ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 31> Хүлэг баатар буурч - Б. Өлзийсүрэн <Дөтгөр бүлэг-31>
ᠲᠥᠷᠥ ᠶ᠋ᠢᠨ ᠲᠡᠮᠦᠷ ᠲᠥᠰᠢᠶ᠎ᠡ ᠪᠣᠯᠵᠤ ᠳᠡᠭᠡᠳᠦᠰ ᠦ᠋ᠨ ᠵᠢᠩᠳᠠᠭᠠᠨ ᠳ᠋ᠤ᠌ ᠡᠩᠨᠡᠭᠰᠡᠨ ᠳᠥᠲᠥᠭᠡᠷ ᠪᠦᠯᠦᠭ
ᠭᠤᠴᠢᠨ ᠨᠢᠭᠡ
ᠭᠤᠴᠢᠨ ᠨᠢᠭᠡ
《ᠶᠡᠬᠡ ᠵᠠᠰᠠᠭ》ᠬᠠᠤᠯᠢ ᠶ᠋ᠢᠨ ᠠᠷᠪᠠᠨ ᠳᠥᠷᠪᠡᠳᠦᠭᠡᠷ ᠵᠦᠢᠯ᠄
《ᠬᠥᠮᠦᠰ ᠥᠪᠡᠷ ᠦ᠋ᠨ ᠲᠣᠭᠲᠠᠭᠠᠭᠰᠠᠨ ᠠᠷᠪᠠᠲᠤ᠂ ᠵᠠᠭᠤᠲᠤ ᠮᠢᠩᠭᠠᠲᠤ ᠶ᠋ᠢᠨ ᠬᠠᠷᠢᠶᠠᠨ ᠳ᠋ᠤ᠌ ᠪᠠᠢᠬᠤ ᠠ᠋ᠴᠠ ᠪᠢᠰᠢ ᠥᠭᠡᠷ᠎ᠡ ᠳᠠᠰᠢ ᠪᠠᠨ ᠰᠢᠯᠵᠢᠵᠦ ᠪᠣᠯᠬᠤ ᠦᠭᠡᠢ ᠥᠭᠡᠷ᠎ᠡ ᠭᠠᠵᠠᠷ ᠣᠴᠢᠵᠤ ᠨᠢᠭᠤᠭᠳᠠᠵᠤ ᠪᠣᠯᠬᠤ ᠦᠭᠡᠢ᠃ ᠲᠡᠢᠮᠦ ᠡᠲᠡᠭᠡᠳ ᠢ᠋ ᠨᠢᠭᠤᠨ ᠳᠠᠷᠤᠭᠳᠠᠭᠤᠯᠵᠤ ᠪᠣᠯᠬᠤ ᠦᠭᠡᠢ᠃ ᠲᠤᠰ ᠵᠠᠷᠯᠢᠭ ᠢ᠋ ᠵᠥᠷᠢᠴᠡᠵᠦ᠂ ᠰᠢᠯᠵᠢᠭᠴᠢᠳ ᠢ᠋ ᠴᠡᠷᠢᠭ ᠦ᠋ᠨ ᠵᠢᠭᠰᠠᠭᠠᠯ ᠤ᠋ᠨ ᠡᠮᠦᠨ᠎ᠡ ᠠᠯᠠᠬᠤ ᠶᠠᠯ᠎ᠠ ᠪᠠᠷ ᠰᠢᠳᠬᠡᠵᠦ᠂ ᠲᠤᠬᠠᠢ ᠶ᠋ᠢᠨ ᠬᠥᠮᠦᠨ ᠳ᠋ᠦ᠍ ᠬᠣᠷᠭᠣᠳᠠᠬᠤ ᠣᠷᠣᠨ ᠵᠠᠢ ᠣᠯᠭᠤᠭᠰᠠᠳ ᠢ᠋ ᠬᠦᠨᠳᠦ ᠪᠡᠷ ᠰᠢᠳᠬᠡᠨ᠎ᠡ᠃》
ᠡᠵᠡᠨ ᠬᠠᠭᠠᠨ ᠢ᠋ ᠰᠢᠷᠡᠭᠡᠨ ᠳ᠋ᠦ᠍ ᠵᠠᠯᠠᠭᠰᠠᠨ ᠤ᠋ ᠪᠠᠶᠠᠷ ᠨᠠᠭᠠᠳᠤᠮ ᠤᠳᠠᠯ ᠦᠭᠡᠢ ᠲᠡᠭᠦᠰᠴᠦ᠂ ᠬᠠᠷᠢᠨ ᠬᠤᠷᠠᠯᠲᠠᠢ ᠦᠷᠭᠦᠯᠵᠢᠯᠡᠵᠦ᠂ ᠵᠠᠰᠠᠭ ᠵᠠᠬᠢᠷᠭᠠᠨ ᠤ᠋ ᠬᠤᠪᠢᠶᠠᠷᠢ ᠮᠢᠩᠭᠠᠲᠤ ᠶ᠋ᠢ ᠲᠣᠭᠲᠠᠭᠠᠵᠤ᠂《ᠶᠠᠰᠠ》 ᠪᠤᠶᠤ《ᠶᠡᠬᠡ ᠵᠠᠰᠠᠭ》 ᠬᠠᠤᠯᠢ᠂ ᠤᠯᠤᠰ ᠣᠷᠣᠨ ᠤ᠋ ᠳᠣᠲᠣᠭᠠᠳᠤ ᠲᠢᠭ ᠵᠢᠷᠤᠮ ᠵᠢᠭᠠᠪᠤᠷᠢ ᠭᠠᠷᠭᠠᠵᠠᠢ᠂《ᠮᠣᠷᠢᠨ ᠠ᠋ᠴᠠ ᠪᠠᠨ ᠪᠠᠭᠤᠭᠠᠳ ᠲᠥᠷᠥ ᠶ᠋ᠢ ᠵᠠᠰᠠᠬᠤ》 ᠬᠡᠴᠡᠭᠦᠦ ᠣᠯᠠᠨ ᠵᠦᠢᠯ ᠢ᠋ ᠠᠮᠵᠢᠭᠤᠯᠵᠤ ᠡᠬᠢᠯᠡᠪᠡ᠃
ᠪᠣᠭᠣᠷᠴᠢ ᠳ᠋ᠤ᠌ ᠣᠨᠣᠭᠳᠠᠭᠰᠠᠨ ᠬᠣᠶᠠᠳᠠᠬᠢ ᠮᠢᠩᠭᠠᠲᠤ ᠨᠢ ᠠᠯᠲᠠᠢ ᠶ᠋ᠢᠨ ᠡᠮᠦᠨᠡᠲᠦ ᠨᠠᠢ᠍ᠮᠠᠨ ᠤ᠋ ᠨᠤᠲᠤᠭ᠂ ᠬᠦᠴᠦᠯᠦᠭ ᠬᠠᠨ ᠤ᠋ ᠬᠠᠷᠢᠶ᠎ᠠ ᠭᠠᠵᠠᠷ ᠶᠤᠮ᠃ ᠡᠨᠡ ᠭᠠᠵᠠᠷ ᠨᠤᠲᠤᠭ ᠬᠥᠮᠦᠨ ᠠᠷᠠᠳ᠂ ᠮᠠᠯ ᠰᠦᠷᠦᠭ ᠪᠠᠶᠠᠯᠢᠭ ᠪᠣᠯ ᠤᠭ ᠲᠠᠭᠠᠨ ᠪᠣᠭᠣᠷᠴᠢ ᠶ᠋ᠢᠨ ᠦᠶ᠎ᠡ ᠶ᠋ᠢᠨ ᠦᠶ᠎ᠡ ᠳ᠋ᠦ᠍ ᠵᠠᠯᠭᠠᠮᠵᠢᠯᠠᠨ ᠡᠵᠡᠮᠰᠢᠬᠦ ᠨᠢᠭᠡ ᠶᠣᠰᠣᠨ ᠤ᠋ ᠥᠮᠴᠢ ᠪᠤᠶᠤ᠃
ᠮᠢᠩᠭᠠᠲᠤ ᠶ᠋ᠢᠨ ᠨᠣᠶᠠᠨ ᠡᠢᠨᠬᠦ ᠦᠯᠡᠮᠵᠢ ᠡᠷᠬᠡ ᠡᠳ᠋ᠯᠡᠪᠡᠴᠦ《ᠥᠪᠡᠷ ᠦ᠋ᠨ ᠥᠮᠴᠢ》 ᠭᠡᠳ ᠭᠠᠵᠠᠷ ᠨᠤᠲᠤᠭ᠂ ᠬᠥᠮᠦᠨ ᠠᠷᠠᠳ ᠢ᠋ᠶ᠋ᠠᠨ ᠪᠤᠰᠤᠳ ᠲᠤ ᠰᠢᠯᠵᠢᠭᠦᠯᠬᠦ᠂ ᠬᠤᠳᠠᠯᠳᠤᠬᠤ᠂ ᠠᠪᠬᠤ ᠡᠷᠬᠡ ᠦᠭᠡᠢ᠃ ᠥᠪᠡᠷ ᠢ᠋ᠶ᠋ᠡᠨ ᠪᠣᠯ ᠶᠡᠬᠡ ᠡᠵᠡᠨ ᠴᠢᠩᠭᠢᠰ ᠦ᠋ᠨ ᠪᠣᠭᠣᠯ ᠠᠯᠪᠠᠲᠤ᠃ ᠡᠢᠮᠦ ᠡᠴᠡ ᠬᠡᠷᠡᠭ ᠪᠤᠷᠤᠭᠤᠳᠠᠪᠠᠯ ᠪᠦᠬᠦ ᠡᠷᠬᠡ ᠮᠠᠲᠠᠯ᠂ ᠲᠡᠷᠡ ᠴᠦ᠍ ᠪᠠᠢᠲᠤᠭᠠᠢ ᠠᠮᠢ ᠨᠠᠰᠤ ᠪᠠᠨ ᠠᠯᠳᠠᠬᠤ ᠲᠡᠢᠮᠦ ᠴᠦ᠍ ᠪᠡᠷᠬᠡ ᠪᠢᠰᠢ᠃
ᠮᠢᠩᠭᠠᠲᠤ ᠶ᠋ᠢᠨ ᠨᠣᠶᠠᠨ ᠨᠠᠷ ᠤ᠋ᠨ ᠳᠠᠩ ᠬᠠᠭᠠᠰ ᠨᠢ ᠤᠷᠢᠳᠤ ᠶ᠋ᠢᠨ ᠢᠵᠠᠭᠤᠷ ᠤᠭᠰᠠᠭ᠎ᠠ ᠦᠭᠡᠢ᠂ ᠴᠡᠷᠢᠭ ᠲᠡᠢᠨ ᠦ᠌ ᠬᠡᠷᠡᠭ ᠲᠦ᠍ ᠦᠨᠡᠨᠴᠢ ᠵᠢᠳᠬᠦᠭᠰᠡᠨ ᠳᠣᠣᠷᠠᠲᠤ ᠠᠷᠠᠳ ᠶᠤᠮ᠃ ᠵᠢᠱ᠌ᠢᠶᠡᠯᠡᠬᠦ ᠳ᠋ᠦ᠍ ᠪᠣᠭᠣᠷᠴᠢ᠂ ᠵᠡᠯᠮ᠎ᠡ᠂ ᠵᠡᠪᠡ᠂ ᠪᠠᠳᠠᠢ᠂ ᠬᠢᠰᠢᠯᠢᠭ᠂ ᠠᠯᠠᠭ᠂ ᠨᠠᠶᠠᠭ᠎ᠠ ᠨᠠᠷ ᠮᠡᠲᠦ᠂ ᠭᠡᠪᠡᠴᠦ ᠰᠢᠨ᠎ᠡ ᠪᠡᠷ ᠲᠣᠮᠢᠯᠠᠭᠳᠠᠭᠰᠠᠨ ᠳᠠᠯ᠎ᠠ ᠭᠠᠷᠤᠢ ᠨᠠᠰᠤᠨ ᠤ᠋ ᠰᠣᠷᠬᠠᠨ ᠰᠢᠷ᠎ᠠ᠂ ᠰᠢᠯᠦᠬᠡᠢ ᠵᠡᠷᠭᠡ ᠴᠥᠭᠡᠨ ᠥᠨᠳᠥᠷ ᠨᠠᠰᠤᠲᠠᠨ ᠪᠣᠢ᠃ ᠨᠥᠭᠦᠭᠡ ᠬᠡᠰᠡᠭ ᠨᠢ ᠤᠷᠢᠳᠤ ᠶ᠋ᠢᠨ ᠢᠵᠠᠭᠤᠷ ᠥᠨᠳᠥᠷ᠂ ᠥᠪᠡᠷ ᠦ᠋ᠨ ᠣᠯᠠᠨ ᠬᠠᠷᠢᠶᠠᠲᠤ ᠠᠯᠪᠠᠲᠤ ᠲᠠᠢ ᠪᠠᠨ ᠴᠢᠩᠭᠢᠰ ᠬᠠᠭᠠᠨ ᠳ᠋ᠤ᠌ ᠳᠠᠭᠠᠷ᠎ᠠ ᠢᠷᠡᠵᠦ ᠬᠦᠴᠦ ᠡᠷᠭᠦᠭᠰᠡᠨ ᠭᠣᠣᠯᠳᠠᠭᠤ ᠥᠨᠳᠥᠷ ᠨᠠᠰᠤ ᠲᠠᠢ ᠡᠷᠬᠢᠮ ᠦ᠋ᠳ ᠪᠠᠢᠵᠠᠢ᠃ ᠲᠡᠳᠡᠨ ᠦ᠌ ᠳᠣᠲᠣᠷ᠎ᠠ ᠪᠦᠷ ᠡᠷᠲᠡᠨ ᠡᠴᠡ ᠳᠠᠢᠰᠤᠩᠨᠠᠵᠤ ᠢᠷᠡᠭᠰᠡᠨ ᠬᠥᠮᠦᠰ ᠴᠦ᠍ ᠪᠣᠢ᠃ ᠲᠠᠲ᠋ᠠᠷ ᠤ᠋ᠨ ᠡᠯᠴᠢ ᠨᠣᠶᠠᠨ ᠭᠡᠭᠴᠢ ᠨᠠᠶᠠ ᠭᠠᠷᠤᠢ ᠨᠠᠰᠤᠨ ᠤ᠋ ᠡᠪᠦᠭᠡᠨ᠂ ᠵᠠᠮᠤᠬ᠎ᠠ ᠶ᠋ᠢ ᠬᠥᠷ ᠬᠠᠭᠠᠨ ᠳ᠋ᠤ᠌ ᠡᠷᠭᠦᠮᠵᠢᠯᠡᠬᠦ ᠳ᠋ᠦ᠍ ᠣᠷᠣᠯᠴᠠᠭᠰᠠᠨ᠃ ᠲᠡᠭᠡᠭᠡᠳ ᠲᠡᠷᠡ ᠠᠷᠪᠠ ᠭᠠᠷᠤᠢ ᠤᠯᠤᠰ ᠠᠢᠮᠠᠭ ᠤ᠋ᠨ ᠡᠪᠰᠡᠯ ᠴᠢᠩᠭᠢᠰ ᠬᠠᠭᠠᠨ ᠤ᠋ ᠡᠰᠡᠷᠭᠦ ᠤᠨᠤᠨ ᠤ᠋ ᠤᠷᠢᠳᠤ ᠪᠡᠶ᠎ᠡ ᠰᠠᠢᠬᠠᠨ ᠬᠥᠨᠳᠡᠢ᠂ ᠬᠦᠢᠲᠡᠨ ᠭᠡᠳᠡᠭ ᠭᠠᠵᠠᠷ ᠢᠷᠡᠵᠦ ᠪᠠᠢᠯᠳᠤᠬᠤ ᠳ᠋ᠤ᠌ ᠣᠷᠣᠯᠴᠠᠵᠤ᠂ ᠳᠠᠷᠠᠭ᠎ᠠ ᠨᠢ ᠲᠠᠲ᠋ᠠᠷ ᠠ᠋ᠴᠠ ᠰᠠᠯᠵᠤ ᠢᠷᠡᠭᠰᠡᠨ ᠪᠣᠯᠠᠢ᠃ ᠮᠢᠩᠭᠠᠲᠤ᠂ ᠵᠠᠭᠤᠲᠤ᠂ ᠠᠷᠪᠠᠲᠤ ᠶ᠋ᠢᠨ ᠳᠠᠷᠤᠭ᠎ᠠ ᠨᠠᠷ ᠲᠤ ᠠᠯᠲᠠ᠂ ᠮᠥᠩᠭᠥ᠂ ᠬᠦᠷᠡᠯ ᠢ᠋ᠶ᠋ᠡᠷ ᠴᠢᠳᠬᠤᠭᠰᠠᠨ ᠰᠡᠢᠯᠦᠮᠡᠯ ᠪᠢᠴᠢᠭ ᠲᠡᠢ ᠬᠡᠷᠦᠭᠡ ᠣᠯᠭᠤᠵᠠᠢ᠃ ᠡᠨᠡ ᠪᠣᠯ ᠶᠡᠬᠡ ᠡᠷᠬᠡ ᠮᠠᠲᠠᠯ ᠤ᠋ᠨ ᠪᠠᠲᠤᠯᠠᠭ᠎ᠠ ᠪᠤᠶᠤ᠃ ᠲᠡᠭᠦᠨᠴᠢᠯᠡᠨ ᠬᠠᠭᠠᠨ ᠤ᠋ ᠲᠥᠷᠥ ᠶ᠋ᠢᠨ ᠠᠯᠪᠠᠨ ᠤ᠋ ᠬᠥᠮᠦᠰ ᠲᠦ᠍ ᠪᠦᠷ ᠵᠡᠷᠭᠡ ᠳᠠᠪ ᠢ᠋ᠶ᠋ᠠᠷ ᠨᠢ ᠠᠯᠲᠠ᠂ ᠮᠥᠩᠭᠥ᠂ ᠬᠦᠷᠡᠯ ᠬᠡᠷᠦᠭᠡ ᠣᠯᠭᠣᠭᠰᠠᠨ ᠠ᠋ᠴᠠ ᠭᠠᠳᠠᠨ᠎ᠠ ᠬᠤᠳᠠᠯᠳᠤᠭᠠᠴᠢᠳ᠂ ᠡᠯᠴᠢ ᠨᠠᠷ ᠲᠤ᠌ ᠣᠯᠭᠣᠬᠤ ᠪᠣᠯᠠᠢ᠃
ᠬᠠᠭᠠᠨ ᠪᠣᠭᠣᠷᠴᠢ ᠳ᠋ᠤ᠌ ᠨᠠᠭᠠᠳᠤᠮ ᠤ᠋ᠨ ᠳᠤᠮᠳᠠᠭᠤᠷ《ᠠᠪᠤ ᠶ᠋ᠢ ᠪᠡᠨ ᠨᠠᠳᠠᠲᠠᠢ ᠠᠭᠤᠯᠵᠠᠭᠤᠯᠤᠭᠠᠷᠠᠢ!》 ᠭᠡᠰᠡᠨ ᠨᠢ ᠬᠦᠷᠡᠯ ᠬᠡᠷᠦᠭᠡ ᠪᠡᠷ ᠱᠠᠩᠨᠠᠵᠤ᠂ ᠥᠨᠳᠥᠷ ᠨᠠᠰᠤ ᠲᠠᠢ ᠪᠣᠯᠤᠭᠰᠠᠨ ᠤᠴᠢᠷ ᠮᠠᠯ ᠰᠦᠷᠦᠭ ᠢ᠋ ᠨᠢ ᠮᠠᠯᠯᠠᠬᠤ ᠵᠠᠷᠤᠴᠠ ᠨᠠᠷ ᠣᠯᠭᠤᠵᠠᠢ᠃ ᠡᠨᠡ ᠨᠢ ᠲᠡᠭᠦᠨ ᠦ᠌ ᠭᠠᠭᠴᠠ ᠬᠥᠪᠡᠭᠦᠨ ᠡᠵᠡᠨ ᠲᠥᠷᠥ ᠶ᠋ᠢᠨ ᠠᠯᠪᠠᠨ ᠳ᠋ᠤ᠌ ᠡᠭᠡᠯᠵᠢ ᠬᠠᠯᠠᠭ᠎ᠠ ᠦᠭᠡᠢ ᠵᠢᠳᠬᠦᠵᠦ ᠶᠠᠪᠤᠭ᠎ᠠ ᠲᠤᠯᠠ ᠡᠴᠢᠭᠡ ᠡᠬᠡ ᠪᠡᠨ ᠠᠰᠠᠷᠠᠵᠤ ᠠᠷᠤ ᠭᠡᠷ ᠢ᠋ᠶ᠋ᠡᠨ ᠠᠪᠴᠤ ᠶᠠᠪᠤᠬᠤ ᠵᠠᠪ ᠵᠠᠢ ᠦᠭᠡᠢ ᠶ᠋ᠢ ᠬᠠᠷᠠᠭᠠᠯᠵᠠᠭᠰᠠᠨ ᠬᠡᠷᠡᠭ ᠠᠵᠢ᠃ ᠢᠯᠠᠩᠭᠤᠶ᠎ᠠ ᠲᠡᠢᠨ ᠳ᠋ᠦ᠍ ᠠᠮᠢ ᠦᠷᠡᠭᠳᠡᠭᠰᠡᠨ ᠪᠠᠭᠠᠲᠤᠷ ᠳᠠᠢᠴᠢᠳ ᠤ᠋ᠨ ᠠᠷᠤ ᠭᠡᠷ ᠢ᠋ ᠲᠡᠳᠬᠦᠬᠦ᠂ ᠠᠯᠪᠠᠲᠤ ᠬᠠᠷᠢᠶᠠᠲᠤ ᠨᠠᠷ ᠢ᠋ ᠵᠠᠭᠤ ᠬᠦᠷᠲᠡᠯ᠎ᠡ ᠲᠣᠭ᠎ᠠ ᠪᠠᠷ ᠣᠯᠭᠣᠵᠤ᠂ ᠴᠢᠨᠠᠭᠰᠢᠳᠠ ᠵᠢᠷᠤᠮ ᠲᠣᠭᠲᠠᠭᠠᠬᠤ ᠵᠠᠷᠯᠢᠭ ᠪᠠᠭᠤᠯᠭᠠᠭᠰᠠᠨ ᠪᠠᠢᠨ᠎ᠠ᠃
ᠨᠢᠭᠡᠨᠲᠡ ᠤᠯᠤᠰ ᠭᠡᠷ ᠢ᠋ ᠮᠢᠩᠭᠠᠲᠤ ᠶ᠋ᠢᠨ ᠲᠣᠭᠲᠠᠯᠴᠠᠭᠠᠨ ᠳ᠋ᠤ᠌ ᠣᠷᠣᠭᠤᠯᠤᠭᠰᠠᠨ ᠪᠣᠯᠬᠣᠷ ᠲᠡᠭᠦᠨ ᠢ᠋ ᠨᠡᠩ ᠳᠠᠷᠤᠢ ᠴᠡᠭᠴᠡᠯᠡᠵᠦ ᠪᠦᠷᠢᠳᠬᠡᠯ ᠲᠣᠭᠠᠯᠠᠯᠭ᠎ᠠ ᠬᠢᠵᠦ᠂ ᠭᠠᠵᠠᠷ ᠨᠤᠲᠤᠭ ᠢ᠋ ᠨᠠᠷᠢᠨ ᠵᠠᠭᠠᠭ ᠲᠠᠢ᠂ ᠬᠥᠮᠦᠨ ᠮᠠᠯ ᠨᠢ ᠲᠣᠭ᠎ᠠ ᠲᠡᠩᠴᠡᠭᠦᠦ ᠪᠠᠢᠪᠠᠯ ᠵᠣᠬᠢᠬᠤ ᠲᠤᠯᠠ ᠡᠷᠬᠡ ᠪᠦᠬᠦᠢ ᠣᠯᠠᠨ ᠲᠦᠰᠢᠮᠡᠳ ᠢ᠋ ᠲᠣᠮᠢᠯᠠᠨ ᠴᠡᠭᠴᠡᠯᠡᠬᠦ ᠬᠡᠷᠡᠭᠲᠡᠢ ᠪᠣᠯᠪᠠ᠃ ᠦᠨᠡᠬᠡᠷ ᠰᠢᠨ᠎ᠡ ᠲᠣᠮᠢᠯᠠᠭᠰᠠᠨ ᠨᠣᠶᠠᠨ᠂ ᠡᠵᠡᠭᠦᠢᠷᠡᠭᠰᠡᠨ ᠬᠥᠮᠦᠨ ᠮᠠᠯ᠂ ᠭᠠᠵᠠᠷ ᠨᠤᠲᠤᠭ ᠢ᠋ ᠬᠣᠭᠣᠷᠣᠨᠳᠣ ᠨᠢ ᠬᠣᠯᠪᠣᠵᠤ ᠨᠡᠢᠯᠡᠭᠦᠯᠬᠦ ᠭᠡᠳᠡᠭ ᠲᠡᠢᠮᠦ ᠠᠮᠠᠷ ᠬᠢᠯᠪᠠᠷ ᠠᠵᠢᠯ ᠪᠤᠰᠤ᠃ ᠡᠳᠦᠭᠡ ᠲᠣᠭᠲᠠᠭᠠᠭᠳᠠᠭᠰᠠᠨ ᠮᠢᠩᠭᠠᠲᠤ ᠠ᠋ᠴᠠ ᠭᠠᠳᠠᠨ᠎ᠠ ᠡᠵᠡᠨ ᠬᠠᠷᠢᠶᠠᠯᠠᠯ ᠦᠭᠡᠢ ᠬᠡᠳᠦᠨ ᠲᠦᠮᠡᠨ ᠡᠷᠦᠬᠡ ᠠᠢᠯ᠂ ᠶᠡᠬᠡ ᠭᠠᠵᠠᠷ ᠨᠤᠲᠤᠭ ᠦᠯᠡᠳᠡᠵᠡᠢ᠃ ᠲᠡᠳᠡᠨ ᠢ᠋ ᠦᠯᠡᠮᠵᠢ ᠲᠣᠭᠠᠨ ᠤ᠋ ᠴᠡᠷᠢᠭ ᠲᠡᠢ ᠵᠠᠬᠢᠷᠤᠭᠴᠢ ᠳᠠᠷᠤᠭ᠎ᠠ ᠨᠠᠷ ᠬᠢᠨᠠᠵᠤ ᠬᠠᠷᠢᠭᠤᠴᠠᠵᠤ ᠪᠣᠢ᠃ ᠡᠨᠡ ᠨᠢ ᠮᠢᠩᠭᠠᠲᠤ ᠨᠤᠭᠤᠳ ᠢ᠋ ᠴᠡᠭᠴᠡᠯᠡᠭᠰᠡᠨ ᠦ᠌ ᠳᠠᠷᠠᠭ᠎ᠠ ᠴᠢᠩᠭᠢᠰ ᠬᠠᠭᠠᠨ ᠥᠪᠡᠷᠦᠨ ᠣᠢᠷ᠎ᠠ ᠲᠥᠷᠥᠯ ᠦ᠋ᠨ ᠬᠢᠨ ᠳ᠋ᠡᠭᠡᠨ ᠬᠤᠪᠢᠶᠠᠵᠤ ᠣᠨᠣᠭᠳᠠᠭᠤᠯᠬᠤ ᠲᠤᠯᠠ ᠤᠷᠢᠳᠴᠢᠯᠠᠨ ᠳ᠋ᠦᠩ ᠪᠠᠷᠢᠮᠵᠢᠶ᠎ᠠ ᠭᠠᠷᠭᠠᠬᠤ ᠱᠠᠭᠠᠷᠳᠠᠯᠭ᠎ᠠ ᠲᠠᠢ ᠪᠣᠯᠠᠢ᠃
ᠴᠢᠩᠭᠢᠰ ᠬᠠᠭᠠᠨ ᠤᠯᠤᠰ ᠢ᠋ᠶ᠋ᠠᠨ ᠭᠤᠷᠪᠠᠨ ᠭᠠᠷ ᠪᠣᠯᠭᠠᠵᠤ ᠪᠠᠷᠠᠭᠤᠨ ᠭᠠᠷ ᠢ᠋ ᠪᠣᠭᠤᠷᠴᠢ ᠳ᠋ᠤ᠌᠂ ᠳᠤᠮᠳᠠ ᠭᠠᠷ ᠢ᠋ ᠨᠠᠶᠠᠭ᠎ᠠ ᠳ᠋ᠤ᠌᠂ ᠵᠡᠭᠦᠨ ᠭᠠᠷ ᠢ᠋ ᠮᠤᠬᠤᠯᠠᠢ ᠳ᠋ᠤ᠌ ᠵᠠᠬᠢᠷᠤᠭᠤᠯᠬᠤ ᠪᠠᠷ ᠪᠣᠯᠭᠠᠪᠠ᠃ ᠨᠢᠭᠡ ᠭᠠᠷ ᠲᠤ ᠣᠯᠠᠨ ᠮᠢᠩᠭᠠᠲᠤ ᠣᠨᠣᠭᠳᠠᠨ᠎ᠠ᠃ ᠪᠣᠭᠤᠷᠴᠢ ᠳ᠋ᠤ᠌ ᠭᠡᠬᠦ ᠳ᠋ᠦ᠍ ᠯᠡ ᠤᠷᠢᠳᠤ ᠶ᠋ᠢᠨ ᠨᠠᠢ᠍ᠮᠠᠨ᠂ ᠬᠡᠷᠡᠢᠳ ᠦ᠋ᠨ ᠬᠠᠭᠠᠰ ᠪᠤᠶᠤ ᠬᠠᠩᠭᠠᠢ ᠠ᠋ᠴᠠ ᠠᠯᠲᠠᠢ ᠨᠢᠷᠤᠭᠤ ᠪᠦᠬᠦᠯᠢ ᠳ᠋ᠡᠭᠡᠨ᠂ ᠤᠮᠠᠷ᠎ᠠ ᠲᠡᠰᠢ ᠲᠡᠩᠨᠤ ᠶ᠋ᠢᠨ ᠠᠭᠤᠯᠠᠰ ᠬᠦᠷᠲᠡᠯ᠎ᠡ ᠭᠠᠵᠠᠷ ᠨᠤᠲᠤᠭ ᠢ᠋ ᠬᠢᠨᠠᠵᠤ ᠵᠠᠬᠢᠷᠬᠤ ᠠᠰᠤᠷᠤ ᠥᠨᠳᠥᠷ ᠠᠯᠪᠠ ᠣᠨᠣᠭᠳᠠᠭᠰᠠᠨ ᠠᠵᠤᠭᠤ᠃ ᠡᠢᠮᠦ ᠶ᠋ᠢᠨ ᠲᠤᠯᠠ ᠪᠣᠭᠤᠷᠴᠢ《ᠬᠣᠶᠠᠳᠠᠬᠢ ᠮᠢᠩᠭᠠᠨ ᠤ᠋ ᠨᠣᠶᠠᠨ》᠂《ᠪᠠᠷᠠᠭᠤᠨ ᠭᠠᠷ ᠤ᠋ᠨ ᠵᠠᠬᠢᠷᠤᠭᠴᠢ》 ᠭᠡᠰᠡᠨ ᠬᠣᠶᠠᠷ ᠠᠯᠲᠠᠨ ᠬᠡᠷᠦᠭᠡ ᠲᠡᠢ᠂ ᠣᠯᠠᠨ ᠨᠣᠶᠠᠳ ᠲᠦᠰᠢᠮᠡᠳ ᠳᠠᠭᠠᠭᠤᠯᠤᠨ ᠪᠠᠷᠠᠭᠤᠨ ᠵᠦᠭ ᠮᠣᠷᠳᠠᠪᠠ᠃ ᠪᠠᠷᠠᠭᠤᠨ ᠭᠠᠷ ᠤ᠋ᠨ ᠮᠢᠩᠭᠠᠲᠤ ᠶ᠋ᠢᠨ ᠣᠯᠠᠨ ᠨᠣᠶᠠᠳ ᠥᠪᠡᠷ ᠥᠪᠡᠷᠰᠡᠳ ᠦ᠋ᠨ ᠬᠠᠷᠢᠶ᠎ᠠ ᠭᠠᠵᠠᠷ ᠤᠷᠤᠭᠤ ᠶᠠᠪᠤᠵᠠᠢ᠃ ᠲᠡᠳᠡᠨ ᠢ᠋ ᠵᠠᠮ ᠳ᠋ᠠᠭᠠᠨ ᠳᠠᠭᠠᠷᠢᠵᠤ ᠡᠮᠬᠢᠯᠡᠨ ᠵᠣᠬᠢᠴᠠᠭᠤᠯᠤᠭᠰᠠᠭᠠᠷ ᠥᠪᠡᠷᠦᠨ ᠬᠠᠷᠢᠶ᠎ᠠ ᠮᠢᠩᠭᠠᠨ ᠳ᠋ᠤ᠌ ᠣᠴᠢᠨ᠎ᠠ᠃ ᠲᠡᠨᠳᠡ ᠪᠣᠭᠤᠷᠴᠢ ᠶ᠋ᠢᠨ ᠭᠠᠷ ᠤ᠋ᠨ ᠰᠢᠳᠠᠷ ᠳᠠᠭᠠᠯᠲᠠ ᠲᠡᠮᠦᠷ ᠬᠡᠰᠡᠭ ᠴᠡᠷᠢᠭ ᠢ᠋ ᠵᠠᠬᠢᠷᠴᠤ ᠬᠢᠵᠠᠭᠠᠷ ᠤ᠋ᠨ ᠬᠠᠷᠠᠭᠤᠯ ᠬᠠᠮᠠᠭᠠᠯᠠᠯᠲᠠᠨ ᠳ᠋ᠤ᠌ ᠪᠣᠢ᠃ ᠡᠢᠮᠦ ᠬᠠᠷᠠᠭᠤᠯ ᠤ᠋ᠨ ᠬᠡᠰᠡᠭ ᠴᠡᠷᠢᠭ ᠵᠠᠬ᠎ᠠ ᠬᠢᠵᠠᠭᠠᠷ ᠢ᠋ ᠰᠠᠬᠢᠨ ᠬᠠᠮᠠᠭᠠᠯᠠᠵᠤ ᠰᠠᠭᠤᠭ᠎ᠠ ᠪᠣᠯᠠᠢ᠃ ᠲᠡᠮᠦᠷ ᠨᠢ ᠨᠤᠲᠤᠭ ᠤ᠋ᠨ ᠪᠣᠷᠴᠤᠤ ᠡᠪᠦᠭᠡᠨ ᠪᠠᠭᠠᠲᠤᠷ ᠤ᠋ᠨ ᠳᠡᠷᠭᠡᠳᠡ ᠪᠠᠢᠭᠰᠠᠨ ᠬᠣᠶᠠᠷ ᠵᠢᠭᠠᠬᠠᠨ ᠬᠥᠪᠡᠭᠦᠳ ᠦ᠋ᠨ ᠨᠢᠭᠡ ᠨᠢ᠂ ᠪᠣᠭᠣᠷᠴᠢ ᠶ᠋ᠢᠨ ᠦᠶ᠎ᠡ ᠨᠠᠰᠤᠨ ᠤ᠋ ᠬᠥᠮᠦᠨ᠂ ᠵᠠᠭᠤᠲᠤ ᠶ᠋ᠢᠨ ᠳᠠᠷᠤᠭ᠎ᠠ᠃ ᠬᠣᠶᠠᠷ ᠵᠠᠯᠠᠭᠤ ᠶ᠋ᠢᠨ ᠨᠥᠭᠦᠭᠡ ᠰᠦᠬᠡ ᠵᠠᠮᠤᠬ᠎ᠠ ᠶ᠋ᠢᠨ ᠴᠡᠷᠢᠭ ᠲᠦ᠍ ᠳᠠᠢᠴᠢᠯᠠᠭᠳᠠᠵᠤ᠂ ᠲᠡᠭᠦᠨ ᠦ᠌ ᠰᠢᠳᠠᠷ ᠳᠠᠢᠴᠢᠨ ᠪᠣᠯᠵᠤ ᠶᠠᠪᠤᠭᠠᠳ ᠲᠡᠢᠨ ᠳ᠋ᠦ᠍ ᠠᠮᠢ ᠦᠷᠡᠭᠳᠡᠭᠰᠡᠨ ᠠᠵᠢ᠃ ᠲᠡᠮᠦᠷ ᠪᠣᠷᠴᠤᠤ ᠡᠪᠦᠭᠡᠨ ᠡᠴᠡ ᠬᠣᠢᠰᠢ ᠪᠤᠭᠤᠷᠴᠢ ᠳ᠋ᠤ᠌ ᠨᠡᠢᠯᠡᠵᠦ ᠢᠷᠡᠭᠡᠳ ᠣᠯᠠᠨ ᠵᠢᠯ ᠬᠠᠮᠲᠤᠷᠠᠨ ᠵᠢᠳᠬᠦᠭᠰᠡᠨ ᠦᠨᠡᠨᠴᠢ ᠳᠠᠢᠴᠢᠨ ᠨᠥᠬᠥᠷ ᠨᠢ ᠪᠣᠯᠵᠠᠢ᠃
ᠪᠣᠭᠣᠷᠴᠢ ᠬᠦᠦ ᠪᠣᠷᠬᠠᠢ ᠶ᠋ᠢ ᠳᠠᠭᠠᠭᠤᠯᠤᠨ ᠶᠠᠪᠤᠭ᠎ᠠ᠃ ᠡᠨᠡ ᠵᠢᠯ ᠠᠷᠪᠠᠨ ᠳᠣᠯᠣᠭᠠᠨ ᠨᠠᠰᠤᠲᠠᠢ ᠪᠣᠷᠬᠠᠢ ᠡᠴᠢᠭᠡ ᠶ᠋ᠢ ᠳᠠᠭᠠᠵᠤ ᠲᠡᠢᠨ ᠭᠡᠳᠡᠭ ᠢ᠋ ᠦᠵᠡᠭᠰᠡᠨ᠃ ᠲᠡᠷᠡ ᠪᠡᠷ ᠠᠭᠲᠠ ᠮᠣᠷᠢᠳ ᠬᠠᠷᠢᠭᠤᠯᠵᠤ ᠡᠳ᠋ ᠶᠠᠭᠤᠮ᠎ᠠ ᠬᠠᠮᠢᠶᠠᠷᠬᠤ᠂ ᠬᠣᠭᠣᠯᠠ ᠬᠦᠨᠡᠰᠦ ᠪᠡᠯᠡᠳᠬᠡᠬᠦ ᠠᠵᠢᠯ ᠳ᠋ᠤ᠌ ᠣᠷᠣᠯᠴᠠᠵᠤ ᠶᠠᠪᠤᠭᠰᠠᠨ ᠠ᠋ᠴᠠ ᠪᠢᠰᠢ᠂ ᠵᠢᠩᠬᠢᠨᠢ ᠳᠠᠢᠰᠤᠨ ᠲᠠᠢ ᠲᠤᠯᠭᠠᠷᠠᠵᠤ ᠬᠠᠷᠠᠬᠠᠨ ᠭᠠᠷ ᠵᠥᠷᠢᠭᠦᠯᠵᠦ ᠦᠵᠡᠭᠡ ᠦᠭᠡᠢ᠂ ᠬᠣᠶᠠᠷ ᠲᠠᠯ᠎ᠠ ᠪᠡᠶ᠎ᠡ ᠪᠡᠶ᠎ᠡ ᠳ᠋ᠡᠭᠡᠨ ᠳᠠᠭᠠᠷᠢᠨ ᠣᠷᠣᠵᠤ ᠲᠣᠭᠣᠰᠣ ᠮᠠᠨᠠᠷᠠᠭᠤᠯᠤᠨ ᠪᠤᠵᠢᠭᠢᠨᠠᠯᠳᠤᠬᠤ ᠶ᠋ᠢ ᠠᠯᠤᠰ ᠠ᠋ᠴᠠ ᠬᠠᠷᠠᠵᠤ᠂ ᠲᠤᠯᠤᠯᠳᠤᠭᠠᠨ ᠳᠠᠭᠤᠰᠴᠤ᠂ ᠬᠣᠶᠠᠷ ᠳᠠᠰᠢ ᠪᠣᠯᠤᠭᠰᠠᠨ ᠤ᠋ ᠳᠠᠷᠠᠭ᠎ᠠ ᠣᠴᠢᠵᠤ ᠦᠵᠡᠵᠦ ᠦᠷᠡᠭᠳᠡᠭᠰᠡᠳ ᠦ᠋ᠨ ᠢ᠋ᠶ᠋ᠡᠨ ᠴᠣᠭᠴᠠᠰ ᠢ᠋ ᠲᠠᠲᠠᠬᠤ᠂ ᠥᠪᠡᠷᠦᠨ ᠬᠥᠮᠦᠨ ᠦ᠌ ᠰᠢᠷᠬᠠᠲᠠᠨ ᠢ᠋ ᠠᠪᠴᠢᠷᠠᠬᠤ᠂ ᠳᠠᠢᠰᠤᠨ ᠤ᠋ ᠵᠠᠷ ᠵᠡᠪᠰᠡᠭ᠂ ᠡᠳ᠋ ᠶᠠᠭᠤᠮᠠᠰ ᠢ᠋ ᠬᠤᠷᠢᠶᠠᠬᠤ᠂ ᠡᠵᠡᠨ ᠦᠭᠡᠢ ᠮᠣᠷᠢᠳ ᠢ᠋ ᠪᠠᠷᠢᠵᠤ ᠠᠪᠬᠤ ᠵᠡᠷᠭᠡ ᠪᠣᠬᠢᠷ ᠬᠠᠷ᠎ᠠ ᠪᠣᠷᠣ ᠠᠵᠢᠯ ᠢ᠋ ᠬᠢᠵᠦ ᠶᠠᠪᠤᠵᠠᠢ᠃
ᠡᠳᠦᠭᠡ ᠪᠤᠭᠤᠷᠴᠢ ᠬᠦᠦ ᠪᠡᠨ ᠳᠠᠭᠠᠭᠤᠯᠵᠤ ᠶᠠᠪᠤᠭ᠎ᠠ ᠶ᠋ᠢᠨ ᠤᠴᠢᠷ ᠪᠣᠯ ᠲᠡᠭᠦᠪᠡᠷ ᠬᠠᠷᠢᠶᠠᠲᠤ ᠮᠢᠩᠭᠠᠲᠤ ᠪᠠᠨ ᠲᠡᠮᠦᠷ ᠢ᠋ ᠲᠦᠰᠢᠭᠯᠡᠭᠦᠯᠦᠨ ᠵᠠᠬᠢᠷᠤᠭᠤᠯᠬᠤ ᠶ᠋ᠢᠨ ᠲᠤᠯᠠ ᠭᠠᠵᠠᠷ ᠨᠤᠲᠤᠭ᠂ ᠬᠥᠮᠦᠨ ᠠᠷᠠᠳ ᠢ᠋ᠶ᠋ᠠᠨ ᠲᠠᠨᠢᠭᠤᠯᠬᠤ᠂ ᠵᠠᠬᠢᠷᠭᠠᠨ ᠤ᠋ ᠠᠵᠢᠯ ᠳ᠋ᠤ᠌ ᠰᠤᠷᠭᠠᠬᠤ ᠵᠣᠷᠢᠯᠭ᠎ᠠ ᠲᠠᠢ ᠠᠵᠤᠭᠤ᠃ ᠵᠠᠮ ᠳ᠋ᠠᠭᠠᠨ ᠬᠣᠶᠠᠷ ᠰᠠᠷ᠎ᠠ ᠰᠢᠬᠠᠮ ᠶᠠᠪᠤᠵᠤ ᠥᠪᠡᠷᠦᠨ ᠬᠠᠷᠢᠶ᠎ᠠ ᠭᠠᠵᠠᠷ ᠨᠤᠲᠤᠭ ᠲᠤ ᠢᠷᠡᠪᠡ᠃ ᠡᠨᠡ ᠵᠠᠪᠰᠠᠷ ᠣᠯᠠᠨ ᠮᠢᠩᠭᠠᠲᠤ ᠶ᠋ᠢᠨ ᠨᠣᠶᠠᠳ ᠬᠠᠷᠢᠶ᠎ᠠ ᠨᠤᠲᠤᠭ ᠢ᠋ᠶ᠋ᠠᠨ ᠵᠠᠰᠠᠵᠤ ᠡᠮᠬᠢᠯᠡᠵᠦ᠂ ᠥᠪᠡᠷᠦᠨ ᠪᠠᠢᠷᠢ ᠰᠠᠭᠤᠷᠢ ᠪᠠᠨ ᠲᠣᠭᠲᠠᠭᠠᠵᠤ᠂ ᠠᠷᠠᠳ ᠢᠷᠭᠡᠳ ᠢ᠋ᠶ᠋ᠡᠨ ᠬᠡᠷᠬᠢᠨ ᠵᠠᠬᠢᠷᠴᠤ᠂ ᠳᠠᠢᠴᠢᠯᠠᠭ᠎ᠠ ᠬᠢᠵᠦ᠂ ᠵᠣᠴᠢᠳ ᠢ᠋ ᠬᠦᠯᠢᠶᠡᠨ ᠠᠪᠴᠤ ᠪᠠᠢᠭ᠎ᠠ ᠶ᠋ᠢ ᠠᠵᠢᠭᠯᠠᠵᠤ᠂ ᠥᠪᠡᠷ ᠢ᠋ᠶ᠋ᠡᠨ ᠴᠢᠨᠠᠭᠰᠢᠳᠠ ᠡᠢᠮᠦᠷᠬᠦᠦ ᠵᠢᠷᠤᠮ ᠢ᠋ᠶ᠋ᠠᠷ ᠠᠵᠢᠯᠯᠠᠬᠤ ᠶᠣᠰᠣ ᠲᠠᠢ ᠶ᠋ᠢ ᠮᠡᠳᠡᠷᠡᠵᠦ ᠶᠠᠪᠤᠪᠠ᠃ ᠶᠡᠷᠦ ᠨᠢ ᠡᠴᠢᠭᠡ ᠶ᠋ᠢᠨ ᠬᠠᠵᠠᠭᠤᠳᠠ ᠴᠡᠷᠢᠭ ᠲᠡᠢᠨ ᠦ᠌ ᠭᠠᠯ ᠤᠲᠤᠭ᠎ᠠ ᠦᠵᠡᠵᠦ ᠦᠨᠦᠷᠯᠡᠵᠦ ᠶᠠᠪᠤᠭᠰᠠᠨ ᠪᠣᠯᠬᠣᠷ ᠵᠠᠬᠢᠷᠬᠤ᠂ ᠵᠠᠬᠢᠷᠤᠭᠳᠠᠬᠤ ᠶᠣᠰᠣ ᠵᠢᠷᠤᠮ ᠢ᠋ ᠮᠡᠳᠡᠬᠦ ᠠᠵᠠᠢ᠃ ᠲᠡᠭᠡᠭᠡᠳ ᠴᠦ᠍ ᠪᠠᠭ᠎ᠠ ᠠ᠋ᠴᠠ ᠨᠣᠶᠠᠳ ᠤ᠋ᠨ ᠬᠡᠦᠬᠡᠳ ᠢ᠋ ᠰᠤᠷᠭᠠᠳᠠᠭ ᠲᠠᠲᠠᠲᠤᠩᠭ᠎ᠠ ᠪᠠᠭᠰᠢ ᠶ᠋ᠢᠨ ᠳᠡᠷᠭᠡᠳᠡ ᠪᠢᠴᠢᠭ ᠦᠰᠦᠭ ᠲᠦ᠍ ᠰᠠᠢᠲᠤᠷ ᠰᠤᠷᠤᠯᠴᠠᠵᠤ ᠨᠣᠮ ᠤ᠋ᠨ ᠶᠣᠰᠣ ᠶ᠋ᠢ ᠮᠡᠳᠡᠬᠦ ᠪᠣᠯᠤᠭᠰᠠᠨ ᠠᠵᠤᠭᠤ᠃
ᠡᠴᠢᠭᠡ ᠨᠢ ᠵᠥᠪᠬᠡᠨ ᠮᠢᠩᠭᠠᠲᠤ ᠶ᠋ᠢ ᠲᠡᠳᠦᠢ ᠦᠭᠡᠢ ᠪᠠᠷᠠᠭᠤᠨ ᠭᠠᠷ ᠤ᠋ᠨ ᠬᠡᠳᠦᠨ ᠲᠦᠮᠡᠨ ᠶᠡᠬᠡ ᠴᠡᠷᠢᠭ ᠢ᠋ ᠵᠠᠬᠢᠷᠤᠭᠴᠢ ᠥᠷᠯᠥᠭ ᠵᠠᠩᠵᠤᠨ ᠲᠤᠯᠠ ᠥᠪᠡᠷ ᠦ᠋ᠨ ᠬᠠᠷᠢᠶ᠎ᠠ ᠭᠠᠵᠠᠷ ᠢ᠋ᠶ᠋ᠠᠨ ᠮᠠᠨᠠᠭᠠᠳ ᠰᠠᠭᠤᠵᠤ ᠪᠣᠯᠬᠤ ᠦᠭᠡᠢ ᠤᠴᠢᠷ ᠬᠦᠦ ᠪᠡᠨ ᠡᠷᠲᠡ ᠠᠯᠪᠠᠨ ᠳ᠋ᠤ᠌ ᠲᠣᠬᠣᠭᠠᠨ ᠣᠷᠣ ᠲᠣᠮᠢᠯᠠᠵᠤ ᠪᠣᠢ ᠶᠤᠮ᠃ ᠲᠡᠷᠡ ᠬᠣᠶᠠᠷ ᠲᠡᠮᠦᠷ ᠲᠤᠰᠠᠯᠠᠬᠤ᠂ ᠬᠠᠭᠠᠨ ᠤ᠋ ᠣᠷᠳᠣᠨ ᠠ᠋ᠴᠠ ᠲᠣᠮᠢᠯᠠᠭᠳᠠᠵᠤ ᠢᠷᠡᠭᠰᠡᠨ ᠲᠦᠰᠢᠮᠡᠯ ᠪᠢᠴᠢᠭᠡᠴᠢ ᠨᠠᠷ ᠤ᠋ᠨ ᠬᠠᠮᠲᠤ ᠬᠣᠶᠠᠳᠠᠬᠢ ᠮᠢᠩᠭᠠᠨ ᠤ᠋ ᠬᠠᠷᠢᠶ᠎ᠠ ᠭᠠᠵᠠᠷ ᠨᠤᠲᠤᠭ ᠢ᠋ ᠡᠷᠭᠢᠨ ᠲᠣᠭᠣᠷᠢᠵᠤ ᠪᠠᠷᠤᠭ ᠬᠠᠭᠠᠰ ᠰᠠᠷ᠎ᠠ ᠶᠠᠪᠤᠪᠠ᠃ ᠠᠯᠲᠠᠢ ᠶ᠋ᠢᠨ ᠥᠪᠥᠷ ᠶᠡᠬᠡ ᠭᠣᠪᠢ ᠪᠣᠯ ᠠᠭᠤᠯᠠ ᠤᠰᠤ ᠬᠣᠣᠰᠯᠠᠭᠰᠠᠨ᠂ ᠤᠮᠠᠷ᠎ᠠ ᠲᠠᠯ᠎ᠠ ᠳ᠋ᠠᠭᠠᠨ ᠲᠠᠪᠤᠨ ᠶᠡᠬᠡ ᠮᠥᠰᠥᠨ ᠠᠭᠤᠯᠠ ᠮᠥᠩᠬᠡ ᠬᠠᠢᠷᠬᠠᠨ ᠮᠥᠰᠥᠲᠦ ᠭᠣᠣᠯ ᠵᠡᠷᠭᠡ ᠨᠤᠲᠤᠭ ᠪᠠᠭᠲᠠᠨ᠎ᠠ᠃ ᠨᠠᠢ᠍ᠮᠠᠨ ᠪᠣᠯ ᠠᠯᠲᠠᠢ ᠬᠠᠩᠭᠠᠢ ᠶ᠋ᠢᠨ ᠵᠠᠪᠰᠠᠷ ᠦᠯᠡᠮᠵᠢ ᠶᠡᠬᠡ ᠨᠤᠲᠤᠭ ᠲᠠᠢ᠂ ᠰᠣᠶᠣᠯ ᠢᠷᠭᠡᠨᠰᠢᠯ ᠥᠨᠳᠥᠷ ᠬᠥᠭᠵᠢᠭᠰᠡᠨ᠂ ᠢᠯᠠᠩᠭᠤᠶ᠎ᠠ ᠤᠷᠢᠳᠤ ᠶ᠋ᠢᠨ ᠢᠨᠠᠡᠴᠨ ᠪᠢᠯᠭᠡ ᠬᠠᠭᠠᠨ ᠤ᠋ ᠦᠶ᠎ᠡ ᠳ᠋ᠦ᠍ ᠬᠦᠴᠦᠷᠬᠡᠭ ᠲᠦ᠍ ᠲᠣᠭᠠᠴᠢᠭᠳᠠᠵᠤ ᠪᠠᠢᠭᠰᠠᠨ ᠤᠯᠤᠰ ᠪᠢᠯᠡ᠃ ᠲᠡᠭᠦᠨ ᠡᠴᠡ ᠬᠣᠢᠰᠢ ᠬᠥᠪᠡᠭᠦᠨ ᠨᠢ ᠤᠮᠠᠷᠠᠲᠤ᠂ ᠲᠥᠪ᠂ ᠡᠮᠦᠨᠡᠲᠦ ᠭᠡᠰᠡᠨ ᠭᠤᠷᠪᠠᠨ ᠬᠡᠰᠡᠭ ᠬᠠᠭᠠᠨ ᠲᠠᠢ᠂ ᠦᠬᠡᠷ ᠦ᠋ᠨ ᠪᠥᠭᠡᠷ᠎ᠡ ᠰᠢᠭ ᠥᠮᠪᠦᠦ ᠴᠦᠮᠪᠦᠤ ᠬᠣᠭᠣᠷᠣᠨᠳᠣ ᠪᠠᠨ ᠡᠪ ᠨᠢᠭᠡᠳᠦᠯ ᠦᠭᠡᠢ᠂ ᠨᠢᠭᠡᠨ ᠤᠳᠤᠷᠢᠳᠤᠯᠭ᠎ᠠ ᠦᠭᠡᠢ ᠪᠣᠯᠤᠭᠰᠠᠨ ᠲᠤᠯᠠ ᠠᠮᠠᠷᠬᠠᠨ ᠢᠯᠠᠭᠳᠠᠵᠠᠢ᠃ ᠠᠬ᠎ᠠ ᠪᠣᠢᠷᠣᠭ ᠨᠢ ᠬᠡᠳᠦᠨ ᠵᠢᠯ ᠦ᠋ᠨ ᠡᠮᠦᠨ᠎ᠡ ᠰᠥᠨᠥᠭᠰᠡᠨ᠃ ᠬᠦᠴᠦᠯᠦᠭ ᠡᠴᠢᠭᠡ ᠭᠡᠵᠦ ᠨᠡᠷᠡᠯᠡᠳᠡᠭ ᠪᠣᠯᠪᠠᠴᠤ ᠠᠬ᠎ᠠ ᠨᠢ ᠪᠠᠢᠵᠤ ᠪᠣᠯᠬᠤ ᠲᠢᠶᠠᠨ ᠬᠠᠭᠠᠨ ᠢ᠋
《ᠡᠮᠡᠭᠡᠯ ᠡᠴᠡ ᠪᠡᠨ ᠥᠨᠳᠥᠷ ᠳᠠᠪᠠᠭ᠎ᠠ ᠦᠵᠡᠭᠡ ᠦᠭᠡᠢ
ᠡᠬᠡᠨᠡᠷ ᠡᠴᠡ ᠪᠡᠨ ᠥᠭᠡᠷ᠎ᠡ ᠬᠥᠮᠦᠨ ᠲᠠᠨᠢᠬᠤ ᠦᠭᠡᠢ
ᠵᠢᠵᠢᠭ ᠲᠤᠭᠤᠯ ᠤ᠋ᠨ ᠪᠡᠯᠴᠢᠭᠡᠷ ᠡᠴᠡ ᠭᠠᠷᠤᠭ᠎ᠠ ᠦᠭᠡᠢ
ᠵᠢᠷᠮᠦᠰᠦᠨ ᠡᠮ᠎ᠡ ᠶ᠋ᠢᠨ ᠰᠢᠭᠡᠬᠦ ᠭᠠᠵᠠᠷ ᠠ᠋ᠴᠠ ᠴᠠᠭᠠᠰᠢ ᠶᠠᠪᠤᠭ᠎ᠠ ᠦᠭᠡᠢ
ᠠᠶᠤᠮᠠᠬᠠᠢ ᠬᠤᠯᠴᠢᠭᠠᠷ 》 ᠭᠡᠮᠡᠨ ᠳᠠᠭᠠᠷᠢᠵᠤ ᠲᠣᠷᠣᠮᠵᠢᠯᠠᠭᠠᠳ ᠴᠢᠩᠭᠢᠰ ᠬᠠᠭᠠᠨ ᠤ᠋ ᠡᠰᠡᠷᠭᠦ ᠲᠡᠢᠨ ᠳ᠋ᠦ᠍ ᠣᠷᠤᠯᠴᠠᠯ ᠦᠭᠡᠢ᠂ ᠮᠡᠷᠭᠢᠳ ᠦ᠋ᠨ ᠲᠣᠭᠲᠤᠭ᠎ᠠ ᠪᠡᠬᠢ ᠶ᠋ᠢᠨ ᠬᠦᠦ ᠬᠣᠲᠣ ᠲᠠᠢ ᠨᠡᠢᠯᠡᠭᠡᠳ ᠴᠦ᠍ ᠣᠯᠢᠭ ᠲᠠᠢ ᠶᠠᠭᠤᠮ᠎ᠠ ᠪᠣᠯᠤᠭᠰᠠᠨ ᠦᠭᠡᠢ ᠬᠠᠷ᠎ᠠ ᠬᠢᠳᠠᠨ ᠤ᠋ ᠬᠥᠷ ᠬᠠᠭᠠᠨ ᠳ᠋ᠤ᠌ ᠣᠴᠢᠵᠤ ᠢᠪᠡᠭᠡᠯ ᠬᠠᠮᠠᠭᠠᠯᠠᠯ ᠭᠤᠶᠤᠵᠤ᠂ ᠴᠠᠭᠠᠳᠤ ᠭᠡᠨᠡᠬᠡᠨ ᠮᠤᠯᠭᠤ ᠬᠠᠭᠠᠨ ᠶᠡᠬᠡ ᠯᠡ ᠥᠷᠥᠰᠢᠶᠡᠵᠦ ᠥᠨᠥᠬᠢ ᠬᠦᠴᠦᠯᠦᠭ ᠥᠬᠢᠨ ᠲᠡᠢ ᠨᠢ ᠰᠠᠢᠮᠰᠢᠷᠠᠵᠤ《ᠬᠦᠷᠭᠡᠨ》 ᠪᠣᠯᠤᠭᠠᠳ ᠬᠣᠶᠠᠷ ᠵᠢᠯ ᠦ᠋ᠨ ᠳᠠᠷᠠᠭ᠎ᠠ ᠥᠨᠥᠬᠢ ᠬᠥᠷ ᠬᠠᠭᠠᠨ ᠢ᠋ ᠬᠥᠨᠥᠭᠡᠵᠦ ᠤᠯᠤᠰ ᠭᠦᠷᠦᠨ ᠢ᠋ ᠨᠢ ᠡᠵᠡᠯᠡᠭᠰᠡᠨ ᠪᠥᠯᠥᠭᠡ᠃ ᠴᠣᠬᠣᠮ ᠬᠦ᠌ ᠪᠣᠭᠣᠷᠴᠢ ᠶ᠋ᠢ ᠣᠴᠢᠬᠤ ᠲᠡᠷᠡ ᠦᠶ᠎ᠡ ᠳ᠋ᠦ᠍ ᠬᠦᠴᠦᠯᠦᠭ ᠬᠥᠷ ᠬᠠᠭᠠᠨ ᠲᠠᠢ ᠰᠦᠯᠪᠡᠭᠡᠯᠳᠦᠵᠦ ᠪᠠᠢᠭᠰᠠᠨ ᠲᠤᠯᠠ ᠪᠤᠴᠠᠵᠤ ᠨᠤᠲᠤᠭ ᠤᠷᠤᠭᠤ ᠪᠠᠨ ᠳᠠᠭᠠᠷᠢᠵᠤ ᠪᠣᠯᠬᠤ ᠡᠭᠡᠵᠡᠭᠲᠡᠢ᠂ ᠲᠦᠭᠰᠢᠭᠦᠷᠢᠲᠡᠢ ᠦᠶ᠎ᠡ ᠪᠠᠢᠪᠠ᠃ ᠭᠡᠪᠡᠴᠦ ᠬᠦᠴᠦᠯᠦᠭ ᠲᠦ᠍ ᠲᠡᠢᠮᠦ ᠵᠢᠷᠦᠬᠡ ᠵᠣᠷᠢᠭ ᠪᠠᠢᠭᠰᠠᠨ ᠦᠭᠡᠢ᠃
ᠪᠣᠭᠣᠷᠴᠢ ᠨᠢᠭᠡᠨᠲᠡ ᠡᠨᠡ ᠨᠤᠲᠤᠭ ᠢ᠋ ᠡᠵᠡᠩᠨᠡᠨ ᠰᠠᠭᠤᠬᠤ ᠪᠣᠯᠤᠭᠰᠠᠨ ᠲᠤᠯᠠ ᠰᠠᠭᠤᠷᠢᠰᠢᠵᠤ ᠥᠪᠡᠷᠦᠨ ᠭᠡᠷ ᠦ᠋ᠨ ᠪᠠᠭᠤᠷᠢ ᠲᠠᠢ ᠪᠣᠯᠬᠤ ᠨᠢ ᠵᠦᠢ᠃ ᠡᠢᠮᠦ ᠳ᠋ᠦ᠍ ᠬᠦᠦ ᠳ᠋ᠡᠭᠡᠨ ᠠᠶᠠᠲᠠᠢ ᠪᠣᠯᠣᠮᠵᠢᠲᠠᠢ ᠭᠡᠷ ᠣᠷᠣᠨ ᠲᠥᠬᠥᠭᠡᠷᠬᠦ ᠬᠡᠷᠡᠭᠲᠡᠢ᠃ ᠡᠭᠦᠨ ᠢ᠋ ᠲᠡᠮᠦᠷ ᠲᠡᠢ ᠬᠠᠮᠰᠠᠷᠠᠵᠤ ᠠᠮᠵᠢᠭᠤᠯᠤᠭᠠᠳ ᠮᠥᠰᠥᠲᠦ ᠶ᠋ᠢᠨ ᠭᠣᠣᠯ ᠤ᠋ᠨ ᠳᠠᠭᠠᠤ ᠬᠢ ᠨᠤᠲᠤᠭ ᠢ᠋ ᠰᠣᠩᠭᠣᠵᠤ ᠠᠯᠤᠰ ᠲᠠᠭᠠᠨ ᠨᠤᠲᠤᠭᠯᠠᠬᠤ᠂ ᠡᠨᠡ ᠬᠠᠪᠢ ᠭᠠᠵᠠᠷ ᠢ᠋ ᠲᠡᠮᠦᠷ ᠦ᠋ᠨ ᠵᠠᠬᠢᠷᠭᠠᠨ ᠤ᠋ ᠵᠠᠭᠤᠲᠤ ᠪᠣᠯᠭᠠᠵᠤ ᠲᠥᠪᠬᠢᠨᠡᠬᠦ ᠵᠡᠷᠭᠡ ᠠᠮᠢᠨ ᠬᠤᠪᠢ ᠶ᠋ᠢᠨ ᠠᠵᠢᠯ ᠥᠷᠨᠢᠵᠦ᠂ ᠲᠥᠷᠥ ᠶ᠋ᠢᠨ ᠠᠯᠪᠠ ᠵᠠᠯᠭᠠᠭᠤᠯᠬᠤ ᠠ᠋ᠴᠠ ᠬᠡᠴᠡᠭᠦᠦ ᠪᠠᠬᠠᠨ ᠶᠠᠪᠤᠳᠠᠯ ᠲᠤᠯᠭᠠᠷᠠᠪᠠ᠃ ᠣᠳᠣ ᠢᠩᠭᠢᠭᠡᠳ ᠬᠦᠦ ᠪᠡᠨ ᠣᠷᠬᠢᠭᠠᠳ ᠶᠠᠪᠤᠬᠤ ᠳ᠋ᠤ᠌ ᠳᠡᠩᠳᠡᠭᠦᠦ ᠨᠢᠯᠬ᠎ᠠ ᠵᠢᠭᠠᠬᠠᠨ ᠴᠦ᠍ ᠶᠤᠮ ᠰᠢᠭ᠋᠃ ᠪᠠᠰᠠ ᠴᠦ᠍ ᠡᠷᠬᠡ᠂ ᠡᠬᠡ ᠳ᠋ᠡᠭᠡᠨ ᠪᠣᠯ ᠪᠦᠷ ᠴᠦ᠍ ᠶᠠᠷᠢᠯᠲᠠ ᠦᠭᠡᠢ᠃ ᠡᠬᠡ ᠨᠢ ᠨᠠᠭᠠᠰᠢ ᠪᠠᠨ ᠭᠠᠷᠬᠤ ᠳ᠋ᠤ᠌ ᠬᠦᠦ ᠪᠡᠨ ᠶᠠᠪᠤᠭᠤᠯᠬᠤ ᠦᠭᠡᠢ ᠭᠡᠵᠦ ᠦᠵᠡᠭᠰᠡᠨ᠃ ᠭᠡᠪᠡᠴᠦ《ᠬᠠᠭᠠᠨ ᠤ᠋ ᠠᠯᠪᠠ ᠠ᠋》 ᠭᠡᠳ ᠯᠡ ᠡᠴᠢᠭᠡ ᠶ᠋ᠢᠨ ᠡᠷᠬᠡ ᠮᠠᠲᠠᠯ ᠢ᠋ᠶ᠋ᠠᠷ ᠠᠪᠤᠭᠠᠳ ᠭᠠᠷᠤᠭᠰᠠᠨ᠃ ᠡᠬᠡ ᠨᠢ ᠤᠬᠢᠯᠠᠵᠤ ᠠᠷᠤ ᠠ᠋ᠴᠠ ᠨᠢ ᠰᠦ ᠰᠠᠴᠤᠭᠰᠠᠭᠠᠷ᠂ ᠬᠦᠦ ᠳᠣᠭᠣᠯᠠᠩ ᠨᠢᠯᠪᠤᠰᠤ ᠲᠠᠢ ᠮᠣᠷᠳᠠᠭᠰᠠᠨ ᠪᠥᠯᠥᠭᠡ᠃ ᠪᠣᠭᠣᠷᠴᠢ ᠶ᠋ᠢᠨ ᠪᠣᠳᠣᠯ ᠤᠯᠠᠮ ᠴᠢᠨᠠᠭᠰᠢ ᠥᠷᠨᠢᠭᠰᠡᠨ ᠨᠢ᠄ ᠪᠢ ᠶᠡᠷᠦ ᠨᠢ ᠶᠠᠭᠠᠬᠢᠵᠤ ᠨᠤᠲᠤᠭ ᠠ᠋ᠴᠠ ᠪᠠᠨ ᠭᠠᠷᠤᠯ᠎ᠠ? ᠡᠵᠢ ᠠᠪᠤ ᠬᠣᠶᠠᠷ ᠮᠢᠨᠢ ᠶᠡᠬᠡ ᠯᠡ ᠨᠢᠯᠪᠤᠰᠤ ᠪᠠᠷᠠᠭᠰᠠᠨ ᠪᠠᠢᠬ᠎ᠠ ᠳᠠ᠃ ᠶᠠᠭ ᠪᠣᠷᠬᠠᠢ ᠶ᠋ᠢᠨ ᠨᠠᠰᠤᠨ ᠳ᠋ᠤ᠌ ᠭᠠᠷᠤᠭᠰᠠᠨ᠃ ᠪᠣᠷᠬᠠᠢ ᠶ᠋ᠢᠨ ᠨᠠᠰᠤᠨ ᠤ᠋ ᠬᠥᠪᠡᠭᠦᠳ ᠴᠡᠷᠢᠭ ᠲᠦ᠍ ᠲᠠᠲᠠᠭᠳᠠᠭᠠᠳ ᠥᠴᠢᠨᠡᠨ ᠲᠥᠴᠢᠨᠡᠨ ᠪᠠᠭᠠᠲᠤᠷ ᠳᠠᠢᠴᠢᠨ᠂ ᠳᠠᠷᠤᠭ᠎ᠠ ᠵᠠᠬᠢᠷᠤᠭᠴᠢ ᠪᠣᠯᠤᠭᠠᠳ ᠶᠠᠪᠤᠵᠤ ᠯᠠ ᠪᠠᠢᠨ᠎ᠠ᠃ ᠡᠨᠳᠡ ᠲᠡᠮᠦᠷ ᠦ᠋ᠨ ᠵᠠᠬᠢᠷᠭᠠᠨ ᠤ᠋ ᠴᠡᠷᠢᠭ ᠦ᠋ᠳ ᠳᠣᠲᠣᠷ᠎ᠠ ᠮᠠᠨ ᠤ᠋ ᠠᠷᠤᠯᠠᠳ ᠤ᠋ᠨ ᠬᠢᠨ ᠦ᠌ ᠠᠷᠪᠠᠨ ᠵᠢᠷᠭᠤᠭ᠎ᠠ ᠳᠣᠯᠣᠭ᠎ᠠ ᠲᠠᠢ ᠠ᠋ᠴᠠ ᠪᠠᠨ ᠴᠡᠷᠢᠭ ᠲᠦ᠍ ᠢᠷᠡᠵᠦ ᠥᠨᠥ ᠬᠣᠷᠢ ᠬᠦᠷᠦᠭᠡ ᠦᠭᠡᠢ ᠬᠥᠪᠡᠭᠦᠳ ᠪᠠᠢᠵᠤ ᠯᠠ ᠪᠠᠢᠨ᠎ᠠ᠃ ᠬᠥᠮᠦᠨ ᠦ᠌ ᠬᠥᠪᠡᠭᠦᠳ ᠢᠩᠭᠢᠭᠡᠳ ᠶᠠᠪᠤᠵᠤ ᠪᠠᠢᠬᠤ ᠳ᠋ᠤ᠌ ᠮᠢᠨᠦ ᠬᠦᠦ ᠶᠠᠭᠤ ᠨᠢ ᠪᠣᠯᠬᠤ ᠦᠭᠡᠢ ᠪᠣᠢ? ᠪᠢ ᠣᠳᠣ ᠪᠠᠢᠲᠠᠯ᠎ᠠ ᠪᠠᠨ ᠶᠡᠬᠡ ᠨᠢᠯᠠᠭᠤᠷᠠᠬᠤ ᠨᠢ ᠠ᠋᠃ ᠪᠣᠯᠢᠶ᠎ᠠ᠃ ᠬᠠᠷᠢᠨ ᠲᠡᠮᠦᠷ ᠦ᠋ᠨ ᠡᠬᠡᠨᠡᠷ ᠬᠡᠦᠬᠡᠳ ᠢ᠋ ᠲᠠᠲᠠᠵᠤ ᠢᠷᠡᠭᠦᠯᠬᠦ ᠪᠣᠯᠵᠤ ᠪᠠᠢᠨ᠎ᠠ᠃ ᠣᠴᠢᠭᠠᠳ ᠪᠢ ᠶᠠᠪᠤᠭᠤᠯᠤᠨ᠎ᠠ᠃ ᠶᠡᠷᠦ ᠨᠢ ᠡᠬᠡᠨᠡᠷ ᠠᠪᠤᠭ᠎ᠠ ᠦᠭᠡᠢ ᠵᠠᠯᠠᠭᠤᠴᠤᠳ ᠢ᠋ ᠡᠨᠳᠡ ᠦᠯᠡᠳᠡᠭᠡᠵᠦ᠂ ᠵᠣᠬᠢᠬᠤ ᠠᠯᠪᠠᠨ ᠳ᠋ᠤ᠌ ᠲᠣᠬᠣᠭᠠᠨᠠ᠃ ᠲᠡᠳᠡ ᠥᠪᠡᠷᠰᠡᠳ ᠢ᠋ᠶ᠋ᠡᠨ ᠠᠵᠤ ᠠᠮᠢᠳᠤᠷᠠᠯ ᠢ᠋ᠶ᠋ᠠᠨ ᠵᠣᠬᠢᠴᠠᠭᠤᠯᠤᠨ᠎ᠠ ᠪᠢᠵᠡ᠃ ᠬᠠᠷᠢᠨ ᠪᠢ ᠭᠡᠳᠡᠭ ᠬᠥᠮᠦᠨ ᠁ ᠡᠴᠢᠭᠡ ᠡᠬᠡ ᠨᠠᠰᠤ ᠥᠨᠳᠥᠷ᠂ ᠮᠠᠯ ᠬᠥᠷᠥᠩᠭᠡ ᠶᠡᠬᠡ᠃ ᠲᠡᠳᠡᠨ ᠢ᠋ ᠨᠠᠭᠠᠰᠢ ᠠᠪᠴᠢᠷᠠᠮᠠᠷ᠂ ᠲᠡᠳᠡ ᠢᠷᠡᠬᠦ ᠦᠭᠡᠢ ᠳᠡ᠃ ᠨᠤᠲᠤᠭ ᠣᠷᠣᠨ ᠳ᠋ᠠᠭᠠᠨ ᠬᠣᠷᠭᠣᠳᠠᠬᠤ᠂ ᠮᠠᠯ ᠨᠢ ᠴᠦ᠍ ᠭᠡᠰᠡᠨ ᠬᠣᠯᠠ ᠭᠠᠵᠠᠷ ᠲᠠᠭᠤᠭᠳᠠᠵᠤ᠂ ᠡᠨᠳᠡ ᠢᠷᠡᠭᠡᠳ ᠢᠳᠡᠭᠡᠰᠢᠬᠦ ᠦᠭᠡᠢ᠃ ᠡᠢᠮᠦ ᠬᠡᠴᠡᠭᠦᠦ ᠵᠣᠪᠠᠯᠠᠩ ᠳ᠋ᠤ᠌ ᠤᠴᠠᠷᠠᠵᠤ ᠳᠠ᠂《ᠵᠣᠪᠠᠯᠠᠩ》 ᠭᠡᠵᠦ ᠪᠣᠭᠣᠷᠴᠢ ᠮᠢᠨᠢ ᠴᠢ ᠶᠠᠭᠤ ᠪᠣᠳᠣᠭᠠᠳ ᠪᠠᠢᠨ᠎ᠠ ᠠ᠋ ? ᠮᠢᠨᠦ ᠡᠭᠡᠴᠢ᠂ ᠵᠢᠭᠡ ᠬᠦᠦ᠂ ᠥᠬᠢᠳ ᠪᠣᠢ᠃ ᠲᠡᠭᠡᠭᠡᠳ ᠴᠦ᠍ ᠬᠠᠭᠠᠨ ᠡᠴᠢᠭᠡ ᠳ᠋ᠦ᠍ ᠮᠢᠨᠢ ᠬᠦᠷᠡᠯ ᠬᠡᠷᠦᠭᠡ᠂ ᠠᠯᠪᠠᠲᠤ ᠵᠠᠷᠤᠴᠠ ᠥᠭᠭᠦᠭᠰᠡᠨ᠃ ᠲᠡᠭᠡᠬᠦ ᠪᠡᠷ ᠠᠯᠢ ᠬᠡᠳᠦᠢᠨ ᠨᠠᠳᠠ ᠠ᠋ᠴᠠ ᠡᠮᠦᠨ᠎ᠡ ᠡᠴᠢᠭᠡ ᠡᠬᠡ ᠶ᠋ᠢ ᠮᠢᠨᠢ ᠬᠠᠯᠠᠮᠵᠢᠯᠠᠬᠤ ᠤᠬᠠᠭᠠᠨ ᠵᠠᠷᠤᠭᠰᠠᠨ ᠪᠠᠢᠨ᠎ᠠ ᠰᠢᠦ᠃ ᠢᠩᠭᠢᠵᠦ ᠪᠠᠢᠬᠤ ᠳ᠋ᠤ᠌ ᠪᠢ ᠲᠡᠳᠡᠨ ᠢ᠋ ᠠᠪᠴᠢᠷᠠᠬᠤ ᠶ᠋ᠢ ᠪᠣᠳᠣᠵᠤ ᠰᠠᠭᠤᠳᠠᠭ᠃ ᠶᠡᠷᠦ ᠡᠴᠡ ᠪᠣᠯᠬᠤ ᠦᠭᠡᠢ᠃ ᠬᠠᠭᠠᠨ ᠮᠢᠩᠭᠠᠲᠤ ᠵᠠᠭᠤᠲᠤ ᠶ᠋ᠢ ᠣᠳᠣ ᠶ᠋ᠢᠨ ᠪᠠᠢᠭ᠎ᠠ ᠨᠤᠲᠤᠭ ᠳᠡᠪᠢᠰᠬᠡᠷ ᠢ᠋ᠶ᠋ᠡᠷ ᠲᠣᠭᠲᠠᠭᠠᠨ ᠵᠠᠷᠯᠢᠭ ᠪᠠᠭᠤᠯᠭᠠᠭᠰᠠᠨ᠃ ᠰᠢᠯᠵᠢᠵᠦ ᠬᠥᠳᠡᠯᠵᠦ ᠪᠣᠯᠬᠤ ᠦᠭᠡᠢ᠃《ᠶᠠᠰᠤ》 ᠴᠠᠭᠠᠵᠠ ᠳ᠋ᠤ᠌ ᠲᠡᠭᠡᠵᠦ ᠵᠢᠭᠠᠭᠰᠠᠨ ᠪᠠᠢᠭ᠎ᠠ᠃ ᠬᠠᠨ ᠬᠡᠨᠲᠡᠢ᠂ ᠪᠤᠷᠬᠠᠨ ᠬᠠᠯᠳᠤᠨ ᠠ᠋ᠴᠠ ᠡᠬᠢᠯᠡᠭᠡᠳ ᠵᠡᠭᠦᠨ᠂ ᠵᠡᠭᠦᠨ ᠣᠷᠣᠭᠰᠢ ᠬᠡᠷᠦᠯᠦᠨ ᠭᠣᠣᠯ ᠳᠠᠭᠠᠤ ᠬᠢ ᠠᠰᠤᠷᠤ ᠶᠡᠬᠡ ᠨᠤᠲᠤᠭ ᠡᠳᠦᠭᠡ ᠮᠢᠩᠭᠠᠨ ᠤ᠋ ᠬᠤᠪᠢᠶᠠᠷᠢ ᠳ᠋ᠤ᠌ ᠣᠷᠣᠭ᠎ᠠ ᠦᠭᠡᠢ ᠦᠯᠡᠳᠡᠭᠰᠡᠨ ᠨᠢ ᠬᠣᠢᠰᠢᠳᠠ ᠪᠠᠨ ᠬᠠᠭᠠᠨ ᠤ᠋ ᠤᠷᠤᠭ ᠲᠥᠷᠥᠯ ᠦ᠋ᠨ ᠬᠢᠨ ᠳ᠋ᠦ᠍ ᠨᠣᠭᠳᠠᠬᠤ ᠶᠤᠮ᠃ ᠢᠩᠭᠢᠬᠦᠯᠡᠷ ᠲᠡᠳᠡᠨ ᠦ᠌ ᠥᠮᠴᠢᠨ ᠳ᠋ᠦ᠍ ᠬᠠᠯᠳᠠᠬᠤ ᠶᠠᠭᠤᠮ᠎ᠠ ᠪᠣᠳᠣᠵᠤ ᠰᠠᠭᠤᠭ᠎ᠠ ᠬᠡᠷᠡᠭ ᠪᠣᠯᠬᠤ ᠨᠢ᠃ ᠪᠣᠯᠢᠶ᠎ᠠ᠂ ᠪᠣᠯᠢᠶ᠎ᠠ᠃ ᠪᠢ ᠴᠢᠩᠭᠢᠰ ᠬᠠᠭᠠᠨ ᠤ᠋ ᠡᠮᠦᠨ᠎ᠡ ᠬᠣᠷᠢᠨ ᠵᠢᠷᠭᠤᠭᠠᠨ ᠵᠢᠯ ᠬᠦᠴᠦᠨ ᠵᠢᠳᠬᠦᠬᠦ ᠳ᠋ᠡᠭᠡᠨ ᠨᠢᠭᠡ ᠤᠳᠠᠭ᠎ᠠ ᠠᠯᠳᠠᠭ᠎ᠠ ᠭᠠᠷᠭᠠᠭᠰᠠᠨ ᠪᠣᠢ᠃ ᠡᠨᠡ ᠨᠢ ᠲᠤᠭᠤᠷᠢᠯ ᠬᠠᠨ ᠡᠴᠡ ᠪᠣᠯᠤᠭᠰᠠᠨ ᠬᠡᠷᠡᠭ᠃
ᠲᠤᠭᠤᠷᠢᠯ ᠳᠣᠯᠣᠭᠠᠨ ᠵᠢᠯ ᠦ᠋ᠨ ᠡᠮᠦᠨ᠎ᠡ ᠪᠠᠢᠳᠠᠷᠠᠭ ᠤ᠋ᠨ ᠪᠠᠯᠴᠢᠷ ᠲᠤ ᠨᠠᠢ᠍ᠮᠠᠨ ᠤ᠋ ᠬᠥᠭᠰᠡᠬᠦᠦ ᠰᠠᠪᠷᠠᠭ ᠲᠠᠢ᠂ ᠮᠠᠨ ᠲᠠᠢ ᠬᠠᠮᠲᠤᠷᠠᠵᠤ ᠪᠠᠢᠯᠳᠤᠬᠤ ᠪᠠᠷ ᠪᠣᠯᠵᠣᠵᠤ ᠬᠣᠨᠣᠭᠠᠳ ᠵᠠᠮᠤᠬ᠎ᠠ ᠶ᠋ᠢᠨ ᠬᠠᠮᠲᠤ ᠪᠣᠯᠵᠣᠵᠤ ᠵᠠᠢᠯᠠᠭᠰᠠᠨ᠃ ᠲᠡᠭᠡᠭᠡᠳ ᠬᠦᠭᠰᠡᠬᠦᠦ ᠰᠠᠪᠷᠠᠭ ᠲᠤ ᠴᠣᠬᠢᠭᠳᠠᠵᠤ᠂ ᠢᠴᠢᠬᠦ ᠴᠦ᠍ ᠦᠭᠡᠢ ᠮᠠᠨ ᠤ᠋ ᠬᠠᠭᠠᠨ ᠠ᠋ᠴᠠ ᠳᠥᠷᠪᠡᠨ ᠬᠦᠯᠦᠭ ᠪᠠᠭᠠᠲᠤᠷ ᠢ᠋ᠶ᠋ᠠᠨ ᠢᠷᠡᠭᠦᠯᠵᠦ ᠲᠤᠰᠠᠯᠠᠨ᠎ᠠ ᠤᠤ? ᠭᠡᠮᠡᠨ ᠭᠤᠶᠤᠬᠤ ᠳ᠋ᠤᠨᠢ ᠬᠠᠭᠠᠨ᠂ ᠮᠤᠬᠤᠯᠠᠢ᠂ ᠪᠣᠷᠣᠬᠤᠯ᠂ ᠴᠢᠯᠠᠭᠤᠨ ᠪᠢᠳᠡ ᠳᠥᠷᠪᠡ ᠶ᠋ᠢ ᠶᠠᠪᠤᠭᠤᠯᠵᠤ ᠲᠡᠨᠳᠡ ᠲᠤᠯᠤᠯᠳᠤᠵᠤ ᠳᠡᠢᠯᠦᠭᠡᠳ ᠰᠡᠩᠭᠦᠮ ᠦ᠋ᠨ ᠠᠯᠳᠠᠭᠳᠠᠭᠰᠠᠨ ᠡᠬᠡᠨᠡᠷ ᠬᠡᠦᠬᠡᠳ᠂ ᠡᠳ᠋ ᠶᠠᠭᠤᠮ᠎ᠠ ᠶ᠋ᠢ ᠠᠪᠴᠤ ᠥᠭᠭᠦᠭᠰᠡᠨ ᠤᠳᠠᠭ᠎ᠠ ᠲᠠᠢ᠃ ᠨᠤᠲᠤᠭ ᠲᠠᠭᠠᠨ ᠣᠴᠢᠭᠠᠳ ᠠᠢᠪᠠᠩ ᠲᠠᠢᠪᠤᠩ ᠨᠢᠭᠡ ᠡᠳᠦᠷ ᠲᠤᠭᠤᠷᠢᠯ ᠠ᠋ᠴᠠ ᠤᠷᠢᠯᠭ᠎ᠠ ᠢᠷᠡᠬᠦ ᠳ᠋ᠦ᠍ᠨᠢ ᠰᠠᠨᠠᠮᠰᠠᠷ ᠦᠭᠡᠢ ᠯᠡ《ᠪᠢᠳᠡ ᠳᠥᠷᠪᠡ ᠶ᠋ᠢ ᠤᠷᠢᠵᠤ ᠪᠠᠶᠠᠷᠯᠠᠭᠰᠠᠨ ᠲᠠᠯᠠᠷᠬᠠᠭᠰᠠᠨ ᠢ᠋ᠶ᠋ᠠᠨ ᠯᠠ ᠬᠡᠯᠡᠬᠦ ᠭᠡᠰᠡᠨ ᠶᠦᠮ ᠪᠠᠢᠬ᠎ᠠ》 ᠭᠡᠵᠦ ᠪᠣᠳᠣᠭᠠᠳ ᠣᠴᠢᠭᠰᠠᠨ᠃ ᠨᠠᠮ᠎ᠠ ᠶ᠋ᠢ ᠶᠡᠬᠡ ᠴᠦ᠍ ᠬᠦᠨᠳᠦᠯᠡᠵᠦ ᠳᠠᠢᠯᠠᠪᠠ᠃ ᠪᠤᠰᠤᠳ ᠮᠠᠨᠢ ᠠᠯᠠᠭ᠎ᠠ᠃ ᠲᠡᠷᠡ ᠪᠡᠷ ᠦᠨᠡᠬᠡᠷ ᠪᠠᠶᠠᠷᠯᠠᠭᠰᠠᠨ ᠲᠠᠯᠠᠷᠬᠠᠭᠰᠠᠨ ᠢ᠋ᠶ᠋ᠠᠨ ᠴᠤ᠌ ᠬᠡᠯᠡᠵᠦ ᠪᠠᠢᠪᠠ᠃
— ᠪᠢ ᠭᠠᠭᠴᠠᠭᠠᠷ ᠢ᠋ᠶ᠋ᠠᠨ ᠪᠢᠰᠢ᠂ ᠳᠥᠷᠪᠡᠭᠦᠯᠡ ᠪᠠᠨ ᠯᠠ ᠲᠤᠰᠠ ᠪᠣᠯᠤᠭᠰᠠᠨ ᠰᠢᠦ ᠳᠡ᠃ ᠪᠤᠰᠤᠳ ᠢ᠋ ᠮᠠᠨᠢ ᠶᠠᠭᠠᠬᠢᠭᠠᠳ ᠤᠷᠢᠭᠰᠠᠨ ᠦᠭᠡᠢ ᠪᠣᠢ? ᠭᠡᠬᠦ ᠳ᠋ᠦ᠍᠄
— ᠴᠢ ᠪᠣᠯ ᠥᠭᠡᠷ᠎ᠡ᠂ ᠲᠡᠭᠡᠭᠡᠳ ᠴᠦ᠍ ᠳᠠᠷᠤᠭ᠎ᠠ ᠨᠢ ᠰᠢᠦ ᠳᠡ ᠭᠡᠯᠡ᠃ ᠲᠡᠭᠡᠵᠦ ᠪᠠᠢᠲᠠᠯ᠎ᠠ ᠸᠠᠩ ᠬᠠᠨ ᠪᠤᠭᠤᠷᠤᠯ ᠰᠠᠬᠠᠯ ᠢ᠋ᠶ᠋ᠠᠨ ᠰᠢᠪᠲᠤᠷᠠᠴᠤ ᠠᠮᠠ ᠨᠡᠯᠢᠶᠡᠳ ᠦᠭᠡᠢ ᠬᠠᠯᠠᠭᠰᠠᠨ ᠪᠣᠯᠤᠯᠲᠠᠢ᠂ ᠨᠠᠮ᠎ᠠ ᠶ᠋ᠢ ᠠᠷᠢᠬᠢ ᠪᠠᠷ ᠰᠢᠬᠠᠨ᠄
— ᠪᠢ ᠲᠡᠮᠦᠵᠢᠨ ᠬᠦᠦ ᠳ᠋ᠦ᠍ ᠥᠪᠡᠷ ᠦ᠋ᠨ ᠬᠦᠦ ᠡᠴᠡ ᠢᠯᠡᠭᠦᠦ ᠬᠠᠢᠷᠠᠲᠠᠢ᠃ ᠬᠠᠷᠢᠨ ᠲᠡᠷᠡ ᠪᠡᠷ ᠨᠠᠳᠠ ᠶᠠᠮᠠᠷ ᠪᠣᠯ? ᠭᠡᠬᠦ ᠳ᠋ᠦ᠍ᠨᠢ ᠪᠢ
— ᠲᠠᠨ ᠢ᠋ ᠬᠠᠨ ᠡᠴᠢᠭᠡ ᠭᠡᠳ ᠶᠡᠬᠡ ᠯᠡ ᠬᠠᠢᠷᠠᠯᠠᠵᠤ ᠬᠦᠨᠳᠦᠯᠡᠳᠡᠭ ᠰᠢᠦ ᠳᠡ᠃ ᠲᠡᠭᠡᠭᠡᠳ ᠲᠠᠨ ᠢ᠋ ᠲᠡᠷᠲᠡᠭᠡ ᠵᠢᠯ ᠠᠬ᠎ᠠ ᠳᠡᠭᠦᠦ ᠲᠡᠢ ᠪᠡᠨ ᠬᠢᠮᠤᠷᠠᠯᠳᠤᠵᠤ ᠳᠡᠢᠯᠳᠦᠭᠡᠳ ᠬᠠᠷ᠎ᠠ ᠬᠢᠳᠠᠨ ᠳ᠋ᠤ᠌ ᠵᠢᠭᠤᠲᠠᠵᠤ ᠭᠠᠷᠤᠭᠠᠳ ᠶᠠᠳᠠᠷᠠᠵᠤ ᠵᠦᠳᠡᠷᠡᠵᠦ ᠶᠠᠪᠤᠬᠤ ᠳ᠋ᠤ᠌ ᠡᠯᠴᠢ ᠶᠠᠪᠤᠭᠤᠯᠵᠤ ᠠᠪᠴᠢᠷᠠᠭᠠᠳ ᠠᠰᠠᠷᠠᠵᠤ ᠲᠡᠳᠬᠦᠵᠦ ᠪᠤᠲᠠᠷᠠᠭᠰᠠᠨ ᠤᠯᠤᠰ ᠢ᠋ ᠴᠢᠨᠢ ᠬᠤᠷᠢᠶᠠᠵᠤ ᠥᠭᠴᠦ ᠪᠠᠢᠭᠰᠠᠨ᠃ ᠡᠳᠦᠭᠡ ᠰᠠᠶᠢ ᠬᠦᠭᠰᠡᠭᠦᠦ ᠰᠠᠪᠷᠠᠭ ᠠ᠋ᠴᠠ ᠲᠠᠨ ᠤ᠋ ᠬᠦᠰᠡᠭᠰᠡᠨ ᠢ᠋ᠶ᠋ᠡᠷ ᠪᠢᠳᠡᠨ ᠢ᠋ ᠶᠠᠪᠤᠭᠤᠯᠵᠤ ᠲᠤᠰᠠᠯᠠᠭᠤᠯᠤᠭᠰᠠᠨ ᠵᠡᠷᠭᠡ᠃ ᠲᠠ ᠥᠪᠡᠷ ᠢ᠋ᠶ᠋ᠡᠨ ᠮᠡᠳᠡᠵᠦ ᠪᠠᠢᠭ᠎ᠠ ᠰᠢᠦ ᠳᠡ᠃
— ᠲᠡᠢᠮᠦ ᠠ᠋᠂ ᠲᠡᠢᠮᠦ᠃ ᠪᠢ ᠪᠦᠭᠦᠳᠡ ᠶ᠋ᠢ ᠮᠠᠲᠠᠯ ᠦᠭᠡᠢ ᠶᠠᠭᠠᠬᠢᠬᠤ ᠪᠣᠢ᠃ ᠮᠠᠷᠲᠠᠬᠤ ᠤᠴᠢᠷ ᠦᠭᠡᠢ᠃ ᠲᠡᠭᠡᠭᠡᠳ ᠲᠡᠮᠦᠵᠢᠨ ᠬᠦᠦ ᠳ᠋ᠦ᠍ ᠬᠠᠢᠷᠠᠲᠠᠢ ᠪᠠᠢᠳᠠᠭ᠃ ᠴᠢᠮᠠᠲᠤ ᠴᠦ᠍ ᠭᠡᠰᠡᠨ ᠥᠭᠡᠷ᠎ᠡ ᠴᠦ᠍ ᠦᠭᠡᠢ ᠰᠠᠢᠨ᠃ ᠠᠴᠢ ᠶ᠋ᠢ ᠴᠢᠨᠢ ᠪᠣᠳᠣᠵᠤ ᠱᠠᠩᠨᠠᠨ᠎ᠠ ᠠ᠋ ᠁ ᠭᠡᠳ ᠨᠢᠭᠡ ᠵᠠᠬ᠎ᠠ ᠲᠣᠷᠭᠠᠨ ᠬᠤᠪᠴᠠᠰᠤ᠂ ᠠᠷᠪᠠᠨ ᠠᠯᠲᠠᠨ ᠬᠤᠨᠳᠠᠭ᠎ᠠ ᠪᠡᠯᠡᠭᠯᠡᠭᠰᠡᠨ᠃ ᠪᠣᠳᠣᠭᠠᠳ ᠪᠠᠢᠬᠤ ᠳ᠋ᠤ᠌ ᠠᠰᠤᠷᠤ ᠠᠯᠳᠠᠭ᠎ᠠ ᠬᠢᠭᠰᠡᠨ ᠢ᠋ᠶ᠋ᠡᠨ ᠮᠡᠳᠡᠵᠦ ᠭᠡᠮᠰᠢᠵᠦ᠂ ᠬᠠᠭᠠᠨ ᠳ᠋ᠤ᠌ ᠪᠠᠷᠠᠯᠬᠠᠨ ᠪᠦᠬᠦ ᠦᠨᠡᠨ ᠢ᠋ ᠲᠣᠭᠠᠴᠢᠵᠤ᠂ ᠪᠡᠯᠡᠭ ᠢ᠋ ᠲᠣᠭ᠎ᠠ ᠶᠣᠰᠣᠭᠠᠷ ᠠᠪᠠᠴᠢᠵᠤ ᠪᠠᠷᠢᠵᠤ ᠥᠭᠭᠦᠭᠡᠳ᠄
— ᠪᠢ ᠲᠤᠰᠢᠶᠠᠯ ᠤ᠋ᠨ ᠪᠠᠢᠷᠢ ᠶ᠋ᠢ ᠳᠤᠷ᠎ᠠ ᠮᠡᠳᠡᠨ ᠣᠷᠬᠢᠵᠤ ᠶᠠᠪᠤᠭᠰᠠᠨ ᠪᠢᠯᠡ᠃ ᠣᠳᠣ ᠶᠠᠯ᠎ᠠ ᠪᠠᠨ ᠬᠦᠯᠢᠶᠡᠰᠦᠭᠡᠢ ᠭᠡᠮᠡᠨ ᠥᠴᠢᠬᠦ ᠳ᠋ᠦ᠍ ᠬᠠᠭᠠᠨ ᠢ᠋ᠶ᠋ᠠᠷ᠄
— ᠦᠨᠡᠨ ᠢ᠋ᠶ᠋ᠡᠨ ᠬᠡᠯᠡᠭᠰᠡᠨ ᠴᠢᠨᠢ ᠰᠠᠢᠨ᠃ ᠪᠢ ᠴᠢᠨᠦ ᠰᠢᠳᠤᠷᠭᠤ ᠦᠨᠡᠨᠴᠢ ᠶ᠋ᠢ ᠢᠲᠡᠭᠡᠳᠡᠭ᠃ ᠴᠢᠨᠦ ᠨᠠᠳᠠ ᠬᠢᠭᠰᠡᠨ ᠰᠠᠢᠨ ᠦᠢᠯᠡᠰ᠂ ᠲᠤᠰᠠ ᠶᠡᠬᠡ᠃ ᠠᠯᠢ ᠶ᠋ᠢ ᠲᠣᠭᠠᠴᠢᠵᠤ ᠪᠠᠷᠠᠬᠤ ᠪᠣᠢ᠃ ᠭᠡᠬᠦ ᠳ᠋ᠡᠭᠡᠨ ᠳᠠᠬᠢᠨ ᠢᠩᠭᠢᠵᠦ ᠪᠣᠯᠬᠤ ᠦᠭᠡᠢ ᠭᠡᠳ ᠥᠨᠥᠬᠢ ᠪᠡᠯᠡᠭ ᠢ᠋ ᠪᠤᠴᠠᠭᠠᠵᠤ ᠥᠭᠭᠦᠭᠰᠡᠨ ᠤᠳᠠᠭ᠎ᠠ ᠲᠠᠢ᠃ ᠢᠩᠭᠢᠬᠦ ᠪᠡᠷ ᠪᠢ ᠬᠠᠭᠠᠨ ᠤ᠋ ᠵᠠᠷᠯᠢᠭ ᠲᠠᠢ ᠬᠠᠷᠰᠢᠯᠠᠬᠤ ᠶᠠᠭᠤᠮ᠎ᠠ ᠬᠢᠵᠦ ᠬᠡᠷᠬᠢᠪᠡᠴᠦ ᠪᠣᠯᠬᠤ ᠦᠭᠡᠢ᠃ ᠬᠠᠭᠠᠨ ᠤ᠋ ᠬᠠᠢᠷᠠᠯᠠᠭᠰᠠᠨ ᠬᠠᠷᠢᠶᠠᠲᠤ ᠮᠢᠩᠭᠠᠨ ᠤ᠋ ᠳᠣᠲᠣᠷ᠎ᠠ ᠪᠣᠯ ᠪᠢ ᠳᠡᠩᠳᠡᠭᠦᠦ ᠶᠡᠬᠡ ᠡᠷᠬᠡ ᠮᠠᠲᠠᠯ ᠲᠠᠢ ᠪᠣᠯᠪᠠᠴᠤ ᠡᠭᠦᠨ ᠡᠴᠡ ᠭᠠᠳᠠᠭᠰᠢ ᠪᠣᠯ ᠭᠠᠭᠴᠠ ᠬᠤᠷᠤᠭᠤ ᠴᠦ᠍ ᠡᠷᠬᠡ ᠮᠠᠲᠠᠯ ᠦᠭᠡᠢ᠃ ᠡᠭᠦᠨ ᠢ᠋ ᠪᠣᠭᠣᠷᠴᠢ ᠴᠢ ᠰᠠᠢᠨ ᠮᠡᠳᠡᠵᠦ ᠪᠠᠷᠢᠮᠲᠠᠯᠠᠵᠤ ᠶᠠᠪᠤᠬᠤ ᠤᠴᠢᠷ ᠲᠠᠢ᠃
ᠪᠣᠭᠣᠷᠴᠢ ᠡᠢᠨᠬᠦ ᠥᠪᠡᠷ ᠲᠡᠢ ᠪᠡᠨ ᠥᠩᠭᠡᠷᠡᠭᠰᠡᠨ ᠣᠳᠣ ᠶ᠋ᠢ ᠬᠠᠷᠰᠢᠭᠤᠯᠤᠨ《ᠶᠠᠷᠢᠵᠤ》 ᠪᠣᠳᠣᠯᠭᠠᠰᠢᠷᠠᠨ ᠤᠳᠠᠲᠠᠯ᠎ᠠ ᠰᠠᠭᠤᠪᠠ᠃ ᠬᠦᠦ ᠪᠣᠷᠬᠠᠢ ᠥᠪᠡᠷ ᠡᠴᠡ ᠨᠢ ᠵᠠᠢᠳᠠᠭᠤᠬᠠᠨ ᠴᠢᠯᠠᠭᠤ ᠰᠠᠨᠳᠠᠢᠯᠠᠨ ᠶᠠᠭᠤᠮ᠎ᠠ ᠤᠷᠤᠯᠳᠤᠵᠤ ᠬᠠᠷᠠᠭᠳᠠᠨ᠎ᠠ᠃《ᠪᠠᠰᠠ ᠶᠠᠭᠤ ᠪᠣᠳᠣᠵᠤ ᠰᠠᠭᠤᠭ᠎ᠠ ᠶᠤᠮ ᠪᠣᠯ ᠳᠠ? ᠶᠠᠭᠤ ᠴᠦ᠍ ᠪᠣᠯᠲᠤᠭᠠᠢ ᠰᠢᠢᠳᠦᠭᠰᠡᠨ ᠢ᠋ᠶ᠋ᠡᠷ ᠢ᠋ᠶ᠋ᠡᠨ ᠰᠢᠢᠳᠦᠨ᠎ᠡ》 ᠭᠡᠵᠦ ᠪᠣᠳᠣᠭᠠᠳ ᠰᠤᠨᠢᠶᠠᠨ ᠡᠢᠰᠢ ᠳᠠᠰᠢ ᠠᠵᠢᠪᠠ᠃ ᠥᠷᠯᠥᠭᠡᠭᠦᠷ ᠬᠦᠦ ᠲᠡᠢ ᠪᠡᠨ ᠬᠣᠶᠠᠭᠤᠯᠠ ᠡᠨᠡ ᠥᠨᠳᠥᠷᠯᠢᠭ ᠥᠭᠡᠳᠡ ᠭᠠᠷᠴᠤ ᠢᠷᠡᠭᠰᠡᠨ᠃ ᠤᠭ ᠲᠠᠭᠠᠨ ᠯᠠ ᠵᠤᠭ᠎ᠠ ᠭᠠᠷᠭᠠᠵᠤ ᠶᠠᠪᠤᠭ᠎ᠠ ᠶᠤᠮ᠃ ᠵᠢᠵᠢᠭ ᠠᠩ ᠭᠥᠷᠥᠭᠡᠰᠦ ᠮᠠᠭᠠᠳ ᠦᠭᠡᠢ ᠭᠡᠮᠡᠨ ᠨᠤᠮᠤ ᠰᠤᠮᠤ ᠠᠭᠰᠠᠵᠤ ᠡᠩ ᠦ᠋ᠨ ᠴᠡᠷᠢᠭ ᠬᠤᠪᠴᠠᠰᠤ ᠲᠠᠢ ᠭᠠᠷᠴᠠᠢ᠃ ᠠᠩ ᠲᠠᠭᠠᠷᠠᠵᠤ ᠦᠵᠡᠭᠳᠡᠭᠰᠡᠨ ᠦᠭᠡᠢ᠃ ᠥᠨᠳᠥᠷ ᠠᠭᠤᠯᠠ ᠶ᠋ᠢᠨ ᠳᠡᠭᠡᠭᠦᠷ ᠳᠡᠰ ᠪᠦᠷᠭᠦᠳ ᠬᠥᠬᠡ ᠣᠭᠲᠠᠷᠭᠤᠢ ᠳ᠋ᠤ᠌ ᠡᠯᠢᠨ ᠬᠠᠯᠢᠵᠤ᠂ ᠠᠷᠭᠠᠯᠢ ᠶᠠᠩᠭᠢᠷ ᠬᠠᠳᠠ ᠴᠤᠭᠢᠶᠠᠨ ᠳᠡᠭᠡᠷ᠎ᠡ ᠳᠡᠭᠦᠯᠢᠨ ᠴᠣᠢᠯᠠᠵᠤ ᠦᠵᠡᠭᠳᠡᠨ᠎ᠡ᠃ ᠮᠥᠰᠥᠲᠦ ᠭᠣᠣᠯ ᠤ᠋ᠨ ᠳᠠᠭᠠᠤ ᠠᠢᠯ ᠮᠠᠯ ᠣᠯᠠᠨ ᠪᠠᠢᠨ᠎ᠠ᠃ ᠲᠡᠭᠦᠨ ᠳ᠋ᠦ᠍ ᠴᠢᠳᠬᠤᠬᠤ ᠨᠢᠭᠡᠨ ᠰᠠᠯᠠᠭᠠᠨ ᠳ᠋ᠤ᠌ ᠥᠪᠡᠷ ᠦ᠋ᠨ ᠬᠢᠨᠢ ᠲᠥᠪᠬᠢᠨᠡᠭᠦᠯᠵᠦ ᠪᠣᠢ ᠭᠡᠷ ᠣᠷᠣᠨ᠂ ᠠᠯᠪᠠᠨ ᠵᠠᠷᠤᠴᠠ᠂ ᠬᠠᠮᠠᠭᠠᠯᠠᠯᠲᠠ ᠶ᠋ᠢᠨ ᠪᠠᠭ ᠴᠡᠷᠢᠭ ᠪᠠᠢᠭ᠎ᠠ᠃ ᠨᠠᠮᠤᠷᠰᠢᠵᠤ ᠭᠣᠣᠯ ᠤ᠋ᠨ ᠳᠠᠭᠠᠤ ᠨᠣᠭᠣᠭᠠᠨ ᠢ᠋ᠶ᠋ᠠᠷ ᠢ᠋ᠶ᠋ᠠᠨ ᠴᠦ᠍ ᠬᠣᠶᠠᠷ ᠬᠠᠶᠠᠭᠠᠨ ᠳ᠋ᠠᠭᠠᠨ ᠰᠢᠷᠠᠯᠠᠵᠤ ᠢᠯᠭᠠᠷᠠᠭᠰᠠᠨ ᠠᠵᠤᠭᠤ᠃ ᠭᠣᠣᠯ ᠤ᠋ᠨ ᠵᠡᠭᠦᠨ ᠠᠭᠤᠯᠠ ᠶ᠋ᠢᠨ ᠵᠡᠭᠦᠨ ᠤᠷᠢᠳᠤ ᠬᠥᠨᠳᠡᠢ ᠳ᠋ᠦ᠍ ᠬᠡᠰᠡᠭ ᠬᠥᠮᠦᠰ ᠥᠷᠯᠥᠭᠡᠨ ᠡᠴᠡ ᠴᠤᠭᠯᠠᠷᠠᠵᠤ ᠮᠥᠷᠥᠢ ᠲᠡᠢ ᠤᠷᠤᠯᠳᠤᠭᠠᠨ ᠶᠤᠮ ᠤᠤ᠂ ᠮᠣᠷᠢᠨ ᠵᠠᠰᠠᠯᠭ᠎ᠠ ᠰᠤᠩᠭᠠᠭ᠎ᠠ᠂ ᠲᠠᠷ ᠶᠤᠮ ᠤᠤ ᠬᠥᠯ ᠬᠥᠳᠡᠯᠭᠡᠭᠡᠨ ᠲᠡᠢ ᠬᠠᠷᠠᠭᠳᠠᠨ᠎ᠠ᠃ ᠲᠡᠨᠳᠡ ᠬᠣᠷᠢ ᠭᠠᠷᠤᠢ ᠬᠥᠮᠦᠰ ᠴᠤᠭᠯᠠᠷᠠᠵᠠᠢ᠃ ᠬᠣᠭᠣᠯᠠᠢ ᠶ᠋ᠢᠨ ᠴᠠᠭᠠᠳᠤ ᠬᠠᠶᠠᠯᠭ᠎ᠠ ᠪᠠᠷ ᠬᠡᠰᠡᠭ ᠪᠣᠰᠤᠭ ᠠᠢᠯ᠂ ᠮᠠᠯ ᠬᠠᠷᠠᠭᠳᠠᠬᠤ ᠠᠵᠠᠢ᠃ ᠪᠤᠭᠤᠷᠴᠢ ᠲᠠᠰᠢ ᠪᠠᠨ ᠣᠴᠢᠶ᠎ᠠ ᠭᠡᠵᠦ ᠪᠣᠳᠣᠯ᠎ᠠ᠃ ᠯᠠᠪ ᠬᠣᠷᠢᠨ ᠮᠣᠳᠣ ᠭᠠᠵᠠᠷ ᠤ᠋ᠨ ᠵᠠᠢ ᠲᠠᠢ ᠨᠡᠯᠢᠶᠡᠳ ᠵᠠᠢᠳᠠᠭᠤ ᠪᠤᠶᠤ᠃ ᠪᠤᠭᠤᠷᠴᠢ ᠬᠦᠦ ᠪᠡᠨ ᠳᠠᠭᠤᠳᠠᠵᠤ᠄
— ᠲᠡᠨᠳᠡ ᠮᠣᠷᠢᠨ ᠤᠷᠤᠯᠳᠤᠭᠠᠨ ᠪᠣᠯᠤᠭᠠᠳ ᠪᠠᠢᠨ᠎ᠠ᠃ ᠬᠣᠶᠠᠭᠤᠯᠠ ᠣᠴᠢᠬᠤ ᠤᠤ? ᠭᠡᠪᠡᠯ ᠬᠦᠦ ᠨᠢ ᠪᠦᠷ ᠰᠡᠳᠬᠢᠯ ᠰᠡᠷᠭᠦᠵᠦ᠄
— ᠲᠡᠭᠡᠶ᠎ᠡ᠂ ᠲᠡᠭᠡᠶ᠎ᠡ ᠭᠡᠯᠡ᠃ ᠬᠣᠶᠠᠭᠤᠯᠠ ᠮᠣᠷᠳᠠᠭᠠᠳ ᠠᠭᠤᠯᠠᠨ ᠠ᠋ᠴᠠ ᠰᠠᠵᠢᠯᠠᠭᠤᠯᠤᠨ ᠪᠠᠭᠤᠵᠤ ᠴᠠᠭᠠᠨ ᠭᠠᠵᠠᠷ ᠤᠷᠤᠭᠤ ᠣᠴᠢᠭᠠᠳ ᠶᠥᠷᠭᠡᠭᠦᠯᠦᠨ ᠬᠦᠷᠴᠦ ᠣᠴᠢᠪᠠ᠃ ᠲᠡᠷᠡ ᠬᠣᠶᠠᠷ ᠤ᠋ᠨ ᠣᠴᠢᠬᠤ ᠦᠶ᠎ᠡ ᠪᠡᠷ ᠤᠷᠤᠯᠳᠤᠭᠠᠨ ᠤ᠋ ᠬᠡᠰᠡᠭ ᠮᠣᠷᠢᠳ ᠳᠠᠪᠬᠢᠨ ᠢᠷᠡᠬᠦ ᠨᠢ ᠲᠠᠭᠠᠷᠠᠵᠤ᠂ ᠴᠡᠩᠬᠡᠷ ᠪᠣᠷᠣ ᠮᠣᠷᠢ ᠬᠣᠯᠠ ᠲᠠᠰᠤᠷᠬᠠᠢ ᠲᠦᠷᠦᠭᠦᠯᠡᠵᠦ ᠢᠷᠡᠪᠡ᠃ ᠲᠡᠭᠦᠨ ᠢ᠋ ᠵᠢᠭᠠᠬᠠᠨ ᠬᠥᠭᠡᠷᠦᠬᠦᠨ ᠴᠣᠪᠣᠭᠣ ᠪᠦᠰᠡᠭᠦᠢ ᠤᠨᠤᠵᠠᠢ᠃ ᠡᠵᠡᠨ ᠨᠢ ᠪᠣᠯᠤᠯᠲᠠᠢ᠂ ᠪᠣᠭᠣᠷᠴᠢ ᠶ᠋ᠢᠨ ᠦᠶ᠎ᠡ ᠨᠠᠰᠤᠨ ᠤ᠋ ᠨᠡᠯᠢᠶᠡᠳ ᠲᠡᠭᠡᠷᠡᠬᠦᠨ ᠡᠷ᠎ᠡ ᠮᠣᠷᠢ ᠶ᠋ᠢ ᠨᠢ ᠪᠠᠷᠢᠵᠤ ᠠᠪᠤᠭᠠᠳ ᠬᠥᠯᠥᠰᠥ ᠶ᠋ᠢ ᠨᠢ ᠬᠤᠰᠤᠵᠤ ᠢᠯᠢᠨ ᠥᠬᠢᠨ ᠡᠴᠡ ᠪᠡᠨ ᠨᠢᠭᠡ ᠶᠠᠭᠤᠮ᠎ᠠ ᠠᠰᠠᠭᠤᠲᠠᠯ᠎ᠠ ᠥᠬᠢᠨ ᠨᠢ《ᠦᠭᠡᠢ ᠠ᠋》 ᠭᠡᠵᠦ ᠴᠠᠰ ᠴᠠᠰ ᠢᠨᠢᠶᠡᠪᠡ᠃
ᠪᠣᠭᠣᠷᠴᠢ ᠮᠣᠷᠢᠨ ᠤ᠋ ᠡᠵᠡᠨ ᠲᠡᠢ ᠮᠡᠨᠳᠦᠯᠡᠪᠡᠰᠦ ᠲᠡᠷᠡ ᠬᠥᠮᠦᠨ ᠶᠡᠬᠡᠮᠰᠦᠭ ᠪᠠᠷᠳᠠᠮ ᠳᠤᠤᠭᠠᠷᠴᠤ ᠶᠠᠳᠠᠨ ᠬᠠᠷᠢᠭᠤ ᠮᠡᠨᠳᠦᠯᠡᠬᠦ ᠳ᠋ᠦ᠍ ᠨᠢ ᠪᠤᠭᠤᠷᠴᠢ᠄
— ᠮᠣᠷᠢ ᠬᠤᠷᠳᠤᠨ ᠪᠠᠢᠨ᠎ᠠ ᠳᠠ ᠭᠡᠪᠡ᠃ ᠲᠡᠷᠡ ᠪᠡᠷ ᠲᠣᠭᠣᠭᠰᠠᠨ ᠶᠠᠩᠵᠤ ᠠᠯᠠᠭ᠎ᠠ᠃
— ᠡᠨᠡ ᠬᠠᠮᠢᠭ᠎ᠠ ᠭᠠᠵᠠᠷ ᠤ᠋ᠨ ᠤᠭᠰᠢᠯ ᠲᠠᠢ ᠠᠳᠤᠭᠤ ᠪᠣᠢ? ᠭᠡᠵᠦ ᠠᠰᠠᠭᠤᠪᠠᠰᠤ ᠲᠡᠷᠡ ᠬᠥᠮᠦᠨ ᠥᠭᠡᠳᠡ ᠡᠴᠡ ᠨᠢ ᠱᠣᠬᠣᠭᠣᠷᠬᠠᠬᠤ ᠶᠠᠩᠵᠤ ᠲᠠᠢ ᠬᠠᠷᠠᠵᠤ᠄
— ᠬᠡᠷᠦᠯᠦᠨ ᠭᠣᠣᠯ ᠭᠡᠵᠦ ᠴᠢ ᠮᠡᠳᠡᠬᠦ ᠤᠤ?
— ᠮᠡᠳᠡᠨ᠎ᠡ ᠠ᠋ ᠃
— ᠲᠡᠷᠡ ᠵᠦᠭ ᠦ᠋ᠨ᠃ ᠨᠠᠬᠤ ᠪᠠᠶᠠᠨ ᠭᠡᠵᠦ ᠲᠤᠭᠤᠯᠤᠭᠰᠠᠨ ᠤᠤ?
— ᠲᠤᠭᠤᠯᠤᠭᠰᠠᠨ᠃
— ᠲᠡᠷᠡ ᠶᠡᠬᠡ ᠬᠤᠷᠳᠤᠨ ᠤᠳᠤᠮ ᠲᠠᠢ ᠭᠡᠰᠡᠨ᠃ ᠲᠡᠭᠦᠨ ᠦ᠌ ᠠᠳᠤᠭᠤᠨ ᠤ᠋ ᠤᠳᠤᠮ ᠭᠡᠳᠡᠭ ᠶᠦᠮ᠃ ᠦᠨᠡᠨ ᠶᠦᠮ ᠤᠤ? ᠬᠤᠳᠠᠯ ᠶᠤᠮ ᠤᠤ? ᠪᠤᠤ ᠮᠡᠳᠡ᠃
— ᠦᠨᠡᠨ ᠪᠠᠢᠵᠤ ᠪᠣᠯᠤᠨ᠎ᠠ ᠳᠠ᠃ ᠬᠠᠷᠢᠨ ᠡᠨᠡ ᠭᠠᠵᠠᠷ ᠶᠠᠭᠠᠬᠢᠭᠠᠳ ᠢᠷᠡᠴᠢᠬᠡᠳᠡᠭ ᠪᠠᠢᠨ᠎ᠠ?
— ᠶᠠᠪᠤᠭᠤᠯᠤᠭᠠᠳ ᠢᠷᠡᠬᠦ ᠦᠭᠡᠢ ᠤᠤ?
— ᠨᠡᠭᠡᠷᠡᠨ ᠲᠡᠢᠮᠦ ᠳᠡ᠃ ᠶᠠᠪᠤᠭᠤᠯᠤᠭᠠᠳ ᠯᠠ ᠠᠪᠴᠢᠷᠠᠭ᠎ᠠ᠂ ᠬᠠ ᠬᠠ ᠬᠠ ᠭᠡᠵᠦ ᠪᠤᠭᠤᠷᠴᠢ ᠶ᠋ᠢᠨ ᠢᠨᠢᠶᠡᠬᠦ ᠳ᠋ᠦ᠍ ᠨᠥᠭᠦᠭᠡ ᠬᠥᠮᠦᠨ ᠲᠦᠪᠡᠭᠰᠢᠶᠡᠬᠦ ᠮᠠᠶᠢᠭ ᠲᠠᠢ᠃
ᠲᠡᠨᠳᠡ ᠬᠡᠰᠡᠭ ᠬᠥᠮᠦᠰ ᠴᠤᠭᠯᠠᠷᠠᠭᠠᠳ ᠪᠤᠭᠤᠷᠴᠢ ᠥᠭᠡᠳᠡ ᠬᠠᠷᠠᠵᠤ ᠨᠢᠭᠡ ᠶᠠᠭᠤᠮ᠎ᠠ ᠶᠠᠷᠢᠯᠴᠠᠭᠠᠳ《ᠲᠡᠭᠰᠢ ᠠ᠋!》 ᠭᠡᠵᠦ᠂ ᠨᠥᠭᠦᠭᠡ ᠡᠲᠡᠭᠡᠳ ᠢ᠋ ᠳᠠᠭᠤᠳᠠᠪᠠ ᠪᠣᠯᠤᠯᠲᠠᠢ᠃ ᠲᠡᠷᠡ ᠬᠥᠮᠦᠨ ᠲᠠᠰᠢ ᠬᠡᠭᠡᠭ ᠭᠡᠭᠡᠭ ᠠᠯᠬᠤᠭᠰᠠᠭᠠᠷ ᠣᠴᠢᠵᠤ ᠬᠡᠰᠡᠭᠬᠡᠨ ᠵᠠᠭᠤᠷ᠎ᠠ ᠠᠮᠢᠨᠴᠢᠬᠠᠨ ᠨᠢᠭᠡ ᠶᠠᠭᠤᠮ᠎ᠠ ᠶᠠᠷᠢᠭᠰᠠᠨ ᠢ᠋ᠶ᠋ᠠᠨ ᠥᠨᠥᠬᠢ ᠴᠢᠨᠢ ᠬᠤᠷᠳᠤᠨ ᠬᠤᠷᠳᠤᠨ ᠠᠯᠬᠤᠭᠰᠠᠭᠠᠷ ᠪᠤᠭᠤᠷᠴᠢ ᠳ᠋ᠤ᠌ ᠣᠢᠷᠠᠲᠤᠨ ᠢᠷᠡᠵᠦ᠄
— ᠲᠠ ᠮᠠᠨ ᠤ᠋ ᠡᠨᠡ ᠨᠤᠲᠤᠭ ᠢ᠋ ᠵᠠᠬᠢᠷᠬᠤ ᠬᠦᠯᠦᠭ ᠪᠠᠭᠠᠲᠤᠷ ᠥᠷᠯᠥᠭ ᠵᠠᠩᠵᠤᠨ ᠪᠤᠭᠤᠷᠴᠢ ᠮᠥᠨ ᠤᠤ? ᠭᠡᠵᠦ ᠠᠰᠠᠭᠤᠪᠠ᠃
— ᠮᠥᠨ ᠪᠣᠯ?
— ᠠ᠋᠂ ᠲᠩᠷᠢ ᠮᠢᠨᠢ᠂ ᠪᠢ ᠭᠡᠳᠡᠭ ᠬᠥᠮᠦᠨ ᠶᠡᠬᠡ ᠠᠯᠳᠠᠰ ᠬᠢᠯ᠎ᠡ᠃ ᠥᠷᠥᠰᠢᠶᠡᠵᠦ ᠬᠠᠢᠷᠠᠯᠠ ᠭᠡᠵᠦ ᠥᠭᠦᠯᠡᠨ ᠰᠥᠭᠥᠳᠴᠦ ᠤᠨᠠᠪᠠ᠃ ᠪᠤᠰᠤᠳ ᠨᠢ ᠪᠦᠭᠦᠳᠡ ᠠᠷᠤ ᠠ᠋ᠴᠠ ᠢᠷᠡᠵᠦ ᠰᠥᠭᠦᠳᠴᠡᠬᠡᠯᠡ᠃ ᠪᠤᠭᠤᠷᠴᠢ᠄
— ᠪᠣᠰᠴᠠᠭ᠎ᠠ᠃ ᠨᠢᠭᠡᠨᠲᠡ ᠲᠠᠨᠢᠬᠤ ᠦᠭᠡᠢ ᠡᠴᠡ ᠬᠣᠢᠰᠢ ᠶᠠᠭᠠᠬᠢᠶ᠎ᠠ ᠭᠡᠬᠦ ᠪᠣᠢ ᠭᠡᠳ ᠡᠪᠦᠷ ᠡᠴᠡ ᠪᠡᠨ ᠦᠷᠭᠦᠯᠵᠢ ᠪᠡᠶ᠎ᠡ ᠳ᠋ᠡᠭᠡᠨ ᠠᠪᠴᠤ ᠶᠠᠪᠤᠬᠤ ᠶᠣᠰᠣ ᠲᠠᠢ᠂ ᠬᠦᠵᠦᠭᠦᠨ ᠳ᠋ᠡᠭᠡᠨ ᠵᠡᠭᠦᠭᠰᠡᠨ ᠬᠣᠶᠠᠷ ᠠᠯᠲᠠᠨ ᠬᠡᠷᠦᠭᠡ ᠪᠡᠨ ᠭᠠᠷᠭᠠᠵᠤ᠄
— ᠡᠭᠦᠨ ᠢ᠋ ᠤᠩᠰᠢᠵᠤ ᠴᠢᠳᠠᠬᠤ ᠬᠥᠮᠦᠨ ᠪᠠᠢᠨ᠎ᠠ ᠤᠤ? ᠭᠡᠪᠡᠰᠦ ᠨᠢᠭᠡ ᠵᠠᠯᠠᠭᠤ ᠬᠦᠦ᠄
— ᠪᠢ ᠤᠩᠰᠢᠨ᠎ᠠ ᠭᠡᠪᠡ᠃
— ᠤᠩᠰᠢ! ᠭᠡᠵᠦ ᠲᠡᠭᠦᠨ ᠳ᠋ᠦ᠍ ᠥᠭᠪᠡᠰᠦ ᠲᠡᠷᠡ ᠪᠡᠷ ᠴᠢᠩᠭ᠎ᠠ ᠳᠠᠭᠤ ᠪᠠᠷ ᠤᠩᠰᠢᠵᠤ ᠰᠣᠨᠣᠰᠬᠠᠬᠤᠢ ᠴᠤᠭᠯᠠᠷᠠᠭᠰᠠᠳ᠄《ᠴᠢᠩᠭᠢᠰ ᠬᠠᠭᠠᠨ ᠤ᠋ ᠰᠤᠤ ᠪᠠᠲᠤ ᠤᠷᠤᠰᠲᠤᠭᠠᠢ!》 ᠬᠡᠯᠡᠴᠡᠨ ᠭᠡᠷᠦᠭᠡᠨ ᠡᠴᠡ ᠠᠳᠢᠰ ᠠᠪᠣᠵᠡᠭᠠᠪᠠ᠃
ᠪᠣᠭᠣᠷᠴᠢ ᠮᠣᠷᠢᠨ ᠠ᠋ᠴᠠ ᠪᠠᠨ ᠪᠠᠭᠤᠵᠤ᠂ ᠲᠡᠳᠡᠨ ᠢ᠋ ᠡᠮᠦᠨ᠎ᠡ ᠪᠡᠨ ᠰᠠᠭᠤᠯᠭᠠᠨ ᠨᠤᠲᠤᠭ ᠤᠰᠤᠨ ᠤ᠋ ᠪᠠᠢᠳᠠᠯ᠂ ᠠᠵᠤ ᠠᠮᠢᠳᠤᠷᠠᠯ ᠵᠡᠷᠭᠡ ᠶ᠋ᠢ ᠰᠣᠨᠢᠷᠬᠠᠨ ᠶᠠᠷᠢᠯᠴᠠᠬᠤ ᠵᠠᠭᠤᠷ᠎ᠠ ᠲᠡᠭᠰᠢ ᠶ᠋ᠢᠨ ᠥᠬᠢᠨ ᠡᠴᠢᠭᠡ ᠤᠷᠤᠭᠤ ᠪᠠᠨ ᠢᠷᠡᠵᠦ ᠡᠷᠬᠡᠯᠡᠩᠭᠦᠢ ᠳᠥᠰᠢᠨ ᠵᠣᠭᠰᠣᠬᠤᠢ ᠡᠴᠢᠭᠡ ᠨᠢ᠄
— ᠡᠨᠡ ᠡᠷᠬᠢᠮ ᠮᠠᠨ ᠤ᠋ ᠡᠵᠡᠨ ᠨᠣᠶᠠᠨ᠂ ᠰᠥᠭᠥᠳ ᠭᠡᠯᠡ᠃ ᠥᠬᠢᠨ ᠦᠭᠡᠨ ᠳ᠋ᠦ᠍ ᠣᠷᠣᠵᠤ ᠭᠠᠷ ᠢ᠋ᠶ᠋ᠠᠨ ᠡᠮᠦᠨ᠎ᠡ ᠪᠡᠨ ᠬᠠᠪᠰᠤᠷᠤᠨ ᠰᠥᠭᠥᠳᠪᠡᠰᠦ ᠪᠤᠭᠤᠷᠴᠢ᠄
— ᠨᠡᠷ᠎ᠡ ᠬᠡᠨ ᠪᠣᠢ? ᠭᠡᠬᠦ ᠳ᠋ᠦ᠍ ᠥᠬᠢᠨ᠄
— ᠴᠥᠯᠪᠦ ᠭᠡᠪᠡ᠃
— ᠨᠠᠰᠤ ᠬᠡᠳᠦ ᠪᠣᠢ?
— ᠠᠷᠪᠠᠨ ᠭᠤᠷᠪᠠ ᠭᠡᠵᠦ ᠡᠴᠢᠭᠡ ᠨᠢ ᠥᠬᠢᠨ ᠦ᠌ ᠪᠡᠨ ᠡᠮᠦᠨ᠎ᠡ ᠡᠴᠡ ᠥᠴᠢᠪᠡ᠃
— ᠵᠠ ᠲᠠ ᠨᠠᠷ ᠤ᠋ᠨ ᠠᠵᠢᠯ ᠳ᠋ᠤ᠌ ᠪᠢ ᠵᠢᠭᠠᠬᠠᠨ ᠰᠠᠭᠠᠳ ᠪᠣᠯᠴᠢᠬᠠᠯ᠎ᠠ᠃ ᠶᠠᠪᠤᠶ᠎ᠠ᠃ ᠲᠠ ᠨᠠᠷ ᠠᠵᠢᠯ ᠢ᠋ᠶ᠋ᠠᠨ ᠦᠷᠭᠦᠯᠵᠢᠯᠡᠭᠦᠯ᠃ ᠬᠠᠷᠢᠨ ᠲᠡᠷᠡ ᠪᠢᠴᠢᠭ ᠤᠩᠰᠢᠳᠠᠭ ᠬᠦᠦ ᠶ᠋ᠢ ᠬᠡᠨ ᠭᠡᠳᠡᠭ ᠪᠣᠢ?
— ᠪᠠᠷᠰ ᠭᠡᠳᠡᠭ᠃
— ᠪᠠᠷᠰ ᠴᠢ ᠮᠠᠷᠭᠠᠰᠢ ᠨᠠᠳᠠ ᠳᠡᠭᠡᠷ᠎ᠡ ᠣᠴᠢ᠃ ᠪᠢ ᠴᠢᠮ᠎ᠠ ᠶᠢ ᠠᠯᠪᠠᠨ ᠳ᠋ᠤ᠌ ᠲᠣᠬᠣᠭᠠᠨᠠ ᠭᠡᠳ ᠮᠣᠷᠳᠠᠨ ᠪᠠᠷᠠᠭᠤᠨ ᠣᠷᠪᠣᠩ ᠬᠠᠳᠠᠲᠤ ᠠᠭᠤᠯᠠ ᠶ᠋ᠢᠨ ᠡᠩᠭᠡᠷ ᠴᠢᠭᠯᠡᠭᠦᠯᠦᠨ ᠬᠠᠲᠠᠷᠢᠭᠤᠯᠪᠠ᠃ ᠠᠭᠤᠯᠠ ᠲᠡᠳᠦᠢ ᠯᠡ ᠬᠣᠯᠠ ᠦᠭᠡᠢ ᠤᠴᠢᠷ ᠡᠪᠦᠳᠦᠭ ᠲᠦ᠍ ᠨᠢ ᠣᠴᠢᠭᠠᠳ ᠰᠠᠵᠢᠯᠠᠭᠤᠯᠤᠨ ᠶᠠᠪᠤᠬᠤ ᠵᠠᠭᠤᠷ᠎ᠠ᠄
— ᠡᠨᠡ ᠠᠭᠤᠯᠠ ᠶ᠋ᠢ ᠤᠯᠠᠭᠠᠨ ᠬᠠᠳᠠ ᠭᠡᠳᠡᠭ ᠶᠦᠮ᠃ ᠶᠠᠭ ᠡᠨᠡ ᠮᠥᠷᠭᠥᠴᠡᠭ ᠲᠦ᠍ ᠬᠦᠭᠰᠡᠭᠦᠦ ᠰᠠᠪᠷᠠᠭ ᠲᠠᠢ ᠬᠠᠯᠵᠠ ᠲᠤᠯᠵᠤ ᠪᠢᠯᠡ᠃ ᠮᠤᠬᠤᠯᠠᠢ ᠲᠡᠷᠡ ᠦᠶ᠎ᠡ ᠳ᠋ᠦ᠍ ᠬᠠᠵᠠᠭᠤ ᠪᠠᠷᠢᠵᠤ᠂ ᠪᠣᠷᠣᠬᠤᠯ ᠴᠢᠯᠠᠭᠤᠨ ᠬᠣᠶᠠᠷ ᠠᠷᠤ ᠶ᠋ᠢ ᠨᠢ ᠣᠷᠢᠶᠠᠵᠤ ᠪᠦᠰᠡᠯᠡᠬᠦ᠂ ᠪᠢ ᠭᠣᠣᠯ ᠬᠦᠴᠦ ᠪᠡᠷ ᠳᠠᠭᠠᠷᠢᠬᠤ ᠪᠠᠷ ᠶᠠᠪᠤᠭᠰᠠᠨ ᠨᠢ ᠡᠨᠡ ᠬᠠᠳᠠ ᠴᠢᠯᠠᠭᠤ ᠲᠠᠢ ᠤᠯᠠᠭᠠᠨ ᠠᠭᠤᠯᠠᠨ ᠳ᠋ᠤ᠌ ᠲᠤᠯᠵᠤ ᠮᠣᠷᠢᠳ ᠶᠠᠪᠤᠵᠤ ᠴᠢᠳᠠᠬᠤ ᠦᠭᠡᠢ ᠬᠡᠴᠡᠭᠦᠦ ᠪᠣᠯᠤᠯ᠎ᠠ᠃ ᠭᠠᠵᠠᠷ ᠤ᠋ᠨ ᠳᠣᠣᠷ᠎ᠠ ᠠ᠋ᠴᠠ ᠮᠠᠴᠤᠵᠤ ᠥᠭᠰᠥᠵᠦ ᠶᠠᠳᠠᠵᠤ ᠬᠦᠭᠰᠡᠭᠦᠦ ᠰᠠᠪᠷᠠᠭ ᠲᠠᠢ ᠪᠠᠷᠤᠭ 30 ᠠᠯᠬᠤᠮ ᠣᠢᠷᠠᠳᠴᠤ᠂ ᠬᠠᠷᠪᠤᠯᠴᠠᠬᠤ ᠳ᠋ᠤ᠌ ᠮᠢᠨᠦ ᠰᠤᠮᠤ ᠲᠡᠭᠦᠨ ᠦ᠌ ᠪᠠᠮᠪᠠᠢ ᠳ᠋ᠤ᠌ ᠲᠣᠰᠴᠤ ᠬᠠᠯᠲᠤᠷᠢᠭᠰᠠᠨ᠃ ᠨᠢᠭᠤᠷ ᠨᠢᠳᠦ ᠨᠢ ᠲᠣᠳᠣ ᠬᠠᠷᠠᠭᠳᠠᠵᠤ ᠨᠠᠰᠤ ᠲᠠᠢ ᠬᠥᠭᠰᠢᠨ ᠡᠷ᠎ᠡ ᠶ᠋ᠢᠨ ᠰᠤᠮᠤ ᠲᠤᠩ ᠲᠠᠮᠢᠷ ᠮᠠᠭᠤᠲᠠᠢ ᠢᠷᠡᠵᠦ ᠪᠠᠢᠭᠰᠠᠨ ᠴᠦ᠍ ᠮᠠᠨ ᠤ᠋ ᠲᠡᠮᠦᠷ ᠢ᠋ ᠰᠢᠷᠬᠠᠲᠤᠭᠤᠯᠤᠭᠰᠠᠨ᠃ ᠲᠡᠳᠡᠨ ᠦ᠌ ᠮᠣᠷᠢᠳ ᠠᠭᠤᠯᠠ ᠬᠠᠳᠠᠨ ᠳ᠋ᠠᠭᠠᠨ ᠰᠤᠷᠮᠠᠭᠠᠢ ᠪᠣᠯᠬᠣᠷ ᠠᠭᠤᠯᠠ ᠳᠠᠪᠠᠭᠠᠳ ᠠᠯᠠᠭ᠎ᠠ ᠪᠣᠯᠵᠤ ᠠᠴᠢᠶ᠎ᠠ ᠬᠥᠰᠬᠡ ᠨᠢ ᠪᠢᠳᠡᠨ ᠦ᠌ ᠭᠠᠷ ᠲᠤ᠌ ᠣᠷᠣᠭᠰᠠᠨ ᠪᠣᠯᠬᠣᠷ ᠬᠣᠯᠠ ᠨᠡᠬᠡᠵᠦ ᠬᠥᠬᠡᠭᠡ ᠦᠭᠡᠢ᠃ ᠲᠤᠭᠤᠷᠢᠯ ᠸᠠᠩ ᠤ᠋ᠨ ᠪᠤᠯᠢᠶᠠᠭᠳᠠᠭᠰᠠᠨ ᠬᠥᠮᠦᠨ᠂ ᠡᠳ᠋ ᠶᠠᠭᠤᠮᠠᠰ ᠢ᠋ ᠪᠤᠯᠢᠶᠠᠵᠤ ᠠᠪᠬᠤ ᠪᠠᠷ ᠴᠢᠩᠭᠢᠰ ᠬᠠᠭᠠᠨ ᠤ᠋ ᠵᠠᠷᠯᠢᠭ ᠢ᠋ᠶ᠋ᠠᠷ ᠪᠠᠢᠯᠳᠤᠭᠠᠨ ᠬᠢᠵᠦ ᠶᠠᠪᠤᠭᠰᠠᠨ ᠪᠣᠯᠬᠣᠷ ᠲᠡᠳᠡᠨ ᠢ᠋ ᠨᠡᠬᠡᠭᠡ ᠦᠭᠡᠢ᠃ ᠣᠯᠵᠠᠯᠠᠭᠰᠠᠨ ᠪᠦᠬᠦᠨ ᠢ᠋ᠶ᠋ᠡᠨ ᠸᠠᠩ ᠬᠠᠨ ᠳ᠋ᠤ᠌ ᠡᠷᠭᠢᠭᠦᠯᠵᠦ ᠰᠢᠯᠵᠢᠭᠦᠯᠦᠭᠰᠡᠨ ᠢ᠋ᠶ᠋ᠡᠷ ᠪᠢᠳᠡ ᠪᠤᠴᠠᠭᠰᠠᠨ ᠶᠤᠮ᠃
ᠬᠦᠦ ᠨᠢ ᠡᠴᠢᠭᠡ ᠶ᠋ᠢᠨ ᠶᠠᠷᠢᠶ᠎ᠠ ᠶ᠋ᠢ ᠠᠳᠠᠩᠭ᠎ᠠ ᠲᠠᠢ ᠰᠣᠨᠣᠰᠴᠤ᠂ ᠠᠶᠤᠮᠠᠷ ᠮᠠᠭᠤᠬᠠᠢ ᠠᠷᠵᠠᠭᠠᠷ ᠬᠠᠳᠠ ᠴᠢᠯᠠᠭᠤ ᠲᠠᠢ ᠠᠭᠤᠯᠠ ᠶ᠋ᠢ ᠰᠢᠷᠲᠡᠨ ᠠᠵᠢᠵᠤ᠄
— ᠲᠠ ᠲᠡᠢᠨ ᠳ᠋ᠦ᠍ ᠣᠷᠣᠬᠤ ᠳ᠋ᠠᠭᠠᠨ ᠠᠶᠤᠳᠠᠭ ᠤᠤ? ᠭᠡᠵᠦ ᠠᠰᠠᠭᠤᠯ᠎ᠠ᠃
— ᠠᠶᠤᠬᠤ ᠰᠠᠨᠳᠤᠷᠬᠤ ᠴᠦ᠍ ᠭᠠᠷᠳᠠᠭ ᠯᠠ ᠳᠠ᠃ ᠲᠡᠭᠡᠬᠦ ᠳ᠋ᠡᠭᠡᠨ ᠭᠠᠢᠭᠤᠢ ᠠ᠋᠃ ᠶᠠᠪᠤᠭ᠎ᠠ ᠶᠠᠪᠤᠭᠠᠨ ᠳ᠋ᠠᠭᠠᠨ ᠳᠠᠰᠴᠢᠬᠠᠳᠠᠭ ᠶᠤᠮ ᠤᠤ ᠳᠠ᠃
— ᠲᠠ ᠰᠢᠷᠬᠠᠲᠤᠵᠤ ᠦᠵᠡᠭᠰᠡᠨ ᠤᠤ?
— ᠰᠢᠷᠬᠠᠲᠤᠯ ᠦᠭᠡᠢ ᠶᠠᠭᠠᠬᠢᠬᠤ ᠪᠣᠢ᠂ ᠬᠦᠨᠳᠦ ᠬᠥᠩᠭᠡᠨ ᠦ᠌ ᠢᠯᠭᠠᠭ᠎ᠠ ᠪᠠᠢᠬᠤ ᠠ᠋ᠴᠠ ᠪᠢᠰᠢ᠃ ᠨᠠᠳᠠ ᠬᠥᠩᠭᠡᠨ ᠨᠢ ᠯᠡ ᠲᠠᠭᠠᠷᠠᠵᠤ ᠪᠠᠢᠪᠠ᠃
— ᠰᠤᠮᠤ ᠱᠤᠤᠭᠢᠭᠠᠳ ᠯᠠ ᠢᠷᠡᠵᠦ ᠶᠠᠪᠤᠭ᠎ᠠ ᠰᠢᠦ ᠳᠡ᠃ ᠶᠠᠭᠠᠬᠢᠵᠤ ᠬᠠᠮᠠᠭᠠᠯᠠᠬᠤ ᠪᠣᠢ᠃
— ᠬᠠᠮᠠᠭᠠᠯᠠᠨ᠎ᠠ ᠠ᠋᠂ ᠬᠣᠯᠠ ᠶ᠋ᠢᠨ ᠰᠤᠮᠤ ᠪᠣᠯ ᠬᠠᠷᠠᠭᠳᠠᠨ᠎ᠠ᠃ ᠰᠡᠯᠡᠮ᠎ᠡ ᠪᠡᠷ ᠢ᠋ᠶ᠋ᠡᠨ ᠴᠠᠪᠴᠢᠨ᠎ᠠ᠂ ᠰᠢᠷᠪᠢᠨ᠎ᠡ᠂ ᠪᠤᠯᠲᠠᠨᠠ᠂ ᠪᠠᠮᠪᠠᠢ ᠪᠠᠷ ᠢ᠋ᠶ᠋ᠠᠨ ᠲᠤᠰᠤᠨ᠎ᠠ᠂ ᠪᠦᠷ ᠶᠠᠳᠠᠵᠤ ᠯᠠ ᠳᠤᠭᠤᠯᠠᠭ᠎ᠠ ᠪᠠᠷ ᠢ᠋ᠶ᠋ᠠᠨ ᠮᠥᠷᠭᠥᠨ᠎ᠡ᠃ ᠣᠢᠷ᠎ᠠ ᠶ᠋ᠢᠨ ᠰᠤᠮᠤ ᠬᠡᠴᠡᠭᠦᠦ᠃ ᠭᠡᠰᠡᠨ ᠴᠦ᠍ ᠬᠥᠮᠦᠨ ᠰᠠᠨᠳᠤᠷᠬᠤ ᠳ᠋ᠠᠭᠠᠨ ᠰᠠᠨᠠᠭᠠᠨ ᠳ᠋ᠤ᠌ ᠣᠷᠣᠮ᠎ᠠ ᠦᠭᠡᠢ ᠶᠠᠭᠤᠮ᠎ᠠ ᠬᠢᠴᠢᠬᠡᠳᠡᠭ᠃ ᠭᠠᠷ ᠢ᠋ᠶ᠋ᠠᠷ ᠢ᠋ᠶ᠋ᠠᠨ ᠪᠠᠷᠢᠭᠠᠳ ᠠᠪᠤᠭᠰᠠᠨ ᠤᠳᠠᠭ᠎ᠠ ᠪᠣᠢ᠃
ᠪᠤᠷᠬᠠᠢ ᠢᠨᠢᠶᠡᠵᠦ ᠭᠠᠷ ᠢ᠋ᠶ᠋ᠠᠨ ᠰᠠᠪᠠᠨ ᠰᠤᠮᠤ ᠪᠠᠷᠢᠵᠤ ᠠᠪᠴᠤ ᠪᠠᠢᠭ᠎ᠠ ᠶᠤᠮ ᠰᠢᠭ᠋ ᠠᠯᠠᠭ᠎ᠠ ᠪᠠᠨ ᠲᠡᠨᠢᠢᠯᠭᠡᠨ ᠴᠢᠩᠭ᠎ᠠ ᠠᠳᠬᠤᠪᠠ᠃
— ᠪᠣᠯᠤᠮᠠᠷ ᠪᠠᠢᠨ᠎ᠠ ᠤᠤ? ᠭᠡᠵᠦ ᠡᠴᠢᠭᠡ ᠨᠢ ᠬᠦᠦ ᠶ᠋ᠢᠨ ᠢ᠋ᠶ᠋ᠡᠨ ᠲᠣᠮᠣᠭ᠎ᠠ ᠦᠭᠡᠢ ᠵᠦᠭ ᠦᠭᠡᠢᠳᠡᠬᠦ ᠶ᠋ᠢ ᠬᠠᠷᠠᠭᠠᠳ ᠦᠬᠦᠭᠡᠷᠲᠦᠨ ᠢᠨᠢᠶᠡᠵᠦ ᠠᠰᠠᠭᠤᠪᠠᠰᠤ᠄
— ᠮᠡᠳᠡᠬᠦ ᠦᠭᠡᠢ᠂ ᠲᠡᠢᠨ ᠳ᠋ᠦ᠍ ᠣᠷᠣᠵᠤ ᠦᠵᠡᠬᠦ ᠶᠤᠮᠰᠠᠨ᠃
— ᠬᠦᠰᠡᠬᠦ ᠴᠦ᠍ ᠠᠵᠢᠯ ᠪᠢᠰᠢ᠂ ᠬᠦᠷᠦᠭᠡᠳ ᠢᠷᠡᠪᠡᠯ ᠵᠠᠢᠯᠠᠬᠤ ᠵᠠᠮ ᠦᠭᠡᠢ᠃ ᠠᠮᠢ ᠪᠠᠨ ᠠᠪᠴᠤ ᠦᠯᠡᠳᠡᠬᠦ ᠶ᠋ᠢᠨ ᠲᠤᠯᠠ ᠠᠯᠠᠭᠠᠳ ᠪᠠᠢᠬᠤ ᠠ᠋ᠴᠠ ᠶᠠᠭᠠᠬᠢᠬᠤ ᠪᠣᠢ᠃ ᠠᠯᠠᠯᠴᠠᠵᠤ ᠯᠠ ᠲᠠᠭᠠᠷᠠᠨ᠎ᠠ᠃ ᠤᠬᠤᠷᠢᠬᠤ ᠠᠷᠭ᠎ᠠ ᠦᠭᠡᠢ᠃
— ᠲᠠ ᠤᠬᠤᠷᠢᠵᠤ ᠪᠠᠢᠭᠰᠠᠨ ᠤᠤ?
— ᠡᠵᠡᠨ ᠦ᠌ ᠪᠡᠨ ᠲᠤᠰᠢᠶᠠᠯ ᠦᠭᠡᠢ ᠪᠡᠷ ᠪᠠᠢᠯᠳᠤᠭᠠᠨ ᠤ᠋ ᠲᠠᠯᠠᠪᠤᠷ ᠢ᠋ᠶ᠋ᠠᠨ ᠣᠷᠬᠢᠬᠤ ᠡᠷᠬᠡ ᠦᠭᠡᠢ᠃ ᠲᠤᠰᠢᠶᠠᠯ ᠲᠠᠢ ᠪᠣᠯ ᠪᠣᠯᠤᠨ᠎ᠠ᠃ ᠲᠡᠭᠡᠬᠦ ᠳ᠋ᠡᠭᠡᠨ ᠪᠢ ᠤᠬᠤᠷᠢᠵᠤ ᠶᠠᠪᠤᠭᠰᠠᠨ ᠦᠭᠡᠢ ᠠ᠋᠃ ᠪᠢ ᠶᠠᠮᠠᠷ ᠵᠠᠮᠤᠬ᠎ᠠ ᠪᠢᠰᠢ᠃
— ᠵᠠᠮᠤᠬ᠎ᠠ ᠭᠤᠸᠠᠢ ᠤᠬᠤᠷᠢᠳᠠᠭ ᠪᠠᠢᠭᠰᠠᠨ ᠤᠤ?
— ᠤᠬᠤᠷᠢᠬᠤ ᠪᠠᠷ ᠪᠠᠷᠠᠬᠤ ᠤᠤ᠂ ᠲᠡᠭᠦᠨ ᠳ᠋ᠦ᠍ ᠪᠦᠲᠦᠨ ᠳᠠᠢᠳᠤᠭᠰᠠᠨ ᠲᠡᠢᠨ ᠪᠠᠢᠬᠤ ᠦᠭᠡᠢ᠃ ᠪᠦᠷᠢᠨ ᠨᠥᠬᠥᠷᠯᠡᠭᠰᠡᠨ ᠬᠥᠮᠦᠨ ᠪᠠᠢᠬᠤ ᠦᠭᠡᠢ᠃ ᠲᠠᠩᠳᠠ ᠯᠠ ᠤᠬᠤᠷᠢᠵᠤ᠂ ᠪᠣᠯᠵᠣᠵᠤ᠂ ᠪᠤᠯᠲᠠᠵᠤ ᠶᠠᠪᠤᠭᠠᠳ ᠥᠩᠭᠡᠷᠡᠪᠡ ᠰᠢᠪ᠃ ᠴᠠᠭᠠᠳᠤ ᠵᠢᠯ ᠸᠠᠩ ᠬᠠᠨ ᠤ᠋ ᠲᠠᠯ᠎ᠠ ᠳ᠋ᠤ᠌ ᠣᠴᠢᠭᠠᠳ ᠮᠠᠭᠤ ᠥᠨᠳᠥᠷ ᠲᠦ᠍ ᠶᠠᠭ ᠲᠤᠯᠤᠯᠳᠤᠭᠠᠨ ᠡᠬᠢᠯᠡᠩᠭᠦᠲᠡ ᠬᠠᠶᠠᠭᠠᠳ ᠶᠠᠪᠤᠴᠢᠬᠠᠭᠰᠠᠨ᠃ ᠭᠤᠷᠪᠠᠨ ᠡᠳᠦᠷ ᠭᠤᠷᠪᠠᠨ ᠰᠥᠨᠢ ᠶ᠋ᠢᠨ ᠦᠨᠡᠬᠡᠷ ᠰᠢᠷᠦᠭᠦᠨ ᠲᠤᠯᠤᠯᠳᠤᠭᠠᠨ ᠪᠣᠯᠤᠭᠰᠠᠨ᠃ ᠵᠠᠮᠤᠬ᠎ᠠ᠂ ᠠᠯᠲᠠᠨ᠂ ᠬᠣᠴᠡᠷ᠂ ᠲᠠᠷᠢᠲᠠᠢ ᠣᠳᠴᠢᠭᠢᠨ ᠸᠠᠩ ᠬᠠᠨ ᠠ᠋ᠴᠠ ᠰᠠᠯᠵᠤ ᠶᠠᠪᠤᠭ᠎ᠠ ᠦᠭᠡᠢ ᠪᠣᠯ ᠲᠡᠳᠡ ᠬᠦᠴᠦᠲᠡᠢ᠂ ᠮᠠᠨ ᠤ᠋ ᠬᠢ ᠳᠤᠲᠠᠭᠤ ᠪᠠᠢᠭᠰᠠᠨ᠃ ᠨᠢᠳᠤᠨᠤᠨ ᠵᠢᠯ ᠨᠠᠢ᠍ᠮᠠᠨ ᠲᠠᠢ ᠳᠠᠢᠳᠤᠬᠤ ᠳ᠋ᠤ᠌ ᠮᠥᠨ ᠯᠡ ᠲᠡᠳᠡ ᠲᠠᠯ᠎ᠠ ᠳ᠋ᠤᠨᠢ ᠪᠠᠢᠭᠰᠠᠨ᠃ ᠨᠠᠬᠤ ᠭᠦᠨ ᠳ᠋ᠦ᠍ ᠪᠦᠰᠡᠯᠡᠭᠳᠡᠭᠡᠳ ᠢᠷᠡᠮᠡᠭᠴᠡ ᠰᠠᠯᠤᠭᠠᠳ ᠯᠠ ᠶᠠᠪᠤᠴᠢᠬᠠᠭᠰᠠᠨ᠃ ᠳᠠᠢᠳᠤᠵᠤ ᠦᠵᠡᠭᠡ ᠦᠭᠡᠢ᠂ ᠠᠶᠤᠮᠠᠬᠠᠢ ᠬᠤᠯᠴᠢᠭᠠᠷ ᠳᠠᠶᠠᠨ ᠬᠠᠨ ᠤᠬᠤᠷᠢᠭᠰᠠᠭᠠᠷ ᠠᠭᠤᠯᠠ ᠶ᠋ᠢᠨ ᠣᠷᠣᠢ ᠳ᠋ᠤ᠌ ᠬᠥᠮᠦᠨ ᠲᠡᠢ ᠮᠣᠷᠢ ᠲᠠᠢ ᠪᠠᠨ ᠰᠢᠪᠠᠭᠠᠷᠠᠯᠳᠤᠵᠤ ᠭᠢᠰᠬᠢᠬᠦ ᠭᠠᠵᠠᠷ ᠦᠭᠡᠢ ᠪᠣᠯᠤᠭᠠᠳ ᠢᠷᠡᠮᠡᠭᠴᠡ ᠨᠢ ᠮᠠᠨ ᠤ᠋ ᠬᠢᠨ ᠳᠣᠣᠷ᠎ᠠ ᠠ᠋ᠴᠠ ᠭᠠᠯ ᠲᠠᠢ ᠰᠤᠮᠤ ᠪᠠᠷ ᠬᠠᠷᠪᠤᠵᠤ᠂ ᠮᠣᠷᠢᠳ ᠨᠢ ᠦᠷᠭᠦᠵᠦ᠂ ᠮᠣᠷᠢᠲᠠᠢ ᠬᠥᠮᠦᠨ ᠲᠡᠢ ᠪᠡᠨ ᠬᠠᠳᠠ ᠠᠰᠬ᠎ᠠ ᠤᠷᠤᠭᠤ ᠤᠨᠠᠵᠤ ᠠᠷᠠᠴᠢᠭ᠎ᠠ ᠦᠭᠡᠢ ᠢᠯᠠᠭᠳᠠᠭᠰᠠᠨ᠃ ᠡᠨᠡ ᠪᠣᠯ ᠶᠡᠷᠦ ᠳ᠋ᠡᠭᠡᠨ ᠭᠠᠭᠴᠠ ᠰᠥᠨᠢ ᠶ᠋ᠢᠨ ᠲᠡᠢᠨ᠃ ᠲᠡᠢᠨ ᠭᠡᠳᠡᠭ ᠪᠣᠯ ᠬᠠᠷᠪᠤᠯᠳᠤᠬᠤ ᠴᠠᠪᠴᠢᠯᠳᠤᠬᠤ᠂ ᠬᠠᠰᠬᠢᠷᠬᠤ ᠭᠣᠣᠬᠢᠯᠠᠬᠤ᠂ ᠳᠠᠭᠠᠷᠢᠬᠤ ᠳᠣᠪᠲᠣᠯᠬᠤ ᠪᠢᠰᠢ᠂ ᠠᠰᠤᠷᠤ ᠶᠡᠬᠡ ᠠᠷᠭ᠎ᠠ ᠤᠬᠠᠭᠠᠨ᠂ ᠡᠪ ᠨᠢᠭᠡᠳᠦᠯ᠂ ᠵᠣᠷᠢᠭ ᠲᠡᠪᠴᠢᠶᠡᠷᠢ ᠶᠦᠮ ᠰᠢᠦ ᠳᠡ᠂ ᠬᠦᠦ ᠮᠢᠨᠢ᠃
— ᠵᠠᠮᠤᠬ᠎ᠠ ᠭᠤᠸᠠᠢ ᠶᠠᠭᠠᠬᠢᠭᠠᠳ ᠬᠠᠨᠢᠯᠠᠵᠤ ᠶᠠᠪᠤᠭᠠᠳ ᠬᠠᠨᠢ ᠪᠠᠨ᠂ ᠤᠨᠤᠵᠤ ᠶᠠᠪᠤᠭᠠᠳ ᠮᠣᠷᠢ ᠪᠠᠨ ᠭᠡᠳᠡᠭ ᠪᠠᠢᠲᠠᠯ᠎ᠠ ᠲᠡᠢᠨ ᠦ᠌ ᠲᠠᠯᠠᠪᠤᠷ ᠲᠤ ᠬᠠᠨᠢ ᠨᠥᠬᠥᠳ ᠢ᠋ᠶ᠋ᠡᠨ ᠬᠠᠶᠠᠭᠠᠳ ᠶᠠᠪᠤᠴᠢᠬᠠᠳᠠᠭ ᠪᠠᠢᠭᠰᠠᠨ ᠶᠤᠮ ᠪᠣᠯ? ᠬᠠᠴᠢᠨ ᠶᠤᠮ᠃
— ᠭᠠᠬᠠᠢ ᠴᠢᠨᠣ᠎ᠠ ᠬᠣᠶᠠᠷ ᠲᠣᠬᠢᠶᠠᠯᠳᠤᠪᠠᠯ ᠴᠢᠨᠣ᠎ᠠ ᠨᠢ ᠭᠠᠬᠠᠢ ᠶ᠋ᠢᠨ ᠠᠷᠤ ᠠ᠋ᠴᠠ ᠣᠷᠣᠵᠤ ᠴᠠᠪᠢ ᠶ᠋ᠢ ᠨᠢ ᠬᠦᠦᠯᠡᠵᠦ ᠭᠡᠳᠡᠰᠦ ᠶ᠋ᠢ ᠨᠢ ᠬᠠᠭᠠᠯᠵᠤ᠂ ᠭᠠᠬᠠᠢ ᠨᠢ ᠡᠷᠭᠢᠵᠦ ᠴᠢᠨᠣ᠎ᠠ ᠶ᠋ᠢᠨ ᠬᠠᠮᠢᠭ᠎ᠠ ᠥᠷᠲᠥᠭᠰᠡᠨ ᠢ᠋ᠶ᠋ᠡᠷ ᠨᠢ ᠳᠠᠭᠠᠷᠢᠵᠤ ᠬᠠᠭᠠᠯᠤᠭᠠᠳ ᠬᠣᠶᠠᠭᠤᠯᠠ ᠪᠠᠨ ᠦᠬᠦᠳᠡᠭ᠃ ᠡᠨᠡ ᠬᠣᠶᠠᠷ ᠤ᠋ᠨ ᠰᠡᠭ ᠳᠡᠭᠡᠷ᠎ᠡ ᠦᠨᠡᠭᠡ᠂ ᠬᠢᠷᠤᠰᠤ᠂ ᠨᠣᠬᠠᠢ᠂ ᠰᠢᠪᠠᠭᠤ ᠴᠤᠭᠯᠠᠷᠠᠳᠠᠭ᠃ ᠲᠡᠢᠮᠦᠷᠬᠦᠦ ᠶᠠᠭᠤᠮ᠎ᠠ ᠯᠠ ᠪᠣᠳᠣᠵᠤ ᠶᠠᠪᠤᠭᠰᠠᠨ ᠪᠢᠵᠡ ᠳᠡ᠃ ᠪᠣᠷᠬᠠᠢ ᠢᠨᠢᠶᠡᠵᠦ ᠨᠡᠯᠢᠶᠡᠳ ᠪᠣᠳᠣᠯᠬᠢᠯᠠᠨ᠄
— ᠬᠣᠶᠠᠷ ᠬᠦᠴᠦᠷᠬᠡᠭ ᠢ᠋ ᠲᠤᠯᠤᠯᠳᠤᠭᠤᠯᠵᠤ ᠴᠣᠴᠠᠭᠠᠴᠢᠬᠠᠭᠠᠳ ᠳᠠᠷᠠᠭ᠎ᠠ ᠨᠢ ᠡᠵᠡᠩᠨᠡᠬᠦ ᠭᠡᠰᠡᠨ ᠪᠣᠳᠣᠯ ᠶᠤᠮ ᠪᠢᠵᠡ ᠳᠡ᠃ ᠶᠡᠬᠡ ᠯᠡ ᠵᠠᠯᠢᠲᠠᠢ ᠬᠥᠮᠦᠨ ᠪᠠᠢᠵᠤ᠃ ᠬᠡᠷᠪᠡ ᠵᠠ ᠳᠡᠢᠯᠪᠡᠯ ᠴᠢᠩᠭᠢᠰ ᠬᠠᠭᠠᠨ ᠪᠠᠢᠬᠤ ᠦᠭᠡᠢ᠂ ᠲᠠ ᠴᠦ᠍ ᠪᠠᠢᠬᠤ ᠦᠭᠡᠢ᠂ ᠲᠡᠷᠡ ᠪᠡᠷ ᠮᠣᠩᠭᠣᠯ ᠤᠯᠤᠰ ᠤ᠋ᠨ ᠬᠠᠭᠠᠨ ᠪᠠᠢᠬᠤ ᠤᠤ?
— ᠦᠭᠡᠢ ᠳᠡ᠃ ᠵᠠᠮᠤᠬ᠎ᠠ ᠬᠡᠵᠢᠶ᠎ᠡ ᠴᠦ᠍ ᠴᠢᠩᠭᠢᠰ ᠬᠠᠭᠠᠨ ᠰᠢᠭ᠋ ᠪᠣᠯᠵᠤ ᠴᠢᠳᠠᠬᠤ ᠦᠭᠡᠢ᠃ ᠬᠠᠭᠠᠨ ᠪᠣᠯᠬᠤ ᠰᠠᠨᠠᠭ᠎ᠠ ᠲᠠᠢ᠂ ᠡᠨᠡ ᠮᠣᠩᠭᠣᠯ ᠨᠤᠲᠤᠭ ᠢ᠋ ᠲᠣᠭᠣᠷᠢᠭᠰᠠᠨ ᠡᠪᠡᠷ ᠲᠤᠭᠤᠷᠠᠢᠲᠠᠨ ᠪᠦᠬᠦᠨ ᠢ᠋ ᠴᠤᠭᠯᠠᠭᠤᠯᠵᠤ ᠲᠠᠪᠤᠨ ᠵᠢᠯ ᠦ᠋ᠨ ᠡᠮᠦᠨ᠎ᠡ ᠡᠷᠭᠦᠨ᠎ᠡ ᠬᠤᠨ ᠳ᠋ᠤ᠌ ᠥᠪᠡᠷ ᠢ᠋ ᠪᠡᠨ ᠬᠥᠷ ᠬᠠᠭᠠᠨ ᠭᠡᠮᠡᠨ ᠡᠷᠭᠦᠮᠵᠢᠯᠡᠭᠦᠯᠦᠭᠰᠡᠨ᠃ ᠲᠡᠳᠡ ᠬᠡᠨ ᠪᠣᠢ? ᠭᠡᠪᠡᠯ᠄ ᠨᠠᠢ᠍ᠮᠠᠨ ᠤ᠋ ᠪᠣᠢᠷᠣᠭ᠂ ᠮᠡᠷᠭᠡᠳ ᠦ᠋ᠨ ᠲᠣᠭᠲᠤᠭ᠎ᠠ ᠪᠡᠬᠢ ᠶ᠋ᠢᠨ ᠬᠦᠦ ᠬᠣᠲᠣ᠂ ᠣᠢᠷᠠᠳ ᠤ᠋ᠨ ᠬᠣᠲᠤᠭᠠ ᠪᠡᠬᠢ᠂ ᠲᠠᠢᠴᠢᠭᠤᠳ ᠤ᠋ᠨ ᠲᠠᠷᠭᠤᠲᠠᠢ ᠬᠢᠷᠢᠯᠳᠣᠭ ᠳᠥᠷᠪᠡᠨ ᠬᠢᠭᠡᠳ ᠲᠠᠲ᠋ᠠᠷ ᠤ᠋ᠨ ᠪᠦᠬᠦ ᠨᠣᠶᠠᠳ᠂ ᠬᠠᠲᠠᠭᠢᠨ᠂ ᠰᠠᠯᠵᠢᠳ᠂ ᠢᠬᠢᠷᠢᠰ᠂ ᠬᠣᠩᠭᠢᠷᠠᠳ᠂ ᠭᠣᠷᠯᠣᠰ ᠤ᠋ᠨ ᠡᠷᠬᠡ ᠪᠠᠷᠢᠭᠴᠢᠳ ᠪᠠᠢᠪᠠ᠃ ᠲᠡᠳᠡ ᠨᠡᠢᠯᠡᠵᠦ ᠴᠢᠩᠭᠢᠰ ᠬᠠᠭᠠᠨ ᠢ᠋ ᠤᠰᠠᠳᠬᠠᠬᠤ ᠪᠠᠷ ᠰᠠᠨᠠᠭ᠎ᠠ ᠰᠡᠳᠦᠵᠦ ᠳᠣᠪᠲᠣᠯᠤᠭᠰᠠᠨ᠃ ᠸᠠᠩ ᠬᠠᠨ ᠮᠠᠨ ᠤ᠋ ᠲᠠᠯ᠎ᠠ ᠳ᠋ᠤ᠌ ᠬᠦᠴᠦ ᠨᠢᠭᠡᠳᠦᠭᠰᠡᠨ ᠯᠡ ᠳᠡ᠃ ᠮᠠᠨ ᠤ᠋ ᠬᠢᠨ ᠰᠠᠢᠬᠠᠨ ᠤ᠋ ᠬᠥᠨᠳᠡᠢ᠂ ᠤᠨᠤᠨ ᠤ᠋ ᠤᠷᠢᠳᠤ ᠪᠡᠶ᠎ᠡ ᠬᠦᠢᠲᠡᠨ ᠳ᠋ᠦ᠍ ᠤᠭᠲᠤᠨ ᠳᠠᠢᠰᠤᠨ ᠤ᠋ ᠲᠦᠷᠦᠭᠦᠴᠢ ᠲᠡᠢ ᠳᠤᠯᠠᠭᠠᠷᠠᠵᠤ ᠬᠣᠶᠠᠷ ᠬᠣᠨᠣᠭ ᠬᠢᠷᠢ ᠪᠠᠢᠯᠳᠤᠪᠠ᠃ ᠬᠣᠶᠠᠷ ᠲᠠᠯ᠎ᠠ ᠠ᠋ᠴᠠ ᠢᠷᠡᠭᠰᠡᠨ ᠬᠦᠴᠦ ᠠᠤᠭ᠎ᠠ ᠶᠡᠬᠡ ᠰᠦᠷ ᠲᠡᠢ᠂ ᠬᠥᠨᠳᠡᠢ ᠳᠦᠭᠦᠷᠡᠩ ᠴᠡᠷᠢᠭ ᠢ᠋ᠶ᠋ᠡᠷ ᠳᠦᠭᠦᠷᠴᠦ ᠮᠢᠨᠦ ᠲᠤᠯᠤᠯᠳᠤᠵᠤ ᠶᠠᠪᠤᠭᠰᠠᠨ ᠲᠤᠯᠤᠯᠳᠤᠭᠠᠨ ᠳᠣᠲᠣᠷ᠎ᠠ ᠬᠠᠮᠤᠭ ᠤ᠋ᠨ ᠲᠣᠮᠣ ᠨᠢ ᠪᠣᠯᠤᠨ ᠦᠵᠡᠭᠳᠡᠵᠦ ᠪᠥᠯᠥᠭᠡ᠃ ᠬᠥᠨᠳᠡᠢ ᠳᠦᠭᠦᠷᠡᠩ ᠲᠡᠷᠡ ᠶᠡᠬᠡ ᠴᠡᠷᠢᠭ ᠢ᠋ ᠳᠣᠯᠣᠭᠠᠨ ᠲᠦᠮᠡ ᠬᠠᠭᠠᠰ ᠪᠠᠢᠭᠰᠠᠨ ᠬᠡᠯᠡᠴᠡᠳᠡᠭ᠃ ᠦᠨᠡᠬᠡᠷ ᠰᠦᠷ ᠲᠡᠢ᠂ ᠠᠢᠳᠠᠰ ᠬᠦᠢᠳᠡᠰ ᠬᠦᠷᠦᠮᠡᠷ ᠁ ᠮᠥᠩᠬᠡ ᠲᠩᠷᠢ ᠶ᠋ᠢᠨ ᠬᠦᠴᠦᠨ ᠳ᠋ᠦ᠍ᠷ ᠶᠡᠬᠡ ᠲᠤᠯᠤᠯᠳᠤᠭᠠᠨ ᠡᠬᠢᠯᠡᠬᠦ ᠰᠠᠴᠠᠭᠤ ᠳᠠᠢᠰᠤᠨ ᠤ᠋ ᠳᠡᠭᠡᠷ᠎ᠡ ᠡᠴᠡ ᠬᠤᠷ᠎ᠠ ᠪᠠᠭᠤᠵᠤ ᠮᠥᠨᠳᠥᠷ ᠴᠣᠬᠢᠭᠰᠠᠨ ᠳ᠋ᠤᠷ《ᠲᠩᠷᠢ ᠪᠢᠳᠡᠨ ᠳ᠋ᠦ᠍ ᠬᠢᠯᠢᠩᠨᠡᠯᠡ》 ᠭᠡᠳ ᠵᠦᠭ ᠵᠦᠭ ᠲᠠᠷᠬᠠᠵᠤ ᠨᠤᠲᠤᠭ ᠨᠤᠲᠤᠭ ᠤᠷᠤᠭᠤ ᠪᠠᠨ ᠪᠤᠴᠠᠪᠠ᠃ ᠮᠠᠨ ᠤ᠋ ᠬᠢᠨ ᠬᠦᠢᠲᠡᠨ ᠦ᠌ ᠠᠷᠤ ᠰᠢᠯᠢ ᠳ᠋ᠦ᠍ ᠲᠠᠢᠴᠢᠭᠤᠳ ᠲᠠᠢ ᠲᠤᠯᠤᠯᠳᠤᠭᠰᠠᠨ ᠳ᠋ᠤᠷ ᠴᠢᠩᠭᠢᠰ ᠬᠠᠭᠠᠨ ᠤ᠋ ᠬᠦᠵᠦᠭᠦᠨ ᠳ᠋ᠦ᠍ ᠰᠤᠮᠤ ᠲᠣᠰᠴᠤ ᠰᠢᠷᠬ᠎ᠠ ᠠᠪᠴᠤ᠂ ᠬᠡᠴᠡᠭᠦᠦ ᠶᠠᠪᠤᠳᠠᠯ ᠲᠣᠬᠢᠶᠠᠯᠳᠤᠭᠰᠠᠨ ᠴᠦ᠍ ᠳᠠᠢᠰᠤᠨ ᠢ᠋ ᠡᠯᠳᠡᠨ ᠬᠥᠭᠡᠭᠡᠬᠦ ᠲᠤᠰᠢᠶᠠᠯ ᠥᠭᠭᠦᠭᠰᠡᠨ ᠶᠣᠰᠣᠭᠠᠷ ᠪᠢᠳᠡ ᠤᠨᠤᠨ ᠭᠠᠲᠤᠯᠤᠨ ᠠᠭᠤᠴᠤ ᠪᠠᠭᠠᠲᠤᠷ᠂ ᠬᠣᠲᠣᠨ᠂ ᠣᠷᠴᠠᠨ ᠬᠣᠶᠠᠷ ᠢ᠋ ᠤᠰᠠᠳᠬᠠᠪᠠ᠃ ᠲᠠᠷᠭᠤᠲᠠᠢ ᠬᠢᠷᠢᠯᠳᠣᠭ ᠴᠥᠭᠡᠨ ᠦᠯᠡᠳᠡᠭᠰᠡᠳ ᠲᠡᠢ ᠪᠡᠨ ᠰᠢᠶᠠᠨ ᠤ᠋ ᠠᠭᠤᠯᠠᠰ ᠤ᠋ᠨ ᠵᠡᠭᠦᠨ ᠰᠤᠭᠤ ᠪᠠᠷ ᠵᠢᠭᠤᠲᠠᠵᠤ ᠣᠳᠤᠭᠰᠠᠨ᠃ ᠡᠨᠡ ᠪᠠᠢᠯᠳᠤᠭᠠᠨ ᠳ᠋ᠤ᠌ ᠣᠯᠵᠠᠯᠠᠭᠳᠠᠵᠤ ᠢᠷᠡᠭᠰᠡᠨ ᠪᠠᠰᠤᠳ ᠤ᠋ᠨ ᠵᠢᠷᠭᠤᠭᠠᠲᠠᠢ ᠴᠢᠩᠭᠢᠰ ᠬᠠᠭᠠᠨ ᠢ᠋ ᠰᠢᠷᠬᠠᠲᠤᠭᠤᠯᠤᠭᠰᠠᠨ ᠦᠨᠡᠨ ᠢ᠋ᠶ᠋ᠡᠨ ᠬᠡᠯᠡᠭᠰᠡᠨ ᠲᠤᠯᠠ ᠲᠡᠭᠦᠨ ᠢ᠋《ᠢᠲᠡᠭᠡᠵᠦ ᠪᠣᠯᠬᠤ ᠬᠥᠮᠦᠨ》 ᠬᠡᠮᠡᠭᠡᠳ ᠵᠡᠪᠡ ᠨᠡᠷ᠎ᠡ ᠥᠭᠭᠦᠭᠰᠡᠨ ᠶᠦᠮ᠃ ᠲᠠᠢᠴᠢᠭᠤᠳ ᠤ᠋ᠨ ᠦᠯᠡᠳᠡᠭᠳᠡᠯ ᠭᠤᠷᠪᠠᠨ ᠵᠠᠭᠤᠨ ᠴᠡᠷᠢᠭ ᠲᠡᠢ ᠬᠠᠭᠠᠨ ᠢ᠋ ᠡᠮᠦᠨ᠎ᠡ ᠵᠦᠭ ᠵᠠᠬ᠎ᠠ ᠨᠤᠲᠤᠭ ᠢ᠋ᠶ᠋ᠠᠷ ᠮᠣᠷᠢᠯᠠᠬᠤ ᠳ᠋ᠤ᠌ ᠨᠢ ᠢᠷᠡᠵᠦ ᠲᠤᠯᠤᠭᠰᠠᠨ᠃ ᠬᠠᠭᠠᠨ ᠤ᠋ ᠬᠠᠮᠲᠤ ᠪᠢᠳᠡ ᠵᠢᠷᠭᠤᠭᠠᠨ ᠥᠷᠯᠥᠭ ᠶᠠᠪᠤᠯᠴᠠᠵᠤ ᠲᠡᠳᠡᠨ ᠢ᠋ ᠪᠦᠷᠢᠮᠦᠰᠦᠨ ᠳᠠᠷᠤᠭᠰᠠᠨ᠃ ᠲᠡᠷᠡ ᠴᠠᠭ ᠠ᠋ᠴᠠ ᠲᠡᠢᠨ ᠲᠠᠰᠤᠷᠠᠭᠰᠠᠨ ᠦᠭᠡᠢ᠃ ᠨᠠᠢ᠍ᠮᠠᠨ ᠤ᠋ ᠪᠣᠢᠷᠤᠭ ᠢ᠋ ᠠᠯᠲᠠᠢ ᠶ᠋ᠢᠨ ᠴᠠᠭᠠᠳᠤ ᠣᠯᠤᠭ ᠲᠠᠭ ᠲᠤ᠌ ᠴᠣᠬᠢᠵᠤ ᠴᠠᠭᠠᠰᠢ ᠡᠯᠳᠡᠵᠦ ᠭᠢᠰᠢᠯᠪᠡᠰᠢ ᠨᠠᠭᠤᠷ ᠤ᠋ᠨ ᠳᠡᠷᠭᠡᠳᠡ ᠪᠦᠷᠢᠮᠦᠰᠦᠨ ᠰᠥᠨᠥᠭᠡᠵᠦ᠂ ᠳᠠᠷᠠᠭ᠎ᠠ ᠨᠢ ᠲᠠᠲ᠋ᠠᠷ ᠤ᠋ᠳ ᠲᠠᠢ ᠪᠠᠢᠯᠳᠤᠵᠤ ᠰᠥᠨᠥᠭᠡᠭᠰᠡᠨ᠃ ᠲᠡᠷᠡ ᠪᠠᠢᠯᠳᠤᠭᠠᠨ ᠳ᠋ᠤ᠌ ᠠᠯᠲᠠᠨ᠂ ᠬᠣᠴᠠᠷ᠂ ᠲᠠᠷᠢᠳᠠᠢ ᠨᠠᠷ ᠰᠠᠯᠵᠤ ᠵᠠᠮᠤᠬ᠎ᠠ ᠶ᠋ᠢ ᠳᠠᠭᠠᠨ ᠬᠠᠲᠠᠭᠢᠨ ᠰᠡᠯᠵᠢᠭᠤᠳ ᠢ᠋ ᠳᠠᠭᠠᠭᠤᠯᠤᠨ ᠸᠠᠩ ᠬᠠᠨ ᠲᠠᠢ ᠨᠡᠢᠯᠡᠵᠦ ᠬᠤᠤᠪᠢᠯᠳᠤᠨ᠂ ᠴᠢᠩᠭᠢᠰ ᠬᠠᠭᠠᠨ ᠤ ᠡᠰᠡᠷᠭᠦ ᠲᠡᠢᠨ ᠡᠭᠦᠰᠬᠡᠨ ᠰᠥᠨᠥᠵᠦ᠂ ᠨᠠᠢ᠍ᠮᠠᠨ ᠤ᠋ ᠳᠠᠶᠠᠩ ᠬᠠᠨ ᠵᠠᠨᠤᠯᠬᠢᠯᠠᠵᠤ ᠢᠷᠡᠭᠦᠯ ᠳ᠋ᠦ᠍ ᠳᠠᠭᠤᠳᠠᠨ ᠥᠪᠡᠷᠰᠡᠳ ᠢ᠋ᠶ᠋ᠡᠨ ᠮᠥᠬᠥᠭᠰᠡᠨ ᠢ᠋ᠶ᠋ᠡᠷ《ᠬᠥᠷᠥᠰᠥᠲᠦ ᠳᠡᠯᠡᠬᠡᠢ ᠬᠥᠷᠪᠡᠵᠦ/ ᠬᠥᠪᠴᠢᠨ ᠤᠯᠤᠰ ᠪᠠᠢᠯᠳᠤᠵᠤ/ ᠬᠥᠨᠵᠢᠯᠡ ᠳ᠋ᠡᠭᠡᠨ ᠤᠨᠲᠠᠬᠤ ᠵᠠᠪ ᠦᠭᠡᠢ/ ᠬᠥᠨᠥᠭᠡᠯᠳᠦᠨ ᠠᠯᠠᠯᠳᠤᠬᠤ》 ᠨᠢ ᠨᠠᠮᠳᠠᠪᠠ᠃
ᠡᠳᠦᠭᠡ ᠨᠢᠭᠡᠳᠦᠭᠰᠡᠨ ᠶᠡᠬᠡ ᠮᠣᠩᠭᠣᠯ ᠤᠯᠤᠰ ᠴᠢᠩᠭᠢᠰ ᠬᠠᠭᠠᠨ ᠤ᠋ ᠲᠤᠭ ᠰᠦᠯᠳᠡ ᠶ᠋ᠢᠨ ᠳᠣᠣᠷ᠎ᠠ ᠪᠢᠰᠢᠷᠡᠵᠦ᠂ ᠡᠩᠬᠡ ᠲᠤᠩᠬ᠎ᠠ ᠮᠠᠨᠳᠤᠯ᠎ᠠ᠃ ᠭᠡᠪᠡᠴᠦ ᠳᠠᠢᠰᠤᠨ ᠦᠭᠡᠢ ᠪᠣᠯᠤᠭᠰᠠᠨ ᠭᠡᠵᠦ ᠪᠣᠳᠣᠵᠤ ᠪᠣᠯᠬᠤ ᠦᠭᠡᠢ᠃ ᠪᠠᠷᠠᠭᠤᠨ ᠵᠦᠭ ᠲᠦ᠍ ᠨᠠᠢ᠍ᠮᠠᠨ ᠤ᠋ ᠬᠦᠴᠦᠯᠦᠭ᠂ ᠮᠡᠷᠭᠡᠳ ᠦ᠋ᠨ ᠬᠣᠲᠣ ᠬᠣᠶᠠᠷ ᠰᠦᠯᠪᠡᠭᠡᠯᠳᠦᠨ ᠪᠣᠢ᠃ ᠲᠡᠳᠡ ᠢᠷᠡᠵᠦ ᠪᠣᠯᠤᠨ᠎ᠠ᠃ ᠬᠠᠭᠠᠨ ᠢ᠋ᠶ᠋ᠠᠷ ᠲᠡᠳᠡᠨ ᠦ᠌ ᠬᠣᠢᠨ᠎ᠠ ᠠ᠋ᠴᠠ ᠵᠡᠯᠮ᠎ᠡ ᠶ᠋ᠢ ᠶᠠᠪᠤᠭᠤᠯᠵᠤ ᠮᠥᠷᠳᠡᠭᠦᠯᠦᠨ ᠰᠥᠨᠥᠭᠡᠨ᠎ᠡ ᠭᠡᠰᠡᠨ᠃ ᠪᠢ ᠡᠨᠳᠡ ᠰᠠᠭᠤᠭᠠᠳ ᠪᠠᠢᠵᠤ ᠪᠣᠯᠬᠤ ᠦᠭᠡᠢ᠃ ᠴᠢᠮᠠᠶ᠋ᠢ ᠣᠷᠬᠢᠭᠠᠳ ᠶᠠᠪᠤᠨ᠎ᠠ᠃ ᠴᠢ ᠮᠢᠩᠭᠠᠲᠤ ᠶ᠋ᠢ ᠵᠠᠬᠢᠷᠤᠨ ᠡᠨᠳᠡᠬᠢ ᠶ᠋ᠢᠨ ᠡᠵᠡᠨ ᠪᠣᠯᠵᠤ ᠦᠯᠡᠳᠡᠨ᠎ᠡ᠃ ᠭᠡᠬᠦ ᠳ᠋ᠡᠭᠡᠨ ᠴᠢ ᠲᠡᠮᠦᠷ ᠲᠦ᠍ ᠵᠠᠬᠢᠷᠤᠭᠳᠠᠵᠤ ᠦᠭᠡᠨ ᠳ᠋ᠦ᠍ᠨᠢ ᠣᠷᠣᠵᠤ ᠪᠠᠢᠬᠤ ᠶᠣᠰᠣ ᠲᠠᠢ᠃ ᠲᠡᠮᠦᠷ ᠪᠣᠯ ᠦᠬᠦᠬᠦ ᠡᠴᠡ ᠪᠤᠰᠤᠳ ᠢ᠋ ᠦᠵᠡᠭᠰᠡᠨ ᠳᠠᠢᠴᠢᠨ ᠪᠠᠭᠠᠲᠤᠷ᠂ ᠮᠢᠨᠦ ᠦᠨᠡᠨᠴᠢ ᠰᠢᠳᠠᠷ᠃ ᠴᠢ ᠲᠡᠭᠡᠬᠦ ᠪᠡᠷ ᠲᠡᠮᠦᠷ ᠰᠢᠳᠠᠷ ᠤ᠋ᠨ ᠵᠥᠪᠯᠡᠭᠰᠡᠨ ᠰᠤᠷᠭᠠᠭᠰᠠᠨ ᠢ᠋ᠶ᠋ᠠᠷ ᠰᠢᠢᠳᠪᠦᠷᠢ ᠭᠠᠷᠭᠠᠵᠤ ᠪᠠᠢᠬᠤ ᠶᠣᠰᠣ ᠲᠠᠢ᠃ ᠴᠢᠨᠦ ᠰᠢᠢᠳᠪᠦᠷᠢ ᠪᠣᠯ ᠡᠨᠳᠡ ᠴᠠᠭᠠᠵᠠ ᠵᠠᠷᠯᠢᠭ᠃ ᠴᠢᠮᠠᠲᠤ ᠮᠢᠩᠭᠠᠲᠤ ᠵᠠᠬᠢᠷᠬᠤ ᠠᠯᠲᠠᠨ ᠬᠡᠷᠦᠭᠡ ᠪᠡᠨ ᠦᠯᠡᠳᠡᠭᠡᠵᠦ ᠶᠠᠪᠤᠨ᠎ᠠ᠃ ᠡᠨᠡ ᠪᠣᠯ ᠭᠠᠭᠴᠠᠬᠠᠨ ᠦᠶ᠎ᠡ ᠵᠠᠯᠭᠠᠮᠵᠢᠯᠠᠬᠤ ᠬᠥᠪᠡᠭᠦᠨ ᠳ᠋ᠦ᠍ ᠰᠢᠯᠵᠢᠵᠦ ᠪᠣᠯᠤᠨ᠎ᠠ᠃ ᠥᠭᠡᠷ᠎ᠡ ᠬᠡᠨ ᠦ᠌ ᠴᠦ᠍ ᠭᠠᠷ ᠲᠤ ᠥᠷᠲᠥᠵᠦ ᠪᠣᠯᠬᠤ ᠦᠭᠡᠢ᠃ ᠴᠢᠩᠭᠢᠰ ᠬᠠᠭᠠᠨ ᠤ᠋ ᠵᠠᠷᠯᠢᠭ ᠡᠢᠮᠦ ᠶᠦᠮ᠃ ᠡᠭᠦᠨ ᠢ᠋ ᠪᠡᠶ᠎ᠡ ᠡᠴᠡ ᠪᠡᠨ ᠰᠠᠯᠭᠠᠵᠤ ᠪᠣᠯᠬᠤ ᠦᠭᠡᠢ᠂ ᠢᠮᠠᠭᠲᠠ ᠬᠦᠵᠦᠭᠦᠨ ᠳ᠋ᠡᠭᠡᠨ ᠵᠡᠭᠦᠵᠦ ᠲᠤᠰᠢᠶᠠᠯ ᠰᠢᠢᠳᠪᠦᠷᠢ ᠭᠠᠷᠭᠠᠬᠤ ᠳ᠋ᠠᠭᠠᠨ ᠡᠷᠭᠦᠵᠦ ᠬᠤᠷᠤᠢᠯᠠᠬᠤ ᠶᠣᠰᠣ ᠲᠠᠢ᠃ ᠲᠤᠰᠢᠶᠠᠯ ᠠᠪᠴᠤ ᠪᠣᠢ ᠬᠥᠮᠦᠨ ᠬᠡᠨ ᠪᠣᠯᠪᠠᠴᠤ ᠪᠠᠷᠠᠭᠤᠨ ᠭᠠᠷ ᠤ᠋ᠨ ᠠᠯᠠᠭ᠎ᠠ ᠪᠠᠨ ᠵᠢᠷᠦᠬᠡᠨ ᠲᠤᠰ ᠭᠠᠵᠠᠷ ᠳᠠᠷᠤᠵᠤ ᠰᠥᠭᠥᠳᠦᠨ ᠬᠦᠯᠢᠶᠡᠨ ᠠᠪᠴᠤ《ᠬᠦᠴᠦᠨ ᠵᠢᠳᠬᠦᠵᠦ ᠪᠡᠶᠡᠯᠡᠭᠦᠯᠦᠨ᠎ᠡ》 ᠭᠡᠵᠦ ᠬᠡᠯᠡᠬᠦ ᠶᠣᠰᠣ ᠲᠠᠢ᠃
ᠪᠣᠷᠬᠠᠢ ᠡᠴᠢᠭᠡ ᠶ᠋ᠢᠨ ᠶᠠᠷᠢᠶ᠎ᠠ ᠶ᠋ᠢ ᠰᠣᠨᠣᠰᠴᠤ ᠤᠳᠠᠲᠠᠯ᠎ᠠ ᠴᠢᠮᠡᠭᠡ ᠦᠭᠡᠢ ᠶᠠᠪᠤᠭᠰᠠᠨ ᠢ᠋ᠶ᠋ᠠᠨ ᠭᠡᠮ ᠬᠢᠵᠦ ᠵᠢᠮᠡᠯᠡᠭᠦᠯᠦᠭᠰᠡᠨ ᠶᠦᠮ ᠰᠢᠭ ᠨᠢᠰᠦ ᠪᠡᠨ ᠲᠠᠲᠠᠵᠤ ᠤᠷᠤᠭᠤ ᠬᠠᠷᠠᠵᠤ ᠪᠣᠳᠣᠯᠬᠢᠯᠠᠨ᠂ ᠴᠤᠯᠪᠤᠭᠤᠷ ᠢ᠋ᠶ᠋ᠠᠨ ᠣᠷᠣᠯᠳᠣᠨ᠎ᠠ᠃ ᠡᠴᠢᠭᠡ ᠨᠢ ᠬᠦᠦ ᠪᠡᠨ ᠠᠵᠢᠬᠤ ᠮᠠᠶᠢᠭ ᠲᠠᠢ ᠵᠥᠭᠡᠯᠡᠨ ᠢ᠋ᠶ᠋ᠡᠷ᠄
— ᠮᠢᠨᠦ ᠬᠦᠦ ᠡᠷ᠎ᠡ ᠶ᠋ᠢᠨ ᠴᠡᠭᠡᠯ ᠳ᠋ᠦ᠍ ᠬᠦᠷᠴᠦ᠂ ᠥᠰᠴᠦ ᠥᠨᠳᠡᠢᠨ ᠲᠣᠮᠣ ᠬᠥᠮᠦᠨ ᠪᠣᠯᠵᠤ ᠶᠠᠪᠤᠨ᠎ᠠ ᠠ᠋᠃ ᠡᠭᠦᠷᠭᠡ ᠬᠠᠷᠢᠭᠤᠴᠠᠯᠭ᠎ᠠ ᠴᠦ᠍ ᠭᠡᠵᠦ ᠶᠡᠬᠡ᠃ ᠲᠡᠭᠡᠬᠦ ᠪᠡᠷ ᠡᠬᠡᠨᠡᠷ ᠠᠪᠴᠤ ᠭᠠᠯ ᠭᠣᠯᠣᠮᠲᠠ ᠪᠠᠨ ᠪᠤᠰᠬᠠᠬᠤ ᠪᠣᠯᠵᠤ ᠳᠠ᠃ ᠠᠪᠤ ᠨᠢ ᠬᠦᠦ ᠳ᠋ᠡᠭᠡᠨ ᠡᠬᠡᠨᠡᠷ ᠠᠪᠴᠤ ᠥᠭᠭᠦᠨ᠎ᠡ᠃ ᠴᠢ ᠶᠠᠭᠤ ᠭᠡᠵᠦ ᠪᠣᠳᠣᠵᠤ ᠪᠠᠢᠨ᠎ᠠ? ᠭᠡᠮᠡᠨ ᠬᠦᠦ ᠪᠡᠨ ᠦᠵᠡᠪᠡᠰᠦ ᠬᠦᠦ ᠨᠢ ᠢᠴᠢᠩᠭᠦᠷᠡᠨ《ᠬᠡᠭ》 ᠭᠡᠵᠦ ᠢᠨᠢᠶᠡᠮᠰᠦᠭᠯᠡᠬᠦ ᠠᠶᠠᠳᠠᠭᠠᠳ ᠤᠷᠤᠭᠤ ᠪᠠᠨ ᠬᠠᠷᠠᠯ᠎ᠠ᠃ ᠮᠥᠨ ᠯᠡ ᠡᠴᠢᠭᠡ ᠨᠢ ᠦᠷᠭᠦᠯᠵᠢᠯᠡᠭᠦᠯᠦᠨ᠄
— ᠨᠤᠲᠤᠭ ᠣᠷᠣᠨ ᠳ᠋ᠠᠭᠠᠨ ᠲᠣᠪᠯᠠᠵᠤ ᠪᠣᠳᠣᠭᠰᠠᠨ ᠨᠢ ᠦᠭᠡᠢ᠃ ᠲᠡᠭᠡᠬᠦ ᠪᠡᠷ ᠡᠨᠳᠡ ᠡᠴᠡ ᠯᠡ ᠠᠪᠴᠤ ᠥᠭᠭᠦᠶ᠎ᠡ ᠭᠡᠳ ᠬᠦᠦ ᠪᠡᠨ ᠬᠠᠷᠠᠪᠠᠰᠤ ᠮᠥᠨ ᠯᠡ《ᠭᠡᠭ》 ᠭᠡᠵᠦ ᠳᠣᠭᠣᠭᠰᠢ ᠬᠠᠷᠠᠨ ᠢᠨᠢᠶᠡᠪᠡ᠃ ᠡᠴᠢᠭᠡ《ᠴᠠᠭᠠᠨ᠎ᠠ ᠪᠠᠨ ᠳᠤᠷ᠎ᠠ ᠲᠠᠢ ᠪᠠᠢᠭ᠎ᠠ ᠴᠦ᠍ ᠶᠤᠮ ᠪᠠᠢᠨ᠎ᠠ》 ᠭᠡᠵᠦ ᠪᠣᠳᠣᠭᠠᠳ᠄
— ᠰᠠᠶᠢ ᠶ᠋ᠢᠨ ᠲᠡᠭᠰᠢ ᠶ᠋ᠢᠨ ᠥᠬᠢᠨ ᠴᠤᠯᠪᠤ ᠨᠢᠳᠦᠨ ᠳ᠋ᠦ᠍ ᠲᠣᠰᠴᠤ ᠰᠡᠳᠬᠢᠯ ᠳ᠋ᠦ᠍ ᠤᠷᠭᠤᠯ᠎ᠠ᠃ ᠬᠥᠭᠡᠷᠦᠬᠦᠨ ᠴᠢᠷᠠᠢᠯᠢᠭ᠂ ᠰᠡᠷᠭᠦᠯᠡᠩ ᠴᠣᠪᠣᠭᠣ ᠪᠦᠰᠡᠭᠦᠢ ᠪᠠᠢᠨ᠎ᠠ᠃ ᠡᠴᠢᠭᠡ ᠨᠢ ᠬᠡᠷᠰᠡᠦ ᠬᠡᠴᠡᠭᠦᠦ ᠤᠬᠠᠭᠠᠯᠢᠭ ᠬᠥᠮᠦᠨ ᠶᠦᠮ᠃ ᠴᠢ ᠶᠠᠭᠤ ᠭᠡᠵᠦ ᠪᠣᠳᠣᠵᠤ ᠪᠠᠢᠨ᠎ᠠ ᠪᠣᠢ? ᠭᠡᠬᠦ ᠳ᠋ᠦ᠍᠄
— ᠬᠠᠷᠢᠭᠤ ᠦᠭᠡᠢ ᠵᠢᠭᠠᠬᠠᠨ ᠬᠡᠦᠬᠡᠳ ᠤᠤ? ᠭᠡᠵᠦ ᠥᠭᠡᠳᠡ ᠡᠴᠡ ᠨᠢ ᠳᠣᠭᠤᠬᠢᠯᠠᠩᠬᠣᠢ ᠢᠨᠢᠶᠡᠪᠡ᠃
— ᠬᠡᠦᠬᠡᠳ ᠨᠢ ᠴᠦ᠍ ᠬᠡᠦᠬᠡᠳ᠃ ᠭᠡᠬᠦ ᠳ᠋ᠡᠭᠡᠨ ᠴᠢ ᠥᠪᠡᠷ ᠢ᠋ ᠪᠡᠨ ᠶᠡᠬᠡ ᠲᠣᠮᠣ ᠬᠥᠮᠦᠨ ᠭᠡᠵᠦ ᠪᠣᠳᠣᠵᠤ ᠶᠠᠪᠤᠭ᠎ᠠ ᠶᠤᠮ ᠤᠤ? ᠴᠢ ᠴᠦ᠍ ᠪᠠᠰᠠ ᠬᠡᠦᠬᠡᠳ ᠰᠢᠦ ᠳᠡ᠃ ᠴᠢᠮ᠎ᠠ ᠠ᠋ᠴᠠ ᠳᠦᠷᠪᠡᠭᠡᠨ ᠨᠠᠰᠤ ᠳᠡᠭᠦᠦ ᠯᠡ ᠶᠦᠮ ᠪᠠᠢᠨ᠎ᠠ᠃ ᠪᠣᠯᠤᠨ᠎ᠠ ᠠ᠋ ᠃ ᠮᠠᠷᠭᠠᠰᠢ ᠬᠣᠶᠠᠭᠤᠯᠠ ᠪᠠᠨ ᠶᠣᠰᠣᠯᠠᠯ ᠤ᠋ᠨ ᠬᠤᠪᠴᠠᠰᠤ ᠪᠠᠨ ᠡᠮᠦᠰᠴᠦ ᠭᠤᠶᠤᠴᠢᠬᠠᠭᠠᠳ ᠣᠴᠢᠵᠤ ᠰᠦᠢ ᠲᠠᠯᠪᠢᠴᠢᠬᠠᠭᠠᠳ ᠰᠢᠭᠤᠳ ᠯᠠ ᠠᠪᠤᠭᠠᠳ ᠢᠷᠡᠨ᠎ᠡ᠃ ᠮᠡᠳᠡᠪᠡ ᠤᠤ? ᠬᠡᠮᠡᠭᠡᠳ ᠬᠦᠦ ᠤᠷᠤᠭᠤ ᠪᠠᠨ ᠰᠢᠷᠦᠭᠦᠪᠲᠦᠷ ᠬᠠᠷᠠᠪᠠᠰᠤ ᠬᠦᠦ ᠨᠢ ᠲᠣᠯᠣᠭᠠᠢ ᠳᠣᠬᠢᠯ᠎ᠠ᠃
— ᠮᠢᠨᠦ ᠬᠦᠦ ᠭᠠᠭᠴᠠᠭᠠᠷ ᠢ᠋ᠶ᠋ᠠᠨ ᠪᠢᠰᠢ᠂ ᠬᠣᠶᠠᠭᠤᠯᠠ ᠪᠠᠨ ᠦᠯᠡᠳᠡᠨ᠎ᠡ᠃ ᠡᠨᠡ ᠭᠡᠷ ᠣᠷᠣᠨ ᠳ᠋ᠠᠭᠠᠨ ᠬᠦᠷᠢᠶᠡᠨ ᠦ᠌ ᠪᠡᠨ ᠳᠤᠮᠳᠠ ᠠᠶᠤᠬᠤ᠂ ᠳᠤᠲᠠᠬᠤ ᠶᠠᠭᠤᠮ᠎ᠠ ᠪᠠᠢᠬᠤ ᠦᠭᠡᠢ᠃ ᠵᠠᠷᠤᠴᠠ ᠠᠯᠪᠠᠲᠤ ᠨᠠᠷ᠂ ᠲᠡᠳᠡᠨ ᠦ᠌ ᠡᠮᠡᠰ ᠬᠡᠦᠬᠡᠳ᠂ ᠠᠭᠲᠠᠴᠢᠨ ᠰᠠᠭᠠᠯᠢᠴᠢᠨ ᠨᠠᠷ᠂ ᠴᠡᠷᠢᠭ ᠬᠠᠷᠠᠭᠤᠯ ᠤ᠋ᠳ ᠲᠠᠢ ᠪᠠᠨ ᠲᠠᠵᠢ ᠦᠭᠡᠢ ᠠ᠋᠃ ᠠᠪᠤ ᠨᠢ ᠠᠯᠲᠠᠢ ᠶ᠋ᠢᠨ ᠵᠡᠭᠦᠨ ᠰᠤᠭᠤ ᠪᠠᠷ ᠲᠠᠩᠨᠣ ᠶ᠋ᠢᠨ ᠠᠭᠤᠯᠠ ᠬᠦᠷᠲᠡᠯ᠎ᠡ ᠶᠠᠪᠤᠵᠤ ᠠᠯᠪᠠ ᠬᠡᠷᠡᠭ ᠢ᠋ᠶ᠋ᠡᠨ ᠠᠮᠵᠢᠭᠤᠯᠤᠭᠠᠳ ᠪᠤᠴᠠᠵᠤ ᠡᠵᠡᠨ ᠬᠠᠭᠠᠨ ᠳ᠋ᠠᠭᠠᠨ ᠶᠠᠪᠤᠭᠰᠠᠨ ᠠᠵᠢᠯ ᠢ᠋ᠶ᠋ᠠᠨ ᠠᠢᠯᠠᠳᠬᠠᠨ᠎ᠠ᠃ ᠳᠠᠷᠠᠭᠠᠴᠢ ᠶ᠋ᠢᠨ ᠵᠠᠷᠯᠢᠭ ᠢ᠋ ᠬᠦᠯᠢᠶᠡᠵᠦ᠂ ᠭᠡᠷ ᠣᠷᠣᠨ ᠢ᠋ᠶ᠋ᠠᠨ ᠠᠪᠤᠭᠠᠳ ᠨᠠᠭᠠᠰᠢ ᠬᠥᠳᠡᠯᠦᠨ᠎ᠡ᠃ ᠴᠢᠮᠠᠲᠤ ᠲᠥᠬᠥᠭᠡᠷᠦᠭᠰᠡᠨ ᠨᠤᠲᠤᠭ ᠤ᠋ᠨ ᠮᠣᠳᠣ ᠢᠰᠡᠭᠡᠢ ᠪᠡᠷ ᠲᠣᠨᠣᠭᠯᠠᠭᠰᠠᠨ ᠭᠡᠷ ᠪᠣᠢ᠃ ᠲᠡᠭᠡᠬᠦ ᠪᠡᠷ ᠬᠣᠶᠠᠷ ᠭᠡᠷ ᠢ᠋ᠶ᠋ᠡᠨ ᠠᠴᠢᠭᠠᠳ ᠡᠪᠦᠯ ᠦ᠋ᠨ ᠡᠬᠢᠨ ᠰᠠᠷ᠎ᠠ ᠳ᠋ᠤ᠌ ᠪᠠᠭᠲᠠᠵᠤ ᠢᠷᠡᠬᠦ᠂ ᠲᠡᠭᠡᠭᠡᠳ ᠢᠷᠡᠬᠦ ᠵᠤᠨ ᠠ᠋ᠴᠠ ᠬᠦᠦ ᠶ᠋ᠢᠨ ᠢ᠋ᠶ᠋ᠡᠨ ᠬᠤᠷᠢᠮ ᠢ᠋ ᠬᠢᠨ᠎ᠡ᠃ ᠮᠡᠳᠡᠪᠡ ᠤᠤ? ᠭᠡᠪᠡᠯ ᠬᠦᠦ ᠮᠥᠨ ᠯᠡ ᠲᠣᠯᠣᠭᠠᠢ ᠳᠣᠬᠢᠯ᠎ᠠ᠃
