ᠰᠠᠮᠠᠭᠠᠯᠳᠠᠢ᠂ ᠺᠣᠩᠷᠡᠢ-ᠪ ∙ ᠰᠠᠷᠠᠨᠲᠤᠶᠠᠭ᠎ᠠ᠂ ᠪ ∙ ᠠᠯᠲᠠᠨᠵᠢᠷᠭᠠᠯ Самгалдай, Конгурэй-Б.Сарантуяа, Б.Алтанжаргал
ᠰᠠᠮᠠᠭᠠᠯᠳᠠᠢ᠂ ᠺᠣᠩᠷᠡᠢ
ᠠᠷᠠᠳ ᠤ᠋ᠨ ᠳᠠᠭᠤᠤ
ᠳᠠᠭᠤᠴᠢᠨ : ᠪ ᠰᠠᠷᠠᠨᠲᠤᠶᠠᠭ᠎ᠠ ᠂ ᠪ ᠠᠯᠲᠠᠨᠵᠢᠷᠭᠠᠯ
ᠬᠠᠵᠠᠭᠤ ᠡᠴᠡ ᠨᠢ ᠬᠠᠷᠠᠭᠠᠳ ᠦᠵᠡᠪᠡᠯ
ᠬᠠᠨᠠᠨ ᠬᠡ ᠲᠡᠢ ᠰᠠᠮᠠᠭᠠᠯᠲᠠᠶ
ᠬᠠᠵᠠᠭᠤ ᠡᠴᠡ ᠨᠢ ᠬᠠᠷᠠᠭ᠎ᠠ ᠦᠭᠡᠢ ᠬᠥᠮᠦᠨ ᠳ᠋ᠦ᠍ ᠪᠣᠯ
ᠬᠠᠲᠠ ᠴᠢᠯᠠᠭᠤ ᠲᠠᠢ ᠭᠡᠬᠦ ᠯᠡ ᠪᠠᠢᠬᠤ ᠳ᠋ᠠ᠃
ᠳᠡᠷᠭᠡᠳᠡ ᠡᠴᠡ ᠨᠢ ᠬᠠᠷᠠᠭᠠᠳ ᠦᠵᠡᠪᠡᠯ
ᠳᠡᠭᠵᠢᠨ ᠬᠡ ᠲᠡᠢ ᠰᠠᠮᠠᠭᠠᠯᠲᠠᠶ
ᠳᠡᠷᠭᠡᠳᠡ ᠡᠴᠡ ᠨᠢ ᠬᠠᠷᠠᠭ᠎ᠠ ᠦᠭᠡᠢ ᠬᠥᠮᠦᠨ ᠳ᠋ᠦ᠍ ᠪᠣᠯ
ᠳᠠᠷᠠᠰᠤ ᠴᠢᠯᠠᠭᠤ ᠲᠠᠢ ᠭᠡᠬᠦ ᠯᠡ ᠪᠠᠢᠬᠤ ᠳ᠋ᠠ᠃
ᠣᠷᠣᠢ ᠡᠴᠡ ᠨᠢ ᠬᠠᠷᠠᠭᠠᠳ ᠦᠵᠡᠪᠡᠯ
ᠣᠭᠣᠰᠣᠷ ᠪᠦᠴᠡ ᠦᠭᠡᠢ ᠰᠠᠮᠠᠭᠠᠯᠲᠠᠶ
ᠣᠷᠣᠢ ᠡᠴᠡ ᠨᠢ ᠬᠠᠷᠠᠭ᠎ᠠ ᠦᠭᠡᠢ ᠬᠥᠮᠦᠨ ᠳ᠋ᠦ᠍ ᠪᠣᠯ
ᠣᠪᠣᠭ᠎ᠠ ᠴᠢᠯᠠᠭᠤ ᠲᠠᠢ ᠭᠡᠬᠦ ᠯᠡ ᠪᠠᠢᠬᠤ ᠳ᠋ᠠ᠃
ᠦᠰᠦᠭ ᠬᠠᠲᠠᠵᠤ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
