ᠮᠥᠩᠬᠡ ᠲᠤᠩᠬᠤ 2-10 ᠬᠠᠨᠰᠸᠯ ᠭᠷᠡᠲᠡᠯ ᠬᠣᠶᠠᠷ- ᠭᠧᠷᠮᠠᠨ ᠠᠷᠠᠳ ᠤᠨ ᠦᠯᠢᠭᠡᠷМөнх Тунх-Хансел гретел хоёр-герман ардын үлгэр
ᠮᠥᠩᠬᠡ ᠲᠤᠩᠬᠤ 2-10- ᠬᠠᠨᠰᠸᠯ ᠭᠷᠡᠲᠡᠯ ᠬᠣᠶᠠᠷ- ᠭᠧᠷᠮᠠᠨ ᠠᠷᠠᠳ ᠤᠨ ᠦᠯᠢᠭᠡᠷ
ᠮᠥᠩᠬᠡ ᠲᠤᠩᠬᠤ ᠬᠣᠶᠠᠳᠤᠭᠠᠷ ᠤᠯᠠᠷᠢᠯ ᠊ᠤᠨ ᠠᠷᠪᠠᠳᠤᠭᠠᠷ ᠠᠩᠭᠢ- ᠬᠠᠨᠰᠸᠯ ᠭᠷᠡᠲᠡᠯ ᠬᠣᠶᠠᠷ- ᠭᠧᠷᠮᠠᠨ ᠠᠷᠠᠳ ᠊ᠤᠨ ᠦᠯᠢᠭᠡᠷ
ᠮᠠᠢ ᠮᠠᠢ ᠮᠠᠢ( ᠬᠣᠨᠢ ᠢᠮᠠᠭᠠᠨ ᠊ᠤ ᠮᠠᠶ᠋ᠢᠯᠠᠬᠤ ᠳᠠᠭᠤ)
ᠲᠤᠩᠬᠤ᠄ ᠶᠣᠰᠣᠲᠠᠢ ᠰᠠᠢᠬᠠᠨ ᠬᠣᠭᠣᠯᠠ ᠪᠠᠶ᠋ᠢᠯ᠎ᠠ᠂ ᠠᠷᠸ᠎ᠡ ᠠᠬ᠎ᠠ ᠠ᠋᠂ ᠪᠠᠶᠠᠷᠯᠠᠯ᠎ᠠ᠃
ᠮᠥᠩᠬᠡ᠄ ᠣᠳᠣ ᠴᠤ᠌ ᠨᠢᠭᠡ ᠰᠠᠢᠬᠠᠨ ᠳ᠋ᠧᠰᠸᠷᠲ (dessert ᠰᠢᠬᠢᠷᠯᠢᠭ ᠢᠲᠡᠭᠡᠨ)ᠢᠳᠡᠪᠡᠯ ᠶᠣᠰᠣᠲᠠᠢ ᠭᠣᠶᠣ ᠳᠠ᠂ ᠪᠢᠯᠠᠤ ᠴᠤ᠌ ᠶᠤᠮ ᠊ᠦᠦ᠂ ᠠ᠁ ᠠᠯᠢ ᠡᠰᠡᠬᠦᠯ᠎ᠡ ᠨᠢᠭᠡ ᠰᠢᠬᠢᠷ ᠴᠦ᠍ ᠶᠦ᠍ᠮ ᠊ᠤᠤ? ᠲᠡᠶ᠋ᠢᠮᠦ ᠠ᠋᠂ ᠬᠡ ᠬᠡ ᠬᠡ
ᠲᠤᠩᠬᠤ᠄ ᠠᠮᠲᠠᠲᠠᠨ ᠊ᠦᠦ? ᠬᠡ ᠬᠡ
ᠠᠷᠸ᠎ᠡ᠄ ᠥ ᠡᠩ᠂ ᠲᠡᠷᠡ ᠪᠣᠯᠤᠯ ᠦᠭᠡᠢ ᠶᠠᠭᠠᠬᠢᠬᠤᠪ᠂
ᠮᠥᠩᠬᠡ᠄ ᠰᠢᠬᠢᠷ ᠪᠢᠯᠠᠤ ᠪᠠᠶ᠋ᠢᠭ᠎ᠠ ᠶᠤᠮ ᠊ᠦᠦ?
ᠠᠷᠸ᠎ᠡ᠄ ᠲᠠ ᠨᠠᠷ ᠲᠤ᠌ ᠪᠠᠨ ᠪᠢ ᠨᠢᠭᠡ ᠠᠮᠠᠯᠠᠵᠤ ᠪᠠᠶ᠋ᠢᠭᠰᠠᠨ ᠳᠠ᠂ᠠᠮᠲᠠᠲᠠᠨ ᠢ᠋ᠶ᠋ᠠᠷ ᠪᠦᠲᠦᠭᠰᠡᠨ ᠪᠠᠶ᠋ᠢᠰᠢᠩ ᠲᠠᠢ ᠦᠯᠢᠭᠡᠷ ᠪᠠᠶ᠋ᠢᠳᠠᠭ ᠠ᠋ ᠭᠡᠳ᠃
ᠲᠤᠩᠬᠤ᠄ ᠠ ᠲᠡᠶ᠋ᠢᠮᠦ᠂ ᠭᠠᠳᠠᠭᠠᠳᠤ ᠦᠯᠢᠭᠡᠷ ᠭᠡᠵᠦ ᠪᠠᠶ᠋ᠢᠭᠰᠠᠨ ᠊ᠦᠦ?
ᠠᠷᠸ᠎ᠡ᠄ ᠶᠠᠭ ᠵᠥᠪ᠃
ᠮᠥᠩᠬᠡ᠄ ᠭᠦᠦᠭ ᠲᠡᠭᠡᠪᠡᠯ ᠶᠠᠪᠤᠶ᠎ᠠ!
ᠠᠷᠸ᠎ᠡ᠄ ᠵᠠ ᠂ ᠲᠠ ᠬᠡᠳᠦ ᠮᠠᠨᠢ ᠪᠡᠯᠡᠨ ᠊ᠦᠦ?
ᠮᠥᠩᠬᠡ᠄ ᠲᠡᠭᠡᠶ᠎ᠡ ᠲᠡᠭᠡᠶ᠎ᠡ᠂ ᠭᠢᠯᠠᠰ ᠶᠠᠪᠤᠶ᠎ᠠ᠂ ᠶᠠ ᠠ᠃ ᠠᠮᠲᠠᠲᠠᠢ ᠶᠠᠭᠤᠮ᠎ᠠ ᠢᠳᠡᠨ᠎ᠡ ᠭᠡᠳ ᠪᠣᠳᠣᠭᠰᠠᠨ ᠴᠢᠨᠢ ᠠᠷᠠᠭᠠᠨ ᠊ᠤ ᠰᠢᠯᠦᠰᠦ ᠠᠰᠬᠠᠷᠠᠴᠢᠬᠠᠯᠠ᠃
ᠪᠠᠰᠠᠷ᠄ ᠬᠥᠪ ᠬᠥᠪ!
ᠪᠠᠰᠠᠷ᠄( ᠠᠩᠭ᠌ᠯᠢ ᠪᠠᠷ) ᠫᠥᠬᠥ᠂ ᠶᠠᠮᠠᠷ ᠰᠠᠢᠬᠠᠨ ᠡᠳᠦᠷ ᠪᠣᠢ?
ᠮᠥᠩᠬᠡ᠄ ᠠ?
ᠲᠤᠩᠬᠤ᠄ ᠠ?
ᠪᠠᠰᠠᠷ᠄( ᠠᠩᠭ᠌ᠯᠢ ᠪᠠᠷ) ᠵᠠ᠂ ᠲᠡᠭᠡᠭᠡᠳ ᠡᠨᠡ ᠦᠯᠢᠭᠡᠷ ᠳᠣᠮᠣᠭ ᠨᠢ ᠬᠡᠵᠢᠶ᠎ᠡ ᠡᠬᠢᠯᠡᠬᠦ ᠭᠡᠵᠦ ᠪᠠᠶ᠋ᠢᠭ᠎ᠠ ᠶᠤᠮ ᠪᠣᠢ?
ᠲᠤᠩᠬᠤ᠄ ᠭᠦᠦᠭ
ᠮᠥᠩᠬᠡ᠄ ᠫᠥᠬᠥ᠂ ᠪᠠᠰᠠᠷ ᠠ᠋ ᠠᠩᠭ᠌ᠯᠢ ᠪᠠᠷ ᠶᠠᠩᠵᠤ ᠶ᠋ᠢᠨ ᠶᠠᠷᠢᠵᠤ ᠪᠠᠶ᠋ᠢᠨ᠎ᠠ᠃
ᠪᠠᠰᠠᠷ᠄( ᠠᠩᠭ᠌ᠯᠢ ᠪᠠᠷ) ᠥ᠂ ᠡᠨᠡ ᠦᠯᠢᠭᠡᠷ ᠭᠧᠷᠮᠠᠨ ᠦᠯᠢᠭᠡᠷ ᠶᠦ᠍ᠮ ᠪᠣᠯᠬᠣᠷ᠁ ᠨᠠᠮ᠎ᠠ ᠶ᠋ᠢ ᠭᠧᠷᠮᠠᠨ ᠬᠡᠯᠡ ᠪᠡᠷ ᠶᠠᠷᠢᠭᠤᠯᠮᠠᠷ ᠪᠠᠶ᠋ᠢᠨ᠎ᠠ ᠊ᠦᠦ?
ᠪᠠᠰᠠᠷ᠄ ᠥ᠂ ᠬᠢ ᠬᠢ ᠬᠢ᠂ ᠵᠠ ᠵᠠ ᠲᠣᠭᠯᠠᠭᠰᠠᠨ ᠶᠤᠮ ᠠ᠋᠂ ᠲᠠ ᠬᠡᠳᠦ ᠶ᠋ᠢ ᠶᠠᠭᠠᠬᠢᠬᠤ ᠪᠣᠯ ᠭᠡᠳ ᠴᠢᠭᠡᠵᠢᠯᠡᠴᠢᠬᠡᠭᠰᠡᠨ ᠪᠠᠶ᠋ᠢᠭᠰᠠᠨ ᠶᠤᠮ᠃ ᠬᠠ ᠬᠠ ᠬᠠ᠁
ᠮᠥᠩᠬᠡ᠄ ᠥ ᠂ ᠬᠡ ᠬᠡ ᠬᠡ
ᠲᠤᠩᠬᠤ᠄ ᠮᠤᠨᠳᠠᠭ ᠶᠠᠷᠢᠵᠤ ᠪᠠᠶ᠋ᠢᠨ᠎ᠠ ᠰᠢᠦ ᠃
ᠴᠠᠰᠤᠬᠠᠨ᠄ ᠲᠡᠶ᠋ᠢᠮᠦ ᠪᠠᠶ᠋ᠢᠨ᠎ᠠ ᠰᠢᠦ᠃ ᠭᠠᠳᠠᠭᠠᠳᠤ ᠬᠡᠯᠡ ᠰᠤᠷᠬᠤ ᠨᠢ ᠮᠠᠰᠢ ᠬᠡᠷᠡᠭᠲᠡᠢ ᠵᠦᠢᠯ ᠰᠢᠦ᠃
ᠮᠥᠩᠬᠡ ᠣᠶ᠋ᠢᠯᠠᠭᠠᠯᠠ᠂ ᠬᠡ ᠬᠡ ᠬᠡ
ᠪᠠᠰᠠᠷ᠄ ᠬᠥᠶᠢ᠂ ᠢᠩᠭᠢᠬᠦ ᠳ᠋ᠦ᠍ ᠪᠠᠬᠠᠨ ᠰᠢᠬᠢᠷ ᠵᠢᠮᠢᠰ ᠪᠠᠶ᠋ᠢᠭ᠎ᠠ ᠭᠡᠳ ᠥᠪᠡᠷ ᠊ᠢ ᠪᠡᠨ ᠪᠡᠯᠡᠳᠦᠭᠡᠳ ᠢᠷᠡᠴᠢᠬᠡᠭᠰᠡᠨ ᠴᠢᠨᠢ ᠶᠠᠮᠠᠷ ᠴᠤ᠌ ᠲᠡᠶ᠋ᠢᠮᠦ ᠶᠠᠭᠤᠮ᠎ᠠ ᠬᠠᠷᠠᠭᠳᠠᠬᠤ ᠦᠭᠡᠢ ᠪᠠᠶ᠋ᠢᠬᠤ ᠶᠤᠮ᠃
ᠮᠥᠩᠬᠡ᠄ ᠬᠠᠷᠢᠨ ᠲᠡᠶ᠋ᠢᠮᠦ᠂ ᠪᠢ ᠯᠠᠪ ᠶᠠᠭᠤ ᠴᠤ᠌ ᠣᠯᠵᠤ ᠬᠠᠷᠠᠬᠤ ᠦᠭᠡᠢ ᠪᠠᠶ᠋ᠢᠨ᠎ᠠ᠂
ᠪᠠᠰᠠᠷ᠄ ᠡᠨᠡ ᠵᠦᠭᠡᠷ ᠢᠩᠭᠢᠵᠦ ᠬᠠᠷᠠᠭᠳᠠᠳᠠᠭ ᠰᠢᠬᠢᠷ ᠶᠦ᠍ᠮ ᠪᠣᠯ ᠊ᠦᠦ? ᠫᠤ ᠂ ᠪᠢᠰᠢ ᠪᠠᠶ᠋ᠢᠨ᠎ᠠ ᠰᠢᠲᠠ᠃ ᠡᠪᠡᠰᠦ ᠪᠠᠶ᠋ᠢᠨ᠎ᠠ᠃ ᠸᠠᠢ᠂ ᠪᠢ ᠢᠮᠠᠭ᠎ᠠ ᠪᠣᠯᠬᠤ ᠭᠡᠵᠦ ᠪᠠᠶ᠋ᠢᠨ᠎ᠠ ᠰᠢᠲᠠ᠂ ᠡᠩ᠃
ᠪᠠᠰᠠᠷ ᠮᠥᠩᠬᠡ ᠲᠤᠩᠬᠤ( ᠪᠦᠭᠦᠳᠡᠭᠡᠷ) ᠬᠡ ᠬᠡ ᠬᠡ ᠬᠡ
ᠭᠧᠷᠮᠠᠨ ᠠᠷᠠᠳ ᠊ᠤᠨ ᠦᠯᠢᠭᠡᠷ
ᠬᠠᠨᠰᠸᠯ ᠭᠷᠡᠲᠡᠯ ᠬᠣᠶᠠᠷ
ᠡᠷᠲᠡ ᠤᠷᠢᠳᠤ ᠴᠠᠭ ᠲᠤ᠌ ᠬᠠᠨᠰᠸᠯ ᠭᠷᠡᠲᠡᠯ ᠬᠣᠶᠠᠷ ᠣᠢ ᠶ᠋ᠢᠨ ᠵᠠᠬ᠎ᠠ ᠳ᠋ᠤ᠌ ᠠᠪᠤ ᠬᠤᠶ᠋ᠢᠲᠤ ᠡᠵᠢ ᠶ᠋ᠢᠨ ᠬᠠᠮᠲᠤ ᠠᠮᠢᠳᠤᠷᠠᠨ ᠰᠠᠭᠤᠳᠠᠭ ᠪᠠᠶ᠋ᠢᠵᠠᠢ᠃ ᠠᠪᠤ ᠨᠢ ᠡᠳᠦᠷᠵᠢᠨ ᠢ᠋ᠶ᠋ᠡᠨ ᠣᠢ ᠶ᠋ᠢᠨ ᠭᠦᠨ ᠳ᠋ᠦ᠍ ᠲᠦᠯᠡᠭᠡ ᠪᠡᠯᠡᠳᠬᠡᠵᠦ ᠠᠵᠢᠯᠯᠠᠳᠠᠭ ᠪᠣᠯᠪᠠᠴᠤ ᠬᠣᠭᠣᠯᠠ ᠬᠦᠨᠡᠰᠦ ᠲᠡᠶ᠋ᠢᠮᠦ ᠴᠦ᠍ ᠬᠠᠩᠭᠠᠯᠲᠠ ᠦᠭᠡᠢ ᠪᠠᠶ᠋ᠢᠳᠠᠭ ᠪᠠᠶ᠋ᠢᠯ᠎ᠠ᠃
ᠨᠢᠭᠡ ᠡᠳᠦᠷ ᠠᠪᠤ ᠨᠢ ᠬᠤᠶ᠋ᠢᠲᠤ ᠡᠵᠢ ᠲᠡᠢ ᠨᠢ ᠬᠠᠮᠲᠤ ᠶᠠᠪᠤᠵᠤ ᠬᠡᠦᠬᠡᠳ ᠊ᠦᠳ ᠢ᠋ᠶ᠋ᠡᠨ ᠲᠡᠵᠢᠭᠡᠬᠦ ᠲᠠᠯ᠎ᠠ ᠪᠠᠷ ᠶᠠᠷᠢᠯᠴᠠᠵᠤ ᠭᠡᠨ᠎ᠡ᠃ ᠬᠣᠶ᠋ᠢᠲᠤ ᠡᠵᠢ ᠨᠢ ᠡᠨᠡ ᠬᠡᠦᠬᠡᠳ ᠊ᠦᠳ ᠲᠡᠢ ᠬᠠᠮᠲᠤ ᠠᠮᠢᠳᠤᠷᠠᠬᠤ ᠶᠤᠮ ᠪᠣᠯ ᠪᠢᠳᠡ ᠲᠡᠵᠢᠭᠡᠵᠦ ᠴᠢᠳᠠᠬᠤ ᠦᠭᠡᠢ᠂ ᠪᠢᠳᠡ ᠨᠠᠷ ᠪᠦᠭᠦᠳᠡᠭᠡᠷ ᠢ᠋ᠶ᠋ᠡᠨ ᠥᠯᠪᠡᠷᠬᠦ ᠪᠠᠶ᠋ᠢᠬ᠎ᠠ ᠭᠡᠵᠡᠢ᠃ ᠲᠡᠶ᠋ᠢᠮᠦ ᠪᠣᠯᠬᠣᠷ ᠬᠡᠦᠬᠡᠳ ᠊ᠦᠳ ᠢ᠋ᠶ᠋ᠡᠨ ᠣᠢ ᠳ᠋ᠤ᠌ ᠲᠥᠭᠡᠷᠢᠭᠦᠯᠦᠶᠡ ᠭᠡᠵᠦ ᠭᠡᠨ᠎ᠡ᠃ ᠠᠪᠤ ᠨᠢ ᠶᠡᠬᠡᠯ᠎ᠡ ᠤᠬᠢᠯᠠᠵᠤ ᠡᠰᠡᠷᠭᠦᠴᠡᠭᠰᠡᠨ ᠪᠣᠯᠪᠠᠴᠤ ᠬᠣᠶ᠋ᠢᠲᠤ ᠡᠵᠢ ᠨᠢ ᠠᠪᠤ ᠶ᠋ᠢ ᠨᠢ ᠢᠳᠬᠠᠵᠤ ᠳᠥᠩᠭᠡᠵᠡᠢ᠃
ᠮᠠᠷᠭᠠᠰᠢ ᠨᠢ ᠬᠣᠶ᠋ᠢᠲᠣ ᠡᠵᠢ ᠨᠢ ᠬᠡᠦᠬᠡᠳ ᠊ᠦᠳ ᠢ᠋ᠶ᠋ᠡᠨ ᠰᠡᠷᠡᠭᠡᠭᠡᠳ᠂ ᠨᠢᠭᠡ ᠨᠢᠭᠡ ᠲᠠᠯᠬ᠎ᠠ ᠥᠭᠴᠦ᠂ 《 ᠵᠠ᠂ ᠥᠨᠥᠳᠥᠷ ᠬᠡᠳᠦᠭᠦᠯᠡ ᠪᠡᠨ ᠣᠢ ᠶ᠋ᠢᠨ ᠭᠦᠨ ᠤᠷᠤᠭᠤ ᠣᠷᠣᠵᠤ ᠮᠣᠳᠣ ᠬᠠᠭᠠᠯᠤᠨ᠎ᠠ᠂ ᠬᠠᠮᠲᠤ ᠶᠠᠪᠤᠵᠠᠭᠠᠭᠠᠷᠠᠢ》 ᠭᠡᠵᠡᠢ᠃
ᠬᠠᠨᠰᠸᠯ ᠭᠡᠷ ᠡᠴᠡ ᠪᠡᠨ ᠭᠠᠷᠤᠭᠰᠠᠨ ᠴᠠᠭ ᠠ᠋ᠴᠠ ᠪᠠᠨ ᠡᠬᠢᠯᠡᠭᠡᠳ᠂ ᠲᠠᠯᠬ᠎ᠠ ᠦᠢᠷᠡᠭᠦᠯᠦᠨ᠂ ᠲᠡᠭᠦᠨ ᠢ᠋ᠶ᠋ᠡᠷ ᠢ᠋ᠶ᠋ᠡᠨ ᠪᠤᠴᠠᠬᠤ ᠵᠠᠮ ᠢ᠋ᠶ᠋ᠠᠨ ᠣᠯᠤᠨ᠎ᠠ ᠭᠡᠵᠦ ᠲᠥᠯᠥᠪᠯᠡᠨ ᠶᠠᠪᠤᠪᠠ᠃ ᠣᠢ ᠶ᠋ᠢᠨ ᠭᠦᠨ ᠳ᠋ᠦ᠍ ᠢᠷᠡᠭᠡᠳ᠂ ᠠᠪᠤ ᠨᠢ ᠲᠦᠳᠡᠭ ᠠᠰᠠᠭᠠᠵᠤ ᠥᠭᠭᠦᠭᠡᠳ᠂《 ᠵᠠ ᠪᠢᠳᠡ ᠬᠣᠶᠠᠷ ᠮᠣᠳᠣ ᠪᠡᠯᠡᠳᠬᠡᠭᠡᠳ ᠢᠷᠡᠶ᠎ᠡ》 ᠭᠡᠳ ᠶᠠᠪᠤᠵᠤ ᠭᠡᠨ᠎ᠡ᠃
ᠬᠠᠨᠰᠸᠯ ᠭᠷᠡᠲᠡᠯ ᠬᠣᠶᠠᠷ ᠬᠦᠯᠢᠶᠡᠵᠦ ᠪᠠᠶ᠋ᠢᠭᠠᠳ ᠲᠡᠨᠳᠡ ᠪᠡᠨ ᠤᠨᠲᠠᠭᠠᠳ ᠥᠷᠯᠥᠭᠡ ᠨᠢ ᠲᠠᠯᠬᠠᠨ ᠊ᠤ ᠪᠠᠨ ᠦᠢᠷᠡᠮᠡᠭ ᠊ᠢ ᠳᠠᠭᠠᠭᠠᠳ ᠬᠠᠷᠢᠬᠤ ᠭᠡᠲᠡᠯ᠎ᠡ᠂ ᠦᠢᠷᠡᠮᠡᠭ ᠊ᠢ ᠨᠢ ᠰᠢᠪᠠᠭᠤ ᠢᠳᠡᠴᠢᠬᠡᠭᠰᠡᠨ ᠪᠠᠶ᠋ᠢᠵᠤ ᠭᠡᠨ᠎ᠡ ᠃
ᠲᠤᠩᠬᠤ᠄ ᠬᠥᠭᠡᠷᠦᠬᠦᠢ ᠬᠡᠦᠬᠡᠳ ᠊ᠦᠳ ᠪᠦᠷ ᠦᠷᠦ ᠡᠪᠡᠳᠴᠢᠬᠡᠯᠡ᠂ ᠬᠤᠷᠳᠤᠬᠠᠨ ᠲᠡᠳᠡᠨ ᠊ᠢ ᠣᠯᠵᠤ᠂ ᠭᠡᠷ ᠊ᠢ ᠨᠢ ᠣᠯᠬᠤ ᠳ᠋ᠤ᠌ ᠨᠢ ᠲᠤᠰᠠᠯᠠᠶ᠎ᠠ᠃
ᠪᠠᠰᠠᠷ᠄ ᠶᠠᠭᠠᠬᠢᠨ᠎ᠠ? ᠡᠨᠡ ᠶ᠋ᠢ ᠶᠠᠷᠢᠭᠠᠳ ᠪᠠᠶ᠋ᠢᠭᠰᠠᠨ ᠪᠠᠶ᠋ᠢᠨ᠎ᠠ ᠰᠢᠲᠠ᠃
ᠮᠥᠩᠬᠡ᠄ ᠶᠠ᠂ ᠬᠠ ᠠ! ᠶᠠᠮᠠᠷ ᠠᠮᠲᠠᠲᠠᠢ ᠬᠠᠷᠠᠭᠳᠠᠵᠤ ᠪᠠᠶ᠋ᠢᠨ᠎ᠠ?
ᠪᠠᠰᠠᠷ᠄ (kid first visit ) ᠬᠡᠦᠬᠡᠳ ᠪᠢᠲᠡᠨ ᠠᠩᠬ᠎ᠠ ᠤᠲᠠᠬ᠋᠎ᠠ ᠢᠷᠡᠵᠦ ᠪᠠᠶ᠋ᠢᠨ᠎ᠠ᠃
ᠮᠥᠩᠬᠡ᠄ ᠶᠠᠭᠠᠬᠢᠭᠰᠠᠨ ᠭᠡᠨ᠎ᠡ?
ᠪᠠᠰᠠᠷ᠄ ᠠ᠂ ᠲᠩᠷᠢ ᠶ᠋ᠢᠨ ᠴᠡᠴᠡᠷᠯᠢᠭ ᠭᠡᠳᠡᠭ ᠭᠣᠶᠣ ᠭᠠᠵᠠᠷ ᠰᠠᠨᠠᠭᠠᠨ ᠳ᠋ᠤ᠌ ᠣᠷᠣᠯ᠎ᠠ᠂ ᠥᠩ ᠥᠩ
ᠲᠤᠩᠬᠤ ᠄ ᠲᠩᠷᠢ ᠶ᠋ᠢᠨ ᠴᠡᠴᠡᠷᠯᠢᠭ ᠭᠡᠵᠦ᠂ ᠶᠠᠭᠤ ᠪᠠᠶ᠋ᠢᠳᠠᠭ ᠶᠤᠮ ᠪᠣᠢ?
ᠪᠠᠰᠠᠷ᠄ ᠰᠸᠺᠠᠢ ᠭᠠᠷᠲᠸᠠᠨ ᠭᠡᠵᠦ ᠪᠠᠶ᠋ᠢᠬ᠋᠎ᠠ ᠶᠤᠮ ᠠ᠋ ᠃
ᠮᠥᠩᠬᠡ ᠄ ᠠ ᠂ ᠬᠡᠦᠬᠡᠳ ᠦ᠋ᠳ ᠲᠦ᠍ ᠡᠭᠡᠯᠢᠲᠡᠢ ᠰᠸᠺᠠᠢ ᠭᠠᠸᠷᠲᠸᠨ ᠭᠡᠳᠡᠭ ᠬᠣᠲᠠᠬᠠᠨ ᠦᠦ︖᠂ ᠠᠢ! ᠲᠡᠶ᠋ᠢᠮᠦ ᠪᠠᠶ᠋ᠢᠨ᠎ᠠ ᠰᠢᠦ᠂ ᠡᠨᠡ ᠰᠢᠬᠢᠷ ᠊ᠦᠨ ᠪᠠᠶ᠋ᠢᠰᠢᠩ ᠰᠢᠭ᠋ ᠲᠡᠶ᠋ᠢᠮᠦ ᠯᠡ ᠭᠣᠶᠣ ᠬᠣᠲᠠᠬᠠᠨ ᠪᠠᠶ᠋ᠢᠲᠠᠭ ᠪᠠᠶ᠋ᠢᠬ᠎ᠠ ᠳᠠ᠃
ᠪᠠᠰᠠᠷ᠄ ᠠ ᠶᠠ ᠶᠠ ᠶᠠ᠂ ᠲᠡᠶ᠋ᠢᠮᠦ ᠰᠢᠦ!
ᠴᠠᠰᠤᠬᠠᠨ᠄ ᠵᠠ ᠮᠠᠨ ᠪ ᠬᠢ ᠠ᠋᠂ ᠦᠯᠢᠭᠡᠷ ᠦ᠋ᠨ ᠠᠳᠠᠯ ᠶᠠᠪᠤᠳᠠᠯ ᠳ᠋ᠤ᠌ ᠪᠠᠨ ᠡᠷᠭᠢᠭᠡᠳ ᠣᠷᠣᠬᠤ ᠤᠤ? ᠬᠡ ᠬᠡ
ᠪᠠᠰᠠᠷ᠄ ᠥ᠂ ᠪᠦᠷ ᠬᠡᠰᠡᠭ ᠲᠥᠰᠦᠪᠯᠡᠴᠢᠬᠡᠭᠰᠡᠨ ᠶᠠᠪᠤᠵᠤ ᠪᠠᠶ᠋ᠢᠨ᠎ᠠ ᠰᠢᠲᠠ᠂ ᠬᠡ ᠬᠡ᠂ ᠵᠠ ᠲᠡᠭᠡᠶ᠎ᠡ!
ᠴᠠᠰᠤᠬᠠᠨ᠄ ᠰᠠᠢᠨ ᠪᠠᠶ᠋ᠢᠵᠠᠭᠠᠨᠠ ᠤᠤ ? ᠲᠠ ᠨᠠᠷ ᠊ᠢ ᠬᠠᠨᠰᠸᠯ ᠭᠷᠡᠲᠡᠯ ᠭᠡᠳᠡᠭ ᠊ᠦᠦ?
ᠬᠠᠨᠰᠸᠯ᠄ ᠲᠡᠶ᠋ᠢᠮᠦ ᠪᠠᠶ᠋ᠢᠨ᠎ᠠ᠂ ᠰᠠᠢᠨ ᠪᠠᠶ᠋ᠢᠵᠠᠭᠠᠨᠠ ᠤᠤ ?
ᠮᠥᠩᠬᠡ᠄ ᠰᠠᠢᠨ ᠪᠠᠶ᠋ᠢᠵᠠᠭᠠᠨᠠ ᠤᠤ ?
ᠬᠠᠨᠰᠸᠯ᠄ ᠰᠠᠢᠨ᠂ ᠰᠠᠢᠨ ᠪᠠᠶ᠋ᠢᠨ᠎ᠠ ᠤᠤ ?
ᠲᠤᠩᠬᠤ᠄ ᠲᠠ ᠬᠣᠶᠠᠷ ᠲᠥᠭᠡᠷᠢᠴᠢᠬᠡᠭᠰᠡᠨ ᠶᠦ᠍ᠮ ᠦᠦ?
ᠬᠠᠨᠰᠸᠯ᠄ ᠬᠠᠷᠢᠨ ᠲᠡᠶ᠋ᠢᠮᠦ ᠠ᠋᠂ ᠪᠢᠳᠡ ᠬᠣᠶᠠᠷ ᠤᠭ ᠨᠢ ᠲᠥᠭᠡᠷᠢᠬᠦ ᠦᠭᠡᠢ ᠶ᠋ᠢᠨ ᠲᠤᠯᠠᠳᠠ ᠲᠠᠯᠬᠠᠨ ᠊ᠤ ᠦᠢᠷᠡᠮᠡᠭ ᠦᠯᠡᠳᠡᠭᠡᠵᠦ ᠶᠠᠪᠤᠭᠰᠠᠨ ᠪᠣᠯᠪᠠᠴᠤ ᠰᠢᠪᠠᠭᠤ ᠢᠳᠡᠴᠢᠬᠡᠭᠰᠡᠨ ᠪᠠᠶ᠋ᠢᠬᠤ ᠶᠤᠮ᠃
ᠲᠤᠩᠬᠤ ᠄ ᠦ ᠂ ᠲᠡᠶ᠋ᠢᠮᠦ ᠦᠦ?
ᠬᠠᠨᠰᠸᠯ ᠄ ᠪᠢᠳᠡ ᠬᠣᠶᠠᠷ ᠠᠪᠴᠤ ᠶᠠᠪᠤᠭᠰᠠ ᠲᠠᠯᠬ᠎ᠠ ᠪᠠᠨ ᠦᠢᠷᠡᠭᠦᠯᠴᠢᠭᠰᠡᠨ ᠪᠣᠯᠬᠣᠷ ᠢᠳᠡᠬᠦ ᠵᠦᠢᠯ ᠦᠭᠡᠢ ᠶᠡᠬᠡ ᠥᠯᠥᠰᠴᠦ ᠶᠠᠪᠤᠭᠠᠳ ᠡᠨᠡ ᠪᠠᠶ᠋ᠢᠰᠢᠩ ᠊ᠢ ᠣᠯᠤᠯ᠎ᠠ ᠃
ᠴᠠᠰᠤᠬᠠᠨ ᠄ ᠪᠢᠳᠡ ᠨᠠᠷ ᠲᠠ ᠬᠣᠶᠠᠷ ᠲᠤ᠌ ᠭᠡᠷ ᠢ᠋ᠶ᠋ᠡᠨ ᠣᠯᠬᠤ ᠳ᠋ᠤ᠌ ᠴᠢᠨᠢ ᠲᠤᠰᠠᠯᠠᠬᠤ ᠪᠣᠯᠤᠨ᠎ᠠ ᠃
ᠬᠠᠨᠰᠸᠯ ᠄ ᠪᠠᠶᠠᠷᠯᠠᠯ᠎ᠠ ᠂ ᠲᠠ ᠬᠡᠳᠦ ᠮᠠᠨ ᠤ᠋ ᠭᠡᠷ ᠊ᠢ ᠬᠠᠮᠢᠭ᠎ᠠ ᠪᠠᠶ᠋ᠢᠲᠠᠭ ᠊ᠢ ᠮᠡᠳᠡᠳᠡᠭ ᠶᠦ᠍ᠮ ᠦᠦ?
ᠲᠤᠩᠬᠤ ᠄ ᠪᠢᠳᠡ ᠶᠠᠭ ᠰᠠᠢᠨ ᠮᠡᠳᠡᠬᠦ ᠦᠭᠡᠢ ᠯᠡ ᠳᠡ ᠂ ᠭᠡᠬᠦ ᠳ᠋ᠦ᠍ ᠪᠡᠨ ᠥᠪᠡᠷᠰᠡᠳ ᠦ᠋ᠨ ᠢ᠋ᠶ᠋ᠡᠨ ᠴᠢᠳᠠᠬᠤ ᠵᠦᠢᠯ ᠢ᠋ᠶ᠋ᠡᠷ ᠢ᠋ᠶ᠋ᠡᠨ ᠲᠤᠰᠠᠯᠠᠬᠤ ᠪᠣᠯᠤᠨ᠎ᠠ ᠃
ᠬᠠᠨᠰᠸᠯ ᠄ ᠲᠠ ᠨᠠᠷ ᠲᠤ᠌ ᠶᠠᠮᠠᠷ ᠨᠢᠭᠡᠨ ᠲᠥᠯᠥᠪᠯᠡᠭᠡ ᠪᠠᠶ᠋ᠢᠬ᠋᠎ᠠ ᠶᠤᠮ ᠤᠤ ?
ᠲᠤᠩᠬᠤ ᠄ ᠥᠩ
ᠴᠠᠰᠤᠬᠠᠨ ᠄ ᠥᠩ᠂ ᠪᠢᠳᠡ ᠨᠠᠷ ᠲᠤ᠌ ᠶᠠᠭ ᠣᠳᠣ ᠲᠥᠯᠥᠪᠯᠡᠭᠡ ᠪᠠᠶ᠋ᠢᠬᠤ ᠦᠭᠡᠢ ᠴᠦ᠍ ᠭᠡᠰᠡᠨ ᠮᠠᠨ ᠤ᠋ ᠮᠥᠩᠬᠡ ᠪᠠᠰᠠᠷ ᠬᠣᠶᠠᠷ ᠮᠠᠨᠢ ᠠᠷᠭ᠎ᠠ ᠣᠯᠬᠤ ᠪᠠᠶ᠋ᠢᠬ᠎ᠠ ᠃
ᠮᠥᠩᠬᠡ ᠄ ᠥᠩ
ᠪᠠᠰᠠᠷ ᠄ ᠥᠩ
ᠲᠤᠩᠬᠤ ᠄ ᠮᠥᠩᠬᠡ ᠪᠠᠰᠠᠷ ᠠ᠋ ᠂ ᠲᠠ ᠬᠣᠶᠠᠷ ᠪᠤᠯᠢᠭᠠᠴᠢ!
ᠪᠠᠰᠠᠷ ᠄ ᠠ ᠂ᠵᠠ ᠂ ᠪᠢ ᠪᠠᠶ᠋ᠢᠰᠢᠩ ᠤ᠋ᠨ ᠠᠷᠤ ᠳ᠋ᠠᠬᠢ ᠬᠡᠰᠡᠭ ᠊ᠢ ᠰᠢᠯᠭᠠᠳᠠᠬᠠᠶᠡ᠂ ᠰᠡᠵᠢᠭᠦᠷ ᠣᠯᠳᠠᠵᠤ ᠮᠡᠳᠡᠨ᠎ᠡ ᠃
ᠮᠥᠩᠬᠡ ᠄ ᠳ᠋ᠧᠰᠸᠷᠲ ᠂ ᠳ᠋ᠧᠰᠸᠷᠲ ᠃ ᠬᠢ ᠬᠢ
ᠪᠠᠰᠠᠷ ᠄ ᠬᠡ ᠬᠡ
ᠮᠥᠩᠬᠡ ᠄ ᠬᠢ ᠬᠢ
ᠱᠤᠯᠤᠮ ᠄ ᠵᠠ ᠂ ᠰᠠᠢᠨ ᠪᠠᠶ᠋ᠢᠵᠠᠭᠠᠨᠠ ᠤᠤ ? ᠬᠡ ᠬᠡ
ᠮᠥᠩᠬᠡ ᠄ ᠰᠠᠢᠨ ᠪᠠᠶ᠋ᠢᠨ᠎ᠠ ᠤᠤ ?ᠳᠠ ᠂ ᠪᠢᠳᠡ ᠬᠡᠳᠦ ᠬᠠᠷᠢᠨ ᠲᠥᠭᠡᠷᠢᠴᠢᠬᠡᠭᠡᠳ ᠠᠵᠠ ᠪᠣᠯᠵᠤ ᠲᠠᠨ ᠤ᠋ ᠪᠠᠶ᠋ᠢᠰᠢᠩ ᠊ᠢ ᠣᠯᠤᠯ᠎ᠠ ᠃
ᠱᠤᠯᠤᠮ ᠄ ᠦ ᠬᠥᠭᠡᠷᠦᠬᠦᠢ ᠂ ᠬᠡᠦᠬᠡᠳ ᠦ᠋ᠳ ᠮᠢᠨᠢ ᠶᠡᠬᠡᠯ᠎ᠡ ᠥᠯᠥᠰᠴᠦ ᠶᠠᠳᠠᠷᠠᠵᠤ ᠶᠠᠪᠤᠭ᠎ᠠ ᠪᠠᠶ᠋ᠢᠯᠭᠦᠢ ᠂ ᠣᠷᠣᠵᠤ ᠬᠣᠭᠣᠯᠠ ᠤᠮᠳᠠ ᠢᠳᠡᠵᠦ ᠠᠮᠠᠷᠠᠵᠠᠭᠠ ᠂ ᠲᠡᠭᠡᠭᠡᠳ ᠲᠥᠭᠡᠷᠢᠬ᠋ᠰᠡᠨ ᠠᠰᠠᠭᠤᠳᠠᠯ ᠊ᠢ ᠴᠢᠨᠢ ᠶᠠᠷᠢᠯᠴᠠᠵᠤ ᠰᠢᠢᠳᠴᠡᠭᠡᠶᠡ᠃ ᠬᠡᠩ ᠬᠡᠩ
ᠭᠷᠠᠲᠠᠯ᠄ ᠵᠠ ᠂ ᠡᠮᠧ ᠪᠠᠶᠠᠷᠯᠠᠯ᠎ᠠ ᠃
ᠮᠥᠩᠬᠡ ᠄ ᠨᠥᠭᠥᠭᠡ ᠂ ᠪᠢᠳᠡ ᠨᠠᠷ ᠨᠠᠶ᠋ᠢᠵᠠ ᠦ᠋ᠳ ᠲᠡᠢ ᠪᠡᠨ ᠁
ᠴᠠᠰᠤᠬᠠᠨ ᠄ ᠡᠨᠡ ᠨᠢᠭᠡ ᠯᠡ ᠪᠢᠰᠢ ᠪᠠᠶ᠋ᠢᠨ᠎ᠠ ᠳᠠ!
ᠲᠤᠩᠬᠤ ᠄ ᠶᠠᠭᠠᠬᠢᠭᠰᠠᠨ ᠭᠡᠵᠦ ᠴᠠᠰᠤᠬᠠᠨ ᠠ᠋ ?
ᠴᠠᠰᠤᠬᠠᠨ ᠄ ᠪᠢᠳᠡ ᠨᠠᠷ ᠡᠨᠡ ᠦᠯᠢᠭᠡᠷ ᠊ᠢ ᠶᠠᠭᠠᠬᠢᠵᠤ ᠦᠷᠭᠦᠯᠵᠢᠯᠡᠳᠡᠭ ᠊ᠢ ᠨᠢ ᠮᠡᠳᠡᠬᠦ ᠦᠭᠡᠢ ᠪᠣᠯᠬᠣᠷ ᠲᠠᠭᠠᠷᠠᠭᠰᠠᠨ ᠬᠥᠮᠦᠰ ᠲᠦ᠍ ᠪᠡᠨ ᠰᠢᠭᠤᠳ ᠢᠲᠡᠭᠡᠵᠦ ᠪᠣᠯᠬᠤ ᠦᠭᠡᠢ ᠪᠣᠯᠪᠠᠤ ᠭᠡᠵᠦ ᠪᠣᠳᠣᠵᠤ ᠪᠠᠶ᠋ᠢᠨ᠎ᠠ ᠃
ᠲᠤᠩᠬᠤ ᠄ ᠨᠡᠭᠡᠷᠡᠨ ᠲᠡᠶ᠋ᠢᠮᠦ ᠰᠢᠦ ᠂ ᠠᠵᠠᠷ ᠪᠠᠽᠠᠷ ᠲᠠᠵᠠᠷ ᠭᠤᠷᠪᠠ ᠳᠡᠭᠡᠷ᠎ᠡ ᠶᠠᠭ ᠪᠠᠯᠠᠷᠠᠩᠭᠠᠨ ᠠᠯᠳᠠᠭᠰᠠᠨ ᠃
ᠴᠠᠰᠤᠬᠠᠨ ᠄ ᠬᠡᠳᠦᠭᠦᠯᠡ ᠪᠡᠨ ᠶᠠᠭᠤ ᠴᠤ᠌ ᠭᠡᠰᠡᠨ ᠶᠠᠭᠤ ᠪᠣᠯᠵᠤ ᠪᠠᠶ᠋ᠢᠬ᠋᠎ᠠ ᠶ᠋ᠢ ᠨᠢ ᠴᠣᠩᠬᠣ ᠪᠠᠷ ᠬᠠᠷᠠᠶ᠎ᠠ ᠃
ᠱᠤᠯᠤᠮ ᠄ ᠵᠠ ᠂ ᠬᠡᠦᠬᠡᠳ ᠦ᠋ᠳ ᠠ᠋ ᠂ ᠰᠠᠢᠬᠠᠨ ᠢᠳᠡᠵᠡᠭᠡ ᠂ ᠤᠤᠭᠤᠵᠠᠭ᠎ᠠ ᠂ ᠥᠯᠥᠰᠦᠭᠰᠡᠨ ᠯᠡ ᠪᠠᠶ᠋ᠢᠯᠭᠦᠢ ᠃
ᠮᠥᠩᠬᠡ ᠄ ᠪᠠᠶᠠᠷᠯᠠᠯ᠎ᠠ ᠡᠮᠧ ᠃
ᠭᠸᠷᠡᠶ᠋ᠢᠷᠡᠯ ᠄ ᠲᠠ ᠦᠨᠡᠬᠡᠷ ᠰᠠᠢᠬᠠᠨ ᠰᠡᠳᠬᠢᠯ ᠲᠡᠢ ᠬᠥᠮᠦᠨ ᠶᠦ᠍ᠮ ᠠ᠋ ᠂ ᠮᠠᠨ ᠤ᠋ ᠠᠪᠤ ᠮᠣᠳᠣ ᠪᠡᠯᠡᠳᠬᠡᠳᠡᠭ ᠬᠥᠮᠦᠨ ᠂ ᠪᠢ ᠠᠬ᠎ᠠ ᠲᠠᠢ ᠪᠠᠨ ᠣᠢ ᠳ᠋ᠤ᠌ ᠶᠠᠪᠤᠵᠤ ᠪᠠᠶ᠋ᠢᠭᠠᠳ ᠭᠡᠷ ᠡᠴᠡ ᠪᠡᠨ ᠲᠥᠭᠡᠷᠢᠴᠢᠬᠡᠯ᠎ᠡ ᠂ᠶᠠᠭᠠᠬᠢᠵᠤ ᠪᠤᠴᠠᠬᠤ ᠪᠠᠨ ᠮᠡᠳᠡᠳᠡᠭ ᠦᠭᠡᠢ ᠃
ᠱᠤᠯᠤᠮ ᠄ ᠠᠢ ᠂ ᠬᠥᠭᠡᠷᠦᠬᠦᠢ ᠪᠠᠯᠠᠷᠠᠭᠰᠠᠨ ᠶᠠᠭᠤᠮ᠎ᠠ ᠂ ᠳᠡᠭᠦᠦ ᠪᠡᠨ ᠰᠠᠢᠨ ᠬᠠᠷᠠᠳᠠᠭ ᠮᠤᠨᠳᠠᠭ ᠠᠬ᠎ᠠ ᠪᠠᠶ᠋ᠢᠨ᠎ᠠ ᠂ ᠬᠡᠩ ᠁᠃
ᠴᠠᠰᠤᠬᠠᠨ ᠄ ᠡᠨᠡ ᠨᠢᠭᠡ ᠯᠡ ᠪᠢᠰᠢ ᠪᠠᠶ᠋ᠢᠨ᠎ᠠ ᠳᠠ ᠃
ᠬᠠᠨᠰᠸᠯ ᠄ ᠲᠡᠶ᠋ᠢᠮᠦ ᠪᠠᠶ᠋ᠢᠨ᠎ᠠ ᠃
ᠲᠤᠩᠬᠤ ᠄ ᠣᠳᠣ ᠬᠡᠳᠦᠭᠦᠯᠡ ᠶᠠᠭᠠᠬᠢᠬᠤ ᠪᠣᠢ ? ᠡᠨᠡ ᠬᠣᠶᠠᠷ ᠊ᠢ ᠪᠡᠨ ᠶᠠᠭᠠᠬᠢᠵᠤ ᠠᠪᠤᠷᠠᠬᠤ ᠪᠣᠢ? ᠪᠠᠮᠪᠠᠷ ᠮᠢᠨᠢ ᠠᠮᠢᠯᠠᠭᠰᠠᠨ ᠪᠣᠯᠵᠤ ᠂ ᠳᠠᠩᠴᠤ ᠡᠨᠡ ᠭᠠᠳᠠᠭᠠᠳᠤ ᠦᠯᠢᠭᠡᠷ ᠪᠣᠯᠬᠣᠷ ᠠᠷᠭ᠎ᠠ ᠴᠤ᠌ ᠪᠠᠶ᠋ᠢᠬᠤ ᠦᠭᠡᠢ ᠃
ᠬᠠᠨᠰᠸᠯ ᠄ ᠠᠪᠤ ᠮᠢᠨᠢ ᠪᠠᠶ᠋ᠢᠬᠰᠠᠨ ᠪᠣᠯ ᠴᠤ᠌ ᠁
ᠴᠠᠰᠤᠬᠠᠨ ᠄ ᠶᠠᠭ ᠲᠡᠶ᠋ᠢᠮᠦ ᠂ ᠬᠡᠳᠦᠭᠦᠯᠡ ᠪᠡᠨ ᠠᠪᠤ ᠶ᠋ᠢ ᠴᠢᠨᠢ ᠣᠯᠵᠤ ᠠᠭᠤᠯᠵᠠᠭᠠᠳ ᠡᠨᠡ ᠬᠣᠶᠠᠷ ᠊ᠢ ᠠᠪᠤᠷᠠᠭᠤᠯᠤᠶᠠ ᠃
ᠮᠥᠩᠬᠡ᠄ ᠶᠣᠰᠣᠲᠠᠢ ᠭᠣᠶᠣ ᠪᠠᠶ᠋ᠢᠯ᠎ᠠ᠂ ᠪᠠᠶᠠᠷᠯᠠᠯ᠎ᠠ ᠡᠮᠧ ᠠ᠋᠃
ᠭᠷᠡᠲᠡᠯ ᠄ ᠪᠠᠶᠠᠷᠯᠠᠯ᠎ᠠ ᠡᠮᠧ ᠠ᠋ ᠃
ᠱᠤᠯᠤᠮ ᠄ ᠵᠠ ᠬᠡᠦᠬᠡᠳ ᠦ᠋ᠳ ᠠ᠋ ᠂ ᠣᠳᠣ ᠤᠨᠲᠠᠵᠤ ᠠᠮᠠᠷᠠᠵᠠᠭᠠ ᠂ ᠲᠠ ᠬᠣᠶᠠᠷ ᠢ᠋ ᠰᠡᠷᠢᠬᠦ ᠳ᠋ᠦ᠍ ᠴᠢᠨᠢ ᠠᠭᠢᠭᠠᠳ ᠵᠥᠩᠳᠡᠭᠡᠨ ᠠᠮᠲᠠᠲᠠᠨ ᠦᠳ ᠪᠡᠯᠡᠳᠴᠢᠬᠡᠭᠰᠡᠨ ᠪᠠᠶ᠋ᠢᠶ᠎ᠠ ᠃
ᠱᠤᠯᠤᠮ ᠄ ᠬᠡᠩ ᠬᠡᠩ ᠁ ᠬᠡᠦᠬᠡᠳ ᠦ᠋ᠳ ᠦᠨᠡᠬᠡᠷ ᠭᠡᠨᠡᠨ ᠬᠥᠭᠡᠷᠦᠬᠦᠨ ᠪᠠᠶ᠋ᠢᠬᠤ ᠶᠤᠮ ᠳᠠ ᠂ ᠪᠠᠶ᠋ᠢᠩᠭᠤ ᠰᠢᠬᠢᠷ ᠢᠳᠡᠵᠦ ᠤᠶ᠋ᠢᠳᠤᠭᠰᠠᠨ ᠮᠢᠨᠦ ᠬᠤᠪᠢ ᠳ᠋ᠤ᠌ ᠴᠤ᠌ ᠰᠠᠢᠬᠠᠨ ᠪᠣᠯᠤᠮᠵᠢ ᠪᠣᠯᠤᠯ᠎ᠠ᠂ ᠡᠨᠡ ᠬᠣᠶᠠᠷ ᠊ᠢ ᠰᠠᠢᠬᠠᠨ ᠲᠠᠷᠭᠤᠯᠠᠭᠤᠯᠵᠤ ᠪᠠᠶ᠋ᠢᠭᠠᠳ ᠢᠳᠡᠨ᠎ᠡ ᠳᠡ ᠃
ᠮᠥᠩᠬᠡ᠄ ᠲᠤᠷᠳ᠋( ᠶᠠᠭᠤᠮ᠎ᠠ ᠣᠶ᠋ᠢᠴᠢᠭᠰᠠᠨ ᠳᠠᠭᠤ)
ᠱᠤᠯᠤᠮ᠄ ᠠ? ᠁
ᠪᠠᠰᠠᠷ᠄ ᠰᠢᠦ ᠰᠢᠦ ᠂ ᠠᠢ ᠪᠤᠷᠬᠠᠨ ᠮᠢᠨᠢ ᠡᠶ᠋ᠢᠮᠦ ᠰᠠᠢᠬᠠᠨ ᠦᠯᠢᠭᠡᠷ ᠲᠦ᠍ ᠨᠠᠰᠤ ᠪᠠᠷ ᠢ᠋ᠶ᠋ᠠᠨ ᠠᠮᠢᠳᠤᠷᠠᠭᠰᠠᠨ ᠴᠤ᠌ ᠶᠠᠭᠠᠬᠢᠬᠤ ᠪᠣᠢ ᠂ ᠭᠡᠭ᠂ᠶᠠᠭᠠᠬᠢᠭᠰᠠᠨ ᠴᠤ᠌ ᠰᠠᠢᠬᠠᠨ ᠶᠤᠮ ᠳᠠ ᠃
ᠮᠥᠩᠬᠡ᠄ ᠡᠸ ᠂ ᠲᠤᠰᠠᠯᠠᠭᠠᠷᠠᠢ ᠂ ᠡᠨᠡ ᠱᠤᠯᠤᠮ ᠶᠤᠮ ᠪᠠᠶ᠋ᠢᠨ᠎ᠠ ᠂ ᠮᠠᠨ ᠤ᠋ ᠬᠢ ᠠ᠋! ᠲᠤᠰᠠᠯᠠᠭᠠᠷᠠᠢ ᠃
ᠪᠠᠰᠠᠷ᠄ ᠬᠥᠶᠢ ᠂ ᠡᠨᠡ ᠮᠥᠩᠬᠡ ᠦᠦ ᠳᠡ᠂ ᠬᠥᠶᠢ ᠮᠥᠩᠬᠡ ᠠ᠋ ᠂ ᠴᠢ ᠨᠠᠭᠠᠨ᠎ᠠ ᠪᠠᠨ ᠶᠠᠭᠤ ᠬᠢᠵᠦ ᠪᠠᠶ᠋ᠢᠬ᠋᠎ᠠ ᠶᠤᠮ ᠪᠣᠢ?
ᠮᠥᠩᠬᠡ᠄ ᠨᠠᠮ᠎ᠠ ᠶ᠋ᠢ ᠡᠨᠳᠡ ᠬᠣᠷᠢᠴᠢᠬᠠᠯᠠ ᠂ ᠡᠨᠡ ᠡᠮᠡᠭᠡᠨ ᠱᠤᠯᠤᠮ ᠶᠤᠮ ᠪᠠᠶ᠋ᠢᠨ᠎ᠠ ᠂ ᠲᠤᠰᠠᠯᠠᠭᠠᠷᠠᠢ ᠪᠠᠰᠠᠷ ᠠ᠋!
ᠪᠠᠰᠠᠷ᠄ ᠶᠠᠭᠤ ᠪᠣᠢ? ᠶᠠᠭᠤ ᠪᠣᠯᠤᠭᠠᠳ ᠪᠠᠶ᠋ᠢᠨ᠎ᠠ ᠠ ᠂ ᠮᠠᠨᠠᠶ᠋ᠢᠬᠢ ᠠ᠋ ᠂ ᠬᠥᠶᠢ ᠮᠠᠨᠠᠶ᠋ᠢᠬᠢ ᠬᠠᠮᠢᠭ᠎ᠠ ᠶᠠᠪᠤᠭᠰᠠᠨ ᠪᠣᠢ ?
ᠮᠥᠩᠬᠡ᠄ ᠪᠠᠰᠠᠷ ᠠ᠋ ᠂ ᠪᠢ ᠴᠢᠨᠦ ᠶᠠᠷᠢᠶ᠎ᠠ ᠶ᠋ᠢ ᠣᠶ᠋ᠢᠯᠠᠭᠠᠬᠤ ᠦᠭᠡᠢ ᠪᠠᠶ᠋ᠢᠨ᠎ᠠ ᠂ ᠨᠥᠬᠥᠭᠡ ᠬᠡᠳᠦ ᠶ᠋ᠢ ᠪᠡᠨ ᠣᠯᠤᠭᠠᠳ ᠨᠠᠮ᠎ᠠ ᠶ᠋ᠢ ᠬᠤᠷᠳᠤᠨ ᠭᠠᠷᠭᠠᠭᠠᠷᠠᠢ ᠃
ᠪᠠᠰᠠᠷ᠄ ᠶᠠᠭᠠᠬᠢᠨ᠎ᠠ? ᠮᠢᠨᠦ ᠶᠠᠷᠢᠶ᠎ᠠ ᠶ᠋ᠢ ᠣᠶ᠋ᠢᠯᠠᠭᠠᠲᠠᠭ ᠦᠭᠡᠢ ᠂ ᠪᠤᠰᠤᠳ ᠬᠡᠳᠦ ᠶ᠋ᠢ ᠪᠡᠨ ᠣᠯᠳᠠᠭ ᠦᠭᠡᠢ᠂ ᠶᠠᠭᠠᠬᠢᠳᠠᠭ ᠶᠤᠮ ᠪᠢᠯᠡ ᠪᠠᠶ᠋ᠢᠵᠠ ᠁ ᠮᠥᠩᠬᠡ ᠠ᠋ ᠪᠢ ᠴᠢᠮ᠎ᠠ ᠶ᠋ᠢ ᠡᠨᠳᠡ ᠡᠴᠡ ᠵᠠᠪᠠᠯ ᠭᠠᠷᠭᠠᠨ᠎ᠠ ᠂ ᠨᠠᠳᠠ ᠳ᠋ᠤ᠌ ᠢᠲᠡᠭᠡᠭᠡᠷᠡᠢ ᠃ᠥᠩ ᠥᠩ᠁
ᠮᠥᠩᠬᠡ ᠄ ᠰᠠᠶᠢ ᠂ ᠪᠠᠰᠠᠷ ᠶᠠᠭᠤ ᠶᠠᠷᠢᠵᠤ ᠪᠠᠶ᠋ᠢᠭᠠᠳ ᠶᠠᠪᠤᠴᠢᠬᠠᠪᠠ?
ᠪᠠᠰᠠᠷ ᠄ ᠡᠩ ᠂ ᠶᠠᠭᠤᠮ᠎ᠠ ᠬᠡᠯᠡᠭᠰᠡᠨ ᠦᠦ ?
ᠮᠥᠩᠬᠡ ᠄ ᠪᠠᠰᠠᠷ ᠠ᠋ ᠂ ᠶᠠᠭᠤ ᠬᠢᠵᠦ ᠪᠠᠶ᠋ᠢᠬ᠋᠎ᠠ ᠶᠤᠮ ᠪᠣᠢ ?
ᠪᠠᠰᠠᠷ ᠄ ᠲᠡᠰᠦᠭᠡᠷᠡᠢ ᠮᠥᠩᠬᠡ ᠮᠢᠨᠢ ᠪᠢ ᠡᠨᠡ ᠪᠠᠶ᠋ᠢᠰᠢᠩ ᠊ᠢ ᠢᠳᠡᠭᠡᠳ ᠬᠠᠶᠠᠴᠢᠬᠠᠶ᠎ᠠ ᠃
ᠠᠪᠤ ᠄ ᠬᠠᠨᠰᠸᠯ ᠂ ᠭᠷᠡᠲᠡᠯ ᠂ ᠬᠠᠨᠰᠸᠯ ᠂ ᠭᠷᠡᠲᠡᠯ ?
ᠬᠠᠨᠰᠸᠯ ᠄ ᠠᠪᠤ ᠠ᠋
ᠠᠪᠤ᠄ ᠬᠠᠨᠰᠸᠯ ᠮᠢᠨᠢ ᠠᠪᠤ ᠶ᠋ᠢ ᠪᠡᠨ ᠠᠭᠤᠴᠢᠯᠠᠭᠠᠷᠠᠢ ᠂ ᠱᠤᠯᠤᠮ ᠰᠢᠭ᠋ ᠬᠡᠦᠬᠡᠨ ᠦ᠌ ᠦᠭᠡᠨ ᠳ᠋ᠦ᠍ ᠣᠷᠣᠵᠤ ᠲᠠ ᠬᠣᠶᠠᠷ ᠊ᠢ ᠪᠡᠨ ᠵᠣᠯ ᠲᠠᠢ ᠯᠠ ᠠᠯᠳᠠᠴᠢᠬᠠᠭᠰᠠᠨ ᠦᠭᠡᠢ ᠂ ᠣᠳᠣ ᠬᠡᠳᠦᠭᠦᠯᠡ ᠪᠡᠨ ᠰᠠᠢᠬᠠᠨ ᠠᠮᠢᠳᠤᠷᠠᠨ᠎ᠠ ᠃ ᠠ ᠭᠷᠡᠲᠡᠯ ᠬᠠᠮᠢᠭ᠎ᠠ ᠪᠠᠶ᠋ᠢᠨ᠎ᠠ ? ᠲᠠ ᠬᠡᠳᠦ ᠬᠡᠨ ᠪᠣᠢ ?
ᠬᠠᠨᠰᠸᠯ ᠄ ᠠ ᠂ ᠡᠨᠡ ᠬᠣᠶᠠᠷ ᠨᠠᠳᠠ ᠳ᠋ᠤ᠌ ᠭᠡᠷ ᠊ᠢ ᠮᠢᠨᠢ ᠣᠯᠬᠤ ᠳ᠋ᠤ᠌ ᠲᠤᠰᠠᠯᠠᠵᠤ ᠶᠠᠪᠤᠭᠰᠠᠨ ᠶᠤᠮ ᠂ ᠠᠪᠤ ᠠ᠋ ᠭᠷᠡᠲᠡᠯ ᠪᠢᠳᠡ ᠬᠣᠶᠠᠷ ᠣᠢ ᠮᠣᠳᠣᠨ ᠳ᠋ᠤ᠌ ᠲᠥᠭᠡᠷᠢᠵᠦ ᠶᠠᠪᠤᠭᠠᠳ ᠰᠢᠬᠢᠷ ᠦ᠋ᠨ ᠪᠠᠶ᠋ᠢᠰᠢᠩ ᠣᠯᠤᠭᠰᠠᠨ ᠂ ᠲᠡᠭᠡᠭᠡᠳ ᠨᠢᠭᠡ ᠡᠮᠧ ᠭᠠᠷᠴᠤ ᠢᠷᠡᠭᠡᠳ ᠭᠷᠡᠲᠡᠯ ᠊ᠢ ᠨᠢᠭᠡ ᠬᠡᠦᠬᠡᠳ ᠲᠡᠢ ᠬᠠᠮᠲᠤ ᠠᠪᠤᠭᠠᠳ ᠣᠷᠣᠭᠰᠠᠨ ᠃
ᠠᠪᠤ ᠄ ᠶᠠᠭᠤ? ᠲᠡᠷᠡ ᠴᠢᠨᠢ ᠡᠨᠡ ᠣᠢ ᠮᠣᠳᠣᠨ ᠳ᠋ᠤ᠌ ᠠᠮᠢᠳᠤᠷᠠᠳᠠᠭ ᠬᠣᠣᠷ ᠤ᠋ᠨ ᠰᠠᠨᠠᠭ᠎ᠠ ᠲᠠᠢ ᠱᠤᠯᠤᠮ ᠪᠠᠶ᠋ᠢᠬ᠋᠎ᠠ ᠰᠢᠦ ᠳᠡ ᠂ ᠪᠠᠶ᠋ᠢᠩᠭᠤ ᠰᠢᠬᠢᠷ ᠢᠳᠡᠳᠡᠭ ᠪᠣᠯᠬᠣᠷ ᠬᠡᠦᠬᠡᠳ ᠦ᠋ᠳ ᠊ᠢ ᠤᠷᠬᠠᠳᠠᠵᠤ ᠠᠪᠴᠤ ᠬᠣᠭᠣᠯᠠᠯᠠᠳᠠᠭ ᠭᠡᠳᠡᠭ ᠳᠣᠮᠣᠭ ᠪᠠᠶ᠋ᠢᠲᠠᠭ ᠃
ᠲᠤᠩᠬᠤ ᠄ ᠶᠠᠭᠠᠬᠢᠨ᠎ᠠ? ᠶᠠᠮᠠᠷ ᠠᠶᠤᠮᠠᠷ ᠶᠤᠮ ᠪᠣᠢ ?
ᠠᠪᠤ ᠄ ᠬᠡᠳᠦᠭᠦᠯᠡ ᠪᠡᠨ ᠬᠤᠷᠳᠤᠨ ᠣᠴᠢᠵᠠᠭᠠᠶ᠎ᠠ ᠂ ᠲᠡᠷᠡ ᠭᠠᠵᠠᠷ ᠨᠢ ᠬᠠᠮᠢᠭ᠎ᠠ ᠪᠠᠶ᠋ᠢᠨ᠎ᠠ ?
ᠪᠠᠰᠠᠷ ᠄ ᠠ ᠬᠠ ᠂ ᠪᠢ ᠥᠪᠡᠷ ᠊ᠢ ᠴᠢᠨᠢ ᠬᠠᠮᠢᠭ᠎ᠠ ᠲᠠᠯᠪᠢᠭᠰᠠᠨ ᠭᠡᠳᠡᠭ ᠊ᠢ ᠮᠡᠳᠡᠭᠰᠡᠨ ᠪᠣᠯᠬᠣᠷ ᠣᠳᠣ ᠪᠢᠳᠡᠨ ᠊ᠢ ᠲᠠ ᠶᠠᠭᠠᠬᠢᠵᠤ ᠴᠤ᠌ ᠴᠢᠳᠠᠬᠤ ᠦᠭᠡᠢ ᠃
ᠱᠤᠯᠤᠮ ᠄ ᠬᠡᠩ ᠬᠡᠩ ᠂ ᠪᠢ ᠴᠢᠮ᠎ᠠ ᠶ᠋ᠢ ᠲᠦᠯᠬᠢᠭᠦᠷ ᠪᠠᠶ᠋ᠢᠬᠤ ᠦᠭᠡᠢ ᠶ᠋ᠢ ᠮᠡᠳᠡᠭᠰᠡᠨ ᠪᠣᠯᠬᠣᠷ ᠲᠠ ᠬᠣᠶᠠᠷ ᠶᠠᠭᠠᠬᠢᠵᠤ ᠴᠢᠳᠠᠬᠤ ᠦᠭᠡᠢ ᠃
ᠪᠠᠰᠠᠷ ᠄ ᠠ ᠬᠠ ᠂ ᠪᠢ ᠲᠠᠨ ᠊ᠢ ᠪᠢᠳᠡᠨ ᠳ᠋ᠦ᠍ ᠲᠦᠯᠬᠢᠭᠦᠷ ᠪᠠᠶ᠋ᠢᠬᠤ ᠦᠭᠡᠢ ᠭᠡᠵᠦ ᠬᠡᠯᠡᠨ᠎ᠡ ᠭᠡᠵᠦ ᠮᠡᠳᠡᠵᠦ ᠪᠠᠶ᠋ᠢᠬᠰᠠᠨ ᠪᠣᠯᠬᠣᠷ ᠲᠦᠯᠬᠢᠭᠦᠷ ᠊ᠢ ᠴᠢᠨᠢ ᠠᠯᠢ ᠬᠡᠲᠦᠶ᠋ᠢᠨ ᠠᠪᠤᠭᠰᠠᠨ ᠃
ᠱᠤᠯᠤᠮ ᠄ ᠬᠡᠩ ᠬᠡᠩ ᠂ ᠪᠢ ᠴᠢᠮ᠎ᠠ ᠶ᠋ᠢ ᠲᠦᠯᠬᠢᠭᠦᠷ ᠠᠪᠴᠤ ᠪᠠᠶ᠋ᠢᠵᠤ ᠮᠠᠭᠠᠳ ᠦᠭᠡᠢ ᠭᠡᠵᠦ ᠮᠡᠳᠡᠵᠦ ᠪᠠᠶ᠋ᠢᠬᠰᠠᠨ ᠪᠣᠯᠬᠣᠷ ᠲᠦᠯᠬᠢᠭᠦᠷ ᠦ᠋ᠨ ᠢ᠋ᠶ᠋ᠡᠨ ᠣᠷᠣᠨ ᠳ᠋ᠤ᠌ ᠮᠥᠰᠥᠨ ᠰᠢᠬᠢᠷ ᠲᠠᠯᠪᠢᠭᠰᠠᠨ ᠪᠠᠶ᠋ᠢᠬᠰᠠᠨ ᠶᠤᠮ ᠃ ᠲᠦᠯᠬᠢᠭᠦᠷ ᠡᠨᠳᠡ ᠪᠠᠶ᠋ᠢᠨ᠎ᠠ᠃
ᠪᠠᠰᠠᠷ ᠄ ᠠ᠋ ᠬᠡ ᠂ ᠪᠢ ᠲᠠᠨ ᠊ᠢ ᠮᠥᠰᠥᠨ ᠰᠢᠬᠢᠷ ᠲᠠᠯᠪᠢᠬᠤ ᠶ᠋ᠢ ᠮᠡᠳᠡᠵᠦ ᠪᠠᠶ᠋ᠢᠬᠰᠠᠨ ᠪᠣᠯᠬᠣᠷ ᠲᠦᠯᠬᠢᠭᠦᠷ ᠬᠠᠮᠢᠭ᠎ᠠ ᠪᠠᠶ᠋ᠢᠬᠤ ᠶ᠋ᠢ ᠮᠡᠳᠡᠬᠦ ᠭᠡᠵᠦ ᠡᠨᠡ ᠣᠯᠠᠨ ᠵᠦᠢᠯ ᠊ᠢ ᠶᠠᠷᠢᠭᠰᠠᠨ ᠃
ᠱᠤᠯᠤᠮ ᠄ ᠠ ᠨᠠᠭᠠᠨ᠎ᠠ ᠨᠢ ᠁
ᠪᠠᠰᠠᠷ ᠄ ᠰᠢᠦ ᠁
ᠱᠤᠯᠤᠮ ᠄ ᠦ ᠁
ᠪᠠᠰᠠᠷ ᠄ ᠬᠡᠩ ᠁
ᠱᠤᠯᠤᠮ ᠄ ᠦ ᠁
ᠪᠠᠰᠠᠷ ᠄ ᠶᠣᠣ ᠶᠣᠣ᠂ ᠡᠱ ᠥᠩ᠁
ᠴᠠᠰᠤᠬᠠᠨ ᠄ ᠲᠦᠱ ᠁
ᠴᠠᠭᠳᠠᠭ᠎ᠠ ᠄ ᠵᠠ ᠂ ᠲᠠ ᠪᠦᠬᠦᠨ ᠪᠢᠳᠡᠨ ᠦ᠌ ᠣᠯᠠᠨ ᠵᠢᠯ ᠬᠥᠭᠡᠭᠡᠴᠡᠯᠳᠦᠭᠡᠳ ᠪᠠᠷᠢᠵᠤ ᠴᠢᠳᠠᠭ᠎ᠠ ᠦᠭᠡᠢ ᠰᠢᠳᠢᠲᠦ ᠱᠤᠯᠤᠮ ᠊ᠢ ᠪᠠᠷᠢᠵᠤ ᠥᠭᠬᠦᠯ᠎ᠡ᠂ ᠪᠠᠶᠠᠷᠯᠠᠯ᠎ᠠ ᠂ ᠲᠠ ᠨᠠᠷ ᠲᠤ᠌᠃
ᠪᠠᠰᠠᠷ ᠄ ᠡᠨᠡ ᠪᠦᠬᠦ ᠶᠠᠭᠤᠮ᠎ᠠ ᠳᠠᠭᠤᠰᠤᠭᠰᠠᠨ ᠤ᠋ ᠬᠢᠨᠢ ᠳᠠᠷᠠᠭ᠎ᠠ ᠴᠠᠭᠳᠠᠭ᠎ᠠ ᠨᠠᠷ ᠢᠷᠡᠭᠡᠳ ᠠᠷᠠᠢ ᠠᠮᠠᠷᠬᠠᠨ ᠪᠣᠯᠤᠭᠰᠠᠨ ᠦᠭᠡᠢ ᠤᠤ ? ᠥᠩ᠂ ᠬᠡ ᠬᠡ ᠬᠡ
ᠲᠤᠩᠬᠤ ᠄ ᠬᠡ ᠬᠡ ᠬᠡ᠂ ᠪᠠᠰᠠᠷ ᠠ᠋ ᠂ ᠴᠢᠱ
ᠴᠠᠭᠳᠠᠭ᠎ᠠ ᠄ ᠰᠢᠳᠢᠲᠦ ᠱᠤᠯᠤᠮ ᠊ᠢ ᠪᠠᠷᠢᠬᠤ ᠳ᠋ᠤ᠌ ᠱᠠᠩᠨᠠᠯ ᠲᠠᠢ ᠰᠢᠦ ᠳᠡ ᠂ ᠲᠠ ᠨᠠᠷ ᠲᠤ᠌ ᠪᠠᠨ ᠡᠨᠡ ᠱᠠᠩᠨᠠᠯ ᠊ᠢ ᠭᠠᠷᠳᠠᠭᠤᠯᠤᠶᠠ ᠃
ᠠᠪᠤ ᠄ ᠪᠠᠶᠠᠷᠯᠠᠯ᠎ᠠ ᠲᠠᠨ ᠳ᠋ᠤ᠌ ᠂ ᠣᠳᠣ ᠬᠡᠦᠬᠡᠳ ᠦ᠋ᠳ ᠲᠡᠢ ᠪᠡᠨ ᠰᠠᠢᠬᠠᠨ ᠠᠮᠢᠳᠤᠷᠠᠨ᠎ᠠ ᠃
ᠴᠠᠰᠤᠬᠠᠨ ᠄ ᠵᠠ ᠂ ᠪᠢᠳᠡ ᠬᠡᠳᠦ ᠴᠦ᠍ ᠢᠩᠭᠢᠭᠡᠳ ᠬᠥᠳᠡᠯᠦᠶ᠎ᠡ ᠳᠡ᠃
ᠬᠠᠨᠰᠸᠯ ᠄ ᠲᠠ ᠨᠠᠷ ᠲᠤ᠌ ᠪᠠᠨ ᠦᠨᠡᠬᠡᠷ ᠶᠡᠬᠡ ᠪᠠᠶᠠᠷᠯᠠᠯ᠎ᠠ ᠃
ᠭᠷᠡᠳᠡᠯ ᠄ ᠲᠡᠶ᠋ᠢᠮᠦ ᠰᠢᠦ ᠂ ᠦᠨᠡᠬᠡᠷ ᠪᠦᠷ ᠪᠦᠷ ᠦᠨᠡᠬᠡᠷ ᠶᠡᠬᠡ ᠪᠠᠶᠠᠷᠯᠠᠯ᠎ᠠ ᠃
ᠲᠤᠩᠬᠤ ᠄ ᠵᠦᠭᠡᠷ ᠳᠡ ᠂ ᠲᠠ ᠨᠠᠷ ᠮᠢᠨᠢ ᠯᠡ ᠠᠵᠠ ᠵᠢᠷᠭᠠᠯ ᠲᠠᠢ ᠪᠣᠯᠤᠭᠰᠠᠨ ᠪᠣᠯ ᠪᠢᠳᠡᠨ ᠦ᠌ ᠠᠵᠠ ᠵᠢᠷᠭᠠᠯ ᠰᠢᠦ ᠳᠡ ᠃
ᠮᠥᠩᠬᠡ ᠄ ᠦᠨᠡᠬᠡᠷ ᠠᠳᠠᠯ ᠶᠠᠪᠤᠳᠠᠯ ᠲᠠᠢ ᠪᠠᠶ᠋ᠢᠯ᠎ᠠ᠂ ᠪᠠᠶᠠᠷᠲᠠᠢ ᠨᠠᠶ᠋ᠢᠵᠠ ᠊ᠤᠳ ᠠ᠋ ᠪᠠᠶᠠᠷᠯᠠᠯ᠎ᠠ ᠃
ᠲᠤᠩᠬᠤ ᠄ ᠪᠠᠶᠠᠷᠲᠠᠢ
ᠬᠠᠨᠰᠸᠯ ᠄ ᠪᠠᠶᠠᠷᠲᠠᠢ
ᠭᠸᠷᠡᠢᠷᠡᠯ ᠄ ᠪᠠᠶᠠᠷᠲᠠᠢ
ᠴᠠᠰᠤᠬᠠᠨ ᠄ ᠪᠠᠶᠠᠷᠲᠠᠢ
ᠭᠷᠡᠲᠡᠯ ᠄ ᠪᠠᠶᠠᠷᠲᠠᠢ
ᠪᠠᠰᠠᠷ ᠄ ᠪᠠᠶᠠᠷ ᠂ ᠶᠠ ᠠ ᠶᠠ ᠂ ᠶᠠ ᠠ ᠶᠠ ᠁᠂ᠬᠡᠳᠦ ᠶᠡᠬᠡ ᠠᠮᠲᠠᠲᠠᠢ ᠢᠳᠡᠴᠢᠬᠡᠵᠡᠢ ᠂ ᠰᠢᠲᠦ ᠡᠪᠡᠳᠦᠭᠡᠳ ᠪᠠᠶ᠋ᠢᠨ᠎ᠠ ᠁
ᠠᠷᠸ᠎ᠠ ᠄ ᠵᠠ ᠰᠠᠢᠬᠠᠨ ᠠᠶᠠᠯᠠᠭᠠᠳ ᠢᠷᠡᠪᠡ ᠦᠦ ?
ᠮᠥᠩᠬᠡ ᠄ ᠲᠡᠭᠡᠯ᠎ᠡ ᠂ ᠶᠣᠰᠣᠲᠠᠢ ᠭᠣᠶᠣ ᠪᠠᠶ᠋ᠢᠯ᠎ᠠ ᠂ ᠬᠢ ᠬᠢ
ᠠᠷᠸ᠎ᠠ ᠄ ᠠᠬ᠎ᠠ ᠨᠢ ᠲᠠ ᠨᠠᠷ ᠲᠤ᠌ ᠨᠢᠭᠡ ᠭᠣᠶᠣ ᠵᠦᠢᠯ ᠬᠡᠯᠡᠬᠦ ᠦᠦ ?
ᠲᠤᠩᠬᠤ ᠄ ᠬᠥᠥᠭ ᠂ ᠳᠡᠭᠡᠯ ᠳᠡ
ᠠᠷᠸ᠎ᠠ ᠄ ᠠᠬ᠎ᠠ ᠨᠢ ᠭᠠᠳᠠᠭᠠᠳᠤ ᠦᠯᠢᠭᠡᠷ ᠦ᠋ᠨ ᠨᠣᠮ ᠢ᠋ᠶ᠋ᠠᠨ ᠪᠦᠲᠦᠭᠡᠭᠡᠳ ᠥᠩᠬᠦᠷᠢᠱ ᠪᠣᠯᠤᠨ ᠬᠠᠨᠰᠸᠯ ᠭᠷᠡᠲᠡᠯ ᠭᠡᠬᠦ ᠦᠯᠢᠭᠡᠷ ᠦ᠋ᠳ ᠊ᠢ ᠰᠣᠩᠭᠣᠭᠰᠠᠨ ᠶᠤᠮ᠂ᠬᠣᠶᠠᠷ ᠨᠣᠮ ᠮᠠᠨᠢ ᠮᠠᠰᠢ ᠠᠮᠵᠢᠯᠲᠠ ᠲᠠᠢ ᠪᠣᠯᠤᠭᠰᠠᠨ ᠪᠣᠯᠬᠣᠷ ᠭᠠᠳᠠᠭᠠᠳᠤ ᠦᠯᠢᠭᠡᠷ ᠦ᠋ᠨ ᠨᠣᠮ ᠮᠠᠨᠢ ᠪᠡᠯᠡᠨ ᠪᠣᠯᠤᠭᠰᠠᠨ ᠳᠠ ᠃
ᠮᠥᠩᠬᠡ ᠄ ᠸᠠ ᠂ ᠶᠠᠩᠵᠤ ᠶ᠋ᠢᠨ ᠶᠦ᠍ᠮ ᠪᠣᠢ ?
ᠠᠷᠸ᠎ᠠ ᠄ ᠣᠳᠣ ᠠ᠋ᠴᠠ ᠲᠠ ᠨᠠᠷ ᠮᠠᠨᠢ ᠭᠠᠳᠠᠭᠠᠳᠤ ᠪᠣᠯᠤᠨ ᠮᠣᠩᠭᠣᠯ ᠦᠯᠢᠭᠡᠷ ᠦ᠋ᠳ ᠣᠨ ᠳᠤᠷᠠᠲᠠᠢ ᠪᠠᠷ ᠨᠢ ᠠᠶᠠᠯᠠᠵᠤ ᠪᠣᠯᠬᠤ ᠪᠠᠷ ᠪᠣᠯᠤᠭᠰᠠᠨ ᠭᠡᠳ ᠪᠣᠳᠣ ᠳᠠ ᠃
ᠮᠥᠩᠬᠡ ᠄ ᠸᠠ ᠂ ᠶᠠᠮᠠᠷ ᠭᠣᠶᠣ ᠶᠤᠮ ᠪᠣᠢ ?
ᠲᠤᠩᠬᠤ ᠄ ᠶᠣᠰᠣᠲᠠᠢ ᠭᠣᠶᠣ
ᠴᠠᠰᠤᠬᠠᠨ ᠄ ᠮᠢᠶᠣᠤ ᠮᠢᠶᠣᠤ!
ᠪᠠᠰᠠᠷ ᠄ ᠬᠥᠪ ᠬᠥᠪ!
ᠪᠠᠰᠠᠷ ᠄ ᠵᠠ ᠂ ᠢᠩᠭᠢᠭᠡᠳ ᠮᠠᠨ ᠤ᠋ ᠰᠢᠰᠸᠨ ᠬᠣᠶᠠᠷ ᠮᠠᠨᠢ ᠡᠶ᠋ᠢᠨᠬᠦ ᠥᠨᠳᠥᠷᠯᠡᠵᠦ ᠪᠠᠶ᠋ᠢᠨ᠎ᠠ ᠂ ᠪᠢᠳᠡᠨ ᠲᠡᠢ ᠬᠠᠮᠲᠤ ᠪᠠᠶ᠋ᠢᠬᠰᠠᠨ ᠪᠦᠬᠦ ᠦᠵᠡᠭᠴᠢ᠂ ᠪᠦᠬᠦ ᠬᠡᠦᠬᠡᠳ ᠪᠠᠭᠠᠴᠤᠳ ᠲᠤ᠌ ᠪᠠᠨ ᠮᠠᠰᠢ ᠶᠡᠬᠡ ᠪᠠᠶᠠᠷᠯᠠᠯ᠎ᠠ ᠃
ᠵᠠ ᠂ ᠲᠡᠭᠡᠭᠡᠳ ᠭᠸᠷᠲᠦᠨ(GERTOON ) ᠪ ᠠᠬ᠎ᠠ ᠡᠭᠡᠴᠢ ᠨᠠᠷ ᠮᠠᠨᠢ ᠰᠢᠰᠸᠨ ᠭᠤᠷᠪᠠ ᠶ᠋ᠢ ᠬᠢᠭᠡᠳ ᠮᠠᠰᠢ ᠶᠡᠬᠡ ᠵᠠᠪ ᠦᠭᠡᠢ ᠪᠣᠯᠬᠣᠷ ᠲᠠ ᠪᠦᠬᠦᠨ ᠮᠢᠨᠢ ᠲᠦᠷ ᠬᠦᠯᠢᠶᠡᠭᠡᠷᠡᠢ ᠃
ᠳᠠᠷᠠᠭ᠎ᠠ ᠶ᠋ᠢᠨ ᠦᠯᠢᠭᠡᠷ ᠦ᠋ᠳ ᠡᠴᠡ ᠡᠬᠢᠯᠡᠭᠡᠳ ᠵᠥᠩᠳᠡᠭᠡᠨ ᠭᠠᠳᠠᠭᠠᠳᠤ ᠦᠯᠢᠭᠡᠷ ᠂ ᠮᠥᠨ ᠮᠣᠩᠭᠣᠯ ᠠᠷᠠᠳ ᠤ᠋ᠨ ᠦᠯᠢᠭᠡᠷ ᠦ᠋ᠳ ᠢ᠋ᠶ᠋ᠡᠷ ᠪᠢᠲᠡᠭᠦᠦ ᠵᠤᠭᠠᠯᠠᠬᠤ ᠨᠢ ᠪᠠᠶ᠋ᠢᠨ᠎ᠠ ᠰᠢᠦ ᠳᠡ ᠂ ᠠ ᠵᠠ ᠲᠠ ᠪᠦᠬᠦᠨ ᠳ᠋ᠦ᠍ ᠪᠡᠨ ᠬᠠᠶ᠋ᠢᠷᠠᠲᠠᠢ ᠰᠢᠦ ᠂ ᠪᠠᠢ ᠁
ᠲᠠᠢᠯᠪᠤᠷᠢ᠄
ᠳ᠋ᠧᠰᠸᠷᠲ—— (dessert ) ᠰᠢᠬᠢᠷᠯᠢᠭ ᠢᠲᠡᠭᠡᠨ
ᠰᠸᠺᠠᠢ ᠭᠠᠷᠳᠸᠨ——(sky garden) ᠲᠩᠷᠢ ᠶ᠋ᠢᠨ ᠴᠡᠴᠡᠷᠯᠢᠭ
ᠦᠰᠦᠭ ᠠᠮᠢᠯᠠᠭᠤᠯᠤᠭᠴᠢ᠄ ᠬᠤᠸᠠᠷ
ᠦᠰᠦᠭ ᠬᠠᠳᠠᠭᠴᠢ᠄ ᠾᠦᠩ ᠸᠸᠢ