ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 38> Хүлэг баатар буурч - Б. Өлзийсүрэн <Дөтгөр бүлэг-38>
ᠲᠥᠷᠥ ᠶ᠋ᠢᠨ ᠲᠡᠮᠦᠷ ᠲᠥᠰᠢᠶ᠎ᠡ ᠪᠣᠯᠵᠤ ᠳᠡᠭᠡᠳᠦᠰ ᠦ᠋ᠨ ᠵᠢᠩᠳᠠᠭᠠᠨ ᠳ᠋ᠤ᠌ ᠡᠩᠨᠡᠭᠰᠡᠨ ᠳᠥᠲᠥᠭᠡᠷ ᠪᠦᠯᠦᠭ
ᠭᠤᠴᠢᠨ ᠨᠠᠢ᠍ᠮᠠ
ᠭᠤᠴᠢᠨ ᠨᠠᠢ᠍ᠮᠠ
ᠠᠮᠲᠠᠯᠠᠵᠤ ᠲᠡᠪᠡᠷᠢᠭᠰᠡᠨ ᠠᠮᠠᠷᠠᠭ ᠮᠢᠨᠢ
ᠨᠠᠮ᠎ᠠ ᠶ᠋ᠢ ᠪᠡᠨ ᠵᠡᠭᠦᠳᠦᠯᠡᠨ ᠵᠡᠭᠦᠷᠮᠡᠭᠯᠡᠨ᠎ᠡ ᠤᠤ?
ᠠᠯᠳᠠᠷᠠᠢ ᠵᠢᠭᠠᠬᠠᠨ ᠦᠷᠡᠰ ᠮᠢᠨᠢ
ᠠᠪᠤ ᠶ᠋ᠢ ᠪᠡᠨ ᠰᠠᠨᠠᠨ ᠤᠬᠢᠯᠠᠳᠠᠭ ᠪᠣᠯᠪᠠᠤ?
ᠪᠣᠭᠣᠷᠴᠢ ᠶ᠋ᠢᠨ ᠬᠦᠦ ᠪᠣᠷᠬᠠᠢ ᠪᠠᠷᠠᠭᠤᠨ ᠵᠦᠭ ᠦ᠋ᠨ ᠠᠶᠠᠨ ᠲᠡᠢᠨ ᠳ᠋ᠦ᠍ ᠲᠣᠭᠣᠨᠴᠢᠷ ᠤ᠋ᠨ ᠤᠳᠤᠷᠢᠳᠤᠭᠰᠠᠨ ᠪᠦᠯᠦᠭ ᠲᠦ᠍ ᠪᠠᠭᠲᠠᠨ ᠭᠤᠷᠪᠠᠳᠤᠭᠠᠷ ᠴᠤᠪᠤᠭᠠᠨ ᠳ᠋ᠤ᠌ ᠵᠠᠭᠤᠲᠤ ᠵᠠᠬᠢᠷᠤᠨ ᠣᠷᠣᠵᠤ ᠲᠡᠢᠨ ᠡᠬᠢᠯᠡᠬᠦᠢ ᠳ᠋ᠦ᠍《ᠬᠠᠨ ᠮᠡᠯᠢᠭ ᠦ᠋ᠨ ᠨᠤᠲᠤᠭ ᠢ᠋ ᠳᠠᠭᠠᠷᠢᠵᠤ ᠥᠩᠭᠡᠷᠡᠬᠦ ᠳ᠋ᠡᠭᠡᠨ ᠠᠷᠠᠳ ᠢᠷᠭᠡᠳ᠂ ᠬᠢᠯᠢ ᠬᠢᠵᠠᠭᠠᠷ ᠢ᠋ ᠨᠢ ᠦᠢᠮᠡᠭᠦᠯᠵᠦ ᠪᠣᠯᠬᠤ ᠦᠭᠡᠢ᠃ ᠭᠡᠮ ᠦᠭᠡᠢ ᠨᠣᠮᠣᠬᠠᠨ ᠶᠠᠪᠤᠵᠤ ᠥᠩᠭᠡᠷᠡ》 ᠭᠡᠰᠡᠨ ᠴᠢᠩᠭᠢᠰ ᠬᠠᠭᠠᠨ ᠤ᠋ ᠵᠠᠷᠯᠢᠭ ᠢ᠋ ᠵᠡᠪᠡ ᠰᠥᠪᠡᠭᠡᠳᠡᠢ ᠶ᠋ᠢᠨ ᠤᠳᠤᠷᠢᠳᠤᠭᠰᠠᠨ ᠡᠬᠢᠨ ᠦ᠌ ᠬᠣᠶᠠᠷ ᠴᠤᠪᠤᠭ᠎ᠠ ᠳᠠᠭᠠᠵᠤ ᠪᠡᠶᠡᠯᠡᠭᠦᠯᠦᠭᠰᠡᠨ᠂ ᠭᠡᠲᠡᠯ᠎ᠡ ᠲᠤᠭᠤᠨᠴᠢᠷ ᠵᠥᠷᠢᠴᠡᠵᠦ ᠡᠨᠳᠡ ᠡᠴᠡ ᠲᠡᠢᠨ ᠡᠬᠢᠯᠡᠭᠰᠡᠨ ᠪᠠᠢᠨ᠎ᠠ᠃ ᠡᠨᠡ ᠡᠬᠢᠨ ᠦ᠌ ᠲᠤᠯᠤᠯᠳᠤᠭᠠᠨ ᠳ᠋ᠤ᠌ ᠪᠣᠷᠬᠠᠢ ᠵᠠᠭᠤᠲᠤ ᠪᠠᠨ ᠴᠢᠳᠠᠮᠠᠭ ᠤᠳᠤᠷᠢᠳᠴᠤ᠂ ᠡᠷ᠎ᠡ ᠵᠣᠷᠢᠭ ᠲᠠᠢ ᠳᠠᠢᠳᠤᠭᠰᠠᠨ ᠠᠵᠢ᠃ ᠲᠡᠷᠡ ᠪᠡᠷ ᠠᠷᠪᠠ ᠭᠠᠷᠤᠢᠬᠠᠨ ᠨᠠᠰᠤᠨ ᠳ᠋ᠠᠭᠠᠨ ᠡᠴᠢᠭᠡ ᠪᠡᠨ ᠳᠠᠭᠠᠵᠤ ᠲᠡᠢᠨ ᠦ᠌ ᠤᠲᠤᠭ᠎ᠠ ᠦᠨᠦᠷᠯᠡᠵᠦ ᠦᠵᠡᠭᠰᠡᠨ ᠴᠦ᠍ ᠡᠢᠨᠬᠦ ᠠᠮᠢ ᠥᠷᠢᠰᠦᠭᠰᠡᠨ ᠲᠤᠯᠤᠯᠳᠤᠭᠠᠨ ᠳ᠋ᠤ᠌ ᠣᠷᠣᠵᠤ ᠦᠵᠡᠭᠡ ᠦᠭᠡᠢ ᠪᠥᠯᠥᠭᠡ᠃
ᠲᠣᠭᠣᠨᠴᠢᠷ ᠵᠠᠷᠯᠢᠭ ᠵᠥᠷᠢᠴᠡᠵᠦ ᠪᠣᠳᠣᠯᠭ᠎ᠠ ᠬᠥᠰᠡᠷᠳᠡᠭᠦᠯᠦᠭᠰᠡᠨ ᠦ᠌ ᠤᠴᠢᠷ ᠬᠦᠨᠳᠦ ᠶᠠᠯ᠎ᠠ ᠳ᠋ᠤ᠌ ᠤᠨᠠᠵᠤ ᠴᠠᠭᠠᠵᠠᠯᠠᠭᠳᠠᠬᠤ ᠪᠣᠯᠤᠭᠠᠳ ᠪᠠᠢᠲᠠᠯ᠎ᠠ ᠬᠠᠭᠠᠨ ᠢ᠋ᠶ᠋ᠠᠷ ᠰᠢᠢᠳᠪᠦᠷᠢ ᠪᠡᠨ ᠥᠭᠡᠷᠡᠴᠢᠯᠡᠵᠦ᠂ ᠲᠡᠭᠦᠨ ᠦ᠌ ᠴᠡᠷᠢᠭ ᠵᠠᠬᠢᠷᠬᠤ ᠡᠷᠬᠡ ᠶ᠋ᠢ ᠨᠢ ᠬᠠᠰᠤᠵᠤ᠂ ᠡᠩ ᠦ᠋ᠨ ᠴᠡᠷᠢᠭ ᠪᠣᠯᠭᠠᠨ᠂ ᠤᠳᠤᠷᠢᠳᠤᠭᠰᠠᠨ ᠴᠤᠪᠤᠭ᠎ᠠ ᠶ᠋ᠢ ᠲᠠᠷᠬᠠᠭᠠᠵᠤ ᠠᠩᠭᠢ ᠠᠩᠭᠢ ᠳ᠋ᠤ᠌ ᠬᠤᠪᠢᠶᠠᠨ ᠥᠭᠬᠦ ᠪᠣᠯᠵᠠᠢ᠃ ᠡᠴᠢᠭᠡ ᠬᠠᠭᠠᠨ ᠤ᠋ ᠳᠡᠷᠭᠡᠳᠡ ᠶ᠋ᠢᠨ ᠠᠯᠪᠠ ᠭᠦᠢᠴᠡᠳᠬᠡᠬᠦ ᠲᠤᠯᠠ ᠲᠤᠰᠬᠠᠢᠯᠠᠨ ᠴᠡᠷᠢᠭ ᠵᠠᠬᠢᠷᠤᠭᠠ ᠦᠭᠡᠢ ᠬᠦᠦ ᠨᠢ ᠥᠪᠡᠷ ᠦ᠋ᠨ ᠮᠢᠩᠭᠠᠲᠤ ᠶ᠋ᠢᠨ ᠵᠠᠭᠤᠲᠤ ᠵᠠᠬᠢᠷᠤᠭᠴᠢ ᠶᠠᠪᠤᠭᠰᠠᠨ ᠠᠵᠤᠭᠤ᠃ ᠪᠣᠷᠬᠠᠢ ᠬᠠᠮᠢᠭᠠᠰᠢ ᠬᠡᠨ ᠦ᠌ ᠶᠠᠮᠠᠷ ᠵᠠᠬᠢᠷᠭᠠᠨ ᠳ᠋ᠤ᠌ ᠣᠴᠢᠬᠤ ᠪᠠᠨ ᠬᠦᠯᠢᠶᠡᠨ ᠪᠠᠢᠲᠠᠯ᠎ᠠ ᠬᠣᠶᠠᠷ ᠴᠡᠷᠢᠭ ᠳᠠᠭᠠᠭᠤᠯᠵᠤ ᠨᠢᠭᠡ ᠶᠡᠬᠡ ᠳᠠᠪᠬᠢᠭᠰᠠᠨ ᠬᠥᠮᠦᠨ ᠢᠷᠡᠭᠡᠳ ᠮᠡᠨᠳᠦ ᠶᠣᠰᠣ ᠴᠣ ᠦᠭᠡᠢ᠄
— ᠪᠣᠭᠣᠷᠴᠢ ᠶ᠋ᠢᠨ ᠬᠦᠦ ᠪᠣᠷᠬᠠᠢ ᠭᠡᠵᠦ ᠬᠡᠨ ᠪᠣᠢ? ᠭᠡᠮᠡᠨ ᠴᠠᠩᠭᠢᠨᠠᠭᠰᠠᠨ ᠵᠢᠩᠭᠢᠨᠡᠭᠰᠡᠨ ᠳᠠᠭᠤ ᠪᠠᠷ ᠠᠰᠠᠭᠤᠪᠠ᠃
— ᠪᠢ ᠪᠠᠢᠨ᠎ᠠ ᠳᠠ ᠬᠡᠮᠡᠪᠡᠰᠦ ᠲᠡᠷᠡ ᠪᠡᠷ ᠮᠣᠷᠢᠨ ᠠ᠋ᠴᠠ ᠪᠠᠨ ᠦᠰᠦᠷᠦᠨ ᠪᠠᠭᠤᠭᠠᠳ ᠴᠤᠯᠪᠤᠭᠤᠷ ᠢ᠋ᠶ᠋ᠠᠨ ᠳᠠᠭᠠᠭᠤᠯ ᠴᠡᠷᠢᠭ ᠲᠦ᠍ ᠰᠢᠲᠠᠵᠤ᠂ ᠨᠡᠰᠢ ᠶᠠᠪᠤᠬᠤ ᠨᠢ ᠮᠣᠳᠣᠨ ᠬᠥᠮᠦᠨ ᠭᠡᠯᠲᠡᠢ᠂ ᠨᠠᠷᠢᠨ ᠲᠤᠷᠠᠩᠬᠠᠢ᠂ ᠥᠷᠥᠭᠡᠰᠦᠨ ᠨᠢᠳᠦ ᠨᠢ ᠰᠢᠷᠭᠢᠵᠦ ᠬᠣᠩᠬᠣᠢᠭᠰᠠᠨ ᠪᠡᠶ᠎ᠡ ᠨᠢᠷᠤᠭᠤᠨ ᠳ᠋ᠠᠭᠠᠨ ᠲᠣᠮᠣ ᠨᠢᠮᠭᠡᠨ ᠬᠢᠩᠭᠠᠨ ᠬᠠᠮᠠᠷ ᠲᠠᠢ᠂ ᠵᠢᠵᠢᠭᠬᠡᠨ ᠪᠡᠶ᠎ᠡ ᠲᠡᠢ᠂ ᠬᠥᠬᠡ ᠴᠢᠷᠠᠢ ᠲᠠᠢ᠂ ᠢᠲᠠᠪ ᠲᠠᠲᠠᠪ ᠬᠢᠭᠰᠡᠨ ᠱᠠᠯᠠᠮᠠᠭᠠᠢ ᠬᠥᠳᠡᠯᠭᠡᠭᠡᠨ ᠲᠡᠢ ᠳᠤᠮᠳᠠ ᠵᠡᠷᠭᠡ ᠨᠠᠰᠤᠨ ᠤ᠋ ᠬᠥᠮᠦᠨ ᠠᠵᠤᠭᠤ᠃
ᠪᠣᠷᠬᠠᠢ ᠡᠨᠡ ᠬᠠᠴᠢᠨ ᠬᠥᠮᠦᠨ ᠡᠴᠡ ᠵᠢᠬᠡᠭᠦᠴᠡᠵᠦ《ᠠᠷᠠᠢ ᠨᠠᠮ᠎ᠠ ᠶ᠋ᠢ ᠳᠤᠭᠤᠨᠴᠢᠷ ᠤ᠋ᠨ ᠬᠡᠷᠡᠭ ᠲᠦ᠍ ᠬᠣᠯᠪᠣᠭᠳᠠᠭᠤᠯᠬᠤ ᠪᠢᠰᠢ ᠪᠠᠢᠭ᠎ᠠ᠂ ᠪᠢ ᠲᠤᠰᠢᠶᠠᠯ ᠪᠡᠶᠡᠯᠡᠭᠦᠯᠵᠦ ᠪᠠᠢᠯᠳᠤᠭᠰᠠᠨ ᠠ᠋ᠴᠠ ᠥᠭᠡᠷ᠎ᠡ ᠭᠡᠮ ᠬᠢᠭᠡ ᠦᠭᠡᠢ᠃ ᠴᠡᠷᠢᠭ ᠳᠡᠭᠡᠷᠡᠮ᠂ ᠲᠣᠨᠣᠭᠤᠯ ᠬᠢᠭᠡ ᠦᠭᠡᠢ ᠪᠤᠯᠲᠠᠢ ᠪᠢᠯᠡ᠃ ᠶᠠᠭᠤᠮ᠎ᠠ ᠴᠣ ᠮᠡᠳᠡᠭᠳᠡᠭᠡ ᠦᠭᠡᠢ᠃ ᠠᠪᠤ ᠬᠠᠮᠢᠭ᠎ᠠ ᠶᠠᠪᠤᠭ᠎ᠠ ᠪᠣᠢ? ᠦᠵᠡᠭᠳᠡᠬᠦ ᠴᠣ ᠦᠭᠡᠢ》 ᠭᠡᠮᠡᠨ ᠠᠭᠱᠠᠨ ᠵᠠᠭᠤᠷ᠎ᠠ ᠪᠣᠳᠣᠭᠳᠠᠪᠠ᠃ ᠳᠡᠷᠭᠡᠳᠡ ᠢᠷᠡᠭᠡᠳ ᠪᠠᠷᠤᠭ ᠰᠥᠯᠢᠢᠬᠦ ᠰᠢᠬᠠᠮ ᠳᠤᠤᠭᠠᠷᠤᠭᠰᠠᠨ ᠨᠢ᠄
— ᠪᠢ ᠰᠦᠪᠡᠬᠡᠳᠢ ᠵᠠᠩᠵᠤᠨ ᠪᠠᠢᠨ᠎ᠠ ᠠ᠋᠃ ᠲᠠᠨ ᠤ᠋ ᠵᠠᠭᠤᠲᠤ ᠨᠠᠳᠠ ᠣᠴᠢᠨ᠎ᠠ᠃ ᠵᠠᠭᠤᠲᠤ ᠪᠠᠨ ᠵᠢᠭᠰᠠᠭ᠎ᠠ ᠭᠡᠯᠡ᠃ ᠴᠡᠷᠢᠭ ᠦ᠋ᠳ ᠴᠦ᠍ ᠲᠡᠷᠡ ᠳᠣᠣᠷ᠎ᠠ ᠪᠠᠨ ᠵᠢᠭᠰᠠᠴᠢᠬᠠᠯᠠ᠃ ᠥᠨᠥᠬᠢ ᠵᠢᠵᠢᠭᠬᠡᠨ ᠰᠦᠪᠡᠬᠡᠳᠢ ᠴᠡᠷᠢᠭ ᠵᠢᠭᠰᠠᠬᠤ ᠶ᠋ᠢ ᠰᠦᠷᠡᠬᠡᠢ ᠠᠵᠢᠭᠯᠠᠨ ᠬᠠᠷᠠᠵᠤ ᠪᠠᠢᠭᠰᠠᠨ ᠢ᠋ᠶ᠋ᠠᠨ ᠠᠳᠠᠭ ᠠ᠋ᠴᠠ ᠨᠢ ᠡᠬᠢ ᠬᠦᠷᠲᠡᠯ᠎ᠡ ᠱᠠᠯᠠᠮᠠᠭ ᠭᠣᠯᠠᠮᠠᠭ ᠠᠯᠬᠤᠵᠤ ᠬᠠᠷᠠᠭᠠᠳ ᠪᠣᠷᠬᠠᠢ ᠤᠷᠤᠭᠤ᠄
— ᠵᠠᠭᠤᠨ ᠠᠷᠪᠠᠨ ᠬᠣᠶᠠᠷ ᠤᠤ? ᠭᠡᠵᠦ ᠠᠰᠠᠭᠤᠪᠠ᠃
— ᠲᠡᠢᠮᠦ ᠠ᠋᠃
— ᠲᠡᠢᠨ ᠳ᠋ᠦ᠍ ᠬᠣᠷᠣᠭᠳᠠᠭᠰᠠᠨ ᠨᠢ ᠬᠡᠳᠦ ᠪᠣᠢ?
— ᠬᠣᠶᠠᠷ᠁
— ᠰᠢᠷᠠᠭᠳᠤᠭᠰᠠᠨ ᠨᠢ?
— ᠨᠢᠭᠡ ᠬᠥᠩᠭᠡᠨ ᠰᠢᠷᠬ᠎ᠠ ᠲᠠᠢ᠂ ᠵᠠᠰᠠᠭᠰᠠᠨ ᠪᠠᠢᠭ᠎ᠠ ᠁
ᠰᠦᠪᠡᠭᠡᠳᠠᠢ ᠪᠠᠭᠠᠲᠤᠷ ᠳᠠᠭᠠᠵᠤ ᠢᠷᠡᠭᠰᠡᠨ ᠨᠢᠭᠡ ᠶ᠋ᠢ ᠪᠡᠨ ᠳᠠᠭᠤᠳᠠᠵᠤ᠄
— ᠡᠳᠡᠨ ᠦ᠌ ᠵᠠᠭᠤᠲᠤ ᠶ᠋ᠢ ᠴᠢ ᠠᠪ᠂ ᠲᠡᠭᠡᠭᠡᠳ ᠠᠷᠤ ᠠ᠋ᠴᠠ ᠠᠪᠤᠭᠠᠳ ᠣᠴᠢ᠃ ᠪᠣᠷᠬᠠᠢ ᠴᠢ ᠨᠠᠳᠠ ᠲᠠᠢ ᠶᠠᠪᠤ ᠭᠡᠳ ᠥᠨᠥᠬᠢ ᠴᠢᠨᠢ ᠦᠰᠦᠷᠦᠨ ᠮᠣᠷᠢᠨ ᠳ᠋ᠠᠭᠠᠨ ᠮᠣᠷᠳᠠᠬᠤ ᠨᠢ ᠪᠠᠷᠤᠭ ᠨᠢᠰᠬᠦ ᠰᠢᠬᠠᠮ᠃ ᠲᠡᠭᠡᠭᠡᠳ ᠡᠮᠡᠭᠡᠯ ᠳᠡᠭᠡᠷ᠎ᠡ ᠪᠡᠨ ᠰᠠᠭᠤᠭᠰᠠᠨ ᠨᠢ ᠶᠡᠷᠦ ᠳ᠋ᠡᠭᠡᠨ ᠯᠡ ᠰᠢᠪᠠᠭᠤ ᠭᠡᠯᠲᠡᠢ ᠵᠣᠭᠪᠣᠢᠨ ᠬᠠᠷᠠᠭᠳᠠᠨ᠎ᠠ᠃ ᠮᠣᠷᠳᠠᠭᠠᠳ ᠯᠠ ᠬᠠᠷ᠎ᠠ ᠬᠤᠷᠳᠤ ᠪᠠᠷ ᠳᠠᠪᠬᠢᠯ᠎ᠠ᠃ ᠨᠢᠭᠡ ᠶᠡᠬᠡ ᠯᠡ ᠶᠠᠭᠠᠷᠠᠤ ᠬᠥᠮᠦᠨ ᠶᠦᠮ᠃ ᠪᠣᠷᠬᠠᠢ《ᠰᠦᠪᠡᠭᠡᠳᠠᠢ ᠪᠠᠭᠠᠲᠤᠷ ᠢ᠋ ᠪᠠᠭ᠎ᠠ ᠳ᠋ᠠᠭᠠᠨ ᠦᠵᠡᠵᠦ ᠪᠠᠢᠭᠰᠠᠨ᠃ ᠡᠢᠮᠦ ᠵᠢᠵᠢᠭᠬᠡᠨ ᠰᠢᠪᠠᠭᠤ ᠰᠢᠭ᠋ ᠠᠮᠢᠲᠠᠨ ᠰᠠᠨᠠᠭᠳᠠᠬᠤ ᠦᠭᠡᠢ ᠶᠦᠮ᠃ ᠰᠣᠨᠢᠨ ᠯᠠ ᠬᠥᠮᠦᠨ ᠪᠠᠢᠨ᠎ᠠ᠃ ᠵᠠ ᠲᠡᠷᠡ ᠴᠦ᠍ ᠶᠠᠭᠠᠬᠢᠬᠤ ᠪᠣᠢ? ᠲᠣᠭᠣᠨᠴᠢᠷ ᠵᠠᠬᠢᠷᠤᠭᠴᠢ ᠲᠠᠢ ᠬᠣᠯᠪᠣᠭ᠎ᠠ ᠲᠠᠢ ᠬᠡᠷᠡᠭ ᠭᠠᠷᠬᠤ ᠨᠢ᠃ ᠶᠠᠭᠠᠬᠢᠳᠠᠭ ᠪᠢᠯᠡ?》 ᠭᠡᠮᠡᠨ ᠤᠯᠠᠮ ᠴᠣ ᠠᠢᠳᠠᠰ ᠲᠥᠷᠥᠬᠦ ᠠᠪᠠᠢ᠃ ᠠᠷᠪᠠ ᠭᠠᠷᠤᠢ ᠮᠣᠳᠣ ᠭᠠᠵᠠᠷ ᠳᠠᠪᠬᠢᠭᠠᠳ ᠶᠡᠬᠡ ᠴᠡᠷᠢᠭ ᠦ᠋ᠨ ᠪᠠᠢᠷᠢᠯᠠᠯ ᠤᠷᠤᠭᠤ ᠣᠷᠣᠵᠤ ᠢᠷᠡᠪᠡ᠃ ᠡᠨᠡ ᠨᠢ ᠨᠠᠮᠬᠠᠨ ᠲᠠᠭᠵᠢᠭᠠᠷ᠂ ᠰᠢᠪᠡᠷ ᠪᠠᠢᠰᠢᠩ ᠤ᠋ᠳ᠂ ᠮᠣᠷᠢᠳ ᠤᠶᠠᠳᠠᠭ ᠤᠶᠠᠭᠠᠨ ᠠ᠋ᠴᠠ ᠡᠬᠢᠯᠡᠭᠡᠳ ᠵᠢᠭᠰᠠᠭᠠᠯ ᠤ᠋ᠨ ᠲᠠᠯᠠᠪᠠᠢ᠂ ᠰᠤᠷᠭᠠᠭᠤᠯᠢ ᠶ᠋ᠢᠨ ᠲᠠᠯᠠᠪᠠᠢ ᠭᠡᠳ ᠤᠷᠢᠳᠤ ᠨᠢ ᠴᠡᠷᠢᠭ ᠪᠠᠢᠷᠢᠯᠠᠵᠤ ᠪᠠᠢᠭᠰᠠᠨ ᠰᠠᠭᠤᠷᠢᠨ ᠭᠡᠳᠡᠭ ᠨᠢ ᠲᠣᠳᠣᠷᠬᠠᠢ᠃ ᠡᠨᠳᠡᠬᠢ ᠶ᠋ᠢᠨ ᠴᠡᠷᠢᠭ ᠦ᠋ᠳ ᠡᠢᠮᠦ ᠭᠠᠵᠠᠷ ᠪᠠᠢᠷᠢᠯᠠᠳᠠᠭ ᠶᠤᠮ ᠪᠢᠯᠡ᠃ ᠴᠡᠷᠢᠭ ᠢ᠋ ᠨᠢ ᠬᠥᠭᠡᠭᠡᠵᠦ ᠭᠠᠷᠭᠠᠭᠠᠳ ᠡᠵᠡᠯᠡᠨ ᠰᠠᠭᠤᠭ᠎ᠠ ᠨᠢ ᠮᠠᠭᠠᠳ ᠭᠡᠮᠡᠨ ᠪᠣᠳᠣᠯ᠎ᠠ᠃ ᠭᠣᠣᠯ ᠲᠥᠪ ᠤᠷᠤᠭᠤ ᠨᠢ ᠣᠷᠣᠵᠤ ᠨᠢᠭᠡᠨ ᠭᠣᠶᠣᠮᠰᠣᠭ ᠪᠠᠢᠰᠢᠩ ᠤ᠋ᠨ ᠳᠡᠷᠭᠡᠳᠡ ᠪᠠᠭᠤᠭᠠᠳ ᠣᠷᠣᠪᠠ᠃ ᠳᠣᠲᠣᠷ᠎ᠠ ᠨᠢ ᠴᠡᠪᠡᠷᠬᠡᠨ ᠭᠣᠶᠣ᠂ ᠬᠡ ᠬᠤᠸᠠᠷ᠂ ᠴᠡᠴᠡᠭ ᠨᠠᠪᠴᠢ᠂ ᠰᠢᠯ ᠲᠣᠯᠢ᠂ ᠬᠡᠪᠢᠰ ᠲᠣᠨᠣᠭ ᠪᠣᠯᠤᠭᠰᠠᠨ ᠮᠠᠨ ᠤ᠋ ᠬᠠᠭᠠᠨ ᠯᠠ ᠵᠠᠯᠠᠷᠠᠮᠠᠷ᠃ ᠰᠢᠷᠡᠭᠡ᠂ ᠲᠦᠰᠢᠯᠭᠡ ᠲᠡᠢ ᠰᠠᠨᠳᠠᠯᠢ ᠥᠷᠭᠡᠰᠦᠲᠡᠢ᠃ ᠰᠠᠨᠳᠠᠯᠢ ᠳᠡᠭᠡᠷ᠎ᠡ ᠨᠢ ᠰᠠᠭᠤᠯ᠎ᠠ᠃ ᠵᠠᠩᠵᠤᠨ ᠥᠭᠡᠳᠡ ᠡᠴᠡ ᠨᠢ ᠬᠠᠷᠠᠵᠤ ᠰᠠᠭᠤᠨ᠄
— ᠵᠠ ᠬᠣᠶᠠᠭᠤᠯᠠ ᠪᠠᠨ ᠨᠢᠭᠡ ᠦᠵᠡᠴᠢᠬᠡᠬᠦ ᠤᠤ? ᠭᠡᠮᠡᠨ ᠭᠠᠷ ᠢ᠋ᠶ᠋ᠠᠨ ᠲᠣᠰᠪᠠᠰᠤ ᠪᠣᠷᠬᠠᠢ ᠭᠠᠢᠬᠠᠨ ᠶᠠᠭᠠᠬᠢᠬᠤ ᠪᠠᠨ ᠮᠡᠳᠡᠬᠦ ᠦᠭᠡᠢ ᠪᠠᠢᠲᠠᠯ᠎ᠠ᠂ 《ᠠᠯᠢ ᠭᠠᠷ ᠢ᠋ᠶ᠋ᠠᠨ》 ᠭᠡᠪᠡ᠃ ᠪᠤᠯᠴᠢᠩ ᠤ᠋ᠨ ᠴᠢᠳᠠᠯ ᠦᠵᠡᠬᠦ ᠭᠡᠳ ᠪᠠᠢᠭ᠎ᠠ ᠶᠤᠮ ᠠ᠋ ᠶᠠᠩᠵᠤ ᠨᠢ ᠭᠡᠵᠦ ᠤᠬᠠᠭᠠᠷᠠᠭᠠᠳ ᠭᠠᠷ ᠢ᠋ᠶ᠋ᠠᠨ ᠥᠭᠲᠡᠯ᠎ᠡ ᠬᠠᠪᠴᠢᠭᠤᠷ ᠲᠡᠮᠦᠷ ᠰᠢᠭ᠋ ᠬᠠᠲᠠᠭᠤ ᠶᠠᠰᠤᠨ ᠭᠠᠷ ᠢ᠋ᠶ᠋ᠠᠨ ᠰᠦᠷᠡᠬᠡᠢ ᠴᠢᠩᠭ᠎ᠠ ᠠᠳᠬᠤᠭᠠᠳ ᠠᠷᠤ ᠳᠠᠰᠢ ᠨᠢ ᠳᠠᠷᠤᠴᠢᠬᠠᠬᠤ ᠨᠢ ᠠ᠋᠃《ᠦᠭᠡᠢ ᠠ᠋᠂ᠶᠡᠷᠦ᠂ ᠡᠨᠡᠨ ᠳ᠋ᠦ᠍ ᠳᠠᠷᠤᠭᠤᠯᠬᠤ!》 ᠭᠡᠮᠡᠨ ᠲᠣᠯᠣᠭᠠᠢ ᠳ᠋ᠤ᠌ ᠬᠠᠷᠪᠤᠨ ᠣᠷᠣᠵᠤ᠂ ᠪᠡᠶ᠎ᠡ ᠪᠤᠯᠴᠢᠩ ᠢ᠋ᠶ᠋ᠠᠨ ᠴᠢᠩᠭᠠᠯᠠᠵᠤ ᠰᠢᠳᠦ ᠪᠡᠨ ᠵᠠᠭᠤᠭᠠᠳ ᠬᠥᠰᠢᠲᠡᠯ᠎ᠡ ᠭᠠᠷ ᠨᠢ ᠥᠨᠳᠡᠢᠵᠦ ᠰᠤᠯᠠᠷᠠᠭᠠᠳ ᠢᠷᠡᠮᠡᠭᠴᠡ ᠮᠥᠨ ᠯᠡ ᠬᠦᠴᠦ ᠭᠠᠷᠭᠠᠨ ᠳᠠᠷᠤᠪᠠᠰᠤ ᠠᠷᠤ ᠳᠠᠰᠢ ᠶᠠᠪᠤᠭᠠᠳ ᠥᠭᠭᠦᠯ᠎ᠡ᠃ 《ᠰᠦᠷᠡᠬᠡᠢ ᠡᠷ᠎ᠡ ᠶᠦᠮ ᠠ᠋》 ᠭᠡᠵᠦ ᠠᠮᠠᠨ ᠳ᠋ᠠᠭᠠᠨ ᠪᠤᠪᠠᠲᠤᠨᠠᠭᠠᠳ᠄
— ᠠᠯᠢ ᠲᠡᠭᠡᠪᠡᠯ ᠭᠡᠳ ᠥᠨᠥᠬᠢ ᠴᠢᠨᠢ ᠬᠣᠶᠠᠷ ᠰᠡᠯᠡᠮ᠎ᠡ ᠠᠪᠤᠭᠠᠳ᠂ ᠨᠢᠭᠡ ᠶ᠋ᠢ ᠨᠢ ᠰᠢᠳᠡᠴᠢᠬᠥᠢ ᠳ᠋ᠦ᠍ ᠪᠣᠷᠬᠠᠢ ᠰᠢᠭᠦᠷᠡᠨ ᠠᠪᠤᠯ᠎ᠠ᠃ ᠬᠠᠯᠲᠤ ᠬᠠᠷᠠᠪᠠᠯ ᠮᠤᠬᠤᠷ ᠦᠵᠦᠭᠦᠷ ᠲᠡᠢ᠂ ᠢᠷ ᠦᠭᠡᠢ ᠰᠤᠷᠭᠠᠭᠤᠯᠢ ᠶ᠋ᠢᠨ ᠰᠡᠯᠡᠮ᠎ᠡ ᠶᠦᠮ᠃ ᠲᠠᠰᠤᠯᠭ᠎ᠠ ᠲᠣᠮᠣ ᠠᠭᠤᠵᠢᠮ ᠤᠴᠢᠷ ᠲᠤᠯᠤᠯᠳᠤᠵᠤ ᠡᠬᠢᠯᠡᠯ᠎ᠡ᠃ ᠴᠠᠪᠴᠢᠬᠤ᠂ ᠬᠠᠳᠬᠤᠬᠤ᠂ ᠬᠠᠮᠠᠭᠠᠯᠠᠬᠤ ᠰᠢᠷᠪᠢᠬᠦ ᠪᠦᠬᠦᠨ ᠢ᠋ ᠬᠢᠪᠡ᠃ ᠥᠷᠲᠥᠭᠰᠡᠨ ᠭᠠᠵᠠᠷ ᠨᠢ ᠡᠪᠡᠳᠵᠦ ᠪᠠᠢᠬᠤ᠂ ᠦᠵᠡᠯᠴᠡᠭᠡᠳ ᠯᠡ ᠪᠠᠢᠯ᠎ᠠ᠃ ᠨᠢᠭᠡ ᠴᠠᠪᠴᠢᠬᠤ ᠳ᠋ᠤᠨᠢ ᠬᠥᠨᠳᠡᠯᠡᠨ ᠬᠠᠮᠠᠭᠠᠯᠠᠭᠠᠳ᠂ ᠰᠡᠯᠡᠮ᠎ᠡ ᠪᠡᠨ ᠲᠠᠲᠠᠬᠤ ᠳ᠋ᠤᠨᠢ ᠬᠦᠴᠦᠲᠡᠢ ᠰᠢᠷᠪᠢᠭᠡᠳ ᠣᠷᠬᠢᠲᠠᠯ᠎ᠠ ᠰᠡᠯᠡᠮ᠎ᠡ ᠨᠢ ᠬᠠᠩᠭᠢᠨᠠᠭᠠᠳ ᠦᠰᠦᠷᠪᠡ᠃ ᠵᠠᠩᠵᠤᠨ ᠲᠣᠯᠣᠭᠠᠢ ᠰᠡᠭᠰᠦᠷᠴᠦ᠂《ᠲᠤᠩ ᠰᠦᠷᠡᠬᠡᠢ ᠡᠷ᠎ᠡ ᠶᠦᠮ》 ᠭᠡᠪᠡ᠃ ᠰᠦᠷᠡᠬᠡᠢ ᠪᠠᠢᠬᠤ ᠳ᠋ᠠᠭᠠᠨ ᠶᠠᠭᠠᠬᠢᠬᠤᠪ ᠳᠠ᠃ ᠪᠦᠬᠦᠨ ᠢ᠋ ᠥᠪᠡᠷ ᠢ᠋ᠶ᠋ᠡᠷ ᠢ᠋ᠶ᠋ᠡᠨ ᠬᠡᠮᠵᠢᠳᠡᠭ᠂ ᠥᠪᠡᠷ ᠢ᠋ ᠪᠡᠨ ᠶᠠᠭᠤ ᠭᠡᠵᠦ ᠪᠣᠳᠣᠨ᠎ᠠ ᠪᠣᠢ? ᠴᠤᠷᠴᠠᠢᠬᠰᠠᠠ ᠡᠪᠦᠭᠡᠨ ᠴᠢᠨᠢ ᠭᠡᠮᠡᠨ ᠢᠨᠢᠶᠡᠳᠦ ᠨᠢ ᠬᠦᠷᠪᠡ᠃
ᠵᠠᠩᠵᠤᠨ ᠰᠦᠷᠡᠬᠡᠢ ᠳᠤᠯᠠᠢᠵᠤ ᠬᠠᠷᠠᠭᠰᠠᠨ ᠢ᠋ᠶ᠋ᠠᠨ ᠢᠨᠢᠶᠡᠬᠦ ᠴᠦ᠍ ᠠᠶᠠᠳᠠᠭᠠᠳ《ᠱᠣᠭᠯᠠᠵᠤ ᠪᠠᠢᠨ᠎ᠠ ᠠ᠋ ᠳᠠ ᠴᠢ》 ᠭᠡᠪᠡ᠃
ᠬᠣᠶᠠᠭᠤᠯᠠ ᠥᠭᠡᠳᠡ ᠥᠭᠡᠳᠡ ᠡᠴᠡ ᠪᠡᠨ ᠬᠠᠷᠠᠨ ᠰᠠᠭᠤᠯ᠎ᠠ᠃ ᠭᠠᠳᠠᠨ᠎ᠠ ᠠ᠋ᠴᠠ ᠥᠨᠳᠥᠷ ᠭᠤᠸᠠᠯᠢᠭ ᠨᠢᠷᠤᠭᠤ ᠲᠠᠢ᠂ ᠡᠷᠭᠢ ᠲᠣᠬᠣᠯᠠᠭᠰᠠᠨ ᠡᠷᠢᠶᠡᠨ ᠠᠯᠠᠭ ᠨᠢᠳᠦ ᠲᠡᠢ᠂ ᠭᠠᠵᠠᠷ ᠰᠢᠭᠦᠷᠡᠮ᠎ᠡ ᠳᠠᠰᠢᠨᠵᠠ ᠲᠠᠢ ᠡᠮᠡᠭᠲᠡᠢ ᠴᠠᠢ ᠢᠳᠡᠭᠡ ᠲᠠᠯᠪᠢᠭᠤᠷ ᠳᠡᠭᠡᠷ᠎ᠡ ᠪᠠᠷᠢᠵᠤ ᠣᠷᠣᠵᠤ ᠢᠷᠡᠭᠡᠳ ᠰᠢᠷᠡᠭᠡᠨ ᠳᠡᠭᠡᠷ᠎ᠡ ᠲᠠᠯᠪᠢᠭᠠᠳ᠂ ᠮᠡᠳᠡᠬᠦ ᠦᠭᠡᠢ ᠨᠢᠭᠡ ᠬᠣᠶᠠᠷ ᠦᠭᠡ ᠬᠡᠯᠡᠭᠡᠳ ᠭᠠᠷᠴᠤ ᠣᠳᠪᠠ᠃ ᠪᠣᠷᠬᠠᠢ《ᠡᠬᠡᠨᠡᠷ ᠨᠢ ᠪᠢᠰᠢ ᠪᠠᠢᠯᠲᠠᠢ᠂ ᠬᠡᠷᠪᠡ ᠲᠡᠢᠮᠦ ᠪᠣᠯ ᠡᠨᠡ ᠡᠪᠦᠭᠡᠨ ᠡᠯᠬᠥᠬᠳᠡᠴᠢᠬᠡᠮᠡᠷ᠃ ᠡᠨᠡ ᠭᠠᠵᠠᠷ ᠤ᠋ᠨ ᠬᠥᠮᠦᠨ ᠯᠡ ᠵᠠᠷᠤᠴᠠᠯᠠᠭᠳᠠᠵᠤ ᠪᠠᠢᠭ᠎ᠠ ᠶᠤᠮ ᠪᠣᠯᠪᠠᠤ》 ᠭᠡᠮᠡᠨ ᠴᠠᠢ ᠶ᠋ᠢ ᠨᠢ ᠠᠪᠴᠤ ᠣᠭᠣᠴᠢᠯᠠ᠃
— ᠴᠢ ᠪᠢᠴᠢᠭ᠂ ᠰᠤᠸᠠᠮᠫᠠᠨ᠂ ᠲᠣᠭ᠎ᠠ ᠪᠣᠳᠣᠯᠭᠠᠨ ᠳ᠋ᠤ᠌ ᠲᠤᠩ ᠰᠠᠢᠨ ᠭᠡᠰᠡᠨ ᠪᠢᠵᠡ?
— ᠪᠠᠭ᠎ᠠ ᠳ᠋ᠠᠭᠠᠨ ᠲᠠᠲᠠᠲᠤᠩᠭ᠎ᠠ ᠪᠠᠭᠰᠢ ᠶ᠋ᠢᠨ ᠰᠤᠷᠭᠠᠭᠤᠯᠢ ᠳ᠋ᠤ᠌ ᠰᠤᠷᠴᠤ ᠲᠡᠭᠦᠰᠦᠭᠰᠡᠨ᠃ ᠲᠡᠭᠡᠭᠡᠳ ᠡᠴᠢᠭᠡ ᠶ᠋ᠢᠨ ᠪᠠᠷᠠᠭᠤᠨ ᠭᠠᠷ ᠤ᠋ᠨ ᠵᠠᠬᠢᠷᠤᠭᠴᠢ ᠶ᠋ᠢᠨ ᠠᠯᠪᠠᠨ ᠬᠡᠷᠡᠭ᠂ ᠳᠠᠩᠰᠠ ᠪᠦᠷᠢᠳᠬᠡᠯ ᠬᠥᠲᠥᠯᠵᠦ᠂ ᠲᠦᠰᠢᠮᠡᠯ ᠬᠢᠵᠦ ᠶᠠᠪᠤᠭᠰᠠᠨ ᠳᠠ᠃ ᠶᠠᠭᠠᠬᠢᠬᠤᠪ᠂ ᠠᠯᠪᠠ ᠭᠦᠢᠴᠡᠳᠬᠡᠭᠡᠳ ᠪᠠᠢᠨ᠎ᠠ ᠭᠡᠪᠡ᠃
— ᠶᠡᠬᠡ ᠰᠠᠢᠨ᠂ ᠲᠡᠭᠡᠭᠡᠳ ᠯᠡ ᠪᠢ ᠴᠢᠮᠠᠶ᠋ᠢ ᠠᠪᠤᠶ᠎ᠠ ᠭᠡᠰᠡᠨ ᠶᠦᠮ᠃ ᠠᠪᠤ ᠲᠠᠢ ᠴᠢᠨᠢ ᠶᠠᠷᠢᠭᠰᠠᠨ᠂ ᠲᠡᠷᠡ ᠪᠡᠷ ᠬᠠᠨ ᠬᠥᠪᠡᠭᠦᠳ ᠦ᠋ᠨ ᠵᠥᠪᠯᠡᠭᠴᠢ ᠪᠣᠯᠵᠤ᠂ ᠬᠠᠮᠠᠭᠠᠯᠠᠯᠲᠠ ᠬᠠᠷᠢᠭᠤᠴᠠᠨ ᠪᠠᠢᠯᠳᠤᠵᠤ ᠶᠠᠪᠤᠭ᠎ᠠ᠃ ᠱᠠᠭ᠎ᠠ ᠮᠣᠬᠠᠮᠮᠥᠳ᠋᠂ ᠰᠦᠯᠲ᠋ᠡᠨ ᠵᠠᠯᠠᠯᠳᠢᠨ ᠬᠠᠨ ᠮᠡᠯᠢᠭ ᠭᠤᠷᠪᠠᠭᠤᠯᠠ ᠬᠦᠴᠦ ᠪᠡᠨ ᠨᠢᠭᠡᠳᠬᠡᠨ ᠲᠤᠩ ᠰᠢᠷᠦᠭᠦᠨ ᠲᠡᠢᠨ ᠡᠬᠢᠯᠡᠭᠰᠡᠨ᠃ ᠬᠣᠯᠠ ᠦᠭᠡᠢ ᠠ᠋᠂ ᠣᠢᠷᠠᠯᠴᠠᠭ᠎ᠠ᠃ ᠴᠢ ᠮᠢᠨᠦ ᠳᠡᠷᠭᠡᠳᠡ ᠶ᠋ᠢᠨ ᠲᠡᠷᠢᠭᠦᠨ ᠵᠠᠭᠤᠲᠤ ᠵᠠᠬᠢᠷᠤᠭᠴᠢ᠂ ᠵᠠᠬᠢᠷᠤᠭᠴᠢ ᠶ᠋ᠢᠨ ᠠᠯᠪᠠᠨ ᠬᠡᠷᠡᠭ ᠬᠠᠷᠢᠭᠤᠴᠠᠨ᠂ ᠲᠤᠰᠠᠯᠠᠬᠤ ᠵᠠᠩᠵᠤᠨ ᠪᠣᠯᠤᠨ᠎ᠠ᠃ ᠬᠡᠷᠪᠡ ᠪᠢ ᠦᠷᠡᠭᠳᠡᠪᠡᠯ ᠤᠳᠤᠷᠢᠳᠤᠯᠭ᠎ᠠ ᠶ᠋ᠢ ᠴᠢ ᠭᠠᠷ ᠲᠠᠭᠠᠨ ᠠᠪᠴᠤ ᠶᠣᠰᠣ ᠲᠠᠢ᠃ ᠲᠡᠢᠨ ᠳ᠋ᠦ᠍ ᠦᠬᠦᠬᠦ ᠦᠭᠡᠢ ᠠᠮᠢ᠂ ᠤᠷᠤᠰᠬᠤ ᠦᠭᠡᠢ ᠴᠢᠰᠤ ᠪᠠᠢᠬᠤ ᠦᠭᠡᠢ᠃ ᠲᠡᠢᠮᠦ ᠡᠴᠡ ᠵᠠᠩᠵᠤᠨ ᠦᠷᠡᠭᠳᠡᠵᠦ ᠪᠣᠯᠤᠨ᠎ᠠ᠂ ᠭᠡᠬᠦ ᠳ᠋ᠡᠭᠡᠨ ᠶᠡᠬᠡ ᠵᠠᠢ ᠪᠣᠢ᠃ ᠪᠢ ᠬᠠᠭᠠᠨ ᠳ᠋ᠤ᠌ ᠠᠢᠯᠠᠳᠬᠠᠵᠤ᠂ ᠰᠣᠶᠣᠷᠬᠠᠯ ᠠᠪᠤᠭᠰᠠᠨ ᠭᠡᠪᠡ᠃ ᠪᠣᠷᠬᠠᠢ ᠪᠣᠰᠴᠤ ᠮᠡᠬᠦᠢᠨ᠄
— ᠵᠠᠷᠯᠢᠭ ᠲᠤᠰᠢᠶᠠᠯ ᠢ᠋ ᠬᠦᠴᠦᠨ ᠵᠢᠳᠬᠦᠵᠦ ᠭᠦᠢᠴᠡᠳᠬᠡᠶ᠎ᠡ ᠭᠡᠮᠡᠨ ᠶᠣᠰᠣᠯᠠᠯᠠ᠃ ᠵᠠᠩᠵᠤᠨ᠄《ᠵᠥᠪ》 ᠬᠡᠮᠡᠭᠡᠳ᠄
— ᠪᠢ ᠪᠠᠢᠯᠳᠤᠵᠤ ᠶᠠᠪᠤᠭᠠᠳ ᠬᠠᠭᠠᠨ ᠤ᠋ ᠲᠤᠰᠢᠶᠠᠯ ᠢ᠋ᠶ᠋ᠠᠷ ᠡᠨᠳᠡ ᠬᠦᠴᠦ ᠪᠡᠨ ᠰᠡᠯᠪᠢᠨ᠂ ᠴᠡᠷᠢᠭ ᠡᠯᠰᠡᠭᠦᠯᠵᠦ᠂ ᠰᠤᠷᠭᠠᠭᠤᠯᠢ ᠬᠢᠵᠦ ᠲᠦᠷ ᠬᠦᠯᠢᠶᠡᠵᠦ ᠪᠠᠢᠭ᠎ᠠ ᠶᠤᠮ᠃ ᠲᠤᠰᠢᠶᠠᠯ ᠢᠷᠡᠪᠡᠯ ᠬᠥᠳᠡᠯᠦᠨ᠎ᠡ᠂ ᠣᠳᠣᠬᠠᠨ ᠴᠣ ᠬᠥᠳᠡᠯᠵᠦ ᠪᠣᠯᠤᠨ᠎ᠠ᠃ ᠲᠡᠢᠨ ᠳ᠋ᠦ᠍ ᠣᠷᠣ ᠭᠡᠪᠡᠯ ᠪᠦᠷᠢᠶ᠎ᠡ ᠲᠠᠲᠠᠭᠠᠳ ᠯᠠ ᠬᠥᠳᠡᠯᠦᠨ᠎ᠡ᠃
ᠵᠠᠩᠵᠤᠨ ᠴᠣᠩᠬᠣ ᠣᠩᠭᠣᠢᠯᠭᠠᠵᠤ ᠴᠡᠭᠡᠵᠢ ᠪᠡᠨ ᠭᠠᠷᠭᠠᠭᠠᠳ《ᠨᠡᠰᠢ ᠢᠷ᠎ᠡ》 ᠭᠡᠵᠦ ᠬᠥᠮᠦᠨ ᠳᠠᠭᠤᠳᠠᠵᠤ᠄《ᠪᠦᠬᠦ ᠴᠡᠷᠢᠭ ᠵᠢᠭᠰᠠᠭ᠎ᠠ》 ᠭᠡᠵᠦ ᠴᠢᠩᠭ᠎ᠠ ᠳᠠᠭᠤ ᠪᠠᠷ ᠲᠤᠰᠢᠶᠠᠪᠠ᠃ ᠵᠢᠭᠰᠠᠭᠠᠯ ᠤ᠋ᠨ ᠪᠦᠷᠢᠶ᠎ᠡ ᠬᠠᠩᠭᠢᠨᠠᠪᠠ᠃
— ᠮᠠᠨ ᠤ᠋ ᠬᠢ ᠲᠣᠯᠣᠭᠠᠢ ᠶ᠋ᠢᠨ ᠴᠤᠪᠤᠭ᠎ᠠ ᠳᠥᠷᠪᠡᠨ ᠮᠢᠩᠭᠠᠲᠤ ᠲᠠᠢ᠃ ᠵᠢᠩᠬᠢᠨᠢ ᠪᠠᠢᠯᠳᠤᠭᠠᠨ ᠤ᠋ ᠭᠤᠷᠪᠠᠨ ᠮᠢᠩᠭᠠᠲᠤ ᠭᠤᠷᠪᠠᠨ ᠮᠢᠩᠭ᠎ᠠ ᠲᠠᠪᠤᠨ 375 ᠵᠠᠭᠤᠨ ᠴᠡᠷᠢᠭ ᠲᠡᠢ ᠣᠯᠵᠠᠯᠠᠭᠳᠠᠭᠰᠠᠨ᠂ ᠳᠠᠭᠠᠭᠰᠠᠨ ᠴᠡᠷᠢᠭ ᠳᠡᠭᠡᠷ᠎ᠡ ᠪᠢ ᠨᠤᠲᠤᠭ ᠤ᠋ᠨ ᠬᠡᠰᠡᠭ ᠴᠡᠷᠢᠭ ᠡᠯᠰᠡᠭᠦᠯᠵᠦ ᠭᠤᠷᠪᠠᠨ ᠵᠠᠭᠤ ᠭᠠᠷᠤᠢ ᠬᠥᠮᠦᠨ ᠨᠡᠮᠡᠭᠳᠡᠭᠡᠳ ᠪᠠᠢᠭ᠎ᠠ᠃ ᠨᠢᠭᠡ ᠮᠢᠩᠭᠠᠲᠤ ᠨᠢ ᠬᠡᠳᠦᠨ ᠵᠠᠭᠤᠨ ᠬᠥᠮᠦᠨ ᠲᠡᠢ᠂ ᠠᠷᠤ ᠲᠠᠯ᠎ᠠ ᠠᠴᠢᠶ᠎ᠠ ᠬᠦᠰᠡᠭᠡ᠂ ᠠᠭᠲᠠ ᠮᠣᠷᠢᠳ᠂ ᠬᠣᠭᠣᠯᠠ ᠬᠦᠨᠡᠰᠦ᠂ ᠵᠡᠪᠰᠡᠭ ᠪᠠᠭᠠᠵᠢ ᠡᠯᠳᠡᠪ ᠵᠦᠢᠯ ᠬᠠᠷᠢᠭᠤᠴᠠᠳᠠᠭ ᠶᠤᠮ᠃ ᠲᠡᠳᠡ ᠡᠨᠳᠡ ᠵᠢᠭᠰᠠᠬᠤ ᠦᠭᠡᠢ᠂ ᠲᠡᠭᠦᠨ ᠢ᠋ᠶ᠋ᠡᠷ ᠠᠵᠢᠯ ᠢ᠋ᠶ᠋ᠠᠨ ᠠᠮᠵᠢᠭᠤᠯᠤᠨ ᠶᠠᠪᠤᠭ᠎ᠠ᠃ ᠡᠨᠳᠡ ᠵᠥᠪᠬᠡᠨ ᠪᠠᠢᠯᠳᠤᠭᠠᠨ ᠤ᠋ ᠠᠩᠭᠢ ᠶ᠋ᠢᠨ ᠬᠢᠨ ᠴᠤᠭᠯᠠᠨ᠎ᠠ᠃ ᠲᠡᠷᠢᠭᠦᠨ ᠳ᠋ᠦ᠍ᠨᠢ ᠴᠢᠨᠦ ᠵᠠᠭᠤᠲᠤ᠂ ᠵᠠᠭᠤ ᠭᠠᠷᠤᠢ ᠬᠥᠮᠦᠨ ᠲᠡᠢ᠃ ᠲᠡᠷᠡ ᠨᠢ ᠲᠤᠰ ᠬᠠᠷᠢᠭᠤᠴᠠᠬᠤ ᠵᠢᠷᠭᠤᠭ᠎ᠠ᠂ ᠨᠠᠮ᠎ᠠ ᠶ᠋ᠢ ᠬᠠᠮᠠᠭᠠᠯᠠᠵᠤ ᠠᠶᠠᠨ ᠤ᠋ ᠰᠠᠭᠤᠴᠠ ᠠᠪᠴᠤ ᠶᠠᠪᠤᠬᠤ ᠭᠡᠳ ᠠᠷᠪᠠᠭᠠᠳ᠂ ᠴᠢᠮ᠎ᠠ ᠶ᠋ᠢ ᠪᠠᠰᠠ ᠳᠠᠭᠠᠬᠤ ᠪᠠᠷᠤᠭ ᠠᠷᠪᠠᠭᠠᠳ ᠬᠥᠮᠦᠨ ᠪᠣᠢ᠃ ᠵᠢᠱ᠌ᠢᠶ᠎ᠡ ᠨᠢ ᠲᠡᠷᠡ ᠬᠣᠶᠠᠷ ᠰᠠᠪᠠ ᠲᠠᠢ᠂ ᠭᠠᠳᠠᠭᠤᠷ ᠢ᠋ᠶ᠋ᠠᠨ ᠰᠢᠷᠢᠨ ᠤᠭᠤᠲᠠ ᠲᠠᠢ ᠲᠡᠮᠦᠷ ᠬᠠᠢᠷᠴᠠᠭ᠂ ᠲᠡᠷᠡ ᠳᠣᠲᠣᠷ᠎ᠠ ᠲᠠᠮᠠᠭ᠎ᠠ ᠠᠯᠪᠠᠨ ᠬᠡᠷᠡᠭ ᠪᠣᠢ᠃ ᠵᠠ ᠭᠠᠷᠤᠶ᠎ᠠ᠃ ᠵᠢᠭᠰᠠᠭ᠎ᠠ ᠪᠢᠵᠡ ᠭᠡᠪᠡ᠃
ᠭᠤᠷᠪᠠᠨ ᠬᠡᠰᠡᠭ ᠵᠢᠭᠰᠠᠭᠰᠠᠨ ᠴᠡᠷᠢᠭ ᠦ᠋ᠳ ᠦ᠋ᠨ ᠡᠮᠦᠨ᠎ᠡ ᠣᠴᠢᠭᠠᠳ ᠵᠠᠩᠵᠤᠨ ᠮᠡᠨᠳᠦᠯᠡᠯ᠎ᠡ᠃ ᠲᠡᠭᠡᠭᠡᠳ ᠪᠣᠷᠬᠠᠢ ᠤᠷᠤᠭᠤ ᠵᠢᠭᠠᠵᠤ᠄
— ᠡᠨᠡ ᠮᠢᠨᠦ ᠲᠤᠰᠠᠯᠠᠬᠤ ᠵᠠᠩᠵᠤᠨ ᠵᠠᠬᠢᠷᠤᠭᠴᠢ ᠶ᠋ᠢᠨ ᠠᠯᠪᠠᠨ ᠤ᠋ ᠲᠦᠰᠢᠮᠡᠯ᠂ ᠲᠡᠷᠢᠭᠦᠨ ᠵᠠᠭᠤᠲᠤ ᠶ᠋ᠢᠨ ᠳᠠᠷᠤᠭ᠎ᠠ ᠪᠣᠷᠬᠠᠢ᠃ ᠮᠡᠳᠡᠵᠦ ᠲᠠᠨᠢᠯᠴᠠ!
ᠡᠴᠢᠭᠡ ᠨᠢ ᠥᠷᠯᠥᠭ ᠵᠠᠩᠵᠤᠨ᠂ ᠬᠦᠯᠦᠭ ᠪᠠᠭᠠᠲᠤᠷ ᠪᠣᠭᠤᠷᠴᠢ ᠭᠡᠳ ᠴᠠᠰᠢ ᠣᠯᠠᠨ ᠦᠭᠡ ᠬᠡᠯᠡᠭᠰᠡᠨ ᠦᠭᠡᠢ ᠡᠬᠢᠨ ᠦ᠌ ᠵᠠᠭᠤᠲᠤ ᠶ᠋ᠢᠨ ᠡᠮᠦᠨ᠎ᠡ ᠣᠴᠢᠭᠠᠳ᠄
— ᠡᠨᠡ ᠴᠢᠨᠦ ᠵᠠᠭᠤᠲᠤ᠂ ᠲᠤᠰᠠᠯᠠᠬᠤ ᠴᠢᠨᠢ ᠣᠷᠭᠢᠯ᠃ ᠡᠯᠰᠡᠵᠦ ᠢᠷᠡᠭᠰᠡᠨ ᠬᠣᠶᠠᠷ ᠬᠡᠯᠡᠮᠦᠷᠴᠢ ᠪᠣᠢ᠃ ᠣᠳᠣ ᠮᠣᠷᠢᠨ ᠰᠤᠷᠭᠠᠭᠤᠯᠢ ᠬᠢᠵᠦ ᠶᠠᠪᠤᠭ᠎ᠠ᠃ ᠮᠣᠩᠭᠣᠯ ᠨᠤᠲᠤᠭ ᠢ᠋ᠶ᠋ᠠᠷ ᠬᠤᠳᠠᠯᠳᠤᠭ᠎ᠠ ᠠᠷᠠᠯᠵᠢᠶ᠎ᠠ ᠪᠠᠷ ᠶᠠᠪᠤᠭᠰᠠᠨ᠃ ᠬᠡᠯᠡᠮᠦᠷᠴᠢ ᠬᠡᠷᠡᠭ ᠲᠡᠢ᠃ ᠲᠡᠨᠳᠡ ᠥᠪᠡᠷᠰᠡᠳ ᠲᠡᠭᠡᠨ ᠮᠣᠩᠭᠣᠯ ᠬᠡᠯᠡ ᠵᠢᠭᠠᠳᠠᠭ ᠶᠤᠮ ᠭᠡᠯᠡ᠃ ᠡᠢᠨᠬᠦ ᠴᠡᠷᠢᠭ ᠦ᠋ᠳ ᠲᠠᠨᠢᠯᠴᠠᠭᠠᠳ ᠴᠢᠮ᠎ᠠ ᠳ᠋ᠤ᠌ ᠨᠢᠭᠡ ᠲᠠᠰᠤᠯᠭ᠎ᠠ ᠪᠡᠯᠡᠳᠬᠡᠭᠰᠡᠨ ᠪᠠᠢᠭ᠎ᠠ᠃ ᠲᠡᠨᠳᠡ ᠪᠡᠨ ᠣᠷᠣ ᠳᠠ᠃ ᠡᠨᠡ ᠪᠢᠴᠢᠭ ᠢ᠋ᠶ᠋ᠡᠨ ᠠᠪᠠᠴᠢᠵᠤ ᠦᠵᠡᠵᠦ ᠬᠠᠷᠠᠪᠠᠯ ᠬᠠᠷ᠎ᠠ ᠭᠡᠪᠡ᠃ 376
— ᠡᠭᠦᠨ ᠢ᠋ ᠨᠠᠳᠠ ᠠ᠋ᠴᠠ ᠡᠮᠦᠨ᠎ᠡ ᠨᠢᠭᠡᠳᠦᠭᠡᠷ ᠵᠠᠭᠤᠲᠤ ᠶ᠋ᠢᠨ ᠳᠠᠷᠤᠭ᠎ᠠ ᠬᠢᠵᠦ ᠪᠠᠢᠭᠰᠠᠨ ᠤᠤ? ᠲᠡᠷᠡ ᠬᠥᠮᠦᠨ ᠶᠠᠭᠠᠬᠢᠭᠰᠠᠨ ᠶᠤᠮ ᠪᠣᠢ?
— ᠲᠡᠢᠮᠦ ᠠ᠋᠂ ᠲᠡᠷᠡ ᠬᠥᠮᠦᠨ ᠰᠢᠷᠬᠠᠳᠤᠭᠰᠠᠨ᠃ ᠴᠡᠭᠡᠵᠢ ᠪᠡᠷ ᠢ᠋ᠶ᠋ᠡᠨ᠂ ᠪᠠᠷᠠᠭᠤᠨ ᠲᠠᠯ᠎ᠠ ᠠᠭᠤᠰᠬᠢ᠂ ᠬᠠᠪᠢᠷᠭ᠎ᠠ ᠶᠡᠬᠡ ᠭᠡᠮᠲᠦᠯ ᠲᠡᠢ᠃ ᠲᠡᠷᠡ ᠡᠳᠡᠭᠡᠷᠡᠵᠦ ᠪᠠᠢᠭ᠎ᠠ᠃ ᠡᠨᠳᠡᠬᠢ ᠶ᠋ᠢᠨ ᠡᠮᠴᠢ ᠳᠣᠮᠴᠢ ᠨᠠᠷ ᠰᠦᠷᠡᠬᠡᠢ ᠰᠠᠢᠨ ᠶᠤᠮ᠃ ᠭᠠᠢᠭᠤᠢ ᠪᠣᠯᠤᠭᠠᠳ ᠨᠤᠲᠤᠭ ᠶᠠᠪᠤᠬᠤ ᠪᠢᠵᠡ᠃ ᠪᠢᠴᠢᠭ ᠡᠷᠳᠡᠮ ᠦ᠋ᠨ ᠬᠤᠪᠢ ᠳ᠋ᠤ᠌ ᠪᠠᠢᠬᠤ ᠦᠭᠡᠢ ᠠ᠋᠃ ᠨᠢᠭᠡ ᠴᠡᠷᠢᠭ ᠢ᠋ᠶ᠋ᠡᠷ ᠪᠢᠴᠢᠭ ᠦ᠋ᠨ ᠠᠵᠢᠯ ᠢ᠋ᠶ᠋ᠠᠨ ᠬᠢᠯᠭᠡᠳᠡᠭ᠃ ᠲᠡᠷᠡ ᠨᠢ ᠲᠡᠢᠮᠦ ᠰᠦᠷᠡᠬᠡᠢ ᠪᠢᠰᠢ ᠶᠦᠮ ᠭᠡᠨ᠎ᠡ ᠪᠢᠯᠡ᠃ ᠨᠠᠳᠠ ᠠ᠋ᠴᠠ ᠳᠡᠭᠡᠷ᠎ᠡ ᠦᠭᠡᠢ᠃ ᠲᠠᠨ ᠤ᠋ ᠠᠪᠤ᠂ ᠪᠢᠳᠡ ᠲᠤᠩᠭ᠎ᠠ ᠪᠠᠭᠰᠢ ᠪᠠᠷ ᠵᠢᠭᠠᠯᠭᠠᠵᠤ ᠪᠠᠰᠠ ᠴᠣ ᠣᠷᠣ ᠮᠥᠷ ᠲᠡᠢ ᠭᠡᠵᠦ ᠬᠡᠯᠡᠪᠡ᠃
ᠪᠣᠷᠬᠠᠢ ᠪᠣᠰᠴᠤ ᠣᠴᠢᠭᠠᠳ ᠥᠨᠥᠬᠢ ᠮᠣᠷᠢᠨ ᠠᠴᠢᠶ᠎ᠠ ᠶ᠋ᠢ ᠡᠷᠭᠦᠭᠡᠳ ᠠᠪᠬᠤ ᠭᠡᠲᠡᠯ᠎ᠡ᠄
— ᠵᠠᠩᠵᠤᠨ ᠬᠥᠮᠦᠨ ᠲᠡᠭᠡᠳᠡᠭ ᠦᠭᠡᠢ ᠶᠦᠮ᠃ ᠴᠡᠷᠢᠭ ᠢ᠋ᠶ᠋ᠡᠷ ᠣᠷᠣᠭᠤᠯᠤᠨ᠎ᠠ ᠭᠡᠰᠡᠨ ᠢ᠋ᠶ᠋ᠡᠨ ᠰᠦᠪᠡᠭᠡᠳᠡᠢ ᠴᠣᠩᠬᠣ ᠪᠠᠷ ᠴᠡᠭᠡᠵᠢ ᠪᠡᠨ ᠭᠠᠷᠭᠠᠨ᠄《ᠬᠥᠶᠢ᠂ ᠲᠠ ᠬᠣᠶᠠᠷ ᠨᠠᠰᠢ ᠪᠣᠷᠬᠠᠢ ᠲᠤᠰᠠᠯᠠᠬᠤ ᠶ᠋ᠢ ᠭᠡᠷ ᠲᠦ᠍ ᠨᠢ ᠣᠷᠣᠭᠤᠯᠤᠭᠠᠳ ᠥᠭ》 ᠭᠡᠪᠡ᠃
ᠪᠢᠴᠢᠭ ᠰᠡᠯᠲᠡ ᠶ᠋ᠢ ᠦᠵᠡᠪᠡᠰᠦ ᠦᠨᠡᠬᠡᠷ ᠮᠠᠭᠤᠬᠠᠢ ᠪᠢᠴᠢᠭ ᠲᠡᠢ ᠬᠥᠮᠦᠨ ᠦ᠌ ᠠᠵᠢᠯ ᠪᠣᠯᠪᠠᠴᠤ ᠣᠷᠣ ᠦᠭᠡᠢ ᠳ᠋ᠦ᠍ ᠣᠷᠣᠪᠠᠯ ᠦᠢᠯᠡ ᠲᠡᠢ ᠭᠡᠰᠡᠨ ᠦᠭᠡ ᠪᠣᠢ᠃ ᠴᠢᠩᠭᠢᠲᠡᠯ᠎ᠡ ᠥᠪᠡᠷ ᠦ᠋ᠨ ᠵᠠᠭᠤᠲᠤ ᠶ᠋ᠢᠨ ᠥᠪᠡᠷ ᠦ᠋ᠨ ᠠᠷᠪᠠᠲᠤ ᠶ᠋ᠢᠨ ᠳᠠᠷᠤᠭ᠎ᠠ ᠨᠢᠭᠡ ᠴᠡᠷᠢᠭ ᠲᠡᠢ ᠠᠴᠢᠶ᠎ᠠ ᠲᠡᠭᠡᠭᠡᠰᠢ ᠶ᠋ᠢ ᠨᠢ ᠠᠪᠴᠢᠷᠠᠵᠤ ᠥᠭᠪᠡ᠃
— ᠲᠠ ᠨᠠᠷ ᠬᠠᠮᠢᠭ᠎ᠠ ᠨᠢ ᠣᠷᠣᠪᠠ?
— ᠪᠢᠳᠡ ᠠᠳᠠᠭ ᠤ᠋ᠨ ᠠᠳᠠᠭ ᠳᠤ᠂ ᠭᠤᠷᠪᠠᠳᠤᠭᠠᠷ ᠮᠢᠩᠭᠠᠲᠤ ᠶ᠋ᠢᠨ ᠠᠳᠠᠭ ᠤ᠋ᠨ ᠵᠠᠭᠤᠲᠤ᠂ ᠠᠷᠪᠠᠲᠤ ᠪᠦᠷᠢ ᠳ᠋ᠦ᠍ ᠡᠨᠡ ᠨᠤᠲᠤᠭ ᠤ᠋ᠨ ᠨᠢᠭᠡ ᠴᠡᠷᠢᠭ ᠨᠡᠮᠡᠵᠦ ᠥᠭᠭᠦᠭᠰᠡᠨ᠃ ᠬᠡᠯᠡ ᠨᠡᠪᠲᠡᠷᠡᠯᠴᠡᠬᠦ ᠪᠡᠷ ᠮᠠᠭᠤᠬᠠᠨ᠃ ᠭᠡᠬᠦ ᠳ᠋ᠡᠭᠡᠨ ᠴᠥᠭᠡᠨ ᠬᠡᠳᠦᠨ ᠦᠭᠡ ᠲᠡᠢ ᠶᠦᠮ ᠠ᠋᠃
— ᠬᠡᠯᠡ ᠰᠤᠷᠬᠤ ᠪᠠᠢᠯᠭᠦᠢ᠂ ᠭᠠᠳᠠᠭᠤᠷᠬᠠᠵᠤ᠂ ᠢᠲᠡᠭᠡᠯ ᠢ᠋ ᠨᠢ ᠠᠯᠳᠠᠵᠤ ᠪᠣᠯᠬᠤ ᠦᠭᠡᠢ᠃ ᠭᠡᠬᠦ ᠳ᠋ᠡᠭᠡᠨ ᠠᠩᠬᠠᠷᠤᠯ ᠰᠡᠷᠡᠮᠵᠢ ᠲᠡᠢ ᠪᠠᠢᠭᠠᠷᠠᠢ ᠬᠡᠮᠡᠪᠡ᠃ 377
ᠡᠢᠨᠬᠦ ᠡᠨᠡ ᠡᠳᠦᠷ ᠥᠩᠭᠡᠷᠡᠨ ᠤᠨᠲᠠᠬᠤ ᠪᠣᠯᠵᠤ᠂ ᠰᠠᠢᠬᠠᠨ ᠣᠷᠣ ᠳᠡᠪᠢᠰᠬᠡᠷ ᠳᠡᠭᠡᠷ᠎ᠡ ᠲᠣᠬᠢᠲᠠᠢᠬᠠᠨ ᠬᠡᠪᠲᠡᠯ᠎ᠡ᠃
ᠲᠤᠭ ᠨᠣᠢᠷᠤᠨ ᠳᠤᠮᠳᠠ ᠴᠢᠬᠢᠨ ᠳ᠋ᠦ᠍ ᠬᠠᠲᠠᠭᠰᠠᠨ ᠳᠠᠭᠤᠨ ᠬᠠᠩᠭᠢᠨᠠᠪᠠ᠃ ᠲᠡᠢᠨ ᠦ᠌ ᠪᠦᠷᠢᠶ᠎ᠡ᠂ ᠪᠣᠷᠬᠠᠢ ᠰᠣᠴᠢᠨ ᠪᠣᠰᠴᠤ ᠬᠤᠪᠴᠠᠰᠤ ᠪᠠᠨ ᠡᠮᠦᠰᠦᠭᠡᠳ ᠵᠠᠷ ᠵᠡᠪᠰᠡᠭ ᠢ᠋ᠶ᠋ᠡᠨ ᠵᠡᠭᠦᠵᠦ ᠭᠠᠷᠪᠠᠰᠤ ᠬᠡᠳᠦᠨ ᠴᠡᠷᠢᠭ ᠥᠪᠡᠷ ᠦ᠋ᠨ ᠤᠨᠤᠭ᠎ᠠ ᠮᠣᠷᠢ ᠠᠴᠢᠶ᠎ᠠ ᠲᠡᠭᠡᠭᠡᠰᠢ ᠶ᠋ᠢᠨ ᠮᠣᠷᠢᠳ ᠢ᠋ᠶ᠋ᠠᠨ ᠠᠪᠴᠢᠷᠠᠭᠠᠳ᠄
— ᠲᠤᠰᠠᠯᠠᠬᠤ ᠵᠠᠩᠵᠤᠨ ᠲᠠ ᠬᠡᠳᠦᠨ ᠠᠴᠢᠶ᠎ᠠ ᠲᠠᠢ ᠪᠣᠢ?
— ᠬᠣᠶᠠᠷ᠃
ᠴᠡᠷᠢᠭ ᠦ᠋ᠳ ᠭᠦᠶᠦᠵᠦ ᠣᠷᠣᠭᠠᠳ ᠠᠴᠢᠶ᠎ᠠ ᠶ᠋ᠢ ᠠᠪᠴᠢᠷᠠᠵᠤ ᠮᠣᠷᠢᠨ ᠳ᠋ᠤ᠌ ᠲᠣᠬᠣᠭᠠᠳ ᠣᠯᠣᠮᠯᠠᠵᠤ ᠨᠢᠭᠡ ᠨᠢᠭᠡ ᠴᠡᠷᠢᠭ ᠬᠥᠲᠥᠯᠦᠨ ᠵᠢᠭᠰᠠᠭᠠᠯ ᠳ᠋ᠤ᠌ ᠣᠴᠢᠪᠠ᠃ ᠵᠠᠩᠵᠤᠨ ᠠᠯᠢ ᠬᠡᠳᠦᠢᠨᠡᠢ ᠢᠷᠡᠭᠡᠳ ᠮᠣᠷᠢᠨ ᠳᠡᠭᠡᠷ᠎ᠡ ᠪᠡᠨ ᠬᠥᠨᠳᠡᠯᠢᠰᠦᠨ《ᠲᠤᠯᠤᠯᠳᠤᠭᠠᠨ ᠳ᠋ᠤ᠌ ᠣᠷᠣᠬᠤ ᠪᠣᠯᠤᠯ᠎ᠠ》 ᠭᠡᠪᠡ᠃ ᠶᠡᠬᠡ ᠴᠤᠪᠤᠭ᠎ᠠ ᠬᠥᠳᠡᠯᠦᠨ ᠡᠨᠡ ᠵᠠᠭᠤᠷ᠎ᠠ ᠮᠢᠩᠭᠠᠲᠤ ᠶ᠋ᠢᠨ ᠳᠠᠷᠤᠭ᠎ᠠ ᠨᠠᠷ ᠢ᠋ᠶ᠋ᠠᠨ ᠢᠷᠡᠭᠦᠯᠵᠦ ᠲᠤᠰᠢᠶᠠᠭᠰᠠᠨ ᠨᠢ᠄
— ᠬᠠᠭᠠᠨ ᠠ᠋ᠴᠠ ᠳᠠᠢᠰᠤᠨ ᠢ᠋ ᠭᠡᠨᠡᠳᠡᠭᠦᠯᠦᠨ ᠴᠣᠬᠢᠬᠤ ᠲᠤᠰᠢᠶᠠᠯ ᠢᠷᠡᠵᠡᠢ᠃ ᠣᠢᠷᠠᠯᠴᠠᠭ᠎ᠠ ᠲᠣᠮᠣᠬᠠᠨ ᠪᠦᠯᠦᠭ ᠴᠡᠷᠢᠭ ᠣᠷᠣᠢ ᠪᠠᠭᠤᠵᠤ ᠪᠠᠢᠷᠢᠯᠠᠭᠰᠠᠨ ᠪᠠᠢᠨ᠎ᠠ᠃ ᠡᠨᠳᠡ ᠡᠴᠡ ᠬᠣᠷᠢᠭᠠᠳ ᠮᠣᠳᠣ ᠭᠠᠵᠠᠷ᠂ ᠪᠢ ᠭᠣᠣᠯ ᠵᠠᠮ ᠪᠠᠷᠢᠵᠤ ᠶᠠᠪᠤᠨ᠎ᠠ᠃ ᠬᠣᠶᠠᠳᠤᠭᠠᠷ ᠮᠢᠩᠭᠠᠲᠤ ᠪᠠᠷᠠᠭᠤᠨ ᠭᠠᠷ᠂ ᠭᠤᠷᠪᠠᠳᠤᠭᠠᠷ ᠮᠢᠩᠭᠠᠲᠤ ᠵᠡᠭᠦᠨ ᠭᠠᠷ ᠪᠣᠯᠵᠤ ᠲᠣᠭᠣᠷᠢᠵᠤ ᠪᠦᠰᠡᠯᠡᠬᠦ ᠪᠣᠯᠵᠤ ᠥᠭᠪᠡᠯ ᠮᠠᠨᠠᠭ᠎ᠠ ᠬᠠᠷᠠᠭᠤᠯ ᠢ᠋ ᠨᠢ ᠤᠰᠠᠳᠬᠠᠬᠤ᠃ ᠨᠠᠮ᠎ᠠ ᠶ᠋ᠢ ᠪᠠᠮᠪᠠᠷ ᠠᠰᠠᠭᠠᠵᠤ ᠳᠣᠬᠢᠶ᠎ᠠ ᠥᠭᠭᠦᠮᠡᠭᠴᠡ ᠰᠢᠭᠤᠳ ᠲᠠᠭᠠᠷᠢ᠂ ᠪᠠᠮᠪᠠᠷᠴᠢᠳ ᠢ᠋ᠶ᠋ᠠᠷ ᠭᠠᠯ ᠠᠰᠠᠭᠠᠯᠭᠠᠵᠤ ᠭᠠᠯ ᠢ᠋ᠶ᠋ᠠᠷ ᠳᠠᠭᠠᠷᠢᠬᠤ᠃ ᠵᠠᠳᠠᠭᠠᠢ ᠪᠠᠢᠷᠢᠯᠠᠭᠰᠠᠨ ᠴᠡᠷᠢᠭ ᠢ᠋ ᠭᠡᠨᠡᠳᠡᠭᠦᠯᠦᠨ ᠤᠰᠠᠳᠬᠠᠵᠤ ᠪᠣᠯᠤᠨ᠎ᠠ᠃ ᠪᠠᠢᠷᠢ ᠪᠠᠢᠷᠢ ᠪᠠᠨ ᠡᠵᠡᠯᠡᠵᠦ ᠲᠠᠪᠰᠢᠭᠠᠳ !
ᠰᠥᠨᠢ ᠶ᠋ᠢᠨ ᠳᠠᠭᠠᠷᠢᠯᠲᠠ᠂ ᠪᠥᠭᠡᠮ ᠭᠠᠯ᠃ ᠰᠦᠢᠷᠡᠯ᠂ ᠣᠷᠢᠯᠠᠭᠠᠨ ᠭᠠᠰᠠᠯᠠᠩ᠂ ᠬᠡᠯᠡᠮᠦᠷᠴᠢ ᠥᠨᠳᠥᠷ ᠳᠠᠭᠤ ᠪᠠᠷ ᠠᠮᠠᠨ ᠳ᠋ᠠᠭᠠᠨ ᠬᠣᠭᠣᠯᠠᠢ ᠪᠠᠷᠢᠵᠤ ᠦᠭᠡ ᠬᠠᠰᠬᠢᠴᠢᠨᠠ᠃ ᠲᠡᠷᠡ ᠨᠢ᠄《ᠪᠠᠭᠤᠵᠤ ᠥᠭ᠂ ᠵᠡᠪᠰᠡᠭ ᠢ᠋ᠶ᠋ᠡᠨ ᠣᠷᠬᠢᠭᠠᠳ ᠠᠰᠠᠭᠠᠭᠰᠠᠨ ᠪᠠᠮᠪᠠᠷ ᠤ᠋ᠨ ᠳᠡᠷᠭᠡᠳᠡ ᠵᠢᠭᠰᠠ᠃ ᠪᠠᠭᠤᠵᠤ ᠥᠭᠪᠡᠯ ᠠᠮᠢ ᠨᠠᠰᠤ ᠶ᠋ᠢ ᠴᠢᠨᠢ ᠪᠠᠲᠤᠯᠠᠨ᠎ᠠ》 ᠭᠡᠰᠡᠨ ᠪᠠᠢᠵᠠᠢ᠃ ᠲᠦᠳᠡᠯ ᠦᠭᠡᠢ ᠦᠦᠷ ᠴᠠᠢᠵᠤ ᠥᠷᠯᠥᠭᠡ ᠪᠣᠯᠤᠯ᠎ᠠ᠃ ᠪᠠᠭᠤᠵᠤ ᠥᠭᠭᠦᠭᠰᠡᠳ 378 ᠬᠡᠭᠦᠷ ᠣᠯᠵᠠᠯᠠᠭᠰᠠᠨ ᠡᠳ᠋ ᠵᠦᠢᠯ ᠦ᠋ᠨ ᠲᠣᠭ᠎ᠠ ᠭᠠᠷᠤᠯ᠎ᠠ᠃ ᠵᠠᠬᠢᠷᠤᠭᠴᠢ ᠨᠢ ᠦᠷᠡᠭᠳᠡᠭᠰᠡᠨ ᠪᠠᠢᠨ᠎ᠠ᠃ ᠭᠤᠴᠢ ᠭᠠᠷᠤᠢ ᠬᠥᠮᠦᠨ ᠵᠢᠭᠤᠲᠠᠵᠤ ᠭᠠᠷᠤᠭᠰᠠᠨ ᠭᠡᠰᠡᠨ ᠳ᠋ᠦᠩ ᠲᠣᠢᠮᠣ ᠭᠠᠷᠴᠤ ᠡᠵᠡᠨ ᠬᠠᠭᠠᠨ ᠳ᠋ᠤ᠌ ᠠᠢᠯᠠᠳᠬᠠᠨ ᠢᠯᠡᠭᠡᠵᠦ᠂ ᠣᠳᠣ ᠪᠢᠳᠡ ᠶᠠᠭᠠᠬᠢᠬᠤ ᠪᠣᠢ? ᠭᠡᠮᠡᠨ ᠠᠰᠠᠭᠤᠵᠠᠢ᠃ ᠡᠨᠡ ᠵᠠᠪᠰᠠᠷ ᠴᠡᠷᠢᠭ ᠢ᠋ᠶ᠋ᠡᠨ ᠵᠢᠭᠰᠠᠭᠠᠵᠤ ᠪᠦᠷᠢᠳᠬᠡᠨ ᠦᠵᠡᠪᠡᠰᠦ ᠲᠣᠭ᠎ᠠ ᠪᠦᠷᠢᠨ᠂ ᠬᠠᠷᠢᠨ ᠬᠣᠷᠢ ᠭᠠᠷᠤᠢ ᠬᠥᠮᠦᠨ ᠬᠦᠨᠳᠦ ᠬᠥᠩᠭᠡᠨ ᠰᠢᠷᠬ᠎ᠠ ᠠᠪᠴᠠᠢ᠃ ᠵᠢᠭᠰᠠᠭᠠᠯ ᠤ᠋ᠨ ᠡᠮᠦᠨ᠎ᠡ ᠰᠦᠪᠡᠭᠡᠳᠠᠢ ᠵᠠᠩᠵᠤᠨ ᠥᠭᠦᠯᠡᠭᠰᠡᠨ ᠨᠢ᠄
— ᠪᠢᠳᠡ ᠳᠠᠢᠰᠤᠨ ᠢ᠋ ᠭᠡᠨᠡᠳᠡᠭᠦᠯᠦᠨ ᠴᠣᠬᠢᠯ᠎ᠠ᠂ ᠢᠯᠠᠯ᠎ᠠ ᠃ ᠳᠠᠢᠰᠤᠨ ᠤ᠋ ᠵᠢᠷᠭᠤᠭᠠᠨ ᠬᠠᠷᠠᠭᠤᠯ ᠮᠠᠨᠠᠭ᠎ᠠ ᠶ᠋ᠢ ᠤᠰᠠᠳᠬᠠᠭᠰᠠᠨ᠃ ᠡᠨᠡ ᠪᠣᠯ ᠮᠠᠨ ᠤ᠋ ᠢᠯᠠᠯᠲᠠ ᠶ᠋ᠢᠨ ᠭᠣᠣᠯ ᠦᠨᠳᠦᠰᠦ ᠃ ᠪᠠᠷᠤᠭ ᠴᠡᠷᠢᠭ ᠪᠦᠷᠢ ᠮᠠᠢᠬᠠᠨ ᠲᠠᠢ᠂ ᠳᠡᠩᠳᠡᠭᠦᠦ ᠳᠣᠬᠢ ᠲᠠᠪᠠ ᠪᠠᠨ ᠬᠠᠩᠭᠠᠵᠠᠢ᠃ ᠳᠠᠢᠰᠤᠨ ᠠ᠋ᠴᠠ ᠪᠢᠳᠡ ᠡᠢᠮᠦ ᠰᠤᠷᠭᠠᠮᠵᠢ ᠠᠪᠤᠯ᠎ᠠ ᠃ ᠴᠡᠷᠢᠭ᠂ ᠵᠠᠬᠢᠷᠤᠭᠴᠢ ᠪᠦᠷᠢ᠂ ᠠᠷᠪᠠᠲᠤ᠂ ᠵᠠᠭᠤᠲᠤ᠂ ᠮᠢᠩᠭᠠᠲᠤ ᠪᠦᠷᠢ ᠡᠴᠡ ᠰᠤᠷᠭᠠᠮᠵᠢ ᠶ᠋ᠢ ᠰᠠᠨᠠᠵᠤ ᠪᠣᠳᠣᠵᠤ ᠶᠠᠪᠤ᠃ ᠮᠠᠷᠲᠠᠵᠤ ᠬᠡᠵᠢᠶ᠎ᠡ ᠴᠦ᠍ ᠪᠣᠯᠬᠤ ᠦᠭᠡᠢ᠃
ᠪᠢᠳᠡᠨ ᠳ᠋ᠦ᠍ ᠪᠦᠰᠡ ᠪᠡᠨ ᠲᠠᠢᠯᠬᠤ ᠵᠠᠪ᠂ ᠪᠦᠲᠦᠨ ᠨᠣᠢᠷᠰᠤᠬᠤ ᠴᠢᠯᠥᠭᠡ ᠭᠠᠷᠬᠤ ᠦᠭᠡᠢ᠃ ᠡᠭᠦᠨ ᠢ᠋ ᠢᠮᠠᠭᠲᠠ ᠰᠠᠨᠠ᠂ ᠣᠳᠣ ᠲᠠ ᠨᠠᠷ ᠬᠣᠭᠣᠯᠠᠯᠠᠵᠤ ᠤᠮᠳᠠᠭᠠᠯᠠ᠃ ᠵᠠᠷᠯᠢᠭ ᠬᠠᠮᠢᠭᠠᠰᠢ ᠪᠠᠨ ᠪᠣᠯ ᠪᠢᠳᠡ ᠲᠠᠰᠢ ᠪᠠᠨ ᠭᠡᠪᠡ᠃ ᠲᠡᠳᠦᠢ ᠯᠡ ᠤᠳᠠᠯ ᠦᠭᠡᠢ ᠡᠵᠡᠨ ᠬᠠᠭᠠᠨ ᠠ᠋ᠴᠠ ᠵᠠᠷᠯᠢᠭ ᠢᠷᠡᠭᠰᠡᠨ ᠨᠢ᠄《ᠣᠯᠵᠠᠯᠠᠭᠳᠠᠭᠰᠠᠨ ᠬᠥᠮᠦᠨ᠂ ᠣᠯᠵᠠᠯᠠᠭᠰᠠᠨ ᠪᠦᠬᠦ ᠡᠳ᠋ ᠶᠠᠭᠤᠮ᠎ᠠ ᠪᠠᠨ ᠠᠪᠤᠭᠠᠳ ᠢᠷ᠎ᠡ》 ᠭᠡᠵᠡᠢ᠃ ᠲᠤᠰᠢᠶᠠᠯ ᠶᠣᠰᠣ ᠪᠠᠷ ᠬᠥᠳᠡᠯᠦᠯ᠎ᠡ᠃ ᠣᠢᠷᠠᠳᠴᠤ ᠶᠠᠪᠤᠲᠠᠯ᠎ᠠ ᠬᠠᠭᠠᠨ ᠥᠪᠡᠷ ᠢ᠋ᠶ᠋ᠡᠨ ᠨᠡᠯᠢᠶᠡᠳ ᠴᠡᠷᠢᠭ ᠲᠡᠢ ᠤᠭᠲᠤᠨ ᠠᠢᠰᠤᠢ᠃ ᠰᠦᠪᠡᠭᠡᠳᠠᠢ ᠵᠠᠩᠵᠤᠨ ᠬᠠᠭᠠᠨ ᠳ᠋ᠤ᠌ ᠰᠥᠭᠥᠳᠴᠦ ᠢᠯᠡᠳᠬᠡᠯ ᠮᠡᠳᠡᠭᠡ ᠪᠡᠨ ᠡᠷᠭᠦᠪᠡ᠃ ᠬᠠᠵᠠᠭᠤ ᠳ᠋ᠤᠨᠢ ᠮᠥᠨ ᠪᠣᠷᠬᠠᠢ ᠰᠥᠭᠥᠳᠦᠨ ᠠᠪᠠᠢ᠃ ᠬᠠᠭᠠᠨ ᠢ᠋ᠶ᠋ᠠᠷ᠄
— ᠡᠨᠡ ᠴᠢᠨᠢ ᠬᠡᠨ ᠪᠣᠢ!
— ᠪᠣᠭᠣᠷᠴᠢ ᠶ᠋ᠢᠨ ᠬᠦᠦ ᠪᠣᠷᠬᠠᠢ᠂ ᠪᠢ ᠳᠡᠷᠭᠡᠳᠡ ᠪᠡᠨ ᠠᠪᠤᠭᠰᠠᠨ᠃
— ᠠ ᠲᠡᠢᠮᠦ᠂ ᠪᠣᠷᠬᠠᠢ ᠪᠣᠰ᠂ ᠴᠢ ᠬᠡᠳᠦᠨ ᠨᠠᠰᠤ ᠲᠠᠢ ᠪᠣᠢ? 379
— ᠪᠢ ᠭᠤᠴᠢᠨ ᠨᠠᠰᠤ ᠲᠠᠢ᠂ ᠡᠵᠡᠨ ᠬᠠᠭᠠᠨᠲᠠᠨ ᠠ᠋᠃
— ᠠᠷᠭ᠎ᠠ ᠦᠭᠡᠢ ᠲᠣᠮᠣ ᠰᠠᠢᠬᠠᠨ ᠡᠷ᠎ᠡ ᠪᠣᠯᠵᠠᠢ᠃ ᠪᠠᠭ᠎ᠠ ᠳ᠋ᠤᠨᠢ ᠦᠵᠡᠵᠦ ᠬᠠᠷᠠᠵᠤ ᠶᠠᠪᠤᠭᠰᠠᠨ ᠶᠤᠮ᠃ ᠲᠠᠨᠢᠭᠳᠠᠬᠤ ᠪᠠᠨ ᠪᠠᠢᠵᠠᠢ᠃ ᠠᠷᠭ᠎ᠠ ᠦᠭᠡᠢ ᠠ᠋᠃ ᠵᠠ ᠪᠣᠷᠬᠠᠢ᠂ ᠴᠢ ᠮᠠᠨ ᠤ᠋ ᠭᠠᠷᠮᠠᠭᠠᠢ ᠵᠠᠩᠵᠤᠨ ᠠ᠋ᠴᠠ ᠰᠤᠷᠤᠯᠴᠠᠵᠤ᠂ ᠡᠴᠢᠭᠡ ᠰᠢᠭ ᠢ᠋ᠶ᠋ᠡᠨ ᠶᠡᠬᠡ ᠵᠠᠩᠵᠤᠨ ᠪᠣᠯ᠃
— ᠮᠥᠩᠬᠡ ᠲᠡᠭᠷᠢ ᠶ᠋ᠢᠨ ᠬᠦᠴᠦᠨ ᠳ᠋ᠦ᠍ᠷ ᠶᠡᠬᠡ ᠡᠵᠡᠨ ᠴᠢᠩᠭᠢᠰ ᠬᠠᠭᠠᠨ ᠤ᠋ ᠡᠮᠦᠨ᠎ᠡ ᠬᠦᠴᠦᠨ ᠵᠢᠳᠬᠦᠶ᠎ᠡ᠃
— ᠵᠠ ᠶᠡᠬᠡ ᠰᠠᠢᠨ ᠁ ᠰᠦᠪᠡᠭᠡᠳᠠᠢ ᠠ᠋᠂ ᠴᠢ ᠰᠣᠨᠣᠰ᠂ ᠱᠠᠬ᠎ᠠ᠂ ᠬᠦᠦ ᠵᠠᠯᠠᠯᠳᠢᠨ᠂ ᠮᠡᠯᠢᠭ ᠭᠤᠷᠪᠠ ᠬᠦᠴᠦ ᠪᠡᠨ ᠨᠢᠭᠡᠳᠬᠡᠭᠡᠳ ᠮᠠᠰᠢ ᠣᠯᠠᠨ ᠴᠡᠷᠢᠭ ᠢ᠋ᠶ᠋ᠡᠷ ᠳᠣᠪᠲᠣᠯᠤᠨ ᠪᠠᠢᠨ᠎ᠠ᠃ ᠣᠳᠣ ᠮᠠᠨ ᠤ᠋ ᠬᠢᠨ ᠶᠠᠭ ᠲᠤᠯᠤᠯᠳᠤᠭᠠᠨ ᠳ᠋ᠤ᠌ ᠣᠷᠣᠭᠰᠠᠨ᠃ ᠮᠣᠷᠢᠨ ᠴᠠᠭ ᠳᠠᠭᠤᠰᠬᠤ ᠦᠶ᠎ᠡ ᠪᠡᠷ ᠮᠠᠨ ᠤ᠋ ᠴᠡᠷᠢᠭ ᠤᠬᠤᠷᠢᠵᠤ ᠵᠢᠭᠤᠲᠠᠬᠤ ᠶᠣᠰᠣ ᠲᠠᠢ᠃ ᠲᠡᠢᠨ ᠦ᠌ ᠴᠥᠮᠥᠷᠡᠨ ᠢᠷᠡᠬᠦ ᠦᠶ᠎ᠡ ᠳ᠋ᠦ᠍ ᠪᠢᠳᠡ ᠬᠦᠴᠦ ᠰᠡᠯᠪᠢᠨ ᠰᠥᠷᠴᠦ᠂ ᠮᠠᠨ ᠤ᠋ ᠬᠢᠨ ᠮᠣᠷᠢ ᠪᠠᠨ ᠰᠣᠯᠢᠵᠤ ᠤᠨᠤᠭᠠᠳ ᠡᠷᠭᠢᠵᠦ ᠳᠣᠪᠲᠣᠯᠤᠨ᠎ᠠ᠃ ᠴᠢ ᠴᠠᠭ ᠢ᠋ᠶ᠋ᠠᠨ ᠣᠯᠵᠤ ᠢᠷᠡᠯ᠎ᠡ᠂ ᠴᠢ ᠳᠠᠢᠰᠤᠨ ᠤ᠋ ᠪᠠᠷᠠᠭᠤᠨ ᠭᠠᠷ ᠢ᠋ᠶ᠋ᠠᠷ ᠣᠷᠢᠶᠠᠵᠤ ᠪᠦᠰᠡᠯᠡᠬᠦ ᠮᠠᠶᠢᠭ ᠢ᠋ᠶ᠋ᠠᠷ ᠶᠠᠪᠤᠵᠤ ᠮᠠᠨ ᠤ᠋ ᠬᠢᠨ ᠵᠢᠭᠤᠲᠠᠵᠤ᠂ ᠳᠠᠢᠰᠤᠨ ᠡᠷᠭᠢᠵᠦ ᠴᠤᠪᠤᠷᠠᠬᠤ ᠦᠶ᠎ᠡ ᠪᠡᠷ ᠳᠠᠭᠠᠷᠢᠵᠤ ᠣᠷᠣ᠃ ᠲᠡᠳᠡᠨ ᠦ᠌ ᠬᠡᠨ ᠢ᠋ ᠴᠦ᠍ ᠬᠣᠲᠠ ᠤᠷᠤᠭᠤ ᠣᠷᠣᠭᠤᠯᠵᠤ ᠪᠣᠯᠬᠤ ᠦᠭᠡᠢ᠃ ᠣᠯᠵᠠᠯᠠᠭᠳᠠᠭᠰᠠᠳ ᠬᠢᠭᠡᠳ ᠣᠯᠵᠠᠯᠠᠭᠰᠠᠨ ᠡᠳ᠋ ᠵᠦᠢᠯ ᠢ᠋ᠶ᠋ᠡᠨ ᠦᠯᠡᠳᠡᠭᠡ᠃ ᠥᠪᠡᠷ ᠢ᠋ᠶ᠋ᠡᠨ ᠠᠪᠬᠤ ᠶᠠᠭᠤᠮ᠎ᠠ ᠪᠠᠨ ᠠᠪᠴᠤ ᠪᠣᠯᠤᠨ᠎ᠠ᠃ ᠪᠢᠳᠡ ᠣᠯᠵᠠᠯᠠᠭᠳᠠᠭᠰᠠᠨ ᠬᠥᠮᠦᠰ ᠢ᠋ᠶ᠋ᠡᠷ ᠮᠢᠩᠭᠠᠲᠤ ᠪᠠᠢᠭᠤᠯᠵᠤ ᠪᠠᠢᠭ᠎ᠠ᠃ ᠵᠠᠬᠢᠷᠤᠭᠴᠢ ᠪᠠᠷ ᠲᠣᠭᠤᠨᠴᠢᠷ ᠢ᠋ ᠲᠠᠯᠪᠢᠭᠰᠠᠨ᠃ ᠤᠭ ᠨᠢ ᠴᠡᠷᠢᠭ ᠳᠠᠷᠤᠭᠠᠯᠠᠭᠤᠯᠬᠤ ᠦᠭᠡᠢ ᠭᠡᠰᠡᠨ ᠶᠦᠮ᠃ ᠭᠡᠪᠡᠴᠦ ᠶᠠᠭᠠᠬᠢᠵᠤ ᠲᠡᠢᠮᠦ ᠴᠢᠳᠠᠮᠠᠭ᠂ ᠵᠣᠷᠢᠭ ᠲᠠᠢ ᠳᠠᠷᠤᠭ᠎ᠠ ᠶ᠋ᠢ ᠣᠷᠬᠢᠵᠤ ᠪᠣᠯᠬᠤ ᠪᠣᠢ? ᠲᠡᠷᠡ ᠲᠡᠨᠳᠡ ᠡᠴᠡ ᠨᠡᠷ᠎ᠡ ᠪᠡᠨ ᠣᠯᠵᠤ ᠠᠪᠤᠭ ᠭᠡᠮᠡᠨ ᠵᠠᠷᠯᠢᠭ ᠪᠠᠭᠤᠯᠭᠠᠪᠠ᠃
ᠲᠡᠢᠨ ᠶᠠᠭ ᠯᠠ ᠬᠠᠭᠠᠨ ᠤ᠋ ᠠᠢᠯᠠᠳᠤᠭᠰᠠᠨ ᠢ᠋ᠶ᠋ᠠᠷ ᠪᠣᠯᠵᠤ ᠪᠠᠢᠪᠠ᠃ ᠠᠯᠤᠰ ᠠ᠋ᠴᠠ ᠳᠤᠷᠠᠨᠳᠠᠵᠤ ᠰᠢᠨᠵᠢᠨ ᠪᠠᠢᠭᠠᠳ ᠪᠣᠷᠬᠠᠢ ᠲᠡᠰᠴᠦ ᠶᠠᠳᠠᠨ᠄
— ᠵᠠᠩᠵᠤᠨ ᠠ᠋᠂ ᠪᠢ ᠵᠠᠭᠤᠲᠤ ᠪᠠᠨ ᠠᠪᠤᠭᠠᠳ ᠣᠷᠣᠶ᠎ᠠ ᠭᠡᠪᠡᠰᠦ ᠰᠦᠪᠡᠭᠡᠳᠠᠢ ᠬᠥᠮᠥᠰᠬᠡ ᠵᠠᠩᠭᠢᠳᠤᠨ ᠬᠠᠷᠠᠭᠰᠠᠨ ᠢ᠋ᠶ᠋ᠠᠨ《ᠪᠣᠯᠬᠤ ᠦᠭᠡᠢ ᠠ᠋》 ᠭᠡᠪᠡ᠃ ᠪᠠᠢᠵᠠᠨᠠᠰᠬᠢᠭᠡᠳ ᠳᠠᠬᠢᠨ ᠬᠡᠯᠡᠯ᠎ᠡ᠃ 380
— ᠭᠡᠮ᠂ ᠵᠠ᠂ ᠲᠡᠭᠡᠪᠡᠯ ᠲᠠᠪᠢᠨ ᠴᠡᠷᠢᠭ ᠠᠪᠤᠭᠠᠳ ᠣᠷᠣ᠃ ᠵᠠᠯᠠᠭᠤ ᠬᠥᠮᠦᠨ ᠴᠦ᠍ ᠠᠷᠭ᠎ᠠ ᠦᠭᠡᠢ ᠠ᠋᠃ ᠵᠦᠭᠡᠷ ᠬᠠᠷᠠᠭᠠᠳ ᠪᠠᠢᠬᠤ ᠬᠡᠴᠡᠭᠦᠦ ᠯᠡ ᠳᠡ ᠭᠡᠪᠡ᠃
ᠪᠣᠷᠬᠠᠢ ᠲᠡᠢᠨ ᠳ᠋ᠦ᠍ ᠣᠷᠣᠯ᠎ᠠ᠃ ᠡᠳᠦᠷᠵᠢᠨ ᠲᠤᠯᠤᠯᠳᠤᠵᠤ᠂ ᠳᠠᠢᠰᠤᠨ ᠤᠬᠤᠷᠢᠵᠤ ᠮᠠᠨ ᠤ᠋ ᠬᠢᠨ ᠡᠯᠳᠡᠵᠦ ᠡᠬᠢᠯᠡᠬᠦᠢ ᠬᠠᠷᠠᠩᠭᠤᠢ ᠪᠣᠯᠵᠤ᠂ ᠡᠵᠡᠨ ᠬᠠᠭᠠᠨ ᠠ᠋ᠴᠠ《ᠡᠵᠡᠯᠡᠭᠰᠡᠨ ᠪᠠᠢᠷᠢᠨ ᠳ᠋ᠠᠭᠠᠨ ᠪᠣᠢ᠂ ᠠᠯᠳᠠᠵᠤ ᠪᠣᠯᠬᠤ ᠦᠭᠡᠢ》 ᠭᠡᠰᠡᠨ ᠲᠤᠰᠢᠶᠠᠯ ᠢᠷᠡᠵᠡᠢ᠃ ᠦᠳᠡᠰᠢ ᠵᠠᠩᠵᠤᠨ ᠳᠡᠭᠡᠷ᠎ᠡ ᠢᠷᠡᠪᠡᠰᠦ ᠲᠡᠷᠡ ᠪᠡᠷ᠄
— ᠰᠢᠷᠬᠠᠳᠤᠭᠠᠳ ᠠᠪᠤᠪᠠ ᠤᠤ? ᠮᠠᠢᠵᠢᠢᠭᠠᠳ ᠪᠠᠢᠬᠤ ᠴᠢᠨᠢ᠃
— ᠵᠢᠭᠠᠬᠠᠨ ᠬᠥᠨᠳᠡᠭᠦᠷ ᠯᠡ ᠪᠠᠢᠨ᠎ᠠ᠂ ᠶᠠᠭᠤᠮᠠᠨ ᠳ᠋ᠤ᠌ ᠴᠣᠬᠢᠭᠳᠠᠭᠰᠠᠨ ᠪᠢᠵᠡ᠃
— ᠨᠠᠭᠠᠳᠤ ᠥᠮᠥᠳᠥ ᠪᠡᠨ ᠳᠣᠭᠣᠭᠰᠢ ᠪᠠᠨ ᠪᠣᠯᠭ᠎ᠠ᠃
ᠦᠨᠡᠬᠡᠷ ᠴᠢᠰᠤ ᠭᠠᠷᠴᠤ᠂ ᠬᠡᠰᠡᠭ ᠨᠢ ᠬᠠᠳᠠᠵᠠᠢ᠃
— ᠰᠢᠷᠠᠭᠳᠤᠭᠰᠠᠨ ᠪᠠᠢᠨ᠎ᠠ᠂ ᠪᠣᠭᠣᠯᠭ᠎ᠠ ᠬᠢᠬᠦ ᠮᠥᠷᠲᠡᠭᠡᠨ ᠠᠷᠤ ᠶ᠋ᠢᠨ ᠠᠯᠪᠠᠨ ᠠ᠋ᠴᠠ《ᠲᠤᠰᠠᠯᠠᠬᠤ ᠰᠢᠷᠠᠭᠳᠤᠭᠰᠠᠨ ᠢᠷᠡᠵᠦ ᠪᠣᠭᠣᠵᠤ ᠥᠭ》ᠭᠡᠵᠦ ᠲᠤᠰᠢᠶᠠᠭᠰᠠᠨ ᠶᠣᠰᠣ ᠪᠠᠷ ᠬᠣᠶᠠᠷ ᠭᠤᠷᠪᠠᠨ ᠬᠥᠮᠦᠨ ᠢᠷᠡᠯ᠎ᠡ᠃ ᠲᠡᠳᠡ ᠰᠢᠷᠬ᠎ᠠ ᠶ᠋ᠢ ᠸᠠᠭᠠᠷ ᠲᠠᠢ ᠰᠢᠩᠭᠡᠨ ᠢ᠋ᠶ᠋ᠡᠷ ᠤᠬᠢᠶᠠᠵᠤ ᠴᠢᠰᠤ ᠶ᠋ᠢ ᠨᠢ ᠠᠮᠠ ᠪᠠᠷ ᠢ᠋ᠶ᠋ᠠᠨ ᠬᠡᠳᠦ ᠬᠡᠳᠦ ᠰᠣᠷᠣᠵᠤ ᠬᠠᠶᠠᠯ᠎ᠠ᠃
— ᠳᠣᠲᠣᠷ᠎ᠠ ᠴᠢᠨᠢ ᠮᠠᠭᠤᠬᠠᠢ ᠪᠠᠢᠨ᠎ᠠ ᠤᠤ?
— ᠦᠭᠡᠢ ᠠ᠋᠂ ᠵᠦᠭᠡᠷ᠃
ᠲᠡᠳᠡ ᠬᠥᠪᠥᠩ ᠰᠢᠲᠠᠭᠠᠵᠤ ᠲᠦᠯᠡᠨ ᠡᠮ ᠬᠢᠵᠦ ᠪᠣᠭᠣᠭᠠᠳ ᠤᠤᠭᠤᠬᠤ ᠡᠮ ᠥᠭᠴᠦ ᠶᠠᠪᠤᠯ᠎ᠠ᠃ ᠮᠠᠷᠭᠠᠰᠢ ᠨᠢ ᠪᠦᠷᠢ ᠶᠡᠬᠡ ᠬᠥᠨᠳᠡᠭᠦᠷ ᠪᠣᠯᠴᠢᠬᠠᠵᠤ᠂ ᠠᠷᠤ ᠶ᠋ᠢᠨ ᠠᠯᠪᠠᠨ ᠳ᠋ᠠᠭᠠᠨ ᠠᠪᠠᠴᠢᠵᠤ ᠬᠡᠪᠲᠡᠭᠦᠯᠵᠦ ᠬᠡᠳᠦᠨ ᠡᠳᠦᠷ ᠡᠮᠴᠢᠯᠡᠯᠡ᠃ ᠲᠡᠢᠨ ᠮᠠᠰᠢ ᠰᠢᠷᠦᠭᠦᠨ ᠡᠳᠦᠷ ᠰᠥᠨᠢ ᠦᠭᠡᠢ ᠯᠡ ᠪᠣᠯᠵᠤ ᠪᠠᠢᠭ᠎ᠠ ᠭᠡᠬᠦ᠃ ᠠᠷᠤ ᠶ᠋ᠢᠨ ᠠᠯᠪᠠᠨ ᠤ᠋ ᠬᠢᠨ ᠲᠡᠢᠨ ᠦ᠌ ᠠᠷᠤ ᠶ᠋ᠢᠨ ᠲᠠᠯᠠᠪᠠᠢ ᠠ᠋ᠴᠠ ᠰᠢᠷᠬᠠᠲᠤᠭᠰᠠᠨ᠂ ᠦᠷᠡᠭᠳᠡᠭᠰᠡᠨ ᠴᠡᠷᠢᠭ ᠢ᠋ᠶ᠋ᠡᠨ ᠠᠪᠴᠢᠷᠠᠨ ᠡᠮᠴᠢᠯᠡᠬᠦ ᠣᠷᠣᠰᠢᠭᠤᠯᠬᠤ᠂ ᠶᠡᠷᠦ ᠨᠢ ᠮᠥᠨ ᠯᠡ ᠡᠳᠦᠷ ᠰᠥᠨᠢ ᠶ᠋ᠢᠨ ᠵᠠᠪ ᠴᠢᠯᠥᠭᠡ ᠦᠭᠡᠢ᠃
ᠬᠡᠳᠦ ᠬᠣᠨᠣᠭ ᠡᠮᠴᠢᠯᠡᠭᠦᠯᠦᠭᠡᠳ ᠪᠣᠷᠬᠠᠢ ᠭᠠᠷᠴᠤ ᠢᠷᠡᠯ᠎ᠡ᠃ ᠭᠡᠬᠦ ᠳ᠋ᠡᠭᠡᠨ ᠮᠡᠵᠡᠯᠵᠡᠬᠦ ᠶ᠋ᠢ ᠰᠦᠪᠡᠭᠡᠲᠡᠢ ᠬᠠᠷᠠᠵᠤ ᠬᠠᠷᠠᠵᠤ᠄
—《ᠲᠡᠢᠨ ᠦ᠌ ᠴᠠᠭ ᠳᠤ ᠤᠳᠤᠷᠢᠳᠤᠯᠭ᠎ᠠ ᠦᠭᠡᠢ ᠴᠡᠷᠢᠭ ᠡᠵᠡᠨ ᠦᠭᠡᠢ ᠬᠣᠨᠢ》 ᠭᠡᠰᠡᠨ ᠦᠭᠡ ᠪᠣᠢ᠃ ᠴᠢ ᠡᠭᠦᠨ ᠢ᠋ ᠰᠠᠨᠠᠵᠤ ᠶᠠᠪᠤ ᠭᠡᠯᠡ᠃ ᠡᠨᠳᠡ ᠰᠢᠷᠦᠭᠦᠨ ᠲᠤᠯᠤᠯᠳᠤᠭᠠᠨ ᠳᠣᠯᠣᠭ᠎ᠠ ᠬᠣᠨᠣᠭ ᠦᠷᠭᠦᠯᠵᠢᠯᠡᠵᠦ᠂ ᠳᠠᠢᠰᠤᠨ ᠣᠮᠣᠭ ᠵᠣᠷᠢᠭ ᠰᠢᠨᠲᠠᠷᠠᠵᠤ ᠪᠠᠭᠤᠭᠰᠠᠨ ᠴᠣ ᠳᠠᠢᠳᠤᠭᠰᠠᠭᠠᠷ ᠪᠠᠢᠪᠠ᠃ ᠳᠠᠢᠰᠤᠨ ᠤᠬᠤᠷᠢᠵᠤ ᠪᠠᠭ᠎ᠠ ᠪᠠᠭ᠎ᠠ ᠭᠠᠵᠠᠷ ᠠᠪᠤᠭᠰᠠᠭᠠᠷ ᠳᠠᠬᠢᠨ ᠳᠣᠯᠣᠭ᠎ᠠ ᠬᠣᠨᠣᠭ ᠪᠣᠯᠤᠯ᠎ᠠ᠃ ᠬᠠᠭᠠᠨ ᠢ᠋ᠶ᠋ᠠᠷ ᠰᠦᠪᠡᠭᠡᠲᠡᠢ ᠳ᠋ᠦ᠍᠄《ᠵᠠᠯᠠᠯᠳᠢᠨ᠂ ᠮᠡᠯᠢᠭ ᠦ᠋ᠨ ᠴᠡᠷᠢᠭ ᠬᠠᠮᠲᠤ ᠪᠠᠷ ᠰᠠᠢᠨ ᠮᠥᠷ ᠤᠷᠤᠭᠤ ᠵᠢᠭᠤᠲᠠᠵᠤ᠂ ᠪᠢᠳᠡ ᠲᠡᠭᠦᠨ ᠦ᠌ ᠠᠷᠤ ᠠ᠋ᠴᠠ ᠨᠡᠬᠡᠨ᠎ᠡ᠃ ᠮᠣᠬᠠᠮᠮᠣᠳ᠋ ᠲᠠᠰᠤᠯᠤᠭᠳᠠᠭᠰᠠᠨ᠃ ᠵᠡᠪᠡ ᠬᠠᠭᠠᠵᠤ ᠪᠠᠢᠭ᠎ᠠ᠂ ᠲᠡᠭᠦᠨ ᠤᠷᠤᠭᠤ ᠣᠴᠢᠵᠤ ᠬᠦᠴᠦ ᠬᠠᠪᠰᠤᠷᠤᠨ ᠮᠣᠬᠠᠮᠮᠣᠳ᠋ ᠢ᠋ ᠰᠥᠨᠥᠭᠡ᠃ ᠲᠡᠭᠦᠨ ᠢ᠋ ᠶᠡᠬᠡ ᠴᠡᠷᠢᠭ ᠲᠡᠢ ᠨᠢ ᠡᠰᠡ ᠨᠡᠢᠯᠡᠭᠦᠯᠦᠨ ᠬᠣᠲᠠ ᠤᠷᠤᠭᠤ ᠪᠤᠤ ᠤᠷᠤᠭᠤᠯ》 ᠭᠡᠵᠦ ᠲᠤᠰᠢᠶᠠᠪᠠ᠃ ᠲᠡᠷᠡ ᠬᠣᠶᠠᠷ ᠮᠣᠬᠠᠮᠮᠣᠳ᠋ ᠲᠠᠢ ᠨᠠᠮᠤᠷᠵᠢᠨ ᠢ᠋ᠶ᠋ᠠᠨ ᠬᠥᠭᠡᠭᠡᠴᠡᠯᠳᠦᠨ ᠴᠡᠷᠢᠭ ᠢ᠋ ᠨᠢ ᠬᠣᠷᠣᠭᠠᠭᠰᠠᠭᠠᠷ ᠮᠠᠰᠢ ᠬᠣᠯᠠ ᠭᠠᠵᠠᠷ ᠲᠠᠰᠤᠷᠠᠨ ᠶᠠᠪᠤᠴᠢᠬᠠᠵᠠᠢ᠃ ᠮᠤᠬᠠᠮᠮᠣᠳ᠋ ᠤ᠋ᠨ ᠴᠡᠷᠢᠭ ᠲᠠᠷᠬᠠᠵᠤ ᠪᠤᠲᠠᠷᠠᠨ ᠡᠪᠦᠯ ᠦ᠋ᠨ ᠡᠬᠢᠨ ᠦ᠌ ᠰᠠᠷ᠎ᠠ ᠳ᠋ᠤ᠌ ᠲᠡᠷᠡ ᠪᠡᠷ ᠺᠠᠰᠫᠢ ᠶ᠋ᠢᠨ ᠳᠠᠯᠠᠢ ᠤᠷᠤᠭᠤ ᠬᠣᠷᠢ ᠭᠤᠴᠢᠭᠠᠳ ᠴᠡᠷᠢᠭ ᠲᠡᠢ ᠣᠷᠣᠵᠤ᠂ ᠴᠠᠰᠢ ᠣᠩᠭᠣᠴᠠ ᠪᠠᠷ ᠨᠢᠭᠡᠨ ᠪᠢᠴᠢᠬᠠᠨ ᠠᠷᠠᠯ ᠳᠡᠭᠡᠷ᠎ᠡ ᠣᠴᠢᠵᠤ ᠶᠠᠳᠠᠷᠠᠵᠤ ᠲᠤᠢᠯᠳᠠᠨ᠂ ᠡᠪᠡᠳᠴᠢᠨ ᠲᠣᠰᠴᠤ ᠰᠠᠨᠠᠭ᠎ᠠ ᠰᠡᠳᠬᠢᠯ ᠢ᠋ᠶ᠋ᠡᠷ ᠤᠨᠠᠵᠤ ᠦᠬᠦᠵᠡᠢ᠃ ᠰᠦᠪᠡᠭᠡᠲᠡᠢ᠂ ᠵᠡᠪᠡ ᠬᠣᠶᠠᠷ ᠡᠨᠡ ᠮᠡᠳᠡᠭᠡ ᠶ᠋ᠢ ᠠᠪᠴᠤ ᠰᠠᠢᠲᠤᠷ ᠨᠢᠭᠲᠠᠯᠠᠨ ᠪᠠᠲᠤᠳᠬᠠᠵᠤ《ᠱᠠᠭ᠎ᠠ ᠮᠣᠬᠠᠮᠮᠣᠳ᠋ ᠨᠢᠭᠡᠨᠲᠡ ᠰᠥᠨᠥᠯᠡ᠂ ᠬᠠᠩᠯᠢᠭ ᠠ᠋ᠴᠠ ᠺᠠᠰᠫᠢ ᠶ᠋ᠢᠨ ᠳᠠᠯᠠᠢ ᠬᠦᠷᠲᠡᠯᠡᠬᠢ ᠭᠠᠵᠠᠷ ᠢ᠋ ᠡᠵᠡᠯᠡᠵᠦ ᠡᠷᠬᠡᠨ ᠳ᠋ᠡᠭᠡᠨ ᠣᠷᠣᠭᠤᠯᠪᠠ᠃ ᠣᠳᠣ ᠪᠢᠳᠡ ᠪᠤᠴᠠᠵᠤ ᠣᠴᠢᠬᠤ ᠤᠤ?》 ᠭᠡᠮᠡᠨ ᠡᠵᠡᠨ ᠬᠠᠭᠠᠨ ᠳ᠋ᠤ᠌ ᠡᠯᠴᠢ ᠢᠯᠡᠭᠡᠪᠡᠰᠦ᠄《ᠪᠤᠴᠠᠵᠤ ᠢᠷᠡᠬᠦ ᠬᠡᠷᠡᠭ ᠦᠭᠡᠢ᠂ ᠴᠠᠰᠢ ᠺᠢᠫᠢᠴᠠᠺ ᠬᠢᠭᠡᠳ ᠣᠷᠣᠰ ᠤᠷᠤᠭᠤ ᠭᠠᠵᠠᠷ ᠨᠤᠲᠤᠭ ᠡᠵᠡᠯᠡ》 ᠭᠡᠮᠡᠨ ᠬᠠᠷᠢᠭᠤ ᠵᠠᠷᠯᠢᠭ ᠢᠷᠡᠵᠡᠢ᠃ ᠡᠵᠡᠨ ᠬᠠᠭᠠᠨ ᠤ᠋ ᠵᠠᠷᠯᠢᠭ ᠨᠢᠭᠡᠨᠲᠡ ᠡᠢᠮᠦ ᠡᠴᠡ ᠬᠣᠢᠰᠢ ᠴᠠᠰᠢ ᠳᠠᠪᠰᠢᠵᠤ ᠺᠢᠫᠢᠴᠠᠺ᠂ ᠠᠰᠤ᠂ ᠰᠡᠰᠦ᠂ ᠪᠠᠵᠢᠭᠢᠳ᠂ ᠴᠡᠺᠢᠰ᠂ ᠣᠷᠣᠰ ᠵᠡᠷᠭᠡ ᠣᠯᠠᠨ ᠣᠷᠣᠨ ᠢ᠋ ᠡᠵᠡᠯᠡᠨ ᠡᠵᠡᠯᠡᠭᠰᠡᠭᠡᠷ ᠺᠠᠰᠫᠢ᠂ ᠬᠠᠷ᠎ᠠ ᠳᠠᠯᠠᠢ ᠶ᠋ᠢᠨ 382 ᠬᠣᠭᠣᠷᠣᠨᠳᠣᠬᠢ ᠺᠡᠣᠺᠡᠽ ᠣᠨ ᠠᠭᠤᠯᠠ ᠨᠢᠷᠤᠭᠤ ᠶ᠋ᠢ ᠳᠠᠪᠠᠵᠤ᠂ ᠣᠷᠠᠯ᠂ ᠢᠵᠢᠯ ᠮᠥᠷᠡᠨ ᠦ᠌ ᠰᠠᠪᠠ ᠭᠠᠵᠠᠷ ᠢ᠋ᠶ᠋ᠠᠷ ᠦᠶ᠎ᠡ ᠦᠶ᠎ᠡ ᠬᠠᠲᠠᠭᠤᠬᠠᠨ ᠡᠰᠡᠷᠭᠦᠴᠡᠯ ᠳ᠋ᠦ᠍ ᠲᠤᠯᠭᠠᠷᠠᠨ ᠢᠯᠠᠯᠲᠠ ᠬᠢᠵᠦ᠂ ᠢᠯᠠᠯᠲᠠ ᠳ᠋ᠠᠭᠠᠨ ᠤᠯᠠᠩᠭᠠᠰᠤᠭᠰᠠᠨ ᠬᠣᠶᠠᠷ ᠡᠬᠡ ᠨᠤᠲᠤᠭ᠂ ᠡᠬᠡᠨᠡᠷ ᠬᠡᠦᠬᠡᠳ᠂ ᠡᠴᠢᠭᠡ ᠡᠬᠡ᠂ ᠲᠡᠷᠡ ᠴᠦ᠍ ᠪᠠᠢᠲᠤᠭᠠᠢ ᠡᠵᠡᠨ ᠬᠠᠭᠠᠨ ᠢ᠋ᠶ᠋ᠠᠨ ᠴᠣ ᠡᠷᠭᠢᠵᠦ ᠰᠠᠨᠠᠬᠤ ᠪᠠᠨ ᠠᠯᠭᠠᠭᠤᠷᠯᠠᠬᠤ ᠪᠣᠯᠵᠠᠢ᠃ ᠡᠯ᠎ᠡ ᠠᠯᠤᠰ ᠭᠠᠵᠠᠷ ᠨᠤᠲᠤᠭ ᠳᠤ ᠨᠢ ᠬᠠᠭᠠᠨ ᠤ᠋ ᠡᠯᠴᠢ ᠴᠦ᠍ ᠨᠡᠪᠲᠡᠷᠡᠵᠦ ᠢᠷᠡᠭᠰᠡᠨ ᠦᠭᠡᠢ ᠤᠳᠠᠭ᠎ᠠ ᠲᠠᠢ᠃ ᠡᠯᠴᠢ ᠴᠦ᠍ ᠦᠭᠡᠢ᠂ ᠡᠷᠬᠢᠮ ᠬᠣᠶᠠᠷ ᠵᠠᠩᠵᠤᠨ ᠴᠣ ᠦᠭᠡᠢ᠂ ᠡᠵᠡᠨ ᠬᠠᠭᠠᠨ ᠭᠠᠢᠬᠠᠵᠤ ᠰᠡᠳᠬᠢᠯ ᠵᠣᠪᠠᠨᠢᠬᠤ ᠪᠣᠯᠵᠠᠢ᠃ ᠡᠵᠡᠨ ᠬᠠᠭᠠᠨ ᠤ᠋ ᠳᠡᠷᠭᠡᠳᠡ ᠡᠴᠡ ᠯᠤᠤ ᠵᠢᠯ ᠲᠠᠰᠤᠷᠠᠭᠰᠠᠨ ᠬᠣᠶᠠᠷ ᠮᠣᠭᠠᠢ ᠮᠣᠷᠢᠨ ᠵᠢᠯ ᠢ᠋ ᠭᠡᠲᠦᠯᠵᠦ ᠬᠣᠨᠢᠨ ᠵᠢᠯ ᠦ᠋ᠨ ᠨᠢᠭᠤᠷ ᠦᠵᠡᠯ᠎ᠡ᠃ ᠡᠨᠡ ᠬᠣᠭᠣᠷᠣᠨᠳᠣ ᠬᠢᠭᠰᠡᠨ ᠶᠡᠬᠡ ᠪᠠᠭ᠎ᠠ ᠲᠤᠯᠤᠯᠳᠤᠭᠠᠨ ᠬᠡᠳᠦᠨ ᠠᠷᠪᠠ ᠶ᠋ᠢᠨ ᠲᠣᠭᠠᠨ ᠳ᠋ᠤ᠌ ᠬᠦᠷᠴᠡᠢ᠃ ᠣᠯᠵᠠᠯᠠᠭᠳᠠᠭᠰᠠᠳ ᠢ᠋ᠶ᠋ᠠᠷ ᠴᠡᠷᠢᠭ ᠢ᠋ᠶ᠋ᠡᠨ ᠨᠥᠬᠥᠭᠰᠡᠨ ᠦᠭᠡᠢ᠃ ᠬᠠᠷᠢᠨ ᠣᠯᠠᠨ ᠴᠥᠭᠡᠨ ᠣᠯᠵᠠᠯᠠᠭᠳᠠᠭᠰᠠᠳ ᠢ᠋ ᠵᠡᠪᠰᠡᠭᠯᠡᠨ ᠬᠦᠴᠦᠲᠡᠢᠬᠡᠨ ᠬᠠᠷ᠎ᠠ ᠳᠠᠢᠰᠤᠨ ᠤ᠋ ᠡᠰᠡᠷᠭᠦ ᠲᠤᠷᠬᠢᠷᠠᠵᠤ《ᠲᠠ ᠨᠠᠷ ᠤᠷᠢᠳᠤ ᠦᠶ᠎ᠡ ᠶ᠋ᠢᠨ ᠦᠰ ᠬᠣᠨᠵᠢᠩ ᠢ᠋ᠶ᠋ᠠᠨ ᠠᠪ᠂ ᠲᠡᠭᠡᠭᠡᠳ ᠶᠠᠭᠤ ᠳᠤᠷ᠎ᠠ ᠲᠠᠢ ᠪᠠᠨ ᠣᠯᠵᠠᠯᠠᠵᠤ ᠠᠪᠤᠭᠠᠳ ᠡᠷᠭᠢᠵᠦ ᠢᠷᠡᠬᠦ ᠬᠡᠷᠡᠭ ᠦᠭᠡᠢ᠃ ᠳᠤᠷ᠎ᠠ ᠲᠠᠢ ᠵᠦᠭ ᠲᠡᠭᠡᠨ ᠶᠠᠪᠤ》 ᠭᠡᠵᠦ ᠵᠠᠯᠢ ᠮᠡᠬᠡ ᠬᠡᠷᠡᠭᠯᠡᠨ ᠳᠠᠢᠰᠤᠨ ᠤ᠋ ᠬᠦᠴᠦ ᠶ᠋ᠢ ᠰᠠᠮᠠᠭᠤᠷᠠᠭᠤᠯᠵᠤ ᠰᠠᠭᠠᠷᠠᠭᠤᠯᠤᠨ ᠥᠪᠡᠷᠰᠡᠳ ᠢ᠋ᠶ᠋ᠡᠨ ᠳᠠᠷᠠᠭ᠎ᠠ ᠨᠢ ᠣᠷᠣᠵᠤ ᠲᠤᠯᠤᠯᠳᠤᠵᠤ ᠪᠠᠢᠭᠰᠠᠨ ᠴᠣ ᠤᠳᠠᠭ᠎ᠠ ᠲᠠᠢ᠃ ᠡᠨᠡ ᠬᠣᠶᠠᠷ ᠬᠥᠮᠦᠨ ᠦ᠌ ᠦᠢᠯᠡ ᠪᠤᠶᠠᠨ ᠠ᠋ᠴᠠ ᠨᠢᠭᠦᠯ ᠨᠢ ᠳᠠᠪᠠᠵᠤ ᠮᠡᠳᠡᠨ᠎ᠡ᠃ ᠦᠨᠡᠰᠦᠨ ᠲᠣᠪᠷᠠᠭ ᠪᠣᠯᠭᠠᠭᠰᠠᠨ ᠬᠣᠲᠠ ᠭᠠᠵᠠᠷ ᠨᠤᠲᠤᠭ ᠴᠣ ᠪᠣᠢ᠃ ᠡᠨᠡ ᠬᠠᠷᠢ ᠳ᠋ᠤ᠌ ᠡᠷᠬᠡ ᠳᠤᠷ᠎ᠠ ᠪᠠᠨ ᠡᠳ᠋ᠯᠡᠵᠦ ᠠᠭᠰᠠᠨ ᠬᠣᠶᠠᠷ ᠳᠤ ᠡᠵᠡᠨ ᠬᠠᠭᠠᠨ ᠠ᠋ᠴᠠ ᠡᠯᠴᠢ ᠢᠷᠡᠵᠦ᠄《ᠲᠠ ᠬᠣᠶᠠᠷ ᠬᠡᠯᠡ ᠴᠢᠮᠡᠭᠡ ᠦᠭᠡᠢ ᠶᠠᠭᠤ ᠪᠣᠯᠵᠤ ᠶᠠᠪᠤᠨ᠎ᠠ ᠪᠣᠢ? ᠡᠷᠭᠢᠵᠦ ᠢᠷ᠎ᠡ》 ᠭᠡᠰᠡᠨ ᠵᠠᠷᠯᠢᠭ ᠢᠷᠡᠵᠡᠢ᠃
ᠲᠡᠷᠡ ᠬᠣᠶᠠᠷ ᠡᠵᠡᠯᠡᠵᠦ ᠠᠪᠤᠭᠰᠠᠨ ᠠᠷᠪᠠ ᠰᠢᠬᠠᠮ ᠤᠯᠤᠰ ᠪᠦᠷᠢ ᠲᠡᠢ ᠲᠤᠯᠭᠠᠨ ᠱᠠᠭᠠᠷᠳᠠᠬᠤ ᠭᠡᠷ᠎ᠡ ᠬᠢᠵᠦ᠂《ᠴᠢᠩᠭᠢᠰ ᠬᠠᠭᠠᠨ ᠤ᠋ ᠠᠯᠪᠠᠲᠤ ᠵᠠᠷᠤᠴᠠ ᠮᠥᠨ》 ᠭᠡᠰᠡᠨ ᠬᠠᠲᠠᠭᠤᠬᠠᠨ ᠪᠠᠲᠤᠯᠠᠭ᠎ᠠ ᠭᠠᠷᠭᠠᠭᠤᠯᠵᠤ ᠠᠪᠴᠤ ᠶᠠᠪᠤᠭᠰᠠᠨ ᠨᠢ ᠠᠷᠭ᠎ᠠ ᠦᠭᠡᠢ ᠯᠡ ᠬᠠᠰᠢᠷ ᠴᠢᠨᠣ᠎ᠠ᠂ ᠤᠯᠤᠰ ᠲᠥᠷᠥ ᠶ᠋ᠢᠨ ᠳᠠᠷᠤᠩᠭᠤᠢᠯᠠᠭᠴᠢ ᠪᠣᠳᠣᠯᠭᠠᠲᠠᠨ ᠪᠣᠯᠬᠤ ᠶ᠋ᠢ ᠲᠣᠳᠣᠷᠬᠠᠢᠯᠠᠨ᠎ᠠ᠃ ᠲᠡᠷᠡ ᠭᠡᠷ᠎ᠡ ᠪᠠᠲᠤᠯᠠᠮᠵᠢ ᠨᠢ᠄
— ᠣᠷᠣᠰ ᠤ᠋ᠨ ᠸᠠᠩ ᠪᠢ ᠮᠥᠩᠬᠡ ᠲᠩᠷᠢ ᠶ᠋ᠢᠨ ᠳᠣᠣᠷ᠎ᠠ ᠶᠡᠬᠡ ᠮᠣᠩᠭᠣᠯ ᠤᠯᠤᠰ ᠤ᠋ᠨ ᠶᠡᠬᠡ ᠬᠠᠭᠠᠨ ᠴᠢᠩᠭᠢᠰ ᠲᠠᠨ ᠤ᠋ ᠥᠯᠮᠡᠢ ᠳ᠋ᠦ᠍ ᠰᠥᠭᠥᠳᠴᠦ 383 ᠲᠠᠩᠭᠠᠷᠢᠭᠯᠠᠬᠤ ᠨᠢ:
1 . ᠪᠢ ᠶᠡᠬᠡ ᠴᠢᠩᠭᠢᠰ ᠬᠠᠭᠠᠨ ᠲᠠᠨ ᠤ᠋ ᠬᠤᠪᠢᠷᠠᠰᠢ ᠦᠭᠡᠢ ᠦᠨᠡᠨᠴᠢ ᠵᠠᠷᠤᠴᠠ ᠪᠣᠭᠣᠯ ᠮᠥᠨ᠃
2. ᠲᠠᠨ ᠳ᠋ᠤ᠌ ᠪᠢ ᠵᠢᠯ ᠪᠦᠷᠢ ᠶ᠋ᠢᠨ ᠡᠬᠢᠨ ᠰᠠᠷ᠎ᠠ ᠳ᠋ᠤ᠌(ᠥᠴᠢ ᠲᠥᠴᠢᠨᠡᠨ ᠭᠡᠮᠡᠨ ᠲᠣᠭ᠎ᠠ ᠪᠠᠷ ᠢᠯᠡᠷᠬᠡᠢᠯᠡᠭᠰᠡᠨ ᠠᠯᠲᠠ ᠮᠥᠩᠭᠥ᠂ ᠦᠨᠡᠲᠦ ᠡᠳ᠋ᠯᠡᠯ ᠳᠤᠷᠳᠤᠩ) ᠠᠯᠪᠠ ᠨᠡᠢᠯᠡᠭᠦᠯᠵᠦ ᠪᠠᠢᠨ᠎ᠠ᠃
3. ᠥᠪᠡᠷ ᠦ᠋ᠨ ᠪᠡᠶ᠎ᠡ ᠶ᠋ᠢ ᠬᠠᠮᠠᠭᠠᠯᠠᠬᠤ ᠴᠡᠷᠢᠭ ᠦ᠋ᠨ ᠲᠣᠭ᠎ᠠ ᠶ᠋ᠢ ᠵᠠᠭᠤ ᠠ᠋ᠴᠠ ᠢᠯᠡᠭᠦᠦ ᠭᠠᠷᠭᠠᠬᠤ ᠦᠭᠡᠢ᠃ ᠤᠯᠤᠰ ᠣᠷᠣᠨ ᠳ᠋ᠤ᠌ ᠮᠠᠨᠢ ᠬᠠᠷᠢ ᠶ᠋ᠢᠨ ᠳᠠᠢᠰᠤᠨ ᠬᠠᠯᠳᠠᠪᠠᠯ ᠲᠤᠬᠠᠢ ᠶ᠋ᠢᠨ ᠴᠠᠭ ᠲᠤ᠌ ᠨᠢ ᠴᠡᠷᠢᠭ ᠲᠠᠲᠠᠵᠤ ᠬᠠᠮᠠᠭᠠᠯᠠ᠂ ᠬᠡᠷᠪᠡ ᠬᠦᠴᠦ ᠮᠡᠬᠦᠰᠳᠡᠪᠡᠯ ᠲᠠᠨ ᠳ᠋ᠤ᠌ ᠲᠤᠰᠠᠯᠠᠮᠵᠢ ᠠᠢᠯᠠᠳᠬᠠᠨ᠎ᠠ᠃
4. ᠲᠠᠨ ᠤ᠋ ᠡᠮᠦᠨ᠎ᠡ ᠦᠨᠡᠨᠴᠢ ᠪᠡᠷ ᠵᠢᠳᠬᠦᠭᠰᠡᠨ ᠬᠦᠴᠦ ᠪᠡᠨ ᠦᠨᠡᠯᠡᠭᠦᠯᠵᠦ᠂ ᠬᠠᠷ᠎ᠠ ᠱᠠᠩ᠂ ᠠᠯᠳᠠᠷ ᠭᠠᠪᠢᠶᠠᠨ ᠳ᠋ᠤ᠌ ᠭᠣᠷᠢᠯᠠᠨᠠ᠃
5. ᠡᠨᠡᠬᠦ ᠭᠡᠷ᠎ᠡ ᠪᠠᠲᠤᠯᠠᠭ᠎ᠠ ᠶ᠋ᠢ ᠮᠢᠨᠦ ᠪᠡᠶ᠎ᠡ ᠵᠠᠯᠭᠠᠮᠵᠢ ᠬᠣᠢᠴᠢ ᠳᠠᠭᠠᠵᠤ ᠪᠡᠶᠡᠯᠡᠭᠦᠯᠵᠦ ᠪᠠᠢᠬᠤ ᠡᠭᠦᠷᠭᠡ ᠬᠦᠯᠢᠶᠡᠯᠭᠡᠨ᠎ᠡ ᠭᠡᠰᠡᠨ ᠳᠣᠯᠣᠭᠠᠨ ᠤᠯᠤᠰ ᠤ᠋ᠨ ᠡᠵᠡᠨ ᠦ᠌ ᠡᠢᠮᠦ ᠨᠢᠭᠡᠨ ᠬᠡᠪ ᠦ᠋ᠨ ᠪᠠᠲᠤᠯᠠᠭ᠎ᠠ ᠶ᠋ᠢ ᠮᠣᠩᠭᠣᠯ᠂ ᠲᠤᠬᠠᠢ ᠶ᠋ᠢᠨ ᠣᠷᠣᠨ ᠤ᠋ ᠬᠡᠯᠡ ᠪᠡᠷ ᠲᠤᠰ ᠪᠦᠷᠢ ᠳᠥᠷᠪᠡᠨ ᠬᠤᠪᠢ ᠬᠢᠵᠦ᠂ ᠬᠣᠲᠠ᠂ ᠣᠩᠨᠣᠭᠣ᠂ ᠪᠠᠲᠤᠯᠠᠭ᠎ᠠ ᠭᠠᠷᠭᠠᠭᠰᠠᠨ ᠡᠲᠡᠭᠡᠳ᠂ ᠰᠦᠪᠡᠭᠡᠳᠠᠢ ᠵᠡᠪᠡ ᠭᠤᠷᠪᠠ ᠶ᠋ᠢᠨ ᠭᠠᠷ ᠤ᠋ᠨ ᠦᠰᠦᠭ ᠵᠢᠷᠤᠵᠤ᠂ ᠨᠢᠭᠡ ᠬᠤᠪᠢ ᠶ᠋ᠢ ᠡᠵᠡᠨ ᠳ᠋ᠦ᠍ ᠦᠯᠡᠳᠡᠭᠡᠬᠦ ᠬᠤᠪᠢ ᠶ᠋ᠢᠨ ᠨᠢᠭᠡ ᠨᠢᠭᠡ ᠶ᠋ᠢ ᠰᠦᠪᠡᠭᠡᠳᠠᠢ᠂ ᠵᠡᠪᠡ ᠠᠪᠴᠤ᠂ ᠨᠢᠭᠡ ᠬᠤᠪᠢ ᠶ᠋ᠢ ᠬᠠᠭᠠᠨ ᠳ᠋ᠤ᠌ ᠥᠭᠬᠦ ᠪᠡᠷ ᠬᠠᠳᠠᠭᠠᠯᠠᠵᠤ ᠶᠠᠪᠤᠭ᠎ᠠ ᠪᠥᠯᠥᠭᠡ᠃ ᠡᠯᠴᠢ ᠶ᠋ᠢ ᠳᠣᠯᠣᠭ᠎ᠠ ᠬᠣᠨᠣᠭ ᠠᠮᠠᠷᠠᠭᠠᠵᠤ᠂ ᠪᠠᠰᠠ ᠴᠣ ᠣᠢᠷᠠᠬᠠᠨ ᠣᠷᠣᠨ ᠢ᠋ ᠦᠵᠡᠭᠦᠯᠵᠦ᠂ 《ᠪᠢᠳᠡ ᠬᠠᠭᠠᠨ ᠤ᠋ ᠵᠠᠷᠯᠢᠭ ᠢ᠋ ᠠᠪᠴᠤ ᠨᠤᠲᠤᠭ ᠪᠤᠴᠠᠬᠤ ᠪᠣᠯᠤᠭᠰᠠᠨ ᠳ᠋ᠠᠭᠠᠨ ᠲᠤᠢᠯ ᠠ᠋ᠴᠠ ᠪᠠᠶᠠᠷᠯᠠᠨ ᠪᠢᠰᠢᠷᠡᠨᠡᠮ᠃ ᠡᠨᠳᠡ ᠡᠴᠡ ᠲᠠᠨ ᠢ᠋ ᠬᠦᠷᠲᠡᠯ᠎ᠡ ᠲᠦᠮᠡ ᠬᠣᠯᠠ ᠭᠠᠷᠤᠢ ᠮᠣᠳᠣ ᠭᠠᠵᠠᠷ᠂ ᠠᠭᠤᠯᠠ ᠤᠰᠤ ᠣᠯᠠᠨ᠂ ᠠᠴᠢᠶ᠎ᠠ ᠬᠥᠰᠬᠡ ᠨᠦᠰᠡᠷ ᠲᠤᠯᠠ ᠳᠣᠣᠷ᠎ᠠ ᠬᠠᠶᠠᠵᠤ ᠭᠤᠷᠪᠠᠨ ᠰᠠᠷ᠎ᠠ ᠠᠶᠠᠯᠠᠵᠤ ᠬᠦᠷᠦᠨ᠎ᠡ᠃ ᠭᠡᠪᠡᠴᠦ ᠪᠢᠳᠡ ᠶᠠᠪᠤᠳᠠᠯ ᠢ᠋ᠶ᠋ᠠᠨ ᠠᠯᠢ ᠪᠣᠯᠬᠤ ᠲᠦᠷᠭᠡᠪᠴᠢᠯᠡᠬᠦ ᠶ᠋ᠢ ᠬᠢᠴᠢᠶᠡᠨ᠎ᠡ᠃ ᠬᠤᠭᠤᠴᠠᠭ᠎ᠠ ᠡᠢᠮᠦ ᠲᠤᠯᠠ ᠲᠠᠨ ᠳ᠋ᠤ᠌ ᠤᠷᠢᠳᠴᠢᠯᠠᠨ ᠣᠯᠵᠠᠨ ᠤ᠋ ᠳᠡᠭᠡᠵᠢ ᠭᠤᠷᠪᠠᠨ ᠮᠣᠷᠢᠨ ᠠᠴᠢᠶ᠎ᠠ᠂ ᠦᠨᠡᠲᠦ ᠡᠷᠳᠡᠨᠢ ᠡᠴᠡ ᠢᠯᠡᠭᠡᠪᠡ 》ᠭᠡᠰᠡᠨ ᠤᠳᠬ᠎ᠠ ᠲᠠᠢ ᠪᠢᠴᠢᠭ ᠂ ᠮᠥᠨ ᠡᠵᠡᠯᠡᠭᠳᠡᠭᠰᠡᠨ ᠤᠯᠤᠰ ᠤ᠋ᠨ ᠡᠵᠡᠨ ᠦ᠌ ᠪᠣᠳᠣᠯᠭ᠎ᠠ ᠶ᠋ᠢ ᠬᠣᠶᠠᠷ ᠵᠠᠭᠤᠨ ᠴᠡᠷᠢᠭ ᠭᠠᠷᠭᠠᠵᠤ 384 ᠬᠠᠮᠠᠭᠠᠯᠠᠭᠤᠯᠤᠨ ᠢᠯᠡᠭᠡᠵᠡᠢ᠃
ᠰᠦᠪᠡᠭᠡᠳᠠᠢ ᠡᠯᠴᠢᠳ ᠦ᠋ᠨ ᠠᠮᠠ ᠪᠠᠷ《ᠵᠡᠪᠡ ᠶ᠋ᠢᠨ ᠮᠠᠨᠢ ᠪᠡᠶ᠎ᠡ ᠲᠠᠭᠠᠷᠠᠤ᠂ ᠪᠥᠭᠡᠷᠡᠨ ᠦ᠌ ᠡᠪᠡᠳᠴᠢᠨ ᠲᠡᠢ ᠭᠡᠰᠡᠨ᠃ ᠡᠨᠡ ᠭᠠᠵᠠᠷ ᠤ᠋ᠨ ᠡᠮᠴᠢ ᠳᠣᠮᠴᠢ ᠪᠠᠷ ᠠᠷᠭᠠᠯᠠᠭᠤᠯᠬᠤ ᠣᠨᠴᠠ ᠵᠠᠰᠠᠯ ᠠᠪᠬᠤ ᠦᠭᠡᠢ ᠪᠠᠢᠭ᠎ᠠ ᠶ᠋ᠢ ᠡᠵᠡᠨ ᠬᠠᠭᠠᠨ ᠳ᠋ᠤ᠌ ᠤᠯᠠᠮᠵᠢᠯᠠᠭᠠᠷᠠᠢ 》ᠭᠡᠮᠡᠨ ᠠᠮᠢᠨᠴᠢᠯᠠᠨ ᠬᠡᠯᠡᠪᠡ᠃
ᠡᠢᠨᠬᠦ ᠡᠯᠴᠢ ᠶ᠋ᠢ ᠪᠤᠴᠠᠭᠠᠵᠤ᠂ ᠠᠶᠠᠯᠠᠯ ᠤ᠋ᠨ ᠪᠡᠯᠡᠳᠬᠡᠯ ᠳ᠋ᠡᠭᠡᠨ ᠣᠷᠣᠭᠰᠠᠨ ᠪᠣᠯᠠᠢ᠃
ᠡᠯᠴᠢ ᠶ᠋ᠢ ᠶᠠᠪᠤᠭᠰᠠᠨ ᠣᠷᠣᠢ ᠰᠦᠪᠡᠭᠡᠳᠡᠢ ᠶ᠋ᠢᠨ ᠭᠡᠷ ᠲᠦ᠍ ᠵᠡᠪᠡ ᠣᠷᠣᠵᠤ ᠢᠷᠡᠪᠡ᠃ ᠲᠡᠳᠡ ᠬᠣᠶᠠᠷ ᠠᠶᠠᠨ ᠲᠡᠢᠨ ᠳᠠᠭᠤᠰᠴᠤ ᠪᠤᠴᠠᠬᠤ ᠪᠣᠯᠤᠭᠰᠠᠨ ᠳ᠋ᠠᠭᠠᠨ ᠰᠡᠳᠬᠢᠯ ᠬᠥᠳᠡᠯᠵᠦ ᠪᠣᠷᠬᠠᠢ ᠲᠠᠢ ᠭᠤᠷᠪᠠᠭᠤᠯᠠ ᠡᠨᠡ ᠭᠠᠵᠠᠷ ᠤ᠋ᠨ ᠳᠡᠭᠡᠳᠦ ᠵᠡᠷᠭᠡ ᠶ᠋ᠢᠨ ᠵᠣᠭᠣᠭ ᠤᠮᠳᠠ ᠠᠪᠴᠢᠷᠠᠭᠤᠯᠪᠠ᠃ ᠰᠦᠪᠡᠭᠡᠳᠡᠢ᠄
— ᠠᠯᠢᠪ ᠁ ᠡᠨᠡ ᠰᠠᠷᠬᠤᠳ ᠠ᠋ᠴᠠ ᠭᠤᠷᠪᠠᠭᠤᠯᠠ ᠳ᠋ᠠᠭᠠᠨ ᠬᠤᠨᠳᠠᠭᠠᠯᠠᠭᠴᠢ ᠭᠡᠵᠦ ᠪᠣᠷᠬᠠᠢ ᠳ᠋ᠤ᠌ ᠬᠡᠯᠡᠪᠡ᠃ ᠰᠦᠪᠡᠭᠡᠳᠡᠢ ᠶᠠᠮᠠᠷ ᠴᠣ ᠵᠣᠴᠢᠨ ᠲᠠᠢ ᠠᠭᠤᠯᠵᠠᠬᠤ ᠦᠶ᠎ᠡ ᠳ᠋ᠡᠭᠡᠨ ᠬᠤᠨᠳᠠᠭᠠᠨ ᠳ᠋ᠤ᠌ ᠪᠣᠷᠬᠠᠢ ᠶ᠋ᠢ ᠲᠣᠭᠠᠴᠢᠳᠠᠭ ᠦᠭᠡᠢ᠃ ᠪᠣᠷᠬᠠᠢ ᠵᠥᠪᠬᠡᠨ ᠬᠠᠷᠠᠵᠤ ᠯᠠ ᠰᠠᠭᠤᠳᠠᠭ᠃ ᠬᠠᠷᠢᠨ ᠵᠣᠭᠣᠭ ᠤᠮᠳᠠ ᠶ᠋ᠢ ᠪᠣᠯ ᠥᠭᠡᠷ᠎ᠡ᠂ ᠲᠦᠩᠬᠦᠢᠲᠡᠯᠡ ᠢᠳᠡᠵᠦ ᠤᠤᠭᠤᠨ᠎ᠠ᠃ ᠡᠨᠡ ᠶᠠᠪᠤᠭᠰᠠᠨ ᠠᠶᠠᠨ ᠲᠡᠢᠨ ᠦ᠌ ᠬᠤᠭᠤᠴᠠᠭᠠᠨ ᠳ᠋ᠤ᠌ ᠭᠤᠷᠪᠠ ᠤᠳᠠᠭ᠎ᠠ ᠨᠠᠢᠷ ᠬᠢᠭᠰᠡᠨ᠃ ᠲᠡᠷᠡ ᠨᠢ ᠲᠣᠮᠣᠬᠠᠨ ᠢᠯᠠᠯᠲᠠ ᠬᠢᠭᠰᠡᠨ ᠦ᠌ ᠳᠠᠷᠠᠭ᠎ᠠ ᠪᠣᠯᠳᠠᠭ᠃ ᠬᠠᠮᠤᠭ ᠤ᠋ᠨ ᠥᠷᠭᠡᠨ ᠨᠢ ᠺᠠᠯᠺᠡ ᠭᠣᠣᠯ ᠳ᠋ᠤ᠌ ᠣᠷᠣᠰ ᠤ᠋ᠳ ᠢ᠋ ᠴᠣᠬᠢᠭᠠᠳ ᠬᠢᠭᠰᠡᠨ ᠨᠠᠢᠷ᠃ ᠣᠷᠣᠰ ᠤ᠋ᠨ ᠸᠠᠩ ᠢᠵᠠᠭᠤᠷᠲᠠᠨ᠂ ᠳᠡᠭᠡᠳᠦᠰ ᠢ᠋ ᠡᠬᠡᠨᠡᠷ ᠬᠡᠦᠬᠡᠳ ᠦ᠋ᠨ ᠬᠢᠨᠢ ᠬᠠᠮᠲᠤ ᠳᠣᠣᠷᠠᠲᠤ ᠳᠠᠪᠬᠤᠷ ᠲᠤ᠌ ᠨᠢ ᠬᠣᠷᠢᠵᠤ ᠲᠦᠭᠵᠢᠭᠡᠳ ᠳᠡᠭᠡᠳᠦ ᠳᠠᠪᠬᠤᠷ ᠲᠤ᠌ ᠨᠢ ᠳᠠᠷᠤᠢ ᠭᠤᠷᠪᠠ ᠬᠣᠨᠣᠭ ᠡᠳᠦᠷ ᠰᠥᠨᠢ ᠦᠭᠡᠢ ᠨᠠᠢᠷᠯᠠᠭᠰᠠᠨ᠃ ᠲᠡᠢᠮᠦ ᠨᠠᠢᠷ ᠲᠤ᠌ ᠪᠣᠷᠬᠠᠢ ᠶ᠋ᠢ ᠬᠤᠨᠳᠠᠭ᠎ᠠ ᠶ᠋ᠢᠨ ᠲᠣᠭᠠᠨ ᠳ᠋ᠤ᠌ ᠣᠷᠣᠭᠤᠯᠳᠠᠭ ᠪᠣᠯᠪᠠᠴᠤ ᠲᠡᠷᠡ ᠪᠡᠷ ᠲᠡᠳᠦᠢᠯᠡ ᠤᠤᠭᠤᠳᠠᠭ ᠴᠣ ᠦᠭᠡᠢ᠃ ᠤᠤᠭᠤᠵᠤ ᠵᠠᠩᠰᠢᠭᠠ ᠦᠭᠡᠢ᠃ ᠭᠤᠷᠪᠠ ᠬᠣᠨᠣᠭ ᠤ᠋ᠨ ᠲᠡᠷᠡ ᠨᠠᠢᠷ ᠲᠤ᠌ ᠴᠡᠷᠢᠭ ᠪᠦᠭᠦᠳᠡ ᠣᠷᠣᠭᠰᠠᠨ᠃ ᠲᠡᠳᠡᠨ ᠢ᠋ ᠵᠠᠭᠤᠲᠤ ᠵᠠᠭᠤᠲᠤ ᠪᠠᠷ ᠨᠢ ᠡᠭᠡᠯᠵᠢ ᠲᠣᠭᠲᠠᠭᠠᠵᠤ᠂ ᠲᠣᠳᠣᠷᠬᠠᠢ ᠬᠤᠭᠤᠴᠠᠭ᠎ᠠ ᠲᠠᠢ ᠣᠷᠣᠭᠤᠯᠵᠠᠢ᠃ ᠨᠠᠢᠷ ᠳᠠᠭᠤᠰᠤᠮᠠᠭᠴᠠ ᠵᠥᠷᠢᠭᠦᠳ ᠸᠠᠩ ᠢᠵᠠᠭᠤᠷᠲᠠᠨ ᠳ᠋ᠤ᠌ ᠳᠤᠯᠠᠭᠠᠨ ᠱᠠᠭᠠᠷᠳᠠᠵᠤ ᠥᠨᠥᠬᠢ ᠭᠡᠷ᠎ᠡ ᠪᠠᠲᠤᠯᠠᠭ᠎ᠠ ᠪᠠᠨ ᠭᠠᠷᠭᠠᠭᠤᠯᠤᠭᠰᠠᠨ ᠪᠣᠯᠠᠢ᠃
ᠡᠳᠦᠭᠡ ᠲᠡᠳᠡ ᠭᠤᠷᠪᠠᠭᠤᠯᠠ ᠪᠠᠨ ᠪᠤᠴᠠᠬᠤ ᠶ᠋ᠢᠨ ᠪᠠᠶᠠᠷ ᠪᠢᠴᠢᠬᠠᠨ ᠨᠠᠢᠷ ᠬᠢᠵᠦ ᠵᠡᠪᠡ ᠰᠦᠪᠡᠭᠡᠳᠡᠢ ᠬᠣᠶᠠᠷ ᠰᠦᠷᠡᠬᠡᠢ ᠰᠣᠭᠲᠣᠭᠰᠠᠨ ᠠᠵᠤᠭᠤ᠃ 385 ᠲᠡᠷᠡ ᠬᠣᠶᠠᠷ ᠥᠩᠭᠡᠷᠡᠭᠰᠡᠨ ᠢ᠋ᠶ᠋ᠡᠨ ᠳᠤᠷᠠᠰᠤᠨ ᠶᠠᠷᠢᠯᠴᠠᠬᠤ ᠨᠢ ᠪᠣᠷᠬᠠᠢ ᠳ᠋ᠤ᠌ ᠶᠡᠬᠡ ᠰᠣᠨᠢᠨ ᠠᠵᠢ᠃ ᠢᠩᠭᠢᠵᠦ ᠪᠠᠢᠭᠰᠠᠨ ᠤᠳᠠᠭ᠎ᠠ ᠦᠭᠡᠢ᠂ ᠦᠨᠡᠬᠡᠷ ᠰᠡᠳᠬᠢᠯ ᠨᠢ ᠬᠥᠳᠡᠯᠵᠡᠢ᠃ ᠬᠣᠶᠠᠭᠤᠯᠠ ᠪᠡᠶ᠎ᠡ ᠪᠡᠨ ᠲᠦᠰᠢᠨ ᠨᠢᠭᠤᠵᠠᠭᠠᠵᠤ᠄
ᠥᠨᠢᠷ ᠰᠤᠭᠤᠨᠠᠭᠯᠠᠨ ᠴᠡᠩᠬᠡᠷᠳᠡᠭᠰᠡᠨ
ᠠᠭᠤᠯᠠ ᠤᠰᠤ ᠮᠢᠨᠢ ᠬᠠᠮᠢᠭ᠎ᠠ ᠪᠢᠯᠡ?
ᠨᠢᠳᠦ ᠪᠡᠯᠴᠢᠭᠡᠵᠦ ᠰᠤᠩᠭᠠᠭᠰᠠᠨ
ᠨᠤᠲᠤᠭ ᠤ᠋ᠨ ᠵᠡᠷᠭᠡᠯᠭᠡᠨᠲᠦ ᠲᠠᠯ᠎ᠠ ᠮᠢᠨᠦ
ᠬᠠᠮᠠᠷ ᠰᠡᠩᠭᠢᠨᠡᠮ᠎ᠡ ᠦᠨᠦᠷᠲᠦᠭᠰᠡᠨ
ᠠᠷᠭᠠᠯ ᠤ᠋ᠨ ᠠᠩᠬᠢᠯᠤᠭᠤᠨ ᠤᠲᠤᠭ᠎ᠠ ᠮᠢᠨᠦ
ᠠᠵᠠᠢ ᠪᠤᠭᠤᠷᠤᠯ ᠬᠥᠭᠰᠢᠳ ᠮᠢᠨᠦ
ᠠᠷᠤ ᠳ᠋ᠤ᠌ ᠮᠢᠨᠢ ᠦᠯᠡᠳᠡᠭᠰᠡᠨ ᠪᠢᠯᠢᠤ ᠵᠧ
ᠠᠮᠲᠠᠯᠠᠵᠤ ᠲᠡᠪᠡᠷᠢᠭᠰᠡᠨ ᠠᠮᠠᠷᠠᠭ ᠮᠢᠨᠦ
ᠨᠠᠮ᠎ᠠ ᠶᠢ ᠪᠠᠨ ᠵᠡᠭᠦᠳᠦᠯᠡᠨ ᠵᠡᠭᠦᠷᠮᠡᠭᠯᠡᠨ᠎ᠡ ᠤᠤ?
ᠠᠯᠳᠠᠷᠠᠢ ᠵᠢᠭᠠᠬᠠᠨ ᠦᠷᠡᠰ ᠮᠢᠨᠦ
ᠠᠪᠤ ᠶ᠋ᠢ ᠪᠡᠨ ᠰᠠᠨᠠᠨ ᠤᠬᠢᠯᠠᠳᠠᠭ ᠪᠣᠯᠪᠠᠤ?
ᠡᠢᠨᠬᠦ ᠲᠡᠷᠡ ᠬᠣᠶᠠᠷ ᠤ᠋ᠨ ᠠᠶᠠᠯᠭᠤᠯᠠᠬᠤᠢ ᠪᠣᠷᠬᠠᠢ ᠭᠤᠷᠪᠠᠳᠠᠬᠢ ᠪᠠᠳᠠᠭ ᠢ᠋ ᠳᠠᠭᠠᠨ ᠠᠶᠠᠯᠤᠭᠰᠠᠨ ᠪᠥᠯᠥᠭᠡ᠃
