ᠠᠷᠰᠯᠠᠨᠲᠠᠢ ᠮᠡᠷᠭᠡᠨ ᠬᠠᠭᠠᠨАрсландай мэргэн хаан ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠰᠯᠠᠨᠲᠠᠢ ᠮᠡᠷᠭᠡᠨ ᠬᠠᠭᠠᠨАрсландай мэргэн хаан

ᠠᠷᠰᠯᠠᠨᠲᠠᠢ ᠮᠡᠷᠭᠡᠨ ᠬᠠᠭᠠᠨАрсландай мэргэн хаан

ᠠᠩᠭᠢᠯᠠᠯ:ᠳᠣᠮᠣᠭ ᠦᠯᠢᠭᠡᠷ
2022-01-01

1899

   
   ᠡᠷᠲᠡ ᠤᠷᠢᠳᠤ ᠶ᠋ᠢᠨ ᠴᠠᠭ ᠲᠤ᠌ ᠠᠷᠰᠯᠠᠨᠲᠠᠢ ᠮᠡᠷᠭᠡᠨ ᠬᠠᠭᠠᠨ ᠭᠡᠵᠦ ᠪᠠᠢᠵᠠᠢ᠃ ᠠᠷᠤ ᠪᠠᠷ ᠢ᠋ᠶ᠋ᠠᠨ ᠳᠦᠭᠦᠷᠡᠩ ᠠᠢ ᠲᠦᠮᠡᠨ ᠠᠷᠪᠠᠨ ᠵᠢᠸ᠎ᠠ ᠠᠯᠠᠭ ᠠᠳᠤᠭᠤ ᠲᠠᠢ ᠶᠤᠮ ᠭᠡᠨ᠎ᠡ᠂ ᠥᠪᠥᠷ ᠢ᠋ᠶ᠋ᠡᠷ ᠢ᠋ᠶ᠋ᠡᠨ ᠳᠦᠭᠦᠷᠡᠩ ᠦᠢ ᠲᠦᠮᠡᠨ ᠬᠣᠷᠢᠨ ᠵᠢᠸ᠎ᠠ ᠬᠣᠩᠭᠣᠷ ᠠᠯᠠᠭ ᠠᠳᠤᠭᠤ ᠲᠠᠢ ᠶᠤᠮ ᠭᠡᠨ᠎ᠡ᠃ ᠠᠷᠤ ᠶ᠋ᠢᠨ ᠢ᠋ᠶ᠋ᠡᠨ ᠬᠣᠩᠬᠣᠷ ᠢ᠋ ᠳᠦᠭᠦᠷᠭᠡᠵᠦ ᠦᠵᠡᠭᠡᠳ ᠠᠳᠤᠭᠤᠨ ᠤ᠋ ᠪᠠᠨ ᠳᠤᠲᠠᠭᠤ ᠭᠦᠢᠴᠡᠳ ᠢ᠋ ᠮᠡᠳᠡᠳᠡᠭ ᠶᠤᠮ ᠭᠡᠨ᠎ᠡ᠃
ᠨᠢᠭᠡᠨ ᠡᠳᠦᠷ ᠳᠦᠭᠦᠷᠭᠡᠭᠡᠳ ᠦᠵᠡᠵᠦ ᠭᠡᠨ᠎ᠡ! ᠨᠡᠯᠢᠶᠡᠳ ᠳᠤᠨᠳᠠᠭᠤᠷ ᠪᠠᠢᠬᠤ ᠶᠤᠮ ᠭᠡᠨ᠎ᠡ ᠰᠢᠦ! ᠮᠠᠨ ᠤ᠋ ᠠᠳᠤᠭᠤ ᠶᠠᠭᠠᠬᠢᠭᠠᠳ ᠡᠢᠮᠦ ᠴᠥᠭᠡᠨ ᠪᠣᠯᠤᠭᠠᠳ ᠪᠠᠢᠨ᠎ᠠ ᠭᠡᠵᠦ ᠪᠣᠳᠣᠭᠠᠳ ᠠᠷᠰᠯᠠᠨᠲᠠᠢ ᠮᠡᠷᠭᠡᠨ ᠬᠠᠭᠠᠨ ᠶᠠᠪᠤᠵᠤ ᠪᠠᠢᠬᠰᠠᠨ ᠴᠢᠨᠢ ᠬᠣᠩᠬᠣᠷ ᠳᠣᠲᠣᠷ᠎ᠠ ᠡᠴᠡ ᠭᠤᠷᠪᠠᠨ ᠴᠢᠨᠣ᠎ᠠ ᠭᠠᠷᠤᠭᠠᠳ ᠳᠠᠪᠬᠢᠵᠤ ᠭᠡᠨ᠎ᠡ ᠰᠢᠦ! ᠠ! ᠡᠳᠡ ᠨᠠᠷ ᠢᠳᠡᠭᠡᠳ ᠬᠣᠷᠣᠭᠠᠭᠠᠳ ᠪᠠᠢᠲᠠᠭ ᠶᠤᠮ ᠪᠠᠢᠨ᠎ᠠ᠃ ᠮᠠᠷᠭᠠᠰᠢ ᠪᠤᠭᠤ ᠭᠦᠢᠴᠡᠳᠡᠭ ᠪᠤᠭᠤᠷᠤᠯ ᠬᠠᠯᠢᠭᠤᠨ ᠢ᠋ᠶ᠋ᠠᠷ ᠢ᠋ᠶ᠋ᠠᠨ ᠬᠥᠭᠡᠭᠡᠵᠦ ᠭᠦᠢᠴᠡᠭᠡᠳ ᠠᠯᠠᠴᠢᠬᠠᠶ᠎ᠠ ᠭᠡᠵᠦ ᠭᠡᠨ᠎ᠡ᠃ ᠴᠠᠭᠠᠳᠤ ᠭᠤᠷᠪᠠᠨ ᠴᠢᠨᠣ᠎ᠠ ᠶ᠋ᠢᠨ ᠨᠢᠭᠡ ᠨᠢ ᠮᠡᠷᠭᠡᠨ ᠰᠠᠭᠠᠷᠠᠯ᠂ ᠨᠥᠬᠥᠭᠡ ᠨᠢ ᠪᠥᠬᠡᠬᠡᠨ ᠰᠠᠭᠠᠷᠠᠯ᠂ ᠬᠠᠷᠢᠨ ᠭᠤᠷᠪᠠᠳᠠᠬᠢ ᠨᠢ ᠬᠤᠷᠳᠤᠨ ᠰᠠᠭᠠᠷᠠᠯ ᠬᠡᠮᠡᠬᠦ ᠨᠡᠷ᠎ᠡ ᠲᠡᠢ ᠶᠤᠮ ᠭᠡᠨ᠎ᠡ ᠃
ᠮᠡᠷᠭᠡᠨ ᠰᠠᠭᠠᠷᠠᠯ ᠨᠢ ᠡᠭᠦᠨ ᠢ᠋ ᠮᠡᠳᠡᠭᠡᠳ ᠨᠥᠭᠥᠭᠡ ᠬᠣᠶᠠᠷ ᠲᠤ᠌ ᠪᠠᠨ ᠬᠡᠯᠡᠵᠦ ᠭᠡᠨ᠎ᠡ᠃ ᠪᠤᠭᠤ ᠭᠦᠢᠴᠡᠳᠡᠭ ᠪᠤᠭᠤᠷᠤᠯ ᠬᠠᠯᠢᠭᠤᠨ ᠢ᠋ᠶ᠋ᠠᠷ ᠢ᠋ᠶ᠋ᠠᠨ ᠬᠥᠭᠡᠭᠡᠳ ᠠᠯᠠᠴᠢᠬᠠᠶ᠎ᠠ ᠭᠡᠵᠦ ᠪᠠᠢᠨ᠎ᠠ ᠃ ᠠᠷᠰᠯᠠᠨᠲᠠᠢ ᠮᠡᠷᠭᠡᠨ ᠬᠠᠭᠠᠨ ᠤ᠋ ᠪᠤᠭᠤᠷᠤᠯ ᠬᠠᠯᠢᠭᠤᠨ ᠭᠡᠳᠡᠭ ᠪᠣᠯ ᠬᠥᠭᠰᠢᠨ ᠭᠡᠭᠦᠦ ᠶ᠋ᠢᠨ ᠤᠨᠠᠭ᠎ᠠ ᠤᠴᠢᠷ ᠡᠴᠡ ᠭᠠᠵᠠᠷ ᠤ᠋ᠨ ᠥᠭᠡᠳᠡ ᠵᠢᠭᠤᠲᠠᠪᠠᠯ ᠭᠦᠢᠴᠡᠭᠳᠡᠬᠦ ᠦᠭᠡᠢ ᠭᠡᠵᠦ ᠭᠡᠨ᠎ᠡ᠃
ᠠᠷᠰᠯᠠᠨᠲᠠᠢ ᠮᠡᠷᠭᠡᠨ ᠬᠠᠭᠠᠨ ᠪᠤᠭᠤ ᠭᠦᠢᠴᠡᠳᠡᠭ ᠪᠤᠭᠤᠷᠤᠯ ᠬᠠᠯᠢᠭᠤᠨ ᠢ᠋ᠶ᠋ᠠᠷ ᠢ᠋ᠶ᠋ᠠᠨ ᠬᠥᠭᠡᠭᠡᠭᠡᠳ ᠭᠠᠵᠠᠷ ᠤ᠋ᠨ ᠥᠭᠡᠳᠡ ᠭᠦᠢᠴᠡᠭᠰᠡᠨ ᠦᠭᠡᠢ᠂ ᠲᠡᠭᠡᠭᠡᠳ ᠣᠷᠣᠢ ᠪᠤᠴᠠᠬᠤ ᠳ᠋ᠤ᠌ ᠪᠠᠨ ᠲᠠ ᠨᠠᠷ ᠡᠢᠮᠦ ᠠᠢᠬᠤᠪᠲᠤᠷ ᠶᠤᠮ ᠪᠣᠯ ᠬᠠᠯᠢᠭᠤ ᠭᠦᠢᠴᠡᠳᠡᠭ ᠬᠠᠯᠲᠠᠷ ᠬᠠᠯᠵᠠᠨ ᠢ᠋ᠶ᠋ᠠᠷ ᠢ᠋ᠶ᠋ᠠᠨ ᠬᠥᠭᠡᠭᠡᠵᠦ ᠭᠦᠢᠴᠡᠭᠡᠳ ᠠᠯᠠᠴᠢᠬᠠᠶ᠎ᠠ ᠳᠠ ᠭᠡᠵᠦ ᠭᠡᠨ᠎ᠡ᠃
ᠮᠡᠷᠭᠡᠨ ᠰᠠᠭᠠᠷᠠᠯ ᠪᠠᠰᠠ ᠯᠠ ᠡᠨᠡ ᠶ᠋ᠢ ᠮᠡᠳᠡᠭᠡᠳ ᠨᠥᠭᠥᠭᠡ ᠬᠣᠶᠠᠷ ᠲᠤ᠌ ᠪᠠᠨ ᠢᠩᠭᠢᠵᠦ ᠬᠡᠯᠡᠵᠡᠢ ᠭᠡᠨ᠎ᠡ᠃ ᠬᠠᠯᠢᠭᠤ ᠭᠦᠢᠴᠡᠳᠡᠭ ᠬᠠᠯᠲᠠᠷ ᠬᠠᠯᠵᠠᠨ ᠢ᠋ᠶ᠋ᠠᠷ ᠢ᠋ᠶ᠋ᠠᠨ ᠭᠦᠢᠴᠡᠨ᠎ᠡ ᠭᠡᠨ᠎ᠡ᠃ ᠬᠠᠯᠲᠠᠷ ᠬᠠᠯᠵᠠᠨ ᠨᠢ ᠵᠠᠯᠠᠭᠤ ᠭᠡᠭᠦᠦ ᠶ᠋ᠢᠨ ᠤᠨᠠᠭ᠎ᠠ ᠭᠠᠵᠠᠷ ᠤ᠋ᠨ ᠤᠷᠤᠭᠤ ᠵᠢᠭᠤᠲᠠᠶ᠎ᠠ ᠭᠡᠵᠦ ᠭᠡᠨ᠎ᠡ ᠰᠢᠦ! ᠮᠠᠷᠭᠠᠰᠢ ᠨᠢ ᠬᠠᠯᠢᠭᠤ ᠭᠦᠢᠴᠡᠳᠡᠭ ᠬᠠᠯᠲᠠᠷ ᠬᠠᠯᠵᠠᠨ ᠢ᠋ᠶ᠋ᠠᠷ ᠢ᠋ᠶ᠋ᠠᠨ ᠠᠷᠰᠯᠠᠨᠲᠠᠢ ᠮᠡᠷᠭᠡᠨ ᠬᠠᠭᠠᠨ ᠭᠡᠷ ᠡᠴᠡ ᠪᠡᠨ ᠭᠠᠷᠴᠠᠢ ᠭᠡᠨ᠎ᠡ᠃ ᠭᠤᠷᠪᠠᠨ ᠴᠢᠨᠣ᠎ᠠ ᠭᠠᠵᠠᠷ ᠤ᠋ᠨ ᠤᠷᠤᠭᠤ ᠵᠢᠭᠤᠲᠠᠭᠠᠳ ᠪᠠᠰᠠ ᠯᠠ ᠭᠦᠢᠴᠡᠭᠳᠡᠭᠰᠡᠨ ᠦᠭᠡᠢ᠃ ᠲᠡᠭᠡᠬᠦ ᠪᠡᠷ ᠨᠢ ᠠᠷᠰᠯᠠᠨᠲᠠᠢ ᠮᠡᠷᠭᠡᠨ ᠬᠠᠭᠠᠨ ᠲᠠ ᠨᠤᠭᠤᠳ ᠢ᠋ ᠠᠷᠳᠠᠭ ᠬᠦᠷᠡᠩ ᠢ᠋ᠶ᠋ᠡᠷ ᠢ᠋ᠶ᠋ᠡᠨ ᠬᠥᠭᠡᠭᠡᠭᠡᠳ ᠠᠯᠠᠴᠢᠬᠠᠶ᠎ᠠ ᠳᠠ ᠮᠠᠷᠭᠠᠰᠢ ᠭᠡᠵᠦ ᠭᠡᠨ᠎ᠡ᠃ ᠠᠷᠰᠯᠠᠨᠲᠠᠢ ᠮᠡᠷᠭᠡᠨ ᠬᠠᠭᠠᠨ ᠤ᠋ ᠠᠷᠳᠠᠭ ᠬᠦᠷᠡᠩ ᠭᠡᠵᠦ ᠨᠢᠭᠡ ᠠᠢᠬᠤᠪᠲᠤᠷ ᠡᠷᠳᠡᠮ ᠲᠡᠢ ᠮᠣᠷᠢ ᠪᠣᠢ ᠶᠤᠮ ᠭᠡᠨ᠎ᠡ ᠃
ᠴᠠᠭᠠᠳᠤ ᠮᠡᠷᠭᠡᠨ ᠰᠠᠭᠠᠷᠠᠯ ᠡᠭᠦᠨ ᠢ᠋ ᠪᠠᠰᠠ ᠯᠠ ᠮᠡᠳᠡᠭᠡᠳ ᠨᠥᠭᠥᠭᠡ ᠬᠣᠶᠠᠷ ᠲᠤ᠌ ᠪᠠᠨ ᠡᠢᠨ ‍ᠬᠦ ᠬᠡᠯᠡᠵᠦ ᠭᠡᠨ᠎ᠡ᠃ ᠠᠷᠳᠠᠭ ᠬᠦᠷᠡᠩ ᠢ᠋ᠶ᠋ᠡᠷ ᠢ᠋ᠶ᠋ᠡᠨ ᠬᠥᠭᠡᠭᠡᠭᠡᠳ ᠠᠯᠠᠴᠢᠬᠠᠶ᠎ᠠ ᠭᠡᠵᠦ ᠪᠠᠢᠨ᠎ᠠ᠃ ᠠᠷᠰᠯᠠᠨᠲᠠᠢ ᠮᠡᠷᠭᠡᠨ ᠬᠠᠭᠠᠨ ᠤ᠋ ᠠᠷᠳᠠᠭ ᠬᠦᠷᠡᠩ ᠭᠡᠳᠡᠭ ᠪᠣᠯ ᠲᠠᠪᠤᠨ ᠵᠢᠯ ᠰᠤᠪᠠᠢᠷᠠᠭᠰᠠᠨ ᠵᠠᠯᠠᠭᠤ ᠭᠡᠭᠦᠦ ᠡᠴᠡ ᠭᠠᠷᠤᠭᠰᠠᠨ ᠬᠤᠯᠠᠨ ᠤ᠋ ᠤᠨᠠᠭ᠎ᠠ ᠶᠤᠮ᠃ ᠵᠢᠭᠦᠷᠲᠡᠨ ᠰᠢᠪᠠᠭᠤ ᠶ᠋ᠢ ᠴᠦ᠍ ᠤᠷᠲᠤ ᠪᠠᠨ ᠣᠷᠣᠭᠤᠯᠳᠠᠭ ᠦᠭᠡᠢ ᠮᠣᠷᠢ ᠳᠠ ᠲᠡᠷᠡ᠂ ᠣᠳᠣ ᠪᠢᠳᠡ ᠠᠷᠭ᠎ᠠ ᠦᠭᠡᠢ ᠪᠣᠯᠤᠯ᠎ᠠ! ᠦᠬᠦᠬᠦ ᠨᠢ ᠭᠠᠷᠴᠠᠭ᠎ᠠ ᠦᠭᠡᠢ ᠂ ᠡᠨᠡ ᠰᠥᠨᠢ ᠯᠡ ᠲᠡᠭᠦᠨ ᠢ᠋ ᠢᠳᠡᠵᠦ ᠦᠭᠡᠢ ᠬᠢᠬᠦ ᠠᠷᠭ᠎ᠠ ᠬᠢᠶ᠎ᠡ ᠭᠡᠵᠦ ᠭᠡᠨ᠎ᠡ ᠃
ᠰᠥᠨᠢ ᠭᠤᠷᠪᠠᠭᠤᠯᠠ ᠪᠠᠨ ᠢᠷᠡᠭᠡᠳ ᠠᠳᠤᠭᠤᠨ ᠳ᠋ᠤ᠌ ᠭᠦᠶᠦᠵᠦ ᠭᠡᠨ᠎ᠡ᠃ ᠰᠥᠨᠢ ᠳᠤᠮᠳᠠ ᠡᠴᠡ ᠬᠣᠢᠰᠢ ᠨᠢᠭᠡ ᠠᠯᠠᠭ᠎ᠠ ᠶ᠋ᠢᠨ ᠴᠢᠨᠡᠭᠡ ᠬᠦᠷᠡᠩ ᠠᠵᠢᠷᠭ᠎ᠠ ᠲᠡᠷᠡ ᠭᠤᠷᠪᠠ ᠲᠠᠢ ᠳᠠᠭᠠᠷᠢᠯᠳᠤᠵᠤ ᠭᠡᠨ᠎ᠡ ᠰᠢᠦ᠃ ᠲᠡᠭᠡᠬᠦ ᠳ᠋ᠦ᠍ ᠨᠢ ᠮᠡᠷᠭᠡᠨ ᠰᠠᠭᠠᠷᠠᠯ ᠡᠨᠡ ᠶ᠋ᠢ ᠢᠳᠡᠶ᠎ᠡ᠂ ᠭᠤᠷᠪᠠᠭᠤᠯᠠ ᠪᠠᠨ ᠵᠤᠯᠭᠠᠭᠠᠵᠤ ᠢᠳᠡᠪᠡᠯ ᠪᠢᠳᠡᠨ ᠦ᠌ ᠬᠡᠷᠡᠭ ᠪᠦᠲᠦᠬᠦ ᠨᠢ ᠲᠡᠷᠡ ᠭᠡᠵᠦ ᠭᠡᠨ᠎ᠡ᠃ ᠬᠠᠷᠢᠨ ᠪᠦᠭᠡᠭᠡᠨ ᠰᠠᠭᠠᠷᠠᠯ ᠬᠤᠷᠳᠤᠨ ᠰᠠᠭᠠᠷᠠᠯ ᠬᠣᠶᠠᠷ ᠨᠢ ᠡᠢᠨ ᠬᠦ᠌ ᠬᠡᠯᠡᠵᠦ ᠭᠡᠨ᠎ᠡ᠃ ᠢᠳᠡᠬᠦ ᠦᠭᠡᠢ᠂ ᠡᠳᠦᠢ ᠣᠯᠠᠨ ᠠᠳᠤᠭᠤ ᠬᠠᠷᠠᠵᠤ ᠪᠠᠢᠵᠤ ᠬᠠᠮᠢᠭ᠎ᠠ ᠡᠴᠡ ᠡᠨᠡ ᠮᠠᠭᠤ ᠠᠯᠠᠭ᠎ᠠ ᠶ᠋ᠢᠨ ᠴᠢᠨᠡᠭᠡ ᠠᠳᠠᠰᠬ᠎ᠠ ᠢᠳᠡᠳᠡᠭ? ᠵᠠᠶᠠᠭ᠎ᠠ ᠦᠭᠡᠢ ᠠᠮᠢᠲᠠᠨ ᠴᠢ ᠥᠪᠡᠷ ᠢ᠋ᠶ᠋ᠡᠨ ᠢᠳᠡ᠂ ᠪᠢᠳᠡ ᠬᠣᠶᠠᠷ ᠯᠠᠪ ᠢᠳᠡᠬᠦ ᠦᠭᠡᠢ ᠭᠡᠵᠦ ᠭᠡᠨ᠎ᠡ ᠰᠢᠦ᠃ ᠥᠨᠥᠬᠢ ᠬᠣᠶᠠᠷ ᠦᠰᠦᠷᠴᠦ ᠣᠴᠢᠭᠠᠳ ᠨᠢᠭᠡ ᠲᠠᠷᠭᠤᠨ ᠭᠡᠭᠦᠦ ᠤᠨᠠᠭᠠᠭᠠᠳ ᠠᠪᠴᠠᠢ᠃ ᠴᠠᠳᠲᠠᠯ᠎ᠠ ᠪᠠᠨ ᠴᠤ᠌ ᠢᠳᠡᠵᠡᠢ ᠭᠡᠨ᠎ᠡ᠃
ᠮᠡᠷᠭᠡᠨ ᠰᠠᠭᠠᠷᠠᠯ᠂ ᠪᠦᠭᠡᠭᠡᠨ ᠰᠠᠭᠠᠷᠠᠯ ᠂ᠬᠤᠷᠳᠤᠨ ᠰᠠᠭᠠᠷᠠᠯ ᠬᠣᠶᠠᠷ ᠲᠤ᠌ ᠪᠠᠨ ᠢᠩᠭᠢᠵᠦ ᠬᠡᠯᠡᠵᠡᠢ᠃ ᠪᠢ ᠡᠭᠦᠨ ᠡᠴᠡ ᠴᠢᠨᠢ ᠢᠳᠡᠬᠦ ᠦᠭᠡᠢ᠂ ᠲᠠ ᠨᠠᠷ ᠴᠠᠳᠴᠤ ᠬᠠᠨᠤᠭᠠᠳ ᠣᠳᠣ ᠬᠣᠯᠠ ᠶᠠᠪᠤ᠃ ᠪᠢᠳᠡ ᠭᠤᠷᠪᠠ ᠶ᠋ᠢᠨ ᠠᠭᠤᠯᠵᠠᠬᠤ ᠬᠡᠮᠵᠢᠶ᠎ᠡ ᠠᠯᠲᠠᠢ ᠬᠠᠩᠭᠠᠢ ᠶ᠋ᠢᠨ ᠠᠷᠤ ᠨᠢᠷᠤᠭᠤᠨ ᠳᠡᠭᠡᠷ᠎ᠡ ᠨᠢᠭᠡ ᠠᠭᠤᠯᠵᠠᠶ᠎ᠠ᠂ ᠠᠷᠳᠠᠭ ᠬᠦᠷᠡᠩ ᠮᠣᠷᠢᠨ ᠤ᠋ ᠠᠷᠤ ᠵᠣ ᠳᠡᠭᠡᠷ᠎ᠡ ᠨᠢᠭᠡ ᠠᠭᠤᠯᠵᠠᠶ᠎ᠠ ᠂ ᠠᠷᠰᠯᠠᠨᠲᠠᠢ ᠮᠡᠷᠭᠡᠨ ᠬᠠᠭᠠᠨ ᠤ᠋ ᠠᠷᠤ ᠮᠥᠷᠥᠨ ᠳᠡᠭᠡᠷ᠎ᠡ ᠨᠢᠭᠡ ᠠᠭᠤᠯᠵᠠᠶ᠎ᠠ ᠭᠡᠵᠦ ᠭᠡᠨ᠎ᠡ᠃
ᠥᠷᠯᠥᠭᠡ ᠨᠠᠷᠠ ᠭᠠᠷᠤᠭᠰᠠᠨ ᠡᠴᠡ ᠬᠣᠢᠰᠢ ᠠᠷᠰᠯᠠᠨᠲᠠᠢ ᠮᠡᠷᠭᠡᠨ ᠬᠠᠭᠠᠨ ᠠᠷᠳᠠᠭ ᠬᠦᠷᠡᠩ ᠮᠣᠷᠢ ᠪᠠᠨ ᠪᠠᠷᠢᠵᠤ ᠤᠨᠤᠭᠠᠳ ᠥᠨᠥ ᠭᠤᠷᠪᠠᠨ ᠴᠢᠨᠣ᠎ᠠ ᠶ᠋ᠢᠨ ᠬᠣᠢᠨ᠎ᠠ ᠡᠴᠡ ᠡᠯᠳᠡᠵᠦ ᠬᠥᠭᠡᠭᠡᠵᠦ ᠭᠡᠨ᠎ᠡ᠃ ᠭᠤᠷᠪᠠᠭᠤᠯᠠ ᠶ᠋ᠢ ᠨᠢ ᠪᠠᠷᠢᠵᠤ ᠠᠯᠠᠭᠠᠳ ᠠᠯᠲᠠᠢ ᠬᠠᠩᠭᠠᠢ ᠶ᠋ᠢᠨ ᠠᠷᠤ ᠣᠷᠣᠢ ᠳᠡᠭᠡᠷ᠎ᠡ ᠠᠪᠴᠢᠷᠠᠵᠤ ᠥᠪᠴᠢᠵᠦ ᠭᠡᠨ᠎ᠡ᠂ ᠡᠬᠢᠨ ᠦ᠌ ᠠᠭᠤᠯᠵᠠᠯᠲᠠ ᠡᠨᠡ ᠪᠣᠯᠵᠠᠢ᠃ ᠠᠷᠠᠰᠤ ᠶ᠋ᠢ ᠨᠢ ᠠᠪᠤᠭᠠᠳ ᠠᠷᠳᠠᠭ ᠬᠦᠷᠡᠩ ᠮᠣᠷᠢᠨ ᠤ᠋ ᠠᠷᠤ ᠵᠣ ᠳᠡᠭᠡᠷ᠎ᠡ ᠭᠠᠨᠵᠤᠭᠠᠯᠠᠭᠠᠳ ᠶᠠᠪᠤᠵᠤ ᠭᠡᠨ᠎ᠡ᠂ ᠬᠣᠶᠠᠳᠠᠬᠢ ᠠᠭᠤᠯᠵᠠᠯᠲᠠ ᠨᠢ ᠲᠡᠷᠡ ᠪᠣᠯᠤᠯ᠎ᠠ᠃ ᠠᠷᠰᠯᠠᠨᠲᠠᠢ ᠮᠡᠷᠭᠡᠨ ᠬᠠᠭᠠᠨ ᠠᠷᠠᠰᠤ ᠶ᠋ᠢ ᠨᠢ ᠡᠯᠳᠡᠭᠡᠳ ᠬᠦᠷᠮ᠎ᠡ ᠬᠢᠵᠦ ᠡᠮᠦᠰᠴᠡᠢ᠃ ᠠᠷᠰᠯᠠᠨᠲᠠᠢ ᠮᠡᠷᠭᠡᠨ ᠬᠠᠭᠠᠨ ᠤ᠋ ᠠᠷᠤ ᠨᠢᠷᠤᠭᠤᠨ ᠳᠡᠭᠡᠷ᠎ᠡ ᠠᠭᠤᠯᠵᠠᠬᠤ ᠶᠣᠰᠣᠲᠠᠢ ᠭᠤᠷᠪᠠᠳᠠᠬᠢ ᠠᠭᠤᠯᠵᠠᠯᠲᠠ ᠲᠡᠷᠡ ᠪᠣᠯᠪᠠ ᠃

 ᠦᠰᠦᠭ ᠠᠮᠢᠯᠠᠭᠤᠯᠵᠤ ᠬᠠᠲᠠᠭᠰᠠᠨ ᠨᠢ᠄ ᠪᠦᠷᠢᠨᠴᠡᠴᠡᠭ
 ᠬᠢᠨᠠᠭᠴᠢ᠄ ᠱᠤᠳᠤᠷᠭᠤ᠂ ᠪᠥᠬᠡᠴᠢᠯᠠᠭᠤ ᠂ ᠮᠥᠴᠢᠷ