ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 36> Хүлэг баатар буурч - Б. Өлзийсүрэн <Дөтгөр бүлэг-36>
ᠲᠥᠷᠥ ᠶ᠋ᠢᠨ ᠲᠡᠮᠦᠷ ᠲᠥᠰᠢᠶ᠎ᠡ ᠪᠣᠯᠵᠤ ᠳᠡᠭᠡᠳᠦᠰ ᠦ᠋ᠨ ᠵᠢᠩᠳᠠᠭᠠᠨ ᠳ᠋ᠤ᠌ ᠡᠩᠨᠡᠭᠰᠡᠨ ᠳᠥᠲᠥᠭᠡᠷ ᠪᠦᠯᠦᠭ
ᠭᠤᠴᠢᠨ ᠵᠢᠷᠭᠤᠭ᠎ᠠ
ᠶᠡᠬᠡ ᠵᠠᠰᠠᠭ ᠤ᠋ᠨ ᠬᠠᠤᠯᠢ ᠶ᠋ᠢᠨ ᠨᠢᠭᠡᠨ ᠵᠦᠢᠯ᠄
《ᠴᠡᠷᠢᠭ ᠦ᠋ᠨ ᠠᠯᠪᠠᠨ ᠳ᠋ᠤ᠌ ᠮᠣᠷᠳᠠᠭᠰᠠᠨ ᠢᠷᠭᠡᠳ ᠦ᠋ᠨ ᠠᠵᠢᠯ ᠢ᠋
ᠭᠡᠷᠭᠡᠢ ᠨᠠᠷ ᠡᠷᠬᠢᠯᠡᠨ ᠭᠦᠢᠴᠡᠳᠬᠡᠬᠦ ᠬᠡᠷᠡᠭᠲᠡᠢ᠃
ᠡᠷᠡᠰ ᠦ᠋ᠨ ᠠᠯᠪᠠᠨ ᠲᠤᠰᠢᠶᠠᠯ ᠢ᠋ ᠡᠬᠡᠨᠡᠷ ᠨᠢ ᠣᠷᠣᠯᠠᠬᠤ ᠬᠡᠷᠡᠭᠲᠡᠢ》
ᠠᠯᠤᠰ ᠬᠣᠯᠠ ᠥᠷᠥᠨ᠎ᠡ ᠵᠦᠭ ᠦ᠋ᠨ ᠴᠡᠩᠬᠡᠷ ᠨᠢᠳᠦᠨ ᠬᠡᠮᠡᠬᠦ ᠬᠣᠷᠸᠰᠮ ᠭᠦᠷᠦᠨ ᠳ᠋ᠦ᠍ ᠴᠢᠩᠭᠢᠰ ᠬᠠᠭᠠᠨ ᠳᠥᠲᠥᠭᠡᠷ ᠵᠢᠷᠠᠨ ᠤ᠋ ᠭᠠᠯ ᠲᠠᠤᠯᠠᠢ ᠵᠢᠯ ᠦ᠋ᠨ ᠵᠤᠨ ᠤ᠋ ᠲᠡᠷᠢᠭᠦᠨ ᠰᠠᠷ᠎ᠠ ᠳᠠᠢᠯᠠᠷ᠎ᠠ ᠮᠣᠷᠳᠠᠭᠠᠳ ᠭᠤᠷᠪᠠᠨ ᠵᠢᠯ ᠢ᠋ ᠠᠷᠤ ᠳ᠋ᠠᠭᠠᠨ ᠬᠢᠵᠡᠢ᠃ ᠡᠨᠡ ᠲᠡᠢᠨ ᠪᠣᠯ ᠡᠮᠦᠨᠡᠬᠢ ᠦᠶ᠎ᠡ ᠶ᠋ᠢᠨ ᠲᠡᠢᠨ ᠨᠤᠭᠤᠳ ᠡᠴᠡ ᠦᠨᠡᠬᠡᠷ ᠬᠦᠴᠦ ᠲᠡᠢ ᠰᠦᠷ ᠲᠡᠢ ᠠᠯᠤᠰᠯᠠᠭᠳᠠᠭᠰᠠᠨ ᠠᠵᠤᠭᠤ᠃ ᠮᠣᠩᠭᠣᠯ ᠤ᠋ᠨ ᠶᠡᠬᠡ ᠴᠡᠷᠢᠭ ᠳᠥᠷᠪᠡᠨ ᠭᠠᠷ ᠪᠣᠯᠤᠨ ᠲᠠᠪᠰᠢᠵᠤ ᠴᠢᠩᠭᠢᠰ ᠬᠠᠭᠠᠨ ᠤ᠋ ᠭᠣᠣᠯ ᠬᠦᠴᠦ ᠣᠲ᠋ᠷᠠᠷ ᠬᠣᠲᠠ ᠶ᠋ᠢ ᠡᠩ ᠲᠡᠷᠢᠭᠦᠨ ᠳ᠋ᠦ᠍ ᠪᠦᠰᠡᠯᠡᠨ ᠠᠪᠴᠤ ᠲᠤᠯᠤᠯᠳᠤᠭᠰᠠᠨ ᠪᠣᠯᠠᠢ᠃ ᠡᠨᠳᠡ ᠴᠢᠩᠭᠢᠰ ᠬᠠᠭᠠᠨ ᠤ᠋ ᠲᠣᠮᠢᠯᠠᠵᠤ ᠢᠯᠡᠭᠡᠭᠰᠡᠨ ᠣᠯᠠᠨ ᠵᠠᠭᠤᠨ ᠬᠥᠮᠦᠨ ᠲᠡᠢ ᠡᠯᠴᠢ — ᠬᠤᠳᠠᠯᠳᠤᠭᠠᠴᠢᠳ ᠢ᠋ ᠶᠠᠷᠭᠠᠯᠠᠨ ᠡᠳ᠋ ᠪᠠᠷᠠᠭ᠎ᠠ ᠶ᠋ᠢ ᠨᠢ ᠲᠣᠨᠣᠨ ᠳᠡᠭᠡᠷᠡᠮᠳᠡᠭᠰᠡᠨ ᠶᠦᠮ᠃ ᠲᠡᠭᠦᠨ ᠦ᠌ ᠡᠩ ᠨᠣᠮᠣᠬᠠᠨ ᠢᠷᠭᠡᠳ ᠬᠢᠭᠡ ᠦᠭᠡᠢ᠂ ᠬᠣᠲᠠ ᠶ᠋ᠢᠨ ᠳᠠᠷᠤᠭ᠎ᠠ ᠬᠠᠢᠷ (ᠺᠠᠢᠷ) ᠬᠡᠮᠡᠭᠴᠢ ᠦᠢᠯᠡᠳᠴᠦ᠂ᠴᠢᠩᠭᠢᠰ ᠬᠠᠭᠠᠨ ᠰᠠᠷᠲᠠᠭᠤᠯ ᠢᠷᠭᠡᠨ ᠲᠡᠢ ᠲᠣᠭᠲᠠᠭᠠᠬᠤ ᠭᠡᠰᠡᠨ ᠨᠠᠢᠷᠠᠮᠳᠠᠯᠲᠤ᠂ ᠰᠠᠢᠨ ᠰᠡᠳᠬᠢᠯ ᠦ᠋ᠨ ᠬᠠᠷᠢᠯᠴᠠᠭ᠎ᠠ ᠶ᠋ᠢ ᠲᠡᠰᠦᠷᠡᠭᠦᠯᠦᠨ ᠡᠪᠳᠡᠭᠰᠡᠨ ᠦ᠌ ᠤᠴᠢᠷ《ᠲᠥᠷᠥ ᠶ᠋ᠢᠨ ᠠᠯᠲᠠᠨ ᠠᠷᠭᠠᠮᠵᠢᠶ᠎ᠠ ᠪᠠᠨ ᠲᠠᠰᠤᠯᠤᠭᠤᠯᠤᠭᠠᠳ ᠶᠠᠭᠠᠬᠢᠵᠤ ᠵᠦᠭᠡᠷ ᠣᠷᠬᠢᠵᠤ ᠪᠣᠯᠬᠤ ᠪᠣᠢ?》 ᠭᠡᠮᠡᠨ ᠡᠢᠨᠬᠦ ᠠᠶᠠᠨ ᠲᠡᠢᠨ ᠬᠢᠭᠰᠡᠨ ᠪᠥᠯᠥᠭᠡ᠃
ᠬᠣᠷᠸᠰᠮ ᠭᠦᠷᠦᠨ ᠦᠨᠡᠬᠡᠷ ᠬᠦᠴᠦᠷᠬᠡᠭ᠂ ᠳᠡᠯᠡᠬᠡᠢ ᠳᠡᠭᠡᠷ᠎ᠡ ᠭᠠᠭᠴᠠᠬᠠᠨ ᠱᠠᠭ᠎ᠠ ᠶ᠋ᠢᠨ ᠨᠣᠶᠠᠷᠬᠠᠯ ᠪᠠᠢᠬᠤ ᠶᠣᠰᠣ ᠲᠠᠢ ᠭᠡᠮᠡᠨ ᠲᠦᠷᠢᠮᠡᠬᠡᠢ ᠪᠣᠳᠣᠯᠭ᠎ᠠ ᠪᠠᠷᠢᠮᠲᠠᠯᠠᠬᠤ ᠤᠴᠢᠷ ᠴᠢᠩᠭᠢᠰ ᠬᠠᠭᠠᠨ ᠤ᠋ ᠳᠠᠬᠢᠨ ᠢᠯᠡᠭᠡᠭᠰᠡᠨ ᠡᠯᠴᠢ ᠶ᠋ᠢ ᠴᠦ᠍ ᠲᠣᠭᠣᠵᠤ ᠦᠵᠡᠭᠡ ᠦᠭᠡᠢ᠃ ᠬᠣᠷᠸᠰᠮ ᠤ᠋ᠨ ᠱᠠᠭ᠎ᠠ《ᠪᠦᠳᠦᠭᠦᠯᠢᠭ᠂ ᠴᠥᠭᠡᠨ ᠮᠣᠩᠭᠣᠯᠴᠤᠳ ᠲᠡᠷᠡ ᠲᠡᠢ᠂ ᠲᠡᠷᠡ ᠦᠭᠡᠢ ᠮᠢᠨᠦ ᠭᠠᠷ ᠲᠤ᠌》 ᠭᠡᠮᠡᠨ ᠪᠣᠳᠣᠵᠤ ᠪᠠᠢᠵᠠᠢ᠃ ᠡᠨᠡ ᠦᠶ᠎ᠡ ᠳ᠋ᠦ᠍ ᠲᠤᠭᠤᠷᠭ᠎ᠠ ᠲᠤᠰᠠᠭᠠᠷ ᠨᠢᠭᠡᠳᠦᠭᠰᠡᠨ ᠮᠣᠩᠭᠣᠯ ᠤᠯᠤᠰ ᠴᠢᠩᠭᠢᠰ ᠬᠠᠭᠠᠨ ᠤ᠋ ᠲᠤᠭ ᠰᠦᠯᠳᠡ ᠳᠣᠣᠷ᠎ᠠ ᠡᠭᠦᠰᠦᠨ ᠪᠠᠢᠭᠤᠯᠤᠭᠳᠠᠵᠤ᠂ ᠬᠦᠴᠦ ᠲᠡᠩᠬᠡᠭᠡ ᠪᠡᠨ ᠠᠪᠴᠤ ᠪᠠᠢᠪᠠ᠃ ᠨᠢᠭᠡᠳᠦᠭᠰᠡᠨ ᠮᠣᠩᠭᠣᠯ ᠤᠯᠤᠰ ᠲᠤ᠌ ᠤᠢᠭᠤᠷ᠂ ᠬᠠᠷᠠᠯᠠᠭ᠂ ᠣᠢᠷᠠᠳ᠂ ᠣᠢ ᠶ᠋ᠢᠨ ᠢᠷᠭᠡᠳ ᠬᠢᠷᠭᠢᠰ ᠦ᠋ᠳ ᠳᠠᠭᠠᠷ᠎ᠠ ᠣᠷᠣᠵᠤ᠂ ᠠᠯᠲᠠᠨ ᠤᠯᠤᠰ ᠤ᠋ᠨ ᠤᠮᠠᠷᠠᠲᠤ ᠬᠡᠰᠡᠭ᠂ ᠬᠠᠷ᠎ᠠ ᠬᠢᠳᠠᠨ ᠢ᠋ ᠪᠠᠢᠯᠳᠤᠨ ᠡᠵᠡᠯᠡᠭᠰᠡᠨ ᠲᠤᠯᠠ ᠭᠠᠵᠠᠷ ᠨᠤᠲᠤᠭ᠂ ᠬᠥᠮᠦᠨ ᠬᠦᠴᠦᠨ ᠦ᠌ ᠬᠤᠪᠢ ᠳ᠋ᠤ᠌ ᠪᠠᠰᠤᠮᠵᠢᠯᠠᠬᠤ ᠠᠷᠭ᠎ᠠ ᠦᠭᠡᠢ ᠶᠡᠬᠡ ᠬᠦᠴᠦ ᠲᠡᠢ ᠭᠦᠷᠦᠨ ᠪᠣᠯᠤᠭᠰᠠᠨ ᠢ᠋ ᠱᠠᠭ᠎ᠠ ᠬᠢᠭᠡᠳ ᠲᠡᠭᠦᠨ ᠦ᠌ ᠤᠯᠤᠰ ᠲᠥᠷᠥ ᠶ᠋ᠢᠨ ᠪᠣᠳᠣᠯᠭᠠᠲᠠᠨ ᠤᠬᠠᠭᠠᠷᠠᠭ᠎ᠠ ᠦᠭᠡᠢ ᠠᠵᠤᠭᠤ᠃ ᠶᠡᠷᠦ ᠡᠴᠡ ᠴᠦ᠍ ᠨᠢᠭᠡᠳᠦᠭᠰᠡᠨ ᠪᠣᠳᠣᠯᠭ᠎ᠠ ᠦᠭᠡᠢ᠂ ᠲᠠᠩᠰᠤᠭ ᠭᠣᠶᠣᠮᠰᠣᠭ᠂ ᠪᠠᠶᠠᠨ ᠬᠣᠲᠠ ᠨᠤᠭᠤᠳ ᠨᠡᠪᠲᠡᠷᠡᠬᠦ ᠠᠷᠭ᠎ᠠ ᠦᠭᠡᠢ ᠵᠤᠵᠠᠭᠠᠨ ᠬᠡᠷᠡᠮ᠂ ᠲᠡᠮᠦᠷ ᠬᠠᠭᠠᠯᠭᠠᠨ ᠤ᠋ ᠪᠠᠨ ᠴᠠᠭᠠᠨ᠎ᠠ ᠪᠦᠭᠭᠦᠵᠦ ᠲᠡᠭᠦᠨ ᠳ᠋ᠡᠭᠡᠨ ᠬᠠᠮᠤᠭ ᠨᠠᠢᠳᠠᠯᠭ᠎ᠠ ᠲᠠᠯᠪᠢᠭᠰᠠᠨ ᠰᠠᠯᠤᠩᠭᠢ ᠲᠤᠰᠠᠭᠠᠷ ᠮᠠᠶᠢᠭ ᠲᠠᠢ ᠠᠵᠢ᠃
ᠲᠡᠢᠨ ᠡᠬᠢᠯᠡᠬᠦ ᠦᠶ᠎ᠡ ᠳ᠋ᠦ᠍ ᠱᠠᠭ᠎ᠠ ᠶ᠋ᠢᠨ ᠣᠷᠳᠣᠨ ᠳ᠋ᠤ᠌ ᠬᠠᠨ ᠮᠡᠯᠢᠭ᠂ ᠬᠠᠨ ᠬᠦᠦ ᠰᠥᠯᠲ᠋ᠡᠨ ᠵᠡᠯᠡᠯᠳᠢᠨ ᠬᠣᠶᠠᠷ ᠶᠡᠬᠡ ᠴᠡᠷᠢᠭ ᠢ᠋ᠶ᠋ᠡᠷ ᠤᠭᠲᠤᠨ ᠪᠠᠢᠯᠳᠤᠬᠤ ᠭᠡᠰᠡᠨ ᠨᠢᠭᠡ ᠪᠣᠳᠣᠯ ᠲᠠᠢ ᠪᠠᠢᠬᠤ ᠳ᠋ᠤ᠌ ᠱᠠᠭ᠎ᠠ ᠲᠡᠷᠢᠭᠦᠲᠦ ᠰᠢᠳᠠᠷ ᠤ᠋ᠳ ᠬᠢᠭᠡᠳ ᠬᠣᠲᠠ ᠶ᠋ᠢᠨ ᠳᠠᠷᠤᠭ᠎ᠠ ᠨᠠᠷ ᠬᠣᠲᠠ ᠬᠣᠲᠠ ᠪᠠᠨ ᠬᠠᠮᠠᠭᠠᠯᠠᠵᠤ᠂ ᠮᠣᠩᠭᠣᠯ ᠴᠡᠷᠢᠭ ᠢ᠋ ᠬᠠᠨ᠎ᠠ ᠬᠡᠷᠡᠮ ᠲᠡᠢ ᠪᠡᠨ ᠨᠣᠴᠣᠯᠳᠤᠭᠤᠯᠬᠤ ᠪᠣᠳᠣᠯᠭ᠎ᠠ ᠪᠠᠷᠢᠮᠲᠠᠯᠠᠵᠤ ᠱᠠᠭ᠎ᠠ ᠶ᠋ᠢᠨ ᠲᠠᠯ᠎ᠠ ᠳᠠᠢᠯᠠᠭᠰᠠᠨ ᠪᠠᠢᠨ᠎ᠠ᠃
ᠤᠳᠠᠯ ᠦᠭᠡᠢ ᠣᠲ᠋ᠷᠠᠷᠷ᠂ ᠰᠡᠮᠢᠰᠬᠢᠪ᠂ ᠪᠠᠯᠬ᠎ᠠ᠂ ᠨᠣᠰᠲ᠋ᠷᠦᠳ᠋᠂ ᠪᠠᠨᠢ — ᠶᠠᠨ ᠤ᠋ ᠬᠣᠲᠠ ᠨᠤᠭᠤᠳ ᠪᠦᠰᠡᠯᠡᠭᠳᠡᠵᠡᠢ᠃ ᠳᠤᠮᠳᠠᠳᠤ ᠠᠽᠢᠶ᠎ᠠ ᠶ᠋ᠢᠨ ᠬᠢᠨ ᠦ᠌ ᠬᠡᠨ ᠦ᠌ ᠴᠦ᠍ ᠰᠠᠨᠠᠭ᠎ᠠ ᠵᠡᠭᠦᠳᠦᠨ ᠳ᠋ᠦ᠍ ᠣᠷᠣᠭ᠎ᠠ ᠦᠭᠡᠢ ᠡᠪᠳᠡᠨ ᠰᠦᠢᠳᠬᠡᠬᠦ ᠬᠦᠨᠳᠦ ᠬᠥᠩᠭᠡᠨ ᠬᠢᠴᠡ ᠶ᠋ᠢᠨ ᠴᠢᠳᠥᠷ ᠣᠨᠢᠰᠣ ᠬᠡᠮᠡᠬᠦ ᠠᠶᠤᠮᠰᠢᠭ ᠲᠠᠢ ᠵᠡᠪᠰᠡᠭ ᠢ᠋ ᠬᠢᠲᠠᠳ ᠠ᠋ᠴᠠ ᠬᠢᠲᠠᠳ ᠤ᠋ᠳ ᠢ᠋ᠶ᠋ᠠᠷ ᠴᠢᠷᠦᠭᠦᠯᠦᠨ ᠠᠪᠴᠢᠷᠠᠵᠤ ᠬᠣᠲᠠ ᠶ᠋ᠢᠨ ᠪᠡᠬᠢᠯᠡᠯᠲᠡ ᠶ᠋ᠢ ᠡᠪᠳᠡᠵᠦ ᠡᠬᠢᠯᠡᠪᠡ᠃ ᠲᠡᠷᠡ ᠨᠢ ᠮᠥᠷᠭᠥᠬᠦ᠂ ᠲᠦᠯᠬᠢᠬᠦ᠂ ᠶᠣᠪᠣᠷᠬᠤ ᠲᠡᠳᠦᠢ ᠦᠭᠡᠢ ᠥᠨᠳᠥᠷ ᠬᠡᠷᠡᠮ ᠴᠠᠮᠬᠠᠭ ᠤ᠋ᠨ ᠳᠡᠭᠡᠭᠦᠷ ᠴᠢᠯᠠᠭᠤ᠂ ᠤᠯᠠᠢᠰᠬᠠᠭᠰᠠᠨ ᠴᠢᠯᠠᠭᠤ᠂ ᠭᠠᠯᠲᠤ ᠲᠣᠷᠬ᠎ᠠ ᠲᠠᠢ ᠲᠣᠰᠣ ᠰᠢᠳᠡᠯᠡᠨ᠂ ᠰᠦᠢᠳᠬᠡᠬᠦ ᠦᠭᠡᠢ ᠶᠠᠭᠤᠮ᠎ᠠ ᠦᠭᠡᠢ ᠬᠣᠲᠠ ᠨᠤᠭᠤᠳ ᠬᠡᠳᠦᠢᠪᠡᠷ ᠰᠠᠷ᠎ᠠ᠂ ᠬᠡᠳᠦᠨ ᠰᠠᠷ᠎ᠠ ᠪᠠᠷ ᠳᠠᠰᠪᠠᠴᠤ ᠡᠪᠳᠡᠷᠡᠵᠦ ᠰᠦᠢᠳᠦᠨ ᠡᠵᠡᠯᠡᠭᠳᠡᠭᠰᠡᠭᠡᠷ ᠪᠠᠢᠪᠠ᠃ ᠠᠷᠭ᠎ᠠ ᠦᠭᠡᠢ ᠶ᠋ᠢᠨ ᠡᠷᠬᠡᠨ ᠳ᠋ᠦ᠍ ᠱᠠᠭ᠎ᠠ᠂ ᠬᠦᠦ ᠵᠠᠯᠠᠯᠲᠢᠨ᠂ ᠮᠡᠯᠢᠭ ᠨᠠᠷ ᠬᠣᠲᠠ ᠠ᠋ᠴᠠ ᠭᠠᠷᠴᠤ ᠪᠠᠢᠯᠳᠤᠪᠠᠴᠤ ᠢᠯᠠᠭᠳᠠᠯ ᠬᠦᠯᠢᠶᠡᠭᠰᠡᠭᠡᠷ ᠪᠤᠬᠠᠷ᠂ ᠰᠠᠮᠠᠷᠺᠠᠨᠳ᠋ ᠴᠦ᠍ ᠰᠦᠢᠳᠴᠡᠢ᠃
ᠡᠨᠡ ᠲᠡᠢᠨ ᠳ᠋ᠦ᠍ ᠪᠤᠭᠤᠷᠴᠢ ᠶᠠᠪᠤᠭ᠎ᠠ᠃ ᠲᠡᠷᠡ ᠪᠡᠷ ᠲᠤᠯᠤᠢ ᠶ᠋ᠢᠨ ᠵᠥᠪᠯᠡᠬᠦ ᠪᠡᠷ ᠢᠷᠥ᠂ ᠡᠢᠰᠪᠦ᠋ᠷ᠂ ᠰᠢᠰᠲ᠋ᠠᠨ ᠢ᠋ ᠡᠵᠡᠯᠡᠨ ᠠᠪᠬᠤ ᠳ᠋ᠤ᠌ ᠣᠷᠣᠯᠴᠠᠨ᠂ ᠶᠠᠪᠤᠭᠠᠨ ᠳ᠋ᠠᠭᠠᠨ ᠬᠠᠭᠠᠨ ᠤ᠋ ᠳᠡᠷᠭᠡᠳᠡ ᠴᠡᠷᠢᠭ ᠦ᠋ᠨ ᠠᠷᠤ ᠲᠠᠯ᠎ᠠ ᠶ᠋ᠢ ᠬᠠᠷᠢᠭᠤᠴᠠᠨ ᠠᠭᠲᠠ ᠮᠣᠷᠢ᠂ ᠵᠠᠷ ᠵᠡᠪᠰᠡᠭ᠂ ᠬᠦᠨᠡᠰᠦ ᠬᠤᠪᠴᠠᠰᠤ ᠬᠠᠩᠭᠠᠨ ᠨᠡᠢᠯᠡᠭᠦᠯᠬᠦ ᠠᠯᠪᠠᠨ ᠳ᠋ᠤ᠌ ᠭᠣᠣᠯᠯᠠᠨ ᠶᠠᠪᠤᠵᠠᠢ᠃ ᠴᠡᠷᠢᠭ ᠠᠪᠴᠤ ᠪᠡᠶ᠎ᠡ ᠳᠠᠭᠠᠭᠠᠵᠤ ᠲᠡᠢᠨ ᠬᠢᠭᠰᠡᠨ ᠦᠭᠡᠢ᠃ ᠨᠠᠰᠤ ᠠᠬᠢᠭᠰᠠᠨ ᠬᠥᠮᠦᠨ ᠳ᠋ᠦ᠍ ᠡᠨᠡ ᠨᠢ ᠴᠦ᠍ ᠳᠡᠭᠡᠷ᠎ᠡ ᠪᠥᠯᠥᠭᠡ᠃ ᠡᠨᠡ ᠵᠠᠪᠰᠠᠷ ᠬᠠᠭᠠᠨ ᠬᠢᠭᠡᠳ ᠪᠤᠭᠤᠷᠴᠢ ᠵᠢᠷᠠ ᠳᠠᠪᠠᠵᠤ ᠵᠢᠷᠠᠨ ᠨᠢᠭᠡ ᠨᠠᠰᠤ ᠬᠦᠷᠪᠡ᠃ ᠵᠢᠷᠠᠨ ᠨᠢᠭᠡᠨ ᠨᠠᠰᠤ ᠮᠣᠩᠭᠣᠯ ᠬᠥᠮᠦᠨ ᠳ᠋ᠦ᠍ ᠴᠡᠭᠡᠷ ᠲᠡᠢ ᠬᠦᠨᠳᠦ ᠨᠠᠰᠤ ᠲᠤᠯᠠ ᠬᠠᠭᠠᠨ ᠴᠦ᠍ ᠪᠠᠰᠠ ᠨᠢᠭᠡ ᠶ᠋ᠢ ᠪᠣᠳᠣᠵᠤ ᠡᠮᠦᠨᠡᠲᠦ ᠰᠥᠩ ᠤᠯᠤᠰ ᠤ᠋ᠨ ᠴᠠᠩ ᠴᠦᠨ ᠪᠣᠮᠪᠣ ᠭᠡᠳᠡᠭ ᠡᠷᠲᠡᠨ ᠦ᠌ ᠪᠣᠮᠪᠣ ᠶ᠋ᠢᠨ ᠰᠤᠷᠭᠠᠯ ᠨᠣᠮᠯᠠᠭᠴᠢ ᠶ᠋ᠢ ᠤᠷᠢᠨ ᠵᠠᠯᠠᠵᠤ᠂ ᠲᠡᠷᠡ ᠨᠢ ᠪᠦᠲᠦᠨ ᠵᠢᠯ ᠦ᠋ᠨ ᠲᠤᠷᠰᠢ ᠶ᠋ᠢᠨ ᠠᠵᠢᠯ ᠬᠥᠯ ᠪᠣᠯᠵᠤ᠂ ᠬᠢᠲᠠᠳ᠂ ᠮᠣᠩᠭᠣᠯ ᠣᠷᠣᠨ ᠢ᠋ ᠲᠤᠭᠤᠯᠵᠤ ᠢᠷᠡᠬᠦᠢ ᠳ᠋ᠦ᠍ ᠪᠤᠭᠤᠷᠴᠢ ᠳ᠋ᠤ᠌ ᠲᠡᠷᠡ ᠬᠦᠨᠳᠦᠲᠡᠢ ᠵᠣᠴᠢᠨ ᠢ᠋ ᠤᠭᠲᠤᠨ᠂ ᠬᠠᠷᠠᠵᠤ ᠬᠠᠮᠠᠭᠠᠯᠠᠵᠤ ᠠᠪᠴᠢᠷᠠᠬᠤ ᠠᠯᠪᠠ ᠣᠨᠣᠭᠳᠠᠭᠰᠠᠨ ᠪᠠᠢᠨ᠎ᠠ᠃ ᠲᠡᠷᠡ ᠥᠨᠳᠥᠷ ᠨᠠᠰᠤ ᠲᠠᠢ ᠶᠡᠬᠡ ᠡᠷᠳᠡᠮ ᠲᠡᠢ ᠬᠥᠮᠦᠨ ᠴᠢᠩᠭᠢᠰ ᠬᠠᠭᠠᠨ ᠳ᠋ᠤ᠌ ᠪᠠᠷᠠᠭᠠᠯᠠᠬᠤ ᠳ᠋ᠠᠭᠠᠨ ᠨᠢᠭᠤᠷ ᠵᠠᠰᠠᠵᠤ《ᠴᠢ ᠮᠢᠩᠭ᠎ᠠ ᠲᠦᠮᠡ ᠨᠠᠰᠤᠯᠠᠨ᠎ᠠ》 ᠭᠡᠵᠦ ᠬᠡᠯᠡᠭᠰᠡᠨ ᠦᠭᠡᠢ᠃ ᠲᠡᠭᠡᠭᠡᠳ ᠴᠦ᠍《ᠬᠥᠮᠦᠨ ᠦ᠌ ᠲᠥᠷᠥᠬᠦ ᠦᠬᠦᠬᠦ ᠬᠣᠶᠠᠷ ᠦᠨᠡᠨ᠂ ᠨᠠᠰᠤ ᠬᠡᠮᠵᠢᠶ᠎ᠡ ᠬᠢᠵᠠᠭᠠᠷ ᠲᠠᠢ᠂ ᠭᠡᠬᠦ ᠳ᠋ᠡᠭᠡᠨ ᠬᠡᠳᠦ ᠨᠠᠰᠤᠯᠠᠬᠤ ᠳ᠋ᠤ᠌ ᠬᠠᠮᠢᠶᠠᠷᠬᠤ ᠰᠢᠯᠲᠠᠭᠠᠨ ᠣᠯᠠᠨ ᠪᠣᠯᠪᠠᠴᠤ ᠶᠡᠬᠡᠪᠴᠢᠯᠡᠨ ᠥᠪᠡᠷ ᠡᠴᠡ ᠪᠡᠨ ᠬᠠᠮᠢᠶᠠᠷᠬᠤ ᠬᠢᠭᠡᠳ ᠴᠢ ᠬᠥᠮᠦᠨ ᠡᠴᠡ ᠢᠯᠡᠭᠦᠦ ᠨᠠᠰᠤᠯᠠᠬᠤ ᠦᠭᠡᠢ》 ᠭᠡᠵᠦ ᠦᠨᠡᠨ ᠰᠢᠳᠤᠷᠭᠤ ᠥᠭᠦᠯᠡᠵᠦ᠂ ᠶᠢᠷᠲᠢᠨᠴᠦ ᠶ᠋ᠢᠨ ᠵᠢᠮ᠎ᠡ ᠶᠣᠰᠣᠨ ᠤ᠋ ᠲᠤᠬᠠᠢ ᠣᠯᠠᠨ ᠰᠤᠷᠭᠠᠯ ᠬᠡᠯᠡᠵᠦ ᠰᠡᠩᠬᠡᠷᠡᠭᠦᠯᠵᠡᠢ᠃
ᠨᠢᠭᠡᠨ ᠡᠳᠦᠷ ᠴᠢᠩᠭᠢᠰ᠂ ᠪᠣᠭᠣᠷᠴᠢ ᠶ᠋ᠢ ᠳᠠᠭᠤᠳᠠᠭᠤᠯᠤᠭᠰᠠᠨ ᠪᠠᠢᠨ᠎ᠠ᠃ ᠬᠠᠭᠠᠨ ᠳ᠋ᠤ᠌ ᠪᠠᠷᠠᠭᠠᠯᠠᠬᠤᠢ ᠳ᠋ᠤ᠌᠄
— ᠵᠠ ᠪᠤᠭᠤᠷᠴᠢ ᠮᠢᠨᠢ ᠨᠤᠲᠤᠭ ᠠ᠋ᠴᠠ ᠭᠠᠷᠤᠭᠠᠳ ᠳᠥᠷᠪᠡᠳᠡᠬᠢ ᠵᠢᠯ ᠳ᠋ᠡᠭᠡᠨ ᠶᠠᠪᠤᠵᠤ ᠪᠠᠢᠨ᠎ᠠ᠃ ᠡᠨᠳᠡ ᠶᠡᠬᠡ ᠭᠠᠵᠠᠷ ᠨᠤᠲᠤᠭ᠂ ᠣᠯᠠᠨ ᠬᠣᠲᠠ ᠶ᠋ᠢ ᠡᠷᠬᠡᠨ ᠳ᠋ᠡᠭᠡᠨ ᠣᠷᠣᠭᠤᠯᠤᠭᠰᠠᠨ ᠴᠦ᠍ ᠵᠠᠯᠠᠯᠳᠢᠨ ᠮᠡᠯᠢᠭ ᠨᠠᠷ ᠢ᠋ ᠠᠮᠢᠳᠤ ᠪᠠᠢᠭ᠎ᠠ ᠴᠠᠭ ᠲᠤ᠌ ᠲᠡᠢᠨ ᠢ᠋ ᠵᠣᠭᠰᠣᠭᠠᠵᠤ ᠪᠣᠯᠬᠤ ᠦᠭᠡᠢ᠃ ᠬᠡᠴᠢᠨᠡᠭᠡᠨ ᠪᠤᠴᠠᠬᠤ ᠰᠠᠨ᠂ ᠡᠵᠢ ᠶ᠋ᠢ ᠪᠡᠨ ᠮᠡᠨᠳᠦ ᠳ᠋ᠦ᠍ ᠦᠵᠡᠭᠳᠡᠬᠦ ᠰᠠᠨ᠂ ᠭᠡᠪᠡᠴᠦ ᠬᠦᠴᠦ ᠲᠡᠢ ᠬᠥᠮᠦᠰ ᠢ᠋ ᠦᠯᠡᠳᠡᠭᠡᠪᠡᠯ ᠬᠦᠴᠦ ᠲᠡᠢ ᠳᠠᠢᠰᠤᠨ ᠪᠣᠰᠴᠤ ᠢᠷᠡᠬᠦ ᠨᠢ ᠮᠠᠭᠠᠳ ᠭᠡᠵᠦ ᠰᠢᠨ᠎ᠠ ᠪᠠᠨ ᠲᠤᠯᠵᠤ ᠪᠣᠳᠣᠯᠭᠠᠰᠢᠷᠠᠭᠰᠠᠨ ᠢ᠋ᠶ᠋ᠠᠨ᠄
— ᠴᠢᠨᠦ ᠠᠪᠤ ᠡᠵᠢ ᠴᠢᠨᠢ ᠶᠠᠭᠠᠬᠢᠯ᠎ᠠ ᠭᠡᠵᠦ ᠠᠰᠠᠭᠤᠪᠠ᠃
— ᠠᠪᠤ ᠮᠢᠨᠢ ᠨᠠᠮ᠎ᠠ ᠶᠢ ᠨᠤᠲᠤᠭ ᠲᠠᠭᠠᠨ ᠪᠠᠢᠬᠤ ᠳ᠋ᠤ᠌ ᠥᠭᠡᠳᠡ ᠪᠣᠯᠤᠭᠰᠠᠨ᠃ ᠡᠵᠢ ᠶ᠋ᠢᠨ ᠪᠡᠶ᠎ᠡ ᠲᠠᠭᠠᠷᠠᠤ ᠪᠠᠢᠭᠰᠠᠨ᠃ ᠡᠳᠦᠢ ᠳ᠋ᠦ᠍ ᠶᠠᠭᠠᠬᠢᠭᠰᠠᠨ ᠴᠦ᠍ ᠪᠠᠢᠵᠤ ᠮᠡᠳᠡᠨ᠎ᠡ᠃ 《ᠭᠡᠮ!》 ᠭᠡᠮᠡᠨ ᠬᠠᠷᠠᠮᠰᠠᠨ ᠳᠤᠤᠭᠠᠷᠤᠭᠠᠳ᠄
— ᠴᠢ ᠪᠢᠳᠡ ᠬᠣᠶᠠᠷ ᠮᠠᠭᠤ ᠯᠠ ᠶᠤᠮ ᠳᠠ᠃ ᠶᠠᠭᠠᠬᠢᠶ᠎ᠠ ᠭᠡᠬᠦ ᠪᠣᠢ᠂ ᠮᠥᠩᠬᠡ ᠲᠩᠷᠢ ᠶ᠋ᠢᠨ ᠵᠠᠷᠯᠢᠭ ᠡᠢᠮᠦ ᠠᠵᠤᠭᠤ ᠭᠡᠪᠡ᠃ ᠬᠣᠶᠠᠭᠤᠯᠠ ᠬᠡᠰᠡᠭ ᠵᠠᠭᠤᠷ᠎ᠠ ᠴᠢᠪ ᠴᠢᠮᠡᠭᠡ ᠦᠭᠡᠢ ᠦᠷᠭᠦᠭᠡᠨ ᠳ᠋ᠦ᠍ ᠴᠦ᠍ ᠨᠠᠮ ᠭᠦᠮ᠃ ᠬᠠᠭᠠᠨ ᠪᠡᠷ ᠦᠭᠡ ᠪᠡᠨ ᠦᠷᠭᠦᠯᠵᠢᠯᠡᠭᠦᠯᠦᠨ᠄
— ᠨᠤᠲᠤᠭ ᠤ᠋ᠨ ᠦᠨᠳᠦᠰᠦᠨ ᠴᠡᠷᠢᠭ ᠦ᠋ᠳ ᠮᠠᠨᠢ ᠶᠡᠬᠡ ᠬᠣᠷᠣᠭᠳᠠᠯᠠ᠃ ᠶᠠᠩᠵᠤ ᠪᠦᠷᠢ ᠶ᠋ᠢᠨ ᠭᠠᠵᠠᠷ ᠠ᠋ᠴᠠ ᠳᠠᠢᠴᠢᠯᠠᠭᠰᠠᠨ ᠴᠡᠷᠢᠭ ᠴᠦ᠍ ᠣᠯᠠᠨ ᠪᠠᠢᠨ᠎ᠠ ᠯᠠ ᠳᠠ᠃ ᠶᠠᠳᠠᠵᠤ ᠥᠭᠡᠳᠡ ᠦᠭᠡᠢ ᠡᠪᠡᠳᠴᠢᠨ ᠭᠠᠷᠤᠭᠠᠳ ᠁ ᠬᠠᠷᠢᠨ ᠲᠡᠷᠡ ᠡᠪᠦᠭᠡᠨ ᠠᠷᠰᠢ ᠶᠡᠬᠡ ᠲᠤᠰᠠ ᠬᠦᠷᠭᠡᠯ᠎ᠡ᠃ ᠴᠢᠨᠠᠭᠰᠢᠳᠠ ᠡᠢᠮᠦ ᠡᠪᠡᠳᠴᠢᠨ ᠡᠴᠡ ᠬᠠᠮᠠᠭᠠᠯᠠᠬᠤ᠂ ᠰᠡᠷᠭᠡᠢᠯᠡᠬᠦ ᠲᠠᠯ᠎ᠠ ᠪᠠᠷ ᠶᠡᠬᠡ ᠦᠨᠡᠨ ᠶᠠᠭᠤᠮ᠎ᠠ ᠰᠤᠷᠭᠠᠯ᠎ᠠ᠃ ᠬᠠᠮᠢᠭ᠎ᠠ ᠭᠠᠵᠠᠷ ᠤ᠋ᠨ ᠡᠷᠳᠡᠮ ᠲᠡᠢ ᠬᠥᠮᠦᠨ ᠭᠡᠳᠡᠭ ᠦᠨᠡᠬᠡᠷ ᠰᠠᠢᠬᠠᠨ ᠶᠤᠮ᠃ ᠭᠡᠪᠡᠴᠦ ᠰᠡᠳᠬᠢᠯ ᠵᠣᠪᠠᠵᠤ ᠪᠠᠢᠭ᠎ᠠ ᠵᠦᠢᠯ ᠶᠡᠬᠡ ᠣᠯᠠᠨ ᠪᠠᠢᠨ᠎ᠠ᠃ ᠨᠤᠲᠤᠭ ᠣᠷᠣᠨ ᠳ᠋ᠤ᠌ ᠶᠠᠭᠤ ᠪᠣᠯᠵᠤ ᠪᠠᠢᠳᠠᠭ ᠪᠣᠯ? ᠵᠡᠪᠡ᠂ ᠰᠦᠪᠡᠭᠡᠳᠠᠢ ᠬᠣᠶᠠᠷ ᠥᠷᠥᠨ᠎ᠡ ᠵᠦᠭ ᠶᠠᠪᠤᠴᠢᠬᠠᠭᠠᠳ ᠤᠳᠠᠵᠤ ᠪᠠᠢᠨ᠎ᠠ᠃ ᠣᠯᠢᠭ ᠲᠠᠢ ᠰᠤᠷᠠᠭ ᠴᠢᠮᠡᠭᠡ ᠴᠦ᠍ ᠠᠯᠠᠭ᠎ᠠ᠃ ᠪᠠᠰᠠ ᠣᠳᠴᠢᠭᠢᠨ ᠳ᠋ᠤ᠌ ᠴᠡᠷᠢᠭ ᠳᠠᠢᠴᠢᠯᠠᠵᠤ ᠢᠷᠡᠭᠦᠯ ᠭᠡᠰᠡᠨ ᠲᠤᠰᠢᠶᠠᠯ ᠢᠯᠡᠭᠡᠭᠰᠡᠨ᠃ ᠪᠠᠷᠤᠭ ᠬᠣᠶᠠᠷ ᠰᠠᠷ᠎ᠠ ᠪᠣᠯᠵᠤ ᠪᠠᠢᠨ᠎ᠠ᠂ ᠬᠠᠷᠢᠭᠤ ᠴᠢᠮᠡᠭᠡ ᠠᠯᠠᠭ᠎ᠠ ᠭᠡᠵᠦ ᠣᠯᠠᠨ ᠵᠦᠢᠯ ᠳ᠋ᠦ᠍ ᠰᠠᠨᠠᠭᠠᠰᠢᠷᠠᠭᠰᠠᠨ ᠢ᠋ᠶ᠋ᠠᠨ ᠳᠤᠷᠠᠳᠤᠭᠠᠳ ᠡᠭᠴᠡᠯᠡᠨ ᠰᠠᠭᠤᠵᠤ᠄
— ᠴᠢ ᠨᠤᠲᠤᠭ ᠢ᠋ᠶ᠋ᠠᠨ ᠶᠠᠪᠤᠵᠤ ᠴᠡᠷᠢᠭ ᠴᠤᠭᠯᠠᠭᠤᠯᠵᠤ ᠢᠷ᠎ᠡ! ᠶᠠᠳᠠᠵᠤ ᠳᠣᠯᠣᠭ᠎ᠠ ᠠ᠋ᠴᠠ ᠠᠷᠪᠠᠨ ᠮᠢᠩᠭ᠎ᠠ ᠢᠯᠡᠭᠦᠦ ᠪᠣᠯ ᠰᠠᠢᠨ ᠭᠡᠪᠡ᠃《ᠨᠤᠲᠤᠭ ᠢ᠋ᠶ᠋ᠠᠨ ᠶᠠᠪᠤᠵᠤ ᠁ ᠢᠷ᠎ᠡ》 ᠭᠡᠰᠡᠨ ᠦᠭᠡ ᠶᠠᠭᠤ ᠲᠠᠢ ᠰᠠᠢᠬᠠᠨ᠃ ᠵᠣᠯ ᠲᠠᠢ ᠯᠠ ᠪᠤᠭᠤᠷᠴᠢ ᠳᠠᠭᠤ ᠠᠯᠳᠠᠴᠢᠬᠠᠭᠰᠠᠨ ᠦᠭᠡᠢ᠂ ᠪᠣᠰᠴᠤ ᠡᠪᠦᠳᠦᠭ ᠰᠥᠭᠥᠳᠦᠨ ᠮᠡᠬᠦᠢᠵᠦ ᠶᠣᠰᠣᠯᠠᠭᠠᠳ᠄
— ᠵᠠ᠂ ᠴᠢᠩᠭᠢᠰ ᠬᠠᠭᠠᠨ ᠤ᠋ ᠵᠠᠷᠯᠢᠭ ᠢ᠋ ᠶᠣᠰᠣᠴᠢᠯᠠᠨ ᠪᠡᠶᠡᠯᠡᠭᠦᠯᠦᠶ᠎ᠡ ᠭᠡᠪᠡ᠃
ᠢᠩᠭᠢᠭᠡᠳ ᠡᠪᠦᠭᠡᠨ ᠪᠤᠭᠤᠷᠴᠢ ᠭᠤᠷᠪᠠᠨ ᠴᠡᠷᠢᠭ ᠳᠠᠭᠠᠭᠤᠯᠤᠨ ᠵᠠᠮ ᠠ᠋ᠴᠠ ᠮᠣᠷᠢ ᠤᠯᠠᠭᠠᠴᠢ ᠳᠠᠢᠴᠢᠯᠠᠨ ᠡᠳᠦᠷ ᠰᠥᠨᠢ ᠦᠭᠡᠢ᠂ ᠪᠦᠰᠡ ᠲᠠᠢᠯᠤᠯ ᠦᠭᠡᠢ ᠳᠠᠪᠬᠢᠨ ᠵᠢᠷᠭᠤᠭ᠎ᠠ ᠬᠣᠨᠣᠵᠤ᠂ ᠳᠣᠯᠣᠭ᠎ᠠ ᠳ᠋ᠠᠬᠢ ᠡᠳᠦᠷ ᠦ᠋ᠨ ᠦᠳᠡ ᠬᠢᠷᠢ ᠳ᠋ᠦ᠍ ᠮᠥᠰᠥᠲᠦ ᠶ᠋ᠢᠨ ᠭᠣᠣᠯ ᠤᠷᠤᠭᠤ ᠣᠷᠣᠵᠤ ᠢᠷᠡᠯ᠎ᠡ᠃ ᠲᠡᠭᠦᠰᠬᠡᠨ ᠲᠡᠢ ᠪᠡᠨ ᠠᠮᠢᠳᠤ ᠮᠡᠨᠳᠦ ᠤᠴᠠᠷᠠᠬᠤ ᠶ᠋ᠢᠨ ᠪᠠᠶᠠᠷ ᠶᠠᠳᠠᠷᠠᠬᠤ ᠴᠤᠴᠠᠬᠤ ᠶ᠋ᠢ ᠮᠠᠷᠲᠠᠭᠤᠯᠵᠤ᠂ ᠥᠪᠡᠷ ᠦ᠋ᠨ ᠬᠦᠷᠢᠶ᠎ᠡ ᠭᠡᠷ ᠤᠷᠤᠭᠤ ᠣᠢᠷᠠᠳᠪᠠᠰᠤ ᠣᠯᠠᠨ ᠴᠡᠷᠢᠭ ᠵᠢᠭᠰᠠᠵᠤ ᠳᠠᠷᠤᠭ᠎ᠠ ᠨᠠᠷ ᠨᠢ ᠪᠠᠢᠷᠢ ᠪᠠᠨ ᠡᠵᠡᠯᠡᠭᠰᠡᠨ ᠬᠠᠷᠠᠭᠳᠠᠨ᠎ᠠ᠃《ᠶᠠᠭᠤ ᠪᠣᠯᠵᠤ ᠪᠠᠢᠨ᠎ᠠ ᠳᠠ?》 ᠭᠡᠮᠡᠨ ᠥᠪᠡᠷ ᠢ᠋ᠶ᠋ᠡᠨ ᠥᠪᠡᠷ ᠡᠴᠡ ᠪᠡᠨ ᠠᠰᠠᠭᠤᠵᠤ ᠭᠠᠢᠬᠠᠨ ᠣᠢᠷᠠᠳᠪᠠᠰᠤ ᠡᠮᠦᠨ᠎ᠡ ᠨᠢ ᠬᠣᠶᠠᠷ ᠬᠠᠮᠠᠭᠠᠯᠠᠭᠴᠢ᠂ ᠬᠥᠲᠥᠴᠢ ᠲᠡᠢ ᠬᠢᠲᠠᠳ ᠭᠠᠵᠠᠷ ᠤ᠋ᠨ ᠬᠥᠩᠭᠡᠨ ᠰᠡᠦᠬᠡ ᠲᠡᠷᠭᠡ ᠵᠣᠭᠰᠣᠭᠠᠵᠤ᠂ ᠭᠠᠵᠠᠷ ᠠ᠋ᠴᠠ ᠤᠷᠭᠤᠭᠰᠠᠨ ᠬᠠᠪᠲᠠᠭᠠᠢ ᠴᠢᠯᠠᠭᠤᠨ ᠳᠡᠭᠡᠷ᠎ᠡ ᠨᠢᠭᠡᠨ ᠡᠮᠡᠭᠲᠡᠢ ᠬᠥᠮᠦᠨ ᠵᠠᠳᠠᠭᠠᠢ ᠠᠮᠠ ᠲᠠᠢ ᠳᠠᠭᠤ ᠥᠰᠬᠡᠭᠴᠢ ᠬᠣᠭᠣᠯᠠᠢ ᠠᠮᠠᠨ ᠳ᠋ᠠᠭᠠᠨ ᠪᠠᠷᠢᠨ ᠦᠭᠡ ᠬᠡᠯᠡᠬᠦ ᠨᠢ ᠡᠬᠡᠨᠡᠷ ᠲᠡᠭᠦᠰᠬᠡᠨ ᠶᠠᠭᠠᠬᠢᠬᠤ ᠠᠷᠭ᠎ᠠ ᠦᠭᠡᠢ ᠮᠥᠨ᠃
ᠣᠢᠷᠠᠳᠴᠤ ᠣᠴᠢᠭᠠᠳ ᠬᠣᠭᠣᠯᠠᠢ ᠪᠠᠨ ᠵᠠᠰᠠᠭᠠᠳ ᠣᠷᠭᠢᠲᠠᠯ᠎ᠠ ᠨᠥᠭᠦᠭᠡ ᠲᠡᠭᠦᠰᠬᠡᠨ ᠴᠢᠨᠢ ᠡᠷᠭᠢᠵᠦ ᠬᠠᠷᠠᠩᠭᠤᠲᠠ ᠪᠠᠨ ᠡᠷ᠎ᠡ ᠨᠥᠬᠥᠷ ᠢ᠋ᠶ᠋ᠡᠨ ᠲᠠᠨᠢᠵᠤ ᠴᠢᠯᠠᠭᠤᠨ ᠳᠡᠭᠡᠷ᠎ᠡ ᠡᠴᠡ ᠪᠠᠷᠤᠭ ᠦᠰᠦᠷᠦᠨ ᠪᠠᠭᠤᠵᠤ᠂ ᠦᠭᠡ ᠪᠡᠨ ᠴᠦ᠍ ᠭᠦᠢᠴᠡᠭᠡᠯ ᠦᠭᠡᠢ ᠶᠠᠭᠠᠷᠠᠨ ᠮᠡᠭᠳᠡᠨ ᠢᠷᠡᠬᠦ ᠳ᠋ᠦ᠍ᠨᠢ ᠪᠤᠭᠤᠷᠴᠢ ᠮᠣᠷᠢᠨ ᠠ᠋ᠴᠠ ᠪᠠᠨ ᠪᠠᠭᠤᠵᠤ ᠲᠡᠪᠡᠷᠢᠨ ᠠᠪᠤᠪᠠ᠃ ᠡᠬᠡᠨᠡᠷ᠄
— ᠴᠢ ᠮᠢᠨᠢ ᠬᠦᠷᠦᠭᠡᠳ ᠢᠷᠡᠪᠡ ᠤᠤ? ᠢᠩᠭᠢᠵᠦ ᠠᠮᠢᠳᠤ ᠮᠡᠨᠳᠦ ᠠᠭᠤᠯᠵᠠᠳᠠᠭ ᠪᠠᠢᠵᠠᠢ ᠭᠡᠵᠦ ᠲᠡᠭᠦᠨ ᠢ᠋ ᠠᠷᠭᠠᠳᠠᠨ ᠢᠯᠠᠵᠤ《ᠵᠠ᠂ ᠢᠷᠡᠯ᠎ᠡ᠂ ᠠᠮᠢᠳᠤ ᠮᠡᠨᠳᠦ ᠠ᠋》 ᠭᠡᠮᠡᠨ ᠪᠤᠭᠤᠷᠴᠢ ᠠᠮᠠᠨ ᠳ᠋ᠠᠭᠠᠨ ᠥᠭᠦᠯᠡᠨ᠎ᠡ᠃
ᠴᠡᠷᠢᠭ ᠦ᠋ᠳ ᠶᠠᠭᠤ ᠪᠣᠯᠵᠤ ᠪᠠᠢᠭ᠎ᠠ ᠶ᠋ᠢ ᠳᠠᠭᠠᠪᠤᠷᠢᠯᠠ ᠭᠠᠳᠠᠷᠯᠠᠵᠤ᠂ ᠲᠠᠷ ᠬᠢᠲᠡᠯ᠎ᠡ ᠢᠨᠢᠶᠡᠭᠡ ᠦᠭᠡᠢ ᠴᠦ᠍ ᠳᠣᠣᠷ᠎ᠠ ᠪᠦᠷᠢ ᠳ᠋ᠡᠭᠡᠨ ᠢᠨᠢᠶᠡᠮᠰᠦᠭᠯᠡᠨ ᠪᠡᠶ᠎ᠡ ᠪᠡᠶ᠎ᠡ ᠳ᠋ᠡᠭᠡᠨ ᠨᠢᠳᠦ ᠢᠷᠮᠡᠯᠴᠡᠨ ᠱᠣᠣᠯᠠᠬᠤ ᠮᠠᠶᠢᠭ ᠲᠠᠢ᠃
ᠲᠡᠭᠦᠰᠬᠡᠨ ᠲᠠᠢᠪᠤᠰᠢᠷᠠᠵᠤ ᠰᠡᠳᠬᠢᠯ ᠠᠭᠤᠵᠢᠷᠠᠨ ᠤᠷᠲᠤ ᠪᠠᠷ ᠰᠠᠨᠠᠭ᠎ᠠ ᠠᠯᠳᠠᠭᠠᠳ᠄
— ᠴᠢ ᠮᠢᠨᠢ ᠪᠦᠷ ᠢᠷᠡᠪᠡ ᠤᠤ? ᠲᠡᠢᠨ ᠳᠠᠭᠤᠰᠤᠭ᠎ᠠ ᠤᠤ?
— ᠦᠭᠡᠢ᠂ ᠴᠡᠷᠢᠭ ᠠᠪᠬᠤ ᠭᠡᠵᠦ ᠁
— ᠲᠡᠭᠡᠪᠡᠯ ᠴᠡᠷᠢᠭ ᠴᠢᠨᠢ ᠡᠨᠡ ᠭᠡᠵᠦ ᠲᠡᠭᠦᠰᠬᠡᠨ ᠦᠭᠡ ᠪᠡᠨ ᠲᠠᠰᠤᠯᠤᠭᠠᠳ᠂
— ᠬᠦᠦ ᠮᠢᠨᠢ ᠰᠠᠢᠨ ᠤᠤ?
— ᠬᠦᠦ ᠰᠦᠪᠡᠭᠡᠳᠠᠢ ᠵᠠᠩᠵᠤᠨ ᠤ᠋ ᠣᠷᠣᠯᠠᠭᠴᠢ᠂ ᠭᠣᠣᠯ ᠵᠠᠭᠤᠲᠤ ᠶ᠋ᠢᠨ ᠳᠠᠷᠤᠭ᠎ᠠ᠂ ᠠᠯᠪᠠᠨ ᠬᠡᠷᠡᠭ ᠢ᠋ ᠴᠦ᠍ ᠬᠥᠲᠥᠯᠵᠦ ᠶᠠᠪᠤᠳᠠᠭ᠃ ᠬᠠᠷᠢᠨ ᠥᠷᠥᠨ᠎ᠡ ᠵᠦᠭ ᠲᠦ᠍ ᠲᠤᠩ ᠬᠣᠯᠠ ᠳᠠᠢᠳᠤᠵᠤ ᠶᠠᠪᠤᠭ᠎ᠠ᠃ ᠰᠥᠪᠡᠬᠡᠳᠠᠢ ᠶ᠋ᠢᠨ ᠳᠡᠷᠭᠡᠳᠡ ᠠᠵᠢᠷᠠᠬᠤ ᠦᠭᠡᠢ ᠠ᠋᠃
— ᠬᠣᠶᠠᠷ ᠬᠦᠷᠭᠡᠨ ᠮᠢᠨᠢ?
— ᠶᠡᠬᠡ ᠨᠢ ᠮᠢᠩᠭᠠᠲᠤ ᠴᠡᠷᠢᠭ ᠦ᠋ᠨ ᠳᠠᠷᠤᠭ᠎ᠠ᠂ ᠭᠠᠢ ᠦᠭᠡᠢ ᠰᠤᠷᠠᠭ ᠲᠠᠢ᠃ ᠪᠠᠭ᠎ᠠ ᠨᠢ ᠠᠷᠪᠠᠲᠤ ᠶ᠋ᠢᠨ ᠳᠠᠷᠤᠭ᠎ᠠ᠂ ᠶᠡᠬᠡ ᠰᠠᠢᠨ ᠳᠠᠢᠴᠢᠨ᠃ ᠳᠠᠷᠤᠭ᠎ᠠ ᠨᠢ ᠳᠡᠪᠰᠢᠭᠦᠯᠦᠨ᠎ᠡ ᠭᠡᠰᠡᠨ᠂ ᠳᠡᠪᠰᠢᠭᠡ ᠪᠤᠶᠤ᠃
— ᠲᠠ ᠨᠠᠷ ᠪᠡᠶ᠎ᠡ ᠪᠡᠶ᠎ᠡ ᠡᠴᠡ ᠪᠡᠨ ᠬᠣᠯᠠ ᠶᠠᠪᠤᠳᠠᠭ ᠶᠤᠮ ᠠ᠋?
— ᠲᠡᠭᠡᠯᠭᠦᠢ ᠶᠠᠭᠠᠬᠢᠬᠤᠪ᠃ ᠶᠡᠬᠡ ᠲᠣᠮᠣ ᠤᠯᠤᠰ ᠲᠤ᠌ ᠪᠣᠯᠵᠤ ᠪᠠᠢᠭ᠎ᠠ ᠲᠡᠢᠨ ᠰᠢᠦ ᠳᠡ᠃
— ᠠᠢ ᠬᠥᠭᠡᠷᠦᠬᠦᠢ᠂ ᠬᠡᠵᠢᠶ᠎ᠡ ᠳᠠᠭᠤᠰᠳᠠᠭ ᠲᠡᠢᠨ ᠶᠦᠮ ᠪᠣᠯ ᠳᠠ᠃ ᠤᠤᠨᠴᠢᠬᠢᠨ ᠨᠣᠶᠠᠨ ᠠ᠋ᠴᠠ ᠨᠠᠳᠠ ᠪᠠᠷᠠᠭᠤᠨ ᠭᠠᠷ ᠠ᠋ᠴᠠ ᠳᠥᠷᠪᠡᠨ ᠮᠢᠩᠭᠠᠨ ᠠ᠋ᠴᠠ ᠳᠣᠭᠣᠭᠰᠢ ᠴᠡᠷᠢᠭ ᠲᠠᠲᠠᠵᠤ ᠲᠠᠩᠭᠤᠳ ᠤ᠋ᠨ ᠨᠠᠭᠠᠨ᠎ᠠ ᠬᠢᠯᠢ ᠬᠠᠭᠠᠵᠤ ᠪᠠᠢᠭ᠎ᠠ ᠴᠢᠯᠠᠭᠤᠨ ᠬᠥᠯ ᠦ᠋ᠨ ᠭᠤᠴᠢᠨ ᠰᠤᠷᠭᠠᠭᠤᠯᠢ ᠲᠠᠢ ᠴᠡᠷᠢᠭ ᠢ᠋ᠶ᠋ᠡᠷ ᠰᠣᠯᠢᠵᠤ ᠲᠠ ᠨᠠᠷ ᠤᠷᠤᠭᠤ ᠶᠠᠪᠤᠭᠤᠯ ᠭᠡᠵᠦ ᠲᠤᠰᠢᠶᠠᠭᠰᠠᠨ ᠶᠤᠮ᠃ ᠴᠡᠷᠢᠭ ᠢ᠋ᠶ᠋ᠡᠨ ᠰᠣᠯᠢᠴᠢᠬᠠᠭᠰᠠᠨ᠃ ᠡᠳᠡᠨ ᠳ᠋ᠦ᠍ ᠠᠷᠪᠠᠨ ᠲᠠᠪᠤ ᠬᠣᠨᠣᠭ ᠤ᠋ᠨ ᠬᠣᠭᠣᠯᠠ ᠬᠦᠨᠡᠰᠦ ᠪᠡᠯᠡᠳᠬᠡᠵᠦ ᠥᠭᠭᠦᠭᠰᠡᠨ᠃ ᠬᠥᠮᠦᠨ ᠪᠦᠷᠢ ᠬᠣᠶᠠᠷ ᠮᠣᠷᠢ ᠲᠠᠢ᠂ ᠣᠳᠴᠢᠬᠢᠨ ᠨᠣᠶᠠᠨ ᠤ᠋ ᠴᠡᠷᠢᠭ ᠢᠷᠡᠬᠦ ᠶᠣᠰᠣ ᠲᠠᠢ᠃ ᠥᠪᠡᠷ ᠢ᠋ᠶ᠋ᠡᠨ ᠴᠦ᠍ ᠢᠷᠡᠵᠦ ᠮᠠᠭᠠᠳ ᠦᠭᠡᠢ ᠭᠡᠰᠡᠨ᠃ ᠬᠣᠶᠠᠷ ᠬᠣᠨᠣᠭ ᠬᠦᠯᠢᠶᠡᠯ᠎ᠡ᠃ ᠥᠨᠥᠳᠥᠷ ᠬᠡᠰᠢᠭ ᠰᠠᠢᠨ ᠡᠳᠦᠷ᠂ ᠵᠠᠮ ᠳ᠋ᠤᠨᠢ ᠭᠠᠷᠭᠠᠬᠤ ᠭᠡᠵᠦ ᠪᠠᠢᠲᠠᠯ᠎ᠠ ᠴᠢ ᠢᠷᠡᠯ᠎ᠡ᠃ ᠴᠡᠷᠢᠭ ᠢ᠋ᠶ᠋ᠡᠨ ᠬᠦᠯᠢᠶᠡᠵᠦ ᠠᠪ᠃ ᠣᠳᠣ ᠨᠠᠳᠠ ᠬᠠᠮᠢᠶ᠎ᠠ ᠦᠭᠡᠢ ᠭᠡᠳ ᠲᠡᠭᠦᠰᠬᠡᠨ ᠳᠠᠭᠤ ᠥᠰᠬᠡᠭᠴᠢ ᠪᠡᠨ ᠠᠮᠠᠨ ᠳ᠋ᠠᠭᠠᠨ ᠪᠠᠷᠢᠵᠤ ᠴᠡᠷᠢᠭ ᠦ᠋ᠳ ᠲᠦ᠍ ᠬᠠᠨᠳᠤᠨ᠄
— ᠬᠦᠯᠦᠭ ᠪᠠᠭᠠᠲᠤᠷ᠂ ᠥᠷᠯᠥᠭ ᠵᠠᠩᠵᠤᠨ ᠪᠣᠭᠣᠷᠴᠢ ᠢᠷᠡᠯ᠎ᠡ᠃ ᠲᠠ ᠨᠠᠷ ᠢ᠋ ᠡᠨᠡ ᠬᠥᠮᠦᠨ ᠮᠡᠳᠡᠨ᠎ᠡ ᠬᠡᠮᠡᠭᠡᠳ᠄
— ᠵᠠ᠂ ᠡᠪᠦᠭᠡᠨ ᠮᠢᠨᠢ᠂ ᠪᠢ ᠬᠠᠷᠢᠵᠤ ᠬᠣᠭᠣᠯᠠ ᠤᠮᠳᠠᠨ ᠤ᠋ ᠠᠶ᠎ᠠ ᠪᠣᠳᠣᠶ᠎ᠠ ᠭᠡᠳ ᠰᠡᠦᠬᠡ ᠲᠡᠷᠭᠡᠨ ᠳ᠋ᠡᠭᠡᠨ ᠰᠠᠭᠤᠲᠠᠯ᠎ᠠ ᠵᠢᠯᠣᠭᠣᠴᠢ ᠨᠢ ᠮᠣᠷᠢ ᠪᠠᠨ ᠵᠠᠯᠠᠵᠤ ᠬᠣᠶᠠᠷ ᠴᠡᠷᠢᠭ ᠳᠠᠭᠠᠵᠤ ᠶᠠᠪᠤᠯ᠎ᠠ᠃
ᠪᠣᠭᠣᠷᠴᠢ ᠴᠡᠷᠢᠭ ᠦ᠋ᠳ ᠤᠷᠤᠭᠤ ᠬᠠᠨᠳᠤᠨ ᠮᠡᠨᠳᠦᠯᠡᠭᠡᠳ᠂ ᠴᠢᠯᠠᠭᠤᠨ ᠳᠡᠪᠰᠡᠭ ᠳᠡᠭᠡᠷ᠎ᠡ ᠭᠠᠷᠴᠤ᠄
— ᠵᠠ ᠲᠠ ᠨᠠᠷ ᠠᠯᠤᠰ ᠬᠣᠯᠠ ᠶ᠋ᠢᠨ ᠠᠶᠠᠨ ᠲᠡᠢᠨ ᠳ᠋ᠦ᠍ ᠮᠣᠷᠳᠠᠵᠤ ᠪᠠᠢᠨ᠎ᠠ᠃ ᠡᠳᠦᠷ ᠲᠦ᠍160—170 ᠮᠣᠳᠣ ᠭᠠᠵᠠᠷ ᠶᠠᠪᠤᠭᠠᠳ ᠪᠠᠢᠪᠠᠯ ᠠᠷᠪᠠᠨ ᠲᠠᠪᠤ ᠬᠣᠨᠣᠭ ᠲᠤ᠌ ᠬᠦᠷᠦᠨ᠎ᠡ᠃ ᠵᠠᠮ ᠳ᠋ᠤ᠌ ᠲᠣᠬᠢᠶᠠᠯᠳᠤᠬᠤ ᠠᠷᠠᠳ ᠢᠷᠭᠡᠳ᠂ ᠬᠣᠲᠠ ᠰᠠᠭᠤᠷᠢᠨ ᠭᠠᠵᠠᠷ ᠠ᠋ᠴᠠ ᠶᠠᠮᠠᠷ ᠴᠤ᠌ ᠳᠠᠢᠴᠢᠯᠠᠭ᠎ᠠ ᠬᠢᠵᠦ᠂ ᠠᠶᠤᠯᠭᠠᠵᠤ ᠰᠦᠷᠳᠡᠭᠦᠯᠵᠦ ᠪᠣᠯᠬᠤ ᠦᠭᠡᠢ᠃ ᠵᠠᠮ ᠳ᠋ᠤ᠌ ᠪᠣᠯ ᠲᠠᠢᠪᠤᠩ ᠪᠠᠢᠭ᠎ᠠ᠃ ᠨᠠᠭᠠᠰᠢ ᠴᠠᠭᠠᠰᠢ ᠶᠠᠪᠤᠭ᠎ᠠ ᠬᠤᠳᠠᠯᠳᠤᠭᠠᠴᠢᠳ᠂ ᠮᠣᠩᠭᠣᠯ ᠭᠠᠵᠠᠷ ᠤᠷᠤᠭᠤ ᠢᠷᠡᠵᠦ ᠶᠠᠪᠤᠭ᠎ᠠ ᠠᠴᠢᠶ᠎ᠠ ᠬᠥᠰᠬᠡ᠂ ᠠᠵᠢᠯ ᠤ᠋ᠨ ᠬᠥᠮᠦᠨ ᠬᠦᠴᠦ ᠴᠥᠭᠡᠨ ᠲᠣᠭ᠎ᠠ ᠪᠠᠷ ᠲᠠᠭᠠᠷᠠᠯᠳᠤᠵᠤ ᠪᠣᠯᠤᠨ᠎ᠠ᠃ ᠲᠡᠳᠡᠨ ᠲᠡᠢ ᠴᠦ᠍ ᠠᠭᠤᠯᠵᠠᠵᠤ ᠤᠴᠠᠷᠠᠬᠤ ᠬᠡᠷᠡᠭ ᠦᠭᠡᠢ᠃ ᠮᠥᠷ ᠮᠥᠷ ᠢ᠋ᠶ᠋ᠡᠷ ᠢ᠋ᠶ᠋ᠡᠨ ᠯᠡ ᠶᠠᠪᠤ᠂ ᠡᠭᠦᠨ ᠢ᠋ ᠳᠠᠷᠤᠭ᠎ᠠ ᠨᠠᠷ ᠰᠠᠢᠨ ᠮᠡᠳᠡᠵᠦ᠂ ᠪᠠᠷᠢᠮᠲᠠᠯᠠᠬᠤ ᠬᠡᠷᠡᠭ ᠲᠡᠢ ᠭᠡᠳ ᠴᠢᠯᠠᠭᠤᠨ ᠳᠡᠭᠡᠷ᠎ᠡ ᠡᠴᠡ ᠪᠠᠭᠤᠵᠤ᠂ ᠳᠠᠷᠤᠭ᠎ᠠ ᠨᠠᠷ ᠲᠠᠢ ᠦᠭᠡ ᠰᠣᠯᠢᠯᠴᠠᠭᠠᠳ ᠶᠠᠪᠤᠵᠤ ᠤᠯᠠᠮ ᠢ᠋ᠶ᠋ᠠᠷ ᠴᠡᠷᠢᠭ ᠦ᠋ᠳ ᠦ᠋ᠨ ᠳᠤᠮᠳᠠᠭᠤᠷ ᠣᠷᠣᠵᠤ᠂ ᠠᠵᠢᠭᠯᠠᠨ ᠬᠠᠷᠠᠵᠤ᠂ ᠵᠠᠷᠢᠮ ᠠ᠋ᠴᠠ ᠨᠢ᠄ 《ᠬᠠᠮᠢᠭᠠᠬᠢ ᠶ᠋ᠢᠨ ᠬᠡᠨ ᠦ᠌ ᠠᠯᠪᠠᠲᠤ ᠪᠣᠢ? ᠴᠡᠷᠢᠭ ᠲᠦ᠍ ᠬᠡᠳᠦᠨ ᠵᠢᠯ ᠪᠣᠯᠵᠤ ᠪᠠᠢᠨ᠎ᠠ? ᠳᠠᠢᠳᠤᠵᠤ ᠦᠵᠡᠭᠰᠡᠨ ᠤᠤ? ᠬᠣᠯᠠ ᠶᠠᠪᠤᠬᠤ ᠶᠠᠮᠠᠷ ᠰᠠᠨᠠᠭᠳᠠᠨ᠎ᠠ ᠪᠣᠢ?》 ᠭᠡᠬᠦ ᠴᠥᠭᠡᠨ ᠠᠰᠠᠭᠤᠯᠲᠠ ᠲᠠᠯᠪᠢᠵᠤ ᠲᠣᠪᠴᠢᠬᠠᠨ ᠬᠠᠷᠢᠭᠤᠯᠲᠠ ᠠᠪᠤᠭᠠᠳ ᠪᠤᠴᠠᠵᠤ ᠥᠨᠥᠬᠢ ᠴᠢᠯᠠᠭᠤᠨ ᠳᠡᠭᠡᠷ᠎ᠡ ᠭᠠᠷᠤᠭᠠᠳ᠄
— ᠶᠠᠮᠠᠷ ᠨᠢᠭᠡ ᠡᠪᠡᠳᠴᠢᠨ ᠲᠡᠢ ᠴᠡᠷᠢᠭ ᠪᠠᠢᠨ᠎ᠠ ᠤᠤ? ᠲᠡᠭᠡᠪᠡᠯ ᠨᠠᠭᠠᠰᠢ ᠭᠠᠷᠤᠭᠠᠳ ᠢᠷ᠎ᠡ ᠭᠡᠯᠡ᠃ ᠭᠠᠭᠴᠠ ᠴᠤ᠌ ᠴᠡᠷᠢᠭ ᠭᠠᠷᠴᠤ ᠢᠷᠡᠭᠰᠡᠨ ᠦᠭᠡᠢ᠃
— ᠶᠡᠬᠡ ᠰᠠᠢᠨ ᠪᠠᠢᠨ᠎ᠠ᠂ ᠡᠷᠡᠭᠦᠯ ᠪᠡᠶ᠎ᠡ ᠳ᠋ᠦ᠍ ᠰᠠᠷᠠᠭᠤᠯ ᠤᠬᠠᠭᠠᠨ ᠣᠷᠣᠰᠢᠨ᠎ᠠ᠃ ᠵᠠ ᠬᠥᠳᠡᠯ᠃ ᠵᠠᠮ ᠳ᠋ᠠᠭᠠᠨ ᠰᠠᠢᠨ ᠶᠠᠪᠤᠭᠠᠷᠠᠢ᠃ ᠮᠢᠩᠭᠠᠲᠤ ᠶ᠋ᠢᠨ ᠳᠠᠷᠤᠭ᠎ᠠ ᠨᠠᠷ ᠨᠠᠳᠠ ᠳᠡᠭᠡᠷ᠎ᠡ ᠦᠯᠡᠳᠡ ᠭᠡᠪᠡ᠃
ᠬᠦᠯᠦᠭ ᠪᠠᠭᠠᠲᠤᠷ ᠮᠢᠩᠭᠠᠲᠤ ᠶ᠋ᠢᠨ ᠳᠠᠷᠤᠭ᠎ᠠ ᠨᠠᠷ ᠲᠠᠢ ᠰᠠᠭᠤᠵᠤ ᠨᠤᠲᠤᠭ ᠣᠷᠣᠨ ᠤ᠋ ᠪᠠᠢᠳᠠᠯ ᠵᠡᠷᠭᠡ ᠣᠯᠠᠨ ᠵᠦᠢᠯ ᠮᠡᠳᠡᠨ ᠠᠪᠴᠤ᠂ ᠠᠯᠢ ᠪᠣᠯᠬᠤ ᠰᠢᠭᠤᠷᠬᠠᠢ ᠶᠠᠪᠤᠵᠤ ᠨᠢᠭᠡ ᠬᠣᠨᠣᠭ ᠤ᠋ᠨ ᠨᠠᠭᠠᠨ᠎ᠠ ᠴᠤ᠌ ᠭᠡᠰᠡᠨ ᠬᠦᠷᠪᠡᠯ ᠰᠠᠢᠨ᠃ ᠡᠵᠡᠨ ᠬᠠᠭᠠᠨ ᠠᠷᠤ ᠲᠠᠯ᠎ᠠ ᠠ᠋ᠴᠠ ᠨᠡᠮᠡᠯᠲᠡ ᠬᠦᠴᠦ ᠶᠡᠬᠡ ᠬᠦᠰᠡᠵᠦ ᠪᠠᠢᠭ᠎ᠠ᠃ ᠣᠴᠢᠭᠠᠳ ᠲᠠ ᠨᠠᠷ ᠤᠨᠤᠭ᠎ᠠ ᠮᠣᠷᠢ᠂ ᠬᠣᠭᠣᠯᠠ ᠬᠦᠨᠡᠰᠦ᠂ ᠬᠤᠪᠴᠠᠰᠤ᠂ ᠵᠠᠷ ᠵᠡᠪᠰᠡᠭ ᠢ᠋ᠶ᠋ᠡᠷ ᠳᠤᠲᠠᠵᠤ ᠭᠠᠴᠢᠬᠤ ᠦᠭᠡᠢ᠃ ᠪᠦᠭᠦᠳᠡ ᠶ᠋ᠢ ᠡᠷᠬᠢᠯᠡᠨ ᠬᠠᠷᠢᠭᠤᠴᠠᠵᠤ ᠪᠡᠯᠡᠳᠬᠡᠳᠡᠭ ᠦᠢᠯᠡᠳᠪᠦᠷᠢᠯᠡᠯ ᠤᠷᠠᠯᠠᠯ ᠴᠥᠭᠡᠨ ᠦᠭᠡᠢ ᠪᠣᠢ ᠭᠡᠬᠦ ᠵᠡᠷᠭᠡ ᠲᠡᠳᠡᠨ ᠳ᠋ᠦ᠍ ᠵᠢᠭᠠᠪᠤᠷᠢ ᠵᠥᠪᠯᠡᠯᠭᠡ ᠥᠭᠭᠦᠭᠡᠳ ᠬᠠᠮᠲᠤ ᠮᠣᠷᠳᠠᠵᠤ᠂ ᠴᠡᠷᠢᠭ ᠦ᠋ᠳ ᠦ᠋ᠨ ᠠᠷᠤ ᠠ᠋ᠴᠠ ᠭᠦᠢᠴᠡᠵᠦ ᠣᠴᠢᠭᠠᠳ ᠳᠠᠪᠠᠭᠠᠨ ᠳᠡᠭᠡᠷ᠎ᠡ ᠭᠠᠷᠴᠤ᠂ ᠦᠯᠢ ᠶ᠋ᠢᠨ ᠣᠪᠣᠭᠠᠨ ᠳ᠋ᠤ᠌ ᠡᠷᠭᠦᠯ ᠡᠷᠭᠦᠵᠦ ᠲᠡᠨᠳᠡ ᠢᠳᠡᠭᠡ ᠴᠠᠭ᠎ᠠ ᠠᠮᠰᠠᠵᠤ᠂ ᠠᠷᠢᠬᠢ ᠰᠠᠷᠬᠤᠳ ᠰᠥᠩᠨᠡᠵᠦ ᠡᠷᠭᠦᠯᠴᠡᠭᠡᠳ ᠰᠠᠯᠬᠤ ᠶᠣᠰᠣ ᠬᠢᠵᠦ ᠭᠡᠷ ᠤᠷᠤᠭᠤ ᠪᠠᠨ ᠢᠷᠡᠪᠡ᠃
ᠡᠬᠡᠨᠡᠷ ᠢᠷᠡᠵᠦ ᠬᠣᠨᠢ ᠲᠥᠬᠥᠭᠡᠷᠦᠭᠡᠳ ᠭᠡᠳᠡᠰᠦ ᠳᠣᠲᠣᠷ᠂ ᠲᠤᠷᠤᠭ ᠮᠢᠬ᠎ᠠ ᠲᠣᠭᠣᠭ᠎ᠠ ᠲᠣᠭᠣᠭ᠎ᠠ ᠪᠠᠷ ᠴᠢᠨᠠᠴᠢᠬᠠᠭᠰᠠᠨ᠂ ᠳᠠᠩ ᠬᠤᠪᠴᠠᠰᠤ ᠲᠠᠢ ᠬᠥᠯᠥᠰᠥ ᠪᠡᠨ ᠭᠣᠭᠣᠵᠢᠭᠤᠯᠤᠭᠠᠳ ᠪᠠᠷᠵᠠᠭᠠᠷ ᠶᠠᠮᠪᠦᠦ ᠠᠯᠴᠢᠭᠤᠷ ᠢ᠋ᠶ᠋ᠠᠷ ᠠᠷᠴᠢᠨ ᠠᠭᠤᠷ ᠰᠠᠪᠰᠠᠭᠰᠠᠨ ᠮᠢᠬ᠎ᠠ ᠭᠠᠷᠭᠠᠵᠤ ᠲᠠᠪᠠᠭᠯᠠᠵᠤ ᠪᠠᠢᠨ᠎ᠠ᠃ ᠶᠠᠪᠠᠭᠠᠨ ᠰᠢᠷᠡᠭᠡᠨ ᠳᠡᠭᠡᠷ᠎ᠡ ᠢᠳᠡᠭᠡ ᠴᠠᠭ᠎ᠠ᠂ ᠠᠢᠷᠠᠭ ᠠᠮᠲᠠᠲᠠᠨ ᠢ᠋ ᠥᠷᠥᠵᠦ᠂ ᠪᠠᠰᠠ ᠠᠷᠢᠬᠢ ᠰᠠᠷᠬᠤᠳ ᠢ᠋ ᠴᠦ᠍ ᠮᠠᠷᠲᠠᠭᠰᠠᠨ ᠦᠭᠡᠢ᠂ ᠰᠢᠨ᠎ᠡ ᠬᠤᠪᠴᠠᠰᠤ ᠴᠤ᠌ ᠭᠠᠷᠭᠠᠨ ᠲᠠᠯᠪᠢᠴᠢᠬᠠᠵᠤ᠂ ᠪᠣᠭᠣᠷᠴᠢ ᠭᠡᠷ ᠲᠡᠭᠡᠨ ᠣᠷᠣᠵᠤ ᠢᠷᠡᠭᠡᠳ᠄
— ᠵᠠᠮ ᠤ᠋ᠨ ᠲᠣᠭᠣᠰᠣ ᠪᠠᠨ ᠵᠢᠭᠠᠬᠠᠨ ᠦᠷᠭᠦᠭᠡᠶᠡ ᠭᠡᠪᠡᠰᠦ ᠲᠡᠭᠦᠰᠬᠡᠨ ᠲᠦᠮᠫᠡᠨ ᠳ᠋ᠦ᠍ ᠪᠦᠯᠢᠶᠡᠨ ᠬᠤᠵᠢᠷ ᠲᠠᠢ ᠤᠰᠤ ᠬᠢᠵᠦ ᠲᠠᠯᠪᠢᠬᠤᠶᠠ ᠭᠡᠷ ᠦ᠋ᠨ ᠡᠵᠡᠨ ᠭᠤᠲᠤᠯ ᠢ᠋ᠶ᠋ᠠᠨ ᠲᠠᠢᠯᠵᠤ ᠬᠥᠯ ᠢ᠋ᠶ᠋ᠡᠨ ᠤᠬᠢᠶᠠᠵᠤ ᠠᠷᠴᠢᠭᠠᠳ᠂ ᠬᠤᠪᠴᠠᠰᠤ ᠪᠠᠨ ᠲᠠᠢᠯᠵᠤ ᠴᠡᠭᠡᠵᠢ ᠪᠡᠨ ᠭᠠᠷᠭᠠᠨ᠂ ᠲᠦᠮᠫᠡᠨ ᠳᠡᠭᠡᠷ᠎ᠡ ᠲᠣᠩᠭᠣᠢᠵᠤ ᠡᠬᠡᠨᠡᠷ ᠤᠰᠤ ᠬᠢᠵᠦ ᠦᠰᠦ ᠲᠣᠯᠣᠭᠠᠢ᠂ ᠨᠢᠴᠦᠭᠦᠨ ᠴᠡᠭᠡᠵᠢ ᠪᠡᠨ ᠤᠬᠢᠶᠠᠵᠤ ᠠᠷᠴᠢᠨ᠂ ᠡᠬᠡᠨᠡᠷ ᠦ᠋ᠨ ᠥᠭᠭᠦᠭᠰᠡᠨ ᠴᠢᠭᠢᠭ ᠲᠡᠢ ᠠᠯᠴᠢᠭᠤᠷ ᠢ᠋ᠶ᠋ᠠᠷ ᠳᠡᠪᠡᠯ ᠢ᠋ᠶ᠋ᠡᠨ ᠨᠥᠮᠥᠷᠴᠦ ᠪᠦᠬᠦ ᠪᠡᠶ᠎ᠡ ᠪᠡᠨ ᠠᠷᠴᠢᠨ᠂ ᠳᠠᠷᠠᠭ᠎ᠠ ᠨᠢ ᠬᠠᠭᠤᠷᠠᠢ ᠪᠠᠷ ᠪᠠᠰᠠ ᠠᠷᠴᠢᠭᠠᠳ ᠬᠤᠪᠴᠠᠰᠤ ᠪᠠᠨ ᠰᠣᠯᠢᠵᠤ ᠡᠮᠦᠰᠦᠭᠡᠳ ᠮᠠᠯᠠᠭᠠᠢ ᠪᠠᠨ ᠳᠣᠬᠤᠳᠠᠭᠤᠯᠤᠰᠬᠢᠨ ᠬᠣᠢᠮᠣᠷ ᠰᠠᠭᠤᠪᠠ᠃ ᠭᠡᠷ ᠦ᠋ᠨ ᠡᠵᠡᠭᠲᠡᠢ ᠨᠥᠬᠥᠷ ᠲᠡᠭᠡᠨ ᠴᠠᠢ ᠠᠶᠠᠭᠠᠯᠠᠨ ᠪᠠᠷᠢᠵᠤ᠂ ᠢᠳᠡᠭᠡ ᠴᠠᠭ᠎ᠠ ᠳ᠋ᠤ᠌ ᠭᠠᠷ ᠬᠦᠷᠬᠦ ᠵᠠᠭᠤᠷ᠎ᠠ ᠲᠡᠭᠦᠰᠬᠡᠨ ᠬᠤᠪᠴᠠᠰᠤ ᠪᠠᠨ ᠡᠮᠦᠰᠴᠦ ᠰᠠᠭᠤᠪᠠ᠃ ᠭᠠᠳᠠᠨ᠎ᠠ ᠠ᠋ᠴᠠ ᠠᠴᠢ ᠬᠦᠦ ᠣᠷᠣᠵᠤ ᠢᠷᠡᠯ᠎ᠡ᠃ ᠶᠠᠪᠤᠬᠤ ᠳ᠋ᠤ᠌ ᠠᠷᠪᠠᠨ ᠨᠢᠭᠡ ᠲᠡᠢ ᠪᠠᠢᠭᠰᠠᠨ᠂ ᠡᠳᠦᠭᠡ ᠠᠷᠪᠠᠨ ᠳᠥᠷᠪᠡᠲᠡᠢ ᠬᠥᠭᠡᠷᠦᠬᠦᠨ ᠡᠷ᠎ᠡ ᠪᠣᠯᠵᠠᠢ᠃ ᠬᠦᠦ ᠪᠡᠨ ᠦᠨᠦᠰᠴᠦ ᠢᠷᠦᠭᠡᠲᠡᠯᠡ ᠮᠥᠨ ᠡᠮᠦᠰᠬᠡᠯ ᠵᠡᠭᠦᠯᠲᠡ ᠪᠡᠷ ᠴᠢᠮᠡᠭᠰᠡᠨ ᠪᠡᠷᠢ ᠣᠷᠣᠵᠤ ᠢᠷᠡᠵᠦ ᠶᠣᠰᠣᠯᠠᠵᠤ ᠮᠥᠷᠭᠥᠪᠡ᠃ ᠥᠨᠥ ᠬᠣᠷᠢ ᠶᠢᠰᠦᠨ ᠨᠠᠰᠤ ᠲᠠᠢ ᠦᠵᠡᠰᠬᠦᠯᠡᠩ ᠲᠡᠭᠦᠯᠳᠡᠷ᠂ ᠲᠠᠪᠤᠨ ᠬᠡᠦᠬᠡᠳ ᠦ᠋ᠨ ᠡᠬᠡ᠂ ᠳᠠᠭᠠᠭᠤᠯᠵᠤ ᠣᠷᠣᠵᠤ ᠢᠷᠡᠭᠰᠡᠨ ᠪᠥᠰᠡᠨ ᠳ᠋ᠡᠭᠡᠨ ᠬᠤᠩᠬ᠎ᠠ ᠲᠠᠢ᠂ ᠤᠷᠲᠤ ᠳᠠᠬᠤ ᠲᠠᠢ ᠪᠢᠴᠢᠬᠠᠨ ᠬᠦᠦ ᠶ᠋ᠢ ᠬᠣᠶᠠᠷ ᠰᠠᠭᠤᠨ ᠠ᠋ᠴᠠ ᠡᠷᠭᠦᠨ ᠡᠪᠦᠭᠡ ᠡᠴᠢᠭᠡ ᠳ᠋ᠦ᠍ ᠮᠥᠷᠭᠥᠭᠦᠯᠦᠨ ᠦᠨᠦᠰᠦᠭᠦᠯᠪᠡ᠃ ᠲᠡᠢᠨ ᠳ᠋ᠦ᠍ ᠮᠣᠷᠳᠠᠬᠤ ᠳ᠋ᠤ᠌ ᠪᠡᠷᠢ ᠴᠣᠯᠪᠤ ᠬᠥᠯ ᠬᠦᠨᠳᠦ ᠦᠯᠡᠳᠡᠭᠰᠡᠨ᠃ ᠲᠥᠷᠥᠭᠰᠡᠨ ᠬᠦᠦ ᠣᠳᠣ ᠬᠡᠯᠡ ᠬᠥᠯ ᠳ᠋ᠦ᠍ ᠰᠦᠷᠡᠬᠡᠢ ᠣᠷᠣᠴᠢᠬᠠᠭᠰᠠᠨ᠂ ᠡᠪᠦᠭᠡ ᠡᠴᠢᠭᠡ ᠡᠴᠡ ᠪᠢᠰᠢᠭᠦᠷᠬᠡᠨ ᠬᠡᠳᠦᠢᠬᠦᠢ ᠳ᠋ᠦ᠍ ᠲᠠᠪᠠᠭ ᠲᠠᠢ ᠠ᠋ᠴᠠ ᠨᠢᠭᠡ ᠴᠢᠪᠠᠭ᠎ᠠ ᠠᠪᠴᠤ ᠥᠭᠭᠦᠭᠡᠳ᠄
— ᠨᠡᠷ᠎ᠡ ᠬᠡᠨ ᠪᠢᠯᠡ ᠳᠠ?
— ᠮᠥᠩᠬᠡ ᠭᠡᠵᠦ ᠡᠬᠡ ᠨᠢ ᠢᠨᠢᠶᠡᠨ ᠬᠡᠯᠡᠯ᠎ᠡ᠃
— ᠮᠥᠩᠬᠡ ᠲᠩᠷᠢ ᠶ᠋ᠢᠨ ᠬᠦᠴᠦᠨ ᠳ᠋ᠦ᠍ᠷ ᠮᠤᠨᠳᠠᠭ ᠪᠠᠭᠠᠲᠤᠷ ᠡᠷ᠎ᠡ ᠪᠣᠯ ᠭᠡᠵᠦ ᠡᠪᠦᠭᠡ ᠡᠴᠢᠭᠡ ᠢᠷᠦᠭᠡᠪᠡ᠃
ᠭᠠᠳᠠᠨ᠎ᠠ ᠠ᠋ᠴᠠ ᠵᠠᠷᠤᠴᠠ ᠠᠯᠪᠠᠲᠠᠨ ᠤ᠋ ᠠᠬᠠᠯᠠᠭᠴᠢ ᠣᠷᠣᠵᠤ ᠢᠷᠡᠭᠡᠳ ᠶᠣᠰᠣᠯᠠᠬᠤᠢ ᠲᠡᠭᠦᠨ ᠢ᠋《ᠰᠠᠭᠤ!》 ᠭᠡᠯᠡ᠃ ᠠᠶᠠᠭᠠᠴᠢ ᠰᠢᠨᠠᠭᠠᠴᠢ ᠴᠦ᠍ ᠣᠷᠣᠵᠤ ᠢᠷᠡᠯ᠎ᠡ᠃ ᠲᠡᠷᠡ ᠪᠡᠷ ᠠᠢᠷᠠᠭ ᠠᠷᠢᠬᠢ ᠰᠥᠩᠨᠡᠵᠦ᠂ ᠭᠡᠷ ᠦ᠋ᠨ ᠡᠵᠡᠨ᠂ ᠡᠵᠡᠭᠲᠡᠢ᠂ ᠪᠡᠷᠢ᠂ ᠠᠬᠠᠯᠠᠭᠴᠢ ᠨᠠᠷ ᠲᠤ᠌ ᠡᠷᠭᠦᠨ ᠪᠠᠷᠢᠬᠤᠢ᠄《ᠲᠠ ᠪᠦᠭᠦᠳᠡ ᠲᠡᠢ ᠪᠡᠨ ᠡᠩᠬᠡ ᠲᠤᠩᠬ᠎ᠠ ᠠᠭᠤᠯᠵᠠᠵᠤ ᠤᠴᠠᠷᠠᠭᠰᠠᠨ ᠤ᠋ ᠪᠠᠶᠠᠷ》 ᠬᠡᠮᠡᠭᠡᠳ ᠤᠷᠤᠭᠤᠯ ᠱᠦᠷᠭᠦᠭᠡᠨ ᠠᠮᠰᠠᠵᠠᠭᠠᠵᠤ ᠪᠥᠯᠥᠭᠡ᠃ ᠭᠠᠳᠠᠭᠤᠷ ᠮᠠᠯ ᠠᠵᠢᠯ ᠢ᠋ᠶ᠋ᠠᠷ ᠶᠠᠪᠤᠭ᠎ᠠ ᠠ᠋ᠴᠠ ᠪᠤᠰᠤᠳ ᠨᠢ ᠣᠷᠣᠵᠤ ᠢᠷᠡᠭᠰᠡᠨ᠃ ᠡᠨᠡ ᠭᠤᠷᠪᠠᠨ ᠵᠢᠯ ᠳ᠋ᠦ᠍ ᠪᠠᠰᠠ ᠴᠦ᠍ ᠬᠣᠷᠣᠭᠳᠠᠵᠤ ᠬᠠᠯᠢᠭᠰᠠᠨ ᠴᠦ᠍ ᠪᠣᠢ ᠯᠠ ᠭᠡᠨ᠎ᠡ᠃
ᠲᠡᠭᠦᠰᠬᠡᠨ ᠭᠠᠷ ᠵᠠᠪ ᠦᠭᠡᠢ᠂ ᠲᠣᠯᠣᠭᠠᠢ ᠰᠠᠵᠢᠵᠤ ᠠᠬᠠᠯᠠᠭᠴᠢ ᠶ᠋ᠢ ᠵᠢᠭᠠᠨ᠄
— ᠡᠨᠡ ᠮᠠᠨᠢ ᠰᠠᠶᠢ ᠨᠤᠲᠤᠭ ᠢ᠋ᠶ᠋ᠠᠷ ᠢ᠋ᠶ᠋ᠠᠨ ᠶᠠᠪᠤᠵᠤ ᠢᠷᠡᠭᠡᠳ ᠪᠠᠢᠭ᠎ᠠ ᠶᠤᠮ᠃ ᠪᠢ ᠡᠵᠢ ᠶ᠋ᠢ ᠡᠷᠭᠢᠭᠦᠯᠦᠭᠰᠡᠨ ᠭᠡᠪᠡ᠃ ᠪᠣᠭᠤᠷᠴᠢ ᠶᠡᠬᠡᠲᠡᠨ ᠪᠠᠶᠠᠷᠯᠠᠵᠤ᠄
— ᠡᠵᠢ ᠮᠢᠨᠢ ᠰᠠᠢᠨ ᠪᠠᠢᠨ᠎ᠠ ᠤᠤ? ᠪᠡᠶ᠎ᠡ ᠨᠢ ᠶᠠᠭᠠᠬᠢᠵᠤ ᠪᠠᠢᠨ᠎ᠠ?
— ᠤᠷᠢᠳᠤ ᠭᠠᠵᠠᠷ ᠠ᠋ᠴᠠ ᠣᠷᠬᠣᠳᠠᠢ ᠶ᠋ᠢᠨ ᠬᠠᠭᠳᠠ ᠭᠡᠨ᠎ᠡ ᠤᠤ᠂ ᠡᠮ ᠤᠤᠭᠤᠭᠠᠳ ᠶᠡᠬᠡ ᠰᠠᠢᠵᠢᠷᠠᠭᠰᠠᠨ ᠪᠠᠢᠨ᠎ᠠ᠃
— ᠶᠠᠭᠠᠬᠢᠮᠠᠢ᠂ ᠶᠠᠭᠠᠬᠢᠭᠰᠠᠨ ᠰᠠᠢᠨ ᠶᠤᠮ ᠪᠣᠢ? ᠨᠠᠮ᠎ᠠ ᠶ᠋ᠢ ᠢᠷᠡᠲᠡᠯ᠎ᠡ ᠲᠠᠵᠢ ᠦᠭᠡᠢ ᠨᠢ ᠤᠤ?
— ᠲᠠᠵᠢ ᠦᠭᠡᠢ ᠠ᠋᠂ ᠶᠡᠬᠡ ᠬᠥᠩᠭᠡᠬᠡᠨ ᠪᠠᠢᠨ᠎ᠠ ᠯᠠ ᠠ᠋᠃《ᠰᠠᠢᠨ᠂ ᠰᠠᠢᠨ》 ᠭᠡᠵᠦ ᠪᠣᠭᠤᠷᠴᠢ ᠶᠡᠬᠡ ᠪᠠᠶᠠᠷᠯᠠᠪᠠ᠃ ᠲᠡᠮᠦᠷ ᠦ᠋ᠨ ᠡᠬᠡᠨᠡᠷ ᠣᠷᠣᠵᠤ ᠢᠷᠡᠯ᠎ᠡ᠂ ᠲᠡᠷᠡ ᠪᠡᠷ ᠡᠵᠡᠨ ᠳ᠋ᠦ᠍ ᠶᠣᠰᠣᠯᠠᠵᠤ ᠰᠥᠭᠥᠳᠦᠨ ᠰᠠᠭᠤᠬᠤᠢ ᠢᠳᠡᠭᠡ ᠴᠠᠭ᠎ᠠ ᠭᠡᠮᠡᠨ ᠪᠦᠭᠦᠳᠡ ᠳ᠋ᠦ᠍ ᠯᠡ ᠠᠷᠢᠬᠢ ᠨᠡᠮᠡᠵᠦ ᠰᠥᠩᠨᠡᠵᠡᠭᠡᠪᠡ᠃
— ᠲᠡᠮᠦᠷ ᠲᠤᠩ ᠰᠠᠢᠨ ᠶᠠᠪᠤᠭ᠎ᠠ᠂ ᠪᠠᠭᠠᠲᠤᠷ ᠪᠣᠯᠤᠭᠰᠠᠨ ᠬᠡᠮᠡᠭᠡᠳ ᠪᠣᠭᠤᠷᠴᠢ ᠪᠣᠰᠴᠤ ᠭᠡᠷ ᠲᠦ᠍ ᠣᠷᠣᠭᠤᠯᠵᠤ ᠲᠠᠯᠪᠢᠭᠰᠠᠨ ᠰᠢᠷᠢᠨ ᠪᠣᠭᠴᠣ ᠲᠠᠢ ᠠᠴᠢᠶᠠᠨ ᠠ᠋ᠴᠠ ᠪᠠᠨ ᠲᠣᠮᠣᠬᠠᠨ ᠪᠣᠭᠣᠯᠲᠠ ᠲᠠᠢ ᠶᠠᠭᠤᠮ᠎ᠠ ᠭᠠᠷᠭᠠᠵᠤ ᠭᠡᠷᠭᠡᠢ ᠳ᠋ᠦ᠍ᠨᠢ《ᠲᠡᠮᠦᠷ ᠥᠭᠭᠦᠭᠰᠡᠨ》 ᠭᠡᠵᠦ ᠲᠣᠪᠴᠢᠬᠠᠨ ᠬᠡᠯᠡᠭᠡᠳ᠄
— ᠲᠡᠭᠦᠰᠬᠡᠨ᠂ ᠡᠭᠦᠨ ᠢ᠋ ᠳᠠᠷᠠᠭ᠎ᠠ ᠵᠠᠳᠠᠯᠵᠤ ᠪᠦᠭᠦᠳᠡ ᠳ᠋ᠦ᠍ ᠬᠦᠷᠲᠡᠭᠡᠷᠡᠢ ᠬᠡᠮᠡᠵᠡᠢ᠃
ᠲᠡᠮᠦᠷ ᠦ᠋ᠨ ᠭᠡᠷᠭᠡᠢ ᠨᠢᠯᠪᠤᠰᠤ ᠪᠠᠨ ᠪᠥᠮᠪᠥᠷᠢᠭᠦᠯᠦᠨ ᠠᠯᠠᠭ᠎ᠠ ᠪᠠᠷ ᠢ᠋ᠶ᠋ᠠᠨ ᠠᠷᠴᠢᠵᠤ᠄
— ᠪᠢ ᠶᠠᠪᠤᠶ᠎ᠠ ᠳᠠ᠂ ᠬᠠᠲᠤᠨ ᠠᠬᠠᠢ ᠭᠡᠪᠡᠰᠦ᠄
— ᠲᠡᠭᠡ ᠳᠡ ᠭᠡᠵᠦ ᠲᠡᠭᠦᠰᠬᠡᠨ ᠬᠡᠯᠡᠪᠡ᠃ ᠲᠡᠳᠡᠨ ᠦ᠌ ᠬᠢ ᠡᠨᠳᠡ ᠡᠴᠡ ᠰᠠᠭᠠᠬᠠᠯᠲᠠ ᠵᠠᠢᠳᠠᠭᠤ ᠠᠵᠢ᠃ ᠡᠵᠡᠨ ᠢᠷᠡᠭᠰᠡᠨ ᠢ᠋ ᠰᠣᠨᠣᠰᠤᠭᠠᠳ ᠶᠠᠭᠠᠷᠠᠨ ᠳᠠᠪᠬᠢᠵᠤ ᠢᠷᠡᠵᠡᠢ᠃ ᠪᠤᠰᠤᠳ ᠨᠢ ᠴᠦ᠍ ᠴᠤᠪᠤᠨ ᠤᠪᠤᠨ ᠶᠠᠪᠤᠴᠢᠬᠠᠯ᠎ᠠ᠂ ᠴᠤᠯᠪᠤ ᠭᠠᠷᠴᠤ ᠬᠡᠦᠬᠡᠳ ᠦ᠋ᠳ ᠲᠡᠭᠡᠨ ᠨᠡᠷ᠎ᠡ ᠨᠡᠷ᠎ᠡ ᠪᠡᠷ ᠳᠠᠭᠤᠳᠠᠨ ᠲᠦᠳᠡᠯ ᠦᠭᠡᠢ ᠠᠷᠪᠠᠭᠠᠳ ᠵᠢᠭᠠᠬᠠᠨ ᠬᠡᠦᠬᠡᠳ ᠣᠷᠣᠵᠤ ᠢᠷᠡᠪᠡ᠃ ᠲᠡᠳᠡ ᠪᠣᠭᠤᠷᠴᠢ ᠶ᠋ᠢ ᠢᠷᠡᠬᠦ ᠳ᠋ᠦ᠍ ᠭᠡᠷ ᠡᠴᠡ ᠵᠠᠢᠳᠠᠭᠤ ᠴᠢᠯᠠᠭᠤ ᠡᠷᠢᠵᠦ ᠲᠣᠭᠯᠠᠵᠤ ᠪᠠᠢᠭ᠎ᠠ ᠬᠠᠷᠠᠭᠳᠠᠭᠰᠠᠨ᠃ ᠡᠪᠦᠭᠡᠨ ᠢᠨᠢᠶᠡᠵᠦ᠄
— ᠮᠠᠨ ᠤ᠋ ᠬᠢ ᠨᠢ ᠠᠯᠢ᠂ ᠬᠥᠮᠦᠨ ᠦ᠌ ᠬᠢ ᠨᠢ ᠠᠯᠢᠨ ᠨᠢ ᠪᠣᠢ ᠳᠠ ᠭᠡᠪᠡᠯ᠄
— ᠮᠠᠨ ᠤ᠋ ᠬᠢ ᠭᠡᠵᠦ ᠭᠤᠷᠪᠠ ᠶ᠋ᠢ ᠨᠢ ᠦᠨᠦᠰᠦᠭᠦᠯᠪᠡᠰᠦ《ᠲᠣᠮᠣ ᠡᠷ᠎ᠡ ᠪᠣᠯᠵᠠᠢ》 ᠭᠡᠮᠡᠨ ᠦᠨᠦᠰᠦᠭᠡᠳ ᠪᠤᠰᠤᠳ ᠢ᠋ ᠨᠢ《ᠨᠠᠰᠢ ᠪᠠᠨ᠂ ᠨᠠᠰᠢ ᠪᠠᠨ》 ᠭᠡᠵᠦ ᠳᠠᠷᠠᠭᠠᠯᠠᠨ ᠦᠨᠦᠰᠴᠦ ᠪᠦᠭᠦᠳᠡ ᠳ᠋ᠦ᠍ᠨᠢ ᠠᠳᠬᠤᠨ ᠳ᠋ᠤ᠌ ᠪᠠᠭᠲᠠᠬᠤ ᠰᠢᠬᠢᠷ ᠵᠢᠮᠢᠰ ᠠᠪᠴᠤ ᠥᠭᠪᠡ᠃ ᠲᠡᠳᠡ ᠴᠦ᠍ ᠠᠳᠬᠤ ᠳᠦᠭᠦᠷᠡᠩ ᠣᠯᠵᠠᠨ ᠳ᠋ᠠᠭᠠᠨ ᠪᠠᠶᠠᠷᠯᠠᠵᠤ ᠬᠥᠭᠡᠷᠦᠭᠡᠳ ᠭᠠᠷᠴᠤ ᠣᠳᠵᠠᠭᠠᠪᠠ᠃
ᠣᠳᠣ ᠨᠢᠭᠡ ᠬᠠᠯᠠᠭᠤᠨ ᠠᠮᠢ ᠪᠠᠷ ᠦᠯᠡᠳᠡᠵᠦ ᠡᠪᠦᠭᠡᠨ ᠬᠠᠯᠠᠭᠤᠨ ᠴᠠᠢ ᠳ᠋ᠤ᠌ ᠥᠭᠡᠬᠦ ᠲᠡᠢ ᠮᠢᠬ᠎ᠠ ᠨᠢᠮᠭᠡᠬᠡᠨ ᠣᠭᠲᠣᠯᠵᠤ ᠬᠢᠵᠦ᠂ ᠴᠠᠢ ᠳ᠋ᠤ᠌ ᠭᠡᠰᠬᠡᠵᠦ ᠭᠠᠢᠯᠠᠩᠭᠤᠷᠳᠠᠭᠤᠯᠤᠨ ᠡᠮᠬᠦᠯᠡᠬᠦ ᠵᠠᠭᠤᠷ᠎ᠠ ᠭᠡᠷ ᠣᠷᠣᠨ ᠤ᠋ ᠲᠣᠭᠣᠷᠢᠨ ᠪᠠᠢᠳᠠᠯ ᠠ᠋ᠴᠠ ᠠᠰᠠᠭᠤᠵᠤ ᠶᠠᠷᠢᠯᠴᠠᠨ ᠪᠠᠢᠲᠠᠯ᠎ᠠ᠂
— ᠠᠪᠤ᠂ ᠲᠠ ᠪᠤᠷᠠᠬᠠᠢ ᠶ᠋ᠢᠨ ᠲᠤᠬᠠᠢ ᠭᠠᠭᠴᠠᠬᠠᠨ ᠴᠦ᠍ ᠦᠭᠡ ᠳᠤᠷᠠᠰᠬᠠᠬᠤ ᠦᠭᠡᠢ ᠶᠦᠮ ᠭᠡᠵᠦ ᠴᠤᠯᠪᠤ ᠬᠣᠭᠣᠯᠠᠢ ᠰᠠᠭᠠᠷᠠᠯᠲᠠᠭᠤᠯᠤᠨ ᠭᠣᠮᠣᠷᠬᠠᠤ ᠥᠭᠦᠯᠡᠪᠡ᠃
— ᠵᠠ᠂ ᠨᠡᠭᠡᠷᠡᠨ ᠪᠢ ᠶᠠᠷᠢᠭ᠎ᠠ ᠦᠭᠡᠢ ᠯᠡ ᠳᠡ᠃ ᠬᠦᠦ ᠮᠠᠨᠢ ᠰᠠᠢᠨ᠂ ᠰᠦᠪᠡᠭᠡᠳᠡᠢ ᠶ᠋ᠢᠨ ᠲᠤᠰᠠᠯᠠᠬᠤ ᠵᠠᠩᠵᠤᠨ᠃ ᠠᠵᠢᠯ ᠬᠡᠷᠡᠭ ᠢ᠋ ᠨᠢ ᠬᠠᠷᠢᠭᠤᠴᠠᠳᠠᠭ᠃ ᠳᠣᠲᠣᠭᠠᠳᠤ ᠵᠠᠭᠤᠲᠤ ᠶ᠋ᠢᠨ ᠵᠠᠬᠢᠷᠤᠭᠴᠢ ᠨᠢ᠃ ᠬᠠᠷᠢᠨ ᠲᠡᠷᠡ ᠥᠷᠥᠨ᠎ᠡ ᠵᠦᠭ ᠲᠦ᠍ ᠬᠣᠯᠠ᠂ ᠣᠷᠣᠰ ᠭᠠᠵᠠᠷ ᠪᠠᠢᠯᠳᠤᠵᠤ ᠶᠠᠪᠤᠭ᠎ᠠ᠃ ᠴᠣᠬᠣᠮ ᠭᠠᠷᠬᠤ ᠠ᠋ᠴᠠ ᠡᠮᠦᠨ᠎ᠡ ᠲᠣᠳᠣᠷᠬᠠᠢ ᠮᠡᠳᠡᠭᠡ ᠠᠪᠤᠭ᠎ᠠ ᠦᠭᠡᠢ ᠯᠡ ᠳᠡ᠃ ᠰᠠᠢᠨ᠂ ᠬᠦᠦ ᠮᠠᠨᠢ ᠰᠠᠢᠨ ᠶᠠᠪᠤᠭ᠎ᠠ᠃
— ᠶᠡᠬᠡ ᠯᠡ ᠬᠣᠯᠠ ᠭᠡᠬᠦ ᠭᠡᠳ ᠪᠡᠷᠢ ᠨᠢᠯᠪᠤᠰᠤ ᠪᠥᠮᠪᠥᠷᠢᠭᠦᠯᠦᠨ᠂ ᠪᠦᠷ ᠦᠩᠭᠢᠨᠡᠲᠡᠯᠡ ᠤᠬᠢᠯᠠᠪᠠ᠃
— ᠮᠢᠨᠦ ᠬᠦᠦ ᠪᠢᠲᠡᠭᠡᠢ ᠤᠬᠢᠯᠠ᠂ ᠰᠠᠢᠨ ᠶᠠᠪᠤᠭ᠎ᠠ᠃ ᠰᠦᠪᠡᠭᠡᠳᠠᠢ ᠪᠠᠭᠠᠲᠤᠷ ᠤ᠋ᠨ ᠳᠡᠷᠭᠡᠳᠡ ᠠᠵᠢᠷᠠᠬᠤ ᠦᠭᠡᠢ᠂ ᠲᠡᠷᠡ ᠬᠥᠮᠦᠨ ᠪᠣᠯ ᠲᠡᠢᠨ ᠦ᠌ ᠲᠩᠷᠢ ᠁
ᠡᠬᠡ ᠪᠠᠰᠠ ᠨᠢᠯᠪᠤᠰᠤ ᠭᠠᠷᠭᠠᠪᠠᠴᠤ ᠪᠡᠷᠢ ᠶ᠋ᠢ ᠪᠡᠨ ᠠᠷᠭᠠᠳᠠᠵᠤ《ᠪᠢᠲᠡᠭᠡᠢ ᠤᠬᠢᠯᠠ᠂ ᠰᠠᠢᠨ ᠯᠠ ᠭᠡᠵᠦ ᠪᠠᠢᠨ᠎ᠠ ᠰᠢᠦ ᠳᠡ》 ᠭᠡᠨ᠎ᠡ᠃ ᠪᠣᠭᠤᠷᠴᠢ ᠪᠠᠰᠠ《ᠰᠠᠢᠨ᠂ ᠰᠠᠢᠨ》 ᠭᠡᠵᠦ ᠪᠡᠷᠢ ᠶ᠋ᠢ ᠪᠡᠨ ᠬᠣᠶᠠᠭᠤᠯᠠ ᠠᠷᠭᠠᠲᠠᠯᠠ᠃ ᠢᠩᠭᠢᠭᠰᠡᠭᠡᠷ ᠲᠡᠭᠡᠭᠰᠡᠭᠡᠷ ᠦᠳᠡᠰᠢ ᠪᠣᠯᠵᠤ᠂
— ᠴᠢ ᠮᠢᠨᠢ ᠬᠣᠯᠠ ᠭᠠᠵᠠᠷ ᠶᠠᠳᠠᠷᠠᠯ ᠦᠭᠡᠢ ᠶᠠᠭᠠᠬᠢᠬᠤᠪ᠂ ᠨᠢᠷᠤᠭᠤ ᠪᠠᠨ ᠲᠡᠨᠢᠢᠯᠭᠡᠵᠦ ᠬᠡᠪᠲᠡ ᠳᠡ᠃ ᠪᠢ ᠣᠷᠣ ᠵᠠᠰᠠᠵᠤ ᠥᠭᠭᠦᠶ᠎ᠡ᠃
ᠭᠠᠳᠠᠭᠤᠷ ᠦᠬᠡᠷ ᠮᠠᠯ ᠤ᠋ᠨ ᠳᠠᠭᠤ《ᠬᠠᠢ ᠬᠦᠢ》᠂《ᠴᠦᠢ ᠴᠠᠢ》 ᠳᠤᠤᠭᠠᠷᠤᠯᠳᠤᠨᠠ᠃ ᠭᠠᠳᠠᠭᠠᠯᠠᠵᠤ ᠬᠦᠷᠢᠶ᠎ᠡ ᠶ᠋ᠢ ᠲᠣᠭᠣᠷᠢᠨ ᠶᠠᠪᠤᠵᠤ᠂《ᠮᠠᠭᠤ ᠡᠬᠡᠨᠡᠷ ᠮᠢᠨᠢ ᠶᠡᠬᠡ ᠯᠡ ᠠᠵᠢᠯ ᠠᠮᠵᠢᠭᠤᠯᠬᠤ ᠳᠠ᠃ ᠣᠳᠴᠢᠬᠢᠨ ᠤ᠋ ᠤᠷᠤᠭᠤ ᠮᠠᠷᠭᠠᠰᠢ ᠶᠠᠪᠤᠳᠠᠭ ᠬᠡᠷᠡᠭ ᠪᠣᠯᠬᠤ ᠨᠢ᠃ ᠵᠦᠢᠴᠢᠬᠦ ᠭᠠᠢ ᠪᠠᠢᠳᠠᠭ᠂ ᠶᠠᠭᠠᠬᠢᠬᠤ ᠨᠢ ᠵᠥᠪ ᠪᠣᠢ?》 ᠭᠡᠮᠡᠨ ᠪᠣᠳᠣᠯᠬᠢᠯᠠᠨ᠎ᠠ᠃ ᠢᠩᠭᠢᠭᠡᠳ ᠣᠷᠣᠵᠤ ᠬᠡᠪᠲᠡᠯ᠎ᠡ᠃ ᠡᠬᠡᠨᠡᠷ ᠨᠢ ᠲᠣᠯᠣᠭᠠᠢ ᠶ᠋ᠢᠨ ᠳᠡᠷᠭᠡᠳᠡ ᠣᠷᠣᠨ ᠤ᠋ ᠬᠠᠵᠠᠭᠤ ᠳ᠋ᠤ᠌ ᠰᠠᠭᠤᠵᠤ ᠤᠳᠠᠲᠠᠯ᠎ᠠ ᠮᠥᠷᠥᠭᠡᠳᠦᠭᠰᠡᠨ ᠨᠥᠬᠥᠷ ᠦ᠋ᠨ ᠢ᠋ᠶ᠋ᠡᠨ ᠦᠰᠦ ᠶ᠋ᠢ ᠨᠢ ᠢᠯᠢᠵᠦ᠄
— ᠲᠡᠢᠨ ᠭᠡᠵᠦ ᠮᠥᠨ ᠴᠦ᠍ ᠬᠡᠴᠡᠭᠦᠦ ᠶᠦᠮ ᠳᠡ᠃ ᠶᠡᠬᠡ ᠬᠣᠯᠠ ᠭᠠᠵᠠᠷ ᠶᠤᠮ ᠪᠢᠵᠡ ᠳᠡ?
— ᠬᠣᠯᠠ ᠨᠢ ᠬᠣᠯᠠ᠃ ᠡᠨᠳᠡ ᠡᠴᠡ ᠰᠡᠩᠭᠦᠷ ᠭᠣᠷᠤᠬᠨ ᠬᠦᠷᠬᠦ ᠴᠢᠨᠡᠭᠡᠨ ᠦ᠌ ᠭᠠᠵᠠᠷ᠃ ᠪᠦᠰᠡ ᠲᠠᠢᠯᠤᠯ ᠦᠭᠡᠢ ᠡᠳᠦᠷ ᠰᠥᠨᠢ ᠦᠭᠡᠢ ᠳᠠᠪᠬᠢᠭᠰᠠᠭᠠᠷ ᠵᠢᠷᠭᠤᠭ᠎ᠠ ᠬᠣᠨᠣᠭᠠᠳ ᠳᠣᠯᠤᠭᠠᠳᠡᠬᠢ ᠡᠳᠦᠷ ᠢ᠋ᠶ᠋ᠡᠨ ᠢᠷᠡᠵᠦ ᠪᠠᠢᠭ᠎ᠠ ᠨᠢ ᠡᠨᠡ᠃ ᠬᠡᠯᠡ ᠮᠡᠳᠡᠬᠦ ᠦᠭᠡᠢ ᠬᠡᠴᠡᠭᠦᠦ᠃ ᠭᠤᠷᠪᠠᠨ ᠵᠢᠯ ᠲᠡᠨᠳᠡ ᠶᠠᠪᠤᠭ᠎ᠠ ᠪᠣᠯᠬᠣᠷ ᠣᠢᠷ᠎ᠠ ᠵᠠᠭᠤᠷ᠎ᠠ ᠬᠡᠳᠦᠨ ᠦᠭᠡ ᠲᠡᠢ ᠪᠣᠯᠤᠭᠰᠠᠨ᠃ ᠠᠴᠢᠶᠠᠨ ᠤ᠋ ᠮᠣᠷᠢ ᠲᠠᠢ ᠪᠠᠨ《ᠳᠥᠷᠪᠡᠨ ᠮᠣᠷᠢ》᠂《ᠬᠣᠭᠣᠯᠠ》᠂《ᠭᠠᠵᠠᠷᠴᠢ》᠂《ᠪᠤᠰᠢᠭᠤᠯᠠ ᠲᠦᠷᠭᠡᠯᠡ》 ᠭᠡᠵᠦ ᠵᠠᠮ ᠠ᠋ᠴᠠ ᠤᠨᠤᠭ᠎ᠠ ᠰᠡᠯᠭᠦᠭᠡᠳ ᠯᠡ ᠁ ᠭᠡᠬᠦ ᠳ᠋ᠦ᠍ ᠂ ᠲᠡᠭᠦᠰᠬᠡᠨ ᠢᠨᠢᠶᠡᠵᠦ᠄
— ᠥᠭᠡᠷ᠎ᠡ ᠶᠠᠮᠠᠷ ᠨᠠᠷᠢᠨ ᠨᠡᠩᠵᠢᠨ᠂ ᠴᠤᠬᠠᠭ ᠦᠭᠡ ᠰᠤᠷᠪᠠ ᠳᠠ?
— ᠥᠭᠡᠷ᠎ᠡ ᠴᠦ᠍ ᠪᠠᠵᠠᠭᠠᠭᠰᠠᠨ ᠦᠭᠡᠢ᠂ ᠬᠥᠭᠰᠢᠨ ᠠᠵᠢᠷᠭ᠎ᠠ ᠵᠢᠷᠣᠭ᠎ᠠ ᠰᠤᠷᠬᠤ ᠦᠭᠡᠢ ᠠ᠋ ᠭᠡᠵᠦ ᠁ ᠭᠡᠬᠦ ᠳ᠋ᠡᠭᠡᠨ ᠬᠠᠷᠢᠶᠠᠯ ᠢᠷᠦᠭᠡᠯ ᠦ᠋ᠨ ᠬᠡᠳᠦ ᠬᠡᠳᠦᠨ ᠦᠭᠡ ᠪᠣᠢ᠃
— ᠵᠠ ᠡᠪᠦᠭᠡᠨ ᠮᠢᠨᠢ ᠠᠮᠠᠷᠠ ᠳᠠ᠃ ᠨᠣᠢᠷ ᠢ᠋ᠶ᠋ᠠᠨ ᠠᠪᠴᠤ ᠦᠵᠡ᠃
— ᠬᠡᠯᠡᠭᠡᠳ ᠶᠠᠭᠠᠬᠢᠬᠤᠪ᠃ ᠪᠠᠷᠤᠭ ᠯᠠ ᠨᠢᠳᠦ ᠠᠨᠢᠯᠳᠤᠬᠤ ᠭᠡᠳ ᠪᠠᠢᠨ᠎ᠠ᠃ ᠴᠢ ᠲᠡᠭᠡᠭᠡᠳ ᠡᠨᠳᠡ ᠬᠡᠪᠲᠡᠬᠦ ᠦᠭᠡᠢ ᠶᠦᠮ ᠤᠤ?
— ᠪᠠᠭ᠎ᠠ ᠶ᠋ᠢᠨ ᠳᠡᠭᠡᠳᠦᠬᠢ ᠮᠢᠨᠦ ᠡᠪᠦᠷ ᠲᠦ᠍ ᠤᠨᠲᠠᠳᠠᠭ ᠶᠤᠮ᠃ ᠲᠡᠭᠦᠨ ᠢ᠋ ᠣᠯᠵᠤ ᠢᠷᠡᠵᠦ ᠤᠨᠲᠠᠭᠤᠯᠴᠢᠬᠠᠭᠠᠳ ᠢᠷᠡᠨ᠎ᠡ ᠠ᠋ ᠭᠡᠪᠡ᠃ ᠰᠡᠷᠡᠭᠰᠡᠨ ᠨᠢ ᠥᠷᠯᠥᠭᠡ ᠪᠣᠯᠴᠢᠬᠠᠵᠢ᠃ ᠡᠪᠦᠭᠡᠨ ᠪᠤᠭᠤᠷᠴᠢ ᠭᠠᠷᠴᠤ ᠠᠭᠠᠷ ᠲᠩᠷᠢ ᠶ᠋ᠢ ᠰᠢᠨᠵᠢᠪᠡ᠃ ᠭᠡᠷ ᠲᠡᠭᠡᠨ ᠥᠷᠯᠥᠭᠡ ᠴᠠᠢ ᠬᠣᠭᠣᠯᠠ ᠪᠠᠨ ᠲᠣᠬᠢᠲᠠᠢ ᠢᠳᠡᠵᠦ ᠤᠤᠭᠤᠭᠠᠳ᠄
— ᠣᠳᠴᠢᠬᠢᠨ ᠨᠣᠶᠠᠨ ᠢᠷᠡᠪᠡᠯ ᠬᠠᠭᠠᠨ ᠳ᠋ᠤ᠌ ᠬᠡᠯᠡᠬᠦ ᠦᠭᠡ ᠲᠡᠢ ᠣᠴᠢᠬᠤ ᠶᠤᠮ᠃ ᠢᠷᠡᠬᠦ ᠦᠭᠡᠢ ᠴᠦ᠍ ᠭᠡᠰᠡᠨ ᠶᠠᠭᠠᠬᠢᠬᠤᠪ᠂ ᠴᠡᠷᠢᠭ ᠨᠢ ᠢᠷᠡᠨ᠎ᠡ ᠪᠢᠵᠡ᠃ ᠤᠭᠲᠤᠶ᠎ᠠ ᠭᠡᠳ ᠬᠣᠶᠠᠷ ᠴᠡᠷᠢᠭ ᠢ᠋ᠶ᠋ᠡᠨ ᠳᠠᠭᠠᠭᠤᠯᠵᠤ ᠮᠣᠷᠳᠠᠯ᠎ᠠ᠃
ᠵᠡᠭᠦᠨ ᠳᠠᠰᠢ ᠬᠡᠰᠡᠭ ᠶᠠᠪᠤᠵᠤ ᠣᠢᠷᠠᠬᠠᠨ ᠥᠨᠳᠥᠷᠯᠢᠭ ᠲᠦ᠍ ᠮᠠᠴᠤᠵᠤ᠂ ᠨᠢᠭᠡ ᠴᠡᠷᠢᠭ ᠢ᠋ᠶ᠋ᠡᠨ ᠶᠠᠪᠠᠭᠠᠨ ᠠᠰᠠᠭᠠᠵᠤ ᠳᠤᠷᠠᠨᠳᠠᠭᠤᠯᠬᠤᠢ ᠲᠡᠷᠡ《ᠢᠷᠡᠵᠦ ᠶᠠᠪᠤᠨ᠎ᠠ》 ᠭᠡᠭᠰᠡᠭᠡᠷ ᠪᠠᠭᠤᠵᠤ ᠢᠷᠡᠯ᠎ᠡ᠃ ᠶᠡᠬᠡ ᠴᠡᠷᠢᠭ᠂ ᠴᠡᠷᠢᠭ ᠣᠢᠷᠠᠬᠠᠨ ᠲᠤᠯᠠ ᠲᠦᠳᠡᠯ ᠦᠭᠡᠢ ᠠᠭᠤᠯᠵᠠᠯᠳᠤᠨ ᠨᠢᠭᠡ ᠳᠣᠲᠣᠨᠣ ᠮᠢᠩᠭᠠᠲᠤ ᠶ᠋ᠢᠨ ᠨᠣᠶᠠᠨ ᠠᠪᠴᠤ ᠶᠠᠪᠤᠨ᠎ᠠ᠃ ᠲᠡᠷᠡ ᠬᠣᠶᠠᠷ ᠰᠠᠭᠤᠵᠤ ᠪᠠᠬᠠᠨ ᠶᠠᠷᠢᠯᠴᠠᠬᠤᠢ ᠣᠳᠴᠢᠭᠢᠨ ᠨᠣᠶᠠᠨ ᠣᠢᠷᠠᠬᠠᠨ ᠢᠷᠡᠭᠰᠡᠨ᠃ ᠡᠨᠳᠡ ᠨᠢᠭᠡ ᠮᠢᠩᠭᠠᠲᠤ ᠨᠠᠭᠠᠳᠤᠮ ᠬᠢᠬᠦ ᠲᠠᠭᠠᠷᠠᠵᠤ ᠲᠡᠨᠳᠡ ᠰᠠᠭᠠᠲᠠᠨ ᠦᠯᠡᠳᠡᠪᠡ᠃ ᠶᠠᠪᠤᠭᠤᠯᠤᠭᠰᠠᠨ ᠠᠴᠢᠶ᠎ᠠ ᠬᠦᠰᠡᠭᠡ᠂ ᠬᠤᠳᠠᠯᠳᠤᠭᠠᠴᠢᠳ ᠪᠢᠳᠡᠨ ᠡᠴᠡ ᠲᠦᠷᠦᠭᠦᠦ ᠶᠠᠪᠤᠭ᠎ᠠ ᠬᠠᠷ᠎ᠠ ᠬᠢᠳᠠᠨ ᠬᠦᠷᠴᠦ ᠠᠷᠢᠯᠵᠠᠢ᠃ ᠮᠠᠢᠮᠠᠢ ᠬᠢᠬᠦ᠂ ᠥᠪᠡᠷ ᠢ᠋ᠶ᠋ᠡᠨ ᠠᠷᠤ ᠠ᠋ᠴᠠ ᠨᠢ ᠣᠴᠢᠵᠤ ᠬᠡᠪᠢᠰ ᠨᠡᠬᠡᠬᠦ᠂ ᠣᠢᠷ᠎ᠠ ᠵᠠᠭᠤᠷ᠎ᠠ ᠶ᠋ᠢᠨ ᠡᠳ᠋ ᠶᠠᠭᠤᠮ᠎ᠠ ᠬᠢᠬᠦ ᠬᠥᠮᠦᠰ ᠠᠪᠠᠴᠢᠬᠤ ᠶᠤᠮ ᠪᠠᠢᠨ᠎ᠠ ᠭᠡᠬᠦ ᠵᠡᠷᠭᠡ ᠶᠠᠷᠢᠯᠴᠠᠭᠠᠳ ᠠᠯᠤᠰ ᠠᠶᠠᠨ ᠤ᠋ ᠴᠡᠷᠢᠭ ᠵᠠᠮ ᠳ᠋ᠠᠭᠠᠨ᠂ ᠪᠣᠭᠣᠷᠴᠢ ᠣᠢᠷᠠᠬᠢ᠂ 60 — 70 ᠮᠣᠳᠣ ᠭᠠᠵᠠᠷ ᠤ᠋ᠨ ᠮᠢᠩᠭᠠᠲᠤ ᠶ᠋ᠢᠨ ᠨᠠᠭᠠᠳᠤᠮ ᠤᠷᠤᠭᠤ ᠣᠳᠴᠢᠭᠢᠨ ᠨᠣᠶᠠᠨ ᠲᠠᠢ ᠠᠭᠤᠯᠵᠠᠬᠤ ᠪᠠᠷ ᠵᠣᠷᠢᠪᠠ᠃
