ᠠᠨᠤ ᠬᠠᠲᠤᠨ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠨᠤ ᠬᠠᠲᠤᠨ

ᠠᠨᠤ ᠬᠠᠲᠤᠨ

ᠠᠩᠭᠢᠯᠠᠯ:ᠺᠢᠨᠣ᠋
2022-01-03

6326

    ᠠᠷᠭ᠎ᠠ ᠶ᠋ᠢᠨ ᠲᠣᠭᠠᠯᠠᠯ ᠤ᠋ᠨ 1661 ᠣᠨ᠃ ᠮᠣᠩᠭᠣᠯ ᠲᠤᠭᠤᠷᠭᠠᠲᠠᠨ ᠤ᠋ ᠨᠢᠭᠡᠨ ᠬᠡᠰᠡᠭ ᠳᠥᠷᠪᠡᠨ ᠣᠢᠷᠠᠳ ᠤ᠋ᠨ ᠲᠡᠷᠢᠭᠦᠯᠡᠭᠴᠢ ᠠᠢᠮᠠᠭ ᠬᠣᠱᠤᠳ ᠤ᠋ᠨ ᠤᠴᠢᠷ ᠲᠤ᠌ ᠰᠡᠴᠡᠨ ᠬᠠᠨ ᠤ᠋ ᠨᠤᠲᠤᠭ ᠢ᠋ᠶ᠋ᠠᠷ ᠭᠠᠯᠳᠠᠨ ᠬᠤᠪᠢᠯᠭᠠᠨ ᠠᠶᠠᠯᠠᠵᠤ ᠶᠠᠪᠤᠬᠤ ᠳ᠋ᠤ᠌ ᠪᠠᠨ ᠬᠣᠱᠤᠳ ᠤ᠋ᠨ ᠤᠴᠢᠷᠲᠤ᠌ ᠰᠡᠴᠡᠨ ᠦ᠌ ᠥᠬᠢᠨ ᠠᠨᠤ ᠲᠠᠢ ᠲᠠᠨᠢᠯᠴᠠᠪᠠ᠃ ᠠᠩᠬᠠᠨ ᠤ᠋ ᠬᠠᠷᠠᠴᠠ ᠪᠠᠷ ᠬᠣᠶᠠᠷ ᠪᠡᠶ᠎ᠡ ᠪᠡᠶᠡᠨ ᠳᠤ ᠪᠠᠨ ᠰᠡᠳᠬᠢᠯ ᠠᠯᠳᠠᠷᠠᠭᠰᠠᠨ ᠭᠠᠯᠳᠠᠨ ᠠᠨᠤ ᠬᠣᠶᠠᠷ ᠲᠤ᠌ ᠬᠠᠨᠢᠯᠠᠨ ᠰᠠᠭᠤᠬᠤ ᠶ᠋ᠢᠨ ᠲᠠᠪᠢᠯᠠᠩ ᠪᠠᠢᠭᠰᠠᠨ ᠦᠭᠡᠢ᠃ ᠠᠬ᠎ᠠ ᠶ᠋ᠢᠨ ᠢ᠋ᠶ᠋ᠡᠨ ᠬᠠᠲᠤᠨ ᠪᠣᠯᠬᠤ ᠭᠡᠵᠦ ᠪᠣᠢ ᠬᠠᠢᠷᠠᠲᠠᠢ ᠪᠦᠰᠡᠭᠦᠢ ᠳ᠋ᠦ᠍ ᠪᠡᠨ ᠨᠣᠭᠣᠭᠠᠨ ᠳᠠᠷᠢ ᠡᠬᠡ ᠪᠡᠯᠡᠭᠯᠡᠭᠡᠳ ᠭᠠᠯᠳᠠᠨ ᠴᠠᠰᠤᠲᠤ ᠶ᠋ᠢᠨ ᠣᠷᠣᠨ ᠢ᠋ ᠵᠣᠷᠢᠪᠠ᠃ ᠰᠡᠩᠭᠡ ᠬᠣᠩ ᠲᠠᠢᠵᠢ᠂ ᠠᠨᠤ ᠬᠣᠶᠠᠷ ᠤ᠋ᠨ ᠬᠤᠷᠢᠮ ᠤ᠋ᠨ ᠡᠮᠦᠨᠡᠬᠢ ᠰᠥᠨᠢ ᠡᠴᠢᠭᠡ ᠨᠢᠭᠡᠲᠡᠢ ᠠᠬ᠎ᠠ ᠨᠠᠷ ᠨᠢ ᠰᠡᠩᠭᠡ ᠬᠣᠩ ᠲᠠᠢᠵᠢ ᠶ᠋ᠢ ᠬᠣᠣᠷᠯᠠᠪᠠ᠃ ᠭᠠᠯᠳᠠᠨ ᠴᠠᠰᠤᠲᠤ ᠶ᠋ᠢᠨ ᠣᠷᠣᠨ ᠡᠴᠡ ᠢᠷᠡᠵᠦ ᠬᠣᠩ ᠲᠠᠢᠵᠢ ᠶ᠋ᠢᠨ ᠰᠡᠩᠲᠡᠢ ᠳ᠋ᠦ᠍ ᠰᠠᠭᠤᠵᠤ ᠠᠨᠤ ᠬᠠᠲᠤᠨ ᠪᠠᠭᠤᠯᠭᠠᠪᠠ᠃ ᠠᠨᠤ ᠬᠠᠲᠤᠨ ᠤ᠋ ᠵᠢᠷᠭᠠᠯ ᠵᠣᠪᠠᠯᠠᠩ ᠡᠭᠡᠯᠵᠢᠯᠡᠭᠰᠡᠨ ᠠᠮᠢᠳᠤᠷᠠᠯ ᠦᠷᠭᠦᠯᠵᠢᠯᠡᠭᠰᠡᠭᠡᠷ ᠬᠠᠯᠬ᠎ᠠ ᠤᠷᠤᠭᠤ ᠳᠠᠢᠲᠤᠬᠤ ᠪᠠᠷ ᠣᠳᠤᠭᠰᠠᠨ ᠡᠷ᠎ᠡ ᠨᠥᠬᠥᠷ ᠦ᠋ᠨ ᠢ᠋ᠶ᠋ᠡᠨ ᠵᠦᠭ ᠨᠡᠭᠦᠵᠦ ᠣᠴᠢᠨ᠎ᠠ᠃ ᠦᠬᠦᠬᠦ ᠰᠡᠬᠡᠬᠦ ᠪᠡᠨ ᠦᠵᠡᠬᠦ ᠡᠴᠦᠰ ᠦ᠋ᠨ ᠲᠤᠯᠤᠯᠳᠤᠭᠠᠨ 1696 ᠣᠨ ᠲᠡᠷᠡᠯᠵᠢ ᠶ᠋ᠢᠨ ᠵᠠᠭᠤᠨ ᠮᠣᠳᠣᠨ ᠳ᠋ᠤ᠌ ᠮᠠᠨᠵᠤ ᠶ᠋ᠢᠨ 100 ᠮᠢᠩᠭᠠᠨ ᠴᠡᠷᠢᠭ ᠦ᠋ᠨ ᠡᠮᠦᠨ᠎ᠡ ᠡᠴᠡ 30 ᠮᠢᠩᠭᠠᠨ ᠣᠢᠷᠠᠳ ᠴᠡᠷᠢᠭ ᠲᠤᠯᠤᠯᠳᠤᠨ ᠪᠦᠰᠡᠯᠡᠯᠲᠡ ᠳ᠋ᠦ᠍ ᠣᠷᠣᠪᠠ᠃