ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠥᠲᠥᠭᠡᠷ ᠪᠦᠯᠦᠭ - 30> Хүлэг баатар буурч - Б. Өлзийсүрэн <Дөтгөр бүлэг-30>
ᠲᠥᠷᠥ ᠶ᠋ᠢᠨ ᠲᠡᠮᠦᠷ ᠲᠥᠰᠢᠶ᠎ᠡ ᠪᠣᠯᠵᠤ ᠳᠡᠭᠡᠳᠦᠰ ᠦ᠋ᠨ ᠵᠢᠩᠳᠠᠭᠠᠨ ᠳ᠋ᠤ᠌ ᠡᠩᠨᠡᠭᠰᠡᠨ ᠳᠥᠲᠥᠭᠡᠷ ᠪᠦᠯᠦᠭ
ᠭᠤᠴᠢ
ᠭᠤᠴᠢ
ᠶᠡᠬᠡ ᠵᠠᠰᠠᠭ ᠬᠠᠤᠯᠢ ᠶ᠋ᠢᠨ ᠬᠣᠶᠠᠳᠤᠭᠠᠷ ᠵᠦᠢᠯ᠄
《ᠲᠩᠷᠢ ᠡᠴᠡ ᠰᠣᠶᠣᠷᠬᠠᠭᠰᠠᠨ ᠴᠢᠩᠭᠢᠰ ᠬᠠᠭᠠᠨ ᠤ᠋
ᠵᠠᠷᠯᠢᠭ ᠡᠷᠡᠭᠡᠯᠵᠡᠭᠡ ᠦᠭᠡᠢ》
ᠭᠤᠷᠪᠠᠳᠤᠭᠠᠷ ᠵᠢᠷᠠᠨ ᠤ᠋ ᠭᠠᠯ ᠪᠠᠷᠰ ᠵᠢᠯ ᠦ᠋ᠨ ᠵᠤᠨ ᠤ᠋ ᠳᠡᠯᠭᠡᠷ ᠴᠠᠭ ᠲᠤᠷ ᠤᠨᠤᠨ ᠭᠣᠣᠯ ᠤ᠋ᠨ ᠤᠷᠢᠳᠤ ᠪᠡᠶᠡᠨᠡ ᠳᠥᠷᠪᠡᠨ ᠵᠦᠭ ᠨᠠᠢ᠍ᠮᠠᠨ ᠵᠣᠪᠬᠢᠰ ᠲᠠᠭᠠᠨ ᠥᠨᠳᠥᠷ ᠠᠭᠤᠯᠠᠰ ᠢ᠋ᠶ᠋ᠠᠷ ᠠᠯᠤᠰᠬᠠᠨ ᠢ᠋ᠶ᠋ᠠᠷ ᠬᠦᠷᠢᠶᠡᠯᠡᠭᠳᠡᠭᠰᠡᠨ ᠲᠡᠷᠡᠭᠦᠬᠡᠨ ᠳ᠋ᠡᠭᠡᠨ ᠲᠡᠨᠢᠭᠦᠬᠡᠨ ᠬᠥᠨᠳᠡᠢ ᠳᠦᠭᠦᠷᠡᠩ ᠠᠰᠠᠷ ᠮᠠᠢᠬᠠᠨ᠂ ᠭᠡᠷ ᠴᠠᠴᠠᠷ ᠪᠣᠰᠴᠤ᠂ ᠲᠦᠮᠡ ᠲᠦᠮᠡᠨ ᠬᠥᠮᠦᠰ ᠴᠤᠭᠯᠠᠷᠠᠭᠰᠠᠨ ᠶᠡᠬᠡ ᠬᠥᠯ ᠬᠥᠳᠡᠯᠭᠡᠭᠡᠨ ᠬᠡᠳᠦᠨ ᠡᠳᠦᠷ ᠦᠷᠭᠦᠯᠵᠢᠯᠡᠪᠡᠢ᠃ ᠡᠨᠡ ᠪᠣᠯ ᠴᠠᠰᠤᠲᠤ ᠰᠦᠮᠪᠦᠷ ᠠᠯᠲᠠᠢ ᠶ᠋ᠢᠨ ᠴᠢᠨᠠᠳᠤ ᠠ᠋ᠴᠠ ᠰᠦᠷᠯᠢᠭ ᠬᠢᠩᠭᠠᠨ ᠤ᠋ ᠨᠢᠷᠤᠭᠤ ᠬᠦᠷᠲᠡᠯ᠎ᠡ ᠥᠷᠥᠨ᠎ᠡ ᠡᠴᠡ ᠳᠣᠷᠣᠨ᠎ᠠ ᠵᠦᠭ᠂ ᠥᠩᠭᠡ ᠲᠤᠩᠭᠠᠯᠠᠭ ᠪᠠᠢᠭᠠᠯ ᠳᠠᠯᠠᠢ ᠠ᠋ᠴᠠ ᠡᠮᠦᠨ᠎ᠡ ᠶ᠋ᠢᠨ ᠶᠡᠬᠡ ᠴᠠᠭᠠᠨ ᠬᠡᠷᠡᠮ ᠬᠦᠷᠲᠡᠯᠡᠬᠢ ᠠᠭᠤᠳᠠᠮ ᠳᠡᠯᠭᠡᠷ ᠭᠠᠵᠠᠷ ᠨᠤᠲᠤᠭ ᠲᠤ ᠢᠰᠡᠭᠡᠢ ᠲᠤᠭᠤᠷᠭᠠᠲᠠᠨ᠂ ᠨᠡᠭᠦᠳᠡᠯᠴᠢᠨ ᠤᠯᠤᠰ ᠪᠦᠯᠢ ᠬᠢᠶᠠᠳ ᠶᠠᠰᠤ᠂ ᠪᠣᠷᠵᠢᠭᠢᠳ ᠣᠪᠣᠭ ᠤ᠋ᠨ ᠶᠢᠰᠦᠭᠡᠢ ᠪᠠᠭᠠᠲᠤᠷ ᠤ᠋ᠨ ᠬᠥᠪᠡᠭᠦᠨ ᠲᠡᠮᠦᠵᠢᠨ— ᠴᠢᠩᠭᠢᠰ ᠬᠠᠭᠠᠨ ᠤ᠋ ᠶᠢᠰᠦᠨ ᠬᠥᠯᠲᠦ ᠴᠠᠭᠠᠨ ᠲᠤᠭ ᠤ᠋ᠨ ᠳᠣᠣᠷ᠎ᠠ ᠨᠢᠭᠡᠳᠴᠦ ᠶᠡᠬᠡ ᠮᠣᠩᠭᠣᠯ ᠤᠯᠤᠰ ᠮᠠᠨᠳᠤᠨ ᠪᠦᠬᠦᠢ ᠶ᠋ᠢᠨ ᠬᠦᠨᠳᠦᠳᠬᠡᠯ ᠶᠣᠰᠣᠯᠠᠯ ᠤ᠋ᠨ ᠶᠡᠬᠡ ᠪᠠᠶᠠᠷ ᠪᠥᠯᠥᠭᠡ᠃
ᠦᠢ ᠲᠦᠮᠡᠨ ᠬᠤᠷᠠᠭᠰᠠᠳ ᠤ᠋ᠨ ᠤᠮᠠᠷ᠎ᠠ ᠡᠲᠡᠭᠡᠳ ᠲᠦ᠍ ᠣᠯᠠᠨ ᠥᠷᠥᠭᠡ ᠴᠠᠭᠠᠨ ᠭᠡᠷ ᠦ᠋ᠳ ᠬᠦᠷᠢᠶ᠎ᠡ ᠪᠣᠯᠤᠨ ᠪᠠᠭᠤᠳᠠᠯᠯᠠᠵᠤ ᠲᠡᠭᠦᠨ ᠦ᠌ ᠬᠣᠢᠮᠣᠷ ᠤ᠋ᠨ ᠥᠨᠳᠥᠷᠯᠢᠭ ᠳᠡᠪᠰᠡᠭ ᠳᠡᠭᠡᠷ᠎ᠡ ᠬᠠᠶᠠᠭ᠎ᠠ ᠬᠣᠭᠣᠷᠣᠨᠳᠣ ᠪᠠᠨ ᠲᠠᠪᠢᠨ ᠠᠯᠬᠤᠮ ᠬᠢᠷᠢ ᠶ᠋ᠢᠨ ᠠᠪᠤᠷᠭᠤ ᠲᠣᠮᠣ ᠴᠠᠭᠠᠨ ᠥᠷᠥᠭᠡ ᠲᠦᠩᠬᠦᠢᠨ ᠪᠣᠰᠤᠭᠰᠠᠨ ᠨᠢ ᠰᠦᠷᠯᠢᠭ᠃ ᠤᠷᠲᠤ ᠶ᠋ᠢᠨ ᠤᠷᠲᠤ ᠱᠣᠷᠭᠣᠭ ᠮᠣᠳᠣᠨ ᠤ᠋ ᠣᠨᠢ᠂ ᠴᠣᠭᠣᠯᠵᠤ ᠵᠠᠰᠠᠭᠰᠠᠨ ᠬᠠᠷ᠎ᠠ ᠮᠣᠳᠣᠨ ᠬᠠᠨ᠎ᠠ ᠶ᠋ᠢ ᠬᠤᠰᠤ ᠮᠣᠳᠣ ᠪᠠᠷ ᠮᠡᠳᠡᠵᠦ ᠵᠦᠢᠵᠦ ᠬᠢᠭᠰᠡᠨ ᠠᠰᠤᠷᠤ ᠲᠣᠮᠣ ᠴᠡᠯᠡᠭᠡᠷ ᠲᠣᠭᠣᠨᠣ ᠪᠣᠯᠤᠨ ᠭᠦᠵᠢᠷ ᠳᠥᠷᠪᠡᠨ ᠪᠠᠭᠠᠨ᠎ᠠ ᠶ᠋ᠢ ᠬᠦᠴᠦᠷᠬᠡᠭ ᠳᠥᠷᠪᠡᠨ ᠠᠮᠢᠲᠠᠨ— ᠯᠤᠤ᠂ ᠮᠣᠭᠠᠢ᠂ ᠪᠠᠷᠰ᠂ ᠠᠷᠰᠯᠠᠨ ᠢ᠋ᠶ᠋ᠠᠷ ᠠᠯᠲᠠᠳᠠᠨ ᠬᠡᠬᠡᠯᠡᠵᠦ ᠭᠡᠷ ᠦ᠋ᠨ ᠮᠣᠳᠣ ᠶ᠋ᠢ ᠴᠢᠮᠡᠨ ᠲᠤᠯᠭᠠᠭᠤᠷᠢᠯᠠᠨ ᠵᠠᠭᠠᠵᠢ ᠪᠣᠰᠬᠠᠵᠠᠢ᠃
ᠬᠣᠢᠮᠣᠷ ᠨᠢ ᠬᠠᠭᠠᠨ ᠤ᠋ ᠠᠯᠲᠠ ᠮᠥᠩᠭᠥᠨ ᠲᠣᠨᠣᠭ ᠲᠠᠢ ᠰᠡᠨᠳᠡᠢ᠂ ᠬᠣᠶᠠᠷ ᠲᠡᠰᠢ ᠨᠢ ᠬᠠᠲᠤᠳ ᠶᠡᠬᠡᠰ ᠦ᠋ᠨ ᠲᠦᠰᠢᠯᠭᠡᠲᠡᠢ ᠰᠠᠭᠤᠳᠠᠯ᠂ ᠠᠷᠤ ᠲᠠᠯ᠎ᠠ ᠨᠢ ᠥᠨᠳᠥᠷ᠂ ᠤᠷᠤᠭᠰᠢᠯᠠᠬᠤ ᠲᠣᠰᠤᠮ ᠢ᠋ᠶ᠋ᠠᠨ ᠨᠠᠮᠰᠠᠬᠤ ᠰᠢᠷᠢᠮᠡᠯ ᠳᠡᠪᠢᠰᠬᠡᠷ ᠲᠡᠢ ᠵᠠᠪᠳᠤᠩ ᠰᠠᠭᠤᠳᠠᠯ ᠤ᠋ᠳ᠂ ᠡᠮᠦᠨ᠎ᠡ ᠪᠡᠨ ᠲᠤᠰ ᠪᠦᠷᠢ ᠳ᠋ᠡᠭᠡᠨ ᠶᠠᠪᠠᠭᠠᠨ ᠰᠢᠷᠡᠭᠡ ᠲᠡᠢ ᠠᠵᠤᠭᠤ᠃ ᠭᠡᠷ ᠦ᠋ᠨ ᠭᠠᠳᠠᠨ᠎ᠠ ᠲᠠᠯ᠎ᠠ ᠶ᠋ᠢ ᠳᠡᠰ ᠬᠠᠷ᠎ᠠ ᠭᠤᠷᠮᠤᠰᠤᠨ ᠬᠢᠯᠭᠠᠰᠤ ᠪᠠᠷ ᠵᠡᠬᠡᠭ ᠬᠣᠱᠣᠣ ᠲᠠᠯᠪᠢᠵᠤ᠂ ᠤᠷᠠᠯᠠᠭᠰᠠᠨ ᠨᠠᠷᠢᠨ ᠴᠠᠭᠠᠨ ᠢᠰᠡᠭᠡᠢ ᠪᠡᠷ ᠪᠦᠷᠢᠵᠦ᠂ ᠬᠢᠯᠭᠠᠰᠤᠨ ᠪᠦᠰᠡᠯᠡᠭᠦᠷ ᠢ᠋ᠶ᠋ᠡᠷ ᠪᠦᠰᠡᠯᠡᠭᠦᠷᠳᠡᠵᠦ᠂ ᠣᠭᠣᠰᠣᠷ ᠢ᠋ᠶ᠋ᠠᠷ ᠲᠠᠯ᠎ᠠ ᠪᠦᠷᠢ ᠳᠠᠰᠢ ᠨᠢ ᠲᠠᠲᠠᠵᠤ᠂ ᠦᠨᠳᠦᠰᠦᠨ ᠲᠣᠯᠣᠭᠠᠢ ᠲᠠᠢ ᠭᠠᠳᠠᠰᠤᠨ ᠳ᠋ᠤ᠌ ᠤᠶᠠᠵᠤ ᠪᠡᠬᠢᠯᠡᠭᠰᠡᠨ ᠠᠵᠤᠭᠤ᠃ ᠡᠢᠨᠬᠦ ᠭᠡᠷ ᠦ᠋ᠨ ᠪᠦᠬᠦᠢ ᠯᠡ ᠬᠡᠷᠡᠭᠰᠡᠯ ᠢ᠋ ᠠᠭᠤᠯᠠ ᠶ᠋ᠢᠨ ᠮᠣᠳᠣ᠂ ᠮᠠᠯ ᠤ᠋ᠨ ᠠᠷᠠᠰᠤ ᠰᠢᠷᠢ᠂ ᠤᠩᠭᠠᠰᠤ ᠨᠣᠣᠰᠣ ᠪᠠᠷ ᠪᠦᠲᠦᠭᠡᠵᠡᠢ᠃
ᠭᠡᠷ ᠦ᠋ᠨ ᠡᠮᠦᠨ᠎ᠡ ᠲᠤᠭ ᠤ᠋ᠨ ᠰᠠᠭᠤᠷᠢ᠂ ᠬᠠᠭᠠᠨ ᠵᠠᠯᠠᠷᠠᠬᠤ ᠳᠤᠭᠤᠢ ᠲᠠᠪᠴᠠᠩ ᠪᠠᠢᠭᠤᠯᠤᠭᠰᠠᠨ ᠪᠠᠢᠨ᠎ᠠ᠃ ᠬᠠᠭᠠᠨ ᠲᠡᠮᠦᠵᠢᠨ ᠦ᠌ ᠮᠡᠨᠳᠦᠯᠡᠭᠰᠡᠨ ᠡᠳᠦᠷ ᠦ᠋ᠨ ᠮᠣᠷᠢᠨ ᠴᠠᠭ ᠡᠬᠢᠯᠡᠬᠦ ᠯᠦ᠍ᠭᠡ ᠡᠮᠦᠨᠡᠬᠢ ᠶᠡᠬᠡᠰ ᠦ᠋ᠨ ᠥᠷᠥᠭᠡ ᠭᠡᠷ ᠦ᠋ᠳ ᠳᠤᠮᠳᠠ ᠠ᠋ᠴᠠ ᠬᠠᠭᠠᠨ ᠴᠢᠩᠭᠢᠰ ᠢ᠋ ᠴᠠᠭᠠᠨ ᠢᠰᠡᠭᠡᠢ ᠳᠡᠭᠡᠷ᠎ᠡ ᠶᠢᠰᠦᠨ ᠥᠷᠯᠥᠭ ᠪᠠᠭᠠᠲᠤᠷ ᠤ᠋ᠳ ᠨᠢ ᠰᠠᠭᠤᠯᠭᠠᠨ ᠵᠠᠯᠠᠵᠤ᠂ ᠬᠠᠲᠤᠳ᠂ ᠬᠥᠪᠡᠭᠦᠳ᠂ ᠥᠬᠢᠳ᠂ ᠳᠡᠭᠦᠦ ᠨᠠᠷ ᠨᠢ ᠳᠠᠭᠠᠯᠳᠤᠨ ᠢᠷᠡᠵᠦ ᠳᠤᠭᠤᠢ ᠲᠠᠪᠴᠠᠩ ᠳᠡᠭᠡᠷ᠎ᠡ ᠪᠠᠭᠤᠯᠭᠠᠵᠠᠢ᠂ ᠬᠦᠯᠦᠭ ᠪᠠᠭᠠᠲᠤᠷ ᠤ᠋ᠳ ᠠᠷᠤ ᠠ᠋ᠴᠠ ᠵᠢᠭᠰᠠᠵᠤ ᠰᠡᠯᠡᠮ᠎ᠡ ᠶ᠋ᠢᠨ ᠪᠠᠷᠢᠭᠤᠯ ᠢ᠋ ᠠᠳᠬᠤᠵᠤ ᠵᠣᠭᠰᠣᠯ᠎ᠠ᠃ ᠲᠤᠭ ᠡᠷᠭᠦᠵᠦ ᠢᠷᠡᠭᠰᠡᠳ ᠲᠡᠭᠦᠨ ᠢ᠋ ᠰᠠᠭᠤᠷᠢᠨ ᠳᠡᠭᠡᠷ᠎ᠡ ᠨᠢ ᠪᠠᠢᠷᠢᠯᠠᠭᠤᠯᠪᠠ᠃ ᠪᠤᠰᠤᠳ ᠳᠠᠭᠠᠭᠤᠯ ᠤ᠋ᠳ ᠲᠠᠪᠴᠠᠩ ᠳᠡᠭᠡᠷ᠎ᠡ ᠭᠠᠷᠤᠭᠰᠠᠨ ᠦᠭᠡᠢ᠂ ᠬᠣᠶᠠᠷ ᠬᠠᠵᠠᠭᠤ ᠪᠠᠷ ᠨᠢ ᠵᠣᠭᠰᠣᠨ᠎ᠠ᠃ ᠴᠢᠩᠭᠢᠰ ᠬᠠᠭᠠᠨ ᠠᠯᠲᠠᠨ ᠲᠣᠨᠣᠭ ᠲᠠᠢ ᠪᠦᠰᠡ ᠪᠡᠨ ᠲᠠᠢᠯᠵᠤ ᠬᠦᠵᠦᠭᠦᠨ ᠳᠡᠭᠡᠭᠦᠷ ᠢ᠋ᠶ᠋ᠡᠨ ᠳᠤᠬᠤᠨ ᠶᠡᠬᠡ ᠬᠡᠨᠲᠡᠢ᠂ ᠪᠤᠷᠬᠠᠨ ᠬᠠᠯᠳᠤᠨ ᠥᠭᠡᠳᠡ ᠬᠠᠷᠠᠵᠤ᠂ ᠭᠠᠷ ᠢ᠋ᠶ᠋ᠠᠨ ᠨᠠᠮᠠᠨᠴᠢᠯᠠᠨ ᠵᠠᠯᠪᠠᠷᠢᠵᠤ ᠭᠤᠷᠪᠠᠨᠲᠠ ᠰᠥᠭᠥᠳᠴᠦ ᠮᠥᠷᠭᠥᠭᠡᠳ ᠡᠷᠭᠢᠵᠦ ᠵᠡᠭᠦᠨ ᠭᠠᠷ ᠢ᠋ᠶ᠋ᠠᠨ ᠰᠡᠯᠡᠮ᠎ᠡ ᠶ᠋ᠢᠨ ᠡᠰᠢ ᠠᠳᠬᠤᠵᠤ ᠪᠠᠷᠠᠭᠤᠨ ᠭᠠᠷ ᠢ᠋ᠶ᠋ᠠᠨ ᠡᠷᠭᠦᠵᠦ ᠬᠤᠷᠠᠭᠰᠠᠨ ᠲᠦᠮᠡᠨ ᠢᠷᠭᠡᠳ ᠲᠡᠭᠡᠨ ᠬᠠᠨᠳᠤᠵᠤ᠄
— ᠮᠥᠩᠬᠡ ᠲᠩᠷᠢ ᠶ᠋ᠢᠨ ᠬᠦᠴᠦᠨ ᠳ᠋ᠦ᠍ᠷ\
ᠮᠥᠬᠥᠵᠦ ᠰᠠᠷᠨᠢᠭᠰᠠᠨ ᠤᠯᠤᠰ ᠮᠢᠨᠢ ᠨᠢᠭᠡᠳᠦᠯ᠎ᠡ ᠭᠡᠮᠡᠨ ᠦᠭᠡ ᠪᠡᠨ ᠡᠬᠢᠯᠡᠵᠦ ᠬᠣᠷᠢᠨ ᠲᠠᠪᠤᠨ ᠵᠢᠯ ᠦ᠋ᠨ ᠬᠤᠭᠤᠴᠠᠭᠠᠨ ᠳ᠋ᠤ᠌ ᠭᠤᠴᠢᠨ ᠲᠠᠪᠤᠨ ᠤᠳᠠᠭ᠎ᠠ ᠪᠠᠢᠯᠳᠤᠭᠠᠨ ᠲᠤᠯᠤᠯᠳᠤᠭᠠᠨ ᠬᠢᠵᠦ᠂ ᠨᠠᠶᠠᠨ ᠨᠢᠭᠡᠨ ᠤᠯᠤᠰ ᠠᠢᠮᠠᠭ ᠢ᠋ ᠳᠠᠭᠠᠭᠤᠯᠵᠤ᠂ ᠮᠢᠩᠭᠠᠨ ᠵᠢᠯ ᠦ᠋ᠨ ᠲᠡᠷᠲᠡᠭᠡ ᠮᠠᠨᠳᠤᠵᠤ ᠪᠠᠢᠭᠰᠠᠨ ᠾᠦᠩ ᠶᠡᠬᠡ ᠭᠦᠷᠦᠨ ᠦ᠌ ᠰᠠᠭᠤᠷᠢᠨ ᠳᠡᠭᠡᠷ᠎ᠡ ᠡᠨᠡ ᠶᠡᠬᠡ ᠤᠯᠤᠰ ᠢ᠋ ᠪᠠᠢᠭᠤᠯᠤᠭᠰᠠᠨ ᠲᠤᠬᠠᠢ᠂ ᠡᠨᠡ ᠶᠡᠬᠡ ᠨᠠᠷᠮᠠᠢ ᠤᠯᠤᠰ ᠢ᠋ ᠪᠠᠢᠭᠤᠯᠬᠤ ᠳ᠋ᠤ᠌ ᠣᠯᠠᠨ ᠭᠠᠷᠮᠠᠭᠠᠢ ᠵᠠᠩᠵᠤᠨ᠂ ᠵᠠᠭᠤ ᠮᠢᠩᠭᠠᠨ ᠪᠠᠭᠠᠲᠤᠷ ᠤ᠋ᠳ ᠲᠣᠳᠣᠷᠠᠵᠤ᠂ ᠲᠦᠮᠡ ᠮᠢᠩᠭᠠᠨ ᠡᠷᠡᠯᠬᠡᠭ ᠳᠠᠢᠴᠢᠳ ᠠᠮᠢ ᠪᠠᠨ ᠠᠯᠳᠠᠭᠰᠠᠨ ᠢ᠋ ᠬᠠᠷᠠᠮᠰᠠᠨ ᠳᠤᠷᠠᠳᠴᠤ᠂ ᠡᠳᠦᠭᠡ ᠡᠪ ᠡᠶ᠎ᠡ ᠬᠢᠴᠢᠶᠡᠵᠦ ᠡᠨᠡ ᠶᠡᠬᠡ ᠤᠯᠤᠰ ᠭᠦᠷᠦᠨ ᠢ᠋ᠶ᠋ᠡᠨ ᠡᠭᠦᠷᠢᠳᠡ ᠰᠠᠬᠢᠨ《ᠮᠥᠩᠬᠡ ᠶ᠋ᠢᠨ ᠭᠠᠯ ᠢ᠋ᠶ᠋ᠠᠨ ᠠᠰᠠᠭᠠᠵᠤ ᠲᠣᠭᠣᠷᠢᠭᠰᠠᠨ ᠡᠨᠡ ᠤᠯᠤᠰ ᠢ᠋ ᠡᠭᠦᠨ ᠡᠴᠡ ᠬᠣᠢᠰᠢ ᠶᠡᠬᠡ ᠮᠣᠩᠭᠣᠯ ᠤᠯᠤᠰ ᠬᠡᠮᠡᠲᠦᠭᠡᠢ !》 ᠭᠡᠪᠡᠰᠦ ᠪᠦᠬᠦ ᠢᠷᠭᠡᠳ ᠬᠤᠷᠤᠢᠯᠠᠨ ᠤᠷᠢᠶ᠎ᠠ ᠬᠠᠰᠬᠢᠷᠴᠤ ᠳᠠᠭᠤᠯᠠᠨ ᠪᠥᠵᠢᠭᠯᠡᠵᠡᠭᠡᠬᠦ ᠠᠵᠤᠭᠤ᠃ ᠬᠠᠭᠠᠨ ᠢ᠋ᠶ᠋ᠠᠷ ᠪᠠᠷᠠᠭᠤᠨ ᠭᠠᠷ ᠢ᠋ᠶ᠋ᠠᠨ ᠡᠷᠭᠦᠵᠦ᠄
ᠠᠯᠲᠠ ᠪᠡᠶ᠎ᠡ ᠠᠮᠤᠰ ᠬᠡᠮᠡᠪᠡᠰᠦ
ᠠᠬᠤ ᠲᠥᠷᠥ ᠮᠢᠨᠢ ᠠᠯᠳᠠᠷᠠᠭᠤᠵᠠᠢ?
ᠪᠦᠲᠦᠨ ᠪᠡᠶ᠎ᠡ ᠮᠢᠨᠢ ᠠᠮᠤᠰ ᠬᠡᠮᠡᠪᠡᠰᠦ
ᠪᠦᠷᠢᠨ ᠤᠯᠤᠰ ᠮᠢᠨᠢ ᠰᠠᠨᠳᠤᠷᠤᠭᠤᠵᠠᠢ?
ᠠᠯᠲᠠ ᠪᠡᠶ᠎ᠡ ᠮᠢᠨᠢ ᠠᠯᠵᠢᠶᠠᠪᠠᠰᠤ ᠠᠯᠵᠢᠶᠠᠲᠤᠭᠠᠢ
ᠠᠬᠤ ᠲᠥᠷᠥ ᠮᠢᠨᠢ ᠪᠤᠤ ᠠᠯᠵᠢᠶᠠᠲᠤᠭᠠᠢ
ᠪᠦᠲᠦᠨ ᠪᠡᠶ᠎ᠡ ᠮᠢᠨᠢ ᠵᠣᠪᠠᠪᠠᠰᠤ ᠵᠣᠪᠠᠲᠤᠭᠠᠢ
ᠪᠦᠷᠢᠨ ᠤᠯᠤᠰ ᠮᠢᠨᠢ ᠪᠦᠦ ᠰᠠᠨᠳᠤᠷᠲᠤᠭᠠᠢ ᠭᠡᠮᠡᠨ ᠠᠢᠯᠠᠳᠤᠭᠠᠳ᠄
— ᠪᠢᠴᠢᠭ ᠦ᠋ᠨ ᠲᠦᠰᠢᠮᠡᠯ ᠲᠠᠲᠠᠲᠤᠩᠭ᠎ᠠ ᠨᠠᠭᠠᠰᠢ ᠭᠠᠷᠴᠤ ᠢᠷᠡᠵᠦ ᠮᠢᠨᠦ ᠲᠥᠷᠥ ᠶ᠋ᠢᠨ ᠬᠠᠰᠪᠤᠤ ᠲᠠᠮᠠᠭ᠎ᠠ ᠶ᠋ᠢ ᠢᠷᠭᠡᠨ ᠲᠦᠮᠡᠨ ᠳ᠋ᠦ᠍ ᠦᠵᠡᠭᠦᠯ ᠬᠡᠮᠡᠪᠡᠰᠦ ᠲᠠᠲᠠᠲᠤᠩᠭ᠎ᠠ ᠳᠥᠷᠪᠡᠯᠵᠢᠨ ᠬᠡᠯᠪᠡᠷᠢ ᠶ᠋ᠢᠨ ᠮᠥᠩᠭᠥᠨ ᠬᠠᠢᠷᠴᠠᠭ ᠤ᠋ᠨ ᠲᠠᠭ ᠢ᠋ ᠨᠡᠭᠡᠭᠡᠵᠦ ᠳᠣᠲᠣᠷ᠎ᠠ ᠠ᠋ᠴᠠ ᠨᠢ ᠬᠠᠮᠢᠭᠠᠰᠢ ᠬᠠᠮᠢᠭᠠᠰᠢ ᠪᠠᠨ ᠭᠤᠷᠪᠠᠨ ᠨᠤᠭᠤᠯᠤᠭ᠎ᠠ ᠡᠷᠡᠬᠡᠢ ᠬᠤᠷᠤᠭᠤᠨ ᠤ᠋ ᠬᠡᠮᠵᠢᠶᠡᠲᠡᠢ ᠬᠠᠰ ᠴᠢᠯᠠᠭᠤᠨ ᠳᠡᠭᠡᠷ᠎ᠡ ᠰᠡᠢᠯᠦᠭᠰᠡᠨ ᠪᠢᠴᠢᠭ ᠪᠦᠬᠦᠢ ᠬᠠᠭᠠᠨ ᠲᠠᠮᠠᠭ᠎ᠠ ᠶ᠋ᠢ ᠴᠠᠭᠠᠨ ᠴᠠᠭᠠᠰᠤᠨ ᠳᠡᠭᠡᠷ᠎ᠡ ᠬᠠᠷ᠎ᠠ ᠪᠡᠬᠡ ᠪᠡᠷ ᠳᠠᠷᠤᠵᠤ ᠥᠭᠡᠳᠡ ᠡᠷᠭᠦᠨ᠄《ᠮᠥᠩᠬᠡ ᠲᠩᠷᠢ ᠶ᠋ᠢᠨ ᠬᠦᠴᠦᠨ ᠳ᠋ᠦ᠍ᠷ ᠶᠡᠬᠡ ᠮᠣᠩᠭᠣᠯ ᠤᠯᠤᠰ ᠤ᠋ᠨ ᠳᠠᠯᠠᠢ ᠬᠠᠭᠠᠨ ᠤ᠋ ᠵᠠᠷᠯᠢᠭ᠃ ᠡᠯ᠎ᠡ ᠪᠣᠯᠬᠤ ᠢᠷᠭᠡᠨ ᠳ᠋ᠦ᠍ᠷ ᠬᠦᠷᠪᠡᠰᠦ ᠠᠶᠤᠲᠤᠭᠠᠢ! ᠪᠢᠰᠢᠷᠡᠲᠦᠭᠡᠢ!》 ᠭᠡᠮᠡᠨ ᠥᠨᠳᠥᠷ ᠳᠠᠭᠤ ᠪᠠᠷ ᠤᠩᠰᠢᠨ ᠰᠣᠨᠣᠰᠬᠠᠭᠠᠳ᠄
— ᠡᠨᠡᠬᠦ ᠳᠠᠯᠠᠢ ᠶᠡᠬᠡ ᠬᠠᠭᠠᠨ ᠤ᠋ ᠲᠠᠮᠠᠭ᠎ᠠ ᠶ᠋ᠢᠨ ᠳᠠᠷᠤᠳᠠᠰᠤ ᠶ᠋ᠢ ᠠᠷᠪᠠ ᠳᠠᠬᠢᠨ ᠲᠣᠮᠣᠷᠠᠭᠤᠯᠵᠤ ᠨᠠᠷᠠᠰᠤ ᠮᠣᠳᠣᠨ ᠤ᠋ ᠨᠢᠭᠤᠷ ᠳᠡᠭᠡᠷ᠎ᠡ ᠰᠡᠢᠯᠦᠭᠰᠡᠨ ᠪᠠᠭᠠᠨ᠎ᠠ ᠶ᠋ᠢ ᠲᠦᠮᠡᠨ ᠣᠯᠠᠨ ᠢᠷᠭᠡᠨ ᠦ᠌ ᠴᠤᠭᠯᠠᠷᠠᠭᠰᠠᠨ ᠲᠠᠯᠠᠪᠠᠢ ᠶ᠋ᠢᠨ ᠭᠣᠣᠯ ᠳ᠋ᠤ᠌ ᠰᠠᠭᠤᠯᠭᠠᠵᠤ ᠲᠠᠨᠢᠯᠴᠠᠭᠤᠯᠤᠨ᠎ᠠ᠃ ᠬᠠᠭᠠᠨ ᠤ᠋ ᠬᠠᠰᠪᠤᠤ ᠲᠠᠮᠠᠭ᠎ᠠ ᠶ᠋ᠢᠨ ᠡᠮᠦᠨ᠎ᠡ ᠰᠥᠭᠥᠳᠴᠦ ᠮᠡᠳᠡᠲᠦᠭᠡᠢ! ᠲᠠᠨᠢᠲᠤᠭᠠᠢ! ᠭᠡᠵᠦ ᠪᠢᠴᠢᠭ ᠦ᠋ᠨ ᠲᠦᠰᠢᠮᠡᠯ ᠬᠡᠯᠡᠯ᠎ᠡ᠃
ᠬᠠᠭᠠᠨ ᠢ᠋ᠶ᠋ᠠᠷ ᠲᠠᠪᠴᠠᠩ ᠠ᠋ᠴᠠ ᠪᠠᠭᠤᠵᠤ ᠶᠡᠬᠡ ᠥᠷᠥᠭᠡ ᠤᠷᠤᠭᠤ ᠳᠠᠭᠠᠯᠳᠤᠬᠤ ᠬᠥᠮᠦᠰ ᠦ᠋ᠨ ᠬᠠᠮᠲᠤ ᠣᠷᠣᠵᠤ ᠰᠠᠭᠤᠳᠠᠯ ᠢ᠋ᠶ᠋ᠠᠨ ᠡᠵᠡᠯᠡᠵᠡᠭᠡᠬᠦ ᠠᠪᠠᠢ᠃ ᠰᠥᠩᠴᠢ ᠪᠠᠭᠤᠷᠴᠢᠳ ᠠᠢᠷᠠᠭ ᠴᠠᠭ᠎ᠠ ᠠᠶᠠᠭᠠᠯᠠᠵᠤ ᠵᠣᠭᠣᠭ ᠰᠢᠭᠦᠰᠦ ᠡᠵᠡᠳ ᠲᠡᠭᠡᠨ ᠪᠠᠷᠢᠵᠤ ᠲᠦᠭᠡᠭᠡᠨ ᠬᠦᠷᠭᠡᠪᠡᠰᠦ ᠬᠠᠭᠠᠨ ᠰᠠᠭᠤᠳᠠᠯ ᠢ᠋ᠶ᠋ᠠᠨ ᠵᠠᠰᠠᠵᠤ᠄
— ᠡᠨᠳᠡ ᠬᠤᠷᠠᠨ ᠴᠤᠭᠯᠠᠭᠰᠠᠨ ᠮᠢᠨᠦ ᠣᠯᠠᠨ ᠰᠠᠢᠨ ᠨᠥᠬᠥᠳ᠂ ᠵᠠᠩᠵᠤᠨ ᠪᠠᠭᠠᠲᠤᠷ ᠤ᠋ᠳ᠂ ᠡᠵᠢ᠂ ᠬᠠᠲᠤᠳ᠂ ᠦᠷ᠎ᠡ ᠬᠡᠦᠬᠡᠳ᠂ ᠠᠬᠠᠨ ᠲᠡᠭᠦᠦᠰ᠂ ᠣᠯᠠᠨ ᠨᠣᠶᠠᠳ᠂ ᠮᠢᠨᠦ ᠪᠦᠬᠦ ᠬᠠᠷᠢᠶᠠᠲᠤ ᠠᠯᠪᠠᠲᠤ ᠢᠷᠭᠡᠳ ᠲᠠ ᠪᠦᠬᠦᠨ ᠦ᠌ ᠬᠦᠴᠦᠨ ᠵᠢᠳᠬᠦᠯ ᠢ᠋ᠶ᠋ᠡᠷ ᠶᠡᠬᠡ ᠮᠣᠩᠭᠣᠯ ᠤᠯᠤᠰ ᠪᠠᠢᠭᠤᠯᠤᠭᠳᠠᠯ᠎ᠠ᠃ ᠮᠣᠷᠢ ᠪᠠᠨ ᠤᠨᠤᠭᠠᠳ ᠳᠠᠢᠰᠤᠨ ᠡᠲᠡᠭᠡᠳ ᠢ᠋ ᠨᠣᠮᠣᠬᠠᠳᠬᠠᠵᠠᠢ᠂ ᠬᠣᠷᠢᠶᠠᠨ ᠴᠤᠭᠯᠠᠭᠤᠯᠬᠤ ᠨᠢ ᠲᠡᠢᠮᠦ ᠴᠦ᠍ ᠬᠡᠴᠡᠭᠦᠦ ᠪᠤᠰᠤ ᠶᠤᠮ᠃ ᠬᠠᠷᠢᠨ ᠮᠣᠷᠢᠨ ᠠ᠋ᠴᠠ ᠪᠠᠨ ᠪᠠᠭᠤᠭᠠᠳ ᠲᠥᠷᠥ ᠶ᠋ᠢ ᠡᠮᠬᠢᠯᠡᠬᠦ ᠬᠡᠴᠡᠭᠦᠦ᠃
ᠡᠳᠦᠭᠡ ᠲᠠ ᠪᠢᠳᠡ ᠮᠣᠩᠭᠣᠯ ᠤᠯᠤᠰ ᠢ᠋ ᠤᠯᠤᠰ ᠤ᠋ᠨ ᠳᠠᠢᠲᠠᠢ ᠤᠯᠤᠰ ᠪᠣᠯᠭᠠᠨ ᠳᠥᠷᠪᠡᠨ ᠵᠦᠭ ᠨᠠᠢ᠍ᠮᠠᠨ ᠵᠣᠪᠬᠢᠰ ᠤ᠋ᠨ ᠶᠠᠮᠠᠷ ᠴᠦ᠍ ᠶᠡᠬᠡ ᠪᠠᠭ᠎ᠠ ᠤᠯᠤᠰ ᠲᠠᠢ ᠬᠠᠷᠢᠯᠴᠠᠵᠤ ᠴᠢᠳᠠᠳᠠᠭ᠂ ᠬᠡᠨ ᠦ᠌ ᠡᠮᠦᠨ᠎ᠡ ᠲᠣᠯᠣᠭᠠᠢ ᠭᠣᠳᠣᠢᠬᠤ ᠦᠭᠡᠢ ᠤᠯᠤᠰ ᠪᠣᠯᠭᠠᠬᠤ ᠶᠣᠰᠣ ᠲᠠᠢ᠃ ᠡᠭᠦᠨ ᠦ᠌ ᠲᠤᠯᠠ ᠬᠡᠯᠡᠯᠴᠡᠵᠦ ᠬᠤᠷᠠᠯᠳᠤᠵᠤ ᠲᠣᠭᠲᠠᠭᠠᠬᠤ ᠴᠠᠭᠠᠵᠠ᠂ ᠲᠢᠭ ᠶᠣᠰᠣ ᠲᠤᠩ ᠶᠡᠬᠡ ᠪᠠᠢᠨ᠎ᠠ᠃ ᠮᠢᠨᠦ ᠡᠷᠬᠢᠮ ᠰᠠᠢᠨ ᠪᠢᠴᠢᠭ ᠦ᠋ᠨ ᠲᠦᠰᠢᠮᠡᠯ ᠶᠸᠯᠢᠦᠢ ᠴᠦᠼᠠᠢ᠂ᠲᠠᠲᠠᠲᠤᠩᠭ᠎ᠠ ᠨᠠᠷ ᠨᠠᠳᠠ ᠶᠡᠬᠡ ᠶ᠋ᠢ ᠰᠠᠨᠠᠭᠤᠯᠵᠤ᠂ ᠮᠡᠳᠡᠭᠦᠯᠵᠦ ᠪᠠᠢᠨ᠎ᠠ᠃ ᠡᠳᠦᠭᠡ ᠴᠠᠭ ᠲᠤ ᠠᠯᠢᠪᠠ ᠶᠡᠬᠡ ᠪᠠᠭ᠎ᠠ ᠤᠯᠤᠰ ᠪᠢᠴᠢᠭ ᠰᠤᠳᠤᠷ ᠦᠭᠡᠢ ᠪᠡᠷ ᠤᠯᠤᠰ ᠢ᠋ ᠤᠳᠤᠷᠢᠳᠬᠤ ᠠᠷᠭ᠎ᠠ ᠦᠭᠡᠢ᠃ ᠨᠢᠳᠤᠨᠤᠨ ᠵᠢᠯ ᠨᠠᠢ᠍ᠮᠠᠨ ᠢ᠋ ᠮᠥᠬᠥᠭᠡᠵᠦ ᠡᠵᠡᠯᠡᠬᠦ ᠳ᠋ᠦ᠍ ᠡᠨᠡ ᠪᠢᠴᠢᠭ ᠦ᠋ᠨ ᠬᠥᠮᠦᠨ ᠲᠠᠲᠠᠲᠤᠩᠭ᠎ᠠ ᠶ᠋ᠢ ᠣᠯᠵᠠᠯᠠᠵᠠᠢ᠂ ᠤᠯᠤᠰ ᠤ᠋ᠨ ᠪᠠᠭᠰᠢ ᠪᠣᠯᠭᠠᠨ ᠮᠢᠨᠦ ᠦᠷ᠎ᠡ ᠬᠡᠦᠬᠡᠳ᠂ ᠳᠡᠭᠦᠦ ᠨᠠᠷ᠂ ᠨᠣᠶᠠᠳ ᠤ᠋ᠨ ᠣᠯᠠᠨ ᠬᠥᠪᠡᠭᠦᠳ ᠪᠢᠴᠢᠭ ᠦᠰᠦᠭ ᠲᠦ᠍ ᠰᠤᠷᠤᠯᠴᠠᠵᠤ᠂ ᠶᠡᠬᠡ ᠰᠠᠢᠨ ᠪᠣᠯᠪᠠᠰᠤᠷᠠᠵᠤ ᠪᠠᠢᠨ᠎ᠠ ᠭᠡᠨ᠎ᠡ᠃ ᠢᠩᠭᠢᠬᠦᠯᠡᠷ ᠬᠡᠨ ᠪᠣᠯᠪᠠᠴᠤ ᠰᠤᠷᠤᠯᠴᠠᠵᠤ ᠪᠣᠯᠬᠤ ᠶᠤᠮ ᠪᠠᠢᠨ᠎ᠠ᠃
ᠬᠠᠷᠢᠨ ᠰᠠᠢᠨ ᠳᠣᠲᠣᠷ᠎ᠠ ᠢᠯᠡᠭᠦᠦ ᠰᠠᠢᠨ ᠪᠣᠢ ᠭᠡᠨ᠎ᠡ᠃ ᠲᠡᠷᠡ ᠰᠢᠯᠢᠳᠡᠭ ᠰᠠᠢᠨ ᠨᠢ ᠮᠠᠨ ᠤ᠋ ᠰᠢᠭᠢᠬᠤᠲᠤᠭ ᠶᠤᠮ ᠭᠡᠨ᠎ᠡ᠃ ᠪᠢ ᠰᠢᠭᠢᠬᠤᠲᠤᠭ ᠲᠤ ᠬᠤᠷᠠᠯᠲᠠᠢ ᠪᠠᠷ ᠬᠡᠯᠡᠯᠴᠡᠵᠦ ᠲᠣᠭᠲᠠᠭᠰᠠᠨ ᠶᠣᠰᠣ ᠳᠦᠷᠢᠮ᠂ ᠮᠢᠨᠦ ᠲᠣᠭᠲᠠᠭᠠᠭᠰᠠᠨ ᠴᠠᠭᠠᠵᠠ ᠬᠠᠤᠯᠢ ᠶ᠋ᠢ ᠪᠢᠴᠢᠵᠦ ᠬᠠᠳᠠᠭᠠᠯᠠᠵᠤ ᠶᠣᠰᠣᠴᠢᠯᠠᠨ ᠪᠡᠶᠡᠯᠡᠭᠦᠯᠬᠦ ᠲᠤᠰᠢᠶᠠᠯ ᠥᠭᠴᠦ ᠪᠠᠢᠨ᠎ᠠ᠃ ᠡᠭᠦᠨ ᠦ᠌ ᠲᠤᠯᠠ ᠰᠢᠭᠢᠬᠤᠲᠤᠭ ᠢ᠋ ᠤᠯᠤᠰ ᠤ᠋ᠨ ᠳᠡᠭᠡᠳᠦ ᠵᠠᠷᠭᠤᠴᠢ ᠪᠠᠷ ᠲᠣᠮᠢᠯᠠᠵᠤ᠂ ᠰᠠᠢᠰᠢᠶᠠᠬᠤ ᠶᠣᠰᠣ ᠲᠠᠢ ᠶ᠋ᠢ ᠰᠠᠢᠰᠢᠶᠠᠵᠤ᠂ ᠪᠠᠭᠠᠯᠠᠬᠤ ᠶᠣᠰᠣ ᠲᠠᠢ ᠶ᠋ᠢ ᠪᠠᠭᠠᠯᠠᠵᠤ᠂ ᠲᠡᠷᠡ ᠴᠦ᠍ ᠪᠠᠢᠲᠤᠭᠠᠢ ᠦᠬᠦᠭᠦᠯᠵᠦ ᠪᠠᠢᠬᠤ ᠶᠣᠰᠣ ᠲᠠᠢ ᠶ᠋ᠢ ᠦᠬᠦᠭᠦᠯᠵᠦ ᠪᠠᠢᠬᠤ ᠡᠷᠬᠡ ᠮᠠᠲᠠᠯ ᠣᠯᠭᠣᠪᠠ᠃ ᠰᠢᠭᠢᠬᠤᠲᠤᠭ ᠬᠠᠮᠤᠭ ᠤ᠋ᠨ ᠰᠢᠳᠤᠷᠭᠤ᠂ ᠦᠨᠡᠨ ᠵᠥᠪ ᠢ᠋ ᠣᠯᠳᠠᠭ ᠬᠥᠮᠦᠨ ᠪᠠᠢᠪᠠᠯ ᠵᠣᠬᠢᠨ᠎ᠠ ᠬᠡᠮᠡᠪᠡᠰᠦ᠂ ᠰᠢᠭᠢᠬᠤᠲᠤᠭ ᠪᠣᠰᠴᠤ ᠬᠠᠭᠠᠨ ᠤ᠋ ᠡᠮᠦᠨ᠎ᠡ ᠣᠴᠢᠵᠤ ᠰᠥᠭᠥᠳᠦᠨ᠄
— ᠡᠵᠡᠨ ᠴᠢᠩᠭᠢᠰ ᠬᠠᠭᠠᠨ ᠤ᠋ ᠵᠠᠷᠯᠢᠭ ᠢ᠋ ᠶᠣᠰᠣᠴᠢᠯᠠᠨ ᠳᠠᠭᠠᠶ᠎ᠠ ᠭᠡᠮᠡᠨ ᠠᠨᠳᠠᠭᠠᠢᠯᠠᠭᠠᠳ ᠡᠷᠭᠢᠵᠦ ᠰᠠᠭᠤᠳᠠᠯ ᠳ᠋ᠠᠭᠠᠨ ᠰᠠᠭᠤᠪᠠ᠃ ᠬᠠᠭᠠᠨ ᠢ᠋ᠶ᠋ᠠᠷ ᠲᠡᠭᠦᠨ ᠦ᠌ ᠠᠯᠬᠤᠬᠤ ᠭᠢᠰᠬᠢᠬᠦ ᠶ᠋ᠢ ᠠᠵᠢᠨ ᠬᠠᠷᠠᠵᠤ ᠢᠨᠢᠶᠡᠮᠰᠦᠭᠯᠡᠬᠦ ᠠᠵᠢ᠃
ᠡᠨᠡ ᠬᠣᠷᠣᠮ ᠳ᠋ᠤ᠌ ᠰᠥᠩᠴᠢ ᠨᠠᠷ ᠤ᠋ᠨ ᠬᠠᠵᠠᠭᠤ ᠪᠠᠷ ᠭᠠᠷᠴᠤ ᠢᠷᠡᠭᠡᠳ ᠪᠠᠢᠭᠰᠠᠨ ᠪᠡᠯᠭᠦᠳᠡᠢ ᠳᠣᠬᠢᠶ᠎ᠠ ᠥᠭᠴᠦ ᠪᠦᠵᠢᠭᠴᠢᠳ ᠦᠰᠦᠷᠦᠯᠳᠦᠨ ᠭᠠᠷᠴᠤ ᠢᠷᠡᠵᠦ ᠪᠥᠵᠢᠭᠯᠡᠬᠦᠢ ᠬᠠᠭᠠᠨ ᠢ᠋ᠶ᠋ᠠᠷ ᠶᠡᠬᠡ ᠬᠥᠭᠵᠢᠶᠡᠨ ᠲᠡᠢ ᠢᠨᠢᠶᠡᠵᠦ ᠥᠭᠦᠯᠡᠷᠦᠨ《ᠮᠠᠨ ᠤ᠋ ᠡᠷ᠎ᠡ ᠠᠮᠵᠢᠭᠠᠳ ᠲᠡᠨᠳᠡ ᠶᠠᠪᠤᠵᠤ ᠪᠠᠢᠨ᠎ᠠ》 ᠭᠡᠰᠡᠨ ᠪᠠᠢᠵᠠᠢ᠃ ᠲᠦᠳᠡᠯ ᠦᠭᠡᠢ ᠬᠠᠭᠠᠨ ᠢ᠋ᠶ᠋ᠠᠷ᠄
— ᠪᠡᠯᠭᠦᠳᠡᠢ ᠰᠠᠭᠤᠳᠠᠯ ᠳ᠋ᠠᠭᠠᠨ ᠰᠠᠭᠤ ᠬᠡᠮᠡᠪᠡ᠃ ᠪᠡᠯᠭᠦᠳᠡᠢ ᠪᠣᠯ ᠬᠤᠷᠢᠮ ᠨᠠᠢᠷ ᠤᠳᠤᠷᠢᠳᠬᠤ ᠳᠤᠷᠠᠲᠠᠢ᠂ ᠤᠷᠠᠨ ᠬᠣᠱᠣᠩ ᠦᠭᠡ ᠲᠡᠢ᠂ ᠪᠦᠬᠦᠨ ᠢ᠋ ᠬᠥᠭᠵᠢᠭᠡᠵᠦ ᠪᠠᠢᠬᠤ ᠪᠥᠯᠥᠭᠡ᠃ ᠤᠷᠢᠳᠠ ᠲᠠᠲ᠋ᠠᠷ ᠤ᠋ᠳ ᠢ᠋ ᠴᠣᠬᠢᠵᠤ ᠡᠵᠡᠯᠡᠬᠦ ᠦᠶ᠎ᠡ ᠳ᠋ᠦ᠍ ᠬᠤᠷᠠᠯᠳᠠᠢ ᠶ᠋ᠢᠨ ᠨᠢᠭᠤᠴᠠ ᠠᠯᠳᠠᠭᠰᠠᠨ ᠬᠡᠷᠡᠭ ᠢ᠋ᠶ᠋ᠡᠷ《ᠪᠡᠯᠭᠦᠳᠡᠢ ᠶ᠋ᠢ ᠬᠤᠷᠠᠯᠳᠠᠢ ᠳ᠋ᠤ᠌ ᠰᠠᠭᠤᠬᠤ ᠡᠷᠬᠡ ᠶ᠋ᠢ ᠨᠢ ᠬᠠᠰᠤᠯ᠎ᠠ᠃ ᠬᠤᠷᠠᠯᠳᠠᠢ ᠶ᠋ᠢᠨ ᠦᠶ᠎ᠡ ᠪᠡᠷ ᠭᠠᠳᠠᠭᠤᠷᠬᠢ ᠠᠵᠢᠯ ᠢ᠋ ᠡᠷᠬᠢᠯᠡᠨ ᠶᠠᠪᠤᠭᠤᠯᠵᠤ ᠬᠤᠷᠠᠯᠳᠠᠢ ᠳᠠᠭᠤᠰᠤᠭᠰᠠᠨ ᠤ᠋ ᠳᠠᠷᠠᠭ᠎ᠠ ᠤᠤᠭᠤᠵᠤ ᠢᠳᠡᠬᠦ ᠬᠡᠰᠢᠭ ᠲᠦ᠍ ᠣᠷᠣᠵᠤ ᠪᠠᠢ》 ᠭᠡᠰᠡᠨ ᠬᠠᠭᠠᠨ ᠤ᠋ ᠵᠠᠷᠯᠢᠭ ᠭᠠᠷᠤᠭᠰᠠᠨ ᠪᠣᠯᠪᠠᠴᠤ ᠲᠡᠷᠡ ᠤᠳᠠᠭᠠᠨ ᠦᠢᠯᠡᠴᠢᠯᠡᠭᠡ ᠦᠭᠡᠢ᠂ ᠪᠡᠯᠭᠦᠳᠡᠢ ᠬᠤᠷᠠᠯᠳᠠᠢ ᠳ᠋ᠤ᠌ ᠣᠷᠣᠯᠴᠠᠬᠤ ᠪᠣᠯᠤᠭᠰᠠᠨ ᠠᠵᠤᠭᠤ᠃
ᠬᠠᠭᠠᠨ ᠪᠠᠷᠠᠭᠤᠨ ᠭᠠᠷ ᠢ᠋ᠶ᠋ᠠᠨ ᠳᠡᠭᠡᠭᠰᠢ ᠡᠷᠭᠦᠮᠡᠭᠴᠡ ᠪᠦᠵᠢᠭᠴᠢᠳ ᠪᠤᠴᠠᠨ ᠭᠦᠶᠦᠯᠳᠦᠵᠦ᠂ ᠪᠦᠬᠦ ᠴᠢᠮᠡᠭᠡ ᠱᠤᠤᠭᠢᠶᠠᠨ ᠨᠠᠮ ᠪᠤᠯᠬᠤᠢ ᠯᠤᠭ᠎ᠠ᠄
— ᠰᠣᠨᠣᠰᠤᠭᠲᠤᠨ! ᠮᠢᠨᠦ ᠵᠠᠷᠯᠢᠭ! ᠠᠯᠢᠪᠠ ᠲᠥᠷᠥ ᠤᠯᠤᠰ ᠳᠣᠲᠣᠷ᠎ᠠ ᠪᠠᠨ ᠨᠠᠷᠢᠨ ᠬᠤᠪᠢᠶᠠᠷᠢ ᠳᠢᠭᠯᠢᠮ ᠲᠡᠢ ᠪᠠᠢᠳᠠᠭ ᠪᠠᠢᠨ᠎ᠠ᠃ ᠮᠠᠨ ᠤ᠋ ᠡᠪᠦᠭᠡ ᠳᠡᠭᠡᠳᠦ ᠤᠯᠤᠰ ᠮᠥᠨ ᠲᠡᠢᠮᠦ ᠪᠠᠢᠵᠠᠢ᠃ ᠡᠳᠦᠭᠡ ᠪᠢᠳᠡ ᠠᠷᠪᠠᠲᠤ᠂ ᠵᠠᠭᠤᠲᠤ ᠭᠡᠰᠡᠨ ᠴᠡᠷᠢᠭ ᠦ᠋ᠨ ᠬᠤᠪᠢᠶᠠᠷᠢ ᠲᠠᠢ ᠪᠠᠢᠭ᠎ᠠ᠃ ᠤᠯᠤᠰ ᠪᠣᠯ ᠳᠠᠩ ᠴᠡᠷᠢᠭ ᠪᠢᠰᠢ᠂ ᠢᠷᠭᠡᠨ᠂ ᠴᠡᠷᠢᠭ ᠡᠴᠡ ᠪᠦᠷᠢᠳᠦᠨ᠎ᠡ᠃ ᠡᠢᠮᠦ ᠳ᠋ᠦ᠍ ᠢᠷᠭᠡᠨ ᠴᠡᠷᠢᠭ ᠦ᠋ᠨ ᠠᠷᠪᠠᠲᠤ᠂ ᠵᠠᠭᠤᠲᠤ᠂ ᠮᠢᠩᠭᠠᠲᠤ᠂ ᠲᠦᠮᠡᠲᠦ ᠳ᠋ᠦ᠍ ᠬᠤᠪᠢᠶᠠᠵᠤ ᠪᠢ ᠮᠢᠩᠭᠠᠲᠤ ᠶ᠋ᠢᠨ ᠨᠣᠶᠠᠳ ᠵᠠᠬᠢᠷᠤᠭᠴᠢᠳ ᠢ᠋ ᠲᠣᠮᠢᠯᠠᠨ᠎ᠠ᠃ ᠮᠢᠩᠭᠠᠲᠤ ᠶ᠋ᠢᠨ ᠳᠠᠷᠤᠭ᠎ᠠ ᠵᠠᠭᠤᠲᠤ ᠪᠠᠨ᠂ ᠵᠠᠭᠤᠲᠤ ᠶ᠋ᠢᠨ ᠳᠠᠷᠤᠭ᠎ᠠ ᠨᠠᠷ ᠠᠷᠪᠠᠲᠤ ᠪᠠᠨ ᠮᠡᠳᠡᠵᠦ ᠲᠣᠮᠢᠯᠠᠨ᠎ᠠ᠃ ᠠᠷᠪᠠᠲᠤ᠂ ᠵᠠᠭᠤᠲᠤ᠂ ᠮᠢᠩᠭᠠᠲᠤ ᠠ᠋ᠴᠠ ᠬᠡᠨ ᠪᠣᠯᠪᠠᠴᠤ ᠳᠤᠷ᠎ᠠ ᠪᠠᠷ ᠰᠢᠯᠵᠢᠵᠦ ᠰᠢᠯᠵᠢᠭᠦᠯᠬᠦ ᠶ᠋ᠢ ᠬᠠᠲᠠᠭᠤ ᠴᠢᠩᠳᠠ ᠴᠠᠭᠠᠵᠠᠯᠠᠨ ᠬᠣᠷᠢᠭᠯᠠᠨ᠎ᠠ᠃ ᠡᠳᠦᠭᠡ ᠪᠢ ᠤᠯᠤᠰ ᠢ᠋ᠶ᠋ᠠᠨ95 ᠮᠢᠩᠭᠠᠲᠤ ᠳ᠋ᠤ᠌ ᠬᠤᠪᠢᠶᠠᠷᠢᠯᠠᠵᠤ᠂88 ᠭᠠᠪᠢᠶᠠᠲᠠᠨ ᠳ᠋ᠤ᠌ ᠥᠭᠭᠦᠨ᠎ᠡ᠃ ᠬᠣᠶᠠᠷ ᠠ᠋ᠴᠠ ᠭᠤᠷᠪᠠ ᠲᠠᠪᠤ ᠬᠦᠷᠲᠡᠯ᠎ᠡ ᠮᠢᠩᠭᠠᠨ ᠵᠠᠬᠢᠷᠬᠤ ᠨᠣᠶᠠᠳ ᠪᠣᠢ᠃ ᠡᠨᠡ ᠨᠢ ᠵᠠᠬᠢᠷᠴᠤ ᠪᠠᠢᠭᠰᠠᠨ ᠠᠷᠠᠳ ᠢᠷᠭᠡᠳ ᠲᠡᠢ ᠪᠡᠨ ᠨᠠᠳᠠ ᠬᠦᠴᠦ ᠪᠡᠨ ᠦᠨᠡᠨᠴᠢ ᠪᠡᠷ ᠡᠷᠭᠦᠭᠰᠡᠨ ᠨᠣᠶᠠᠳ ᠪᠣᠯᠠᠢ᠃ ᠳᠠᠩ ᠬᠠᠭᠠᠰ ᠰᠢᠬᠠᠮ ᠨᠢ ᠰᠢᠨ᠎ᠡ ᠪᠡᠷ ᠮᠢᠩᠭᠠᠲᠤ ᠠᠪᠴᠤ ᠵᠠᠬᠢᠷᠤᠨ᠎ᠠ᠃ ᠨᠢᠭᠡᠳᠦᠭᠡᠷ ᠮᠢᠩᠭᠠᠲᠤ ᠶ᠋ᠢ ᠮᠡᠩᠯᠢᠭ ᠡᠴᠢᠭᠡ ᠳ᠋ᠦ᠍ ᠬᠡᠮᠡᠪᠡ᠃ ᠮᠡᠩᠯᠢᠭ ᠪᠣᠯ ᠶᠢᠰᠦᠭᠡᠢ ᠪᠠᠭᠠᠲᠤᠷ ᠤ᠋ᠨ ᠬᠣᠯᠠ ᠶ᠋ᠢᠨ ᠲᠥᠷᠥᠯ᠂ ᠳᠡᠷᠭᠡᠳᠡ ᠨᠢ ᠵᠠᠬᠢᠷᠤᠭᠳᠠᠵᠤ ᠠᠭᠰᠠᠨ ᠠᠯᠪᠠᠲᠤ ᠵᠠᠯᠠᠭᠤ ᠪᠠᠢᠵᠠᠢ᠃ ᠶᠢᠰᠦᠭᠡᠢ ᠪᠠᠭᠠᠲᠤᠷ ᠦᠬᠦᠬᠦ ᠨᠢ ᠭᠠᠷᠴᠠᠭ᠎ᠠ ᠦᠭᠡᠢ ᠨᠢᠭᠤᠷᠯᠠᠮᠠᠭᠴᠠ ᠲᠡᠭᠦᠨ ᠢ᠋ ᠳᠠᠭᠤᠳᠠᠵᠤ ᠢᠷᠡᠭᠦᠯᠦᠭᠡᠳ᠄
— ᠪᠡᠯᠪᠡᠰᠦᠨ ᠪᠡᠷᠭᠡᠨ᠂ ᠳᠡᠭᠦᠦ ᠨᠠᠷ ᠢ᠋ᠶ᠋ᠠᠨ ᠴᠢ ᠮᠡᠳᠡᠵᠦ ᠠᠰᠠᠷᠠ! ᠭᠡᠵᠦ ᠭᠡᠷᠢᠶᠡᠰᠦᠯᠡᠭᠰᠡᠨ ᠪᠥᠯᠥᠭᠡ᠃
ᠶᠢᠰᠦᠭᠡᠢ ᠶ᠋ᠢᠨ ᠬᠠᠷᠢᠶᠠᠲᠤ ᠨᠠᠷ ᠲᠠᠷᠬᠠᠵᠤ ᠪᠤᠲᠠᠷᠠᠬᠤ ᠦᠶ᠎ᠡ ᠳ᠋ᠦ᠍ ᠮᠡᠩᠯᠢᠭ ᠬᠡᠰᠡᠭ ᠵᠠᠭᠤᠷ᠎ᠠ ᠴᠣᠭ ᠪᠠᠢᠭᠰᠠᠨ ᠢ᠋ᠶ᠋ᠠᠨ ᠰᠡᠭᠦᠯ ᠳ᠋ᠡᠭᠡᠨ ᠣᠷᠬᠢᠨ ᠨᠡᠭᠦᠵᠡᠢ᠃ ᠥᠭᠡᠯᠦᠨ ᠡᠬᠡ《ᠴᠢ ᠬᠦᠷᠲᠡᠯ᠎ᠡ ᠣᠷᠬᠢᠵᠤ ᠨᠡᠭᠦᠪᠡ》 ᠭᠡᠮᠡᠨ ᠭᠣᠮᠣᠷᠬᠠᠭᠰᠠᠨ ᠪᠥᠯᠥᠭᠡ᠃ ᠭᠡᠬᠦ ᠳ᠋ᠡᠭᠡᠨ ᠬᠠᠷᠠᠭᠠᠨ ᠠ᠋ᠴᠠ ᠪᠠᠨ ᠪᠦᠷ ᠴᠦ᠍ ᠭᠠᠷᠭᠠᠭ᠎ᠠ ᠦᠭᠡᠢ᠂ ᠡᠷᠭᠢᠵᠦ ᠲᠣᠭᠣᠷᠢᠵᠤ ᠪᠠᠢᠵᠠᠢ᠃ ᠲᠡᠭᠡᠭᠡᠳ ᠴᠦ᠍《ᠮᠡᠩᠯᠢᠭ ᠡᠴᠢᠭᠡ》 ᠭᠡᠵᠦ ᠬᠦᠨᠳᠦᠯᠡᠭᠳᠡᠵᠦ ᠪᠠᠢᠭ᠎ᠠ ᠠᠵᠢ᠃ ᠮᠡᠩᠯᠢᠭ ᠭᠠᠷᠴᠤ ᠢᠷᠡᠵᠦ ᠬᠠᠭᠠᠨ ᠤ᠋ ᠡᠮᠦᠨ᠎ᠡ ᠰᠥᠭᠥᠳᠦᠨ᠄
— ᠴᠢᠩᠭᠢᠰ ᠬᠠᠭᠠᠨ ᠤ᠋ ᠥᠭᠭᠢᠶᠡᠮᠦᠷ ᠬᠡᠰᠢᠭ ᠲᠦ᠍ ᠰᠥᠰᠥᠯᠡᠨ ᠪᠢᠰᠢᠷᠡᠵᠦ ᠬᠦᠴᠦᠨ ᠵᠢᠳᠬᠦᠶ᠎ᠡ ᠭᠡᠮᠡᠨ ᠲᠠᠩᠭᠠᠷᠢᠭ ᠡᠷᠭᠦᠪᠡ᠃
— ᠬᠣᠶᠠᠳᠤᠭᠠᠷ ᠮᠢᠩᠭᠠᠨ ᠢ᠋ ᠬᠦᠯᠦᠭ ᠪᠤᠭᠤᠷᠴᠢ ᠵᠠᠬᠢᠷᠤᠨ᠎ᠠ᠃ ᠪᠤᠭᠤᠷᠴᠢ ᠪᠣᠯ ᠨᠠᠮ᠎ᠠ ᠶ᠋ᠢ ᠨᠠᠢ᠍ᠮᠠᠨ ᠰᠢᠷᠭ᠎ᠠ ᠪᠠᠨ ᠳᠡᠭᠡᠷᠡᠮᠴᠢᠳ ᠲᠦ᠍ ᠠᠯᠳᠠᠭᠠᠳ ᠮᠥᠷᠳᠡᠵᠦ ᠶᠠᠪᠤᠬᠤ ᠠ᠋ᠴᠠ ᠡᠬᠢᠯᠡᠭᠡᠳ ᠦᠨᠡᠨᠴᠢ ᠪᠡᠷ ᠨᠥᠬᠥᠷᠯᠡᠭᠰᠡᠨ᠃ ᠲᠡᠷᠡ ᠪᠡᠷ ᠨᠠᠬᠤ ᠪᠠᠶᠠᠨ ᠤ᠋ ᠭᠠᠭᠴᠠ ᠬᠦᠦ ᠠᠲᠠᠯ᠎ᠠ ᠪᠠᠨ ᠠᠮᠢ ᠥᠷᠥᠨ ᠲᠡᠢᠨᠬᠦ ᠶᠠᠭᠤ ᠪᠣᠳᠣᠵᠤ ᠨᠠᠳᠠᠳᠤ ᠬᠦᠴᠦᠨ ᠵᠢᠳᠬᠦᠭᠰᠡᠨ ᠪᠣᠢ? ᠲᠡᠷᠡ ᠴᠠᠭ ᠠ᠋ᠴᠠ ᠨᠥᠬᠥᠷᠯᠡᠵᠦ ᠮᠢᠨᠦ ᠡᠨᠡ ᠰᠠᠭᠤᠳᠠᠯ ᠳ᠋ᠤ᠌ ᠬᠦᠷᠬᠦ ᠣᠯᠠᠨ ᠲᠡᠢᠨ ᠳ᠋ᠦ᠍ ᠣᠷᠣᠢᠯᠠᠨ ᠣᠷᠣᠯᠴᠠᠵᠤ ᠣᠨᠴᠠᠭᠠᠢ ᠶᠡᠬᠡ ᠭᠠᠪᠢᠶ᠎ᠠ ᠪᠠᠢᠭᠤᠯᠤᠭᠰᠠᠨ ᠨᠥᠬᠥᠷ ᠮᠢᠨᠢ ᠪᠢᠯᠡ᠃
ᠠᠢᠯ ᠵᠠᠭᠤᠷ᠎ᠠ ᠪᠠᠨ ᠶᠠᠪᠤᠬᠤ ᠳ᠋ᠤ᠌
ᠠᠯᠠᠭ ᠪᠢᠷᠠᠭᠤ ᠮᠡᠲᠦ ᠨᠣᠮᠣᠬᠠᠨ ᠪᠠᠢᠪᠠᠴᠤ
ᠠᠯᠠᠯᠳᠤᠬᠤ ᠳᠠᠢᠰᠤᠨ ᠲᠠᠢ ᠠᠭᠤᠯᠵᠠᠬᠤ ᠳ᠋ᠤ᠌
ᠠᠷᠰᠯᠠᠨ ᠪᠠᠷᠰ ᠮᠡᠲᠦ ᠳᠣᠭᠰᠢᠷᠠᠵᠤ
ᠠᠶᠤᠯᠲᠤ ᠳᠠᠢᠰᠤᠨ ᠢ᠋ ᠳᠠᠷᠤᠬᠤ ᠶ᠋ᠢᠨ ᠲᠥᠯᠥᠭᠡ
ᠠᠮᠢ ᠦᠯᠦ ᠬᠠᠢᠷᠠᠯᠠᠭᠠᠴᠢ
ᠠᠴᠢᠲᠤ ᠬᠦᠯᠦᠭ ᠪᠤᠭᠤᠷᠴᠢ ᠮᠢᠨᠢ ᠴᠢ
ᠴᠢᠮᠠᠶ᠋ᠢ ᠬᠦᠯᠦᠭ ᠪᠠᠭᠠᠲᠤᠷ ᠬᠡᠮᠡᠭᠰᠡᠨ ᠤᠴᠢᠷ ᠪᠣᠯ ᠬᠠᠲᠠᠭᠢᠨ᠂ ᠰᠠᠯᠵᠢᠭᠤᠳ ᠲᠠᠢ ᠪᠠᠢᠯᠳᠤᠵᠤ ᠶᠠᠪᠤᠬᠤ ᠳ᠋ᠤ᠌ ᠨᠣᠢᠲᠠᠨ ᠰᠢᠮᠠᠷᠭ᠎ᠠ ᠣᠷᠣᠵᠤ᠂ ᠴᠢ ᠥᠪᠡᠷᠦᠨ ᠨᠥᠮᠥᠷᠭᠡ ᠪᠡᠷ ᠨᠠᠮ᠎ᠠ ᠶ᠋ᠢ ᠬᠠᠮᠠᠭᠠᠯᠠᠵᠤ ᠪᠦᠲᠦᠨ ᠰᠥᠨᠢ ᠰᠠᠬᠢᠵᠤ ᠵᠣᠭᠰᠣᠬᠤ ᠳ᠋ᠠᠭᠠᠨ ᠬᠥᠯ ᠢ᠋ᠶ᠋ᠡᠨ ᠭᠠᠭᠴᠠ ᠤᠳᠠᠭ᠎ᠠ ᠰᠣᠯᠢᠵᠤ ᠭᠢᠰᠬᠢᠭᠰᠡᠨ ᠦᠭᠡᠢ᠃ ᠴᠢ ᠲᠡᠢᠮᠦ ᠬᠠᠲᠠᠭᠤᠵᠢᠯᠲᠠᠢ ᠦᠨᠡᠨᠴᠢ ᠪᠠᠭᠠᠲᠤᠷ ᠪᠥᠯᠥᠭᠡ᠃ ᠴᠢᠮᠠᠶ᠋ᠢ ᠶᠢᠰᠦᠨ ᠣᠰᠣᠯ ᠠ᠋ᠴᠠ ᠭᠡᠯᠳᠦᠷᠢᠭᠦᠯᠵᠦ᠂ ᠴᠢ ᠶᠠᠭᠤ ᠬᠦᠰᠡᠬᠦ᠂ ᠶᠠᠮᠠᠷ ᠰᠠᠨᠠᠯ ᠲᠠᠢ ᠠᠪᠠᠰᠤ ᠨᠠᠳᠠ ᠳᠡᠭᠡᠷ᠎ᠡ ᠰᠢᠭᠤᠳ ᠣᠷᠣᠵᠤ ᠪᠠᠢᠬᠤ ᠡᠷᠬᠡ ᠣᠯᠭᠣᠶ᠎ᠠ ᠭᠡᠵᠦ ᠬᠠᠭᠠᠨ ᠠᠢᠯᠠᠳᠪᠠᠰᠤ ᠪᠤᠭᠤᠷᠴᠢ ᠪᠣᠰᠤᠨ ᠡᠮᠦᠨ᠎ᠡ ᠨᠢ ᠢᠷᠡᠵᠦ ᠰᠥᠭᠥᠳᠦᠨ᠄
ᠶᠢᠰᠦᠭᠡᠢ ᠪᠠᠭᠠᠲᠤᠷ ᠡᠴᠢᠭᠡ ᠲᠡᠢ
ᠶᠢᠰᠦᠨ ᠥᠷᠯᠥᠭ ᠲᠦᠰᠢᠮᠡᠯ ᠲᠡᠢ
ᠶᠡᠷᠦ ᠪᠦᠭᠦᠳᠡ ᠶ᠋ᠢ ᠡᠷᠬᠡᠨ ᠳ᠋ᠡᠭᠡᠨ ᠣᠷᠣᠭᠤᠯᠤᠭᠰᠠᠨ
ᠶᠢᠷᠲᠢᠨᠴᠦ ᠶ᠋ᠢᠨ ᠡᠵᠡᠨ ᠴᠢᠩᠭᠢᠰ ᠬᠠᠭᠠᠨ ᠮᠢᠨᠢ ᠁
ᠥᠩᠭᠡ ᠪᠦᠷᠢ ᠶ᠋ᠢᠨ ᠤᠯᠤᠰ ᠢ᠋ ᠡᠮᠦᠨ᠎ᠡ ᠪᠡᠨ ᠰᠥᠭᠥᠳᠦᠭᠦᠯᠦᠭᠰᠡᠨ
ᠥᠰᠢᠶᠡᠲᠡᠨ ᠳᠠᠢᠰᠤᠨ ᠪᠦᠭᠦᠳᠡ ᠶ᠋ᠢ
ᠥᠯᠮᠡᠢ ᠳᠣᠣᠷ᠎ᠠ ᠪᠠᠨ ᠭᠢᠰᠬᠢᠭᠰᠡᠨ
ᠥᠨᠳᠥᠷ ᠳᠡᠭᠡᠳᠦ ᠡᠵᠡᠨ ᠬᠠᠭᠠᠨ ᠮᠢᠨᠢ
ᠬᠠᠨ ᠡᠵᠡᠨ ᠴᠢᠮᠠᠶ᠋ᠢ ᠪᠠᠢᠬᠤ ᠳ᠋ᠤ᠌
ᠬᠠᠷᠢ ᠶ᠋ᠢᠨ ᠳᠠᠢᠰᠤᠨ ᠠ᠋ᠴᠠ ᠬᠠᠯᠠᠰᠢᠷᠠᠬᠤ ᠦᠭᠡᠢ
ᠡᠵᠡᠨ ᠪᠠᠭᠠᠲᠤᠷ ᠴᠢᠮᠠᠶ᠋ᠢ ᠪᠠᠢᠬᠤ ᠳ᠋ᠤ᠌
ᠡᠵᠡᠷᠬᠡᠭ ᠳᠠᠢᠰᠤᠨ ᠠ᠋ᠴᠠ ᠡᠮᠢᠶᠡᠬᠦ ᠶᠠᠪᠤᠳᠠᠯ ᠦᠭᠡᠢ
ᠬᠠᠮᠤᠭ ᠪᠦᠭᠦᠳᠡ ᠬᠠᠮᠲᠤᠷᠠᠵᠤ
ᠬᠠᠮᠢᠶᠠᠲᠠᠨ ᠰᠠᠳᠤᠨ ᠮᠡᠲᠦ ᠡᠪᠯᠡᠯᠳᠦᠵᠦ
ᠬᠠᠷᠢ ᠶ᠋ᠢᠨ ᠳᠠᠢᠰᠤᠨ ᠢ᠋ ᠬᠠᠮᠬ᠎ᠠ ᠴᠣᠬᠢᠶ᠎ᠠ
ᠬᠠᠯᠠᠭᠤᠨ ᠵᠠᠭᠤᠷ᠎ᠠ ᠪᠠᠨ ᠴᠡᠩᠭᠡᠯᠳᠦᠨ ᠰᠠᠭᠤᠶ᠎ᠠ
ᠬᠤᠨ ᠭᠠᠯᠠᠭᠤ ᠮᠡᠲᠦ
ᠬᠤᠷᠠᠯᠳᠤᠨ ᠴᠡᠩᠭᠡᠶ᠎ᠡ
ᠬᠠᠷᠴᠠᠭᠠᠢ ᠱᠣᠩᠬᠣᠷ ᠮᠡᠲᠦ
ᠬᠠᠷᠠᠢᠯᠳᠤᠨ ᠳᠡᠭᠦᠯᠢᠨ ᠶᠠᠪᠤᠶ᠎ᠠ
ᠬᠠᠳᠬᠤᠯᠳᠤᠬᠤ ᠲᠡᠢᠨ ᠳ᠋ᠦ᠍
ᠬᠠᠯᠠᠭᠤᠨ ᠠᠮᠢ ᠪᠠᠨ ᠪᠦᠦ ᠬᠠᠢᠷᠠᠯᠠᠶ᠎ᠠ
ᠠᠩᠭᠢᠷ ᠰᠢᠪᠠᠭᠤ ᠮᠡᠲᠦ
ᠠᠮᠠᠷᠠᠭ ᠦᠷ᠎ᠡ ᠪᠡᠨ ᠪᠤᠤ ᠬᠥᠨᠥᠭᠡᠶ᠎ᠡ
ᠠᠯᠠᠯᠴᠠᠬᠤ ᠳᠠᠢᠰᠤᠨ ᠳ᠋ᠤ᠌ ᠠᠮᠢ ᠪᠠᠨ ᠪᠤᠤ ᠬᠠᠢᠷᠠᠯᠠᠶ᠎ᠠ
ᠡᠯᠢᠭᠡᠨ ᠰᠠᠳᠤᠨ ᠳᠣᠲᠣᠷ᠎ᠠ ᠪᠠᠨ
ᠡᠪ ᠨᠠᠢᠷᠠᠮᠳᠠᠯ ᠢ᠋ ᠪᠤᠤ ᠡᠪᠲᠡᠶᠡ
ᠡᠵᠡᠷᠬᠡᠭ ᠳᠠᠢᠰᠤᠨ ᠲᠠᠢ ᠲᠤᠯᠤᠯᠳᠤᠬᠤ ᠳ᠋ᠤ᠌
ᠡᠨᠡ ᠪᠡᠶ᠎ᠡ ᠪᠡᠨ ᠪᠤᠤ ᠬᠠᠢᠷᠠᠯᠠᠶ᠎ᠠ
ᠡᠵᠡᠨ ᠲᠠᠨ ᠤ᠋ ᠢᠪᠡᠭᠡᠯ ᠢ᠋
ᠡᠭᠡᠨᠡᠭᠲᠡ ᠮᠥᠩᠬᠡᠲᠡ ᠰᠦᠰᠦᠭᠯᠡᠨ ᠳᠠᠭᠠᠶ᠎ᠠ ᠭᠡᠮᠡᠨ ᠲᠠᠩᠭᠠᠷᠢᠭ ᠡᠷᠭᠦᠪᠡ᠃
— ᠭᠤᠷᠪᠠᠳᠤᠭᠠᠷ ᠮᠢᠩᠭᠠᠨ ᠢ᠋ ᠮᠤᠬᠤᠯᠠᠢ ᠵᠠᠬᠢᠷᠤᠨ᠎ᠠ᠃ ᠮᠤᠬᠤᠯᠠᠢ ᠨᠠᠳᠠᠳᠤ ᠶᠢᠰᠦᠨ ᠵᠢᠯ ᠬᠦᠴᠦᠨ ᠵᠢᠳᠬᠦᠵᠦ ᠶᠠᠪᠤᠭ᠎ᠠ ᠵᠠᠯᠠᠭᠤ ᠵᠠᠩᠵᠤᠨ᠃ ᠠᠪᠢᠶᠠᠰ ᠪᠢᠯᠢᠭ᠂ ᠤᠷ᠎ᠠ ᠤᠬᠠᠭᠠᠨ ᠭᠣᠴᠣ᠃ ᠪᠤᠭᠤᠷᠴᠢ᠂ ᠮᠤᠬᠤᠯᠠᠢ᠂ ᠪᠣᠷᠤᠬᠤᠯ᠂ ᠴᠢᠯᠠᠭᠤᠨ ᠳᠥᠷᠪᠡᠨ ᠬᠦᠯᠦᠭ ᠪᠠᠭᠠᠲᠤᠷ ᠳᠡᠷᠭᠡᠳᠡ ᠮᠢᠨᠢ ᠪᠠᠢᠬᠤ ᠳ᠋ᠤ᠌ ᠪᠢ ᠢᠮᠠᠭᠲᠠ ᠰᠡᠳᠬᠢᠯ ᠠᠮᠤᠷ ᠪᠠᠢᠳᠠᠭ ᠪᠥᠯᠥᠭᠡ᠃ ᠮᠤᠬᠤᠯᠠᠢ ᠴᠢᠮᠠᠲᠤ ᠭᠣᠣ(ᠭᠦᠸᠧ) ᠸᠠᠩ ᠴᠣᠯᠠ ᠣᠯᠭᠣᠶ᠎ᠠ᠃ ᠡᠨᠡ ᠪᠣᠯ ᠬᠠᠭᠠᠨ ᠤ᠋ ᠳᠠᠷᠠᠭᠠᠬᠢ ᠲᠥᠷᠥ ᠶ᠋ᠢᠨ ᠲᠥᠰᠢᠶ᠎ᠡ ᠭᠡᠰᠡᠨ ᠤᠳᠬ᠎ᠠ ᠲᠠᠢ ᠤᠷᠢᠳᠤ ᠵᠦᠭ ᠦ᠋ᠨ ᠦᠭᠡ᠃ ᠡᠢᠮᠦ ᠡᠴᠡ ᠠᠯᠲᠠᠨ ᠤᠯᠤᠰ ᠲᠠᠢ ᠡᠩ ᠲᠡᠷᠢᠭᠦᠨ᠎ᠡ ᠬᠠᠷᠢᠯᠴᠠᠵᠤ ᠪᠠᠢᠬᠤ ᠡᠷᠬᠡ ᠳᠠᠷᠬ᠎ᠠ ᠴᠢᠮᠠᠲᠤ ᠣᠯᠭᠣᠵᠤ ᠲᠡᠳᠡ ᠴᠦ᠍ ᠴᠢᠮᠠᠶ᠋ᠢ ᠭᠣᠣ ᠸᠠᠩ ᠢ᠋ ᠮᠡᠳᠡᠵᠦ ᠪᠠᠢᠭ ᠬᠡᠮᠡᠪᠡᠰᠦ ᠮᠤᠬᠤᠯᠠᠢ ᠭᠠᠷᠴᠤ ᠢᠷᠡᠵᠦ ᠰᠥᠭᠥᠳᠦᠨ ᠢᠷᠦᠭᠡᠯ ᠦ᠋ᠨ ᠤᠷᠠᠨ ᠴᠡᠴᠡᠨ ᠰᠢᠯᠦᠭᠯᠡᠯ ᠡᠷᠭᠦᠵᠦ ᠲᠠᠩᠭᠠᠷᠢᠭ ᠡᠷᠭᠦᠪᠡ᠃
ᠡᠨᠡ ᠵᠠᠪᠰᠠᠷ ᠭᠠᠳᠠᠨ᠎ᠠ ᠠ᠋ᠴᠠ ᠪᠡᠯᠭᠦᠳᠡᠢ ᠭᠦᠶᠦᠨ ᠣᠷᠣᠵᠤ ᠢᠷᠡᠵᠦ ᠬᠠᠭᠠᠨ ᠤ᠋ ᠡᠮᠦᠨ᠎ᠡ ᠰᠥᠭᠥᠳᠦᠨ ᠦᠭᠡ ᠠᠢᠯᠠᠳᠬᠠᠬᠤᠢ ᠯᠤᠭ᠎ᠠ ᠬᠠᠭᠠᠨ ᠢ᠋ᠶ᠋ᠠᠷ ᠢᠨᠢᠶᠡᠮᠰᠦᠭᠯᠡᠨ ᠲᠣᠯᠣᠭᠠᠢ ᠳᠣᠬᠢᠵᠤ ᠣᠯᠠᠨ ᠤ᠋ ᠵᠦᠭ ᠬᠠᠨᠳᠤᠨ᠄
— ᠵᠠ ᠡᠨᠡ ᠤᠳᠠᠭ᠎ᠠ ᠬᠤᠷᠠᠯᠲᠠᠢ ᠵᠠᠪᠰᠠᠷᠯᠠᠶ᠎ᠠ᠃ ᠠᠢᠮᠠᠭ ᠣᠲᠣᠭ ᠠ᠋ᠴᠠ ᠰᠢᠯᠭᠠᠷᠠᠭᠰᠠᠨ ᠨᠠᠶᠠᠨ ᠨᠢᠭᠡᠨ ᠠᠵᠢᠷᠭᠠᠨ ᠤ᠋ ᠤᠷᠤᠯᠳᠤᠭᠠᠨ ᠢ᠋ ᠦᠵᠡ ᠭᠡᠵᠦ ᠪᠡᠯᠭᠦᠳᠡᠢ ᠬᠡᠯᠡᠵᠦ ᠪᠠᠢᠨ᠎ᠠ᠃ ᠲᠡᠭᠡᠭᠡᠳ ᠴᠠᠭᠠᠨ᠎ᠠ ᠨᠢ ᠪᠠᠰᠠ ᠥᠭᠡᠷ᠎ᠡ ᠦᠵᠡᠬᠦ ᠬᠠᠷᠠᠬᠤ ᠶᠠᠭᠤᠮ᠎ᠠ ᠵᠥᠩᠳᠡᠭᠡᠨ ᠯᠡ ᠪᠢᠵᠡ᠃ ᠦᠵᠡᠵᠡᠭᠡ᠃ ᠣᠷᠣᠢ ᠡᠨᠳᠡ ᠪᠡᠨ ᠢᠷᠡᠵᠦ ᠵᠣᠭᠣᠭ ᠪᠠᠷᠢᠨ᠂ ᠨᠠᠢᠷ ᠴᠡᠩᠭᠡᠭᠦᠨ ᠬᠢᠨ᠎ᠡ᠃ ᠳᠠᠭᠤᠤ ᠳᠠᠭᠤᠯᠠᠵᠤ᠂ ᠪᠥᠵᠢᠭ ᠬᠠᠷᠠᠢᠵᠤ᠂ ᠦᠭᠡ ᠣᠷᠣᠯᠳᠣᠭᠤᠯᠤᠨᠠ ᠪᠢᠵᠡ ᠭᠡᠮᠡᠨ ᠪᠣᠰᠬᠤ ᠳ᠋ᠤ᠌ ᠬᠠᠭᠠᠨ ᠢ᠋ ᠰᠢᠳᠠᠷ ᠬᠥᠮᠦᠰ ᠲᠡᠢ ᠪᠡᠨ ᠭᠠᠷᠬᠤ ᠶ᠋ᠢᠨ ᠬᠠᠮᠲᠤ ᠤᠳᠠᠭᠠᠨ ᠴᠢᠯᠡᠲᠡᠯ᠎ᠡ ᠪᠡᠨ ᠴᠢᠮᠡᠭᠡ ᠠᠨᠢᠷ ᠦᠭᠡᠢ ᠰᠠᠭᠤᠵᠤ ᠠᠭᠰᠠᠨ ᠪᠤᠰᠤᠳ ᠳᠠᠭᠠᠯᠳᠤᠭᠰᠠᠳ ᠢᠨᠢᠶᠡᠵᠦ ᠬᠥᠭᠡᠷᠦᠯᠳᠦᠨ ᠳᠦᠩᠭᠢᠨᠡᠨ ᠳᠦᠩᠭᠢᠨᠡᠯᠳᠦᠭᠰᠡᠭᠡᠷ ᠠᠷᠤ ᠠ᠋ᠴᠠ ᠨᠢ ᠭᠠᠷᠴᠤ᠂ ᠬᠦᠯᠦᠭ ᠮᠣᠷᠢᠨ ᠳ᠋ᠠᠭᠠᠨ ᠬᠦᠷᠴᠦ ᠪᠦᠭᠦᠳᠡ ᠨᠠᠭᠠᠳᠤᠮ ᠤ᠋ᠨ ᠵᠦᠭ ᠮᠣᠷᠢᠯᠠᠵᠠᠭᠠᠪᠠ᠃
ᠬᠠᠭᠠᠨ ᠳᠠᠭᠠᠭᠤᠯ ᠰᠢᠳᠠᠷ ᠤ᠋ᠳ ᠤ᠋ᠨ ᠬᠠᠮᠲᠤ ᠥᠨᠳᠥᠷᠯᠢᠭ ᠳᠣᠪᠣᠴᠠᠭ ᠤ᠋ᠨ ᠣᠷᠣᠢ ᠳᠡᠭᠡᠷ᠎ᠡ ᠭᠠᠷᠴᠤ ᠰᠠᠭᠤᠭᠠᠳ ᠮᠣᠷᠢᠳ ᠢᠷᠡᠵᠦ ᠶᠠᠪᠤᠭ᠎ᠠ ᠲᠣᠭᠣᠰᠣᠨ ᠵᠦᠭ ᠳᠤᠷᠠᠨᠳᠠᠬᠤ ᠠᠵᠢ᠃ ᠲᠡᠷᠢᠭᠦᠨ ᠦ᠌ ᠬᠣᠶᠠᠷ ᠬᠤᠷᠳᠤ ᠪᠤᠰᠤᠳ ᠠ᠋ᠴᠠ ᠪᠠᠨ ᠲᠠᠰᠤᠷᠬᠠᠢ ᠤᠷᠢᠳᠤ ᠬᠣᠢᠨ᠎ᠠ ᠪᠠᠨ ᠣᠷᠣᠵᠤ ᠬᠠᠷᠠᠭᠳᠠᠨ᠎ᠠ᠃ ᠨᠢᠭᠡ ᠨᠢ ᠪᠠᠷᠠᠭᠠᠨ᠂ ᠨᠥᠭᠦᠭᠡ ᠨᠢ ᠴᠠᠢᠪᠤᠷᠳᠠᠭᠤ ᠵᠢᠰᠦ ᠲᠡᠢ ᠭᠡᠯᠲᠡᠢ᠃ ᠬᠠᠭᠠᠨ ᠪᠣᠭᠣᠷᠴᠢ ᠳ᠋ᠤ᠌ ᠳᠤᠷᠠᠨ ᠢ᠋ᠶ᠋ᠠᠨ ᠥᠭᠭᠦᠯ᠎ᠡ᠃ ᠲᠡᠷᠡ ᠪᠡᠷ ᠳᠤᠷᠠᠨᠳᠠᠵᠤ ᠬᠠᠷᠠᠭᠰᠠᠨ ᠢ᠋ᠶ᠋ᠠᠨ ᠰᠡᠳᠬᠢᠯ ᠬᠥᠭᠡᠷᠦᠨ ᠥᠨᠳᠡᠯᠵᠡᠭᠡᠳ᠄
— ᠬᠠᠭᠠᠨᠲᠠᠨ᠂ ᠪᠢ ᠶᠠᠪᠤᠶ᠎ᠠ ᠭᠡᠳ ᠮᠣᠷᠳᠠᠭᠠᠳ ᠶᠠᠪᠤᠴᠢᠬᠠᠯ᠎ᠠ᠃ ᠲᠡᠷᠡ ᠵᠠᠭᠤᠷ᠎ᠠ ᠪᠦᠭᠡᠭᠡᠨᠳᠡᠭᠦᠦ ᠨᠢ ᠥᠩᠭᠡᠯᠡᠭᠡᠳ ᠪᠠᠷᠢᠶ᠎ᠠ ᠣᠢᠷᠠᠳᠬᠤ ᠲᠣᠰᠤᠮ ᠲᠠᠰᠤᠷᠠᠭᠠᠳ ᠲᠤᠩ ᠴᠦ᠍ ᠡᠷᠴᠢᠮ ᠲᠡᠢ ᠬᠠᠷᠠᠢᠬᠤ ᠬᠠᠷᠠᠭᠳᠠᠨ᠎ᠠ᠃ ᠲᠦᠷᠦᠭᠦᠦ ᠠᠵᠢᠷᠭ᠎ᠠ ᠶᠠᠭᠤ ᠶᠠᠭᠤ ᠦᠭᠡᠢ ᠪᠠᠷᠢᠶᠠᠨ ᠳ᠋ᠤ᠌ ᠤᠷᠤᠭᠤ ᠰᠠᠴᠠᠭᠤ ᠪᠣᠭᠣᠷᠴᠢ ᠲᠡᠭᠦᠨ ᠤᠷᠤᠭᠤ ᠥᠰᠥᠷᠬᠡᠨ ᠣᠴᠢᠪᠠ᠃
ᠬᠠᠭᠠᠨ ᠮᠣᠷᠳᠠᠵᠤ ᠰᠢᠳᠠᠷ ᠤ᠋ᠳ ᠤ᠋ᠨ ᠬᠠᠮᠲᠤ ᠳᠠᠰᠢ ᠣᠴᠢᠬᠤ ᠯᠤᠭ᠎ᠠ ᠲᠡᠷᠡᠬᠦ ᠮᠣᠷᠢᠨ ᠳᠡᠭᠡᠷ᠎ᠡ ᠴᠤᠭᠯᠠᠷᠠᠭᠰᠠᠳ ᠲᠠᠷᠬᠠᠵᠤ ᠪᠤᠲᠠᠷᠠᠨ᠂ ᠦᠯᠡᠳᠡᠭᠰᠡᠨ ᠨᠢ ᠮᠣᠷᠢᠨ ᠠ᠋ᠴᠠ ᠪᠠᠨ ᠪᠠᠭᠤᠨ ᠰᠥᠬᠥᠷᠡᠵᠡᠭᠡᠬᠦ ᠪᠥᠯᠥᠭᠡ᠃ ᠪᠣᠭᠣᠷᠴᠢ ᠬᠠᠯᠢᠭᠤᠨ ᠰᠠᠷᠠᠯ ᠠᠵᠢᠷᠭᠠᠨ ᠤ᠋ ᠬᠥᠯᠥᠰᠥ ᠶ᠋ᠢ ᠬᠤᠰᠤᠭᠠᠳ ᠣᠢᠷ᠎ᠠ ᠬᠠᠪᠢ ᠶᠠᠭᠤ ᠪᠣᠯᠵᠤ ᠪᠠᠢᠭ᠎ᠠ ᠶ᠋ᠢ ᠡᠰᠡ ᠠᠩᠵᠠᠭᠠᠷᠠᠨ᠂ ᠬᠣᠨᠳᠣᠯᠠᠢ ᠶ᠋ᠢ ᠨᠢ ᠬᠠᠨᠴᠤᠢ ᠪᠠᠷ ᠢ᠋ᠶ᠋ᠠᠨ ᠱᠤᠳᠤᠷᠤᠨ ᠠᠷᠴᠢᠬᠤ ᠵᠠᠭᠤᠷ᠎ᠠ ᠬᠠᠭᠠᠨ ᠮᠣᠷᠢᠨ ᠠ᠋ᠴᠠ ᠪᠠᠨ ᠪᠠᠭᠤᠵᠤ ᠨᠠᠬᠤ ᠡᠪᠦᠭᠡᠨ ᠢ᠋ ᠰᠤᠭᠤᠳᠠᠵᠤ ᠪᠣᠰᠬᠠᠭᠠᠳ᠄
— ᠨᠠᠬᠤ ᠠᠪᠤ᠂ ᠰᠠᠢᠬᠠᠨ ᠨᠠᠭᠠᠳᠴᠤ ᠶᠠᠪᠤᠭ᠎ᠠ ᠶᠤᠮ ᠪᠠᠢᠨ᠎ᠠ᠃ ᠪᠡᠶ᠎ᠡ ᠲᠡᠩᠬᠡᠭᠡ ᠰᠠᠢᠨ? ᠰᠠᠢᠬᠠᠨ ᠪᠠᠢᠨ᠎ᠠ ᠠ᠋ ᠬᠡᠮᠡᠪᠡᠰᠦ ᠬᠠᠭᠠᠨ ᠢᠷᠡᠭᠰᠡᠨ ᠢ᠋ ᠰᠠᠶᠢ ᠮᠡᠳᠡᠭᠰᠡᠨ ᠪᠣᠭᠣᠷᠴᠢ ᠡᠷᠭᠢᠵᠦ ᠰᠥᠭᠥᠳᠦᠨ᠄
— ᠬᠠᠭᠠᠨ ᠲᠠᠨ ᠢ᠋ ᠮᠡᠳᠡᠭᠰᠡᠨ ᠦᠭᠡᠢ ᠭᠡᠵᠦ ᠪᠣᠪᠳᠤᠨᠠᠬᠤ ᠳ᠋ᠤ᠌ ᠨᠢ᠄
— ᠪᠣᠭᠣᠷᠴᠢ᠂ ᠵᠦᠭᠡᠷ᠂ ᠵᠦᠭᠡᠷ᠂ ᠠᠵᠢᠷᠭ᠎ᠠ ᠪᠠᠨ ᠬᠥᠳᠡᠯᠭᠡᠵᠦ ᠬᠥᠯᠥᠰᠥ ᠶ᠋ᠢ ᠨᠢ ᠡᠭᠰᠢᠭᠡ᠃ ᠬᠤᠷᠳᠤᠨ ᠪᠠᠢᠨ᠎ᠠ ᠠ᠋᠂ ᠬᠠᠷᠪᠤᠭᠰᠠᠨ ᠰᠤᠮᠤ ᠰᠢᠭ᠋ ᠁ ᠲᠠᠨ ᠤ᠋ ᠠᠳᠤᠭᠤ ᠬᠤᠷᠳᠤᠨ ᠰᠠᠷᠠᠯ ᠤᠳᠤᠮ ᠲᠠᠢ ᠶᠤᠮ ᠠ᠋᠃《ᠪᠤᠭᠤᠷᠴᠢ ᠶ᠋ᠢᠨ ᠰᠠᠷᠠᠯ》 ᠭᠡᠵᠦ ᠴᠤᠤ ᠲᠠᠢ ᠬᠤᠷᠳᠤᠨ ᠬᠦᠯᠦᠭ ᠪᠠᠢᠯ᠎ᠠ᠃ ᠪᠢ ᠲᠡᠷᠲᠡᠭᠡ ᠵᠢᠯ ᠲᠠᠨ ᠤ᠋ ᠠᠳᠤᠭᠤᠨ ᠳᠤᠮᠳᠠᠭᠤᠷ ᠶᠠᠪᠤᠵᠤ ᠪᠠᠢᠬᠤ ᠳ᠋ᠤ᠌ ᠣᠯᠠᠨ ᠥᠩᠭᠡ ᠵᠢᠰᠦᠨ ᠦ᠌ ᠠᠳᠤᠭᠤ ᠪᠠᠢᠭᠰᠠᠨ᠃ ᠰᠠᠷᠠᠯ ᠤ᠋ᠳ ᠢ᠋ ᠨᠢ ᠲᠡᠳᠦᠢ ᠯᠡ ᠣᠯᠵᠤ ᠬᠠᠷᠠᠭ᠎ᠠ ᠦᠭᠡᠢ᠃
— ᠰᠠᠷᠠᠯ ᠴᠦ᠍ ᠪᠠᠢᠬᠤ ᠨᠢ ᠪᠠᠢᠯ ᠦᠭᠡᠢ ᠶᠠᠭᠠᠬᠢᠬᠤ ᠪᠣᠢ᠃ ᠭᠡᠬᠦ ᠳ᠋ᠡᠭᠡᠨ ᠲᠡᠳᠦᠢ ᠯᠡ ᠣᠯᠠᠨ ᠦᠭᠡᠢ ᠠ᠋᠃ ᠲᠠᠨ ᠢ᠋ ᠨᠠᠢ᠍ᠮᠠᠨ ᠰᠢᠷᠭ᠎ᠠ ᠪᠠᠨ ᠠᠪᠤᠭᠠᠳ ᠮᠠᠨ ᠤ᠋ ᠨᠤᠲᠤᠭ ᠢ᠋ᠶ᠋ᠠᠷ ᠵᠠᠯᠠᠷᠠᠵᠤ ᠶᠠᠪᠤᠬᠤ ᠲᠡᠷᠡ ᠵᠢᠯ ᠪᠢ ᠡᠨᠡ ᠪᠤᠭᠤᠷᠴᠢ ᠬᠦᠦ ᠲᠡᠢ ᠪᠡᠨ ᠲᠦᠮᠡᠨ ᠲᠥᠪᠭᠦᠨ ᠦ᠌ ᠨᠠᠭᠠᠳᠤᠮ ᠳ᠋ᠤ᠌ ᠮᠣᠷᠢ ᠤᠷᠤᠯᠳᠤᠵᠤ᠂ ᠲᠡᠭᠡᠬᠦ ᠳ᠋ᠦ᠍ ᠵᠦᠷᠭᠢᠨ ᠦ᠌ ᠬᠢ ᠡᠴᠡ ᠨᠢᠭᠡ ᠬᠤᠷᠳᠤᠨ ᠪᠣᠷᠣ ᠦᠷᠢᠶ᠎ᠡ ᠠᠵᠢᠷᠭ᠎ᠠ ᠦᠨ᠎ᠡ ᠠᠯᠲᠠᠨ ᠬᠤᠳᠠᠯᠳᠤᠵᠤ ᠠᠪᠤᠭᠰᠠᠨ᠃ ᠲᠡᠭᠦᠨ ᠦ᠌ ᠦᠷ᠎ᠡ ᠲᠥᠯ᠂ ᠤᠳᠤᠮ ᠣᠯᠠᠨ ᠬᠤᠷᠳᠤᠨ ᠠᠳᠤᠭᠤ ᠭᠠᠷᠤᠭᠰᠠᠨ ᠶᠤᠮ ᠠ᠋᠃ ᠡᠨᠡ ᠰᠠᠷᠠᠯ ᠬᠠᠯᠢᠭᠤᠨ ᠲᠠᠪᠤᠳᠠᠬᠢ ᠤᠳᠤᠮ ᠤ᠋ᠨ ᠠᠳᠤᠭᠤ᠂ ᠵᠠᠯᠠᠭᠤ ᠠᠵᠢᠷᠭ᠎ᠠ ᠭᠡᠵᠦ ᠨᠠᠬᠤ ᠡᠪᠦᠭᠡᠨ ᠶᠠᠷᠢᠪᠠ᠃ ᠲᠡᠷᠡ ᠪᠡᠷ ᠦᠰᠦ ᠨᠢ ᠪᠠᠷᠤᠭ ᠴᠠᠭᠠᠨ ᠪᠣᠯᠵᠤ ᠨᠢᠷᠤᠭᠤ ᠨᠢ ᠪᠥᠭᠲᠥᠢᠵᠡᠢ᠃
ᠬᠠᠭᠠᠨ ᠬᠥᠬᠢᠭᠦᠨ ᠲᠠᠭᠠᠰᠢᠶᠠᠯ ᠲᠠᠢ ᠢᠨᠢᠶᠡᠵᠦ《ᠶᠡᠬᠡ ᠰᠠᠢᠨ᠂ ᠶᠡᠬᠡ ᠰᠠᠢᠨ》 ᠬᠡᠮᠡᠭᠡᠳ᠄
— ᠲᠠ ᠮᠢᠨᠢ ᠠ᠋᠂ ᠡᠨᠡ ᠵᠢᠭᠠᠯ ᠬᠦᠦ ᠳ᠋ᠦ᠍ ᠠᠮᠠᠨ ᠳ᠋ᠤᠨᠢ ᠬᠢᠴᠢᠬᠡᠬᠦ ᠠᠮᠲᠠ ᠲᠠᠢ ᠶᠠᠭᠤᠮ᠎ᠠ ᠪᠠᠢᠨ᠎ᠠ ᠤᠤ? ᠭᠡᠪᠡᠰᠦ᠄
— ᠪᠠᠢᠯ ᠦᠭᠡᠢ ᠶᠠᠭᠠᠬᠢᠬᠤ ᠪᠣᠢ᠂ ᠪᠠᠢᠯ ᠦᠭᠡᠢ ᠶᠠᠭᠠᠬᠢᠬᠤ ᠪᠣᠢ ᠭᠡᠵᠦ ᠳᠠᠭᠠᠯᠳᠤᠨ ᠶᠠᠪᠤᠭ᠎ᠠ ᠬᠢᠶ᠎ᠡ ᠨᠠᠷ ᠤᠭᠤᠲᠠᠨ ᠠ᠋ᠴᠠ ᠠᠳᠬᠤ ᠠᠳᠬᠤ ᠪᠠᠷ ᠠᠪᠴᠤ ᠤᠷᠤᠯᠳᠤᠭᠠᠨ ᠤ᠋ ᠲᠦᠷᠦᠭᠦᠦ ᠬᠦᠦ ᠳ᠋ᠦ᠍ ᠥᠭᠬᠦ ᠳ᠋ᠦ᠍ ᠬᠠᠭᠠᠨ᠄
— ᠡᠪᠦᠭᠡᠨ ᠳ᠋ᠦ᠍ ᠪᠠᠰᠠ ᠭᠡᠳ《ᠭᠦᠳ᠂ ᠭᠦᠳ》 ᠢᠨᠢᠶᠡᠪᠡ᠃
ᠡᠵᠡᠨ ᠦ᠌ ᠬᠡᠰᠢᠭ ᠪᠣᠣᠪᠣ᠂ ᠰᠢᠬᠢᠷ᠂ ᠵᠢᠮᠢᠰ ᠠᠪᠤᠭᠰᠠᠨ ᠨᠠᠬᠤ ᠡᠪᠦᠭᠡᠨ᠄
— ᠡᠵᠡᠨ ᠦ᠌ ᠬᠡᠰᠢᠭ ᠲᠦ᠍ ᠭᠢᠯᠠᠢᠯ᠎ᠠ ᠭᠡᠪᠡ᠃
— ᠲᠠ ᠪᠣᠯᠤᠭᠠᠳ ᠲᠠᠨ ᠤ᠋ ᠬᠦᠦ ᠪᠤᠭᠤᠷᠴᠢ ᠡᠨᠡ ᠲᠥᠷᠥ ᠤᠯᠤᠰ ᠢ᠋ ᠪᠠᠢᠭᠤᠯᠬᠤ ᠳ᠋ᠤ᠌ ᠶᠡᠬᠡᠬᠡᠨ ᠬᠦᠴᠦᠨ ᠵᠢᠳᠬᠦᠵᠦ ᠣᠨᠴᠠᠭᠠᠢ ᠭᠠᠪᠢᠶ᠎ᠠ ᠪᠠᠢᠭᠤᠯᠤᠭᠰᠠᠨ ᠢ᠋ ᠲᠣᠭᠠᠴᠢᠵᠤ ᠪᠠᠷᠠᠬᠤ ᠠᠷᠭ᠎ᠠ ᠦᠭᠡᠢ᠃ ᠡᠢᠮᠦ ᠡᠴᠡ ᠪᠢ ᠪᠣᠭᠤᠷᠴᠢ ᠳ᠋ᠤ᠌ ᠮᠢᠩᠭᠠᠨ ᠡᠷᠦᠬᠡ ᠢᠷᠭᠡᠨ ᠲᠠᠰᠤᠳᠠᠵᠤ ᠥᠭᠭᠦᠭᠰᠡᠨ᠃ ᠴᠠᠭᠠᠰᠢᠳᠠ ᠮᠣᠩᠭᠣᠯ ᠤ᠋ᠨ ᠲᠥᠷᠥ ᠤᠯᠤᠰ ᠢ᠋ ᠤᠯᠠᠮ ᠲᠦᠪᠰᠢᠳᠬᠡᠨ ᠲᠣᠭᠲᠠᠭᠠᠬᠤ ᠠᠵᠢᠯ ᠪᠣᠢ᠃ ᠤᠯᠤᠰ ᠭᠡᠷ ᠢ᠋ ᠪᠠᠢᠭᠤᠯᠬᠤ ᠳ᠋ᠤ᠌ ᠬᠥᠮᠦᠨ ᠪᠦᠷᠢ ᠶ᠋ᠢᠨ ᠬᠦᠴᠦᠨ ᠵᠢᠳᠬᠦᠯ ᠴᠢᠬᠤᠯᠠ ᠭᠡᠵᠦ ᠬᠠᠭᠠᠨ ᠠᠢᠯᠠᠳᠪᠠᠰᠤ᠄
— ᠴᠢᠩᠭᠢᠰ ᠬᠠᠭᠠᠨ ᠤ᠋ ᠠᠯᠳᠠᠷ ᠪᠠᠳᠠᠷᠠᠲᠤᠭᠠᠢ! ᠭᠡᠵᠦ ᠡᠨᠡ ᠣᠷᠴᠢᠨ ᠤ᠋ ᠪᠦᠬᠦᠨ ᠰᠥᠭᠥᠳᠬᠦ ᠳ᠋ᠦ᠍ ᠨᠢ᠄
— ᠪᠣᠭᠣᠷᠴᠢ᠂ ᠠᠪᠤ ᠶ᠋ᠢ ᠪᠡᠨ ᠨᠤᠲᠤᠭ ᠪᠤᠴᠠᠬᠤ ᠠ᠋ᠴᠠ ᠡᠮᠦᠨ᠎ᠡ ᠨᠠᠳᠠ ᠲᠠᠢ ᠠᠭᠤᠯᠵᠠᠭᠤᠯᠤᠭᠠᠷᠠᠢ! ᠭᠡᠳ ᠬᠠᠭᠠᠨ ᠢ᠋ᠶ᠋ᠠᠷ ᠮᠣᠷᠢᠨ ᠤ᠋ ᠠᠮᠠ ᠶ᠋ᠢ ᠵᠠᠯᠠᠨ ᠬᠥᠳᠡᠯᠪᠡ᠃ ᠴᠠᠭᠠᠰᠢ ᠨᠠᠭᠠᠳᠤᠮ ᠤ᠋ᠨ ᠲᠠᠯᠠᠪᠠᠢ ᠪᠠᠷ ᠶᠠᠪᠤᠵᠤ᠂ ᠰᠦᠷᠴᠢᠳ ᠢ᠋ᠶ᠋ᠡᠷ ᠳᠠᠭᠠᠷᠢᠭᠠᠳ ᠪᠥᠬᠡ ᠶ᠋ᠢᠨ ᠠᠰᠠᠷ ᠲᠤ ᠢᠷᠡᠪᠡ᠃ ᠠᠢᠮᠠᠭ ᠣᠲᠣᠭ ᠪᠦᠷᠢ ᠡᠴᠡ ᠰᠢᠯᠭᠠᠷᠠᠭᠰᠠᠨ ᠵᠠᠭᠤᠨ ᠬᠣᠷᠢᠨ ᠨᠠᠢ᠍ᠮᠠᠨ ᠪᠥᠬᠡ ᠡᠴᠡ ᠠᠷᠪᠠᠨ ᠵᠢᠷᠭᠤᠭᠠᠨ ᠪᠥᠬᠡ ᠪᠠᠷᠢᠯᠳᠤᠵᠤ ᠳᠠᠭᠤᠰᠤᠭᠠᠳ ᠰᠢᠪᠦᠭᠡ ᠶ᠋ᠢᠨ ᠨᠠᠢ᠍ᠮᠠᠨ ᠪᠥᠬᠡ ᠭᠠᠷᠴᠤ ᠢᠷᠡᠵᠦ ᠲᠠᠪᠢᠨ ᠰᠢᠪᠠᠨ ᠠᠪᠠᠢ᠃
ᠬᠠᠭᠠᠨ ᠤ᠋ ᠲᠠᠨᠢᠬᠤ ᠪᠥᠬᠡ ᠲᠡᠳᠦᠢᠯᠡ ᠦᠭᠡᠢ᠂ ᠵᠠᠯᠠᠭᠤ ᠪᠥᠬᠡ ᠨᠠᠷ ᠬᠠᠷᠠᠭᠳᠠᠵᠤ ᠪᠠᠢᠨ᠎ᠠ᠃ ᠬᠠᠷᠢᠨ ᠲᠠᠨᠢᠬᠤ ᠠ᠋ᠴᠠ ᠭᠡᠪᠡᠯ ᠪᠣᠭᠤᠷᠴᠢ ᠶ᠋ᠢᠨ ᠬᠦᠦ ᠥᠭᠡᠯᠡᠨ ᠴᠡᠷᠪᠢ ᠡᠨᠡ ᠵᠢᠯ ᠬᠣᠷᠢᠨ ᠶᠢᠰᠦᠨ ᠨᠠᠰᠤ ᠲᠠᠢ ᠢᠳᠡ ᠰᠠᠢᠨ ᠪᠠᠷᠢᠯᠳᠤᠵᠤ ᠶᠠᠪᠤᠭ᠎ᠠ᠂ ᠪᠤᠰᠤᠳ ᠢ᠋ ᠪᠡᠨ ᠪᠣᠳᠣᠪᠠᠯ ᠪᠡᠶ᠎ᠡ ᠵᠢᠵᠢᠭ ᠠᠵᠢ᠃ ᠥᠭᠡᠷ᠎ᠡ ᠲᠠᠨᠢᠬᠤ ᠠ᠋ᠴᠠ ᠪᠦᠷᠢ ᠶ᠋ᠢᠨ ᠬᠦᠦ ᠯᠠᠭᠰᠠ᠂ ᠡᠴᠢᠭᠡ ᠨᠢ ᠤᠯᠤᠰ ᠤ᠋ᠨ ᠲᠡᠷᠢᠭᠦᠨ ᠪᠥᠬᠡ ᠪᠠᠢᠪᠠ᠃ ᠬᠠᠭᠠᠨ ᠢ᠋ᠶ᠋ᠠᠷ ᠣᠢᠷᠠᠯᠴᠠᠭ᠎ᠠ ᠰᠠᠭᠤᠭ᠎ᠠ ᠪᠡᠯᠭᠦᠳᠡᠢ ᠡᠴᠡ᠄
— ᠬᠦᠦ ᠴᠢᠨᠢ ᠪᠠᠷᠢᠯᠳᠤᠭᠰᠠᠨ ᠤᠤ? ᠭᠡᠵᠦ ᠠᠰᠠᠭᠤᠬᠤ ᠳ᠋ᠤ᠌ ᠲᠡᠷᠡ ᠪᠡᠷ ᠤᠷᠮ᠎ᠠ ᠦᠭᠡᠢᠬᠡᠨ᠄
— ᠪᠠᠷᠢᠯᠳᠤᠭᠠᠳ ᠭᠤᠷᠪᠠ ᠶ᠋ᠢᠨ ᠳᠠᠪᠠᠭᠠᠨ ᠳ᠋ᠤ᠌ ᠤᠨᠠᠴᠢᠬᠠᠭᠰᠠᠨ ᠪᠠᠢᠨ᠎ᠠ ᠯᠠ ᠭᠡᠵᠦ ᠬᠠᠷᠢᠭᠤᠯᠪᠠ᠃
— ᠬᠠᠰᠠᠷ ᠤ᠋ᠨ ᠬᠢ? ᠭᠡᠪᠡᠯ᠄
— ᠪᠠᠰᠠ ᠯᠠ ᠠᠳᠠᠯᠢ᠃
— ᠣᠷᠣᠭᠰᠢ ᠨᠢ ᠲᠠᠰᠤᠷᠠᠮᠠᠷ ᠤ᠋ᠳ᠃ ᠪᠠᠵᠠᠭᠠᠬᠤ ᠦᠭᠡᠢ ᠨᠢ ᠠ᠋᠃ ᠵᠠ ᠶᠠᠭᠠᠬᠢᠬᠤ ᠪᠣᠢ ᠭᠡᠵᠦ ᠬᠠᠭᠠᠨ ᠥᠪᠡᠷ ᠢ ᠪᠡᠨ ᠲᠠᠢᠪᠤᠰᠢᠷᠠᠭᠤᠯᠬᠤ ᠶᠠᠩᠵᠤ ᠲᠠᠢ ᠬᠡᠯᠡᠭᠡᠳ ᠪᠠᠷᠢᠯᠳᠤᠵᠤ ᠪᠠᠢᠭ᠎ᠠ ᠰᠢᠪᠦᠭᠡ ᠶ᠋ᠢᠨ ᠳᠥᠷᠪᠡ ᠤᠷᠤᠭᠤ ᠬᠠᠷᠠᠭ᠎ᠠ ᠪᠠᠨ ᠬᠠᠨᠳᠤᠭᠤᠯᠪᠠ᠃ ᠲᠡᠭᠡᠲᠡᠯ᠎ᠡ ᠥᠭᠡᠯᠡᠨ ᠴᠡᠷᠪᠢ ᠤᠨᠠᠴᠢᠬᠠᠬᠤ ᠳ᠋ᠤᠨᠢ ᠬᠠᠭᠠᠨ ᠢ᠋ᠶ᠋ᠠᠷ《ᠵᠧ᠂ ᠪᠠᠷᠠᠭᠰᠠᠨ ᠦᠭᠡᠢ ᠤᠤ!》 ᠭᠡᠵᠦ ᠤᠤᠯᠭ᠎ᠠ ᠠᠯᠲᠠᠨ ᠡᠪᠦᠳᠦᠭ ᠢ᠋ᠶ᠋ᠡᠨ ᠠᠯᠠᠭᠠᠳᠠᠪᠠ᠃
ᠦᠯᠡᠳᠡᠭᠰᠡᠨ ᠬᠣᠶᠠᠷ ᠶᠡᠬᠡᠬᠡᠨ ᠲᠡᠮᠡᠴᠡᠯ ᠲᠡᠢ ᠨᠣᠴᠣᠯᠳᠤᠵᠤ᠂ ᠪᠦᠷᠢ ᠶ᠋ᠢᠨ ᠬᠦᠦ ᠬᠠᠶᠠᠯ᠎ᠠ᠃ ᠲᠡᠭᠡᠲᠡᠯ᠎ᠡ ᠨᠠᠭᠠᠳᠤᠮ ᠵᠣᠬᠢᠶᠠᠨ ᠪᠠᠢᠭᠤᠯᠤᠭᠴᠢ᠄
— ᠮᠠᠷᠭᠠᠰᠢ ᠶᠡᠬᠡ ᠨᠠᠰᠤᠨ ᠤ᠋ ᠮᠣᠷᠢᠳ ᠤ᠋ᠨ ᠤᠷᠤᠯᠳᠤᠭᠠᠨ ᠤ᠋ ᠳᠠᠷᠠᠭ᠎ᠠ ᠦᠵᠦᠭᠦᠷ ᠲᠦᠷᠦᠭᠦᠦ ᠬᠣᠶᠠᠷ ᠪᠥᠬᠡ ᠪᠠᠷᠢᠯᠳᠤᠨ᠎ᠠ ᠭᠡᠵᠦ ᠠᠮᠠᠨ ᠳ᠋ᠠᠭᠠᠨ ᠳᠠᠭᠤ ᠴᠢᠩᠭᠠᠷᠠᠭᠤᠯᠤᠭᠴᠢ ᠬᠣᠭᠣᠯᠠᠢ ᠪᠠᠷᠢᠨ ᠵᠠᠷᠯᠠᠪᠠ᠃
ᠬᠠᠭᠠᠨ ᠮᠣᠷᠢᠨ ᠳ᠋ᠠᠭᠠᠨ ᠵᠠᠯᠠᠷᠠᠵᠤ ᠡᠭᠡᠯᠵᠢ ᠶ᠋ᠢᠨ ᠭᠤᠷᠪᠠᠨ ᠬᠡᠪᠲᠡᠭᠦᠯ ᠴᠡᠷᠢᠭ ᠲᠡᠢ ᠪᠡᠨ ᠣᠢᠷᠠᠬᠠᠨ ᠣᠷᠣᠰᠢᠬᠤ ᠤᠨᠤᠨ ᠭᠣᠣᠯ ᠤ᠋ᠨ ᠬᠥᠪᠡᠭᠡ ᠪᠡᠷ ᠰᠠᠯᠬᠢ ᠲᠠᠲᠠᠭᠤᠯᠤᠨ ᠬᠠᠲᠠᠷᠢᠭᠤᠯᠪᠠᠰᠤ ᠮᠢᠷᠠᠯᠵᠠᠬᠤ ᠳᠣᠯᠭᠢᠶᠠᠨ ᠳᠡᠭᠡᠷ᠎ᠡ ᠨᠢ ᠨᠠᠷᠠᠨ ᠲᠣᠰᠴᠤ ᠠᠯᠲᠠᠯᠢᠭ᠂ ᠮᠥᠩᠭᠥᠯᠢᠭ ᠲᠤᠶᠠᠭ᠎ᠠ ᠰᠠᠴᠤᠷᠠᠬᠤᠢ ᠯᠤᠭ᠎ᠠ ᠰᠡᠳᠬᠢᠯ ᠰᠠᠭᠠᠲᠠᠵᠤ᠂ ᠮᠣᠷᠢᠨ ᠤ᠋ ᠪᠠᠨ ᠠᠮᠠ ᠶ᠋ᠢ ᠲᠡᠳᠡᠨ ᠠᠯᠭᠤᠷᠯᠠᠵᠤ ᠶᠠᠪᠤᠭᠰᠠᠨ ᠢ᠋ᠶ᠋ᠠᠨ ᠮᠣᠷᠢᠨ ᠠ᠋ᠴᠠ ᠪᠠᠨ ᠪᠠᠭᠤᠵᠤ ᠭᠣᠣᠯ ᠤ᠋ᠨ ᠬᠥᠪᠡᠭᠡ ᠳᠡᠭᠡᠷ᠎ᠡ ᠡᠷᠭᠢ ᠰᠠᠨᠳᠠᠢᠯᠠᠨ ᠰᠠᠭᠤᠪᠠ᠃ ᠪᠠᠭ᠎ᠠ ᠨᠠᠰᠤᠨ ᠳ᠋ᠠᠭᠠᠨ ᠡᠨᠡ ᠥᠭᠭᠢᠶᠡᠮᠦᠷ ᠤᠰᠤᠨ ᠠ᠋ᠴᠠ ᠵᠢᠭᠠᠰᠤ ᠰᠡᠷᠡᠭᠡᠳᠡᠵᠦ᠂ ᠳᠡᠭᠡᠭᠦᠷ ᠨᠢ ᠴᠢᠯᠠᠭᠤ ᠬᠠᠶᠠᠨ ᠬᠠᠯᠭᠢᠭᠤᠯᠵᠤ᠂ ᠡᠪᠦᠯ ᠨᠢ ᠮᠥᠰᠥᠨ ᠳᠡᠭᠡᠷ᠎ᠡ ᠨᠢ ᠭᠤᠯᠭᠤᠵᠤ ᠮᠥᠰᠥ ᠭᠤᠯᠭᠤᠭᠤᠯᠤᠨ ᠬᠠᠷᠪᠤᠯᠴᠠᠵᠤ ᠣᠨᠣᠭᠠᠵᠤ᠂ ᠠᠯᠳᠠᠵᠤ ᠶᠠᠪᠤᠭᠰᠠᠨ ᠨᠢ ᠰᠠᠨᠠᠭᠳᠠᠨ《ᠵᠠᠮᠤᠬ᠎ᠠ!》 ᠭᠡᠮᠡᠨ ᠠᠮᠠᠨ ᠳ᠋ᠠᠭᠠᠨ ᠰᠢᠪᠡᠨᠡᠨ ᠥᠪᠡᠷ ᠢ᠋ᠶ᠋ᠡᠨ ᠥᠪᠡᠷ ᠲᠡᠭᠡᠨ ᠬᠡᠯᠡᠪᠡ᠃
ᠭᠤᠷᠪᠠᠨ ᠴᠡᠷᠢᠭ ᠬᠠᠭᠠᠨ ᠠ᠋ᠴᠠ ᠲᠤᠰ ᠲᠤᠰ ᠲᠠᠭᠠᠨ ᠬᠣᠷᠢᠭᠠᠳ ᠠᠯᠬᠤᠮ ᠤ᠋ᠨ ᠵᠠᠢ ᠲᠠᠢ ᠭᠤᠷᠪᠠᠨ ᠲᠠᠯ᠎ᠠ ᠳ᠋ᠤᠨᠢ ᠶᠡᠬᠡ ᠯᠡ ᠰᠡᠷᠡᠮᠵᠢ ᠲᠡᠢ ᠬᠠᠷᠠᠭᠤᠯᠳᠠᠨ ᠵᠣᠭᠰᠣᠨ᠎ᠠ᠃ ᠬᠠᠭᠠᠨ ᠢ᠋ᠶ᠋ᠠᠷ᠄
《ᠭᠤᠴᠢᠨ ᠵᠢᠯ᠁ ᠶᠠᠭ ᠭᠤᠴᠢᠨ ᠵᠢᠯ᠁
ᠬᠠᠮᠤᠭ ᠤᠯᠤᠰ ᠢ᠋ᠶ᠋ᠠᠨ ᠪᠠᠢᠭᠤᠯᠬᠤ ᠳ᠋ᠠᠭᠠᠨ
ᠬᠠᠷ᠎ᠠ ᠲᠣᠯᠣᠭᠠᠢ ᠪᠠᠨ ᠬᠠᠢᠷᠠᠯᠠᠯ ᠦᠭᠡᠢ
ᠬᠠᠯᠠᠭᠤᠨ ᠴᠢᠰᠤ ᠪᠠᠨ ᠭᠠᠮᠨᠠᠯ ᠦᠭᠡᠢ
ᠬᠠᠮᠬᠢᠬᠤ ᠨᠢᠳᠦ ᠪᠡᠨ ᠠᠨᠢᠯ ᠦᠭᠡᠢ
ᠭᠠᠷ ᠤ᠋ᠨ ᠬᠠᠨᠴᠤᠢ ᠪᠠᠨ ᠳᠡᠷᠡᠯᠡᠵᠦ
ᠭᠠᠳᠠᠭᠠᠳᠤ ᠬᠣᠷᠮᠣᠢ ᠪᠠᠨ ᠳᠡᠪᠢᠰᠴᠦ
ᠰᠢᠯᠦᠰᠦᠨ ᠦ᠌ ᠪᠡᠨ ᠬᠥᠭᠡᠰᠦ ᠪᠡᠷ ᠤᠮᠳᠠᠭᠠᠯᠠᠵᠤ
ᠰᠢᠳᠦᠨ ᠦ᠌ ᠪᠡᠨ ᠮᠢᠬ᠎ᠠ ᠪᠠᠷ ᠬᠣᠭᠣᠯᠠᠯᠠᠵᠤ
ᠮᠠᠩᠨᠠᠢ ᠶ᠋ᠢᠨ ᠬᠥᠯᠥᠰᠥ ᠪᠡᠨ ᠭᠣᠭᠣᠵᠢᠲᠠᠯ᠎ᠠ
ᠮᠠᠴᠤᠨ ᠴᠢᠷᠮᠠᠢᠨ ᠶᠠᠪᠤᠵᠤ
ᠣᠯᠠᠨ ᠤ᠋ ᠬᠥᠯᠥᠰᠥ ᠪᠡᠨ ᠤᠷᠤᠰᠲᠠᠯ᠎ᠠ
ᠤᠯᠤᠰ ᠢ᠋ᠶ᠋ᠠᠨ ᠬᠣᠷᠢᠶᠠᠨ ᠶᠠᠪᠤᠵᠤ ᠳᠠ᠃
ᠰᠠᠢᠨ ᠠᠨᠳᠠ ᠨᠥᠬᠥᠳ ᠮᠢᠨᠢ
ᠰᠠᠮᠠᠭᠤᠷᠠᠵᠤ ᠤᠷᠪᠠᠵᠤ ᠬᠥᠷᠪᠡᠭᠰᠡᠨ ᠴᠦ᠍ ᠪᠣᠢ
ᠰᠠᠢᠬᠠᠨ ᠠᠪᠠᠭ᠎ᠠ ᠠᠬ᠎ᠠ ᠨᠠᠷ ᠮᠢᠨᠢ
ᠳᠠᠢᠰᠤᠨ ᠪᠣᠯᠵᠤ ᠬᠤᠪᠢᠷᠠᠭᠰᠠᠨ ᠴᠦ᠍ ᠪᠣᠢ
ᠭᠠᠷᠤᠵᠠ ᠬᠣᠬᠢᠷᠠᠯ ᠶᠡᠬᠡ ᠲᠡᠢ ᠴᠦ᠍
ᠭᠠᠯ ᠭᠣᠯᠣᠮᠲᠠ ᠪᠠᠨ ᠪᠤᠰᠬᠠᠯ᠎ᠠ᠃
ᠠᠯᠳᠠᠵᠤ ᠶᠠᠭᠠᠬᠢᠭᠰᠠᠨ ᠴᠦ᠍ ᠪᠣᠯᠬᠤ ᠦᠭᠡᠢ
ᠠᠯᠲᠠᠨ ᠲᠥᠷᠥ ᠶ᠋ᠢ ᠪᠠᠢᠭᠤᠯᠤᠯ᠎ᠠ᠃
ᠳᠠᠷᠠᠭ᠎ᠠ ᠳᠠᠷᠠᠭ᠎ᠠ ᠶ᠋ᠢᠨ ᠭᠤᠴᠢᠨ ᠵᠢᠯ
ᠳᠠᠭᠠᠷᠢᠵᠤ ᠥᠩᠭᠡᠷᠡᠬᠦ ᠣᠨ ᠵᠢᠯ ᠦ᠋ᠳ ᠲᠦ᠍
ᠳᠠᠪᠠᠭ᠎ᠠ ᠥᠨᠳᠥᠷ ᠪᠣᠯᠪᠠᠴᠤ ᠳᠠᠪᠠᠶᠤ
ᠤᠰᠤ ᠭᠦᠨ ᠪᠣᠯᠪᠠᠴᠤ ᠭᠠᠲᠤᠯᠤᠶᠤ
ᠤᠯᠤᠰ ᠮᠣᠩᠭᠣᠯ ᠢ᠋ᠶ᠋ᠠᠨ ᠮᠠᠨᠳᠤᠭᠤᠯᠤᠶ᠎ᠠ ᠬᠡᠮᠡᠪᠡᠰᠦ
ᠤᠬᠠᠭᠠᠨᠲᠤ ᠲᠥᠷᠥ ᠪᠡᠨ ᠪᠠᠲᠤᠯᠠᠰᠤ
ᠬᠥᠬᠡ ᠮᠣᠩᠭᠣᠯ ᠢ᠋ᠶ᠋ᠠᠨ ᠪᠡᠬᠢᠵᠢᠭᠦᠯᠦᠶ᠎ᠡ ᠬᠡᠮᠡᠪᠡᠰᠦ
ᠬᠦᠴᠦᠷᠬᠡᠭ ᠲᠥᠷᠥ ᠪᠡᠨ ᠪᠠᠲᠤᠳᠬᠠᠰᠤ》 ᠭᠡᠮᠡᠨ ᠰᠡᠳᠬᠢᠵᠦ ᠤᠰᠤᠨ ᠤ᠋ ᠬᠠᠯᠭᠢᠶ᠎ᠠ ᠰᠢᠷᠳᠡᠨ ᠰᠠᠭᠤᠪᠠᠰᠤ ᠭᠣᠣᠯ ᠤ᠋ᠨ ᠮᠠᠨᠳᠠᠯ ᠳᠡᠭᠡᠷ᠎ᠡ ᠪᠠᠭᠤᠭᠰᠠᠨ ᠢᠯᠠᠭ᠎ᠠ ᠪᠠᠲᠠᠭᠠᠨ᠎ᠠ ᠮᠡᠲᠦ ᠶ᠋ᠢᠨ ᠵᠢᠵᠢᠭ ᠠᠮᠢᠲᠠᠳ ᠢ᠋ ᠳᠣᠣᠷ᠎ᠠ ᠠ᠋ᠴᠠ ᠡᠨᠳᠡ ᠲᠡᠨᠳᠡ ᠦᠭᠡᠢ ᠱᠣᠪᠣᠰ ᠱᠣᠪᠣᠰ ᠦᠰᠦᠷᠦᠨ ᠡᠮᠬᠦᠬᠦ《ᠱᠣᠯ᠂ ᠱᠥᠯ》 ᠭᠡᠰᠡᠨ ᠴᠢᠮᠡᠭᠡ ᠶ᠋ᠢ ᠦᠵᠡᠵᠦ ᠰᠣᠨᠣᠰᠤᠭᠠᠳ ᠢᠨᠢᠶᠡᠳᠦ ᠠᠯᠲᠠᠨ ᠬᠠᠵᠠᠭᠤ ᠠ᠋ᠴᠠ ᠪᠠᠨ ᠬᠠᠪᠲᠠᠭᠠᠢ ᠪᠢᠴᠢᠬᠠᠨ ᠴᠢᠯᠠᠭᠤ ᠠᠪᠴᠤ ᠪᠣᠰᠤᠭᠠᠳ᠂ ᠬᠡᠦᠬᠡᠳ ᠠᠳᠠᠯᠢ ᠭᠣᠣᠯ ᠤ᠋ᠨ ᠮᠠᠨᠳᠠᠯ ᠳᠡᠭᠡᠭᠦᠷ ᠬᠠᠪᠤᠭᠤᠯᠤᠨ ᠰᠢᠳᠡᠵᠦ ᠥᠰᠥᠷᠬᠡᠨ ᠵᠦᠭ ᠦᠭᠡᠢᠳᠡᠭᠡᠳ ᠮᠣᠷᠢ ᠪᠠᠨ ᠬᠥᠲᠥᠯᠦᠨ ᠬᠡᠳᠦ ᠠᠯᠬᠤᠭᠰᠠᠨ ᠢ᠋ᠶ᠋ᠠᠨ ᠮᠣᠷᠳᠠᠵᠤ ᠭᠡᠷ ᠦ᠋ᠨ ᠵᠦᠭ ᠬᠥᠳᠡᠯᠪᠡ᠃ ᠦᠳᠡᠰᠢ ᠨᠢ ᠵᠠᠷᠯᠢᠭ ᠶᠣᠰᠣᠭᠠᠷ ᠨᠠᠢᠷ ᠴᠡᠩᠭᠡᠭᠡᠨ ᠳ᠋ᠡᠭᠡᠨ ᠬᠤᠷᠠᠨ ᠴᠤᠭᠯᠠᠷᠠᠵᠤ᠂ ᠡᠵᠡᠨ ᠬᠠᠭᠠᠨ ᠠ᠋ᠴᠠ ᠡᠬᠢᠯᠡᠭᠡᠳ ᠡᠷᠬᠡᠲᠦ ᠲᠥᠷᠥ ᠶ᠋ᠢᠨ ᠲᠦᠰᠢᠶ᠎ᠡ᠂ ᠨᠣᠶᠠᠳ ᠬᠠᠲᠤᠳ᠂ ᠰᠠᠭᠤᠳᠠᠯ ᠢ᠋ᠶ᠋ᠠᠨ ᠡᠵᠡᠯᠡᠪᠡ᠃ ᠲᠠᠯᠪᠢᠭᠤᠷ ᠰᠢᠷᠡᠭᠡ ᠪᠦᠬᠦᠨ ᠳᠡᠭᠡᠷ᠎ᠡ ᠰᠢᠷ᠎ᠠ ᠲᠣᠰᠣᠨ ᠵᠤᠯᠠ ᠠᠰᠠᠵᠤ᠂ ᠭᠡᠷᠡᠯ ᠭᠡᠭᠡ ᠲᠣᠳᠣ ᠠᠭᠠᠳ ᠰᠣᠳᠣᠨ ᠬᠤᠷᠴᠠ ᠦᠨᠦᠷ ᠨᠢ ᠠᠩᠬᠢᠯᠤᠮ᠎ᠠ ᠢᠯᠭᠠᠷᠠᠮᠤᠢ᠃ ᠶᠡᠷᠦ ᠨᠢ ᠡᠨᠳᠡ ᠠᠷᠴᠠ ᠠᠭᠢ ᠠ᠋ᠴᠠ ᠡᠬᠢᠯᠡᠭᠡᠳ ᠠᠮᠲᠠᠲᠤ ᠢᠳᠡᠭᠡ᠂ ᠦᠵᠦᠮ ᠰᠢᠬᠢᠷ᠂ ᠳᠠᠷᠠᠰᠤ ᠰᠠᠷᠬᠤᠳ ᠤ᠋ᠨ ᠡᠯᠳᠡᠪ ᠦᠨᠦᠷ ᠬᠣᠯᠢᠯᠳᠤᠭᠰᠠᠨ ᠠᠵᠤᠭᠤ᠃
ᠨᠠᠢᠷ ᠤ᠋ᠨ ᠡᠬᠢᠨ ᠳ᠋ᠦ᠍ ᠮᠣᠷᠢᠨ ᠬᠤᠭᠤᠷᠴᠢᠳ ᠣᠷᠣᠵᠤ ᠢᠷᠡᠵᠦ ᠬᠦᠩᠭᠢᠨᠡᠭᠦᠯᠦᠨ ᠳᠦᠩᠭᠢᠨᠡᠭᠦᠯᠦᠨ ᠲᠠᠲᠠᠵᠤ ᠡᠭᠡᠰᠢᠭᠯᠡᠭᠦᠯᠬᠦᠢ ᠬᠦᠳᠡᠷ ᠰᠠᠢᠬᠠᠨ ᠡᠷᠡᠴᠦᠳ ᠠᠶ᠎ᠠ ᠳᠠᠭᠤᠤ ᠡᠷᠭᠦᠨ᠂ ᠢᠷᠦᠭᠡᠯ ᠮᠠᠭᠲᠠᠭᠠᠯ ᠬᠠᠢᠯᠤᠨ ᠬᠠᠢᠪᠠᠨᠠ᠃ ᠭᠣᠶᠣᠮᠰᠣᠭ ᠨᠠᠮᠢᠷᠠᠭᠰᠠᠨ ᠬᠤᠪᠴᠠᠰᠤ ᠲᠠᠢ ᠪᠦᠵᠢᠭᠴᠢᠳ᠂ ᠳᠠᠭᠤᠴᠢᠨ ᠪᠦᠰᠡᠭᠦᠢᠴᠦᠦᠯ ᠵᠠᠪᠰᠠᠷ ᠵᠠᠢ ᠶ᠋ᠢ ᠴᠢᠮᠡᠨ᠂ ᠬᠥᠷ ᠬᠥᠭᠵᠢᠶᠡᠨ ᠳᠦᠭᠦᠷᠡᠩ᠃
ᠠᠮᠲᠠᠲᠤ ᠲᠠᠩᠰᠤᠭ ᠪᠦᠬᠦᠨ ᠦ᠌ ᠳᠡᠭᠡᠷ᠎ᠡ ᠠᠢᠷᠠᠭ ᠰᠠᠷᠬᠤᠳ ᠤ᠋ᠨ ᠬᠠᠴᠠᠷ ᠠᠮᠠ ᠬᠠᠯᠠᠬᠤ ᠲᠡᠰᠢ ᠳᠦᠩᠭᠢᠨᠡᠯᠳᠦᠨ ᠢᠨᠢᠶᠡᠬᠦ᠂ ᠬᠣᠢᠮᠣᠷ ᠡᠲᠡᠭᠡᠳ ᠲᠦ᠍ ᠴᠢᠩᠭᠢᠰ ᠡᠵᠡᠨ ᠯᠦᠭᠯᠦᠢᠨ ᠰᠠᠭᠤᠵᠤ ᠬᠠᠶᠠ ᠬᠠᠶᠠ ᠰᠠᠷᠬᠤᠳ ᠲᠤ ᠠᠮᠠ ᠬᠦᠷᠬᠦ ᠲᠡᠳᠦᠢ᠂ ᠪᠦᠭᠦᠳᠡ ᠶ᠋ᠢ ᠠᠵᠢᠨ ᠵᠠᠯᠠᠷᠠᠬᠤ ᠠᠵᠢ᠃ ᠲᠡᠷᠡᠭᠦᠬᠡᠨ ᠬᠠᠪᠢ ᠳ᠋ᠠᠭᠠᠨ ᠨᠣᠶᠠᠳ ᠲᠥᠰᠢᠶ᠎ᠡ ᠲᠡᠢ ᠦᠭᠡ ᠰᠣᠯᠢᠨ ᠬᠠᠶᠠ ᠬᠠᠶᠠ ᠪᠠᠰᠠ《ᠬᠠ ᠬᠠ》 ᠬᠥᠬᠥᠷᠡᠨ ᠢᠨᠢᠶᠡᠬᠦ ᠠᠪᠠᠢ᠃ ᠴᠢᠩᠭᠢᠰ ᠬᠠᠭᠠᠨ ᠤᠷᠢᠳᠤ ᠡᠮᠦᠨ᠎ᠡ ᠬᠠᠶᠠ ᠲᠣᠬᠢᠶᠠᠯᠳᠤᠬᠤ ᠨᠠᠢᠷ ᠬᠤᠷᠢᠮ ᠳ᠋ᠤ᠌ ᠬᠥᠯᠴᠥᠭᠰᠡᠨ ᠰᠢᠳᠠᠷ ᠲᠦᠰᠢᠶ᠎ᠡ ᠪᠡᠨ《ᠠᠷᠢᠬᠢ ᠤᠤᠭᠤᠯ᠎ᠠ》 ᠭᠡᠵᠦ ᠵᠢᠮᠡᠯᠡᠵᠦ ᠪᠠᠢᠭᠰᠠᠨ ᠤᠳᠠᠭ᠎ᠠ ᠦᠭᠡᠢ᠃ ᠴᠠᠭᠠᠳᠤᠭᠤᠯᠠ ᠨᠢ ᠴᠦ᠍ ᠡᠵᠡᠨ ᠡᠴᠡ ᠪᠡᠨ ᠠᠶᠤᠬᠤ ᠬᠦᠨᠳᠦᠯᠡᠬᠦ ᠵᠡᠷᠭᠡᠴᠡᠭᠦᠯᠦᠨ ᠲᠤᠩ ᠴᠦ᠍ ᠳᠠᠷᠤᠤᠬᠠᠨ ᠪᠠᠢᠳᠠᠭ ᠠᠵᠢ᠃ ᠥᠨᠥ ᠣᠷᠣᠢ ᠦᠨᠡᠬᠡᠷ ᠶᠡᠬᠡ ᠡᠵᠡᠨᠲᠦ ᠤᠯᠤᠰ ᠤ᠋ᠨ ᠰᠦᠷ ᠬᠦᠴᠦᠨ ᠳ᠋ᠦ᠍ ᠬᠥᠭᠡᠷᠦᠭᠰᠡᠨ ᠡᠷᠬᠢᠮ ᠳᠡᠭᠡᠳᠦᠰ ᠶᠡᠷᠦ ᠨᠢ ᠤᠤᠭᠤᠬᠤ᠂ ᠳᠤᠤᠭᠠᠷᠬᠤ ᠮᠠᠶᠢᠭ ᠲᠠᠢ᠂ ᠡᠨᠳᠡ ᠲᠡᠨᠳᠡ ᠦᠭᠡᠢ ᠴᠢᠩᠭ᠎ᠠ ᠴᠢᠩᠭ᠎ᠠ ᠬᠥᠬᠥᠷᠡᠯᠳᠦᠨ ᠥᠷᠨᠢᠬᠦ ᠠᠵᠠᠢ᠃ ᠲᠡᠭᠡᠵᠦ ᠪᠠᠢᠲᠠᠯ᠎ᠠ ᠪᠠᠷᠠᠭᠤᠨ ᠳᠡᠭᠡᠳᠦ ᠰᠠᠭᠤᠳᠠᠯ ᠠ᠋ᠴᠠ ᠥᠨᠳᠥᠷ ᠪᠣᠭᠳᠤᠭᠤ ᠮᠠᠯᠠᠭᠠᠢ ᠲᠠᠢ ᠨᠠᠰᠤ ᠬᠡᠪᠡᠢᠵᠦ ᠨᠠᠮᠪᠠᠭ᠎ᠠ ᠲᠥᠷᠬᠦ ᠰᠠᠭᠤᠭᠰᠠᠨ ᠴᠦ᠍ ᠤᠶᠠᠬᠠᠨ ᠲᠣᠢᠬᠠᠨ ᠬᠥᠳᠡᠯᠭᠡᠭᠡᠨ ᠲᠡᠢ᠂ ᠤᠷᠠᠨ ᠭᠤᠸ᠎ᠠ ᠦᠵᠡᠰᠬᠦᠯᠡᠩ ᠲᠡᠭᠦᠯᠳᠡᠷ ᠨᠢᠭᠡᠨ ᠡᠮᠡᠭᠲᠡᠢ ᠭᠠᠷᠴᠤ ᠢᠷᠡᠬᠦ ᠯᠦ᠍ᠭᠡ《ᠲᠡᠭᠦᠰᠬᠡᠨ ᠭᠤᠸ᠎ᠠ》 ᠭᠡᠯᠴᠡᠨ᠎ᠡ᠃ ᠡᠨᠳᠡ ᠬᠤᠷᠠᠨ ᠴᠤᠭᠯᠠᠷᠠᠭᠰᠠᠨ ᠪᠦᠬᠦᠨ ᠴᠦ᠍ ᠡᠨᠡ ᠡᠮ᠎ᠡ ᠶ᠋ᠢ ᠲᠠᠨᠢᠬᠤ ᠦᠭᠡᠢ᠂ ᠠᠩᠬ᠎ᠠ ᠬᠠᠷᠠᠵᠤ ᠨᠢᠳᠦ ᠬᠤᠵᠢᠷᠯᠠᠨ ᠪᠣᠢ᠃ ᠲᠡᠷᠡ ᠪᠦᠰᠡᠭᠦᠢ᠄
ᠰᠠᠷᠠᠯ ᠮᠣᠷᠢ ᠨᠢ ᠡᠵᠡᠨ ᠳ᠋ᠡᠭᠡᠨ ᠬᠠᠨᠢᠰᠠᠭ
ᠰᠠᠢᠬᠠᠨ ᠡᠵᠡᠨ ᠨᠢ ᠨᠠᠳᠠ ᠳ᠋ᠠᠭᠠᠨ ᠬᠠᠨᠢᠰᠠᠭ
ᠤᠷᠤᠭ ᠰᠢᠩᠬᠤᠯᠠᠢ ᠨᠢ ᠡᠵᠡᠨ ᠳ᠋ᠡᠭᠡᠨ ᠰᠢᠳᠤᠷᠭᠤ
ᠣᠩᠭᠣᠳ ᠡᠵᠡᠨ ᠨᠢ ᠣᠯᠠᠨ ᠳ᠋ᠠᠭᠠᠨ ᠰᠦᠵᠢᠭ᠃
ᠪᠣᠷᠣ ᠰᠠᠷᠠᠯ ᠨᠢ ᠪᠣᠭᠳᠠ ᠳ᠋ᠠᠭᠠᠨ ᠬᠦᠯᠦᠭ
ᠪᠤᠳᠠᠨᠴᠠᠷ ᠪᠣᠭᠳᠠ ᠨᠢ ᠪᠣᠷᠵᠢᠭᠢᠨ ᠳ᠋ᠠᠭᠠᠨ ᠡᠪᠦᠭᠡ ᠭᠡᠵᠦ ᠳᠠᠭᠤᠯᠠᠪᠠ᠃ ᠲᠡᠭᠦᠨ ᠦ᠌ ᠥᠨᠳᠥᠷ ᠥᠭᠰᠥᠬᠦ᠂ ᠤᠷᠤᠭᠤ ᠳᠣᠭᠣᠭᠰᠢ ᠰᠢᠷᠣᠩᠬᠠᠢᠯᠠᠬᠤ ᠠᠶᠠᠯᠭᠤ ᠤᠰᠤᠨ ᠤ᠋ ᠰᠢᠪᠠᠭᠤᠳ ᠤ᠋ᠨ ᠭᠠᠩᠭᠠᠨᠠᠭ᠎ᠠ᠂ ᠠᠭᠤᠯᠠ ᠶ᠋ᠢᠨ ᠰᠠᠯᠬᠢᠨ ᠤ᠋ ᠢᠰᠬᠢᠷᠦᠭᠡ ᠭᠡᠯᠲᠡᠢ᠂ ᠨᠤᠭᠤᠯᠤᠭ᠎ᠠ ᠨᠤᠭᠤᠴᠠᠭ᠎ᠠ ᠤᠷᠠᠨ ᠲᠣᠷᠭᠠᠮᠰᠤᠭ ᠠᠵᠤᠭᠤ᠃ ᠲᠡᠭᠦᠰᠬᠡᠨ ᠬᠠᠲᠤᠭᠲᠠᠢ ᠲᠦᠮᠡᠨ ᠣᠯᠠᠨ ᠳ᠋ᠠᠭᠠᠨ ᠠᠯᠳᠠᠷ ᠲᠠᠢ ᠳᠠᠭᠤᠴᠢᠨ ᠠᠭᠠᠳ ᠨᠠᠰᠤ ᠠᠬᠢᠵᠤ ᠶᠠᠪᠤᠭ᠎ᠠ ᠴᠦ᠍ ᠬᠣᠭᠣᠯᠠᠢ ᠢᠷᠠᠭᠤ ᠲᠤᠩᠭᠠᠯᠠᠭ ᠬᠡᠪ ᠢ᠋ᠶ᠋ᠡᠷ ᠭᠡᠯᠴᠡᠨᠡᠮ᠃ ᠡᠨᠡ ᠳᠠᠭᠤᠨ ᠤ᠋ ᠲᠠᠯ᠎ᠠ ᠪᠠᠷ ᠡᠨᠳᠡ ᠲᠡᠨᠳᠡ ᠡᠴᠡ ᠰᠢᠷᠡᠭᠡ ᠲᠣᠭᠣᠷᠢᠨ《ᠪᠣᠭᠣᠷᠴᠢ ᠶ᠋ᠢᠨ ᠰᠠᠷᠠᠯ》 ᠬᠡᠮᠡᠬᠦ ᠠᠯᠳᠠᠷ ᠲᠠᠢ ᠬᠦᠯᠦᠭ ᠪᠠᠢᠭᠰᠠᠨ᠂ ᠡᠨᠡ ᠡᠬᠡᠨᠡᠷ ᠴᠢᠨᠢ ᠨᠥᠬᠥᠷ ᠮᠣᠷᠢ ᠪᠠᠨ ᠬᠣᠣᠰᠯᠠᠭᠤᠯᠤᠨ ᠳᠠᠭᠤᠯᠠᠳᠠᠭ ᠪᠠᠢᠨ᠎ᠠ ᠰᠢᠦ᠃ ᠰᠦᠷᠡᠬᠡᠢ ᠬᠡᠦᠬᠡᠨ ᠶᠦᠮ ᠬᠡᠯᠡᠴᠡᠬᠦ ᠳ᠋ᠦ᠍ ᠨᠥᠭᠦᠭᠡ ᠵᠠᠷᠢᠮ ᠨᠢ《ᠦᠭᠡᠢ ᠠ᠋᠂ ᠡᠨᠡ ᠪᠣᠯ ᠡᠷᠲᠡᠨ ᠦ᠌ ᠳᠠᠭᠤᠤ᠂ ᠪᠣᠭᠣᠷᠴᠢ ᠶ᠋ᠢᠨ ᠰᠠᠷᠠᠯ ᠤᠨᠠᠭᠠᠨ ᠲᠥᠷᠥᠯ ᠣᠯᠤᠭ᠎ᠠ ᠦᠭᠡᠢ ᠪᠠᠢᠬᠤ ᠳ᠋ᠤ᠌ ᠳᠠᠭᠤᠯᠠᠵᠤ ᠪᠠᠢᠭᠰᠠᠨ》 ᠭᠡᠵᠦ ᠮᠠᠷᠭᠤᠬᠤ ᠮᠠᠶᠢᠭ ᠲᠠᠢ᠃
ᠲᠡᠭᠡᠲᠡᠯ᠎ᠡ ᠬᠠᠭᠠᠨ ᠢ᠋ᠶ᠋ᠠᠷ ᠬᠣᠭᠣᠯᠠᠢ ᠪᠠᠨ ᠵᠠᠰᠠᠵᠤ ᠡᠮᠦᠨᠡᠬᠢ ᠳᠠᠭᠤᠤ ᠥᠰᠬᠡᠭᠴᠢ ᠶ᠋ᠢᠨ ᠢ᠋ᠶ᠋ᠡᠨ ᠠᠷᠤ ᠠ᠋ᠴᠠ
《ᠮᠠᠨ ᠤ᠋ ᠮᠣᠩᠭᠣᠯ ᠤ᠋ᠨ ᠲᠡᠵᠢᠭᠡᠭᠰᠡᠨ
ᠮᠠᠯ ᠨᠢ ᠬᠡᠳᠦᠨ ᠵᠦᠢᠯ ᠪᠠᠢᠪᠠᠴᠤ
ᠥᠰᠲᠦ ᠳᠠᠢᠰᠤᠨ ᠯᠤᠭ᠎ᠠ ᠪᠠᠢᠯᠳᠤᠬᠤ ᠳ᠋ᠤ᠌ ᠨᠥᠬᠥᠷ ᠦ᠋ᠨ ᠳᠡᠭᠡᠳᠦ
ᠦᠯᠳᠡᠬᠦ ᠳᠠᠢᠰᠤᠨ ᠢ᠋ ᠳᠠᠷᠤᠢ ᠲᠦᠷᠭᠡᠨ ᠭᠦᠢᠴᠡᠭᠴᠢ
ᠦᠯᠦ ᠠᠯᠳᠠᠭᠴᠢ ᠬᠠᠪᠤᠲᠤ ᠪᠠᠭᠠᠲᠤᠷ ᠤ᠋ᠳ ᠤ᠋ᠨ ᠵᠢᠭᠦᠷ》
ᠥᠰᠬᠦ ᠵᠠᠯᠠᠭᠤᠰ ᠤ᠋ᠨ ᠪᠡᠶ᠎ᠡ ᠶ᠋ᠢᠨ ᠴᠢᠮᠡᠭ ᠪᠣᠯᠤᠭᠰᠠᠨ
ᠡᠷᠳᠡᠨᠢ ᠮᠣᠷᠢᠨ ᠤ᠋ ᠰᠢᠮ᠎ᠡ ᠰᠦᠨ ᠦ᠌ ᠳᠡᠭᠡᠵᠢ ᠶ᠋ᠢ
ᠡᠷᠬᠡᠲᠦ ᠲᠩᠷᠢ ᠳᠡᠯᠡᠬᠡᠢ ᠳ᠋ᠦ᠍ ᠡᠷᠭᠦᠨ ᠳᠠᠬᠢᠭᠠᠳ
ᠡᠭᠦᠨ ᠡᠴᠡ ᠡᠬᠢᠯᠡᠨ ᠰᠠᠢᠲᠤᠷ ᠲᠣᠭᠲᠠᠭᠠᠵᠤ ᠪᠦᠷᠢᠨ
ᠡᠨᠡ ᠮᠣᠩᠭᠣᠯ ᠤᠯᠤᠰ ᠲᠤ ᠬᠠᠤᠯᠢ ᠪᠣᠯᠭᠠᠰᠤᠭᠠᠢ》 ᠭᠡᠮᠡᠨ ᠵᠠᠷᠯᠢᠭ ᠠᠢᠯᠠᠳᠪᠠᠢ᠃
ᠡᠨᠡ ᠨᠢ ᠨᠠᠢᠷᠴᠢᠤᠨ ᠤ᠋ ᠦᠭᠡ ᠬᠥᠬᠡᠷᠦᠬᠡᠨ ᠣᠯᠠᠰᠢᠷᠠᠵᠤ ᠢᠷᠡᠬᠦ ᠶ᠋ᠢᠨ ᠰᠠᠴᠠᠭᠤ ᠰᠣᠭᠲᠣᠭᠤ ᠬᠥᠯᠴᠥᠭᠦᠷᠡᠬᠦ ᠡᠴᠡ ᠪᠣᠯᠭᠣᠮᠵᠢᠯᠠᠨ《ᠠᠷᠢᠬᠢ ᠰᠠᠷᠬᠤᠳ ᠢ᠋ᠶ᠋ᠠᠨ ᠪᠠᠭᠠᠰᠬᠠᠵᠤ᠂ ᠠᠢᠷᠠᠭ ᠢ᠋ᠶ᠋ᠠᠨ ᠤᠤᠭᠤ》 ᠭᠡᠰᠡᠨ ᠰᠠᠨᠠᠮᠵᠢ ᠪᠤᠶᠤ᠃ ᠬᠠᠭᠠᠨ ᠤ᠋ ᠵᠡᠭᠦᠨ ᠵᠢᠭᠦᠷ ᠡᠴᠡ ᠴᠠᠪ ᠴᠠᠭᠠᠨ ᠲᠣᠯᠣᠭᠠᠢ ᠲᠠᠢ ᠨᠠᠰᠤ ᠥᠨᠳᠥᠷ ᠨᠢᠭᠡᠨ ᠡᠪᠦᠭᠡᠨ ᠬᠥᠮᠦᠨ ᠪᠣᠰᠴᠤ ᠦᠭᠡ ᠬᠡᠯᠡᠭᠰᠡᠨ ᠨᠢ ᠶᠢᠰᠦᠨ ᠥᠷᠯᠥᠭ ᠦ᠋ᠨ ᠬᠠᠮᠤᠭ ᠤ᠋ᠨ ᠠᠬ᠎ᠠ ᠰᠦᠯᠳᠦᠰᠦᠨ ᠦ᠌ ᠰᠣᠷᠬᠠᠨ ᠰᠢᠷ᠎ᠠ ᠠᠵᠢ᠃ ᠡᠨᠡ ᠡᠪᠦᠭᠡᠨ ᠲᠡᠮᠦᠵᠢᠨ ᠢ᠋ ᠪᠠᠭ᠎ᠠ ᠨᠠᠰᠤᠨ ᠳ᠋ᠤᠨᠢ ᠲᠠᠢᠴᠢᠭᠤᠳ ᠤ᠋ᠨ ᠲᠣᠯᠣᠭᠠᠢᠯᠠᠭᠴᠢ ᠲᠠᠷᠭᠤᠲᠠᠢ ᠬᠢᠷᠢᠯᠳᠣᠭ ᠪᠠᠷᠢᠵᠤ ᠠᠪᠴᠢᠷᠠᠭᠠᠳ ᠬᠣᠷᠢᠵᠤ ᠦᠭᠡᠢ ᠬᠢᠬᠦ ᠬᠣᠭᠣᠷᠣᠨᠳᠣ ᠬᠥᠪᠡᠭᠦᠨ᠂ ᠥᠬᠢᠨ ᠦ᠌ ᠪᠡᠨ ᠬᠠᠮᠲᠤ ᠠᠮᠢ ᠶ᠋ᠢ ᠨᠢ ᠠᠪᠤᠷᠠᠵᠤ ᠠᠰᠠᠷᠠᠵᠤ ᠭᠠᠷᠭᠠᠭᠰᠠᠨ ᠠᠴᠢᠲᠠᠨ ᠲᠤᠯᠠ ᠬᠣᠵᠢᠮ ᠴᠢᠩᠭᠢᠰ ᠬᠠᠭᠠᠨ ᠳ᠋ᠤ᠌ ᠨᠡᠢᠯᠡᠨ ᠢᠷᠡᠵᠦ ᠡᠨᠡ ᠥᠨᠳᠥᠷ ᠰᠠᠭᠤᠳᠠᠯ ᠡᠵᠡᠯᠡᠭᠰᠡᠨ ᠬᠥᠮᠦᠨ ᠶᠦᠮ᠃
ᠲᠡᠮᠦᠵᠢᠨ ᠠᠷᠪᠠᠨ ᠳᠣᠯᠣᠭᠠᠨ ᠵᠢᠯ ᠦ᠋ᠨ ᠡᠮᠦᠨ᠎ᠡ ᠪᠠᠭ᠎ᠠ ᠬᠠᠭᠠᠨ ᠪᠣᠯᠤᠭᠰᠠᠨ ᠠ᠋ᠴᠠ ᠥᠨᠥ ᠶᠡᠬᠡ ᠬᠠᠭᠠᠨ ᠪᠣᠯᠲᠠᠯ᠎ᠠ32–33 ᠤᠳᠠᠭ᠎ᠠ ᠶ᠋ᠢᠨ ᠶᠡᠬᠡ ᠪᠠᠭ᠎ᠠ ᠲᠡᠢᠨ ᠬᠢᠬᠦ ᠶ᠋ᠢᠨ ᠵᠠᠪᠰᠠᠷ ᠠᠯᠳᠠᠷ ᠲᠠᠢ ᠶᠢᠰᠦᠨ ᠥᠷᠯᠥᠭ ᠵᠠᠩᠵᠤᠨ ᠲᠣᠳᠣᠷᠠᠭᠰᠠᠨ ᠶᠤᠮ᠃ ᠲᠡᠷᠡ ᠪᠠᠭ᠎ᠠ ᠬᠠᠭᠠᠨ ᠪᠣᠯᠬᠤ ᠠ᠋ᠴᠠ ᠡᠮᠦᠨ᠎ᠡ ᠮᠡᠷᠭᠢᠳ᠂ ᠲᠠᠢᠴᠢᠭᠤᠳ ᠲᠠᠢ ᠲᠤᠰ ᠪᠦᠷᠢ ᠨᠢᠭᠡ ᠤᠳᠠᠭ᠎ᠠ ᠲᠤᠯᠤᠯᠳᠤᠨ ᠳᠠᠢᠳᠤᠵᠠᠢ᠃
ᠥᠷᠯᠥᠭ ᠵᠠᠩᠵᠤᠨ ᠰᠣᠷᠬᠠᠨ ᠰᠢᠷ᠎ᠠ ᠶ᠋ᠢᠨ ᠥᠭᠦᠯᠡᠭᠰᠡᠨ ᠨᠢ᠄
ᠳᠡᠭᠡᠳᠦ ᠬᠠᠨ ᠡᠵᠡᠨ ᠮᠢᠨᠢ ᠠᠢᠯᠠᠳᠤᠨ ᠰᠣᠶᠣᠷᠬ᠎ᠠ!
ᠳᠡᠯᠭᠡᠷ ᠡᠨᠡ ᠶᠡᠬᠡ ᠬᠤᠷᠠᠯ ᠴᠢᠭᠤᠯᠭᠠᠨ ᠳ᠋ᠤ᠌
ᠤᠮᠳᠠ ᠳᠠᠷᠠᠰᠤ ᠦᠭᠡᠢ ᠪᠣᠯᠪᠠᠰᠤ
ᠥᠲᠡᠯ᠎ᠡ ᠴᠤᠯᠭᠤᠢ ᠪᠣᠯᠤᠮᠤᠢ ᠬᠡᠮᠡᠮᠦᠢ᠃
ᠡᠭᠦᠨ ᠢ᠋ ᠣᠬᠳᠤᠭᠣᠯᠤᠨ ᠵᠠᠯᠠᠢᠷ ᠤ᠋ᠨ ᠮᠤᠬᠤᠯᠠᠢ᠄
ᠪᠠᠷᠢᠯᠳᠤᠭᠰᠠᠨ ᠦᠭᠡᠰ ᠢ᠋ ᠮᠢᠨᠢ ᠪᠣᠯᠢᠭᠤᠯᠳᠠᠭ ᠪᠢᠰᠢᠦ
ᠪᠠᠷᠳᠠᠮ ᠰᠡᠳᠬᠢᠯ ᠢ᠋ ᠲᠥᠷᠥᠭᠦᠯᠳᠡᠭ ᠪᠢᠰᠢᠦ
ᠴᠢᠭᠤᠯᠤᠭᠰᠠᠨ ᠦᠭᠡᠰ ᠢ᠋ ᠮᠢᠨᠢ ᠴᠤᠴᠠᠯᠠᠳᠠᠭ ᠪᠢᠰᠢᠦ
ᠴᠤᠭᠯᠠᠭᠰᠠᠨ ᠪᠡᠶ᠎ᠡ ᠶ᠋ᠢ ᠮᠢᠨᠢ ᠲᠡᠮᠡᠴᠡᠭᠦᠯᠳᠡᠭ ᠪᠢᠰᠢᠦ
ᠣᠯᠢᠭᠲᠤ ᠮᠠᠭᠤ ᠠᠷᠢᠬᠢ ᠳᠠᠷᠠᠰᠤ ᠶ᠋ᠢ ᠲᠡᠪᠴᠢᠪᠡᠰᠦ
ᠦᠭᠡ ᠮᠢᠨᠢ ᠪᠡᠬᠢ᠂ ᠪᠡᠶ᠎ᠡ ᠮᠢᠨᠢ ᠢᠰᠡᠰ (ᠡᠷᠡᠭᠦᠯ) ᠪᠤ᠌ᠢᠡ ᠭᠡᠮᠡᠨ ᠡᠪᠦᠭᠡᠨ ᠦ᠌ ᠦᠭᠡᠰ ᠢ᠋ ᠥᠷᠢᠰᠦᠨ ᠰᠥᠷᠭᠦᠪᠡ᠃ ᠡᠭᠦᠨ ᠢ᠋ ᠴᠤᠤ ᠮᠡᠷᠭᠡᠨ ᠬᠡᠮᠡᠭᠴᠢ ᠪᠡᠷ ᠤᠭᠲᠤᠨ ᠠᠪᠤᠭᠠᠳ ᠬᠡᠯᠡᠬᠦ ᠳ᠋ᠡᠭᠡᠨ᠄
— ᠡᠷᠲᠡᠨ ᠡᠴᠡ ᠨᠠᠭᠠᠰᠢ ᠷᠠᠰᠢᠶᠠᠨ\
ᠡᠨᠡ ᠶᠢᠷᠲᠢᠨᠴᠦ ᠳ᠋ᠦ᠍ ᠵᠢᠷᠭᠠᠯ ᠭᠡᠬᠦ ᠵᠡᠷᠭᠡ ᠪᠡᠷ ᠠᠷᠢᠬᠢ ᠶ᠋ᠢ ᠮᠠᠭᠲᠠᠵᠤ᠂ ᠠᠷᠢᠬᠢ ᠦᠭᠡᠢ ᠪᠣᠯ ᠬᠤᠷᠢᠮ ᠨᠠᠢᠷ ᠴᠤᠯᠭᠤᠢ ᠪᠣᠯᠤᠨ᠎ᠠ ᠭᠡᠮᠡᠨ ᠬᠡᠯᠡᠬᠦᠢ ᠯᠦ᠍ᠭᠡ ᠳᠥᠷᠪᠡ ᠳ᠋ᠡᠬᠢ ᠨᠢ ᠪᠤᠭᠤᠷᠴᠢ ᠪᠣᠰᠤᠨ᠄
ᠠᠮᠠᠨ ᠳ᠋ᠤ᠌ ᠣᠷᠣᠬᠤ ᠳ᠋ᠠᠭᠠᠨ ᠠᠯᠲᠠᠨ ᠰᠢᠮᠠᠭᠤᠯ ᠮᠡᠲᠦ
ᠠᠮᠠᠨ ᠠ᠋ᠴᠠ ᠭᠠᠷᠬᠤ ᠳ᠋ᠠᠭᠠᠨ ᠠᠷᠰᠯᠠᠨ ᠵᠠᠭᠠᠨ ᠪᠣᠰᠤᠭᠰᠠᠨ ᠮᠡᠲᠦ
ᠬᠡᠯᠡᠨ ᠳ᠋ᠦ᠍ ᠠᠮᠰᠠᠬᠤ ᠳ᠋ᠤ᠌ ᠬᠡᠳᠡᠭᠡᠨ᠎ᠡ ᠰᠢᠮᠠᠭᠤᠯ ᠮᠡᠲᠦ
ᠬᠡᠯᠡᠨ ᠡᠴᠡ ᠭᠠᠷᠬᠤ ᠳ᠋ᠤ᠌ ᠬᠡᠳᠡᠷ ᠵᠠᠭᠠᠨ ᠪᠣᠰᠤᠭᠰᠠᠨ ᠮᠡᠲᠦ
ᠣᠶᠤᠨ ᠪᠢᠯᠢᠭ ᠬᠣᠶᠠᠷ ᠢ᠋ ᠮᠢᠨᠢ ᠣᠮᠠᠷᠳᠠᠭᠤᠯᠤᠳᠠᠭ ᠪᠢᠰᠢᠦ
ᠣᠯᠤᠭᠰᠠᠨ ᠵᠥᠭᠡᠭᠡᠭᠰᠡᠨ ᠬᠣᠶᠠᠷ ᠢ᠋ ᠮᠢᠨᠢ ᠪᠠᠷᠠᠭᠳᠠᠭᠤᠯᠳᠠᠭ ᠪᠢᠰᠢᠦ
ᠪᠡᠶ᠎ᠡ ᠶ᠋ᠢᠨ ᠰᠦᠯᠳᠡ ᠶ᠋ᠢ ᠮᠢᠨᠢ ᠪᠠᠭᠤᠷᠠᠭᠤᠯᠳᠠᠭ ᠪᠢᠰᠢᠦ
ᠪᠡᠯᠡᠬᠡᠨ ᠬᠡᠯᠡᠯᠴᠡᠬᠦ ᠦᠭᠡ ᠶ᠋ᠢ ᠮᠢᠨᠢ ᠤᠮᠠᠷᠲᠠᠭᠤᠯᠳᠠᠭ ᠪᠢᠰᠢᠦ
ᠰᠠᠷᠬᠤᠳ ᠲᠤ ᠪᠦᠦ ᠰᠢᠮᠳᠠᠨ ᠰᠣᠭᠲᠣᠶᠠ ᠯᠠ
ᠰᠠᠢᠨ ᠮᠠᠭᠤ ᠬᠣᠶᠠᠷ ᠢ᠋ ᠢᠯᠭᠠᠨ ᠬᠡᠯᠡᠯᠴᠡᠶ᠎ᠡ ᠯᠡ
ᠠᠷᠢᠬᠢᠨ ᠳ᠋ᠤ᠌ ᠪᠦᠦ ᠠᠮᠲᠠᠰᠢᠨ ᠰᠣᠭᠲᠣᠶᠠ ᠯᠠ
ᠠᠯᠢᠪᠠ ᠦᠢᠯᠡᠰ ᠢ᠋ᠶ᠋ᠡᠨ ᠬᠡᠯᠡᠯᠴᠡᠨ ᠲᠠᠷᠬᠠᠶᠠ ᠯᠠ ᠭᠡᠪᠡ᠃
ᠡᠢᠨᠬᠦ ᠶᠢᠰᠦᠨ ᠥᠷᠯᠥᠭ ᠠᠷᠢᠬᠢᠨ ᠤ᠋ ᠲᠠᠯ᠎ᠠ ᠪᠠᠷ ᠰᠠᠨᠠᠭ᠎ᠠ ᠪᠣᠳᠣᠯ ᠢ᠋ᠶ᠋ᠠᠨ ᠡᠵᠡᠨ ᠳ᠋ᠡᠭᠡᠨ ᠢᠯᠡᠷᠬᠡᠢᠯᠡᠨ ᠠᠢᠯᠠᠳᠬᠠᠬᠤᠢ ᠳ᠋ᠤ᠌ ᠰᠣᠷᠬᠠᠨ ᠰᠢᠷ᠎ᠠ᠂ ᠴᠤᠤ ᠮᠡᠷᠭᠡᠨ᠂ ᠵᠡᠯᠮ᠎ᠡ᠂ ᠬᠠᠷ᠎ᠠ ᠬᠢᠷᠥᠭᠡ᠂ ᠰᠢᠭᠢᠬᠤᠲᠤᠭ ᠲᠠᠪᠤ ᠠᠷᠢᠬᠢ ᠳᠠᠷᠠᠰᠤ ᠶ᠋ᠢ ᠠᠯᠢᠪᠠ ᠲᠠᠯ᠎ᠠ ᠪᠠᠷ ᠮᠠᠭᠲᠠᠵᠤ《ᠬᠠᠳᠠᠭᠠᠯᠠᠵᠤ ᠬᠤᠷᠢᠶᠠᠭᠰᠠᠨ ᠮᠠᠭᠤ ᠦᠭᠡ ᠶ᠋ᠢ ᠭᠠᠷᠭᠠᠳᠠᠭ᠂ ᠬᠠᠮᠤᠭ ᠵᠢᠷᠭᠠᠯ ᠴᠡᠩᠭᠡᠯ ᠡᠳ᠋ᠯᠡᠭᠦᠯᠳᠡᠭ᠂ ᠵᠣᠷᠢᠭ ᠵᠢᠷᠦᠬᠡ ᠣᠷᠣᠭᠤᠯᠳᠠᠭ᠂ ᠵᠣᠪᠠᠯᠠᠩ ᠭᠤᠨᠢᠭ ᠢ᠋ ᠮᠠᠷᠲᠠᠭᠤᠯᠳᠠᠭ》 ᠭᠡᠬᠦ ᠮᠡᠲᠦ ᠤᠳᠬ᠎ᠠ ᠪᠠᠷ ᠬᠡᠯᠡᠵᠡᠢ᠃ ᠬᠠᠷᠢᠨ ᠮᠤᠬᠤᠯᠠᠢ ᠪᠣᠭᠣᠷᠴᠢ᠂ ᠵᠡᠪᠡ᠂ ᠪᠣᠷᠣᠬᠤᠯ᠂ ᠳᠥᠷᠪᠡ ᠳᠡᠭᠡᠷᠡᠬᠢ ᠲᠠᠪᠤ ᠶ᠋ᠢᠨ ᠦᠭᠡ ᠶ᠋ᠢ ᠰᠥᠷᠬᠦᠵᠦ᠂ ᠠᠷᠢᠬᠢ ᠳᠠᠷᠠᠰᠤ ᠲᠡᠳᠦᠢ ᠯᠡ ᠰᠠᠢᠨ ᠦᠭᠡᠢ᠂ ᠴᠡᠭᠡᠷᠯᠡᠵᠦ ᠬᠢᠵᠠᠭᠠᠷᠯᠠᠪᠠᠯ ᠵᠣᠬᠢᠬᠤ ᠢᠳᠡᠭᠡ ᠭᠡᠬᠦ ᠤᠳᠬ᠎ᠠ ᠲᠠᠢ ᠦᠭᠡ ᠬᠡᠯᠡᠵᠡᠢ᠃ ᠡᠭᠦᠪᠡᠷ ᠶᠡᠬᠡᠰ ᠰᠠᠢᠳ ᠨᠠᠷ ᠤ᠋ᠨ ᠦᠭᠡ ᠮᠠᠷᠭᠤᠭᠠᠨ ᠲᠡᠭᠦᠰᠪᠡ? ᠣᠯᠠᠩᠬᠢ ᠨᠢ ᠠᠷᠢᠬᠢ ᠭᠡᠳᠡᠭ ᠢᠳᠡᠭᠡ ᠶ᠋ᠢ ᠰᠠᠢᠰᠢᠶᠠᠵᠤ ᠲᠠᠢᠯᠪᠠ ᠤᠤ? ᠭᠡᠲᠡᠯ᠎ᠡ ᠡᠭᠦᠳᠡᠨ ᠦ᠌ ᠪᠠᠷᠠᠭᠤᠨ ᠬᠠᠲᠠᠪᠴᠢ ᠬᠠᠪᠢ ᠠ᠋ᠴᠠ ᠨᠢᠭᠡ ᠵᠢᠭᠠᠯᠬᠠᠨ ᠬᠥᠪᠡᠭᠦᠨ ᠭᠠᠷᠴᠤ ᠢᠷᠡᠪᠡ᠃《ᠡᠨᠡ ᠶᠠᠭᠤᠨ ᠬᠡᠦᠬᠡᠳ ᠪᠣᠢ ? ᠵᠠᠷᠤᠴᠠ ᠠᠶᠠᠭᠠᠴᠢ ᠨᠠᠷ ᠤ᠋ᠨ ᠨᠢᠭᠡ ᠨᠢ ᠳᠠᠭᠠᠭᠤᠯᠵᠤ ᠶᠠᠪᠤᠭ᠎ᠠ ᠪᠤᠶᠤ》 ᠭᠡᠯᠴᠡᠲᠡᠯᠡ ᠲᠡᠷᠡ ᠬᠥᠪᠡᠭᠦᠨ᠄
ᠶᠡᠬᠡᠰ ᠦ᠋ᠨ ᠵᠡᠷᠭᠡ ᠳ᠋ᠦ᠍ ᠣᠷᠣᠭᠰᠠᠨ ᠴᠦ᠍ ᠪᠣᠯᠤᠭᠠᠰᠠᠢ
ᠶᠡᠷᠦ ᠦᠭᠡ ᠪᠡᠨ ᠬᠡᠯᠡᠭᠡᠰᠡᠢ ᠪᠢ
ᠰᠠᠢᠳ ᠤ᠋ᠨ ᠵᠡᠷᠭᠡ ᠳ᠋ᠦ᠍ ᠣᠷᠣᠭᠰᠠᠨ ᠴᠦ᠍ ᠪᠣᠯᠤᠭᠠᠰᠠᠢ
ᠰᠠᠨᠠᠭᠰᠠᠨ ᠦᠭᠡ ᠪᠡᠨ ᠬᠡᠯᠡᠭᠡᠰᠡᠢ ᠪᠢ ᠭᠡᠪᠡ᠃ ᠡᠵᠡᠨ ᠬᠠᠭᠠᠨ ᠡᠨᠡ ᠦᠭᠡ ᠶ᠋ᠢ ᠰᠣᠨᠣᠰᠤᠭᠠᠳ᠄
— ᠪᠣᠯᠤᠯ ᠦᠭᠡᠢ ᠳᠡ᠂ ᠥᠴᠦᠬᠡᠨ ᠬᠦᠦ ᠶᠠᠭᠤ ᠥᠭᠦᠯᠡᠨᠡᠮ ᠴᠢ? ᠦᠭᠡ ᠪᠣᠢ ᠪᠣᠯᠪᠠᠰᠤ ᠥᠴᠢ᠂ ᠬᠣᠰᠢᠭᠤ ᠲᠠᠢ ᠪᠣᠯᠪᠠᠰᠤ ᠬᠣᠯᠪᠣ ᠴᠢ ᠭᠡᠮᠡᠨ ᠵᠠᠷᠯᠢᠭ ᠪᠣᠯᠪᠠ᠃ ᠬᠥᠪᠡᠭᠦᠨ ᠴᠣᠭᠲᠠᠢ ᠬᠤᠷᠴᠠ ᠬᠠᠷᠠᠴᠠ ᠭᠢᠯᠠᠯᠵᠠᠭᠤᠯᠤᠨ ᠴᠣᠪᠣᠭᠣ ᠴᠣᠯᠭᠢᠨ ᠳᠠᠭᠤ ᠪᠠᠷ᠄
— ᠥᠪᠡᠷ ᠦ᠋ᠨ ᠣᠶᠤᠨ ᠤ᠋ ᠴᠢᠨᠡᠭᠡ ᠪᠡᠷ ᠤᠮᠳᠠ ᠳᠡᠷᠡᠰᠦᠨ ᠦ᠌ ᠭᠡᠮ ᠡᠷᠳᠡᠮ ᠬᠣᠶᠠᠷ ᠢ᠋ ᠬᠡᠯᠡᠶ᠎ᠡ᠃
ᠪᠠᠯᠠᠢ ᠶᠡᠬᠡ ᠤᠤᠭᠤᠪᠠᠰᠤ ᠡᠪᠡᠳᠴᠢᠨ ᠪᠤᠰᠤ ᠤᠤ?
ᠪᠠᠭ᠎ᠠ ᠵᠡᠷᠭᠡ ᠤᠤᠭᠤᠪᠠᠰᠤ ᠵᠢᠷᠭᠠᠯ ᠪᠤᠰᠤ ᠤᠤ?
ᠪᠠᠷᠳᠠᠮ ᠶᠡᠬᠡ ᠤᠤᠭᠤᠪᠠᠰᠤ ᠭᠠᠯᠵᠠᠭᠤ ᠪᠤᠰᠤ ᠤᠤ?
ᠪᠠᠬᠠᠷᠬᠠᠵᠤ ᠰᠢᠨᠤᠪᠠᠰᠤ ᠡᠷᠭᠢᠭᠦᠦ ᠪᠤᠰᠤ ᠤᠤ?
ᠬᠤᠨ ᠭᠠᠯᠠᠭᠤ ᠮᠡᠲᠦ ᠴᠤᠭᠯᠠᠭᠠᠳ
ᠬᠤᠷᠠᠭᠰᠠᠨ ᠪᠦᠭᠦᠳᠡ ᠴᠡᠩᠭᠡᠨ ᠵᠢᠷᠭᠠᠭᠠᠰᠠᠢ
ᠬᠤᠳᠠᠯᠴᠢ ᠬᠥᠮᠦᠨ ᠦ᠌ ᠦᠭᠡ ᠶ᠋ᠢ ᠪᠦᠦ ᠠᠵᠢᠭᠯᠠᠨ ᠰᠣᠭᠲᠣᠭᠠᠰᠠᠢ ᠲᠠ
ᠬᠤᠳᠬᠤᠯᠳᠤᠬᠤ ᠳᠠᠢᠰᠤᠨ ᠳ᠋ᠤ᠌ ᠪᠡᠶ᠎ᠡ ᠪᠦᠦ ᠲᠡᠪᠴᠢᠭᠡᠰᠡᠢ᠁ ᠭᠡᠵᠦ ᠰᠢᠯᠦᠭᠯᠡᠪᠡ᠃ ᠬᠥᠪᠡᠭᠦᠨ ᠦ᠌ ᠦᠭᠡ ᠬᠤᠷᠠᠭᠰᠠᠨ ᠣᠯᠠᠨ ᠤ᠋ ᠠᠩᠬᠠᠷᠤᠯ ᠢ᠋ ᠲᠠᠲᠠᠵᠤ《ᠶᠠᠭᠠᠬᠢᠭᠰᠠᠨ ᠠᠢᠬᠤᠪᠲᠤᠷ ᠬᠦᠦ ᠪᠣᠢ? ᠦᠨᠡᠨ ᠯᠡ ᠦᠭᠡ》 ᠭᠡᠯᠴᠡᠨ ᠳᠣᠣᠷ᠎ᠠ ᠳᠣᠣᠷ᠎ᠠ ᠪᠠᠨ ᠰᠢᠪᠢᠷ ᠠᠪᠢᠷ ᠶᠠᠷᠢᠯᠴᠠᠨ ᠪᠠᠢᠲᠠᠯ᠎ᠠ ᠲᠡᠷᠢᠭᠦᠨ ᠡᠩᠨᠡᠭᠡᠨ ᠡᠴᠡ ᠴᠢᠨᠳᠠᠭ᠎ᠠ ᠴᠡᠴᠡᠨ ᠬᠡᠮᠡᠬᠦ ᠠᠬᠢᠮᠠᠭ ᠨᠠᠰᠤᠨ ᠤ᠋᠂ ᠬᠠᠭᠠᠨ ᠤ᠋ ᠠᠷᠤ ᠲᠠᠯ᠎ᠠ ᠶ᠋ᠢᠨ ᠠᠯᠪᠠᠨ ᠤ᠋ ᠲᠦᠰᠢᠮᠡᠯ ᠪᠣᠰᠤᠨ ᠬᠠᠷᠠᠢᠵᠤ ᠰᠡᠯᠡᠮ᠎ᠡ ᠶ᠋ᠢᠨ ᠢ᠋ᠶ᠋ᠡᠨ ᠡᠰᠢᠨ ᠡᠴᠡ ᠲᠡᠳᠡᠨ ᠬᠤᠢ ᠠ᠋ᠴᠠ ᠨᠢ ᠬᠠᠭᠠᠰ ᠰᠤᠭᠤᠯᠤᠨ᠄
ᠶᠢᠰᠦᠨ ᠥᠷᠯᠥᠭ ᠦ᠋ᠨ ᠦᠭᠡ ᠶ᠋ᠢ ᠪᠤᠷᠤᠭᠤ ᠭᠡᠵᠦ
ᠶᠡᠷᠦ ᠴᠢ ᠦᠭᠡ ᠥᠭᠦᠯᠡᠬᠦ ᠪᠤᠶᠤ
ᠬᠠᠮᠤᠭ ᠬᠤᠷᠠᠭᠰᠠᠳ ᠴᠡᠴᠡᠨ ᠦᠭᠡᠢ ᠭᠡᠵᠦ
ᠬᠠᠭᠠᠨ ᠡᠵᠡᠨ ᠳ᠋ᠦ᠍ ᠦᠭᠡ ᠠᠢᠯᠠᠳᠬᠠᠬᠤ ᠪᠤᠶᠤ ᠴᠢ
ᠴᠢᠮ᠎ᠠ ᠶ᠋ᠢ ᠪᠢ ᠬᠡᠷᠴᠢᠵᠦ ᠲᠠᠰᠤᠳᠠᠵᠤ ᠬᠠᠶᠠᠵᠤ
ᠣᠯᠠᠨ ᠤ᠋ ᠵᠤᠭ᠎ᠠ᠂ ᠣᠭᠣᠲᠣᠨ᠎ᠠ ᠰᠢᠪᠠᠵᠢ ᠶ᠋ᠢᠨ ᠬᠣᠭᠣᠯᠠ ᠪᠣᠯᠭᠠᠨ᠎ᠠ ᠭᠡᠪᠡᠰᠦ ᠪᠢᠴᠢᠬᠠᠨ ᠬᠦᠦ ᠥᠭᠡᠳᠡ ᠡᠴᠡ ᠨᠢ ᠬᠡᠪᠯᠡᠭᠦᠬᠡᠨ ᠢ᠋ᠶ᠋ᠡᠷ᠄
ᠴᠢᠨᠳᠠᠭ᠎ᠠ ᠴᠡᠴᠡᠨ ᠴᠢᠮᠠᠲᠤ ᠬᠡᠯᠡᠭᠰᠡᠨ ᠪᠢᠰᠢ ᠪᠢᠯᠡ
ᠴᠢᠩᠭᠢᠰ ᠡᠵᠡᠨ ᠬᠠᠭᠠᠨ ᠳ᠋ᠠᠭᠠᠨ ᠠᠢᠯᠠᠳᠬᠠᠯ᠎ᠠ ᠪᠢ
ᠬᠣᠪᠰᠢᠭᠤᠷ ᠴᠡᠴᠡᠨ ᠴᠢᠨᠦ ᠦᠭᠡ ᠶ᠋ᠢ ᠪᠤᠯᠢᠶᠠᠭᠰᠠᠨ ᠪᠢᠰᠢ ᠪᠢᠯᠡ
ᠬᠤᠪᠢ ᠥᠪᠡᠷ ᠦ᠋ᠨ ᠰᠠᠨᠠᠭ᠎ᠠ ᠶ᠋ᠢ ᠬᠡᠯᠡᠯ᠎ᠡ ᠪᠢ᠁
ᠬᠠᠰ ᠶᠡᠬᠡ ᠳᠠᠯᠠᠢ ᠶ᠋ᠢ ᠬᠠᠷᠠᠮᠯᠠᠳᠠᠭ ᠤᠤ
ᠬᠠᠭᠠᠨ ᠡᠵᠡᠨ ᠦ᠌ ᠮᠢᠨᠢ ᠬᠠᠢᠷ᠎ᠠ ᠶ᠋ᠢ ᠥᠮᠴᠢᠷᠬᠡᠳᠡᠭ ᠤᠤ
ᠬᠠᠷᠢᠭᠤ ᠦᠭᠡᠢ ᠮᠠᠭᠤ ᠨᠠᠳᠠᠯᠣᠭᠠ ᠲᠡᠮᠡᠴᠡᠳᠡᠭ ᠤᠤ?
ᠬᠠᠮᠤᠭ ᠤ᠋ᠨ ᠤᠷᠢᠳᠠ ᠠᠭᠤᠷᠯᠠᠳᠠᠭ ᠤᠤ? ᠭᠡᠮᠡᠨ ᠮᠥᠴᠡᠭᠡᠷᠬᠡᠪᠡᠰᠦ ᠬᠠᠭᠠᠨ ᠡᠵᠡᠨ ᠴᠢᠨᠳᠠᠭ᠎ᠠ ᠴᠡᠴᠡᠨ ᠳ᠋ᠦ᠍ ᠬᠠᠨᠳᠤᠨ᠄
ᠬᠤᠤᠳᠤᠭ ᠤ᠋ᠨ ᠤᠰᠤ ᠶ᠋ᠢ ᠵᠠᠰᠠᠵᠤ ᠠᠷᠢᠭᠤᠳᠬᠠᠪᠠᠰᠤ
ᠬᠤᠷᠬᠠᠵᠤ ᠳᠡᠭᠡᠭᠰᠢ ᠦᠯᠦ ᠳᠠᠪᠠᠨ᠎ᠠ
ᠮᠥᠨ ᠰᠠᠪᠠᠨ ᠳ᠋ᠠᠭᠠᠨ ᠠᠵᠤ ᠯᠠ
ᠬᠣᠪᠣᠭᠣ ᠪᠠᠷ ᠤᠳᠬᠤᠵᠤ ᠠᠪᠤᠪᠠᠰᠤ
ᠬᠣᠷᠣᠮᠬᠠᠨ ᠵᠠᠭᠤᠷ᠎ᠠ ᠰᠢᠷᠭᠢᠭᠡᠳ
ᠭᠤᠲᠤᠮᠰᠢᠭ ᠮᠠᠭᠤ ᠪᠤᠯᠠᠩᠭᠢᠷ ᠨᠢ
ᠢᠷᠣᠭᠠᠷ ᠠ᠋ᠴᠠ ᠪᠠᠨ ᠭᠠᠷᠬᠤ ᠠᠵᠤ ᠯᠠ
ᠳᠠᠪᠠᠯᠠᠨ ᠭᠠᠷᠬᠤ ᠪᠤᠯᠠᠭ ᠤ᠋ᠨ ᠤᠰᠤ ᠶ᠋ᠢ
ᠳᠡᠭᠡᠷ᠎ᠡ ᠡᠴᠡ ᠨᠢ ᠪᠤᠯᠠᠪᠠᠴᠤ ᠪᠣᠭᠣᠭᠳᠠᠬᠤ ᠦᠭᠡᠢ
ᠣᠷᠭᠢᠯᠤᠨ ᠭᠠᠷᠬᠤ ᠪᠤᠯᠠᠭ ᠤ᠋ᠨ ᠤᠰᠤ ᠶ᠋ᠢ
ᠬᠣᠪᠣᠭᠣ ᠪᠠᠷ ᠤᠤᠬᠠᠳᠪᠠᠴᠤ ᠰᠢᠷᠭᠢᠬᠦ ᠦᠭᠡᠢ
ᠪᠤᠯᠠᠩᠭᠢᠷ ᠦᠭᠡᠢ ᠰᠠᠢᠬᠠᠨ ᠤᠰᠤ ᠨᠢ
ᠪᠤᠷᠭᠢᠯᠤᠨ ᠭᠠᠷᠤᠭᠰᠠᠭᠠᠷ ᠠᠵᠤ ᠯᠠ ᠬᠡᠮᠡᠭᠡᠳ ᠬᠥᠪᠡᠭᠦᠨ ᠢ᠋ ᠳᠠᠭᠤᠳᠠᠵᠤ ᠳᠡᠷᠭᠡᠳᠡ ᠪᠡᠨ ᠢᠷᠡᠭᠦᠯᠵᠦ ᠰᠠᠭᠤᠯᠭᠠᠭᠠᠳ ᠪᠠᠯ ᠠᠮᠲᠠᠲᠠᠨ ᠢ᠋ ᠥᠭᠴᠦ᠄
— ᠨᠡᠷ᠎ᠡ ᠬᠡᠨ ᠪᠣᠢ?
— ᠬᠢᠯᠤᠭᠡᠳᠠᠢ᠃
— ᠨᠤᠲᠤᠭ ᠬᠠᠮᠢᠭᠠᠬᠢ ᠪᠣᠢ?
— ᠰᠥᠨᠢᠳ᠃
— ᠡᠴᠢᠭᠡ ᠬᠡᠨ ᠪᠣᠢ?
— ᠪᠠᠢᠬᠤ ᠦᠭᠡᠢ᠂ ᠥᠨᠥᠴᠢᠨ᠃
— ᠲᠡᠭᠡᠭᠡᠳ ᠴᠢ ᠶᠠᠭᠠᠬᠢᠵᠤ ᠠᠮᠢ ᠵᠢᠭᠤᠵᠤ ᠶᠠᠪᠤᠨ᠎ᠠ?
— ᠠᠢᠯ ᠢ᠋ᠶ᠋ᠠᠷ ᠬᠡᠰᠦᠵᠦ ᠠᠮᠢ ᠵᠢᠭᠤᠳᠠᠭ᠂ ᠣᠯᠠᠨ ᠢ᠋ᠶ᠋ᠠᠷ ᠬᠡᠰᠦᠵᠦ ᠣᠯᠣᠭᠠᠢ ᠳᠦᠭᠦᠷᠭᠡᠳᠡᠭ᠁ ᠴᠢᠩᠭᠢᠰ ᠬᠠᠭᠠᠨ ᠲᠡᠭᠦᠨ ᠢ᠋ ᠡᠩᠬᠦᠷᠡᠢ ᠵᠥᠭᠡᠯᠡᠨ ᠬᠠᠷᠠᠵᠤ ᠢᠨᠢᠶᠡᠮᠰᠦᠭᠯᠡᠨ᠄
— ᠡᠨᠡ ᠬᠥᠪᠡᠭᠦᠨ ᠢ᠋ ᠠᠰᠠᠷᠠᠵᠤ ᠲᠡᠵᠢᠭᠡᠬᠦ ᠬᠡᠷᠡᠭᠲᠡᠢ᠃ ᠤᠬᠠᠭᠠᠨ ᠰᠡᠷᠭᠦᠯᠡᠩ ᠪᠠᠢᠨ᠎ᠠ ᠬᠡᠮᠡᠪᠡᠰᠦ ᠪᠠᠷᠠᠭᠤᠨ ᠵᠢᠭᠦᠷ ᠦ᠋ᠨ ᠳᠤᠮᠳᠠ ᠬᠢᠷᠢ ᠡᠴᠡ ᠨᠢᠭᠡᠨ ᠨᠠᠰᠤᠲᠠᠢ ᠡᠪᠦᠭᠡᠨ ᠪᠣᠰᠴᠤ ᠰᠠᠬᠠᠯ ᠢ᠋ᠶ᠋ᠠᠨ ᠰᠢᠪᠲᠤᠷᠠᠨ᠄
— ᠬᠠᠭᠠᠨ ᠡᠵᠡᠨ ᠰᠣᠶᠣᠷᠬᠠᠪᠠᠰᠤ ᠪᠢ ᠠᠪᠴᠤ ᠲᠡᠵᠢᠭᠡᠶ᠎ᠡ᠃ ᠨᠠᠳᠠ ᠥᠪ ᠵᠠᠯᠭᠠᠬᠤ ᠬᠥᠪᠡᠭᠦᠨ ᠦᠭᠡᠢ᠃ ᠭᠠᠢᠭᠤᠢ ᠰᠠᠢᠨ ᠬᠦᠦ ᠪᠠᠢᠨ᠎ᠠ᠃ ᠭᠠᠯ ᠭᠣᠯᠣᠮᠲᠠ ᠰᠠᠬᠢᠭᠤᠯᠤᠶ᠎ᠠ ᠬᠡᠮᠡᠪᠡᠰᠦ᠄
— ᠵᠥᠪ᠃ ᠡᠴᠢᠭᠡ ᠶ᠋ᠢᠨ ᠮᠢᠨᠢ ᠳᠡᠷᠭᠡᠳᠡ ᠪᠠᠢᠭᠰᠠᠨ ᠪᠠᠭᠠᠲᠤᠷ᠂ ᠡᠨᠡ ᠴᠠᠭ ᠲᠤ ᠨᠠᠳᠠ ᠲᠦᠰᠢᠭ ᠪᠣᠯᠤᠭᠰᠠᠨ ᠲᠦᠰᠢᠶ᠎ᠡ ᠳᠠᠭᠠᠭᠠᠮᠠᠯ ᠰᠢᠯᠦᠬᠡᠢ ᠲᠠᠨ ᠳ᠋ᠤ᠌ ᠡᠨᠡ ᠬᠦᠦ ᠶ᠋ᠢ ᠥᠭᠭᠦᠶ᠎ᠡ᠃ ᠡᠴᠢᠭᠡ ᠬᠦᠦ ᠶ᠋ᠢᠨ ᠪᠠᠷᠢᠯᠳᠤᠯᠭ᠎ᠠ ᠲᠣᠭᠲᠠᠭᠠᠵᠤ ᠡᠵᠡᠨᠲᠦ ᠲᠥᠷᠥ ᠳ᠋ᠡᠭᠡᠨ ᠵᠢᠳᠬᠦ ᠳᠡ! ᠭᠡᠮᠡᠨ ᠴᠢᠩᠭᠢᠰ ᠬᠠᠭᠠᠨ ᠵᠠᠷᠯᠢᠭ ᠪᠠᠭᠤᠯᠭᠠᠵᠠᠢ᠃
