ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 33> Хүлэг баатар буурч - Б. Өлзийсүрэн <Дөтгөр бүлэг-33> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 33> Хүлэг баатар буурч - Б. Өлзийсүрэн <Дөтгөр бүлэг-33>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 33> Хүлэг баатар буурч - Б. Өлзийсүрэн <Дөтгөр бүлэг-33>

ᠠᠩᠭᠢᠯᠠᠯ:ᠲᠤᠭᠤᠵᠢ ᠷᠣᠮᠠᠨ
2026-03-26

79

ᠲᠥᠷᠥ ᠶ᠋ᠢᠨ ᠲᠡᠮᠦᠷ ᠲᠥᠰᠢᠶ᠎ᠡ ᠪᠣᠯᠵᠤ ᠳᠡᠭᠡᠳᠦᠰ ᠦ᠋ᠨ ᠵᠢᠩᠳᠠᠭᠠᠨ ᠳ᠋ᠤ᠌ ᠡᠩᠨᠡᠭᠰᠡᠨ ᠳᠥᠲᠥᠭᠡᠷ ᠪᠦᠯᠦᠭ

ᠭᠤᠴᠢᠨ ᠭᠤᠷᠪᠠ


              ᠭᠤᠴᠢᠨ ᠭᠤᠷᠪᠠ
                       
                        《ᠶᠡᠬᠡ ᠵᠠᠰᠠᠭ》 ᠬᠠᠤᠯᠢ ᠶ᠋ᠢᠨ ᠭᠤᠴᠢᠨ ᠨᠢᠭᠡᠳᠦᠭᠡᠷ ᠵᠦᠢᠯ᠄  
                        《ᠡᠯᠴᠢ ᠵᠠᠷᠤᠯᠭ᠎ᠠ ᠶ᠋ᠢ ᠭᠤᠲᠤᠭᠠᠨ ᠳᠣᠷᠣᠮᠵᠢᠯᠠᠵᠤ ᠦᠯᠦ ᠪᠣᠯᠤᠨ᠎ᠠ》
                          ᠭᠤᠴᠢᠨ ᠬᠣᠶᠠᠳᠤᠭᠠᠷ ᠵᠦᠢᠯ《ᠤᠯᠤᠰ ᠬᠣᠭᠣᠷᠣᠨᠳᠣ ᠶ᠋ᠢᠨ  
                                ᠠᠷᠠᠯᠵᠢᠶ᠎ᠠ ᠬᠤᠳᠠᠯᠳᠤᠭ᠎ᠠ ᠶ᠋ᠢ ᠬᠠᠮᠠᠭᠠᠯᠠᠬᠤ ᠬᠡᠷᠡᠭᠲᠡᠢ》

       ᠪᠣᠭᠣᠷᠴᠢ ᠠᠯᠤᠰ ᠤ᠋ᠨ ᠠᠶᠠᠨ ᠠ᠋ᠴᠠ ᠪᠤᠤᠬᠢᠶᠠᠯᠠᠨ ᠳᠣᠯᠣᠭ᠎ᠠ ᠬᠣᠨᠣᠭ ᠬᠢᠷᠢ ᠡᠳᠦᠷ ᠰᠥᠨᠢ ᠦᠭᠡᠢ ᠳᠠᠪᠬᠢᠵᠤ᠂ ᠬᠡᠷᠦᠯᠦᠨ ᠦ᠌ ᠬᠥᠳᠡᠭᠡ ᠠᠷᠠᠯ ᠬᠡᠮᠡᠬᠦ ᠠᠰᠤᠷᠤ ᠠᠭᠤᠳᠠᠮ ᠲᠡᠨᠢᠭᠦᠨ ᠬᠥᠨᠳᠡᠢ ᠳ᠋ᠦ᠍ ᠬᠠᠭᠠᠨ ᠤ᠋ ᠣᠷᠳᠣᠨ ᠰᠢᠨ᠎ᠡ ᠨᠤᠲᠤᠭ ᠰᠡᠯᠭᠦᠨ ᠪᠠᠭᠤᠵᠤ ᠪᠣᠢ ᠦᠶ᠎ᠡ ᠪᠡᠷ ᠪᠤᠴᠠᠵᠤ ᠢᠷᠡᠪᠡ᠃ ᠡᠨᠳᠡ ᠷᠠᠰᠢᠶᠠᠨ ᠤ᠋ ᠪᠤᠯᠠᠭ᠂ ᠷᠠᠰᠢᠶᠠᠨ ᠤ᠋ ᠬᠠᠳᠠ᠂ ᠷᠠᠰᠢᠶᠠᠨ ᠨᠠᠭᠤᠷ ᠭᠡᠬᠦ ᠷᠢᠳᠢ ᠰᠢᠳᠢ ᠡᠷᠴᠢᠮ ᠴᠢᠳᠠᠯ ᠶᠡᠬᠡᠲᠡᠢ ᠤᠰᠤ ᠤᠷᠭᠤᠮᠠᠯ ᠢ᠋ᠶ᠋ᠠᠷ ᠡᠯᠪᠡᠭ ᠪᠠᠶᠠᠨ᠂ ᠳᠣᠮᠣᠭᠰᠢᠬᠰᠠᠨ ᠶᠠᠷᠢᠶ᠎ᠠ ᠣᠯᠠᠨ᠃ ᠨᠡᠯᠢᠶᠡᠳ ᠳᠡᠭᠡᠷ᠎ᠡ ᠴᠠᠭ ᠠ᠋ᠴᠠ ᠡᠨᠡ ᠭᠠᠵᠠᠷ ᠵᠦᠷᠬᠢᠨ ᠦ᠌ ᠬᠢᠨ ᠨᠤᠲᠤᠭᠯᠠᠨ ᠪᠠᠢᠭᠰᠠᠨ ᠪᠥᠭᠡᠳ ᠲᠡᠳᠡᠨ ᠢ᠋ ᠰᠥᠰᠥ ᠨᠢ ᠬᠥᠭᠡᠷᠦᠦ᠂ ᠮᠣᠷᠢᠳ ᠨᠢ ᠣᠮᠣᠭᠯᠠᠩ ᠬᠡᠯᠡᠴᠡᠳᠡᠭ ᠨᠢ ᠤᠭ ᠲᠠᠭᠠᠨ ᠨᠤᠲᠤᠭ ᠤ᠋ᠨ ᠣᠨᠴᠠᠯᠢᠭ ᠲᠠᠢ ᠬᠣᠯᠪᠣᠭ᠎ᠠ ᠲᠠᠢ ᠭᠡᠬᠦ᠃ 
       ᠬᠠᠭᠠᠨ ᠢ᠋ᠶ᠋ᠠᠷ ᠨᠢᠭᠡᠳᠦᠭᠰᠡᠨ ᠮᠣᠩᠭᠣᠯ ᠤᠯᠤᠰ ᠢ᠋ᠶ᠋ᠠᠨ ᠪᠠᠢᠭᠤᠯᠤᠭᠠᠳ ᠣᠯᠠᠨ ᠰᠢᠨ᠎ᠡ ᠵᠦᠢᠯ ᠡᠭᠦᠰᠬᠡᠨ ᠬᠡᠯᠡᠯᠴᠡᠵᠦ ᠵᠠᠷᠯᠢᠭ ᠪᠠᠭᠤᠯᠭᠠᠬᠤ ᠳ᠋ᠠᠭᠠᠨ᠂ ᠬᠠᠭᠠᠨ ᠤ᠋ ᠤᠷᠲᠤ ᠶ᠋ᠢ ᠳᠠᠪᠠᠴᠢᠭᠤ ᠢᠪᠴᠤᠤ ᠠᠭᠤᠯᠠ ᠬᠥᠪᠴᠢ ᠳᠤᠮᠳᠠ ᠨᠢᠭᠤᠭᠳᠠᠨ ᠪᠠᠢᠬᠤ ᠨᠢ ᠵᠣᠬᠢᠮᠵᠢ ᠦᠭᠡᠢ᠂ ᠬᠠᠮᠢᠭ᠎ᠠ ᠠ᠋ᠴᠠ ᠴᠦ᠍ ᠢᠷᠡᠭᠰᠡᠨ᠂ ᠬᠠᠮᠢᠭᠠᠰᠢ ᠪᠠᠨ ᠴᠦ᠍ ᠬᠠᠷᠠᠭᠰᠠᠨ ᠨᠢᠳᠦ ᠰᠤᠩᠭᠠᠭᠰᠠᠨ ᠲᠡᠨᠢᠭᠦᠨ ᠠᠭᠤᠵᠢᠮ ᠭᠠᠵᠠᠷ ᠪᠠᠢᠬᠤ ᠨᠢ ᠵᠣᠬᠢᠮᠵᠢ ᠲᠠᠢ ᠭᠡᠵᠦ ᠦᠵᠡᠭᠰᠡᠨ ᠪᠠᠢᠨ᠎ᠠ᠃ ᠲᠡᠭᠡᠭᠡᠳ ᠬᠤᠷᠠᠯᠲᠠᠢ ᠪᠠᠷ ᠬᠡᠯᠡᠯᠴᠡᠵᠦ ᠰᠢᠢᠳᠦᠭᠰᠡᠨ ᠶᠣᠰᠣᠭᠠᠷ ᠵᠤᠨ ᠪᠠᠷᠢᠭᠰᠠᠨ ᠰᠢᠨ᠎ᠡ ᠥᠷᠭᠥᠭᠡ ᠭᠡᠷ ᠢ᠋ᠶ᠋ᠡᠨ ᠨᠢᠷᠤᠭᠤᠳ ᠠ᠋ᠴᠠ ᠪᠠᠷᠠᠭᠤᠨ ᠤᠷᠤᠭᠰᠢ ᠵᠠᠢᠳᠠᠭᠤ ᠳᠡᠨᠵᠢ ᠭᠠᠵᠠᠷ ᠠᠪᠴᠢᠷᠠᠵᠤ ᠪᠠᠷᠢᠵᠠᠢ᠃ ᠡᠨᠡ ᠲᠣᠮᠣ ᠥᠷᠥᠭᠡ ᠣᠯᠠᠨ ᠬᠦᠷᠢᠶ᠎ᠡ ᠭᠡᠷ ᠳᠤᠮᠳᠠ ᠠᠯᠤᠰ ᠠ᠋ᠴᠠ ᠰᠦᠷ ᠲᠡᠢ ᠳᠡᠩᠬᠡᠢᠨ ᠦᠵᠡᠭᠳᠡᠨ᠎ᠡ᠃ ᠡᠨᠳᠡ ᠬᠤᠷᠠᠯᠳᠠᠢ ᠴᠢᠭᠤᠯᠬᠤ᠂ ᠬᠤᠷᠢᠮ ᠨᠠᠢᠷ ᠬᠢᠬᠦ᠂ ᠠᠯᠤᠰ ᠬᠣᠯᠠ ᠠ᠋ᠴᠠ ᠢᠷᠡᠭᠰᠡᠨ ᠭᠡᠢᠴᠢᠨ ᠵᠣᠴᠢᠨ ᠬᠦᠯᠢᠶᠡᠨ ᠠᠪᠴᠤ ᠬᠦᠨᠳᠦᠳᠬᠡᠯ ᠶᠣᠰᠣᠯᠠᠯ ᠵᠣᠬᠢᠶᠠᠬᠤ ᠠ᠋ᠴᠠ ᠪᠢᠰᠢ ᠳᠣᠲᠣᠷ᠎ᠠ ᠨᠢ ᠬᠠᠭᠠᠨ ᠠᠮᠢᠳᠤᠷᠠᠵᠤ ᠰᠠᠭᠤᠬᠤ ᠪᠢᠰᠢ ᠶᠦᠮ᠃ ᠬᠠᠭᠠᠨ ᠤ᠋ ᠰᠠᠭᠤᠳᠠᠭ ᠥᠷᠭᠥᠭᠡ ᠡᠨᠡ ᠤᠷᠲᠤ ᠬᠦᠷᠢᠶᠡᠨ ᠡᠴᠡ ᠵᠡᠭᠦᠨ ᠬᠣᠢᠰᠢ ᠬᠣᠷᠢᠭᠠᠳ ᠮᠣᠳᠣ ᠭᠠᠵᠠᠷ ᠵᠠᠢ ᠲᠠᠢ ᠬᠦᠷᠢᠶᠡᠯᠡᠨ ᠣᠷᠣᠰᠢᠨᠠᠮ᠃ 
       ᠪᠣᠭᠣᠷᠴᠢ ᠨᠤᠲᠤᠭ ᠠ᠋ᠴᠠ ᠭᠠᠷᠤᠭᠠᠳ ᠪᠠᠷᠠᠭᠤᠨ ᠬᠢᠵᠠᠭᠠᠷ ᠲᠤ᠌ ᠰᠠᠷ᠎ᠠ ᠰᠢᠬᠠᠮ ᠶᠠᠪᠤᠵᠤ ᠢᠷᠡᠬᠦ ᠬᠣᠭᠣᠷᠣᠨᠳᠣ ᠡᠢᠨᠬᠦ ᠶᠡᠬᠡ ᠣᠯᠠᠨ ᠵᠦᠢᠯ ᠥᠭᠡᠷᠡᠴᠢᠯᠡᠭᠳᠡᠭᠰᠡᠨ ᠪᠣᠢ ᠠᠵᠢ᠃ ᠮᠠᠷᠭᠠᠰᠢ ᠨᠠᠮᠤᠷ ᠤ᠋ᠨ ᠳᠤᠮᠳᠠ ᠰᠠᠷ᠎ᠠ ᠶ᠋ᠢᠨ ᠲᠠᠪᠤᠨ᠃《ᠲᠠᠪᠤᠨ ᠤ᠋ ᠦᠶ᠎ᠡ ᠪᠡᠷ ᠪᠤᠴᠠᠵᠤ ᠢᠷᠡᠵᠦ ᠪᠠᠷᠠᠭᠤᠨ ᠭᠠᠷ ᠤ᠋ᠨ ᠪᠦᠬᠦᠢᠯᠡ ᠬᠡᠷᠡᠭ ᠶᠠᠪᠤᠳᠠᠯ ᠢ᠋ ᠨᠠᠳᠠ ᠮᠡᠳᠡᠭᠳᠡ》 ᠭᠡᠵᠦ ᠬᠠᠭᠠᠨ ᠲᠤᠰᠢᠶᠠᠭᠰᠠᠨ᠃ ᠲᠤᠰᠢᠶᠠᠯ ᠶᠣᠰᠣᠭᠠᠷ ᠢᠷᠡᠵᠦ ᠠᠮᠵᠢᠯ᠎ᠠ᠃ ᠶᠠᠭ ᠡᠨᠡ ᠦᠶ᠎ᠡ ᠪᠡᠷ ᠠᠯᠲᠠᠨ ᠤᠯᠤᠰ ᠤ᠋ᠨ ᠡᠯᠴᠢ᠂ ᠬᠤᠳᠠᠯᠳᠤᠭᠠᠴᠢᠳ ᠳᠠᠭᠠᠭᠤᠯ ᠣᠯᠠᠨ ᠲᠠᠢ ᠢᠷᠡᠵᠦ ᠬᠠᠭᠠᠨ ᠥᠨᠥᠳᠥᠷ ᠦ᠋ᠨ ᠯᠤᠤ ᠴᠠᠭ ᠲᠤ᠌ ᠠᠭᠤᠯᠵᠠᠨ᠎ᠠ ᠭᠡᠮᠡᠨ ᠬᠦᠯᠢᠶᠡᠯᠭᠡᠭᠰᠡᠨ ᠠᠵᠤᠭᠤ᠃ ᠡᠨᠡ ᠲᠡᠷᠡ ᠭᠠᠵᠠᠷ ᠲᠡᠳᠡᠭᠡᠷ ᠬᠤᠳᠠᠯᠳᠤᠭᠠᠴᠢᠳ ᠤ᠋ᠨ ᠠᠪᠴᠢᠷᠠᠵᠤ ᠬᠤᠳᠠᠯᠳᠤᠭᠰᠠᠨ ᠪᠠᠷᠠᠭ᠎ᠠ ᠭᠣᠶᠣ ᠬᠡᠭᠡᠨᠴᠢᠷ᠂ ᠪᠠᠰᠠ ᠲᠡᠢᠮᠦ ᠴᠦ᠍ ᠶᠡᠬᠡ ᠦᠨᠡᠲᠡᠢ ᠪᠢᠰᠢ ᠭᠡᠮᠡᠨ ᠱᠠᠭᠰᠢᠨ ᠬᠥᠭᠡᠷᠦᠯᠳᠦᠨ᠎ᠡ᠃ 
       ᠪᠣᠯᠵᠣᠭᠰᠠᠨ ᠴᠠᠭ ᠪᠣᠯᠬᠤ ᠦᠶ᠎ᠡ ᠳ᠋ᠦ᠍ ᠬᠥᠯ ᠬᠥᠳᠡᠯᠭᠡᠭᠡᠨ ᠶᠡᠬᠡᠰᠴᠦ ᠤᠷᠢᠳᠤ ᠬᠦᠷᠰᠢ ᠶ᠋ᠢᠨ ᠵᠣᠴᠢᠨ ᠭᠡᠢᠴᠢᠳ᠂ ᠭᠣᠣᠯ ᠲᠥᠯᠥᠪ ᠤᠷᠲᠤ ᠬᠥᠬᠡ ᠬᠤᠪᠴᠠᠰᠤ ᠲᠠᠢ ᠭᠤᠴᠢ ᠭᠠᠷᠤᠢ ᠬᠥᠮᠦᠰ ᠬᠠᠭᠠᠨ ᠤ᠋ ᠥᠷᠥᠭᠡᠨ ᠦ᠌ ᠡᠮᠦᠨ᠎ᠡ ᠨᠡᠯᠢᠶᠡᠳ ᠶᠡᠬᠡ ᠠᠴᠢᠶ᠎ᠠ ᠪᠠᠷᠠᠭ᠎ᠠ ᠲᠠᠢ ᠢᠷᠡᠵᠦ᠂ ᠬᠠᠷᠠᠭᠤᠯ ᠬᠡᠪᠲᠡᠭᠦᠯ ᠦ᠋ᠨ ᠬᠢᠨ ᠲᠡᠳᠡᠨ ᠦ᠌ ᠡᠳ᠋ ᠵᠦᠢᠯ ᠢ᠋ ᠵᠠᠳᠠᠯᠤᠭᠤᠯᠵᠤ ᠰᠢᠷᠬᠡᠭᠴᠢᠯᠡᠨ ᠦᠵᠡᠵᠦ᠂ ᠠᠪᠳᠠᠷ᠎ᠠ ᠰᠠᠪᠠᠨ ᠳ᠋ᠤᠨᠢ ᠬᠢᠯᠭᠡᠨ ᠣᠷᠣᠨ ᠳ᠋ᠤᠨᠢ ᠣᠷᠣᠭᠤᠯᠵᠤ ᠪᠠᠢᠪᠠ᠃  
       ᠬᠠᠭᠠᠨ ᠢ᠋ᠶ᠋ᠠᠷ ᠡᠬᠡ᠂ ᠬᠠᠲᠤᠳ᠂ ᠬᠥᠪᠡᠭᠦᠳ ᠡᠴᠡ ᠲᠤᠯᠤᠢ᠂ ᠳᠡᠷᠭᠡᠳᠡ ᠶ᠋ᠢᠨ ᠰᠠᠢᠳ᠂ ᠲᠦᠰᠢᠮᠡᠳ ᠡᠴᠡ ᠠᠬᠠᠮᠠᠳ ᠨᠠᠰᠤ ᠲᠠᠢ ᠰᠣᠷᠬᠠᠨ ᠰᠢᠷ᠎ᠠ᠂ ᠶᠧᠯᠢᠤᠢ ᠨᠠᠷ ᠢ᠋ ᠳᠠᠭᠠᠭᠤᠯᠵᠠᠢ᠃ ᠵᠡᠭᠦᠨ ᠭᠠᠷ ᠤ᠋ᠨ ᠵᠠᠬᠢᠷᠤᠭᠴᠢ ᠨᠣᠶᠠᠨ ᠮᠤᠬᠤᠯᠠᠢ ᠪᠠᠢᠯᠴᠠᠪᠠ᠃ ᠲᠥᠪ ᠦ᠋ᠨ ᠨᠣᠶᠠᠨ ᠨᠠᠶᠠᠭ᠎ᠠ ᠶ᠋ᠢ ᠲᠠᠮᠢᠷ ᠤ᠋ᠨ ᠭᠣᠣᠯ ᠳ᠋ᠤ᠌ ᠶᠠᠪᠤᠬᠤ ᠳ᠋ᠤᠨᠢ ᠪᠤᠴᠠᠵᠤ ᠶᠠᠪᠤᠭ᠎ᠠ ᠪᠣᠭᠤᠷᠴᠢ ᠲᠠᠭᠠᠷᠠᠵᠤ ᠬᠠᠭᠠᠨ ᠤ᠋ ᠥᠷᠥᠭᠡ ᠶ᠋ᠢ ᠡᠨᠳᠡ ᠪᠠᠭᠤᠳᠠᠯᠯᠠᠵᠤ ᠪᠣᠢ ᠶ᠋ᠢ ᠮᠡᠳᠡᠵᠦ ᠰᠢᠭᠤᠳ ᠡᠢᠰᠢ ᠢᠷᠡᠭᠰᠡᠨ ᠨᠢ ᠰᠠᠢᠨ ᠪᠣᠯᠵᠠᠢ᠃ ᠡᠨᠡ ᠥᠷᠯᠥᠭᠡ ᠬᠠᠳᠠᠮ ᠡᠴᠢᠭᠡ ᠰᠢᠯᠦᠬᠡᠢ᠂ ᠬᠦᠦ ᠥᠭᠡᠯᠡᠨ ᠲᠡᠢ ᠮᠡᠨᠳᠦ ᠶ᠋ᠢᠨ ᠲᠡᠳᠦᠢ ᠵᠥᠷᠢᠵᠦ᠂ ᠭᠡᠷ ᠣᠷᠣᠨ ᠢ᠋ᠶ᠋ᠠᠨ ᠰᠡᠩᠭᠦᠷ ᠭᠣᠷᠣᠬᠠᠨ ᠳ᠋ᠤ᠌ ᠮᠡᠨᠳᠦ ᠰᠠᠢᠨ ᠪᠠᠢᠭ᠎ᠠ ᠶ᠋ᠢ ᠮᠡᠳᠡᠪᠡ᠃ 
       ᠬᠠᠭᠠᠨ ᠮᠣᠷᠢᠯᠠᠨ ᠢᠷᠡᠵᠦ ᠪᠠᠭᠤᠬᠤ ᠳ᠋ᠤ᠌ ᠪᠣᠭᠣᠷᠴᠢ ᠤᠭᠲᠤᠨ ᠠᠪᠴᠤ ᠶᠣᠰᠣᠯᠠᠬᠤᠢ᠄ 
       —  ᠪᠣᠭᠣᠷᠴᠢ ᠬᠦᠷᠦᠭᠡᠳ ᠢᠷᠡᠪᠡ᠃ ᠰᠠᠢᠨ ᠶᠠᠪᠤᠭᠰᠠᠨ ᠪᠢᠵᠡ᠃ ᠡᠮᠦᠨᠡᠲᠦ ᠬᠥᠷᠰᠢ ᠶ᠋ᠢᠨ ᠡᠯᠴᠢ ᠢᠷᠡᠭᠡᠳ ᠠᠭᠤᠯᠵᠠᠬᠤ ᠭᠡᠵᠦ ᠪᠠᠢᠭ᠎ᠠ ᠶᠤᠮ᠃ ᠴᠢ ᠣᠷᠣ᠃ ᠮᠢᠨᠦ ᠪᠠᠷᠠᠭᠤᠨ ᠭᠠᠷ ᠲᠤ᠌ ᠰᠠᠭᠤᠭᠠᠷᠠᠢ! ᠭᠡᠪᠡ᠃ 
       ᠠᠯᠲᠠᠨ ᠤᠯᠤᠰ ᠤ᠋ᠨ ᠡᠯᠴᠢ ᠵᠣᠴᠢᠳ ᠮᠥᠨ ᠰᠠᠭᠤᠭᠠᠳ ᠲᠡᠷᠢᠭᠦᠨ ᠡᠯᠴᠢ ᠨᠢ ᠬᠤᠢᠯᠠᠭᠠᠰᠤᠲᠠᠢ ᠪᠢᠴᠢᠭ ᠳᠡᠯᠭᠡᠵᠦ ᠴᠢᠩᠭᠢᠰ ᠬᠠᠭᠠᠨ ᠤ᠋ ᠡᠮᠦᠨ᠎ᠡ ᠢᠷᠡᠵᠦ ᠮᠡᠬᠦᠢᠨ ᠶᠣᠰᠣᠯᠠᠭᠠᠳ ᠤᠩᠰᠢᠵᠤ ᠰᠣᠨᠣᠰᠬᠠᠪᠠ᠃ 
       ᠲᠡᠭᠦᠨ ᠢ᠋ ᠡᠯᠴᠢ ᠶ᠋ᠢᠨ ᠳᠠᠭᠠᠭᠤᠯ ᠮᠣᠩᠭᠣᠯ ᠬᠡᠯᠡ ᠪᠡᠷ ᠲᠣᠮᠣ ᠲᠣᠮᠣ ᠬᠡᠯᠡᠵᠦ ᠥᠭᠭᠦᠯ᠎ᠡ᠃ ᠲᠡᠷᠡ ᠨᠢ᠄ 
       — ᠮᠠᠨ ᠤ᠋ ᠶᠡᠬᠡ ᠠᠯᠲᠠᠨ ᠤᠯᠤᠰ ᠤ᠋ᠨ ᠤᠮᠠᠷ᠎ᠠ ᠡᠲᠡᠭᠡᠳ ᠲᠦ᠍ ᠡᠷᠲᠡᠨ ᠦ᠌ ᠨᠡᠭᠦᠳᠡᠯᠴᠢᠨ ᠠᠢᠮᠠᠭ ᠤ᠋ᠳ ᠨᠢᠭᠡᠳᠴᠦ ᠬᠠᠭᠠᠨ ᠲᠥᠷᠥ ᠲᠡᠢ ᠲᠤᠯᠭᠤᠷ ᠤᠯᠤᠰ ᠪᠠᠢᠭᠤᠯᠤᠭᠳᠠᠭᠰᠠᠨ ᠶᠠᠪᠤᠳᠠᠯ ᠳ᠋ᠤ᠌ ᠲᠠᠯᠠᠷᠬᠠᠵᠤ ᠪᠠᠢᠨ᠎ᠠ᠃ ᠨᠡᠩ ᠡᠷᠲᠡ ᠴᠠᠭ ᠲᠤ᠌ ᠾᠦᠩᠨᠦ ᠭᠦᠷᠦᠨ ᠡᠭᠦᠰᠦᠨ ᠲᠣᠭᠲᠠᠵᠤ ᠨᠠᠩᠭᠢᠶᠠᠳ ᠭᠦᠷᠦᠨ ᠲᠡᠢ ᠨᠠᠢᠷᠠᠮᠳᠠᠵᠤ ᠳᠠᠢᠰᠤᠩᠨᠠᠨ ᠶᠠᠩᠵᠤ ᠪᠦᠷᠢ ᠪᠡᠷ ᠬᠠᠷᠢᠯᠴᠠᠨ ᠣᠷᠣᠰᠢᠵᠤ ᠪᠠᠢᠭᠠᠳ ᠰᠥᠨᠥᠵᠦ ᠪᠤᠲᠠᠷᠠᠭᠰᠠᠨ ᠪᠥᠯᠥᠭᠡ᠃ ᠲᠡᠭᠦᠨ ᠡᠴᠡ ᠬᠣᠢᠰᠢ ᠡᠭᠦᠰᠦᠭᠰᠡᠨ᠂ ᠦᠭᠡᠢ ᠪᠣᠯᠤᠭᠰᠠᠨ ᠨᠢ ᠣᠯᠠᠨ᠃ ᠡᠳᠦᠭᠡ ᠵᠦᠷᠴᠢᠳ ᠤᠳᠤᠮ ᠤ᠋ᠨ ᠬᠠᠭᠠᠳ ᠠᠯᠲᠠᠨ ᠤᠯᠤᠰ ᠢ᠋ ᠪᠠᠢᠭᠤᠯᠵᠤ ᠵᠠᠭᠤ ᠭᠠᠷᠤᠢ ᠵᠢᠯ ᠣᠷᠣᠰᠢᠨ ᠲᠣᠭᠲᠠᠨᠢᠬᠤ ᠳ᠋ᠠᠭᠠᠨ ᠨᠠᠩᠭᠢᠶᠠᠳ ᠤᠯᠤᠰ ᠢ᠋ ᠡᠵᠡᠩᠨᠡᠨ ᠬᠦᠴᠦᠷᠬᠡᠭ ᠶᠡᠬᠡ ᠭᠦᠷᠦᠨ ᠪᠣᠯᠤᠭᠰᠠᠨ ᠪᠥᠯᠥᠭᠡ᠃ ᠰᠢᠨ᠎ᠡ ᠡᠭᠦᠰᠦᠨ ᠲᠣᠭᠲᠠᠨᠢᠵᠤ ᠪᠣᠢ ᠲᠠᠨ ᠤ᠋ ᠤᠯᠤᠰ ᠮᠠᠨ ᠤ᠋ ᠶᠡᠬᠡ ᠭᠦᠷᠦᠨ ᠲᠡᠢ ᠬᠡᠳᠦᠢ ᠵᠡᠷᠭᠡ ᠪᠠᠲᠤ ᠨᠠᠢᠷᠰᠠᠭ ᠪᠠᠢᠪᠠᠰᠤ ᠣᠷᠣᠰᠢᠨ ᠲᠣᠭᠲᠠᠨᠢᠬᠤ ᠰᠠᠭᠤᠷᠢ ᠲᠡᠳᠦᠢ ᠴᠢᠨᠡᠭᠡᠨ ᠪᠠᠲᠤ ᠪᠡᠬᠢ ᠪᠤᠶᠤ ᠁ ᠭᠡᠬᠦᠴᠢᠯᠡᠨ ᠳᠤᠷᠠᠳᠴᠠᠢ᠃ ᠡᠯ᠎ᠡ ᠢᠯᠡᠭᠡᠯᠲᠡ ᠶ᠋ᠢ ᠭᠠᠷᠳᠠᠨ ᠠᠪᠤᠭᠠᠳ ᠬᠤᠢᠯᠠᠵᠤ ᠡᠮᠦᠨᠡᠬᠢ ᠰᠢᠷᠡᠭᠡᠨ ᠳᠡᠭᠡᠷ᠎ᠡ ᠪᠡᠨ ᠲᠠᠯᠪᠢᠯ᠎ᠠ᠃ 
       ᠡᠯᠴᠢ ᠬᠦᠷᠡᠩ ᠽᠠᠨᠳᠠᠨ ᠬᠠᠢᠷᠴᠠᠭ ᠵᠠᠳᠠᠯᠵᠤ ᠳᠣᠲᠣᠷ᠎ᠠ ᠠ᠋ᠴᠠ ᠨᠢ ᠬᠠᠭᠤᠴᠢᠨ ᠬᠤᠪᠴᠠᠰᠤ ᠬᠤᠨᠠᠷ᠂ ᠬᠤᠶᠠᠭ ᠳᠤᠭᠤᠯᠠᠭ᠎ᠠ᠂ ᠰᠡᠯᠡᠮ᠎ᠡ ᠭᠠᠷᠭᠠᠵᠤ᠂ ᠢᠷᠠᠪᠠᠰᠤ ᠬᠡᠨ ᠴᠦ᠍ ᠶᠠᠭᠤᠨ ᠪᠣᠯᠬᠤ ᠶ᠋ᠢ ᠡᠰᠡ ᠮᠡᠳᠡᠨ ᠭᠠᠢᠬᠠᠵᠤ ᠰᠠᠭᠤᠲᠠᠯ᠎ᠠ ᠲᠡᠷᠡ ᠪᠡᠷ᠄ 
       — ᠡᠨᠡ ᠪᠣᠯ ᠮᠠᠨ ᠤ᠋ ᠶᠡᠬᠡ ᠠᠯᠲᠠᠨ ᠬᠠᠭᠠᠨ ᠤ᠋ ᠢᠯᠡᠭᠡᠭᠰᠡᠨ ᠬᠦᠨᠳᠦᠲᠡᠢ ᠪᠡᠯᠡᠭ᠃ ᠲᠠᠨ ᠤ᠋ ᠠᠮᠪᠠᠭᠠᠢ ᠬᠠᠭᠠᠨ ᠤ᠋ ᠡᠳ᠋ ᠦᠯᠦᠭ ᠦ᠋ᠨ ᠵᠦᠢᠯ᠃ ᠲᠠᠨ ᠢ᠋ ᠳᠠᠬᠢᠨ ᠰᠢᠲᠦᠵᠦ ᠪᠠᠢ ᠭᠡᠮᠡᠨ ᠠᠢᠯᠠᠳᠴᠤ ᠢᠯᠡᠭᠡᠪᠡ ᠭᠡᠯ᠎ᠡ᠃ 
       ᠴᠢᠩᠭᠢᠰ ᠬᠠᠭᠠᠨ ᠤ᠋ ᠴᠢᠷᠠᠢ ᠨᠢ ᠬᠤᠪᠢᠰᠴᠤ ᠬᠥᠮᠥᠰᠬᠡ ᠪᠡᠨ ᠵᠠᠩᠭᠢᠳᠤᠨ ᠪᠣᠭᠣᠷᠴᠢ ᠤᠷᠤᠭᠤ ᠬᠠᠷᠠᠬᠤ ᠳ᠋ᠤ᠌᠂ ᠥᠭᠡᠳᠡ ᠡᠴᠡ ᠨᠢ ᠵᠡᠭᠦᠨ ᠨᠢᠳᠦ ᠪᠡᠨ ᠠᠨᠢᠵᠤ ᠢᠷᠮᠡᠬᠦᠢ ᠮᠤᠬᠤᠯᠠᠢ ᠮᠥᠨ ᠴᠢᠩᠭᠢᠪᠡ᠃ ᠬᠠᠭᠠᠨ᠄ 
       — ᠡᠵᠡᠨ ᠨᠢ ᠬᠠᠮᠢᠭ᠎ᠠ ᠪᠠᠢᠨ᠎ᠠ? ᠶᠠᠭᠠᠬᠢᠭᠠᠳ ᠠᠪᠴᠢᠷᠠᠭ᠎ᠠ ᠦᠭᠡᠢ ᠪᠣᠢ? ᠭᠡᠮᠡᠨ ᠠᠰᠠᠭᠤᠪᠠᠰᠤ ᠡᠯᠴᠢ᠄ 
       — ᠣᠯᠠᠨ ᠠᠷᠪᠢᠨ ᠵᠢᠯ ᠦ᠋ᠨ ᠡᠮᠦᠨ᠎ᠡ ᠦᠭᠡᠢ ᠪᠣᠯᠤᠭᠰᠠᠨ ᠬᠥᠮᠦᠨ ᠰᠢᠦ ᠳᠡ ᠬᠡᠮᠡᠪᠡᠰᠦ ᠬᠠᠭᠠᠨ《ᠠ ᠲᠡᠢᠮᠦ ᠤᠤ?》 ᠭᠡᠮᠡᠨ ᠠᠮᠠᠨ ᠳ᠋ᠠᠭᠠᠨ ᠭᠠᠭᠴᠠᠭᠠᠷ ᠬᠡᠯᠡᠭᠡᠳ ᠭᠣᠣᠯ ᠳ᠋ᠤ᠌ ᠵᠠᠰᠠᠭᠰᠠᠨ ᠰᠢᠷᠡᠭᠡ ᠶ᠋ᠢ ᠵᠢᠭᠠᠵᠤ᠄ 
       — ᠰᠢᠷᠡᠭᠡᠨ ᠳᠡᠭᠡᠷ᠎ᠡ ᠳᠡᠯᠪᠢ ᠭᠡᠵᠦ ᠬᠡᠯᠡᠬᠦ ᠳ᠋ᠦ᠍ ᠡᠯᠴᠢ ᠶᠣᠰᠣᠭᠠᠷ ᠲᠠᠯᠪᠢᠪᠠ᠃ 
       ᠡᠯᠴᠢ ᠴᠠᠭᠠᠰᠢ ᠲᠣᠮᠣ ᠬᠦᠷᠡᠩ ᠠᠪᠳᠠᠷ᠎ᠠ ᠨᠡᠭᠡᠭᠡᠨ ᠳᠣᠲᠣᠷ᠎ᠠ ᠠ᠋ᠴᠠ ᠨᠢ ᠦᠨᠡᠲᠦ ᠡᠳ᠋ ᠡᠷᠳᠡᠨᠢᠰ ᠭᠠᠷᠭᠠᠨ ᠡᠬᠢᠯᠡᠭᠡᠳ ᠬᠠᠭᠠᠨ᠂ ᠬᠠᠲᠤᠳ᠂ ᠪᠦᠬᠦ ᠬᠥᠮᠦᠰ ᠲᠦ᠍ ᠪᠡᠯᠡᠭ ᠳᠡᠰ ᠳᠠᠷᠠᠭᠠᠯᠠᠨ ᠪᠠᠷᠢᠪᠠᠰᠤ ᠬᠡᠨ ᠨᠢ ᠴᠦ᠍ ᠭᠠᠷᠳᠠᠵᠤ ᠠᠪᠤᠭᠰᠠᠨ ᠦᠭᠡᠢ᠂ ᠰᠢᠷᠡᠭᠡᠨ ᠳᠡᠭᠡᠷ᠎ᠡ ᠡᠩᠨᠡᠭᠦᠯᠦᠨ ᠲᠠᠯᠪᠢᠭᠤᠯᠤᠭᠠᠳ᠄
       — ᠬᠦᠨᠳᠦᠲᠦ ᠡᠯᠴᠢ ᠵᠣᠴᠢᠳ ᠰᠠᠭᠤᠨ᠎ᠠ ᠤᠤ ᠭᠡᠵᠦ ᠬᠠᠭᠠᠨ ᠠᠶᠠᠯᠭᠤᠬᠠᠨ ᠬᠡᠯᠡᠭᠰᠡᠨ ᠶᠣᠰᠣᠭᠠᠷ ᠡᠯᠴᠢᠳ ᠰᠠᠭᠤᠳᠠᠯ ᠢ᠋ᠶ᠋ᠠᠨ ᠡᠵᠡᠯᠡᠮᠡᠭᠴᠡ᠄ 
       — ᠡᠷᠬᠢᠮ ᠵᠣᠴᠢᠳ ᠭᠡᠢᠴᠢᠳ ᠠ᠋᠂ ᠪᠢᠳᠡᠨ ᠦ᠌ ᠤᠯᠤᠰ ᠮᠠᠯ᠂ ᠠᠩ ᠠᠩᠨᠠᠭᠤᠷ᠂ ᠠᠭᠤᠯᠠ ᠤᠰᠤᠨ ᠤ᠋ ᠥᠩᠭᠦᠭᠡᠵᠢ ᠶ᠋ᠢ ᠰᠢᠲᠦᠵᠦ ᠠᠮᠢ ᠵᠢᠭᠤᠳᠠᠭ ᠲᠤᠯᠠ ᠡᠷᠲᠡᠨ ᠦ᠌ ᠨᠠᠩᠭᠢᠶᠠᠳ ᠰᠢᠭ᠋ ᠨᠠᠢᠷ ᠤ᠋ᠨ ᠲᠠᠩᠰᠤᠭ ᠢᠳᠡᠭᠡ ᠵᠦᠢᠯ ᠬᠣᠪᠣᠷ᠃ ᠭᠡᠰᠡᠨ ᠴᠦ᠍ ᠲᠠ ᠪᠦᠬᠦᠨ ᠢ᠋ ᠲᠠᠪᠠᠲᠠᠢ ᠵᠣᠭᠣᠭᠯᠠᠨ ᠠᠯᠵᠢᠶᠠᠯ ᠢ᠋ᠶ᠋ᠠᠨ ᠳᠠᠢᠯᠠᠨ᠎ᠠ ᠤᠤ ᠭᠡᠮᠡᠨ ᠬᠦᠰᠡᠶ᠎ᠡ ᠭᠡᠳ ᠰᠠᠷᠬᠤᠳ ᠬᠤᠨᠳᠠᠭᠠᠯᠠᠭᠤᠯᠪᠠ᠃ ᠪᠦᠭᠦᠳᠡ ᠯᠡ ᠪᠡᠯᠡᠭ ᠳᠡᠮᠪᠡᠷᠢᠯ ᠲᠡᠢ ᠦᠭᠡ ᠬᠡᠯᠡᠵᠦ ᠲᠣᠭᠲᠠᠭᠠᠮᠠᠭᠴᠠ ᠲᠠᠲᠠᠲᠤᠩᠭ᠎ᠠ᠂ ᠰᠢᠭᠢᠬᠤᠲᠤᠭ ᠬᠣᠶᠠᠷ ᠢ᠋ ᠳᠠᠭᠤᠳᠠᠵᠤ ᠳᠡᠷᠭᠡᠳᠡ ᠪᠡᠨ ᠢᠷᠡᠭᠦᠯᠦᠭᠡᠳ ᠬᠡᠳᠦᠨ ᠦᠭᠡ ᠬᠡᠯᠡᠵᠦ ᠠᠯᠲᠠᠨ ᠬᠠᠭᠠᠨ ᠤ᠋ ᠢᠯᠡᠭᠡᠯᠲᠡ ᠶ᠋ᠢ ᠥᠭᠴᠦ ᠭᠠᠷᠭᠠᠪᠠ᠃ ᠲᠡᠷᠡ ᠨᠢ ᠠᠯᠲᠠᠨ ᠤᠯᠤᠰ ᠤ᠋ᠨ ᠬᠠᠭᠠᠨ ᠳ᠋ᠤ᠌ ᠥᠭᠬᠦ ᠪᠢᠴᠢᠭ ᠢ᠋ ᠪᠢᠴᠢᠭ ᠦ᠋ᠨ ᠥᠷᠥᠭᠡᠨ ᠳ᠋ᠦ᠍ ᠣᠴᠢᠵᠤ ᠬᠢᠯᠭᠡᠬᠦ ᠪᠡᠷ ᠭᠠᠷᠭᠠᠵᠤ ᠪᠣᠢ ᠠᠵᠢ᠃ ᠤᠷᠢᠳᠤ ᠨᠢ ᠪᠡᠯᠡᠳᠬᠡᠭᠰᠡᠨ ᠪᠢᠴᠢᠭ ᠪᠠᠢᠭᠰᠠᠨ᠃ ᠭᠡᠪᠡᠴᠦ ᠲᠡᠷᠡ ᠨᠢ ᠨᠡᠢᠴᠡᠪᠦᠷᠢ ᠦᠭᠡᠢ ᠪᠣᠯᠤᠭᠰᠠᠨ ᠠ᠋ᠴᠠ ᠲᠡᠢᠨᠬᠦ ᠠᠵᠢᠯ ᠨᠡᠮᠡᠭᠳᠡᠵᠡᠢ᠃ 
       ᠬᠠᠭᠠᠨ ᠵᠣᠴᠢᠳ ᠲᠠᠢ ᠶᠡᠬᠡᠯ᠎ᠡ ᠡᠯᠢᠭᠡᠰᠡᠭ ᠳᠣᠲᠣᠨᠣ ᠶᠠᠷᠢᠶ᠎ᠠ ᠡᠭᠦᠰᠬᠡᠵᠦ ᠠᠯᠲᠠᠨ ᠤᠯᠤᠰ ᠤ᠋ᠨ ᠳᠣᠲᠣᠭᠠᠳᠤ ᠪᠠᠢᠳᠠᠯ᠂ ᠭᠠᠳᠠᠭᠠᠳᠤ ᠬᠠᠷᠢᠯᠴᠠᠭ᠎ᠠ᠂ ᠠᠵᠤ ᠠᠬᠤᠢ᠂ ᠦᠢᠯᠡᠳᠪᠦᠷᠢᠯᠡᠯ ᠢ᠋ ᠰᠣᠨᠢᠷᠬᠠᠵᠤ ᠲᠡᠳᠡ ᠲᠣᠪᠴᠢᠬᠠᠨ ᠬᠠᠷᠢᠭᠤ ᠥᠭᠪᠡ᠃ 
       ᠰᠥᠩᠴᠢ ᠪᠠᠭᠤᠷᠴᠢ ᠨᠠᠷ ᠲᠤ᠌ ᠰᠢᠷᠡᠭᠡᠨ ᠳᠡᠭᠡᠷ᠎ᠡ ᠲᠠᠯᠪᠢᠭᠰᠠᠨ ᠪᠡᠯᠡᠭ ᠦ᠋ᠨ ᠵᠦᠢᠯ ᠡᠴᠡ ᠠᠪᠴᠤ ᠳᠡᠯᠭᠡᠨ ᠪᠠᠷᠢᠬᠤ ᠶ᠋ᠢ ᠲᠤᠰᠢᠶᠠᠵᠤ᠄ 
       — ᠡᠨᠡ ᠬᠠᠮᠢᠭ᠎ᠠ ᠶ᠋ᠢᠨ ᠬᠢ ᠡᠳ᠋ ᠪᠣᠢ?  ᠶᠠᠮᠠᠷ ᠦᠨ᠎ᠡ ᠲᠡᠢ ᠪᠣᠢ?ᠨᠠᠩᠭᠢᠶᠠᠳ ᠲᠤ᠌᠂ ᠭᠠᠤᠯᠢ ᠳ᠋ᠤ᠌᠂ ᠲᠠᠩᠭᠤᠳ ᠲᠤ᠌᠂ ᠡᠨᠡᠳᠬᠡᠭ ᠲᠦ᠍᠂ ᠰᠥᠩ ᠤᠯᠤᠰ ᠲᠤ᠌ ᠭᠡᠬᠦ ᠵᠡᠷᠭᠡ ᠪᠡᠷ ᠶᠠᠩᠵᠤ ᠪᠦᠷᠢ ᠶ᠋ᠢᠨ ᠡᠳ᠋ ᠶᠠᠭᠤᠮ᠎ᠠ ᠶ᠋ᠢ ᠠᠰᠠᠭᠤᠵᠤ ᠬᠠᠶᠠ ᠬᠠᠶᠠ ᠬᠣᠱᠣᠩ ᠢᠨᠢᠶᠡᠳᠦᠮ ᠦ᠋ᠨ ᠦᠭᠡ ᠬᠡᠯᠡᠵᠦ ᠪᠠᠢᠪᠠ᠃ ᠴᠢᠩᠭᠢᠲᠡᠯ᠎ᠡ ᠪᠢᠴᠢᠭ ᠦᠢᠯᠡᠳᠦᠭᠰᠡᠨ ᠬᠣᠶᠠᠷ ᠣᠷᠣᠵᠤ ᠢᠷᠡᠵᠦ᠂ ᠬᠠᠭᠠᠨ ᠤ᠋ ᠬᠠᠵᠠᠭᠤᠳᠠ ᠰᠢᠪᠡᠨᠡᠨ ᠤᠩᠰᠢᠵᠤ ᠲᠡᠷᠡ ᠪᠡᠷ ᠲᠣᠯᠣᠭᠠᠢ ᠳᠣᠬᠢᠨ ᠰᠠᠢᠰᠢᠶᠠᠵᠤ ᠢᠨᠢᠶᠡᠭᠡᠳ ᠬᠠᠵᠠᠭᠤ ᠳ᠋ᠠᠭᠠᠨ ᠲᠠᠯᠪᠢᠪᠠ᠃ ᠲᠡᠭᠡᠭᠡᠳ ᠳᠠᠬᠢᠨ ᠨᠢᠭᠡ ᠬᠤᠨᠳᠠᠭ᠎ᠠ ᠰᠥᠩᠨᠡᠭᠦᠯᠵᠦ᠄ 
       — ᠠᠯᠢᠪᠠ ᠡᠯᠴᠢ ᠬᠤᠳᠠᠯᠳᠤᠭᠠᠴᠢᠳ ᠪᠣᠯ ᠬᠣᠶᠠᠷ ᠤᠯᠤᠰ ᠤ᠋ᠨ ᠬᠠᠷᠢᠯᠴᠠᠭ᠎ᠠ ᠪᠠᠷᠢᠵᠤ᠂ ᠬᠣᠯᠠ ᠶ᠋ᠢ ᠬᠣᠯᠪᠣᠵᠤ ᠣᠢᠷᠠᠲᠤᠭᠤᠯᠵᠤ ᠶᠠᠪᠤᠳᠠᠭ ᠬᠦᠨᠳᠦᠲᠡᠢ᠂ ᠢᠲᠡᠭᠡᠯᠲᠡᠢ ᠬᠥᠮᠦᠰ ᠪᠢᠯᠡ᠃ ᠡᠢᠮᠦ ᠳ᠋ᠦ᠍ ᠮᠠᠨ ᠤ᠋ ᠬᠠᠤᠯᠢ ᠳ᠋ᠤ᠌ ᠡᠯᠴᠢ᠂ ᠬᠤᠳᠠᠯᠳᠤᠭᠠᠴᠢᠳ ᠢ᠋ ᠬᠠᠮᠠᠭᠠᠯᠠ ᠭᠡᠰᠡᠨ ᠪᠣᠢ ᠭᠡᠳ ᠲᠡᠳᠡᠨ ᠢ᠋ ᠤᠷᠢᠳᠠ ᠠᠯᠢ ᠤᠯᠤᠰ ᠲᠤ᠌ ᠶᠠᠪᠤᠵᠤ ᠪᠠᠢᠭᠰᠠᠨ ᠢ᠋ ᠠᠰᠠᠭᠤᠵᠤ ᠰᠣᠨᠢᠷᠬᠠᠵᠤ ᠡᠮᠦᠨᠡᠬᠢ ᠪᠡᠨ ᠤᠤᠭᠤᠵᠠᠭᠠᠵᠤ᠂ ᠬᠠᠭᠠᠨ᠄ 
       — ᠠᠯᠲᠠᠨ ᠤᠯᠤᠰ ᠤ᠋ᠨ ᠬᠠᠭᠠᠨ ᠤ᠋ ᠡᠯᠴᠢ ᠰᠣᠨᠣᠰ! ᠮᠥᠩᠬᠡ ᠲᠩᠷᠢ ᠶ᠋ᠢᠨ ᠬᠦᠴᠦᠨ ᠳ᠋ᠦ᠍ᠷ ᠡᠭᠦᠰᠴᠦ ᠪᠠᠢᠭᠤᠯᠤᠭᠳᠠᠭᠰᠠᠨ ᠶᠡᠬᠡ ᠮᠣᠩᠭᠣᠯ ᠤᠯᠤᠰ ᠤ᠋ᠨ ᠳᠠᠯᠠᠢ ᠬᠠᠭᠠᠨ ᠤ᠋ ᠦᠭᠡ ᠮᠢᠨᠦ᠂ ᠡᠨᠡ ᠠᠷᠠᠰᠤᠨ ᠳᠡᠭᠡᠷ᠎ᠡ ᠪᠢᠴᠢᠭᠳᠡᠭᠰᠡᠨ ᠪᠣᠯᠠᠢ᠃ ᠴᠢᠩᠭᠢᠰ ᠬᠠᠭᠠᠨ ᠮᠢᠨᠦ ᠪᠡᠶ᠎ᠡ ᠬᠠᠰᠪᠣᠣ ᠲᠠᠮᠠᠭ᠎ᠠ ᠪᠠᠨ ᠳᠠᠷᠤᠯ᠎ᠠ ᠭᠡᠮᠡᠨ ᠬᠠᠵᠠᠭᠤ ᠳ᠋ᠠᠭᠠᠨ ᠲᠠᠮᠠᠭ᠎ᠠ ᠵᠠᠯᠠᠨ ᠵᠣᠭᠰᠣᠵᠤ ᠪᠣᠢ ᠲᠦᠰᠢᠮᠡᠯ ᠡᠴᠡ ᠲᠠᠮᠠᠭ᠎ᠠ ᠪᠠᠨ ᠠᠪᠴᠤ ᠳᠠᠷᠤᠭᠠᠳ ᠪᠢᠴᠢᠭ ᠢ᠋ ᠳᠡᠯᠭᠡᠵᠦ ᠡᠷᠭᠦᠨ᠄ 
       — ᠲᠠᠮᠠᠭ᠎ᠠ ᠶ᠋ᠢᠨ ᠦᠭᠡ ᠶ᠋ᠢ ᠤᠩᠰᠢ! ᠬᠡᠮᠡᠪᠡᠰᠦ ᠲᠠᠲᠠᠲᠤᠩᠭ᠎ᠠ ᠥᠨᠳᠥᠷ ᠳᠠᠭᠤ ᠪᠠᠷ 
       — ᠮᠥᠩᠬᠡ ᠬᠥᠬᠡ ᠲᠩᠷᠢ ᠶ᠋ᠢᠨ ᠬᠦᠴᠦᠨ ᠳ᠋ᠦ᠍ᠷ ᠶᠡᠬᠡ ᠮᠣᠩᠭᠣᠯ ᠤᠯᠤᠰ ᠤ᠋ᠨ ᠳᠠᠯᠠᠢ ᠶᠡᠬᠡ ᠬᠠᠭᠠᠨ ᠤ᠋ ᠵᠠᠷᠯᠢᠭ᠄ ᠡᠯ᠎ᠡ ᠪᠣᠯᠬᠤ ᠢᠷᠭᠡᠨ ᠳ᠋ᠦ᠍ᠷ ᠬᠦᠷᠪᠡᠰᠦ《ᠠᠶᠤᠭᠠᠳᠤᠢ! ᠪᠢᠰᠢᠷᠡᠲᠦᠭᠡᠢ!》 ᠭᠡᠮᠡᠨ ᠤᠩᠰᠢᠪᠠ᠃ ᠠᠷᠠᠰᠤᠨ ᠪᠢᠴᠢᠭ ᠢ᠋ ᠬᠤᠢᠯᠠᠵᠤ ᠲᠣᠬᠢᠷᠠᠭᠰᠠᠨ ᠤᠢᠰᠤᠨ ᠰᠠᠪᠠᠨ ᠳ᠋ᠤ᠌ ᠬᠢᠵᠦ ᠨᠠᠭᠠᠨ ᠪᠢᠲᠡᠭᠦᠮᠵᠢᠯᠡᠭᠡᠳ ᠪᠠᠰᠠ ᠲᠠᠮᠠᠭ᠎ᠠ ᠳᠠᠷᠤᠭᠠᠳ᠄  
       — ᠮᠢᠨᠦ ᠡᠨᠡ ᠵᠠᠷᠯᠢᠭ ᠢ᠋ ᠠᠯᠲᠠᠨ(ᠤᠯᠤᠰ ᠤ᠋ᠨ) ᠬᠠᠭᠠᠨ ᠳ᠋ᠤ᠌ ᠬᠦᠷᠭᠡᠵᠦ ᠥᠭ! ᠬᠡᠮᠡᠭᠡᠳ ᠠᠮᠪᠠᠭᠠᠢ ᠬᠠᠭᠠᠨ ᠤ᠋ ᠡᠳ᠋ ᠥᠯᠥᠭ ᠦ᠋ᠨ ᠵᠦᠢᠯ ᠢ᠋ ᠰᠠᠪᠠᠨ ᠳ᠋ᠤᠨᠢ ᠡᠷᠭᠢᠭᠦᠯᠵᠦ ᠬᠢᠯᠭᠡᠭᠡᠳ ᠮᠥᠨ ᠡᠯᠴᠢ ᠳ᠋ᠦ᠍ᠨᠢ᠄ 
       — ᠡᠭᠦᠨ ᠢ᠋ ᠬᠠᠭᠠᠨ ᠳ᠋ᠠᠭᠠᠨ ᠪᠤᠴᠠᠭᠠᠵᠤ ᠠᠪᠠᠴᠢᠵᠤ ᠥᠭ᠃ ᠬᠡᠷᠬᠢᠬᠦ ᠲᠤᠬᠠᠢ ᠡᠯ᠎ᠡ ᠪᠢᠴᠢᠭ ᠲᠦ᠍  ᠪᠣᠢ᠃ ᠬᠠᠷᠢᠨ ᠮᠢᠨᠦ ᠲᠠᠨ ᠤ᠋ ᠬᠠᠭᠠᠨ ᠳ᠋ᠤ᠌ ᠥᠭᠬᠦ ᠪᠡᠯᠡᠭ ᠬᠡᠮᠡᠭᠡᠳ ᠲᠣᠯᠣᠭᠠᠢ ᠶ᠋ᠢ ᠨᠢ ᠦᠷᠭᠦᠯᠵᠢ ᠡᠯᠳᠡᠭᠰᠡᠨ ᠪᠠᠭᠠᠪᠠᠭᠠᠢ ᠶ᠋ᠢᠨ ᠠᠷᠠᠰᠤ ᠥᠭᠪᠡ᠃ 
       ᠬᠠᠭᠠᠨ ᠢ᠋ᠶ᠋ᠠᠷ ᠳᠠᠬᠢᠨ ᠠᠷᠢᠬᠢ ᠬᠤᠨᠳᠠᠭᠠᠯᠠᠭᠤᠯᠵᠤ ᠥᠭᠦᠯᠡᠭᠰᠡᠨ ᠨᠢ᠄  
       — ᠡᠨᠡ ᠪᠡᠯᠡᠭ ᠦ᠋ᠨ ᠵᠦᠢᠯᠡᠰ ᠲᠠᠨ ᠤ᠋ ᠠᠯᠲᠠᠨ ᠤᠯᠤᠰ ᠤ᠋ᠨ ᠵᠣᠭᠣᠰ ᠢ᠋ᠶ᠋ᠠᠷ ᠦᠨᠡᠯᠡᠪᠡᠯ ᠶᠠᠮᠠᠷ ᠦᠨ᠎ᠡ ᠲᠡᠢ ᠪᠣᠢ? ᠭᠡᠵᠦ ᠠᠰᠠᠭᠤᠬᠤ ᠳ᠋ᠤ᠌ ᠡᠯᠴᠢ ᠨᠠᠷ ᠪᠦᠭᠦᠳᠡ᠄ 
       — ᠮᠡᠳᠡᠬᠦ ᠦᠭᠡᠢ ᠭᠡᠵᠦ ᠲᠣᠯᠣᠭᠠᠢ ᠰᠡᠭᠰᠦᠷᠪᠡ᠃  
       — ᠵᠠ ᠲᠡᠭᠡᠪᠡᠯ ᠪᠢ ᠮᠡᠳᠡᠶ᠎ᠡ᠃ ᠶᠢᠰᠦ ᠶᠢᠰᠦᠨ ᠨᠠᠶᠠᠨ ᠨᠢᠭᠡᠨ ᠠᠭᠲᠠ᠂ ᠮᠥᠨ ᠲᠣᠭᠠᠨ ᠤ᠋ ᠦᠬᠡᠷ᠂ ᠬᠣᠨᠢ ᠥᠭ᠃ ᠳᠡᠭᠡᠷ᠎ᠡ ᠨᠢ ᠡᠨᠳᠡ ᠢᠷᠡᠭᠰᠡᠨ ᠬᠥᠮᠦᠨ ᠪᠦᠷᠢ ᠶ᠋ᠢᠨ ᠲᠣᠭ᠎ᠠ ᠪᠠᠷ ᠭᠤᠴᠢ ᠭᠤᠴᠢᠨ ᠲᠠᠷᠪᠠᠭᠠᠨ ᠤ᠋ ᠠᠷᠠᠰᠤ ᠥᠭᠴᠦ ᠶᠠᠪᠤᠭᠤᠯ! ᠭᠡᠳ ᠬᠤᠨᠳᠠᠭ᠎ᠠ ᠲᠠᠢ ᠠᠷᠢᠬᠢ ᠪᠠᠨ ᠪᠠᠷᠢᠭᠤᠯᠵᠤ᠄
       — ᠮᠠᠨ ᠤ᠋ ᠮᠣᠩᠭᠣᠯ ᠤ᠋ᠨ ᠶᠣᠰᠣᠨ ᠳ᠋ᠤ᠌ ᠪᠣᠰᠤᠭ᠎ᠠ ᠪᠠᠷ ᠢᠳᠡᠵᠦ ᠤᠤᠭᠤᠬᠤ ᠦᠭᠡᠢ᠃ ᠰᠠᠭᠤᠳᠠᠯ ᠳ᠋ᠠᠭᠠᠨ ᠰᠠᠭᠤᠵᠤ ᠤᠤᠭᠤᠵᠤ ᠢᠳᠡᠭᠡᠳ ᠠᠵᠢᠯ ᠢ᠋ᠶ᠋ᠠᠨ ᠳᠠᠭᠤᠰᠬᠠᠶ᠎ᠠ ᠳᠠ ᠭᠡᠪᠡ᠃ ᠪᠦᠭᠦᠳᠡ ᠰᠠᠭᠤᠵᠤ ᠠᠷᠢᠬᠢ ᠪᠠᠨ ᠪᠠᠯᠭᠤᠭᠠᠳ ᠢᠨᠢᠶᠡᠵᠦ ᠬᠥᠭᠡᠷᠦᠯᠳᠦᠨ ᠪᠥᠬᠥᠯᠵᠡᠵᠦ ᠮᠡᠬᠦᠯᠵᠡᠭᠰᠡᠭᠡᠷ ᠤᠬᠤᠷᠢᠨ ᠤᠬᠤᠷᠢᠭᠰᠠᠭᠠᠷ ᠭᠠᠷᠴᠤ ᠣᠳᠤᠯ᠎ᠠ᠃ 
       —  ᠪᠣᠭᠣᠷᠴᠢ᠂ ᠮᠤᠬᠤᠯᠠᠢ ᠬᠣᠶᠠᠷ ᠦᠯᠡᠳᠡ᠃ ᠪᠤᠰᠤᠳ ᠨᠢ ᠶᠠᠪᠤᠵᠤ ᠪᠣᠯᠤᠨ᠎ᠠ ᠬᠡᠮᠡᠪᠡ᠃ ᠭᠤᠷᠪᠠᠭᠤᠯᠠ ᠦᠯᠡᠳᠡᠭᠡᠳ ᠬᠠᠭᠠᠨ《ᠨᠢᠭᠡ ᠨᠢᠭᠡ ᠬᠤᠨᠳᠠᠭ᠎ᠠ ᠪᠠᠷᠢᠬᠤ ᠤᠤ?》 ᠬᠡᠮᠡᠭᠡᠳ ᠪᠤᠭᠤᠷᠴᠢ ᠶ᠋ᠢ 《ᠬᠡᠷᠬᠢᠨ ᠶᠠᠭᠠᠬᠢᠵᠤ ᠶᠠᠪᠤᠪᠠ? ᠶᠠᠳᠠᠷᠠᠪᠠ ᠤᠤ? ᠬᠡᠵᠢᠶ᠎ᠡ ᠢᠷᠡᠪᠡ?》 ᠭᠡᠬᠦ ᠮᠡᠲᠦ ᠪᠡᠷ ᠠᠰᠠᠭᠤᠵᠤ《ᠭᠡᠷ ᠲᠡᠭᠡᠨ ᠴᠦ᠍ ᠬᠠᠷᠢᠵᠤ ᠠᠮᠵᠢᠭ᠎ᠠ ᠦᠭᠡᠢ》 ᠭᠡᠬᠦ ᠳ᠋ᠦ᠍ᠨᠢ ᠬᠠᠭᠠᠨ᠄ 
       — ᠥᠨᠥ ᠡᠷᠲᠡᠬᠡᠨ ᠬᠠᠷᠢᠵᠤ ᠦᠵᠡ ᠳᠡ᠃ ᠲᠡᠭᠦᠰᠬᠡᠨ ᠭᠤᠸ᠎ᠠ ᠴᠢᠮ᠎ᠠ ᠶ᠋ᠢ ᠰᠠᠨᠠᠭᠠᠳ《ᠰᠠᠷᠠᠯ ᠮᠣᠷᠢ》 ᠪᠠᠨ ᠳᠠᠭᠤᠯᠠᠭᠠᠳ ᠯᠠ ᠰᠠᠭᠤᠵᠤ ᠪᠠᠢᠭ᠎ᠠ ᠭᠡᠵᠦ ᠬᠣᠱᠣᠩᠨᠠᠬᠤ ᠳ᠋ᠤ᠌ ᠪᠤᠭᠤᠷᠴᠢ ᠢᠨᠢᠶᠡᠵᠦ᠄ 
       —《ᠰᠠᠷᠠᠯ ᠮᠣᠷᠢ》 ᠮᠢᠨᠦ ᠰᠠᠷᠠᠯ ᠪᠢᠰᠢ᠂ ᠠᠯᠢ ᠡᠷᠲᠡᠨ ᠦ᠌ ᠬᠢ ᠭᠡᠰᠡᠨ ᠭᠡᠪᠡ᠃ ᠬᠠᠭᠠᠨ ᠢ᠋ᠶ᠋ᠠᠷ ᠬᠣᠶᠠᠷ ᠥᠷᠯᠥᠭ ᠢ᠋ᠶ᠋ᠡᠨ ᠡᠭᠡᠯᠵᠢᠯᠡᠨ ᠬᠠᠷᠠᠵᠤ᠄ 
       — ᠠᠯᠲᠠᠨ ᠤᠯᠤᠰ ᠤ᠋ᠨ ᠪᠣᠳᠣᠯᠭ᠎ᠠ ᠶᠠᠮᠠᠷ ᠰᠠᠨᠠᠭᠳᠠᠪᠠ? ᠭᠡᠯ᠎ᠡ᠃ 
       — ᠶᠡᠬᠡᠯ᠎ᠡ ᠳᠡᠭᠡᠷᠡᠩᠭᠦᠢ ᠵᠠᠩ ᠭᠠᠷᠭᠠᠵᠤ ᠪᠠᠢᠨ᠎ᠠ ᠳᠠ᠃ 
       — ᠮᠠᠷᠲᠠᠭᠰᠠᠨ ᠢ᠋ ᠰᠠᠨᠠᠭᠤᠯᠵᠤ ᠬᠠᠶᠠᠭᠰᠠᠨ ᠢ᠋ ᠭᠠᠷᠭᠠᠭᠠᠳ ᠢᠷᠡᠵᠦ ᠤᠤ? ᠬᠡᠮᠡᠯᠴᠡᠪᠡ᠃ ᠲᠡᠢᠮᠦ ᠠ᠋᠃ ᠵᠦᠭᠡᠷ ᠰᠠᠭᠤᠵᠤ ᠪᠣᠯᠬᠤ ᠦᠭᠡᠢ ᠨᠢ᠃ ᠲᠠ ᠨᠠᠷ ᠨᠠᠮ᠎ᠠ ᠶ᠋ᠢ ᠠᠯᠲᠠᠨ ᠤᠯᠤᠰ ᠤ᠋ᠨ ᠬᠠᠭᠠᠨ ᠳ᠋ᠤ᠌ ᠶᠠᠮᠠᠷ ᠬᠠᠷᠢᠭᠤ ᠥᠭᠭᠦᠭᠰᠡᠨ ᠭᠡᠵᠦ ᠪᠣᠳᠣᠵᠤ ᠪᠠᠢᠨ᠎ᠠ? 
       — ᠬᠠᠲᠠᠭᠤᠬᠠᠨ ᠯᠠ ᠪᠠᠢᠬ᠎ᠠ᠂ ᠶᠠᠮᠠᠷ ᠬᠠᠷᠢᠭᠤ ᠥᠭᠭᠦᠭᠰᠡᠨ ᠪᠣᠢ?  
       — ᠣᠳᠣᠬᠠᠨ ᠳ᠋ᠠᠭᠠᠨ ᠨᠢᠭᠤᠴᠠ᠃  
       — ᠵᠥᠩᠲᠦ ᠣᠷᠣᠵᠤ ᠯᠠ ᠨᠢᠭᠤᠴᠠ ᠶ᠋ᠢ ᠲᠠᠢᠯᠬᠤ ᠪᠠᠢᠯ ᠦᠭᠡᠢ ᠭᠡᠵᠦ ᠪᠤᠭᠤᠷᠴᠢ ᠬᠡᠯᠡᠯ᠎ᠡ᠃  
       — ᠵᠠ ᠲᠡᠷᠡ ᠨᠠᠷᠭᠢᠶᠠᠨ ᠴᠦ᠍ ᠶᠠᠭᠠᠬᠢᠬᠤ ᠪᠣᠢ᠂ ᠪᠣᠭᠣᠷᠴᠢ ᠴᠢ ᠪᠦᠷᠢᠨ ᠵᠡᠪᠰᠡᠭ᠂ ᠬᠣᠶᠠᠷ ᠮᠣᠷᠢ ᠲᠠᠢ ᠬᠡᠳᠦᠨ ᠴᠡᠷᠢᠭ ᠭᠠᠷᠭᠠᠵᠤ ᠴᠢᠳᠠᠬᠤ ᠪᠣᠢ?  ᠭᠡᠵᠦ ᠬᠠᠭᠠᠨ ᠠᠰᠠᠭᠤᠯ᠎ᠠ᠃ 
       — ᠭᠤᠷᠪᠠᠨ ᠲᠦᠮᠡ ᠨᠠᠢ᠍ᠮᠠᠨ ᠮᠢᠩᠭ᠎ᠠ᠃   
       — ᠮᠤᠬᠤᠯᠠᠢ ᠴᠢ?  
       — ᠭᠤᠷᠪᠠᠨ ᠲᠦᠮᠡ ᠬᠠᠭᠠᠰ᠃  
       — ᠠ᠂ ᠨᠠᠶᠠᠭ᠎ᠠ ᠶ᠋ᠢᠨ ᠪᠠᠰᠠ ᠭᠤᠷᠪᠠ ᠬᠠᠭᠠᠰ ᠁ ᠢᠯᠡᠭᠦᠦ ᠴᠦ᠍ ᠪᠠᠢᠬ᠎ᠠ᠃ ᠬᠥᠮᠦᠨ ᠣᠯᠠᠨᠲᠠᠢ᠃ ᠮᠢᠨᠦ ᠬᠠᠪᠢ ᠨᠥᠭᠡᠴᠡᠨ ᠦ᠌  ᠁  ᠨᠡᠢᠯᠡᠭᠡᠳ ᠪᠤᠮ ᠭᠤᠷᠪᠠᠨ ᠲᠦᠮᠡ ᠭᠠᠷᠬᠤ ᠯᠠ ᠶᠤᠮ ᠬᠡᠮᠡᠭᠡᠳ ᠬᠠᠭᠠᠨ ᠮᠥᠩᠬᠡ ᠲᠩᠷᠢ ᠥᠭᠡᠳᠡ ᠰᠢᠷᠲᠡᠨ ᠪᠣᠳᠣᠯᠭᠠᠰᠢᠷᠠᠭᠰᠠᠨ ᠢ᠋ᠶ᠋ᠠᠨ᠄  
       — ᠮᠠᠨ ᠤ᠋ ᠬᠢᠯᠢ ᠬᠢᠵᠠᠭᠠᠷ ᠡᠮᠵᠡᠭ᠂ ᠢᠯᠠᠩᠭᠤᠶ᠎ᠠ ᠪᠠᠷᠠᠭᠤᠨ ᠵᠦᠭ ᠲᠡᠭᠡᠨ᠃ ᠲᠡᠢᠰᠢ ᠬᠦᠴᠦᠯᠦᠭ ᠦ᠋ᠨ ᠠᠷᠤ ᠠ᠋ᠴᠠ ᠵᠡᠪᠡ᠂ ᠵᠡᠯᠮ᠎ᠡ ᠬᠣᠶᠠᠷ ᠢ᠋ ᠶᠠᠪᠤᠭᠤᠯᠤᠭᠰᠠᠨ᠃ ᠤᠨᠤᠨ ᠪᠠᠢᠳᠠᠷᠠᠭ ᠤ᠋ᠨ ᠪᠡᠯᠴᠢᠭᠡᠷ ᠬᠠᠪᠢ ᠳ᠋ᠤ᠌ ᠪᠠᠢᠭ᠎ᠠ ᠁ ᠠᠷᠤ ᠠ᠋ᠴᠠ ᠨᠢ ᠨᠠᠶᠠᠭ᠎ᠠ ᠴᠡᠷᠢᠭ ᠴᠤᠭᠯᠠᠭᠤᠯᠵᠤ ᠣᠴᠢᠨ᠎ᠠ᠃ ᠨᠠᠶᠠᠭ᠎ᠠ ᠴᠠᠭᠠᠰᠢ ᠶᠠᠪᠤᠬᠤ ᠦᠭᠡᠢ᠂ ᠪᠤᠴᠠᠵᠤ ᠢᠷᠡᠨ᠎ᠡ᠃ ᠪᠠᠷᠠᠭᠤᠨ ᠵᠦᠭ ᠡᠴᠡ ᠴᠡᠷᠢᠭ ᠲᠠᠲᠠᠵᠤ ᠶᠠᠪᠤᠭᠤᠯᠤᠭ᠎ᠠ ᠦᠭᠡᠢ ᠶ᠋ᠢᠨ ᠤᠴᠢᠷ ᠴᠠᠭᠠᠨ᠎ᠠ ᠨᠢ ᠬᠣᠯᠪᠣᠭ᠎ᠠ ᠰᠦᠯᠪᠡᠭᠡ ᠪᠣᠯᠵᠤ ᠪᠣᠯᠬᠤ ᠨᠤᠲᠤᠭ ᠤ᠋ᠨ ᠡᠲᠡᠭᠡᠳ ᠦ᠋ᠳ ᠪᠣᠢ᠃ ᠨᠡᠢᠯᠡᠵᠦ ᠪᠤᠳᠤᠯᠢᠶᠠᠨ ᠰᠠᠮᠠᠭᠤᠨ ᠡᠭᠦᠰᠬᠡᠵᠦ ᠪᠣᠯᠤᠨ᠎ᠠ᠃ ᠡᠢᠮᠦ ᠡᠴᠡ ᠪᠤᠭᠤᠷᠴᠢ ᠴᠢᠮ᠎ᠠ ᠠ᠋ᠴᠠ ᠲᠠᠪᠤᠨ ᠮᠢᠩᠭᠠᠨ ᠴᠡᠷᠢᠭ ᠠᠪᠴᠤ ᠵᠡᠭᠦᠨ ᠡᠮᠦᠨᠡᠲᠦ ᠬᠢᠵᠠᠭᠠᠷ ᠲᠤ᠌ ᠶᠠᠪᠤᠭᠤᠯᠵᠤ ᠮᠤᠬᠤᠯᠠᠢ ᠳ᠋ᠤ᠌ ᠰᠡᠯᠪᠢᠭ ᠪᠣᠯᠭᠠᠵᠤ ᠥᠭᠭᠦᠨ᠎ᠡ᠃ ᠣᠷᠣᠨ ᠳ᠋ᠤᠨᠢ ᠴᠢᠮ᠎ᠠ ᠳ᠋ᠤ᠌ ᠲᠥᠪ ᠦ᠋ᠨ ᠨᠤᠲᠤᠭ ᠠ᠋ᠴᠠ ᠴᠡᠷᠢᠭ ᠢᠯᠡᠭᠡᠨ᠎ᠡ᠃ ᠢᠩᠭᠢᠵᠦ ᠵᠠᠬ᠎ᠠ ᠬᠢᠵᠠᠭᠠᠷ ᠤ᠋ᠨ ᠴᠡᠷᠢᠭ ᠢ᠋ ᠰᠣᠯᠢᠵᠤ ᠬᠠᠭᠤᠴᠢᠨ ᠴᠡᠷᠢᠭ ᠢ᠋ ᠭᠡᠷ ᠣᠷᠣᠨ ᠳ᠋ᠤᠨᠢ ᠶᠠᠪᠤᠭᠤᠯᠵᠤ ᠪᠠᠢᠬᠤ ᠬᠡᠷᠡᠭᠲᠡᠢ᠃ ᠴᠢᠨᠠᠭᠰᠢᠳᠠ ᠨᠤᠲᠤᠭ ᠨᠤᠲᠤᠭ ᠲᠠᠭᠠᠨ ᠢᠩᠭᠢᠵᠦ ᠬᠠᠯᠠᠭ᠎ᠠ ᠰᠡᠯᠭᠦᠭᠡ ᠬᠢᠵᠦ ᠪᠣᠯᠤᠨ᠎ᠠ ᠭᠡᠮᠡᠨ ᠬᠠᠭᠠᠨ ᠥᠭᠦᠯᠡᠪᠡ᠃ 
       — ᠪᠢ ᠬᠡᠵᠢᠶ᠎ᠡ ᠴᠡᠷᠢᠭ ᠭᠠᠷᠭᠠᠵᠤ ᠶᠠᠪᠤᠭᠤᠯᠬᠤ ᠪᠣᠢ? ᠭᠡᠵᠦ ᠪᠤᠭᠤᠷᠴᠢ ᠠᠰᠠᠭᠤᠬᠤ ᠳ᠋ᠤ᠌᠄  
       — ᠡᠨᠡ ᠰᠠᠷ᠎ᠠ ᠶ᠋ᠢᠨ ᠰᠡᠭᠦᠯᠴᠢ ᠪᠡᠷ᠃ 
       — ᠴᠢᠩᠭᠢᠰ ᠬᠠᠭᠠᠨ ᠤ᠋ ᠵᠠᠷᠯᠢᠭ ᠢ᠋ ᠶᠣᠰᠣᠭᠠᠷ ᠭᠦᠢᠴᠡᠭᠡᠶ᠎ᠡ᠃