ᠠᠭᠤᠯᠠᠨ ᠳ᠋ᠤ᠌ ᠶᠠᠪᠤᠭᠠᠳ ᠠᠷᠭᠠᠯ ᠴᠦ᠍ ᠦᠭᠡᠢУуланд яваад аргал ц угүй
ᠠᠭᠤᠯᠠᠨ ᠳ᠋ᠤ᠌ ᠶᠠᠪᠤᠭᠠᠳ ᠠᠷᠭᠠᠯ ᠴᠦ᠍ ᠦᠭᠡᠢ

ᠠᠭᠤᠯᠠᠨ ᠳ᠋ᠤ᠌ ᠶᠠᠪᠤᠭᠠᠳ ᠠᠷᠭᠠᠯ ᠴᠦ᠍ ᠦᠭᠡᠢ
ᠤᠷᠪᠠᠵᠤ ᠢᠷᠡᠭᠡᠳ ᠠᠷᠤᠭ ᠴᠦ᠍ ᠦᠭᠡᠢ
ᠡᠷᠲᠡ ᠤᠷᠢᠳᠤ ᠶ᠋ᠢᠨ ᠴᠠᠭ ᠲᠤ᠌ ᠂ ᠨᠢᠭᠡᠨ ᠠᠯᠵᠠᠭᠤ ᠡᠷ᠎ᠡ ᠪᠠᠢᠭᠰᠠᠨ ᠭᠡᠨ᠎ᠡ ᠃ ᠣᠷᠣᠢ ᠶ᠋ᠢᠨ ᠬᠣᠭᠣᠯᠠ ᠬᠢᠬᠦ ᠠᠷᠭᠠᠯ ᠲᠦᠯᠡᠭᠡ ᠦᠭᠡᠢ ᠪᠠᠢᠬᠤ ᠳ᠋ᠤ᠌ ᠂ ᠡᠨᠡ ᠡᠷ᠎ᠡ ᠲᠠᠩᠭᠠᠢᠵᠤ ᠬᠡᠪᠲᠡᠭᠡᠳ ᠯᠡ ᠪᠠᠢᠪᠠ ᠃ ᠡᠭᠦᠨ ᠳ᠋ᠦ᠍ ᠡᠬᠡᠨᠡᠷ ᠨᠢ ᠰᠠᠨᠳᠤᠷᠴᠤ : 《 ᠠᠷᠭᠠᠯ ᠲᠦᠯᠡᠭᠡ ᠵᠢᠭᠠᠬᠠᠨ ᠲᠡᠭᠦᠭᠡᠳ ᠢᠷ᠎ᠡ ᠂ ᠢᠩᠭᠢᠵᠦ ᠲᠠᠩᠭᠠᠢᠨ ᠬᠡᠪᠲᠡᠭᠡᠳ ᠂ ᠬᠡᠨ ᠪᠢᠳᠡᠨ ᠳ᠋ᠦ᠍ ᠬᠣᠭᠣᠯᠠ ᠠᠪᠴᠢᠷᠠᠵᠤ ᠥᠭᠬᠦ ᠪᠤᠢ?》 ᠭᠡᠵᠦ ᠬᠡᠯᠡ ᠠᠮᠠ ᠲᠠᠲᠠᠭᠠᠳ ᠠᠮᠤᠷ ᠪᠠᠢᠯᠭᠠᠬᠤ ᠦᠭᠡᠢ ᠳ᠋ᠦ᠍ ᠠᠯᠵᠠᠭᠤ ᠡᠷ᠎ᠡ ᠡᠪᠰᠢᠶᠡᠵᠦ ᠰᠤᠨᠢᠶᠠᠭᠰᠠᠭᠠᠷ ᠪᠣᠰᠤᠭᠠᠳ ᠠᠷᠤᠭ ᠢ᠋ᠶ᠋ᠠᠨ ᠡᠭᠦᠷᠦᠭᠡᠳ ᠭᠠᠷᠪᠠ᠃
ᠠᠯᠵᠠᠭᠤ ᠡᠷ᠎ᠡ ᠠᠭᠤᠯᠠᠨ ᠳ᠋ᠤ᠌ ᠭᠠᠷᠤᠭᠠᠳ ᠠᠷᠭᠠᠯ ᠲᠡᠭᠦᠭᠰᠡᠨ ᠦᠭᠡᠢ᠂ ᠬᠠᠲᠠᠨ ᠡᠩᠭᠡᠷ ᠦ᠋ᠨ ᠨᠡᠷᠡᠨ ᠡᠭᠡᠪᠦᠷ ᠲᠦ᠍ ᠯᠠᠪᠲᠠᠢᠵᠤ ᠰᠠᠭᠤᠭᠰᠠᠭᠠᠷ ᠬᠠᠯᠠᠭᠤᠨ ᠨᠣᠢᠷ ᠲᠠᠭᠠᠨ ᠣᠷᠣᠵᠠᠢ ᠃
ᠬᠠᠨᠲᠠᠯ᠎ᠠ ᠤᠨᠲᠠᠭᠠᠳ ᠰᠡᠷᠢᠬᠦ ᠳ᠋ᠦ᠍ ᠡᠪᠦᠯ ᠦ᠋ᠨ ᠨᠡᠷᠡᠨ ᠠᠭᠤᠯᠠᠨ ᠲᠣᠯᠣᠭᠠᠢ ᠳ᠋ᠤ᠌ ᠰᠢᠩᠭᠡᠬᠦ ᠰᠢᠬᠠᠭᠰᠠᠨ ᠲᠤᠯᠠ ᠠᠯᠵᠠᠭᠤ ᠡᠷ᠎ᠡ ᠠᠷᠭᠠᠯ ᠲᠡᠭᠦᠬᠦ ᠶᠠᠪᠤᠳᠠᠯ ᠢ᠋ᠶ᠋ᠠᠨ ᠰᠠᠨᠠᠵᠤ ᠨᠠᠰᠢ ᠴᠠᠰᠢ ᠡᠷᠭᠢᠴᠡᠭᠰᠡᠨ ᠪᠣᠯᠪᠠᠴᠤ ᠠᠷᠭᠠᠯ ᠲᠦᠯᠡᠭᠡ ᠴᠦ᠍ ᠣᠯᠤᠭᠰᠠᠨ ᠦᠭᠡᠢ᠂ ᠤᠳᠠᠭᠰᠠᠨ ᠦᠭᠡᠢ ᠪᠦᠷᠦᠢ ᠬᠠᠷᠠᠩᠭᠤᠢ ᠪᠣᠯᠪᠠ ᠃ ᠠᠯᠵᠠᠭᠤ ᠡᠷ᠎ᠡ ᠬᠣᠭᠣᠰᠣᠨ ᠠᠷᠤᠭ ᠢ᠋ᠶ᠋ᠠᠨ ᠡᠭᠦᠷᠦᠨ ᠭᠡᠷ ᠲᠡᠬᠡᠨ ᠬᠠᠷᠢᠬᠤ ᠳ᠋ᠠᠭᠠᠨ ᠬᠠᠲᠠᠨ ᠳ᠋ᠤ᠌ ᠬᠠᠯᠲᠤᠷᠢᠵᠤ ᠣᠢᠴᠢᠭᠠᠳ ᠠᠷᠤᠭ ᠢ᠋ᠶ᠋ᠠᠨ ᠴᠦ᠍ ᠪᠠᠯᠪᠠᠯᠵᠠᠢ ᠃
ᠠᠷᠭᠠᠯ ᠣᠯᠵᠤ ᠲᠡᠭᠦᠭᠰᠡᠨ ᠦᠭᠡᠢ ᠮᠥᠷᠲᠡᠭᠡᠨ ᠠᠷᠤᠭ ᠢ᠋ᠶ᠋ᠠᠨ ᠴᠦ᠍ ᠰᠦᠢᠳᠬᠡᠭᠰᠡᠨ ᠡᠴᠡ ᠤᠷᠮ᠎ᠠ ᠦᠭᠡᠢᠬᠡᠨ ᠭᠡᠷ ᠲᠡᠬᠡᠨ ᠬᠦᠷᠬᠦ ᠳ᠋ᠦ᠍᠂ ᠲᠡᠭᠦᠨ ᠦ᠌ ᠲᠡᠭᠦᠵᠦ ᠠᠪᠴᠢᠷᠠᠬᠤ ᠠᠷᠭᠠᠯ ᠢ᠋ ᠬᠦᠯᠢᠶᠡᠨ ᠰᠠᠭᠤᠵᠤ ᠪᠠᠢᠭᠰᠠᠨ ᠡᠬᠡᠨᠡᠷ ᠨᠢ ᠠᠭᠤᠷᠯᠠᠵᠤ:《 ᠠᠪᠠᠴᠢᠭᠰᠠᠨ ᠠᠷᠤᠭ ᠴᠢᠨᠢ ᠶᠠᠭᠠᠬᠢᠴᠢᠬᠠᠪᠠ? ᠠᠪᠴᠢᠷᠠᠭᠰᠠᠨ ᠠᠷᠭᠠᠯ ᠴᠢᠨᠢ ᠶᠠᠭᠠᠬᠢᠴᠢᠬᠠᠪᠠ?》 ᠭᠡᠵᠦ ᠵᠠᠩᠨᠠᠭᠰᠠᠨ ᠳ᠋ᠤ᠌ ᠂ ᠠᠯᠵᠠᠭᠤ ᠡᠷ᠎ᠡ : 《 ᠠᠭᠤᠯᠠᠨ ᠳ᠋ᠤ᠌ ᠶᠠᠪᠤᠭᠠᠳ ᠠᠷᠭᠠᠯ ᠴᠦ᠍ ᠣᠯᠳᠠᠭᠰᠠᠨ ᠦᠭᠡᠢ᠂ ᠤᠷᠪᠠᠵᠤ ᠢᠷᠡᠬᠦ ᠳ᠋ᠡᠭᠡᠨ ᠠᠷᠤᠭ ᠢ᠋ᠶ᠋ᠠᠨ ᠴᠦ᠍ ᠡᠪᠳᠡᠯᠡᠴᠢᠬᠡᠵᠡᠢ》 ᠭᠡᠵᠦ ᠳᠦᠳᠦᠨᠡᠭᠰᠡᠨ ᠭᠡᠨ᠎ᠡ᠃
《 ᠠᠭᠤᠯᠠᠨ ᠳ᠋ᠤ᠌ ᠶᠠᠪᠤᠭᠠᠳ ᠠᠷᠭᠠᠯ ᠴᠦ᠍ ᠦᠭᠡᠢ᠂ ᠤᠷᠪᠠᠵᠤ ᠢᠷᠡᠭᠡᠳ ᠠᠷᠤᠭ ᠴᠦ᠍ ᠦᠭᠡᠢ》 ᠭᠡᠳᠡᠭ ᠦᠯᠢᠭᠡᠷ ᠢ᠋ᠶ᠋ᠡᠷ ᠵᠣᠷᠢᠭᠰᠠᠨ ᠶᠠᠪᠤᠳᠠᠯ ᠨᠢ ᠪᠦᠲᠦᠭᠰᠡᠨ ᠦᠭᠡᠢ ᠪᠡᠷ ᠦᠯᠦ ᠪᠠᠷᠠᠮ ᠭᠡᠳᠡᠷᠭᠦ ᠬᠣᠬᠢᠷᠠᠯ ᠠᠮᠰᠠᠭᠰᠠᠨ ᠤᠴᠢᠷ ᠢ᠋ ᠲᠣᠳᠣᠷᠬᠠᠢᠯᠠᠪᠠ᠃
