ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ ᠵᠣᠬᠢᠶᠠᠪᠠ<ᠬᠡᠪᠯᠡᠨ ᠨᠡᠢᠲᠡᠯᠡᠭᠴᠢ ᠶᠢᠨ ᠦᠭᠡ> Бүргэд харьд үүрэлдэггүй – Ж᠂ Пүрэв зохиов <хэвлэн нийтлэгчийн үг>
ᠬᠡᠪᠯᠡᠨ ᠨᠡᠢᠲᠡᠯᠡᠭᠴᠢ ᠶᠢᠨ ᠦᠭᠡ
ᠵ· ᠫᠦᠷᠪᠦ ᠪᠡᠷ ᠥᠪᠥᠷ ᠬᠠᠩᠭᠠᠢ ᠠᠢᠮᠠᠭ ᠤ᠋ᠨ ᠬᠠᠢᠷᠬᠠᠨ ᠳᠤᠯᠠᠭᠠᠨ ᠰᠤᠮᠤᠨ ᠳ᠋ᠤ᠌ ᠨᠤᠲᠤᠭ ᠲᠠᠢ᠂ 1950 ᠭ᠋ᠠᠳ ᠣᠨ ᠠ᠋ᠴᠠ ᠡᠬᠢᠯᠡᠨ ᠲᠡᠦᠬᠡ ᠶ᠋ᠢᠨ ᠰᠡᠳᠦᠪ ᠢ᠋ᠶ᠋ᠡᠷ ᠤᠷᠠᠨ ᠵᠣᠬᠢᠶᠠᠯ ᠲᠤᠭᠤᠷᠪᠢᠨ ᠥᠩᠭᠡᠷᠡᠭᠴᠢ ᠬᠤᠭᠤᠴᠠᠭᠠᠨ ᠳ᠋ᠤ᠌ ᠨᠡᠢᠲᠡ 28 ᠷᠣᠮᠠᠨ ᠨᠡᠢᠲᠡᠯᠡᠭᠦᠯᠦᠭᠰᠡᠨ ᠪᠠᠢᠨ᠎ᠠ᠃ ᠡᠭᠦᠨ ᠦ᠌ ᠳᠣᠲᠣᠷ᠎ᠠ《ᠬᠥᠭᠵᠢᠮ ᠦ᠋ᠨ ᠡᠭᠡᠰᠢᠭ》᠂《ᠠᠶᠤᠩᠭ᠎ᠠ》᠂《ᠭᠤᠷᠪᠠᠨ ᠵᠠᠩᠭᠢᠯᠠᠭ᠎ᠠ》᠂《ᠵᠢᠷᠦᠬᠡᠨ ᠦ᠌ ᠬᠢᠯᠢᠩ》᠂ 《ᠮᠠᠨᠠᠨ ᠪᠤᠳᠠᠩ》᠂《ᠠᠯᠲᠠᠨ ᠸᠴᠢᠷᠲᠦ ᠲᠢᠲᠢᠮ》᠂《ᠰᠡᠳᠬᠢᠯ ᠦ᠋ᠨ ᠳᠠᠭᠤᠯᠠᠯ》᠂《ᠭᠠᠮᠰᠢᠭ ᠵᠣᠪᠠᠯᠠᠩ᠂ ᠤᠬᠠᠭᠠᠨ ᠰᠠᠨᠠᠭ᠎ᠠ》᠂《ᠬᠥᠰᠢᠶ᠎ᠡ ᠴᠢᠯᠠᠭᠤᠨ ᠤ᠋ ᠪᠢᠴᠢᠭᠡᠰᠦ》᠂《ᠬᠠᠮᠰᠠᠯ ᠤᠬᠠᠭᠠᠷᠠᠯ》᠂《ᠪᠣᠷᠵᠢᠨ ᠴᠣᠬᠢᠶ᠎ᠠ ᠳᠣᠷᠭᠢᠯᠠ》᠂《ᠬᠤᠪᠢᠯᠠᠢ ᠬᠠᠭᠠᠨ》᠂《ᠪᠦᠷᠭᠦᠳ ᠬᠠᠷᠢ ᠳᠤ ᠡᠭᠦᠷᠯᠡᠳᠡᠭ ᠦᠭᠡᠢ》᠂《ᠨᠢᠭᠦᠯ ᠨᠢᠭᠦᠯ ᠢ᠋ᠶ᠋ᠡᠨ ᠳᠠᠭᠠᠳᠠᠭ》᠂《ᠮᠥᠬᠥᠯ ᠡᠴᠡ ᠥᠷᠢᠰᠦᠯᠳᠦᠭᠰᠡᠨ ᠣᠨ ᠵᠢᠯ》 ᠭᠡᠬᠦ ᠲᠡᠦᠬᠡᠨ15 ᠷᠣᠮᠠᠨ ᠪᠣᠢ᠃
ᠡᠨᠡ ᠬᠦ᠌《ᠪᠦᠷᠭᠦᠳ ᠬᠠᠷᠢ ᠳ᠋ᠤ᠌ ᠡᠭᠦᠷᠯᠡᠳᠡᠭ ᠦᠭᠡᠢ》 ᠭᠡᠬᠦ ᠷᠣᠮᠠᠨ ᠳ᠋ᠠᠭᠠᠨ ᠪᠣᠭᠳᠠ ᠴᠢᠩᠭᠢᠰ ᠬᠠᠭᠠᠨ ᠤ᠋ ᠣᠳᠬᠣᠨ ᠬᠥᠪᠡᠭᠦᠨ ᠲᠤᠯᠤᠢ ᠶ᠋ᠢᠨ ᠳᠥᠷᠪᠡᠳᠦᠭᠡᠷ ᠬᠥᠪᠡᠭᠦᠨ ᠠᠷᠢᠬᠪᠦ᠋ᠬᠡ ᠶ᠋ᠢᠨ ᠡᠷᠳᠡᠮ ᠨᠣᠮ ᠳ᠋ᠤ᠌ ᠰᠢᠮᠳᠠᠵᠤ᠂ ᠡᠷ᠎ᠡ ᠴᠡᠷᠢᠭ ᠲᠦ᠍ ᠰᠣᠷᠢᠭᠰᠠᠨ᠂ ᠤᠬᠠᠭᠠᠨ ᠪᠢᠯᠢᠭ ᠬᠤᠷᠴᠠ᠂ ᠴᠢᠳᠠᠪᠤᠷᠢᠯᠢᠭ᠃ ᠬᠣᠵᠢᠮ ᠨᠢ ᠣᠷᠬᠣᠨ ᠭᠣᠣᠯ ᠤ᠋ᠨ ᠡᠬᠢᠨ ᠳ᠋ᠦ᠍《ᠶᠡᠬᠡ ᠵᠠᠰᠠᠭ》 ᠬᠠᠤᠯᠢ ᠶ᠋ᠢᠨ ᠳᠠᠭᠤ ᠣᠯᠠᠨ ᠨᠣᠶᠠᠳ ᠤ᠋ᠨ ᠬᠤᠷᠠᠯᠲᠠᠢ ᠪᠠᠷ ᠶᠡᠬᠡ ᠮᠣᠩᠭᠣᠯ ᠤᠯᠤᠰ ᠤ᠋ᠨ ᠬᠠᠭᠠᠨ ᠢ᠋ᠶ᠋ᠠᠷ ᠡᠷᠭᠦᠮᠵᠢᠯᠡᠭᠳᠡᠬᠦ ᠦᠶ᠎ᠡ ᠳ᠋ᠦ᠍ ᠠᠬ᠎ᠠ ᠬᠤᠪᠢᠯᠠᠢ ᠵᠠᠬᠢᠷᠤᠭᠴᠢ ᠨᠢ ᠱᠠᠩᠳᠤ ᠳ᠋ᠤ᠌ ᠬᠢᠲᠠᠳ ᠤ᠋ᠨ ᠵᠥᠪᠯᠡᠬᠦ ᠲᠦᠰᠢᠮᠡᠳ ᠪᠣᠯᠤᠨ ᠮᠣᠩᠭᠣᠯ ᠤ᠋ᠨ ᠴᠥᠭᠡᠨ ᠨᠣᠶᠠᠳ ᠤ᠋ᠨ ᠬᠤᠤᠪᠢᠯᠳᠤᠭᠠᠨ ᠢ᠋ᠶ᠋ᠠᠷ ᠮᠣᠩᠭᠣᠯ ᠤ᠋ᠨ ᠶᠡᠬᠡ ᠬᠠᠭᠠᠨ ᠰᠢᠷᠡᠭᠡ ᠶ᠋ᠢ ᠪᠤᠯᠢᠶᠠᠯᠳᠤᠭᠰᠠᠨ; ᠨᠢᠭᠡ ᠡᠬᠡ ᠡᠴᠡ ᠲᠥᠷᠥᠭᠰᠡᠨ ᠠᠬ᠎ᠠ ᠳᠡᠭᠦᠦ ᠬᠣᠶᠠᠭᠤᠯᠠ ᠳᠥᠷᠪᠡᠨ ᠵᠢᠯ ᠦ᠋ᠨ ᠲᠤᠷᠰᠢ ᠲᠥᠷᠥ ᠶ᠋ᠢᠨ ᠲᠥᠯᠥᠭᠡ ᠲᠡᠮᠡᠴᠡᠯᠳᠦᠨ ᠳᠠᠢᠳᠤᠵᠤ ᠡᠴᠦᠰ ᠲᠡᠭᠡᠨ ᠠᠷᠢᠬᠪᠦ᠋ᠬᠡ ᠶ᠋ᠢᠨ ᠢᠯᠠᠭᠳᠠᠯ ᠢ᠋ᠶ᠋ᠠᠷ ᠭᠠᠰᠢᠭᠤᠨ ᠲᠡᠮᠡᠴᠡᠯ ᠲᠡᠭᠦᠰᠦᠭᠰᠡᠨ ᠦᠨᠡᠨ ᠲᠡᠦᠬᠡ ᠶ᠋ᠢ ᠬᠠᠷᠠᠭᠤᠯᠤᠭᠰᠠᠨ ᠪᠠᠢᠨ᠎ᠠ᠃
2010.01.01
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
