ᠬᠥᠬᠡ ᠰᠤᠳᠤᠷ - ᠢᠨᠵᠠᠨᠨᠠᠰᠢ < ᠡᠮᠦᠨᠡᠬᠢ ᠦᠭᠡ > Хөх судар - Инжинаш < Өмнөх үг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠡᠮᠦᠨᠡᠬᠢ ᠦᠭᠡ > Хөх судар - Инжинаш < Өмнөх үг >

ᠬᠥᠬᠡ ᠰᠤᠳᠤᠷ - ᠢᠨᠵᠠᠨᠨᠠᠰᠢ < ᠡᠮᠦᠨᠡᠬᠢ ᠦᠭᠡ > Хөх судар - Инжинаш < Өмнөх үг >

ᠠᠩᠭᠢᠯᠠᠯ:ᠲᠡᠦᠬᠡ ᠰᠣᠶᠣᠯ
2023-06-06

632

ᠬᠥᠬᠡ ᠰᠤᠳᠤᠷ < ᠡᠮᠦᠨᠡᠬᠢ ᠦᠭᠡ >


      《 ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ 》 ᠢ᠋ ᠪᠣᠯᠪᠠᠰᠤ ᠮᠣᠩᠭᠣᠯ ᠦᠨᠳᠦᠰᠦᠲᠡᠨ ᠦ᠌ ᠠᠯᠳᠠᠷᠲᠤ ᠵᠣᠬᠢᠶᠠᠯᠴᠢ  ᠢᠨᠵᠠᠨᠨᠠᠰᠢ  ᠪᠠᠷ ᠲᠡᠭᠦᠨ ᠦ ᠡᠴᠢᠭᠡ᠂ ᠲᠤᠰᠠᠯᠠᠭᠴᠢ ᠲᠠᠢᠵᠢ ᠸᠠᠩᠴᠢᠨᠪᠠᠯᠠ ᠶ᠋ᠢᠨ ᠡᠭᠦᠰᠬᠡᠨ ᠪᠢᠴᠢᠭᠰᠡᠨ ᠨᠠᠢ᠍ᠮᠠᠨ ᠪᠦᠯᠦᠭ ᠳᠡᠭᠡᠷ᠎ᠡ ᠵᠠᠯᠭᠠᠨ ᠲᠤᠭᠤᠷᠪᠢᠵᠤᠬᠤᠢ᠃ ᠤᠤᠯ ᠠᠨᠤ ᠵᠠᠭᠤᠨ ᠬᠣᠷᠢᠨ ᠪᠦᠯᠦᠭ ᠪᠥᠯᠥᠭᠡ ᠬᠡᠮᠡᠬᠦ ᠶᠠᠷᠢᠶ᠎ᠠ ᠪᠣᠢ ᠠᠪᠠᠴᠤ ᠣᠳᠣ ᠪᠣᠯᠲᠠᠯ᠎ᠠ ᠣᠯᠳᠠᠭᠰᠠᠨ ᠠᠨᠤ ᠵᠢᠷᠠ ᠶᠢᠰᠦᠬᠡᠨ ᠪᠦᠯᠦᠭ ᠪᠣᠯᠠᠢ᠃  ᠡᠨᠡ ᠬᠦ᠌ ᠮᠣᠩᠭᠣᠯ ᠤ᠋ᠨ ᠲᠡᠦᠬᠡᠨ ᠷᠣᠮᠠᠨ ᠠᠨᠤ 1830 ––1891 ᠣᠨ ᠤ᠋ ᠬᠣᠭᠣᠷᠣᠨᠳᠣ ᠵᠣᠬᠢᠶᠠᠭᠳᠠᠵᠤ ᠂ ᠭᠠᠷ ᠪᠢᠴᠢᠮᠡᠯ ᠢ᠋ᠶ᠋ᠨᠷ ᠤᠯᠠᠮᠵᠢᠯᠠᠨ ᠲᠠᠷᠬᠠᠭᠳᠠᠵᠤ  ᠪᠠᠢᠭᠰᠠᠨ ᠢ᠋ ᠲᠡᠮᠭᠡᠳᠦ ᠶ᠋ᠢᠨ ᠪᠡᠭᠡᠵᠢᠩ ᠳ᠋ᠡᠬᠢ ᠮᠣᠩᠭᠣᠯ ᠪᠢᠴᠢᠭ ᠦ᠋ᠨ ᠬᠣᠷᠢᠶ᠎ᠠ 1938 ᠣᠨ ᠳ᠋ᠤᠷ ᠲᠠᠪᠤᠨ ᠲᠡᠪᠲᠡᠷ ᠭᠤᠴᠢᠳᠤᠭᠠᠷ ᠪᠦᠯᠦᠭ ᠬᠦᠷᠲᠡᠯ᠎ᠡ ᠲᠣᠰᠣᠨ ᠪᠠᠷ ( ᠬᠡᠪ)》 ᠢ᠋ᠶ᠋ᠠᠷ ᠬᠡᠪᠯᠡᠭᠦᠯᠦᠨ ᠭᠠᠷᠭᠠᠵᠤᠬᠤᠢ᠃  ᠲᠡᠭᠦᠨ ᠦ ᠳᠠᠷᠠᠭ᠎ᠠ ᠪᠥᠭᠡᠭᠡᠰᠢᠭ ᠦ᠋ᠨ ᠡᠷᠬᠢᠯᠡᠵᠦ ᠠᠭᠰᠠᠨ ᠺᠠᠢᠯᠤ ᠳ᠋ᠠᠬᠢ ᠮᠣᠩᠭᠣᠯ ᠤᠳᠬ᠎ᠠ ᠶ᠋ᠢᠨ ᠰᠤᠷᠭᠠᠯ ᠤ᠋ᠨ ᠬᠤᠷᠠᠯ 1939 ᠣᠨ ᠳ᠋ᠤᠷ ᠠᠷᠪᠠᠨ ᠬᠣᠶᠠᠷ ᠳᠡᠪᠲᠡᠷ ᠶ᠋ᠢᠷᠡ ᠶᠢᠰᠦᠨ ᠪᠦᠯᠦᠭ ᠬᠢᠭᠡᠳ ᠲᠣᠪᠴᠢᠲᠤ ᠲᠣᠯᠲᠣ ᠲᠤᠰᠬᠠᠢ ᠨᠢᠭᠡ ᠳᠡᠪᠲᠡᠷ ᠯᠤᠭᠡ ᠨᠡᠢᠲᠡ ᠠᠷᠪᠠᠨ ᠭᠤᠷᠪᠠᠨ ᠳᠡᠪᠲᠡᠷ ᠢ᠋ ᠴᠢᠯᠠᠭᠤᠨ ᠪᠠᠷ ᠢ᠋ᠶ᠋ᠠᠷ ᠬᠡᠪᠯᠡᠭᠦᠯᠦᠨ ᠲᠠᠷᠬᠠᠭᠠᠭᠰᠠᠨ ᠠᠮᠤᠢ᠃ ᠴᠢᠭᠤᠯᠤᠯᠲᠤ ᠬᠠᠭᠠᠯᠭ᠎ᠠ ᠳ᠋ᠠᠬᠢ ᠮᠣᠩᠭᠣᠯ ᠪᠢᠴᠢᠭ ᠰᠤᠳᠤᠷ ᠤ᠋ᠨ ᠬᠦᠷᠢᠶᠡᠯᠡᠩ 1944 ᠣᠨ ᠳ᠋ᠤᠷ ᠺᠠᠢᠯᠤ ᠶ᠋ᠢᠨ ᠬᠡᠪᠯᠡᠯ ᠢ᠋ ᠦᠨᠳᠦᠰᠦᠯᠡᠵᠦ ᠲᠣᠪᠴᠢᠲᠤ ᠲᠣᠯᠲᠣ ᠪᠠ ᠡᠬᠢᠨ ᠦ᠌ ᠠᠷᠪᠠᠨ ᠨᠠᠢ᠍ᠮᠠᠨ ᠪᠦᠯᠦᠭ ᠢ᠋ ᠬᠣᠷᠭᠣᠯᠵᠢᠨ ᠪᠠᠷ ᠢ᠋ᠶ᠋ᠠᠷ ᠬᠡᠪᠯᠡᠭᠦᠯᠦᠭᠰᠡᠨ ᠪᠠ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠠᠨᠤ ᠮᠥᠨ ᠬᠦ᠌ ᠺᠠᠢᠯᠤ  ᠳ᠋ᠡᠬᠢ ᠮᠣᠩᠭᠣᠯ ᠤᠳᠬ᠎ᠠ ᠶ᠋ᠢᠨ ᠰᠤᠷᠭᠠᠯ ᠤ᠋ᠨ ᠬᠤᠷᠠᠯ ᠤ᠋ᠨ ᠬᠡᠪᠯᠡᠯ ᠢ᠋ ᠦᠨᠳᠦᠰᠦᠯᠡᠨ 1957 ᠣᠨ᠂ 1979 ᠣᠨ ᠳ᠋ᠤᠷ ᠲᠤᠰ ᠲᠤᠰ ᠬᠣᠶᠠᠷ ᠤᠳᠠᠭ᠎ᠠ ᠬᠡᠪᠯᠡᠭᠦᠯᠦᠨ ᠲᠠᠷᠬᠠᠭᠠᠵᠤᠬᠤᠢ᠃
      ᠢᠨᠵᠠᠨᠨᠠᠰᠢ ᠪᠣᠯᠪᠠᠰᠤ ᠮᠣᠩᠭᠣᠯ ᠦᠨᠳᠦᠰᠦᠲᠡᠨ ᠤ ᠣᠷᠴᠢᠨ ᠦᠶ᠎ᠡ ᠶ᠋ᠢᠨ ᠰᠢᠯᠭᠠᠷᠠᠭᠰᠠᠨ ᠵᠣᠬᠢᠶᠠᠯᠴᠢ᠂ ᠰᠢᠯᠦᠭᠴᠢ᠂ ᠲᠡᠦᠬᠡᠴᠢ᠂ ᠪᠣᠳᠣᠯᠭᠠᠲᠠᠨ ᠪᠥᠯᠥᠭᠡ᠃ ᠲᠡᠷᠡ ᠪᠡᠷ ᠬᠠᠷᠠᠬᠠᠨ ᠪᠠᠭ᠎ᠠ᠎ ᠠᠴᠠ ᠪᠠᠨ ᠬᠢᠲᠠᠳ ᠮᠣᠩᠭᠣᠯ ᠪᠢᠴᠢᠭ ᠲᠣᠷ ᠨᠡᠪᠲᠡᠷᠡᠵᠦ᠂ ᠠᠷᠪᠠᠨ ᠬᠡᠳᠦᠲᠡᠢ ᠡᠴᠡ ᠪᠠᠨ ᠰᠢᠯᠦᠭ ᠪᠢᠴᠢᠵᠦ ᠵᠢᠷᠤᠭ ᠵᠢᠷᠤᠵᠤ ᠠᠭᠰᠠᠨ ᠪᠥᠭᠡᠳ ᠮᠠᠨᠵᠤ᠂ ᠲᠥᠪᠡᠳ ᠬᠡᠯᠡ ᠪᠢᠴᠢᠭ ᠢ᠋ ᠴᠦ᠍ ᠮᠠᠰᠢ ᠰᠠᠢᠨ ᠰᠤᠷᠴᠤᠬᠤᠢ᠃ ᠲᠡᠷᠡ ᠡᠬᠡ ᠮᠣᠩᠭᠣᠯ ᠬᠡᠯᠡ ᠪᠡᠷ ᠢ᠋ᠶ᠋ᠠᠨ 《ᠤᠯᠠᠭᠠᠨ ᠥᠩᠭᠡᠲᠡᠨ ᠦ᠌ ᠨᠢᠯᠪᠤᠰᠤ》᠂《ᠨᠢᠭᠡᠨ ᠳᠠᠪᠬᠤᠷ ᠠᠰᠠᠷ》᠂ 《ᠤᠯᠠᠭᠠᠨ᠎ᠠ ᠤᠬᠢᠯᠠᠬᠤ ᠲᠢᠩᠬᠢᠮ》᠂ 《ᠶᠡᠬᠡ ᠶᠤᠸᠠᠨ ᠤᠯᠤᠰ ᠤ᠋ᠨ ᠮᠠᠲᠤᠭᠰᠠᠨ ᠲᠥᠷᠥ ᠶ᠋ᠢᠨ ᠬᠥᠬᠡ ᠰᠤᠳᠤᠷ》 ᠵᠡᠷᠭᠡ  ᠷᠣᠮᠠᠨ ᠨᠤᠭᠤᠳ ᠬᠢᠭᠡᠳ ᠥᠴᠢᠨᠡᠨ ᠳᠥᠴᠢᠨᠡᠨ ᠰᠢᠯᠢᠳᠡᠭ ᠰᠠᠢᠬᠠᠨ ᠰᠢᠯᠦᠭ᠂ ᠰᠢᠭᠦᠮᠵᠢ ᠥᠭᠦᠯᠡᠯ ᠵᠣᠬᠢᠶᠠᠨ ᠪᠦᠲᠦᠭᠡᠭᠰᠡᠨ ᠦ᠌ ᠳᠣᠲᠣᠷ᠎ᠠ《ᠶᠡᠬᠡ ᠶᠤᠸᠠᠨ ᠤᠯᠤᠰ ᠤ᠋ᠨ ᠮᠠᠲᠤᠭᠰᠠᠨ ᠲᠥᠷᠥ ᠶ᠋ᠢᠨ ᠬᠥᠬᠡ ᠰᠤᠳᠤᠷ》 ᠠᠨᠤ ᠭᠣᠣᠯ ᠪᠣᠯᠬᠤ ᠲᠥᠯᠥᠭᠡᠯᠡᠬᠦᠢ ᠴᠢᠨᠠᠷᠲᠠᠢ ᠪᠦᠲᠦᠭᠡᠯ ᠪᠣᠯᠤᠮᠤᠢ᠃  ᠢᠨᠵᠠᠨᠨᠠᠰᠢ ᠪᠠᠷ ᠲᠡᠭᠦᠨ ᠢ᠋ ᠭᠤᠴᠢᠨ ᠳᠥᠷᠪᠡᠲᠡᠢ ᠡᠴᠡ ᠪᠡᠨ ᠡᠬᠢᠯᠡᠨ ᠵᠣᠬᠢᠶᠠᠵᠤ᠂ ᠨᠢᠭᠡᠨ ᠨᠠᠰᠤᠨ ᠤ ᠪᠠᠨ ᠶᠡᠬᠡᠩᠬᠢ ᠴᠠᠭ ᠢ᠋ ᠵᠠᠷᠤᠴᠠᠭᠤᠯᠤᠭᠰᠠᠨ ᠲᠡᠳᠦᠢ ᠦᠭᠡᠢ᠂ 《ᠲᠣᠪᠴᠢᠲᠤ ᠲᠣᠯᠲᠣ》 ᠳ᠋ᠤᠷ ᠥᠭᠦᠯᠡᠭᠰᠡᠨ ᠮᠡᠲᠦ ᠪᠡᠷ 《ᠦᠨᠡᠬᠡᠷ ᠰᠡᠳᠬᠢᠯ ᠰᠠᠨᠠᠭᠠᠨ ᠡᠯᠢᠭᠡ ᠠᠭᠤᠰᠬᠢ ᠪᠡᠶ᠎ᠡ ᠴᠣᠭᠴᠠ ᠨᠢᠳᠦ ᠭᠠᠷ ᠬᠠᠮᠲᠤ ᠪᠠᠷ ᠴᠢᠯᠡᠪᠡᠢ》 ᠬᠡᠮᠡᠭᠰᠡᠨ ᠢ᠋ ᠪᠣᠳᠣᠪᠠᠰᠤ ᠡᠳᠦᠭᠡᠬᠢ ᠶ᠋ᠢᠨ ᠬᠥᠮᠦᠨ ᠪᠢᠳᠡᠨ ᠪᠠᠷ ᠬᠡᠷᠬᠢᠨ ᠢᠲᠡᠭᠡᠨ ᠪᠢᠰᠢᠷᠡᠵᠦ ᠢᠭᠲᠦᠯᠦᠨ ᠤᠶᠠᠷᠠᠬᠤ ᠦᠭᠡᠢ ᠪᠠᠢᠵᠤ ᠴᠢᠳᠠᠮᠤᠢ ᠢ᠋ ᠎ᠡ᠃ ᠡᠭᠦᠨ ᠤ ᠳᠡᠭᠡᠷ᠎ᠡ ᠲᠤᠰ ᠵᠣᠬᠢᠶᠠᠯ ᠠᠨᠤ ᠮᠣᠩᠭᠣᠯ ᠣᠷᠣᠨ ᠳ᠋ᠤᠷ ᠵᠠᠭᠤᠭᠠᠳ ᠵᠢᠯ ᠭᠠᠷ ᠪᠢᠴᠢᠮᠡᠯ ᠪᠠ ᠣᠯᠠᠨ ᠵᠦᠢᠯ ᠦ᠋ᠨ ᠪᠠᠷ ᠢ᠋ᠶ᠋ᠡᠷ ᠬᠡᠪᠯᠡᠭᠦᠯᠦᠭᠳᠡᠨ ᠲᠠᠷᠬᠠᠭᠠᠭᠳᠠᠵᠤ ᠮᠠᠰᠢ ᠶᠡᠬᠡ ᠨᠥᠯᠥᠭᠡ ᠲᠡᠢ ᠪᠣᠯᠤᠭᠠᠳ ᠤᠩᠰᠢᠭᠴᠢᠳ ᠤ᠋ᠨ ᠬᠦᠷᠢᠶᠡᠯᠡᠯ ᠢ᠋ ᠠᠳᠠᠪᠠᠰᠢ ᠣᠯᠤᠭᠰᠠᠨ ᠢ᠋ ᠬᠥᠮᠦᠨ ᠪᠦᠬᠦᠨ ᠮᠡᠳᠡᠮᠦᠢ᠃ ᠬᠢᠨᠠᠨ ᠰᠠᠨᠠᠪᠠᠰᠤ ᠮᠣᠩᠭᠣᠯ ᠬᠥᠮᠦᠨ ᠦ᠌ ᠵᠣᠬᠢᠶᠠᠭᠰᠠᠨ ᠪᠠ ᠭᠠᠳᠠᠭᠠᠳᠤ ᠳᠣᠲᠣᠭᠠᠳᠤ  ᠶ᠋ᠢᠨ ᠪᠤᠰᠤᠳ ᠮᠣᠩᠭᠣᠯᠴᠢ ᠡᠷᠳᠡᠮᠲᠡᠳ ᠦ᠋ᠨ ᠪᠢᠴᠢᠭᠰᠡᠨ ᠮᠣᠩᠭᠣᠯ ᠤ᠋ᠨ ᠲᠡᠦᠬᠡ ᠰᠤᠳᠤᠷ ᠪᠠᠰᠠ ᠴᠤ᠌ ᠴᠥᠭᠡᠨ ᠦᠭᠡᠢ ᠪᠣᠯᠠᠢ᠃ ᠬᠡᠳᠦᠢ ᠲᠡᠢᠨ ᠬᠡᠮᠡᠪᠡᠴᠦ ᠦᠯᠢᠭᠡᠷ ᠲᠡᠦᠬᠡ ᠶ᠋ᠢᠨ ᠦᠨᠡᠨ ᠬᠡᠷᠡᠭ ᠢ᠋ ᠨᠢᠭᠲᠠᠯᠠᠨ ᠡᠰᠢᠯᠡᠵᠦ᠂ ᠳᠡᠯᠭᠡᠷᠡᠭᠦᠯᠦᠨ ᠥᠭᠦᠯᠡᠵᠦ᠂ ᠰᠢᠭᠦᠮᠵᠢᠯᠡᠨ ᠲᠣᠭᠠᠴᠢᠵᠤ᠂ ᠮᠥᠨ ᠪᠠᠰᠠ ᠬᠥᠬᠡ ᠡᠭᠦᠯᠡ ᠰᠠᠯᠬᠢᠨ᠎ᠠ ᠬᠥᠷᠪᠡᠬᠦ ᠮᠡᠲᠦ ᠬᠦᠰᠡᠯᠲᠡᠢ ᠰᠠᠢᠬᠠᠨ ᠤᠳᠬ᠎ᠠ ᠤᠶᠠᠩᠭ᠎ᠠ ᠶ᠋ᠢ ᠤᠯᠠᠷᠢᠭᠤᠯᠤᠨ ᠬᠡᠷᠡᠭᠯᠡᠵᠦ᠂ ᠠᠮᠢᠰᠬᠤᠯ ᠳᠦᠷᠢ ᠶᠢ ᠲᠡᠩᠴᠡᠭᠦᠯᠦᠨ ᠴᠢᠳᠠᠭᠰᠠᠨ ᠠᠨᠤ ᠶᠠᠭᠠᠬᠢᠨ ᠶᠡᠬᠡ ᠵᠣᠬᠢᠶᠠᠯᠴᠢ ᠢᠨᠵᠠᠨᠠᠰᠢ ᠶ᠋ᠢᠨ ᠵᠣᠬᠢᠶᠠᠭᠰᠠᠨ 《ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ》 ᠲᠤᠷ ᠬᠦᠷᠬᠦ ᠠᠵᠢ᠃ ᠭᠠᠭᠴᠠ ᠬᠦ᠌ ᠬᠠᠷᠠᠮᠰᠠᠨ ᠦᠯᠦ ᠬᠦᠢᠴᠡᠬᠦ ᠢᠨᠦ ᠡᠨᠡ ᠰᠤᠳᠤᠷ ᠦᠨᠡᠬᠡᠷ ᠵᠠᠭᠤ ᠬᠣᠷᠢᠨ ᠪᠦᠯᠦᠭ ᠪᠢᠴᠢᠭᠳᠡᠭᠰᠡᠨ ᠪᠥᠭᠡᠳ ᠲᠡᠷᠡ ᠬᠦ᠌ ᠦᠯᠡᠳᠡᠭᠰᠡᠨ ᠲᠠᠪᠢᠨ ᠨᠢᠭᠡᠨ ᠪᠦᠯᠦᠭ ᠢᠨᠦ ᠣᠯᠳᠠᠭᠠᠳ ᠪᠦᠷᠢᠨ ᠢ᠋ᠶ᠋ᠡᠷ ᠬᠡᠪᠯᠡᠭᠦᠯᠦᠭᠳᠡᠨ ᠭᠠᠷᠤᠭᠰᠠᠨ ᠪᠥᠭᠡᠰᠦ ᠶᠠᠭᠤᠲᠠᠢ ᠰᠠᠢᠨ ᠪᠣᠯᠬᠤ ᠪᠣᠯᠪᠠ ᠭᠡᠮᠡᠨ ᠰᠠᠨᠠᠮᠤᠢ᠃ 
      ᠡᠳᠦᠭᠡ ᠮᠠᠨ ᠤ᠋ ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠸᠬ᠌ᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ ᠤᠷᠢᠳᠤ ᠶ᠋ᠢᠨ ᠬᠥᠮᠦᠰ ᠦ᠋ᠨ ᠴᠢᠩ ᠵᠣᠷᠢᠭ᠂ ᠭᠡᠭᠡᠨ ᠡᠷᠳᠡᠮ ᠬᠢᠭᠡᠳ ᠤᠩᠰᠢᠭᠴᠢ ᠣᠯᠠᠨ ᠤ᠋ ᠬᠦᠰᠡᠯ ᠱᠠᠭᠠᠷᠳᠠᠯᠭ᠎ᠠ ᠶ᠋ᠢ ᠰᠢᠲᠦᠨ ᠰᠠᠨᠠᠵᠤ᠂ ᠦᠨᠳᠦᠰᠦᠲᠡᠨ ᠤ ᠪᠡᠨ ᠲᠡᠦᠬᠡ ᠰᠣᠶᠣᠯ ᠢ᠋ ᠳᠡᠯᠭᠡᠷᠡᠭᠦᠯᠬᠦᠢ ᠳ᠋ᠤᠷ ᠥᠴᠦᠬᠡᠨ ᠲᠡᠳᠦᠢ ᠴᠦ᠍ ᠨᠡᠮᠡᠷᠢ ᠪᠣᠯᠬᠤ ᠪᠣᠯᠪᠠᠤ ᠭᠡᠮᠡᠨ ᠺᠠᠢᠯᠤ ᠳ᠋ᠠᠬᠢ ᠮᠣᠩᠭᠣᠯ ᠤᠳᠬ᠎ᠠ ᠶ᠋ᠢᠨ ᠰᠤᠷᠭᠠᠯ ᠤ᠋ᠨ ᠬᠤᠷᠠᠯ ᠤ᠋ᠨ ᠬᠡᠪᠯᠡᠯ ᠪᠠ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠶ᠋ᠢᠨ ᠬᠡᠪᠯᠡᠯ ᠢ᠋ ᠦᠨᠳᠦᠰᠦᠯᠡᠨ《ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ》 ᠢ᠋ ᠺᠣᠮᠫᠢᠦ᠋ᠲ᠋ᠧᠷ ᠢ᠋ᠶ᠋ᠡᠷ ᠳᠠᠬᠢᠨ ᠪᠡᠷᠯᠡᠵᠦ ᠬᠡᠪᠯᠡᠭᠦᠯᠦᠨ ᠲᠠᠷᠬᠠᠭᠠᠪᠠᠢ᠃ ᠡᠨᠡ ᠦᠨᠡᠬᠡᠷ ᠳᠤᠰᠤᠯ ᠤᠰᠤᠨ ᠳᠠᠯᠠᠢ ᠳ᠋ᠤᠷ ᠨᠡᠮᠡᠷᠢ ᠬᠡᠮᠡᠭᠰᠡᠨ ᠢ᠋ ᠮᠥᠷᠳᠡᠨ ᠰᠠᠨᠠᠭᠰᠠᠨ ᠠᠨᠤ ᠪᠣᠯᠠᠢ᠃ ᠡᠨᠡ ᠬᠦ᠌ ᠠᠵᠢᠯ ᠢ᠋ ᠬᠢᠬᠦᠢ ᠳ᠋ᠤᠷ ᠪᠢᠳᠡ ᠳᠣᠣᠷᠠᠬᠢ ᠬᠡᠳᠦᠨ ᠵᠦᠢᠯ ᠢ᠋ ᠬᠢᠴᠢᠶᠡᠨ ᠭᠦᠢᠴᠡᠳᠬᠡᠵᠦᠬᠦᠢ᠄ ᠲᠡᠷᠢᠭᠦᠨ ᠳ᠋ᠦ᠍ᠷ ᠨᠣᠮ ᠤ᠋ᠨ ᠭᠠᠳᠠᠷ ᠬᠠᠪᠢᠰᠤᠨ ᠤ᠋ ᠨᠡᠷ᠎ᠡ ᠶ᠋ᠢ ᠤᠳᠬ᠎ᠠ ᠪᠦᠷᠢᠨ᠂ ᠰᠠᠨᠠᠭ᠎ᠠ ᠲᠣᠳᠣ ᠪᠣᠯᠭᠠᠬᠤ ᠶ᠋ᠢ ᠰᠠᠨᠠᠵᠤ 《ᠶᠡᠬᠡ ᠶᠤᠸᠠᠨ ᠤᠯᠤᠰ ᠤ᠋ᠨ ᠮᠠᠲᠤᠭᠰᠠᠨ ᠲᠥᠷᠥ ᠶ᠋ᠢᠨ ᠬᠥᠬᠡ ᠰᠤᠳᠤᠷ》ᠭᠡᠮᠡᠨ ᠳᠣᠲᠣᠷᠠᠬᠢ ᠠᠭᠤᠯᠭ᠎ᠠ ᠯᠤᠭ᠎ᠠ ᠨᠢᠭᠡᠳᠬᠡᠪᠡᠢ᠃ ᠳᠡᠳ᠋ ᠲᠣᠷ ᠵᠣᠬᠢᠶᠠᠭᠴᠢ ᠶᠢᠨ ᠥᠪᠡᠷ ᠢ᠋ ᠪᠡᠨ ᠲᠤᠯᠢᠨ᠎ᠠ ᠦᠵᠡᠵᠦ ᠵᠢᠷᠤᠭᠰᠠᠨ ᠬᠥᠷᠥᠭ ᠬᠢᠭᠡᠳ ᠲᠤᠰ ᠰᠤᠳᠤᠷ ᠤ᠋ᠨ ᠭᠠᠷ ᠪᠢᠴᠢᠮᠡᠯ ᠡᠬᠡ ᠶ᠋ᠢᠨ ᠭᠡᠷᠡᠯ ᠵᠢᠷᠤᠭ ᠢ᠋ ᠳᠠᠭᠠᠯᠳᠤᠭᠤᠯᠵᠤ ᠠᠯᠳᠠᠷᠲᠤ ᠵᠣᠬᠢᠶᠠᠯᠴᠢ ᠬᠢᠭᠡᠳ ᠲᠡᠭᠦᠨ ᠦ᠌ ᠢᠷᠠᠭᠤ ᠬᠥᠳᠡᠯᠮᠦᠷᠢ ᠶ᠋ᠢ ᠳᠤᠷᠠᠰᠬᠠᠬᠤ ᠶ᠋ᠢ ᠪᠤᠳᠤᠯᠤᠭ᠎ᠠ᠃ ᠵᠢᠴᠢ ᠬᠣᠢᠨ᠎ᠠ ᠡᠮᠦᠨ᠎ᠡ ᠪᠡᠨ ᠨᠢᠭᠡᠳᠦᠯ ᠦᠭᠡᠢ ᠠᠭᠰᠠᠨ ᠬᠥᠮᠦᠨ ᠤ ᠨᠡᠷ᠎ᠡ᠂ ᠦᠯᠢᠳᠭᠡᠪᠡᠰᠦ ᠴᠢᠨᠳᠠᠭᠠᠨ᠎ᠠ ᠰᠡᠴᠡᠨ᠂ ᠴᠢᠨᠳᠠᠭᠠᠨ ᠰᠡᠴᠡᠨ᠂ ᠬᠣᠢᠯᠠᠲᠠᠷ᠂ ᠬᠣᠢᠯᠠᠳᠤᠷ᠂ ᠬᠣᠢᠯᠳᠤᠷ᠂ ᠱᠠᠭᠠᠢ᠂ ᠱᠠᠬᠠᠢ᠂ ᠴᠣᠷᠣᠨ᠂ ᠴᠤᠷᠤᠭ᠂ ᠣᠶᠣᠨ ᠰᠡᠴᠡᠨ᠂ ᠣᠶᠤᠲᠤ ᠰᠡᠴᠡᠨ᠂ ᠠᠯᠢᠵᠠᠩ᠂ ᠠᠯᠢᠵᠢᠩ᠂ ᠠᠭᠦ᠋ᠳᠠ᠂ ᠠᠭᠦᠨᠳᠠ ᠭᠡᠮᠡᠨ ᠠᠳᠠᠯᠢ ᠪᠤᠰᠤ ᠪᠠᠷ ᠪᠢᠴᠢᠭᠰᠡᠨ ᠢ᠋ ᠴᠥᠮ ᠴᠢᠨᠳᠠᠭᠠᠨ᠎ᠠ ᠰᠡᠴᠡᠨ᠂ ᠬᠣᠢᠯᠠᠳᠠᠷ᠂ ᠱᠠᠭᠠᠢ᠂ ᠴᠣᠷᠤᠭ᠂ ᠣᠶᠤᠲᠤ ᠰᠡᠴᠡᠨ᠂ ᠠᠯᠢᠵᠠᠩ᠂ ᠠᠭᠦ᠋ᠳᠠ ᠭᠡᠮᠡᠨ ᠨᠢᠭᠡᠳᠬᠡᠪᠡᠢ᠃ ᠤᠤᠯ ᠵᠣᠬᠢᠶᠠᠯ ᠤ᠋ᠨ ᠬᠡᠪ ᠨᠠᠮᠪᠠ ᠶ᠋ᠢ ᠦᠯᠦ ᠡᠪᠳᠡᠬᠦ ᠤᠷᠢᠳᠠᠯ ᠳᠣᠣᠷ᠎ᠠ ᠵᠠᠷᠢᠮ ᠲᠡᠢᠨ ᠢᠯᠭᠠᠯ ᠢ᠋ ᠨᠡᠢᠯᠡᠭᠦᠯᠦᠨ ᠪᠢᠴᠢᠳᠡᠭ ᠡᠷᠲᠡᠨ ᠦ᠌ ᠬᠡᠪᠰᠢᠭᠰᠡᠨ ᠪᠢᠴᠢᠯᠭᠡ ᠶ᠋ᠢ ᠵᠠᠯᠠᠭᠤ ᠪᠠᠭᠠᠴᠤᠳ ᠤ᠋ᠨ ᠤᠩᠰᠢᠬᠤᠢ ᠳᠥᠭᠥᠮ ᠢ᠋ ᠪᠣᠳᠣᠵᠤ ᠰᠠᠯᠭᠠᠪᠠᠢ᠃ ᠵᠢᠱ᠌ᠢᠶᠡᠯᠡᠪᠡᠰᠦ ᠡᠳᠡᠭᠡᠷᠦᠨ᠂ ᠲᠡᠲᠡᠭᠡᠷᠦᠨ᠂ ᠵᠢᠯᠦᠨ᠂ ᠰᠠᠷᠠᠢᠨ᠂ ᠡᠭᠦᠨᠦ᠂ ᠳᠡᠭᠦᠨᠦ᠂ ᠪᠢᠴᠢᠭᠳᠦᠷ᠂ ᠰᠡᠷᠡᠳᠡ᠂ ᠡᠪᠦᠯᠦᠨ᠂ ᠬᠠᠪᠤᠷᠤᠨ᠂ ᠨᠠᠮᠤᠷᠤᠨ ᠭᠡᠬᠦ ᠮᠡᠲᠦ ᠶᠢ ᠡᠳᠡᠭᠡᠷ ᠦ᠋ᠨ᠂ ᠲᠡᠳᠡᠭᠡᠷ ᠦ᠋ᠨ᠂ ᠵᠢᠯ ᠦ᠋ᠨ᠂ ᠰᠠᠷ᠎ᠠ ᠶ᠋ᠢᠨ᠂ ᠡᠭᠦᠨ ᠤ᠂  ᠲᠡᠭᠦᠨ ᠦ᠂ ᠪᠢᠴᠢᠭ ᠲᠣᠷ᠂ ᠰᠠᠷ᠎ᠠ ᠳ᠋ᠤᠷ᠂ ᠡᠪᠦᠯ ᠦ᠋ᠨ᠂ ᠬᠠᠪᠤᠷ ᠤ᠋ᠨ᠂ ᠨᠠᠮᠤᠷ ᠤ᠋ᠨ ᠭᠡᠬᠦ ᠮᠡᠲᠦ᠃ ᠤᠭ ᠬᠡᠪᠯᠡᠯ ᠳ᠋ᠦ᠍ᠷ ᠠᠭᠰᠠᠨ ᠡᠳᠦᠢ ᠲᠡᠳᠦᠢ ᠪᠤᠷᠤᠭᠤ ᠦᠰᠦᠭ ᠢ᠋ ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠶ᠋ᠢᠨ 《ᠮᠣᠩᠭᠣᠯ ᠬᠢᠲᠠᠳ ᠲᠣᠯᠢ ᠪᠢᠴᠢᠭ 》( ᠨᠣᠭᠣᠭᠠᠨ ᠲᠣᠯᠢ )᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠶ᠋ᠢᠨ 《ᠮᠣᠩᠭᠣᠯ ᠬᠢᠲᠠᠳ ᠲᠣᠯᠢ 》(ᠰᠢᠷ᠎ᠠ ᠲᠣᠯᠢ ) ᠪᠠᠷ ᠪᠠᠷᠢᠮᠵᠢᠶᠠᠯᠠᠨ ᠵᠠᠰᠠᠵᠤᠬᠤᠢ᠂ ᠵᠢᠱ᠌ᠢᠶᠡᠯᠡᠪᠡᠰᠦ ᠳᠣᠭᠣᠴᠠᠵᠤ᠂ ᠡᠰᠡᠷᠭᠦ ᠦᠭᠡᠢ᠂ ᠠᠮᠲᠠᠢᠬᠠᠨ᠂ ᠰᠠᠷ᠎ᠠ ᠶ᠋ᠢᠨ ᠱᠠᠰᠢᠨ᠂ ᠲᠡᠩᠭᠦᠷᠡᠭᠦᠯᠦᠭᠰᠡᠨ ᠭᠡᠬᠦ ᠮᠡᠲᠦ ᠶ᠋ᠢ ᠲᠣᠭᠠᠴᠢᠵᠤ᠂ ᠡᠰᠡᠷᠡᠭ ᠦᠭᠡᠢ᠂ ᠠᠮᠲᠠᠲᠠᠢᠬᠠᠨ᠂ ᠰᠢᠷ᠎ᠠ ᠶᠢᠨ ᠱᠠᠰᠢᠨ᠂ ᠲᠡᠩᠬᠡᠷᠡᠭᠦᠯᠦᠭᠰᠡᠨ ᠭᠡᠬᠦ ᠵᠡᠷᠭᠡ ᠪᠡᠷ ᠵᠠᠰᠠᠭᠰᠠᠨ ᠪᠣᠯᠠᠢ᠃ ᠡᠭᠦᠨ ᠡᠴᠡ ᠭᠠᠳᠠᠨ᠎ᠠ ᠴᠡᠭ ᠲᠡᠮᠳᠡᠭ ᠢᠯᠡᠭᠦᠴᠡ ᠬᠡᠷᠡᠭᠯᠡᠭᠰᠡᠨ ᠪᠠ ᠬᠠᠰᠢᠯᠲᠠ ᠪᠠᠨ ᠦᠯᠦ ᠬᠠᠰᠢᠭᠰᠠᠨ ᠵᠡᠷᠭᠡ ᠶ᠋ᠢ ᠴᠥᠮ ᠵᠠᠯᠠᠷᠠᠭᠤᠯᠤᠭᠰᠠᠨ ᠪᠥᠯᠥᠭᠡ᠃ ᠬᠡᠪᠯᠡᠭᠦᠯᠦᠨ ᠲᠡᠪᠲᠡᠷᠯᠡᠬᠦᠢ ᠳ᠋ᠤᠷ ᠰᠢᠨ᠎ᠡ ᠬᠡᠯᠪᠡᠷᠢ ᠶ᠋ᠢᠨ ᠬᠥᠩᠭᠡᠨ ᠴᠠᠭᠠᠰᠤ ᠵᠠᠷᠤᠵᠤ᠂ ᠰᠢᠨ᠎ᠡ ᠮᠠᠲ᠋ᠸᠷᠢᠶᠠᠯ ᠰᠢᠨ᠎ᠡ ᠮᠡᠷᠭᠡᠵᠢᠯ ᠢ᠋ ᠬᠡᠷᠡᠭᠯᠡᠬᠦ ᠶ᠋ᠢ ᠬᠢᠴᠢᠶᠡᠵᠦᠬᠦᠢ᠃ ᠮᠡᠳᠡᠯᠭᠡ᠂ ᠴᠠᠭ ᠪᠠ ᠪᠣᠳᠠᠰ ᠤ᠋ᠨ ᠬᠢᠵᠠᠭᠠᠷᠯᠠᠯ᠎ ᠠᠴᠠ ᠲᠡᠷᠡ ᠪᠦᠬᠦᠨ ᠢ᠋ ᠲᠡᠭᠦᠰ ᠪᠣᠯᠭᠠᠨ ᠡᠰᠡ ᠴᠢᠳᠠᠭᠰᠠᠨ ᠢ᠋ ᠭᠡᠭᠡᠨ ᠮᠡᠷᠭᠡᠨ ᠤᠩᠰᠢᠭᠴᠢᠳ ᠠᠭᠤᠴᠢᠯᠠᠯ ᠳ᠋ᠠᠭᠠᠨ ᠪᠠᠭᠳᠠᠭᠠᠮᠤᠢ ᠢ᠋ ᠎ᠡ᠃

                            ᠡᠳᠦᠨᠰᠠᠩᠪᠦ 
                     ᠬᠥᠬᠡ ᠪᠡᠴᠢᠨ ᠵᠢᠯ ᠦ᠋ᠨ ᠨᠠᠮᠤᠷ ᠤ᠋ᠨ ᠳᠤᠮᠳᠠᠳᠤ ᠰᠠᠷ᠎ᠠ ᠶ᠋ᠢᠨ ᠥᠯᠵᠡᠢᠲᠦ ᠡᠳᠦᠷ᠎ᠡ