ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠬᠣᠢᠨᠠᠬᠢ ᠦᠭᠡ> Хүлэг баатар буурч - Б. Өлзийсүрэн <Хойнах үг>
ᠬᠣᠢᠨᠠᠬᠢ ᠦᠭᠡ
ᠬᠣᠢᠨᠠᠬᠢ ᠦᠭᠡ
ᠶᠡᠬᠡ ᠡᠵᠡᠨ ᠴᠢᠩᠭᠢᠰ ᠬᠠᠭᠠᠨ ᠤ᠋ ᠶᠢᠰᠦᠨ ᠥᠷᠯᠥᠭ ᠵᠠᠩᠵᠤᠨ ᠤ᠋ ᠳᠤᠮᠳᠠ ᠠ᠋ᠴᠠ ᠲᠣᠳᠣᠷᠠᠭᠰᠠᠨ ᠳᠥᠷᠪᠡᠨ ᠬᠦᠯᠦᠭ ᠪᠠᠭᠠᠲᠤᠷ ᠤ᠋ᠨ ᠨᠢᠭᠡᠨ ᠪᠣᠭᠤᠷᠴᠢ ᠶ᠋ᠢᠨ ᠳᠦᠷᠢ ᠲᠥᠷᠬᠦ ᠶ᠋ᠢ ᠲᠥᠪᠯᠡᠭᠦᠯᠦᠨ ᠪᠣᠰᠬᠠᠬᠤ ᠶᠡᠬᠡ ᠰᠠᠨᠠᠭ᠎ᠠ ᠡᠪᠦᠷᠯᠡᠵᠦ᠂ ᠴᠢᠳᠠᠨ ᠶᠠᠳᠠᠨ ᠣᠷᠣᠯᠴᠠᠭᠰᠠᠭᠠᠷ ᠡᠪᠦᠭᠡᠨ ᠪᠢᠴᠢᠭᠡᠴᠢ ᠪᠢ ᠪᠡᠷ ᠡᠨᠡ ᠪᠢᠴᠢᠬᠠᠨ ᠨᠣᠮ ᠢ᠋ᠶ᠋ᠠᠨ ᠠᠮᠵᠢᠭᠤᠯᠵᠤ ᠬᠦᠨᠳᠦᠲᠦ ᠤᠩᠰᠢᠭᠴᠢᠳ ᠲᠠᠢ ᠪᠠᠨ ᠵᠣᠯᠭᠠᠭᠰᠠᠨ ᠳ᠋ᠠᠭᠠᠨ ᠶᠡᠬᠡ ᠪᠠᠶᠠᠷᠲᠠᠢ ᠪᠠᠢᠭ᠎ᠠ᠃ ᠲᠠᠪᠠᠲᠠᠢᠬᠠᠨ ᠰᠠᠭᠤᠵᠤ ᠲᠤᠬᠠᠲᠠᠢᠬᠠᠨ ᠤᠩᠰᠢᠭᠠᠳ ᠠᠯᠳᠠᠭᠰᠠᠨ ᠤᠨᠤᠭᠰᠠᠨ ᠢ᠋ ᠳᠠᠩᠰᠠᠯᠠᠨ ᠲᠤᠩᠭᠠᠵᠤ᠂ ᠪᠤᠭᠤᠷᠤᠯ ᠪᠢᠴᠢᠭᠡᠴᠢ ᠳ᠋ᠡᠭᠡᠨ ᠡᠷᠬᠢᠮ ᠰᠤᠷᠭᠠᠯ ᠢ᠋ᠶ᠋ᠠᠨ ᠬᠠᠢᠷᠠᠯᠠᠮᠤ!
ᠡᠪᠦᠭᠡᠨ ᠪᠢᠴᠢᠭᠡᠴᠢ ᠦᠯᠵᠡᠢᠰᠦ᠋ᠷᠦᠩ
2007 ᠣᠨ ᠤ᠋ 4 ᠰᠠᠷ᠎ᠠ ᠶ᠋ᠢᠨ 28
ᠪᠠᠭᠤᠯᠭᠠᠨ ᠬᠡᠪᠯᠡᠭᠦᠯᠦᠭᠴᠢ ᠶ᠋ᠢᠨ ᠦᠭᠡ
ᠬᠣᠷᠴᠢᠳ ᠣᠪᠣᠭᠲᠤ ᠪ᠂ ᠦᠯᠵᠡᠢᠰᠦ᠋ᠷᠦᠩ ᠦ᠋ᠨ ᠨᠥᠷᠢ ᠬᠥᠳᠡᠯᠮᠦᠷᠢ ᠣᠷᠣᠭᠤᠯᠤᠨ ᠪᠠᠢᠵᠤ ᠪᠦᠲᠦᠭᠡᠭᠰᠡᠨ《ᠬᠦᠯᠦᠭ ᠪᠠᠭᠠᠲᠤᠷ ᠪᠤᠭᠤᠷᠴᠢ》 ᠬᠡᠮᠡᠬᠦ ᠷᠣᠮᠠᠨ ᠬᠡᠪᠯᠡᠭᠳᠡᠬᠦ ᠪᠣᠯᠤᠭᠰᠠᠨ᠎ᠠ ᠰᠡᠳᠬᠢᠯ ᠮᠠᠰᠢ ᠥᠨᠳᠥᠷ ᠪᠠᠢᠨ᠎ᠠ᠃ ᠡᠨᠡᠬᠦ ᠷᠣᠮᠠᠨ ᠨᠢ ᠬᠦᠯᠦᠭ ᠪᠠᠭᠠᠲᠤᠷ ᠪᠤᠭᠤᠷᠴᠢ ᠶ᠋ᠢᠨ ᠭᠡᠨᠡᠨ ᠪᠠᠭ᠎ᠠ ᠨᠠᠰᠤᠨ ᠠ᠋ᠴᠠ ᠲᠠᠪᠤᠨ ᠪᠦᠯᠦᠭ ᠪᠣᠯᠭᠠᠵᠤ ᠲᠡᠭᠦᠨ ᠦ᠌ ᠳᠦᠷᠢ ᠲᠥᠷᠬᠦ ᠶ᠋ᠢ ᠥᠰᠴᠦ ᠥᠭᠡᠳᠡᠯᠡᠨ ᠲᠡᠦᠬᠡᠨ ᠪᠡᠶ᠎ᠡ ᠬᠥᠮᠦᠨ ᠪᠣᠯᠵᠤ᠂ ᠨᠠᠶᠠᠨ ᠨᠢᠭᠡᠨ ᠨᠠᠰᠤ ᠶ᠋ᠢ ᠡᠯᠡᠭᠡᠭᠰᠡᠨ ᠵᠡᠷᠭᠡ ᠪᠡᠷ ᠳᠠᠮᠵᠢᠭᠤᠯᠤᠨ ᠵᠢᠷᠤᠭᠯᠠᠨ ᠪᠦᠲᠦᠭᠡᠵᠦ᠂ ᠮᠣᠩᠭᠣᠯ ᠲᠦᠮᠡᠨ ᠦ᠌ ᠮᠢᠨᠢ ᠰᠡᠳᠬᠢᠯ ᠳ᠋ᠦ᠍ ᠮᠥᠩᠬᠡᠵᠢᠬᠦ ᠭᠡᠳᠡᠭ ᠲᠦ᠍ ᠪᠢᠳᠡ ᠢᠲᠡᠭᠡᠯ ᠲᠡᠢ ᠪᠠᠢᠨ᠎ᠠ᠃ ᠲᠣᠳᠣᠷᠠᠭᠤᠯᠤᠨ ᠬᠡᠯᠡᠬᠦ ᠵᠦᠢᠯ ᠭᠡᠪᠡᠯ᠂《ᠪᠣᠭᠣᠷᠴᠢ》᠂(《ᠪᠣᠭᠣᠷᠴᠤ》 ᠭᠡᠮᠡᠨ ᠬᠤᠳᠤᠮ ᠮᠣᠩᠭᠣᠯ ᠦᠰᠦᠭ ᠦ᠋ᠨ ᠲᠡᠦᠬᠡᠨ ᠪᠢᠴᠢᠭ ᠲᠦ᠍ ᠪᠢᠴᠢᠭᠳᠡᠵᠦ ᠪᠠᠢᠳᠠᠭ) ᠭᠡᠳᠡᠭ ᠨᠡᠷ᠎ᠡ ᠨᠢ ᠺᠸᠷᠢᠯ ᠦᠰᠦᠭ ᠦ᠋ᠨ ᠡᠬᠡ ᠮᠠᠲ᠋ᠧᠷᠢᠶᠠᠯ ᠠ᠋ᠴᠠ ᠦᠨᠳᠦᠰᠦᠯᠡᠨ ᠪᠠᠭᠤᠯᠭᠠᠭᠰᠠᠨ ᠶᠤᠮ᠃ ᠲᠤᠰ ᠷᠣᠮᠠᠨ ᠢ᠋《ᠲᠠᠯᠲᠤ ᠴᠢᠨᠣ᠎ᠠ》 ᠨᠠᠢᠷᠠᠭᠤᠯᠤᠨ ᠪᠦᠲᠦᠭᠡᠬᠦ ᠥᠷᠥᠭᠡ ᠶ᠋ᠢᠨ ᠰᠡᠴᠡᠨᠲᠦ ᠨᠥᠬᠥᠷ ᠬᠠᠷᠢᠭᠤᠴᠠᠨ ᠬᠡᠪᠯᠡᠭᠦᠯᠵᠦ᠂ ᠣᠯᠠᠭᠠᠨᠰᠣᠶᠣᠯ᠂ ᠲᠡᠮᠦᠷᠪᠠᠭᠠᠨ᠎ᠠ᠂ ᠰᠡᠴᠡᠩᠭᠤᠸ᠎ᠠ ᠪᠠᠭᠤᠯᠭᠠᠵᠤ᠂ ᠰᠠᠢᠨᠴᠣᠭᠲᠣ ᠬᠢᠨᠠᠯᠲᠠ ᠶ᠋ᠢ ᠭᠦᠢᠴᠡᠳᠬᠡᠨ᠂ ᠺᠣᠮᠫᠢᠦ᠋ᠲ᠋ᠧᠷ ᠪᠡᠷᠯᠡᠯᠲᠡ ᠶ᠋ᠢ ᠠᠯᠲᠠᠨᠰᠠᠩ ᠭᠦᠢᠴᠡᠳᠬᠡᠪᠡ᠃
ᠬᠠᠮᠤᠭ ᠰᠡᠭᠦᠯ ᠳ᠋ᠦ᠍ᠨᠢ ᠲᠤᠰ ᠷᠣᠮᠠᠨ ᠢ᠋ ᠪᠠᠭᠤᠯᠭᠠᠬᠤ᠂ ᠬᠢᠨᠠᠬᠤ᠂ ᠪᠠᠷᠠᠯᠠᠬᠤ ᠶᠠᠪᠤᠴᠠ ᠳ᠋ᠤ᠌ ᠠᠯᠳᠠᠭ᠎ᠠ ᠣᠨᠣᠰᠢ ᠲᠠᠢ ᠪᠠᠢᠬᠤ ᠨᠢ ᠳᠠᠮᠵᠢᠭ ᠦᠭᠡᠢ᠃ ᠦᠵᠡᠬᠦ ᠮᠡᠷᠭᠡᠳ ᠠᠭᠤᠴᠢᠯᠠᠯ ᠳ᠋ᠠᠭᠠᠨ ᠪᠠᠭᠲᠠᠭᠠᠮᠤ!
ᠨᠣᠮ ᠤ᠋ᠨ ᠴᠠᠭᠠᠨ ᠪᠤᠶᠠᠨ ᠳᠡᠯᠭᠡᠷᠡᠲᠦᠭᠡᠢ!
ᠪᠠᠭᠤᠯᠭᠠᠨ ᠬᠡᠪᠯᠡᠭᠦᠯᠦᠭᠴᠢ ᠡᠴᠡ
2008 ᠣᠨ ᠤ᠋ 9 ᠰᠠᠷ᠎ᠠ
ᠨᠣᠮᠢᠨ ᠲᠠᠯ᠎ᠠ ᠴᠤᠪᠤᠷᠠᠯ
ᠬᠦᠯᠦᠭ ᠪᠠᠭᠠᠲᠤᠷ ᠪᠤᠭᠤᠷᠴᠢ
[ᠮᠣᠩᠭᠣᠯ] ᠪ᠂ ᠥᠯᠵᠡᠢᠰᠥ᠋ᠷᠦᠩ ᠵᠣᠬᠢᠶᠠᠪᠠ
ᠮ᠂ ᠰᠡᠴᠡᠩᠭᠤᠸ᠎ᠠ᠂ ᠤᠯᠠᠭᠠᠨᠰᠣᠶᠣᠯ᠂ ᠲᠡᠮᠤᠷᠪᠠᠭᠠᠨ᠎ᠠ ᠪᠠᠭᠤᠯᠭᠠᠪᠠ
ᠠᠯᠤᠰ ᠤ᠋ᠨ ᠪᠠᠷ᠎ᠠ ᠬᠡᠪᠯᠡᠯ ᠦ᠋ᠨ ᠬᠣᠷᠢᠶ᠎ᠠ ᠬᠡᠪᠯᠡᠭᠦᠯᠦᠨ ᠲᠠᠷᠬᠠᠭᠠᠪᠠ
ᠥᠪᠥᠷ ᠮᠣᠩᠭᠣᠯ ᠤ᠋ᠨ ᠨᠠᠮ ᠤ᠋ᠨ ᠰᠤᠷᠭᠠᠭᠤᠯᠢ ᠶ᠋ᠢᠨ ᠬᠡᠪᠯᠡᠬᠦ ᠦᠢᠯᠡᠳᠪᠦᠷᠢ ᠬᠡᠪᠯᠡᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠵᠦᠰᠦᠮ ᠦ᠋ᠨ ᠢᠯᠭᠠᠯ᠄850 ×1168 1/32
ᠬᠡᠪᠯᠡᠯ ᠦ᠋ᠨ ᠬᠠᠭᠤᠳᠠᠰᠤ᠄13.375
ᠦᠰᠦᠭ ᠦ᠋ᠨ ᠲᠣᠭ᠎ᠠ ᠄ 300 ᠮᠢᠩᠭ᠎ᠠ
2008 ᠣᠨ ᠤ᠋9 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
2008 ᠣᠨ ᠤ᠋9 ᠰᠠᠷ᠎ᠠ ᠳ᠋ᠤ᠌ ᠠᠩᠬ᠎ᠠ ᠤᠳᠠᠭ᠎ᠠ ᠬᠡᠪᠯᠡᠪᠡ
ᠬᠡᠪᠯᠡᠭᠦᠯᠦᠭᠰᠡᠨ ᠲᠣᠭ᠎ᠠ᠄ 2000 ᠳᠡᠪᠲᠡᠷ
1SBN 978—7—80723—207—0
ᠦᠨ᠎ᠡ᠄32.00 ᠲᠥᠭᠥᠷᠢᠭ
ᠦᠰᠦᠭ ᠠᠮᠢᠯᠠᠭᠤᠯᠤᠭᠴᠢ᠄ ᠮᠣᠩᠭᠣᠯ ᠰᠣᠶᠣᠯ᠂ ᠬᠠᠢ ᠶᠢᠩ᠂ ᠪᠣᠷᠵᠢᠭᠢᠨ ᠰᠡᠴᠡᠨᠬᠦᠦ᠂
ᠴᠠᠭᠰᠤᠯᠮᠠ᠂ ᠪᠤᠤ ᠶ᠋ᠢᠨ ᠿᠦᠩ᠂ ᠯᠢᠶᠠᠩ ᠵᠢᠶᠸᠰᠸᠷ᠂
ᠪᠠᠶᠠᠷ᠂ ᠪᠢᠯᠢᠬᠦᠨᠳᠠᠯᠠᠢ᠂ ᠰᠣᠶᠣᠯᠪᠠᠭᠠᠲᠤᠷ᠂ ᠪᠤᠤ ᠳᠣᠷᠣᠨ᠎ᠠ᠂
ᠮᠥᠴᠢᠷ᠂ ᠬᠠᠨ ᠱᠢ ᠵᠢᠶᠦ᠋ᠨ᠂ ᠯᠠᠪᠳᠠᠮᠠ
ᠦᠰᠦᠭ ᠬᠢᠨᠠᠭᠴᠢ᠄ ᠬᠠᠷᠠᠮᠠ᠂ ᠳᠡᠭᠦᠦᠵᠠᠶᠠᠭ᠎ᠠ᠂ ᠳᠠᠯᠠᠢᠪᠠᠶᠠᠷ᠂ ᠪᠤᠤ ᠰᠠᠷᠠᠨ᠎ᠠ᠂ ᠰᠸᠷᠡᠩ
