ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 39> Хүлэг баатар буурч - Б. Өлзийсүрэн <Дөтгөр бүлэг-39> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 39> Хүлэг баатар буурч - Б. Өлзийсүрэн <Дөтгөр бүлэг-39>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 39> Хүлэг баатар буурч - Б. Өлзийсүрэн <Дөтгөр бүлэг-39>

ᠠᠩᠭᠢᠯᠠᠯ:ᠲᠤᠭᠤᠵᠢ ᠷᠣᠮᠠᠨ
2026-04-01

67

ᠲᠥᠷᠥ ᠶ᠋ᠢᠨ ᠲᠡᠮᠦᠷ ᠲᠥᠰᠢᠶ᠎ᠡ ᠪᠣᠯᠵᠤ ᠳᠡᠭᠡᠳᠦᠰ ᠦ᠋ᠨ ᠵᠢᠩᠳᠠᠭᠠᠨ ᠳ᠋ᠤ᠌ ᠡᠩᠨᠡᠭᠰᠡᠨ ᠳᠥᠲᠥᠭᠡᠷ ᠪᠦᠯᠦᠭ

ᠭᠤᠴᠢ ᠶᠢᠰᠦ


               ᠭᠤᠴᠢ ᠶᠢᠰᠦ 
                        ᠬᠥᠮᠦᠨ ᠦ᠌ ᠭᠠᠵᠠᠷ ᠠ᠋ᠴᠠ ᠬᠡᠦᠬᠡᠨ ᠳᠠᠭᠠᠭᠤᠯᠵᠤ ᠢᠷᠡᠪᠡᠰᠦ ᠬᠥᠮᠦᠨ ᠨᠡᠮᠡᠷᠢᠯᠡᠨ᠎ᠡ 
                        ᠬᠥᠮᠦᠨ ᠥᠰᠴᠦ ᠨᠡᠮᠡᠭᠳᠡᠪᠡᠰᠦ ᠬᠦᠴᠦ ᠵᠤᠵᠠᠭᠠᠷᠠᠵᠤ ᠬᠦᠨᠡᠰᠦ ᠠᠷᠪᠢᠵᠢᠨ᠎ᠠ  

       ᠡᠵᠡᠨ ᠬᠠᠭᠠᠨ ᠪᠤᠭᠤᠷᠴᠢ ᠶ᠋ᠢ ᠳᠠᠭᠤᠳᠠᠵᠠᠢ᠃ ᠣᠢᠷ᠎ᠠ ᠳ᠋ᠤ᠌ ᠲᠡᠭᠦᠨ ᠦ᠌ ᠪᠠᠷ᠎ᠠ ᠳᠦᠷᠢ ᠶ᠋ᠢ ᠬᠠᠷᠠᠭ᠎ᠠ ᠦᠭᠡᠢ᠂ ᠪᠠᠰᠠ ᠴᠤ᠌ ᠶᠡᠬᠡ ᠤᠳᠠᠭᠰᠠᠨ ᠰᠢᠭ᠋ ᠰᠠᠨᠠᠭᠳᠠᠪᠠ᠃  ᠪᠠᠷᠠᠭᠠᠯᠠᠬᠤᠯ᠎ᠠ ᠬᠠᠭᠠᠨ ᠠᠢᠯᠠᠳᠤᠭᠰᠠᠨ ᠨᠢ᠄ 
       — ᠨᠤᠲᠤᠭ ᠤ᠋ᠨ ᠪᠠᠷ᠎ᠠ ᠬᠠᠷᠠᠶ᠎ᠠ ᠤᠤ ᠯᠠ ᠭᠡᠵᠦ ᠪᠣᠳᠣᠵᠤ ᠪᠠᠢᠨ᠎ᠠ᠃ ᠡᠨᠡ ᠣᠯᠠᠨ ᠲᠦᠮᠡᠨ ᠦ᠌ ᠦᠷᠡᠰ ᠡᠴᠢᠭᠡ ᠡᠬᠡ᠂ ᠦᠷ᠎ᠡ ᠲᠥᠷᠥᠯ ᠳ᠋ᠡᠭᠡᠨ ᠡᠰᠡᠨ ᠮᠡᠨᠳᠦ ᠣᠴᠢᠭᠰᠠᠨ ᠨᠢ ᠡᠯᠢᠭᠡ ᠪᠡᠨ ᠳᠡᠪᠲᠦᠭᠡᠭ ᠳᠡ᠃ ᠦᠬᠦᠵᠦ ᠦᠷᠡᠭᠳᠡᠭᠰᠡᠨ ᠨᠢ ᠯᠡ ᠬᠡᠴᠡᠭᠦᠦ᠃ ᠶᠠᠭᠠᠬᠢᠵᠤ ᠲᠡᠷᠡ ᠣᠯᠠᠨ ᠡᠴᠢᠭᠡ ᠡᠬᠡ᠂ ᠡᠬᠡᠨᠡᠷ ᠬᠡᠦᠬᠡᠳ ᠦ᠋ᠨ ᠣᠢ ᠭᠤᠨᠢᠭ ᠢ᠋ ᠳᠡᠢᠯᠦᠨ᠎ᠡ ᠳᠠ ᠭᠡᠵᠦ ᠪᠣᠳᠣᠨ᠎ᠠ ᠭᠡᠮᠡᠨ ᠲᠣᠯᠣᠭᠠᠢ ᠪᠠᠨ ᠲᠦᠰᠢᠨ ᠭᠣᠨᠢᠷᠬᠠᠵᠤ ᠠᠪᠠᠢ᠃ ᠪᠤᠭᠤᠷᠴᠢ ᠬᠡᠯᠡᠬᠦ ᠦᠭᠡ ᠣᠯᠳᠠᠬᠤ ᠦᠭᠡᠢ ᠳᠡᠮᠡᠢ ᠯᠡ᠃ 
       — ᠲᠡᠢᠮᠦ ᠠ᠋ ᠭᠡᠵᠦ ᠭᠠᠭᠴᠠ ᠦᠭᠡ ᠳᠤᠤᠭᠠᠷᠤᠯ᠎ᠠ᠃ 
       ᠤᠷᠢᠳᠤ ᠪᠣᠯ ᠬᠠᠭᠠᠨ ᠪᠤᠭᠤᠷᠴᠢ ᠲᠠᠢ ᠶᠡᠷᠦ ᠢᠩᠭᠢᠵᠦ ᠠᠭᠤᠯᠵᠠᠳᠠᠭ ᠦᠭᠡᠢ᠃《ᠨᠡᠰᠢ ᠰᠠᠭᠤ》 ᠭᠡᠳ ᠯᠡ ᠢᠨᠢᠶᠡᠳᠦ ᠲᠡᠢ ᠬᠥᠭᠡᠷᠦᠭᠡ ᠲᠡᠢ ᠳᠣᠲᠣᠨᠣᠰᠣᠭ᠂ ᠬᠤᠨᠳᠠᠭ᠎ᠠ ᠬᠦᠷᠲᠡᠯ᠎ᠡ ᠲᠠᠯᠪᠢᠳᠠᠭ ᠰᠠᠨ᠃ ᠣᠢᠷ᠎ᠠ ᠶ᠋ᠢᠨ ᠬᠢ ᠨᠢᠭᠡ ᠯᠡ ᠪᠢᠰᠢ᠂ ᠬᠦᠢᠲᠡᠨ ᠴᠢᠷᠠᠢ ᠲᠠᠢ᠂ ᠥᠭᠡᠳᠡᠢ ᠶ᠋ᠢᠨ ᠶᠠᠪᠤᠳᠠᠯ ᠠ᠋ᠴᠠ ᠬᠣᠢᠰᠢ ᠬᠣᠶᠠᠳᠠᠬᠢ ᠪᠠᠨ ᠠᠭᠤᠯᠵᠠᠵᠤ ᠪᠠᠢᠭ᠎ᠠ ᠨᠢ ᠡᠨᠡ᠃ ᠮᠠᠷᠲᠠᠵᠤ ᠡᠴᠡᠬᠦ ᠦᠭᠡᠢ ᠬᠠᠴᠢᠨ ᠶᠤᠮ᠃ ᠪᠡᠶ᠎ᠡ ᠨᠢ ᠳᠠᠭ᠎ᠠ ᠦᠭᠡᠢ ᠪᠠᠢᠭ᠎ᠠ ᠶᠤᠮ ᠪᠣᠯᠪᠠᠤ? ᠭᠡᠬᠦᠴᠢᠯᠡᠨ ᠪᠤᠭᠤᠷᠴᠢ ᠡᠯᠳᠡᠪ ᠢ᠋ ᠪᠣᠳᠣᠨ ᠰᠠᠭᠤᠪᠠ᠃ 
       — ᠵᠠ ᠬᠦ ᠪᠤᠭᠤᠷᠴᠢ᠂ ᠴᠢ ᠮᠢᠩᠭᠠᠨ ᠲᠡᠷᠭᠡ ᠬᠥᠰᠬᠡ ᠪᠡᠯᠡᠳᠭᠡ ᠃ ᠰᠠᠮᠠᠷᠬᠡᠨᠳ᠋᠂ ᠪᠤᠬᠠᠷ ᠬᠣᠶᠠᠷ ᠬᠣᠲᠠ ᠳ᠋ᠤ᠌ ᠬᠠᠳᠠᠭᠠᠯᠠᠭᠳᠠᠵᠤ ᠪᠠᠢᠭ᠎ᠠ ᠰᠠᠩ ᠠ᠋ᠴᠠ ᠪᠥᠰ ᠪᠠᠷᠠᠭ᠎ᠠ᠂ ᠲᠣᠷᠭ᠎ᠠ᠂ ᠬᠡᠪᠢᠰ᠂ ᠰᠠᠪᠠ ᠰᠠᠭᠤᠯᠠᠭ᠎ᠠ᠂ ᠭᠤᠯᠢᠷ ᠪᠤᠳᠠᠭ᠎ᠠ᠂ ᠬᠠᠲᠠᠭᠰᠠᠨ ᠵᠢᠮᠢᠰ᠂ ᠠᠷᠢᠬᠢ ᠳᠠᠷᠠᠰᠤ ᠭᠡᠳ ᠶᠡᠬᠡ ᠶᠠᠭᠤᠮ᠎ᠠ ᠪᠠᠢᠭ᠎ᠠ᠃ ᠲᠡᠭᠦᠨ ᠢ᠋ ᠬᠣᠲᠠ ᠵᠠᠬᠢᠷᠤᠭᠴᠢ ᠨᠠᠷ ᠨᠠᠷᠢᠨ ᠳᠠᠩᠰᠠ ᠪᠦᠷᠢᠳᠬᠡᠯ ᠲᠡᠢ ᠬᠠᠷᠢᠭᠤᠴᠠᠨ ᠬᠠᠳᠠᠭᠠᠯᠠᠵᠤ ᠪᠣᠢ᠃ ᠲᠡᠭᠦᠨ ᠡᠴᠡ ᠠᠪᠴᠤ ᠠᠴᠢ᠃ ᠴᠢ ᠥᠪᠡᠷ ᠢ᠋ᠶ᠋ᠡᠨ ᠠᠪᠬᠤ ᠪᠠᠨ ᠠᠪ᠃ ᠵᠠᠭᠤᠨ ᠲᠡᠷᠭᠡ ᠳ᠋ᠦ᠍ ᠪᠠᠭᠲᠠᠭ᠎ᠠ᠃ ᠪᠠᠷᠠᠭᠤᠨ ᠭᠠᠷ ᠤ᠋ᠨ ᠠᠯᠤᠰ ᠬᠣᠯᠠ ᠲᠡᠢᠨ ᠳ᠋ᠦ᠍ ᠶᠠᠪᠤᠭ᠎ᠠ ᠦᠭᠡᠢ ᠪᠦᠬᠦ ᠴᠡᠷᠢᠭ ᠢ᠋ ᠥᠪᠡᠷᠲᠡᠭᠡᠨ ᠴᠤᠭᠯᠠᠭᠤᠯᠵᠤ ᠠᠪ᠃ ᠲᠡᠭᠡᠭᠡᠳ ᠴᠡᠷᠢᠭ ᠪᠦᠷᠢ ᠨᠢᠭᠡ ᠮᠣᠷᠢᠨ ᠠᠴᠢᠶ᠎ᠠ᠂ ᠠᠷᠪᠠᠲᠤ ᠶ᠋ᠢᠨ ᠳᠠᠷᠤᠭ᠎ᠠ ᠳ᠋ᠤ᠌ ᠨᠢᠭᠡ ᠮᠣᠷᠢᠨ ᠠᠴᠢᠶ᠎ᠠ ᠬᠠᠭᠠᠰ᠂ ᠵᠠᠭᠤᠲᠤ ᠶ᠋ᠢᠨ ᠳᠠᠷᠤᠭ᠎ᠠ ᠳ᠋ᠤ᠌ ᠬᠣᠶᠠᠷ᠂ ᠮᠢᠩᠭᠠᠲᠤ ᠶ᠋ᠢᠨ ᠳᠠᠷᠤᠭ᠎ᠠ ᠳ᠋ᠤ᠌ ᠭᠤᠷᠪᠠᠨ ᠮᠣᠷᠢᠨ ᠠᠴᠢᠶ᠎ᠠ ᠥᠭ᠃ ᠳᠠᠩᠰᠠ ᠪᠦᠷᠢᠳᠬᠡᠯ ᠲᠡᠢ ᠶᠠᠭᠤᠮ᠎ᠠ ᠶ᠋ᠢ ᠳᠠᠩᠰᠠ ᠪᠦᠷᠢᠳᠬᠡᠯ ᠲᠡᠢ ᠠᠪᠤᠭᠠᠷᠠᠢ᠃ ᠳᠡᠭᠡᠷ᠎ᠡ ᠨᠢ ᠨᠡᠮᠡᠵᠦ ᠮᠢᠨᠦ ᠳᠡᠷᠭᠡᠳᠡ ᠶ᠋ᠢᠨ ᠰᠠᠩ ᠠ᠋ᠴᠠ ᠴᠡᠷᠢᠭ ᠲᠦ᠍ ᠠᠷᠪᠠ᠂ ᠠᠷᠪᠠᠲᠤ ᠶ᠋ᠢᠨ ᠳᠠᠷᠤᠭ᠎ᠠ ᠳ᠋ᠤ᠌ ᠠᠷᠪᠠᠨ ᠲᠠᠪᠤ᠂ ᠵᠠᠭᠤᠲᠤ ᠶ᠋ᠢᠨ ᠳᠠᠷᠤᠭ᠎ᠠ ᠳ᠋ᠤ᠌ ᠬᠣᠷᠢ᠂ ᠮᠢᠩᠭᠠᠲᠤ ᠶ᠋ᠢᠨ ᠳᠠᠷᠤᠭ᠎ᠠ ᠳ᠋ᠤ᠌ ᠬᠣᠷᠢᠨ ᠲᠠᠪᠤᠨ ᠠᠯᠲᠠᠨ ᠵᠣᠭᠣᠰ ᠠᠪᠴᠤ ᠥᠭ᠃ ᠴᠢ ᠥᠪᠡᠷ ᠢ᠋ᠶ᠋ᠡᠨ ᠵᠠᠭᠤᠨ ᠠᠯᠲᠠᠨ ᠵᠣᠭᠣᠰ ᠠᠪ᠃ ᠮᠥᠩᠭᠥ᠂ ᠵᠡᠰ ᠵᠣᠭᠣᠰ ᠳᠤᠷᠠᠲᠠᠢ ᠲᠣᠭ᠎ᠠ ᠪᠠᠷ ᠠᠪ᠃ ᠭᠡᠬᠦ ᠳ᠋ᠡᠭᠡᠨ ᠳᠡᠭᠡᠳᠦ ᠬᠢᠵᠠᠭᠠᠷ ᠢ᠋ ᠪᠢ ᠰᠠᠩ ᠤ᠋ᠨ ᠨᠢᠷᠪᠠ ᠳ᠋ᠤ᠌ ᠬᠡᠯᠡᠨ᠎ᠡ᠃ ᠮᠢᠨᠦ ᠠᠴᠢᠶ᠎ᠠ ᠶ᠋ᠢ ᠶᠠᠭᠠᠬᠢᠵᠤ ᠬᠠᠳᠠᠭᠠᠯᠠᠬᠤ ᠪᠠᠨ ᠴᠢ ᠮᠡᠳᠡ᠃ ᠮᠡᠨᠳᠦ ᠪᠤᠴᠠᠭᠰᠠᠨ ᠴᠡᠷᠢᠭ ᠲᠦ᠍ ᠬᠡᠰᠢᠭ ᠥᠭᠭᠦᠨ᠎ᠡ᠃ ᠬᠠᠷᠢᠨ ᠠᠮᠢ ᠦᠷᠡᠭᠳᠡᠭᠰᠡᠨ ᠴᠡᠷᠢᠭ ᠳᠠᠷᠤᠭ᠎ᠠ ᠶ᠋ᠢᠨ ᠠᠷᠤ ᠭᠡᠷ ᠲᠦ᠍ ᠴᠢ ᠥᠪᠡᠷ ᠦ᠋ᠨ ᠵᠠᠭᠤᠨ ᠲᠡᠷᠭᠡ ᠠᠴᠢᠶ᠎ᠠ ᠪᠠᠷᠠᠭᠠᠨ ᠠ᠋ᠴᠠ ᠪᠠᠨ ᠲᠦᠭᠡᠭᠡᠷᠡᠢ᠃ ᠮᠢᠨᠦ ᠰᠠᠩ ᠠ᠋ᠴᠠ ᠲᠠᠪᠤ ᠲᠠᠪᠤᠨ ᠠᠯᠲᠠᠨ ᠵᠣᠭᠣᠰ ᠥᠭ᠃ ᠮᠥᠩᠭᠥᠨ ᠵᠣᠭᠣᠰ ᠢ᠋ ᠴᠢ ᠥᠪᠡᠷ ᠢ᠋ᠶ᠋ᠡᠨ ᠮᠡᠳᠡ᠃ ᠴᠢᠨᠠᠭᠰᠢᠳᠠ ᠠᠷᠤ ᠭᠡᠷ ᠲᠦ᠍ ᠨᠢ ᠣᠯᠭᠣᠳᠠᠭ ᠲᠡᠳᠬᠦᠮᠵᠢ ᠶ᠋ᠢ ᠬᠠᠭᠤᠴᠢᠨ ᠶᠣᠰᠣ ᠵᠢᠷᠤᠮ ᠢ᠋ᠶ᠋ᠠᠷ ᠨᠢ ᠥᠭ᠃  
       — ᠬᠠᠭᠠᠨ ᠳ᠋ᠠᠭᠠᠨ ᠠᠢᠯᠠᠳᠬᠠᠵᠤ ᠠᠰᠠᠭᠤᠮᠠᠷ ᠁ 
       — ᠶᠠᠭᠤ ᠪᠣᠢ? 
       — ᠣᠳᠣ ᠪᠤᠴᠠᠵᠤ ᠴᠢᠳᠠᠬᠤ ᠦᠭᠡᠢ ᠠᠮᠢᠳᠤ ᠦᠬᠦᠭᠰᠡᠨ ᠨᠢ ᠦᠯᠦ ᠮᠡᠳᠡᠭᠳᠡᠬᠦ ᠠᠯᠤᠰ ᠭᠠᠵᠠᠷ ᠶᠠᠪᠤᠭ᠎ᠠ ᠁  
       — ᠵᠠ ᠲᠡᠢᠮᠦ᠂ ᠥᠭ ᠥᠭ᠃ ᠴᠡᠷᠢᠭ ᠲᠦ᠍ ᠲᠠᠲᠠᠭᠰᠠᠨ ᠪᠦᠷᠢᠳᠬᠡᠯ ᠢ᠋ᠶ᠋ᠡᠷ ᠯᠡ ᠥᠭ᠃ ᠠᠷᠤ ᠭᠡᠷ ᠲᠦ᠋ᠨᠢ ᠬᠡᠷᠡᠭ ᠲᠡᠢ᠃ ᠴᠣᠷᠣᠮᠭᠠᠨ ᠢᠷᠡᠨ ᠢ᠋ ᠡᠵᠡᠯᠡᠭᠡᠳ ᠪᠠᠭᠳᠠᠳ᠋ ᠤ᠋ᠨ ᠬᠠᠯᠢᠹᠲ ᠲᠤ ᠪᠠᠢᠯᠳᠤᠵᠤ ᠪᠠᠢᠭ᠎ᠠ᠃ ᠬᠠᠷᠢᠨ ᠵᠡᠪᠡ᠂ ᠰᠥᠪᠡᠭᠡᠳᠢ᠂ ᠺᠢᠫᠢᠴᠢᠺ ᠲᠡᠰᠢ ᠣᠯᠠᠨ ᠬᠣᠲᠠ ᠤᠯᠤᠰ ᠢ᠋ ᠡᠷᠬᠡᠨ ᠳ᠋ᠡᠭᠡᠨ ᠣᠷᠣᠭᠤᠯᠤᠭᠠᠳ ᠢᠷᠡᠵᠦ ᠶᠠᠪᠤᠭ᠎ᠠ᠃ ᠶᠡᠬᠡ ᠯᠡ ᠬᠣᠯᠠ᠂ ᠰᠠᠢᠬᠠᠨ ᠲᠠᠩᠰᠤᠭ ᠣᠷᠣᠨ ᠭᠡᠨ᠎ᠡ᠃ ᠬᠣᠩᠬᠠᠢ ᠶ᠋ᠢ ᠶᠠᠪᠤᠭᠤᠯᠵᠤ᠂ ᠲᠡᠷᠡ ᠰᠠᠶᠢ ᠪᠤᠴᠠᠵᠤ ᠢᠷᠡᠯ᠎ᠡ᠃ ᠮᠣᠷᠢ ᠪᠠᠷ ᠬᠣᠶᠠᠷ ᠰᠠᠷ᠎ᠠ ᠶᠠᠪᠤᠵᠤ ᠢᠷᠡᠯ᠎ᠡ᠃ ᠠᠴᠢᠶ᠎ᠠ ᠬᠦᠰᠭᠡ ᠲᠡᠢ᠂ ᠲᠡᠳᠡ ᠯᠠᠪ ᠭᠤᠷᠪᠠᠨ ᠰᠠᠷ᠎ᠠ ᠶᠠᠪᠤᠵᠤ ᠢᠷᠡᠨ᠎ᠡ ᠭᠡᠨ᠎ᠡ᠃ ᠵᠠ ᠴᠢ ᠶᠠᠪᠤ ᠳᠠ᠃  
       — ᠴᠢᠩᠭᠢᠰ ᠬᠠᠭᠠᠨ ᠤ᠋ ᠥᠭᠭᠢᠶᠡᠮᠦᠷ ᠬᠡᠰᠢᠭ ᠲᠦ᠍ ᠲᠠᠯᠠᠷᠬᠠᠯ᠎ᠠ᠃ ᠵᠠᠷᠯᠢᠭ ᠢ᠋ ᠶᠣᠰᠣᠴᠢᠯᠠᠨ ᠭᠦᠢᠴᠡᠳᠬᠡᠶ᠎ᠡ ᠭᠡᠳ ᠪᠣᠭᠤᠷᠴᠢ ᠭᠠᠷᠬᠤ ᠳ᠋ᠠᠭᠠᠨ᠄《ᠬᠣᠩᠬᠠᠢ ᠶᠠᠪᠤᠭᠠᠳ ᠢᠷᠡᠭᠰᠡᠨ ᠭᠡᠨ᠎ᠡ ᠠ᠋᠂ ᠬᠦᠦ ᠶ᠋ᠢᠨ ᠰᠤᠷᠠᠭ ᠭᠠᠷᠤᠨ᠎ᠠ》 ᠭᠡᠵᠦ ᠵᠢᠷᠦᠬᠡ ᠨᠢ ᠴᠣᠬᠢᠯᠠᠨ ᠬᠣᠩᠬᠠᠢ ᠤᠷᠤᠭᠤ ᠳᠠᠪᠬᠢᠯ᠎ᠠ᠃ 
       ᠪᠤᠴᠠᠬᠤ ᠪᠣᠯᠤᠭᠰᠠᠨ ᠡᠪᠦᠭᠡᠨ ᠬᠥᠯ ᠨᠢ ᠭᠠᠵᠠᠷ ᠬᠦᠷᠬᠦ ᠦᠭᠡᠢ ᠰᠠᠮᠠᠷᠺᠠᠨᠳ᠋᠂ ᠪᠤᠬᠠᠷ ᠬᠣᠲᠠ ᠶ᠋ᠢᠨ ᠬᠣᠭᠣᠷᠣᠨᠳᠣ ᠶᠠᠪᠤᠬᠤ ᠴᠡᠷᠢᠭ ᠦ᠋ᠳ ᠲᠦ᠍ ᠥᠭᠬᠦ ᠬᠡᠰᠢᠭ᠂ ᠱᠠᠩᠨᠠᠯ ᠤ᠋ᠨ ᠲᠣᠭ᠎ᠠ ᠬᠡᠮᠵᠢᠶ᠎ᠡ ᠭᠠᠷᠭᠠᠬᠤ᠂ ᠬᠥᠯᠯᠡᠭᠡ᠂ ᠲᠡᠷᠭᠡ ᠲᠣᠨᠣᠭ ᠪᠡᠯᠡᠳᠬᠡᠬᠦ ᠮᠤᠩᠳᠠᠬᠤ ᠦᠭᠡᠢ ᠠᠵᠢᠯ ᠲᠠᠢ᠃ ᠭᠤᠴᠢᠨ ᠴᠡᠷᠢᠭ ᠪᠠᠢᠷᠢᠯᠠᠵᠤ ᠪᠠᠢᠭᠰᠠᠨ ᠡᠵᠡᠭᠦᠢ ᠨᠤᠷᠠᠭᠰᠠᠨ ᠣᠷᠣᠨ ᠪᠠᠢᠷᠢ ᠶᠠᠩᠵᠤᠯᠠᠵᠤ ᠴᠡᠷᠢᠭ ᠢ᠋ᠶ᠋ᠡᠨ ᠪᠠᠢᠷᠢᠯᠠᠭᠤᠯᠬᠤ ᠮᠡᠲᠦ ᠶ᠋ᠢᠨ ᠠᠵᠢᠯ ᠤᠨᠲᠠᠷᠠᠵᠤ ᠳᠡᠪᠬᠡᠴᠡᠨ ᠲᠦᠷᠦᠭᠦᠴᠢ ᠶ᠋ᠢᠨ ᠢᠷᠡᠭᠰᠡᠨ ᠴᠡᠷᠢᠭ ᠦ᠋ᠳ ᠢ᠋ ᠲᠤᠰ ᠪᠦᠷᠢ ᠠᠵᠢᠯ ᠤᠨᠤᠵᠤ ᠭᠠᠭᠴᠠᠬᠠᠨ ᠵᠠᠮ ᠳ᠋ᠤ᠌ ᠯᠠ ᠭᠠᠷᠬᠤ ᠶ᠋ᠢ ᠶᠠᠭᠠᠷᠠᠨ᠎ᠠ᠃ ᠪᠦᠲᠦᠨ ᠳᠣᠯᠣᠭ᠎ᠠ ᠬᠣᠨᠣᠭ ᠳᠠᠪᠬᠢᠵᠤ ᠶᠡᠬᠡ ᠠᠵᠢᠯ ᠠᠮᠵᠢᠭᠤᠯᠤᠭᠠᠳ ᠢᠷᠡᠬᠦ ᠳᠣᠯᠣᠭ᠎ᠠ ᠬᠣᠨᠣᠭ ᠪᠠᠭᠲᠠᠭᠠᠳ ᠭᠠᠷᠬᠤ ᠶ᠋ᠢ ᠪᠣᠳᠣᠨ᠎ᠠ᠃ ᠪᠤᠬᠠᠷ ᠣᠷᠣᠬᠤ ᠪᠠᠷ ᠬᠣᠶᠠᠷ ᠴᠡᠷᠢᠭ ᠲᠡᠢ ᠵᠠᠮ ᠳ᠋ᠤ᠌ ᠳᠠᠪᠬᠢᠵᠤ ᠶᠠᠪᠤᠲᠠᠯ᠎ᠠ ᠨᠢᠭᠡ ᠰᠠᠭᠤᠷᠢᠨ ᠭᠠᠵᠠᠷ ᠠ᠋ᠴᠠ ᠬᠣᠯᠠ ᠦᠭᠡᠢ ᠵᠠᠮ ᠠ᠋ᠴᠠ ᠵᠠᠢᠳᠠᠭᠤ ᠮᠣᠷᠢ ᠲᠠᠢ ᠶᠠᠪᠠᠭᠠᠨ ᠬᠡᠳᠦᠨ ᠬᠥᠮᠦᠰ ᠪᠥᠭᠡᠮᠨᠡᠷᠡᠨ ᠳᠤᠮᠳᠠ ᠨᠢ ᠨᠢᠴᠦᠭᠦᠨ ᠴᠢᠪᠠᠭᠠᠨ ᠬᠥᠮᠦᠨ ᠬᠠᠷᠠᠭᠳᠠᠬᠤ ᠰᠢᠭ᠋᠃ ᠳᠠᠪᠬᠢᠭᠠᠳ ᠣᠴᠢᠲᠠᠯ᠎ᠠ ᠮᠥᠨ ᠬᠣᠶᠠᠷ ᠴᠡᠷᠢᠭ ᠲᠡᠢ ᠵᠢᠰᠦ ᠦᠵᠡᠭᠰᠡᠨ ᠨᠡᠷ᠎ᠡ ᠦᠯᠦ ᠮᠡᠳᠡᠬᠦ ᠨᠢᠭᠡ ᠵᠠᠭᠤᠲᠤ ᠶ᠋ᠢᠨ ᠳᠠᠷᠤᠭ᠎ᠠ᠂ ᠡᠷ᠎ᠡ ᠡᠮ᠎ᠡ ᠬᠣᠶᠠᠷ ᠬᠥᠮᠦᠨ ᠢ᠋ ᠨᠢᠴᠦᠭᠦᠯᠡᠭᠡᠳ ᠵᠣᠳᠣᠭᠰᠠᠨ ᠪᠣᠯᠤᠯᠲᠠᠢ᠃ ᠬᠠᠵᠠᠭᠤ ᠳ᠋ᠤᠨᠢ ᠴᠡᠷᠢᠭ ᠡᠷ᠎ᠡ ᠶ᠋ᠢᠨ ᠬᠤᠪᠴᠠᠰᠤ᠂ ᠬᠡᠦᠬᠡᠨ ᠦ᠌ ᠳᠠᠰᠢᠨᠵᠠ ᠬᠤᠪᠴᠠᠰᠤ ᠬᠠᠷᠠᠭᠳᠠᠨ᠎ᠠ᠃ ᠣᠴᠢᠮᠠᠭᠴᠠ ᠪᠣᠭᠤᠷᠴᠢ ᠶ᠋ᠢ ᠦᠵᠡᠭᠡᠳ ᠰᠥᠭᠥᠳᠴᠢᠬᠡᠪᠡ᠃ 
       — ᠶᠠᠭᠤ ᠪᠣᠯᠵᠤ ᠪᠠᠢᠭ᠎ᠠ ᠨᠢ ᠡᠨᠡ ᠪᠣᠢ? ᠬᠡᠮᠡᠪᠡᠰᠦ ᠨᠥᠭᠦᠭᠡ ᠵᠠᠭᠤᠲᠤ ᠶ᠋ᠢᠨ ᠳᠠᠷᠤᠭ᠎ᠠ᠄ 
       — ᠥᠷᠯᠥᠭ ᠵᠠᠩᠵᠤᠨ ᠠ᠋᠂ ᠡᠨᠡ ᠴᠡᠷᠢᠭ ᠡᠨᠡ ᠬᠡᠦᠬᠡᠨ ᠲᠡᠢ ᠵᠠᠪᠬᠠᠢᠷᠠᠭᠠᠳ ᠵᠠᠯᠬᠠᠭᠠᠵᠤ ᠪᠠᠢᠭ᠎ᠠ ᠶᠤᠮ ᠠ᠋᠃
       — ᠶᠠᠭᠤ ᠨᠢ ᠪᠣᠯᠬᠤ ᠦᠭᠡᠢ ᠭᠡᠵᠦ᠂ ᠡᠷ᠎ᠡ ᠡᠮ᠎ᠡ ᠬᠣᠶᠠᠷ ᠬᠥᠮᠦᠨ ᠤᠴᠠᠷᠠᠭ᠎ᠠ ᠯᠠ ᠪᠢᠵᠡ᠃ ᠡᠨᠡ ᠪᠦᠰᠡᠭᠦᠢ ᠴᠢᠨᠦᠬᠢ ᠶᠦᠮ ᠤᠤ? 
       — ᠦᠭᠡᠢ ᠠ᠋᠂ ᠦᠭᠡᠢ᠃ ᠵᠠᠩᠵᠤᠨ ᠮᠢᠨᠢ᠂ ᠡᠨᠡ ᠴᠡᠷᠢᠭ ᠢᠩᠭᠢᠭᠡᠳ ᠪᠠᠢᠭ᠎ᠠ ᠶᠤᠮ᠃ ᠥᠨᠥᠳᠥᠷ ᠪᠠᠷᠢᠵᠤ ᠠᠪᠤᠯ᠎ᠠ᠃ 
       — ᠵᠠ ᠮᠡᠳᠡᠯ᠎ᠡ᠂ ᠨᠤᠲᠤᠭ ᠣᠷᠣᠨ ᠠ᠋ᠴᠠ ᠪᠠᠨ ᠬᠣᠯᠠ ᠶᠠᠪᠤᠭ᠎ᠠ ᠡᠷ᠎ᠡ ᠬᠥᠮᠦᠨ ᠬᠢᠵᠦ ᠪᠣᠯᠬᠤ ᠠᠵᠢᠯ ᠪᠢᠰᠢ ᠤᠤ ᠭᠡᠳ ᠥᠨᠥ ᠬᠣᠶᠠᠷ ᠤᠷᠤᠭᠤ ᠬᠠᠨᠳᠤᠨ᠄ 
       — ᠬᠤᠪᠴᠠᠰᠤ ᠪᠠᠨ ᠡᠮᠦᠰᠴᠢᠬᠡ ᠭᠡᠯ᠎ᠡ᠃ ᠬᠣᠶᠠᠷ ᠴᠤ᠌ ᠬᠤᠪᠴᠠᠰᠤ ᠪᠠᠨ ᠡᠮᠦᠰᠦᠭᠡᠳ ᠴᠡᠷᠢᠭ ᠡᠷ᠎ᠡ ᠰᠥᠭᠥᠳᠵᠦ ᠤᠬᠢᠯᠠᠨ᠄ 
       — ᠵᠠᠩᠵᠤᠨ ᠲᠠᠨ ᠠ᠋᠂ ᠪᠢ ᠪᠤᠷᠤᠭᠤ ᠬᠡᠷᠡᠭ ᠬᠢᠭᠰᠡᠨ᠂ ᠦᠨᠡᠬᠡᠷ ᠢ᠋ᠶ᠋ᠡᠨ ᠦᠢᠯᠡ ᠲᠡᠢ ᠨᠢᠭᠦᠯ ᠲᠡᠢ ᠬᠥᠮᠦᠨ᠃ ᠲᠡᠨᠳᠡ ᠡᠬᠡᠨᠡᠷ ᠬᠡᠦᠬᠡᠳ ᠲᠡᠢ᠃ ᠡᠨᠳᠡ ᠡᠢᠮᠦ ᠪᠣᠯᠴᠢᠬᠠᠯ᠎ᠠ᠂ ᠡᠨᠡ ᠮᠠᠨᠢ ᠥᠨᠥᠴᠢᠨ ᠥᠷᠥᠭᠡᠰᠦᠨ᠃ ᠪᠠᠰᠠ ᠪᠡᠶ᠎ᠡ ᠰᠢᠯᠲᠠᠭᠠᠨ ᠲᠠᠢ ᠪᠣᠯᠴᠢᠬᠠᠯ᠎ᠠ᠂ ᠭᠡᠬᠦ᠃ ᠵᠠᠩᠵᠤᠨ ᠮᠢᠨᠢ ᠨᠠᠮ᠎ᠠ ᠶ᠋ᠢ ᠬᠡᠷᠴᠢᠭᠡᠳ᠂ ᠲᠠᠰᠤᠳᠠᠭᠠᠳ ᠬᠠᠶᠠᠴᠢᠬ᠎ᠠ᠃ ᠡᠨᠡ ᠪᠦᠰᠡᠭᠦᠢ ᠰᠡᠳᠬᠢᠯ ᠨᠢ ᠰᠢᠯᠤᠭᠤᠬᠠᠨ᠂ ᠭᠡᠷ ᠦ᠋ᠨ ᠬᠢᠨ ᠨᠠᠮ᠎ᠠ ᠶ᠋ᠢ ᠲᠡᠢᠨ ᠳ᠋ᠦ᠍ ᠠᠮᠢ ᠦᠷᠡᠭᠳᠡᠵᠦ ᠯᠡ ᠭᠡᠨ᠎ᠡ ᠪᠢᠵᠡ᠃ ᠲᠡᠷᠡ ᠨᠢ ᠰᠢᠯᠤᠭᠤᠨ ᠁ ᠢᠩᠭᠢᠵᠦ ᠲᠡᠷᠡ ᠴᠡᠷᠢᠭ ᠦᠭᠡ ᠪᠡᠨ ᠲᠠᠰᠤᠯᠤᠨ ᠣᠷᠢᠯᠠᠨ ᠭᠠᠰᠠᠯᠤᠨ ᠤᠬᠢᠯᠠᠪᠠ᠃ 
       — ᠴᠢ ᠠᠯᠢ ᠨᠤᠲᠤᠭ᠂ ᠠᠯᠢ ᠭᠠᠷ ᠤ᠋ᠨ ᠴᠡᠷᠢᠭ ᠪᠣᠢ? 
       — ᠠᠯᠲᠠᠢ᠂ ᠪᠠᠷᠠᠭᠤᠨ ᠭᠠᠷ ᠤ᠋ᠨ ᠬᠢ᠃  
       — ᠴᠢ ᠵᠠᠭᠤᠲᠤ ᠶ᠋ᠢᠨ ᠳᠠᠷᠤᠭ᠎ᠠ? 
       — ᠳᠡᠰ ᠦ᠋ᠨ ᠭᠣᠣᠯ᠂ ᠪᠠᠰᠠ ᠪᠠᠷᠠᠭᠤᠨ ᠭᠠᠷ᠃ 
       — ᠲᠡᠭᠡᠨ᠎ᠡ ᠠ᠋᠂ ᠬᠡᠯᠡ ᠠᠶᠠᠯᠭᠤ ᠴᠢᠨᠢ ᠲᠡᠭᠡᠵᠦ ᠮᠡᠳᠡᠭᠳᠡᠭᠡᠳ ᠪᠠᠢᠭᠰᠠᠨ ᠶᠤᠮ᠃ ᠬᠡᠷᠡᠭ ᠬᠢᠭᠡ ᠦᠭᠡᠢ ᠭᠡᠮ ᠵᠢᠮ ᠦᠭᠡᠢ ᠬᠥᠮᠦᠨ ᠢ᠋ ᠬᠡᠷᠴᠢᠬᠦ ᠲᠠᠰᠤᠴᠢᠬᠤ ᠰᠢᠳᠬᠡᠯ ᠭᠡᠵᠦ ᠶᠠᠭᠤ ᠪᠠᠢᠬᠤ ᠪᠣᠢ? ᠲᠡᠵᠢᠭᠡᠵᠦ ᠴᠢᠳᠠᠬᠤ ᠪᠣᠯ ᠠᠪᠤᠭᠠᠳ ᠶᠠᠪᠤ ᠭᠡᠳ ᠵᠠᠮ ᠳ᠋ᠠᠭᠠᠨ ᠣᠷᠣᠪᠠ᠃ 
       ᠬᠣᠶᠠᠷ ᠭᠤᠷᠪᠠ ᠬᠣᠨᠣᠯ᠎ᠠ᠃ ᠴᠡᠷᠢᠭ ᠦ᠋ᠳ ᠴᠤᠭᠯᠠᠷᠠᠯ᠎ᠠ ᠭᠡᠰᠡᠨ ᠢᠯᠡᠳᠬᠡᠯ ᠥᠭᠭᠦᠮᠡᠭᠴᠡ《ᠵᠢᠭᠰᠠᠭ᠎ᠠ!》 ᠭᠡᠵᠦ ᠲᠤᠰᠢᠶᠠᠯ ᠥᠭᠪᠡ᠃ ᠵᠢᠭᠰᠠᠭᠠᠯ ᠤᠷᠤᠭᠤ ᠣᠴᠢᠪᠠᠰᠤ ᠶᠡᠬᠡ ᠴᠡᠷᠢᠭ ᠵᠢᠭᠰᠠᠵᠠᠢ᠃ ᠪᠤᠭᠤᠷᠴᠢ᠄ 
       — ᠲᠠ ᠨᠠᠷ ᠨᠤᠲᠤᠭ ᠪᠤᠴᠠᠨ᠎ᠠ ᠠ᠋ ᠬᠡᠮᠡᠪᠡᠰᠦ《ᠤᠤᠬᠠᠢ》 ᠬᠠᠰᠬᠢᠷᠴᠤ ᠡᠨᠳᠡ ᠴᠦ᠍᠂  ᠲᠡᠨᠳᠡ ᠴᠦ᠍ ᠴᠡᠷᠢᠭ ᠦ᠋ᠳ ᠠᠭᠤᠤ ᠪᠠᠶᠠᠰᠬᠤᠯᠠᠩ᠃ᠤᠬᠢᠯᠠᠬᠤ ᠨᠢ ᠤᠬᠢᠯᠠᠵᠤ᠂ ᠳᠠᠭᠤᠯᠠᠬᠤ ᠨᠢ ᠳᠠᠭᠤᠯᠠᠵᠤ᠂ ᠪᠥᠭᠡᠮ ᠱᠤᠤᠭᠢᠶᠠᠨ᠃ ᠪᠤᠭᠤᠷᠴᠢ᠄ 
       — ᠡᠵᠡᠨ ᠬᠠᠭᠠᠨ ᠤ᠋ ᠬᠡᠰᠢᠭ ᠰᠠᠩ ᠢ᠋ ᠲᠠ ᠨᠠᠷ ᠲᠤ ᠬᠥᠮᠦᠨ ᠪᠦᠷᠢ ᠳ᠋ᠦ᠍ ᠬᠦᠷᠲᠡᠭᠡᠨ᠎ᠡ᠃ ᠲᠡᠭᠡᠭᠡᠳ ᠠᠶᠠᠨ ᠵᠠᠮ ᠳ᠋ᠤ᠌ ᠤᠳᠠᠬᠤ ᠦᠭᠡᠢ ᠭᠠᠷᠤᠨ᠎ᠠ᠃ ᠬᠠᠷᠢᠨ ᠲᠠ ᠨᠠᠷ ᠤ᠋ᠨ ᠳᠣᠲᠣᠷ᠎ᠠ ᠡᠨᠳᠡᠬᠢ ᠶ᠋ᠢᠨ ᠪᠦᠰᠡᠭᠦᠢ ᠲᠡᠢ ᠤᠴᠠᠷᠠᠵᠤ ᠲᠠᠨᠢᠯᠴᠠᠨ ᠰᠡᠳᠬᠢᠯ ᠦ᠋ᠨ ᠵᠣᠪᠠᠯᠠᠩ ᠳ᠋ᠤ᠌ ᠣᠷᠣᠭᠠᠳ ᠪᠠᠢᠭ᠎ᠠ ᠬᠥᠮᠦᠨ ᠪᠠᠢᠪᠠᠯ ᠠᠪᠤᠭᠠᠳ ᠶᠠᠪᠤᠵᠤ ᠪᠣᠯᠤᠨ᠎ᠠ᠃ ᠶᠡᠬᠡ ᠶᠣᠰᠣ ᠬᠠᠤᠯᠢ ᠳ᠋ᠤ᠌《ᠡᠷ᠎ᠡ ᠬᠥᠮᠦᠨ ᠬᠦᠰᠡᠪᠡᠯ ᠣᠯᠠᠨ ᠡᠬᠡᠨᠡᠷ ᠲᠡᠢ ᠪᠠᠢᠵᠤ ᠪᠣᠯᠤᠨ᠎ᠠ᠃ ᠠᠩᠬᠠᠨ ᠤ᠋ ᠬᠢᠨᠢ ᠡᠷᠬᠢᠮ ᠬᠦᠨᠳᠦ ᠲᠡᠢ ᠣᠨᠴᠠᠭᠠᠢ ᠡᠷᠬᠡ ᠲᠡᠢ ᠪᠠᠢᠨ᠎ᠠ᠃ ᠡᠨᠡ ᠡᠷᠬᠡ ᠨᠢ ᠪᠠᠰᠠ ᠲᠡᠭᠦᠨ ᠦ᠌ ᠦᠷ᠎ᠡ ᠬᠡᠦᠬᠡᠳ ᠦ᠋ᠳ ᠲᠦ᠍ ᠬᠠᠮᠢᠶᠠᠷᠤᠨ᠎ᠠ》 ᠭᠡᠰᠡᠨ ᠪᠣᠢ᠃ ᠡᠢᠮᠦ ᠬᠥᠮᠦᠨ ᠮᠡᠷ ᠰᠡᠷ ᠲᠠᠭᠠᠷᠠᠯᠳᠤᠳᠠᠭ ᠶᠤᠮ ᠪᠢᠯᠡ᠃ ᠲᠡᠭᠡᠬᠦᠯᠡᠷ ᠠᠪᠤᠭᠠᠳ ᠶᠠᠪᠤᠵᠤ ᠪᠣᠯᠤᠨ᠎ᠠ᠃ ᠦᠯᠡᠳᠡᠬᠦ ᠶ᠋ᠢ ᠬᠠᠲᠠᠭᠤ ᠬᠣᠷᠢᠭᠯᠠᠨ᠎ᠠ᠃  ᠬᠠᠷᠢᠨ ᠲᠠ ᠨᠠᠷ ᠴᠡᠷᠢᠭ᠂ ᠳᠠᠷᠤᠭ᠎ᠠ ᠠᠯᠢᠨ ᠨᠢ ᠴᠦ᠍ ᠪᠠᠶᠠᠷᠯᠠᠵᠤ ᠬᠥᠭᠡᠷᠦᠭᠡᠳ ᠠᠷᠢᠬᠢ ᠳᠠᠷᠠᠰᠤ ᠤᠤᠭᠤᠵᠤ ᠰᠣᠭᠲᠣᠵᠤ  ᠬᠥᠯᠴᠥᠵᠦ ᠪᠣᠯᠬᠤ ᠦᠭᠡᠢ᠃ ᠲᠡᠭᠡᠪᠡᠯ ᠬᠠᠷᠢᠨ ᠬᠠᠲᠠᠭᠤᠬᠠᠨ ᠰᠢᠢᠳᠬᠡᠯ ᠤᠴᠠᠷᠠᠨ᠎ᠠ ᠭᠡᠵᠦ ᠮᠡᠳᠡᠭᠡᠷᠡᠢ!  ᠵᠠ ᠪᠠᠢᠷᠢ ᠪᠠᠨ᠃ ᠪᠦᠬᠦ ᠳᠠᠷᠤᠭ᠎ᠠ ᠨᠠᠷ ᠴᠤᠭᠯᠠᠭᠠᠷᠠᠢ ᠭᠡᠳ ᠳᠠᠭᠠᠯᠲᠠ ᠳ᠋ᠠᠭᠠᠨ《ᠲᠡᠰᠢ ᠨᠢ ᠲᠡᠳᠡᠨ ᠢ᠋ ᠣᠷᠣᠭᠤᠯᠤᠭᠠᠳ ᠬᠦᠯᠢᠶᠡᠵᠦ ᠪᠠᠢ》 ᠭᠡᠯ᠎ᠡ᠃ ᠵᠢᠭᠰᠠᠭᠠᠯ ᠤ᠋ᠨ ᠠᠳᠠᠭ ᠠ᠋ᠴᠠ ᠨᠢᠭᠡ ᠬᠠᠵᠠᠭᠠᠷ ᠴᠡᠷᠢᠭ ᠢᠷᠡᠭᠰᠡᠨ ᠨᠢ ᠲᠡᠮᠦᠷ᠂ ᠬᠣᠶᠠᠭᠤᠯᠠ ᠳᠠᠭᠤ ᠠᠯᠲᠠᠨ ᠲᠡᠪᠡᠷᠢᠯᠴᠡᠵᠦ ᠤᠴᠠᠷᠠᠪᠠ᠃ 
       — ᠴᠢ ᠬᠠᠮᠢᠭ᠎ᠠ ᠬᠡᠨ ᠦ᠌ ᠵᠠᠬᠢᠷᠭᠠᠨ ᠳ᠋ᠤ᠌ ᠶᠠᠪᠤᠪᠠ ᠳᠠ? 
       — ᠪᠤᠲᠠᠯᠠ ᠵᠠᠬᠢᠷᠤᠭᠴᠢ ᠶ᠋ᠢᠨ ᠲᠤᠰᠠᠯᠠᠬᠤ ᠪᠣᠯᠵᠤ ᠶᠠᠪᠤᠯ᠎ᠠ᠃ ᠢᠷᠡᠨ ᠫᠧᠷᠰ ᠦ᠋ᠨ ᠨᠤᠲᠤᠭ ᠲᠤ ᠭᠤᠷᠪᠠᠨ ᠵᠢᠯ ᠴᠣᠷᠣᠮᠭᠠᠨ ᠵᠠᠩᠵᠤᠨ ᠤ᠋ ᠤᠳᠤᠷᠢᠳᠤᠯᠭ᠎ᠠ ᠳ᠋ᠤ᠌ ᠮᠠᠨ ᠤ᠋ ᠠᠩᠭᠢ ᠣᠷᠣᠵᠤ ᠶᠠᠪᠤᠭ᠎ᠠ ᠶᠤᠮ᠃ 
       — ᠴᠢ ᠬᠡᠳᠦᠢ ᠳ᠋ᠦ᠍ ᠶᠠᠭᠠᠬᠢᠵᠤ ᠰᠢᠷᠬᠠᠲᠤᠪᠠ?
       — ᠡᠨᠡ ᠬᠠᠪᠤᠷ᠂ ᠲᠸᠭ᠌ᠸᠷᠡᠨ ᠭᠡᠳᠡᠭ ᠬᠣᠲᠠ ᠶ᠋ᠢ ᠡᠵᠡᠯᠡᠬᠦ ᠦᠶ᠎ᠡ ᠪᠡᠷ᠃ ᠥᠩᠭᠡᠷᠡᠬᠦ ᠵᠢᠯ ᠵᠡᠭᠦᠨ ᠮᠥᠷᠥ ᠪᠡᠷ ᠰᠡᠯᠡᠮ᠎ᠡ ᠳ᠋ᠦ᠍ ᠥᠷᠲᠥᠭᠡᠳ᠂ ᠶᠠᠰᠤ ᠭᠠᠢ ᠦᠭᠡᠢ ᠲᠡᠭᠡᠬᠦ ᠳ᠋ᠦ᠍ ᠬᠣᠢᠯᠣᠭ ᠤ᠋ᠨ ᠮᠢᠬ᠎ᠠ ᠬᠡᠷᠡᠭᠯᠡᠭᠰᠡᠨ᠃ ᠬᠡᠳᠦ ᠬᠣᠨᠣᠭ ᠪᠣᠭᠣᠵᠤ ᠶᠠᠪᠤᠭᠠᠳ ᠡᠳᠡᠭᠡᠷᠡᠭᠰᠡᠨ᠃ ᠡᠭᠦᠨ ᠳ᠋ᠦ᠍ ᠶᠠᠪᠤᠴᠢᠬᠠᠬᠤ ᠰᠢᠬᠠᠯ᠎ᠠ᠃ ᠵᠡᠭᠦᠨ ᠰᠢᠯᠪᠢ ᠴᠣᠭᠣᠷᠠᠵᠤ ᠡᠷᠢᠶᠡᠨ ᠪᠤᠯᠴᠢᠩ ᠲᠠᠰᠤᠷᠠᠭᠰᠠᠨ᠃ ᠲᠡᠭᠡᠭᠡᠳ ᠪᠠᠰᠠ ᠪᠣᠯᠤᠭ᠎ᠠ ᠦᠭᠡᠢ᠂ ᠰᠦᠪᠡᠭᠡ ᠪᠡᠷ ᠳᠠᠮᠵᠢᠭᠠᠳ ᠴᠣᠷᠣᠢ ᠬᠦᠷᠦᠭᠰᠡᠨ᠃ ᠭᠡᠳᠡᠰᠦ ᠭᠠᠷᠤᠭᠰᠠᠨ ᠯᠠ ᠭᠡᠰᠡᠨ᠃ ᠵᠠᠯᠭᠠᠭᠰᠠᠨ ᠯᠠ ᠭᠡᠰᠡᠨ᠂ ᠲᠡᠷᠡ ᠭᠠᠵᠠᠷ ᠤ᠋ᠨ ᠡᠮᠴᠢ᠂ ᠡᠮ ᠰᠠᠢᠨ ᠶᠤᠮ ᠠ᠋᠃ ᠤᠬᠠᠭᠠᠨ ᠦᠭᠡᠢ ᠬᠡᠳᠦ ᠴᠦ᠍ ᠬᠣᠨᠣᠭᠰᠠᠨ ᠶᠤᠮ ᠪᠣᠢ? ᠨᠢᠭᠡ ᠯᠡ ᠮᠡᠳᠡᠬᠦ ᠳ᠋ᠦ᠍ ᠪᠣᠭᠣᠯᠲᠠ ᠬᠦᠯᠢᠭ ᠪᠣᠯᠤᠭᠰᠠᠨ ᠯᠠ ᠠᠮᠢᠲᠠᠨ ᠪᠣᠯᠵᠤ ᠭᠡᠳᠡᠭ ᠢ᠋ᠶ᠋ᠡᠨ ᠮᠡᠳᠡᠭᠰᠡᠨ᠃ ᠬᠥᠯ ᠳᠡᠭᠡᠷ᠎ᠡ ᠥᠨᠳᠡᠢᠬᠦᠯᠡᠷ ᠣᠯᠠᠨ ᠡᠷᠡᠮᠳᠡᠭ ᠦ᠋ᠳ ᠨᠠᠰᠢ ᠢᠷᠡᠭᠦᠯᠦᠭᠰᠡᠨ᠃ ᠪᠢ ᠲᠡᠷᠭᠡᠨ ᠳ᠋ᠦ᠍ ᠠᠴᠢᠭᠳᠠᠵᠤ ᠢᠷᠡᠭᠰᠡᠨ᠃ ᠲᠡᠭᠡᠭᠡᠳ ᠡᠷᠡᠮᠳᠡᠭ ᠦ᠋ᠳ ᠲᠡᠢ ᠨᠡᠢᠯᠡᠭᠡᠳ ᠣᠳᠣ ᠲᠠᠨ ᠲᠠᠢ ᠪᠠᠨ ᠵᠣᠯᠭᠠᠯ᠎ᠠ᠃ ᠡᠨᠳᠡᠬᠢ ᠡᠷᠡᠮᠳᠡᠭ ᠦ᠋ᠳ ᠢ᠋ ᠨᠤᠲᠤᠭ ᠶᠠᠪᠤᠭᠤᠯᠤᠨ᠎ᠠ ᠭᠡᠳᠡᠭ ᠯᠡ ᠶᠦᠮ᠂ ᠣᠳᠣ ᠲᠠᠨ ᠢ᠋ᠶ᠋ᠠᠷ ᠶᠠᠪᠤᠭᠤᠯᠵᠤ ᠮᠠᠭᠠᠳ ᠦᠭᠡᠢ᠃
       — ᠲᠡᠭᠡᠨ᠎ᠡ᠂ ᠪᠢ ᠠᠪᠴᠤ ᠶᠠᠪᠤᠬᠤ ᠶᠤᠮ᠃ ᠴᠢᠮᠠᠶ᠋ᠢ ᠮᠢᠩᠭᠠᠨ ᠴᠡᠷᠢᠭ ᠲᠡᠢ ᠶᠠᠪᠤᠭᠤᠯᠤᠨ᠎ᠠ᠃ ᠶᠠᠪᠤᠴᠢᠬᠠᠵᠤ ᠴᠢᠳᠠᠨ᠎ᠠ ᠪᠢᠵᠡ ᠳᠡ᠃ ᠣᠴᠢᠵᠤ ᠠᠮᠢᠳᠤ ᠮᠡᠨᠳᠦ ᠪᠡᠨ ᠦᠵᠡᠭᠦᠯ ᠳᠡ᠃ ᠪᠣᠷᠬᠠᠢ ᠰᠠᠢᠨ᠂ ᠰᠦᠪᠡᠭᠡᠳᠠᠢ ᠲᠠᠢ ᠢᠷᠡᠵᠦ ᠶᠠᠪᠤᠭ᠎ᠠ᠃ ᠡᠬᠡ᠂ ᠡᠬᠡᠨᠡᠷ ᠬᠣᠶᠠᠷ ᠰᠠᠨᠠᠭ᠎ᠠ ᠨᠢ ᠠᠮᠠᠷᠠᠭ᠃  
       — ᠬᠠᠷᠢᠬᠤ ᠴᠤ᠌ ᠰᠠᠢᠬᠠᠨ ᠯᠠ ᠳᠠ᠃ ᠬᠥᠮᠦᠨ ᠭᠡᠳᠡᠭ ᠶᠠᠭᠠᠬᠢᠭᠰᠠᠨ ᠴᠤ᠌ ᠪᠥᠬᠡ ᠠᠮᠢ ᠲᠠᠢ ᠶᠤᠮ ᠪᠣᠢ? ᠦᠬᠦᠭᠡᠳ ᠯᠡ ᠪᠣᠰᠤᠯ᠎ᠠ᠃ ᠬᠠᠷᠢᠨ ᠡᠬᠡ ᠳ᠋ᠦ᠍ᠨᠢ ᠶᠠᠭᠤ ᠬᠡᠯᠡᠵᠦ ᠣᠴᠢᠨ᠎ᠠ᠂ ᠶᠠᠭᠠᠬᠢᠵᠤ ᠴᠢᠷᠠᠢ ᠶ᠋ᠢ ᠨᠢ ᠬᠠᠷᠠᠨ᠎ᠠ᠃ ᠬᠦᠦ ᠪᠡᠨ ᠠᠯᠳᠠᠴᠢᠬᠠᠭᠰᠠᠨ ᠁ ᠶᠠᠭᠠᠬᠢᠬᠤᠪ ᠳᠠ᠂ ᠭᠠᠭᠴᠠ ᠮᠢᠨᠦ ᠬᠦᠦ ᠪᠢᠰᠢ᠃ ᠲᠦᠮᠡᠨ ᠦ᠌ ᠣᠯᠠᠨ ᠦᠷᠡᠰ ᠦᠷᠡᠭᠳᠡᠯ᠎ᠡ ᠭᠡᠵᠦ ᠪᠣᠳᠣᠬᠤ ᠶᠤᠮ᠃ 
       — ᠭᠡᠮ᠂ ᠬᠠᠢᠷᠠᠨ ᠬᠦᠦ᠂ ᠬᠡᠯᠡᠭᠡᠳ ᠶᠠᠭᠠᠬᠢᠬᠤᠪ᠃ ᠣᠳᠣ ᠮᠢᠨᠦ ᠮᠡᠳᠡᠵᠦ ᠪᠠᠢᠭ᠎ᠠ ᠪᠠᠷ ᠪᠠᠷᠠᠭᠤᠨ ᠭᠠᠷ ᠠ᠋ᠴᠠ ᠲᠠᠪᠤᠨ ᠮᠢᠩᠭ᠎ᠠ ᠭᠠᠷᠤᠢ ᠴᠡᠷᠢᠭ ᠦᠷᠡᠭᠳᠡᠵᠦ᠂ ᠭᠤᠷᠪᠠᠨ ᠲᠦᠮᠡ ᠣᠷᠴᠢᠮ ᠴᠡᠷᠢᠭ ᠠᠩᠬ᠎ᠠ ᠭᠠᠷᠤᠭᠰᠠᠨ᠃ ᠰᠡᠭᠦᠯ ᠳ᠋ᠦ᠍ ᠲᠠᠪᠤᠨ ᠮᠢᠩᠭ᠎ᠠ ᠰᠢᠬᠠᠮ ᠴᠡᠷᠢᠭ ᠨᠡᠮᠡᠵᠦ ᠢᠷᠡᠭᠰᠡᠨ᠃ ᠬᠠᠨ ᠬᠥᠪᠡᠭᠦᠳ ᠦ᠋ᠨ ᠵᠠᠬᠢᠷᠭᠠᠨ ᠳ᠋ᠤ᠌ ᠶᠠᠪᠤᠭᠰᠠᠨ ᠴᠡᠷᠢᠭ ᠦ᠋ᠳ ᠢᠷᠡᠭᠰᠡᠨ ᠪᠠᠢᠨ᠎ᠠ᠃ ᠠᠯᠤᠰ ᠬᠣᠯᠠ ᠪᠠᠢᠯᠳᠤᠵᠤ ᠶᠠᠪᠤᠭ᠎ᠠ ᠴᠡᠷᠢᠭ ᠦ᠋ᠳ ᠢᠷᠡᠬᠦ ᠦᠭᠡᠢ᠃ ᠬᠠᠷᠢᠨ ᠵᠡᠪᠡ᠂ ᠰᠦᠪᠡᠲᠡᠢ ᠶ᠋ᠢᠨ ᠴᠡᠷᠢᠭ ᠦ᠋ᠳ ᠢᠷᠡᠵᠦ ᠶᠠᠪᠤᠭ᠎ᠠ᠃ ᠡᠨᠳᠡ ᠬᠣᠶᠠᠷ ᠲᠦᠮᠡ ᠭᠠᠷᠤᠢ ᠴᠡᠷᠢᠭ ᠪᠠᠢᠨ᠎ᠠ᠃ 
       — ᠵᠠ ᠴᠢ ᠮᠠᠷᠭᠠᠰᠢ ᠨᠥᠭᠥᠭᠡᠳᠦᠷ ᠡᠴᠡ ᠭᠠᠷᠬᠤ ᠪᠠᠷ ᠪᠡᠯᠡᠳᠭᠡ᠃ ᠪᠢ ᠦᠯᠡᠳᠡᠬᠦ ᠴᠡᠷᠢᠭ ᠲᠡᠢ᠂ ᠬᠠᠭᠠᠨ ᠤ᠋ ᠠᠰᠤᠷᠤ ᠶᠡᠬᠡ ᠠᠴᠢᠶ᠎ᠠ ᠬᠥᠰᠬᠡ  ᠠᠪᠴᠤ ᠶᠠᠪᠤᠨ᠎ᠠ᠃ ᠢᠩᠭᠢᠬᠦᠯᠡᠷ ᠤᠳᠠᠵᠤ ᠣᠴᠢᠨ᠎ᠠ᠃ ᠴᠢ ᠣᠴᠢᠭᠠᠳ ᠲᠡᠭᠦᠰᠬᠡᠨ ᠳ᠋ᠦ᠍ ᠢᠩᠭᠢᠵᠦ ᠬᠡᠯᠡ᠄《ᠨᠠᠮ᠎ᠠ ᠶ᠋ᠢ ᠣᠴᠢᠲᠠᠯ᠎ᠠ ᠵᠠᠪᠳᠤᠵᠤ ᠵᠠᠭᠤᠨ ᠠᠯᠬᠤᠮ ᠤᠷᠲᠤ᠂ ᠠᠷᠪᠠᠨ ᠠᠯᠬᠤᠮ ᠥᠷᠭᠡᠨ᠂ ᠠᠯᠲᠠ ᠳᠡᠯᠢᠮ ᠬᠢᠷᠢ ᠥᠨᠳᠥᠷ ᠴᠢᠯᠠᠭᠤᠨ ᠬᠠᠨ᠎ᠠ ᠪᠤᠰᠬᠠᠵᠤ᠂ ᠪᠠᠲᠤ ᠪᠦᠬᠦ ᠳ᠋ᠦᠨᠵᠡ ᠮᠣᠳᠣ ᠪᠠᠷ ᠳᠡᠭᠡᠪᠦᠷᠯᠡᠵᠦ ᠳᠡᠭᠡᠷ᠎ᠡ ᠡᠴᠡ ᠨᠢ ᠰᠢᠪᠠᠷᠳᠠ᠂ ᠬᠣᠯᠠᠬᠠᠨ ᠵᠠᠢ ᠲᠠᠢ ᠲᠡᠮᠦᠷ ᠢ᠋ᠶ᠋ᠡᠷ ᠬᠥᠩᠭᠡᠯᠡᠭᠰᠡᠨ ᠬᠣᠶᠠᠷ ᠬᠠᠭᠠᠯᠭ᠎ᠠ ᠭᠠᠷᠭ᠎ᠠ᠃ ᠳᠣᠲᠣᠷ᠎ᠠ ᠨᠢ ᠶᠠᠭᠤᠮ᠎ᠠ ᠠᠪᠴᠤ ᠶᠠᠪᠤᠵᠤ ᠲᠠᠯᠪᠢᠬᠤ ᠵᠠᠢ ᠲᠠᠢ ᠦᠶᠡᠯᠡᠭᠰᠡᠨ ᠲᠠᠯᠪᠢᠭᠤᠷ ᠪᠠᠢᠬᠤ᠃ ᠡᠨᠡ ᠪᠣᠯ ᠬᠠᠭᠠᠨ ᠤ᠋ ᠮᠢᠩᠭᠠᠨ ᠠᠴᠢᠶ᠎ᠠ ᠬᠥᠷᠥᠩᠭᠡ ᠬᠠᠳᠠᠭᠠᠯᠠᠬᠤ ᠰᠠᠪᠠ᠃ ᠡᠭᠦᠨ ᠢ᠋ ᠪᠢ᠂ ᠴᠢ᠂ ᠡᠬᠡᠨᠡᠷ ᠭᠤᠷᠪᠠ ᠠ᠋ᠴᠠ ᠥᠭᠡᠷ᠎ᠡ ᠬᠡᠨ ᠴᠦ᠍ ᠮᠡᠳᠡᠬᠦ ᠶᠣᠰᠣ ᠦᠭᠡᠢ᠃ ᠮᠠᠨ ᠤ᠋ ᠬᠢ ᠶ᠋ᠢ ᠣᠷᠣᠯᠴᠠᠭᠤᠯᠤᠭᠠᠳ ᠣᠢᠷ᠎ᠠ ᠶ᠋ᠢᠨ ᠮᠢᠩᠭᠠᠲᠤ ᠨᠤᠭᠤᠳ ᠠ᠋ᠴᠠ ᠬᠥᠰᠬᠡ ᠲᠡᠷᠭᠡ ᠲᠡᠢᠴᠢᠯᠡ᠃ ᠬᠣᠯᠠ ᠶ᠋ᠢᠨ ᠮᠢᠩᠭᠠᠲᠤ ᠠ᠋ᠴᠠ ᠬᠣᠭᠣᠯᠠ ᠬᠦᠨᠡᠰᠦ ᠪᠡᠯᠡᠳᠬᠡᠵᠦ᠂ ᠬᠥᠮᠦᠰ ᠢ᠋ ᠬᠣᠭᠣᠯᠠᠯᠠᠨ᠎ᠠ᠃ ᠮᠢᠩᠭᠠᠲᠤ ᠠ᠋ᠴᠠ ᠢᠷᠡᠵᠦ ᠠᠵᠢᠯ ᠬᠢᠬᠦ ᠬᠥᠮᠦᠨ ᠦ᠌ ᠲᠣᠭ᠎ᠠ ᠪᠠᠷ ᠴᠡᠷᠢᠭ ᠢ᠋ ᠴᠢᠯᠥᠭᠡᠯᠡᠵᠦ ᠪᠣᠯᠤᠨ᠎ᠠ᠃ ᠭᠡᠷ ᠡᠴᠡ ᠨᠢ ᠬᠥᠮᠦᠨ ᠢᠷᠡᠪᠡᠯ ᠰᠣᠯᠢᠵᠤ ᠶᠠᠪᠤᠭᠤᠯᠵᠤ ᠪᠣᠯᠤᠨ᠎ᠠ᠃ ᠲᠡᠭᠡᠬᠦ ᠳ᠋ᠡᠭᠡᠨ ᠠᠵᠢᠯ ᠬᠢᠬᠦ ᠴᠢᠬᠤᠯᠠᠲᠠᠢ ᠬᠥᠮᠦᠨ ᠪᠠᠢᠬᠤ ᠬᠡᠷᠡᠭᠲᠡᠢ》 ᠭᠡᠪᠡ᠃ 
       — ᠡᠵᠡᠨ ᠬᠠᠭᠠᠨ ᠤ᠋ ᠪᠠᠷᠠᠭᠤᠨ ᠭᠠᠷ ᠤ᠋ᠨ ᠵᠠᠬᠢᠷᠤᠭᠴᠢ ᠶ᠋ᠢᠨ ᠲᠤᠰᠢᠶᠠᠯ ᠢ᠋ ᠶᠣᠰᠣᠴᠢᠯᠠᠨ ᠪᠡᠶᠡᠯᠡᠭᠦᠯᠦᠶ᠎ᠡ ᠭᠡᠵᠦ ᠲᠡᠮᠦᠷ ᠮᠡᠬᠦᠢᠨ ᠶᠣᠰᠣᠯᠠᠪᠠ᠃ 
       ᠨᠤᠲᠤᠭ ᠤ᠋ᠨ ᠵᠦᠭ ᠶᠡᠬᠡ ᠴᠡᠷᠢᠭ᠂ ᠠᠴᠢᠶ᠎ᠠ ᠬᠥᠰᠬᠡ ᠬᠥᠳᠡᠯᠦᠯ᠎ᠡ᠃ ᠲᠡᠳᠡ ᠣᠯᠠᠨ ᠰᠠᠷ᠎ᠠ ᠵᠢᠯ ᠢ᠋ᠶ᠋ᠡᠷ ᠨᠤᠲᠤᠭ ᠤᠰᠤ ᠪᠠᠨ ᠰᠠᠨᠠᠭᠠᠯᠵᠠᠨ ᠠᠪᠤ ᠡᠵᠢ᠂ ᠠᠮᠠᠷᠠᠭ ᠬᠠᠨᠢ᠂ ᠠᠯᠠᠭ ᠦᠷᠡᠰ᠂ ᠠᠬ᠎ᠠ ᠳᠡᠭᠦᠦ ᠪᠡᠨ ᠮᠥᠷᠥᠭᠡᠳᠦᠨᠡᠮ ᠪᠥᠯᠥᠭᠡ᠃ ᠣᠳᠣ ᠯᠠ ᠨᠢᠭᠡ ᠨᠤᠲᠤᠭ ᠤ᠋ᠨ ᠪᠠᠷᠠᠭ᠎ᠠ ᠬᠠᠷᠠᠬᠤ ᠨᠢ᠃ ᠨᠤᠲᠤᠭ ᠨᠤᠲᠤᠭ ᠤ᠋ᠨ ᠥᠩᠭᠡ ᠠᠶᠠᠰ ᠢ᠋ᠶ᠋ᠠᠷ ᠬᠥᠭᠵᠢᠭᠡᠨ ᠬᠥᠭᠡᠷᠦᠭᠡ ᠲᠡᠢ ᠳᠠᠭᠤᠯᠠᠯᠴᠠᠨ᠂ ᠶᠡᠬᠡ ᠴᠤᠪᠤᠭ᠎ᠠ ᠶ᠋ᠢᠨ ᠲᠡᠷᠢᠭᠦᠴᠢ ᠬᠡᠳᠦᠨ ᠬᠤᠸᠠ ᠬᠥᠪᠡᠭᠡ ᠳᠠᠪᠠᠵᠤ ᠪᠠᠢᠬᠤ ᠳ᠋ᠤ᠌ ᠰᠡᠭᠦᠯᠴᠢ ᠨᠢ ᠥᠨᠳᠥᠷ ᠠᠭᠤᠯᠠ᠂ ᠰᠦᠷᠯᠢᠭ ᠪᠠᠢᠴᠠ ᠬᠠᠳᠠ ᠣᠷᠢᠶᠠᠨ ᠮᠤᠰᠬᠢᠷᠠᠯᠳᠤᠨ᠎ᠠ᠃ ᠲᠡᠳᠡᠨ ᠦ᠌ ᠳᠠᠭᠤᠯᠠᠯᠳᠤᠬᠤ ᠨᠢᠭᠡ ᠬᠡᠰᠡᠭ ᠨᠢ᠄ 
            ᠬᠡᠷᠦᠯᠦᠨ ᠮᠥᠷᠡᠨ ᠦ᠌ ᠪᠤᠯᠭᠢᠶ᠎ᠠ ᠨᠢ ᠪᠣᠯᠪᠠᠯ 
            ᠡᠷᠭᠢ ᠪᠡᠨ ᠳᠠᠭᠠᠭᠠᠳ ᠤᠷᠤᠰᠤᠨ᠎ᠠ ᠬᠦ   
            ᠬᠡᠭᠡᠷ᠎ᠡ ᠲᠠᠯ᠎ᠠ ᠶ᠋ᠢᠨ ᠰᠠᠯᠬᠢ ᠨᠢ ᠪᠣᠯᠪᠠᠯ 
            ᠬᠡᠩᠬᠦᠳᠡᠭ ᠢᠯᠢᠭᠡᠳ ᠤᠭᠲᠤᠨ᠎ᠠ ᠬᠦ 
            ᠤᠨᠤᠨ ᠮᠥᠷᠡᠨ ᠦ᠌ ᠪᠣᠷᠭᠢᠶᠠᠨ ᠨᠢ ᠪᠣᠯᠪᠠᠯ 
            ᠣᠪᠣᠯᠵᠠᠨ ᠱᠤᠤᠭᠢᠨ ᠤᠷᠤᠰᠤᠨ᠎ᠠ ᠬᠦ  
            ᠠᠭᠤᠯᠠ ᠶ᠋ᠢᠨ ᠬᠥᠨᠳᠡᠢ ᠶ᠋ᠢᠨ ᠰᠠᠯᠬᠢ ᠨᠢ ᠪᠣᠯᠪᠠᠯ ᠬᠦ 
            ᠤᠷᠢᠳᠠ ᠠ᠋ᠴᠠ ᠲᠠᠭᠠᠯᠠᠨ ᠲᠤᠰᠤᠨ᠎ᠠ ᠬᠦ  
            ᠲᠤᠤᠯᠠ ᠭᠣᠣᠯ ᠤ᠋ᠨ ᠬᠠᠯᠭᠢᠶ᠎ᠠ ᠨᠢ ᠪᠣᠯᠪᠠᠯ 
            ᠲᠣᠨᠣᠯᠵᠢᠨ ᠮᠢᠷᠠᠯᠵᠠᠨ ᠤᠷᠤᠰᠤᠨ᠎ᠠ ᠬᠦ 
            ᠡᠶᠡᠯᠳᠡᠭ ᠵᠥᠭᠡᠯᠡᠨ ᠰᠠᠯᠬᠢ ᠨᠢ ᠪᠣᠯᠪᠠᠯ 
            ᠡᠩᠬᠦᠷᠡᠢᠯᠡᠵᠦ ᠲᠡᠪᠡᠷᠢᠭᠡᠳ ᠠᠪᠤᠨ᠎ᠠ ᠬᠦ 
            ᠭᠤᠷᠪᠠᠨ ᠮᠥᠷᠡᠨ ᠦ᠌ ᠬᠡᠦᠬᠡᠳ ᠦ᠋ᠳ ᠮᠢᠨᠢ 
            ᠭᠤᠸᠠᠯᠢᠭ ᠪᠣᠯᠤᠭᠠᠳ ᠤᠶᠠᠬᠠᠨ ᠳᠠ 
            ᠬᠠᠷᠢ ᠶ᠋ᠢᠨ ᠭᠠᠵᠠᠷ ᠠ᠋ᠴᠠ ᠪᠤᠴᠠᠬᠤ ᠳ᠋ᠤ᠌ ᠮᠢᠨᠢ  
            ᠬᠠᠢᠷ᠎ᠠ ᠪᠠᠨ ᠳᠡᠯᠭᠡᠭᠡᠳ ᠠᠭᠤᠯᠵᠠᠨ᠎ᠠ ᠳᠠ᠃