ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 35> Хүлэг баатар буурч - Б. Өлзийсүрэн <Дөтгөр бүлэг-35> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 35> Хүлэг баатар буурч - Б. Өлзийсүрэн <Дөтгөр бүлэг-35>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 35> Хүлэг баатар буурч - Б. Өлзийсүрэн <Дөтгөр бүлэг-35>

ᠠᠩᠭᠢᠯᠠᠯ:ᠲᠤᠭᠤᠵᠢ ᠷᠣᠮᠠᠨ
2026-03-28

35

ᠲᠥᠷᠥ ᠶ᠋ᠢᠨ ᠲᠡᠮᠦᠷ ᠲᠥᠰᠢᠶ᠎ᠡ ᠪᠣᠯᠵᠤ ᠳᠡᠭᠡᠳᠦᠰ ᠦ᠋ᠨ ᠵᠢᠩᠳᠠᠭᠠᠨ ᠳ᠋ᠤ᠌ ᠡᠩᠨᠡᠭᠰᠡᠨ ᠳᠥᠲᠥᠭᠡᠷ ᠪᠦᠯᠦᠭ

ᠭᠤᠴᠢᠨ ᠲᠠᠪᠤ


               ᠭᠤᠴᠢᠨ ᠲᠠᠪᠤ 

                       ᠴᠢᠩᠭᠢᠰ ᠬᠠᠭᠠᠨ ᠥᠭᠦᠯᠡᠷᠦᠨ᠄
                     《ᠬᠤᠪᠢᠯᠠᠢ᠂ ᠵᠠᠯᠮ᠎ᠠ᠂ ᠵᠡᠪᠡ᠂ ᠰᠦᠪᠡᠭᠡᠳᠠᠢ ᠳᠥᠷᠪᠡᠨ ᠰᠠᠢᠨ ᠨᠣᠬᠠᠢ ᠪᠠᠨ 
                       ᠵᠣᠷᠢᠭᠰᠠᠨ ᠭᠠᠵᠠᠷ ᠲᠠᠭᠠᠨ ᠶᠠᠪᠤᠭᠤᠯᠤᠭᠠᠳ ᠪᠤᠭᠤᠷᠴᠢ᠂ ᠮᠤᠬᠤᠯᠠᠢ᠂ ᠪᠣᠷᠣᠬᠤᠯ᠂ 
                       ᠴᠢᠯᠠᠭᠤᠨ ᠳᠥᠷᠪᠡᠨ ᠬᠦᠯᠦᠭ ᠢ᠋ᠶ᠋ᠡᠨ ᠳᠡᠷᠭᠡᠳᠡ ᠪᠡᠨ ᠠᠪᠴᠤ ᠬᠤᠳᠬᠤᠯᠳᠤᠬᠤ ᠡᠳᠦᠷ 
                       ᠬᠠᠮᠤᠭ ᠤ᠋ᠨ ᠲᠡᠷᠢᠭᠦᠨ ᠳ᠋ᠦ᠍ ᠣᠷᠭᠤᠳ ᠮᠠᠩᠭᠤᠳ ᠴᠡᠷᠢᠭ ᠦ᠋ᠳ ᠢ᠋ 
                       ᠵᠥᠷᠴᠢᠲᠡᠢ᠂ ᠬᠣᠢᠯᠳᠡᠷ ᠬᠣᠶᠠᠷ ᠢ᠋ ᠲᠣᠯᠣᠭᠠᠢᠯᠠᠭᠤᠯᠤᠨ ᠮᠣᠷᠳᠠᠭᠤᠯᠪᠠᠰᠤ ᠰᠠᠶᠢ 
                       ᠮᠢᠨᠦ ᠰᠡᠳᠬᠢᠯ ᠪᠦᠷᠢᠨ᠎ᠡ ᠠᠮᠠᠷᠠᠳᠠᠭ ᠪᠥᠯᠥᠭᠡ᠃》

       ᠢᠰᠡᠭᠡᠢ ᠲᠤᠭᠤᠷᠭᠠᠲᠠᠨ ᠢ᠋ ᠨᠢᠭᠡᠳᠬᠡᠵᠦ ᠶᠡᠬᠡ ᠮᠣᠩᠭᠣᠯ ᠤᠯᠤᠰ ᠲᠤᠯᠭᠠᠭᠤᠷᠢ ᠲᠥᠷᠥ ᠪᠡᠨ ᠪᠠᠢᠭᠤᠯᠤᠭᠰᠠᠨ ᠠ᠋ᠴᠠ ᠬᠣᠢᠰᠢ ᠨᠠᠢ᠍ᠮᠠᠨ ᠵᠢᠯ ᠥᠩᠭᠡᠷᠡᠵᠦ᠂ ᠤᠯᠤᠰ ᠣᠷᠣᠨ ᠳᠣᠲᠣᠭᠠᠳᠤ ᠪᠠᠨ ᠠᠮᠤᠷ ᠵᠢᠮᠦᠷ᠂ ᠲᠥᠷᠥ ᠲᠣᠭᠲᠠᠪᠤᠷᠢ ᠲᠠᠢ᠂ ᠦᠢᠮᠡᠭᠡᠨ ᠳᠡᠪᠵᠢᠶᠡᠨ ᠦᠭᠡᠢ᠂ ᠤᠢᠭᠤᠷ᠂ ᠬᠠᠷᠠᠯᠠᠭ(ᠲᠦᠷᠺ)᠂ ᠬᠢᠷᠭᠢᠰ᠂ ᠣᠢ ᠶ᠋ᠢᠨ ᠢᠷᠭᠡᠳ᠂ ᠣᠢᠷᠠᠳ ᠵᠡᠷᠭᠡ ᠪᠠᠷᠠᠭᠤᠨ ᠪᠠ ᠪᠠᠷᠠᠭᠤᠨ ᠬᠣᠢᠲᠤ ᠵᠦᠭ ᠦ᠋ᠨ ᠣᠯᠠᠨ ᠤᠯᠤᠰ ᠠᠢᠮᠠᠭ ᠰᠠᠢᠨ ᠳᠤᠷ᠎ᠠ ᠪᠠᠷ ᠳᠠᠭᠠᠷ᠎ᠠ ᠨᠡᠢᠯᠡᠵᠦ ᠢᠷᠡᠭᠰᠡᠨ ᠨᠢ ᠭᠠᠳᠠᠭᠠᠳᠤ ᠲᠠᠯ᠎ᠠ ᠳ᠋ᠠᠭᠠᠨ ᠪᠠᠲᠤ ᠪᠡᠬᠢ᠂ ᠥᠮᠥᠭ ᠲᠦᠰᠢᠭ ᠲᠡᠢ᠂ ᠤᠯᠤᠰ ᠣᠷᠣᠨ ᠤ᠋ ᠨᠢᠭᠡᠳᠦᠮᠡᠯ ᠬᠦᠴᠦ ᠵᠤᠵᠠᠭᠠᠷᠠᠭᠰᠠᠨ ᠢ᠋ ᠢᠯᠡᠳᠬᠡᠮᠦᠢ᠃ ᠬᠠᠷᠢᠨ ᠪᠠᠷᠠᠭᠤᠨ ᠤᠷᠢᠳᠤ ᠵᠦᠭ ᠡᠴᠡ ᠬᠠᠶᠠᠭ᠎ᠠ ᠨᠡᠢᠯᠡᠬᠦ ᠲᠠᠩᠭᠤᠳ ᠪᠤᠶᠤ ᠬᠠᠰᠢᠨ ᠤᠯᠤᠰ᠂ ᠮᠥᠨ ᠬᠠᠷ᠎ᠠ ᠬᠢᠳᠠᠨ ᠨᠠᠷ ᠲᠦᠭᠰᠢᠭᠦᠷᠢ ᠲᠥᠷᠥᠭᠦᠯᠬᠦ ᠠᠵᠤᠭᠤ᠃ ᠡᠨᠡ ᠵᠠᠪᠰᠠᠷ ᠲᠠᠩᠭᠤᠳ ᠤᠯᠤᠰ ᠬᠢᠯᠢ ᠬᠢᠵᠠᠭᠠᠷ ᠢ᠋ᠶ᠋ᠠᠷ ᠨᠡᠪᠲᠡᠷᠡᠵᠦ᠂ ᠭᠤᠷᠪᠠ ᠴᠦ᠍ ᠤᠳᠠᠭ᠎ᠠ ᠦᠢᠮᠡᠭᠡᠨ ᠳᠡᠭᠳᠡᠭᠡᠪᠡᠴᠦ ᠲᠡᠳᠦᠢ ᠯᠡ ᠬᠦᠴᠦ ᠲᠡᠢ ᠪᠢᠰᠢ᠂ ᠲᠡᠭᠡᠭᠡᠳ ᠴᠦ᠍ ᠪᠤᠭᠤᠷᠴᠢ ᠲᠠᠢ ᠨᠢᠭᠤᠷ ᠲᠤᠯᠵᠤ ᠬᠠᠲᠠᠭᠤᠬᠠᠨ ᠴᠣᠬᠢᠯᠲᠠ ᠠᠪᠴᠤ ᠪᠠᠢᠪᠠ᠃ 
       ᠲᠠᠩᠭᠤᠳ ᠭᠡᠳᠡᠭ ᠨᠢ ᠲᠥᠪᠡᠳ ᠦ᠋ᠨ ᠨᠠᠭᠠᠳᠤ ᠵᠠᠬ᠎ᠠ ᠪᠠᠷ ᠬᠢᠯᠢ ᠨᠡᠢᠯᠡᠭᠰᠡᠨ ᠲᠥᠪᠡᠳ ᠴᠦ᠍ ᠪᠢᠰᠢ᠂ ᠬᠢᠲᠠᠳ ᠴᠦ᠍ ᠪᠢᠰᠢ᠂ ᠮᠣᠩᠭᠣᠯ ᠴᠦ᠍ ᠪᠢᠰᠢ ᠬᠣᠯᠢᠮᠠᠭ ᠰᠠᠭᠠᠷᠮᠠᠭ ᠤᠳᠤᠮ ᠤᠭᠰᠠᠭᠠᠨ ᠤ᠋ ᠭᠠᠵᠠᠷ ᠨᠤᠲᠤᠭ ᠪᠠᠭ᠎ᠠ᠂ ᠨᠡᠭᠦᠳᠡᠯ ᠰᠠᠭᠤᠷᠢᠰᠢᠯ ᠬᠣᠯᠢᠯᠳᠤᠭᠰᠠᠨ ᠤᠯᠤᠰ ᠶᠤᠮ᠃ ᠲᠥᠪᠡᠳ ᠠᠰᠤᠷᠤ ᠶᠡᠬᠡ ᠳᠡᠯᠭᠡᠷᠡᠭᠰᠡᠨ ᠰᠢᠷ᠎ᠠ ᠶ᠋ᠢᠨ ᠱᠠᠰᠢᠨ ᠢ᠋ ᠲᠦᠰᠢᠳᠡᠭ᠂ ᠲᠡᠷᠡ ᠨᠢ ᠲᠥᠷᠥ ᠶ᠋ᠢᠨ ᠬᠡᠷᠡᠭ ᠲᠦ᠍ ᠭᠣᠣᠯᠯᠠᠬᠤ ᠡᠭᠦᠷᠭᠡ ᠭᠦᠢᠴᠡᠳᠬᠡᠳᠡᠭ᠂ ᠲᠥᠷᠥ ᠶ᠋ᠢᠨ ᠨᠢᠭᠡᠳᠦᠮᠡᠯ ᠤᠳᠤᠷᠢᠳᠤᠯᠭ᠎ᠠ ᠰᠤᠯᠠ ᠮᠥᠷᠲᠡᠯ᠎ᠡ ᠪᠡᠨ ᠲᠦᠷᠢᠮᠡᠬᠡᠢᠯᠡᠬᠦ ᠵᠠᠩ ᠠᠪᠤᠷᠢ ᠲᠠᠢ ᠠᠵᠤᠭᠤ᠃ 
       ᠬᠠᠷ᠎ᠠ ᠬᠢᠳᠠᠨ ᠭᠡᠳᠡᠭ ᠨᠢ ᠯᠢᠶᠣᠣ ᠤᠯᠤᠰ ᠪᠤᠶᠤ ᠬᠢᠳᠠᠨ ᠢ᠋ ᠵᠠᠳᠠᠷᠠᠬᠤ ᠦᠶ᠎ᠡ ᠪᠡᠷ ᠲᠠᠰᠤᠷᠠᠵᠤ ᠲᠣᠭᠲᠠᠭᠰᠠᠨ ᠬᠠᠨᠯᠢᠭ ᠤᠯᠤᠰ ᠶᠤᠮ᠃ ᠲᠡᠨᠳᠡ ᠬᠡᠷᠡᠢᠳ ᠨᠠᠢ᠍ᠮᠠᠨ ᠤ᠋ ᠳᠣᠲᠣᠭᠠᠳᠤ ᠳ᠋ᠠᠭᠠᠨ ᠲᠡᠷᠰᠯᠡᠯᠳᠦᠨ ᠢᠯᠠᠭᠳᠠᠭᠰᠠᠳ ᠣᠴᠢᠵᠤ ᠠᠮᠢ ᠬᠣᠷᠭᠣᠳᠠᠬᠤ ᠨᠢ ᠣᠯᠠᠨ ᠲᠠᠢ ᠪᠠᠢᠵᠠᠢ᠃ ᠸᠠᠩ ᠬᠠᠨ ᠬᠣᠶᠠᠷ ᠤᠳᠠᠭ᠎ᠠ᠂ ᠬᠦᠦ ᠰᠡᠩᠭᠦᠮ ᠨᠢ ᠬᠣᠵᠢᠮ ᠣᠷᠣᠬᠤ ᠣᠷᠣᠨ ᠦᠭᠡᠢ ᠪᠣᠯᠵᠤ ᠲᠡᠨᠳᠡ ᠣᠴᠢᠵᠤ ᠦᠷᠡᠭᠳᠡᠭᠰᠡᠨ ᠪᠠᠢᠬᠤ ᠵᠢᠱ᠌ᠢᠶ᠎ᠡ ᠲᠡᠢ᠃ ᠡᠳᠦᠭᠡ ᠨᠠᠢ᠍ᠮᠠᠨ ᠤ᠋ ᠬᠦᠴᠦᠯᠦᠭ ᠬᠠᠨ ᠬᠡᠮᠡᠭᠴᠢ ᠲᠡᠨᠳᠡ ᠠᠮᠢ ᠬᠣᠷᠭᠣᠳᠠᠵᠤ ᠣᠴᠢᠭᠠᠳ ᠲᠡᠪᠡᠷᠢᠵᠦ ᠲᠡᠷᠡ ᠪᠢᠴᠢᠬᠠᠨ ᠤᠯᠤᠰ ᠢ᠋ ᠮᠥᠨᠥᠬᠢ ᠵᠠᠮ ᠳ᠋ᠤᠨᠢ ᠬᠥᠲᠥᠯᠵᠦ ᠶᠠᠪᠤᠭ᠎ᠠ ᠪᠥᠯᠥᠭᠡ᠃ 
       ᠡᠢᠮᠦ ᠨᠥᠬᠥᠴᠡᠯ ᠪᠠᠢᠳᠠᠯ ᠤ᠋ᠨ ᠦᠶ᠎ᠡ ᠳ᠋ᠦ᠍ ᠴᠢᠩᠭᠢᠰ ᠬᠠᠭᠠᠨ ᠠᠯᠲᠠᠨ ᠤᠯᠤᠰ ᠤ᠋ᠨ ᠨᠡᠢᠰᠯᠡᠯ ᠵᠥᠩᠲᠦ《ᠪᠡᠭᠡᠵᠢᠩ》ᠬᠣᠲᠠ ᠶ᠋ᠢ ᠡᠵᠡᠯᠡᠯ᠎ᠡ᠃ ᠡᠨᠡ ᠪᠣᠯ ᠭᠤᠷᠪᠠᠨ ᠵᠢᠯ ᠦ᠋ᠨ ᠡᠮᠦᠨ᠎ᠡ ᠡᠬᠢᠯᠡᠭᠰᠡᠨ ᠲᠡᠢᠨ ᠦ᠌ ᠦᠷ᠎ᠡ ᠳ᠋ᠦᠩ ᠪᠤᠶᠤ ᠲᠡᠭᠦᠰᠬᠡᠯ ᠪᠣᠯᠠᠢ᠃ 
       ᠠᠯᠲᠠᠨ ᠤᠯᠤᠰ 《ᠲᠣᠮᠣ ᠤᠯᠤᠰ》ᠭᠡᠵᠦ ᠥᠪᠡᠷ ᠢ᠋ᠶ᠋ᠡᠨ᠂ ᠪᠤᠰᠤᠳ ᠣᠯᠠᠨ ᠭᠦᠷᠦᠨ ᠴᠦ᠍ ᠦᠵᠡᠵᠦ ᠬᠦᠨᠳᠦᠯᠡᠵᠦ ᠰᠦᠷᠳᠡᠵᠦ ᠪᠠᠢᠯ᠎ᠠ᠃ ᠲᠡᠷᠡ ᠵᠢᠯ ᠰᠢᠨ᠎ᠡ ᠲᠣᠭᠲᠠᠭᠰᠠᠨ ᠮᠣᠩᠭᠣᠯ ᠤᠯᠤᠰ ᠤ᠋ᠨ ᠡᠵᠡᠨ ᠳ᠋ᠦ᠍ ᠬᠦᠷᠭᠡᠭᠦᠯᠦᠭᠰᠡᠨ ᠢᠯᠡᠭᠡᠯᠲᠡ ᠳ᠋ᠦ᠍ ᠰᠡᠳᠬᠢᠯ ᠳ᠋ᠦ᠍ ᠰᠡᠷ ᠬᠢᠯᠭᠡᠭᠰᠡᠨ ᠰᠠᠨᠠᠮᠵᠢ ᠪᠥᠯᠥᠭᠡ᠃  ᠡᠢᠮᠦ ᠡᠴᠡ ᠴᠦ᠍ ᠴᠢᠩᠭᠢᠰ ᠬᠠᠭᠠᠨ ᠠᠯᠲᠠᠨ ᠤᠯᠤᠰ ᠤ᠋ᠨ ᠡᠵᠡᠨ ᠳ᠋ᠦ᠍ ᠢᠷᠡᠭᠡᠳ ᠳᠡᠭᠡᠷ᠎ᠡ ᠪᠢᠴᠢᠭᠰᠡᠨ ᠬᠠᠷᠢᠭᠤ ᠢᠯᠡᠭᠡᠯᠲᠡ ᠪᠡᠨ ᠤᠩᠰᠢᠵᠤ ᠰᠣᠨᠤᠰᠤᠭᠠᠭ᠎ᠠ ᠦᠭᠡᠢ《ᠨᠢᠭᠤᠴᠠ》ᠦᠯᠡᠳᠡᠭᠰᠡᠨ᠃ ᠲᠡᠷᠡ ᠪᠢᠴᠢᠭ ᠡᠨᠳᠡ ᠪᠠᠢᠭ᠎ᠠ ᠪᠣᠶ᠎ᠠ᠃ 
       ᠪᠣᠭᠣᠷᠴᠢ ᠡᠨᠡ ᠲᠡᠢᠨ ᠳ᠋ᠦ᠍ ᠣᠷᠣᠯᠴᠠᠭᠰᠠᠨ ᠪᠥᠭᠡᠳ ᠡᠳᠦᠭᠡ ᠵᠥᠩᠲᠦ ᠬᠣᠲᠠ ᠳ᠋ᠤ᠌ ᠬᠠᠭᠠᠨ ᠤ᠋ ᠣᠷᠳᠣᠨ ᠳ᠋ᠤ᠌ ᠣᠷᠣᠵᠠᠢ᠃ ᠬᠠᠭᠠᠨ ᠤ᠋ ᠣᠷᠳᠣᠨ ᠭᠠᠢᠬᠠᠮ᠎ᠠ ᠰᠦᠷᠯᠢᠭ᠂ ᠬᠥᠮᠦᠨ ᠭᠠᠵᠠᠷ ᠳᠡᠭᠡᠷ᠎ᠡ ᠪᠦᠲᠦᠭᠡᠭᠰᠡᠨ ᠲᠩᠷᠢ ᠶ᠋ᠢᠨ ᠣᠷᠣᠨ ᠶᠤᠮ ᠤᠤ ᠭᠡᠮᠡᠷ᠃ ᠤᠭ ᠨᠢ ᠬᠠᠭᠠᠨ ᠤ᠋ ᠣᠷᠳᠣᠨ ᠳ᠋ᠤ᠌ ᠪᠣᠭᠤᠷᠴᠢ ᠬᠠᠭᠠᠨ ᠵᠠᠯᠠᠷᠠᠵᠤ ᠪᠠᠢᠬᠤ ᠦᠶ᠎ᠡ ᠳ᠋ᠦ᠍ᠨᠢ ᠣᠷᠣᠵᠤ ᠢᠷᠡᠭᠰᠡᠨ ᠪᠣᠯ ᠲᠡᠭᠦᠨ ᠦ᠌ ᠦᠨᠦᠷ ᠲᠠᠨᠢᠷ᠂ ᠲᠠᠩᠰᠤᠭ ᠬᠡᠷᠡᠭᠰᠡᠯ᠂ ᠵᠣᠭᠣᠭ᠂ ᠵᠣᠴᠢᠨ ᠤ᠋ ᠬᠦᠨᠳᠦᠯᠡᠯ᠂ ᠪᠥᠵᠢᠭ ᠨᠠᠢᠷ ᠢ᠋ ᠦᠵᠡᠭᠰᠡᠨ ᠪᠣᠯ ᠶᠠᠭᠤ ᠭᠡᠬᠦ ᠰᠠᠨ ᠪᠣᠯ? ᠭᠡᠲᠡᠯ᠎ᠡ ᠡᠨᠡ ᠨᠢ ᠤᠨᠳᠤᠢ ᠰᠤᠨᠳᠤᠢ᠂ ᠬᠠᠮᠤᠭ ᠶᠠᠭᠤᠮ᠎ᠠ ᠨᠢ ᠬᠥᠭᠯᠡᠷᠡᠭᠰᠡᠨ᠂ ᠲᠠᠷᠠᠵᠤ ᠪᠤᠲᠠᠷᠠᠭᠰᠠᠨ ᠡᠮᠬᠢ ᠵᠠᠮᠪᠠᠷᠠᠭ᠎ᠠ ᠦᠭᠡᠢ ᠭᠣᠶᠣᠮᠰᠣᠭ᠂ ᠦᠨᠡᠲᠡᠢ ᠡᠳ᠋ᠯᠡᠯ ᠬᠠᠷᠠᠪᠠᠰᠤ ᠬᠠᠢᠷᠠᠨ ᠭᠡᠮᠡᠷ᠃ 
       ᠪᠣᠭᠣᠷᠴᠢ ᠡᠨᠡ ᠲᠡᠢᠨ ᠦ᠌ ᠡᠬᠢᠨ ᠡᠴᠡ ᠣᠷᠣᠯᠴᠠᠵᠤ᠂ ᠰᠠᠭᠤᠷᠢᠰᠢᠯ ᠲᠠᠢ ᠤᠯᠤᠰ ᠭᠦᠷᠦᠨ ᠦ᠌ ᠭᠠᠵᠠᠷ ᠨᠤᠲᠤᠭ ᠬᠣᠲᠠ ᠰᠠᠭᠤᠷᠢᠨ ᠨᠤᠭᠤᠳ ᠢ᠋ ᠳᠠᠮᠵᠢᠨ ᠨᠡᠪᠲᠡᠷᠡᠵᠦ᠂ ᠡᠴᠦᠰ ᠲᠦ᠋ᠨᠢ ᠶᠡᠬᠡ ᠲᠥᠯᠥᠪ ᠨᠡᠢᠰᠯᠡᠯ ᠬᠣᠲᠠ ᠳ᠋ᠤ᠌ ᠣᠷᠣᠵᠤ ᠢᠷᠡᠭᠰᠡᠨ ᠨᠢ ᠡᠨᠡ᠃ ᠲᠡᠭᠡᠬᠦ ᠳ᠋ᠡᠭᠡᠨ ᠴᠡᠷᠢᠭ ᠤᠳᠤᠷᠢᠳᠤᠭ᠎ᠠ ᠦᠭᠡᠢ᠃ ᠲᠡᠭᠦᠨ ᠦ᠌ ᠪᠠᠷᠠᠭᠤᠨ ᠭᠠᠷ ᠤ᠋ᠨ ᠴᠡᠷᠢᠭ ᠢ᠋ ᠬᠠᠨ ᠬᠦᠦ ᠲᠤᠯᠤᠢ᠂ ᠬᠦᠷᠭᠡᠨ ᠪᠠᠭᠤ ᠴᠣᠷᠭᠢ ᠬᠣᠶᠠᠷ ᠬᠤᠪᠢᠶᠠᠨ ᠤᠳᠤᠷᠢᠳᠴᠤ ᠶᠠᠪᠤᠭ᠎ᠠ᠃ ᠲᠤᠯᠤᠢ ᠳᠥᠩᠭᠡᠵᠢ ᠠᠷᠪᠠᠨ ᠨᠠᠢ᠍ᠮᠠᠨ ᠨᠠᠰᠤ ᠬᠦᠷᠴᠦ ᠶᠠᠪᠤᠭ᠎ᠠ ᠪᠠᠯᠴᠢᠷ ᠬᠦᠦ ᠲᠤᠯᠠ ᠲᠡᠭᠦᠨ ᠦ᠌ ᠳᠡᠷᠭᠡᠳᠡ ᠵᠢᠭᠠᠵᠤ ᠰᠤᠷᠭᠠᠬᠤ᠂ ᠵᠥᠪᠯᠡᠬᠦ ᠡᠭᠦᠷᠭᠡ ᠭᠦᠢᠴᠡᠳᠬᠡᠵᠦ ᠢᠷᠡᠪᠡ᠃ ᠲᠡᠢᠨ ᠡᠬᠢᠨ ᠦᠶ᠎ᠡ ᠳ᠋ᠡᠭᠡᠨ ᠡᠰᠡᠷᠭᠦᠴᠡᠯ ᠰᠢᠷᠦᠭᠦᠨ ᠪᠠᠢᠪᠠ᠃ ᠦᠨᠡᠭᠡᠨ ᠳᠠᠪᠠᠭ᠎ᠠ ᠳᠠᠪᠠᠵᠤ᠂ ᠳ᠋ᠠᠲ᠋ᠥ᠋ᠩ᠂ ᠴᠢᠭᠤᠯᠤᠯᠲᠤ ᠬᠠᠭᠠᠯᠭ᠎ᠠ ᠶ᠋ᠢ ᠠᠪᠴᠤ ᠳᠠᠭᠠᠷᠢᠬᠤ  ᠦᠶ᠎ᠡ ᠳ᠋ᠦ᠍ ᠬᠣᠲᠠ ᠤᠷᠤᠭᠤ ᠣᠷᠣᠬᠤ ᠵᠠᠮ ᠨᠠᠷᠢᠨ ᠬᠠᠪᠴᠢᠯ ᠢ᠋ ᠲᠤᠭᠤᠯᠬᠤ ᠲᠤᠯᠠ ᠴᠡᠷᠢᠭ ᠢ᠋ᠶ᠋ᠡᠨ ᠭᠤᠷᠪᠠ ᠬᠤᠪᠢᠶᠠᠵᠤ ᠪᠠᠭᠤ ᠴᠣᠷᠭᠢ ᠶ᠋ᠢ ᠠᠭᠤᠯᠠ ᠶ᠋ᠢᠨ ᠪᠠᠷᠠᠭᠤᠨ ᠭᠠᠷ ᠢ᠋ᠶ᠋ᠠᠷ ᠲᠣᠭᠣᠷᠢᠵᠤ ᠣᠴᠢᠬᠤ᠂ ᠭᠣᠣᠯ ᠤ᠋ᠨ ᠨᠠᠷᠢᠨ ᠬᠠᠪᠴᠢᠯ ᠢ᠋ᠶ᠋ᠠᠷ ᠲᠤᠯᠤᠢ ᠶ᠋ᠢ᠂ ᠥᠪᠡᠷ ᠢ᠋ᠶ᠋ᠡᠨ ᠪᠣᠷᠣᠬᠤᠯ ᠤ᠋ᠨ ᠬᠠᠮᠲᠤ ᠴᠥᠭᠡᠪᠲᠦᠷ ᠴᠡᠷᠢᠭ ᠲᠡᠢ ᠵᠡᠭᠦᠨ ᠭᠠᠷ ᠢ᠋ᠶ᠋ᠠᠷ ᠠᠭᠤᠯᠠ ᠲᠣᠭᠣᠷᠢᠵᠤ ᠥᠷᠯᠥᠭᠡ ᠦᠦᠷ ᠦ᠋ᠨ ᠭᠡᠭᠡ ᠦᠵᠡᠭᠳᠡᠮᠡᠭᠴᠡ ᠭᠤᠷᠪᠠᠨ ᠲᠠᠯ᠎ᠠ ᠠ᠋ᠴᠠ ᠨᠢ ᠵᠡᠷᠭᠡ ᠳᠠᠭᠠᠷᠢᠬᠤ ᠪᠣᠯᠵᠣᠯ ᠲᠠᠯᠪᠢᠵᠠᠢ᠃ ᠲᠤᠯᠤᠢ ᠶ᠋ᠢᠨ ᠬᠢ ᠭᠤᠷᠪᠠᠨ ᠪᠦᠯᠦᠭ ᠴᠡᠷᠢᠭ ᠦ᠋ᠨ ᠬᠠᠮᠤᠭ ᠤ᠋ᠨ ᠣᠯᠠᠨ ᠨᠢ ᠪᠥᠭᠡᠳ ᠵᠥᠪᠬᠡᠨ ᠬᠠᠨ ᠬᠦᠦ ᠶ᠋ᠢ ᠵᠠᠭᠤᠨ ᠬᠠᠮᠠᠭᠠᠯᠠᠬᠤ ᠴᠡᠷᠢᠭ ᠳᠠᠭᠠᠵᠤ ᠶᠠᠪᠤᠬᠤ ᠤᠴᠢᠷ ᠲᠠᠢ᠂ ᠲᠤᠯᠤᠢ ᠪᠤᠰᠤᠳ ᠠ᠋ᠴᠠ ᠢᠯᠭᠠᠷᠠᠬᠤ ᠣᠨᠴᠠᠯᠢᠭ ᠬᠤᠪᠴᠠᠰᠤ ᠦᠭᠡᠢ ᠵᠡᠷᠭᠡ ᠨᠠᠷᠢᠨ ᠲᠢᠭ ᠵᠢᠷᠤᠮ ᠢ᠋ ᠪᠣᠭᠣᠷᠴᠢ ᠲᠣᠭᠲᠠᠭᠠᠭᠰᠠᠨ᠃ ᠡᠨᠡᠬᠦ ᠲᠡᠢᠨ ᠪᠣᠯ ᠤᠭ ᠲᠠᠭᠠᠨ ᠪᠣᠭᠣᠷᠴᠢ ᠶ᠋ᠢᠨ ᠳᠢᠭᠯᠡᠯ ᠢ᠋ᠶ᠋ᠡᠷ ᠶᠠᠪᠤᠭ᠎ᠠ᠂ ᠠᠮᠵᠢᠯᠲᠠ ᠴᠦ᠍ ᠥᠨᠳᠥᠷ᠃ ᠪᠣᠷᠣᠬᠤᠯ᠂ ᠪᠣᠭᠣᠷᠴᠢ ᠬᠣᠶᠠᠷ ᠬᠥᠳᠡᠯᠦᠭᠡ ᠦᠭᠡᠢ ᠪᠠᠢᠲᠠᠯ᠎ᠠ ᠲᠤᠯᠤᠢ ᠪᠤᠴᠠᠵᠤ ᠢᠷᠡᠭᠡᠳ᠄ 
       — ᠵᠠᠮ ᠳ᠋ᠤ᠌ ᠥᠷᠭᠡᠰᠦᠲᠡᠢ ᠲᠡᠮᠦᠷ ᠪᠥᠮᠪᠥᠯᠢᠭ ᠲᠠᠯᠪᠢᠴᠢᠬᠠᠵᠤ᠂ ᠶᠠᠪᠤᠵᠤ ᠪᠣᠯᠬᠤ ᠦᠭᠡᠢ ᠁  ᠪᠣᠭᠣᠷᠴᠢ ᠴᠣᠴᠢᠮᠠᠭ ᠠᠭᠤᠷᠰᠠᠵᠤ᠄ 
       — ᠲᠡᠭᠡᠭᠡᠳ? ᠪᠤᠴᠠᠭᠠᠳ ᠶᠠᠪᠤᠬᠤ ᠤᠤ? ᠭᠡᠵᠦ ᠲᠠᠰᠢᠭᠤᠷ ᠳᠠᠯᠠᠢᠲᠠᠯ᠎ᠠ ᠳᠡᠷᠭᠡᠳᠡ ᠪᠠᠢᠭᠰᠠᠨ ᠪᠣᠷᠣᠬᠤᠯ ᠭᠠᠷ ᠠ᠋ᠴᠠ ᠨᠢ ᠰᠢᠭᠦᠷᠴᠦ ᠠᠪᠤᠭᠠᠳ᠄ 
       — ᠬᠦᠯᠦᠭ ᠪᠠᠭᠠᠲᠤᠷ ᠲᠠ ᠲᠠᠢᠪᠤᠰᠢᠷᠠ᠂ ᠥᠭᠡᠷ᠎ᠡ ᠠᠷᠭ᠎ᠠ ᠪᠣᠳᠣᠶ᠎ᠠ ᠬᠡᠮᠡᠪᠡᠰᠦ ᠲᠤᠯᠤᠢ ᠡᠷᠭᠢᠵᠦ ᠶᠠᠪᠤᠬᠤ ᠭᠡᠲᠡᠯ᠎ᠡ᠄  
       — ᠬᠦᠯᠢᠶᠡᠵᠦ ᠪᠠᠢ᠂ ᠪᠣᠳᠣᠵᠤ ᠦᠵᠡᠶ᠎ᠡ ᠭᠡᠵᠦ ᠪᠣᠭᠣᠷᠴᠢ ᠲᠠᠢᠪᠤᠰᠢᠷᠠᠵᠤ ᠥᠭᠦᠯᠡᠪᠡ᠃ ᠲᠡᠳᠡ ᠭᠤᠷᠪᠠᠭᠤᠯᠠ ᠳ᠋ᠤᠷ ᠪᠦᠷᠢᠨ᠎ᠡ ᠪᠣᠳᠣᠯᠬᠢᠯᠠᠨ ᠶᠡᠬᠡ ᠤᠬᠠᠭᠠᠨ ᠰᠡᠢᠯᠬᠦ ᠮᠠᠶᠢᠭ ᠲᠠᠢ᠃ ᠲᠤᠯᠤᠢ ᠠᠮᠠ ᠨᠡᠭᠡᠭᠡᠵᠦ᠄ 
       — ᠠᠭᠤᠯᠠ ᠶ᠋ᠢ ᠪᠦᠭᠦᠳᠡᠭᠡᠷ ᠢ᠋ᠶ᠋ᠡᠨ ᠣᠷᠢᠶᠠᠵᠤ ᠣᠴᠢᠭᠠᠳ ᠣᠷᠣᠪᠠᠯ ᠪᠣᠯᠬᠤ ᠪᠢᠰᠢ ᠤᠤ? ᠭᠡᠰᠡᠨ ᠰᠠᠨᠠᠯ ᠭᠠᠷᠭᠠᠪᠠ᠃ 
       — ᠪᠣᠯᠬᠤ ᠴᠦ᠍ ᠪᠣᠯᠤᠨ᠎ᠠ ᠯᠠ ᠳᠠ᠂ ᠬᠠᠨ ᠬᠦᠦ ᠪᠣᠷᠣᠬᠤᠯ ᠲᠠ ᠬᠣᠶᠠᠷ ᠠᠭᠤᠯᠠ ᠣᠷᠢᠶᠠᠵᠤ ᠵᠡᠭᠦᠨ ᠬᠣᠢᠨ᠎ᠠ ᠠ᠋ᠴᠠ ᠣᠷᠣ᠃ ᠪᠢ ᠡᠨᠡ ᠰᠠᠭᠠᠳ ᠢ᠋ ᠳᠠᠪᠠᠵᠤ ᠣᠷᠣᠶ᠎ᠠ᠃ ᠬᠠᠷᠢᠨ ᠦᠦᠷ ᠭᠡᠭᠡᠷᠡᠬᠦ ᠰᠠᠴᠠᠭᠤ ᠳᠠᠭᠠᠷᠢᠬᠤ ᠪᠣᠯᠵᠣᠭ᠎ᠠ ᠬᠡᠪ ᠢ᠋ᠶ᠋ᠡᠷ᠃ ᠲᠡᠷᠡ ᠰᠠᠭᠠᠳ ᠢ᠋ ᠪᠢ ᠶᠠᠮᠠᠷ ᠠᠷᠭ᠎ᠠ ᠪᠠᠷ ᠳᠠᠪᠠᠶ᠎ᠠ᠃ ᠳᠠᠢᠰᠤᠨ ᠥᠷᠭᠡᠰᠦᠲᠡᠢ ᠲᠡᠮᠦᠷ ᠲᠡᠭᠡᠨ ᠨᠠᠢᠳᠠᠭᠠᠳ ᠡᠨᠡ ᠲᠠᠯ᠎ᠠ ᠨᠢ ᠶᠡᠬᠡ ᠰᠤᠯᠠ᠃ ᠲᠡᠭᠦᠨ ᠢ᠋ᠶ᠋ᠡᠷ ᠨᠢ ᠰᠢᠷᠭᠤᠵᠤ ᠣᠷᠣᠪᠠᠯ ᠬᠣᠲᠠ ᠶ᠋ᠢ ᠳᠣᠲᠣᠷ᠎ᠠ ᠠ᠋ᠴᠠ ᠨᠢ ᠦᠢᠮᠡᠭᠦᠯᠵᠦ ᠭᠠᠳᠠᠨ᠎ᠠ ᠳᠣᠲᠣᠨ᠎ᠠ ᠠ᠋ᠴᠠ ᠨᠢ ᠪᠦᠬᠦ ᠴᠡᠷᠢᠭ ᠢ᠋ ᠨᠠᠮᠨᠠᠵᠤ ᠪᠣᠯᠤᠨ᠎ᠠ ᠭᠡᠵᠦ ᠪᠣᠭᠣᠷᠴᠢ ᠬᠡᠯᠡᠯ᠎ᠡ᠃ 
       — ᠵᠠ ᠪᠢ ᠲᠦᠷᠦᠭᠦᠯᠡᠭᠡᠳ ᠶᠠᠪᠤᠶ᠎ᠠ᠂ ᠪᠣᠷᠣᠬᠤᠯ ᠠᠷᠤ ᠠ᠋ᠴᠠ ᠶᠠᠪᠤ ᠳᠠ ᠭᠡᠵᠦ ᠬᠠᠨ ᠬᠦᠦ ᠮᠣᠷᠢ ᠪᠠᠨ ᠲᠠᠰᠢᠭᠤᠷᠳᠠᠨ ᠬᠥᠳᠡᠯᠪᠡᠢ᠃ 
       — ᠲᠠ ᠬᠠᠨ ᠬᠦᠦ ᠶ᠋ᠢ ᠲᠠᠰᠢᠭᠤᠷ ᠳᠠᠯᠠᠢᠳᠠᠭ ᠶᠡᠬᠡ ᠯᠡ ᠪᠤᠷᠤᠭᠤ ᠳᠠ᠂ ᠲᠩᠷᠢ ᠢᠵᠠᠭᠤᠷᠲᠤ ᠬᠥᠮᠦᠨ ᠰᠢᠦ ᠳᠡ᠃ ᠬᠠᠭᠠᠨ ᠤ᠋ ᠰᠣᠨᠣᠷ ᠲᠤ᠌ ᠬᠦᠷᠪᠡᠯ ᠬᠢᠯᠢᠩᠨᠡᠨ᠎ᠡ ᠰᠢᠦ ᠭᠡᠵᠦ ᠪᠣᠷᠣᠬᠤᠯ ᠬᠡᠯᠡᠯ᠎ᠡ᠃ 
       — ᠵᠠ ᠶᠠᠭᠠᠬᠢᠬᠤ ᠪᠣᠢ᠂ ᠨᠢᠭᠡᠨᠲᠡ ᠥᠩᠭᠡᠷᠡᠭᠰᠡᠨ ᠁  ᠭᠡᠬᠦ ᠮᠥᠷᠲᠡᠯ᠎ᠡ ᠪᠡᠨ ᠡᠷᠭᠢᠵᠦ ᠴᠡᠷᠢᠭ ᠦ᠋ᠳ ᠤᠷᠤᠭᠤ ᠪᠠᠨ ᠣᠴᠢᠵᠤ᠂ ᠲᠠᠯ᠎ᠠ ᠶ᠋ᠢ ᠨᠢ ᠢᠯᠭᠠᠵᠤ᠄ 
       —  ᠲᠠ ᠨᠠᠷ ᠡᠨᠡ ᠵᠢᠵᠢᠭ ᠰᠠᠭᠤᠷᠢᠨ ᠨᠤᠭᠤᠳ ᠠ᠋ᠴᠠ ᠬᠥᠮᠦᠨ ᠪᠦᠷᠢ ᠬᠣᠶᠠᠷ ᠬᠢᠲᠠᠳ ᠬᠥᠭᠡᠭᠡᠭᠡᠳ ᠢᠷ᠎ᠡ᠃ ᠠᠷᠪᠠ ᠠ᠋ᠴᠠ ᠳᠡᠭᠡᠭᠰᠢ ᠨᠠᠰᠤᠨ ᠤ᠋ ᠬᠡᠦᠬᠡᠳ ᠡᠷ᠎ᠡ ᠡᠮ᠎ᠡ ᠬᠠᠮᠢᠶ᠎ᠠ ᠦᠭᠡᠢ᠃ ᠬᠥᠭᠰᠢᠳ ᠬᠡᠷᠡᠭ ᠦᠭᠡᠢ ᠭᠡᠵᠦ ᠲᠤᠰᠢᠶᠠᠪᠠ᠃ ᠥᠪᠡᠷ ᠢ᠋ᠶ᠋ᠡᠨ ᠥᠨᠥᠬᠢ ᠬᠠᠭᠠᠯᠲᠠ ᠲᠠᠢ ᠵᠠᠮ ᠤᠷᠤᠭᠤ ᠪᠤᠰᠤᠳ ᠴᠡᠷᠢᠭ ᠢ᠋ᠶ᠋ᠡᠨ ᠠᠪᠴᠤ ᠣᠴᠢᠭᠠᠳ ᠲᠠᠯ᠎ᠠ ᠶ᠋ᠢᠨ ᠬᠢᠨᠢ ᠮᠣᠷᠢᠳ ᠢ᠋ ᠦᠯᠡᠳᠡᠭᠰᠡᠨ ᠴᠡᠷᠢᠭ ᠲᠦ᠍ ᠪᠠᠷᠢᠭᠤᠯᠤᠨ᠂《ᠭᠦᠶᠦᠭᠡᠳ! ᠮᠣᠳᠣ ᠬᠢᠷᠢ ᠭᠠᠵᠠᠷ ᠶᠠᠪᠤᠭᠠᠳ ᠡᠨᠡ ᠥᠷᠭᠡᠰᠦᠲᠡᠢ ᠲᠡᠮᠦᠷ ᠢ᠋ ᠬᠣᠶᠠᠷ ᠲᠠᠰᠢ ᠰᠢᠳᠡᠵᠦ ᠵᠠᠮ ᠭᠠᠷᠭ᠎ᠠ》 ᠭᠡᠪᠡ᠃ ᠦᠳᠡᠰᠢ ᠴᠦ᠍ ᠪᠣᠯᠵᠤ᠂ ᠬᠥᠭᠡᠭᠡᠭᠳᠡᠵᠦ᠂ ᠲᠠᠭᠤᠭᠳᠠᠭᠰᠠᠨ ᠬᠢᠲᠠᠳ ᠤ᠋ᠳ ᠢᠷᠡᠮᠡᠭᠴᠡ ᠥᠷᠭᠡᠰᠦ ᠲᠡᠮᠦᠷ ᠢ᠋ ᠬᠣᠶᠠᠷ ᠲᠡᠰᠢ ᠰᠢᠳᠡᠭᠦᠯᠵᠦ ᠵᠠᠮ ᠭᠠᠷᠭᠠᠨ ᠲᠠᠭᠤᠭᠰᠠᠭᠠᠷ ᠲᠦᠷᠦᠭᠦᠴᠢ ᠶ᠋ᠢᠨ ᠴᠡᠷᠢᠭ ᠲᠡᠭᠡᠨ ᠬᠦᠷᠴᠦ ᠳᠠᠷᠠᠭᠠᠬᠢ ᠶ᠋ᠢᠨ ᠬᠢ ᠪᠡᠷ ᠰᠣᠯᠢᠭᠠᠳ ᠵᠠᠮ ᠴᠡᠪᠡᠷᠯᠡᠬᠦ ᠠᠵᠢᠯ  ᠬᠢᠵᠡᠢ᠃ ᠰᠥᠨᠢ ᠲᠤᠷᠰᠢ ᠴᠦ᠍ ᠪᠣᠯᠤᠭᠰᠠᠨ ᠦᠭᠡᠢ᠂3–4 ᠮᠣᠳᠣ ᠬᠢᠷᠢ ᠭᠠᠵᠠᠷ ᠢ᠋ ᠯᠡ ᠬᠠᠭᠠᠭᠰᠠᠨ ᠲᠤᠯᠠ ᠳᠠᠭᠤᠰᠴᠤ ᠨᠥᠭᠦᠭᠡ ᠬᠢᠲᠠᠳ ᠤ᠋ᠳ ᠢ᠋ᠶ᠋ᠠᠷ《ᠥᠷᠭᠡᠰᠦᠲᠦ ᠲᠡᠮᠦᠷ ᠢ᠋ ᠳ᠋ᠠᠲ᠋ᠥ᠋ᠩ ᠳ᠋ᠦ᠍ ᠲᠡᠮᠦᠷ ᠬᠠᠢᠯᠬᠤ ᠭᠠᠵᠠᠷ ᠬᠦᠷᠭᠡᠭᠦᠯᠬᠦ》 ᠲᠤᠰᠢᠶᠠᠯ ᠥᠭᠴᠦ᠂ ᠬᠣᠶᠠᠷ ᠠᠷᠪᠠᠲᠤ ᠪᠠᠷᠢᠨ ᠬᠠᠷᠠᠭᠠᠯᠵᠠᠭᠤᠯᠤᠨ ᠦᠯᠡᠳᠡᠭᠡᠳ ᠴᠠᠭᠠᠰᠢ ᠬᠣᠲᠠ ᠤᠷᠤᠭᠤ ᠶᠠᠪᠤᠪᠠ᠃  
       ᠤᠷᠢᠳᠤ ᠨᠢ ᠳ᠋ᠠᠲ᠋ᠥ᠋ᠩ ᠢ᠋ ᠮᠣᠩᠭᠣᠯ ᠴᠡᠷᠢᠭ ᠦ᠋ᠳ ᠡᠵᠡᠯᠡᠨ ᠠᠪᠤᠭᠠᠳ ᠲᠡᠨᠳᠡᠬᠢ ᠲᠡᠮᠦᠷ ᠬᠠᠢᠯᠤᠭᠤᠯᠬᠤ ᠭᠠᠵᠠᠷ ᠮᠣᠩᠭᠣᠯ ᠬᠢᠲᠠᠳ ᠳᠠᠷᠬᠠᠨᠴᠤᠳ ᠠ᠋ᠴᠠ ᠡᠷᠲᠡᠨ ᠦ᠌ ᠬᠢᠲᠠᠳ ᠤ᠋ᠨ ᠬᠡᠷᠡᠮ ᠡᠪᠳᠡᠳᠡᠭ ᠲᠡᠢᠨ ᠦ᠌ ᠲᠡᠮᠦᠷ ᠪᠠᠭᠠᠵᠢ ᠶ᠋ᠢ ᠳᠠᠭᠤᠷᠢᠶᠠᠯᠭᠠᠨ᠂ ᠬᠣᠶᠠᠷ ᠮᠣᠷᠢ ᠪᠠᠷ ᠴᠢᠷᠦᠭᠡᠳ ᠶᠠᠪᠤᠵᠤ ᠪᠣᠯᠬᠤ ᠬᠥᠩᠭᠡᠨ ᠴᠢᠳᠥᠷ ᠣᠨᠢᠰᠣ ᠬᠡᠮᠡᠬᠦ ᠬᠠᠷᠪᠤᠬᠤ᠂ ᠴᠣᠬᠢᠬᠤ ᠪᠠᠭᠠᠵᠢ ᠬᠢᠯᠭᠡᠵᠦ ᠪᠣᠢ ᠪᠥᠯᠥᠭᠡ᠃ ᠡᠢᠨᠬᠦ ᠲᠡᠷᠡ ᠲᠡᠮᠦᠷ ᠢ᠋ ᠲᠡᠰᠢ ᠰᠢᠯᠵᠢᠭᠦᠯᠬᠦ ᠲᠤᠰᠢᠶᠠᠯ ᠥᠭᠴᠡᠢ᠃ 
       ᠦᠦᠷ ᠲᠡᠮᠳᠡᠭᠷᠡᠬᠦ ᠰᠠᠴᠠᠭᠤ ᠰᠢᠦᠸᠠᠨ ᠳᠧ ᠹᠦ ᠤᠷᠤᠭᠤ ᠭᠤᠷᠪᠠᠨ ᠲᠠᠯ᠎ᠠ ᠠ᠋ᠴᠠ ᠳᠠᠭᠠᠷᠢᠵᠤ᠂ ᠦᠨᠡᠬᠡᠷ ᠪᠣᠭᠣᠷᠴᠢ ᠵᠠᠩᠵᠤᠨ ᠤ᠋ ᠪᠣᠳᠣᠭᠰᠠᠨ ᠢ᠋ᠶ᠋ᠠᠷ ᠲᠡᠭᠦᠨ ᠦ᠌ ᠵᠠᠮ ᠳ᠋ᠤ᠌ ᠰᠠᠭᠠᠳ ᠤᠴᠠᠷᠠᠭᠤᠯᠬᠤ ᠴᠡᠷᠢᠭ ᠦᠭᠡᠢ ᠲᠤᠯᠠ ᠬᠣᠲᠠ ᠶ᠋ᠢ ᠭᠠᠳᠠᠨ᠎ᠠ ᠳᠣᠲᠣᠨ᠎ᠠ ᠠ᠋ᠴᠠ ᠨᠢ ᠡᠪᠳᠡᠨ ᠰᠦᠢᠳᠬᠡᠵᠦ ᠬᠢᠯᠪᠠᠷᠬᠠᠨ ᠡᠵᠡᠯᠡᠵᠦ᠂ ᠴᠡᠷᠢᠭ ᠢ᠋ ᠨᠢ ᠪᠠᠭᠤᠯᠭᠠᠨ ᠠᠪᠤᠭᠰᠠᠨ ᠠᠵᠤᠭᠤ᠃  
       ᠡᠨᠡ ᠪᠣᠯ ᠭᠤᠷᠪᠠᠨ ᠵᠢᠯ ᠦ᠋ᠨ ᠡᠮᠦᠨᠡᠬᠢ ᠲᠡᠢᠨ ᠦ᠌ ᠡᠬᠢᠨ ᠦ᠌ ᠵᠢᠯ ᠪᠣᠯᠤᠭᠰᠠᠨ ᠪᠥᠭᠡᠳ ᠲᠡᠷᠡ ᠰᠠᠴᠠᠭᠤ  ᠵᠥᠩᠲᠦ ᠳ᠋ᠦ᠍ ᠶᠡᠬᠡ ᠬᠠᠭᠠᠨ ᠤ᠋ ᠭᠣᠣᠯ ᠬᠦᠴᠦ ᠣᠢᠷᠠᠬᠠᠨ ᠣᠴᠢᠭᠰᠠᠨ ᠪᠠᠢᠵᠠᠢ᠃ ᠵᠡᠭᠦᠨ ᠵᠠᠮ ᠤ᠋ᠨ ᠴᠡᠷᠢᠭ ᠦ᠋ᠨ ᠠᠰᠤᠷᠤ ᠶᠡᠬᠡ ᠭᠠᠵᠠᠷ ᠨᠤᠲᠤᠭ ᠣᠯᠠᠨ ᠬᠣᠲᠠ ᠲᠣᠰᠬᠣᠨ ᠡᠵᠡᠯᠡᠵᠦ᠂ ᠠᠯᠲᠠᠨ ᠬᠠᠭᠠᠨ ᠰᠠᠨᠳᠤᠷᠴᠤ᠂ ᠶᠡᠬᠡ ᠨᠣᠶᠠᠨ ᠸᠠᠩᠬᠢᠩ ᠴᠢᠩᠰᠠᠩ᠄ 
       — ᠲᠩᠷᠢ ᠭᠠᠵᠠᠷ ᠤ᠋ᠨ ᠵᠠᠶᠠᠭᠠᠭᠰᠠᠨ ᠴᠠᠭ᠂ ᠰᠠᠭᠤᠷᠢᠨ ᠰᠢᠯᠵᠢᠬᠦ ᠴᠠᠭ ᠢᠷᠡᠪᠡᠦ? ᠮᠣᠩᠭᠣᠯᠴᠤᠳ ᠮᠠᠰᠢ ᠬᠦᠴᠦ ᠲᠡᠢ ᠪᠣᠯᠵᠤ ᠢᠷᠡᠭᠡᠳ ᠪᠢᠳᠡᠨ ᠦ᠌ ᠡᠷᠡᠯᠬᠡᠭ ᠰᠢᠯᠢᠳᠡᠭ ᠬᠠᠷ᠎ᠠ ᠬᠢᠲᠠᠳ᠂ ᠵᠦᠷᠴᠢᠳ᠂ ᠵᠦᠢ ᠶ᠋ᠢᠨ ᠡᠷᠬᠢᠮ ᠴᠡᠷᠢᠭ ᠦ᠋ᠳ ᠢ᠋ ᠪᠦᠷᠢᠯᠭᠡᠨ ᠬᠢᠳᠤᠵᠠᠢ᠃ ᠪᠠᠰᠠ ᠢᠲᠡᠭᠡᠯ ᠲᠡᠢ ᠪᠠᠲᠤ ᠴᠠᠪᠴᠢᠶᠠᠯ ᠪᠣᠭᠣᠮᠲᠠ ᠶ᠋ᠢ ᠪᠤᠯᠢᠶᠠᠨ ᠠᠪᠴᠠᠢ᠃ ᠣᠳᠣ ᠪᠢᠳᠡ ᠴᠡᠷᠢᠭ ᠦ᠋ᠳ ᠢ᠋ ᠳᠠᠢᠴᠢᠯᠠᠨ ᠮᠣᠷᠳᠠᠭᠤᠯᠵᠤ ᠪᠣᠯᠬᠤ ᠪᠣᠯᠪᠠᠴᠤ ᠲᠡᠳᠡ ᠮᠣᠩᠭᠣᠯᠴᠤᠳ ᠲᠤ᠌ ᠳᠠᠬᠢᠨ ᠳᠠᠷᠤᠭᠳᠠᠪᠠᠰᠤ ᠥᠪᠡᠷᠰᠡᠳ ᠦ᠋ᠨ ᠬᠣᠲᠠ ᠪᠠᠯᠭᠠᠰᠤᠨ ᠳ᠋ᠤ᠌ ᠪᠤᠲᠠᠷᠠᠨ ᠲᠠᠷᠬᠠᠵᠤ᠂ ᠳᠠᠬᠢᠨ ᠬᠤᠷᠠᠯᠳᠤᠭᠤᠯᠬᠤ ᠠᠷᠭ᠎ᠠ ᠦᠭᠡᠢ ᠪᠣᠯᠬᠤ ᠠ᠋ᠴᠠ ᠭᠠᠳᠠᠨ᠎ᠠ ᠪᠢᠳᠡᠨ ᠳ᠋ᠦ᠍ ᠢᠲᠡᠭᠡᠬᠦ ᠦᠭᠡᠢ ᠪᠣᠯᠵᠤ᠂ ᠤᠷᠪᠠᠨ ᠳᠠᠢᠰᠤᠩᠨᠠᠬᠤ ᠳ᠋ᠤ᠌ ᠬᠦᠷᠦᠨ᠎ᠡ᠃ ᠬᠠᠭᠠᠨ ᠲᠠ ᠰᠣᠶᠣᠷᠬᠠᠪᠠᠰᠤ ᠮᠣᠩᠭᠣᠯ ᠤ᠋ᠨ ᠬᠠᠭᠠᠨ ᠳ᠋ᠤ᠌ ᠡᠨᠡ ᠬᠢᠷᠢ ᠡᠪᠰᠡᠨ ᠨᠠᠢᠷᠠᠮᠳᠠᠶ᠎ᠠ᠃ ᠨᠠᠢᠷᠠᠮᠳᠠᠭᠠᠳ ᠪᠤᠴᠠᠪᠠᠰᠤ ᠲᠡᠳᠡᠨ ᠦ᠌ ᠪᠤᠴᠠᠭᠰᠠᠨ ᠬᠣᠢᠨ᠎ᠠ ᠵᠢᠴᠢ ᠥᠭᠡᠷ᠎ᠡ ᠰᠠᠨᠠᠯ ᠢ᠋ᠶ᠋ᠠᠨ ᠭᠠᠷᠭᠠᠵᠤ ᠵᠥᠪᠯᠡᠶ᠎ᠡ᠃ ᠮᠣᠩᠭᠣᠯ ᠤ᠋ᠨ ᠴᠡᠷᠢᠭ᠂ ᠠᠭᠲᠠ ᠲᠡᠨᠳᠡᠬᠢ ᠭᠠᠵᠠᠷ ᠤ᠋ᠨ ᠬᠠᠯᠠᠭᠤᠨ ᠳ᠋ᠤ᠌ ᠲᠡᠰᠴᠦ ᠶᠠᠳᠠᠨ ᠪᠠᠢᠨ᠎ᠠ ᠭᠡᠨ᠎ᠡ᠃ ᠬᠠᠭᠠᠨ ᠳ᠋ᠤᠨᠢ ᠬᠡᠦᠬᠡᠨ ᠪᠠᠷᠢᠶ᠎ᠠ᠂ ᠴᠡᠷᠢᠭ ᠳᠠᠷᠤᠭ᠎ᠠ ᠨᠠᠷ ᠲᠤᠨᠢ ᠠᠯᠲᠠ᠂ ᠮᠥᠩᠭᠥ᠂ ᠡᠳ᠋ ᠠᠭᠤᠷᠠᠰᠤ ᠭᠠᠷᠭᠠᠵᠤ ᠥᠭᠭᠦᠶ᠎ᠡ᠃ ᠡᠨᠡ ᠠᠷᠭ᠎ᠠ ᠳ᠋ᠤ᠌ ᠣᠷᠣᠬᠤ ᠡᠰᠡᠬᠦ ᠶ᠋ᠢ ᠶᠠᠭᠠᠬᠢᠵᠤ ᠮᠡᠳᠡᠬᠦ ᠪᠣᠢ? ᠭᠡᠮᠡᠨ ᠬᠡᠯᠡᠭᠰᠡᠨ ᠳ᠋ᠦ᠍ ᠠᠯᠲᠠᠨ ᠬᠠᠭᠠᠨ ᠵᠥᠪᠰᠢᠶᠡᠷᠡᠵᠦ᠂ ᠴᠢᠩᠭᠢᠰ ᠬᠠᠭᠠᠨ ᠳ᠋ᠤ᠌ ᠤᠷᠢᠳᠤ ᠲᠠᠨᠢᠬᠤ ᠸᠠᠩᠭᠢᠩ ᠴᠢᠩᠰᠠᠩ ᠢ᠋ ᠢᠯᠡᠭᠡᠵᠦ ᠨᠠᠢᠷᠠᠮᠳᠠᠯ ᠪᠠᠢᠭᠤᠯᠵᠤ᠂ ᠣᠯᠠᠨ ᠬᠣᠲᠠ ᠳ᠋ᠤ᠌ ᠪᠠᠢᠯᠳᠤᠵᠤ ᠪᠠᠢᠭᠰᠠᠨ ᠴᠡᠷᠢᠭ ᠢ᠋ᠶ᠋ᠡᠨ ᠲᠠᠲᠠᠵᠠᠢ᠃ ᠬᠠᠭᠠᠨ ᠢ᠋ᠶ᠋ᠠᠷ ᠡᠵᠡᠯᠡᠭᠰᠡᠨ ᠨᠤᠲᠤᠭ ᠳᠡᠪᠢᠰᠬᠡᠷ ᠢ᠋ᠶ᠋ᠡᠨ ᠬᠠᠷᠠᠵᠤ ᠡᠵᠡᠩᠨᠡᠬᠦ ᠴᠡᠷᠢᠭ ᠦᠯᠡᠳᠡᠭᠡᠭᠡᠳ ᠲᠠᠩᠭᠤᠳ ᠢ᠋ ᠨᠣᠮᠤᠳᠬᠠᠬᠤ ᠪᠠᠷ ᠮᠣᠷᠢᠯᠠᠪᠠᠰᠤ ᠠᠶᠤᠵᠤ ᠮᠡᠭᠳᠡᠭᠰᠡᠨ ᠪᠤᠷᠬᠠᠨ ᠬᠠᠭᠠᠨ ᠥᠭᠡᠳᠡ ᠡᠴᠡ ᠨᠢ ᠨᠠᠢᠷᠰᠠᠭ ᠤᠭᠲᠤᠵᠤ᠂ ᠪᠡᠯᠡᠭ ᠰᠡᠯᠲᠡ᠂ ᠮᠥᠨ ᠯᠡ ᠭᠦᠩᠵᠦ ᠪᠠᠷᠢᠵᠤ ᠬᠣᠢᠰᠢ ᠳ᠋ᠤ᠌《ᠪᠠᠷᠠᠭᠤᠨ ᠭᠠᠷ ᠴᠢᠨᠢ ᠪᠣᠯᠤᠶ᠎ᠠ》 ᠭᠡᠮᠡᠨ ᠠᠮᠠᠨ ᠲᠠᠩᠭᠠᠷᠢᠭ ᠦᠭᠪᠡᠰᠦ ᠴᠢᠩᠭᠢᠰ ᠬᠠᠭᠠᠨ ᠨᠤᠲᠤᠭ ᠪᠤᠴᠠᠭᠰᠠᠨ ᠬᠣᠶᠠᠷᠬᠠᠨ ᠵᠢᠯ ᠦ᠋ᠨ ᠳᠣᠲᠣᠷ᠎ᠠ ᠠᠯᠲᠠᠨ ᠤᠯᠤᠰ ᠤ᠋ᠨ ᠲᠥᠷᠥ ᠶ᠋ᠢᠨ ᠳᠣᠲᠣᠭᠠᠳᠤ ᠬᠢᠮᠤᠷᠠᠯ᠂ ᠣᠷᠳᠣᠨ ᠤ᠋ ᠡᠷᠭᠢᠯᠲᠡ ᠪᠡᠷ ᠤᠤᠯ ᠤ᠋ᠨ ᠬᠠᠭᠠᠨ ᠰᠢᠩᠱᠸᠩ ᠡᠴᠡ ᠣᠳᠤᠪ ᠭᠡᠭᠴᠢ ᠬᠠᠭᠠᠨ ᠰᠢᠷᠡᠭᠡ ᠪᠤᠯᠢᠶᠠᠨ ᠠᠪᠴᠤ ᠴᠢᠩᠭᠢᠰ ᠬᠠᠭᠠᠨ ᠠ᠋ᠴᠠ ᠡᠮᠦᠨᠡᠲᠦ ᠰᠥᠩ ᠤᠯᠤᠰ ᠲᠤ᠌ ᠢᠯᠡᠭᠡᠭᠰᠡᠨ ᠢᠯᠴᠢ ᠶ᠋ᠢ ᠰᠠᠭᠠᠲᠠᠭᠤᠯᠤᠨ ᠪᠤᠴᠠᠭᠠᠭᠰᠠᠨ ᠨᠢ ᠤᠷᠢᠳᠤ ᠶ᠋ᠢᠨ ᠬᠠᠭᠠᠨ ᠲᠠᠢ ᠲᠣᠬᠢᠷᠠᠯᠴᠠᠭᠰᠠᠨ ᠨᠠᠢᠷᠠᠮᠳᠠᠯ ᠠ᠋ᠴᠠ ᠨᠢᠴᠤᠵᠤ᠂ ᠢᠲᠡᠭᠡᠯ ᠢ᠋ ᠲᠠᠰᠤᠷᠠᠭᠤᠯᠤᠭᠰᠠᠨ ᠤ᠋ ᠤᠴᠢᠷ ᠳᠠᠬᠢᠨ ᠡᠨᠡ ᠵᠢᠯ ᠬᠣᠶᠠᠳᠠᠬᠢ ᠤᠳᠠᠭ᠎ᠠ ᠳᠣᠪᠲᠣᠯᠵᠤ᠂ ᠬᠡᠳᠦᠬᠡᠨ ᠰᠠᠷ᠎ᠠ ᠶ᠋ᠢᠨ ᠳᠣᠲᠣᠷ᠎ᠠ ᠪᠠᠷᠠᠭᠤᠨ ᠵᠠᠮ ᠢ᠋ᠶ᠋ᠠᠷ ᠲᠦᠩ ᠭᠤᠸᠠᠨ ᠪᠣᠭᠣᠮᠲᠠ᠂ ᠱᠠᠨᠳᠦ᠋ᠩ᠂ ᠱᠠᠭᠰᠢ᠂ ᠾᠧᠪᠧᠢ᠂ ᠯᠢᠶᠣᠣ ᠰᠢ ᠶ᠋ᠢ᠂ ᠵᠡᠭᠦᠨ ᠵᠠᠮ ᠢ᠋ᠶ᠋ᠠᠷ ᠬᠠᠢᠹᠸᠩ ᠹᠦ᠂ ᠬᠡᠢᠰᠢᠪᠦᠦ᠂ ᠡᠷᠲᠡᠨ ᠦ᠌ ᠨᠡᠢᠰᠯᠡᠯ ᠹᠦᠬᠠᠨᠥ᠋ ᠪᠣᠯᠤᠨ ᠲᠥᠪ ᠵᠠᠮ ᠢ᠋ᠶ᠋ᠠᠷ ᠵᠥᠩᠲᠦ ᠲᠡᠷᠢᠭᠦᠲᠦ962 ᠶᠡᠬᠡ ᠪᠠᠭ᠎ᠠ ᠬᠣᠲᠠ᠂ ᠰᠠᠭᠤᠷᠢᠨ ᠡᠵᠡᠯᠡᠭᠳᠡᠭᠰᠡᠨ ᠪᠣᠯᠠᠢ᠃ 
       ᠡᠮᠦᠨᠡᠬᠢ ᠬᠠᠭᠠᠨ ᠤ᠋ ᠪᠣᠳᠣᠯᠭ᠎ᠠ ᠠ᠋ᠴᠠ ᠳᠡᠭᠡᠭᠦᠷ ᠵᠠᠩ ᠭᠠᠷᠭᠠᠭᠰᠠᠨ ᠰᠢᠶᠣᠤ ᠸᠠᠩ ᠣᠳᠣᠪ ᠤᠯᠤᠰ ᠣᠷᠣᠨ ᠤ᠋ ᠪᠠᠨ ᠪᠠᠷᠤᠭ ᠲᠠᠯ᠎ᠠ ᠬᠤᠪᠢ ᠶ᠋ᠢ ᠠᠯᠳᠠᠵᠤ᠂ ᠡᠮᠦᠨᠡᠲᠦ ᠨᠠᠨᠵᠢᠩ ᠳ᠋ᠤ᠌ ᠵᠢᠭᠤᠲᠠᠵᠤ ᠭᠠᠷᠤᠭᠠᠳ ᠲᠩᠷᠢ ᠨᠡᠷᠡᠲᠦ ᠬᠦᠦ ᠪᠡᠨ ᠢᠯᠡᠭᠡᠵᠦ᠂ ᠨᠠᠢᠷᠠᠮᠳᠠᠯ ᠪᠠᠢᠭᠤᠯᠬᠤ ᠶ᠋ᠢ ᠬᠦᠰᠡᠭᠰᠡᠨ ᠶᠣᠰᠣ ᠪᠠᠷ ᠴᠢᠩᠭᠢᠰ ᠬᠠᠭᠠᠨ ᠢ᠋ᠶ᠋ᠠᠷ ᠡᠵᠡᠯᠡᠭᠰᠡᠨ ᠭᠠᠵᠠᠷ ᠨᠤᠲᠤᠭ ᠢ᠋ᠶ᠋ᠠᠨ ᠥᠪᠡᠷᠲᠡᠭᠡᠨ ᠠᠪᠴᠤ ᠦᠯᠡᠳᠡᠭᠡᠳ ᠨᠤᠲᠤᠭ ᠪᠤᠴᠠᠬᠤ ᠲᠤᠰᠢᠶᠠᠯ ᠥᠭᠭᠦᠭᠰᠡᠨ ᠪᠥᠯᠥᠭᠡ᠃ 
       ᠵᠥᠩᠲᠦ ᠶ᠋ᠢ ᠡᠵᠡᠯᠡᠵᠦ ᠬᠠᠷᠢ ᠭᠦᠷᠦᠨ ᠦ᠌ ᠶᠡᠬᠡ ᠨᠡᠢᠰᠯᠡᠯ ᠳ᠋ᠦ᠍ ᠬᠥᠯ ᠲᠠᠯᠪᠢᠭᠰᠠᠨ ᠴᠡᠷᠢᠭ ᠳᠠᠷᠤᠭ᠎ᠠ᠂ ᠨᠣᠶᠠᠳ ᠶᠡᠬᠡᠰ ᠬᠠᠨ ᠬᠥᠪᠡᠭᠦᠳ ᠪᠦᠭᠦᠳᠡ ᠯᠡ ᠦᠵᠡᠵᠦ ᠰᠣᠨᠢᠷᠬᠠᠨ ᠨᠢᠳᠦ ᠬᠤᠵᠢᠷᠯᠠᠬᠤ ᠠᠵᠢ᠃ ᠭᠡᠪᠡᠴᠦ ᠤᠭ ᠠ᠋ᠴᠠ ᠬᠡᠭᠡᠷ᠎ᠡ ᠶ᠋ᠢᠨ ᠰᠠᠯᠬᠢᠨ ᠳ᠋ᠤ᠌ ᠮᠣᠷᠢᠨ ᠳᠡᠯ ᠳᠡᠭᠡᠭᠦᠷ ᠭᠢᠰᠬᠢᠨ ᠳᠠᠪᠬᠢᠵᠤ᠂ ᠲᠠᠷᠭᠤᠨ ᠮᠢᠬᠠᠨ ᠠ᠋ᠴᠠ ᠥᠭᠡᠷ᠎ᠡ ᠬᠣᠭᠣᠯᠠ ᠲᠡᠳᠦᠢ ᠯᠡ ᠮᠡᠳᠡᠬᠦ ᠦᠭᠡᠢ ᠮᠣᠩᠭᠣᠯᠴᠤᠳ ᠬᠣᠲᠠ ᠶ᠋ᠢᠨ ᠦᠮᠡᠬᠡᠢ ᠰᠠᠮᠠᠬᠠᠢ ᠭᠤᠳᠤᠮᠵᠢᠨ ᠳ᠋ᠤ᠌ ᠶᠡᠬᠡ ᠯᠡ ᠳᠡᠭᠡᠭᠦᠷ ᠵᠠᠩ ᠲᠠᠢ ᠢᠷᠪᠠᠢᠨ ᠶᠠᠪᠤᠬᠤ ᠨᠢ ᠠᠷᠭ᠎ᠠ ᠦᠭᠡᠢ ᠯᠡ ᠪᠠᠷᠳᠠᠮᠰᠠᠭ ᠵᠠᠩ᠃ ᠤᠭ ᠠ᠋ᠴᠠ ᠬᠠᠭᠠᠨ ᠢ᠋ᠶ᠋ᠠᠷ᠄《ᠬᠠᠷᠢᠨ ᠬᠣᠲᠠ ᠳ᠋ᠤ᠌ ᠨᠢᠳᠦ ᠠᠯᠳᠠᠵᠤ᠂ ᠬᠥᠯ ᠲᠤᠢᠪᠠᠵᠤ ᠪᠣᠯᠬᠤ ᠦᠭᠡᠢ》 ᠭᠡᠰᠡᠨ ᠬᠠᠲᠠᠭᠤ ᠵᠠᠷᠯᠢᠭ ᠪᠠᠭᠤᠯᠭᠠᠭᠰᠠᠨ ᠠᠵᠤᠭᠤ᠃ ᠵᠥᠷᠢᠴᠡᠪᠡᠯ ᠶᠠᠭᠤ ᠪᠣᠯᠬᠤ ᠶ᠋ᠢ ᠪᠦᠭᠦᠳᠡ ᠮᠡᠳᠡᠵᠦ ᠪᠣᠢ᠃ 
       ᠴᠢᠩᠭᠢᠰ ᠬᠠᠭᠠᠨ ᠨᠢᠭᠡᠨ ᠡᠳᠦᠷ ᠵᠥᠩᠲᠦ ᠳ᠋ᠦ᠍ ᠪᠣᠭᠣᠷᠴᠢ᠂ ᠪᠣᠷᠣᠬᠤᠯ᠂ ᠮᠤᠬᠤᠯᠠᠢ᠂ ᠴᠢᠯᠠᠭᠤᠨ ᠳᠥᠷᠪᠡᠨ ᠬᠦᠯᠦᠭ ᠪᠠᠭᠠᠲᠤᠷ ᠢ᠋ᠶ᠋ᠠᠨ ᠳᠠᠭᠠᠭᠤᠯᠤᠨ ᠬᠣᠲᠠ ᠶ᠋ᠢᠨ ᠬᠠᠶᠠᠭ᠎ᠠ ᠠ᠋ᠴᠠ ᠭᠤᠳᠤᠮᠵᠢ ᠴᠡᠴᠡᠷᠯᠢᠭ᠂ ᠬᠤᠳᠠᠯᠳᠤᠭ᠎ᠠ ᠬᠣᠭᠣᠯᠠᠨ ᠤ᠋ ᠡᠯᠳᠡᠪ ᠭᠠᠵᠠᠷ ᠬᠠᠭᠠᠳ ᠤ᠋ᠨ ᠶᠡᠬᠡ ᠣᠷᠳᠣᠨ ᠬᠦᠷᠲᠡᠯ᠎ᠡ ᠮᠣᠷᠢᠯᠠᠵᠤ᠂ ᠶᠧᠯᠢᠤᠢ ᠮᠡᠷᠭᠡᠨ ᠢ᠋ᠶ᠋ᠡᠷ ᠭᠠᠵᠠᠷᠴᠢᠯᠠᠨ ᠲᠠᠢᠯᠪᠤᠷᠢᠯᠠᠭᠤᠯᠵᠤ᠂ ᠬᠠᠭᠠᠨ ᠰᠠᠭᠤᠳᠠᠯ ᠳᠡᠭᠡᠷ᠎ᠡ ᠰᠠᠭᠤᠵᠤ᠂ ᠲᠡᠳᠡᠨ ᠢ᠋ ᠡᠮᠦᠨ᠎ᠡ ᠰᠥᠭᠥᠳᠬᠡᠨ᠄ 
       — ᠠᠯᠲᠠᠨ ᠤᠯᠤᠰ ᠤ᠋ᠨ ᠶᠡᠬᠡ ᠨᠡᠢᠰᠯᠡᠯ ᠶᠠᠮᠠᠷ ᠰᠠᠨᠠᠭᠳᠠᠨ᠎ᠠ ᠪᠣᠢ? ᠭᠡᠮᠡᠨ ᠠᠰᠠᠭᠤᠪᠠ᠃ ᠪᠣᠭᠣᠷᠴᠢ᠄ 
       — ᠠᠯᠲᠠᠨ ᠬᠠᠭᠠᠨ ᠵᠢᠭᠤᠲᠠᠵᠤ᠂ ᠬᠣᠲᠠ ᠮᠠᠨ ᠤ᠋ ᠭᠠᠷ ᠲᠤ᠌ ᠣᠷᠣᠮᠠᠭᠴᠠ ᠪᠢ ᠡᠨᠡ ᠬᠠᠭᠠᠨ ᠤ᠋ ᠣᠷᠳᠣᠨ ᠳ᠋ᠤ᠌ ᠣᠷᠣᠵᠤ ᠦᠵᠡᠭᠰᠡᠨ᠃ ᠲᠡᠷᠡ ᠦᠶ᠎ᠡ ᠳ᠋ᠦ᠍ ᠪᠣᠯ ᠣᠷᠳᠣᠨ ᠠ᠋ᠴᠠ ᠪᠠᠨ ᠡᠬᠢᠯᠡᠭᠡᠳ ᠬᠣᠲᠠ ᠳᠠᠶᠠᠭᠠᠷ ᠢ᠋ᠶ᠋ᠠᠨ ᠡᠮᠬᠢ ᠵᠠᠮᠪᠠᠷᠠᠭ᠎ᠠ ᠪᠠᠨ ᠠᠯᠳᠠᠭᠰᠠᠨ ᠪᠠᠢᠪᠠ᠃ ᠠᠯᠲᠠᠨ ᠤᠯᠤᠰ ᠤ᠋ᠨ ᠪᠠᠭᠤᠵᠤ ᠥᠭᠭᠦᠭᠰᠡᠨ ᠵᠠᠩᠵᠤᠨ ᠢ᠋ ᠬᠠᠯᠠᠯ᠎ᠠ᠃ ᠲᠠ ᠡᠨᠡ ᠬᠣᠲᠠ ᠳ᠋ᠤ᠌ ᠵᠠᠬᠢᠷᠤᠭᠴᠢ ᠲᠣᠬᠣᠭᠠᠵᠤ᠂ ᠮᠠᠨ ᠤ᠋ ᠰᠢᠭᠢᠬᠤᠲᠤᠭ᠂ ᠬᠠᠰᠠᠷ᠂ ᠥᠩᠭᠥᠷ ᠢᠷᠡᠵᠦ ᠬᠣᠲᠠ ᠳ᠋ᠤ᠌ ᠲᠣᠭᠠᠯᠠᠯᠭ᠎ᠠ ᠶᠠᠪᠤᠭᠤᠯᠤᠭᠰᠠᠨ ᠠ᠋ᠴᠠ ᠬᠣᠢᠰᠢ ᠶᠡᠬᠡ ᠴᠡᠭᠴᠡᠷᠡᠵᠡᠢ᠃ ᠡᠨᠡ ᠬᠣᠲᠠ ᠳ᠋ᠤ᠌ ᠰᠠᠢᠨ ᠰᠠᠢᠬᠠᠨ ᠶᠠᠭᠤᠮ᠎ᠠ ᠶᠡᠬᠡ ᠪᠠᠢᠨ᠎ᠠ᠂ ᠰᠠᠭᠠᠷ ᠮᠠᠭᠤᠬᠠᠢ ᠴᠦ᠍ ᠪᠠᠰᠠ ᠪᠠᠢᠨ᠎ᠠ ᠭᠡᠪᠡ᠃ ᠬᠠᠭᠠᠨ ᠮᠤᠬᠤᠯᠠᠢ ᠤᠷᠤᠭᠤ ᠬᠠᠷᠠᠬᠤᠢ᠄ 
       — ᠪᠣᠭᠣᠷᠴᠢ ᠶ᠋ᠢᠨ ᠬᠡᠯᠡᠭᠰᠡᠨ ᠢ᠋ᠶ᠋ᠡᠷ ᠰᠠᠢᠨ ᠰᠠᠢᠬᠠᠨ ᠢ᠋ ᠦᠯᠡᠳᠡᠭᠡᠭᠡᠳ ᠪᠠᠢᠭᠤᠯᠤᠭᠰᠠᠨ ᠶᠡᠬᠡ ᠬᠣᠲᠠ ᠮᠥᠩᠬᠡ ᠲᠩᠷᠢ ᠵᠠᠶᠠᠭᠠᠲᠤ ᠴᠢᠩᠭᠢᠰ ᠬᠠᠭᠠᠨ ᠤ᠋ ᠰᠦᠷ ᠰᠦᠯᠳᠡ ᠳ᠋ᠦ᠍ ᠶᠡᠬᠡ ᠬᠡᠷᠡᠭ ᠲᠡᠢ ᠭᠡᠮᠡᠨ ᠥᠴᠦᠬᠡᠨ ᠪᠢ ᠪᠣᠳᠣᠨᠠᠮ ᠭᠡᠪᠡ᠃ 
       ᠬᠠᠭᠠᠨ ᠢ᠋ᠶ᠋ᠠᠷ ᠪᠤᠰᠤᠳ ᠤᠷᠤᠭᠤ ᠡᠭᠡᠯᠵᠢᠯᠡᠨ ᠬᠠᠷᠠᠬᠤᠢ ᠴᠢᠯᠠᠭᠤᠨ᠄ 
       — ᠵᠠ᠂ ᠵᠠ᠃ ᠬᠣᠲᠠ ᠴᠦ᠍ ᠶᠠᠭᠠᠮᠠᠢ᠂ ᠡᠨᠡ ᠣᠯᠠᠨ ᠬᠢᠲᠠᠳ ᠢ᠋ ᠶᠠᠭᠠᠬᠢᠵᠤ ᠵᠠᠬᠢᠷᠬᠤ ᠪᠣᠢ ᠭᠡᠳᠡᠭ ᠯᠡ ᠠᠮᠠᠷ ᠦᠭᠡᠢ ᠰᠠᠨᠠᠭᠳᠠᠨ᠎ᠠ ᠭᠡᠬᠦ ᠳ᠋ᠦ᠍ ᠬᠠᠭᠠᠨ ᠠ᠋ᠴᠠ ᠡᠬᠢᠯᠡᠭᠡᠳ ᠪᠦᠭᠦᠳᠡ《ᠬᠠ᠂ ᠬᠠ᠂ ᠬᠠ》 ᠢᠨᠢᠶᠡᠯᠳᠦᠪᠡ᠃ ᠠᠷᠭ᠎ᠠ ᠦᠭᠡᠢ ᠶ᠋ᠢᠨ ᠡᠷᠬᠡᠨ ᠳ᠋ᠦ᠍ ᠦᠯᠡᠳᠡᠭᠰᠡᠨ ᠪᠣᠷᠣᠬᠤᠯ᠄
       — ᠮᠢᠨᠦ ᠦᠵᠡᠭᠰᠡᠨ ᠢ᠋ᠶ᠋ᠡᠷ ᠬᠣᠲᠠ ᠳ᠋ᠤ᠌ ᠶᠡᠬᠡ ᠰᠠᠢᠨ ᠰᠠᠢᠬᠠᠨ ᠶᠠᠭᠤᠮ᠎ᠠ ᠪᠠᠢᠨ᠎ᠠ ᠰᠢᠦ ᠳᠡ᠃ ᠮᠣᠩᠭᠣᠯ ᠤᠯᠤᠰ᠂ ᠶᠡᠬᠡ ᠡᠵᠡᠨ ᠴᠢᠩᠭᠢᠰ ᠬᠠᠭᠠᠨ ᠭᠠᠳᠠᠭᠠᠳᠤ ᠤᠯᠤᠰ ᠤ᠋ᠨ ᠬᠡᠨ ᠢ᠋ ᠢᠷᠡᠭᠰᠡᠨ ᠴᠦ᠍ ᠭᠠᠢᠬᠠᠭᠤᠯᠬᠤ ᠰᠠᠢᠬᠠᠨ ᠨᠡᠢᠰᠯᠡᠯ ᠬᠣᠲᠠ ᠲᠠᠢ ᠪᠠᠢᠬᠤ ᠶᠣᠰᠣ ᠲᠠᠢ᠃ ᠭᠠᠳᠠᠭᠠᠳᠤ ᠳ᠋ᠤ᠌ ᠭᠠᠢᠬᠠᠭᠤᠯᠬᠤ ᠶ᠋ᠢᠨ ᠲᠤᠯᠠ ᠪᠤᠰᠤ᠂ ᠲᠥᠪ ᠨᠡᠢᠰᠯᠡᠯ ᠲᠡᠢ ᠪᠠᠢᠨ᠎ᠠ ᠭᠡᠵᠦ ᠪᠢ ᠪᠣᠳᠣᠯ᠎ᠠ᠃ ᠡᠨᠡ ᠤᠯᠤᠰ ᠤ᠋ᠨ ᠲᠥᠪ ᠢ᠋ᠶ᠋ᠡᠨ ᠨᠡᠢᠰᠯᠡᠯ ᠭᠡᠳᠡᠭ ᠶᠦᠮ ᠪᠠᠢᠨ᠎ᠠ᠃ ᠨᠡᠢᠰᠯᠡᠯ ᠲᠡᠢ ᠪᠠᠢᠬᠤ ᠶᠣᠰᠣ ᠲᠠᠢ᠃ 
       ᠡᠢᠮᠦᠷᠬᠦᠦ ᠶᠠᠷᠢᠶ᠎ᠠ ᠥᠷᠨᠢᠵᠦ ᠪᠠᠢᠲᠠᠯ᠎ᠠ ᠴᠢᠩᠭᠢᠰ ᠬᠠᠭᠠᠨ᠄ 
       — ᠨᠠᠮ᠎ᠠ ᠶ᠋ᠢ ᠶᠠᠭᠠᠬᠢᠭᠠᠳ ᠡᠢᠰᠢ ᠳᠠᠢᠳᠤᠭᠰᠠᠨ ᠭᠡᠵᠦ ᠪᠣᠳᠣᠳᠠᠭ ᠪᠣᠢ? ᠣᠯᠠᠨ ᠴᠦ᠍ ᠠᠪᠤ᠂ ᠡᠵᠢ ᠶ᠋ᠢᠨ ᠬᠡᠦᠬᠡᠳ ᠢ᠋ ᠠᠯᠳᠠᠵᠤ ᠣᠢ ᠭᠠᠰᠠᠯᠠᠩ ᠳ᠋ᠤ᠌ ᠤᠴᠠᠷᠠᠭᠤᠯᠪᠠ᠃ ᠶᠡᠬᠡ ᠴᠦ᠍ ᠭᠠᠵᠠᠷ ᠨᠤᠲᠤᠭ ᠢ᠋ ᠡᠵᠡᠯᠡᠵᠦ ᠠᠪᠤᠯ᠎ᠠ᠃ ᠣᠳᠣ ᠲᠡᠭᠡᠭᠡᠳ ᠶᠠᠭᠠᠬᠢᠬᠤ ᠪᠣᠢ? 
       — ᠠᠯᠲᠠᠨ ᠤᠯᠤᠰ ᠲᠠᠢ ᠨᠠᠢᠷᠠᠮᠳᠠᠯ ᠪᠠᠢᠭᠤᠯᠵᠤ ᠲᠡᠢᠨ ᠵᠣᠭᠰᠣᠭᠠᠭᠰᠠᠨ ᠲᠤᠯᠠ ᠤᠯᠤᠰ ᠮᠠᠨᠢ ᠠᠮᠤᠷ ᠵᠢᠮᠦᠷ ᠠᠶ᠎ᠠ ᠲᠠᠢ ᠲᠠᠪᠠᠲᠠᠢ ᠪᠣᠯᠤᠨ᠎ᠠ᠃ ᠲᠡᠭᠡᠯ᠎ᠡ ᠭᠡᠳ ᠵᠦᠭᠡᠷ ᠰᠠᠭᠤᠵᠤ ᠪᠣᠯᠬᠤ ᠦᠭᠡᠢ᠂ ᠬᠠᠭᠠᠨ ᠤ᠋ ᠠᠭᠤᠷᠤᠭ ᠥᠷᠭᠥᠭᠡ ᠶ᠋ᠢ ᠲᠣᠭᠣᠷᠢᠭᠤᠯᠤᠨ ᠰᠠᠢᠬᠠᠨ ᠬᠣᠲᠠ ᠪᠠᠢᠬᠤ ᠬᠡᠷᠡᠭ ᠲᠡᠢ᠃ ᠪᠢᠳᠡᠨ ᠦ᠌ ᠮᠣᠩᠭᠣᠯᠴᠤᠳ ᠬᠡᠨ ᠡᠴᠡ ᠲᠤᠲᠠᠬᠤ ᠪᠣᠢ? ᠰᠠᠢᠬᠠᠨ ᠤᠷᠠᠨ ᠪᠠᠷᠢᠯᠭ᠎ᠠ ᠪᠠᠷᠢᠵᠤ ᠰᠤᠷᠤᠨ᠎ᠠ᠃ ᠰᠤᠷᠭᠠᠬᠤ ᠴᠦ᠍ ᠬᠡᠷᠡᠭᠲᠡᠢ ᠶᠦᠮ ᠭᠡᠵᠦ ᠮᠤᠬᠤᠯᠠᠢ ᠶ᠋ᠢ ᠬᠡᠯᠡᠮᠡᠭᠴᠡ ᠪᠣᠭᠣᠷᠴᠢ ᠤᠤᠯᠭ᠎ᠠ ᠠᠯᠲᠠᠨ ᠳᠤᠷ᠎ᠠ ᠦᠭᠡᠢᠴᠡᠵᠦ᠄ 
       — ᠮᠣᠩᠭᠣᠯ ᠬᠥᠮᠦᠨ ᠮᠣᠷᠢᠨ ᠠ᠋ᠴᠠ ᠪᠠᠨ ᠰᠠᠯᠪᠠᠯ ᠱᠣᠩᠬᠣᠷ ᠵᠢᠭᠦᠷ ᠦᠭᠡᠢ ᠲᠡᠢ ᠠᠳᠠᠯᠢ᠃ ᠲᠡᠷᠡ ᠪᠣᠯᠬᠤ ᠦᠭᠡᠢ᠃ ᠮᠠᠨ ᠤ᠋ ᠬᠦᠴᠦ ᠴᠢᠳᠠᠯ ᠳᠣᠷᠣᠢᠲᠠᠵᠤ ᠴᠣᠭ ᠬᠡᠢᠮᠣᠷᠢ ᠪᠠᠷᠠᠭᠳᠠᠨ᠎ᠠ᠃ ᠲᠡᠭᠦᠨ ᠳ᠋ᠡᠭᠡᠨ ᠬᠦᠷᠪᠡᠯ ᠡᠨᠡ ᠣᠯᠠᠨ ᠬᠢᠲᠠᠳ ᠢ᠋ᠶ᠋ᠠᠷ ᠠᠪᠠᠴᠢᠭᠠᠳ ᠴᠢᠯᠠᠭᠤ ᠰᠢᠪᠠᠷ ᠲᠠᠢ ᠨᠣᠴᠣᠯᠳᠤᠭᠤᠯᠵᠤ ᠪᠣᠯᠤᠨ᠎ᠠ ᠭᠡᠯ᠎ᠡ᠃ 
       ᠠᠯᠲᠠᠨ ᠬᠠᠭᠠᠨ ᠤ᠋ ᠰᠠᠭᠤᠳᠠᠯ ᠳᠡᠭᠡᠷ᠎ᠡ ᠲᠡᠳᠡᠨ ᠦ᠌ ᠦᠭᠡ ᠶ᠋ᠢ ᠠᠩᠬᠠᠷᠤᠯ ᠲᠠᠢ ᠰᠣᠨᠣᠰᠴᠤ ᠰᠠᠭᠤᠭᠰᠠᠨ ᠴᠢᠩᠭᠢᠰ ᠬᠠᠭᠠᠨ ᠬᠠᠵᠠᠭᠤ ᠲᠡᠰᠢ ᠲᠣᠬᠣᠢᠯᠳᠤᠨ ᠪᠣᠳᠣᠯᠬᠢᠯᠠᠵᠤ᠄ 
       — ᠪᠢ ᠠᠭᠤᠷᠤᠭ ᠥᠷᠭᠥᠭᠡ ᠪᠡᠨ ᠬᠡᠷᠦᠯᠦᠨ ᠦ᠌ ᠬᠥᠳᠡᠭᠡ ᠠᠷᠠᠯ ᠳ᠋ᠤ᠌ ᠰᠢᠯᠵᠢᠭᠦᠯᠬᠦ ᠳ᠋ᠡᠭᠡᠨ ᠬᠣᠲᠠ ᠰᠠᠭᠤᠷᠢᠨ ᠪᠠᠢᠭᠤᠯᠤᠶ᠎ᠠ ᠭᠡᠵᠦ ᠪᠣᠳᠣᠭᠰᠠᠨ ᠶᠤᠮ᠃ ᠲᠡᠷᠡ ᠮᠠᠨᠢ ᠪᠤᠷᠤᠭᠤ ᠪᠢᠰᠢ ᠪᠣᠯᠤᠯᠲᠠᠢ᠃ ᠬᠡᠷᠦᠯᠦᠨ ᠦ᠌ ᠬᠣᠢᠲᠤ ᠤᠷᠢᠳᠤ ᠬᠠᠶᠠᠯᠭ᠎ᠠ ᠳᠠᠭᠠᠭᠤᠯᠤᠨ ᠪᠠᠷᠢᠯᠭ᠎ᠠ ᠪᠠᠢᠰᠢᠩ ᠪᠠᠷᠢᠵᠤ᠂ ᠴᠡᠴᠡᠷᠯᠢᠭ ᠪᠠᠢᠭᠤᠯᠵᠤ ᠪᠣᠯᠬᠤ ᠶᠤᠮ ᠪᠠᠢᠨ᠎ᠠ᠃ ᠬᠢᠲᠠᠳ ᠤ᠋ᠨ ᠪᠠᠷᠢᠵᠤ ᠪᠠᠢᠭᠤᠯᠤᠭᠰᠠᠨ ᠰᠠᠢᠬᠠᠨ ᠣᠷᠳᠣᠨ ᠬᠠᠷᠰᠢ ᠶ᠋ᠢᠨ ᠵᠢᠱ᠌ᠢᠶ᠎ᠡ ᠪᠡᠷ ᠶᠠᠭᠤ ᠲᠠᠢ ᠴᠦ᠍ ᠪᠣᠯᠵᠤ ᠪᠣᠯᠤᠨ᠎ᠠ᠃  ᠪᠣᠮᠠᠨ ᠬᠢᠲᠠᠳ ᠬᠥᠭᠡᠭᠡᠵᠦ ᠠᠪᠠᠴᠢᠭᠠᠳ ᠠᠵᠢᠯ ᠬᠢᠯᠭᠡᠪᠡᠯ ᠲᠡᠳᠡ ᠶᠠᠭᠤ ᠶ᠋ᠢ ᠴᠦ᠍ ᠳᠣᠣᠷ᠎ᠠ ᠨᠢ ᠪᠣᠰᠬᠠᠨ᠎ᠠ᠃ ᠭᠠᠭᠴᠠ ᠬᠦ᠌ ᠴᠢᠩᠭᠢᠵᠦ ᠪᠣᠯᠬᠤ ᠦᠭᠡᠢ᠃ ᠬᠠᠴᠠᠷ ᠭᠤᠸ᠎ᠠ ᠥᠬᠢᠳ ᠢ᠋ ᠮᠠᠨᠢ ᠪᠤᠯᠢᠶᠠᠵᠤ ᠪᠤᠵᠠᠷᠯᠠᠵᠤ ᠦᠷ᠎ᠡ ᠤᠳᠤᠮ ᠢ᠋ ᠮᠠᠨᠢ ᠦᠭᠡᠢ ᠬᠢᠬᠦ ᠠᠶᠤᠯ ᠲᠠᠢ᠃ ᠡᠢᠮᠦ ᠡᠴᠡ ᠴᠥᠭᠡᠨ ᠬᠢᠲᠠᠳ ᠠᠪᠠᠴᠢᠵᠤ ᠠᠶᠠᠲᠠᠢᠬᠠᠨ ᠬᠡᠭᠡᠨᠴᠢᠷ ᠣᠷᠳᠣᠨ ᠪᠠᠷᠢᠭᠤᠯᠬᠤ ᠵᠢᠱ᠌ᠢᠶ᠎ᠡ ᠲᠡᠢ᠃ ᠡᠮᠬᠢ ᠴᠡᠭᠴᠡ ᠲᠡᠢ ᠠᠵᠢᠯ ᠢ᠋ᠶ᠋ᠠᠨ ᠡᠬᠢᠯᠡᠪᠡᠯ ᠵᠦᠭᠡᠷ᠃ ᠡᠭᠦᠨ ᠢ᠋ ᠴᠢᠨᠠᠭᠰᠢᠳᠠ ᠶᠡᠬᠡ ᠬᠤᠷᠠᠯᠳᠠᠢ ᠪᠠᠷ ᠬᠡᠯᠡᠯᠴᠡᠵᠦ᠂ ᠮᠡᠷᠭᠡᠨ ᠲᠦᠰᠢᠮᠡᠳ ᠦ᠋ᠨ ᠰᠠᠨᠠᠯ ᠢ᠋ ᠠᠪᠴᠤ ᠣᠷᠣᠯᠳᠣᠪᠠᠯ ᠵᠣᠬᠢᠯᠲᠠᠢ᠃ 
       ᠬᠠᠷᠢᠨ ᠣᠳᠣ ᠲᠠ ᠨᠠᠷ ᠠᠮᠪᠠᠭᠠᠢ ᠬᠠᠭᠠᠨ ᠤ᠋ ᠲᠢᠲᠢᠮ᠂ ᠪᠤᠰᠤᠳ ᠵᠦᠢᠯ ᠢ᠋ ᠣᠯ ᠭᠡᠵᠦ ᠲᠤᠰᠢᠶᠠᠯ ᠥᠭᠪᠡ᠃ 
       — ᠠᠯᠲᠠᠨ ᠬᠠᠭᠠᠨ ᠠᠪᠤᠭᠠᠳ ᠶᠠᠪᠤᠴᠢᠬᠠᠭ᠎ᠠ ᠦᠭᠡᠢ ᠪᠠᠢᠭ᠎ᠠ ᠁ ᠭᠡᠵᠦ ᠨᠢᠭᠡ ᠨᠢ ᠬᠡᠯᠡᠪᠡᠰᠦ᠄ 
       — ᠴᠢᠩᠭᠢᠵᠦ ᠴᠢᠳᠠᠬᠤ ᠦᠭᠡᠢ᠂ ᠠᠷᠠᠢ ᠭᠡᠵᠦ ᠠᠮᠢ ᠪᠠᠨ ᠲᠡᠭᠡᠭᠡᠵᠦ ᠶᠠᠪᠤᠭ᠎ᠠ ᠬᠥᠮᠦᠨ᠃ ᠲᠡᠭᠡᠭᠡᠳ ᠴᠦ᠍ ᠨᠠᠮ᠎ᠠ ᠶ᠋ᠢ ᠬᠣᠢᠨ᠎ᠠ ᠡᠴᠡ ᠪᠡᠨ ᠡᠯᠳᠡᠨ᠎ᠡ ᠭᠡᠵᠦ ᠠᠶᠤᠵᠤ ᠲᠠᠭᠠᠷᠠᠨ᠎ᠠ ᠭᠡᠪᠡ᠃  ᠶᠸᠯᠢᠤᠢ ᠮᠡᠷᠭᠡᠨ᠄ 
       — ᠠᠯᠲᠠᠨ ᠬᠠᠭᠠᠨ ᠤ᠋ ᠶᠠᠩᠵᠤ ᠪᠦᠷᠢ ᠶ᠋ᠢᠨ ᠰᠠᠩ ᠪᠠᠢᠳᠠᠭ᠃ ᠲᠡᠨᠳᠡ ᠡᠴᠡ ᠣᠯᠳᠠᠬᠤ ᠪᠠᠢᠬᠤ ᠬᠡᠮᠡᠪᠡᠰᠦ᠄ 
       — ᠴᠢᠩᠭᠢ᠂ ᠴᠢᠩᠭᠢ! ᠭᠡᠳ ᠬᠠᠭᠠᠨ ᠤ᠋ ᠥᠷᠭᠥᠭᠡ ᠤᠷᠤᠭᠤ ᠪᠠᠨ ᠮᠣᠷᠢᠯᠠᠵᠤ᠂ ᠦᠯᠡᠳᠡᠭᠰᠡᠳ ᠬᠣᠲᠠ ᠶ᠋ᠢᠨ ᠳᠠᠷᠤᠭ᠎ᠠ᠂ ᠣᠷᠳᠣᠨ ᠤ᠋ ᠳᠠᠭᠠᠭᠠᠮᠠᠯ᠂ ᠨᠢᠷᠪᠠ ᠶ᠋ᠢ ᠠᠪᠴᠢᠷᠠᠵᠤ ᠡᠯᠳᠡᠪ ᠰᠠᠩ ᠳ᠋ᠤ᠌ ᠨᠡᠩᠵᠢᠪᠡᠰᠦ ᠦᠨᠡᠬᠡᠷ ᠡᠷᠢᠭᠰᠡᠨ ᠵᠦᠢᠯ ᠣᠯᠳᠠᠪᠠ᠃ ᠲᠡᠭᠦᠨ ᠦ᠌ ᠲᠠᠰᠢᠷᠠᠮ ᠳ᠋ᠤ᠌ ᠲᠡᠷᠡ ᠵᠢᠯ ᠠᠯᠲᠠᠨ ᠬᠠᠭᠠᠨ ᠠ᠋ᠴᠠ ᠴᠢᠩᠭᠢᠰ ᠬᠠᠭᠠᠨ ᠳ᠋ᠤ᠌ ᠢᠷᠡᠭᠦᠯᠦᠭᠰᠡᠨ ᠵᠠᠬᠢᠳᠠᠯ ᠤ᠋ᠨ ᠬᠠᠷᠢᠭᠤ ᠠᠷᠠᠰᠤᠨ ᠳᠡᠭᠡᠷ᠎ᠡ ᠪᠢᠴᠢᠵᠦ  ᠤᠢᠰᠤᠨ ᠰᠠᠪᠠᠨ ᠳ᠋ᠤ᠌ ᠬᠢᠵᠦ ᠢᠯᠡᠭᠡᠭᠰᠡᠨ ᠬᠣᠢᠯᠠᠰᠤᠲᠠᠢ ᠵᠠᠬᠢᠳᠠᠯ ᠪᠠᠰᠠ ᠣᠯᠳᠠᠵᠠᠢ᠃ ᠲᠡᠭᠦᠨ ᠳ᠋ᠦ᠍ ᠥᠭᠦᠯᠡᠭᠰᠡᠨ ᠨᠢ᠄  
      《ᠠᠯᠲᠠᠨ ᠬᠠᠭᠠᠨ ᠴᠢ ᠰᠣᠨᠣᠰ!  ᠮᠥᠩᠬᠡ ᠲᠡᠭᠷᠢ ᠶ᠋ᠢᠨ ᠬᠦᠴᠦᠨ ᠳ᠋ᠦ᠍ᠷ ᠶᠡᠬᠡ ᠮᠣᠩᠭᠣᠯ ᠤᠯᠤᠰ ᠤ᠋ᠨ ᠳᠠᠯᠠᠢ ᠬᠠᠭᠠᠨ ᠤ᠋ ᠵᠠᠷᠯᠢᠭ᠂ ᠬᠠᠮᠤᠭ ᠮᠣᠩᠭᠣᠯ ᠤ᠋ᠨ ᠬᠠᠨ ᠬᠣᠲᠠᠯᠠ ᠠᠪᠠᠭ᠎ᠠ ᠠᠮᠪᠠᠭᠠᠢ ᠬᠠᠨ ᠤ᠋ ᠦᠰ ᠨᠡᠬᠡᠨ ᠲᠠᠨ ᠤ᠋ ᠴᠡᠷᠢᠭ ᠢ᠋ ᠬᠢᠶᠠᠷ᠎ᠠ ᠴᠣᠬᠢᠬᠤᠢ ᠳ᠋ᠤ᠌ ᠲᠠ ᠨᠠᠷ ᠠᠯᠪᠠ ᠲᠥᠯᠥᠬᠦ ᠪᠡᠷ ᠠᠮᠠᠯᠠᠵᠤ ᠡᠪ ᠵᠠᠰᠠᠨ ᠬᠡᠳᠦᠨ ᠵᠢᠯ ᠠᠯᠪᠠ ᠪᠠᠷᠢᠭᠰᠠᠨ ᠪᠥᠯᠥᠭᠡ᠃ ᠬᠣᠲᠠᠯᠠ ᠬᠠᠭᠠᠨ ᠠ᠋ᠴᠠ ᠬᠣᠢᠰᠢ ᠠᠯᠪᠠ ᠲᠠᠰᠤᠷᠠᠵᠤ ᠡᠳᠦᠭᠡ ᠬᠦᠷᠪᠡ᠃ ᠡᠪ ᠨᠠᠢᠷᠠᠮᠳᠠᠯ ᠢ᠋ ᠡᠷᠢᠵᠦ ᠪᠠᠢᠭ᠎ᠠ ᠪᠣᠯ  ᠲᠡᠷᠡᠬᠦ ᠤᠷᠢᠳᠤ ᠶ᠋ᠢᠨ ᠠᠯᠪᠠ ᠲᠥᠯᠥᠪᠦᠷᠢ ᠶ᠋ᠢ ᠰᠡᠷᠭᠦᠭᠡᠵᠦ᠂ ᠵᠢᠯ ᠪᠦᠷᠢ ᠲᠦᠮᠡᠨ ᠬᠤᠢ ᠲᠣᠷᠭ᠎ᠠ᠂ ᠪᠤᠮᠠᠨ ᠯᠠᠩ ᠠᠯᠲᠠ ᠮᠥᠩᠭᠥ᠂ ᠡᠷᠳᠡᠨᠢᠰ ᠦ᠋ᠨ ᠵᠦᠢᠯ ᠢ᠋ ᠨᠡᠢᠯᠡᠭᠦᠯᠵᠦ ᠪᠠᠢᠰᠤᠭᠠᠢ᠂ ᠡᠯ᠎ᠡ ᠵᠠᠷᠯᠢᠭ ᠢ᠋ ᠡᠰᠡ ᠳᠠᠭᠠᠪᠠᠰᠤ ᠴᠢᠩᠭᠢᠰ ᠬᠠᠭᠠᠨ ᠪᠢ ᠪᠡᠷ ᠴᠢᠮ᠎ᠠ ᠳ᠋ᠤ᠌ ᠳᠠᠢᠯᠠᠷ᠎ᠠ ᠮᠣᠷᠳᠠᠵᠤ᠂ ᠦᠰ ᠬᠠᠷᠢᠭᠤᠯᠤᠨ ᠶᠠᠯ᠎ᠠ ᠬᠡᠯᠡᠯᠴᠡᠬᠦ ᠶ᠋ᠢᠨ ᠲᠤᠯᠠ ᠴᠢᠨᠦ ᠨᠠᠳᠠ ᠢᠯᠡᠭᠡᠭᠰᠡᠨ ᠪᠡᠯᠡᠭ ᠢ᠋ ᠲᠡᠮᠳᠡᠭ ᠪᠣᠯᠭᠠᠨ ᠪᠤᠴᠠᠭᠠᠪᠠ᠃  
       ᠪᠢ ᠥᠪᠡᠷ ᠢ᠋ᠶ᠋ᠡᠨ ᠣᠴᠢᠵᠤ ᠠᠪᠰᠤᠭᠠᠢ᠂ ᠪᠢᠰᠢᠷᠡᠲᠦᠭᠡᠢ᠂ ᠠᠶᠤᠲᠤᠭᠠᠢ!》 ᠭᠡᠵᠡᠢ᠃  ᠡᠢᠨᠬᠦ ᠲᠡᠷᠡ ᠵᠢᠯ《ᠨᠢᠭᠤᠴᠠ》 ᠭᠡᠰᠡᠨ ᠵᠠᠬᠢᠳᠠᠯ ᠢᠯᠡ ᠭᠠᠷᠤᠭᠰᠠᠨ ᠨᠢ ᠡᠨᠡ ᠠᠵᠤᠭᠤ᠃