ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 32> Хүлэг баатар буурч - Б. Өлзийсүрэн <Дөтгөр бүлэг-32> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 32> Хүлэг баатар буурч - Б. Өлзийсүрэн <Дөтгөр бүлэг-32>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 32> Хүлэг баатар буурч - Б. Өлзийсүрэн <Дөтгөр бүлэг-32>

ᠠᠩᠭᠢᠯᠠᠯ:ᠲᠤᠭᠤᠵᠢ ᠷᠣᠮᠠᠨ
2026-03-25

39

ᠲᠥᠷᠥ ᠶ᠋ᠢᠨ ᠲᠡᠮᠦᠷ ᠲᠥᠰᠢᠶ᠎ᠡ ᠪᠣᠯᠵᠤ ᠳᠡᠭᠡᠳᠦᠰ ᠦ᠋ᠨ ᠵᠢᠩᠳᠠᠭᠠᠨ ᠳ᠋ᠤ᠌ ᠡᠩᠨᠡᠭᠰᠡᠨ ᠳᠥᠲᠥᠭᠡᠷ ᠪᠦᠯᠦᠭ

ᠭᠤᠴᠢᠨ ᠬᠣᠶᠠᠷ


               ᠭᠤᠴᠢᠨ ᠬᠣᠶᠠᠷ 
                        《ᠶᠡᠬᠡ ᠵᠠᠰᠠᠭ》 ᠬᠠᠤᠯᠢ ᠶ᠋ᠢᠨ ᠬᠣᠷᠢᠨ ᠳᠥᠷᠪᠡᠳᠦᠭᠡᠷ ᠵᠦᠢᠯ᠄  
                        《ᠦᠯᠦ ᠬᠠᠷᠭᠢᠰ᠂ ᠦᠨᠡᠨᠴᠢ ᠰᠢᠳᠤᠷᠭᠤ᠂ ᠴᠢᠭᠴᠢ ᠵᠢᠷᠤᠮ ᠲᠠᠢ᠂  
                         ᠡᠷᠳᠡᠮ ᠭᠦᠨ ᠬᠥᠮᠦᠰ ᠢ᠋ ᠡᠷᠬᠡᠪᠰᠢ ᠰᠠᠢᠰᠢᠶᠠᠨ ᠬᠦᠨᠳᠦᠯᠡᠬᠦ ᠬᠡᠷᠡᠭᠲᠡᠢ ᠁ 》 

       ᠪᠣᠭᠣᠷᠴᠢ ᠮᠥᠰᠥᠲᠦ ᠶ᠋ᠢᠨ ᠭᠣᠣᠯ ᠠ᠋ᠴᠠ ᠮᠣᠷᠳᠠᠭᠠᠳ ᠮᠢᠩᠭᠠᠨ ᠠ᠋ᠴᠠ ᠮᠢᠩᠭᠠᠨ ᠳᠡᠮᠵᠢᠵᠦ ᠬᠦᠨᠳᠦᠲᠡᠢ ᠵᠣᠴᠢᠨ ᠪᠣᠯᠤᠨ ᠮᠣᠷᠢᠯᠠᠵᠤ ᠠᠪᠤᠭᠠᠳ ᠬᠣᠨᠣᠪᠠ᠃ ᠲᠡᠷᠡ ᠪᠡᠷ ᠮᠢᠩᠭᠠᠲᠤ ᠨᠤᠭᠤᠳ ᠤ᠋ᠨ ᠬᠥᠮᠦᠨ ᠠᠮᠠ᠂ ᠭᠠᠵᠠᠷ ᠨᠤᠲᠤᠭ ᠢ᠋ ᠵᠣᠬᠢᠴᠠᠭᠤᠯᠵᠤ᠂ ᠴᠡᠷᠢᠭ ᠡᠷ᠎ᠡ ᠶ᠋ᠢᠨ ᠲᠣᠭ᠎ᠠ᠂ ᠠᠭᠲᠠ ᠮᠣᠷᠢ᠂ ᠵᠠᠷ ᠵᠡᠪᠰᠡᠭ ᠦ᠋ᠨ ᠪᠠᠢᠳᠠᠯ ᠵᠡᠷᠭᠡ ᠴᠡᠷᠢᠭ ᠦ᠋ᠨ ᠬᠦᠴᠦ ᠴᠢᠳᠠᠯ ᠢ᠋ ᠪᠦᠷᠢᠳᠬᠡᠨ ᠲᠣᠭᠲᠠᠭᠠᠵᠤ ᠬᠠᠭᠠᠨ ᠳ᠋ᠤ᠌ ᠠᠢᠯᠠᠳᠬᠠᠬᠤ ᠡᠭᠦᠷᠭᠡ ᠲᠡᠢ᠃ ᠵᠡᠭᠦᠨ ᠡᠴᠡ ᠪᠠᠷᠠᠭᠤᠨᠰᠢᠯᠠᠬᠤ ᠳ᠋ᠠᠭᠠᠨ ᠶᠡᠬᠡᠩᠬᠢ ᠭᠠᠵᠠᠷ ᠨᠤᠲᠤᠭ ᠢ᠋ ᠦᠵᠡᠵᠦ ᠲᠤᠭᠤᠯᠤᠨ᠂ ᠮᠡᠳᠡᠭᠡ ᠪᠦᠷᠢᠳᠬᠡᠯ ᠢ᠋ᠶ᠋ᠡᠨ ᠠᠪᠴᠤ ᠵᠣᠬᠢᠴᠠᠭᠤᠯᠵᠤ ᠴᠡᠭᠴᠡᠯᠡᠨ ᠵᠠᠷᠢᠮ ᠳᠠᠭᠠᠭᠤᠯ ᠢ᠋ᠶ᠋ᠠᠨ ᠪᠤᠴᠠᠭᠠᠭᠰᠠᠨ᠃ ᠮᠢᠩᠭᠠᠲᠤ ᠶ᠋ᠢᠨ ᠨᠣᠶᠠᠳ ᠤ᠋ᠨ ᠬᠣᠭᠣᠷᠣᠨᠳᠣ ᠭᠠᠵᠠᠷ ᠨᠤᠲᠤᠭ ᠤ᠋ᠨ ᠪᠠᠭ᠎ᠠ ᠰᠠᠭ᠎ᠠ ᠮᠠᠷᠭᠤᠭᠠᠨ ᠪᠠᠢᠪᠠᠴᠤ ᠪᠣᠭᠣᠷᠴᠢ ᠶ᠋ᠢᠨ ᠲᠠᠰᠤᠯᠤᠨ ᠰᠢᠳᠬᠡᠭᠰᠡᠨ ᠢ᠋ᠶ᠋ᠡᠷ ᠳᠠᠭᠤᠰᠴᠤ ᠪᠠᠢᠪᠠ᠃ ᠪᠠᠷᠠᠭᠤᠨ ᠭᠠᠷ ᠤ᠋ᠨ ᠭᠤᠴᠢᠨ ᠬᠣᠶᠠᠷ ᠮᠢᠩᠭᠠᠲᠤ ᠣᠨᠣᠭᠳᠠᠬᠤ ᠠᠵᠢ᠃ ᠴᠢᠨᠠᠭᠰᠢ ᠶᠠᠪᠤᠬᠤ ᠵᠠᠮ ᠳᠠᠭᠤᠰᠬᠤ ᠣᠢᠷᠠᠳᠴᠤ ᠬᠣᠶᠠᠷ ᠭᠤᠷᠪᠠᠬᠠᠨ ᠭᠠᠵᠠᠷ ᠦᠯᠡᠳᠡᠵᠡᠢ᠃ ᠣᠳᠣ ᠬᠡᠲᠡ᠂ ᠵᠢᠲᠠᠢ ᠬᠣᠶᠠᠷ ᠤ᠋ᠨ ᠬᠠᠷᠢᠶᠠᠯᠠᠯ ᠳ᠋ᠤ᠌ ᠣᠴᠢᠨ᠎ᠠ᠃ ᠡᠨᠡ ᠬᠣᠶᠠᠷ ᠰᠦᠷᠡᠬᠡᠢ ᠮᠠᠷᠭᠤᠭᠠᠨ ᠲᠠᠢ ᠪᠠᠢᠭ᠎ᠠ ᠮᠡᠳᠡᠭᠡ ᠪᠣᠭᠣᠷᠴᠢ ᠳ᠋ᠤ᠌ ᠬᠡᠳᠦ ᠬᠣᠨᠣᠭ ᠤ᠋ᠨ ᠡᠮᠦᠨ᠎ᠡ ᠢᠷᠡᠭᠰᠡᠨ᠃《ᠵᠣᠯᠢᠭ ᠨᠤᠭᠤᠳ ᠶᠠᠭᠠᠬᠢᠬᠤ ᠨᠢ ᠪᠣᠢ ᠳᠠ᠃ ᠶᠠᠷᠰᠢᠭ ᠯᠠ ᠪᠠᠢᠨ᠎ᠠ 》 ᠭᠡᠮᠡᠨ ᠪᠣᠭᠣᠷᠴᠢ ᠠᠮᠠᠨ ᠳ᠋ᠠᠭᠠᠨ ᠪᠣᠪᠳᠤᠨᠠᠭᠰᠠᠨ ᠪᠢᠯᠡ᠃ ᠶᠡᠬᠡ ᠨᠢᠷᠤᠭᠤᠨ ᠠ᠋ᠴᠠ ᠬᠣᠢᠰᠢᠬᠢ ᠨᠤᠲᠤᠭ ᠬᠡᠲᠡ ᠶ᠋ᠢᠨ ᠬᠢ᠃ ᠥᠷᠯᠥᠭᠡ ᠭᠠᠷᠤᠭᠠᠳ ᠦᠳᠡ ᠪᠣᠯᠵᠤ ᠪᠠᠢᠬᠤ ᠳ᠋ᠤ᠌ ᠥᠭᠡᠳᠡ ᠡᠴᠡ ᠨᠢ ᠬᠡᠰᠡᠭ ᠮᠣᠷᠢᠲᠠᠨ ᠳᠠᠪᠬᠢᠨ ᠢᠷᠡᠵᠦ ᠶᠠᠪᠤᠬᠤ ᠨᠢ ᠬᠡᠲᠡ ᠶ᠋ᠢᠨ ᠤᠭᠲᠤᠭᠤᠯ ᠠᠵᠢ᠃ ᠲᠡᠳᠡ ᠢᠷᠡᠵᠦ ᠮᠣᠷᠢᠨ ᠠ᠋ᠴᠠ ᠪᠠᠨ ᠪᠠᠭᠤᠨ ᠰᠥᠭᠥᠳᠦᠨ ᠮᠡᠨᠳᠦᠯᠡᠯ᠎ᠡ᠃ ᠲᠦᠳᠡᠯ ᠦᠭᠡᠢ ᠬᠡᠲᠡ ᠶ᠋ᠢᠨ ᠥᠷᠥᠭᠡᠨ ᠳ᠋ᠦ᠍ ᠬᠦᠷᠪᠡ᠃ 
       ᠬᠡᠲᠡ ᠴᠦ᠍ ᠮᠥᠨ ᠠᠳᠠᠯᠢ ᠬᠥᠨᠳᠦᠯᠡᠨ ᠤᠭᠲᠤᠯ᠎ᠠ᠃ ᠡᠨᠡ ᠬᠣᠶᠠᠷ ᠬᠥᠮᠦᠨ ᠲᠡᠮᠦᠵᠢᠨ ᠦ᠌《ᠨᠥᠬᠥᠳ》 ᠭᠡᠬᠦ ᠪᠠᠭ ᠡᠭᠦᠰᠬᠦ ᠡᠴᠡ ᠡᠬᠢᠯᠡᠨ ᠦᠬᠦᠯ ᠬᠠᠭᠠᠴᠠᠯ ᠤ᠋ᠨ ᠳᠤᠮᠳᠠᠭᠤᠷ ᠲᠤᠭᠤᠯᠤᠨ ᠥᠨᠥ ᠬᠦᠷᠴᠦ ᠢᠷᠡᠭᠰᠡᠨ ᠬᠣᠶᠠᠷ ᠠᠨᠳᠠ ᠪᠢᠯᠡ᠃ ᠡᠳᠡ ᠬᠦᠨᠳᠦᠯᠡᠯ ᠶᠣᠰᠣᠯᠠᠯ ᠢ᠋ᠶ᠋ᠠᠨ ᠳᠠᠭᠤᠰᠬᠠᠨ ᠬᠣᠶᠠᠭᠤᠯᠠ ᠢᠨᠢᠶᠡᠯᠳᠦᠨ ᠮᠥᠷᠥ ᠮᠥᠷᠥ ᠪᠡᠨ ᠠᠯᠠᠭᠠᠳᠠᠭᠰᠠᠭᠠᠷ ᠥᠷᠥᠭᠡᠨ ᠳ᠋ᠦ᠍ ᠣᠷᠣᠯ᠎ᠠ᠃ ᠭᠡᠷ ᠲᠦ᠍ ᠢᠳᠡᠭᠡ ᠰᠢᠭᠦᠰᠦ ᠵᠠᠰᠠᠵᠠᠢ᠃ ᠪᠤᠭᠤᠷᠴᠢ ᠶ᠋ᠢ ᠳᠠᠭᠠᠨ ᠬᠠᠭᠠᠨ ᠤ᠋ ᠳᠡᠷᠭᠡᠳᠡ ᠶ᠋ᠢᠨ ᠨᠢᠭᠡᠨ ᠵᠢᠵᠢᠭ ᠪᠢᠴᠢᠭ ᠦ᠋ᠨ ᠲᠦᠰᠢᠮᠡᠯ ᠶᠠᠪᠤᠭ᠎ᠠ᠃ ᠪᠤᠰᠤᠳ ᠳᠠᠭᠠᠭᠤᠯ ᠨᠢ ᠲᠦᠷᠦᠭᠦᠴᠢ ᠶ᠋ᠢᠨ ᠳᠠᠭᠠᠷᠢᠵᠤ ᠥᠩᠭᠡᠷᠡᠭᠰᠡᠨ ᠮᠢᠩᠭᠠᠲᠤ ᠶ᠋ᠢᠨ ᠤᠯᠠᠭᠠᠴᠢ᠂ ᠴᠡᠷᠢᠭ ᠬᠠᠮᠠᠭᠠᠯᠠᠭᠴᠢᠳ᠃ ᠲᠡᠳᠡ ᠡᠨᠳᠡ ᠢᠷᠡᠭᠡᠳ ᠴᠠᠭᠠᠰᠢ ᠬᠣᠶᠠᠷ ᠡᠯᠴᠢ ᠶ᠋ᠢ ᠠᠪᠴᠤ ᠶᠠᠪᠤᠬᠤ ᠤᠯᠠᠭᠠᠴᠢ ᠵᠠᠷᠤᠯᠭ᠎ᠠ ᠳ᠋ᠤ᠌ ᠡᠮᠡᠭᠡᠯ ᠬᠠᠵᠠᠭᠠᠷ᠂ ᠪᠢᠴᠢᠬᠠᠨ ᠲᠡᠭᠡᠭᠡᠰᠢ ᠶ᠋ᠢ ᠬᠦᠯᠢᠶᠡᠯᠭᠡᠵᠦ ᠥᠭᠭᠦᠭᠡᠳ ᠪᠤᠴᠠᠬᠤ ᠠᠵᠢ᠃ ᠪᠢᠴᠢᠬᠠᠨ ᠲᠡᠭᠡᠭᠡᠰᠢ ᠳ᠋ᠦ᠍ ᠪᠢᠴᠢᠭ ᠬᠠᠷᠠᠭ᠎ᠠ᠂ ᠳᠠᠩᠰᠠ ᠪᠦᠷᠢᠳᠬᠡᠯ᠂ ᠬᠤᠪᠴᠠᠰᠤ ᠬᠤᠨᠠᠷ᠂ ᠵᠠᠷ ᠵᠡᠪᠰᠡᠭ᠂ ᠡᠳ᠋ ᠥᠯᠥᠭ ᠦ᠋ᠨ ᠵᠦᠢᠯ ᠪᠠᠢᠬᠤ ᠠᠵᠢ᠃ 
       ᠪᠣᠭᠣᠷᠴᠢ ᠬᠡᠲᠡ ᠶ᠋ᠢᠨ ᠵᠣᠴᠢᠯᠠᠭᠠᠨ ᠳ᠋ᠤ᠌ ᠪᠠᠶᠠᠷ ᠲᠠᠢ ᠮᠦᠰᠢᠯᠵᠡᠨ ᠠᠮᠰᠠᠵᠤ ᠵᠣᠭᠣᠭᠯᠠᠬᠤ ᠵᠠᠭᠤᠷ᠎ᠠ᠄  
       — ᠵᠢᠲᠠᠢ ᠶ᠋ᠢ ᠴᠢᠮ᠎ᠠ ᠳᠡᠭᠡᠷ᠎ᠡ ᠢᠷᠡᠭᠡᠳ ᠪᠠᠢ! ᠭᠡᠵᠦ ᠲᠤᠰᠢᠶᠠᠯ ᠢᠯᠡᠭᠡᠭᠰᠡᠨ᠃ ᠲᠡᠷᠡ ᠶᠠᠭᠠᠬᠢᠭᠠᠳ ᠢᠷᠡᠭᠰᠡᠨ ᠦᠭᠡᠢ ᠪᠣᠢ? ᠭᠡᠵᠦ ᠠᠰᠠᠭᠤᠪᠠ᠃ ᠬᠡᠲᠡ᠄ 
       — ᠪᠢᠳᠡ ᠬᠣᠶᠠᠷ ᠨᠢᠭᠡ ᠠᠭᠤᠯᠠ ᠪᠤᠯᠢᠶᠠᠯᠳᠤᠭᠠᠳ ᠪᠠᠢᠭ᠎ᠠ᠃ ᠲᠠᠨ ᠳ᠋ᠤ᠌ ᠥᠷᠭᠥᠭᠡ ᠭᠡᠷ ᠪᠠᠷᠢᠭᠤᠯᠤᠭᠠᠳ ᠬᠦᠯᠢᠶᠡᠵᠦ ᠪᠠᠢᠭ᠎ᠠ ᠪᠠᠢᠬ᠎ᠠ᠃ ᠮᠠᠷᠭᠠᠰᠢ ᠣᠴᠢᠶ᠎ᠠ᠃ ᠴᠢ ᠡᠨᠳᠡ ᠲᠠᠪᠠᠲᠠᠢ ᠠᠮᠠᠷᠠ ᠳᠠ ᠭᠡᠪᠡ᠃ ᠪᠤᠭᠤᠷᠴᠢ ᠢᠨᠢᠶᠡᠵᠦ᠄ 
       — ᠨᠠᠳᠠ ᠠᠮᠠᠷᠠᠵᠤ ᠲᠤᠬᠠᠯᠠᠭᠠᠳ ᠪᠠᠢᠬᠤ ᠴᠠᠭ ᠳᠠᠩᠴᠢ ᠠᠯᠠᠭ᠎ᠠ᠃ ᠶᠠᠭᠠᠷᠠᠯᠲᠠᠢ ᠶᠠᠪᠣᠯ ᠦᠭᠡᠢ ᠪᠣᠯᠬᠤ ᠦᠭᠡᠢ᠃ ᠭᠠᠷᠬᠤ ᠰᠠᠷ᠎ᠠ ᠶ᠋ᠢᠨ ᠲᠠᠪᠤᠨ ᠳ᠋ᠤ᠌ ᠬᠠᠭᠠᠨ ᠳ᠋ᠤ᠌ ᠪᠠᠷᠠᠯᠬᠠᠵᠤ ᠶᠠᠪᠤᠭᠰᠠᠨ ᠠᠵᠢᠯ ᠢ᠋ᠶ᠋ᠠᠨ ᠠᠢᠯᠠᠳᠬᠠᠬᠤ ᠶᠣᠰᠣ ᠲᠠᠢ᠃ ᠲᠡᠭᠦᠨ ᠡᠴᠡ ᠪᠢᠰᠢ ᠡᠨᠡ ᠵᠣᠭᠣᠭ ᠰᠢᠭᠦᠰᠦ᠂ ᠢᠳᠡᠭᠡ ᠤᠮᠳᠠᠭᠠᠨ ᠳ᠋ᠤ᠌ ᠬᠣᠷᠭᠣᠳᠠᠭᠠᠳ ᠴᠢᠮᠠᠲᠠᠢ ᠬᠡᠳᠦ ᠴᠦ᠍ ᠪᠣᠯ ᠬᠡᠳᠦ ᠬᠣᠨᠣᠮᠠᠷ ᠯᠠ ᠪᠠᠢᠨ᠎ᠠ᠃ ᠴᠢ ᠪᠢᠳᠡ ᠬᠣᠶᠠᠷ ᠠᠶᠠᠭ᠎ᠠ ᠲᠠᠪᠠᠭ ᠲᠠᠢ ᠶ᠋ᠢ ᠪᠠᠢᠲᠤᠭᠠᠢ ᠠᠮᠠᠨ ᠳ᠋ᠠᠬᠢ ᠪᠠᠨ ᠬᠤᠪᠢᠶᠠᠵᠤ ᠢᠳᠡᠵᠦ ᠤᠤᠭᠤᠵᠤ ᠶᠠᠪᠤᠵᠤ ᠳᠠ᠃ ᠰᠠᠢᠬᠠᠨ ᠪᠠᠢᠨ᠎ᠠ ᠭᠡᠵᠦ ᠮᠢᠬ᠎ᠠ ᠲᠣᠮᠣ ᠲᠣᠮᠣ ᠣᠭᠲᠣᠯᠤᠨ ᠡᠮᠬᠦᠵᠦ᠂ ᠰᠠᠷᠬᠤᠳ ᠪᠠᠯᠭᠤᠪᠠ᠃ ᠲᠡᠭᠡᠭᠡᠳ ᠬᠡᠲᠡ ᠤᠷᠤᠭᠤ ᠬᠠᠷᠠᠵᠤ ᠢᠨᠢᠶᠡᠮᠰᠦᠭᠯᠡᠭᠰᠡᠨ ᠢ᠋ᠶ᠋ᠡᠨ ᠠᠶᠠᠭ᠎ᠠ ᠲᠠᠢ ᠪᠠᠨ ᠳᠠᠬᠢᠨ ᠨᠢᠭᠡ ᠪᠠᠯᠭᠤᠭᠠᠳ᠄
       — ᠡᠨᠳᠡ ᠡᠴᠡ ᠬᠢᠷᠢ ᠵᠠᠢ ᠲᠠᠢ ᠭᠠᠵᠠᠷ ᠪᠣᠢ? 
       — ᠲᠠᠪᠢ ᠵᠢᠷᠠᠭᠠᠳ ᠮᠣᠳᠣ᠃  
       — ᠭᠠᠢᠭᠤᠢ ᠠ᠋ ᠬᠦ᠂ ᠢᠩᠭᠢᠰᠬᠢᠭᠡᠳ ᠮᠣᠷᠳᠠᠬᠤ ᠳ᠋ᠤ᠌ ᠦᠳᠡᠰᠢ ᠬᠦᠷᠴᠢᠬᠡᠨ᠎ᠡ᠃ ᠬᠣᠶᠠᠭᠤᠯᠠ ᠮᠣᠷᠳᠠᠶ᠎ᠠ᠃ ᠤᠨᠤᠭ᠎ᠠ ᠪᠡᠯᠡᠳᠬᠡᠭᠦᠯ ᠭᠡᠵᠦ ᠪᠣᠭᠤᠷᠴᠢ ᠲᠤᠰᠢᠶᠠᠯ᠎ᠠ᠃ ᠬᠡᠲᠡ ᠬᠠᠷᠠᠩᠭ᠎ᠠ ᠳᠡᠯᠡᠰᠴᠦ ᠭᠠᠳᠠᠨ᠎ᠠ ᠠ᠋ᠴᠠ ᠣᠷᠣᠵᠤ ᠢᠷᠡᠭᠰᠡᠨ ᠠᠯᠪᠠᠲᠤ ᠳ᠋ᠤ᠌ ᠲᠤᠰᠢᠶᠠᠯ ᠥᠭᠭᠦᠭᠡᠳ ᠲᠡᠭᠦᠨ ᠢ᠋᠄ 
       — ᠵᠠ᠂ ᠶᠣᠰᠣᠭᠠᠷ ᠪᠣᠯᠭᠠᠶ᠎ᠠ ᠭᠡᠳ ᠭᠠᠷᠤᠮᠠᠭᠴᠠ ᠡᠮᠦᠨᠡᠬᠢ ᠲᠠᠭᠱᠠᠨ ᠲᠠᠢ ᠪᠠᠨ ᠪᠣᠭᠤᠷᠴᠢ ᠳ᠋ᠤ᠌ ᠪᠠᠷᠢᠵᠤ᠂ ᠥᠪᠡᠷ ᠢ᠋ᠶ᠋ᠡᠨ ᠪᠠᠰᠠ ᠠᠪᠤᠭᠠᠳ ᠶᠡᠬᠡᠳᠡ ᠤᠷᠲᠤ ᠪᠠᠷ ᠰᠠᠨᠠᠭ᠎ᠠ ᠠᠯᠳᠠᠵᠤ᠄ 
       — ᠴᠢ ᠪᠢᠳᠡ ᠬᠣᠶᠠᠷ ᠬᠡᠷᠦᠯᠦᠨ ᠦ᠌ ᠰᠠᠪᠠ ᠭᠠᠵᠠᠷ ᠲᠥᠷᠥᠵᠦ ᠦᠰᠦᠨ ᠪᠠᠭ᠎ᠠ ᠵᠠᠯᠠᠭᠤ ᠨᠠᠰᠤ ᠪᠠᠨ ᠲᠡᠨᠳᠡ ᠥᠩᠭᠡᠷᠡᠭᠦᠯᠦᠭᠰᠡᠨ᠃ ᠥᠨᠥ ᠡᠨᠳᠡ᠂ ᠲᠡᠭᠡᠭᠡᠳ ᠬᠡᠷᠦᠯᠦᠨ ᠨᠤᠲᠤᠭ ᠢ᠋ᠶ᠋ᠠᠨ ᠰᠠᠨᠠᠭᠠᠯᠵᠠᠨ ᠰᠠᠭᠤᠬᠤ᠃ ᠬᠥᠮᠦᠨ ᠦ᠌ ᠬᠤᠪᠢ ᠲᠠᠪᠢᠯᠠᠩ ᠭᠡᠵᠦ ᠠ᠋᠃ ᠬᠣᠶᠠᠭᠤᠯᠠ ᠪᠠᠨ ᠨᠢᠭᠡ ᠪᠠᠯᠭᠤᠴᠢᠬᠠᠶ᠎ᠠ ᠳᠠ ᠭᠡᠪᠡ᠃ ᠪᠣᠭᠤᠷᠴᠢ ᠴᠦ᠍ ᠤᠷᠲᠤ ᠪᠠᠷ ᠰᠠᠨᠠᠭ᠎ᠠ ᠠᠯᠳᠠᠵᠤ《ᠬᠡᠷᠦᠯᠦᠨ᠂ ᠬᠡᠷᠦᠯᠦᠨ ᠭᠡᠵᠦ᠂ ᠦᠨᠡᠬᠡᠷ ᠮᠢᠨᠦ ᠰᠠᠨᠠᠭᠠᠨ ᠠ᠋ᠴᠠ ᠭᠠᠷᠳᠠᠭ ᠦᠭᠡᠢ ᠨᠡᠷ᠎ᠡ ᠤᠰᠤ ᠳᠠ》 ᠭᠡᠮᠡᠨ ᠨᠢᠯᠪᠤᠰᠤ ᠪᠥᠮᠪᠥᠷᠢᠭᠦᠯᠦᠭᠡᠳ ᠠᠯᠠᠭ᠎ᠠ ᠪᠠᠷ ᠢ᠋ᠶ᠋ᠠᠨ ᠱᠤᠳᠤᠷᠴᠤ ᠠᠷᠴᠢᠨ ᠬᠣᠭᠣᠯᠠᠢ ᠪᠠᠨ ᠵᠠᠰᠠᠵᠤ ᠴᠡᠭᠡᠵᠢ ᠪᠡᠨ ᠡᠷᠭᠦᠨ ᠴᠡᠭᠡ ᠰᠠᠭᠤᠭᠠᠳ᠄  
            ᠬᠡᠷᠦᠯᠦᠨ ᠦ᠌ ᠪᠠᠷᠢᠶ᠎ᠠ ᠠᠬᠠᠢ ᠯᠠ ᠮᠢᠨᠦ ᠵᠧ 
            ᠬᠥᠭᠡᠷᠴᠦ ᠯᠡ ᠬᠠᠷᠠᠭᠳᠠᠨᠠᠮ ᠵᠧ  
            ᠬᠥᠭᠡᠷᠦᠬᠦᠢ ᠪᠢᠴᠢᠬᠠᠨ ᠲᠡᠷᠡ ᠮᠢᠨᠢ᠂ ᠠᠬᠠᠢ ᠯᠠ ᠮᠢᠨᠦ ᠵᠧ  
            ᠲᠡᠭᠦᠨ ᠦ᠌ ᠲᠡᠨᠳᠡ ᠰᠠᠭᠤᠳᠠᠭ ᠰᠠᠨ ᠪᠢᠯᠢᠤ ᠳᠧ 
            ᠬᠥᠭᠡᠷᠴᠦ ᠬᠠᠷᠠᠭᠳᠠᠬᠤ ᠠᠬᠠᠢ ᠯᠠ ᠮᠢᠨᠦ ᠵᠧ  
            ᠬᠥᠭᠡᠷᠦᠬᠦᠢ ᠮᠢᠨᠦ ᠨᠤᠲᠤᠭ 
            ᠬᠥᠭᠡᠷᠦᠬᠦᠢ ᠯᠡ ᠪᠢᠴᠢᠬᠠᠨ ᠲᠡᠷᠡ ᠮᠢᠨᠢ᠂ ᠠᠬᠠᠢ ᠯᠠ ᠮᠢᠨᠦ ᠵᠧ  
            ᠰᠤᠷᠠᠭᠯᠠᠨ ᠳᠤᠷᠠᠰᠴᠤ ᠰᠠᠭᠤᠳᠠᠭ ᠰᠠᠨ ᠪᠢᠯᠢᠤ ᠵᠧ ᠭᠡᠵᠦ ᠤᠷᠲᠤ ᠶ᠋ᠢᠨ ᠤᠶᠠᠩᠭ᠎ᠠ ᠲᠠᠢ ᠠᠶᠠᠯᠭᠤ ᠪᠠᠷ ᠰᠢᠷᠤᠩᠬᠠᠢᠯᠠᠵᠤ ᠳᠠᠭᠤᠯᠠᠨ ᠳᠠᠭᠤᠰᠤᠭᠠᠳ《ᠵᠠ ᠬᠦ᠂ ᠮᠣᠷᠳᠠᠭᠠᠳ ᠵᠢᠲᠠᠢ ᠳ᠋ᠤ᠌ ᠵᠢᠷᠢᠢᠯᠭᠡᠭᠡᠳ ᠣᠴᠢᠶ᠎ᠠ ᠳᠠ》 ᠭᠡᠵᠦ ᠠᠮᠠᠨ ᠳ᠋ᠠᠭᠠᠨ ᠭᠠᠭᠴᠠᠭᠠᠷ ᠪᠤᠪᠠᠲᠤᠨᠠᠨ ᠲᠠᠭᠱᠠ ᠲᠠᠢ ᠶ᠋ᠢ ᠡᠷᠭᠦᠬᠦᠢ ᠳ᠋ᠦ᠍ ᠬᠡᠲᠡ ᠴᠦ᠍ ᠪᠠᠰᠠ ᠡᠷᠭᠦᠵᠦ ᠬᠣᠶᠠᠭᠤᠯᠠ ᠰᠢᠮᠡᠬᠦᠢ ᠰᠡᠳᠬᠢᠯ ᠨᠢ ᠬᠥᠳᠡᠯᠦᠭᠰᠡᠨ ᠪᠠᠢᠷᠢ ᠲᠠᠢ ᠡᠪᠦᠳᠦᠭ ᠢ᠋ᠶ᠋ᠡᠨ ᠠᠯᠠᠭᠠᠳᠠᠪᠠ᠃ ᠰᠠᠶᠢᠬᠢ ᠡᠨᠡ ᠳᠠᠭᠤᠤ ᠶ᠋ᠢ ᠬᠡᠵᠢᠶ᠎ᠡ ᠬᠡᠨ ᠭᠠᠷᠭᠠᠭᠰᠠᠨ ᠶᠤᠮ ᠪᠣᠢ? ᠬᠠᠶᠠ ᠨᠢᠭᠡ ᠵᠢᠭᠠᠬᠠᠨ ᠬᠠᠯᠠᠮᠴᠠᠬᠤ ᠳ᠋ᠠᠭᠠᠨ ᠯᠠ ᠪᠤᠭᠤᠷᠴᠢ ᠳᠠᠭᠤᠯᠠᠳᠠᠭ ᠢ᠋ ᠬᠡᠲᠡ ᠮᠡᠳᠡᠨ᠎ᠡ᠃ 
       — ᠡᠨᠡ ᠰᠠᠢᠬᠠᠨ ᠳᠠᠭᠤᠤ ᠶ᠋ᠢ ᠴᠢ ᠯᠡ ᠳᠠᠭᠤᠯᠠᠬᠤ᠂ ᠥᠭᠡᠷ᠎ᠡ ᠬᠥᠮᠦᠨ ᠳᠠᠭᠤᠯᠠᠬᠤ ᠦᠭᠡᠢ ᠶᠦᠮ᠃ ᠶᠠᠭᠠᠬᠢᠭᠠᠳ ᠲᠡᠷᠡ ᠪᠣᠢ?  ᠭᠡᠵᠦ ᠬᠡᠲᠡ ᠠᠰᠠᠭᠤᠪᠠᠰᠤ᠄ 
       — ᠶᠠᠭᠠᠬᠢᠬᠤ ᠪᠣᠢ ᠳᠠ᠂ ᠬᠡᠷᠦᠯᠦᠨ ᠦ᠌ ᠬᠥᠪᠡᠭᠡ ᠪᠡᠷ ᠶᠠᠪᠤᠵᠤ ᠪᠠᠢᠭᠰᠠᠨ ᠪᠣᠯᠤᠭᠠᠳ ᠯᠠ ᠲᠡᠷᠡ᠃  
     《ᠲᠡᠢᠮᠦ ᠠ᠋᠂ ᠨᠡᠭᠡᠷᠡᠨ ᠯᠡ ᠬᠡᠷᠦᠯᠦᠨ ᠦ᠌ ᠬᠥᠪᠡᠭᠡ ᠪᠡᠷ ᠁》 ᠭᠡᠵᠦ ᠥᠪᠡᠷ ᠢ᠋ᠶ᠋ᠡᠨ ᠥᠪᠡᠷᠲᠡᠭᠡᠨ ᠬᠡᠯᠡᠭᠡᠳ᠄  
       — ᠪᠢ ᠯᠡ ᠳᠠᠭᠤᠯᠠᠮᠠᠷ᠂ ᠮᠢᠨᠦ ᠳᠠᠭᠤᠯᠠᠬᠤ ᠭᠡᠵᠦ ᠶᠠᠭᠤ ᠪᠠᠢᠬᠤ ᠪᠣᠢ ᠂《ᠬᠥᠭᠰᠢᠨ ᠠᠵᠢᠷᠭ᠎ᠠ ᠵᠢᠷᠣᠭ᠎ᠠ ᠰᠤᠷᠬᠤ》 ᠭᠡᠭᠴᠢ ᠰᠢᠭ ᠶᠠᠭᠤᠮ᠎ᠠ ᠪᠣᠯᠤᠨ᠎ᠠ᠃ ᠥᠨᠥ ᠲᠠᠪᠢ ᠬᠦᠷᠬᠦ ᠭᠡᠵᠦ ᠶᠠᠪᠤᠵᠤ᠂ ᠭᠡᠳ《ᠡᠨᠡ ᠪᠤᠭᠤᠷᠴᠢ ᠲᠠᠢ ᠯᠠ ᠬᠣᠯᠪᠣᠭᠠᠲᠠᠢ ᠳᠠᠭᠤᠤ ᠶᠤᠮ ᠳᠠ᠃ ᠵᠥᠪᠬᠡᠨ ᠴᠦ᠍ ᠬᠡᠷᠦᠯᠦᠨ ᠭᠣᠣᠯ ᠪᠢᠰᠢ᠂ ᠴᠠᠭᠠᠨ᠎ᠠ ᠨᠢ ᠨᠢᠭᠡ ᠪᠦᠰᠡᠭᠦᠢ ᠬᠥᠮᠦᠨ ᠯᠡ ᠪᠠᠢᠬᠤ ᠰᠢᠭ᠋》 ᠭᠡᠮᠡᠨ ᠪᠣᠳᠣᠵᠤ ᠰᠠᠭᠤᠲᠠᠯ᠎ᠠ ᠭᠠᠳᠠᠨ᠎ᠠ ᠠ᠋ᠴᠠ ᠬᠠᠷᠠᠭᠤᠯ ᠤ᠋ᠨ ᠳᠠᠷᠤᠭ᠎ᠠ ᠣᠷᠣᠵᠤ ᠢᠷᠡᠵᠦ᠄ 
       — ᠬᠦᠯᠦᠭ ᠮᠣᠷᠢᠳ ᠪᠡᠯᠡᠨ ᠪᠣᠯᠤᠯ᠎ᠠ ᠭᠡᠪᠡ᠃ ᠪᠣᠭᠣᠷᠴᠢ《ᠤᠨᠤᠭ᠎ᠠ ᠪᠡᠯᠡᠨ ᠪᠣᠯᠤᠭᠰᠠᠨ ᠪᠣᠯ ᠶᠠᠪᠤᠶ᠎ᠠ ᠭᠡᠳ》 ᠪᠣᠰᠬᠤᠢ ᠬᠡᠲᠡ ᠴᠦ᠍ ᠪᠠᠰᠠ ᠪᠣᠰᠬᠤ ᠳ᠋ᠠᠭᠠᠨ᠄ 
       — ᠮᠥᠨ ᠴᠦ᠍ ᠳᠣᠬᠢ ᠦᠭᠡᠢ᠂ ᠬᠣᠵᠢᠮ ᠨᠢᠭᠡ ᠳᠣᠬᠢ ᠲᠣᠭ᠎ᠠ ᠲᠠᠢ ᠢᠷᠡᠬᠦ ᠪᠠᠢᠭ᠎ᠠ ᠭᠡᠵᠦ ᠦᠭᠡᠯᠡᠭᠰᠡᠭᠡᠷ ᠳᠠᠭᠠᠯᠳᠤᠨ ᠭᠠᠷᠪᠠ᠃ ᠭᠠᠳᠠᠭ᠎ᠠ ᠮᠣᠷᠢᠳ ᠪᠠᠷᠢᠭᠰᠠᠨ ᠳᠠᠭᠠᠯᠲᠠ᠂ ᠴᠠᠭᠠᠨ᠎ᠠ ᠨᠢ ᠬᠠᠮᠠᠭᠠᠯᠠᠯᠲᠠ ᠶ᠋ᠢᠨ ᠬᠡᠳᠦᠨ ᠴᠡᠷᠢᠭ ᠵᠢᠭᠰᠠᠨ ᠵᠣᠭᠰᠣᠵᠤ᠂ ᠭᠤᠷᠪᠠᠨ ᠬᠦᠨᠳᠦᠲᠡᠢ ᠬᠥᠮᠦᠨ ᠮᠣᠷᠢᠨ ᠳ᠋ᠠᠭᠠᠨ ᠵᠠᠯᠠᠷᠠᠵᠤ ᠵᠡᠭᠦᠨ ᠬᠣᠢᠲᠤ ᠵᠦᠭ ᠢ᠋ ᠵᠦᠭᠯᠡᠨ ᠬᠠᠲᠠᠷᠢᠭᠤᠯᠪᠠ᠃ 
       ᠠᠷᠤ ᠠ᠋ᠴᠠ ᠨᠢ ᠵᠠᠭᠤᠭᠠᠳ ᠠᠯᠬᠤᠮ ᠤ᠋ᠨ ᠵᠠᠢ ᠲᠠᠢ ᠳᠠᠭᠠᠯᠲᠠ ᠴᠡᠷᠢᠭ ᠦ᠋ᠳ ᠪᠠᠰᠠ ᠬᠠᠲᠠᠷᠢᠭᠤᠯᠤᠨ᠎ᠠ᠃ ᠠᠯᠤᠰ ᠲᠡᠷᠲᠡᠭᠡ ᠵᠡᠭᠦᠨ ᠬᠣᠢᠲᠤ ᠵᠦᠭ ᠲᠦ᠍ ᠰᠢᠷᠭᠠᠯ ᠬᠥᠨᠳᠡᠢ ᠶ᠋ᠢᠨ ᠴᠢᠨᠠᠳᠤ ᠳ᠋ᠤ᠌ ᠴᠡᠩᠬᠡᠷ ᠠᠭᠤᠯᠠᠰ ᠦᠷᠭᠦᠯᠵᠢᠯᠡᠨ ᠰᠤᠨᠵᠤ ᠵᠡᠭᠦᠨ ᠭᠠᠷ ᠲᠤ᠌ ᠭᠣᠪᠢᠷᠬᠠᠭ ᠶᠡᠬᠡ ᠲᠠᠯ᠎ᠠ᠂ ᠬᠤᠸᠠ ᠬᠥᠪᠡᠭᠡ᠂ ᠨᠢᠳᠦ ᠰᠤᠩᠭᠠᠨ ᠳᠣᠯᠭᠢᠶᠠᠳᠠᠨ ᠦᠷᠭᠦᠯᠵᠢᠯᠡᠬᠦ ᠠᠪᠠᠢ᠃ ᠡᠮᠦᠨᠡᠭᠦᠷ ᠨᠢ ᠬᠥᠨᠳᠡᠯᠢᠳᠦᠭᠰᠡᠨ ᠬᠡᠰᠡᠭ ᠬᠠᠷ᠎ᠠ ᠰᠡᠭᠦᠯᠲᠦ ᠭᠥᠷᠥᠭᠡᠰᠦ ᠪᠠᠷᠠᠭᠤᠨ ᠬᠣᠢᠲᠤ ᠵᠦᠭ ᠢ᠋ ᠴᠢᠭᠯᠡᠨ ᠬᠡᠷᠦᠵᠦ ᠳᠠᠪᠬᠢᠨ ᠴᠠᠭᠠᠨ ᠲᠣᠭᠣᠰᠣ ᠪᠤᠵᠢᠭᠢᠨᠠᠭᠤᠯᠤᠨ ᠥᠩᠭᠡᠷᠡᠬᠦᠢ᠃ 
       — ᠵᠠᠪ ᠲᠠᠢ ᠰᠠᠨ ᠪᠣᠯ ᠬᠣᠶᠠᠷ ᠢ᠋ ᠨᠢ ᠠᠪᠤᠭᠠᠳ ᠦᠯᠡᠳᠡᠮᠡᠷ ᠰᠠᠢᠬᠠᠨ ᠠᠮᠢᠲᠠᠳ ᠰᠠᠨ ᠠᠵᠢ ᠭᠡᠮᠡᠨ ᠪᠣᠭᠣᠷᠴᠢ ᠳᠡᠰ ᠳᠡᠰ ᠬᠥᠬᠥᠷᠡᠨ ᠬᠡᠯᠡᠪᠡ᠃ 
       — ᠬᠡᠷᠪᠡ ᠲᠡᠷᠡ ᠪᠠᠷᠠᠭᠤᠨ ᠬᠣᠢᠲᠤ ᠠᠯᠤᠰ ᠤ᠋ᠨ ᠮᠢᠷᠠᠨ ᠳ᠋ᠤ᠌ ᠬᠦᠷᠪᠡᠯ᠂ ᠲᠡᠨᠳᠡ ᠬᠠᠷ᠎ᠠ ᠰᠡᠭᠦᠯᠲᠦ ᠴᠠᠭᠠᠨ ᠵᠡᠭᠡᠷ᠎ᠡ᠂ ᠪᠥᠬᠥᠩ᠂ ᠬᠤᠯᠠᠨ ᠶᠠᠭᠤᠮ᠎ᠠ ᠶᠠᠭᠤᠮ᠎ᠠ ᠯᠠ ᠪᠣᠢ᠃ ᠳᠠᠩᠴᠤ ᠴᠦᠯ᠂ ᠠᠢᠯ ᠲᠤᠩ ᠴᠥᠭᠡᠨ᠃ ᠬᠤᠳᠳᠤᠭ ᠲᠦᠰᠢᠭᠰᠡᠨ ᠬᠡᠳᠦᠬᠡᠨ ᠮᠠᠯ ᠴᠥᠭᠡᠨ ᠲᠡᠢ ᠠᠢᠯ ᠪᠠᠢᠳᠠᠭ ᠶᠤᠮ ᠪᠢᠯᠡ᠃ ᠤᠰᠤ ᠣᠨᠳᠣᠷᠭ᠎ᠠ᠂ ᠪᠤᠯᠠᠭ ᠱᠠᠩᠳᠠ ᠲᠠᠢ ᠪᠣᠯ ᠮᠥᠨ ᠴᠦ᠍ ᠰᠠᠢᠬᠠᠨ ᠨᠤᠲᠤᠭ ᠳᠠ ᠭᠡᠵᠦ ᠬᠡᠲᠡ ᠬᠡᠯᠡᠯ᠎ᠡ᠃ 
       — ᠨᠠᠮᠤᠷ ᠰᠡᠷᠢᠭᠦᠦ ᠣᠷᠣᠬᠤ ᠪᠠᠷ ᠲᠡᠨᠳᠡ ᠡᠴᠡ ᠴᠢ ᠡᠪᠦᠯ ᠦ᠋ᠨ ᠢ᠋ᠶ᠋ᠡᠨ ᠬᠣᠭᠣᠯᠠ ᠶ᠋ᠢ ᠪᠡᠯᠡᠳᠬᠡᠬᠦ ᠶᠦᠮ ᠪᠠᠢᠨ᠎ᠠ ᠳᠠ ᠭᠡᠵᠦ ᠪᠣᠭᠣᠷᠴᠢ ᠶ᠋ᠢ ᠥᠭᠦᠯᠡᠬᠦ ᠳ᠋ᠦ᠍᠄ 
       — ᠰᠠᠨᠠᠭ᠎ᠠ ᠪᠣᠢ ᠭᠡᠵᠦ ᠴᠠᠭᠠᠳᠤᠬᠢ ᠨᠢ ᠬᠡᠯᠡᠭᠡᠳ ᠬᠡᠰᠡᠭ ᠴᠢᠮᠡᠭᠡ ᠦᠭᠡᠢ ᠬᠠᠲᠠᠷᠢᠭᠤᠯᠪᠠ᠃ 
       ᠡᠢᠨᠬᠦ ᠡᠨᠡ ᠲᠡᠷᠡ ᠶ᠋ᠢ ᠶᠠᠷᠢᠯᠴᠠᠨ ᠶᠠᠪᠤᠲᠠᠯ᠎ᠠ ᠨᠢᠭᠡ ᠮᠡᠳᠡᠬᠥᠨ᠎ᠡ ᠵᠢᠲᠠᠢ ᠥᠪᠡᠷ ᠢ᠋ᠶ᠋ᠡᠨ ᠳᠠᠭᠠᠭᠤᠯ ᠤ᠋ᠳ ᠲᠠᠢ ᠪᠠᠨ ᠤᠭᠲᠤᠨ ᠢᠷᠡᠵᠦ ᠨᠠᠢᠷᠰᠠᠭ ᠠᠭᠤᠯᠵᠠᠯᠳᠤᠨ ᠦᠳᠡᠰᠢ ᠲᠡᠭᠦᠨ ᠦ᠌ ᠵᠡᠬᠡᠭᠰᠡᠨ ᠥᠷᠥᠭᠡ ᠭᠡᠷ ᠲᠦ᠍ ᠨᠠᠢᠷᠯᠠᠨ ᠬᠣᠨᠣᠭᠯᠠᠵᠤ᠂ ᠥᠷᠯᠥᠭᠡ ᠪᠠᠶᠠᠨ ᠠᠭᠤᠯᠠᠨ ᠳ᠋ᠤ᠌ ᠭᠠᠷᠪᠠ᠃ ᠪᠠᠶᠠᠨ ᠠᠭᠤᠯᠠ ᠬᠣᠶᠠᠷ ᠲᠠᠯ᠎ᠠ ᠳ᠋ᠠᠭᠠᠨ ᠠᠮᠠ ᠨᠤᠭᠤᠴᠠᠭ᠎ᠡ᠂ ᠡᠪᠦᠯᠵᠢᠶ᠎ᠡ ᠥᠳᠥᠭ᠂ ᠤᠰᠤ ᠤᠨᠳᠤᠷᠤᠭ᠎ᠠ ᠣᠯᠠᠨ ᠲᠠᠢ ᠤᠷᠲᠤᠰᠢ ᠪᠠᠨ ᠭᠤᠴᠢ ᠭᠠᠷᠤᠢ᠂ ᠥᠷᠭᠡᠰᠢ ᠪᠡᠨ ᠬᠣᠷᠢ ᠰᠢᠬᠠᠮ ᠮᠣᠳᠣ ᠭᠠᠵᠠᠷ ᠢ᠋ ᠡᠵᠡᠯᠡᠭᠰᠡᠨ ᠡᠷᠭᠢᠨ ᠲᠣᠭᠣᠷᠢᠨ ᠳ᠋ᠠᠭᠠᠨ ᠭᠤᠴᠢᠭᠠᠳ ᠡᠷᠦᠬᠡ ᠠᠢᠯ ᠤ᠋ᠨ ᠡᠪᠦᠯᠵᠢᠶ᠎ᠡ ᠲᠡᠢ᠂ ᠨᠣᠶᠠᠨ ᠣᠷᠭᠢᠯ ᠳ᠋ᠠᠭᠠᠨ ᠬᠦᠨᠳᠦᠲᠡᠢ ᠲᠠᠬᠢᠯᠭ᠎ᠠ ᠣᠪᠣᠭ᠎ᠠ ᠪᠦᠬᠦᠢ ᠦᠨᠡᠬᠡᠷ ᠰᠠᠢᠬᠠᠨ ᠬᠠᠩᠭᠠᠢ ᠠᠵᠢ᠃ 
       ᠡᠯ᠎ᠡ ᠬᠠᠩᠭᠠᠢ ᠳ᠋ᠤ᠌ ᠲᠠᠬᠢᠯᠭ᠎ᠠ ᠡᠷᠭᠦᠭᠡᠳ ᠪᠤᠭᠤᠷᠴᠢ ᠣᠪᠣᠭᠠᠨ ᠤ᠋ ᠡᠮᠦᠨ᠎ᠡ ᠤᠷᠤᠭᠰᠢ ᠬᠠᠷᠠᠨ ᠵᠠᠪᠢᠯᠠᠨ ᠰᠠᠭᠤᠵᠤ ᠨᠥᠭᠦᠭᠡ ᠬᠣᠶᠠᠷ ᠥᠭᠡᠳᠡ ᠡᠴᠡ ᠨᠢ ᠬᠠᠷᠠᠨ ᠰᠥᠬᠥᠷᠡᠪᠡ᠃ 
       — ᠬᠡᠨ ᠥᠴᠢᠭ ᠥᠭᠬᠦ ᠪᠣᠢ?  ᠭᠡᠮᠡᠨ ᠠᠰᠠᠭᠤᠪᠠᠰᠤ᠄ 
       — ᠵᠠ᠂ ᠪᠢ ᠥᠭᠭᠦᠶ᠎ᠡ ᠭᠡᠵᠦ ᠵᠢᠲᠠᠢ ᠡᠬᠢᠯᠡᠨ ᠬᠡᠯᠡᠬᠦᠢ᠄ 
       — ᠬᠡᠯᠡᠭᠲᠦᠨ! ᠬᠡᠮᠡᠪᠡ᠃ 
       — ᠡᠵᠡᠨ ᠴᠢᠩᠭᠢᠰ ᠦ᠋ᠨ ᠵᠠᠷᠯᠢᠭ ᠢ᠋ᠶ᠋ᠠᠷ ᠤᠷᠢᠳᠤ ᠶ᠋ᠢᠨ ᠨᠠᠢ᠍ᠮᠠᠨ ᠤᠯᠤᠰ ᠤ᠋ᠨ ᠪᠣᠢᠷᠣᠭ ᠬᠠᠨ ᠤ᠋ ᠵᠠᠬᠢᠷᠭᠠᠨ ᠤ᠋ ᠮᠢᠩᠭᠠᠢ ᠨᠣᠶᠠᠨ ᠤ᠋ ᠵᠠᠬᠢᠷᠴᠤ ᠪᠠᠢᠭᠰᠠᠨ ᠭᠠᠵᠠᠷ ᠨᠤᠲᠤᠭ ᠢ᠋ ᠪᠠᠷᠤᠭ ᠪᠦᠬᠦᠯᠢ ᠳ᠋ᠦ᠍ᠨᠢ ᠲᠠᠲᠠᠲᠤᠩᠭ᠎ᠠ ᠲᠦᠰᠢᠮᠡᠯ ᠢᠷᠡᠵᠦ ᠨᠠᠳᠠ ᠣᠨᠣᠭᠳᠠᠭᠤᠯᠤᠭᠰᠠᠨ ᠪᠢᠯᠡ᠃ ᠴᠢᠩᠭᠢᠲᠡᠯ᠎ᠡ ᠡᠨᠡ ᠬᠡᠲᠡ《ᠬᠥᠮᠦᠨ ᠠᠮᠠ ᠶ᠋ᠢᠨ ᠲᠣᠭ᠎ᠠ ᠮᠢᠩᠭᠠᠲᠤ ᠳ᠋ᠤ᠌ ᠬᠦᠷᠬᠦ ᠦᠭᠡᠢ ᠪᠠᠢᠨ᠎ᠠ᠃  ᠡᠢᠲᠠᠢ (ᠮᠢᠩᠭᠠᠲᠤ) ᠶ᠋ᠢᠨ ᠬᠥᠮᠦᠨ ᠠᠮᠠ ᠢᠯᠡᠭᠦᠦ ᠤᠴᠢᠷ ᠡᠭᠦᠨ ᠡᠴᠡ ᠲᠡᠩᠴᠡᠭᠦᠯᠵᠦ ᠠᠯᠢ》 ᠭᠡᠰᠡᠨ ᠳ᠋ᠦ᠍ ᠲᠦᠰᠢᠮᠡᠯ《ᠡᠨᠡ ᠠᠭᠤᠯᠠ ᠶ᠋ᠢ ᠬᠥᠮᠦᠨ ᠲᠡᠢ ᠨᠢ ᠬᠡᠲᠡ ᠳ᠋ᠦ᠍ ᠥᠭ!》 ᠬᠡᠮᠡᠭᠰᠡᠨ ᠢ᠋ ᠪᠢ《ᠡᠨᠡ ᠪᠠᠶᠠᠨ ᠠᠭᠤᠯᠠ ᠮᠢᠩᠭᠠᠢ ᠶ᠋ᠢᠨ ᠬᠠᠷᠢᠶᠠᠨ ᠤ᠋ ᠭᠠᠵᠠᠷ ᠲᠤᠯᠠ ᠨᠠᠳᠠ ᠳ᠋ᠤ᠌ ᠦᠯᠡᠳᠡᠬᠦ ᠶᠣᠰᠣ ᠲᠠᠢ》 ᠭᠡᠵᠦ ᠮᠥᠴᠡᠭᠡᠷᠬᠡᠪᠡᠰᠦ ᠲᠡᠷᠡ ᠪᠡᠷ《ᠪᠠᠷᠠᠭᠤᠨ ᠭᠠᠷ ᠤ᠋ᠨ ᠵᠠᠬᠢᠷᠤᠭᠴᠢ ᠪᠤᠭᠤᠷᠴᠢ ᠪᠠᠷ ᠰᠢᠢᠳᠦᠭᠦᠯ!》 ᠭᠡᠰᠡᠨ ᠶᠣᠰᠣᠭᠠᠷ ᠲᠠᠨ ᠳ᠋ᠤ᠌ ᠬᠠᠨᠳᠤᠵᠤ ᠪᠠᠢᠭ᠎ᠠ ᠶᠤᠮ᠃ ᠲᠠᠨ ᠠ᠋ᠴᠠ ᠪᠠᠶᠠᠨ ᠠᠭᠤᠯᠠ ᠶ᠋ᠢ ᠨᠠᠳᠠ ᠦᠯᠡᠳᠡᠭᠡᠬᠦ ᠶ᠋ᠢ ᠬᠦᠰᠡᠵᠦ ᠪᠠᠢᠨ᠎ᠠ ᠭᠡᠪᠡ᠃ ᠨᠥᠭᠦᠭᠡ ᠬᠡᠲᠡ ᠶ᠋ᠢᠨ ᠥᠴᠢᠭᠰᠡᠨ ᠨᠢ᠄ 
       — ᠬᠠᠭᠠᠨ ᠤ᠋ ᠲᠦᠰᠢᠮᠡᠯ ᠦ᠋ᠨ ᠪᠠᠶᠠᠨ ᠠᠭᠤᠯᠠ ᠶ᠋ᠢ ᠨᠠᠳᠠ ᠰᠢᠯᠵᠢᠭᠦᠯᠦᠨ ᠥᠭ ᠭᠡᠰᠡᠨ ᠲᠤᠰᠢᠶᠠᠯ ᠪᠡᠶᠡᠯᠡᠬᠦ ᠶᠣᠰᠣ ᠲᠠᠢ ᠭᠡᠪᠡ᠃ 
       — ᠡᠨᠡ ᠨᠤᠲᠤᠭ ᠤᠭ ᠠ᠋ᠴᠠ ᠮᠢᠨᠦᠬᠢ᠂ ᠮᠢᠩᠭᠠᠨ ᠢ᠋ ᠵᠠᠬᠢᠷᠴᠤ ᠪᠠᠢᠭᠰᠠᠨ ᠢᠷᠭᠡᠨ᠂ ᠨᠤᠲᠤᠭ ᠢ᠋ ᠨᠠᠳᠠ ᠥᠭᠭᠦᠭᠰᠡᠨ ᠁ 
       — ᠵᠢᠲᠠᠢ ᠴᠢ ᠰᠣᠨᠣᠰ᠂ ᠴᠢ ᠪᠢᠳᠡ  ᠭᠤᠴᠢ ᠰᠢᠬᠠᠮ ᠵᠢᠯ ᠬᠠᠭᠠᠨ ᠲᠥᠷᠥ ᠶ᠋ᠢ ᠮᠠᠨᠳᠤᠭᠤᠯᠬᠤ ᠬᠡᠷᠡᠭ ᠲᠦ᠍ ᠬᠦᠴᠦᠨ ᠵᠢᠳᠬᠦᠵᠦ ᠣᠯᠠᠨ ᠴᠥᠭᠡᠨ ᠴᠡᠷᠢᠭ ᠢ᠋ ᠵᠠᠬᠢᠷᠴᠤ ᠲᠡᠢᠨ ᠪᠠᠢᠯᠳᠤᠭᠠᠨ ᠬᠢᠵᠦ ᠶᠠᠪᠤᠭᠰᠠᠨ ᠠ᠋ᠴᠠ ᠪᠢᠰᠢ᠂ ᠠᠷᠠᠳ ᠢᠷᠭᠡᠳ ᠢ᠋ ᠵᠠᠬᠢᠷᠴᠤ ᠭᠠᠵᠠᠷ ᠨᠤᠲᠤᠭ ᠡᠵᠡᠯᠡᠨ ᠶᠠᠪᠤᠭᠰᠠᠨ ᠤᠳᠠᠭ᠎ᠠ ᠦᠭᠡᠢ᠃ ᠬᠠᠷᠢᠨ ᠪᠢᠳᠡᠨ ᠳ᠋ᠦ᠍ ᠠᠯᠪᠠᠨ ᠳ᠋ᠤ᠌ ᠡᠭᠡᠯᠵᠢ ᠬᠠᠯᠠᠭ᠎ᠠ ᠦᠭᠡᠢ ᠵᠢᠳᠬᠦᠳᠡᠭ ᠢ᠋ ᠬᠠᠷᠠᠭᠠᠯᠵᠠᠨ ᠡᠬᠡᠨᠡᠷ ᠬᠡᠦᠬᠡᠳ ᠢ᠋ ᠠᠰᠠᠷᠠᠵᠤ ᠬᠠᠯᠠᠮᠵᠢᠯᠠᠬᠤ᠂ ᠮᠠᠯ ᠰᠦᠷᠦᠭ ᠢ᠋ ᠮᠢᠨᠢ ᠠᠳᠤᠭᠤᠯᠠᠬᠤ ᠴᠥᠭᠡᠨ ᠬᠡᠳᠦᠨ ᠵᠠᠷᠤᠴᠠ ᠥᠭᠭᠦᠭᠰᠡᠨ ᠪᠣᠢ᠃ ᠡᠢᠮᠦ ᠡᠴᠡ ᠴᠢ ᠪᠢᠳᠡ ᠬᠡᠨ ᠮᠠᠨᠢ ᠴᠦ᠍ ᠠᠯᠢ ᠨᠢᠭᠡ ᠭᠠᠵᠠᠷ ᠨᠤᠲᠤᠭ ᠢ᠋《ᠮᠢᠨᠦᠬᠢ》 ᠭᠡᠬᠦ ᠠᠮᠠ ᠪᠠᠢᠬᠤ ᠦᠭᠡᠢ᠃ ᠬᠠᠷᠢᠨ ᠡᠳᠦᠭᠡ ᠡᠵᠡᠨ ᠡᠴᠡ ᠢᠪᠡᠭᠡᠵᠦ ᠬᠠᠢᠷᠠᠯᠠᠭᠰᠠᠨ ᠭᠠᠵᠠᠷ ᠨᠤᠲᠤᠭ ᠢ᠋ ᠬᠣᠢᠰᠢᠳᠠ《ᠮᠢᠨᠦᠬᠢ》 ᠭᠡᠵᠦ ᠬᠡᠯᠡᠵᠦ ᠪᠣᠯᠤᠨ᠎ᠠ᠃ ᠣᠳᠣ ᠪᠢ ᠴᠢᠩᠭᠢᠰ ᠬᠠᠭᠠᠨ ᠤ᠋ ᠲᠣᠮᠢᠯᠠᠭᠰᠠᠨ ᠮᠣᠩᠭᠣᠯ ᠤᠯᠤᠰ ᠤ᠋ᠨ ᠪᠠᠷᠠᠭᠤᠨ ᠭᠠᠷ ᠤ᠋ᠨ ᠵᠠᠬᠢᠷᠤᠭᠴᠢ ᠶ᠋ᠢᠨ ᠬᠤᠪᠢ ᠳ᠋ᠤ᠌ ᠲᠠ ᠬᠣᠶᠠᠷ ᠤ᠋ᠨ ᠮᠠᠷᠭᠤᠭᠠᠨ ᠢ᠋ ᠰᠢᠢᠳᠴᠦ ᠲᠠᠰᠤᠯᠤᠨ᠎ᠠ ᠬᠡᠮᠡᠭᠡᠳ ᠪᠣᠰᠴᠤ᠂ ᠡᠪᠦᠷ ᠡᠴᠡ ᠪᠡᠨ ᠠᠯᠲᠠᠨ ᠬᠡᠷᠦᠭᠡ ᠪᠡᠨ ᠭᠠᠷᠭᠠᠵᠤ ᠥᠭᠦᠯᠡᠷᠦᠨ᠄ 
       — ᠰᠣᠨᠣᠰᠤᠭᠲᠤᠨ! ᠡᠨᠡᠬᠦ ᠲᠠᠬᠢᠯᠭᠠᠲᠤ ᠣᠪᠣᠭᠠᠨ ᠠ᠋ᠴᠠ ᠬᠣᠶᠠᠷ ᠲᠡᠰᠢ ᠠᠭᠤᠯᠠ ᠶ᠋ᠢᠨ ᠬᠢᠷ᠎ᠠ ᠪᠠᠷ ᠬᠣᠶᠠᠷ ᠬᠢᠴᠢᠷ ᠦ᠋ᠨ ᠦᠵᠦᠭᠦᠷ ᠬᠦᠷᠲᠡᠯ᠎ᠡ ᠳᠠᠭᠠᠭᠤᠯᠤᠨ ᠬᠤᠪᠢᠶᠠᠵᠤ᠂ ᠠᠷᠤ ᠲᠠᠯ᠎ᠠ ᠶ᠋ᠢ ᠵᠢᠲᠠᠢ ᠳ᠋ᠤ᠌᠂ ᠥᠪᠥᠷ ᠲᠠᠯ᠎ᠠ ᠶ᠋ᠢ ᠬᠡᠲᠡ ᠳ᠋ᠦ᠍ ᠣᠯᠭᠣᠬᠤ᠂ ᠢᠷᠭᠡᠳ ᠨᠢ ᠨᠤᠲᠤᠭ ᠨᠤᠲᠤᠭ ᠲᠠᠭᠠᠨ ᠦᠯᠡᠳᠡᠨ ᠡᠵᠡᠭᠦᠢ ᠨᠤᠲᠤᠭ ᠠ᠋ᠴᠠ ᠵᠢᠲᠠᠢ ᠳ᠋ᠤ᠌ ᠲᠠᠰᠤᠯᠤᠨ ᠥᠭᠭᠦᠪᠡᠰᠦ ᠵᠣᠬᠢᠨ᠎ᠠ᠃ ᠰᠠᠬᠢᠲᠤᠭᠠᠢ! ᠮᠥᠷᠭᠥᠲᠦᠭᠡᠢ! ᠬᠡᠮᠡᠪᠡᠰᠦ ᠬᠡᠲᠡ᠄ 
       — ᠮᠥᠷᠭᠥᠶ᠎ᠡ᠂ ᠳᠠᠭᠠᠶ᠎ᠠ ᠭᠡᠮᠡᠨ ᠠᠯᠲᠠᠨ ᠬᠡᠷᠦᠭᠡ ᠳ᠋ᠦ᠍ ᠮᠥᠷᠭᠥᠪᠡ᠃ ᠵᠢᠲᠠᠢ ᠠᠭᠤᠷᠰᠠᠨ ᠰᠢᠷᠦᠭᠦᠨ ᠳᠦᠷᠢ ᠲᠡᠢ ᠪᠡᠷ᠄ 
       — ᠪᠢ ᠳᠠᠭᠠᠬᠤ ᠦᠭᠡᠢ᠃ ᠴᠢ ᠪᠤᠷᠤᠭᠤ ᠰᠢᠢᠳᠴᠦ ᠪᠠᠢᠨ᠎ᠠ ᠭᠡᠪᠡ᠃ 
       — ᠪᠢ ᠪᠤᠷᠤᠭᠤ ᠰᠢᠢᠳᠦᠭᠡ ᠦᠭᠡᠢ᠃ ᠬᠥᠮᠦᠨ ᠳᠤᠲᠠᠭᠤ ᠳ᠋ᠤᠨᠢ ᠬᠥᠮᠦᠨ ᠭᠠᠵᠠᠷ ᠥᠭᠭᠦᠯ᠎ᠡ᠃ ᠬᠥᠮᠦᠨ ᠢ᠋ᠶ᠋ᠡᠨ ᠭᠠᠵᠠᠷ ᠨᠢ ᠳᠠᠭᠠᠬᠤ ᠶᠣᠰᠣ᠃ ᠬᠥᠮᠦᠨ ᠪᠦᠷᠢᠨ᠂ ᠭᠠᠵᠠᠷ ᠳᠤᠲᠠᠭᠤ ᠲᠠᠢ ᠳ᠋ᠤᠨᠢ ᠭᠠᠵᠠᠷ ᠥᠭᠭᠦᠯ᠎ᠡ᠃ ᠵᠢᠲᠠᠢ ᠴᠢ ᠴᠢᠩᠭᠢᠰ ᠬᠠᠭᠠᠨ ᠳ᠋ᠤ᠌ ᠣᠴᠢᠵᠤ ᠪᠤᠷᠤᠭᠤ ᠵᠥᠪ ᠢ᠋ ᠲᠤᠭᠤᠯ᠃ ᠴᠢ ᠬᠠᠨ ᠳ᠋ᠤ᠌ ᠦᠷ᠎ᠡ ᠶ᠋ᠢ ᠨᠢ ᠠᠪᠤᠷᠠᠵᠤ᠂ ᠠᠮᠢ ᠶ᠋ᠢ ᠨᠢ ᠠᠪᠤᠭᠰᠠᠨ ᠤᠳᠠᠭ᠎ᠠ ᠲᠠᠢ᠃ ᠥᠨᠥ ᠬᠠᠨ ᠬᠦᠦ ᠲᠤᠯᠤᠢ ᠠᠷᠪᠠᠨ ᠳᠥᠷᠪᠡᠨ ᠨᠠᠰᠤ ᠬᠦᠷᠦᠭᠡᠳ ᠡᠰᠡᠨ ᠮᠡᠨᠳᠦ᠃ ᠬᠠᠨ ᠬᠦᠦ ᠶ᠋ᠢ ᠲᠠᠪᠤᠨ ᠨᠠᠰᠤ ᠲᠠᠢ ᠪᠠᠢᠬᠤ ᠳ᠋ᠤ᠌ ᠲᠠᠲ᠋ᠠᠷ ᠢ᠋ ᠰᠥᠨᠥᠭᠡᠵᠦ᠂ ᠬᠠᠷᠭᠢᠯ ᠰᠢᠷ᠎ᠠ ᠦᠰ ᠠᠪᠬᠤ ᠰᠠᠨᠠᠭ᠎ᠠ ᠠᠬᠤᠭᠤᠯᠵᠤ ᠬᠠᠭᠠᠨ ᠤ᠋ ᠬᠦᠷᠢᠶᠡᠨ ᠳ᠋ᠦ᠍ ᠣᠷᠣᠵᠤ ᠢᠷᠡᠭᠰᠡᠨ᠃ ᠢᠳᠡᠵᠦ ᠤᠤᠭᠤᠬᠤ ᠶᠠᠭᠤᠮ᠎ᠠ ᠭᠤᠶᠤᠬᠤ ᠳ᠋ᠤᠨᠢ ᠪᠣᠷᠣᠬᠤᠯ ᠤ᠋ᠨ ᠡᠬᠡᠨᠡᠷ ᠠᠯᠲᠠᠵᠢᠨ ᠢᠳᠡᠵᠦ ᠤᠤᠭᠤᠬᠤ ᠶᠠᠭᠤᠮ᠎ᠠ ᠥᠭᠭᠦᠭᠰᠡᠨ ᠪᠠᠢᠯ᠎ᠠ᠃ ᠶᠠᠭ ᠲᠡᠷᠡ ᠮᠥᠴᠡ ᠳ᠋ᠦ᠍ ᠲᠠᠪᠤᠨ ᠨᠠᠰᠤ ᠲᠠᠢ ᠲᠤᠯᠤᠢ ᠣᠷᠣᠵᠤ ᠢᠷᠡᠮᠡᠭᠴᠡ ᠬᠠᠷᠭᠢᠯ ᠰᠢᠷ᠎ᠠ ᠬᠦᠦ ᠶ᠋ᠢ ᠰᠢᠭᠦᠷᠡᠨ ᠠᠪᠴᠤ ᠰᠤᠭᠤᠨ ᠳ᠋ᠠᠭᠠᠨ ᠬᠠᠪᠴᠢᠭᠤᠯᠤᠭᠠᠳ ᠬᠢᠲᠤᠭ᠎ᠠ ᠪᠠᠨ ᠰᠤᠭᠤᠯᠬᠤ ᠬᠣᠭᠣᠷᠣᠨᠳᠣ ᠠᠯᠲᠠᠵᠢᠨ《ᠬᠦᠦ ᠶ᠋ᠢ ᠠᠯᠠᠯ᠎ᠠ᠂ ᠠᠪᠤᠷᠠ》 ᠭᠡᠵᠦ ᠬᠠᠰᠬᠢᠷᠴᠤ ᠭᠡᠷ ᠦ᠋ᠨ ᠠᠷᠤ ᠳ᠋ᠤ᠌ ᠦᠬᠡᠷ ᠲᠥᠬᠥᠭᠡᠷᠴᠦ ᠪᠠᠢᠭᠰᠠᠨ ᠵᠠᠯᠮ᠎ᠠ ᠲᠠ ᠬᠣᠶᠠᠷ ᠰᠦᠬᠡ ᠪᠡᠨ ᠪᠠᠷᠢᠵᠤ ᠢᠷᠡᠭᠡᠳ ᠬᠠᠨ ᠬᠦᠦ ᠳ᠋ᠦ᠍ ᠬᠢᠲᠤᠭ᠎ᠠ ᠬᠦᠷᠬᠦ ᠵᠠᠪᠰᠠᠷ ᠬᠠᠷᠭᠢᠯ ᠰᠢᠷ᠎ᠠ ᠶ᠋ᠢ ᠴᠣᠬᠢᠵᠤ ᠠᠯᠠᠭᠰᠠᠨ᠃ ᠬᠦᠦ ᠠᠪᠤᠷᠠᠭᠳᠠᠭᠰᠠᠨ᠃ ᠲᠠ ᠭᠤᠷᠪᠠ ᠬᠦᠦ ᠶ᠋ᠢ ᠠᠪᠤᠷᠠᠬᠤ ᠳ᠋ᠤ᠌ ᠬᠡᠨ ᠨᠢ ᠢᠯᠡᠭᠦᠦ ᠭᠠᠪᠢᠶᠠᠲᠠᠢ ᠶ᠋ᠢ ᠬᠠᠭᠠᠨ ᠳ᠋ᠤ᠌ ᠵᠠᠷᠭᠤᠯᠳᠤᠭᠰᠠᠨ᠃ ᠬᠠᠭᠠᠨ ᠲᠠ ᠭᠤᠷᠪᠠ ᠶ᠋ᠢ《ᠭᠠᠪᠢᠶᠠᠲᠠᠢ》 ᠭᠡᠳ ᠠᠯᠲᠠᠵᠢᠨ ᠳ᠋ᠤ᠌ ᠢᠯᠡᠭᠦᠦ ᠭᠠᠪᠢᠶ᠎ᠠ ᠣᠨᠣᠭᠠᠭᠰᠠᠨ᠃ ᠣᠳᠣ ᠪᠠᠰᠠ ᠵᠠᠷᠭᠤᠯᠳᠤ ᠳᠠ᠃ ᠬᠠᠭᠠᠨ ᠬᠦᠦ ᠪᠡᠨ ᠪᠣᠳᠣᠭᠠᠳ ᠴᠢᠮᠠᠲᠤ ᠪᠠᠶᠠᠨ ᠠᠭᠤᠯᠠ ᠶ᠋ᠢ ᠥᠭᠬᠦ ᠪᠣ᠌ᠢ᠎ᠡ ᠭᠡᠪᠡ᠃ ᠭᠤᠷᠪᠠᠨ ᠡᠲᠡᠭᠡᠳ ᠬᠡᠨ ᠨᠢ ᠴᠦ᠍ ᠦᠭᠡ ᠳᠤᠤᠭᠠᠷᠤᠯ ᠦᠭᠡᠢ ᠭᠦᠷᠯᠡᠢᠨ ᠵᠣᠭᠰᠣᠭᠠᠳ᠂ ᠪᠣᠭᠣᠷᠴᠢ᠄ 
       — ᠪᠢ ᠶᠠᠪᠤᠯ᠎ᠠ ᠭᠡᠳ ᠡᠷᠭᠢᠮᠡᠭᠴᠡ ᠵᠢᠲᠠᠢ᠄ 
       — ᠪᠣᠭᠣᠷᠴᠢ ᠠ᠋᠂ ᠪᠢ ᠳᠠᠭᠠᠶ᠎ᠠ ᠭᠡᠪᠡ᠃ ᠪᠣᠭᠤᠷᠴᠢ ᠡᠷᠭᠢᠵᠦ ᠠᠯᠲᠠᠨ ᠬᠡᠷᠦᠭᠡ ᠪᠡᠨ ᠡᠷᠭᠦᠵᠦ ᠬᠡᠲᠡ᠂ ᠵᠢᠲᠠᠢ ᠬᠣᠶᠠᠷ ᠡᠮᠦᠨ᠎ᠡ ᠨᠢ ᠰᠥᠭᠥᠳᠦᠨ ᠮᠥᠷᠭᠥᠪᠡᠢ᠃