1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 2-08 ᠳᠣᠯᠣᠭᠠᠨ ᠬᠤᠵᠢᠭᠠᠷ ᠨᠢᠭᠡ ᠮᠤᠵᠢᠭᠠᠷМөнх Тунх-Долоон хожгор нэг можгор

ᠮᠥᠩᠬᠡ ᠲᠤᠩᠬᠤ 2-08 ᠳᠣᠯᠣᠭᠠᠨ ᠬᠤᠵᠢᠭᠠᠷ ᠨᠢᠭᠡ ᠮᠤᠵᠢᠭᠠᠷМөнх Тунх-Долоон хожгор нэг можгор

2023-05-16

536

ᠳᠣᠯᠣᠭᠠᠨ ᠬᠤᠵᠢᠭᠠᠷ ᠨᠢᠭᠡ ᠮᠤᠵᠢᠭᠠᠷ02

ᠬᠣᠶᠠᠳᠤᠭᠠᠷ ᠤᠯᠠᠷᠢᠯ ᠨᠠᠢ᠍ᠮᠠᠳᠤᠭᠠᠷ ᠠᠩᠭᠢ

ᠳᠣᠯᠣᠭᠠᠨ ᠬᠤᠵᠢᠭᠤᠷ ᠨᠢᠭᠡ ᠮᠤᠵᠢᠭᠤᠷ( ᠬᠣᠶᠠᠷ)


ᠴᠠᠰᠤᠬᠠᠨ᠄ ᠵᠠ ᠬᠡᠳᠦᠭᠦᠯᠡ ᠪᠡᠨ ᠣᠳᠣ ᠶᠠᠪᠤᠵᠠᠭᠠᠶ᠎ᠠ

ᠮᠥᠩᠬᠡ᠄ ᠪᠠᠶ᠋ᠢᠵᠠ ᠠ᠋᠃

ᠪᠠᠰᠠᠷ᠄ ᠶᠠᠪᠤᠬᠤ ᠦᠭᠡᠢ ᠶᠦ᠍ᠮ ᠊ᠤᠤ

ᠲᠤᠩᠬᠤ᠄ ᠸᠡᠸᠦ᠂ ᠴᠣᠭᠲᠤ ᠠᠬ᠎ᠠ ᠮᠢᠨᠢ ᠢᠷᠡᠴᠢᠬᠡᠭᠰᠡᠨ ᠶᠦ᠍ᠮ ᠊ᠤᠤ?

ᠴᠣᠭᠲᠤ᠄ ᠵᠠ᠂ ᠰᠠᠢᠨ ᠊ᠦᠦ? ᠮᠠᠨᠠᠶ᠋ᠢᠬᠢ ᠠ᠋᠂

ᠴᠠᠰᠤᠬᠠᠨ᠄ ᠪᠦᠭᠦᠳᠡᠭᠡᠷ ᠢ᠋ᠶ᠋ᠡᠨ ᠬᠣᠶᠠᠷ ᠬᠤᠪᠢᠶᠠᠭᠳᠠᠵᠠᠭᠠᠶ᠎ᠠ᠂ ᠨᠢᠭᠡ ᠬᠡᠰᠡᠭ ᠨᠢ ᠳᠣᠯᠣᠭᠠᠨ ᠬᠤᠵᠢᠭᠤᠷ ᠤᠷᠤᠭᠤ᠂ ᠨᠥᠬᠥᠭᠡ ᠬᠡᠰᠡᠭ ᠨᠢ ᠨᠢᠭᠡ ᠮᠤᠵᠢᠭᠤᠷ ᠤᠷᠤᠭᠤ ᠶᠠᠪᠤᠵᠠᠭᠠᠬᠤ ᠊ᠤᠤ?

ᠮᠥᠩᠬᠡ᠄ ᠶᠣᠰᠣᠲᠠᠢ ᠭᠣᠶᠣ ᠰᠠᠨᠠᠭ᠎ᠠ ᠪᠠᠶ᠋ᠢᠨ᠎ᠠ᠃

ᠬᠤᠵᠢᠭᠤᠷ ᠨᠢᠭᠡ᠄ ᠬᠥᠶᠢ᠂ ᠶᠠᠭᠤᠨ ᠬᠥᠮᠦᠰ ᠪᠣᠢ?

ᠬᠤᠵᠢᠭᠤᠷ ᠨᠢᠭᠡ᠄ ᠳ᠋ᠤᠷᠳᠸ ᠳ᠋ᠣᠷᠳᠸ᠂ ᠡᠰᠡᠨ ᠪᠣᠯ!

ᠮᠥᠩᠬᠡ᠄ ᠰᠠᠶᠢ ᠰᠠᠶᠢ ᠶᠠᠭᠤ ᠭᠡᠰᠡᠨ ᠪᠣᠢ᠂ ᠡᠰᠡᠨ ᠪᠣᠯ ᠭᠡᠨ᠎ᠡ ᠊ᠦᠦ?

ᠲᠤᠩᠬᠤ᠄ ᠠᠢ᠂ ᠶᠠᠭᠠᠬᠢᠨ᠎ᠠ?

ᠪᠠᠰᠠᠷ᠄ ᠨᠠᠳᠠ ᠳ᠋ᠤ᠌ ᠪᠠᠶ᠋ᠢᠳᠠᠭ ᠮᠡᠳᠡᠷᠡᠬᠦ ᠴᠢᠳᠠᠪᠤᠷᠢ ᠳ᠋ᠤ᠌ ᠪᠠᠶ᠋ᠢᠳᠠᠭ ᠶᠤᠮ ᠰᠢᠭ᠋ ᠪᠠᠶ᠋ᠢᠭ᠎ᠠ᠃

ᠴᠣᠭᠲᠤ᠄ ᠥᠩ

ᠮᠤᠵᠢᠭᠠᠷ᠄ ᠶᠠᠭᠠᠬᠢᠭᠰᠠᠨ ᠶᠤᠮ ᠪᠣᠯ? ᠲᠠᠨ ᠳ᠋ᠤ᠌ ᠶᠠᠭᠤ ᠬᠡᠷᠡᠭᠲᠡᠢ ᠪᠠᠶ᠋ᠢᠨ᠎ᠠ᠃

ᠪᠠᠰᠠᠷ᠄ ᠬᠡ ᠬᠡ᠂ ᠡᠨᠳᠡ ᠪᠠᠶ᠋ᠢᠭᠰᠠᠨ ᠶᠤᠮ ᠊ᠤᠤ᠃

ᠴᠣᠭᠲᠤ᠄ ᠠ! ᠣᠳᠣ ᠶᠠᠭᠠᠬᠢᠨ᠎ᠠ ᠭᠡᠵᠦ?

ᠪᠠᠰᠠᠷ᠄ ᠮᠤᠵᠢᠭᠤᠷ ᠊ᠢ ᠬᠠᠷᠠ ᠳᠠ᠃

ᠮᠥᠩᠬᠡ᠄ ᠵᠠ ᠰᠠᠢᠨ ᠪᠠᠶ᠋ᠢᠵᠠᠭᠠᠨ᠎ᠠ ᠊ᠦᠦ?

ᠮᠥᠩᠬᠡ᠄ ᠪᠢᠳᠡ᠂ ᠪᠢᠳᠡ ᠠᠶᠠᠯᠠᠵᠤ ᠶᠠᠪᠤᠭ᠎ᠠ ᠶᠤᠮ ᠠ᠋᠂ ᠲᠡᠭᠡᠭᠡᠳ ᠡᠨᠡ ᠬᠠᠪᠢ ᠳ᠋ᠤ᠌ ᠠᠳᠠᠯ ᠶᠠᠪᠤᠳᠠᠯ ᠬᠠᠷᠢᠨ ᠪᠠᠶ᠋ᠢᠭ᠎ᠠ ᠪᠣᠯ ᠊ᠦᠦ ᠭᠡᠳ ᠬᠦᠷᠦᠭᠡᠳ ᠢᠷᠡᠯ᠎ᠡ᠂ ᠬᠡ

ᠲᠤᠩᠬᠤ᠄ ᠲᠡᠭᠡᠭᠡᠳ ᠲᠠ ᠬᠡᠳᠦ ᠶ᠋ᠢ ᠳᠣᠯᠣᠭᠠᠨ ᠬᠤᠵᠢᠭᠤᠷ ᠮᠥᠨ ᠪᠣᠯᠪᠠ ᠊ᠤᠤ ᠭᠡᠳ ᠬᠦᠷᠦᠭᠡᠳ ᠢᠷᠡᠯ᠎ᠡ᠃

ᠮᠥᠩᠬᠡ᠄ ᠲᠠ ᠳᠣᠯᠣᠭ᠎ᠠ ᠶ᠋ᠢ᠁

ᠴᠠᠰᠤᠬᠠᠨ᠄ ᠬᠡᠷᠪᠡ ᠪᠣᠯᠬᠤ ᠪᠣᠯ

ᠳᠣᠯᠣᠭᠠᠨ ᠬᠤᠵᠢᠭᠤᠷ᠄ ( ᠬᠥᠮᠦᠨ ᠪᠦᠷᠢ)ᠶᠠᠪᠤᠵᠠᠭ᠎ᠠ!

ᠴᠠᠰᠤᠬᠠᠨ᠄ ᠵᠠ ᠵᠠ ᠬᠡᠳᠦᠭᠦᠯᠡ ᠪᠡᠨ ᠶᠠᠪᠤᠭᠰᠠᠨ ᠨᠢ ᠳᠡᠭᠡᠷ᠎ᠡ ᠪᠠᠶ᠋ᠢᠬ᠎ᠠ᠂

ᠮᠥᠩᠬᠡ᠄ ᠲᠠ ᠨᠠᠷ ᠲᠤ᠌ ᠲᠤᠰᠠᠯᠠᠵᠤ ᠪᠣᠯᠬᠤ ᠊ᠦᠦ?

ᠬᠤᠵᠢᠭᠤᠷ᠄ ᠲᠡᠶ᠋ᠢᠮᠦ ᠊ᠦᠦ? ᠬᠡ ᠬᠡ᠂ ᠲᠡᠭᠡᠪᠡᠯ ᠪᠣᠯᠤᠨ᠎ᠠ ᠰᠢᠦ᠂

ᠪᠤᠰᠤᠳ ᠬᠤᠵᠢᠭᠤᠷ᠄( ᠬᠥᠮᠦᠨ ᠪᠦᠷᠢ) ᠲᠡᠭᠡᠪᠡᠯ ᠪᠣᠯᠤᠨ᠎ᠠ ᠰᠢᠦ᠃

ᠴᠣᠭᠲᠤ᠄ ᠵᠠ ᠮᠢᠨᠦ ᠨᠠᠶ᠋ᠢᠵᠠ ᠵᠦᠭᠡᠷ ᠊ᠦᠦ?

ᠮᠤᠵᠢᠭᠤᠷ᠄ ᠦᠯᠢᠭᠡᠷ ᠭᠡᠳᠡᠭ ᠴᠢᠨᠢ ᠶᠡᠷᠦ ᠲᠡᠭᠡᠭᠡᠳ ᠵᠢᠩᠬᠢᠨᠢ ᠶᠢᠷᠲᠢᠨᠴᠦ ᠪᠢᠰᠢ ᠭᠡᠵᠦ ᠊ᠦᠦ?

ᠴᠣᠭᠲᠤ᠄ ᠦᠭᠡᠢ᠂ ᠦᠯᠢᠭᠡᠷ ᠭᠡᠳᠡᠭ ᠴᠢᠨᠢ᠁

ᠮᠤᠵᠢᠭᠤᠷ᠄ ᠮᠢᠨᠦ ᠡᠨᠡ ᠰᠠᠮᠪᠠᠭ᠎ᠠ ᠤᠬᠠᠭᠠᠨ ᠢ᠋ᠶ᠋ᠠᠷ ᠢ᠋ᠶ᠋ᠠᠨ ᠣᠯᠵᠤ ᠠᠪᠤᠭᠰᠠᠨ ᠡᠨᠡ ᠬᠥᠷᠥᠩᠭᠡ ᠳᠣᠯᠣᠭᠠᠨ ᠬᠤᠵᠢᠭᠤᠷ ᠠᠬ᠎ᠠ ᠨᠠᠷ ᠲᠠᠢ ᠪᠠᠶ᠋ᠢᠩᠭᠤ ᠲᠡᠮᠡᠴᠡᠯᠳᠦᠵᠦ ᠢᠷᠡᠭᠰᠡᠨ ᠲᠡᠦᠬᠡ ᠦᠳ᠂ ᠪᠦᠭᠦᠳᠡᠭᠡᠷ ᠢ᠋ᠶ᠋ᠡᠨ ᠬᠤᠳᠠᠯ ᠪᠣᠯᠵᠤ ᠲᠠᠭᠠᠷᠠᠵᠤ ᠪᠠᠶ᠋ᠢᠭ᠎ᠠ ᠶᠤᠮ ᠊ᠦᠦ?

ᠴᠣᠭᠲᠤ᠄ ᠦᠭᠡᠢ ᠳᠡ᠂ ᠮᠤᠵᠢᠭᠤᠷ ᠠ᠋᠂ ᠴᠢ ᠰᠣᠨᠣᠰ ᠯᠠ ᠳᠠ᠃

ᠮᠤᠵᠢᠭᠤᠷ᠄ ᠡᠨᠡ ᠮᠤᠵᠢᠭᠤᠷ ᠭᠡᠳᠡᠭ ᠨᠡᠷ᠎ᠡ ᠬᠦᠷᠲᠡᠯ᠎ᠡ ᠬᠤᠳᠠᠯ ᠨᠡᠷ᠎ᠡ ᠪᠣᠯᠵᠤ ᠲᠠᠭᠠᠷᠠᠵᠤ ᠪᠠᠶ᠋ᠢᠨ᠎ᠠ ᠊ᠦᠦ? ᠪᠢ ᠲᠡᠷᠡ ᠠᠭᠤᠯᠠ ᠶ᠋ᠢᠨ ᠴᠠᠭᠠᠨ᠎ᠠ ᠶᠠᠭᠤ ᠴᠤ᠌ ᠪᠠᠶ᠋ᠢᠳᠠᠭ ᠊ᠢ ᠮᠡᠳᠡᠳᠡᠭ ᠦᠭᠡᠢ᠂ ᠲᠠᠩᠭᠢᠰ ᠳᠠᠯᠠᠢ ᠭᠡᠰᠡᠨ ᠭᠠᠶ᠋ᠢᠬᠠᠯᠲᠠᠢ ᠶᠠᠭᠤᠮ᠎ᠠ ᠶ᠋ᠢ ᠪᠢ ᠰᠣᠨᠣᠰᠴᠤ ᠪᠠᠶ᠋ᠢᠭᠰᠠᠨ ᠊ᠦᠦ ᠭᠡᠬᠦ ᠡᠴᠡ ᠶᠡᠷᠦ ᠣᠴᠢᠵᠤ ᠦᠵᠡᠭᠡ ᠦᠭᠡᠢ᠂ ᠪᠢ ᠶᠡᠷᠦ ᠨᠢ ᠡᠨᠡ ᠠᠮᠢᠳᠤᠷᠠᠯ ᠳ᠋ᠤ᠌ ᠪᠠᠨ ᠶᠠᠭᠤ ᠶ᠋ᠢ᠁ ᠶᠣᠣ ᠶᠣᠣ!

ᠪᠠᠰᠠᠷ᠄ ᠦᠯᠢᠭᠡᠷ ᠊ᠦᠨ ᠶᠢᠷᠲᠢᠨᠴᠦ ᠣᠶ᠋ᠢᠯᠠᠭᠠᠵᠤ ᠪᠠᠶ᠋ᠢᠨ᠎ᠠ ᠊ᠦᠦ? ᠦᠯᠢᠭᠡᠷ ᠊ᠦᠨ ᠶᠢᠷᠲᠢᠨᠴᠦ ᠪᠡᠷ ᠠᠶᠠᠯᠠᠵᠠᠭᠠᠶ᠎ᠠ ᠭᠡᠰᠡᠨ ᠦᠭᠡ ᠶᠠᠭ ᠬᠠᠮᠢᠭ᠎ᠠ ᠠ᠋ᠴᠠ ᠭᠠᠷᠤᠭᠰᠠᠨ ᠭᠡᠵᠦ ᠪᠣᠳᠣᠭᠠᠳ ᠪᠠᠶ᠋ᠢᠭ᠎ᠠ ᠶᠤᠮ ᠪᠣᠯ ᠳᠠ᠂ ᠡᠨᠡ ᠴᠢᠨᠢ ᠣᠳᠣ᠃

ᠴᠣᠭᠲᠤ᠄ ᠬᠠᠷᠢᠨ ᠲᠡᠶ᠋ᠢᠮᠦ᠂ ᠦᠯᠢᠭᠡᠷ ᠊ᠦᠨ ᠶᠢᠷᠲᠢᠨᠴᠦ ᠭᠡᠵᠦ ᠠᠭᠤᠤ ᠲᠥᠰᠦᠭᠡᠯᠡᠯ᠂ ᠠᠰᠤᠷᠤ ᠶᠡᠬᠡ ᠠᠳᠠᠯ ᠶᠠᠪᠤᠳᠠᠯ ᠤᠷᠠᠨ ᠵᠥᠩᠨᠡᠯ ᠭᠡᠳ ᠪᠢᠳᠡᠨ ᠊ᠦ ᠨᠢᠭᠡ ᠴᠦ᠍ ᠤᠳᠠᠭ᠎ᠠ ᠪᠣᠯᠤᠭ᠎ᠠ ᠣᠴᠢᠵᠤ ᠦᠵᠡᠬᠦ ᠶ᠋ᠢ ᠬᠦᠰᠡᠳᠡᠭ ᠶᠢᠷᠲᠢᠨᠴᠦ ᠪᠠᠶ᠋ᠢᠭ᠎ᠠ ᠪᠠᠶ᠋ᠢᠬᠤ ᠦᠭᠡᠢ ᠊ᠦᠦ ᠃ ᠲᠡᠭᠡᠬᠦ ᠪᠡᠷ ᠴᠢᠨᠦ ᠲᠡᠦᠬᠡ ᠪᠣᠯᠤᠨ ᠪᠦᠬᠦ ᠵᠦᠢᠯ ᠴᠢᠨᠢ ᠦᠨᠡᠨ ᠭᠡᠰᠡᠨ ᠦᠭᠡ᠃

ᠪᠠᠰᠠᠷ᠄ ᠶᠠᠭ᠂ ᠳᠠ ᠪᠢ ᠪᠢᠳᠡ ᠪᠦᠭᠦᠳᠡᠭᠡᠷ ᠢ᠋ᠶ᠋ᠡᠨ ᠳᠠᠬᠢᠨ ᠳᠠᠪᠲᠠᠭᠳᠠᠰᠢ ᠦᠭᠡᠢ ᠨᠢᠭᠡ ᠣᠨᠴᠠᠭᠠᠢ ᠪᠡᠶᠡᠲᠦ ᠨᠦ᠍ᠭᠦᠳ ᠭᠡᠳ ᠪᠣᠳᠣ ᠳᠠ᠃

ᠮᠤᠵᠢᠭᠤᠷ᠄ ᠲᠡᠶ᠋ᠢᠮᠦ ᠭᠡᠵᠦ ᠊ᠦᠦ? ᠬᠡ ᠬᠠ᠂ ᠡᠨᠡ ᠨᠣᠬᠠᠢ ᠭᠡᠬᠦ ᠳ᠋ᠦ᠍ ᠪᠠᠰᠠ ᠶᠠᠩᠵᠤ ᠶ᠋ᠢᠨ ᠶᠠᠷᠢᠵᠤ ᠪᠠᠶ᠋ᠢᠨ᠎ᠠ ᠰᠢᠦ᠃ ᠶᠤᠮ ᠰᠢᠦ ᠭᠡᠵᠦ ᠢᠷᠡᠭᠡᠳ ᠯᠡ᠃

ᠴᠣᠭᠲᠤ᠄ ᠬᠡ ᠬᠡ᠃

ᠮᠤᠵᠢᠭᠤᠷ᠄ ᠵᠠ᠂ ᠲᠡᠭᠡᠪᠡᠯ ᠲᠠᠨ ᠊ᠤ ᠶᠢᠷᠲᠢᠨᠴᠦ ᠭᠡᠵᠦ ᠶᠠᠮᠠᠷ ᠬᠦ᠌ ᠶᠢᠷᠲᠢᠨᠴᠦ ᠪᠠᠶ᠋ᠢᠬᠤᠪ᠂ ᠨᠠᠳᠠ ᠳ᠋ᠤ᠌ ᠨᠢᠭᠡ ᠰᠣᠨᠢᠷᠬᠠᠭᠤᠯᠵᠤ ᠶᠠᠷᠢᠭᠠᠴᠢ᠃

ᠴᠠᠰᠤᠬᠠᠨ᠄ ᠶᠠᠭᠠᠬᠢᠭᠰᠠᠨ ᠬᠣᠯᠠ ᠶᠠᠪᠤᠴᠢᠬᠠᠪᠠ᠂ ᠬᠡᠳᠦᠭᠦᠯᠡ ᠪᠡᠨ?

ᠮᠥᠩᠬᠡ᠄ ᠬᠠᠷᠢᠨ ᠴᠤ᠌᠂ ᠵᠠᠪᠠᠯ ᠡᠨᠡ ᠬᠠᠳᠠᠨ ᠊ᠤ ᠳᠣᠣᠷ᠎ᠠ  ᠠ᠋ᠴᠠ ᠤᠰᠤ ᠠᠪ ᠭᠡᠰᠡᠨ ᠨᠢ ᠡᠶ᠋ᠢᠮᠦ ᠬᠣᠯᠠ ᠭᠡᠵᠦ ᠬᠡᠨ ᠮᠡᠳᠡᠬᠦᠪ ᠳᠡ᠂ ᠲᠡᠶ᠋ᠢᠮᠦ ᠠ᠋?

ᠲᠤᠩᠬᠤ᠄ ᠵᠠ ᠬᠡᠳᠦᠭᠦᠯᠡ ᠪᠡᠨ ᠬᠦᠷᠡᠶ᠋ᠢᠵᠦ ᠪᠠᠶ᠋ᠢᠭᠠᠳ ᠶᠠᠭᠠᠬᠢᠳᠠᠭ ᠴᠤ᠌ ᠭᠡᠰᠡᠨ ᠣᠴᠢᠨ᠎ᠠ ᠰᠢᠦ ᠃

ᠴᠠᠰᠤᠬᠠᠨ᠄ ᠤᠭ ᠨᠢ ᠴᠦ᠍ ᠭᠡᠷ ᠊ᠦᠨ ᠬᠢᠨᠢ ᠳᠡᠷᠭᠡᠳᠡ ᠬᠤᠳᠳᠤᠭ ᠪᠠᠶ᠋ᠢᠭᠰᠠᠨ ᠯᠠ ᠶᠤᠮ ᠳᠠ᠂

ᠮᠥᠩᠬᠡ᠄ ᠦᠭᠡᠢ ᠲᠡᠭᠡᠭᠡᠳ ᠵᠠᠪᠠᠯ ᠡᠨᠳᠡ ᠡᠴᠡ ᠤᠰᠤ ᠤᠤᠭᠤᠬᠤ ᠦᠭᠡᠢ ᠪᠣᠯ ᠪᠣᠯᠳᠠᠭ ᠦᠭᠡᠢ ᠶᠦ᠍ᠮ ᠭᠡᠳ ᠪᠠᠶ᠋ᠢᠭᠰᠠᠨ ᠰᠢᠦ ᠳᠡ᠃

ᠲᠤᠩᠬᠤ᠄ ᠵᠠ᠂ ᠪᠠᠷᠤᠭ ᠢᠷᠡᠵᠦ ᠪᠠᠶ᠋ᠢᠭ᠎ᠠ ᠰᠢᠭ᠋ ᠪᠠᠶ᠋ᠢᠨ᠎ᠠ᠃

ᠮᠤᠵᠢᠭᠤᠷ᠄ ᠬᠥᠥᠭ᠂ ᠵᠥᠩᠳᠡᠭᠡᠨ ᠰᠣᠨᠢᠷᠬᠠᠯᠲᠠᠢ ᠭᠣᠶᠣ ᠶᠠᠭᠤᠮ᠎ᠠ ᠰᠣᠨᠣᠰᠤᠯ᠎ᠠ ᠰᠢᠦ᠂ ᠬᠥᠶᠢ᠂ ᠬᠠᠷᠢᠨ ᠨᠠᠭᠠᠳᠤ ᠶᠠᠭᠤᠮ᠎ᠠ ᠶ᠋ᠢ ᠴᠢᠨᠢ ᠶᠠᠭᠤ ᠭᠡᠳᠡᠭ ᠶᠦ᠍ᠮ ᠪᠣᠢ?

ᠴᠣᠭᠲᠤ᠄ ᠭᠠᠷ ᠤᠲᠠᠰᠤ ᠭᠡᠳᠡᠭ ᠶᠦ᠍ᠮ᠃

ᠮᠤᠵᠢᠭᠤᠷ᠄ ᠤᠲᠠᠰᠤ ᠶ᠋ᠢ ᠴᠢᠨᠢ ᠤᠭ ᠠ᠋ᠴᠠ ᠪᠠᠨ ᠭᠠᠷ ᠢ᠋ᠶ᠋ᠠᠷ ᠢ᠋ᠶ᠋ᠠᠨ ᠡᠭᠡᠷᠡᠨ᠎ᠡ ᠪᠢᠵᠡ ᠳᠡ᠂ ᠬᠥᠯᠵᠢᠨ ᠤᠲᠠᠰᠤ ᠭᠡᠵᠦ ᠶᠠᠷᠢᠬᠤ ᠶᠤᠮ ᠪᠠᠶ᠋ᠢᠨ᠎ᠠ ᠯᠠ ᠳᠠ᠂ ᠬᠠ ᠬᠠ ᠬᠠ ᠬᠠ᠁

ᠴᠣᠭᠲᠤ᠄ ᠬᠠ ᠬᠠ᠂ ᠦᠭᠡᠢ ᠡᠨᠡ ᠭᠠᠷ ᠤᠲᠠᠰᠤ ᠨᠢ ᠥᠭᠡᠷ᠎ᠡ᠂ ᠪᠡᠶ᠎ᠡ ᠪᠡᠶ᠎ᠡ ᠲᠡᠢ ᠪᠡᠨ ᠶᠠᠷᠢᠨ᠎ᠠ᠂ ᠵᠢᠷᠤᠭ ᠬᠦᠷᠭᠡᠵᠦ ᠳᠠᠷᠤᠨ᠎ᠠ᠃

ᠮᠤᠵᠢᠭᠤᠷ᠄ ᠡᠶ᠋ᠢᠮᠦ ᠵᠢᠵᠢᠭᠬᠡᠨ ᠴᠠᠭᠠᠰᠤᠨ ᠳᠡᠭᠡᠷ᠎ᠡ ᠶᠠᠭᠠᠬᠢᠵᠤ ᠵᠢᠷᠤᠭ ᠵᠢᠷᠤᠳᠠᠭ ᠶᠤᠮ᠃

ᠴᠣᠭᠲᠤ᠄ ᠵᠠ᠂ ᠨᠠᠰᠢ ᠪᠠᠨ ᠬᠠᠷᠠᠵᠤ ᠪᠠᠶ᠋ᠢᠭᠠᠷᠠᠢ᠂

ᠮᠤᠵᠢᠭᠤᠷ᠄ ᠫᠥᠬᠥ᠂ ᠡᠶ᠋ᠢᠮᠦ ᠬᠤᠷᠳᠤᠨ ᠵᠢᠷᠤᠴᠢᠬᠠᠵᠤ ᠪᠠᠢᠭ᠎ᠠ ᠶᠤᠮ ᠊ᠦᠦ? ᠵᠢᠵᠢᠭᠬᠡᠨ ᠵᠢᠷᠤᠭᠠᠴᠢ ᠪᠣᠯᠭᠠᠨ ᠳᠣᠲᠣᠷ᠎ᠠ ᠪᠠᠶ᠋ᠢᠵᠤ ᠪᠠᠶ᠋ᠢᠳᠠᠭ ᠶᠤᠮ ᠊ᠤᠤ ᠠ?

ᠪᠠᠰᠠᠷ᠄ ᠸᠠ ᠬᠠ ᠬᠠ ᠬᠠ᠂ ᠵᠢᠩᠬᠢᠨᠢ ᠡᠯᠢᠭᠡ ᠶ᠋ᠢ ᠨᠢ ᠠᠪᠴᠢᠬᠠᠨ᠎ᠠ᠂

ᠴᠣᠭᠲᠤ᠄ ᠬᠡ ᠬᠡ᠂ᠦᠭᠡᠢ᠂ ᠡᠨᠡ ᠴᠢᠨᠢ ᠰᠢᠨ᠎ᠡ ᠳᠦᠭᠦᠷᠦᠮᠵᠢ ᠪᠠᠶ᠋ᠢᠬᠤ ᠦᠭᠡᠢ ᠊ᠦᠦ?

ᠮᠤᠵᠢᠭᠤᠷ᠄ ᠠ ᠶᠠ ᠶᠠ᠂ ᠠᠶ᠋ᠢᠬᠤᠪᠲᠤᠷ ᠶᠤᠮ ᠠ᠋᠂ ᠵᠠ ᠲᠡᠭᠡᠭᠡᠳ ᠥᠭᠡᠷ᠎ᠡ ᠶᠠᠭᠤ ᠶᠠᠭᠤ ᠪᠠᠶ᠋ᠢᠳᠠᠭ ᠭᠡᠨ᠎ᠡ᠂

ᠮᠥᠩᠬᠡ᠄ ᠥᠩ᠂ ᠢᠩᠭᠢᠬᠦ ᠳ᠋ᠦ᠍ ᠣᠷᠣᠢ ᠪᠣᠯᠵᠤ ᠪᠠᠶ᠋ᠢᠬᠤ ᠴᠢᠨᠢ ᠠ᠋᠂ ᠮᠠᠨ ᠊ᠤ ᠭᠤᠷᠪᠠ ᠭᠠᠶ᠋ᠢᠭᠤᠢ ᠪᠠᠶ᠋ᠢᠭ᠎ᠠ ᠠ᠋᠂

ᠴᠣᠭᠲᠤ᠄ ᠬᠥᠶᠢ᠂ ᠨᠡᠭᠡᠷᠡᠨ᠂ ᠶᠠᠷᠢᠶᠠᠨ ᠳ᠋ᠤ᠌ ᠪᠠᠨ ᠬᠠᠯᠠᠭᠤᠷᠠᠴᠢᠬᠠᠭᠰᠠᠨ ᠰᠠᠭᠤᠵᠤ ᠪᠠᠶ᠋ᠢᠨ᠎ᠠ ᠰᠢᠲᠠ

ᠮᠤᠵᠢᠭᠤᠷ᠄ ᠶᠠᠭᠠᠬᠢᠭᠰᠠᠨ? ᠶᠠᠭᠤ ᠪᠣᠯᠤᠭᠰᠠᠨ?

ᠪᠠᠰᠠᠷ᠄ ᠮᠠᠨ ᠊ᠤ ᠮᠥᠩᠬᠡ ᠲᠤᠩᠬᠤ ᠴᠠᠰᠤᠬᠠᠨ ᠭᠡᠳ ᠨᠠᠶ᠋ᠢᠵᠠ ᠨᠤᠭᠤᠳ ᠪᠠᠶ᠋ᠢᠭ᠎ᠠ ᠶᠤᠮ ᠠ᠋᠂ ᠳᠣᠯᠣᠭᠠᠨ ᠬᠤᠵᠢᠭᠤᠷ ᠲᠤ᠌ ᠣᠴᠢᠵᠤ ᠲᠤᠰᠠᠯᠠᠴᠠᠭᠠᠶ᠎ᠠ ᠭᠡᠳ ᠶᠠᠪᠤᠭᠠᠳ ᠥᠭᠭᠦᠭᠰᠡᠨ ᠶᠦ᠍ᠮ᠂

ᠮᠤᠵᠢᠭᠤᠷ᠄ ᠬᠥᠶᠢ᠂ ᠶᠠᠭᠠᠬᠢᠭᠰᠠᠨ ᠭᠡᠨ᠎ᠡ?

ᠴᠣᠭᠲᠤ᠄ ᠶᠠᠭᠤ ᠪᠣᠯᠤᠭ᠎ᠠ?

ᠮᠤᠵᠢᠭᠤᠷ᠄ ᠬᠡᠩ᠂ ᠮᠠᠨ ᠊ᠤ ᠳᠣᠯᠣᠭᠠᠨ ᠠᠬ᠎ᠠ ᠳ᠋ᠤ᠌ ᠲᠤᠰᠠᠯᠠᠬᠤ ᠭᠡᠳ ᠶᠠᠪᠤᠭᠰᠠᠨ ᠪᠣᠯ ᠬᠡᠴᠡᠭᠦᠦ ᠳᠡ᠂ ᠶᠡᠬᠡ ᠳᠠᠷᠬᠠᠨ ᠤᠯᠤᠰ ᠊ᠤᠳ ᠪᠠᠶ᠋ᠢᠳᠠᠭ ᠶᠤᠮ᠃ ᠬᠡᠷᠪᠡ ᠠᠮᠠᠨ ᠳ᠋ᠤ᠌ ᠨᠢ ᠣᠷᠣᠬᠤ ᠯᠠ ᠶᠤᠮ ᠪᠣᠯ ᠱᠤᠤᠭᠯᠠᠴᠢᠬᠠᠬᠤ ᠭᠡᠳ ᠪᠠᠶ᠋ᠢᠳᠠᠭ ᠶᠤᠮ ᠳᠠ᠃

ᠪᠠᠰᠠᠷ᠄ ᠶᠠᠭᠠᠬᠢᠨ᠎ᠠ᠂ ᠮᠠᠨ ᠊ᠤ ᠬᠡᠳᠦ ᠴᠢᠨᠢ ᠶᠣᠰᠣᠲᠠᠢ ᠬᠠᠮᠤᠭ ᠊ᠤᠨ ᠴᠠᠶ᠋ᠢᠯᠭᠠᠨ᠂ ᠲᠤᠰᠠᠴᠢ ᠤᠯᠤᠰ ᠊ᠤᠳ ᠶᠠᠪᠤᠭ᠎ᠠ ᠰᠢᠦ ᠳᠡ᠃

ᠮᠤᠵᠢᠭᠤᠷ᠄ ᠵᠠ᠂ ᠲᠡᠭᠡᠪᠡᠴᠦ ᠬᠡᠴᠡᠭᠦᠦ ᠳᠡ᠂ ᠬᠥᠳᠡᠯᠴᠢᠬᠡᠶ᠎ᠡ!

ᠴᠣᠭᠲᠤ᠄ ᠵᠠ ᠲᠡᠭᠡᠶ᠎ᠡ᠃

ᠮᠥᠩᠬᠡ᠄ ᠬᠥᠶᠢ ᠰᠣᠨᠣᠰᠤᠭᠰᠠᠨ ᠊ᠦᠦ?ᠰᠠᠶᠢ᠂

ᠲᠤᠩᠬᠤ᠄ ᠬᠠᠷᠢᠨ ᠲᠡᠶ᠋ᠢᠮᠦ᠂ ᠶᠠᠭᠤ ᠪᠠᠶ᠋ᠢᠭᠰᠠᠨ ᠪᠣᠢ?

ᠴᠠᠰᠤᠬᠠᠨ᠄ ᠮᠠᠨ ᠊ᠤ ᠬᠢ ᠠ᠋᠂ ᠨᠠᠰᠢ ᠪᠠᠨ ᠪᠠᠶ᠋ᠢᠭᠠᠷᠠᠢ᠂

ᠮᠤᠵᠢᠭᠤᠷ᠄ ᠵᠠ ᠠᠬ᠎ᠠ ᠨᠠᠷ ᠮᠢᠨᠢ᠂ ᠪᠢᠳᠡ ᠬᠡᠳᠦ ᠶ᠋ᠢᠨ ᠳᠠᠶ᠋ᠢᠰᠤᠩᠨᠠᠯᠴᠢᠯᠲᠠ ᠡᠨᠡ ᠬᠡᠦᠬᠡᠳ ᠲᠦ᠍ ᠶᠠᠮᠠᠷ ᠴᠤ᠌ ᠬᠠᠮᠢᠶ᠎ᠠ ᠪᠠᠶ᠋ᠢᠬᠤ ᠦᠭᠡᠢ᠂ ᠵᠦᠭᠡᠷ ᠬᠠᠮᠢᠭᠠᠰᠢ ᠪᠠᠨ ᠶᠠᠪᠤᠭᠤᠯᠤᠭᠰᠠᠨ ᠢ᠋ᠶ᠋ᠠᠨ ᠬᠡᠯᠡᠴᠢᠬᠡ᠃

ᠬᠤᠵᠢᠭᠤᠷ᠄ ᠬᠡᠩ᠂ ᠶᠠᠭᠠᠬᠢᠭᠰᠠᠨ ᠭᠡᠵᠦ ᠪᠢᠳᠡ ᠴᠢᠮ᠎ᠠ ᠳ᠋ᠤ᠌ ᠲᠤᠰᠠᠯᠠᠬᠤ ᠪᠢᠯᠡ᠃

ᠴᠣᠭᠲᠤ᠄ ᠮᠢᠨᠦ ᠳᠡᠭᠦᠦ ᠨᠠᠷ ᠪᠠᠶ᠋ᠢᠭ᠎ᠠ ᠶᠤᠮ ᠠ᠋᠂ ᠬᠡᠯᠡᠭᠡᠳ ᠥᠭᠭᠦᠴᠢᠬᠡ ᠳᠡ᠃

ᠬᠤᠵᠢᠭᠤᠷ᠄ ᠵᠠ ᠣᠯᠠᠨ ᠶᠠᠭᠤᠮ᠎ᠠ ᠶᠠᠷᠢᠭᠠᠳ ᠪᠠᠶ᠋ᠢᠪᠠᠯ ᠊ᠦᠦ᠂

ᠴᠣᠭᠲᠤ᠄ ᠦᠭᠡᠢ᠂ ᠲᠠ ᠨᠠᠷ ᠴᠢᠨᠢ

ᠮᠤᠵᠢᠭᠤᠷ᠄ ᠵᠠ᠂ ᠪᠠᠶ᠋ᠢᠵᠠ᠂

ᠴᠣᠭᠲᠤ᠄ ᠶᠠᠭᠠᠬᠢᠭᠰᠠᠨ ᠪᠣᠢ?

ᠮᠤᠵᠢᠭᠤᠷ᠄ ᠪᠢ ᠬᠡᠯᠡ ᠠᠮᠠ ᠪᠠᠨ ᠣᠯᠴᠢᠬᠠᠬᠤ ᠪᠠᠶ᠋ᠢᠬ᠎ᠠ ᠠ᠋᠂ ᠶᠠᠷᠢᠶᠠᠨ ᠊ᠤ ᠡᠷᠳᠡᠮ ᠢ᠋ᠶ᠋ᠡᠷ ᠤᠴᠢᠷ ᠢ᠋ᠶ᠋ᠠᠨ ᠣᠯᠬᠤ ᠭᠡᠳ ᠦᠵᠡᠶ᠎ᠡ᠃

ᠮᠤᠵᠢᠭᠤᠷ᠄ ᠬᠡᠯᠡᠬᠦ ᠦᠭᠡᠢ ᠊ᠦᠦ

ᠬᠤᠵᠢᠭᠤᠷ᠄ ᠬᠡᠯᠡᠬᠦ ᠦᠭᠡᠢ

ᠮᠤᠵᠢᠭᠤᠷ᠄ ᠶᠠᠷᠢᠬᠤ ᠦᠭᠡᠢ ᠊ᠦᠦ

ᠬᠤᠵᠢᠭᠤᠷ᠄ ᠶᠠᠷᠢᠬᠤ ᠦᠭᠡᠢ᠃

ᠮᠤᠵᠢᠭᠤᠷ᠄ ᠳᠡᠭᠡᠷ᠎ᠡ ᠳᠡᠭᠡᠷ᠎ᠡ᠃

ᠬᠤᠵᠢᠭᠤᠷ᠄ ᠳᠡᠭᠡᠷ᠎ᠡ ᠳᠡᠭᠡᠷ᠎ᠡ?

ᠮᠤᠵᠢᠭᠤᠷ᠄ ᠳᠣᠣᠷ᠎ᠠ ᠳᠣᠣᠷ᠎ᠠ᠃

ᠬᠤᠵᠢᠭᠤᠷ᠄ ᠳᠣᠣᠷ᠎ᠠ ᠳᠣᠣᠷ᠎ᠠ?

ᠮᠤᠵᠢᠭᠤᠷ᠄ ᠪᠠᠷᠠᠭᠤᠨ ᠵᠡᠭᠦᠨ ᠳᠡᠭᠡᠷ᠎ᠡ ᠳᠣᠣᠷ᠎ᠠ᠃

ᠬᠤᠵᠢᠭᠤᠷ᠄ ᠦᠭᠡᠢ ᠴᠢ ᠶᠠᠭᠤ ᠶᠠᠷᠢᠭᠳᠠᠨ᠎ᠠ?

ᠮᠤᠵᠢᠭᠤᠷ᠄ ᠠᠯᠲᠠᠨ ᠠᠭᠤᠯᠠ ᠮᠣᠳᠣᠲᠤ ᠠᠭᠤᠯᠠ᠃

ᠬᠤᠵᠢᠭᠤᠷ᠄ ᠠᠯᠲᠠ ᠠᠭᠤᠯᠠ?

ᠮᠤᠵᠢᠭᠠᠷ᠄ ᠬᠣᠶ᠋ᠢᠨ᠎ᠠ ᠠᠭᠤᠯᠠ᠃

ᠬᠤᠵᠢᠭᠤᠷ᠄ ᠬᠣᠶ᠋ᠢᠨ᠎ᠠ

ᠮᠤᠵᠢᠭᠤᠷ᠄ ᠬᠠᠳᠠ ᠲᠠᠢ᠂ ᠭᠣᠣᠯ ᠲᠠᠢ᠂ ᠪᠤᠯᠠᠭ ᠲᠠᠢ᠂ ᠮᠣᠳᠣ ᠲᠠᠢ

ᠬᠤᠵᠢᠭᠤᠷ᠄ ᠬᠠᠳᠠ ᠲᠠᠢ᠂ᠪᠤᠯᠠᠭ ᠲᠠᠢ᠃

ᠮᠤᠵᠢᠭᠤᠷ᠄ ᠠᠭᠤᠯᠠ ᠲᠠᠢ ᠬᠠᠳᠠ ᠲᠠᠢ᠂ ᠳᠡᠭᠡᠷ᠎ᠡ ᠲᠡᠢ᠂ ᠳᠣᠣᠷ᠎ᠠ ᠲᠠᠢ᠃

ᠬᠤᠵᠢᠭᠤᠷ᠄ ᠠᠭᠤᠯᠠ ᠲᠠᠢ

ᠮᠤᠵᠢᠭᠤᠷ᠄ ᠴᠢᠨᠣ᠎ᠠ ᠲᠠᠢ ᠂ ᠪᠠᠭᠠᠪᠠᠭᠠᠢ ᠲᠠᠢ᠂ ᠦᠵᠦᠮ ᠲᠡᠢ᠂ ᠦᠨᠡᠭᠡ ᠲᠡᠢ᠃

ᠬᠤᠵᠢᠭᠤᠷ᠄ ᠴᠢᠨᠣ᠎ᠠ ᠲᠠᠢ

ᠮᠤᠵᠢᠭᠤᠷ᠄ ᠠ᠂ ᠣᠯᠤᠯ᠎ᠠ᠂ ᠬᠣᠶ᠋ᠢᠲᠤ ᠬᠠᠳᠠ᠂ ᠪᠤᠯᠠᠭ ᠲᠠᠢ᠂ ᠴᠢᠨᠣ᠎ᠠ ᠲᠠᠢ ᠠᠭᠤᠯᠠ ᠤᠷᠤᠭᠤ ᠶᠠᠪᠤᠭᠤᠯᠴᠢᠬᠠᠵᠠᠢ᠂ ᠬᠥᠳᠡᠯᠬᠦ ᠊ᠦᠦ?

ᠴᠣᠭᠲᠤ᠄ ᠵᠠ᠂ ᠲᠡᠭᠡᠶ᠎ᠡ

ᠪᠠᠰᠠᠷ᠄ ᠬᠥᠶᠢ᠂ ᠨᠠᠶ᠋ᠢᠵᠠ ᠨᠤᠭᠤᠳ ᠮᠢᠨᠢ᠂ ᠵᠦᠭᠡᠷ ᠊ᠦᠦ?

ᠲᠤᠩᠬᠤ᠄ ᠬᠡ ᠬᠡ ᠬᠡ᠂ ᠵᠦᠭᠡᠷ ᠳᠡ᠃ ᠬᠠᠷᠢᠨ ᠤᠰᠤ ᠠᠪᠬᠤ ᠭᠡᠵᠦ ᠪᠠᠶ᠋ᠢᠭᠰᠠᠨ ᠴᠢᠨᠢ ᠴᠢᠨᠣ᠎ᠠ ᠠᠬ᠎ᠠ ᠭᠠᠷᠴᠤ ᠢᠷᠡᠭᠡᠳ᠂ ᠪᠢᠳᠡ ᠨᠠᠷ ᠪᠦᠷ ᠶᠠᠮᠠᠷ ᠶᠡᠬᠡ ᠠᠶᠤᠭᠰᠠᠨ ᠭᠡᠵᠦ᠂

ᠴᠠᠰᠤᠬᠠᠨ᠄ ᠴᠢᠨᠣ᠎ᠠ ᠠᠬ᠎ᠠ ᠳ᠋ᠤ᠌ ᠤᠴᠢᠷ ᠶᠠᠪᠤᠳᠠᠯ ᠢ᠋ᠶ᠋ᠠᠨ ᠬᠡᠯᠡᠭᠰᠡᠨ ᠴᠢᠨᠢ᠂ ᠤᠰᠤ ᠬᠦᠷᠭᠡᠵᠦ ᠥᠭᠬᠦ ᠳ᠋ᠦ᠍ ᠪᠢᠳᠡᠨ ᠳ᠋ᠦ᠍ ᠲᠤᠰᠠᠯᠠᠯ᠎ᠠ᠃

ᠪᠠᠰᠠᠷ᠄ ᠥᠩ᠂ ᠮᠠᠨ ᠊ᠤ ᠬᠡᠳᠦ ᠶᠡᠷᠦ ᠨᠢ ᠠᠮᠢᠲᠠᠳ ᠲᠠᠢ ᠬᠡᠯᠡᠴᠡ ᠦᠭᠡ ᠪᠡᠨ ᠣᠯᠤᠭᠠᠳ ᠪᠦᠷ ᠰᠤᠷᠴᠢᠬᠠᠯ᠎ᠠ ᠰᠢᠦ ᠠ! ᠬᠡᠩ ᠬᠡᠩ

ᠮᠥᠩᠬᠡ᠄ ᠬᠡ ᠬᠡ᠂ ᠶᠠ᠂ ᠠᠬ᠎ᠠ ᠨᠠᠷ ᠪᠠᠰᠠ ᠯᠠ ᠡᠪ ᠦᠭᠡᠢ ᠭᠠᠵᠠᠷ ᠤᠷᠤᠭᠤ ᠶᠠᠪᠤᠭᠤᠯᠤᠭᠰᠠᠨ ᠪᠠᠶ᠋ᠢᠯ᠎ᠠ ᠰᠢᠦ᠂

ᠴᠣᠭᠲᠤ᠄ ᠶᠣᠣ ᠶᠣᠣ᠂ ᠵᠠ ᠠᠰᠢᠭᠦᠢ ᠳᠡ᠂ ᠳᠡᠭᠦᠦ ᠨᠠᠷ ᠲᠤ᠌ ᠪᠠᠨ ᠬᠡᠴᠢᠨᠡᠨ ᠰᠠᠨᠠᠭ᠎ᠠ ᠵᠣᠪᠠᠪᠠ᠃

ᠴᠠᠰᠤᠬᠠᠨ᠄ ᠵᠠ᠂ ᠪᠢᠳᠡ ᠢᠩᠭᠢᠭᠡᠳ ᠪᠤᠴᠠᠶ᠎ᠠ ᠳᠠ ᠮᠠᠨ ᠊ᠤ ᠮᠥᠩᠬᠡ ᠲᠤᠩᠬᠤ ᠬᠣᠶᠠᠷ ᠮᠠᠨᠢ ᠪᠦᠷ ᠶᠠᠳᠠᠷᠠᠴᠢᠬᠠᠯ᠎ᠠ᠂

ᠴᠣᠭᠲᠤ᠄ ᠧᠦ ᠺᠠᠢ᠂ ᠵᠠ ᠨᠠᠶ᠋ᠢᠵᠠ ᠨᠢ ᠶᠠᠪᠤᠯ᠎ᠠ᠂

ᠮᠤᠵᠢᠭᠤᠷ᠄ ᠪᠢ ᠪᠣᠳᠣᠯ᠎ᠠ ᠯᠠ ᠳᠠ᠂ ᠭᠠᠳᠠᠭᠠᠳᠤ ᠶᠢᠷᠲᠢᠨᠴᠦ ᠶᠠᠮᠠᠷ ᠰᠣᠨᠢᠷᠬᠠᠯᠲᠠᠢ ᠪᠠᠶ᠋ᠢᠬᠤ ᠶ᠋ᠢ ᠮᠠᠲᠠᠮᠠᠷ ᠪᠠᠶ᠋ᠢᠨ᠎ᠠ᠂ ᠦᠵᠡᠵᠦ ᠰᠤᠷᠴᠤ ᠪᠣᠯᠬᠤ ᠪᠦᠬᠦ ᠶᠠᠭᠤᠮ᠎ᠠ ᠶ᠋ᠢ ᠰᠣᠷᠣᠮᠠᠷ᠂ ᠲᠡᠷᠡ ᠪᠦᠬᠦᠨ ᠊ᠢ ᠮᠡᠳᠡᠵᠦ ᠰᠤᠷᠴᠢᠬᠠᠭᠠᠳ ᠡᠨᠡ ᠦᠯᠢᠭᠡᠷ ᠊ᠦᠨ ᠶᠢᠷᠲᠢᠨᠴᠦ ᠳ᠋ᠦ᠍ ᠪᠡᠨ ᠢᠷᠡᠭᠡᠳ᠂ ᠡᠨᠡ ᠪᠣᠯᠬᠤ ᠪᠣᠯᠬᠤ ᠦᠭᠡᠢ ᠪᠦᠬᠦ ᠶᠠᠭᠤᠮ᠎ᠠ ᠶ᠋ᠢ ᠴᠡᠭᠴᠡᠯᠡᠮᠡᠷ ᠰᠠᠨᠠᠭᠳᠠᠯ᠎ᠠ᠃

ᠴᠣᠭᠲᠤ᠄ ᠬᠥᠶᠢ᠂ ᠵᠠ᠂ᠲᠡᠭᠡᠶ᠎ᠡ ᠯᠡ ᠳᠡ᠂ ᠪᠢ ᠴᠢᠮ᠎ᠠ ᠠ᠋ᠴᠠ ᠠᠰᠠᠭᠤᠶ᠎ᠠ ᠭᠡᠵᠦ ᠪᠣᠳᠣᠭᠰᠠᠨ ᠴᠤ᠌ ᠬᠡᠯᠡᠵᠦ ᠴᠢᠳᠠᠬᠤ ᠦᠭᠡᠢ ᠪᠠᠶ᠋ᠢᠭᠰᠠᠨ ᠶᠤᠮ ᠠ᠋᠃

ᠮᠤᠵᠢᠭᠤᠷ᠄ ᠵᠠ᠂ ᠪᠢ ᠡᠨᠡ ᠠᠯᠲᠠᠨ ᠪᠣᠭᠴᠣ ᠶ᠋ᠢ ᠨᠥᠬᠥᠭᠡ ᠬᠥᠮᠦᠨ ᠳ᠋ᠦ᠍ ᠨᠢ ᠥᠭᠴᠢᠬᠡᠭᠡᠳ᠂ ᠲᠡᠭᠡᠭᠡᠳ ᠬᠡᠳᠦᠭᠦᠯᠡ ᠪᠡᠨ ᠬᠠᠮᠲᠤ ᠬᠥᠳᠡᠯᠦᠶ᠎ᠡ᠂ ᠠᠬ᠎ᠠ ᠨᠠᠷ ᠲᠤ᠌ ᠪᠠᠨ ᠬᠠᠨᠳᠤᠵᠤ ᠬᠡᠯᠡᠬᠦ ᠳ᠋ᠦ᠍᠂ ᠳᠡᠭᠦᠦ ᠨᠢ ᠲᠠ ᠨᠠᠷ ᠊ᠢ ᠠᠭᠤᠴᠢᠯᠠᠯ᠎ᠠ᠂ ᠬᠠᠷᠢᠨ ᠴᠠᠭ ᠬᠤᠭᠤᠴᠠᠭ᠎ᠠ ᠲᠠ ᠨᠠᠷ ᠊ᠢ ᠮᠢᠨᠢ ᠲᠠᠶ᠋ᠢᠪᠤᠰᠢᠷᠠᠭᠤᠯᠬᠤ ᠪᠢᠵᠡ ᠳᠡ᠃

ᠮᠥᠩᠬᠡ᠄ ᠵᠠ᠂ ᠶᠠᠪᠤᠴᠢᠬᠠᠶ᠎ᠠ᠃

ᠲᠤᠩᠬᠤ᠄ ᠪᠠᠶᠠᠷᠯᠠᠯ᠎ᠠ᠂ ᠴᠢᠨᠣ᠎ᠠ ᠠᠬ᠎ᠠ ᠠ᠋᠂

ᠮᠤᠵᠢᠭᠤᠷ᠄ ᠫᠥᠬᠥ᠂ ᠶᠠᠭᠤ ᠪᠣᠢ?

ᠠᠷᠸ᠎ᠠ᠄ ᠬᠥᠶᠢ᠂ ᠵᠠ ᠶᠠᠭᠤᠨ ᠵᠠᠯᠠᠭᠤ ᠣᠷᠣᠭᠠᠳ ᠢᠷᠡᠪᠡ᠂ ᠠ? ᠬᠡ ᠬᠡ

ᠴᠣᠭᠲᠤ᠄ ᠵᠠ ᠠᠷᠸ᠎ᠡ ᠠᠬ᠎ᠠ᠂ ᠪᠢ ᠲᠠᠨ ᠳᠡᠭᠡᠷ᠎ᠡ ᠺᠠᠮᠧᠷᠠ ᠪᠠᠨ ᠵᠠᠰᠠᠭᠤᠯᠬᠤ ᠭᠡᠵᠦ ᠢᠷᠡᠭᠡᠳ᠂ ᠡᠶ᠋ᠢᠮᠦ ᠶᠡᠬᠡ ᠠᠳᠠᠯ ᠶᠠᠪᠤᠳᠠᠯ ᠲᠠᠢ ᠤᠴᠠᠷᠠᠯ᠎ᠠ᠂ ᠪᠠᠰᠠ ᠡᠶ᠋ᠢᠮᠦ ᠮᠤᠨᠳᠠᠭ ᠨᠠᠶ᠋ᠢᠵᠠ ᠲᠠᠢ ᠪᠣᠯᠤᠭᠰᠠᠨ᠂ ᠭᠠᠶ᠋ᠢᠬᠠᠯᠲᠠᠢ ᠪᠠᠶ᠋ᠢᠭ᠎ᠠ ᠪᠢᠵᠡ ᠳᠡ᠃

ᠠᠷᠸ᠎ᠡ᠄ ᠥ ᠬᠡ

ᠮᠥᠩᠬᠡ᠄ ᠪᠢᠳᠡ ᠭᠤᠷᠪᠠ ᠴᠤ᠌ ᠶᠡᠬᠡ ᠵᠦᠢᠯ ᠥᠩᠭᠡᠷᠡᠭᠡᠵᠦ ᠳᠡ᠃

ᠴᠣᠭᠲᠤ᠄ ᠬᠡ᠂ ᠬᠥᠶᠢ᠂ ᠪᠢ ᠴᠢᠮ᠎ᠠ ᠳ᠋ᠤ᠌ ᠬᠡᠯᠡᠭᠡ ᠦᠭᠡᠢ ᠨᠢᠭᠡ ᠵᠦᠢᠯ ᠪᠣᠯ᠂ ᠬᠥᠳᠡᠯᠭᠡᠭᠡᠨᠲᠦ ᠳᠦᠷᠰᠦ᠂᠃

ᠮᠤᠵᠢᠭᠤᠷ᠄ ᠵᠠ

ᠴᠣᠭᠲᠤ᠄ ᠲᠡᠭᠦᠨ ᠢ᠋ᠶ᠋ᠡᠷ ᠬᠥᠭᠵᠢᠯᠲᠡᠢ ᠪᠢᠴᠢᠯᠭᠡ

ᠮᠤᠵᠢᠭᠤᠷ᠄ ᠵᠠ

ᠴᠣᠭᠲᠤ᠄ ᠶᠠᠩᠵᠤ ᠶ᠋ᠢᠨ ᠪᠦᠷᠢ ᠶ᠋ᠢᠨ ᠪᠣᠭᠣᠨᠢ ᠪᠢᠴᠢᠯᠭᠡ᠂ ᠤᠷᠲᠤ ᠪᠢᠴᠢᠯᠭᠡ ᠪᠦᠷ ᠺᠢᠨᠣ᠋ ᠬᠦᠷᠲᠡᠯ᠎ᠡ ᠬᠢᠵᠦ ᠴᠢᠳᠠᠳᠠᠭ ᠭᠡᠵᠦ ᠪᠣᠳᠣ ᠳᠠ᠃

ᠮᠤᠵᠢᠭᠤᠷ᠄ ᠵᠠ

ᠴᠣᠭᠲᠤ᠄ ᠭᠣᠶᠣ ᠪᠠᠶ᠋ᠢᠭ᠎ᠠ ᠪᠢᠵᠡ?

ᠮᠤᠵᠢᠭᠤᠷ᠄ ᠭᠣᠶᠣ᠂ ᠺᠢᠨᠣ᠋ ᠭᠡᠵᠦ ᠶᠠᠭᠤ ᠪᠢᠯᠡ?

ᠠᠷᠸ᠎ᠡ᠂ ᠮᠥᠩᠬᠡ᠂ ᠲᠤᠩᠬᠤ( ᠵᠡᠷᠭᠡᠪᠡᠷ)᠄ ᠬᠡ ᠬᠡ ᠬᠡ

ᠴᠣᠭᠲᠤ᠄ ᠴᠢᠮ᠎ᠠ ᠠ᠋ᠴᠠ ᠬᠡᠴᠢᠨᠡᠨ ᠣᠯᠠᠨ ᠭᠠᠶ᠋ᠢᠬᠠᠯᠲᠠᠢ ᠵᠣᠬᠢᠶᠠᠯ ᠭᠠᠷᠤᠨ᠎ᠠ ᠭᠡᠵᠦ ᠪᠣᠳᠣᠵᠤ ᠪᠠᠶ᠋ᠢᠨ᠎ᠠ᠂ ᠮᠤᠵᠢᠭᠠᠷ ᠠ᠋!

ᠮᠤᠵᠢᠭᠤᠷ᠄ ᠬᠥᠶᠢ ᠨᠡᠭᠡᠷᠡᠨ ᠡᠨᠳᠡ ᠨᠠᠮ᠎ᠠ ᠶ᠋ᠢ ᠮᠤᠵᠢᠭᠤᠷ ᠪᠢᠰᠢ᠂ ᠥᠭᠡᠷ᠎ᠡ ᠨᠡᠷ᠎ᠡ ᠪᠡᠷ ᠳᠠᠭᠤᠳᠠᠶ᠎ᠠ᠂

ᠴᠣᠭᠲᠤ᠄ ᠥᠩ᠂ ᠴᠢ ᠬᠡᠨ ᠭᠡᠵᠦ ᠳᠠᠭᠤᠳᠠᠭᠤᠯᠮᠠᠷ ᠪᠠᠶ᠋ᠢᠨ᠎ᠠ?

ᠮᠤᠵᠢᠭᠤᠷ᠄ ᠥᠩ᠂ ᠵᠠ ᠪᠠᠶ᠋ᠢᠵᠠ᠂ᠮᠤᠵᠢᠭᠤᠷ ᠶᠤᠮ ᠴᠢᠨᠢ᠂ ᠮᠥᠵᠢ ᠪᠢᠰᠢ ᠠ᠋᠂ ᠮᠥᠨᠰᠢᠦ᠂ ᠨᠡᠭᠡᠷᠡᠨ᠂ᠥ᠂ ᠶᠠᠭ᠂ ᠮᠥᠨᠭᠦᠰᠢ ᠭᠡᠵᠦ ᠳᠠᠭᠤᠳᠠᠭᠠᠷᠠᠢ᠃

ᠴᠣᠭᠲᠤ᠄ ᠧᠦ ᠺᠠᠢ᠂ ᠮᠥᠨᠬᠦᠰᠢ ᠠ᠋᠂

ᠮᠤᠵᠢᠭᠤᠷ᠄ ᠧᠦ ᠺᠠᠢ᠂ ᠴᠣᠭᠲᠤ ᠠ᠋!

ᠪᠠᠰᠠᠷ᠄ ᠮᠢᠰᠢᠮᠢᠷᠰᠢ ᠊ᠤᠨ ᠠᠩᠬ᠎ᠠ ᠪᠢᠴᠢᠭᠰᠡᠨ ᠲᠡᠦᠬᠡ ᠡᠨᠡ ᠪᠢᠰᠢ ᠪᠣᠯᠤᠨ᠎ᠠ᠂ ᠬᠡ ᠬᠡ

ᠮᠥᠩᠬᠡ᠄ ᠵᠠ ᠪᠢ ᠪᠡᠯᠡᠨ᠂

ᠪᠠᠰᠠᠷ᠄ ᠵᠠ! ᠲᠧᠺᠰᠲ  ᠢ᠋ᠶ᠋ᠡᠨ ᠮᠡᠳᠡᠵᠦ ᠪᠠᠶ᠋ᠢᠭ᠎ᠠ᠂ ᠲᠡᠶ᠋ᠢᠮᠦ ᠠ᠋

ᠮᠥᠩᠬᠡ᠄ ᠮᠡᠳᠡᠵᠦ ᠪᠠᠢᠭ᠎ᠠ᠃

ᠪᠠᠰᠠᠷ᠄ ᠵᠠ! ᠭᠧᠦ!

ᠮᠥᠩᠬᠡ ᠲᠤᠩᠬᠤ ᠪᠦᠲᠦᠭᠡᠭᠳᠡᠬᠦᠨ᠂ ᠵᠢᠷᠤᠭ ᠠᠪᠤᠯᠲᠠ ᠨᠢᠭᠡ

ᠮᠥᠩᠬᠡ᠄ ᠬᠡᠦᠬᠡᠳ ᠦ᠋ᠳ ᠠ᠋ ᠂ ᠮᠥᠩᠬᠡ ᠲᠤᠩᠬᠤ ᠵᠢᠶᠦᠢ᠍ᠤᠰᠸ᠂ ᠮᠥᠩᠬᠡ ᠲᠤᠩᠬᠤ ᠵᠠᠢᠷᠮᠠᠭ ᠬᠤᠳᠠᠯᠳᠤᠭᠠᠨ ᠳ᠋ᠤ᠌ ᠭᠠᠷᠤᠯ᠎ᠠ ᠃ ᠬᠡᠴᠢᠨᠡᠨ ᠰᠠᠢᠬᠠᠨ

ᠪᠠᠰᠠᠷ᠄ ᠮᠥᠩᠬᠡ᠂ ᠵᠢᠭᠠᠬᠠᠨ ᠰᠡᠳᠬᠢᠯ᠎ᠠᠴᠠ ᠪᠠᠨ᠂ ᠺᠸᠮᠡᠷᠠ ᠤᠷᠤᠭᠤ ᠪᠠᠨ ᠲᠧᠺᠰᠲ ᠢ᠋ᠶ᠋ᠡᠨ ᠰᠢᠲᠠᠵᠤ ᠥᠭᠭᠦᠭᠡᠷᠡᠢ!

ᠮᠥᠩᠬᠡ: ᠥ ᠬᠡ᠂ ᠠ! ᠵᠠ!

ᠮᠥᠩᠬᠡ ᠲᠤᠩᠬᠤ ᠪᠦᠲᠦᠭᠡᠭᠳᠡᠬᠦᠨ᠂ ᠵᠢᠷᠤᠭ ᠠᠪᠤᠯᠲᠠ ᠬᠣᠶᠠᠷ

ᠮᠥᠩᠬᠡ᠄ ᠬᠡᠦᠬᠡᠳ ᠦ᠋ᠳ ᠠ᠋᠂ ᠮᠥᠩᠬᠡ ᠲᠤᠩᠬᠤ ᠵᠢᠶᠦᠢ᠍ᠤᠰᠸ᠂ ᠮᠥᠩᠬᠡ ᠲᠤᠩᠬᠤ ᠵᠠᠢᠷᠮᠠᠭ ᠬᠤᠳᠠᠯᠳᠤᠭᠠᠨ ᠳ᠋ᠤ᠌ ᠭᠠᠷᠤᠯ᠎ᠠ ᠃ ᠬᠡᠴᠢᠨᠡᠨ ᠰᠠᠢᠬᠠᠨ ᠠᠮᠲᠠᠲᠠᠢ ᠭᠡᠵᠦ᠂ ᠬᠡᠴᠢᠨᠡᠨ ᠁

ᠮᠥᠩᠬᠡ: ᠥ᠂ ᠬᠡᠴᠢᠨᠡᠨ ᠰᠠᠢᠬᠠᠨ᠁ ᠲᠧᠺᠰᠲ ᠨᠢ ᠶᠠᠭᠤ ᠪᠢᠯᠡ?

ᠠᠷᠤ ᠲᠠᠯ᠎ᠠ᠄ ᠬᠡᠴᠢᠨᠡᠨ ᠰᠠᠢᠬᠠᠨ ᠠᠮᠲᠠᠲᠠᠢ ᠭᠡᠵᠦ᠂ ᠬᠡᠴᠢᠨᠡᠨ ᠶᠡᠬᠡ ᠪᠡᠶ᠎ᠡ ᠳ᠋ᠦ᠍ ᠬᠡᠷᠡᠭᠲᠡᠢ ᠭᠡᠵᠦ ᠪᠣᠳᠣᠵᠤ ᠪᠠᠢᠨ᠎ᠠ᠃

ᠮᠥᠩᠬᠡ᠄ ᠠ᠂ ᠬᠡᠴᠢᠨᠡᠨ ᠶᠡᠬᠡ ᠪᠡᠶ᠎ᠡ ᠳ᠋ᠦ᠍᠁

ᠠᠷᠤ ᠲᠠᠯ᠎ᠠ᠄ ᠬᠡᠷᠡᠭᠲᠡᠢ ᠭᠡᠵᠦ ᠪᠣᠳᠣᠵᠤ ᠪᠠᠢᠨ᠎ᠠ᠃

ᠮᠥᠩᠬᠡ᠄ ᠠ! ᠲᠡᠢᠮᠦ ᠰᠢᠲᠠ᠃ᠬᠡᠷᠡᠭᠲᠡᠢ ᠭᠡᠵᠦ ᠪᠣᠳᠣᠵᠤ ᠪᠠᠢᠨ᠎ᠠ᠃ ᠬᠡᠦᠬᠡᠳ ᠪᠢᠳᠡᠨ ᠦ᠌ ᠪᠠᠶᠠᠷ᠂ ᠥ! ᠶᠡᠬᠡ ᠪᠡᠶ᠎ᠡ ᠨᠢ ᠳ᠋ᠦ᠍ ᠬᠡᠷᠡᠭᠲᠡᠢ᠂ ᠬᠡᠴᠢᠨᠡᠨ ᠶᠡᠬᠡ ᠬᠡᠷᠡᠭᠲᠡᠢ᠂ ᠮᠥᠩᠬᠡ ᠲᠤᠩᠬᠤ ᠵᠢᠶᠦᠢ᠍ᠤᠰᠸ᠂ ᠥ᠂ ᠲᠧᠺᠰᠲ ᠢ᠋ᠶ᠋ᠡᠨ

ᠪᠠᠰᠠᠷ: ᠥ᠁

ᠮᠥᠩᠬᠡ᠄ ᠲᠧᠺᠰᠲ ᠢ᠋ᠶ᠋ᠡᠨ ᠳᠠᠬᠢᠭᠠᠳ ᠨᠢᠭᠡ ᠬᠡᠯᠡᠭᠡᠳ ᠥᠭᠭᠦᠭᠡᠴᠢ᠃ ᠥ᠃ ᠰᠣᠷᠷᠸ! ᠬᠡ ᠬᠡ ᠪᠢ ᠣᠳᠣ ᠳᠠᠬᠢᠭᠠᠳ ᠨᠢᠭᠡ ᠶᠠᠪᠤᠴᠢᠬᠠᠶ᠎ᠠ᠃

ᠪᠠᠰᠠᠷ᠄ ᠲᠧᠺᠰᠲ ᠢ᠋ᠶ᠋ᠡᠨ ᠰᠢᠭᠤᠳ ᠰᠢᠳᠡᠭᠡᠷᠡᠢ᠂ ᠰᠢᠳᠡ!

ᠮᠥᠩᠬᠡ᠄ ᠧᠦ ᠰᠣᠷᠷᠸ᠂ ᠮᠥᠩᠬᠡ ᠲᠤᠩᠬᠤ᠂ ᠵᠠᠢᠷᠮᠠᠭ᠂ ᠠ! ᠵᠠ!

ᠮᠥᠩᠬᠡ ᠲᠤᠩᠬᠤ ᠪᠦᠲᠦᠭᠡᠭᠳᠡᠬᠦᠨ᠂ ᠵᠢᠷᠤᠭ ᠠᠪᠤᠯᠲᠠ ᠶᠡᠷᠡᠨ ᠶᠢᠰᠦ

ᠮᠥᠩᠬᠡ: ᠮᠥᠩᠬᠡ ᠲᠤᠩᠬᠤ ᠶ᠋ᠢᠨ ᠪᠦᠲᠦᠭᠡᠭᠳᠡᠬᠦᠨ ᠭᠡᠬᠦ ᠪᠡᠷ ᠶᠠᠮᠠᠷ ᠪᠠᠢᠬᠤ ᠨᠢ ᠣᠢᠯᠠᠭᠠᠮᠵᠢᠲᠠᠢ ᠰᠢᠦ ᠳ᠋ᠠ!

ᠪᠠᠰᠠᠷ: ᠥ! ᠶᠠᠭ᠂ ᠵᠥᠪ ᠲᠧᠺᠰᠲ ᠨᠢ ᠡᠨᠡ ᠪᠠᠢᠭ᠍ᠰᠠᠨ ᠶᠤᠮ ᠰᠢᠦ ᠳ᠋ᠠ!ᠮᠥᠩᠬᠡ ᠲᠤᠩᠬᠤ ᠶ᠋ᠢᠨ ᠪᠦᠲᠦᠭᠡᠭᠳᠡᠬᠦᠨ ᠭᠡᠬᠦ ᠪᠡᠷ ᠯᠡ ᠣᠢᠯᠠᠭᠠᠮᠵᠢᠲᠠᠢ ᠰᠢᠦ ᠳ᠋ᠠ᠂ ᠠᠮᠲᠠ ᠵᠠᠭᠤᠨ ᠬᠤᠪᠢ᠂ ᠳᠠᠷᠬᠠᠯᠠᠭ᠎ᠠ ᠵᠠᠭᠤᠨ ᠬᠤᠪᠢ ᠳᠡᠮᠵᠢᠨ᠎ᠡ᠃ ᠶᠠ᠂ ᠮᠥᠩᠬᠡ ᠭᠣᠶᠣ ᠬᠡᠯᠡᠯ᠎ᠡ ᠰᠢᠦ!


ᠵᠡᠭᠦᠯᠲᠡ ᠄

ᠺᠠᠮᠧᠷᠠcamera ᠊᠊᠊᠊᠊᠊᠊᠊᠊ ᠭᠡᠷᠡᠯ ᠵᠢᠷᠤᠭ ᠤ᠋ᠨ ᠮᠠᠰᠢᠨ᠂ ᠳᠦᠷᠰᠦ ᠪᠢᠴᠢᠯᠭᠡ ᠬᠢᠬᠦ ᠲᠥᠬᠥᠭᠡᠷᠦᠮᠵᠢ᠃

ᠧᠦ ᠺᠠOK᠊᠊᠊᠊᠊᠊᠊᠊ ᠵᠠ ᠭᠡᠰᠡᠨ ᠦᠭᠡ᠃

ᠲᠧᠺᠰᠲ text ᠊᠊᠊᠊᠊᠊᠊᠊᠊ ᠪᠢᠴᠢᠪᠦᠷᠢ᠂ ᠦᠰᠦᠭ ᠪᠢᠴᠢᠭ ᠶ᠋ᠢᠡᠷ ᠲᠡᠮᠳᠡᠭᠯᠡᠭᠰᠡᠨ ᠡᠬᠡ ᠬᠡᠷᠡᠭᠯᠡᠭᠳᠡᠬᠦᠨ᠃

ᠵᠢᠶᠦᠢ᠍ᠤᠰᠸjuice᠊᠊᠊᠊᠊᠊᠊᠊ ᠤᠮᠳᠠᠭᠠᠨ

ᠰᠣᠷᠷᠸ sorry ᠊᠊᠊᠊᠊᠊᠊᠊᠊ ᠤᠰᠤᠯᠲᠠᠯ᠎ᠠ


ᠦᠰᠦᠭ ᠠᠮᠢᠯᠠᠭᠤᠯᠤᠭᠴᠢ᠂ ᠬᠠᠳᠠᠭᠴᠢ᠄ ᠾᠦᠩ ᠸᠧᠢ

ᠬᠢᠨᠠᠯᠲᠠ᠄ ᠪᠠᠶᠠᠷᠴᠡᠴᠡᠭ


ᠲᠠᠢᠯᠪᠤᠷᠢ᠄

1᠂ ᠬᠥᠳᠡᠯᠭᠡᠭᠡᠨᠲᠦ ᠵᠢᠷᠤᠭ ᠲᠠᠬᠢ ᠦᠰᠦᠭ ᠊ᠢ ᠰᠣᠨᠣᠰᠴᠤ ᠪᠠᠶ᠋ᠢᠭᠠᠳ᠂ ᠰᠦᠯᠵᠢᠶᠡᠨ ᠦ᠌ ᠦᠰᠦᠭ ᠤᠷᠤᠭᠤ ᠪᠠᠭᠤᠯᠭᠠᠵᠤ ᠪᠠᠶ᠋ᠢᠬᠤ ᠤᠴᠢᠷ᠂ ᠮᠡᠬᠦᠰ ᠮᠢᠨᠦ ᠴᠢᠳᠠᠪᠤᠷᠢ ᠶ᠋ᠢᠨ ᠬᠡᠮᠵᠢᠶ᠎ᠡ᠂ ᠣᠷᠣᠨ ᠨᠤᠲᠤᠭ᠂ ᠬᠢᠯᠢ ᠠᠯᠤᠰᠯᠠᠵᠤ ᠪᠠᠶ᠋ᠢᠬ᠋᠎ᠠ ᠬᠡᠯᠡ ᠠᠪᠢᠶᠠᠯᠠᠯᠤᠭ᠎ᠠ ᠶ᠋ᠢᠨ ᠵᠥᠷᠢᠶ᠎ᠡ ᠵᠡᠷᠭᠡ ᠰᠢᠯᠲᠠᠭᠠᠨ ᠠ᠋ᠴᠠ ᠲᠤᠩ ᠠᠷᠪᠢᠨ ᠲᠠᠰᠢᠶ᠎ᠠ ᠪᠤᠷᠤᠭᠤ ᠪᠠᠶ᠋ᠢᠵᠤ ᠮᠠᠭᠠᠳ᠂ ᠦᠵᠡᠭᠴᠢ ᠲᠦᠮᠡᠨ ᠮᠢᠨᠢ ᠠᠭᠤᠴᠢᠯᠠᠯ ᠳᠤ ᠪᠡᠨ ᠪᠠᠭᠲᠠᠭᠠᠬᠤ ᠶ᠋ᠢ ᠬᠦᠰᠡᠨ ᠨᠠᠶ᠋ᠢᠲᠠᠵᠤ ᠪᠠᠶ᠋ᠢᠨ᠎ᠠ᠃

2᠂ ᠮᠥᠩᠬᠡ ᠲᠤᠩᠬᠤ ᠶ᠋ᠢᠨ ᠬᠣᠶᠠᠳᠤᠭᠠᠷ ᠤᠯᠠᠷᠢᠯ ᠤ᠋ᠨ ᠳᠣᠯᠣᠳᠤᠭᠠᠷ ᠠᠩᠭᠢ ᠳ᠋ᠤ᠌ ᠬᠤᠵᠢᠭᠤᠷ ᠊ᠢ ᠬᠤᠵᠢᠭᠠᠷ ᠭᠡᠵᠦ᠂ ᠮᠤᠵᠢᠭᠤᠷ ᠊ᠢ ᠮᠤᠵᠢᠭᠠᠷ ᠭᠡᠵᠦ ᠪᠠᠭᠤᠯᠭᠠᠭᠰᠠᠨ ᠪᠠᠶ᠋ᠢᠬᠰᠠᠨ ᠶᠤᠮ᠂ ᠭᠡᠪᠡᠴᠦ ᠲᠤᠰ ᠠᠩᠭᠢ ᠶ᠋ᠢᠨ ᠦᠰᠦᠭ ᠊ᠢ ᠪᠠᠭᠤᠯᠭᠠᠵᠤ ᠪᠠᠶ᠋ᠢᠬᠤ ᠳ᠋ᠤ᠌ ᠺᠢᠷᠢᠯ ᠦᠰᠦᠭ ᠊ᠢ ᠨᠢ ᠬᠠᠳᠠᠭᠠᠰᠤᠲᠠᠢ ᠪᠠᠶ᠋ᠢᠬᠰᠠᠨ ᠲᠤᠯᠠ ᠵᠠᠰᠠᠨ ᠪᠢᠴᠢᠬ᠋ᠰᠡᠨ ᠢ᠋ᠶ᠋ᠡᠨ ᠡᠨᠳᠡ ᠲᠣᠲᠣᠷᠬᠠᠶ᠋ᠢᠯᠠᠵᠤ ᠪᠠᠶ᠋ᠢᠨ᠎ᠠ᠃