ᠠᠯᠠᠭ ᠠᠵᠢᠷᠭ᠎ᠠ ᠪᠠᠨ ᠤᠨᠤᠵᠤ ᠪᠠᠢᠭᠠᠳ ᠠᠯᠠᠭ ᠠᠵᠢᠷᠭ᠎ᠠ ᠪᠠᠨ ᠡᠷᠢᠪᠡАлаг азаргаа унаж байгаад алаг азаргаа эрэв
ᠠᠯᠠᠭ ᠠᠵᠢᠷᠭ᠎ᠠ ᠪᠠᠨ ᠤᠨᠤᠵᠤ ᠪᠠᠢᠭᠠᠳ ᠠᠯᠠᠭ ᠠᠵᠢᠷᠭ᠎ᠠ ᠪᠠᠨ ᠡᠷᠢᠪᠡ
ᠤᠶᠠᠩᠭᠠᠯᠠᠭᠴᠢ ᠄ ᠳᠠᠯᠠᠨᠲᠠᠢ
ᠡᠷᠲᠡ ᠤᠷᠢᠳᠤ ᠶ᠋ᠢᠨ ᠴᠠᠭ ᠲᠤ᠌᠂ ᠨᠢᠭᠡᠨ ᠬᠥᠮᠦᠨ ᠮᠢᠩᠭᠠᠨ ᠠᠳᠤᠭᠤ ᠲᠠᠢ ᠪᠠᠢᠵᠤ ᠭᠡᠨ᠎ᠡ᠃ ᠲᠡᠷᠡ ᠥᠷᠯᠥᠭᠡ ᠪᠦᠷᠢ ᠠᠳᠤᠭᠤ ᠪᠠᠨ ᠬᠣᠲᠣᠭᠣᠷ ᠲᠤ᠌ ᠣᠷᠣᠭᠤᠯᠤᠨ ᠪᠦᠷᠢᠳᠬᠡᠨ ᠲᠣᠭᠠᠯᠠᠳᠠᠭ ᠪᠠᠢᠵᠠᠢ ᠃ ᠨᠢᠭᠡᠨ ᠥᠷᠯᠥᠭᠡ ᠡᠩ ᠦ᠋ᠨ ᠵᠤᠷᠰᠢᠯ ᠢ᠋ᠶ᠋ᠠᠷ ᠠᠳᠤᠭᠤ ᠪᠠᠨ ᠲᠣᠭᠠᠯᠠᠵᠤ ᠦᠵᠡᠭᠰᠡᠨ ᠴᠢᠨᠢ ᠨᠢᠭᠡ ᠳᠤᠲᠠᠴᠢᠬᠠᠪᠠ᠃ ᠲᠡᠷᠡ ᠬᠥᠮᠦᠨ ᠰᠠᠨᠳᠤᠷᠬᠤ ᠳ᠋ᠠᠭᠠᠨ ᠳᠠᠬᠢᠨ ᠳᠠᠬᠢᠨ ᠲᠣᠭᠠᠯᠠᠵᠤ ᠦᠵᠡᠬᠦ ᠳ᠋ᠦ᠍ ᠶᠡᠷᠦᠨᠢ ᠨᠢᠭᠡ ᠳᠤᠲᠠᠭᠳᠠᠭᠠᠳ ᠪᠠᠢᠪᠠ᠃ ᠲᠡᠷᠡ ᠠᠳᠤᠭᠤ ᠪᠠᠨ ᠵᠠᠬ᠎ᠠ ᠳᠠᠷᠠᠭᠠᠯᠠᠨ ᠰᠠᠢᠲᠤᠷ ᠨᠠᠷᠢᠪᠴᠢᠯᠠᠵᠤ ᠦᠵᠡᠪᠡᠯ᠂ ᠰᠦᠷᠦᠭ ᠦ᠋ᠨ ᠮᠠᠩᠯᠠᠢ ᠪᠣᠯᠤᠭᠰᠠᠨ ᠬᠤᠷ ᠳᠠᠯ ᠲᠠᠢ᠂ ᠬᠤᠯᠠᠨ ᠴᠢᠬᠢᠲᠡᠢ᠂ ᠭᠡᠳᠡᠰᠦ ᠠᠯᠠᠭ᠂ ᠮᠠᠩᠨᠠᠢ ᠬᠠᠯᠵᠠᠨ ᠪᠦᠳᠦᠭᠦᠨ ᠠᠯᠠᠭ ᠠᠵᠢᠷᠭ᠎ᠠ ᠨᠢ ᠦᠭᠡᠢ ᠪᠣᠯᠤᠭᠰᠠᠨ ᠭᠡᠨ᠎ᠡ᠃ ᠲᠡᠷᠡ ᠬᠥᠮᠦᠨ ᠰᠠᠨᠳᠤᠷᠬᠤ ᠶ᠋ᠢᠨ ᠶᠡᠬᠡᠪᠡᠷ ᠰᠠᠨᠳᠤᠷᠴᠤ ᠮᠣᠷᠢ ᠪᠠᠨ ᠲᠠᠰᠢᠭᠤᠷᠳᠠᠨ ᠡᠷᠢᠯ ᠳ᠋ᠦ᠍ ᠮᠣᠷᠳᠠᠪᠠ᠃ ᠡᠳᠦᠷᠵᠢᠨ ᠲᠠᠯ᠎ᠠ ᠬᠥᠳᠡᠭᠡ ᠶ᠋ᠢ
ᠪᠠᠷᠠᠳᠠᠯ᠎ᠠ ᠳᠠᠪᠬᠢᠵᠤ ᠬᠠᠢᠯ ᠰᠤᠷᠠᠭ ᠢ᠋ ᠮᠣᠬᠣᠲᠠᠯ᠎ᠠ ᠬᠠᠶᠠᠭᠰᠠᠨ ᠪᠣᠯᠪᠠᠴᠤ ᠮᠥᠨ ᠣᠯᠤᠭᠰᠠᠨ ᠦᠭᠡᠢ᠃ ᠲᠡᠷᠡ:《 ᠬᠠᠢᠷᠠᠨ ᠰᠦᠷᠦᠭ ᠦ᠋ᠨ ᠮᠠᠩᠯᠠᠢ ᠪᠣᠯᠤᠭᠰᠠᠨ ᠪᠦᠳᠦᠭᠦᠨ ᠠᠯᠠᠭ ᠠᠵᠢᠷᠭ᠎ᠠ ᠮᠢᠨᠢ!》 ᠭᠡᠵᠦ ᠡᠨᠡᠯᠦᠨ ᠰᠢᠨᠠᠯᠤᠨ ᠶᠠᠪᠤᠲᠠᠯ᠎ᠠ ᠵᠠᠮ ᠳ᠋ᠤᠨᠢ ᠨᠢᠭᠡᠨ ᠬᠣᠨᠢᠴᠢᠨ ᠲᠠᠭᠠᠷᠠᠯᠳᠤᠪᠠ᠃ ᠥᠨᠥᠬᠢ ᠬᠥᠮᠦᠨ ᠲᠤᠩ ᠤᠷᠮ᠎ᠠ ᠦᠭᠡᠢᠬᠡᠨ ᠢ᠋ᠶ᠋ᠡᠷ : 《 ᠵᠠ! ᠬᠣᠨᠢᠴᠢᠨ ᠠᠬ᠎ᠠ ᠮᠢᠨᠢ᠂ ᠲᠠ ᠨᠢᠭᠡᠨ ᠠᠯᠳᠠᠭᠤᠯ ᠠᠵᠢᠷᠭ᠎ᠠ ᠶ᠋ᠢ ᠣᠯᠵᠤ ᠦᠵᠡᠪᠡᠦ?》 ᠭᠡᠵᠦ ᠠᠰᠠᠭᠤᠪᠠ᠃ ᠬᠣᠨᠢᠴᠢᠨ :《 ᠶᠠᠮᠠᠷ ᠵᠢᠰᠦᠮ ᠦ᠋ᠨ ᠠᠵᠢᠷᠭ᠎ᠠ ᠪᠣᠯᠴᠢᠬᠠᠪᠠ?》 ᠭᠡᠰᠡᠨ ᠳ᠋ᠦ᠍ :《 ᠰᠦᠷᠦᠭ ᠦ᠋ᠨ ᠮᠠᠨᠢ ᠮᠠᠩᠯᠠᠢ ᠪᠣᠯᠤᠭᠰᠠᠨ ᠬᠤᠷ ᠳᠠᠯ ᠲᠠᠢ᠂ ᠬᠤᠯᠠᠨ ᠴᠢᠬᠢ ᠲᠡᠢ᠂ ᠭᠡᠳᠡᠰᠦ ᠠᠯᠠᠭ ᠮᠠᠩᠨᠠᠢ ᠬᠠᠯᠵᠠᠨ ᠪᠦᠳᠦᠭᠦᠨ ᠠᠵᠢᠷᠭ᠎ᠠ ᠪᠠᠨ ᠭᠡᠭᠡᠴᠢᠬᠡᠯᠡ》 ᠭᠡᠪᠡ᠃ ᠡᠭᠦᠨ ᠢ᠋ ᠰᠣᠨᠣᠰᠤᠭᠠᠳ ᠥᠨᠥᠬᠢ ᠬᠣᠨᠢᠴᠢᠨ ᠬᠠᠳᠠᠭᠠᠨᠠᠲᠠᠯ᠎ᠠ ᠪᠠᠨ ᠢᠨᠢᠶᠡᠵᠦ: 《 ᠦᠵᠡᠭᠰᠡᠨ᠂ ᠰᠠᠶᠢᠬᠠᠨ ᠦᠵᠡᠪᠡ 》 ᠭᠡᠪᠡ ᠃ ᠡᠷᠢᠯ ᠦ᠋ᠨ ᠬᠥᠮᠦᠨ ᠮᠠᠰᠢ ᠪᠠᠶᠠᠷᠯᠠᠵᠤ : 《 ᠠᠬ᠎ᠠ ᠮᠢᠨᠢ ᠂ ᠨᠠᠳᠠ ᠲᠤᠰᠠ ᠬᠢᠭᠡᠴᠢ ᠳ᠋ᠡ ᠂ ᠲᠡᠷᠡ ᠠᠵᠢᠷᠭ᠎ᠠ ᠶ᠋ᠢ ᠲᠠ ᠬᠠᠮᠢᠭ᠎ᠠ ᠦᠵᠡᠪᠡ? ᠁ 》 ᠭᠡᠵᠦ ᠰᠠᠨᠳᠤᠷᠤᠨ ᠠᠰᠠᠭᠤᠪᠠ᠃ ᠥᠨᠥᠬᠢ ᠬᠣᠨᠢᠴᠢᠨ ᠮᠥᠨ ᠯᠠ ᠢᠨᠢᠶᠡᠭᠰᠡᠭᠡᠷ ᠲᠡᠷᠡ ᠬᠥᠮᠦᠨ ᠳ᠋ᠦ᠍:《 ᠵᠠ᠂ ᠪᠣᠯᠤᠨ᠎ᠠ ᠳ᠋ᠠ᠂ ᠭᠡᠪᠡᠴᠦ ᠲᠠ ᠤᠷᠢᠳᠠᠪᠠᠷ ᠮᠣᠷᠢ ᠪᠠᠨ ᠨᠠᠳᠠ ᠳ᠋ᠤ᠌ ᠦᠭ᠂ ᠪᠢ ᠪᠠᠷᠢᠵᠤ ᠪᠠᠢᠶ᠎ᠠ᠂ ᠴᠢ ᠣᠴᠢᠭᠠᠳ ᠬᠥᠲᠥᠯ ᠥᠭᠡᠳᠡᠯᠡᠭᠰᠡᠨ ᠬᠣᠨᠢᠨ ᠤ᠋ ᠲᠦᠷᠦᠭᠦᠦ ᠶ᠋ᠢ ᠳᠠᠷᠤᠭᠠᠳ ᠢᠷᠡᠪᠡᠯ ᠪᠢ ᠴᠢᠮ᠎ᠠ ᠳ᠋ᠤ᠌ ᠬᠡᠯᠡᠵᠦ ᠥᠭᠭᠦᠶ᠎ᠡ》 ᠭᠡᠵᠡᠢ ᠃ ᠡᠭᠦᠨ ᠳ᠋ᠦ᠍ ᠡᠷᠢᠯ ᠦ᠋ᠨ ᠬᠥᠮᠦᠨ ᠬᠣᠨᠢᠴᠢᠨ ᠡᠪᠦᠭᠡᠨ ᠳ᠋ᠦ᠍ ᠲᠤᠩ ᠳᠤᠷ᠎ᠠ ᠦᠭᠡᠢᠴᠡᠵᠦ:《 ᠦᠵᠡᠭᠰᠡᠨ ᠪᠣᠯ ᠬᠡᠯᠡᠭᠡᠳ ᠥᠭᠪᠡᠯ ᠪᠠᠷᠠᠯ᠎ᠠ᠂ ᠪᠠᠰᠠ ᠨᠠᠳᠠ ᠪᠠᠷ ᠬᠣᠨᠢ ᠬᠤᠮᠢᠭᠤᠯᠵᠤ᠂ ᠬᠦᠴᠦ ᠠᠪᠬᠤ ᠭᠡᠬᠦ ᠳ᠋ᠡᠭᠡᠨ》 ᠭᠡᠵᠦ ᠪᠣᠳᠣᠭᠰᠠᠨ ᠪᠣᠯᠪᠠᠴᠤ ᠶᠠᠭᠤ ᠪᠣᠯᠤᠭᠰᠠᠨ ᠴᠦ᠍ ᠠᠯᠠᠭ ᠠᠵᠢᠷᠭ᠎ᠠ ᠪᠠᠨ ᠣᠯᠤᠭᠠᠳ ᠠᠪᠤᠪᠠᠯ ᠪᠣᠯᠴᠢᠬᠠᠨ᠎ᠠ ᠭᠡᠵᠦ ᠪᠤᠳᠤᠪᠠ᠃
ᠲᠡᠷᠡ ᠬᠥᠮᠦᠨ ᠬᠥᠲᠥᠯ ᠥᠭᠡᠳᠡᠯᠡᠭᠰᠡᠨ ᠬᠣᠨᠢᠨ ᠲᠦᠷᠦᠭᠦᠦ ᠶ᠋ᠢ ᠰᠠᠶᠢ ᠡᠷᠭᠢᠭᠦᠯᠳᠡᠯᠡ ᠂ ᠥᠨᠥᠬᠢ ᠬᠣᠨᠢᠴᠢᠨ ᠬᠠᠷᠢᠨ ᠶᠡᠬᠡ ᠳᠠᠭᠤᠨ ᠢ᠋ᠶ᠋ᠠᠷ :《 ᠬᠥᠶᠢ᠂ ᠬᠤᠷᠳᠤᠨ ᠢᠷ᠎ᠡ᠂ ᠠᠯᠠᠭ ᠠᠵᠢᠷᠭ᠎ᠠ ᠶ᠋ᠢ ᠴᠢᠨᠢ ᠣᠯᠤᠭᠠᠳ ᠠᠪᠤᠯ᠎ᠠ᠂ ᠡᠨᠳᠡ ᠪᠠᠢᠨ᠎ᠠ》 ᠭᠡᠵᠦ ᠬᠠᠰᠬᠢᠷᠪᠠ᠃ ᠡᠷᠢᠯ ᠦ᠋ᠨ ᠬᠥᠮᠦᠨ ᠪᠠᠶᠠᠷᠯᠠᠨ ᠬᠠᠷᠠᠵᠤ ᠦᠵᠡᠪᠡᠯ᠂ ᠦᠨᠡᠬᠡᠷ ᠳ᠋ᠠ᠃ ᠠᠯᠳᠠᠭᠳᠠᠭᠰᠠᠨ ᠬᠤᠷ ᠳᠠᠯ ᠲᠠᠢ᠂ ᠬᠤᠯᠠᠨ ᠴᠢᠬᠢ ᠲᠡᠢ ᠃ ᠭᠡᠳᠡᠰᠦ ᠠᠯᠠᠭ ᠂ ᠮᠠᠩᠨᠠᠢ ᠬᠠᠯᠵᠠᠨ ᠠᠵᠢᠷᠭ᠎ᠠ ᠶ᠋ᠢ ᠨᠢ ᠥᠨᠥᠬᠢ ᠬᠣᠨᠢᠴᠢᠨ ᠪᠠᠷᠢᠵᠤ ᠵᠣᠭᠰᠣᠭᠠᠳ ᠶᠡᠬᠡᠯ᠎ᠡ ᠢᠨᠢᠶᠡᠵᠦ ᠪᠠᠢᠬᠤ ᠶ᠋ᠢ ᠣᠯᠵᠤ ᠦᠵᠡᠪᠡ᠃ ᠡᠨᠡ ᠦᠶ᠎ᠡ ᠳ᠋ᠦ᠍ ᠲᠡᠷᠡ ᠰᠡᠬᠡᠰᠬᠢᠨ ᠤᠬᠠᠭᠠᠷᠠᠵᠤ᠂ ᠥᠪᠡᠷ ᠢ᠋ᠶ᠋ᠡᠨ ᠠᠯᠠᠭ ᠠᠵᠢᠷᠭ᠎ᠠ ᠪᠠᠨ ᠤᠨᠤᠵᠤ ᠪᠠᠢᠭᠠᠳ ᠠᠯᠠᠭ ᠠᠵᠢᠷᠭ᠎ᠠ ᠪᠠᠨ ᠡᠷᠢᠭᠰᠡᠨ ᠢ᠋ᠶ᠋ᠡᠨ ᠮᠡᠳᠡᠭᠡᠳ ᠮᠠᠰᠢ ᠢᠴᠢᠩᠭᠦᠷᠡᠪᠡ ᠭᠡᠨ᠎ᠡ ᠃
《 ᠠᠯᠠᠭ ᠠᠵᠢᠷᠭ᠎ᠠ ᠪᠠᠨ ᠤᠨᠤᠵᠤ ᠪᠠᠢᠭᠠᠳ ᠠᠯᠠᠭ ᠠᠵᠢᠷᠭ᠎ᠠ ᠪᠠᠨ ᠡᠷᠢᠪᠡ 》 ᠭᠡᠳᠡᠭ ᠢ᠋ᠶ᠋ᠡᠷ ᠳᠡᠷᠭᠡᠳᠡ ᠪᠡᠨ ᠪᠠᠢᠬᠤ ᠶᠠᠭᠤᠮ᠎ᠠ ᠶ᠋ᠢ ᠰᠠᠢᠲᠤᠷ ᠤᠪᠠᠢᠯᠠᠬᠤ ᠦᠭᠡᠢ ᠪᠡᠷ᠂ ᠭᠠᠵᠠᠷ ᠪᠣᠯᠭᠠᠨ ᠢ᠋ᠶ᠋ᠠᠷ ᠮᠤᠩᠭᠠᠨᠢᠨ ᠡᠷᠢᠬᠦ ᠶ᠋ᠢ ᠵᠦᠢᠷᠯᠡᠪᠡ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
