ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠨᠢᠭᠡᠳᠦᠭᠡᠷ ᠪᠦᠯᠦᠭ – ᠨᠢᠭᠡ>᠂ ᠤᠷᠠᠨ ᠪᠢᠷ Бүргэд харьд үүрэлдэггүй – Ж᠂ Пүрэв <1-р бүлэг ~1>. уран бир ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠨᠢᠭᠡᠳᠦᠭᠡᠷ ᠪᠦᠯᠦᠭ – ᠨᠢᠭᠡ>᠂ ᠤᠷᠠᠨ ᠪᠢᠷ Бүргэд харьд үүрэлдэггүй – Ж᠂ Пүрэв <1-р бүлэг ~1>. уран бир

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠨᠢᠭᠡᠳᠦᠭᠡᠷ ᠪᠦᠯᠦᠭ – ᠨᠢᠭᠡ>᠂ ᠤᠷᠠᠨ ᠪᠢᠷ Бүргэд харьд үүрэлдэггүй – Ж᠂ Пүрэв <1-р бүлэг ~1>. уран бир

ᠠᠩᠭᠢᠯᠠᠯ:ᠲᠤᠭᠤᠵᠢ ᠷᠣᠮᠠᠨ
2026-04-14

53

ᠨᠢᠭᠡᠳᠦᠭᠡᠷ ᠪᠦᠯᠦᠭ᠂ ᠤᠮᠠᠷ᠎ᠠ ᠶᠢ ᠵᠣᠷᠢᠭᠰᠠᠨ ᠭᠠᠯᠠᠭᠤᠨ ᠴᠤᠪᠤᠭ᠎ᠠ

- ᠨᠢᠭᠡ᠂ ᠤᠷᠠᠨ ᠪᠢᠷ


       ᠨᠠᠮᠢᠷᠠᠭ᠎ᠠ ᠪᠣᠷᠣᠭᠠᠨ ᠤ᠋ ᠳᠠᠷᠠᠭ᠎ᠠ ᠭᠠᠵᠠᠷ ᠠ᠋ᠴᠠ ᠬᠠᠯᠠᠭᠤᠨ ᠠᠭᠤᠷ ᠰᠠᠪᠰᠠᠨ ᠶᠠᠭᠤᠲᠠᠢ ᠠᠮᠢᠯᠠᠭᠤᠨ ᠠᠭᠠᠷ ᠣᠷᠴᠢᠨ ᠢ᠋ ᠠᠮᠢᠰᠬᠤᠯᠤᠭᠤᠯᠤᠨᠠᠮ ᠪᠣᠢ᠃ ᠪᠥᠭᠡᠮ ᠪᠥᠭᠡᠮ ᠴᠠᠭᠠᠨ ᠡᠭᠦᠯᠡ ᠲᠩᠷᠢ ᠳ᠋ᠦ᠍ ᠳᠤᠷ᠎ᠠ ᠪᠠᠷ ᠢ᠋ᠶ᠋ᠠᠨ ᠭᠥᠯᠬᠦᠯᠳᠥᠨ ᠨᠠᠷᠠᠨ ᠤ᠋ ᠢᠯᠴᠢ ᠶ᠋ᠢ ᠰᠠᠭᠠᠷᠠᠭᠤᠯᠬᠤ ᠨᠢ ᠲᠠᠭᠠᠯᠠᠮᠵᠢᠲᠠᠢ᠃ 
       ᠣᠷᠴᠢᠨ ᠲᠣᠭᠣᠷᠢᠨ ᠤ᠋ ᠪᠠᠢᠴᠠ ᠥᠨᠳᠥᠷ ᠠᠭᠤᠯᠠᠰ ᠤ᠋ᠳ ᠪᠣᠷᠣᠭᠠᠨ ᠳ᠋ᠤ᠌ ᠤᠬᠢᠶᠠᠭᠳᠠᠭᠠᠳ᠂ ᠥᠪᠡᠷ ᠦ᠋ᠨ ᠥᠩᠭᠡ ᠪᠡᠷ ᠮᠢᠰᠢᠶᠡᠨ᠂ ᠪᠠᠳᠮᠠᠷᠠᠭ ᠠᠳᠠᠯᠢ ᠭᠢᠯᠠᠯᠵᠠᠬᠤ ᠡᠷᠳᠡᠨᠢ ᠶ᠋ᠢᠨ ᠬᠠᠳᠠᠨ ᠰᠢᠭᠢᠳᠬᠡᠭᠡ ᠪᠡᠷ ᠢ᠋ᠶ᠋ᠡᠨ ᠭᠠᠢᠬᠠᠭᠤᠯᠬᠤ ᠮᠡᠲᠦ ᠶᠡᠬᠡᠮᠰᠦᠭ ᠢ᠋ᠶ᠋ᠡᠷ ᠬᠠᠩᠬᠠᠢᠵᠤ ᠵᠣᠭᠰᠣᠨ᠎ᠠ᠃ 
       ᠲᠡᠷᠡ ᠠᠭᠤᠯᠠᠰ ᠤ᠋ᠨ ᠣᠷᠣᠢ ᠪᠠᠷ ᠴᠠᠭᠠᠨ ᠡᠯᠢᠭᠡᠲᠡᠢ ᠬᠦᠷᠡᠩ ᠪᠦᠷᠭᠦᠳ ᠦ᠋ᠳ ᠬᠠᠯᠢᠨ ᠳᠡᠭᠦᠯᠢᠨ ᠨᠢᠰᠴᠦ᠂ ᠰᠠᠶᠢᠪᠲᠤᠷ ᠪᠣᠯᠵᠤ ᠥᠩᠭᠡᠷᠡᠭᠰᠡᠨ ᠲᠡᠢᠨ ᠦ᠌ ᠦᠯᠡᠳᠡᠭᠳᠡᠯ ᠣᠯᠵᠠ ᠶᠠᠭᠤ ᠪᠠᠢᠭ᠎ᠠ ᠶ᠋ᠢ ᠨᠢᠳᠦᠨ ᠳᠤᠷᠠᠨ ᠢ᠋ᠶ᠋ᠠᠷ ᠢ᠋ᠶ᠋ᠠᠨ ᠬᠠᠷᠠᠵᠤ ᠲᠣᠭᠠᠴᠠᠨ᠎ᠠ᠃ 
       ᠡᠨᠡ ᠭᠠᠵᠠᠷ ᠳᠡᠭᠡᠷ᠎ᠡ ᠮᠣᠩᠭᠣᠯ ᠤ᠋ᠨ ᠮᠣᠷᠢᠨ ᠴᠡᠷᠢᠭ ᠦ᠋ᠨ ᠵᠥᠷᠢᠭ ᠮᠥᠷ ᠦ᠋ᠳ ᠰᠢᠷᠢᠳᠡᠭ ᠦ᠋ᠨ ᠬᠡ ᠤᠭᠠᠯᠵᠠ ᠠᠳᠠᠯᠢ ᠵᠤᠷᠠᠢᠵᠤ ᠬᠠᠷᠠᠭᠳᠠᠬᠤ ᠨᠢ ᠪᠦᠬᠦᠨ ᠡᠴᠡ ᠰᠣᠳᠣᠨ ᠭᠡᠯᠲᠡᠢ᠃ 
       ᠪᠠᠢᠴᠠ ᠬᠠᠳᠠᠨ ᠠᠭᠤᠯᠠᠰ ᠤ᠋ᠨ ᠳᠤᠮᠳᠠᠭᠤᠷ ᠬᠠᠭ᠎ᠠ ᠵᠦᠰᠦᠭᠰᠡᠨ ᠠᠳᠠᠯᠢ ᠤᠷᠤᠰᠤᠨ ᠣᠷᠣᠵᠤ ᠢᠷᠡᠭᠰᠡᠨ ᠬᠠᠷᠭᠢᠶ᠎ᠠ ᠭᠣᠣᠯ ᠨᠠᠮᠤᠭᠤᠨ ᠲᠠᠯ᠎ᠠ ᠤᠷᠤᠭᠤ ᠣᠮᠣᠭ ᠪᠠᠷᠳᠠᠮ ᠤᠷᠤᠰᠬᠤ ᠳ᠋ᠤ᠌ ᠪᠠᠨ ᠳᠤᠷ᠎ᠠ ᠵᠣᠷᠢᠭ ᠢ᠋ᠶ᠋ᠠᠷ ᠮᠥᠴᠢ ᠪᠡᠨ ᠲᠡᠯᠡᠵᠦ ᠪᠠᠢᠭ᠎ᠠ ᠠᠳᠠᠯᠢ ᠲᠦᠷᠢᠨ᠎ᠡ᠃  
       ᠡᠨᠡ ᠭᠣᠣᠯ ᠤ᠋ᠨ ᠬᠢᠲᠠᠳ ᠨᠡᠷ᠎ᠡ ᠶ᠋ᠢ ᠮᠣᠩᠭᠣᠯᠴᠤᠳ ᠬᠡᠯᠡᠵᠦ ᠳᠠᠭᠤᠳᠠᠬᠤ ᠠ᠋ᠴᠠ ᠪᠠᠨ ᠲᠦᠪᠡᠭᠰᠢᠶᠡᠭᠰᠡᠨ ᠮᠡᠲᠦ ᠥᠭᠡᠷᠡᠴᠢᠯᠡᠨ ᠴᠠᠯᠭᠢᠶ᠎ᠠ ᠭᠡᠵᠡᠢ᠃ ᠦᠨᠡᠨ ᠳ᠋ᠦ᠍ ᠪᠡᠨ ᠲᠡᠷᠲᠡᠭᠡ ᠠᠯᠤᠰ ᠤ᠋ᠨ ᠠᠭᠤᠯᠠᠷᠬᠠᠭ ᠨᠤᠲᠤᠭ ᠠ᠋ᠴᠠ ᠡᠬᠢ ᠠᠪᠴᠤ ᠤᠷᠤᠰᠤᠭᠰᠠᠨ ᠭᠣᠣᠯ ᠤ᠋ᠨ ᠤᠰᠤ ᠢᠮᠠᠭᠲᠠ ᠰᠠᠪᠠᠨ ᠠ᠋ᠴᠠ ᠪᠠᠨ ᠳᠠᠯᠠᠨ ᠴᠠᠯᠭᠢᠯᠠᠵᠤ ᠪᠠᠢᠳᠠᠭ ᠪᠣᠯᠬᠣᠷ ᠲᠡᠭᠦᠨ ᠳ᠋ᠦ᠍ ᠥᠭᠭᠦᠭᠰᠡᠨ ᠮᠣᠩᠭᠣᠯ ᠨᠡᠷ᠎ᠡ ᠥᠪᠡᠷ ᠲᠦ᠍ ᠨᠢ ᠵᠣᠬᠢᠭᠰᠠᠨ ᠮᠡᠲᠦ᠃ 
       ᠰᠢᠷᠦᠭᠦᠨ ᠤᠷᠤᠰᠬᠠᠯᠲᠤ ᠭᠣᠣᠯ ᠤ᠋ᠨ ᠬᠥᠪᠡᠭᠡᠨ ᠳᠡᠭᠡᠷ᠎ᠡ ᠴᠡᠷᠢᠭ ᠦ᠋ᠨ ᠣᠨᠣᠯᠭ᠎ᠠ ᠮᠣᠷᠢᠳ ᠪᠥᠭᠡᠮᠨᠡᠷᠡᠨ ᠬᠤᠷᠠᠵᠤ ᠬᠢᠲᠠᠳ ᠤ᠋ᠨ ᠲᠠᠷᠢᠶᠠᠨ ᠤ᠋ ᠨᠣᠭᠣᠭᠠᠨ ᠲᠠᠯᠠᠪᠠᠢ ᠶ᠋ᠢ  ᠭᠠᠳᠦᠴᠢᠬᠤ ᠳ᠋ᠤ᠌ ᠲᠡᠭᠦᠨ ᠢ᠋ ᠬᠣᠷᠢᠭᠯᠠᠨ ᠵᠠᠢᠯᠠᠭᠤᠯᠬᠤ ᠵᠢᠷᠦᠬᠡᠲᠡᠢ ᠬᠥᠮᠦᠨ ᠬᠡᠨ ᠪᠠᠢᠬᠤ ᠪᠢᠯᠡ᠃ 
       ᠠᠭᠤᠯᠠ ᠶ᠋ᠢᠨ ᠪᠠᠯ᠂ ᠭᠣᠣᠯ ᠤ᠋ᠨ ᠬᠥᠪᠡᠭᠡ ᠪᠡᠷ ᠤᠷᠠᠨ ᠪᠢᠷ ᠪᠠᠷᠢᠭᠰᠠᠨ ᠭᠠᠷ ᠶᠠᠪᠤᠵᠤ ᠬᠡᠯᠡᠭᠰᠡᠨ(хээлсэн) ᠮᠡᠲᠦ ᠰᠣᠳᠣᠨ ᠬᠠᠷᠠᠭᠳᠠᠬᠤ ᠲᠡᠷᠡ ᠲᠠᠷᠢᠶᠠᠯᠠᠩ ᠤ᠋ᠨ ᠭᠠᠵᠠᠷ ᠤ᠋ᠨ ᠡᠵᠡᠳ ᠠᠳᠤᠭᠤᠨ ᠤ᠋ ᠬᠥᠯ ᠢ᠋ᠶ᠋ᠡᠷ ᠳᠠᠷᠳᠠᠭ ᠪᠣᠯᠵᠤ ᠪᠠᠢᠭ᠎ᠠ ᠭᠠᠵᠠᠷ ᠢ᠋ᠶ᠋ᠠᠨ ᠨᠢᠯᠪᠤᠰᠤ ᠤᠷᠤᠰᠬᠠᠭᠰᠠᠨ ᠨᠢᠳᠦ ᠪᠡᠷ ᠬᠠᠷᠠᠯ᠎ᠠ ᠴᠦ᠍ ᠭᠡᠰᠡᠨ ᠲᠣᠯᠣᠭᠠᠢ ᠪᠠᠨ ᠮᠥᠷᠥᠨ ᠳᠡᠭᠡᠷ᠎ᠡ ᠪᠡᠨ ᠠᠪᠴᠤ ᠶᠠᠪᠤᠬᠤ ᠶ᠋ᠢ ᠪᠣᠳᠣᠨ《ᠨᠠᠭᠠᠳᠤ ᠮᠠᠯ ᠢ᠋ᠶ᠋ᠠᠨ ᠵᠠᠢᠯᠠᠭᠤᠯᠤᠭᠠᠴᠢ》 ᠭᠡᠵᠦ ᠮᠣᠩᠭᠣᠯ ᠴᠡᠷᠢᠭ ᠲᠤ ᠬᠡᠯᠡᠬᠦ ᠵᠣᠷᠢᠭ ᠨᠤᠲᠤᠭ ᠤ᠋ᠨ ᠲᠠᠷᠢᠶᠠᠴᠢᠳ ᠲᠤ ᠶᠠᠭᠠᠬᠢᠨ ᠪᠠᠢᠬᠤ ᠪᠣᠢ᠃ 
       ᠴᠠᠯᠭᠢᠶ᠎ᠠ ᠭᠣᠣᠯ ᠤ᠋ᠨ ᠰᠡᠪ ᠨᠤᠲᠤᠭ ᠢ᠋ᠶ᠋ᠠᠷ ᠢ᠋ᠶ᠋ᠠᠨ ᠰᠢᠷᠠᠭᠴᠢᠨ ᠬᠣᠨᠢᠨ ᠵᠢᠯ ᠦ᠋ᠨ ᠬᠠᠪᠤᠷ ᠡᠢᠮᠦ ᠪᠠᠢᠳᠠᠯ ᠪᠣᠢ ᠪᠣᠯᠵᠤ᠂ ᠨᠤᠲᠤᠭ ᠤ᠋ᠨ ᠢᠷᠡᠭᠡᠳ ᠰᠢᠪᠡᠷ ᠪᠠᠢᠰᠢᠩ ᠤ᠋ᠨ ᠢ᠋ᠶ᠋ᠠᠨ ᠡᠭᠦᠳᠡ ᠶ᠋ᠢ ᠴᠢᠩᠭᠠᠬᠠᠨ ᠬᠠᠭᠠᠭᠠᠳ ᠳᠣᠲᠣᠷ᠎ᠠ ᠨᠢ ᠰᠢᠭᠢᠳᠦᠨ ᠪᠠᠢᠯ᠎ᠠ᠃ 
       ᠴᠠᠯᠭᠢᠶ᠎ᠠ ᠭᠣᠣᠯ ᠰᠠᠪᠠᠨ ᠳ᠋ᠤ᠌ ᠪᠠᠨ ᠪᠠᠭᠲᠠᠬᠤ ᠶᠠᠳᠠᠨ ᠡᠮᠦᠨᠡᠲᠦ ᠶ᠋ᠢ ᠵᠣᠷᠢᠨ ᠤᠷᠤᠰᠴᠤ ᠮᠢᠩᠭᠠᠨ ᠤ᠋ ᠭᠠᠵᠠᠷ ᠢ᠋ ᠤᠮᠳᠠᠯᠠᠭᠰᠠᠭᠠᠷ ᠬᠥᠬᠡ ᠮᠥᠷᠡᠨ ᠦ᠌ ᠳᠥᠯᠭᠡᠬᠡᠨ ᠤᠷᠤᠰᠬᠠᠯ ᠳ᠋ᠤ᠌ ᠨᠡᠢᠯᠡᠨ ᠰᠢᠨ᠎ᠡ ᠨᠡᠷ᠎ᠡ ᠪᠡᠨ ᠪᠠᠰᠠ ᠭᠡᠭᠡᠨ᠎ᠡ᠃ 
       ᠬᠠᠭᠤᠴᠢᠨ ᠨᠡᠷ᠎ᠡ ᠪᠡᠨ ᠬᠠᠳᠠᠭᠠᠯᠠᠨ ᠪᠣᠢ ᠬᠡᠰᠡᠭ ᠨᠢ ᠠᠯᠢ ᠬᠡᠳᠦᠢᠨ᠎ᠡ ᠮᠣᠩᠭᠣᠯᠴᠤᠳ ᠤ᠋ᠨ ᠮᠠᠲᠠᠯ ᠳ᠋ᠤ᠌ ᠣᠷᠣᠭᠰᠠᠨ ᠪᠣᠯᠬᠣᠷ ᠲᠡᠭᠦᠨ ᠦ᠌ ᠤᠷᠤᠰᠬᠠᠯ ᠢ᠋ ᠳᠠᠭᠠᠭᠠᠳ ᠶᠠᠪᠤᠵᠤ ᠪᠣᠢ ᠴᠡᠷᠢᠭ ᠶᠠᠭᠤ ᠪᠠᠨ ᠴᠦ᠍ ᠦᠢᠯᠡᠳᠴᠦ ᠶᠠᠪᠤᠭᠰᠠᠨ ᠤ᠋ ᠳᠤᠷ᠎ᠠ ᠶ᠋ᠢᠨ ᠬᠡᠷᠡᠭ ᠮᠡᠲᠦ ᠠᠵᠢ᠃ 
       ᠭᠣᠶᠣᠮᠰᠣᠭ ᠬᠠᠳᠠ ᠨᠤᠭᠤᠳ᠂ ᠵᠢᠮᠢᠰ ᠦ᠋ᠨ ᠴᠡᠴᠡᠭᠲᠦ ᠮᠣᠳᠣ ᠰᠡᠯᠲᠡ ᠪᠡᠷ ᠥᠪᠡᠷ ᠢ᠋ ᠪᠡᠨ ᠴᠢᠮᠡᠭᠰᠡᠨ ᠨᠢᠭᠡᠨ ᠦᠵᠡᠰᠬᠦᠯᠡᠩᠲᠦ ᠲᠣᠬᠣᠢ ᠳ᠋ᠤ᠌ ᠴᠡᠷᠢᠭ ᠦ᠋ᠳ ᠡᠷᠢᠶᠡᠨ ᠳᠠᠪᠤᠤ ᠠᠰᠠᠷ ᠪᠣᠰᠬᠠᠵᠤ ᠤᠲᠤᠭ᠎ᠠ ᠲᠠᠯᠪᠢᠨ ᠬᠣᠭᠣᠯᠠ ᠤᠮᠳᠠ ᠲᠥᠬᠥᠭᠡᠷᠦᠨ ᠪᠣᠢ ᠨᠢ ᠵᠠᠩᠵᠤᠨ ᠵᠠᠬᠢᠷᠤᠭᠴᠢ ᠡᠨᠳᠡ ᠵᠤᠭᠠᠴᠠᠬᠤ ᠪᠠᠷ ᠡᠢᠨᠬᠦ ᠤᠴᠢᠷ ᠲᠡᠭᠦᠨ ᠢ᠋ ᠤᠭᠲᠤᠬᠤ ᠪᠠᠷ ᠬᠥᠯ ᠪᠣᠯᠵᠤ ᠪᠣᠢ ᠨᠢ᠃ 
       ᠶᠡᠬᠡ ᠭᠣᠣᠯ ᠤ᠋ᠨ ᠲᠣᠬᠣᠢ ᠳ᠋ᠤ᠌ ᠪᠥᠬᠡᠭᠡᠭᠲᠦ ᠲᠡᠷᠭᠡ ᠪᠡᠷ ᠢᠷᠡᠭᠰᠡᠨ ᠨᠢᠭᠡᠨ ᠨᠣᠶᠠᠨ ᠢ᠋ ᠬᠡᠳᠦᠨ ᠠᠷᠪᠠᠨ ᠮᠣᠩᠭᠣᠯ᠂ ᠬᠢᠲᠠᠳ ᠬᠥᠮᠦᠨ ᠳᠠᠭᠠᠯᠳᠤᠵᠤ᠂ ᠭᠢᠰᠬᠢᠭᠰᠡᠨ ᠭᠠᠵᠠᠷ ᠲᠤ ᠨᠢ ᠬᠣᠷᠮᠣᠢ ᠳᠡᠪᠢᠰᠬᠦ ᠰᠢᠬᠠᠨ ᠲᠣᠩᠭᠣᠯᠵᠠᠨ ᠨᠠᠬᠢᠯᠵᠠᠵᠤ ᠪᠠᠢᠭᠠᠳ ᠲᠡᠷᠭᠡᠨ ᠡᠴᠡ ᠨᠢ ᠪᠠᠭᠤᠯᠭᠠᠨ᠂ ᠡᠷᠢᠶᠡᠨ ᠠᠰᠠᠷ ᠲᠤ ᠵᠠᠰᠠᠭᠰᠠᠨ ᠮᠠᠩᠨᠤᠭ ᠣᠯᠪᠣᠭ ᠲᠦᠰᠢᠯᠭᠡᠨ ᠳ᠋ᠦ᠍ ᠰᠠᠭᠤᠯᠭᠠᠯ᠎ᠠ᠃ 
       ᠲᠡᠭᠦᠨ ᠦ᠌ ᠬᠠᠷᠠᠴᠠ ᠶ᠋ᠢ ᠳᠡᠷᠭᠡᠳᠡ ᠶ᠋ᠢᠨ ᠪᠠᠷ᠎ᠠ ᠪᠣᠯᠤᠭᠴᠢ ᠨᠠᠷ ᠨᠢ ᠠᠵᠢᠭᠯᠠᠨ᠂ ᠶᠠᠭᠤᠨ ᠳ᠋ᠤ᠌ ᠶᠠᠭᠠᠬᠢᠵᠤ ᠲᠠᠭᠠᠯᠠᠨ ᠪᠣᠢ ᠶ᠋ᠢ ᠨᠢ ᠪᠣᠯᠭᠤᠭᠠᠯᠠᠬᠤ ᠭᠡᠵᠦ ᠴᠢᠷᠮᠠᠢᠨ᠎ᠠ᠃ 
       ᠡᠢᠨ ᠬᠦ᠌ ᠨᠢᠳᠦᠨ ᠦ᠌ ᠪᠡᠨ ᠬᠠᠷᠠᠴᠠ ᠪᠠᠷ ᠪᠦᠬᠦᠨ ᠢ᠋ ᠤᠳᠤᠷᠢᠳᠤᠳᠠᠭ ᠡᠨᠡ ᠨᠣᠶᠠᠨ ᠢ᠋ ᠡᠮᠦᠨ᠎ᠡ ᠵᠦᠭ ᠦ᠋ᠨ ᠵᠡᠭᠦᠨ ᠭᠠᠷ ᠤ᠋ᠨ ᠴᠡᠷᠢᠭ ᠢ᠋ ᠪᠤᠶᠤ ᠬᠢᠲᠠᠳ ᠣᠷᠣᠨ ᠤ᠋ ᠡᠵᠡᠯᠡᠭᠳᠡᠭᠰᠡᠨ ᠨᠤᠲᠤᠭ ᠢ᠋ ᠮᠡᠳᠡᠨ ᠰᠢᠢᠳᠬᠦ ᠶᠡᠬᠡ ᠵᠠᠬᠢᠷᠤᠭᠴᠢ ᠪᠠᠷ ᠡᠵᠡᠨ ᠬᠠᠭᠠᠨ ᠲᠣᠮᠢᠯᠠᠭᠰᠠᠨ ᠤᠴᠢᠷ ᠲᠡᠭᠦᠨ ᠡᠴᠡ ᠢᠯᠡᠭᠦᠦ ᠡᠷᠬᠡ ᠮᠡᠳᠡᠯᠲᠡᠨ ᠡᠨᠡ ᠭᠠᠵᠠᠷ ᠳᠡᠭᠡᠷ᠎ᠡ ᠦᠭᠡᠢ ᠪᠢᠯᠡ᠃ 
       ᠥᠳᠬᠡᠨ ᠬᠥᠮᠥᠰᠬᠡ ᠳᠣᠣᠷ᠎ᠠ ᠡᠷᠭᠢᠯᠳᠦᠬᠦ ᠨᠠᠷᠢᠪᠲᠤᠷ ᠨᠢᠳᠦᠲᠡᠢ᠂ ᠳᠤᠭᠤᠢᠳᠠᠭᠤ ᠵᠤᠵᠠᠭᠠᠨ ᠰᠢᠷ᠎ᠠ ᠴᠢᠷᠠᠢ ᠨᠢ ᠮᠢᠬᠠᠯᠢᠭ ᠲᠣᠮᠣ ᠪᠡᠶ᠎ᠡ ᠳ᠋ᠦ᠍ ᠨᠢ ᠵᠣᠬᠢᠴᠠᠭᠰᠠᠨ ᠡᠨᠡ ᠨᠣᠶᠠᠨ ᠪᠣᠯ ᠡᠵᠡᠨ ᠴᠢᠩᠭᠢᠰ ᠦ᠋ᠨ ᠣᠳᠬᠣᠨ ᠬᠦᠦ ᠲᠤᠯᠤᠢ ᠶ᠋ᠢᠨ ᠬᠦᠦ ᠬᠤᠪᠢᠯᠠᠢ ᠪᠢᠯᠡ᠃ 
       ᠶᠡᠬᠡ ᠨᠣᠶᠠᠨ ᠰᠦᠷ ᠶᠡᠬᠡᠲᠡᠢ᠂ ᠳᠠᠭᠤ ᠴᠥᠭᠡᠨᠲᠡᠢ᠂ ᠪᠤᠰᠤᠳ ᠤ᠋ᠨ ᠦᠭᠡ ᠶ᠋ᠢ ᠬᠡᠯᠡᠵᠦ ᠳᠠᠭᠤᠰᠲᠠᠯ᠎ᠠ ᠨᠢ ᠴᠢᠩᠨᠠᠬᠤ ᠲᠡᠰᠪᠦᠷᠢᠲᠡᠢ ᠪᠣᠯᠬᠣᠷ ᠲᠡᠭᠦᠨ ᠦ᠌ ᠠᠨᠢᠷ ᠴᠢᠮᠡᠭᠡ ᠪᠠᠭ᠎ᠠ᠂ ᠰᠢᠳᠠᠷᠯᠠᠵᠤ ᠶᠠᠪᠤᠭ᠎ᠠ ᠬᠥᠮᠦᠨ ᠪᠣᠯᠭᠠᠨ ᠪᠡᠶ᠎ᠡ ᠪᠡᠨ ᠪᠠᠷᠢᠵᠤ ᠠᠯᠬᠤᠭ᠎ᠠ ᠭᠢᠰᠬᠢᠭᠡ ᠪᠡᠨ ᠬᠦᠷᠲᠡᠯ᠎ᠡ ᠲᠡᠭᠦᠨ ᠦ᠌ ᠲᠠᠭᠠᠯᠠᠯ ᠳ᠋ᠤ᠌ ᠨᠡᠢᠴᠡᠭᠦᠯᠬᠦ ᠭᠡᠵᠦ ᠮᠡᠷᠡᠢᠳᠡᠭ᠂ ᠲᠡᠭᠡᠵᠦ ᠪᠠᠢᠬᠤ ᠶ᠋ᠢ ᠠᠶᠠᠨᠳᠠᠭᠠᠨ ᠡᠵᠡᠨ ᠦ᠌ ᠬᠢᠨᠢ ᠬᠠᠷᠠᠴᠠ ᠵᠣᠬᠢᠴᠠᠭᠤᠯᠳᠠᠭ ᠠᠵᠢ᠃ 
       ᠬᠤᠪᠢᠯᠠᠢ ᠲᠣᠷᠭᠠᠨ ᠣᠯᠪᠣᠭ ᠳᠡᠭᠡᠷ᠎ᠡ ᠪᠡᠨ ᠬᠥᠯ ᠢ᠋ᠶ᠋ᠡᠨ ᠵᠢᠭᠢᠵᠦ ᠲᠠᠢᠪᠤᠩ ᠰᠠᠭᠤᠭᠠᠳ᠂ ᠲᠠᠷᠭᠤᠨ ᠴᠠᠭᠠᠨ ᠭᠠᠷ ᠢ᠋ᠶ᠋ᠠᠷ ᠢ᠋ᠶ᠋ᠠᠨ ᠰᠡᠷᠪᠡᠭᠡ ᠬᠠᠷ᠎ᠠ ᠰᠠᠬᠠᠯ ᠢ᠋ᠶ᠋ᠠᠨ ᠢᠯᠪᠢᠨ᠂ ᠪᠠᠢᠳᠠᠯ ᠢ᠋ ᠳᠠᠭᠤ ᠦᠭᠡᠢ ᠠᠵᠢᠨ᠎ᠠ᠃ 
       ᠲᠡᠷᠡ ᠪᠡᠷ ᠢᠩᠭᠢᠵᠦ ᠴᠢᠮᠡᠭᠡ ᠦᠭᠡᠢ ᠪᠠᠢᠭᠰᠠᠨ ᠢ᠋ᠶ᠋ᠠᠨ ᠭᠠᠭᠴᠠ ᠦᠭᠡ ᠪᠡᠷ ᠪᠦᠬᠦᠨ ᠦ᠌ ᠬᠢᠬᠦ ᠠᠯᠪᠠ ᠶ᠋ᠢ ᠵᠢᠭᠠᠳᠠᠭ ᠪᠣᠯᠬᠣᠷ ᠳᠡᠷᠭᠡᠳᠡ ᠶ᠋ᠢᠨ ᠰᠢᠳᠠᠷ ᠤ᠋ᠳ ᠲᠡᠭᠦᠨ ᠦ᠌ ᠭᠠᠷ ᠤ᠋ᠨ ᠳᠣᠬᠢᠶ᠎ᠠ᠂ ᠦᠭᠡᠨ ᠦ᠌ ᠠᠶᠠᠯᠭᠤ ᠵᠡᠷᠭᠡ ᠶ᠋ᠢ ᠢᠮᠠᠭᠲᠠ ᠠᠵᠢᠭᠯᠠᠨ᠂ ᠶᠠᠭᠤ ᠶ᠋ᠢ ᠲᠠᠭᠠᠯᠠᠨ ᠪᠣᠢ᠂ ᠶᠠᠮᠠᠷ ᠵᠦᠢᠯ ᠢ᠋ ᠡᠰᠡ ᠲᠠᠭᠠᠰᠢᠶᠠᠨ ᠪᠠᠢᠭ᠎ᠠ ᠶ᠋ᠢ ᠬᠠᠷᠠᠴᠠ ᠪᠠᠷ ᠨᠢ ᠮᠡᠳᠡᠳᠡᠭ ᠪᠣᠯᠤᠭᠰᠠᠨ ᠪᠠᠢᠪᠠ᠃  
       ᠰᠦᠷ ᠲᠦ᠍ ᠳᠠᠷᠤᠭᠳᠠᠭᠰᠠᠨ ᠬᠥᠮᠦᠰ ᠲᠡᠭᠦᠨ ᠦ᠌ ᠣᠷᠴᠢᠨ ᠳ᠋ᠤ᠌ ᠢᠮᠠᠭᠲᠠ ᠴᠢᠯᠥᠭᠡ ᠦᠭᠡᠢ᠂ ᠢᠯᠡᠭᠦᠦ ᠳᠤᠲᠠᠭᠤ ᠦᠭᠡ ᠬᠡᠯᠡ ᠴᠦ᠍ ᠪᠠᠢᠬᠤ ᠦᠭᠡᠢ᠂ ᠨᠠᠮ ᠭᠦᠮ ᠶᠠᠪᠤᠵᠤ ᠪᠠᠢᠬᠤ ᠶ᠋ᠢ ᠯᠡ ᠪᠣᠳᠣᠳᠠᠭ᠃  
       ᠬᠠᠷᠢᠨ ᠡᠨᠡ ᠵᠠᠬᠢᠷᠤᠭᠴᠢ ᠲᠠᠢ ᠬᠡᠳᠦᠢ ᠳ᠋ᠦ᠍ ᠴᠦ᠍ ᠪᠦᠬᠦᠨ ᠴᠢᠯᠥᠭᠡᠲᠡᠢ ᠠᠭᠤᠯᠵᠠᠨ ᠶᠠᠷᠢᠯᠴᠠᠳᠠᠭ ᠬᠥᠮᠦᠨ ᠭᠡᠪᠡᠯ ᠳᠤᠤᠳᠣᠢ ᠶ᠋ᠢᠨ ᠯᠣᠯᠣᠢ ᠭᠡᠳᠡᠭ ᠦᠶ᠎ᠡ ᠳᠠᠩ ᠤ᠋ᠨ ᠨᠠᠰᠤᠨ ᠤ᠋ ᠨᠢᠭᠡ ᠲᠣᠭᠰᠢᠨ ᠰᠦᠷᠲᠡᠢ ᠬᠠᠲᠦᠨᠲᠠᠨ ᠪᠠᠢᠳᠠᠭ᠃  
       ᠲᠡᠭᠦᠨ ᠡᠴᠡ ᠬᠥᠮᠦᠨ ᠪᠣᠯᠭᠠᠨ ᠠᠶᠤᠨ᠎ᠠ᠃ ᠤᠴᠢᠷ ᠨᠢ ᠡᠨᠡ ᠵᠠᠬᠢᠷᠤᠭᠴᠢ ᠳ᠋ᠤ᠌ ᠶᠠᠭᠤ ᠴᠦ᠍ ᠭᠡᠵᠦ ᠬᠡᠯᠡᠵᠦ᠂ ᠬᠡᠨ ᠢ᠋ ᠴᠦ᠍ ᠬᠣᠪᠯᠠᠨ ᠴᠠᠭᠠᠰᠢ ᠬᠠᠷᠠᠭᠤᠯᠵᠤ ᠪᠠᠢᠵᠤ ᠮᠠᠭᠠᠳ ᠦᠭᠡᠢ ᠵᠠᠩᠲᠠᠢ᠃ 
       ᠰᠡᠭᠦᠯ ᠦ᠋ᠨ ᠦᠶ᠎ᠡ ᠳ᠋ᠦ᠍ ᠥᠭᠡᠷ᠎ᠡ ᠨᠢᠭᠡ ᠯᠤᠲᠤ ᠰᠢᠳᠠᠷ ᠬᠥᠮᠦᠨ ᠭᠠᠷᠴᠤ ᠢᠷᠡᠭᠰᠡᠨ ᠨᠢ ᠵᠠᠬᠢᠷᠤᠭᠴᠢ ᠶ᠋ᠢᠨ ᠭᠡᠷ ᠦ᠋ᠨ ᠪᠠᠭᠰᠢ ᠵᠣᠣ ᠪᠢ ᠪᠣᠯᠤᠨ᠎ᠠ᠃ 
       ᠴᠠᠭᠠᠨ ᠬᠥᠬᠡᠪᠦᠷ ᠮᠠᠯᠠᠭᠠᠢ᠂ ᠤᠷᠲᠤ ᠬᠣᠷᠮᠣᠢ ᠲᠠᠢ ᠳᠡᠪᠡᠯ᠂ ᠳᠠᠪᠤᠤ ᠱᠠᠬᠠᠢ ᠡᠮᠦᠰᠦᠭᠰᠡᠨ᠂ ᠲᠤᠷᠠᠩᠬᠠᠢ ᠪᠡᠶ᠎ᠡ ᠲᠡᠢ᠂ ᠥᠨᠳᠥᠷ ᠨᠠᠷᠢᠬᠠᠨ ᠨᠢᠷᠤᠭᠤ ᠨᠢ ᠪᠥᠭᠲᠥᠷ᠂ ᠴᠠᠭᠠᠨ ᠰᠠᠬᠠᠯ ᠲᠠᠢ᠂ ᠲᠠᠪᠢ ᠭᠠᠷᠤᠢ ᠨᠠᠰᠤᠨ ᠤ᠋ ᠡᠨᠡ ᠡᠷ᠎ᠡ ᠵᠠᠬᠢᠷᠤᠭᠴᠢ ᠶ᠋ᠢᠨ ᠳᠡᠷᠭᠡᠳᠡ ᠬᠡᠨ ᠡᠴᠡ ᠴᠦ᠍ ᠢᠯᠡᠭᠦᠦ ᠡᠷᠬᠡᠲᠡᠢ ᠮᠡᠲᠦ ᠪᠣᠯᠪᠠᠴᠤ ᠥᠪᠡᠷ ᠢ᠋ᠶ᠋ᠡᠨ ᠪᠡᠶ᠎ᠡ ᠪᠡᠨ ᠵᠢᠯᠣᠭᠣᠳᠤᠨ᠂ ᠳᠠᠷᠤᠤ ᠲᠦᠪᠰᠢᠨ᠂ ᠡᠮᠬᠢ ᠴᠡᠭᠴᠡᠲᠡᠢ ᠪᠠᠢᠬᠤ ᠭᠡᠵᠦ ᠴᠢᠷᠮᠠᠢᠳᠠᠭ ᠨᠢ ᠲᠡᠭᠦᠨ ᠢ᠋ ᠳᠡᠭᠡᠳᠦ ᠵᠡᠷᠭᠡ ᠪᠡᠷ ᠬᠦᠨᠳᠦᠯᠡᠨ ᠪᠠᠢᠵᠤ᠂ ᠤᠯᠠᠮ ᠶᠡᠬᠡ ᠢᠲᠡᠭᠡᠯ ᠣᠯᠵᠤ ᠠᠪᠬᠤ ᠭᠡᠰᠡᠨ ᠳᠠᠯᠳᠠ ᠪᠣᠳᠣᠯᠭ᠎ᠠ ᠳ᠋ᠤ᠌ ᠪᠠᠨ ᠪᠡᠶ᠎ᠡ ᠪᠡᠨ ᠵᠣᠬᠢᠴᠠᠭᠤᠯᠵᠤ ᠴᠢᠳᠠᠭᠰᠠᠨ ᠤ᠋ ᠬᠢ ᠪᠢᠯᠡ᠃ 
       ᠶᠡᠬᠡ ᠵᠠᠬᠢᠷᠤᠭᠴᠢ ᠵᠣᠣ ᠪᠢ《ᠪᠠᠭᠰᠢ》 ᠶ᠋ᠢ ᠪᠡᠨ ᠳᠡᠷᠭᠡᠳᠡ ᠪᠡᠨ ᠢᠷᠡᠭᠦᠯᠦᠨ ᠣᠯᠪᠣᠭ ᠲᠤ ᠰᠠᠭᠤᠯᠭᠠᠭᠠᠳ᠂ ᠴᠠᠯᠭᠢᠶ᠎ᠠ ᠭᠣᠣᠯ ᠤ᠋ᠨ ᠣᠷᠴᠢᠨ ᠤ᠋ ᠭᠠᠵᠠᠷ ᠨᠤᠲᠤᠭ ᠤ᠋ᠨ ᠦᠵᠡᠰᠬᠦᠯᠡᠩ ᠢ᠋ ᠮᠠᠭᠲᠠᠨ ᠶᠠᠷᠢᠯᠴᠠᠵᠤ ᠡᠬᠢᠯᠡᠬᠦ ᠳ᠋ᠦ᠍ ᠪᠡᠨ ᠰᠡᠳᠬᠢᠯ ᠨᠡᠢᠴᠡᠭᠦᠦ ᠪᠠᠢᠳᠠᠯᠲᠠᠢ ᠠᠵᠢ᠃
       ᠬᠤᠪᠢᠯᠠᠢ ᠢᠨᠢᠶᠡᠪᠬᠢᠯᠡᠨ ᠪᠠᠢᠵᠤ᠄ 
       — ᠪᠢ ᠠᠪᠠᠭ᠎ᠠ ᠠᠬ᠎ᠠ – ᠶᠡᠬᠡ ᠡᠵᠡᠨ ᠦ᠌ ᠪᠤᠶᠠᠨ ᠢ᠋ᠶ᠋ᠠᠷ ᠨᠡᠯᠢᠶᠡᠨ ᠭᠠᠵᠠᠷ ᠶᠠᠪᠤᠵᠤ ᠦᠵᠡᠭᠰᠡᠨ᠃ ᠲᠡᠭᠡᠬᠦ ᠳ᠋ᠦ᠍ ᠡᠨᠡ ᠭᠣᠣᠯ ᠤ᠋ᠨ ᠡᠷᠭᠢ ᠣᠳᠣ ᠪᠢᠳᠡᠨ ᠦ᠌ ᠪᠠᠢᠭ᠎ᠠ ᠭᠠᠵᠠᠷ ᠠᠳᠠᠯᠢ ᠲᠠᠩᠰᠤᠭ ᠨᠤᠲᠤᠭ ᠨᠠᠳᠠᠳᠤ ᠴᠥᠭᠡᠨ ᠲᠠᠭᠠᠷᠠᠯᠳᠤᠭᠰᠠᠨ ᠰᠢᠦ᠃ ᠬᠢᠲᠠᠳ ᠤ᠋ᠨ ᠨᠤᠲᠤᠭ ᠪᠦᠬᠦᠯᠢ ᠳ᠋ᠦ᠍ ᠪᠡᠨ ᠡᠢᠮᠦ ᠪᠣᠯ ᠨᠥᠭᠦᠭᠡ ᠳ᠋ᠧᠪᠠᠵᠠᠨ ᠭᠡᠳᠡᠭ ᠯᠡ ᠪᠠᠢᠨ᠎ᠠ ᠭᠡᠵᠦ ᠬᠡᠯᠡᠪᠡᠯ᠂ 
       ᠵᠣᠣ ᠪᠢ ᠴᠠᠭᠠᠨ ᠰᠠᠬᠠᠯ ᠢ᠋ᠶ᠋ᠠᠨ ᠢᠯᠪᠢᠭᠰᠡᠨ ᠢ᠋ᠶ᠋ᠡᠨ ᠨᠠᠮᠤᠭᠤᠬᠠᠨ ᠳᠠᠭᠤ ᠪᠠᠷ᠄ 
       — ᠪᠦᠬᠦ ᠭᠠᠵᠠᠷ ᠠᠳᠠᠯᠢ ᠦᠭᠡᠢ ᠳᠡ᠃ ᠡᠨᠡ ᠭᠣᠣᠯ ᠤ᠋ᠨ ᠡᠷᠭᠢ ᠬᠠᠪᠢ ᠳ᠋ᠤ᠌ ᠦᠨᠡᠬᠡᠷ ᠰᠡᠳᠬᠢᠯ ᠪᠤᠯᠢᠶᠠᠮ᠎ᠠ ᠲᠠᠩᠰᠤᠭ ᠰᠢᠦ᠃ ᠡᠨᠡ ᠡᠴᠡ ᠢᠯᠡᠭᠦᠦ ᠭᠠᠵᠠᠷ ᠪᠣᠯ ᠰᠥᠩ ᠤᠯᠤᠰ ᠤ᠋ᠨ ᠨᠡᠢᠰᠯᠡᠯ ᠪᠠᠢᠳᠠᠭ ᠬᠠᠩᠵᠧᠦ ᠬᠠᠪᠢ ᠶ᠋ᠢ《ᠲᠩᠷᠢ ᠳ᠋ᠦ᠍ ᠳ᠋ᠧᠪᠠᠵᠠᠨ᠂ ᠭᠠᠵᠠᠷ ᠲᠤ ᠬᠠᠩᠵᠧᠦ》 ᠭᠡᠵᠦ ᠮᠠᠭᠲᠠᠳᠠᠭ᠃ ᠲᠠ ᠠᠶᠠᠨᠳᠠᠭᠠᠨ ᠲᠡᠭᠦᠨ ᠢ᠋ ᠡᠵᠡᠯᠡᠬᠦ ᠦᠶ᠎ᠡ ᠳ᠋ᠦ᠍ ᠦᠵᠡᠵᠦ ᠪᠣᠯᠭᠣᠭᠠᠬᠤ ᠪᠠᠷ ᠪᠠᠷᠠᠬᠤ ᠦᠭᠡᠢ᠂ ᠲᠡᠨᠳᠡ ᠰᠠᠭᠤᠬᠤ ᠴᠦ᠍ ᠡᠳᠦᠷ ᠢᠷᠡᠵᠦ ᠪᠣᠯᠤᠨ᠎ᠠ ᠭᠡᠵᠦ ᠬᠡᠯᠡᠯ᠎ᠡ᠃ 
       ᠭᠠᠳᠠᠨ᠎ᠠ ᠠ᠋ᠴᠠ ᠲᠠᠩᠰᠤᠭ ᠦᠨᠦᠷ ᠬᠠᠩᠬᠤᠯᠤᠭᠰᠠᠨ ᠽᠠᠨᠳᠠᠨ ᠴᠠᠢ ᠭᠠᠩᠭᠠᠷ ᠱᠠᠭᠠᠵᠠᠩ ᠳ᠋ᠤ᠌ ᠬᠢᠵᠦ ᠪᠠᠷᠢᠭᠰᠠᠨ ᠬᠤᠨᠳᠠᠭᠠᠴᠢᠨ ᠬᠢᠲᠠᠳ ᠪᠦᠰᠡᠭᠦᠢ ᠨᠠᠮᠪᠠᠭᠠᠨᠠᠨ ᠭᠤᠩᠬᠠᠭᠰᠠᠭᠠᠷ ᠣᠷᠣᠵᠤ ᠢᠷᠡᠭᠡᠳ ᠵᠠᠬᠢᠷᠤᠭᠴᠢ᠂《ᠪᠠᠭᠰᠢ》 ᠬᠣᠶᠠᠷ ᠲᠤ ᠬᠦᠨᠳᠦᠳᠬᠡᠯᠲᠡᠢ ᠪᠡᠷ ᠪᠠᠷᠢᠪᠠ᠃ 
       ᠬᠤᠪᠢᠯᠠᠢ ᠴᠠᠢ ᠶ᠋ᠢ ᠠᠪᠴᠤ ᠠᠮᠰᠠᠵᠤ ᠦᠵᠡᠭᠡᠳ ᠲᠠᠮᠰᠢᠶᠠᠯᠠᠨ᠄  
       — ᠠᠷᠠᠢ ᠥᠭᠡᠷ᠎ᠡ ᠠᠮᠲᠠᠲᠠᠢ ᠪᠠᠢᠨ᠎ᠠ᠃ ᠡᠨᠡ ᠤᠳᠠᠭ᠎ᠠ ᠶ᠋ᠢᠨ ᠤᠷᠭᠤᠮᠠᠯ ᠢ᠋ᠶ᠋ᠠᠷ ᠴᠢᠨᠠᠭ᠎ᠠ ᠪᠢᠵᠡ ᠳᠡ ᠭᠡᠪᠡ᠃ 
       — ᠠᠢ ᠲᠡᠢᠮᠦ ᠠ᠋᠂ ᠲᠡᠢᠮᠦ᠃ ᠡᠨᠡ ᠭᠣᠣᠯ ᠤ᠋ᠨ ᠰᠠᠪᠠ ᠳ᠋ᠤ᠌ ᠤᠷᠭᠤᠳᠠᠭ ᠴᠠᠢ ᠶᠡᠬᠡ ᠠᠯᠳᠠᠷᠲᠠᠢ᠂ ᠬᠥᠮᠦᠨ ᠦ᠌ ᠪᠡᠶ᠎ᠡ ᠳ᠋ᠦ᠍ ᠭᠣᠴᠣ ᠢᠳᠡᠰᠢᠯᠢᠭᠲᠡᠢ᠂ ᠲᠡᠭᠦᠨ ᠢ᠋ ᠤᠤᠭᠤᠬᠤ ᠪᠠᠷ ᠲᠠᠷᠢᠬᠢ ᠲᠣᠯᠣᠭᠠᠢ ᠰᠡᠷᠭᠦᠵᠦ᠂ ᠠᠯᠵᠢᠶᠠᠭᠰᠠᠨ ᠪᠡᠶ᠎ᠡ ᠲᠠᠯᠪᠢᠭᠳᠠᠳᠠᠭ᠃ ᠰᠤᠳᠠᠰᠤ ᠰᠢᠷᠪᠦᠰᠦᠨ ᠦ᠌ ᠨᠦᠬᠡ ᠶ᠋ᠢ ᠠᠭᠤᠳᠠᠯᠤᠨ ᠴᠢᠰᠤᠨ ᠤ᠋ ᠭᠦᠶᠦᠳᠡᠯ ᠢ᠋ ᠰᠠᠢᠵᠢᠷᠠᠭᠤᠯᠳᠠᠭ᠃ ᠬᠣᠳᠣᠭᠣᠳᠣ ᠭᠡᠳᠡᠰᠦᠨ ᠳ᠋ᠦ᠍ ᠡᠮ ᠪᠣᠯᠳᠠᠭ ᠭᠡᠵᠦ ᠬᠢᠲᠠᠳ ᠤ᠋ᠨ ᠬᠠᠭᠤᠴᠢᠨ ᠤ᠋ ᠶᠡᠬᠡ ᠬᠥᠮᠦᠰ ᠨᠤᠲᠠᠯᠠᠭᠰᠠᠨ᠃ ᠲᠠ ᠪᠣᠯᠭᠣᠭᠠᠯ ᠳᠠ! ᠭᠡᠳᠡᠰᠦ ᠵᠢᠭᠠᠬᠠᠨ ᠬᠡᠪ ᠦᠭᠡᠢᠴᠡᠬᠦ ᠪᠡᠷ ᠪᠤᠵᠢᠭᠠᠷ ᠴᠠᠢ ᠶ᠋ᠢ ᠥᠳᠬᠡᠬᠡᠨ ᠬᠠᠨᠳᠠᠯᠠᠭᠠᠳ ᠤᠤᠭᠤᠬᠤ ᠪᠠᠷ ᠳᠣᠣᠷ᠎ᠠ ᠪᠠᠨ ᠵᠦᠭᠡᠷ ᠪᠣᠯᠳᠠᠭ ᠰᠢᠦ ᠳᠡ᠃ ᠪᠢ ᠡᠮᠴᠢ ᠪᠢᠰᠢ᠃ ᠲᠡᠭᠡᠬᠦ ᠳ᠋ᠦ᠍ ᠪᠡᠨ ᠵᠠᠬᠢᠷᠤᠭᠴᠢ ᠲᠠᠨ ᠢ᠋ ᠡᠢᠮᠦ ᠽᠠᠨᠳᠠᠨ ᠴᠠᠢ ᠵᠣᠭᠣᠭᠯᠠᠵᠤ ᠪᠠᠢᠭᠠᠰᠠᠢ ᠭᠡᠵᠦ ᠪᠣᠳᠣᠵᠤ ᠪᠠᠢᠨ᠎ᠠ ᠭᠡᠮᠡᠨ《ᠪᠠᠭᠰᠢ》 ᠦᠭᠡ ᠪᠡᠨ ᠰᠤᠨᠵᠢᠷᠠᠭᠤᠯᠤᠨ᠂ ᠲᠠᠢᠪᠤᠩ ᠨᠠᠮᠤᠭᠤᠨ ᠳᠠᠭᠤ ᠪᠠᠷ ᠶᠠᠷᠢᠯ᠎ᠠ᠃ 
       ᠬᠤᠪᠢᠯᠠᠢ ᠲᠣᠯᠣᠭᠠᠢ ᠲᠣᠬᠢᠨ᠎ᠠ᠃ 
       ᠭᠠᠳᠠᠨ᠎ᠠ ᠠ᠋ᠴᠠ ᠪᠢᠷ᠂ ᠴᠠᠭᠠᠰᠤ ᠪᠠᠷᠢᠭᠰᠠᠨ᠂ ᠤᠷᠲᠤ ᠳᠡᠪᠡᠯ ᠲᠡᠢ ᠨᠢᠭᠡ ᠬᠢᠲᠠᠳ ᠬᠥᠮᠦᠨ ᠠᠰᠠᠷ ᠲᠤ ᠣᠷᠣᠵᠤ ᠢᠷᠡᠭᠡᠳ ᠵᠠᠬᠢᠷᠤᠭᠴᠢ ᠶ᠋ᠢᠨ ᠵᠦᠭ ᠪᠥᠬᠥᠢᠨ ᠶᠣᠰᠣ ᠬᠢᠵᠦ᠂ ᠰᠠᠮᠪᠠᠷ᠎ᠠ ᠳ᠋ᠤ᠌ ᠬᠠᠲᠠᠭᠰᠠᠨ ᠴᠠᠭᠠᠰᠤ ᠪᠠᠨ ᠳᠡᠯᠭᠡᠨ᠂ ᠬᠤᠪᠢᠯᠠᠢ ᠶ᠋ᠢ ᠪᠠᠬᠠᠨ ᠠᠵᠢᠵᠤ ᠬᠠᠷᠠᠭᠰᠠᠨ ᠢ᠋ᠶ᠋ᠠᠨ ᠭᠠᠵᠠᠷ ᠲᠤ ᠰᠥᠬᠥᠷᠡᠨ ᠰᠠᠭᠤᠵᠤ ᠵᠢᠷᠤᠭ ᠵᠢᠷᠤᠵᠤ ᠡᠬᠢᠯᠡᠯ᠎ᠡ᠃ 
       ᠵᠢᠷᠤᠭᠠᠴᠢ ᠵᠠᠬᠢᠷᠤᠭᠴᠢ ᠠ᠋ᠴᠠ ᠡᠮᠢᠶᠡᠵᠦ ᠪᠣᠯᠭᠣᠮᠵᠢᠯᠠᠭᠰᠠᠨ ᠶᠠᠩᠵᠤ ᠦᠭᠡᠢ᠂ ᠭᠠᠷ ᠨᠢ ᠴᠦ᠍ ᠰᠠᠯᠭᠠᠨᠠᠬᠤ ᠦᠭᠡᠢ ᠪᠡᠷ ᠡᠬᠢᠯᠡᠭᠡᠳ ᠬᠠᠳᠬᠤᠭᠤᠯᠭ᠎ᠠ ᠲᠠᠢ ᠳᠡᠯᠭᠡᠮᠡᠯ ᠴᠠᠭᠠᠰᠤᠨ ᠳᠡᠭᠡᠷ᠎ᠡ ᠪᠡᠨ ᠬᠤᠪᠢᠯᠠᠢ ᠶ᠋ᠢᠨ ᠣᠨᠢᠭᠠᠷᠳᠠᠭᠤ ᠳᠠᠯᠳᠠ ᠬᠠᠷᠠᠴᠠ ᠲᠠᠢ ᠨᠢᠳᠦ ᠶ᠋ᠢ ᠵᠢᠷᠤᠵᠤ ᠭᠠᠷᠪᠠ᠃ 
       ᠲᠡᠷᠡ ᠪᠡᠷ ᠵᠠᠬᠢᠷᠤᠭᠴᠢ ᠳ᠋ᠤ᠌ ᠬᠠᠨᠳᠤᠨ᠄ 
       — ᠶᠡᠬᠡ ᠨᠣᠶᠠᠨ ᠲᠠ ᠬᠥᠳᠡᠯᠭᠡᠭᠡᠨ ᠪᠠᠭᠠᠲᠠᠢ ᠪᠣᠯ᠂ ᠪᠣᠭᠣᠯ ᠪᠢ ᠲᠥᠰᠦᠭᠡ ᠠᠯᠳᠠᠬᠤ ᠶᠠᠩᠵᠤᠲᠠᠢ ᠪᠠᠢᠨ᠎ᠠ᠃ ᠲᠠ ᠨᠠᠮᠠᠶ᠋ᠢ ᠥᠷᠥᠰᠢᠶᠡᠵᠦ ᠪᠣᠯᠭᠣᠭᠠᠭᠠᠷᠠᠢ! ᠭᠡᠵᠦ ᠮᠡᠬᠦᠢᠨ ᠶᠣᠰᠣ ᠬᠢᠭᠰᠡᠨ ᠢ᠋ᠶ᠋ᠡᠨ ᠵᠢᠷᠤᠭ ᠤᠷᠤᠭᠤ ᠪᠠᠨ ᠬᠠᠮᠤᠭ ᠠᠩᠬᠠᠷᠤᠯ ᠬᠠᠨᠳᠤᠭᠤᠯᠤᠨ᠂ ᠬᠠᠲᠠᠩᠭᠢᠷ ᠶᠤᠮ ᠰᠢᠭ᠋ ᠨᠠᠷᠢᠬᠠᠨ ᠭᠠᠷ ᠢ᠋ᠶ᠋ᠠᠨ ᠡᠯᠪᠡᠭ ᠪᠠᠢᠳᠠᠯ ᠢ᠋ᠶ᠋ᠠᠷ ᠬᠥᠳᠡᠯᠭᠡᠵᠦ ᠪᠠᠢᠪᠠ᠃ 
       ᠬᠤᠪᠢᠯᠠᠢ ᠶ᠋ᠢᠨ ᠳᠡᠷᠭᠡᠳᠡ ᠰᠠᠭᠤᠭ᠎ᠠ ᠵᠣᠣ ᠣᠪᠣᠭᠲᠤ ᠬᠥᠮᠦᠨ ᠵᠠᠬᠢᠷᠤᠭᠴᠢ ᠶ᠋ᠢ ᠰᠠᠭᠤᠳᠠᠯ ᠳᠡᠭᠡᠷ᠎ᠡ ᠨᠢ ᠰᠠᠭᠠᠳᠠᠭᠤᠯᠤᠨ ᠲᠣᠭᠲᠠᠭᠠᠵᠤ ᠪᠠᠢᠬᠤ ᠶ᠋ᠢ ᠬᠢᠴᠢᠶᠡᠬᠦ ᠳ᠋ᠦ᠍ ᠪᠡᠨ ᠵᠤᠭᠠᠲᠠᠢ ᠶᠠᠷᠢᠶ᠎ᠠ ᠣᠯᠵᠤ ᠬᠦᠦᠷᠨᠢᠯᠳᠦᠬᠦ ᠶ᠋ᠢ ᠴᠢᠷᠮᠠᠢᠨ᠄ 
       — ᠡᠵᠡᠨ ᠵᠠᠬᠢᠷᠤᠭᠴᠢ ᠲᠠ ᠪᠣᠯᠭᠣᠭᠠᠵᠤ ᠪᠠᠢᠭ᠎ᠠ ᠪᠢᠵᠡ ᠠ᠋᠁ ᠬᠢᠲᠠᠳ ᠬᠥᠮᠦᠨ ᠪᠣᠯ ᠮᠣᠩᠭᠣᠯ ᠬᠥᠮᠦᠨ ᠡᠴᠡ ᠣᠭᠲᠣ ᠥᠭᠡᠷ᠎ᠡ ᠠᠮᠢᠰᠬᠤᠭ᠎ᠠ ᠲᠠᠢ ᠰᠢᠦ᠃ ᠶᠡᠬᠡ ᠬᠠᠭᠠᠨ ᠴᠠᠭᠠᠨ ᠬᠡᠷᠡᠮ ᠡᠴᠡ ᠣᠷᠣᠭᠰᠢ ᠪᠠᠨ ᠨᠤᠲᠤᠭᠯᠠᠳᠠᠭ ᠬᠥᠮᠦᠰ ᠪᠣᠯ ᠠᠭᠠᠵᠢᠭᠤ ᠵᠥᠭᠡᠯᠡᠨ ᠠᠮᠢᠰᠬᠤᠯᠯᠠᠵᠤ᠂ ᠨᠢᠳᠦᠨ ᠦ᠌ ᠪᠡᠨ ᠬᠠᠷᠠᠭ᠎ᠠ ᠶ᠋ᠢ ᠳᠣᠣᠭᠤᠷ ᠪᠣᠯᠭᠠᠨ᠂ ᠶᠠᠭᠤᠮ᠎ᠠ ᠶ᠋ᠢ ᠨᠤᠬᠤᠴᠠᠲᠠᠢ ᠠᠵᠢᠭᠯᠠᠨ᠎ᠠ᠃ ᠮᠣᠩᠭᠣᠯ ᠬᠥᠮᠦᠨ ᠪᠣᠯ ᠪᠠᠷᠳᠠᠮ ᠳᠡᠭᠡᠭᠦᠷ ᠵᠠᠩᠲᠠᠢ᠂ ᠣᠮᠣᠷᠬᠠᠭ᠂ ᠲᠠᠩᠨᠠᠨ ᠲᠩᠷᠢ ᠶ᠋ᠢᠨ ᠬᠠᠶᠠᠭ᠎ᠠ ᠬᠠᠷᠠᠵᠤ᠂ ᠶᠡᠬᠡ ᠠᠮᠢᠰᠬᠤᠯ ᠢ᠋ᠶ᠋ᠠᠷ ᠲᠦᠷᠢᠳᠡᠭ ᠪᠠᠢᠳᠠᠯᠲᠠᠢ᠃ ᠡᠨᠡ ᠨᠢ ᠮᠠᠭᠤ ᠪᠢᠰᠢ᠂ ᠰᠡᠳᠬᠢᠯ ᠦ᠋ᠨ ᠲᠡᠩᠬᠡᠭᠡ ᠶᠡᠬᠡᠲᠡᠢ ᠪᠠᠨ ᠯᠠ ᠬᠠᠷᠠᠭᠤᠯᠵᠤ ᠪᠠᠢᠭ᠎ᠠ ᠬᠡᠷᠡᠭ᠃ ᠲᠠ ᠪᠣᠯᠭᠣᠭᠠᠵᠤ ᠪᠠᠢᠭ᠎ᠠ ᠨᠢ ᠮᠠᠭᠠᠳ᠃ ᠬᠢᠲᠠᠳ ᠬᠥᠮᠦᠨ ᠪᠣᠯ ᠳᠡᠩᠳᠡᠭᠦᠦ ᠨᠠᠵᠠᠭᠠᠢ ᠴᠦ᠍ ᠶᠤᠮ ᠰᠢᠭ᠋ ᠬᠥᠳᠡᠯᠵᠦ ᠶᠠᠳᠠᠭᠰᠠᠨ ᠪᠠᠢᠳᠠᠯ ᠢ᠋ᠶ᠋ᠠᠷ ᠵᠣᠭᠰᠣᠯᠲᠠ ᠦᠭᠡᠢ ᠬᠥᠳᠡᠯᠵᠦ ᠪᠠᠢᠭᠰᠠᠭᠠᠷ ᠬᠢᠵᠦ ᠪᠠᠢᠭ᠎ᠠ ᠵᠦᠢᠯ ᠢ᠋ᠶ᠋ᠡᠨ ᠳᠠᠭᠤᠰᠬᠠᠵᠤ ᠴᠢᠳᠠᠳᠠᠭ᠃ ᠵᠣᠭᠰᠣᠨ᠎ᠠ ᠭᠡᠵᠦ ᠵᠠᠩ ᠦᠭᠡᠢ᠃ ᠮᠣᠩᠭᠣᠯ ᠬᠥᠮᠦᠨ ᠪᠣᠯ ᠶᠠᠮᠠᠷ ᠴᠦ᠍ ᠠᠵᠢᠯ ᠢ᠋ ᠡᠬᠢᠯᠡᠭᠡᠳ ᠯᠡ ᠰᠢᠷᠦᠭᠦᠬᠡᠨ ᠳᠠᠭᠠᠷᠢᠭᠠᠳ ᠪᠣᠯᠳᠠᠭ ᠡᠰᠡᠬᠦ ᠶ᠋ᠢ ᠪᠡᠨ ᠦᠵᠡᠳᠡᠭ᠃《ᠮᠣᠩᠭᠣᠯᠴᠤᠳ ᠤ᠋ᠨ ᠲᠡᠷᠡ ᠠᠩᠬᠠᠨ ᠤ᠋ ᠳᠠᠭᠠᠷᠢᠯᠲᠠ ᠲᠤᠩ ᠰᠢᠷᠦᠭᠦᠨ᠂ ᠲᠡᠭᠦᠨ ᠢ᠋ ᠲᠣᠭᠲᠠᠭᠠᠬᠤ ᠳ᠋ᠤ᠌ ᠪᠡᠷᠬᠡ》 ᠭᠡᠵᠦ ᠠᠯᠲᠠᠨ ᠤᠯᠤᠰ ᠤ᠋ᠨ ᠰᠡᠭᠦᠯᠴᠢ ᠶ᠋ᠢᠨ ᠬᠠᠭᠠᠨ ᠰᠦᠪᠡᠭᠡᠳᠡᠢ ᠵᠠᠩᠵᠤᠨ ᠳ᠋ᠤ᠌ ᠬᠡᠯᠡᠵᠦ ᠪᠠᠢᠭᠰᠠᠨ ᠨᠢ ᠤᠯᠠᠭᠠᠨ ᠭᠠᠷ ᠢ᠋ᠶ᠋ᠠᠷ ᠢ᠋ᠶ᠋ᠠᠨ ᠪᠠᠷᠢᠭᠰᠠᠨ ᠬᠥᠮᠦᠨ ᠦ᠌ ᠦᠭᠡ ᠪᠢᠵᠡ᠃ ᠪᠠᠰᠠ ᠬᠢᠲᠠᠳ ᠬᠥᠮᠦᠨ ᠦ᠌ ᠡᠪ ᠢ᠋ ᠨᠢ ᠣᠯᠬᠤ ᠦᠭᠡᠢ ᠪᠣᠯ ᠤᠷᠤᠭᠰᠢ ᠪᠠᠨ ᠬᠥᠳᠡᠯᠬᠦ ᠦᠭᠡᠢ ᠰᠢᠦ᠃《ᠵᠠ》 ᠭᠡᠵᠦ ᠮᠥᠷᠭᠥᠵᠦ ᠣᠷᠬᠢᠭᠠᠳ᠂ ᠴᠢᠯᠠᠭᠤ ᠠᠳᠠᠯᠢ ᠵᠣᠭᠰᠣᠭᠰᠠᠭᠠᠷ ᠪᠠᠢᠭᠠᠳ ᠨᠠᠰᠤ ᠶ᠋ᠢ ᠪᠠᠷᠠᠵᠤ ᠴᠢᠳᠠᠨ᠎ᠠ᠃ ᠡᠭᠦᠨ ᠢ᠋ ᠡᠰᠡ ᠠᠩᠵᠠᠭᠠᠷᠠᠪᠠᠯ᠁  
       — ᠠᠢ! ᠡᠵᠡᠨᠲᠡᠨ ᠮᠢᠨᠢ ᠨᠢᠳᠦ ᠪᠡᠨ ᠡᠭᠴᠡ ᠬᠠᠷᠠᠨ ᠪᠣᠯᠭᠣᠭᠠᠵᠤ ᠪᠠᠢᠭᠠᠷᠠᠢ! ᠪᠢ ᠪᠣᠯᠬᠢ ᠳᠣᠷᠣᠢ ᠪᠣᠭᠣᠯ ᠰᠢᠦ᠃ ᠲᠠᠨ ᠤ᠋ ᠶᠡᠬᠡ ᠰᠦᠷ ᠲᠦ᠍ ᠳᠠᠷᠤᠭᠳᠠᠨ ᠮᠠᠭᠤ ᠭᠠᠷ ᠶᠠᠭᠤ ᠴᠦ᠍ ᠵᠢᠷᠤᠵᠤ ᠴᠢᠳᠠᠬᠤ ᠦᠭᠡᠢ ᠰᠠᠯᠭᠠᠨᠠᠨ᠎ᠠ ᠭᠡᠵᠦ ᠵᠢᠷᠤᠭᠠᠴᠢ ᠬᠥᠮᠦᠨ ᠥᠭᠦᠯᠡᠨ᠂ ᠪᠦᠭᠴᠢᠮᠳᠡᠵᠦ ᠴᠢᠬᠠᠷᠠᠭᠰᠠᠨ ᠬᠥᠯᠥᠰᠥ ᠪᠡᠨ ᠠᠷᠴᠢᠭᠠᠳ ᠵᠢᠷᠤᠭ ᠢ᠋ᠶ᠋ᠠᠨ ᠦᠷᠭᠦᠯᠵᠢᠯᠡᠭᠦᠯᠦᠨ᠎ᠡ᠃  
       ᠵᠣᠣ ᠣᠪᠣᠭᠲᠤ ᠲᠦᠰᠢᠮᠡᠯ ᠡᠵᠡᠨ ᠵᠠᠬᠢᠷᠤᠭᠴᠢ ᠪᠠᠨ ᠴᠢᠯᠡᠭᠦᠷᠡᠭᠦᠯᠬᠦ ᠦᠭᠡᠢ ᠶ᠋ᠢᠨ ᠲᠤᠯᠠᠳᠠ ᠶᠠᠷᠢᠶ᠎ᠠ ᠪᠠᠨ ᠨᠡᠢᠯᠡᠮᠵᠢᠲᠡᠢ ᠪᠣᠯᠭᠠᠬᠤ ᠶ᠋ᠢ ᠬᠢᠴᠢᠶᠡᠨ ᠬᠤᠪᠢᠯᠠᠢ ᠶ᠋ᠢ ᠬᠠᠷᠠᠵᠤ ᠢᠨᠢᠶᠡᠭᠡᠳ᠄ 
       — ᠲᠠ ᠲᠥᠷᠥᠯᠬᠢ ᠶ᠋ᠢᠨ ᠶᠡᠬᠡ ᠰᠡᠷᠭᠦᠯᠡᠩ ᠤᠬᠠᠭᠠᠨᠲᠠᠢ ᠪᠣᠯᠬᠣᠷ ᠢ᠋ᠶ᠋ᠠᠨ ᠬᠢᠲᠠᠳ ᠬᠥᠮᠦᠨ ᠦ᠌ ᠪᠠᠢᠳᠠᠯ ᠢ᠋ ᠲᠤᠩ ᠠᠮᠠᠷᠬᠠᠨ ᠲᠥᠰᠦᠭᠡᠯᠡᠨ ᠠᠪᠴᠤ ᠴᠢᠳᠠᠵᠤ ᠪᠠᠢᠨ᠎ᠠ᠃ ᠭᠠᠭᠴᠠ ᠲᠠ ᠴᠦ᠍ ᠪᠢᠰᠢ᠂ ᠨᠡᠢᠲᠡ ᠮᠣᠩᠭᠣᠯᠴᠤᠳ ᠮᠣᠷᠢᠨ ᠳᠡᠯ ᠳᠡᠭᠡᠭᠦᠷ ᠬᠦᠦᠷᠨᠢᠭᠦᠯᠦᠨ ᠭᠱᠠᠨ ᠵᠠᠭᠤᠷ᠎ᠠ ᠳ᠋ᠤ᠌ ᠦᠵᠡᠭᠳᠡᠬᠦ ᠪᠠᠷ᠎ᠠ ᠦᠭᠡᠢ ᠠᠯᠠᠭ᠎ᠠ ᠪᠣᠯᠳᠠᠭ ᠲᠠᠢ ᠪᠠᠨ ᠠᠳᠠᠯᠢ ᠪᠠᠷ ᠶᠠᠭᠤᠮ᠎ᠠ ᠶ᠋ᠢ ᠳᠡᠩᠳᠡᠭᠦᠦ ᠬᠤᠷᠳᠤᠨ ᠤᠬᠠᠭᠠᠷᠠᠵᠤ ᠠᠪᠳᠠᠭ ᠨᠢ ᠭᠠᠢᠬᠠᠯᠲᠠᠢ᠃ ᠪᠢ ᠠᠩᠬᠠᠨ ᠡᠵᠡᠨ ᠲᠠᠨ ᠳ᠋ᠤ᠌ ᠰᠢᠳᠠᠷᠯᠠᠬᠤ ᠪᠠᠷ ᠢᠷᠡᠬᠦ ᠳ᠋ᠦ᠍ ᠪᠡᠨ ᠥᠪᠡᠷ ᠦ᠋ᠨ ᠪᠡᠶ᠎ᠡ ᠰᠡᠳᠬᠢᠯ ᠢ᠋ᠶ᠋ᠡᠨ ᠴᠢᠮᠠᠯᠠᠨ《ᠪᠣᠯᠬᠢ ᠪᠢ ᠶᠡᠬᠡ ᠡᠵᠡᠨ ᠲᠠᠨ ᠳ᠋ᠤ᠌ ᠶᠠᠭᠠᠬᠢᠪᠠᠯ ᠬᠢᠲᠠᠳ ᠢ᠋ ᠦᠨᠡᠨ ᠵᠥᠪ ᠢ᠋ᠶ᠋ᠡᠷ ᠨᠢ ᠣᠢᠯᠠᠭᠠᠭᠤᠯᠬᠤ ᠪᠢᠯᠡ》 ᠭᠡᠮᠡᠨ ᠵᠣᠪᠠᠨᠢᠵᠤ ᠪᠠᠢᠭᠰᠠᠨ᠃ ᠭᠡᠲᠡᠯ᠎ᠡ ᠲᠠ ᠶᠠᠮᠠᠷ ᠴᠦ᠍ ᠵᠦᠢᠯ ᠢ᠋ ᠢᠯᠭᠠᠭ᠎ᠠ ᠦᠭᠡᠢ ᠨᠢᠭᠡ ᠡᠴᠡ ᠢᠯᠡᠭᠦᠦ ᠠᠢᠯᠠᠳᠬᠠᠭᠤᠯᠬᠤ ᠦᠭᠡᠢ ᠪᠡᠷ ᠠᠭᠤᠵᠢᠮ ᠤᠬᠠᠭᠠᠨ ᠳ᠋ᠤ᠌ ᠪᠠᠨ ᠠᠪᠤᠭᠠᠳ᠂ ᠴᠠᠭᠠᠨ᠎ᠠ ᠨᠢ ᠪᠠᠢᠳᠠᠭ ᠤᠷᠤᠭᠤ ᠨᠢ ᠥᠩᠭᠡᠢᠨ ᠪᠣᠯᠭᠣᠭᠠᠵᠤ ᠴᠢᠳᠠᠳᠠᠭ ᠪᠠᠢᠯ᠎ᠠ᠃ ᠲᠡᠭᠦᠨ ᠳ᠋ᠦ᠍ ᠪᠢ ᠬᠡᠴᠢᠨᠡᠨ ᠶᠡᠬᠡ ᠪᠠᠶᠠᠷᠯᠠᠭᠰᠠᠨ ᠪᠣᠢ᠃ 
       —《ᠪᠠᠭᠰᠢ》 ᠲᠠ ᠨᠢᠭᠡ ᠵᠦᠢᠯ ᠢ᠋ ᠨᠠᠳᠠᠳᠤ  ᠶᠠᠷᠢᠬᠤ ᠠ᠋ᠴᠠ ᠪᠠᠨ ᠵᠢᠭᠠᠬᠠᠨ ᠴᠡᠷᠪᠡᠭᠡᠳ ᠶᠠᠪᠤᠭ᠎ᠠ ᠪᠢᠵᠡ ᠠ᠋? ᠪᠢ ᠲᠡᠭᠡᠵᠦ ᠯᠡ ᠪᠣᠳᠣᠭᠠᠳ ᠪᠠᠢᠭ᠎ᠠ᠃ 
       — ᠠᠢ᠂ ᠪᠣᠭᠣᠯ ᠪᠢ ᠡᠵᠡᠨ ᠲᠠᠨ ᠤ᠋ ᠨᠠᠳᠠ ᠠ᠋ᠴᠠ ᠨᠡᠬᠡᠵᠦ ᠪᠠᠢᠭ᠎ᠠ ᠵᠦᠢᠯ ᠢ᠋ ᠣᠢᠯᠠᠭᠠᠵᠤ ᠪᠠᠢᠨ᠎ᠠ᠃ ᠲᠠ ᠬᠢᠲᠠᠳ ᠬᠥᠮᠦᠨ ᠢ᠋ ᠶᠠᠮᠠᠷ ᠠᠷᠭ᠎ᠠ ᠪᠠᠷ ᠵᠠᠬᠢᠷᠬᠤ ᠪᠣᠢ ᠭᠡᠳᠡᠭ ᠢ᠋ ᠯᠡ ᠪᠣᠳᠣᠵᠤ ᠪᠣᠯᠭᠣᠭᠠᠨ ᠶᠠᠪᠤᠭ᠎ᠠ᠃ ᠪᠢ ᠲᠠᠨ ᠳ᠋ᠤ᠌ ᠳᠠᠭᠠᠯᠠᠭᠤᠯᠤᠨ ᠠᠢᠯᠠᠳᠬᠠᠵᠤ ᠪᠣᠢ ᠵᠦᠢᠯ ᠢ᠋ᠶ᠋ᠡᠨ ᠲᠡᠭᠦᠨ ᠤᠷᠤᠭᠤ ᠠᠭᠠᠵᠢᠭᠤᠬᠠᠨ ᠬᠠᠨᠳᠤᠭᠤᠯᠵᠤ ᠪᠠᠢᠭ᠎ᠠ ᠤᠬᠠᠭᠠᠨᠲᠠᠢ᠃ ᠮᠣᠩᠭᠣᠯ ᠬᠥᠮᠦᠨ ᠦ᠌ ᠴᠢᠰᠤᠨ ᠳ᠋ᠤ᠌ ᠪᠠᠢᠭ᠎ᠠ ᠬᠤᠷᠳᠤᠨ ᠰᠡᠳᠬᠢᠳᠡᠭ ᠰᠡᠳᠬᠢᠯᠭᠡ ᠶᠣᠰᠣᠭᠠᠷ ᠲᠠᠨ ᠤ᠋ ᠪᠣᠳᠣᠯ ᠰᠠᠨᠠᠭ᠎ᠠ ᠮᠢᠨᠦᠬᠢ ᠡᠴᠡ ᠬᠣᠯᠠ ᠲᠦᠷᠦᠭᠦᠯᠡᠨ᠂ ᠪᠣᠭᠣᠯ ᠮᠢᠨᠦ ᠶᠠᠷᠢᠶ᠎ᠠ ᠲᠠᠨ ᠳ᠋ᠤ᠌ ᠴᠢᠮᠠᠯᠠᠭᠳᠠᠨ ᠪᠣᠢ ᠶ᠋ᠢ ᠪᠢ ᠣᠢᠯᠠᠭᠠᠯ᠎ᠠ᠃ ᠲᠠ ᠪᠢᠲᠡᠭᠡᠢ ᠶᠠᠭᠠᠷᠠ! ᠤᠭ ᠬᠡᠷᠡᠭ ᠬᠡᠳᠦ ᠲᠣᠮᠣ ᠪᠣᠯᠬᠣᠷ ᠪᠢ ᠲᠡᠭᠦᠨ ᠢ᠋ ᠲᠣᠩ ᠨᠤᠬᠤᠴᠠᠲᠠᠢ᠂ ᠠᠭᠠᠵᠢᠭᠤ ᠲᠠᠢᠪᠤᠩ ᠠᠢᠯᠠᠳᠬᠠᠵᠤ ᠶᠠᠷᠢᠯᠴᠠᠨ᠎ᠠ᠃ ᠤᠳᠠᠭᠠᠨ ᠴᠦ᠍ ᠪᠣᠳᠣᠵᠤ ᠦᠵᠡᠬᠦ ᠶᠣᠰᠣᠲᠠᠢ ᠪᠢᠵᠡ᠃ ᠬᠢᠲᠠᠳ ᠬᠥᠮᠦᠨ ᠢ᠋ ᠠᠳᠬᠤᠨ ᠳ᠋ᠤ᠌ ᠪᠠᠨ ᠣᠷᠣᠭᠤᠯᠤᠨ ᠵᠠᠬᠢᠷᠤᠨ᠎ᠠ ᠭᠡᠳᠡᠭ ᠬᠢᠯᠪᠠᠷ ᠬᠡᠷᠡᠭ ᠶᠠᠭᠠᠬᠢᠪᠠᠴᠤ ᠪᠢᠰᠢ ᠠ᠋᠃ ᠲᠡᠢᠮᠦ ᠪᠣᠯᠬᠣᠷ ᠲᠡᠷᠡ ᠶᠠᠪᠤᠳᠠᠯ ᠰᠠᠭᠤᠷᠢᠲᠠᠢᠬᠠᠨ ᠦᠵᠡᠵᠦ ᠶᠠᠷᠢᠯᠴᠠᠬᠤ ᠤᠴᠢᠷᠲᠠᠢ᠃ ᠲᠠ ᠨᠠᠨᠵᠢᠩ ᠬᠣᠲᠠ ᠤᠷᠤᠭᠤ ᠬᠢᠭᠰᠡᠨ ᠳᠠᠭᠠᠷᠢᠯᠲᠠ ᠲᠠᠢ ᠠᠳᠠᠯᠢ  ᠪᠦᠦ ᠶᠠᠭᠠᠷᠠ ᠭᠡᠰᠡᠨ ᠶᠠᠷᠢᠶ᠎ᠠ ᠪᠣᠯᠵᠤ ᠪᠠᠢᠬᠤ ᠳ᠋ᠤ᠌᠂ 
       ᠪᠠᠷ᠎ᠠ ᠪᠣᠯᠤᠭᠴᠢ ᠶ᠋ᠢᠨ ᠳᠣᠬᠢᠶ᠎ᠠ ᠪᠠᠷ ᠭᠠᠳᠠᠨ᠎ᠠ ᠠ᠋ᠴᠠ ᠬᠤᠯᠤᠰᠤᠨ ᠳᠡᠪᠢᠭᠦᠷ ᠪᠠᠷᠢᠭᠰᠠᠨ ᠬᠣᠶᠠᠷ ᠰᠢᠪᠡᠭᠴᠢᠨ ᠠᠰᠠᠷ ᠲᠤ ᠣᠷᠣᠵᠤ ᠢᠷᠡᠭᠡᠳ᠂ ᠡᠵᠡᠨ ᠵᠠᠬᠢᠷᠤᠭᠴᠢ ᠶ᠋ᠢᠨ ᠠᠷᠤ ᠳ᠋ᠤ᠌ ᠣᠴᠢᠵᠤ ᠵᠥᠭᠡᠯᠡᠬᠡᠨ ᠠᠶᠠᠰ ᠢ᠋ᠶ᠋ᠠᠷ ᠰᠡᠪᠢᠨ ᠰᠡᠷᠢᠭᠦᠴᠡᠭᠦᠯᠭᠡ ᠬᠢᠵᠦ ᠡᠬᠢᠯᠡᠪᠡ᠃  
       — ᠨᠠᠨᠵᠢᠩ ᠳ᠋ᠤ᠌ ᠬᠢᠭᠰᠡᠨ ᠮᠠᠨ ᠤ᠋ ᠳᠠᠭᠠᠷᠢᠯᠲᠠ ᠶ᠋ᠢ ᠲᠠ ᠪᠤᠷᠤᠭᠤ ᠪᠣᠯᠤᠭᠰᠠᠨ ᠭᠡᠵᠦ ᠪᠣᠳᠣᠳᠠᠭ ᠶᠤᠮ ᠤᠤ? ᠪᠢ ᠭᠠᠢᠬᠠᠵᠤ ᠪᠠᠢᠨ᠎ᠠ ᠭᠡᠵᠦ ᠬᠤᠪᠢᠯᠠᠢ ᠮᠥᠴᠡᠭᠡᠷᠬᠡᠨ ᠠᠰᠠᠭᠤᠯ᠎ᠠ᠃ 
       ᠵᠣᠣ ᠣᠪᠣᠭᠲᠤ ᠨᠢᠳᠦ ᠪᠡᠨ ᠲᠣᠮᠣ ᠪᠣᠯᠭᠠᠨ ᠬᠠᠷᠠᠵᠤ᠂ ᠲᠣᠯᠣᠭᠠᠢ ᠰᠡᠭᠰᠦᠷᠦᠭᠡᠳ ᠡᠵᠡᠨ ᠳ᠋ᠦ᠍ ᠪᠡᠨ ᠬᠠᠨᠳᠤᠵᠤ᠄ 
       — ᠪᠣᠯᠬᠢ ᠪᠢ ᠲᠡᠭᠡᠵᠦ ᠮᠤᠩᠬᠠᠭᠯᠠᠭ᠎ᠠ ᠦᠭᠡᠢ ᠪᠠᠢᠨ᠎ᠠ᠃ ᠨᠠᠨᠵᠢᠩ ᠳ᠋ᠤ᠌ ᠱᠠᠯᠠᠮᠠᠭᠠᠢᠯᠠᠨ ᠳᠣᠪᠲᠣᠯᠬᠤ ᠬᠡᠷᠡᠭ ᠢ᠋ ᠲᠠ ᠰᠠᠨᠠᠭᠠᠴᠢᠯᠠᠭ᠎ᠠ ᠦᠭᠡᠢ ᠠᠯᠭᠤᠷᠯᠠᠭᠰᠠᠨ ᠪᠣᠯ ᠲᠡᠷᠡ ᠬᠣᠲᠠ ᠶ᠋ᠢᠨ ᠬᠢᠨ ᠠᠮᠵᠢᠵᠤ ᠵᠤᠵᠠᠭᠠᠨ ᠪᠡᠬᠢᠯᠡᠯᠲᠡ ᠬᠢᠵᠦ ᠠᠪᠤᠭᠠᠳ᠂ ᠮᠣᠩᠭᠣᠯ ᠴᠡᠷᠢᠭ ᠢ᠋ ᠵᠣᠪᠠᠭᠠᠬᠤ ᠪᠠᠢᠭᠰᠠᠨ᠃ ᠲᠦᠷᠭᠡᠨ ᠱᠠᠯᠠᠮᠠᠭᠠᠢ ᠳᠠᠭᠠᠷᠢᠭᠰᠠᠨ ᠤ᠋ ᠠᠴᠢ ᠪᠠᠷ ᠲᠡᠷᠡ ᠲᠡᠢᠨ ᠢ᠋ ᠬᠤᠷᠳᠤᠨ ᠳᠠᠭᠤᠰᠬᠠᠵᠤ ᠴᠢᠳᠠᠭᠰᠠᠨ᠃ ᠡᠨᠡ ᠪᠣᠯ ᠪᠦᠬᠦᠯᠢ ᠳ᠋ᠦ᠍ ᠪᠡᠨ ᠡᠵᠡᠨ ᠲᠠᠨ ᠤ᠋ ᠮᠡᠷᠭᠡᠨ ᠤᠬᠠᠭᠠᠨ ᠢ᠋ᠶ᠋ᠠᠷ ᠬᠢᠭᠰᠡᠨ ᠲᠣᠮᠣ ᠢᠯᠠᠯᠲᠠ ᠰᠢᠦ᠃ ᠲᠡᠭᠦᠨ ᠢ᠋ ᠬᠡᠨ ᠴᠦ᠍ ᠮᠠᠷᠭᠤᠵᠤ ᠴᠢᠳᠠᠬᠤ ᠦᠭᠡᠢ᠃ ᠪᠢ ᠲᠡᠢᠨ ᠪᠠᠢᠯᠳᠤᠭᠠᠨ ᠤ᠋ ᠶᠠᠪᠤᠳᠠᠯ ᠢ᠋ ᠪᠢᠰᠢ᠂ ᠡᠵᠡᠨ ᠵᠠᠬᠢᠷᠤᠭᠴᠢ ᠶ᠋ᠢᠨ ᠬᠤᠪᠢ ᠳ᠋ᠤ᠌ ᠬᠢᠲᠠᠳ ᠢ᠋ ᠲᠡᠢᠨ ᠦᠭᠡᠢ ᠴᠠᠭ ᠲᠤ ᠵᠠᠬᠢᠷᠤᠨ ᠪᠠᠷᠢᠵᠤ ᠪᠠᠢᠬᠤ ᠠᠷᠭ᠎ᠠ ᠶ᠋ᠢᠨ ᠲᠤᠬᠠᠢ ᠪᠣᠳᠣᠵᠤ ᠪᠠᠢᠨ᠎ᠠ᠃ ᠡᠭᠦᠨ ᠢ᠋ ᠲᠡᠢᠨ ᠪᠠᠢᠯᠳᠤᠭᠠᠨ ᠲᠠᠢ ᠵᠦᠢᠷᠯᠡᠭᠦᠯᠦᠨ ᠪᠣᠳᠣᠵᠤ ᠶᠠᠭᠠᠬᠢᠪᠠᠴᠤ ᠪᠣᠯᠬᠤ ᠦᠭᠡᠢ᠃ ᠡᠵᠡᠨᠲᠡᠨ ᠲᠠ ᠵᠥᠪ ᠢ᠋ ᠪᠣᠯᠭᠣᠭᠠᠵᠤ ᠪᠠᠢᠨ᠎ᠠ᠃ ᠬᠢᠲᠠᠳ ᠢ᠋ ᠵᠠᠬᠢᠷᠴᠤ ᠪᠠᠢᠬᠤ  ᠭᠡᠳᠡᠭ ᠲᠤᠩ ᠠᠮᠠᠷ ᠦᠭᠡᠢ ᠬᠡᠷᠡᠭ ᠪᠣᠯᠤᠨ᠎ᠠ᠁ ᠭᠡᠵᠦ ᠤᠳᠠᠭᠠᠨ ᠶᠠᠷᠢᠬᠤ ᠳ᠋ᠤ᠌᠂ 
       ᠬᠤᠪᠢᠯᠠᠢ ᠴᠢᠯᠡᠭᠦᠷᠬᠡᠵᠦ ᠰᠠᠭᠤᠳᠠᠯ ᠳᠡᠭᠡᠷ᠎ᠡ ᠪᠡᠨ ᠬᠣᠯᠬᠢᠬᠤ ᠳ᠋ᠤ᠌ ᠪᠠᠨ ᠵᠢᠷᠤᠭ ᠢ᠋ᠶ᠋ᠠᠨ ᠵᠢᠷᠤᠭᠤᠯᠵᠤ ᠪᠠᠢᠭ᠎ᠠ ᠪᠠᠨ ᠮᠠᠷᠲᠠᠭᠰᠠᠨ ᠮᠡᠲᠦ ᠪᠣᠯᠪᠠ᠃ 
       ᠵᠢᠷᠤᠭᠠᠴᠢ ᠡᠭᠦᠨ ᠳ᠋ᠦ᠍ ᠰᠠᠨᠳᠤᠷᠤᠨ ᠰᠡᠭᠦᠷᠡᠰᠦ ᠠᠯᠳᠠᠵᠤ᠄ 
       — ᠠᠢ᠂ ᠪᠣᠭᠣᠯ ᠪᠢ ᠶᠠᠭᠠᠬᠢᠨ᠎ᠠ ᠪᠣᠢ᠃ ᠬᠠᠮᠤᠭ ᠤ᠋ᠨ ᠡᠭᠡᠵᠡᠭᠲᠡᠢ ᠦᠶ᠎ᠡ ᠳ᠋ᠦ᠍ ᠡᠵᠡᠨᠲᠡᠨ ᠮᠢᠨᠢ ᠬᠥᠳᠡᠯᠵᠦ ᠣᠷᠬᠢᠯ᠎ᠠ ᠭᠡᠮᠡᠨ ᠲᠣᠯᠣᠭᠠᠢ ᠰᠡᠭᠰᠦᠷᠦᠨ ᠪᠠᠷᠢᠭᠰᠠᠨ ᠪᠢᠷ ᠢ᠋ᠶ᠋ᠡᠨ ᠭᠠᠵᠠᠷ ᠲᠤ ᠬᠠᠶᠠᠯ᠎ᠠ᠃ 
       ᠵᠢᠷᠤᠭᠠᠴᠢ ᠶ᠋ᠢᠨ ᠡᠨᠡ ᠪᠠᠢᠳᠠᠯ ᠢ᠋ ᠵᠣᠣ ᠣᠪᠣᠭᠲᠤ ᠲᠦᠰᠢᠮᠡᠯ ᠬᠤᠪᠢᠯᠠᠢ ᠳ᠋ᠤ᠌ ᠬᠠᠷᠠᠭᠤᠯᠬᠤ ᠦᠭᠡᠢ ᠶ᠋ᠢ ᠬᠢᠴᠢᠶᠡᠨ᠂ ᠲᠡᠭᠦᠨ ᠦ᠌ ᠠᠩᠬᠠᠷᠤᠯ ᠢ᠋ ᠥᠪᠡᠷ ᠤᠷᠤᠭᠤ ᠪᠠᠨ ᠲᠡᠳᠡᠨ᠂ ᠠᠯᠠᠭ᠎ᠠ ᠪᠠᠨ ᠲᠡᠰᠢᠨ ᠴᠢᠮᠡᠭᠡ ᠥᠭᠭᠦᠭᠡᠳ᠄ 
       — ᠡᠵᠡᠨᠲᠡᠨ ᠮᠢᠨᠢ! ᠬᠥᠮᠦᠨ ᠶᠠᠭᠠᠬᠢᠵᠤ ᠠᠵᠤ ᠲᠥᠷᠥᠳᠡᠭ ᠪᠣᠢ᠂ ᠲᠡᠭᠦᠨ ᠢ᠋ ᠪᠡᠨ ᠳᠠᠭᠠᠨ ᠵᠠᠩ ᠲᠥᠷᠬᠦ ᠨᠢ ᠲᠣᠭᠲᠠᠭᠰᠠᠨ ᠪᠠᠢᠳᠠᠭ ᠪᠣᠯᠤᠯᠲᠠᠢ᠃ ᠮᠣᠩᠭᠣᠯ ᠬᠥᠮᠦᠨ ᠮᠠᠯ ᠠᠳᠤᠭᠤᠯᠠᠵᠤ᠂ ᠣᠩᠭᠣᠨ ᠰᠠᠢᠬᠠᠨ ᠪᠡᠯᠴᠢᠭᠡᠷ ᠲᠦ᠍ ᠪᠡᠨ ᠳᠠᠪᠬᠢᠵᠤ ᠶᠠᠪᠤᠳᠠᠭ ᠪᠣᠯᠬᠣᠷ ᠢ᠋ᠶ᠋ᠠᠨ ᠰᠡᠳᠬᠢᠯ ᠰᠠᠨᠠᠭ᠎ᠠ ᠨᠢ ᠪᠠᠰᠠ ᠯᠠ ᠶᠡᠬᠡ ᠣᠩᠭᠣᠨ ᠰᠢᠭᠤᠳ ᠰᠢᠯᠤᠭᠤᠨ ᠢᠯᠡ ᠴᠠᠭᠠᠨ ᠪᠠᠢᠳᠠᠭ᠃ ᠬᠢᠲᠠᠳ ᠬᠥᠮᠦᠨ ᠰᠠᠭᠤᠷᠢᠨ ᠭᠠᠵᠠᠷ ᠢ᠋ ᠲᠠᠷᠢᠶ᠎ᠠ᠂ ᠨᠣᠭᠣᠭ᠎ᠠ ᠳᠠᠷᠢᠨ᠂ ᠰᠢᠪᠠᠷ ᠪᠠᠢᠰᠢᠩ ᠳ᠋ᠤ᠌ ᠳᠥᠷᠪᠡᠨ ᠴᠠᠭ ᠤ᠋ᠨ ᠡᠷᠭᠢᠯᠲᠡ ᠳ᠋ᠦ᠍ ᠰᠠᠭᠤᠵᠤ ᠠᠵᠤ ᠲᠥᠷᠥᠳᠡᠭ ᠪᠣᠯᠬᠣᠷ ᠰᠡᠳᠬᠢᠯ ᠰᠠᠨᠠᠭ᠎ᠠ ᠨᠢ ᠳᠠᠯᠳᠠ᠂ ᠬᠥᠳᠡᠯᠭᠡᠭᠡᠨ ᠤᠳᠠᠭᠠᠨ᠂ ᠥᠪᠡᠷ ᠦ᠋ᠨ ᠪᠡᠶ᠎ᠡ ᠶ᠋ᠢ ᠪᠠᠷᠢᠵᠤ ᠶᠠᠪᠤᠬᠤ ᠤᠬᠠᠭᠠᠨ ᠢ᠋ᠶ᠋ᠠᠷ ᠬᠢᠨᠠᠭᠤᠷ ᠪᠣᠯᠵᠤ ᠣᠷᠬᠢᠭᠰᠠᠨ ᠪᠠᠢᠨ᠎ᠠ᠃ ᠲᠡᠭᠡᠬᠦ ᠪᠡᠷ ᠮᠣᠩᠭᠣᠯ ᠬᠥᠮᠦᠨ ᠲᠡᠢ ᠮᠣᠩᠭᠣᠯ ᠤ᠋ᠨ ᠤᠬᠠᠭᠠᠨ ᠢ᠋ᠶ᠋ᠠᠷ ᠶᠡᠬᠡ ᠵᠠᠩᠵᠤᠨ ᠲᠠ ᠬᠠᠷᠢᠯᠴᠠᠵᠤ ᠪᠠᠢᠳᠠᠭ ᠲᠠᠢ ᠪᠠᠨ ᠠᠳᠠᠯᠢ ᠪᠠᠷ ᠬᠢᠲᠠᠳ ᠬᠥᠮᠦᠨ ᠢ᠋ ᠬᠢᠲᠠᠳ ᠤ᠋ᠨ ᠥᠪᠡᠷ ᠦ᠋ᠨ ᠬᠢᠨᠢ ᠠᠷᠭ᠎ᠠ ᠤᠬᠠᠭᠠᠨ ᠢ᠋ᠶ᠋ᠠᠷ ᠵᠠᠬᠢᠷᠤᠨ ᠪᠠᠷᠢᠵᠤ ᠪᠠᠢᠬᠤ ᠶᠣᠰᠣᠲᠠᠢ ᠪᠣᠯᠤᠨ᠎ᠠ ᠪᠢᠵᠡ᠃ ᠮᠤᠩᠬᠠᠭ ᠪᠢ ᠪᠣᠳᠣᠬᠤ ᠳ᠋ᠤ᠌ ᠡᠭᠦᠨ ᠡᠴᠡ ᠥᠭᠡᠷ᠎ᠡ ᠬᠢᠲᠠᠳ ᠬᠥᠮᠦᠨ ᠢ᠋ ᠵᠠᠬᠢᠷᠬᠤ ᠰᠢᠯᠢᠳᠡᠭ ᠠᠷᠭ᠎ᠠ ᠪᠠᠢᠬᠤ ᠦᠭᠡᠢ ᠪᠣᠯᠪᠠ ᠤᠤ᠃ ᠭᠡᠪᠡᠴᠦ ᠡᠵᠡᠨᠲᠡᠨ ᠲᠠ ᠮᠡᠷᠭᠡᠨ ᠤᠬᠠᠭᠠᠨ ᠢ᠋ᠶ᠋ᠠᠷ ᠢ᠋ᠶ᠋ᠠᠨ ᠲᠤᠩᠭᠠᠭᠠᠵᠤ ᠪᠣᠯᠭᠣᠭ᠎ᠠ ᠳᠠ ᠭᠡᠵᠦ ᠠᠢᠯᠠᠳᠬᠠᠪᠠ᠃  
       ᠬᠤᠪᠢᠯᠠᠢ ᠰᠠᠬᠠᠯ ᠢ᠋ᠶ᠋ᠠᠨ ᠢᠯᠪᠢᠨ ᠰᠠᠭᠤᠭᠰᠠᠨ ᠢ᠋ᠶ᠋ᠠᠨ᠄ 
       — ᠲᠡᠷᠡ ᠬᠢᠲᠠᠳ ᠤ᠋ᠨ ᠥᠪᠡᠷ ᠦ᠋ᠨ ᠠᠷᠭ᠎ᠠ᠂ ᠥᠪᠡᠷ ᠦ᠋ᠨ ᠤᠬᠠᠭᠠᠨ ᠭᠡᠳᠡᠭ ᠢ᠋ ᠨᠢ ᠪᠢᠳᠡ ᠨᠠᠷᠢᠨ ᠤᠬᠠᠵᠤ ᠮᠡᠳᠡᠬᠦ ᠤᠴᠢᠷᠲᠠᠢ ᠰᠢᠪ ᠳᠡ᠃ ᠲᠠ ᠢᠩᠭᠢᠵᠦ ᠯᠡ ᠨᠠᠳᠠᠳᠤ ᠠᠢᠯᠠᠳᠬᠠᠭᠠᠳ ᠪᠠᠢᠨ᠎ᠠ ᠤᠤ? ᠭᠡᠪᠡ᠃  
       ᠵᠣᠣ ᠣᠪᠣᠭᠲᠤ ᠲᠣᠯᠣᠭᠠᠢ ᠳᠣᠬᠢᠨ ᠡᠵᠡᠨ ᠦ᠌ ᠪᠡᠨ ᠰᠠᠨᠠᠭ᠎ᠠ ᠶ᠋ᠢ ᠲᠠᠭᠠᠰᠢᠶᠠᠭᠰᠠᠨ ᠪᠠᠢᠳᠠᠯ ᠢ᠋ᠶ᠋ᠠᠷ ᠢᠨᠢᠶᠡᠪᠬᠢᠯᠡᠵᠦ᠄ 
       — ᠲᠠ ᠮᠡᠷᠭᠡᠨ ᠢ᠋ᠶ᠋ᠡᠷ ᠪᠣᠯᠭᠣᠭᠠᠵᠤ ᠪᠠᠢᠨ᠎ᠠ᠃ ᠲᠡᠭᠡᠬᠦ ᠪᠡᠷ ᠪᠢᠳᠡ ᠬᠢᠲᠠᠳ ᠠᠷᠭ᠎ᠠ ᠤᠬᠠᠭᠠᠨ ᠭᠡᠳᠡᠭ ᠢ᠋ ᠭᠠᠭᠴᠠ ᠨᠢᠭᠡ ᠶᠠᠷᠢᠶ᠎ᠠ ᠪᠠᠷ ᠪᠢᠰᠢ᠂ ᠤᠷᠲᠤ ᠤᠳᠠᠭᠠᠨ ᠣᠯᠠᠨ ᠶᠠᠩᠵᠤ ᠶ᠋ᠢᠨ ᠶᠠᠷᠢᠶ᠎ᠠ ᠪᠠᠷ ᠬᠡᠯᠡᠯᠴᠡᠵᠦ ᠰᠢᠨᠵᠢᠪᠡᠯ ᠳᠠᠯᠳᠠ ᠪᠠᠢᠳᠠᠭ ᠨᠠᠷᠢᠨ ᠰᠢᠷᠢᠨ ᠵᠦᠢᠯ ᠢ᠋ ᠨᠢ ᠬᠦᠷᠲᠡᠯ᠎ᠡ ᠮᠡᠳᠡᠬᠦ ᠪᠠᠢᠭ᠎ᠠ᠃ ᠪᠢ ᠬᠢᠲᠠᠳ ᠬᠥᠮᠦᠨ ᠠᠲᠠᠯ᠎ᠠ ᠪᠠᠨ ᠬᠢᠲᠠᠳ ᠤᠬᠠᠭᠠᠨ ᠢ᠋ᠶ᠋ᠠᠨ ᠥᠪᠡᠷ ᠢ᠋ᠶ᠋ᠡᠨ ᠮᠡᠳᠡᠬᠦ ᠦᠭᠡᠢ ᠯᠡ ᠶᠠᠪᠤᠵᠤ ᠪᠠᠢᠨ᠎ᠠ᠃ ᠲᠡᠭᠡᠬᠦ ᠪᠡᠷ ᠬᠠᠮᠲᠤᠷᠠᠵᠤ ᠲᠡᠷᠡ ᠤᠬᠠᠭᠠᠨ ᠢ᠋ ᠨᠡᠭᠡᠭᠡᠬᠦ ᠶᠣᠰᠣᠲᠠᠢ ᠪᠣᠯᠤᠨ᠎ᠠ ᠪᠢᠵᠡ᠃ ᠡᠵᠡᠨᠲᠡᠨ ᠮᠢᠨᠢ ᠲᠠᠭᠠᠯᠠᠵᠤ ᠪᠣᠯᠭᠣᠭᠠᠬᠤ ᠰᠠᠨ ᠪᠣᠯᠪᠠ ᠤᠤ! ᠭᠡᠳ ᠮᠡᠬᠦᠢᠯ᠎ᠡ᠃ 
       ᠵᠡᠬᠡᠭᠰᠡᠨ ᠴᠦ᠍ ᠤᠳᠠᠭᠠᠨ ᠰᠠᠭᠤᠵᠤ᠂ ᠣᠪᠣᠭ᠎ᠠ ᠴᠦ᠍ ᠶᠡᠬᠡ ᠶᠠᠷᠢᠯᠴᠠᠯ᠎ᠠ᠃ 
       ᠵᠢᠷᠤᠭᠠᠴᠢ ᠬᠥᠮᠦᠨ ᠭᠠᠷ ᠢ᠋ᠶ᠋ᠠᠨ ᠵᠥᠭᠡᠯᠡᠨ ᠬᠥᠳᠡᠯᠭᠡᠭᠰᠡᠭᠡᠷ ᠤᠷᠠᠨ ᠪᠢᠷ ᠦ᠋ᠨ ᠦᠵᠦᠭᠦᠷ ᠦᠯᠦ ᠠᠵᠢᠭᠯᠠᠭᠳᠠᠮ᠎ᠠ ᠴᠠᠭᠠᠰᠤᠨ ᠳᠡᠭᠡᠷ᠎ᠡ ᠮᠥᠷ ᠭᠠᠷᠭᠠᠨ ᠭᠦᠶᠦᠨ᠎ᠡ᠃ 
       ᠬᠤᠪᠢᠯᠠᠢ ᠴᠢᠯᠡᠭᠦᠷᠡᠭᠰᠡᠨ ᠪᠠᠢᠳᠠᠯ ᠢ᠋ᠶ᠋ᠠᠷ᠄  
       — ᠢᠩᠭᠢᠰᠬᠢᠭᠡᠳ ᠳᠠᠭᠤᠰᠬᠠᠵᠤ ᠪᠣᠯᠬᠤ ᠤᠤ? ᠳᠤᠲᠠᠭᠤ ᠪᠠᠨ ᠲᠠ ᠥᠪᠡᠷ ᠦ᠋ᠨ ᠤᠷ᠎ᠠ ᠪᠠᠷ ᠭᠦᠢᠴᠡᠭᠡᠬᠦ ᠪᠢᠵᠡ ᠠ᠋ ᠭᠡᠵᠦ ᠬᠡᠯᠡᠭᠡᠳ ᠰᠢᠭᠤᠳᠬᠠᠨ ᠪᠣᠰᠴᠤ᠂ ᠴᠡᠩᠭᠡᠭ ᠠᠭᠠᠷ ᠲᠤ ᠭᠠᠷᠤᠯ᠎ᠠ᠃ 
        ᠡᠪᠦᠭᠡᠵᠢᠶᠡᠷ ᠨᠠᠰᠤᠨ ᠤ᠋ ᠵᠢᠷᠤᠭᠠᠴᠢ ᠬᠢᠲᠠᠳ ᠭᠠᠢᠬᠠᠵᠤ ᠭᠥᠯᠢᠢᠭᠰᠡᠨ ᠴᠢᠷᠠᠢ ᠪᠠᠷ ᠡᠵᠡᠨ ᠵᠠᠬᠢᠷᠤᠭᠴᠢ ᠶ᠋ᠢᠨ ᠠᠷᠤ ᠠ᠋ᠴᠠ ᠬᠠᠷᠠᠵᠤ ᠬᠣᠴᠣᠷᠬᠤ ᠳ᠋ᠤ᠌ ᠪᠠᠨ《ᠶᠠᠭᠠᠬᠢᠳᠠᠭ ᠬᠡᠷᠡᠭ ᠪᠣᠢ? ᠡᠨᠡ ᠨᠣᠶᠠᠨ ᠬᠠᠲᠠᠭᠤ ᠰᠢᠷᠦᠭᠦᠨ ᠵᠠᠩᠲᠠᠢ᠂ ᠥᠪᠡᠷ ᠦ᠋ᠨ ᠢ᠋ᠶ᠋ᠡᠨ ᠰᠡᠳᠬᠢᠯ ᠳ᠋ᠦ᠍ ᠲᠣᠬᠢᠷᠠᠭ᠎ᠠ ᠦᠭᠡᠢ ᠪᠦᠬᠦᠨ ᠢ᠋ ᠵᠠᠮ ᠠ᠋ᠴᠠ ᠪᠠᠨ ᠵᠠᠢᠯᠠᠭᠤᠯᠵᠤ ᠬᠠᠶᠠᠳᠠᠭ ᠭᠡᠰᠡᠨ᠃ ᠮᠢᠨᠦ ᠵᠢᠷᠤᠭᠰᠠᠨ ᠵᠢᠷᠤᠭ ᠢ᠋ ᠦᠵᠡᠭᠡᠳ ᠥᠪᠡᠷ ᠲᠦ᠍ ᠪᠡᠨ ᠲᠠᠭᠠᠯᠠᠭᠳᠠᠬᠤ ᠦᠭᠡᠢ ᠪᠣᠯ  ᠠᠮᠢᠳᠤ ᠶᠠᠪᠤᠭᠤᠯᠬᠤ ᠦᠭᠡᠢ ᠪᠣᠯᠤᠨ᠎ᠠ᠃ ᠪᠢ ᠶᠠᠮᠠᠷ ᠦᠢᠯᠡ ᠪᠡᠷ ᠡᠨᠡ ᠨᠣᠶᠠᠨ ᠳ᠋ᠤ᠌ ᠵᠠᠷᠤᠭᠳᠠᠬᠤ ᠪᠣᠯᠪᠠ ᠠ᠋᠂ ᠵᠠ  ᠪᠠᠢᠵᠠ ᠶᠠᠭᠠᠬᠢᠬᠤ ᠪᠣᠢ? ᠡᠷᠡᠦ ᠰᠢᠨᠠ ᠶ᠋ᠢᠨ  ᠬᠠᠪᠢ ᠳ᠋ᠤ᠌ ᠪᠠᠰᠠ ᠴᠢᠬᠢ ᠨᠢ ᠳᠤᠲᠠᠭᠤ ᠵᠢᠷᠤᠭᠳᠠᠯ᠎ᠠ᠃ ᠲᠡᠭᠦᠨ ᠢ᠋ ᠨᠢ ᠳᠠᠭᠠᠭᠠᠳ ᠬᠢᠵᠦ ᠣᠷᠬᠢᠬᠤ ᠪᠠᠷ ᠥᠪᠡᠷ ᠢ᠋ᠶ᠋ᠡᠨ ᠦᠵᠡᠭᠡᠳ〈ᠪᠢ ᠪᠢᠰᠢ ᠪᠠᠢᠨ᠎ᠠ〉 ᠭᠡᠪᠡᠯ ᠳᠦᠭᠦᠷᠦᠯ᠎ᠡ ᠰᠢᠦ᠃ ᠤᠭ ᠨᠢ ᠥᠩᠭᠡ ᠪᠣᠳᠣᠭ ᠨᠢ ᠣᠪᠣᠭ᠎ᠠ ᠲᠠᠭᠠᠷᠠᠵᠤ ᠶᠠᠪᠤᠭ᠎ᠠ ᠶᠤᠮ ᠰᠠᠨ᠃ ᠳᠠᠭᠠᠵᠤ ᠪᠠᠷᠠᠳᠠᠵᠤ ᠪᠠᠢᠭᠠᠳ ᠥᠭᠡᠷ᠎ᠡ ᠴᠠᠭᠠᠰᠤᠨ ᠳᠡᠭᠡᠷ᠎ᠡ ᠴᠦ᠍ ᠪᠣᠯ ᠳᠤᠲᠠᠭᠤ ᠪᠠᠨ ᠭᠦᠢᠴᠡᠭᠡᠵᠦ ᠵᠢᠷᠤᠬᠤ ᠠ᠋ᠴᠠ ᠠᠷᠭ᠎ᠠ ᠦᠭᠡᠢ ᠰᠢᠪ》 ᠭᠡᠮᠡᠨ ᠪᠣᠳᠣᠨ᠂ ᠬᠤᠪᠢᠯᠠᠢ ᠶ᠋ᠢᠨ ᠠᠷᠤ ᠠ᠋ᠴᠠ ᠨᠢᠳᠦ ᠰᠠᠯᠭᠠᠯ ᠦᠭᠡᠢ ᠰᠢᠷᠳᠡᠨ᠎ᠡ᠃ 
       ᠶᠡᠬᠡ ᠨᠣᠶᠠᠨᠲᠠᠨ ᠢᠩᠭᠢᠵᠦ ᠵᠢᠷᠤᠭ ᠢ᠋ᠶ᠋ᠠᠨ ᠵᠢᠷᠤᠭᠤᠯᠤᠨ᠂ ᠪᠠᠰᠠ ᠪᠤᠰᠤ ᠶᠣᠰᠣᠯᠠᠯ ᠥᠩᠭᠡᠷᠡᠭᠡᠵᠦ ᠶᠠᠪᠤᠭ᠎ᠠ ᠨᠢ ᠵᠢᠷ ᠦ᠋ᠨ ᠵᠤᠭ᠎ᠠ ᠴᠡᠩᠭᠡᠯ ᠦᠢᠯᠡᠳᠴᠦ ᠪᠠᠢᠭ᠎ᠠ ᠪᠢᠰᠢ᠂ ᠴᠠᠭᠠᠨ᠎ᠠ ᠪᠠᠨ ᠤᠴᠢᠷᠲᠠᠢ ᠪᠠᠢᠯ᠎ᠠ᠃ 
       ᠪᠢᠯᠢᠭ ᠦ᠋ᠨ ᠴᠠᠭᠠᠨ ᠰᠠᠷ᠎ᠠ ᠭᠠᠷᠴᠤ ᠵᠣᠯᠭᠠᠭᠰᠠᠨ ᠤ᠋ ᠳᠠᠷᠠᠭᠠᠬᠠᠨ ᠵᠠᠢᠷᠠᠩ ᠪᠥᠬᠡ ᠬᠤᠪᠢᠯᠠᠢ ᠶ᠋ᠢᠨ ᠦᠷᠭᠦᠭᠡᠨ ᠳ᠋ᠦ᠍ ᠢᠷᠡᠵᠦ ᠪᠠᠭᠤᠭᠠᠳ᠂ ᠣᠨ ᠵᠢᠯ ᠦ᠋ᠨ ᠨᠢᠭᠤᠷ ᠢ᠋ ᠦᠵᠡᠵᠦ《ᠬᠡᠢ ᠮᠣᠷᠢ ᠶ᠋ᠢᠨ ᠰᠠᠩ》① ᠲᠠᠯᠪᠢᠬᠤ ᠳ᠋ᠤ᠌ ᠪᠠᠨ《ᠡᠨᠡ ᠵᠢᠯ ᠨᠢᠷᠤᠭᠤ ᠲᠦᠪᠰᠢᠨ ᠪᠠᠢᠨ᠎ᠠ᠃ ᠡᠷ᠎ᠡ ᠬᠥᠮᠦᠨ ᠦ᠌ ᠳᠥᠴᠢᠨ ᠲᠠᠪᠤᠨ ᠨᠠᠰᠤ ᠪᠡᠶ᠎ᠡ ᠳ᠋ᠦ᠍ ᠢᠳᠡ ᠬᠦᠴᠦᠨ ᠬᠤᠷᠠᠯᠳᠤᠳᠠᠭ ᠰᠡᠭᠦᠳᠡᠷ᠃ ᠰᠦᠯᠳᠡ ᠪᠡᠨ᠂ ᠭᠠᠯ ᠢ᠋ᠶ᠋ᠠᠨ ᠳᠠᠬᠢᠭᠤᠯ᠃ ᠵᠢᠷᠤᠭ ᠢ᠋ᠶ᠋ᠠᠨ ᠵᠢᠷᠤᠭᠤᠯᠵᠤ ᠬᠠᠳᠠᠭᠠᠯᠠ᠃ ᠬᠠᠭᠠᠨ ᠠᠪᠠᠭ᠎ᠠ ᠶ᠋ᠢᠨ ᠢ᠋ᠶ᠋ᠡᠨ ᠣᠩᠭᠣᠨ ᠳ᠋ᠤ᠌ ᠮᠥᠷᠭᠥ᠃ ᠡᠨᠡ ᠵᠢᠯ ᠦ᠋ᠨ ᠵᠠᠰᠠᠯ ᠲᠡᠷᠡ ᠪᠣᠯᠤᠨ᠎ᠠ᠃ ᠢᠷᠡᠬᠦ ᠵᠢᠯ ᠳ᠋ᠦ᠍ ᠪᠣᠯ ᠲᠤᠩ ᠶᠡᠬᠡ ᠳᠣᠩᠰᠣᠯᠭᠠᠨ ᠲᠠᠢ ᠭᠡᠬᠦ ᠤᠤ᠂ ᠪᠦᠬᠦ ᠨᠠᠰᠤᠨ ᠤ᠋ ᠦᠢᠯᠡ ᠶ᠋ᠢ ᠰᠢᠢᠳᠬᠦ ᠤᠴᠢᠷ ᠬᠣᠯᠪᠣᠭᠳᠠᠯᠲᠠᠢ ᠲᠣᠮᠣ ᠬᠡᠷᠡᠭ ᠶᠠᠪᠤᠳᠠᠯ ᠳᠡᠭᠳᠡᠵᠦ᠂ ᠶᠡᠬᠡᠬᠡᠨ ᠲᠦᠪᠡᠭ ᠲᠠᠷᠢᠨ᠎ᠠ ᠪᠠᠢᠬᠤ᠃ ᠲᠡᠭᠦᠨ ᠦ᠌ ᠵᠠᠰᠠᠯ ᠢ᠋ ᠡᠷᠲᠡᠨ ᠡᠴᠡ ᠬᠢᠯᠭᠡᠨ ᠵᠠᠮ ᠢ᠋ᠶ᠋ᠠᠨ ᠴᠠᠢᠷᠠᠭᠤᠯᠬᠤ ᠬᠡᠷᠡᠭᠲᠡᠢ ᠪᠣᠯᠤᠨ᠎ᠠ ᠪᠢᠵᠡ》 ᠭᠡᠵᠦ ᠬᠡᠯᠡᠭᠰᠡᠨ ᠤᠴᠢᠷ ᠵᠠᠬᠢᠷᠤᠭᠴᠢ ᠨᠣᠶᠠᠨ ᠲᠡᠷᠡ ᠪᠥᠬᠡ ᠶ᠋ᠢᠨ ᠬᠡᠯᠡᠭᠰᠡᠨ ᠢ᠋ ᠭᠦᠢᠴᠡᠯᠳᠦᠭᠦᠯᠬᠦ ᠰᠠᠨᠠᠭᠠᠲᠠᠢ ᠵᠢᠷᠤᠭ ᠢ᠋ᠶ᠋ᠠᠨ ᠵᠢᠷᠣᠭᠠᠯᠠᠵᠤ ᠪᠠᠢᠭ᠎ᠠ ᠠᠵᠢ᠃ 
       ᠬᠤᠪᠢᠯᠠᠢ ᠲᠠᠢ ᠬᠠᠮᠲᠤ ᠮᠥᠷ ᠵᠡᠷᠭᠡᠴᠡᠨ ᠠᠯᠬᠤᠵᠤ ᠶᠠᠪᠤᠭ᠎ᠠ ᠵᠣᠣ ᠣᠪᠣᠭᠲᠤ《ᠪᠠᠭᠰᠢ》 ᠨᠢ ᠴᠦ᠍ ᠪᠠᠰᠠ ᠰᠡᠳᠬᠢᠯ ᠠᠮᠤᠷ ᠦᠭᠡᠢ ᠪᠣᠯᠵᠤ᠂《ᠡᠨᠡ ᠨᠣᠶᠠᠨ ᠬᠠᠷᠠᠬᠤ ᠳ᠋ᠤ᠌ ᠳᠠᠭᠤ ᠦᠭᠡᠢ᠂ ᠨᠡᠩ ᠲᠥᠯᠥᠪ ᠴᠢᠷᠠᠢᠲᠠᠢ ᠪᠣᠯᠪᠠᠴᠤ ᠴᠠᠭᠠᠨ᠎ᠠ ᠪᠠᠨ ᠶᠠᠭ ᠦᠭᠡᠢ ᠠᠳᠠᠷᠠᠮᠠᠲᠠᠢ᠂ ᠰᠠᠨᠠᠭᠰᠠᠨ ᠢ᠋ᠶ᠋ᠠᠨ ᠵᠠᠪᠠᠯ ᠭᠦᠢᠴᠡᠭᠡᠵᠦ ᠪᠠᠢᠵᠤ ᠰᠠᠯᠳᠠᠭ᠃ ᠨᠢᠭᠡ ᠦᠭᠡᠢ ᠭᠡᠪᠡᠯ ᠲᠡᠷᠡ ᠯᠠ ᠠᠶ᠎ᠠ ᠪᠠᠷ ᠢ᠋ᠶ᠋ᠠᠨ ᠳᠠᠭᠤᠰᠤᠨ᠎ᠠ᠃ ᠬᠢᠲᠠᠳ ᠭᠠᠵᠠᠷ ᠲᠤ ᠢᠷᠡᠭᠰᠡᠨ ᠪᠦᠬᠦ ᠮᠣᠩᠭᠣᠯ ᠨᠣᠶᠠᠨ ᠤ᠋ ᠳᠣᠲᠣᠷ᠎ᠠ ᠡᠨᠡ ᠵᠠᠬᠢᠷᠤᠭᠴᠢ ᠶ᠋ᠢ ᠭᠦᠢᠴᠡᠬᠦ ᠤᠬᠠᠭᠠᠨᠲᠠᠢ᠂  ᠪᠠᠭᠤᠷᠢ ᠰᠠᠭᠤᠷᠢᠲᠠᠢ᠂ ᠠᠯᠤᠰ ᠢ᠋ ᠪᠣᠳᠣᠳᠠᠭ ᠨᠢ ᠦᠭᠡᠢ ᠳᠡ᠃ ᠪᠢᠳᠡᠨ ᠦ᠌ ᠬᠡᠨ ᠨᠢ ᠴᠦ᠍ ᠢᠯᠭᠠᠭ᠎ᠠ ᠦᠭᠡᠢ ᠬᠤᠪᠢᠯᠠᠢ ᠶ᠋ᠢ ᠪᠠᠷᠢᠵᠤ ᠢᠳᠡᠬᠦ ᠬᠦᠴᠦ ᠶ᠋ᠢ ᠣᠯᠬᠤ ᠦᠭᠡᠢ᠃ ᠶᠡᠷᠦ ᠨᠢ ᠬᠢᠲᠠᠳ ᠣᠷᠣᠨ ᠪᠦᠬᠦᠯᠢ ᠳ᠋ᠦ᠍ ᠪᠡᠨ ᠡᠨᠡ ᠨᠣᠶᠠᠨ ᠤ᠋ ᠬᠥᠯ ᠳ᠋ᠦ᠍ ᠭᠢᠰᠬᠢᠭᠳᠡᠬᠦ ᠨᠢ ᠭᠠᠷᠴᠠᠭ᠎ᠠ ᠦᠭᠡᠢ᠃ ᠪᠢᠳᠡᠨ ᠦ᠌ ᠬᠢᠲᠠᠳ ᠤ᠋ᠳ ᠮᠣᠩᠭᠣᠯ ᠤ᠋ᠨ ᠨᠣᠶᠠᠷᠬᠠᠯ ᠳ᠋ᠤ᠌ ᠪᠦᠷᠢᠨ ᠣᠷᠣᠵᠤ᠂ ᠲᠡᠳᠡᠨ ᠦ᠌ ᠬᠢᠰᠬᠢᠯᠡᠪᠦᠷᠢ ᠪᠣᠯᠬᠤ ᠨᠢ ᠡᠷᠭᠢᠯᠲᠡ ᠦᠭᠡᠢ ᠬᠡᠷᠡᠭ᠃ ᠲᠡᠭᠡᠬᠦ ᠪᠡᠷ ᠡᠨᠡ ᠠᠶᠤᠮᠰᠢᠭᠲᠤ ᠬᠡᠷᠡᠭ ᠡᠴᠡ ᠵᠠᠢᠯᠠᠬᠤ ᠴᠣᠷ ᠤ᠋ᠨ ᠭᠠᠭᠴᠠ ᠠᠷᠭ᠎ᠠ ᠪᠣᠯ ᠮᠣᠩᠭᠣᠯ ᠢ᠋ ᠥᠪᠡᠷ ᠢ᠋ ᠨᠢ ᠬᠢᠲᠠᠳ ᠪᠣᠯᠭᠠᠵᠤ ᠣᠷᠬᠢᠬᠤ ᠪᠣᠯᠤᠮᠵᠢ ᠶᠠᠭᠤ ᠪᠠᠢᠨ᠎ᠠ ᠪᠣᠢ? ᠬᠤᠪᠢᠯᠠᠢ ᠨᠣᠶᠠᠨ ᠢ᠋ ᠥᠪᠡᠷ ᠢ᠋ ᠨᠢ ᠬᠢᠲᠠᠳ ᠨᠣᠶᠠᠨ ᠪᠣᠯᠭᠠᠵᠤ ᠬᠤᠪᠢᠷᠠᠭᠠᠬᠤ ᠠᠷᠭ᠎ᠠ ᠶᠠᠭᠤ ᠪᠠᠢᠨ᠎ᠠ ᠪᠣᠢ? ᠡᠭᠦᠨ ᠢ᠋ ᠬᠦᠴᠦ ᠪᠡᠷ ᠭᠦᠢᠴᠡᠯᠳᠦᠭᠦᠯᠬᠦ ᠭᠡᠪᠡᠯ ᠬᠡᠵᠢᠶ᠎ᠡ ᠴᠦ᠍ ᠪᠠᠷᠠᠰᠢ ᠦᠭᠡᠢ᠃ ᠲᠡᠭᠡᠬᠦ ᠪᠡᠷ ᠡᠪ ᠢ᠋ᠶ᠋ᠡᠷ᠂ ᠤᠷ᠎ᠠ ᠪᠠᠷ᠂ ᠤᠬᠠᠭᠠᠨ ᠢ᠋ᠶ᠋ᠠᠷ ᠯᠠ ᠲᠡᠷᠡ ᠰᠠᠨᠠᠭ᠎ᠠ ᠶ᠋ᠢ ᠲᠤᠩᠭᠠᠭᠠᠵᠤ᠂ ᠦᠯᠦ ᠠᠵᠢᠭᠯᠠᠭᠳᠠᠮ᠎ᠠ ᠶᠠᠭ ᠦᠭᠡᠢᠬᠡᠨ ᠠᠷᠭ᠎ᠠ ᠪᠠᠷ ᠤᠭ ᠰᠠᠨᠠᠭ᠎ᠠ ᠪᠠᠨ ᠪᠢᠳᠡ ᠵᠣᠭᠰᠣᠯᠲᠠ ᠦᠭᠡᠢ ᠶᠠᠪᠤᠭᠤᠯᠬᠤ ᠶᠣᠰᠣᠲᠠᠢ ᠪᠣᠯᠤᠯ᠎ᠠ᠃ ᠶᠠᠭᠠᠷᠠᠵᠤ ᠪᠣᠯᠬᠤ ᠦᠭᠡᠢ᠃ ᠨᠢᠭᠡᠨ ᠪᠡᠶ᠎ᠡ ᠪᠡᠷ ᠪᠢᠰᠢ᠂ ᠦᠶ᠎ᠡ ᠳᠡᠮᠵᠢᠵᠦ ᠰᠠᠨᠠᠭ᠎ᠠ ᠪᠠᠨ ᠪᠡᠶᠡᠯᠡᠭᠦᠯᠬᠦ ᠶ᠋ᠢ ᠪᠢᠳᠡ ᠬᠢᠴᠢᠶᠡᠬᠦ ᠶᠣᠰᠣᠲᠠᠢ᠃ ᠲᠡᠭᠡᠬᠦ ᠦᠭᠡᠢ ᠬᠦᠴᠦ ᠪᠡᠷ ᠦᠵᠡᠯᠴᠡᠬᠦ ᠭᠡᠪᠡᠯ ᠬᠢᠲᠠᠳ ᠬᠥᠮᠦᠨ ᠬᠠᠰᠢᠶᠠᠨ ᠳ᠋ᠤ᠌ ᠬᠠᠰᠢᠭᠳᠠᠭᠰᠠᠨ ᠲᠠᠬᠢᠶ᠎ᠠ ᠰᠢᠪᠠᠭᠤᠨ ᠠ᠋ᠴᠠ ᠳᠣᠯᠣᠭᠠᠨ ᠳᠣᠣᠷ᠎ᠠ ᠠᠮᠢᠲᠠᠳ ᠪᠣᠯᠵᠤ ᠬᠤᠪᠢᠷᠠᠨ᠎ᠠ᠃ ᠮᠢᠨᠦ ᠡᠨᠡ ᠰᠠᠨᠠᠭ᠎ᠠ ᠵᠥᠪ᠃ ᠥᠭᠡᠷ᠎ᠡ ᠵᠠᠮ ᠪᠠᠢᠬᠤ ᠦᠭᠡᠢ᠃ ᠡᠨᠡ ᠰᠠᠨᠠᠭᠠᠨ ᠳ᠋ᠤ᠌ ᠪᠠᠨ ᠦᠨᠡᠨᠴᠢ ᠪᠡᠷ ᠬᠤᠪᠢᠯᠠᠢ ᠳ᠋ᠤ᠌ ᠰᠢᠳᠠᠷᠯᠠᠬᠤ ᠶᠣᠰᠣᠲᠠᠢ》 ᠭᠡᠮᠡᠨ ᠪᠣᠳᠣᠵᠤ ᠪᠠᠢᠪᠠ᠃  
       ᠲᠡᠳᠡ ᠭᠠᠳᠠᠭ᠎ᠠ ᠭᠠᠷᠴᠤ ᠨᠣᠭᠣᠭᠠᠨ ᠳᠡᠭᠡᠭᠦᠷ ᠠᠭᠠᠵᠢᠭᠤᠬᠠᠨ ᠠᠯᠬᠤᠵᠤ ᠴᠠᠯᠭᠢᠶ᠎ᠠ ᠭᠣᠣᠯ ᠤ᠋ᠨ ᠡᠷᠭᠢ ᠳᠡᠭᠡᠷ᠎ᠡ ᠣᠴᠢᠯ᠎ᠠ᠃ ᠭᠦᠨ ᠴᠡᠩᠬᠡᠷ ᠭᠣᠣᠯ ᠤ᠋ᠨ ᠤᠰᠤ ᠮᠢᠷᠠᠯᠵᠠᠨ ᠴᠠᠯᠭᠢᠯᠠᠨ ᠤᠷᠤᠰᠤᠭᠰᠠᠭᠠᠷ ᠳᠣᠲᠣᠷ᠎ᠠ ᠨᠢ ᠬᠠᠶᠠ ᠵᠢᠭᠠᠰᠤ ᠦᠰᠦᠷᠦᠨ ᠰᠤᠪᠤᠳ ᠤ᠋ᠨ ᠳᠤᠰᠤᠯ ᠰᠠᠴᠤᠵᠤ ᠨᠠᠭᠠᠳᠬᠤ ᠨᠢ ᠵᠤᠭᠠᠲᠠᠢ ᠠᠵᠢ᠃  
       ᠶᠡᠬᠡ ᠤᠰᠤᠨ ᠤ᠋ ᠪᠢᠲᠡᠭᠦᠦ ᠱᠤᠤᠭᠢᠶᠠᠨ ᠲᠠᠢᠭ᠎ᠠ ᠶ᠋ᠢᠨ ᠴᠡᠩᠬᠡᠷ ᠮᠠᠨᠠᠨ ᠳᠤᠮᠳᠠ ᠠ᠋ᠴᠠ ᠬᠣᠵᠢᠮ ᠤ᠋ᠨ ᠠᠭᠤᠤ ᠬᠡᠷᠡᠭ ᠢ᠋ ᠤᠷᠢᠨ ᠳᠠᠭᠤᠳᠠᠬᠤ ᠮᠡᠲᠦ ᠨᠦᠷᠭᠢᠶᠡᠨᠲᠡᠢ᠃ 
       ᠬᠤᠪᠢᠯᠠᠢ ᠭᠣᠣᠯ ᠤ᠋ᠨ ᠤᠰᠤ ᠰᠢᠷᠲᠡᠨ ᠬᠡᠰᠡᠭ ᠵᠠᠭᠤᠷ᠎ᠠ ᠵᠣᠭᠰᠣᠬᠤ ᠳ᠋ᠤ᠌ ᠪᠠᠨ
       — ᠡᠨᠡ ᠭᠠᠵᠠᠷ ᠨᠤᠲᠤᠭ ᠣᠳᠣ ᠮᠢᠨᠦᠬᠢ ᠪᠣᠯᠤᠭᠰᠠᠨ ᠭᠡᠵᠢ ᠤᠤ? ᠠᠬ᠎ᠠ ᠬᠠᠭᠠᠨ ᠨᠠᠳᠠᠳᠤ ᠥᠭᠭᠦᠯ᠎ᠡ ᠭᠡᠰᠡᠨ᠂ ᠡᠨᠡ ᠦᠨᠡᠨ ᠤᠤ? ᠪᠢ ᠬᠥᠬᠡ ᠮᠠᠨᠠᠨ ᠳ᠋ᠤ᠌ ᠪᠦᠷᠬᠦᠭᠳᠡᠭᠰᠡᠨ ᠡᠨᠡ ᠨᠤᠲᠤᠭ ᠢ᠋ ᠡᠷᠭᠢᠭᠦᠯᠦᠨ ᠠᠯᠳᠠᠬᠤ ᠦᠭᠡᠢ ᠪᠡᠷ ᠥᠪᠡᠷ ᠦ᠋ᠨ ᠮᠠᠲᠠᠯ ᠳ᠋ᠤ᠌ ᠪᠠᠷᠢᠵᠤ ᠪᠠᠢᠵᠤ ᠴᠢᠳᠠᠬᠤ ᠤᠤ? ᠮᠢᠨᠦ ᠳᠠᠷᠠᠭᠠᠬᠢ ᠮᠣᠩᠭᠣᠯᠴᠤᠳ ᠡᠨᠡ ᠭᠣᠣᠯ ᠤ᠋ᠨ ᠡᠵᠡᠳ ᠪᠠᠢᠭᠰᠠᠭᠠᠷ ᠪᠠᠢᠬᠤ ᠤᠤ? ᠭᠡᠮᠡᠨ ᠬᠡᠨ ᠳ᠋ᠦ᠍ ᠴᠦ᠍ ᠦᠯᠦ ᠰᠣᠨᠣᠰᠤᠭᠳᠠᠮ᠎ᠠ ᠪᠠᠢᠳᠠᠯ ᠢ᠋ᠶ᠋ᠠᠷ ᠠᠮᠠᠨ ᠳᠣᠲᠣᠷ᠎ᠠ ᠪᠠᠨ ᠭᠦᠪᠳᠦᠨᠡᠵᠦ ᠪᠠᠢᠯ᠎ᠠ᠃ 
       ᠤᠰᠤᠨ ᠤ᠋ ᠰᠢᠪᠠᠭᠤᠳ ᠭᠣᠣᠯ ᠤ᠋ᠨ ᠡᠷᠭᠢ ᠪᠡᠷ ᠰᠠᠭᠤᠵᠤ᠂ ᠥᠩᠭᠡ ᠪᠦᠷᠢ ᠶ᠋ᠢᠨ ᠬᠥᠭ ᠢ᠋ᠶ᠋ᠡᠷ ᠬᠡᠯᠡᠯᠴᠡᠬᠦ ᠨᠢ ᠬᠤᠪᠢᠯᠠᠢ ᠶ᠋ᠢᠨ ᠰᠡᠳᠬᠢᠯ ᠦ᠋ᠨ ᠨᠢᠭᠤᠴᠠ ᠶ᠋ᠢ ᠵᠠᠳᠠᠷᠠᠭᠤᠯᠤᠨ ᠴᠤᠤᠷᠢᠶᠠᠲᠤᠭᠤᠯᠬᠤ ᠠᠵᠢ᠃

— — — —       
① ᠮᠣᠩᠭᠣᠯ ᠤ᠋ᠨ ᠪᠥᠬᠡ ᠮᠥᠷᠭᠥᠯ ᠦ᠋ᠨ ᠶᠣᠰᠣᠨ ᠳ᠋ᠤ᠌《ᠠᠲᠠᠭ᠎ᠠ ᠲᠩᠷᠢ ᠶ᠋ᠢᠨ ᠰᠠᠩ》᠂《ᠴᠠᠭᠠᠨ ᠡᠪᠦᠭᠡᠨ ᠦ᠌ ᠰᠠᠩ》᠂《ᠭᠠᠯ ᠤ᠋ᠨ ᠲᠠᠬᠢᠯᠭ᠎ᠠ》᠂《ᠭᠠᠨᠵᠤᠭ᠎ᠠ ᠶ᠋ᠢᠨ ᠰᠦᠯᠳᠡ ᠲᠠᠬᠢᠯᠭ᠎ᠠ》 ᠵᠡᠷᠭᠡ ᠤᠩᠰᠢᠳᠠᠭ ᠳᠠᠬᠢᠳᠠᠭ ᠵᠠᠰᠠᠯ ᠪᠠᠢᠳᠠᠭ ᠤ᠋ᠨ ᠨᠢᠭᠡ ᠨᠢ ᠡᠨᠡ ᠠᠵᠢ᠃  

          ᠦᠰᠦᠭ ᠠᠮᠢᠯᠠᠭᠤᠯᠤᠭᠰᠠᠨ ᠨᠢ᠄ ᠲᠡᠭᠷᠢ ᠡᠵᠢ᠂ ᠳᠠᠪᠰᠢᠯᠲᠦ