ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠲᠦᠲᠦᠭᠡᠷ ᠠᠩᠭᠢ > Хөх судар - Инжинаш < Товчит толт - Дөтгөр анги >
ᠬᠥᠬᠡ ᠰᠤᠳᠤᠷ - ᠲᠣᠪᠴᠢᠲᠤ ᠲᠣᠯᠲᠣ < ᠲᠦᠲᠦᠭᠡᠷ ᠠᠩᠭᠢ >
ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ ᠤ᠋ᠨ ᠤᠴᠢᠷ
ᠰᠢᠯᠲᠠᠭᠠᠨ ᠨᠢᠭᠡᠨ ᠢᠵᠢ᠂ ᠲᠣᠪᠴᠢᠲᠤ ᠲᠣᠯᠲᠣ ᠶ᠋ᠢᠨ ᠳᠥᠲᠥᠭᠡᠷ ᠠᠩᠭᠢ
ᠡᠨᠡ ᠶᠡᠬᠡ ᠶᠤᠸᠠᠨ ᠤᠯᠤᠰ ᠤ᠋ᠨ《ᠬᠥᠬᠡ ᠰᠤᠳᠤᠷ 》 ᠢ᠋ ᠡᠷᠳᠡᠮᠲᠡᠨ ᠰᠠᠢᠳ ᠠᠢᠯᠠᠳᠤᠨ ᠲᠣᠯᠢᠳᠠᠵᠤ ᠤᠩᠰᠢᠬᠤᠢ ᠳ᠋ᠤᠷ ᠤᠷᠢᠳ ᠡᠷᠬᠡᠪᠰᠢ ᠡᠨᠡ ᠰᠤᠳᠤᠷ ᠢ᠋ ᠦᠵᠡᠬᠦ ᠠᠷᠭ᠎ᠠ ᠤᠬᠠᠭᠠᠨ ᠢ᠋ ᠵᠢᠭᠠᠭᠰᠠᠨ ᠲᠣᠪᠴᠢᠲᠤ ᠲᠣᠯᠲᠣ ᠪᠦᠬᠦᠨ ᠢ᠋ ᠬᠢᠨᠠᠨ ᠦᠵᠡᠪᠡᠰᠦ ᠵᠣᠬᠢᠮᠤᠢ᠃ ᠠᠯᠢᠪᠠ ᠪᠢᠴᠢᠭ ᠦᠵᠡᠮᠦᠢ ᠬᠡᠮᠡᠭᠴᠢ ᠲᠡᠭᠦᠨ ᠤ ᠤᠴᠢᠷ ᠰᠢᠯᠲᠠᠭᠠᠨ ᠢ᠋ ᠠᠨᠤ ᠨᠠᠷᠢᠪᠴᠢᠯᠠᠨ ᠮᠡᠳᠡᠰᠦᠭᠡᠢ ᠬᠡᠮᠡᠭᠰᠡᠨ ᠰᠠᠨᠠᠭᠠᠨ ᠠ᠋ᠴᠠ ᠡᠳᠦᠭᠰᠡᠨ ᠳᠤᠷᠠᠰᠢᠶᠠᠯᠲᠤ ᠰᠡᠳᠬᠢᠯ ᠲᠤᠯᠠ ᠡᠦᠲᠦ ᠴᠣᠬᠣᠮ ᠲᠡᠷᠡ ᠪᠢᠴᠢᠭ ᠦ᠋ᠨ ᠡᠮᠦᠨ᠎ᠡ ᠬᠣᠢᠨᠠᠬᠢ ᠢᠯᠡ ᠳᠠᠯᠳᠠ ᠣᠷᠣᠰᠢᠯ ᠴᠣᠬᠣᠯᠠᠪᠤᠷᠢ ᠪᠠ ᠨᠠᠷᠢᠨ ᠪᠦᠳᠦᠭᠦᠨ ᠲᠣᠪᠴᠢᠶ᠎ᠠ ᠰᠢᠯᠦᠭ ᠪᠦᠷᠢ ᠶ᠋ᠢ ᠡᠷᠬᠡᠪᠰᠢ ᠬᠢᠨᠠᠨ ᠦᠵᠡᠪᠡᠰᠦ ᠵᠣᠬᠢᠮᠤᠢ᠃ ᠵᠠᠷᠢᠮ ᠪᠢᠴᠢᠭ ᠠᠢᠯᠠᠳᠤᠭᠴᠢ ᠮᠡᠷᠭᠡᠳ ᠲᠡᠢᠮᠦ ᠪᠤᠰᠤ᠂ ᠶᠠᠮᠪᠠᠷ ᠵᠡᠷᠭᠡ ᠶ᠋ᠢᠨ ᠭᠦᠨ ᠬᠣᠯᠠ ᠠᠮᠲᠠ ᠴᠢᠨᠠᠷ ᠲᠠᠢ ᠪᠢᠴᠢᠭ ᠪᠠ ᠤᠳᠬ᠎ᠠ ᠤᠶᠠᠩᠭ᠎ᠠ ᠲᠠᠢ ᠲᠣᠪᠴᠢᠶ᠎ᠠ᠂ ᠰᠢᠯᠦᠭ ᠣᠷᠣᠰᠢᠯ ᠂ ᠴᠣᠬᠣᠯᠠᠪᠤᠷᠢ ᠶ᠋ᠢ ᠴᠥᠮ ᠢᠨᠦ ᠣᠷᠬᠢᠭᠠᠳ ᠭᠠᠭᠴᠠ ᠦᠯᠢᠭᠡᠷ ᠢ᠋ ᠢᠨᠤ ᠦᠵᠡᠮᠦᠢ᠃ ᠲᠡᠷᠡ ᠢᠨᠤ ᠪᠢᠴᠢᠭ ᠦᠵᠡᠮᠦᠢ ᠬᠡᠮᠡᠭᠴᠢ ᠪᠤᠰᠤ᠂ ᠴᠣᠬᠣᠮ ᠪᠢᠴᠢᠭ ᠢ᠋ ᠪᠦᠷᠢᠯᠭᠡᠮᠦᠢ ᠬᠡᠮᠡᠭᠴᠢ ᠪᠣᠯᠠᠢ᠃ ᠨᠡᠩᠳᠡ ᠡᠨᠡ ᠪᠢᠴᠢᠭ ᠢ᠋ ᠪᠤᠰᠤ ᠬᠠᠨ᠂ ᠵᠢᠨ᠂ ᠳᠠᠩ᠂ ᠰᠥᠩ ᠦ᠋ᠨ ᠵᠠᠰᠠᠵᠤ ᠴᠢᠮᠡᠭᠯᠡᠭᠰᠡᠨ ᠰᠤᠯᠠ ᠦᠯᠢᠭᠡᠷ ᠱᠠᠰᠲᠢᠷ ᠯᠤᠭ᠎ᠠ ᠦᠯᠢᠳᠬᠡᠵᠦ ᠦᠯᠦ ᠪᠣᠯᠤᠮᠠᠷ᠃ ᠲᠡᠳᠡᠭᠡᠷ ᠰᠤᠯᠠ ᠱᠠᠰᠲᠢᠷ ᠥᠴᠦᠬᠡᠨ ᠪᠢᠴᠢᠭ ᠦ᠋ᠳ ᠬᠡᠮᠡᠭᠴᠢ ᠴᠥᠮ ᠢ᠋ᠶ᠋ᠡᠷ ᠥᠴᠦᠬᠡᠨ ᠲᠡᠳᠦᠢ ᠣᠷᠣ ᠰᠡᠳᠦᠪ ᠪᠠᠢᠲᠠᠯ᠎ᠠ ᠮᠡᠷᠭᠡᠳ ᠪᠡᠷ ᠳᠠᠷᠤᠢ ᠲᠡᠭᠦᠨ ᠳ᠋ᠦ᠍ᠷ ᠵᠠᠭᠤᠨ ᠵᠦᠢᠯ ᠦ᠋ᠨ ᠤᠴᠢᠷ ᠰᠢᠯᠲᠠᠭᠠᠨ ᠨᠡᠮᠡᠵᠦ᠂ ᠰᠠᠯᠠᠭ᠎ᠠ ᠰᠣᠶᠣᠭᠡ ᠤᠷᠭᠤᠭᠤᠯᠤᠨ᠂ ᠲᠦᠮᠡᠨ ᠮᠢᠩᠭᠠᠨ ᠳᠠᠪᠬᠤᠷ ᠴᠢᠮᠡᠬᠦ ᠤᠶᠠᠩᠭ᠎ᠠ ᠣᠷᠣᠭᠤᠯᠤᠨ᠂ ᠥᠪᠡᠷ ᠦ᠋ᠨ ᠣᠶᠤᠨ ᠢ᠋ᠶ᠋ᠠᠨ ᠳᠡᠯᠭᠡᠷᠡᠭᠦᠯᠦᠨ᠂ ᠥᠭᠦᠯᠡᠯ ᠰᠠᠨᠠᠭᠠᠨ ᠢ᠋ᠶ᠋ᠠᠨ ᠣᠷᠴᠢᠯᠠᠩ ᠳ᠋ᠤᠷ ᠬᠣᠴᠣᠷᠤᠭᠤᠯᠤᠨ᠂ ᠭᠠᠭᠴᠠ ᠦᠵᠡᠬᠦᠢ ᠳ᠋ᠦ᠍ᠷ ᠠᠮᠲᠠᠲᠠᠢ ᠪᠣᠯᠭᠠᠵᠤᠬᠤᠢ᠃ ᠡᠨᠡ《 ᠬᠥᠬᠡ ᠰᠤᠳᠤᠷ 》ᠬᠡᠮᠡᠭᠴᠢ ᠲᠡᠢᠮᠦ ᠪᠤᠰᠤ᠂ ᠡᠨᠡ ᠪᠣᠯᠪᠠᠰᠤ ᠶᠡᠬᠡ ᠶᠤᠸᠠᠨ ᠤᠯᠤᠰ ᠤ᠋ᠨ ᠨᠢᠭᠡᠨ ᠵᠠᠭᠤᠨ ᠵᠢᠷᠠᠨ ᠬᠣᠶᠠᠷ ᠣᠨ ᠠ᠋ᠴᠠ ᠣᠷᠣᠭᠰᠢ ᠪᠠᠰᠠ ᠭᠤᠴᠢ ᠳᠥᠴᠢᠨ ᠵᠢᠯ ᠦ᠋ᠨ ᠬᠡᠷᠡᠭ ᠯᠦ᠍ᠭᠡ ᠬᠠᠮᠲᠤ ᠪᠠᠢᠬᠤ ᠶ᠋ᠢᠨ ᠲᠤᠯᠠ ᠤᠷᠢᠳ ᠬᠣᠵᠢᠳ ᠢ᠋ ᠨᠡᠢᠯᠡᠭᠦᠯᠪᠡᠰᠦ ᠨᠡᠢᠲᠡ ᠬᠣᠶᠠᠷ ᠵᠠᠭᠤᠨ ᠣᠨ ᠤ᠋ ᠬᠡᠷᠡᠭ᠂ ᠴᠣᠬᠣᠮ ᠦᠨᠡᠨ ᠬᠡᠷᠡᠭ ᠦ᠋ᠨ ᠠᠷᠪᠠᠨ ᠬᠤᠪᠢ ᠠ᠋ᠴᠠ ᠨᠢᠭᠡᠨ ᠬᠤᠪᠢ ᠴᠤ᠌ ᠪᠦᠷᠢᠳᠦᠨ ᠭᠠᠷᠴᠤ ᠴᠢᠳᠠᠬᠤ ᠦᠭᠡᠢ ᠪᠥᠭᠡᠲᠡᠯ᠎ᠡ ᠬᠠᠮᠢᠭ᠎ᠠ ᠡᠴᠡ ᠨᠡᠮᠡᠬᠦ ᠴᠢᠮᠡᠬᠦ ᠤᠴᠢᠷ ᠪᠣᠢ ᠠᠵᠢ ! ᠲᠡᠭᠦᠨ ᠦ᠌ ᠤᠴᠢᠷ ᠠᠨᠤ ᠶᠠᠭᠤᠨ ? ᠬᠡᠮᠡᠪᠡᠰᠦ᠄ ᠲᠡᠷᠡ ᠦᠶ᠎ᠡ ᠳ᠋ᠦ᠍ᠷ ᠴᠢᠪᠬᠢᠲᠡᠯ᠎ᠡ ᠡᠮᠦᠨ᠎ᠡ ᠡᠲᠡᠭᠡᠳ ᠦ᠋ᠨ ᠬᠠᠭᠤᠴᠢᠨ ᠶᠡᠬᠡ ᠰᠥᠩ ᠤᠯᠤᠰ ᠤ᠋ᠨ ᠰᠡᠭᠦᠯ ᠦ᠋ᠨ ᠳᠣᠷᠣᠢᠲᠠᠨ ᠪᠠᠭᠤᠷᠠᠬᠤ ᠶ᠋ᠢᠨ ᠴᠠᠭ ᠪᠣᠯᠵᠤ᠂ ᠳᠡᠯᠡᠬᠡᠢ ᠳ᠋ᠠᠬᠢᠨ ᠬᠤᠪᠢᠶᠠᠭᠳᠠᠨ ᠳᠥᠷᠪᠡᠨ ᠬᠢᠵᠠᠭᠠᠷ ᠰᠠᠮᠠᠭᠤᠷᠠᠵᠤ᠂ ᠵᠦᠭ ᠵᠦᠭ ᠲᠦ᠍ᠷ ᠬᠠᠭᠠᠨ ᠰᠠᠭᠤᠯᠴᠠᠨ ᠬᠤᠪᠢ ᠬᠣᠪᠢᠨ ᠳ᠋ᠠᠭᠠᠨ ᠤᠯᠤᠰ ᠪᠠᠢᠭᠤᠯᠤᠯᠴᠠᠵᠤ᠂ ᠳᠤᠮᠳᠠᠳᠤ ᠤᠯᠤᠰ ᠲᠤᠷ ᠬᠤᠪᠢᠶᠠᠯᠴᠠᠨ ᠡᠵᠡᠯᠡᠭᠰᠡᠨ ᠢ᠋ ᠲᠣᠭᠠᠴᠢᠪᠠᠰᠤ ᠶᠡᠬᠡᠬᠡᠨ ᠨᠡᠷᠡᠲᠡᠢ ᠤᠯᠤᠰ ᠬᠠᠭᠤᠴᠢᠨ ᠰᠥᠩ ᠤᠯᠤᠰ ᠠ᠋ᠴᠠ ᠳᠠᠷᠠᠭᠠᠯᠠᠨ ᠤᠷᠢᠳᠤ ᠶ᠋ᠢᠨ ᠯᠢᠶᠣᠤ ᠤᠯᠤᠰ᠂ ᠪᠠᠰᠠ ᠠᠯᠲᠠᠨ ᠤᠯᠤᠰ᠂ ᠰᠢᠶᠠ ᠤᠯᠤᠰ᠂ ᠬᠢᠳᠠᠨ ᠤᠯᠤᠰ᠂ ᠭᠠᠤᠯᠢ ᠤᠯᠤᠰ᠂ ᠰᠢ ᠢᠦᠢ ᠤᠯᠤᠰ᠂ ᠰᠢ ᠴᠢᠶᠠᠩ ᠤᠯᠤᠰ᠂ ᠾᠦᠢ ᠬᠤ᠌ ᠤᠯᠤᠰ᠂ ᠬᠣᠲᠣᠩ ᠤᠯᠤᠰ᠂ ᠡᠨᠡᠳᠬᠡᠭ ᠤᠯᠤᠰ᠂ ᠮᠦ᠍ ᠯᠦ᠍ ᠤᠯᠤᠰ ᠭᠡᠮᠡᠨ ᠲᠤᠰ ᠲᠤᠰ ᠲᠠᠭᠠᠨ ᠵᠦᠩ ᠶᠤᠸᠠᠨ ᠤ᠋ ᠭᠠᠵᠠᠷ ᠢ᠋ ᠰᠠᠮᠠᠭᠤᠷᠠᠭᠤᠯᠤᠨ ᠳᠥᠷᠪᠡᠨ ᠵᠦᠭ ᠨᠠᠢ᠍ᠮᠠᠨ ᠵᠣᠪᠬᠢᠰ ᠶᠡᠬᠡᠯ᠎ᠡ ᠦᠢᠮᠡᠯᠳᠦᠵᠦ ᠬᠢᠮᠤᠷᠠᠯᠳᠤᠮᠤᠢ᠃ ᠵᠢᠴᠢ ᠬᠣᠢᠲᠤ ᠭᠠᠵᠠᠷ᠎ᠠ ᠪᠣᠯᠪᠠᠰᠤ ᠳᠠ ᠳ᠋ᠠᠨ ᠤᠯᠤᠰ ᠬᠡᠮᠡᠭᠴᠢ ᠳᠠᠷᠤᠢ ᠮᠠᠨ ᠤ᠋ ᠮᠣᠩᠭᠣᠯ ᠤ᠋ᠨ ᠤᠭ ᠪᠸᠲ᠋ᠠ᠋ ᠤᠯᠤᠰ ᠪᠤᠶᠤ᠂ ᠬᠢᠲᠠᠳ ᠬᠡᠯᠡᠵᠦ ᠴᠢᠳᠠᠬᠤ ᠦᠭᠡᠢ ᠳ᠋ᠡᠭᠡᠨ ᠳᠡ ᠳ᠋ᠠᠨ ᠤᠯᠤᠰ ᠬᠡᠮᠡᠵᠦᠬᠦᠢ᠃ ᠳᠠᠷᠤᠢ ᠡᠨᠡ ᠪᠸᠲ᠋ᠠ᠋ ᠠ᠋ᠴᠠ ᠳᠠᠷᠠᠭᠠᠯᠠᠨ ᠲᠣᠭᠠᠯᠠᠪᠠᠰᠤ ᠪᠸᠲ᠋ᠠ᠋ ᠤᠯᠤᠰ᠂ ᠬᠡᠷᠡᠢᠳ ᠤᠯᠤᠰ᠂ ᠨᠠᠢ᠍ᠮᠠᠨ ᠤᠯᠤᠰ᠂ ᠰᠣᠯᠣᠩᠭᠣᠳ ᠤᠯᠤᠰ᠂ ᠭᠣᠷᠯᠣᠰ ᠤᠯᠤᠰ᠂ ᠵᠠᠷᠤᠳ ᠤᠯᠤᠰ᠂ ᠵᠦᠷᠴᠢᠳ ᠤᠯᠤᠰ᠂ ᠰᠠᠷᠯᠠᠭ ᠤᠯᠤᠰ᠂ ᠰᠠᠷᠲᠠᠭᠤᠯ ᠤᠯᠤᠰ᠂ ᠲᠣᠭᠮᠣᠭ ᠤᠯᠤᠰ᠂ ᠬᠠᠷᠯᠢᠭᠤᠳ ᠤᠯᠤᠰ᠂ ᠰᠠᠯᠵᠢᠭᠤᠳ ᠤᠯᠤᠰ᠂ ᠭᠣᠷᠯᠣᠳ ᠤᠯᠤᠰ᠂ ᠡᠩᠭᠦᠳ ᠤᠯᠤᠰ᠂ ᠲᠠᠢᠴᠢᠭᠤᠳ ᠤᠯᠤᠰ᠂ ᠯᠠᠢᠬᠠᠳ ᠤᠯᠤᠰ᠂ ᠮᠡᠷᠭᠢᠳ ᠤᠯᠤᠰ᠂ ᠬᠣᠩᠭᠢᠷᠠᠳ ᠤᠯᠤᠰ ᠡᠨᠡ ᠠᠷᠪᠠᠨ ᠨᠠᠢ᠍ᠮᠠᠨ ᠤᠯᠤᠰ ᠴᠥᠮ ᠬᠤᠪᠢ ᠬᠣᠪᠢᠨ ᠳ᠋ᠠᠭᠠᠨ ᠬᠠᠨ ᠨᠡᠷᠡᠯᠡᠭᠰᠡᠨ ᠬᠡᠳᠦᠨ ᠲᠦᠮᠡᠨ ᠴᠡᠷᠢᠭᠲᠦ ᠶᠡᠬᠡᠬᠡᠨ ᠤᠯᠤᠰ ᠪᠤᠶᠤ᠃ ᠪᠸᠲ᠋ᠠ᠋ ᠤᠯᠤᠰ ᠬᠡᠮᠡᠭᠴᠢ ᠬᠠᠭᠤᠴᠢᠨ ᠦᠭᠡ᠂ ᠡᠨᠡ ᠦᠶ᠎ᠡ ᠶ᠋ᠢᠨ ᠦᠭᠡ ᠪᠡᠷ ᠪᠣᠯᠪᠠᠰᠤ ᠰᠢᠭᠤᠳ ᠪᠢᠳᠡᠨ ᠦ᠌ ᠤᠯᠤᠰ ᠬᠡᠮᠡᠭᠰᠡᠨ ᠦᠭᠡ᠃ ᠵᠢᠴᠢ ᠡᠭᠦᠨ ᠡᠴᠡ ᠭᠠᠳᠠᠨ᠎ᠠ ᠳᠠᠯᠠᠨ ᠲᠠᠪᠤᠨ ᠪᠠᠭ᠎ᠠ ᠠᠢᠮᠠᠭ ᠤ᠋ᠳ ᠪᠣᠢ᠃ ᠲᠡᠭᠦᠨ ᠢ᠋ ᠪᠤᠰᠤ ᠬᠠᠭᠤᠳᠠᠰᠤᠨ ᠳ᠋ᠤᠷ ᠳᠠᠷᠠᠭᠠᠯᠠᠨ ᠵᠢᠭᠰᠠᠭᠠᠨ ᠭᠠᠷᠭᠠᠪᠠ᠃ ᠡᠨᠡ ᠢᠨᠤ ᠡᠮᠦᠨ᠎ᠡ ᠤᠮᠠᠷ᠎ᠠ ᠶ᠋ᠢᠨ ᠣᠢᠷᠠᠯᠴᠠᠭ᠎ᠠ ᠭᠠᠵᠠᠷ ᠤ᠋ᠨ ᠨᠡᠷᠡᠰ᠃ ᠡᠭᠦᠨ ᠡᠴᠡ ᠭᠠᠳᠠᠨ᠎ᠠ ᠪᠠᠰᠠ ᠠᠯᠤᠰ ᠬᠣᠯᠠ ᠬᠡᠲᠦᠢᠳᠦᠭᠰᠡᠨ ᠬᠡᠳᠦᠨ ᠲᠦᠮᠡᠨ ᠭᠠᠵᠠᠷ ᠬᠣᠯᠠ᠂ ᠰᠣᠨᠢᠨ ᠥᠪᠡᠷ᠎ᠡ ᠭᠠᠳᠠᠭᠠᠳᠤ ᠤᠯᠤᠰ ᠢ᠋ ᠲᠣᠭᠠᠴᠢᠪᠠᠰᠤ᠄ ᠲᠥᠪᠡᠳ᠂ ᠲᠠᠩᠭᠤᠳ᠂ ᠪᠠᠯᠪᠤ᠂ ᠡᠨᠡᠳᠬᠡᠭ ᠡᠴᠡ ᠢᠨᠠᠭᠰᠢ ᠤᠢᠭᠤᠷ᠂ ᠣᠷᠣᠰ᠂ ᠣᠷᠣᠳ᠂ ᠣᠴᠤᠩᠭᠠ᠂ ᠥᠭᠡᠯᠡᠳ᠂ ᠬᠤᠲᠤᠩᠭᠤᠳ᠂ ᠲᠣᠷᠭᠤᠳ᠂ ᠪᠢᠲᠡᠭᠦᠳ᠂ ᠬᠠᠰᠠᠭ᠂ ᠪᠥᠷᠤᠳ᠂ ᠷᠣᠮ᠂ ᠬᠦᠷᠬᠠ᠂ ᠢᠯᠲᠠᠰᠢ᠂ ᠸᠠᠢᠯᠠ᠂ ᠬᠥᠩᠬᠥᠷ᠂ ᠴᠤᠷᠤᠭ ᠤ᠋ᠨ ᠵᠡᠷᠭᠡ ᠶᠡᠬᠡ ᠤᠯᠤᠰ ᠪᠠ ᠵᠢᠴᠢ ᠡᠭᠦᠨ ᠡᠴᠡ ᠬᠣᠯᠠ ᠬᠥᠮᠦᠨ ᠦ᠌ ᠡᠷᠬᠡᠲᠡᠨ ᠥᠪᠡᠷ᠎ᠡ ᠶᠠᠩᠵᠤ ᠲᠠᠢ ᠰᠣᠨᠢᠨ ᠡᠲᠡᠭᠡᠳ ᠲᠥᠷᠥᠭᠰᠡᠨ ᠤᠯᠤᠰ᠂ ᠥᠬᠢᠨ ᠤᠯᠤᠰ᠂ ᠭᠠᠭᠴᠠ ᠬᠥᠯᠲᠦ᠂ ᠭᠠᠭᠴᠠ ᠨᠢᠳᠦᠲᠦ᠂ ᠨᠡᠪᠲᠡᠷᠬᠡᠢ ᠬᠡᠭᠦᠳᠡᠭᠲᠦ᠂ ᠨᠣᠬᠠᠢ ᠲᠣᠯᠣᠭᠠᠢᠲᠤ᠂ ᠥᠴᠦᠬᠡᠨ ᠪᠡᠶᠡᠲᠦ ᠴᠢᠳᠬᠥᠷ ᠵᠢᠰᠦᠲᠦ᠂ ᠬᠠᠪᠲᠠᠭᠠᠢ ᠪᠡᠶᠡᠲᠦ᠂ ᠥᠨᠳᠥᠷ ᠬᠥᠯᠲᠦ᠂ ᠮᠣᠷᠢᠨ ᠴᠢᠷᠠᠢᠲᠤ ᠡᠳᠡᠭᠡᠷ ᠵᠡᠷᠭᠡ ᠶ᠋ᠢᠨ ᠣᠯᠠᠨ ᠤᠯᠤᠰ ᠤ᠋ᠨ ᠳᠣᠲᠣᠷ᠎ᠠ ᠠ᠋ᠴᠠ ᠭᠠᠭᠴᠠ ᠪᠸᠲ᠋ᠠ᠋ ᠤᠯᠤᠰ ᠤ᠋ᠨ ᠴᠢᠩᠭᠢᠰ ᠪᠣᠭᠳᠠ ᠴᠣᠯᠭᠣᠷᠠᠨ ᠭᠠᠷᠴᠤ ᠠᠷᠪᠠᠨ ᠭᠤᠷᠪᠠᠨ ᠨᠠᠰᠤᠨ ᠰᠡᠭᠦᠳᠡᠷ ᠡᠴᠡ ᠪᠡᠨ ᠡᠬᠢᠯᠡᠵᠦ ᠵᠢᠷᠠᠨ ᠵᠢᠷᠭᠤᠭᠠᠨ ᠨᠠᠰᠤᠨ ᠰᠡᠭᠦᠳᠡᠷ ᠬᠦᠷᠲᠡᠯ᠎ᠡ ᠴᠠᠪ ᠴᠡᠭᠡ ᠲᠠᠪᠢᠨ ᠭᠤᠷᠪᠠᠨ ᠣᠨ᠂ ᠳᠥᠷᠪᠡᠨ ᠵᠦᠭ ᠢ᠋ ᠳᠠᠢᠯᠠᠨ ᠶᠠᠪᠤᠵᠤ ᠡᠵᠡᠯᠡᠪᠡ᠃ ᠬᠤᠪᠢᠯᠭᠠᠨ ᠲᠠᠢ ᠮᠡᠲᠦ ᠡᠳᠡᠭᠡᠷ ᠵᠡᠷᠭᠡ ᠶ᠋ᠢᠨ ᠰᠣᠨᠢᠨ ᠤᠯᠤᠰ ᠲᠤᠷ ᠴᠥᠮ ᠴᠡᠷᠢᠭ ᠠᠪᠤᠨ ᠪᠡᠶ᠎ᠡ ᠪᠡᠷ ᠬᠦᠷᠴᠦ ᠳᠠᠢᠯᠠᠨ ᠳᠠᠭᠠᠭᠤᠯᠵᠤ ᠠᠯᠪᠠ ᠪᠠᠷᠢᠭᠤᠯᠤᠭᠰᠠᠨ ᠤ᠋ ᠲᠤᠯᠠ ᠡᠳᠡᠭᠡᠷ ᠦ᠋ᠨ ᠬᠡᠷᠡᠭ ᠪᠦᠷᠢ ᠶ᠋ᠢ ᠡᠳᠦᠷ ᠰᠠᠷ᠎ᠠ ᠳᠠᠷᠠᠭᠠᠯᠠᠨ ᠪᠠᠬᠠᠨ ᠴᠤ᠌ ᠭᠡᠭᠡᠭᠳᠡᠭᠦᠯᠦᠯ ᠦᠭᠡᠢ ᠪᠡᠷ ᠪᠦᠷᠢᠳᠬᠡᠨ ᠲᠣᠭᠠᠴᠢᠪᠠᠰᠤ ᠬᠡᠳᠦᠢᠪᠡᠷ《ᠳ᠋ᠠᠨᠵᠤᠤᠷ 》ᠨᠣᠮ ᠤ᠋ᠨ ᠴᠢᠨᠡᠭᠡᠨ ᠦᠭᠡᠢ ᠪᠣᠯᠪᠠᠴᠤ《ᠭᠠᠨᠵᠤᠤᠷ 》 ᠨᠣᠮ ᠤ᠋ᠨ ᠲᠡᠳᠦᠢ ᠠᠷᠪᠢᠨ ᠪᠣᠢ᠃ ᠡᠢᠮᠦ ᠠᠷᠪᠢᠨ ᠢ᠋ ᠳᠥᠭᠥᠮᠴᠢᠯᠡᠨ ᠳᠥᠲᠡᠯᠡᠵᠦ ᠬᠤᠷᠢᠶᠠᠩᠭᠤᠢᠯᠠᠨ ᠲᠣᠪᠴᠢᠯᠠᠪᠠᠰᠤ ᠮᠥᠨ ᠬᠡᠳᠦᠨ ᠪᠣᠳᠢ ᠠᠬᠤ ᠲᠤᠯᠠᠳᠠ ᠡᠳᠡᠭᠡᠷ ᠢ᠋ ᠬᠠᠮᠲᠤ ᠪᠠᠷ ᠲᠣᠭᠠᠴᠢᠨ ᠡᠰᠡ ᠪᠦᠷᠢᠳᠬᠡᠪᠡᠰᠦ ᠲᠡᠭᠦᠨ ᠦ᠌ ᠶᠡᠬᠡ ᠪᠠᠷᠤᠭ ᠲᠥᠯᠥᠪ ᠲᠡᠢ ᠣᠢᠷᠠᠯᠴᠠᠭ᠎ᠠ ᠶ᠋ᠢ ᠬᠡᠯᠡᠪᠡᠴᠦ ᠮᠥᠨ ᠬᠢᠯᠪᠠᠷ ᠢ᠋ᠶ᠋ᠠᠷ ᠲᠣᠪᠴᠢᠶᠠᠯᠠᠨ ᠬᠤᠷᠢᠶᠠᠩᠭᠤᠢᠯᠠᠨ ᠦᠯᠦ ᠴᠢᠳᠠᠮᠤᠢ᠃ ᠲᠡᠢᠨ ᠬᠦ᠌ ᠬᠠᠨ᠂ ᠵᠢᠨ᠂ ᠳᠠᠩ ᠂ ᠰᠥᠩ ᠦ᠋ᠨ ᠬᠢᠲᠠᠳ ᠦᠯᠢᠭᠡᠷ ᠲᠣᠷ ᠦᠯᠢᠳᠬᠡᠵᠦ ᠦᠯᠦ ᠪᠣᠯᠬᠤ ᠠᠨᠤ ᠡᠢᠮᠦ ᠰᠢᠯᠲᠠᠭᠠᠨ ᠪᠣᠯᠠᠢ᠃ ᠪᠤᠰᠤ ᠪᠢᠴᠢᠭ ᠦ᠋ᠳ ᠪᠣᠯᠪᠠᠰᠤ ᠡᠬᠢᠯᠡᠵᠦ ᠬᠡᠯᠡᠭᠰᠡᠨ ᠡᠨᠡ ᠬᠣᠶᠠᠷ ᠵᠦᠢᠯ ᠢ᠋ᠶ᠋ᠡᠨ ᠳᠥᠭᠥᠭᠡᠲᠡᠨ ᠬᠡᠯᠡᠬᠦ ᠶ᠋ᠢᠨ ᠲᠤᠯᠠ ᠡᠭᠦᠨ ᠳ᠋ᠦ᠍ᠷ ᠦᠯᠢᠳᠬᠡᠪᠡᠰᠦ ᠮᠠᠰᠢ ᠬᠢᠯᠪᠠᠷ ᠪᠥᠭᠡᠳ ᠪᠠᠰᠠ ᠴᠤ᠌ ᠠᠮᠲᠠᠲᠠᠢ ᠲᠥᠬᠥᠭᠡᠲᠡᠢ᠃ ᠡᠨᠡ ᠰᠤᠳᠤᠷ ᠤ᠋ᠨ ᠴᠢᠩᠭᠢᠰ ᠪᠣᠭᠳᠠ ᠬᠡᠮᠡᠭᠴᠢ ᠬᠥᠮᠦᠨ ᠴᠢᠬᠢ ᠳ᠋ᠦ᠍ᠷ ᠰᠣᠨᠣᠰᠳᠠᠨ᠂ ᠮᠣᠷᠢᠨ ᠤ᠋ ᠬᠥᠯ ᠬᠦᠷᠴᠦ ᠪᠣᠯᠬᠤ ᠭᠠᠵᠠᠷ ᠢ᠋ ᠣᠯᠠᠩᠬᠢ ᠶ᠋ᠢ ᠨᠢ ᠴᠥᠮ ᠬᠦᠷᠴᠦ ᠳᠠᠢᠯᠠᠨ ᠦᠵᠡᠭᠰᠡᠨ ᠦ᠌ ᠲᠤᠯᠠ ᠬᠡᠷᠡᠭ ᠮᠠᠰᠢ ᠣᠯᠠᠨ᠂ ᠠᠯᠢᠨ ᠢ᠋ ᠠᠨᠤ ᠨᠠᠷᠢᠪᠴᠢᠯᠠᠨ ᠭᠠᠷᠭᠠᠵᠤ ᠪᠦᠷᠢᠳᠬᠡᠨ ᠴᠢᠳᠠᠬᠤ ᠠᠵᠢ ! ᠰᠢᠭᠤᠳ ᠦᠨᠡᠨ ᠢ᠋ ᠴᠦ᠍ ᠲᠣᠭᠠᠴᠢᠨ ᠪᠦᠷᠢᠳᠬᠡᠨ ᠦᠯᠦ ᠴᠢᠳᠠᠬᠤ ᠠᠨᠤ ᠡᠢᠮᠦ ᠰᠢᠯᠲᠠᠭᠠᠨ ᠪᠣᠢ ᠊ᠶ᠎ᠠ᠃ ᠲᠡᠢᠨ ᠬᠦ᠌ ᠠᠷᠪᠠᠨ ᠬᠤᠪᠢ ᠦᠨᠡᠨ ᠡᠴᠡ ᠨᠢᠭᠡᠨ ᠬᠤᠪᠢ ᠴᠤ᠌ ᠪᠦᠷᠢᠳᠦᠨ ᠡᠰᠡ ᠴᠢᠳᠠᠪᠠᠢ ᠬᠡᠮᠡᠭᠰᠡᠨ ᠢᠨᠤ ᠡᠢᠮᠦ ᠶ᠋ᠢᠨ ᠰᠢᠯᠲᠠᠭᠠᠨ ᠪᠣᠯᠠᠢ᠃ ᠲᠡᠢᠨ ᠬᠦ᠌ ᠡᠨᠡ ᠰᠤᠳᠤᠷ ᠡᠳᠡᠭᠡᠷ ᠣᠢᠷ᠎ᠠ ᠬᠣᠯᠠ ᠬᠠᠷᠢᠶᠠᠲᠤ ᠤᠯᠤᠰ ᠢ᠋ᠶ᠋ᠠᠨ ᠪᠦᠭᠦᠳᠡ ᠲᠣᠪᠴᠢᠶᠠᠯᠠᠨ ᠬᠤᠷᠢᠶᠠᠵᠤ ᠬᠡᠯᠡᠭᠰᠡᠨ ᠢᠨᠤ ᠳᠥᠷᠪᠡᠨ ᠥᠩᠭᠡ ᠶ᠋ᠢᠨ ᠥᠪᠡᠷ ᠦ᠋ᠨ ᠤᠯᠤᠰ᠂ ᠲᠠᠪᠤᠨ ᠬᠠᠷᠢ ᠪᠤᠰᠤ ᠠᠢᠮᠠᠭᠲᠠᠨ ᠭᠡᠮᠡᠨ ᠨᠡᠢᠯᠡᠭᠦᠯᠦᠨ ᠬᠡᠯᠡᠵᠦᠬᠦᠢ᠃ ᠬᠡᠷᠪᠡ ᠢᠯᠭᠠᠨ ᠬᠡᠯᠡᠪᠡᠰᠦ ᠳᠥᠷᠪᠡᠨ ᠥᠩᠭᠡ ᠤᠯᠤᠰ ᠬᠡᠮᠡᠭᠴᠢ ᠲᠡᠷᠢᠭᠦᠨ ᠳ᠋ᠦ᠍ᠷ ᠬᠣᠢᠲᠤ ᠭᠠᠵᠠᠷ ᠤ᠋ᠨ ᠪᠸᠲ᠋ᠠ᠋ ᠤᠯᠤᠰ᠂ ᠠᠷᠪᠠᠨ ᠬᠣᠶᠠᠷ ᠶᠡᠬᠡ ᠤᠯᠤᠰ ᠳᠠᠯᠠᠨ ᠲᠠᠪᠤᠨ ᠪᠠᠭ᠎ᠠ ᠠᠢᠮᠠᠭ ᠪᠦᠬᠦᠨ ᠢ᠋ ᠴᠥᠮ ᠬᠤᠷᠢᠶᠠᠵᠤ᠂ ᠤᠯᠤᠰ ᠪᠦᠷᠢ ᠳ᠋ᠦ᠍ᠷ ᠬᠦᠨᠳᠦᠯᠡᠭᠳᠡᠭᠰᠡᠨ ᠢ᠋ᠶ᠋ᠡᠷ ᠲᠠᠪᠤᠨ ᠥᠩᠭᠡ ᠶ᠋ᠢᠨ ᠳᠡᠭᠡᠳᠦ ᠶ᠋ᠢ ᠡᠵᠡᠯᠡᠪᠡ ᠭᠡᠮᠡᠨ ᠬᠦᠨᠳᠦᠯᠡᠭᠳᠡᠬᠦ ᠳᠡᠭᠡᠳᠦ ᠬᠥᠬᠡ ᠮᠣᠩᠭᠣᠯ ᠤᠯᠤᠰ ᠬᠡᠮᠡᠭᠡᠳ ᠵᠡᠭᠦᠨ ᠡᠲᠡᠭᠡᠳ ᠰᠣᠯᠣᠩᠭ᠎ᠠ ᠤᠯᠤᠰ ᠂ ᠰᠣᠯᠣᠩᠭ᠎ᠠ ᠬᠡᠮᠡᠭᠴᠢ ᠭᠠᠤᠯᠢ ᠤᠯᠤᠰ ᠢ᠋ ᠬᠡᠯᠡᠮᠦᠢ᠃ ᠲᠡᠢᠨ ᠬᠦ᠌ ᠰᠣᠯᠣᠩᠭ᠎ᠠ ᠰᠣᠯᠣᠩᠭᠣᠳ᠂ ᠰᠣᠷᠪᠢᠨ ᠪᠢᠯᠢᠭᠡᠳ ᠡᠳᠡᠭᠡᠷ ᠤᠯᠤᠰ ᠴᠥᠮ ᠴᠠᠭᠠᠨ ᠳᠡᠪᠡᠯ ᠡᠮᠦᠰᠦᠭᠰᠡᠨ ᠢ᠋ᠶ᠋ᠡᠷ ᠡᠳᠡᠭᠡᠷ ᠢ᠋ ᠴᠠᠭᠠᠨ ᠤᠯᠤᠰ ᠬᠡᠮᠡᠮᠦᠢ᠃ ᠡᠮᠦᠨ᠎ᠡ ᠡᠲᠡᠭᠡᠳ ᠦ᠋ᠨ ᠳᠤᠮᠳᠠᠳᠤ ᠤᠯᠤᠰ ᠵᠦᠩ ᠶᠤᠸᠠᠨ ᠤ᠋ ᠭᠠᠵᠠᠷ ᠤ᠋ᠨ ᠬᠢᠲᠠᠳ ᠨᠠᠩᠭᠢᠶᠠᠳ ᠪᠦᠬᠦᠨ ᠢ᠋ ᠡᠮᠦᠨ᠎ᠡ ᠭᠠᠯ ᠤ᠋ᠨ ᠬᠠᠮᠢᠶᠠᠲᠠᠢ ᠬᠠᠯᠠᠭᠤᠨ ᠠᠮᠢᠰᠬᠤᠯᠳᠤ ᠣᠷᠣᠨ ᠬᠡᠮᠡᠵᠦ ᠤᠯᠠᠭᠠᠨ ᠤᠯᠤᠰ ᠬᠡᠮᠡᠪᠡᠢ᠃ ᠵᠢᠴᠢ ᠪᠠᠷᠠᠭᠤᠨ ᠡᠲᠡᠭᠡᠳ ᠲᠥᠪᠡᠳ ᠂ ᠲᠠᠩᠭᠤᠳ ᠂ ᠬᠣᠲᠣᠩ ᠂ ᠤᠢᠭᠤᠷ ᠂ ᠡᠳᠡᠭᠡᠷ ᠦ᠋ᠨ ᠬᠥᠮᠦᠨ ᠦ᠌ ᠰᠡᠳᠬᠢᠯ ᠢᠨᠤ ᠬᠠᠷᠠᠲᠠᠢ ᠪᠥᠭᠡᠳ ᠴᠢᠷᠠᠢ ᠪᠠᠰᠠ ᠬᠠᠷ᠎ᠠ ᠶ᠋ᠢᠨ ᠲᠤᠯᠠ ᠥᠷᠥᠨᠡᠲᠦ ᠬᠠᠷ᠎ᠠ ᠤᠯᠤᠰ ᠬᠡᠮᠡᠵᠦᠬᠦᠢ ᠃ ᠡᠨᠡ ᠳᠥᠷᠪᠡᠨ ᠵᠦᠭ ᠢ᠋ ᠳᠥᠷᠪᠡᠨ ᠥᠩᠭᠡ ᠪᠡᠷ ᠬᠤᠪᠢᠶᠠᠵᠤ ᠳᠥᠷᠪᠡᠨ ᠥᠩᠭᠡ ᠤᠯᠤᠰ ᠬᠡᠮᠡᠵᠦᠬᠦᠢ᠃ ᠵᠢᠴᠢ ᠲᠠᠪᠤᠨ ᠬᠠᠷᠢ ᠤᠯᠤᠰ ᠬᠡᠮᠡᠭᠴᠢ ᠬᠥᠮᠦᠨ ᠦ᠌ ᠪᠠᠢᠳᠠᠯ ᠳᠦᠷᠢᠮ ᠮᠠᠰᠢ ᠥᠪᠡᠷ᠎ᠡ ᠪᠡᠷ ᠬᠤᠪᠢᠶᠠᠭᠰᠠᠨ ᠠᠨᠤ ᠳᠣᠷᠣᠨ᠎ᠠ᠂ ᠡᠮᠦᠨ᠎ᠡ ᠄ ᠡᠨᠡᠳᠬᠡᠭ ᠂ ᠪᠠᠯᠪᠤ ᠂ ᠴᠣᠷᠤᠭ ᠂ ᠷᠣᠮ ᠤ᠋ᠨ ᠵᠡᠷᠭᠡ ᠤᠯᠤᠰ ᠢ᠋ ᠨᠢᠭᠡᠨ ᠬᠠᠷᠢ ᠬᠡᠮᠡᠵᠦᠬᠦᠢ᠃ ᠴᠢᠬᠡ ᠪᠠᠷᠠᠭᠤᠨ᠄ ᠰᠠᠷᠯᠠᠭ᠂ ᠰᠠᠷᠲᠠᠭᠤᠯ᠂ ᠬᠠᠰᠠᠭ᠂ ᠪᠦᠷᠦᠳ ᠡᠳᠡᠭᠡᠷ ᠤᠯᠤᠰ ᠢ᠋ ᠬᠣᠶᠠᠳᠤᠭᠠᠷ ᠬᠠᠷᠢ ᠤᠯᠤᠰ ᠬᠡᠮᠡᠵᠦᠬᠦᠢ᠃ ᠴᠢᠬᠡ ᠬᠣᠢᠨ᠎ᠠ᠄ ᠣᠷᠣᠰ ᠲᠣᠭᠮᠤᠭ᠂ ᠢᠯᠳᠠᠰᠢ᠂ ᠵᠦᠷᠬᠢᠨ ᠡᠳᠡᠭᠡᠷ ᠤᠯᠤᠰ ᠢ᠋ ᠭᠤᠷᠪᠠᠳᠤᠭᠠᠷ ᠬᠠᠷᠢ ᠤᠯᠤᠰ ᠬᠡᠮᠡᠵᠦᠬᠦᠢ᠃ ᠵᠡᠭᠦᠨ ᠬᠣᠢᠲᠤ᠄ ᠥᠬᠢᠨ ᠤᠯᠤᠰ᠂ ᠨᠣᠬᠠᠢ ᠲᠣᠯᠣᠭᠠᠢᠲᠤ ᠤᠯᠤᠰ᠂ ᠨᠡᠪᠲᠡᠷᠬᠡᠢ ᠬᠡᠭᠦᠳᠡᠭᠲᠦ ᠤᠯᠤᠰ᠂ ᠭᠠᠭᠴᠠ ᠨᠢᠳᠦᠲᠦ ᠤᠯᠤᠰ᠃ ᠡᠳᠡᠭᠡᠷ ᠤᠯᠤᠰ ᠢ᠋ ᠳᠥᠷᠪᠡᠳᠦᠭᠡᠷ ᠬᠠᠷᠢ ᠤᠯᠤᠰ ᠬᠡᠮᠡᠵᠦᠬᠦᠢ᠃ ᠵᠡᠭᠦᠨ ᠡᠮᠦᠨ᠎ᠡ᠄ ᠭᠠᠭᠴᠠ ᠬᠥᠯᠲᠦ ᠤᠯᠤᠰ᠂ ᠬᠠᠪᠲᠠᠭᠠᠢ ᠪᠡᠶᠡᠲᠦ ᠤᠯᠤᠰ᠂ ᠥᠨᠳᠥᠷ ᠬᠥᠯᠲᠦ ᠤᠯᠤᠰ᠂ ᠮᠣᠷᠢᠨ ᠴᠢᠷᠠᠢᠲᠤ ᠤᠯᠤᠰ᠃ ᠡᠳᠡᠭᠡᠷ ᠤᠯᠤᠰ ᠢ᠋ ᠲᠠᠪᠤᠳᠤᠭᠠᠷ ᠬᠠᠷᠢ ᠤᠯᠤᠰ ᠬᠡᠮᠡᠵᠦᠬᠦᠢ ᠃ ᠡᠳᠡᠭᠡᠷ ᠢ᠋ ᠬᠠᠭᠤᠴᠢᠨ ᠮᠣᠩᠭᠣᠯ ᠦᠭᠡᠰ ᠦ᠋ᠨ ᠰᠤᠳᠤᠷ ᠲᠤᠷ ᠲᠠᠪᠤᠨ ᠬᠠᠷᠢ ᠭᠢᠯᠢᠭᠡᠳ ᠲᠡᠰᠢᠭ ᠤᠯᠤᠰ ᠬᠡᠮᠡᠵᠦᠬᠦᠢ᠃ 《ᠭᠢᠯᠢᠭᠡᠳ ᠲᠡᠰᠢᠭ》 ᠬᠡᠮᠡᠭᠴᠢ ᠶᠡᠬᠡ ᠬᠠᠭᠤᠴᠢᠨ ᠦᠭᠡ᠂ ᠡᠨᠡ ᠦᠶ᠎ᠡ ᠶ᠋ᠢᠨ ᠦᠭᠡ ᠪᠡᠷ ᠬᠡᠯᠡᠪᠡᠰᠦ 《ᠡᠲᠡᠭᠡᠳ ᠥᠪᠡᠷ᠎ᠡ ᠰᠣᠨᠢᠨ ᠵᠢᠭᠲᠡᠢ 》 ᠤᠯᠤᠰ ᠬᠡᠮᠡᠭᠰᠡᠨ ᠦᠭᠡ᠃ ᠲᠡᠢᠨ ᠬᠦ᠌ ᠴᠢᠩᠭᠢᠰ ᠪᠣᠭᠳᠠ ᠶ᠋ᠢᠨ ᠪᠡᠶ᠎ᠡ ᠶ᠋ᠢᠨ ᠭᠡᠭᠡᠨ ᠲᠠᠨ ᠡᠳᠡᠭᠡᠷ ᠤᠯᠤᠰ ᠲᠤᠷ ᠣᠯᠠᠩᠬᠢ ᠨᠢ ᠴᠥᠮ ᠳᠠᠢᠯᠠᠨ ᠶᠠᠪᠤᠭᠰᠠᠨ ᠪᠠ ᠠᠯᠪᠠ ᠪᠠᠷᠢᠭᠤᠯᠤᠭᠰᠠᠨ ᠤ᠋ ᠲᠤᠯᠠ ᠡᠨᠡ ᠬᠡᠷᠡᠭ ᠢ᠋ ᠠᠯᠢᠨ ᠢ᠋ ᠲᠣᠭᠠᠴᠢᠨ ᠪᠦᠷᠢᠳᠬᠡᠬᠦ ᠠᠵᠢ ! ᠡᠨᠡ ᠮᠡᠲᠦ ᠬᠡᠮᠵᠢᠶ᠎ᠡ ᠲᠣᠮᠵᠢᠶ᠎ᠠ ᠦᠭᠡᠢ ᠣᠯᠠᠨ ᠶᠠᠪᠤᠳᠠᠯ ᠦᠢᠯᠡ ᠶ᠋ᠢ ᠬᠡᠳᠦᠢᠪᠡᠷ ᠲᠣᠪᠴᠢᠶᠠᠯᠠᠨ ᠬᠤᠷᠢᠶᠠᠩᠭᠤᠢᠯᠠᠨ ᠶᠡᠬᠡ ᠲᠥᠯᠥᠪ ᠢ᠋ ᠪᠢᠲᠡᠭᠦᠪᠴᠢᠯᠡᠨ ᠭᠠᠷᠭᠠᠪᠠᠰᠤ ᠮᠥᠨ ᠬᠡᠳᠦᠨ ᠵᠠᠭᠤᠨ ᠪᠦᠯᠦᠭ ᠦᠭᠡᠢ ᠦᠦ ? ᠲᠡᠢᠨ ᠬᠦ᠌ ᠡᠨᠡ ᠴᠢᠩᠭᠢᠰ ᠪᠣᠭᠳᠠ ᠶ᠋ᠢᠨ ᠰᠤᠳᠤᠷ ᠪᠢᠴᠢᠭ ᠴᠠᠳᠢᠭ ᠲᠣᠭᠣᠵᠢ ᠠᠨᠤ ᠤᠢᠭᠤᠷ ᠦᠰᠦᠭ᠂ ᠰᠢᠷ᠎ᠠ ᠦᠰᠦᠭ ᠂ ᠲᠥᠪᠡᠳ ᠦᠰᠦᠭ ᠂ ᠬᠢᠲᠠᠳ ᠦᠰᠦᠭ ᠂ ᠵᠢᠴᠢ ᠪᠠᠰᠠ ᠮᠣᠩᠭᠣᠯ ᠮᠠᠨᠵᠤ ᠶ᠋ᠢᠨ ᠵᠦᠢᠯ ᠦ᠋ᠨ ᠰᠤᠳᠤᠷ ᠭᠠᠷᠤᠭᠰᠠᠨ ᠠᠨᠤ ᠮᠠᠰᠢ ᠣᠯᠠᠨ ᠃ ᠭᠠᠭᠴᠠ ᠵᠠᠷᠢᠮ ᠰᠤᠳᠤᠷ ᠲᠤᠷ ᠮᠠᠰᠢ ᠬᠡᠲᠦᠷᠬᠡᠢ ᠳᠡᠯᠭᠡᠷᠡᠭᠦᠯᠦᠭᠡᠳ ᠨᠢᠭᠡᠨ ᠴᠠᠭ ᠤ᠋ᠨ ᠵᠠᠷᠯᠢᠭ ᠦᠭᠡᠰ ᠢ᠋ ᠬᠡᠳᠦᠨ ᠵᠠᠭᠤᠨ ᠬᠠᠭᠤᠳᠠᠰᠤ ᠪᠢᠴᠢᠭᠡᠳ ᠵᠠᠷᠢᠮ ᠰᠤᠳᠤᠷ ᠲᠣᠷ ᠬᠡᠳᠦᠨ ᠰᠠᠷ᠎ᠠ ᠶ᠋ᠢᠨ ᠬᠡᠷᠡᠭ ᠢ᠋ ᠬᠡᠳᠦᠬᠡᠨ ᠮᠥᠷ ᠲᠣᠷ ᠲᠣᠪᠬᠢᠭᠠᠳ ᠬᠥᠮᠦᠨ ᠦ᠌ ᠤᠬᠠᠭᠠᠵᠤ ᠲᠥᠰᠥᠭᠯᠡᠬᠥᠶᠡ ᠮᠠᠰᠢ ᠪᠡᠷᠬᠡ ᠪᠣᠯᠭᠠᠵᠤᠬᠤᠢ᠃
ᠵᠢᠴᠢ ᠨᠠᠩᠭᠢᠶᠠᠳ ᠤ᠋ᠨ 《ᠽᠢ ᡁᠢ ᠲᠦᠩ ᠵᠢᠶᠠᠨ ᠭᠠᠩ ᠮᠦ᠍ ᠪᠢᠴᠢᠭ 》ᠲᠣᠷ ᠪᠣᠭᠳᠠ ᠴᠢᠩᠭᠢᠰ ᠬᠠᠭᠠᠨ ᠤ᠋ ᠳᠥᠴᠢᠨ ᠲᠠᠪᠤᠨ ᠰᠡᠭᠦᠳᠡᠷ ᠲᠣᠷ ᠮᠤᠩ ᠨᠡᠷᠡᠲᠦ ᠭᠣᠣᠯ ᠤ᠋ᠨ ᠠᠮᠠ ᠳ᠋ᠤᠷ ᠮᠠᠨᠳᠠᠯ ᠴᠣᠭᠴᠠᠯᠠᠨ ᠬᠠᠭᠠᠨ ᠰᠠᠭᠤᠭᠰᠠᠨ ᠠ᠋ᠴᠠ ᠣᠷᠣᠭᠰᠢ ᠶ᠋ᠢᠨ ᠬᠡᠷᠡᠭ ᠢ᠋ ᠣᠭᠲᠣ ᠲᠣᠭᠠᠴᠢᠭᠰᠠᠨ ᠦᠭᠡᠢ᠂ ᠭᠠᠭᠴᠠ ᠬᠠᠭᠠᠨ ᠰᠠᠭᠤᠭᠰᠠᠨ ᠠ᠋ᠴᠠ ᠬᠣᠢᠰᠢ ᠶ᠋ᠢᠨ ᠶᠡᠬᠡ ᠶᠤᠸᠠᠨ ᠤᠯᠤᠰ ᠲᠡᠭᠦᠰᠲᠡᠯ᠎ᠡ ᠶᠡᠬᠡᠬᠡᠨ ᠬᠡᠪᠴᠢᠶᠡᠲᠡᠢ ᠬᠡᠷᠡᠭ ᠢ᠋ ᠴᠥᠮ ᠲᠣᠭᠠᠴᠢᠨ ᠲᠣᠪᠬᠢᠨ ᠭᠠᠷᠭᠠᠭᠰᠠᠨ ᠪᠣᠯᠪᠠᠴᠤ ᠡᠭᠡᠨᠡᠭᠲᠡ ᠰᠥᠩ ᠤᠯᠤᠰ ᠪᠠ ᠵᠢᠴᠢ ᠶᠤᠸᠠᠨ ᠤᠯᠤᠰ ᠠ᠋ᠴᠠ ᠬᠣᠵᠢᠮ ᠤ᠋ᠨ ᠮᠢᠩ ᠤᠯᠤᠰ ᠤ᠋ᠨ ᠬᠢᠲᠠᠳ ᠰᠤᠳᠤᠷᠴᠢ ᠨᠠᠷ ᠲᠡᠮᠳᠡᠭᠯᠡᠭᠰᠡᠨ ᠤ ᠲᠤᠯᠠ ᠬᠢᠲᠠᠳ ᠬᠥᠮᠦᠨ ᠥᠴᠦᠬᠡᠨ ᠰᠡᠳᠬᠢᠯ ᠮᠠᠭᠤ ᠡᠬᠡᠨᠡᠷ ᠦ᠋ᠨ ᠪᠢᠴᠢᠬᠠᠨ ᠵᠠᠩ ᠢ᠋ᠶ᠋ᠠᠨ ᠭᠡᠭᠡᠨ ᠴᠢᠳᠠᠭᠰᠠᠨ ᠦᠭᠡᠢ ᠦᠮᠡᠬᠡᠢ ᠠᠳᠬᠠᠭ ᠢ᠋ ᠤᠰᠠᠳᠬᠠᠨ ᠲᠦᠰᠦᠭᠯᠡᠭᠰᠡᠨ ᠦᠭᠡᠢ ᠶ᠋ᠢᠨ ᠡᠷᠬᠡ ᠪᠡᠷ ᠣᠨᠴᠠ ᠮᠣᠩᠭᠣᠯ ᠢ᠋ ᠨᠢᠭᠡᠨ ᠵᠦᠢᠯ ᠢ᠋ᠶ᠋ᠡᠷ ᠳᠣᠷᠣᠮᠰᠢᠶᠠᠨ ᠮᠠᠭᠤᠰᠢᠶᠠᠵᠤ ᠬᠡᠯᠡᠰᠦᠭᠡᠢ ᠭᠡᠮᠡᠨ ᠲᠠᠰᠢᠮᠠᠭᠠᠢᠯᠠᠨ ᠪᠢᠴᠢᠭᠰᠡᠨ ᠢᠨᠤ ᠮᠠᠰᠢ ᠣᠯᠠᠨ᠂ ᠣᠨᠴᠠ ᠨᠢᠭᠡᠨ ᠵᠦᠢᠯ ᠢ᠋ᠶ᠋ᠡᠷ ᠮᠠᠭᠤ ᠬᠡᠯᠡᠰᠦᠭᠡᠢ ᠭᠡᠮᠡᠨ ᠥ ᠰᠡᠪ ᠭᠠᠷᠭᠠᠨ ᠤᠴᠢᠷ ᠦᠭᠡᠰ ᠨᠡᠮᠡᠵᠦ ᠥᠷᠭᠡᠰᠦ ᠰᠤᠨᠳᠤᠤ ᠨᠢᠭᠤᠨ ᠡᠳᠦᠵᠦ ᠰᠤᠨᠵᠢᠵᠤ ᠵᠣᠬᠢᠶᠠᠨ ᠪᠢᠴᠢᠵᠦᠬᠦᠢ᠃ ᠰᠢᠭᠤᠳ ᠪᠤᠤ ᠦᠯᠡᠳᠡᠭᠡᠰᠦᠭᠡᠢ ᠬᠡᠮᠡᠬᠦᠯ᠎ᠡ ᠤᠯᠤᠰ ᠤ᠋ᠨ ᠰᠤᠳᠤᠷᠴᠢ ᠬᠡᠮᠡᠭᠴᠢ ᠮᠠᠰᠢ ᠴᠢᠬᠤᠯᠠ ᠶᠡᠬᠡ ᠬᠡᠷᠡᠭ ᠲᠤᠯᠠ ᠪᠠᠰᠠ ᠰᠢᠭᠤᠳ ᠦᠭᠡᠢ ᠪᠣᠯᠭᠠᠨ ᠴᠢᠳᠠᠬᠤ ᠦᠭᠡᠢ᠃ ᠡᠨᠡ ᠢᠨᠤ ᠥᠪᠡᠷ᠎ᠡ ᠤᠴᠢᠷ ᠲᠤᠷ ᠪᠤᠰᠤ ᠮᠣᠩᠭᠣᠯ ᠳ᠋ᠤ᠌ ᠲᠡᠮᠡᠴᠡᠬᠦᠶᠡ ᠬᠡᠲᠦᠷᠬᠡᠶ᠎ᠡ ᠳᠠᠷᠤᠭᠳᠠᠨ ᠨᠢᠭᠡᠨ ᠵᠠᠭᠤᠨ ᠵᠢᠷᠠᠨ ᠬᠣᠶᠠᠷ ᠵᠢᠯ ᠪᠣᠭᠣᠯ ᠪᠣᠯᠤᠭᠰᠠᠨ ᠤ᠋ ᠬᠣᠷᠣᠰᠤᠯ ᠳ᠋ᠤᠷ ᠪᠣᠯᠠᠢ᠃ ᠬᠦᠴᠦᠨ ᠢ᠋ᠶ᠋ᠡᠷ ᠡᠰᠡ ᠲᠤᠯᠤᠨ ᠴᠢᠳᠠᠪᠠᠰᠤ ᠦᠭᠡᠰ ᠢ᠋ᠶ᠋ᠡᠷ ᠮᠠᠭᠤᠰᠢᠶᠠᠨ ᠦᠯᠡᠳᠡᠭᠡᠰᠦᠭᠡᠢ ᠬᠡᠮᠡᠵᠦᠬᠦᠢ᠃ ᠴᠥᠮ ᠴᠣᠬᠣᠮ ᠲᠥᠪ ᠦ᠋ᠨ ᠰᠤᠳᠤᠷ ᠲᠤᠷ ᠦᠵᠡᠪᠡᠰᠦ ᠬᠠᠷᠢᠨ ᠡᠷᠲᠡᠨ ᠦ᠌ ᠸᠠᠩ ᠤ᠋ᠳ ᠤ᠋ᠨ ᠴᠡᠷᠢᠭ ᠬᠡᠷᠡᠭᠯᠡᠭᠰᠡᠨ ᠮᠡᠲᠦ ᠲᠥᠪ ᠰᠢᠯᠤᠭᠤᠨ ᠢ᠋ ᠭᠣᠣᠯ ᠪᠣᠯᠭᠠᠵᠤᠬᠤᠢ᠃ ᠲᠡᠢᠨ ᠬᠦ᠌《ᠮᠣᠩᠭᠣᠯ 》 ᠬᠡᠮᠡᠭᠰᠡᠨ ᠨᠡᠷ᠎ᠡ ᠶ᠋ᠢ ᠬᠢᠲᠠᠳ ᠢ᠋ᠶ᠋ᠠᠷ ᠪᠢᠴᠢᠬᠦᠢ ᠳ᠋ᠦ᠍ᠷ《ᠮᠧᠩ ᠬᠦ᠌ 》 ᠭᠡᠮᠡᠨ ᠪᠢᠴᠢᠮᠦᠢ᠂ ᠡᠨᠡ 《ᠮᠧᠩ ᠬᠦ᠌ 》ᠬᠡᠮᠡᠭᠰᠡᠨ ᠬᠣᠶᠠᠷ ᠦᠰᠦᠭ ᠦ᠋ᠨ ᠰᠠᠨᠠᠭᠠᠨ ᠢ᠋ ᠳᠠᠶ᠋ᠢᠯᠪᠠᠰᠤ ᠡᠷᠲᠡᠨ ᠦ᠌ ᠲᠥᠯᠥᠪᠲᠦ ᠬᠡᠮᠡᠬᠦ ᠦᠭᠡ ᠪᠣᠯᠤᠮᠤᠢ᠂ ᠡᠨᠡ ᠬᠣᠶᠠᠷ ᠦᠰᠦᠭ ᠢ᠋ ᠡᠷᠲᠡᠨ ᠦ᠌《 ᠵᠣ᠌ ᠽᠢ ᠲᠦᠩ ᠵᠢᠶᠠᠨ ᠭᠠᠩ ᠮᠦ᠍ 》 ᠶ᠋ᠢ ᠵᠣᠬᠢᠶᠠᠭᠴᠢ ᠳ᠋ᠤ᠌ ᠵᠣ᠌ ᠶᠤᠸᠠᠨ ᠾᠦᠢ ᠶ᠋ᠢᠨ ᠵᠣᠬᠢᠶᠠᠨ ᠭᠠᠷᠭᠠᠭᠰᠠᠨ ᠦᠰᠦᠭ ᠮᠥᠨ᠃ ᠲᠡᠢᠨ ᠬᠦ᠌ ᠲᠡᠭᠦᠨ ᠢ᠋ ᠠᠳᠬᠠᠭ ᠦᠭᠡᠢ ᠭᠡᠭᠡᠬᠡᠨ ᠰᠠᠢᠳ ᠬᠡᠮᠡᠵᠦᠬᠦᠢ᠃ ᠲᠡᠭᠦᠨᠡᠴᠡ ᠪᠤᠰᠤ ᠮᠣᠩᠭᠣᠯ ᠤ᠋ᠨ ᠨᠡᠷ᠎ᠡ ᠪᠦᠬᠦᠨ ᠢ᠋ ᠬᠢᠲᠠᠳ ᠦᠰᠦᠭ ᠢ᠋ᠶ᠋ᠡᠷ ᠪᠢᠴᠢᠬᠦᠢ ᠳ᠋ᠦ᠍ᠷ ᠴᠥᠮ ᠦᠭᠡᠰ ᠢ᠋ ᠰᠠᠯᠭᠠᠨ ᠪᠢᠴᠢᠬᠦᠶ᠎ᠡ ᠴᠥᠮ ᠶᠠᠭᠤ ᠶᠠᠭᠤᠨ ᠴᠤ᠌ ᠪᠤᠰᠤ ᠪᠣᠯᠭᠠᠭᠠᠳ ᠡᠦᠲᠦ ᠮᠣᠩᠭᠣᠯ ᠢ᠋ᠶ᠋ᠠᠷ ᠪᠢᠴᠢᠬᠦᠢ ᠳ᠋ᠦ᠍ᠷ ᠴᠦ᠍ ᠪᠡᠷᠬᠡ᠂ ᠵᠠᠷᠢᠮ ᠵᠠᠷᠢᠮ ᠤ᠋ᠨ ᠤᠳᠬ᠎ᠠ ᠰᠠᠨᠠᠭᠠᠨ ᠴᠤ᠌ ᠤᠬᠠᠭᠳᠠᠬᠤ ᠦᠭᠡᠢ ᠪᠣᠯᠵᠤᠬᠤᠢ᠃ ᠡᠭᠦᠨ ᠢ᠋ ᠦᠵᠡᠪᠡᠰᠦ ᠱᠠᠰᠲᠢᠷ ᠡᠦᠲᠦ ᠪᠠᠰᠠ ᠬᠠᠭᠤᠴᠢᠨ ᠠᠷᠪᠠᠨ ᠵᠦᠢᠯ ᠦ᠋ᠨ ᠰᠤᠳᠤᠷ ᠱᠠᠰᠲᠢᠷ ᠢ᠋ ᠠᠭᠤᠳᠠᠯᠤᠨ ᠡᠷᠢᠮᠦᠢ᠂ ᠵᠠᠷᠢᠮ ᠠᠨᠤ ᠪᠠᠬᠠᠨ ᠨᠡᠢᠴᠡᠮᠦᠢ᠂ ᠵᠠᠷᠢᠮ ᠠᠨᠤ ᠦᠰᠦᠳ ᠬᠣᠯᠠ ᠵᠥᠷᠢᠴᠡᠮᠦᠢ᠃ ᠵᠢᠴᠢ ᠪᠠᠰᠠ ᠡᠨᠡ ᠶᠤᠸᠠᠨ ᠤᠯᠤᠰ ᠤ᠋ᠨ ᠰᠤᠳᠤᠷ ᠪᠠ ᠲᠥᠪ ᠦ᠋ᠨ ᠲᠡᠦᠬᠡ ᠶ᠋ᠢ ᠤᠭ ᠲᠤᠷ ᠴᠥᠮ ᠤᠢᠭᠤᠷ ᠦᠰᠦᠭ ᠡᠴᠡ ᠢᠷᠭᠡᠨ ᠳ᠋ᠦ᠍ᠷ ᠬᠥᠷᠪᠡᠭᠦᠯᠦᠭᠰᠡᠨ ᠪᠥᠭᠡᠳ ᠢᠷᠭᠡᠨ ᠡᠴᠡ ᠮᠣᠩᠭᠣᠯ ᠪᠠ ᠮᠠᠨᠵᠤ ᠳ᠋ᠤᠷ ᠬᠥᠷᠪᠡᠭᠦᠯᠦᠭᠰᠡᠨ ᠢ᠋ᠶ᠋ᠡᠷ ᠭᠠᠵᠠᠷ ᠣᠷᠣᠨ ᠬᠣᠲᠠ ᠪᠠᠯᠭᠠᠰᠤᠨ ᠤ᠋ ᠨᠡᠷ᠎ᠡ ᠂ ᠲᠦᠰᠢᠮᠡᠯ ᠲᠦᠰᠢᠶ᠎ᠡ ᠵᠠᠩᠵᠤᠨ ᠪᠠᠭᠠᠲᠤᠳ ᠤ᠋ᠨ ᠨᠡᠷ᠎ᠡ ᠳᠠᠭᠤᠳᠠᠯᠲᠠ ᠠᠨᠤ ᠨᠢᠭᠡᠨᠲᠡ ᠬᠠᠯᠭᠣᠷᠠᠨ ᠬᠤᠪᠢᠯᠤᠭᠠᠳ ᠮᠡᠳᠡᠬᠦᠢ ᠳ᠋ᠦ᠍ᠷ ᠮᠠᠰᠢ ᠪᠡᠷᠬᠡ ᠪᠣᠯᠤᠭᠠᠳ ᠬᠣᠵᠢᠮ ᠤ᠋ᠨ ᠮᠡᠷᠭᠡᠳ ᠮᠡᠳᠡᠰᠦᠭᠡᠢ ᠬᠡᠮᠡᠭᠴᠢᠳ ᠡᠨᠡ ᠠᠷᠪᠠᠨ ᠵᠦᠢᠯ ᠦ᠋ᠨ ᠰᠤᠳᠤᠷ ᠢ᠋ ᠪᠦᠷᠢᠳᠬᠡᠨ ᠦᠵᠡᠬᠦᠢ ᠳ᠋ᠦ᠍ᠷ ᠮᠠᠰᠢᠳᠠ ᠲᠦᠪᠡᠭ ᠶᠠᠷᠰᠢᠭ ᠪᠣᠯᠬᠤ ᠶ᠋ᠢᠨ ᠲᠤᠯᠠ ᠲᠠᠢᠵᠢ ᠢᠨᠵᠠᠨᠨᠠᠰᠢ ᠪᠢ ᠭᠡᠭᠡᠭᠳᠡᠵᠦ ᠣᠷᠬᠢᠭᠳᠠᠭᠰᠠᠨ ᠪᠦᠬᠦᠨ ᠢ᠋ ᠦᠰᠦᠭ ᠪᠠᠳᠠᠭ ᠳᠠᠷᠠᠭᠠᠯᠠᠨ ᠴᠥᠮ ᠡᠷᠢᠨ ᠪᠦᠷᠢᠳᠬᠡᠨ ᠭᠠᠷᠭᠠᠵᠤ ᠬᠠᠮᠲᠤ ᠪᠠᠷ ᠢ᠋ ᠴᠥᠮ ᠦᠶᠡᠰ ᠦᠶᠡᠰ ᠲᠣᠷ ᠢᠨᠤ ᠪᠦᠷᠢᠳᠬᠡᠨ ᠣᠷᠣᠭᠤᠯᠵᠤ ᠪᠦᠷᠢᠨ ᠪᠣᠯᠭᠠᠵᠤ᠂ ᠮᠣᠩᠭᠣᠯ ᠤ᠋ᠨ ᠤᠭ ᠤᠴᠢᠷ ᠢ᠋ᠶ᠋ᠠᠨ ᠮᠡᠳᠡᠰᠦᠭᠡᠢ ᠬᠡᠮᠡᠭᠴᠢᠳ ᠲᠣᠷ ᠬᠢᠯᠪᠠᠷ ᠪᠣᠯᠭᠠᠪᠠ᠃ ᠭᠠᠭᠴᠠ ᠤᠭ ᠬᠡᠷᠡᠭ ᠢᠨᠤ ᠮᠠᠰᠢ ᠣᠯᠠᠨ᠂ ᠤᠯᠤᠰ ᠠᠢᠮᠠᠭ ᠠᠨᠤ ᠬᠡᠲᠦᠷᠬᠡᠶ᠎ᠡ ᠠᠷᠪᠢᠨ᠂ ᠬᠥᠮᠦᠨ ᠦ᠌ ᠨᠡᠷ᠎ᠡ ᠢᠨᠤ ᠠᠳᠠᠪᠠᠰᠢ ᠦᠯᠡᠮᠵᠢ᠂ ᠭᠠᠵᠠᠷ ᠤ᠋ᠨ ᠳᠠᠭᠤᠳᠠᠯᠲᠠ ᠦᠨᠡᠬᠡᠷ ᠡᠯᠪᠡᠭ᠃ ᠲᠡᠢᠨ ᠬᠦ᠌ ᠢᠷᠭᠡᠨ《ᠭᠠᠩ ᠮᠦ᠍ ᠪᠢᠴᠢᠭ 》ᠲᠣᠷ ᠭᠠᠷᠤᠭᠰᠠᠨ ᠪᠦᠬᠦᠨ ᠮᠣᠩᠭᠣᠯ ᠨᠡᠷᠡᠰ ᠢ᠋ ᠬᠡᠳᠦᠢ ᠲᠤᠰ ᠮᠣᠩᠭᠣᠯ ᠨᠡᠷᠡᠰ ᠢ᠋ ᠢᠨᠤ ᠡᠷᠢᠨ ᠣᠯᠤᠭᠰᠠᠨ ᠪᠣᠯᠪᠠᠴᠤ ᠢᠷᠭᠡᠨ ᠦᠰᠦᠭ ᠦ᠋ᠨ ᠨᠡᠷᠡᠰ ᠢ᠋ ᠢᠨᠤ ᠮᠥᠨ ᠬᠦ ᠲᠡᠷᠡ ᠢᠷᠭᠡᠨ ᠦᠭᠡᠰ ᠦ᠋ᠨ ᠠᠶᠠᠰ ᠢ᠋ᠶ᠋ᠠᠷ ᠳᠠᠭᠠᠵᠤ ᠮᠠᠨᠵᠤ ᠦᠰᠦᠭ ᠢ᠋ᠶ᠋ᠡᠷ ᠬᠠᠳᠠᠪᠠ᠃ ᠡᠨᠡ ᠢᠨᠤ《ᠭᠠᠩ ᠮᠦ᠍ ᠪᠢᠴᠢᠭ 》ᠲᠣᠷ ᠭᠠᠷᠤᠭᠰᠠᠨ ᠨᠡᠷᠡᠰ ᠢ᠋ ᠨᠢᠭᠡᠨᠲᠡ ᠬᠠᠯᠠᠵᠤ ᠪᠣᠯᠬᠤ ᠦᠭᠡᠢ ᠣᠴᠢᠷ᠎ᠠ ᠮᠠᠨ ᠤ᠋ ᠮᠣᠩᠭᠣᠯ ᠤ᠋ᠨ ᠤᠴᠢᠷ ᠢ᠋ ᠢᠷᠭᠡᠨ ᠬᠥᠮᠦᠨ ᠴᠥᠮ《ᠭᠠᠩ ᠮᠦ᠍ ᠪᠢᠴᠢᠭ 》 ᠡᠴᠡ ᠮᠡᠳᠡᠭᠰᠡᠨ ᠦ᠌ ᠲᠤᠯᠠ ᠲᠡᠭᠦᠨ ᠯᠤᠭᠡ ᠮᠥᠨ ᠬᠦ ᠲᠡᠷᠡ ᠢᠷᠭᠡᠨ ᠦᠰᠦᠭ ᠢ᠋ᠶ᠋ᠡᠷ ᠬᠡᠯᠡᠪᠡᠰᠦ ᠲᠡᠷᠡ ᠴᠣᠬᠣᠮ ᠮᠡᠳᠡᠬᠦ ᠲᠤᠯᠠ ᠢᠷᠭᠡᠨ ᠦᠰᠦᠭ ᠦ᠋ᠨ ᠨᠡᠷᠡᠰ ᠦᠭᠡᠢ ᠪᠣᠯᠪᠠᠰᠤ ᠪᠣᠯᠬᠤ ᠦᠭᠡᠢ᠃ ᠲᠡᠢᠨ ᠬᠦ᠌ ᠲᠡᠷᠡ ᠰᠠᠯᠭᠠᠭᠰᠠᠨ ᠦᠭᠡᠰ ᠦ᠋ᠨ ᠶᠣᠰᠣᠭᠠᠷ ᠡᠬᠢᠨ ᠳ᠋ᠦ᠍ᠷ ᠭᠠᠷᠭᠠᠨ ᠪᠢᠴᠢᠪᠡ᠃
ᠵᠢᠴᠢ ᠬᠠᠶᠠ ᠮᠣᠩᠭᠣᠯ ᠨᠡᠷᠡᠰ ᠦ᠋ᠨ ᠲᠤᠰ ᠦᠰᠦᠭ ᠢ᠋ ᠡᠰᠡ ᠣᠯᠤᠭᠰᠠᠨ ᠢ᠋ ᠠᠨᠤ ᠠᠷᠭ᠎ᠠ ᠦᠭᠡᠢ ᠤᠭ ᠰᠤᠳᠤᠷ ᠤ᠋ᠨ ᠶᠣᠰᠣᠭᠠᠷ ᠪᠢᠴᠢᠭᠡᠳ ᠠᠶᠤᠮᠰᠢᠭ ᠦᠭᠡᠢ ᠡᠰᠡ ᠵᠠᠰᠠᠪᠠᠢ᠃ ᠲᠡᠢᠨ ᠬᠦ᠌ ᠡᠢᠮᠦ ᠵᠦᠢᠯ ᠣᠯᠠᠨ ᠪᠣᠯᠤᠭᠰᠠᠨ ᠤ᠋ ᠲᠤᠯᠠᠳᠠ ᠦᠨᠡᠨ ᠤᠴᠢᠷ ᠢ᠋ ᠮᠡᠳᠡᠰᠦᠭᠡᠢ ᠬᠡᠮᠡᠭᠴᠢᠳ ᠠᠯᠠᠭᠤᠷ ᠬᠢᠨᠠᠨ ᠦᠵᠡᠪᠡᠰᠦ ᠪᠣᠯᠬᠤ ᠪᠣᠢ ᠶᠠ᠃ ᠶᠡᠷᠦ ᠶ᠋ᠢᠨ ᠰᠤᠯᠠ ᠦᠯᠢᠭᠡᠷ ᠴᠠᠳᠢᠭ ᠦᠵᠡᠬᠦ ᠮᠡᠲᠦ ᠳᠤᠷ᠎ᠠ ᠰᠡᠷᠭᠦᠭᠡᠨ ᠦᠢᠮᠡᠭᠡᠨ ᠬᠥᠭᠵᠢᠮ ᠢ᠋ ᠡᠷᠢᠪᠡᠰᠦ ᠣᠳᠣ ᠥᠴᠦᠬᠡᠨ ᠴᠦ᠍ ᠠᠮᠲᠠ ᠦᠭᠡᠢ ᠪᠣᠯᠠᠢ᠃ ᠵᠢᠴᠢ ᠪᠠᠰᠠ ᠡᠭᠦᠨ ᠦ᠌ ᠳᠣᠲᠣᠷ᠎ᠠ ᠲᠩᠷᠢ ᠶ᠋ᠢᠨ ᠬᠥᠪᠡᠭᠦᠨ ᠪᠠ ᠪᠣᠭᠳᠠ ᠬᠥᠮᠦᠨ ᠦ᠌ ᠦᠨᠡᠨ ᠦᠭᠡᠰ ᠪᠦᠲᠦᠬᠦᠢ ᠶ᠋ᠢᠨ ᠤᠴᠢᠷ ᠪᠠ ᠪᠠᠰᠠ ᠶᠡᠬᠡ ᠪᠤᠶᠠᠨᠲᠠᠨ ᠤ᠋ ᠠᠮᠢᠨ ᠪᠡᠶ᠎ᠡ ᠳ᠋ᠦ᠍ᠷ ᠬᠦᠷᠪᠡᠰᠦ ᠲᠡᠭᠦᠨ ᠦ᠌ ᠪᠡᠶ᠎ᠡ ᠶ᠋ᠢ ᠬᠠᠮᠠᠭᠠᠯᠠᠨ ᠬᠠᠭᠠᠨ ᠡᠵᠡᠳ ᠰᠠᠬᠢᠭᠤᠯᠰᠤᠨ᠂ ᠬᠤᠪᠢᠯᠭᠠᠨ ᠴᠢᠳᠬᠥᠷ ᠦ᠋ᠨ ᠢᠪᠡᠭᠡᠯ ᠲᠤᠰᠠᠯᠠᠯ ᠤ᠋ᠨ ᠬᠡᠷᠡᠭ ᠪᠠ ᠪᠠᠰᠠ ᠰᠣᠯᠢᠭᠤ ᠤᠪᠠᠳᠢᠰ ᠶᠢᠯᠸᠢᠰ ᠪᠢᠰᠢᠯᠭᠠᠯ ᠤ᠋ᠨ ᠵᠡᠷᠭᠡ ᠶ᠋ᠢᠨ ᠭᠡᠷᠡᠴᠢ ᠪᠠᠷᠢᠮᠲᠠ ᠢᠲᠡᠭᠡᠯ ᠲᠡᠮᠳᠡᠭ ᠦᠭᠡᠢ ᠬᠡᠷᠡᠭ ᠤᠴᠢᠷ᠂ ᠪᠠᠰᠠ ᠵᠦᠢ ᠰᠢᠯᠲᠠᠭᠠᠨ ᠦᠯᠦ ᠨᠡᠢᠴᠡᠬᠦ᠂ ᠥᠷᠢᠭᠦᠦ ᠬᠤᠳᠠᠯᠴᠢ ᠦᠢᠯᠡ ᠶᠠᠪᠤᠳᠠᠯ ᠬᠡᠳᠦᠨᠲᠡ ᠪᠣᠢ ᠠᠮᠤᠢ᠃ ᠲᠡᠢᠨ ᠬᠦ᠌ ᠲᠡᠳᠡᠭᠡᠷ ᠤᠴᠢᠷ ᠢ᠋ ᠠᠨᠤ ᠣᠷᠬᠢᠵᠤ ᠰᠢᠭᠤᠳ ᠪᠢᠴᠢᠬᠦ ᠶ᠋ᠢ ᠢᠨᠤ ᠪᠠᠢᠰᠤᠭᠠᠢ ᠬᠡᠮᠡᠬᠦᠯ᠎ᠡ ᠪᠠᠢᠵᠤ ᠦᠯᠦ ᠪᠣᠯᠬᠤ ᠭᠤᠷᠪᠠᠨ ᠵᠦᠢᠯ ᠦ᠋ᠨ ᠴᠢᠬᠤᠯᠠ ᠤᠴᠢᠷ ᠪᠣᠢ᠃ ᠲᠡᠷᠢᠭᠦᠨ ᠳ᠋ᠦ᠍ᠷ᠄ ᠤᠭ ᠰᠤᠳᠤᠷ ᠲᠤ᠌ ᠪᠠᠢᠭᠰᠠᠨ ᠢ᠋ ᠠᠶᠤᠮᠰᠢᠭ ᠦᠭᠡᠢ ᠨᠢᠭᠡᠮᠦᠰᠦᠨ ᠬᠠᠰᠤᠵᠤ ᠦᠭᠡᠢ ᠪᠣᠯᠭᠠᠪᠠᠰᠤ ᠵᠣᠬᠢᠬᠤ ᠦᠭᠡᠢ᠂ ᠬᠣᠶᠠᠷ ᠲᠤᠷ᠄ ᠭᠠᠭᠴᠠ ᠡᠨᠡ ᠶᠤᠸᠠᠨ ᠤᠯᠤᠰ ᠲᠤᠷ ᠡᠢᠮᠦ ᠬᠡᠷᠡᠭ ᠭᠠᠷᠤᠭᠰᠠᠨ ᠪᠤᠰᠤ᠂ ᠡᠷᠲᠡᠨ ᠡᠴᠡ ᠪᠠᠢᠭᠰᠠᠭᠠᠷ ᠢᠷᠡᠵᠦᠬᠦᠢ᠃ ᠬᠡᠳᠦᠢ ᠺᠦᠩ ᠹᠦᠽᠢ ᠶ᠋ᠢᠨ ᠰᠤᠷᠭᠠᠯ ᠳ᠋ᠤᠷ ᠪᠣᠯᠪᠠᠴᠤ ᠬᠤᠪᠢᠯᠭᠠᠨ ᠰᠠᠬᠢᠭᠤᠯᠰᠤᠨ ᠴᠢᠳᠬᠥᠷ ᠰᠢᠮᠨᠤ ᠶ᠋ᠢᠨ ᠬᠡᠷᠡᠭ ᠢ᠋ ᠨᠢᠭᠡᠮᠦᠰᠦᠨ ᠤᠭᠴᠤᠷᠬᠠᠢ ᠲᠠᠰᠤᠷᠬᠠᠢ ᠦᠭᠡᠢ ᠬᠡᠮᠡᠭᠰᠡᠨ ᠶᠠᠪᠤᠳᠠᠯ ᠦᠭᠡᠢ ᠪᠥᠭᠡᠳ ᠨᠡᠩ ᠬᠠᠷᠢᠨ ᠬᠤᠪᠢᠯᠭᠠᠨ ᠰᠠᠬᠢᠭᠤᠯᠰᠤᠨ ᠢ᠋ ᠳᠠᠬᠢᠵᠤ ᠲᠠᠪᠢᠭᠯᠠᠬᠤ ᠪᠥᠭᠡᠰᠦ ᠰᠢᠭᠤᠳ ᠬᠤᠪᠢᠯᠭᠠᠨ ᠰᠠᠬᠢᠭᠤᠯᠰᠤᠨ ᠢ᠋ ᠪᠠᠢᠬᠤ ᠮᠡᠲᠦ ᠰᠠᠨᠠᠭᠲᠤᠨ ᠬᠡᠮᠡᠵᠦᠬᠦᠢ᠃ ᠡᠭᠦᠨ ᠦ᠌ ᠳᠡᠭᠡᠷ᠎ᠡ ᠡᠳᠡᠭᠡᠷ ᠤᠴᠢᠷ ᠵᠦᠢ ᠶ᠋ᠢ ᠲᠣᠳᠣᠷᠬᠠᠢᠯᠠᠨ ᠭᠠᠷᠭᠠᠵᠤ ᠦᠯᠦ ᠪᠣᠯᠬᠤ ᠬᠤᠪᠢᠯᠭᠠᠨ ᠴᠢᠳᠬᠥᠷ ᠦ᠋ᠨ ᠶᠠᠪᠤᠳᠠᠯ ᠡᠷᠲᠡᠨ ᠦ᠌ ᠰᠢᠶᠠ ᠂ ᠱᠠᠩ ᠂ ᠵᠧᠦ ᠡᠴᠡ ᠳᠠᠷᠠᠭᠠᠯᠠᠨ ᠴᠦᠨ ᠴᠢᠦ ᠶ᠋ᠢᠨ ᠦᠶ᠎ᠡ ᠶ᠋ᠢᠨ ᠣᠯᠠᠨ ᠤᠯᠤᠰ ᠠᠴᠠ ᠢᠨᠠᠭᠰᠢ ᠤᠯᠤᠰ ᠪᠦᠷᠢ ᠳ᠋ᠦ᠍ᠷ ᠪᠠᠢᠭᠰᠠᠭᠠᠷ ᠢᠷᠡᠵᠦᠬᠦᠢ᠃ ᠭᠤᠷᠪᠠᠨ ᠳ᠋ᠤᠷ᠄ ᠠᠯᠢᠪᠠ ᠪᠦᠲᠦᠬᠦ ᠳᠡᠯᠭᠡᠷᠡᠬᠦ ᠮᠠᠨᠳᠤᠵᠤ ᠪᠠᠳᠠᠷᠠᠬᠤ ᠤᠯᠤᠰ ᠤ᠋ᠨ ᠬᠠᠳ ᠢ᠋ ᠲᠩᠷᠢ ᠰᠠᠬᠢᠭᠤᠯᠰᠤᠨ ᠬᠤᠪᠢᠯᠭᠠᠨ ᠴᠢᠳᠬᠥᠷ ᠲᠤᠰᠠᠯᠠᠨ ᠲᠡᠳᠬᠦᠬᠦ ᠶ᠋ᠢ ᠴᠦ᠍ ᠪᠠᠢᠲᠤᠭᠠᠢ ᠡᠪᠳᠡᠷᠡᠬᠦ ᠮᠥᠬᠥᠬᠦ ᠰᠥᠨᠥᠬᠦ ᠳᠠᠭᠤᠰᠬᠤ ᠴᠠᠭ ᠤ᠋ᠨ ᠤᠯᠤᠰ ᠤ᠋ᠨ ᠬᠠᠳ ᠢ᠋ ᠪᠣᠯᠪᠠᠴᠤ ᠮᠥᠨ ᠲᠠᠭᠠᠯᠴᠠᠨ ᠶᠠᠪᠤᠵᠤ ᠢᠷᠣ᠎ᠠ ᠪᠡᠯᠭᠡ ᠶ᠋ᠢ ᠵᠢᠭᠠᠭᠰᠠᠭᠠᠷ ᠢᠷᠡᠵᠦᠬᠦᠢ᠃ ᠲᠡᠢᠨ ᠬᠦ᠌ ᠬᠠᠨ ᠤᠯᠤᠰ ᠤ᠋ᠨ ᠬᠠᠨ ᠵᠦᠩ ᠸᠠᠩ ᠤ᠋ᠨ ᠭᠤᠸᠠᠨ ᠪᠣᠭᠳᠠ ᠳᠡᠭᠦᠦ ᠢᠨᠤ ᠰᠠᠬᠢᠭᠤᠯᠰᠤᠨ ᠪᠣᠯᠵᠤ ᠪᠦᠲᠦᠬᠦ ᠡᠪᠳᠡᠷᠡᠬᠦ ᠤᠯᠤᠰ ᠲᠥᠷᠥ ᠶ᠋ᠢ ᠦᠯᠦ ᠢᠯᠭᠠᠨ᠂ ᠳᠤᠮᠳᠠᠳᠤ ᠲᠥᠪ ᠢ᠋ ᠡᠵᠡᠯᠡᠭᠰᠡᠨ ᠤᠯᠤᠰ ᠪᠦᠬᠦᠨ ᠢ᠋ ᠬᠠᠮᠠᠭᠠᠯᠠᠭᠰᠠᠭᠠᠷ ᠢᠷᠡᠵᠦᠬᠦᠢ᠃ ᠪᠠᠰᠠ ᠰᠥᠩ ᠤᠯᠤᠰ ᠲᠤᠷ ᠸᠸᠨ ᠴᠠᠩ ᠳᠢ ᠵᠢᠶᠦ᠋ᠨ ᠲᠥᠷᠥᠯᠬᠢ ᠲᠠᠪᠤᠨ ᠮᠠᠬᠠᠪᠣᠳ ᠤ᠋ᠨ ᠪᠡᠶ᠎ᠡ ᠪᠡᠷ ᠡᠮ᠎ᠡ ᠦᠷ᠎ᠡ ᠪᠣᠭᠣᠯ ᠵᠠᠷᠤᠳᠠᠰᠤᠨ ᠭᠡᠷ ᠬᠦᠷᠢᠶ᠎ᠡ ᠣᠷᠳᠣᠨ ᠬᠦᠷᠢᠶᠡᠯᠡᠩ ᠬᠢᠭᠡᠳ ᠭᠡᠷ ᠦ᠋ᠨ ᠵᠢᠷᠭᠤᠭᠠᠨ ᠲᠡᠵᠢᠭᠡᠪᠦᠷᠢ ᠯᠤᠭᠡ ᠨᠡᠢᠲᠡ ᠪᠦᠭᠦᠳᠡᠭᠡᠷ ᠢ᠋ᠶ᠋ᠡᠷ ᠲᠦᠮᠡᠨ ᠢᠷᠭᠡᠨ ᠢ᠋ ᠦᠵᠡᠵᠦ ᠪᠠᠢᠲᠠᠯ᠎ᠠ ᠭᠠᠵᠠᠷ ᠤ᠋ᠨ ᠬᠥᠷᠥᠰᠥ ᠡᠴᠡ ᠬᠣᠪᠬᠣᠷᠠᠨ ᠠᠩᠭᠢᠵᠢᠷᠠᠵᠤ ᠬᠣᠭᠣᠰᠣᠨ ᠠᠭᠠᠷ ᠲᠤᠷ ᠬᠥᠪᠬᠡᠯᠡᠨ ᠳᠡᠭᠳᠡᠵᠦ᠂ ᠲᠩᠷᠢ ᠳ᠋ᠦ᠍ᠷ ᠭᠠᠷᠤᠭᠠᠳ ᠰᠠᠬᠢᠭᠤᠯᠰᠤᠨ ᠪᠣᠯᠪᠠ᠂ ᠡᠨᠡ ᠢᠨᠤ ᠲᠠᠢᠵᠢ ᠢᠨᠵᠠᠨᠨᠠᠰᠢ ᠪᠢ ᠵᠣᠷᠢᠭ ᠢ᠋ᠶ᠋ᠠᠷ ᠬᠡᠯᠡᠬᠦ ᠢᠨᠤ ᠪᠤᠰᠤ᠂ ᠸᠧᠨ ᠴᠠᠩ ᠲᠢ ᠵᠢᠶᠦ᠋ᠨ ᠤ ᠨᠣᠮ ᠰᠤᠳᠤᠷ ᠪᠠ ᠲᠥᠯᠭᠡ ᠶ᠋ᠢᠨ ᠣᠷᠣᠰᠢᠯ ᠳ᠋ᠤᠷ ᠴᠥᠮ ᠪᠦᠷᠢᠨ᠎ᠡ ᠭᠠᠷᠴᠤ ᠪᠣᠢ᠂ ᠮᠡᠷᠭᠡᠳ ᠢ᠋ᠶ᠋ᠡᠷ ᠲᠡᠭᠦᠨ ᠢ᠋ ᠭᠦᠨ᠎ᠡ ᠤᠬᠤᠴᠢᠯᠠᠨ ᠦᠵᠡᠪᠡᠰᠦ ᠦᠨᠡᠨ ᠬᠤᠳᠠᠯ ᠢ᠋ ᠮᠡᠳᠡᠵᠦ ᠪᠣᠯᠤᠮᠤᠢ᠃ ᠡᠳᠡᠭᠡᠷ ᠴᠥᠮ ᠬᠤᠪᠢᠯᠭᠠᠨ ᠰᠠᠬᠢᠭᠤᠯᠰᠤᠨ ᠤ᠋ ᠮᠠᠰᠢ ᠦᠨᠡᠨ ᠮᠠᠰᠢ ᠲᠣᠳᠣᠷᠬᠠᠢ ᠬᠡᠷᠡᠭ᠃ ᠲᠡᠢᠨ ᠬᠦ᠌ ᠪᠢ ᠪᠡᠷ ᠰᠢᠭᠤᠳ ᠬᠤᠪᠢᠯᠭᠠᠨ ᠰᠠᠬᠢᠭᠤᠯᠰᠤᠨ ᠤ᠋ ᠬᠡᠷᠡᠭ ᠢ᠋ ᠰᠢᠭᠤᠳ ᠦᠭᠡᠢ ᠭᠡᠮᠡᠨ ᠬᠡᠯᠡᠵᠦ ᠦᠯᠦ ᠴᠢᠳᠠᠮᠤᠢ᠂ ᠶᠢᠷᠲᠢᠨᠴᠦ ᠳ᠋ᠦ᠍ᠷ ᠬᠤᠪᠢᠯᠭᠠᠨ ᠰᠠᠬᠢᠭᠤᠯᠰᠤᠨ ᠮᠠᠭᠠᠳ ᠪᠣᠢ ᠪᠣᠯᠪᠠᠰᠤ ᠴᠢᠳᠬᠥᠷ ᠠᠯᠪᠢᠨ ᠤ᠋ ᠶᠠᠪᠤᠳᠠᠯ ᠮᠥᠨ ᠮᠠᠭᠠᠳ ᠪᠠᠢᠬᠤ ᠶ᠋ᠢᠨ ᠲᠤᠯᠠ ᠤᠯᠤᠰ ᠲᠥᠷᠥ ᠶ᠋ᠢᠨ ᠶᠣᠰᠣᠯᠠᠯ ᠶᠠᠩᠵᠤ ᠳ᠋ᠤᠷ ᠪᠠᠰᠠ ᠲᠠᠪᠤᠨ ᠮᠠᠨᠳᠠᠯ ᠨᠠᠢ᠍ᠮᠠᠨ ᠰᠦᠮ᠎ᠡ ᠶ᠋ᠢ ᠡᠷᠬᠢᠯᠡᠵᠦ ᠲᠠᠬᠢᠵᠤᠬᠤᠢ᠃ ᠯᠠᠪ ᠪᠣᠭᠳᠠ ᠬᠠᠳ ᠤ᠋ᠨ ᠦᠯᠡᠳᠡᠭᠡᠯ ᠮᠥᠨ ᠦ᠌ ᠲᠤᠯᠠ ᠬᠠᠭᠤᠷᠮᠠᠭ ᠬᠤᠳᠠᠯᠴᠢ ᠪᠠᠷ ᠦᠭᠡᠢ ᠪᠣᠢ ᠊ᠶ᠎ᠠ᠃ ᠲᠠᠪᠤᠨ ᠮᠠᠨᠳᠠᠯ ᠬᠡᠮᠡᠭᠴᠢ ᠲᠡᠭᠷᠢ ᠶ᠋ᠢᠨ ᠮᠠᠨᠳᠠᠯ ᠂ ᠭᠠᠵᠠᠷ ᠤ᠋ᠨ ᠮᠠᠨᠳᠠᠯ ᠂ ᠨᠠᠷᠠᠨ ᠤ᠋ ᠮᠠᠨᠳᠠᠯ ᠂ ᠰᠠᠷᠠᠨ ᠤ᠋ ᠮᠠᠨᠳᠠᠯ ᠂ ᠲᠠᠷᠢᠶᠠᠯᠠᠩ ᠢᠬᠢᠷᠢ ᠶ᠋ᠢᠨ ᠮᠠᠨᠳᠠᠯ ᠂ ᠡᠭᠦᠨ ᠢ᠋ ᠡᠦ ᠲᠠᠨ ᠬᠡᠮᠡᠮᠦᠢ᠃ ᠵᠢᠴᠢ ᠨᠠᠢ᠍ᠮᠠᠨ ᠰᠦᠮ᠎ᠡ ᠬᠡᠮᠡᠭᠴᠢ ᠪᠤᠷᠬᠠᠨ ᠤ᠋ ᠰᠦᠮ᠎ᠡ ᠂ ᠪᠣᠭᠳᠠ ᠶ᠋ᠢᠨ ᠰᠦᠮ᠎ᠡ ᠂ ᠬᠤᠷᠮᠤᠰᠲᠠ ᠶ᠋ᠢᠨ ᠰᠦᠮ᠎ᠡ ᠂ ᠡᠷᠯᠢᠭ ᠦ᠋ᠨ ᠰᠦᠮ᠎ᠡ ᠂ ᠰᠠᠬᠢᠭᠤᠯᠰᠤᠨ ᠤ᠋ ᠰᠦᠮ᠎ᠡ ᠪᠤᠶᠤ ᠡᠭᠦᠨ ᠢ᠋ᠶ᠋ᠡᠷ ᠦᠵᠡᠪᠡᠰᠦ ᠬᠤᠪᠢᠯᠭᠠᠨ ᠴᠢᠳᠬᠥᠷ ᠢ᠋ ᠨᠢᠭᠡᠮᠦᠰᠦᠨ ᠠᠷᠢᠯᠭᠠᠬᠤᠶ᠎ᠠ ᠪᠡᠷᠬᠡ ᠪᠣᠯᠵᠤᠬᠤᠢ ᠃ ᠡᠭᠦᠨ ᠢ᠋ ᠡᠰᠡ ᠢᠲᠡᠭᠡᠪᠡᠰᠦ ᠪᠣᠯᠬᠤ ᠦᠭᠡᠢ ᠭᠤᠷᠪᠠᠨ ᠵᠦᠢᠯ ᠪᠣᠢ᠂ ᠨᠡᠩ ᠪᠠᠰᠠ ᠰᠠᠯᠬᠢᠨ ᠬᠤᠷ᠎ᠠ ᠲᠤᠰᠠᠯᠠᠬᠤ ᠂ ᠡᠭᠦᠯᠡ ᠮᠠᠨᠠᠨ ᠪᠦᠷᠬᠦᠬᠦ ᠂ ᠮᠥᠷᠡᠨ ᠳᠠᠯᠠᠢ ᠲᠠᠲᠠᠬᠤ ᠂ ᠴᠡᠴᠡᠭ ᠦ᠋ᠨ ᠬᠤᠷ᠎ᠠ ᠣᠷᠣᠬᠤ ᠡᠳᠡᠭᠡᠷ ᠵᠦᠢᠯ ᠦ᠋ᠨ ᠬᠡᠷᠡᠭ ᠢ᠋ ᠬᠡᠳᠦᠢ ᠪᠤᠷᠬᠠᠨ ᠤ᠋ ᠨᠣᠮ ᠳ᠋ᠤᠷ ᠣᠯᠠᠨᠲᠠ ᠰᠣᠨᠣᠰᠪᠠᠴᠤ ᠡᠭᠡᠨᠡᠭᠲᠡ ᠢᠲᠡᠭᠡᠮᠵᠢᠯᠡᠭᠰᠡᠨ ᠦᠭᠡᠢ ᠪᠥᠯᠥᠭᠡ᠃ ᠬᠣᠢᠨ᠎ᠠ ᠲᠠᠢᠵᠢ ᠢᠨᠵᠠᠨᠨᠠᠰᠢ ᠮᠢᠨᠦ ᠠᠩᠬ᠎ᠠ ᠬᠠᠳᠠᠮ ᠬᠠᠷᠠᠴᠢᠨ ᠸᠠᠩ ᠰᠡᠪᠡᠭᠳᠣᠷᠵᠢ ᠶ᠋ᠢᠨ ᠦᠵᠡᠮᠵᠢ ᠪᠣᠯᠭᠠᠨ ᠲᠠᠯᠪᠢᠭᠰᠠᠨ ᠪᠢᠴᠢᠭ ᠦ᠋ᠨ ᠳᠣᠲᠣᠷ᠎ᠠ ᠳᠥᠷᠪᠡᠨ ᠶᠡᠬᠡ ᠲᠣᠭᠳᠣᠢ ᠲᠡᠭᠷᠢ ᠶ᠋ᠢᠨ ᠤᠳᠬ᠎ᠠ ᠶ᠋ᠢ ᠶᠡᠬᠡᠳᠡ ᠪᠦᠷᠢᠳᠬᠡᠭᠰᠡᠨ《ᠲᠢᠶᠠᠨ ᠸᠧᠨ ᠳᠡ ᠴᠢᠤᠸᠠᠨ ᠪᠢᠴᠢᠭ 》ᠲᠣᠷ ᠦᠵᠡᠪᠡᠰᠦ ᠲᠡᠢᠮᠦ ᠤᠯᠤᠰ ᠤ᠋ᠨ ᠲᠡᠢᠮᠦ ᠥᠷᠥᠰᠢᠶᠡᠯᠳᠦ ᠬᠠᠭᠠᠨ ᠤ᠋ ᠲᠡᠢᠮᠦ ᠲᠡᠢᠮᠦ ᠣᠨ ᠵᠢᠯ ᠰᠠᠷ᠎ᠠ ᠡᠳᠦᠷ ᠴᠠᠭ ᠲᠤᠷ ᠲᠡᠢᠮᠦ ᠲᠡᠢᠮᠦ ᠵᠦᠢᠯ ᠦ᠋ᠨ ᠳᠣᠯᠣᠭᠠᠨ ᠡᠷᠳᠡᠨᠢᠰ ᠪᠠ ᠲᠠᠪᠤᠨ ᠮᠠᠬᠠᠪᠣᠳ ᠬᠢᠭᠡᠳ ᠴᠡᠴᠡᠭ ᠪᠠ ᠬᠤᠷ᠎ᠠ ᠣᠷᠣᠪᠠ᠃ ᠪᠠᠰᠠ ᠲᠡᠢᠮᠦ ᠤᠯᠤᠰ ᠤ᠋ᠨ ᠲᠡᠢᠮᠦ ᠬᠠᠷᠭᠢᠰ ᠬᠠᠭᠠᠨ ᠤ᠋ ᠲᠡᠢᠮᠦ ᠲᠡᠢᠮᠦ ᠣᠨ ᠵᠢᠯ ᠰᠠᠷ᠎ᠠ ᠡᠳᠦᠷ ᠴᠠᠭ ᠲᠤᠷ ᠲᠡᠢᠮᠦ ᠵᠦᠢᠯ ᠦ᠋ᠨ ᠮᠢᠬ᠎ᠠ ᠴᠢᠰᠤᠨ ᠪᠠ ᠬᠥᠮᠦᠨ ᠦ᠌ ᠶᠠᠰᠤ ᠴᠢᠮᠥᠭᠡ ᠬᠢᠭᠡᠳ ᠰᠢᠷᠪᠥᠰᠥ ᠪᠠ ᠰᠢᠨᠳᠠᠰᠤᠨ ᠤ᠋ ᠬᠤᠷ᠎ᠠ ᠣᠷᠣᠪᠠ ᠭᠡᠮᠡᠨ ᠨᠢᠭᠡᠨ ᠡᠲᠡᠭᠡᠳ ᠤᠴᠢᠷ ᠲᠤᠬᠠᠢ ᠣᠨ ᠵᠢᠯ ᠢ᠋ ᠪᠢᠴᠢᠭᠡᠳ᠂ ᠨᠢᠭᠡᠨ ᠡᠲᠡᠭᠡᠳ ᠪᠠᠢᠳᠠᠯ ᠳᠦᠷᠢᠮ ᠦᠵᠡᠮᠵᠢ ᠶᠠᠩᠵᠤ ᠶ᠋ᠢ ᠵᠢᠷᠤᠵᠤ ᠭᠠᠷᠭᠠᠭᠰᠠᠨ ᠵᠠᠷᠯᠢᠭ ᠢ᠋ᠶ᠋ᠠᠷ ᠰᠡᠢᠯᠦᠭᠰᠡᠨ ᠪᠢᠴᠢᠭ ᠢ᠋ ᠨᠢᠳᠦ ᠪᠡᠷ ᠦᠵᠡᠪᠡ᠃ ᠲᠡᠢᠨ ᠬᠦ᠌ ᠭᠠᠭᠴᠠ ᠡᠨᠡ 《ᠬᠥᠬᠡ ᠰᠤᠳᠤᠷ》 ᠲᠤᠷ ᠲᠡᠢᠮᠦ ᠵᠦᠢᠯ ᠪᠠᠢᠬᠤ ᠪᠤᠰᠤ᠂ ᠰᠤᠳᠤᠷ ᠪᠦᠷᠢ ᠳ᠋ᠦ᠍ᠷ ᠴᠥᠮ ᠪᠠᠢᠬᠤ ᠶ᠋ᠢᠨ ᠲᠤᠯᠠ ᠥᠪᠡᠷ ᠦ᠋ᠨ ᠦᠯᠦ ᠢᠲᠡᠭᠡᠮᠵᠢᠯᠡᠬᠦ ᠰᠡᠳᠬᠢᠯ ᠢ᠋ ᠵᠥᠷᠢᠴᠡᠭᠦᠯᠦᠨ ᠮᠤᠰᠬᠢᠵᠦ ᠮᠥᠨ ᠣᠯᠠᠨ ᠰᠤᠳᠤᠷ ᠤ᠋ᠨ ᠶᠣᠰᠣᠭᠠᠷ ᠲᠡᠭᠦᠨ ᠦ᠌ ᠳᠣᠲᠣᠷᠠᠬᠢ ᠰᠣᠨᠢᠨ ᠰᠡᠪᠡᠭᠦᠨ ᠤᠪᠠᠳᠢᠰ ᠶᠢᠯᠸᠢᠰ ᠬᠢᠭᠡᠳ ᠡᠲᠡᠭᠡᠳ ᠣᠨᠴᠠᠭᠠᠢ ᠢᠷᠣ᠎ᠠ ᠪᠡᠯᠬᠡᠰ ᠪᠠ ᠨᠡᠩ ᠪᠠᠰᠠ ᠲᠡᠭᠷᠢ ᠰᠠᠬᠢᠭᠤᠯᠰᠤᠨ ᠤ᠋ ᠢᠪᠡᠭᠡᠯ ᠬᠠᠷᠠᠭᠠᠯᠵᠠᠯᠭ᠎ᠠ᠂ ᠬᠤᠪᠢᠯᠭᠠᠨ ᠴᠢᠳᠬᠥᠷ ᠦ᠋ᠨ ᠳᠠᠭᠠᠵᠤ ᠲᠤᠰᠠᠯᠠᠭᠰᠠᠨ ᠵᠡᠷᠭᠡ ᠶ᠋ᠢᠨ ᠶᠠᠪᠤᠳᠠᠯ ᠤᠴᠢᠷ ᠢ᠋ ᠠᠶᠤᠮᠰᠢᠭ ᠦᠭᠡᠢ ᠬᠠᠰᠤᠵᠤ ᠠᠪᠤᠭᠰᠠᠨ ᠦᠭᠡᠢ ᠤᠭ ᠰᠤᠳᠤᠷ ᠤ᠋ᠨ ᠶᠣᠰᠣᠭᠠᠷ ᠪᠢᠴᠢᠪᠡ᠃ ᠡᠨᠡ ᠰᠤᠳᠤᠷ ᠢ᠋ ᠠᠢᠯᠠᠳᠤᠭᠴᠢ ᠮᠡᠷᠭᠡᠳ ᠰᠠᠢᠳ ᠪᠡᠷ ᠥᠪᠡᠷ ᠦ᠋ᠨ ᠣᠶᠤᠨ ᠰᠠᠨᠠᠭᠠᠨ ᠤ᠋ ᠶᠣᠰᠣᠨ ᠢ᠋ᠶ᠋ᠠᠷ ᠲᠣᠭᠲᠠᠭᠠᠨ ᠠᠪᠠᠴᠢᠭᠳᠠᠬᠤᠢ᠃ ᠡᠨᠡ ᠰᠤᠳᠤᠷ ᠢ᠋ ᠴᠥᠯᠪᠡᠭᠴᠢ ᠰᠤᠳᠤᠷᠴᠢ ᠲᠦᠰᠢᠮᠡᠯ ᠪᠢ ᠤᠭ ᠠ᠋ᠴᠠ ᠲᠥᠷᠥᠯᠬᠢ ᠵᠠᠩ ᠰᠠᠨᠠᠭᠠᠨ ᠶᠢᠷᠲᠢᠨᠴᠦ ᠶ᠋ᠢᠨ ᠡᠳᠡᠭᠡᠷ ᠭᠡᠷᠡᠴᠢ ᠪᠠᠷᠢᠮᠲᠠ᠂ ᠢᠯᠡᠷᠬᠡᠢ ᠲᠣᠳᠣᠷᠬᠠᠢ ᠦᠭᠡᠢ ᠬᠡᠷᠡᠭ ᠪᠠ ᠤᠴᠢᠷ ᠵᠦᠢ ᠶᠣᠰᠣ ᠬᠠᠤᠯᠢ ᠳ᠋ᠤᠷ ᠨᠡᠢᠴᠡᠬᠦ ᠦᠭᠡᠢ ᠶᠠᠪᠤᠳᠠᠯ ᠢ᠋ ᠣᠭᠲᠣᠬᠠᠨ ᠴᠤ᠌ ᠢᠲᠡᠭᠡᠵᠦ ᠪᠢᠰᠢᠷᠡᠳᠡᠭ ᠦᠭᠡᠢ ᠶ᠋ᠢᠨ ᠲᠤᠯᠠ ᠰᠠᠨᠠᠭᠠᠨ᠎ᠠ ᠡᠨᠡ ᠮᠠᠨᠳᠤᠭᠰᠠᠨ ᠲᠥᠷᠥ ᠶ᠋ᠢᠨ ᠬᠥᠬᠡ ᠰᠤᠳᠤᠷ ᠢ᠋ ᠡᠷᠲᠡᠨ ᠦ᠌《 ᠪᠠᠷᠠᠭᠤᠨ ᠬᠠᠨ ᠤᠯᠤᠰ ᠤ᠋ᠨ ᠪᠢᠴᠢᠭ 》ᠮᠡᠲᠦ ᠬᠤᠪᠢᠯᠭᠠᠨ ᠰᠠᠬᠢᠭᠤᠯᠰᠤᠨ ᠴᠢᠳᠬᠥᠷ ᠰᠢᠮᠨᠤ ᠶ᠋ᠢᠨ ᠬᠡᠷᠡᠭ ᠪᠠ ᠰᠣᠨᠢᠨ ᠵᠢᠭᠲᠡᠢ ᠶᠢᠯᠸᠢᠰ ᠤᠪᠠᠳᠢᠰ ᠤ᠋ᠨ ᠶᠠᠪᠤᠳᠠᠯ ᠢ᠋ ᠣᠭᠲᠣ ᠣᠷᠣᠭᠤᠯᠬᠤ ᠦᠭᠡᠢ ᠪᠡᠷ ᠴᠥᠯᠪᠡᠨ ᠭᠠᠷᠭᠠᠰᠤᠭᠠᠢ ᠭᠡᠮᠡᠨ ᠰᠠᠨᠠᠭᠰᠠᠨ ᠪᠥᠯᠥᠭᠡ᠃ ᠬᠣᠢᠨ᠎ᠠ ᠬᠢᠨᠠᠨ ᠦᠵᠡᠵᠦ ᠳᠠᠪᠲᠠᠨ ᠰᠡᠳᠬᠢᠬᠦᠯᠡ ᠳᠡᠯᠡᠬᠡᠢ ᠳ᠋ᠠᠬᠢᠨ᠎ᠠ ᠲᠥᠪ ᠰᠤᠳᠤᠷ 《ᠭᠠᠩ ᠮᠦ᠍ ᠪᠢᠴᠢᠭ》 ᠬᠡᠮᠡᠭᠴᠢ ᠮᠥᠨ ᠲᠥᠷᠥᠯ ᠦ᠋ᠨ ᠤᠴᠢᠷ ᠵᠦᠢ ᠬᠠᠤᠯᠢ ᠶᠣᠰᠣ ᠳ᠋ᠤᠷ ᠪᠠᠷᠢᠯᠳᠤᠭᠤᠯᠤᠨ ᠳᠡᠯᠡᠬᠡᠢ ᠳ᠋ᠠᠬᠢᠨ᠎ᠠ ᠠᠷᠪᠠᠨ ᠬᠤᠪᠢ ᠶ᠋ᠢᠨ ᠦᠨᠡᠨ ᠬᠡᠷᠡᠭ ᠡᠴᠡ ᠠᠷᠠᠢ ᠨᠢᠭᠡᠬᠡᠨ ᠬᠤᠪᠢ ᠶ᠋ᠢᠨ ᠲᠡᠳᠦᠢ ᠶ᠋ᠢ ᠲᠣᠪᠴᠢᠯᠠᠨ ᠲᠣᠭᠠᠴᠢᠬᠤ ᠠᠲᠠᠯ᠎ᠠ ᠮᠣᠩᠭᠣᠯ ᠤ᠋ᠨ ᠡᠮᠦᠨ᠎ᠡ ᠵᠦᠭ ᠭᠦᠨ᠎ᠡ ᠣᠷᠣᠬᠤᠶ᠎ᠠ ᠶᠡᠬᠡ ᠳᠠᠯᠠᠢ ᠶ᠋ᠢᠨ ᠤᠰᠤ ᠲᠠᠲᠠᠵᠤ ᠵᠠᠮ ᠭᠠᠷᠭᠠᠵᠤ ᠦᠭᠭᠦᠭᠰᠡᠨ ᠪᠠ ᠬᠣᠵᠢᠮ ᠤᠯᠤᠰ ᠢ᠋ᠶ᠋ᠠᠨ ᠠᠪᠲᠠᠵᠤ ᠬᠣᠢᠲᠤ ᠭᠠᠵᠠᠷ ᠲᠠᠭᠠᠨ ᠬᠣᠯᠠᠳᠠᠨ ᠳᠤᠲᠠᠭᠠᠬᠤᠢ ᠳ᠋ᠤᠷ ᠭᠦᠨ᠎ᠡ ᠮᠥᠷᠡᠨ᠎ᠡ ᠭᠠᠤᠯᠢᠨ ᠬᠥᠭᠥᠷᠭᠡ ᠢᠯᠡᠷᠡᠭᠰᠡᠨ ᠪᠠ ᠪᠠᠰᠠ ᠤᠯᠤᠰ ᠨᠡᠭᠡᠭᠡᠬᠦᠶᠡ ᠲᠠᠢᠽᠦ ᠬᠠᠭᠠᠨ ᠳ᠋ᠤᠷ ᠬᠥᠮᠦᠨ ᠦ᠌ ᠬᠡᠯᠡᠲᠦ ᠪᠣᠳᠢ ᠴᠠᠭᠠᠨ ᠭᠥᠷᠥᠭᠡᠰᠦ ᠤᠴᠠᠷᠠᠭᠠᠳ᠂ ᠤᠯᠤᠰ ᠮᠥᠬᠥᠬᠦᠶᠡ ᠰᠢᠶᠠᠨᠽᠥ᠋ᠩ᠂ ᠱᠦᠨᠳᠢ ᠬᠠᠭᠠᠨ ᠤ᠋ ᠦᠷᠡᠰ ᠢ᠋ ᠬᠠᠯᠠᠭᠯᠠᠨ ᠲᠡᠮᠦᠷ ᠪᠡᠶᠡᠲᠦ ᠶᠡᠬᠡ ᠭᠥᠷᠦᠭᠡᠰᠦᠨ᠂ ᠮᠢᠩ ᠤᠯᠤᠰ ᠤ᠋ᠨ ᠴᠢᠩ ᠢᠦᠢ ᠴᠦᠨ ᠦ᠌ ᠬᠥᠭᠡᠭᠡᠬᠦ ᠴᠡᠷᠢᠭ ᠢ᠋ ᠬᠠᠯᠠᠭᠯᠠᠨ ᠲᠣᠰᠴᠤ ᠦᠭᠡ ᠥᠴᠢᠭᠰᠡᠨ ᠡᠳᠡᠭᠡᠷ ᠬᠡᠷᠡᠭ ᠢ᠋ ᠴᠥᠮ ᠲᠣᠭᠠᠴᠢᠵᠤ ᠪᠠᠢᠲᠠᠯ᠎ᠠ ᠥᠴᠦᠬᠡᠨ ᠰᠤᠳᠤᠷᠴᠢ ᠲᠦᠰᠢᠮᠡᠯ ᠮᠢᠨᠦ ᠡᠨᠡ ᠴᠥᠯᠪᠡᠨ ᠪᠢᠴᠢᠬᠦ ᠢᠨᠤ ᠦᠨᠡᠨ ᠳ᠋ᠡᠭᠡᠨ ᠡᠷᠲᠡᠨ ᠦ᠌ ᠶᠡᠬᠡᠯ᠎ᠡ ᠬᠠᠭᠤᠴᠢᠷᠠᠭᠰᠠᠨ ᠡᠳᠦᠭᠡᠬᠢ ᠶ᠋ᠢᠨ ᠬᠥᠮᠦᠨ ᠦ᠌ ᠦᠯᠦ ᠤᠬᠠᠬᠤ ᠠᠶᠠᠰ ᠢ᠋ ᠵᠠᠰᠠᠵᠤ ᠮᠡᠳᠡᠬᠦᠢ ᠳ᠋ᠦ᠍ᠷ ᠬᠢᠯᠪᠠᠷ ᠪᠣᠯᠭᠠᠭᠰᠠᠨ ᠤ᠋ ᠲᠡᠳᠦᠢ ᠯᠡ ᠪᠣᠢ ᠊ᠶ᠎ᠠ᠂ ᠬᠠᠰᠤᠬᠤ ᠨᠡᠮᠡᠬᠦ ᠡᠷᠬᠡ ᠰᠤᠳᠤᠷᠴᠢ ᠮᠢᠨᠦ ᠵᠣᠷᠢᠭ ᠪᠤᠰᠤ ᠶ᠋ᠢᠨ ᠲᠤᠯᠠ ᠡᠴᠢᠭᠡ ᠨᠣᠶᠠᠨ ᠤ᠋ ᠡᠬᠢᠯᠡᠨ ᠴᠥᠯᠪᠡᠭᠰᠡᠨ ᠶᠣᠰᠣᠭᠠᠷ ᠮᠥᠷᠳᠡᠵᠦ ᠠᠶᠤᠩᠭ᠎ᠠ ᠴᠠᠬᠢᠯᠭᠠᠨ ᠰᠠᠯᠬᠢᠨ ᠬᠤᠷ᠎ᠠ᠂ ᠭᠡᠷᠡᠯ ᠰᠣᠯᠣᠩᠭ᠎ᠠ ᠮᠥᠨᠳᠥᠷ ᠬᠢᠷᠠᠭᠤ ᠬᠢᠭᠡᠳ ᠪᠠᠰᠠ ᠲᠡᠭᠷᠢ ᠰᠠᠬᠢᠭᠤᠯᠰᠤᠨ ᠡᠵᠡᠳ ᠬᠤᠪᠢᠯᠭᠠᠨ ᠴᠢᠳᠬᠥᠷ ᠰᠢᠮᠨᠤ ᠠᠯᠪᠢᠨ ᠬᠥᠯᠴᠢᠨ ᠦ᠌ ᠬᠠᠷᠢᠶᠠᠯ ᠵᠦᠬᠡᠯ ᠪᠢᠰᠢᠯᠭᠠᠯ ᠪᠦᠲᠦᠭᠡᠯ ᠬᠢᠭᠡᠳ ᠶᠢᠯᠸᠢᠰ ᠰᠣᠨᠢᠨ ᠵᠢᠭᠲᠡᠢ ᠶ᠋ᠢ ᠤᠭ ᠶᠣᠰᠣᠭᠠᠷ ᠴᠥᠯᠪᠡᠨ ᠪᠢᠴᠢᠴᠦ ᠪᠦᠷᠢᠳᠬᠡᠨ ᠭᠠᠷᠭᠠᠪᠠᠢ᠃ ᠲᠣᠳᠣᠷᠬᠠᠢᠯᠠᠨ ᠮᠡᠳᠡᠭᠦᠯᠬᠦ ᠢᠨᠤ᠄ ᠬᠣᠢᠴᠢ ᠡᠳᠦᠷ ᠦ᠋ᠨ ᠡᠨᠡ ᠰᠤᠳᠤᠷ ᠢ᠋ ᠠᠢᠯᠠᠳᠤᠭᠴᠢ ᠮᠡᠷᠭᠡᠳ ᠰᠠᠢᠳ ᠪᠢᠲᠡᠭᠡᠢ ᠰᠤᠳᠤᠷᠴᠢ ᠨᠠᠮᠠᠶ᠋ᠢ ᠲᠠᠩᠬᠠᠢ ᠦᠭᠡᠰᠲᠦ ᠪᠯᠠᠮ᠎ᠠ ᠨᠠᠷ ᠤ᠋ᠨ ᠠᠪᠢᠶᠠᠰ ᠲᠠᠢ ᠭᠡᠮᠡᠨ ᠲᠠᠰᠢᠶᠠᠳᠠᠨ ᠪᠤᠷᠤᠭᠤᠰᠢᠶᠠ ! ᠰᠤᠳᠤᠷᠴᠢ ᠪᠢ ᠴᠦ᠍ ᠠᠷᠭ᠎ᠠ ᠦᠭᠡᠢ ᠳ᠋ᠡᠭᠡᠨ ᠤᠭ ᠶᠣᠰᠣᠭᠠᠷ ᠪᠢᠴᠢᠭᠰᠡᠨ ᠪᠥᠯᠥᠭᠡ᠃ ᠡᠭᠦᠨ ᠦ᠌ ᠲᠤᠯᠠ ᠨᠠᠷᠢᠨ ᠤᠴᠢᠷ ᠢ᠋ ᠪᠦᠷᠢᠳᠬᠡᠨ ᠭᠠᠷᠭᠠᠵᠤ ᠢᠷᠡᠭᠡᠳᠦᠢ ᠴᠠᠭ ᠤ᠋ᠨ ᠮᠣᠩᠭᠣᠯ ᠲᠣᠭᠠᠲᠠᠨ ᠤ᠋ ᠰᠡᠴᠡᠨ ᠨᠤᠭᠤᠨ ᠪᠠ ᠮᠡᠷᠭᠡᠳ ᠰᠠᠢᠳ ᠲᠤᠷ ᠤᠴᠢᠷ ᠰᠢᠯᠲᠠᠭᠠᠨ ᠢ᠋ ᠲᠣᠳᠣᠷᠬᠠᠢᠯᠠᠨ ᠮᠡᠳᠡᠭᠦᠯᠪᠡ᠃ ᠬᠢᠨᠠᠨ ᠲᠣᠯᠢᠳᠠᠮᠤ !
