ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠭᠤᠲᠠᠭᠠᠷ ᠠᠩᠭᠢ > Хөх судар - Инжинаш < Товчит толт - Гутгар анги >
ᠬᠥᠬᠡ ᠰᠤᠳᠤᠷ - ᠲᠣᠪᠴᠢᠲᠤ ᠲᠣᠯᠲᠣ 〈 ᠭᠤᠲᠠᠭᠠᠷ ᠠᠩᠭᠢ >
ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ ᠤ᠋ᠨ ᠤᠴᠢᠷ
ᠰᠢᠯᠲᠠᠭᠠᠨ ᠨᠢᠭᠡᠨ ᠢᠵᠢ ᠂ ᠲᠣᠪᠴᠢᠲᠤ ᠲᠣᠯᠲᠣ ᠶ᠋ᠢᠨ ᠭᠤᠲᠠᠭᠠᠷ ᠠᠩᠭᠢ
ᠮᠠᠨ ᠤ᠋ ᠤᠭᠰᠠᠭ᠎ᠠ ᠶ᠋ᠢᠨ ᠦᠶ᠎ᠡ ᠳᠠᠷᠠᠭᠠᠯᠠᠨ ᠭᠣᠣᠯ ᠰᠠᠯᠠᠭ᠎ᠠ ᠪᠠᠷ ᠰᠢᠯᠤᠭᠤᠨ ᠢ᠋ᠶ᠋ᠠᠷ ᠲᠤᠭᠤᠯᠤᠭᠰᠠᠨ ᠬᠣᠷᠢᠨ ᠨᠠᠢ᠍ᠮᠠᠨ ᠦᠶ᠎ᠡ᠂ ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ ᠬᠤᠸᠠᠩᠳᠢ ᠲᠠᠢᠽᠦ ᠴᠢᠩᠭᠢᠰ ᠬᠠᠭᠠᠨ ᠤ᠋ ᠨᠡᠷ᠎ᠡ ᠲᠡᠮᠦᠵᠢᠨ᠂ ᠡᠭᠦᠨ ᠦ᠌ ᠳᠥᠷᠪᠡᠳᠦᠭᠡᠷ ᠬᠥᠪᠡᠭᠦᠨ ᠿᠦᠢᠽᠥ᠋ᠩ ᠲᠣᠯᠢ ᠡᠵᠡᠨ᠂ ᠡᠭᠦᠨ ᠦ᠌ ᠳᠥᠷᠪᠡᠳᠦᠭᠡᠷ ᠬᠥᠪᠡᠭᠦᠨ ᠸᠧᠨ ᠡᠦ ᠬᠤᠸᠠᠩᠳᠢ ᠬᠤᠪᠢᠯᠠᠢ ᠰᠡᠴᠡᠨ ᠱ᠌ᠢᠽᠦ ᠬᠠᠭᠠᠨ᠂ ᠡᠭᠦᠨ ᠦ᠌ ᠬᠥᠪᠡᠭᠦᠨ ᠬᠤᠸᠠᠩ ᠲᠠᠢᠽᠢ ᠴᠢᠩᠭᠢᠮ᠂ ᠡᠭᠦᠨ ᠤ ᠠᠬᠠᠮᠠᠳ ᠬᠥᠪᠡᠭᠦᠨ ᠴᠧᠩ ᠳᠠᠷᠮᠠᠪᠠᠯᠠ ᠬᠠᠭᠠᠨ᠂ ᠡᠭᠦᠨ ᠦ᠌ ᠬᠥᠪᠡᠭᠦᠨ ᠿᠸᠡᠽᠦ᠋ᠩ ᠪᠤᠶᠠᠨᠲᠤ ᠬᠠᠭᠠᠨ᠂ ᠡᠭᠦᠨ ᠦ᠌ ᠬᠥᠪᠡᠭᠦᠨ ᠮᠢᠩ ᠳ᠋ᠢ ᠵᠠᠶᠠᠭᠠᠲᠤ ᠬᠠᠭᠠᠨ᠂ ᠡᠭᠦᠨ ᠦ᠌ ᠬᠥᠪᠡᠭᠦᠨ ᠱᠦᠨᠳᠢ ᠲᠣᠭᠣᠨ ᠲᠡᠮᠦᠷ ᠤᠬᠠᠭᠠᠨᠲᠤ ᠬᠠᠭᠠᠨ᠂ ᠡᠨᠡ ᠨᠠᠢ᠍ᠮᠠᠨ ᠦᠶ᠎ᠡ ᠶ᠋ᠢᠨ ᠳᠣᠲᠣᠷ᠎ᠠ ᠠᠪᠠᠭ᠎ᠠ ᠠᠴᠢ ᠠᠬ᠎ᠠ ᠳᠡᠭᠦᠦ ᠡᠭᠡᠯᠵᠢᠯᠡᠨ ᠰᠠᠭᠤᠭᠰᠠᠨ ᠯᠤᠭ᠎ᠠ ᠨᠡᠢᠲᠡ ᠠᠷᠪᠠᠨ ᠳᠥᠷᠪᠡᠨ ᠬᠠᠭᠠᠨ ᠰᠠᠭᠤᠭᠰᠠᠨ ᠪᠥᠯᠥᠭᠡ᠃ ᠲᠡᠭᠦᠨ ᠢ᠋ ᠪᠤᠰᠤ ᠳᠡᠪᠲᠡᠷ ᠲᠣᠷ ᠳᠠᠷᠠᠭᠠᠯᠠᠨ ᠭᠠᠷᠭᠠᠪᠠ᠃ ᠡᠭᠦᠨ ᠡᠴᠡ ᠨᠠᠢ᠍ᠮᠠᠨ ᠦᠶ᠎ᠡ ᠶ᠋ᠢᠨ ᠳᠣᠲᠣᠷ᠎ᠠ ᠠᠷᠪᠠᠨ ᠳᠥᠷᠪᠡᠨ ᠬᠠᠭᠠᠨ ᠰᠠᠭᠤᠵᠤ᠂ ᠨᠢᠭᠡ ᠵᠠᠭᠤᠨ ᠵᠢᠷᠠᠨ ᠬᠣᠶᠠᠷ ᠵᠢᠯ ᠨᠡᠢᠭᠡᠮ ᠳᠡᠯᠡᠬᠡᠢ ᠳ᠋ᠠᠬᠢᠨ ᠤ᠋ ᠡᠵᠡᠨ ᠪᠣᠯᠵᠤ ᠶᠠᠪᠤᠪᠠ᠃ ᠡᠭᠦᠨᠴᠡ ᠲᠣᠭᠣᠨ ᠲᠡᠮᠦᠷ ᠤᠬᠠᠭᠠᠨᠲᠤ ᠬᠠᠭᠠᠨ ᠤ᠋ ᠬᠥᠪᠡᠭᠦᠨ ᠤᠰᠬᠠᠯ ᠬᠠᠨ᠂ ᠡᠭᠦᠨ ᠤ ᠬᠥᠪᠡᠭᠦᠨ ᠬᠠᠷᠬᠤᠴᠠᠰ ᠬᠠᠨ᠂ ᠡᠭᠦᠨ ᠦ᠌ ᠬᠥᠪᠡᠭᠦᠨ ᠠᠵᠢ ᠲᠠᠢᠽᠢ᠂ ᠡᠭᠦᠨ ᠦ᠌ ᠬᠥᠪᠡᠭᠦᠨ ᠠᠪᠠᠷᠠᠢ ᠬᠠᠨ᠂ ᠡᠭᠦᠨ ᠦ᠌ ᠬᠥᠪᠡᠭᠦᠨ ᠬᠠᠭᠤᠷᠴᠢᠭ ᠬᠠᠨ᠂ ᠡᠭᠦᠨ ᠦ᠌ ᠬᠥᠪᠡᠭᠦᠨ ᠪᠠᠶᠠᠨᠮᠥ᠋ᠩᠬᠡ ᠵᠢᠨᠦᠩ᠂ ᠡᠭᠦᠨ ᠦ᠌ ᠬᠥᠪᠡᠭᠦᠨ ᠪᠠᠷᠰᠪᠣᠯᠣᠳ ᠬᠠᠨ᠂ ᠡᠭᠦᠨ ᠦ᠌ ᠬᠥᠪᠡᠭᠦᠨ ᠠᠯᠲᠠᠨ ᠭᠡᠭᠡᠨ ᠳ᠋ᠠᠢ ᠶᠤᠸᠠᠨ ᠬᠠᠭᠠᠨ᠂ ᠡᠭᠦᠨ ᠤ ᠬᠥᠪᠡᠭᠦᠨ ᠰᠡᠩᠭᠡᠳᠦ᠋ᠭᠦᠷᠡᠩ ᠬᠠᠨ᠂ ᠡᠭᠦᠨ ᠦ᠌ ᠬᠥᠪᠡᠭᠦᠨ ᠬᠠᠯᠲᠤ ᠨᠣᠶᠠᠨ᠂ ᠡᠭᠦᠨ ᠦ᠌ ᠬᠥᠪᠡᠭᠦᠨ ᠪᠠᠷᠠᠭᠤᠨ ᠲᠦᠮᠡᠳ ᠬᠤᠰᠢᠭᠤᠨ ᠤ᠋ ᠵᠠᠰᠠᠭ ᠪᠠᠢᠰᠠ ᠬᠥᠮᠥ ᠨᠣᠶᠠᠨ᠂ ᠡᠭᠦᠨ ᠦ᠌ ᠬᠥᠪᠡᠭᠦᠨ ᠵᠠᠰᠠᠭ ᠪᠡᠢᠰᠡ ᠬᠦᠨᠴᠢᠭᠵᠠᠪ ᠨᠣᠶᠠᠨ᠂ ᠡᠭᠦᠨ ᠦ᠌ ᠬᠥᠪᠡᠭᠦᠨ ᠲᠤᠷᠵᠠᠶᠠᠯ ᠨᠣᠶᠠᠨ᠂ ᠡᠭᠦᠨ ᠦ᠌ ᠬᠥᠪᠡᠭᠦᠨ ᠴᠢᠩᠪᠢᠰᠢᠷᠡᠯᠲᠦ ᠨᠣᠶᠠᠨ᠂ ᠡᠭᠦᠨ ᠦ᠌ ᠬᠥᠪᠡᠭᠦᠨ ᠳᠤᠨᠳᠤᠪ ᠨᠣᠶᠠᠨ᠂ ᠡᠭᠦᠨ ᠦ᠌ ᠬᠥᠪᠡᠭᠦᠨ ᠯᠾᠠᠸᠠᠩᠨᠤᠷᠪᠦᠦ ᠨᠣᠶᠠᠨ᠂ ᠡᠭᠦᠨ ᠦ᠌ ᠬᠥᠪᠡᠭᠦᠨ ᠲᠤᠰᠠᠯᠠᠭᠴᠢ ᠸᠠᠩᠴᠢᠨᠪᠠᠯᠠ ᠨᠣᠶᠠᠨ᠃ ᠡᠨᠡ ᠸᠠᠩ ᠨᠣᠶᠠᠨ ᠤ᠋ ᠪᠡᠶ᠎ᠡ ᠳ᠋ᠦ᠍ᠷ ᠬᠦᠷᠲᠡᠯ᠎ᠡ ᠬᠠᠷᠠᠴᠤᠰ ᠯᠤᠭ᠎ᠠ ᠤᠷᠤᠭ ᠪᠠᠷᠢᠯᠳᠤᠭᠠᠳᠤᠢ᠃ ᠡᠨᠡ ᠨᠣᠶᠠᠨ ᠤ᠋ ᠭᠠᠭᠴᠠ ᠶᠡᠬᠡ ᠬᠠᠲᠤᠨ ᠮᠠᠨᠶᠤᠱᠠᠺᠠ ᠲᠠᠢᠵᠢᠶᠦ᠋ᠨ ᠡᠴᠡ ᠨᠠᠢ᠍ᠮᠠᠨ ᠬᠥᠪᠡᠭᠦᠨ ᠲᠥᠷᠥᠪᠡ᠃ ᠶᠡᠬᠡ ᠬᠥᠪᠡᠭᠦᠨ ᠭᠦᠯᠠᠷᠠᠨᠽᠠ᠂ ᠬᠣᠶᠠᠳᠤᠭᠠᠷ ᠬᠥᠪᠡᠭᠦᠨ ᠰᠦᠳᠡᠨᠳᠠᠨᠢ᠂ ᠭᠤᠷᠪᠠᠳᠤᠭᠠᠷ ᠬᠥᠪᠡᠭᠦᠨ ᠮᠦᠨᠢᠶᠠᠱᠦ᠂ ᠳᠥᠷᠪᠡᠳᠦᠭᠡᠷ ᠬᠥᠪᠡᠭᠦᠨ ᠮᠦᠨᠢᠯᠦᠺᠠ᠂ ᠲᠠᠪᠤᠳᠤᠭᠠᠷ ᠬᠥᠪᠡᠭᠦᠨ ᠭᠦᠩᠨᠠᠴᠤᠭᠡ᠂ ᠵᠢᠷᠭᠤᠳᠤᠭᠠᠷ ᠬᠥᠪᠡᠭᠦᠨ ᠰᠦᠩᠸᠠᠢᠳᠠᠨᠵᠦ᠋ᠩ᠂ ᠳᠣᠯᠣᠳᠤᠭᠠᠷ ᠬᠥᠪᠡᠭᠦᠨ ᠢᠨᠵᠠᠨᠨᠠᠰᠢ᠂ ᠨᠠᠢ᠍ᠮᠠᠳᠤᠭᠠᠷ ᠬᠥᠪᠡᠭᠦᠨ ᠯᠦᠭᠦᠩᠵᠦ᠋ᠭᠨᠠᠢ ᠡᠨᠡ ᠠᠬ᠎ᠠ ᠳᠡᠭᠦᠦ ᠨᠠᠢ᠍ᠮᠠᠭᠤᠯᠠ ᠠ᠋ᠴᠠ ᠶᠡᠬᠡ ᠥᠰᠴᠦ ᠪᠡᠶ᠎ᠡ ᠪᠦᠲᠦᠭᠰᠡᠨ ᠢᠨᠦ ᠠᠬᠠᠮᠠᠳ ᠬᠥᠪᠡᠭᠦᠨ ᠲᠤᠰᠠᠯᠠᠭᠴᠢ ᠲᠠᠢᠵᠢ ᠬᠦᠯᠠᠷᠠᠨᠽᠠ᠂ ᠲᠠᠪᠤᠳᠤᠭᠠᠷ ᠬᠥᠪᠡᠭᠦᠨ ᠲᠠᠢᠵᠢ ᠭᠦᠩᠨᠠᠴᠤᠭᠡ᠂ ᠵᠢᠷᠭᠤᠳᠤᠭᠠᠷ ᠬᠥᠪᠡᠭᠦᠨ ᠲᠠᠮᠠᠭ᠎ᠠ ᠬᠠᠮᠢᠶᠠᠷᠤᠭᠰᠠᠨ ᠲᠤᠰᠠᠯᠠᠭᠴᠢ ᠲᠠᠢᠵᠢ ᠰᠦᠩᠸᠠᠢᠳᠠᠨᠵᠦ᠋ᠩ᠂ ᠳᠣᠯᠣᠳᠤᠭᠠᠷ ᠬᠥᠪᠡᠭᠦᠨ ᠲᠠᠢᠵᠢ ᠢᠨᠵᠠᠨᠨᠠᠰᠢ ᠡᠨᠡ ᠳᠥᠷᠪᠡᠭᠦᠯᠡ ᠪᠥᠯᠥᠭᠡ᠃ ᠡᠭᠦᠨᠴᠡ ᠲᠠᠢᠵᠢ ᠢᠨᠵᠠᠨᠨᠠᠰᠢ ᠪᠢ ᠬᠣᠷᠢᠨ ᠶᠢᠰᠦᠨ ᠨᠠᠰᠤᠨ ᠳ᠋ᠤᠷ ᠬᠣᠶᠠᠳᠤᠭᠠᠷ ᠬᠥᠪᠡᠭᠦᠨ ᠴᠢᠮᠠᠳᠺᠢᠷᠠ ᠶ᠋ᠢ ᠲᠥᠷᠥᠵᠦ᠂ ᠭᠤᠴᠢᠨ ᠳᠥᠷᠪᠡᠨ ᠨᠠᠰᠤᠨ᠎ᠠ ᠡᠨᠡ ᠪᠢᠴᠢᠭ ᠢ᠋ ᠪᠢᠴᠢᠬᠦᠶ᠎ᠡ ᠭᠠᠷᠤᠭᠰᠠᠨ ᠰᠢᠯᠲᠠᠭᠠᠨ ᠢ᠋ ᠪᠢᠴᠢᠭᠰᠡᠨ ᠢᠨᠦ᠄
ᠴᠧᠩ ᠲᠢᠶᠠᠨ ᠴᠢ ᠶᠦᠨ ᠱᠸᠩ ᠡᠦ ᠬᠤᠸᠠᠩᠳᠢ -- ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ ᠬᠤᠸᠠᠩᠳᠢ ᠴᠢᠩᠭᠢᠰ ᠬᠠᠭᠠᠨ ᠶᠤᠸᠠᠨ ᠤᠯᠤᠰ ᠤ᠋ᠨ ᠲᠠᠢᠽᠦ ᠲᠡᠭᠷᠢᠯᠢᠭ ᠲᠡᠮᠦᠵᠢᠨ ᠡᠪᠦᠭᠡ ᠡᠴᠡ ᠲᠠᠢᠵᠢ ᠢᠨᠵᠠᠨᠨᠠᠰᠢ ᠮᠢᠨᠦ ᠪᠡᠶ᠎ᠡ ᠳ᠋ᠦ᠍ᠷ ᠬᠦᠷᠲᠡᠯ᠎ᠡ ᠬᠣᠷᠢᠨ ᠨᠠᠢ᠍ᠮᠠᠨ ᠦᠶ᠎ᠡ ᠪᠣᠯᠪᠠ᠃ ᠲᠡᠢᠨ ᠬᠦ᠌ ᠲᠠᠢᠵᠢ ᠢᠨᠵᠠᠨᠨᠠᠰᠢ ᠪᠢ ᠶᠢᠷᠲᠢᠨᠴᠦ ᠶ᠋ᠢᠨ ᠬᠡᠷᠡᠭ ᠢ᠋ ᠮᠡᠳᠡᠭᠰᠡᠨ ᠡᠴᠡ ᠢᠨᠠᠭᠰᠢ ᠥᠪᠡᠷ ᠦ᠋ᠨ ᠪᠡᠶ᠎ᠡ ᠶ᠋ᠢᠨ ᠤᠴᠢᠷ ᠢ᠋ ᠪᠣᠳᠣᠬᠤᠯ᠎ᠠ ᠮᠢᠨᠦ ᠡᠨᠡ ᠳᠠᠢᠴᠢᠩ ᠤᠯᠤᠰ ᠤ᠋ᠨ ᠳᠡᠯᠡᠬᠡᠢ ᠳ᠋ᠠᠬᠢᠨ ᠬᠡᠮᠡᠭᠴᠢ ᠨᠢᠭᠡᠨ ᠲᠡᠭᠷᠢ ᠶ᠋ᠢᠨ ᠬᠥᠪᠡᠭᠦᠨ ᠳᠥᠷᠪᠡᠨ ᠳᠠᠯᠠᠢ ᠶ᠋ᠢ ᠡᠵᠡᠯᠡᠵᠦ᠂ ᠬᠠᠤᠯᠢ ᠴᠠᠭᠠᠵᠠ ᠰᠦᠷ ᠳᠦᠷᠢᠮ ᠢ᠋ᠶ᠋ᠡᠷ ᠵᠠᠭᠤᠨ ᠣᠪᠣᠭᠲᠠᠨ ᠢ᠋ ᠵᠠᠰᠠᠵᠤ᠂ ᠵᠠᠭᠤᠨ ᠣᠪᠣᠭᠲᠠᠨ ᠨᠢᠭᠡᠬᠡᠨ ᠡᠵᠡᠨ ᠢ᠋ ᠦᠢᠯᠡᠴᠢᠯᠡᠵᠦ᠂ ᠡᠭᠦᠨ ᠦ᠌ ᠳᠣᠲᠣᠷ᠎ᠠ ᠠ᠋ᠴᠠ ᠲᠡᠭᠷᠢ ᠶ᠋ᠢᠨ ᠬᠥᠪᠡᠭᠦᠨ ᠰᠡᠴᠡᠨ ᠭᠡᠭᠡᠬᠡᠨ ᠣᠶᠤᠲᠠᠨ ᠪᠢᠯᠢᠭᠲᠡᠨ ᠢ᠋ ᠰᠤᠷᠲᠠᠯ ᠠᠰᠠᠭᠤᠯᠲᠠ ᠪᠠᠷ ᠠᠨᠤ ᠰᠣᠩᠭᠣᠨ ᠠᠪᠴᠤ ᠬᠥᠬᠢᠭᠦᠯᠦᠨ ᠬᠥᠮᠦᠵᠢᠭᠦᠯᠵᠦ᠂ ᠣᠶᠤᠨ ᠮᠠᠲᠠᠯ ᠤ᠋ᠨ ᠬᠢᠷᠢ ᠪᠡᠷ ᠢᠨᠦ ᠲᠡᠩᠴᠡᠭᠦᠯᠦᠨ ᠬᠡᠷᠡᠭᠯᠡᠵᠦ ᠵᠧᠦ᠂ ᠰᠢᠶᠠᠨ᠂ ᠹᠦ᠂ ᠳ᠋ᠣᠣ ᠶ᠋ᠢᠨ ᠵᠡᠷᠭᠡ ᠲᠤᠰᠢᠶᠠᠯ ᠢ᠋ᠶ᠋ᠠᠷ ᠳᠡᠰ ᠳᠡᠰ ᠳᠡᠪᠰᠢᠭᠦᠯᠦᠨ ᠬᠡᠷᠡᠭᠯᠡᠭᠰᠡᠭᠡᠷ ᠦᠨᠡᠬᠡᠷ ᠶᠡᠬᠡ ᠣᠶᠤᠨ᠂ ᠶᠡᠬᠡ ᠮᠠᠲᠠᠯ ᠠᠪᠠᠰᠤ᠂ ᠽᠠᠢᠰᠢᠶᠠᠩ᠂ ᠵᠦᠩᠲ᠋ᠠᠩ ᠤ᠋ᠨ ᠵᠡᠷᠭᠡ ᠶ᠋ᠢᠨ ᠲᠤᠰᠢᠶᠠᠯ ᠳ᠋ᠤᠷ ᠭᠥᠷᠥᠭᠦᠯᠵᠦ᠂ ᠳᠡᠭᠡᠭᠰᠢᠳᠡ ᠨᠢᠭᠡᠨ ᠡᠵᠡᠨ ᠦ᠌ ᠳᠣᠣᠷ᠎ᠠ᠂ ᠳᠣᠷᠣᠭᠰᠢ ᠲᠦᠮᠡᠨ ᠤᠯᠤᠰ ᠤ᠋ᠨ ᠳᠡᠭᠡᠷ᠎ᠡ ᠪᠣᠯᠭᠠᠵᠤ᠂ ᠨᠢᠭᠡᠨ ᠬᠥᠮᠦᠨ ᠢ᠋ᠶ᠋ᠡᠷ ᠲᠦᠮᠡᠨ ᠬᠢᠵᠠᠭᠠᠷ ᠢ᠋ ᠵᠠᠰᠠᠭᠤᠯᠵᠤ᠂ ᠨᠠᠷᠠᠨ ᠰᠠᠷᠠᠨ ᠤ᠋ ᠭᠡᠷᠡᠯ ᠲᠣᠰᠴᠤ ᠠᠷᠭ᠎ᠠ ᠪᠢᠯᠢᠭ ᠦ᠋ᠨ ᠠᠮᠢᠳᠤᠷᠠᠯ ᠪᠦᠬᠦᠢ ᠬᠥᠮᠦᠨ ᠲᠥᠷᠥᠯᠬᠢᠲᠡᠨ ᠦ᠌ ᠠᠷᠢᠭᠤᠨ ᠭᠡᠭᠡᠬᠡᠨ ᠣᠶᠤᠨ ᠪᠢᠯᠢᠭᠲᠡᠨ ᠢ᠋ ᠲᠠᠯᠠᠭᠠᠷ ᠦᠯᠦ ᠭᠡᠭᠡᠭᠳᠡᠭᠦᠯᠦᠨ᠂ ᠰᠡᠴᠡᠨ ᠮᠡᠷᠭᠡᠨ ᠲᠥᠷᠥᠭᠰᠡᠨ ᠣᠶᠤᠲᠠᠨ ᠢ᠋ ᠭᠡᠭᠡᠭᠳᠡᠨ ᠣᠷᠬᠢᠭᠳᠠᠵᠤ ᠳᠠᠷᠤᠭᠳᠠᠨ ᠬᠢᠯᠢᠰᠳᠡᠭᠦᠯᠬᠦ ᠳ᠋ᠦ᠍ᠷ ᠬᠦᠷᠦᠭᠦᠯᠬᠦ ᠦᠭᠡᠢ ᠢᠨᠤ᠂ ᠡᠨᠡ ᠴᠣᠬᠣᠮ ᠲᠡᠭᠷᠢ ᠶ᠋ᠢᠨ ᠬᠥᠪᠡᠭᠦᠨ ᠸᠠᠩ ᠤ᠋ᠨ ᠶᠣᠰᠣᠨ ᠤ᠋ ᠦᠰᠦᠨ ᠦ᠌ ᠲᠡᠳᠦᠢ ᠥᠪᠡᠷᠴᠢᠯᠡᠯ ᠠᠳᠬᠠᠭ ᠦᠭᠡᠢ᠂ ᠳᠡᠯᠡᠬᠡᠢ ᠳ᠋ᠠᠬᠢᠨ ᠤ᠋ ᠨᠡᠢᠭᠡᠮ ᠢ᠋ ᠨᠢᠯᠬ᠎ᠠ ᠬᠥᠪᠡᠭᠦᠨ ᠢ᠋ ᠰᠤᠪᠢᠯᠠᠨ ᠪᠦᠪᠡᠢᠯᠡᠬᠦ ᠮᠡᠲᠦ ᠦᠵᠡᠬᠦ ᠨᠡᠢᠭᠡᠮ ᠲᠦᠭᠡᠮᠡᠯ ᠥᠷᠥᠰᠢᠶᠡᠯ ᠪᠥᠭᠡᠲᠡᠯ᠎ᠡ ᠡᠭᠦᠨ ᠦ᠌ ᠳᠣᠲᠣᠷ᠎ᠠ ᠪᠠᠰᠠ ᠨᠢᠭᠡᠨ ᠵᠦᠢᠯ ᠦ᠋ᠨ ᠰᠣᠨᠢᠨ ᠤᠴᠢᠷ ᠪᠣᠢ᠃ ᠡᠦᠲᠦ ᠡᠨᠡ ᠤᠴᠢᠷ ᠢ᠋ ᠭᠦᠨᠡᠴᠢᠯᠡᠨ ᠲᠣᠭᠠᠴᠢᠵᠤ ᠭᠠᠷᠭᠠᠪᠠᠰᠤ ᠮᠡᠷᠭᠡᠳ ᠢ᠋ᠶ᠋ᠡᠷ ᠮᠥᠨ ᠠᠨᠢᠰᠬ᠎ᠠ ᠠᠲᠤᠷᠢᠨ ᠳᠡᠪᠲᠡᠷ ᠦ᠋ᠨ ᠡᠰᠡᠷᠭᠦ ᠰᠡᠭᠦᠷᠡᠰᠦᠨ ᠠᠯᠳᠠᠬᠤᠢ ᠳ᠋ᠤᠷ ᠬᠥᠷᠥᠮᠦᠢ᠃ ᠤᠴᠢᠷ ᠶᠠᠭᠤᠨ ᠬᠡᠮᠡᠪᠡᠰᠦ᠄ ᠣᠷᠴᠢᠯᠠᠩ ᠬᠡᠮᠡᠭᠴᠢ ᠨᠡᠢᠲᠡ ᠪᠡᠷ ᠠᠷᠭ᠎ᠠ ᠪᠢᠯᠢᠭ ᠡᠴᠡ ᠪᠦᠲᠦᠵᠦᠬᠦᠢ᠃ ᠠᠷᠭ᠎ᠠ ᠪᠢᠯᠢᠭ ᠦ᠋ᠨ ᠬᠣᠶᠠᠷ ᠠᠮᠢᠰᠬᠤᠯ ᠪᠦᠬᠦᠢ ᠭᠠᠵᠠᠷ ᠲᠤᠷ ᠬᠥᠮᠦᠨ ᠠᠮᠢᠲᠠᠨ ᠢ᠋ ᠲᠥᠷᠥᠵᠦ ᠡᠭᠦᠰᠬᠡᠮᠦᠢ᠃ ᠨᠢᠭᠡᠨᠲᠡ ᠬᠥᠮᠦᠨ ᠲᠥᠷᠥᠯᠬᠢᠲᠡᠨ ᠦ᠌ ᠪᠡᠶ᠎ᠡ ᠶ᠋ᠢ ᠠᠪᠴᠤ ᠲᠥᠷᠥᠪᠡᠰᠦ ᠡᠷᠬᠡᠪᠰᠢ ᠮᠠᠲᠠᠯ ᠣᠶᠤᠨ ᠠᠮᠤᠢ᠃ ᠨᠢᠭᠡᠨᠲᠡ ᠮᠠᠲᠠᠯ ᠠᠪᠠᠰᠤ ᠯᠠᠪ ᠪᠠᠰᠠ ᠭᠦᠨ ᠭᠦᠶᠦᠭᠡᠨ ᠶᠡᠬᠡ ᠪᠠᠭ᠎ᠠ ᠪᠠᠢᠬᠤ ᠠᠨᠤ ᠮᠠᠭᠠᠳ ᠪᠥᠭᠡᠲᠡᠯ᠎ᠡ ᠡᠨᠡ ᠳᠠᠢᠴᠢᠩ ᠤᠯᠤᠰ ᠲᠤᠷ ᠮᠣᠩᠭᠣᠯ ᠠ᠋ᠴᠠ ᠬᠣᠵᠢᠮ ᠳᠠᠭᠠᠭᠰᠠᠨ -- ᠮᠣᠩᠭᠣᠯ ᠤ᠋ᠨ ᠴᠢᠨᠡᠭᠡᠨ ᠵᠢᠳᠬᠦᠯ ᠭᠠᠪᠢᠶ᠎ᠠ ᠦᠭᠡᠢ᠂ ᠬᠣᠲᠣᠩ ᠤᠯᠤᠰ ᠤ᠋ᠨ ᠬᠥᠮᠦᠨ ᠪᠣᠯᠪᠠᠴᠤ ᠪᠠᠰᠠ ᠲᠡᠭᠦᠨ ᠦ᠌ ᠰᠡᠴᠡᠨ ᠮᠡᠷᠭᠡᠨ ᠣᠶᠤᠲᠠᠨ ᠪᠢᠯᠢᠭᠲᠡᠨ ᠢ᠋ ᠳᠠᠷᠤᠭᠳᠠᠭᠤᠯᠤᠨ ᠭᠡᠭᠡᠭᠳᠡᠭᠦᠯᠵᠦ ᠬᠢᠯᠢᠰᠳᠡᠨ ᠬᠣᠷᠣᠰᠬᠤ ᠦᠭᠡᠢ ᠡᠷᠬᠡᠪᠰᠢ ᠪᠠᠰᠠ ᠤᠳᠬ᠎ᠠ ᠤᠶᠠᠩᠭ᠎ᠠ ᠪᠠᠷ ᠰᠢᠯᠭᠠᠭᠤᠯᠤᠨ ᠰᠣᠩᠭᠣᠭᠤᠯᠵᠤ ᠳᠡᠪᠰᠢᠭᠦᠯᠦᠨ ᠬᠥᠬᠢᠭᠦᠯᠵᠦ᠂ ᠲᠦᠰᠢᠮᠡᠯ ᠰᠠᠭᠤᠯᠭᠠᠨ ᠬᠡᠷᠡᠭᠯᠡᠵᠦ ᠪᠦᠬᠦᠢ ᠳ᠋ᠦ᠍ᠷ ᠣᠨᠴᠠ ᠮᠣᠩᠭᠣᠯ ᠲᠣᠭᠠᠲᠠᠨ ᠪᠦᠬᠦᠨ ᠢ᠋ ᠨᠢᠭᠡᠮᠦᠰᠦᠨ ᠦᠯᠦ ᠰᠢᠯᠭᠠᠭᠤᠯᠬᠤ ᠠᠨᠤ ᠶᠠᠮᠪᠠᠷ ᠤᠴᠢᠷ ᠪᠣᠯᠪᠠ ? ᠲᠡᠢᠨ ᠬᠦ᠌ ᠡᠭᠦᠨ ᠤ ᠤᠴᠢᠷ ᠢ᠋ ᠨᠡᠬᠡᠮᠵᠢᠯᠡᠨ ᠳᠠᠪᠲᠠᠨ ᠰᠡᠳᠬᠢᠬᠦᠯᠡ ᠮᠣᠩᠭᠣᠯ ᠠ᠋ᠴᠠ ᠪᠢᠳᠠᠭᠤ ᠮᠤᠩᠬᠠᠭ ᠴᠦᠯᠢᠰ ᠪᠢᠲᠡᠭᠦᠯᠢᠭ᠂ ᠰᠢᠯᠭᠠᠪᠠᠴᠤ ᠭᠠᠷᠬᠤ ᠬᠥᠮᠦᠨ ᠦᠭᠡᠢ ᠭᠡᠵᠦ ᠰᠢᠯᠭᠠᠬᠤ ᠬᠠᠤᠯᠢ ᠡᠰᠡ ᠲᠣᠭᠲᠠᠭᠠᠪᠠ ᠬᠡᠮᠡᠬᠦᠯ᠎ᠡ ᠪᠠᠰᠠ ᠡᠨᠡ ᠶᠤᠸᠠᠨ ᠤᠯᠤᠰ ᠤ᠋ᠨ ᠦᠶ᠎ᠡ ᠳ᠋ᠦ᠍ᠷ ᠪᠠᠰᠠ ᠡᠨᠡ ᠮᠡᠲᠦ ᠪᠣᠭᠳᠠ ᠬᠠᠭᠠᠳ ᠲᠥᠷᠥᠵᠦ᠂ ᠳᠡᠯᠡᠬᠡᠢ ᠳ᠋ᠠᠬᠢᠨ ᠢ᠋ ᠨᠢᠭᠡ ᠵᠠᠭᠤᠨ ᠵᠢᠷᠠᠨ ᠬᠣᠶᠠᠷ ᠣᠨ ᠠᠮᠤᠭᠤᠯᠤᠨ ᠵᠠᠰᠠᠵᠤᠬᠤᠢ᠃ ᠭᠠᠭᠴᠠ ᠬᠠᠭᠠᠨ ᠠ᠋ᠴᠠ ᠪᠤᠰᠤ ᠠᠨᠤ ᠴᠥᠮ ᠮᠤᠩᠬᠠᠭ ᠬᠡᠮᠡᠬᠦᠯ᠎ᠡ ᠬᠤᠪᠢᠯᠠᠢ ᠰᠡᠴᠡᠨ ᠱ᠌ᠢᠽᠦ ᠬᠠᠭᠠᠨ ᠤ᠋ ᠦᠶ᠎ᠡ ᠳ᠋ᠦ᠍ᠷ ᠰᠠᠶᠢ ᠪᠣᠭᠳᠠ ᠺᠦᠩ ᠹᠦᠽᠢ ᠶ᠋ᠢᠨ ᠬᠡᠳᠦᠢᠴᠢᠨᠡᠭᠡᠨ ᠤᠯᠤᠰ ᠲᠤᠷ ᠡᠰᠡ ᠣᠯᠵᠤ ᠡᠷᠭᠦᠮᠵᠢᠯᠡᠭᠳᠡᠭᠰᠡᠨ ᠢ᠋ ᠶᠤᠸᠠᠨ ᠤᠯᠤᠰ ᠲᠤᠷ 《ᠳᠠ ᠴᠧᠩ ᡁᠢ ᠱᠧᠩ 》ᠬᠡᠮᠡᠬᠦ ᠶᠡᠬᠡᠳᠡ ᠦᠨᠡᠨᠴᠢ ᠲᠤᠢᠯ ᠤ᠋ᠨ ᠪᠣᠭᠳᠠ 《ᠳᠠ ᠴᠧᠩ 》ᠬᠡᠮᠡᠬᠦ ᠬᠣᠶᠠᠷ ᠦᠭᠡᠰ ᠢ᠋ ᠣᠯᠵᠤ ᠡᠷᠭᠦᠮᠵᠢᠯᠡᠵᠦᠬᠦᠢ᠃ ᠡᠭᠦᠨ ᠡᠴᠡ ᠤᠷᠤᠭᠰᠢ ᠴᠥᠮ ᠡᠢᠮᠦ ᠬᠦᠩ᠂ ᠲᠡᠢᠮᠦ ᠸᠠᠩ ᠭᠡᠮᠡᠨ ᠡᠷᠭᠦᠳᠡᠭ ᠪᠥᠯᠥᠭᠡ ᠃ ᠲᠡᠢᠨ ᠬᠦ᠌ ᠬᠤᠪᠢᠯᠠᠢ ᠰᠡᠴᠡᠨ ᠬᠠᠭᠠᠨ ᠤ᠋ ᠰᠤᠷᠤᠯᠭ᠎ᠠ ᠠᠰᠠᠭᠤᠯᠭ᠎ᠠ ᠳᠡᠯᠡᠬᠡᠢ ᠳ᠋ᠠᠬᠢᠨ ᠤ᠋ ᠪᠢᠴᠢᠭ ᠦ᠋ᠨ ᠡᠷᠳᠡᠮᠲᠡᠨ ᠢ᠋ ᠲᠦᠯᠪᠡᠷᠡᠭᠦᠯᠬᠦᠢ ᠳ᠋ᠦ᠍ᠷ ᠵᠦᠩ ᠱᠤ᠌ ᠱᠧᠩ ᠲᠦᠰᠢᠮᠡᠯ ᠵᠠᠩ ᠳ᠋ᠸ ᠾᠦᠢ ᠶ᠋ᠢᠨ ᠵᠡᠷᠭᠡ ᠶ᠋ᠢᠨ ᠡᠷᠳᠡᠮᠲᠦ ᠰᠠᠢᠳ ᠦᠬᠦᠨ ᠪᠢᠰᠢᠷᠡᠭᠡᠳ ᠱ᠌ᠢᠽᠦ ᠬᠠᠭᠠᠨ᠎ᠠ ᠢᠳᠬᠠᠯ ᠰᠡᠷᠭᠦᠭᠡᠯ ᠪᠠᠷᠢᠬᠤᠢ ᠳ᠋ᠠᠭᠠᠨ ᠱ᠌ᠢᠽᠦ ᠬᠠᠭᠠᠨ ᠢ᠋ ᠪᠢᠴᠢᠭ ᠦ᠋ᠨ ᠰᠤᠷᠭᠠᠭᠤᠯᠢ ᠶ᠋ᠢᠨ ᠲᠠᠢᠽᠦ᠋ᠩ ᠪᠠᠭᠰᠢ ᠭᠡᠮᠡᠨ ᠡᠷᠭᠦᠳᠡᠭ ᠪᠥᠯᠥᠭᠡ᠃ ᠨᠡᠩ ᠪᠠᠰᠠ ᠮᠣᠩᠭᠣᠯ ᠲᠦᠰᠢᠮᠡᠳ ᠡᠴᠡ ᠭᠠᠰᠢᠭᠤᠨ ᠢ᠋ᠶ᠋ᠠᠷ ᠪᠢᠴᠢᠭ ᠤᠩᠰᠢᠵᠤ ᠪᠡᠶ᠎ᠡ ᠭᠠᠷᠤᠭᠰᠠᠨ ᠰᠣᠳᠣ᠂ ᠪᠠᠶᠠᠨ᠂ ᠮᠤᠬᠤᠷ ᠵᠡᠷᠭᠡ ᠶ᠋ᠢᠨ ᠣᠯᠠᠨ ᠡᠷᠳᠡᠮᠲᠡᠨ ᠭᠠᠷᠴᠤ ᠲᠡᠳᠡᠭᠡᠷ ᠦ᠋ᠨ ᠰᠢᠯᠦᠭ ᠤᠳᠬ᠎ᠠ ᠰᠢᠭᠦᠮᠵᠢᠯᠡᠯ ᠨᠠᠢᠷᠠᠭᠤᠯᠤᠯ ᠢ᠋ ᠡᠳᠦᠭᠡ ᠪᠣᠯᠲᠠᠯ᠎ᠠ《ᠶᠤᠸᠠᠨ ᠵᠢᠶᠠᠨ ᠯᠧᠢ ᠬᠠᠨ》 ᠪᠢᠴᠢᠭ ᠲᠦ᠍ ᠲᠡᠮᠳᠡᠭᠯᠡᠭᠰᠡᠭᠡᠷ ᠪᠣᠢ᠃ ᠡᠭᠦᠨ ᠢ᠋ᠶ᠋ᠡᠷ ᠦᠵᠡᠬᠦᠯ᠎ᠡ ᠮᠣᠩᠭᠣᠯ ᠲᠣᠭᠠᠲᠠᠨ ᠴᠥᠮ ᠮᠤᠩᠬᠠᠭ ᠪᠤᠰᠤ ᠠᠨᠤ ᠢᠯᠡᠷᠬᠡᠢ ᠪᠤᠰᠤ ᠤᠤ ! ᠡᠰᠡᠬᠦᠯ᠎ᠡ ᠮᠠᠨ ᠤ᠋ ᠮᠣᠩᠭᠣᠯ ᠤ᠋ᠨ ᠤᠭ ᠡᠦᠲᠦᠮ ᠦ᠋ᠨ ᠲᠡᠨᠡᠭ ᠴᠢᠬᠡᠴᠢ ᠭᠣᠣᠯᠴᠢ ᠰᠢᠳᠤᠷᠭᠤ ᠶ᠋ᠢ ᠪᠢᠴᠢᠭ ᠦᠵᠡᠭᠦᠯᠪᠡᠰᠦ ᠭᠡᠳᠡᠷᠭᠦ ᠬᠠᠷᠢᠨ ᠵᠠᠯᠢᠬᠠᠢ ᠵᠢᠰᠤᠷ ᠪᠣᠯᠵᠤ᠂ ᠤᠭ ᠴᠢᠬᠡᠴᠢ ᠰᠢᠯᠤᠭᠤᠨ ᠵᠠᠩ ᠠᠨᠤ ᠬᠤᠪᠢᠯᠤᠭᠤᠵᠠᠢ ᠭᠡᠮᠡᠨ ᠲᠦᠭᠡᠮᠡᠯ ᠡᠯᠪᠡᠭᠲᠦ ᠡᠵᠡᠨ ᠤ ᠪᠠᠭᠰᠢ ᠳ᠋ᠦ᠋ ᠱᠧᠦ ᠲᠢᠶᠠᠨ ᠤ᠋ ᠠᠢᠯᠠᠳᠬᠠᠭᠰᠠᠨ ᠶᠣᠰᠣ ᠪᠠᠷ ᠥᠷᠥᠰᠢᠶᠡᠨ ᠦᠵᠡᠬᠦ ᠪᠣᠯᠪᠠᠤ ᠬᠡᠮᠡᠬᠦᠯ᠎ᠡ ᠮᠥᠨ ᠳᠠᠢᠴᠢᠩ ᠤᠯᠤᠰ ᠤ᠋ᠨ ᠮᠠᠨᠵᠤ ᠬᠥᠮᠦᠨ ᠤᠭ ᠲᠤᠷ ᠮᠥᠨ ᠮᠠᠨ ᠤ᠋ ᠮᠣᠩᠭᠣᠯ ᠯᠤᠭ᠎ᠠ ᠣᠭᠲᠣ ᠢᠯᠭᠠᠯ ᠦᠭᠡᠢ ᠪᠥᠭᠡᠲᠡᠯ᠎ᠡ ᠡᠳᠦᠭᠡ ᠮᠠᠨᠵᠤ ᠤᠯᠤᠰ ᠢ᠋ ᠴᠥᠮ ᠪᠢᠴᠢᠭ ᠦᠵᠡᠭᠦᠯᠦᠨ ᠰᠢᠯᠭᠠᠭᠤᠯᠵᠤ᠂ ᠪᠠᠰᠠ ᠴᠡᠷᠢᠭ ᠢ᠋ ᠪᠣᠯᠪᠠᠰᠤᠷᠠᠭᠤᠯᠤᠨ ᠰᠢᠯᠭᠠᠬᠤ ᠠᠨᠤ ᠲᠡᠳᠡᠨ ᠢ᠋ ᠶᠠᠭᠤᠨᠠᠢ ᠮᠠᠭᠤ ᠵᠠᠯᠢᠬᠠᠢ ᠶ᠋ᠢ ᠰᠤᠷᠲᠤᠭᠠᠢ ᠬᠡᠮᠡᠬᠦ ᠰᠠᠨᠠᠭᠠᠨ ᠪᠠᠢᠬᠤ ᠠᠵᠢ ! ᠵᠢᠴᠢ ᠳ᠋ᠦ᠍ᠷ ᠪᠠᠰᠠ ᠪᠣᠭᠳᠠ ᠶ᠋ᠢᠨ ᠰᠤᠷᠭᠠᠯ ᠬᠡᠮᠡᠭᠴᠢ ᠶ᠋ᠢᠨ ᠤᠭ ᠰᠠᠨᠠᠭᠠᠨ ᠠᠨᠤ ᠶᠠᠮᠠᠷᠪᠠ ᠬᠥᠮᠦᠨ ᠢ᠋ ᠴᠦ᠍ ᠭᠡᠰᠬᠡᠨ ᠰᠤᠷᠭᠠᠵᠤ ᠰᠤᠪᠢᠰᠤᠭᠠᠢ ᠬᠡᠮᠡᠭᠰᠡᠨ ᠦ᠌ ᠲᠤᠯᠠ ᠦᠵᠡᠭᠰᠡᠨ ᠰᠤᠷᠤᠭᠰᠠᠨ ᠬᠥᠮᠦᠨ ᠵᠠᠰᠠᠷᠠᠨ ᠰᠠᠢᠵᠢᠷᠠᠬᠤ ᠶ᠋ᠢ ᠡᠷᠢᠭᠰᠡᠨ ᠪᠥᠭᠡᠲᠡᠯ᠎ᠡ ᠡᠪᠳᠡᠷᠡᠨ ᠮᠠᠭᠤᠳᠠᠬᠤ ᠶᠣᠰᠣ ᠪᠣᠢ ᠤᠤ ? ᠡᠰᠡᠬᠦᠯ᠎ᠡ ᠡᠳᠦᠭᠡᠬᠢ ᠮᠣᠩᠭᠣᠯ ᠴᠥᠮ ᠢ᠋ᠶ᠋ᠡᠷ ᠬᠣᠢᠲᠤ ᠭᠠᠵᠠᠷ ᠰᠠᠭᠤᠵᠤ ᠮᠤᠩᠬᠠᠭ ᠪᠣᠯᠪᠠ᠂ ᠰᠤᠷᠭᠠᠪᠠᠴᠤ ᠰᠤᠷᠬᠤ ᠦᠭᠡᠢ ᠲᠤᠯᠠ ᠢᠯᠡᠭᠦᠴᠡ ᠬᠡᠷᠡᠭ ᠬᠡᠮᠡᠪᠡ ᠬᠡᠮᠡᠬᠦᠯ᠎ᠡ ᠡᠳᠦᠭᠡ ᠮᠣᠩᠭᠣᠯ ᠲᠣᠭᠠᠲᠠᠨ ᠰᠢᠷ᠎ᠠ ᠶ᠋ᠢᠨ ᠱᠠᠰᠢᠨ ᠳ᠋ᠤᠷ ᠣᠷᠣᠵᠤ ᠮᠥᠩᠬᠡ ᠪᠤᠰᠤ ᠬᠣᠭᠣᠰᠣᠨ ᠴᠢᠨᠠᠷ ᠤ᠋ᠨ ᠰᠡᠨᠢᠳ ᠦ᠋ᠨ ᠲᠠᠪᠤᠨ ᠪᠣᠳᠢ ᠳ᠋ᠤᠷ ᠮᠡᠷᠭᠡᠰᠢᠵᠦ᠂ ᠦᠵᠦᠭᠦᠷ ᠬᠢᠵᠠᠭᠠᠷ ᠭᠡᠷᠡᠴᠢ ᠪᠠᠷᠢᠮᠲᠠ ᠦᠭᠡᠢ ᠬᠣᠭᠣᠰᠣᠨ ᠶᠣᠰᠣᠨ ᠢ᠋ ᠪᠤᠯᠢᠶᠠᠯᠳᠤᠵᠤ᠂ ᠲᠦᠮᠡᠨ ᠭᠠᠵᠠᠷ ᠤ᠋ᠨ ᠬᠣᠯᠠ ᠪᠠᠷᠠᠭᠤᠨ ᠵᠣᠣ ᠶ᠋ᠢᠨ ᠭᠠᠵᠠᠷ ᠵᠠᠭᠤᠨ ᠵᠦᠢᠯ ᠢ᠋ᠶ᠋ᠡᠷ ᠵᠣᠪᠠᠨ ᠵᠦᠳᠡᠵᠦ ᠮᠠᠴᠤᠨ ᠬᠦᠷᠴᠦ ᡀᠠᠷᠠᠮ ᠲᠣᠷᠤᠮ ᠤ᠋ᠨ ᠴᠣᠯᠠ ᠶ᠋ᠢ ᠣᠯᠵᠤ ᠢᠷᠡᠬᠦ ᠪᠡᠷ ᠦᠵᠡᠬᠦᠯ᠎ᠡ᠂ ᠡᠳᠦᠭᠡᠬᠢ ᠶ᠋ᠢᠨ ᠮᠣᠩᠭᠣᠯ ᠪᠦᠬᠦᠨ ᠢ᠋ ᠴᠥᠮ ᠮᠤᠩᠬᠠᠭ ᠭᠡᠮᠡᠨ ᠦᠵᠡᠵᠦ ᠨᠡᠩ ᠪᠣᠯᠬᠤ ᠦᠭᠡᠢ ᠪᠢᠰᠢ ᠦᠦ ! ᠲᠡᠢᠨ ᠬᠦ᠌ ᠡᠷᠲᠡᠨ ᠦ᠌ ᠦᠭᠡᠨ ᠳ᠋ᠦ᠍ᠷ 《ᠨᠢᠭᠡᠨ ᠠᠰᠢᠭ ᠠᠪᠠᠰᠤ ᠨᠢᠭᠡᠨ ᠭᠡᠮ ᠪᠣᠢ᠂ ᠨᠢᠭᠡᠨ ᠬᠥᠮᠦᠵᠢᠯ ᠠᠪᠠᠰᠤ ᠨᠢᠭᠡᠨ ᠴᠢᠷᠮᠠᠢᠯᠭ᠎ᠠ ᠠᠮᠤᠢ 》ᠬᠡᠮᠡᠭᠰᠡᠨ ᠡᠨᠡ ᠪᠣᠯᠠᠢ᠃ ᠲᠡᠷᠡ ᠨᠢᠭᠡᠨ ᡀᠠᠷᠠᠮ ᠲᠣᠷᠤᠮ ᠤ᠋ᠨ ᠬᠡᠷᠡᠭ ᠦᠭᠡᠢ ᠬᠡᠢᠳᠡᠮ ᠴᠣᠯᠠ ᠳ᠋ᠤᠷ ᠬᠥᠮᠦᠨ ᠳᠤᠷᠠᠯᠠᠵᠤ ᠲᠦᠮᠡᠨ ᠭᠠᠵᠠᠷ ᠤ᠋ᠨ ᠵᠦᠳᠡᠯ ᠳ᠋ᠦ᠍ᠷ ᠡᠴᠢᠬᠦ ᠪᠡᠷ ᠦᠵᠡᠬᠦᠯ᠎ᠡ᠂ ᠮᠢᠩᠭᠠᠨ ᠭᠠᠵᠠᠷ ᠤ᠋ᠨ ᠨᠡᠢᠰᠯᠡᠯ ᠳ᠋ᠦ᠍ᠷ ᠰᠢᠯᠭᠠᠬᠤ ᠪᠥᠭᠡᠰᠦ ᠦᠯᠦ ᠴᠢᠷᠮᠠᠢᠨ ᠬᠢᠴᠢᠶᠡᠬᠦ ᠶᠣᠰᠣ ᠪᠣᠢ ᠤᠤ ! ᠭᠠᠭᠴᠠ ᠲᠡᠢᠮᠦ ᠵᠦᠢᠯ ᠦ᠋ᠨ ᠬᠥᠮᠦᠵᠢᠯ ᠮᠠᠭᠲᠠᠯ ᠦᠭᠡᠢ ᠶ᠋ᠢᠨ ᠲᠤᠯᠠ ᠲᠡᠷᠡ ᠵᠦᠢᠯ ᠳ᠋ᠦ᠍ᠷ ᠬᠢᠴᠢᠶᠡᠭᠴᠢᠳ ᠦᠭᠡᠢ ᠪᠣᠢ ᠊ᠶ᠎ᠠ᠂ ᠣᠨᠴᠠ ᠴᠥᠮ ᠢ᠋ᠶ᠋ᠡᠷ ᠮᠤᠩᠬᠠᠭ ᠤ᠋ᠨ ᠲᠤᠯᠠ ᠪᠤᠰᠤ ᠪᠣᠯᠠᠢ᠃ ᠲᠡᠷᠡ ᠰᠡᠨᠢᠳ ᠦ᠋ᠨ ᠶᠣᠰᠣᠨ ᠤ᠋ ᠲᠠᠪᠤᠨ ᠪᠣᠳᠢ ᠬᠡᠮᠡᠭᠴᠢ ᠪᠢᠴᠢᠭ ᠦ᠋ᠨ ᠰᠤᠷᠭᠠᠭᠤᠯᠢ ᠶ᠋ᠢᠨ ᠳᠥᠷᠪᠡᠨ ᠪᠢᠴᠢᠭ ᠲᠠᠪᠤᠨ ᠨᠣᠮ ᠳ᠋ᠤᠷ ᠦᠯᠢᠳᠬᠡᠪᠡᠰᠦ ᠲᠠᠪᠤᠨ ᠬᠤᠪᠢ ᠢᠯᠡᠭᠦᠦ ᠪᠥᠭᠡᠳ ᠶᠣᠰᠣᠨ ᠤ᠋ ᠤᠯᠠᠷᠢᠨ ᠬᠤᠪᠢᠰᠬᠤ ᠶᠠᠷᠰᠢᠭ ᠠᠨᠤ ᠠᠷᠪᠠᠨ ᠬᠤᠪᠢ ᠢᠯᠡᠭᠦᠦ ᠲᠦᠪᠡᠭ ᠲᠡᠢ ᠪᠥᠭᠡᠲᠡᠯ᠎ᠡ ᠲᠡᠳᠡᠭᠡᠷ ᠢ᠋ ᠴᠥᠮ ᠴᠡᠭᠡᠵᠢᠯᠡᠨ᠂ ᠲᠡᠳᠡᠭᠡᠷ ᠢ᠋ ᠴᠥᠮ ᠬᠤᠪᠢᠰᠬᠠᠨ ᠤᠯᠠᠷᠢᠭᠤᠯᠬᠤᠢ ᠳ᠋ᠤᠷ ᠬᠦᠷᠲᠡᠯ᠎ᠡ ᠪᠣᠯᠪᠠᠰᠤᠷᠠᠬᠤ ᠠᠨᠤ ᠬᠢᠲᠠᠳ ᠪᠢᠴᠢᠭ ᠦ᠋ᠨ ᠵᠢᠦᠢ ᠿᠸᠨ᠂ ᠵᠤᠸᠠᠩ ᠶᠤᠸᠠᠨ ᠰᠢᠯᠭᠠᠬᠤ ᠠ᠋ᠴᠠ ᠢᠯᠡᠭᠦᠦ ᠬᠦᠴᠦᠨ ᠣᠷᠣᠬᠤ ᠪᠣᠯᠠᠢ᠃ ᠲᠡᠭᠦᠨ ᠢ᠋ ᠰᠤᠷᠤᠭᠰᠠᠨ ᠣᠶᠤᠨ ᠪᠠᠢᠬᠤ ᠪᠥᠭᠡᠲᠡᠯ᠎ᠡ ᠪᠢᠴᠢᠭ ᠦ᠋ᠨ ᠰᠤᠷᠭᠠᠭᠤᠯᠢ ᠶ᠋ᠢᠨ ᠢᠯᠡ ᠭᠡᠷᠡᠴᠢ ᠲᠡᠢ ᠶ᠋ᠢ ᠰᠤᠷᠬᠤᠢ ᠳ᠋ᠤᠷ ᠶᠠᠮᠪᠠᠷ ᠪᠡᠷᠬᠡ ᠶᠠᠪᠤᠳᠠᠯ ᠲᠠᠢ ᠪᠣᠢ ! ᠡᠭᠦᠨ ᠢ᠋ ᠪᠠᠰᠠ ᠪᠠᠢᠲᠤᠭᠠᠢ᠂ ᠮᠣᠩᠭᠣᠯ ᠢ᠋ ᠰᠢᠭᠤᠳ ᠮᠤᠩᠬᠠᠭ ᠲᠤᠷ ᠠᠨᠤ ᠰᠢᠭᠤᠳᠭᠠᠵᠤ ᠨᠢᠭᠡᠨ ᠲᠡᠰᠢ ᠲᠠᠯᠪᠢᠭᠠᠳ ᠡᠦᠲᠦ ᠴᠡᠷᠢᠭ ᠦ᠋ᠨ ᠰᠤᠷᠭᠠᠭᠤᠯᠢ ᠪᠠᠷ ᠠᠪᠴᠤ ᠬᠡᠯᠡᠯᠴᠡᠪᠡᠰᠦ᠂ ᠮᠣᠩᠭᠣᠯ ᠬᠡᠳᠦᠢ ᠰᠡᠴᠡᠨ ᠮᠡᠷᠭᠡᠨ ᠣᠶᠤᠨ ᠪᠢᠯᠢᠭ ᠦᠭᠡᠢ ᠪᠣᠯᠪᠠᠴᠤ ᠦᠬᠡᠷ ᠬᠣᠨᠢᠨ ᠤ᠋ ᠮᠢᠬ᠎ᠠ ᠶ᠋ᠢᠨ ᠲᠡᠨᠡᠭ ᠲᠦᠭᠦᠬᠡᠢ ᠬᠦᠴᠦᠨ ᠢᠨᠤ ᠮᠠᠰᠢ ᠪᠡᠯᠡᠬᠡᠨ ᠪᠠᠢᠬᠤ ᠦᠭᠡᠢ ᠦᠦ ! ᠡᠦᠲᠦ ᠴᠡᠷᠢᠭ ᠦ᠋ᠨ ᠡᠷᠳᠡᠮ ᠢ᠋ ᠰᠢᠯᠭᠠᠪᠠᠰᠤ ᠪᠠᠰᠠ ᠴᠤ᠌ ᠨᠢᠭᠡᠨ ᠬᠥᠮᠦᠵᠢᠯ ᠵᠠᠮ ᠪᠠᠢᠬᠤ ᠠᠲᠠᠯ᠎ᠠ ᠴᠡᠷᠢᠭ ᠦ᠋ᠨ ᠡᠷᠳᠡᠮ ᠢ᠋ᠶ᠋ᠡᠷ ᠴᠦ᠍ ᠮᠥᠨ ᠦᠯᠦ ᠰᠢᠯᠭᠠᠭᠤᠯᠬᠤ ᠠᠨᠤ ᠡᠨᠡ ᠡᠭᠡᠨᠡᠭᠲᠡ ᠶᠠᠭᠤᠨ ᠤ᠋ ᠰᠢᠯᠲᠠᠭᠠᠨ ᠪᠣᠯᠪᠠ ? ᠬᠡᠷᠪᠡ ᠬᠤᠪᠢ ᠬᠣᠪᠢᠨ ᠳ᠋ᠠᠭᠠᠨ ᠴᠥᠮ ᠬᠠᠷᠢᠶᠠᠲᠤ ᠵᠠᠰᠠᠭ ᠪᠣᠢ ᠭᠡᠵᠦ ᠦᠯᠦ ᠰᠢᠯᠭᠠᠭᠤᠯᠤᠮᠤᠢ ᠬᠡᠮᠡᠬᠦᠯ᠎ᠡ ᠲᠡᠭᠦᠨ ᠦ᠌ ᠵᠠᠰᠠᠭ ᠢ᠋ᠶ᠋ᠠᠷ ᠠᠨᠤ ᠰᠢᠯᠭᠠᠭᠠᠳ ᠮᠥᠨ ᠲᠤᠰ ᠬᠤᠰᠢᠭᠤᠨ ᠳ᠋ᠤᠷ ᠠᠨᠤ ᠡᠷᠭᠦᠨ ᠬᠡᠷᠡᠭᠯᠡᠭᠦᠯᠵᠦ ᠪᠣᠯᠬᠤ ᠦᠭᠡᠢ ᠦᠦ ? ᠡᠭᠦᠨ ᠳ᠋ᠦ᠍ᠷ ᠶᠠᠮᠪᠠᠷ ᠤᠯᠤᠰ ᠲᠥᠷᠥ ᠳ᠋ᠦ᠍ᠷ ᠬᠠᠷᠰᠢᠬᠤ ᠭᠠᠵᠠᠷ ᠪᠣᠢ ᠠᠵᠢ ! ᠲᠡᠢᠨ ᠬᠦ᠌ ᠮᠤᠩᠬᠠᠭ ᠪᠢ ᠭᠠᠢᠬᠠᠵᠤ ᠰᠠᠨᠠᠭᠰᠠᠭᠠᠷ ᠡᠳᠦᠷ ᠮᠠᠰᠢ ᠤᠳᠠᠵᠤ ᠰᠣᠯᠢᠭᠤᠷᠠᠨ ᠰᠠᠨᠠᠵᠤ᠂ ᠬᠥᠮᠦᠨ ᠡᠴᠡ ᠡᠰᠢᠯᠡᠨ ᠠᠰᠠᠭᠤᠭᠰᠠᠨ ᠨᠢᠭᠡᠨ ᠦᠯᠢᠳᠬᠡᠯ ᠢᠨᠢᠶᠡᠳᠦᠮ ᠪᠣᠢ᠂ ᠬᠡᠯᠡᠵᠦ ᠭᠠᠷᠭᠠᠪᠠᠰᠤ ᠬᠠᠷᠢᠨ ᠴᠤ᠌ ᠪᠠᠬᠠᠨ ᠢᠨᠢᠶᠡᠯᠲᠡᠢ ᠭᠠᠵᠠᠷ ᠪᠣᠢ᠃ ᠡᠭᠦᠨ ᠦ᠌ ᠨᠡᠷ᠎ᠡ ᠶ᠋ᠢ 《ᠶᠠᠭᠤᠮ᠎ᠠ ᠶ᠋ᠢᠨ ᠰᠢᠭᠦᠮᠵᠢᠯᠡᠯ 》ᠬᠡᠮᠡᠮᠦᠢ᠂ ᠶᠠᠮᠪᠠᠷ ᠶᠠᠭᠤᠮ᠎ᠠ ᠬᠡᠮᠡᠪᠡᠰᠦ ᠳᠠᠷᠤᠢ ᠥᠪᠡᠷ ᠦ᠋ᠨ ᠪᠡᠶ᠎ᠡ ᠶ᠋ᠢᠨ ᠶᠠᠮᠪᠠᠷ ᠶᠠᠭᠤᠮ᠎ᠠ ᠪᠠᠨ ᠴᠤ᠌ ᠮᠡᠳᠡᠬᠦ ᠦᠭᠡᠢ ᠡᠴᠡ ᠡᠳᠦᠵᠦᠬᠦᠢ᠃
ᠡᠳᠦᠭᠡ ᠥᠪᠥᠷ ᠵᠢᠷᠭᠤᠭᠠᠨ ᠴᠢᠭᠤᠯᠭᠠᠨ᠂ ᠠᠷᠤ ᠳᠥᠷᠪᠡᠨ ᠬᠠᠯᠬ᠎ᠠ ᠭᠡᠮᠡᠨ ᠪᠠᠰᠠ ᠬᠥᠬᠡᠨᠠᠭᠤᠷ ᠲᠣᠷᠭᠤᠳ ᠠᠢᠮᠠᠭ ᠭᠡᠮᠡᠨ ᠨᠡᠢᠲᠡ ᠭᠤᠷᠪᠠᠨ ᠵᠠᠭᠤᠨ ᠰᠢᠬᠠᠮ ᠬᠤᠰᠢᠭᠤᠨ ᠤ᠋ ᠮᠣᠩᠭᠣᠯ ᠲᠣᠭᠠᠲᠠᠨ ᠪᠣᠢ ᠠᠮᠤᠢ᠃ ᠲᠡᠳᠡᠭᠡᠷ ᠲᠣᠷ ᠴᠥᠮ ᠪᠠᠰᠠ ᠦᠶ᠎ᠡ ᠤᠯᠠᠷᠢᠨ ᠡᠵᠡᠯᠡᠨ ᠵᠠᠬᠢᠷᠤᠭᠰᠠᠨ ᠵᠠᠰᠠᠭ ᠤ᠋ᠳ ᠠᠮᠤᠢ᠂ ᠡᠳᠡᠭᠡᠷ ᠢ᠋ ᠪᠣᠳᠣᠭᠰᠠᠭᠠᠷ ᠢᠨᠢᠶᠡᠳᠦᠮ ᠲᠥᠷᠥᠵᠦ ᠭᠠᠢᠬᠠᠨ ᠰᠠᠨᠠᠷᠤᠨ᠄ ᠡᠳᠡᠭᠡᠷ ᠢᠨᠤ ᠪᠠᠰᠠ ᠲᠡᠭᠷᠢ ᠶ᠋ᠢᠨ ᠬᠥᠪᠡᠭᠦᠨ ᠦ᠌ ᠢᠷᠭᠡᠨ ᠬᠡᠮᠡᠮᠦᠢ᠃ ᠲᠡᠢᠨ ᠬᠡᠮᠡᠭᠡᠳ ᠢᠷᠭᠡᠨ ᠦ᠌ ᠶᠣᠰᠣᠨ ᠠ᠋ᠴᠠ ᠮᠠᠰᠢ ᠦᠰᠦᠳ ᠥᠪᠡᠷ᠎ᠡ᠂ ᠭᠠᠳᠠᠭᠠᠳᠤ ᠳᠠᠩ ᠰᠠᠴᠠᠭᠤ ᠤᠯᠤᠰ ᠪᠣᠯᠪᠠᠤ ᠬᠡᠮᠡᠬᠦᠯ᠎ᠡ ᠬᠤᠰᠢᠭᠤᠨ ᠤ᠋ ᠠᠷᠠᠳ ᠢ᠋ ᠠᠨᠤ ᠴᠥᠮ ᠮᠣᠩᠭᠣᠯ ᠤ᠋ᠨ ᠵᠤᠷᠭᠠᠨ ᠤ᠋ ᠳᠠᠩᠰᠠᠨ᠎ᠠ ᠲᠡᠮᠳᠡᠭᠯᠡᠨ ᠠᠪᠴᠤ ᠲᠤᠰᠬᠠᠢ ᠡᠵᠡᠨ ᠢ᠋ᠶ᠋ᠡᠷ ᠢᠨᠤ ᠲᠣᠯᠣᠭᠠᠢ ᠮᠡᠳᠡᠭᠦᠯᠬᠦ ᠦᠭᠡᠢ᠂ ᠠᠯᠢ ᠲᠡᠰᠢ ᠨᠠᠭᠠᠯᠳᠤᠭᠤᠯᠤᠨ ᠪᠣᠳᠣᠪᠠᠴᠤ ᠨᠠᠭᠠᠯᠳᠤᠬᠤ ᠦᠭᠡᠢ ᠳ᠋ᠦ᠍ᠷ ᠭᠠᠢᠬᠠᠨ ᠰᠠᠨᠠᠭᠰᠠᠭᠠᠷ ᠬᠠᠷᠢᠨ ᠳᠣᠲᠣᠷ᠎ᠠ ᠡᠷᠭᠢᠭᠦᠳᠡᠨ ᠪᠠᠯᠠᠷᠠᠵᠤ ᠪᠥᠬᠥᠶ᠎ᠡ ᠴᠢᠪᠬᠢᠲᠡᠯ᠎ᠡ ᠲᠣᠬᠢᠶᠠᠯ ᠪᠣᠯᠵᠤ ᠨᠢᠭᠡᠨ ᠡᠨᠡ ᠴᠠᠭ ᠤ᠋ᠨ ᠮᠡᠷᠭᠡᠳ ᠲᠣᠷ ᠠᠭᠤᠯᠵᠠᠵᠤ᠂ ᠪᠢ ᠳᠠᠷᠤᠢ ᠲᠡᠨᠡᠭᠷᠡᠨ ᠠᠰᠠᠭᠤᠷᠤᠨ᠄ 《ᠡᠨᠡ ᠦᠶ᠎ᠡ ᠳ᠋ᠦ᠍ᠷ ᠨᠢᠭᠡᠨ ᠵᠦᠢᠯ ᠦ᠋ᠨ ᠰᠣᠨᠢᠨ ᠶᠠᠭᠤᠮ᠎ᠠ ᠪᠣᠢ᠂ ᠶᠠᠮᠪᠠᠷ ᠶᠠᠭᠤᠮ᠎ᠠ ᠬᠡᠮᠡᠪᠡᠰᠦ ᠨᠢᠭᠡᠨ ᠵᠦᠢᠯ ᠦ᠋ᠨ ᠠᠮᠢᠲᠠᠢ ᠶᠠᠭᠤᠮ᠎ᠠ᠃ ᠲᠡᠷᠡ ᠶᠠᠭᠤᠮ᠎ᠠ ᠪᠢᠴᠢᠭ ᠬᠡᠮᠡᠪᠡᠰᠦ ᠪᠢᠴᠢᠭ ᠦᠵᠡᠭᠰᠡᠨ ᠦᠭᠡᠢ᠂ ᠴᠡᠷᠢᠭ ᠬᠡᠮᠡᠪᠡᠰᠦ ᠴᠡᠷᠢᠭ ᠰᠤᠷᠤᠭᠰᠠᠨ ᠦᠭᠡᠢ᠃ ᠨᠢᠳᠦ ᠬᠠᠪᠠᠷ ᠪᠠ ᠭᠠᠷ ᠬᠥᠯ ᠪᠠᠰᠠ ᠪᠤᠰᠤᠳ ᠠ᠋ᠴᠠ ᠢᠯᠡᠭᠦᠦ ᠤᠷᠭᠤᠭᠰᠠᠨ ᠦᠭᠡᠢ᠂ ᠥᠭᠦᠯᠡᠬᠦ ᠬᠡᠯᠡᠯᠴᠡᠬᠦ ᠪᠠ ᠦᠢᠯᠡᠳᠬᠦ ᠡᠭᠦᠰᠬᠡᠬᠦ ᠢᠨᠤ ᠡᠭᠡᠯ ᠡᠴᠡ ᠦᠯᠡᠮᠵᠢ ᠰᠣᠨᠢᠨ ᠭᠠᠵᠠᠷ ᠦᠭᠡᠢ᠃ ᠵᠠᠷᠢᠮ ᠬᠠᠷᠢᠨ ᠰᠣᠬᠣᠷ ᠳᠣᠭᠣᠯᠠᠩ ᠬᠡᠯᠡᠭᠡᠢ ᠲᠠᠬᠢᠷ ᠪᠠ ᠤᠵᠢᠳ ᠰᠠᠮᠠᠭᠤᠨ ᠬᠠᠷᠠᠩᠭᠤᠢ ᠪᠤᠳᠤᠩᠭᠤᠢ ᠴᠤ᠌ ᠮᠥᠨ ᠪᠣᠢ ᠠᠮᠤᠢ᠃ ᠡᠳᠡᠭᠡᠷ ᠵᠡᠷᠭᠡ ᠶ᠋ᠢᠨ ᠠᠷᠠᠳ ᠲᠣᠯᠣᠭᠠᠢ ᠳ᠋ᠤᠷ ᠡᠯᠳᠡᠪ ᠵᠦᠢᠯ ᠦ᠋ᠨ ᠡᠷᠳᠡᠨᠢ ᠴᠢᠯᠠᠭᠤᠨ ᠤ᠋ ᠣᠷᠣᠢ ᠵᠡᠭᠦᠵᠦ᠂ ᠮᠠᠯᠠᠭᠠᠢ ᠳ᠋ᠤᠷ ᠲᠠᠪᠤᠨ ᠥᠩᠭᠡ ᠶ᠋ᠢᠨ ᠲᠣᠭᠣᠰ ᠤ᠋ᠨ ᠤᠲᠤᠭ᠎ᠠ ᠬᠠᠲᠠᠭᠠᠳ ᠪᠡᠶ᠎ᠡ ᠳ᠋ᠦ᠍ᠷ ᠯᠤᠤᠲᠤ ᠮᠠᠩᠨᠤᠭ ᠬᠤᠪᠴᠠᠳ ᠡᠮᠦᠰᠴᠦ ᠪᠡᠯᠬᠡᠭᠦᠰᠦᠨ ᠳ᠋ᠦ᠍ᠷ ᠴᠠᠭᠠᠨ ᠬᠠᠰ ᠤ᠋ᠨ ᠪᠦᠰᠡ ᠪᠦᠰᠡᠯᠡᠵᠦ᠂ ᠬᠦᠵᠦᠭᠦᠨ ᠳ᠋ᠦ᠍ᠷ ᠣᠭ᠌ᠶᠤ ᠱ᠌ᠢᠷᠦ ᠶ᠋ᠢᠨ ᠡᠷᠢᠭᠡ ᠬᠦᠵᠦᠭᠦᠪᠴᠢᠯᠡᠨ᠂ ᠮᠥᠷᠥ ᠳ᠋ᠦ᠍ᠷ ᠪᠤᠯᠠᠭ᠎ᠠ ᠦᠨᠡᠭᠡ ᠶ᠋ᠢᠨ ᠳᠠᠬᠤ ᠶ᠋ᠢ ᠨᠥᠮᠥᠷᠦᠨ᠂ ᠠᠷᠤ ᠥᠪᠥᠷ ᠲᠡᠭᠡᠨ ᠡᠯᠳᠡᠪ ᠵᠦᠢᠯ ᠦ᠋ᠨ ᠦᠨ᠎ᠡ ᠲᠡᠢ ᠡᠷᠳᠡᠨᠢ ᠴᠢᠯᠠᠭᠤᠨ ᠢ᠋ ᠭᠠᠨᠵᠤᠭᠠᠯᠠᠭᠠᠳ ᠭᠠᠷ ᠬᠥᠯ ᠳ᠋ᠡᠭᠡᠨ ᠭᠡᠷᠡᠯᠲᠡᠢ ᠰᠣᠨᠢᠨ ᠠᠯᠲᠠᠨ ᠰᠤᠪᠤᠳ ᠢ᠋ ᠡᠳ᠋ᠯᠡᠭᠡᠳ ᠭᠠᠷᠪᠠᠰᠤ ᠬᠡᠳᠦᠨ ᠵᠠᠭᠤᠨ ᠬᠡᠭᠡᠨᠴᠢᠷ ᠵᠠᠷᠤᠴᠠ ᠥᠩᠭᠡᠲᠦ ᠳᠠᠭᠠᠭᠰᠠᠳ᠂ ᠡᠷᠳᠡᠨᠢ ᠶ᠋ᠢᠨ ᠰᠡᠦᠬᠡ᠂ ᠨᠢᠰᠬᠦ ᠲᠡᠷᠭᠡ ᠶ᠋ᠢ ᠬᠠᠮᠵᠢᠨ ᠳᠠᠭᠠᠵᠤ᠂ ᠵᠠᠮ ᠵᠡᠭᠡᠯᠢ ᠳ᠋ᠦ᠍ᠷ ᠲᠦᠢᠪᠡᠭᠡᠨ ᠦᠢᠮᠡᠭᠦᠯᠵᠦ᠂ ᠣᠷᠣᠪᠠᠰᠤ ᠭᠣᠶᠣ ᠰᠢᠪᠡᠭᠴᠢᠨ᠂ ᠦᠵᠡᠰᠬᠦᠯᠡᠩ ᠲᠠᠲᠠᠪᠤᠷᠢ᠂ ᠮᠠᠩᠨᠤᠭ ᠬᠥᠰᠢᠭᠡ᠂ ᠵᠠᠭᠠᠷ ᠤ᠋ᠨ ᠬᠥᠨᠵᠢᠯᠡ ᠳ᠋ᠦ᠍ᠷ ᠬᠡᠳᠦᠨ ᠠᠷᠪᠠᠨ ᠢ᠋ᠶ᠋ᠠᠷ ᠣᠪᠣᠭᠠᠯᠠᠨ ᠲᠣᠪᠣᠭᠠᠯᠠᠵᠤ᠂ ᠰᠠᠭᠤᠬᠤ ᠠᠨᠤ ᠺᠠᠨᠳᠠᠷᠢᠰᠤᠨ ᠪᠠᠯᠭᠠᠰᠤᠨ ᠤᠷᠲᠤ ᠬᠠᠷᠰᠢ᠂ ᠬᠡᠪᠲᠡᠬᠦ ᠢᠨᠤ ᠰᠣᠺᠠᠸᠠᠳᠢ ᠶ᠋ᠢᠨ ᠣᠷᠣᠨ ᠤ᠋ ᠯᠢᠩᠬᠤ᠎ᠠ ᠨᠠᠭᠤᠷ᠂ ᠢᠳᠡᠪᠡᠰᠦ ᠳᠣᠯᠣᠭᠠᠨ ᠠᠮᠲᠠᠲᠤ ᠶ᠋ᠢᠨ ᠡᠷᠬᠢᠮ ᠢᠳᠡᠭᠡᠨ᠂ ᠤᠮᠲᠠᠪᠠᠰᠤ ᠠᠷᠪᠠᠨ ᠬᠠᠷ᠎ᠠ ᠶ᠋ᠢᠨ ᠤᠵᠢᠳ ᠤ᠋ᠨ ᠴᠡᠩᠭᠡᠯ᠂ ᠠᠪᠴᠤ ᠦᠵᠡᠪᠡᠰᠦ ᠬᠤᠪᠢᠯᠭᠠᠨ ᠰᠠᠬᠢᠭᠤᠯᠰᠤᠨ ᠤ᠋ ᠮᠡᠲᠦ ᠥᠩᠭᠡ ᠭᠡᠷᠡᠯᠲᠡᠢ᠃ ᠠᠮᠲᠠ ᠶ᠋ᠢ ᠬᠡᠯᠡᠯᠴᠡᠪᠡᠰᠦ ᠠᠯᠪᠢᠨ ᠴᠢᠳᠬᠥᠷ ᠦ᠋ᠨ ᠠᠮᠢᠰᠬᠤᠯ ᠯᠤᠭ᠎ᠠ ᠠᠳᠠᠯᠢ ᠫᠠᠭᠰᠢᠮᠠ ᠦᠮᠡᠬᠡᠢ᠂ ᠡᠶ᠋ᠢᠮᠦ ᠨᠢᠭᠡᠨ ᠵᠦᠢᠯ ᠦ᠋ᠨ ᠠᠮᠢᠲᠠᠢ ᠶᠠᠭᠤᠮ᠎ᠠ ᠪᠣᠢ ᠠᠮᠤᠢ᠃ ᠡᠳᠡᠭᠡᠷ ᠶᠠᠭᠤᠮ᠎ᠠ ᠬᠡᠮᠡᠭᠴᠢ ᠡᠭᠡᠨᠡᠭᠲᠡ ᠶᠠᠭᠤᠨ ᠬᠢᠬᠦ ᠶᠠᠭᠤᠮ᠎ᠠ ᠪᠣᠢ ?》ᠭᠡᠮᠡᠨ ᠭᠤᠶᠤᠨ ᠠᠰᠠᠭᠤᠪᠠᠰᠤ ᠲᠡᠷᠡ ᠪᠠᠭᠰᠢ ᠥᠴᠢᠷᠦᠨ᠄ 《ᠲᠡᠳᠡᠭᠡᠷ ᠶᠠᠭᠤᠮ᠎ᠠ ᠬᠡᠮᠡᠭᠴᠢ ᠲᠡᠳᠡᠭᠡᠷ ᠦ᠋ᠨ ᠤᠷᠢᠳᠤᠰ ᠳᠡᠭᠡᠳᠦᠰ ᠢᠨᠤ ᠡᠨᠡ ᠳᠠᠢᠴᠢᠩ ᠤᠯᠤᠰ ᠤ᠋ᠨ ᠲᠤᠯᠭᠤᠷ ᠲᠥᠷᠥ ᠨᠡᠭᠡᠭᠡᠬᠦ ᠦᠶ᠎ᠡ ᠳ᠋ᠦ᠍ᠷ ᠴᠡᠷᠢᠭ ᠲᠦ᠍ᠷ ᠵᠢᠳᠬᠦᠵᠦ ᠭᠠᠪᠢᠶ᠎ᠠ ᠪᠠᠢᠭᠤᠯᠤᠭᠰᠠᠨ ᠪᠥᠯᠥᠭᠡ᠃ ᠲᠡᠶ᠋ᠢᠨ ᠬᠦ ᠲᠡᠳᠡᠭᠡᠷ ᠠᠷᠠᠳ ᠬᠡᠮᠡᠭᠴᠢ ᠡᠰᠡᠬᠦᠯ᠎ᠡ ᠬᠠᠭᠠᠨ ᠤ᠋ ᠬᠠᠳᠠᠮ᠂ ᠤᠯᠤᠰ ᠤ᠋ᠨ ᠨᠠᠭᠠᠴᠤ᠂ ᠡᠵᠡᠨ ᠦ᠌ ᠤᠷᠤᠭ᠂ ᠴᠡᠷᠢᠭ ᠦ᠋ᠨ ᠭᠠᠪᠢᠶᠠᠲᠠᠨ᠂ ᠡᠰᠡᠬᠦᠯ᠎ᠡ ᠸᠠᠩ ᠤ᠋ᠨ ᠠᠴᠢ᠂ ᠬᠦᠩ ᠦ᠋ᠨ ᠬᠥᠪᠡᠭᠦᠳ ᠪᠤᠶᠤ᠃ ᠲᠡᠭᠦᠨ ᠦ᠌ ᠳᠡᠭᠡᠳᠦᠰ ᠦ᠋ᠨ ᠪᠠᠢᠭᠤᠯᠤᠭᠰᠠᠨ ᠬᠥᠷᠥᠩᠭᠡ ᠢᠨᠤ ᠪᠠᠬᠠᠨ ᠦᠯᠡᠮᠵᠢ ᠪᠠᠢᠬᠤ ᠶ᠋ᠢᠨ ᠲᠤᠯᠠ ᠬᠡᠷᠬᠢᠨ ᠠᠭᠠᠰᠢᠯᠠᠬᠤ ᠪᠠᠨ ᠣᠯᠬᠤ ᠦᠭᠡᠢ ᠳ᠋ᠡᠭᠡᠨ ᠲᠡᠢᠨ ᠳᠦᠷᠢᠯᠡᠬᠦ ᠪᠣᠯᠠᠢ᠃ ᠲᠡᠳᠡᠭᠡᠷ ᠦ᠋ᠳ ᠭᠡᠨᠡᠳᠲᠡ ᠨᠢᠭᠡᠨ ᠴᠠᠭ ᠲᠤᠷ ᠡᠷᠬᠡ ᠪᠠᠭᠤᠷᠠᠵᠤ᠂ ᠡᠳ᠋ ᠳᠠᠭᠤᠰᠪᠠᠰᠤ ᠡᠦᠲᠦ ᠴᠣᠬᠣᠮ ᠡᠳ᠋ ᠪᠤᠰᠤ ᠡᠳ᠋᠂ ᠶᠠᠭᠤᠮ᠎ᠠ ᠪᠤᠰᠤ ᠶᠠᠭᠤᠮ᠎ᠠ ᠪᠣᠯᠬᠤ ᠪᠣᠯᠠᠢ᠃ ᠬᠡᠷᠪᠡ ᠨᠢᠭᠡᠨ ᠡᠳᠦᠷ ᠡᠷᠬᠡ ᠠᠵᠤ ᠡᠳ᠋ ᠪᠠᠢᠪᠠᠰᠤ ᠨᠢᠭᠡᠨ ᠡᠳᠦᠷ ᠦ᠋ᠨ ᠤᠵᠢᠳ ᠴᠡᠩᠭᠡᠯ ᠦ᠋ᠨ ᠶᠠᠭᠤᠮ᠎ᠠ ᠪᠣᠯᠠᠢ 》ᠬᠡᠮᠡᠭᠰᠡᠨ ᠳ᠋ᠦ᠍ᠷ ᠪᠠᠰᠠ ᠠᠰᠠᠭᠤᠷᠤᠨ᠄ 《 ᠮᠢᠨᠦ ᠠᠰᠠᠭᠤᠭᠰᠠᠨ ᠠᠨᠤ᠂ ᠴᠠᠭᠠᠨ ᠬᠡᠷᠡᠮ ᠦ᠋ᠨ ᠭᠠᠳᠠᠨ᠎ᠠ ᠪᠦᠬᠦᠢ ᠮᠣᠩᠭᠣᠯ ᠬᠡᠮᠡᠭᠴᠢ ᠮᠠᠨ ᠤ᠋ ᠡᠨᠡ ᠪᠡᠶ᠎ᠡ ᠶ᠋ᠢᠨ ᠨᠢᠭᠡᠨ ᠠᠢᠮᠠᠭ ᠤ᠋ᠨ ᠣᠷᠣᠰᠢᠭᠰᠠᠨ -- ᠬᠣᠢᠲᠤ ᠪᠡᠶ᠎ᠡ ᠤᠯᠤᠰ ᠲᠤᠷ ᠵᠠᠬ᠎ᠠ ᠨᠡᠢᠯᠡᠵᠦ᠂ ᠵᠡᠭᠦᠨ ᠡᠲᠡᠭᠡᠳ ᠬᠠᠷᠠᠮᠦ᠋ᠷᠡᠨ᠂ ᠪᠠᠷᠠᠭᠤᠨ ᠬᠢᠵᠠᠭᠠᠷ ᠬᠥᠬᠡ ᠨᠠᠭᠤᠷ᠂ ᠡᠭᠦᠨ ᠦ᠌ ᠳᠣᠲᠣᠷ᠎ᠠ ᠪᠦᠬᠦᠢ ᠥᠪᠥᠷ ᠵᠢᠷᠭᠤᠭᠠᠨ ᠴᠢᠭᠤᠯᠭᠠᠨ᠂ ᠠᠷᠤ ᠳᠥᠷᠪᠡᠨ ᠠᠢᠮᠠᠭ ᠬᠠᠯᠬ᠎ᠠ᠂ ᠬᠥᠬᠡ ᠨᠠᠭᠤᠷ᠂ ᠴᠠᠬᠠᠷ᠂ ᠪᠠᠷᠭᠤ᠂ ᠥᠭᠡᠯᠡᠳ᠂ ᠳᠥᠷᠪᠡᠳ᠂ ᠢᠯᠢ᠂ ᠬᠣᠪᠲᠣ ᠭᠡᠮᠡᠨ ᠥᠷᠭᠡᠨ ᠲᠠᠪᠤᠨ ᠮᠢᠩᠭᠠᠨ ᠭᠠᠵᠠᠷ᠂ ᠤᠷᠲᠤ ᠲᠦᠮᠡᠨ ᠭᠠᠵᠠᠷ ᠰᠢᠬᠠᠮ ᠡᠢᠮᠦ ᠶᠡᠬᠡ ᠭᠠᠵᠠᠷ ᠲᠤᠷ ᠡᠨᠡ ᠮᠡᠲᠦ ᠠᠮᠢᠲᠠᠳ ᠪᠠᠰᠠ ᠲᠣᠭ᠎ᠠ ᠲᠣᠮᠰᠢ ᠦᠭᠡᠢ ᠣᠯᠠᠨ ᠪᠣᠢ᠃ ᠡᠳᠡᠭᠡᠷ ᠶᠠᠭᠤᠮ᠎ᠠ ᠶ᠋ᠢᠨ ᠳᠣᠲᠣᠷ᠎ᠠ ᠮᠢᠨᠦ ᠪᠡᠶ᠎ᠡ ᠮᠥᠨ ᠣᠷᠣᠵᠤ ᠪᠣᠢ ᠶ᠋ᠢᠨ ᠲᠤᠯᠠ ᠡᠳᠡᠭᠡᠷ ᠶᠠᠭᠤᠮ᠎ᠠ ᠶ᠋ᠢᠨ ᠳᠣᠲᠣᠷ᠎ᠠ ᠪᠦᠬᠦᠢ ᠶ᠋ᠢ ᠪᠣᠳᠣᠬᠤ ᠠᠨᠤ ᠪᠤᠰᠤᠳ ᠶᠠᠭᠤᠮ᠎ᠠ ᠶ᠋ᠢᠨ ᠤᠴᠢᠷ ᠢ᠋ ᠪᠣᠳᠣᠬᠤ ᠠ᠋ᠴᠠ ᠨᠡᠩᠳᠡ ᠢᠯᠡᠭᠦᠦ ! 》ᠭᠡᠮᠡᠨ ᠡᠳᠡᠭᠡᠷ ᠤᠴᠢᠷ ᠢ᠋ ᠠᠰᠠᠭᠤᠪᠠᠰᠤ ᠲᠡᠷᠡ ᠪᠠᠭᠰᠢ ᠥᠴᠢᠷᠦᠨ᠄ 《ᠲᠡᠳᠡᠭᠡᠷ ᠶᠠᠭᠤᠮ᠎ᠠ ᠬᠡᠮᠡᠭᠴᠢ ᠮᠥᠨ ᠤᠷᠢᠳᠤᠰ ᠠᠨᠤ ᠭᠠᠪᠢᠶ᠎ᠠ ᠪᠠᠢᠭᠤᠯᠤᠭᠰᠠᠨ ᠴᠤ᠌ ᠪᠣᠢ᠂ ᠡᠰᠡᠬᠦᠯ᠎ᠡ ᠥᠪᠡᠷ ᠢ᠋ᠶ᠋ᠡᠨ ᠭᠠᠵᠠᠷ ᠣᠷᠣᠨ ᠨᠤᠲᠤᠭ ᠬᠥᠷᠥᠩᠭᠡ ᠲᠡᠢ ᠴᠦ᠍ ᠪᠣᠢ᠃ ᠲᠡᠷᠢᠭᠦᠨ ᠳ᠋ᠦ᠍ ᠶᠠᠪᠤᠬᠤ ᠠᠨᠤ ᠸᠠᠩ᠂ ᠬᠦᠩ᠂ ᠪᠡᠢᠯᠡ᠂ ᠪᠡᠢᠰᠡ᠂ ᠵᠠᠰᠠᠭ ᠬᠡᠮᠡᠮᠦᠢ᠂ ᠳᠡᠳ᠋ ᠲᠣᠷ ᠶᠠᠪᠤᠬᠤ ᠠᠨᠤ ᠭᠤᠲᠠᠭᠠᠷ ᠳᠥᠲᠥᠭᠡᠷ ᠵᠡᠷᠭᠡ ᠶ᠋ᠢᠨ ᠲᠠᠢᠵᠢ ᠲᠠᠪᠤᠨᠠᠩ ᠬᠡᠮᠡᠮᠦᠢ᠃ ᠲᠡᠳᠡᠭᠡᠷ ᠦ᠋ᠨ ᠤᠷᠢᠳᠤᠰ ᠳᠡᠭᠡᠳᠦᠰ ᠢᠨᠤ ᠮᠥᠨ ᠬᠦ᠌ ᠴᠡᠷᠢᠭ ᠮᠣᠷᠢᠨ ᠲᠤᠰᠠᠯᠠᠭᠰᠠᠨ ᠭᠠᠵᠠᠷ ᠪᠣᠢ᠂ ᠲᠡᠢᠨ ᠬᠦ᠌ ᠲᠡᠳᠡᠭᠡᠷ ᠢ᠋ ᠸᠠᠩ᠂ ᠬᠦᠩ᠂ ᠪᠡᠢᠯᠡ᠂ ᠪᠡᠢᠰᠡ ᠡᠷᠭᠦᠮᠵᠢᠯᠡᠨ ᠬᠣᠭᠣᠰᠣᠨ ᠶᠡᠬᠡ ᠨᠡᠷ᠎ᠡ ᠵᠡᠭᠦᠯᠭᠡᠨ ᠮᠥᠩᠭᠥ ᠲᠣᠷᠭ᠎ᠠ ᠳ᠋ᠤᠷ ᠬᠣᠪᠳᠣᠭᠯᠠᠭᠤᠯᠤᠨ ᠵᠠᠷᠤᠴᠠᠯᠠᠮᠤᠢ ! 》 ᠬᠡᠮᠡᠭᠰᠡᠨ ᠳ᠋ᠦ᠍ᠷ ᠮᠤᠩᠬᠠᠭ ᠪᠢ ᠰᠠᠶᠢ ᠤᠴᠢᠷ ᠢ᠋ ᠤᠬᠠᠵᠤ ᠮᠡᠳᠡᠪᠡ᠃ ᠲᠡᠢᠨ ᠬᠦ᠌ ᠡᠭᠦᠨ ᠦ᠌ ᠳᠣᠲᠣᠷ᠎ᠠ ᠪᠠᠰᠠ ᠨᠢᠭᠡᠨ ᠵᠦᠢᠯ ᠦ᠋ᠨ ᠶᠠᠭᠤᠮ᠎ᠠ ᠪᠣᠢ᠃ ᠶᠠᠮᠪᠠᠷ ᠶᠠᠭᠤᠮ᠎ᠠ ᠬᠡᠮᠡᠪᠡᠰᠦ᠄ ᠲᠠᠢᠵᠢ ᠲᠠᠪᠤᠨᠠᠩ ᠬᠡᠮᠡᠬᠦᠢ ᠨᠢᠭᠡᠨ ᠵᠦᠢᠯ ᠦ᠋ᠨ ᠶᠠᠭᠤᠮ᠎ᠠ ᠪᠣᠢ ᠠᠮᠤᠢ᠂ ᠴᠥᠮ ᠢ᠋ᠶ᠋ᠡᠷ ᠳᠥᠲᠥᠭᠡᠷ ᠵᠡᠷᠭᠡ ᠲᠡᠢ᠃ ᠨᠢᠭᠡᠬᠡᠨ ᠳᠥᠲᠥᠭᠡᠷ ᠵᠡᠷᠭᠡ ᠶ᠋ᠢᠨ ᠲᠠᠢᠵᠢ ᠶ᠋ᠢᠨ ᠭᠡᠷ ᠠᠨᠤ ᠪᠠᠶᠠᠨ ᠪᠣᠯᠤᠭᠠᠳ ᠭᠡᠳᠡᠰᠦᠨ ᠢᠨᠤ ᠴᠠᠳᠬᠤᠯᠠᠩ ᠪᠣᠯᠵᠤ᠂ ᠣᠯᠠᠨ ᠡᠮᠡᠰ ᠠᠪᠴᠤ ᠬᠡᠷᠪᠡ ᠵᠠᠭᠤᠨ ᠬᠥᠪᠡᠭᠦᠨ ᠲᠡᠢ ᠪᠣᠯᠪᠠᠰᠤ ᠵᠠᠭᠤᠭᠤᠯᠠ ᠴᠥᠮ ᠳᠥᠲᠥᠭᠡᠷ ᠵᠡᠷᠭᠡ ᠵᠡᠭᠦᠬᠦ ᠢᠨᠦ ᠡᠨᠡ ᠲᠠᠢᠵᠢ ᠴᠣᠬᠣᠮ ᠶᠠᠮᠪᠠᠷ ᠭᠠᠪᠢᠶ᠎ᠠ ᠪᠠᠢᠭᠤᠯᠵᠤ ᠡᠢᠮᠦ ᠪᠣᠯᠪᠠ ? 》ᠬᠡᠮᠡᠪᠡᠰᠦ ᠲᠡᠷᠡ ᠪᠠᠭᠰᠢ ᠥᠴᠢᠷᠦᠨ᠄ 《ᠡᠳᠡᠭᠡᠷ ᠢᠨᠦ ᠴᠥᠮ ᠲᠡᠭᠦᠨ ᠦ᠌ ᠪᠡᠶ᠎ᠡ ᠪᠡᠷ ᠭᠠᠪᠢᠶ᠎ᠠ ᠪᠠᠢᠭᠤᠯᠤᠭᠰᠠᠨ ᠠᠨᠤ ᠪᠤᠰᠤ᠂ ᠲᠡᠳᠡᠭᠡᠷ ᠦ᠋ᠨ ᠳᠡᠭᠡᠳᠦᠰ ᠢᠨᠦ ᠬᠠᠭᠠᠨ ᠰᠠᠭᠤᠵᠤ᠂ ᠲᠣᠭᠲᠠᠭᠠᠭᠰᠠᠨ ᠬᠠᠭᠤᠴᠢᠨ ᠬᠠᠤᠯᠢ ᠶ᠋ᠢᠨ ᠡᠭᠦᠷᠢᠳᠡ ᠶ᠋ᠢᠨ ᠳᠦᠷᠢᠮ ᠪᠣᠯᠠᠢ 》 ᠬᠡᠮᠡᠬᠦᠢ ᠳ᠋ᠦ᠍ᠷ ᠪᠢ ᠨᠡᠩ ᠭᠠᠢᠬᠠᠵᠤ ᠨᠡᠬᠡᠮᠵᠢᠯᠡᠨ ᠠᠰᠠᠭᠤᠷᠤᠨ᠄ 《ᠲᠡᠳᠡᠭᠡᠷ ᠲᠠᠢᠵᠢ ᠨᠠᠷ ᠤ᠋ᠨ ᠳᠡᠭᠡᠳᠦᠰ ᠦ᠋ᠨ ᠰᠠᠭᠤᠭᠰᠠᠨ ᠬᠠᠭᠠᠨ ᠠᠨᠤ ᠶᠠᠮᠪᠠᠷ ᠬᠠᠭᠠᠨ ᠪᠣᠢ ? ᠶᠠᠮᠪᠠᠷ ᠬᠥᠮᠦᠨ ᠶᠠᠭᠠᠬᠢᠨ ᠶᠠᠭᠠᠬᠢᠵᠤ ᠬᠠᠭᠠᠨ ᠰᠠᠭᠤᠭᠠᠳ ᠲᠡᠭᠦᠨ ᠦ᠌ ᠦᠷ᠎ᠡ ᠠᠴᠢᠷ ᠠᠨᠤ ᠡᠢᠮᠦ ᠪᠣᠯᠤᠭᠰᠠᠨ ᠪᠣᠢ ? ᠬᠡᠮᠡᠪᠡᠰᠦ ᠲᠡᠷᠡ ᠪᠠᠭᠰᠢ ᠥᠴᠢᠷᠦᠨ᠄ 《ᠲᠡᠳᠡᠭᠡᠷ ᠲᠠᠢᠵᠢ ᠨᠠᠷ ᠤ᠋ᠨ ᠡᠪᠦᠭᠡ ᠢᠨᠦ ᠡᠷᠲᠡᠨ ᠦ᠌ ᠶᠡᠬᠡ ᠶᠤᠸᠠᠨ ᠤᠯᠤᠰ ᠤ᠋ᠨ ᠲᠠᠢᠽᠦ ᠱᠧᠩ ᠡᠦ ᠬᠤᠸᠠᠩᠳᠢ ᠴᠢᠩᠭᠢᠰ ᠬᠠᠭᠠᠨ ᠪᠣᠯᠠᠢ᠃ 》 ᠪᠢ ᠠᠰᠠᠭᠤᠷᠤᠨ᠄ 《ᠲᠡᠷᠡ ᠴᠢᠩᠭᠢᠰ ᠪᠣᠭᠳᠠ ᠠᠨᠤ ᠡᠳᠦᠭᠡ ᠪᠣᠯᠲᠠᠯ᠎ᠠ ᠪᠠᠰᠠ ᠬᠠᠭᠠᠨ ᠢ᠋ᠶ᠋ᠠᠨ ᠰᠠᠭᠤᠭᠰᠠᠭᠠᠷ ᠤᠤ ? 》ᠲᠡᠷᠡ ᠪᠠᠭᠰᠢ ᠥᠴᠢᠷᠦᠨ᠄ 《ᠴᠢᠩᠭᠢᠰ ᠪᠣᠭᠳᠠ ᠥᠩᠭᠡᠷᠡᠭᠰᠡᠭᠡᠷ ᠵᠢᠷᠭᠤᠭᠠᠨ ᠵᠠᠭᠤᠨ ᠣᠨ ᠭᠠᠷᠪᠠ᠃ 》 ᠪᠢ ᠠᠰᠠᠭᠤᠷᠤᠨ᠄ 《ᠨᠢᠭᠡᠨᠲᠡ ᠥᠩᠭᠡᠷᠡᠭᠰᠡᠨ ᠪᠥᠭᠡᠰᠦ ᠳᠠᠷᠤᠢ ᠪᠠᠷᠠᠭᠰᠠᠨ ᠪᠣᠯᠠᠢ᠂ ᠪᠠᠰᠠ ᠶᠠᠭᠤᠨ ᠳ᠋ᠤ᠌ ᠬᠣᠶᠠᠷ ᠵᠠᠭᠤᠨ ᠬᠣᠰᠢᠭᠤ ᠢᠯᠡᠭᠦᠦ ᠲᠠᠢᠵᠢ ᠨᠠᠷ ᠪᠠᠢᠬᠤ ᠠᠨᠤ ᠳᠠᠢᠴᠢᠩ ᠤᠯᠤᠰ ᠤ᠋ᠨ ᠬᠠᠭᠠᠨ ᠳ᠋ᠤᠨᠢ ᠶᠠᠮᠪᠠᠷ ᠬᠡᠷᠡᠭᠯᠡᠬᠦ ᠲᠤᠰᠠᠲᠠᠢ ᠭᠠᠵᠠᠷ ᠪᠣᠢ ? 》ᠲᠡᠷᠡ ᠪᠠᠭᠰᠢ ᠥᠴᠢᠷᠦᠨ᠄ 《 ᠡᠨᠡ ᠳᠠᠢᠴᠢᠩ ᠤᠯᠤᠰ ᠲᠤᠷ ᠣᠭᠲᠣ ᠬᠡᠷᠡᠭ ᠦᠭᠡᠢ᠃ 》 ᠪᠢ ᠠᠰᠠᠭᠤᠷᠤᠨ᠄ 《ᠡᠨᠡ ᠤᠯᠤᠰ ᠲᠤᠷ ᠬᠡᠷᠡᠭ ᠦᠭᠡᠢ ᠪᠥᠭᠡᠲᠡᠯ᠎ᠡ ᠲᠡᠳᠡᠭᠡᠷ ᠲᠠᠢᠵᠢ ᠨᠠᠷ ᠢ᠋ ᠵᠥᠪ ᠵᠦᠭᠡᠷ ᠲᠡᠵᠢᠭᠡᠬᠦᠢ ᠡᠴᠡ ᠶᠠᠭᠤᠨ ᠳ᠋ᠤᠷ ᠴᠥᠮ ᠰᠤᠯᠠ ᠢᠷᠭᠡᠨ ᠪᠣᠯᠭᠠᠭᠠᠳ ᠠᠯᠪᠠ ᠠᠪᠴᠤ ᠤᠯᠤᠰ ᠲᠥᠷᠥ ᠳ᠋ᠦ᠍ᠷ ᠲᠤᠰᠠ ᠦᠯᠦ ᠪᠣᠯᠭᠠᠮᠤᠢ ? 》 ᠲᠡᠷᠡ ᠪᠠᠭᠰᠢ ᠥᠴᠢᠷᠦᠨ᠄ 《ᠲᠡᠢᠨ ᠪᠣᠯᠭᠠᠵᠤ ᠦᠯᠦ ᠪᠣᠯᠤᠮᠤᠢ᠃》ᠶᠠᠭᠤᠨ ᠳ᠋ᠤᠷ ᠦᠯᠦ ᠪᠣᠯᠬᠤ ᠤᠴᠢᠷ ᠢ᠋ ᠪᠢ ᠠᠰᠠᠭᠤᠪᠠᠰᠤ ᠲᠡᠷᠡ ᠪᠠᠭᠰᠢ ᠥᠴᠢᠷᠦᠨ᠄ 《ᠡᠳᠡᠭᠡᠷ ᠲᠠᠢᠵᠢ ᠨᠠᠷ ᠬᠡᠮᠡᠭᠴᠢ ᠶᠤᠸᠠᠨ ᠤᠯᠤᠰ ᠤ᠋ᠨ ᠬᠠᠭᠠᠨ ᠤ᠋ ᠦᠷᠡᠰ ᠮᠥᠨ ᠲᠤᠯᠠ ᠬᠡᠷᠬᠢᠨ ᠬᠠᠷ᠎ᠠ ᠢᠷᠭᠡᠨ ᠪᠣᠯᠭᠠᠵᠤ ᠪᠣᠯᠤᠮᠤᠢ ? ᠪᠣᠭᠳᠠ ᠴᠢᠩᠭᠢᠰ ᠬᠠᠭᠠᠨ ᠤ᠋ ᠲᠣᠭᠲᠠᠭᠠᠭᠰᠠᠨ ᠢ᠋ ᠡᠨᠡ ᠳᠠᠢᠴᠢᠩ ᠤᠯᠤᠰ ᠤ᠋ᠨ ᠬᠠᠭᠠᠨ ᠦᠯᠦ ᠡᠪᠳᠡᠮᠦᠢ᠃》 ᠪᠢ ᠠᠰᠠᠭᠤᠷᠤᠨ᠄ 《ᠶᠡᠬᠡ ᠶᠤᠸᠠᠨ ᠤᠯᠤᠰ ᠤ᠋ᠨ ᠪᠣᠭᠳᠠ ᠴᠢᠩᠭᠢᠰ ᠬᠠᠭᠠᠨ ᠳᠠᠢᠴᠢᠩ ᠤᠯᠤᠰ ᠤ᠋ᠨ ᠬᠠᠭᠠᠨ ᠳ᠋ᠤᠷ ᠶᠠᠭᠤᠨ ᠪᠣᠯᠤᠮᠤᠢ ?》 ᠲᠡᠷᠡ ᠪᠠᠭᠰᠢ ᠥᠴᠢᠷᠦᠨ᠄ 《ᠣᠭᠲᠣ ᠶᠠᠭᠤᠮ᠎ᠠ ᠪᠣᠯᠬᠤ ᠦᠭᠡᠢ᠃ 》 ᠪᠢ ᠠᠰᠠᠭᠤᠷᠤᠨ᠄ 《ᠲᠡᠢᠮᠦ ᠪᠥᠭᠡᠳ ᠶᠠᠭᠤᠨ ᠳ᠋ᠤᠷ ᠲᠡᠭᠦᠨ ᠦ᠌ ᠲᠣᠭᠲᠠᠭᠠᠭᠰᠠᠨ ᠠ᠋ᠴᠠ ᠦᠯᠦ ᠵᠥᠷᠢᠴᠡᠮᠦᠢ ? 》ᠲᠡᠷᠡ ᠪᠠᠭᠰᠢ ᠥᠴᠢᠷᠦᠨ᠄ 《ᠲᠡᠭᠷᠢ ᠶ᠋ᠢᠨ ᠬᠥᠪᠡᠭᠦᠨ ᠭᠠᠭᠴᠠ ᠬᠥᠮᠦᠨ ᠬᠡᠮᠡᠭᠴᠢ᠂ ᠲᠡᠷᠢᠭᠦᠨ ᠳ᠋ᠦ᠍ᠷ ᠬᠥᠮᠦᠨ ᠦ᠌ ᠬᠠᠭᠤᠴᠢᠨ ᠲᠣᠭᠲᠠᠭᠰᠠᠨ ᠢ᠋ ᠦᠯᠦ ᠮᠥᠬᠥᠭᠡᠮᠦᠢ᠂ ᠬᠣᠶᠠᠷ ᠲᠤᠷ ᠲᠠᠢᠵᠢ ᠨᠠᠷ ᠬᠡᠲᠦᠷᠬᠡᠢ ᠦᠷᠡᠵᠢᠭᠰᠡᠨ ᠦ᠌ ᠲᠤᠯᠠ ᠭᠡᠨᠡᠳᠲᠡ ᠳᠠᠷᠤᠯᠠᠪᠠᠰᠤ ᠣᠯᠠᠨ ᠤ᠋ ᠰᠡᠳᠬᠢᠯ ᠦᠯᠦ ᠳᠠᠭᠠᠬᠤ ᠠ᠋ᠴᠠ ᠪᠣᠯᠭᠣᠮᠵᠢᠯᠠᠵᠤᠬᠤᠢ᠃ 》ᠪᠢ ᠠᠰᠠᠭᠤᠷᠤᠨ᠄ ᠡᠨᠡ ᠶᠤᠸᠠᠨ ᠤᠯᠤᠰ ᠬᠡᠮᠡᠭᠴᠢ ᠡᠳᠦᠭᠡ ᠬᠠᠮᠢᠭ᠎ᠠ ᠪᠣᠢ ?》 ᠪᠠᠭᠰᠢ ᠥᠴᠢᠷᠦᠨ᠄ 《ᠬᠡᠳᠦᠢᠨᠡᠢ ᠮᠥᠬᠥᠵᠦᠬᠦᠢ᠃》 ᠪᠢ ᠠᠰᠠᠭᠤᠷᠤᠨ᠄ 《ᠬᠡᠨ ᠮᠥᠬᠥᠭᠡᠪᠡ ?》ᠲᠡᠷᠡ ᠪᠠᠭᠰᠢ ᠥᠴᠢᠷᠦᠨ᠄ 《ᠮᠢᠩ ᠤᠯᠤᠰ ᠤ᠋ᠨ ᠲᠠᠢᠽᠦ ᠵᠣ᠌ ᠾᠦᠩ ᠡᠦ ᠮᠥᠬᠥᠭᠡᠵᠦ ᠬᠠᠭᠠᠨ ᠰᠠᠭᠤᠷᠢᠨ ᠢ᠋ ᠠᠨᠤ ᠪᠤᠯᠢᠶᠠᠭᠠᠳ ᠮᠣᠩᠭᠣᠯ ᠢ᠋ ᠬᠣᠢᠲᠤ ᠠᠷᠤ ᠭᠠᠵᠠᠷ ᠲᠤᠷ ᠠᠨᠤ ᠬᠥᠭᠡᠭᠡᠪᠡ᠃ 》 ᠪᠢ ᠠᠰᠠᠭᠤᠷᠤᠨ᠄ 《ᠲᠡᠷᠡ ᠮᠢᠩ ᠤᠯᠤᠰ ᠤ᠋ᠨ ᠵᠣ᠌ ᠾᠦᠩ ᠡᠦ ᠢᠨᠤ ᠡᠳᠦᠭᠡ ᠬᠠᠮᠢᠭ᠎ᠠ ᠪᠣᠢ ? 》 ᠲᠡᠷᠡ ᠪᠠᠭᠰᠢ ᠥᠴᠢᠷᠦᠨ᠄ 《ᠲᠡᠷᠡ ᠮᠥᠬᠥᠭᠰᠡᠭᠡᠷ ᠪᠠᠰᠠ ᠲᠠᠪᠤᠨ ᠵᠠᠭᠤᠨ ᠵᠢᠯ ᠪᠣᠯᠪᠠ᠃ 》ᠪᠢ ᠠᠰᠠᠭᠤᠷᠤᠨ᠄《ᠲᠡᠷᠡ ᠵᠣ᠌ ᠾᠦᠩ ᠡᠦ ᠳ᠋ᠦ᠍ᠷ ᠦᠷ᠎ᠡ ᠦᠭᠡᠢ ᠦᠦ ? 》ᠲᠡᠷᠡ ᠪᠠᠭᠰᠢ ᠥᠴᠢᠷᠦᠨ᠄ 《ᠲᠡᠭᠦᠨ ᠦ᠌ ᠦᠷᠡᠰ ᠭᠤᠷᠪᠠᠨ ᠵᠠᠭᠤᠨ ᠵᠢᠯ ᠰᠢᠬᠠᠮ ᠬᠠᠭᠠᠨ ᠰᠠᠭᠤᠪᠠ᠃ 》ᠪᠢ ᠠᠰᠠᠭᠤᠷᠤᠨ᠄ 《ᠲᠡᠷᠡ ᠶᠠᠭᠤᠨ ᠳ᠋ᠤᠷ ᠦᠷ᠎ᠡ ᠠᠴᠢ ᠪᠠᠨ ᠲᠠᠢᠵᠢ ᠡᠰᠡ ᠪᠣᠯᠭᠠᠪᠠ ?》᠂ ᠲᠡᠷᠡ ᠪᠠᠭᠰᠢ ᠥᠴᠢᠷᠦᠨ᠄ 《ᠲᠠᠢᠵᠢ ᠪᠣᠯᠭᠠᠨ ᠡᠰᠡ ᠴᠢᠳᠠᠵᠤᠬᠤᠢ᠃ 》ᠪᠢ ᠠᠰᠠᠭᠤᠷᠤᠨ᠄ 《ᠶᠤᠸᠠᠨ ᠤᠯᠤᠰ ᠤ᠋ᠨ ᠲᠠᠢᠽᠦ ᠦᠷᠡᠰ ᠢ᠋ᠶ᠋ᠡᠨ ᠲᠠᠢᠵᠢ ᠪᠣᠯᠭᠠᠨ ᠴᠢᠳᠠᠭᠠᠳ ᠮᠢᠩ ᠤᠯᠤᠰ ᠤ᠋ᠨ ᠲᠠᠢᠽᠦ ᠶᠠᠭᠤᠨ ᠳ᠋ᠤᠷ ᠦᠷᠡᠰ ᠢ᠋ᠶ᠋ᠡᠨ ᠲᠠᠢᠵᠢ ᠪᠣᠯᠭᠠᠵᠤ ᠦᠯᠦ ᠴᠢᠳᠠᠮᠤᠢ ? 》ᠪᠠᠭᠰᠢ ᠥᠴᠢᠷᠦᠨ᠄ 《ᠮᠢᠩ ᠤᠯᠤᠰ ᠤ᠋ᠨ ᠲᠠᠢᠽᠦ ᠬᠡᠮᠡᠭᠴᠢ ᠲᠡᠷᠢᠭᠦᠨ ᠳ᠋ᠦ᠍ᠷ ᠡᠵᠡᠨ ᠦ᠌ ᠪᠡᠨ ᠲᠥᠷᠥ ᠶ᠋ᠢ ᠪᠤᠯᠢᠶᠠᠭᠰᠠᠨ ᠬᠥᠮᠦᠨ᠂ ᠬᠣᠶᠠᠷ ᠲᠤᠷ ᠮᠣᠩᠭᠣᠯ ᠤ᠋ᠨ ᠭᠡᠷ ᠦ᠋ᠨ ᠬᠢᠲᠠᠳ ᠪᠣᠭᠣᠯ ᠠ᠋ᠴᠠ ᠲᠥᠷᠥᠭᠰᠡᠨ ᠪᠣᠭᠣᠯ ᠤ᠋ᠨ ᠪᠣᠭᠣᠯ᠂ ᠭᠤᠷᠪᠠᠨ ᠳ᠋ᠤᠷ ᠲᠣᠢᠳ ᠤ᠋ᠨ ᠡᠪᠦᠷ ᠲᠦ᠍ ᠬᠡᠪᠲᠡᠭᠰᠡᠨ ᠪᠤᠵᠠᠷ ᠬᠡᠦᠬᠡᠳ ᠪᠣᠯᠠᠢ᠃ ᠶᠤᠸᠠᠨ ᠤᠯᠤᠰ ᠤ᠋ᠨ ᠲᠠᠢᠽᠦ ᠬᠡᠮᠡᠭᠴᠢ ᠤᠭ ᠠ᠋ᠴᠠ ᠠᠯᠲᠠᠨ ᠶᠠᠰᠤᠲᠤ ᠲᠡᠭᠷᠢ ᠶ᠋ᠢᠨ ᠦᠷᠡᠰ ᠬᠠᠳ ᠤ᠋ᠨ ᠦᠨᠳᠦᠰᠦ᠂ ᠪᠠᠳᠠᠷᠠᠩᠭᠤᠢ ᠴᠠᠭᠠᠨ ᠰᠦᠯᠳᠡ ᠲᠡᠭᠷᠢ ᠶ᠋ᠢᠨ ᠴᠠᠭᠠᠨ ᠭᠡᠷᠡᠯ ᠡᠴᠡ ᠪᠦᠲᠦᠭᠰᠡᠨ ᠬᠤᠪᠢᠯᠭᠠᠨ ᠰᠠᠬᠢᠭᠤᠯᠰᠤᠨ ᠪᠣᠭᠳᠠ ᠪᠥᠭᠡᠲᠡᠯ᠎ᠡ ᠬᠡᠷᠬᠢᠨ ᠵᠣ᠌ ᠾᠦᠩ ᠡᠦ ᠯᠦ᠍ᠭᠡ ᠦᠯᠢᠳᠬᠡᠵᠦ ᠪᠣᠯᠬᠤ ᠪᠣᠢ ? 》 ᠬᠡᠮᠡᠭᠰᠡᠨ ᠳ᠋ᠦ᠍ᠷ ᠪᠢ ᠨᠡᠩ ᠶᠡᠬᠡᠯ᠎ᠡ ᠭᠠᠢᠬᠠᠵᠤ《ᠨᠢᠭᠡᠨ ᠠᠳᠠᠯᠢ ᠬᠠᠭᠠᠨ ᠬᠥᠮᠦᠨ ᠪᠥᠭᠡᠲᠡᠯ᠎ᠡ ᠶᠠᠭᠤᠨ ᠤ᠋ ᠣᠴᠢᠷ᠎ᠠ ᠨᠢᠭᠡᠨ ᠢᠨᠤ ᠬᠤᠪᠢᠯᠭᠠᠨ ᠰᠠᠬᠢᠭᠤᠯᠰᠤᠨ ᠪᠣᠯᠤᠭᠠᠳ ᠨᠢᠭᠡᠨ ᠢᠨᠤ ᠬᠤᠢᠬᠤᠷ ᠬᠤᠶᠠᠯᠢ ᠪᠣᠯᠤᠭᠰᠠᠨ ᠪᠣᠢ ? ᠡᠨᠡ ᠬᠦ᠌ ᠴᠢᠩᠭᠢᠰ ᠬᠠᠭᠠᠨ ᠤ᠋ ᠡᠷᠬᠢᠮ ᠥᠨᠳᠥᠷ ᠪᠣᠯᠤᠭᠰᠠᠨ ᠠᠨᠤ ᠶᠠᠭᠠᠬᠢᠨ ᠲᠡᠢᠮᠦ ᠪᠣᠯᠪᠠ ?》ᠭᠡᠮᠡᠨ ᠨᠠᠷᠢᠨ ᠨᠢᠭᠲᠠ ᠶ᠋ᠢ ᠤᠬᠤᠴᠢᠯᠠᠨ ᠭᠤᠶᠤᠨ ᠠᠰᠠᠭᠤᠪᠠᠰᠤ ᠲᠡᠷᠡ ᠮᠡᠷᠭᠡᠨ ᠡᠷᠳᠡᠮᠲᠦ ᠪᠠᠭᠰᠢ ᠠᠰᠠᠭᠤᠭᠳᠠᠭᠰᠠᠭᠠᠷ ᠮᠠᠰᠢ ᠬᠠᠰᠢᠷᠠᠭᠠᠳ ᠭᠡᠨᠡᠳᠲᠡ ᠬᠢᠯᠢᠩ ᠲᠥᠷᠥᠵᠦ ᠴᠢᠩᠭ᠎ᠠ ᠳᠠᠭᠤᠨ ᠢ᠋ᠶ᠋ᠠᠷ ᠳᠤᠭᠲᠤᠷᠤᠨ ᠵᠠᠩᠳᠠᠵᠤ᠂ ᠢᠨᠵᠠᠨᠨᠠᠰᠢ ᠨᠠᠮᠠᠶ᠋ᠢ ᠬᠤᠷᠤᠭᠤ ᠪᠠᠷ ᠵᠢᠭᠠᠵᠤ ᠳᠣᠩᠭᠣᠳᠤᠨ ᠥᠭᠦᠯᠡᠷᠦᠨ᠄ 《ᠦᠭᠡᠨ ᠳ᠋ᠦ᠍ᠷ ᠳᠤᠷᠠᠲᠠᠢ ᠡᠨᠡ ᠶᠠᠩᠰᠢᠶ᠎ᠠ ᠶᠠᠭᠤᠮ᠎ᠠ᠂ ᠶᠡᠬᠡ ᠶᠤᠸᠠᠨ ᠤᠯᠤᠰ ᠤ᠋ᠨ ᠠᠷᠪᠠᠨ ᠳᠥᠷᠪᠡᠨ ᠬᠠᠭᠠᠨ ᠤ᠋ ᠨᠢᠭᠡᠨ ᠵᠠᠭᠤᠨ ᠵᠢᠷᠠᠨ ᠬᠣᠶᠠᠷ ᠵᠢᠯ᠂ ᠮᠢᠩ ᠤᠯᠤᠰ ᠤ᠋ᠨ ᠠᠷᠪᠠᠨ ᠳᠣᠯᠣᠭᠠᠨ ᠡᠵᠡᠨ ᠦ᠌ ᠬᠣᠶᠠᠷ ᠵᠠᠭᠤᠨ ᠳᠠᠯᠠᠨ ᠨᠠᠢ᠍ᠮᠠᠨ ᠵᠢᠯ ᠦ᠋ᠨ ᠲᠦᠭ ᠲᠦᠮᠡᠨ ᠬᠡᠷᠡᠭ ᠤᠴᠢᠷ ᠢ᠋ ᠪᠢ ᠶᠠᠮᠪᠠᠷ ᠴᠢᠯᠥᠭᠡ ᠪᠡᠷ ᠴᠢᠮ᠎ᠠ ᠳ᠋ᠤᠷ ᠵᠠᠬ᠎ᠠ ᠳᠠᠷᠠᠭᠠᠯᠠᠨ ᠲᠣᠭᠠᠴᠢᠨ ᠬᠡᠯᠡᠵᠦ ᠥᠭᠭᠦᠮᠦᠢ ? ᠴᠢᠮ᠎ᠠ ᠳ᠋ᠤᠷ ᠲᠤᠰᠠᠯᠠᠭᠴᠢ ᠡᠴᠢᠭᠡ ᠨᠣᠶᠠᠨ ᠤ᠋ ᠬᠤᠷᠢᠶᠠᠭᠰᠠᠨ ᠲᠠᠪᠤᠨ ᠲᠡᠷᠭᠡ ᠪᠢᠴᠢᠭ ᠪᠠᠢᠲᠠᠯ᠎ᠠ ᠬᠥᠮᠦᠨ ᠡᠴᠡ ᠠᠰᠠᠭᠤᠵᠤ ᠬᠠᠰᠢᠷᠠᠭᠠᠬᠤ ᠠᠨᠤ ᠴᠢᠨᠦ ᠶᠠᠭᠤᠨ ? ᠴᠢᠨᠦ ᠲᠡᠷᠡ ᠬᠣᠶᠠᠷ ᠨᠢᠳᠦ ᠪᠦᠯᠲᠡᠢᠵᠦ ᠪᠠᠢᠭᠠᠳ ᠥᠪᠡᠷ ᠦ᠋ᠨ ᠤᠭ ᠦᠨᠳᠦᠰᠦᠲᠡᠨ ᠦ᠌ ᠲᠡᠦᠬᠡ ᠪᠢᠴᠢᠭ ᠪᠠ ᠴᠠᠳᠢᠭ ᠰᠤᠳᠤᠷ ᠢ᠋ᠶ᠋ᠠᠨ ᠦᠯᠦ ᠦᠵᠡᠨ᠂ ᠤᠷᠢᠳᠤᠰ ᠳᠡᠭᠡᠳᠦᠰ ᠤᠭᠰᠠᠭ᠎ᠠ ᠡᠰᠢ ᠪᠡᠨ ᠦᠯᠦ ᠮᠡᠳᠡᠨ᠂ ᠬᠥᠮᠦᠨ ᠬᠡᠮᠡᠭᠡᠳ ᠦᠨᠳᠦᠰᠦᠨ ᠢ᠋ᠶ᠋ᠡᠨ ᠦᠯᠦ ᠮᠡᠳᠡᠬᠦ ᠢᠨᠤ ᠠᠳᠤᠭᠤᠰᠤᠨ ᠪᠤᠶᠤ᠃ ᠲᠠᠢᠵᠢ ᠪᠥᠭᠡᠳ ᠡᠪᠦᠭᠡ ᠶᠦ᠍ᠭᠡᠨ ᠦᠯᠦ ᠮᠡᠳᠡᠬᠦ ᠢᠨᠤ ᠮᠠᠯ ᠪᠤᠶᠤ᠃ ᠨᠢᠳᠦ ᠪᠣᠢ ᠪᠥᠭᠡᠳ ᠲᠡᠦᠬᠡ ᠶᠦ᠍ᠭᠡᠨ ᠦᠯᠦ ᠦᠵᠡᠬᠦ ᠢᠨᠤ ᠰᠣᠬᠣᠷ ᠨᠣᠮᠣᠨ ᠪᠤᠶᠤ᠃ ᠮᠡᠳᠡᠯᠲᠡᠢ ᠪᠥᠭᠡᠳ ᠢᠵᠠᠭᠤᠷ ᠢ᠋ᠶ᠋ᠠᠨ ᠦᠯᠦ ᠰᠡᠳᠬᠢᠬᠦ ᠢᠨᠤ ᠮᠤᠩᠬᠠᠭ ᠭᠠᠬᠠᠢ ᠪᠤᠶᠤ ! 》 ᠭᠡᠮᠡᠨ ᠨᠢᠳᠦᠨ ᠳ᠋ᠦ᠍ᠷ ᠮᠢᠨᠦ ᠬᠤᠷᠤᠭᠤ ᠪᠠᠨ ᠬᠢᠵᠦ ᠴᠢᠷᠠᠢ ᠳ᠋ᠤᠷ ᠮᠢᠨᠦ ᠯᠠᠭᠰᠢᠲᠠᠯᠠ ᠨᠢᠯᠪᠤᠵᠤ ᠬᠠᠷᠢᠶᠠᠨ ᠥᠭᠦᠯᠡᠷᠦᠨ᠄ 《ᠲᠤᠰᠠᠯᠠᠭᠴᠢ ᠨᠣᠶᠠᠨ ᠤ᠋ ᠵᠥᠭᠡᠭᠡᠵᠦ ᠨᠥᠭᠡᠭᠰᠡᠨ ᠠᠰᠠᠷ ᠲᠤᠯᠤᠮ᠎ᠠ ᠠᠷᠪᠢᠨ ᠪᠢᠴᠢᠭ᠂ ᠬᠣᠷᠭᠣ ᠳᠦᠭᠦᠷᠡᠩ ᠬᠤᠷᠢᠶᠠᠭᠰᠠᠨ ᠰᠤᠳᠤᠷ ᠠᠨᠤ ᠭᠡᠷ ᠲᠦ᠍ ᠴᠢᠨᠦ ᠪᠠᠢᠲᠠᠯ᠎ᠠ ᠶᠠᠭᠤᠨ ᠳ᠋ᠤᠷ ᠠᠢᠯ ᠬᠣᠷᠢᠶ᠎ᠠ ᠶ᠋ᠢ ᠲᠣᠭᠣᠷᠢᠵᠤ ᠠᠯᠢᠪᠠ ᠬᠥᠮᠦᠨ ᠡᠴᠡ ᠠᠰᠠᠭᠤᠵᠤ᠂ ᠬᠥᠮᠦᠨ ᠢ᠋ ᠡᠨᠡ ᠮᠡᠲᠦ ᠬᠠᠰᠢᠷᠠᠭᠠᠮᠤᠢ ? 》 ᠭᠡᠮᠡᠨ ᠨᠠᠮᠠᠶ᠋ᠢ ᠰᠠᠢᠲᠤᠷ ᠨᠢᠭᠡᠨ ᠵᠡᠷᠭᠡ ᠬᠠᠷᠢᠶᠠᠭᠠᠳ ᠳᠣᠩᠭᠣᠳᠤᠨ ᠢᠴᠢᠭᠡᠵᠦ 《 ᠫᠧᠢ ! 》ᠭᠡᠮᠡᠨ ᠨᠢᠯᠪᠤᠭᠠᠳ ᠬᠠᠨᠴᠤ ᠪᠠᠨ ᠭᠦᠪᠢᠨ ᠶᠠᠪᠤᠵᠤ ᠡᠴᠢᠭᠰᠡᠨ ᠳ᠋ᠦ᠍ᠷ ᠪᠢ ᠰᠠᠶᠢ ᠥᠪᠡᠷ ᠦ᠋ᠨ ᠬᠥᠮᠦᠨ ᠪᠥᠭᠡᠳ ᠤᠭ ᠢᠵᠠᠭᠤᠷ ᠢ᠋ᠶ᠋ᠠᠨ ᠦᠯᠦ ᠮᠡᠳᠡᠬᠦ ᠪᠡᠨ ᠤᠬᠠᠵᠤ ᠢᠴᠢᠩᠭᠦᠷᠡᠨ ᠭᠡᠮᠰᠢᠵᠦ ᠰᠣᠴᠢᠨ ᠰᠢᠷᠪᠡᠭᠡᠲᠦᠵᠦ ᠳᠠᠷᠤᠢ ᠮᠥᠨ ᠴᠢᠬᠤᠯᠳᠠᠭᠰᠠᠨ ᠲᠠᠰᠢᠷᠠᠮ ᠭᠡᠷ ᠲᠦ᠍ᠷ ᠢ᠋ᠶ᠋ᠡᠨ ᠣᠷᠣᠮᠠᠭᠴᠠ ᠳᠠᠷᠤᠢ ᠪᠢᠴᠢᠭ ᠦ᠋ᠨ ᠠᠰᠠᠷᠯᠢᠭ ᠲᠤᠷ ᠠᠪᠠᠷᠢᠵᠤ ᠡᠷᠳᠡᠮ ᠰᠤᠷᠲᠠᠯᠲᠤ ᠡᠴᠢᠭᠡ ᠨᠣᠶᠠᠨ ᠤ᠋ ᠪᠠᠨ ᠬᠤᠷᠢᠶᠠᠭᠰᠠᠨ ᠳᠥᠷᠪᠡᠨ ᠬᠡᠯᠡᠨ ᠦ᠌ ᠪᠢᠴᠢᠭ ᠰᠤᠳᠤᠷ ᠦᠯᠢᠭᠡᠷ ᠱᠠᠰᠲᠢᠷ ᠢ᠋ ᠴᠥᠮ ᠠᠭᠤᠳᠠᠯᠤᠨ ᠤᠷᠪᠠᠭᠤᠯᠵᠤ᠂ ᠶᠡᠬᠡ ᠶᠤᠸᠠᠨ ᠤᠯᠤᠰ ᠤ᠋ᠨ ᠮᠣᠩᠭᠣᠯ ᠤ᠋ᠨ ᠬᠠᠷᠢᠶᠠᠲᠤ ᠪᠦᠬᠦᠨ ᠦ᠌ ᠰᠤᠳᠤᠷ ᠪᠢᠴᠢᠭ᠂ ᠴᠠᠳᠢᠭ ᠲᠣᠭᠣᠵᠢ᠂ ᠲᠡᠦᠬᠡ ᠦᠯᠢᠭᠡᠷ ᠱᠠᠰᠲᠢᠷ ᠨᠡᠢᠲᠡ ᠠᠷᠪᠠᠨ ᠠᠩᠭᠢ ᠶ᠋ᠢ ᠡᠷᠢᠨ ᠭᠠᠷᠭᠠᠪᠠ᠃ ᠡᠭᠦᠨ ᠦ᠌ ᠳᠣᠲᠣᠷ᠎ᠠ ᠬᠢᠲᠠᠳ ᠨᠠᠩᠭᠢᠶᠠᠳ ᠤ᠋ᠨ ᠲᠡᠮᠳᠡᠭᠯᠡᠯ᠂ ᠮᠣᠩᠭᠣᠯ ᠮᠠᠨᠵᠤ ᠶ᠋ᠢᠨ ᠣᠢᠯᠠᠪᠤᠷᠢ ᠬᠢᠭᠡᠳ ᠲᠠᠩᠭᠤᠳ ᠲᠥᠪᠡᠳ ᠡᠴᠡ ᠬᠥᠷᠪᠡᠭᠦᠯᠦᠭᠰᠡᠨ ᠪᠠ ᠤᠢᠭᠤᠷ ᠰᠢᠷ᠎ᠠ ᠠ᠋ᠴᠠ ᠣᠷᠴᠢᠭᠤᠯᠤᠭᠰᠠᠨ ᠲᠠᠢ ᠣᠯᠠᠨ ᠵᠦᠢᠯ ᠦ᠋ᠨ ᠲᠣᠭᠳᠣᠢ ᠳᠡᠪᠲᠡᠷ᠂ ᠡᠪᠬᠡᠮᠡᠯ ᠨᠤᠭᠤᠯᠪᠤᠷᠢ᠂ ᠬᠠᠪᠴᠢᠶᠠᠷᠢ ᠬᠠᠭᠤᠳᠠᠰᠤ ᠵᠢᠰᠦᠷᠢ ᠰᠤᠳᠤᠷᠯᠢᠭ ᠢ᠋ ᠪᠦᠷᠢᠨ᠎ᠡ ᠭᠠᠷᠭᠠᠭᠰᠠᠨ ᠠᠷᠪᠠᠨ ᠵᠦᠢᠯ ᠢᠨᠦ᠄ 《ᠮᠠᠨᠳᠤᠭᠰᠠᠨ ᠲᠥᠷᠥ ᠶ᠋ᠢᠨ ᠬᠥᠬᠡ ᠰᠤᠳᠤᠷ 》᠂ 《ᠴᠢᠳᠠᠭᠴᠢ ᠶ᠋ᠢᠨ ᠡᠷᠬᠡᠲᠦ ᠬᠠᠳ ᠤ᠋ᠨ ᠦᠨᠳᠦᠰᠦ 》᠂ 《ᠬᠥᠬᠡ ᠮᠣᠩᠭᠣᠯ ᠤ᠋ᠨ ᠴᠢᠳᠠᠭᠴᠢ ᠶ᠋ᠢᠨ ᠴᠠᠳᠢᠭ 》᠂ 《ᠠᠯᠲᠠᠨ ᠦᠷᠡᠰᠲᠦ ᠶ᠋ᠢᠨ ᠲᠦᠳᠡ ᠲᠡᠦᠬᠡ 》᠂ 《 ᠳᠠᠯᠠᠢ ᠪᠯᠠᠮ᠎ᠠ ᠶ᠋ᠢᠨ ᠵᠠᠯᠠᠭᠤᠰ ᠤ᠋ᠨ ᠬᠤᠷᠢᠮ 》᠂ 《ᠠᠯᠲᠠᠨ ᠣᠷᠣᠭᠳᠠᠨ ᠤ᠋ ᠰᠡᠳᠬᠢᠯ ᠦ᠋ᠨ ᠴᠡᠩᠭᠡᠯ 》᠂ 《ᠴᠢᠩᠭᠢᠰ ᠬᠠᠭᠠᠨ ᠤ᠋ ᠰᠤᠯᠠ ᠱᠠᠰᠲᠢᠷ 》᠂ 《 ᠪᠣᠭᠳᠠ ᠴᠢᠩᠭᠢᠰ ᠦ᠋ᠨ ᠣᠷᠴᠢᠯᠠᠩ ᠤ᠋ᠳ ᠤ᠋ᠨ ᠬᠡᠯᠡᠯᠴᠡᠭᠡ 》᠂ 《ᠶᠡᠬᠡ ᠶᠤᠸᠠᠨ ᠤᠯᠤᠰ ᠤ᠋ᠨ ᠲᠥᠪ ᠦ᠋ᠨ ᠰᠤᠳᠤᠷ 》᠂ 《ᠵᠣ᠌ ᠽᠢ ᠲᠦᠩ ᠵᠢᠶᠠᠨ ᠭᠠᠩ ᠮᠦ᠍ 》 ᠶ᠋ᠢᠨ ᠶᠡᠬᠡ ᠰᠤᠳᠤᠷ ᠲᠠᠢ ᠨᠡᠢᠲᠡ ᠠᠷᠪᠠᠨ ᠠᠩᠭᠢ ᠶ᠋ᠢ ᠣᠯᠵᠤ᠂ ᠰᠢᠳᠦ ᠵᠠᠭᠤᠨ ᠵᠣᠷᠢᠭ ᠢ᠋ ᠴᠢᠩᠭᠠᠳᠬᠠᠨ᠂ ᠲᠤᠰᠠᠯᠠᠭᠴᠢ ᠠᠬ᠎ᠠ ᠰᠦᠩᠸᠠᠢᠳᠠᠨᠵᠥ᠋ᠩ ᠶᠡᠬᠡ ᠭᠠᠩ ᠮᠦ᠍ ᠪᠢᠴᠢᠭ ᠢ᠋ ᠣᠷᠴᠢᠭᠤᠯᠵᠤ᠂ ᠢᠨᠵᠠᠨᠨᠠᠰᠢ ᠪᠢ ᠣᠯᠠᠨ ᠰᠤᠳᠤᠷ ᠤ᠋ᠳ ᠢ᠋ ᠬᠣᠣᠰᠯᠠᠭᠤᠯᠤᠨ ᠡᠨᠡ 《ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ 》 ᠢ᠋ ᠰᠡᠪ ᠰᠡᠵᠢᠭ ᠦᠭᠡᠢ ᠪᠣᠯᠭᠠᠨ ᠵᠠᠯᠭᠠᠨ ᠴᠥᠯᠪᠡᠵᠦ ᠬᠠᠭᠤᠯᠤᠨ ᠭᠠᠷᠭᠠᠪᠠ᠃ ᠡᠨᠡ ᠦᠨᠡᠬᠡᠷ ᠰᠡᠳᠬᠡᠯ ᠰᠠᠨᠠᠭᠠᠨ ᠡᠯᠢᠭᠡ ᠠᠭᠤᠰᠬᠢ ᠪᠡᠶ᠎ᠡ ᠴᠣᠭᠴᠠ ᠨᠢᠳᠦ ᠭᠠᠷ ᠬᠠᠮᠲᠤ ᠪᠠᠷ ᠴᠢᠯᠡᠪᠡᠢ ᠃
ᠮᠢᠩᠭᠠᠨ ᠣᠨ ᠤ᠋ ᠤᠴᠢᠷ ᠰᠢᠯᠲᠠᠭᠠᠨ ᠢ᠋ ᠪᠢᠷ ᠪᠡᠬᠡᠰ ᠠ᠋ᠴᠠ ᠠᠰᠠᠭᠤᠵᠤ
ᠮᠢᠷᠠᠯᠵᠠᠨ ᠡᠷᠢᠶᠡᠯᠵᠡᠬᠦ ᠦᠢᠯᠡ ᠶᠠᠪᠤᠳᠠᠯ ᠢ᠋ ᠰᠤᠳᠤᠷ ᠪᠢᠴᠢᠭ ᠯᠦ᠍ᠭᠡ ᠬᠡᠯᠡᠯᠴᠡᠮᠦᠢ᠂
ᠮᠢᠨᠦ ᠡᠨᠡ ᠪᠡᠶ᠎ᠡ ᠬᠡᠯᠡ ᠰᠡᠳᠬᠢᠯ ᠦ᠋ᠨ ᠭᠦᠨ᠎ᠡ ᠴᠢᠯᠡᠭᠰᠡᠨ ᠰᠢᠯᠲᠠᠭᠠᠨ ᠢ᠋
ᠮᠢᠲᠠᠷᠠᠰᠢ ᠦᠭᠡᠢ ᠬᠣᠵᠢᠮ ᠤ᠋ᠨ ᠮᠡᠷᠭᠡᠳ ᠠᠢᠯᠠᠳᠤᠨᠠᠮ ᠪᠣᠯᠪᠠᠤ ᠦᠭᠡᠢ ᠦᠦ ?
