ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠭᠦᠰᠭᠡᠯ ᠪᠦᠯᠦᠭ - 40> Хүлэг баатар буурч - Б. Өлзийсүрэн <Төгсгөл бүлэг-40> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠭᠦᠰᠭᠡᠯ ᠪᠦᠯᠦᠭ - 40> Хүлэг баатар буурч - Б. Өлзийсүрэн <Төгсгөл бүлэг-40>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠭᠦᠰᠭᠡᠯ ᠪᠦᠯᠦᠭ - 40> Хүлэг баатар буурч - Б. Өлзийсүрэн <Төгсгөл бүлэг-40>

ᠠᠩᠭᠢᠯᠠᠯ:ᠲᠤᠭᠤᠵᠢ ᠷᠣᠮᠠᠨ
2026-04-02

69

ᠨᠠᠰᠤᠨ ᠭᠥᠰᠭᠡ ᠡᠯᠡᠵᠦ ᠡᠮᠲᠡᠷᠡᠭᠰᠡᠨ ᠲᠡᠭᠦᠰᠭᠡᠯ ᠪᠦᠯᠦᠭ

ᠳᠥᠴᠢ


               ᠳᠥᠴᠢ 
                       ᠠᠷᠯᠠᠳ ᠨᠠᠬᠤ ᠶ᠋ᠢᠨ ᠪᠤᠭᠤᠷᠴᠢ᠄ 
                       ᠥᠷᠢᠰᠦᠯᠳᠦᠨ ᠢᠷᠡᠬᠦ ᠳᠠᠢᠰᠤᠨ ᠤ᠋ ᠡᠮᠦᠨᠡᠬᠢ ᠵᠠᠮ ᠢ᠋ ᠪᠥᠭᠯᠡᠵᠦ᠂ 
                       ᠬᠠᠯᠳᠤᠨ ᠢᠷᠡᠬᠦ ᠳᠠᠢᠰᠤᠨ ᠤ᠋ ᠬᠠᠷᠢᠬᠤ ᠵᠠᠮ ᠢ᠋ ᠬᠠᠭᠠᠵᠤ᠂ 
                       ᠠᠴᠢᠲᠤ ᠡᠵᠡᠨ ᠴᠢᠨᠦ ᠠᠮᠢ ᠪᠡᠶ᠎ᠡ ᠶ᠋ᠢ ᠬᠠᠮᠠᠭᠠᠯᠠᠵᠤ᠂ 
                       ᠠᠯᠲᠠᠨ ᠵᠢᠯᠣᠭᠣ ᠶ᠋ᠢ ᠴᠢᠨᠢ ᠠᠯᠳᠠᠯ ᠦᠭᠡᠢ ᠳᠠᠭᠠᠵᠤ᠂ 
                       ᠬᠠᠨᠳᠤᠭᠰᠠᠨ ᠵᠦᠭ ᠲᠦ᠍ ᠴᠢᠨᠢ ᠬᠠᠭᠠᠴᠠᠯ ᠦᠭᠡᠢ ᠶᠠᠪᠤᠶ᠎ᠠ᠃   

       ᠴᠢᠩᠭᠢᠰ ᠬᠠᠭᠠᠨ ᠮᠥᠩᠬᠡ ᠲᠩᠷᠢ ᠶ᠋ᠢᠨ ᠬᠦᠴᠦᠨ ᠳ᠋ᠦ᠍ᠷ ᠮᠣᠩᠭᠣᠯ ᠤ᠋ᠨ ᠨᠢᠭᠡᠳᠦᠭᠰᠡᠨ ᠡᠵᠡᠨᠲᠦ ᠲᠥᠷᠥ ᠤᠯᠤᠰ ᠢ᠋ ᠪᠠᠢᠭᠤᠯᠤᠭᠠᠳ ᠬᠣᠷᠢ ᠳ᠋ᠠᠬᠢ ᠵᠢᠯ ᠪᠤᠶᠤ ᠳᠥᠷᠪᠡᠳᠦᠭᠡᠷ ᠵᠢᠷᠠᠨ ᠤ᠋ ᠭᠠᠯ ᠨᠣᠬᠠᠢ ᠵᠢᠯ ᠦ᠋ᠨ ᠵᠤᠨ ᠤ᠋ ᠳᠤᠮᠳᠠ ᠰᠠᠷ᠎ᠠ ᠳ᠋ᠤ᠌ ᠬᠡᠷᠦᠯᠦᠨ ᠦ᠌ ᠬᠥᠳᠡᠭᠡ ᠠᠷᠠᠯ ᠳ᠋ᠠᠬᠢ ᠠᠭᠤᠷᠤᠭ ᠣᠷᠳᠣᠨ ᠳ᠋ᠠᠭᠠᠨ ᠶᠡᠬᠡ ᠬᠤᠷᠠᠯ ᠵᠠᠷᠯᠠᠵᠠᠢ᠃ ᠡᠨᠡ ᠨᠢ ᠥᠷᠥᠨ᠎ᠡ ᠵᠦᠭ ᠲᠦ᠍ ᠳᠣᠯᠣᠭᠠᠨ ᠵᠢᠯ ᠦ᠋ᠨ ᠠᠶᠠᠨ ᠲᠡᠢᠨ ᠳ᠋ᠦ᠍ ᠮᠣᠷᠢᠯᠠᠵᠤ ᠢᠷᠡᠭᠰᠡᠨ ᠦ᠌ ᠳᠠᠷᠠᠭᠠᠬᠢ  ᠣᠨ ᠪᠣᠯᠠᠢ᠃ ᠡᠵᠡᠨ ᠬᠠᠭᠠᠨ ᠤ᠋ ᠣᠢᠷ᠎ᠠ ᠳᠣᠲᠣᠨᠣ ᠶ᠋ᠢᠨ ᠬᠥᠮᠦᠰ ᠲᠡᠢ ᠪᠡᠨ ᠨᠢᠭᠤᠷ ᠤᠴᠠᠷᠠᠭ᠎ᠠ ᠦᠭᠡᠢ ᠣᠯᠠᠨ ᠵᠢᠯ ᠪᠣᠯᠵᠠᠢ᠃ ᠡᠢᠮᠦ ᠶ᠋ᠢᠨ ᠤᠴᠢᠷ ᠶᠡᠬᠡ ᠬᠥᠯ ᠦ᠋ᠨ ᠨᠠᠢᠷ ᠨᠠᠭᠠᠳᠤᠮ ᠬᠢᠵᠦ᠂ ᠶᠡᠬᠡ ᠬᠡᠰᠢᠭ ᠱᠠᠩ ᠲᠠᠷᠬᠠᠭᠠᠬᠤ ᠠᠵᠢᠯ ᠳᠠᠪᠬᠤᠴᠠᠭᠰᠠᠨ ᠠᠵᠤᠭᠤ᠃ ᠡᠨᠡᠬᠦ ᠨᠠᠢᠷ ᠨᠠᠭᠠᠳᠤᠮ ᠬᠠᠭᠠᠨ ᠤ᠋ ᠬᠡᠦᠬᠡᠳ᠂ ᠠᠴᠢ ᠵᠢᠭᠡ ᠡᠴᠡ ᠡᠬᠢᠯᠡᠭᠡᠳ ᠤᠷᠤᠭ ᠲᠥᠷᠥᠯ ᠦ᠋ᠨ ᠬᠥᠮᠦᠰ᠂ ᠮᠢᠩᠭᠠᠲᠤ ᠲᠦᠮᠡᠲᠦ ᠶ᠋ᠢᠨ ᠨᠣᠶᠠᠳ᠂ ᠬᠠᠲᠤᠳ ᠲᠠᠢ ᠪᠠᠨ ᠳᠠᠭᠠᠷ᠎ᠠ ᠣᠷᠣᠭᠰᠠᠨ᠂ ᠡᠵᠡᠯᠡᠭᠳᠡᠭᠰᠡᠨ ᠣᠷᠣᠨ ᠤ᠋ ᠨᠣᠶᠠᠳ ᠵᠠᠬᠢᠷᠤᠭᠴᠢᠳ ᠢᠷᠡᠵᠡᠢ᠃ ᠲᠡᠳᠡᠨ ᠦ᠌ ᠤᠷᠢᠳᠤ ᠠᠪᠤᠭ᠎ᠠ ᠦᠭᠡᠢ᠂ ᠠᠩᠬ᠎ᠠ ᠤᠳᠠᠭ᠎ᠠ ᠪᠠᠷᠠᠭᠠᠯᠠᠭᠰᠠᠨ ᠳ᠋ᠤᠨᠢ ᠵᠠᠬᠢᠷᠤᠭᠴᠢ ᠶ᠋ᠢᠨ ᠠᠯᠲᠠᠨ ᠬᠡᠷᠦᠭᠡ ᠪᠡᠨ ᠣᠯᠭᠣᠪᠠᠢ᠃ 
       ᠪᠣᠭᠣᠷᠴᠢ ᠬᠠᠲᠤᠨ ᠲᠠᠢ ᠪᠠᠨ ᠪᠠᠷᠠᠭᠤᠨ ᠭᠠᠷ ᠤ᠋ᠨ ᠵᠠᠬᠢᠷᠤᠭᠴᠢ ᠶ᠋ᠢᠨ ᠬᠤᠪᠢ ᠳ᠋ᠤ᠌ ᠮᠢᠩᠭᠠᠲᠤ ᠶ᠋ᠢᠨ ᠨᠣᠶᠠᠳ ᠤ᠋ᠨ ᠳᠡᠭᠡᠳᠦ ᠰᠠᠭᠤᠳᠠᠯ ᠳ᠋ᠤ᠌ ᠰᠠᠭᠤᠭᠰᠠᠨ ᠪᠠᠢᠨ᠎ᠠ᠃ ᠵᠤᠨ ᠤ᠋ ᠡᠬᠢᠨ ᠰᠠᠷ᠎ᠠ ᠳ᠋ᠤ᠌ ᠪᠣᠭᠤᠷᠴᠢ ᠶ᠋ᠢᠨ ᠠᠯᠤᠰ ᠭᠠᠵᠠᠷ ᠠ᠋ᠴᠠ ᠲᠡᠭᠡᠭᠡᠵᠦ ᠬᠠᠳᠠᠭᠠᠯᠠᠨ ᠪᠣᠢ ᠠᠴᠢᠶ᠎ᠠ ᠪᠠᠷ᠎ᠠ ᠶ᠋ᠢ ᠠᠪᠴᠢᠷ᠎ᠠ ᠭᠡᠰᠡᠨ ᠲᠤᠰᠢᠶᠠᠯ ᠶᠣᠰᠣ ᠪᠠᠷ ᠲᠡᠷᠡ ᠪᠡᠷ ᠮᠢᠩᠭᠠᠨ ᠬᠥᠰᠬᠡ ᠪᠡᠨ ᠬᠥᠳᠡᠯᠭᠡᠨ ᠲᠠᠪᠤᠨ ᠵᠠᠭᠤᠨ ᠴᠡᠷᠢᠭ ᠳᠠᠭᠠᠭᠤᠯᠤᠨ ᠰᠠᠷ᠎ᠠ ᠰᠢᠬᠠᠮ ᠬᠤᠭᠤᠴᠠᠭᠠᠨ ᠳ᠋ᠤ᠌ ᠠᠶᠠᠯᠠᠨ ᠢᠷᠡᠵᠦ ᠲᠣᠮᠢᠯᠠᠭᠰᠠᠨ ᠲᠦᠰᠢᠮᠡᠯ ᠳ᠋ᠦ᠍ ᠨᠢ ᠳᠠᠩᠰᠠ ᠪᠦᠷᠢᠳᠬᠡᠯ ᠶᠣᠰᠣ ᠪᠠᠷ ᠬᠦᠯᠢᠶᠡᠯᠭᠡᠨ ᠥᠭᠭᠦᠭᠰᠡᠨ ᠪᠢᠯᠡ᠃ ᠡᠬᠡᠨᠡᠷ ᠲᠡᠭᠦᠰᠬᠡᠨ ᠠᠷᠪᠠᠲᠤ ᠴᠡᠷᠢᠭ ᠲᠡᠢ ᠵᠢᠤᠵᠠ ᠲᠡᠷᠭᠡ ᠪᠡᠷ ᠲᠦᠷᠦᠭᠦᠯᠡᠨ ᠥᠬᠢᠨ ᠳᠡᠭᠡᠷ᠎ᠡ ᠪᠡᠨ ᠢᠷᠡᠭᠰᠡᠨ ᠠᠵᠤᠭᠤ᠃ ᠠᠷᠤ ᠲᠠᠯ᠎ᠠ ᠳ᠋ᠤ᠌ ᠠᠵᠢᠯ ᠬᠢᠷᠢ ᠶ᠋ᠢ ᠬᠦᠦ  ᠪᠣᠷᠬᠠᠢ ᠬᠠᠷᠢᠭᠤᠴᠠᠨ ᠪᠠᠢᠭ᠎ᠠ᠃ ᠬᠠᠭᠠᠨ ᠤ᠋ ᠰᠠᠩ ᠤ᠋ᠨ ᠡᠳ᠋ ᠶᠠᠭᠤᠮ᠎ᠠ ᠶ᠋ᠢ ᠬᠦᠯᠢᠶᠡᠯᠭᠡᠨ ᠥᠭᠭᠦᠭᠡᠳ ᠡᠬᠡᠨᠡᠷ ᠲᠡᠢ ᠪᠡᠨ ᠨᠡᠢᠯᠡᠨ ᠭᠡᠷ ᠭᠣᠯᠣᠮᠲᠠ ᠪᠠᠷ ᠢ᠋ᠶ᠋ᠠᠨ ᠠᠢᠯᠴᠢᠯᠠᠵᠠᠢ᠃ ᠬᠥᠭᠰᠢᠳ ᠪᠦᠭᠦᠳᠡ ᠲᠩᠷᠢ ᠳ᠋ᠦ᠍ ᠬᠠᠯᠢᠨ ᠣᠳᠴᠢᠬᠠᠭᠰᠠᠨ ᠪᠥᠯᠥᠭᠡ᠃ ᠲᠡᠭᠦᠰᠬᠡᠨ ᠦ᠌ ᠭᠠᠯ ᠭᠣᠯᠣᠮᠲᠠ᠂ ᠡᠴᠢᠭᠡ ᠶ᠋ᠢᠨ ᠮᠢᠩᠭᠠᠲᠤ ᠶ᠋ᠢᠨ ᠡᠷᠭᠦᠵᠦ ᠠᠪᠤᠭᠰᠠᠨ ᠬᠦᠦ ᠬᠢᠯᠦᠭᠡᠳᠠᠢ ᠥᠪᠯᠡᠨ ᠠᠪᠴᠠᠢ᠃ ᠲᠡᠷᠡ ᠪᠡᠷ ᠥᠷᠥᠨ᠎ᠡ ᠵᠦᠭ ᠦ᠋ᠨ ᠪᠠᠢᠯᠳᠤᠭᠠᠨ ᠳ᠋ᠤ᠌ ᠶᠠᠪᠤᠵᠤ ᠪᠠᠭᠠᠲᠤᠷ ᠪᠣᠯᠵᠤ ᠢᠷᠡᠭᠰᠡᠨ ᠭᠤᠴᠢᠨ ᠬᠢᠷᠢ ᠨᠠᠰᠤᠨ ᠤ᠋ ᠵᠠᠯᠠᠭᠤ ᠰᠠᠢᠬᠠᠨ ᠡᠷ᠎ᠡ ᠪᠣᠯᠵᠠᠢ᠃《ᠬᠡᠷᠪᠡ ᠠᠬ᠎ᠠ ᠬᠡᠮᠡᠭᠴᠢ ᠳᠠᠷᠬᠢ ᠬᠥᠮᠦᠨ ᠦ᠌ ᠠᠳᠠᠯᠢ ᠬᠥᠮᠦᠨ ᠪᠠᠢᠭᠰᠠᠨ ᠰᠠᠨ ᠪᠣᠯ ᠡᠳᠦᠢ ᠳ᠋ᠦ᠍ ᠨᠠᠰᠤ ᠬᠡᠪᠡᠢᠭᠰᠡᠨ ᠡᠪᠦᠭᠡᠨ ᠨᠣᠶᠠᠨ ᠰᠠᠭᠤᠬᠤ ᠪᠢᠯᠡ᠃ ᠥᠪᠡᠷ ᠢ᠋ᠶ᠋ᠡᠨ ᠦᠬᠦᠵᠦ ᠦᠷᠡᠭᠳᠡᠭᠰᠡᠨ ᠴᠦ᠍ ᠦᠷ᠎ᠡ ᠬᠡᠦᠬᠡᠳ ᠨᠢ ᠵᠠᠯᠭᠠᠭᠠᠳ ᠰᠠᠭᠤᠬᠤ ᠰᠠᠨ》 ᠭᠡᠮᠡᠨ ᠲᠡᠭᠦᠰᠬᠡᠨ ᠭᠣᠨᠢᠷᠬᠠᠨ ᠬᠠᠷᠠᠮ ᠤ᠋ᠨ ᠰᠡᠳᠬᠢᠯ ᠲᠥᠷᠥᠭᠰᠡᠨ ᠪᠤᠶᠤ᠃ ᠥᠨᠥ ᠮᠢᠩᠭᠠᠲᠤ ᠶ᠋ᠢᠨ ᠨᠣᠶᠠᠨ ᠤ᠋ ᠪᠡᠯᠪᠡᠰᠦᠨ ᠬᠠᠲᠤᠨ ᠲᠥᠷᠥᠭᠰᠡᠨ ᠥᠬᠢᠨ ᠦ᠌ ᠦᠷ᠎ᠡ ᠬᠡᠦᠬᠡᠳ᠂ ᠡᠴᠢᠭᠡ ᠶ᠋ᠢᠨ ᠬᠡᠷᠬᠢᠮ ᠢ᠋ ᠬᠠᠳᠠᠭᠠᠯᠠᠭᠠᠳ ᠰᠠᠭᠤᠵᠤ ᠪᠠᠢᠨ᠎ᠠ᠃《ᠥᠬᠢᠨ ᠮᠢᠨᠢ ᠵᠠᠯᠠᠭᠤ ᠬᠥᠮᠦᠨ᠂ ᠨᠠᠰᠤᠨ ᠤ᠋ ᠵᠣᠪᠠᠯᠠᠩ ᠢ᠋ ᠶᠠᠭᠠᠬᠢᠵᠤ ᠪᠠᠷᠠᠬᠤ ᠪᠣᠯ》 ᠭᠡᠮᠡᠨ ᠥᠷᠦᠪᠳᠦᠬᠦ ᠠᠵᠢ᠃ ᠡᠴᠢᠭᠡ ᠪᠣᠭᠤᠷᠴᠢ ᠴᠤ᠌ ᠡᠢᠨᠬᠦ ᠪᠠᠰᠠ ᠭᠤᠨᠢᠷᠠᠬᠤ ᠪᠥᠯᠥᠭᠡ᠃ ᠲᠡᠢᠨ ᠳ᠋ᠦ᠍ ᠦᠬᠦᠵᠦ ᠦᠷᠡᠭᠳᠡᠭᠰᠡᠨ ᠦ᠌ ᠠᠷᠤ ᠳ᠋ᠤ᠌ ᠥᠨᠦᠴᠢᠷᠡᠭᠡ ᠦᠭᠡᠢ ᠦᠯᠡᠳᠡᠭᠰᠡᠨ ᠨᠢ ᠴᠥᠭᠡᠨ ᠶᠦᠮ᠃ ᠶᠠᠮᠠᠷ ᠠᠵᠠ ᠪᠤᠶᠠᠨ ᠢ᠋ᠶ᠋ᠠᠷ ᠪᠢ ᠭᠡᠳᠡᠭ ᠬᠥᠮᠦᠨ ᠡᠪᠦᠭᠡᠨ ᠲᠡᠢ ᠪᠡᠨ ᠦᠯᠡᠳᠡᠪᠡ ᠠ᠋ ᠭᠡᠮᠡᠨ ᠲᠡᠭᠦᠰᠬᠡᠨ ᠭᠤᠨᠢᠭ ᠵᠣᠪᠠᠯᠠᠩ ᠢ᠋ᠶ᠋ᠠᠨ ᠳᠡᠢᠯᠦᠨ᠎ᠡ᠃ ᠡᠪᠦᠭᠡᠨ ᠪᠣᠭᠤᠷᠴᠢ ᠶ᠋ᠢᠨ ᠭᠠᠯ ᠭᠣᠯᠣᠮᠲᠠ ᠪᠠᠰᠠ ᠯᠠ ᠭᠤᠨᠢᠭ ᠲᠠᠢ ᠲᠡᠭᠦᠰᠦᠭᠰᠡᠨ ᠪᠣᠢ᠃ ᠡᠴᠢᠭᠡ ᠣᠯᠠᠨ ᠵᠢᠯ ᠦ᠋ᠨ ᠡᠮᠦᠨ᠎ᠡ ᠥᠭᠡᠳᠡ ᠪᠣᠯᠤᠭᠰᠠᠨ᠂ ᠡᠬᠡ ᠪᠠᠰᠠ ᠦᠭᠡᠢ ᠪᠣᠯᠵᠤ᠂ ᠲᠡᠷᠡ ᠶᠡᠬᠡ ᠮᠠᠯ ᠬᠥᠷᠥᠩᠭᠡ ᠪᠡᠨ ᠡᠵᠡᠭᠦᠢᠷᠡᠨ ᠦᠯᠡᠳᠡᠭᠡᠭᠰᠡᠨ ᠬᠡᠮᠡᠯᠲᠡᠢ᠃ ᠲᠥᠷᠥᠭᠰᠡᠨ ᠭᠠᠭᠴᠠ ᠡᠭᠡᠴᠢ ᠪᠠᠢᠪᠠ᠂ ᠡᠷ᠎ᠡ ᠨᠥᠬᠥᠷ ᠭᠠᠭᠴᠠ ᠬᠦᠦ ᠨᠢ ᠲᠡᠢᠨ ᠳ᠋ᠦ᠍ ᠦᠷᠡᠭᠳᠡᠵᠡᠢ᠃ ᠥᠪᠡᠷ ᠢ᠋ᠶ᠋ᠡᠨ ᠥᠪ ᠬᠥᠷᠥᠩᠭᠡ ᠪᠡᠨ ᠵᠠᠯᠭᠠᠬᠤ ᠲᠠᠢ ᠮᠠᠨ ᠲᠠᠢ ᠠᠳᠠᠯᠢ ᠦᠳᠡᠯᠦᠭᠡ ᠪᠤᠭᠤᠷᠤᠯ ᠡᠮᠡᠭᠡᠨ ᠪᠣᠯᠵᠠᠢ᠃ ᠬᠣᠶᠠᠷ ᠥᠬᠢᠨ ᠪᠠᠢᠨ᠎ᠠ᠂ ᠲᠡᠳᠡ ᠦᠷ᠎ᠡ ᠬᠡᠦᠬᠡᠳ ᠲᠡᠢ ᠪᠣᠯᠤᠮᠵᠢ ᠶ᠋ᠢᠨ ᠠᠮᠢᠳᠤᠷᠠᠵᠤ ᠪᠣᠢ ᠠᠵᠢ᠃ ᠭᠡᠪᠡᠴᠦ ᠡᠭᠡᠴᠢ ᠳ᠋ᠡᠭᠡᠨ ᠮᠠᠯ ᠤ᠋ᠨ ᠶᠡᠬᠡᠩᠬᠢ ᠶ᠋ᠢ᠂ ᠬᠥᠷᠥᠩᠭᠡ ᠬᠣᠭᠰᠢᠯ ᠢ᠋《ᠲᠠ ᠶᠠᠭᠠᠬᠢᠬᠤ ᠪᠠᠨ ᠥᠪᠡᠷ ᠢ᠋ᠶ᠋ᠡᠨ ᠮᠡᠳᠡ》 ᠭᠡᠮᠡᠨ ᠦᠯᠡᠳᠡᠭᠡᠪᠡ᠃ ᠥᠪᠡᠷ ᠢ᠋ᠶ᠋ᠡᠨ ᠬᠤᠷᠳᠤ ᠤᠳᠤᠮ ᠲᠠᠢ ᠭᠡᠰᠡᠨ ᠬᠣᠶᠠᠷ ᠠᠵᠢᠷᠭ᠎ᠠ ᠠᠳᠤᠭᠤ᠂ ᠡᠴᠢᠭᠡ ᠶ᠋ᠢᠨ ᠵᠡᠭᠦᠵᠦ᠂ ᠥᠪᠡᠷ ᠢ᠋ᠶ᠋ᠡᠨ ᠭᠠᠯ ᠢ᠋ᠶ᠋ᠠᠨ ᠠᠰᠠᠭᠠᠭᠰᠠᠨ ᠬᠡᠲᠡ ᠪᠡᠯᠡ ᠬᠢᠲᠤᠭ᠎ᠠ᠂ ᠡᠮᠡᠭᠡᠯ ᠬᠠᠵᠠᠭᠠᠷ ᠲᠠᠰᠢᠭᠤᠷ᠂ ᠰᠢᠲᠦᠵᠦ ᠶᠠᠪᠤᠭᠰᠠᠨ ᠰᠢᠲᠦᠭᠡᠨ ᠢ᠋ ᠨᠢ ᠠᠪᠴᠤ ᠲᠤᠭᠤᠯᠭ᠎ᠠ ᠠᠭᠤᠯᠠ᠂ ᠳᠡᠯᠭᠡᠷ ᠥᠯᠵᠡᠢᠲᠦ᠂ ᠵᠢᠪᠬᠤᠯᠠᠩᠲᠤ ᠶ᠋ᠢᠨ ᠥᠨᠳᠥᠷ ᠲᠦ᠍ ᠭᠠᠷᠴᠤ ᠲᠠᠬᠢᠯᠭ᠎ᠠ ᠦᠢᠯᠡᠳᠵᠡᠢ᠃ ᠦᠯᠡᠳᠡᠭᠰᠡᠨ ᠮᠠᠯ ᠬᠥᠷᠥᠩᠭᠡ ᠶ᠋ᠢ ᠬᠠᠷᠠᠵᠤ ᠠᠰᠠᠷᠠᠵᠤ ᠬᠠᠮᠵᠢᠭ᠎ᠠ ᠪᠣᠯᠵᠤ ᠪᠠᠢᠭᠰᠠᠨ ᠠᠷᠪᠠᠲᠤ ᠠᠬ᠎ᠠ ᠳᠡᠭᠦᠦ ᠡᠴᠡ ᠲᠥᠷᠥᠯ ᠤᠳᠤᠮ᠂ ᠨᠤᠲᠤᠭ ᠤ᠋ᠨ ᠲᠠᠨᠢᠬᠤ ᠶᠠᠳᠠᠭᠤᠷᠠᠭᠰᠠᠨ ᠬᠥᠮᠦᠰ ᠲᠦ᠍ ᠵᠣᠬᠢᠬᠤ ᠬᠤᠪᠢ ᠬᠡᠰᠢᠭ ᠪᠣᠯᠭᠠᠨ ᠲᠠᠷᠬᠠᠭᠠᠵᠠᠢ᠃ 
       ᠬᠠᠷᠢᠨ ᠬᠦᠦ ᠥᠭᠡᠯᠡᠨ ᠳ᠋ᠡᠭᠡᠨ ᠬᠤᠷᠳᠤ ᠲᠠᠢ ᠭᠡᠰᠡᠨ ᠤᠳᠤᠮ ᠤ᠋ᠨ ᠨᠢᠭᠡ ᠠᠵᠢᠷᠭ᠎ᠠ ᠠᠳᠤᠭᠤ ᠥᠭᠬᠦ ᠪᠡᠨ ᠮᠠᠷᠲᠠᠭᠰᠠᠨ ᠦᠭᠡᠢ᠃ 
       ᠪᠣᠭᠣᠷᠴᠢ ᠡᠢᠨᠬᠦ ᠨᠤᠲᠤᠭ ᠣᠷᠣᠨ ᠢ᠋ᠶ᠋ᠠᠷ ᠶᠠᠪᠤᠵᠤ ᠠᠮᠵᠢᠭᠠᠳ ᠨᠠᠢᠷ ᠨᠠᠭᠠᠳᠤᠮ ᠳ᠋ᠤ᠌ ᠮᠠᠩᠨᠠᠢ ᠲᠡᠨᠢᠭᠦᠨ ᠰᠠᠭᠤᠭ᠎ᠠ ᠪᠥᠯᠥᠭᠡ᠃ ᠴᠤᠭᠯᠠᠷᠠᠭᠰᠠᠨ ᠶᠡᠬᠡᠰ ᠳᠡᠭᠡᠳᠦᠰ ᠢ᠋ ᠨᠡᠷ᠎ᠡ ᠴᠣᠬᠢᠨ ᠳᠠᠭᠤᠳᠠᠵᠤ ᠡᠵᠡᠨ ᠬᠠᠭᠠᠨ ᠭᠠᠷ ᠤ᠋ᠨ ᠪᠡᠯᠡᠭ ᠬᠦᠷᠲᠡᠭᠡᠬᠦ ᠳ᠋ᠦ᠍ ᠪᠣᠭᠤᠷᠴᠢ ᠶ᠋ᠢᠨ ᠨᠡᠷ᠎ᠡ ᠭᠠᠷᠤᠭᠰᠠᠨ ᠦᠭᠡᠢ᠃ ᠪᠡᠯᠡᠭ ᠬᠠᠷᠠᠮᠵᠢ ᠳ᠋ᠤ᠌ ᠲᠡᠭᠦᠨ ᠦ᠌ ᠬᠠᠳᠠᠭᠠᠯᠠᠵᠤ ᠬᠠᠮᠠᠭᠠᠯᠠᠵᠤ ᠠᠪᠴᠢᠷᠠᠭᠰᠠᠨ ᠡᠳ᠋ ᠦ᠋ᠨ ᠵᠦᠢᠯ ᠣᠷᠣᠵᠤ ᠪᠠᠢᠭ᠎ᠠ ᠴᠤ᠌ ᠥᠪᠡᠷ ᠢ᠋ᠶ᠋ᠡᠨ ᠠᠪᠴᠢᠷᠠᠭᠰᠠᠨ ᠲᠠᠩᠰᠤᠭ ᠵᠦᠢᠯ ᠬᠠᠴᠢᠷᠯᠠᠭᠰᠠᠨ ᠬᠠᠷᠠᠭᠳᠠᠪᠠ᠃ ᠲᠡᠭᠡᠭᠡᠳ ᠳᠣᠣᠷᠠᠲᠤ ᠠᠯᠪᠠᠨ ᠤ᠋ ᠬᠥᠮᠦᠰ᠂ ᠴᠡᠷᠢᠭ᠂ ᠴᠡᠷᠢᠭ ᠦ᠋ᠨ ᠠᠷᠤ ᠭᠡᠷ᠂ ᠪᠤᠰᠤᠳ ᠲᠡᠳᠬᠦᠯᠭᠡ ᠬᠠᠯᠠᠮᠵᠢ ᠳ᠋ᠤ᠌ ᠱᠠᠩ ᠠᠪᠴᠤ ᠴᠠᠰᠢ ᠬᠦᠷᠲᠡᠬᠦ ᠶ᠋ᠢ ᠨᠣᠶᠠᠳ ᠵᠠᠬᠢᠷᠤᠭᠴᠢᠳ ᠲᠤ ᠠᠢᠯᠠᠳᠴᠠᠢ᠃ ᠢᠩᠭᠢᠵᠦ ᠡᠨᠡ ᠤᠳᠠᠭ᠎ᠠ ᠶ᠋ᠢᠨ ᠨᠠᠢᠷ ᠲᠠᠷᠬᠠᠪᠠ᠃ ᠥᠷᠯᠥᠭᠡ ᠡᠬᠢᠯᠡᠭᠰᠡᠨ ᠡᠨᠡᠬᠦ ᠠᠵᠢᠯ ᠬᠡᠷᠡᠭ ᠦᠳᠡ ᠥᠩᠭᠡᠷᠡᠬᠦ ᠬᠢᠷᠢ ᠬᠠᠭᠠᠨ ᠴᠤ᠌ ᠡᠴᠡᠵᠦ ᠴᠢᠯᠡᠭᠡᠷᠬᠡᠨ ᠳᠠᠭᠤᠰᠤᠭᠰᠠᠨ ᠶᠤᠮ᠃ ᠭᠠᠳᠠᠭᠤᠷ ᠨᠠᠭᠠᠳᠵᠤ ᠯᠠ ᠪᠠᠢᠨ᠎ᠠ᠃ ᠪᠦᠬᠦ ᠨᠣᠶᠠᠳ ᠬᠠᠲᠤᠭᠲᠠᠢ ᠠᠪᠤᠭᠰᠠᠨ ᠪᠡᠯᠡᠭ ᠬᠠᠳᠠᠭ ᠢ᠋ᠶ᠋ᠠᠨ ᠦᠵᠡᠵᠦ ᠬᠥᠷ ᠬᠥᠭᠵᠢᠶᠡᠨ ᠪᠣᠯᠵᠤ ᠪᠠᠢᠬᠤ ᠳ᠋ᠤ᠌ ᠮᠠᠨᠢ ᠬᠣᠶᠠᠷ ᠭᠠᠷ ᠬᠣᠭᠣᠰᠣᠨ ᠶᠠᠪᠤᠭ᠎ᠠ ᠳ᠋ᠠᠭᠠᠨ ᠭᠤᠨᠳᠠᠭᠤᠬᠠᠨ ᠠᠵᠢ᠃ ᠪᠣᠭᠣᠷᠴᠢ᠄《ᠪᠢ ᠬᠠᠭᠠᠨ ᠢ᠋ ᠭᠣᠮᠣᠳᠠᠭᠠᠵᠤ᠂ ᠳᠤᠷ᠎ᠠ ᠦᠭᠡᠢ ᠶ᠋ᠢ ᠨᠢ ᠬᠦᠷᠭᠡᠭᠰᠡᠨ ᠯᠡ ᠪᠣᠯᠵᠤ ᠲᠠᠭᠠᠷᠠᠯ᠎ᠠ᠃ ᠡᠨᠡ ᠪᠣᠯ ᠥᠭᠡᠳᠡᠢ ᠶ᠋ᠢᠨ ᠶᠠᠪᠤᠳᠠᠯ ᠪᠠᠢᠬ᠎ᠠ᠃ ᠥᠩᠭᠡᠷᠡᠭᠰᠡᠨ ᠵᠢᠯ ᠰᠠᠷᠲᠠᠭᠤᠯ ᠠ᠋ᠴᠠ ᠪᠤᠴᠠᠬᠤ ᠳ᠋ᠤ᠌ ᠶᠡᠬᠡ ᠶᠠᠭᠤᠮ᠎ᠠ ᠥᠭᠭᠦᠭᠰᠡᠨ ᠯᠡ ᠳᠡ᠃ ᠲᠡᠭᠦᠨ ᠢ᠋ᠶ᠋ᠡᠨ ᠲᠣᠭᠠᠴᠢᠵᠤ ᠪᠣᠳᠣᠭ᠎ᠠ ᠪᠣᠯᠪᠠᠤ᠃ ᠦᠭᠡᠢ ᠯᠡ ᠪᠠᠢᠮᠠᠷ᠂ ᠲᠡᠮᠦᠵᠢᠨ ᠤᠭ ᠠ᠋ᠴᠠ ᠲᠡᠢᠮᠦ ᠴᠦ᠍ ᠶᠠᠯᠢᠮ ᠦᠭᠡᠢ ᠶᠠᠭᠤᠮᠠᠨ ᠳ᠋ᠤ᠌ ᠬᠠᠷᠠᠮᠴᠢ ᠴᠦ᠍ ᠬᠥᠮᠦᠨ ᠴᠦ᠍ ᠪᠢᠰᠢ ᠳᠡ᠃ ᠪᠢ ᠴᠦ᠍ ᠠᠪᠳᠠᠭ ᠢ᠋ᠶ᠋ᠠᠨ ᠠᠪᠤᠭᠰᠠᠨ ᠶᠤᠮ ᠳᠠ᠂ ᠡᠨᠡ ᠮᠠᠨᠢ ᠣᠯᠠᠨ ᠬᠥᠮᠦᠨ ᠦ᠌ ᠳᠤᠮᠳᠠ ᠭᠠᠷ ᠬᠣᠭᠣᠰᠣᠨ ᠁  ᠨᠡᠷ᠎ᠡ ᠳᠠᠭᠤᠳᠠᠵᠤ ᠭᠠᠷᠭᠠᠭᠠᠳ ᠪᠢᠳᠡ ᠬᠣᠶᠠᠷ ᠲᠤ ᠨᠢᠳᠤᠨᠤᠨ ᠬᠤᠪᠢ ᠴᠢᠮ᠎ᠠ ᠳ᠋ᠤ᠌ ᠥᠭᠭᠦᠭᠰᠡᠨ ᠭᠡᠳ ᠠᠳᠬᠤ ᠰᠢᠬᠢᠷ ᠥᠭᠪᠡᠯ ᠪᠣᠯᠬᠤ ᠪᠠᠢᠭᠰᠠᠨ ᠳᠠ》 ᠭᠡᠭᠴᠢᠯᠡᠨ ᠡᠯᠳᠡᠪ ᠢ᠋ ᠡᠷᠭᠢᠭᠦᠯᠦᠨ ᠪᠣᠳᠣᠵᠤ ᠶᠠᠪᠤᠲᠠᠯ᠎ᠠ᠄ 
       — ᠡᠵᠡᠨ ᠬᠠᠭᠠᠨ ᠠ᠋ᠴᠠ ᠪᠡᠯᠡᠭ ᠬᠡᠰᠢᠭ ᠠᠪᠤᠭᠰᠠᠨ ᠬᠥᠮᠦᠰ ᠴᠦ᠍ ᠠᠷᠭ᠎ᠠ ᠦᠭᠡᠢ ᠪᠠᠶᠠᠷ ᠬᠥᠷ ᠲᠡᠢ ᠶᠠᠪᠤᠵᠠᠭᠠᠵᠤ ᠪᠠᠢᠨ᠎ᠠ᠃ ᠴᠢ ᠪᠢᠳᠡ ᠬᠣᠶᠠᠷ ᠯᠠ ᠭᠡᠵᠦ ᠬᠠᠭᠠᠨ ᠤ᠋ ᠨᠢᠳᠦᠨ ᠦ᠌ ᠪᠤᠯᠤᠩ ᠳ᠋ᠤ᠌ ᠥᠷᠲᠥᠬᠦ ᠪᠠᠨ ᠪᠣᠯᠢᠵᠤ ᠳᠠ᠃ 
       — ᠭᠠᠢ ᠦᠭᠡᠢ᠂ ᠭᠠᠢ ᠦᠭᠡᠢ᠃ ᠤᠷᠢᠳᠤ ᠠᠪᠤᠭᠰᠠᠨ ᠭᠡᠮᠡᠨ ᠰᠠᠨᠠᠭᠠᠳ ᠯᠠ ᠶᠠᠪᠤᠵᠤ ᠪᠣᠢ᠃ 
       — ᠶᠠᠷᠰᠢᠭ ᠳᠠ᠃ 
       — ᠲᠡᠭᠡᠭᠡᠳ ᠶᠠᠭᠠᠬᠢᠶ᠎ᠠ ᠭᠡᠵᠦ᠂ ᠨᠡᠬᠡᠯᠲᠡᠢ ᠪᠢᠰᠢ᠃ ᠨᠡᠬᠡᠪᠡᠯ ᠨᠢᠭᠡ ᠶᠠᠭᠤᠮ᠎ᠠ ᠬᠡᠯᠡᠬᠦ ᠯᠡ ᠪᠠᠢᠬᠤ᠃ ᠥᠭᠬᠦ ᠨᠢ ᠶᠠᠭᠤ ᠯᠠ ᠪᠣᠯ? 
       — ᠴᠢ ᠠᠷᠠᠢ ᠬᠤᠯᠠᠨ ᠢ᠋ ᠨᠢ ᠮᠠᠭᠠᠵᠢᠴᠢᠬᠠᠭᠰᠠᠨ ᠪᠢᠰᠢ ᠳᠡ? ᠪᠣᠭᠣᠷᠴᠢ ᠢᠨᠢᠶᠡᠵᠦ᠄  
       — ᠲᠡᠭᠡᠪᠡᠯ ᠲᠣᠯᠣᠭᠠᠢ ᠮᠥᠷᠦᠨ ᠳᠡᠭᠡᠷ᠎ᠡ ᠶᠠᠭᠠᠬᠢᠵᠤ ᠪᠠᠢᠬᠤ ᠪᠣᠢ? ᠡᠮ᠎ᠡ ᠬᠥᠮᠦᠨ ᠡᠯᠳᠡᠪ ᠢ᠋ ᠰᠠᠨᠠᠵᠤ ᠶᠠᠪᠤᠳᠠᠭ ᠭᠡᠯᠴᠡᠳᠡᠭ ᠦᠨᠡᠨ ᠶᠦᠮ ᠠ᠋ ᠭᠡᠳ ᠪᠦᠷ ᠢᠨᠢᠶᠡᠵᠦ ᠬᠥᠬᠥᠷᠡᠪᠡ᠃ ᠡᠨᠡ ᠬᠣᠶᠠᠷ ᠥᠷᠯᠥᠭᠡ ᠬᠥᠲᠥᠴᠢ ᠳᠠᠭᠠᠭᠤᠯᠵᠤ ᠢᠷᠡᠭᠰᠡᠨ᠃ ᠭᠠᠷᠴᠤ ᠢᠷᠡᠭᠡᠳ ᠲᠡᠭᠦᠨ ᠳ᠋ᠦ᠍᠄
       — ᠴᠢ ᠥᠷᠯᠥᠭᠡ ᠡᠴᠡ ᠡᠨᠡ ᠬᠠᠯᠠᠭᠤᠨ ᠨᠠᠷᠠᠨ ᠳ᠋ᠤ᠌ ᠁  ᠪᠤᠰᠢᠭᠤᠬᠠᠨ ᠣᠴᠢᠵᠤ ᠶᠠᠭᠤᠮ᠎ᠠ ᠢᠳᠡᠵᠦ ᠤᠤᠭᠤ ᠭᠡᠪᠡᠰᠦ ᠲᠡᠷᠡ ᠨᠢ ᠳᠠᠪᠬᠢᠭᠠᠳ ᠶᠠᠪᠤᠴᠢᠬᠠᠭᠰᠠᠨ᠃ ᠥᠪᠡᠷ ᠢ᠋ ᠨᠢ ᠬᠠᠷᠢᠶ᠎ᠠ ᠡᠨᠡ ᠲᠤᠰᠠᠯᠠᠭᠴᠢ ᠡᠬᠡᠨᠡᠷ ᠲᠡᠢ ᠬᠠᠮᠲᠤ ᠳᠠᠭᠠᠵᠤ ᠡᠨᠳᠡ ᠶᠠᠪᠤᠭ᠎ᠠ᠃ ᠪᠣᠭᠣᠷᠴᠢ ᠡᠬᠡᠨᠡᠷ ᠬᠣᠶᠠᠷ ᠬᠠᠭᠠᠨ ᠤ᠋ ᠬᠦᠷᠢᠶᠡᠨ ᠡᠴᠡ ᠭᠠᠳᠠᠨ᠎ᠠ ᠁ ᠬᠣᠶᠠᠷ ᠪᠡᠰᠡᠷᠡᠭ ᠭᠡᠷ ᠲᠦ᠍ ᠳᠥᠷᠪᠡᠭᠦᠯᠡ ᠰᠠᠭᠤᠭ᠎ᠠ᠃ ᠲᠤᠰᠠᠯᠠᠭᠴᠢ ᠶ᠋ᠢᠨ ᠡᠬᠡᠨᠡᠷ ᠬᠣᠭᠣᠯᠠ ᠤᠮᠳᠠ ᠭᠠᠯ ᠲᠣᠭᠣᠭ᠎ᠠ ᠪᠠᠷᠢᠨ᠎ᠠ᠃ ᠠᠯᠲᠠᠢ ᠨᠤᠲᠤᠭ ᠠ᠋ᠴᠠ ᠳᠠᠭᠠᠭᠤᠯᠵᠤ ᠢᠷᠡᠭᠰᠡᠨ ᠰᠢᠳᠠᠷ ᠠᠷᠪᠠᠲᠤ ᠳ᠋ᠠᠭᠠᠨ ᠠᠳᠤᠭᠤ ᠪᠠᠨ ᠥᠭᠴᠦ ᠶᠠᠪᠤᠭᠤᠯᠤᠭᠰᠠᠨ᠃ ᠪᠤᠴᠠᠬᠤ ᠶ᠋ᠢᠨ ᠬᠠᠮᠲᠤ ᠶᠠᠪᠤᠬᠤ ᠬᠣᠶᠠᠷ ᠴᠡᠷᠢᠭ ᠪᠣᠢ᠃ ᠡᠳᠡ ᠨᠠᠭᠠᠳᠤᠮ᠂ ᠶᠡᠬᠡ ᠬᠤᠷᠠᠯᠲᠠᠢ ᠭᠡᠳ ᠡᠨᠳᠡ ᠬᠣᠨᠣᠭ ᠪᠠᠢᠬᠤ ᠠᠵᠢ᠃ 
       ᠲᠡᠷᠡ ᠬᠣᠶᠠᠷ ᠰᠠᠵᠢᠯᠠᠭᠤᠯᠤᠨ ᠶᠠᠪᠤᠵᠤ ᠭᠡᠷ ᠲᠡᠭᠡᠨ ᠢᠷᠡᠯ᠎ᠡ᠃ ᠣᠢᠷ᠎ᠠ ᠬᠠᠪᠢ ᠶ᠋ᠢᠨ ᠨᠣᠶᠠᠳ ᠤ᠋ᠳ ᠬᠥᠯ ᠬᠥᠳᠡᠯᠭᠡᠭᠡᠨ ᠬᠥᠭᠵᠢᠶᠡᠨ ᠶᠡᠬᠡ ᠲᠡᠢ᠃ ᠡᠬᠡᠨᠡᠷ ᠨᠥᠬᠥᠷ ᠠᠯᠢ ᠪᠣᠯᠭᠠᠨ ᠤᠷᠤᠭᠤ ᠴᠢᠷᠠᠢᠯᠠᠬᠤ ᠪᠣᠢ᠃ ᠢᠳᠡᠭᠡ ᠵᠣᠭᠣᠭ᠂ ᠠᠷᠢᠬᠢ ᠳᠠᠷᠠᠰᠤ ᠪᠠᠨ ᠲᠠᠯᠪᠢᠵᠤ᠂ ᠣᠢᠷ᠎ᠠ ᠳᠣᠲᠣᠨᠣ ᠶ᠋ᠢᠨ ᠬᠥᠮᠦᠰ ᠴᠦ᠍ ᠣᠷᠣᠵᠤ ᠭᠠᠷᠴᠤ ᠪᠠᠢᠵᠤ᠂ ᠲᠡᠭᠦᠰᠬᠡᠨ ᠭᠠᠳᠠᠨ᠎ᠠ ᠭᠠᠷᠲᠠᠯ᠎ᠠ ᠲᠤᠯᠤᠨ ᠴᠡᠷᠪᠢ ᠭᠠᠳᠠᠨ᠎ᠠ ᠨᠢ ᠢᠷᠡᠵᠦ᠂ ᠲᠡᠷᠡ ᠮᠠᠨᠳᠤᠯᠠᠨ᠄
       — ᠲᠠ ᠬᠣᠶᠠᠷ ᠡᠨᠡ ᠪᠠᠢᠭ᠎ᠠ ᠶᠤᠮ ᠤᠤ? ᠭᠡᠪᠡᠰᠦ᠄ 
       — ᠲᠡᠢᠮᠦ᠂ ᠲᠡᠢᠮᠦ᠃ ᠴᠢ ᠮᠣᠷᠢᠯᠠᠵᠤ ᠰᠠᠭᠠᠳᠠ ᠭᠡᠵᠦ ᠲᠡᠭᠦᠰᠬᠡᠨ ᠠᠶᠠᠯᠭᠤᠬᠠᠨ ᠤᠷᠢᠵᠤ ᠭᠡᠷ ᠲᠡᠭᠡᠨ ᠣᠷᠣᠭᠤᠯᠪᠠ᠃ ᠪᠤᠭᠤᠷᠴᠢ᠄《ᠴᠢ ᠶᠡᠬᠡ ᠮᠡᠳᠡᠵᠦ ᠪᠤᠳᠤᠯᠢᠵᠤ ᠶᠠᠪᠤᠨ᠎ᠠ ᠤᠤ? ᠨᠢᠭᠡ ᠯᠡ ᠤᠴᠢᠷ ᠲᠠᠢ ᠶᠠᠪᠤᠭ᠎ᠠ ᠳᠠ》 ᠭᠡᠵᠦ ᠪᠣᠳᠣᠭᠳᠠᠭᠰᠠᠨ ᠴᠦ᠍ ᠬᠠᠭᠠᠨ ᠤ᠋ ᠳᠡᠷᠭᠡᠳᠡ ᠶ᠋ᠢᠨ ᠬᠥᠮᠦᠨ ᠢ᠋ ᠬᠦᠨᠳᠦᠯᠡᠨ᠄ 
       — ᠲᠤᠯᠤᠨ ᠴᠡᠷᠪᠢ ᠲᠠ ᠳᠡᠭᠡᠭᠰᠢ᠂ ᠳᠡᠭᠡᠭᠰᠢ ᠬᠡᠮᠡᠵᠦ᠂ ᠵᠣᠴᠢᠳ ᠴᠦ᠍ ᠬᠦᠨᠳᠦᠯᠡᠨ ᠪᠣᠰᠴᠤ ᠮᠡᠬᠦᠢᠯᠵᠡᠨ ᠤᠷᠢᠳᠤᠭᠤᠷ ᠢ᠋ᠶ᠋ᠠᠨ ᠭᠠᠷᠭᠠᠯ᠎ᠠ᠃ ᠠᠢᠷᠠᠭ ᠴᠠᠭ᠎ᠠ᠂ ᠢᠳᠡᠭᠡ ᠪᠤᠳᠠᠭ᠎ᠠ ᠠᠷᠢᠬᠢ ᠰᠠᠷᠬᠤᠳ ᠪᠦᠭᠦᠳᠡ ᠴᠠᠯᠭᠢᠵᠤ ᠪᠢᠯᠬᠠᠨ ᠶᠠᠷᠢᠶ᠎ᠠ ᠡᠭᠦᠰᠴᠦ ᠬᠠᠭᠠᠨ ᠤ᠋ ᠬᠡᠰᠢᠭ ᠱᠠᠩ ᠤᠷᠤᠭᠤ ᠲᠤᠯᠤᠨ ᠴᠡᠷᠪᠢ ᠭᠤᠯᠠᠰᠤᠭᠠᠳ ᠣᠷᠣᠭᠤᠯᠴᠢᠬᠠᠯ᠎ᠠ᠃ ᠶᠠᠷᠢᠶ᠎ᠠ ᠴᠦ᠍ ᠪᠦᠷ ᠥᠷᠨᠢᠵᠦ《ᠲᠡᠭᠦᠨ ᠦ᠌ ᠬᠢ ᠶᠡᠬᠡ᠂ ᠲᠡᠭᠦᠨ ᠦ᠌ ᠬᠢ ᠪᠠᠭ᠎ᠠ》 ᠳ᠋ᠤ᠌ ᠬᠦᠷᠲᠡᠯ᠎ᠡ ᠣᠷᠣᠴᠢᠬᠠᠪᠠ᠃ 
       — ᠶᠡᠬᠡ ᠪᠠᠭ᠎ᠠ ᠴᠦ᠍ ᠶᠠᠭᠠᠬᠢᠮᠤᠢ᠂ ᠣᠷᠣ ᠴᠦ᠍ ᠦᠭᠡᠢ ᠬᠣᠴᠣᠷᠤᠭᠰᠠᠨ ᠮᠠᠨ ᠤ᠋ ᠮᠠᠭᠤ ᠡᠪᠦᠭᠡᠨ ᠭᠡᠪᠡ᠃ ᠭᠠᠭᠴᠠᠭᠠᠷ ᠢ᠋ᠶ᠋ᠠᠨ ᠦᠯᠡᠲᠡᠯ᠎ᠡ᠂ ᠪᠢᠷᠠᠭᠤ ᠨᠠᠰᠤᠨ ᠠ᠋ᠴᠠ ᠪᠠᠨ ᠢᠵᠢᠯᠢᠳᠡᠵᠦ ᠪᠤᠬ᠎ᠠ ᠪᠣᠯᠤᠭᠠᠳ ᠮᠥᠷᠭᠥᠬᠦ ᠭᠡᠭᠴᠢ ᠶᠠᠭᠤ  ᠁ ᠭᠡᠲᠡᠯ᠎ᠡ ᠪᠤᠭᠤᠷᠴᠢ ᠬᠥᠭᠰᠢᠨ ᠦ᠌ ᠪᠡᠨ ᠠᠮᠠ ᠬᠠᠲᠠᠭᠤᠷᠠᠬᠤ ᠨᠢ ᠭᠡᠵᠦ ᠪᠣᠳᠣᠭᠠᠳ᠄ 
       — ᠵᠥᠭᠡᠢ᠂ ᠵᠦᠭᠡᠷ᠃ ᠴᠢ ᠪᠢᠳᠡ ᠬᠣᠶᠠᠷ ᠡᠵᠡᠨ ᠬᠠᠭᠠᠨ ᠠ᠋ᠴᠠ ᠬᠦᠷᠲᠡᠭᠰᠡᠨ ᠬᠡᠰᠢᠭ ᠬᠠᠢᠷ᠎ᠠ ᠶᠡᠬᠡ᠂ ᠨᠡᠷ᠎ᠡ ᠠᠯᠳᠠᠷ ᠴᠢᠮᠠᠯᠠᠯᠲᠠ ᠦᠭᠡᠢ ᠠ᠋᠃ ᠶᠡᠬᠡ ᠯᠡ ᠬᠦᠷᠲᠡᠯ᠎ᠡ᠃ ᠬᠠᠢᠷᠠᠯᠠᠭᠰᠠᠨ ᠢ᠋ ᠨᠢ ᠡᠵᠡᠮᠰᠢᠵᠦ ᠡᠳ᠋ᠯᠡᠵᠦ ᠬᠦᠴᠦ ᠬᠦᠷᠬᠦ ᠦᠭᠡᠢ ᠴᠦ᠍ ᠪᠣᠢ᠃ ᠠᠯᠲᠠᠨ ᠤᠯᠤᠰ ᠲᠤ ᠪᠠᠢᠯᠳᠤᠵᠤ ᠶᠡᠬᠡ ᠭᠠᠵᠠᠷ ᠨᠤᠲᠤᠭ ᠡᠳ᠋ᠯᠡᠭᠡᠳ《ᠵᠦᠢ ᠶ᠋ᠢᠨ ᠭᠠᠵᠠᠷ ᠨᠤᠲᠤᠭ ᠢ᠋ ᠮᠤᠬᠤᠯᠠᠢ ᠪᠢᠳᠡ ᠬᠣᠶᠠᠷ ᠢ᠋ ᠬᠤᠪᠢᠶᠠᠵᠤ ᠠᠪ》 ᠭᠡᠰᠡᠨ ᠵᠠᠷᠯᠢᠭ ᠪᠣᠢ᠃ ᠪᠡᠶ᠎ᠡ ᠪᠡᠨ ᠬᠣᠶᠠᠷ ᠬᠤᠪᠢᠶᠠᠵᠤ ᠪᠣᠯᠬᠤ ᠦᠭᠡᠢ ᠪᠣᠯᠬᠣᠷ ᠲᠡᠷᠡ ᠲᠡᠨᠳᠡ ᠪᠠᠢᠵᠤ ᠯᠠ ᠪᠠᠢᠭ᠎ᠠ᠃ ᠦᠨᠡᠨᠴᠢ ᠪᠡᠷ ᠵᠢᠳᠬᠦᠵᠦ ᠶᠠᠪᠤᠪᠠᠯ ᠦᠬᠦᠲᠡᠯ᠎ᠡ ᠶᠡᠬᠡ ᠬᠡᠰᠢᠭ ᠱᠠᠩᠨᠠᠯ ᠬᠦᠷᠲᠡᠬᠦ ᠯᠡ ᠪᠤᠶᠤ᠃ ᠡᠵᠡᠨ ᠬᠠᠭᠠᠨ ᠪᠢᠳᠡᠨ ᠢ᠋ ᠬᠡᠵᠢᠶ᠎ᠡ ᠴᠦ᠍ ᠮᠠᠷᠲᠠᠭ᠎ᠠ ᠦᠭᠡᠢ᠂ ᠮᠠᠷᠲᠠᠬᠤ ᠴᠦ᠍ ᠦᠭᠡᠢ ᠭᠡᠪᠡ᠃ 
       ᠵᠣᠴᠢᠳ ᠨᠥᠬᠥᠳ ᠰᠡᠳᠬᠢᠯ ᠨᠢ ᠵᠣᠪᠠᠵᠤ ᠶᠠᠷᠢᠶ᠎ᠠ ᠪᠠᠨ ᠥᠭᠡᠷ᠎ᠡ ᠳᠠᠰᠢ ᠰᠢᠯᠵᠢᠭᠦᠯᠪᠡ᠃ ᠲᠤᠯᠤᠨ ᠲᠣᠭᠣᠨᠣ ᠤᠷᠤᠭᠤ ᠬᠠᠷᠠᠭᠰᠠᠨ ᠢ᠋ᠶ᠋ᠠᠨ《ᠦ᠂ ᠦᠳᠡᠰᠢ ᠪᠣᠯᠴᠢᠬᠠᠬᠤ ᠭᠡᠮ᠃ ᠶᠠᠪᠤᠶ᠎ᠠ᠂ ᠶᠠᠪᠤᠶ᠎ᠠ》 ᠭᠡᠳ ᠭᠠᠷᠤᠯ᠎ᠠ᠃ ᠪᠤᠰᠤᠳ ᠨᠢ ᠤᠪᠤᠨ ᠴᠤᠪᠤᠨ ᠥᠨᠳᠥᠷᠯᠡᠯ᠎ᠡ᠃ 
       ᠮᠠᠷᠭᠠᠰᠢ ᠥᠷᠯᠥᠭᠡᠭᠦᠷ ᠪᠣᠭᠣᠷᠴᠢ ᠭᠡᠷᠭᠡᠢ ᠲᠡᠢ ᠪᠡᠨ᠂ ᠳᠠᠭᠠᠭᠤᠯ ᠬᠣᠶᠠᠷ ᠡᠷ᠎ᠡ ᠡᠮ᠎ᠡ ᠳᠥᠷᠪᠡᠭᠦᠯᠡ ᠪᠡᠨ ᠨᠠᠭᠠᠳᠤᠮ ᠤᠷᠤᠭᠤ ᠮᠣᠷᠳᠠᠯ᠎ᠠ᠃ ᠪᠣᠭᠣᠷᠴᠢ ᠳ᠋ᠤ᠌ ᠤᠶᠠᠭᠰᠠᠨ ᠤᠷᠤᠯᠳᠤᠭᠠᠨ ᠤ᠋ ᠮᠣᠷᠢ ᠪᠠᠢᠭ᠎ᠠ ᠪᠢᠰᠢ᠂ ᠲᠡᠭᠦᠨ ᠳ᠋ᠦ᠍ ᠮᠣᠷᠢ ᠦᠭᠡᠢ ᠪᠣᠯᠬᠣᠷ ᠬᠥᠮᠦᠨ ᠦ᠌ ᠭᠠᠵᠠᠷ ᠶᠠᠪᠤᠭ᠎ᠠ ᠰᠢᠭ᠋ ᠡᠯᠦᠢ ᠬᠤᠯᠤᠢ ᠴᠤᠯᠭᠤᠢ ᠰᠠᠨᠠᠭᠳᠠᠨ᠎ᠠ᠃ ᠭᠡᠪᠡᠴᠦ ᠮᠣᠷᠢ ᠪᠠᠨ ᠬᠤᠷᠳᠤᠯᠠᠭᠤᠯᠵᠤ ᠮᠠᠩᠨᠠᠢ ᠶ᠋ᠢ ᠨᠢ ᠢᠯᠢᠵᠦ ᠪᠠᠢᠭ᠎ᠠ ᠲᠠᠨᠢᠵᠤ ᠮᠡᠳᠡᠬᠦ ᠨᠢᠭᠡᠨ ᠲᠠᠭᠠᠷᠠᠬᠤ ᠪᠣ᠌ᠢ᠎ᠠ ᠭᠡᠮᠡᠨ ᠶᠠᠪᠤᠨ᠎ᠠ᠃ ᠬᠣᠶᠠᠷ ᠵᠠᠯᠠᠭᠤ ᠪᠠᠨ ᠳᠤᠷ᠎ᠠ ᠪᠠᠷ ᠨᠢ ᠶᠠᠪᠤᠭᠤᠯᠴᠢᠬᠠᠯ᠎ᠠ᠃ ᠲᠦᠳᠡᠯ ᠦᠭᠡᠢ ᠨᠢᠭᠡᠨ ᠬᠣᠷᠴᠢ ᠢᠷᠡᠵᠦ᠄ 
       — ᠡᠵᠡᠨ ᠬᠠᠭᠠᠨ ᠲᠠᠨ ᠢ᠋ ᠬᠠᠲᠤᠨ ᠲᠠᠢ ᠪᠠᠨ ᠮᠣᠷᠢᠯᠠᠨ ᠢᠷᠡᠨ᠎ᠡ ᠤᠤ? ᠬᠡᠮᠡᠵᠦ ᠨᠠᠮ᠎ᠠ ᠶ᠋ᠢ ᠶᠠᠪᠤᠭᠤᠯᠪᠠ ᠭᠡᠪᠡᠰᠦ᠂《ᠵᠠ᠂ ᠣᠴᠢᠶ᠎ᠠ》 ᠭᠡᠳ ᠬᠣᠶᠠᠷ ᠵᠠᠯᠠᠭᠤ ᠪᠠᠨ ᠣᠯᠬᠤ ᠭᠡᠰᠡᠨ ᠨᠢ ᠬᠠᠮᠢᠭ᠎ᠠ ᠶᠠᠪᠤᠭ᠎ᠠ ᠶ᠋ᠢ ᠮᠡᠳᠡᠬᠦ ᠦᠭᠡᠢ ᠠᠷᠭ᠎ᠠ ᠴᠦ᠍ ᠦᠭᠡᠢ᠃ 
       — ᠪᠠᠷᠠᠭᠤᠨ ᠭᠠᠷ ᠤ᠋ᠨ ᠵᠠᠬᠢᠷᠤᠭᠴᠢᠳ ᠲᠤ ᠡᠷᠬᠡᠪᠰᠢ ᠮᠣᠷᠢ ᠪᠠᠷᠢᠭᠠᠳ ᠪᠠᠢᠬᠤ ᠬᠥᠮᠦᠨ ᠣᠯᠳᠠᠬᠤ ᠪᠢᠵᠡ ᠭᠡᠳ ᠵᠠᠮ ᠠ᠋ᠴᠠ ᠪᠠᠨ ᠨᠢᠭᠡ ᠮᠢᠩᠭᠠᠨ ᠤ᠋ ᠨᠣᠶᠠᠨ ᠤ᠋ ᠬᠥᠲᠥᠴᠢ ᠶ᠋ᠢ ᠠᠪᠴᠤ ᠬᠠᠭᠠᠨ ᠤ᠋ ᠣᠷᠳᠣᠨ ᠳ᠋ᠤ᠌ ᠣᠴᠢᠪᠠ᠃ ᠶᠡᠬᠡ ᠬᠤᠷᠠᠯᠳᠠᠢ ᠶ᠋ᠢᠨ ᠥᠷᠭᠥᠭᠡ ᠶ᠋ᠢᠨ ᠭᠠᠳᠠᠨ᠎ᠠ ᠬᠡᠪᠲᠡᠭᠦᠯ ᠬᠠᠷᠠᠭᠤᠯ ᠲᠠᠢ᠂ ᠬᠠᠭᠠᠨ ᠤ᠋ ᠪᠠᠷ᠎ᠠ ᠪᠣᠯᠤᠭᠴᠢ ᠠ᠋ᠴᠠ ᠥᠭᠡᠷ᠎ᠡ ᠬᠡᠨ ᠴᠦ᠍ ᠬᠠᠷᠠᠭᠳᠠᠬᠤ ᠦᠭᠡᠢ ᠡᠯᠦᠢ ᠬᠣᠯᠠᠳᠠᠭᠤ᠂ ᠶᠡᠬᠡᠰ ᠳᠡᠭᠡᠳᠦᠰ ᠡᠯᠳᠡᠪ ᠴᠤᠭᠯᠠᠷᠠᠭᠰᠠᠨ ᠬᠥᠯ ᠬᠥᠳᠡᠯᠭᠡᠭᠡᠨ ᠲᠡᠢ ᠭᠡᠵᠦ ᠪᠣᠳᠣᠭᠰᠠᠨ ᠨᠢ ᠶᠡᠬᠡ ᠯᠡ ᠪᠤᠰᠤ᠃ ᠬᠣᠷᠴᠢ ᠳᠠᠭᠠᠭᠤᠯᠵᠤ ᠭᠦᠶᠦᠭᠡᠳ ᠥᠷᠭᠥᠭᠡ ᠤᠷᠤᠭᠤ ᠣᠷᠣᠵᠤ᠂ ᠠᠷᠤ ᠠ᠋ᠴᠠ ᠨᠢ ᠨᠥᠭᠦᠭᠡ ᠬᠣᠶᠠᠷ ᠳᠠᠭᠠᠵᠤ ᠣᠷᠣᠪᠠᠰᠤ ᠬᠠᠭᠠᠨ ᠭᠠᠭᠴᠠᠭᠠᠷ ᠢ᠋ᠶ᠋ᠠᠨ ᠨᠢᠷᠤᠭᠤ ᠡᠭᠦᠷᠴᠦ ᠠᠯᠬᠤᠵᠤ᠂ ᠬᠣᠷᠴᠢ ᠬᠠᠭᠠᠨ ᠳ᠋ᠤ᠌ ᠶᠣᠰᠣᠴᠢᠯᠠᠨ᠄《ᠠᠪᠴᠢᠷᠠᠯ᠎ᠠ》 ᠭᠡᠬᠦ ᠨᠢ ᠪᠠᠷᠢᠭᠳᠠᠵᠤ ᠢᠷᠡᠵᠦ ᠪᠠᠢᠭ᠎ᠠ ᠴᠤ᠌ ᠶᠤᠮ ᠰᠢᠭ᠋᠃ ᠬᠠᠭᠠᠨ ᠢᠶᠠᠷ ᠬᠣᠷᠴᠢ ᠳ᠋ᠤ᠌᠄ 
       — ᠶᠠᠪᠤᠵᠤ ᠪᠣᠯᠤᠨ᠎ᠠ ᠬᠡᠮᠡᠭᠡᠳ ᠬᠣᠶᠠᠷ ᠵᠣᠴᠢᠨ ᠤᠷᠤᠭᠤ ᠪᠠᠨ᠄ 
       — ᠨᠠᠰᠢ ᠪᠠᠨ ᠰᠠᠭᠤ ᠭᠡᠮᠡᠨ ᠪᠠᠷᠠᠭᠤᠨ ᠭᠠᠷ ᠲᠠᠭᠠᠨ ᠣᠢᠷ᠎ᠠ ᠰᠠᠭᠤᠯᠭᠠᠯ᠎ᠠ᠃ 
       ᠭᠠᠳᠠᠨ᠎ᠠ ᠠ᠋ᠴᠠ ᠠᠶᠠᠭᠠᠴᠢ ᠴᠠᠢ ᠢᠳᠡᠭᠡ ᠪᠠᠷᠢᠵᠤ ᠢᠷᠠᠪᠠᠰᠤ ᠬᠠᠭᠠᠨ ᠥᠪᠡᠷ ᠦ᠋ᠨ ᠡᠮᠦᠨᠡᠬᠢ ᠰᠢᠷᠡᠭᠡ ᠪᠡᠨ ᠵᠢᠭᠠᠨ ᠣᠢᠷ᠎ᠠ ᠲᠠᠯᠪᠢᠭᠤᠯᠤᠭᠠᠳ《ᠠᠶᠠᠭᠠᠯᠠᠵᠤ ᠪᠡᠷᠢ》 ᠭᠡᠪᠡᠰᠦ ᠶᠣᠰᠣᠴᠢᠯᠠᠨ ᠭᠦᠢᠴᠡᠳᠬᠡᠮᠡᠭᠴᠡ᠄《ᠴᠢ ᠶᠠᠪᠤᠵᠤ ᠪᠣᠯᠤᠨ᠎ᠠ》 ᠬᠡᠮᠡᠪᠡ᠃ ᠭᠤᠷᠪᠠᠨ ᠨᠢᠭᠤᠷ ᠢ᠋ᠶ᠋ᠠᠷ ᠶᠠᠷᠢᠬᠤ ᠦᠭᠡ ᠪᠠᠢᠬᠤ ᠨᠢ᠂ ᠶᠠᠭᠤ ᠭᠡᠭᠴᠢ ᠶᠠᠭᠤᠮ᠎ᠠ ᠪᠣᠯ ᠭᠡᠮᠡᠨ ᠡᠷ᠎ᠡ ᠡᠮ᠎ᠡ ᠬᠣᠶᠠᠷ ᠵᠢᠬᠡᠭᠦᠴᠡᠨ ᠠᠪᠠᠢ᠃ ᠭᠡᠪᠡᠴᠦ ᠠᠷᠢᠬᠢ ᠬᠤᠨᠳᠠᠭᠠᠯᠠᠵᠤ ᠪᠠᠷᠢᠬᠤ ᠶ᠋ᠢ ᠪᠣᠳᠣᠪᠠᠯ ᠬᠠᠯᠠ ᠦᠭᠡᠢ ᠴᠦ᠍ ᠶᠦᠮ ᠰᠢᠭ᠃ ᠬᠠᠭᠠᠨ ᠢ᠋ᠶ᠋ᠠᠷ ᠪᠠᠷᠠᠭᠤᠨ ᠭᠠᠷ ᠤ᠋ᠨ ᠮᠢᠩᠭᠠᠲᠤ ᠶ᠋ᠢᠨ ᠨᠣᠶᠠᠳ ᠤ᠋ᠳ ᠤ᠋ᠨ ᠲᠤᠬᠠᠢ ᠠᠰᠠᠭᠤᠵᠤ ᠪᠠᠢᠨ᠎ᠠ᠃ ᠬᠣᠷᠢᠨ ᠵᠢᠯ ᠳ᠋ᠦ᠍ ᠣᠯᠠᠨ ᠣᠷᠣ ᠵᠠᠯᠭᠠᠭ᠎ᠠ ᠭᠠᠷᠴᠠᠢ᠃ ᠡᠭᠦᠨ ᠢ᠋ ᠬᠠᠭᠠᠨ ᠥᠪᠡᠷ ᠢ᠋ᠶ᠋ᠡᠨ ᠬᠡᠨ ᠶᠠᠭᠠᠬᠢᠵᠤ ᠰᠣᠯᠢᠭᠳᠠᠭᠰᠠᠨ ᠢ᠋ ᠮᠡᠳᠡᠬᠦ ᠦᠭᠡᠢ ᠳ᠋ᠡᠭᠡᠨ ᠪᠢᠰᠢ᠂ ᠨᠠᠮ᠎ᠠ ᠶ᠋ᠢ ᠯᠡ ᠰᠣᠷᠢᠵᠤ ᠰᠤᠨᠵᠢᠵᠤ ᠪᠠᠢᠨ᠎ᠠ ᠭᠡᠵᠦ ᠪᠣᠭᠤᠷᠴᠢ ᠪᠣᠳᠣᠨ᠎ᠠ᠃  
       — ᠲᠡᠭᠦᠰᠬᠡᠨ ᠴᠢ ᠨᠥᠬᠥᠷ ᠢ᠋ᠶ᠋ᠡᠨ ᠣᠷᠣᠯᠠᠵᠤ ᠶᠡᠬᠡ ᠰᠠᠢᠨ ᠤᠳᠤᠷᠢᠳᠴᠤ ᠪᠠᠢᠭᠰᠠᠨ ᠭᠡᠰᠡᠨ᠃ ᠣᠳᠴᠢᠬᠡᠨ ᠨᠠᠳᠠ ᠶᠠᠷᠢᠭᠰᠠᠨ᠃ ᠴᠢ ᠮᠡᠳᠡᠨ᠎ᠡ ᠳᠠ ᠭᠡᠵᠦ ᠡᠬᠡᠨᠡᠷ ᠤᠷᠤᠭᠤ ᠬᠠᠨᠳᠤᠵᠤ ᠨᠤᠲᠤᠭ ᠣᠷᠣᠨ ᠤ᠋ ᠪᠠᠢᠳᠠᠯ ᠪᠦᠬᠦ ᠵᠦᠢᠯ ᠢ᠋ ᠰᠣᠨᠢᠷᠬᠠᠨ ᠶᠠᠷᠢᠵᠤ᠄ 
       — ᠲᠡᠭᠦᠰᠬᠡᠨ ᠴᠢ ᠪᠢᠳᠡ ᠬᠣᠶᠠᠷ ᠲᠤ ᠬᠤᠨᠳᠠᠭᠠᠯᠠᠴᠢᠬ᠎ᠠ᠃ ᠴᠢᠨᠦ ᠭᠠᠷ ᠠ᠋ᠴᠠ ᠨᠢᠭᠡ ᠤᠤᠭᠤᠶ᠎ᠠ᠂ ᠪᠠᠭ᠎ᠠ ᠳ᠋ᠤ᠌ ᠴᠢᠯᠠᠭᠤᠨ ᠲᠣᠭᠯᠠᠭᠠᠮ ᠳᠡᠭᠡᠷ᠎ᠡ ᠰᠠᠢᠳᠠᠵᠤ ᠮᠠᠭᠤᠳᠠᠯᠴᠠᠵᠤ ᠯᠠ ᠶᠠᠪᠤᠵᠤ ᠳᠠ ᠭᠡᠪᠡ᠃ ᠴᠢᠩᠭᠡᠬᠦᠢ ᠳ᠋ᠦ᠍ ᠨᠢ᠄《ᠲᠡᠭᠡᠪᠡᠯ ᠴᠢ ᠥᠴᠥᠭᠡᠳᠦᠷ ᠪᠤᠰᠤᠳ ᠠ᠋ᠴᠠ ᠢᠯᠭᠠᠴᠢᠬᠠᠳᠠᠭ ᠴᠢᠨᠢ ᠶᠠᠭᠤ ᠶᠤᠮ ᠪᠣᠢ?》 ᠭᠡᠵᠦ ᠲᠡᠭᠦᠰᠬᠡᠨ ᠬᠡᠯᠡᠮᠡᠷ ᠰᠠᠨᠠᠭᠳᠠᠵᠤ ᠬᠡᠯᠡᠨ ᠦ᠌ ᠦᠵᠦᠭᠦᠷ ᠳᠡᠭᠡᠷ᠎ᠡ ᠲᠣᠭᠲᠠᠬᠤ ᠴᠤ᠌ ᠠᠶᠠᠳᠠᠯ᠎ᠠ᠃ 
       — ᠪᠢ ᠥᠴᠥᠭᠡᠳᠦᠷ ᠲᠠ ᠬᠣᠶᠠᠷ ᠲᠤ ᠮᠠᠷᠲᠠᠭᠠᠳ ᠪᠡᠯᠡᠭ ᠥᠭᠭᠦᠭᠡ ᠦᠭᠡᠢ ᠶᠦᠮ ᠪᠠᠢᠨ᠎ᠠ᠃ ᠡᠨᠡ ᠴᠦ᠍ ᠬᠥᠭᠰᠢᠷᠡᠵᠦ ᠮᠤᠩᠬᠠᠷᠠᠵᠤ ᠶᠠᠪᠤᠭ᠎ᠠ ᠶ᠋ᠢᠨ ᠯᠡ ᠰᠢᠨᠵᠢ ᠪᠢᠵᠡ ᠭᠡᠳ ᠪᠣᠭᠣᠷᠴᠢ ᠳ᠋ᠤ᠌ ᠠᠯᠲᠠᠨ ᠲᠣᠨᠣᠭ ᠲᠠᠢ ᠪᠠᠷᠠᠭᠤᠨ ᠵᠦᠭ ᠦ᠋ᠨ ᠭᠣᠶᠣᠮᠰᠣᠭ ᠰᠡᠯᠡᠮ᠎ᠡ᠂ ᠲᠡᠭᠦᠰᠬᠡᠨ ᠳ᠋ᠦ᠍ ᠭᠣᠶᠣᠮᠰᠣᠭ ᠲᠣᠷᠭᠠᠨ ᠳᠡᠭᠡᠷ᠎ᠡ ᠰᠢᠭᠢᠳᠬᠡ ᠲᠡᠢ ᠠᠯᠲᠠᠨ ᠡᠭᠡᠮᠦᠭ ᠪᠥᠭᠡᠵᠢ ᠥᠭᠴᠦ᠂ ᠲᠡᠷᠡ ᠬᠣᠶᠠᠷ ᠪᠠᠶᠠᠷ ᠲᠠᠯᠠᠷᠬᠠᠯ ᠢ᠋ᠶ᠋ᠠᠨ ᠢᠯᠡᠷᠬᠡᠢᠯᠡᠭᠡᠳ᠂ ᠪᠣᠭᠣᠷᠴᠢ《ᠮᠠᠷᠲᠠᠬᠤ ᠭᠡᠳᠡᠭ ᠮᠠᠨ ᠠ᠋ᠴᠠ ᠤᠷᠢᠳᠠᠬᠢ》 ᠭᠡᠳᠡᠭ᠂ ᠬᠠᠭᠠᠨ ᠳ᠋ᠤ᠌ ᠠᠢᠯᠠᠳᠬᠠᠯ ᠪᠠᠢᠨ᠎ᠠ ᠭᠡᠪᠡᠰᠦ《ᠬᠡᠯᠡ᠂ ᠬᠡᠯᠡ》 ᠬᠡᠮᠡᠪᠡ᠃ 
       — ᠨᠠᠰᠤ ᠥᠲᠡᠯᠦᠯ᠎ᠡ᠂ ᠨᠠᠳᠠ ᠠ᠋ᠴᠠ ᠪᠠᠷᠠᠭᠤᠨ ᠭᠠᠷ ᠤ᠋ᠨ ᠵᠠᠬᠢᠷᠤᠭᠴᠢ ᠶ᠋ᠢᠨ ᠲᠤᠰᠢᠶᠠᠯ ᠢ᠋ ᠠᠪᠴᠤ ᠴᠢᠯᠥᠭᠡᠯᠡᠨ᠎ᠡ ᠤᠤ ᠯᠠ ᠭᠡᠵᠦ ᠁  
       — ᠬᠦᠦ ᠳ᠋ᠦ᠍ ᠴᠢᠨᠢ ᠰᠢᠯᠵᠢᠭᠦᠯᠬᠦ ᠤᠤ ᠳᠠ᠃ ᠰᠦᠪᠡᠭᠡᠳᠠᠢ ᠬᠦᠦ ᠶ᠋ᠢ ᠴᠢᠨᠢ ᠶᠡᠬᠡᠳᠡ ᠰᠠᠢᠰᠢᠶᠠᠵᠤ《ᠶᠣᠰᠣ ᠲᠠᠢ ᠪᠣᠭᠣᠷᠴᠢ ᠶ᠋ᠢᠨ ᠬᠦᠦ 》 ᠭᠡᠬᠦ ᠶᠦᠮ ᠪᠢᠯᠡ᠃ ᠶᠠᠷᠢᠶᠠᠨ ᠳ᠋ᠤ᠌ ᠲᠡᠭᠦᠰᠬᠡᠨ ᠣᠷᠣᠯᠴᠠᠵᠤ᠄ 
       — ᠬᠠᠭᠠᠨᠲᠠᠨ᠂ ᠡᠨᠡ ᠲᠣᠮᠣ ᠠᠯᠪᠠᠨ ᠡᠭᠦᠷᠭᠡ ᠡᠵᠡᠨ ᠬᠠᠭᠠᠨ ᠳ᠋ᠤ᠌ ᠠᠷᠠᠢ ᠯᠠ ᠣᠢᠷ᠎ᠠ ᠲᠦᠳᠡ ᠭᠠᠵᠠᠷ ᠪᠠᠢᠬᠤ ᠨᠢ ᠨᠡᠢᠯᠡᠮᠵᠢᠲᠡᠢ᠃ ᠠᠯᠲᠠᠢ ᠶ᠋ᠢᠨ ᠥᠪᠥᠷ ᠲᠦ᠍ ᠲᠠᠨ ᠤ᠋ ᠵᠠᠷᠯᠢᠭ᠂ ᠵᠠᠷ ᠬᠦᠷᠬᠦ᠂ ᠲᠡᠨᠳᠡ ᠡᠴᠡ ᠠᠢᠯᠠᠳᠬᠠᠯ ᠡᠷᠭᠦᠬᠦ ᠨᠢ ᠠᠯᠤᠰ ᠬᠣᠯᠠ ᠲᠤᠯᠠ ᠴᠠᠭ ᠬᠤᠭᠤᠴᠠᠭ᠎ᠠ ᠶᠡᠬᠡ ᠠᠯᠳᠠᠳᠠᠭ ᠶᠤᠮ ᠪᠢᠯᠡ᠃ 
       — ᠡᠬᠡᠨᠡᠷ ᠦᠨᠡᠨ ᠯᠡ ᠶᠠᠭᠤᠮ᠎ᠠ ᠬᠡᠯᠡᠵᠦ ᠪᠠᠢᠨ᠎ᠠ᠃ ᠮᠢᠨᠦ ᠪᠣᠳᠣᠬᠤ ᠳ᠋ᠤ᠌ ᠶᠠᠳᠠᠵᠤ ᠢᠳᠡᠷ᠂ ᠲᠠᠮᠢᠷ ᠵᠡᠷᠭᠡ ᠁ ᠶᠡᠬᠡ ᠣᠢᠷᠠᠲᠤᠨ᠎ᠠ᠃ ᠡᠵᠡᠨ ᠬᠠᠭᠠᠨ ᠬᠥᠮᠥᠰᠬᠡ ᠰᠣᠯᠪᠢᠨ ᠪᠣᠳᠣᠯᠬᠢᠯᠠᠭᠠᠳ᠄ 
       —  ᠪᠣᠭᠣᠷᠴᠢ ᠴᠢᠨᠦ ᠬᠦᠰᠡᠯ ᠢ᠋ ᠪᠡᠶᠡᠯᠡᠭᠦᠯᠦᠶ᠎ᠡ᠃ ᠬᠤᠷᠠᠯᠲᠠᠢ ᠪᠠᠷ ᠰᠢᠢᠳᠦᠶ᠎ᠡ ᠭᠡᠪᠡᠰᠦ ᠪᠣᠭᠣᠷᠴᠢ ᠪᠣᠰᠴᠤ ᠬᠠᠭᠠᠨ ᠤ᠋ ᠡᠮᠦᠨ᠎ᠡ ᠣᠴᠢᠭᠠᠳ ᠮᠥᠷᠭᠥᠨ ᠰᠥᠭᠥᠳᠴᠦ᠂ ᠬᠦᠵᠦᠭᠦᠨ ᠳ᠋ᠡᠭᠡᠨ ᠵᠡᠭᠦᠵᠦ ᠶᠠᠪᠤᠭᠰᠠᠨ ᠵᠠᠬᠢᠷᠤᠭᠴᠢ ᠶ᠋ᠢᠨ ᠠᠯᠲᠠᠨ ᠬᠡᠷᠦᠭᠡ ᠶ᠋ᠢ ᠠᠪᠴᠤ ᠠᠳᠢᠰ ᠠᠪᠤᠭᠠᠳ ᠬᠠᠭᠠᠨ ᠳ᠋ᠤ᠌ ᠡᠷᠭᠦᠬᠦ ᠳ᠋ᠦ᠍ ᠨᠢᠳᠦᠨ ᠡᠴᠡ ᠨᠢ ᠨᠢᠯᠪᠤᠰᠤ ᠪᠥᠮᠪᠥᠷᠢᠵᠦ ᠬᠠᠨᠴᠤᠢ ᠪᠠᠷ ᠢ᠋ᠶ᠋ᠠᠨ ᠱᠤᠳᠤᠷᠪᠠ᠃ ᠬᠠᠭᠠᠨ ᠠᠪᠴᠤ ᠡᠮᠦᠨᠡᠬᠢ ᠰᠢᠷᠡᠭᠡᠨ ᠳᠡᠭᠡᠷ᠎ᠡ ᠲᠠᠯᠪᠢᠭᠠᠳ᠄ 
       — ᠠᠯᠢ ᠪᠢᠳᠡ ᠬᠣᠶᠠᠷ ᠲᠤ ᠳᠠᠬᠢᠭᠠᠳ ᠨᠢᠭᠡ ᠬᠤᠨᠳᠠᠭ᠎ᠠ᠂ ᠬᠦᠰᠡᠪᠡᠯ ᠥᠪᠡᠷᠲᠡᠭᠡᠨ ᠴᠦ᠍ ᠪᠣᠯᠤᠨ᠎ᠠ ᠭᠡᠵᠦ ᠬᠡᠯᠡᠬᠦᠢ ᠳ᠋ᠦ᠍ ᠬᠣᠭᠣᠯᠠᠢ ᠨᠢ ᠰᠠᠭᠠᠷᠠᠯᠳᠤᠨ ᠠᠪᠠᠢ᠃ ᠲᠡᠭᠦᠰᠬᠡᠨ《ᠪᠢ ᠣᠳᠣ ᠪᠣᠯᠤᠨ᠎ᠠ》 ᠭᠡᠳ ᠬᠣᠶᠠᠷ ᠬᠤᠨᠳᠠᠭ᠎ᠠ ᠳᠦᠭᠦᠷᠭᠡᠵᠦ ᠪᠠᠷᠢᠪᠠ᠃ ᠡᠵᠡᠨ ᠬᠠᠭᠠᠨ ᠵᠠᠷᠯᠢᠭ ᠪᠠᠭᠤᠯᠭᠠᠭᠰᠠᠨ ᠨᠢ᠄
       — ᠠᠯᠲᠠᠨ ᠤᠯᠤᠰ ᠢ᠋ ᠪᠠᠢᠯᠳᠤᠵᠤ ᠶᠠᠪᠤᠬᠤ ᠳ᠋ᠠᠭᠠᠨ ᠮᠤᠬᠤᠯᠠᠢ ᠲᠠ ᠬᠣᠶᠠᠷ ᠢ᠋ ᠵᠦᠢ ᠶ᠋ᠢᠨ ᠨᠤᠲᠤᠭ ᠢ᠋ ᠬᠤᠪᠢᠶᠠᠵᠤ ᠠᠪ ᠭᠡᠰᠡᠨ ᠪᠢᠯᠡ᠃ ᠮᠤᠬᠤᠯᠠᠢ ᠨᠠᠰᠤᠨ ᠥᠭᠡᠳᠡ ᠪᠣᠯᠵᠤ ᠬᠦᠦ ᠨᠢ ᠵᠠᠯᠭᠠᠮᠵᠢᠯᠠᠵᠤ ᠠᠪᠤᠭᠰᠠᠨ᠃ ᠴᠢ ᠬᠦᠦ ᠪᠣᠷᠬᠠᠢ ᠪᠠᠨ ᠳᠠᠰᠢ ᠶᠠᠪᠤᠭᠤᠯᠵᠤ ᠭᠠᠵᠠᠷ ᠨᠤᠲᠤᠭ ᠢ᠋ᠶ᠋ᠠᠨ ᠡᠵᠡᠮᠰᠢ᠃ ᠬᠦᠦ ᠴᠢᠨᠢ ᠲᠡᠷᠡ ᠭᠠᠵᠠᠷ ᠣᠷᠣᠨ ᠢ᠋ ᠥᠪᠡᠷᠲᠡᠭᠡᠨ ᠲᠣᠬᠣᠨᠢᠭᠤᠯᠤᠨ ᠴᠡᠷᠢᠭ ᠴᠤᠭᠯᠠᠭᠤᠯᠵᠤ ᠵᠠᠰᠠᠬᠤ ᠬᠡᠷᠡᠭᠲᠡᠢ ᠪᠠᠢᠨ᠎ᠠ᠃ ᠲᠠᠩᠭᠤᠳ ᠲᠠᠢ ᠶᠠᠯ᠎ᠠ ᠬᠡᠯᠡᠯᠴᠡᠨᠡᠮ᠃ ᠪᠢ ᠡᠯᠴᠢ ᠶᠠᠪᠤᠭᠤᠯᠤᠭᠰᠠᠨ᠂ ᠢᠷᠡᠬᠦ ᠪᠣᠯᠵᠤ ᠪᠠᠢᠨ᠎ᠠ᠃ ᠢᠷᠡᠮᠡᠭᠴᠡ ᠳᠠᠢᠳᠤᠬᠤ ᠡᠰᠡᠬᠦ ᠶ᠋ᠢ ᠰᠢᠢᠳᠦᠨ᠎ᠡ᠃ ᠳᠠᠢᠳᠤᠪᠠᠰᠤ ᠬᠦᠦ ᠴᠢᠨᠢ ᠵᠡᠭᠦᠨ ᠭᠠᠷ ᠠ᠋ᠴᠠ ᠣᠴᠢᠭ᠂ ᠴᠢ ᠬᠦᠦ ᠪᠡᠨ ᠨᠠᠳᠠ ᠤᠷᠤᠭᠤ ᠳᠠᠷᠤᠢ ᠢᠷᠡᠭᠦᠯ᠃ ᠪᠢ ᠥᠪᠡᠷ ᠦ᠋ᠨ ᠡᠯᠴᠢ ᠶ᠋ᠢᠨ ᠬᠠᠮᠲᠤ ᠶᠠᠪᠤᠭᠤᠯᠵᠤ ᠭᠠᠵᠠᠷ ᠨᠤᠲᠤᠭ ᠢ᠋ ᠨᠢ ᠣᠯᠣᠭᠤᠯᠤᠨ᠎ᠠ  ᠭᠡᠵᠡᠢ᠃  
       ᠨᠠᠮᠤᠷ ᠡᠵᠡᠨ ᠬᠠᠭᠠᠨ ᠲᠠᠩᠭᠤᠳ ᠤᠯᠤᠰ ᠢ᠋ ᠨᠣᠮᠣᠬᠠᠳᠬᠠᠬᠤ ᠪᠠᠷ ᠲᠡᠢᠨ ᠳ᠋ᠦ᠍ ᠮᠣᠷᠳᠠᠪᠠ᠃《ᠤᠷᠤᠭ ᠵᠤᠰᠠᠭ ᠠᠮᠠᠨ ᠤ᠋ ᠪᠠᠨ ᠮᠠᠭᠤ ᠳ᠋ᠤ᠌》 ᠭᠡᠭᠴᠢ ᠪᠡᠷ ᠬᠢᠷᠢ ᠪᠢᠷ᠎ᠠ ᠪᠠᠨ ᠮᠡᠳᠡᠬᠦ ᠦᠭᠡᠢ᠂ ᠬᠠᠷ᠎ᠠ ᠳᠠᠯᠠᠢ ᠠ᠋ᠴᠠ ᠭᠠᠤᠯᠢ ᠤᠯᠤᠰ ᠬᠦᠷᠲᠡᠯᠡᠬᠢ ᠶᠡᠬᠡ ᠭᠠᠵᠠᠷ ᠨᠤᠲᠤᠭ ᠡᠵᠡᠯᠡᠭᠰᠡᠨ  ᠬᠦᠴᠦᠷᠬᠡᠭ ᠵᠠᠯᠠᠭᠤ ᠡᠵᠡᠨᠲᠦ ᠭᠦᠷᠦᠨ ᠦ᠌ ᠥᠭᠡᠳᠡ ᠡᠴᠡ《ᠮᠣᠩᠭᠣᠯᠴᠤᠳ ᠪᠠᠢᠯᠳᠤᠵᠤ᠂ ᠰᠤᠷᠤᠭᠠᠳ ᠪᠠᠢᠯᠳᠤᠶ᠎ᠠ ᠭᠡᠪᠡᠰᠦ ᠬᠠᠭᠠᠨ ᠭᠡᠷ ᠲᠡᠢ᠂ ᠲᠡᠮᠡᠭᠡᠨ ᠠᠴᠢᠶ᠎ᠠ ᠲᠠᠢ ᠬᠥᠮᠦᠰ ᠪᠠᠢᠳᠠᠭ ᠠᠯᠠᠱᠠ ᠳ᠋ᠤ᠌᠂ ᠠᠯᠲᠠ ᠮᠥᠩᠭᠥ ᠡᠳ᠋ ᠠᠭᠤᠷᠠᠰᠤ ᠬᠡᠷᠡᠭ ᠲᠡᠢ ᠪᠣᠯ ᠶᠠᠷᠭᠠᠢ᠂ ᠡᠷᠡᠵᠢᠦ ᠳ᠋ᠦ᠍ ᠢᠷᠡᠵᠦ ᠪᠠᠢᠯᠳᠤ》 ᠭᠡᠮᠡᠨ ᠳᠠᠭᠠᠷᠢᠭᠰᠠᠨ ᠬᠠᠷᠢᠭᠤ ᠶ᠋ᠢ ᠴᠢᠩᠭᠢᠰ ᠬᠠᠭᠠᠨ ᠳ᠋ᠤ᠌ ᠡᠯᠴᠢ ᠪᠡᠷ ᠨᠢ ᠢᠯᠡᠭᠡᠵᠡᠢ᠃ 
       ᠤᠷᠢᠳᠤ ᠴᠢᠩᠭᠢᠰ ᠬᠠᠭᠠᠨ ᠲᠠᠩᠭᠤᠳ ᠤᠯᠤᠰ ᠲᠠᠢ ᠪᠠᠢᠯᠳᠤᠬᠤ ᠪᠠᠷ ᠵᠣᠷᠢᠬᠤᠢ ᠯᠤᠭ᠎ᠠ ᠪᠤᠷᠬᠠᠨ ᠬᠠᠭᠠᠨ ᠯᠢ ᠳᠧ ᠸᠠᠩ ᠬᠡᠮᠡᠭᠴᠢ ᠪᠡᠷ ᠠᠶᠤᠵᠤ ᠪᠣᠯᠭᠣᠮᠵᠢᠯᠠᠨ ᠨᠠᠢᠷᠠᠮᠳᠠᠶ᠎ᠠ᠂ ᠪᠠᠷᠠᠭᠤᠨ ᠭᠠᠷ ᠴᠢᠨᠢ ᠪᠣᠯᠵᠤ ᠶᠠᠪᠤᠶ᠎ᠠ ᠭᠡᠵᠦ ᠬᠦᠰᠡᠭᠰᠡᠨ ᠶᠣᠰᠣ ᠪᠠᠷ ᠨᠢ ᠪᠣᠯᠭᠠᠭᠰᠠᠨ ᠠᠲᠠᠯ᠎ᠠ ᠬᠣᠵᠢᠮ ᠡᠢᠨᠬᠦ ᠰᠦᠷᠭᠦᠭᠰᠡᠨ ᠨᠢ ᠤᠷᠢᠳᠤ ᠶ᠋ᠢᠨ ᠬᠠᠭᠠᠨ ᠦᠬᠦᠵᠦ᠂ ᠵᠠᠯᠭᠠᠮᠵᠢᠯᠠᠭᠰᠠᠨ ᠵᠠᠯᠠᠭᠤ ᠠᠴᠢ ᠬᠦᠦ ᠯᠢ ᠰᠢᠶᠠᠨ ᠤᠯᠤᠰ ᠲᠥᠷᠥ ᠶ᠋ᠢᠨ ᠪᠣᠳᠣᠯᠭ᠎ᠠ ᠪᠡᠶ᠎ᠡ ᠳᠠᠭᠠᠭᠠᠨ ᠶᠠᠪᠤᠭᠤᠯᠵᠤ ᠴᠢᠳᠠᠬᠤ ᠦᠭᠡᠢ ᠠᠱᠠ ᠬᠠᠮᠪᠤ ᠬᠡᠮᠡᠬᠦ ᠨᠥᠯᠥᠭᠡ ᠪᠦᠬᠦᠢ ᠡᠷᠬᠡ ᠮᠡᠳᠡᠯᠲᠡᠨ ᠦ᠌ ᠭᠠᠷ ᠲᠤ ᠣᠷᠣᠭᠰᠠᠨ ᠲᠠᠢ ᠬᠣᠯᠪᠣᠭᠠᠲᠠᠢ ᠪᠠᠢᠵᠤ ᠪᠣᠯᠬᠤ ᠠᠵᠢ᠃ 
       ᠲᠡᠷᠡ ᠴᠠᠭ ᠲᠤ ᠡᠨᠡ ᠵᠠᠯᠠᠭᠤ ᠬᠠᠭᠠᠨ ᠤ᠋ ᠬᠠᠲᠤᠨ ᠭᠦᠷᠪᠡᠯᠵᠢᠨ ᠭᠤᠸ᠎ᠠ ᠬᠠᠷᠠᠩᠭᠤᠢ ᠶ᠋ᠢ ᠭᠡᠢᠭᠦᠯᠦᠨ ᠭᠡᠷᠡᠯᠲᠦᠭᠦᠯᠳᠡᠭ ᠬᠡᠮᠡᠬᠦ ᠶ᠋ᠢ ᠰᠣᠨᠣᠰᠤᠭᠠᠳ ᠱᠣᠬᠣᠭᠣᠷᠬᠠᠵᠤ ᠲᠡᠢᠨ ᠳ᠋ᠦ᠍ ᠶᠠᠪᠤᠯ᠎ᠠ ᠭᠡᠰᠡᠨ ᠴᠤᠤ᠂ ᠰᠥᠷᠭᠡᠦ ᠶᠠᠷᠢᠶ᠎ᠠ ᠴᠦ᠍ ᠪᠠᠢᠵᠠᠢ ᠲᠡᠢᠨ ᠡᠪᠦᠯ ᠦ᠋ᠨ ᠡᠬᠢᠨ ᠰᠠᠷ᠎ᠠ ᠳ᠋ᠤ᠌ ᠭᠠᠵᠠᠷ ᠳᠡᠭᠡᠷ᠎ᠡ ᠪᠡᠨ ᠡᠬᠢᠯᠡᠵᠡᠢ᠃ 
       ᠵᠦᠢ ᠶ᠋ᠢᠨ ᠭᠠᠵᠠᠷ ᠣᠷᠣᠨ ᠢ᠋ ᠡᠵᠡᠮᠰᠢᠨ ᠵᠠᠬᠢᠷᠬᠤ ᠪᠠᠷ ᠵᠠᠭᠤᠨ ᠴᠡᠷᠢᠭ ᠲᠡᠢ ᠨᠤᠲᠤᠭ ᠠ᠋ᠴᠠ ᠪᠠᠨ ᠭᠠᠷᠤᠭᠰᠠᠨ ᠬᠦᠦ ᠪᠣᠷᠬᠠᠢ ᠡᠴᠢᠭᠡ ᠡᠬᠡ ᠳ᠋ᠡᠭᠡᠨ ᠠᠷᠪᠠᠨ ᠴᠡᠷᠢᠭ ᠪᠤᠴᠠᠭᠠᠨ ᠠᠯᠠᠱᠠ ᠨᠤᠲᠤᠭ ᠲᠤ ᠠᠮᠵᠢᠯᠲᠠᠲᠠᠢ ᠪᠠᠢᠯᠳᠤᠵᠤ ᠶᠠᠪᠤᠭ᠎ᠠ ᠪᠠᠨ ᠮᠡᠳᠡᠭᠳᠡᠵᠦ ᠵᠠᠬᠢᠳᠠᠯ ᠢᠷᠡᠭᠦᠯᠪᠡ᠃ ᠲᠡᠨᠳᠡ ᠮᠣᠩᠭᠣᠯ ᠨᠤᠲᠤᠭ ᠲᠠᠢ ᠲᠥᠰᠦᠭᠡᠲᠡᠢ ᠬᠡᠭᠡᠷ᠎ᠡ ᠶ᠋ᠢᠨ ᠭᠡᠷ ᠮᠠᠯ ᠲᠠᠢ᠂ ᠬᠠᠷᠢᠨ ᠴᠠᠭᠠᠨ᠎ᠠ ᠬᠣᠲᠠ ᠨᠤᠭᠤᠳ ᠤᠲ᠋ᠶᠠᠷ ᠰᠢᠭ᠋ ᠪᠦᠬᠦ ᠪᠠᠲᠤ ᠬᠡᠷᠡᠮ ᠬᠠᠨ᠎ᠠ ᠲᠠᠢ ᠭᠡᠯᠴᠡᠨ᠎ᠡ ᠬᠡᠮᠡᠵᠡᠢ᠃ ᠵᠦᠢ ᠶ᠋ᠢᠨ ᠣᠯᠠᠨ ᠲᠣᠭᠠᠨ ᠤ᠋ ᠴᠡᠷᠢᠭ ᠲᠡᠳᠡᠨ ᠠᠪᠴᠤ ᠶᠠᠪᠤᠭ᠎ᠠ ᠴᠦ᠍ ᠳᠠᠢᠳᠤᠬᠤ ᠴᠢᠳᠠᠪᠤᠷᠢ ᠰᠤᠯᠠ᠂ ᠬᠣᠷᠣᠭᠳᠠᠯ ᠶᠡᠬᠡ ᠭᠡᠵᠦ ᠪᠢᠴᠢᠵᠡᠢ᠃ ᠢᠷᠡᠭᠰᠡᠨ ᠴᠡᠷᠢᠭ ᠦ᠋ᠳ ᠬᠦᠨᠳᠦ ᠬᠥᠩᠭᠡᠨ ᠰᠢᠷᠬ᠎ᠠ ᠲᠠᠢ᠂ ᠪᠡᠶ᠎ᠡ ᠡᠪᠡᠳᠴᠢᠨ ᠲᠡᠢ ᠴᠡᠷᠢᠭ ᠡᠴᠡ ᠭᠠᠳᠠᠨ᠎ᠠ ᠭᠤᠷᠪᠠᠨ ᠴᠡᠷᠢᠭ ᠬᠣᠷᠣᠭᠳᠠᠭᠰᠠᠨ᠂ ᠠᠷᠤ ᠭᠡᠷ ᠲᠦ᠍ ᠨᠢ ᠣᠯᠵᠠᠯᠠᠭᠰᠠᠨ ᠡᠳ᠋ ᠪᠠᠷᠠᠭᠠᠨ ᠠ᠋ᠴᠠ ᠲᠡᠳᠬᠦᠮᠵᠢ ᠪᠣᠯᠭᠠᠨ ᠶᠡᠬᠡ ᠵᠦᠢᠯ ᠢᠯᠡᠭᠡᠵᠡᠢ᠃  
       ᠪᠣᠭᠣᠷᠴᠢ᠂ ᠲᠡᠭᠦᠰᠬᠡᠨ ᠬᠣᠶᠠᠷ ᠬᠦᠦ ᠡᠴᠡ ᠪᠡᠨ ᠬᠡᠯᠡ ᠮᠡᠳᠡᠭᠡ ᠠᠪᠴᠤ ᠪᠠᠶᠠᠷᠯᠠᠯ᠎ᠠ᠃ ᠡᠪᠦᠭᠡᠨ ᠵᠠᠩᠵᠤᠨ ᠰᠡᠳᠬᠢᠯ ᠬᠥᠭᠡᠷᠦᠭᠰᠡᠨ ᠴᠦ᠍ ᠶᠤᠮ ᠤᠤ᠂ ᠬᠦᠦ ᠪᠡᠨ ᠬᠠᠷᠢ ᠶ᠋ᠢᠨ ᠴᠡᠷᠢᠭ ᠲᠡᠢ ᠭᠠᠭᠴᠠᠭᠠᠷᠳᠠᠵᠤ᠂ ᠵᠣᠪᠠᠵᠤ ᠵᠦᠳᠡᠷᠡᠵᠦ ᠶᠠᠪᠤᠭ᠎ᠠ ᠶᠤᠮ ᠪᠠᠢᠨ᠎ᠠ ᠭᠡᠵᠦ ᠪᠣᠳᠣᠭᠰᠠᠨ ᠤ᠋ ᠬᠢ ᠶᠦᠮ ᠤᠤ?  
       — ᠪᠢ ᠴᠢᠳᠠᠪᠠᠯ᠂ ᠵᠠᠭᠤᠨ ᠲᠠᠪᠤ᠂ ᠶᠠᠳᠠᠪᠠᠯ ᠵᠠᠭᠤᠨ ᠴᠡᠷᠢᠭ ᠲᠠᠲᠠᠵᠤ ᠬᠦᠦ ᠳ᠋ᠡᠭᠡᠨ ᠣᠴᠢᠵᠤ ᠬᠠᠨᠢ ᠪᠠᠷ᠎ᠠ ᠪᠣᠯᠤᠶ᠎ᠠ᠃ ᠬᠥᠳᠡᠯᠦᠨ᠎ᠡ ᠬᠥ᠋ ᠭᠡᠲᠡᠯ᠎ᠡ ᠲᠡᠭᠦᠰᠬᠡᠨ᠄ 
       — ᠦᠭᠡᠢ᠂ ᠪᠢ ᠴᠢᠮᠠᠶ᠋ᠢ ᠶᠠᠪᠤᠭᠤᠯᠬᠤ ᠦᠭᠡᠢ᠃ 
       — ᠬᠦᠦ ᠮᠢᠨᠢ ᠢᠷ᠎ᠡ ᠭᠡᠵᠦ ᠪᠢᠴᠢᠭᠡ ᠦᠭᠡᠢ ᠴᠦ᠍ ᠴᠣᠬᠣᠮ ᠴᠠᠭᠠᠨ᠎ᠠ ᠪᠠᠨ ᠢᠷᠡᠭᠡᠰᠡᠢ ᠯᠡ ᠭᠡᠰᠡᠨ ᠰᠠᠨᠠᠭ᠎ᠠ ᠪᠠᠢᠨ᠎ᠠ᠃ ᠵᠦᠢ ᠶ᠋ᠢᠨ ᠴᠡᠷᠢᠭ ᠰᠤᠯᠠ ᠳᠣᠷᠣᠢ᠂ ᠦᠷᠡᠭᠳᠡᠯ ᠬᠣᠷᠣᠭᠳᠠᠯ ᠶᠡᠬᠡ ᠭᠡᠳᠡᠭ ᠴᠢᠨᠢ᠃ 
       — ᠦᠭᠡᠢ᠂ ᠴᠢᠮ᠎ᠠ ᠶ᠋ᠢ ᠣᠴᠢᠯ᠎ᠠ ᠭᠡᠳ ᠲᠡᠷᠡ ᠴᠡᠷᠢᠭ ᠶᠠᠭᠠᠬᠢᠬᠤ ᠶᠤᠮ ᠪᠣᠢ? ᠶᠠᠪᠤᠭᠤᠯᠬᠤ ᠦᠭᠡᠢ ᠴᠢᠮᠠᠶ᠋ᠢ ᠭᠡᠵᠦ ᠪᠠᠢᠨ᠎ᠠ᠃ 
       — ᠱᠠᠯ ᠥᠭᠡᠷ᠎ᠡ᠂ ᠪᠢ ᠴᠢᠨᠢ ᠴᠡᠷᠢᠭ ᠶᠠᠭᠠᠬᠢᠬᠤ ᠪᠠᠨ ᠮᠡᠳᠡᠳᠡᠭ ᠬᠥᠮᠦᠨ᠃ 
       — ᠦᠭᠡᠢ ᠠ᠋᠂ ᠴᠠᠭ ᠲᠠᠭᠠᠨ ᠲᠡᠭᠡᠵᠦ ᠯᠡ ᠶᠠᠪᠤᠭᠰᠠᠨ ᠪᠢᠯᠡ᠃ ᠣᠳᠣ ᠦᠰᠦ ᠴᠢᠨᠢ ᠴᠠᠢᠵᠤ᠂ ᠵᠢᠰᠦ ᠴᠢᠨᠢ ᠬᠤᠪᠢᠷᠠᠵᠠᠢ᠃ ᠴᠢ ᠶᠠᠪᠤᠳᠠᠭ ᠴᠠᠭ ᠲᠠᠭᠠᠨ ᠶᠠᠪᠤᠵᠤ ᠯᠠ ᠪᠠᠢᠪᠠ᠃ ᠣᠳᠣ ᠶᠠᠪᠤᠳᠠᠭ ᠴᠠᠭ ᠴᠢᠨᠢ ᠪᠢᠰᠢ᠂ ᠪᠢ ᠴᠢᠮᠠᠶ᠋ᠢ ᠶᠠᠭᠠᠬᠢᠪᠠᠴᠤ ᠶᠠᠪᠤᠭᠤᠯᠬᠤ ᠦᠭᠡᠢ᠃ 
       — ᠲᠡᠭᠡᠪᠡᠯ ᠵᠠᠭᠤᠨ ᠴᠡᠷᠢᠭ ᠲᠠᠲᠠᠭᠠᠳ ᠶᠠᠪᠤᠭᠤᠯᠴᠢᠬᠠᠶ᠎ᠠ᠃  
       — ᠪᠣᠯᠬᠤ ᠦᠭᠡᠢ ᠠ᠋᠂ ᠴᠠᠭᠠᠳᠤ ᠴᠠᠭᠠᠨ ᠰᠠᠬᠠᠯᠲᠤ ᠴᠢᠨᠢ《ᠴᠡᠷᠢᠭ ᠨᠡᠮᠡᠵᠦ ᠥᠭ》 ᠭᠡᠪᠡᠯ ᠶᠠᠭᠠᠬᠢᠬᠤ ᠶᠤᠮ ᠪᠣᠢ?  
       — ᠲᠡᠢᠮᠦ ᠴᠦ᠍ ᠶᠠᠪᠤᠳᠠᠯ ᠪᠣᠢ ᠭᠡᠳ ᠡᠪᠦᠭᠡᠨ ᠵᠠᠩᠵᠤᠨ ᠤᠷᠤᠭᠤ ᠴᠢᠷᠠᠢᠯᠠᠨ ᠦᠯᠡᠳᠡᠵᠡᠢ᠃ 
       ᠡᠪᠦᠯ ᠬᠠᠪᠤᠷ ᠥᠩᠭᠡᠷᠡᠯ᠎ᠡ᠃ ᠲᠠᠩᠭᠤᠳ ᠤᠯᠤᠰ ᠰᠥᠨᠥᠭᠰᠡᠨ᠂ ᠬᠠᠭᠠᠨ ᠤ᠋ ᠪᠡᠶ᠎ᠡ ᠴᠢᠯᠡᠭᠡᠷᠬᠡᠦ᠂ ᠮᠣᠷᠢᠨ ᠠ᠋ᠴᠠ ᠤᠨᠠᠵᠤ ᠭᠡᠮᠲᠦᠭᠰᠡᠨ᠂ ᠲᠦᠷᠢᠮᠡᠬᠡᠢ ᠪᠠᠯᠭᠠᠰᠤᠨ ᠤ᠋ ᠳᠡᠷᠭᠡᠳᠡ ᠰᠢᠷᠬᠠᠲᠤᠭᠰᠠᠨ ᠭᠡᠬᠦ᠂ ᠲᠡᠷᠡ ᠴᠦ᠍ ᠪᠠᠢᠲᠤᠭᠠᠢ ᠬᠠᠷᠢ ᠶ᠋ᠢᠨ ᠬᠠᠲᠤᠨ ᠤ᠋ ᠮᠡᠰᠡᠨ ᠳ᠋ᠦ᠍ ᠥᠷᠲᠥᠭᠰᠡᠨ ᠬᠡᠮᠡᠭᠰᠡᠨ ᠴᠤᠤ ᠦᠭᠡ ᠡᠨᠳᠡ ᠲᠡᠨᠳᠡ ᠰᠠᠯᠬᠢᠨ ᠳ᠋ᠤ᠌ ᠬᠡᠢᠰᠴᠦ ᠶᠠᠪᠤᠬᠤ ᠪᠥᠯᠥᠭᠡ᠃ ᠪᠤᠭᠤᠷᠴᠢ ᠡᠪᠦᠭᠡᠨ ᠡᠨᠡ ᠣᠯᠠᠨ ᠦᠨᠡᠨ ᠬᠤᠳᠠᠯ ᠨᠢ ᠦᠯᠦ ᠮᠡᠳᠡᠭᠳᠡᠬᠦ ᠦᠭᠡ ᠶ᠋ᠢ ᠴᠢᠬᠢ ᠲᠠᠯᠪᠢᠨ ᠴᠢᠩᠨᠠᠪᠠᠴᠤ ᠦᠨᠡᠨ ᠢ᠋ ᠣᠯᠬᠤ ᠳ᠋ᠤ᠌ ᠬᠡᠴᠡᠭᠦᠦ᠃ ᠦᠨᠡᠨ ᠨᠢ ᠭᠡᠪᠡᠯ᠄ ᠴᠢᠩᠭᠢᠰ ᠬᠠᠭᠠᠨ ᠠᠶᠠᠨ ᠲᠡᠢᠨ ᠳ᠋ᠦ᠍ ᠶᠠᠪᠤᠬᠤ ᠵᠠᠮ ᠳ᠋ᠠᠭᠠᠨ ᠠᠷᠤ ᠪᠤᠬ᠎ᠠ ᠳ᠋ᠤ᠌ ᠬᠤᠯᠠᠨ ᠠᠩᠨᠠᠵᠤ ᠶᠠᠪᠤᠭᠠᠳ ᠮᠣᠷᠢᠨ ᠠ᠋ᠴᠠ ᠤᠨᠠᠵᠤ ᠪᠡᠷᠲᠡᠭᠰᠡᠨ᠃ ᠭᠡᠰᠡᠨ ᠴᠦ᠍ ᠳᠠᠢᠳᠤᠭᠰᠠᠨ᠂ ᠳᠠᠢᠰᠤᠨ ᠢ᠋ᠶ᠋ᠠᠨ ᠳᠠᠷᠤᠵᠤ ᠰᠥᠨᠥᠭᠡᠭᠰᠡᠨ᠃ ᠪᠡᠶ᠎ᠡ ᠨᠢ ᠵᠠᠰᠠᠯ ᠠᠪᠤᠯ ᠦᠭᠡᠢ ᠳᠣᠷᠣᠢᠲᠠᠨ ᠳᠣᠷᠣᠢᠲᠠᠭᠰᠠᠭᠠᠷ ᠵᠤᠨ ᠤ᠋ ᠳᠤᠮᠳᠠ ᠰᠠᠷ᠎ᠠ ᠳ᠋ᠤ᠌ ᠲᠩᠷᠢ ᠳ᠋ᠦ᠍ ᠬᠠᠯᠢᠬᠤ ᠳ᠋ᠠᠭᠠᠨ᠄《ᠮᠢᠨᠦ ᠦᠬᠦᠬᠦ᠂ ᠣᠷᠣᠰᠢᠭᠤᠯᠬᠤ ᠶ᠋ᠢ ᠴᠢᠩᠳᠠ  ᠨᠢᠭᠤᠴᠠᠯᠠ》 ᠭᠡᠰᠡᠨ ᠶᠣᠰᠣ ᠪᠠᠷ ᠴᠢᠩᠳᠠᠯᠠᠬᠤ ᠶ᠋ᠢᠨ ᠬᠢᠷᠢ ᠪᠡᠷ ᠴᠢᠩᠳᠠᠯᠠᠵᠤ᠂ ᠨᠢᠭᠤᠴᠠᠯᠠᠬᠤ ᠶ᠋ᠢᠨ ᠬᠢᠷᠢ ᠪᠡᠷ ᠨᠢᠭᠤᠴᠠᠯᠠᠵᠠᠢ᠃ ᠡᠵᠡᠨ ᠬᠠᠭᠠᠨ ᠤ᠋ ᠱᠠᠷᠢᠯ ᠢ᠋ ᠨᠤᠲᠤᠭ ᠪᠤᠴᠠᠭᠠᠨ ᠬᠥᠳᠡᠯᠬᠦ ᠳ᠋ᠡᠭᠡᠨ ᠰᠥᠨᠢᠳ ᠦ᠋ᠨ ᠬᠢᠯᠤᠭᠡᠳᠠᠢ ᠪᠠᠭᠠᠲᠤᠷ ᠬᠡᠮᠡᠭᠴᠢ ᠪᠡᠷ᠄ 
            ᠬᠠᠮᠤᠭ ᠤ᠋ᠨ ᠬᠠᠭᠠᠨ ᠤᠯᠤᠰ ᠤ᠋ᠨ ᠡᠵᠡᠨ ᠮᠢᠨᠢ  
            ᠬᠠᠷᠢᠶᠠᠴᠠᠢ ᠰᠢᠪᠠᠭᠤᠨ ᠤ᠋ ᠵᠢᠭᠦᠷ ᠪᠣᠯᠤᠨ ᠣᠳᠪᠠᠢ 
            ᠬᠠᠩᠭᠢᠨᠠᠬᠤ ᠲᠡᠷᠭᠡᠨ ᠦ᠌ ᠲᠡᠭᠡᠭᠡᠰᠢ ᠪᠣᠯᠤᠨ ᠣᠳᠪᠠᠢ  
            ᠵᠢᠷᠭᠢᠬᠦ ᠰᠢᠪᠠᠭᠤᠨ ᠤ᠋ ᠵᠢᠭᠦᠷ ᠪᠣᠯᠤᠨ ᠣᠳᠪᠠᠢ  
            ᠵᠢᠭᠳᠡᠷᠡᠬᠦ ᠲᠡᠷᠭᠡᠨ ᠦ᠌ ᠠᠴᠢᠶ᠎ᠠ ᠪᠣᠯᠤᠨ ᠣᠳᠪᠠᠢ 
            ᠪᠦᠭᠦᠳᠡ ᠶ᠋ᠢᠨ ᠤᠷᠢᠳᠠ ᠤᠴᠠᠷᠠᠭᠰᠠᠨ 
            ᠪᠥᠷᠲᠡᠭᠡᠯᠵᠢᠨ ᠬᠠᠲᠤᠨ ᠴᠢᠨᠢ 
            ᠪᠤᠶᠠᠨᠲᠤ ᠭᠠᠵᠠᠷ ᠨᠤᠲᠤᠭ ᠴᠢᠨᠢ 
            ᠪᠣᠭᠣᠷᠴᠢ᠂ ᠮᠤᠬᠤᠯᠠᠢ ᠨᠥᠬᠥᠷ ᠴᠢᠨᠢ 
            ᠪᠤᠯᠲᠤ ᠶᠡᠬᠡ ᠤᠯᠤᠰ ᠴᠢᠨᠢ      
            ᠲᠡᠨᠳᠡ ᠪᠥᠯᠥᠭᠡ᠂ ᠡᠵᠡᠨ ᠮᠢᠨᠢ ᠭᠡᠮᠡᠨ ᠰᠢᠯᠦᠭᠯᠡᠵᠡᠢ᠃ 
       ᠴᠢᠩᠭᠢᠭᠡᠳ ᠮᠣᠩᠭᠣᠯ ᠨᠤᠲᠤᠭ ᠤ᠋ᠨ ᠵᠦᠭ ᠠᠪᠤᠷᠭᠤ ᠶ᠋ᠢᠨ ᠠᠪᠤᠷᠭᠤ ᠮᠣᠭᠠᠢ ᠬᠥᠬᠡᠷᠡᠬᠦ ᠠᠭᠤᠯᠠᠰ᠂ ᠬᠥᠨᠳᠡᠯᠢᠰᠦᠨ ᠰᠢᠷᠭᠠᠯᠲᠤᠬᠤ ᠭᠣᠪᠢ ᠶ᠋ᠢᠨ ᠡᠯᠡᠰᠦ ᠶ᠋ᠢ ᠲᠤᠭᠤᠯᠤᠨ ᠮᠤᠰᠬᠢᠷᠠᠨ ᠭᠤᠯᠠᠰᠪᠠ᠃