ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 29> Хүлэг баатар буурч - Б. Өлзийсүрэн <Гудгар бүлэг-29> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 29> Хүлэг баатар буурч - Б. Өлзийсүрэн <Гудгар бүлэг-29>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 29> Хүлэг баатар буурч - Б. Өлзийсүрэн <Гудгар бүлэг-29>

ᠠᠩᠭᠢᠯᠠᠯ:ᠲᠤᠭᠤᠵᠢ ᠷᠣᠮᠠᠨ
2026-03-21

45

ᠬᠠᠷᠢᠵᠤ ᠨᠢᠴᠤᠵᠤ ᠪᠣᠯᠬᠤ ᠦᠭᠡᠢ ᠬᠠᠳᠠᠨ ᠵᠣᠷᠢᠭ ᠢᠶᠠᠨ ᠦᠵᠡᠭᠦᠯᠦᠭᠰᠡᠨ ᠭᠤᠲᠠᠭᠠᠷ ᠪᠦᠯᠦᠭ

ᠬᠣᠷᠢ ᠶᠢᠰᠦ


               ᠬᠣᠷᠢ ᠶᠢᠰᠦ 
                         ᠬᠥᠮᠦᠨ ᠦ᠌ ᠬᠦᠴᠦ ᠡᠪ ᠲᠡᠭᠡᠨ᠂ 
                         ᠬᠦᠯᠦᠭ ᠦ᠋ᠨ ᠴᠢᠳᠠᠯ ᠰᠢᠨᠳᠠᠰᠤᠨ ᠳ᠋ᠠᠭᠠᠨ 
                         ᠡᠷ᠎ᠡ ᠶ᠋ᠢᠨ ᠬᠦᠴᠦ ᠤᠬᠠᠭᠠᠨ ᠳ᠋ᠠᠭᠠᠨ᠂ 
                         ᠡᠷᠳᠡᠮ ᠦ᠋ᠨ ᠢᠳᠡ ᠦᠨᠡᠨ ᠳ᠋ᠡᠭᠡᠨ  

       ᠪᠣᠭᠣᠷᠴᠢ ᠬᠠᠭᠠᠨ ᠤ᠋ ᠠᠢᠯᠠᠳᠤᠭᠰᠠᠨ ᠶᠣᠰᠣᠭᠠᠷ ᠲᠡᠢᠨ ᠦ᠌ ᠲᠠᠯᠠᠪᠤᠷ ᠲᠤ᠌ ᠲᠣᠭᠣᠷᠢᠯ ᠬᠠᠨ᠂ ᠸᠠᠩᠭᠢᠩ ᠴᠢᠩᠰᠠᠩ ᠬᠣᠶᠠᠷ ᠤ᠋ᠨ ᠲᠣᠮᠢᠯᠠᠵᠤ ᠢᠷᠡᠭᠦᠯᠦᠭᠰᠡᠨ ᠵᠠᠬᠢᠷᠤᠭᠴᠢ ᠶ᠋ᠢᠨ ᠬᠠᠮᠲᠤ ᠲᠣᠭᠠᠯᠠᠯᠭ᠎ᠠ ᠬᠢᠬᠦ ᠠᠵᠢᠯ ᠢ᠋ ᠭᠤᠷᠪᠠ ᠬᠣᠨᠣᠭ ᠤᠷᠤᠯᠳᠤᠵᠤ ᠪᠠᠢᠵᠤ ᠳᠠᠭᠤᠰᠬᠠᠪᠠ᠃ ᠲᠠᠲ᠋ᠠᠷ ᠤ᠋ᠳ ᠤ᠋ᠨ ᠨᠥᠭᠡᠴᠡᠯᠡᠭᠰᠡᠨ ᠮᠢᠬ᠎ᠠ᠂ ᠭᠤᠯᠢᠷ ᠪᠤᠳᠠᠭ᠎ᠠ᠂ ᠢᠳᠡᠭᠡ ᠴᠠᠭ᠎ᠠ᠂ ᠠᠷᠢᠬᠢ ᠳᠠᠷᠠᠰᠤ ᠲᠡᠷᠢᠭᠦᠲᠦ ᠬᠦᠨᠡᠰᠦᠨ ᠦ᠌ ᠵᠦᠢᠯᠡᠰ᠂ ᠮᠥᠨ ᠡᠯᠳᠡᠪ ᠡᠳ᠋ ᠠᠭᠤᠷᠠᠰᠤ ᠦᠯᠡᠮᠵᠢ ᠠᠵᠢ᠃ ᠲᠡᠳᠡ ᠲᠤᠩ ᠲᠣᠭᠲᠠᠢᠬᠠᠨ ᠰᠠᠭᠤᠵᠤ ᠲᠣᠬᠢᠲᠠᠢᠬᠠᠨ ᠳᠠᠢᠳᠤᠬᠤ ᠭᠡᠮᠡᠨ ᠪᠡᠯᠡᠳᠬᠡᠯ ᠢ᠋ᠶ᠋ᠡᠨ ᠰᠠᠢᠲᠤᠷ ᠪᠠᠵᠠᠭᠠᠵᠤ ᠪᠡᠬᠢᠯᠡᠯᠲᠡ ᠪᠡᠨ ᠪᠠᠲᠤ ᠪᠡᠬᠢ ᠬᠢᠭᠰᠡᠨ ᠪᠣᠯᠪᠠᠴᠤ ᠰᠠᠨᠠᠭᠰᠠᠨ ᠶᠣᠰᠣᠭᠠᠷ ᠪᠣᠯᠤᠭᠰᠠᠨ ᠦᠭᠡᠢ᠂ ᠡᠷᠲᠡᠨ ᠦ᠌ ᠦᠢᠯᠡᠳᠦᠭᠰᠡᠨ ᠨᠢᠭᠦᠯ ᠨᠢ ᠦᠰᠦᠷᠴᠦ᠂ ᠠᠷᠤ ᠠ᠋ᠴᠠ ᠨᠢ ᠬᠦᠴᠦᠷᠬᠡᠭ ᠳᠠᠢᠰᠤᠨ ᠭᠠᠷᠴᠤ ᠢᠷᠡᠵᠦ ᠪᠤᠲᠠ ᠴᠣᠬᠢᠭᠳᠠᠪᠠ᠃ ᠨᠢᠭᠡᠨᠲᠡ ᠢᠯᠠᠭᠳᠠᠭᠰᠠᠨ ᠲᠤᠯᠠ᠂ ᠦᠯᠡᠳᠡᠭᠰᠡᠨ ᠬᠡᠰᠡᠭ ᠨᠢ ᠤᠨᠤᠭᠰᠠᠨ ᠮᠣᠷᠢ᠂ ᠵᠡᠭᠦᠭᠰᠡᠨ ᠵᠡᠪᠰᠡᠭ ᠲᠡᠢ ᠲᠡᠳᠦᠢᠬᠡᠨ ᠠᠰᠤᠷᠤ ᠶᠡᠬᠡ ᠬᠤᠷᠢᠶᠠᠭᠰᠠᠨ ᠬᠥᠷᠥᠩᠭᠡ ᠵᠣᠭᠣᠷᠢ ᠠ᠋ᠴᠠ ᠪᠠᠨ ᠶᠠᠭᠤ ᠴᠦ᠍ ᠠᠪᠴᠤ ᠡᠰᠡ ᠴᠢᠳᠠᠨ ᠵᠥᠪᠬᠡᠨ ᠠᠮᠢ ᠳᠡᠭᠡᠬᠡᠨ ᠵᠤᠯᠪᠠᠵᠠᠢ᠃ 
       ᠠᠯᠲᠠᠨ ᠤᠯᠤᠰ ᠤ᠋ᠨ ᠸᠠᠩᠭᠢᠩ ᠴᠢᠩᠰᠠᠩ ᠤ᠋ᠨ ᠲᠣᠮᠢᠯᠠᠭᠰᠠᠨ ᠵᠠᠬᠢᠷᠤᠭᠴᠢ ᠶ᠋ᠢ ᠳᠠᠭᠠᠵᠤ ᠢᠷᠡᠭᠰᠡᠨ ᠳᠡᠭᠡᠳᠦ ᠤᠷᠤᠭᠤᠯ ᠤ᠋ᠨ ᠬᠣᠶᠠᠷ ᠬᠠᠴᠠᠷ᠂ ᠡᠷᠡᠦ ᠳ᠋ᠡᠭᠡᠨ ᠱᠣᠪᠬᠣ ᠱᠣᠷᠣᠨ ᠰᠠᠬᠠᠯ ᠲᠠᠢ ᠨᠢᠭᠡᠨ ᠪᠢᠴᠢᠭ ᠦ᠋ᠨ ᠲᠦᠰᠢᠮᠡᠯ ᠪᠦᠬᠦ ᠵᠦᠢᠯ ᠢ᠋ ᠬᠢᠲᠠᠳ ᠪᠢᠴᠢᠭ ᠢ᠋ᠶ᠋ᠡᠷ ᠨᠠᠷᠢᠨ ᠨᠢᠭᠲᠠ ᠳᠠᠩᠰᠠᠯᠠᠵᠤ᠂  ᠬᠡᠷᠡᠢᠳ ᠦ᠋ᠨ ᠬᠠᠨ ᠤ᠋ ᠡᠯᠴᠢ ᠴᠦ᠍ ᠥᠪᠡᠷᠦᠨ ᠲᠡᠮᠳᠡᠭ ᠢ᠋ᠶ᠋ᠡᠷ ᠬᠠᠳᠠᠭᠠᠯᠠᠵᠤ᠂ ᠬᠠᠷᠢᠨ ᠪᠤᠭᠤᠷᠴᠢ ᠪᠢᠴᠢᠭ ᠮᠠᠭᠤᠬᠠᠨ ᠮᠡᠳᠡᠬᠦ ᠶ᠋ᠢᠨ ᠤᠯᠠᠮ ᠠ᠋ᠴᠠ ᠪᠦᠬᠦᠨ ᠢ᠋ ᠬᠣᠶᠠᠷ ᠳᠠᠭᠠᠭᠤᠯ ᠤ᠋ᠨ ᠬᠠᠮᠲᠤ ᠴᠡᠭᠡᠵᠢᠯᠡᠨ ᠲᠣᠭᠲᠠᠭᠠᠵᠤ᠂ ᠬᠠᠶᠠ ᠬᠠᠶᠠ《ᠲᠡᠷᠡ ᠶᠠᠭᠤ ᠪᠢᠯᠡ? ᠡᠨᠡ ᠬᠡᠳᠦ ᠪᠢᠯᠡ?》 ᠭᠡᠵᠦ ᠶᠠᠷᠢᠯᠴᠠᠨ ᠰᠡᠷᠢᠭᠡᠬᠦ ᠠᠵᠤᠭᠤ᠃ ᠡᠴᠦᠰ ᠲᠦ᠍ ᠨᠢ ᠭᠤᠷᠪᠠᠨ ᠲᠠᠯ᠎ᠠ ᠳᠠᠩᠰᠠ ᠨᠡᠢᠯᠡᠬᠦ ᠪᠣᠯᠬᠤ ᠳ᠋ᠤ᠌ ᠳᠠᠩᠰᠠ ᠲᠠᠢ ᠬᠥᠮᠦᠰ ᠡᠴᠡ ᠳᠠᠩᠰᠠ ᠦᠭᠡᠢ ᠪᠤᠭᠤᠷᠴᠢ ᠣᠭᠲᠣ ᠳᠤᠲᠠᠵᠤ ᠭᠠᠴᠠᠭᠰᠠᠨ ᠥᠬᠡᠢ᠂ ᠪᠦᠭᠦᠳᠡ ᠶ᠋ᠢ ᠦᠨᠡᠨ ᠵᠥᠪ᠂ ᠶᠠᠭ ᠶᠠᠰᠤ ᠬᠡᠯᠡᠬᠦ ᠳ᠋ᠦ᠍ ᠨᠢ ᠵᠦᠷᠴᠢᠳ ᠦ᠋ᠨ ᠱᠣᠷᠣᠨ ᠰᠠᠬᠠᠯᠲᠤ ᠶᠡᠬᠡᠳᠡ ᠭᠠᠢᠬᠠᠨ ᠲᠣᠯᠣᠭᠠᠢ ᠰᠡᠭᠰᠦᠷᠬᠦ ᠠᠵᠤᠭᠤ᠃ ᠲᠡᠷᠡ ᠪᠡᠷ ᠮᠣᠩᠭᠣᠯ ᠬᠡᠯᠡ ᠶ᠋ᠢ ᠰᠠᠢᠲᠤᠷ ᠮᠡᠳᠡᠳᠡᠭ᠂ ᠶᠸᠯᠢᠤᠢ ᠣᠪᠣᠭ ᠤ᠋ᠨ ᠬᠢᠳᠠᠨ ᠬᠥᠮᠦᠨ ᠠᠵᠢ᠃ ᠲᠡᠷᠡ ᠬᠢᠳᠠᠨ ᠪᠣᠭᠤᠷᠴᠢ ᠶ᠋ᠢ ᠶᠡᠬᠡᠳᠡ ᠪᠢᠰᠢᠷᠡᠵᠦ ᠬᠦᠨᠳᠦᠯᠡᠨ ᠪᠠᠢᠭ᠎ᠠ ᠪᠣᠯᠤᠯᠲᠠᠢ᠂ ᠶᠠᠭᠤᠮ᠎ᠠ ᠯᠠ ᠪᠣᠯ ᠠᠯᠠᠭ᠎ᠠ ᠪᠠᠨ ᠬᠠᠪᠰᠤᠷᠤᠨ ᠪᠥᠬᠥᠯᠵᠡᠵᠦ ᠨᠠᠬᠢᠯᠵᠠᠬᠤ ᠨᠢ ᠲᠦᠪᠡᠭᠲᠡᠢ᠃ 
       ᠪᠣᠭᠣᠷᠴᠢ ᠵᠦᠷᠴᠢᠳ ᠦ᠋ᠨ ᠵᠠᠬᠢᠷᠤᠭᠴᠢ ᠲᠠᠢ ᠠᠭᠤᠯᠵᠠᠬᠤ ᠪᠠᠷ ᠲᠡᠳᠡᠨ ᠦ᠌ ᠪᠠᠢᠷᠢ ᠤᠷᠤᠭᠤ ᠬᠣᠶᠠᠷ ᠬᠢᠶ᠎ᠡ ᠳᠠᠭᠠᠭᠤᠯᠤᠨ ᠣᠴᠢᠪᠠ᠃ ᠥᠨᠥᠬᠢ ᠬᠢᠳᠠᠨ ᠬᠥᠮᠦᠨ ᠪᠠᠢᠷᠢᠨ ᠤ᠋ ᠪᠠᠨ ᠡᠭᠦᠳᠡᠨ ᠳ᠋ᠦ᠍ ᠵᠣᠭᠰᠣᠵᠤ ᠪᠠᠢᠭᠰᠠᠨ ᠢ᠋ᠶ᠋ᠠᠨ ᠪᠣᠭᠣᠷᠴᠢ ᠶ᠋ᠢ ᠤᠭᠲᠤᠨ ᠢᠷᠡᠵᠦ ᠪᠥᠬᠥᠯᠵᠡᠨ ᠲᠣᠩᠭᠣᠯᠵᠠᠵᠤ᠂ ᠶᠣᠰᠣᠯᠠᠯ ᠢ᠋ᠶ᠋ᠠᠨ ᠦᠢᠯᠡᠳᠦᠨ ᠢᠨᠢᠶᠡᠮᠰᠦᠭᠯᠡᠪᠡ᠃ 
       — ᠲᠠᠨ ᠤ᠋ ᠵᠠᠬᠢᠷᠤᠭᠴᠢ ᠪᠣᠢ ᠤᠤ? ᠭᠡᠪᠡᠯ᠄ 
       — ᠡᠵᠡᠭᠦᠢ ᠪᠠᠢᠨ᠎ᠠ᠃ ᠶᠡᠬᠡ ᠵᠠᠩᠵᠤᠨ ᠳ᠋ᠠᠭᠠᠨ ᠪᠠᠷᠠᠭᠠᠯᠠᠬᠤ ᠪᠠᠷ ᠮᠣᠷᠳᠠᠭᠰᠠᠨ᠃ ᠢᠷᠡᠵᠦ ᠮᠠᠭᠠᠳ ᠦᠭᠡᠢ᠃ ᠲᠠ ᠰᠠᠭᠠᠲᠠᠵᠤ ᠬᠦᠯᠢᠶᠡ᠃ ᠮᠠᠨ ᠤ᠋ ᠥᠴᠦᠬᠡᠨ ᠪᠠᠢᠷᠢᠨ ᠳ᠋ᠤ᠌ ᠮᠣᠷᠢᠯᠠᠨ᠎ᠠ ᠤᠤ? ᠭᠡᠮᠡᠨ ᠥᠨᠥᠬᠢ ᠬᠢᠳᠠᠨ ᠲᠦᠰᠢᠮᠡᠯ ᠶᠣᠰᠣᠷᠬᠠᠪᠠ᠃ ᠪᠣᠭᠤᠷᠴᠢ ᠤᠷᠢᠵᠤ ᠵᠢᠭᠠᠭᠰᠠᠨ ᠶᠣᠰᠣᠭᠠᠷ ᠨᠢ ᠣᠷᠣᠯ᠎ᠠ᠃ ᠲᠡᠭᠦᠨ ᠦ᠌ ᠰᠦᠯᠵᠢᠮᠡᠯ ᠪᠤᠷᠭᠠᠰᠤᠨ ᠪᠠᠢᠰᠢᠩ ᠤ᠋ᠨ ᠡᠭᠦᠳᠡᠨ ᠦ᠌ ᠪᠢᠴᠢᠬᠠᠨ ᠥᠷᠥᠭᠡᠨ ᠳ᠋ᠦ᠍ ᠨᠢᠭᠡᠨ ᠬᠢᠶ᠎ᠡ ᠮᠥᠨ ᠯᠡ ᠪᠥᠬᠥᠯᠵᠡᠨ ᠤᠭᠲᠤᠯ᠎ᠠ᠃ ᠠᠷᠠᠢ ᠲᠣᠮᠣᠬᠠᠨ ᠴᠠᠭᠠᠳᠤ ᠥᠷᠥᠭᠡᠨ ᠳ᠋ᠦ᠍ ᠨᠢ ᠲᠡᠷᠡ ᠬᠢᠳᠠᠨ ᠬᠥᠮᠦᠨ ᠰᠠᠭᠤᠬᠤ ᠠᠵᠢ᠃ ᠲᠡᠷᠡ ᠬᠢᠶ᠎ᠡ ᠴᠦ᠍ ᠶᠦᠮ ᠤᠤ? ᠵᠠᠷᠤᠴᠠ ᠨᠢ ᠴᠦ᠍ ᠶᠤᠮ ᠤᠤ? ᠡᠲᠡᠭᠡᠳ ᠢ᠋ᠶ᠋ᠡᠨ ᠳᠠᠭᠤᠳᠠᠵᠤ ᠬᠢᠲᠠᠳ ᠢ᠋ᠶ᠋ᠠᠷ ᠬᠡᠳᠦᠨ ᠦᠭᠡ ᠬᠡᠯᠡᠪᠡᠰᠦ ᠲᠡᠷᠡ ᠨᠢ ᠠᠯᠠᠭ᠎ᠠ ᠬᠠᠪᠰᠤᠷᠭᠠᠭᠠᠳ ᠴᠠᠭᠠᠰᠢ ᠭᠦᠶᠦᠨ ᠣᠷᠣᠵᠤ ᠪᠡᠰᠡᠷᠡᠭᠬᠡᠨ ᠢᠳᠡᠭᠡ ᠪᠤᠳᠠᠭ᠎ᠠ᠂ ᠤᠤᠭᠤᠰᠢ ᠵᠠᠭᠤᠰᠢ ᠠᠪᠴᠢᠷᠠᠵᠤ ᠲᠠᠯᠪᠢᠪᠠ᠃ ᠬᠢᠳᠠᠨ ᠬᠥᠮᠦᠨ ᠬᠢᠲᠠᠳ ᠠᠷᠢᠬᠢ ᠬᠤᠨᠳᠠᠭᠠᠯᠠᠨ ᠪᠠᠷᠢᠵᠤ ᠥᠭᠭᠦᠭᠡᠳ᠄ 
       — ᠪᠢ ᠲᠠᠨ ᠲᠠᠢ ᠲᠠᠨᠢᠯᠴᠠᠬᠤ ᠶ᠋ᠢ ᠬᠦᠰᠡᠭᠰᠡᠨ ᠶᠦᠮ᠃ ᠵᠠᠪᠰᠢᠶᠠᠨ ᠢ᠋ᠶ᠋ᠠᠷ ᠡᠵᠡᠨ ᠦ᠌ ᠦᠭᠡᠢ ᠳ᠋ᠦ᠍ ᠲᠠᠪᠠᠲᠠᠢ ᠲᠤᠬᠠᠲᠠᠢ ᠤᠴᠠᠷᠠᠯ᠎ᠠ᠃ ᠪᠣᠭᠤᠷᠴᠢ ᠵᠠᠩᠵᠤᠨ ᠲᠠᠨ ᠤ᠋ ᠣᠢ ᠤᠬᠠᠭᠠᠨ ᠳ᠋ᠤ᠌ ᠦᠨᠡᠬᠡᠷ ᠪᠢᠰᠢᠷᠡᠵᠦ ᠪᠠᠢᠨ᠎ᠠ᠃ ᠮᠣᠩᠭᠣᠯᠴᠤᠳ ᠢ᠋ ᠶᠡᠬᠡ ᠣᠯᠠᠨ ᠮᠠᠯ ᠰᠦᠷᠦᠭ ᠲᠡᠢ᠂ ᠲᠡᠭᠦᠨ ᠢ᠋ ᠪᠡᠨ ᠬᠥᠮᠦᠨ ᠪᠦᠷᠢ ᠵᠢᠰᠦ ᠳ᠋ᠤᠭᠠᠷ ᠢ᠋ᠶ᠋ᠡᠷ ᠨᠢ ᠲᠠᠨᠢᠵᠤ ᠮᠡᠳᠡᠳᠡᠭ ᠭᠡᠯᠴᠡᠳᠡᠭ᠃ ᠦᠨᠡᠨ ᠶᠦᠮ ᠪᠠᠢᠨ᠎ᠠ ᠭᠡᠪᠡ᠃ 
       — ᠦᠨᠡᠨ᠃ ᠲᠡᠭᠡᠭᠡᠳ ᠶᠠᠭᠤ ᠭᠡᠵᠦ? ᠮᠠᠨ ᠤ᠋ ᠮᠣᠩᠭᠣᠯᠴᠤᠳ ᠵᠥᠪᠬᠡᠨ ᠥᠪᠡᠷᠦᠨ ᠢ᠋ᠶ᠋ᠡᠨ ᠲᠡᠳᠦᠢ ᠪᠢᠰᠢ᠂ ᠨᠤᠲᠤᠭ ᠤᠰᠤᠨ ᠤ᠋ ᠪᠦᠬᠦ ᠠᠢᠯ ᠬᠥᠷᠰᠢ ᠶ᠋ᠢᠨ ᠢ᠋ᠶ᠋ᠡᠨ ᠮᠠᠯ ᠰᠦᠷᠦᠭ ᠢ᠋ ᠲᠠᠨᠢᠵᠤ ᠮᠡᠳᠡᠳᠡᠭ ᠭᠡᠬᠦ ᠳ᠋ᠦ᠍ ᠬᠢᠳᠠᠨ ᠬᠥᠮᠦᠨ᠄ 
       — ᠠᠢ᠂ ᠮᠥᠨ ᠶᠡᠬᠡ ᠠᠭᠤᠵᠢᠮ ᠤᠬᠠᠭᠠᠨ ᠮᠡᠯᠮᠡᠢ! ᠪᠢ ᠲᠠᠨ ᠳ᠋ᠤ᠌ ᠬᠢᠳᠠᠨ ᠤᠭᠰᠠᠭᠠᠨ ᠤ᠋ ᠬᠥᠮᠦᠨ ᠭᠡᠳᠡᠭ ᠢ᠋ᠶ᠋ᠡᠨ ᠬᠡᠯᠡᠵᠦ ᠪᠠᠢᠭᠰᠠᠨ᠃ ᠣᠪᠣᠭ ᠶᠸᠯᠢᠦᠢ᠂ ᠨᠡᠷ᠎ᠡ ᠴᠦᠽᠠᠢ᠃ ᠪᠦᠲᠦᠨ ᠢ᠋ᠶ᠋ᠡᠷ ᠢ᠋ᠶ᠋ᠡᠨ ᠪᠣᠯ ᠶᠸᠯᠢᠦᠢ ᠴᠦᠽᠠᠢ᠃ ᠮᠠᠨ ᠤ᠋ ᠶᠸᠯᠢᠦᠢ ᠣᠪᠣᠭ ᠤ᠋ᠨ ᠣᠯᠠᠨ ᠦᠶ᠎ᠡ ᠶ᠋ᠢᠨ ᠡᠮᠦᠨᠡᠬᠢ ᠳᠡᠭᠡᠳᠦᠰ ᠮᠣᠩᠭᠣᠯ ᠨᠤᠲᠤᠭ᠂ ᠤᠨᠤᠨ ᠮᠥᠷᠡᠨ ᠢ᠋ᠶ᠋ᠡᠷ ᠨᠤᠲᠤᠭᠯᠠᠵᠤ  ᠪᠠᠢᠭᠰᠠᠨ ᠶᠤᠮ ᠭᠡᠨ᠎ᠡ ᠪᠢᠯᠡ᠃ ᠭᠣᠣᠯ ᠲᠥᠯᠥᠪ ᠴᠡᠷᠢᠭ ᠦ᠋ᠨ ᠬᠥᠮᠦᠨ ᠪᠠᠢᠭᠰᠠᠨ ᠭᠡᠯᠴᠡᠳᠡᠭ᠃ ᠬᠠᠷᠢᠨ ᠡᠪᠦᠭᠡ ᠡᠴᠢᠭᠡ᠂ ᠡᠴᠢᠭᠡ ᠬᠣᠶᠠᠷ ᠮᠠᠨᠢ ᠪᠢᠴᠢᠭᠡᠴᠢ᠂ ᠪᠢᠴᠢᠭ ᠦ᠋ᠨ ᠲᠦᠰᠢᠮᠡᠯ ᠪᠥᠯᠥᠭᠡ᠃ ᠪᠢ ᠪᠠᠰᠠ ᠪᠢᠴᠢᠭᠡᠴᠢ ᠠᠯᠪᠠ ᠲᠠᠢ᠃ ᠮᠣᠩᠭᠣᠯ ᠭᠠᠵᠠᠷ ᠢ᠋ ᠠᠭᠤᠯᠠ ᠲᠠᠯ᠎ᠠ ᠨᠢ ᠠᠭᠤᠵᠢᠮ᠂ ᠤᠰᠤ ᠤᠨᠳᠤᠷᠤᠭ᠎ᠠ ᠨᠢ ᠲᠤᠩᠭᠠᠯᠠᠭ ᠭᠡᠯᠴᠡᠳᠡᠭ᠃ ᠦᠨᠡᠬᠡᠷ ᠮᠢᠨᠦ ᠡᠪᠦᠭᠡ ᠳᠡᠭᠡᠳᠦᠰ ᠦ᠋ᠨ ᠨᠤᠲᠤᠭ ᠤᠬᠠᠭᠠᠨ ᠲᠡᠯᠡᠵᠦ ᠬᠠᠷᠠᠭ᠎ᠠ ᠰᠤᠨᠤᠮ᠎ᠠ ᠰᠠᠢᠬᠠᠨ ᠶᠤᠮ  ᠪᠠᠢᠨ᠎ᠠ᠃ ᠪᠢ ᠮᠣᠳᠣ ᠤᠷᠭᠤᠮᠠᠯ ᠰᠢᠷᠠᠯᠠᠵᠤ ᠪᠠᠢᠬᠤ ᠴᠠᠭ ᠢ᠋ᠶ᠋ᠠᠷ ᠢᠷᠡᠭᠡᠳ ᠴᠠᠰᠤ ᠮᠥᠰᠥ ᠨᠥᠮᠥᠷᠬᠦ ᠴᠠᠭ ᠢ᠋ᠶ᠋ᠠᠷ ᠪᠤᠴᠠᠬᠤ ᠨᠢ ᠳᠡ᠃ ᠡᠴᠢᠭᠡ ᠡᠪᠦᠭᠡᠳ ᠮᠠᠨᠢ ᠡᠷᠲᠡᠨ ᠦ᠌ ᠡᠨᠡ ᠰᠠᠢᠬᠠᠨ ᠨᠤᠲᠤᠭ ᠲᠠᠭᠠᠨ ᠢᠷᠡᠵᠦ ᠨᠤᠲᠤᠭᠯᠠᠬᠤ ᠶᠤᠮᠰᠠᠨ ᠭᠡᠵᠦ ᠮᠥᠷᠥᠭᠡᠳᠳᠡᠭ ᠪᠠᠢᠭᠰᠠᠨ᠃ ᠪᠢ ᠪᠠᠭ᠎ᠠ ᠠ᠋ᠴᠠ ᠪᠠᠨ ᠬᠢᠲᠠᠳ ᠬᠡᠯᠡ ᠪᠢᠴᠢᠭ ᠰᠤᠷᠤᠭᠰᠠᠨ᠃ ᠠᠷᠪᠠᠨ ᠬᠡᠳᠦ ᠲᠡᠢ ᠬᠣᠷᠢ ᠬᠦᠷᠬᠦ ᠦᠭᠡᠢ ᠨᠠᠰᠤᠨ ᠳ᠋ᠤ᠌ ᠮᠢᠨᠢ ᠣᠩᠭᠣᠳ ᠠᠢᠮᠠᠭ ᠲᠤ᠌ ᠨᠢᠭᠡ ᠪᠠᠶᠠᠨ ᠬᠤᠳᠠᠯᠳᠤᠭᠠᠴᠢᠨ ᠳ᠋ᠤ᠌ ᠪᠢᠴᠢᠭᠡᠴᠢ ᠪᠣᠯᠭᠠᠨ ᠥᠭᠴᠦ ᠲᠡᠭᠡᠭᠡᠳ ᠬᠣᠩᠭᠢᠷᠠᠳ᠂ ᠬᠠᠲᠠᠭᠢᠨ ᠰᠠᠯᠵᠢᠭᠤᠳ᠂ ᠲᠦᠮᠡᠨ ᠲᠦᠪᠬᠦᠨ᠂ ᠵᠥᠷᠬᠢᠨ ᠢ᠋ᠶ᠋ᠡᠷ ᠶᠠᠪᠤᠵᠤ ᠨᠠᠢ᠍ᠮᠠᠭ᠎ᠠ ᠬᠢᠬᠦ ᠳ᠋ᠦ᠍ ᠨᠢ ᠡᠵᠡᠨ ᠢ᠋ ᠳᠠᠭᠠᠵᠤ᠂ ᠲᠡᠨᠳᠡ ᠡᠴᠡ ᠴᠤᠭᠯᠠᠭᠤᠯᠤᠭᠰᠠᠨ ᠡᠳ᠋ ᠶᠠᠭᠤᠮ᠎ᠠ ᠶ᠋ᠢ ᠪᠦᠷ ᠣᠷᠣᠭᠰᠢ ᠬᠢᠲᠠᠳ ᠤ᠋ᠨ ᠭᠦᠨ ᠳ᠋ᠦ᠍ ᠠᠪᠠᠴᠢᠵᠤ ᠪᠣᠷᠣᠯᠠᠭᠤᠯᠬᠤ ᠵᠡᠷᠭᠡ ᠪᠡᠷ ᠠᠶᠠᠯᠠᠵᠤ ᠶᠠᠪᠤᠭᠰᠠᠨ ᠳᠠ᠃ ᠪᠢ ᠣᠳᠣ ᠲᠠᠨ ᠳ᠋ᠤ᠌ ᠰᠢᠭᠤᠳᠬᠠᠨ ᠬᠡᠯᠡᠬᠦ ᠳ᠋ᠦ᠍ ᠮᠣᠩᠭᠣᠯ ᠨᠤᠲᠤᠭ ᠲᠤ᠌ ᠦᠯᠡᠳᠡᠵᠦ᠂ ᠲᠠᠨ ᠤ᠋ ᠬᠠᠭᠠᠨ ᠤ᠋ ᠵᠠᠷᠤᠴᠠ ᠪᠣᠯᠵᠤ᠂ ᠠᠯᠪᠠᠨ ᠳ᠋ᠤᠨᠢ ᠵᠢᠳᠬᠦᠮᠡᠷ ᠪᠠᠢᠨ᠎ᠠ᠃ ᠨᠠᠮ᠎ᠠ ᠶ᠋ᠢ ᠠᠪᠬᠤ ᠪᠣᠯᠪᠠ ᠤᠤ? ᠭᠡᠵᠦ ᠶᠠᠷᠢᠯ᠎ᠠ᠃ 
       ᠪᠣᠭᠣᠷᠴᠢ ᠲᠡᠭᠦᠨ ᠦ᠌ ᠦᠭᠡ ᠶ᠋ᠢ ᠠᠩᠬᠠᠷᠤᠯ ᠲᠠᠢ ᠰᠣᠨᠣᠰᠴᠤ ᠪᠠᠢᠭᠰᠠᠨ ᠢ᠋ᠶ᠋ᠠᠨ ᠡᠮᠦᠨᠡᠬᠢ ᠰᠢᠷᠡᠭᠡᠨ ᠳᠡᠭᠡᠷ᠎ᠡ ᠡᠴᠡ ᠪᠢᠴᠢᠬᠠᠨ ᠠᠮᠲᠠᠲᠠᠨ ᠠᠪᠴᠤ ᠠᠮᠠᠨ ᠳ᠋ᠠᠭᠠᠨ ᠬᠢᠵᠦ ᠬᠦᠯᠬᠦᠬᠦ ᠳ᠋ᠦ᠍ ᠲᠡᠭᠦᠨ ᠢ᠋《ᠶᠠᠭᠤ ᠭᠡᠬᠦ ᠪᠣᠯ?》 ᠭᠡᠵᠦ ᠶᠡᠬᠡ ᠭᠣᠷᠢᠳᠠᠭᠰᠠᠨ ᠬᠠᠷᠠᠴᠠ ᠪᠠᠷ ᠨᠢᠭᠤᠷ ᠤᠷᠤᠭᠤ ᠨᠢ ᠰᠢᠷᠲᠡᠵᠦ ᠪᠠᠢᠭᠰᠠᠨ ᠶᠸᠯᠢᠦᠢ ᠬᠡᠮᠡᠭᠴᠢ ᠪᠡᠷ ᠢᠨᠢᠶᠡᠮᠰᠦᠭᠯᠡᠨ ᠪᠥᠬᠥᠯᠵᠡᠵᠦ ᠵᠦᠩᠵᠡ ᠲᠡᠢ ᠰᠠᠷᠬᠤᠳ ᠪᠠᠷᠢᠬᠤᠢ ᠳ᠋ᠤ᠌ ᠪᠣᠭᠣᠷᠴᠢ᠄  
       — ᠣᠳᠣ ᠪᠣᠯᠤᠨ᠎ᠠ᠂ ᠢᠯᠡᠭᠦᠦ ᠬᠡᠷᠡᠭ ᠦᠭᠡᠢ᠃ ᠲᠠᠨ ᠤ᠋ ᠵᠠᠬᠢᠷᠤᠭᠴᠢ ᠶ᠋ᠢ ᠢᠷᠡᠬᠦ ᠦᠭᠡᠢ ᠪᠣᠯ ᠸᠠᠩᠬᠢᠩ ᠴᠢᠩᠰᠠᠩ ᠨᠣᠶᠠᠨ ᠳ᠋ᠤ᠌ ᠴᠢᠨᠢ ᠣᠴᠢᠳᠠᠭ ᠯᠠ ᠶᠤᠮ ᠪᠢᠯᠢᠤ? ᠬᠠᠭᠠᠨ ᠡᠵᠡᠨ ᠦ᠌ ᠠᠢᠯᠠᠳᠬᠠᠭᠰᠠᠨ ᠦᠭᠡ ᠶ᠋ᠢ ᠣᠴᠢᠵᠤ ᠤᠯᠠᠮᠵᠢᠯᠠᠶ᠎ᠠ ᠭᠡᠵᠦ ᠬᠡᠯᠡᠭᠡᠳ ᠵᠠᠯᠭᠠᠵᠤ᠄ 
       — ᠮᠠᠨ ᠤ᠋ ᠬᠠᠭᠠᠨ ᠴᠢᠮᠠᠶ᠋ᠢ ᠳᠤᠷᠠᠲᠠᠶ᠎ᠠ ᠠᠯᠪᠠᠨ ᠳ᠋ᠠᠭᠠᠨ ᠠᠪᠤᠨ᠎ᠠ᠃ ᠬᠠᠷᠢᠨ ᠴᠢ ᠶᠠᠭᠠᠬᠢᠵᠤ ᠦᠯᠡᠳᠡᠬᠦ ᠪᠣᠢ? ᠭᠡᠵᠦ ᠠᠰᠠᠭᠤᠪᠠ᠃ ᠶᠸᠯᠢᠤᠢ᠄ 
       — ᠬᠠᠷᠢᠨ ᠶᠠᠭᠠᠬᠢᠵᠤ ᠦᠯᠡᠳᠡᠬᠦ ᠪᠣᠢ? ᠮᠢᠨᠦ ᠪᠣᠳᠣᠵᠤ ᠲᠥᠪᠯᠡᠭᠰᠡᠨ ᠢ᠋ᠶ᠋ᠡᠷ ᠥᠨᠥᠳᠥᠷ ᠡᠴᠡ ᠲᠣᠭᠠᠯᠠᠭᠠᠳ ᠳᠣᠯᠣᠭ᠎ᠠ ᠳ᠋ᠠᠬᠢ ᠬᠣᠨᠣᠭ ᠤ᠋ᠨ ᠥᠷᠯᠥᠭᠡ ᠨᠠᠷᠠ ᠭᠠᠷᠬᠤ ᠦᠶ᠎ᠡ ᠪᠡᠷ ᠡᠨᠡ ᠵᠡᠭᠦᠨ ᠤᠷᠢᠳᠤᠬᠢ ᠵᠢᠷᠦᠬᠡᠨ ᠱᠣᠪᠬᠣ ᠠᠭᠤᠯᠠ ᠶ᠋ᠢᠨ ᠬᠤᠰᠢᠭᠤᠨ ᠳ᠋ᠤ᠌ ᠠᠭᠤᠯᠵᠠᠶ᠎ᠠ᠃ ᠲᠠ ᠨᠠᠮ᠎ᠠ ᠶ᠋ᠢ ᠲᠣᠰᠴᠤ ᠠᠪ᠃ ᠮᠠᠨ ᠤ᠋ ᠴᠡᠷᠢᠭ ᠦ᠋ᠳ ᠡᠨᠳᠡ ᠡᠴᠡ ᠬᠥᠳᠡᠯᠦᠭᠡᠳ ᠭᠤᠷᠪᠠ ᠳᠥᠷᠪᠡ ᠬᠣᠨᠣᠭ ᠶᠠᠪᠤᠵᠤ ᠨᠡᠯᠢᠶᠡᠳ ᠵᠠᠢᠳᠠᠭᠤ ᠭᠠᠷᠤᠮᠠᠭᠴᠠ ᠪᠢ ᠬᠣᠶᠠᠷ ᠮᠣᠷᠢ ᠲᠠᠢ᠂ ᠥᠪᠡᠷᠦᠨ ᠭᠡᠰᠡᠨ ᠵᠢᠭᠠᠬᠠᠨ ᠶᠠᠭᠤᠮ᠎ᠠ ᠪᠠᠨ ᠠᠪᠤᠭᠠᠳ ᠣᠷᠭᠣᠴᠢᠬᠠᠶ᠎ᠠ ᠭᠡᠪᠡ᠃ ᠪᠤᠭᠤᠷᠴᠢ ᠡᠷᠡᠭᠡᠯᠵᠡᠩᠭᠦᠢ ᠪᠣᠳᠣᠯᠬᠢᠯᠠᠭᠰᠠᠨ ᠢ᠋ᠶ᠋ᠠᠨ᠄    
       — ᠴᠢᠮᠠᠲᠤ ᠡᠬᠡᠨᠡᠷ ᠬᠡᠦᠬᠡᠳ ᠪᠣᠢ ᠤᠤ? ᠭᠡᠵᠦ ᠠᠰᠠᠭᠤᠪᠠᠯ᠄ 
       —  ᠪᠣᠢ ᠭᠡᠪᠡ᠃ 
       — ᠲᠡᠳᠡ ᠴᠢᠨᠢ ᠬᠠᠮᠢᠭ᠎ᠠ ᠪᠠᠢᠭ᠎ᠠ ᠪᠣᠢ?  ᠭᠡᠬᠦ ᠳ᠋ᠦ᠍ ᠶᠸᠯᠤᠢ᠄ 
       — ᠣᠩᠭᠣᠳ ᠠᠢᠮᠠᠭ ᠲᠤ ᠭᠡᠬᠦ ᠳ᠋ᠦ᠍᠄ 
       — ᠶᠠᠭᠠᠬᠢᠭᠠᠳ ᠲᠡᠨᠳᠡ ᠪᠠᠢᠭ᠎ᠠ ᠪᠣᠢ? ᠭᠡᠵᠦ ᠠᠰᠠᠭᠤᠪᠠᠯ᠄ 
       — ᠡᠬᠡᠨᠡᠷ ᠮᠢᠨᠢ ᠣᠩᠭᠣᠳ ᠠᠢᠮᠠᠭ ᠤ᠋ᠨ ᠬᠢ᠂ ᠤᠭ ᠲᠠᠭᠠᠨ ᠬᠢᠳᠠᠨ ᠤᠯᠤᠰ ᠤ᠋ᠨ ᠬᠥᠮᠦᠨ᠃ ᠬᠡᠷᠪᠡ ᠪᠢ ᠲᠠᠨ ᠤ᠋ ᠳ᠋ᠤ᠌ ᠢᠷᠡᠭᠡᠳ ᠰᠢᠩᠭᠡᠴᠢᠬᠡᠪᠡᠯ ᠲᠡᠳᠡᠨ ᠢ᠋ ᠪᠡᠨ ᠲᠠᠲᠠᠭᠠᠳ ᠠᠪᠴᠤ ᠪᠣᠯᠤᠨ᠎ᠠ ᠭᠡᠵᠦ ᠪᠣᠳᠣᠵᠤ ᠪᠠᠢᠨ᠎ᠠ ᠭᠡᠯ᠎ᠡ᠃ 
       — ᠠ᠂  ᠮᠡᠳᠡᠬᠦ ᠦᠭᠡᠢ᠂ ᠣᠰᠤᠯᠲᠠᠢ ᠯᠠ ᠵᠠᠮ᠃ ᠣᠰᠤᠯᠲᠠᠢ ᠭᠡᠳᠡᠭ ᠨᠢ ᠨᠢᠭᠡ ᠳ᠋ᠦ᠍᠂ ᠬᠣᠶᠠᠷ ᠣᠷᠣᠨ ᠤ᠋ ᠨᠠᠢᠷᠠᠮᠳᠠᠯᠲᠤ  ᠬᠠᠷᠢᠯᠴᠠᠭ᠎ᠠ ᠲᠠᠢ ᠬᠣᠯᠪᠣᠭᠳᠠᠵᠤ ᠪᠣᠯᠬᠤ᠂ ᠴᠢᠮ᠎ᠠ ᠶ᠋ᠢ ᠨᠠᠭᠠᠰᠢ ᠪᠠᠨ ᠢᠷᠡᠯ᠎ᠡ ᠭᠡᠵᠦ ᠠᠷᠤ ᠠ᠋ᠴᠠ ᠴᠢᠨᠢ ᠨᠡᠬᠡᠯ ᠳᠠᠭᠠᠯ ᠪᠣᠯᠪᠠᠯ ᠬᠣᠶᠠᠷ ᠣᠷᠣᠨ ᠤ᠋ ᠬᠣᠭᠣᠷᠣᠨᠳᠣ ᠬᠡᠷᠡᠭᠦᠯ ᠡᠭᠦᠰᠬᠦ ᠨᠢᠭᠡᠨ ᠰᠢᠯᠲᠠᠭ ᠭᠠᠷᠴᠤ ᠪᠣᠯᠵᠣᠰᠢ ᠦᠭᠡᠢ᠃ ᠬᠣᠶᠠᠷ ᠲᠤ᠌᠂ ᠡᠬᠡᠨᠡᠷ ᠬᠡᠦᠬᠡᠳ ᠲᠦ᠍ ᠴᠢᠨᠢ ᠮᠠᠭᠤ ᠶᠠᠭᠤᠮ᠎ᠠ ᠤᠴᠠᠷᠠᠵᠤ ᠴᠦ᠍ ᠪᠣᠯᠬᠤ ᠭᠡᠵᠦ ᠪᠤᠭᠤᠷᠴᠢ ᠬᠡᠯᠡᠪᠡ᠃ 
       ᠡᠨᠡ ᠦᠭᠡ ᠶ᠋ᠢ ᠰᠣᠨᠣᠰᠤᠭᠠᠳ ᠶᠸᠯᠢᠤᠢ ᠤᠷᠮ᠎ᠠ ᠨᠢ ᠬᠤᠭᠤᠷᠠᠵᠤ ᠤᠨᠵᠠᠢᠨ᠄ 
       — ᠨᠡᠭᠡᠷᠡᠨ ᠴᠦ᠍ ᠲᠡᠢᠮᠦ ᠶᠦᠮ ᠪᠣᠯᠪᠠ ᠤᠤ? ᠪᠢ ᠪᠣᠯᠬᠤ ᠦᠭᠡᠢ ᠯᠡ ᠶᠠᠭᠤᠮ᠎ᠠ ᠰᠠᠨᠠᠵᠤ ᠶᠠᠪᠤᠨ᠎ᠠ ᠤᠤ ᠳᠠ? ᠭᠡᠬᠦ ᠳ᠋ᠦ᠍ ᠪᠤᠭᠤᠷᠴᠢ ᠥᠭᠡᠳᠡ ᠡᠴᠡ ᠨᠢ ᠬᠡᠨᠡᠭ ᠦᠭᠡᠢ ᠴᠢᠷᠠᠢ ᠭᠠᠷᠭᠠᠨ᠄ 
       — ᠶᠠᠭᠤᠨ ᠳ᠋ᠤ᠌ ᠠᠮᠠᠷᠬᠠᠨ ᠪᠤᠴᠠᠵᠤ ᠨᠢᠴᠤᠬᠤ ᠶᠤᠮ ᠪᠣᠢ? ᠪᠣᠯᠬᠤ ᠦᠭᠡᠢ ᠶᠠᠭᠤᠮ᠎ᠠ ᠭᠡᠵᠦ ᠪᠠᠢᠬᠤ ᠦᠭᠡᠢ ᠰᠢᠦ ᠳᠡ᠃ ᠪᠣᠯᠤᠨ᠎ᠠ᠂ ᠪᠣᠯᠤᠨ᠎ᠠ᠃ ᠮᠢᠨᠦ ᠪᠣᠳᠣᠬᠤ ᠳ᠋ᠤ᠌ ᠪᠢ ᠴᠢᠨᠦ ᠬᠦᠰᠡᠯ᠂ ᠶᠠᠷᠢᠭᠰᠠᠨ ᠪᠦᠬᠦᠨ ᠢ᠋ ᠬᠠᠭᠠᠨ ᠳ᠋ᠠᠭᠠᠨ ᠠᠢᠯᠠᠳᠬᠠᠵᠤ᠂ ᠡᠨᠡ ᠬᠥᠮᠦᠨ ᠢ᠋ ᠠᠪᠤᠪᠠᠯ ᠠᠯᠲᠠᠨ ᠤᠯᠤᠰ ᠲᠠᠢ ᠬᠠᠷᠢᠯᠴᠠᠬᠤ ᠳ᠋ᠤ᠌ ᠴᠢᠬᠤᠯᠠ ᠬᠡᠷᠡᠭ ᠲᠡᠢ᠂ ᠡᠢᠮᠦ ᠡᠴᠡ ᠸᠠᠩᠬᠢᠩ ᠴᠢᠩᠰᠠᠩ ᠠ᠋ᠴᠠ《ᠡᠨᠡ ᠬᠥᠮᠦᠨ ᠢ᠋ᠶ᠋ᠡᠨ ᠨᠠᠳᠠ ᠥᠭ!》 ᠭᠡᠵᠦ ᠭᠣᠶᠣ ᠭᠡᠮᠡᠨ ᠬᠡᠯᠡᠶ᠎ᠡ᠃ ᠬᠠᠭᠠᠨ ᠵᠥᠪᠰᠢᠶᠡᠷᠡᠨ᠎ᠡ᠃ ᠦᠨᠡᠬᠡᠷ ᠴᠢ ᠪᠣᠯ ᠬᠡᠷᠡᠭ ᠲᠡᠢ ᠬᠥᠮᠦᠨ᠃ ᠸᠠᠩᠬᠢᠩ ᠴᠢᠩᠰᠠᠩ ᠬᠢᠷᠢ ᠵᠡᠷᠭᠡ ᠡᠷᠬᠡ ᠮᠠᠲᠠᠯ ᠲᠠᠢ ᠬᠥᠮᠦᠨ ᠪᠣᠢ? ᠴᠢᠮᠠᠶ᠋ᠢ ᠥᠭᠴᠢᠬᠦ ᠮᠠᠲᠠᠯ ᠪᠣᠢ ᠪᠣᠯᠪᠠ ᠤᠤ? ᠬᠠᠭᠠᠨ ᠳ᠋ᠠᠭᠠᠨ ᠤᠯᠠᠮᠵᠢᠯᠠᠨ᠎ᠠ ᠭᠡᠬᠦ ᠪᠣᠯᠪᠠ ᠤᠤ? 
       — ᠡᠷᠬᠡ ᠮᠠᠲᠠᠯ ᠴᠦ᠍ ᠶᠡᠬᠡ ᠯᠡ ᠳᠡ᠃ ᠬᠠᠭᠠᠨ ᠪᠢᠰᠢ ᠴᠦ᠍ ᠬᠠᠭᠠᠨ ᠤ᠋ ᠤᠳᠤᠮ ᠤ᠋ᠨ ᠬᠢᠨ᠃ ᠬᠠᠭᠠᠳ ᠵᠦᠷᠴᠢᠳ ᠤᠳᠤᠮ ᠤ᠋ᠨ ᠬᠢᠨ ᠤᠴᠢᠷ ᠠ᠋ᠴᠠ ᠪᠦᠭᠦᠳᠡ ᠯᠡ ᠸᠠᠩᠬᠢᠩ ᠪᠠᠢᠳᠠᠭ ᠶᠤᠮ᠃ ᠣᠳᠣ ᠶ᠋ᠢᠨ ᠬᠠᠭᠠᠨ ᠴᠦ᠍ ᠸᠠᠩᠬᠢᠩ ᠵᠢᠩ᠃ ᠮᠡᠳᠡᠶ᠎ᠡ ᠭᠡᠪᠡᠯ ᠮᠡᠳᠡᠬᠦ ᠪᠤᠶᠤ ᠭᠡᠪᠡ᠃ 
       — ᠲᠡᠭᠡᠪᠡᠯ ᠰᠠᠢᠨ ᠃ ᠮᠠᠨ ᠤ᠋ ᠬᠠᠭᠠᠨ ᠤ᠋ ᠬᠤᠷᠴᠠ ᠬᠠᠷᠠᠴᠠ᠂ ᠬᠡᠯᠡᠨ ᠦ᠌ ᠲᠣᠷᠭᠠᠨ ᠦᠵᠦᠭᠦᠷ ᠶᠠᠮᠠᠷ ᠴᠦ᠍ ᠬᠥᠮᠦᠨ ᠢ᠋ ᠨᠠᠭᠠᠰᠢ  ᠡᠳᠡᠭᠡᠷᠡᠭᠦᠯᠴᠢᠬᠡᠬᠦ ᠴᠢᠳᠠᠯ ᠲᠠᠢ ᠭᠡᠳ ᠪᠤᠭᠤᠷᠴᠢ ᠳᠡᠰ ᠳᠡᠰ ᠬᠥᠬᠥᠷᠡᠪᠡ᠃ ᠨᠥᠭᠦᠭᠡ ᠶᠸᠯᠢᠤᠢ ᠴᠦ᠍ ᠠᠶᠠᠯᠳᠤᠨ ᠳᠠᠭᠠᠵᠤ ᠮᠡᠬᠦᠯᠵᠡᠨ ᠠᠯᠠᠭ᠎ᠠ ᠪᠠᠨ ᠬᠠᠪᠰᠤᠷᠴᠤ᠄ 
       — ᠲᠠ ᠮᠢᠨᠦ ᠲᠠᠯᠪᠢᠭᠰᠠᠨ ᠵᠣᠭᠣᠭ ᠠ᠋ᠴᠠ ᠪᠣᠯᠭᠣᠵᠤ ᠳᠠᠭᠠᠯᠠ᠃ ᠳᠠᠬᠢᠨ ᠠᠪᠴᠢᠷᠠᠭᠤᠯᠤᠶ᠎ᠠ᠃ ᠢᠳᠡᠭᠡ ᠪᠡᠨ ᠰᠡᠯᠪᠢᠶ᠎ᠡ ᠭᠡᠪᠡ᠃ ᠪᠤᠭᠤᠷᠴᠢ᠄ 
       — ᠬᠡᠷᠡᠭ ᠦᠭᠡᠢ᠂ ᠪᠣᠯᠤᠨ᠎ᠠ᠃ ᠲᠠᠨ ᠤ᠋ ᠵᠣᠴᠢᠯᠠᠯ ᠬᠦᠨᠳᠦᠳᠬᠡᠯ ᠳ᠋ᠦ᠍ ᠶᠡᠬᠡ ᠪᠠᠶᠠᠷᠯᠠᠯ᠎ᠠ᠂ ᠭᠢᠯᠠᠢᠯ᠎ᠠ᠃ ᠴᠠᠭᠠᠰᠢ ᠢᠩᠭᠢᠵᠦ ᠰᠠᠭᠤᠬᠤ ᠵᠠᠪ ᠨᠠᠳᠠᠳᠤ ᠪᠠᠢᠬᠤ ᠦᠭᠡᠢ᠃ ᠵᠠᠬᠢᠷᠤᠭᠴᠢ ᠪᠠᠷ ᠴᠢᠨᠢ ᠳᠠᠮᠵᠢᠭᠤᠯᠵᠤ ᠸᠠᠩᠬᠢᠩ ᠵᠠᠩᠵᠤᠨ ᠳ᠋ᠤ᠌ ᠳᠠᠮᠵᠢᠭᠤᠯᠬᠤ ᠮᠠᠨ ᠤ᠋ ᠬᠠᠭᠠᠨ ᠤ᠋ ᠠᠢᠯᠠᠳᠬᠠᠯ ᠪᠠᠢᠭ᠎ᠠ᠃ ᠵᠠᠬᠢᠷᠤᠭᠴᠢ ᠴᠢᠨᠢ ᠢᠷᠡᠬᠦ ᠦᠭᠡᠢ ᠪᠣᠯ ᠪᠢ ᠲᠡᠭᠦᠨ ᠳ᠋ᠦ᠍ ᠥᠪᠡᠷᠦᠨ ᠪᠡᠶ᠎ᠡ ᠪᠡᠷ ᠣᠴᠢᠵᠤ ᠠᠢᠯᠠᠳᠬᠠᠶ᠎ᠠ᠃ ᠴᠠᠭ ᠠᠯᠳᠠᠵᠤ ᠪᠣᠯᠬᠤ ᠦᠭᠡᠢ᠃ ᠬᠠᠷᠢᠨ ᠴᠢᠨᠦ ᠰᠠᠨᠠᠭ᠎ᠠ ᠵᠣᠷᠢᠯᠭ᠎ᠠ ᠶ᠋ᠢ ᠣᠢᠯᠠᠭᠠᠯ᠎ᠠ᠃ ᠪᠢ ᠬᠤᠪᠢ ᠳ᠋ᠠᠭᠠᠨ ᠶᠡᠬᠡᠳᠡ ᠰᠠᠢᠰᠢᠶᠠᠵᠤ ᠪᠠᠢᠨ᠎ᠠ᠃ ᠴᠢᠩᠭᠢᠰ ᠬᠠᠭᠠᠨ ᠳ᠋ᠠᠭᠠᠨ ᠠᠢᠯᠠᠳᠬᠠᠶ᠎ᠠ᠃ ᠲᠠᠭᠠᠰᠢᠶᠠᠨ᠎ᠠ ᠭᠡᠵᠦ ᠨᠠᠢᠳᠠᠵᠤ ᠪᠠᠢᠨ᠎ᠠ᠃ ᠬᠥᠬᠡ ᠲᠩᠷᠢ ᠳ᠋ᠡᠭᠡᠨ ᠵᠠᠯᠪᠠᠷᠢᠮᠤ! ᠭᠡᠳ ᠭᠠᠷᠤᠯ᠎ᠠ᠃ 
       ᠬᠠᠷᠠᠪᠠᠰᠤ ᠲᠡᠷᠲᠡᠭᠡ ᠮᠣᠷᠢᠲᠠᠨ ᠨᠤᠭᠤᠳ ᠢᠷᠡᠵᠦ ᠶᠠᠪᠤᠨ᠎ᠠ᠃ ᠶᠸᠯᠢᠦᠢ ᠪᠡᠷ ᠲᠡᠭᠦᠨ ᠢ᠋ ᠬᠠᠷᠠᠭᠠᠳ᠄ 
       — ᠮᠠᠨ ᠤ᠋ ᠵᠠᠬᠢᠷᠤᠭᠴᠢ ᠢᠷᠡᠯ᠎ᠡ᠂ ᠢᠷᠡᠯ᠎ᠡ ᠭᠡᠮᠡᠨ ᠶᠡᠬᠡ ᠪᠠᠶᠠᠰᠤᠩᠭᠤᠢ ᠬᠡᠯᠡᠪᠡ᠃ ᠪᠣᠭᠣᠷᠴᠢ ᠲᠡᠳᠡᠨ ᠢ᠋ ᠠᠵᠢᠭᠯᠠᠨ ᠵᠣᠭᠰᠣᠵᠤ ᠪᠠᠢᠲᠠᠯ᠎ᠠ ᠤᠳᠠᠭᠰᠠᠨ ᠴᠦ᠍ ᠦᠭᠡᠢ ᠳᠠᠪᠬᠢᠨ ᠢᠷᠡᠪᠡ᠃ ᠮᠣᠷᠢᠲᠠᠨ ᠤ᠋ ᠲᠦᠷᠦᠭᠦᠨ ᠳ᠋ᠦ᠍ ᠵᠠᠬᠢᠷᠤᠭᠴᠢ ᠵᠢᠦᠢ ᠬᠡᠮᠡᠭᠴᠢ ᠪᠡᠷ ᠢᠷᠡᠵᠦ ᠪᠠᠷᠠᠭᠤᠨ ᠭᠤᠶᠠᠨ ᠳᠡᠭᠡᠷ᠎ᠡ ᠪᠡᠨ ᠭᠠᠷ ᠲᠤᠯᠵᠤ ᠶᠡᠬᠡᠮᠰᠦᠭ ᠢ᠋ᠶ᠋ᠡᠷ ᠪᠣᠭᠣᠷᠴᠢ ᠲᠠᠢ ᠮᠡᠨᠳᠦᠯᠡᠬᠦᠢ ᠲᠡᠭᠦᠨ ᠦ᠌ ᠵᠢᠪᠠᠷ ᠰᠠᠬᠠᠯ ᠬᠠᠷᠢᠶᠠᠴᠠᠢ ᠶ᠋ᠢᠨ ᠵᠢᠭᠦᠷ ᠮᠡᠲᠦ ᠬᠥᠳᠡᠯᠵᠦ ᠰᠢᠲᠦ ᠨᠢ ᠭᠢᠯᠠᠯᠵᠠᠬᠤ ᠪᠥᠯᠥᠭᠡ᠃ ᠮᠣᠩᠭᠣᠯ ᠵᠠᠩᠵᠤᠨ ᠴᠦ᠍ ᠥᠭᠡᠳᠡ ᠡᠴᠡ ᠨᠢ ᠲᠠᠰᠢᠶ᠎ᠠ ᠲᠤᠯᠵᠤ ᠬᠠᠬᠠᠯᠵᠠᠨ ᠮᠥᠴᠡᠭᠡ ᠪᠡᠨ ᠥᠭᠬᠦ ᠦᠭᠡᠢ ᠶᠡᠬᠡᠮᠰᠦᠭ ᠢ᠋ᠶ᠋ᠡᠷ᠄ 
       — ᠮᠠᠨ ᠤ᠋ ᠬᠥᠭᠰᠢᠨ ᠵᠠᠯᠠᠭᠤ ᠬᠣᠶᠠᠷ ᠬᠠᠭᠠᠨ ᠭᠤᠷᠪᠠᠨ ᠬᠦᠴᠦᠨ ᠦ᠌ ᠤᠳᠤᠷᠢᠳᠤᠭᠴᠢᠳ ᠮᠠᠷᠭᠠᠰᠢ ᠥᠷᠯᠥᠭᠡᠭᠦᠷ ᠪᠠᠷᠰ ᠴᠠᠭ ᠳᠤ ᠡᠨᠡ ᠪᠡᠬᠢᠯᠡᠯᠲᠡ ᠳ᠋ᠦ᠍ ᠠᠭᠤᠯᠵᠠᠵᠤ᠂ ᠲᠡᠢᠨ ᠦ᠌ ᠦᠷ᠎ᠡ ᠳ᠋ᠦᠩ ᠢ᠋ᠶ᠋ᠡᠨ ᠶᠠᠷᠢᠯᠴᠠᠵᠤ᠂ ᠨᠤᠲᠤᠭ ᠨᠤᠲᠤᠭ ᠲᠠᠭᠠᠨ ᠵᠣᠷᠢᠶ᠎ᠠ᠃ ᠡᠭᠦᠨ ᠢ᠋ ᠴᠢᠮᠠᠶ᠋ᠢ ᠶᠡᠬᠡ ᠵᠠᠩᠵᠤᠨ ᠳ᠋ᠠᠭᠠᠨ ᠬᠡᠯᠡ ᠬᠡᠮᠡᠭᠡᠳ᠂ ᠲᠡᠭᠡᠭᠡᠳ ᠲᠣᠪᠯᠠᠭᠰᠠᠨ ᠴᠠᠭ ᠲᠠᠭᠠᠨ ᠠᠭᠤᠯᠵᠠᠶ᠎ᠠ ᠬᠡᠮᠡᠪᠡ᠃ ᠡᠭᠦᠨ ᠦ᠌ ᠲᠤᠯᠠ ᠴᠢᠮᠠᠶ᠋ᠢ ᠬᠦᠯᠢᠶᠡᠵᠦ ᠪᠠᠢᠯ᠎ᠠ᠃ ᠣᠴᠢ᠂ ᠣᠴᠢ᠂ ᠵᠠᠩᠵᠤᠨ ᠳ᠋ᠠᠭᠠᠨ ᠢᠩᠭᠢᠵᠦ ᠬᠡᠯᠡ ᠭᠡᠪᠡ᠃ 
       — ᠦᠭᠡᠢ ᠠ᠋᠂ ᠮᠠᠨ ᠤ᠋ ᠵᠠᠩᠵᠤᠨ ᠥᠭᠡᠷ᠎ᠡ ᠰᠠᠨᠠᠯ ᠲᠠᠢ᠃ ᠨᠥᠭᠥᠭᠡᠳᠦᠷ ᠬᠣᠶᠠᠷ ᠬᠠᠭᠠᠨ ᠢ᠋ ᠯᠤᠤ ᠴᠠᠭ ᠲᠤ ᠥᠪᠡᠷᠦᠨ ᠪᠡᠶ᠎ᠡ ᠪᠡᠷ ᠬᠦᠯᠢᠶᠡᠨ ᠠᠪᠴᠤ ᠳᠠᠢᠯᠠᠨ᠎ᠠ᠃ ᠡᠭᠦᠨ ᠦ᠌ ᠲᠤᠯᠠ ᠨᠠᠮ᠎ᠠ ᠶ᠋ᠢ ᠥᠪᠡᠷᠦᠨ ᠪᠡᠶ᠎ᠡ ᠪᠡᠷ ᠲᠡᠷᠡ ᠬᠣᠶᠠᠷ ᠬᠠᠭᠠᠨ ᠳ᠋ᠤ᠌ ᠣᠴᠢᠵᠤ ᠬᠡᠯᠡ ᠭᠡᠰᠡᠨ ᠭᠡᠮᠡᠨ ᠲᠠᠮᠰᠢᠯᠵᠠᠬᠤᠢ ᠯᠤᠭ᠎ᠠ ᠪᠦᠬᠦᠨ ᠢ᠋ ᠶᠸᠯᠢᠦᠢ ᠪᠡᠷ ᠬᠢᠴᠢᠶᠡᠩᠭᠦᠢᠯᠡᠨ ᠣᠷᠴᠢᠭᠤᠯᠤᠯ᠎ᠠ᠃ ᠲᠡᠷᠡ ᠰᠠᠴᠠᠭᠤ ᠶᠸᠯᠢᠦᠢ ᠳ᠋ᠦ᠍ ᠵᠠᠩᠵᠤᠨ ᠨᠢ《ᠴᠢ ᠮᠣᠷᠢ ᠡᠮᠡᠭᠡᠯᠯᠡᠵᠦ ᠨᠠᠳᠠ ᠲᠠᠢ ᠬᠠᠮᠲᠤ ᠶᠠᠪᠤ᠃ ᠣᠴᠢᠵᠤ ᠲᠡᠳᠡᠨ ᠳ᠋ᠦ᠍ ᠣᠷᠴᠢᠭᠤᠯᠵᠤ ᠥᠭ!》 ᠭᠡᠮᠡᠨ ᠲᠤᠰᠢᠶᠠᠵᠤ᠂ ᠴᠠᠭᠠᠳᠤ ᠥᠴᠦᠬᠡᠨ ᠬᠥᠮᠦᠨ ᠨᠢ《ᠵᠠ》 ᠭᠡᠮᠡᠨ ᠠᠯᠠᠭ᠎ᠠ ᠬᠠᠪᠰᠤᠷᠤᠨ ᠪᠥᠬᠥᠯᠵᠡᠬᠦ ᠠᠵᠤᠭᠤ᠃ ᠵᠠᠬᠢᠷᠤᠭᠴᠢ ᠵᠢᠦᠢ ᠦᠭᠡ ᠪᠡᠨ ᠦᠷᠭᠦᠯᠵᠢᠯᠡᠭᠦᠯᠦᠨ᠄ 
       — ᠴᠢ ᠢᠷᠡᠭᠰᠡᠨ ᠨᠢ ᠶᠡᠬᠡ ᠰᠠᠢᠨ᠃ ᠮᠠᠨ ᠤ᠋ ᠵᠠᠩᠵᠤᠨ ᠸᠠᠩᠭᠢᠩ ᠡᠨᠳᠡᠬᠢ ᠣᠯᠵᠠᠯᠠᠭᠳᠠᠭᠰᠠᠨ ᠬᠣᠨᠢᠨ ᠤ᠋ ᠮᠢᠬᠠᠨ ᠠ᠋ᠴᠠ30᠂ ᠪᠤᠳᠠᠭ᠎ᠠ ᠭᠤᠯᠢᠷ ᠬᠦᠨᠡᠰᠦᠨ ᠦ᠌ ᠵᠦᠢᠯ ᠡᠴᠡ5 –10 ᠵᠢᠩ᠂ ᠪᠤᠰᠤᠳ ᠵᠦᠢᠯ ᠡᠴᠡ ᠲᠣᠬᠢᠷᠠᠮᠵᠢᠲᠠᠢ ᠲᠣᠭ᠎ᠠ ᠬᠡᠮᠵᠢᠶ᠎ᠡ ᠪᠡᠷ ᠠᠪᠴᠤ ᠵᠣᠭᠣᠭ ᠪᠡᠯᠡᠳᠭᠡ ᠭᠡᠰᠡᠨ᠃ ᠮᠠᠨ ᠤ᠋ ᠶᠡᠬᠡ ᠨᠢᠷᠪᠠ᠂ ᠲᠣᠭᠣᠭᠠᠴᠢ ᠨᠠᠷ ᠢᠷᠡᠭᠰᠡᠨ᠃ ᠲᠡᠳᠡᠨ ᠳ᠋ᠦ᠍ ᠲᠣᠭ᠎ᠠ ᠶᠣᠰᠣᠭᠠᠷ ᠬᠦᠯᠢᠶᠡᠯᠭᠡᠨ ᠥᠭᠴᠦ᠂ ᠲᠡᠳᠡ ᠪᠦᠬᠦ ᠵᠦᠢᠯ ᠢ᠋ ᠬᠢᠵᠦ ᠭᠦᠢᠴᠡᠳᠬᠡᠨ᠎ᠡ᠃ ᠤᠬᠠᠭᠠᠨ ᠳ᠋ᠠᠭᠠᠨ30 ᠤᠭᠤᠴᠠ ᠴᠢᠨᠠᠵᠤ ᠰᠢᠷᠡᠭᠡᠨ ᠳ᠋ᠦ᠍ ᠲᠠᠯᠪᠢᠬᠤ᠂ ᠶᠡᠷᠦ ᠨᠢ ᠲᠠᠨ ᠤ᠋ ᠬᠢ ᠡᠴᠡ ᠵᠠᠭᠤ ᠵᠠᠭᠤᠨ ᠬᠥᠮᠦᠨ ᠮᠠᠨ ᠤ᠋ ᠬᠢ ᠡᠴᠡ ᠵᠠᠭᠤᠨ ᠬᠥᠮᠦᠨ ᠨᠡᠢᠯᠡᠭᠡᠳ ᠪᠦᠭᠦᠳᠡ ᠭᠤᠷᠪᠠᠨ ᠵᠠᠭᠤᠨ ᠬᠥᠮᠦᠨ ᠡᠨᠳᠡᠬᠢ ᠴᠢᠯᠠᠭᠤᠨ ᠭᠡᠷ ᠬᠣᠷᠣᠭ᠎ᠠ ᠶ᠋ᠢ ᠠᠰᠢᠭᠯᠠᠨ ᠳᠠᠢᠯᠠᠯᠭ᠎ᠠ ᠳ᠋ᠤ᠌ ᠰᠠᠭᠤᠬᠤ ᠶᠤᠮ᠃ ᠪᠦᠬᠦ ᠦᠷᠡᠯᠭᠡ ᠵᠠᠷᠤᠳᠠᠯ ᠲᠠᠨ ᠤ᠋ ᠲᠠᠯ᠎ᠠ ᠳ᠋ᠤ᠌ ᠬᠠᠮᠢᠶ᠎ᠠ ᠦᠭᠡᠢ᠂ ᠵᠥᠪᠬᠡᠨ ᠮᠠᠨ ᠤ᠋ ᠲᠠᠯ᠎ᠠ ᠳᠠᠭᠠᠭᠠᠨ᠎ᠠ ᠭᠡᠰᠡᠨ᠃ ᠬᠠᠷᠢᠨ ᠬᠣᠶᠠᠭᠤᠯᠠ ᠪᠠᠨ ᠨᠢᠷᠪᠠ ᠳ᠋ᠤ᠌ ᠶᠠᠭᠤᠮ᠎ᠠ ᠭᠠᠷᠭᠠᠵᠤ ᠥᠭᠭᠦᠶ᠎ᠡ ᠬᠡᠮᠡᠪᠡᠰᠦ ᠪᠣᠭᠣᠷᠴᠢ᠄ 
       — ᠬᠡᠷᠡᠭᠯᠡᠬᠦ ᠬᠢᠷᠢ ᠪᠡᠷ ᠢ᠋ᠶ᠋ᠡᠨ ᠠᠪ᠃ ᠲᠣᠭ᠎ᠠ ᠬᠡᠮᠵᠢᠶ᠎ᠡ᠂ ᠵᠢᠩ ᠪᠠᠩ ᠢ᠋ᠶ᠋ᠠᠷ ᠨᠢ ᠬᠠᠰᠤᠭᠠᠳ ᠯᠠ ᠲᠣᠭᠠᠴᠠᠨ᠎ᠠ ᠪᠣ᠌ᠢ᠎ᠠ᠃ ᠬᠠᠷᠢᠨ ᠮᠠᠨᠠᠭᠠᠴᠢ᠂ ᠳᠠᠷᠤᠭ᠎ᠠ ᠨᠠᠷ ᠲᠤ《ᠠᠪᠬᠤ ᠬᠡᠮᠵᠢᠶ᠎ᠡ ᠪᠡᠷ ᠢ᠋ᠶ᠋ᠡᠨ ᠠᠪ》 ᠭᠡᠳ ᠬᠡᠯᠡᠴᠢᠬᠡᠪᠡᠯ ᠪᠣᠯᠴᠢᠬᠠᠨ᠎ᠠ ᠭᠡᠪᠡ᠃  
       ᠬᠣᠶᠠᠷ ᠬᠣᠨᠣᠭ ᠤ᠋ᠨ ᠳᠠᠷᠠᠭᠠᠬᠢ ᠥᠷᠯᠥᠭᠡᠭᠦᠷ ᠭᠤᠷᠪᠠᠨ ᠲᠠᠯ᠎ᠠ ᠠ᠋ᠴᠠ ᠦᠨᠡᠬᠡᠷ ᠰᠦᠷ ᠪᠠᠷ᠎ᠠ ᠲᠠᠢ ᠵᠣᠴᠢᠳ ᠮᠣᠷᠢᠯᠠᠨ ᠢᠷᠡᠯ᠎ᠡ᠃ ᠲᠡᠳᠡ ᠶᠡᠬᠡᠮᠰᠦᠭ ᠠᠭᠠᠳ ᠶᠣᠰᠣᠷᠬᠠᠭ ᠮᠡᠨᠳᠦ ᠡᠷᠭᠦᠯᠴᠡᠨ᠂ ᠪᠡᠯᠡᠳᠴᠦ ᠵᠡᠬᠡᠭᠰᠡᠨ ᠢᠳᠡᠭᠡ ᠵᠣᠴᠢᠯᠠᠭ᠎ᠠ ᠶ᠋ᠢᠨ ᠭᠡᠷ ᠬᠣᠷᠣᠭ᠎ᠠ ᠤᠷᠤᠭᠤ ᠣᠷᠣᠵᠠᠭᠠᠬᠤ ᠠᠵᠢ᠃ 
       ᠡᠨᠡ ᠭᠡᠷ ᠬᠣᠷᠣᠭ᠎ᠠ ᠨᠢ ᠨᠡᠷᠡᠲᠦ ᠰᠢᠲᠦᠭᠡᠨ ᠦ᠌ ᠠᠷᠤ ᠬᠣᠷᠮᠣᠢ ᠳ᠋ᠤ᠌ ᠴᠢᠯᠠᠭᠤ ᠰᠢᠪᠠᠷ ᠢ᠋ᠶ᠋ᠠᠷ ᠬᠠᠨ᠎ᠠ ᠲᠤᠭᠤᠷᠭ᠎ᠠ ᠥᠷᠥᠵᠦ᠂ ᠤᠷᠲᠤ ᠱᠤᠷᠭᠠᠭ ᠢ᠋ᠶ᠋ᠠᠷ ᠬᠠᠨ᠎ᠠ ᠲᠣᠭᠣᠨᠣ ᠬᠣᠯᠪᠣᠨ ᠪᠠᠷᠢᠭᠰᠠᠨ ᠪᠦᠳᠦᠭᠦᠨ ᠲᠤᠯᠭᠠᠭᠤᠷᠢ ᠪᠠᠭᠠᠨ᠎ᠠ ᠨᠤᠭᠤᠳ ᠲᠠᠢ ᠴᠡᠷᠢᠭ ᠦ᠋ᠨ ᠬᠤᠸᠠᠷᠠᠨ ᠠᠵᠢ᠃ ᠡᠷᠭᠢᠨ ᠲᠣᠭᠣᠷᠢᠨ ᠳ᠋ᠤᠨᠢ ᠶᠡᠬᠡᠰ ᠳᠡᠭᠡᠳᠦᠰ᠂ ᠳᠠᠷᠤᠭ᠎ᠠ ᠨᠠᠷ ᠤ᠋ᠨ ᠵᠢᠵᠢᠭ ᠪᠥᠬᠡ ᠪᠠᠲᠤ ᠪᠠᠢᠷᠢ᠂ ᠬᠠᠷᠠᠭᠤᠯ ᠮᠠᠨᠠᠭᠠᠨ ᠤ᠋ ᠱᠣᠪᠣᠭᠣᠷ ᠤ᠋ᠳ ᠲᠠᠢ᠃ ᠠᠭᠤᠯᠠ ᠶ᠋ᠢᠨ ᠣᠷᠣᠢ ᠠ᠋ᠴᠠ ᠡᠬᠢᠯᠡᠭᠡᠳ ᠬᠡᠳᠦᠨ ᠳᠠᠪᠬᠤᠷ ᠬᠠᠷᠠᠭᠤᠯ ᠮᠠᠨᠠᠭᠠᠨ ᠤ᠋ ᠪᠠᠢᠷᠢ᠂ ᠴᠠᠮᠬᠠᠭ ᠲᠠᠢ ᠠᠭᠠᠳ ᠬᠡᠷᠡᠭ ᠲᠣᠬᠢᠶᠠᠯᠳᠤᠮᠠᠭᠴᠠ ᠡᠨᠡ ᠭᠡᠷ ᠬᠣᠷᠣᠭᠠᠨ ᠠ᠋ᠴᠠ ᠴᠡᠷᠢᠭ ᠦ᠋ᠳ ᠣᠯᠠᠨ ᠬᠠᠭᠠᠯᠭ᠎ᠠ ᠪᠠᠷ ᠲᠦᠷᠬᠢᠷᠡᠨ ᠪᠠᠢᠯᠳᠤᠭᠠᠨ ᠳ᠋ᠤ᠌ ᠮᠣᠷᠳᠠᠬᠤ ᠤᠴᠢᠷ ᠲᠠᠢ᠃ ᠡᠨᠡ ᠬᠣᠷᠣᠭ᠎ᠠ ᠪᠠᠢᠷᠢ ᠨᠢ ᠯᠠᠪᠲᠠᠢᠶ᠎ᠠ ᠬᠣᠶᠠᠷ ᠮᠢᠩᠭᠠᠨ ᠴᠡᠷᠢᠭ ᠪᠠᠭᠲᠠᠬᠤ ᠵᠠᠢ ᠲᠠᠢ᠃ ᠬᠣᠶᠠᠷ ᠬᠣᠨᠣᠭ ᠲᠤ ᠠᠯᠲᠠᠨ ᠤᠯᠤᠰ ᠤ᠋ᠨ ᠬᠢᠨ ᠶᠡᠬᠡᠳᠡ ᠬᠢᠴᠢᠶᠡᠩᠭᠦᠢᠯᠡᠨ ᠵᠠᠰᠠᠵᠤ᠂ ᠡᠨᠳᠡ ᠲᠡᠨᠳᠡ ᠨᠢ ᠬᠠᠭᠠᠯᠭᠠᠨ ᠳ᠋ᠤ᠌ ᠭᠣᠶᠣᠮᠰᠣᠭ ᠳ᠋ᠧᠩᠯᠦ ᠳᠡᠭᠦᠵᠢᠯᠡᠨ᠂ ᠴᠣᠭ ᠤ᠋ᠨ ᠵᠤᠤᠬ᠎ᠠ ᠪᠠᠢᠷᠢᠯᠠᠭᠤᠯᠵᠤ ᠭᠤᠷᠪᠠᠨ ᠬᠦᠴᠦᠨ ᠦ᠌ ᠬᠢᠨ ᠳ᠋ᠦ᠍ ᠴᠢᠨᠳᠠᠮᠤᠨᠢ ᠮᠠᠶᠢᠭ ᠢ᠋ᠶ᠋ᠠᠷ ᠰᠠᠭᠤᠳᠠᠯ ᠰᠢᠷᠡᠭᠡ ᠵᠠᠰᠠᠵᠤ᠂ ᠲᠠᠯ᠎ᠠ ᠶ᠋ᠢᠨ ᠬᠠᠭᠠᠯᠭᠠᠨ ᠳ᠋ᠤ᠌ ᠭᠤᠩᠬ᠎ᠠ ᠬᠢᠵᠦ ᠭᠡᠷ ᠪᠠᠷᠢᠵᠤ᠂ ᠲᠡᠨᠳᠡ ᠢᠳᠡᠭᠡ ᠰᠢᠭᠦᠰᠦ ᠪᠡᠯᠡᠳᠬᠡᠬᠦ᠂ ᠶᠠᠩᠵᠤ ᠪᠦᠷᠢ ᠶ᠋ᠢᠨ ᠦᠢᠯᠡᠴᠢᠯᠡᠭᠡᠨ ᠦ᠌ ᠬᠥᠮᠦᠰ ᠪᠠᠢᠷᠢᠯᠠᠭᠤᠯᠵᠤ ᠴᠢᠩᠭ᠎ᠠ  ᠶᠠᠷᠢᠭᠴᠢ ᠬᠣᠭᠣᠯᠠᠢ ᠵᠤᠭᠤᠵᠤ ᠠᠷᠤ ᠳ᠋ᠤᠨᠢ ᠬᠥᠭᠵᠢᠮ ᠬᠠᠩᠭᠢᠨᠠᠬᠤ ᠠᠵᠤᠭᠤ᠃ 
       ᠥᠷᠥᠭᠡᠨ ᠦ᠌ ᠬᠣᠢᠮᠣᠷ ᠳᠤ ᠸᠠᠩᠭᠢᠩ ᠴᠢᠩᠰᠠᠩ ᠤ᠋ᠨ ᠵᠠᠭᠤ ᠭᠠᠷᠤᠢ ᠲᠤᠰᠢᠶᠠᠯᠲᠠᠨ᠂ ᠪᠠᠷᠠᠭᠤᠨ ᠡᠲᠡᠭᠡᠳ ᠲᠦ᠍ ᠲᠤᠭᠤᠷᠢᠯ ᠬᠠᠨ ᠤ᠋ ᠵᠡᠭᠦᠨ ᠡᠲᠡᠭᠡᠳ ᠲᠦ᠍ ᠴᠢᠩᠭᠢᠰ ᠦ᠋ᠨ ᠡᠷᠬᠡ ᠲᠤᠰᠢᠶᠠᠯᠲᠠᠨ ᠡᠷᠡᠮᠪᠡ ᠳᠠᠷᠠᠭ᠎ᠠ ᠪᠠᠷ ᠢ᠋ᠶ᠋ᠠᠨ ᠳᠤᠭᠤᠢᠷᠠᠨ ᠰᠠᠭᠤᠬᠤ ᠰᠠᠨᠳᠠᠯᠢ ᠰᠢᠷᠡᠭᠡ ᠪᠡᠯᠡᠳᠬᠡᠵᠦ᠂ ᠥᠪᠥᠷ ᠦ᠋ᠨ ᠡᠩᠨᠡᠭᠡᠨ ᠳ᠋ᠦ᠍ ᠬᠠᠨ᠂ ᠤᠳᠤᠷᠢᠳᠤᠭᠴᠢᠳ ᠰᠠᠭᠤᠵᠠᠢ᠃ ᠭᠣᠣᠯ ᠳ᠋ᠤ᠌ ᠨᠢ ᠳᠣᠯᠣᠭ᠎ᠠ ᠠ᠋ᠴᠠ ᠨᠠᠢ᠍ᠮᠠᠨ ᠠᠯᠬᠤᠮ ᠬᠢᠷᠢ ᠪᠠᠷᠤᠭ ᠲᠠᠪᠤᠨ ᠬᠠᠨᠠᠲᠠᠢ ᠭᠡᠷ ᠦ᠋ᠨ ᠳᠤᠭᠤᠢ ᠵᠠᠢ ᠦᠯᠡᠳᠡᠭᠡᠵᠦ᠂ ᠳᠤᠭᠤᠢᠷᠠᠭᠰᠠᠨ ᠰᠦᠯᠵᠢᠮᠡᠯ ᠳᠡᠪᠢᠰᠬᠡᠷ ᠳᠡᠪᠢᠰᠴᠦ ᠵᠦᠭ ᠵᠦᠭ ᠦ᠋ᠨ ᠬᠠᠭᠠᠯᠭ᠎ᠠ ᠲᠡᠰᠢ ᠮᠥᠨ ᠲᠡᠢᠮᠦ ᠳᠡᠪᠢᠰᠬᠡᠷ ᠵᠠᠮ ᠲᠠᠯᠪᠢᠵᠤ ᠶᠡᠬᠡᠰ ᠦ᠋ᠨ ᠬᠥᠯ ᠳᠣᠣᠷ᠎ᠠ ᠬᠢᠭᠡᠳ ᠮᠥᠨᠥᠬᠢ ᠰᠢᠷᠡᠭᠡ ᠶ᠋ᠢ ᠬᠡᠪᠢᠰ ᠢ᠋ᠶ᠋ᠡᠷ ᠪᠦᠷᠬᠦᠵᠦ᠂ ᠭᠤᠷᠪᠠᠨ ᠬᠦᠴᠦᠨ ᠦ᠌ ᠲᠡᠷᠢᠭᠦᠨ ᠨᠦ᠍ᠭᠦᠳ ᠰᠠᠭᠤᠳᠠᠯ ᠡᠷᠡᠮᠪᠡ ᠪᠡᠨ ᠡᠵᠡᠯᠡᠨ ᠰᠠᠭᠤᠮᠠᠭᠴᠠ ᠤᠶᠠᠬᠠᠨ ᠰᠢᠩᠭᠡᠨ ᠬᠥᠭᠵᠢᠮ᠂ ᠪᠣᠷᠭᠢᠯ ᠠᠷᠭᠢᠯ ᠪᠦᠷᠢᠶ᠎ᠡ ᠪᠢᠰᠬᠢᠭᠦᠷ ᠦ᠋ᠨ ᠳᠠᠭᠤᠨ ᠬᠣᠣᠰᠯᠠᠨ᠂ ᠭᠤᠷᠪᠠᠨ ᠵᠦᠭ ᠦ᠋ᠨ ᠬᠠᠭᠠᠯᠭ᠎ᠠ ᠪᠠᠷ ᠭᠣᠶᠣᠮᠰᠣᠭ ᠲᠣᠳᠣ ᠥᠩᠭᠡ ᠥᠩᠭᠡ ᠶ᠋ᠢᠨ ᠬᠤᠪᠴᠰᠤᠲᠠᠢ ᠠᠷᠪᠠ ᠠᠷᠪᠠᠨ ᠪᠦᠵᠢᠭᠴᠢᠳ ᠪᠦᠰᠡᠭᠦᠢᠴᠦᠳ ᠴᠣᠢᠯᠤᠨ ᠦᠰᠦᠴᠢᠨ ᠣᠷᠣᠵᠤ ᠢᠷᠡᠵᠦ ᠶᠣᠰᠣᠯᠠᠨ ᠰᠥᠭᠥᠳᠴᠦ ᠳᠠᠭᠤᠤ ᠠᠶᠠᠯᠤᠨ ᠪᠥᠵᠢᠭᠯᠡᠬᠦ ᠨᠢ ᠶᠡᠷᠦ ᠪᠤᠰᠤ ᠶ᠋ᠢᠨ ᠭᠠᠢᠬᠠᠯᠲᠠᠢ᠃ ᠬᠥᠭᠵᠢᠮ ᠦ᠋ᠨ ᠨᠢᠭᠡᠨ ᠠᠶᠠᠯᠭᠤ ᠳᠣᠬᠢᠶ᠎ᠠ ᠪᠠᠷ ᠲᠡᠳᠡ ᠪᠥᠵᠢᠭᠯᠡᠬᠦ ᠪᠠᠨ ᠪᠣᠯᠢᠵᠤ ᠵᠦᠭ ᠵᠦᠭ ᠲᠠᠰᠢ ᠶᠣᠰᠣᠯᠠᠬᠤ ᠬᠣᠭᠣᠷᠣᠨᠳᠣ ᠪᠠᠭᠤᠷᠴᠢᠳ ᠤ᠋ᠨ ᠵᠥᠭᠡᠭᠡᠵᠦ ᠠᠪᠴᠢᠷᠠᠨ ᠪᠣᠢ ᠠᠭᠤᠷ ᠰᠠᠪᠰᠠᠭᠰᠠᠨ ᠢᠳᠡᠭᠡ ᠤᠮᠳᠠᠭ᠎ᠠ᠂ ᠵᠣᠭᠣᠭ ᠵᠠᠭᠤᠰᠢ ᠲᠡᠷᠢᠭᠦᠲᠡᠨ ᠢ᠋ ᠲᠡᠳᠡ ᠪᠦᠵᠢᠭᠴᠢᠳ ᠲᠡᠷᠢᠭᠦᠨ ᠬᠢᠭᠡᠳ ᠳᠠᠭᠠᠯᠳᠤᠭᠰᠠᠳ ᠲᠤ ᠬᠦᠷᠲᠡᠭᠡᠨ ᠪᠠᠷᠢᠬᠤ ᠯᠤᠭ᠎ᠠ ᠬᠣᠢᠮᠣᠷ ᠭᠣᠣᠯᠯᠠᠨ ᠰᠠᠭᠤᠭ᠎ᠠ ᠸᠠᠩᠭᠢᠩ ᠴᠢᠩᠰᠠᠩ ᠳᠠᠭᠤ ᠴᠢᠩᠭᠠᠷᠠᠭᠤᠯᠬᠤ ᠬᠣᠭᠣᠯᠠᠢ ᠠᠮᠠᠨ ᠳ᠋ᠠᠭᠠᠨ ᠪᠠᠷᠢᠵᠤ᠂ ᠨᠡᠯᠢᠶᠡᠳ ᠶᠠᠭᠤᠮ᠎ᠠ ᠱᠤᠯᠤᠭᠠᠨᠠᠭᠰᠠᠨ ᠢ᠋ ᠶᠸᠯᠢᠤᠢ ᠪᠠᠷ ᠮᠥᠨ ᠠᠮᠠᠨ ᠳ᠋ᠠᠭᠠᠨ ᠬᠣᠭᠣᠯᠠᠢ ᠪᠠᠷᠢᠵᠤ ᠣᠷᠴᠢᠭᠤᠯᠤᠭᠰᠠᠨ ᠨᠢ᠄ 
       — ᠠᠭᠤᠤ ᠶᠡᠬᠡ ᠶᠢᠷᠲᠢᠨᠴᠦ ᠶ᠋ᠢ ᠪᠢᠰᠢᠷᠡᠭᠦᠯᠦᠭᠡᠴᠢ ᠬᠦᠴᠦᠷᠬᠡᠭ ᠶᠡᠬᠡ ᠠᠯᠲᠠᠨ ᠤᠯᠤᠰ ᠤ᠋ᠨ ᠥᠭᠡᠳᠡ ᠡᠴᠡ ᠰᠦᠷᠭᠦᠯᠳᠦᠵᠦ ᠳᠠᠷᠴᠠᠨ ᠳᠠᠢᠰᠤᠩᠨᠠᠭᠰᠠᠨ ᠲᠠᠲ᠋ᠠᠷ ᠢ᠋ ᠮᠣᠬᠣᠭᠠᠨ ᠳᠠᠷᠤᠬᠤ ᠳ᠋ᠤ᠌ ᠬᠡᠷᠡᠢᠳ ᠦ᠋ᠨ ᠡᠵᠡᠨ ᠬᠠᠨ ᠲᠣᠭᠣᠷᠢᠯ᠂ ᠬᠠᠮᠤᠭ ᠮᠣᠩᠭᠣᠯ ᠤ᠋ᠨ ᠬᠠᠨ ᠲᠡᠮᠦᠵᠢᠨ ᠲᠠ ᠬᠣᠶᠠᠷ ᠡᠯᠢᠭᠡᠰᠡᠭ ᠰᠡᠳᠬᠢᠯ ᠭᠠᠷᠭᠠᠵᠤ᠂ ᠮᠠᠨ ᠳ᠋ᠤ᠌ ᠲᠤᠰᠠᠯᠠᠭᠰᠠᠨ ᠤ᠋ ᠲᠤᠯᠠ ᠠᠯᠲᠠᠨ ᠤᠯᠤᠰ ᠤ᠋ᠨ ᠬᠠᠭᠠᠨ ᠸᠠᠩᠭᠢᠩ ᠰᠢᠩ ᠱᠧ ᠶ᠋ᠢᠨ ᠨᠡᠷ᠎ᠡ ᠶ᠋ᠢᠨ ᠡᠮᠦᠨ᠎ᠡ ᠡᠴᠡ ᠪᠣᠯᠤᠨ ᠬᠤᠪᠢ ᠠ᠋ᠴᠠ ᠪᠠᠨ ᠲᠠᠯᠠᠷᠬᠠᠯ ᠢᠯᠡᠷᠬᠡᠢᠯᠡᠵᠦ ᠬᠦᠨᠳᠦᠳᠬᠡᠯ ᠡᠷᠭᠦᠨ ᠵᠣᠭᠣᠭ ᠪᠠᠷᠢᠶ᠎ᠠ᠃ ᠳᠠᠢᠰᠤᠨ ᠢ᠋ ᠲᠠ ᠪᠢᠳᠡ ᠬᠠᠮᠲᠤᠷᠠᠨ ᠳᠠᠷᠤᠯ᠎ᠠ᠃ ᠲᠠ ᠪᠢᠳᠡᠨ ᠦ᠌ ᠨᠠᠢᠷᠠᠮᠳᠠᠯ᠂ ᠬᠠᠮᠲᠤ ᠶ᠋ᠢᠨ ᠬᠦᠴᠦ ᠪᠡᠬᠢᠵᠢᠬᠦ ᠪᠣᠯᠲᠤᠭᠠᠢ᠃ ᠡᠷᠲᠡᠨ ᠦ᠌ ᠰᠤᠷᠪᠤᠯᠵᠢᠲᠤ ᠬᠠᠨ ᠲᠤᠭᠤᠷᠢᠯ ᠳ᠋ᠤ᠌ ᠸᠠᠩ ᠴᠣᠯᠠ᠂ ᠢᠳᠡᠷ ᠵᠠᠯᠠᠭᠤ ᠬᠠᠨ ᠲᠡᠮᠦᠵᠢᠨ ᠳ᠋ᠦ᠍ ᠵᠠᠬᠤᠳ ᠬᠣᠷᠢ ᠴᠣᠯᠠ ᠱᠠᠩᠨᠠᠶ᠎ᠠ᠃ ᠸᠠᠩ ᠪᠣᠯ ᠬᠠᠭᠠᠨ ᠤ᠋ ᠳᠠᠷᠠᠭᠠᠬᠢ ᠶᠡᠬᠡ ᠴᠣᠯᠠ ᠲᠤᠯᠠ ᠲᠠ ᠠᠯᠲᠠᠨ ᠤᠯᠤᠰ ᠤ᠋ᠨ ᠬᠠᠭᠠᠨ ᠤ᠋ ᠳᠠᠷᠠᠭᠠᠬᠢ ᠡᠷᠡᠮᠪᠡ ᠵᠡᠷᠭᠡ ᠲᠡᠢ ᠭᠡᠰᠡᠨ ᠦᠭᠡ᠂ ᠵᠠᠬᠤᠳ ᠬᠣᠷᠢ ᠪᠣᠯ ᠬᠦᠴᠦᠲᠦ ᠨᠣᠶᠠᠨ ᠭᠡᠰᠡᠨ ᠤᠳᠬ᠎ᠠ ᠲᠠᠢ᠃ ᠬᠠᠷᠢᠨ ᠲᠠ ᠬᠣᠶᠠᠷ ᠤ᠋ᠨ ᠶᠡᠬᠡ ᠬᠦᠴᠦᠨ ᠵᠢᠳᠬᠦᠯ ᠢ᠋ ᠠᠯᠲᠠᠨ ᠤᠯᠤᠰ ᠤ᠋ᠨ ᠬᠠᠭᠠᠨ ᠳ᠋ᠤ᠌ ᠤᠯᠠᠮᠵᠢᠯᠠᠨ᠎ᠠ᠃ ᠬᠠᠭᠠᠨ ᠰᠣᠶᠣᠷᠬᠠᠨ ᠲᠠᠭᠠᠯᠠᠬᠤ ᠶ᠋ᠢ ᠲᠩᠷᠢ ᠮᠡᠳᠡᠲᠦᠭᠡᠢ ᠬᠡᠮᠡᠵᠡᠢ᠃ 
       ᠲᠣᠭᠣᠷᠢᠯ᠂ ᠲᠡᠮᠦᠵᠢᠨ ᠨᠠᠷ ᠮᠥᠨ ᠬᠣᠶᠠᠷ ᠲᠠᠯ᠎ᠠ ᠠ᠋ᠴᠠ ᠳᠠᠭᠤ ᠥᠰᠬᠡᠭᠴᠢ ᠬᠣᠭᠣᠯᠠᠢ ᠪᠠᠷᠢᠨ ᠪᠡᠯᠭᠡ ᠳᠡᠮᠪᠡᠷᠢᠯ ᠲᠡᠢ ᠦᠭᠡ ᠬᠡᠯᠡᠭᠰᠡᠨ ᠢ᠋ ᠴᠠᠭᠠᠰᠢ ᠣᠷᠴᠢᠭᠤᠯᠵᠤ ᠤᠯᠠᠮᠵᠢᠯᠠᠪᠠ᠃ ᠶᠸᠯᠢᠦᠢ ᠴᠦᠼᠠᠢ ᠠ᠋ᠴᠠ ᠭᠠᠳᠠᠨ᠎ᠠ ᠥᠪᠡᠷ ᠬᠣᠭᠣᠷᠣᠨᠳᠣ ᠪᠠᠨ ᠴᠢᠷᠠᠢ ᠵᠢᠰᠦ᠂ ᠬᠤᠪᠴᠠᠰᠤ ᠨᠢ ᠠᠳᠠᠯᠢ ᠬᠣᠶᠠᠷ ᠴᠤ᠌ ᠣᠷᠴᠢᠭᠤᠯᠤᠭᠴᠢ ᠪᠠᠢᠨ᠎ᠠ᠃ ᠡᠢᠨᠬᠦ ᠳᠠᠢᠯᠠᠯᠭ᠎ᠠ ᠵᠣᠭᠣᠭ ᠦᠷᠭᠦᠯᠵᠢᠯᠡᠨ᠂ ᠸᠠᠩᠭᠢᠩ ᠴᠢᠩᠰᠠᠩ ᠲᠠᠲ᠋ᠠᠷ ᠤ᠋ᠨ ᠲᠠᠯ᠎ᠠ ᠪᠠᠷ ᠢᠨᠢᠶᠡᠳᠦ ᠲᠡᠢ ᠬᠣᠱᠣᠩ ᠦᠭᠡ ᠬᠡᠯᠡᠵᠦ ᠪᠦᠭᠦᠳᠡ ᠯᠡ ᠨᠠᠢᠷᠲᠠᠢ᠂ ᠬᠥᠷ ᠲᠡᠢ᠂ ᠯᠤᠤ ᠴᠠᠭ ᠠ᠋ᠴᠠ ᠡᠬᠢᠯᠡᠭᠰᠡᠨ ᠴᠠᠢᠯᠠᠯᠭ᠎ᠠ ᠮᠣᠭᠠᠢ ᠴᠠᠭ ᠤᠷᠤᠭᠤ ᠣᠷᠣᠵᠤ᠂ ᠪᠥᠵᠢᠭ ᠳᠠᠭᠤᠤ ᠦᠯᠦ ᠦᠵᠡᠭᠳᠡᠵᠦ ᠰᠣᠯᠢᠭᠳᠠᠨ ᠢᠳᠡᠭᠡ ᠪᠤᠳᠠᠭ᠎ᠠ᠂ ᠠᠷᠢᠬᠢ ᠳᠠᠷᠠᠰᠤ ᠡᠯᠪᠡᠭ ᠠᠷᠪᠢᠨ ᠠᠵᠢ᠃ ᠳᠠᠢᠯᠠᠯᠭ᠎ᠠ ᠬᠦᠨᠳᠦᠳᠬᠡᠯ ᠢ᠋ ᠰᠠᠨᠠᠭᠠᠴᠢᠯᠠᠭᠴᠢ ᠸᠠᠩᠭᠢᠩ ᠴᠢᠩᠰᠠᠩ ᠢ᠋ᠶ᠋ᠠᠷ ᠥᠰᠬᠡᠭᠴᠢ ᠬᠣᠭᠣᠯᠠᠢ ᠪᠠᠷ ᠬᠣᠶᠠᠳᠠᠬᠢ ᠤᠳᠠᠭ᠎ᠠ ᠪᠠᠨ ᠨᠡᠯᠢᠶᠡᠳ ᠤᠷᠲᠤ ᠦᠭᠡ ᠬᠡᠯᠡᠭᠰᠡᠨ ᠢ᠋ ᠣᠷᠴᠢᠭᠤᠯᠤᠭᠴᠢᠳ ᠲᠠᠢᠯᠪᠤᠷᠢᠯᠠᠬᠤ ᠠᠭᠠᠳ ᠲᠡᠳᠡᠨ ᠳᠤᠮᠳᠠ ᠪᠠᠨ ᠶᠸᠯᠢᠦᠢ ᠴᠦᠼᠠᠢ ᠢᠯᠡᠭᠦᠦ ᠡᠪᠲᠡᠢ ᠬᠡᠯᠡᠬᠦ ᠠᠵᠤᠭᠤ᠃ ᠣᠷᠴᠢᠭᠤᠯᠤᠭᠰᠠᠨ ᠦᠭᠡᠨ ᠦ᠌ ᠤᠳᠬ᠎ᠠ ᠨᠢ᠄ 
       — ᠲᠡᠢᠨ ᠳ᠋ᠦ᠍ ᠪᠢᠳᠡ ᠢᠯᠠᠯ᠎ᠠ᠃ ᠶᠡᠬᠡ ᠵᠦᠢᠯ ᠢ᠋ ᠣᠯᠵᠠᠯᠠᠯ᠎ᠠ᠃ ᠣᠯᠵᠠᠨ ᠤ᠋ ᠮᠠᠯ ᠰᠦᠷᠦᠭ᠂ ᠡᠳ᠋ ᠠᠭᠤᠷᠠᠰᠤ ᠶ᠋ᠢ ᠲᠤᠩ ᠰᠠᠢᠨ ᠪᠦᠷᠢᠳᠬᠡᠭᠰᠡᠨ ᠲᠤᠯᠠ ᠲᠠ ᠪᠢᠳᠡᠨ ᠳ᠋ᠦ᠍ ᠪᠦᠷ ᠲᠣᠳᠣᠷᠬᠠᠢ᠃ ᠲᠡᠢᠨ ᠳ᠋ᠦ᠍ ᠢᠯᠠᠭᠰᠠᠨ ᠨᠢ ᠣᠯᠵᠠ ᠶ᠋ᠢ ᠬᠤᠪᠢᠶᠠᠵᠤ ᠠᠪᠳᠠᠭ ᠶᠣᠰᠣᠨ ᠪᠣᠢ᠃ ᠠᠯᠲᠠᠨ ᠤᠯᠤᠰ ᠪᠣᠯ ᠠᠭᠤᠤ ᠪᠠᠶᠠᠯᠢᠭ ᠣᠷᠣᠨ ᠤᠴᠢᠷ ᠠ᠋ᠴᠠ ᠪᠢᠳᠡ ᠣᠯᠵᠠᠨ ᠳ᠋ᠤ᠌ ᠰᠢᠨᠤᠬᠤ ᠦᠭᠡᠢ᠃ ᠡᠯ᠎ᠡ ᠣᠯᠵᠠᠨ ᠤ᠋ ᠵᠦᠢᠯ ᠪᠣᠯ ᠮᠠᠨ ᠤ᠋ ᠭᠦᠷᠦᠨ ᠦ᠌ ᠬᠤᠪᠢ ᠳ᠋ᠤ᠌ ᠦᠰᠦᠨ ᠦ᠌ ᠨᠢᠭᠡ ᠰᠢᠷᠬᠡᠭ ᠲᠡᠢ ᠠᠳᠠᠯᠢ ᠶᠤᠮ᠃ ᠨᠢᠭᠡᠨᠲᠡ《ᠣᠯᠵᠠ ᠶ᠋ᠢ ᠣᠯᠠᠭᠤᠯᠠ ᠪᠠᠨ》 ᠭᠡᠬᠦ ᠲᠤᠯᠠ ᠪᠢᠳᠡ ᠭᠤᠷᠪᠠ ᠲᠡᠩᠴᠡᠭᠦᠦ ᠬᠤᠪᠢᠶᠠᠬᠤ ᠤᠴᠢᠷ ᠲᠠᠢ᠃ ᠭᠡᠪᠡᠴᠦ ᠴᠢᠩᠭᠢᠬᠦ ᠦᠭᠡᠢ ᠭᠡᠵᠦ ᠪᠢ ᠪᠣᠳᠣᠵᠤ ᠪᠠᠢᠨ᠎ᠠ᠃ ᠠᠳᠤᠭᠤ ᠲᠠᠪᠤᠨ ᠮᠢᠩᠭ᠎ᠠ ᠭᠠᠷᠤᠢ ᠠ᠋ᠴᠠ ᠭᠤᠷᠪᠠᠨ ᠤ᠋ ᠨᠢᠭᠡ ᠶ᠋ᠢ᠂ ᠡᠨᠳᠡ ᠪᠠᠢᠭ᠎ᠠ ᠪᠦᠬᠦ ᠮᠠᠯ ᠤ᠋ᠨ ᠲᠦᠭᠦᠬᠡᠢ ᠠᠷᠠᠰᠤ ᠰᠢᠷᠢ ᠶ᠋ᠢᠨ ᠬᠠᠮᠲᠤ ᠨᠠᠳᠠ ᠥᠭ᠃ ᠥᠭᠡᠷ᠎ᠡ ᠪᠤᠰᠤᠳ ᠭᠤᠯᠢᠷ ᠪᠤᠳᠠᠭ᠎ᠠ᠂ ᠮᠢᠬ᠎ᠠ᠂ ᠬᠦᠨᠡᠰᠦᠨ ᠦ᠌ ᠵᠦᠢᠯ ᠪᠣᠯᠤᠨ ᠡᠳ᠋ ᠠᠭᠤᠷᠠᠰᠤ᠂ ᠠᠷᠢᠬᠢ ᠳᠠᠷᠠᠰᠤ ᠴᠥᠮ ᠲᠠ ᠨᠠᠷ ᠤ᠋ᠨ ᠬᠢ᠃ ᠮᠢᠨᠦ ᠡᠨᠡ ᠰᠠᠨᠠᠯ ᠢ᠋ ᠵᠥᠪᠰᠢᠶᠡᠷᠡᠨ᠎ᠡ ᠭᠡᠳᠡᠭ ᠲᠦ᠍ ᠪᠢ ᠢᠲᠡᠭᠡᠵᠦ ᠪᠠᠢᠨ᠎ᠠ ᠬᠡᠮᠡᠵᠡᠢ᠃ 
       ᠡᠭᠦᠨ ᠢ᠋ ᠲᠤᠭᠤᠷᠢᠯ᠂ ᠲᠡᠮᠦᠵᠢᠨ ᠬᠣᠶᠠᠷ《ᠪᠣᠯᠬᠤ ᠶᠤᠮ᠂ ᠪᠣᠯᠬᠤ ᠶᠤᠮ》 ᠭᠡᠮᠡᠨ ᠵᠥᠪᠰᠢᠶᠡᠷᠡᠯᠳᠦᠪᠡ᠃ ᠨᠠᠢᠷ ᠡᠯᠢᠭᠡᠰᠡᠭ ᠳᠣᠲᠣᠨᠣ᠂ ᠶᠠᠷᠢᠶ᠎ᠠ ᠬᠡᠯᠡᠯᠴᠡᠭᠡᠷ ᠲᠣᠪᠴᠢᠬᠠᠨ ᠪᠣᠯᠵᠤ ᠸᠠᠩᠭᠢᠩ ᠴᠢᠩᠰᠠᠩ ᠤ᠋ᠨ ᠵᠠᠷᠤᠴᠠ ᠬᠢᠶ᠎ᠡ ᠨᠠᠷ ᠬᠤᠯᠤᠰᠤᠨ ᠰᠦᠯᠵᠢᠮᠡᠯ ᠰᠠᠪᠠ ᠲᠠᠢ ᠪᠡᠯᠡᠭ ᠪᠠᠷᠢᠵᠤ ᠣᠷᠣᠵᠤ ᠢᠷᠡᠵᠦ ᠬᠣᠶᠠᠷ ᠲᠠᠯ᠎ᠠ ᠶ᠋ᠢᠨ ᠵᠣᠴᠢᠳ ᠲᠤ ᠲᠠᠷᠬᠠᠭᠠᠭᠰᠠᠨ ᠨᠢ ᠲᠤᠭᠤᠷᠢᠯ ᠲᠡᠮᠦᠵᠢᠨ ᠬᠣᠶᠠᠷ ᠲᠤ ᠬᠤᠢ ᠲᠠᠢ ᠲᠣᠷᠭ᠎ᠠ ᠬᠣᠷᠭᠣᠢ᠂ ᠲᠠᠨ᠎ᠠ ᠰᠤᠪᠤᠳ ᠲᠡᠷᠢᠭᠦᠲᠡᠨ ᠡᠷᠳᠡᠨᠢᠰ ᠦ᠋ᠨ ᠵᠦᠢᠯ ᠬᠢᠭᠡᠳ ᠬᠠᠭᠠᠨ ᠤ᠋ ᠪᠠᠷᠠᠭᠤᠨ ᠭᠠᠷ ᠲᠤ ᠰᠠᠭᠤᠭᠰᠠᠨ ᠪᠣᠭᠤᠷᠴᠢ᠂ ᠵᠡᠭᠦᠨ ᠭᠠᠷ ᠳᠤ ᠰᠠᠭᠤᠭ᠎ᠠ ᠵᠡᠯᠮ᠎ᠡ ᠪᠣᠯᠤᠨ ᠬᠠᠨ ᠬᠥᠪᠡᠭᠦᠳ ᠬᠢᠭᠡᠳ ᠠᠷᠤ ᠲᠠᠯ᠎ᠠ ᠪᠠᠷ ᠲᠠᠪᠤ ᠡᠩᠨᠡᠵᠦ ᠰᠠᠭᠤᠭᠰᠠᠨ ᠳᠡᠭᠦᠦ ᠨᠠᠷ᠂ ᠵᠠᠭᠤᠲᠤ ᠠᠷᠪᠠᠲᠤ ᠵᠠᠬᠢᠷᠬᠤ ᠳᠠᠷᠤᠭ᠎ᠠ ᠨᠠᠷ ᠪᠦᠭᠦᠳᠡ ᠳ᠋ᠦ᠍ ᠪᠡᠯᠡᠭ ᠲᠠᠷᠬᠠᠭᠠᠪᠠ᠃ ᠡᠨᠡ ᠪᠠᠢᠯᠳᠤᠭᠠᠨ ᠳ᠋ᠤ᠌ ᠠᠷᠪᠠᠨ ᠵᠢᠷᠭᠤᠭ᠎ᠠ᠂ ᠠᠷᠪᠠᠨ ᠨᠠᠢ᠍ᠮᠠᠨ ᠨᠠᠰᠤ ᠲᠠᠢ ᠵᠥᠴᠢ᠂ ᠴᠠᠭᠠᠲᠠᠢ ᠬᠣᠶᠠᠷ ᠣᠷᠣᠯᠴᠠᠭᠰᠠᠨ ᠠᠵᠢ᠃ ᠨᠥᠭᠦᠭᠡ ᠲᠠᠯ᠎ᠠ ᠳ᠋ᠤ᠌ ᠰᠠᠭᠤᠭ᠎ᠠ ᠬᠡᠷᠡᠢᠳ ᠦ᠋ᠨ ᠬᠠᠨ ᠲᠣᠭᠣᠷᠢᠯ ᠠ᠋ᠴᠠ ᠡᠬᠢᠯᠡᠭᠡᠳ ᠡᠷᠡᠮᠪᠡ ᠪᠡᠷ ᠶᠠᠭ ᠢᠵᠢᠯᠢ ᠪᠡᠯᠡᠭ ᠲᠠᠷᠬᠠᠭᠠᠵᠠᠢ᠃ ᠡᠭᠦᠨ ᠦ᠌ ᠬᠠᠷᠢᠭᠤ ᠳ᠋ᠤ᠌ ᠲᠡᠮᠦᠵᠢᠨ ᠲᠣᠭᠣᠷᠢᠯ ᠬᠣᠶᠠᠷ ᠬᠠᠭᠠᠳ ᠪᠡᠯᠡᠭ ᠪᠠᠷᠢᠬᠤ ᠡᠭᠡᠯᠵᠢᠨ ᠳ᠋ᠡᠭᠡᠨ ᠬᠠᠮᠲᠤ ᠶ᠋ᠢᠨ ᠲᠡᠮᠡᠴᠡᠯ ᠳ᠋ᠦ᠍ ᠢᠯᠠᠯᠲᠠ ᠪᠠᠢᠭᠤᠯᠤᠭᠰᠠᠨ ᠸᠠᠩᠭᠢᠩ ᠴᠢᠩᠰᠠᠩ ᠳ᠋ᠤ᠌ ᠳᠠᠭᠵᠠ ᠬᠣᠩᠰᠢᠶᠠᠷ ᠲᠠᠢ ᠪᠠᠭᠠᠪᠠᠭᠠᠢ ᠶ᠋ᠢᠨ ᠠᠷᠠᠰᠤ᠂ ᠬᠣᠶᠠᠷ ᠰᠢᠷᠬᠡᠭ ᠪᠤᠯᠠᠭᠠᠨ ᠤ᠋ ᠠᠷᠠᠰᠤ᠂ ᠪᠤᠰᠤᠳ ᠴᠢᠨᠣ᠎ᠠ᠂ ᠦᠨᠡᠭᠡ᠂ ᠰᠢᠯᠦᠭᠦᠰᠦ᠂ ᠬᠢᠷᠤᠰᠤ᠂ ᠳᠣᠷᠣᠭᠣ ᠵᠡᠷᠭᠡ ᠠᠩ ᠤ᠋ᠨ ᠠᠷᠠᠰᠤ ᠪᠦᠵᠢᠭᠴᠢᠳ ᠦᠢᠯᠡᠴᠢᠯᠡᠭᠴᠢᠳ ᠲᠦ᠍ ᠬᠡᠷᠡᠮᠦ᠂ ᠵᠢᠷᠭᠢ᠂ ᠴᠢᠨᠳᠠᠭ᠎ᠠ᠂ ᠲᠠᠤᠯᠠᠢ᠂ ᠲᠠᠷᠪᠠᠭ᠎ᠠ ᠶ᠋ᠢᠨ ᠠᠷᠠᠰᠤ ᠭᠤᠷᠪᠠ ᠠ᠋ᠴᠠ ᠲᠠᠪᠤᠨ ᠰᠢᠷᠬᠡᠭ ᠢ᠋ ᠤᠨᠤᠭᠠᠨ ᠥᠭᠴᠡᠢ᠃ ᠢᠯᠠᠭᠤᠭᠰᠠᠨ ᠬᠤᠷᠢᠮ ᠡᠢᠨᠬᠦ ᠥᠨᠳᠥᠷᠯᠡᠬᠦᠢ ᠭᠤᠷᠪᠠᠨ ᠲᠣᠮᠣ ᠳᠤᠮᠳᠠ ᠲᠣᠭᠣᠷᠢᠭ ᠲᠠᠪᠴᠠᠩ ᠳ᠋ᠤ᠌ ᠴᠤᠭᠯᠠᠷᠠᠵᠤ ᠨᠤᠲᠤᠭ ᠣᠷᠣᠨ ᠳ᠋ᠠᠭᠠᠨ ᠰᠠᠢᠨ ᠰᠠᠢᠬᠠᠨ ᠣᠴᠢᠬᠤ ᠢᠷᠦᠭᠡᠯ ᠲᠠᠯᠪᠢᠯᠴᠠᠨ᠂ ᠭᠤᠷᠪᠠᠨ ᠳᠠᠰᠢ ᠪᠠᠨ ᠰᠠᠯᠬᠤᠢ ᠲᠤᠭᠤᠷᠢᠯ ᠸᠠᠩ (ᠡᠭᠦᠨ ᠡᠴᠡ ᠬᠣᠢᠰᠢ ᠲᠡᠭᠦᠨ ᠢ᠋ ᠬᠡᠷᠡᠢᠳ ᠦ᠋ᠨ ᠸᠠᠩ ᠬᠠᠨ ᠭᠡᠮᠡᠨ ᠨᠡᠷᠡᠯᠡᠬᠦ ᠪᠣᠯᠵᠠᠢ) ᠦᠯᠡᠮᠵᠢ ᠬᠥᠯᠴᠥᠵᠦ ᠪᠠᠷ᠎ᠠ ᠪᠣᠯᠣᠭᠰᠠᠳ ᠢ᠋ᠶ᠋ᠠᠷ ᠢ᠋ᠶ᠋ᠠᠨ ᠲᠦᠰᠢᠭᠦᠯᠦᠨ ᠴᠠᠭᠠᠰᠢ ᠶᠠᠪᠤᠬᠤ ᠵᠠᠭᠤᠷ᠎ᠠ ᠴᠢᠩᠭᠢᠰ ᠬᠠᠭᠠᠨ ᠸᠠᠩᠭᠢᠩ ᠴᠢᠩᠰᠠᠩ ᠢ᠋ ᠰᠠᠭᠠᠲᠠᠭᠤᠯᠤᠨ ᠥᠭᠦᠯᠡᠭᠰᠡᠨ ᠨᠢ᠄ 
       — ᠠᠯᠲᠠᠨ ᠤᠯᠤᠰ᠂ ᠬᠠᠮᠤᠭ ᠮᠣᠩᠭᠣᠯ ᠥᠨᠢ ᠡᠷᠲᠡᠨ ᠦ᠌ ᠠᠢᠯ ᠬᠦᠷᠰᠢ ᠣᠷᠣᠰᠢᠨ ᠨᠠᠢᠷᠠᠮᠳᠠᠬᠤ ᠮᠠᠭᠤᠳᠠᠯᠴᠠᠬᠤ ᠵᠡᠷᠭᠡ ᠪᠡᠷ ᠪᠡᠶ᠎ᠡ ᠪᠠᠶᠠᠨ ᠳ᠋ᠠᠭᠠᠨ ᠬᠠᠷᠢᠯᠴᠠᠨ ᠬᠠᠨᠳᠤᠵᠤ ᠢᠷᠡᠵᠡᠢ᠃ ᠡᠳᠦᠭᠡ ᠳᠠᠢᠰᠤᠨ ᠡᠲᠡᠭᠡᠳ ᠢ᠋ ᠬᠠᠮᠲᠤ ᠶ᠋ᠢᠨ ᠬᠦᠴᠦ ᠪᠡᠷ ᠳᠠᠷᠤᠵᠤ ᠰᠠᠢᠨ ᠬᠥᠷᠰᠢ ᠶ᠋ᠢᠨ ᠬᠠᠷᠢᠯᠴᠠᠭ᠎ᠠ ᠡᠭᠦᠰᠦᠨ ᠪᠣᠢ ᠨᠢ ᠪᠢᠳᠡᠨ ᠦ᠌ ᠪᠠᠶᠠᠷ ᠠᠵᠤᠭᠤ᠃ ᠡᠢᠨ ᠰᠠᠢᠨ ᠬᠠᠷᠢᠯᠴᠠᠭ᠎ᠠ ᠲᠣᠭᠲᠠᠵᠤ ᠲᠥᠷᠥ ᠶ᠋ᠢᠨ ᠠᠯᠲᠠᠨ ᠠᠷᠭᠠᠮᠵᠢᠶ᠎ᠠ ᠶ᠋ᠢ ᠪᠡᠬᠢᠵᠢᠭᠦᠯᠬᠦ ᠳ᠋ᠦ᠍ ᠬᠡᠯᠡ ᠶᠡᠬᠡ ᠴᠢᠬᠤᠯᠠ ᠪᠤᠶᠤ᠃ ᠡᠭᠦᠨ ᠦ᠌ ᠲᠤᠯᠠ ᠠᠯᠲᠠᠨ ᠤᠯᠤᠰ ᠤ᠋ᠨ ᠲᠥᠷᠥ ᠶ᠋ᠢᠨ ᠶᠡᠬᠡ ᠰᠠᠢᠳ ᠲᠠᠨ ᠤ᠋ ᠲᠠᠭᠠᠯᠠᠯ ᠳ᠋ᠤ᠌ ᠨᠡᠢᠴᠡᠭᠦᠯᠦᠨ ᠬᠦᠰᠡᠬᠦ ᠨᠢ ᠪᠢᠴᠢᠭ ᠦ᠋ᠨ ᠲᠦᠰᠢᠮᠡᠯ ᠶᠸᠯᠢᠦᠢ ᠴᠦᠽᠠᠢ ᠪᠠᠨ ᠨᠠᠳᠠ ᠦᠯᠡᠳᠡᠭᠡᠬᠦ ᠠᠵᠢᠶᠠᠮᠤ᠃ ᠪᠢ ᠲᠥᠷᠥ ᠶ᠋ᠢᠨ ᠠᠯᠪᠠᠨ ᠳ᠋ᠠᠭᠠᠨ ᠲᠣᠬᠣᠭᠠᠨ ᠵᠡᠷᠭᠡ ᠬᠡᠷᠬᠢᠮ᠂ ᠠᠬᠤᠢ ᠬᠠᠩᠭᠠᠮᠵᠢ᠂ ᠬᠠᠮᠠᠭᠠᠯᠠᠯᠲᠠ ᠪᠠᠷ ᠳᠡᠭᠡᠳᠦ ᠬᠡᠮᠵᠢᠶᠡᠨ ᠳ᠋ᠦ᠍ ᠪᠠᠢᠯᠭᠠᠨ᠎ᠠ᠃ ᠡᠨᠡ ᠨᠢ ᠲᠠᠨ ᠤ᠋ ᠮᠠᠨ ᠤ᠋ ᠬᠣᠶᠠᠷ ᠣᠷᠣᠨ ᠤ᠋ ᠬᠠᠷᠢᠯᠴᠠᠭᠠᠨ ᠳ᠋ᠤ᠌ ᠮᠠᠰᠢ ᠶᠡᠬᠡ ᠠᠰᠢᠭᠲᠠᠢ ᠪᠣ᠌ᠶ᠎ᠠ᠂ ᠬᠢᠴᠢᠶᠡᠵᠦ ᠲᠤᠩᠭᠠᠮᠤ! ᠬᠡᠮᠡᠪᠡ᠃ 
       ᠸᠠᠩᠭᠢᠩ ᠴᠢᠩᠰᠠᠩ ᠡᠨᠡ ᠦᠭᠡ ᠶ᠋ᠢ ᠰᠣᠨᠣᠰᠤᠭᠠᠳ ᠬᠥᠮᠥᠰᠬᠡ ᠰᠣᠯᠪᠢᠨ ᠵᠢᠷᠪᠢᠬᠡᠷ ᠰᠠᠬᠠᠯ ᠢ᠋ᠶ᠋ᠠᠨ ᠢᠮᠡᠷᠦᠨ ᠨᠢᠭᠡᠨ ᠪᠣᠳᠣᠯ ᠲᠥᠷᠥᠵᠦ ᠳᠠᠯᠵᠢᠰᠬᠢᠨ᠄ 
       — ᠪᠣᠳᠣᠵᠤ ᠦᠵᠡᠶ᠎ᠡ ᠭᠡᠬᠦ ᠳ᠋ᠦ᠍ᠨᠢ᠄ 
       — ᠪᠣᠳᠣᠵᠤ ᠲᠠᠭᠠᠯᠠ᠂ ᠲᠠᠨ ᠤ᠋ ᠪᠣᠳᠣᠯ ᠳ᠋ᠤ᠌ ᠮᠢᠨᠦ ᠪᠣᠳᠣᠯ ᠨᠡᠢᠴᠡᠬᠦ ᠪᠤᠶᠤ ᠭᠡᠮᠡᠨ ᠴᠢᠩᠭᠢᠰ ᠬᠠᠭᠠᠨ ᠥᠭᠦᠯᠡᠭᠡᠳ᠄ 
       — ᠮᠠᠨ ᠤ᠋ ᠪᠣᠭᠣᠷᠴᠢ ᠵᠠᠩᠵᠤᠨ ᠲᠠᠨ ᠢ᠋ ᠦᠳᠡᠵᠦ ᠭᠠᠷᠭᠠᠨ᠎ᠠ᠃ ᠲᠡᠭᠦᠨ ᠲᠡᠢ ᠬᠠᠮᠲᠤ ᠶᠸᠯᠢᠦᠢ ᠲᠦᠰᠢᠮᠡᠯ ᠢᠷᠡᠨ᠎ᠡ ᠭᠡᠳᠡᠭ ᠲᠦ᠍ ᠨᠠᠢᠳᠠᠶ᠎ᠠ ᠬᠡᠮᠡᠵᠡᠢ᠃ 
       ᠦᠨᠡᠬᠡᠷ ᠬᠣᠶᠠᠷ ᠬᠣᠨᠣᠭ ᠤ᠋ᠨ ᠳᠠᠷᠠᠭ᠎ᠠ ᠶᠸᠯᠢᠦᠢ ᠴᠦᠼᠠᠢ ᠶ᠋ᠢ ᠳᠠᠭᠠᠭᠤᠯᠤᠨ ᠢᠷᠡᠵᠦ᠂ ᠬᠠᠭᠠᠨ ᠤ᠋ ᠲᠥᠷᠥ ᠶ᠋ᠢᠨ ᠠᠯᠪᠠᠨ ᠳ᠋ᠤ᠌ ᠨᠢᠭᠡᠨ ᠬᠢᠳᠠᠨ ᠬᠥᠮᠦᠨ ᠨᠡᠮᠡᠭᠳᠡᠵᠡᠢ᠃ ᠸᠠᠩᠭᠢᠩ ᠴᠢᠩᠰᠠᠩ ᠲᠡᠭᠦᠨ ᠳ᠋ᠦ᠍᠄ 
       — ᠡᠨᠡ ᠪᠣᠯ ᠴᠢᠬᠤᠯᠠ ᠠᠯᠪᠠ᠃ ᠤᠮᠠᠷ᠎ᠠ ᠵᠦᠭ ᠦ᠋ᠨ ᠡᠯ᠎ᠡ ᠵᠡᠷᠯᠢᠭ ᠪᠠᠯᠠᠮᠠᠳ ᠣᠮᠣᠭ ᠤ᠋ᠳ ᠤ᠋ᠨ ᠪᠣᠳᠣᠯᠭ᠎ᠠ ᠶ᠋ᠢ ᠬᠢᠨᠠᠨ ᠮᠡᠳᠡᠵᠦ᠂ ᠦᠨᠡᠨ ᠵᠥᠪ ᠮᠡᠳᠡᠭᠡ ᠥᠭᠴᠦ ᠪᠠᠢ! ᠭᠡᠰᠡᠨ ᠬᠠᠲᠠᠭᠤ ᠳᠠᠭᠠᠭᠠᠯᠭᠠᠪᠤᠷᠢ ᠥᠭᠴᠡᠢ᠃ 
       ᠴᠢᠩᠭᠢᠰ ᠬᠠᠭᠠᠨ ᠨᠤᠲᠤᠭ ᠤ᠋ᠨ ᠵᠦᠭ ᠵᠢᠯᠣᠭᠣ ᠵᠠᠯᠠᠵᠤ᠂ ᠵᠠᠮ ᠳ᠋ᠠᠭᠠᠨ ᠴᠠᠭᠠᠨ ᠭᠠᠵᠠᠷ ᠠ᠋ᠴᠠ ᠴᠠᠭᠠᠨ ᠵᠡᠭᠡᠷ᠎ᠡ᠂ ᠴᠢᠨᠣ᠎ᠠ᠂ ᠦᠨᠡᠭᠡ ᠵᠡᠷᠭᠡ ᠲᠠᠯ᠎ᠠ ᠬᠡᠭᠡᠷ᠎ᠡ ᠶ᠋ᠢᠨ ᠠᠩ ᠠᠩᠨᠠᠭᠤᠷ ᠬᠢᠬᠦ ᠶ᠋ᠢ ᠨᠤᠲᠤᠭ ᠤ᠋ᠨ ᠴᠡᠷᠢᠭ ᠦ᠋ᠳ ᠲᠦ᠍ ᠵᠥᠪᠰᠢᠶᠡᠷᠡᠨ ᠪᠣᠯᠭᠣᠭᠠᠭᠠᠳ ᠥᠪᠡᠷ ᠢ᠋ᠶ᠋ᠡᠨ ᠥᠷᠥᠭᠡ ᠲᠡᠰᠢ ᠵᠣᠷᠢᠪᠠ᠃ ᠶᠠᠭ ᠡᠨᠡ ᠮᠥᠴᠡ ᠳ᠋ᠦ᠍ ᠠᠷᠤ ᠲᠠᠯ᠎ᠠ ᠠ᠋ᠴᠠ ᠡᠯᠴᠢ ᠢᠷᠡᠵᠦ᠄ 
       — ᠠᠭᠤᠷᠠᠭ ᠭᠠᠵᠠᠷ ᠲᠤ ᠨᠢ ᠵᠦᠷᠭᠢᠨ ᠦ᠌ ᠰᠡᠴᠡ ᠪᠡᠬᠢ᠂ ᠲᠠᠢᠴᠤ ᠬᠣᠷᠢ ᠬᠣᠶᠠᠷ ᠡᠵᠡᠭᠦᠢᠴᠡᠯᠡᠨ ᠳᠣᠪᠲᠣᠯᠵᠤ ᠪᠤᠰᠠᠨᠢᠭᠤᠯᠤᠨ᠂ ᠠᠷᠪᠠ ᠭᠠᠷᠤᠢ ᠬᠥᠮᠦᠨ ᠦ᠌ ᠠᠮᠢ ᠶ᠋ᠢ ᠬᠥᠨᠥᠭᠡᠵᠦ ᠠᠳᠤᠭᠤ ᠮᠠᠯ᠂ ᠡᠳ᠋ ᠵᠦᠢᠯ ᠢ᠋ ᠲᠣᠨᠣᠪᠠ ᠭᠡᠰᠡᠨ ᠵᠣᠯ ᠦᠭᠡᠢ ᠮᠡᠳᠡᠭᠡ ᠠᠪᠴᠢᠷᠠᠵᠠᠢ᠃ ᠴᠢᠩᠭᠢᠰ ᠬᠠᠭᠠᠨ ᠬᠢᠯᠢᠩᠨᠡᠬᠦ ᠶ᠋ᠢᠨ ᠶᠡᠬᠡ ᠪᠡᠷ ᠬᠢᠯᠢᠩᠨᠡᠵᠦ᠄ 
       — ᠲᠡᠳᠡ ᠠᠪᠠᠭ᠎ᠠ ᠨᠠᠷ ᠢᠩᠭᠢᠬᠦ ᠭᠡᠵᠦ ᠦᠯᠡᠳᠡᠵᠦ ᠳᠡ᠃ ᠨᠠᠮ᠎ᠠ ᠶ᠋ᠢ ᠡᠷᠭᠢᠵᠦ ᠢᠷᠡᠬᠦ ᠦᠭᠡᠢ ᠭᠡᠵᠦ ᠪᠣᠳᠣᠭ᠎ᠠ ᠶᠤᠮ ᠪᠢᠵᠡ ᠳᠡ᠃ ᠠᠰᠢᠭᠦᠢ ᠠᠯᠲᠠᠨ᠂ ᠬᠣᠴᠡᠷ ᠬᠣᠶᠠᠷ ᠣᠷᠣᠯᠴᠠᠭ᠎ᠠ ᠦᠭᠡᠢ ᠨᠢ ᠰᠠᠢᠨ ᠭᠡᠵᠦ ᠠᠮᠠᠨ ᠳ᠋ᠠᠭᠠᠨ ᠥᠭᠡᠯᠡᠨ ᠪᠣᠪᠲᠤᠨᠠᠵᠤ᠂ ᠨᠢᠯᠪᠤᠰᠤ ᠮᠡᠯᠲᠡᠭᠡᠨᠡᠭᠦᠯᠦᠨ ᠬᠥᠮᠥᠭᠡᠢ ᠵᠠᠭᠤᠵᠤ᠄ 
       — ᠵᠠ ᠪᠤᠭᠤᠷᠴᠢ᠂ ᠵᠠᠯᠮ᠎ᠠ ᠨᠠᠷ ᠮᠢᠨᠢ ᠬᠥᠳᠡᠯᠦᠶ᠎ᠡ ᠳᠡ᠃ ᠴᠡᠷᠢᠭ ᠢ᠋ᠶ᠋ᠡᠨ ᠴᠤᠭᠯᠠᠭᠤᠯᠬᠤ ᠠ᠋ᠴᠠ ᠪᠢᠰᠢ᠁ ᠭᠡᠪᠡ᠃ 
       — ᠴᠢᠩᠭᠢᠶ᠎ᠡ᠂ ᠴᠢᠩᠭᠢᠶ᠎ᠡ᠃ ᠶᠡᠬᠡ ᠯᠡ ᠭᠡᠨᠡᠨ ᠲᠡᠨᠡᠭ ᠪᠠᠢᠨ᠎ᠠ ᠳᠠ᠃ ᠮᠠᠨ ᠤ᠋ ᠴᠡᠷᠢᠭ ᠦ᠋ᠨ ᠡᠮᠦᠨ᠎ᠡ ᠰᠡᠴᠡ ᠪᠡᠬᠢ ᠳᠠᠩᠴᠤ ᠥᠴᠦᠬᠡᠨ! ᠶᠠᠭᠤ ᠰᠠᠨᠠᠭᠠᠨ ᠳ᠋ᠤᠨᠢ ᠣᠷᠣᠳᠠᠭ ᠵᠣᠯᠢᠭ ᠪᠣᠢ? ᠭᠡᠵᠦ ᠪᠤᠭᠤᠷᠴᠢ ᠶ᠋ᠢᠨ ᠬᠥᠬᠡ ᠢᠨᠢᠶᠡᠳᠦ ᠪᠡᠷ ᠱᠣᠭᠯᠠᠨ ᠢᠨᠢᠶᠡᠬᠦᠢ᠄ 
       — ᠬᠠᠷᠢᠨ ᠠ᠋! ᠬᠥᠳᠡᠯᠬᠦ ᠯᠡ ᠪᠣᠯᠵᠤ ᠳᠠ ᠭᠡᠵᠦ ᠵᠠᠯᠮ᠎ᠠ ᠶ᠋ᠢ ᠱᠣᠭᠯᠠᠬᠤᠢ ᠯᠤᠭ᠎ᠠ᠄ 
       — ᠵᠠ ᠶᠠᠭᠠᠬᠢᠬᠤ ᠪᠣᠢ? ᠰᠠᠨᠠᠭ᠎ᠠ ᠦᠭᠡᠢ ᠶ᠋ᠢ ᠰᠠᠨᠠᠵᠤ᠂ ᠰᠡᠳᠦᠭᠡ ᠦᠭᠡᠢ ᠶ᠋ᠢ ᠰᠡᠳᠦᠭᠰᠡᠨ ᠬᠣᠶᠠᠷ ᠲᠤ᠌ ᠪᠢ ᠬᠡᠨ ᠪᠣᠯᠬᠤ ᠪᠠᠨ ᠦᠵᠡᠭᠦᠯᠦᠶ᠎ᠡ ᠭᠡᠵᠦ ᠬᠠᠭᠠᠨ ᠢ᠋ᠶ᠋ᠠᠷ ᠬᠡᠯᠡᠭᠡᠳ 
       — ᠪᠠᠷᠠᠭᠤᠨ ᠭᠠᠷ ᠢ᠋ ᠪᠣᠭᠣᠷᠴᠢ᠂ ᠵᠡᠭᠦᠨ ᠭᠠᠷ ᠢ᠋ ᠵᠡᠯᠮ᠎ᠡ ᠮᠠᠩᠯᠠᠢᠯᠠᠵᠤ᠂ ᠠᠩᠭᠠᠯᠠᠨ ᠠᠯᠤᠰᠬᠠᠨ ᠢ᠋ᠶ᠋ᠠᠷ ᠳᠠᠪᠰᠢᠵᠤ᠂ ᠪᠢ ᠭᠣᠣᠯ ᠬᠦᠴᠦ ᠪᠡᠷ ᠤᠷᠤᠭᠰᠢᠯᠠᠨ ᠪᠦᠰᠡᠯᠡᠨ ᠬᠤᠮᠢᠵᠤ ᠠᠪᠤᠶ᠎ᠠ ᠭᠡᠵᠦ ᠵᠠᠷᠯᠢᠭ ᠪᠣᠯᠪᠠ᠃ 
       ᠢᠩᠭᠢᠭᠡᠳ ᠬᠡᠷᠦᠯᠦᠨ ᠦ᠌ ᠬᠥᠳᠡᠭᠡ ᠠᠷᠠᠯ ᠲᠡᠰᠢ᠂ ᠣᠨ ᠰᠣᠯᠢᠭᠳᠠᠬᠤ ᠳᠥᠭᠥᠭᠰᠡᠨ ᠡᠪᠦᠯ ᠦ᠋ᠨ ᠴᠠᠰᠤᠨ ᠬᠥᠷ ᠳᠡᠭᠡᠭᠦᠷ ᠴᠠᠩ ᠬᠦᠦᠷᠭᠡ ᠲᠠᠲᠠᠭᠤᠯᠤᠨ ᠶᠡᠬᠡ ᠴᠡᠷᠢᠭ ᠬᠥᠳᠡᠯᠪᠡ᠃ ᠦᠶᠡᠯᠢ ᠳᠡᠭᠦᠦ ᠪᠡᠨ ᠲᠠᠲ᠋ᠠᠷ ᠤ᠋ᠳ ᠲᠠᠢ ᠳᠠᠢᠳᠤᠭᠠᠳ ᠦᠬᠦᠬᠦ ᠰᠡᠬᠡᠬᠦ ᠪᠡᠨ ᠮᠡᠳᠡᠬᠦ ᠦᠭᠡᠢ ᠵᠢᠭᠤᠷᠠᠯᠳᠤᠵᠤ ᠶᠠᠳᠠᠨ ᠪᠠᠢᠭ᠎ᠠ ᠭᠡᠵᠦ ᠶᠡᠬᠡ ᠪᠠᠷᠳᠠᠮ ᠰᠠᠭᠤᠵᠤ ᠠᠭᠰᠠᠨ ᠵᠦᠷᠬᠢᠨ ᠦ᠌ ᠬᠣᠶᠠᠷ ᠤᠳᠤᠷᠢᠳᠤᠭᠴᠢ ᠴᠠᠰᠤ ᠴᠠᠷᠭᠢᠭᠤᠯᠤᠭᠰᠠᠨ ᠴᠠᠯᠮ᠎ᠠ ᠬᠦᠵᠦᠭᠦᠦ ᠪᠡᠷ ᠲᠠᠲᠠᠬᠤ ᠶ᠋ᠢ ᠮᠡᠳᠡᠮᠡᠭᠴᠡ ᠪᠡᠨ ᠠᠷᠭ᠎ᠠ ᠪᠤᠶᠤ ᠠᠮᠢ ᠵᠤᠯᠪᠠᠬᠤ ᠶ᠋ᠢ ᠴᠢᠷᠮᠠᠢᠨ᠂ ᠶᠡᠬᠡ ᠬᠠᠢᠷᠬᠠᠨ ᠪᠠᠶᠠᠨ ᠤᠯᠠᠭᠠᠨ ᠤᠷᠤᠭᠤ ᠵᠢᠭᠤᠲᠠᠭᠰᠠᠨ ᠴᠦ᠍ ᠲᠤᠯᠤᠭᠠᠳ ᠭᠡᠬᠦ ᠳᠣᠯᠣᠭᠠᠨ ᠪᠣᠷᠣ ᠲᠤᠯᠤᠭᠠᠳ ᠢ᠋ ᠠᠯᠢ ᠬᠡᠳᠦᠢᠨᠡᠢ ᠡᠵᠡᠯᠡᠭᠡᠳ ᠠᠪᠤᠭᠰᠠᠨ ᠪᠣᠭᠣᠷᠴᠢ ᠶ᠋ᠢᠨ ᠭᠠᠷ ᠲᠤ᠌ ᠣᠷᠣᠬᠤ ᠨᠢ ᠲᠡᠷᠡ! ᠪᠠᠷᠢᠭᠳᠠᠪᠠ ᠠ᠋᠃ ᠪᠣᠭᠣᠷᠴᠢ ᠲᠡᠳᠡᠨ ᠢ᠋ ᠪᠠᠷᠢᠵᠤ ᠬᠦᠯᠢᠭᠰᠡᠨ ᠦᠭᠡᠢ᠂ ᠵᠠᠷ ᠵᠡᠪᠰᠡᠭ ᠢ᠋ ᠨᠢ ᠴᠦ᠍ ᠬᠤᠷᠢᠶᠠᠭᠰᠠᠨ ᠦᠭᠡᠢ᠂ ᠴᠥᠭᠡᠨ ᠳᠠᠭᠠᠭᠤᠯ ᠤ᠋ᠨ ᠬᠢᠨᠢ ᠬᠠᠮᠲᠤ ᠣᠯᠠᠨ ᠴᠡᠷᠢᠭ ᠦ᠋ᠨ ᠡᠮᠦᠨ᠎ᠡ ᠣᠷᠣᠭᠤᠯᠵᠤ ᠲᠠᠭᠤᠭᠠᠳ ᠡᠵᠡᠨ ᠦ᠌ ᠥᠭᠡᠳᠡ ᠡᠴᠡ ᠤᠭᠲᠤᠪᠠᠢ᠃ ᠡᠵᠡᠨ ᠴᠦ᠍ ᠶᠡᠬᠡ ᠴᠡᠷᠢᠭ ᠦ᠋ᠨ ᠢ᠋ᠶ᠋ᠡᠨ ᠡᠮᠦᠨ᠎ᠡ ᠬᠠᠲᠠᠷᠢᠭᠤᠯᠤᠨ ᠢᠷᠡᠬᠦᠢ ᠯᠤᠭ᠎ᠠ ᠪᠣᠭᠣᠷᠴᠢ᠄ 
       — ᠰᠡᠴᠡ᠂ ᠲᠠᠢᠴᠤ ᠬᠣᠶᠠᠷ ᠮᠣᠷᠢᠨ ᠠ᠋ᠴᠠ ᠪᠠᠭᠤᠵᠤ ᠴᠢᠩᠭᠢᠰ ᠬᠠᠭᠠᠨ ᠤ᠋ ᠥᠯᠮᠡᠢ ᠳ᠋ᠦ᠍ ᠰᠥᠭᠥᠳ! ᠲᠠ ᠨᠠᠷ ᠤ᠋ᠨ ᠤᠲᠠᠰᠤᠨ ᠴᠢᠨᠡᠭᠡᠨ ᠤᠯᠠᠭᠠᠨ ᠭᠣᠣᠯ ᠦᠯᠡᠳᠡᠬᠦ ᠡᠰᠡᠬᠦ ᠴᠠᠭ ᠢᠷᠡᠵᠡᠢ᠃ ᠡᠳᠦᠢ ᠬᠠᠷᠢᠭᠤ ᠦᠭᠡᠢ ᠳᠣᠷᠣᠢ ᠪᠠᠢᠵᠤ᠂《ᠰᠠᠪᠠᠭ᠎ᠠ ᠦᠭᠡᠢ ᠨᠣᠬᠠᠢ ᠰᠠᠷᠠᠨ ᠳ᠋ᠤ᠌ ᠬᠤᠴᠠᠨ᠎ᠠ》 ᠭᠡᠭᠴᠢ ᠪᠡᠷ ᠶᠡᠬᠡ ᠰᠠᠨᠠᠭ᠎ᠠ ᠭᠠᠷᠭᠠᠭᠰᠠᠨ ᠵᠣᠯᠢᠭ ᠤ᠋ᠳ ᠮᠢᠨᠢ! ᠭᠡᠯ᠎ᠡ᠃ 
       ᠲᠡᠳᠡ ᠴᠦ᠍ ᠲᠤᠰᠢᠶᠠᠯ ᠶᠣᠰᠣᠭᠠᠷ ᠮᠣᠷᠢᠨ ᠠ᠋ᠴᠠ ᠪᠠᠨ ᠪᠠᠭᠤᠨ ᠰᠥᠭᠥᠳᠴᠢᠬᠡᠬᠦ ᠠᠵᠤᠭᠤ᠃ 
       ᠡᠵᠡᠨ ᠬᠠᠭᠠᠨ ᠡᠮᠡᠭᠡᠯ ᠳᠡᠭᠡᠷ᠎ᠡ ᠪᠡᠨ ᠰᠣᠨᠳᠣᠭᠣᠢ ᠰᠠᠭᠤᠵᠤ ᠰᠡᠯᠡᠮ᠎ᠡ ᠶ᠋ᠢᠨ ᠢ᠋ᠶ᠋ᠡᠨ ᠪᠠᠷᠢᠭᠤᠯ ᠳ᠋ᠤ᠌ ᠭᠠᠷ ᠢ᠋ᠶ᠋ᠠᠨ ᠲᠤᠯᠵᠤ᠄ 
       — ᠮᠢᠨᠦ ᠡᠪᠦᠭᠡ ᠡᠴᠢᠭᠡ ᠪᠡᠷᠲᠡᠨ ᠪᠠᠭᠠᠲᠤᠷ ᠤ᠋ᠨ ᠲᠥᠷᠥᠭᠰᠡᠨ ᠠᠬ᠎ᠠ ᠥᠬᠢᠨ ᠪᠠᠷᠬᠠᠭ ᠪᠥᠯᠥᠭᠡ᠃ ᠲᠡᠷᠡ ᠶᠡᠬᠡ ᠪᠠᠭᠠᠲᠤᠷ ᠡᠷ᠎ᠡ ᠠᠷᠪᠠᠨ ᠭᠤᠷᠪᠠᠨ ᠤᠳᠠᠭ᠎ᠠ ᠲᠠᠲ᠋ᠠᠷ ᠤ᠋ᠳ ᠲᠠᠢ ᠳᠠᠢᠳᠤᠵᠤ᠂ ᠡᠴᠦᠰ ᠲᠦ᠍ ᠨᠢ ᠲᠡᠳᠡᠨ ᠦ᠌ ᠭᠠᠷ ᠲᠤ ᠠᠮᠢ ᠠᠯᠳᠠᠭᠰᠠᠨ ᠠᠵᠤᠭᠤ᠃ ᠲᠡᠭᠦᠨ ᠦ᠌ ᠬᠥᠪᠡᠭᠦᠨ ᠬᠤᠲᠤᠭᠲᠤ ᠮᠣᠩᠬᠣᠷ ᠲᠠ ᠬᠣᠶᠠᠷ ᠤ᠋ᠨ ᠡᠴᠢᠭᠡ ᠪᠤᠰᠤ ᠤᠤ? ᠪᠢ ᠡᠪᠦᠭᠡ ᠡᠴᠢᠭᠡ ᠶ᠋ᠢᠨ ᠴᠢᠨᠢ ᠥᠰᠢᠶ᠎ᠡ ᠶ᠋ᠢ ᠠᠪᠴᠤ ᠲᠠᠲ᠋ᠠᠷ ᠤ᠋ᠳ ᠢ᠋ ᠴᠣᠬᠢᠭᠠᠳ ᠢᠷᠡᠯ᠎ᠡ᠃ ᠴᠢᠩᠭᠢᠬᠦ ᠳ᠋ᠦ᠍ ᠲᠠ ᠬᠣᠶᠠᠷ ᠶᠠᠭᠤ ᠬᠢᠵᠦ ᠪᠠᠢᠨ᠎ᠠ ᠤᠤ? ᠭᠡᠵᠦ ᠰᠦᠷᠲᠡᠢᠶ᠎ᠠ ᠠᠰᠠᠭᠤᠪᠠ᠃  ᠰᠡᠴᠡ ᠪᠡᠬᠢ᠂ ᠲᠠᠢᠴᠤ ᠬᠣᠶᠠᠷ ᠶᠠᠭᠤ ᠴᠦ᠍ ᠡᠰᠡ ᠳᠤᠤᠭᠠᠷᠤᠨ ᠬᠥᠯᠳᠡᠭᠦᠦ ᠭᠠᠵᠠᠷ ᠲᠤ ᠳᠤᠬᠤ ᠪᠠᠨ ᠨᠠᠭᠠᠨ ᠳᠥᠷᠪᠡᠨ ᠮᠥᠴᠢ ᠪᠡᠷ ᠲᠤᠯᠤᠨ ᠠᠪᠠᠢ᠃ 
       — ᠠᠯᠲᠠᠨ᠂ ᠬᠣᠴᠠᠷ ᠲᠠᠨᠠᠷ ᠪᠤᠰᠤᠳ ᠠᠬ᠎ᠠ ᠳᠡᠭᠦᠦ ᠶ᠋ᠢᠨ ᠬᠠᠮᠲᠤ ᠳᠣᠯᠣᠭᠠᠨ ᠵᠢᠯ ᠦ᠋ᠨ ᠡᠮᠦᠨ᠎ᠡ ᠲᠠᠬᠢᠶ᠎ᠠ ᠵᠢᠯ ᠦ᠋ᠨ ᠵᠤᠨ ᠤ᠋ ᠳᠡᠯᠭᠡᠷ ᠴᠠᠭ ᠲᠤ ᠨᠠᠮ᠎ᠠ ᠶ᠋ᠢ ᠶᠢᠰᠦᠭᠡᠢ ᠡᠴᠢᠭᠡ ᠶ᠋ᠢᠨ ᠣᠷᠣ ᠰᠠᠭᠤᠯᠭᠠᠵᠤ᠂ ᠭᠤᠷᠪᠠᠨ ᠭᠣᠣᠯ ᠤ᠋ᠨ ᠮᠣᠩᠭᠣᠯᠴᠤᠳ ᠢ᠋ ᠵᠠᠬᠢᠷᠴᠤ ᠤᠯᠠᠮ ᠢ᠋ᠶ᠋ᠠᠷ ᠬᠠᠮᠤᠭ ᠮᠣᠩᠭᠣᠯ ᠢ᠋ ᠥᠭᠡᠳᠡ ᠨᠢ ᠡᠷᠭᠦᠵᠦ ᠲᠣᠬᠢᠨᠠᠭᠤᠯ ᠭᠡᠵᠦ ᠰᠣᠩᠭᠣᠨ᠂ ᠶᠡᠬᠡ ᠦᠭᠡ ᠪᠡᠷ ᠠᠨᠳᠠᠭᠠᠢ ᠡᠷᠭᠦᠭᠰᠡᠨ ᠪᠤᠰᠤ ᠤᠤ? ᠴᠢᠩᠭᠢᠭᠰᠡᠨ ᠠᠲᠠᠯ᠎ᠠ ᠪᠠᠨ ᠲᠠᠨᠠᠷ ᠤᠳᠠᠯ ᠦᠭᠡᠢ ᠰᠠᠯᠵᠤ ᠨᠠᠳᠠ ᠳᠠᠢᠰᠤᠩᠨᠠᠨ ᠶᠠᠪᠤᠭᠰᠠᠨ ᠢ᠋ᠶ᠋ᠠᠨ ᠡᠷᠭᠢᠵᠦ ᠢᠷᠡᠬᠦ ᠳ᠋ᠦ᠍ ᠴᠢᠨᠢ ᠪᠠᠶᠠᠷᠯᠠᠵᠤ᠂ ᠤᠨᠤᠨ ᠤ᠋ ᠰᠢᠭᠤᠢ ᠳ᠋ᠤ᠌ ᠨᠠᠢᠷ ᠵᠣᠬᠢᠶᠠᠬᠤ ᠳ᠋ᠤ᠌ ᠪᠠᠰᠠ ᠯᠠ ᠲᠠ ᠨᠠᠷ ᠬᠡᠷᠡᠭᠦᠯ ᠵᠣᠳᠣᠭᠠᠨ ᠡᠭᠦᠰᠬᠡᠵᠦ ᠰᠠᠯᠤᠭᠠᠳ ᠳᠠᠬᠢᠨ ᠨᠠᠢᠷᠠᠮᠳᠠᠶ᠎ᠠ ᠭᠡᠬᠦ ᠳ᠋ᠦ᠍ ᠴᠢᠨᠢ ᠨᠠᠢᠷᠠᠮᠳᠠᠭᠰᠠᠨ᠂᠂ ᠬᠡᠯᠡᠭᠰᠡᠨ ᠦᠭᠡᠨ ᠳ᠋ᠡᠭᠡᠨ ᠬᠦᠷᠴᠦ ᠪᠠᠢᠨ᠎ᠠ ᠤᠤ? ᠭᠡᠮᠡᠨ ᠴᠢᠩᠭᠢᠰ ᠬᠠᠭᠠᠨ ᠲᠡᠳᠡᠨ ᠡᠴᠡ ᠥᠴᠢᠭ ᠨᠡᠬᠡᠨ ᠠᠰᠠᠭᠤᠪᠠᠰᠤ᠄ 
       — ᠬᠡᠯᠡᠭᠰᠡᠨ ᠦᠭᠡᠨ ᠳ᠋ᠡᠭᠡᠨ ᠬᠦᠷᠦᠭᠰᠡᠨ ᠦᠭᠡᠢ ᠠ᠋᠃ ᠬᠦᠷᠭᠡᠵᠦ ᠪᠠᠢ ᠳᠠ ᠬᠡᠮᠡᠪᠡᠰᠦ ᠬᠠᠭᠠᠨ ᠢ᠋ᠶ᠋ᠠᠷ᠄ 
       — ᠡᠳᠡᠨ ᠢ᠋ ᠨᠢᠳᠦᠨ ᠡᠴᠡ ᠳᠠᠯᠳᠠ ᠪᠣᠯᠭᠠᠵᠤ᠂ ᠵᠦᠷᠬᠢᠨ ᠠᠢᠮᠠᠭ ᠢ᠋ ᠬᠤᠷᠢᠶᠠ! ᠭᠡᠳ ᠮᠣᠷᠢᠨ ᠤ᠋ ᠠᠮᠠ ᠶ᠋ᠢ ᠡᠷᠭᠢᠭᠦᠯᠬᠦ ᠳ᠋ᠦ᠍ ᠲᠡᠷᠡ ᠬᠣᠶᠠᠷ᠄ 
       — ᠲᠡᠮᠦᠵᠢᠨ᠂ ᠳᠡᠭᠦᠦ ᠮᠢᠨᠢ! ᠭᠡᠮᠡᠨ ᠬᠣᠢᠨ᠎ᠠ ᠠ᠋ᠴᠠ ᠨᠢ ᠬᠠᠰᠬᠢᠴᠢᠨ ᠣᠷᠢᠯᠠᠵᠤ ᠦᠯᠡᠳᠡᠪᠡ᠃ 
       ᠲᠡᠳᠡ ᠠᠷᠠᠢ ᠴᠦ᠍ ᠡᠢᠮᠦ ᠳ᠋ᠦ᠍ ᠬᠦᠷᠦᠨ᠎ᠡ ᠭᠡᠵᠦ ᠪᠣᠳᠣᠭᠰᠠᠨ ᠦᠭᠡᠢ᠂ ᠨᠡᠪᠰᠢᠷᠡᠲᠡᠯ᠎ᠡ ᠵᠣᠳᠣᠬᠤ ᠪᠢᠵᠡ ᠭᠡᠵᠦ ᠭᠣᠷᠢᠳᠠᠵᠤ ᠪᠠᠢᠵᠠᠢ᠃ ᠴᠢᠩᠭᠢᠵᠦ ᠠᠮᠢ ᠭᠠᠷᠤᠭᠰᠠᠨ ᠴᠠᠭ ᠲᠤ ᠠᠷᠭ᠎ᠠ ᠤᠬᠠᠭᠠᠨ ᠪᠣᠢ ᠭᠡᠮᠡᠨ ᠪᠣᠳᠣᠭᠰᠠᠨ ᠨᠢ ᠲᠠᠯᠠᠭᠠᠷ ᠪᠣᠯᠵᠤ᠂ ᠲᠡᠳᠡᠨ ᠦ᠌ ᠵᠠᠷ ᠵᠡᠪᠰᠡᠭ ᠢ᠋ ᠬᠣᠷᠢᠶᠠᠨ᠂ ᠬᠣᠶᠠᠷ ᠰᠢᠨ᠎ᠡ ᠴᠠᠭᠠᠨ ᠢᠰᠡᠭᠡᠢ ᠠᠪᠴᠢᠷᠠᠵᠤ ᠣᠷᠢᠶᠠᠨ ᠶᠣᠰᠣ ᠭᠦᠢᠴᠡᠳᠬᠡᠵᠡᠢ᠃ 
       ᠴᠢᠰᠤ ᠤᠷᠤᠰᠬᠤ ᠦᠭᠡᠢ ᠭᠡᠵᠦ ᠦᠭᠡᠢ᠃ ᠵᠦᠷᠬᠢᠨ ᠦ᠌ ᠬᠢᠨ ᠲᠡᠳᠦᠢ ᠯᠡ ᠡᠰᠡᠷᠭᠦᠴᠡᠯ ᠦᠵᠡᠭᠦᠯᠦᠯ ᠦᠭᠡᠢ᠂ ᠬᠣᠷᠣᠮᠬᠠᠨ ᠵᠠᠭᠤᠷ᠎ᠠ ᠴᠣᠬᠢᠭᠳᠠᠭᠰᠠᠨ ᠴᠦ᠍ ᠪᠠᠰᠠ ᠦᠬᠦᠭᠰᠡᠨ ᠴᠡᠷᠢᠭ᠂ ᠦᠨᠡᠰᠦᠨ ᠲᠣᠪᠷᠠᠭ ᠪᠣᠯᠤᠭᠰᠠᠨ ᠠᠢᠯ ᠬᠣᠲᠠᠯᠠ ᠳᠠᠭᠠᠷᠢᠯᠲᠠ ᠶ᠋ᠢᠨ ᠵᠠᠮ ᠳ᠋ᠤ᠌ ᠥᠷᠲᠥᠨ ᠦᠯᠡᠳᠡᠵᠡᠢ᠃ ᠳᠠᠭᠠᠷ᠎ᠠ ᠣᠷᠣᠵᠤ ᠴᠢᠩᠭᠢᠰ ᠲᠦ᠍《ᠦᠨᠡᠨᠴᠢ ᠪᠡᠨ ᠦᠵᠡᠭᠦᠯᠦᠨ᠎ᠡ》 ᠭᠡᠵᠦ ᠠᠨᠳᠠᠭᠠᠢ ᠲᠠᠩᠭᠠᠷᠢᠭ ᠢ᠋ᠶ᠋ᠠᠨ ᠡᠷᠭᠦᠭᠰᠡᠨ ᠨᠢ ᠣᠯᠠᠨ᠃ ᠲᠡᠳᠡᠨ ᠦ᠌ ᠳᠣᠲᠣᠷ᠎ᠠ᠂ ᠡᠨᠳᠡ ᠳᠠᠭᠠᠯᠳᠤᠨ ᠶᠠᠪᠤᠭᠰᠠᠨ  ᠵᠠᠯᠠᠢᠷ ᠤ᠋ᠨ ᠴᠠᠭᠠᠨ ᠭᠤᠸ᠎ᠠ ᠦᠷ᠎ᠡ ᠬᠡᠦᠬᠡᠳ ᠦ᠋ᠨ ᠢ᠋ᠶ᠋ᠡᠨ ᠬᠠᠮᠲᠤ ᠢᠷᠡᠭᠰᠡᠨ ᠦ᠌ ᠳᠣᠲᠣᠷ᠎ᠠ ᠲᠡᠭᠦᠨ ᠦ᠌ ᠬᠥᠪᠡᠭᠦᠨ᠂ ᠬᠣᠵᠢᠮ ᠤ᠋ᠨ ᠥᠷᠯᠥᠭ ᠵᠠᠩᠵᠤᠨ ᠮᠤᠬᠤᠯᠢ ᠪᠠᠢᠵᠠᠢ᠃ ᠵᠠᠯᠠᠢᠷ ᠤ᠋ᠨ ᠬᠢᠨ ᠪᠣᠯ ᠡᠷᠲᠡᠨ ᠡᠴᠡ ᠪᠠᠢᠭᠠᠯ ᠳᠠᠯᠠᠢ ᠶ᠋ᠢᠨ ᠡᠮᠦᠨᠡᠲᠦ ᠪᠡᠶ᠎ᠡ ᠪᠡᠷ᠂ ᠰᠡᠭᠦᠯ ᠬᠢᠷᠢ ᠳ᠋ᠡᠭᠡᠨ ᠤᠨᠤᠨ ᠤ᠋ ᠬᠥᠪᠡᠭᠡ ᠪᠠᠷᠢᠨ ᠨᠤᠲᠤᠭᠯᠠᠬᠤ ᠪᠣᠯᠤᠭᠰᠠᠨ ᠪᠠᠢᠵᠠᠢ᠃ 
       ᠦᠷᠡᠭᠳᠡᠵᠦ ᠦᠭᠡᠢ ᠪᠣᠯᠤᠭᠰᠠᠨ ᠠᠢᠯ ᠤ᠋ᠨ ᠨᠤᠲᠤᠭ ᠳᠡᠭᠡᠷ᠎ᠡ ᠡᠴᠡ ᠠᠷᠪᠠ ᠬᠦᠷᠬᠦ ᠦᠭᠡᠢ ᠨᠠᠰᠤᠨ ᠤ᠋ ᠨᠢᠭᠡᠨ ᠬᠥᠪᠡᠭᠦᠨ ᠣᠯᠵᠤ ᠴᠢᠩᠭᠢᠰ ᠬᠠᠭᠠᠨ ᠳ᠋ᠤ᠌ ᠠᠪᠴᠢᠷᠠᠪᠠ᠃ ᠲᠡᠷᠡ ᠪᠡᠷ ᠪᠣᠷᠣᠬᠤᠯ ᠨᠡᠷ᠎ᠡ ᠲᠡᠢ ᠠᠵᠤᠭᠤ᠃ ᠮᠥᠨ ᠲᠠᠲ᠋ᠠᠷ ᠤ᠋ᠨ ᠪᠠᠭᠤᠷᠢᠨ ᠠ᠋ᠴᠠ ᠡᠭᠦᠨ ᠦ᠌ ᠦᠶ᠎ᠡ ᠨᠠᠰᠤᠨ ᠤ᠋ ᠬᠥᠪᠡᠭᠦᠨ ᠣᠯᠤᠭᠠᠳ ᠠᠪᠴᠤ ᠶᠠᠪᠤᠭ᠎ᠠ᠃ ᠨᠡᠷ᠎ᠡ ᠨᠢ ᠰᠢᠭᠢᠬᠤᠲᠤᠭ ᠬᠡᠮᠡᠨᠡᠮ᠃ ᠴᠢᠩᠭᠢᠰ ᠬᠠᠭᠠᠨ ᠡᠨᠡ ᠬᠣᠶᠠᠷ ᠬᠥᠪᠡᠭᠦᠨ ᠢ᠋ ᠡᠵᠢ ᠳ᠋ᠡᠭᠡᠨ ᠪᠡᠯᠡᠭ ᠪᠣᠯᠭᠠᠨ  ᠠᠪᠠᠴᠢᠵᠤ ᠥᠭᠪᠡ᠃ ᠠᠷᠪᠠᠭᠠᠳ ᠵᠢᠯ ᠦ᠋ᠨ ᠡᠮᠦᠨ᠎ᠡ ᠮᠡᠷᠭᠢᠳ ᠪᠣᠯᠤᠨ ᠲᠠᠢᠴᠢᠭᠤᠳ ᠲᠠᠢ ᠲᠤᠯᠤᠯᠳᠤᠬᠤ ᠦᠶ᠎ᠡ ᠪᠡᠷ ᠬᠣᠶᠠᠷ ᠪᠢᠴᠢᠬᠠᠨ ᠬᠥᠪᠡᠭᠦᠨ ᠣᠯᠵᠤ ᠥᠭᠡᠯᠦᠨ ᠡᠬᠡ ᠳ᠋ᠡᠭᠡᠨ ᠥᠭᠭᠦᠭᠰᠡᠨ ᠢ᠋ ᠲᠡᠷᠡ ᠪᠡᠷ ᠰᠠᠢᠲᠤᠷ ᠬᠥᠮᠦᠵᠢᠭᠦᠯᠵᠦ ᠬᠦᠴᠦ᠂ ᠬᠥᠭᠡᠴᠦ ᠬᠣᠶᠠᠷ ᠡᠳᠦᠭᠡ ᠡᠷ᠎ᠡ ᠶ᠋ᠢᠨ ᠴᠡᠭᠡᠯ ᠳ᠋ᠦ᠍ ᠬᠦᠷᠴᠦ ᠵᠠᠭᠤᠲᠤ  ᠳᠠᠷᠤᠭᠠᠯᠠᠨ ᠶᠠᠪᠤᠭ᠎ᠠ ᠪᠥᠯᠥᠭᠡ᠃ 
       ᠦᠨᠡᠬᠡᠷ ᠡᠳᠦᠭᠡ ᠠᠪᠴᠤ ᠶᠠᠪᠤᠭ᠎ᠠ ᠬᠣᠶᠠᠷ ᠬᠥᠪᠡᠭᠦᠨ ᠪᠣᠷᠣᠬᠤᠯ᠂ ᠰᠢᠭᠢᠬᠤᠲᠤᠭ ᠪᠣᠯᠤᠨ ᠮᠤᠬᠤᠯᠠᠢ ᠬᠣᠵᠢᠮ ᠢ᠋ᠶ᠋ᠠᠨ ᠴᠢᠩᠭᠢᠰ ᠬᠠᠭᠠᠨ ᠤ᠋ ᠨᠡᠷ᠎ᠡ ᠴᠤᠤ ᠲᠠᠢ ᠵᠠᠩᠵᠤᠨ ᠰᠠᠢᠳ ᠤ᠋ᠳ ᠪᠣᠯᠤᠭᠰᠠᠨ ᠪᠥᠯᠥᠭᠡ᠃ ᠴᠢᠩᠭᠢᠰ ᠬᠠᠭᠠᠨ ᠤ᠋ ᠵᠣᠬᠢᠶᠠᠨ ᠪᠠᠢᠭᠤᠯᠤᠯᠲᠠ ᠶ᠋ᠢᠨ ᠴᠢᠬᠤᠯᠠ ᠨᠢᠭᠡᠨ ᠵᠠᠷᠴᠢᠮ ᠨᠢ ᠶᠡᠬᠡ ᠪᠠᠭ᠎ᠠ ᠬᠡᠨ ᠪᠣᠯᠪᠠᠴᠤ ᠠᠯᠢᠪᠠ ᠬᠡᠷᠡᠭ ᠲᠦ᠍ ᠭᠠᠭᠴᠠᠭᠠᠷ ᠪᠤᠰᠤ ᠬᠣᠶᠠᠭᠤᠯᠠ᠂ ᠭᠤᠷᠪᠠᠭᠤᠯᠠ᠂ ᠳᠥᠷᠪᠡᠭᠦᠯᠡ ᠬᠠᠪᠰᠤᠷᠤᠨ᠂ ᠪᠡᠶ᠎ᠡ ᠪᠡᠶ᠎ᠡ ᠪᠡᠨ ᠲᠦᠰᠢᠵᠦ ᠲᠤᠯᠬᠤ ᠵᠡᠷᠭᠡ ᠪᠠᠭ ᠪᠦᠯᠬᠦᠮ ᠢ᠋ᠶ᠋ᠡᠷ ᠬᠣᠣᠰᠯᠠᠨ ᠬᠦᠴᠦ ᠪᠡᠨ ᠨᠢᠭᠡᠳᠬᠡᠬᠦ ᠵᠢᠷᠤᠮ ᠢ᠋ ᠲᠣᠭᠲᠠᠭᠠᠭᠰᠠᠨ ᠨᠢ ᠪᠤᠶᠤ᠃ 
       ᠥᠨᠥᠳᠥᠷ ᠦ᠋ᠨ ᠵᠢᠭᠠᠬᠠᠨ ᠪᠣᠷᠣᠬᠤᠯ᠂ ᠵᠠᠯᠠᠭᠤ ᠬᠦᠦ ᠮᠤᠬᠤᠯᠠᠢ ᠬᠣᠶᠠᠷ ᠬᠣᠵᠢᠮ ᠨᠢ ᠬᠠᠭᠠᠨ ᠤ᠋ ᠵᠠᠷᠯᠢᠭ ᠢ᠋ᠶ᠋ᠠᠷ    
           ᠪᠣᠭᠣᠷᠴᠢ ᠶ᠋ᠢᠨ ᠪᠠᠭ ᠪᠣᠯᠵᠤ 
           ᠣᠳᠣᠲᠠᠢ ᠲᠩᠷᠢ ᠣᠷᠴᠢᠵᠤ 
           ᠣᠯᠠᠨ ᠤᠯᠤᠰ ᠪᠠᠢᠯᠳᠤᠵᠤ 
           ᠣᠷᠣᠨ ᠳ᠋ᠠᠭᠠᠨ ᠤᠨᠲᠠᠬᠤ ᠵᠠᠪ ᠦᠭᠡᠢ 
           ᠣᠯᠵᠠᠯᠠᠨ ᠪᠤᠯᠢᠶᠠᠯᠳᠤᠵᠤ ᠪᠠᠢᠬᠤ ᠴᠠᠭ ᠲᠤ 
           ᠡᠯ᠎ᠡ ᠭᠤᠷᠪᠠᠨ ᠪᠠᠭᠠᠲᠤᠷ ᠡᠷ᠎ᠡ ᠵᠣᠷᠢᠭ᠂ 
           ᠡᠪᠰᠡᠭ ᠤᠬᠠᠭᠠᠨ ᠢ᠋ᠶ᠋ᠠᠨ ᠬᠠᠷᠠᠭᠤᠯᠵᠤ ᠶᠠᠪᠤᠭᠰᠠᠨ ᠪᠥᠯᠥᠭᠡ᠃ ᠡᠨᠡᠬᠦ ᠭᠤᠷᠪᠠᠨ ᠵᠠᠩᠵᠤᠨ ᠳᠡᠭᠡᠷ᠎ᠡ ᠰᠦᠯᠳᠦᠰᠦᠨ ᠰᠣᠷᠬᠠᠨ ᠰᠢᠷ᠎ᠠ ᠶ᠋ᠢᠨ ᠬᠥᠪᠡᠭᠦᠨ ᠴᠢᠯᠠᠭᠤᠨ ᠢ᠋ ᠨᠡᠮᠡᠵᠦ ᠪᠠᠰᠠ ᠨᠢᠭᠡ ᠪᠠᠭ ᠪᠣᠯᠤᠨ《ᠳᠥᠷᠪᠡᠨ ᠬᠦᠯᠦᠭ ᠪᠠᠭᠠᠲᠤᠷ》 ᠭᠡᠮᠡᠨ ᠨᠡᠷᠡᠯᠡᠭᠰᠡᠨ ᠠᠵᠤᠭᠤ᠃