ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 34> Хүлэг баатар буурч - Б. Өлзийсүрэн <Дөтгөр бүлэг-34>
ᠲᠥᠷᠥ ᠶ᠋ᠢᠨ ᠲᠡᠮᠦᠷ ᠲᠥᠰᠢᠶ᠎ᠡ ᠪᠣᠯᠵᠤ ᠳᠡᠭᠡᠳᠦᠰ ᠦ᠋ᠨ ᠵᠢᠩᠳᠠᠭᠠᠨ ᠳ᠋ᠤ᠌ ᠡᠩᠨᠡᠭᠰᠡᠨ ᠳᠥᠲᠥᠭᠡᠷ ᠪᠦᠯᠦᠭ
ᠭᠤᠴᠢᠨ ᠳᠥᠷᠪᠡ
ᠡᠷ᠎ᠡ ᠬᠥᠮᠦᠨ ᠦ᠌ ᠨᠢᠳᠦᠨ ᠳ᠋ᠦ᠍ ᠲᠣᠰᠴᠤ᠂ ᠰᠡᠳᠬᠢᠯ ᠳ᠋ᠦ᠍ ᠪᠠᠭᠲᠠᠪᠠᠯ
ᠪᠦᠰᠡᠭᠦᠢ ᠬᠥᠮᠦᠨ ᠦ᠌ ᠪᠦᠷᠢᠨ ᠵᠠᠶᠠᠭ᠎ᠠ ᠲᠣᠳᠣᠷᠠᠨ᠎ᠠ᠃
ᠨᠠᠮᠤᠷ ᠤ᠋ᠨ ᠳᠤᠮᠳᠠ ᠰᠠᠷ᠎ᠠ ᠶ᠋ᠢᠨ ᠳᠤᠮᠳᠠ ᠠ᠋ᠴᠠ ᠪᠠᠨ ᠥᠩᠭᠡᠷᠡᠵᠦ ᠪᠣᠢ ᠨᠢᠭᠡᠨ ᠡᠳᠦᠷ ᠢᠳᠡᠷ ᠦ᠋ᠨ ᠭᠣᠣᠯ ᠤ᠋ᠨ ᠪᠠᠷᠠᠭᠤᠨ ᠬᠥᠪᠡᠭᠡᠨ ᠳ᠋ᠦ᠍ ᠭᠡᠷ ᠮᠠᠢᠬᠠᠨ ᠪᠣᠰᠴᠤ ᠬᠥᠯ ᠬᠥᠳᠡᠯᠭᠡᠭᠡᠨ ᠡᠬᠢᠯᠡᠵᠡᠢ᠃ ᠡᠨᠡ ᠪᠣᠯ ᠨᠠᠢᠷ ᠨᠠᠭᠠᠳᠤᠮ ᠪᠢᠰᠢ ᠴᠡᠷᠢᠭ ᠴᠤᠭᠯᠠᠷᠠᠨ ᠪᠣᠢ ᠶᠠᠪᠤᠳᠠᠯ ᠶᠤᠮ᠃ ᠴᠢᠩᠭᠢᠰ ᠬᠠᠭᠠᠨ ᠪᠣᠭᠣᠷᠴᠢ ᠬᠦᠯᠦᠭ ᠪᠠᠭᠠᠲᠤᠷ ᠲᠤ᠌ ᠲᠠᠪᠤᠨ ᠮᠢᠩᠭᠠᠨ ᠴᠡᠷᠢᠭ ᠭᠠᠷᠭᠠᠬᠤ ᠲᠤᠰᠢᠶᠠᠯ ᠠᠷᠪᠠᠭᠠᠳ ᠬᠣᠨᠣᠭ ᠤ᠋ᠨ ᠡᠮᠦᠨ᠎ᠡ ᠦᠭᠭᠦᠭᠰᠡᠨ ᠪᠢᠯᠡ᠃
ᠡᠨᠡ ᠲᠤᠰᠢᠶᠠᠯ ᠢ᠋ ᠪᠡᠶᠡᠯᠡᠭᠦᠯᠬᠦ ᠠᠵᠢᠯ ᠳ᠋ᠤ᠌ ᠲᠡᠷᠡ ᠴᠠᠭ ᠮᠥᠴᠡ ᠡᠴᠡ ᠰᠢᠮᠳᠠᠨ ᠣᠷᠣᠵᠤ᠂ ᠨᠠᠢ᠍ᠮᠠᠨ ᠤ᠋ ᠨᠤᠲᠤᠭ ᠳᠡᠪᠢᠰᠬᠡᠷ ᠦ᠋ᠨ ᠪᠠᠷᠠᠭᠤᠨ ᠲᠠᠯ᠎ᠠ ᠪᠤᠶᠤ ᠠᠯᠲᠠᠢ ᠶ᠋ᠢᠨ ᠥᠪᠥᠷ᠂ ᠵᠡᠭᠦᠨ᠂ ᠠᠷᠤ ᠬᠣᠷᠮᠣᠢ᠂ ᠬᠠᠩᠭᠠᠢ ᠶ᠋ᠢᠨ ᠪᠠᠷᠠᠭᠤᠨ ᠬᠢᠴᠢᠷ ᠦ᠋ᠨ ᠠᠷᠪᠠᠨ ᠭᠤᠷᠪᠠᠨ ᠮᠢᠩᠭᠠᠲᠤ ᠠ᠋ᠴᠠ ᠴᠡᠷᠢᠭ ᠲᠠᠲᠠᠬᠤ ᠪᠠᠷ ᠰᠢᠢᠳᠪᠡ᠃ ᠪᠣᠭᠣᠷᠴᠢ ᠮᠥᠰᠥᠲᠦ ᠳ᠋ᠦ᠍ ᠣᠴᠢᠵᠤ ᠥᠪᠡᠷ ᠦ᠋ᠨ ᠨᠤᠲᠤᠭ ᠪᠠᠭᠤᠷᠢ ᠪᠠᠨ ᠠᠪᠤᠮᠠᠭᠴᠠ ᠪᠠᠨ ᠲᠡᠮᠦᠷ ᠦ᠋ᠨ ᠵᠠᠬᠢᠷᠤᠭᠰᠠᠨ ᠬᠢᠵᠠᠭᠠᠷ ᠤ᠋ᠨ ᠬᠠᠷᠠᠭᠤᠯ ᠴᠡᠷᠢᠭ ᠡᠴᠡ ᠨᠤᠲᠤᠭ ᠤ᠋ᠨ ᠲᠠᠨᠢᠬᠤ ᠮᠡᠳᠡᠬᠦ ᠠᠷᠪᠠᠨ ᠴᠡᠷᠢᠭ ᠢ᠋ ᠨᠤᠲᠤᠭ ᠲᠠᠭᠠᠨ ᠪᠤᠴᠠᠭᠠᠭᠰᠠᠨ᠃ ᠡᠨᠡ ᠨᠢ ᠥᠪᠡᠷ ᠢ᠋ᠶ᠋ᠡᠨ ᠪᠤᠴᠠᠵᠤ ᠣᠴᠢᠭᠠᠳ ᠵᠠᠷᠤᠯᠭ᠎ᠠ ᠵᠠᠷᠤᠭᠤᠯ ᠢ᠋ᠶ᠋ᠠᠷ ᠠᠰᠢᠭᠯᠠᠬᠤ ᠬᠢᠭᠡᠳ ᠨᠡᠭᠦᠳᠡᠯ ᠳ᠋ᠦ᠍ ᠬᠡᠷᠡᠭ ᠪᠣᠯᠤᠨ᠎ᠠ ᠭᠡᠵᠦ ᠪᠣᠳᠣᠵᠠᠢ᠃ ᠲᠡᠷᠡ ᠠᠷᠪᠠᠨ ᠴᠡᠷᠢᠭ ᠢ᠋ᠶ᠋ᠡᠨ ᠳᠠᠭᠤᠳᠠᠭᠤᠯᠵᠤ ᠮᠠᠷᠭᠠᠰᠢ ᠨᠢ ᠪᠤᠶᠤ ᠨᠠᠮᠤᠷ ᠤ᠋ᠨ ᠳᠤᠮᠳᠠ ᠰᠠᠷ᠎ᠠ ᠰᠢᠨ᠎ᠡ ᠶ᠋ᠢᠨ ᠵᠢᠷᠭᠤᠭᠠᠨ ᠤ᠋ ᠡᠳᠦᠷ ᠬᠣᠶᠠᠷ ᠢ᠋ ᠨᠢ ᠥᠪᠡᠷᠦᠨ ᠪᠠᠭᠤᠷᠢ ᠮᠥᠰᠥᠲᠦ ᠶ᠋ᠢᠨ ᠭᠣᠣᠯ ᠤᠷᠤᠭᠤ᠂ ᠬᠦᠦ ᠪᠣᠷᠬᠠᠢ ᠪᠣᠯᠤᠨ ᠰᠢᠳᠠᠷ ᠲᠤᠰᠠᠯᠠᠬᠤ ᠲᠡᠮᠦᠷ ᠬᠣᠶᠠᠷ ᠤᠷᠤᠭᠤ ᠢᠯᠡᠭᠡᠵᠦ ᠲᠣᠳᠣᠷᠬᠠᠢ ᠨᠡᠷ᠎ᠡ ᠪᠦᠬᠦᠢ ᠭᠠᠵᠠᠷ ᠡᠨᠡ ᠰᠠᠷ᠎ᠠ ᠶ᠋ᠢᠨ ᠬᠣᠷᠢᠨ ᠲᠠᠪᠤᠨ ᠤ᠋ ᠳᠣᠲᠣᠷ᠎ᠠ ᠴᠢᠳᠠᠪᠤᠷᠢᠲᠠᠢ ᠳᠠᠷᠤᠭ᠎ᠠ ᠨᠠᠷ ᠪᠣᠯᠤᠨ ᠡᠨᠡ ᠴᠡᠷᠢᠭ ᠢ᠋ᠶ᠋ᠡᠷ ᠳᠠᠷᠠᠭᠠᠯᠠᠭᠤᠯᠤᠨ ᠢᠷᠡᠭᠦᠯ᠃ ᠥᠪᠡᠷᠰᠡᠳ ᠢ᠋ᠶ᠋ᠡᠨ ᠦᠯᠡᠳᠡᠵᠦ ᠨᠠᠮ᠎ᠠ ᠶ᠋ᠢ ᠣᠴᠢᠲᠠᠯ᠎ᠠ ᠲᠡᠨᠳᠡ ᠪᠡᠨ ᠬᠦᠯᠢᠶᠡᠵᠦ ᠪᠠᠢ ᠭᠡᠵᠦ ᠲᠤᠰᠢᠶᠠᠭᠰᠠᠨ ᠪᠢᠴᠢᠭ ᠢᠯᠡᠭᠡᠵᠡᠢ᠃ ᠮᠥᠨ ᠡᠨᠡ ᠢᠳᠡᠷ ᠦ᠋ᠨ ᠭᠣᠣᠯ ᠤ᠋ᠨ ᠪᠠᠷᠠᠭᠤᠨ ᠮᠢᠩᠭᠠᠲᠤ ᠶ᠋ᠢᠨ ᠨᠣᠶᠠᠨ᠂ ᠠᠯᠲᠠᠢ ᠶ᠋ᠢᠨ ᠠᠷᠤ ᠰᠤᠭᠤ ᠶ᠋ᠢᠨ ᠮᠢᠩᠭᠠᠲᠤ ᠶ᠋ᠢᠨ ᠨᠣᠶᠠᠨ ᠬᠣᠶᠠᠷ ᠲᠤ᠌ ᠨᠡᠷ᠎ᠡ ᠵᠢᠭᠠᠭᠰᠠᠨ ᠭᠤᠷᠪᠠ ᠭᠤᠷᠪᠠᠨ ᠮᠢᠩᠭᠠᠲᠤ ᠠ᠋ᠴᠠ ᠳᠡᠭᠡᠷᠡᠬᠢ ᠲᠣᠭᠠᠨ ᠤ᠋ ᠴᠡᠷᠢᠭ ᠳᠠᠢᠴᠢᠯᠠᠵᠤ ᠥᠪᠡᠷᠰᠡᠳ ᠦ᠋ᠨ ᠪᠡᠶ᠎ᠡ ᠪᠡᠷ ᠬᠦᠷᠭᠡᠵᠦ ᠢᠷᠡᠭᠰᠡᠨ ᠪᠠᠢᠬᠤ ᠶ᠋ᠢ ᠲᠤᠰᠢᠶᠠᠵᠤ ᠬᠣᠶᠠᠷ ᠬᠣᠶᠠᠷ ᠴᠡᠷᠢᠭ ᠶᠠᠪᠤᠭᠤᠯᠵᠠᠢ᠃
ᠡᠨᠡ ᠪᠣᠯᠵᠣᠭᠠᠲᠤ ᠭᠠᠵᠠᠷ ᠥᠴᠥᠭᠡᠳᠦᠷ ᠣᠷᠣᠢ ᠪᠣᠭᠣᠷᠴᠢ ᠡᠬᠡᠨᠡᠷ ᠲᠡᠭᠦᠰᠬᠡᠨ ᠭᠤᠸ᠎ᠠ ᠶ᠋ᠢ ᠳᠠᠭᠤᠳᠠᠭᠤᠯᠤᠨ ᠢᠷᠡᠵᠡᠢ᠃ ᠲᠡᠷᠡ ᠬᠣᠶᠠᠷ ᠢ᠋ ᠢᠷᠡᠬᠦ ᠳ᠋ᠦ᠍ ᠡᠨᠡ ᠭᠠᠵᠠᠷ ᠡᠯ ᠬᠣᠯ᠂ ᠭᠠᠭᠴᠠᠬᠦ ᠪᠠᠷᠠᠭᠤᠨ ᠭᠠᠷ ᠤ᠋ᠨ ᠶᠡᠬᠡ ᠨᠣᠶᠠᠨ ᠳ᠋ᠤ᠌ ᠵᠣᠷᠢᠭᠤᠯᠤᠭᠰᠠᠨ ᠥᠷᠭᠥᠭᠡ᠂ ᠲᠡᠭᠦᠨ ᠢ᠋ ᠤᠭᠲᠤᠭᠰᠠᠨ ᠨᠤᠲᠤᠭ ᠳᠡᠪᠢᠰᠬᠡᠷ ᠢ᠋ ᠵᠠᠬᠢᠷᠬᠤ ᠮᠢᠩᠭᠠᠨ ᠤ᠋ ᠨᠣᠶᠠᠨ᠂ ᠳᠠᠭᠠᠭᠤᠯ ᠴᠥᠭᠡᠨ ᠦᠢᠯᠡᠴᠢᠯᠡᠬᠦ ᠬᠥᠮᠦᠰ ᠯᠡ ᠪᠠᠢᠪᠠ᠃ ᠥᠷᠯᠥᠭᠡ ᠪᠣᠰᠬᠤᠯᠠ ᠡᠨᠳᠡ ᠲᠡᠨᠳᠡ ᠴᠡᠷᠢᠭ ᠪᠥᠭᠡᠮᠨᠡᠷᠡᠨ ᠵᠢᠭᠰᠠᠵᠤ᠂ ᠲᠦᠷᠦᠭᠦᠯᠡᠵᠦ ᠢᠷᠡᠭᠰᠡᠨ ᠴᠡᠷᠢᠭ ᠦ᠋ᠨ ᠨᠣᠶᠠᠳ᠂ ᠠᠬᠠᠯᠠᠭᠴᠢᠳ ᠥᠷᠯᠥᠭ ᠵᠠᠩᠵᠤᠨ ᠪᠣᠭᠣᠷᠴᠢ ᠳ᠋ᠤ᠌ ᠪᠠᠷᠠᠯᠠᠭᠴᠢ ᠢᠯᠡᠳᠬᠡᠯ ᠠᠢᠯᠠᠳᠬᠠᠯ ᠡᠷᠭᠦᠵᠦ ᠡᠬᠢᠯᠡᠪᠡ᠃
ᠦᠳᠡ ᠥᠩᠭᠡᠷᠡᠬᠦ ᠳ᠋ᠦ᠍ ᠦᠰᠦᠨ ᠥᠰᠦᠭᠰᠡᠭᠡᠷ ᠬᠣᠶᠠᠷ ᠡᠳᠦᠷ ᠲᠦ᠍ ᠪᠦᠬᠦ ᠴᠡᠷᠢᠭ ᠢᠷᠡᠯ᠎ᠡ᠃ ᠵᠡᠭᠦᠨ ᠭᠠᠷ ᠤ᠋ᠨ ᠵᠠᠬᠢᠷᠤᠭᠴᠢ ᠮᠤᠬᠤᠯᠠᠢ ᠵᠠᠩᠵᠤᠨ ᠡᠬᠢᠨ ᠦ᠌ ᠡᠳᠦᠷ ᠠᠷᠪᠠᠭᠠᠳ ᠳᠠᠭᠠᠭᠤᠯ ᠲᠠᠢ ᠢᠷᠡᠵᠦ ᠴᠡᠷᠢᠭ ᠢ᠋ ᠡᠬᠢᠨ ᠡᠴᠡ ᠨᠢ ᠬᠦᠯᠢᠶᠡᠨ ᠠᠪᠴᠤ ᠠᠷᠪᠠᠲᠤ᠂ ᠵᠠᠭᠤᠲᠤ ᠮᠢᠩᠭᠠᠲᠤ ᠪᠠᠷ ᠵᠣᠬᠢᠶᠠᠨ ᠪᠠᠢᠭᠤᠯᠵᠤ ᠲᠦᠷᠦᠭᠦᠴᠢ ᠶ᠋ᠢᠨ ᠵᠠᠷᠢᠮ ᠢ᠋ ᠨᠢ ᠶᠠᠪᠤᠭᠤᠯᠵᠤ᠂ ᠰᠡᠭᠦᠯᠴᠢ ᠶ᠋ᠢᠨ ᠴᠡᠷᠢᠭ ᠢ᠋ ᠮᠣᠷᠳᠠᠭᠤᠯᠬᠤ ᠦᠶᠡᠰ ᠡᠨᠡ ᠨᠤᠲᠤᠭ ᠢ᠋ ᠵᠠᠬᠢᠷᠬᠤ ᠨᠣᠶᠠᠨ᠄
— ᠣᠯᠠᠨ ᠵᠢᠯ ᠬᠠᠮᠲᠤᠷᠠᠨ ᠪᠠᠢᠯᠳᠤᠵᠤ ᠶᠠᠪᠤᠭᠰᠠᠨ ᠬᠦᠨᠳᠦᠲᠦ ᠬᠣᠶᠠᠷ ᠵᠠᠩᠵᠤᠨ᠂ ᠨᠥᠬᠥᠳ ᠨᠣᠶᠠᠳ ᠡᠨᠳᠡ ᠲᠣᠬᠢᠶᠠᠯᠳᠤᠭᠰᠠᠨ ᠤᠴᠢᠷ ᠤ᠋ᠨ ᠲᠤᠯᠠ ᠲᠠ ᠪᠦᠬᠦᠨ ᠳ᠋ᠦ᠍ ᠵᠣᠭᠣᠭ ᠪᠠᠷᠢᠬᠤ ᠪᠠᠷ ᠬᠡᠳᠦᠨ ᠬᠠᠷ᠎ᠠ ᠰᠡᠭᠦᠯᠲᠦ ᠭᠥᠷᠥᠭᠡᠰᠦ ᠲᠤᠯᠤᠮᠯᠠᠨ ᠰᠢᠷᠠᠵᠤ ᠪᠣᠢ᠃ ᠲᠡᠭᠦᠨ ᠡᠴᠡ ᠠᠮᠲᠠᠷᠬᠠᠨ ᠵᠣᠭᠣᠭᠯᠠᠭᠠᠳ ᠮᠣᠷᠢᠯᠠᠵᠠᠭᠠᠨᠠ ᠤᠤ? ᠭᠡᠯᠡ᠃ ᠲᠡᠳᠡ 《ᠪᠣᠯᠵᠣᠭᠰᠠᠨ ᠴᠠᠭ ᠠ᠋ᠴᠠ ᠪᠦᠦ ᠬᠣᠴᠣᠷ᠂ ᠪᠣᠯᠤᠭᠰᠠᠨ ᠢᠳᠡᠭᠡᠨ ᠡᠴᠡ ᠪᠤᠤ ᠵᠠᠢᠯᠠ》 ᠭᠡᠰᠡᠨ ᠦᠭᠡ ᠪᠣᠢ᠃ ᠴᠢᠩᠭᠢᠶ᠎ᠡ᠂ ᠴᠢᠩᠭᠢᠶ᠎ᠡ ᠭᠡᠵᠡᠭᠡᠪᠡ᠃ ᠴᠢᠩᠭᠢᠭᠡᠳ ᠪᠠᠷᠢᠭᠰᠠᠨ ᠥᠷᠭᠥᠭᠡ ᠭᠡᠷ ᠤᠷᠤᠭᠤ ᠮᠣᠷᠳᠠᠵᠠᠭᠠᠵᠤ᠂ ᠲᠡᠨᠳᠡ ᠬᠦᠯᠢᠶᠡᠵᠦ ᠪᠠᠢᠭᠰᠠᠨ ᠲᠡᠭᠦᠰᠬᠡᠨ ᠭᠤᠸ᠎ᠠ ᠬᠠᠲᠤᠨ ᠤᠷᠤᠭᠤ ᠣᠴᠢᠬᠤ ᠭᠡᠲᠡᠯ᠎ᠡ ᠨᠢᠭᠡ ᠮᠣᠷᠢᠲᠠᠨ ᠰᠠᠯᠪᠠᠭᠠ ᠳᠠᠪᠬᠢᠭᠰᠠᠭᠠᠷ ᠢᠷᠡᠵᠦ ᠮᠣᠷᠢᠨ ᠠ᠋ᠴᠠ ᠪᠠᠨ ᠪᠠᠭᠤᠨ ᠰᠥᠭᠥᠳᠴᠦ ᠥᠭᠦᠯᠡᠭᠰᠡᠨ ᠨᠢ᠄
— ᠡᠷᠬᠢᠮ ᠬᠦᠨᠳᠦᠲᠦ ᠨᠣᠶᠠᠳ ᠠ᠋᠂ ᠠᠢᠯᠠᠳᠬᠠᠬᠤ ᠨᠢᠭᠡᠨ ᠵᠦᠢᠯ ᠪᠠᠢᠨ᠎ᠠ᠃ ᠥᠴᠥᠭᠡᠳᠦᠷ ᠣᠷᠣᠢ ᠮᠠᠨ ᠤ᠋ ᠬᠦᠷᠢᠶ᠎ᠡ ᠪᠡᠷ ᠬᠠᠮᠢᠭᠠᠬᠢ? ᠬᠡᠨ ᠨᠢ ᠮᠡᠳᠡᠭᠳᠡᠬᠦ ᠦᠭᠡᠢ ᠨᠢᠭᠡᠨ ᠪᠥᠬᠡ ᠢᠷᠡᠵᠦ ᠪᠥᠬᠡᠯᠡᠨ ᠴᠤᠭᠯᠠᠷᠠᠭᠰᠠᠨ ᠣᠯᠠᠨ ᠳ᠋ᠤ᠌᠄ ᠨᠠᠷᠠᠨ ᠳᠣᠣᠷ᠎ᠠ ᠨᠠᠢ᠍ᠮᠠᠨ ᠤᠯᠤᠰ ᠰᠡᠷᠭᠦᠵᠦ ᠮᠠᠨᠳᠤᠨ᠎ᠠ᠃ ᠠᠯᠲᠠᠢ ᠶ᠋ᠢᠨ ᠡᠵᠡᠨ ᠰᠠᠪᠳᠠᠭ ᠪᠣᠷᠴᠤᠤ ᠭᠡᠳᠡᠭ ᠵᠠᠩᠵᠤᠨ ᠢ᠋ ᠳᠠᠭᠤᠳᠠᠵᠤ ᠠᠪᠴᠢᠷᠠᠭᠠᠳ ᠴᠡᠷᠢᠭ ᠴᠤᠭᠯᠠᠭᠤᠯᠵᠤ ᠲᠡᠷᠡ ᠲᠡᠷᠰᠡᠭᠦᠳ ᠴᠢᠩᠭᠢᠰ ᠬᠠᠭᠠᠨ ᠢ᠋ ᠳᠠᠷᠤᠬᠤ ᠪᠠᠷ ᠶᠠᠪᠤᠭᠤᠯᠵᠤ ᠪᠠᠢᠨ᠎ᠠ ᠭᠡᠵᠦ ᠣᠩᠭᠤᠳᠯᠠᠵᠤ ᠴᠠᠮ ᠬᠠᠷᠠᠢᠪᠠ ᠭᠡᠮᠡᠨ ᠮᠡᠳᠡᠭᠦᠯᠬᠦᠢ᠄
— ᠪᠣᠷᠴᠣᠣ ᠭᠡᠵᠦ ᠬᠡᠨ ᠢ᠋ ᠬᠡᠯᠡᠵᠦ ᠪᠠᠢᠭ᠎ᠠ ᠬᠡᠷᠡᠭ ᠪᠣᠢ? ᠪᠤᠰᠤᠳ ᠨᠣᠶᠠᠳ ᠤ᠋ᠳ ᠨᠢ ᠢᠨᠢᠶᠡᠯᠳᠦᠬᠦ ᠳ᠋ᠦ᠍ ᠪᠤᠭᠤᠷᠴᠢ᠄
— ᠬᠡᠨ ᠮᠡᠳᠡᠬᠦ ᠪᠣᠢ? ᠨᠠᠮ᠎ᠠ ᠶ᠋ᠢ ᠯᠡ ᠪᠠᠢᠬ᠎ᠠ ᠭᠡᠵᠦ ᠵᠢᠪᠡᠭᠦᠴᠡᠭᠰᠡᠨ ᠦᠭᠡᠢ ᠮᠢᠰᠢᠶᠡᠵᠦ ᠢᠨᠢᠶᠡᠬᠦ ᠴᠦ᠍ ᠠᠶᠠᠳᠠᠨ᠄
— ᠲᠡᠷᠡ ᠵᠣᠯᠢᠭ ᠬᠠᠮᠢᠭ᠎ᠠ ᠪᠠᠢᠨ᠎ᠠ?
— ᠳᠠᠷᠬᠢ ᠶ᠋ᠢᠨ ᠬᠢ ᠭᠡᠳᠡᠭ ᠠᠢᠯ ᠳ᠋ᠤ᠌ ᠢᠷᠡᠭᠡᠳ ᠬᠡᠪᠲᠡᠵᠦ ᠪᠠᠢᠨ᠎ᠠ᠃
— ᠳᠠᠷᠬᠢ ᠭᠡᠳᠡᠭ ᠴᠢᠨᠢ ᠨᠤᠲᠤᠭ ᠤ᠋ᠨ ᠠᠢᠯ ᠤᠤ?
— ᠦᠭᠡᠢ ᠠ᠋᠂ ᠬᠡᠳᠦᠨ ᠵᠢᠯ ᠦ᠋ᠨ ᠡᠮᠦᠨ᠎ᠡ ᠴᠠᠭᠠᠴᠢᠯᠠᠵᠤ ᠢᠷᠡᠭᠰᠡᠨ᠃
— ᠡᠬᠡᠨᠡᠷ ᠨᠢ ᠬᠡᠨ ᠭᠡᠳᠡᠭ ᠶᠦᠮ ᠪᠣᠢ?
— ᠪᠣᠷᠣᠬᠠᠨ᠃
ᠪᠣᠭᠣᠷᠴᠢ ᠶ᠋ᠢᠨ ᠰᠡᠳᠬᠢᠯ ᠳ᠋ᠦ᠍ ᠣᠯᠠᠨ ᠵᠢᠯ ᠦ᠋ᠨ ᠡᠮᠦᠨᠡᠬᠢ ᠨᠢᠭᠡ ᠶᠠᠪᠤᠳᠠᠯ ᠰᠣᠪᠢᠩ ᠲᠠᠲᠠᠵᠤ ᠢᠷᠡᠪᠡ᠃ ᠨᠤᠲᠤᠭ ᠤ᠋ᠨ ᠨᠣᠶᠠᠨ᠄
— ᠪᠠᠷᠢᠭᠠᠳ ᠢᠷᠡᠶ᠎ᠡ᠃ ᠴᠡᠷᠢᠭ ᠦ᠋ᠳ! ᠬᠡᠮᠡᠪᠡᠰᠦ ᠪᠤᠭᠤᠷᠴᠢ᠄
— ᠬᠦᠯᠢᠶᠡᠵᠦ ᠪᠠᠢ᠃ ᠪᠢ ᠣᠴᠢᠶ᠎ᠠ ᠨᠠᠳᠠ ᠲᠠᠢ ᠦᠵᠡᠯᠴᠡᠬᠦ ᠭᠡᠳ ᠪᠠᠢᠭ᠎ᠠ ᠶᠤᠮ ᠪᠠᠢᠯ ᠦᠭᠡᠢ ᠬᠡᠮᠡᠭᠡᠳ ᠮᠣᠷᠳᠠᠬᠤ ᠭᠡᠲᠡᠯ᠎ᠡ᠄
— ᠬᠦᠢ᠂ ᠬᠦᠢ᠂ ᠲᠠ ᠭᠠᠭᠴᠠᠭᠠᠷ ᠢ᠋ᠶ᠋ᠠᠨ ᠪᠣᠯᠬᠤ ᠦᠭᠡᠢ᠃
— ᠵᠦᠭᠡᠷ᠃
— ᠶᠠᠳᠠᠵᠤ ᠬᠡᠳᠦᠨ ᠴᠡᠷᠢᠭ ᠲᠡᠢ ᠶᠠᠪᠤ᠃
— ᠵᠠ ᠶᠠᠭᠠᠬᠢᠬᠤ ᠪᠣᠢ᠂ ᠬᠣᠶᠠᠷ ᠴᠡᠷᠢᠭ᠃
ᠡᠢᠨᠬᠦ ᠬᠣᠶᠠᠷ ᠴᠡᠷᠢᠭ ᠳᠠᠭᠠᠭᠤᠯᠵᠤ ᠮᠣᠷᠳᠠᠪᠠᠰᠤ ᠨᠥᠭᠦᠭᠡ ᠢᠷᠡᠭᠰᠡᠨ ᠬᠥᠮᠦᠨ ᠳᠠᠭᠠᠵᠤ ᠮᠣᠷᠳᠠᠬᠤ ᠭᠡᠲᠡᠯ᠎ᠡ᠄
— ᠴᠢ ᠡᠨᠳᠡ ᠦᠯᠡᠳᠡ᠃ ᠬᠦᠯᠢᠶᠡᠵᠦ ᠪᠠᠢ ᠭᠡᠵᠦ ᠵᠠᠩᠳᠤᠷᠤᠭᠠᠳ ᠳᠠᠪᠬᠢᠭᠠᠳ ᠶᠠᠪᠤᠴᠢᠬᠠᠯ᠎ᠠ᠃
ᠲᠡᠷᠡ ᠭᠤᠷᠪᠠ ᠲᠦᠳᠡᠯ ᠦᠭᠡᠢ ᠵᠢᠷᠭᠤᠭ᠎ᠠ ᠳᠣᠯᠣᠭᠠᠨ ᠮᠣᠳᠣ ᠭᠠᠵᠠᠷ ᠶᠠᠪᠤᠭᠠᠳ ᠬᠣᠶᠠᠷ ᠭᠡᠷ ᠠᠢᠯ ᠤᠷᠤᠭᠤ ᠳᠠᠪᠬᠢᠨ ᠬᠦᠷᠪᠡᠰᠦ ᠭᠡᠷ ᠦ᠋ᠨ ᠭᠠᠳᠠᠭ᠎ᠠ ᠬᠡᠵᠢᠶᠡᠯ ᠨᠠᠰᠤᠨ ᠤ᠋ ᠡᠷ᠎ᠡ ᠡᠮ᠎ᠡ ᠬᠣᠶᠠᠷ᠂ ᠨᠢᠭᠡ ᠵᠠᠯᠠᠭᠤ ᠬᠡᠦᠬᠡᠨ᠂ ᠬᠣᠶᠠᠷ ᠭᠤᠷᠪᠠᠨ ᠨᠠᠰᠤᠨ ᠤ᠋ ᠪᠢᠴᠢᠬᠠᠨ ᠬᠦᠦ ᠳᠥᠷᠪᠡ ᠡᠩᠨᠡᠨ ᠵᠣᠭᠰᠣᠵᠤ᠂ ᠤᠷᠢᠳᠤ ᠡᠮᠦᠨ᠎ᠡ ᠦᠵᠡᠵᠦ ᠬᠠᠷᠠᠵᠤ ᠪᠠᠢᠭ᠎ᠠ ᠦᠭᠡᠢ ᠠᠯᠲᠠᠨ ᠳᠤᠭᠤᠯᠠᠭ᠎ᠠ᠂ ᠲᠣᠯᠢ ᠪᠦᠰᠡ ᠭᠢᠯᠠᠯᠵᠠᠭᠤᠯᠤᠭᠰᠠᠨ ᠶᠡᠬᠡ ᠲᠣᠮᠣ ᠨᠣᠶᠠᠨ ᠬᠥᠮᠦᠨ ᠬᠣᠶᠠᠷ ᠴᠡᠷᠢᠭ ᠳᠠᠭᠠᠭᠤᠯᠤᠨ ᠢᠷᠡᠬᠦ ᠯᠦ᠍ᠭᠡ ᠰᠦᠷᠳᠡᠵᠦ ᠤᠭᠲᠤᠨ ᠮᠥᠷᠭᠥᠵᠦ ᠰᠥᠭᠦᠳᠦᠯᠴᠡᠪᠡ᠃
ᠪᠣᠭᠤᠷᠴᠢ ᠲᠡᠳᠡᠨ ᠲᠡᠢ ᠮᠡᠨᠳᠦᠯᠡᠭᠡᠳ᠄
— ᠲᠠᠨ ᠤ᠋ ᠳ᠋ᠤ᠌ ᠥᠭᠡᠷ᠎ᠡ ᠶᠠᠮᠠᠷ ᠬᠥᠮᠦᠨ ᠪᠠᠢᠨ᠎ᠠ ᠪᠣᠢ? ᠭᠡᠵᠦ ᠵᠠᠩᠳᠤᠷᠤᠩᠭᠤᠢ ᠠᠰᠠᠭᠤᠬᠤ ᠳ᠋ᠤ᠌ ᠬᠢᠵᠢᠶᠡᠯ ᠡᠷ᠎ᠡ ᠡᠮ᠎ᠡ ᠬᠣᠶᠠᠷ ᠵᠠᠯᠠᠭᠤ ᠶ᠋ᠢᠨ ᠵᠢᠰᠦ ᠴᠢᠷᠠᠢ ᠦᠭᠡᠷᠴᠢᠯᠡᠭᠳᠡᠭᠰᠡᠨ ᠴᠦ᠍ ᠪᠣᠭᠤᠷᠴᠢ ᠶ᠋ᠢᠨ ᠪᠣᠳᠣᠭᠰᠠᠨ ᠲᠠᠨᠢᠵᠤ ᠮᠡᠳᠡᠬᠦ ᠬᠥᠮᠦᠰ ᠦ᠋ᠨ ᠲᠥᠷᠬᠦ ᠶᠠᠭᠠᠬᠢᠬᠤ ᠠᠷᠭ᠎ᠠ ᠦᠭᠡᠢ ᠰᠡᠳᠬᠢᠯ ᠳ᠋ᠦ᠍ ᠤᠷᠭᠤᠨ ᠪᠠᠭᠤᠯ᠎ᠠ᠃
— ᠮᠠᠨ ᠤ᠋ ᠡᠨᠡ ᠪᠠᠷᠠᠭᠤᠨ ᠭᠡᠷ ᠲᠦ᠍ ᠲᠠᠨᠢᠵᠤ ᠮᠡᠳᠡᠬᠦ ᠦᠭᠡᠢ ᠨᠢᠭᠡ ᠬᠥᠮᠦᠨ ᠪᠠᠢᠨ᠎ᠠ ᠭᠡᠪᠡ᠃
— ᠲᠠᠨᠢᠬᠤ ᠦᠭᠡᠢ᠂ ᠮᠡᠳᠡᠬᠦ ᠦᠭᠡᠢ ᠶᠦᠮ ᠪᠣᠯ ᠶᠠᠭᠠᠬᠢᠭᠠᠳ ᠲᠠᠨ ᠦ᠌ ᠳ᠋ᠦ᠍ ᠪᠠᠢᠳᠠᠭ ᠶᠤᠮ ᠪᠣᠢ?
— ᠮᠡᠳᠡᠬᠦ ᠦᠭᠡᠢ᠂ ᠥᠴᠥᠭᠡᠳᠦᠷ ᠣᠷᠣᠢ ᠡᠨᠡ ᠬᠣᠢᠲᠤ ᠠᠢᠯ ᠤ᠋ᠳ ᠢ᠋ᠶ᠋ᠠᠷ ᠪᠥᠬᠡᠯᠡᠭᠡᠳ ᠮᠠᠨ ᠤ᠋ ᠳ᠋ᠤ᠌ ᠶᠠᠪᠠᠭᠠᠨ ᠢ᠋ᠶ᠋ᠠᠷ ᠭᠦᠶᠦᠵᠦ ᠢᠷᠡᠭᠰᠡᠨ᠃
— ᠠᠯᠢ᠂ ᠭᠠᠷᠭᠠᠭᠠᠳ ᠢᠷ᠎ᠡ ᠭᠡᠵᠦ ᠬᠣᠶᠠᠷ ᠴᠡᠷᠢᠭ ᠲᠦ᠍ ᠲᠤᠰᠢᠶᠠᠪᠠ᠃ ᠲᠡᠳᠡ ᠦᠰᠦᠷᠦᠨ ᠪᠠᠭᠤᠵᠤ ᠮᠣᠷᠢᠳ ᠢ᠋ᠶ᠋ᠠᠨ ᠲᠤᠱᠠᠵᠤ ᠬᠣᠯᠪᠣᠵᠤ ᠣᠷᠬᠢᠭᠠᠳ ᠭᠦᠶᠦᠨ ᠣᠷᠣᠵᠤ᠂ ᠭᠡᠵᠢᠭᠡ ᠦᠰᠦ ᠨᠢ ᠰᠢᠷᠢᠯᠳᠦᠭᠰᠡᠨ᠂ ᠬᠤᠪᠴᠠᠰᠤ ᠬᠤᠨᠠᠷ ᠨᠢ ᠮᠠᠭᠤ᠂ ᠪᠥᠬᠡ ᠭᠡᠬᠦ ᠳ᠋ᠦ᠍ ᠬᠡᠴᠡᠭᠦᠦ ᠭᠤᠴᠢᠭᠠᠳ ᠨᠠᠰᠤᠨ ᠤ᠋ ᠡᠷ᠎ᠡ ᠶ᠋ᠢ ᠴᠢᠷᠴᠦ ᠵᠠᠩᠳᠤᠷᠤᠨ ᠭᠠᠷᠭᠠᠵᠤ ᠢᠷᠡᠪᠡ᠃
ᠲᠡᠷᠡ ᠡᠷ᠎ᠡ ᠬᠥᠯ ᠢ᠋ᠶ᠋ᠡᠨ ᠠᠯᠴᠠᠢᠨ ᠤᠭᠤᠴᠠ ᠪᠠᠨ ᠡᠭᠦᠷᠴᠦ ᠢᠷᠪᠠᠢᠵᠤ ᠵᠣᠭᠰᠣᠬᠤ ᠳ᠋ᠤ᠌ ᠬᠣᠶᠠᠷ ᠴᠡᠷᠢᠭ᠄
— ᠶᠡᠬᠡ ᠨᠣᠶᠠᠨ ᠳ᠋ᠤ᠌ ᠰᠥᠭᠥᠳ ! ᠭᠡᠵᠦ ᠵᠠᠩᠳᠤᠷᠬᠤᠢ᠄
— ᠪᠢ ᠶᠡᠬᠡ ᠠᠯᠲᠠᠢ ᠶ᠋ᠢᠨ ᠡᠵᠡᠨ᠂ ᠡᠨᠡ ᠮᠠᠭᠤ ᠬᠣᠷᠣᠬᠠᠢ᠂ ᠶᠠᠭᠠᠬᠢᠯ᠎ᠠ ᠭᠡᠵᠦ ᠲᠡᠭᠦᠨ ᠳ᠋ᠦ᠍ ᠰᠥᠭᠥᠳᠳᠡᠭ ᠶᠦᠮ ᠭᠡᠵᠦ ᠲᠡᠷᠰᠯᠡᠭᠦᠴᠡᠯᠳᠦᠭᠦ ᠳ᠋ᠦ᠍ ᠨᠢ ᠬᠣᠶᠠᠷ ᠴᠡᠷᠢᠭ ᠨᠢᠭᠡ ᠨᠢᠭᠡ ᠨᠢᠳᠤᠷᠤᠭᠠᠳ ᠠᠪᠤᠪᠠ᠃
— ᠨᠡᠷ᠎ᠡ ᠬᠡᠨ ᠪᠣᠢ?
— ᠠᠯᠲᠠᠢ᠃
— ᠭᠡᠷ ᠣᠷᠣᠨ ᠴᠢᠨᠢ ᠬᠠᠮᠢᠭ᠎ᠠ ᠪᠠᠢᠨ᠎ᠠ ᠪᠣᠢ?
— ᠡᠨᠡ! ᠭᠡᠵᠦ ᠪᠠᠷᠠᠭᠤᠨ ᠭᠡᠷ ᠢ᠋ ᠵᠢᠭᠠᠯ᠎ᠠ᠃
— ᠬᠤᠳᠠᠯ ᠠ᠋᠂ ᠬᠤᠳᠠᠯ ᠠ᠋ ! ᠬᠤᠳᠠᠯ ᠬᠡᠯᠡᠵᠦ ᠪᠠᠢᠨ᠎ᠠ ᠭᠡᠵᠦ ᠬᠢᠵᠢᠶᠡᠯ ᠡᠷ᠎ᠡ ᠡᠮ᠎ᠡ᠂ ᠵᠠᠯᠠᠭᠤ ᠬᠡᠦᠬᠡᠨ ᠵᠡᠷᠭᠡ ᠵᠡᠷᠭᠡ ᠪᠡᠷ ᠪᠠᠷᠬᠢᠷᠠᠵᠤ ᠣᠷᠢᠯᠠᠯᠳᠤᠨ᠄
— ᠡᠨᠡ ᠮᠠᠨ ᠤ᠋ ᠬᠥᠮᠦᠨ ᠪᠢᠰᠢ᠃ ᠤᠷᠢᠳ ᠰᠥᠨᠢ ᠤᠨᠲᠠᠭᠤᠯᠤᠭᠰᠠᠨ ᠦᠭᠡᠢ᠃ ᠥᠷᠯᠥᠭᠡᠨ ᠡᠴᠡ ᠥᠪᠡᠷ ᠢ᠋ᠶ᠋ᠡᠨ ᠤᠨᠲᠠᠵᠤ ᠤᠨᠲᠠᠵᠤ ᠰᠠᠶᠢ ᠰᠡᠷᠢᠭᠡᠳ ᠵᠡᠭᠦᠳᠦᠯᠡᠵᠦ ᠪᠠᠢᠭ᠎ᠠ ᠪᠠᠢᠬ᠎ᠠ ᠭᠡᠵᠦ ᠲᠡᠳᠡ ᠥᠴᠢᠬᠦ ᠠᠵᠢ᠃ ᠥᠨᠥᠬᠢ ᠡᠷ᠎ᠡ ᠮᠥᠴᠡᠭᠡᠷᠬᠡᠵᠦ᠄
— ᠪᠢ ᠲᠠᠨ ᠤ᠋ ᠬᠦᠷᠭᠡᠨ ᠭᠡᠪᠡ᠃
— ᠬᠤᠳᠠᠯ! ᠮᠠᠨ ᠤ᠋ ᠳ᠋ᠤ᠌ ᠬᠡᠦᠬᠡᠨ ᠪᠠᠢᠬᠤ ᠦᠭᠡᠢ᠃ ᠬᠠᠷᠢᠨ ᠬᠦᠦ ᠮᠢᠨᠢ ᠨᠠᠢ᠍ᠮᠠᠨ ᠤ᠋ ᠴᠡᠷᠢᠭ ᠲᠦ᠍ ᠲᠠᠲᠠᠭᠳᠠᠵᠤ ᠶᠠᠪᠤᠭᠠᠳ ᠠᠮᠢ ᠦᠷᠡᠭᠳᠡᠭᠰᠡᠨ᠃ ᠪᠢᠳᠡ ᠬᠣᠶᠠᠷ ᠪᠡᠷᠢ᠂ ᠠᠴᠢ ᠲᠠᠢ ᠪᠠᠨ ᠪᠠᠢᠭ᠎ᠠ ᠶᠤᠮ ᠭᠡᠪᠡᠰᠦ ᠥᠨᠥᠬᠢ ᠴᠢᠨᠢ᠄
— ᠲᠡᠭᠡᠭᠡᠳ ᠶᠠᠭᠠᠬᠢᠭ᠎ᠠ ᠪᠣᠢ᠂ ᠪᠢ ᠬᠦᠦ ᠴᠢᠨᠢ ᠠᠭᠤᠯᠠ ᠶ᠋ᠢᠨ ᠡᠵᠡᠨ ᠳ᠋ᠦ᠍ ᠬᠤᠪᠢᠯᠤᠭᠠᠳ ᠢᠷᠡᠵᠦ ᠪᠠᠢᠨ᠎ᠠ᠃
— ᠬᠤᠳᠠᠯ! ᠬᠤᠳᠠᠯ ᠭᠡᠵᠦ ᠴᠠᠭᠠᠳᠤᠭᠤᠯᠠ ᠨᠢ ᠳᠠᠭᠤ ᠲᠠᠯᠪᠢᠵᠠᠭᠠᠯᠠ᠃ ᠪᠣᠭᠣᠷᠴᠢ᠄
— ᠡᠭᠦᠨ ᠢ᠋ ᠪᠢᠲᠡᠭᠡᠢ ᠶᠠᠪᠤᠭᠤᠯ᠃ ᠠᠪᠴᠤ ᠪᠠᠢ ᠭᠡᠬᠦ ᠳ᠋ᠦ᠍ ᠨᠥᠭᠦᠭᠡ ᠭᠤᠷᠪᠠ᠄
— ᠡᠨᠡ ᠵᠠᠯᠠᠭᠤ ᠬᠥᠮᠦᠨ᠂ ᠪᠢᠳᠡ ᠳᠡᠢᠯᠬᠦ ᠦᠭᠡᠢ᠃ ᠡᠵᠡᠨ ᠮᠢᠨᠢ ᠵᠠᠢᠯᠠᠭᠤᠯᠵᠤ ᠠᠯᠢ ᠭᠡᠵᠦ ᠤᠴᠢᠷᠯᠠᠨ ᠮᠥᠷᠭᠥᠵᠡᠭᠡᠬᠦ ᠠᠵᠢ᠃ ᠬᠣᠶᠠᠷ ᠴᠡᠷᠢᠭ ᠲᠦ᠍᠄
— ᠨᠠᠭᠠᠳᠤᠬᠢ ᠶ᠋ᠢ ᠪᠡᠨ ᠨᠠᠭᠠᠨ᠎ᠠ ᠪᠠᠨ ᠠᠪᠴᠤ ᠪᠠᠢ ᠭᠡᠵᠦ ᠣᠭᠵᠣᠮᠬᠠᠨ ᠲᠤᠰᠢᠶᠠᠯ ᠥᠭᠭᠦᠭᠡᠳ ᠪᠣᠭᠣᠷᠴᠢ ᠡᠷᠭᠢᠵᠦ ᠮᠣᠷᠢᠨ ᠳ᠋ᠠᠭᠠᠨ ᠲᠠᠰᠢᠭᠤᠷ ᠥᠭᠴᠦ ᠳᠠᠪᠬᠢᠭᠠᠳ ᠶᠠᠪᠤᠴᠢᠬᠠᠯ᠎ᠠ᠃
ᠴᠠᠭᠠᠳᠤᠭᠤᠯᠠ ᠨᠢ ᠪᠣᠭᠣᠷᠴᠢ ᠶ᠋ᠢ ᠤᠭᠲᠤᠨ ᠮᠣᠷᠳᠠᠵᠤ᠂ ᠪᠦᠭᠦᠳᠡ ᠨᠡᠢᠯᠡᠯᠳᠦᠨ ᠡᠮᠦᠨ᠎ᠡ ᠬᠠᠷᠠᠭᠳᠠᠬᠤ ᠬᠡᠳᠦᠨ ᠭᠡᠷ ᠦ᠋ᠨ ᠵᠦᠭ ᠶᠠᠪᠤᠬᠤ ᠵᠠᠭᠤᠷ᠎ᠠ᠄
— ᠶᠠᠮᠠᠷ ᠬᠥᠮᠦᠨ ᠪᠣᠢ? ᠶᠠᠭᠠᠬᠢᠬᠤᠪ?
— ᠠ᠂ ᠮᠡᠳᠡᠬᠦ ᠦᠭᠡᠢ᠂ ᠭᠠᠯᠵᠠᠭᠤ ᠰᠣᠯᠢᠶᠠᠲᠠᠢ ᠴᠦ᠍ ᠶᠤᠮ ᠤᠤ᠃ ᠲᠡᠷᠡ ᠨᠢᠭᠡ ᠪᠡᠯᠪᠡᠰᠦᠨ ᠬᠡᠦᠬᠡᠨ ᠢ᠋ ᠡᠵᠡᠩᠨᠡᠬᠦ ᠰᠠᠨᠠᠭ᠎ᠠ ᠲᠠᠢ ᠳᠠ᠃ ᠨᠤᠲᠤᠭ ᠤ᠋ᠨ ᠡᠵᠡᠨ ᠴᠢ ᠯᠡ ᠮᠡᠳᠡ ᠭᠡᠵᠦ ᠡᠨᠳᠡᠬᠢ ᠨᠣᠶᠠᠨ ᠳ᠋ᠤ᠌ ᠳᠠᠭᠠᠭᠠᠯᠭᠠᠪᠠ᠃
ᠲᠡᠳᠡ ᠥᠷᠯᠥᠭᠡᠨ ᠡᠴᠡ ᠬᠣᠢᠰᠢ ᠴᠡᠷᠢᠭ ᠦ᠋ᠳ ᠳᠤᠮᠳᠠ ᠡᠨᠡ ᠲᠡᠷᠡ ᠭᠡᠭᠰᠡᠭᠡᠷ ᠥᠯᠥᠰᠴᠦ ᠤᠮᠳᠠᠭᠠᠰᠤᠭᠰᠠᠨ ᠲᠤᠯᠠ ᠰᠠᠢᠬᠠᠨ ᠦᠨᠦᠷ ᠲᠡᠢ᠂ ᠴᠢᠯᠠᠭᠤᠨ ᠳ᠋ᠤ᠌ ᠰᠢᠷᠠᠭᠰᠠᠨ ᠭᠥᠷᠦᠭᠡᠰᠦᠨ ᠦ᠌ ᠪᠣᠭᠣᠳᠠᠭ ᠲᠡᠷᠢᠭᠦᠲᠦ ᠵᠣᠭᠣᠭ ᠰᠢᠭᠦᠰᠦ᠂ ᠢᠳᠡᠭᠡ ᠴᠠᠭ᠎ᠠ ᠭᠡᠳᠡᠰᠦ ᠮᠡᠳᠡᠨ ᠵᠣᠭᠣᠭᠯᠠᠵᠠᠭᠠᠵᠤ᠂ ᠴᠠᠳᠴᠤ ᠥᠶᠥᠭᠰᠢᠭᠡᠳ ᠵᠦᠭ ᠵᠦᠭ ᠮᠣᠷᠳᠠᠵᠤ ᠬᠣᠵᠢᠮ ᠰᠠᠢᠨ ᠰᠠᠢᠬᠠᠨ ᠠᠭᠤᠯᠵᠠᠬᠤ ᠶ᠋ᠢᠨ ᠪᠡᠯᠭᠡᠲᠦ ᠦᠭᠡ ᠬᠠᠷᠢᠯᠴᠠᠨ ᠢᠷᠥᠭᠡᠯᠴᠡᠨ ᠰᠠᠯᠬᠤ ᠶᠣᠰᠣ ᠬᠢᠪᠡ᠃
ᠪᠣᠭᠣᠷᠴᠢ ᠲᠡᠭᠦᠰᠬᠡᠨ ᠬᠣᠶᠠᠷ ᠶᠡᠬᠡ ᠨᠢᠷᠤᠭᠤᠳ ᠤ᠋ᠨ ᠡᠮᠦᠨᠡᠭᠦᠷ ᠲᠣᠭᠣᠷᠢᠨ ᠮᠥᠰᠥᠲᠦ ᠭᠣᠣᠯ ᠬᠦᠷᠦᠨ᠎ᠡ᠃ ᠲᠡᠷᠡ ᠬᠣᠶᠠᠷ ᠢ᠋ ᠵᠢᠷᠭᠤᠭᠠᠨ ᠴᠡᠷᠢᠭ ᠳᠠᠷᠠᠭ᠎ᠠ ᠶ᠋ᠢᠨ ᠮᠢᠩᠭᠠᠲᠤ ᠬᠦᠷᠭᠡᠬᠦ ᠪᠡᠷ ᠳᠠᠭᠠᠯᠳᠤᠨ ᠶᠠᠪᠤᠭ᠎ᠠ᠃ ᠲᠡᠷᠡ ᠬᠣᠶᠠᠷ᠂ ᠬᠣᠶᠠᠷ ᠮᠣᠷᠢᠨ ᠠᠴᠢᠶ᠎ᠠ ᠲᠠᠢ᠃ ᠤᠭ ᠲᠠᠭᠠᠨ ᠨᠡᠭᠦᠵᠦ ᠶᠠᠪᠤᠭ᠎ᠠ ᠶᠤᠮ ᠃ ᠡᠵᠡᠨ ᠬᠠᠭᠠᠨ ᠠ᠋ᠴᠠ ᠲᠤᠰᠢᠶᠠᠯ ᠠᠪᠤᠩᠭᠤᠲᠠ ᠪᠠᠨ ᠴᠡᠷᠢᠭ ᠲᠠᠲᠠᠬᠤ᠂ ᠨᠡᠭᠦᠬᠦ ᠬᠣᠶᠠᠷ ᠠᠵᠢᠯ ᠢ᠋ ᠵᠡᠷᠭᠡᠴᠡᠭᠦᠯᠦᠨ᠂ ᠦᠶᠡᠷ ᠡᠴᠡ ᠵᠢᠭᠤᠲᠠᠬᠤ ᠮᠡᠲᠦ ᠨᠡᠭᠦᠳᠡᠯ ᠡᠬᠢᠯᠡᠭᠰᠡᠨ ᠪᠥᠯᠥᠭᠡ᠂ ᠲᠡᠷᠡ ᠨᠡᠭᠦᠳᠡᠯ ᠳ᠋ᠦ᠍ ᠪᠣᠭᠤᠷᠴᠢ ᠶ᠋ᠢᠨ ᠨᠠᠢ᠍ᠮᠠᠨ ᠳᠠᠭᠠᠭᠤᠯ ᠵᠠᠷᠤᠴᠠ ᠠᠢᠯ ᠠ᠋ᠴᠠ ᠲᠠᠪᠤ ᠨᠢ ᠳᠠᠭᠠᠵᠤ ᠨᠡᠭᠦᠬᠦ ᠪᠣᠯᠵᠠᠢ᠃
ᠭᠤᠷᠪᠠᠨ ᠦᠯᠡᠳᠡᠭᠰᠡᠨ ᠠᠢᠯ ᠪᠦᠷᠢ ᠳ᠋ᠦ᠍ ᠬᠣᠷᠢᠨ ᠬᠤᠷᠠᠭ᠎ᠠ ᠲᠠᠢ ᠬᠣᠨᠢ᠂ ᠬᠣᠶᠠᠷ ᠲᠤᠭᠤᠯ ᠲᠠᠢ ᠦᠨᠢᠶ᠎ᠡ᠂ ᠬᠣᠶᠠᠷ ᠤᠨᠠᠭ᠎ᠠ ᠲᠠᠢ ᠭᠡᠭᠦᠦ᠂ ᠬᠣᠶᠠᠷ ᠮᠣᠷᠢ ᠨᠡᠢᠯᠡᠵᠦ ᠵᠠᠭᠤᠨ ᠲᠣᠯᠣᠭᠠᠢ ᠮᠠᠯ᠂ ᠮᠢᠩᠭᠠᠲᠤ ᠶ᠋ᠢᠨ ᠨᠣᠶᠠᠨ ᠤ᠋ ᠪᠡᠷᠢ ᠪᠣᠯᠵᠤ ᠦᠯᠡᠳᠡᠭᠰᠡᠨ ᠥᠬᠢᠨ ᠳ᠋ᠡᠭᠡᠨ ᠢᠨᠵᠢ ᠪᠣᠯᠭᠠᠵᠤ ᠵᠠᠭᠤᠨ ᠲᠣᠯᠣᠭᠠᠢ ᠮᠠᠯ ᠨᠡᠮᠡᠵᠦ ᠦᠯᠡᠳᠡᠭᠡᠭᠰᠡᠨ ᠴᠦ᠍ ᠪᠣᠭᠤᠷᠴᠢ ᠶ᠋ᠢᠨ ᠬᠢ ᠲᠡᠢᠮᠦ ᠪᠠᠶᠠᠨ ᠤ᠋ ᠲᠣᠭᠠᠨ ᠳ᠋ᠤ᠌ ᠡᠰᠡ ᠣᠷᠣᠪᠠᠴᠤ《ᠮᠣᠭᠠᠢ ᠭᠤᠷᠪᠠ ᠲᠠᠰᠤᠷᠠᠪᠠᠴᠤ ᠬᠦᠷᠪᠡᠯ ᠦ᠋ᠨ ᠴᠢᠨᠡᠭᠡᠨ》 ᠭᠡᠭᠴᠢ ᠪᠡᠷ ᠪᠠᠰᠠ ᠯᠠ ᠬᠡᠳᠦᠨ ᠵᠠᠭᠤᠨ ᠲᠣᠯᠣᠭᠠᠢ ᠮᠠᠯ ᠲᠠᠢ ᠦᠯᠡᠳᠡᠵᠡᠢ᠃ ᠪᠡᠯᠡᠭ ᠢᠨᠵᠢ ᠳ᠋ᠦ᠍ ᠦᠯᠡᠳᠡᠭᠡᠭᠰᠡᠨ ᠮᠠᠯ ᠰᠢᠯᠢᠮᠡᠯ ᠪᠢᠰᠢ᠂ ᠰᠢᠷᠪᠢᠭᠳᠡᠭᠰᠡᠨ ᠨᠢ ᠭᠡᠬᠦ ᠶ᠋ᠢ ᠨᠢᠭᠤᠬᠤ ᠶᠠᠭᠤᠨ᠃ ᠪᠣᠭᠤᠷᠴᠢ ᠶ᠋ᠢᠨ ᠬᠢᠨ ᠳᠡᠭᠡᠷ᠎ᠡ ᠲᠡᠮᠦᠷ ᠦ᠋ᠨ ᠬᠢ ᠨᠢᠭᠡ ᠶᠠᠳᠠᠭᠤᠬᠠᠨ ᠵᠠᠷᠤᠴᠠ ᠠᠢᠯ ᠲᠠᠢ ᠪᠠᠨ ᠨᠡᠮᠡᠭᠳᠡᠵᠦ ᠪᠦᠭᠦᠳᠡ ᠨᠠᠢ᠍ᠮᠠᠨ ᠠᠢᠯ ᠬᠣᠷᠢ ᠭᠠᠷᠤᠢ ᠠᠮᠠ ᠪᠦᠯᠢ ᠪᠣᠯᠤᠨ ᠠᠴᠢᠶ᠎ᠠ ᠬᠥᠰᠬᠡ᠂ ᠬᠡᠳᠦᠨ ᠵᠠᠭᠤᠨ ᠮᠠᠯ ᠰᠦᠷᠦᠭ᠂ ᠪᠠᠰᠠ ᠳᠥᠷᠪᠡᠨ ᠴᠡᠷᠢᠭ ᠪᠦᠯᠢ ᠬᠠᠮᠠᠭᠠᠯᠠᠯᠲᠠ ᠪᠣᠯᠵᠤ ᠶᠠᠪᠤᠨ᠎ᠠ᠃ ᠡᠳᠡᠨ ᠦ᠌ ᠳᠤᠮᠳᠠ ᠪᠣᠭᠤᠷᠴᠢ ᠶ᠋ᠢᠨ ᠠᠷᠪᠠᠨ ᠭᠤᠷᠪᠠ ᠲᠠᠢ ᠪᠠᠭ᠎ᠠ ᠥᠬᠢᠨ ᠶᠠᠪᠤᠭ᠎ᠠ᠃ ᠲᠡᠷᠡ ᠪᠡᠷ ᠳᠤᠷᠠᠲᠠᠢ ᠴᠠᠭ ᠲᠠᠭᠠᠨ ᠮᠣᠷᠢ ᠤᠨᠤᠵᠤ ᠳᠤᠷ᠎ᠠ ᠦᠭᠡᠢ ᠬᠦᠷᠪᠡᠯ ᠰᠡᠦᠬᠡ ᠲᠡᠷᠭᠡᠨ ᠳ᠋ᠦ᠍ ᠣᠷᠣᠵᠤ ᠵᠢᠷᠭᠠᠨ᠎ᠠ᠃ ᠡᠷᠬᠡ ᠲᠠᠩᠬᠢᠯ ᠴᠦ᠍ ᠭᠡᠯᠡ ᠵᠠᠷᠤᠴᠠ ᠨᠠᠷ ᠲᠠᠢ ᠪᠠᠨ ᠢᠵᠢᠯᠢ ᠳᠠᠰᠤᠯ᠂ ᠶᠡᠬᠡ ᠨᠠᠢᠷᠰᠠᠭ ᠪᠣᠯᠤᠭᠰᠠᠨ ᠠᠵᠤᠭᠤ᠃ ᠲᠡᠷᠡ ᠶᠡᠬᠡ ᠨᠡᠭᠦᠳᠡᠯ ᠢ᠋ ᠬᠡᠷᠦᠯᠦᠨ ᠭᠣᠣᠯ ᠭᠠᠲᠤᠯᠤᠭᠤᠯᠵᠤ ᠵᠠᠮ ᠳ᠋ᠤ᠌ ᠭᠠᠷᠭᠠᠭᠠᠳ ᠡᠷ᠎ᠡ ᠡᠮ᠎ᠡ ᠬᠣᠶᠠᠷ ᠢᠳᠡᠷ ᠦ᠋ᠨ ᠭᠣᠣᠯ ᠵᠣᠷᠢᠵᠠᠢ᠃ ᠨᠡᠭᠦᠳᠡᠯ ᠪᠠᠭᠤᠭᠰᠠᠨ ᠭᠠᠵᠠᠷ ᠲᠠᠭᠠᠨ ᠥᠨᠵᠢᠵᠦ ᠬᠣᠨᠣᠵᠤ᠂ ᠡᠳᠦᠷ ᠲᠦ᠍ ᠮᠠᠯ ᠬᠠᠷᠢᠭᠤᠯᠭ᠎ᠠ ᠪᠡᠯᠴᠢᠭᠡᠷ ᠦ᠋ᠨ ᠭᠡᠮ ᠢ᠋ᠶ᠋ᠡᠷ ᠠᠯᠭᠤᠷ ᠵᠣᠷᠴᠢᠬᠤ ᠵᠢᠭᠠᠪᠤᠷᠢ ᠲᠠᠢ᠃ ᠵᠠᠮ ᠳ᠋ᠤ᠌ ᠲᠣᠬᠢᠶᠠᠯᠳᠤᠬᠤ ᠪᠦᠬᠦᠨ ᠳ᠋ᠦ᠍《ᠪᠠᠷᠠᠭᠤᠨ ᠭᠠᠷ ᠤ᠋ᠨ ᠶᠡᠬᠡ ᠵᠠᠩᠵᠤᠨ ᠪᠣᠭᠤᠷᠴᠢ ᠶ᠋ᠢᠨ ᠬᠢ ᠨᠡᠭᠦᠵᠦ ᠶᠠᠪᠤᠭ᠎ᠠ ᠲᠤᠯᠠ ᠬᠠᠷᠠᠵᠤ ᠬᠠᠨᠳᠤᠵᠤ᠂ ᠬᠠᠯᠠᠮᠵᠢᠯᠠᠵᠤ ᠢᠪᠡᠭᠡ!》 ᠭᠡᠰᠡᠨ ᠴᠢᠩᠭᠢᠰ ᠬᠠᠭᠠᠨ ᠤ᠋ ᠠᠯᠪᠠᠨ ᠵᠠᠷ ᠵᠠᠷᠯᠢᠭ ᠪᠢᠴᠢᠭ ᠲᠡᠢ ᠪᠥᠯᠥᠭᠡ᠃ ᠡᠳᠦᠭᠡ ᠨᠡᠭᠦᠳᠡᠯ ᠦ᠋ᠨ ᠡᠵᠡᠨ ᠡᠷ᠎ᠡ ᠡᠮ᠎ᠡ ᠬᠣᠶᠠᠷ ᠨᠠᠮᠤᠷ ᠤ᠋ᠨ ᠲᠣᠭᠣᠰᠣᠷᠬᠠᠭ ᠡᠳᠦᠷ ᠪᠠᠷᠠᠭᠤᠨ ᠤᠷᠢᠳᠤ ᠵᠦᠭ ᠢ᠋ ᠴᠢᠭᠯᠡᠨ ᠶᠥᠷᠭᠡᠭᠦᠯᠵᠦ ᠶᠠᠪᠤᠭᠰᠠᠨ ᠢ᠋ᠶ᠋ᠠᠨ ᠮᠣᠷᠢᠨ ᠤ᠋ ᠪᠠᠨ ᠠᠮᠠ ᠶ᠋ᠢ ᠲᠠᠲᠠᠵᠤ ᠰᠠᠵᠢᠯᠠᠭᠤᠯᠪᠠ᠃ ᠳᠠᠭᠠᠭᠤᠯ ᠵᠢᠷᠭᠤᠭ᠎ᠠ ᠠᠴᠢᠶ᠎ᠠ ᠲᠠᠢ ᠮᠣᠷᠢᠳ ᠢ᠋ᠶ᠋ᠠᠨ ᠬᠥᠲᠥᠯᠵᠦ᠂ ᠠᠷᠤ ᠳ᠋ᠤᠨᠢ ᠵᠠᠭᠤ ᠰᠢᠬᠠᠮ ᠠᠯᠬᠤᠮ ᠤ᠋ᠨ ᠵᠠᠢ ᠳ᠋ᠤ᠌᠂ ᠬᠣᠶᠠᠷ ᠡᠷᠬᠢᠮ ᠶᠠᠭᠠᠬᠢᠵᠤ ᠯᠠ ᠶᠠᠪᠤᠬᠤ ᠠᠶᠠᠰ ᠢ᠋ ᠳᠠᠭᠠᠨ ᠳᠠᠪᠬᠢᠪᠠᠯ ᠳᠠᠪᠬᠢᠵᠤ᠂ ᠬᠠᠲᠠᠷᠢᠪᠠᠯ ᠬᠠᠲᠠᠷᠢᠵᠤ᠂ ᠰᠡᠵᠢᠯᠡᠪᠡᠯ ᠰᠠᠵᠢᠯᠠᠵᠤ ᠶᠠᠪᠤᠨ᠎ᠠ᠃
— ᠪᠢ ᠴᠢᠮᠠᠲᠤ ᠨᠢᠭᠡ ᠶᠡᠬᠡ ᠰᠣᠨᠢᠨ ᠶᠠᠭᠤᠮ᠎ᠠ ᠬᠡᠯᠡᠬᠦ ᠤᠤ? ᠭᠡᠬᠦ ᠳ᠋ᠡᠭᠡᠨ ᠴᠢ ᠤᠬᠢᠯᠠᠨ᠎ᠠ ᠪᠠᠢᠬ᠎ᠠ ᠭᠡᠵᠦ ᠪᠤᠭᠤᠷᠴᠢ ᠭᠡᠨᠡᠳᠲᠡ ᠬᠠᠴᠢᠨ ᠦᠭᠡ ᠬᠡᠯᠡᠬᠦ ᠳ᠋ᠦ᠍ᠨᠢ ᠲᠡᠭᠦᠰᠬᠡᠨ ᠭᠤᠸ᠎ᠠ ᠨᠢᠳᠦ ᠨᠢ ᠲᠣᠮᠣ ᠪᠣᠯᠵᠤ ᠳᠦᠷᠡᠯᠵᠡᠵᠦ ᠠᠯᠠᠭᠯᠠᠨ᠄
— ᠶᠠᠭᠤ ᠭᠡᠳ ᠪᠠᠢᠭ᠎ᠠ ᠶᠤᠮ ᠪᠣᠢ? ᠭᠡᠮᠡᠨ ᠠᠭᠤᠷᠰᠠᠬᠤ ᠮᠠᠶᠢᠭ ᠲᠠᠢ ᠬᠡᠯᠡᠪᠡ᠃
ᠪᠣᠭᠣᠷᠴᠢ ᠭᠡᠮ ᠬᠢᠴᠢᠬᠡᠭᠰᠡᠨ ᠬᠡᠦᠬᠡᠳ ᠰᠢᠭ ᠤᠷᠤᠭᠤ ᠴᠢᠷᠠᠢᠯᠠᠨ ᠳᠣᠭᠣᠭᠰᠢ ᠬᠠᠷᠠᠵᠤ ᠤᠩᠬᠤᠢᠬᠤ ᠳ᠋ᠤ᠌ ᠨᠢ᠄
— ᠬᠡᠯᠡᠭᠡᠴᠢ ᠳᠡ᠂ ᠲᠡᠭᠡᠭᠡᠳ? ᠭᠡᠵᠦ ᠰᠡᠳᠬᠢᠯ ᠲᠦᠭᠰᠢᠭᠰᠡᠨ ᠲᠡᠭᠦᠰᠬᠡᠨ ᠵᠠᠩᠳᠤᠷᠪᠠ᠃ ᠪᠤᠭᠤᠷᠴᠢ《ᠥᠨᠥᠳᠥᠷ ᠁》 ᠭᠡᠳ ᠥᠨᠥᠬᠢ ᠳᠠᠷᠬᠢ ᠶ᠋ᠢᠨ ᠳ᠋ᠦ᠍ ᠪᠣᠯᠤᠭᠰᠠᠨ ᠶᠠᠪᠤᠳᠠᠯ ᠢ᠋ ᠨᠢᠭᠡᠳ ᠨᠢᠭᠡ ᠦᠭᠡᠢ ᠶᠠᠷᠢᠬᠤ ᠶ᠋ᠢ ᠰᠣᠨᠣᠰᠤᠨ ᠶᠠᠪᠤᠭᠰᠠᠨ ᠲᠡᠭᠦᠰᠬᠡᠨ ᠤᠷᠤᠭᠤ ᠬᠠᠷᠠᠵᠤ ᠠᠯᠠᠭ ᠨᠢᠳᠦᠨ ᠡᠴᠡ ᠪᠡᠨ ᠥᠪᠡᠷ ᠦ᠋ᠨ ᠡᠷᠬᠡ ᠦᠭᠡᠢ ᠨᠢᠯᠪᠤᠰᠤ ᠪᠥᠮᠪᠥᠷᠢᠭᠦᠯᠦᠨ ᠬᠠᠨᠴᠤᠢ ᠪᠠᠷ ᠢ᠋ᠶ᠋ᠠᠨ ᠱᠤᠳᠤᠷᠴᠤ ᠠᠷᠴᠢᠨ ᠠᠯᠠᠭ᠎ᠠ ᠪᠠᠷ ᠢ᠋ᠶ᠋ᠠᠨ ᠨᠢᠳᠦ ᠪᠡᠨ ᠳᠠᠷᠤᠨ ᠳᠠᠷᠤᠨ ᠰᠠᠵᠢᠯᠠᠨ᠎ᠠ᠃
— ᠵᠠ ᠶᠠᠭᠠᠬᠢᠬᠤ ᠪᠣᠢ᠂ ᠴᠢ ᠪᠢᠳᠡ ᠬᠣᠶᠠᠷ ᠬᠦᠦ ᠳᠡᠭᠡᠷ᠎ᠡ ᠪᠡᠨ ᠣᠴᠢᠵᠤ ᠲᠥᠪᠬᠢᠨᠡᠭᠦᠯᠦᠭᠡᠳ ᠡᠷᠭᠢᠵᠦ ᠢᠷᠡᠵᠦ ᠲᠡᠭᠦᠨ ᠲᠡᠢ ᠠᠭᠤᠯᠵᠠᠵᠤ ᠪᠣᠯᠤᠨ᠎ᠠ ᠰᠢᠦ ᠳᠡ ᠭᠡᠮᠡᠨ ᠡᠬᠡᠨᠡᠷ ᠢ᠋ᠶ᠋ᠡᠨ ᠠᠷᠭᠠᠳᠠᠨ ᠥᠭᠦᠯᠡᠪᠡᠰᠦ ᠲᠡᠷᠡ ᠪᠡᠷ ᠤᠷᠲᠤ ᠪᠠᠷ ᠰᠠᠨᠠᠭ᠎ᠠ ᠠᠯᠳᠠᠵᠤ᠄
— ᠬᠡᠷᠡᠭ ᠦᠭᠡᠢ ᠪᠢᠵᠡ ᠳᠡ? ᠭᠡᠮᠡᠨ ᠪᠣᠳᠣᠯᠭᠠᠰᠢᠷᠠᠭᠰᠠᠨ ᠢ᠋ᠶ᠋ᠠᠨ ᠦᠭᠡ ᠪᠡᠨ ᠦᠷᠭᠦᠯᠵᠢᠯᠡᠭᠦᠯᠦᠨ᠄
— ᠠᠪᠤ ᠡᠵᠢ ᠬᠣᠶᠠᠷ ᠲᠤ᠌ ᠳᠣᠭᠣᠯᠭᠠᠭᠠᠳ ᠴᠦ᠍ ᠬᠡᠷᠡᠭ ᠦᠭᠡᠢ᠃ ᠲᠡᠳᠡᠨ ᠦ᠌ ᠰᠡᠳᠬᠢᠯ ᠢ᠋ ᠰᠡᠳᠡᠷᠡᠭᠡᠵᠦ ᠵᠣᠪᠠᠭᠠᠭᠠᠳ ᠶᠠᠭᠤ ᠬᠢᠬᠦ ᠪᠣᠢ? ᠶᠠᠭᠤ ᠬᠢᠵᠦ ᠶᠠᠭᠠᠬᠢᠵᠤ ᠶᠠᠪᠤᠭᠰᠠᠨ ᠦᠷ᠎ᠡ ᠬᠡᠦᠬᠡᠳ ᠢ᠋ᠶ᠋ᠡᠨ ᠡᠷᠭᠢᠵᠦ ᠢᠷᠡᠯ᠎ᠡ ᠭᠡᠬᠦ ᠪᠣᠢ? ᠪᠣᠯᠤᠭᠰᠠᠨ ᠶᠠᠭᠤᠮ᠎ᠠ ᠪᠣᠯᠤᠭᠰᠠᠨ ᠢ᠋ᠶ᠋ᠠᠷ ᠢ᠋ᠶ᠋ᠠᠨ ᠯᠠ ᠥᠩᠭᠡᠷᠡᠭ᠃
ᠨᠡᠭᠡᠷᠡᠨ ᠯᠡ ᠲᠡᠢᠮᠦ ᠶᠦᠮ ᠤᠤ ᠳᠠ ᠭᠡᠵᠦ ᠪᠤᠭᠤᠷᠴᠢ ᠡᠬᠡᠨᠡᠷ ᠦ᠋ᠨ ᠢ᠋ᠶ᠋ᠡᠨ ᠦᠭᠡ ᠶ᠋ᠢ ᠵᠥᠪᠰᠢᠶᠡᠷᠡᠯ᠎ᠡ᠃ ᠲᠡᠭᠦᠰᠬᠡᠨ ᠨᠥᠬᠥᠷ ᠤᠷᠤᠭᠤ ᠪᠠᠨ ᠬᠠᠷᠠᠵᠤ᠄
— ᠴᠢᠮ᠎ᠠ ᠶ᠋ᠢ ᠲᠠᠨᠢᠵᠤ ᠪᠠᠢᠨ᠎ᠠ ᠤᠤ?
— ᠲᠠᠨᠢᠭᠰᠠᠨ ᠪᠠᠢᠵᠤ ᠮᠠᠭᠠᠳ ᠦᠭᠡᠢ ᠠ᠋᠃ ᠬᠣᠭᠣᠷᠣᠨᠳᠣ ᠪᠠᠨ ᠨᠢᠳᠦ ᠢᠷᠮᠡᠯᠴᠡᠨ ᠨᠠᠮ᠎ᠠ ᠶ᠋ᠢ ᠠᠵᠢᠭᠯᠠᠭᠠᠳ ᠪᠠᠢᠬᠤ ᠰᠢᠭ᠋ ᠪᠠᠢᠭᠰᠠᠨ᠃
— ᠲᠠᠨᠢᠯ᠎ᠠ ᠭᠡᠳ ᠴᠦ᠍ ᠶᠠᠭᠠᠬᠢᠬᠤ ᠶᠤᠮ ᠪᠢᠯᠡ ᠳᠠ ᠭᠡᠵᠦ ᠲᠡᠭᠦᠰᠬᠡᠨ ᠰᠠᠨᠠᠭ᠎ᠠ ᠠᠯᠳᠠᠵᠤ ᠪᠣᠳᠣᠯ ᠪᠣᠯᠤᠨ᠄
— ᠮᠢᠨᠦ ᠠᠬ᠎ᠠ ᠭᠡᠵᠦ ᠲᠡᠢᠮᠦ ᠯᠡ ᠬᠤᠪᠢ ᠲᠠᠪᠢᠯᠠᠩ ᠲᠠᠢ ᠬᠥᠮᠦᠨ ᠪᠠᠢᠵᠤ ᠳᠠ᠃ ᠠᠬ᠎ᠠ ᠴᠦ᠍ ᠭᠡᠵᠦ ᠳᠡ᠂ ᠠᠬ᠎ᠠ ᠭᠡᠬᠦ ᠳ᠋ᠦ᠍ ᠬᠡᠴᠡᠭᠦᠦ ᠯᠡ ᠶᠦᠮ᠃ ᠮᠠᠭᠤ ᠠᠪᠤ ᠮᠢᠨᠢ《ᠲᠡᠭᠦᠰᠬᠡᠨ᠂ ᠴᠢᠮ᠎ᠠ ᠠ᠋ᠴᠠ ᠳᠠᠬᠢᠭᠠᠳ ᠬᠦᠦ ᠭᠠᠷᠪᠠᠯ ᠠᠪᠴᠤ ᠥᠪ ᠬᠥᠷᠥᠩᠭᠡ᠂ ᠦᠯᠡᠮᠵᠢ ᠬᠣᠢᠴᠢ ᠪᠠᠨ ᠵᠠᠯᠭᠠᠭᠤᠯᠤᠨ᠎ᠠ》 ᠭᠡᠳᠡᠭ ᠰᠠᠨ᠃ ᠬᠢᠰᠠᠬᠤ ᠳ᠋ᠤ᠌ ᠭᠠᠷᠤᠭᠰᠠᠨ ᠦᠭᠡᠢ᠃ ᠬᠢᠰᠠᠯ ᠬᠦᠰᠡᠯ ᠬᠣᠶᠠᠷ ᠲᠡᠢᠮᠦ ᠵᠥᠷᠢᠶ᠎ᠡ ᠲᠡᠢ᠃ ᠬᠦᠰᠡᠯ ᠢ᠋ ᠨᠢ ᠲᠡᠳᠬᠦᠳᠡᠭ ᠭᠠᠭᠴᠠ ᠬᠦᠦ ᠨᠢ ᠲᠡᠢᠮᠦ ᠪᠣᠯᠤᠭᠰᠠᠨ ᠶᠤᠮ᠃ ᠲᠡᠷᠡ《ᠬᠦᠦ》 ᠭᠡᠭᠴᠢ ᠨᠢ ᠲᠡᠢᠮᠦ ᠬᠤᠪᠢ ᠵᠠᠶᠠᠭ᠎ᠠ ᠦᠭᠡᠢ᠃ ᠬᠠᠷᠢᠨ ᠠᠪᠤ ᠮᠢᠨᠢ ᠰᠠᠶᠢ ᠤᠬᠠᠭᠠᠨ ᠰᠡᠷᠭᠦᠯᠡᠩ᠂ ᠨᠢᠳᠦᠨ ᠳ᠋ᠦ᠍ ᠳᠤᠯᠠᠭᠠᠨ ᠨᠢᠭᠡ ᠥᠨᠥᠴᠢᠨ ᠬᠦᠦ ᠦᠷᠡᠴᠢᠯᠡᠵᠦ ᠠᠪᠤᠯ᠎ᠠ ᠳᠠ᠃ ᠲᠡᠷᠡ ᠬᠢᠯᠤᠬᠡᠳᠢ ᠶᠡᠬᠡ ᠬᠤᠪᠢ ᠵᠠᠶᠠᠭᠠᠲᠠᠢ᠃ ᠰᠠᠢᠨ ᠬᠥᠮᠦᠨ ᠪᠣᠯᠵᠤ ᠡᠴᠢᠭᠡ ᠶ᠋ᠢᠨ ᠮᠢᠨᠢ ᠥᠪ᠂ ᠤᠳᠤᠮ ᠢ᠋ ᠠᠪᠴᠤ ᠶᠠᠪᠤᠬᠤ ᠪᠠᠢᠭ᠎ᠠ ᠁ ᠭᠡᠵᠦ ᠦᠭᠡ ᠪᠡᠨ ᠵᠥᠭᠡᠭᠡᠵᠦ ᠶᠠᠳᠠᠨ ᠲᠠᠰᠤᠯᠤᠨ ᠲᠠᠰᠤᠯᠤᠨ ᠬᠡᠯᠡᠪᠡ᠃ ᠦᠨᠡᠨ ᠳ᠋ᠡᠭᠡᠨ ᠪᠤᠭᠤᠷᠴᠢ ᠳ᠋ᠤ᠌ ᠰᠡᠳᠬᠢᠯ ᠬᠥᠨᠳᠡᠭᠦᠷ ᠥᠷᠥᠪᠳᠦᠯᠲᠡᠢ ᠲᠤᠯᠠ ᠬᠡᠯᠡᠬᠦ ᠦᠭᠡ ᠴᠦ᠍ ᠣᠯᠳᠠᠬᠤ ᠦᠭᠡᠢ ᠡᠬᠡᠨᠡᠷ ᠦ᠋ᠨ ᠢ᠋ᠶ᠋ᠡᠨ ᠶᠠᠭᠤ ᠭᠡᠬᠦ ᠶ᠋ᠢ ᠰᠣᠨᠣᠰᠤᠨ ᠰᠣᠨᠣᠰᠬᠤ ᠠᠪᠠᠢ᠃ ᠰᠡᠳᠬᠢᠯ ᠢ᠋ ᠨᠢ ᠵᠠᠰᠠᠬᠤ ᠰᠠᠨᠠᠭ᠎ᠠ ᠲᠠᠢ ᠨᠥᠬᠥᠷ ᠨᠢ᠄
— ᠬᠠᠷᠢᠨ ᠨᠢᠭᠡ ᠠᠴᠢ ᠬᠦᠦ ᠪᠠᠢᠭ᠎ᠠ ᠶᠤᠮ ᠪᠠᠢᠨ᠎ᠠ ᠳᠠ ᠭᠡᠵᠦ ᠬᠡᠯᠡᠪᠡ᠃
— ᠲᠡᠢᠮᠦ ᠠ᠋᠂ ᠲᠡᠷᠡ ᠬᠦᠦ ᠶ᠋ᠢ ᠠᠯᠳᠠᠴᠢᠬᠠᠬᠤ ᠦᠭᠡᠢ᠂ ᠬᠣᠵᠢᠮ ᠦᠷ᠎ᠡ ᠬᠡᠦᠬᠡᠳ ᠲᠡᠢ ᠪᠡᠨ ᠲᠥᠷᠥᠯ ᠭᠡᠳᠡᠭ ᠢ᠋ ᠨᠢ ᠮᠡᠳᠡᠬᠥᠯᠴᠢᠬᠥ ᠶᠤᠮᠰᠠᠨ᠃ ᠴᠢ ᠮᠢᠨᠢ ᠯᠡ ᠬᠠᠷᠢᠨ ᠳᠣᠲᠣᠷ᠎ᠠ ᠪᠠᠨ ᠪᠣᠳᠣᠵᠤ᠂ ᠬᠠᠷᠠᠵᠤ ᠬᠠᠨᠳᠤᠵᠤ ᠦᠵᠡ ᠳᠡ᠃《ᠰᠠᠢᠨ ᠨᠡᠷ᠎ᠡ ᠶ᠋ᠢ ᠬᠦᠰᠡᠪᠡᠴᠦ ᠣᠯᠳᠠᠬᠤ ᠦᠭᠡᠢ᠂ ᠮᠠᠭᠤ ᠨᠡᠷ᠎ᠡ ᠶ᠋ᠢ ᠬᠤᠰᠤᠪᠠᠴᠤ ᠠᠷᠢᠯᠬᠤ ᠦᠭᠡᠢ》 ᠭᠡᠵᠦ ᠯᠡ ᠡᠨᠡ ᠶᠦᠮ ᠳᠡ ᠭᠡᠵᠦ ᠨᠥᠬᠥᠷ ᠢ᠋ ᠪᠡᠨ ᠠᠷᠭᠠᠳᠠᠩᠭᠤᠢ ᠥᠭᠦᠯᠡᠯ᠎ᠡ᠃
ᠲᠡᠳᠡ ᠢᠩᠭᠢᠭᠡᠳ ᠤᠳᠠᠭᠠᠨ ᠰᠠᠵᠢᠯᠠᠴᠢᠬᠠᠵᠤ᠂ ᠠᠷᠤ ᠶ᠋ᠢᠨ ᠴᠡᠷᠢᠭ ᠦ᠋ᠳ ᠵᠠᠯᠬᠠᠭᠤ ᠨᠢ ᠬᠦᠷᠴᠦ ᠨᠣᠢᠷᠮᠤᠭᠯᠠᠵᠤ ᠶᠠᠪᠤᠭ᠎ᠠ ᠶ᠋ᠢ ᠴᠦ᠍ ᠮᠡᠳᠡᠭᠰᠡᠨ ᠦᠭᠡᠢ᠃ ᠬᠠᠷᠢᠨ ᠥᠪᠡᠷᠰᠡᠳ ᠢ᠋ᠶ᠋ᠡᠨ ᠴᠦ᠍ ᠨᠣᠵᠣᠭᠠᠷᠠᠴᠢᠬᠠᠵᠤ᠂ ᠱᠣᠭᠰᠢᠰᠬᠢᠬᠰᠠᠨ ᠢ᠋ᠶ᠋ᠠᠨ ᠶᠥᠷᠭᠡᠭᠦᠯᠵᠦ᠂ ᠰᠠᠯᠬᠢ ᠲᠠᠲᠠᠭᠤᠯᠤᠨ ᠬᠠᠲᠠᠷᠢᠭᠤᠯᠵᠤ ᠪᠦᠭᠦᠳᠡ ᠯᠡ ᠰᠡᠷᠭᠦᠵᠡᠭᠡᠪᠡ᠃
— ᠣᠴᠢᠬᠤ ᠭᠠᠵᠠᠷ ᠮᠠᠨᠢ ᠥᠨᠥ ᠬᠦᠷᠬᠦ ᠦᠭᠡᠢ ᠪᠢᠵᠡ ᠳᠡ? ᠭᠡᠵᠦ ᠡᠬᠡᠨᠡᠷ ᠨᠢ ᠠᠰᠠᠭᠤᠪᠠᠰᠤ᠄
— ᠮᠠᠷᠭᠠᠰᠢ ᠴᠦ᠍ ᠦᠭᠡᠢ᠂ ᠬᠠᠷᠢᠨ ᠨᠥᠭᠥᠭᠡᠳᠦᠷ ᠮᠠᠭᠠᠳ ᠦᠭᠡᠢ ᠠ᠋᠃
— ᠠ᠋᠂ ᠮᠥᠨ ᠴᠦ᠍ ᠬᠣᠯᠠ ᠵᠠᠮ ᠶᠤᠮ ᠳᠠ᠃
ᠥᠷᠲᠡᠭᠡᠯᠡᠨ ᠳᠠᠮᠵᠢᠭᠰᠠᠭᠠᠷ ᠶᠠᠪᠤᠨ ᠶᠠᠪᠤᠵᠤ ᠬᠠᠳᠠ ᠠᠰᠬ᠎ᠠ ᠲᠠᠢ ᠠᠭᠤᠯᠠ ᠡᠩᠭᠡᠷᠯᠡᠨ ᠨᠢᠭᠡᠨ ᠥᠨᠳᠥᠷ ᠣᠨᠢ ᠳᠠᠪᠠᠭ᠎ᠠ ᠥᠭᠡᠳᠡ ᠮᠠᠴᠤᠵᠤ᠂ ᠬᠢᠷ᠎ᠠ ᠳᠡᠭᠡᠷ᠎ᠡ ᠨᠢ ᠭᠠᠷᠪᠠᠰᠤ ᠶᠡᠬᠡ ᠭᠣᠣᠯ ᠤ᠋ᠨ ᠰᠠᠯᠪᠤᠷᠢ ᠪᠠᠭ᠎ᠠ ᠭᠣᠣᠯ ᠦᠵᠡᠭᠳᠡᠵᠦ᠂ ᠬᠡᠰᠡᠭ ᠬᠦᠷᠢᠶ᠎ᠡ ᠠᠢᠯ ᠬᠠᠷᠠᠭᠳᠠᠬᠤᠢ ᠪᠣᠭᠤᠷᠴᠢ ᠳᠡᠰ ᠳᠡᠰ ᠢᠨᠢᠶᠡᠵᠦ᠄
— ᠢᠷᠡᠯ᠎ᠡ ᠳᠠ᠂ ᠴᠢ ᠮᠢᠨᠢ ᠶᠡᠬᠡ ᠴᠦ᠍ ᠶᠠᠳᠠᠷᠠᠵᠤ ᠶᠠᠪᠤᠯ᠎ᠠ᠃ ᠣᠳᠣ ᠨᠢᠭᠡ ᠬᠥᠯ ᠨᠤᠭᠤᠯᠵᠤ ᠶᠠᠰᠤ ᠠᠮᠠᠷᠠᠬᠤ ᠪᠠᠢᠭ᠎ᠠ᠃
— ᠵᠠ ᠶᠠᠭᠠᠬᠢᠬᠤ ᠪᠣᠢ᠃ ᠬᠦᠦ ᠪᠠᠨ ᠯᠠ ᠦᠵᠡᠶ᠎ᠡ᠂ ᠶᠡᠬᠡ ᠴᠦ᠍ ᠰᠠᠨᠠᠯ᠎ᠠ᠃ ᠲᠣᠮᠣ ᠡᠷ᠎ᠡ ᠪᠣᠯᠵᠤ ᠡᠨᠡ ᠭᠠᠵᠠᠷ ᠪᠠᠰᠠ ᠡᠬᠡᠨᠡᠷ ᠠᠪᠤᠭᠰᠠᠨ ᠪᠠᠢᠭ᠎ᠠ᠃
— ᠣᠳᠣ ᠴᠢ ᠦᠵᠡᠨ᠎ᠡ ᠠ᠋᠃
— ᠰᠡᠳᠬᠢᠯ ᠳ᠋ᠦ᠍ ᠲᠠᠭᠠᠷᠠᠬᠤ ᠦᠭᠡᠢ ᠪᠣᠯ ᠪᠤᠴᠠᠭᠠᠨ᠎ᠠ ᠰᠢᠦ᠃
— ᠬᠠᠨᠠᠰᠠ ᠲᠡᠢᠮᠦ ᠶᠠᠭᠤᠮ᠎ᠠ ᠪᠠᠢᠬᠤ ᠪᠣᠢ᠃ ᠡᠷ᠎ᠡ ᠬᠥᠮᠦᠨ ᠡᠮ᠎ᠡ ᠬᠥᠮᠦᠨ ᠢ᠋ ᠲᠠᠨᠢᠬᠤ ᠨᠢᠳᠦᠨ ᠦ᠌ ᠤᠪᠠᠳᠢᠰ ᠲᠠᠢ᠂ ᠰᠡᠳᠬᠢᠯ ᠦ᠋ᠨ ᠮᠡᠳᠡᠷᠡᠮᠵᠢ ᠲᠡᠢ᠃ ᠪᠡᠶ᠎ᠡ ᠣᠩᠭᠣᠨ᠂ ᠰᠡᠳᠬᠢᠯ ᠨᠢ ᠴᠡᠪᠡᠷ ᠰᠠᠢᠬᠠᠨ ᠥᠬᠢᠨ ᠠᠪᠤᠭᠰᠠᠨ᠃ ᠴᠢ ᠦᠵᠡᠭᠡᠳ ᠦᠨᠦᠰᠦᠨ᠎ᠡ ᠠ᠋ ᠭᠡᠵᠦ ᠡᠷ᠎ᠡ ᠨᠢ ᠶᠡᠬᠡ ᠪᠠᠷᠳᠠᠮ ᠬᠡᠯᠡᠵᠦ ᠢᠨᠢᠶᠡᠯ᠎ᠡ᠃
