ᠮᠥᠩᠬᠡ ᠲᠤᠩᠬᠤ 2-09 ᠥᠩᠬᠦᠷᠢᠭᠦᠰᠢМөнх Тунх-Өнхрүүш
ᠥᠩᠬᠦᠷᠢᠭᠦᠰᠢ
ᠣᠷᠣᠰ ᠠᠷᠠᠳ ᠤ᠋ᠨ ᠦᠯᠢᠭᠡᠷ᠄ ᠥᠩᠬᠦᠷᠢᠭᠦᠰᠢ
ᠠᠷᠸ᠎ᠡ᠄ ᠬᠥᠶᠢ᠂ ᠪᠢᠲᠡᠭᠡᠢ ᠨᠠᠭᠠᠨ᠎ᠠ ᠪᠠᠨ ᠬᠥᠷᠥᠭᠡᠷᠡᠢ᠂ ᠠᠶᠤᠯ ᠲᠠᠢ ᠰᠢᠦ!
ᠮᠥᠩᠬᠡ᠄ ᠶᠣ᠂ ᠰᠣᠴᠢᠯ᠎ᠠ ᠰᠢᠲᠠ!
ᠠᠷᠸ᠎ᠠ ᠄ ᠲᠠ ᠳᠥᠷᠪᠡ ᠮᠠᠨᠢ ᠲᠦᠷ ᠴᠠᠭᠠᠱᠢ ᠪᠠᠨ ᠪᠠᠢᠵᠠᠢ ᠵᠠ᠂ ᠠᠬ᠎ᠠ ᠨᠢ ᠳᠠᠭᠤᠰᠬᠠᠴᠢᠬᠠᠭᠠᠳ ᠳᠠᠭᠤᠳᠠᠶ᠎ᠠ᠃
ᠲᠤᠩᠬᠤ᠄ ᠵᠠ᠂ ᠠᠷᠸ᠎ᠡ ᠠᠬ᠎ᠠ ᠠ᠋᠃
ᠮᠥᠩᠬᠡ᠄ ᠬᠡᠩ᠂ ᠠᠷᠸ᠎ᠡ ᠠᠬ᠎ᠠ ᠲᠠᠩᠳᠠ ᠯᠠ ᠪᠢᠳᠡ ᠨᠠᠷ ᠊ᠢ ᠢᠩᠭᠢ ᠲᠡᠭᠡ ᠭᠡᠵᠦ ᠪᠠᠢᠬᠤ ᠶᠤᠮ᠂ ᠤᠨᠲᠠ ᠪᠣᠰ᠂ ᠢᠳᠡ ᠭᠡᠳ ᠪᠦᠭᠦᠳᠡ ᠶ᠋ᠢ ᠨᠢ ᠵᠢᠭᠠᠵᠤ ᠪᠠᠶ᠋ᠢᠬᠤ ᠶᠤᠮ᠂ ᠪᠢ ᠰᠠᠶᠢ ᠪᠦᠷ ᠶᠠᠮᠠᠷ ᠠᠶᠤᠮᠠᠷ ᠰᠣᠴᠢᠪᠠ᠃
ᠲᠤᠩᠬᠤ᠄ ᠬᠡ ᠬᠡ ᠬᠡ᠂ ᠮᠥᠩᠬᠡ ᠠ᠋! ᠲᠠᠶ᠋ᠢᠪᠤᠰᠢᠷᠠ ᠳᠠ! ᠪᠢᠳᠡ ᠨᠠᠷ ᠥᠪᠡᠷᠰᠡᠳ ᠡᠴᠡ ᠪᠡᠨ ᠠᠬ᠎ᠠ ᠡᠭᠡᠴᠢ ᠬᠥᠮᠦᠰ ᠦ᠋ᠨ ᠦᠭᠡᠰ ᠊ᠢ ᠰᠣᠨᠣᠰᠴᠤ ᠪᠠᠶ᠋ᠢᠬᠤ ᠬᠡᠷᠡᠭᠲᠡᠢ ᠰᠢᠦ ᠳᠡ᠂ ᠲᠡᠷᠡ ᠬᠥᠮᠦᠰ ᠪᠢᠳᠡᠨ ᠦ᠌ ᠲᠥᠯᠥᠭᠡ ᠯᠡ ᠬᠡᠯᠡᠵᠦ ᠪᠠᠶ᠋ᠢᠬ᠋᠎ᠠ᠂ ᠰᠠᠶᠢ ᠭᠡᠬᠦ ᠳ᠋ᠦ᠍ ᠠᠶᠤᠯ ᠲᠠᠢ ᠪᠠᠶ᠋ᠢᠬᠰᠠᠨ ᠪᠣᠯᠬᠣᠷ ᠲᠡᠭᠡᠵᠦ ᠰᠦᠷ ᠲᠡᠢ ᠬᠡᠯᠡᠭᠰᠡᠨ ᠪᠠ᠃
ᠮᠥᠩᠬᠡ᠄ ᠮᠡᠳᠡᠬᠦ ᠦᠭᠡᠢ᠂ ᠪᠢ ᠥᠪᠡᠷ ᠦ᠋ᠨ ᠬᠢ ᠪᠡᠷ ᠯᠠ ᠪᠠᠶ᠋ᠢᠮᠠᠷ ᠪᠠᠶ᠋ᠢᠨ᠎ᠠ᠃
ᠲᠤᠩᠬᠤ᠄ ᠬᠢ ᠬᠢ᠂ ᠪᠢᠳᠡ ᠨᠠᠷ ᠴᠠᠭ ᠨᠢ ᠢᠷᠡᠬᠦ ᠪᠡᠷ ᠤᠭ ᠠ᠋ᠴᠠ ᠪᠠᠨ ᠯᠠ ᠲᠣᠮᠣ ᠪᠣᠯᠤᠨ᠎ᠠ ᠰᠢᠦ ᠳᠡ!
ᠠᠷᠸ᠎ᠡ᠄ ᠵᠠ᠂ ᠠᠬ᠎ᠠ ᠨᠢ ᠲᠠ ᠨᠠᠷ ᠲᠤ᠌ ᠪᠠᠨ ᠠᠮᠠᠯᠠᠭᠰᠠᠨ ᠶᠣᠰᠣᠭᠠᠷ ᠢ᠋ᠶ᠋ᠠᠨ ᠭᠠᠳᠠᠭᠠᠳᠤ ᠦᠯᠢᠭᠡᠷ ᠢ᠋ᠶ᠋ᠡᠷ ᠠᠶᠠᠯᠠᠳᠠᠭ ᠲᠥᠬᠥᠭᠡᠷᠦᠮᠵᠢ ᠪᠡᠨ ᠪᠡᠯᠡᠳᠬᠡᠴᠢᠬᠡᠯᠡ᠂ ᠲᠠ ᠨᠠᠷ ᠊ᠢ ᠶᠠᠮᠠᠷ ᠦᠯᠢᠭᠡᠷ ᠢ᠋ᠶ᠋ᠡᠷ ᠠᠶᠠᠯᠠᠭᠤᠯᠬᠤ ᠪᠠᠨ ᠴᠤ᠌ ᠮᠡᠳᠡᠴᠢᠬᠡᠭᠰᠡᠨ᠂ ᠬᠡ ᠬᠡ᠃
ᠲᠤᠩᠬᠤ᠄ ᠶᠠᠮᠠᠷ ᠭᠣᠶᠣ ᠶᠤᠮ ᠪᠣᠢ᠂ ᠪᠢᠳᠡ ᠨᠠᠷ ᠲᠡᠭᠡᠬᠦ ᠪᠡᠷ ᠢ᠋ᠶ᠋ᠡᠨ ᠲᠡᠨᠳᠡ ᠭᠠᠳᠠᠭᠠᠳᠤ ᠬᠡᠯᠡ ᠪᠡᠷ ᠶᠠᠷᠢᠨ᠎ᠠ ᠭᠡᠰᠡᠨ ᠦᠭᠡ ᠦᠦ?
ᠠᠷᠸ᠎ᠡ᠄ ᠦᠭᠡᠢ ᠳᠡ᠂ ᠲᠠ ᠨᠠᠷ ᠮᠣᠩᠭᠣᠯ ᠢ᠋ᠶ᠋ᠠᠷ ᠢ᠋ᠶ᠋ᠠᠨ ᠶᠠᠷᠢᠬᠤ ᠳ᠋ᠤ᠌ ᠣᠶ᠋ᠢᠯᠠᠭᠠᠬᠤ ᠪᠣᠯᠤᠨ᠎ᠠ᠃
ᠮᠥᠩᠬᠡ᠄ ᠭᠡᠨᠡᠳᠲᠡ ᠨᠢᠭᠡ ᠰᠣᠨᠢᠨ᠂ ᠦᠯᠢᠭᠡᠷ ᠢ᠋ᠶ᠋ᠡᠷ ᠠᠶᠠᠯᠠᠮᠠᠷ ᠦᠭᠡᠢ ᠴᠦ᠍ ᠶᠦ᠍ᠮ ᠰᠢᠬ ᠰᠠᠨᠠᠭᠳᠠᠭᠠᠳ ᠶᠠᠪᠤᠴᠢᠬᠠᠯ᠎ᠠ᠃
ᠠᠷᠸ᠎ᠡ ᠄ ᠬᠡ ᠬᠡ᠂ ᠶᠡᠬᠡ ᠭᠣᠶᠣ ᠦᠯᠢᠭᠡᠷ ᠪᠠᠶ᠋ᠢᠬ᠋᠎ᠠ ᠶᠤᠮ ᠰᠠᠨ᠂ ᠤᠭ ᠨᠢ ᠡᠨᠡ ᠦᠯᠢᠭᠡᠷ ᠢ᠋ᠶ᠋ᠡᠷ ᠠᠶᠠᠯᠠᠪᠠᠯ ᠶᠡᠬᠡ ᠵᠦᠢᠯ ᠰᠤᠷᠤᠨ᠎ᠠ ᠳᠠ᠃
ᠮᠥᠩᠬᠡ᠄ ᠵᠠ ᠵᠠ᠂ ᠠᠶᠠᠯᠠᠬᠤ ᠠ᠋ᠴᠠ ᠲᠠ᠃
ᠣᠷᠣᠰ ᠠᠷᠠᠳ ᠤ᠋ᠨ ᠦᠯᠢᠭᠡᠷ ᠥᠩᠬᠦᠷᠢᠭᠦᠰᠢ
ᠡᠷᠲᠡ ᠤᠷᠢᠳᠤ ᠶ᠋ᠢᠨ ᠴᠠᠭ ᠲᠤ᠌ ᠡᠮᠡᠭᠡᠨ ᠡᠪᠦᠭᠡᠨ ᠬᠣᠶᠠᠷ ᠠᠮᠢᠳᠤᠷᠠᠨ ᠰᠠᠭᠤᠳᠠᠭ ᠪᠠᠶ᠋ᠢᠵᠠᠢ᠃ ᠡᠪᠦᠭᠡᠨ ᠨᠢ ᠨᠢᠭᠡ ᠡᠳᠦᠷ᠄《ᠡᠮᠡᠭᠡᠨ ᠠ᠋᠂ ᠥᠩᠬᠥᠷᠢᠭᠦᠱᠢ ᠪᠣᠣᠪᠣ ᠬᠢᠭᠡᠴᠢ》 ᠭᠡᠬᠦ ᠳ᠋ᠦ᠍ ᠡᠮᠡᠭᠡᠨ ᠨᠢ᠄《ᠭᠤᠯᠢᠷ ᠪᠠᠶ᠋ᠢᠬᠤ ᠦᠭᠡᠢ ᠶᠠᠭᠤ ᠪᠠᠷ ᠬᠢᠬᠦ ᠪᠢᠯᠡ ᠳᠠ 》ᠭᠡᠵᠡᠢ᠃ ᠡᠪᠦᠭᠡᠨ ᠨᠢ᠄《 ᠠᠢ᠂ ᠡᠮᠡᠭᠡᠨ ᠮᠢᠨᠢ᠂
ᠠᠪᠳᠠᠷ᠎ᠠ ᠶ᠋ᠢᠨ ᠢᠷᠣᠭᠠᠷ ᠊ᠢ ᠰᠢᠪᠬᠠᠪᠠᠯ ᠠᠳᠬᠤ ᠭᠤᠯᠢᠷ ᠭᠠᠷᠤᠨ᠎ᠠ᠂
ᠰᠠᠪᠠᠨ ᠤ᠋ ᠢᠷᠣᠭᠠᠷ ᠊ᠢ ᠰᠢᠪᠬᠠᠪᠠᠯ ᠰᠢᠨᠠᠭ᠎ᠠ ᠭᠤᠯᠢᠷ ᠭᠠᠷᠤᠨ᠎ᠠ》ᠭᠡᠵᠡᠢ᠃
ᠡᠮᠡᠭᠡᠨ ᠨᠢ ᠠᠪᠳᠠᠷ᠎ᠠ ᠶ᠋ᠢᠨ ᠢ᠋ᠶ᠋ᠡᠨ ᠢᠷᠣᠭᠠᠷ ᠠ᠋ᠴᠠ ᠠᠳᠬᠤ ᠭᠤᠯᠢᠷ᠂ ᠰᠠᠪᠠᠨ ᠤ᠋ ᠢᠷᠣᠭᠠᠷ ᠠ᠋ᠴᠠ ᠰᠢᠨᠠᠭ᠎ᠠ ᠭᠤᠯᠢᠷ ᠣᠯᠤᠭᠠᠳ᠂ ᠥᠷᠥᠮ᠎ᠡ ᠲᠡᠢ ᠰᠦ ᠪᠡᠷ ᠵᠢᠭᠤᠷᠠᠵᠤ᠂ ᠥᠩᠬᠥᠷᠢᠭᠦᠯᠵᠦ ᠡᠯᠳᠡᠵᠦ ᠬᠢᠭᠡᠳ᠂ ᠥᠳᠬᠡᠨ ᠲᠣᠰᠣᠨ ᠳ᠋ᠤ᠌ ᠬᠠᠭᠠᠷᠢᠵᠤ᠂ ᠥᠩᠬᠦᠷᠢᠭᠦᠰᠢ ᠪᠣᠣᠪᠣ ᠬᠢᠭᠡᠳ ᠬᠥᠷᠥᠭᠡᠬᠦ ᠭᠡᠵᠦ ᠴᠣᠩᠬᠣᠨ ᠳᠡᠭᠡᠷ᠎ᠡ ᠲᠠᠯᠪᠢᠵᠠᠢ᠃ ᠭᠡᠲᠡᠯ᠎ᠡ ᠥᠩᠬᠥᠷᠢᠭᠦᠱᠢ ᠪᠣᠣᠪᠣ ᠭᠡᠨᠡᠳᠲᠡᠬᠡᠨ ᠬᠥᠳᠡᠯᠦᠭᠡᠳ ᠴᠣᠩᠬᠣᠨ ᠤ᠋ ᠲᠠᠪᠴᠠᠩ ᠳᠡᠭᠡᠷ᠎ᠡ ᠡᠴᠡ ᠦᠰᠦᠷᠦᠭᠡᠳ ᠵᠢᠭᠤᠲᠠᠵᠢ᠃
ᠲᠤᠩᠬᠤ᠄ ᠬᠢ ᠬᠢ ᠬᠢ᠂ ᠥᠩᠬᠥᠷᠢᠭᠦᠱᠢ ᠨᠢ ᠥᠩᠬᠥᠷᠢᠭᠡᠳ ᠪᠠᠶ᠋ᠢᠲᠠᠭ ᠪᠣᠯᠬᠣᠷ ᠥᠩᠬᠦᠷᠢᠭᠦᠰᠢ ᠭᠡᠳᠡᠭ ᠨᠡᠷ᠎ᠡ ᠲᠡᠢ ᠪᠣᠯᠤᠭᠰᠠᠨ ᠶᠤᠮ ᠪᠠᠶ᠋ᠢᠬᠤ ᠳᠠ᠃
ᠪᠠᠰᠠᠷ᠄ ᠪᠠᠰᠠ ᠯᠠ ᠰᠠᠬᠢᠯᠭ᠎ᠠ ᠦᠭᠡᠢ ᠳᠠᠮᠰᠢᠭ ᠪᠠᠶ᠋ᠢᠨ᠎ᠠ ᠰᠢᠦ ᠠ᠂ ᠬᠢ ᠬᠢ᠂ ᠦ᠋᠂ ᠦᠨᠡᠷᠡᠨ ᠮᠥᠩᠬᠡ᠂ ᠰᠠᠶᠢ ᠠᠷᠸ᠎ᠡ ᠠᠬ᠎ᠠ ᠶ᠋ᠢᠨ ᠳ᠋ᠦ᠍ ᠪᠠᠶ᠋ᠢᠬᠤ ᠳ᠋ᠤ᠌ ᠴᠢᠨᠦ ᠶᠠᠷᠢᠭᠰᠠᠨ ᠵᠦᠢᠯ ᠲᠡᠢ ᠪᠣᠯ ᠪᠢ ᠰᠠᠨᠠᠯ ᠨᠡᠶ᠋ᠢᠯᠡᠭᠰᠡᠨ ᠰᠢᠦ᠂ ᠨᠡᠭᠡᠷᠡᠨ ᠪᠢᠳᠡ ᠨᠠᠷ ᠶᠠᠭᠠᠬᠢᠭᠠᠳ ᠪᠠᠶ᠋ᠢᠩᠭᠤ ᠭᠣᠶᠣ ᠶᠠᠭᠤᠮ᠎ᠠ ᠢᠳᠡᠵᠦ᠂ ᠤᠨᠲᠠᠯ ᠦᠭᠡᠢ ᠰᠥᠨᠢᠵᠢᠨ ᠢ᠋ᠶ᠋ᠡᠨ ᠲᠣᠭᠯᠠᠵᠤ ᠪᠣᠯᠳᠠᠭ ᠦᠭᠡᠢ ᠪᠣᠢ ᠶᠤᠮ᠂ ᠲᠡᠢᠮᠦ?
ᠮᠥᠩᠬᠡ᠄ ᠬᠠᠷᠢᠨ ᠲᠡᠶ᠋ᠢᠮᠦ ᠠ᠋᠂ ᠪᠦᠷ ᠰᠣᠨᠢᠨ ᠰᠠᠨᠠᠭᠳᠠᠭᠠᠳ ᠪᠠᠶ᠋ᠢᠬᠤ ᠶᠤᠮ᠃ ᠶᠡᠷᠦ ᠨᠢ ᠪᠢ ᠴᠢᠨᠢ ᠲᠣᠮᠣ ᠪᠣᠯᠵᠤ ᠪᠠᠶ᠋ᠢᠬ᠋᠎ᠠ ᠰᠢᠦ ᠳᠡ᠃
ᠴᠠᠰᠤᠬᠠᠨ ᠄ ᠲᠣᠮᠣ ᠬᠥᠮᠦᠰ ᠦ᠋ᠨ ᠡᠭᠦᠷᠭᠡ ᠨᠢ ᠲᠠ ᠨᠠᠷ ᠊ᠢ ᠠᠶᠤᠯ ᠦᠭᠡᠢ ᠣᠷᠴᠢᠨ ᠳ᠋ᠤ᠌ ᠠᠮᠢᠳᠤᠷᠠᠭᠤᠯᠵᠤ ᠬᠠᠮᠠᠭᠠᠯᠠᠬᠤ ᠪᠠᠶ᠋ᠢᠲᠠᠭ ᠪᠠᠶ᠋ᠢᠬᠤ ᠦᠭᠡᠢ ᠦᠦ?
ᠪᠠᠰᠠᠷ᠄ ᠫᠧᠢ ᠫᠧᠢ ᠫᠧᠢ᠂ ᠫᠧᠢ ᠫᠧᠢ ᠫᠧᠢ ᠁
ᠲᠤᠩᠬᠤ᠄ ᠪᠠᠶ᠋ᠢᠵᠠᠭᠠᠷᠠᠢ᠂ ᠨᠢᠭᠡ ᠴᠢᠮᠡᠭᠡ ᠰᠣᠨᠣᠰᠳᠠᠭᠠᠳ ᠪᠠᠶ᠋ᠢᠬᠤ ᠶᠤᠮ᠂
ᠠᠪᠳᠠᠷ᠎ᠠ ᠶ᠋ᠢᠨ ᠢᠷᠣᠭᠠᠷ ᠠ᠋ᠴᠠ ᠠᠪᠤᠭᠰᠠᠨ᠂ ᠠᠳᠬᠤ ᠭᠤᠯᠢᠷ ᠢ᠋ᠶ᠋ᠠᠷ ᠬᠢᠭᠰᠡᠨ᠂ ᠰᠠᠪᠠᠨ ᠤ᠋ ᠢᠷᠣᠭᠠᠷ ᠠ᠋ᠴᠠ ᠠᠪᠤᠭᠰᠠᠨ᠂ ᠰᠢᠨᠠᠭ᠎ᠠ ᠭᠤᠯᠢᠷ ᠢ᠋ᠶ᠋ᠠᠷ ᠬᠢᠭᠰᠡᠨ᠂ ᠥᠷᠥᠮ᠎ᠡ ᠲᠡᠢ ᠰᠦ ᠪᠡᠷ ᠵᠢᠭᠤᠷᠠᠭᠰᠠᠨ᠂ ᠥᠳᠬᠡᠨ ᠲᠣᠰᠣᠨ ᠳ᠋ᠤ᠌ ᠴᠢᠨᠠᠭᠰᠠᠨ᠂ ᠡᠪᠦᠭᠡᠨ ᠡᠮᠡᠭᠡᠨ ᠬᠣᠶᠠᠷ ᠠ᠋ᠴᠠ ᠥᠪᠡᠷ ᠦ᠋ᠨ ᠴᠢᠳᠠᠯ ᠢ᠋ᠶ᠋ᠠᠷ ᠵᠢᠭᠤᠲᠠᠭᠰᠠᠨ᠂ᠳᠡᠯᠳᠡᠩ ᠲᠠᠤᠯᠠᠢ ᠴᠢᠮ᠎ᠠ ᠠ᠋ᠴᠠ ᠳᠡᠭᠳᠡᠵᠦ ᠵᠠᠶ᠋ᠢᠯᠠᠵᠤ ᠵᠠᠪᠳᠤᠨ᠎ᠠ ᠳᠠ᠃
ᠮᠥᠩᠬᠡ᠄ ᠰᠠᠶᠢ ᠴᠢ ᠳᠠᠭᠤᠯᠠᠭᠰᠠᠨ ᠤᠤ?
ᠲᠤᠩᠬᠤ᠄ ᠶᠠᠮᠠᠷ ᠬᠥᠭᠡᠷᠦᠬᠦᠨ ᠳᠠᠭᠤᠤ ᠪᠠᠶ᠋ᠢᠬᠰᠠᠨ ᠪᠣᠢ ᠰᠠᠶᠢ?
ᠲᠠᠤᠯᠠᠢ᠄ ᠪᠢ ᠪᠢᠰᠢ ᠠ᠋᠂ ᠰᠠᠶᠢ ᠬᠠᠷᠢᠨ ᠪᠥᠭᠡᠷᠡᠩᠬᠡᠢ ᠥᠩᠬᠥᠷᠢᠭᠦᠱᠢ ᠳᠠᠭᠤᠯᠠᠵᠤ ᠪᠠᠶ᠋ᠢᠭᠠᠳ ᠶᠠᠪᠤᠯ᠎ᠠ᠃
ᠲᠤᠩᠬᠤ᠄ ᠰᠠᠶᠢ ᠶᠠᠭ ᠲᠡᠭᠡᠪᠡᠯ ᠦᠯᠢᠭᠡᠷ ᠦ᠋ᠨ ᠭᠣᠣᠯ ᠪᠠᠭᠠᠲᠤᠷ ᠪᠠᠶ᠋ᠢᠬᠰᠠᠨ ᠪᠠᠶ᠋ᠢᠨ᠎ᠠ ᠰᠢᠦ ᠳᠡ᠂ ᠬᠡᠳᠦᠭᠦᠯᠡ ᠪᠡᠨ ᠬᠣᠴᠣᠷᠴᠢᠬᠠᠭᠰᠠᠨ ᠪᠠᠶ᠋ᠢᠨ᠎ᠠ᠂ ᠬᠣᠶ᠋ᠢᠨ᠎ᠠ ᠠ᠋ᠴᠠ ᠨᠢ ᠶᠠᠪᠤᠵᠠᠭᠠᠶ᠎ᠠ᠃
ᠮᠥᠩᠬᠡ᠄ ᠶᠠᠭᠠᠬᠢᠨ᠎ᠠ᠂ ᠬᠡᠳᠦᠭᠦᠯᠡ ᠪᠡᠨ ᠥᠩᠬᠥᠷᠢᠭᠦᠱᠢ ᠶ᠋ᠢ ᠭᠦᠢᠴᠡᠬᠦ ᠶᠦ᠍ᠮ ᠪᠣᠯ ᠦᠦ? ᠰᠠᠶᠢ ᠴᠢᠨᠣ᠎ᠠ ᠪᠠᠭᠠᠪᠠᠭᠠᠢ ᠲᠠᠢ ᠲᠠᠭᠠᠷᠠᠭᠠᠳ ᠲᠦᠷᠦᠭᠦᠨ ᠦ᠌ ᠳᠠᠭᠤᠤ ᠪᠠᠨ ᠳᠠᠭᠤᠯᠠᠵᠤ ᠥᠭᠭᠦᠭᠡᠳ ᠶᠠᠪᠤᠭᠰᠠᠨ ᠪᠠᠶ᠋ᠢᠨ᠎ᠠ᠃
ᠲᠤᠩᠬᠤ᠄ ᠬᠠᠷᠢᠨ ᠲᠡᠶ᠋ᠢᠮᠦ ᠪᠠᠶ᠋ᠢᠨ᠎ᠠ᠃ ᠬᠡᠳᠦᠭᠦᠯᠡ ᠪᠡᠨ ᠵᠠᠮ ᠢ᠋ᠶ᠋ᠠᠨ ᠲᠣᠪᠴᠢᠯᠠᠴᠢᠬᠠᠪᠠᠯ ᠲᠠᠭᠠᠷᠠᠬᠤ ᠦᠭᠡᠢ ᠪᠣᠯ ᠪᠠᠰᠠ ᠬᠡᠴᠡᠭᠦᠦ ᠶᠦ᠍ᠮ ᠳᠡ᠃
ᠪᠠᠰᠠᠷ᠄ ᠬᠠᠷᠢᠨ ᠬᠤᠷᠳᠤᠬᠠᠨ ᠣᠴᠢᠭᠠᠳ ᠶᠠᠭᠠᠬᠢᠭᠠᠳ ᠰᠠᠬᠢᠯᠭ᠎ᠠ ᠦᠭᠡᠶ᠋ᠢᠲᠡᠭᠡᠳ ᠶᠠᠪᠤᠭᠠᠳ ᠪᠠᠶ᠋ᠢᠬ᠋᠎ᠠ ᠶ᠋ᠢ ᠨᠢ ᠠᠰᠠᠭᠤᠭᠠᠳ ᠶᠠᠭᠠᠬᠢᠭᠠᠳ ᠢᠩᠭᠢᠵᠦ ᠪᠣᠯᠬᠤ ᠦᠭᠡᠢ ᠶ᠋ᠢ ᠨᠢ ᠵᠢᠭᠠᠭᠠᠳ ᠥᠭᠬᠦ ᠶᠦ᠍ᠮ ᠰᠠᠨ᠃
ᠮᠥᠩᠬᠡ᠄ ᠪᠢᠳᠡ ᠨᠠᠷ ᠠᠷᠠᠢ ᠬᠤᠷᠳᠤᠨ ᠭᠦᠶᠦᠬᠦ ᠦᠭᠡᠢ ᠶᠦ᠍ᠮ ᠪᠣᠯ ᠭᠦᠢᠴᠡᠬᠦ ᠦᠭᠡᠢ ᠶᠦ᠍ᠮ ᠪᠠᠶ᠋ᠢᠨ᠎ᠠ᠃ᠪᠠᠰᠠᠷ ᠠ᠋᠂ ᠬᠡᠳᠦᠭᠦᠯᠡ ᠪᠡᠨ ᠨᠢᠰᠦᠶ᠎ᠡ᠃
ᠴᠠᠰᠤᠬᠠᠨ᠄ ᠲᠡᠷᠡ ᠮᠥᠨ ᠪᠠᠶ᠋ᠢᠬᠤ ᠰᠢᠬ ᠪᠠᠶ᠋ᠢᠨ᠎ᠠ᠃
ᠲᠤᠩᠬᠤ᠄ ᠲᠡᠶ᠋ᠢᠮᠦ ᠪᠠᠶ᠋ᠢᠨ᠎ᠠ᠃
ᠪᠠᠰᠠᠷ᠄ ᠵᠠ᠂ ᠰᠠᠬᠢᠯᠭ᠎ᠠ ᠦᠭᠡᠢ ᠥᠩᠬᠦᠷᠢᠭᠦᠰᠢ ᠮᠢᠨᠢ ᠠ᠋᠂ ᠬᠠᠷᠢᠬᠤ ᠴᠠᠭ ᠪᠣᠯᠤᠭᠰᠠᠨ ᠪᠠᠶ᠋ᠢᠨ᠎ᠠ ᠳᠠ᠂ ᠴᠢᠮ᠎ᠠ ᠶ᠋ᠢ ᠠᠶᠤᠯ ᠦᠭᠡᠢ ᠭᠠᠵᠠᠷ ᠬᠦᠷᠭᠡᠵᠦ ᠥᠭᠬᠦᠶ᠎ᠡ᠃
ᠥᠩᠬᠥᠷᠢᠭᠦᠱᠢ ᠄ ᠬᠠ ᠬᠠ ᠬᠠ᠂ ᠠᠶᠤᠯ ᠦᠭᠡᠢ ᠭᠠᠵᠠᠷ ᠊ᠢ ᠴᠢᠮ᠎ᠠ ᠪᠡᠷ ᠴᠦ᠍ ᠬᠡᠯᠡᠭᠦᠯᠬᠦ ᠦᠭᠡᠢ᠂ ᠪᠢ ᠥᠪᠡᠷ ᠦ᠋ᠨ ᠢ᠋ᠶ᠋ᠡᠨ ᠴᠢᠳᠠᠯ ᠢ᠋ᠶ᠋ᠠᠷ ᠪᠦᠭᠦᠳᠡ ᠶ᠋ᠢ ᠭᠦᠶᠦᠵᠦ ᠴᠢᠳᠠᠨ᠎ᠠ᠃
ᠪᠠᠰᠠᠷ᠄ ᠵᠠ᠂ ᠮᠢᠨᠦ ᠳᠡᠭᠦᠦ ᠪᠢ ᠴᠢᠨᠦ ᠰᠠᠢᠨ ᠰᠠᠢᠬᠠᠨ ᠤ᠋ ᠲᠥᠯᠥᠭᠡ ᠯᠡ ᠬᠡᠯᠡᠵᠦ ᠪᠠᠶ᠋ᠢᠨ᠎ᠠ᠂ ᠬᠡᠲᠦᠶ᠋ᠢᠪᠡᠷ ᠴᠢ ᠥᠪᠡᠷ ᠊ᠢ ᠪᠡᠨ ᠠᠪᠤᠭᠠᠳ ᠶᠠᠪᠤᠵᠤ ᠴᠢᠳᠠᠬᠤ ᠪᠣᠯᠪᠠᠴᠤ ᠡᠨᠡ ᠣᠢ ᠭᠡᠳᠡᠭ ᠴᠢᠨᠢ ᠶᠡᠬᠡ ᠠᠶᠤᠯ ᠲᠠᠢ ᠰᠢᠦ ᠳᠡ᠃ ᠡᠩ᠂ ᠴᠢ ᠶᠡᠷᠦ ᠨᠢ ᠤᠯᠠᠭᠠᠨ ᠮᠠᠯᠠᠭᠠᠶ᠋ᠢᠲᠤ ᠭᠡᠳ ᠦᠯᠢᠭᠡᠷ ᠮᠡᠳᠡᠬᠦ ᠦᠦ? ᠠᠶᠤᠮᠠᠷ ᠶᠠᠭᠤᠮ᠎ᠠ ᠪᠣᠯᠳᠠᠭ ᠠ᠋᠃
ᠥᠩᠬᠦᠷᠢᠭᠦᠰᠢ᠄ ᠴᠢ ᠶᠠᠭ ᠮᠠᠨ ᠤ᠋ ᠡᠪᠦᠭᠡ ᠰᠢᠭ ᠰᠣᠨᠣᠰᠤᠭᠳᠠᠵᠤ ᠪᠠᠶ᠋ᠢᠨ᠎ᠠ᠂ ᠶᠠᠭᠠᠬᠢᠬᠤ ᠪᠠᠷ ᠢ᠋ᠶ᠋ᠠᠨ ᠪᠢ ᠲᠠ ᠨᠠᠷ ᠤ᠋ᠨ ᠦᠭᠡᠨ ᠳ᠋ᠦ᠍ ᠣᠷᠣᠬᠤ ᠶᠣᠰᠣᠲᠠᠢ ᠶᠤᠮ?
ᠮᠥᠩᠬᠡ᠄ ᠥᠩᠬᠥᠷᠢᠭᠦᠱᠢ ᠠ᠋᠂ ᠡᠨᠡ ᠪᠦᠭᠦᠳᠡ ᠶ᠋ᠢ ᠴᠢᠨᠦ ᠯᠡ ᠲᠥᠯᠥᠭᠡ ᠬᠡᠯᠡᠵᠦ ᠪᠠᠶ᠋ᠢᠬ᠋᠎ᠠ ᠰᠢᠦ ᠳᠡ᠂ ᠴᠢ ᠰᠠᠢᠨ ᠪᠣᠳᠣᠭᠠᠳ ᠦᠵᠡ ᠳᠡ!
ᠥᠩᠬᠥᠷᠢᠭᠦᠱᠢ ᠄ ᠬᠢ ᠬᠢ ᠬᠢ᠂ ᠵᠠ ᠲᠡᠭᠡᠪᠡᠯ ᠲᠠᠨ ᠳ᠋ᠤ᠌ ᠪᠢ ᠥᠪᠡᠷ ᠦ᠋ᠨ ᠳᠠᠭᠤᠤ ᠶ᠋ᠢ ᠳᠠᠭᠤᠯᠠᠵᠤ ᠦᠭᠬᠦᠶ᠎ᠡ᠃
ᠠᠪᠳᠠᠷ᠎ᠠ ᠶ᠋ᠢᠨ ᠢᠷᠣᠭᠠᠷ ᠠ᠋ᠴᠠ ᠠᠪᠤᠭᠰᠠᠨ
ᠠᠳᠬᠤ ᠭᠤᠯᠢᠷ ᠢ᠋ᠶ᠋ᠠᠷ ᠬᠢᠭᠰᠡᠨ
ᠰᠠᠪᠠᠨ ᠤ᠋ ᠢᠷᠣᠭᠠᠷ ᠠ᠋ᠴᠠ ᠠᠪᠤᠭᠰᠠᠨ
ᠰᠢᠨᠠᠭ᠎ᠠ ᠭᠤᠯᠢᠷ ᠢ᠋ᠶ᠋ᠠᠷ ᠬᠢᠭᠰᠡᠨ
ᠡᠩ᠂ ᠡᠳᠡ ᠨᠠᠷ ᠊ᠢ ᠴᠦ᠍ ᠡᠨᠡ ᠠᠷᠭ᠎ᠠ ᠪᠠᠷ ᠰᠠᠭᠠᠲᠠᠭᠤᠯᠬᠤ ᠦᠭᠡᠢ ᠶᠦ᠍ᠮ ᠪᠠᠶ᠋ᠢᠨ᠎ᠠ ᠳᠠ᠃
ᠵᠠ ᠲᠡᠭᠡᠪᠡᠯ᠄
ᠠᠪᠳᠠᠷ᠎ᠠ ᠶ᠋ᠢᠨ ᠢᠷᠣᠭᠠᠷ ᠠ᠋ᠴᠠ ᠠᠪᠤᠭᠰᠠᠨ
ᠠᠳᠬᠤ ᠭᠤᠯᠢᠷ ᠢ᠋ᠶ᠋ᠠᠷ ᠬᠢᠭᠰᠡᠨ
ᠰᠠᠪᠠᠨ ᠤ᠋ ᠢᠷᠣᠭᠠᠷ ᠠ᠋ᠴᠠ ᠠᠪᠤᠭᠰᠠᠨ
ᠰᠢᠨᠠᠭ᠎ᠠ ᠭᠤᠯᠢᠷ ᠢ᠋ᠶ᠋ᠠᠷ ᠬᠢᠭᠰᠡᠨ
ᠥᠷᠥᠮ᠎ᠡ ᠲᠡᠢ ᠰᠦ ᠪᠡᠷ ᠵᠢᠭᠤᠷᠠᠭᠰᠠᠨ
ᠥᠳᠬᠡᠨ ᠲᠣᠰᠣᠨ ᠳ᠋ᠤ᠌ ᠴᠢᠨᠠᠭᠰᠠᠨ
ᠡᠪᠦᠭᠡᠨ ᠡᠮᠡᠭᠡᠨ ᠬᠣᠶᠠᠷ ᠠ᠋ᠴᠠ
ᠥᠪᠡᠷ ᠦ᠋ᠨ ᠴᠢᠳᠠᠯ ᠢ᠋ᠶ᠋ᠠᠷ ᠵᠢᠭᠤᠲᠠᠭᠰᠠᠨ
ᠮᠥᠩᠬᠡ᠄ ᠬᠥᠶᠢ᠂ ᠥᠩᠬᠦᠷᠢᠭᠦᠰᠢ ᠶᠠᠪᠤᠭᠰᠠᠨ ᠪᠠᠶ᠋ᠢᠨ᠎ᠠ ᠰᠢᠳᠡ᠂ ᠦᠭᠡᠢ ᠶᠠᠮᠠᠷ ᠰᠣᠨᠢᠨ ᠬᠥᠮᠦᠨ ᠦ᠌ ᠦᠭᠡ ᠶ᠋ᠢ ᠣᠶ᠋ᠢᠯᠠᠭᠠᠲᠠᠭ ᠦᠭᠡᠢ ᠶᠦ᠍ᠮ ᠪᠣᠢ? ᠥᠪᠡᠷ ᠦ᠋ᠨ ᠬᠢᠨᠢ ᠲᠥᠯᠥᠭᠡ ᠬᠡᠯᠡᠭᠡᠳ ᠪᠠᠶ᠋ᠢᠬᠤ ᠳ᠋ᠤ᠌᠃
ᠪᠠᠰᠠᠷ᠄ ᠬᠠᠷᠢᠨ ᠲᠡᠶ᠋ᠢᠮᠦ᠂ ᠱᠠᠯ ᠰᠣᠨᠢᠨ ᠰᠠᠨᠠᠭᠳᠠᠴᠢᠬᠠᠯ᠎ᠠ᠂ ᠪᠦᠷ ᠨᠢᠭᠡ ᠪᠣᠯᠪᠠᠰᠤᠷᠠᠭ᠎ᠠ ᠦᠭᠡᠢ᠂ ᠶᠠᠭᠤᠮ᠎ᠠ ᠣᠶ᠋ᠢᠯᠠᠭᠠᠬᠤ ᠦᠭᠡᠢ᠃
ᠦᠨᠡᠭᠡ᠄ ᠰᠠᠢᠨ ᠪᠠᠶ᠋ᠢᠨ᠎ᠠ ᠤᠤ? ᠥᠩᠬᠥᠷᠢᠭᠦᠱᠢ ᠮᠢᠨᠢ ᠠ᠋! ᠴᠢ ᠶᠠᠮᠠᠷ ᠬᠥᠭᠡᠷᠦᠬᠦᠨ ᠰᠢᠷᠭᠠᠯ ᠶᠤᠮ ᠪᠣᠢ?
ᠥᠩᠬᠥᠷᠢᠭᠦᠱᠢ᠄ ᠦᠨᠡᠭᠡ ᠭᠤᠸᠠᠢ! ᠪᠢ ᠲᠠᠨ ᠳ᠋ᠤ᠌ ᠨᠢᠭᠡ ᠰᠠᠢᠬᠠᠨ ᠳᠠᠭᠤᠤ ᠳᠠᠭᠤᠯᠠᠵᠤ ᠥᠭᠬᠦ ᠦᠦ?
ᠦᠨᠡᠭᠡ᠄ ᠳᠡᠭᠡᠯ ᠳᠡ᠂ ᠪᠢ ᠳᠤᠷᠠᠲᠠᠶ᠎ᠠ ᠰᠣᠨᠣᠰᠤᠶ᠎ᠠ᠃
ᠪᠠᠰᠠᠷ᠄ ᠮᠢᠨᠦ ᠬᠡᠯᠡᠭᠰᠡᠨ ᠦᠭᠡ ᠶ᠋ᠢ ᠪᠦᠷ ᠦᠭᠡ ᠭᠡᠵᠦ ᠰᠣᠨᠣᠰᠬᠤ ᠦᠭᠡᠢ ᠪᠠᠶ᠋ᠢᠯ᠎ᠠ ᠰᠢᠦ᠂
ᠮᠥᠩᠬᠡ᠄ ᠬᠣᠶᠠᠭᠤᠯᠠ ᠪᠠᠨ ᠪᠤᠷᠤᠭᠤ ᠲᠠᠶ᠋ᠢᠯᠪᠤᠷᠢᠯᠠᠭᠠᠳ ᠪᠠᠶ᠋ᠢᠬ᠋᠎ᠠ ᠶᠤᠮ ᠪᠣᠯ ᠤᠤ? ᠶᠠᠭᠠᠬᠢᠵᠤ ᠶᠠᠷᠢᠯᠴᠠᠬᠤ ᠶᠣᠰᠣᠲᠠᠢ ᠶᠤᠮ ᠪᠣᠯ ᠠ᠋?
ᠥᠩᠬᠥᠷᠢᠭᠦᠱᠢ ᠄ ᠮᠠᠷᠭᠤᠭᠠᠨ ᠦᠭᠡᠢ ᠪᠤᠯᠲᠠᠵᠤ ᠠᠮᠵᠢᠭᠰᠠᠨ ᠵᠠᠯᠢᠲᠤ ᠦᠨᠡᠭᠡ ᠴᠢᠮ᠎ᠠ ᠠ᠋ᠴᠠ ᠵᠢᠭᠤᠲᠠᠵᠤ ᠪᠠᠰᠠ ᠠᠮᠵᠢᠨ᠎ᠠ ᠳᠠ᠃
ᠦᠨᠡᠭᠡ᠄ ᠠ ᠬᠠ ᠬᠠ ᠬᠠ᠂ ᠶᠠᠮᠠᠷ ᠰᠠᠢᠬᠠᠨ ᠳᠠᠭᠤᠯᠠᠳᠠᠭ ᠶᠤᠮ ᠪᠣᠢ᠂ ᠳᠠᠩᠴᠤ ᠡᠭᠡᠴᠢ ᠶ᠋ᠢᠨ ᠬᠢᠨᠢ ᠴᠢᠬᠢ ᠶᠡᠬᠡ ᠮᠠᠭᠤ ᠰᠣᠨᠣᠰᠳᠠᠭ ᠶᠤᠮ᠂ ᠥᠩᠬᠦᠷᠢᠭᠦᠰᠢ ᠮᠢᠨᠢ᠂ ᠴᠢ ᠬᠣᠩᠰᠢᠶᠠᠷ ᠳᠡᠭᠡᠷ᠎ᠡ ᠮᠢᠨᠢ ᠭᠠᠷᠤᠭᠠᠳ ᠳᠠᠭᠤᠯᠠᠭᠠᠳ ᠥᠭᠭᠦᠭᠡᠴᠢ᠃
ᠥᠩᠬᠥᠷᠢᠱ᠄ ᠬᠡ ᠬᠡ᠂ ᠳᠡᠭᠡᠯ ᠦᠭᠡᠢ ᠶᠠᠭᠠᠬᠢᠬᠤᠪ᠃
ᠪᠠᠰᠠᠷ᠄ ᠥᠩᠬᠦᠷᠢᠭᠦᠰᠢ ᠠ᠋!
ᠮᠥᠩᠬᠡ᠄ ᠲᠠ ᠶᠠᠭ ᠥᠩᠬᠦᠷᠢᠭᠦᠰᠢ ᠶ᠋ᠢ ᠮᠠᠨᠢ ᠰᠠᠶᠢ ᠢᠳᠡᠬᠦ ᠭᠡᠵᠦ ᠪᠠᠶ᠋ᠢᠨ᠎ᠠ ᠰᠢᠲᠠ᠃
ᠦᠨᠡᠭᠡ᠄ ᠡᠳᠦᠷ ᠦ᠋ᠨ ᠬᠣᠭᠣᠯᠠᠨ ᠠ᠋ᠴᠠ ᠮᠢᠨᠢ ᠰᠠᠯᠭᠠᠨ᠎ᠠ ᠭᠡᠨ᠎ᠡ ᠠ᠋᠂ ᠬᠡᠩ᠃
ᠮᠥᠩᠬᠡ᠄ ᠶᠠᠭᠠᠬᠢᠨ᠎ᠠ ᠴᠢ ᠰᠠᠶᠢ ᠪᠦᠷ ᠪᠠᠯᠠᠷᠠᠬᠤ ᠭᠡᠵᠦ ᠪᠠᠶ᠋ᠢᠨ᠎ᠠ ᠰᠢᠲᠠ᠃
ᠪᠠᠰᠠᠷ᠄ ᠭᠠᠭᠴᠠᠭᠠᠷ ᠢ᠋ᠶ᠋ᠠᠨ ᠣᠢ ᠮᠣᠳᠣᠨ ᠳᠣᠲᠣᠷ᠎ᠠ ᠶᠠᠪᠤᠬᠤ ᠦᠨᠡᠬᠡᠷ ᠠᠶᠤᠯ ᠲᠠᠢ ᠭᠡᠵᠦ ᠪᠢ ᠴᠢᠮ᠎ᠠ ᠳ᠋ᠤ᠌ ᠬᠡᠯᠡᠭᠰᠡᠨ ᠪᠢᠵᠡ ᠳᠡ᠃
ᠮᠥᠩᠬᠡ᠄ ᠬᠡᠷᠪᠡ ᠴᠢᠮ᠎ᠠ ᠳ᠋ᠤ᠌ ᠶᠠᠮᠠᠷ ᠨᠢᠭᠡᠨ ᠶᠠᠭᠤᠮ᠎ᠠ ᠪᠣᠯᠤᠭᠰᠠᠨ ᠪᠣᠯ ᠡᠪᠦᠭᠡ ᠡᠮᠡᠭᠡ ᠬᠣᠶᠠᠷ ᠶᠠᠮᠠᠷ ᠪᠠᠶ᠋ᠢᠬᠤ ᠪᠠᠶ᠋ᠢᠬᠰᠠᠨ ᠪᠣᠯ?ᠡᠶ᠋ᠢᠮᠦ ᠬᠥᠭᠡᠷᠦᠬᠦᠨ ᠡᠭᠳᠡᠭᠦᠦ ᠲᠡᠢ ᠥᠩᠬᠦᠷᠢᠭᠦᠰᠢ ᠡᠴᠡ ᠪᠡᠨ ᠰᠠᠯᠤᠨ᠎ᠠ ᠭᠡᠳᠡᠭ ᠴᠢᠨᠢ ᠬᠡᠴᠢᠨᠡᠭᠡᠨ ᠬᠡᠴᠡᠭᠦᠦ ᠭᠡᠵᠦ ᠪᠣᠳᠣᠨ᠎ᠠ᠃
ᠬᠡᠦᠬᠡᠳ ᠦ᠋ᠳ ᠪᠢᠳᠡ᠂ ᠲᠣᠮᠣ ᠬᠥᠮᠦᠰ ᠪᠢᠳᠡᠨ ᠦ᠌ ᠲᠥᠯᠥᠭᠡ ᠬᠡᠯᠡᠵᠦ ᠪᠠᠶ᠋ᠢᠬ᠋᠎ᠠ ᠦᠭᠡ ᠶ᠋ᠢ ᠦᠯᠦ ᠲᠣᠭᠣᠵᠤ ᠵᠥᠷᠢᠭᠦᠳᠯᠡᠬᠦ ᠡᠴᠡ ᠪᠡᠨ ᠡᠮᠦᠨ᠎ᠡ ᠶᠠᠭᠠᠬᠢᠭᠠᠳ ᠡᠳᠡᠭᠡᠷ ᠵᠦᠢᠯᠡᠰ ᠊ᠢ ᠬᠡᠯᠡᠳᠡᠭ ᠪᠣᠢ ᠭᠡᠳᠡᠭ ᠊ᠢ ᠪᠣᠳᠣᠵᠤ ᠦᠵᠡᠬᠦ ᠬᠡᠷᠡᠭᠲᠡᠢ ᠰᠢᠦ ᠳᠡ᠃ ᠬᠡᠳᠦᠢ ᠪᠢᠳᠡ ᠥᠪᠡᠷᠰᠡᠳ ᠦ᠋ᠨ ᠭᠡᠰᠡᠨ ᠦᠵᠡᠯᠲᠡ ᠪᠣᠳᠣᠯ ᠢ᠋ᠶ᠋ᠠᠨ ᠪᠡᠬᠢᠵᠢᠭᠦᠯᠬᠦ ᠶᠣᠰᠣᠲᠠᠢ ᠪᠣᠯᠪᠠᠴᠤ ᠠᠬᠠᠮᠠᠳ ᠦ᠋ᠳ ᠢ᠋ᠶ᠋ᠡᠨ ᠬᠦᠨᠳᠦᠯᠡᠬᠦ᠂ ᠮᠥᠨ ᠡᠷᠭᠦᠨ ᠲᠡᠳᠬᠦᠬᠦ ᠶ᠋ᠢ ᠮᠠᠷᠲᠠᠵᠤ ᠪᠣᠯᠬᠤ ᠦᠭᠡᠢ᠃
ᠪᠠᠰᠠᠷ᠄ ᠶᠠᠭ ᠲᠡᠶ᠋ᠢᠮᠦ! ᠶᠣᠰᠣᠲᠠᠢ ᠰᠠᠢᠬᠠᠨ ᠬᠡᠯᠡᠯ᠎ᠡ᠃
ᠥᠩᠬᠦᠷᠢᠭᠦᠰᠢ ᠄ ᠠᠭᠤᠴᠢᠯᠠᠭᠠᠷᠠᠢ! ᠪᠢ ᠳᠠᠬᠢᠵᠤ ᠵᠥᠷᠢᠭᠦᠳᠯᠡᠬᠦ ᠦᠭᠡᠢ᠂ ᠵᠥᠷᠢᠭᠦᠳᠯᠡᠬᠦ ᠡᠴᠡ ᠪᠡᠨ ᠡᠮᠦᠨ᠎ᠡ ᠶᠠᠮᠠᠷ ᠵᠦᠢᠯ ᠬᠡᠯᠡᠵᠦ ᠪᠠᠶ᠋ᠢᠬ᠋᠎ᠠ ᠶ᠋ᠢ ᠨᠢ ᠣᠶ᠋ᠢᠯᠠᠭᠠᠬᠤ ᠶ᠋ᠢ ᠬᠢᠴᠢᠶᠡᠵᠦ ᠶᠠᠪᠤᠬᠤ ᠪᠣᠯᠤᠨ᠎ᠠ᠃
ᠠᠷᠸ᠎ᠡ ᠄ ᠵᠠ᠂ ᠬᠡᠦᠬᠡᠳ ᠦ᠋ᠳ ᠠ᠋᠂ᠰᠠᠢᠬᠠᠨ ᠠᠶᠠᠯᠠᠵᠤ ᠶᠡᠬᠡ ᠵᠦᠢᠯ ᠰᠤᠷᠪᠠ ᠤᠤ?
ᠲᠤᠩᠬᠤ᠄ ᠦᠨᠡᠬᠡᠷ ᠭᠣᠶᠣ ᠦᠯᠢᠭᠡᠷ ᠪᠠᠶ᠋ᠢᠯ᠎ᠠ᠃
ᠮᠥᠩᠬᠡ᠄ ᠠᠷᠸ᠎ᠡ ᠠᠬ᠎ᠠ ᠠ᠋᠂ ᠲᠠ ᠨᠠᠮ᠎ᠠ ᠶ᠋ᠢ ᠠᠭᠤᠴᠢᠯᠠᠭᠠᠷᠠᠢ! ᠪᠢ ᠵᠥᠷᠢᠭᠦᠳᠯᠡᠵᠦ ᠮᠠᠭᠤᠬᠠᠢ ᠠᠭᠠᠰᠢ ᠭᠠᠷᠭᠠᠭᠰᠠᠨ ᠪᠠᠶ᠋ᠢᠨ᠎ᠠ᠂ ᠪᠢ ᠡᠨᠡ ᠦᠯᠢᠭᠡᠷ ᠡᠴᠡ ᠶᠡᠬᠡ ᠵᠦᠢᠯ ᠊ᠢ ᠰᠤᠷᠤᠭᠰᠠᠨ᠃
ᠠᠷᠸ᠎ᠡ ᠄ ᠬᠡ ᠬᠡ᠂ ᠮᠥᠩᠬᠡ ᠮᠠᠨᠢ ᠶᠡᠬᠡ ᠤᠬᠠᠭᠠᠯᠢᠭ᠂ ᠶᠠᠭᠤᠮ᠎ᠠ ᠶ᠋ᠢ ᠬᠤᠷᠳᠤᠨ ᠣᠶ᠋ᠢᠯᠠᠭᠠᠲᠠᠭ ᠮᠤᠨᠳᠠᠭ ᠬᠡᠦᠬᠡᠳ ᠰᠢᠦ᠂ ᠠᠬ᠎ᠠ ᠨᠢ ᠳᠡᠭᠦᠦ ᠳ᠋ᠦ᠍ ᠪᠡᠨ ᠭᠣᠮᠣᠳᠠᠭ᠎ᠠ ᠦᠭᠡᠢ᠃ ᠦᠨᠡᠷᠡᠨ ᠰᠠᠨᠠᠭᠰᠠᠨ ᠠ᠋ᠴᠠ ᠳᠠᠷᠠᠭ᠎ᠠ ᠶ᠋ᠢᠨ ᠦᠯᠢᠭᠡᠷ ᠪᠦᠷ ᠶᠠᠮᠠᠷ ᠦᠯᠢᠭᠡᠷ ᠪᠠᠶ᠋ᠢᠬ᠋᠎ᠠ ᠭᠡᠵᠦ ᠪᠣᠳᠣᠵᠤ ᠪᠠᠶ᠋ᠢᠨ᠎ᠠ᠃
ᠮᠥᠩᠬᠡ᠄ ᠶᠠᠮᠠᠷ ᠦᠯᠢᠭᠡᠷ ᠪᠣᠢ ᠠᠷᠸ᠎ᠡ ᠠᠬ᠎ᠠ ᠠ᠋?
ᠠᠷᠸ᠎ᠡ ᠄ ᠨᠥᠭᠥᠭᠡ ᠰᠢᠬᠢᠷ ᠵᠢᠮᠢᠰ ᠲᠡᠢ ᠪᠠᠶ᠋ᠢᠰᠢᠩ ᠲᠠᠢ ᠭᠠᠳᠠᠭᠠᠳᠤ ᠦᠯᠢᠭᠡᠷ ᠴᠢᠨᠢ ᠪᠠᠶ᠋ᠢᠬ᠋᠎ᠠ ᠭᠡᠵᠦ ᠪᠣᠳᠣ ᠳᠠ᠃
ᠮᠥᠩᠬᠡ᠄ ᠶᠸᠡᠶ᠋ᠢᠰ᠂ ᠶᠠᠮᠠᠷ ᠭᠣᠶᠣ ᠶᠤᠮ ᠪᠣᠢ᠃
ᠲᠤᠩᠬᠤ᠄ ᠬᠢ ᠬᠢ᠃
ᠡᠮᠡᠭᠡᠨ᠄ ᠮᠢᠨᠦ ᠡᠪᠦᠭᠡᠨ ᠠ᠋᠂ ᠰᠠᠶᠢ ᠶ᠋ᠢᠨ ᠪᠢᠳᠡᠨ ᠳ᠋ᠦ᠍ ᠲᠤᠰᠠᠯᠠᠭᠠᠳ ᠶᠠᠪᠤᠳᠠᠭ ᠬᠡᠦᠬᠡᠳ ᠦ᠋ᠳ ᠲᠦ᠍ ᠬᠥᠯ ᠡᠪᠡᠳᠳᠡᠭ ᠭᠡᠳ ᠬᠡᠯᠡᠭᠰᠡᠨ ᠴᠢᠨᠢ ᠡᠶ᠋ᠢᠮᠦ ᠪᠡᠶ᠎ᠡ ᠳ᠋ᠦ᠍ ᠬᠡᠷᠡᠭᠲᠡᠢ ᠵᠦᠢᠯ ᠥᠭᠭᠦᠭᠰᠡᠨ᠃
ᠡᠪᠦᠭᠡᠨ᠄ ᠳ᠋ᠢᠺᠯᠣᠹᠡᠨᠠᠺ ᠨᠠᠲᠷᠢ ( Диклофенак ) ᠮᠢᠨᠦ ᠮᠠᠭᠤ ᠬᠥᠯ ᠡᠪᠡᠳᠦᠭᠡᠳ ᠶᠡᠬᠡ ᠤᠳᠠᠵᠤ ᠪᠠᠶ᠋ᠢᠬ᠋᠎ᠠ᠂ ᠨᠠᠭᠠᠳᠤ ᠡᠮ ᠊ᠢ ᠴᠢᠨᠢ ᠤᠤᠭᠤᠭᠠᠳ ᠵᠦᠭᠡᠷ ᠪᠣᠯᠳᠠᠭ ᠪᠣᠯ ᠤᠤ?
ᠡᠮᠡᠭᠡᠨ᠄ ᠡᠮᠴᠢ ᠡᠴᠡ ᠠᠰᠠᠭᠤᠭᠠᠳ ᠠᠪᠤᠭᠰᠠᠨ᠂ ᠶᠡᠬᠡ ᠯᠡ ᠰᠠᠢᠨ ᠶᠤᠮ ᠭᠡᠨ᠎ᠡ᠃
ᠡᠪᠦᠭᠡᠨ᠄ ᠦ᠂ ᠶᠠᠩᠵᠤ ᠶ᠋ᠢᠨ ᠪᠠᠶ᠋ᠢᠬᠤ ᠴᠢᠨᠢ ᠠ᠋᠂ ᠡᠮᠡᠭᠡᠨ ᠮᠢᠨᠢ᠂ ᠮᠢᠨᠦ ᠮᠠᠭᠤ ᠬᠥᠯ ᠳ᠋ᠦ᠍ ᠶᠠᠮᠠᠷ ᠴᠤ᠌ ᠵᠣᠪᠠᠭᠤᠷᠢ ᠠᠯᠠᠭ᠎ᠠ ᠭᠡᠵᠦ᠃
ᠥᠩᠬᠥᠷᠢᠭᠦᠱᠢ ᠄ ᠵᠢᠩᠬᠢᠨᠢ ᠮᠢᠨᠦ ᠨᠠᠶ᠋ᠢᠵᠠ ᠨᠤᠭᠤᠳ᠂ ᠮᠢᠨᠦ ᠨᠠᠶ᠋ᠢᠵᠠ ᠨᠤᠭᠤᠳ ᠮᠠᠩᠨᠠᠢ ᠬᠠᠯᠵᠠᠨ ᠵᠤᠷᠪᠤᠰ ᠲᠠᠢ᠂ ᠮᠢᠩᠭᠠᠨ ᠨᠠᠶ᠋ᠢᠵᠠ ᠶ᠋ᠢᠨ ᠳᠤᠮᠳᠠ ᠠ᠋ᠴᠠ ᠬᠡ ᠬᠡ᠂ ᠠ᠋᠂ ᠨᠠᠳᠠ ᠳ᠋ᠤ᠌ ᠵᠢᠭᠠᠵᠤ ᠥᠭᠭᠦᠭᠰᠡᠨ 《 ᠮᠢᠨᠦ ᠬᠡᠨᠵᠡ ᠬᠤᠷᠠᠭ᠎ᠠ》 ᠭᠡᠳᠡᠭ ᠰᠢᠯᠦᠭ ᠊ᠢ ᠠᠨᠳᠠᠭᠤᠷᠠᠭᠠᠳ ᠤᠩᠰᠢᠵᠤ ᠪᠠᠶ᠋ᠢᠨ᠎ᠠ ᠰᠢᠲᠠ᠂ ᠬᠢ ᠬᠢ᠃
ᠡᠪᠦᠭᠡᠨ᠄ ᠦ ᠶᠧ᠂ ᠡᠨᠡ ᠷᠢᠳᠢ ᠰᠢᠳᠢ ᠲᠡᠢ ᠵᠦᠢᠯ ᠊ᠢ ᠤᠤᠭᠤᠴᠢᠬᠠᠭᠰᠠᠨ ᠪᠠᠶ᠋ᠢᠬᠰᠠᠨ ᠪᠣᠯ ᠥᠩᠬᠥᠷᠢᠭᠦᠱᠢ ᠶ᠋ᠢ ᠪᠡᠨ ᠥᠩᠬᠥᠷᠢᠬᠦ ᠳ᠋ᠦ᠍ ᠨᠢ ᠬᠠᠮᠲᠤ ᠭᠦᠶᠦᠭᠡᠳ ᠶᠠᠩᠵᠤ ᠶ᠋ᠢᠨ ᠪᠠᠶ᠋ᠢᠬᠤ ᠪᠠᠶ᠋ᠢᠵᠠᠢ᠃
ᠡᠮᠡᠭᠡᠨ᠄ ᠲᠡᠶ᠋ᠢᠮᠦ ᠪᠠᠶ᠋ᠢᠨ᠎ᠠ ᠰᠢᠦ᠂ ᠮᠢᠨᠦ ᠡᠪᠦᠭᠡᠨ ᠪᠦᠷ ᠬᠥᠭᠡᠷᠦᠭᠡᠳ᠂ ᠬᠥᠭᠡᠷᠦᠬᠦᠨ ᠭᠡᠳᠡᠭ ᠨᠢ᠃
ᠵᠠᠷ᠄ ᠳ᠋ᠢᠺᠯᠣᠹᠡᠨᠠᠺ ᠨᠠᠲᠷᠢ ( Диклофенак ) ᠡᠷᠡᠭᠦᠯ ᠪᠡᠶ᠎ᠡ ᠳ᠋ᠦ᠍ ᠰᠠᠷᠠᠭᠤᠯ ᠤᠬᠠᠭᠠᠨ ᠣᠷᠣᠰᠢᠨ᠎ᠠ᠃ ᠮᠥᠩᠬᠡ ᠶ᠋ᠢᠨ ᠲᠤᠩᠬᠤ᠂ ᠡᠩᠬᠡ ᠶ᠋ᠢᠨ ᠲᠥᠯᠥᠭᠡ᠂ ᠮᠥᠩᠬᠡ ᠶ᠋ᠢᠨ ᠲᠤᠩᠬᠤ᠃
ᠮᠥᠩᠬᠡ᠄ ᠪᠢ ᠲᠠ ᠨᠠᠷ ᠲᠤ᠌ ᠲᠠᠲᠠᠭᠠᠯᠵᠠᠬᠤ ᠶ᠋ᠢᠨ ᠠᠷᠭ᠎ᠠ ᠦᠭᠡᠢ ᠰᠠᠨᠠᠯ ᠲᠠᠯᠪᠢᠬᠤ ᠤᠤ?
ᠮᠠᠰᠺᠠ ᠪᠠᠨ ᠵᠡᠭᠦᠭᠡᠳ᠂ ᠭᠠᠷ ᠢ᠋ᠶ᠋ᠠᠨ ᠤᠬᠢᠶᠠᠭᠠᠳ᠂ ᠰᠠᠪᠰᠠᠭᠠ ᠶ᠋ᠢ ᠳᠠᠷᠤᠭᠠᠳ ᠪᠠᠶ᠋ᠢᠪᠠᠯ ᠰᠢᠨ᠎ᠡ ᠠᠩᠭᠢ ᠦ᠋ᠳ ᠣᠷᠣᠭᠠᠳ ᠯᠠ ᠪᠠᠶ᠋ᠢᠨ᠎ᠠ ᠰᠢᠦ ᠳᠡ᠂ ᠬᠢ ᠬᠢ ᠁
ᠦᠰᠦᠭ ᠠᠮᠢᠯᠠᠭᠤᠯᠤᠭᠴᠢ᠄ ᠬᠤᠸᠠᠷ
ᠦᠰᠦᠭ ᠬᠠᠲᠠᠭᠴᠢ᠄ ᠾᠦᠩ ᠸᠧᠢ
ᠬᠢᠨᠠᠯᠲᠠ᠄ ᠮᠥᠴᠢᠷ᠂ ᠾᠦᠩ ᠸᠧᠢ