ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠲᠠᠪᠤᠳᠤᠭᠠᠷ ᠠᠩᠭᠢ > Хөх судар - Инжинаш < Товчит толт - Тавдугаар анги > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠲᠠᠪᠤᠳᠤᠭᠠᠷ ᠠᠩᠭᠢ > Хөх судар - Инжинаш < Товчит толт - Тавдугаар анги >

ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠲᠠᠪᠤᠳᠤᠭᠠᠷ ᠠᠩᠭᠢ > Хөх судар - Инжинаш < Товчит толт - Тавдугаар анги >

ᠠᠩᠭᠢᠯᠠᠯ:ᠲᠡᠦᠬᠡ ᠰᠣᠶᠣᠯ
2023-06-11

424

ᠬᠥᠬᠡ ᠰᠤᠳᠤᠷ - ᠲᠣᠪᠴᠢᠲᠤ ᠲᠣᠯᠲᠣ < ᠲᠠᠪᠤᠳᠤᠭᠠᠷ ᠠᠩᠭᠢ >


             ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ ᠤ᠋ᠨ ᠤᠴᠢᠷ  
             ᠰᠢᠯᠲᠠᠭᠠᠨ ᠨᠢᠭᠡᠨ ᠢᠵᠢ ᠂ ᠲᠣᠪᠴᠢᠲᠤ ᠲᠣᠯᠲᠣ ᠶ᠋ᠢᠨ ᠲᠠᠪᠤᠳᠤᠭᠠᠷ ᠠᠩᠭᠢ  

      ᠲᠠᠢᠵᠢ ᠢᠨᠵᠠᠨᠨᠠᠰᠢ ᠪᠢ ᠣᠷᠴᠢᠯᠠᠩ ᠤ᠋ᠨ ᠬᠣᠭᠣᠷᠣᠨᠳᠣ ᠬᠥᠮᠦᠨ ᠪᠣᠯᠤᠨ ᠲᠥᠷᠥᠭᠡᠳ ᠭᠤᠴᠢᠨ ᠳᠥᠷᠪᠡᠨ ᠨᠠᠰᠤᠯᠠᠲᠠᠯ᠎ᠠ ᠦᠵᠡᠬᠦᠯ᠎ᠡ ᠣᠷᠴᠢᠯᠠᠩ ᠳᠦᠭᠦᠷᠡᠩ ᠰᠡᠴᠡᠳ ᠮᠡᠷᠭᠡᠳ ᠵᠢᠯ ᠰᠠᠷ᠎ᠠ ᠡᠳᠦᠷ ᠴᠠᠭ ᠢ᠋ ᠤᠪᠠᠢ ᠦᠭᠡᠢ ᠪᠡᠷ ᠰᠠᠭᠠᠲᠠᠭᠤᠯᠬᠤ ᠠᠨᠤ ᠮᠠᠰᠢ ᠣᠯᠠᠨ᠂ ᠲᠣᠭ᠎ᠠ ᠲᠣᠮᠰᠢ ᠦᠭᠡᠢ᠃ ᠳᠠᠪᠲᠠᠨ ᠰᠡᠳᠬᠢᠬᠦᠶ᠎ᠡ ᠣᠷᠴᠢᠯᠠᠩ ᠤ᠋ᠨ ᠬᠣᠭᠣᠷᠣᠨᠳᠣ ᠶ᠋ᠢᠨ ᠬᠥᠮᠦᠨ ᠲᠥᠷᠥᠯᠬᠢᠲᠡᠨ ᠲᠡᠭᠷᠢ ᠶ᠋ᠢᠨ ᠬᠥᠪᠡᠭᠦᠨ ᠡᠴᠡ ᠳᠠᠷᠠᠭᠠᠯᠠᠨ ᠭᠤᠢᠯᠢᠨᠴᠢ ᠢᠷᠭᠡᠨ ᠳ᠋ᠦ᠍ᠷ ᠬᠦᠷᠲᠡᠯ᠎ᠡ ᠴᠥᠮ ᠢ᠋ᠶ᠋ᠡᠷ ᠨᠢᠭᠡᠨ ᠠᠳᠠᠯᠢ ᠬᠥᠮᠦᠨ ᠪᠥᠭᠡᠲᠡᠯ᠎ᠡ ᠵᠠᠷᠢᠮ ᠤ᠋ᠳ ᠠᠨᠤ ᠵᠢᠷᠭᠠᠯ ᠢ᠋ ᠣᠯᠪᠠ ᠬᠡᠮᠡᠮᠦᠢ᠃ ᠵᠠᠷᠢᠮ ᠤ᠋ᠳ ᠠᠨᠤ ᠵᠣᠪᠠᠯᠠᠩ ᠢ᠋ ᠠᠮᠰᠠᠮᠤᠢ ᠬᠡᠮᠡᠮᠦᠢ᠃ ᠵᠢᠷᠭᠠᠯ ᠢ᠋ ᠣᠯᠤᠭᠰᠠᠨ ᠠᠨᠤ ᠪᠠᠶᠠᠨ ᠡᠷᠬᠢᠮ ᠂ ᠵᠣᠪᠠᠯᠠᠩ ᠢ᠋ ᠠᠮᠰᠠᠬᠤ ᠶ᠋ᠢ ᠠᠨᠤ ᠦᠭᠡᠢᠭᠦᠦ ᠶᠠᠳᠠᠩᠭᠢ᠃ ᠡᠨᠡ ᠠᠨᠤ ᠨᠢᠭᠡᠨᠲᠡ ᠲᠣᠭᠲᠠᠭᠰᠠᠨ ᠶᠣᠰᠣ ᠠᠲᠠᠯ᠎ᠠ ᠡᠭᠦᠨ ᠦ᠌ ᠳᠣᠲᠣᠷ᠎ᠠ ᠪᠠᠰᠠ ᠪᠠᠶᠠᠨ ᠡᠷᠬᠢᠮ ᠪᠥᠭᠡᠳ ᠵᠣᠪᠠᠯᠠᠩ ᠢ᠋ ᠠᠮᠰᠠᠭᠴᠢᠳ᠂ ᠦᠭᠡᠢᠭᠦᠦ ᠶᠠᠳᠠᠩᠭᠢ ᠪᠥᠭᠡᠳ ᠵᠢᠷᠭᠠᠯ ᠢ᠋ ᠡᠳᠡᠯᠡᠭᠴᠢᠳ ᠮᠥᠨ ᠴᠥᠭᠡᠨ ᠦᠭᠡᠢ᠃ ᠶᠡᠬᠡ ᠲᠥᠯᠥᠪ ᠡᠷᠲᠡᠨ ᠦ᠌ ᠤᠯᠤᠰ ᠢ᠋ᠶ᠋ᠠᠨ ᠠᠯᠳᠠᠭᠰᠠᠨ ᠡᠵᠡᠳ ᠪᠠ ᠲᠤᠯᠭᠤᠷ ᠲᠥᠷᠥ ᠨᠡᠭᠡᠭᠡᠭᠰᠡᠨ ᠬᠠᠳ ᠬᠢᠭᠡᠳ ᠡᠳ᠋ ᠢ᠋ ᠦᠷᠡᠵᠢᠭᠦᠯᠦᠭᠰᠡᠨ ᠪᠠᠶᠠᠴᠤᠳ᠂ ᠡᠳ᠋ ᠲᠣᠷ ᠰᠢᠨᠤᠭᠰᠠᠨ ᠢᠷᠭᠡᠳ ᠦ᠋ᠨ ᠣᠯᠠᠩᠬᠢ ᠨᠢ ᠴᠥᠮ ᠵᠣᠪᠠᠯᠠᠩ ᠢ᠋ ᠠᠮᠰᠠᠵᠤ ᠭᠠᠰᠠᠯᠵᠤᠬᠤᠢ᠃ ᠵᠢᠴᠢ ᠡᠷᠳᠡᠮ ᠢ᠋ ᠪᠠᠢᠭᠤᠯᠤᠭᠰᠠᠨ ᠪᠣᠭᠳᠠᠰ ᠪᠠ ᠡᠷᠳᠡᠮ ᠣᠯᠤᠭᠰᠠᠨ ᠮᠡᠷᠭᠡᠳ ᠬᠢᠭᠡᠳ ᠬᠦᠰᠡᠯ ᠳ᠋ᠦ᠍ᠷ ᠬᠠᠨᠤᠭᠰᠠᠨ ᠠᠷᠠᠳ ᠬᠦᠰᠡᠯ ᠢ᠋ ᠲᠡᠪᠴᠢᠭᠰᠡᠨ ᠰᠡᠴᠡᠳ ᠣᠯᠠᠩᠬᠢ ᠨᠢ ᠴᠥᠮ ᠵᠢᠷᠭᠠᠵᠤᠬᠤᠢ᠃ ᠲᠡᠢᠨ ᠬᠦ᠌ ᠵᠣᠪᠠᠬᠤ ᠵᠢᠷᠭᠠᠬᠤ ᠶ᠋ᠢᠨ ᠦᠨᠳᠦᠰᠦᠨ ᠴᠥᠮ ᠬᠥᠮᠦᠨ ᠦ᠌ ᠰᠡᠳᠬᠢᠯ ᠎ᠡᠴᠡ ᠡᠳᠦᠮᠦᠢ᠃ ᠶᠠᠭᠤᠨ ᠬᠡᠮᠡᠪᠡᠰᠦ᠄ ᠮᠤᠩᠬᠠᠭ ᠪᠢ ᠤᠷᠲᠤᠳᠠ ᠦᠵᠡᠬᠦᠯ᠎ᠡ ᠲᠠᠷᠢᠶᠠᠯᠠᠩ ᠤ᠋ᠨ ᠠᠷᠠᠳ ᠴᠠᠭᠠᠨ ᠨᠢᠭᠤᠲᠠᠯ ᠤ᠋ᠨ ᠶᠡᠬᠡ ᠬᠠᠯᠠᠭᠤᠨ ᠤ᠋ ᠴᠠᠭ ᠲᠤᠷ ᠨᠢᠴᠦᠭᠦᠨ ᠨᠢᠷᠤᠭᠤ ᠪᠠᠨ ᠤᠯᠠᠢᠮ᠎ᠠ ᠨᠠᠷᠠᠨ ᠳ᠋ᠤᠷ ᠰᠢᠯᠪᠤᠷᠠᠲᠠᠯ᠎ᠠ ᠰᠢᠷᠠᠵᠤ ᠡᠭᠡᠭᠡᠭᠳᠡᠨ ᠴᠥᠮ ᠬᠥᠭᠡᠰᠦ ᠦᠰᠦᠷᠴᠦ ᠰᠢᠷ᠎ᠠ ᠤᠰᠤᠨ ᠠᠨᠤ ᠴᠤᠪᠤᠷᠢᠵᠤ ᠠᠲᠠᠯ᠎ᠠ ᠨᠠᠷᠠᠨ ᠤᠨᠠᠵᠤ ᠡᠳᠦᠷ ᠦ᠋ᠨ ᠶᠠᠪᠤᠳᠠᠯ ᠢ᠋ᠶ᠋ᠠᠨ ᠲᠡᠭᠦᠰᠬᠡᠵᠦ ᠪᠠᠬᠠᠨ ᠰᠡᠷᠢᠭᠦᠨ ᠠᠮᠢᠰᠬᠤᠯ ᠢ᠋ ᠣᠯᠵᠤ ᠠᠢᠯ ᠭᠠᠴᠠᠭ᠎ᠠ ᠳ᠋ᠠᠭᠠᠨ ᠡᠭᠡᠬᠦᠢ ᠳ᠋ᠦ᠍ᠷ ᠠᠷᠪᠠ ᠬᠣᠷᠢ ᠪᠠᠷ ᠬᠠᠩᠭᠢᠨᠠᠲᠠᠯ᠎ᠠ ᠳᠠᠭᠤᠯᠠᠵᠤ ᠮᠠᠰᠢ ᠬᠥᠷ ᠨᠠᠢᠷᠲᠠᠶ᠎ᠠ ᠢᠨᠢᠶᠡᠯᠴᠡᠨ ᠪᠥᠭᠡᠳ ᠨᠠᠭᠠᠳᠤᠯᠴᠠᠵᠤ᠂ ᠮᠠᠷᠭᠠᠲᠠ ᠶ᠋ᠢᠨ ᠬᠠᠯᠠᠭᠤᠨ ᠠ᠋ᠴᠠ ᠬᠠᠯᠠᠰᠢᠷᠠᠨ ᠵᠣᠪᠠᠨᠢᠬᠤ ᠳᠦᠷᠢᠮ ᠥᠴᠦᠬᠡᠨ ᠴᠦ᠍ ᠦᠭᠡᠢ ᠡᠨᠡ ᠨᠢᠭᠡ᠃ ᠪᠠᠰᠠ ᠦᠵᠡᠪᠡᠰᠦ ᠨᠡᠢᠰᠯᠡᠯ ᠬᠣᠲᠠᠨ ᠳ᠋ᠤ᠌ ᠭᠤᠷᠪᠠᠨ ᠶᠢᠰᠦᠨ ᠦ᠌ ᠶᠡᠬᠡ ᠭᠦᠢᠳᠡᠨ᠎ᠡ ᠲᠡᠳᠡᠭᠡᠷ ᠨᠢᠴᠦᠭᠦᠨ ᠶᠠᠪᠠᠭᠠᠨ ᠭᠤᠢᠷᠠᠨᠴᠢ ᠨᠠᠷ ᠤ᠋ᠨ ᠮᠢᠬ᠎ᠠ ᠠᠷᠠᠰᠤ ᠴᠥᠮ ᠬᠥᠯᠳᠡᠵᠦ ᠬᠠᠭᠠᠷᠠᠭᠠᠳ ᠤᠯᠠᠭᠠᠨ ᠰᠢᠭᠦᠰᠦ ᠳᠡᠪᠦᠯᠦᠨ ᠭᠠᠷᠴᠤ ᠲᠡᠰᠬᠡᠯ ᠦᠬᠡᠷ ᠳᠠᠭᠵᠢᠨ ᠴᠡᠴᠡᠷᠡᠬᠦ ᠪᠥᠭᠡᠳ ᠭᠤᠶᠤᠭᠰᠠᠨ ᠵᠣᠭᠣᠰ ᠢᠳᠡᠰᠢ ᠪᠠᠬᠠᠨ ᠦᠯᠡᠮᠵᠢ ᠢᠨᠤ ᠰᠡᠳᠬᠢᠯ ᠨᠡᠢᠴᠡᠭᠴᠢ ᠯᠤᠭᠡ ᠪᠡᠨ ᠨᠠᠷᠠᠨ ᠤ᠋ ᠡᠭᠡᠪᠦᠷ ᠳᠤᠯᠠᠭᠠᠨ ᠭᠠᠵᠠᠷ ᠲᠤᠷ ᠡᠰᠡᠷᠭᠦᠴᠡᠯᠡᠨ ᠰᠠᠭᠤᠭᠠᠳ ᠠᠮᠲᠠᠲᠤ ᠢᠳᠡᠰᠢ ᠬᠠᠳᠠᠨ ᠠᠷᠢᠬᠢ ᠪᠠᠨ ᠬᠠᠯᠠᠮᠰᠢᠲᠠᠯ᠎ᠡ ᠤᠤᠭᠤᠵᠤ᠂ ᠥᠨᠳᠥᠷ ᠳᠠᠭᠤᠨ ᠢ᠋ᠶ᠋ᠠᠷ ᠬᠤᠷᠤᠭᠤ ᠵᠢᠮᠡᠯᠴᠡᠨ ᠠᠮᠠᠨ ᠳ᠋ᠤᠷ ᠪᠠᠰᠠ᠄ 《 ᠡᠪᠡᠰᠦ ᠨᠢᠭᠡᠨ ᠨᠠᠮᠤᠷ ᠬᠥᠬᠡᠷᠡᠮᠦᠢ᠂ ᠬᠥᠮᠦᠨ ᠨᠢᠭᠡᠨ ᠦᠶ᠎ᠡ ᠠᠮᠢᠳᠤᠷᠠᠮᠤᠢ᠃ ᠨᠢᠭᠡᠨ ᠡᠳᠦᠷ ᠠᠮᠤᠷ ᠰᠤᠯᠠ ᠪᠥᠭᠡᠰᠦ ᠨᠢᠭᠡᠨ ᠡᠳᠦᠷ ᠦ᠋ᠨ ᠪᠤᠶᠠᠨ! 》 ᠬᠡᠮᠡᠬᠦ ᠵᠡᠷᠭᠡ ᠶ᠋ᠢᠨ ᠤᠳᠬᠠᠲᠤ ᠦᠭᠡᠰ ᠢ᠋ ᠡᠰᠢ ᠲᠠᠲᠠᠵᠤ ᠬᠡᠬᠦᠯᠵᠡᠨ ᠬᠡᠯᠡᠵᠦ ᠲᠡᠭᠦᠨ ᠢ᠋ᠶ᠋ᠡᠨ ᠵᠢᠷᠭᠠᠯ ᠭᠡᠮᠡᠨ ᠬᠡᠯᠡᠯᠴᠡᠵᠦ᠂ ᠡᠨᠡ ᠰᠥᠨᠢ ᠬᠠᠮᠢᠭ᠎ᠠ ᠬᠥᠯᠳᠡᠵᠦ ᠦᠬᠦᠮᠦᠢ ᠬᠡᠮᠡᠬᠦ ᠪᠡᠨ ᠪᠠᠬᠠᠨ ᠴᠤ᠌ ᠪᠣᠳᠣᠵᠤ ᠵᠣᠪᠠᠨᠢᠬᠤ ᠦᠭᠡᠢ ᠢᠨᠢᠶᠡᠯᠴᠡᠮᠦᠢ᠃ ᠵᠠᠷᠢᠮ ᠬᠠᠭᠠᠨ ᠤ᠋ ᠬᠠᠳᠠᠮ ᠤᠯᠤᠰ ᠤ᠋ᠨ ᠤᠷᠤᠭ᠂ ᠸᠠᠩ ᠤ᠋ᠨ ᠬᠡᠷᠬᠡᠮ ᠬᠦᠩ ᠦ᠋ᠨ ᠵᠡᠷᠭᠡ ᠶ᠋ᠢᠨ ᠪᠠᠶᠠᠨ ᠡᠷᠬᠢᠮ ᠦ᠋ᠨ ᠲᠤᠢᠯ ᠪᠥᠭᠡᠳ ᠬᠠᠷᠢᠨ ᠭᠡᠳᠡᠷᠭᠦ ᠡᠳᠦᠷ ᠪᠦᠷᠢ ᠬᠥᠮᠦᠨ ᠳ᠋ᠦ᠍ᠷ ᠬᠣᠷᠣᠰᠤᠨ ᠡᠳ᠋ ᠲᠣᠷ ᠬᠣᠪᠳᠣᠭᠯᠠᠨ᠂ ᠡᠰᠡᠬᠦᠯ᠎ᠡ ᠡᠷᠬᠡ ᠳ᠋ᠦ᠍ᠷ ᠡᠷᠡᠮᠰᠢᠨ ᠠᠭᠤᠷ ᠲᠤᠷ ᠲᠡᠮᠡᠴᠡᠵᠦ᠂ ᠳᠡᠭᠡᠭᠰᠢ ᠠᠲᠠᠭᠠᠷᠬᠠᠨ ᠳᠣᠷᠣᠭᠰᠢᠳᠠ ᠳᠠᠷᠤᠯᠠᠵᠤ ᠴᠠᠭ ᠭᠱᠠᠨ ᠬᠥᠮᠥᠰᠬᠡ ᠳᠡᠯᠭᠡᠨ ᠴᠢᠷᠠᠢ ᠢᠷᠠᠬᠤ ᠦᠭᠡᠢ ᠢᠨᠤ ᠪᠣᠢ ᠠᠮᠤᠢ᠃ ᠡᠭᠦᠨ ᠢ᠋ ᠡᠭᠡᠨᠡᠭᠲᠡ ᠵᠣᠪᠠᠯᠠᠩ ᠳ᠋ᠤᠷ ᠲᠣᠭᠠᠴᠠᠵᠤᠬᠤᠢ᠃ ᠠᠶ᠎ᠠ ᠶᠠᠭᠤᠲᠠᠢ ᠪᠡᠷᠬᠡ᠂ ᠶᠠᠭᠤᠲᠠᠢ ᠭᠤᠨᠢᠶᠠᠯᠲᠠᠢ ᠬᠡᠷᠡᠭ ᠠᠵᠢ ! ᠵᠠᠷᠢᠮ ᠠᠨᠤ ᠪᠡᠶ᠎ᠡ ᠳᠦᠭᠦᠷᠡᠩ ᠵᠢᠷᠭᠠᠯ ᠢ᠋ ᠵᠣᠪᠠᠯᠠᠩ ᠳ᠋ᠤᠷ ᠤᠳᠤᠷᠢᠳᠴᠤ ᠠᠭᠤᠷ ᠲᠡᠮᠡᠴᠡᠯ ᠢ᠋ ᠡᠷᠢᠮᠦᠢ᠂ ᠵᠠᠷᠢᠮ ᠠᠨᠤ ᠪᠡᠶ᠎ᠡ ᠳᠦᠭᠦᠷᠡᠩ ᠵᠣᠪᠠᠯᠠᠩ ᠢ᠋ ᠵᠢᠷᠭᠠᠯ ᠳ᠋ᠤᠷ ᠡᠭᠦᠰᠬᠡᠵᠦ ᠢᠨᠢᠶᠡᠨ ᠨᠠᠭᠠᠳᠬᠤ ᠶ᠋ᠢ ᠡᠷᠢᠮᠦᠢ᠃ ᠡᠨᠡ ᠬᠣᠶᠠᠷ ᠴᠥᠮ ᠳᠤᠮᠳᠠ ᠠ᠋ᠴᠠ ᠬᠡᠲᠦᠷᠡᠭᠰᠡᠨ ᠬᠡᠷᠡᠭ᠂ ᠵᠣᠪᠠᠯᠠᠩ ᠢ᠋ ᠬᠦᠯᠢᠶᠡᠵᠦ ᠵᠢᠷᠭᠠᠯᠠᠩ ᠬᠡᠮᠡᠬᠦ ᠢᠨᠦ ᠲᠡᠭᠦᠨ ᠢ᠋ ᠡᠷᠳᠡᠮ ᠬᠡᠮᠡᠬᠦᠶ᠎ᠡ ᠪᠡᠷᠬᠡ ᠳ᠋ᠦ᠍ᠷ ᠵᠢᠷᠭᠠᠯᠠᠩ ᠢ᠋ ᠬᠡᠲᠦᠷᠡᠭᠦᠯᠵᠦ ᠲᠡᠨᠴᠢᠭᠦᠷᠡᠯ᠎ ᠢ ᠡᠷᠢᠨ᠂ ᠵᠣᠪᠠᠯᠠᠩ ᠢ᠋ ᠡᠳᠦᠭᠦᠯᠬᠦ  ᠢᠨᠦ ᠨᠡᠩ ᠡᠰᠡ ᠵᠣᠬᠢᠵᠤᠬᠤᠢ᠃ ᠡᠭᠦᠨ ᠦ᠌ ᠳᠣᠲᠣᠷ᠎ᠠ ᠨᠢᠭᠡᠨ ᠵᠦᠢᠯ ᠦ᠋ᠨ ᠵᠢᠷᠭᠠᠯᠠᠩ ᠵᠣᠪᠠᠯᠠᠩ ᠢ᠋ ᠥᠴᠦᠬᠡᠨ ᠴᠦ᠍ ᠬᠡᠷᠡᠭᠰᠡᠬᠦ ᠦᠭᠡᠢ᠂ ᠬᠣᠶᠠᠷ ᠶᠠᠩᠵᠤ ᠶ᠋ᠢᠨ ᠬᠥᠮᠦᠨ ᠠᠮᠤᠢ᠃ ᠶᠠᠮᠪᠠᠷ ᠬᠥᠮᠦᠨ ᠬᠡᠮᠡᠪᠡᠰᠦ ᠄ ᠡᠰᠡᠬᠦᠯ᠎ᠡ ᠲᠤᠢᠯ ᠤ᠋ᠨ ᠨᠡᠪᠲᠡᠷᠡᠭᠰᠡᠨ ᠮᠡᠷᠭᠡᠳ ᠰᠠᠢᠳ᠂ ᠡᠰᠡᠬᠦᠯ᠎ᠡ ᠨᠢᠭᠡᠮᠦᠰᠦᠨ ᠬᠠᠷᠠᠩᠭᠤᠢ ᠳ᠋ᠤᠷ ᠨᠡᠷᠪᠡᠭᠳᠡᠭᠰᠡᠨ ᠬᠡᠲᠦᠷᠬᠡᠢ ᠮᠤᠩᠬᠠᠭ ᠪᠡᠷᠲᠡᠭᠴᠢᠨ ᠡᠨᠡ ᠬᠣᠶᠠᠷ ᠪᠤᠶᠤ᠃ ᠲᠡᠢᠨ ᠠᠲᠠᠯ᠎ᠠ ᠪᠠᠰᠠ ᠡᠨᠡ ᠬᠣᠶᠠᠷ ᠲᠤᠷ ᠴᠥᠮ ᠥᠪᠡᠷ ᠥᠪᠡᠷ ᠦ᠋ᠨ ᠥᠭᠦᠯᠡᠯ ᠪᠣᠢ᠂ ᠡᠨᠡ ᠮᠡᠷᠭᠡᠨ ᠮᠤᠩᠬᠠᠭ ᠬᠡᠮᠡᠭᠰᠡᠨ ᠳ᠋ᠦ᠍ᠷ ᠣᠷᠴᠢᠯᠠᠩ ᠰᠠᠨᠰᠠᠷ ᠲᠦᠷ  ᠪᠦᠭᠲᠦᠮ ᠢ᠋ᠶ᠋ᠡᠷ ᠪᠠᠭᠲᠠᠵᠤᠬᠤᠢ᠃ ᠲᠡᠢᠨ ᠬᠦ᠌ ᠨᠢᠭᠡᠨ ᠮᠡᠷᠭᠡᠨ ᠳ᠋ᠦ᠍ᠷ ᠵᠠᠭᠤᠨ ᠵᠦᠢᠯ ᠦ᠋ᠨ ᠮᠡᠷᠭᠡᠨ ᠪᠣᠢ᠂ ᠨᠢᠭᠡᠨ ᠮᠤᠩᠬᠠᠭ ᠲᠤᠷ ᠪᠠᠰᠠ ᠵᠠᠭᠤᠨ ᠵᠦᠢᠯ ᠦ᠋ᠨ ᠮᠤᠩᠬᠠᠭ ᠪᠣᠢ᠃ ᠲᠣᠪᠴᠢᠯᠠᠪᠠᠰᠤ ᠮᠡᠷᠭᠡᠨ ᠬᠡᠲᠦᠷᠡᠴᠦ ᠲᠤᠢᠯ ᠳ᠋ᠤᠷ ᠬᠦᠷᠪᠡᠰᠦ ᠮᠡᠷᠭᠡᠨ ᠢ᠋ ᠣᠨᠣᠮᠤᠢ᠃ ᠲᠡᠢᠨ ᠬᠦ᠌ ᠡᠷᠲᠡᠨ ᠦ᠌ ᠴᠢᠨ ᠱᠢ ᠬᠤᠸᠠᠩ ᠭᠠᠯᠪᠠ ᠬᠣᠭᠣᠰᠣᠨ ᠪᠣᠯᠲᠠᠯ᠎ᠠ ᠲᠦᠮᠡᠨ ᠦᠶ᠎ᠡ ᠬᠠᠭᠠᠨ ᠰᠠᠭᠤᠰᠤᠭᠠᠢ ᠭᠡᠮᠡᠨ ᠦᠬᠦᠯ ᠦᠭᠡᠢ ᠮᠥᠩᠬᠡ ᠶ᠋ᠢᠨ ᠰᠢᠳᠢᠲᠦ ᠷᠢᠯᠦ ᠡᠮ ᠢ᠋ ᠡᠷᠢᠵᠦᠬᠦᠢ᠃ ᠡᠨᠡ ᠢᠨᠤ ᠰᠡᠴᠡᠨ ᠰᠡᠷᠭᠦᠯᠡᠩ ᠬᠡᠲᠦᠷᠡᠵᠦ ᠠᠮᠢᠳᠤᠷᠠᠬᠤ ᠶ᠋ᠢᠨ ᠠᠮᠲᠠ ᠶ᠋ᠢ ᠭᠦᠨ᠎ᠡ ᠣᠯᠵᠤ ᠬᠦᠰᠡᠯ ᠥᠷᠥᠰᠢᠶᠡᠯ ᠬᠡᠲᠦᠷᠡᠭᠡᠳ ᠮᠤᠩᠬᠠᠭ ᠬᠥᠮᠦᠨ ᠴᠦ᠍ ᠦᠯᠦ ᠡᠷᠢᠬᠦ ᠣᠯᠳᠣᠢ ᠬᠡᠷᠡᠭ ᠢ᠋ ᠡᠭᠦᠰᠬᠡᠵᠦᠬᠦᠢ᠃ ᠡᠨᠡ ᠢᠨᠤ ᠮᠡᠷᠭᠡᠨ ᠦ᠌ ᠳᠣᠲᠣᠷᠠᠬᠢ ᠮᠤᠩᠬᠠᠭ ᠪᠤᠶᠤ᠃ ᠬᠠᠷᠢᠨ ᠡᠴᠦᠰ ᠲᠦ᠍ᠷ ᠳᠥᠴᠢᠨ ᠨᠠᠰᠤᠨ  ᠴᠤ᠌ ᠬᠦᠷᠴᠦ ᠡᠰᠡ ᠴᠢᠳᠠᠵᠤᠬᠤᠢ᠃ ᠵᠢᠴᠢ ᠮᠤᠩᠬᠠᠭ ᠢᠰᠸᠠᠨᠢᠰᠳᠦ ᠲᠤᠢᠯ ᠤ᠋ᠨ ᠰᠠᠳᠤᠷ ᠡᠬᠡᠨᠡᠷ ᠳᠠᠩ ᠤᠯᠤᠰ ᠤ᠋ᠨ ᠡᠦ ᠽᠧ ᠲᠢᠶᠠᠨ ᠬᠠᠷᠢᠨ ᠨᠢᠭᠡᠨ ᠤᠰᠤᠨ ᠴᠢᠨᠠᠷᠲᠤ ᠡᠬᠡᠨᠡᠷ ᠬᠥᠮᠦᠨ ᠪᠥᠭᠡᠳ ᠳᠤᠮᠳᠠᠳᠤ ᠤᠯᠤᠰ ᠤ᠋ᠨ ᠳᠡᠯᠡᠬᠡᠢ ᠳ᠋ᠠᠬᠢᠨ ᠳ᠋ᠤᠷ ᠠᠮᠤᠷ ᠲᠦᠪᠰᠢᠨ ᠢ᠋ᠶ᠋ᠡᠷ ᠬᠣᠷᠢᠨ ᠬᠣᠶᠠᠷ ᠵᠢᠯ ᠬᠠᠭᠠᠨ ᠰᠠᠭᠤᠭᠰᠠᠨ ᠠᠨᠤ ᠪᠠᠰᠠ ᠴᠤ᠌ ᠮᠠᠰᠢᠳᠠ ᠤᠨᠤᠵᠤ ᠵᠠᠪᠰᠢᠭᠰᠠᠨ ᠬᠡᠷᠡᠭ ᠪᠢᠰᠢᠦ ᠦᠦ! ᠲᠡᠭᠷᠢ ᠶ᠋ᠢ ᠳᠦᠷᠢᠮᠯᠡᠬᠦ ᠬᠠᠭᠠᠨ ᠬᠡᠮᠡᠭᠴᠢ ᠨᠡᠷ᠎ᠡ ᠢᠨᠤ ᠡᠵᠡᠷᠬᠡᠭ ᠭᠦᠵᠢᠷᠮᠡᠭᠴᠢ ᠶᠠᠪᠤᠳᠠᠯ ᠪᠣᠯᠪᠠᠴᠤ ᠬᠡᠷᠡᠭᠯᠡᠭᠰᠡᠨ ᠰᠠᠨᠠᠭᠠᠨ ᠭᠦᠶᠦᠭᠡᠨ ᠦᠭᠡᠢ᠃ ᠡᠭᠦᠨᠴᠡ ᠬᠣᠢᠲᠤ ᠯᠢᠶᠣᠤ ᠤᠯᠤᠰ ᠲᠤᠷ ᠬᠣᠶᠠᠷ ᠦᠷ᠎ᠡ᠂ ᠯᠤᠤ ᠲᠠᠢᠬᠡᠦ᠂ ᠰᠢᠶᠣᠤ  ᠲᠠᠢᠬᠡᠦ ᠭᠠᠷᠪᠠ᠃ ᠰᠥᠩ ᠤᠯᠤᠰ ᠲᠤᠷ ᠪᠠᠰᠠ ᠰᠠᠢᠳ ᠤ᠋ᠨ ᠵᠡᠷᠭᠡ ᠱᠧ ᠲᠡᠢ ᠵᠢᠶᠦ᠋ᠨ ᠭᠠᠷᠪᠠ᠂ ᠴᠥᠮ ᠮᠡᠷᠭᠡᠨ ᠴᠢᠳᠠᠪᠤᠷᠢᠲᠠᠢ ᠡᠬᠡᠨᠡᠷ ᠦ᠋ᠳ ᠪᠥᠭᠡᠳ ᠠᠯᠢ ᠨᠢ ᠠᠨᠤ ᠡᠦ ᠽᠧ ᠲᠢᠶᠠᠨ ᠳ᠋ᠤᠷ ᠬᠦᠷᠴᠦ ᠴᠢᠳᠠᠮᠤᠢ? ᠡᠦ ᠾᠧᠦ ᠶ᠋ᠢᠨ ᠨᠡᠷ᠎ᠡ ᠵᠣᠣ ᠪᠡᠶ᠎ᠡ ᠪᠡᠨ ᠠᠯᠲᠠᠨ ᠬᠦᠷᠳᠦᠲᠦ ᠲᠡᠭᠷᠢ ᠶ᠋ᠢ ᠳᠦᠷᠢᠮᠯᠡᠬᠦ ᠽᠧ ᠲᠢᠶᠠᠨ ᠬᠤᠸᠠᠩᠳᠢ ᠭᠡᠮᠡᠨ ᠨᠡᠷᠡᠢᠳᠴᠦ ᠤᠯᠤᠰ ᠤ᠋ᠨ ᠨᠡᠷ᠎ᠡ ᠪᠡᠨ ᠵᠧᠦ ᠭᠡᠮᠡᠨ ᠬᠠᠯᠠᠵᠤ᠂ ᠨᠢᠭᠡᠨ ᠲᠥᠷᠥ ᠶ᠋ᠢᠨ ᠪᠢᠴᠢᠭ ᠴᠡᠷᠢᠭ ᠦ᠋ᠨ ᠵᠠᠭᠤᠨ ᠲᠦᠰᠢᠮᠡᠳ ᠨᠢᠭᠡᠬᠡᠨ ᠬᠥᠮᠦᠨ ᠴᠦ᠍ ᠵᠥᠷᠢᠴᠡᠨ ᠡᠰᠡ ᠴᠢᠳᠠᠬᠤᠢ ᠳ᠋ᠤᠷ ᠭᠠᠳᠠᠨ᠎ᠠ ᠮᠣᠵᠢ ᠶ᠋ᠢᠨ ᠰᠢᠦᠢ ᠵᠢᠩ ᠶᠧ ᠴᠡᠷᠢᠭ ᠪᠠᠢᠭᠤᠯᠤᠨ ᠳᠠᠢᠯᠠᠬᠤᠢ ᠳ᠋ᠤᠷ ᠯᠦᠸᠧ ᠪᠢᠨ ᠸᠠᠩ ᠢ᠋ᠶ᠋ᠠᠷ ᠪᠢᠴᠢᠭᠦᠯᠦᠭᠰᠡᠨ ᠲᠤᠩᠬᠠᠭ ᠪᠢᠴᠢᠭ ᠲᠣᠷ ᠡᠦ  ᠾᠧᠦ ᠶ᠋ᠢ ᠬᠡᠯᠡᠭᠰᠡᠨ ᠢᠨᠦ᠄ 《 ᠡᠭᠦᠳᠡᠨ᠎ᠡ ᠣᠷᠣᠮᠠᠭᠴᠠ ᠠᠲᠠᠭᠠᠷᠬᠠᠨ ᠶᠠᠪᠤᠵᠤ᠂ ᠮᠤᠷᠤᠢ ᠬᠥᠮᠥᠰᠬᠡ ᠬᠥᠮᠦᠨ ᠳ᠋ᠦ᠍ᠷ ᠨᠠᠢᠷ ᠲᠠᠯᠪᠢᠬᠤ ᠦᠭᠡᠢ ᠂ ᠬᠠᠨᠴᠤ ᠪᠠᠷ ᠬᠠᠯᠬᠠᠯᠠᠨ ᠬᠤᠪᠢᠯᠠᠬᠤᠢ ᠳ᠋ᠤᠷ ᠤᠷᠠᠯᠠᠵᠤ᠂ ᠦᠨᠡᠭᠡᠨ ᠦ᠌ ᠪᠡᠴᠢ ᠡᠵᠡᠨ ᠢ᠋ ᠮᠡᠬᠡᠯᠡᠨ ᠴᠢᠳᠠᠮᠤᠢ᠂᠂᠂᠂》  ᠬᠡᠮᠡᠭᠰᠡᠨ ᠦᠭᠡᠰ ᠢ᠋ ᠡᠦ ᠾᠧᠦ ᠦᠵᠡᠭᠡᠳ ᠬᠠᠷᠢᠨ ᠪᠡᠶᠡᠰᠦᠨ ᠢᠨᠢᠶᠡᠵᠦ ᠯᠦᠸᠧ ᠪᠢᠨ ᠸᠠᠩ ᠢ᠋ ᠡᠷᠳᠡᠮᠲᠦ ᠨᠤᠭᠤᠨ ᠭᠡᠮᠡᠨ ᠰᠠᠢᠰᠢᠶᠠᠪᠠᠢ᠃ ᠡᠨᠡ ᠡᠦ ᠾᠧᠦ ᠶ᠋ᠢᠨ ᠬᠤᠷᠴᠠ ᠣᠶᠤᠨ ᠬᠡᠳᠦᠢ ᠣᠭᠲᠠᠷᠭᠤᠢ ᠳ᠋ᠤᠷ ᠲᠤᠯᠪᠠᠴᠤ ᠲᠡᠭᠦᠨ ᠦ᠌ ᠤᠯᠤᠰ ᠤ᠋ᠨ ᠨᠡᠷ᠎ᠡ ᠶ᠋ᠢ ᠬᠠᠯᠠᠭᠰᠠᠨ ᠪᠠ ᠬᠤᠸᠠᠩᠳᠢ ᠦᠰᠦᠭ ᠢ᠋ ᠬᠡᠷᠡᠭᠯᠡᠭᠰᠡᠨ ᠢᠨᠦ ᠡᠭᠡᠨᠡᠭᠲᠡ ᠡᠬᠡᠨᠡᠷ ᠦ᠋ᠨ ᠴᠠᠭ ᠵᠠᠭᠤᠷ᠎ᠠ ᠶ᠋ᠢᠨ ᠣᠬᠣᠷ ᠪᠣᠳᠣᠯᠭ᠎ᠠ ᠡᠵᠡᠷᠬᠡᠭ ᠰᠡᠳᠬᠢᠯ ᠦ᠋ᠨ ᠳᠤᠷ᠎ᠠ ᠪᠠᠷ ᠠᠭᠠᠰᠢᠯᠠᠨ ᠮᠤᠩᠬᠠᠭᠯᠠᠨ ᠲᠦᠢᠪᠡᠭᠡᠬᠦ ᠡᠴᠡ ᠬᠡᠯᠲᠦᠷᠢᠨ ᠦᠯᠦ ᠴᠢᠳᠠᠮᠤᠢ᠃ ᠲᠡᠭᠦᠨ ᠦ᠌ ᠮᠤᠩᠬᠠᠭ ᠬᠠᠷᠢᠨ ᠮᠡᠷᠭᠡᠨ ᠦ᠌ ᠲᠤᠢᠯ ᠢ᠋ ᠣᠯᠵᠤᠬᠤᠢ᠃ ᠨᠢᠭᠡᠨ ᠬᠥᠮᠦᠨ ᠦ᠌ ᠳᠠᠭ᠎ᠠ ᠪᠠᠷ ᠶᠠᠪᠤᠭᠴᠢ ᠡᠬᠡᠨᠡᠷ ᠦ᠋ᠨ ᠪᠡᠶ᠎ᠡ ᠬᠠᠭᠠᠨ ᠰᠠᠭᠤᠵᠤ ᠴᠢᠳᠠᠭᠰᠠᠨ ᠢ᠋ ᠦᠵᠡᠬᠦᠯ᠎ᠡ ᠲᠡᠭᠦᠨ ᠳ᠋ᠦ᠍ᠷ ᠨᠢᠭᠡᠨ ᠵᠦᠢᠯ ᠦ᠋ᠨ ᠮᠡᠷᠭᠡᠨ ᠡᠷᠳᠡᠮ ᠪᠠᠢᠬᠤ ᠶ᠋ᠢ ᠮᠡᠳᠡᠵᠦ ᠪᠣᠯᠤᠮᠤᠢ᠃ ᠶᠡᠬᠡ ᠮᠤᠩᠬᠠᠭ ᠤ᠋ᠨ ᠳᠣᠲᠣᠷᠠᠬᠢ ᠶᠡᠬᠡ ᠮᠡᠷᠭᠡᠨ ᠬᠡᠮᠡᠭᠴᠢ ᠳᠠᠷᠤᠢ ᠡᠨᠡ ᠪᠣᠯᠠᠢ! ᠠᠶ᠎ᠠ ᠡᠭᠦᠨ ᠢ᠋ᠶ᠋ᠡᠷ ᠦᠵᠡᠬᠦᠯ᠎ᠡ ᠪᠣᠭᠳᠠ ᠬᠥᠮᠦᠨ ᠡᠵᠡᠨ ᠢ᠋ᠶ᠋ᠡᠨ ᠳᠠᠢᠯᠠᠬᠤ ᠪᠠ ᠥᠴᠦᠬᠡᠨ ᠬᠥᠮᠦᠨ ᠪᠡᠶ᠎ᠡ ᠶᠦ᠍ᠭᠡᠨ ᠮᠠᠨᠳᠤᠭᠤᠯᠬᠤ ᠠᠨᠤ ᠴᠥᠮ ᠪᠠᠢᠵᠤ ᠪᠣᠯᠬᠤ ᠦᠨᠡᠨ ᠬᠡᠷᠡᠭ ᠠᠵᠤᠭᠤ᠂ ᠨᠡᠩ ᠢᠨᠢᠶᠡᠯᠲᠡᠢ ᠪᠥᠭᠡᠳ ᠭᠤᠨᠢᠶᠠᠯᠲᠠᠢ ᠠᠨᠤ ᠡᠷᠲᠡᠨ ᠦ᠌ ᠱᠢ ᠬᠤᠸᠠᠩ ᠲᠡᠯᠡᠬᠡᠷ ᠳ᠋ᠠᠬᠢᠨ ᠢ᠋ ᠨᠡᠢᠭᠡᠮ ᠪᠣᠯᠭᠠᠭᠰᠠᠨ ᠬᠠᠤᠯᠢ ᠶ᠋ᠢ ᠤᠯᠤᠰ ᠪᠦᠷᠢ ᠮᠥᠷᠳᠡᠨ ᠶᠠᠪᠤᠬᠤ ᠪᠥᠭᠡᠳ ᠠᠮᠠᠨ ᠳ᠋ᠤᠷ  ᠶᠣᠣ᠂ ᠱᠦᠨ ᠦ᠌ ᠦᠭᠡᠰ ᠢ᠋ ᠬᠡᠯᠡᠵᠦ ᠶᠣᠰᠣ ᠪᠠᠷ ᠬᠤᠴᠢᠵᠤ ᠬᠠᠯᠬᠠᠯᠠᠮᠤᠢ᠃ ᠡᠭᠦᠨ ᠢ᠋ ᠴᠢᠨ᠂ ᠡᠦ ᠬᠣᠶᠠᠷ ᠢ᠋ᠶ᠋ᠠᠷ ᠵᠢᠷᠦᠬᠡ ᠬᠢᠵᠦ᠂  ᠶᠣᠣ᠂ ᠱᠦᠨ ᠢ᠋ᠶ᠋ᠡᠷ ᠵᠢᠰᠦ ᠬᠢᠭᠰᠡᠨ ᠳᠡᠯᠡᠬᠡᠢ ᠳ᠋ᠠᠬᠢᠨ ᠬᠡᠮᠡᠬᠦ ᠦᠭᠡᠢ ᠪᠤᠶᠤ᠃ ᠡᠳᠡᠭᠡᠷ ᠣᠯᠠᠨ ᠥᠩᠭᠡᠷᠡᠭᠰᠡᠨ ᠤᠯᠤᠰ ᠤ᠋ᠨ ᠳᠣᠲᠣᠷ᠎ᠠ ᠠ᠋ᠴᠠ ᠭᠠᠭᠴᠠ ᠶᠡᠬᠡ ᠶᠤᠸᠠᠨ ᠤᠯᠤᠰ ᠤ᠋ᠨ ᠲᠠᠢᠽᠦ ᠬᠠᠭᠠᠨ ᠲᠡᠷᠡ ᠮᠥᠷ ᠢ᠋ ᠳᠠᠭᠠᠭᠰᠠᠨ ᠦᠭᠡᠢ᠂ ᠣᠢᠷ᠎ᠠ ᠪᠠ ᠭᠠᠪᠢᠶᠠᠲᠠᠨ ᠢ᠋ ᠨᠡᠢᠲᠡ ᠪᠡᠷ ᠢ᠋ ᠳᠥᠷᠪᠡᠨ ᠥᠩᠭᠡ ᠲᠠᠪᠤᠨ ᠬᠠᠷᠢ ᠶᠡᠬᠡ ᠤᠯᠤᠰ ᠲᠤᠷ ᠬᠤᠪᠢᠶᠠᠯᠴᠠᠵᠤ ᠬᠠᠳ ᠡᠷᠭᠦᠮᠵᠢᠯᠡᠭᠰᠡᠨ ᠠᠨᠤ ᠡᠷᠲᠡᠨ ᠦ᠌  ᠶᠣᠣ᠂ ᠱᠦᠨ ᠂ ᠢᠦᠢ ᠂ ᠳᠠᠩ ᠂ ᠸᠧᠨ ᠡᠦ ᠶ᠋ᠢᠨ ᠳᠦᠷᠢᠮ ᠢ᠋ ᠮᠥᠷᠳᠡᠭᠰᠡᠨ  ᠢᠨᠦ ᠢᠯᠡᠷᠬᠡᠢ ᠦᠭᠡᠢ ᠦᠦ ?ᠬᠡᠳᠦᠢᠪᠡᠷ ᠸᠧᠨ ᠡᠦ ᠶ᠋ᠢᠨ ᠲᠤᠯᠭᠤᠷ ᠪᠠᠢᠭᠤᠯᠤᠭᠰᠠᠨ ᠵᠧᠦ ᠤᠯᠤᠰ ᠮᠡᠲᠦ ᠤᠳᠠᠭᠰᠠᠨ ᠦᠭᠡᠢ ᠪᠣᠯᠪᠠᠴᠤ ᠡᠳᠦᠭᠡ ᠳᠣᠯᠣᠭᠠᠨ ᠵᠠᠭᠤᠨ  ᠠᠷᠪᠠᠨ ᠵᠢᠯ  ᠪᠣᠯᠲᠠᠯ᠎ᠠ ᠮᠣᠩᠭᠣᠯ ᠭᠡᠮᠡᠨ ᠨᠢᠭᠡᠨ ᠵᠣᠪᠬᠢᠰ ᠢ᠋ ᠡᠵᠡᠯᠡᠨ ᠰᠠᠭᠤᠵᠤ ᠪᠠᠢᠬᠤ ᠠᠨᠤ ᠲᠡᠭᠦᠨ ᠦ᠌ ᠰᠠᠢᠨ ᠪᠤᠰᠤ ᠤᠤ ! ᠮᠠᠨ ᠤ᠋ ᠮᠣᠩᠭᠣᠯ ᠤ᠋ᠨ ᠮᠡᠷᠭᠡᠳ  ᠪᠡᠷ ᠬᠢᠨᠠᠨ ᠪᠣᠳᠣᠪᠠᠰᠤ ᠵᠣᠬᠢᠮᠤᠢ᠂ ᠬᠥᠮᠦᠨ ᠦ᠌ ᠡᠵᠡᠨ ᠡᠴᠢᠭᠡ ᠪᠣᠯᠤᠭᠴᠢᠳ ᠦᠷ᠎ᠡ ᠠᠴᠢ ᠪᠠ ᠠᠢᠮᠠᠭ ᠤᠯᠤᠰ ᠲᠤᠷ ᠢ᠋ᠶ᠋ᠠᠨ ᠮᠢᠩᠭᠠᠨ ᠵᠢᠯ ᠦ᠋ᠨ ᠲᠤᠯᠭᠤᠷ ᠲᠥᠷᠥ ᠪᠠᠢᠭᠤᠯᠤᠨ ᠥᠭᠬᠦ ᠢᠨᠤ ᠳᠡᠯᠡᠬᠡᠢ ᠳ᠋ᠠᠬᠢᠨ ᠳ᠋ᠤᠷ ᠠᠳᠠᠪᠠᠰᠢ ᠬᠡᠳᠦ ᠪᠣᠢ ᠠᠵᠢ? ᠡᠳᠦᠭᠡ ᠪᠣᠯᠲᠠᠯ᠎ᠠ ᠸᠠᠩ᠂ ᠬᠦᠩ᠂ ᠪᠡᠢᠯᠡ᠂ ᠪᠠᠢᠰᠠ᠂ ᠲᠠᠢᠵᠢ᠂ ᠲᠠᠪᠤᠨᠠᠩ ᠳ᠋ᠤᠷ ᠬᠦᠷᠲᠡᠯ᠎ᠡ ᠳᠠᠢᠴᠢᠩ ᠤᠯᠤᠰ ᠤ᠋ᠨ ᠨᠡᠷ᠎ᠡ ᠬᠤᠪᠢ ᠮᠥᠩᠭᠥ ᠲᠣᠷᠭ᠎ᠠ ᠶ᠋ᠢᠨ ᠬᠡᠰᠢᠭ ᠲᠣᠷ ᠢᠨᠤ ᠬᠦᠷᠲᠡᠭᠡᠳ ᠵᠢᠷᠭᠠᠵᠤ ᠪᠠᠢᠬᠤ ᠰᠢᠯᠲᠠᠭᠠᠨ ᠪᠣᠯᠪᠠᠴᠤ ᠮᠥᠨ ᠬᠦ᠌ ᠲᠡᠷᠡ ᠦᠶ᠎ᠡ ᠶ᠋ᠢᠨ ᠦᠨᠳᠦᠰᠦᠨ ᠲᠤᠯᠭᠤᠷ ᠪᠠᠢᠵᠤ᠂ ᠬᠤᠪᠢ ᠬᠣᠪᠢᠨ ᠳ᠋ᠠᠭᠠᠨ ᠨᠢᠭᠡᠨ ᠤᠯᠤᠰ ᠬᠡᠮᠡᠭᠳᠡᠵᠦ ᠪᠠᠢᠭᠰᠠᠨ ᠢ᠋ᠶ᠋ᠠᠷ ᠰᠠᠶᠢ ᠡᠢᠮᠦ ᠪᠣᠯᠤᠭᠰᠠᠨ ᠪᠣᠯᠠᠢ᠃ ᠵᠢᠴᠢ ᠪᠠᠰᠠ ᠮᠠᠨ ᠤ᠋ ᠮᠣᠩᠭᠣᠯ ᠤ᠋ᠨ ᠶᠡᠬᠡ ᠶᠤᠸᠠᠨ ᠤᠯᠤᠰ ᠠ᠋ᠴᠠ ᠬᠣᠵᠢᠮ ᠰᠠᠭᠤᠭᠰᠠᠨ ᠮᠢᠩ ᠤᠯᠤᠰ ᠪᠣᠢ ᠠᠮᠤᠢ᠃ ᠬᠠᠭᠠᠨ ᠢ᠋ᠶ᠋ᠠᠷ ᠬᠡᠯᠡᠪᠡᠰᠦ ᠠᠷᠪᠠᠨ ᠳᠣᠯᠣᠭᠠᠨ ᠬᠠᠭᠠᠨ ᠰᠠᠭᠤᠵᠤ᠂ ᠤᠳᠠᠭᠠᠨ ᠢ᠋ᠶ᠋ᠠᠷ ᠬᠡᠯᠡᠪᠡᠰᠦ ᠬᠣᠶᠠᠷ ᠵᠠᠭᠤᠨ ᠳᠠᠯᠠᠨ ᠨᠠᠢ᠍ᠮᠠᠨ ᠵᠢᠯ ᠪᠣᠯᠵᠤ᠂ ᠮᠠᠨ ᠤ᠋ ᠮᠣᠩᠭᠣᠯ ᠠ᠋ᠴᠠ ᠨᠢᠭᠡᠨ ᠬᠠᠭᠠᠰ ᠬᠢᠷᠢᠲᠡᠢ ᠢᠯᠡᠭᠦᠦ ᠣᠨ ᠵᠢᠯ ᠤᠳᠠᠵᠤ᠂ ᠬᠢᠲᠠᠳ ᠤ᠋ᠨ ᠦᠷ᠎ᠡ ᠬᠥᠪᠡᠭᠦᠨ ᠦᠷᠡᠵᠢᠬᠦ ᠬᠢᠯᠪᠠᠷ ᠬᠤᠷᠳᠤᠨ᠂ ᠮᠠᠨ ᠤ᠋ ᠮᠣᠩᠭᠣᠯ ᠤ᠋ᠨ ᠠᠳᠠᠯᠢ ᠪᠤᠷᠬᠠᠨ ᠪᠣᠯᠭᠠᠮᠤᠢ ᠭᠡᠮᠡᠨ ᠬᠤᠸᠠᠷᠠᠭ ᠪᠣᠯᠭᠠᠨ ᠦᠷ᠎ᠡ ᠶ᠋ᠢ ᠲᠠᠰᠤᠯᠤᠨ ᠪᠦᠷᠢᠯᠭᠡᠨ ᠰᠠᠭᠠᠲᠠᠭᠤᠯᠬᠤ ᠵᠦᠢᠯ ᠦᠭᠡᠢ ᠠᠲᠠᠯ᠎ᠠ ᠡᠳᠦᠭᠡ ᠮᠢᠩ ᠤᠯᠤᠰ ᠤ᠋ᠨ ᠦᠷᠡᠰ ᠭᠡᠮᠡᠨ ᠠᠯᠢ ᠨᠢᠭᠡᠨ ᠵᠣᠪᠬᠢᠰ ᠢ᠋ ᠡᠵᠡᠯᠡᠵᠦ ᠠᠳᠠᠭ ᠲᠠᠭᠠᠨ ᠨᠢᠭᠡᠨ ᠬᠢᠮᠤᠰᠤᠨ ᠤ᠋ ᠲᠣᠯᠢ ᠶ᠋ᠢᠨ ᠲᠡᠳᠦᠢ ᠭᠠᠵᠠᠷ ᠢ᠋ ᠡᠵᠡᠯᠡᠵᠦ ᠪᠠᠢᠬᠤ ᠰᠣᠨᠣᠰᠤᠭᠰᠠᠨ ᠭᠠᠵᠠᠷ ᠪᠣᠢ ᠤᠤ? ᠡᠰᠡ ᠬᠢᠨᠠᠬᠤ ᠠᠷᠠᠳ ᠮᠣᠩᠭᠣᠯ ᠢ᠋ ᠠᠨᠤ ᠤᠬᠠᠭᠠᠨ ᠮᠤᠩᠬᠠᠭ ᠪᠢᠳᠠᠭᠤ ᠳᠡᠯᠡᠬᠡᠢ ᠳ᠋ᠡᠭᠡᠨ ᠢ᠋ ᠤᠳᠠᠲᠠᠯ᠎ᠠ ᠡᠵᠡᠯᠡᠨ ᠡᠰᠡ ᠴᠢᠳᠠᠪᠠ᠃ ᠮᠢᠩ ᠤᠯᠤᠰ ᠰᠡᠷᠭᠦᠯᠡᠩ ᠤᠬᠠᠭᠠᠨ ᠲᠠᠢ ᠲᠤᠯᠠ ᠮᠣᠩᠭᠣᠯ ᠠ᠋ᠴᠠ ᠬᠠᠭᠠᠰ ᠢᠯᠡᠭᠦᠦ ᠤᠳᠠᠭᠠᠨ ᠳᠡᠯᠡᠬᠡᠢ ᠳ᠋ᠠᠬᠢᠨ ᠢ᠋ ᠡᠵᠡᠯᠡᠪᠡ ᠬᠡᠮᠡᠮᠦᠢ᠃ ᠮᠢᠩ ᠤᠯᠤᠰ ᠮᠣᠩᠭᠣᠯ ᠠ᠋ᠴᠠ ᠬᠠᠭᠠᠰ ᠢᠯᠡᠭᠦᠦ ᠨᠢᠭᠡᠨ ᠵᠠᠭᠤᠨ ᠠᠷᠪᠠᠨ ᠵᠢᠷᠭᠤᠭᠠᠨ ᠵᠢᠯ ᠰᠠᠭᠤᠵᠤ ᠴᠢᠳᠠᠨ ᠨᠢᠳᠦᠨ ᠦ᠌ ᠡᠮᠦᠨᠡᠬᠢ ᠰᠠᠮᠠᠭᠤᠨ ᠢ᠋ ᠳᠠᠷᠤᠨ ᠴᠢᠳᠠᠭᠰᠠᠨ ᠪᠣᠯᠪᠠᠴᠤ ᠨᠢᠭᠲᠠ ᠬᠣᠯᠠ ᠦᠨᠳᠦᠰᠦᠨ ᠢ᠋ ᠬᠠᠮᠠᠭᠠᠯᠠᠵᠤ ᠡᠰᠡ ᠴᠢᠳᠠᠵᠤᠬᠤᠢ᠃ ᠶᠡᠬᠡ ᠶᠤᠸᠠᠨ ᠤᠯᠤᠰ ᠨᠢᠳᠦᠨ ᠦ᠌ ᠡᠮᠦᠨ᠎ᠡ ᠨᠢᠭᠡᠨ ᠵᠠᠭᠤᠨ ᠵᠢᠷᠠᠨ ᠬᠣᠶᠠᠷ ᠵᠢᠯ ᠦ᠋ᠨ ᠳᠡᠯᠡᠬᠡᠢ ᠳ᠋ᠠᠬᠢᠨ ᠢ᠋ ᠪᠠᠢᠭᠤᠯᠤᠨ ᠴᠢᠳᠠᠭᠠᠳ ᠨᠢᠭᠲᠠ ᠬᠣᠯᠠ ᠮᠢᠩᠭᠠᠨ ᠣᠨ ᠤ᠋ ᠦᠨᠳᠦᠰᠦᠨ ᠢ᠋ ᠪᠠᠲᠤᠳᠬᠠᠨ ᠴᠢᠳᠠᠵᠤᠬᠤᠢ᠃ ᠡᠨᠡ ᠢᠨᠦ ᠳᠥᠷᠪᠡᠨ ᠵᠦᠭ ᠨᠠᠢ᠍ᠮᠠᠨ ᠵᠣᠪᠬᠢᠰ ᠤ᠋ᠨ ᠭᠠᠵᠠᠷ ᠪᠦᠷᠢ ᠳ᠋ᠦ᠍ᠷ ᠭᠠᠭᠴᠠ ᠡᠷᠭᠦᠮᠵᠢᠯᠡᠭᠰᠡᠨ ᠦ᠌ ᠰᠠᠢᠨ ᠳ᠋ᠤᠷ ᠪᠤᠶᠤ᠂ ᠬᠡᠷᠪᠡ ᠡᠨᠡ ᠦᠶ᠎ᠡ ᠶ᠋ᠢᠨ ᠰᠡᠷᠡᠮᠵᠢᠯᠡᠭᠰᠡᠨ ᠵᠠᠩ ᠢ᠋ᠶ᠋ᠠᠷ ᠪᠦᠭᠦᠳᠡ ᠶ᠋ᠢ ᠨᠢᠭᠡᠨ ᠢ᠋ᠶ᠋ᠡᠷ ᠡᠵᠡᠯᠡᠨ ᠬᠠᠭᠠᠨ ᠣᠢᠷ᠎ᠠ ᠡᠷᠬᠡᠲᠡᠨ ᠢ᠋ ᠴᠥᠮ ᠬᠣᠷᠢᠭᠰᠠᠨ ᠪᠥᠭᠡᠳ ᠪᠠᠰᠠ ᠮᠢᠩ ᠤᠯᠤᠰ ᠤ᠋ᠨ ᠮᠡᠲᠦ ᠬᠡᠲᠦᠷᠬᠡᠶ᠎ᠡ ᠶᠠᠩᠵᠤᠯᠠᠵᠤ ᠴᠢᠮᠡᠭᠰᠡᠨ ᠪᠥᠭᠡᠰᠦ ᠶᠠᠭᠠᠬᠢᠨ ᠡᠢᠮᠦ ᠨᠢᠭᠡᠨ ᠠᠩᠭᠢ ᠶ᠋ᠢᠨ ᠮᠣᠩᠭᠣᠯ ᠪᠠᠢᠵᠤ ᠴᠢᠳᠠᠬᠤ ᠠᠵᠢ ! ᠮᠠᠨ ᠤ᠋ ᠡᠨᠡ ᠬᠣᠢᠲᠤ ᠮᠣᠩᠭᠣᠯ ᠭᠠᠵᠠᠷ ᠬᠡᠮᠡᠭᠴᠢ ᠳᠡᠯᠡᠬᠡᠢ ᠳ᠋ᠠᠬᠢᠨ ᠤ᠋ ᠲᠡᠷᠢᠭᠦᠨ ᠨᠢᠭᠡᠨ ᠭᠡᠭᠡᠭᠳᠡᠭᠰᠡᠨ ᠮᠠᠩᠬ᠎ᠠ ᠡᠯᠡᠰᠦ ᠥᠯᠥᠨ ᠬᠤᠮᠠᠭᠲᠤ ᠮᠠᠭᠤ ᠭᠠᠵᠠᠷ ᠪᠣᠯᠪᠠᠴᠤ ᠨᠢᠭᠤᠨ ᠳᠠᠯᠳᠠᠯᠠᠵᠤ ᠲᠦᠪᠰᠢᠨ ᠰᠠᠭᠤᠬᠤᠢ ᠳ᠋ᠤᠷ ᠲᠡᠷᠢᠭᠦᠨ ᠨᠢᠭᠡᠨ ᠰᠠᠢᠨ ᠭᠠᠵᠠᠷ ᠪᠣᠯᠠᠢ᠃ ᠡᠳᠦᠭᠡ ᠡᠳᠡᠭᠡᠷ ᠥᠪᠥᠷ ᠵᠢᠷᠭᠤᠭᠠᠨ ᠴᠢᠭᠤᠯᠭᠠᠨ᠂ ᠠᠷᠤ ᠳᠥᠷᠪᠡᠨ ᠠᠢᠮᠠᠭ ᠬᠠᠯᠬ᠎ᠠ᠂ ᠬᠥᠬᠡᠨᠠᠭᠤᠷ᠂ ᠡᠦᠲᠦᠨ ᠲᠠᠯ᠎ᠠ᠂ ᠠᠯᠠᠱᠠᠨ᠂ ᠬᠥᠯᠥᠨ ᠪᠤᠢᠷ᠂ ᠴᠠᠬᠠᠷ ᠤ᠋ᠨ ᠵᠡᠷᠭᠡ ᠭᠠᠵᠠᠷ ᠨᠡᠢᠲᠡ ᠪᠡᠷ ᠴᠥᠮ ᠪᠣᠭᠳᠠ ᠴᠢᠩᠭᠢᠰ ᠬᠠᠭᠠᠨ ᠤ᠋ ᠳᠥᠷᠪᠡᠳᠦᠭᠡᠷ ᠬᠥᠪᠡᠭᠦᠨ  ᠿᠦᠢᠽᠥ᠋ᠩ ᠲᠣᠯᠢ ᠡᠵᠡᠨ ᠨᠢᠭᠡᠬᠡᠨ ᠬᠥᠮᠦᠨ ᠦ᠌ ᠥᠮᠴᠢ ᠳ᠋ᠦ᠍ᠷ ᠬᠦᠷᠲᠡᠭᠰᠡᠨ ᠭᠠᠵᠠᠷ ᠣᠷᠣᠨ᠂ ᠲᠣᠯᠢ ᠡᠵᠡᠨ ᠪᠡᠶ᠎ᠡ ᠪᠡᠷ ᠬᠠᠭᠠᠨ ᠡᠰᠡ ᠰᠠᠭᠤᠭᠰᠠᠨ ᠪᠣᠯᠪᠠᠴᠤ ᠲᠡᠭᠦᠨ ᠦ᠌ ᠶᠡᠬᠡ ᠬᠥᠪᠡᠭᠦᠨ ᠮᠥᠩᠬᠡ ᠰᠢᠶᠠᠨᠽᠥ᠋ᠩ ᠬᠠᠭᠠᠨ᠂ ᠪᠠᠰᠠ ᠲᠣᠯᠢ ᠶ᠋ᠢᠨ ᠳᠥᠷᠪᠡᠳᠦᠭᠡᠷ ᠬᠥᠪᠡᠭᠦᠨ ᠬᠤᠪᠢᠯᠠᠢ ᠰᠡᠴᠡᠨ ᠸᠧᠨ ᠡᠦ ᠬᠤᠸᠠᠩᠳᠢ ᠱᠢᠽᠥ ᠬᠠᠭᠠᠨ ᠴᠥᠮ ᠬᠠᠭᠠᠨ ᠰᠠᠭᠤᠭᠰᠠᠨ ᠤ᠋ ᠲᠤᠯᠠ ᠲᠣᠯᠢ ᠡᠵᠡᠨ ᠢ᠋  ᠿᠦᠢᠽᠥ᠋ᠩ ᠭᠡᠮᠡᠨ ᠨᠡᠬᠡᠮᠵᠢᠯᠡᠨ ᠡᠷᠭᠦᠭᠰᠡᠨ ᠪᠥᠯᠥᠭᠡ᠃ ᠡᠳᠡᠭᠡᠷ ᠤᠴᠢᠷ ᠡᠨᠡ ᠬᠦ᠌《 ᠮᠠᠨᠳᠤᠭᠰᠠᠨ ᠲᠥᠷᠥ ᠶ᠋ᠢᠨ ᠬᠥᠬᠡ ᠰᠤᠳᠤᠷ 》 ᠲᠤᠷ ᠵᠠᠬ᠎ᠠ ᠳᠠᠷᠠᠭᠠᠯᠠᠨ ᠨᠠᠷᠢᠪᠴᠢᠯᠠᠨ ᠭᠠᠷᠤᠮᠤᠢ᠃ ᠠᠶ᠎ᠠ ᠡᠨᠡ ᠦᠶ᠎ᠡ ᠶ᠋ᠢᠨ ᠮᠡᠷᠭᠡᠳ ᠦ᠋ᠨ ᠵᠠᠩ ᠠᠨᠤ ᠠᠳᠠᠯᠢ ᠦᠭᠡᠢ ᠶ᠋ᠢᠨ ᠡᠷᠬᠡ ᠪᠡᠷ ᠵᠠᠷᠢᠮ ᠠᠨᠤ ᠡᠷᠲᠡᠨ ᠦ᠌ ᠶᠣᠣ ᠂ ᠱᠦᠨ ᠂ ᠢᠦᠢ ᠂ ᠳᠠᠩ ᠤ᠋ᠨ ᠵᠡᠷᠭᠡ ᠶ᠋ᠢᠨ ᠬᠠᠳ ᠤ᠋ᠨ ᠤᠴᠢᠷ ᠢ᠋ ᠴᠥᠮ ᠡᠷᠢᠨ ᠦᠵᠡᠵᠦ ᠮᠡᠳᠡᠬᠦ ᠪᠥᠭᠡᠳ ᠤᠭ ᠦᠨᠳᠦᠰᠦᠨ ᠦ᠌ ᠡᠵᠡᠨ ᠡᠴᠢᠭᠡ ᠶᠤᠸᠠᠨ ᠤᠯᠤᠰ ᠤ᠋ᠨ ᠬᠡᠷᠡᠭ ᠢ᠋ ᠦᠯᠦ ᠬᠠᠢᠬᠤᠷᠬᠤ ᠪᠠ ᠪᠠᠰᠠ ᠵᠠᠷᠢᠮ ᠠᠨᠤ ᠪᠯᠠᠮ᠎ᠠ ᠪᠤᠷᠬᠠᠨ᠂ ᠨᠣᠮ ᠬᠤᠸᠠᠷᠠᠭ ᠲᠤᠷ ᠢᠲᠡᠭᠡᠵᠦ ᠬᠣᠢᠲᠤ ᠲᠥᠷᠥᠯ ᠨᠠᠰᠤᠨ ᠤ᠋ ᠲᠤᠰᠠ ᠶ᠋ᠢ  ᠪᠦᠲᠦᠭᠡᠬᠦ ᠪᠥᠭᠡᠳ ᠬᠠᠷᠢᠨ ᠡᠨᠡ ᠲᠥᠷᠥᠯ ᠦ᠋ᠨ ᠦᠢᠯᠡ ᠪᠡᠨ ᠰᠠᠭᠠᠳᠠᠭᠤᠯᠤᠨ ᠵᠥᠪ ᠵᠦᠭᠡᠷ ᠦᠬᠦᠬᠦ ᠪᠡᠨ ᠡᠰᠡ ᠮᠡᠳᠡᠭᠴᠢᠳ ᠮᠠᠰᠢ ᠣᠯᠠᠨ ᠪᠣᠢ᠂ ᠡᠳᠡᠭᠡᠷ ᠴᠥᠮ ᠮᠡᠷᠭᠡᠨ ᠬᠡᠲᠦᠷᠡᠭᠰᠡᠨ ᠭᠡᠮ ᠪᠣᠯᠠᠢ᠃ ᠲᠡᠢᠨ ᠬᠦ᠌ ᠲᠡᠷᠡ ᠮᠡᠷᠭᠡᠨ ᠦ᠌ ᠬᠠᠭᠠᠰ ᠢ᠋ ᠬᠡᠷᠡᠭᠯᠡᠵᠦ ᠥᠪᠡᠷ ᠦᠨ ᠮᠣᠩᠭᠣᠯ ᠤ᠋ᠨ ᠤᠴᠢᠷ ᠢ᠋ᠶ᠋ᠠᠨ ᠬᠡᠳᠦᠨ ᠡᠳᠦᠷ ᠦ᠋ᠨ ᠬᠦᠴᠦᠨ ᠰᠦᠢᠳᠬᠡᠵᠦ ᠡᠨᠡ ᠶᠡᠬᠡ ᠬᠦᠨᠳᠦᠯᠡᠭᠳᠡᠬᠦ ᠶ᠋ᠢᠨ ᠳᠡᠭᠡᠳᠦ ᠬᠥᠬᠡ ᠮᠣᠩᠭᠣᠯ ᠤ᠋ᠨ 《 ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ 》ᠢ᠋ ᠨᠢᠭᠡᠨ ᠵᠡᠷᠭᠡ ᠬᠢᠨᠠᠨ ᠦᠵᠡᠪᠡᠰᠦ ᠬᠡᠳᠦᠢ ᠪᠤᠷᠬᠠᠨ ᠪᠣᠯᠪᠠᠴᠤ ᠪᠣᠭᠳᠠ ᠪᠣᠯᠪᠠᠴᠤ ᠲᠡᠭᠦᠨ ᠦ᠌ ᠶᠠᠪᠤᠳᠠᠯ ᠳ᠋ᠤᠷ ᠣᠭᠲᠣ ᠬᠠᠷᠰᠢᠬᠤ ᠦᠭᠡᠢ ᠪᠥᠭᠡᠳ ᠪᠠᠰᠠ ᠤᠭ ᠦᠨᠳᠦᠰᠦᠨ ᠢ᠋ᠶ᠋ᠡᠨ ᠮᠡᠳᠡᠵᠦ ᠠᠢᠯᠠᠳᠬᠤ ᠪᠤᠷᠬᠠᠨ ᠪᠣᠭᠳᠠ ᠪᠣᠯᠤᠮᠤᠢ᠂ ᠡᠭᠦᠨ ᠳ᠋ᠦ᠍ᠷ ᠭᠠᠭᠴᠠ ᠨᠣᠶᠠᠳ ᠤ᠋ᠨ ᠦᠨᠳᠦᠰᠦᠨ ᠪᠣᠢ ᠪᠤᠰᠤ᠂ ᠬᠠᠷᠠᠴᠤᠰ ᠤ᠋ᠨ ᠦᠨᠳᠦᠰᠦᠨ ᠮᠥᠨ ᠪᠦᠷᠢᠨ ᠪᠣᠢ᠂ ᠥᠪᠡᠷ ᠦ᠋ᠨ ᠤᠭ ᠠᠢᠮᠠᠭ ᠢ᠋ᠶ᠋ᠠᠨ ᠮᠡᠳᠡᠨ ᠴᠢᠳᠠᠪᠠᠰᠤ ᠡᠨᠡ ᠬᠥᠬᠡ ᠰᠤᠳᠤᠷ ᠲᠤᠷ ᠡᠰᠡ ᠪᠦᠷᠢᠳᠦᠭᠰᠡᠨ ᠢ᠋ᠶ᠋ᠡᠷ ᠦᠭᠡᠢ᠂ ᠬᠣᠢᠴᠢ ᠡᠳᠦᠷ ᠦ᠋ᠨ ᠢᠷᠡᠭᠡᠳᠦᠢ ᠴᠠᠭ ᠤ᠋ᠨ ᠰᠠᠢᠳ ᠮᠡᠷᠭᠡᠳ ᠪᠡᠷ ᠬᠡᠷᠬᠢᠪᠡᠴᠦ ᠪᠢᠲᠡᠭᠡᠢ ᠮᠠᠨ ᠤ᠋ ᠮᠣᠩᠭᠣᠯ ᠳ᠋ᠤᠷ ᠶᠠᠮᠪᠠᠷ ᠭᠠᠢᠬᠠᠯᠲᠠᠢ ᠭᠠᠵᠠᠷ ᠪᠠᠢᠬᠤ ᠭᠡᠮᠡᠨ ᠲᠠᠰᠢᠶᠠᠷᠠᠨ ᠥᠩᠭᠡᠷᠡᠭᠦᠯ᠃ 《ᠶᠡᠬᠡ ᠰᠤᠷᠲᠠᠬᠤᠢ ᠪᠢᠴᠢᠭ ᠲᠣᠷ ᠥᠭᠦᠯᠡᠭᠰᠡᠨ ᠢᠨᠤ᠄ 《ᠠᠯᠢᠪᠠ ᠦᠢᠯᠡᠰ ᠲᠣᠷ ᠲᠡᠭᠦᠨ ᠦ᠌ ᠰᠠᠢᠨ ᠢ᠋ ᠰᠠᠢᠰᠢᠶᠠᠬᠤ ᠪᠣᠯᠪᠠᠴᠤ ᠲᠡᠭᠦᠨ ᠦ᠌ ᠮᠠᠭᠤ ᠭᠠᠵᠠᠷ ᠢ᠋ ᠬᠢᠨᠠᠭᠳᠠᠬᠤᠢ᠂ ᠲᠡᠭᠦᠨ ᠦ ᠮᠠᠭᠤ ᠶ᠋ᠢ ᠵᠢᠭᠰᠢᠨᠡᠮ ᠪᠥᠭᠡᠳ ᠪᠠᠰᠠ ᠲᠡᠭᠦᠨ ᠦ᠌ ᠰᠠᠢᠨ ᠭᠠᠵᠠᠷ ᠢ᠋ ᠤᠬᠠᠭᠳᠠᠬᠤᠢ》 ᠬᠡᠮᠡᠵᠦᠬᠦᠢ᠃ ᠲᠡᠢᠨ ᠬᠦ᠌ ᠮᠡᠷᠭᠡᠳ ᠪᠡᠷ ᠮᠢᠨᠦ ᠰᠠᠢᠨ ᠮᠠᠭᠤ ᠶ᠋ᠢᠨ ᠦᠨᠡᠨ ᠵᠦᠢ ᠶ᠋ᠢ ᠲᠠᠢᠯᠤᠨ ᠮᠡᠳᠡᠭᠦᠯᠬᠦ ᠶ᠋ᠢ ᠰᠣᠨᠣᠰ᠄ ᠡᠨᠡ ᠣᠷᠴᠢᠯᠠᠩ ᠤ᠋ᠨ ᠲᠦᠭ ᠲᠦᠮᠡᠨ ᠬᠡᠷᠡᠭ ᠦᠢᠯᠡᠰ ᠦ᠋ᠨ ᠰᠠᠢᠨ ᠮᠠᠭᠤ ᠬᠡᠮᠡᠭᠴᠢ ᠶᠢᠷᠲᠢᠨᠴᠦ ᠶ᠋ᠢᠨ ᠠᠷᠭ᠎ᠠ ᠪᠢᠯᠢᠭ ᠦ᠋ᠨ ᠬᠣᠶᠠᠷ ᠠᠮᠢᠰᠬᠤᠯ ᠮᠡᠲᠦ ᠲᠣᠯᠣᠭᠠᠢ ᠰᠡᠭᠦᠯ ᠵᠠᠯᠭᠠᠯᠳᠤᠭᠰᠠᠨ ᠪᠤᠶᠤ᠃ ᠦᠵᠡᠲᠡᠯ᠎ᠡ ᠮᠠᠨ ᠤ᠋ ᠮᠣᠩᠭᠣᠯ ᠭᠠᠵᠠᠷ ᠤ᠋ᠨ ᠮᠠᠭᠤ ᠶ᠋ᠢ ᠭᠠᠷᠭᠠᠵᠤ ᠲᠣᠭᠠᠴᠢᠪᠠᠰᠤ ᠲᠡᠷᠢᠭᠦᠨ ᠳ᠋ᠦ᠍ᠷ ᠭᠠᠵᠠᠷ ᠣᠷᠣᠨ ᠠᠨᠤ ᠰᠢᠷᠣᠢ ᠶ᠋ᠢᠨ ᠬᠥᠷᠥᠰᠥ ᠦᠭᠡᠢ᠂ ᠰᠠᠯᠬᠢᠨ ᠳᠡᠭᠳᠡᠪᠡᠰᠦ ᠰᠢᠷ᠎ᠠ ᠬᠤᠮᠠᠭ ᠬᠡᠢᠰᠦᠨ ᠳᠡᠭᠳᠡᠵᠦ ᠲᠡᠭᠷᠢ ᠭᠠᠵᠠᠷ ᠨᠡᠢᠯᠡᠮᠦᠢ᠃ ᠪᠠᠰᠠ ᠠᠭᠤᠯᠠ ᠠᠨᠤ ᠣᠷᠣᠢ ᠦᠭᠡᠢ᠂ ᠬᠠᠳᠠ ᠠᠨᠤ ᠦᠨᠳᠦᠰᠦᠨ ᠦᠭᠡᠢ᠂ ᠬᠠᠪᠤᠷ ᠤ᠋ᠨ ᠰᠢᠭᠤᠷᠭᠠᠨ᠎ᠠ ᠤᠯᠠᠢᠲᠠᠯ᠎ᠠ ᠰᠢᠭᠤᠷᠴᠤ ᠥᠪᠡᠷ᠎ᠡ ᠭᠠᠵᠠᠷ ᠲᠤᠷ ᠲᠠᠪᠰᠢᠨ ᠡᠴᠢᠮᠦᠢ᠃ ᠬᠣᠶᠠᠳᠤᠭᠠᠷ ᠲᠤᠷ ᠤᠰᠤᠨ ᠤᠷᠤᠰᠬᠠᠯ ᠦᠭᠡᠢ᠂ ᠵᠤᠨ ᠤ᠋ ᠬᠤᠷ᠎ᠠ ᠶ᠋ᠢᠨ ᠤᠰᠤ ᠴᠤ᠌ ᠪᠢᠲᠡᠭᠦᠦ ᠨᠠᠭᠤᠷ ᠲᠤᠨᠤᠮᠠᠯ ᠳ᠋ᠤᠷ ᠬᠤᠷᠠᠮᠤᠢ᠃ ᠭᠤᠷᠪᠠᠳᠤᠭᠠᠷ ᠲᠤᠷ ᠴᠠᠭ ᠤ᠋ᠨ ᠠᠮᠢᠰᠬᠤᠯ ᠠᠨᠤ ᠬᠦᠢᠲᠡᠨ ᠵᠢᠬᠡᠭᠦᠨ᠃  ᠳᠥᠷᠪᠡᠳᠦᠭᠡᠷ ᠲᠣᠷ ᠨᠠᠷᠠᠨ ᠤ᠋ ᠡᠭᠡᠭᠡᠯᠲᠡ ᠬᠣᠯᠠ ᠠᠯᠤᠰ᠂ ᠴᠠᠰᠤ ᠬᠢᠷᠠᠭᠤ ᠡᠷᠲᠡ᠂ ᠦᠷᠡᠰ ᠵᠢᠮᠢᠰ ᠤᠷᠭᠤᠬᠤ ᠦᠭᠡᠢ᠃ ᠲᠠᠪᠤᠳᠤᠭᠠᠷ ᠲᠤᠷ ᠬᠥᠮᠦᠨ ᠦ᠌ ᠢᠳᠡᠬᠦ ᠢᠨᠦ ᠮᠢᠬ᠎ᠠ᠂ ᠴᠢᠰᠤ᠂ ᠰᠦ᠂ ᠲᠣᠰᠣ᠃ ᠵᠢᠷᠭᠤᠳᠤᠭᠠᠷ ᠲᠤᠷ ᠡᠮᠦᠰᠬᠦ ᠢᠨᠤ ᠠᠷᠠᠰᠤ ᠬᠥᠷᠥᠰᠥ᠂ ᠨᠡᠬᠡᠢ᠂ ᠤᠩᠭᠠᠰᠤ᠃ ᠳᠣᠯᠣᠳᠤᠭᠠᠷ ᠲᠤᠷ ᠬᠥᠮᠦᠨ ᠦ᠌ ᠵᠠᠩ ᠠᠨᠤ ᠬᠡᠳᠦᠢ ᠴᠢᠬᠡᠴᠢ ᠰᠢᠯᠤᠭᠤᠨ ᠪᠣᠯᠪᠠᠴᠤ ᠰᠡᠳᠬᠢᠯ ᠢᠨᠤ ᠠᠳᠬᠠᠭ᠂ ᠵᠠᠩ ᠠᠨᠤ ᠴᠢᠬᠤᠯ᠂ ᠶᠠᠪᠤᠳᠠᠯ ᠠᠨᠤ ᠴᠦᠯᠢᠰ᠂ ᠰᠠᠨᠠᠭᠠᠨ ᠠᠨᠤ ᠪᠢᠳᠠᠭᠤ᠃ ᠨᠠᠢ᠍ᠮᠠᠳᠤᠭᠠᠷ ᠲᠤᠷ ᠲᠥᠷᠥᠬᠦ ᠠᠨᠤ ᠲᠦᠭᠳᠡᠭ ᠲᠠᠭᠳᠠᠭ᠂ ᠬᠠᠷᠠᠩᠭᠤᠢ ᠪᠤᠷᠤᠩᠬᠤᠢ᠂ ᠬᠡᠯᠡᠯᠴᠡᠬᠦ ᠢᠨᠦ ᠬᠡᠷᠴᠡᠭᠡᠢ ᠲᠣᠭᠰᠢᠨ᠂ ᠣᠮᠣᠷᠬᠠᠭ ᠪᠠᠷᠳᠠᠮ᠃  ᠶᠢᠰᠦᠳᠦᠭᠡᠷ ᠲᠣᠷ ᠪᠠᠢᠳᠠᠯ ᠠᠨᠤ ᠪᠣᠯᠬᠢ ᠪᠢᠲᠡᠭᠦᠯᠢᠭ ᠰᠦᠷᠡᠬᠡᠢ ᠮᠠᠭᠤᠬᠠᠢ᠂ ᠶᠠᠪᠤᠳᠠᠯ ᠠᠨᠤ ᠣᠭᠲᠣ ᠪᠤᠲᠠ ᠪᠠᠲᠤ ᠦᠭᠡᠢ᠂ ᠲᠡᠨᠡᠭ ᠣᠮᠣᠷᠬᠠᠭ ᠪᠠᠬᠠᠨ ᠪᠠᠢᠪᠠᠴᠤ ᠤᠷᠲᠤ ᠬᠣᠯᠠ ᠵᠢᠷᠦᠬᠡ ᠰᠥᠰᠥ ᠦᠭᠡᠢ᠃ ᠠᠷᠪᠠᠳᠤᠭᠠᠷ ᠲᠤᠷ ᠬᠦᠴᠦᠨ ᠮᠠᠰᠢ ᠰᠠᠢᠨ ᠪᠥᠭᠡᠲᠡᠯ᠎ᠡ ᠥᠨᠢ ᠤᠳᠠᠭᠠᠨ ᠵᠣᠷᠢᠭ ᠲᠠᠮᠢᠷ ᠦᠭᠡᠢ᠃  ᠠᠷᠪᠠᠨ ᠨᠢᠭᠡᠳᠦᠭᠡᠷ ᠲᠣᠷ ᠶᠣᠰᠣᠯᠠᠯ ᠳᠦᠷᠢᠮ ᠴᠡᠭᠡᠷ ᠢᠴᠢᠭᠦᠷᠢ ᠬᠡᠮᠡᠭᠴᠢ ᠶ᠋ᠢ ᠨᠢᠭᠡᠮᠦᠰᠦᠨ ᠮᠡᠳᠡᠬᠦ ᠦᠭᠡᠢ᠃ ᠠᠷᠪᠠᠨ ᠬᠣᠶᠠᠳᠤᠭᠠᠷ ᠲᠤᠷ ᠬᠡᠳᠦᠢ ᠠᠭᠤᠯᠠ ᠲᠠᠯ᠎ᠠ ᠶ᠋ᠢᠨ ᠠᠷᠢᠶᠠᠲᠠᠨ ᠵᠢᠭᠦᠷᠲᠡᠨ ᠪᠠ ᠬᠥᠮᠦᠨ ᠠᠮᠢᠲᠠᠨ ᠤ᠋ ᠮᠣᠷᠢ ᠮᠠᠯ ᠠᠨᠤ ᠪᠣᠯᠪᠠᠴᠤ ᠳᠣᠭᠰᠢᠨ ᠳᠣᠯᠭᠢᠨ ᠵᠡᠷᠯᠢᠭ ᠲᠡᠷᠰ᠃ ᠡᠨᠡ ᠮᠡᠲᠦ ᠳ᠋ᠦ᠍ᠷ ᠡᠦᠲᠦ ᠴᠣᠬᠣᠮ ᠡᠨᠡ ᠡᠮᠦᠨ᠎ᠡ ᠲᠢᠪ ᠦ᠋ᠨ ᠲᠡᠷᠢᠭᠦᠨ ᠨᠢᠭᠡᠨ ᠠᠪᠤᠰᠢ ᠦᠭᠡᠢ ᠭᠡᠭᠡᠭᠳᠡᠭᠰᠡᠨ ᠭᠠᠵᠠᠷ ᠪᠥᠭᠡᠳ ᠬᠥᠮᠦᠨ ᠢᠨᠤ ᠮᠥᠨ ᠪᠣᠯᠣᠰᠢ ᠦᠭᠡᠢ ᠵᠢᠭᠰᠢᠮᠦᠷᠢᠳᠠᠢ᠃ ᠲᠡᠷᠢᠭᠦᠨ ᠨᠢᠭᠡᠨ ᠬᠤᠳᠠᠯᠴᠢ ᠪᠠᠷᠳᠠᠮ ᠴᠦᠯᠢᠰ ᠢᠲᠡᠭᠡᠯ ᠦᠭᠡᠢ ᠠᠮᠢᠲᠠᠨ ᠪᠤᠶᠤ᠂ ᠲᠡᠢᠨ ᠬᠦ᠌ ᠮᠠᠨ ᠤ᠋ ᠡᠨᠡ ᠲᠡᠨᠡᠭ ᠮᠤᠩᠬᠠᠭ ᠮᠣᠩᠭᠣᠯ᠂ ᠦᠨᠡᠬᠡᠷ ᠬᠥᠮᠦᠨ ᠳᠣᠲᠣᠷᠠᠬᠢ ᠠᠳᠤᠭᠤᠰᠤᠨ ᠮᠡᠲᠦ ᠦᠨᠡᠨ ᠢ᠋ᠶ᠋ᠡᠷ ᠴᠦ᠍ ᠮᠠᠰᠢ ᠵᠢᠭᠰᠢᠭᠦᠷᠢᠲᠡᠢ ᠬᠥᠮᠦᠨ ᠪᠥᠭᠡᠳ ᠪᠡᠶ᠎ᠡ᠎ᠡᠴᠡ ᠢᠨᠤ ᠠᠳᠤᠭᠤᠰᠤᠨ ᠬᠣᠨᠢ ᠢᠮᠠᠭᠠᠨ ᠤ᠋ ᠰᠢᠩᠬᠡᠭ ᠦᠨᠦᠷ ᠭᠠᠷᠴᠤ ᠰᠠᠯᠬᠢᠨ ᠳᠣᠣᠷ᠎ᠠ ᠥᠩᠭᠡᠷᠡᠭᠰᠡᠨ ᠬᠥᠮᠦᠨ ᠪᠥᠭᠡᠯᠵᠢᠨ ᠴᠢᠬᠤᠯᠳᠠᠮᠤᠢ᠂ ᠦᠨᠡᠬᠡᠷ ᠬᠠᠯᠠᠵᠤ ᠪᠠᠷᠠᠰᠢ ᠦᠭᠡᠢ ᠵᠢᠪᠡᠭᠦᠷᠡᠯᠲᠡᠢ ᠮᠠᠭᠤᠬᠠᠢ ᠶ᠋ᠢᠨ ᠲᠤᠢᠯ ᠳ᠋ᠤ᠌ ᠬᠦᠷᠦᠭᠰᠡᠨ ᠢᠨᠤ ᠪᠤᠰᠤ ᠤᠤ ? ᠲᠡᠢᠨ ᠠᠲᠠᠯ᠎ᠠ ᠡᠭᠦᠨ ᠦ᠌ ᠳᠣᠲᠣᠷ᠎ᠠ ᠬᠠᠷᠢᠨ ᠪᠠᠰᠠ ᠠᠷᠪᠠᠨ ᠠᠩᠭᠢ ᠶ᠋ᠢᠨ ᠰᠠᠢᠨ ᠭᠠᠢᠬᠠᠮᠰᠢᠭᠲᠠᠢ ᠭᠠᠵᠠᠷ ᠠᠮᠤᠢ᠂ ᠨᠢᠭᠡ ᠨᠢᠭᠡᠨ ᠢ᠋ᠶ᠋ᠡᠷ ᠲᠠᠢᠯᠤᠨ ᠭᠠᠷᠭᠠᠬᠤ ᠶ᠋ᠢ ᠰᠣᠨᠣᠰ᠄ ᠮᠠᠨ ᠤ᠋ ᠡᠨᠡ ᠠᠷᠤ ᠭᠠᠵᠠᠷ ᠬᠡᠮᠡᠭᠴᠢ ᠲᠡᠷᠢᠭᠦᠨ ᠳ᠋ᠦ᠍ ᠵᠢᠷᠭᠤᠭᠠᠨ ᠤᠵᠢᠳ ᠤ᠋ᠨ ᠪᠦᠷᠢᠯᠭᠡᠨ ᠳᠠᠭᠤᠰᠬᠠᠬᠤ ᠵᠢᠷᠭᠠᠯ ᠴᠡᠩᠭᠡᠯ ᠢ᠋ ᠮᠡᠳᠡᠬᠦ ᠦᠭᠡᠢ᠃ ᠬᠣᠶᠠᠷ ᠲᠤᠷ ᠵᠠᠭᠤᠨ ᠲᠦᠮᠡᠨ ᠢ᠋ᠶ᠋ᠡᠷ ᠦᠬᠦᠵᠦ ᠪᠤᠰᠠᠨᠢᠬᠤ ᠶ᠋ᠢᠨ ᠡᠪᠡᠳᠴᠢᠨ ᠢᠷᠡᠬᠦ ᠦᠭᠡᠢ᠃ ᠭᠤᠷᠪᠠᠨ ᠳ᠋ᠤᠷ ᠮᠢᠩᠭᠠᠨ ᠲᠦᠮᠡᠨ ᠬᠠᠷᠢ ᠴᠡᠷᠢᠭ ᠲᠦ᠍ᠷ ᠭᠢᠰᠬᠢᠭᠳᠡᠬᠦ ᠠᠶᠤᠯ ᠲᠦᠭᠰᠢᠯ ᠦᠭᠡᠢ᠃ ᠳᠥᠷᠪᠡᠨ ᠳ᠋ᠦ᠍ᠷ ᠶᠡᠬᠡ ᠦᠶᠡᠷ ᠬᠠᠲᠤᠨ ᠮᠥᠷᠡᠨ ᠰᠡᠲᠡᠷᠡᠬᠦ ᠵᠡᠷᠭᠡ ᠶ᠋ᠢᠨ ᠰᠣᠴᠢᠯ ᠡᠨᠳᠡᠯ ᠦᠭᠡᠢ᠃ ᠲᠠᠪᠤᠨ ᠳ᠋ᠤᠷ ᠬᠣᠲᠠ ᠵᠡᠭᠡᠯᠢ ᠵᠠᠯᠭᠠᠯᠳᠤᠨ ᠰᠢᠲᠠᠬᠤ᠂ ᠲᠡᠭᠷᠢ ᠶ᠋ᠢᠨ ᠭᠠᠯ ᠤ᠋ᠨ ᠠᠶᠤᠯ ᠬᠤᠢᠬᠠᠯᠠᠭ᠎ᠠ᠂ ᠭᠠᠵᠠᠷ ᠬᠥᠳᠡᠯᠬᠦ ᠵᠡᠷᠭᠡ ᠠᠶᠤᠯ ᠦᠭᠡᠢ᠃ ᠵᠢᠷᠭᠤᠭᠠᠨ ᠳ᠋ᠤᠷ ᠲᠡᠷᠢᠭᠦᠯᠡᠭᠰᠡᠨ ᠡᠵᠡᠳ ᠲᠣᠷ ᠢᠨᠦ ᠶᠡᠬᠡ ᠵᠠᠯᠢᠬᠠᠢ᠂ ᠶᠡᠬᠡ ᠬᠠᠷᠭᠢᠰ ᠤ᠋ᠨ ᠭᠡᠮ ᠴᠢᠨᠠᠷ ᠦᠭᠡᠢ᠂ ᠳᠣᠣᠷᠠᠲᠤ ᠠᠷᠠᠳ ᠲᠤᠷ ᠠᠨᠤ ᠨᠢᠭᠤᠴᠠ ᠬᠣᠣᠷ᠂ ᠳᠠᠯᠳᠠ ᠳᠠᠢᠰᠤᠨ ᠤ᠋ ᠪᠢᠲᠡᠭᠦᠦ ᠬᠣᠬᠢᠷᠠᠯ ᠦᠭᠡᠢ᠃ ᠳᠣᠯᠣᠭᠠᠨ ᠳ᠋ᠤᠷ ᠡᠳ᠋ ᠠᠭᠤᠷᠠᠰᠤᠨ ᠠᠨᠤ ᠦᠯᠡᠮᠵᠢ ᠴᠤᠭᠯᠠᠷᠠᠭᠠᠳ ᠵᠠᠭᠤᠨ ᠲᠦᠮᠡᠨ ᠢ᠋ ᠡᠲᠦᠭᠡᠨ ᠬᠥᠳᠡᠯᠭᠡᠬᠦ ᠰᠢᠯᠲᠠᠭᠠᠨ ᠪᠠᠷᠢᠯᠳᠤᠯᠭ᠎ᠠ ᠶ᠋ᠢᠨ ᠬᠣᠪᠳᠣᠭ ᠬᠣᠣᠷᠯᠠᠯ ᠦᠭᠡᠢ᠃ ᠨᠠᠢ᠍ᠮᠠᠨ ᠳ᠋ᠤᠷ ᠮᠠᠭᠤ ᠬᠣᠣᠷᠠᠲᠤ ᠲᠠᠪᠤᠨ ᠵᠦᠢᠯ ᠦ᠋ᠨ ᠬᠣᠷᠣᠬᠠᠢ ᠶ᠋ᠢᠨ ᠰᠠᠨᠠᠭᠠᠨ ᠳ᠋ᠤ᠌ ᠦᠭᠡᠢ ᠪᠡᠷ ᠬᠠᠳᠬᠤᠬᠤ ᠪᠠ ᠵᠠᠭᠤᠭᠳᠠᠵᠤ ᠪᠡᠶ᠎ᠡ ᠪᠤᠰᠠᠨᠢᠬᠤ ᠵᠣᠪᠠᠯᠠᠩ ᠦᠭᠡᠢ᠃ ᠶᠢᠰᠦᠨ ᠳ᠋ᠦ᠍ᠷ ᠮᠠᠭᠤ ᠠᠭᠤᠷ ᠬᠣᠣᠷᠠᠲᠤ ᠮᠠᠨᠠᠨ ᠭᠡᠨᠡᠳᠲᠡ ᠲᠣᠬᠢᠶᠠᠯᠳᠤᠪᠠᠰᠤ ᠵᠠᠢᠯᠠᠬᠤᠶ᠎ᠠ ᠪᠡᠷᠬᠡ ᠶ᠋ᠢᠨ ᠲᠡᠢᠮᠦ ᠠᠶᠤᠯ ᠦᠭᠡᠢ᠃ ᠠᠷᠪᠠᠳᠤᠭᠠᠷ ᠲᠤᠷ ᠵᠢᠯ ᠰᠠᠷ᠎ᠠ ᠪᠠᠷ ᠦᠷᠭᠦᠯᠵᠢ ᠲᠠᠪᠤᠨ ᠲᠠᠷᠢᠶ᠎ᠠ ᠳ᠋ᠤᠷ ᠤᠷᠤᠯᠳᠤᠵᠤ ᠣᠨ ᠳᠠᠭᠤᠰᠤᠨ ᠵᠢᠳᠬᠦᠨ ᠴᠢᠷᠮᠠᠢᠬᠤ ᠶ᠋ᠢᠨ ᠵᠦᠳᠡᠭᠦᠷᠢ ᠦᠭᠡᠢ᠃ ᠡᠢᠮᠦ ᠠᠷᠪᠠᠨ ᠵᠦᠢᠯ ᠢ᠋ ᠨᠡᠢᠯᠡᠭᠦᠯᠪᠡᠰᠦ ᠶᠠᠷᠰᠢᠭ ᠦᠭᠡᠢ ᠬᠡᠮᠡᠬᠦᠢ ᠨᠢᠭᠡᠨ ᠦᠭᠡᠨ ᠳ᠋ᠦ᠍ᠷ ᠵᠣᠭᠰᠣᠮᠤᠢ᠃ ᠶᠠᠷᠰᠢᠭ ᠦᠭᠡᠢ ᠶ᠋ᠢ ᠰᠢᠯᠤᠭᠤᠨ ᠬᠡᠮᠡᠮᠦᠢ᠂ ᠰᠢᠯᠤᠭᠤᠨ ᠤ᠋ ᠨᠢᠭᠡᠨ ᠨᠡᠷ᠎ᠡ ᠶ᠋ᠢ ᠪᠠᠰᠠ ᠴᠢᠬᠡᠴᠢ ᠬᠡᠮᠡᠮᠦᠢ᠂ ᠴᠢᠬᠡᠴᠢ ᠶ᠋ᠢ ᠴᠢᠳᠠᠪᠠᠰᠤ ᠦᠨᠡᠨᠴᠢ ᠳ᠋ᠦ᠍ᠷ ᠣᠢᠷ᠎ᠠ ᠪᠣᠯᠤᠮᠤᠢ᠃ ᠡᠢᠨ ᠬᠦ᠌ ᠦᠨᠡᠨᠴᠢ ᠪᠡᠷ ᠮᠠᠰᠢ ᠶᠡᠬᠡᠳᠡ ᠣᠨ ᠤᠳᠠᠵᠤ ᠡᠨᠡ ᠭᠠᠵᠠᠷ ᠤ᠋ᠨ ᠠᠭᠤᠯᠠ ᠲᠠᠯ᠎ᠠ ᠨᠠᠭᠤᠷ ᠲᠤᠨᠤᠮᠠᠯ ᠤ᠋ᠨ ᠪᠦᠭᠦᠳᠡ ᠶ᠋ᠢᠨ ᠭᠠᠢᠬᠠᠮᠰᠢᠭ ᠠᠭᠤᠷ ᠠᠮᠢᠰᠬᠤᠯ ᠠᠨᠤ ᠬᠠᠭᠠᠭᠳᠠᠨ ᠪᠥᠭᠯᠡᠭᠳᠡᠵᠦ᠂ ᠴᠢᠯᠠᠭᠤ ᠲᠡᠮᠦᠷ ᠮᠡᠲᠦ ᠵᠠᠩᠭᠢᠳᠤᠨ ᠴᠤᠭᠯᠠᠷᠠᠵᠤ᠂ ᠬᠠᠮᠲᠤ ᠪᠠᠷ ᠪᠠᠭᠲᠠᠨ ᠴᠢᠳᠠᠬᠤ ᠦᠭᠡᠢ᠂ ᠦᠨᠡᠨ ᠦ᠌ ᠬᠦᠴᠦᠨ ᠭᠡᠨᠡᠳᠲᠡ ᠳᠡᠯᠪᠡ ᠬᠠᠭ᠎ᠠ ᠡᠴᠢᠵᠦ ᠳᠡᠯᠡᠬᠡᠢ ᠳ᠋ᠠᠬᠢᠨ ᠤ᠋ ᠲᠥᠪ ᠶᠡᠬᠡ ᠠᠮᠢᠰᠬᠤᠯ ᠢ᠋ ᠰᠠᠯᠪᠠᠷᠠᠨ ᠰᠠᠷᠨᠢᠲᠠᠯ᠎ᠠ ᠪᠠᠳᠠᠷᠠᠭᠠᠳ ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ ᠬᠤᠸᠠᠩᠳᠢ ᠲᠠᠢᠽᠦ ᠴᠢᠩᠭᠢᠰ ᠬᠠᠭᠠᠨ ᠡᠪᠦᠭᠡ ᠶᠢᠷᠲᠢᠨᠴᠦ ᠳ᠋ᠦ᠍ᠷ ᠮᠡᠨᠳᠦᠯᠡᠭᠡᠳ ᠠᠶᠤᠩᠭ᠎ᠠ ᠶ᠋ᠢᠨ ᠰᠤᠮᠤ ᠴᠠᠬᠢᠯᠭᠠᠨ ᠤ᠋ ᠭᠡᠷᠡᠯ ᠮᠡᠲᠦ ᠲᠤᠷᠳᠤᠯ ᠲᠦᠷᠪᠡᠯ ᠦᠭᠡᠶ᠎ᠡ᠂ ᠠᠷᠪᠠᠨ ᠭᠤᠷᠪᠠᠨ ᠨᠠᠰᠤᠨ ᠰᠡᠭᠦᠳᠡᠷ ᠡᠴᠡ ᠡᠬᠢᠯᠡᠨ ᠴᠡᠷᠢᠭ ᠪᠠᠢᠭᠤᠯᠵᠤ ᠡᠴᠢᠭᠡ ᠶᠦ᠍ᠭᠡᠨ ᠦᠰ ᠢ᠋ ᠠᠪᠴᠤ᠂ ᠳᠥᠷᠪᠡᠨ ᠵᠦᠭ ᠨᠠᠢ᠍ᠮᠠᠨ ᠵᠣᠪᠬᠢᠰ ᠲᠤᠷ ᠲᠤᠯᠵᠤ ᠮᠢᠩᠭᠠᠨ ᠲᠦᠮᠡᠨ ᠵᠦᠢᠯ ᠦ᠋ᠨ ᠵᠣᠪᠠᠯᠠᠩ ᠵᠦᠳᠡᠭᠦᠷᠢ ᠶ᠋ᠢ ᠠᠮᠰᠠᠵᠤ᠂ ᠭᠠᠰᠢᠭᠤ ᠭᠤᠱᠤᠭᠤᠨ ᠢ᠋ ᠡᠳ᠋ᠯᠡᠪᠡᠴᠦ ᠵᠣᠷᠢᠭ ᠵᠢᠷᠦᠬᠡ ᠮᠣᠬᠣᠯ ᠦᠭᠡᠢ᠂ ᠳᠥᠷᠪᠡᠨ ᠥᠩᠭᠡ ᠲᠠᠪᠤᠨ ᠬᠠᠷᠢ ᠶ᠋ᠢ ᠴᠥᠮ ᠪᠡᠶ᠎ᠡ ᠬᠦᠷᠴᠦ ᠳᠠᠢᠯᠠᠨ ᠳᠠᠭᠠᠭᠤᠯᠵᠤ ᠠᠯᠪᠠ ᠪᠠᠷᠢᠭᠤᠯᠤᠨ᠂ ᠨᠡᠢᠭᠡᠮ ᠳᠡᠯᠡᠬᠡᠢ ᠳ᠋ᠠᠬᠢᠨ ᠤ᠋ ᠲᠤᠯᠭᠤᠷ ᠲᠥᠷᠥ ᠶ᠋ᠢ ᠨᠡᠭᠡᠭᠡᠭᠰᠡᠨ ᠪᠥᠯᠥᠭᠡ᠃ ᠲᠠᠢᠽᠦ ᠬᠠᠭᠠᠨ ᠡᠭᠡᠨᠡᠭᠲᠡ ᠪᠣᠭᠳᠠ ᠬᠥᠮᠦᠨ ᠮᠥᠨ ᠦ᠌ ᠲᠤᠯᠠ ᠠᠯᠲᠠᠨ ᠤᠯᠤᠰ ᠪᠠ ᠰᠥᠩ ᠢ᠋ ᠬᠠᠭᠤᠴᠢᠨ ᠪᠠᠢᠭᠰᠠᠨ ᠤᠯᠤᠰ ᠭᠡᠮᠡᠨ ᠬᠠᠯᠳᠠᠬᠤ ᠦᠭᠡᠢ ᠪᠠᠢᠪᠠ᠃ ᠳᠣᠣᠷᠠᠲᠤ ᠰᠠᠢᠳ ᠬᠡᠳᠦᠢᠴᠢᠨᠡᠭᠡᠨ ᠤᠳᠠᠭ᠎ᠠ ᠠᠢᠯᠠᠳᠬᠠᠯ᠎ᠠ ᠶᠠᠪᠤᠭᠰᠠᠨ ᠦᠭᠡᠢ ᠪᠥᠯᠥᠭᠡ᠃ ᠬᠣᠢᠨ᠎ᠠ ᠳᠥᠴᠢᠨ ᠲᠠᠪᠤᠨ ᠰᠡᠭᠦᠳᠡᠷ ᠦ᠋ᠨ ᠯᠡ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠤᠨᠤᠨ ᠮᠥᠷᠡᠨ ᠦ᠌ ᠡᠬᠢ ᠮᠤᠩ ᠨᠡᠷᠡᠲᠦ ᠭᠣᠣᠯ ᠤ᠋ᠨ ᠠᠮᠠᠨ ᠢ᠋ ᠡᠵᠡᠯᠡᠵᠦ᠂ ᠮᠠᠨᠳᠤᠯ ᠴᠣᠭᠴᠠᠯᠠᠨ ᠶᠢᠰᠦᠨ ᠥᠷᠯᠥᠭᠡ ᠲᠡᠭᠷᠢ ᠡᠴᠡ ᠪᠡᠯᠭᠡ ᠭᠤᠶᠤᠵᠤ ᠬᠠᠭᠠᠨ ᠰᠠᠭᠤᠭᠰᠠᠨ ᠪᠥᠯᠥᠭᠡ᠃  
      ᠲᠡᠷᠡ ᠲᠤᠬᠠᠢ ᠠᠯᠲᠠᠨ ᠤᠯᠤᠰ ᠤ᠋ᠨ ᠵᠠᠭᠤᠨ ᠣᠪᠣᠭᠲᠠᠨ ᠰᠦᠷᠦᠭᠯᠡᠨ ᠢᠷᠡᠵᠦ ᠡᠵᠡᠨ ᠢ᠋ᠶ᠋ᠡᠨ ᠵᠠᠭᠠᠯᠳᠤᠭᠰᠠᠨ ᠳ᠋ᠤᠷ ᠰᠠᠶᠢ ᠠᠷᠭ᠎ᠠ ᠦᠭᠡᠢ ᠠᠯᠲᠠᠨ ᠤᠯᠤᠰ ᠯᠤᠭ᠎ᠠ ᠬᠠᠯᠳᠠᠭᠰᠠᠨ ᠪᠥᠯᠥᠭᠡ᠃ ᠡᠭᠦᠨᠴᠡ ᠣᠷᠣᠭᠰᠢ ᠪᠤᠰᠤ ᠠᠷᠪᠠᠨ ᠬᠣᠶᠠᠷ ᠨᠡᠷᠡᠲᠡᠢ ᠬᠠᠳ ᠳᠠᠯᠠᠨ ᠲᠠᠪᠤᠨ ᠪᠠᠭ᠎ᠠ ᠠᠢᠮᠠᠭ ᠢ᠋ ᠳᠠᠢᠯᠠᠵᠤ ᠶᠠᠪᠤᠲᠠᠯ᠎ᠠ ᠡᠮᠦᠨᠡᠬᠢ ᠶ᠋ᠢᠨ ᠬᠠᠭᠤᠴᠢᠨ ᠲᠣᠭᠲᠠᠭᠰᠠᠨ ᠢ᠋ ᠡᠪᠳᠡᠷᠡᠭᠦᠯᠬᠦ ᠰᠠᠨᠠᠭᠠᠨ ᠦᠭᠡᠢ ᠪᠥᠭᠡᠲᠡᠯ᠎ᠡ ᠠᠯᠲᠠᠨ ᠤᠯᠤᠰ ᠳᠠᠬᠢᠨ ᠬᠠᠯᠳᠠᠵᠤ ᠵᠣᠣ ᠪᠢᠴᠢᠭ ᠢ᠋ ᠮᠥᠷᠭᠥᠵᠦ ᠬᠦᠯᠢᠶᠡᠨ ᠠᠪ ᠬᠡᠮᠡᠭᠰᠡᠨ ᠳ᠋ᠦ᠍ᠷ ᠲᠠᠢᠽᠦ ᠬᠠᠭᠠᠨ ᠶᠡᠬᠡᠯ᠎ᠡ ᠮᠦᠰᠢᠶᠡᠵᠦ ᠡᠮᠦᠨ᠎ᠡ ᠵᠦᠭ ᠬᠠᠨᠳᠤᠵᠤ ᠨᠢᠯᠪᠤᠭᠠᠳ ᠵᠠᠷᠯᠢᠭ ᠪᠣᠯᠤᠭᠰᠠᠨ ᠠᠨᠤ᠄ 《ᠲᠠᠨ ᠤ᠋ ᠤᠯᠤᠰ ᠤ᠋ᠨ ᠵᠠᠭᠤᠨ ᠣᠪᠣᠭᠲᠠᠨ ᠨᠠᠳᠠ ᠳ᠋ᠤᠷ ᠢᠷᠡᠵᠦ ᠲᠠᠨ ᠤ᠋ ᠤᠯᠤᠰ ᠤ᠋ᠨ ᠡᠵᠡᠨ ᠢ᠋ ᠬᠣᠶᠠᠷ ᠤᠳᠠᠭ᠎ᠠ ᠪᠢᠴᠢᠭ ᠠᠢᠯᠠᠳᠬᠠᠨ ᠵᠠᠭᠠᠯᠳᠤᠵᠤ ᠪᠦᠬᠦᠢ ᠳ᠋ᠦ᠍ᠷ ᠪᠣᠭᠣᠯ ᠤ᠋ᠨ ᠦᠭᠡ ᠪᠡᠷ  ᠢᠨᠤ ᠡᠵᠡᠨ ᠢ᠋  ᠢᠨᠤ ᠳᠠᠢᠯᠠᠪᠠᠰᠤ ᠦᠯᠦ ᠵᠣᠬᠢᠮᠤ ᠭᠡᠮᠡᠨ ᠲᠠᠲᠠᠭᠠᠯᠵᠠᠨ ᠪᠦᠬᠦᠢ ᠳ᠋ᠦ᠍ᠷ ᠬᠠᠷᠢᠨ ᠰᠠᠪᠠᠭ᠎ᠠ ᠦᠭᠡᠢ ᠪᠡᠷ ᠢᠮᠠᠭᠠᠨ ᠤ᠋ ᠢᠰᠢᠭᠡ ᠶ᠋ᠢ ᠮᠠᠢᠯᠠᠭᠤᠯᠵᠤ ᠪᠠᠷᠰ ᠢ᠋ ᠰᠣᠴᠢᠭᠠᠬᠤ ᠪᠠᠷ ᠨᠠᠮᠠᠶ᠋ᠢ ᠭᠤᠲᠤᠭᠠᠨ ᠬᠠᠯᠳᠠᠷ᠎ᠠ ᠢᠷᠡᠪᠡᠦ? 》 ᠬᠡᠮᠡᠭᠡᠳ ᠮᠣᠷᠢ ᠪᠠᠨ ᠲᠠᠰᠢᠭᠤᠷᠳᠠᠨ ᠮᠠᠨᠳᠠᠯ ᠳ᠋ᠤᠷ ᠡᠭᠡᠵᠦ ᠠᠯᠲᠠᠨ ᠤᠯᠤᠰ ᠠ᠋ᠴᠠ ᠶᠠᠯ᠎ᠠ ᠠᠰᠠᠭᠤᠬᠤ ᠶᠡᠬᠡ ᠴᠡᠷᠢᠭ ᠢ᠋ ᠪᠠᠢᠭᠤᠯᠤᠭᠠᠳ ᠴᠠᠭᠠᠭᠴᠢᠨ ᠬᠣᠨᠢᠨ ᠵᠢᠯ ᠴᠢᠩᠭᠢᠰ ᠬᠠᠭᠠᠨ ᠲᠠᠪᠢᠨ ᠰᠡᠭᠦᠳᠡᠷ ᠲᠡᠭᠡᠨ ᠠᠯᠲᠠᠨ ᠤᠯᠤᠰ ᠢ᠋ ᠪᠠᠢᠯᠳᠤᠵᠤ ᠲᠡᠭᠦᠨ ᠦ᠌ ᠨᠡᠢᠰᠯᠡᠯ ᠢ᠋ ᠨᠢᠭᠡᠨᠲᠡ ᠬᠠᠭᠠᠵᠤ ᠠᠪᠤᠭᠠᠳ ᠪᠠᠬᠠᠨ ᠲᠠᠪᠰᠢᠪᠠᠰᠤ ᠳᠠᠷᠤᠢ ᠠᠪᠴᠤ ᠲᠡᠭᠦᠰᠬᠦ ᠪᠥᠭᠡᠲᠡᠯ᠎ᠡ ᠡᠷᠲᠡᠨ ᠦ᠌ ᠸᠧᠨ ᠸᠠᠩ ᠤ᠋ᠨ ᠵᠡᠭᠦᠨ ᠦ᠌ ᠪᠡᠢᠯᠡ ᠴᠥᠩ ᠾᠧ ᠾᠧᠦ ᠶ᠋ᠢᠨ ᠰᠥᠩ ᠬᠣᠲᠠ ᠶ᠋ᠢ ᠬᠠᠭᠠᠭᠰᠠᠨ ᠳ᠋ᠤᠷ ᠣᠯᠠᠨ ᠢᠷᠭᠡᠨ ᠦ᠌ ᠤᠬᠢᠯᠠᠯᠳᠤᠬᠤ ᠳᠠᠭᠤᠨ ᠢ᠋ ᠰᠣᠨᠣᠰᠴᠤ ᠲᠦᠪᠳᠡᠬᠦ ᠦᠭᠡᠢ ᠶ᠋ᠢ ᠮᠥᠷᠳᠡᠵᠦ᠂ ᠰᠡᠳᠬᠢᠯ ᠡᠪᠬᠡᠷᠡᠨ ᠣᠯᠠᠨ ᠵᠠᠩᠵᠤᠨ ᠢ᠋ ᠵᠠᠩᠳᠠᠨ ᠡᠭᠡᠭᠦᠯᠵᠦ ᠨᠢᠭᠡᠨ ᠤᠳᠠᠭ᠎ᠠ ᠬᠡᠯᠲᠦᠷᠢᠭᠦᠯᠦᠭᠡᠳ ᠬᠣᠢᠨ᠎ᠠ ᠬᠣᠷᠢᠨ ᠳᠥᠷᠪᠡᠨ ᠣᠨ ᠳ᠋ᠤᠷ ᠲᠠᠢᠽᠦ ᠬᠠᠭᠠᠨ ᠤ᠋ ᠭᠤᠷᠪᠠᠳᠤᠭᠠᠷ ᠬᠥᠪᠡᠭᠦᠨ ᠥᠭᠡᠳᠡᠢ᠂ ᠶᠤᠸᠠᠨ ᠲᠠᠢᠽᠦ᠋ᠩ ᠢᠩ ᠵᠧᠨ ᠬᠤᠸᠠᠩᠳᠢ ᠰᠠᠶᠢ ᠰᠥᠨᠥᠭᠡᠪᠡ᠃ ᠡᠳᠡᠭᠡᠷ ᠴᠥᠮ ᠪᠣᠭᠳᠠ ᠬᠥᠮᠦᠨ ᠦ᠌ ᠴᠢᠩ ᠦᠨᠡᠨ ᠥᠷᠥᠰᠢᠶᠡᠯ ᠦ᠋ᠨ ᠵᠣᠷᠢᠭ ᠵᠢᠷᠤᠮ ᠪᠤᠶᠤ᠃ ᠮᠠᠭᠤ ᠶ᠋ᠢᠨ ᠲᠤᠢᠯ ᠰᠠᠢᠨ᠂ ᠮᠤᠩᠬᠠᠭ ᠤ᠋ᠨ ᠲᠤᠢᠯ ᠮᠡᠷᠭᠡᠨ᠂ ᠮᠣᠬᠣᠳᠠᠭ ᠤ᠋ᠨ ᠲᠤᠢᠯ ᠬᠤᠷᠴᠠ᠂  ᠮᠤᠰᠬᠢᠭᠤ ᠶ᠋ᠢᠨ ᠲᠤᠢᠯ ᠵᠥᠪᠰᠢᠶᠡᠮᠡᠷ ᠬᠡᠮᠡᠭᠰᠡᠨ ᠢᠨᠤ ᠡᠨᠡ ᠪᠣᠯᠠᠢ᠃ ᠴᠢᠩᠭᠢᠰ ᠪᠣᠭᠳᠠ ᠣᠨᠴᠠ ᠮᠣᠩᠭᠣᠯ ᠠ᠋ᠴᠠ ᠮᠡᠨᠳᠦᠯᠡᠭᠰᠡᠨ ᠢᠨᠤ ᠡᠭᠡᠨᠡᠭᠲᠡ ᠮᠤᠩᠬᠠᠭ ᠮᠣᠩᠭᠣᠯ ᠢ᠋ ᠭᠡᠨᠡᠳᠲᠡ ᠰᠡᠷᠭᠦᠭᠡᠨ ᠰᠡᠩᠬᠡᠷᠡᠭᠦᠯᠵᠦ᠂ ᠡᠭᠦᠨᠴᠡ ᠮᠣᠩᠭᠣᠯ ᠢ᠋ ᠨᠢᠭᠡᠨ ᠠᠩᠭᠢ ᠲᠥᠪ ᠠᠢᠮᠠᠭ ᠤ᠋ᠨ ᠤᠯᠤᠰ ᠪᠣᠯᠭᠠᠨ ᠬᠥᠮᠦᠨ ᠦ᠌ ᠵᠡᠷᠭᠡ ᠳ᠋ᠦ᠍ ᠣᠷᠣᠭᠤᠯᠵᠤ ᠡᠳᠦᠭᠡ ᠪᠣᠯᠲᠠᠯ᠎ᠠ ᠪᠤᠰᠤ ᠬᠠᠳ ᠤ᠋ᠨ ᠲᠥᠷᠥ ᠳ᠋ᠦ᠍ ᠪᠣᠯᠪᠠᠴᠤ ᠮᠥᠨ ᠶᠡᠬᠡ ᠰᠠᠢᠳ ᠤ᠋ᠨ ᠬᠤᠪᠢᠶᠠᠷᠢ ᠪᠠᠷ ᠶᠠᠪᠤᠵᠤ ᠤᠷᠠᠨ ᠤᠬᠠᠭᠠᠨᠲᠤ ᠬᠢᠲᠠᠳ ᠰᠠᠢᠳ ᠪᠠ ᠤᠭᠰᠠᠭ᠎ᠠ ᠲᠥᠷᠥᠯ ᠦ᠋ᠨ ᠮᠠᠨᠵᠤ ᠨᠣᠶᠠᠳ ᠯᠤᠭ᠎ᠠ ᠠᠪ ᠠᠳᠠᠯᠢ ᠵᠡᠷᠭᠡᠴᠡᠨ ᠶᠠᠪᠤᠵᠤ᠂ ᠡᠳᠦᠭᠡᠬᠢ ᠤᠯᠤᠰ ᠤ᠋ᠨ ᠬᠠᠳ ᠪᠣᠯᠪᠠᠴᠤ ᠮᠠᠨ ᠤ᠋ ᠲᠠᠢᠵᠢ ᠲᠠᠪᠤᠨᠠᠩ ᠯᠤᠭ᠎ᠠ ᠤᠷᠤᠭ ᠰᠠᠭᠤᠪᠠᠰᠤ ᠤᠭ ᠢᠵᠠᠭᠤᠷ ᠬᠠᠭᠠᠨ ᠰᠠᠭᠤᠷᠢᠲᠤ ᠦᠨᠳᠦᠰᠦ ᠤᠳᠤᠮᠲᠤ᠂ ᠳᠠᠩ ᠰᠠᠴᠠᠭᠤ ᠤᠷᠤᠭ ᠭᠡᠮᠡᠨ ᠡᠷᠭᠦᠬᠦ ᠪᠠ ᠪᠠᠰᠠ ᠠᠯᠪᠠᠲᠤ ᠤᠯᠤᠰ ᠢ᠋ ᠴᠢᠩ ᠤᠯᠤᠰ ᠬᠡᠳᠦᠢ ᠳᠠᠩᠰᠠᠨ᠎ᠠ ᠬᠠᠲᠠᠵᠤ ᠠᠪᠤᠭᠠᠳ ᠡᠷᠬᠡ ᠶ᠋ᠢ ᠴᠥᠮ ᠠᠪᠤᠭᠰᠠᠨ ᠪᠣᠯᠪᠠᠴᠤ ᠡᠭᠡᠨᠡᠭᠲᠡ ᠪᠠᠰᠠ ᠢᠯᠡᠷᠬᠡᠢ ᠲᠣᠳᠣᠷᠬᠠᠢ ᠪᠠᠷ ᠴᠥᠮ ᠪᠤᠯᠢᠶᠠᠨ ᠠᠪᠴᠤ ᠢᠷᠭᠡᠨ ᠡᠰᠡ ᠪᠣᠯᠭᠠᠭᠰᠠᠨ ᠠᠨᠤ ᠡᠳᠡᠭᠡᠷ ᠴᠥᠮ ᠲᠡᠷᠡ ᠦᠶ᠎ᠡ ᠶ᠋ᠢᠨ ᠴᠢᠩᠭᠢᠰ ᠪᠣᠭᠳᠠ ᠨᠢᠭᠡᠬᠡᠨ ᠬᠥᠮᠦᠨ ᠦ᠌ ᠲᠠᠷᠢᠵᠤ ᠦᠯᠡᠳᠡᠭᠡᠭᠰᠡᠨ ᠪᠤᠶᠠᠨ ᠡᠷᠳᠡᠮ ᠦ᠋ᠨ ᠬᠡᠰᠡᠭ ᠦᠯᠡᠳᠡᠪᠦᠷᠢ ᠪᠣᠯᠠᠢ᠃ ᠡᠳᠦᠭᠡ ᠬᠡᠳᠦᠢ ᠬᠢᠲᠠᠳ ᠰᠠᠢᠳ ᠤ᠋ᠳ ᠲᠤᠷ ᠠᠳᠠᠯᠢ ᠤᠯᠤᠰ ᠤ᠋ᠨ ᠶᠡᠬᠡ ᠡᠷᠬᠡ ᠶ᠋ᠢ ᠲᠣᠪᠴᠢᠯᠠᠬᠤ ᠶ᠋ᠢ ᠡᠰᠡ ᠣᠯᠪᠠᠴᠤ ᠤᠷᠤᠭ ᠪᠠᠷᠢᠬᠤ ᠠᠨᠤ ᠬᠢᠲᠠᠳ ᠠ᠋ᠴᠠ ᠢᠯᠭᠠᠯ ᠲᠠᠢ ᠪᠥᠭᠡᠳ ᠪᠠᠰᠠ ᠡᠳᠦᠭᠡᠬᠢ ᠲᠥᠪᠡᠳ᠂ ᠬᠣᠲᠣᠩ᠂ ᠥᠭᠡᠯᠡᠳ ᠂ ᠴᠠᠬᠠᠷ ᠂ ᠬᠠᠮᠢ ᠠ᠋ᠴᠠ ᠮᠠᠰᠢ ᠳᠡᠭᠡᠷ᠎ᠡ ᠦᠭᠡᠢ ᠦᠦ? ᠲᠡᠳᠡᠭᠡᠷ ᠠᠢᠮᠠᠭ ᠤ᠋ᠳ ᠠᠯᠢᠨ ᠠᠨᠤ ᠪᠣᠯᠪᠠᠴᠤ ᠴᠥᠮ ᠮᠣᠩᠭᠣᠯ ᠠ᠋ᠴᠠ ᠤᠷᠢᠳᠠ ᠪᠠᠢᠭᠰᠠᠨ ᠪᠥᠭᠡᠳ ᠤᠯᠤᠰ ᠤ᠋ᠨ ᠳᠣᠷᠣ ᠳ᠋ᠤᠷ ᠶᠠᠭᠤᠨᠠᠢ ᠮᠣᠩᠭᠣᠯ ᠤ᠋ᠨ ᠴᠢᠨᠡᠭᠡᠨ ᠬᠦᠨᠳᠦᠲᠡᠢ ᠪᠣᠢ? ᠮᠡᠷᠭᠡᠳ ᠪᠡᠷ ᠬᠢᠨᠠᠭᠳᠠᠬᠤᠢ !