ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠭᠦᠰᠭᠡᠯ ᠪᠦᠯᠦᠭ - 41> Хүлэг баатар буурч - Б. Өлзийсүрэн <Төгсгөл бүлэг-41>
ᠨᠠᠰᠤᠨ ᠭᠥᠰᠭᠡ ᠡᠯᠡᠵᠦ ᠡᠮᠲᠡᠷᠡᠭᠰᠡᠨ ᠲᠡᠭᠦᠰᠭᠡᠯ ᠪᠦᠯᠦᠭ
ᠳᠥᠴᠢᠨ ᠨᠢᠭᠡ
ᠦᠨᠳᠦᠰᠦ ᠲᠡᠢ ᠮᠣᠳᠣ ᠤᠷᠭᠤᠳᠠᠭ
ᠦᠵᠦᠭᠦᠷ ᠲᠡᠢ ᠮᠣᠳᠣ ᠨᠠᠢᠭᠤᠳᠠᠭ
ᠲᠠᠩᠭᠤᠳ ᠤᠯᠤᠰ ᠢ᠋ ᠡᠵᠡᠯᠡᠨ ᠳᠠᠭᠠᠭᠤᠯᠤᠭᠠᠳ ᠪᠦᠲᠦᠨ ᠵᠢᠯ ᠦ᠋ᠨ ᠨᠢᠭᠤᠷ ᠦᠵᠡᠵᠦ᠂ ᠠᠯᠲᠠᠢ ᠨᠤᠲᠤᠭ ᠤ᠋ᠨ ᠬᠢᠨ ᠭᠠᠬᠠᠢ ᠵᠢᠯ ᠦ᠋ᠨ ᠬᠠᠲᠠᠭᠤᠬᠠᠨ ᠡᠪᠦᠯ ᠢ᠋ ᠵᠤᠲᠠᠷᠠᠭᠤᠨ ᠳᠠᠪᠠᠵᠤ᠂ ᠵᠤᠨ ᠲᠠᠢ ᠵᠣᠯᠭᠠᠭᠠᠳ ᠠᠮᠤᠭᠤᠯᠠᠩ ᠲᠠᠢᠪᠤᠩ᠃ ᠶᠠᠪᠤᠭᠰᠠᠨ ᠴᠡᠷᠢᠭ ᠦ᠋ᠳ ᠦ᠋ᠨ ᠶᠡᠬᠡᠩᠬᠢ ᠪᠤᠴᠠᠵᠤ ᠢᠷᠡᠯ᠎ᠡ᠃ ᠦᠬᠦᠵᠦ ᠦᠷᠡᠭᠳᠡᠨ ᠡᠯᠢᠭᠡ ᠡᠮᠲᠡᠯᠦᠭᠰᠡᠨ ᠨᠢ ᠪᠠᠰᠠ ᠴᠥᠭᠡᠨ ᠦᠭᠡᠢ᠃ ᠲᠡᠨᠳᠡ ᠶᠠᠩᠵᠤ ᠪᠦᠷᠢ ᠶ᠋ᠢᠨ ᠠᠯᠪᠠᠨ ᠳ᠋ᠤ᠌ ᠦᠯᠡᠳᠡᠭᠰᠡᠨ ᠴᠦ᠍ ᠪᠣᠢ ᠭᠡᠨ᠎ᠡ᠃ ᠡᠪᠦᠭᠡᠨ ᠪᠣᠭᠣᠷᠴᠢ ᠣᠨᠣᠭᠳᠠᠭᠰᠠᠨ ᠮᠢᠩᠭᠠᠲᠤ ᠪᠠᠨ ᠡᠵᠡᠮᠰᠢᠨ ᠵᠠᠬᠢᠷᠤᠭᠠᠳ ᠲᠠᠪᠠᠯᠠᠭ ᠠᠵᠤᠭᠤ᠃
ᠬᠦᠦ ᠪᠣᠷᠬᠠᠢ ᠥᠩᠭᠡᠷᠡᠬᠦ ᠵᠤᠨ ᠤ᠋ ᠰᠡᠭᠦᠯᠴᠢ ᠪᠡᠷ ᠢᠷᠡᠵᠦ᠂ ᠡᠴᠢᠭᠡ ᠡᠬᠡ ᠶ᠋ᠢᠨ ᠢ᠋ᠶ᠋ᠡᠨ ᠮᠠᠩᠨᠠᠢ ᠲᠡᠨᠢᠢᠯᠭᠡᠭᠰᠡᠨ ᠪᠢᠯᠡ᠃ ᠭᠡᠪᠡᠴᠦ ᠪᠤᠴᠠᠭᠠᠳ ᠶᠠᠪᠤᠴᠢᠬᠠᠯ᠎ᠠ᠃ ᠠᠯᠠᠱᠠ ᠨᠤᠲᠤᠭ ᠤ᠋ᠨ ᠪᠦᠭᠦᠳᠡ ᠶ᠋ᠢ ᠶᠦᠮ ᠤᠤ᠂ ᠬᠠᠭᠠᠰ ᠢ᠋ ᠶᠦᠮ ᠤᠤ ᠥᠭᠭᠦᠭᠰᠡᠨ ᠭᠡᠨ᠎ᠡ᠃ ᠶᠡᠬᠡ ᠯᠡ ᠭᠠᠪᠢᠶ᠎ᠠ ᠪᠠᠢᠭᠤᠯᠵᠤ ᠳᠠ᠃ ᠲᠡᠷᠡ ᠵᠠᠯᠠᠭᠤ ᠡᠴᠢᠭᠡ ᠥᠪᠡᠷ ᠢ᠋ᠶ᠋ᠡᠨ ᠠᠯᠠᠱᠠ ᠳ᠋ᠤ᠌ ᠤᠤᠭᠠᠨ ᠬᠦᠦ ᠪᠡᠨ ᠵᠦᠢ ᠳ᠋ᠦ᠍ ᠣᠴᠢᠭᠤᠯᠵᠤ᠂ ᠲᠡᠷᠡ ᠨᠤᠲᠤᠭ ᠣᠷᠣᠨ ᠢ᠋ ᠵᠠᠬᠢᠷᠤᠭᠤᠯᠤᠨ᠎ᠠ ᠭᠡᠨ᠎ᠡ᠃ ᠠᠯᠤᠰ ᠲᠠᠭᠠᠨ ᠡᠨᠡ ᠬᠣᠶᠠᠳᠤᠭᠠᠷ ᠮᠢᠩᠭᠠᠲᠤ ᠳ᠋ᠤ᠌ ᠡᠵᠡᠨ ᠬᠡᠷᠡᠭ ᠲᠡᠢ ᠲᠤᠯᠠ ᠲᠠᠰ ᠬᠦᠦ ᠶ᠋ᠢ ᠨᠢ ᠠᠪᠴᠤ ᠦᠯᠡᠳᠡᠪᠡ᠃ ᠡᠪᠦᠭᠡᠨ ᠪᠣᠭᠣᠷᠴᠢ ᠬᠦᠦ ᠲᠡᠢ ᠪᠡᠨ ᠠᠭᠤᠯᠵᠠᠩᠭᠤᠲᠠ ᠪᠠᠨ ᠯᠠ ᠡᠵᠡᠨ ᠬᠠᠭᠠᠨ ᠢ᠋ ᠠᠰᠠᠭᠤᠭᠰᠠᠨ᠃ ᠲᠡᠷᠡ ᠪᠡᠷ《ᠡᠵᠡᠨ ᠬᠠᠭᠠᠨ ᠳᠠᠢᠰᠤᠨ ᠢ᠋ᠶ᠋ᠠᠨ ᠳᠠᠷᠤᠵᠤ ᠳᠠᠷᠬᠠᠨ ᠴᠣᠯᠠ ᠪᠠᠨ ᠮᠠᠨᠳᠤᠭᠤᠯᠤᠭᠠᠳ ᠨᠤᠲᠤᠭ ᠮᠣᠷᠢᠯᠠᠭᠰᠠᠨ》 ᠭᠡᠰᠡᠨ ᠡᠴᠡ ᠥᠭᠡᠷ᠎ᠡ ᠶᠠᠭᠤᠮ᠎ᠠ ᠬᠡᠯᠡᠭᠰᠡᠨ ᠦᠭᠡᠢ᠃ ᠢᠩᠭᠢᠵᠦ ᠵᠢᠯ ᠥᠩᠭᠡᠷᠡᠬᠦ ᠳ᠋ᠦ᠍ ᠡᠵᠡᠨ ᠬᠠᠭᠠᠨ ᠤ᠋ ᠲᠤᠬᠠᠢ ᠡᠨᠡ ᠠᠯᠤᠰ ᠬᠣᠯᠠ ᠶ᠋ᠢᠨ ᠠᠯᠲᠠᠢ ᠨᠤᠲᠤᠭ ᠲᠤ ᠡᠰᠡᠨ ᠪᠤᠰᠤ ᠶ᠋ᠢᠨ ᠡᠯᠳᠡᠪ ᠶᠠᠭᠤᠮ᠎ᠠ ᠰᠢᠪᠡᠷ ᠢᠪᠢᠷ ᠲᠡᠳᠦᠢ᠂ ᠰᠢᠪᠠᠭᠤ ᠴᠦ᠍ ᠢᠷᠡᠵᠦ ᠵᠢᠷᠭᠢᠵᠦ ᠴᠢᠳᠠᠬᠤ ᠦᠭᠡᠢ ᠳᠠᠩᠴᠢ ᠬᠣᠯᠠ ᠶᠤᠮ ᠳᠠ᠃ ᠡᠯᠢᠶ᠎ᠡ ᠢᠨᠴᠠᠭᠠᠵᠤ᠂ ᠬᠡᠷᠢᠶ᠎ᠡ ᠭᠤᠸᠠᠭᠯᠠᠬᠤ ᠠᠪᠠᠴᠤ ᠬᠠᠮᠢᠭᠠᠬᠢ ᠶ᠋ᠢᠨ ᠡᠯᠢᠶ᠎ᠡ ᠬᠡᠷᠢᠶ᠎ᠡ ᠶᠠᠭᠤ ᠭᠡᠳ ᠪᠠᠢᠭ᠎ᠠ ᠬᠡᠨ ᠮᠡᠳᠡᠬᠦ ᠪᠣᠢ?
ᠪᠠᠷᠠᠭᠤᠨ ᠪᠠᠭ᠎ᠠ ᠭᠠᠷ ᠤ᠋ᠨ ᠵᠠᠬᠢᠷᠤᠭᠴᠢ ᠶ᠋ᠢᠨ ᠡᠯᠴᠢ ᠲᠦᠰᠢᠮᠡᠯ ᠢᠷᠡᠵᠦ᠂ ᠡᠵᠡᠨ ᠬᠠᠭᠠᠨ ᠤ᠋ ᠠᠯᠪᠠᠨ ᠲᠠᠲᠠᠪᠤᠷᠢ ᠭᠡᠮᠡᠨ ᠠᠪᠬᠤ ᠪᠠᠨ ᠠᠪᠤᠭᠠᠳ ᠶᠠᠪᠤᠭᠰᠠᠨ᠃ ᠨᠢᠭᠡᠳᠦᠭᠰᠡᠨ ᠮᠣᠩᠭᠣᠯ ᠤᠯᠤᠰ ᠲᠣᠭᠲᠠᠨᠢᠭᠰᠠᠨ ᠠ᠋ᠴᠠ ᠬᠣᠢᠰᠢᠬᠢ ᠬᠣᠷᠢᠨ ᠨᠢᠭᠡᠨ ᠵᠢᠯ ᠳ᠋ᠦ᠍ ᠳᠣᠲᠣᠭᠠᠳᠤ ᠨᠤᠲᠤᠭ ᠲᠤ ᠲᠡᠢᠨ ᠭᠡᠵᠦ ᠶᠠᠭᠤ ᠪᠠᠢᠳᠠᠭ ᠢ᠋ ᠪᠠᠷᠤᠭ ᠮᠠᠷᠲᠠᠬᠤ ᠰᠢᠬᠠᠵᠤ᠂ ᠠᠯᠪᠠ ᠭᠤᠪᠴᠢᠭᠤᠷ ᠴᠦ᠍ ᠲᠤᠩ ᠪᠠᠭ᠎ᠠ᠂ ᠬᠠᠮᠢᠭ᠎ᠠ ᠭᠠᠵᠠᠷ ᠤ᠋ᠨ ᠬᠤᠳᠠᠯᠳᠤᠭᠠᠴᠢᠳ ᠬᠣᠯᠬᠢᠨ᠂ ᠡᠳ᠋ ᠵᠦᠢᠯ ᠴᠦ᠍ ᠡᠯᠪᠡᠭ᠂ ᠮᠠᠯ ᠤ᠋ᠨ ᠠᠷᠠᠰᠤ ᠰᠢᠷᠢ ᠨᠣᠣᠰᠣ ᠦᠰᠦ᠂ ᠠᠩ ᠣᠯᠵᠠᠪᠤᠷᠢ ᠶ᠋ᠢᠨ ᠵᠦᠢᠯ ᠪᠣᠷᠣᠯᠠᠭᠤᠯᠵᠤ᠂ ᠲᠦᠮᠡᠨ ᠣᠯᠠᠨ ᠤ᠋ ᠠᠮᠢᠵᠢᠷᠠᠭ᠎ᠠ ᠰᠠᠢᠨ᠂ ᠡᠯᠪᠡᠭ ᠪᠠᠶᠠᠨ ᠠᠵᠤᠭᠤ᠃ ᠬᠠᠷᠢᠨ ᠬᠦᠦ ᠪᠡᠨ ᠴᠡᠷᠢᠭ ᠲᠦ᠍ ᠮᠣᠷᠳᠠᠭᠤᠯᠵᠤ᠂ ᠠᠯᠤᠰ ᠭᠠᠵᠠᠷ ᠲᠡᠢᠨ ᠳ᠋ᠦ᠍ ᠶᠠᠪᠤᠭᠤᠯᠤᠭᠰᠠᠨ ᠠᠢᠯ ᠡᠷᠦᠬᠡ ᠲᠡᠳᠡᠨ ᠦ᠌ ᠰᠤᠷᠠᠭ ᠴᠢᠮᠡᠭᠡ ᠶ᠋ᠢ ᠰᠣᠨᠣᠰᠴᠤ ᠴᠢᠬᠢ ᠴᠢᠩᠨᠠᠵᠤ ᠨᠢᠳᠦ ᠬᠥᠭᠡᠷᠦᠨ᠎ᠡ᠃
ᠡᠵᠡᠨ ᠬᠠᠭᠠᠨ ᠤ᠋ ᠳᠡᠷᠭᠡᠳᠡᠬᠢ ᠶ᠋ᠢᠨ ᠠᠯᠪᠠᠨ ᠠ᠋ᠴᠠ ᠲᠣᠭᠳᠣᠢ ᠲᠠᠢ ᠪᠢᠲᠡᠭᠦᠮᠵᠢ ᠢᠷᠡᠪᠡ᠃ ᠡᠪᠦᠭᠡᠨ ᠵᠠᠩᠵᠤᠨ ᠣᠢᠷ᠎ᠠ ᠳ᠋ᠤ᠌ ᠪᠢᠴᠢᠭ ᠵᠢᠭᠠᠪᠤᠷᠢ᠂ ᠲᠤᠰᠢᠶᠠᠯ ᠦᠵᠡᠭᠡ ᠦᠭᠡᠢ ᠲᠤᠯᠠ ᠶᠠᠭᠠᠷᠠᠪᠴᠢᠯᠠᠨ ᠵᠠᠳᠠᠯᠵᠤ ᠦᠵᠡᠪᠡᠰᠦ《ᠵᠤᠨ ᠤ᠋ ᠳᠤᠮᠳᠠ ᠰᠠᠷ᠎ᠠ ᠶ᠋ᠢᠨ15 — 16 ᠤ᠋ ᠰᠠᠢᠨ ᠡᠳᠦᠷ ᠶᠡᠬᠡ ᠶᠣᠰᠣᠯᠠᠯ᠂ ᠬᠤᠷᠠᠯᠳᠠᠢ ᠪᠣᠯᠤᠨ᠎ᠠ᠃ ᠡᠵᠡᠭᠲᠡᠢ ᠬᠠᠲᠤᠨ ᠤ᠋ ᠪᠠᠨ ᠬᠠᠮᠲᠤ ᠮᠣᠷᠢᠯᠠᠨ ᠢᠷᠡᠭᠡᠰᠦᠭᠡᠢ》 ᠭᠡᠰᠡᠨ ᠲᠤᠩ ᠲᠣᠪᠴᠢᠬᠠᠨ ᠲᠤᠰᠢᠶᠠᠯ ᠠᠵᠢ᠃
ᠪᠣᠭᠣᠷᠴᠢ ᠡᠪᠦᠭᠡᠨ《ᠶᠣᠰᠣᠯᠠᠯ》 ᠭᠡᠳᠡᠭ ᠪᠢᠲᠡᠭᠦᠦ ᠦᠭᠡᠨ ᠳ᠋ᠡᠭᠡᠨ ᠭᠠᠢᠬᠠᠰᠬᠢᠪᠡ᠃ ᠶᠡᠷᠦ ᠨᠢ ᠬᠤᠷᠠᠯᠳᠠᠢ ᠳ᠋ᠤ᠌ ᠬᠥᠯ ᠠᠯᠲᠠᠨ ᠬᠥᠳᠡᠯᠬᠦ ᠪᠡᠷ ᠵᠡᠬᠡᠵᠦ ᠠᠪᠠᠢ᠃ ᠲᠡᠭᠦᠰᠬᠡᠨ ᠪᠡᠶ᠎ᠡ ᠲᠠᠭᠠᠷᠠᠤ ᠭᠡᠮᠡᠨ ᠡᠬᠢᠨ ᠳ᠋ᠡᠭᠡᠨ ᠴᠠᠭᠠᠷᠢᠭᠯᠠᠪᠠᠴᠤ ᠪᠡᠯᠪᠡᠰᠦᠨ ᠥᠬᠢᠨ ᠢ᠋ᠶ᠋ᠡᠨ ᠡᠷᠭᠢᠵᠦ ᠣᠴᠢᠬᠤ ᠶ᠋ᠢ ᠪᠣᠳᠣᠵᠤ ᠶᠠᠪᠤᠬᠤ ᠪᠠᠷ ᠪᠣᠯᠪᠠ᠃ ᠶᠣᠰᠣᠯᠠᠯ ᠤ᠋ᠨ ᠡᠳᠦᠷ ᠰᠠᠷ᠎ᠠ ᠲᠣᠳᠣᠷᠬᠠᠢ ᠲᠤᠯᠠ ᠲᠡᠷᠡ ᠬᠣᠶᠠᠷ ᠮᠥᠨ ᠯᠡ ᠬᠣᠶᠠᠷ ᠳᠠᠭᠠᠭᠤᠯ ᠲᠠᠢ ᠴᠣᠬᠣᠮ ᠠᠭᠠᠵᠢᠭᠤ ᠠᠭᠠᠵᠢᠭᠤ ᠶᠠᠪᠤᠵᠤ ᠬᠡᠷᠦᠯᠦᠨ ᠦ᠌ ᠬᠥᠳᠡᠭᠡ ᠠᠷᠠᠯ ᠳ᠋ᠤ᠌ ᠢᠷᠡᠪᠡ᠃
ᠥᠷᠯᠥᠭᠡ ᠬᠠᠭᠠᠨ ᠤ᠋ ᠶᠡᠬᠡ ᠬᠤᠷᠠᠯᠲᠠᠢ ᠶ᠋ᠢᠨ ᠣᠷᠳᠣᠨ ᠦᠷᠭᠦᠭᠡᠨ ᠳ᠋ᠦ᠍ ᠶᠡᠬᠡᠰ ᠳᠡᠭᠡᠳᠦᠰ ᠮᠢᠩᠭᠠᠨ ᠤ᠋ ᠨᠣᠶᠠᠳ ᠬᠤᠷᠠᠨ ᠴᠤᠭᠯᠠᠷᠠᠵᠠᠢ᠃ ᠲᠡᠳᠦᠢᠯᠡ ᠵᠠᠷᠯᠠᠵᠤ ᠲᠤᠩᠬᠠᠭᠯᠠᠭᠠ ᠦᠭᠡᠢ ᠴᠦ᠍ ᠡᠨᠡ ᠬᠤᠷᠠᠯᠳᠠᠢ ᠴᠣᠬᠣᠮ ᠶᠠᠭᠤ ᠰᠢᠢᠳᠬᠦ ᠨᠢ ᠲᠣᠳᠣᠷᠬᠠᠢ ᠪᠣᠯᠪᠠ᠃
ᠬᠤᠷᠠᠯᠲᠠᠢ ᠳ᠋ᠤ᠌ ᠪᠠᠷᠠᠭᠤᠨ ᠭᠠᠷ ᠢ᠋ ᠡᠵᠡᠯᠡᠭᠰᠡᠨ ᠴᠠᠭᠠᠲᠠᠢ᠂ ᠪᠠᠲᠤ ᠲᠡᠷᠢᠭᠦᠲᠦ ᠬᠥᠪᠡᠭᠦᠳ᠂ ᠣᠳᠴᠢᠬᠢᠨ ᠨᠣᠶᠠᠨ᠂ ᠶᠢᠬᠦ᠂ ᠶᠢᠰᠦᠩᠭᠡ ᠲᠡᠷᠢᠭᠦᠲᠦ ᠵᠡᠭᠦᠨ ᠭᠠᠷ ᠢ᠋ ᠡᠵᠡᠯᠡᠭᠰᠡᠨ ᠬᠥᠪᠡᠭᠦᠳ᠂ ᠲᠤᠯᠤᠢ ᠲᠡᠷᠢᠭᠦᠲᠦ ᠭᠣᠣᠯ ᠢ᠋ ᠡᠵᠡᠯᠡᠭᠰᠡᠨ ᠬᠥᠪᠡᠭᠦᠳ ᠥᠬᠢᠳ᠂ ᠲᠦᠮᠡᠨ ᠦ᠌ ᠨᠣᠶᠠᠳ᠂ ᠮᠢᠩᠭᠠᠨ ᠤ᠋ ᠨᠣᠶᠠᠳ ᠣᠷᠣᠵᠤ ᠶᠡᠬᠡ ᠬᠠᠲᠤᠨ ᠪᠦᠷᠲᠡᠭᠡᠯᠵᠢᠨ ᠰᠠᠭᠤᠵᠠᠢ᠃ ᠴᠠᠭᠠᠲᠠᠢ ᠪᠦᠬᠦ ᠨᠣᠶᠠᠳ ᠤ᠋ᠨ ᠡᠮᠦᠨ᠎ᠡ ᠶᠣᠰᠣᠯᠠᠨ ᠮᠡᠬᠦᠢᠵᠦ᠄
— ᠡᠴᠢᠭᠡ᠂ ᠡᠵᠡᠨ ᠴᠢᠩᠭᠢᠰ ᠬᠠᠭᠠᠨ ᠲᠠᠭᠠᠯᠠᠯ ᠲᠡᠭᠦᠰᠴᠦ ᠲᠡᠭᠦᠨ ᠢ᠋ ᠨᠢᠭᠤᠴᠠᠯᠠᠨ ᠬᠦᠨᠳᠦᠯᠡᠵᠦ ᠨᠢᠭᠡ ᠵᠢᠯ ᠦ᠋ᠨ ᠨᠢᠭᠤᠷ ᠦᠵᠡᠯ᠎ᠡ᠃ ᠤᠯᠤᠰ ᠡᠵᠡᠨ ᠦᠭᠡᠢ ᠤᠳᠠᠭᠠᠨ ᠪᠠᠢᠵᠤ ᠦᠯᠦ ᠪᠣᠯᠬᠤ ᠲᠤᠯᠠ ᠡᠴᠢᠭᠡ ᠶ᠋ᠢᠨ ᠭᠡᠷᠢᠶᠡᠰᠦ ᠶᠣᠰᠣ ᠪᠠᠷ ᠭᠤᠲᠠᠭᠠᠷ ᠬᠥᠪᠡᠭᠦᠨ ᠥᠭᠡᠳᠡᠢ ᠶ᠋ᠢ ᠬᠠᠭᠠᠨ ᠡᠴᠢᠭᠡ ᠶ᠋ᠢᠨ ᠣᠷᠣ ᠰᠠᠭᠤᠯᠭᠠᠬᠤ ᠪᠠᠷ ᠳᠡᠪᠰᠢᠭᠦᠯᠵᠦ ᠪᠠᠢᠨ᠎ᠠ ᠬᠡᠮᠡᠭᠡᠳ ᠬᠠᠨ ᠬᠦᠦ ᠶ᠋ᠢᠨ ᠭᠠᠪᠢᠶ᠎ᠠ ᠵᠢᠳᠬᠦᠯ᠂ ᠡᠷᠳᠡᠮ ᠴᠢᠳᠠᠪᠤᠷᠢ ᠶ᠋ᠢ ᠮᠠᠭᠲᠠᠨ《ᠨᠣᠶᠠᠳ ᠲᠠ ᠪᠦᠬᠦᠨ ᠦ᠌ ᠲᠠᠭᠠᠯᠠᠯ ᠳ᠋ᠤ᠌ ᠰᠢᠲᠦᠶ᠎ᠡ》 ᠬᠡᠮᠡᠪᠡᠰᠦ᠄
— ᠮᠥᠩᠬᠡ ᠲᠩᠷᠢ ᠶ᠋ᠢᠨ ᠬᠦᠴᠦᠨ ᠳ᠋ᠦ᠍ᠷ ᠶᠡᠬᠡ ᠮᠣᠩᠭᠣᠯ ᠤᠯᠤᠰ ᠤ᠋ᠨ ᠳᠠᠯᠠᠢ ᠶᠡᠬᠡ ᠬᠠᠭᠠᠨ ᠤ᠋ ᠵᠠᠷᠯᠢᠭ᠂ ᠭᠡᠷᠢᠶᠡᠰᠦᠨ ᠳ᠋ᠦ᠍ᠷ ᠮᠥᠷᠭᠥᠮᠦ᠂ ᠪᠢᠰᠢᠷᠡᠮᠦ ᠭᠡᠮᠡᠨ ᠤᠤᠬᠠᠢ ᠲᠦᠷᠢᠵᠦ᠂ ᠥᠭᠡᠳᠡᠢ ᠶ᠋ᠢ ᠢᠰᠡᠭᠡᠢ ᠳᠡᠭᠡᠷ᠎ᠡ ᠡᠷᠭᠦᠨ ᠶᠢᠰᠦᠨ ᠬᠥᠯᠲᠦ᠂ ᠴᠠᠭᠠᠨ ᠲᠤᠭ ᠤ᠋ᠨ ᠡᠮᠦᠨ᠎ᠡ ᠠᠪᠴᠢᠷᠠᠵᠤ ᠪᠠᠭᠤᠯᠭᠠᠪᠠ᠃ ᠬᠠᠨ ᠬᠦᠦ ᠲᠤᠭ ᠤ᠋ᠨ ᠡᠮᠦᠨ᠎ᠡ ᠮᠡᠬᠦᠢᠨ ᠰᠥᠭᠥᠳᠴᠦ ᠮᠥᠷᠭᠥᠭᠡᠳ ᠡᠴᠢᠭᠡ ᠶ᠋ᠢᠨ ᠵᠠᠯᠠᠷᠠᠵᠤ ᠠᠭᠰᠠᠨ ᠬᠠᠭᠠᠨ ᠤ᠋ ᠰᠠᠨᠳᠠᠯᠢ ᠳ᠋ᠤ᠌ ᠣᠴᠢᠵᠤ ᠰᠠᠭᠤᠨ᠂ ᠬᠠᠰᠪᠣᠣ ᠲᠠᠮᠠᠭ᠎ᠠ ᠶ᠋ᠢ ᠭᠠᠷᠳᠠᠵᠤ ᠠᠪᠤᠭᠠᠳ᠂ ᠲᠠᠮᠠᠭᠠᠨ ᠳᠡᠭᠡᠷ᠎ᠡ ᠪᠠᠷᠠᠭᠤᠨ ᠭᠠᠷ ᠢ᠋ᠶ᠋ᠠᠨ ᠲᠠᠯᠪᠢᠵᠤ᠄
— ᠮᠢᠨᠦ ᠵᠠᠷᠯᠢᠭ᠂ ᠡᠴᠢᠭᠡ ᠴᠢᠩᠭᠢᠰ ᠬᠠᠭᠠᠨ ᠤ᠋ ᠬᠦᠰᠡᠵᠦ ᠰᠠᠨᠠᠵᠤ ᠶᠠᠪᠤᠭᠰᠠᠨ ᠢ᠋ ᠰᠠᠬᠢᠨ ᠪᠡᠶᠡᠯᠡᠭᠦᠯᠵᠦ ᠠᠯᠲᠠᠨ ᠤᠯᠤᠰ᠂ ᠪᠠᠭᠲᠠᠳ᠋ ᠢᠨ ᠬᠠᠯᠢᠹᠲ᠂ ᠮᠠᠵᠠᠷ᠂ ᠭᠧᠷᠮᠠᠨ᠂ ᠭᠠᠤᠯᠢ ᠤᠯᠤᠰ ᠤ᠋ᠳ ᠢ᠋ ᠪᠦᠷᠢᠨ᠎ᠡ ᠡᠷᠬᠡᠨ ᠳ᠋ᠡᠭᠡᠨ ᠣᠷᠣᠭᠤᠯᠬᠤ᠂ ᠣᠳᠣ ᠶ᠋ᠢᠨ ᠪᠠᠢᠭ᠎ᠠ ᠤᠯᠤᠰ ᠣᠷᠣᠨ ᠢ᠋ᠶ᠋ᠠᠨ ᠲᠣᠬᠣᠨᠢᠭᠤᠯᠵᠤ ᠬᠥᠯ ᠬᠥᠰᠡᠷ᠂ ᠭᠠᠷ ᠭᠠᠵᠠᠷ ᠲᠠᠯᠪᠢᠭᠤᠯᠤᠨ ᠠᠮᠤᠭᠤᠯᠠᠩ ᠡᠩᠬᠡ ᠪᠣᠯᠭᠠᠬᠤ ᠶ᠋ᠢ ᠲᠠᠩᠭᠠᠷᠢᠭᠯᠠᠨ᠎ᠠ᠃ ᠮᠢᠨᠦ ᠡᠨᠡ ᠵᠠᠷᠯᠢᠭ ᠢ᠋ ᠴᠠᠭᠠᠨ ᠴᠠᠭᠠᠰᠤᠨ ᠳᠡᠭᠡᠷ᠎ᠡ ᠬᠠᠷ᠎ᠠ ᠪᠡᠬᠡ ᠪᠡᠷ ᠪᠢᠴᠢᠵᠦ ᠲᠠᠮᠠᠭ᠎ᠠ ᠳᠠᠷᠤᠵᠤ ᠬᠦᠴᠦᠨ ᠲᠡᠭᠦᠯᠳᠡᠷ ᠪᠣᠯᠭ᠎ᠠ ᠭᠡᠮᠡᠨ ᠠᠩᠬᠠᠨ ᠤ᠋ ᠵᠠᠷᠯᠢᠭ ᠢ᠋ᠶ᠋ᠠᠨ ᠭᠠᠷᠭᠠᠪᠠ᠃
ᠳᠠᠷᠠᠭ᠎ᠠ ᠨᠢ ᠥᠭᠡᠳᠡᠢ ᠬᠠᠭᠠᠨ ᠵᠣᠴᠢᠳ ᠳᠤ ᠦᠳᠡ ᠶ᠋ᠢᠨ ᠵᠣᠭᠣᠭ ᠪᠠᠷᠢᠨ ᠬᠦᠨᠳᠦᠳᠬᠡᠵᠦ᠂ ᠪᠡᠯᠡᠭ ᠬᠠᠷᠢᠯᠴᠠᠨ ᠪᠠᠷᠢᠯᠴᠠᠬᠤᠢ ᠳ᠋ᠤ᠌ ᠪᠤᠭᠤᠷᠴᠢ ᠶᠠᠭᠤᠮ᠎ᠠ ᠶ᠋ᠢ ᠶᠠᠭᠠᠬᠢᠵᠤ ᠮᠡᠳᠡᠬᠦ ᠭᠡᠮᠡᠨ ᠠᠪᠴᠤ ᠢᠷᠡᠭᠰᠡᠨ ᠡᠷᠲᠡᠨ ᠦ᠌ ᠴᠢᠯᠠᠭᠤ ᠰᠢᠭᠢᠳᠬᠡᠳᠠᠢ ᠠᠯᠲᠠᠨ ᠰᠡᠯᠡᠮ᠎ᠡ ᠥᠭᠴᠦ᠂ ᠥᠭᠡᠳᠡᠢ ᠬᠠᠭᠠᠨ ᠬᠠᠴᠠᠷ ᠢ᠋ᠶ᠋ᠠᠨ ᠲᠣᠰᠴᠤ ᠦᠨᠦᠰᠦᠭᠦᠯᠦᠨ ᠡᠪᠦᠭᠡᠨ ᠵᠠᠩᠵᠤᠨ ᠤ᠋ ᠠᠯᠳᠠᠷ ᠤ᠋ᠨ ᠨᠥᠮᠥᠷᠭᠡ᠂ ᠲᠡᠭᠦᠰᠬᠡᠨ ᠳ᠋ᠦ᠍ ᠠᠯᠲᠠᠨ ᠪᠠᠭᠤᠪᠴᠢ ᠪᠡᠯᠡᠭᠯᠡᠵᠡᠢ᠃ ᠪᠤᠭᠤᠷᠴᠢ ᠪᠠᠷ ᠶᠡᠬᠡ ᠡᠵᠡᠨ ᠬᠠᠭᠠᠨ ᠤ᠋ ᠳᠡᠷᠭᠡᠳᠡ ᠪᠠᠢᠭᠰᠠᠨ ᠨᠡᠷ᠎ᠡ ᠲᠡᠢ ᠵᠠᠩᠵᠤᠨ ᠨᠤᠭᠤᠳ ᠤ᠋ᠨ ᠠᠮᠢᠳᠤ᠂ ᠬᠠᠮᠤᠭ ᠤ᠋ᠨ ᠠᠬᠢᠮᠡᠳ ᠨᠠᠰᠤᠲᠠᠨ ᠨᠢ ᠪᠣᠯᠵᠤ ᠤᠷᠢᠭᠳᠠᠵᠠᠢ᠃
ᠭᠠᠩᠳᠠᠭᠤ ᠰᠢᠷᠭᠠᠯ ᠥᠩᠭᠡ᠂ ᠲᠣᠭᠣᠰᠣᠨ ᠰᠠᠭᠠᠷᠠᠯ ᠤᠨᠢᠶᠠᠷ ᠲᠠᠲᠠᠭᠰᠠᠨ ᠨᠠᠮᠤᠷ ᠤ᠋ᠨ ᠤᠢᠳᠬᠠᠷᠲᠤ ᠡᠳᠦᠷ ᠦ᠋ᠳ ᠨᠢ ᠵᠤᠨ ᠤ᠋ ᠤᠶᠠᠩᠭ᠎ᠠ ᠬᠥᠭ᠂ ᠵᠤᠯᠵᠠᠭᠠᠨ ᠨᠠᠬᠢᠶ᠎ᠠ ᠦᠷ᠎ᠡ ᠲᠥᠯ ᠦᠷᠡᠵᠢᠯ ᠰᠢᠮ᠎ᠡ ᠠᠩᠬᠢᠯᠤᠨ᠂ ᠦᠨᠦᠷ᠂ ᠠᠭᠠᠭ ᠲᠠᠢ ᠲᠠᠩᠰᠤᠭ ᠠᠮᠢᠲᠠᠨ ᠠ᠋ᠴᠠ ᠬᠣᠯᠠᠳᠤᠨ ᠬᠣᠯᠠᠳᠴᠤ᠂ ᠶᠠᠩᠬᠢ ᠲᠠᠩᠬᠢ ᠬᠠᠲᠠᠭᠤ ᠬᠠᠬᠢᠷ ᠬᠠᠭᠠᠷᠢᠮ᠎ᠠ ᠵᠢᠪᠠᠷ ᠤᠷᠤᠭᠤ ᠡᠭᠰᠢᠨ ᠡᠭᠰᠢᠨᠡ ᠳᠥᠭᠥᠨ ᠪᠣᠢ ᠶ᠋ᠢ ᠰᠠᠨᠠᠭᠳᠠᠭᠤᠯᠤᠨ᠎ᠠ᠃ ᠠᠭᠠᠷ ᠲᠩᠷᠢ ᠳ᠋ᠦ᠍ ᠤᠰᠤᠨ ᠤ᠋ ᠰᠢᠪᠠᠭᠤᠳ ᠵᠡᠯ᠎ᠡ ᠲᠡᠳᠡᠨ ᠭᠠᠩᠭᠠᠷ ᠭᠣᠩᠭᠣᠷ ᠳᠠᠭᠤᠯᠠᠯᠳᠤᠨ ᠡᠮᠦᠨ᠎ᠡ ᠵᠦᠭ ᠬᠣᠯᠠᠳᠤᠨ ᠬᠣᠯᠠᠳᠤᠭᠰᠠᠭᠠᠷ ᠪᠥᠷᠲᠥᠯᠵᠡᠨ ᠲᠠᠯᠲᠠᠷᠠᠬᠤ ᠨᠢ ᠰᠡᠳᠬᠢᠯ ᠬᠡᠬᠦᠯᠵᠡᠬᠦ ᠤᠲᠠᠰᠤᠨ ᠬᠥᠭ ᠠᠵᠢ᠃ ᠨᠠᠮᠤᠷ ᠢᠷᠡᠬᠦ ᠭᠤᠨᠢᠭ ᠲᠠᠢ ᠴᠦ᠍ ᠨᠠᠯᠠᠭᠠᠷ ᠨᠠᠷᠠ ᠨᠢ ᠰᠠᠢᠬᠠᠨ᠂ ᠬᠤᠷᠠᠭᠰᠠᠨ ᠰᠢᠮ᠎ᠡ ᠨᠢ ᠠᠷᠪᠢᠨ᠂ ᠵᠤᠨ ᠤ᠋ ᠬᠤᠷᠠᠭᠰᠠᠨ ᠢ᠋ ᠨᠠᠮᠤᠷ ᠬᠤᠷᠢᠶᠠᠵᠤ᠂ ᠡᠪᠦᠯ ᠦ᠋ᠨ ᠥᠩᠭᠡ ᠲᠡᠢ᠂ ᠬᠠᠪᠤᠷ ᠢ᠋ ᠥᠶᠥᠭ ᠳᠠᠪᠠᠳᠠᠭ ᠡᠷᠭᠢᠬᠦ ᠳᠥᠷᠪᠡᠨ ᠤᠯᠠᠷᠢᠯ ᠤ᠋ᠨ ᠵᠢᠮ᠎ᠡ ᠪᠥᠯᠥᠭᠡ᠃
ᠡᠪᠦᠭᠡᠨ ᠪᠤᠭᠤᠷᠴᠢ ᠮᠥᠰᠥᠲᠦ ᠶ᠋ᠢᠨ ᠭᠣᠣᠯ ᠢ᠋ ᠥᠭᠰᠥᠨ ᠥᠭᠰᠥᠵᠦ᠂ ᠠᠭᠤᠯᠠ ᠶ᠋ᠢᠨ ᠪᠠᠯ ᠤ᠋ᠨ ᠤᠤᠭᠠᠨ ᠤᠯᠢᠶᠠᠰᠤᠨ ᠳ᠋ᠤ᠌ ᠮᠣᠷᠢ ᠪᠠᠨ ᠤᠶᠠᠴᠢᠬᠠᠭᠠᠳ᠂ ᠥᠭᠡᠳᠡ ᠪᠡᠨ ᠠᠯᠬᠤᠵᠤ ᠰᠠᠭᠤᠨ᠂ ᠶᠠᠭᠠᠷᠠᠯ ᠦᠭᠡᠢ ᠠᠭᠢ ᠠᠭᠢᠭᠰᠠᠭᠠᠷ ᠥᠨᠳᠥᠷ ᠬᠠᠳᠠᠲᠤ ᠶ᠋ᠢᠨ ᠳᠤᠮᠳᠠ ᠠ᠋ᠴᠠ ᠳᠡᠭᠡᠭᠰᠢ ᠭᠠᠷᠴᠢᠬᠠᠵᠠᠢ᠃ ᠠᠬᠢᠬᠤ ᠪᠦᠷᠢ ᠠᠯᠤᠰ ᠨᠢᠳᠦᠨ᠎ᠡ ᠰᠤᠨᠤᠨ᠎ᠠ᠃ ᠳᠤᠷᠠᠨ ᠠᠪᠴᠤ ᠭᠠᠷᠤᠭᠰᠠᠨ ᠦᠭᠡᠢ᠂ ᠶᠡᠷᠦ ᠨᠢ ᠡᠨᠡ ᠬᠦᠷᠦᠨ᠎ᠡ ᠭᠡᠵᠦ ᠪᠣᠳᠣᠭᠰᠠᠨ ᠴᠦ᠍ ᠦᠭᠡᠢ᠃ ᠭᠠᠭᠴᠠᠭᠠᠷ ᠤᠢᠳᠴᠤ ᠰᠠᠭᠤᠬᠤ ᠳ᠋ᠠᠭᠠᠨ ᠯᠠ ᠮᠣᠷᠳᠠᠵᠤ ᠡᠨᠳᠡ ᠢᠷᠡᠵᠡᠢ᠃ ᠥᠭᠡᠳᠡ ᠠᠪᠠᠷᠢᠬᠤ ᠳ᠋ᠠᠭᠠᠨ ᠲᠤᠯᠵᠤ ᠢᠷᠡᠭᠰᠡᠨ ᠤᠷᠲᠤ ᠳᠠᠩᠰᠠᠨ ᠲᠠᠰᠢᠭᠤᠷ ᠢ᠋ᠶ᠋ᠠᠨ ᠬᠠᠵᠠᠭᠤ ᠳ᠋ᠠᠭᠠᠨ ᠲᠠᠯᠪᠢᠴᠢᠬᠠᠭᠠᠳ ᠬᠥᠯ ᠢ᠋ᠶ᠋ᠡᠨ ᠵᠢᠭᠢᠵᠦ ᠰᠠᠭᠤᠲᠠᠯ᠎ᠠ ᠨᠢᠭᠡ ᠶᠠᠭᠤᠮ᠎ᠠ ᠲᠣᠷ ᠬᠢᠨ ᠳᠤᠤᠭᠠᠷᠪᠠ᠃ ᠡᠰᠢ ᠲᠡᠰᠢ ᠬᠠᠷᠠᠪᠠᠰᠤ ᠲᠡᠷᠲᠡᠭᠡ ᠳᠡᠭᠡᠷ᠎ᠡ ᠨᠢᠭᠡ ᠶᠠᠩᠭᠢᠷ ᠡᠪᠡᠷ ᠢ᠋ᠶ᠋ᠡᠨ ᠰᠡᠷᠡᠢᠯᠭᠡᠨ ᠲᠣᠬᠣᠢᠵᠤ ᠵᠣᠭᠰᠣᠬᠤ ᠠᠵᠢ᠃ ᠨᠤᠮᠤ ᠰᠤᠮᠤ ᠲᠠᠢ ᠪᠣᠯ ᠬᠠᠷᠪᠤᠭᠠᠳ ᠤᠨᠠᠭᠠᠴᠢᠬᠠᠮᠠᠷ᠂ ᠬᠢᠷ᠎ᠠ ᠭᠠᠵᠠᠷ ᠠ᠋ᠴᠠ ᠬᠥᠬᠡ ᠲᠩᠷᠢ ᠳ᠋ᠦ᠍ ᠲᠣᠳᠣ ᠢᠯᠭᠠᠷᠠᠵᠤ ᠲᠤᠩ ᠰᠠᠢᠬᠠᠨ ᠬᠠᠷᠠᠭᠳᠠᠵᠤ ᠪᠠᠢᠨ᠎ᠠ᠃ ᠠᠩ ᠡᠢᠮᠦ ᠯᠡ ᠬᠢᠰᠠᠭ᠎ᠠ ᠲᠠᠢ᠃ ᠥᠩᠭᠡᠷᠡᠬᠦ ᠨᠠᠮᠤᠷ ᠠᠷᠭᠠᠯᠢ ᠶᠠᠩᠭᠢᠷ ᠰᠠᠨᠠᠭ᠎ᠠ ᠲᠠᠢ ᠳᠠᠭᠠᠭᠤᠯ ᠬᠠᠮᠵᠢᠭᠠᠲᠠᠢ ᠪᠢᠰᠢᠭᠦᠢ ᠳ᠋ᠡᠭᠡᠨ ᠶᠠᠪᠤᠭᠰᠠᠨ᠃ ᠦᠵᠡᠭᠳᠡᠵᠦ ᠬᠠᠷᠠᠭᠳᠠᠬᠤ ᠴᠤ᠌ ᠦᠭᠡᠢ᠂ ᠦᠵᠡᠭᠳᠡᠵᠦ ᠬᠠᠷᠠᠭᠳᠠᠲᠠᠯᠠ ᠴᠦ᠍ ᠬᠦᠷᠴᠦ ᠭᠦᠢᠴᠡᠬᠦᠢ ᠶ᠋ᠢᠨ ᠠᠷᠭ᠎ᠠ ᠦᠭᠡᠢ᠃ ᠭᠦᠶᠦᠵᠦ ᠬᠠᠷᠠᠢᠵᠤ ᠦᠰᠦᠷᠴᠦ ᠳᠡᠭᠦᠯᠢᠵᠦ ᠴᠢᠳᠠᠬᠤ ᠦᠭᠡᠢ ᠡᠪᠦᠭᠡᠨ ᠬᠥᠮᠦᠨ ᠳ᠋ᠦ᠍ ᠶᠡᠷᠦ ᠨᠢ ᠬᠥᠭᠡᠭᠡᠴᠡᠯᠳᠦᠬᠦ ᠠᠵᠢᠯ ᠪᠢᠰᠢ ᠪᠢᠯᠡ ᠭᠡᠮᠡᠨ ᠣᠷᠬᠢᠭᠰᠠᠨ ᠪᠥᠯᠥᠭᠡ᠃
ᠥᠨᠥ ᠲᠡᠭᠡᠬᠦ ᠳ᠋ᠦ᠍ ᠢᠩᠭᠢᠭᠡᠳ ᠵᠣᠭᠰᠣᠵᠤ ᠪᠠᠢᠳᠠᠭ᠃ ᠵᠣᠭᠰᠣᠵᠤ ᠯᠠ ᠪᠠᠢᠭ ᠳᠠ᠃ ᠬᠥᠭᠡᠷᠦᠬᠦᠢ ᠭᠡᠮᠡᠨ ᠬᠠᠵᠠᠭᠤ ᠲᠠᠰᠢ ᠪᠠᠨ ᠠᠵᠢᠨ ᠬᠠᠷᠠᠪᠠᠰᠤ ᠴᠠᠭᠠᠨ ᠲᠥᠮᠦᠰᠦᠨ ᠦ᠌ ᠬᠠᠲᠠᠭᠰᠠᠨ ᠬᠤᠩᠬ᠎ᠠ᠂ ᠰᠡᠷᠡᠯᠵᠢ᠂ ᠳᠡᠷᠭᠡᠳᠡ ᠡᠴᠡ ᠬᠠᠷᠭᠠᠨ᠎ᠠ ᠶ᠋ᠢᠨ ᠡᠰᠢ ᠠᠪᠴᠤ ᠱᠣᠪᠬᠣᠯᠠᠨ ᠣᠴᠢᠵᠤ ᠰᠠᠨᠳᠠᠯᠠᠪᠠᠰᠤ ᠳᠣᠣᠷ᠎ᠠ ᠪᠠᠨ ᠭᠠᠷᠤᠭᠠᠳ ᠢᠷᠡᠯ᠎ᠡ᠃ ᠬᠠᠯᠢᠰᠤ ᠶ᠋ᠢ ᠨᠢ ᠠᠪᠴᠤ ᠬᠠᠶᠠᠭᠠᠳ ᠬᠠᠯᠪᠠᠭ᠎ᠠ ᠬᠠᠯᠪᠠᠭ᠎ᠠ ᠪᠠᠷ ᠨᠢ ᠬᠣᠯᠢᠵᠤ ᠠᠮᠲᠠᠯᠠᠨ ᠵᠠᠵᠢᠯᠵᠤ ᠬᠠᠷᠠᠪᠠᠯ ᠡᠷᠭᠢᠨ ᠲᠣᠭᠣᠷᠢᠨ ᠡᠯᠳᠡᠪ ᠠᠵᠤᠭᠤ᠃《ᠡᠨᠡ ᠴᠢᠨᠢ ᠢᠩᠭᠡᠨ ᠦ᠌ ᠰᠦ ᠳ᠋ᠦ᠍ ᠪᠤᠴᠠᠯᠭᠠᠵᠤ ᠤᠤᠭᠤᠪᠠᠯ ᠬᠠᠪᠤᠩ ᠳ᠋ᠤ᠌ ᠰᠠᠢᠨ ᠭᠡᠯᠡ ᠤᠤ? ᠬᠥᠭᠰᠢᠨ ᠳ᠋ᠦ᠍ ᠮᠢᠨᠢ ᠬᠡᠷᠡᠭ ᠲᠡᠢ ᠶᠠᠭᠤᠮ᠎ᠠ ᠪᠠᠢᠨ᠎ᠠ᠂ ᠲᠡᠭᠦᠶ᠎ᠡ ᠪᠠᠢᠵᠠ》ᠭᠡᠮᠡᠨ ᠰᠠᠨᠳᠠᠢᠯᠠᠵᠤ ᠡᠪᠦᠷᠲᠦᠯᠡᠭᠡᠳ ᠪᠠᠢᠪᠠ᠃ ᠬᠥᠭᠰᠢᠨ ᠨᠢ ᠵᠤᠨ ᠥᠭᠡᠳᠡᠢ ᠬᠠᠭᠠᠨ ᠤ᠋ ᠡᠷᠭᠦᠮᠵᠢᠯᠡᠯ ᠳ᠋ᠦ᠍ ᠣᠷᠣᠯᠴᠠᠭᠠᠳ ᠥᠬᠢᠨ ᠮᠥᠩᠬᠡᠵᠢᠨ ᠳᠡᠭᠡᠷ᠎ᠡ ᠪᠡᠨ ᠦᠯᠡᠳᠡᠭᠰᠡᠨ᠃
ᠠᠯᠲᠠᠢ ᠨᠤᠲᠤᠭ ᠳᠠᠩᠴᠢ ᠬᠣᠯᠠ᠂ ᠠᠯᠤᠰ ᠪᠥᠭᠯᠡᠭᠦᠦ ᠶᠦᠮ᠃ ᠡᠨᠳᠡ ᠲᠥᠪ ᠭᠠᠵᠠᠷ᠂ ᠶᠠᠭᠤᠮ᠎ᠠ ᠶᠠᠭᠤᠮᠠᠨ ᠳ᠋ᠤ᠌ ᠣᠢᠷ᠎ᠠ᠂ ᠡᠮᠴᠢ ᠪᠡᠷ ᠦᠵᠡᠭᠦᠯᠦᠶ᠎ᠡ ᠭᠡᠮᠡᠨ ᠠᠪᠴᠤ ᠦᠯᠡᠳᠡᠭᠰᠡᠨ ᠪᠣᠯᠠᠢ᠃ ᠬᠡᠳᠦᠢ ᠳ᠋ᠦ᠍ ᠢᠷᠡᠬᠦ ᠶ᠋ᠢ ᠪᠤᠤ ᠮᠡᠳᠡ᠃ ᠡᠪᠦᠯᠵᠢᠵᠦ ᠴᠦ᠍ ᠮᠠᠭᠠᠳ ᠦᠭᠡᠢ᠂ ᠭᠡᠬᠦ ᠳ᠋ᠡᠭᠡᠨ ᠶᠠᠭᠠᠬᠢᠬᠤᠪ᠂ ᠴᠠᠭᠠᠨ ᠲᠥᠮᠥᠰᠥ ᠬᠠᠳᠠᠭᠠᠯᠠᠬᠤ ᠳ᠋ᠤ᠌ ᠮᠠᠭᠤᠳᠠᠳᠠᠭ ᠦᠭᠡᠢ ᠭᠡᠰᠡᠨ ᠭᠡᠮᠡᠨ ᠡᠪᠦᠷ ᠳᠦᠭᠦᠷᠡᠩ ᠲᠦᠩᠬᠦᠢᠲᠡᠯᠡ ᠲᠡᠭᠦᠯ᠎ᠡ᠃ ᠵᠠᠪᠰᠠᠷ ᠨᠢ ᠬᠠᠳᠠᠨ ᠳ᠋ᠤ᠌ ᠬᠠᠪᠴᠢᠭᠤᠯᠵᠤ ᠤᠷᠭᠤᠭᠰᠠᠨ ᠰᠣᠩᠭᠢᠨ᠎ᠠ ᠠᠪᠴᠤ᠂ ᠮᠤᠩᠳᠠᠬᠤ ᠦᠭᠡᠢ ᠶᠡᠬᠡ ᠣᠯᠵᠠ ᠣᠯᠤᠯ᠎ᠠ᠃
ᠲᠡᠭᠡᠵᠦ ᠪᠠᠢᠲᠠᠯ᠎ᠠ ᠬᠠᠵᠠᠭᠤ ᠪᠠᠷ ᠨᠢ ᠨᠢᠭᠡ ᠴᠢᠯᠠᠭᠤ ᠥᠩᠬᠥᠷᠢᠭᠡᠳ ᠲᠦᠴᠢᠭᠢᠨᠡᠨ ᠳᠣᠭᠣᠭᠰᠢ ᠪᠥᠮᠪᠥᠷᠢᠵᠦ ᠦᠰᠦᠷᠦᠭᠡᠳ ᠶᠠᠪᠤᠴᠢᠬᠠᠯ᠎ᠠ᠃ ᠳᠡᠭᠡᠭᠰᠢ ᠬᠠᠷᠠᠪᠠᠯ ᠲᠡᠷᠲᠡᠭᠡ ᠳᠡᠭᠡᠷ᠎ᠡ ᠨᠢᠭᠡ ᠠᠮᠢᠲᠠᠨ᠃ ᠠᠵᠢᠪᠠᠰᠤ ᠲᠠᠨᠢᠭᠳᠠᠬᠤ ᠶᠠᠩᠵᠤ ᠦᠭᠡᠢ ᠬᠠᠴᠢᠨ ᠠᠮᠢᠲᠠᠨ᠃ ᠠᠭᠤᠯᠠ ᠶ᠋ᠢᠨ ᠰᠠᠪᠳᠠᠭ ᠭᠡᠭᠴᠢ ᠨᠢ ᠤᠤ? ᠬᠥᠮᠦᠨ ᠰᠢᠭ ᠬᠠᠯᠴᠠᠭᠠᠢ ᠨᠢᠭᠤᠷ ᠲᠠᠢ᠂ ᠰᠠᠷᠮᠠᠭᠠᠷ ᠣᠩᠭᠣᠷᠬᠠᠢ ᠬᠠᠮᠠᠷ ᠲᠠᠢ᠂ ᠢᠨᠢᠶᠡᠵᠦ ᠴᠦ᠍ ᠪᠠᠢᠬᠤ ᠰᠢᠭ᠋᠂ ᠶᠡᠷᠦ ᠨᠢ ᠵᠢᠪᠡᠭᠦᠴᠡᠯ ᠲᠥᠷᠥᠭᠡᠳ ᠲᠠᠰᠢᠭᠤᠷ ᠢ᠋ᠶ᠋ᠠᠨ ᠠᠪᠴᠤ ᠪᠣᠰᠤᠨ《ᠬᠦᠢ》ᠭᠡᠵᠦ ᠬᠠᠰᠬᠢᠷᠪᠠᠰᠤ ᠥᠨᠥᠬᠢ ᠠᠮᠢᠲᠠᠨ ᠡᠷᠭᠢᠭᠡᠳ ᠴᠠᠰᠢ ᠪᠠᠨ ᠶᠠᠪᠤᠬᠤ ᠨᠢ ᠳᠠᠯᠤ ᠮᠥᠷᠥ ᠥᠷᠭᠡᠨ᠂ ᠲᠣᠯᠣᠭᠠᠢ ᠦᠷᠭᠦᠯᠵᠢ᠂ ᠬᠦᠵᠦᠭᠦᠦ ᠭᠡᠵᠦ ᠦᠯᠦ ᠢᠯᠭᠠᠷᠠᠬᠤ ᠬᠥᠯ ᠪᠣᠭᠣᠨᠢ᠂ ᠲᠦᠭᠳᠦᠢᠭᠰᠡᠨ ᠠᠮᠢᠲᠠᠨ ᠬᠣᠶᠠᠷ ᠬᠥᠯ ᠳᠡᠭᠡᠷ᠎ᠡ ᠦᠰᠦᠷᠴᠦ ᠳᠡᠪᠬᠡᠷᠦᠨ᠂ ᠤᠷᠲᠤ ᠭᠠᠷ ᠢ᠋ᠶ᠋ᠠᠷ ᠬᠠᠶᠠ ᠬᠠᠳᠠ ᠴᠢᠯᠠᠭᠤ ᠲᠤᠯᠤᠨ ᠳᠡᠭᠦᠯᠢᠵᠦ ᠪᠠᠢᠭᠰᠠᠨ ᠢ᠋ᠶ᠋ᠠᠨ ᠡᠷᠭᠢᠵᠦ ᠬᠠᠷᠠᠭᠠᠳ ᠠᠵᠢᠨ ᠵᠣᠭᠰᠣᠬᠤ ᠨᠢ ᠳᠠᠬᠤ ᠡᠮᠦᠰᠦᠭᠡᠳ ᠬᠣᠷᠮᠣᠢ ᠶ᠋ᠢ ᠨᠢ ᠬᠣᠶᠠᠷ ᠬᠥᠯ ᠳ᠋ᠡᠭᠡᠨ ᠣᠷᠢᠶᠠᠵᠤ ᠪᠣᠭᠣᠭᠰᠠᠨ ᠬᠥᠮᠦᠨ ᠰᠢᠭ᠃ ᠥᠨᠥᠬᠢ ᠶᠠᠷᠢᠭᠠᠳ ᠪᠠᠢᠳᠠᠭ《ᠠᠯᠮᠠᠰ》 ᠭᠡᠭᠴᠢ ᠨᠢ ᠪᠠᠢᠬ᠎ᠠ᠃ ᠬᠥᠮᠦᠰ ᠦᠵᠡᠵᠦ ᠬᠠᠷᠠᠭᠰᠠᠨ ᠯᠠ ᠭᠡᠳᠡᠭ᠂ ᠭᠠᠷ ᠲᠠᠭᠠᠨ ᠣᠷᠣᠭᠤᠯᠤᠭᠠᠳ ᠠᠪᠤᠭᠰᠠᠨ ᠨᠢ ᠶᠡᠷᠦ ᠦᠭᠡᠢ᠃ ᠲᠡᠭᠡᠭᠡᠳ ᠴᠦ᠍ ᠠᠯᠲᠠᠢ ᠶ᠋ᠢᠨ ᠰᠠᠪᠳᠠᠭ ᠯᠠ ᠭᠡᠯᠴᠡᠬᠦ᠃ ᠡᠪᠦᠭᠡᠨ ᠨᠣᠶᠠᠨ ᠳᠣᠭᠣᠭᠰᠢ ᠭᠠᠵᠠᠷ ᠤ᠋ᠨ ᠤᠷᠤᠭᠤ ᠲᠠᠰᠢᠭᠤ ᠪᠠᠭᠤᠨ ᠮᠣᠷᠢᠨ ᠳ᠋ᠠᠭᠠᠨ ᠬᠦᠷᠪᠡ᠃ ᠪᠤᠴᠠᠵᠤ ᠶᠠᠪᠤᠲᠠᠯ᠎ᠠ ᠥᠭᠡᠳᠡ ᠡᠴᠡ ᠨᠢ ᠤᠭᠲᠤᠵᠤ ᠬᠠᠷᠠᠭᠤᠯ ᠬᠠᠮᠠᠭᠠᠯᠠᠭᠴᠢ ᠢᠷᠡᠵᠦ:《ᠲᠠᠨ ᠢ᠋ ᠠᠯᠳᠠᠴᠢᠬᠠᠭᠠᠳ ᠪᠢᠳᠡ ᠶᠡᠬᠡ ᠰᠠᠨᠳᠤᠷᠤᠯᠠ》 ᠬᠡᠯᠴᠡᠭᠡᠨᠡ᠃
ᠡᠪᠦᠭᠡᠨ ᠵᠠᠩᠵᠤᠨ ᠭᠦᠳ ᠭᠦᠳ ᠢᠨᠢᠶᠡᠵᠦ《ᠭᠠᠭᠴᠠᠭᠠᠷ ᠢ᠋ᠶ᠋ᠠᠨ ᠶᠠᠪᠤᠬᠤ ᠵᠦᠭᠡᠷ ᠶᠦ᠍ᠮ᠂ ᠠᠯᠲᠠᠢ ᠶ᠋ᠢᠨ ᠰᠠᠪᠳᠠᠭ ᠲᠠᠢ ᠲᠠᠭᠠᠷᠠᠭᠠᠳ ᠁》 ᠭᠡᠵᠡᠢ᠃ ᠣᠷᠣᠢ ᠦᠳᠡᠰᠢ ᠪᠣᠯᠵᠤ ᠬᠣᠭᠣᠯᠠ ᠤᠮᠳᠠ ᠪᠠᠨ ᠢᠳᠡᠵᠦ ᠤᠤᠭᠤᠭᠠᠳ ᠬᠡᠪᠲᠡᠬᠦ ᠬᠡᠮᠡᠲᠡᠯ᠎ᠡ 《ᠬᠠᠲᠤᠨ ᠠᠬᠠᠢ》 ᠬᠡᠮᠡᠬᠦ ᠴᠢᠮᠡᠭᠡ ᠠᠪᠠᠢ ᠭᠠᠳᠠᠭᠤᠷ ᠭᠠᠷᠴᠤ ᠭᠡᠷᠭᠡᠢ᠂ ᠥᠬᠢᠨ ᠬᠣᠶᠠᠷ ᠨᠢ ᠢᠷᠡᠵᠦ ᠪᠥᠭᠡᠮ ᠪᠠᠶᠠᠷ᠂ ᠬᠥᠯ ᠬᠥᠳᠡᠯᠭᠡᠭᠡᠨ ᠪᠣᠯᠪᠠ᠃ ᠲᠡᠳᠡ ᠢᠳᠡᠭᠡ ᠤᠮᠳᠠ ᠪᠣᠯᠵᠤ ᠲᠠᠭᠠᠷᠠᠪᠠ᠃ ᠲᠠᠷᠬᠠᠵᠤ ᠬᠠᠯᠠᠭᠤᠨ ᠠᠮᠢ ᠪᠠᠷ ᠢ᠋ᠶ᠋ᠠᠨ ᠦᠯᠡᠳᠡᠭᠡᠳ᠄
— ᠴᠢ ᠲᠡᠭᠡᠭᠡᠳ ᠲᠡᠨᠳᠡ ᠲᠣᠭᠲᠠᠵᠤ ᠴᠢᠳᠠᠭᠰᠠᠨ ᠦᠭᠡᠢ ᠤᠤ?
— ᠴᠢᠳᠠᠭᠰᠠᠨ ᠦᠭᠡᠢ ᠠ᠋᠂ ᠴᠢᠳᠠᠭᠰᠠᠨ ᠦᠭᠡᠢ ᠠ᠋᠃ ᠭᠡᠷ ᠢ᠋ᠶ᠋ᠡᠨ ᠰᠠᠨᠠᠭᠠᠳ᠂ ᠭᠡᠳᠡᠷᠭᠡᠨ ᠶᠠᠷᠢᠭᠠᠳ ᠯᠠ ᠪᠠᠢᠬᠤ ᠶᠤᠮ ᠪᠠᠢᠨ᠎ᠠ ᠰᠢᠦ᠂ ᠴᠢ ᠶᠠᠮᠠᠷ ᠶᠠᠩᠵᠤ ᠲᠠᠢ ᠰᠠᠭᠤᠨ᠎ᠠ?
ᠡᠪᠦᠭᠡᠨ ᠥᠩᠭᠡᠷᠡᠭᠰᠡᠨ ᠰᠠᠷ᠎ᠠ ᠨᠤᠭᠤᠳ ᠤ᠋ᠨ ᠶᠠᠪᠤᠳᠠᠯ᠂ ᠭᠡᠷ ᠬᠣᠲᠠᠯᠠ ᠶ᠋ᠢᠨ ᠠᠵᠢᠯ ᠪᠠᠢᠳᠠᠯ ᠢ᠋ ᠲᠠᠢᠯᠤᠩᠨᠠᠵᠤ ᠥᠨᠥᠳᠥᠷ ᠦ᠋ᠨ ᠶᠠᠪᠤᠳᠠᠯ ᠢ᠋ᠶ᠋ᠠᠷ ᠳᠠᠭᠤᠰᠬᠠᠬᠤᠢ᠂ ᠥᠬᠢᠨ ᠨᠢ᠄
— ᠲᠠ ᠲᠡᠭᠡᠭᠡᠳ ᠭᠠᠭᠴᠠᠭᠠᠷ ᠢ᠋ᠶ᠋ᠠᠨ ᠶᠠᠪᠤᠭᠰᠠᠨ ᠶᠤᠮ ᠤᠤ? ᠳᠠᠭᠠᠭᠤᠯ ᠰᠠᠬᠢᠭᠤᠯ ᠯᠠ ᠶᠠᠭᠠᠬᠢᠭᠰᠠᠨ ᠶᠤᠮ ᠪᠣᠢ? ᠠᠪᠴᠤ ᠶᠠᠪᠤᠬᠤ ᠬᠡᠷᠡᠭᠲᠡᠢ᠃
— ᠶᠠᠭᠠᠬᠢᠬᠤ ᠶᠤᠮ ᠪᠣᠢ? ᠭᠠᠭᠴᠠᠭᠠᠷ ᠶᠠᠪᠤᠬᠤ ᠵᠦᠭᠡᠷ ᠶᠦᠮ᠃ ᠲᠡᠢᠨ ᠲᠡᠢ ᠴᠠᠭ ᠪᠢᠰᠢ᠂ ᠨᠠᠢ᠍ᠮᠠᠨ ᠢ᠋ ᠴᠣᠬᠢᠭᠰᠠᠨ ᠢ᠋ᠶ᠋ᠠᠷ ᠮᠣᠩᠭᠣᠯ ᠨᠤᠲᠤᠭ ᠲᠤ ᠲᠡᠢᠨ ᠳᠠᠵᠢᠨ ᠦᠭᠡᠢ ᠬᠣᠷᠢᠨ ᠭᠤᠷᠪᠠᠨ ᠵᠢᠯ ᠪᠣᠯᠵᠤ ᠪᠠᠢᠨ᠎ᠠ᠃ ᠲᠡᠢᠨ ᠭᠡᠵᠦ ᠶᠠᠭᠤ ᠪᠠᠢᠳᠠᠭ ᠢ᠋ ᠣᠳᠣ ᠶ᠋ᠢᠨ ᠬᠡᠦᠬᠡᠳ ᠮᠡᠳᠡᠬᠦ ᠦᠭᠡᠢ ᠳᠡ᠃
— ᠮᠠᠭᠤ ᠰᠠᠨᠠᠭ᠎ᠠ ᠮᠤᠤᠷ ᠲᠤ ᠦᠯᠡᠳᠡᠬᠦ᠂ ᠲᠡᠭᠡᠵᠦ ᠪᠣᠯᠬᠤ ᠦᠭᠡᠢ᠃ ᠠᠪᠤ ᠮᠢᠨᠢ᠃ ᠲᠠ ᠴᠢᠨᠢ ᠥᠷᠯᠥᠭ ᠵᠠᠩᠵᠤᠨ᠃ ᠬᠦᠯᠦᠭ ᠪᠠᠭᠠᠲᠤᠷ ᠬᠥᠮᠦᠨ ᠰᠢᠦ ᠳᠡ᠃ ᠲᠠᠨ ᠳ᠋ᠤ᠌ ᠪᠠᠷ᠎ᠠ ᠪᠣᠯᠤᠭᠴᠢ ᠮᠢᠩᠭᠠᠨ ᠠ᠋ᠴᠠ ᠴᠢᠨᠢ ᠳᠤᠲᠠᠭ᠎ᠠ ᠦᠭᠡᠢ ᠪᠢᠵᠡ ᠳᠡ᠃
— ᠬᠥᠳᠡᠯᠬᠦ ᠪᠦᠷᠢ ᠳᠠᠭᠠᠭᠤᠯ ᠰᠠᠬᠢᠭᠤᠯ ᠴᠦ᠍ ᠁ ᠶᠠᠷᠰᠢᠭ ᠯᠠ ᠶᠤᠮ᠃
— ᠵᠥᠷᠢᠭᠦᠯᠡᠭᠡᠳ ᠯᠡ ᠪᠠᠢᠭᠠᠷᠠᠢ᠂ ᠥᠬᠢᠨ ᠴᠢᠨᠢ ᠵᠥᠪ ᠯᠡ ᠦᠭᠡ ᠬᠡᠯᠡᠵᠦ ᠪᠠᠢᠨ᠎ᠠ᠃ ᠪᠡᠶ᠎ᠡ ᠶ᠋ᠢᠨ ᠲᠡᠰᠢ ᠪᠡᠨ ᠬᠡᠯᠡᠬᠦ ᠳ᠋ᠦ᠍ ᠴᠢᠬᠢᠨ ᠳᠠᠰᠢ ᠪᠠᠨ ᠭᠡᠭᠴᠢ ᠭᠡᠮᠡᠨ ᠲᠡᠭᠦᠰᠬᠡᠨ ᠬᠥᠭᠰᠢᠨ ᠦ᠌ ᠬᠡᠯᠡᠬᠦᠢ ᠳ᠋ᠦ᠍᠄
— ᠵᠠ ᠳᠠᠭᠠᠭᠤᠯᠵᠤ ᠯᠠ ᠶᠠᠪᠤᠶ᠎ᠠ ᠳᠠ ᠭᠡᠵᠡᠢ᠃
ᠬᠡᠳᠦ ᠬᠣᠨᠣᠭᠠᠳ ᠥᠬᠢᠨ ᠨᠢ ᠠᠷᠤ ᠲᠠᠰᠢ ᠪᠠᠨ᠂ ᠶᠠᠭᠠᠷᠠᠨ ᠪᠤᠴᠠᠯ᠎ᠠ᠃
ᠡᠪᠦᠭᠡᠨ ᠪᠤᠭᠤᠷᠴᠢ ᠥᠪᠥᠷ ᠠᠯᠲᠠᠢ ᠳ᠋ᠤ᠌ ᠬᠠᠷᠢᠶᠠᠲᠤ ᠠᠯᠪᠠᠲᠠᠨ ᠢ᠋ᠶ᠋ᠠᠨ ᠵᠠᠬᠢᠷᠵᠤ᠂ ᠮᠠᠯ ᠰᠦᠷᠦᠭ ᠢ᠋ᠶ᠋ᠡᠨ ᠥᠰᠬᠡᠵᠦ ᠰᠠᠢᠨ ᠰᠠᠢᠬᠠᠨ᠂ ᠠᠮᠤᠷ ᠠᠮᠤᠭᠤᠯᠠᠩ ᠬᠡᠳᠦᠨ ᠵᠢᠯ ᠢ᠋ ᠡᠯᠡᠭᠡᠲᠡᠯ᠎ᠡ ᠲᠡᠭᠦᠰᠬᠡᠨ ᠬᠥᠭᠰᠢᠨ ᠲᠥᠷᠥᠯ ᠠᠷᠢᠯᠵᠢᠯᠠ᠃ ᠦᠷ᠎ᠡ ᠬᠡᠦᠬᠡᠳ ᠦ᠋ᠳ ᠡᠬᠡ ᠶ᠋ᠢᠨ ᠪᠡᠶ᠎ᠡ ᠳᠠᠭ᠎ᠠ ᠦᠭᠡᠢ ᠦᠶ᠎ᠡ ᠳ᠋ᠦ᠍ᠨᠢ ᠢᠷᠡᠵᠦ ᠪᠦᠬᠦᠢ ᠯᠡ ᠶᠠᠪᠤᠳᠠᠯ ᠨᠣᠮ ᠶᠣᠰᠣ ᠪᠠᠷ ᠪᠣᠯᠵᠤ ᠥᠩᠭᠡᠷᠡᠨ ᠰᠠᠯᠠᠭ᠎ᠠ ᠭᠣᠣᠯ ᠤ᠋ᠨ ᠡᠬᠢ ᠥᠭᠡᠳᠡ ᠰᠠᠢᠬᠠᠨ ᠥᠨᠳᠥᠷ ᠬᠡᠮᠡᠬᠦ ᠠᠭᠤᠯᠠ ᠶ᠋ᠢᠨ ᠡᠩᠭᠡᠷ ᠡᠭᠡᠪᠦᠷ ᠦ᠋ᠨ ᠲᠡᠨᠢᠭᠦᠨ ᠭᠠᠵᠠᠷ ᠨᠤᠲᠤᠭᠯᠠᠭᠤᠯᠵᠠᠢ᠃
ᠥᠭᠡᠳᠡᠢ ᠬᠠᠭᠠᠨ ᠰᠢᠷᠡᠭᠡᠨ ᠳ᠋ᠦ᠍ ᠰᠠᠭᠤᠭᠠᠳ ᠡᠮᠦᠨ᠎ᠡ ᠵᠦᠭ ᠲᠦ᠍ ᠠᠯᠲᠠᠨ ᠤᠯᠤᠰ ᠢ᠋ ᠪᠦᠷᠢᠨ ᠡᠷᠬᠡᠨ ᠳ᠋ᠦ᠍ ᠣᠷᠣᠭᠤᠯᠵᠤ᠂ ᠥᠷᠥᠨ᠎ᠡ ᠵᠦᠭ ᠲᠦ᠍ ᠵᠥᠴᠢ ᠶ᠋ᠢᠨ ᠬᠦᠦ ᠪᠠᠲᠤ ᠦᠯᠡᠮᠵᠢ ᠭᠠᠵᠠᠷ ᠨᠤᠲᠤᠭ ᠡᠵᠡᠯᠡᠭᠰᠡᠭᠡᠷ ᠪᠥᠯᠥᠭᠡ᠃ ᠲᠡᠭᠡᠲᠡᠯ᠎ᠡ ᠪᠠᠰᠠ ᠲᠤᠯᠤᠢ ᠶ᠋ᠢᠨ ᠬᠦᠦ ᠬᠦᠯᠦᠭ ᠦ᠋ᠨ ᠨᠡᠷ᠎ᠡ ᠭᠠᠷᠴᠤ᠂ ᠡᠨᠡᠳᠬᠡᠭ᠂ ᠠᠷᠠᠪ ᠲᠡᠰᠢ ᠳᠠᠢᠳᠤᠵᠤ ᠶᠠᠪᠤᠭ᠎ᠠ ᠯᠠ ᠭᠡᠬᠦ᠃ ᠪᠣᠷᠬᠠᠢ ᠶ᠋ᠢᠨ ᠳᠡᠰ ᠬᠥᠪᠡᠭᠦᠨ ᠵᠡᠷᠭᠡ ᠳ᠋ᠦ᠍ ᠬᠠᠷᠢᠶᠠᠲᠤ ᠠᠯᠪᠠᠲᠤ ᠪᠠᠨ ᠵᠠᠬᠢᠷᠬᠤ ᠡᠷᠬᠡ ᠪᠡᠨ ᠥᠭᠴᠦ᠂ ᠠᠷᠤ ᠠ᠋ᠴᠠ ᠨᠢ ᠡᠪᠦᠭᠡᠨ ᠨᠣᠶᠠᠨ ᠵᠢᠭᠠᠵᠤ ᠰᠤᠷᠭᠠᠨ ᠰᠠᠭᠤᠭ᠎ᠠ᠃ ᠡᠪᠦᠯ ᠪᠤᠭᠤᠷᠤᠯ ᠡᠪᠦᠭᠡᠨ ᠡᠳᠦᠷ ᠰᠥᠨᠢ ᠶ᠋ᠢ ᠡᠮᠦᠨ᠎ᠡ ᠪᠡᠨ ᠲᠦᠯᠬᠢᠨ ᠭᠤᠯᠰᠠᠭᠠᠭᠰᠠᠭᠠᠷ ᠨᠠᠶᠠᠨ ᠨᠠᠰᠤ ᠪᠠᠷᠠᠭᠠᠯᠠᠵᠤ ᠶᠠᠳᠠᠨ ᠠᠲᠠᠯ᠎ᠠ ᠡᠴᠢᠭᠡ ᠶ᠋ᠢᠨ ᠢ᠋ᠶ᠋ᠡᠨ ᠣᠷᠣ ᠰᠠᠭᠤᠳᠠᠯ ᠢ᠋ ᠠᠷᠪᠠᠨ ᠭᠤᠷᠪᠠᠨ ᠵᠢᠯ ᠡᠵᠡᠯᠡᠨ ᠰᠠᠭᠤᠭᠰᠠᠨ ᠥᠭᠡᠳᠡᠢ ᠬᠠᠭᠠᠨ ᠲᠩᠷᠢ ᠳ᠋ᠦ᠍ ᠬᠠᠯᠢᠵᠤ ᠰᠣᠴᠢᠭᠠᠪᠠ᠃ ᠥᠭᠡᠳᠡᠢ ᠤᠯᠤᠰ ᠣᠷᠣᠨ ᠤ᠋ ᠠᠮᠤᠷ ᠵᠢᠮᠦᠷ ᠠᠢᠪᠤᠩ ᠲᠠᠢᠪᠤᠩ ᠪᠣᠯᠭᠠᠵᠤ ᠲᠣᠬᠣᠨᠢᠭᠤᠯᠤᠭᠰᠠᠨ ᠰᠠᠢᠨ ᠨᠡᠷ᠎ᠡ ᠶ᠋ᠢ ᠳᠠᠭᠤᠯᠠᠪᠠᠴᠤ ᠪᠣᠷᠣ ᠳᠡᠷᠡᠰᠦᠨ ᠳ᠋ᠦ᠍ ᠪᠡᠶ᠎ᠡ ᠰᠡᠳᠬᠢᠯ ᠢ᠋ᠶ᠋ᠡᠨ ᠣᠷᠬᠢᠭᠰᠠᠨ ᠪᠦᠲᠦᠯ ᠦᠭᠡᠢ ᠮᠠᠭᠤ ᠶᠠᠪᠤᠳᠠᠯ ᠪᠠᠰᠠ ᠴᠢᠬᠢ ᠳᠡᠯᠡᠰᠳᠡᠭ ᠪᠠᠢᠯ᠎ᠠ᠃
ᠡᠵᠡᠨ ᠬᠠᠭᠠᠨ ᠤ᠋ ᠵᠣᠯ ᠦᠭᠡᠢ ᠦᠬᠦᠯ ᠡᠯ᠎ᠡ ᠥᠨᠥᠬᠢ ᠮᠠᠭᠤ ᠨᠡᠷᠡᠲᠦ ᠪᠣᠷᠣ ᠳᠠᠷᠠᠰᠤ ᠲᠠᠢ ᠨᠢ ᠬᠣᠯᠪᠣᠭᠠᠲᠠᠢ ᠭᠡᠬᠦ᠃ ᠬᠠᠲᠤᠨ ᠲᠦᠷᠡᠭᠡᠨᠡ ᠬᠡᠮᠡᠭᠴᠢ ᠬᠣᠣᠷᠯᠠᠴᠢᠬᠠᠭᠰᠠᠨ ᠬᠡᠮᠡᠬᠦ ᠮᠠᠭᠤ ᠦᠭᠡ ᠪᠠᠰᠠ ᠲᠡᠨᠦᠵᠦ《ᠡᠮ᠎ᠡ ᠱᠤᠯᠤᠮ》 ᠭᠡᠰᠡᠨ ᠬᠣᠴᠢ ᠪᠡᠴᠢ ᠴᠦ᠍ ᠰᠣᠨᠣᠰᠤᠭᠳᠠᠨ᠎ᠠ᠃ ᠦᠨᠡᠨ ᠬᠤᠳᠠᠯ ᠢ᠋ ᠦᠯᠦ ᠮᠡᠳᠡᠭᠳᠡᠬᠦ ᠡᠯ᠎ᠡ ᠦᠭᠡ ᠶ᠋ᠢᠨ ᠴᠠᠭᠠᠨ᠎ᠠ ᠪᠣᠯᠤᠭᠰᠠᠨ ᠶᠠᠪᠤᠳᠠᠯ ᠬᠠᠲᠤᠨ ᠲᠦᠷᠡᠭᠡᠨᠡ ᠳᠡᠷᠭᠡᠳᠡᠬᠢ ᠥᠷᠥᠨ᠎ᠡ ᠵᠦᠭ ᠦ᠋ᠨ ᠹᠠᠲ᠋ᠢᠮᠠ ᠬᠡᠮᠡᠬᠦ ᠵᠠᠯᠢᠬᠠᠢ ᠡᠮ᠎ᠡ ᠥᠪᠡᠷ ᠲᠡᠢ ᠨᠢ ᠨᠥᠬᠥᠴᠡᠳᠡᠭ ᠬᠤᠳᠠᠯᠳᠤᠭᠠᠴᠢᠨ ᠢ᠋ ᠬᠠᠭᠠᠨ ᠤ᠋ ᠦᠷᠭᠦᠭᠡᠨ ᠳ᠋ᠦ᠍ ᠣᠷᠣᠭᠤᠯᠵᠤ ᠰᠥᠨᠢ ᠨᠢ ᠬᠠᠭᠠᠨ ᠬᠠᠯᠢᠭᠰᠠᠨ ᠲᠤᠬᠠᠢ ᠴᠢᠬᠢ ᠳᠡᠯᠡᠰᠦᠨᠡ᠃
ᠡᠵᠡᠨ ᠬᠠᠭᠠᠨ ᠤ᠋ ᠣᠷᠳᠣᠨ ᠳ᠋ᠤ᠌ ᠶᠠᠭᠤ ᠪᠣᠯᠤᠭᠰᠠᠨ ᠢ᠋ ᠬᠡᠨ ᠮᠡᠳᠡᠬᠦ ᠪᠣᠢ? ᠪᠠᠷᠠᠭᠤᠨ ᠭᠠᠷ ᠤ᠋ᠨ ᠡᠮ᠎ᠡ ᠶ᠋ᠢᠨ ᠲᠦᠩᠰᠢ ᠥᠭᠡᠳᠡᠢ ᠬᠠᠭᠠᠨ ᠤ᠋ ᠬᠠᠮᠲᠤ ᠰᠥᠨᠢᠵᠢᠨ ᠠᠷᠢᠬᠢ ᠤᠤᠭᠤᠭᠰᠠᠨ ᠭᠡᠬᠦ ᠨᠢ ᠯᠡ ᠭᠣᠣᠯ ᠰᠡᠵᠢᠭ᠃
ᠡᠵᠡᠨ ᠬᠠᠭᠠᠨ ᠶᠠᠪᠤᠳᠠᠭ ᠵᠠᠮ ᠳ᠋ᠠᠭᠠᠨ ᠶᠠᠪᠤᠵᠤ᠂ ᠦᠯᠡᠳᠡᠬᠦ ᠨᠢ ᠦᠯᠡᠳᠡᠵᠦ᠂ ᠢᠩᠭᠢᠵᠦ ᠲᠦᠷᠡᠭᠡᠨᠡ ᠬᠠᠲᠤᠨ ᠮᠣᠩᠭᠣᠯ ᠤ᠋ᠨ ᠲᠥᠷᠥ ᠶ᠋ᠢᠨ ᠡᠷᠬᠡ ᠶ᠋ᠢ ᠪᠠᠷᠢᠪᠠ᠃ ᠬᠡᠳᠦᠨ ᠵᠢᠯ ᠪᠠᠷᠢᠬᠤ ᠶ᠋ᠢ ᠬᠡᠨ ᠮᠡᠳᠡᠬᠦ ᠪᠣᠢ?
ᠡᠪᠦᠭᠡᠨ ᠪᠣᠭᠣᠷᠴᠢ ᠨᠠᠶᠠᠨ ᠨᠢᠭᠡᠨ ᠨᠠᠰᠤ ᠲᠠᠢ᠂ ᠤᠬᠠᠭᠠᠨ ᠰᠠᠷᠠᠭᠤᠯ ᠥᠩᠭᠡᠷᠡᠭᠰᠡᠨ ᠤᠯᠠᠷᠢᠭᠰᠠᠨ ᠠᠮᠢᠳᠤᠷᠠᠯ ᠢ᠋ᠶ᠋ᠠᠨ ᠯᠠ ᠨᠡᠬᠡᠨ ᠪᠣᠳᠣᠨ᠎ᠠ᠃ ᠪᠣᠳᠣᠬᠤ ᠰᠠᠨᠠᠬᠤ ᠪᠦᠷᠢ ᠯᠡ ᠲᠡᠭᠦᠰᠬᠡᠨ ᠭᠤᠸ᠎ᠠ ᠯᠠ ᠪᠣᠳᠣᠭᠳᠠᠨ᠎ᠠ᠃ ᠥᠨᠥᠴᠢᠷᠡᠭᠰᠡᠨ ᠰᠡᠳᠬᠢᠯ! ᠪᠣᠭᠣᠷᠴᠢ ᠡᠪᠦᠭᠡᠨ ᠲᠡᠭᠦᠰᠬᠡᠨ ᠬᠥᠭᠰᠢᠨ ᠢ᠋ᠶ᠋ᠡᠨ ᠠᠯᠳᠠᠵᠤ᠂ ᠥᠨᠥᠴᠢᠷᠡᠬᠦ ᠵᠣᠪᠠᠯᠠᠩ ᠢ᠋ ᠠᠮᠰᠠᠵᠤ《ᠬᠥᠮᠦᠨ ᠥᠨᠥᠴᠢᠷᠡᠬᠦ ᠶᠠᠭᠠᠬᠢᠭᠰᠠᠨ ᠬᠡᠴᠡᠭᠦᠦ ᠪᠣᠢ? ᠪᠢ ᠬᠡᠴᠢᠨᠡᠭᠡᠨ ᠬᠥᠮᠦᠨ ᠢ᠋ ᠥᠨᠥᠴᠢᠷᠡᠭᠦᠯᠦᠭᠰᠡᠨ ᠪᠢᠯᠡ? ᠳᠡᠰ ᠬᠦᠦ ᠲᠡᠳᠡ ᠶᠠᠭᠠᠬᠢᠵᠤ ᠰᠢᠨᠠᠯᠤᠨ ᠵᠣᠪᠠᠭᠰᠠᠨ ᠪᠣᠯ? ᠠᠶ᠎ᠠ ᠮᠢᠨᠦ ᠭᠠᠷ ᠲᠤ᠌ ᠥᠷᠲᠥᠭᠰᠡᠨ ᠠᠮᠢ ᠨᠠᠰᠤ ᠯᠠᠪᠲᠠᠢ ᠮᠢᠩᠭ᠎ᠠ ᠳᠠᠪᠠᠭᠰᠠᠨ ᠪᠣᠢ᠃ ᠠᠶ᠎ᠠ᠂ ᠮᠢᠩᠭᠠᠨ ᠵᠣᠪᠠᠯᠠᠩ᠂ ᠲᠦᠮᠡᠨ ᠥᠨᠥᠴᠢᠷᠡᠯ᠂ ᠠᠶ᠎ᠠ ᠶᠠᠭᠠᠬᠢᠭᠰᠠᠨ ᠬᠡᠴᠡᠭᠦᠦ!》 ᠭᠡᠮᠡᠨ ᠭᠤᠨᠢᠷᠬᠠᠨᠠ᠃
ᠡᠪᠦᠭᠡᠨ ᠪᠣᠭᠤᠷᠴᠢ ᠶᠡᠬᠡ ᠡᠵᠡᠨ ᠡᠴᠡ ᠬᠣᠢᠰᠢ ᠨᠤᠲᠤᠭ ᠵᠠᠭᠤᠷ᠎ᠠ ᠪᠠᠨ ᠵᠤᠨ ᠨᠢ ᠬᠡᠳᠦᠨ ᠮᠣᠷᠢᠳ ᠲᠤ᠌ ᠰᠣᠢᠵᠤ ᠣᠷᠣᠯᠳᠣᠭᠤᠯᠪᠠᠴᠤ ᠶᠡᠬᠡ ᠬᠤᠷᠳᠤ ᠶ᠋ᠢᠨ ᠡᠷᠴᠢ ᠪᠠᠰᠠ ᠬᠠᠷᠢᠵᠤ᠂ ᠬᠠᠶᠠ ᠭᠠᠭᠴᠠ ᠨᠢᠭᠡ ᠮᠠᠩᠨᠠᠢᠳᠠᠬᠤ ᠲᠡᠳᠦᠢ᠃ ᠬᠠᠷᠢᠨ ᠠᠳᠤᠭᠤᠨ ᠤ᠋ ᠬᠢᠨᠢ ᠤᠭᠰᠠᠭᠠᠨ ᠠ᠋ᠴᠠ ᠪᠠᠷᠤᠭ ᠠᠯᠲᠠᠢ ᠶ᠋ᠢᠨ ᠡᠨᠳᠡ ᠲᠡᠨᠳᠡ ᠲᠡᠷᠢᠭᠦᠨ ᠮᠠᠩᠨᠠᠢ ᠠᠪᠤᠭᠰᠠᠨ ᠰᠤᠷᠠᠭ ᠰᠣᠨᠣᠰᠤᠭᠳᠠᠬᠤ ᠳ᠋ᠤ᠌ ᠥᠪᠡᠷ ᠢ᠋ᠶ᠋ᠡᠨ ᠬᠤᠷᠳᠤᠯᠠᠭᠤᠯᠤᠭᠰᠠᠨ ᠠ᠋ᠴᠠ ᠥᠭᠡᠷ᠎ᠡ ᠴᠦ᠍ ᠦᠭᠡᠢ ᠪᠡᠶᠡᠰᠴᠦ ᠬᠥᠭᠡᠷᠦᠨ᠎ᠡ᠃ ᠠᠯᠤᠰ ᠬᠣᠯᠠ ᠶ᠋ᠢᠨ ᠠᠷᠠᠪ ᠠᠵᠢᠷᠭᠠᠨ ᠳ᠋ᠤ᠌ ᠭᠡᠭᠦᠦ ᠲᠠᠯᠪᠢᠵᠤ ᠰᠣᠷᠢᠪᠠ᠃ ᠠᠪᠴᠢᠷᠠᠭᠰᠠᠨ ᠭᠡᠭᠦᠦ ᠶ᠋ᠢ ᠠᠵᠢᠷᠭᠠᠨ ᠳ᠋ᠠᠭᠠᠨ ᠭᠢᠰᠬᠢᠭᠦᠯᠵᠦ ᠴᠦ᠍ ᠦᠵᠡᠪᠡ᠃ ᠴᠡᠴᠡ ᠤᠷᠲᠤ ᠬᠠᠷᠠᠢᠯᠲᠠ ᠬᠣᠯᠠ ᠴᠦ᠍ ᠰᠣᠴᠢᠵᠤ᠂ ᠡᠴᠡᠬᠦ ᠨᠢ ᠠᠮᠠᠷᠬᠠᠨ᠂ ᠮᠣᠩᠭᠣᠯ ᠭᠠᠵᠠᠷ ᠤ᠋ᠨ ᠤᠷᠤᠯᠳᠤᠭᠠᠨ ᠤ᠋ ᠤᠷᠲᠤ ᠵᠠᠮ ᠢ᠋ ᠲᠤᠭᠤᠯᠤᠯ ᠦᠭᠡᠢ ᠪᠠᠬᠠᠷᠳᠠᠵᠤ ᠤᠨᠠᠭᠰᠠᠨ ᠴᠦ᠍ ᠪᠣᠢ᠂ 《ᠪᠣᠳᠣᠬᠤ ᠯᠠ ᠶᠣᠰᠣ ᠲᠠᠢ ᠳ᠋ᠠᠭᠠᠨ᠃ ᠪᠢ ᠯᠡ ᠴᠢᠳᠠᠬᠤ ᠦᠭᠡᠢ᠂ ᠶᠡᠷᠦ ᠡᠴᠡ ᠤᠶᠠᠭ᠎ᠠ ᠰᠣᠢᠯᠭ᠎ᠠ ᠲᠠᠭᠠᠷᠠᠭᠤᠯᠬᠤ ᠪᠠᠨ ᠪᠣᠯᠢᠵᠤ ᠳᠠ᠃ ᠵᠠ ᠶᠠᠭᠠᠬᠢᠬᠤᠪ᠂ ᠬᠣᠢᠰᠢᠳᠠ ᠪᠠᠨ ᠰᠠᠢᠨ ᠤᠳᠤᠮ ᠬᠠᠢᠷᠠᠯᠠᠬᠤ ᠪᠣ᠌ᠢ᠎ᠡ᠃ ᠴᠠᠭ ᠬᠤᠭᠤᠴᠠᠭ᠎ᠠ ᠭᠡᠵᠦ ᠪᠣᠢ》ᠭᠡᠮᠡᠨ ᠪᠣᠳᠣᠯᠬᠢᠯᠠᠨ᠎ᠠ᠃
ᠡᠪᠦᠭᠡᠨ ᠪᠣᠭᠤᠷᠴᠢ ᠬᠦᠷᠢᠶ᠎ᠡ ᠬᠠᠪᠢ ᠲᠣᠭᠣᠷᠢᠵᠤ᠂ ᠦᠳᠡᠰᠢ ᠬᠣᠮᠣᠯ ᠠᠷᠭᠠᠯ ᠬᠣᠷᠮᠣᠢᠯᠠᠵᠤ ᠭᠡᠷ ᠲᠡᠭᠡᠨ ᠢᠷᠡᠭᠡᠳ ᠲᠡᠭᠦᠨ ᠢ᠋ ᠪᠡᠨ ᠮᠣᠩᠭᠢᠨᠠᠨ ᠠᠰᠠᠭᠠᠵᠤ ᠬᠠᠪᠤᠷ ᠤ᠋ᠨ ᠵᠢᠬᠡᠭᠦᠨ ᠰᠡᠷᠢᠭᠦᠨ ᠢ᠋ ᠭᠠᠯ ᠤ᠋ᠨ ᠢᠯᠴᠢ ᠪᠡᠷ ᠡᠭᠡᠭᠡᠵᠦ ᠣᠷᠣᠨ ᠳ᠋ᠠᠭᠠᠨ ᠬᠡᠪᠲᠡᠪᠡ᠃
ᠥᠷᠯᠥᠭᠡ᠃ ᠠᠢᠯ ᠬᠣᠲᠠᠯᠠ᠂ ᠠᠯᠪᠠᠲᠤ ᠵᠠᠷᠤᠴᠠ ᠪᠦᠭᠦᠳᠡᠭᠡᠷ ᠠᠵᠢᠯ ᠳ᠋ᠠᠭᠠᠨ ᠭᠠᠷᠴᠠᠢ᠃ ᠡᠪᠦᠭᠡᠨ ᠪᠣᠭᠤᠷᠴᠢ ᠡᠷᠲᠡᠯᠡᠨ ᠪᠣᠰᠴᠤ ᠬᠦᠷᠢᠶ᠎ᠡ ᠲᠣᠭᠣᠷᠢᠨ ᠠᠷᠭᠠᠯ ᠬᠣᠷᠮᠣᠢᠯᠠᠨ ᠰᠠᠵᠢᠯᠠᠵᠤ ᠶᠠᠪᠤᠳᠠᠭ᠃ ᠥᠨᠥ ᠥᠷᠯᠥᠭᠡ ᠡᠪᠦᠭᠡᠨ ᠬᠠᠷᠠᠭᠳᠠᠭᠰᠠᠨ ᠦᠭᠡᠢ᠃ ᠵᠠᠷᠤᠴᠠ ᠳᠠᠭᠠᠭᠤᠯ ᠨᠠᠷ ᠡᠪᠦᠭᠡᠨ ᠡᠵᠡᠨ ᠦ᠌ ᠭᠡᠷ ᠲᠦ᠍ ᠣᠷᠣᠪᠠᠰᠤ ᠴᠢᠷᠠᠢ ᠬᠥᠬᠡᠷᠡᠵᠦ᠂ ᠠᠮᠢ ᠲᠠᠯᠪᠢᠭᠰᠠᠨ ᠡᠪᠦᠭᠡᠨ ᠵᠠᠩᠵᠤᠨ ᠲᠠᠢ ᠤᠴᠠᠷᠠᠪᠠ᠃ ᠲᠡᠷᠡ ᠪᠡᠷ ᠳᠠᠬᠢᠨ ᠰᠡᠷᠭᠦᠬᠦ ᠦᠭᠡᠢ ᠪᠡᠷ ᠨᠣᠢᠷᠰᠤᠵᠠᠢ᠃ ᠡᠯᠴᠢ ᠵᠠᠷᠤᠯᠭ᠎ᠠ ᠳᠠᠪᠬᠢᠪᠠ᠃ ᠶᠡᠬᠡ ᠠᠭᠤᠷᠤᠭ ᠣᠷᠬᠣᠨ ᠤ᠋ ᠬᠥᠨᠳᠡᠢ ᠳᠠᠰᠢ ᠴᠦ᠍ ᠳᠠᠪᠬᠢᠪᠠ᠃ ᠲᠡᠭᠦᠨ ᠢ᠋ ᠬᠠᠷ᠎ᠠ ᠬᠣᠷᠣᠮ ᠭᠡᠬᠦ᠂ ᠪᠦᠭᠦᠳᠡ ᠳᠠᠪᠬᠢᠵᠤ ᠪᠦᠷᠢᠨ ᠬᠦᠷᠴᠦ᠂ ᠪᠠᠰᠠ ᠪᠦᠭᠦᠳᠡ ᠡᠷᠭᠢᠨ ᠢᠷᠡᠵᠡᠢ᠃ ᠬᠦᠷᠭᠡᠭᠰᠡᠨ ᠪᠦᠭᠦᠳᠡ ᠳ᠋ᠦ᠍ ᠬᠦᠷᠴᠦ᠂ ᠬᠥᠯ ᠮᠡᠳᠡᠨ ᠢᠷᠡᠪᠡ᠃ ᠬᠠᠷ᠎ᠠ ᠬᠣᠷᠣᠮ ᠳ᠋ᠤ᠌ ᠬᠠᠲᠤᠨ ᠲᠦᠷᠡᠭᠡᠨᠡ᠂
《ᠣᠷᠣᠰᠢᠭᠤᠯ ᠳᠠ》 ᠭᠡᠵᠡᠢ᠃
ᠡᠪᠦᠭᠡᠨ ᠡᠴᠢᠭᠡ ᠶ᠋ᠢᠨ ᠣᠷᠣ ᠰᠠᠭᠤᠷᠢ ᠶ᠋ᠢ ᠡᠵᠡᠯᠡᠭᠰᠡᠨ ᠵᠠᠯᠠᠭᠤ ᠨᠣᠶᠠᠨ ᠵᠡᠷᠭᠡ᠄
— ᠲᠡᠷᠡ ᠡᠮ᠎ᠡ ᠱᠤᠯᠤᠮ ᠠ᠋ᠴᠠ ᠣᠷᠣᠰᠢᠭᠤᠯᠬᠤ ᠡᠰᠡᠬᠦ ᠶ᠋ᠢ ᠠᠰᠠᠭᠤᠭ᠎ᠠ ᠦᠭᠡᠢ᠃ ᠶᠣᠰᠣ ᠲᠥᠷᠥ ᠶ᠋ᠢ ᠪᠣᠳᠣᠵᠤ ᠮᠡᠳᠡᠭᠳᠡᠭᠰᠡᠨ ᠶᠦᠮ ᠭᠡᠵᠦ ᠰᠢᠵᠠᠷᠠᠭᠤᠨ ᠬᠡᠯᠡᠭᠡᠳ᠂ ᠣᠷᠣᠰᠢᠭᠤᠯᠭ᠎ᠠ ᠶ᠋ᠢᠨ ᠠᠵᠢᠯ ᠳ᠋ᠤ᠌ ᠣᠷᠣᠪᠠ᠃ ᠬᠦᠦ ᠪᠣᠷᠬᠠᠢ ᠬᠡᠴᠢᠨᠡᠭᠡᠨ ᠬᠣᠯᠠ ᠶᠠᠪᠤᠭ᠎ᠠ ᠴᠦ᠍ ᠡᠴᠢᠭᠡ ᠳ᠋ᠡᠭᠡᠨ ᠢᠷᠡᠵᠡᠢ᠃ ᠨᠠᠰᠤ ᠥᠨᠳᠥᠷ ᠴᠦ᠍ ᠥᠭᠡᠯᠡᠨ ᠴᠡᠷᠪᠢ ᠢᠷᠡᠵᠡᠢ᠃ ᠶᠡᠬᠡ ᠡᠵᠡᠨ ᠬᠠᠭᠠᠨ ᠤ᠋ ᠳᠣᠲᠣᠨᠣ ᠨᠥᠬᠥᠷ ᠥᠷᠯᠥᠭ ᠵᠠᠩᠵᠤᠨ᠂ ᠬᠦᠯᠦᠭ ᠪᠠᠭᠠᠲᠤᠷ ᠪᠣᠭᠤᠷᠴᠢ ᠶ᠋ᠢ ᠰᠠᠢᠬᠠᠨ ᠥᠨᠳᠥᠷ ᠦ᠋ᠨ ᠥᠪᠥᠷ ᠡᠯᠢᠭᠡᠨ ᠳ᠋ᠦ᠍ ᠬᠠᠨᠢ ᠬᠠᠲᠤᠨ ᠲᠡᠭᠦᠰᠬᠡᠨ ᠭᠤᠸ᠎ᠠ ᠠ᠋ᠴᠠ ᠪᠠᠷᠠᠭᠤᠨ ᠬᠣᠢᠰᠢ ᠵᠠᠭᠤᠨ ᠠᠯᠬᠤᠮ ᠵᠠᠢ ᠳ᠋ᠤ᠌ ᠣᠩᠭᠣᠯᠠᠨ ᠣᠷᠣᠰᠢᠭᠤᠯᠵᠤ ᠶᠡᠬᠡ ᠴᠢᠯᠠᠭᠤ ᠣᠪᠣᠭᠠᠯᠠᠵᠠᠢ᠃
ᠬᠥᠮᠦᠨ ᠦ᠌ ᠰᠠᠢᠨ ᠨᠡᠷ᠎ᠡ ᠪᠡᠨ ᠳᠠᠭᠤᠷᠢᠰᠬᠠᠳᠠᠭ
ᠬᠦᠯᠦᠭ ᠦ᠋ᠨ ᠰᠠᠢᠨ ᠴᠣᠯᠠ ᠪᠠᠨ ᠳᠠᠭᠤᠳᠠᠭᠤᠯᠳᠠᠭ
ᠨᠠᠢ᠍ᠮᠠᠨ ᠵᠠᠭᠤᠨ ᠵᠢᠯ ᠦ᠋ᠨ ᠲᠡᠷᠲᠡᠭᠡ
ᠨᠠᠬᠤ ᠪᠠᠶᠠᠨ ᠤ᠋ ᠬᠦᠦ ᠪᠣᠭᠤᠷᠴᠢ ᠪᠠᠷ
ᠡᠵᠡᠨ ᠴᠢᠩᠭᠢᠰ ᠦ᠋ᠨ ᠡᠷᠬᠢᠮ ᠲᠥᠷᠥ ᠳ᠋ᠦ᠍
ᠡᠷᠭᠢᠯᠲᠡ ᠦᠭᠡᠢ ᠰᠢᠯᠤᠭᠤᠨ ᠢ᠋ᠶ᠋ᠠᠷ ᠵᠢᠳᠬᠦᠵᠦ
ᠡᠷ᠎ᠡ ᠬᠥᠮᠦᠨ ᠦ᠌ ᠡᠷᠴᠢ ᠴᠢᠳᠠᠯ ᠢ᠋ᠶ᠋ᠠᠷ ᠢ᠋ᠶ᠋ᠠᠨ
ᠡᠭᠡᠨᠡᠭᠲᠡ ᠦᠯᠡᠳᠡᠭᠰᠡᠨ ᠲᠡᠦᠬᠡᠨ ᠪᠠᠭᠠᠲᠤᠷ !
ᠣᠮ ᠰᠠᠢᠨ ᠠᠮᠤᠭᠤᠯᠠᠩ ᠪᠣᠯᠲᠤᠭᠠᠢ!
