡᠢᠨ ᠬᠦ᠌ ᠲᠡᠭᠦᠨ ᠦ᠌ ᠬᠡᠯᠡ ᠣᠷᠢᠶᠠᠯᠳᠤᠬᠤ ᠨᠡᠷᠡᠰ ᠪᠦᠬᠦᠨ ᠢ᠋ ᠡᠮᠦᠨ᠎ᠡ ᠵᠠᠬ᠎ᠠ ᠳᠠᠷᠠᠭᠠᠯᠠᠨ ᠵᠢᠭᠰᠠᠭᠠᠨ ᠭᠠᠷᠭᠠᠵᠤ᠂ ᠴᠥᠮ ᠲᠤᠰ ᠨᠡᠷᠡᠰ ᠢ᠋ᠶ᠋ᠡᠷ  ᠪᠢᠴᠢᠭᠡᠳ ᠳᠣᠣᠷ᠎ᠠ ᠠᠨᠤ ᠢᠷᠭᠡᠨ ᠦᠭᠡᠰ ᠢ᠋ᠶ᠋ᠡᠷ ᠲᠡᠭᠦᠨ ᠦ᠌ ᠨᠡᠷ᠎ᠡ ᠶ᠋ᠢᠨ ᠲᠡᠷᠢᠭᠦᠨ ᠦᠭᠡ ᠪᠤᠶᠤ ᠂ ᠡᠰᠡᠬᠦᠯ᠎ᠡ ᠲᠡᠭᠦᠨ ᠦ᠌ ᠰᠠᠨᠠᠭᠠᠨ ᠢ᠋ ᠠᠨᠤ ᠠᠪᠴᠤ ᠨᠢᠭᠡᠨ ᠨᠡᠷ᠎ᠡ ᠡᠷᠭᠦᠭᠡᠳ ᠲᠡᠷᠡ ᠨᠡᠷᠡᠰ ᠢ᠋ᠶ᠋ᠡᠷ ᠮᠢᠨᠦ ᠪᠢᠴᠢᠪᠡᠰᠦ ᠣᠭᠲᠣ ᠪᠡᠷᠬᠡ ᠦᠭᠡᠢ ᠪᠣᠯᠤᠮᠤᠢ᠃ ᠲᠡᠢᠨ ᠬᠦ᠌ ᠦᠨᠡᠨ ᠲᠠᠵᠢ ᠮᠠᠩᠨᠤᠭ ᠤ᠋ᠨ ᠬᠡᠬᠦᠳᠡᠭᠳᠡᠨ᠂ ᠠᠯᠲᠠᠨ ᠬᠠᠰ ᠤᠨ ᠣᠶᠤᠲᠠᠨ ᠤᠷᠠᠨ ᠬᠤᠷᠴᠠ ᠮᠡᠷᠭᠡᠳ ᠲᠣᠷ ᠪᠠᠷᠢᠭᠳᠠᠪᠠᠰᠤ ᠬᠣᠶᠠᠷ ᠣᠨ ᠨᠢᠭᠡᠨ ᠵᠢᠯ ᠦ᠋ᠨ ᠬᠣᠭᠣᠷᠣᠨᠳᠣ ᠲᠠᠲᠠᠯᠠᠨ ᠭᠠᠷᠭᠠᠬᠤ ᠪᠣᠯᠠᠢ᠃ ᠵᠢᠴᠢ ᠲᠣᠪᠴᠢᠶ᠎ᠠ ᠪᠠ ᠪᠠᠰᠠ ᠲᠠᠢᠵᠢ ᠢᠨᠵᠠᠨᠨᠠᠰᠢ ᠮᠢᠨᠦ ᠳᠠᠪᠬᠤᠷ ᠲᠣᠪᠴᠢᠶᠠᠯᠠᠨ ᠰᠢᠯᠦᠭᠯᠡᠭᠰᠡᠨ ᠰᠢᠯᠦᠭ ᠪᠦᠬᠦᠨ ᠢ᠋ ᠳᠠᠷᠤᠢ ᠲᠡᠭᠦᠨ ᠦ᠌ ᠰᠠᠨᠠᠭᠠᠨ ᠢ᠋ ᠢᠨᠤ ᠪᠠᠷᠢᠵᠤ ᠰᠡᠭᠦᠯ ᠳᠠᠷᠤᠨ ᠣᠷᠴᠢᠭᠤᠯᠪᠠᠰᠤ ᠮᠥᠨ ᠮᠠᠰᠢ ᠬᠢᠯᠪᠠᠷ ᠠᠨᠤ ᠪᠣᠯᠠᠢ᠃ ᠴᠣᠬᠣᠮ ᠢᠷᠭᠡᠨ ᠡᠴᠡ ᠮᠣᠩᠭᠣᠯ ᠳ᠋ᠤᠷ ᠬᠥᠷᠪᠡᠭᠦᠯᠬᠦ ᠡᠴᠡ ᠬᠢᠯᠪᠠᠷ᠃ ᠤᠴᠢᠷ ᠶᠠᠭᠤᠨ ᠬᠡᠮᠡᠪᠡᠰᠦ᠂ ᠢᠷᠭᠡᠨ ᠦ᠌ ᠦᠰᠦᠭ ᠢᠨᠤ ᠣᠯᠠᠨ ᠤ᠋ ᠳᠡᠭᠡᠷ᠎ᠡ ᠦᠭᠡ ᠪᠠᠰᠠ ᠲᠣᠪᠴᠢᠳᠠᠶ᠂ ᠤᠳᠬ᠎ᠠ ᠰᠠᠨᠠᠭᠠᠨ ᠭᠦᠨ᠎ᠡ᠂ ᠦᠭᠡ ᠠᠶᠠᠰ ᠠᠮᠢᠳᠤᠯᠢᠭ᠂ ᠨᠢᠭᠡᠨ ᠦᠰᠦᠭ ᠢ᠋ ᠠᠷᠪᠠᠨ ᠵᠦᠢᠯ ᠢ᠋ᠶ᠋ᠡᠷ ᠭᠠᠷᠭᠠᠵᠤ ᠪᠣᠯᠤᠮᠤᠢ᠂ ᠬᠡᠷᠪᠡ ᠢᠷᠭᠡᠨ ᠡᠴᠡ ᠮᠣᠩᠭᠣᠯ ᠳ᠋ᠤᠷ ᠣᠷᠴᠢᠭᠤᠯᠬᠤ ᠪᠥᠭᠡᠰᠦ᠂ ᠬᠡᠷᠪᠡ ᠲᠤᠢᠯ ᠤ᠋ᠨ ᠨᠡᠪᠲᠡᠷᠬᠡᠢ ᠮᠡᠷᠭᠡᠳ ᠡᠴᠡ ᠪᠤᠰᠤ ᠪᠣᠯᠪᠠᠰᠤ ᠲᠡᠷᠡ ᠦᠭᠡᠰ ᠲᠣᠷ ᠮᠣᠩᠭᠣᠯ ᠦᠭᠡᠰ ᠦ᠋ᠨ ᠴᠣᠬᠣᠮ ᠭᠦᠨ᠎ᠡ ᠬᠣᠯᠠ ᠴᠢᠨᠠᠷ ᠲᠤᠰᠤᠯᠲᠠ ᠲᠠᠢ ᠦᠭᠡᠰ ᠢ᠋ ᠣᠯᠵᠤ ᠡᠰᠡ ᠬᠡᠷᠡᠭᠯᠡᠪᠡᠰᠦ ᠢᠷᠭᠡᠨ ᠦᠰᠦᠭ ᠦ᠋ᠨ ᠤᠳᠬ᠎ᠠ ᠰᠠᠨᠠᠭᠠᠨ ᠢ᠋ ᠠᠷᠪᠠᠨ ᠬᠤᠪᠢ ᠠ᠋ᠴᠠ ᠨᠢᠭᠡᠨ ᠬᠤᠪᠢ ᠴᠤ᠌ ᠭᠠᠷᠭᠠᠨ ᠴᠢᠳᠠᠬᠤ ᠦᠭᠡᠢ ᠪᠣᠯᠤᠭᠠᠳ ᠮᠠᠰᠢ ᠴᠠᠯᠠᠭᠠᠢ ᠪᠦᠳᠦᠭᠦᠯᠢᠭ ᠪᠣᠯᠭᠠᠮᠤᠢ᠃ ᠪᠢᠴᠢᠭ ᠰᠤᠳᠤᠷ ᠤ᠋ᠨ ᠶᠣᠰᠣᠨ ᠤ᠋  ᠠᠷᠪᠠᠨ ᠵᠦᠢᠯ ᠡᠴᠡ ᠲᠡᠷᠢᠭᠦᠨ ᠳ᠋ᠦ᠍ᠷ ᠡᠶ᠎ᠡ ᠡᠪ ᠢ᠋ ᠡᠷᠬᠢᠯᠡᠵᠦᠬᠦᠢ᠃ ᠣᠨᠴᠠ ᠦᠰᠦᠭ ᠢ᠋ ᠢᠨᠤ ᠪᠠᠷᠢᠮᠲᠠᠯᠠᠪᠠᠰᠤ ᠡᠦᠲᠦ ᠴᠣᠬᠣᠮ 《ᠬᠤᠯᠠᠭᠠᠢᠴᠢ ᠶ᠋ᠢᠨ ᠬᠥᠪᠡᠭᠦᠨ ᠣᠨᠴᠠ ᠡᠴᠢᠭᠡ ᠪᠡᠨ ᠮᠥᠷᠳᠡᠮᠦᠢ 》 ᠬᠡᠮᠡᠭᠰᠡᠨ ᠯᠦ᠍ᠭᠡ ᠠᠳᠠᠯᠢ ᠪᠣᠯᠤᠮᠤᠢ᠃ ᠠᠶ᠎ᠠ ᠬᠣᠬᠣᠢ ᠬᠠᠯᠠᠬᠠᠢ ! ᠡᠳᠦᠭᠡᠬᠢ ᠴᠠᠭ ᠤ᠋ᠨ ᠲᠡᠳᠡᠭᠡᠷ ᠪᠠᠶᠠᠨ ᠡᠷᠬᠢᠮ ᠦ᠋ᠨ ᠲᠤᠢᠯ ᠢ᠋ ᠡᠳᠡᠯᠡᠭᠰᠡᠳ᠂ ᠶᠡᠬᠡ ᠪᠤᠶᠠᠨᠲᠠᠨ ᠶᠡᠬᠡ ᠬᠦᠴᠦᠲᠡᠨ ᠡᠳᠦᠷ ᠪᠦᠷᠢ ᠵᠥᠪ ᠵᠦᠭᠡᠷ ᠵᠢᠷᠭᠠᠨ ᠨᠠᠷᠠᠨ ᠰᠠᠷᠠᠨ ᠢ᠋ ᠥᠩᠭᠡᠷᠡᠭᠦᠯᠦᠨ᠂ ᠰᠠᠢᠨ ᠪᠣᠯᠪᠠᠰᠤ ᠳᠠᠯᠠ ᠨᠠᠶᠠᠨ ᠵᠢᠯ ᠠᠮᠢᠳᠤᠷᠠᠭᠠᠳ ᠡᠴᠦᠰ ᠲᠦ᠍ᠷ ᠨᠢᠭᠡᠨ ᠥᠷᠯᠥᠭᠡ ᠶ᠋ᠢᠨ ᠵᠠᠭᠤᠷ᠎ᠠ ᠦᠬᠦᠵᠦ ᠡᠴᠢᠭᠰᠡᠨ ᠦ᠌ ᠬᠣᠢᠨ᠎ᠠ ᠬᠦᠵᠢᠰ ᠦ᠋ᠨ ᠤᠲᠤᠭᠠᠨ ᠰᠠᠷᠨᠢᠭᠰᠠᠨ ᠮᠡᠲᠦ ᠶᠠᠯᠠᠭ ᠲᠠᠯᠠᠭ ᠮᠥᠷ ᠰᠡᠭᠦᠳᠡᠷ ᠦᠭᠡᠢ ᠪᠣᠯᠵᠤ ᠡᠴᠢᠭᠡᠳ᠂ ᠴᠠᠭ ᠡᠴᠦᠰᠲᠡᠯ᠎ᠡ ᠨᠢᠭᠡᠨ ᠴᠦ᠍ ᠬᠥᠮᠦᠨ ᠮᠡᠳᠡᠬᠦ ᠦᠭᠡᠢ ᠪᠣᠯᠤᠨ ᠡᠴᠢᠬᠦ ᠶ᠋ᠢ ᠡᠭᠡᠭᠦᠯᠦᠨ ᠪᠠᠬᠠᠨ ᠪᠣᠳᠣᠪᠠᠰᠤ᠂ ᠮᠥᠨ ᠪᠠᠬᠠᠨ ᠪᠢᠴᠢᠭ ᠰᠤᠳᠤᠷ ᠲᠤᠷ ᠨᠡᠷ᠎ᠡ ᠬᠣᠴᠣᠷᠤᠭᠤᠯᠤᠨ ᠲᠦᠮᠡᠨ ᠦᠶ᠎ᠡ ᠳ᠋ᠦ᠍ᠷ ᠮᠡᠳᠡᠯᠳᠦ ᠠᠷᠠᠳ ᠲᠤᠷ ᠳᠤᠷᠠᠳᠤᠭᠳᠠᠨ ᠬᠦᠰᠡᠨ ᠬᠡᠯᠡᠯᠴᠡᠭᠳᠡᠰᠦᠭᠡᠢ ᠭᠡᠮᠡᠨ ᠰᠠᠨᠠᠪᠠᠰᠤ ᠪᠣᠯᠤᠯᠲᠠᠢ ᠪᠣᠯᠠᠢ᠃ ᠥᠪᠡᠷ ᠢ᠋ᠶ᠋ᠡᠨ ᠠᠯᠵᠠᠭᠤᠷᠠᠬᠤ ᠪᠤᠶᠤ ᠡᠰᠡᠬᠦᠯ᠎ᠡ ᠰᠤᠷᠲᠠᠯ ᠡᠰᠡ ᠬᠦᠷᠦᠯᠴᠡᠪᠡᠰᠦ ᠨᠢᠭᠡᠨ ᠪᠠᠬᠠᠨ ᠦᠮᠡᠬᠡᠢ ᠵᠣᠭᠣᠰ ᠢ᠋ ᠰᠦᠢᠳᠬᠡᠵᠦ᠂ ᠨᠢᠭᠤᠭᠳᠠᠨ ᠳᠠᠷᠤᠭᠳᠠᠬᠤ ᠤᠷᠠᠨ ᠡᠷᠳᠡᠮᠲᠡᠨ ᠢ᠋ ᠵᠤᠵᠠᠭᠠᠯᠠᠨ ᠲᠡᠵᠢᠭᠡᠪᠡᠰᠦ ᠡᠷᠲᠡᠨ ᠡᠳᠦᠭᠡᠬᠢ ᠪᠢᠴᠢᠭ ᠰᠤᠳᠤᠷ ᠢ᠋ ᠣᠷᠴᠢᠭᠤᠯᠤᠨ᠂ ᠬᠡᠳᠦᠨ ᠢᠵᠢ ᠬᠡᠪ ᠰᠡᠢᠯᠦᠭᠦᠯᠪᠡᠰᠦ ᠶᠠᠷᠠᠭᠳᠠᠭᠠᠨ ᠣᠷᠴᠢᠯᠠᠩ ᠤ᠋ᠨ ᠬᠣᠭᠣᠷᠣᠨᠳᠣ ᠲᠦᠮᠡᠨ ᠦᠶ᠎ᠡ ᠬᠣᠴᠣᠷᠬᠤ ᠪᠣᠯᠠᠢ᠃ ᠠᠮᠢᠳᠤᠷᠠᠯ ᠠᠬᠤᠢ ᠳ᠋ᠤᠷ ᠬᠣᠷᠣᠮᠵᠢ ᠦᠭᠡᠢ ᠦᠬᠦᠵᠦ ᠡᠴᠢᠪᠡᠰᠦ ᠲᠠᠯᠠᠭᠠᠷ ᠦᠭᠡᠢ᠃ ᠡᠨᠡ ᠨᠢᠭᠡᠨ ᠬᠡᠷᠡᠭ ᠬᠡᠮᠡᠭᠴᠢ ᠬᠣᠶᠠᠷ ᠲᠤᠷ ᠪᠦᠷᠢᠳᠦᠭᠰᠡᠨ ᠮᠠᠰᠢ ᠤᠷᠲᠤ᠂ ᠮᠠᠰᠢ ᠤᠳᠠᠭᠠᠨ ᠤ᠋ ᠠᠷᠭ᠎ᠠ ᠪᠣᠯᠠᠢ᠃ ᠠᠯᠲᠠ ᠮᠥᠩᠭᠥᠨ ᠡᠷᠳᠡᠨᠢ ᠰᠤᠪᠤᠳ ᠭᠡᠷ ᠬᠦᠷᠢᠶ᠎ᠡ ᠲᠠᠷᠢᠶ᠎ᠠ ᠭᠠᠵᠠᠷ ᠪᠦᠷᠢᠨ ᠢ᠋ᠶ᠋ᠡᠷ ᠴᠥᠮ ᠬᠥᠮᠦᠨ ᠦ᠌ ᠪᠣᠯᠬᠤ ᠴᠠᠭ ᠪᠣᠢ᠂ ᠭᠠᠭᠴᠠ ᠡᠨᠡ ᠪᠢᠴᠢᠭ ᠰᠤᠳᠤᠷ ᠣᠶᠤᠨ ᠪᠢᠯᠢᠭ ᠢ᠋ ᠬᠥᠮᠦᠨ ᠪᠤᠯᠢᠶᠠᠨ ᠠᠪᠴᠤ ᠦᠯᠦ ᠴᠢᠳᠠᠮᠤᠢ᠃ ᠪᠠᠰᠠ ᠴᠤ᠌ ᠥᠲᠡᠯ᠎ᠡ ᠠᠷᠠᠳ ᠤ᠋ᠨ ᠣᠨᠳᠣᠷᠣᠯ ᠠᠮᠢᠳᠤᠷᠠᠯ ᠳ᠋ᠤᠷ ᠠᠰᠢᠭ ᠪᠣᠯᠬᠤ ᠵᠦᠢᠯ ᠦᠭᠡᠢ ᠶ᠋ᠢᠨ ᠲᠤᠯᠠ ᠣᠯᠠᠨ ᠬᠥᠮᠦᠨ ᠢᠳᠡᠵᠦ ᠤᠤᠭᠤᠵᠤ ᠪᠠᠭᠠᠵᠤ ᠰᠢᠭᠡᠵᠦ ᠦᠯᠦ ᠪᠠᠷᠠᠭᠳᠠᠭᠤᠯᠤᠮᠤᠢ᠃ ᠬᠡᠳᠦᠢ ᠴᠣᠩᠬᠣ ᠨᠠᠭᠠᠵᠤ ᠡᠭᠦᠳᠡ ᠪᠥᠭᠯᠡᠪᠡᠴᠦ ᠬᠠᠷᠠᠩᠭᠤᠢ ᠪᠣᠷᠣᠩᠭᠤᠢ᠂ ᠶᠠᠭᠤᠮ᠎ᠠ ᠠᠷᠴᠢᠵᠤ ᠮᠠᠯᠤ ᠪᠦᠷᠬᠦᠪᠡᠴᠦ ᠬᠡᠪᠡᠷᠡᠭ ᠮᠠᠭᠤ ᠶ᠋ᠢᠨ ᠲᠤᠯᠠ ᠡᠭᠡᠨᠡᠭᠲᠡ ᠤᠳᠠᠭᠠᠨ ᠬᠣᠴᠣᠷᠬᠤ ᠠᠨᠤ ᠮᠠᠭᠠᠳ ᠪᠣᠯᠠᠢ᠃ ᠨᠢᠭᠡᠨᠲᠡ ᠤᠳᠠᠭᠠᠨ ᠬᠣᠴᠣᠷᠤᠨ ᠴᠢᠳᠠᠪᠠᠰᠤ ᠡᠷᠳᠡᠮᠲᠡᠨ ᠳ᠋ᠦ᠍ᠷ ᠲᠣᠬᠢᠶᠠᠯᠳᠤᠬᠤ ᠦᠭᠡᠢ ᠡᠴᠡ ᠶᠠᠭᠤᠨ ᠵᠣᠪᠠᠨᠢᠬᠤ ᠪᠣᠢ! ᠦᠵᠡᠲᠡᠯ᠎ᠡ ᠡᠳᠦᠭᠡ ᠳᠣᠯᠣᠭᠠᠨ ᠵᠠᠭᠤᠨ  ᠠᠷᠪᠠᠨ ᠵᠢᠯ ᠥᠩᠭᠡᠷᠡᠭᠰᠡᠨ ᠪᠣᠭᠳᠠ ᠴᠢᠩᠭᠢᠰ ᠦ᠋ᠨ ᠬᠠᠮᠲᠤ ᠭᠠᠷᠤᠭᠰᠠᠨ ᠬᠡᠳᠦᠨ ᠮᠢᠩᠭᠠᠨ ᠬᠥᠮᠦᠨ ᠢ᠋ ᠡᠳᠦᠭᠡ ᠪᠢᠳᠡ ᠪᠡᠷ ᠡᠨᠡ ᠢᠨᠤ ᠡᠢᠮᠦ᠂ ᠲᠡᠷᠡ ᠢᠨᠤ ᠲᠡᠢᠮᠦ ᠭᠡᠮᠡᠨ ᠬᠡᠯᠡᠯᠴᠡᠬᠦ ᠪᠡᠷ ᠦᠵᠡᠬᠦᠯ᠎ᠡ ᠮᠠᠨ ᠤ᠋ ᠪᠡᠶ᠎ᠡ ᠠ᠋ᠴᠠ ᠬᠣᠵᠢᠮ ᠵᠠᠭᠤᠨ ᠮᠢᠩᠭᠠᠨ ᠲᠦᠮᠡᠨ ᠣᠨ ᠠ᠋ᠴᠠ ᠬᠣᠢᠰᠢ ᠪᠢᠳᠡᠨ ᠢ᠋ ᠮᠥᠨ ᠲᠡᠢᠮᠦ ᠬᠡᠯᠡᠯᠴᠡᠬᠦ ᠬᠥᠮᠦᠨ ᠪᠠᠢᠬᠤ ᠶ᠋ᠢ ᠮᠡᠳᠡᠪᠡᠰᠦ ᠪᠣᠯᠤᠮᠤᠢ᠃ ᠦᠯᠢᠭᠡᠷᠯᠡᠪᠡᠰᠦ ᠮᠢᠩ ᠤᠯᠤᠰ ᠤ᠋ᠨ ᠡᠴᠦᠰ ᠦ᠋ᠨ ᠦᠶ᠎ᠡ ᠶ᠋ᠢᠨ ᠶᠡᠬᠡ ᠮᠡᠷᠭᠡᠨ ᠡᠷᠳᠡᠮᠲᠡᠨ ᠦ᠌ ᠱᠧᠩ ᠲᠠᠨ ᠰᠢᠶᠠᠨᠱᠧᠩ ᠢ᠋ ᠴᠢᠩ ᠤᠯᠤᠰ ᠰᠠᠭᠤᠭᠠᠳ ᠬᠡᠳᠦᠢ ᠲᠡᠭᠦᠨ ᠦ᠌ ᠪᠡᠶ᠎ᠡ ᠶ᠋ᠢ ᠠᠯᠠᠵᠤ ᠴᠢᠳᠠᠪᠠᠴᠤ ᠲᠡᠭᠦᠨ ᠦ᠌ ᠡᠷᠳᠡᠮ ᠪᠢᠯᠢᠭ ᠪᠠ ᠨᠡᠷ᠎ᠡ  ᠬᠤᠴᠠᠷᠯᠠᠯ ᠢ᠋ ᠠᠯᠠᠵᠤ ᠴᠢᠳᠠᠪᠠᠤ ? ᠡᠳᠦᠭᠡ ᠢᠷᠭᠡᠨ ᠪᠠ ᠮᠣᠩᠭᠣᠯ᠂ ᠮᠠᠨᠵᠤ ᠪᠠ ᠲᠥᠪᠡᠳ ᠨᠢᠭᠡ ᠬᠣᠶᠠᠷ ᠦᠰᠦᠭ ᠲᠠᠨᠢᠬᠤ ᠬᠥᠮᠦᠨ ᠪᠦᠷᠢ ᠱᠧᠩ ᠲᠠᠨ ᠰᠢᠶᠠᠨᠱᠧᠩ ᠢ᠋ ᠦᠯᠦ ᠪᠢᠰᠢᠷᠡᠨ ᠦᠯᠦ ᠬᠠᠢᠷᠠᠯᠠᠬᠤ ᠬᠥᠮᠦᠨ ᠦᠭᠡᠢ᠂ ᠲᠡᠷᠡ ᠪᠠᠰᠠ ᠡᠷᠲᠡᠨ ᠦ᠌ ᠶᠣᠣ ᠂ ᠱᠦᠨ ᠂ ᠢᠦᠢ ᠂ ᠳᠠᠩ ᠤ᠋ᠨ ᠵᠡᠷᠭᠡ ᠶ᠋ᠢᠨ ᠬᠠᠳ ᠂ ᠸᠧᠨ ᠂ ᠡᠦ ᠂ ᠵᠧᠦ ᠬᠦᠩ᠂  ᠺᠦᠩ ᠹᠦᠽᠢ ᠶ᠋ᠢᠨ ᠵᠡᠷᠭᠡ ᠶ᠋ᠢᠨ ᠪᠣᠭᠳᠠᠰ ᠪᠤᠰᠤ᠂ ᠵᠦᠭᠡᠷ ᠨᠢᠭᠡᠨ ᠪᠢᠷ ᠪᠡᠬᠡᠰ ᠲᠣᠷ ᠤᠷᠠᠨ᠂ ᠪᠢᠯᠢᠭ ᠣᠶᠤᠨ ᠦᠯᠡᠮᠵᠢ᠂ ᠦᠭᠡ ᠰᠢᠭᠦᠮᠵᠢᠯᠡᠯ ᠨᠠᠷᠢᠨ ᠤᠬᠠᠬᠤ ᠰᠢᠨᠵᠢᠬᠦ ᠨᠢᠭᠲᠠ ᠨᠢᠭᠡᠨ ᠰᠢᠯ ᠪᠣᠯᠣᠷ ᠮᠡᠲᠦ ᠴᠡᠭᠡᠵᠢ ᠲᠡᠢ ᠮᠠᠩᠨᠤᠭ ᠲᠠᠵᠢ ᠠᠳᠠᠯᠢ ᠡᠷᠳᠡᠮ ᠲᠡᠢ ᠪᠢᠴᠢᠭ ᠦ᠋ᠨ ᠡᠷᠳᠡᠮᠲᠡᠨ ᠪᠣᠯᠠᠢ᠃ ᠶᠠᠮᠪᠠᠷ ᠲᠡᠭᠦᠨ ᠳ᠋ᠦ᠍ᠷ ᠳᠡᠯᠡᠬᠡᠢ ᠳ᠋ᠠᠬᠢᠨ ᠢ᠋ ᠠᠮᠤᠭᠤᠯᠤᠨ ᠤᠯᠤᠰ ᠲᠥᠷᠥ ᠶ᠋ᠢ ᠪᠠᠢᠭᠤᠯᠤᠭᠰᠠᠨ ᠶᠡᠬᠡ ᠭᠠᠪᠢᠶ᠎ᠠ᠂ ᠶᠡᠬᠡ ᠨᠡᠷ᠎ᠡ ᠪᠠᠢᠬᠤ ᠪᠤᠰᠤ᠂ ᠬᠡᠳᠦᠢ ᠲᠡᠢᠮᠦ ᠭᠠᠪᠢᠶ᠎ᠠ ᠨᠡᠷᠡᠲᠡᠨ ᠪᠣᠯᠪᠠᠴᠤ ᠬᠣᠵᠢᠮ ᠤᠷᠠᠨ ᠡᠷᠳᠡᠮᠲᠡᠨ᠎ᠡ ᠡᠰᠡ ᠠᠭᠤᠯᠵᠠᠪᠠᠰᠤ ᠲᠤᠰᠬᠠᠢ ᠨᠢᠭᠡᠨ ᠠᠮᠲᠠᠲᠠᠢ ᠰᠤᠳᠤᠷ ᠵᠣᠬᠢᠶᠠᠨ ᠡᠰᠡ ᠬᠣᠴᠣᠷᠤᠭᠤᠯᠬᠤ ᠡᠯ᠎ᠡ ᠲᠡᠷᠡ ᠤᠯᠤᠰ ᠲᠠᠭᠠᠨ ᠬᠡᠳᠦᠨ ᠮᠥᠷ ᠦᠰᠦᠭ ᠲᠡᠮᠳᠡᠭᠯᠡᠭᠡᠳ ᠨᠢᠭᠡᠨ ᠬᠥᠰᠢᠶ᠎ᠡ ᠴᠢᠯᠠᠭᠤ ᠪᠣᠰᠬᠠᠵᠤ ᠬᠡᠦᠬᠡᠳ ᠠᠴᠢᠷ ᠠᠨᠤ ᠬᠡᠳᠦᠨ ᠦᠶ᠎ᠡ ᠪᠠᠶᠠᠨ ᠡᠷᠬᠢᠮ ᠢᠨᠤ ᠡᠳ᠋ᠯᠡᠭᠡᠳ ᠵᠠᠷᠢᠮ ᠤ᠋ᠨ ᠬᠡᠦᠬᠡᠳ ᠠᠴᠢᠷ ᠠᠨᠤ ᠴᠤ᠌ ᠮᠡᠳᠡᠬᠦ ᠦᠭᠡᠢ ᠪᠣᠯᠬᠤ ᠠᠨᠤ ᠲᠣᠭ᠎ᠠ ᠲᠣᠮᠰᠢ ᠦᠭᠡᠢ ᠪᠣᠢ᠃ ᠲᠡᠷᠡ ᠤᠯᠤᠰ ᠠᠨᠤ ᠥᠩᠭᠡᠷᠡᠮᠡᠭᠴᠡ ᠳᠠᠷᠤᠢ ᠬᠡᠪ ᠬᠡᠷᠡᠭ ᠦᠭᠡᠢ ᠪᠣᠯᠵᠤ ᠡᠴᠢᠭᠡᠳ ᠬᠡᠳᠦᠢ ᠬᠥᠰᠢᠶ᠎ᠡ ᠴᠢᠯᠠᠭᠤ ᠪᠣᠢ ᠠᠪᠠᠴᠤ ᠬᠥᠮᠦᠨ ᠦᠵᠡᠬᠦ ᠦᠭᠡᠢ ᠪᠣᠯᠤᠮᠤᠢ᠂ ᠵᠠᠷᠢᠮ ᠬᠠᠷᠭᠢᠰ ᠳᠣᠭᠰᠢᠨ ᠳ᠋ᠤᠷ ᠲᠣᠬᠢᠶᠠᠯᠳᠤᠪᠠᠰᠤ ᠴᠥᠮ ᠴᠠᠭ ᠵᠠᠭᠤᠷ᠎ᠠ ᠳ᠋ᠤᠷ ᠭᠠᠯ ᠲᠠᠯᠪᠢᠨ ᠪᠠᠯᠪᠠᠴᠢᠨ ᠬᠡᠮᠬᠡᠴᠢᠵᠦ ᠦᠨᠡᠰᠦᠨ ᠲᠣᠪᠷᠠᠭ ᠪᠣᠯᠵᠤ ᠡᠴᠢᠮᠦᠢ᠃ ᠶᠠᠭᠤᠲᠠᠢ ᠰᠤᠯᠠ ᠢᠷᠭᠡᠨ ᠦ᠌ ᠭᠡᠷ ᠲᠦ᠍ᠷ ᠤᠯᠠᠮᠵᠢᠯᠠᠨ ᠨᠢᠭᠤᠵᠤ ᠡᠭᠦᠷᠢᠳᠡ ᠬᠠᠳᠠᠭᠠᠯᠠᠭᠰᠠᠨ ᠳ᠋ᠤᠷ ᠬᠦᠷᠴᠦ ᠤᠷᠲᠤ ᠤᠳᠠᠭᠠᠨ ᠬᠣᠴᠣᠷᠤᠨ ᠴᠢᠳᠠᠮᠤᠢ᠃ ᠬᠡᠳᠦᠢ ᠬᠣᠵᠢᠮ ᠤ᠋ᠨ ᠤᠯᠤᠰ ᠠᠨᠤ ᠤᠷᠢᠳᠤ ᠶ᠋ᠢᠨ ᠤᠯᠤᠰ ᠤ᠋ᠨ ᠰᠤᠳᠤᠷ ᠢ᠋ ᠢᠯᠭᠠᠯᠭᠠᠬᠤᠢ ᠳ᠋ᠤᠷ ᠦᠨᠡᠬᠡᠷ ᠰᠠᠢᠨ ᠭᠠᠵᠠᠷ ᠲᠦᠮᠡ ᠮᠢᠩᠭᠠᠨᠲᠠ ᠪᠠᠢᠪᠠᠴᠤ ᠲᠡᠭᠦᠨ ᠢ᠋ ᠬᠡᠳᠦᠨ ᠦᠭᠡᠰ ᠲᠣᠷ ᠬᠤᠷᠢᠶᠠᠭᠠᠳ ᠮᠠᠰᠢ ᠬᠡᠲᠦᠷᠡᠭᠰᠡᠨ ᠢ᠋ ᠢᠨᠤ《 ᠭᠠᠩ ᠮᠦ᠍ 》᠂《 ᠭᠠᠩ ᠵᠢᠶᠠᠨ 》 ᠳ᠋ᠤᠷ ᠭᠠᠷᠭᠠᠬᠤᠢ ᠳ᠋ᠤᠷ ᠡᠢᠮᠦ ᠲᠡᠢᠮᠦ ᠭᠡᠮᠡᠨ ᠬᠡᠳᠦᠨᠲᠡ ᠪᠢᠴᠢᠪᠡᠰᠦ ᠲᠦᠮᠡᠨ ᠬᠡᠷᠡᠭ ᠲᠡᠭᠦᠰᠬᠦ ᠪᠣᠯᠠᠢ ! ᠲᠡᠢᠮᠦ ᠡᠵᠡᠨ ᠰᠠᠢᠳ᠂ ᠲᠡᠢᠮᠦ ᠬᠠᠳ ᠲᠦᠰᠢᠮᠡᠳ ᠬᠡᠮᠡᠭᠴᠢ ᠬᠡᠳᠦᠨ ᠵᠠᠭᠤᠨ ᠳᠡᠪᠲᠡᠷ 《ᠭᠠᠩ ᠮᠦ᠍ 》᠂ 《 ᠭᠠᠩ ᠵᠢᠶᠠᠨ 》 ᠳ᠋ᠤᠷ ᠲᠥᠪ ᠳᠦᠭᠦᠷᠡᠩ ᠪᠣᠢ ᠃ ᠬᠣᠵᠢᠮ ᠤ᠋ᠨ ᠠᠷᠠᠳ ᠦᠵᠡᠪᠡᠰᠦ ᠳᠠᠷᠤᠢ ᠲᠡᠢᠮᠦ ᠨᠢᠭᠡᠨ ᠤᠷᠲᠤᠳᠠ ᠭᠠᠷᠳᠠᠭ ᠬᠡᠷᠡᠭ ᠤᠯᠤᠰ ᠪᠦᠷᠢ ᠳ᠋ᠦ᠍ᠷ ᠲᠣᠭ᠎ᠠ ᠦᠭᠡᠢ ᠠᠮᠤᠢ ᠂ ᠲᠡᠢᠮᠦ ᠨᠢᠭᠡᠨ ᠠᠮᠲᠠ ᠰᠢᠮᠲᠡ ᠦᠭᠡᠢ ᠣᠯᠢᠭ ᠱᠠᠯᠢᠭ ᠡᠩ ᠥᠲᠡᠯ᠎ᠡ ᠦᠬᠦᠵᠦ ᠲᠥᠷᠥᠭᠰᠡᠨ ᠬᠡᠷᠡᠭ ᠪᠣᠯᠠᠢ ᠭᠡᠮᠡᠨ ᠦᠵᠡᠬᠦ ᠴᠦ᠍ ᠦᠭᠡᠢ᠂ ᠬᠡᠳᠦᠢ ᠵᠠᠷᠢᠮ ᠠᠨᠤ ᠠᠯᠵᠠᠭᠤ ᠦᠭᠡᠢ ᠠᠷᠠᠳ᠂ ᠪᠠᠬᠠᠨ ᠦᠵᠡᠪᠡᠴᠦ ᠲᠡᠢᠮᠦ ᠬᠡᠷᠡᠭ ᠣᠯᠠᠨᠲᠠ ᠭᠠᠷᠤᠭᠰᠠᠨ ᠤ᠋ ᠲᠤᠯᠠ ᠮᠥᠨ ᠳᠡᠮᠡᠢ ᠰᠣᠴᠢᠨ ᠭᠠᠢᠬᠠᠬᠤ ᠴᠤ᠌ ᠦᠭᠡᠢ᠂ ᠵᠦᠭᠡᠷ ᠨᠢᠭᠡᠨ ᠵᠡᠷᠭᠡ ᠲᠠᠮᠠᠰᠠ ᠪᠠᠷ ᠦᠵᠡᠵᠦ ᠥᠩᠭᠡᠷᠡᠬᠦ ᠶ᠋ᠢᠨ ᠲᠤᠯᠠ ᠲᠡᠭᠦᠨ ᠦ᠌ ᠨᠡᠷ᠎ᠡ ᠣᠪᠣᠭ ᠨᠠᠰᠤ ᠵᠢᠯ ᠂ ᠪᠠᠢᠳᠠᠯ ᠲᠥᠯᠥᠪ᠂ ᠵᠠᠩ ᠠᠭᠠᠯᠢ ᠂ ᠦᠨᠡᠨ ᠬᠤᠳᠠᠯ᠂ ᠰᠠᠢᠨ ᠮᠠᠭᠤ ᠶ᠋ᠢ ᠨᠡᠢᠲᠡ ᠪᠡᠷ ᠲᠡᠭᠦᠨ ᠦ᠌ ᠳᠣᠲᠣᠷ᠎ᠠ ᠥᠴᠦᠬᠡᠨ ᠴᠦ᠍ ᠰᠠᠭᠤᠬᠤ ᠦᠭᠡᠢ ᠲᠤᠯᠠ ᠦᠭᠡ ᠳᠠᠭᠤᠨ ᠳ᠋ᠤᠷ ᠬᠡᠯᠡᠯᠴᠡᠬᠦ ᠰᠢᠭᠦᠮᠵᠢᠯᠡᠪᠡᠴᠦ ᠦᠭᠡᠢ ᠪᠣᠯᠵᠤ ᠮᠥᠨ ᠬᠦ᠌ ᠬᠣᠴᠣᠷᠤᠭᠰᠠᠨ ᠦᠭᠡᠢ ᠯᠦ᠍ᠭᠡ ᠨᠢᠭᠡᠨ ᠠᠳᠠᠯᠢ᠃ ᠲᠡᠢᠨ ᠬᠦ᠌ ᠡᠷᠬᠡᠪᠰᠢ ᠲᠡᠭᠦᠨ ᠦ᠌ ᠨᠢᠭᠡᠨ ᠵᠦᠢᠯ ᠦ᠋ᠨ ᠣᠨᠴᠠᠭᠠᠢ ᠰᠤᠳᠤᠷ ᠥᠪᠡᠷ᠎ᠡ ᠪᠢᠴᠢᠭ ᠦᠯᠢᠭᠡᠷ ᠴᠠᠳᠢᠭ ᠰᠢᠭ᠋ ᠱᠠᠰᠲᠢᠷ ᠲᠡᠦᠬᠡ ᠠᠪᠠᠰᠤ ᠰᠠᠶᠢ ᠣᠯᠠᠨ ᠳ᠋ᠤᠷ ᠲᠠᠷᠬᠠᠵᠤ ᠨᠡᠢᠲᠡ ᠳ᠋ᠦ᠍ᠷ ᠦᠵᠡᠭᠳᠡᠨ ᠪᠤᠯᠢᠶᠠᠯᠳᠤᠨ ᠦᠵᠡᠵᠦ ᠰᠤᠷᠪᠤᠯᠵᠢᠯᠠᠨ ᠬᠤᠷᠢᠶᠠᠮᠤᠢ᠃ ᠲᠡᠷᠡ ᠮᠢᠨᠦ ᠲᠡᠭᠦᠨ ᠦ᠌ ᠦᠵᠡᠮᠵᠢ ᠠᠮᠲᠠᠲᠠᠢ ᠳ᠋ᠤᠷ ᠪᠣᠯᠠᠢ᠃ ᠲᠡᠢᠨ ᠬᠦ᠌ ᠲᠠᠢᠵᠢ ᠢᠨᠵᠠᠨᠨᠠᠰᠢ ᠪᠢ ᠡᠳᠦᠷ ᠰᠥᠨᠢ ᠦᠭᠡᠢ ᠵᠣᠪᠠᠨ ᠵᠦᠳᠡᠵᠦ ᠢᠳᠡᠬᠦᠢ ᠬᠣᠭᠣᠯᠠ ᠤᠮᠳᠠᠬᠤ ᠨᠣᠢᠷ ᠦᠭᠡᠢ᠃ ᠬᠡᠳᠦᠢ ᠲᠠᠵᠢ ᠮᠠᠩᠨᠤᠭ ᠤ᠋ᠨ ᠳᠡᠪᠢᠰᠬᠡᠷ ᠲᠣᠷ ᠬᠡᠪᠲᠡᠵᠦ ᠰᠢᠯ ᠪᠣᠯᠣᠷ ᠤ᠋ᠨ ᠬᠠᠷᠰᠢ ᠳ᠋ᠤᠷ ᠰᠠᠭᠤᠨ ᠣ ᠡᠩᠭᠡᠰᠬᠡ ᠶ᠋ᠢᠨ ᠰᠢᠭᠤᠢ ᠳ᠋ᠤᠷ ᠣᠷᠣᠰᠢᠨ᠂ ᠵᠠᠭᠠᠷ ᠬᠦᠵᠢᠰ ᠦ᠋ᠨ ᠲᠠᠩᠬᠢᠮ ᠳ᠋ᠤᠷ ᠰᠡᠯᠭᠦᠵᠦ᠂ ᠡᠪᠦᠯ ᠦ᠋ᠨ ᠭᠦᠢᠳᠡᠨ᠎ᠡ ᠭᠠᠯ ᠲᠤᠭᠤᠷᠭ᠎ᠠ ᠭᠠᠵᠠᠷ ᠬᠠᠨᠵᠤᠲᠤ ᠲᠤᠨᠤᠮᠠᠯ ᠭᠡᠭᠡᠬᠡᠨ ᠪᠣᠯᠣᠷ ᠴᠣᠩᠬᠤᠲᠤ ᠭᠡᠷ ᠲᠦ᠍ᠷ ᠬᠡᠪᠲᠡᠵᠦ᠂ ᠵᠤᠨ ᠤ᠋ ᠭᠠᠯᠠᠭᠤᠨ᠎ᠠ ᠴᠡᠴᠡᠭ ᠦ᠋ᠨ ᠰᠢᠭᠤᠢ ᠤᠰᠤᠨ ᠤ᠋ ᠲᠠᠩᠬᠢᠮ ᠳ᠋ᠤ᠌ ᠨᠣᠭᠣᠭᠠᠨ ᠲᠤᠶᠠᠭᠠᠲᠤ ᠪᠣᠯᠵᠣᠮᠣᠷ ᠤ᠋ᠨ ᠬᠥᠭᠵᠢᠮᠲᠦ ᠬᠦᠷᠢᠶᠡᠯᠡᠩ ᠳ᠋ᠦ᠍ᠷ ᠲᠣᠭᠣᠷᠢᠵᠤ ᠮᠠᠰᠢ ᠠᠮᠤᠷ᠂ ᠮᠠᠰᠢ ᠰᠤᠯᠠ᠂ ᠮᠠᠰᠢ ᠵᠢᠷᠭᠠᠯᠲᠠᠢ᠂ ᠮᠠᠰᠢ ᠲᠠᠩᠰᠤᠭ ᠬᠡᠮᠡᠬᠦ ᠦᠭᠡᠢ᠂ ᠬᠠᠷᠢᠨ ᠪᠡᠶ᠎ᠡ ᠪᠡᠨ ᠴᠠᠭ ᠮᠥᠴᠡ ᠴᠦ᠍ ᠦᠯᠦ ᠠᠮᠤᠷᠵᠢᠭᠤᠯᠤᠨ᠂ ᠡᠳᠦᠷ ᠪᠣᠯᠪᠠᠰᠤ ᠨᠠᠷᠠᠨ ᠤᠨᠠᠲᠠᠯ᠎ᠠ ᠰᠥᠨᠢ ᠪᠥᠭᠡᠰᠦ ᠲᠠᠬᠢᠶ᠎ᠠ ᠳᠤᠤᠭᠠᠷᠲᠠᠯ᠎ᠠ ᠪᠢᠴᠢᠯᠬᠢᠯᠡᠨ ᠵᠢᠷᠦᠯᠬᠢᠯᠡᠨ ᠤᠷᠪᠠᠭᠤᠯᠤᠨ ᠬᠥᠷᠪᠡᠭᠦᠯᠦᠨ ᠡᠷᠢᠵᠦ ᠰᠤᠷᠪᠤᠯᠵᠢᠯᠠᠨ ᠣᠷᠴᠢᠭᠤᠯᠤᠨ ᠬᠠᠭᠤᠯᠵᠤ ᠡᠮᠦᠨ᠎ᠡ ᠢᠨᠤ ᠰᠢᠯᠦᠭᠯᠡᠨ᠂ ᠬᠣᠢᠨ᠎ᠠ ᠠᠨᠤ ᠴᠣᠬᠣᠯᠠᠨ ᠲᠠᠢᠯᠪᠤᠷᠢᠯᠠᠬᠤ᠂ ᠲᠣᠪᠴᠢᠯᠠᠬᠤ ᠰᠢᠭᠦᠮᠵᠢᠯᠡᠬᠦ ᠪᠠ ᠢᠯᠡᠳᠬᠡᠬᠦ ᠢᠨᠤ ᠂ ᠬᠡᠳᠦᠢ ᠰᠡᠳᠬᠢᠯ ᠡᠴᠡ ᠪᠡᠨ ᠳᠤᠷᠠᠲᠠᠢ ᠪᠣᠯᠪᠠᠴᠤ ᠮᠥᠨ ᠴᠢᠨᠠᠷ ᠠᠨᠤ ᠡᠭᠡᠨᠡᠭᠲᠡ ᠡᠩ ᠵᠡᠷᠭᠡ ᠶ᠋ᠢᠨ ᠥᠲᠡᠯ᠎ᠡ ᠠᠷᠠᠳ ᠲᠤᠷ ᠠᠳᠠᠯᠢ᠂  ᠵᠥᠪ ᠵᠦᠭᠡᠷ ᠳᠠᠪ ᠲᠠᠯᠠᠭᠠᠷ ᠨᠢᠭᠡᠨ ᠲᠥᠷᠥᠭᠰᠡᠨ ᠪᠡᠶ᠎ᠡ ᠶ᠋ᠢ ᠥᠩᠭᠡᠷᠡᠭᠦᠯᠵᠦ ᠲᠦᠪᠳᠡᠬᠦ ᠦᠭᠡᠢ ᠳ᠋ᠡᠭᠡᠨ ᠡᠨᠡ ᠨᠢᠭᠡᠨ ᠶᠡᠬᠡ ᠲᠥᠯᠥᠪ ᠦ᠋ᠨ ᠶᠤᠸᠠᠨ ᠤᠯᠤᠰ ᠤ᠋ᠨ ᠰᠤᠳᠤᠷ ᠢ᠋ ᠶᠢᠷᠲᠢᠨᠴᠦ ᠶ᠋ᠢᠨ ᠬᠣᠭᠣᠷᠣᠨᠳᠣ ᠳᠡᠯᠭᠡᠷᠡᠭᠦᠯᠦᠨ ᠭᠠᠷᠭᠠᠵᠤ᠂ ᠡᠨᠡ ᠰᠤᠳᠤᠷ ᠲᠤᠷ ᠢᠲᠡᠭᠡᠵᠦ ᠡᠨᠡ ᠪᠡᠶ᠎ᠡ ᠮᠣᠩᠭᠣᠯ ᠲᠣᠭᠠᠲᠠᠨ᠎ᠠ ᠮᠢᠩᠭᠠᠨ ᠲᠦᠮᠡᠨ ᠣᠨ ᠢᠯᠵᠠᠷᠠᠰᠢ ᠦᠭᠡᠢ᠂ ᠪᠠᠷᠠᠭᠳᠠᠰᠢ ᠦᠭᠡᠢ᠂ ᠡᠪᠳᠡᠷᠡᠰᠢ ᠦᠭᠡᠢ᠂ ᠠᠷᠢᠯᠤᠰᠢ ᠦᠭᠡᠢ ᠬᠣᠴᠣᠷᠭᠠᠰᠤᠭᠠᠢ ᠬᠡᠮᠡᠭᠰᠡᠨ ᠰᠠᠨᠠᠭᠠᠨ ᠠ᠋ᠴᠠ ᠪᠣᠯᠤᠭᠰᠠᠨ ᠪᠤᠰᠤ ᠤᠤ! ᠰᠡᠳᠬᠢᠯ ᠳ᠋ᠦ᠍ᠷ ᠨᠢᠭᠡᠨᠲᠡ ᠨᠢᠭᠡᠨ ᠵᠦᠢᠯ ᠦ᠋ᠨ ᠬᠦᠰᠡᠯ ᠠᠪᠠᠰᠤ᠂ ᠪᠡᠶ᠎ᠡ ᠶᠠᠭᠤᠨᠠᠢ ᠰᠤᠯᠠ ᠠᠵᠤ ᠠᠮᠤᠷ ᠵᠢᠷᠭᠠᠯᠲᠠᠢ ᠪᠣᠯᠵᠤ ᠪᠣᠯᠬᠤ ᠠᠵᠢ? ᠶᠠᠭᠤᠨᠠᠢ ᠭᠠᠷ ᠢ᠋ᠶ᠋ᠠᠨ ᠪᠠᠷᠢᠵᠤ ᠡᠪᠦᠳᠦᠭ ᠢ᠋ᠶ᠋ᠡᠨ ᠲᠡᠪᠡᠷᠢᠨ᠂ ᠪᠡᠶ᠎ᠡ ᠪᠡᠨ ᠰᠤᠪᠢᠯᠠᠨ ᠬᠡᠪᠡᠯᠢ ᠪᠡᠨ ᠬᠡᠯᠪᠢᠵᠦ ᠰᠤᠯᠠ ᠰᠠᠭᠤᠨ ᠵᠢᠷᠭᠠᠬᠤᠢ ᠳ᠋ᠤᠷ ᠬᠦᠷᠬᠦ ᠠᠵᠢ᠃ ᠲᠡᠭᠦᠨ ᠢ᠋ ᠪᠢ ᠬᠠᠷᠢᠨ ᠵᠢᠷᠭᠠᠯ ᠳ᠋ᠤᠷ ᠦᠵᠡᠬᠦ ᠦᠭᠡᠢ᠃ ᠶᠠᠭᠤᠨ ᠬᠡᠮᠡᠪᠡᠰᠦ᠄ ᠶᠡᠷᠦ ᠶ᠋ᠢᠨ ᠦᠭᠡᠨ ᠳ᠋ᠦ᠍ 《ᠬᠥᠮᠦᠨ ᠲᠥᠷᠥᠪᠡᠰᠦ ᠨᠢᠭᠡᠨ ᠦᠶ᠎ᠡ ᠂ ᠡᠪᠡᠰᠦ ᠣᠷᠭᠣᠪᠠᠰᠤ ᠨᠢᠭᠡᠨ ᠨᠠᠮᠤᠷ 》 ᠬᠡᠮᠡᠵᠦᠬᠦᠢ᠃ ᠨᠢᠭᠡᠨᠲᠡ ᠶᠢᠷᠲᠢᠨᠴᠦ ᠶ᠋ᠢᠨ ᠳᠡᠭᠡᠷ᠎ᠡ ᠲᠦᠮᠡᠨ ᠪᠣᠳᠠᠰ ᠤ᠋ᠨ ᠣᠬᠢ᠂ ᠮᠢᠩᠭᠠᠨ ᠠᠮᠢᠲᠠᠨ ᠤ᠋ ᠮᠠᠩᠯᠠᠢ –– ᠬᠥᠮᠦᠨ ᠦ᠌ ᠪᠡᠶ᠎ᠡ ᠶ᠋ᠢ ᠠᠪᠴᠤ ᠲᠥᠷᠥᠭᠡᠳ ᠨᠢᠭᠡᠨ ᠪᠡᠶ᠎ᠡ ᠨᠢᠭᠡᠨ ᠨᠠᠰᠤᠨ ᠳ᠋ᠤᠷ ᠬᠡᠭᠡᠷ᠎ᠡ ᠲᠠᠯ᠎ᠠ ᠶ᠋ᠢᠨ ᠠᠷᠢᠶᠠᠲᠠᠨ ᠵᠢᠭᠦᠷᠲᠡᠨ ᠮᠡᠲᠦ ᠭᠡᠳᠡᠰᠦ ᠪᠡᠨ ᠳᠦᠭᠦᠷᠭᠡᠪᠡᠰᠦ ᠥᠪᠡᠷ᠎ᠡ ᠬᠡᠷᠡᠭ ᠦᠭᠡᠢ᠂ ᠬᠡᠷᠪᠡ ᠪᠠᠬᠠᠨ ᠬᠡᠳᠦᠨ ᠵᠣᠭᠣᠰᠤᠨ ᠬᠦᠴᠦᠨ ᠠᠪᠠᠰᠤ ᠡᠦᠲᠦ ᠲᠡᠷᠡ ᠵᠢᠷᠭᠤᠭᠠᠨ ᠴᠡᠩᠭᠡᠯ ᠦ᠋ᠨ ᠤᠵᠢᠳ ᠢ᠋ ᠴᠢᠳᠠᠯ ᠤ᠋ᠨ ᠴᠢᠨᠡᠭᠡ ᠪᠡᠷ ᠴᠢᠷᠮᠠᠢᠵᠤ᠂ ᠨᠡᠩᠳᠡ ᠡᠨᠡ ᠦᠶ᠎ᠡ ᠳ᠋ᠦ᠍ ᠪᠠᠰᠠ ᠵᠣᠭᠣᠰ ᠨᠠᠭᠠᠳᠬᠤ ᠂ ᠪᠦᠲᠦᠨ᠎ᠡ ᠭᠡᠷᠡᠯᠲᠦᠭᠦᠯᠬᠦ ᠨᠡᠩ ᠢᠨᠢᠶᠡᠯᠲᠡᠢ ᠢᠨᠤ ᠡᠷ᠎ᠡ ᠬᠥᠮᠦᠨ᠂ ᠡᠷ᠎ᠡ ᠬᠥᠮᠦᠨ ᠳ᠋ᠡᠭᠡᠨ ᠲᠠᠴᠢᠶᠠᠵᠤ᠂ ᠪᠤᠬᠤᠷ ᠭᠣᠷᠭᠢᠳᠠᠬᠤ ᠵᠡᠪᠰᠡᠭ ᠭᠠᠷᠴᠤ ᠢᠷᠡᠭᠰᠡᠨ ᠪᠠ ᠪᠠᠰᠠ ᠠᠮᠢᠳᠤ ᠬᠥᠮᠦᠨ ᠂ ᠦᠬᠦᠭᠰᠡᠨ ᠬᠥᠮᠦᠨ ᠢ᠋ ᠮᠥᠷᠳᠡᠵᠦ᠂ ᠪᠡᠶ᠎ᠡ ᠦᠬᠦᠰᠢᠷᠡᠬᠦ ᠬᠠᠷ᠎ᠠ ᠲᠠᠮᠪᠠᠭ᠎ᠠ ᠶ᠋ᠢᠨ ᠴᠡᠩᠭᠡᠯ ᠨᠡᠮᠡᠭᠰᠡᠨ ᠲᠡᠢ ᠨᠡᠢᠲᠡ ᠠᠷᠪᠠᠨ ᠵᠦᠢᠯ ᠦ᠋ᠨ ᠤᠵᠢᠳ ᠴᠡᠩᠭᠡᠯ ᠪᠣᠯᠤᠭᠰᠠᠨ ᠲᠤᠯᠠ ᠣᠷᠴᠢᠯᠠᠩ ᠤ᠋ᠨ ᠬᠥᠮᠦᠨ ᠡᠨᠡ ᠠᠷᠪᠠᠨ ᠵᠦᠢᠯ ᠦ᠋ᠨ ᠤᠵᠢᠳ ᠤ᠋ᠨ ᠴᠡᠩᠭᠡᠯ ᠡᠴᠡ ᠬᠡᠯᠲᠦᠷᠢᠨ ᠭᠠᠷᠴᠤ ᠴᠢᠳᠠᠬᠤ ᠦᠭᠡᠢ ᠪᠣᠯᠵᠤ᠂ ᠮᠠᠰᠢ ᠠᠳᠠᠭ ᠂ ᠮᠠᠰᠢ ᠳᠣᠣᠷᠠᠲᠤ ᠂ ᠮᠠᠰᠢ ᠦᠭᠡᠢᠭᠦᠦ ᠂ ᠮᠠᠰᠢ ᠶᠠᠳᠠᠩᠭᠢ ᠠᠨᠤ ᠪᠣᠯᠪᠠᠴᠤ ᠲᠡᠷᠡ ᠨᠢᠭᠡᠨ ᠵᠦᠢᠯ ᠦ᠋ᠨ ᠲᠠᠮᠪᠠᠭ᠎ᠠ ᠶ᠋ᠢ ᠰᠤᠷᠴᠤ ᠬᠡᠷᠡᠮ ᠦ᠋ᠨ ᠪᠤᠯᠤᠩ᠂ ᠨᠠᠷᠠᠨ ᠤ᠋ ᠡᠭᠡᠪᠦᠷ ᠲᠣᠩᠭᠣᠢᠵᠤ ᠬᠡᠪᠲᠡᠭᠡᠳ ᠬᠠᠭᠠᠷᠬᠠᠢ ᠬᠤᠨᠳᠠᠭ᠎ᠠ ᠳ᠋ᠤᠷ ᠵᠤᠯᠠ ᠰᠢᠲᠠᠭᠠᠨ ᠂ ᠣᠯᠣᠰᠣᠨ ᠤ᠋ ᠡᠰᠢ ᠳ᠋ᠦ᠍ᠷ ᠬᠤᠯᠤ ᠶ᠋ᠢᠨ ᠲᠣᠯᠣᠭᠠᠢ ᠶ᠋ᠢ ᠤᠭᠯᠠᠵᠤ ᠂ ᠪᠠᠰᠠ ᠲᠡᠷᠡ ᠪᠡᠶ᠎ᠡ ᠮᠠᠨᠠᠷᠠᠵᠤ ᠦᠬᠦᠭᠰᠡᠨ ᠮᠡᠲᠦ ᠂ ᠠᠮᠢᠳᠤ ᠠᠳᠠᠯᠢ ᠂ ᠡᠰᠡᠬᠦᠯ᠎ᠡ ᠬᠥᠪᠥᠩ ᠳ᠋ᠦ᠍ᠷ ᠬᠡᠪᠲᠡᠬᠦ ᠠᠳᠠᠯᠢ᠂ ᠡᠰᠡᠬᠦᠯ᠎ᠡ ᠬᠥᠪᠬᠡᠯᠡᠨ ᠳᠡᠭᠳᠡᠬᠦ ᠮᠡᠲᠦ ᠵᠢᠷᠭᠠᠯ ᠢ᠋ ᠠᠨᠤ ᠡᠳ᠋ᠯᠡᠮᠦᠢ ᠃ ᠡᠳᠡᠭᠡᠷ ᠴᠥᠮ ᠤᠷᠢᠳᠤ ᠲᠥᠷᠥᠯ ᠳ᠋ᠦ᠍ᠷ ᠵᠢᠷᠭᠠᠬᠤ ᠶ᠋ᠢᠨ ᠪᠤᠶᠠᠨ ᠤ᠋ ᠬᠥᠷᠥᠩᠭᠡᠲᠦ ᠶᠡᠬᠡ ᠪᠤᠶᠠᠨᠲᠠᠨ ᠮᠥᠨ ᠦ᠌ ᠲᠤᠯᠠ ᠮᠢᠨᠦ ᠵᠡᠷᠭᠡ ᠶ᠋ᠢᠨ ᠥᠴᠦᠬᠡᠨ ᠲᠥᠷᠥᠯᠬᠢᠲᠡᠨ ᠳ᠋ᠦ᠍ᠷ ᠦᠨᠡᠬᠡᠷ ᠲᠡᠢᠮᠦ ᠢᠷᠦᠭᠡᠯ ᠬᠤᠪᠢ ᠪᠤᠶᠠᠨ ᠵᠠᠶᠠᠭ᠎ᠠ ᠦᠭᠡᠢ᠃ ᠭᠠᠭᠴᠠ ᠡᠨᠡ  ᠠᠷᠪᠠᠨ ᠵᠦᠢᠯ ᠦ᠋ᠨ ᠤᠵᠢᠳ ᠴᠡᠩᠭᠡᠯ ᠡᠴᠡ ᠮᠤᠩᠬᠠᠭ ᠮᠢᠨᠦ ᠮᠠᠰᠢ ᠳᠤᠷᠠᠰᠢᠶᠠᠨ ᠪᠠᠬᠠᠷᠬᠠᠬᠤ ᠠᠨᠤ᠄ ᠰᠠᠢᠬᠠᠨ ᠦᠵᠡᠮᠵᠢᠲᠦ ᠴᠡᠴᠡᠭ ᠦ᠋ᠨ ᠬᠦᠷᠢᠶᠡᠯᠡᠩ ᠳ᠋ᠦ᠍ᠷ ᠬᠠᠪᠤᠷ ᠤ᠋ᠨ ᠳᠥᠯᠭᠡᠨ ᠨᠠᠮᠤᠷ ᠤ᠋ᠨ ᠰᠠᠷᠠᠨ ᠳ᠋ᠤ᠌ ᠰᠡᠳᠬᠢᠯ ᠨᠡᠢᠴᠡᠭᠴᠢ ᠲᠤᠩᠭᠠᠯᠠᠭ ᠨᠥᠬᠥᠷ ᠯᠦ᠍ᠭᠡ ᠡᠰᠡᠷᠭᠦᠴᠡᠨ ᠰᠠᠭᠤᠵᠤ ᠭᠦᠶᠦᠭᠡᠨ ᠤᠤᠭᠤᠵᠤ ᠭᠦᠨ᠎ᠡ ᠰᠢᠭᠦᠮᠵᠢᠯᠡᠨ᠂ ᠠᠩᠬᠢᠯᠤᠮᠠᠯ ᠴᠠᠢ ᠨᠢᠭᠡᠨ ᠣᠭᠣᠴᠢ ᠂ ᠠᠷᠢᠭᠤᠨ ᠰᠢᠭᠦᠮᠵᠢᠯᠡᠯ ᠨᠢᠭᠡᠨ ᠢᠵᠢ᠂ ᠦᠨᠦᠷᠲᠦ ᠬᠦᠵᠢᠰ ᠨᠢᠭᠡᠨ ᠰᠢᠷᠬᠡᠭ ᠂ ᠦᠵᠡᠮᠵᠢᠲᠦ ᠴᠡᠴᠡᠭ ᠨᠢᠭᠡᠨ ᠬᠤᠪᠢᠩ ᠢ᠋ᠶ᠋ᠠᠷ ᠠᠮᠲᠠᠲᠠᠢ ᠵᠣᠭᠣᠭ ᠲᠤᠷ ᠵᠣᠭᠣᠭᠯᠠᠵᠤ ᠰᠡᠳᠬᠢᠯ ᠢ᠋ ᠠᠭᠤᠵᠢᠷᠠᠭᠤᠯᠤᠨ᠂ ᠰᠠᠨᠠᠭᠠᠨ ᠢ᠋ᠶ᠋ᠠᠨ ᠪᠠᠶᠠᠰᠬᠠᠨ ᠢᠨᠢᠶᠡᠨ ᠨᠠᠭᠠᠳᠬᠤ ᠡᠨᠡ ᠵᠢᠷᠭᠠᠯ ᠳ᠋ᠤᠷ  ᠪᠠᠬᠠᠲᠠᠢ ᠲᠤᠯᠠ ᠡᠭᠦᠨ ᠦ᠌ ᠬᠣᠢᠨ᠎ᠠ ᠠ᠋ᠴᠠ ᠬᠡᠳᠦᠨ ᠵᠢᠯ ᠣᠷᠣᠵᠤ ᠦᠵᠡᠪᠡᠰᠦ ᠡᠭᠦᠨ ᠦ᠌ ᠳᠣᠲᠣᠷᠠᠬᠢ ᠶᠠᠷᠰᠢᠭ ᠤᠷᠰᠢᠭ  ᠲᠦᠪᠡᠭ  ᠪᠡᠷᠬᠡ ᠬᠢᠭᠡᠳ ᠰᠦᠢᠳᠬᠡᠯ ᠪᠦᠷᠢᠯᠭᠡᠯ ᠦ᠋ᠨ ᠭᠡᠮ ᠴᠢᠨᠠᠷ ᠮᠥᠨ ᠬᠢᠯᠪᠠᠷ ᠦᠭᠡᠢ ᠶ᠋ᠢᠨ ᠲᠤᠯᠠ ᠠᠷᠭ᠎ᠠ ᠦᠭᠡᠢ ᠪᠠᠰᠠ ᠤᠷᠲᠤ  ᠰᠡᠭᠦᠷᠡᠰᠦᠨ ᠠᠯᠳᠠᠵᠤ ᠬᠣᠷᠢᠶᠠᠨ ᠴᠥᠭᠡᠴᠢᠯᠡᠭᠡᠳ ᠳᠠᠷᠤᠢ ᠬᠡᠪ ᠢ᠋ᠶ᠋ᠡᠷ ᠡᠨᠡ ᠪᠢᠷ ᠪᠡᠬᠡᠰ ᠦ᠋ᠨ ᠤᠵᠢᠳ ᠴᠡᠩᠭᠡᠯ ᠳ᠋ᠦ᠍ᠷ ᠣᠷᠣᠪᠠᠢ ᠃ ᠡᠨᠡ ᠪᠢᠷ ᠪᠡᠬᠡᠰ ᠪᠢᠴᠢᠭ ᠰᠤᠳᠤᠷ ᠲᠤᠷ ᠣᠷᠣᠯᠳᠣᠬᠤ ᠶ᠋ᠢ ᠬᠢᠯᠪᠠᠷ ᠤᠵᠢᠳ ᠴᠡᠩᠭᠡᠯ ᠳ᠋ᠦ᠍ᠷ ᠣᠷᠣᠭᠤᠯᠵᠤ ᠬᠡᠯᠡᠮᠦᠢ ᠦᠦ? ᠬᠡᠮᠡᠪᠡᠰᠦ ᠲᠠᠢᠯᠤᠨ ᠮᠡᠳᠡᠭᠦᠯᠬᠦ ᠶ᠋ᠢ ᠰᠣᠨᠣᠰ ᠄ ᠡᠨᠡ ᠤᠵᠢᠳ ᠬᠡᠮᠡᠭᠴᠢ ᠦᠭᠡᠰ ᠣᠨᠴᠠ ᠪᠤᠵᠠᠷ ᠰᠠᠳᠤᠷ ᠢ᠋ ᠬᠡᠯᠡᠭᠰᠡᠨ ᠪᠤᠰᠤ᠂ ᠡᠯ᠎ᠡ ᠵᠦᠢᠯ ᠳ᠋ᠦ᠍ᠷ ᠨᠤᠩᠳᠠᠨ ᠣᠷᠣᠵᠤ ᠪᠤᠰᠤ ᠵᠦᠢᠯ ᠦ᠋ᠨ ᠣᠨᠳᠣᠷᠣᠬᠤ ᠠᠮᠢᠳᠤᠷᠠᠬᠤ ᠴᠢᠷᠮᠠᠢᠬᠤ ᠵᠢᠳᠬᠦᠬᠦ ᠶ᠋ᠢ ᠣᠷᠬᠢᠵᠤ ᠰᠠᠭᠠᠳᠠᠭᠤᠯᠪᠠᠰᠤ ᠲᠡᠭᠦᠨ ᠤᠵᠢᠳ ᠨᠥᠷᠢ ᠬᠡᠮᠡᠮᠦᠢ᠃ ᠲᠤᠰᠠ ᠦᠭᠡᠢ ᠪᠦᠬᠦᠨ ᠳ᠋ᠦ᠍ᠷ ᠰᠢᠨᠤᠬᠠᠢᠷᠠᠨ ᠨᠤᠩᠳᠠ ᠨᠥᠷᠢᠨ ᠣᠷᠣᠯᠳᠣᠪᠠᠰᠤ ᠲᠡᠭᠦᠨ ᠢ᠋ ᠤᠵᠢᠳ ᠴᠡᠩᠭᠡᠯ ᠬᠡᠮᠡᠮᠦᠢ᠃ ᠨᠢᠭᠡᠨᠲᠡ ᠴᠡᠩᠭᠡᠯ ᠬᠡᠮᠡᠪᠡᠰᠦ ᠠᠵᠤ ᠲᠥᠷᠥᠬᠦ ᠪᠠ ᠠᠮᠢ ᠭᠣᠣᠯ ᠵᠢᠭᠤᠬᠤ ᠲᠥᠪ ᠬᠡᠷᠡᠭ ᠪᠤᠰᠤ ᠶ᠋ᠢᠨ ᠲᠤᠯᠠ ᠤᠵᠢᠳ ᠲᠤᠷ ᠣᠷᠣᠬᠤ ᠪᠣᠯᠠᠢ ᠃ ᠲᠡᠢᠨ ᠬᠦ᠌ ᠬᠢᠨᠠᠨ ᠪᠣᠳᠣᠵᠤ ᠦᠵᠡᠬᠦᠯ᠎ᠡ ᠮᠠᠨ ᠤ᠋ ᠡᠨᠡ ᠥᠴᠦᠬᠡᠨ ᠬᠥᠮᠦᠨ ᠦ᠌ ᠪᠡᠶ᠎ᠡ ᠶ᠋ᠢ ᠪᠠᠬᠠᠨ ᠰᠤᠯᠠ ᠪᠠᠢᠯᠭᠠᠪᠠᠰᠤ ᠯᠠᠪ ᠪᠠᠰᠠ ᠨᠢᠭᠡᠨ ᠵᠦᠢᠯ ᠦ᠋ᠨ ᠰᠠᠢᠨ ᠦᠭᠡᠢ ᠤᠵᠢᠳ ᠴᠡᠩᠭᠡᠯ ᠢ᠋ ᠡᠷᠢᠬᠦ  ᠢᠨᠤ ᠮᠠᠭᠠᠳ ᠲᠤᠯᠠ ᠡᠨᠡ ᠪᠢᠷ ᠪᠡᠬᠡᠰ ᠦ᠋ᠨ ᠤᠵᠢᠳ ᠴᠡᠩᠭᠡᠯ ᠳ᠋ᠦ᠍ᠷ ᠣᠷᠣᠭᠤᠯᠵᠤ ᠰᠠᠭᠠᠳ ᠬᠢᠪᠡᠰᠦ ᠬᠠᠷᠢᠨ ᠪᠤᠰᠤ ᠵᠦᠢᠯ ᠦ᠋ᠨ ᠤᠵᠢᠳ ᠴᠡᠩᠭᠡᠯ ᠡᠴᠡ ᠬᠣᠣᠷ ᠭᠡᠮ ᠢᠨᠤ ᠪᠠᠬᠠᠨ ᠭᠦᠶᠦᠭᠡᠨ ᠪᠥᠭᠡᠳ ᠲᠡᠪᠴᠢᠵᠦ ᠣᠷᠭᠢᠬᠤᠢ ᠳ᠋ᠤᠷ ᠪᠠᠰᠠ ᠨᠡᠯᠢᠶᠡᠳ ᠬᠢᠯᠪᠠᠷ ᠳᠥᠭᠥᠮ᠂ ᠬᠡᠷᠪᠡ ᠨᠢᠭᠡᠨ ᠴᠠᠭ ᠲᠤᠷ ᠤᠯᠠᠷᠢᠯ ᠢᠷᠡᠭᠡᠳ ᠠᠪᠤᠰᠢᠲᠠᠢᠬᠠᠨ ᠬᠡᠷᠡᠭ ᠲᠣᠬᠢᠶᠠᠯᠳᠤᠪᠠᠰᠤ ᠳᠠᠷᠤᠢ ᠪᠢᠷ ᠢ᠋ ᠮᠠᠯᠠᠭᠠᠢᠯᠠᠨ ᠵᠢᠭᠤᠷᠠᠭᠤᠯ ᠢ᠋ ᠪᠦᠲᠡᠭᠡᠵᠦ ᠳᠡᠪᠲᠡᠷ ᠢ᠋ ᠬᠤᠮᠪᠢᠨ ᠲᠣᠭᠳᠣᠢ ᠶ᠋ᠢ ᠲᠣᠪᠴᠢᠯᠠᠨ ᠬᠣᠷᠢᠶᠠᠨ ᠲᠠᠯᠪᠢᠭᠠᠳ ᠲᠡᠭᠦᠨ ᠡᠴᠡ ᠠᠩᠭᠢᠵᠢᠷᠠᠨ ᠰᠠᠯᠪᠠᠰᠤ ᠪᠣᠯᠤᠮᠤᠢ᠃ ᠪᠤᠰᠤ ᠵᠦᠢᠯ ᠦ᠋ᠨ ᠤᠵᠢᠳ ᠴᠡᠩᠭᠡᠯ ᠦ᠋ᠨ ᠮᠡᠲᠦ ᠬᠡᠲᠦᠷᠬᠡᠶ᠎ᠡ ᠰᠠᠯᠤᠨ ᠲᠥᠪᠳᠡᠰᠢ ᠦᠭᠡᠢ ᠭᠦᠨ᠎ᠡ ᠬᠦᠨᠳᠦ ᠰᠢᠨᠤᠬᠠᠢᠷᠠᠯ ᠤ᠋ᠨ ᠭᠡᠮ ᠰᠢᠯᠲᠠᠭᠠᠨ ᠦᠭᠡᠢ ᠪᠥᠭᠡᠳ ᠭᠡᠨᠡᠳᠲᠡ ᠪᠠᠰᠠ ᠡᠳᠦᠷ ᠤᠳᠠᠭᠠᠨ ᠤ᠋ ᠬᠦᠴᠦᠨ ᠳ᠋ᠦ᠍ᠷ ᠪᠦᠲᠦᠵᠦ ᠭᠠᠷᠤᠭᠠᠳ ᠣᠷᠴᠢᠯᠠᠩ ᠤ᠋ᠨ ᠬᠣᠭᠣᠷᠣᠨᠳᠣ ᠬᠣᠴᠣᠷᠤᠨ ᠦᠯᠡᠳᠡᠬᠦᠢ ᠳ᠋ᠦ᠍ᠷ ᠬᠦᠷᠪᠡᠰᠦ ᠬᠠᠷᠢᠨ ᠴᠤ᠌ ᠬᠣᠵᠢᠮ ᠮᠡᠷᠭᠡᠳ ᠲᠣᠷ ᠨᠡᠯᠢᠶᠡᠳ ᠰᠡᠷᠭᠦᠬᠦ ᠰᠡᠩᠬᠡᠷᠡᠬᠦ ᠭᠠᠪᠢᠶ᠎ᠠ ᠲᠤᠰᠠ ᠪᠣᠯᠬᠤ ᠴᠤ᠌ ᠮᠠᠭᠠᠳ ᠦᠭᠡᠢ ᠶ᠋ᠢᠨ ᠲᠤᠯᠠ ᠮᠤᠩᠬᠠᠭ ᠲᠡᠨᠡᠭ ᠵᠥᠨᠥᠭ ᠪᠢᠳᠠᠭᠤ ᠪᠢ ᠪᠡᠷ ᠮᠤᠩᠬᠠᠭ ᠲᠡᠨᠡᠭ ᠵᠥᠨᠥᠭ ᠪᠢᠳᠠᠭᠤ ᠶ᠋ᠢᠨ ᠬᠢᠷᠢ ᠪᠡᠷ ᠬᠡᠬᠦᠳᠡᠭ ᠴᠡᠭᠡᠵᠢ ᠪᠡᠨ ᠠᠭᠤᠳᠠᠯᠵᠤ ᠥᠷᠯᠥᠭᠡ ᠪᠢᠴᠢᠵᠦ ᠦᠳᠡᠰᠢ ᠦᠵᠡᠵᠦ᠂ ᠵᠣᠪᠠᠯᠠᠩ ᠵᠢᠷᠭᠠᠯᠠᠩ ᠳ᠋ᠤᠷ ᠣᠷᠭᠢᠯ ᠦᠭᠡᠢ᠂ ᠲᠠᠬᠤᠯ ᠳᠠᠮᠰᠢᠭ ᠲᠤᠷ ᠴᠤ᠌ ᠲᠠᠯᠪᠢᠯ ᠦᠭᠡᠢ ᠪᠢᠴᠢᠵᠦ ᠣᠷᠴᠢᠭᠤᠯᠵᠤ ᠡᠷᠢᠵᠦ ᠰᠤᠷᠪᠤᠯᠵᠢᠯᠠᠵᠤ ᠴᠣᠬᠣᠯᠠᠵᠤ ᠴᠥᠯᠪᠡᠵᠦ ᠰᠢᠭᠦᠮᠵᠢᠯᠡᠵᠦ ᠰᠢᠯᠦᠭᠯᠡᠪᠡᠢ᠃ 
      ᠦᠵᠡᠬᠦ ᠮᠡᠷᠭᠡᠳ ᠢ᠋ᠶ᠋ᠡᠷ ᠨᠢᠭᠡᠨ ᠪᠦᠯᠦᠭ ᠢ᠋ ᠦᠵᠡᠵᠦ ᠪᠠᠷᠠᠪᠠᠰᠤ ᠡᠭᠡᠭᠦᠯᠵᠦ ᠡᠮᠦᠨᠡᠬᠢ ᠲᠣᠪᠴᠢᠯᠠᠭᠰᠠᠨ ᠰᠢᠯᠦᠭ ᠢ᠋ ᠳᠠᠬᠢᠨ ᠨᠢᠭᠡᠨ ᠵᠡᠷᠭᠡ ᠦᠵᠡᠪᠡᠰᠦ ᠤᠬᠠᠭᠠᠨ ᠢ᠋ ᠣᠯᠵᠤ ᠪᠣᠯᠤᠮᠤᠢ᠃ ᠵᠢᠴᠢ ᠡᠨᠡ ᠰᠤᠳᠤᠷ ᠤ᠋ᠨ ᠳᠣᠲᠣᠷ᠎ᠠ ᠪᠠᠢᠬᠤ ᠬᠠᠭᠤᠴᠢᠨ ᠮᠣᠩᠭᠣᠯ ᠦᠭᠡᠰ ᠦ᠋ᠨ ᠳᠥᠭᠥᠮ  ᠣᠢᠷ᠎ᠠ ᠦᠰᠦᠭ ᠮᠠᠰᠢ ᠣᠯᠠᠨ ᠪᠣᠢ᠃ ᠦᠯᠢᠭᠡᠷᠯᠡᠪᠡᠰᠦ᠄ 《 ᠬᠡᠷᠬᠢᠨ 》 ᠬᠡᠮᠡᠭᠰᠡᠨ ᠦᠰᠦᠭ ᠢ᠋ 《 ᠭᠡᠷ 》 ᠭᠡᠮᠡᠨ ᠪᠢᠴᠢᠬᠦ᠂ 《 ᠡᠭᠡᠴᠢ  ᠣᠬᠢᠨ ᠳᠡᠭᠦᠦ 》 ᠬᠡᠮᠡᠬᠦ ᠶ᠋ᠢ 《 ᠡᠭᠡᠴᠢ ᠳ᠋ᠦᠢ 》 ᠭᠡᠮᠡᠨ ᠳᠥᠭᠥᠮᠴᠢᠯᠡᠬᠦ ᠂ ᠪᠠᠰᠠ《 ᠠᠭᠲᠤᠭᠠᠢ》 ᠬᠡᠮᠡᠬᠦ ᠶ᠋ᠢ《 ᠠᠲᠤᠭᠠᠢ 》 ᠭᠡᠮᠡᠨ ᠬᠤᠷᠢᠶᠠᠬᠤ ᠂ 《 ᠤᠬᠠᠭᠠᠨᠲᠤ 》 ᠬᠡᠮᠡᠬᠦ ᠶ᠋ᠢ《 ᠤᠬᠠᠲᠤ 》 ᠭᠡᠮᠡᠨ ᠳᠥᠲᠡᠯᠡᠬᠦ ᠡᠳᠡᠭᠡᠷ ᠵᠡᠷᠭᠡ ᠶ᠋ᠢᠨ ᠦᠭᠡ ᠦᠰᠦᠭ ᠮᠠᠰᠢ ᠣᠯᠠᠨ ᠪᠣᠢ᠂ ᠮᠡᠷᠭᠡᠳ ᠪᠡᠷ ᠲᠡᠭᠦᠨ ᠢ᠋ ᠬᠠᠯᠭᠤᠷᠠᠪᠠ ᠲᠠᠰᠢᠶᠠᠷᠠᠪᠠ ᠭᠡᠮᠡᠨ ᠪᠢᠳᠡᠬᠡᠢ ᠰᠣᠨᠵᠢᠭᠳᠠᠬᠤᠢ᠂ ᠲᠡᠷᠡ ᠢᠨᠤ ᠡᠨᠡ ᠪᠢᠴᠢᠭ ᠦ᠋ᠨ ᠠᠷᠤ ᠭᠠᠵᠠᠷ ᠤ᠋ᠨ ᠵᠠᠩ ᠠᠪᠢᠶᠠᠰ᠂ ᠦᠭᠡ ᠠᠶᠠᠰ ᠠᠨᠤ ᠪᠤᠶᠤ᠂ ᠲᠡᠳᠡᠭᠡᠷ ᠢ᠋ ᠴᠥᠮ ᠦᠰᠦᠭ ᠲᠣᠷ ᠪᠠᠭᠲᠠᠭᠠᠵᠤ ᠪᠣᠢ ᠠᠮᠤᠢ ᠂ ᠡᠭᠦᠨ ᠦ᠌ ᠲᠤᠯᠠ ᠤᠴᠢᠷ ᠢ᠋ ᠭᠠᠷᠭᠠᠵᠤ ᠨᠢᠭᠡᠨ ᠠᠩᠭᠢ ᠪᠢᠴᠢᠵᠦ ᠮᠡᠳᠡᠬᠦᠢ ᠳ᠋ᠦ᠍ ᠬᠢᠯᠪᠠᠷ ᠪᠣᠯᠭᠠᠪᠠ᠃