ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 37> Хүлэг баатар буурч - Б. Өлзийсүрэн <Дөтгөр бүлэг-37> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 37> Хүлэг баатар буурч - Б. Өлзийсүрэн <Дөтгөр бүлэг-37>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 37> Хүлэг баатар буурч - Б. Өлзийсүрэн <Дөтгөр бүлэг-37>

ᠠᠩᠭᠢᠯᠠᠯ:ᠲᠤᠭᠤᠵᠢ ᠷᠣᠮᠠᠨ
2026-03-30

53

ᠲᠥᠷᠥ ᠶ᠋ᠢᠨ ᠲᠡᠮᠦᠷ ᠲᠥᠰᠢᠶ᠎ᠡ ᠪᠣᠯᠵᠤ ᠳᠡᠭᠡᠳᠦᠰ ᠦ᠋ᠨ ᠵᠢᠩᠳᠠᠭᠠᠨ ᠳ᠋ᠤ᠌ ᠡᠩᠨᠡᠭᠰᠡᠨ ᠳᠥᠲᠥᠭᠡᠷ ᠪᠦᠯᠦᠭ

ᠭᠤᠴᠢᠨ ᠳᠣᠯᠣᠭ᠎ᠠ


              ᠭᠤᠴᠢᠨ ᠳᠣᠯᠣᠭ᠎ᠠ  
                       ᠰᠦᠬᠡ ᠳᠠᠯᠠᠢᠲᠠᠯ᠎ᠠ ᠬᠣᠵᠤᠤᠯ᠎ᠠ ᠠᠮᠤᠭᠤᠯᠠᠩ 
                       ᠪᠤᠬ᠎ᠠ ᠬᠠᠷᠠᠢᠲᠠᠯ᠎ᠠ ᠭᠤᠨᠵᠢ ᠠᠮᠤᠭᠤᠯᠠᠩ  
                       ᠶᠠᠯ᠎ᠠ ᠰᠣᠨᠣᠰᠲᠠᠯ᠎ᠠ ᠶᠠᠰᠤ ᠠᠮᠤᠭᠤᠯᠠᠩ 
                       ᠶᠠᠰᠤᠨ ᠳ᠋ᠤ᠌ ᠬᠠᠲᠠᠲᠠᠯ᠎ᠠ ᠨᠣᠬᠠᠢ ᠠᠮᠤᠭᠤᠯᠠᠩ      

        ᠪᠣᠭᠣᠷᠴᠢ ᠨᠤᠲᠤᠭ ᠶᠠᠪᠤᠵᠤ ᠢᠷᠡᠭᠡᠳ ᠬᠠᠭᠠᠨ ᠳ᠋ᠤ᠌ ᠪᠠᠷᠠᠭᠠᠯᠠᠪᠠ᠃ ᠬᠠᠭᠠᠨ ᠢ᠋ᠶ᠋ᠠᠷ ᠡᠬᠡ ᠶ᠋ᠢᠨ ᠲᠤᠬᠠᠢ᠂ ᠨᠤᠲᠤᠭ ᠣᠷᠣᠨ ᠤ᠋ ᠲᠤᠬᠠᠢ᠂ ᠣᠳᠴᠢᠬᠢᠨ ᠤ᠋ ᠶᠠᠪᠤᠭᠤᠯᠵᠤ ᠪᠣᠢ ᠠᠵᠢᠯ ᠦᠢᠯᠡᠰ ᠪᠣᠯᠤᠨ ᠪᠤᠰᠤᠳ ᠣᠯᠠᠨ ᠶᠠᠪᠤᠳᠠᠯ ᠢ᠋ ᠰᠣᠨᠣᠰᠴᠤ ᠶᠡᠬᠡᠳᠡ ᠪᠠᠶᠠᠷᠯᠠᠪᠠ᠃ ᠴᠡᠷᠢᠭ ᠳᠥᠷᠪᠡᠨ ᠢᠷᠡᠭᠰᠡᠨ ᠢ᠋ ᠰᠠᠢᠰᠢᠶᠠᠨ᠂ ᠶᠡᠬᠡ ᠪᠠᠶᠠᠷ ᠲᠠᠢ᠃ ᠭᠠᠳᠠᠨ᠎ᠠ ᠠ᠋ᠴᠠ ᠰᠢᠭᠢᠬᠤᠲᠤᠭ ᠣᠷᠣᠵᠤ ᠢᠷᠡᠵᠦ ᠬᠠᠭᠠᠨ ᠪᠣᠯᠤᠨ ᠪᠣᠭᠣᠷᠴᠢ ᠲᠠᠢ ᠶᠣᠰᠣᠯᠠᠨ ᠮᠡᠨᠳᠦᠯᠡᠭᠡᠳ᠄ 
       — ᠬᠠᠭᠠᠨᠲᠠᠨ ᠠ᠋᠂ ᠭᠤᠷᠪᠠᠨ ᠬᠦᠦ ᠲᠠᠨ ᠢ᠋ ᠬᠦᠯᠢᠶᠡᠭᠡᠳ ᠭᠤᠷᠪᠠ ᠬᠣᠨᠣᠯ᠎ᠠ᠃ ᠶᠠᠪᠤᠶ᠎ᠠ ᠭᠡᠳ ᠪᠠᠢᠨ᠎ᠠ᠃ ᠬᠠᠭᠠᠨ ᠲᠠ ᠬᠡᠦᠬᠡᠳ ᠲᠡᠭᠡᠨ ᠰᠣᠶᠣᠷᠬᠠᠵᠤ ᠪᠠᠷᠠᠯᠠᠬᠤᠯ ᠳᠠ᠂ ᠠᠭᠤᠯᠵᠠ ᠳᠠ ᠭᠡᠮᠡᠨ ᠤᠴᠢᠷᠯᠠᠨ ᠥᠭᠦᠯᠡᠪᠡ᠃ ᠪᠣᠭᠣᠷᠴᠢ ᠡᠨᠳᠡ ᠣᠷᠣᠵᠤ ᠢᠷᠡᠬᠦ ᠶ᠋ᠢᠨ ᠡᠮᠦᠨ᠎ᠡ ᠵᠥᠴᠢ᠂ ᠴᠠᠭᠠᠲᠠᠢ᠂ ᠥᠭᠡᠳᠡᠢ ᠭᠤᠷᠪᠠ ᠦᠷᠭᠡᠨᠴᠢ ᠬᠣᠲᠠ ᠪᠣᠯᠤᠨ ᠪᠠᠰᠠ ᠪᠤᠰᠤ ᠬᠣᠲᠠ ᠶ᠋ᠢ ᠡᠵᠡᠯᠡᠵᠦ ᠡᠴᠢᠭᠡ ᠨᠢ ᠥᠪᠡᠷᠲᠡᠭᠡᠨ ᠬᠤᠪᠢ ᠥᠭᠭᠦᠭᠡ ᠦᠭᠡᠢ ᠭᠡᠮᠡᠨ ᠬᠢᠯᠢᠩᠨᠡᠵᠦ ᠳᠠᠭ᠎ᠠ ᠦᠭᠡᠢ ᠠᠭᠠᠰᠢ ᠲᠠᠢ ᠪᠠᠢᠭ᠎ᠠ ᠭᠡᠰᠡᠨ ᠦᠭᠡ ᠶᠠᠷᠢᠶ᠎ᠠ ᠰᠣᠨᠣᠰᠤᠭᠰᠠᠨ᠃ ᠭᠡᠪᠡᠴᠦ ᠪᠣᠭᠣᠷᠴᠢ ᠥᠭᠡᠷ᠎ᠡ ᠵᠦᠭ ᠶᠠᠪᠤᠵᠤ᠂ ᠨᠤᠲᠤᠭ ᠣᠷᠣᠨ ᠤ᠋ ᠲᠤᠬᠠᠢ ᠶᠡᠬᠡ ᠴᠢᠬᠤᠯᠠ ᠮᠡᠳᠡᠭᠡ ᠲᠡᠢ ᠢᠷᠡᠭᠰᠡᠨ ᠲᠤᠯᠠ ᠬᠠᠭᠠᠨ ᠳ᠋ᠤ᠌ ᠰᠣᠨᠣᠷᠳᠠᠭᠤᠯᠬᠤ ᠪᠠᠷ ᠶᠠᠭᠠᠷᠠᠨ ᠣᠷᠣᠭᠠᠳ ᠪᠠᠢᠭ᠎ᠠ ᠨᠢ ᠡᠨᠡ ᠪᠥᠯᠥᠭᠡ᠃ 
       — ᠲᠡᠳᠡ ᠬᠠᠮᠢᠭᠠᠰᠢ ᠪᠠᠨ ᠶᠠᠪᠤᠬᠤ ᠨᠢ ᠪᠣᠢ? ᠲᠡᠳᠡᠨ ᠳ᠋ᠦ᠍ ᠶᠠᠪᠤᠬᠤ ᠭᠠᠵᠠᠷ ᠪᠠᠢᠭ᠎ᠠ ᠶᠤᠮ ᠤᠤ? ᠭᠡᠵᠦ ᠬᠥᠮᠥᠰᠬᠡ ᠵᠠᠩᠭᠢᠳᠴᠤ《ᠭᠡᠮ》 ᠭᠡᠳ ᠪᠣᠭᠣᠷᠴᠢ ᠤᠷᠤᠭᠤ ᠬᠠᠷᠠᠵᠤ《ᠲᠦᠷᠦᠭᠦᠯᠡᠵᠦ ᠤᠷᠭᠤᠭᠰᠠᠨ ᠴᠢᠬᠢᠨ ᠡᠴᠡ ᠰᠡᠭᠦᠯ ᠳ᠋ᠦ᠍ ᠤᠷᠭᠤᠭᠰᠠᠨ ᠡᠪᠡᠷ》 ᠭᠡᠭᠴᠢ ᠰᠢᠭ᠂ ᠬᠡᠦᠬᠡᠳ ᠦ᠋ᠳ ᠮᠢᠨᠢ ᠨᠠᠮ᠎ᠠ ᠶ᠋ᠢ ᠲᠣᠭᠣᠬᠤ ᠪᠠᠨ ᠪᠣᠯᠢᠬᠤ ᠨᠢ ᠠ᠋ ᠭᠡᠪᠡ᠃  
       — ᠬᠠᠭᠠᠨᠲᠠᠨ᠂ ᠲᠡᠳᠡ ᠶᠡᠬᠡ ᠡᠷᠡᠯᠬᠡᠭ ᠪᠠᠢᠯᠳᠤᠵᠤ ᠶᠡᠬᠡ ᠣᠯᠠᠨ ᠭᠠᠵᠠᠷ ᠣᠷᠣᠨ ᠠᠪᠤᠪᠠ᠃ ᠲᠡᠳᠡᠨ ᠦ᠌ ᠡᠵᠡᠯᠡᠭᠰᠡᠨ ᠪᠦᠬᠦᠨ ᠲᠠᠨ ᠤ᠋ ᠬᠢ ᠯᠡ ᠰᠢᠦ ᠳᠡ ᠭᠡᠵᠦ ᠰᠢᠭᠢᠬᠤᠲᠤᠭ ᠠᠢᠯᠠᠳᠬᠠᠪᠠ᠃ 
       — ᠴᠢ ᠶᠠᠭᠤ ᠭᠡᠵᠦ ᠪᠣᠳᠣᠵᠤ ᠪᠠᠢᠨ᠎ᠠ? ᠭᠡᠵᠦ ᠬᠠᠭᠠᠨ ᠢ᠋ᠶ᠋ᠠᠷ ᠪᠣᠭᠣᠷᠴᠢ ᠤᠷᠤᠭᠤ ᠬᠠᠨᠳᠤᠵᠤ ᠠᠰᠠᠭᠤᠬᠤᠢ ᠯᠤᠭ᠎ᠠ᠃ 
       — ᠬᠡᠦᠬᠡᠳ ᠦ᠋ᠳ ᠶᠠᠭᠠᠬᠢᠯ᠎ᠠ ᠭᠡᠵᠦ ᠬᠠᠭᠠᠨ ᠠᠪᠤ ᠠ᠋ᠴᠠ ᠤᠷᠪᠠᠵᠤ ᠲᠣᠢᠯᠠᠬᠤ ᠪᠣᠢ᠃ ᠲᠡᠮᠡᠴᠡᠵᠦ ᠮᠠᠯᠵᠢᠵᠤ ᠪᠠᠢᠭᠰᠠᠨ ᠰᠠᠷᠲᠠᠭᠤᠯ ᠤᠯᠤᠰ ᠤ᠋ᠨ ᠰᠦᠯᠲ᠋ᠠᠨ ᠢ᠋ ᠳᠣᠷᠣᠢᠲᠠᠭᠤᠯᠵᠤ᠂ ᠬᠣᠲᠠ ᠢᠷᠭᠡᠳ ᠢ᠋ ᠨᠢ ᠠᠪᠤᠯ᠎ᠠ ᠪᠢᠳᠡ᠃ ᠬᠤᠪᠢᠶᠠᠭᠳᠠᠵᠤ ᠠᠪᠬᠤ ᠦᠷᠭᠡᠨᠴᠢ ᠬᠣᠲᠠ ᠬᠤᠪᠢᠶᠠᠵᠤ ᠠᠪᠬᠤ ᠬᠥᠪᠡᠭᠦᠳ ᠪᠦᠭᠦᠳᠡ ᠴᠢᠩᠭᠢᠰ ᠬᠠᠭᠠᠨ ᠲᠠᠨ ᠤ᠋ ᠬᠢ ᠪᠣᠯᠠᠢ᠃ ᠲᠩᠷᠢ ᠭᠠᠵᠠᠷ ᠲᠤ ᠬᠦᠴᠦ ᠨᠡᠮᠡᠭᠳᠡᠵᠦ ᠰᠠᠷᠲᠠᠭᠤᠯ ᠢᠷᠭᠡᠨ ᠢ᠋ ᠳᠣᠷᠣᠢᠲᠠᠭᠤᠯᠤᠭᠰᠠᠨ ᠳ᠋ᠤ᠌ ᠣᠯᠠᠨ ᠪᠢᠳᠡ ᠴᠡᠷᠢᠭ ᠮᠣᠷᠢ ᠴᠢᠨᠢ ᠪᠦᠭᠦᠳᠡᠭᠡᠷ  ᠪᠡᠶᠡᠰᠴᠦ ᠪᠠᠬᠠᠳᠤᠵᠤ ᠪᠠᠢᠨ᠎ᠠ᠃ ᠬᠠᠭᠠᠨ ᠶᠠᠭᠤᠨ ᠳ᠋ᠤ᠌ ᠴᠢᠩᠭᠢᠵᠦ ᠬᠢᠯᠢᠩᠨᠡᠪᠡ? ᠬᠥᠪᠡᠭᠦᠳ ᠪᠤᠷᠤᠭᠤ ᠪᠠᠨ ᠨᠢᠭᠡᠨᠲᠡ ᠮᠡᠳᠡᠭᠡᠳ ᠠᠶᠤᠵᠤ ᠪᠠᠢᠭ᠎ᠠ᠃ ᠬᠣᠢᠰᠢᠳᠠ ᠰᠤᠷᠭᠠᠯ ᠪᠣᠯᠲᠤᠭᠠᠢ! ᠬᠥᠪᠡᠭᠦᠳ ᠦ᠋ᠨ ᠠᠪᠤᠷᠢ ᠠᠯᠭᠠᠰᠠᠩᠭᠤᠢ ᠪᠣᠯᠭᠤᠵᠠᠢ᠃ ᠬᠠᠭᠠᠨ ᠲᠠ ᠶᠣᠰᠣᠷᠬᠠᠵᠤ ᠬᠥᠪᠡᠭᠦᠳ ᠢ᠋ᠶ᠋ᠡᠨ ᠠᠪᠴᠤ ᠠᠭᠤᠯᠵᠠᠭᠠᠰᠠᠢ᠃ ᠢᠩᠭᠢᠵᠦ ᠪᠢ ᠪᠣᠳᠣᠨᠠᠮ ᠭᠡᠮᠡᠨ ᠥᠴᠢᠪᠡᠰᠦ ᠬᠠᠭᠠᠨ ᠲᠠᠢᠳᠬᠤᠷᠠᠵᠤ ᠬᠥᠪᠡᠭᠦᠳ ᠢ᠋ᠶ᠋ᠡᠨ ᠣᠷᠣᠭᠤᠯᠵᠠᠢ᠃  
       ᠬᠠᠭᠠᠨ ᠢ᠋ᠶ᠋ᠠᠷ ᠭᠤᠷᠪᠠᠨ ᠬᠥᠪᠡᠭᠦᠳ ᠢ᠋ᠶ᠋ᠡᠨ ᠡᠪᠦᠭᠡᠳ ᠦ᠋ᠨ ᠦᠭᠡ ᠶ᠋ᠢ ᠡᠰᠢ ᠲᠠᠲᠠᠵᠤ᠂ ᠬᠠᠭᠤᠴᠢᠨ ᠦᠭᠡ ᠶ᠋ᠢ ᠬᠠᠤᠯᠢ ᠪᠣᠯᠭᠠᠵᠤ ᠮᠠᠩᠨᠠᠢ ᠶ᠋ᠢᠨ ᠬᠥᠯᠥᠰᠥ ᠶ᠋ᠢ ᠠᠷᠴᠢᠵᠤ ᠶᠠᠳᠠᠲᠠᠯ᠎ᠠ ᠵᠢᠮᠡᠯᠡᠭᠰᠡᠨ ᠠᠵᠤᠭᠤ᠃ ᠴᠢᠩᠭᠢᠭᠡᠳ ᠪᠤᠭᠤᠷᠴᠢ ᠳ᠋ᠤ᠌ ᠬᠠᠨᠳᠤᠨ᠄ 
       — ᠴᠢ ᠬᠣᠯᠠ ᠶᠠᠪᠤᠵᠤ᠂ ᠶᠡᠬᠡ ᠠᠵᠢᠯ ᠪᠦᠲᠦᠭᠡᠵᠦ ᠢᠷᠡᠯ᠎ᠡ᠃ ᠬᠡᠳᠦ ᠬᠣᠨᠣᠭ ᠲᠠᠪᠠᠲᠠᠢ ᠠᠮᠠᠷᠠ᠃ ᠲᠡᠭᠡᠭᠡᠳ ᠴᠢᠮᠠᠶ᠋ᠢ ᠨᠢᠭᠡ ᠠᠵᠢᠯ ᠳ᠋ᠤ᠌ ᠣᠨᠣᠭᠠᠭᠰᠠᠨ ᠭᠡᠪᠡ᠃ ᠬᠠᠭᠠᠨ ᠤ᠋ ᠠᠢᠯᠠᠳᠬᠠᠭᠰᠠᠨ ᠶᠣᠰᠣ ᠪᠠᠷ ᠪᠤᠭᠤᠷᠴᠢ ᠨᠡᠯᠢᠶᠡᠳ ᠬᠤᠭᠤᠴᠠᠭ᠎ᠠ ᠠᠮᠠᠷᠠᠵᠤ《ᠣᠳᠣ ᠶᠠᠭᠤ ᠬᠢᠬᠦ ᠪᠣᠯ?》 ᠭᠡᠮᠡᠨ ᠬᠦᠯᠢᠶᠡᠨ᠎ᠡ᠃ ᠰᠠᠷᠲᠠᠭᠤᠯ ᠢᠷᠭᠡᠨ ᠦ᠌ ᠨᠤᠲᠤᠭ ᠳᠡᠪᠢᠰᠬᠡᠷ ᠬᠣᠲᠠ ᠰᠠᠭᠤᠷᠢᠨ ᠲᠠᠢ ᠪᠠᠨ ᠴᠢᠩᠭᠢᠰ ᠬᠠᠭᠠᠨ ᠤ᠋ ᠡᠷᠬᠡ ᠮᠠᠲᠠᠯ ᠳ᠋ᠤ᠌ ᠣᠷᠣᠪᠠ᠃ ᠡᠪᠦᠭᠡᠨ ᠪᠤᠭᠤᠷᠴᠢ ᠵᠦᠭᠡᠷ ᠰᠠᠭᠤᠯᠲᠠᠢ ᠪᠢᠰᠢ ᠠᠷᠤ ᠶ᠋ᠢᠨ ᠠᠯᠪᠠ ᠪᠠᠨ ᠤᠷᠢᠳᠤ ᠶ᠋ᠢᠨ ᠠᠳᠠᠯᠢ ᠣᠷᠣᠯᠳᠣᠬᠤ ᠪᠥᠯᠥᠭᠡ᠃ ᠡᠮᠦᠨ᠎ᠡ ᠵᠦᠭ ᠲᠦ᠍ ᠢᠨᠳᠦ᠋ᠰ᠂ ᠪᠠᠷᠠᠭᠤᠨ ᠵᠦᠭ ᠢᠷᠡᠨ ᠣᠷᠣᠨ ᠪᠠᠢᠬᠤ ᠪᠥᠭᠡᠳ ᠲᠡᠨᠳᠡ ᠲᠡᠢᠨ ᠦᠷᠭᠦᠯᠵᠢᠯᠡᠵᠦ ᠪᠠᠢᠭ᠎ᠠ᠃ ᠪᠠᠷᠠᠭᠤᠨ ᠡᠮᠦᠨ᠎ᠡ ᠵᠦᠭ ᠲᠦ᠍ ᠪᠠᠭᠳᠠᠳ᠋ ᠤ᠋ᠨ ᠬᠠᠯᠢᠹ ᠭᠡᠵᠦ ᠶᠡᠬᠡ ᠪᠠᠶᠠᠨ ᠲᠠᠩᠰᠤᠭ ᠣᠷᠣᠨ ᠪᠣᠢ ᠭᠡᠬᠦ᠃ ᠲᠡᠭᠦᠨ ᠦ᠌ ᠨᠠᠭᠠᠨ᠎ᠠ ᠠᠷᠤ ᠮᠠᠷᠤ᠂ ᠮᠠᠳᠠᠰᠠᠭᠠᠷ ᠤ᠋ᠨ ᠤᠯᠤᠰ ᠪᠣᠢ ᠭᠡᠨ᠎ᠡ᠃ ᠳᠠᠰᠢ ᠲᠣᠷᠪᠣ ᠲᠣᠭᠰᠢᠨ ᠢ᠋ ᠲᠣᠮᠢᠯᠠᠪᠠ᠃ ᠵᠠᠯᠠᠯᠳᠢᠨ ᠢᠨᠳᠦ᠋ ᠮᠥᠷᠡᠨ ᠢ᠋ ᠤᠷᠤᠭᠤᠳᠠᠵᠤ ᠵᠢᠭᠤᠲᠠᠭᠠᠳ ᠠᠷᠤ ᠠ᠋ᠴᠠ ᠨᠢ ᠬᠥᠭᠡᠭᠡᠵᠦ ᠤᠰᠠᠳᠬᠠᠭᠤᠯᠤᠭᠰᠠᠨ᠃ ᠲᠡᠮᠦᠷ ᠮᠡᠯᠢᠭ ᠠᠮᠢᠳᠤ ᠦᠬᠦᠭᠰᠡᠨ ᠨᠢ ᠮᠡᠳᠡᠭᠳᠡᠬᠦ ᠦᠭᠡᠢ᠂ ᠰᠤᠷᠠᠭ ᠲᠠᠰᠤᠷᠠᠭᠰᠠᠨ ᠭᠡᠬᠦ᠃ ᠡᠨᠡ ᠣᠷᠴᠢᠨ ᠳ᠋ᠠᠭᠠᠨ ᠠᠮᠤᠷ ᠲᠠᠢᠪᠤᠩ᠂ ᠠᠯᠤᠰ ᠲᠤ ᠯᠠ ᠲᠡᠢᠨ ᠲᠡᠢ᠂ ᠡᠵᠡᠯᠡᠭᠰᠡᠨ ᠲᠣᠮᠣ ᠬᠣᠲᠠ ᠨᠤᠭᠤᠳ ᠲᠤ ᠮᠣᠩᠭᠣᠯ ᠳᠠᠷᠤᠭ᠎ᠠ ᠲᠠᠢ ᠨᠤᠲᠤᠭ ᠤ᠋ᠨ ᠵᠥᠪᠯᠡᠭᠴᠢ ᠬᠣᠣᠰᠯᠠᠭᠤᠯᠤᠨ ᠲᠣᠬᠣᠭᠠᠵᠤ ᠣᠷᠣᠨ ᠨᠤᠲᠤᠭ ᠢ᠋ ᠲᠣᠬᠣᠨᠢᠭᠤᠯᠵᠤ ᠪᠣᠢ᠃ ᠴᠢᠩᠭᠢᠰ ᠬᠠᠭᠠᠨ ᠡᠵᠡᠯᠡᠭᠰᠡᠨ ᠨᠤᠲᠤᠭ ᠳᠡᠪᠢᠰᠬᠡᠷ ᠲᠦ᠍ ᠳᠠᠭᠠᠷ᠎ᠠ ᠣᠷᠣᠭᠰᠠᠨ ᠢᠲᠡᠭᠡᠯᠲᠡᠢ ᠬᠥᠮᠦᠰ ᠢ᠋ ᠵᠠᠬᠢᠷᠤᠭᠴᠢ ᠪᠣᠯᠭᠠᠵᠤ ᠭᠠᠵᠠᠷ ᠣᠷᠣᠨ ᠢ᠋ ᠲᠣᠬᠣᠨᠢᠭᠤᠯᠳᠠᠭ ᠨᠢ ᠲᠡᠭᠦᠨ ᠦ᠌ ᠨᠢᠭᠡ ᠪᠣᠳᠣᠯᠭ᠎ᠠ ᠪᠠᠷᠢᠮᠲᠠᠯᠠᠯ ᠢ᠋ ᠨᠤᠲᠤᠭ ᠶᠠᠪᠤᠬᠤ ᠵᠠᠮ ᠳ᠋ᠤ᠌ ᠲᠣᠬᠢᠶᠠᠯᠲᠤᠭᠰᠠᠳ ᠠᠯᠪᠠ ᠶ᠋ᠢ ᠰᠢᠭᠤᠷᠬᠠᠢ ᠰᠢᠳᠤᠷᠭᠤ ᠵᠠᠯᠭᠠᠭᠤᠯᠵᠤ ᠥᠴᠦᠬᠡᠨ ᠴᠦ᠍ ᠰᠠᠭᠠᠲᠠᠭᠰᠠᠨ ᠦᠭᠡᠢ᠂ ᠠᠮᠤᠭᠤᠯᠠᠩ ᠲᠠᠢᠪᠤᠩ ᠠᠵᠤᠭᠤ᠃
       ᠢᠷᠡᠭᠰᠡᠨ ᠴᠡᠷᠢᠭ ᠢ᠋ ᠰᠡᠯᠡᠭᠦᠯᠵᠦ ᠡᠰᠢ ᠳᠠᠰᠢ ᠬᠤᠪᠢᠶᠠᠷᠢᠯᠠᠵᠤ᠂ ᠣᠷᠣᠨ ᠳ᠋ᠤᠨᠢ ᠡᠨᠡ ᠨᠤᠲᠤᠭ ᠤ᠋ᠨ ᠴᠡᠷᠢᠭ ᠡᠴᠡ ᠰᠣᠯᠢᠵᠤ ᠲᠠᠪᠤᠨ ᠮᠢᠩᠭ᠎ᠠ ᠬᠢᠷᠢ ᠶ᠋ᠢᠨ ᠴᠡᠷᠢᠭ ᠢ᠋ ᠬᠢᠲᠠᠳ ᠲᠤ ᠪᠠᠢᠯᠳᠤᠵᠤ ᠪᠣᠢ ᠴᠡᠷᠢᠭ ᠲᠤ ᠰᠡᠯᠪᠢᠭ ᠪᠣᠯᠭᠠᠵᠤ ᠢᠯᠡᠬᠡᠨ᠂ ᠡᠨᠳᠡ ᠡᠴᠡ ᠢᠲᠡᠭᠡᠯᠲᠡᠢ ᠭᠡᠰᠡᠨ ᠬᠥᠮᠦᠰ ᠡᠴᠡ ᠮᠥᠨ ᠬᠢᠲᠠᠳ ᠤ᠋ᠨ ᠬᠣᠲᠠ ᠶ᠋ᠢᠨ ᠵᠠᠬᠢᠷᠤᠭᠴᠢ ᠪᠠᠷ ᠲᠣᠮᠢᠯᠠᠵᠤ ᠢᠯᠡᠭᠡᠬᠦ ᠵᠡᠷᠭᠡ ᠠᠵᠢᠯ ᠳ᠋ᠤ᠌ ᠡᠪᠦᠭᠡᠨ ᠪᠣᠭᠣᠷᠴᠢ ᠣᠷᠣᠯᠴᠠᠵᠤ ᠪᠠᠢᠪᠠ᠃ ᠨᠠᠮ᠎ᠠ ᠶ᠋ᠢ ᠨᠢᠭᠡ ᠯᠡ ᠶᠠᠭ ᠦᠭᠡᠢ ᠶᠠᠭᠤᠮᠠᠨ ᠳ᠋ᠤ᠌《ᠣᠨᠣᠭᠠᠬᠤ》 ᠨᠢ᠂ ᠪᠠᠷᠠᠭᠤᠨ ᠲᠡᠰᠢ ᠲᠡᠢᠨ ᠳ᠋ᠦ᠍ ᠶᠠᠪᠤᠭᠤᠯᠬᠤ ᠨᠢ ᠤᠤ᠂ ᠡᠰᠡᠪᠡᠯ ᠨᠢᠭᠡ ᠬᠣᠲᠠ ᠶ᠋ᠢᠨ ᠵᠠᠬᠢᠷᠤᠭᠴᠢ ᠳ᠋ᠤ᠌ ᠲᠣᠬᠣᠭᠠᠬᠤ ᠨᠢ ᠤᠤ᠂ ᠡᠰᠡᠪᠡᠯ ᠳᠣᠷᠣᠨ᠎ᠠ ᠳᠠᠰᠢ ᠰᠡᠯᠪᠢᠬᠦ ᠴᠡᠷᠢᠭ ᠠᠪᠴᠤ ᠶᠠᠪᠤᠭᠤᠯᠬᠤ ᠨᠢ ᠤᠤ᠂ ᠡᠰᠡᠪᠡᠯ ᠰᠦᠪᠡᠭᠡᠳᠡᠢ ᠶ᠋ᠢᠨ ᠠᠷᠤ ᠠ᠋ᠴᠠ ᠶᠠᠪᠤᠭᠤᠯᠬᠤ ᠨᠢ ᠤᠤ᠂ ᠲᠡᠭᠡᠪᠡᠯ ᠴᠦ᠍ ᠮᠥᠨ ᠰᠠᠢᠨ ᠰᠠᠨ ᠭᠡᠮᠡᠨ ᠳᠠᠭᠠᠵᠤ ᠶᠠᠳᠠᠵᠤ ᠪᠠᠢᠲᠠᠯ᠎ᠠ ᠠᠯᠢᠨ ᠳ᠋ᠤᠨᠢ ᠴᠦ᠍《ᠣᠨᠣᠭᠠᠭᠰᠠᠨ ᠦᠭᠡᠢ》᠃ ᠨᠠᠮᠤᠷ ᠪᠠᠷᠠᠭᠳᠠᠬᠤ ᠲᠡᠰᠢ ᠪᠣᠯᠵᠤ᠂ ᠡᠯᠳᠡᠪ ᠲᠠᠭᠠᠮᠠᠭ ᠢ᠋ᠶ᠋ᠠᠨ ᠮᠠᠷᠲᠠᠨ《ᠮᠠᠭᠤ ᠡᠪᠦᠭᠡᠨ ᠵᠠᠩᠵᠤᠨ ᠢ᠋ᠶ᠋ᠠᠨ ᠠᠮᠤᠷ ᠪᠠᠢᠭ》 ᠭᠡᠰᠡᠨ ᠶᠦᠮ ᠪᠠᠢᠯᠭᠦᠢ ᠭᠡᠮᠡᠨ ᠪᠣᠳᠣᠬᠤ ᠪᠣᠯᠪᠠ᠃  
       — ᠬᠠᠭᠠᠨ ᠲᠠᠭᠤᠲᠠᠯ᠎ᠠ ᠭᠡᠮᠡᠨ ᠨᠢᠭᠡᠨ ᠬᠣᠷᠴᠢ ᠢᠷᠡᠪᠡᠰᠦ ᠡᠪᠦᠭᠡᠨ ᠪᠣᠭᠣᠷᠴᠢ ᠰᠣᠴᠢᠨ ᠪᠣᠰᠴᠤ ᠮᠣᠷᠳᠠᠨ᠂ ᠥᠷᠭᠥᠭᠡ ᠬᠦᠷᠬᠦ ᠵᠠᠭᠤᠷ᠎ᠠ ᠥᠨᠥᠬᠢ ᠣᠯᠠᠨ ᠳᠠᠭᠠᠪᠤᠷᠢ ᠪᠠᠨ ᠪᠣᠳᠣᠵᠤ ᠶᠠᠪᠤᠯ᠎ᠠ᠃ ᠪᠠᠷᠠᠭᠠᠯᠠᠪᠠᠰᠤ ᠥᠭᠡᠳᠡᠢ᠂ ᠲᠤᠯᠤᠨ ᠴᠡᠷᠪᠢ ᠬᠣᠶᠠᠷ ᠰᠠᠭᠤᠵᠤ ᠪᠠᠢᠪᠠ᠃  
       — ᠵᠠ ᠪᠣᠭᠣᠷᠴᠢ ᠰᠠᠭᠤ᠂ ᠥᠨᠥᠬᠢ ᠦᠬᠦᠵᠦ ᠦᠷᠡᠭᠳᠡᠭᠡᠳ ᠰᠤᠷᠠᠭ ᠴᠢᠮᠡᠭᠡ ᠦᠭᠡᠢ ᠪᠣᠯᠤᠭᠰᠠᠨ ᠲᠡᠮᠦᠷ ᠮᠡᠯᠢᠭ ᠪᠣᠰᠴᠤ ᠢᠷᠡᠭᠡᠳ ᠰᠧᠢ᠍ᠾᠦᠨ ᠮᠥᠷᠡᠨ ᠦ᠌ ᠪᠠᠷᠠᠭᠤᠨ ᠭᠠᠷ ᠲᠤ ᠦᠯᠡᠮᠵᠢ ᠴᠡᠷᠢᠭ ᠬᠤᠷᠠᠯᠳᠤᠭᠤᠯᠤᠭᠠᠳ ᠦᠢᠮᠡᠭᠦᠯᠵᠦ ᠶᠠᠪᠤᠨ᠎ᠠ ᠭᠡᠨ᠎ᠡ᠃ ᠳᠠᠰᠢ ᠥᠭᠡᠳᠡᠢ ᠶ᠋ᠢ ᠶᠠᠪᠤᠭᠤᠯᠤᠶ᠎ᠠ᠃ ᠲᠠ ᠬᠣᠶᠠᠷ ᠡᠨᠡᠭᠦᠬᠡᠨ ᠳ᠋ᠦ᠍ ᠬᠠᠨᠢ ᠪᠣᠯᠵᠤ᠂ ᠬᠠᠵᠠᠢᠭᠰᠠᠨ ᠭᠠᠵᠠᠷ ᠨᠢ ᠲᠦᠰᠢᠵᠦ᠂ ᠬᠠᠯᠠ ᠲᠠᠭᠠᠷᠠᠭᠰᠠᠨ ᠭᠠᠵᠠᠷ ᠨᠢ ᠲᠤᠯᠵᠤ ᠶᠠᠪᠤ ᠭᠡᠪᠡ᠃  
       — ᠴᠢᠩᠭᠢᠰ ᠬᠠᠭᠠᠨ ᠤ᠋ ᠵᠠᠷᠯᠢᠭ ᠢ᠋ ᠶᠣᠰᠣᠴᠢᠯᠠᠨ ᠪᠡᠶᠡᠯᠡᠭᠦᠯᠦᠶ᠎ᠡ ᠭᠡᠮᠡᠨ ᠮᠣᠷᠳᠠᠵᠠᠭᠠᠪᠠ᠃ ᠡᠪᠦᠯ ᠦ᠋ᠨ ᠡᠬᠢᠨ ᠰᠠᠷ᠎ᠠ ᠭᠠᠷᠴᠤ ᠰᠡᠷᠢᠭᠦᠨ ᠬᠦᠢᠲᠡᠨ ᠣᠷᠣᠭᠰᠠᠨ ᠴᠠᠭ᠂ ᠬᠣᠶᠠᠷ ᠬᠣᠨᠣᠭ ᠶᠠᠪᠤᠵᠤ ᠰᠧᠢ᠍ᡁᠦᠨ ᠮᠥᠷᠡᠨ ᠦ᠌ ᠡᠬᠢᠨ ᠳ᠋ᠦ᠍ ᠮᠡᠯᠢᠭ ᠦ᠋ᠨ ᠴᠡᠷᠢᠭ ᠲᠡᠢ ᠤᠴᠠᠷᠠᠨ ᠲᠤᠯᠤᠯᠳᠤᠭᠠᠨ ᠳ᠋ᠤ᠌ ᠣᠷᠣᠵᠠᠢ᠃ ᠳᠤᠭᠤᠨᠴᠢᠷ ᠲᠡᠷᠢᠭᠦᠨ ᠮᠠᠩᠯᠠᠢ ᠳ᠋ᠤ᠌ ᠴᠥᠭᠡᠨ ᠪᠠᠭ ᠴᠡᠷᠢᠭ ᠲᠡᠢ ᠶᠠᠪᠤᠭ᠎ᠠ᠃ ᠲᠡᠷᠡ ᠪᠡᠷ ᠲᠡᠢᠨ ᠦ᠌ ᠡᠬᠢᠨ ᠦ᠌ ᠭᠤᠷᠪᠠᠳᠤᠭᠠᠷ ᠴᠤᠪᠤᠭ᠎ᠠ ᠪᠣᠯᠵᠤ ᠣᠷᠣᠬᠤ ᠳ᠋ᠠᠭᠠᠨ ᠴᠢᠩᠭᠢᠰ ᠬᠠᠭᠠᠨ ᠤ᠋ ᠬᠠᠨ ᠮᠡᠯᠢᠭ ᠦ᠋ᠨ ᠨᠤᠲᠤᠭ ᠤ᠋ᠨ ᠵᠠᠬ᠎ᠠ ᠪᠠᠷ ᠥᠩᠭᠡᠷᠡᠬᠦ ᠳ᠋ᠡᠭᠡᠨ ᠨᠤᠲᠤᠭ ᠤ᠋ᠨ ᠢᠷᠭᠡᠳ ᠢ᠋ ᠥᠳᠥᠭᠡᠵᠦ ᠰᠣᠴᠢᠭᠠᠵᠤ ᠪᠣᠯᠬᠤ ᠦᠭᠡᠢ ᠭᠡᠰᠡᠨ ᠵᠠᠷᠯᠢᠭ ᠢ᠋ ᠵᠥᠷᠢᠴᠡᠭᠰᠡᠨ ᠲᠤᠯᠠ ᠴᠡᠷᠢᠭ ᠵᠠᠬᠢᠷᠬᠤ ᠡᠷᠬᠡ ᠪᠡᠨ ᠬᠠᠰᠤᠭᠤᠯᠵᠤ ᠵᠢᠷ ᠦ᠋ᠨ ᠴᠡᠷᠢᠭ ᠪᠣᠯᠤᠨ ᠪᠠᠢᠯᠳᠤᠵᠤ᠂ ᠡᠳᠦᠭᠡ ᠪᠠᠭ ᠴᠡᠷᠢᠭ ᠵᠠᠬᠢᠷᠬᠤ ᠪᠣᠯᠵᠠᠢ᠃ ᠤᠭ ᠨᠢ ᠴᠢᠩᠭᠢᠰ ᠬᠠᠭᠠᠨ ᠮᠡᠯᠢᠭ ᠲᠡᠢ ᠬᠡᠯᠡᠯᠴᠡᠭᠡᠷ ᠬᠢᠬᠦ ᠪᠣᠳᠣᠯᠭ᠎ᠠ ᠲᠠᠢ ᠪᠠᠢᠭᠰᠠᠨ ᠠᠵᠢ᠃ ᠮᠡᠯᠢᠭ ᠬᠣᠷᠸᠰᠮ ᠤ᠋ᠨ ᠲᠣᠮᠣᠬᠠᠨ ᠮᠣᠵᠢ ᠵᠠᠬᠢᠷᠤᠭᠴᠢ ᠪᠠᠢᠭᠰᠠᠨ ᠶᠤᠮ᠃  
       ᠮᠡᠯᠢᠭ ᠡᠳᠦᠭᠡ ᠲᠡᠢᠮᠦ ᠶᠡᠬᠡ ᠬᠦᠴᠦ ᠲᠡᠢ ᠪᠢᠰᠢ ᠴᠦ᠍ ᠨᠤᠭᠤᠷᠠᠬᠤ ᠦᠭᠡᠢ ᠰᠥᠷᠭᠦᠵᠦ᠂ ᠮᠥᠷᠡᠨ ᠢ᠋ ᠤᠷᠤᠭᠤᠳᠠᠨ ᠵᠢᠭᠤᠲᠠᠵᠤ᠂ ᠬᠥᠭᠡᠭᠡᠴᠡᠯᠳᠦᠭᠰᠡᠭᠡᠷ ᠬᠣᠶᠠᠷ ᠳᠣᠯᠣᠭ᠎ᠠ ᠬᠣᠨᠣᠪᠠ᠃ ᠬᠦᠴᠦ ᠨᠢ ᠦᠨᠡᠬᠡᠷ ᠰᠤᠯᠠᠷᠠᠪᠠᠴᠤ ᠪᠠᠭᠤᠵᠤ ᠥᠭᠬᠦ ᠦᠭᠡᠢ ᠡᠰᠡᠷᠭᠦᠴᠡᠭᠰᠡᠭᠡᠷ ᠠᠵᠢ᠃ ᠪᠣᠭᠣᠷᠴᠢ᠂ ᠳᠤᠭᠤᠨᠴᠢᠷ ᠬᠣᠶᠠᠷ ᠴᠥᠭᠡᠪᠲᠦᠷ ᠪᠠᠭ ᠴᠡᠷᠢᠭ ᠲᠡᠢ ᠮᠥᠷᠡᠨ ᠢ᠋ ᠳᠠᠭᠠᠵᠤ ᠥᠭᠡᠳᠡᠢ ᠶ᠋ᠢᠨ ᠶᠡᠬᠡ ᠴᠡᠷᠢᠭ ᠢ᠋ᠶ᠋ᠡᠷ ᠲᠣᠭᠣᠷᠢᠨ ᠪᠦᠰᠡᠯᠡᠭᠦᠯᠬᠦ ᠮᠠᠶᠢᠭ ᠢ᠋ᠶ᠋ᠠᠷ ᠪᠠᠢᠯᠳᠤᠭᠠᠨ ᠢ᠋ ᠦᠷᠭᠦᠯᠵᠢᠯᠡᠭᠦᠯᠵᠦ ᠶᠠᠪᠤᠭ᠎ᠠ᠃ ᠪᠣᠭᠣᠷᠴᠢ ᠬᠠᠨ ᠬᠦᠦ ᠡᠴᠡ ᠬᠡᠷᠬᠢᠪᠡᠴᠦ ᠬᠣᠯᠠᠳᠠᠵᠤ ᠬᠥᠨᠳᠡᠢᠷᠡᠬᠦ ᠦᠭᠡᠢ ᠬᠠᠮᠠᠭᠠᠯᠠᠨ ᠶᠠᠪᠤᠬᠤ ᠶ᠋ᠢ ᠲᠤᠯᠤᠨ ᠳ᠋ᠠᠭᠠᠨ ᠲᠤᠰᠢᠶᠠᠵᠠᠢ᠃ ᠲᠡᠭᠡᠲᠡᠯ᠎ᠡ ᠨᠢᠭᠡᠨ ᠵᠢᠵᠢᠭ ᠬᠣᠲᠠ ᠳ᠋ᠤ᠌ ᠲᠤᠯᠪᠠ᠃ ᠮᠡᠯᠢᠭ ᠦ᠋ᠨ ᠴᠡᠷᠢᠭ ᠴᠣᠬᠢᠭᠳᠠᠨ ᠰᠥᠨᠥᠭᠡᠭᠰᠡᠭᠡᠷ ᠦᠯᠡᠳᠡᠭᠰᠡᠨ ᠴᠥᠭᠡᠪᠲᠦᠷ ᠴᠡᠷᠢᠭ ᠬᠣᠲᠠ ᠶ᠋ᠢᠨ ᠵᠠᠬ᠎ᠠ ᠳ᠋ᠤ᠌ ᠦᠯᠡᠳᠡᠵᠦ ᠬᠣᠷᠢᠭᠯᠠᠨ ᠡᠰᠡᠷᠭᠦᠴᠡᠵᠦ᠂ ᠬᠣᠲᠠ ᠶ᠋ᠢᠨ ᠬᠢ ᠶ᠋ᠢ ᠬᠥᠭᠡᠭᠡᠨ ᠭᠠᠷᠭᠠᠵᠤ᠂ ᠪᠠᠮᠪᠠᠢ ᠪᠣᠯᠭᠠᠵᠤ ᠪᠦᠲᠦᠨ ᠬᠣᠨᠣᠭ ᠪᠠᠢᠯᠳᠤᠭᠠᠳ ᠮᠡᠯᠢᠭ ᠥᠪᠡᠷ ᠢ᠋ᠶ᠋ᠡᠨ ᠬᠣᠷᠢ ᠬᠦᠷᠬᠦ ᠦᠭᠡᠢ ᠳᠠᠭᠠᠭᠤᠯ ᠲᠠᠢ ᠬᠣᠲᠠ ᠤᠷᠤᠭᠤ ᠣᠷᠣᠯ᠎ᠠ ᠭᠡᠰᠡᠨ ᠮᠡᠳᠡᠭᠡ ᠪᠠᠭᠤᠵᠤ ᠥᠭᠭᠥᠭᠰᠡᠳ ᠡᠴᠡ ᠠᠪᠤᠪᠠ᠃ 
       ᠴᠢᠩᠭᠢᠲᠡᠯ᠎ᠡ ᠦᠳᠡ ᠥᠩᠭᠡᠷᠡᠵᠦ ᠥᠭᠡᠳᠡᠢ ᠲᠤᠯᠤᠨ ᠬᠣᠶᠠᠷ ᠪᠣᠭᠣᠷᠴᠢ ᠤᠷᠤᠭᠤ ᠳᠠᠪᠬᠢᠨ ᠢᠷᠡᠯ᠎ᠡ᠃ ᠲᠡᠷᠡ ᠪᠡᠷ ᠭᠣᠣᠯ ᠤ᠋ᠨ ᠡᠷᠭᠢ ᠳᠡᠭᠡᠷ᠎ᠡ ᠵᠠᠭᠠᠴᠠᠨ ᠤ᠋ ᠮᠣᠳᠣᠨ ᠠᠮᠪᠠᠷ᠎ᠠ ᠳ᠋ᠤ᠌ ᠰᠠᠭᠤᠵᠤ ᠪᠠᠢᠵᠠᠢ᠃ ᠲᠡᠷᠡ ᠬᠣᠶᠠᠷ ᠢ᠋ ᠠᠮᠪᠠᠷ᠎ᠠ ᠳ᠋ᠠᠭᠠᠨ ᠣᠷᠣᠭᠤᠯᠤᠭᠠᠳ ᠪᠢᠴᠢᠬᠠᠨ ᠵᠣᠭᠣᠭ ᠪᠠᠷᠢᠵᠤ᠂ ᠭᠤᠷᠪᠠᠭᠤᠯᠠ《ᠮᠡᠯᠢᠭ ᠢ᠋ ᠯᠡ ᠪᠠᠷᠢᠪᠴᠢᠯᠠᠬᠤ ᠦᠯᠡᠳᠡᠭᠡᠯ᠎ᠡ᠂ ᠶᠠᠭᠠᠬᠢᠬᠤ ᠪᠣᠢ》 ᠭᠡᠯᠴᠡᠨ᠎ᠡ᠃ ᠥᠭᠡᠳᠡᠢ᠄ 
       — ᠬᠣᠲᠠ ᠶ᠋ᠢ ᠳᠠᠭᠠᠷᠢᠭᠠᠳ ᠣᠷᠣᠴᠢᠬᠠᠶ᠎ᠠ᠃ ᠲᠡᠭᠡᠭᠡᠳ ᠪᠠᠷᠢᠭᠠᠳ ᠠᠪᠤᠶ᠎ᠠ ᠭᠡᠪᠡ᠃ 
       — ᠪᠣᠯᠬᠤ ᠦᠭᠡᠢ᠂ ᠴᠠᠭᠠᠰᠢ ᠪᠠᠨ ᠵᠢᠭᠤᠲᠠᠭᠠᠳ ᠭᠠᠷᠴᠢᠬᠠᠨ᠎ᠠ᠃ 
       — ᠲᠡᠷᠡ ᠮᠠᠭᠤ ᠵᠢᠭᠤᠲᠠᠭᠠᠳ ᠬᠠᠮᠢᠭ᠎ᠠ ᠣᠴᠢᠳᠠᠭ ᠶᠤᠮ ᠪᠣᠢ? 
       — ᠵᠢᠭᠤᠲᠠᠨ᠎ᠠ᠂ ᠵᠢᠭᠤᠲᠠᠨ᠎ᠠ᠃ ᠬᠠᠮᠢᠭ᠎ᠠ ᠴᠦ᠍ ᠬᠦᠷᠴᠦ ᠪᠣᠯᠤᠨ᠎ᠠ᠃ ᠴᠢ ᠯᠡ ᠲᠣᠭᠣᠷᠢᠵᠤ ᠪᠦᠰᠡᠯᠡᠵᠦ ᠲᠤᠭᠤᠨᠴᠢᠷ ᠲᠤ ᠨᠡᠢᠯᠡ᠂ ᠲᠡᠭᠡᠭᠡᠳ ᠁  
       — ᠢᠩᠭᠢᠵᠦ ᠴᠠᠭ ᠪᠠᠷᠠᠭᠠᠳ ᠶᠠᠭᠠᠬᠢᠬᠤ ᠶᠤᠮ ᠪᠣᠢ? ᠪᠢ ᠣᠳᠣ ᠪᠦᠬᠦ ᠴᠡᠷᠢᠭ ᠢ᠋ᠶ᠋ᠡᠨ ᠬᠥᠳᠡᠯᠭᠡᠭᠡᠳ ᠣᠷᠣᠯ᠎ᠠ ᠭᠡᠳ ᠥᠭᠡᠳᠡᠢ ᠪᠣᠰᠬᠤᠢ ᠳ᠋ᠤ᠌᠄ 
       — ᠪᠠᠢᠵᠠ ᠭᠡᠳ ᠪᠠᠢᠬᠤ ᠳ᠋ᠤ᠌ ᠦᠭᠡ ᠮᠡᠳᠡᠳᠡᠭ ᠦᠭᠡᠢ ᠬᠥᠮᠦᠨ ᠤᠤ᠂ ᠦᠭᠡᠢ ᠤᠤ ᠴᠢ ᠭᠡᠳ ᠲᠠᠰᠢᠭᠤᠷ ᠢ᠋ᠶ᠋ᠠᠨ ᠠᠪᠤᠭᠠᠳ ᠤᠭᠤᠴᠠ ᠳᠤᠮᠳᠠᠭᠤᠷ ᠨᠢ ᠲᠠᠲᠠᠭᠠᠳ ᠠᠪᠤᠯ᠎ᠠ᠃ ᠥᠭᠡᠳᠡᠢ ᠢᠨᠢᠶᠡᠵᠦ᠄ 
       — ᠪᠣᠭᠣᠷᠴᠢ ᠠᠬ᠎ᠠ᠂ ᠪᠠᠭ᠎ᠠ ᠶ᠋ᠢᠨ ᠶᠠᠪᠤᠳᠠᠯ ᠢ᠋ ᠰᠠᠨᠠᠭᠳᠠᠭᠤᠯᠴᠢᠬᠠᠪᠠ ᠪᠠᠢᠨ᠎ᠠ᠃ ᠲᠠ  ᠡᠪᠡᠳᠬᠡᠯ ᠯᠡ ᠭᠡᠵᠦ ᠪᠣᠳᠣᠨ᠎ᠠ ᠤᠤ ᠭᠡᠵᠦ ᠱᠣᠣᠯᠠᠨ ᠬᠥᠬᠥᠷᠡᠰᠢᠵᠤ᠄  
       — ᠵᠠ᠂ ᠵᠠ᠃ ᠲᠠᠨ ᠤ᠋ ᠬᠢ ᠪᠡᠷ ᠪᠣᠯᠤᠶ᠎ᠠ᠂ ᠪᠦᠰᠡᠯᠡᠶ᠎ᠡ᠂ ᠪᠦᠰᠡᠯᠡᠶ᠎ᠡ᠃  
       — ᠲᠡᠷᠡ ᠵᠣᠯᠢᠭ ᠤᠰᠤᠨ ᠳ᠋ᠤ᠌ ᠣᠷᠣᠪᠠᠯ ᠵᠢᠷᠠᠭᠠᠬᠠᠢ᠂ ᠠᠭᠤᠯᠠᠨ ᠳ᠋ᠤ᠌ ᠭᠠᠷᠪᠠᠯ ᠭᠥᠷᠥᠭᠡᠰᠦ᠂ ᠣᠭᠣᠲᠣᠨ᠎ᠠ ᠶ᠋ᠢᠨ ᠨᠦᠬᠡ ᠪᠡᠷ ᠴᠦ᠍ ᠶᠠᠪᠤᠴᠢᠬᠠᠨ᠎ᠠ᠃ ᠴᠢᠪᠠᠭᠠᠨᠴᠠ ᠪᠣᠯᠤᠭᠠᠳ ᠶᠠᠪᠤᠵᠤ ᠮᠡᠳᠡᠨ᠎ᠡ ᠯᠠ ᠭᠡᠳᠡᠭ ᠢ᠋ ᠰᠠᠨᠠᠭᠠᠷᠠᠢ ᠭᠡᠵᠦ ᠡᠪᠦᠭᠡᠨ ᠪᠤᠭᠤᠷᠴᠢ ᠥᠭᠦᠯᠡᠨ ᠦᠯᠡᠳᠡᠪᠡ᠃  
       ᠦᠳᠡᠰᠢ ᠲᠤᠭᠤᠨᠴᠢᠷ《ᠬᠠᠨ ᠬᠦᠦ ᠶ᠋ᠢᠨ ᠴᠡᠷᠢᠭ ᠬᠣᠲᠠ ᠶ᠋ᠢ ᠪᠦᠰᠡᠯᠡᠵᠦ ᠪᠢᠳᠡᠨ ᠲᠡᠢ ᠨᠡᠢᠯᠡᠯ᠎ᠡ》 ᠭᠡᠰᠡᠨ ᠮᠡᠳᠡᠭᠡ ᠢᠷᠡᠭᠦᠯᠪᠡ᠃ ᠰᠥᠨᠢ ᠪᠤᠭᠤᠷᠴᠢ ᠶ᠋ᠢᠨ ᠨᠣᠢᠷ ᠬᠦᠷᠦᠭᠰᠡᠨ ᠦᠭᠡᠢ᠃ ᠦᠦᠷ ᠢ᠋ᠶ᠋ᠡᠷ ᠵᠢᠭᠠᠯ ᠲᠤᠭ ᠬᠢᠭᠡᠳ ᠰᠡᠷᠡᠵᠦ᠂ ᠬᠠᠨ ᠬᠦᠦ ᠤᠷᠤᠭᠤ ᠣᠴᠢᠬᠤᠢ ᠥᠷᠥᠭᠡᠨ ᠳ᠋ᠡᠭᠡᠨ ᠴᠠᠢ ᠵᠣᠭᠣᠭ ᠢ᠋ᠶ᠋ᠠᠨ ᠪᠠᠷᠢᠵᠤ ᠰᠠᠭᠤᠨ᠎ᠠ᠃ ᠡᠪᠦᠭᠡᠨ ᠪᠠᠭᠠᠲᠤᠷ ᠢ᠋ ᠢᠨᠢᠶᠡᠳᠦ ᠬᠥᠷ ᠲᠡᠢ ᠵᠣᠴᠢᠯᠠᠨ᠂ ᠡᠨᠳᠡᠬᠢ ᠶ᠋ᠢᠨ ᠳᠠᠷᠠᠰᠤ ᠪᠠᠷᠢᠬᠤ ᠪᠠᠨ ᠴᠤ᠌ ᠮᠠᠷᠲᠠᠭᠰᠠᠨ ᠦᠭᠡᠢ᠃  
       — ᠵᠠ ᠬᠦᠦ᠂ ᠣᠳᠣ ᠯᠠ ᠬᠣᠲᠠ ᠶ᠋ᠢ ᠨᠡᠩᠵᠢᠨ᠎ᠡ᠃300 ᠴᠡᠷᠢᠭ ᠤᠷᠤᠭᠤᠯ ᠳᠠ᠃ ᠬᠣᠷᠢᠭᠠᠳ ᠴᠡᠷᠢᠭ ᠲᠡᠢ ᠬᠣᠲᠠ ᠳ᠋ᠤ᠌ ᠣᠷᠣᠭᠰᠠᠨ ᠮᠡᠯᠢᠭ ᠢ᠋ ᠠᠯᠳᠠᠵᠤ ᠪᠣᠯᠬᠤ ᠦᠭᠡᠢ᠃ ᠵᠠᠯᠢ ᠲᠠᠢ ᠵᠣᠯᠢᠭ ᠢ᠋ ᠠᠷᠠᠢ ᠯᠠ ᠠᠯᠳᠠᠴᠢᠬ᠎ᠠ ᠦᠭᠡᠢ ᠠᠮᠵᠢᠵᠤ ᠪᠦᠰᠡᠯᠡᠭᠰᠡᠨ ᠪᠠᠢᠭ᠎ᠠ ᠳᠠ ᠭᠡᠮᠡᠨ ᠡᠪᠦᠭᠡᠨ ᠵᠠᠩᠵᠤᠨ ᠥᠭᠡᠳᠡᠢ ᠳ᠋ᠦ᠍ ᠥᠭᠦᠯᠡᠪᠡᠰᠦ᠄  
       — ᠠᠯᠳᠠᠭ᠎ᠠ ᠦᠭᠡᠢ ᠪᠠᠢᠬ᠎ᠠ᠃ ᠪᠢ ᠨᠢᠭᠡ ᠳ᠋ᠦ᠍ ᠬᠤᠷᠳᠤᠨ ᠪᠦᠰᠡᠯᠡᠭᠰᠡᠨ᠂ ᠬᠣᠶᠠᠷ ᠲᠤ᠂ ᠯᠠᠪ ᠬᠣᠷᠢᠨ ᠮᠣᠳᠣ ᠭᠠᠵᠠᠷ ᠳᠣᠲᠣᠷ᠎ᠠ ᠳᠠᠩᠨᠠᠭᠤᠯᠤᠭᠰᠠᠨ᠂ ᠭᠠᠷᠤᠭᠰᠠᠨ ᠰᠤᠷᠠᠭ ᠦᠭᠡᠢ᠃  
       — ᠵᠠ᠂ ᠶᠡᠬᠡ ᠰᠠᠢᠨ᠃ ᠡᠨᠡ ᠴᠢᠨᠢ ᠯᠡ ᠡᠨᠡ ᠵᠢᠭᠠᠬᠠᠨ ᠬᠣᠲᠠ ᠳ᠋ᠤ᠌ ᠪᠢᠳᠡᠨ ᠦ᠌ ᠡᠷᠢᠯ ᠪᠠᠢᠭ᠎ᠠ ᠭᠡᠰᠡᠨ ᠦᠭᠡ᠃ ᠡᠷᠢᠶ᠎ᠡ᠂ ᠣᠯᠤᠶ᠎ᠠ᠃ ᠡᠭᠦᠨ ᠡᠴᠡ ᠨᠠᠭᠠᠨ᠎ᠠ ᠬᠠᠭᠠᠨ ᠡᠴᠢᠭᠡ ᠶ᠋ᠢᠨ ᠬᠢᠨᠢ ᠰᠠᠨᠠᠭ᠎ᠠ ᠠᠮᠠᠷᠠᠬᠤ ᠴᠦ᠍ ᠦᠭᠡᠢ ᠭᠡᠮᠡᠨ ᠡᠪᠦᠭᠡᠨ ᠵᠠᠩᠵᠤᠨ ᠥᠭᠦᠯᠡᠵᠦ ᠬᠣᠲᠠ ᠤᠷᠤᠭᠤ ᠴᠡᠷᠢᠭ ᠣᠷᠣᠭᠤᠯᠪᠠ᠃ 
       ᠬᠣᠶᠠᠷ ᠬᠣᠨᠣᠭ ᠡᠷᠢᠯ᠎ᠡ᠃ ᠬᠡᠳᠦᠨ ᠴᠡᠷᠢᠭ ᠢ᠋ ᠨᠢ ᠠᠩᠨᠠᠵᠤ ᠳᠠᠭᠤᠰᠬᠠᠭᠰᠠᠨ ᠭᠡᠬᠦ᠃ ᠭᠡᠪᠡᠴᠦ ᠡᠷᠢᠭᠰᠡᠨ ᠮᠡᠯᠢᠭ ᠣᠯᠳᠠᠬᠤ ᠦᠭᠡᠢ ᠰᠡᠳᠬᠢᠯ ᠵᠣᠪᠠᠭᠠᠨ᠎ᠠ᠃ ᠡᠨᠡ ᠮᠠᠭᠤ ᠵᠢᠭᠠᠬᠠᠨ ᠬᠣᠲᠠ ᠶ᠋ᠢ ᠰᠢᠲᠠᠭᠠᠭᠠᠳ ᠦᠨᠡᠰᠦᠨ ᠨᠣᠷᠮ᠎ᠠ ᠪᠣᠯᠭᠠᠯᠲᠠᠢ ᠪᠢᠯᠡ᠃ ᠴᠡᠷᠢᠭ ᠦ᠋ᠳ ᠢ᠋ ᠨᠢ ᠠᠩᠨᠠᠬᠤ ᠳ᠋ᠠᠭᠠᠨ ᠬᠠᠮᠲᠤ ᠨᠢᠳᠤᠷᠴᠢᠬᠠᠭᠰᠠᠨ ᠪᠢᠰᠢ ᠪᠠᠢᠬᠤ᠃ ᠴᠡᠷᠢᠭ ᠦ᠋ᠳ ᠦ᠋ᠨ ᠬᠡᠭᠦᠷ ᠢ᠋ ᠴᠢᠷᠦᠭᠡᠳ ᠭᠠᠷᠭᠠᠭᠠᠳ ᠢᠷ᠎ᠡ᠃ ᠶᠠᠭᠠᠬᠢᠵᠤ ᠪᠠᠢᠬᠤ ᠪᠣᠢ? ᠭᠤᠳᠤᠮᠵᠢᠨ ᠤ᠋ ᠨᠣᠬᠠᠢ ᠢᠳᠡᠭᠡ ᠪᠢᠵᠡ᠃ ᠭᠤᠷᠪᠠᠳᠠᠬᠢ ᠥᠷᠯᠥᠭᠡ ᠲᠠᠪᠤᠨ ᠵᠠᠭᠤᠨ ᠴᠡᠷᠢᠭ ᠣᠷᠣᠭᠤᠯᠤᠯ᠎ᠠ᠃ ᠬᠣᠲᠠ ᠳ᠋ᠤ᠌ ᠣᠷᠣᠭᠰᠠᠨ ᠴᠡᠷᠢᠭ ᠶᠠᠭᠤ ᠳᠤᠷ᠎ᠠ ᠲᠠᠢ ᠪᠠᠨ ᠬᠢᠵᠦ ᠪᠣᠯᠤᠨ᠎ᠠ᠃ ᠵᠢᠷᠭᠠᠯ ᠢ᠋ᠶ᠋ᠠᠨ ᠡᠳ᠋ᠯᠡᠨ᠎ᠡ ᠪᠢᠵᠡ᠃ ᠪᠣᠭᠣᠷᠴᠢ ᠡᠪᠦᠭᠡᠨ ᠠᠮᠪᠠᠷ᠎ᠠ ᠳ᠋ᠠᠭᠠᠨ᠃ ᠭᠣᠣᠯ ᠤᠷᠤᠭᠤ ᠬᠣᠶᠠᠷ ᠬᠥᠯᠲᠡᠨ ᠢ᠋ ᠣᠷᠣᠭᠤᠯᠵᠤ ᠪᠣᠯᠬᠤ ᠦᠭᠡᠢ ᠲᠤᠰᠢᠶᠠᠯ ᠲᠠᠢ᠃ ᠥᠨᠥᠬᠢ ᠵᠣᠯᠢᠭ ᠣᠯᠳᠠᠬᠤ ᠦᠭᠡᠢ ᠪᠣᠯ ᠶᠠᠭᠠᠬᠢᠨ᠎ᠠ ᠠ᠋ ᠭᠡᠰᠡᠨ ᠪᠣᠳᠣᠯ ᠳ᠋ᠤ᠌ ᠠᠪᠲᠠᠨ ᠰᠠᠭᠤᠭ᠎ᠠ᠃ ᠦᠳᠡ ᠥᠩᠭᠡᠷᠡᠯ᠎ᠡ᠃  
       — ᠬᠠᠨ ᠬᠦᠦ ᠢᠷᠡᠯ᠎ᠡ ᠭᠡᠵᠦ ᠴᠡᠷᠢᠭ ᠬᠠᠷᠠᠭᠤᠯ ᠭᠠᠳᠠᠨ᠎ᠠ ᠬᠠᠰᠬᠢᠷᠴᠤ ᠪᠣᠭᠣᠷᠴᠢ ᠠᠮᠪᠠᠷ᠎ᠠ ᠠ᠋ᠴᠠ ᠭᠠᠷᠪᠠᠰᠤ᠂ ᠲᠤᠯᠤᠨ ᠲᠡᠷᠡ ᠬᠣᠶᠠᠷ ᠬᠡᠰᠡᠭ ᠴᠡᠷᠢᠭ ᠲᠡᠢ ᠨᠢᠭᠡᠨ ᠬᠥᠮᠦᠨ ᠢ᠋ ᠠᠪᠴᠤ ᠢᠷᠡᠵᠦ ᠬᠠᠨ ᠬᠦᠦ᠄ 
       — ᠥᠨᠥᠬᠢ ᠶ᠋ᠢ ᠣᠯᠤᠭᠠᠳ ᠢᠷᠡᠯ᠎ᠡ ᠭᠡᠮᠡᠨ ᠪᠠᠶᠠᠷᠲᠠᠢ ᠥᠭᠦᠯᠡᠪᠡ᠃ ᠵᠡᠰ ᠬᠦᠷᠡᠯ ᠴᠢᠷᠠᠢ ᠲᠠᠢ᠂ ᠴᠡᠩᠬᠡᠷ ᠨᠢᠳᠦ ᠲᠡᠢ᠂ ᠥᠳᠬᠡᠨ ᠬᠦᠷᠡᠩ ᠰᠠᠬᠠᠯ ᠦᠰᠦ ᠲᠡᠢ᠂ ᠪᠦᠷᠭᠦᠳ ᠬᠠᠮᠠᠷ ᠲᠠᠢ᠂ ᠥᠨᠳᠥᠷ ᠭᠤᠸᠠᠯᠢᠭ ᠨᠢᠭᠡᠨ ᠡᠷ᠎ᠡ ᠶ᠋ᠢ ᠳᠠᠭᠠᠭᠤᠯᠤᠨ ᠢᠷᠡᠪᠡ᠃ ᠮᠡᠯᠢᠭ ᠭᠡᠰᠡᠨ ᠲᠠᠮᠠᠭ᠎ᠠ ᠲᠡᠮᠳᠡᠭ ᠦᠭᠡᠢ᠂ ᠬᠡᠨ ᠮᠡᠳᠡᠬᠦ ᠪᠣᠢ᠂ ᠲᠠᠨᠢᠬᠤ ᠬᠥᠮᠦᠨ ᠪᠠᠢᠬᠤ ᠪᠢᠰᠢ᠃
       — ᠮᠥᠨ ᠯᠡ ᠪᠠᠢᠭ᠎ᠠ ᠳᠠ ᠵᠣᠯᠢᠭ ᠭᠡᠮᠡᠨ ᠪᠤᠭᠤᠷᠴᠢ ᠬᠡᠯᠡᠭᠡᠳ᠄ 
       — ᠴᠢ ᠮᠡᠯᠢᠭ ᠤᠤ? ᠭᠡᠮᠡᠨ ᠠᠰᠠᠭᠤᠪᠠᠰᠤ ᠴᠠᠭᠠᠳᠤ ᠡᠷ᠎ᠡ ᠲᠣᠯᠣᠭᠠᠢ ᠲᠣᠬᠢᠬᠤ ᠲᠡᠳᠦᠢ᠃ ᠲᠡᠭᠦᠨ ᠢ᠋ ᠬᠦᠯᠢᠵᠦ ᠲᠣᠣᠷᠯᠠᠭᠰᠠᠨ ᠴᠦ᠍ ᠦᠭᠡᠢ᠂ ᠴᠢᠯᠥᠭᠡ ᠲᠡᠢ ᠰᠤᠯᠠ ᠠᠪᠴᠢᠷᠠᠵᠠᠢ᠃ ᠡᠨᠡ ᠣᠯᠠᠨ ᠴᠡᠷᠢᠭ ᠬᠦᠯᠢᠭᠡᠳ ᠴᠦ᠍ ᠶᠠᠭᠠᠬᠢᠬᠤᠪ᠃ ᠪᠤᠭᠤᠷᠴᠢ ᠬᠠᠨ ᠬᠦᠦ᠂ ᠲᠤᠯᠤᠨ᠂ ᠥᠨᠥᠬᠢ ᠵᠣᠴᠢᠨ ᠭᠤᠷᠪᠠ ᠪᠠᠨ ᠠᠮᠪᠠᠷ᠎ᠠ ᠳ᠋ᠠᠭᠠᠨ ᠣᠷᠣᠭᠤᠯᠵᠤ ᠢᠳᠡᠭᠡ᠂ ᠵᠣᠭᠣᠭ᠂ ᠡᠨᠳᠡᠬᠢ ᠶ᠋ᠢᠨ ᠬᠠᠲᠠᠭᠤ ᠰᠠᠷᠬᠤᠳ ᠲᠠᠯᠪᠢᠵᠤ ᠵᠣᠴᠢᠯᠠᠨ᠂ ᠬᠡᠯᠡᠮᠦᠷᠴᠢ ᠪᠡᠷ ᠳᠠᠮᠵᠢᠭᠤᠯᠤᠨ᠄ 
       — ᠮᠡᠯᠢᠭ ᠴᠢ ᠴᠢᠩᠭᠢᠰ ᠬᠠᠭᠠᠨ ᠳ᠋ᠤ᠌ ᠪᠠᠷᠠᠭᠠᠯᠠᠵᠤ ᠥᠷᠥᠰᠢᠶᠡᠯ ᠭᠤᠶᠤᠬᠤ ᠤᠤ? ᠭᠡᠮᠡᠨ ᠠᠰᠠᠭᠤᠪᠠ᠃ ᠴᠠᠭᠠᠳᠤᠬᠢ ᠨᠢ ᠵᠥᠪᠬᠡᠨ ᠲᠣᠯᠣᠭᠠᠢ ᠰᠡᠭᠰᠦᠷᠴᠦ ᠬᠠᠷᠢᠭᠤ ᠥᠭᠪᠡ᠃《ᠢᠳᠡ᠂ ᠤᠤᠭᠤ》 ᠭᠡᠪᠡᠰᠦ ᠠᠮᠰᠠᠬᠤ ᠲᠡᠳᠦᠢ ᠲᠠᠮᠰᠢᠶᠠᠨ᠎ᠠ᠃
       — ᠥᠭᠡᠳᠡᠢ ᠠ᠋᠂ ᠬᠡᠦᠬᠡ ᠠ᠋᠂ ᠡᠨᠡ ᠶ᠋ᠢ ᠬᠣᠲᠠ ᠶ᠋ᠢᠨ ᠵᠠᠬ᠎ᠠ ᠳ᠋ᠤ᠌ ᠲᠣᠬᠢᠲᠠᠢᠬᠠᠨ ᠪᠠᠢᠷᠢ ᠣᠯᠤᠭᠠᠳ ᠰᠤᠯᠠ ᠪᠠᠢᠯᠭᠠᠵᠤ᠂ ᠬᠠᠲᠠᠭᠤ ᠴᠢᠩᠭ᠎ᠠ ᠬᠠᠷᠠᠭᠤᠯ ᠮᠠᠨᠠᠭ᠎ᠠ ᠲᠠᠯᠪᠢᠶ᠎ᠠ᠃ ᠶᠠᠭᠤ ᠳᠤᠷ᠎ᠠ ᠲᠠᠢ ᠶ᠋ᠢ ᠥᠭᠴᠦ᠂ ᠬᠦᠰᠡᠪᠡᠯ ᠬᠡᠦᠬᠡᠨ ᠴᠦ᠍ ᠥᠭᠴᠦ ᠪᠣᠯᠤᠨ᠎ᠠ᠃ ᠡᠵᠡᠨ ᠬᠠᠭᠠᠨ ᠳ᠋ᠤ᠌ ᠲᠤᠯᠤᠨ ᠴᠢ ᠣᠴᠢᠵᠤ ᠠᠢᠯᠠᠳᠬ᠎ᠠ᠃ ᠠᠭᠤᠯᠵᠠᠬᠤ ᠤᠤ ᠭᠡᠵᠦ ᠠᠰᠠᠭᠤ᠃ ᠣᠯᠵᠠᠯᠠᠭᠰᠠᠳ᠂ ᠳᠠᠭᠠᠭᠰᠠᠨ ᠴᠡᠷᠢᠭ ᠢ᠋ ᠶᠠᠭᠠᠬᠢᠬᠤ ᠪᠣᠢ? ᠠᠪᠴᠤ ᠣᠴᠢᠬᠤ ᠤᠤ? ᠡᠨᠳᠡ ᠤᠴᠢᠷ ᠢ᠋ ᠨᠢ ᠣᠯᠬᠤ ᠤᠤ? ᠭᠡᠮᠡᠨ ᠠᠢᠯᠠᠳᠬ᠎ᠠ ᠭᠡᠵᠦ ᠲᠤᠰᠢᠶᠠᠵᠤ᠂ ᠡᠭᠦᠳᠡ ᠪᠡᠷ ᠭᠠᠳᠠᠭᠰᠢ ᠱᠠᠭᠠᠢᠵᠤ ᠴᠡᠷᠢᠭ ᠲᠦ᠍ ᠣᠯᠵᠠᠯᠠᠭᠰᠠᠳ᠂ ᠳᠠᠭᠠᠭᠰᠠᠳ ᠢ᠋ ᠲᠤᠰ ᠲᠤᠰ ᠤ᠋ᠨ ᠪᠠᠢᠷᠢ ᠶ᠋ᠢᠨ ᠭᠠᠳᠠᠨ᠎ᠠ ᠵᠢᠭᠰᠠᠭ᠎ᠠ ᠭᠡᠮᠡᠨ ᠬᠡᠯᠡᠭᠡᠳ《ᠲᠤᠷᠰᠢᠭᠠᠳ ᠦᠵᠡᠶ᠎ᠡ》 ᠭᠡᠪᠡ᠃  
       ᠲᠡᠳᠡ ᠮᠡᠯᠢᠭ ᠢ᠋ ᠳᠠᠭᠠᠭᠤᠯᠵᠤ ᠣᠯᠵᠠᠯᠠᠭᠰᠠᠳ ᠤᠷᠤᠭᠤ ᠣᠴᠢᠯ᠎ᠠ᠃ ᠭᠠᠪ ᠭᠢᠨᠵᠢ ᠲᠡᠢ ᠠᠷᠪᠠᠨ ᠬᠡᠳᠦᠨ ᠬᠥᠮᠦᠨ ᠦᠰᠦ ᠰᠠᠬᠠᠯ ᠳ᠋ᠠᠭᠠᠨ ᠪᠠᠷᠢᠭᠳᠠᠭᠠᠳ ᠵᠣᠭᠰᠣᠵᠠᠭᠠᠵᠤ  ᠠᠵᠠᠢ᠃ ᠤᠷᠢᠳᠤ ᠠ᠋ᠴᠠ ᠨᠢ ᠬᠡᠳᠦᠨ ᠠᠯᠬᠤᠮ ᠤ᠋ᠨ ᠡᠮᠦᠨ᠎ᠡ ᠣᠢᠷᠠᠲᠤᠭᠤᠯᠪᠠᠰᠤ ᠲᠡᠳᠡ ᠴᠥᠮ ᠰᠥᠭᠥᠳᠦᠨ᠄
       — ᠠᠯᠯᠨ ᠲᠩᠷᠢ ᠮᠢᠨᠢ ᠥᠷᠥᠰᠢᠶᠡ᠂ ᠬᠠᠨ ᠮᠡᠯᠢᠭ ᠮᠠᠨᠳᠤᠲᠤᠭᠠᠢ᠃ ᠬᠠᠨ ᠮᠡᠯᠢᠭ ᠦ᠋ᠨ ᠨᠡᠷ᠎ᠡ ᠠᠯᠳᠠᠷ ᠪᠠᠳᠠᠷᠠᠲᠤᠭᠠᠢ ᠭᠡᠮᠡᠨ ᠳᠠᠭᠤ ᠲᠠᠯᠪᠢᠯᠴᠠᠪᠠ᠃ ᠴᠠᠰᠢ ᠠᠪᠴᠤ ᠶᠠᠪᠤᠵᠤ ᠳᠠᠭᠠᠭᠰᠠᠳ ᠤ᠋ᠨ ᠡᠮᠦᠨ᠎ᠡ ᠣᠴᠢᠪᠠᠰᠤ ᠲᠡᠳᠡ ᠳᠠᠭᠤ ᠦᠭᠡᠢ ᠬᠦᠷᠯᠠᠢᠨ ᠵᠣᠭᠰᠣᠵᠠᠭᠠᠨ ᠬᠣᠷᠣᠰᠤᠭᠰᠠᠨ ᠨᠢᠳᠦ ᠪᠡᠷ ᠲᠡᠭᠦᠨ ᠢ᠋ ᠠᠵᠢᠨ ᠰᠢᠷᠳᠡᠵᠡᠭᠡᠵᠦ᠂ ᠲᠡᠳᠡᠨ ᠦ᠌ ᠳᠣᠲᠣᠷ᠎ᠠ ᠠ᠋ᠴᠠ ᠨᠢᠭᠡᠨ ᠡᠲᠡᠭᠡᠳ《ᠲᠦᠢ》 ᠭᠡᠵᠦ ᠨᠤᠯᠮᠤᠯ᠎ᠠ᠃  
       — ᠡᠵᠡᠨ ᠴᠢᠨᠢ ᠢᠷᠡᠵᠦ ᠪᠠᠢᠬᠤ ᠳ᠋ᠤ᠌ ᠮᠥᠷᠭᠥᠳᠡᠭ ᠦᠭᠡᠢ ᠶᠦᠮ ᠤᠤ? ᠭᠡᠮᠡᠨ ᠪᠤᠭᠤᠷᠴᠢ ᠬᠡᠯᠡᠪᠡᠰᠦ᠄ 
       — ᠶᠠᠭᠠᠬᠢᠨᠠᠮ᠂ ᠲᠣᠨᠢᠯᠭᠠᠪᠠᠯ ᠲᠠᠭᠠᠷᠠᠨ᠎ᠠ᠃ 
       — ᠡᠨᠡ ᠪᠢᠳᠡᠨ ᠢ᠋ ᠬᠠᠭᠤᠷᠤᠭᠰᠠᠨ᠃ 
       — ᠮᠡᠯᠢᠭ ᠰᠥᠨᠥᠲᠦᠭᠡᠢ ᠬᠡᠮᠡᠬᠦ ᠠᠵᠤᠭᠤ᠃  
       ᠲᠤᠯᠤᠨ ᠬᠠᠭᠠᠨ ᠤ᠋ ᠵᠦᠭ ᠳᠣᠪᠲᠣᠯᠭᠠᠵᠤ᠂ ᠬᠠᠨ ᠬᠦᠦ᠂ ᠡᠪᠦᠭᠡᠨ ᠵᠠᠩᠵᠤᠨ ᠬᠣᠶᠠᠷ ᠴᠡᠷᠢᠭ ᠢ᠋ᠶ᠋ᠡᠨ ᠭᠣᠣᠯ ᠤ᠋ᠨ ᠬᠣᠶᠠᠷ ᠵᠠᠬ᠎ᠠ ᠪᠠᠷ ᠪᠠᠢᠷᠢᠯᠠᠭᠤᠯᠤᠨ ᠵᠠᠷᠯᠢᠭ ᠬᠦᠯᠢᠶᠡᠵᠦ ᠬᠡᠳᠦ ᠬᠣᠨᠣᠭᠯᠠᠬᠤᠢ᠂ ᠴᠡᠷᠢᠭ ᠦ᠋ᠳ ᠵᠢᠭᠠᠰᠤ ᠪᠠᠷᠢᠬᠤ᠂ ᠠᠩ ᠬᠥᠭᠡᠭᠡᠬᠦ ᠵᠡᠷᠭᠡ ᠵᠤᠭᠠᠲᠠᠢ ᠠᠵᠤᠭᠤ᠃ ᠬᠠᠭᠠᠨ ᠠ᠋ᠴᠠ ᠬᠠᠷᠢᠭᠤ ᠢᠷᠡᠭᠰᠡᠨ ᠨᠢ᠄《ᠲᠡᠷᠡ ᠨᠠᠳᠠ ᠲᠠᠢ ᠠᠭᠤᠯᠵᠠᠬᠤ ᠶ᠋ᠢ ᠡᠰᠡ ᠬᠦᠰᠡᠪᠡᠯ ᠨᠠᠰᠢ ᠠᠪᠴᠢᠷᠠᠬᠤ ᠬᠡᠷᠡᠭ ᠦᠭᠡᠢ᠃ ᠦᠨᠡᠨᠴᠢ ᠴᠡᠷᠢᠭ ᠦ᠋ᠳ ᠨᠢ ᠡᠵᠡᠨ ᠲᠡᠢ ᠪᠡᠨ ᠬᠠᠮᠲᠤ ᠲᠣᠨᠢᠯᠤᠭ᠃ ᠦᠯᠡᠳᠡᠭᠰᠡᠨ ᠴᠡᠷᠢᠭ ᠦ᠋ᠳ ᠢ᠋ ᠠᠪᠴᠢᠷᠠ》 ᠭᠡᠰᠡᠨ ᠠᠵᠢ᠃ ᠲᠤᠯᠤᠨ ᠲᠡᠨᠳᠡ ᠪᠡᠨ ᠦᠯᠡᠳᠡᠭᠰᠡᠨ ᠪᠠᠢᠨ᠎ᠠ᠃  
       ᠬᠠᠨ ᠬᠦᠦ᠂ ᠪᠣᠭᠣᠷᠴᠢ ᠬᠣᠶᠠᠷ ᠬᠡᠯᠡᠯᠴᠡᠵᠦ᠂ ᠨᠢᠭᠡ ᠵᠠᠩᠵᠤᠨ ᠢ᠋ ᠵᠥᠭᠡᠭᠡᠪᠦᠷᠢ ᠶ᠋ᠢᠨ ᠵᠡᠪᠡ ᠣᠩᠭᠣᠴᠠᠨ ᠳ᠋ᠤ᠌ ᠭᠠᠪᠠ ᠳᠥᠩᠭᠡ ᠲᠡᠢ ᠴᠡᠷᠢᠭ ᠦ᠋ᠳ ᠢ᠋ ᠨᠢ ᠣᠷᠣᠭᠤᠯᠵᠤ᠂ ᠭᠠᠳᠠᠨ᠎ᠠ ᠳᠡᠪᠰᠡᠭ ᠳᠡᠭᠡᠷ᠎ᠡ ᠮᠡᠯᠢᠭ ᠢ᠋ ᠭᠠᠪᠠᠯᠠᠵᠤ ᠬᠥᠯ ᠢ᠋ᠶ᠋ᠡᠷ ᠨᠢ ᠬᠣᠯᠪᠣᠭᠠᠳ ᠬᠣᠶᠠᠷ ᠴᠡᠷᠢᠭ ᠢ᠋ᠶ᠋ᠡᠷ ᠣᠩᠭᠣᠴᠠ ᠶ᠋ᠢ ᠨᠢ ᠵᠠᠯᠠᠭᠤᠯᠵᠤ᠂ ᠮᠥᠷᠡᠨ ᠦ᠌ ᠭᠣᠣᠯ ᠳ᠋ᠤ᠌ ᠣᠷᠣᠭᠤᠯᠤᠨ ᠢᠷᠣᠭᠠᠷ ᠢ᠋ ᠨᠡᠭᠡᠭᠡᠵᠦ᠂ ᠲᠡᠷᠡ ᠬᠣᠶᠠᠷ ᠲᠤ᠌ ᠵᠠᠪᠢ ᠪᠠᠷ ᠭᠠᠷᠴᠤ ᠢᠷᠡᠬᠦ ᠲᠤᠰᠢᠶᠠᠯ ᠥᠭᠴᠡᠢ᠃ ᠭᠣᠣᠯ ᠤ᠋ᠨ ᠬᠣᠶᠠᠷ ᠲᠠᠯ᠎ᠠ ᠪᠠᠷ ᠬᠢ ᠬᠥᠮᠦᠰ ᠢ᠋ ᠬᠥᠭᠡᠭᠡᠨ ᠵᠠᠢᠯᠠᠭᠤᠯᠵᠤ ᠴᠡᠷᠢᠭ ᠡᠩᠨᠡᠭᠦᠯᠦᠨ ᠵᠢᠭᠰᠠᠭᠠᠵᠤ᠂ ᠭᠣᠣᠯ ᠥᠭᠰᠥᠨ ᠢᠷᠡᠵᠦ ᠶᠠᠪᠤᠭ᠎ᠠ ᠣᠩᠭᠣᠴᠠ ᠪᠠᠢᠪᠠᠯ ᠪᠤᠴᠠᠭᠠᠬᠤ ᠪᠠᠷ ᠮᠥᠨ ᠴᠡᠷᠢᠭ ᠦ᠋ᠳ ᠶᠠᠪᠤᠭᠤᠯᠵᠠᠢ᠃ ᠡᠨᠡᠬᠦ ᠶᠠᠪᠤᠳᠠᠯ ᠵᠢᠭᠠᠭᠰᠠᠨ᠂ ᠦᠢᠯᠡᠳᠦᠭᠰᠡᠨ ᠦ᠌ ᠳᠠᠭᠠᠤ ᠪᠣᠯᠵᠤ᠂ ᠣᠩᠭᠣᠴᠠ ᠤᠰᠤᠨ ᠳ᠋ᠤ᠌ ᠵᠢᠪᠴᠦ ᠲᠦᠳᠡᠯ ᠦᠭᠡᠢ ᠵᠥᠪᠬᠡᠨ ᠳᠡᠪᠰᠡᠭ ᠳᠡᠭᠡᠷᠡᠬᠢ ᠡᠲᠡᠭᠡᠳ ᠦᠯᠡᠳᠡᠵᠦ ᠳᠣᠭᠣᠭᠰᠢᠯᠠᠬᠤ ᠴᠢᠴᠠᠤ ᠲᠡᠷᠡ ᠪᠡᠷ ᠬᠣᠶᠠᠷ ᠭᠠᠷ ᠢ᠋ᠶ᠋ᠠᠨ ᠳᠡᠭᠡᠭᠰᠢ ᠡᠷᠭᠦᠨ ᠥᠨᠳᠥᠷ ᠳᠠᠭᠤ ᠪᠠᠷ ᠬᠠᠰᠬᠢᠷᠤᠨ ᠥᠭᠦᠯᠡᠭᠰᠡᠨ ᠨᠢ᠄《ᠡᠷᠡᠯᠬᠡᠭ ᠵᠣᠷᠢᠭ ᠤ᠋ᠨ ᠬᠦᠴᠦᠨ ᠳ᠋ᠦ᠍ ᠯᠡ ᠮᠢᠨᠦ ᠬᠥᠯ ᠳᠣᠣᠷ᠎ᠠ ᠡᠨᠡ ᠳᠡᠯᠡᠬᠡᠢ ᠪᠠᠢᠨ᠎ᠠ》 ᠬᠡᠮᠡᠭᠰᠡᠨ ᠠᠵᠤᠭᠤ᠃ ᠲᠡᠷᠡ ᠪᠡᠷ ᠳᠣᠭᠣᠭᠰᠢ᠂ ᠳᠣᠭᠣᠭᠰᠢᠯᠠᠭᠰᠠᠭᠠᠷ ᠳᠠᠯᠳᠠᠷᠠᠬᠤᠢ ᠤᠰᠤᠨ ᠤ᠋ ᠮᠠᠨᠳᠤᠯ ᠳᠡᠭᠡᠷ᠎ᠡ ᠣᠯᠠᠨ ᠵᠢᠵᠢᠭ ᠴᠠᠭᠠᠷᠢᠭ ᠡᠭᠦᠰᠦᠨ᠂ ᠲᠡᠯᠡᠵᠦ ᠲᠣᠮᠣᠷᠠᠭᠰᠠᠭᠠᠷ ᠵᠠᠮᠬᠠᠷᠠᠪᠠ᠃ ᠰᠸᠢᡁᠦᠨ ᠮᠥᠷᠡᠨ ᠦ᠌ ᠤᠷᠤᠰᠬᠠᠯ ᠶᠠᠭᠤ ᠴᠦ᠍ ᠪᠣᠯᠤᠭ᠎ᠠ ᠦᠭᠡᠢ ᠶᠦᠮ ᠰᠢᠭ ᠠᠷᠠᠯ ᠳᠠᠯᠠᠢ ᠤᠷᠤᠭᠤ ᠪᠠᠨ ᠵᠣᠷᠢᠨ᠎ᠠ᠃ ᠰᠠᠶᠢᠬᠢ ᠪᠢᠴᠢᠬᠠᠨ ᠬᠦᠯᠦᠭ ᠵᠣᠷᠴᠢᠭᠴᠢᠳ ᠤ᠋ᠨ ᠬᠠᠮᠤᠭ ᠤᠰᠤᠨ ᠳᠣᠣᠭᠤᠷ ᠭᠤᠯᠠᠰᠤᠨ ᠮᠥᠨ ᠲᠡᠷᠡ ᠳᠠᠯᠠᠢ ᠳ᠋ᠤ᠌ ᠣᠴᠢᠬᠤ ᠪᠤᠶᠤ᠃ 
       ᠬᠣᠷᠸᠰᠮ ᠤᠯᠤᠰ ᠤ᠋ᠨ ᠬᠠᠮᠤᠭ ᠤ᠋ᠨ ᠰᠡᠭᠦᠯᠴᠢ ᠶ᠋ᠢᠨ ᠳᠠᠢᠰᠤᠨ ᠢ᠋ ᠳᠠᠷᠤᠭᠰᠠᠨ ᠬᠣᠶᠠᠷ ᠡᠵᠡᠨ ᠬᠠᠭᠠᠨ ᠳ᠋ᠤ᠌ ᠢᠷᠡᠵᠦ ᠪᠠᠷᠠᠭᠠᠯᠠᠪᠠ᠃ ᠬᠠᠭᠠᠨ ᠤ᠋ ᠳᠡᠷᠭᠡᠳᠡ ᠭᠠᠭᠴᠠᠬᠠᠨ ᠲᠤᠯᠤᠨ ᠰᠠᠭᠤᠵᠤ ᠪᠠᠢᠨ᠎ᠠ᠃ ᠪᠣᠭᠤᠷᠴᠢ ᠡᠪᠦᠭᠡᠨ ᠦ᠌ ᠨᠢᠷᠤᠭᠤ ᠪᠠᠷ ᠬᠦᠢᠲᠡᠨ ᠣᠷᠬᠢᠭᠠᠳ ᠨᠢᠭᠡ ᠯᠡ ᠡᠪ ᠦᠭᠡᠢ᠃ ᠪᠢᠳᠡ ᠭᠤᠷᠪᠠ ᠶ᠋ᠢ ᠰᠢᠭᠤᠳ ᠪᠠᠢᠴᠠᠭᠠᠭᠠᠳ ᠡᠬᠢᠯᠡᠬᠦ ᠨᠢ ᠤᠤ ᠭᠡᠬᠦ ᠪᠣᠳᠣᠯ ᠲᠥᠷᠥᠨ᠎ᠡ᠃ ᠬᠠᠭᠠᠨ ᠨᠢᠭᠡ ᠯᠡ ᠡᠪ ᠦᠭᠡᠢ ᠰᠢᠷᠦᠭᠦᠨ ᠳᠦᠷᠢ ᠲᠡᠢ ᠬᠠᠷᠠᠭᠳᠠᠬᠤ ᠠᠵᠠᠢ᠃  
       — ᠵᠠ ᠰᠠᠷᠲᠠᠭᠤᠯ ᠢᠷᠭᠡᠨ ᠪᠦᠷᠢᠨ ᠮᠥᠬᠥᠵᠦ᠂ ᠭᠠᠷᠴᠤ ᠢᠷᠡᠬᠦ ᠠᠶᠤᠯ ᠦᠭᠡᠢ ᠪᠣᠯᠪᠠ᠃ ᠲᠡᠷᠡ ᠠᠪᠴᠢᠷᠠᠭᠰᠠᠨ ᠴᠡᠷᠢᠭ ᠦ᠋ᠳ ᠢ᠋ ᠲᠠᠪᠤ ᠭᠤᠷᠪᠠ ᠪᠠᠷ ᠮᠢᠩᠭᠠᠲᠤ᠂ ᠵᠠᠭᠤᠲᠤ ᠲᠠᠷᠬᠠᠭᠠᠵᠤ ᠥᠭ᠃ ᠪᠤᠰᠤᠳ ᠬᠡᠷᠡᠭ ᠢ᠋ ᠳᠠᠷᠠᠭ᠎ᠠ ᠶᠠᠷᠢᠯᠴᠠᠨ᠎ᠠ᠃ ᠣᠳᠣ ᠥᠭᠡᠳᠡᠢ ᠴᠢ ᠦᠯᠡᠳᠡ᠂ ᠪᠣᠭᠣᠷᠴᠢ ᠶᠠᠪᠤ ᠭᠡᠰᠡᠨ ᠲᠣᠪᠴᠢᠬᠠᠨ ᠦᠭᠡ ᠬᠡᠯᠡᠯ᠎ᠡ᠃ 
       ᠵᠠ ᠳᠠ᠂ ᠬᠠᠭᠠᠨ ᠤ᠋ ᠠᠭᠠᠰᠢ ᠠᠢᠭ ᠲᠤᠩ ᠥᠭᠡᠷ᠎ᠡ ᠪᠣᠯᠵᠠᠢ᠃ ᠮᠠᠭᠤ ᠡᠪᠦᠭᠡᠨ ᠨᠢᠭᠡ ᠶᠠᠭᠤᠮ᠎ᠠ ᠦᠵᠡᠬᠦ ᠴᠠᠭ ᠨᠢ ᠢᠷᠡᠵᠦ ᠳᠠ ᠭᠡᠵᠦ ᠭᠤᠨᠢᠭᠲᠠᠢᠬᠠᠨ ᠣᠷᠣᠨ ᠪᠠᠢᠷᠢᠨ ᠳ᠋ᠠᠭᠠᠨ ᠣᠴᠢᠪᠠ᠃  
       ᠬᠠᠭᠠᠨ ᠢ᠋ᠶ᠋ᠠᠷ ᠥᠭᠡᠳᠡᠢ ᠶ᠋ᠢ ᠦᠯᠡᠳᠡᠭᠡᠳ ᠰᠢᠭᠤᠳ ᠲᠤᠯᠤᠨ ᠴᠡᠷᠪᠢ ᠶ᠋ᠢᠨ ᠳᠡᠷᠭᠡᠳᠡ᠄  
       — ᠪᠣᠭᠣᠷᠴᠢ ᠴᠢᠮᠠᠶ᠋ᠢ ᠲᠠᠰᠢᠭᠤᠷᠳᠠᠭ᠎ᠠ ᠤᠤ? ᠭᠡᠵᠦ ᠠᠰᠠᠭᠤᠬᠤᠢ᠄  
       — ᠲᠡᠢᠮᠦ ᠠ᠋᠂ ᠲᠡᠭᠡᠭᠡᠳ ᠶᠠᠭᠠᠬᠢᠬᠤ ᠭᠡᠵᠦ ᠭᠡᠮᠡᠨ ᠬᠥᠪᠡᠭᠦᠳ ᠮᠥᠴᠡᠭᠡᠷᠬᠡᠪᠡ᠃ 
       — ᠴᠡᠭᠡᠷᠯᠡᠭᠦᠯᠦᠨ᠎ᠡ ᠳᠡ᠃ 
       — ᠬᠡᠷᠡᠭ ᠦᠭᠡᠢ ᠠ᠋᠂ ᠬᠠᠭᠠᠨ ᠠᠪᠤ ᠠ᠋᠃ ᠮᠢᠨᠦ ᠪᠤᠷᠤᠭᠤ ᠪᠠᠢᠭᠰᠠᠨ ᠶᠤᠮ᠃ 
       — ᠬᠠᠭᠠᠨ ᠢ᠋ ᠬᠠᠷᠠᠴᠤ ᠪᠣᠭᠣᠯ ᠰᠢᠳᠬᠡᠳᠡᠭ ᠪᠣᠯᠬᠤ ᠨᠢ ᠤᠤ?
       — ᠪᠢ ᠬᠠᠭᠠᠨ ᠪᠢᠰᠢ᠂ ᠬᠠᠨ ᠬᠦᠦ᠃ ᠲᠡᠭᠡᠭᠡᠳ ᠴᠦ᠍ ᠪᠢ ᠬᠠᠷ᠎ᠠ ᠨᠢᠯᠬ᠎ᠠ ᠠ᠋ᠴᠠ ᠪᠠᠨ ᠭᠠᠭᠴᠠ ᠪᠢ ᠴᠦ᠍ ᠪᠢᠰᠢ ᠠᠬ᠎ᠠ ᠡᠭᠡᠴᠢ ᠳᠡᠭᠦᠦ ᠨᠠᠷ ᠪᠢᠳᠡ ᠪᠦᠭᠦᠳᠡᠭᠡᠷ ᠡᠨᠡ ᠬᠥᠮᠦᠨ ᠦ᠌ ᠳᠡᠷᠭᠡᠳᠡ ᠥᠰᠴᠦ᠂ ᠰᠤᠷᠭᠠᠯ ᠵᠢᠮᠡᠯᠡᠯ ᠠᠪᠴᠤ ᠢᠷᠡᠭᠰᠡᠨ ᠪᠣᠯᠬᠣᠷ ᠠᠬ᠎ᠠ ᠠ᠋ ᠭᠡᠵᠦ ᠭᠡᠯᠴᠡᠳᠡᠭ ᠶᠦᠮ᠃ ᠪᠤᠭᠤᠷᠴᠢ ᠠᠬ᠎ᠠ ᠳ᠋ᠤ᠌ ᠴᠡᠭᠡᠷᠯᠡᠯ ᠰᠢᠳᠬᠡᠯ᠂ ᠵᠢᠮᠡᠯᠡᠯ ᠠᠯᠢᠨ ᠨᠢ ᠴᠦ᠍ ᠬᠡᠷᠡᠭ ᠦᠭᠡᠢ᠃ ᠬᠠᠭᠠᠨ ᠠᠪᠤ ᠲᠠᠨ ᠠ᠋ᠴᠠ ᠲᠡᠭᠡᠵᠦ ᠯᠡ ᠭᠤᠶᠤᠶ᠎ᠠ᠃ 
       — ᠵᠠ ᠵᠠ ᠁ ᠴᠢ ᠲᠡᠭᠡᠵᠦ ᠦᠵᠡᠵᠦ ᠪᠠᠢᠭ᠎ᠠ ᠪᠣᠯ ᠴᠢᠨᠦᠬᠢ ᠪᠡᠷ ᠪᠣᠯᠤᠶ᠎ᠠ ᠭᠡᠵᠦ ᠠᠢᠯᠠᠳᠬᠠᠪᠠ᠃ ᠡᠴᠢᠭᠡ ᠬᠦᠦ ᠬᠣᠶᠠᠷ ᠤ᠋ᠨ ᠡᠨᠡ ᠶᠠᠷᠢᠶ᠎ᠠ ᠶ᠋ᠢ ᠡᠪᠦᠭᠡᠨ ᠪᠤᠭᠤᠷᠴᠢ ᠬᠡᠷᠬᠢᠨ ᠮᠡᠳᠡᠬᠦ ᠪᠢᠯᠡ᠃ ᠲᠡᠭᠦᠨ ᠦ᠌ ᠰᠡᠳᠬᠢᠯ ᠵᠣᠪᠠᠨᠢᠨ ᠰᠢᠨᠠᠯᠤᠭᠰᠠᠭᠠᠷ ᠨᠢᠭᠡ ᠬᠣᠨᠣᠭ ᠥᠩᠭᠡᠷᠡᠯ᠎ᠡ᠃ ᠰᠡᠳᠬᠢᠯ ᠳ᠋ᠦ᠍ᠨᠢ《ᠴᠠᠭᠠᠵᠠ ! ᠬᠠᠭᠠᠨ ᠲᠠᠢ ᠲᠡᠷᠰᠯᠡᠭᠦᠯᠦᠭᠰᠡᠨ ᠬᠡᠷᠡᠭ ᠢ᠋ᠶ᠋ᠡᠷ ᠣᠨᠣᠭᠳᠠᠵᠤ ᠪᠣᠯᠬᠤ ᠶᠠᠯ᠎ᠠ᠂ ᠭᠡᠬᠦ ᠳ᠋ᠡᠭᠡᠨ ᠶᠢᠰᠦᠨ ᠣᠰᠣᠯ ᠠ᠋ᠴᠠ ᠬᠡᠯᠲᠦᠷᠢᠭᠦᠯᠦᠨ᠎ᠡ ᠭᠡᠰᠡᠨ ᠪᠣᠢ᠃ ᠲᠡᠭᠡᠪᠡᠯ ᠪᠢ ᠭᠠᠭᠴᠠ ᠴᠦ᠍ ᠣᠰᠣᠯ ᠭᠠᠷᠭᠠᠭ᠎ᠠ ᠦᠭᠡᠢ ᠠᠩᠬᠠᠨ ᠤ᠋ ᠶᠠᠯ᠎ᠠ ᠣᠨᠣᠭᠠᠵᠤ ᠪᠣᠯᠤᠨ᠎ᠠ᠃ ᠠᠯᠪᠠᠨ ᠲᠤᠰᠢᠶᠠᠯ ᠪᠠᠭᠤᠷᠠᠭᠤᠯᠬᠤ ᠭᠡᠵᠦ ᠪᠣᠢ᠃ ᠪᠠᠷᠠᠭᠤᠨ ᠭᠠᠷ ᠤ᠋ᠨ ᠵᠠᠬᠢᠷᠤᠭᠴᠢ ᠠ᠋ᠴᠠ ᠤᠭᠴᠠᠷᠠᠭᠤᠯᠪᠠᠯ ᠲᠡᠷᠡ ᠨᠢ ᠨᠠᠳᠠ ᠰᠢᠳᠬᠡᠯ ᠪᠢᠰᠢ ᠱᠠᠩᠨᠠᠯ ᠭᠡᠰᠡᠨ ᠦᠭᠡ᠃ ᠴᠠᠭ ᠲᠠᠭᠠᠨ ᠪᠠᠶᠠᠷᠯᠠᠵᠤ ᠬᠥᠭᠡᠷᠴᠦ ᠯᠡ ᠶᠠᠪᠤᠯ᠎ᠠ᠃ ᠣᠳᠣ ᠪᠣᠯ ᠳᠡᠢᠯᠬᠦ ᠪᠡᠨ ᠥᠩᠭᠡᠷᠡᠵᠡᠢ᠃ ᠭᠤᠷᠪᠠᠳᠠᠬᠢ ᠨᠢ ᠥᠭᠭᠦᠭᠰᠡᠨ ᠮᠢᠩᠭᠠᠲᠤ ᠪᠠᠨ ᠡᠷᠭᠢᠭᠦᠯᠦᠨ ᠠᠪᠴᠤ ᠪᠣᠯᠤᠨ᠎ᠠ᠃ ᠵᠠ ᠶᠠᠭᠠᠬᠢᠬᠤᠪ᠂ ᠪᠢ ᠪᠣᠯᠤᠭᠠᠳ ᠮᠠᠨ ᠤ᠋ ᠬᠢᠨ ᠤᠭ ᠠ᠋ᠴᠠ ᠪᠠᠨ ᠵᠠᠷᠤᠴᠠ ᠠᠯᠪᠠᠲᠤ ᠲᠠᠢ ᠶᠠᠪᠤᠭᠰᠠᠨ ᠪᠢᠰᠢ᠂ ᠥᠪᠡᠷ ᠦ᠋ᠨ ᠬᠤᠷᠢᠶᠠᠭᠰᠠᠨ ᠥᠪ᠃ ᠡᠪᠦᠭᠡᠨ ᠡᠴᠢᠭᠡ ᠶ᠋ᠢᠨ ᠪᠤᠶᠠᠨ ᠦᠬᠦᠲᠡᠯ᠎ᠡ ᠢᠳᠡᠵᠦ ᠬᠦᠷᠦᠭᠡᠳ᠂ ᠦᠷ᠎ᠡ ᠬᠡᠦᠬᠡᠳ ᠲᠦ᠍ ᠦᠯᠡᠳᠡᠬᠦ ᠪᠢᠰᠢ᠃ ᠵᠤᠨ ᠨᠢ ᠭᠡᠭᠦᠦ ᠪᠡᠨ ᠰᠠᠭᠠᠵᠤ ᠠᠢᠷᠠᠭ ᠢ᠋ᠶ᠋ᠠᠨ ᠤᠤᠭᠤᠭᠠᠳ᠂ ᠡᠪᠦᠯ ᠨᠢ ᠭᠦᠵᠡᠭᠡ ᠲᠡᠢ ᠲᠣᠰᠣ ᠪᠠᠨ ᠬᠠᠭᠠᠯᠵᠤ ᠢᠳᠡᠭᠡᠳ᠂ ᠤᠶᠠᠭᠰᠠᠨ ᠮᠣᠷᠢᠳ ᠢ᠋ᠶ᠋ᠠᠨ ᠬᠥᠲᠥᠯᠦᠭᠡᠳ᠂ ᠤᠷᠤᠯᠳᠤᠭᠠᠨ ᠲᠠᠢ ᠭᠠᠵᠠᠷ ᠤᠷᠤᠭᠤ ᠱᠣᠭᠰᠢᠵᠤ ᠶᠠᠪᠤᠬᠤ ᠵᠤᠭᠠᠲᠠᠢ ᠪᠢᠰᠢ ᠤᠤ? ᠳᠥᠷᠪᠡᠳᠡᠬᠢ᠂ ᠲᠠᠪᠤᠳᠠᠬᠢ ᠭᠡᠳ ᠴᠠᠰᠢ ᠶᠠᠭᠤ ᠤᠴᠠᠷᠠᠳᠠᠭ ᠪᠣᠯ? ᠶᠠᠭᠤ ᠴᠦ᠍ ᠤᠴᠠᠷᠠᠭᠰᠠᠨ ᠴᠦ᠍ ᠳᠦᠭᠦᠷᠴᠦ ᠳᠡ᠃ ᠡᠪᠦᠭᠡᠨ ᠪᠤᠭᠤᠷᠴᠢ ᠶᠠᠭᠤ ᠪᠠᠨ ᠦᠵᠡᠵᠦ ᠬᠤᠢᠬ᠎ᠠ ᠪᠠᠨ ᠮᠠᠭᠠᠵᠢᠳᠠᠭ ᠪᠣᠯ?》 ᠭᠡᠮᠡᠨ ᠡᠯᠳᠡᠪ ᠵᠦᠢᠯ ᠰᠡᠳᠬᠢᠯ ᠳ᠋ᠦ᠍ ᠤᠷᠭᠤᠨ᠎ᠠ᠃ ᠡᠢᠨᠬᠦ᠂ ᠨᠢᠭᠡ᠂ ᠬᠣᠶᠠᠷ᠂ ᠭᠤᠷᠪᠠ ᠁ ᠳᠣᠯᠣᠭ᠎ᠠ᠂ ᠠᠷᠪᠠ ᠬᠣᠨᠣᠭ᠂ ᠰᠠᠷ᠎ᠠ ᠥᠩᠭᠡᠷᠡᠵᠡᠢ᠃ ᠬᠠᠭᠠᠨ ᠳᠠᠭᠤᠳᠠᠭᠰᠠᠨ ᠦᠭᠡᠢ᠃ ᠲᠡᠷᠡ ᠪᠡᠷ ᠤᠷᠢᠳᠤ ᠶ᠋ᠢᠨ ᠣᠨᠣᠭᠠᠭᠰᠠᠨ ᠠᠯᠪᠠᠨ ᠡᠭᠦᠷᠭᠡ᠂ ᠴᠡᠷᠢᠭ ᠦ᠋ᠨ ᠠᠷᠤ ᠲᠠᠯ᠎ᠠ ᠶ᠋ᠢᠨ ᠠᠵᠢᠯ ᠢ᠋ᠶ᠋ᠠᠨ ᠠᠮᠵᠢᠭᠤᠯᠤᠭᠰᠠᠭᠠᠷ ᠨᠢᠭᠡ ᠰᠠᠷ᠎ᠠ᠂ ᠬᠣᠶᠠᠷ ᠰᠠᠷ᠎ᠠ᠂ ᠡᠪᠦᠯ ᠥᠩᠭᠡᠷᠡᠬᠦ ᠲᠠᠰᠢ ᠪᠠᠨ ᠪᠣᠯᠵᠠᠢ᠃