ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠳᠡᠳ᠋ ᠠᠩᠭᠢ > Хөх судар - Инжинаш < Товчит толт - Дэд анги > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠳᠡᠳ᠋ ᠠᠩᠭᠢ > Хөх судар - Инжинаш < Товчит толт - Дэд анги >

ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠳᠡᠳ᠋ ᠠᠩᠭᠢ > Хөх судар - Инжинаш < Товчит толт - Дэд анги >

ᠠᠩᠭᠢᠯᠠᠯ:ᠲᠡᠦᠬᠡ ᠰᠣᠶᠣᠯ
2023-06-08

562

ᠬᠥᠬᠡ ᠰᠤᠳᠤᠷ - ᠲᠣᠪᠴᠢᠲᠤ ᠲᠣᠯᠲᠣ - ᠳᠡᠳ᠋ ᠠᠩᠭᠢ

 
               ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ ᠤ᠋ᠨ  
               ᠤᠴᠢᠷ ᠰᠢᠯᠲᠠᠭᠠᠨ ᠨᠢᠭᠡᠨ ᠢᠵᠢ ᠂ ᠲᠣᠪᠴᠢᠲᠤ ᠲᠣᠯᠲᠣ ᠶ᠋ᠢᠨ ᠳᠡᠳ᠋ ᠠᠩᠭᠢ 

      ᠡᠷᠲᠡᠨ ᠦ᠌ ᠦᠭᠡᠰ ᠲᠣᠷ《ᠡᠷᠳᠡᠮᠲᠡᠨ ᠰᠠᠢᠳ ᠤᠭ ᠢ᠋ᠶ᠋ᠠᠨ ᠦᠯᠦ ᠤᠮᠠᠷᠲᠠᠮᠤᠢ 》 ᠬᠡᠮᠡᠵᠦᠬᠦᠢ᠃ ᠲᠠᠢᠵᠢ ᠢᠨᠵᠠᠨᠨᠠᠰᠢ ᠪᠢ ᠮᠠᠲᠠᠯ ᠣᠷᠣᠵᠤ ᠳᠥᠷᠪᠡᠨ ᠵᠦᠭ ᠦ᠋ᠨ ᠮᠡᠷᠭᠡᠳ ᠰᠠᠢᠳ ᠲᠤᠷ ᠠᠭᠤᠯᠵᠠᠵᠤ ᠶᠠᠪᠤᠭᠰᠠᠭᠠᠷ ᠬᠣᠷᠢᠨ ᠣᠨ ᠪᠣᠯᠲᠠᠯ᠎ᠠ ᠦᠵᠡᠬᠦᠯ᠎ᠡ᠂ ᠮᠠᠨ ᠤ᠋ ᠮᠣᠩᠭᠣᠯ ᠲᠣᠭᠠᠲᠠᠨ ᠤ᠋ ᠭᠤᠷᠪᠠᠨ ᠵᠠᠭᠤᠨ ᠢᠯᠡᠭᠦᠦ ᠬᠤᠰᠢᠭᠤᠨ ᠳ᠋ᠤᠷ ᠴᠤᠭᠯᠠᠷᠠᠭᠰᠠᠨ ᠡᠷᠳᠡᠮᠲᠡᠨ ᠴᠥᠭᠡᠨ ᠦᠭᠡᠢ᠃ ᠭᠠᠭᠴᠠ ᠳᠠᠢᠴᠢᠩ ᠤᠯᠤᠰ ᠲᠤᠯᠭᠤᠷ ᠲᠣᠭᠲᠠᠨᠢᠭᠰᠠᠨ ᠠ᠋ᠴᠠ ᠮᠠᠨ ᠤ᠋ ᠮᠣᠩᠭᠣᠯ ᠳ᠋ᠤᠷ ᠪᠢᠴᠢᠭ ᠰᠤᠷᠲᠠᠯ ᠢ᠋ᠶ᠋ᠠᠷ ᠪᠡᠶ᠎ᠡ ᠭᠠᠷᠴᠤ ᠬᠥᠷᠥᠩᠭᠡ ᠪᠦᠲᠦᠭᠡᠬᠦ ᠶ᠋ᠢᠨ ᠡᠭᠦᠳᠡ ᠦᠭᠡᠢ ᠶ᠋ᠢᠨ ᠲᠤᠯᠠ ᠮᠣᠩᠭᠣᠯ ᠲᠣᠭᠠᠲᠠᠨ ᠭᠦᠨ᠎ᠡ ᠬᠢᠴᠢᠶᠡᠯ ᠦᠭᠡᠢ ᠪᠣᠯᠵᠤᠬᠤᠢ᠃ ᠬᠡᠳᠦᠢ ᠲᠡᠢᠨ ᠪᠣᠯᠪᠠᠴᠤ ᠮᠠᠨ ᠤ᠋ ᠥᠪᠥᠷ ᠭᠤᠷᠪᠠᠨ ᠴᠢᠭᠤᠯᠭᠠᠨ ᠤ᠋ ᠮᠣᠩᠭᠣᠯᠴᠤᠳ ᠡᠭᠡᠨᠡᠭᠲᠡ ᠨᠡᠢᠰᠯᠡᠯ ᠳ᠋ᠦ᠍ᠷ ᠪᠠᠬᠠᠨ ᠣᠢᠷ᠎ᠠ᠂ ᠵᠦᠩ ᠶᠤᠸᠠᠨ ᠤ᠋ ᠵᠠᠬ᠎ᠠ ᠬᠥᠪᠡᠭᠡ ᠪᠡᠷ ᠰᠠᠭᠤᠭᠰᠠᠨ ᠢ᠋ᠶ᠋ᠠᠷ ᠬᠢᠲᠠᠳ ᠪᠢᠴᠢᠭ ᠦᠰᠦᠭ ᠲᠡᠢ ᠮᠡᠷᠭᠡᠰᠢᠭᠰᠡᠨ ᠡᠷᠳᠡᠮᠲᠡᠨ ᠮᠥᠨ ᠨᠡᠯᠢᠶᠡᠳ ᠣᠯᠠᠨᠲᠠ ᠭᠠᠷᠴᠤᠬᠤᠢ᠃ ᠨᠡᠩᠳᠡ ᠮᠠᠨ ᠤ᠋ ᠡᠨᠡ ᠵᠣᠰᠣᠲᠤ ᠶ᠋ᠢᠨ ᠨᠢᠭᠡᠨ ᠴᠢᠭᠤᠯᠭᠠᠨ ᠤ᠋ ᠮᠣᠩᠭᠣᠯᠴᠤᠳ ᠰᠢᠭᠤᠳ ᠵᠦᠩ ᠶᠤᠸᠠᠨ ᠤ᠋ ᠳᠣᠲᠣᠷ᠎ᠠ ᠪᠠᠢᠬᠤ ᠮᠡᠲᠦ ᠲᠤᠯᠠ ᠢᠷᠭᠡᠨ ᠤᠳᠬ᠎ᠠ ᠦᠰᠦᠭ ᠲᠣᠷ ᠬᠢᠴᠢᠶᠡᠭᠰᠡᠨ ᠢᠨᠦ ᠴᠥᠭᠡᠨ ᠦᠭᠡᠢ᠃ ᠲᠡᠢᠨ ᠬᠦ᠌ ᠡᠷᠲᠡᠨ ᠦ᠌ ᠬᠡᠷᠡᠭ᠂ ᠡᠳᠦᠭᠡᠬᠢ ᠬᠠᠤᠯᠢ ᠳ᠋ᠤᠷ ᠦᠨᠡᠬᠡᠷ ᠮᠡᠷᠭᠡᠰᠢᠵᠦ ᠲᠣᠯᠢ ᠮᠡᠲᠦ ᠲᠣᠳᠣᠷᠬᠠᠢ᠂ ᠲᠠᠪᠤᠨ ᠮᠢᠩᠭᠠᠨ ᠣᠨ ᠤ᠋ ᠡᠮᠦᠨ᠎ᠡ ᠭᠤᠷᠪᠠᠨ ᠬᠤᠸᠠᠩ ᠲᠠᠪᠤᠨ ᠳᠢ ᠡᠴᠡ ᠳᠠᠷᠠᠭᠠᠯᠠᠨ ᠰᠢᠶᠠ᠂ ᠱᠠᠩ᠂ ᠵᠧᠦ᠂ ᠴᠢᠨ ᠤ ᠵᠡᠷᠭᠡ ᠶ᠋ᠢᠨ ᠤᠯᠤᠰ ᠪᠠ ᠵᠢᠴᠢ ᠰᠢ ᠬᠠᠨ᠂ ᠳ᠋ᠦᠩ ᠬᠠᠨ ᠪᠠᠰᠠ ᠰᠥᠩ᠂ ᠴᠢ᠂ ᠯᠢᠶᠠᠩ᠂ ᠴᠧᠨ᠂ ᠰᠦᠢ᠂ ᠳᠠᠩ᠂ ᠪᠧᠢ ᠰᠥᠩ᠂ ᠨᠠᠨ ᠰᠥᠩ᠂ ᠠᠯᠲᠠᠨ ᠤᠯᠤᠰ᠂ ᠯᠢᠶᠣᠤ ᠶ᠋ᠢᠨ ᠵᠡᠷᠭᠡ ᠶ᠋ᠢᠨ ᠬᠡᠷᠡᠭ ᠤᠴᠢᠷ ᠢ᠋ ᠮᠠᠰᠢ ᠭᠡᠭᠡᠬᠡᠨ ᠲᠣᠳᠣᠷᠬᠠᠢ ᠮᠡᠳᠡᠬᠦ ᠪᠥᠭᠡᠳ ᠬᠠᠷᠢᠨ ᠥᠪᠡᠷ ᠦ᠋ᠨ ᠤᠭ ᠦᠨᠳᠦᠰᠦᠨ ᠦ᠌ ᠬᠥᠬᠡ ᠮᠣᠩᠭᠣᠯ ᠤᠯᠤᠰ ᠤ᠋ᠨ ᠬᠡᠷᠡᠭ ᠢ᠋ᠶ᠋ᠡᠨ ᠣᠭᠲᠣ ᠮᠡᠳᠡᠬᠦ ᠦᠭᠡᠢ᠃ ᠬᠡᠳᠦᠢ ᠬᠣᠢᠨ᠎ᠠ ᠶᠤᠸᠠᠨ ᠤᠯᠤᠰ ᠭᠡᠮᠡᠨ ᠨᠡᠷᠡᠢᠳᠦᠭᠡᠳ ᠮᠣᠩᠭᠣᠯ ᠤ᠋ᠨ ᠲᠠᠪᠤᠳᠤᠭᠠᠷ ᠬᠠᠭᠠᠨ ᠶᠤᠸᠠᠨ ᠱ᠌ᠢᠽᠦ ᠬᠤᠪᠢᠯᠠᠢ ᠰᠡᠴᠡᠨ ᠸᠧᠨ ᠡᠦ ᠬᠤᠸᠠᠩᠳᠢ ᠠ᠋ᠴᠠ ᠬᠣᠵᠢᠮ ᠤ᠋ᠨ ᠬᠡᠷᠡᠭ ᠦ᠋ᠨ 《ᠭᠠᠩ ᠮᠦ᠍ ᠪᠢᠴᠢᠭ 》ᠲᠣᠷ ᠲᠡᠮᠳᠡᠭᠯᠡᠭᠰᠡᠨ ᠢ᠋ ᠢᠨᠤ ᠲᠣᠪᠴᠢᠯᠠᠨ ᠪᠠᠬᠠᠨ ᠮᠡᠳᠡᠪᠡᠴᠦ ᠡᠭᠡᠨᠡᠭᠲᠡ ᠲᠣᠪᠴᠢᠶ᠎ᠠ ᠬᠤᠷᠢᠶᠠᠩᠭᠤᠢ ᠦᠭᠡᠰ ᠪᠥᠭᠡᠳ ᠨᠡᠩ ᠪᠠᠰᠠ ᠲᠡᠳᠡᠭᠡᠷ ᠬᠡᠮᠡᠭᠴᠢ ᠴᠥᠮ ᠬᠢᠲᠠᠳ ᠪᠢᠴᠢᠭᠡᠴᠢ ᠨᠠᠷ ᠤ᠋ᠨ ᠥᠴᠦᠬᠡᠨ ᠠᠳᠬᠠᠭ ᠰᠡᠳᠬᠢᠯ ᠢ᠋ᠶ᠋ᠡᠷ ᠣᠨᠴᠠ ᠮᠣᠩᠭᠣᠯ ᠢ᠋ ᠳᠣᠷᠣᠮᠵᠢᠯᠠᠨ ᠳᠣᠭᠣᠭᠢᠯᠠᠵᠤ ᠳᠠᠭᠠᠷᠢᠨ ᠮᠠᠭᠤᠰᠢᠶᠠᠨ ᠪᠢᠴᠢᠵᠦ ᠦᠯᠡᠳᠡᠭᠡᠭᠰᠡᠨ ᠲᠠᠰᠢᠮᠠᠭᠠᠢ ᠬᠡᠯᠪᠡᠢᠭᠦᠦ ᠲᠣᠪᠴᠢ ᠲᠡᠮᠳᠡᠭᠯᠡᠯ ᠪᠣᠯᠠᠢ᠃ ᠶᠠᠭᠤᠨᠠᠢ ᠶᠤᠸᠠᠨ ᠤᠯᠤᠰ ᠤ᠋ᠨ ᠴᠣᠬᠣᠮ ᠲᠥᠪ ᠦ᠋ᠨ ᠰᠤᠳᠤᠷ ᠲᠤᠷ ᠬᠦᠷᠬᠦ ᠠᠵᠢ ! ᠶᠤᠸᠠᠨ ᠤᠯᠤᠰ ᠤ᠋ᠨ ᠴᠣᠬᠣᠮ ᠲᠥᠪ ᠦ᠋ᠨ ᠰᠤᠳᠤᠷ ᠠᠨᠤ ᠣᠯᠳᠠᠬᠤᠢ ᠳ᠋ᠤᠷ ᠮᠠᠰᠢ ᠪᠡᠷᠬᠡᠲᠡᠢ ᠶ᠋ᠢᠨ ᠲᠤᠯᠠ ᠣᠯᠠᠩᠬᠢ ᠨᠢ ᠴᠥᠮ《ᠭᠠᠩ ᠮᠦ᠍ ᠪᠢᠴᠢᠭ 》 ᠦ᠋ᠨ ᠲᠣᠪᠴᠢᠶ᠎ᠠ ᠪᠠᠷ ᠭᠡᠷᠡᠴᠢ ᠪᠣᠯᠭᠠᠨ ᠰᠢᠭᠦᠮᠵᠢᠯᠡᠨ᠂ ᠲᠡᠭᠦᠨ ᠦ᠌ ᠬᠡᠯᠪᠡᠢᠭᠦᠦ ᠲᠠᠰᠢᠮᠠᠭᠠᠢ ᠦᠭᠡᠰ ᠢ᠋ ᠪᠠᠷᠢᠮᠲᠠᠯᠠᠨ ᠭᠡᠷᠡᠴᠢ ᠪᠣᠯᠭᠠᠨ ᠬᠡᠯᠡᠯᠴᠡᠮᠦᠢ᠃ ᠲᠡᠷᠡ ᠢᠨᠤ ᠮᠠᠰᠢ ᠶᠡᠬᠡ ᠠᠯᠳᠠᠰᠢ ᠪᠥᠭᠡᠳ ᠡᠦᠲᠦ ᠴᠣᠬᠣᠮ ᠮᠣᠩᠭᠣᠯ ᠤ᠋ᠨ ᠲᠤᠯᠭᠤᠷ ᠨᠡᠭᠡᠭᠡᠭᠰᠡᠨ ᠴᠢᠩᠭᠢᠰ ᠬᠠᠭᠠᠨ ᠤ᠋ ᠬᠡᠷᠬᠢᠨ ᠪᠣᠭᠳᠠ ᠪᠣᠯᠤᠭᠰᠠᠨ ᠪᠠ ᠰᠠᠬᠢᠭᠤᠯᠰᠤᠨ ᠪᠣᠯᠤᠭᠰᠠᠨ ᠬᠢᠭᠡᠳ ᠵᠢᠷᠠᠨ ᠵᠢᠷᠭᠤᠭᠠᠨ ᠵᠢᠯ ᠳᠡᠯᠡᠬᠡᠢ ᠳ᠋ᠠᠬᠢᠨ ᠢ᠋ ᠪᠠᠢᠭᠤᠯᠵᠤ ᠲᠤᠯᠭᠤᠷ ᠲᠥᠷᠥ ᠨᠡᠭᠡᠭᠡᠭᠰᠡᠨ ᠢ᠋ ᠣᠭᠲᠣ ᠮᠡᠳᠡᠬᠦ ᠦᠭᠡᠢ ᠢᠨᠤ ᠮᠠᠰᠢ ᠣᠯᠠᠨ ᠪᠣᠢ᠃ ᠡᠨᠡ ᠢᠨᠤ ᠬᠠᠢᠷᠠᠬᠠᠨ ᠦᠭᠡᠢ ᠦᠦ ? ᠲᠡᠢᠨ ᠬᠦ᠌ ᠡᠳᠡᠭᠡᠷ ᠡᠷᠳᠡᠮᠲᠡᠨ ᠨᠣᠭᠣᠨ ᠤ ᠥᠪᠡᠷ ᠦ᠋ᠨ ᠤᠭ ᠦᠨᠳᠦᠰᠦᠨ ᠢ᠋ᠶ᠋ᠡᠨ ᠨᠠᠷᠢᠪᠴᠢᠯᠠᠨ ᠦᠯᠦ ᠰᠢᠨᠵᠢᠯᠡᠨ᠂ ᠬᠡᠷᠡᠭ ᠦᠭᠡᠢ ᠳᠠᠩ᠂ ᠰᠥᠩ ᠦ᠋ᠨ ᠤᠳᠬ᠎ᠠ ᠤᠶᠠᠩᠭ᠎ᠠ ᠶ᠋ᠢ ᠬᠢᠴᠢᠶᠡᠬᠦᠢ ᠳ᠋ᠦ᠍ᠷ ᠲᠠᠢᠵᠢ ᠢᠨᠵᠠᠨᠨᠠᠰᠢ ᠰᠡᠭᠦᠷᠡᠰᠦᠨ ᠠᠯᠳᠠᠭᠰᠠᠭᠠᠷ ᠡᠳᠦᠷ ᠮᠠᠰᠢ ᠤᠳᠠᠪᠠᠢ᠃ ᠲᠡᠢᠨ ᠬᠦ᠌ ᠲᠠᠢᠵᠢ ᠮᠢᠨᠦ ᠡᠴᠢᠭᠡ ᠨᠣᠶᠠᠨ ᠲᠤᠰᠠᠯᠠᠭᠴᠢ ᠸᠠᠩᠴᠢᠨᠪᠠᠯᠠ《ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ 》 ᠢ᠋ ᠠᠷᠠᠢ ᠰᠠᠶᠢ ᠨᠠᠢ᠍ᠮᠠᠨ ᠪᠦᠯᠦᠭ ᠳᠥᠷᠪᠡᠨ ᠳᠡᠪᠲᠡᠷ ᠴᠥᠯᠪᠡᠲᠡᠯ᠎ᠡ ᠲᠥᠷᠥ ᠭᠡᠷᠡᠯᠲᠦ ᠶ᠋ᠢᠨ ᠬᠣᠷᠢᠳᠤᠭᠠᠷ ᠣᠨ ᠤ᠋ ᠢᠩᠵᠢᠷ ᠬᠤᠯᠠᠭᠠᠢ ᠶ᠋ᠢᠨ ᠬᠡᠷᠡᠭ ᠲᠦ᠍ᠷ ᠰᠦᠪᠡ ᠠᠮᠠ ᠶ᠋ᠢ ᠰᠡᠷᠭᠡᠢᠯᠡᠨ ᠰᠠᠬᠢᠬᠤ ᠴᠡᠷᠢᠭ ᠲᠦ᠍ᠷ ᠮᠣᠷᠳᠠᠭᠰᠠᠨ ᠢ᠋ᠶ᠋ᠠᠷ ᠰᠠᠭᠠᠲᠠᠵᠤ᠂ ᠬᠣᠢᠨ᠎ᠠ ᠬᠤᠯᠠᠭᠠᠢ ᠡᠶᠡᠳᠡᠵᠦ᠂ ᠮᠠᠨ ᠤ᠋ ᠴᠡᠷᠢᠭ ᠮᠥᠨ ᠡᠭᠡᠭᠡᠳ ᠡᠴᠢᠭᠡ ᠶ᠋ᠢᠨ ᠪᠡᠶ᠎ᠡ ᠤᠯᠤᠰ ᠭᠡᠷ ᠦ᠋ᠨ ᠶᠠᠪᠤᠳᠠᠯ ᠳ᠋ᠤᠷ ᠰᠠᠭᠠᠲᠠᠵᠤ᠂ ᠴᠢᠯᠥᠭᠡ ᠣᠯᠵᠤ ᠳᠣᠷᠣᠭᠰᠢ ᠵᠠᠯᠭᠠᠨ ᠴᠥᠯᠪᠡᠨ ᠵᠠᠪᠳᠤᠬᠤ ᠶ᠋ᠢᠨ ᠤᠷᠢᠳ᠂ ᠲᠥᠷᠥ ᠭᠡᠷᠡᠯᠲᠦ ᠶ᠋ᠢᠨ ᠬᠣᠷᠢᠨ ᠳᠣᠯᠣᠳᠤᠭᠠᠷ ᠣᠨ ᠤ᠋ ᠴᠠᠭᠠᠨ ᠰᠠᠷ᠎ᠠ ᠶ᠋ᠢᠨ ᠰᠢᠨ᠎ᠡ ᠶ᠋ᠢᠨ ᠶᠢᠰᠦᠨ ᠦ᠌ ᠯᠤᠤ ᠴᠠᠭ ᠲᠤᠷ ᠰᠠᠭᠤᠭᠰᠠᠨ ᠣᠷᠳᠣᠨ ᠳ᠋ᠤᠷ ᠰᠠᠢᠬᠠᠨ ᠦᠨᠦᠷ ᠠᠩᠬᠢᠯᠤᠨ ᠣᠷᠴᠢᠯᠠᠩ ᠠ᠋ᠴᠠ ᠡᠭᠡᠭᠰᠡᠨ ᠳ᠋ᠦ᠍ᠷ ᠡᠨᠡ ᠰᠤᠳᠤᠷ ᠳᠠᠷᠤᠢ ᠵᠠᠭᠤᠷᠮ᠎ᠠ ᠬᠣᠴᠣᠷᠬᠤᠢ ᠳ᠋ᠤᠷ ᠬᠦᠷᠴᠦᠬᠦᠢ᠃ ᠬᠣᠢᠨ᠎ᠠ ᠮᠢᠨᠦ ᠶᠡᠬᠡ ᠠᠬ᠎ᠠ ᠲᠤᠰᠠᠯᠠᠭᠴᠢ ᠭᠦᠯᠠᠷᠠᠨᠽᠠ ᠮᠥᠨ ᠲᠤᠰᠢᠶᠠᠯ ᠢ᠋ ᠵᠠᠯᠭᠠᠮᠵᠢᠯᠠᠨ ᠬᠤᠰᠢᠭᠤᠨ ᠤ᠋ ᠬᠡᠷᠡᠭ ᠲᠦ᠍ᠷ ᠴᠢᠯᠥᠭᠡ ᠦᠭᠡᠢ ᠶ᠋ᠢᠨ ᠲᠤᠯᠠ ᠪᠠᠰᠠ ᠵᠠᠯᠭᠠᠨ ᠴᠥᠯᠪᠡᠵᠦ ᠵᠠᠪᠳᠤᠭᠰᠠᠨ ᠦᠭᠡᠢ᠃ ᠪᠦᠷᠢᠨ ᠪᠣᠯᠭᠠᠬᠤᠢ ᠳ᠋ᠤᠷ ᠬᠦᠴᠦᠨ ᠪᠠᠭ᠎ᠠ ᠣᠷᠣᠬᠤ ᠦᠭᠡᠢ ᠶ᠋ᠢᠨ ᠲᠤᠯᠠᠳᠠ ᠰᠠᠭᠠᠲᠠᠭᠰᠠᠭᠠᠷ ᠠᠬ᠎ᠠ ᠶ᠋ᠢᠨ ᠪᠡᠶ᠎ᠡ ᠪᠠᠰᠠ ᠲᠦᠭᠡᠮᠡᠯ ᠡᠯᠪᠡᠭᠲᠦ ᠶ᠋ᠢᠨ ᠲᠡᠷᠢᠭᠦᠨ ᠣᠨ ᠳ᠋ᠤᠷ ᠦᠭᠡᠢ ᠪᠣᠯᠪᠠᠢ᠃ ᠲᠡᠢᠨ ᠬᠦ᠌ ᠡᠨᠡ ᠰᠤᠳᠤᠷ ᠰᠠᠭᠠᠲᠠᠭᠰᠠᠭᠠᠷ ᠭᠤᠴᠢᠭᠠᠳ ᠣᠨ ᠪᠣᠯᠵᠤ᠂ ᠪᠢᠳᠡᠨ ᠦ᠌ ᠠᠬ᠎ᠠ ᠬᠦᠩ ᠂ ᠰᠥᠩ ᠂ ᠢᠨ ᠠᠬ᠎ᠠ ᠳᠡᠭᠦᠦ ᠭᠤᠷᠪᠠᠭᠤᠯᠠ ᠵᠠᠯᠭᠠᠵᠤ ᠴᠥᠯᠪᠡᠨ ᠭᠠᠷᠭᠠᠰᠤᠭᠠᠢ ᠭᠡᠮᠡᠨ ᠬᠡᠳᠦᠨ ᠵᠡᠷᠭᠡ ᠳᠡᠯᠭᠡᠭᠰᠡᠨ ᠪᠣᠯᠪᠠᠴᠤ ᠴᠠᠭ ᠦᠶᠡᠰ᠂ ᠵᠢᠯ ᠣᠨ ᠪᠠ ᠬᠥᠮᠦᠨ ᠦ᠌ ᠨᠡᠷ᠎ᠡ ᠳᠠᠭᠤᠳᠠᠯᠲᠠ ᠨᠢᠭᠡᠨᠲᠡ ᠬᠠᠯᠭᠤᠷᠠᠨ ᠵᠥᠷᠢᠴᠡᠭᠰᠡᠨ ᠢᠨᠤ ᠡᠷᠢᠬᠦᠢ ᠳ᠋ᠦ᠍ᠷ ᠠᠰᠤᠷᠤ ᠲᠦᠪᠡᠭ ᠶᠠᠷᠰᠢᠭ ᠤ᠋ᠨ ᠲᠤᠯᠠ ᠪᠠᠰᠠ ᠬᠣᠷᠢᠶᠠᠨ ᠲᠠᠯᠪᠢᠵᠤᠬᠤᠢ᠃ ᠬᠣᠢᠨ᠎ᠠ ᠰᠠᠨᠠᠮᠰᠠᠷ ᠦᠭᠡᠢ ᠲᠠᠢᠵᠢ ᠢᠨᠵᠠᠨᠨᠠᠰᠢ ᠮᠢᠨᠦ ᠪᠡᠶ᠎ᠡ ᠭᠤᠴᠢᠨ ᠨᠠᠰᠤᠨ ᠠ᠋ᠴᠠ ᠤᠯᠠᠷᠢᠯ ᠮᠠᠭᠤᠳᠠᠵᠤ᠂ ᠢᠲᠡᠭᠡᠵᠦ ᠵᠠᠷᠤᠴᠠᠯᠠᠭᠰᠠᠨ ᠭᠡᠷ ᠦ᠋ᠨ ᠪᠣᠭᠣᠯ ᠨᠠᠷ ᠭᠡᠷ ᠦ᠋ᠨ ᠬᠥᠷᠥᠩᠭᠡ ᠶ᠋ᠢ ᠵᠠᠭᠤᠨ ᠵᠦᠢᠯ ᠢ᠋ᠶ᠋ᠡᠷ ᠬᠤᠯᠠᠭᠤᠨ ᠬᠣᠨᠵᠢᠵᠤ᠂ ᠪᠠᠰᠠ ᠭᠠᠳᠠᠨ᠎ᠠ ᠪᠣᠯᠪᠠᠰᠤ ᠬᠤᠳᠠᠯᠳᠤᠭ᠎ᠠ ᠠᠷᠠᠯᠵᠢᠶ᠎ᠠ ᠡᠬᠡ ᠦᠨ᠎ᠡ ᠶ᠋ᠢ ᠭᠡᠭᠡᠵᠦ ᠲᠠᠷᠢᠶ᠎ᠠ ᠲᠥᠮᠥᠰᠥ ᠠᠯᠳᠠᠵᠤ᠂ ᠳᠣᠲᠣᠷ᠎ᠠ ᠪᠥᠭᠡᠰᠦ ᠡᠮ᠎ᠡ ᠦᠷ᠎ᠡ ᠦᠬᠦᠵᠦ ᠭᠡᠷ ᠦ᠋ᠨ ᠪᠣᠭᠣᠯ ᠴᠠᠩᠮᠢᠩ᠂ ᠵᠢᠨᠪᠤᠤ ᠨᠠᠷ ᠲᠡᠷᠰᠯᠡᠨ ᠬᠤᠯᠠᠭᠤᠵᠤ᠂ ᠡᠯ᠎ᠡ ᠦᠢᠯᠡ ᠳ᠋ᠦ᠍ᠷ ᠥᠴᠦᠬᠡᠨ ᠴᠦ᠍ ᠡᠰᠡᠷᠡᠭ ᠦᠭᠡᠢ ᠭᠤᠴᠢᠨ ᠳᠥᠷᠪᠡᠨ ᠨᠠᠰᠤᠯᠠᠵᠤ᠂ ᠥᠪᠡᠷ ᠦ᠋ᠨ ᠦᠢᠯᠡ ᠳ᠋ᠦ᠍ᠷ ᠲᠡᠨᠴᠢᠭᠦᠷᠡᠨ ᠬᠣᠷᠣᠰᠴᠤ ᠨᠡᠩ ᠪᠣᠳᠣᠬᠤᠢ ᠳ᠋ᠤᠷ ᠨᠡᠩ ᠴᠢᠬᠤᠯᠳᠠᠨ᠂ ᠤᠯᠠᠮ ᠰᠠᠨᠠᠬᠤᠢ ᠳ᠋ᠤᠷ ᠤᠯᠠᠮ ᠪᠠᠴᠢᠮᠳᠠᠨ ᠠᠷᠠᠢ ᠡᠰᠡ ᠡᠪᠡᠳᠴᠢᠨ ᠪᠣᠯᠬᠣᠷ ᠲᠤᠷ ᠭᠦᠷᠦᠭᠰᠡᠨ᠎ᠡ᠂ ᠠᠷᠭ᠎ᠠ ᠦᠭᠡᠢ ᠡᠭᠡᠭᠦᠯᠦᠨ ᠪᠣᠳᠣᠪᠠᠰᠤ ᠳᠡᠭᠡᠷ᠎ᠡ ᠳᠠᠯᠠᠨ ᠰᠡᠭᠦᠳᠡᠷ ᠲᠡᠢ ᠡᠬᠡ ᠲᠠᠢᠵᠢᠶᠦ᠋ᠨ ᠪᠣᠢ᠂ ᠳᠣᠣᠷ᠎ᠠ ᠪᠠᠰᠠ ᠵᠢᠷᠭᠤᠭᠠᠨ ᠨᠠᠰᠤᠲᠤ ᠨᠢᠯᠬ᠎ᠠ ᠬᠥᠪᠡᠭᠦᠨ ᠪᠣᠢ᠂ ᠳᠡᠭᠡᠳᠦᠰ ᠦ᠋ᠨ ᠶᠡᠬᠡ ᠬᠥᠷᠥᠩᠭᠡ᠂ ᠤᠷᠢᠳᠤᠰ ᠤ᠋ᠨ ᠣᠯᠠᠨ ᠠᠯᠪᠠᠲᠤ ᠨᠠᠷ ᠠᠮᠤᠢ᠃ ᠣᠰᠣᠯᠳᠠᠨ ᠦᠲᠡᠭᠡᠷᠴᠦ ᠦᠯᠦ ᠪᠣᠯᠬᠤ ᠶ᠋ᠢᠨ ᠲᠤᠯᠠ ᠲᠦᠷ ᠨᠢᠭᠡᠨ ᠵᠢᠯ ᠦ᠋ᠨ ᠮᠠᠭᠤ ᠤᠯᠠᠷᠢᠯ ᠢ᠋ ᠬᠠᠲᠠᠭᠤᠵᠢᠨ ᠥᠩᠭᠡᠷᠡᠭᠡᠬᠦᠶ᠎ᠡ᠂ ᠡᠨᠡ ᠰᠡᠳᠬᠢᠯ ᠢ᠋ ᠶᠠᠭᠤᠨ ᠢ᠋ᠶ᠋ᠠᠷ ᠴᠤ᠌ ᠰᠠᠭᠠᠳᠠᠭᠤᠯᠤᠨ ᠴᠢᠳᠠᠬᠤ ᠦᠭᠡᠢ ᠳ᠋ᠡᠭᠡᠨ ᠪᠢᠴᠢᠭ ᠤᠳᠬ᠎ᠠ ᠶ᠋ᠢ ᠡᠷᠢᠭᠰᠡᠭᠡᠷ ᠬᠠᠷᠢᠨ ᠲᠣᠬᠢᠶᠠᠯ ᠪᠣᠯᠵᠤ᠂ ᠤᠷᠢᠳᠤ ᠶ᠋ᠢᠨ ᠡᠴᠢᠭᠡ ᠨᠣᠶᠠᠨ ᠤ᠋ ᠴᠥᠯᠪᠡᠵᠦ ᠪᠠᠢᠭᠰᠠᠨ ᠡᠨᠡ《ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ 》 ᠢ᠋ ᠵᠠᠯᠭᠠᠵᠤ ᠪᠦᠷᠢᠨ ᠪᠣᠯᠭᠠᠨ ᠴᠥᠯᠪᠡᠨ ᠭᠠᠷᠭᠠᠭᠠᠳ ᠮᠣᠩᠭᠣᠯ ᠲᠣᠭᠠᠲᠠᠨ ᠨᠡᠶ᠋ᠢᠲᠡ ᠪᠡᠷ ᠮᠡᠳᠡᠲᠦᠭᠡᠢ ᠭᠡᠮᠡᠨ ᠡᠳᠦᠢ ᠤᠳᠠᠲᠠᠯ᠎ᠠ ᠰᠡᠳᠬᠢᠭᠰᠡᠨ ᠰᠡᠳᠬᠢᠯ ᠯᠤᠭᠡ ᠨᠡᠶ᠋ᠢᠴᠡᠵᠦ ᠳᠠᠷᠤᠢ ᠡᠴᠢᠭᠡ ᠨᠣᠶᠠᠨ ᠤ᠋ ᠴᠥᠯᠪᠡᠨ ᠪᠢᠴᠢᠭᠰᠡᠨ ᠨᠠᠢ᠍ᠮᠠᠨ ᠪᠦᠯᠦᠭ ᠡᠴᠡ ᠳᠣᠷᠣᠭᠰᠢ ᠵᠠᠯᠭᠠᠨ ᠴᠥᠯᠪᠡᠨ ᠪᠢᠴᠢᠵᠦ ᠮᠠᠨ ᠤ᠋ ᠮᠣᠩᠭᠣᠯ ᠲᠣᠭᠠᠲᠠᠨ ᠳ᠋ᠤᠷ ᠲᠦᠮᠡᠨ ᠦᠶ᠎ᠡ ᠬᠣᠴᠣᠷᠤᠭᠤᠯᠵᠤ᠂ ᠮᠣᠩᠭᠣᠯ ᠲᠣᠭᠠᠲᠠᠨ ᠪᠦᠭᠦᠳᠡᠭᠡᠷ ᠤᠭ ᠦᠨᠳᠦᠰᠦᠨ ᠪᠠ ᠢᠵᠠᠭᠤᠷ ᠡᠦᠲᠦᠮ ᠢ᠋ᠶ᠋ᠡᠨ ᠮᠡᠳᠡᠲᠦᠭᠡᠢ ᠭᠡᠮᠡᠨ ᠶᠡᠬᠡ ᠶᠤᠸᠠᠨ ᠤᠯᠤᠰ ᠤ᠋ᠨ ᠬᠠᠷᠢᠶᠠᠲᠤ ᠠᠷᠪᠠᠨ ᠵᠦᠢᠯ ᠦ᠋ᠨ ᠰᠤᠳᠤᠷ ᠪᠢᠴᠢᠭ ᠴᠠᠳᠢᠭ ᠂ ᠲᠣᠭᠣᠵᠢ ᠂ ᠦᠯᠢᠭᠡᠷ ᠂ ᠱᠠᠰᠲᠢᠷ ᠲᠡᠮᠳᠡᠭᠯᠡᠯ ᠂ ᠣᠢᠯᠠᠪᠤᠷᠢ ᠂ ᠲᠥᠭᠡ ᠲᠡᠦᠬᠡ ᠶ᠋ᠢ ᠴᠥᠮ ᠠᠭᠤᠳᠠᠯᠤᠨ ᠭᠠᠷᠭᠠᠵᠤ ᠨᠠᠷᠢᠪᠴᠢᠯᠠᠨ ᠵᠠᠯᠭᠠᠵᠤ ᠬᠢᠨᠠᠨ ᠨᠡᠶ᠋ᠢᠴᠡᠭᠦᠯᠬᠦᠶ᠎ᠡ᠂ ᠠᠶ᠎ᠠ ᠲᠠᠶ᠋ᠢᠵᠢ ᠮᠢᠨᠦ ᠤᠷᠢᠳᠤ ᠲᠥᠷᠥᠯ ᠦ᠋ᠨ ᠣᠶᠤᠨ ᠤ᠋ ᠬᠥᠷᠥᠩᠭᠡ ᠮᠠᠰᠢ ᠭᠦᠶᠦᠭᠡᠨ ᠦ᠌ ᠳᠡᠭᠡᠷ᠎ᠡ ᠡᠨᠡ ᠲᠥᠷᠥᠯ ᠳ᠋ᠦ᠍ᠷ ᠪᠠᠰᠠ ᠰᠤᠷᠲᠠᠯ ᠠᠰᠠᠭᠤᠯᠲᠠ ᠶ᠋ᠢᠨ ᠬᠤᠪᠢ ᠳ᠋ᠤ᠌ ᠥᠴᠦᠬᠡᠨ ᠴᠦ᠍ ᠬᠦᠷᠲᠡᠵᠦ ᠲᠥᠷᠥᠭᠰᠡᠨ ᠦᠭᠡᠢ ᠶ᠋ᠢᠨ ᠲᠤᠯᠠ ᠤᠮᠲᠠᠬᠤ ᠨᠣᠶ᠋ᠢᠷ ᠢᠳᠡᠬᠦ ᠬᠣᠭᠣᠯᠠ ᠦᠭᠡᠢ ᠪᠡᠷ ᠡᠳᠦᠷ ᠰᠥᠨᠢ ᠵᠠᠯᠭᠠᠯᠳᠤᠨ ᠮᠤᠩᠬᠠᠭ ᠣᠶᠤᠨ ᠤ᠋ ᠬᠢᠷᠢ ᠪᠡᠷ ᠴᠢᠩ ᠦᠨᠡᠨ ᠢ᠋ᠶ᠋ᠡᠷ ᠠᠷᠪᠠᠨ ᠠᠩᠭᠢ ᠰᠤᠳᠤᠷ ᠦ᠋ᠳ ᠢ᠋ ᠠᠩᠬᠠᠷᠤᠨ ᠨᠡᠶ᠋ᠢᠴᠡᠭᠦᠯᠵᠦ ᠂ ᠬᠣᠣᠰᠯᠠᠭᠤᠯᠤᠨ ᠡᠷᠢᠭᠰᠡᠭᠡᠷ ᠠᠷᠠᠢ ᠡᠰᠡ ᠠᠯᠮᠠᠶ᠋ᠢᠲᠠᠨ ᠰᠣᠯᠢᠭᠤᠷᠠᠪᠠ᠃ ᠡᠨᠡ ᠦᠨᠡᠬᠡᠷ ᠮᠤᠩᠬᠠᠭ ᠣᠶᠤᠨ ᠤ᠋ ᠬᠢᠷᠢ ᠪᠡᠷ ᠰᠡᠳᠬᠢᠯ ᠦ᠋ᠨ ᠴᠢᠰᠤᠨ ᠢ᠋ ᠪᠥᠭᠡᠯᠵᠢᠵᠦ᠂ ᠪᠠᠯᠠᠷ ᠨᠢᠳᠦᠨ ᠦ᠌ ᠬᠢᠷᠢ ᠪᠡᠷ ᠣᠯᠠᠨ ᠰᠤᠳᠤᠷ ᠦ᠋ᠳ ᠢ᠋ ᠰᠢᠨᠵᠢᠵᠦ ᠂ ᠭᠦᠶᠦᠭᠡᠨ ᠮᠠᠲᠠᠯ ᠤ᠋ᠨ ᠬᠢᠷᠢ ᠪᠡᠷ ᠬᠥᠮᠦᠨ ᠪᠠ ᠭᠠᠵᠠᠷ ᠤ᠋ᠨ ᠨᠡᠷ᠎ᠡ ᠶ᠋ᠢ ᠡᠷᠢᠵᠦ᠂ ᠥᠴᠦᠬᠡᠨ ᠴᠢᠳᠠᠯ ᠤ᠋ᠨ ᠬᠢᠷᠢ ᠪᠡᠷ ᠴᠥᠯᠪᠡᠨ ᠪᠢᠴᠢᠵᠦ ᠬᠠᠭᠤᠯᠤᠨ ᠬᠠᠯᠠᠬᠤᠶ᠎ᠠ ᠪᠣᠰᠴᠤ ᠰᠠᠭᠤᠨ᠂ ᠤᠮᠳᠠᠨ ᠬᠡᠪᠲᠡᠨ᠂ ᠪᠣᠳᠣᠯᠬᠢᠯᠠᠨ ᠰᠠᠨᠠᠮᠵᠢᠯᠠᠵᠤ ᠭᠠᠷᠴᠤ ᠣᠷᠣᠨ᠂ ᠢᠳᠡᠵᠦ ᠤᠤᠭᠤᠪᠠᠴᠤ ᠪᠢᠴᠢᠯᠬᠢᠯᠡᠨ ᠵᠢᠷᠤᠯᠠᠵᠤ᠂ ᠦᠵᠡᠭᠡᠳ ᠪᠠᠰᠠ ᠦᠵᠡᠨ᠂ ᠰᠢᠨᠵᠢᠭᠡᠳ ᠪᠠᠰᠠ ᠰᠢᠨᠵᠢᠵᠦ᠂ ᠬᠠᠮᠢᠭ᠎ᠠ ᠠ᠋ᠴᠠ ᠶᠡᠬᠡ ᠰᠤᠳᠤᠷ ᠤ᠋ᠨ ᠤᠴᠢᠷ ᠰᠢᠯᠲᠠᠭᠠᠨ ᠢ᠋ ᠭᠡᠭᠡᠭᠳᠡᠭᠦᠯᠦᠨ ᠣᠷᠬᠢᠭᠳᠠᠭᠤᠯᠵᠤ ᠦᠭᠡ ᠪᠠᠳᠠᠭ ᠠᠨᠤ ᠳᠠᠷᠤᠭᠳᠠᠨ ᠦᠷᠡᠭᠳᠡᠭᠦᠵᠡᠢ ᠭᠡᠮᠡᠨ ᠬᠢᠨᠠᠨ ᠬᠢᠴᠢᠶᠡᠨ ᠨᠢᠭᠲᠠᠯᠠᠵᠤ ᠨᠠᠷᠢᠪᠴᠢᠯᠠᠭᠰᠠᠨ ᠢ᠋ ᠬᠡᠯᠡᠪᠡᠰᠦ ᠦᠨᠡᠬᠡᠷ ᠦᠰᠦ ᠴᠠᠶ᠋ᠢᠵᠤ᠂ ᠴᠢᠷᠠᠢ ᠠᠲᠤᠷᠢᠨ ᠮᠢᠬ᠎ᠠ ᠲᠤᠷᠠᠵᠤ ᠂ ᠰᠢᠷᠪᠥᠰᠥ ᠰᠤᠩᠬᠤᠢ ᠳ᠋ᠤᠷ ᠬᠦᠷᠦᠭᠰᠡᠨ ᠪᠥᠯᠥᠭᠡ᠃ ᠡᠭᠦᠨ ᠦ᠌ ᠳᠡᠭᠡᠷ᠎ᠡ ᠨᠡᠩ ᠪᠠᠰᠠ ᠶᠡᠬᠡ ᠬᠠᠭᠤᠴᠢᠨ ᠮᠣᠩᠭᠣᠯ ᠦᠭᠡᠰ ᠪᠠ ᠡᠷᠲᠡᠨ ᠦ᠌ ᠤᠢᠭᠤᠷ ᠰᠢᠷ᠎ᠠ ᠦᠭᠡᠰ ᠢ᠋ ᠣᠷᠴᠢᠭᠤᠯᠤᠭᠴᠢᠳ ᠤ᠋ᠨ ᠵᠠᠷᠢᠮ ᠵᠠᠷᠢᠮ ᠢ᠋ ᠴᠥᠮ ᠣᠷᠴᠢᠭᠤᠯᠤᠯ ᠦᠭᠡᠢ ᠪᠡᠷ ᠪᠢᠴᠢᠭᠰᠡᠨ ᠢᠨᠤ ᠮᠠᠰᠢ ᠣᠯᠠᠨ ᠲᠤᠯᠠ ᠮᠠᠨ ᠤ᠋ ᠭᠠᠵᠠᠷ ᠤ᠋ᠨ ᠮᠣᠩᠭᠣᠯ ᠬᠥᠮᠦᠨ ᠦ᠌ ᠨᠢᠭᠡᠮᠦᠰᠦᠨ ᠮᠡᠳᠡᠬᠦ ᠦᠭᠡᠢ ᠦᠭᠡᠰ ᠪᠠ ᠠᠶᠠᠰ ᠠᠰᠤᠷᠤ ᠣᠯᠠᠨ ᠤ᠋ ᠳᠡᠭᠡᠷ᠎ᠡ᠂ ᠨᠡᠩ ᠢᠯᠠᠩᠭᠤᠶ᠎ᠠ ᠬᠢᠲᠠᠳ ᠦᠰᠦᠭ ᠢ᠋ᠶ᠋ᠡᠷ ᠮᠣᠩᠭᠣᠯ ᠦᠭᠡ ᠶ᠋ᠢ ᠪᠢᠴᠢᠬᠦᠢ ᠳ᠋ᠦ᠍ᠷ ᠦᠭᠡ ᠪᠤᠰᠤ ᠦᠭᠡᠰ ᠪᠠ ᠦᠰᠦᠭ ᠪᠤᠰᠤ ᠦᠰᠦᠭ᠂ ᠪᠠᠰᠠ ᠬᠠᠭᠤᠴᠢᠨ ᠮᠠᠨᠵᠤ ᠪᠠᠷ ᠣᠷᠴᠢᠭᠤᠯᠤᠨ ᠪᠢᠴᠢᠬᠦᠢ ᠳ᠋ᠦ᠍ᠷ ᠳᠠᠪᠬᠤᠷ ᠲᠠᠰᠢᠶᠠᠷᠠᠨ ᠬᠠᠯᠭᠤᠷᠠᠭᠰᠠᠨ ᠪᠠ ᠡᠢᠨ ᠬᠦ᠌ ᠳᠥᠷᠪᠡᠨ ᠲᠠᠪᠤᠨ ᠳᠠᠪᠬᠤᠷ ᠤ᠋ᠨ ᠲᠠᠰᠢᠶ᠎ᠠ ᠬᠠᠯᠭᠤᠤ᠂ ᠡᠨᠳᠡᠭᠦᠦ ᠪᠤᠷᠤᠭᠤ ᠠᠨᠤ ᠦᠨᠡᠬᠡᠷ ᠲᠣᠭᠠᠯᠠᠰᠢ ᠦᠭᠡᠢ ᠣᠯᠠᠨ᠃ ᠡᠢᠮᠦ ᠢᠨᠤ ᠲᠣᠬᠢᠶᠠᠯᠳᠤᠬᠤ ᠪᠦᠷᠢ ᠡᠷᠬᠡᠪᠰᠢ ᠦᠨᠡᠨ ᠤᠳᠬ᠎ᠠ ᠰᠠᠨᠠᠭ᠎ᠠ ᠶ᠋ᠢ ᠡᠷᠢᠨ ᠲᠤᠰ ᠦᠰᠦᠭ ᠢ᠋ ᠣᠯᠬᠤ ᠬᠡᠷᠡᠭ ᠲᠡᠢ ᠲᠤᠯᠠ ᠠᠶ᠎ᠠ ᠦᠨᠡᠬᠡᠷ ᠲᠠᠢᠵᠢ ᠮᠢᠨᠦ ᠴᠠᠭᠠᠨ ᠰᠦᠨ ᠢ᠋ ᠬᠥᠬᠥᠭᠰᠡᠨ ᠬᠦᠴᠦᠨ ᠲᠠᠮᠢᠷ ᠢ᠋ ᠮᠢᠨᠦ ᠪᠠᠷᠠᠲᠠᠯ᠎ᠠ ᠬᠡᠷᠡᠭᠯᠡᠪᠡᠴᠦ ᠵᠠᠷᠢᠮ ᠵᠠᠷᠢᠮ ᠳ᠋ᠤᠷ ᠦᠨᠡᠬᠡᠷ ᠣᠷᠣᠬᠤ ᠭᠠᠷᠬᠤ ᠦᠭᠡᠢ ᠪᠣᠯᠭᠠᠮᠤᠢ᠃ ᠭᠡᠨᠡᠳᠲᠡ ᠨᠢᠭᠡᠨ ᠬᠠᠭᠤᠴᠢᠨ ᠮᠣᠩᠭᠣᠯ ᠦᠭᠡᠰ ᠭᠠᠷᠴᠤ ᠢᠷᠡᠬᠦᠯ᠎ᠡ᠂ ᠲᠡᠭᠦᠨ ᠦ᠌ ᠤᠳᠬ᠎ᠠ ᠰᠠᠨᠠᠭᠠᠨ ᠢ᠋ ᠮᠡᠳᠡᠬᠦ ᠦᠭᠡᠢ ᠳ᠋ᠦ᠍ᠷ ᠬᠦᠷᠪᠡᠰᠦ ᠡᠦᠲᠦ ᠬᠣᠷᠢᠶ᠎ᠠ ᠬᠦᠷᠢᠶ᠎ᠡ ᠶ᠋ᠢᠨ ᠬᠥᠭᠰᠢᠨ ᠵᠡᠮᠳᠡᠭ ᠡᠪᠦᠭᠡᠳ ᠡᠮᠡᠭᠡᠳ ᠢ᠋ ᠡᠷᠢᠵᠦ ᠠᠰᠠᠭᠤᠵᠤ ᠠᠢᠯ ᠲᠣᠭᠣᠷᠢᠭᠤᠯᠬᠤᠢ ᠳ᠋ᠤᠷ ᠬᠦᠷᠭᠡᠮᠦᠢ᠃ ᠦᠨᠡᠬᠡᠷ ᠵᠠᠷᠢᠮ ᠳ᠋ᠠᠭᠠᠨ ᠰᠠᠨᠠᠭᠠᠨ ᠶᠠᠳᠠᠵᠤ ᠰᠦᠨᠡᠰᠦᠨ ᠴᠢᠯᠡᠬᠦᠢ ᠳ᠋ᠦ᠍ᠷ ᠬᠦᠷᠦᠮᠦᠢ᠃ ᠨᠡᠩ ᠪᠠᠰᠠ ᠮᠠᠨ ᠤ᠋ ᠡᠨᠡ ᠵᠣᠰᠣᠲᠤ ᠶ᠋ᠢᠨ ᠴᠢᠭᠤᠯᠭᠠᠨ ᠤ᠋ ᠪᠠᠬᠠᠨ ᠰᠡᠴᠡᠨ ᠣᠶᠤᠲᠠᠨ ᠣᠯᠠᠩᠬᠢ ᠨᠢ ᠢᠷᠭᠡᠨ ᠪᠢᠴᠢᠭ ᠦ᠋ᠨ ᠤᠳᠬ᠎ᠠ ᠦᠰᠦᠭ ᠲᠣᠷ ᠬᠢᠴᠢᠶᠡᠬᠦ ᠪᠣᠢ ᠊ᠶ᠎ᠠ᠂ ᠶᠡᠷᠦ ᠮᠣᠩᠭᠣᠯ ᠪᠢᠴᠢᠭ ᠲᠣᠷ ᠢ᠋ᠶ᠋ᠠᠨ ᠬᠢᠴᠢᠶᠡᠬᠦ ᠦᠭᠡᠢ ᠲᠤᠯᠠ ᠠᠷᠤ ᠭᠠᠵᠠᠷ ᠤ᠋ᠨ ᠦᠭᠡ ᠶ᠋ᠢᠨ ᠤᠳᠬ᠎ᠠ ᠶ᠋ᠢ ᠡᠷᠢᠨ ᠠᠰᠠᠭᠤᠬᠤᠶ᠎ᠠ ᠮᠠᠰᠢ ᠪᠡᠷᠬᠡ᠃ ᠬᠠᠷᠢᠨ ᠬᠢᠲᠠᠳ ᠦᠰᠦᠭ ᠦ᠋ᠨ ᠤᠴᠢᠷ ᠢ᠋ ᠨᠡᠬᠡᠮᠵᠢᠯᠡᠬᠦ ᠡᠴᠡ ᠪᠡᠷᠬᠡᠲᠡᠢ ᠪᠣᠯᠵᠤᠬᠤᠢ᠃ 
      ᠮᠠᠨ ᠤ᠋ ᠭᠠᠵᠠᠷ ᠤ᠋ᠨ ᠬᠢᠨᠠᠮᠠᠭᠠᠢ ᠦᠭᠡᠢ ᠠᠷᠠᠳ ᠥᠪᠡᠷ ᠢ᠋ᠶ᠋ᠡᠨ ᠥᠪᠡᠷ ᠦ᠋ᠨ ᠮᠣᠩᠭᠣᠯ ᠦᠭᠡ ᠪᠠ ᠦᠰᠦᠭ ᠢ᠋ᠶ᠋ᠡᠨ ᠲᠤᠢᠯ ᠳ᠋ᠤᠷ ᠬᠦᠷᠲᠡᠯ᠎ᠡ ᠬᠢᠴᠢᠶᠡᠨ ᠬᠢᠨᠠᠬᠤ ᠦᠭᠡᠢ ᠪᠥᠭᠡᠳ ᠨᠢᠭᠡᠨ ᠬᠣᠶᠠᠷ ᠢᠷᠭᠡᠨ ᠦᠰᠦᠭ ᠲᠠᠨᠢᠪᠠᠰᠤ ᠳᠠᠷᠤᠢ ᠮᠣᠩᠭᠣᠯ ᠦᠰᠦᠭ ᠢ᠋ᠶ᠋ᠡᠨ ᠪᠠᠰᠤᠮᠵᠢᠯᠠᠨ ᠮᠣᠩᠭᠣᠯ ᠦᠭᠡᠰ ᠢ᠋ᠶ᠋ᠡᠷ ᠢᠷᠭᠡᠨ ᠦ᠌ ᠰᠠᠨᠠᠭᠠᠨ ᠢ᠋ ᠪᠦᠷᠢᠳᠬᠡᠨ ᠭᠠᠷᠭᠠᠵᠤ ᠬᠡᠷᠬᠢᠨ ᠴᠢᠳᠠᠮᠤᠢ ᠭᠡᠮᠡᠨ ᠠᠮᠠᠨ ᠤ᠋ ᠠᠶ᠎ᠠ ᠪᠠᠷ ᠴᠠᠯᠴᠢᠮᠤᠢ᠃ ᠲᠡᠷᠡ ᠮᠠᠰᠢ ᠶᠡᠬᠡᠳᠡ ᠲᠠᠰᠢᠶᠠᠷᠠᠭᠰᠠᠨ ᠬᠡᠷᠡᠭ ᠪᠣᠯᠠᠢ ! ᠶᠠᠭᠤᠨ ᠬᠡᠮᠡᠪᠡᠰᠦ᠄ ᠢᠯᠡᠷᠬᠡᠢ ᠪᠠᠢᠬᠤ ᠪᠠᠷ ᠦᠯᠢᠭᠡᠷᠯᠡᠭᠦᠯᠦᠨ ᠲᠣᠭᠠᠯᠠᠬᠤ ᠲᠣᠭ᠎ᠠ ᠪᠠᠷ ᠠᠪᠴᠤ ᠬᠡᠯᠡᠪᠡᠴᠦ ᠮᠣᠩᠭᠣᠯ ᠤ᠋ᠨ ᠲᠣᠭᠠᠨ ᠤ᠋ ᠨᠡᠷ᠎ᠡ ᠨᠢᠭᠡᠨ ᠡᠴᠡ ᠡᠬᠢᠯᠡᠵᠦ ᠠᠷᠪᠠᠨ ᠵᠠᠭᠤᠨ ᠮᠢᠩᠭᠠᠨ ᠲᠦᠮᠡᠨ ᠲᠡᠷᠪᠤᠮ ᠰᠠᠶ᠎ᠠ ᠺᠣᠯᠳᠢ ᠳ᠋ᠦᠩᠰᠢᠭᠤᠷ ᠭᠡᠮᠡᠨ ᠢᠷᠭᠡᠨ ᠡᠴᠡ ᠢᠯᠡᠭᠦᠦ ᠳᠥᠷᠪᠡᠨ ᠲᠣᠪᠴᠢᠶ᠎ᠠ ᠨᠡᠷ᠎ᠡ ᠪᠠᠢᠬᠤ ᠪᠢᠰᠢ ᠦᠦ ? ᠭᠠᠭᠴᠠ ᠲᠡᠨᠳᠡ ᠬᠦᠷᠲᠡᠯ᠎ᠡ ᠬᠡᠷᠡᠭᠯᠡᠬᠦ ᠦᠭᠡᠢ ᠶ᠋ᠢᠨ ᠲᠤᠯᠠ ᠪᠣᠢ ᠊ᠶ᠎ᠠ᠂ ᠬᠡᠷᠪᠡ ᠬᠡᠷᠡᠭᠯᠡᠪᠡᠰᠦ ᠦᠰᠦᠭ ᠶᠠᠭᠤᠨᠠᠢ ᠮᠣᠬᠣᠵᠤ ᠪᠣᠯᠬᠤ ᠠᠵᠢ ! ᠲᠡᠢᠨ ᠬᠦ᠌ ᠥᠪᠡᠷ ᠢ᠋ᠶ᠋ᠡᠨ ᠡᠰᠡ ᠬᠢᠴᠢᠶᠡᠭᠡᠳ ᠳᠠᠯᠳᠠ ᠨᠢᠭᠤᠴᠠ ᠪᠦᠭᠳᠡᠮ ᠲᠣᠪᠴᠢᠶᠠᠲᠤ ᠦᠰᠦᠭ ᠦ᠋ᠳ ᠢ᠋ ᠨᠡᠪᠲᠡᠷᠡᠭᠰᠡᠨ ᠦᠭᠡᠢ ᠪᠥᠭᠡᠳ ᠮᠣᠩᠭᠣᠯ ᠦᠭᠡᠰ ᠶᠠᠮᠪᠠᠷ ᠭᠦᠨ ᠬᠣᠯᠠ ᠬᠦᠨᠳᠦ ᠲᠤᠰᠤᠯᠲᠠ ᠪᠣᠢ ᠬᠡᠮᠡᠬᠦ ᠢᠨᠤ ᠳᠠᠯᠠᠢ ᠶ᠋ᠢᠨ ᠬᠥᠪᠡᠭᠡ ᠳ᠋ᠦ᠍ᠷ ᠪᠡᠶ᠎ᠡ ᠪᠡᠨ ᠤᠬᠢᠶᠠᠭᠠᠳ ᠳᠠᠯᠠᠢ ᠶ᠋ᠢ ᠭᠦᠶᠦᠬᠡᠨ ᠭᠡᠮᠡᠨ ᠦᠵᠡᠭᠰᠡᠨ ᠡᠴᠡ ᠶᠠᠭᠤᠨ ᠥᠭᠡᠷ᠎ᠡ ᠪᠣᠢ ! ᠲᠦᠮᠡᠯᠡᠪᠡᠰᠦ ᠮᠠᠨ ᠤ᠋ ᠡᠰᠡ ᠬᠢᠴᠢᠶᠡᠭᠰᠡᠨ ᠦ᠌ ᠰᠢᠯᠲᠠᠭᠠᠨ ᠪᠣᠯᠠᠢ᠃ ᠲᠡᠢᠨ ᠬᠦ᠌ ᠢᠨᠵᠠᠨᠨᠠᠰᠢ ᠪᠢ ᠠᠯᠢᠪᠠ ᠬᠠᠭᠤᠴᠢᠨ ᠦᠭᠡᠰ ᠪᠠ ᠤᠳᠬ᠎ᠠ ᠰᠠᠨᠠᠭᠠᠨ ᠦᠯᠦ ᠤᠬᠠᠭᠳᠠᠬᠤ ᠦᠰᠦᠭ ᠢ᠋ ᠦᠵᠡᠪᠡᠰᠦ ᠬᠡᠷᠬᠢᠪᠡᠴᠦ ᠬᠠᠭᠤᠳᠠᠮ ᠢ᠋ᠶ᠋ᠠᠷ ᠦᠯᠦ ᠥᠩᠭᠡᠷᠡᠭᠦᠯᠦᠨ ᠡᠷᠬᠡᠪᠰᠢ ᠳᠡᠭᠡᠷ᠎ᠡ ᠳᠣᠣᠷᠠᠬᠢ ᠶ᠋ᠢ ᠦᠵᠡᠵᠦ᠂ ᠡᠮᠦᠨ᠎ᠡ ᠬᠣᠢᠨᠠᠬᠢ ᠶ᠋ᠢ ᠰᠢᠨᠵᠢᠵᠦ᠂ ᠲᠤᠩ ᠡᠰᠡ ᠤᠬᠠᠬᠤ ᠶ᠋ᠢ ᠠᠨᠤ ᠢᠵᠠᠭᠤᠷ ᠤ᠋ᠨ ᠡᠪᠦᠭᠡᠳ ᠡᠮᠡᠭᠡᠳ ᠪᠠ ᠡᠰᠡᠬᠦᠯ᠎ᠡ ᠠᠷᠤ ᠭᠠᠵᠠᠷ ᠲᠣᠭᠣᠷᠢᠭᠰᠠᠨ ᠬᠥᠮᠦᠨ ᠡᠴᠡ ᠠᠰᠠᠭᠤᠵᠤ ᠲᠤᠰ ᠦᠭᠡ ᠶ᠋ᠢ ᠯᠠᠪᠯᠠᠮᠤᠢ᠃ ᠡᠨᠡ ᠦᠶ᠎ᠡ ᠳ᠋ᠦ᠍ᠷ ᠪᠡᠭᠡᠵᠢᠩ ᠦ᠋ᠨ ᠮᠠᠾᠠᠺᠠᠯᠠ ᠶ᠋ᠢᠨ ᠰᠦᠮ᠎ᠡ ᠡᠴᠡ ᠭᠠᠳᠠᠨ᠎ᠠ ᠮᠣᠩᠭᠣᠯ ᠦᠭᠡᠰ ᠦ᠋ᠨ ᠤᠳᠬ᠎ᠠ ᠰᠠᠨᠠᠭᠠᠨ ᠲᠤᠰᠤᠯᠲᠠ ᠴᠢᠨᠠᠷ ᠢ᠋ ᠨᠠᠷᠢᠨ ᠰᠢᠭᠦᠮᠵᠢᠯᠡᠬᠦ ᠰᠤᠷᠲᠠᠯᠲᠤ ᠭᠠᠵᠠᠷ ᠦᠭᠡᠢ ᠪᠣᠯᠵᠤᠬᠤᠢ᠃ ᠬᠣᠢᠴᠢ ᠡᠳᠦᠷ ᠡᠨᠡ ᠪᠢᠴᠢᠭ ᠢ᠋ ᠠᠢᠯᠠᠳᠤᠭᠴᠢ ᠮᠡᠷᠭᠡᠳ ᠰᠠᠢᠳ ᠢᠨᠵᠠᠨᠨᠠᠰᠢ ᠮᠢᠨᠦ ᠡᠨᠡ ᠦᠶ᠎ᠡ ᠶ᠋ᠢᠨ ᠰᠡᠳᠬᠢᠯ ᠦ᠋ᠨ ᠴᠢᠰᠤᠨ ᠲᠠᠪᠰᠢᠨ ᠤᠯᠠᠷᠢᠵᠤ᠂ ᠤᠮᠳᠠᠨ ᠬᠡᠪᠲᠡᠨ ᠪᠣᠰᠴᠤ ᠰᠠᠭᠤᠨ ᠨᠡᠬᠡᠮᠵᠢᠯᠡᠨ ᠰᠠᠨᠠᠮᠵᠢᠯᠠᠨ ᠤᠬᠠᠮᠵᠢᠯᠠᠨ ᠵᠣᠪᠠᠨᠢᠭᠰᠠᠨ ᠢ᠋ ᠶᠠᠭᠤᠨᠠᠢ ᠮᠡᠳᠡᠵᠦ ᠦᠷᠦ ᠡᠪᠡᠳᠬᠦ ᠠᠵᠢ ! ᠪᠡᠯᠡᠬᠡᠨ ᠰᠢᠳᠠᠷᠰᠢᠭᠤᠯᠤᠨ ᠵᠠᠯᠠᠷᠠᠭᠤᠯᠵᠤ ᠤᠬᠠᠵᠤ ᠮᠡᠳᠡᠬᠦᠢ ᠳ᠋ᠦ᠍ᠷ ᠬᠢᠯᠪᠠᠷ ᠪᠣᠯᠭᠠᠭᠰᠠᠨ ᠢ᠋ ᠲᠣᠷᠴᠢᠭᠢᠨᠠᠲᠠᠯ᠎ᠠ ᠤᠩᠰᠢᠨ ᠥᠩᠭᠡᠷᠡᠬᠦ ᠪᠣᠯᠠᠢ᠃ ᠡᠨᠡ ᠪᠢᠴᠢᠭ ᠬᠡᠷᠪᠡ ᠨᠢᠭᠡᠨ ᠶᠡᠷᠦ ᠶ᠋ᠢᠨ ᠦᠯᠢᠭᠡᠷ ᠰᠤᠯᠠ ᠱᠠᠰᠲᠢᠷ ᠪᠤᠶᠤ ᠡᠰᠡᠬᠦᠯ᠎ᠡ ᠤᠷᠠᠯᠠᠵᠤ ᠴᠢᠮᠡᠭᠰᠡᠨ ᠤᠳᠬ᠎ᠠ ᠤᠶᠠᠩᠭ᠎ᠠ ᠬᠡᠷᠡᠭᠯᠡᠭᠰᠡᠨ ᠪᠢᠴᠢᠭ ᠪᠥᠭᠡᠰᠦ ᠬᠠᠷᠢᠨ ᠴᠤ᠌ ᠮᠠᠰᠢ ᠬᠢᠯᠪᠠᠷ᠂ ᠦᠨᠡᠬᠡᠷ ᠲᠠᠰᠤᠷᠠᠭᠰᠠᠨ ᠭᠠᠵᠠᠷ ᠲᠤᠷ ᠬᠦᠷᠪᠡᠰᠦ ᠳᠡᠭᠡᠷ᠎ᠡ ᠳᠣᠣᠷ᠎ᠠ ᠪᠠᠳᠠᠭ ᠪᠠ ᠬᠡᠰᠡᠭ ᠪᠦᠯᠦᠭ ᠢ᠋ ᠢᠨᠤ ᠦᠵᠡᠵᠦ ᠰᠠᠨᠠᠭᠠᠨ ᠢ᠋ ᠠᠨᠤ ᠵᠠᠯᠭᠠᠮᠵᠢᠯᠠᠵᠤ ᠨᠥᠬᠥᠬᠦ ᠪᠠ ᠰᠠᠨᠠᠭᠠᠴᠢᠯᠠᠪᠠᠴᠤ ᠪᠣᠯᠬᠤ ᠪᠥᠯᠥᠭᠡ᠃ ᠡᠨᠡ ᠰᠤᠳᠤᠷ ᠬᠡᠮᠡᠭᠴᠢ ᠶᠡᠬᠡ ᠶᠤᠸᠠᠨ ᠤᠯᠤᠰ ᠤ᠋ᠨ ᠲᠥᠪ ᠰᠤᠳᠤᠷ ᠪᠥᠭᠡᠳ ᠡᠨᠡ ᠶᠤᠸᠠᠨ ᠤᠯᠤᠰ ᠡᠯ᠎ᠡ ᠬᠥᠮᠦᠨ ᠦ᠌ ᠴᠢᠬᠢ ᠳ᠋ᠦ᠍ᠷ ᠰᠣᠨᠣᠰᠳᠠᠭᠰᠠᠨ ᠭᠠᠵᠠᠷ ᠪᠦᠬᠦᠨ ᠢ᠋ ᠡᠰᠡ ᠡᠵᠡᠯᠡᠭᠰᠡᠨ᠂ ᠡᠰᠡ ᠬᠦᠷᠦᠭᠰᠡᠨ ᠢ᠋ᠶ᠋ᠡᠷ ᠦᠭᠡᠢ᠂ ᠬᠡᠳᠦᠢᠪᠡᠷ ᠡᠷᠲᠡᠨ ᠦ᠌ ᠭᠤᠷᠪᠠᠨ ᠬᠤᠸᠠᠩ ᠲᠠᠪᠤᠨ ᠲᠢ ᠪᠣᠯᠪᠠᠴᠤ ᠡᠨᠡ ᠶᠤᠸᠠᠨ ᠤᠯᠤᠰ ᠤ᠋ᠨ ᠮᠡᠲᠦ ᠶᠡᠬᠡ ᠡᠵᠡᠯᠡᠭᠰᠡᠨ ᠦᠭᠡᠢ ᠪᠥᠯᠥᠭᠡ᠂ ᠬᠡᠳᠦᠢ ᠡᠷᠲᠡᠨ ᠦ ᠰᠢᠶᠠ᠂ ᠱᠠᠩ᠂ ᠵᠧᠦ᠂ ᠴᠢᠨ ᠦ᠌ ᠵᠡᠷᠭᠡ ᠶ᠋ᠢᠨ ᠶᠡᠬᠡ ᠤᠯᠤᠰ ᠪᠣᠯᠪᠠᠴᠤ ᠰᠣᠨᠢᠨ ᠡᠲᠡᠭᠡᠳ ᠭᠠᠳᠠᠭᠠᠳᠤ ᠤᠯᠤᠰ ᠢ᠋ ᠣᠭᠲᠣ ᠡᠰᠡ ᠳᠠᠢᠯᠠᠵᠤ ᠳᠠᠭᠠᠭᠤᠯᠵᠤᠬᠤᠢ᠃ ᠬᠡᠳᠦᠢᠪᠡᠷ ᠲᠡᠳᠡᠭᠡᠷ ᠦ᠋ᠨ ᠰᠤᠳᠤᠷ ᠤ᠋ᠳ ᠲᠤᠷ ᠳᠥᠷᠪᠡᠨ ᠳᠠᠯᠠᠢ ᠶ᠋ᠢ ᠨᠡᠢᠭᠡᠮ ᠡᠵᠡᠯᠡᠪᠡ ᠬᠡᠮᠡᠬᠦ ᠪᠣᠯᠪᠠᠴᠤ ᠡᠨᠡ ᠦᠶ᠎ᠡ ᠴᠠᠭᠠᠨ ᠬᠡᠷᠡᠮ ᠦ᠋ᠨ ᠳᠣᠲᠣᠭᠰᠢ᠂ ᠪᠠᠷᠠᠭᠤᠨ ᠲᠥᠪᠡᠳ ᠡᠴᠡ ᠢᠨᠠᠭᠰᠢ᠂ ᠡᠮᠦᠨ᠎ᠡ ᠶᠦᠨ ᠨᠠᠨ᠂ ᠬᠦᠢ ᠵᠧᠦ ᠡᠴᠡ ᠬᠣᠢᠰᠢ ᠵᠡᠭᠦᠨ ᠡᠮᠦᠨ᠎ᠡ ᠳᠠᠯᠠᠢ ᠶ᠋ᠢᠨ ᠬᠥᠪᠡᠭᠡ ᠡᠴᠡ ᠪᠠᠷᠠᠭᠤᠨᠰᠢ ᠡᠭᠦᠨ ᠦ᠌ ᠳᠣᠲᠣᠷᠠᠬᠢ ᠠᠷᠪᠠᠨ ᠲᠠᠪᠤᠨ ᠮᠣᠵᠢ ᠶ᠋ᠢᠨ ᠭᠠᠵᠠᠷ ᠢ᠋ ᠬᠡᠯᠡᠬᠦ ᠪᠣᠯᠠᠢ᠃ ᠶᠠᠭᠤᠨᠠᠢ ᠡᠨᠡ ᠶᠤᠸᠠᠨ ᠤᠯᠤᠰ ᠤ᠋ᠨ ᠮᠡᠲᠦ ᠳᠥᠷᠪᠡᠨ ᠵᠦᠭ ᠨᠠᠢ᠍ᠮᠠᠨ ᠵᠣᠪᠬᠢᠰ ᠲᠤᠷ ᠳᠠᠯᠠᠢ ᠶ᠋ᠢ ᠳᠠᠪᠠᠲᠠᠯ᠎ᠠ ᠡᠯᠳᠡᠪ ᠵᠦᠢᠯ ᠦ᠋ᠨ ᠰᠣᠨᠢᠨ ᠡᠲᠡᠭᠡᠳ ᠴᠤᠭᠴᠠᠳᠠᠳᠦ ᠤᠯᠤᠰ ᠢ᠋ ᠳᠠᠢᠯᠠᠨ ᠳᠠᠭᠠᠭᠤᠯᠤᠭᠰᠠᠨ ᠪᠣᠢ ! ᠬᠠᠶᠠ ᠭᠠᠳᠠᠭᠠᠳᠤ ᠶᠡᠬᠡ ᠬᠣᠯᠠ ᠤᠯᠤᠰ ᠨᠢᠵᠡᠭᠡᠳ ᠬᠣᠰᠢᠶᠠᠳ ᠤᠳᠠᠭ᠎ᠠ ᠢᠷᠡᠵᠦ᠂ ᠰᠣᠨᠢᠨ ᠰᠡᠪᠡᠭᠦᠨ ᠶᠠᠭᠤᠮ᠎ᠠ ᠪᠠᠷᠢᠵᠤ ᠬᠡᠷᠡᠭ ᠤᠴᠢᠷ ᠢ᠋ ᠭᠣᠶᠣᠪᠠᠰᠤ ᠡᠭᠦᠨ ᠢ᠋ ᠳᠠᠷᠤᠢ ᠲᠡᠷᠡ ᠤᠯᠤᠰ ᠤ᠋ᠨ ᠪᠢᠴᠢᠭ ᠲᠣᠷ ᠢ᠋ᠶ᠋ᠠᠨ ᠲᠦᠮᠡᠨ ᠤᠯᠤᠰ ᠬᠠᠮᠲᠤ ᠪᠠᠷ ᠢᠷᠡᠵᠦ ᠲᠡᠭᠷᠢ ᠶ᠋ᠢᠨ ᠤᠯᠤᠰ ᠲᠤᠷ ᠪᠠᠷᠠᠯᠬᠠᠨ ᠮᠥᠷᠭᠥᠵᠦ ᠠᠯᠪᠠ ᠪᠠᠷᠢᠪᠠ ᠭᠡᠮᠡᠨ ᠨᠡᠮᠡᠭᠡᠰᠦᠲᠡᠢ ᠪᠡᠷ ᠮᠠᠭᠲᠠᠨ ᠪᠢᠴᠢᠬᠦ ᠪᠣᠢ ᠢ᠋᠎ᠡ᠃ ᠶᠠᠭᠤᠨᠠᠢ ᠡᠨᠡ ᠶᠡᠬᠡ ᠶᠤᠸᠠᠨ ᠤᠯᠤᠰ ᠤ᠋ᠨ ᠮᠡᠲᠦ ᠪᠡᠶ᠎ᠡ ᠪᠡᠷ ᠴᠡᠷᠢᠭ ᠠᠪᠤᠨ ᠬᠦᠷᠴᠦ ᠳᠠᠢᠯᠠᠨ ᠳᠠᠭᠠᠭᠤᠯᠤᠭᠰᠠᠨ ᠠᠵᠢ᠃ ᠲᠡᠢᠨ ᠬᠦ᠌ ᠡᠢᠮᠦ ᠶᠡᠬᠡ ᠪᠢᠴᠢᠭ ᠢ᠋ ᠪᠠᠰᠠ ᠶᠠᠮᠪᠠᠷ ᠴᠢᠯᠥᠭᠡ ᠪᠡᠷ ᠨᠡᠮᠡᠬᠦ ᠴᠢᠮᠡᠭᠯᠡᠬᠦ ᠦᠰᠦᠭ ᠣᠷᠣᠭᠤᠯᠵᠤ ᠪᠣᠯᠤᠮᠤᠢ᠃ ᠡᠢᠮᠦ ᠣᠯᠠᠨ ᠬᠡᠷᠡᠭ ᠢ᠋ ᠬᠣᠪᠢᠨ ᠳ᠋ᠠᠭᠠᠨ ᠪᠠᠰᠠ ᠪᠦᠷᠢᠳᠦᠨ ᠭᠠᠷᠴᠤ ᠴᠢᠳᠠᠬᠤ ᠦᠭᠡᠢ ᠣᠷᠬᠢᠭᠳᠠᠬᠤ ᠠᠨᠤ ᠲᠣᠭ᠎ᠠ ᠲᠣᠮᠰᠢ ᠦᠭᠡᠢ ᠪᠥᠬᠥᠶ᠎ᠡ᠂ ᠨᠡᠩ ᠡᠦᠲᠦ ᠬᠡᠷᠬᠢᠵᠦ ᠨᠡᠮᠡᠨ ᠴᠢᠮᠡᠬᠦ ᠶᠠᠪᠤᠳᠠᠯ ᠪᠠᠢᠬᠤ ᠪᠣᠢ ᠠᠵᠢ᠃ ᠨᠡᠩᠳᠡ ᠡᠨᠡ ᠰᠤᠳᠤᠷ ᠲᠤᠷ ᠨᠢᠭᠡᠨ ᠠᠩᠭᠢ ᠤᠴᠢᠷ ᠭᠠᠷᠴᠤ ᠢᠷᠡᠪᠡᠰᠦ ᠲᠡᠭᠦᠨ ᠦ ᠤᠭ ᠦᠨᠳᠦᠰᠦᠨ ᠪᠠ ᠴᠠᠭ ᠦᠶᠡᠰ ᠣᠨ ᠵᠢᠯ ᠰᠠᠷ᠎ᠠ ᠡᠳᠦᠷ ᠦ᠋ᠨ ᠮᠠᠭᠠᠳ ᠲᠣᠳᠣᠷᠬᠠᠢ ᠶ᠋ᠢ ᠡᠷᠢᠨ ᠬᠣᠰᠯᠠᠭᠤᠯᠬᠤᠢ ᠳ᠋ᠤᠷ ᠢᠨᠵᠠᠨᠨᠠᠰᠢ ᠪᠢ ᠦᠨᠡᠬᠡᠷ ᠴᠢᠷᠠᠢ ᠮᠠᠭᠤᠵᠢᠷᠠᠲᠠᠯ᠎ᠠ ᠴᠢᠯᠡᠩᠭᠡᠷᠡᠵᠦᠬᠦᠢ᠃ ᠡᠭᠦᠨ ᠦ᠌ ᠳᠡᠭᠡᠷ᠎ᠡ ᠬᠢᠲᠠᠳ ᠤ᠋ᠨ《ᠵᠦᠽᠢ ᠲᠦᠩ ᠵᠢᠶᠠᠨ ᠭᠠᠩ ᠮᠦ᠍ ᠪᠢᠴᠢᠭ 》 ᠢ᠋ ᠮᠥᠨ ᠶᠡᠬᠡ ᠲᠥᠯᠥᠪ ᠰᠤᠳᠤᠷ ᠭᠡᠮᠡᠨ ᠲᠡᠭᠦᠨ ᠳ᠋ᠦ᠍ᠷ ᠦᠵᠡᠪᠡᠰᠦ ᠵᠠᠷᠢᠮ ᠠᠨᠤ ᠨᠡᠢᠴᠡᠵᠦ ᠲᠠᠭᠠᠷᠠᠭᠠᠳ ᠵᠠᠷᠢᠮ ᠠᠨᠤ ᠨᠢᠭᠡᠮᠦᠰᠦᠨ ᠣᠭᠴᠣ ᠲᠠᠰᠤ ᠣᠭᠲᠣ ᠦᠭᠡᠢ ᠪᠥᠭᠡᠳ ᠲᠡᠷᠡ ᠭᠠᠩ ᠮᠦ᠍ ᠰᠤᠳᠤᠷ ᠡᠭᠡᠨᠡᠭᠲᠡ ᠬᠢᠲᠠᠳ ᠪᠢᠴᠢᠭᠡᠴᠢ ᠨᠠᠷ ᠤ᠋ᠨ ᠲᠡᠮᠳᠡᠭᠯᠡᠭᠰᠡᠨ ᠲᠤᠯᠠ ᠮᠣᠩᠭᠣᠯ ᠢ᠋ ᠡᠷᠬᠡᠪᠰᠢ ᠨᠢᠭᠡᠨ ᠵᠦᠢᠯ ᠢ᠋ᠶ᠋ᠡᠷ ᠮᠠᠭᠤ ᠬᠡᠯᠡᠰᠦᠭᠡᠢ ᠭᠡᠮᠡᠨ ᠬᠡᠯᠪᠡᠢᠭᠦᠦ ᠲᠠᠰᠢᠮᠠᠭᠠᠢ ᠥᠴᠦᠬᠡᠨ ᠠᠳᠬᠠᠭ ᠰᠡᠳᠬᠢᠯ ᠶᠡᠬᠡᠳᠡᠭᠰᠡᠨ ᠦ᠌ ᠲᠤᠯᠠ ᠭᠣᠣᠯ ᠲᠥᠪ ᠢ᠋ ᠠᠯᠳᠠᠵᠤ ᠨᠢᠭᠡᠮᠦᠰᠦᠨ ᠲᠡᠭᠦᠨ ᠳ᠋ᠦ᠍ᠷ ᠰᠢᠭᠤᠳ ᠢᠲᠡᠭᠡᠵᠦ ᠲᠦᠰᠢᠨ ᠪᠣᠯᠬᠤ ᠦᠭᠡᠢ ᠪᠣᠯᠵᠤᠬᠤᠢ᠃ ᠭᠠᠭᠴᠠ ᠵᠢᠯ ᠣᠨ ᠢ᠋ ᠲᠡᠮᠳᠡᠭᠯᠡᠭᠰᠡᠨ ᠢᠨᠤ ᠲᠣᠳᠣᠷᠬᠠᠢ ᠂ ᠲᠡᠢᠨ ᠬᠦ᠌ ᠬᠢᠴᠢᠶᠡᠨ ᠨᠠᠷᠢᠪᠴᠢᠯᠠᠨ᠂ ᠭᠡᠭᠡᠬᠡᠨ ᠲᠣᠳᠣᠷᠬᠠᠢ ᠭᠠᠷᠭᠠᠭᠰᠠᠨ ᠪᠣᠯᠪᠠᠴᠤ ᠡᠭᠡᠨᠡᠭᠲᠡ ᠨᠢᠭᠡᠨ ᠶᠡᠬᠡ ᠳᠡᠯᠡᠬᠡᠢ ᠳ᠋ᠠᠬᠢᠨ ᠤ᠋ ᠪᠢᠴᠢᠭ ᠲᠤᠯᠠ ᠵᠢᠯ ᠣᠨ ᠠᠨᠤ ᠣᠯᠠᠨ ᠂ ᠬᠡᠷᠡᠭ ᠤᠴᠢᠷ ᠠᠨᠤ ᠦᠯᠡᠮᠵᠢ ᠪᠥᠭᠡᠲᠡᠯ᠎ᠡ ᠦᠭᠡ ᠪᠠᠳᠠᠭ ᠠᠨᠤ ᠴᠥᠭᠡᠨ ᠂ ᠲᠣᠪᠴᠢᠶᠠᠯᠠᠵᠤ ᠬᠤᠷᠢᠶᠠᠭᠰᠠᠨ ᠠᠨᠤ ᠳᠠᠪᠬᠤᠷ ᠤ᠋ᠨ ᠲᠤᠯᠠ ᠦᠵᠡᠬᠦᠢ ᠳ᠋ᠦ᠍ᠷ ᠪᠠᠰᠠ ᠬᠦ᠌ ᠨᠢᠭᠲᠠ ᠪᠢᠲᠡᠭᠦᠦ ᠶ᠋ᠢᠨ ᠤᠴᠢᠷ ᠲᠤᠷ ᠡᠨᠡ ᠪᠢᠴᠢᠭ ᠢ᠋ ᠠᠢᠯᠠᠳᠤᠭᠴᠢ ᠮᠡᠷᠭᠡᠳ ᠰᠠᠢᠳ ᠤ᠋ᠨ ᠤᠬᠠᠭᠠᠨ ᠳ᠋ᠤᠷ ᠰᠠᠭᠤᠵᠤ ᠣᠶᠤᠨ ᠳ᠋ᠤᠷ ᠣᠷᠣᠬᠤ ᠠᠨᠤ ᠲᠡᠷᠡ ᠮᠡᠲᠦ ᠢᠯᠡᠷᠬᠡᠢ ᠲᠣᠳᠣᠷᠬᠠᠢ ᠦᠭᠡᠢ ᠃ ᠨᠡᠩ ᠤᠯᠠᠮ ᠬᠣᠢᠨ᠎ᠠ ᠠᠯᠲᠠᠨ ᠤᠯᠤᠰ ᠂ ᠰᠥᠩ ᠤᠯᠤᠰ ᠂ ᠰᠢᠶᠠ ᠤᠯᠤᠰ ᠂ ᠰᠢ ᠢᠦᠢ ᠤᠯᠤᠰ ᠤ᠋ᠨ ᠵᠡᠷᠭᠡ ᠶ᠋ᠢᠨ ᠶᠡᠬᠡ ᠤᠯᠤᠰ ᠤ᠋ᠳ ᠢ᠋ ᠳᠠᠢᠯᠠᠬᠤ ᠦᠶ᠎ᠡ ᠳ᠋ᠦ᠍ ᠡᠳᠡᠭᠡᠷ ᠦ᠋ᠳ ᠦ᠋ᠨ ᠵᠠᠩᠵᠤᠨ ᠨᠠᠷ ᠤ᠋ᠨ ᠨᠡᠷ᠎ᠡ ᠮᠠᠰᠢ ᠣᠯᠠᠨ ᠪᠣᠯᠵᠤ ᠂ ᠬᠡᠷᠡᠭ ᠤᠴᠢᠷ ᠪᠠᠰᠠ ᠵᠠᠯᠭᠠᠯᠳᠤᠭᠰᠠᠨ ᠢ᠋ᠶ᠋ᠠᠷ ᠦᠵᠡᠬᠦᠢ ᠳ᠋ᠦ᠍ᠷ ᠨᠡᠩ ᠪᠡᠷᠬᠡ ᠪᠣᠯᠬᠤ ᠶ᠋ᠢᠨ ᠲᠤᠯᠠᠳᠠ ᠦᠵᠡᠬᠦ ᠮᠡᠷᠭᠡᠳ ᠢ᠋ᠶ᠋ᠡᠷ ᠡᠷᠬᠡᠪᠰᠢ ᠰᠡᠳᠬᠢᠯ ᠢ᠋ ᠨᠠᠮ  ᠂ ᠰᠠᠨᠠᠭᠠᠨ ᠢ᠋ ᠲᠤᠩᠭᠠᠯᠠᠭ ᠪᠣᠯᠭᠠᠨ ᠬᠢᠨᠠᠨ ᠨᠠᠷᠢᠪᠴᠢᠯᠠᠵᠤ ᠦᠵᠡᠬᠦ ᠬᠡᠷᠡᠭᠲᠡᠢ ᠃ ᠡᠷᠲᠡᠨ ᠦ᠌   《ᠰᠠᠨ ᠭᠦᠸᠧ 》 ( 《ᠭᠤᠷᠪᠠᠨ ᠤᠯᠤᠰ ᠤ᠋ᠨ ᠦᠯᠢᠭᠡᠷ 》) ᠂  《ᠱᠦᠢ ᠬᠤ᠌ 》 ( 《ᠱᠦᠢ ᠬᠤ᠌ ᠶ᠋ᠢᠨ ᠦᠯᠢᠭᠡᠷ 》) ᠂  《ᠰᠢ ᠶᠧᠦ ᠵᠢᠢ 》(  《ᠪᠠᠷᠠᠭᠤᠨᠰᠢ ᠵᠣᠷᠴᠢᠭᠰᠠᠨ ᠲᠡᠮᠳᠡᠭᠯᠡᠯ 》) ᠂  《  ᠵᠢᠨ ᠫᠢᠩ ᠮᠧᠢ 》 ᠶ᠋ᠢᠨ ᠵᠡᠷᠭᠡ ᠶ᠋ᠢᠨ ᠴᠢᠮᠡᠭᠯᠡᠭᠰᠡᠨ ᠦᠭᠡᠰᠲᠦ ᠦᠯᠢᠭᠡᠷ ᠲᠣᠷ ᠦᠯᠢᠳᠬᠡᠵᠦ ᠂ ᠠᠮᠲᠠᠲᠠᠢ ᠬᠥᠭᠵᠢᠮᠲᠡᠢ ᠶ᠋ᠢ ᠡᠷᠢᠵᠦ ᠦᠯᠦ ᠪᠣᠯᠤᠮᠤᠢ᠃ ᠲᠡᠢᠨ ᠬᠦ᠌ ᠬᠠᠯᠭᠤᠷᠠᠭᠰᠠᠨ ᠮᠣᠩᠭᠣᠯ ᠨᠡᠷᠡᠰ ᠪᠠ ᠬᠠᠭᠤᠴᠢᠨ ᠮᠣᠩᠭᠣᠯ ᠦᠭᠡᠰ ᠢ᠋ ᠴᠥᠮ ᠲᠠᠢᠯᠤᠨ ᠭᠠᠷᠭᠠᠵᠤ ᠮᠡᠳᠡᠬᠦᠢ ᠳ᠋ᠦ᠍ᠷ ᠬᠢᠯᠪᠠᠷ ᠪᠣᠯᠭᠠᠭᠠᠳ ᠣᠨ ᠵᠢᠯ ᠨᠠᠰᠤ ᠬᠡᠮᠵᠢᠶ᠎ᠡ ᠪᠠ ᠴᠠᠭ ᠦᠶᠡᠰ ᠲᠣᠬᠢᠶᠠᠯ ᠤᠴᠠᠷᠠᠯ ᠢ᠋ ᠲᠣᠳᠣᠷᠬᠠᠢᠯᠠᠨ ᠢᠯᠭᠠᠨ ᠭᠠᠷᠭᠠᠪᠠ᠃ ᠡᠭᠦᠨ ᠡᠴᠡ ᠭᠠᠳᠠᠨ᠎ᠠ ᠪᠠᠰᠠ ᠤᠯᠤᠰ ᠠᠢᠮᠠᠭ ᠭᠠᠵᠠᠷ ᠣᠷᠣᠨ ᠬᠣᠲᠠ ᠪᠠᠯᠭᠠᠰᠤᠨ ᠢᠷᠭᠡᠨ ᠮᠣᠩᠭᠣᠯ ᠤ᠋ᠨ ᠡᠯ᠎ᠡ ᠨᠡᠷᠡᠰ ᠢ᠋ ᠡᠮᠦᠨ᠎ᠡ ᠴᠥᠮ ᠲᠣᠪᠬᠢᠨ ᠨᠡᠢᠯᠡᠭᠦᠯᠵᠦ ᠭᠠᠷᠭᠠᠪᠠ᠃ ᠬᠣᠢᠴᠢ ᠡᠳᠦᠷ ᠦ᠋ᠨ ᠮᠡᠷᠭᠡᠳ ᠰᠠᠢᠳ ᠡᠨᠡ ᠪᠢᠴᠢᠭ ᠢ᠋ ᠦᠵᠡᠬᠦᠢ ᠳ᠋ᠦ᠍ᠷ ᠡᠷᠬᠡᠪᠰᠢ ᠡᠮᠦᠨᠡᠬᠢ ᠢᠯᠭᠠᠪᠤᠷᠢᠲᠠᠢ ᠲᠣᠯᠢ ᠶ᠋ᠢᠨ ᠨᠢᠭᠡᠨ ᠳᠡᠪᠲᠡᠷ ᠢ᠋ ᠬᠢᠨᠠᠨ ᠦᠵᠡᠭᠡᠳ ᠵᠢᠴᠢ ᠳᠣᠷᠣᠭᠰᠢ ᠦᠵᠡᠪᠡᠰᠦ ᠪᠠᠬᠠᠨ ᠳᠥᠭᠥᠮ ᠬᠢᠯᠪᠠᠷ ᠪᠥᠭᠡᠳ ᠠᠮᠲᠠ ᠰᠢᠮᠲᠡᠲᠡᠢ ᠪᠣᠯᠤᠮᠤᠢ᠂ ᠪᠤᠰᠤ ᠪᠣᠯᠪᠠᠰᠤ ᠡᠰᠡ ᠦᠵᠡᠬᠦᠢ ᠳ᠋ᠦ᠍ᠷ ᠬᠦᠷᠬᠦ ᠦᠭᠡᠢ᠃ ᠡᠭᠦᠨ ᠦ᠌ ᠲᠤᠯᠠ ᠤᠴᠢᠷ ᠢ᠋ ᠭᠠᠷᠭᠠᠨ ᠳᠡᠪᠲᠡᠷ ᠦ᠋ᠨ ᠡᠮᠦᠨ᠎ᠡ ᠢᠯᠭᠠᠪᠤᠷᠢᠲᠠᠢ ᠲᠣᠯᠢ ᠶ᠋ᠢᠨ ᠨᠢᠭᠡᠨ ᠳᠡᠪᠲᠡᠷ ᠢ᠋ ᠬᠢᠨᠠᠨ ᠠᠢᠯᠠᠳᠬᠠᠮᠤᠢ᠃ 
      ᠡᠭᠦᠨᠴᠡ ᠳᠣᠷᠣᠭᠰᠢ ᠠᠷᠪᠠᠨ ᠠᠩᠭᠢ ᠲᠣᠪᠴᠢᠲᠤ ᠲᠣᠯᠲᠣ ᠪᠣᠢ᠂ ᠬᠡᠰᠡᠭ ᠪᠦᠷᠢ ᠳ᠋ᠦ᠍ᠷ ᠨᠢᠭᠡᠨ ᠵᠦᠢᠯ ᠦ᠋ᠨ ᠤᠴᠢᠷ ᠠᠮᠤᠢ᠃ ᠡᠳᠡᠭᠡᠷ ᠢ᠋ ᠴᠥᠮ ᠦᠵᠡᠵᠦ ᠥᠩᠭᠡᠷᠡᠪᠡᠰᠦ ᠳᠣᠷᠣᠭᠰᠢ ᠡᠨᠡ ᠰᠤᠳᠤᠷ ᠢ᠋ ᠦᠵᠡᠬᠦᠢ ᠳ᠋ᠦ᠍ᠷ ᠲᠡᠭᠰᠢ ᠮᠥᠯᠰᠥᠨ ᠳ᠋ᠦ᠍ᠷ ᠲᠡᠷᠭᠡ ᠶ᠋ᠢ ᠲᠦᠯᠬᠢᠬᠦ ᠮᠡᠲᠦ ᠳᠥᠭᠥᠮ ᠬᠢᠯᠪᠠᠷ ᠪᠣᠯᠤᠮᠤᠢ᠃ ᠬᠡᠳᠦᠢᠪᠡᠷ ᠤᠴᠢᠷ ᠤᠳᠬ᠎ᠠ ᠶ᠋ᠢ ᠦᠯᠦ ᠡᠷᠬᠢᠯᠡᠭᠴᠢᠳ ᠵᠦᠭᠡᠷ ᠦᠯᠢᠭᠡᠷ ᠦ᠋ᠨ ᠬᠥᠭᠵᠢᠮ ᠦᠢᠮᠡᠭᠡᠨ ᠢ᠋ ᠦᠵᠡᠭᠴᠢᠳ ᠪᠣᠯᠪᠠᠴᠤ ᠡᠨᠡ ᠠᠷᠪᠠᠨ ᠬᠣᠶᠠᠷ ᠲᠣᠪᠴᠢᠲᠤ ᠲᠣᠯᠲᠣ ᠶ᠋ᠢ ᠡᠰᠡ ᠦᠵᠡᠪᠡᠰᠦ ᠦᠢᠮᠡᠭᠡᠨ ᠬᠥᠭᠵᠢᠮ ᠢ᠋ ᠮᠥᠨ ᠤᠬᠠᠬᠤᠶ᠎ᠠ ᠪᠡᠷᠬᠡ ᠪᠣᠯᠤᠮᠤᠢ ᠃