ᠬᠥᠬᠡ ᠰᠤᠳᠤᠷ - ᠢᠨᠵᠠᠨᠨᠠᠰᠢ < ᠲᠣᠪᠴᠢᠲᠤ ᠲᠣᠯᠲᠣ - ᠲᠡᠷᠢᠭᠦᠨ ᠠᠩᠭᠢ > Хөх судар - Инжинаш < Товчит толт - Тэргүүн анги >
ᠬᠥᠬᠡ ᠰᠤᠳᠤᠷ < ᠲᠣᠪᠴᠢᠲᠤ ᠲᠣᠯᠲᠣ - ᠲᠡᠷᠢᠭᠦᠨ ᠠᠩᠭᠢ >
ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ ᠤ᠋ᠨ ᠤᠴᠢᠷ
ᠰᠢᠯᠲᠠᠭᠠᠨ ᠨᠢᠭᠡᠨ ᠢᠵᠢ ᠂ ᠲᠣᠪᠴᠢᠲᠤ ᠲᠣᠯᠲᠣ ᠶ᠋ᠢᠨ ᠲᠡᠷᠢᠭᠦᠨ ᠠᠩᠭᠢ
ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ ᠤ᠋ᠨ ᠴᠢᠬᠤᠯᠠ ᠣᠷᠣᠰᠢᠯ
ᠲᠠᠢᠯᠪᠤᠷᠢ ᠵᠢᠭᠠᠯᠲᠠ ᠬᠥᠲᠥᠯᠪᠦᠷᠢ ᠄ ᠪᠦᠷᠢᠨᠲᠦ ᠵᠠᠰᠠᠭᠴᠢ ᠶ᠋ᠢᠨ ᠠᠷᠪᠠᠳᠤᠭᠠᠷ ᠣᠨ ᠂ ᠴᠠᠭᠠᠨ ᠰᠠᠷ᠎ᠠ ᠶ᠋ᠢᠨ ᠰᠢᠨ᠎ᠡ ᠶ᠋ᠢᠨ ᠨᠠᠢ᠍ᠮᠠᠨ ᠤ ᠪᠦᠲᠦᠭᠡᠭᠴᠢ ᠨᠡᠷᠡᠲᠦ ᠡᠵᠡᠨ ᠦ᠌ ᠡᠳᠦᠷ᠂ ᠪᠤᠷᠬᠠᠨ ᠤ᠋ ᠲᠥᠷᠥᠭᠰᠡᠨ ᠵᠢᠯ ᠣᠨ ᠢ᠋ ᠪᠣᠳᠣᠵᠤ ᠭᠠᠷᠭᠠᠭᠰᠠᠨ ᠠᠨᠤ ᠄
ᠭᠤᠲᠤᠮ ᠱᠠᠭᠢᠮᠤᠨᠢ ᠪᠤᠷᠬᠠᠨ ᠭᠡᠭᠡᠨ ᠡᠷᠲᠡᠨ ᠦ᠌ ᠵᠧᠦ ᠤᠯᠤᠰ ᠤ᠋ᠨ ᠲᠠᠪᠤᠳᠤᠭᠠᠷ ᠬᠠᠭᠠᠨ ᠵᠧᠦ ᠵᠣᠣ ᠸᠠᠩ ᠤ᠋ᠨ ᠭᠤᠴᠢᠨ ᠬᠣᠶᠠᠳᠤᠭᠠᠷ ᠣᠨ ᠤ᠋ ᠴᠠᠭᠠᠨ ᠪᠡᠴᠢᠨ ᠵᠢᠯ ᠦ᠋ᠨ ᠳᠥᠷᠪᠡᠨ ᠰᠠᠷ᠎ᠠ ᠶ᠋ᠢᠨ ᠰᠢᠨ᠎ᠡ ᠶ᠋ᠢᠨ ᠳᠣᠯᠣᠭᠠᠨ᠎ᠠ ᠶᠢᠷᠲᠢᠨᠴᠦ ᠳ᠋ᠦ᠍ᠷ ᠮᠡᠨᠳᠦᠯᠡᠭᠡᠳ ᠨᠡᠷ᠎ᠡ ᠶ᠋ᠢ ᠭᠤᠲᠤᠮ ᠭᠡᠮᠡᠨ ᠨᠡᠷᠡᠢᠳᠴᠦ ᠬᠣᠷᠢᠨ ᠶᠢᠰᠦᠨ ᠨᠠᠰᠤᠨ ᠰᠡᠭᠦᠳᠡᠷ ᠦ᠋ᠨ ᠵᠤᠨ ᠤ᠋ ᠲᠡᠷᠢᠭᠦᠨ ᠰᠠᠷ᠎ᠠ ᠂ ᠵᠧᠦ ᠤᠯᠤᠰ ᠤ᠋ᠨ ᠮᠦ᠍ ᠸᠠᠩ ᠤ᠋ᠨ ᠶᠢᠰᠦᠳᠦᠭᠡᠷ ᠣᠨ ᠤ᠋ ᠰᠢᠷ᠎ᠠ ᠬᠤᠯᠤᠭᠠᠨ᠎ᠠ ᠵᠢᠯ ᠦ᠋ᠨ ᠳᠥᠷᠪᠡᠨ ᠰᠠᠷ᠎ᠠ ᠶ᠋ᠢᠨ ᠰᠢᠨ᠎ᠡ ᠶ᠋ᠢᠨ ᠨᠠᠶ᠋ᠮᠠᠨᠠ ᠭᠡᠷ ᠡᠴᠡ ᠭᠠᠷᠴᠤ ᠲᠣᠢᠨ ᠪᠣᠯᠪᠠ ᠃ ᠬᠥᠬᠡ ᠮᠣᠷᠢᠨ ᠵᠢᠯ ᠵᠧᠦ ᠤᠯᠤᠰ ᠤ᠋ᠨ ᠮᠦ᠍ ᠸᠠᠩ ᠤ᠋ᠨ ᠠᠷᠪᠠᠨ ᠲᠠᠪᠤᠳᠤᠭᠠᠷ ᠣᠨ ᠳ᠋ᠤᠷ ᠵᠢᠷᠭᠤᠭᠠᠨ ᠵᠢᠯ ᠦ᠋ᠨ ᠪᠢᠰᠢᠯᠭᠠᠯ ᠲᠡᠭᠦᠰᠴᠦ ᠳᠥᠷᠪᠡᠨ ᠰᠠᠷ᠎ᠠ ᠶ᠋ᠢᠨ ᠠᠷᠪᠠᠨ ᠲᠠᠪᠤᠨ᠎ᠠ ᠪᠤᠷᠬᠠᠨ ᠪᠣᠯᠪᠠ ᠃ ᠮᠥᠨ ᠣᠨ ᠳ᠋ᠤᠷ ᠵᠢᠷᠭᠤᠭᠠᠨ ᠰᠠᠷ᠎ᠠ ᠶ᠋ᠢᠨ ᠰᠢᠨ᠎ᠡ ᠶ᠋ᠢᠨ ᠳᠥᠷᠪᠡᠨ ᠡᠴᠡ ᠡᠬᠢᠯᠡᠵᠦ ᠨᠣᠮ ᠤ᠋ᠨ ᠬᠦᠷᠳᠦᠨ ᠡᠷᠭᠢᠭᠦᠯᠪᠡ ᠃ ᠵᠧᠦ ᠤᠯᠤᠰ ᠤ᠋ᠨ ᠮᠦ᠍ ᠸᠠᠩ ᠤ᠋ᠨ ᠬᠣᠷᠢᠨ ᠨᠢᠭᠡᠳᠦᠭᠡᠷ ᠣᠨ ᠤ᠋ ᠴᠠᠭᠠᠨ ᠬᠤᠯᠤᠭᠠᠨ᠎ᠠ ᠵᠢᠯ ᠦ᠋ᠨ ᠶᠢᠰᠦᠨ ᠰᠠᠷ᠎ᠠ ᠶ᠋ᠢᠨ ᠬᠣᠷᠢᠨ ᠬᠣᠶᠠᠷ᠎ᠠ ᠪᠤᠷᠬᠠᠨ ᠭᠡᠭᠡᠨ ᠳᠡᠭᠡᠷ᠎ᠡ ᠲᠩᠷᠢ ᠨᠠᠷ ᠲᠤᠷ ᠶᠡᠷᠡᠨ ᠬᠣᠨᠣᠭ ᠤ᠋ᠨ ᠶᠠᠷᠨᠠᠢ ᠳ᠋ᠤ᠌ ᠰᠠᠭᠤᠵᠤ ᠶᠢᠷᠲᠢᠨᠴᠦ ᠳ᠋ᠦ᠍ᠷ ᠵᠠᠯᠠᠷᠠᠨ ᠪᠠᠭᠤᠵᠤ ᠢᠷᠡᠪᠡ ᠃ ᠡᠭᠦᠨ ᠳ᠋ᠦ᠍ᠷ ᠡᠴᠢᠭᠡ ᠬᠠᠭᠠᠨ ᠳ᠋ᠤᠷ ᠪᠦᠲᠦᠭᠡᠵᠦ ᠦᠭᠭᠦᠭᠰᠡᠨ ᠽᠠᠨᠳᠠᠨ ᠮᠣᠳᠣᠨ ᠪᠤᠷᠬᠠᠨ ᠤ᠋ ᠳᠦᠷᠰᠦ ᠂ ᠪᠤᠷᠬᠠᠨ ᠤ᠋ ᠪᠡᠶ᠎ᠡ ᠶ᠋ᠢ ᠭᠤᠷᠪᠠᠨ ᠠᠯᠴᠠᠮ ᠳᠣᠯᠣᠭᠠᠨ ᠨᠡᠭᠦᠷᠢ ᠲᠠᠪᠰᠢᠨ ᠤᠭᠲᠤᠪᠠ ᠃ ᠲᠡᠢᠨ ᠬᠦ᠌ ᠪᠤᠷᠬᠠᠨ ᠭᠡᠭᠡᠨ ᠮᠣᠳᠣᠷ ᠢ᠋ᠶ᠋ᠠᠨ ᠲᠡᠷᠡ ᠳᠦᠷᠰᠦ ᠶ᠋ᠢᠨ ᠲᠡᠷᠢᠭᠦᠨ ᠳ᠋ᠦ᠍ᠷ ᠲᠠᠯᠪᠢᠵᠤ ᠄ 《ᠢᠷᠡᠭᠡᠳᠦᠢ ᠲᠠᠪᠤᠨ ᠴᠥᠪ ᠦ᠋ᠨ ᠴᠠᠭ ᠤ᠋ᠨ ᠠᠮᠢᠲᠠᠨ ᠴᠢᠮ᠎ᠠ ᠳ᠋ᠤᠷ ᠤᠴᠠᠷᠠᠪᠠᠰᠤ ᠨᠠᠳᠠ ᠳ᠋ᠤᠷ ᠠᠭᠤᠯᠵᠠᠭᠰᠠᠨ ᠮᠡᠲᠦ ᠪᠣᠯᠲᠤᠭᠠᠢ ᠂ ᠲᠡᠭᠦᠨ ᠢ᠋ᠶ᠋ᠡᠷ ᠬᠤᠪᠢᠲᠤ ᠠᠮᠢᠲᠠᠨ ᠂ ᠴᠢᠨᠦ ᠰᠢᠯᠲᠠᠭᠠᠨ ᠢ᠋ᠶ᠋ᠠᠷ ᠣᠷᠴᠢᠯᠠᠩ ᠠ᠋ᠴᠠ ᠭᠡᠲᠦᠯᠬᠦ ᠪᠣᠯᠲᠤᠭᠠᠢ ! 》 ᠭᠡᠮᠡᠨ ᠢᠷᠦᠭᠡᠯ ᠲᠠᠯᠪᠢᠪᠠ ᠃ ᠡᠳᠦᠭᠡ ᠨᠡᠢᠰᠯᠡᠯ ᠦ᠋ᠨ ᠽᠠᠨᠳᠠᠨ ᠵᠣᠣ ᠪᠤᠷᠬᠠᠨ ᠤ᠋ ᠨᠢᠭᠡᠨ ᠢᠨᠤ ᠮᠥᠨ ᠬᠡᠮᠡᠮᠦᠢ ᠃
ᠪᠤᠷᠬᠠᠨ ᠤ᠋ ᠬᠣᠷᠢᠨ ᠨᠢᠭᠡᠨ ᠰᠡᠭᠦᠳᠡᠷ ᠲᠣᠷ ᠵᠧᠦ ᠤᠯᠤᠰ ᠤ᠋ᠨ ᠮᠦ᠍ ᠸᠠᠩ ᠰᠠᠭᠤᠷᠢᠨ ᠳ᠋ᠤᠷ ᠰᠠᠭᠤᠪᠠ ᠃ ᠪᠤᠷᠬᠠᠨ ᠤ᠋ ᠵᠢᠷᠠᠨ ᠲᠠᠪᠤᠨ ᠰᠡᠭᠦᠳᠡᠷ ᠲᠣᠷ ᠮᠦ᠍ ᠸᠠᠩ ᠥᠩᠭᠡᠷᠡᠪᠡ ᠃ ᠬᠥᠬᠡ ᠬᠤᠯᠤᠭᠠᠨ᠎ᠠ ᠵᠢᠯ ᠪᠣᠯᠪᠠ ᠃ ᠪᠤᠷᠬᠠᠨ ᠤ᠋ ᠳᠠᠯᠠᠨ ᠵᠢᠷᠭᠤᠭᠠᠨ ᠰᠡᠭᠦᠳᠡᠷ ᠬᠥᠬᠡᠭᠴᠢᠨ ᠭᠠᠬᠠᠢ ᠵᠢᠯ ᠂ ᠵᠧᠦ ᠤᠯᠤᠰ ᠤ᠋ᠨ ᠬᠦᠩ ᠸᠠᠩ ᠰᠠᠭᠤᠷᠢᠨ ᠳ᠋ᠤᠷ ᠰᠠᠭᠤᠪᠠ ᠃ ᠡᠨᠡ ᠵᠧᠦ ᠬᠦᠩ ᠸᠠᠩ ᠤ᠋ᠨ ᠵᠢᠷᠭᠤᠳᠤᠭᠠᠷ ᠣᠨ ᠤ᠋ ᠴᠠᠭᠠᠨ ᠯᠤᠤ ᠵᠢᠯ ᠦ᠋ᠨ ᠳᠥᠷᠪᠡᠨ ᠰᠠᠷ᠎ᠠ ᠶ᠋ᠢᠨ ᠠᠷᠪᠠᠨ ᠲᠠᠪᠤᠨ᠎ᠠ ᠪᠤᠷᠬᠠᠨ ᠨᠠᠶᠠᠨ ᠨᠢᠭᠡᠨ ᠰᠡᠭᠦᠳᠡᠷ ᠲᠡᠢ ᠨᠢᠷᠸᠠᠨ ᠪᠣᠯᠪᠠ ᠃ ᠪᠤᠷᠬᠠᠨ ᠤ᠋ ᠲᠥᠷᠥᠭᠰᠡᠨ ᠵᠧᠦ ᠤᠯᠤᠰ ᠤ᠋ᠨ ᠵᠣᠣ ᠸᠠᠩ ᠤ᠋ᠨ ᠭᠤᠴᠢᠨ ᠬᠣᠶᠠᠳᠤᠭᠠᠷ ᠣᠨ ᠤ᠋ ᠴᠠᠭᠠᠨ ᠪᠡᠴᠢᠨ ᠵᠢᠯ ᠡᠴᠡ ᠮᠠᠨ ᠤ᠋ ᠳᠠᠢᠴᠢᠩ ᠤᠯᠤᠰ ᠤ᠋ᠨ ᠪᠦᠷᠢᠨᠲᠦ ᠵᠠᠰᠠᠭᠴᠢ ᠶ᠋ᠢᠨ ᠠᠷᠪᠠᠳᠤᠭᠠᠷ ᠣᠨ ᠤ᠋ ᠴᠠᠭᠠᠭᠴᠢᠨ ᠬᠣᠨᠢᠨ ᠵᠢᠯ ᠪᠣᠯᠲᠠᠯ᠎ᠠ ᠬᠣᠶᠠᠷ ᠮᠢᠩᠭᠠᠨ ᠨᠠᠢ᠍ᠮᠠᠨ ᠵᠠᠭᠤᠨ ᠶᠡᠷᠡᠨ ᠬᠣᠶᠠᠷ ᠣᠨ ᠪᠣᠯᠪᠠ ᠃ ᠡᠨᠡ ᠢᠨᠤ 《ᠱᠢ ᠱᠢ ᠲᠦᠩ ᠺᠦ ᠪᠢᠴᠢᠭ 》᠂ 《ᠸᠠᠨ ᠨᠢᠶᠠᠨ ᠯᠢ ᠪᠢᠴᠢᠭ 》᠂ ᠪᠠᠰᠠ ᠨᠢᠳᠦᠨ ᠭᠡᠭᠡᠨ ᠦᠭᠡᠢ ᠵᠠᠩᠵᠨ ᠭᠡᠭᠡᠨ ᠦ᠌ ᠢᠯᠭᠠᠭᠰᠠᠨ 《ᠱᠠᠭᠢᠮᠤᠨᠢ ᠪᠤᠷᠬᠠᠨ ᠤ᠋ ᠱᠠᠨᠲᠠᠪ ᠰᠤᠳᠤᠷ 》 ᠯᠤᠭ᠎ᠠ ᠬᠣᠣᠰᠯᠠᠭᠤᠯᠤᠨ ᠨᠡᠢᠴᠡᠭᠦᠯᠵᠦ ᠬᠢᠨᠠᠨ ᠨᠠᠷᠢᠪᠴᠢᠯᠠᠨ ᠡᠷᠢᠨ ᠭᠠᠷᠭᠠᠭᠰᠠᠨ ᠲᠣᠪᠴᠢᠶ᠎ᠠ ᠃ ᠬᠣᠢᠴᠢ ᠡᠳᠦᠷ ᠦ᠋ᠨ ᠮᠡᠷᠭᠡᠳ ᠢ᠋ᠶ᠋ᠡᠷ ᠬᠢᠨᠠᠨ ᠦᠵᠡᠪᠡᠰᠦ ᠵᠣᠬᠢᠮᠤᠢ ᠃ ᠬᠡᠷᠪᠡ ᠪᠤᠰᠤ ᠰᠤᠳᠤᠷ ᠯᠤᠭ᠎ᠠ ᠵᠥᠷᠢᠴᠡᠬᠦ ᠶᠠᠪᠤᠳᠠᠯ ᠭᠠᠷᠪᠠᠰᠤ ᠡᠷᠬᠡᠪᠰᠢ ᠪᠠᠰᠠ ᠡᠨᠡ ᠮᠡᠲᠦ ᠬᠢᠨᠠᠨ ᠨᠠᠷᠢᠪᠴᠢᠯᠠᠨ ᠪᠢᠴᠢᠵᠦ ᠪᠤᠰᠤ ᠮᠡᠷᠭᠡᠳ ᠦ᠋ᠨ ᠮᠡᠳᠡᠬᠦᠢ ᠳ᠋ᠦ᠍ᠷ ᠬᠢᠯᠪᠠᠷ ᠪᠣᠯᠭᠠᠨ ᠦᠯᠡᠳᠡᠭᠡᠪᠡᠰᠦ ᠵᠣᠬᠢᠮᠤᠢ ᠃
ᠵᠢᠴᠢ ᠰᠢᠷ᠎ᠠ ᠶ᠋ᠢᠨ ᠱᠠᠰᠢᠨ ᠢ᠋ ᠰᠡᠪ ᠦᠭᠡᠢ ᠪᠣᠯᠭᠠᠨ ᠵᠠᠰᠠᠭᠰᠠᠨ ᠪᠣᠭᠳᠠ ᠽᠣᠩᠺᠠᠸᠠ ᠶ᠋ᠢᠨ ᠭᠡᠭᠡᠨ ᠯᠣᠪᠰᠠᠩᠷᠠᡁᠪᠠ ᠶ᠋ᠢᠨ ᠮᠡᠨᠳᠦᠯᠡᠭᠰᠡᠨ ᠢᠨᠤ ᠄ ᠶᠡᠬᠡ ᠶᠤᠸᠠᠨ ᠤᠯᠤᠰ ᠤ᠋ᠨ ᠰᠡᠭᠦᠯ ᠦ᠋ᠨ ᠦᠶ᠎ᠡ ᠶ᠋ᠢᠨ ᠠᠷᠪᠠᠨ ᠳᠥᠷᠪᠡᠳᠦᠭᠡᠷ ᠬᠠᠭᠠᠨ ᠱᠦᠨᠳᠢ ᠲᠣᠭᠣᠨ ᠲᠡᠮᠦᠷ ᠤᠬᠠᠭᠠᠨᠲᠤ ᠬᠠᠭᠠᠨ ᠤ᠋ ᡁᠢ ᠵᠧᠩ ᠬᠡᠮᠡᠬᠦ ᠶ᠋ᠢᠨ ᠠᠷᠪᠠᠨ ᠳᠣᠯᠣᠳᠤᠭᠠᠷ ᠣᠨ ᠤ᠋ ᠤᠯᠠᠭᠴᠢᠨ ᠲᠠᠬᠢᠶ᠎ᠠ ᠵᠢᠯ ᠦ᠋ᠨ ᠠᠷᠪᠠᠨ ᠰᠠᠷ᠎ᠠ ᠶ᠋ᠢᠨ ᠬᠣᠷᠢᠨ ᠲᠠᠪᠤᠨ᠎ᠠ ᠂ ᠲᠠᠩᠭᠤᠳ ᠤ᠋ᠨ ᠺᠦᠮᠪᠦᠮ ᠬᠡᠮᠡᠬᠦ ᠭᠠᠵᠠᠷ ᠤ᠋ᠨ ᠰᠣᠩᠭᠢᠨ᠎ᠠ ᠶ᠋ᠢᠨ ᠭᠣᠣᠯ ᠤ᠋ᠨ ᠠᠮᠠᠨ ᠳ᠋ᠤᠷ ᠮᠡᠨᠳᠦᠯᠡᠭᠡᠳ ᠲᠠᠪᠤᠨ ᠨᠠᠰᠤᠨ ᠳ᠋ᠤᠷ ᠣᠪᠰᠢ ᠶ᠋ᠢᠨ ᠰᠠᠨᠸᠠᠷ ᠠᠪᠴᠤ ᠳᠣᠯᠣᠭᠠᠨ ᠨᠠᠰᠤᠨ᠎ᠠ ᠬᠤᠸᠠᠷᠠᠭ ᠰᠠᠨᠸᠠᠷ ᠵᠣᠭᠣᠭᠯᠠᠭᠠᠳ ᠠᠷᠪᠠᠨ ᠲᠠᠪᠤᠨ ᠰᠡᠭᠦᠳᠡᠷ ᠲᠣᠷ ᠭᠡᠰᠦ᠋ᠯ ᠰᠠᠨᠸᠠᠷ ᠵᠣᠭᠣᠭᠯᠠᠵᠤ ᠂ ᠬᠣᠷᠢᠨ ᠭᠤᠷᠪᠠᠨ ᠨᠠᠰᠤᠨ᠎ᠠ ᠪᠠᠷᠠᠭᠤᠨ ᠵᠣᠣ ᠳ᠋ᠤᠷ ᠵᠠᠯᠠᠷᠠᠪᠠ ᠃ ᠡᠨᠡ ᠶᠤᠸᠠᠨ ᠤᠯᠤᠰ ᠤ᠋ᠨ ᠡᠴᠦᠰ ᠦ᠋ᠨ ᠲᠣᠭᠣᠨ ᠲᠡᠮᠦᠷ ᠱᠦᠨᠳᠢ ᠬᠠᠭᠠᠨ ᠤᠭ ᠬᠠᠭᠠᠨ ᠰᠠᠭᠤᠬᠤᠢ ᠳ᠋ᠤᠷ ᠬᠠᠷᠠᠭᠴᠢᠨ ᠲᠠᠬᠢᠶ᠎ᠠ ᠵᠢᠯ ᠬᠠᠭᠠᠨ ᠰᠠᠭᠤᠵᠤ ᠶᠤᠸᠠᠨ ᠵᠧᠨ ᠤ ᠲᠡᠷᠢᠭᠦᠨ ᠣᠨ ᠬᠡᠮᠡᠵᠦ ᠬᠣᠶᠠᠷ ᠵᠢᠯ ᠪᠣᠯᠤᠭᠠᠳ ᠪᠠᠰᠠ ᠬᠠᠯᠠᠵᠤ ᡁᠢ ᠶᠤᠸᠠᠨ ᠬᠡᠮᠡᠵᠦ ᠵᠢᠷᠭᠤᠭᠠᠨ ᠵᠢᠯ ᠪᠣᠯᠪᠠ ᠂ ᠬᠣᠢᠨ᠎ᠠ ᠪᠠᠰᠠ ᡁᠢ ᠵᠧᠩ ᠭᠡᠮᠡᠨ ᠬᠠᠯᠠᠵᠤ ᠂ ᠬᠣᠷᠢᠨ ᠳᠣᠯᠣᠳᠤᠭᠠᠷ ᠣᠨ ᠂ ᠤᠯᠠᠭᠴᠢᠨ ᠬᠣᠨᠢᠨ ᠵᠢᠯ ᠳ᠋ᠦ᠍ᠷ ᠶᠤᠸᠠᠨ ᠤᠯᠤᠰ ᠤ᠋ᠨ ᠶᠡᠬᠡ ᠲᠥᠷᠥ ᠶ᠋ᠢ ᠠᠯᠳᠠᠵᠤ ᠂ ᠮᠢᠩ ᠤᠯᠤᠰ ᠤ᠋ᠨ ᠲᠠᠢᠽᠦ ᠵᠣ᠌ ᠶᠤᠸᠠᠨ ᠵᠠᠩ ᠂ ᠪᠠᠭ᠎ᠠ ᠶ᠋ᠢᠨ ᠨᠡᠷ᠎ᠡ ᠾᠦᠩ ᠡᠦ ᠂ ᠶᠡᠬᠡ ᠶᠤᠸᠠᠨ ᠤᠯᠤᠰ ᠤ᠋ᠨ ᠬᠠᠭᠠᠨ ᠲᠥᠷᠥ ᠶ᠋ᠢ ᠪᠤᠯᠢᠶᠠᠵᠤ ᠬᠠᠭᠠᠨ ᠰᠠᠭᠤᠭᠠᠳ ᠣᠨ ᠤ᠋ ᠴᠣᠯᠠ ᠪᠠᠨ ᠾᠦᠩ ᠡᠦ ᠶ᠋ᠢᠨ ᠲᠡᠷᠢᠭᠦᠨ ᠣᠨ ᠬᠡᠮᠡᠪᠡ ᠃ ᠶᠤᠸᠠᠨ ᠤᠯᠤᠰ ᠤ᠋ᠨ ᠲᠥᠷᠥ ᠪᠡᠨ ᠠᠯᠳᠠᠬᠤ ᠲᠡᠷᠡ ᠤᠯᠠᠭᠴᠢᠨ ᠬᠣᠨᠢᠨ ᠵᠢᠯ ᠳ᠋ᠦ᠍ᠷ ᠪᠣᠭᠳᠠ ᠽᠣᠩᠺᠠᠸᠠ ᠶ᠋ᠢᠨ ᠭᠡᠭᠡᠨ ᠠᠷᠪᠠᠨ ᠨᠢᠭᠡᠨ ᠰᠡᠭᠦᠳᠡᠷ ᠲᠡᠢ ᠪᠥᠯᠥᠭᠡ ᠃ ᠲᠣᠭᠣᠨ ᠲᠡᠮᠦᠷ ᠬᠠᠭᠠᠨ ᠨᠡᠢᠲᠡ ᠭᠤᠴᠢᠨ ᠲᠠᠪᠤᠨ ᠵᠢᠯ ᠬᠠᠭᠠᠨ ᠰᠠᠭᠤᠷᠢᠨ ᠳ᠋ᠤᠷ ᠰᠠᠭᠤᠵᠤ ᠬᠣᠢᠲᠤ ᠵᠦᠭ ᠳᠤᠲᠠᠭᠠᠪᠠ ᠃ ᠮᠢᠩ ᠲᠠᠢᠽᠦ ᠭᠤᠴᠢᠨ ᠣᠨ ᠰᠠᠭᠤᠵᠤ ᠲᠡᠭᠦᠨ ᠦ᠌ ᠠᠴᠢ ᠵᠣ᠌ ᠶᠦᠨ ᠸᠧᠨ ᠵᠠᠯᠭᠠᠮᠵᠢᠯᠠᠵᠤ ᠲᠠᠪᠤᠨ ᠣᠨ ᠰᠠᠭᠤᠭᠠᠳ ᠲᠡᠭᠦᠨ ᠦ᠌ ᠠᠪᠠᠭ᠎ᠠ ᠶᠠᠨ ᠸᠠᠩ ᠵᠣ᠌ ᠲᠢ ᠪᠤᠯᠢᠶᠠᠵᠤ ᠰᠠᠭᠤᠭᠠᠳ ᠣᠨ ᠤ᠋ ᠨᠡᠷ᠎ᠡ ᠶ᠋ᠢ ᠶᠦᠩ ᠯᠧ ᠬᠡᠮᠡᠪᠡ ᠃ ᠡᠭᠦᠨ ᠳ᠋ᠦ᠍ᠷ ᠽᠣᠩᠺᠠᠸᠠ ᠶ᠋ᠢᠨ ᠭᠡᠭᠡᠨ ᠤ ᠭᠠᠢᠬᠠᠮᠰᠢᠭ ᠢ᠋ ᠰᠣᠨᠣᠰᠴᠤ ᠦᠵᠡᠰᠦᠭᠡᠢ ᠭᠡᠮᠡᠨ ᠶᠦᠩ ᠯᠧ ᠶ᠋ᠢᠨ ᠠᠷᠪᠠᠨ ᠳᠥᠷᠪᠡᠳᠦᠭᠡᠷ ᠣᠨ ᠤ᠋ ᠤᠯᠠᠭᠠᠨ ᠪᠡᠴᠢᠨ ᠵᠢᠯ ᠡᠯᠴᠢ ᠢᠯᠡᠬᠡᠨ ᠵᠠᠯᠠᠷ᠎ᠠ ᠡᠴᠢᠲᠡᠯ᠎ᠡ ᠪᠣᠭᠳᠠ ᠽᠣᠩᠺᠠᠸᠠ ᠶ᠋ᠢᠨ ᠭᠡᠭᠡᠨ ᠬᠥᠭᠰᠢᠷᠡᠪᠡ ᠂ ᠡᠭᠡᠨ ᠢᠷᠡᠵᠦ ᠵᠠᠪᠳᠤᠬᠤ ᠦᠭᠡᠢ ᠪᠣᠯᠭᠤᠵᠠᠢ ᠭᠡᠮᠡᠨ ᠢᠷᠡᠭᠰᠡᠨ ᠦᠭᠡᠢ ᠂ ᠥᠪᠡᠷ ᠦ᠋ᠨ ᠣᠷᠣᠨ ᠳ᠋ᠤᠷ ᠢ᠋ᠶ᠋ᠠᠨ ᠱᠠᠪᠢ ᠵᠠᠮᠴᠤᠩ ᠴᠣᠷᠵᠢ ᠶ᠋ᠢ ᠢᠯᠡᠭᠡᠪᠡ ᠃ ᠲᠡᠨᠳᠡᠴᠡ ᠽᠣᠩᠺᠠᠸᠠ ᠶ᠋ᠢᠨ ᠭᠡᠭᠡᠨ ᠵᠢᠷᠠᠨ ᠭᠤᠷᠪᠠᠨ ᠰᠡᠭᠦᠳᠡᠷ ᠦ᠋ᠨ ᠶᠦᠩ ᠯᠧ ᠶ᠋ᠢᠨ ᠠᠷᠪᠠᠨ ᠳᠣᠯᠣᠳᠤᠭᠠᠷ ᠣᠨ ᠤ᠋ ᠰᠢᠷᠠᠭᠴᠢᠨ ᠭᠠᠬᠠᠢ ᠵᠢᠯ ᠦ᠋ᠨ ᠮᠥᠨ ᠬᠦ᠌ ᠠᠷᠪᠠᠨ ᠰᠠᠷ᠎ᠠ ᠶ᠋ᠢᠨ ᠬᠣᠷᠢᠨ ᠲᠠᠪᠤᠨ᠎ᠠ ᠨᠢᠷᠸᠠᠨ ᠪᠣᠯᠪᠠ ᠃ ᠶᠡᠬᠡ ᠶᠤᠸᠠᠨ ᠤᠯᠤᠰ ᠤ᠋ᠨ ᠱᠦᠨᠳᠢ ᠲᠣᠭᠣᠨ ᠲᠡᠮᠦᠷ ᠤᠬᠠᠭᠠᠨᠲᠤ ᠬᠠᠭᠠᠨ ᠤ᠋ ᡁᠢ ᠵᠧᠩ ᠦ᠋ᠨ ᠠᠷᠪᠠᠨ ᠳᠣᠯᠣᠳᠤᠭᠠᠷ ᠣᠨ ᠤ᠋ ᠤᠯᠠᠭᠴᠢᠨ ᠲᠠᠬᠢᠶ᠎ᠠ ᠵᠢᠯ ᠡᠴᠡ ᠳᠠᠢᠴᠢᠩ ᠤᠯᠤᠰ ᠤ᠋ᠨ ᠠᠷᠪᠠᠳᠤᠭᠠᠷ ᠬᠠᠭᠠᠨ ᠤ᠋ ᠪᠦᠷᠢᠨᠲᠦ ᠵᠠᠰᠠᠭᠴᠢ ᠶ᠋ᠢᠨ ᠠᠷᠪᠠᠳᠤᠭᠠᠷ ᠣᠨ ᠤ᠋ ᠴᠠᠭᠠᠭᠴᠢᠨ ᠬᠣᠨᠢᠨ ᠵᠢᠯ ᠪᠣᠯᠲᠠᠯ᠎ᠠ ᠴᠢᠪᠬᠢᠲᠡᠯ᠎ᠡ ᠲᠠᠪᠤᠨ ᠵᠠᠭᠤᠨ ᠠᠷᠪᠠᠨ ᠲᠠᠪᠤᠨ ᠣᠨ ᠪᠣᠯᠪᠠ ᠃
ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ ᠡᠩ ᠲᠡᠷᠢᠭᠦᠨ ᠲᠤᠯᠭᠤᠷ ᠲᠥᠷᠥ ᠪᠠᠢᠭᠤᠯᠤᠭᠰᠠᠨ ᠲᠩᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠬᠤᠸᠠᠩᠳᠢ ᠪᠣᠭᠳᠠ ᠴᠢᠩᠭᠢᠰ ᠲᠠᠢᠽᠦ ᠬᠠᠭᠠᠨ ᠶᠢᠷᠲᠢᠨᠴᠦ ᠳ᠋ᠦ᠍ᠷ ᠮᠡᠨᠳᠦᠯᠡᠭᠡᠳ ᠡᠳᠦᠭᠡ ᠪᠣᠯᠲᠠᠯ᠎ᠠ ᠬᠡᠳᠦᠢᠴᠢᠨᠡᠭᠡᠨ ᠣᠨ ᠵᠢᠯ ᠪᠣᠯᠤᠭᠰᠠᠨ ᠢ᠋ ᠪᠣᠳᠣᠵᠤ ᠭᠠᠷᠭᠠᠭᠰᠠᠨ ᠲᠣᠪᠴᠢᠶ᠎ᠠ ᠶ᠋ᠢᠨ ᠨᠢᠭᠡᠨ ᠠᠩᠭᠢ ᠠᠨᠤ ᠄ ᠪᠣᠭᠳᠠ ᠴᠢᠩᠭᠢᠰ ᠦ᠋ᠨ ᠮᠡᠨᠳᠦᠯᠡᠭᠰᠡᠨ ᠵᠢᠯ ᠪᠣᠯᠪᠠᠰᠤ ᠡᠷᠲᠡᠨ ᠦ᠌ ᠰᠥᠩ ᠤᠯᠤᠰ ᠤ᠋ᠨ ᠠᠷᠪᠠᠳᠤᠭᠠᠷ ᠬᠠᠭᠠᠨ ᠡᠮᠦᠨ᠎ᠡ ᠵᠦᠭ ᠨᠡᠭᠦᠵᠦ ᠂ ᠡᠮᠦᠨᠡᠲᠦ ᠰᠥᠩ ᠬᠡᠮᠡᠭᠰᠡᠨ ᠦ᠌ ᠭᠤᠤᠽᠦ᠋ᠩ ᠬᠠᠭᠠᠨ ᠤ᠋ ᠨᠡᠷ᠎ᠡ ᠵᠣᠣ ᠭᠧᠦ ᠶ᠋ᠢᠨ ᠱᠣᠣ ᠰᠢᠩ ᠦ᠋ᠨ ᠭᠤᠴᠢᠨ ᠬᠣᠶᠠᠳᠤᠭᠠᠷ ᠣᠨ ᠂ ᠠᠯᠲᠠᠨ ᠤᠯᠤᠰ ᠤ᠋ᠨ ᠳᠥᠷᠪᠡᠳᠦᠭᠡᠷ ᠬᠠᠭᠠᠨ ᠱᠢᠽᠦ᠋ᠩ ᠂ ᠨᠡᠷ᠎ᠡ ᠸᠠᠨ ᠶᠠᠨ ᠶᠦᠩ ᠦ᠋ᠨ ᠳᠡ ᠳ᠋ᠢᠩ ᠦ᠋ᠨ ᠬᠣᠶᠠᠳᠤᠭᠠᠷ ᠣᠨ ᠤ᠋ ᠬᠠᠷ᠎ᠠ ᠮᠣᠷᠢᠨ ᠵᠢᠯ ᠦ᠋ᠨ ᠳᠥᠷᠪᠡᠨ ᠰᠠᠷ᠎ᠠ ᠶ᠋ᠢᠨ ᠠᠷᠪᠠᠨ ᠵᠢᠷᠭᠤᠭᠠᠨ ᠤ᠋ ᠮᠣᠷᠢᠨ ᠴᠠᠭ ᠲᠤᠷ ᠮᠠᠨᠳᠤᠯᠠᠪᠠᠢ ᠃ ᠡᠨᠡ ᠬᠠᠷ᠎ᠠ ᠮᠣᠷᠢᠨ ᠵᠢᠯ ᠡᠴᠡ ᠮᠠᠨ ᠤ᠋ ᠳᠠᠢᠴᠢᠩ ᠤᠯᠤᠰ ᠤ᠋ᠨ ᠠᠷᠪᠠᠳᠤᠭᠠᠷ ᠬᠠᠭᠠᠨ ᠤ᠋ ᠪᠦᠷᠢᠨᠲᠦ ᠵᠠᠰᠠᠭᠴᠢ ᠶ᠋ᠢᠨ ᠠᠷᠪᠠᠳᠤᠭᠠᠷ ᠣᠨ ᠤ᠋ ᠴᠠᠭᠠᠭᠴᠢᠨ ᠬᠣᠨᠢᠨ ᠵᠢᠯ ᠪᠣᠯᠲᠠᠯ᠎ᠠ ᠴᠢᠪᠬᠢᠲᠡᠯ᠎ᠡ ᠳᠣᠯᠣᠭᠠᠨ ᠵᠠᠭᠤᠨ ᠪᠥᠭᠡᠳ ᠠᠷᠪᠠᠨ ᠵᠢᠯ ᠪᠣᠯᠪᠠ ᠃ ᠡᠨᠡ ᠢᠨᠤ ᠣᠯᠠᠨ ᠵᠦᠢᠯ ᠦ᠋ᠨ ᠪᠢᠴᠢᠭ ᠰᠤᠳᠤᠷ ᠪᠦᠭᠦᠳᠡ ᠶ᠋ᠢ ᠨᠡᠢᠯᠡᠭᠦᠯᠦᠨ ᠪᠠᠷᠢᠵᠤ ᠪᠣᠳᠣᠵᠤ ᠭᠠᠷᠭᠠᠭᠰᠠᠨ ᠲᠣᠭ᠎ᠠ ᠲᠣᠪᠴᠢᠶ᠎ᠠ ᠲᠤᠯᠠ ᠥᠴᠦᠬᠡᠨ ᠴᠦ᠍ ᠡᠨᠳᠡᠭᠦᠷᠡᠯ ᠦᠭᠡᠢ ᠬᠡᠷᠡᠭ ᠃ ᠡᠭᠦᠨᠴᠡ ᠪᠣᠭᠳᠠ ᠴᠢᠩᠭᠢᠰ ᠬᠠᠭᠠᠨ ᠳᠥᠴᠢᠨ ᠲᠠᠪᠤᠨ ᠨᠠᠰᠤᠨ ᠰᠡᠭᠦᠳᠡᠷ ᠲᠣᠷ ᠡᠮᠦᠨᠡᠲᠦ ᠰᠥᠩ ᠤᠯᠤᠰ ᠤ᠋ᠨ ᠨᠢᠩᠽᠦ᠋ᠩ ᠬᠠᠭᠠᠨ ᠂ ᠨᠡᠷ᠎ᠡ ᠵᠣᠣ ᠺᠦᠸᠧ ᠂ ᠲᠡᠭᠦᠨ ᠦ᠌ ᠺᠠᠢ ᠰᠢ ᠶ᠋ᠢᠨ ᠬᠣᠶᠠᠳᠤᠭᠠᠷ ᠣᠨ ᠂ ᠠᠯᠲᠠᠨ ᠤᠯᠤᠰ ᠤ᠋ᠨ ᠲᠠᠪᠤᠳᠤᠭᠠᠷ ᠬᠠᠭᠠᠨ ᠵᠠᠩᠽᠦ᠋ᠩ ᠂ ᠸᠠᠨ ᠶᠠᠨ ᠵᠢᠩ ᠦ᠋ᠨ ᠲᠡᠢ ᠾᠧ ᠶ᠋ᠢᠨ ᠵᠢᠷᠭᠤᠳᠤᠭᠠᠷ ᠣᠨ ᠤ᠋ ᠤᠯᠠᠭᠠᠨ ᠪᠠᠷᠰ ᠵᠢᠯ ᠦ᠋ᠨ ᠯᠡ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠬᠠᠭᠠᠨ ᠰᠠᠭᠤᠭᠰᠠᠨ ᠠ᠋ᠴᠠ ᠡᠬᠢᠯᠡᠨ ᠨᠠᠢ᠍ᠮᠠᠨ ᠦᠶ᠎ᠡ ᠶ᠋ᠢᠨ ᠳᠣᠲᠣᠷ᠎ᠠ ᠠᠷᠪᠠᠨ ᠳᠥᠷᠪᠡᠨ ᠬᠠᠭᠠᠨ ᠰᠠᠭᠤᠵᠤ ᠂ ᠠᠷᠪᠠᠨ ᠳᠥᠷᠪᠡᠳᠦᠭᠡᠷ ᠬᠠᠭᠠᠨ ᠱᠦᠨᠳᠢ ᠲᠣᠭᠣᠨ ᠲᠡᠮᠦᠷ ᠤᠬᠠᠭᠠᠨᠲᠤ ᠬᠠᠭᠠᠨ ᠤ᠋ ᡁᠢ ᠵᠧᠩ ᠦ᠋ᠨ ᠬᠣᠷᠢᠨ ᠳᠣᠯᠣᠳᠤᠭᠠᠷ ᠣᠨ ᠤ᠋ ᠤᠯᠠᠭᠴᠢᠨ ᠬᠣᠨᠢᠨ ᠵᠢᠯ ᠪᠣᠯᠲᠠᠯ᠎ᠠ ᠨᠢᠭᠡ ᠵᠠᠭᠤᠨ ᠵᠢᠷᠠᠨ ᠬᠣᠶᠠᠷ ᠵᠢᠯ ᠪᠥᠯᠥᠭᠡ ᠃ ᠡᠭᠦᠨ ᠢ᠋ ᠮᠢᠩ ᠤᠯᠤᠰ ᠤ᠋ᠨ ᠪᠢᠯᠳᠠᠤᠴᠢ ᠰᠤᠳᠤᠷᠴᠢ ᠪᠣᠭᠣᠯᠴᠤᠳ ᠵᠣ᠌ ᠾᠦᠩ ᠡᠦ ᠶ᠋ᠢ ᠪᠢᠯᠳᠠᠤᠴᠢᠯᠠᠬᠤ ᠳ᠋ᠠᠭᠠᠨ ᠶᠡᠬᠡ ᠶᠤᠸᠠᠨ ᠤᠯᠤᠰ ᠤ᠋ᠨ ᠲᠠᠢᠽᠦ ᠂ ᠲᠠᠢᠽᠦ᠋ᠩ ᠂ ᠳ᠋ᠢᠩᠽᠦ᠋ᠩ ᠂ ᠰᠢᠶᠠᠨᠽᠦ᠋ᠩ ᠳᠥᠷᠪᠡᠨ ᠬᠠᠭᠠᠨ ᠤ᠋ ᠳᠥᠴᠢᠨ ᠶᠢᠰᠦᠨ ᠵᠢᠯ ᠢ᠋ ᠲᠠᠢᠴᠢᠵᠤ ᠭᠡᠭᠡᠭᠡᠳ ᠪᠠᠰᠠ ᠬᠤᠪᠢᠯᠠᠢ ᠰᠡᠴᠡᠨ ᠱᠢᠽᠦ ᠬᠠᠭᠠᠨ ᠤ᠋ ᠵᠦᠩ ᠲᠦᠩ ᠦ᠋ᠨ ᠳᠥᠷᠪᠡᠨ ᠵᠢᠯ ᠂ ᠪᠠᠰᠠ ᡁᠢ ᠶᠤᠸᠠᠨ ᠭᠡᠮᠡᠨ ᠬᠠᠯᠠᠭᠰᠠᠨ ᠤ᠋ ᠬᠣᠢᠨᠠᠬᠢ ᠠᠷᠪᠠᠨ ᠲᠠᠪᠤᠨ ᠣᠨ ᠲᠠᠢ ᠨᠡᠢᠲᠡ ᠵᠢᠷᠠᠨ ᠨᠠᠢ᠍ᠮᠠᠨ ᠵᠢᠯ ᠢ᠋ ᠴᠥᠮ ᠳᠠᠢᠴᠢᠨ ᠭᠡᠭᠡᠵᠦ ᠭᠠᠷᠭᠠᠭᠠᠳ ᠂ ᠬᠡᠵᠢᠶ᠎ᠡ ᠰᠥᠩ ᠤᠯᠤᠰ ᠢ᠋ ᠦᠨᠳᠦᠰᠦᠨ ᠦᠭᠡᠢ ᠮᠥᠬᠥᠭᠰᠡᠨ ᠬᠣᠢᠨ᠎ᠠ ᠶᠤᠸᠠᠨ ᠤᠯᠤᠰ ᠤ᠋ᠨ ᠲᠠᠪᠤᠳᠤᠭᠠᠷ ᠬᠠᠭᠠᠨ ᠶᠤᠸᠠᠨ ᠱᠢᠽᠦ ᠬᠠᠭᠠᠨ ᠤ᠋ ᡁᠢ ᠶᠤᠸᠠᠨ ᠤ᠋ ᠠᠷᠪᠠᠨ ᠵᠢᠷᠭᠤᠳᠤᠭᠠᠷ ᠣᠨ ᠠ᠋ᠴᠠ ᠰᠠᠶᠢ ᠶᠤᠸᠠᠨ ᠤᠯᠤᠰ ᠤ᠋ᠨ ᠳᠡᠯᠡᠬᠡᠢ ᠳ᠋ᠠᠬᠢᠨ ᠳ᠋ᠤᠷ ᠲᠣᠭᠠᠴᠠᠵᠤ ᠨᠠᠶᠠ ᠶᠢᠰᠦᠬᠡᠨ ᠵᠢᠯ ᠦ᠋ᠨ ᠳᠡᠯᠡᠬᠡᠢ ᠳᠠᠬᠢᠨ ᠬᠣᠢᠲᠤ ᠮᠣᠩᠭᠣᠯ ᠳ᠋ᠤᠷ ᠵᠠᠭᠤᠨ ᠣᠨ ᠤ᠋ ᠤᠯᠠᠷᠢᠯ ᠦᠭᠡᠢ ᠭᠡᠮᠡᠨ ᠪᠢᠯᠳᠠᠤᠴᠢᠯᠠᠨ ᠲᠡᠰᠢᠵᠦ ᠬᠡᠯᠡᠵᠦᠬᠦᠢ᠃ ᠡᠭᠦᠨ ᠦ᠌ ᠤᠴᠢᠷ ᠢ᠋ ᠢᠯᠭᠠᠭᠰᠠᠨ ᠨᠢᠭᠡᠨ ᠠᠩᠭᠢ ᠲᠣᠪᠴᠢᠲᠤ ᠲᠣᠯᠲᠣ ᠠᠨᠤ ᠮᠥᠨ ᠳᠡᠪᠲᠡᠷ ᠦ᠋ᠨ ᠳᠣᠯᠣᠳᠤᠭᠠᠷ ᠠᠩᠭᠢ ᠪᠠᠨ ᠲᠣᠪᠴᠢᠲᠤ ᠲᠣᠯᠲᠣ ᠳ᠋ᠤᠷ ᠪᠦᠷᠢᠳᠬᠡᠨ ᠭᠠᠷᠭᠠᠵᠤ ᠪᠣᠢ ᠃
