ᠪᠢᠳᠡ ᠮᠠᠷᠲᠠᠬᠤ ᠦᠭᠡᠢ- ᠺᠢᠨᠣᠨ ᠤ᠋ ᠳᠠᠭᠤᠤ-ᠪᠢᠯᠢᠭᠲᠦБилэгт-Бид мартахгүй киноны дуу
ᠪᠢᠳᠡ ᠮᠠᠷᠲᠠᠬᠤ ᠦᠭᠡᠢ
ᠳᠠᠭᠤᠴᠢᠨ ᠄ ᠪᠢᠯᠢᠭᠲᠦ
ᠬᠠᠷ᠎ᠠ ᠨᠢᠳᠦᠨ ᠪᠦᠰᠡᠭᠦᠢ ᠮᠢᠨᠢ
ᠬᠡᠨ ᠬᠥᠮᠦᠨ ᠦ᠌ ᠦᠷ᠎ᠡ ᠪᠣᠯᠣᠭᠠᠳ ᠴᠢ
ᠣᠩᠭᠣᠨ ᠬᠠᠢᠷ᠎ᠠ ᠶ᠋ᠢ ᠮᠢᠨᠢ ᠤᠶᠠᠷᠠᠭᠤᠯᠵᠤ
ᠤᠨᠲᠠᠬᠤ ᠨᠣᠢᠷ ᠢ᠋ ᠬᠠᠰᠤᠨ᠎ᠠ ᠪᠣᠢ
ᠴᠢ ᠠᠭᠤᠯᠵᠠᠬᠤ ᠳ᠋ᠤ᠌ ᠪᠠᠨ ᠬᠠᠢᠷ᠎ᠠ ᠶ᠋ᠢᠨ ᠳᠡᠭᠡᠳᠦ ᠶ᠋ᠢ ᠵᠠᠶᠠᠭᠠᠵᠤ
ᠴᠢ ᠤᠴᠠᠷᠠᠬᠤ ᠳ᠋ᠤ᠌ ᠪᠠᠨ ᠵᠢᠷᠭᠠᠯ ᠠᠪᠴᠢᠷᠠᠯ᠎ᠠ᠃
ᠢᠨᠠᠭ ᠬᠠᠢᠷᠠᠲᠠᠢ ᠪᠦᠰᠡᠭᠦᠢ ᠮᠢᠨᠢ
ᠶᠠᠮᠠᠷ ᠬᠥᠮᠦᠨ ᠦ᠌ ᠦᠷ᠎ᠡ ᠪᠣᠯᠣᠭᠠᠳ ᠴᠢ
ᠵᠢᠷᠦᠬᠡ ᠰᠡᠳᠬᠢᠯ ᠢ᠋ ᠮᠢᠨᠢ ᠳᠡᠩᠰᠡᠯᠡᠭᠦᠯᠵᠦ
ᠵᠡᠭᠦᠳᠦ ᠨᠣᠢᠷᠤᠨ ᠳ᠋ᠤ᠌ ᠮᠢᠨᠢ ᠤᠴᠠᠷᠠᠨ᠎ᠠ ᠪᠣᠢ
ᠴᠢ ᠠᠭᠤᠯᠵᠠᠬᠤ ᠳ᠋ᠤ᠌ ᠪᠠᠨ ᠬᠠᠢᠷ᠎ᠠ ᠶ᠋ᠢᠨ ᠳᠡᠭᠡᠳᠦ ᠶ᠋ᠢ ᠵᠠᠶᠠᠭᠠᠵᠤ
ᠴᠢ ᠤᠴᠠᠷᠠᠬᠤ ᠳ᠋ᠤ᠌ ᠪᠠᠨ ᠵᠢᠷᠭᠠᠯ ᠠᠪᠴᠢᠷᠠᠯ᠎ᠠ
ᠬᠥᠮᠦᠯᠢᠭ ᠬᠠᠢᠷ᠎ᠠ ᠶ᠋ᠢᠨ ᠰᠢᠪᠡᠨᠡᠭᠡ
ᠪᠣᠳᠣᠬᠤ ᠪᠦᠷᠢ ᠳ᠋ᠦ᠍ ᠪᠡᠨ ᠢᠴᠢᠩᠭᠦᠷᠡᠵᠦ
ᠬᠦᠰᠡᠨ ᠮᠥᠷᠥᠭᠡᠳᠦᠬᠦ ᠰᠡᠳᠬᠢᠯ ᠮᠢᠨᠢ
ᠬᠠᠢᠷᠠᠲᠠᠢ ᠴᠢᠮ᠎ᠠ ᠳ᠋ᠤ᠌ ᠪᠠᠨ ᠲᠡᠮᠡᠦᠯᠦᠨ᠎ᠡ
ᠴᠢ ᠵᠢᠷᠦᠬᠡᠨ ᠳ᠋ᠦ᠍ ᠮᠢᠨᠢ ᠬᠠᠢᠷ᠎ᠠ ᠶ᠋ᠢᠨ ᠲᠥᠯᠥ ᠲᠤᠰᠬᠠᠵᠤ
ᠴᠢᠩ ᠰᠡᠳᠬᠢᠯ ᠳ᠋ᠦ᠍ ᠮᠢᠨᠢ ᠳᠤᠷᠠᠯᠠᠯ ᠤ᠋ᠨ ᠭᠠᠯ ᠪᠠᠳᠠᠷᠠᠭᠠᠨ᠎ᠠ ᠃
ᠴᠢ ᠵᠢᠷᠦᠬᠡᠨ ᠳ᠋ᠦ᠍ ᠮᠢᠨᠢ ᠬᠠᠢᠷ᠎ᠠ ᠶ᠋ᠢᠨ ᠲᠥᠯᠥ ᠲᠤᠰᠬᠠᠵᠤ
ᠴᠢᠩ ᠰᠡᠳᠬᠢᠯ ᠳ᠋ᠦ᠍ ᠮᠢᠨᠢ ᠳᠤᠷᠠᠯᠠᠯ ᠤ᠋ᠨ ᠭᠠᠯ ᠪᠠᠳᠠᠷᠠᠭᠠᠨ᠎ᠠ᠃
ᠦᠰᠦᠭ ᠬᠠᠲᠠᠵᠤ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
