ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠵᠢᠷᠭᠤᠳᠤᠭᠠᠷ ᠪᠦᠯᠦᠭ 1-3> Бүлжхэн хатан– [монгол] Дамбын Төрбат <зургадугаар бүлэг 1-3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠵᠢᠷᠭᠤᠳᠤᠭᠠᠷ ᠪᠦᠯᠦᠭ 1-3> Бүлжхэн хатан– [монгол] Дамбын Төрбат <зургадугаар бүлэг 1-3>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠵᠢᠷᠭᠤᠳᠤᠭᠠᠷ ᠪᠦᠯᠦᠭ 1-3> Бүлжхэн хатан– [монгол] Дамбын Төрбат <зургадугаар бүлэг 1-3>

ᠠᠩᠭᠢᠯᠠᠯ:ᠲᠤᠭᠤᠵᠢ ᠷᠣᠮᠠᠨ
2026-03-30

32

ᠪᠦᠯᠵᠢᠬᠢᠨ ᠬᠠᠲᠤᠨ– ᠵᠢᠷᠭᠤᠳᠤᠭᠠᠷ ᠪᠦᠯᠦᠭ <1-3>

    
               ᠵᠢᠷᠭᠤᠳᠤᠭᠠᠷ ᠪᠦᠯᠦᠭ   
     
                    ᠳᠡᠪᠡᠯ ᠳ᠋ᠡᠭᠡᠨ ᠪᠠᠭᠲᠠᠵᠤ ᠶᠠᠳᠠᠭᠰᠠᠨ ᠣᠮᠣᠭ  
                    ᠬᠢᠯᠢᠩ ᠳᠡᠯᠡᠬᠡᠢ ᠳ᠋ᠦ᠍ ᠪᠠᠭᠲᠠᠵᠤ ᠶᠠᠳᠠᠪᠠ  

            ᠁ ᠬᠠᠪᠢᠷᠭ᠎ᠠ ᠪᠠᠨ ᠬᠠᠵᠠᠬᠤ 
            ᠬᠠᠷ᠎ᠠ ᠨᠣᠬᠠᠢ ᠮᠡᠲᠦ 
            ᠬᠠᠳᠠᠨ ᠳ᠋ᠤ᠌ ᠳᠣᠪᠲᠣᠯᠬᠤ 
            ᠬᠠᠷᠴᠠᠭᠠᠢ ᠱᠣᠩᠬᠣᠷ ᠮᠡᠲᠦ 
            ᠠᠭᠤᠷ ᠢ᠋ᠶ᠋ᠠᠨ ᠳᠠᠷᠤᠨ ᠶᠠᠳᠠᠬᠤ 
            ᠣᠮᠣᠭᠲᠤ ᠠᠷᠰᠯᠠᠨ ᠮᠡᠲᠦ 
            ᠠᠮᠢᠳᠤ ᠶ᠋ᠢ ᠵᠠᠯᠭᠢᠬᠤ 
            ᠠᠶᠤᠯᠲᠤ ᠮᠠᠩᠭᠤᠰ ᠮᠡᠲᠦ 
            ᠰᠡᠭᠦᠳᠡᠷ ᠢ᠋ᠶ᠋ᠡᠨ ᠳᠣᠪᠲᠣᠯᠬᠤ 
            ᠰᠦᠷᠡᠬᠡᠢ ᠠᠷᠢᠶᠠᠲᠠᠨ ᠮᠡᠲᠦ 
            ᠴᠣᠭ ᠢ᠋ ᠵᠠᠯᠭᠢᠭ᠎ᠠ 
            ᠴᠤᠷᠬᠠᠢ ᠵᠢᠭᠠᠰᠤ ᠮᠡᠲᠦ᠁   
                 《ᠮᠣᠩᠭᠣᠯ ᠤ᠋ᠨ ᠨᠢᠭᠤᠴᠠ ᠲᠣᠪᠴᠢᠶᠠᠨ》 

               1  
       ᠱᠠ ᠲᠣᠷᠭᠠᠨ ᠳᠡᠷᠡᠨ ᠦ᠌ ᠬᠡ ᠰᠡᠮᠡᠯᠦᠨ ᠮᠠᠭᠠᠵᠢᠯᠠᠵᠤ ᠲᠠᠨᠠᠨ ᠴᠠᠭᠠᠨ ᠰᠢᠳᠦ ᠪᠡᠨ ᠴᠠᠪᠠ ᠰᠠᠭᠤᠲᠠᠯ᠎ᠠ ᠵᠠᠭᠤᠬᠤ ᠳ᠋ᠤ᠌ ᠬᠠᠮᠠᠷ ᠤ᠋ᠨ ᠬᠢᠨᠢ ᠭᠤᠸ᠎ᠠ ᠰᠠᠮᠰᠠ ᠰᠡᠷᠲᠡᠯᠵᠡᠨ᠂ ᠲᠡᠨᠢᠭᠡᠷ ᠰᠠᠢᠬᠠᠨ ᠮᠠᠩᠨᠠᠢ ᠳ᠋ᠤᠨᠢ ᠰᠣᠪᠤᠳᠤᠨ ᠬᠥᠯᠥᠰᠥ ᠪᠠᠷᠵᠠᠢᠨ᠎ᠠ ᠪᠢᠯᠡ᠃ ᠬᠣᠲᠣᠯᠠ ᠨᠣᠶᠠᠨ ᠤ᠋ ᠬᠦᠷᠢᠶ᠎ᠡ ᠳᠠᠭᠠᠭᠠᠭᠰᠠᠨ ᠵᠠᠢᠷᠠᠩ ᠡᠪᠦᠭᠡᠨ ᠦ᠌ ᠬᠡᠩᠭᠡᠷᠭᠡ ᠶ᠋ᠢᠨ ᠳᠠᠭᠤ ᠦᠯᠦ ᠲᠡᠰᠦᠷᠦᠨ ᠲᠠᠴᠢᠭᠢᠨᠠᠵᠤ᠂ 
            ᠦᠷ᠎ᠡ ᠬᠤᠷᠤᠢ! 
            ᠢᠷ᠎ᠡ ᠬᠤᠷᠤᠢ! 
            ᠢᠷ᠎ᠡ ᠬᠤᠷᠤᠢ! 
            ᠬᠠᠭᠠᠨ ᠰᠡᠨᠳᠡᠢ ᠲᠡᠢ 
            ᠭᠡᠷ ᠪᠢᠯᠡ 
            ᠬᠠᠲᠤᠨ ᠢᠵᠢᠢ ᠲᠡᠢ 
            ᠦᠷ᠎ᠡ ᠪᠢᠯᠡ 
            ᠬᠠᠮᠤᠭ ᠮᠣᠩᠭᠣᠯ ᠤ᠋ᠨ 
            ᠰᠦᠷ ᠪᠢᠯᠡ 
            ᠬᠠᠪᠤᠯ ᠬᠠᠭᠠᠨ ᠤ᠋ 
            ᠲᠥᠷᠥ ᠪᠢᠯᠡ 
            ᠢᠷ᠎ᠡ ᠬᠤᠷᠤᠢ 
            ᠢᠷ᠎ᠡ ᠬᠤᠷᠤᠢ 
            ᠠᠷᠢᠭᠤᠨ ᠥᠯᠥᠭᠡᠢ ᠶ᠋ᠢ 
            ᠠᠷᠴᠠ ᠪᠠᠷ ᠠᠷᠢᠭᠤᠯᠠᠪᠠ 
            ᠠᠭᠠᠷ ᠲᠡᠭᠷᠢ ᠶ᠋ᠢ 
            ᠠᠮᠠ ᠪᠠᠷ ᠬᠤᠷᠤᠢᠯᠠᠪᠠ 
            ᠲᠣᠭᠯᠠᠭᠠᠮ ᠶᠠᠭᠤ ᠶ᠋ᠢ 
            ᠲᠣᠷᠭ᠎ᠠ ᠪᠠᠷ ᠬᠡᠯᠬᠢᠪᠡ 
            ᠬᠣᠩᠬᠣᠨ ᠬᠡᠯᠡ ᠶ᠋ᠢ 
            ᠬᠣᠷᠭᠣᠢ ᠪᠠᠷ ᠬᠣᠯᠪᠣᠪᠠ 
            ᠢᠷ᠎ᠡ ᠬᠤᠷᠤᠢ! 
            ᠢᠷ᠎ᠡ ᠬᠤᠷᠤᠢ! ᠭᠡᠬᠦ ᠰᠦᠷᠲᠦ ᠳᠠᠭᠤᠳᠠᠯᠭ᠎ᠠ ᠬᠦᠷᠢᠶ᠎ᠡ ᠳᠠᠶᠠᠭᠠᠷ ᠤᠶᠠᠩᠭᠠᠯᠠᠨ ᠪᠦᠲᠦᠨ ᠭᠤᠷᠪᠠ ᠬᠣᠨᠣᠵᠠᠢ᠃ ᠡᠢᠨ ᠤᠳᠠᠭᠠᠨ ᠡᠪᠡᠳᠦᠭᠰᠡᠨ ᠬᠠᠲᠤᠨ ᠲᠠᠮᠢᠷᠳᠠᠨ ᠶᠠᠳᠠᠷᠠᠵᠤ ᠰᠡᠭᠦᠯ ᠰᠡᠭᠦᠯ ᠳ᠋ᠡᠭᠡᠨ ᠳᠤᠤᠭᠠᠷᠬᠤ ᠴᠤ᠌ ᠲᠡᠩᠬᠡᠭᠡ ᠦᠭᠡᠢ ᠪᠣᠯᠵᠤ ᠠᠪᠠᠢ᠃ ᠨᠠᠷᠠ ᠶ᠋ᠢ ᠳᠠᠭᠠᠭᠠᠭᠰᠠᠨ ᠵᠠᠢᠷᠠᠩ ᠪᠥᠬᠡ ᠴᠦ᠍ ᠭᠤᠷᠪᠠᠨ ᠡᠳᠦᠷ ᠬᠡᠴᠡ ᠬᠡᠩᠭᠡᠷᠭᠡ ᠪᠡᠨ ᠭᠠᠷ ᠠ᠋ᠴᠠ ᠡᠰᠡ ᠰᠠᠯᠭᠠᠵᠠᠢ᠃ ᠭᠠᠯ ᠢ᠋ ᠳᠠᠭᠠᠭᠠᠵᠤ ᠭᠡᠷ ᠰᠠᠬᠢᠭᠰᠠᠨ ᠢᠳᠤᠭᠠᠨ ᠡᠮᠡᠭᠡᠨ ᠪᠦᠯᠵᠢᠭᠡᠨ ᠬᠠᠲᠤᠨ ᠤ᠋ ᠰᠤᠳᠠᠰᠤ ᠪᠠᠷᠢᠵᠤ ᠴᠢᠩᠨᠠᠭᠰᠠᠨ ᠢ᠋ᠶ᠋ᠠᠨ᠂ 
       一 ᠬᠠᠲᠤᠨ ᠲᠠ ᠪᠢᠲᠡᠭᠡᠢ ᠶᠣᠣᠯᠠᠭᠲᠤᠨ! ᠠᠩᠬ᠎ᠠ ᠤᠳᠠᠭ᠎ᠠ ᠠᠯᠲᠠᠨ ᠬᠡᠪᠡᠯᠢ ᠳ᠋ᠦ᠍ ᠬᠥᠮᠦᠨ ᠳᠠᠢᠴᠢᠯᠠᠵᠤ᠂ ᠮᠥᠩᠭᠥᠨ ᠵᠠᠭᠠᠳᠠᠰᠤ ᠰᠠᠯᠭᠠᠵᠤ ᠪᠠᠢᠭ᠎ᠠ ᠪᠢᠵᠡ ᠳᠡ᠂ ᠳᠡᠰ ᠳᠡᠰ᠁ ᠬᠡᠢ ᠶᠣᠣᠯᠠᠪᠠᠯ ᠲᠠᠮᠢᠷᠳᠠᠬᠤ ᠶ᠋ᠢᠨ ᠨᠡᠮᠡᠷᠢ ᠪᠣᠯᠤᠨ᠎ᠠ ᠭᠡᠵᠦ ᠠᠷᠭᠠᠳᠠᠨ᠎ᠠ᠃ ᠡᠬᠢᠨ ᠦ᠌ ᠡᠳᠦᠷ ᠳᠠᠭᠤ ᠬᠠᠲᠠᠭᠠᠨ ᠴᠢᠷᠠᠯᠠᠵᠤ᠂ ᠤᠳᠠᠭ᠎ᠠ ᠬᠢ ᠡᠳᠦᠷ ᠦᠭᠡ ᠰᠦᠭ ᠦᠭᠡᠢ ᠶᠣᠣᠯᠠᠵᠤ ᠠᠭᠰᠠᠨ ᠬᠠᠲᠤᠨ ᠡᠳᠦᠭᠡ ᠳᠤᠤᠭᠠᠷᠬᠤ ᠲᠡᠩᠬᠡᠭᠡ ᠲᠠᠰᠤᠷᠠᠵᠠᠢ᠃《ᠬᠣᠶᠠᠷ ᠶᠠᠰᠤ ᠬᠠᠭᠠᠴᠠᠬᠤ ᠨᠢ ᠥᠩᠭᠡᠷᠡᠪᠡ ᠪᠣᠯᠤᠯᠲᠠᠢ᠃ ᠬᠣᠲᠣᠯᠠ ᠨᠣᠶᠠᠨ ᠤ᠋ ᠪᠠᠷ᠎ᠠ ᠶ᠋ᠢ ᠬᠠᠷᠠᠭᠠᠳ ᠦᠬᠦᠬᠦ ᠶᠤᠮᠰᠠᠨ》 ᠭᠡᠮᠡᠨ ᠪᠣᠳᠣᠵᠤ ᠰᠠᠭᠤᠯ᠎ᠠ᠃ ᠢᠳᠤᠭᠠᠨ ᠡᠮᠡᠭᠡᠨ ᠬᠠᠯᠠᠭᠤᠨ ᠵᠤᠨ ᠢ᠋ᠶ᠋ᠠᠷ ᠡᠪᠡᠳᠴᠦ ᠶᠠᠳᠠᠵᠤ ᠪᠠᠢᠬᠤ ᠳ᠋ᠤ᠌ ᠬᠠᠷ᠎ᠠ ᠪᠤᠯᠠᠭᠠᠨ ᠳᠠᠬᠤ ᠪᠠᠷ ᠲᠤᠮᠯᠠᠢᠳᠤᠨ ᠬᠤᠴᠢᠵᠤ ᠣᠷᠬᠢᠭᠠᠳ᠂ 
       — ᠵᠠ᠂ ᠮᠥᠳᠳᠥ ᠲᠣᠩᠰᠢᠬᠤ ᠰᠢᠨᠵᠢ ᠠᠯᠠᠭ᠎ᠠ! ᠬᠡᠪᠲᠡ ᠬᠡᠪᠲᠡ᠁ ᠵᠢᠭᠠᠬᠠᠨ ᠠᠮᠠᠷᠠ! ᠪᠠᠷ᠎ᠠ ᠬᠠᠷᠠᠰᠤ ᠭᠡᠮᠡᠨ ᠭᠠᠷᠴᠤ ᠣᠳᠪᠠ᠃ ᠡᠨᠡ ᠬᠢᠷᠢ ᠬᠣᠲᠣᠯᠠ ᠨᠣᠶᠠᠨ ᠤ᠋ ᠬᠦᠷᠢᠶ᠎ᠡ ᠴᠡᠭᠴᠡᠷ ᠦ᠋ᠨ ᠰᠢᠷ᠎ᠠ ᠲᠠᠯ᠎ᠠ ᠶ᠋ᠢᠨ ᠰᠠᠯᠬᠢᠨ ᠳᠡᠭᠡᠷ᠎ᠡ ᠵᠤᠰᠠᠵᠤ ᠪᠠᠢᠭᠰᠠᠨ ᠲᠤᠯᠠ ᠬᠠᠮᠢᠭᠠᠰᠢ ᠴᠣ ᠬᠠᠷᠠᠭᠰᠠᠨ ᠬᠤᠭᠤᠰ ᠡᠳᠦᠷᠴᠢ ᠶ᠋ᠢᠨ ᠭᠠᠵᠠᠷ ᠪᠠᠷ᠎ᠠ ᠲᠠᠢ ᠪᠥᠯᠥᠭᠡ᠃ ᠡᠮᠡᠭᠡᠨ ᠢᠳᠤᠭᠠᠨ ᠨᠠᠰᠤ ᠳᠡᠭᠡᠷ᠎ᠡ ᠭᠠᠷᠤᠭᠰᠠᠨ ᠬᠡᠳᠦᠢ ᠴᠦ᠍ ᠲᠠᠯ᠎ᠠ ᠶ᠋ᠢᠨ ᠬᠥᠮᠦᠨ ᠦ᠌ ᠵᠤᠳᠠᠭ ᠵᠢᠭᠠᠵᠤ ᠳᠡᠰ ᠦ᠋ᠨ ᠬᠤᠷᠴᠠ ᠨᠢᠳᠦ ᠲᠡᠢ ᠠᠪᠠᠢ᠃ ᠲᠡᠷᠡ ᠤᠳᠠᠭᠠᠨ ᠬᠠᠷᠠᠪᠠ᠃ ᠶᠠᠭᠤ ᠴᠤ᠌ ᠡᠰᠡ ᠦᠵᠡᠭᠳᠡᠨ᠎ᠡ᠃ ᠴᠠᠷᠴᠠᠭ᠎ᠠ ᠴᠠᠷᠭᠢᠵᠤ ᠨᠠᠮᠤᠷ ᠠᠢᠰᠤᠢ ᠶ᠋ᠢ ᠰᠠᠨᠠᠭᠤᠯᠬᠤ ᠠᠭᠠᠳ ᠴᠠᠢᠷᠠᠬᠤ ᠲᠣᠭᠣᠷᠢᠮ ᠤ᠋ᠨ ᠲᠡᠷᠲᠡᠭᠡ ᠬᠡᠳᠦᠨ ᠴᠠᠭᠠᠨ ᠲᠣᠭᠣᠷᠤᠤ ᠴᠠᠮ ᠬᠠᠷᠠᠢᠵᠤ ᠬᠠᠷᠠᠭᠳᠠᠨ᠎ᠠ᠃ 
       — ᠪᠠᠷ᠎ᠠ ᠠᠯᠠᠭ᠎ᠠ! ᠬᠢᠰᠠᠯᠠᠩ ᠪᠣᠢ? ᠭᠡᠵᠦ ᠠᠮᠠᠨ ᠳ᠋ᠠᠭᠠᠨ ᠦᠭᠡᠯᠡᠭᠡᠳ ᠡᠷᠭᠢᠨ ᠣᠷᠣᠬᠤ ᠭᠡᠰᠡᠨ ᠢ᠋ᠶ᠋ᠡᠨ ᠵᠣᠭ ᠲᠤᠰᠪᠠ᠃ ᠬᠣᠲᠣᠯᠠ ᠨᠣᠶᠠᠨ ᠤ᠋ ᠶᠡᠬᠡ ᠬᠠᠲᠤᠨ ᠥᠷᠭᠥᠭᠡ ᠭᠡᠷ ᠦ᠋ᠨ ᠢ᠋ᠶ᠋ᠡᠨ ᠰᠡᠭᠦᠳᠡᠷ ᠲᠦ᠍ ᠰᠠᠭᠤᠭᠠᠳ ᠠᠯᠲᠠᠨ ᠬᠥᠪᠡᠭᠦᠨ ᠦ᠌ ᠰᠣᠭᠰᠣᠭ᠎ᠠ ᠶ᠋ᠢ ᠤᠶᠠᠵᠤ ᠪᠠᠢᠪᠠ᠃ ᠲᠡᠷᠡ ᠪᠡᠷ ᠢᠳᠤᠭᠠᠨ ᠤ᠋ ᠵᠦᠭ ᠬᠢᠯᠠᠪᠬᠢᠨ ᠬᠠᠷᠠᠭᠰᠠᠨ ᠢ᠋ᠶ᠋ᠠᠨ᠂ 
       — ᠲᠥᠷᠥᠬᠦ ᠨᠢ ᠤᠤ? ᠭᠡᠬᠦ ᠳ᠋ᠦ᠍ ᠢᠳᠤᠭᠠᠨ ᠡᠮᠡᠭᠡᠨ ᠰᠢᠳᠦ ᠦᠭᠡᠢ ᠠᠮᠠᠨ ᠳ᠋ᠠᠭᠠᠨ ᠬᠤᠷᠤᠳ ᠤ᠋ᠨ ᠬᠡᠯᠲᠡᠷᠬᠡᠢ ᠬᠦᠯᠬᠦᠬᠦ ᠮᠡᠲᠦ ᠮᠠᠢᠮᠤᠴᠢᠬᠰᠠᠨ ᠢ᠋ᠶ᠋ᠠᠨ᠂ 
       — ᠲᠥᠷᠥᠳᠡᠭ ᠯᠡ ᠪᠠᠢᠬ᠎ᠠ ᠳᠠ᠁ ᠭᠡᠪᠡ᠃ ᠴᠢᠩᠭᠢᠭᠡᠳ ᠣᠷᠣᠬᠤ ᠶ᠋ᠢ ᠵᠠᠪᠳᠤᠲᠠᠯ᠎ᠠ ᠳᠤᠮᠳᠠ ᠦᠷᠭᠦᠭᠡᠨ ᠦ᠌ ᠡᠭᠦᠳᠡᠨ ᠳ᠋ᠦ᠍ ᠳᠡᠭᠡᠵᠢ ᠡᠷᠭᠦᠨ ᠵᠣᠭᠰᠣᠵᠤ ᠠᠭᠰᠠᠨ ᠪᠠᠭ᠎ᠠ ᠬᠠᠲᠤᠨ᠂ 
       — ᠤᠳᠠᠭᠠᠨ ᠡᠪᠡᠳᠴᠦ ᠪᠠᠢᠨ᠎ᠠ ᠳᠠ᠂ ᠬᠥᠭᠡᠷᠦᠬᠦᠢ ᠭᠡᠵᠦ ᠬᠠᠯᠬᠠᠯᠠᠬᠤ ᠳ᠋ᠤ᠌ ᠢᠳᠤᠭᠠᠨ ᠡᠬᠡ᠂ 
       — ᠲᠠᠨᠢᠬᠤ ᠦᠭᠡᠢ ᠨᠢ ᠳᠦᠭᠦᠷᠴᠦ᠂ ᠲᠠᠨᠢᠬᠤ ᠮᠢᠨᠢ ᠯᠡ ᠠᠮᠢᠳᠤ ᠭᠠᠷᠤᠭᠠᠰᠠᠢ ᠪᠢᠯᠡ ᠳᠠ᠁ ᠭᠡᠪᠡᠯ ᠬᠣᠶᠠᠷ ᠬᠠᠲᠤᠨ ᠠᠮᠠ ᠠᠮᠠᠨ ᠳ᠋ᠠᠭᠠᠨ《 ᠴᠣᠬᠣᠮ ᠠ᠋᠂ ᠴᠣᠬᠣᠮ》 ᠭᠡᠯᠴᠡᠪᠡᠴᠦ ᠪᠣᠳᠣᠯ ᠢ᠋ᠶ᠋ᠠᠨ ᠨᠢᠭᠤᠵᠤ ᠦᠯᠦ ᠴᠢᠳᠠᠬᠤ ᠰᠠᠢᠬᠠᠨ ᠬᠠᠷ᠎ᠠ ᠨᠢᠳᠦ ᠨᠢ ᠣᠭᠲᠣ ᠥᠭᠡᠷ᠎ᠡ ᠶ᠋ᠢ ᠬᠡᠯᠡᠭᠡᠳ ᠪᠠᠢᠯ᠎ᠠ᠃ ᠢᠳᠤᠭᠠᠨ ᠡᠬᠡ ᠪᠤᠰᠢᠭᠤᠬᠠᠨ ᠣᠷᠣᠨ ᠵᠠᠪᠳᠤᠲᠠᠯ᠎ᠠ ᠨᠢᠳᠦᠨ ᠦ᠌ ᠦᠵᠦᠭᠦᠷ ᠵᠡᠭᠦᠦ ᠶ᠋ᠢᠨ ᠰᠦᠪᠡᠭᠴᠢ ᠶ᠋ᠢᠨ ᠲᠡᠳᠦᠢ ᠪᠠᠷ᠎ᠠ ᠲᠣᠷᠣᠯᠵᠠᠬᠤ ᠶ᠋ᠢ ᠮᠡᠳᠡᠷᠡᠪᠡ᠃ ᠠᠢᠰᠤᠢ ᠪᠠᠷ᠎ᠠ ᠶ᠋ᠢ ᠤᠳᠠᠭᠠᠨ ᠲᠣᠭᠲᠠᠭᠠᠵᠤ ᠬᠠᠷᠠᠭᠠᠳ᠂ 
       — ᠨᠣᠶᠠᠨ ᠢᠷᠡᠪᠡ ᠠ᠋ ᠳᠠ? ᠭᠡᠵᠦ ᠴᠢᠩᠭ᠎ᠠ ᠠᠰᠠᠭᠤᠯ᠎ᠠ᠃ ᠡᠮᠡᠭᠡᠨ ᠦ᠌ ᠳᠠᠭᠤᠨ ᠳ᠋ᠤ᠌ ᠪᠠᠶᠠᠷᠯᠠᠭᠰᠠᠨ ᠰᠡᠳᠬᠢᠯ ᠦ᠋ᠨ ᠴᠤᠤᠷᠢᠶ᠎ᠠ ᠨᠡᠪᠲᠡ ᠰᠢᠩᠭᠡᠵᠡᠢ᠃ 
       — ᠲᠡᠢᠮᠦ ᠰᠢᠭ ᠪᠠᠢᠨ᠎ᠠ! 
       — ᠫᠧᠢ᠂ ᠶᠠᠭᠠᠬᠢᠭᠰᠠᠨ ᠰᠢᠷᠦᠭᠦᠨ ᠳᠠᠪᠬᠢᠨ᠎ᠠ ᠪᠣᠢ? ᠨᠠᠮᠤᠷ ᠤ᠋ᠨ ᠦᠯᠢᠢ ᠡᠯᠪᠡᠭ ᠰᠢᠦ ᠳᠡ᠁ ᠭᠡᠵᠦ ᠬᠣᠶᠠᠷ ᠬᠠᠲᠤᠨ ᠭᠡᠷ ᠭᠡᠷ ᠦ᠋ᠨ ᠭᠠᠳᠠᠨ᠎ᠠ ᠠ᠋ᠴᠠ ᠬᠠᠰᠬᠢᠷᠤᠯᠳᠤᠨ ᠠᠵᠢ᠃ ᠢᠳᠤᠭᠠᠨ ᠡᠬᠡ᠂ 
       — ᠡᠯᠴᠢᠨ ᠦ᠌ ᠦᠭᠡ ᠲᠡᠭᠦᠨ ᠢ᠋ ᠶᠠᠭᠠᠷᠠᠭᠤᠯᠤᠭᠰᠠᠨ ᠪᠢᠵᠡ ᠠ᠋ ᠭᠡᠳ ᠲᠦᠮᠡᠨ ᠨᠠᠰᠤᠨ ᠬᠡ ᠰᠢᠷᠢᠭᠰᠡᠨ ᠢᠰᠡᠭᠡᠢ ᠡᠭᠦᠳᠡ ᠰᠡᠬᠦᠩᠬᠡᠨ᠂ 
       — ᠠᠵᠠ ᠲᠠᠢ ᠯᠠ ᠬᠡᠦᠬᠡᠨ ᠶᠦᠮ᠂ ᠣᠳᠣ ᠴᠠᠭ ᠨᠢ ᠪᠣᠯᠵᠠᠢ᠁ ᠭᠡᠮᠡᠨ ᠠᠮᠠᠨ ᠳᠣᠲᠣᠷ᠎ᠠ ᠪᠠᠨ ᠰᠢᠪᠡᠨᠡᠪᠡ᠃ ᠴᠢᠩᠭᠢᠭᠡᠳ ᠪᠦᠯᠵᠢᠭᠡᠨ ᠬᠠᠲᠤᠨ ᠤ᠋ ᠬᠡᠭᠡᠨᠴᠢᠷ ᠦᠷᠭᠦᠭᠡᠨ ᠳᠣᠲᠣᠷᠠᠬᠢ ᠶ᠋ᠢ ᠰᠠᠶᠢ ᠦᠵᠡᠵᠦ ᠪᠣᠢ ᠮᠡᠲᠦ ᠲᠣᠭᠣᠷᠢᠭᠤᠯᠤᠨ ᠬᠠᠷᠠᠭᠠᠳ᠂ 
       — ᠡᠪᠡᠳᠦᠭᠡᠳ ᠯᠡ ᠪᠠᠢᠨ᠎ᠠ ᠤᠤ? ᠭᠡᠪᠡ᠃ 
       — ᠡᠪᠡᠳᠦᠯᠲᠡ ᠨᠢ ᠬᠣᠯᠠᠳᠴᠢᠬᠠᠯ᠎ᠠ᠃ 
       — ᠲᠣᠨᠢᠷᠬᠠᠭᠤ ᠭᠥᠯᠥᠭᠡ ᠪᠣᠢ? ᠲᠣᠨᠢᠵᠤ ᠲᠣᠨᠢᠭᠠᠳ ᠪᠣᠢ ᠶ᠋ᠢ ᠪᠣᠳᠣᠪᠠᠯ ᠭᠦᠩᠵᠦ ᠵᠠᠶᠠᠭᠠᠭ᠎ᠠ ᠪᠣᠢ᠃ 
       — ᠠ᠋᠂ ᠮᠡᠳᠡᠬᠦ ᠦᠭᠡᠢ᠁ ᠲᠣᠯᠣᠭᠠᠢ ᠵᠠᠯᠭᠢᠬᠤ ᠶᠠᠭᠤᠮ᠎ᠠ ᠵᠠᠶᠠᠭᠠᠭ᠎ᠠ ᠶᠤᠮ ᠤᠤ? 
       — ᠨᠠᠭᠠᠳᠤ ᠠᠮᠠ ᠪᠠᠨ! ᠭᠡᠵᠦ ᠵᠠᠩᠳᠤᠷᠤᠭᠰᠠᠨ ᠢ᠋ᠶ᠋ᠠᠨ ᠵᠡᠭᠦᠨ ᠬᠠᠶᠠᠭᠠᠨ ᠳ᠋ᠤ᠌ ᠬᠥᠮᠥᠷᠢᠵᠦ ᠲᠠᠯᠪᠢᠭᠰᠠᠨ ᠪᠤᠷᠭᠠᠰᠤᠨ ᠱᠡᠵᠢᠭᠡᠢ ᠳᠡᠷᠭᠡᠳᠡ ᠨᠢ ᠲᠠᠯᠪᠢᠨ᠎ᠠ᠃ 
       — ᠠᠯᠢ ᠪᠣᠢ᠂ ᠨᠠᠭᠠᠳᠤ ᠬᠢ ᠪᠡᠨ ᠲᠡᠪᠡᠷᠢ! ᠭᠡᠯ᠎ᠡ᠃ ᠪᠦᠯᠵᠢᠭᠡᠨ ᠬᠠᠲᠤᠨ ᠰᠢᠲᠦ ᠵᠠᠭᠤᠨ ᠡᠷᠭᠢᠵᠦ᠂ ᠪᠤᠷᠭᠠᠰᠤᠨ ᠱᠡᠵᠢᠭᠡᠢ ᠲᠡᠪᠡᠷᠢᠨ ᠲᠦᠷᠦᠭᠦᠯᠡᠭᠡ ᠪᠡᠨ ᠬᠠᠷᠠᠲᠠᠯ᠎ᠠ ᠢᠳᠤᠭᠠᠨ ᠡᠬᠡ ᠠᠮᠠᠨ ᠳ᠋ᠠᠭᠠᠨ ᠶᠠᠮᠠᠷ ᠨᠢᠭᠡᠨ ᠰᠢᠪᠰᠢᠯᠭᠡ ᠤᠩᠰᠢᠵᠤ ᠳᠡᠪᠡᠯ ᠦ᠋ᠨ ᠬᠢᠨᠢ ᠬᠣᠷᠮᠣᠢ ᠶ᠋ᠢ ᠣᠭᠰᠢᠭᠠᠨ ᠪᠥᠭᠰᠡᠨ ᠪᠡᠶ᠎ᠡ ᠶ᠋ᠢ ᠨᠢ  ᠱᠠᠯᠳᠠᠩᠨᠠᠪᠠ᠃ ᠴᠢᠩᠭᠢᠭᠡᠳ ᠣᠯᠠᠨ ᠶᠠᠰᠤ ᠠᠭᠤᠯᠵᠠᠬᠤ ᠶ᠋ᠢ ᠨᠢ ᠵᠥᠭᠡᠯᠡᠨ ᠢᠯᠢᠵᠦ᠂ 
       — ᠢᠷ᠎ᠡ ᠬᠤᠷᠤᠢ᠁ ᠢᠷ᠎ᠡ ᠬᠤᠷᠤᠢ᠁ ᠭᠡᠮᠡᠨ ᠥᠭᠦᠯᠡᠵᠦ ᠰᠠᠭᠤᠭᠰᠠᠨ  ᠢ᠋ᠶ᠋ᠠᠨ ᠬᠡᠪ ᠭᠡᠨᠡᠳᠲᠡ ᠴᠢᠰ ᠤᠯᠠᠭᠠᠨ ᠭᠠᠯ ᠨᠢᠴᠦᠭᠦᠨ ᠬᠣᠨᠳᠣᠯᠠᠢ ᠳᠡᠭᠡᠷ᠎ᠡ ᠨᠢ ᠠᠰᠬᠠᠴᠢᠬᠠᠬᠤ ᠰᠢᠭ᠋ ᠪᠣᠯᠬᠤ  ᠳ᠋ᠤ᠌᠂ 
       — ᠡᠵᠢ ᠠ᠋! ᠭᠡᠵᠦ ᠭᠡᠷ ᠳᠦᠭᠦᠷᠡᠩ ᠬᠠᠰᠬᠢᠷᠤᠭᠠᠳ ᠤᠬᠠᠭᠠᠨ ᠠᠯᠳᠠᠵᠠᠢ᠃ ᠲᠡᠷᠡ  ᠪᠡᠷ᠂ ᠤᠰᠤᠨ ᠳ᠋ᠤ᠌ ᠵᠢᠪᠦᠭᠰᠡᠨ ᠮᠡᠲᠦ ᠴᠢᠮᠡᠭᠡ ᠠᠨᠢᠷ ᠦᠭᠡᠢ ᠬᠣᠭᠣᠰᠣᠨ ᠳ᠋ᠤ᠌ ᠬᠥᠪᠴᠦ᠂ ᠰᠠᠶᠢ ᠮᠠᠨᠳᠠᠯ ᠳᠡᠭᠡᠷ᠎ᠡ ᠨᠢ ᠭᠠᠷᠴᠤ ᠢᠷᠡᠬᠦ ᠰᠢᠭ ᠪᠣᠯᠤᠯ᠎ᠠ᠃  ᠨᠢᠳᠦ  ᠪᠡᠨ ᠵᠢᠭᠠᠬᠠᠨ ᠨᠡᠭᠡᠭᠡᠪᠡᠯ ᠪᠤᠷᠭᠠᠰᠤᠨ ᠣᠨᠢ᠂ ᠴᠠᠭᠠᠨ ᠢᠰᠡᠭᠡᠢ ᠳᠡᠭᠡᠪᠦᠷ ᠬᠠᠷᠠᠭᠳᠠᠵᠤ᠂ 
       — ᠬᠠᠲᠤᠨ ᠲᠠ ᠶᠠᠭᠠᠬᠢᠵᠤ ᠪᠠᠢᠨ᠎ᠠ? ᠭᠡᠬᠦ ᠰᠡᠳᠬᠢᠯ  ᠳ᠋ᠦ᠍ ᠡᠶᠡᠪᠡᠷᠭᠦᠦ ᠵᠥᠭᠡᠯᠡᠨ ᠳᠠᠭᠤ ᠬᠠᠲᠠᠵᠤ᠂ ᠴᠡᠭᠡᠵᠢᠨ ᠳᠣᠲᠣᠷ᠎ᠠ ᠵᠤᠯᠠ ᠠᠰᠠᠬᠤ ᠮᠡᠲᠦ ᠪᠣᠯᠵᠠᠢ᠃ 
       — ᠬᠣᠲᠣᠯᠠ⁈ 
       — ᠪᠢ ᠲᠠᠨ  ᠤ᠋ ᠳᠡᠷᠭᠡᠳᠡ ᠪᠠᠢᠨ᠎ᠠ᠂ ᠬᠠᠲᠤᠨ ᠠᠬᠠᠢ᠃ 
       — ᠥᠨᠥ᠁ ᠭᠡᠳ ᠪᠦᠯᠵᠢᠭᠡᠨ ᠦᠭᠡ  ᠪᠡᠨ ᠭᠦᠢᠴᠡᠭᠡᠵᠦ ᠴᠢᠳᠠᠭᠰᠠᠨ ᠦᠭᠡᠢ ᠲᠦᠭᠳᠡᠷᠡᠪᠡ᠃ ᠠᠮᠢᠳᠤ ᠭᠠᠷᠤᠭᠰᠠᠨ᠂ ᠠᠮᠢ ᠦᠭᠡᠢ ᠭᠠᠷᠤᠭᠰᠠᠨ  ᠢ᠋ ᠡᠰᠡ ᠮᠡᠳᠡᠵᠡᠢ᠃ ᠲᠡᠭᠡᠭᠡᠳ ᠴᠦ᠍ ᠪᠤᠷᠬᠠᠨ ᠲᠥᠷᠥᠭᠰᠡᠨ ᠤᠤ᠂ ᠪᠤᠭ ᠭᠠᠷᠤᠭᠰᠠᠨ ᠤᠤ ᠪᠠᠰᠠ ᠬᠡᠨ ᠮᠡᠳᠡᠵᠡᠢ᠃ ᠨᠠᠮ ᠭᠦᠮ ᠪᠣᠯᠪᠠ᠃ ᠡᠨᠡ ᠳᠣᠭᠳᠣᠯᠤᠯ ᠢ᠋ ᠬᠣᠲᠣᠯᠠ ᠨᠣᠶᠠᠨ ᠮᠡᠳᠡᠷᠡᠵᠦ᠂ 
       — ᠲᠠ ᠪᠢᠳᠡ ᠬᠣᠶᠠᠷ ᠲᠤ᠌ ᠠᠭᠡ ᠨᠣᠶᠠᠨ ᠵᠠᠶᠠᠭᠠᠵᠠᠢ! ᠭᠡᠪᠡ᠃ ᠪᠦᠯᠵᠢᠭᠡᠨ ᠲᠠᠮᠢᠷᠳᠠᠵᠤ ᠶᠠᠳᠠᠷᠠᠭᠰᠠᠨ ᠪᠡᠶ᠎ᠡ  ᠡᠴᠡ ᠶᠠᠭᠠᠬᠢᠵᠤ ᠭᠠᠷᠪᠠ ᠭᠡᠮᠡᠷ ᠶᠡᠬᠡ ᠬᠦᠴᠦ  ᠪᠡᠷ ᠬᠣᠲᠣᠯᠠ ᠶ᠋ᠢᠨ ᠭᠠᠷ ᠢ᠋ ᠲᠠᠰᠤ ᠠᠳᠬᠤᠨ᠂ 
       — ᠨᠣᠶᠠᠨ ᠲᠠᠨ ᠤ᠋ ᠪᠤᠶᠠᠨ! ᠭᠡᠯ᠎ᠡ᠃  
       ᠲᠡᠭᠡᠭᠡᠳ ᠶᠠᠳᠠᠷᠠᠭᠰᠠᠨ ᠵᠦᠳᠡᠷᠡᠭᠰᠡᠨ ᠢ᠋ᠶ᠋ᠡᠨ ᠣᠷᠣ ᠲᠠᠰᠤ ᠮᠠᠷᠲᠠᠨ ᠲᠣᠮᠣ ᠴᠠᠭᠠᠨ ᠬᠥᠬᠥ  ᠪᠡᠨ ᠴᠡᠴᠡᠷᠭᠡᠨᠡᠭᠦᠯᠦᠨ ᠠᠶᠠᠷᠬᠠᠨ ᠢᠨᠢᠶᠡᠪᠡ᠃ ᠴᠢᠩᠭᠢᠭᠰᠡᠨ ᠢ᠋ᠶ᠋ᠡᠨ ᠠᠷᠢᠭ ᠪᠡᠶ᠎ᠡ  ᠶ᠋ᠢ ᠨᠢ ᠲᠤᠯᠮᠠᠢᠳᠠᠨ ᠬᠤᠴᠢᠭᠰᠠᠨ ᠪᠤᠯᠠᠭᠠᠨ ᠬᠥᠨᠵᠢᠯᠡ ᠶ᠋ᠢᠨ ᠢ᠋ᠶ᠋ᠡᠨ ᠰᠡᠵᠢᠭᠦᠷ ᠢ᠋ ᠠᠳᠬᠤᠭᠠᠳ ᠵᠢᠩᠭᠢᠨᠡᠲᠡᠯ᠎ᠡ᠂ ᠮᠥᠨᠥᠬᠡᠨ ᠲᠣᠷᠭᠠᠨ ᠰᠡᠵᠢᠭᠦᠷ ᠢ᠋ᠶ᠋ᠡᠷ ᠠᠮᠠ ᠪᠠᠨ ᠳᠠᠷᠤᠵᠤ ᠴᠢᠩᠭᠢᠨᠠᠲᠠᠯ᠎ᠠ ᠬᠥᠬᠥᠷᠡᠯ᠎ᠡ᠃ ᠬᠡᠳᠦᠬᠡᠨ ᠮᠥᠴᠡ ᠶ᠋ᠢᠨ ᠡᠮᠦᠨ᠎ᠡ ᠶᠣᠣᠯᠠᠬᠤ ᠳᠠᠭᠤᠨ ᠳᠦᠭᠦᠷᠡᠩ ᠪᠠᠢᠭᠰᠠᠨ ᠪᠠᠭ᠎ᠠ ᠦᠷᠭᠦᠭᠡᠨ ᠳ᠋ᠦ᠍ ᠣᠳᠣ ᠢᠨᠢᠶᠡᠳᠦ ᠪᠠᠶᠠᠰᠤᠯ ᠬᠠᠯᠭᠢᠨ ᠴᠠᠯᠭᠢᠵᠤ᠂ ᠡᠭᠦᠨ ᠢ᠋ ᠮᠡᠳᠡᠭᠰᠡᠨ ᠮᠡᠲᠦ ᠲᠤᠯᠭ᠎ᠠ ᠲᠠᠢ ᠭᠠᠯ ᠴᠣᠪᠬᠣᠴᠢᠨ ᠳᠡᠪᠬᠡᠴᠡᠨ ᠠᠰᠠᠵᠠᠢ᠃ ᠡᠨᠡ ᠬᠢᠷᠢ ᠭᠠᠳᠠᠨ᠎ᠠ ᠠ᠋ᠴᠠ ᠢᠳᠤᠭᠠᠨ ᠡᠬᠡ ᠣᠷᠣᠵᠤ ᠢᠷᠡᠨ ᠨᠡᠬᠡᠢ ᠥᠯᠥᠭᠡᠢ ᠳ᠋ᠦ᠍ ᠣᠷᠢᠶᠠᠭᠰᠠᠨ ᠤᠯᠠᠭᠠᠨ ᠨᠢᠯᠵᠠᠷᠠᠢ ᠶᠠᠭᠤᠮ᠎ᠠ ᠰᠠᠷᠪᠠᠢᠵᠤ᠂ 
       — ᠬᠠᠭᠠᠨ ᠬᠣᠲᠣᠯᠠ ᠶ᠋ᠢᠨ ᠤᠳᠤᠮ ᠪᠢᠯᠡ᠂ ᠬᠠᠲᠤᠨ ᠪᠦᠯᠵᠢᠭᠡᠨ ᠦ᠌ ᠦᠷ᠎ᠡ ᠪᠢᠯᠡ᠁ ᠬᠤᠷᠤᠢ ᠁ ᠬᠤᠷᠤᠢ᠁ ᠵᠠᠭᠤᠨ ᠨᠠᠰᠤᠯᠠᠵᠤ᠂ ᠵᠢᠷᠭᠤᠭᠠᠲᠠᠢ ᠲᠠᠶᠠᠭ ᠲᠤᠯᠵᠤ ᠶᠠᠪᠤᠭᠠᠷᠠᠢ! ᠭᠡᠮᠡᠨ ᠡᠬᠡ ᠶ᠋ᠢᠨ ᠭᠠᠷ ᠳᠡᠷᠡᠯᠡᠭᠦᠯᠵᠦ ᠲᠠᠯᠪᠢᠯ᠎ᠠ᠃ ᠬᠣᠲᠣᠯᠠ ᠨᠣᠶᠠᠨ ᠡᠯᠢᠭᠡᠮᠰᠦᠭ ᠰᠠᠢᠬᠠᠨ ᠬᠠᠷᠠᠴᠠ ᠪᠠᠷ ᠡᠮᠡᠭᠡᠨ ᠢᠳᠤᠭᠠᠨ ᠢ᠋ ᠱᠠᠩᠨᠠᠨ᠂ 
       — ᠣᠪᠣᠭ ᠤ᠋ᠨ ᠡᠬᠡ ᠲᠠᠨ ᠳ᠋ᠤ᠌ ᠭᠢᠯᠠᠢᠯ᠎ᠠ᠃ ᠰᠠᠬᠢᠭᠤᠰᠤ ᠰᠢᠲᠦᠭᠡᠨ ᠲᠠᠨᠢ ᠲᠩᠷᠢ ᠳ᠋ᠡᠭᠡᠨ ᠠᠮᠤᠭᠤᠯᠠᠩ᠂ ᠰᠠᠨᠠᠭ᠎ᠠ ᠪᠣᠳᠣᠯ ᠲᠠᠨᠢ ᠪᠢᠳᠡᠨ ᠳ᠋ᠡᠭᠡᠨ ᠥᠯᠵᠡᠢ ᠲᠡᠢ ᠪᠠᠢᠬᠤ ᠪᠣᠯᠲᠤᠭᠠᠢ! ᠬᠡᠮᠡᠭᠡᠳ ᠲᠤᠰᠬᠠᠢ ᠪᠠᠵᠠᠭᠠᠭᠰᠠᠨ ᠬᠡᠰᠢᠭ ᠬᠦᠷᠲᠡᠭᠡᠬᠦ ᠳ᠋ᠦ᠍ ᠡᠮᠡᠭᠡᠨ ᠢᠳᠤᠭᠠᠨ ᠠᠳᠢᠰ ᠠᠪᠴᠤ᠂ 
       — ᠰᠠᠨᠠᠭ᠎ᠠ ᠰᠠᠢᠨ ᠪᠣᠯ ᠵᠠᠶᠠᠭ᠎ᠠ ᠰᠠᠢᠨ᠂ ᠣᠳᠣ ᠶᠠᠭᠣᠨ᠎ᠠ ᠠᠯᠵᠠᠬᠤ ᠪᠢᠯᠡ᠃ ᠬᠠᠷᠠᠴᠠᠨ ᠤ᠋ ᠰᠠᠯᠬᠢ᠂ ᠬᠠᠷᠢᠶᠠᠯ ᠤ᠋ᠨ ᠦᠭᠡ ᠡᠴᠡ ᠬᠠᠷᠢᠨ ᠬᠠᠷᠠᠮᠯᠠᠵᠤ ᠶᠠᠪᠤᠭᠠᠷᠠᠢ! ᠭᠡᠳ ᠭᠠᠷᠴᠤ ᠣᠳᠤᠯ᠎ᠠ᠃ ᠰᠡᠭᠦᠯᠴᠢ ᠶ᠋ᠢᠨ ᠦᠭᠡᠨ ᠡᠴᠡ ᠪᠣᠨᠲᠣᠭᠣᠰᠬᠢᠲᠠᠯ᠎ᠠ ᠴᠣᠴᠢᠭᠰᠠᠨ ᠭᠤᠸ᠎ᠠ ᠬᠠᠲᠤᠨ ᠬᠣᠲᠣᠯᠠ ᠨᠣᠶᠠᠨ ᠢ᠋ ᠳᠦᠷᠯᠡᠢᠨ ᠰᠢᠷᠳᠡᠵᠦ᠂ 
       — ᠢᠳᠤᠭᠠᠨ ᠡᠵᠢ ᠶᠠᠭᠤ ᠬᠡᠯᠡᠨ᠎ᠡ ᠪᠢᠯᠡ? ᠭᠡᠯ᠎ᠡ᠃ ᠬᠣᠲᠣᠯᠠ ᠴᠢᠩ ᠦᠨᠡᠨ ᠢ᠋ ᠡᠰᠡ ᠬᠡᠯᠡᠵᠡᠢ᠃ ᠶᠡᠬᠡ ᠪᠠᠭ᠎ᠠ ᠬᠣᠶᠠᠷ ᠬᠠᠲᠤᠨ ᠤ᠋ ᠠᠳᠠ ᠰᠢᠩᠭᠡᠭᠰᠡᠨ ᠨᠢᠳᠦ ᠪᠦᠯᠵᠢᠭᠡᠨ ᠭᠤᠸ᠎ᠠ ᠶ᠋ᠢ ᠴᠠᠭ ᠤ᠋ᠨ ᠴᠠᠭ ᠲᠤ᠌ ᠴᠢᠴᠢᠯᠡᠵᠦ ᠪᠠᠢᠳᠠᠭ ᠢ᠋ ᠬᠣᠲᠣᠯᠠ ᠡᠰᠡ ᠮᠡᠳᠡᠪᠡᠯ ᠬᠡᠨ ᠮᠡᠳᠡᠬᠦ ᠪᠢᠯᠡ᠃ ᠢᠨᠵᠢᠮᠡᠢ ᠬᠠᠲᠤᠨ ᠤ᠋ ᠠᠮᠠᠨ ᠳ᠋ᠠᠭᠠᠨ ᠬᠦᠯᠬᠦᠬᠦ ᠬᠣᠷᠣᠨ ᠦᠭᠡᠰ ᠮᠠᠭᠤᠬᠠᠢ ᠦᠷ᠎ᠡ ᠶ᠋ᠢ ᠮᠢᠨᠢ ᠲᠣᠭᠣᠷᠢᠭ ᠭᠡᠮᠡᠨ ᠵᠠᠯᠪᠠᠷᠢᠨ᠎ᠠ᠃ ᠲᠡᠯᠡᠮᠦᠨ ᠭᠤᠸ᠎ᠠ ᠶ᠋ᠢᠨ ᠬᠠᠷᠠᠴᠠᠨ ᠤ᠋ ᠰᠤᠮᠤ ᠬᠦᠦ ᠡᠴᠡ ᠮᠢᠨᠢ ᠲᠥᠭᠡᠷᠢᠭ ᠭᠡᠵᠦ ᠰᠢᠪᠰᠢᠨ᠎ᠡ᠃ ᠲᠡᠭᠡᠭᠡᠳ ᠢᠳᠤᠭᠠᠨ ᠡᠬᠡ ᠶ᠋ᠢ ᠵᠠᠯᠠᠵᠤ ᠤᠴᠢᠷ ᠢ᠋ ᠤᠬᠠᠭᠤᠯᠤᠨ᠄《ᠲᠠᠨᠢᠬᠤ ᠲᠠᠨᠢᠬᠤ ᠦᠭᠡᠢ ᠬᠣᠶᠠᠷ ᠤ᠋ᠨ ᠠᠮᠢ ᠶ᠋ᠢ ᠲᠠ ᠯᠠ ᠰᠠᠬᠢᠵᠤ ᠴᠢᠳᠠᠨ᠎ᠠ》 ᠭᠡᠮᠡᠨ ᠠᠴᠢ ᠵᠠᠬᠢᠵᠤ ᠵᠢᠴᠢ ᠦᠯᠡᠳᠡᠭᠡᠭᠰᠡᠨ ᠶᠤᠮᠰᠠᠨᠵᠠᠢ᠃ ᠡᠨᠡ ᠭᠠᠰᠢᠭᠤᠨ ᠦᠨᠡᠨ ᠢ᠋ ᠬᠡᠯᠡᠵᠦ ᠠᠮᠲᠠᠲᠤ ᠵᠢᠷᠭᠠᠯ ᠢ᠋ᠶ᠋ᠠᠨ ᠡᠭᠡᠳᠡᠭᠦᠯᠬᠦ ᠶ᠋ᠢ ᠦᠯᠦ ᠬᠦᠰᠡᠵᠡᠢ᠃    

               2  
       ᠠᠮᠪᠠᠭᠠᠢ ᠬᠠᠭᠠᠨ ᠤ᠋ ᠨᠦᠰᠡᠷ ᠴᠤᠪᠤᠭ᠎ᠠ ᠪᠤᠢᠷ ᠨᠠᠭᠤᠷ ᠢ᠋ ᠠᠷᠤᠯᠠᠵᠤ᠂ ᠬᠥᠯᠥᠨ ᠳᠠᠯᠠᠢ ᠶ᠋ᠢ ᠥᠪᠥᠷᠯᠡᠨ ᠶᠢᠰᠦᠨ ᠲᠠᠲ᠋ᠠᠷ ᠤ᠋ᠨ ᠨᠤᠲᠤᠭ ᠤ᠋ᠨ ᠭᠦᠨ ᠤᠷᠤᠭᠤ ᠣᠷᠣᠵᠤ ᠢᠷᠡᠯ᠎ᠡ᠃ ᠬᠠᠭᠠᠨ ᠶᠡᠬᠡ ᠳᠡᠯ ᠲᠡᠢ ᠵᠢᠷᠣᠭ᠎ᠠ ᠴᠠᠪᠢᠳᠠᠷ ᠮᠣᠷᠢᠨ ᠳ᠋ᠤ᠌ ᠠᠯᠲᠠᠨ ᠲᠣᠨᠣᠭ ᠲᠠᠢ ᠡᠮᠡᠭᠡᠯ ᠲᠣᠬᠣᠵᠤ᠂ ᠮᠥᠩᠭᠥᠨ ᠳᠥᠷᠥᠭᠡ ᠵᠢᠭᠢᠭᠰᠡᠨ ᠠᠵᠢ᠃ ᠲᠡᠭᠦᠨ ᠦ᠌ ᠠᠮᠤᠭᠤᠯᠠᠩ ᠢ᠋ ᠪᠡᠯᠭᠡᠳᠡᠵᠦ ᠠᠰᠠᠭᠠᠭᠰᠠᠨ ᠶᠡᠦᠳᠡᠨ ᠮᠠᠯᠠᠭᠠᠢ ᠶ᠋ᠢᠨ ᠴᠢᠨᠳᠠᠮᠤᠨᠢ ᠣᠷᠣᠢ ᠶᠢᠰᠦᠨ ᠬᠦᠰᠡᠯ ᠪᠦᠲᠦᠬᠦ ᠶ᠋ᠢᠨ ᠢᠷᠦᠭᠡᠯ ᠮᠡᠲᠦ ᠭᠢᠯᠠᠯᠵᠠᠨ ᠪᠠᠢᠪᠠ᠃ ᠶᠡᠷᠦ ᠰᠦᠨ ᠰᠠᠴᠤᠯᠢ ᠳᠣᠣᠭᠤᠷ ᠰᠦᠨ ᠰᠡᠳᠬᠢᠯ ᠥᠷᠥᠪᠯᠡᠵᠦ ᠮᠣᠷᠳᠠᠭᠰᠠᠨ ᠬᠠᠭᠠᠨᠲᠠᠨ ᠤᠷᠲᠤ ᠵᠠᠮ ᠢ᠋ ᠵᠣᠪᠬᠢ ᠥᠭᠡᠳᠡ ᠪᠡᠨ ᠲᠤᠭᠤᠯᠵᠤ ᠢᠷᠡᠭᠰᠡᠨ ᠠᠪᠠᠢ᠃ ᠲᠡᠷᠡ ᠪᠡᠷ ᠵᠢᠯᠣᠭᠣ ᠲᠡᠳᠡᠨ ᠬᠣᠯᠠᠬᠢ ᠶ᠋ᠢ ᠬᠠᠷᠠᠵᠤ᠂ 
       一 ᠮᠢᠨᠦ ᠥᠬᠢᠨ᠂ ᠴᠢᠨᠦ ᠨᠣᠶᠠᠨ ᠤ᠋ ᠴᠢᠷᠠᠢ ᠶ᠋ᠢ ᠬᠠᠷᠠᠬᠤ ᠪᠠᠶᠠᠷᠲᠤ ᠮᠥᠴᠡ ᠢᠷᠡᠪᠡ ᠪᠤᠰᠤ ᠤᠤ? ᠭᠡᠯ᠎ᠡ᠃ ᠬᠠᠭᠠᠨ ᠤ᠋ ᠵᠢᠷᠣᠭ᠎ᠠ ᠴᠠᠪᠢᠳᠠᠷ ᠮᠣᠷᠢᠨ ᠤ᠋ ᠮᠥᠷ ᠳᠠᠷᠤᠨ ᠶᠠᠪᠤᠵᠤ ᠠᠭᠰᠠᠨ ᠮᠤᠬᠤᠯᠠᠭ ᠲᠡᠷᠭᠡᠨ ᠦ᠌ ᠴᠣᠩᠬᠣ ᠪᠠᠷ ᠰᠤᠪᠤᠳᠤᠨ ᠰᠠᠴᠤᠭ᠎ᠠ ᠱᠠᠷᠵᠢᠭᠢᠨᠠᠨ ᠲᠦᠳᠡᠬᠡᠨ ᠮᠠᠷᠢᠶᠠᠯᠢᠭ ᠴᠠᠭᠠᠨ ᠴᠢᠷᠠᠢ ᠲᠤᠶᠠᠭᠠᠷᠠᠵᠤ᠂ 
       一 ᠵᠠᠬ᠎ᠠ ᠦᠭᠡᠢ ᠲᠠᠯ᠎ᠠ ᠠᠵᠢ ᠭᠡᠬᠦ ᠳ᠋ᠦ᠍ ᠠᠮᠪᠠᠭᠠᠢ᠂ 
       一 ᠴᠢᠮ᠎ᠠ ᠳ᠋ᠤ᠌ ᠦᠦᠬᠡ ᠲᠡᠦᠬᠡ ᠶᠠᠷᠢᠵᠤ ᠥᠭᠭᠦᠭᠰᠡᠨ ᠪᠢᠵᠡ? ᠬᠡᠮᠡᠪᠡ᠃ 
       一 ᠬᠥᠩᠬᠥᠷ ᠬᠣᠷᠴᠢ ᠵᠥᠩᠳᠡᠭᠡᠨ ᠶᠠᠷᠢᠭᠰᠠᠨ᠃ 
       一 ᠦᠯᠢᠭᠡᠷ ᠦ᠋ᠨ ᠳᠠᠯᠠᠢ ᠰᠢᠭ ᠬᠥᠮᠦᠨ ᠳᠡ᠂ ᠬᠥᠭᠡᠷᠦᠬᠦᠢ᠃ 
       一 ᠭᠡᠳ ᠬᠤᠭᠤᠷ ᠤ᠋ᠨ ᠠᠶᠠᠯᠭᠤᠨ ᠤ᠋ ᠰᠠᠢᠬᠠᠨ ᠢ᠋ ᠠ᠋᠃ 
       一 ᠬᠡᠯᠡᠭᠡᠳ ᠶᠠᠭᠠᠬᠢᠬᠤ ᠪᠣᠢ᠃ 
       一 ᠶᠢᠰᠦᠨ ᠲᠠᠲ᠋ᠠᠷ ᠤ᠋ᠨ ᠣᠷᠣᠨ ᠳ᠋ᠤ᠌ ᠢᠷᠡᠭᠡᠳ ᠲᠡᠷᠡ ᠠᠶᠠᠯᠭᠤ ᠶ᠋ᠢ ᠯᠠᠪ ᠰᠠᠨᠠᠬᠤ ᠪᠠᠢᠬ᠎ᠠ᠃ 
       — ᠦᠦᠬᠡ ᠲᠡᠦᠬᠡ ᠭᠡᠳᠡᠭ ᠰᠡᠳᠬᠢᠯ ᠳ᠋ᠦ᠍ ᠪᠠᠭᠲᠠᠭᠰᠠᠨ ᠨᠤᠲᠤᠭ ᠪᠠᠢᠳᠠᠭ ᠶᠤᠮ᠃ ᠥᠰᠴᠦ ᠲᠥᠷᠥᠭᠰᠡᠨ ᠨᠤᠲᠤᠭ ᠢ᠋ᠶ᠋ᠠᠨ ᠰᠠᠨᠠᠬᠤ ᠶ᠋ᠢᠨ ᠴᠠᠭ  ᠲᠤ᠌ ᠡᠪᠦᠭᠡᠨ ᠬᠣᠷᠴᠢ ᠶ᠋ᠢᠨ ᠳᠣᠮᠣᠭ ᠢ᠋ ᠴᠢ ᠰᠠᠨᠠᠭᠲᠤᠨ! ᠲᠡᠭᠡᠬᠦ ᠳ᠋ᠦ᠍ ᠠᠭᠢ ᠳᠠᠭᠠᠨ᠎ᠠ ᠶ᠋ᠢᠨ ᠦᠨᠦᠷ ᠬᠠᠩᠬᠤᠯᠵᠤ᠂ ᠠᠳᠤᠭᠤ ᠮᠠᠯ ᠤ᠋ᠨ ᠢᠨᠴᠠᠭᠠᠬᠤ ᠰᠣᠨᠣᠰᠳᠠᠬᠤ ᠪᠢᠯᠡ᠁ ᠭᠡᠮᠡᠨ ᠲᠠᠢᠳᠬᠤᠷᠠᠭᠤᠯᠤᠨ ᠶᠠᠪᠤᠲᠠᠯ᠎ᠠ ᠲᠦᠷᠦᠭᠦᠴᠢ ᠪᠠᠭ ᠠ᠋ᠴᠠ ᠬᠡᠯᠡ ᠬᠦᠷᠭᠡᠬᠦ ᠪᠡᠷ ᠪᠠᠰᠣᠳ ᠣᠪᠣᠭ ᠤ᠋ᠨ ᠪᠠᠯᠠᠭᠴᠢ ᠬᠢᠶ᠎ᠡ ᠳᠣᠪᠲᠣᠯᠭᠠᠨ ᠢᠷᠡᠯ᠎ᠡ᠃ 
       — ᠬᠠᠭᠠᠨ ᠲᠠ ᠪᠣᠯᠭᠣᠭ᠎ᠠ? 
       — ᠠᠢᠯᠠᠳᠬ᠎ᠠ! 
       — ᠣᠷᠱᠤᠨ ᠮᠥᠷᠡᠨ ᠦ᠌ ᠨᠠᠭᠠᠳᠤ ᠡᠷᠭᠢ ᠳ᠋ᠦ᠍ ᠠᠰᠠᠷ ᠮᠠᠢᠬᠠᠨ ᠳᠡᠷᠪᠡᠵᠦ ᠬᠠᠷᠠᠭᠳᠠᠨ᠎ᠠ᠃ ᠲᠡᠷᠡ ᠯᠠᠪ ᠠᠢᠷᠭᠤᠳ ᠪᠣᠢᠷᠭᠤᠳ ᠠᠢᠮᠠᠭ ᠤ᠋ᠨ ᠡᠯᠴᠢᠰ ᠪᠢᠵᠡ ᠭᠡᠵᠦ ᠠᠢᠯᠠᠳᠬᠠᠬᠤ ᠳ᠋ᠤ᠌ ᠠᠮᠪᠠᠭᠠᠢ ᠬᠠᠭᠠᠨ ᠤ᠋ ᠴᠢᠷᠠᠢ ᠳ᠋ᠤ᠌ ᠰᠡᠳᠬᠢᠯ ᠬᠠᠩᠭᠠᠯᠤᠭᠤᠨ ᠪᠠᠢᠳᠠᠯ ᠢᠯᠡᠷᠡᠵᠦ᠂ 
       — ᠮᠥᠨ ᠪᠢᠵᠡ ᠠ᠋᠃ ᠲᠦᠷᠦᠭᠦᠴᠢ ᠪᠠᠭ ᠢ᠋ ᠴᠣᠪᠤᠭᠠᠨ ᠳ᠋ᠤ᠌ ᠤᠷᠤᠭᠤᠯ! ᠬᠣᠲᠠ ᠶ᠋ᠢᠨ ᠭᠠᠵᠠᠷ ᠴᠡᠷᠢᠭ ᠦ᠋ᠨ ᠢᠯᠳᠦ ᠬᠠᠷᠠᠭᠤᠯᠬᠤ ᠨᠢ ᠲᠦᠳᠡ ᠦᠭᠡᠢ ᠬᠡᠷᠡᠭ ᠬᠡᠮᠡᠵᠡᠢ᠃ ᠰᠦᠮᠡᠨ ᠰᠦᠮᠡᠨ ᠬᠥᠬᠡ ᠲᠤᠯᠤᠭᠠᠳ ᠤ᠋ᠨ ᠳᠤᠮᠳᠠᠭᠤᠷ ᠨᠡᠭᠦᠬᠡᠨ ᠨᠡᠭᠦᠬᠡᠨ ᠵᠢᠭᠠᠬᠠᠨ ᠤᠷᠤᠭᠰᠢᠯᠠᠬᠤ ᠶᠡᠬᠡ ᠴᠤᠪᠤᠭ᠎ᠠ ᠲᠣᠰᠴᠤ ᠲᠤᠭ ᠬᠢᠭᠢᠷᠢ ᠪᠣᠯᠤᠭᠰᠠᠨ ᠮᠣᠷᠢᠲᠠᠨ ᠡᠷᠡᠰ ᠳᠠᠪᠬᠢᠯᠳᠤᠨ ᠠᠢᠰᠤᠢ᠃ ᠪᠠᠶᠠᠷ ᠵᠥᠩᠨᠡᠭᠰᠡᠨ ᠡᠨᠡ ᠪᠠᠷ᠎ᠠ ᠪᠠᠷ ᠠᠮᠪᠠᠭᠠᠢ ᠬᠠᠭᠠᠨ ᠵᠢᠯᠣᠭᠣ ᠲᠡᠳᠡᠨ ᠪᠠᠷᠠᠭᠤᠨ ᠭᠠᠷ ᠢ᠋ᠶ᠋ᠠᠨ ᠡᠷᠭᠦᠨ ᠵᠣᠭᠰᠣᠬᠤ ᠳᠣᠬᠢᠶ᠎ᠠ ᠥᠭᠭᠦᠯ᠎ᠡ᠃ ᠠᠶᠠᠨ ᠬᠥᠰᠬᠡ ᠠᠮᠤᠰᠬᠢᠨ ᠵᠣᠭᠰᠣᠯ᠎ᠠ᠃ ᠪᠠᠰᠤᠳ ᠤ᠋ᠨ ᠪᠠᠯᠠᠭᠴᠢ ᠬᠢᠶ᠎ᠡ ᠳᠥᠷᠦᠭᠡᠨ ᠳᠡᠭᠡᠷ᠎ᠡ ᠪᠡᠨ ᠥᠨᠳᠡᠢᠨ᠂ 
       — ᠬᠠᠮᠤᠭ ᠮᠣᠩᠭᠣᠯ ᠤ᠋ᠨ ᠬᠠᠭᠠᠨ ᠠᠮᠪᠠᠭᠠᠢ ᠲᠣᠢ ᠬᠤᠷᠢᠮ ᠤ᠋ᠨ ᠤᠴᠢᠷ ᠬᠦᠷᠰᠢ ᠠᠢᠮᠠᠭ ᠲᠤ᠌ ᠬᠥᠰᠬᠡ ᠬᠥᠲᠥᠯᠵᠦ ᠢᠷᠡᠪᠡ! ᠬᠡᠮᠡᠬᠦ ᠳ᠋ᠦ᠍ ᠪᠠᠭ ᠴᠡᠷᠢᠭ ᠦ᠋ᠨ ᠲᠦᠷᠦᠭᠦᠨ ᠳ᠋ᠦ᠍ ᠶᠠᠪᠤᠭᠰᠠᠨ ᠵᠠᠯᠠᠭᠤ ᠡᠷ᠎ᠡ ᠭᠣᠵᠣᠰᠬᠢᠨ ᠪᠣᠰᠴᠤ᠂ 
       — ᠶᠢᠰᠦᠨ ᠲᠠᠲ᠋ᠠᠷ ᠤ᠋ᠨ ᠢᠷᠦᠭᠡᠯᠲᠦ ᠨᠤᠲᠤᠭ ᠲᠤ᠌ ᠲᠠᠪᠠᠲᠠᠢ ᠮᠣᠷᠢᠯᠠᠭᠲᠤᠨ! ᠭᠡᠵᠡᠢ᠃ ᠲᠠᠨᠢᠳᠠᠭ ᠵᠢᠰᠦ ᠮᠡᠲᠦ᠂ ᠰᠣᠨᠣᠰᠤᠭᠰᠠᠨ ᠳᠠᠭᠤ ᠮᠡᠲᠦ ᠰᠠᠨᠠᠭᠳᠠᠭᠰᠠᠨ ᠴᠣ ᠨᠡᠷ᠎ᠡ ᠣᠨᠣᠭᠠᠵᠤ ᠡᠰᠡ ᠴᠢᠳᠠᠪᠠ᠃ ᠲᠡᠷᠡ ᠪᠡᠷ ᠮᠤᠬᠤᠯᠠᠭᠲᠤ ᠲᠡᠷᠭᠡᠨ ᠳᠣᠲᠣᠷ᠎ᠠ ᠠᠶᠤᠭᠰᠠᠨ ᠲᠠᠤᠯᠠᠢ ᠰᠢᠭ᠋ ᠪᠦᠯᠲᠡᠭᠡᠨᠡᠬᠦ ᠥᠬᠢᠨ ᠢ᠋ᠶ᠋ᠡᠨ ᠪᠠᠶᠠᠷᠲᠤ ᠬᠠᠷᠠᠴᠠ ᠪᠠᠷ ᠱᠠᠩᠨᠠᠭᠠᠳ ᠮᠣᠷᠢ ᠪᠠᠨ ᠵᠥᠭᠡᠯᠡᠨ ᠳᠠᠪᠢᠷᠠᠯ᠎ᠠ᠃ ᠮᠥᠨᠥᠬᠡᠨ ᠭᠣᠵᠣᠭᠣᠷ ᠬᠥᠬᠡ ᠵᠠᠯᠠᠭᠤ ᠳᠥᠷᠥᠭᠡ ᠬᠠᠷᠰᠢᠭᠤᠯᠤᠨ ᠢᠷᠡᠬᠦ ᠳ᠋ᠦ᠍ ᠯᠡ ᠰᠠᠶᠢ ᠲᠠᠨᠢᠵᠠᠢ᠃ 
       — ᠦᠭᠡ ᠨᠣᠶᠠᠨ! ᠭᠡᠪᠡᠯ ᠲᠡᠮᠦᠵᠢᠨ ᠦᠭᠡ ᠬᠣᠷᠵᠢᠶᠠᠨ ᠲᠠᠢ ᠢᠨᠢᠶᠡᠵᠦ᠂ 
       — ᠲᠠᠨ ᠢ᠋ ᠲᠠᠨᠢᠭᠰᠠᠨ ᠳ᠋ᠤ᠌ ᠭᠢᠯᠠᠢᠯ᠎ᠠ ᠬᠡᠮᠡᠭᠡᠳ ᠵᠠᠯᠠᠭᠤ ᠬᠥᠮᠦᠨ ᠦ᠌ ᠵᠣᠯᠪᠣᠭᠠᠯᠢᠭ ᠬᠠᠷᠠᠴᠠ ᠪᠠᠷ ᠮᠤᠬᠤᠯᠠᠭ ᠲᠡᠷᠭᠡ ᠶ᠋ᠢ ᠬᠢᠯᠠᠮᠬᠢᠨ᠂ 
       — ᠲᠠᠲ᠋ᠠᠷ ᠡᠷᠡᠰ ᠪᠢᠳᠡ ᠰᠠᠢᠬᠠᠨ ᠬᠠᠲᠤᠨ ᠲᠠᠢ ᠪᠣᠯᠵᠠᠢ ᠭᠡᠪᠡ᠃ ᠡᠭᠦᠨ ᠡᠴᠡ ᠥᠭᠡᠷ᠎ᠡ ᠶ᠋ᠢ ᠡᠰᠡ ᠳᠤᠤᠭᠠᠷᠴᠤ ᠠᠪᠠᠢ᠃ ᠡᠢᠨ ᠳᠥᠷᠥᠭᠡ ᠱᠦᠷᠭᠦᠮ᠎ᠡ ᠴᠡᠴᠡᠭ ᠦ᠋ᠨ ᠳᠤᠮᠳᠠᠭᠤᠷ ᠮᠣᠷᠢᠳ ᠲᠤᠷᠭᠢᠯᠠᠬᠤ᠂ ᠠᠮᠠᠭᠠᠢ ᠵᠤᠤᠵᠠᠢ ᠬᠠᠩᠭᠢᠨᠠᠬᠤ ᠠ᠋ᠴᠠ ᠥᠭᠡᠷ᠎ᠡ ᠴᠢᠮᠡᠭᠡ ᠦᠭᠡᠢ ᠶᠠᠪᠤᠭᠰᠠᠭᠠᠷ ᠬᠦᠷᠢᠶ᠎ᠡ ᠡᠭᠦᠰᠬᠡᠨ ᠪᠠᠭᠤᠭᠰᠠᠨ ᠲᠠᠲ᠋ᠠᠷ ᠣᠪᠣᠭ ᠤ᠋ᠨ ᠬᠢᠨ ᠦ᠌ ᠳᠣᠲᠣᠷ᠎ᠠ ᠣᠷᠣᠵᠤ ᠢᠷᠡᠵᠡᠢ᠃ ᠭᠡᠷ ᠦ᠋ᠨ ᠭᠠᠳᠠᠨ᠎ᠠ ᠵᠣᠭᠰᠣᠬᠤ ᠡᠮᠡᠰ ᠰᠠᠴᠤᠯᠢ ᠡᠷᠭᠦᠵᠦ᠂ ᠰᠤᠷ ᠡᠯᠳᠡᠵᠦ᠂ ᠴᠢᠳᠥᠷ ᠵᠠᠩᠭᠢᠳᠤᠭᠰᠠᠨ ᠡᠷᠡᠰ ᠠᠵᠢᠯ ᠢ᠋ᠶ᠋ᠠᠨ ᠲᠦᠷ ᠣᠷᠬᠢᠵᠤ᠂ ᠨᠠᠭᠠᠳᠴᠤ ᠠᠭᠰᠠᠨ ᠬᠡᠦᠬᠡᠳ ᠦ᠋ᠳ ᠲᠣᠭᠯᠠᠭᠠᠮ ᠢ᠋ᠶ᠋ᠠᠨ ᠮᠠᠷᠲᠠᠨ ᠳᠠᠭᠠᠵᠤ ᠭᠦᠶᠦᠯᠳᠦᠨ᠎ᠡ᠃ 
       — ᠠᠮᠪᠠᠭᠠᠢ ᠬᠠᠭᠠᠨ ᠠᠮᠤᠭᠤᠯᠠᠩ ᠮᠣᠷᠢᠯᠠ! ᠬᠤᠷᠤᠢ᠁ ᠬᠤᠷᠤᠢ᠁ ᠬᠤᠷᠤᠢ ᠭᠡᠵᠦ ᠠᠶᠠᠯᠤᠨ ᠳᠠᠶᠢᠯᠤᠨ ᠪᠠᠢᠬᠤ ᠳ᠋ᠤ᠌ ᠬᠠᠭᠠᠨ ᠴᠡᠭᠡᠵᠢ ᠲᠡᠨᠢᠭᠡᠷ᠂ ᠬᠠᠷᠠᠭ᠎ᠠ ᠳᠡᠭᠡᠭᠦᠷ ᠵᠠᠯᠠᠷᠠᠪᠠ ᠠ᠋᠃ ᠬᠦᠷᠢᠶᠡᠨ ᠦ᠌ ᠶᠡᠬᠡ ᠲᠠᠯ᠎ᠠ ᠶ᠋ᠢ ᠡᠵᠡᠯᠡᠨ ᠲᠦᠩᠬᠦᠢᠬᠦ ᠬᠡᠭᠡᠷ᠎ᠡ ᠶ᠋ᠢᠨ ᠦᠷᠭᠦᠭᠡᠨ ᠦ᠌ ᠡᠭᠦᠳᠡᠨ ᠳ᠋ᠦ᠍ ᠴᠠᠭᠠᠨ ᠢᠰᠡᠭᠡᠢ ᠳᠡᠪᠢᠰᠴᠦ ᠬᠤᠳᠤᠨ ᠪᠠᠷᠠᠭ᠂ ᠬᠣᠷᠢᠪᠤᠬ᠎ᠠ ᠵᠡᠷᠭᠡ ᠨᠣᠶᠠᠳ ᠳᠡᠭᠡᠪᠦᠷ ᠴᠢᠭᠤᠯᠤᠨ ᠤᠭᠲᠤᠵᠤ ᠠᠪᠠᠢ᠂ ᠡᠨᠡ ᠬᠢᠷᠢ ᠶᠢᠰᠦᠨ ᠲᠠᠲ᠋ᠠᠷ ᠢ᠋ ᠴᠠᠷᠺᠢᠯ ᠨᠣᠳᠣᠢ ᠶ᠋ᠢᠨ ᠳᠡᠭᠦᠦ ᠵᠠᠯᠢᠪᠤᠬ᠎ᠠ ᠲᠣᠯᠣᠭᠠᠢᠯᠠᠨ ᠪᠥᠯᠥᠭᠡ᠃ ᠲᠡᠷᠡ ᠪᠡᠷ ᠪᠠᠷᠰ ᠤ᠋ᠨ ᠠᠷᠠᠰᠤᠨ ᠦᠷᠭᠦᠭᠡᠨ ᠦ᠌ ᠬᠣᠢᠮᠣᠷ ᠠᠷᠰᠯᠠᠨ ᠤ᠋ ᠵᠣᠭᠳᠣᠷ ᠳᠡᠪᠢᠰᠦᠭᠰᠡᠨ ᠠᠯᠲᠠᠨ ᠰᠡᠨᠳᠡᠢ ᠳ᠋ᠡᠭᠡᠨ ᠵᠠᠯᠠᠷᠠᠵᠤ ᠲᠤᠰᠪᠠ᠃ ᠡᠢᠨ ᠬᠦᠨᠳᠦᠳᠬᠡᠨ ᠤᠭᠲᠤᠭᠰᠠᠨ ᠶᠡᠬᠡ ᠨᠠᠢᠷ ᠨᠠᠭᠠᠳᠤᠮ ᠡᠬᠢᠯᠡᠵᠦ᠂ ᠠᠮᠪᠠᠭᠠᠢ ᠬᠠᠭᠠᠨ ᠤ᠋ ᠳᠠᠯᠠᠨ ᠲᠡᠮᠡᠭᠡ ᠪᠡᠯᠡᠭ ᠭᠠᠷ ᠠ᠋ᠴᠠ ᠭᠠᠷ ᠳᠠᠮᠵᠢᠨ ᠡᠵᠡᠳ ᠢ᠋ᠶ᠋ᠡᠨ ᠣᠯᠵᠤ ᠭᠤᠷᠪᠠᠨ ᠮᠠᠷᠠᠯ ᠭᠤᠳᠤᠢᠲᠠᠯ᠎ᠠ ᠨᠠᠢᠷᠯᠠᠵᠤ ᠠᠪᠠᠢ᠃ ᠠᠮᠪᠠᠭᠠᠢ ᠬᠠᠭᠠᠨ ᠰᠡᠳᠬᠢᠯ ᠲᠡᠨᠢᠭᠡᠷ ᠪᠡᠯᠡᠳᠦᠭᠰᠡᠨ ᠦᠷᠭᠦᠭᠡᠨ ᠳ᠋ᠦ᠍ ᠣᠷᠣᠵᠤ ᠢᠷᠡᠵᠡᠢ᠃ ᠭᠠᠩ ᠲᠤᠯᠭᠠᠨ ᠳ᠋ᠤ᠌ ᠥᠷᠳᠡᠭᠰᠡᠨ ᠭᠠᠯ ᠮᠠᠨᠠᠨ ᠴᠣᠮᠴᠣᠢᠨ ᠰᠠᠭᠤᠭᠰᠠᠨ ᠥᠬᠢᠨ ᠰᠡᠷᠲᠡᠰᠬᠢᠨ ᠪᠣᠰᠴᠤ ᠮᠡᠬᠦᠰᠬᠢᠬᠦ ᠳ᠋ᠦ᠍᠂ 
       — ᠨᠠᠭᠠᠰᠢ ᠢᠷᠡᠭᠲᠦᠨ! ᠭᠡᠮᠡᠨ ᠪᠤᠯᠪᠠᠷᠠᠢ ᠵᠢᠭᠠᠬᠠᠨ ᠭᠠᠷ ᠠ᠋ᠴᠠ ᠨᠢ ᠠᠳᠬᠤᠨ ᠢᠰᠡᠷᠢ ᠣᠷᠣᠨ᠎ᠠ ᠣᠴᠢᠪᠠ᠃ ᠴᠢᠩᠭᠢᠭᠡᠳ ᠳᠠᠯᠤ ᠮᠥᠷᠥ ᠪᠡᠨ ᠪᠦᠷᠬᠦᠨ ᠠᠰᠬᠠᠷᠠᠭᠰᠠᠨ ᠳᠡᠰ ᠬᠠᠷᠠᠬᠠᠨ ᠦᠰᠦ ᠲᠡᠢ ᠪᠦᠰᠡᠭᠦᠢ ᠶ᠋ᠢ ᠲᠡᠪᠡᠷᠢᠨ ᠰᠠᠭᠤᠵᠤ᠂ ᠲᠦᠭᠦᠬᠡᠢ ᠰᠦᠨ ᠦ᠌ ᠪᠢᠰᠢᠯᠠᠭ ᠰᠢᠭ᠋ ᠴᠠᠭᠠᠬᠠᠨ ᠬᠦᠵᠦᠭᠦᠦ ᠶ᠋ᠢ ᠨᠢ ᠢᠯᠢᠵᠦ ᠲᠠᠭᠠᠯᠠᠵᠤ ᠠᠪᠠᠢ᠃ ᠭᠤᠸ᠎ᠠ ᠥᠬᠢᠨ ᠡᠰᠡ ᠳᠤᠷ᠎ᠠ ᠦᠭᠡᠢᠴᠡᠵᠦ᠂ ᠬᠠᠷᠢᠨ ᠴᠤ᠌ ᠬᠡᠭᠡᠷ᠎ᠡ ᠶ᠋ᠢᠨ ᠴᠡᠴᠡᠭ ᠦᠨᠦᠷᠲᠦᠭᠰᠡᠨ ᠲᠦᠷᠦᠭᠦᠦ ᠪᠡᠨ ᠠᠮᠪᠠᠭᠠᠢ ᠬᠠᠭᠠᠨ ᠤ᠋ ᠬᠠᠩᠬᠠᠭᠠᠷ ᠴᠡᠭᠡᠵᠢᠨ ᠳ᠋ᠦ᠍ ᠨᠠᠭᠠᠯ᠎ᠠ᠃ ᠲᠡᠭᠦᠨ ᠦ᠌ ᠡᠪᠦᠷ ᠳᠡᠭᠡᠷ᠎ᠡ ᠭᠠᠯ ᠤ᠋ᠨ ᠲᠤᠶᠠᠭ᠎ᠠ ᠪᠥᠵᠢᠭᠯᠡᠵᠦ᠂ ᠡᠩᠭᠡᠷ ᠦ᠋ᠨ ᠬᠢᠨᠢ ᠲᠣᠪᠴᠢ ᠶ᠋ᠢ ᠲᠠᠢᠯᠬᠤ ᠳ᠋ᠤ᠌ ᠤᠯᠠᠭᠠᠨ ᠭᠡᠭᠡ ᠴᠠᠭᠠᠨ ᠬᠥᠬᠥ ᠤᠷᠤᠭᠤ ᠨᠢ ᠴᠣᠷᠣᠯᠵᠠᠬᠤ ᠦᠶᠡᠰ ᠬᠠᠮᠢᠭ᠎ᠠ ᠨᠢᠭᠡᠲᠡᠭᠡ ᠡᠴᠡ ᠬᠤᠭᠤᠷ ᠤ᠋ᠨ ᠠᠶᠠᠯᠭᠤ ᠡᠭᠡᠰᠢᠭᠯᠡᠵᠦ᠂ 
            ᠨᠣᠣᠯᠠᠨ ᠨᠣᠣᠯᠠᠨ ᠬᠦᠰᠡᠯ ᠢ᠋ᠶ᠋ᠡᠨ ᠬᠠᠩᠭᠠᠬᠤ ᠳ᠋ᠤ᠌ 
            ᠨᠣᠮᠣᠬᠠᠨ ᠲᠤᠯᠤᠭᠠᠳ ᠭᠠᠰᠠᠯᠪᠠ ᠭᠡᠨ᠎ᠡ 
            ᠥᠩᠭᠡᠨ ᠥᠩᠭᠡᠨ ᠲᠠᠴᠢᠶᠠᠵᠤ ᠬᠠᠩᠬᠤ ᠳ᠋ᠤ᠌ 
            ᠦᠨᠡᠭᠡᠨ ᠲᠦᠰᠢᠮᠡᠯ ᠢᠨᠢᠶᠡᠪᠡ ᠭᠡᠨ᠎ᠡ ᠭᠡᠮᠡᠨ ᠬᠥᠩᠬᠥᠷ ᠬᠣᠷᠴᠢ ᠠᠶᠠᠯᠤᠭᠤᠯᠬᠤ ᠨᠢ ᠰᠣᠨᠣᠰᠤᠭᠳᠠᠵᠠᠢ᠃ ᠡᠩᠭᠡᠷ ᠦ᠋ᠨ ᠲᠣᠪᠴᠢ ᠦᠷᠭᠦᠴᠢᠬᠡᠬᠦ ᠶᠦᠮ ᠰᠢᠭ ᠡᠩᠬᠦᠷᠡᠢᠯᠡᠨ ᠪᠠᠢᠵᠤ ᠵᠥᠭᠡᠯᠡᠬᠡᠨ ᠮᠤᠯᠲᠤᠯᠪᠠ᠃ ᠠᠯᠤᠰ ᠤ᠋ᠨ ᠠᠯᠤᠰ ᠠ᠋ᠴᠠ᠂  
           ᠵᠠᠭᠠᠮᠠᠨ ᠤ᠋ ᠲᠣᠪᠴᠢ ᠪᠠᠨ ᠲᠠᠢᠯᠬᠤ ᠳ᠋ᠤ᠌ 
           ᠽᠠᠮᠪᠤᠯᠢᠩ ᠤ᠋ᠨ ᠴᠡᠴᠡᠭ ᠢᠴᠢᠮᠡᠷ ᠭᠡᠨ᠎ᠡ 
           ᠡᠩᠭᠡᠷ ᠦ᠋ᠨ ᠲᠣᠪᠴᠢ ᠪᠠᠨ ᠮᠤᠯᠲᠤᠯᠬᠤ ᠳ᠋ᠤ᠌ 
           ᠲᠩᠷᠢ ᠶ᠋ᠢᠨ ᠣᠳᠣ ᠭᠢᠯᠪᠠᠮᠠᠷ ᠭᠡᠨ᠎ᠡ ᠭᠡᠮᠡᠨ ᠳᠠᠭᠤᠷᠢᠰᠪᠠ᠃ ᠠᠮᠪᠠᠭᠠᠢ ᠬᠠᠭᠠᠨ ᠡᠨᠡ ᠠᠶᠠᠯᠭᠤ ᠶ᠋ᠢ ᠰᠣᠨᠣᠰᠬᠤ ᠦᠭᠡᠢ ᠶ᠋ᠢ ᠬᠢᠴᠢᠶᠡᠨ ᠴᠢᠬᠢ ᠪᠡᠨ ᠪᠤᠮᠪᠠ ᠴᠠᠭᠠᠨ ᠬᠥᠬᠥᠨ ᠳ᠋ᠦ᠍ᠨᠢ ᠨᠠᠭᠠᠵᠤ ᠲᠠᠰᠢᠶᠠᠨ ᠤ᠋ ᠬᠢᠨᠢ ᠲᠣᠪᠴᠢ ᠶ᠋ᠢ ᠠᠶᠠᠷᠬᠠᠨ ᠲᠠᠢᠯᠪᠠ᠃ ᠬᠣᠯᠠ ᠶ᠋ᠢᠨ ᠬᠣᠯᠠ ᠠ᠋ᠴᠠ᠂ 
            ᠲᠠᠰᠢᠶᠠᠨ ᠤ᠋ ᠲᠣᠪᠴᠢ ᠪᠠᠨ ᠮᠤᠯᠲᠤᠯᠬᠤ ᠳ᠋ᠤ᠌ 
            ᠲᠠᠯ᠎ᠠ ᠶ᠋ᠢᠨ ᠲᠤᠯᠤᠭᠠᠳ ᠱᠠᠭᠰᠢᠷᠠᠵᠤ ᠭᠡᠨ᠎ᠡ 
            ᠰᠣᠪᠤᠳᠤᠨ ᠳᠠᠷᠤᠭᠤᠯᠭ᠎ᠠ ᠪᠠᠨ ᠠᠪᠬᠤ ᠳ᠋ᠤ᠌ 
            ᠰᠤᠭᠰᠤᠷᠤᠭᠰᠠᠨ ᠦᠰᠦ ᠨᠢ ᠠᠰᠬᠠᠷᠠᠵᠤ ᠭᠡᠨ᠎ᠡ ᠭᠡᠵᠦ ᠠᠶᠠᠯᠭᠤᠯᠠᠪᠠ᠃ ᠠᠮᠪᠠᠭᠠᠢ ᠬᠠᠭᠠᠨ ᠤ᠋ ᠬᠥᠯᠴᠥᠭᠦᠦ ᠴᠠᠭᠠᠨ ᠮᠠᠨᠠᠨ ᠭᠡᠨᠡᠳᠲᠡ ᠰᠠᠷᠨᠢᠵᠤ ᠰᠡᠷᠭᠦᠰᠬᠢᠨ ᠥᠨᠳᠡᠢᠲᠡᠯ᠎ᠡ ᠭᠤᠸ᠎ᠠ ᠴᠠᠭᠠᠨ ᠥᠬᠢᠨ ᠦ᠌ ᠬᠠᠯᠠᠭᠤ ᠳᠦᠦᠭᠡᠭᠰᠡᠨ ᠵᠢᠭᠠᠬᠠᠨ ᠤᠯᠠᠭᠠᠨ ᠠᠯᠠᠭ᠎ᠠ ᠨᠢᠴᠦᠭᠦᠨ ᠴᠡᠭᠡᠵᠢ ᠶ᠋ᠢ ᠨᠢ ᠢᠯᠢᠵᠦ᠂ ᠮᠥᠨᠥ ᠬᠢ ᠠᠶᠠᠯᠭᠤ ᠶ᠋ᠢ ᠠᠷᠴᠢᠭᠠᠳ ᠬᠠᠶᠠᠴᠢᠬᠠᠬᠤ ᠰᠢᠭ᠋ ᠪᠣᠯᠵᠠᠢ᠃ 
       — ᠪᠠᠷᠠᠯᠬᠠᠭᠴᠢ ᠥᠬᠢᠨ ᠴᠢ ᠨᠡᠷ᠎ᠡ ᠪᠡᠨ ᠬᠡᠯᠡᠭᠲᠦᠨ! 
       — ᠡᠩ᠁ ᠡᠩ᠁ ᠂ 
       — ᠭᠦᠩᠵᠦ ᠠ᠋᠂ ᠴᠢ ᠲᠠᠲ᠋ᠠᠷ ᠪᠦᠰᠡᠭᠦᠢ ᠮᠥᠨ ᠤᠤ? 
       — ᠡᠩ᠁ ᠡᠩ᠁  
       ᠠᠮᠪᠠᠭᠠᠢ ᠬᠠᠭᠠᠨ ᠡᠢᠨ ᠯᠠᠪᠯᠠᠪᠠᠴᠤ ᠪᠦᠰᠡᠭᠦᠢ ᠭᠠᠭᠴᠠ ᠦᠭᠡ ᠡᠰᠡ ᠬᠡᠯᠡᠵᠦ᠂ ᠠᠪᠳᠠᠷ᠎ᠠ ᠮᠡᠲᠦ ᠬᠠᠩᠬᠠᠭᠠᠷ ᠴᠡᠭᠡᠵᠢᠨ ᠳᠣᠣᠷ᠎ᠠ ᠨᠢ ᠡᠭᠳᠡᠭᠦᠲᠡᠶ᠎ᠡ ᠢᠨᠴᠠᠭᠯᠠᠬᠤ ᠠ᠋ᠴᠠ ᠥᠭᠡᠷ᠎ᠡ ᠴᠢᠮᠡᠭᠡ ᠭᠠᠷᠤᠭᠰᠠᠨ ᠦᠭᠡᠢ ᠪᠣᠯᠠᠢ᠃ ᠦᠷ ᠴᠥᠷ ᠢ᠋ᠶ᠋ᠡᠷ ᠬᠠᠭᠠᠯᠭ᠎ᠠ ᠰᠡᠪᠬᠢᠨ ᠣᠩᠭᠣᠢᠬᠤ ᠳ᠋ᠤ᠌ ᠠᠮᠪᠠᠭᠠᠢ ᠬᠠᠭᠠᠨ ᠳᠠᠪ ᠬᠢᠨ ᠰᠡᠷᠡᠪᠡ᠃ ᠡᠭᠦᠳᠡ ᠰᠠᠬᠢᠵᠤ ᠬᠣᠨᠣᠭᠰᠠᠨ ᠥᠪᠡᠷ ᠦ᠋ᠨ ᠲᠠᠯ᠎ᠠ ᠶ᠋ᠢᠨ ᠠᠮᠢᠨ ᠮᠠᠨᠠᠭ᠎ᠠ ᠳᠡᠭᠡᠭᠰᠢᠯᠡᠭᠡ ᠦᠭᠡᠢ ᠪᠠᠢᠬᠤ ᠳ᠋ᠤ᠌ ᠭᠠᠳᠠᠨ᠎ᠠ ᠶ᠋ᠢᠨ ᠬᠥᠮᠦᠨ ᠣᠷᠣᠭᠤᠯᠤᠮᠠᠷ ᠦᠭᠡᠢ ᠭᠡᠮᠡᠨ ᠭᠠᠢᠬᠠᠨ ᠥᠨᠳᠡᠢᠲᠡᠯ᠎ᠡ ᠲᠡᠮᠦᠵᠢᠨ ᠦᠭᠡ ᠶ᠋ᠢᠨ ᠬᠦᠢᠲᠡᠨ ᠬᠠᠷᠠᠴᠠ ᠲᠠᠢ ᠶᠠᠭ ᠮᠥᠷᠭᠥᠯᠳᠦᠪᠡ᠃ ᠤᠯᠠᠭᠠᠨ ᠭᠣᠣᠯ ᠢ᠋ᠶ᠋ᠠᠷ ᠬᠦᠢᠲᠡᠨ ᠮᠥᠰᠥ ᠭᠤᠯᠠᠰᠤᠭᠠᠳ ᠶᠠᠪᠤᠴᠢᠬᠠᠬᠤ ᠰᠢᠭ᠋ ᠳᠣᠲᠣᠷ᠎ᠠ ᠰᠡᠳᠬᠢᠯ ᠵᠢᠪᠡᠭᠦᠦ ᠳᠠᠭᠠᠭᠠᠨ᠎ᠠ᠃ 
       — ᠦ᠂ ᠦᠭᠡ ᠨᠣᠶᠠᠨ᠁ ᠭᠡᠮᠡᠨ ᠳᠡᠪᠡᠯ ᠢ᠋ᠶ᠋ᠡᠨ ᠨᠥᠮᠥᠷᠲᠡᠯ᠎ᠡ᠂ ᠵᠠᠯᠠᠭᠤ ᠴᠠᠭ ᠤ᠋ᠨ ᠭᠦᠨ ᠨᠣᠢᠷ ᠲᠤ᠌ ᠴᠣᠬᠢᠭᠤᠯᠤᠭᠰᠠᠨ ᠥᠬᠢᠨ ᠰᠡᠷᠲᠡᠯᠵᠡᠨ ᠰᠡᠷᠡᠵᠡᠢ᠃ ᠤᠴᠢᠷ ᠢ᠋ ᠣᠢᠯᠠᠭᠠᠵᠤ ᠶᠠᠳᠠᠨ ᠦᠷᠭᠦᠭᠰᠡᠨ ᠢᠨᠵᠠᠭ᠎ᠠ ᠶ᠋ᠢᠨ ᠨᠢᠳᠦ ᠪᠡᠷ ᠰᠡᠷᠡᠮᠵᠢᠯᠡᠨ ᠪᠠᠢᠭᠰᠠᠨ ᠢ᠋ᠶ᠋ᠠᠨ ᠨᠢᠴᠦᠭᠦᠨ ᠪᠦᠰᠡᠭᠦᠢ ᠤᠬᠤᠰᠬᠢᠨ ᠪᠣᠰᠴᠤ ᠬᠡᠳᠦ ᠬᠠᠷᠠᠢᠭᠠᠳ ᠦᠭᠡ ᠨᠣᠶᠠᠨ ᠤ᠋ ᠬᠤᠶᠠᠭ ᠳᠤᠭᠤᠯᠠᠭ᠎ᠠ ᠲᠠᠢ ᠴᠡᠭᠡᠵᠢᠨ ᠳ᠋ᠦ᠍ ᠵᠡᠭᠵᠡᠭᠡᠨᠡᠨ ᠬᠢᠷᠤᠪᠠ᠃ ᠠᠮᠪᠠᠭᠠᠢ ᠨᠣᠶᠠᠨ ᠪᠦᠬᠦ ᠶᠠᠭᠤᠮ᠎ᠠ ᠪᠤᠷᠤᠭᠤ ᠪᠠᠷ ᠡᠷᠭᠢᠵᠦ ᠪᠣᠢ ᠶ᠋ᠢ ᠰᠠᠶᠢ ᠣᠢᠯᠠᠭᠠᠵᠠᠢ᠃ ᠭᠡᠲᠡᠯ᠎ᠡ ᠦᠭᠡ ᠨᠣᠶᠠᠨ ᠬᠥᠮᠥᠰᠬᠡ ᠵᠠᠩᠭᠢᠳᠤᠨ ᠬᠥᠮᠥᠭᠡᠢ ᠵᠠᠭᠤᠵᠤ᠂ 
       — ᠴᠠᠭᠠᠰᠢ ᠪᠠᠨ ᠪᠠᠢ᠂ ᠮᠠᠭᠤ ᠬᠡᠯᠡᠭᠡᠢ ᠳ᠋ᠡᠲᠡᠢ! ᠭᠡᠮᠡᠨ ᠲᠦᠯᠬᠢᠵᠦ ᠣᠷᠬᠢᠭᠰᠠᠨ ᠳ᠋ᠤ᠌ ᠴᠢᠷᠠᠮᠠᠨ ᠱᠠᠯᠳᠠᠩ ᠪᠦᠰᠡᠭᠦᠢ ᠲᠤᠯᠭ᠎ᠠ ᠲᠡᠳᠡᠨ ᠤᠨᠠᠵᠤ᠂ ᠦᠨᠡᠰᠦᠨ ᠳᠡᠭᠡᠷ᠎ᠡ ᠬᠥᠷᠪᠡᠭᠡᠨ ᠡᠷᠭᠢᠭᠡᠳ ᠭᠡᠷ ᠦ᠋ᠨ ᠵᠡᠭᠦᠨ ᠬᠣᠢᠮᠣᠷ ᠲᠤ᠌ ᠣᠴᠢᠵᠤ ᠳᠥᠷᠪᠡᠨ ᠬᠥᠯᠯᠡᠨ ᠲᠣᠭᠳᠣᠢᠪᠠ᠃ ᠴᠢᠩᠭᠢᠭᠰᠡᠨ ᠢ᠋ᠶ᠋ᠡᠨ ᠴᠢᠨᠣ᠎ᠠ ᠣᠯᠢᠬᠤ ᠮᠡᠲᠦ ᠭᠢᠩᠭᠢᠨᠡᠨ ᠤᠬᠢᠯᠠᠬᠤ ᠳ᠋ᠤ᠌《᠁ ᠬᠡᠯᠡ ᠦᠭᠡᠢ ᠠᠮᠢᠲᠠᠨ ᠰᠠᠨᠵᠠᠢ》 ᠭᠡᠮᠡᠨ ᠤᠴᠢᠷ ᠦᠭᠡᠢ ᠦᠷᠦ ᠡᠪᠡᠳᠴᠦ ᠠᠪᠠᠢ᠃ ᠠᠮᠪᠠᠭᠠᠢ ᠶ᠋ᠢᠨ ᠨᠢᠳᠦᠨ ᠳ᠋ᠦ᠍ ᠦᠨᠡᠰᠦᠨ᠎ᠡ ᠬᠥᠷᠪᠡᠭᠡᠭᠰᠡᠨ ᠪᠦᠰᠡᠭᠦᠢ ᠴᠢᠨᠣ᠎ᠠ ᠮᠡᠲᠦ ᠰᠠᠭᠠᠷᠠᠯ ᠬᠠᠷᠠᠭᠳᠠᠬᠤ ᠠᠭᠠᠳ ᠳᠠᠭᠤ ᠨᠢ ᠴᠢᠨᠣ᠎ᠠ ᠣᠯᠢᠬᠤ ᠮᠡᠲᠦ ᠰᠣᠨᠣᠰᠳᠠᠨ᠎ᠠ᠃ ᠡᠮ᠎ᠡ ᠴᠢᠨᠣ᠎ᠠ ᠡᠪᠦᠷᠲᠦᠯᠡᠵᠦ ᠤᠨᠲᠠᠭᠰᠠᠨ ᠮᠡᠲᠦ ᠶᠡᠷᠦ ᠪᠤᠰᠤ ᠶ᠋ᠢᠨ ᠰᠡᠵᠢᠭ ᠲᠥᠷᠥᠬᠦ ᠳ᠋ᠦ᠍ ᠡᠩᠭᠡᠷ ᠪᠡᠶ᠎ᠡ ᠬᠦᠢᠲᠡ ᠳᠠᠭᠠᠭᠠᠵᠤ᠂ 
       一 ᠦᠭᠡ ᠨᠣᠶᠠᠨ᠂ ᠲᠠ ᠶᠠᠭᠤᠨ ᠳ᠋ᠤ᠌ ᠠᠭᠤᠷᠯᠠᠨ᠎ᠠ ᠪᠣᠯ? ᠭᠡᠬᠦ ᠳ᠋ᠦ᠍ ᠲᠡᠮᠦᠵᠢᠨ ᠦᠭᠡ ᠲᠠᠴᠢᠭᠢᠨᠠᠲᠠᠯ᠎ᠠ ᠢᠨᠢᠶᠡᠨ᠂ 
       一 ᠴᠢᠨ ᠲᠣᠯᠣᠭᠠᠢ ᠶ᠋ᠢ ᠬᠥᠮᠦᠨ ᠲᠣᠯᠣᠭᠠᠢ ᠪᠠᠷ ᠳᠠᠬᠢᠵᠤ᠂ ᠴᠠᠷᠭᠢᠯ ᠨᠤᠳᠤᠢ ᠡᠴᠢᠭᠡ ᠶ᠋ᠢᠨ ᠤᠷᠤᠭᠤ ᠪᠠᠨ ᠥᠩᠬᠥᠷᠢᠭᠰᠡᠨ ᠴᠢᠰᠤ ᠲᠠᠢ ᠲᠣᠯᠣᠭᠠᠢ ᠶ᠋ᠢᠨ ᠠᠷᠤ ᠠ᠋ᠴᠠ ᠨᠢᠯᠪᠤᠰᠤ ᠲᠠᠢ ᠭᠦᠶᠦᠵᠦ ᠶᠠᠪᠤᠬᠤ ᠳ᠋ᠠᠭᠠᠨ ᠠᠭᠤᠷ ᠬᠦᠷᠬᠦ ᠦᠭᠡᠢ ᠪᠠᠢᠭᠰᠠᠨ ᠭᠡᠵᠦ ᠪᠣᠳᠣᠨ᠎ᠠ ᠤᠤ? ᠠᠢᠯ ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠬᠤ ᠶᠠᠯ᠎ᠠ ᠶᠠᠩᠬᠠᠨ ᠠᠪᠤᠭᠰᠠᠨ ᠬᠠᠲᠤᠨ ᠡᠵᠢ ᠪᠡᠨ ᠳᠠᠭᠠᠵᠤ ᠠᠮᠠ ᠲᠠᠢ ᠪᠦᠬᠦᠨ ᠳ᠋ᠦ᠍ ᠨᠤᠯᠮᠤᠭᠤᠯᠵᠤ᠂ ᠨᠢᠳᠦ ᠲᠡᠢ ᠪᠦᠬᠦᠨ ᠳ᠋ᠦ᠍ ᠴᠢᠴᠢᠯᠡᠭᠦᠯᠵᠦ ᠪᠠᠢᠬᠤ ᠳ᠋ᠤ᠌ ᠠᠭᠤᠷ ᠬᠦᠷᠬᠦ ᠦᠭᠡᠢ ᠪᠠᠢᠭᠰᠠᠨ ᠭᠡᠵᠦ ᠪᠣᠳᠣᠨ᠎ᠠ ᠤᠤ? ᠭᠡᠵᠦ ᠵᠢᠭᠲᠡᠢ ᠲᠠᠢᠪᠤᠩ ᠠᠲᠠᠯ᠎ᠠ ᠪᠠᠨ ᠡᠲᠡᠭᠡᠳ ᠬᠣᠨᠵᠢᠨ ᠲᠠᠢ ᠥᠭᠦᠯᠡᠯ᠎ᠡ᠃ ᠲᠡᠭᠦᠨ ᠦ᠌ ᠨᠢᠳᠦᠨ ᠳ᠋ᠦ᠍ ᠴᠢᠳᠬᠥᠷ ᠦ᠋ᠨ ᠬᠥᠬᠡ ᠭᠠᠯ ᠰᠦᠮᠡᠯᠵᠡᠵᠦ᠂ ᠴᠡᠭᠡᠵᠢᠨ ᠳ᠋ᠦ᠍ᠨᠢ ᠱᠤᠯᠤᠮ ᠤ᠋ᠨ ᠰᠠᠨᠠᠭ᠎ᠠ ᠭᠦᠶᠦᠯᠳᠦᠵᠦ ᠪᠠᠢᠪᠠ᠃ ᠶᠡᠷᠦ ᠳᠡᠭᠡᠷᠡᠬᠢ ᠪᠦᠯᠦᠭ ᠦᠭᠡᠰ ᠢ᠋ ᠲᠦᠭᠦᠬᠡᠢ ᠮᠢᠬ᠎ᠠ ᠵᠤᠯᠭᠠᠭᠠᠵᠤ ᠪᠠᠢᠭ᠎ᠠ ᠶᠤᠮ ᠰᠢᠭ᠋ ᠰᠢᠳᠦ ᠪᠡᠨ ᠲᠠᠰᠤ ᠵᠠᠭᠤᠵᠤ᠂ ᠴᠢᠰᠤ ᠶ᠋ᠢ ᠨᠢ ᠱᠦᠭᠦᠷᠡᠭᠦᠯᠦᠨ ᠬᠡᠯᠡᠭᠰᠡᠨ ᠠᠪᠠᠢ᠃ ᠲᠡᠷᠡ ᠴᠢᠰᠤ ᠠᠮᠪᠠᠭᠠᠢ ᠶ᠋ᠢᠨ ᠥᠪᠡᠷ ᠦ᠋ᠨ ᠬᠢᠨᠢ ᠴᠢᠰᠤ ᠰᠢᠭ᠋ ᠰᠠᠨᠠᠭᠳᠠᠵᠠᠢ᠃ ᠭᠡᠪᠡᠴᠦ ᠪᠦᠬᠦ ᠶᠠᠭᠤᠮ᠎ᠠ ᠣᠷᠣᠢᠲᠠᠭᠰᠠᠨ ᠢ᠋ ᠠᠮᠪᠠᠭᠠᠢ ᠣᠢᠯᠠᠭᠠᠵᠤ᠂ ᠠᠷᠭ᠎ᠠ ᠶᠠᠳᠠᠨ ᠬᠠᠨ᠎ᠠ ᠶ᠋ᠢᠨ ᠲᠣᠯᠣᠭᠠᠢ ᠤᠷᠤᠭᠤ ᠬᠢᠯᠠᠪᠬᠢᠨ ᠬᠠᠷᠠᠪᠠᠯ ᠢᠯᠳᠦ ᠨᠢ ᠬᠡᠳᠦᠢᠨ ᠠᠯᠠᠭ᠎ᠠ ᠠᠵᠢ᠃ 
       一 ᠪᠢ ᠠᠪᠴᠢᠬᠠᠭᠰᠠᠨ ᠭᠡᠵᠦ ᠲᠡᠮᠦᠵᠢᠨ ᠦᠭᠡ ᠲᠠᠪᠠᠯᠠᠬᠤ ᠳ᠋ᠤ᠌ ᠬᠠᠮᠤᠭ ᠮᠣᠩᠭᠣᠯ ᠤ᠋ᠨ ᠬᠠᠭᠠᠨ᠂ ᠲᠠᠢᠪᠤᠩ ᠪᠠᠢᠬᠤ ᠠ᠋ᠴᠠ ᠥᠭᠡᠷ᠎ᠡ ᠵᠠᠷ ᠵᠡᠪᠰᠡᠭ ᠦᠭᠡᠢ ᠦᠯᠡᠳᠡᠭᠰᠡᠨ ᠢ᠋ᠶ᠋ᠡᠨ ᠤᠬᠠᠭᠠᠷᠠᠯ᠎ᠠ᠃ ᠡᠨᠡ ᠬᠢᠷᠢ ᠰᠡᠬᠦᠭᠡᠰᠦ ᠲᠡᠢ ᠡᠭᠦᠳᠡ ᠪᠡᠷ ᠦᠷ ᠦ᠋ᠨ ᠲᠤᠶᠠᠭᠠᠨ ᠤ᠋ ᠭᠡᠭᠡ ᠭᠢᠰᠬᠢᠴᠢᠨ ᠪᠦᠳᠦᠭᠦᠨ ᠬᠠᠷ᠎ᠠ ᠬᠥᠮᠦᠨ ᠣᠷᠣᠵᠤ ᠢᠷᠡᠬᠦ ᠳ᠋ᠦ᠍ ᠭᠠᠢᠬᠠᠵᠤ ᠴᠦᠬᠦᠷᠦᠭᠰᠡᠨ ᠠᠮᠪᠠᠭᠠᠢ᠂ 
       一 ᠬᠥᠶᠢ᠂ ᠡᠨᠡ ᠴᠢᠨᠢ᠁ ᠭᠡᠮᠡᠨ ᠳᠠᠭᠤ ᠠᠯᠳᠠᠪᠠ᠃ ᠠᠯᠲᠠᠨ ᠲᠢᠲᠢᠮ ᠦᠭᠡᠢ ᠲᠣᠯᠣᠭᠠᠢ ᠨᠢᠴᠦᠭᠦᠨ᠂ ᠮᠥᠩᠭᠥᠨ ᠪᠦᠰᠡ ᠦᠭᠡᠢ ᠳᠡᠪᠡᠯ ᠨᠥᠮᠥᠭᠡᠨ ᠬᠠᠭᠠᠨ ᠤ᠋ ᠡᠮᠦᠨ᠎ᠡ ᠶᠠᠷᠢᠶᠠᠨ ᠦᠭᠡᠢ ᠲᠠᠨᠢᠳᠠᠭ ᠬᠥᠮᠦᠨ ᠵᠣᠭᠰᠣᠵᠤ ᠪᠠᠢᠯ᠎ᠠ᠃ 

             3  

       ᠬᠡᠷᠦᠯᠦᠨ ᠮᠥᠷᠡᠨ ᠦ᠌ ᠰᠠᠪᠠ ᠭᠠᠵᠠᠷ ᠡᠷᠲᠡ ᠴᠠᠰᠤ ᠤᠨᠠᠵᠠᠢ᠃ ᠬᠢᠷᠠᠭᠤ ᠬᠦᠯᠢᠶᠡᠨ ᠨᠠᠯᠠᠢᠨ ᠰᠠᠭᠤᠲᠠᠯ᠎ᠠ ᠬᠠᠯᠠᠭᠤᠨ ᠵᠤᠨ ᠢ᠋ᠶ᠋ᠠᠷ ᠰᠢᠬᠠᠮ ᠴᠠᠰᠤ ᠣᠷᠣᠭᠰᠠᠨ ᠨᠢ ᠶᠢᠰᠦᠭᠡᠢ ᠶ᠋ᠢᠨ ᠬᠦᠷᠢᠶ᠎ᠡ ᠶ᠋ᠢ ᠪᠤᠰᠬᠠᠵᠤ᠂ ᠲᠡᠷᠡ ᠪᠡᠷ ᠠᠭᠤᠯᠠ ᠶ᠋ᠢᠨ ᠴᠠᠰᠤ ᠬᠠᠢᠯᠬᠤ ᠠ᠋ᠴᠠ ᠥᠷᠢᠰᠦᠨ ᠥᠪᠡᠷ ᠦ᠋ᠨ ᠲᠤᠭ ᠤ᠋ᠨ ᠴᠡᠷᠢᠭ ᠢ᠋ᠶ᠋ᠡᠨ ᠠᠪᠴᠤ ᠠᠪᠠ ᠬᠣᠮᠣᠷᠭ᠎ᠠ ᠳ᠋ᠤ᠌ ᠮᠣᠷᠳᠠᠪᠠ᠃ ᠲᠡᠳᠡ ᠶᠡᠬᠡ ᠬᠣᠷᠢᠭ ᠢ᠋ ᠨᠠᠷᠠ ᠵᠥᠪ ᠣᠷᠢᠶᠠᠵᠤ᠂ ᠰᠠᠯᠬᠢ ᠰᠥᠷᠦᠨ ᠳᠣᠪᠲᠣᠯᠭᠠᠭᠰᠠᠨ ᠢ᠋ᠶ᠋ᠠᠨ ᠰᠡᠩᠭᠦᠷ ᠭᠣᠷᠣᠬᠠᠨ ᠤ᠋ ᠡᠬᠢ ᠠᠪᠳᠠᠭ ᠪᠣᠢᠳᠠᠬᠠᠨ ᠠᠭᠤᠯᠠ ᠶ᠋ᠢᠨ ᠴᠠᠰᠤ ᠲᠠᠢ ᠬᠣᠷᠮᠣᠢ ᠳ᠋ᠤ᠌ ᠦᠷᠭᠦᠭᠡᠯᠭᠡ ᠡᠬᠢᠯᠡᠵᠡᠢ᠃ ᠮᠥᠩᠭᠥᠨ ᠳᠤᠭᠤᠯᠠᠭ᠎ᠠ ᠡᠮᠦᠰᠦᠭᠰᠡᠨ ᠥᠨᠳᠥᠷ ᠥᠨᠳᠥᠷ ᠮᠣᠳᠣᠳ ᠤ᠋ᠨ ᠳᠣᠣᠭᠤᠷ ᠬᠠᠩᠭᠢᠨᠠᠲᠠᠯ᠎ᠠ ᠭᠦᠦᠭᠯᠡᠬᠦ ᠳᠠᠭᠤᠨ ᠬᠠᠲᠠᠵᠤ᠂ ᠨᠠᠷᠠᠨ ᠤ᠋ ᠭᠡᠷᠡᠯ ᠳ᠋ᠦ᠍ ᠪᠣᠯᠣᠷ ᠰᠢᠭ᠋ ᠭᠢᠯᠠᠯᠵᠠᠬᠤ ᠴᠠᠰᠤ ᠮᠠᠨᠠᠷᠠᠭᠠᠨ ᠮᠣᠷᠢᠲᠠᠨ ᠡᠷᠡᠰ ᠭᠤᠷᠪᠠᠨ ᠲᠠᠯ᠎ᠠ ᠠ᠋ᠴᠠ ᠨᠢ ᠰᠢᠬᠠᠪᠠ᠃ ᠭᠤᠸ᠎ᠠ ᠰᠤᠭᠤ ᠶ᠋ᠢᠨ ᠲᠡᠯᠮᠡᠨ ᠨᠢᠳᠦ ᠲᠣᠷᠮᠣᠯᠵᠠᠨ ᠰᠠᠷᠲᠠᠯᠵᠠᠵᠤ᠂ ᠮᠥᠨ ᠬᠦ᠌ ᠠᠳᠠᠯᠢᠬᠠᠨ ᠠᠮᠢ ᠳᠦᠢᠵᠦ ᠶᠠᠪᠤᠭ᠎ᠠ ᠬᠡᠷᠡᠮᠦ ᠡᠴᠡ ᠦᠷᠭᠦᠵᠦ ᠠᠭᠤᠯᠠ ᠶ᠋ᠢᠨ ᠲᠠᠰᠢᠯᠠᠩ ᠤᠷᠤᠭᠤ ᠳᠡᠭᠳᠡᠬᠦ ᠠᠵᠢ᠃ ᠡᠯᠦᠢ ᠬᠤᠯᠤᠢᠬᠠᠨ ᠠᠭᠤᠯᠠ ᠶ᠋ᠢ ᠠᠩ ᠤ᠋ᠨ ᠬᠤᠷᠤᠢ ᠰᠡᠷᠡᠭᠡᠵᠦ ᠴᠢᠨᠣ᠎ᠠ ᠬᠠᠷᠠᠭᠰᠠᠨ ᠠᠩᠴᠢᠨ ᠡᠷᠡᠰ ᠬᠡᠢ ᠮᠣᠷᠢ ᠰᠡᠷᠭᠦᠨ ᠬᠦ ᠬᠤᠶᠠᠭ ᠬᠠᠩᠭᠢᠨᠠᠬᠤ᠂ ᠳᠥᠷᠥᠭᠡ ᠭᠥᠯᠢᠮ ᠬᠠᠪᠢᠷᠬᠤ ᠨᠡᠮᠡᠨ ᠰᠣᠨᠣᠰᠳᠠᠵᠤ᠂ ᠲᠦᠳᠡᠬᠡᠨ ᠥᠯᠥᠨ ᠰᠤᠮᠤ ᠢᠰᠬᠡᠷᠴᠦ ᠡᠬᠢᠯᠡᠪᠡ᠃ ᠡᠢᠨ ᠤᠷᠭᠤᠬᠤ ᠨᠠᠷᠠ ᠶ᠋ᠢ ᠠᠭᠤᠯᠠᠨ ᠳᠡᠭᠡᠷ᠎ᠡ ᠬᠠᠷᠠᠭᠰᠠᠨ ᠬᠦᠯᠦᠭ ᠪᠠᠭᠠᠲᠤᠷ ᠤ᠋ᠳ ᠦᠳᠡ ᠬᠡᠯᠪᠡᠢᠲᠡᠯ᠎ᠡ ᠠᠩ ᠬᠥᠭᠡᠭᠡᠭᠡᠳ ᠮᠠᠯᠠᠭᠠᠢ ᠶ᠋ᠢᠨ ᠰᠡᠭᠦᠳᠡᠷ ᠳᠥᠷᠥᠭᠡ ᠱᠦᠷᠭᠦᠬᠦ ᠦᠶᠡᠰ ᠲᠣᠪᠯᠠᠭᠰᠠᠨ ᠭᠠᠵᠠᠷ ᠢ᠋ᠶ᠋ᠠᠨ ᠴᠢᠭᠤᠯᠪᠠ᠃ ᠬᠠᠢᠯᠤᠮᠠᠭᠲᠤᠨ ᠬᠠᠢᠯᠣᠮᠠᠭᠲᠠᠨ ᠤᠷᠤᠰᠬᠤ ᠴᠠᠰᠤᠨ ᠤ᠋ ᠳᠣᠣᠷ᠎ᠠ ᠠ᠋ᠴᠠ ᠬᠠᠭᠳᠠ ᠬᠥᠯ ᠳ᠋ᠦ᠍ᠨᠢ ᠴᠤᠬᠤᠢᠬᠤ ᠬᠠᠳᠠᠨ ᠳᠡᠭᠡᠷ᠎ᠡ ᠤᠷᠤᠭ ᠰᠢᠩᠬᠤᠯ ᠮᠣᠷᠢ ᠲᠠᠢ ᠪᠠᠨ ᠵᠣᠭᠰᠣᠬᠤ ᠶᠢᠰᠦᠭᠡᠢ ᠪᠠᠭᠠᠲᠤᠷ ᠤ᠋ᠨ ᠥᠯᠮᠡᠢ ᠳ᠋ᠦ᠍ ᠦᠨᠡᠭᠡ᠂ ᠬᠢᠷᠰᠠ᠂ ᠲᠠᠤᠯᠠᠢ᠂ ᠴᠢᠨᠣ᠎ᠠ᠂ ᠬᠡᠷᠡᠮᠦ ᠶ᠋ᠢᠨ ᠠᠷᠠᠰᠤ ᠰᠢᠳᠡᠯᠡᠨ ᠣᠪᠣᠭᠠᠯᠠᠵᠤ ᠪᠠᠢᠯ᠎ᠠ᠃ ᠲᠡᠭᠦᠨ ᠦ᠌ ᠲᠤᠭ ᠤ᠋ᠨ ᠡᠷᠡᠰ ᠬᠡᠢ ᠮᠣᠷᠢᠯᠢᠭ᠋ ᠶᠠᠪᠤᠵᠤ᠂ ᠭᠠᠨᠵᠤᠭ᠎ᠠ ᠬᠣᠭᠣᠰᠣᠨ ᠬᠥᠮᠦᠨ ᠢᠷᠡᠭᠰᠡᠨ ᠦᠭᠡᠢ ᠪᠣᠯᠠᠢ᠃ ᠠᠩ ᠢ᠋ᠶ᠋ᠠᠨ ᠶᠢᠰᠦᠭᠡᠢ ᠪᠠᠭᠠᠲᠤᠷ ᠤ᠋ᠨ ᠬᠥᠯ ᠳ᠋ᠦ᠍ ᠰᠢᠳᠡᠯᠡᠬᠦ ᠡᠷᠡᠰ ᠮᠣᠷᠢᠳ ᠢ᠋ᠶ᠋ᠠᠨ ᠳᠠᠪᠢᠷᠠᠨ ᠠᠭᠤᠯᠠ ᠶ᠋ᠢᠨ ᠡᠩᠭᠡᠷ ᠲᠦ᠍ ᠡᠩᠨᠡᠨ ᠵᠢᠭᠰᠠᠵᠤ ᠭᠦᠢᠴᠡᠪᠡ᠃ ᠴᠢᠩᠭᠢᠭᠡᠳ ᠬᠣᠷᠣᠮ ᠬᠢᠷᠢ ᠨᠠᠮ ᠭᠦᠮ ᠪᠣᠯᠬᠤ ᠳ᠋ᠤ᠌ ᠶᠢᠰᠦᠭᠡᠢ ᠪᠠᠭᠠᠲᠤᠷ ᠬᠦ ᠬᠤᠶᠠᠭ ᠢ᠋ᠶ᠋ᠠᠨ ᠬᠠᠷᠵᠢᠭᠢᠨᠠᠭᠤᠯᠤᠨ ᠮᠣᠷᠢᠨ ᠠ᠋ᠴᠠ ᠪᠠᠨ ᠪᠠᠭᠤᠵᠤ᠂ ᠵᠢᠯᠣᠭᠣ ᠪᠠᠨ ᠪᠦᠭᠦᠷᠭᠡᠨ ᠳ᠋ᠡᠭᠡᠨ ᠰᠣᠢᠪᠠ᠃ ᠳᠠᠷᠠᠭ᠎ᠠ ᠨᠢ ᠥᠪᠡᠷ ᠦ᠋ᠨ ᠭᠠᠨᠵᠤᠭᠠᠨ ᠠ᠋ᠴᠠ ᠪᠥᠭᠲᠦᠷᠢᠯᠡᠭᠡᠳ ᠤᠶᠠᠴᠢᠬᠠᠭᠰᠠᠨ ᠪᠠᠢᠬᠤ ᠳ᠋ᠤ᠌ ᠰᠡᠭᠦᠯ ᠨᠢ ᠭᠠᠵᠠᠷ ᠱᠦᠷᠭᠦᠬᠦ ᠠᠵᠢᠷᠭᠠᠨ ᠴᠢᠨᠣ᠎ᠠ ᠶ᠋ᠢᠨ ᠠᠷᠠᠰᠤ ᠲᠠᠢᠯᠵᠤ ᠠᠪᠬᠤ ᠳ᠋ᠤ᠌ ᠴᠡᠷᠢᠭ ᠡᠷᠡᠰ᠂ 
       — ᠶᠢᠰᠦᠭᠡᠢ ᠪᠠᠭᠠᠲᠤᠷ ᠢ᠋ ᠠᠩ ᠤ᠋ᠨ ᠲᠩᠷᠢ ᠥᠷᠥᠰᠢᠶᠡᠭ᠂ ᠬᠤᠷᠤᠢ᠁ ᠬᠤᠷᠤᠢ᠁ ᠭᠡᠮᠡᠨ ᠨᠢᠷ ᠬᠢᠯ᠎ᠡ᠃ ᠶᠢᠰᠦᠭᠡᠢ ᠰᠢᠨᠡᠬᠡᠨ ᠴᠠᠰᠤᠨ ᠳᠡᠭᠡᠷ᠎ᠡ ᠰᠥᠭᠥᠳᠦᠨ ᠰᠠᠭᠤᠭᠠᠳ ᠠᠵᠢᠷᠭᠠᠨ ᠴᠢᠨᠣ᠎ᠠ ᠶ᠋ᠢᠨ ᠠᠷᠠᠰᠤ ᠶ᠋ᠢ ᠬᠣᠶᠠᠷ ᠭᠠᠷ ᠲᠠᠭᠠᠨ ᠪᠠᠷᠢᠵᠤ ᠬᠥᠬᠡ ᠲᠩᠷᠢ ᠰᠢᠷᠲᠡᠨ᠂ 
       — ᠮᠥᠩᠬᠡ ᠲᠩᠷᠢ ᠶ᠋ᠢᠨ ᠬᠦᠴᠦᠨ ᠳ᠋ᠦ᠍ᠷ 
           ᠮᠥᠷᠭᠥᠨ ᠪᠢᠰᠢᠷᠡᠵᠦ ᠶᠠᠪᠤᠭᠰᠠᠨ ᠤ᠋ ᠠᠴᠢ ᠪᠠᠷ 
           ᠵᠠᠮ ᠤ᠋ᠨ ᠲᠩᠷᠢ ᠵᠠᠶᠠᠭ᠎ᠠ ᠬᠠᠢᠷᠠᠯᠠᠪᠠ 
           ᠽᠠᠮᠪᠤᠯᠢᠩ ᠲᠩᠷᠢ ᠠᠩ ᠢ᠋ᠶ᠋ᠠᠨ ᠬᠠᠢᠷᠠᠯᠠᠪᠠ 
           ᠰᠦᠨᠡᠰᠦ ᠪᠦᠬᠦᠨ 
           ᠰᠡᠭᠦᠳᠡᠷ ᠣᠯᠵᠤ ᠲᠥᠷᠥᠬᠦ ᠪᠣᠯᠲᠤᠭᠠᠢ 
           ᠰᠡᠭᠦᠳᠡᠷ ᠪᠦᠬᠦᠨ 
           ᠰᠦ ᠲᠡᠢ ᠡᠬᠡ ᠳ᠋ᠦ᠍ ᠲᠥᠷᠥᠬᠦ ᠪᠣᠯᠲᠤᠭᠠᠢ᠁ ᠭᠡᠮᠡᠨ ᠠᠩ ᠤ᠋ᠨ ᠲᠩᠷᠢ ᠶ᠋ᠢᠨ ᠳᠠᠯᠠᠯᠭ᠎ᠠ ᠦᠭᠡ ᠬᠡᠯᠡᠬᠦ ᠶ᠋ᠢᠨ ᠰᠠᠴᠠᠭᠤ ᠲᠤᠭ ᠤ᠋ᠨ ᠴᠡᠷᠢᠭ ᠦ᠋ᠳ ᠪᠠᠷᠭᠢᠯ ᠳᠠᠭᠤ ᠪᠠᠷ《ᠬᠤᠷᠤᠢ᠁ ᠬᠤᠷᠤᠢ᠁》 ᠭᠡᠮᠡᠨ ᠨᠦᠷᠭᠢᠯᠳᠦᠬᠦ  ᠳ᠋ᠦ᠍ ᠶᠡᠬᠡ ᠣᠢ ᠶ᠋ᠢᠨ ᠭᠦᠨ ᠡᠴᠡ ᠲᠦᠮᠡᠨ ᠰᠢᠪᠠᠭᠤ ᠳᠠᠷᠬᠢᠨ ᠨᠢᠰᠴᠡᠢ᠃ ᠴᠣᠬᠣᠮ ᠡᠨᠡ ᠴᠢᠮᠡᠭᠡ ᠡᠨᠡ ᠪᠠᠷ᠎ᠠ ᠪᠠᠷ ᠲᠡᠳᠡᠨ ᠢ᠋ ᠣᠯᠵᠤ ᠬᠠᠷᠠᠪᠠ ᠪᠣᠯᠤᠯᠲᠠᠢ ᠨᠢᠳᠦᠨ ᠦ᠌ ᠦᠵᠦᠭᠦᠷ ᠲᠦ᠍ ᠪᠥᠷᠲᠥᠯᠵᠡᠬᠦ ᠲᠡᠳᠦᠢ ᠶ᠋ᠢᠨ ᠲᠡᠷᠲᠡᠭᠡ ᠡᠴᠡ ᠬᠢᠮᠤᠰᠤᠨ ᠤ᠋ ᠲᠣᠯᠢ ᠶ᠋ᠢᠨ ᠴᠢᠨᠡᠭᠡ ᠪᠠᠷᠠᠭᠠᠨ ᠳᠦᠷᠰᠦ ᠨᠠᠭᠠᠰᠢᠯᠠᠪᠠ᠃ 
       — ᠶᠢᠰᠦᠭᠡᠢ ᠮᠡᠷᠭᠡᠨ᠂ ᠬᠥᠮᠦᠨ ᠠᠢᠰᠤᠢ!  
       ᠶᠢᠰᠦᠭᠡᠢ ᠪᠠᠭᠠᠲᠤᠷ ᠬᠠᠳᠠ ᠥᠯᠮᠡᠢᠳᠡᠨ ᠲᠠᠰᠢᠶ᠎ᠠ ᠲᠤᠯᠵᠤ ᠵᠣᠭᠰᠣᠭᠠᠳ ᠬᠦᠯᠢᠶᠡᠵᠡᠨᠡᠬᠦ ᠨᠢ ᠶᠡᠬᠡ ᠥᠨᠳᠥᠷ ᠡᠴᠡ ᠶᠠᠭᠤ ᠶᠠᠭᠤ ᠦᠭᠡᠢ ᠨᠢᠰᠬᠦ ᠪᠡᠷ ᠵᠠᠪᠳᠤᠨ ᠪᠣᠢ ᠣᠮᠣᠭᠲᠤ ᠬᠦᠷᠡᠩ ᠪᠦᠷᠭᠦᠳ ᠰᠢᠭ ᠪᠥᠯᠥᠭᠡ᠃ ᠲᠦᠳᠡᠬᠡᠨ ᠴᠠᠩ ᠬᠦᠦᠷᠭᠡ ᠰᠠᠪᠰᠠᠭᠰᠠᠨ ᠮᠣᠷᠢᠲᠠᠨ ᠡᠷᠡᠰ ᠳᠣᠪᠲᠣᠯᠭᠠᠨ ᠢᠷᠡᠬᠦ ᠨᠢ ᠬᠡᠷᠡᠢᠳ ᠦ᠋ᠳ ᠠᠭᠠᠳ ᠲᠣᠷᠯᠣᠭ ᠲᠤᠭᠤᠷᠢᠯ ᠤ᠋ᠨ ᠵᠢᠪᠡᠷᠢ ᠰᠠᠬᠠᠯ ᠴᠠᠩᠲᠤᠵᠤ᠂ ᠥᠳᠬᠡᠨ ᠬᠥᠮᠥᠰᠬᠡ ᠨᠢ ᠰᠤᠷᠲᠠᠵᠠᠢ᠃ ᠲᠡᠷᠡ ᠪᠡᠷ᠂ 
       — ᠶᠢᠰᠦᠭᠡᠢ᠂ ᠪᠢ ᠴᠢᠮᠠᠶ᠋ᠢ ᠵᠣᠷᠢᠨ ᠢᠷᠡᠪᠡ ᠭᠡᠬᠦ ᠳ᠋ᠦ᠍ ᠶᠢᠰᠦᠭᠡᠢ ᠪᠠᠭᠠᠲᠤᠷ ᠶᠠᠭᠠᠬᠢᠭᠠᠳ ᠴᠤ᠌ ᠶᠤᠮ ᠪᠣᠢ᠂ ᠬᠡᠵᠢᠶ᠎ᠡ ᠨᠢᠭᠡᠨ ᠴᠠᠭ ᠲᠤ᠌ ᠡᠢᠨ ᠳᠣᠪᠲᠣᠯᠭᠠᠨ ᠢᠷᠡᠨ᠎ᠡ ᠭᠡᠵᠦ ᠮᠡᠳᠡᠵᠦ ᠪᠠᠢᠭᠰᠠᠨ ᠶᠤᠮ ᠰᠢᠭ᠋ ᠲᠠᠢᠪᠤᠩ ᠬᠠᠷᠠᠪᠠ᠃ ᠲᠡᠭᠦᠨ ᠦ᠌ ᠨᠢᠳᠦᠨ ᠳ᠋ᠦ᠍ ᠬᠤᠢᠯᠠᠭ᠎ᠠ ᠶ᠋ᠢᠨ ᠨᠠᠢᠷ ᠳᠡᠭᠡᠷ᠎ᠡ ᠤᠷᠤᠭᠤᠯ ᠬᠡᠮᠡᠯᠢᠵᠦ ᠵᠣᠭᠰᠣᠭᠰᠠᠨ ᠲᠠᠢ ᠲᠡᠮᠦᠷ ᠦ᠋ᠨ ᠬᠢᠯᠢᠩᠲᠦ ᠨᠢᠳᠦ᠂ ᠵᠠᠩᠭᠢᠳᠤᠭᠰᠠᠨ ᠭᠠᠷ ᠨᠢ ᠴᠡᠴᠡᠷᠬᠢᠯᠡᠵᠦ ᠠᠭᠰᠠᠨ ᠪᠤᠬ᠎ᠠ ᠲᠡᠮᠦᠷ ᠦ᠋ᠨ ᠣᠮᠣᠭᠯᠠᠩ ᠲᠥᠷᠬᠦ ᠦᠵᠡᠭᠳᠡᠬᠦ ᠰᠢᠭ ᠪᠣᠯᠵᠤ᠂ 
       — ᠬᠡᠨ ᠲᠡᠷᠰᠯᠡᠪᠡ᠂ ᠲᠡᠢ ᠲᠡᠮᠦᠷ ᠤᠤ? ᠭᠡᠪᠡᠯ ᠲᠣᠷᠯᠣᠭ ᠲᠤᠭᠤᠷᠢᠯ᠂ 
       — ᠦᠭᠡᠢ ᠪᠢᠯᠡ᠃ ᠮᠢᠬ᠎ᠠ ᠴᠢᠰᠤᠨ ᠤ᠋ ᠮᠢᠨᠢ ᠲᠠᠰᠤᠷᠬᠠᠢ᠂ ᠮᠠᠷᠲᠠᠭᠰᠠᠨ ᠰᠠᠨᠠᠭᠰᠠᠨ ᠤ᠋ ᠮᠢᠨᠢ ᠬᠡᠯᠲᠡᠷᠬᠡᠢ ᠲᠡᠷᠡ ᠠᠮᠢᠲᠠᠨ ᠡᠳᠦᠭᠡ ᠵᠢᠭᠦᠷᠲᠡᠨ ᠰᠢᠪᠠᠭᠤᠨ ᠤ᠋ ᠬᠣᠭᠣᠯᠠ ᠪᠣᠯᠵᠤ ᠵᠢᠩᠭᠡᠷᠡᠰᠡᠬᠦ ᠲᠡᠷᠭᠡᠨ ᠦ᠌ ᠲᠡᠭᠡᠭᠡᠰᠢ ᠪᠣᠯᠤᠭᠰᠠᠨ! ᠬᠡᠮᠡᠪᠡ᠃ ᠶᠢᠰᠦᠭᠡᠢ ᠰᠡᠷᠲᠡᠰᠬᠢᠨ ᠬᠠᠷᠠᠵᠤ᠂ 
       — ᠪᠤᠬ᠎ᠠ ᠲᠡᠮᠦᠷ ᠤᠤ? ᠭᠡᠪᠡᠯ ᠲᠣᠷᠯᠣᠭ ᠲᠣᠭᠣᠷᠢᠯ ᠲᠣᠯᠣᠭᠠᠢ ᠰᠡᠭᠰᠦᠷᠦᠨ᠂ 
       — ᠳᠡᠪᠡᠯ ᠲᠡᠢ ᠲᠥᠷᠥᠭᠰᠡᠨ ᠳᠡᠭᠦᠦ ᠮᠢᠨᠢ ᠭᠡᠵᠦ ᠲᠡᠭᠦᠨ ᠢ᠋᠂ ᠳᠡᠨᠵᠢ ᠲᠡᠢ ᠲᠥᠷᠥᠭᠰᠡᠨ ᠨᠤᠲᠤᠭ ᠮᠢᠨᠢ ᠭᠡᠵᠦ ᠬᠡᠷᠡᠢᠳ ᠢ᠋ ᠬᠠᠢᠷᠠᠯᠠᠵᠤ ᠶᠠᠪᠤᠯ᠎ᠠ᠃ ᠲᠤᠭᠤᠷᠢᠯ ᠪᠢ ᠪᠤᠷᠤᠭᠤ ᠪᠣᠳᠣᠵᠠᠢ᠃ ᠠᠭᠤᠤ ᠶᠡᠬᠡ ᠬᠣᠷᠵᠠᠬᠣᠰ ᠪᠣᠶᠣᠷᠤᠭ ᠤ᠋ᠨ ᠠᠷᠢᠭᠤᠨ ᠰᠡᠨᠳᠡᠢ ᠶ᠋ᠢ ᠨᠠᠳᠠ ᠡᠰᠡ ᠥᠭᠭᠦᠨ᠎ᠡ ᠭᠡᠵᠦ ᠠᠯᠠᠯᠴᠠᠭᠠᠨ ᠪᠣᠯᠪᠠ᠃ ᠠᠪᠠᠭ᠎ᠠ ᠶ᠋ᠢᠨ ᠨᠡᠷ᠎ᠡ ᠵᠡᠭᠦᠭᠰᠡᠨ ᠰᠠᠬᠠᠯ ᠲᠠᠢ ᠴᠢᠳᠬᠥᠷ ᠬᠦᠷᠦ ᠬᠠᠨ᠂ ᠳᠡᠭᠦᠦ ᠶ᠋ᠢᠨ ᠨᠡᠷ᠎ᠡ ᠬᠥᠳᠡᠭᠰᠡᠨ ᠱᠠᠯᠳᠠᠩ ᠵᠤᠯᠪᠤᠰᠬ᠎ᠠ ᠪᠤᠬ᠎ᠠ ᠲᠡᠮᠦᠷ ᠬᠣᠶᠠᠷ ᠪᠤᠷᠤᠭᠤᠯᠠᠨ ᠵᠢᠭᠤᠲᠠᠭᠰᠠᠨ᠁ 
       — ᠴᠢ ᠲᠡᠭᠡᠪᠡᠯ ᠢᠯᠠᠪᠠ ᠪᠤᠰᠤ ᠤᠤ? 
       — ᠦᠭᠡᠢ᠂ ᠲᠥᠷᠥ ᠪᠠᠷᠢᠭᠰᠠᠨ ᠬᠡᠷᠡᠢᠳ ᠦ᠋ᠨ ᠬᠠᠭᠠᠨ ᠪᠢ ᠲᠥᠷᠥᠯ ᠰᠠᠳᠤᠨ ᠲᠠᠢ ᠪᠠᠨ ᠢᠯᠳᠦ ᠵᠥᠷᠢᠭᠦᠯᠬᠦ ᠳ᠋ᠡᠭᠡᠨ ᠳᠣᠯᠣᠭ᠎ᠠ ᠦᠭᠡᠢ! 
       — ᠲᠡᠭᠡᠭᠡᠳ ᠬᠡᠨ ᠡᠷᠲᠡᠨ ᠦ᠌ ᠬᠡᠷᠡᠢᠳ ᠦ᠋ᠨ ᠰᠤᠷᠪᠤᠯᠵᠢᠲᠤ ᠨᠣᠶᠠᠨ ᠲᠣᠷᠯᠣᠭ ᠲᠣᠭᠣᠷᠢᠯ ᠤ᠋ᠨ ᠥᠭᠡᠳᠡ ᠡᠴᠡ ᠲᠣᠯᠣᠭᠠᠢ ᠡᠷᠭᠦᠵᠦ ᠬᠠᠷᠠᠨ᠎ᠠ ᠪᠢᠯᠡ᠃ 
       — ᠡᠯᠵᠢᠭᠡᠳᠡᠢ! ᠭᠡᠵᠦ ᠭᠦᠨ ᠬᠣᠷᠣᠰᠤᠯ ᠲᠠᠢ ᠥᠭᠦᠯᠡᠪᠡ᠃ ᠶᠢᠰᠦᠭᠡᠢ ᠰᠣᠴᠢᠬᠤ ᠰᠢᠭ᠋ ᠪᠣᠯᠤᠯ᠎ᠠ᠃《ᠶᠠᠭᠤᠨ ᠬᠥᠮᠦᠨ ᠪᠢᠯᠡ》 ᠭᠡᠮᠡᠨ ᠰᠠᠨᠠᠵᠤ ᠶᠠᠳᠠᠬᠤ ᠳ᠋ᠤ᠌ ᠮᠥᠨᠥᠬᠡᠨ ᠣᠯᠠᠨ ᠢᠯᠠᠭᠠᠨ ᠤ᠋ ᠳᠦᠩᠭᠢᠨᠡᠬᠦ ᠳᠠᠭᠤᠨ ᠪᠦᠳᠡᠭᠢ ᠪᠠᠳᠠᠭᠢᠬᠠᠨ ᠴᠢᠬᠢᠨ ᠦ᠌ ᠦᠵᠦᠭᠦᠷ ᠲᠦ᠍ ᠳᠤᠭᠤᠯᠳᠠᠵᠤ᠂ ᠲᠡᠭᠡᠭᠰᠡᠨ ᠢ᠋ᠶ᠋ᠡᠨ ᠦᠮᠡᠬᠡᠢᠷᠡᠵᠦ ᠥᠳᠥ ᠢᠳᠡᠭᠰᠡᠨ ᠬᠡᠭᠦᠷ ᠦ᠋ᠨ ᠦᠨᠦᠷ ᠲᠠᠨᠤᠷ ᠬᠠᠮᠠᠷ ᠤ᠋ᠨ ᠦᠵᠦᠭᠦᠷ ᠴᠣᠷᠭᠢᠬᠤ ᠰᠢᠭ᠋ ᠪᠣᠯᠬᠤ ᠳ᠋ᠤ᠌ ᠰᠠᠶᠢ ᠯᠠ ᠰᠠᠨᠠᠵᠠᠢ᠃ 
       一 ᠠ ᠲᠡᠢᠮᠦ᠂ ᠪᠢ ᠰᠠᠨᠠᠪᠠ᠃ ᠥᠨᠥ ᠲᠠᠲ᠋ᠠᠷ ᠮᠥᠨ ᠪᠠᠢᠨ᠎ᠠ᠃ 
       一 ᠴᠣᠬᠣᠮ ᠮᠥᠨ᠃ ᠢᠯᠮ᠎ᠠ ᠬᠠᠲᠤᠨ ᠢᠵᠢᠢ ᠶ᠋ᠢᠨ ᠬᠠᠢᠷᠠᠲᠠᠢ ᠬᠥᠮᠦᠨ ᠨᠢ ᠶᠦᠮ ᠭᠡᠮᠡᠨ ᠴᠠᠢ ᠶ᠋ᠢᠨ ᠢ᠋ᠶ᠋ᠡᠨ ᠳᠡᠭᠡᠵᠢ ᠶ᠋ᠢ ᠥᠭᠳᠡᠭ ᠮᠢᠨᠢ᠂ ᠭᠡᠭᠦᠦ ᠶ᠋ᠢᠨ ᠢ᠋ᠶ᠋ᠡᠨ ᠴᠡᠬᠡ ᠶ᠋ᠢ ᠪᠠᠷᠢᠳᠠᠭ ᠮᠢᠨᠢ ᠠᠯᠳᠠᠰ ᠪᠣᠯᠵᠠᠢ! 
       一 ᠬᠣᠢᠨ᠎ᠠ ᠠ᠋ᠴᠠ ᠢᠷᠡᠭᠡᠳ ᠬᠣᠲᠠ ᠮᠢᠨᠢ᠂ ᠬᠣᠲᠠᠨ ᠳ᠋ᠤ᠌ ᠣᠷᠣᠭᠠᠳ ᠬᠤᠴᠠ ᠮᠢᠨᠢ ᠭᠡᠭᠴᠢ ᠪᠣᠯᠵᠠᠢ᠃ ᠠᠨᠳᠠ ᠲᠣᠭᠣᠷᠢᠯ ᠴᠢᠮ᠎ᠠ ᠳ᠋ᠤ᠌ ᠪᠢ ᠡᠰᠡ ᠲᠤᠰᠠᠯᠠᠪᠠᠯ ᠬᠡᠨ ᠲᠤᠰᠠᠯᠠᠬᠤ ᠪᠢᠯᠡ᠃ ᠶᠠᠪᠤᠰᠤᠭᠠᠢ! ᠭᠡᠯ᠎ᠡ᠃ ᠴᠢᠩᠭᠢᠭᠡᠳ ᠪᠠᠷᠢᠵᠤ ᠰᠠᠭᠤᠭᠰᠠᠨ ᠴᠢᠨᠣ᠎ᠠ ᠶ᠋ᠢᠨ ᠠᠷᠠᠰᠤ ᠪᠠᠨ ᠲᠣᠷᠯᠣᠭ ᠲᠣᠭᠣᠷᠢᠯ ᠳ᠋ᠤ᠌ ᠰᠠᠷᠪᠠᠢᠵᠤ᠂ 
       一 ᠢᠵᠢᠯᠢ ᠲᠩᠷᠢ ᠲᠡᠢ ᠳ᠋ᠦ᠍ ᠬᠠᠷᠠᠭᠳᠠᠵᠤ᠂ ᠢᠯᠡᠭᠦᠦ ᠲᠩᠷᠢ ᠲᠡᠢ ᠳ᠋ᠦ᠍ ᠠᠯᠠᠭᠳᠠᠳᠠᠭ ᠶᠤᠮ ᠭᠡᠰᠡᠨ! ᠴᠢ ᠠᠪᠤᠰᠤ! ᠴᠢᠨᠣ᠎ᠠ ᠰᠢᠭ᠋ ᠲᠩᠷᠢ ᠲᠡᠢ ᠶᠠᠪᠤᠵᠤ ᠦᠨᠡᠭᠡ ᠰᠢᠭ ᠲᠠᠲ᠋ᠠᠷ ᠠ᠋ᠴᠠ ᠶᠠᠯ᠎ᠠ ᠠᠰᠠᠭᠤᠶ᠎ᠠ! ᠬᠡᠮᠡᠬᠦ ᠳ᠋ᠦ᠍ ᠲᠣᠭᠣᠷᠢᠯ᠂ 
       一 ᠡᠯᠵᠢᠭᠡᠳᠡᠢ ᠡᠯᠵᠢᠭᠡ ᠶ᠋ᠢᠨ ᠠᠷᠠᠰᠤ ᠶ᠋ᠢ ᠴᠢᠨᠣ᠎ᠠ ᠰᠢᠭ᠋ ᠬᠠᠭᠤᠯᠤᠶ᠎ᠠ! ᠭᠡᠮᠡᠨ ᠮᠣᠷᠳᠠᠵᠠᠢ᠃ ᠵᠠᠯᠠᠭᠤ ᠵᠠᠩᠵᠤᠳ ᠤ᠋ᠨ ᠲᠤᠭ ᠤ᠋ᠨ ᠳᠣᠣᠷ᠎ᠠ ᠨᠢᠭᠡᠳᠦᠭᠰᠡᠨ ᠮᠣᠷᠢᠲᠠᠨ ᠡᠷᠡᠰ ᠦ᠋ᠨ ᠬᠦᠯᠦᠭ ᠦ᠋ᠨ ᠲᠤᠭᠤᠷᠠᠢ ᠨᠠᠮᠤᠷ ᠤ᠋ᠨ ᠰᠢᠷ᠎ᠠ ᠲᠠᠯ᠎ᠠ ᠶ᠋ᠢ ᠪᠥᠮᠪᠥᠷᠳᠡᠨ ᠳᠡᠯᠡᠳᠴᠦ ᠰᠥᠨᠢᠵᠢᠨ ᠶᠠᠪᠤᠭᠰᠠᠭᠠᠷ ᠦᠷ ᠦ᠋ᠨ ᠴᠠᠭᠠᠨ ᠭᠡᠭᠡᠨ ᠢ᠋ᠶ᠋ᠡᠷ ᠲᠤᠤᠯᠠ ᠶ᠋ᠢᠨ ᠬᠠᠷ᠎ᠠ ᠰᠢᠭᠤᠢ ᠳ᠋ᠤ᠌ ᠣᠷᠣᠵᠤ ᠪᠥᠯᠥᠭᠡ᠃ ᠡᠢᠨ ᠡᠳᠦᠷ ᠨᠢ ᠬᠦᠯᠦᠭ ᠮᠣᠷᠢ᠂ ᠬᠦᠯᠦᠭ ᠪᠠᠭᠠᠲᠤᠷ ᠤ᠋ᠳ ᠢ᠋ᠶ᠋ᠠᠨ ᠠᠮᠠᠷᠠᠭᠠᠵᠤ᠂ ᠭᠠᠯ ᠠᠰᠠᠭᠠᠯ ᠦᠭᠡᠢ ᠬᠣᠭᠣᠯᠠᠯᠠᠵᠤ᠂ ᠬᠤᠶᠠᠭ ᠲᠠᠢᠯᠤᠯ ᠦᠭᠡᠢ ᠲᠤᠭ ᠬᠢᠯᠭᠡᠪᠡ᠃ ᠴᠢᠩᠭᠢᠭᠡᠳ ᠮᠡᠴᠢᠳ ᠭᠣᠣᠯᠯᠠᠬᠤ ᠦᠶᠡᠰ ᠢ᠋ᠶ᠋ᠡᠷ ᠴᠢᠮᠡᠭᠡ ᠦᠭᠡᠢ ᠭᠡᠲᠡᠵᠦ᠂ ᠠᠵᠢᠭ ᠠᠪᠤᠭ᠎ᠠ ᠦᠭᠡᠢ ᠨᠣᠢᠷᠰᠤᠵᠤ ᠠᠭᠰᠠᠨ ᠬᠡᠷᠡᠢᠳ ᠠᠢᠮᠠᠭ ᠤ᠋ᠨ ᠬᠦᠷᠢᠶ᠎ᠡ ᠶ᠋ᠢ ᠪᠦᠷᠬᠦᠨ ᠣᠷᠣᠯ᠎ᠠ᠃ ᠡᠯᠵᠢᠭᠡᠳᠡᠢ ᠨᠣᠶᠠᠨ ᠤ᠋ ᠬᠦᠷᠢᠶ᠎ᠡ ᠮᠢᠩᠭ᠎ᠠ ᠭᠠᠷᠤᠢ ᠡᠷᠦᠬᠡ ᠠᠢᠯ ᠶᠤᠮ᠃ ᠲᠣᠷᠯᠣᠭ ᠲᠤᠭᠤᠷᠢᠯ ᠤ᠋ᠨ ᠲᠤᠭ ᠤ᠋ᠨ ᠳᠣᠣᠷ᠎ᠠ ᠶᠠᠪᠤᠭᠰᠠᠨ ᠬᠡᠷᠡᠢᠳ ᠴᠡᠷᠢᠭ ᠦ᠋ᠳ ᠥᠪᠡᠷ ᠥᠪᠡᠷ ᠦ᠋ᠨ ᠲᠠᠨᠢᠬᠤ ᠮᠡᠳᠡᠬᠦ ᠠᠢᠯ ᠳ᠋ᠤ᠌ ᠨᠢᠭᠡ ᠨᠢᠭᠡ ᠪᠡᠷ ᠢ᠋ᠶ᠋ᠡᠨ ᠰᠠᠮ ᠣᠷᠣᠵᠤ᠂ 
       — ᠬᠡᠷᠡᠢᠳ ᠦ᠋ᠨ ᠰᠦᠯᠳᠡ ᠲᠩᠷᠢ ᠬᠡᠵᠢᠶᠡᠳᠡ ᠪᠢᠳᠡᠨ ᠢ᠋ ᠬᠠᠶᠠᠬᠤ ᠦᠭᠡᠢ ᠪᠢᠯᠡ᠃ ᠬᠤᠷᠵᠠᠬᠤᠰ ᠪᠣᠶᠣᠷᠤᠭ ᠤ᠋ᠨ ᠴᠢᠰᠤᠨ ᠦᠷ᠎ᠡ ᠪᠠᠢᠭᠰᠠᠭᠠᠷ ᠠᠲᠠᠯ᠎ᠠ ᠬᠤᠯᠠᠭᠠᠢ ᠰᠠᠨᠠᠭ᠎ᠠ ᠲᠠᠢ ᠡᠯᠵᠢᠭᠡᠳᠡᠢ ᠬᠢᠲᠠᠳ ᠢ᠋ ᠶᠠᠭᠤᠨ ᠳ᠋ᠤ᠌ ᠳᠠᠭᠠᠨ᠎ᠠ ᠲᠠ ᠨᠠᠷ᠁ ᠭᠡᠮᠡᠨ ᠰᠠᠮ ᠢᠳᠬᠠᠵᠤ᠂ ᠨᠠᠮ ᠡᠯᠰᠡᠭᠦᠯᠦᠭᠰᠡᠭᠡᠷ ᠴᠢᠰᠤ ᠦᠭᠡᠢ ᠡᠵᠡᠯᠡᠨ ᠠᠪᠤᠯ᠎ᠠ᠃ ᠬᠠᠷᠢᠨ ᠡᠯᠵᠢᠭᠡᠳᠡᠢ ᠨᠣᠶᠠᠨ ᠤ᠋ ᠭᠠᠷ ᠬᠥᠯ ᠦ᠋ᠨ ᠦᠵᠦᠭᠦᠷ ᠲᠦ᠍ ᠭᠦᠶᠦᠬᠦ ᠰᠢᠳᠠᠷ ᠲᠦᠰᠢᠮᠡᠳ ᠦ᠋ᠨ ᠭᠡᠷ ᠲᠦ᠍ ᠬᠦᠴᠦ ᠲᠦᠷᠢᠨ ᠣᠷᠣᠵᠤ᠂ ᠬᠦᠢᠰᠦ ᠲᠡᠮᠲᠡᠷᠢᠵᠡᠢ᠃ ᠡᠢᠨ ᠮᠣᠷᠢᠳ ᠲᠤᠷᠭᠢᠯᠠᠵᠤ᠂ ᠨᠦᠳᠦᠭᠦᠷ ᠦ᠋ᠨ ᠳᠠᠭᠤᠨ ᠡᠨᠳᠡ ᠲᠡᠨᠳᠡ ᠬᠠᠩᠭᠢᠨᠠᠬᠤ ᠨᠠᠮᠤᠷ ᠤ᠋ᠨ ᠴᠠᠭᠠᠨ ᠮᠠᠨᠠᠨ ᠳᠤᠮᠳᠠ ᠡᠯᠵᠢᠭᠡᠳᠡᠢ ᠨᠣᠶᠠᠨ ᠤ᠋ ᠬᠦᠷᠢᠶ᠎ᠡ ᠴᠢᠪ ᠴᠢᠮᠡᠭᠡ ᠦᠭᠡᠢ ᠡᠵᠡᠯᠡᠭᠳᠡᠪᠡ᠃ ᠶᠡᠬᠡ ᠬᠦᠷᠢᠶᠡᠨ ᠦ᠌ ᠰᠦᠷ ᠰᠦᠯᠳᠡ ᠪᠣᠯᠤᠭᠰᠠᠨ ᠭᠡᠷ ᠲᠡᠷᠭᠡᠨ ᠳᠡᠭᠡᠷ᠎ᠡ ᠵᠠᠯᠠᠷᠠᠬᠤ ᠲᠣᠮᠣ ᠴᠠᠭᠠᠨ ᠦᠷᠭᠦᠭᠡᠨ ᠦ᠌ ᠬᠠᠶᠠᠭᠠᠨ ᠳ᠋ᠤ᠌ ᠲᠤᠯᠵᠤ ᠢᠷᠡᠭᠡᠳ ᠪᠠᠮᠪᠠᠷᠲᠤ ᠬᠠᠷᠠᠭᠤᠯ ᠤ᠋ᠨ ᠠᠮᠠ ᠶ᠋ᠢ ᠨᠢ ᠳᠠᠷᠤᠨ ᠵᠢᠷᠦᠬᠡᠨ ᠳ᠋ᠦ᠍ ᠬᠦᠷᠲᠡᠯ᠎ᠡ ᠰᠢᠭᠠᠭᠰᠠᠨ ᠬᠢᠲᠤᠭ᠎ᠠ ᠪᠠᠨ ᠰᠤᠭᠤ ᠲᠡᠳᠡᠨ ᠠᠪᠴᠤ ᠳᠣᠲᠣᠭᠠᠳᠤ ᠬᠣᠷᠮᠣᠢ ᠳ᠋ᠠᠭᠠᠨ ᠴᠢᠰᠤ ᠶ᠋ᠢ ᠨᠢ ᠠᠷᠴᠢᠭᠰᠠᠨ ᠢ᠋ᠶ᠋ᠠᠨ᠂ 
       — ᠡᠨᠳᠡ ᠢᠵᠢᠢ ᠮᠢᠨᠢ ᠪᠣᠢ! ᠶᠢᠰᠦᠭᠡᠢ ᠴᠢ ᠤᠴᠢᠷ ᠢ᠋ ᠨᠢ ᠣᠯᠤᠭᠲᠤᠨ! ᠬᠡᠮᠡᠯ᠎ᠡ᠃ ᠲᠣᠷᠯᠣᠭ ᠲᠣᠭᠣᠷᠢᠯ ᠤ᠋ᠨ ᠵᠢᠷᠦᠬᠡ ᠠᠯᠲᠠᠨ ᠰᠢᠨᠲᠠᠷᠠᠵᠤ ᠬᠣᠭᠣᠯᠠᠢ ᠴᠡᠴᠡᠷᠡᠬᠦ ᠶ᠋ᠢ ᠶᠢᠰᠦᠭᠡᠢ ᠠᠩᠬ᠎ᠠ ᠤᠳᠠᠭ᠎ᠠ ᠬᠠᠷᠠᠵᠤ᠂ 
       — ᠲᠣᠭᠣᠷᠢᠯ ᠴᠢᠨᠦ ᠵᠥᠪ! ᠭᠡᠰᠡᠨ ᠢ᠋ᠶ᠋ᠡᠨ ᠬᠣᠶᠠᠷ ᠬᠦᠯᠦᠭ ᠪᠠᠭᠠᠲᠤᠷ ᠢ᠋ᠶ᠋ᠠᠨ ᠳᠠᠭᠠᠭᠤᠯᠤᠨ ᠶᠡᠬᠡ ᠦᠷᠭᠦᠭᠡᠨ ᠳ᠋ᠦ᠍ ᠰᠡᠮᠡᠭᠡᠷᠬᠡᠨ ᠣᠷᠣᠵᠤ ᠶᠠᠪᠤᠴᠢᠬᠠᠪᠠ᠃ ᠢᠯᠮ᠎ᠠ ᠬᠠᠲᠤᠨ ᠢᠵᠢᠢ ᠵᠠᠯᠠᠭᠤ ᠡᠷ᠎ᠡ ᠶ᠋ᠢᠨ ᠢ᠋ᠶ᠋ᠡᠨ ᠬᠠᠯᠠᠭᠤᠨ ᠡᠪᠦᠷ ᠡᠴᠡ ᠳᠥᠩᠭᠡᠵᠦ ᠥᠨᠳᠡᠢᠨ ᠬᠠᠵᠢ ᠮᠠᠩᠨᠤᠭ ᠳᠡᠪᠡᠯ ᠬᠠᠨᠴᠤᠢᠯᠠᠵᠤ ᠪᠠᠢᠭᠰᠠᠨ ᠢ᠋ᠶ᠋ᠠᠨ᠂ 
       — ᠠ᠋ ᠲᠩᠷᠢ ᠮᠢᠨᠢ᠁ ᠭᠡᠮᠡᠨ ᠤᠤᠯᠭ᠎ᠠ ᠠᠯᠳᠠᠬᠤ ᠴᠢᠮᠡᠭᠡᠨ ᠢ᠋ᠶ᠋ᠡᠷ ᠡᠯᠵᠢᠭᠡᠳᠡᠢ ᠨᠣᠶᠠᠨ ᠥᠨᠳᠡᠢᠨ ᠵᠠᠪᠳᠤᠬᠤ ᠳ᠋ᠤ᠌ ᠶᠢᠰᠦᠭᠡᠢ ᠬᠠᠳᠠ ᠰᠠᠭᠤᠭᠰᠠᠨ ᠭᠠᠩ ᠢᠯᠳᠦ ᠶ᠋ᠢ ᠬᠠᠷᠬᠢᠲᠠᠯ᠎ᠠ ᠰᠤᠭᠤᠯᠤᠨ ᠨᠢᠴᠦᠭᠦᠨ ᠴᠡᠭᠡᠵᠢ ᠶ᠋ᠢ ᠨᠢ ᠨᠡᠪᠲᠡ ᠰᠦᠯᠪᠡᠨ ᠬᠠᠨ᠎ᠠ ᠲᠠᠢ ᠬᠠᠲᠠᠵᠤ ᠣᠷᠬᠢᠯ᠎ᠠ᠃ ᠶᠡᠷᠦ ᠡᠢᠨ ᠨᠢᠳᠦ ᠢᠷᠮᠡᠬᠦ ᠶ᠋ᠢᠨ ᠵᠠᠭᠤᠷ᠎ᠠ ᠪᠦᠬᠦ ᠶᠠᠭᠤᠮ᠎ᠠ ᠳᠠᠭᠤᠰᠤᠨ᠎ᠠ ᠭᠡᠵᠦ ᠪᠣᠳᠣᠭ᠎ᠠ ᠦᠭᠡᠢ ᠡᠯᠵᠢᠭᠡᠳᠡᠢ ᠠᠮᠠ ᠪᠠᠨ ᠠᠯᠲᠠ ᠠᠩᠭᠠᠢᠵᠤ᠂ ᠨᠢᠳᠦ ᠪᠡᠨ ᠠᠶᠠᠭ᠎ᠠ ᠶ᠋ᠢᠨ ᠴᠢᠨᠡᠭᠡ ᠮᠡᠯᠲᠡᠢᠯᠭᠡᠨ ᠲᠡᠷᠡ ᠴᠢᠭ ᠲᠡᠭᠡᠨ ᠲᠠᠭ ᠪᠣᠯᠵᠠᠢ᠃ ᠡᠢᠮᠦ ᠵᠡᠷᠯᠢᠭ ᠠᠭᠠᠳ ᠰᠦᠷᠯᠢᠭ ᠦᠢᠯᠡ ᠶ᠋ᠢ ᠠᠩᠬ᠎ᠠ ᠤᠳᠠᠭ᠎ᠠ ᠦᠵᠡᠭᠰᠡᠨ ᠢᠯᠮ᠎ᠠ ᠬᠠᠲᠤᠨ ᠬᠠᠰᠬᠢᠷᠤᠶ᠎ᠠ ᠭᠡᠪᠡᠴᠦ ᠬᠣᠭᠣᠯᠠᠢ ᠭᠠᠷᠤᠭᠰᠠᠨ ᠦᠭᠡᠢ᠃ ᠲᠣᠯᠣᠭᠠᠢ ᠪᠠᠨ ᠲᠡᠪᠡᠷᠢᠨ ᠰᠦᠭ ᠮᠡᠲᠦ ᠰᠡᠭᠦᠳᠡᠢᠵᠦ ᠵᠣᠭᠰᠣᠯ᠎ᠠ᠃ ᠶᠢᠰᠦᠭᠡᠢ ᠶᠡᠷᠦ ᠶᠠᠭᠤ ᠴᠤ᠌ ᠪᠣᠯᠤᠭ᠎ᠠ ᠦᠭᠡᠢ ᠮᠡᠲᠦ ᠢᠯᠳᠦ ᠪᠡᠨ ᠬᠠᠳᠠᠭᠠᠲᠠᠢ ᠴᠢᠭ ᠲᠦ᠋ᠨᠢ ᠣᠷᠬᠢᠭᠠᠳ ᠲᠣᠭᠣᠨᠣ ᠪᠠᠷ ᠮᠡᠯᠲᠡᠢᠬᠦ ᠬᠥᠬᠡ ᠲᠩᠷᠢ ᠶ᠋ᠢ ᠰᠢᠷᠳᠡᠨ᠂  
       — ᠲᠩᠷᠢ ᠡᠢᠨ ᠰᠣᠶᠣᠷᠬᠠᠵᠠᠢ᠃ ᠤᠷᠲᠤ ᠵᠦᠭ ᠡᠴᠡ ᠡᠨᠡ ᠮᠠᠭᠤ ᠠᠮᠢᠲᠠᠨ᠂ ᠣᠷᠣᠭᠰᠢ ᠪᠠᠨ ᠭᠢᠰᠬᠢᠬᠦ ᠦᠭᠡᠢ ᠪᠣᠯᠤᠭᠰᠠᠨ ᠤᠨᠤᠭ᠎ᠠ ᠭᠠᠭᠴᠠ ᠮᠣᠷᠢ ᠲᠠᠢ ᠢᠷᠡᠴᠢᠬᠡᠭᠡᠳ ᠡᠷᠲᠡᠨ ᠦ᠌ ᠳᠣᠮᠣᠭᠲᠤ ᠬᠡᠷᠡᠢᠳ ᠢ᠋ ᠡᠵᠡᠷᠬᠡᠨ ᠰᠠᠭᠤᠬᠤ ᠶᠤᠮ ᠭᠡᠨ᠎ᠡ᠃ ᠵᠠᠶᠠᠭ᠎ᠠ ᠨᠢ ᠳᠤᠲᠠᠨ᠎ᠠ ᠪᠠᠢᠯᠭᠦᠢ᠃ ᠲᠩᠷᠢ ᠡᠢᠨ ᠰᠣᠶᠣᠷᠬᠠᠵᠠᠢ! ᠭᠡᠪᠡ᠃ ᠶᠡᠬᠡ ᠦᠷᠭᠦᠭᠡᠨ ᠦ᠌ ᠲᠣᠭᠣᠨᠣ ᠪᠠᠷ ᠬᠡᠢ ᠮᠣᠷᠢ ᠶ᠋ᠢᠨ ᠴᠠᠭᠠᠨ ᠡᠭᠦᠯᠡᠨ ᠨᠡᠭᠦᠵᠦ᠂ ᠴᠠᠭ ᠤ᠋ᠨ ᠰᠠᠯᠬᠢᠨ ᠬᠦᠯᠦᠭ ᠬᠠᠩᠭᠢᠨᠠᠲᠠᠯ᠎ᠠ ᠢᠨᠴᠠᠭᠠᠵᠤ ᠪᠠᠢᠬᠤ ᠰᠢᠭ᠋ ᠰᠠᠨᠠᠭᠳᠠᠵᠠᠢ᠃

         ~ ᠦᠷᠭᠦᠯᠵᠢᠯᠡᠯ ᠪᠣᠢ ~