ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 28> Хүлэг баатар буурч - Б. Өлзийсүрэн <Гудгар бүлэг-28> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 28> Хүлэг баатар буурч - Б. Өлзийсүрэн <Гудгар бүлэг-28>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 28> Хүлэг баатар буурч - Б. Өлзийсүрэн <Гудгар бүлэг-28>

ᠠᠩᠭᠢᠯᠠᠯ:ᠲᠤᠭᠤᠵᠢ ᠷᠣᠮᠠᠨ
2026-03-20

43

ᠬᠠᠷᠢᠵᠤ ᠨᠢᠴᠤᠵᠤ ᠪᠣᠯᠬᠤ ᠦᠭᠡᠢ ᠬᠠᠳᠠᠨ ᠵᠣᠷᠢᠭ ᠢᠶᠠᠨ ᠦᠵᠡᠭᠦᠯᠦᠭᠰᠡᠨ ᠭᠤᠲᠠᠭᠠᠷ ᠪᠦᠯᠦᠭ

ᠬᠣᠷᠢᠨ ᠨᠠᠢ᠍ᠮᠠ


               ᠬᠣᠷᠢᠨ ᠨᠠᠢ᠍ᠮᠠ
                   ᠴᠠᠭ ᠴᠠᠭ ᠲᠤ ᠴᠠᠬᠢᠯᠳᠠᠭ 
                         ᠬᠥᠬᠡ ᠪᠡᠷ ᠢ᠋ᠶ᠋ᠡᠨ ᠪᠠᠢᠳᠠᠭ ᠦᠭᠡᠢ  
                         ᠦᠶ᠎ᠡ ᠦᠶ᠎ᠡ ᠪᠡᠷ ᠦᠨᠡᠰᠦ 
                         ᠨᠤᠨᠲᠠᠭ ᠢ᠋ᠶ᠋ᠠᠷ ᠢ᠋ᠶ᠋ᠠᠨ ᠪᠠᠢᠳᠠᠭ ᠦᠭᠡᠢ   
                         ᠬᠠᠲᠠᠭᠤ ᠵᠥᠭᠡᠯᠡᠷᠡᠵᠦ ᠪᠣᠯᠤᠨ᠎ᠠ᠂ 
                         ᠵᠥᠭᠡᠯᠡᠨ ᠬᠠᠲᠠᠭᠤᠷᠠᠵᠤ ᠪᠣᠯᠤᠨ᠎ᠠ  
                         ᠲᠥᠷᠥ ᠶ᠋ᠢᠨ ᠪᠣᠳᠣᠯᠭ᠎ᠠ ᠲᠡᠮᠦᠷ ᠡᠴᠡ ᠬᠠᠲᠠᠭᠤ ᠴᠦ᠍
                         ᠲᠣᠷᠭᠠᠨ ᠠ᠋ᠴᠠ ᠵᠥᠭᠡᠯᠡᠨ  
                         ᠬᠠᠭᠠᠨ ᠤ᠋ ᠪᠣᠳᠣᠯᠭ᠎ᠠ ᠬᠠᠳᠠᠨ ᠪᠣᠯᠣᠳ ᠰᠢᠭ᠋ ᠴᠦ᠍
                         ᠬᠠᠢᠯᠤᠭᠰᠠᠨ ᠲᠤᠭᠤᠯᠭ᠎ᠠ ᠰᠢᠭ᠋ ᠤᠶᠠᠨ  

       ᠲᠡᠮᠦᠵᠢᠨ ᠭᠤᠷᠪᠠᠳᠤᠭᠠᠷ ᠵᠢᠷᠠᠨ ᠤ᠋ ᠲᠠᠬᠢᠶ᠎ᠠ ᠵᠢᠯ ᠬᠠᠮᠤᠭ ᠮᠣᠩᠭᠣᠯ ᠤ᠋ᠨ ᠬᠠᠭᠠᠨ ᠰᠢᠷᠡᠭᠡᠨ᠎ᠡ ᠡᠷᠭᠦᠮᠵᠢᠯᠡᠭᠳᠡᠭᠰᠡᠨ ᠡᠴᠡ ᠬᠣᠢᠰᠢ ᠨᠠᠢᠮᠠᠳᠠᠬᠢ ᠵᠢᠯ ᠦ᠋ᠨ ᠨᠢᠭᠤᠷ ᠦᠵᠡᠪᠡ᠃ ᠲᠡᠭᠦᠨ ᠦ᠌ ᠬᠠᠷᠢᠶᠠᠨ ᠳ᠋ᠤ᠌ ᠪᠣᠷᠵᠢᠭᠢᠨ ᠣᠪᠣᠭ ᠤ᠋ᠨ ᠬᠢᠨ᠂ ᠭᠣᠣᠯᠯᠠᠨ ᠴᠤᠭᠯᠠᠷᠠᠵᠤ᠂ ᠲᠠᠢᠴᠢᠭᠤᠳ᠂ ᠪᠠᠰᠤᠳ᠂ ᠬᠣᠩᠬᠣᠲᠠᠨ᠂ ᠵᠠᠯᠠᠢᠷ᠂ ᠳᠠᠷᠬᠠᠳ᠂ ᠴᠠᠩᠱᠤᠤᠨ᠂ ᠪᠠᠶᠠᠭᠤᠳ᠂ ᠪᠠᠷᠤᠯᠠᠰ᠂ ᠤᠷᠤᠭᠤᠤᠨ᠂ ᠮᠠᠩᠭᠤᠳ᠂ ᠰᠤᠢᠯᠳᠤᠰ᠂ ᠤᠷᠢᠶᠠᠩᠬᠠᠢ᠂ ᠣᠯᠬᠤᠨᠤᠭᠤᠳ᠂ ᠭᠣᠷᠯᠣᠰ᠂ ᠳᠥᠷᠪᠡᠳ᠂ ᠢᠬᠢᠷᠢᠰ᠂ ᠨᠤᠶᠠᠬᠤᠨ᠂ ᠤᠷᠨᠠᠷ᠂ ᠪᠠᠭᠠᠷᠢᠨ᠂ ᠬᠠᠨᠢᠬᠢᠰ᠂ ᠵᠠᠳᠠᠷᠠᠨ᠂ ᠵᠦᠷᠬᠢᠨ᠂ ᠠᠷᠤᠯᠠᠳ᠂ ᠵᠡᠷᠭᠡ ᠬᠣᠷᠢ ᠭᠠᠷᠤᠢ ᠣᠪᠣᠭ ᠠᠢᠮᠠᠭ ᠤ᠋ᠨ ᠵᠠᠷᠢᠮ ᠨᠢᠭᠡᠨ ᠤᠳᠤᠷᠢᠳᠤᠭᠴᠢ ᠡᠷᠬᠡ ᠮᠡᠳᠡᠯᠲᠡᠨ᠂ ᠢᠵᠠᠭᠤᠷᠲᠠᠨ ᠨᠤᠭᠤᠳ ᠥᠪᠡᠷᠦᠨ ᠬᠠᠷᠢᠶ᠎ᠠ᠂ ᠣᠢᠷ᠎ᠠ ᠳᠣᠲᠣᠨᠣ ᠬᠥᠮᠦᠰ ᠢ᠋ᠶ᠋ᠡᠨ ᠳᠠᠭᠠᠭᠤᠯᠤᠨ ᠳᠠᠭᠠᠷ᠎ᠠ ᠣᠷᠣᠵᠤ ᠢᠷᠡᠭᠰᠡᠨ ᠠᠵᠤᠭᠤ᠃ ᠲᠡᠷᠡ ᠪᠡᠷ ᠡᠨᠡ ᠬᠣᠭᠣᠷᠣᠨᠳᠣ ᠬᠣᠶᠠᠷ ᠴᠦ᠍ ᠤᠳᠠᠭ᠎ᠠ ᠲᠡᠢᠨ ᠬᠢᠵᠦ᠂ ᠭᠠᠯ ᠮᠡᠰᠡᠨ ᠦ᠌ ᠠᠶᠤᠯ ᠬᠥᠨᠥᠭᠡᠯ᠂ ᠠᠭᠠᠭ ᠮᠠᠶᠢᠭ ᠢ᠋ ᠮᠡᠳᠡᠷᠡᠵᠡᠢ᠃ ᠡᠳᠦᠭᠡ ᠲᠠᠢᠴᠢᠭᠤᠳ᠂ ᠮᠡᠷᠭᠢᠳ ᠲᠦ᠍ ᠡᠯᠢᠭᠡ ᠪᠠᠷᠢᠭᠤᠯᠵᠤ ᠪᠠᠢᠭᠰᠠᠨ ᠴᠠᠭ ᠥᠩᠭᠡᠷᠡᠵᠦ ᠡᠷᠬᠡ ᠮᠠᠲᠠᠯ᠂ ᠡᠵᠡᠮᠰᠢᠯ ᠨᠤᠲᠤᠭ ᠳᠡᠪᠢᠰᠬᠡᠷ᠂ ᠠᠷᠠᠳ ᠢᠷᠭᠡᠳ᠂ ᠡᠷᠡᠯᠬᠡᠭ ᠳᠠᠢᠴᠢᠨ ᠴᠡᠷᠢᠭ ᠪᠠᠭᠠᠲᠤᠷ ᠤ᠋ᠳ ᠲᠠᠢ ᠪᠣᠯᠤᠭᠰᠠᠨ ᠪᠢᠯᠡ᠃ ᠡᠢᠮᠦ ᠶ᠋ᠢᠨ ᠲᠤᠯᠠ ᠬᠠᠮᠤᠭ ᠮᠣᠩᠭᠣᠯ ᠤ᠋ᠨ ᠬᠠᠨ ᠢ᠋ᠶ᠋ᠠᠷ ᠬᠡᠨ ᠲᠡᠢ ᠴᠦ᠍ ᠬᠡᠯᠡᠯᠴᠡᠵᠦ᠂ ᠬᠡᠷᠡᠯᠳᠦᠵᠦ ᠴᠢᠳᠠᠬᠤ ᠬᠦᠴᠦ ᠵᠣᠷᠢᠭᠲᠠᠢ ᠪᠥᠯᠥᠭᠡ᠃ 
       ᠡᠨᠡᠬᠡᠨ ᠨᠢᠭᠡᠨ ᠦᠶ᠎ᠡ᠂ ᠠᠯᠲᠠᠨ ᠤᠯᠤᠰ ᠤ᠋ᠨ ᠬᠠᠭᠠᠨ ᠲᠠᠲ᠋ᠠᠷ ᠤ᠋ᠳ ᠢ᠋ ᠲᠤᠭᠤᠯᠪᠤᠷᠢ ᠦᠭᠡᠢ ᠵᠠᠩᠨᠠᠭᠰᠠᠨ ᠤ᠋ ᠤᠯᠠᠮ ᠠ᠋ᠴᠠ ᠲᠡᠳᠡᠨ ᠢ᠋ ᠨᠣᠮᠣᠬᠠᠳᠬᠠᠬᠤ ᠪᠠᠷ ᠸᠠᠩᠭᠢᠩ ᠴᠢᠩᠰᠠᠩ(ᠴᠧᠩᠰᠢᠶᠠᠩ) ᠬᠡᠮᠡᠭᠴᠢ ᠰᠠᠢᠳ ᠵᠠᠩᠵᠤᠨ ᠳ᠋ᠠᠭᠠᠨ ᠶᠡᠬᠡ ᠴᠡᠷᠢᠭ ᠥᠭᠴᠦ ᠯᠤᠤ ᠵᠢᠯ ᠦ᠋ᠨ ᠨᠠᠮᠤᠷ ᠢᠯᠡᠭᠡᠵᠡᠢ᠃ ᠠᠯᠲᠠᠨ ᠤᠯᠤᠰ ᠤ᠋ᠨ ᠴᠡᠷᠢᠭ ᠬᠡᠳᠦᠢ ᠣᠯᠠᠨ ᠴᠦ᠍ ᠲᠠᠲ᠋ᠠᠷ ᠤ᠋ᠳ ᠡᠷᠲᠡᠨ ᠦ᠌ ᠳᠠᠢᠴᠢᠨ ᠤᠯᠠᠮᠵᠢᠯᠠᠯ ᠲᠠᠢ ᠲᠤᠯᠠ ᠤᠨᠵᠢᠷᠠᠵᠤ ᠰᠤᠨᠵᠢᠷᠠᠭᠰᠠᠨ᠂ ᠨᠠᠮᠤᠷᠵᠢᠨ ᠤ᠋ ᠲᠡᠢᠨ ᠪᠣᠯᠵᠤ᠂ ᠤᠳᠤᠷᠢᠳᠤᠭᠴᠢ ᠮᠡᠬᠦᠵᠢᠨ ᠰᠡᠭᠦᠯᠲᠦ ᠲᠦᠷᠦᠭᠦᠦ ᠲᠡᠢ ᠭᠣᠣᠯ ᠬᠦᠴᠦ ᠨᠢ ᠣᠯᠵᠠ ᠭᠣᠣᠯ ᠤ᠋ᠨ ᠡᠮᠦᠨᠡᠬᠢ ᠨᠡᠷᠡᠲᠦ ᠰᠢᠲᠦᠭᠡᠨ᠂ ᠬᠤᠰᠤᠲᠤ ᠰᠢᠲᠦᠭᠡᠨ ᠳ᠋ᠦ᠍ ᠢᠷᠡᠵᠦ ᠪᠡᠬᠢᠯᠡᠯᠲᠡ ᠪᠡᠬᠢᠯᠡᠨ ᠰᠠᠭᠤᠷᠢᠰᠢᠪᠠ᠃ ᠡᠨᠡ ᠨᠢ ᠲᠡᠢᠨ ᠢ᠋ ᠤᠯᠠᠮ ᠤᠨᠵᠢᠷᠠᠬᠤ ᠲᠥᠯᠥᠪ ᠲᠦ᠍ ᠣᠷᠣᠭᠤᠯᠵᠠᠢ᠃ 
       ᠡᠭᠦᠨ ᠢ᠋ ᠰᠣᠨᠣᠰᠴᠤ ᠮᠡᠳᠡᠷᠡᠭᠰᠡᠨ ᠴᠢᠩᠭᠢᠰ ᠬᠠᠭᠠᠨ ᠢ᠋ᠶ᠋ᠠᠷ ᠡᠨᠡ ᠠᠶᠠᠲᠠᠢ ᠲᠣᠬᠢᠶᠠᠯ ᠢ᠋ ᠠᠰᠢᠭᠯᠠᠵᠤ᠂ ᠲᠠᠲ᠋ᠠᠷ ᠢ᠋ ᠴᠣᠬᠢᠵᠤ ᠡᠷᠲᠡᠨ ᠦ᠌ ᠦᠰ ᠬᠣᠨᠵᠢᠶ᠎ᠠ ᠪᠠᠨ ᠬᠠᠷᠢᠭᠤᠯᠠᠬᠤ ᠶ᠋ᠢ ᠰᠡᠳᠬᠢᠵᠦ᠂ ᠰᠠᠨᠠᠭ᠎ᠠ ᠪᠠᠨ ᠢᠯᠡᠷᠬᠡᠢᠯᠡᠪᠡᠰᠦ᠂ ᠪᠣᠷᠵᠢᠭᠢᠳ ᠠᠪᠠᠭ᠎ᠠ ᠨᠠᠷ《ᠲᠠᠲ᠋ᠠᠷ ᠪᠢᠳᠡᠨ ᠦ᠌ ᠳᠠᠢᠰᠤᠨ ᠴᠦ᠍ ᠭᠡᠯ᠎ᠡ ᠠᠯᠲᠠᠨ ᠤᠯᠤᠰ ᠪᠠᠰᠠ ᠳᠠᠢᠰᠤᠨ᠃ ᠪᠢᠳᠡ ᠠᠯᠲᠠᠨ ᠤᠯᠤᠰ ᠲᠤ ᠲᠤᠰᠠᠯᠠᠵᠤ ᠪᠣᠯᠬᠤ ᠦᠭᠡᠢ》 ᠭᠡᠵᠦ ᠰᠠᠨᠠᠯ ᠵᠥᠷᠢᠭᠰᠡᠨ ᠴᠦ᠍《ᠬᠣᠶᠠᠷ ᠳᠠᠢᠰᠤᠨ ᠲᠠᠢ ᠪᠠᠢᠭᠰᠠᠨ ᠠ᠋ᠴᠠ ᠨᠢᠭᠡ ᠳᠠᠢᠰᠤᠨ ᠲᠠᠢ ᠪᠠᠢᠬᠤ ᠨᠢ ᠳᠡᠭᠡᠷ᠎ᠡ》 ᠭᠡᠳ ᠲᠡᠳᠡᠨ ᠦ᠌ ᠰᠠᠨᠠᠯ ᠢ᠋ ᠦᠯᠦ ᠬᠡᠷᠡᠭᠰᠡᠨ ᠳᠠᠢᠳᠤᠬᠤ ᠪᠠᠷ ᠰᠢᠢᠳᠦᠭᠡᠳ ᠬᠡᠷᠡᠢᠳ ᠦ᠋ᠨ ᠲᠤᠭᠤᠷᠢᠯ ᠬᠠᠨ ᠢ᠋ ᠬᠠᠮᠲᠤᠷᠠᠵᠤ ᠲᠠᠲ᠋ᠠᠷ ᠢ᠋ ᠳᠠᠢᠳᠤᠬᠤ ᠶ᠋ᠢ ᠤᠷᠢᠪᠠ᠃ ᠲᠡᠷᠡ ᠨᠢ ᠬᠠᠮᠲᠤᠷᠠᠨ ᠳᠠᠢᠳᠤᠬᠤ ᠶ᠋ᠢ ᠵᠥᠪᠰᠢᠶᠡᠷᠡᠵᠡᠢ᠃ ᠤᠴᠢᠷ ᠨᠢ ᠲᠤᠭᠤᠷᠢᠯ ᠢ᠋ᠶ᠋ᠠᠷ ᠪᠠᠭ᠎ᠠ ᠨᠠᠰᠤᠨ ᠳ᠋ᠠᠭᠠᠨ ᠲᠠᠲ᠋ᠠᠷ ᠤ᠋ᠳ ᠲᠤ᠌ ᠣᠯᠵᠠᠯᠠᠭᠳᠠᠨ ᠵᠠᠷᠤᠴᠠᠯᠠᠭᠳᠠᠵᠤ᠂13 ᠨᠠᠰᠤᠨ ᠳ᠋ᠠᠭᠠᠨ ᠨᠤᠲᠤᠭ ᠤ᠋ᠨ ᠨᠢᠭᠡᠨ ᠬᠣᠨᠢᠴᠢᠨ ᠲᠠᠢ ᠤᠷᠭᠤᠵᠤ ᠢᠷᠡᠭᠰᠡᠨ ᠬᠡᠮᠡᠨ᠎ᠡ᠃ ᠡᠭᠦᠨ ᠦ᠌ ᠡᠴᠢᠭᠡ ᠬᠣᠷᠴᠣᠬᠤᠰ ᠪᠣᠢᠷᠣᠭ ᠳᠥᠴᠢᠨ ᠬᠥᠪᠡᠭᠦᠨ ᠲᠡᠢ ᠪᠠᠢᠵᠠᠢ᠃ ᠡᠨᠡ ᠣᠯᠠᠨ ᠬᠦᠦ ᠪᠠᠰᠠ ᠣᠯᠠᠨ ᠡᠬᠡᠨᠡᠷ ᠦ᠋ᠨ ᠬᠡᠦᠬᠡᠳ ᠪᠠᠢᠭᠰᠠᠨ ᠪᠥᠭᠡᠳ ᠡᠬᠡ ᠨᠢ ᠲᠠᠲ᠋ᠠᠷ ᠤ᠋ᠳ ᠤ᠋ᠨ ᠳᠤᠮᠳᠠ ᠦᠷᠡᠭᠳᠡᠭᠰᠡᠨ ᠦ᠌ ᠤᠯᠠᠮ ᠠ᠋ᠴᠠ ᠲᠡᠢᠨᠬᠦ ᠤᠷᠭᠤᠵᠤ ᠪᠣᠰᠬᠤ ᠳ᠋ᠤ᠌ ᠬᠦᠷᠭᠡᠭᠰᠡᠨ ᠠᠵᠤᠭᠤ᠃ ᠲᠣᠭᠣᠷᠢᠯ ᠬᠠᠨ ᠰᠢᠷᠡᠭᠡᠨ ᠦ᠌ ᠲᠥᠯᠥᠭᠡ ᠰᠢᠷᠦᠭᠦᠨ ᠲᠡᠮᠡᠴᠡᠯᠳᠦᠵᠦ᠂ ᠲᠡᠷᠡ ᠣᠯᠠᠨ ᠠᠬᠠᠨ ᠲᠡᠭᠦᠦᠰ ᠢ᠋ᠶ᠋ᠡᠨ ᠬᠣᠷᠣᠭᠠᠵᠤ ᠬᠥᠨᠥᠭᠡᠭᠰᠡᠨ ᠨᠢᠭᠡᠨ᠃ ᠡᠴᠦᠰ ᠦ᠋ᠨ ᠳ᠋ᠦᠩ ᠳ᠋ᠡᠭᠡᠨ ᠪᠠᠰᠠ ᠡᠨᠡ ᠰᠢᠯᠲᠠᠭ ᠢ᠋ᠶ᠋ᠠᠷ ᠲᠠᠲ᠋ᠠᠷ ᠤ᠋ᠳ ᠲᠠᠢ ᠲᠣᠭᠠᠴᠠᠭ᠎ᠠ ᠬᠢᠬᠦ ᠰᠣᠨᠢᠷᠬᠠᠯ ᠪᠠᠢᠵᠠᠢ ᠬᠡᠮᠡᠯᠲᠡᠢ᠃ ᠡᠢᠨᠬᠦ ᠲᠠᠲ᠋ᠠᠷ ᠤ᠋ᠨ ᠡᠰᠡᠷᠭᠦ ᠬᠠᠮᠲᠤᠷᠠᠭᠰᠠᠨ ᠲᠡᠢᠨ ᠳ᠋ᠦ᠍ ᠴᠢᠩᠭᠢᠰ ᠬᠠᠭᠠᠨ ᠮᠣᠷᠳᠠᠭᠰᠠᠨ ᠪᠥᠯᠥᠭᠡ᠃ ᠴᠢᠩᠭᠢᠰ ᠢ᠋ᠶ᠋ᠡᠷ ᠡᠪᠦᠯ ᠦ᠋ᠨ ᠡᠬᠢᠨ ᠰᠠᠷ᠎ᠠ ᠶ᠋ᠢᠨ ᠳᠤᠮᠳᠠᠭᠤᠷ ᠲᠠᠲ᠋ᠠᠷ ᠤ᠋ᠨ ᠪᠡᠬᠢᠯᠡᠯᠲᠡ ᠳ᠋ᠦ᠍ ᠬᠣᠶᠠᠷ ᠬᠦᠴᠦᠨ ᠢ᠋ᠶ᠋ᠡᠷ ᠳᠣᠪᠲᠣᠯᠵᠤ ᠡᠬᠢᠯᠡᠬᠦᠢ ᠯᠤᠭ᠎ᠠ ᠲᠡᠳᠡ ᠰᠠᠨᠳᠤᠷᠬᠤ ᠨᠢ ᠵᠦᠢ᠃ ᠲᠠᠲ᠋ᠠᠷ ᠤ᠋ᠳ ᠤᠷᠢᠳᠤ ᠨᠢ  ᠸᠠᠩᠭᠢᠩ ᠴᠢᠩᠰᠠᠩ ᠤ᠋ᠨ ᠳᠣᠪᠲᠣᠯᠭ᠎ᠠ ᠶ᠋ᠢ ᠬᠣᠷᠢᠭᠯᠠᠵᠤ ᠨᠢᠴᠤᠭᠠᠭᠠᠳ ᠪᠡᠬᠢᠯᠡᠯᠲᠡ ᠪᠡᠨ ᠪᠡᠬᠢᠵᠢᠭᠦᠯᠵᠦ ᠬᠦᠴᠦ ᠪᠡᠨ ᠵᠤᠵᠠᠭᠠᠳᠬᠠᠨ ᠪᠠᠢᠭᠰᠠᠨ ᠪᠠᠢᠯ᠎ᠠ᠃ ᠭᠡᠪᠡᠴᠦ ᠲᠡᠳᠡ ᠴᠢᠩᠭᠢᠰ᠂ ᠲᠣᠭᠣᠷᠢᠯ ᠬᠠᠨ ᠬᠣᠶᠠᠷ ᠤ᠋ᠨ ᠬᠦᠴᠦᠲᠡᠢ ᠳᠣᠪᠲᠣᠯᠭᠠᠨ ᠳ᠋ᠤ᠌ ᠬᠣᠶᠠᠷ ᠳᠣᠯᠣᠭ᠎ᠠ ᠬᠣᠨᠣᠭ ᠠ᠋ᠴᠠ ᠢᠯᠡᠭᠦᠦ ᠲᠡᠰᠦᠭᠰᠡᠨ ᠦᠭᠡᠢ᠂ ᠵᠠᠳᠠᠷᠠᠵᠤ ᠪᠤᠲᠠᠷᠠᠨ ᠡᠬᠢᠯᠡᠵᠡᠢ᠃ ᠰᠡᠭᠦᠯᠴᠢ ᠶ᠋ᠢᠨ ᠲᠡᠷᠡ ᠡᠳᠦᠷ ᠦ᠋ᠨ ᠦᠳᠡ ᠡᠴᠡ ᠬᠣᠢᠰᠢ ᠨᠠᠷᠠ ᠬᠡᠪᠡᠢᠬᠦ ᠦᠶ᠎ᠡ ᠪᠡᠷ《ᠮᠡᠭᠦᠵᠢᠨ ᠰᠡᠭᠦᠯᠲᠦ ᠪᠠᠭ ᠴᠡᠷᠢᠭ ᠦ᠋ᠨ ᠢ᠋ᠶ᠋ᠡᠨ ᠬᠠᠮᠲᠤ ᠪᠡᠬᠢᠯᠡᠯᠲᠡ ᠡᠴᠡ ᠭᠠᠷᠴᠤ ᠪᠠᠢᠨ᠎ᠠ 》 ᠭᠡᠰᠡᠨ ᠮᠡᠳᠡᠭᠡ ᠢᠷᠡᠪᠡ᠃ ᠡᠨᠡ ᠦᠶ᠎ᠡ ᠳ᠋ᠦ᠍ ᠬᠠᠭᠠᠨ ᠪᠣᠭᠣᠷᠴᠢ ᠬᠣᠶᠠᠷ ᠬᠠᠮᠲᠤ ᠪᠠᠷ ᠪᠠᠢᠯᠳᠤᠭᠠᠨ ᠤ᠋ ᠶᠠᠪᠤᠴᠠ ᠶ᠋ᠢ ᠬᠢᠲᠠᠳ ᠤ᠋ᠨ ᠰᠤᠨᠳᠠᠭ ᠳᠤᠷᠠᠨ ᠪᠠᠷᠢᠨ ᠠᠵᠢᠵᠤ ᠪᠠᠢᠯ᠎ᠠ᠃ 
       ᠬᠠᠭᠠᠨ ᠪᠣᠭᠣᠷᠴᠢ ᠤᠷᠤᠭᠤ ᠬᠠᠷᠠᠵᠤ ᠳᠠᠢᠰᠤᠨ ᠤ᠋ ᠵᠦᠭ ᠲᠣᠯᠣᠭᠠᠢ ᠲᠣᠬᠢᠬᠤ ᠯᠤᠭ᠎ᠠ ᠲᠡᠷᠡ ᠪᠡᠷ ᠪᠣᠰᠤᠨ ᠭᠠᠷ ᠢ᠋ᠶ᠋ᠠᠨ ᠵᠢᠷᠦᠬᠡᠨ ᠲᠤᠰ ᠭᠠᠵᠠᠷ ᠢ᠋ᠶ᠋ᠠᠨ ᠳᠠᠷᠤᠵᠤ᠄ 
       — ᠮᠡᠳᠡᠯ᠎ᠡ ᠭᠡᠰᠡᠨ ᠭᠠᠭᠴᠠᠬᠠᠨ ᠦᠭᠡ ᠴᠢᠩᠭᠠᠬᠠᠨ ᠬᠡᠯᠡᠭᠡᠳ ᠥᠭᠡᠷ᠎ᠡ ᠵᠠᠷᠯᠢᠭ ᠲᠤᠰᠢᠶᠠᠯ ᠬᠡᠯᠡᠭᠦᠯᠦᠯ ᠦᠭᠡᠢ᠂ ᠰᠢᠭᠤᠳ ᠮᠣᠷᠢᠨ ᠳ᠋ᠠᠭᠠᠨ ᠣᠴᠢᠵᠤ ᠦᠰᠦᠷᠦᠨ ᠮᠣᠷᠳᠠᠭᠠᠳ ᠴᠡᠷᠢᠭ ᠦ᠋ᠳ ᠲᠦ᠍《ᠮᠢᠨᠦ ᠬᠣᠢᠨ᠎ᠠ ᠠ᠋ᠴᠠ!》 ᠭᠡᠵᠦ ᠲᠤᠰᠢᠶᠠᠯ ᠥᠭᠴᠦ ᠥᠪᠡᠷ ᠦ᠋ᠨ ᠳᠠᠭᠠᠭᠤᠯ ᠴᠡᠷᠢᠭ ᠲᠦ᠍《ᠮᠢᠨᠦ ᠰᠠᠷᠠᠯ ᠮᠣᠷᠢ ᠶ᠋ᠢ ᠠᠪᠴᠤ ᠶᠠᠪᠤᠭᠠᠷᠠᠢ!》 ᠭᠡᠵᠦ ᠲᠤᠰᠢᠶᠠᠭᠠᠳ ᠴᠠᠰᠤ ᠮᠠᠨᠠᠷᠠᠭᠠᠨ ᠳᠠᠢᠰᠤᠨ ᠤ᠋ ᠵᠦᠭ ᠳᠣᠪᠲᠣᠯᠭᠠᠨ ᠣᠳᠪᠠ᠃ ᠳᠠᠢᠰᠤᠨ ᠢ᠋ ᠡᠯᠳᠡᠨ ᠬᠥᠭᠡᠭᠡᠵᠦ ᠪᠡᠬᠢᠯᠡᠯᠲᠡ ᠡᠴᠡ ᠵᠠᠢᠳᠠᠭᠤᠬᠠᠨ ᠭᠦᠢᠴᠡᠵᠦ ᠲᠤᠯᠤᠯᠳᠤᠭᠠᠨ ᠳ᠋ᠤ᠌ ᠣᠷᠣᠯ᠎ᠠ᠃ ᠪᠣᠭᠤᠷᠴᠢ ᠶ᠋ᠢᠨ ᠬᠦᠴᠦ ᠳᠠᠢᠰᠤᠨ ᠤ᠋ ᠬᠢ ᠡᠴᠡ ᠢᠯᠡᠷᠬᠡᠢ ᠳᠠᠪᠠᠭᠤ ᠲᠤᠯᠠ ᠦᠨᠡᠬᠡᠷ ᠲᠡᠳᠡᠨ ᠢ᠋ ᠴᠣᠬᠢᠵᠤ ᠪᠣᠭᠤᠷᠴᠢ ᠬᠠᠵᠠᠭᠤ ᠵᠠᠢ ᠠ᠋ᠴᠠ ᠬᠣᠶᠠᠷ ᠳᠠᠭᠠᠭᠤᠯ ᠴᠡᠷᠢᠭ ᠦ᠋ᠨ ᠬᠠᠮᠲᠤ ᠠᠵᠢᠵᠤ ᠪᠠᠢᠲᠠᠯ᠎ᠠ ᠭᠤᠷᠪᠠᠨ ᠡᠲᠡᠭᠡᠳ ᠬᠣᠩᠬᠣᠷ ᠰᠤᠵᠠᠭ ᠲᠠᠭᠠᠨ ᠲᠤᠯᠤᠯᠳᠤᠭᠠᠨ ᠤ᠋ ᠲᠠᠯᠠᠪᠤᠷ ᠠ᠋ᠴᠠ ᠵᠠᠢᠯᠠᠬᠤ ᠶ᠋ᠢ ᠨᠢ ᠠᠵᠢᠪᠠᠰᠤ᠂ ᠮᠡᠬᠦᠵᠢᠨ ᠰᠡᠭᠦᠯᠲᠦ ᠶᠠᠭᠠᠬᠢᠬᠤ ᠠᠷᠭ᠎ᠠ ᠦᠭᠡᠢ ᠮᠥᠨ ᠪᠠᠢᠯ᠎ᠠ᠃ 
       ᠪᠣᠭᠣᠷᠴᠢ ᠬᠣᠶᠠᠷ ᠴᠡᠷᠢᠭ ᠢ᠋ᠶ᠋ᠡᠨ ᠳᠠᠭᠠᠭᠤᠯᠤᠨ ᠬᠣᠢᠨ᠎ᠠ ᠠ᠋ᠴᠠ ᠨᠢ ᠬᠥᠳᠡᠯᠵᠦ ᠣᠯᠵᠠ ᠶ᠋ᠢᠨ ᠤᠷᠢᠳᠤ ᠪᠡᠶ᠎ᠡ ᠶ᠋ᠢᠨ ᠪᠣᠷᠣ ᠲᠤᠯᠤᠭᠠᠳ ᠬᠥᠪᠡᠭᠡ ᠳᠤᠮᠳᠠᠭᠤᠷ ᠵᠢᠷᠭᠤᠭᠠᠨ ᠮᠣᠷᠢᠲᠠᠨ ᠤᠷᠤᠯᠳᠤᠭᠠᠨ ᠤ᠋ ᠮᠣᠷᠢᠳ ᠰᠢᠭ᠋ ᠤᠪᠤᠨ ᠴᠤᠪᠤᠨ ᠳᠠᠪᠬᠢᠵᠠᠭᠠᠵᠤ᠂ ᠨᠠᠷᠠ ᠴᠦ᠍ ᠵᠢᠷᠭᠠᠬᠤ ᠳᠠᠰᠢ ᠪᠠᠨ ᠠᠭᠤᠯᠠᠰ ᠤ᠋ᠨ ᠣᠷᠣᠢ ᠶ᠋ᠢ ᠲᠡᠮᠲᠡᠷᠢᠨ ᠠᠪᠠᠢ᠃ ᠠᠷᠤ ᠶ᠋ᠢᠨ ᠭᠤᠷᠪᠠ ᠬᠣᠭᠣᠷᠣᠨᠳᠣ ᠪᠠᠨ ᠣᠢᠷᠠᠬᠠᠨ ᠶᠠᠪᠤᠵᠤ ᠬᠠᠷᠪᠤᠯᠳᠤᠬᠤ ᠵᠠᠭᠤᠷ᠎ᠠ ᠮᠡᠬᠦᠵᠢᠨ ᠰᠡᠭᠦᠯᠲᠦ ᠶ᠋ᠢᠨ ᠠᠷᠤ ᠶ᠋ᠢᠨ ᠨᠢᠭᠡ ᠴᠡᠷᠢᠭ ᠢ᠋ ᠤᠨᠠᠭᠠᠪᠠ᠃ ᠲᠡᠳᠡ ᠲᠡᠷᠡ ᠴᠡᠷᠢᠭ ᠦᠬᠦᠭᠰᠡᠨ ᠠᠮᠢᠳᠤ ᠠᠯᠢᠨ ᠪᠣᠯᠬᠤ ᠶ᠋ᠢ ᠰᠢᠯᠭᠠᠭᠰᠠᠨ ᠦᠭᠡᠢ᠂ ᠭᠠᠢᠭᠤᠢ ᠰᠢᠷᠠᠭᠳᠤᠭᠰᠠᠨ ᠴᠦ᠍ ᠪᠠᠢᠵᠤ ᠪᠣᠯᠤᠨ᠎ᠠ᠃ ᠬᠠᠵᠠᠭᠤ ᠪᠠᠷ ᠨᠢ ᠭᠠᠭᠴᠠᠬᠠᠨ ᠮᠡᠬᠦᠵᠢᠨ ᠰᠡᠭᠦᠯᠲᠦ ᠶ᠋ᠢᠨ ᠬᠣᠢᠨ᠎ᠠ ᠠ᠋ᠴᠠ ᠯᠠ ᠰᠢᠨᠤᠨ ᠨᠡᠬᠡᠪᠡ᠃ ᠬᠡᠰᠡᠭ ᠶᠠᠪᠤᠲᠠᠯ᠎ᠠ ᠪᠣᠭᠤᠷᠴᠢ ᠶ᠋ᠢᠨ ᠳᠠᠭᠠᠭᠤᠯ ᠴᠡᠷᠢᠭ ᠦ᠋ᠨ ᠮᠣᠷᠢ ᠨᠢ ᠰᠤᠯᠠᠳᠠᠵᠤ ᠶᠠᠪᠤᠬᠤ ᠪᠠᠨ ᠪᠠᠢᠵᠤ ᠦᠭᠡ ᠳᠤᠭᠤᠢ ᠦᠭᠡᠢ ᠦᠯᠡᠳᠡᠪᠡ᠃ 
       ᠠᠳᠠᠯᠢᠬᠠᠨ ᠬᠣᠶᠠᠷ ᠳᠠᠷᠤᠭ᠎ᠠ᠂ ᠬᠣᠶᠠᠷ ᠴᠡᠷᠢᠭ ᠪᠣᠯᠵᠤ ᠤᠷᠤᠯᠳᠤᠭᠠᠨ ᠤ᠋ ᠵᠠᠮ ᠳ᠋ᠤ᠌ ᠴᠠᠰᠤ ᠮᠠᠨᠠᠷᠠᠭᠠᠭᠰᠠᠭᠠᠷ ᠯᠠ᠃ ᠨᠠᠷᠠ ᠵᠢᠷᠭᠠᠵᠤ ᠦᠳᠡᠰᠢ ᠪᠣᠯᠬᠤ ᠰᠠᠴᠠᠭᠤ ᠪᠣᠭᠤᠷᠴᠢ ᠶ᠋ᠢᠨ ᠥᠪᠡᠷ ᠦ᠋ᠨ ᠤᠨᠤᠵᠤ ᠶᠠᠪᠤᠭ᠎ᠠ ᠮᠣᠷᠢ ᠪᠠᠰᠠ ᠮᠠᠭᠤᠳᠠᠵᠤ ᠴᠤᠴᠠᠯ᠎ᠠ᠃ ᠰᠠᠷᠠᠯ ᠮᠣᠷᠢ ᠪᠠᠨ ᠴᠡᠷᠢᠭ ᠡᠴᠡ ᠪᠡᠨ ᠠᠪᠴᠤ ᠶᠡᠭᠦᠯᠡᠵᠦ ᠤᠨᠤᠬᠤ ᠵᠠᠭᠤᠷ᠎ᠠ ᠳᠠᠭᠠᠭᠤᠯ ᠴᠡᠷᠢᠭ ᠨᠢ ᠰᠢᠷᠬ᠎ᠠ ᠠᠪᠴᠤ ᠦᠯᠡᠳᠡᠭᠡᠳ᠂ ᠪᠣᠭᠣᠷᠴᠢ ᠭᠠᠭᠴᠠᠭᠠᠷ ᠳᠣᠮᠣᠭᠲᠤ ᠰᠠᠷᠠᠯ ᠢ᠋ᠶ᠋ᠠᠷ ᠢ᠋ᠶ᠋ᠠᠨ ᠡᠮᠦᠨᠡᠬᠢ ᠬᠣᠶᠠᠷ ᠢ᠋ ᠡᠯᠳᠡᠨ ᠬᠥᠭᠡᠭᠡᠵᠦ ᠶᠠᠭᠠᠬᠢᠬᠤ ᠡᠢᠬᠦ ᠶ᠋ᠢᠨ ᠵᠠᠭᠤᠷ᠎ᠠ ᠦᠭᠡᠢ ᠮᠡᠬᠦᠵᠢᠨ ᠰᠡᠭᠦᠯᠲᠦ ᠶ᠋ᠢᠨ ᠴᠡᠷᠢᠭ ᠢ᠋ ᠬᠠᠷᠪᠤᠵᠤ ᠤᠨᠠᠭᠠᠨ ᠬᠣᠶᠠᠷ ᠲᠣᠯᠣᠭᠠᠢᠯᠠᠭᠴᠢ ᠦᠯᠡᠲᠡᠯ᠎ᠡ᠃ 
       ᠮᠡᠬᠦᠵᠢᠨ ᠰᠡᠭᠦᠯᠲᠦ ᠢᠵᠢᠯᠢ ᠡᠴᠡ ᠪᠡᠨ ᠰᠠᠯᠤᠭᠰᠠᠨ ᠣᠭᠣᠨᠣ ᠰᠢᠭ᠋ ᠪᠠᠷᠠᠭᠤᠨ ᠣᠷᠣᠭᠰᠢ ᠡᠷᠭᠢᠨ ᠴᠣᠢᠯᠠᠵᠤ ᠵᠢᠭᠤᠲᠠᠪᠠ᠃ ᠬᠦᠯᠦᠭ ᠪᠠᠭᠠᠲᠤᠷ ᠤ᠋ᠨ ᠰᠠᠷᠠᠯ ᠬᠦᠯᠦᠭ ᠬᠠᠷᠠᠢᠬᠤ ᠶ᠋ᠢᠨ ᠴᠢᠨᠡᠭᠡᠨ ᠢ᠋ᠶ᠋ᠡᠷ ᠬᠠᠷᠠᠢᠭᠰᠠᠭᠠᠷ ᠳᠠᠢᠰᠤᠨ ᠤ᠋ ᠤᠳᠤᠷᠢᠳᠤᠭᠴᠢ ᠳ᠋ᠤ᠌ ᠲᠤᠯᠵᠤ ᠣᠴᠢᠲᠠᠯ᠎ᠠ ᠪᠣᠭᠤᠷᠴᠢ ᠮᠣᠷᠢᠨ ᠳᠡᠭᠡᠷ᠎ᠡ ᠡᠴᠡ ᠪᠡᠨ ᠦᠰᠦᠷᠴᠦ᠂ ᠠᠷᠤ ᠳ᠋ᠤᠨᠢ ᠰᠤᠨᠳᠠᠯᠠᠵᠤ ᠬᠦᠵᠦᠭᠦᠦ ᠪᠡᠷ ᠨᠢ ᠣᠭᠣᠰᠣᠷᠯᠠᠵᠤ ᠠᠪᠬᠤ ᠶᠠᠭᠤᠮ᠎ᠠ ᠪᠣᠳᠣᠵᠤ ᠳᠥᠷᠦᠭᠡᠨ ᠳᠡᠭᠡᠷ᠎ᠡ ᠪᠡᠨ ᠥᠨᠳᠡᠢᠬᠦ ᠳ᠋ᠦ᠍ ᠮᠡᠬᠦᠵᠢᠨ ᠰᠡᠭᠦᠯᠲᠦ ᠪᠣᠭᠣᠨᠢ ᠵᠢᠳᠠ ᠠᠷᠤ ᠲᠠᠢᠰᠢ ᠪᠠᠨ ᠰᠢᠳᠡᠪᠡ᠃ ᠶᠠᠭ ᠲᠡᠷᠡ ᠠᠭᠱᠠᠨ᠎ᠠ ᠰᠠᠷᠠᠯ ᠮᠣᠷᠢ ᠨᠢ ᠪᠦᠳᠦᠷᠢᠵᠦ ᠡᠵᠡᠨ ᠢ᠋ᠶ᠋ᠡᠨ ᠴᠠᠰᠤᠨ ᠳᠤᠮᠳᠠ ᠤᠨᠠᠭᠠᠬᠤ ᠨᠢ ᠲᠡᠷᠡ᠃ ᠪᠤᠭᠤᠷᠴᠢ ᠪᠣᠰᠤᠨ ᠬᠠᠷᠠᠢᠲᠠᠯ᠎ᠠ ᠮᠣᠷᠢ ᠨᠢ ᠤᠷᠢᠳᠤ ᠬᠣᠶᠠᠷ ᠬᠥᠯ ᠳᠡᠭᠡᠷ᠎ᠡ ᠪᠡᠨ ᠴᠣᠩᠨᠣᠢᠨ ᠭᠤᠨᠢᠭ ᠲᠠᠢ ᠪᠠᠷ ᠴᠢᠩᠭ᠎ᠠ ᠢᠨᠴᠠᠭᠠᠭᠠᠳ ᠦᠬᠦᠳᠬᠢᠨ ᠤᠨᠠᠯ᠎ᠠ᠃ ᠬᠡᠩᠬᠦᠳᠡᠭ ᠤᠷᠤᠭᠤ ᠨᠢ ᠵᠢᠳᠠ ᠰᠢᠭᠢᠳᠦᠨ ᠣᠷᠣᠵᠤ ᠮᠣᠷᠢ ᠨᠢ ᠭᠠᠷᠴᠠᠭ᠎ᠠ ᠦᠭᠡᠢ ᠦᠬᠦᠬᠦ ᠳ᠋ᠦ᠍ ᠬᠦᠷᠴᠡᠢ᠃《ᠮᠠᠭᠤ ᠵᠣᠯᠢᠭ᠂ ᠮᠠᠭᠤ ᠵᠣᠯᠢᠭ᠂ ᠵᠣᠯᠢᠭ ᠢ᠋᠁》 ᠭᠡᠵᠦ ᠬᠠᠷᠢᠶᠠᠨ ᠥᠭᠦᠯᠡᠪᠡᠴᠦ ᠶᠠᠭᠤ ᠲᠤᠰᠠ ᠪᠣᠯᠬᠤ ᠪᠣᠢ᠃ ᠵᠠᠳᠠ ᠶ᠋ᠢ ᠨᠢ ᠰᠤᠭᠤ ᠲᠡᠳᠡᠨ ᠠᠪᠤᠪᠠᠰᠤ ᠥᠳᠬᠡᠨ ᠬᠦᠷᠡᠩ ᠴᠢᠰᠤ ᠭᠣᠳᠣᠷᠣᠢᠲᠤᠵᠤ᠂  ᠬᠠᠪᠢ ᠶ᠋ᠢᠨ ᠴᠠᠰᠤ ᠶ᠋ᠢ ᠬᠦᠷᠡᠩᠳᠡᠭᠦᠯᠦᠯ᠎ᠡ᠃ ᠲᠡᠭᠡᠲᠡᠯ᠎ᠡ ᠮᠣᠷᠢᠲᠠᠨ ᠤ᠋ ᠴᠢᠮᠡᠭᠡ ᠭᠠᠷᠴᠤ ᠭᠤᠷᠪᠠᠨ ᠴᠡᠷᠢᠭ ᠨᠢ ᠳᠠᠪᠬᠢᠨ ᠢᠷᠡᠵᠦ ᠶᠠᠪᠤᠨ᠎ᠠ᠃《ᠮᠠᠨ ᠤ᠋ ᠬᠢ ᠤᠤ? ᠬᠥᠮᠦᠨ ᠦ᠌ ᠬᠢ ᠤᠤ?》 ᠭᠡᠮᠡᠨ ᠰᠡᠯᠡᠮ᠎ᠡ ᠶ᠋ᠢᠨ ᠢ᠋ᠶ᠋ᠡᠨ ᠡᠰᠢ ᠶ᠋ᠢ ᠴᠢᠩᠭ᠎ᠠ ᠠᠳᠬᠤᠲᠠᠯ᠎ᠠ ᠥᠪᠡᠷᠦᠨ ᠬᠢ ᠪᠣᠯᠬᠤ ᠨᠢ ᠲᠠᠨᠢᠭᠳᠠᠵᠤ᠂ ᠲᠡᠳᠡ ᠮᠣᠷᠢᠨ ᠤ᠋ ᠪᠠᠨ ᠠᠮᠠ ᠶ᠋ᠢ ᠲᠠᠲᠠᠪᠠᠰᠤ ᠪᠤᠭᠤᠷᠴᠢ᠄ 
       — ᠳᠠᠪᠬᠢᠭᠠᠷᠠᠢ᠂ ᠳᠠᠪᠬᠢᠭᠠᠷᠠᠢ! ᠲᠡᠷᠡ ᠮᠡᠭᠦᠵᠢᠨ ᠰᠡᠭᠦᠯᠲᠦ ᠵᠢᠭᠤᠲᠠᠵᠤ ᠶᠠᠪᠤᠨ᠎ᠠ ᠭᠡᠵᠦ ᠰᠡᠭᠦᠳᠡᠭᠡᠨᠡᠬᠦ ᠲᠡᠳᠦᠢ ᠳᠦᠷᠰᠦ ᠵᠢᠭᠠᠵᠤ《ᠪᠡᠷᠢ! ᠵᠣᠯᠢᠭ ᠢ᠋》 ᠭᠡᠵᠦ ᠬᠠᠰᠬᠢᠷᠪᠠ᠃ ᠭᠤᠷᠪᠠᠨ ᠴᠡᠷᠢᠭ ᠦ᠋ᠨ ᠨᠢᠭᠡ ᠨᠢ ᠦᠯᠡᠳᠡᠬᠦ ᠭᠡᠲᠡᠯ᠎ᠡ ᠪᠤᠭᠤᠷᠴᠢ᠄ 
       — ᠬᠡᠷᠡᠭ ᠦᠭᠡᠢ᠃ ᠶᠠᠪᠤ! ᠭᠡᠵᠦ ᠲᠤᠰᠢᠶᠠᠯ᠎ᠠ᠃  
       ᠪᠣᠭᠣᠷᠴᠢ ᠮᠣᠷᠢᠨ ᠤ᠋ ᠪᠠᠨ ᠪᠦᠯᠢᠶᠡᠨ ᠬᠤᠰᠢᠭᠤᠨ ᠳ᠋ᠤ᠌ ᠤᠷᠤᠭᠤᠯ ᠢ᠋ᠶ᠋ᠠᠨ ᠬᠦᠷᠭᠡᠨ ᠦᠨᠦᠰᠦᠭᠡᠳ ᠮᠡᠭᠰᠢᠨ ᠤᠬᠢᠯᠠᠵᠤ ᠡᠮᠡᠭᠡᠯ ᠬᠠᠵᠠᠭᠠᠷ ᠢ᠋ ᠨᠢ  ᠰᠠᠯᠭᠠᠨ ᠬᠤᠷ ᠳᠡᠯ᠂ ᠰᠡᠭᠦᠯ ᠡᠴᠡ ᠨᠢ ᠲᠤᠰ ᠲᠤᠰ ᠲᠤᠭ ᠬᠢᠯᠭᠠᠰᠤ ᠰᠠᠯᠭᠠᠨ ᠠᠪᠴᠤ ᠪᠥᠰᠡᠨ ᠳ᠋ᠡᠭᠡᠨ ᠵᠡᠭᠦᠭᠡᠳ ᠮᠣᠷᠢ ᠪᠠᠨ ᠲᠡᠪᠡᠷᠢᠨ ᠤᠳᠠᠲᠠᠯ᠎ᠠ ᠤᠬᠢᠯᠠᠨ ᠰᠠᠭᠤᠪᠠ᠃ ᠡᠪᠦᠯ ᠦ᠋ᠨ ᠰᠥᠨᠢ ᠶ᠋ᠢᠨ ᠲᠤᠩᠭᠠᠯᠠᠭ ᠬᠥᠬᠡ ᠲᠩᠷᠢ ᠳ᠋ᠦ᠍ ᠣᠳᠣᠳ ᠲᠦᠭᠡᠨ ᠲᠦᠭ ᠲᠦᠮᠡᠨ ᠭᠡᠷᠡᠯ ᠢ᠋ᠶ᠋ᠡᠷ ᠲᠦᠨᠡᠷ ᠬᠠᠷᠠᠩᠭᠤᠢ ᠶ᠋ᠢ ᠴᠠᠰᠤᠨ ᠤ᠋ ᠰᠦᠨ ᠴᠠᠭᠠᠨ ᠥᠩᠭᠡ ᠲᠡᠢ ᠨᠡᠢᠯᠡᠵᠦ ᠭᠡᠢᠭᠦᠯᠦᠨ ᠨᠡᠯᠢᠶᠡᠳ ᠠᠯᠤᠰ ᠤ᠋ᠨ ᠪᠠᠷ᠎ᠠ ᠬᠦᠷᠲᠡᠯ᠎ᠡ ᠲᠠᠨᠢᠭᠳᠠᠵᠤ ᠢᠯᠭᠠᠷᠠᠮᠠᠷ ᠠᠵᠤᠭᠤ᠃ ᠪᠤᠭᠤᠷᠴᠢ ᠮᠣᠷᠢᠨ ᠤ᠋ ᠪᠠᠨ ᠬᠠᠯᠠᠭᠤᠨ ᠪᠡᠶ᠎ᠡ ᠶ᠋ᠢ ᠬᠦᠷᠦᠵᠦ ᠬᠥᠰᠢᠬᠦ ᠶ᠋ᠢᠨ ᠰᠠᠴᠠᠭᠤ ᠪᠣᠰᠴᠤ᠂ ᠡᠰᠢ ᠲᠡᠰᠢ ᠬᠠᠷᠠᠵᠤ ᠰᠠᠨᠠᠭ᠎ᠠ ᠠᠯᠠᠳᠠᠨ ᠡᠮᠡᠭᠡᠯ ᠢ᠋ᠶ᠋ᠡᠨ ᠬᠠᠵᠠᠭᠠᠷ ᠢ᠋ᠶ᠋ᠠᠷ ᠢ᠋ᠶ᠋ᠠᠨ ᠪᠠᠭᠯᠠᠵᠤ ᠡᠭᠦᠷᠬᠦ ᠳ᠋ᠦ᠍ ᠪᠡᠯᠡᠨ ᠪᠣᠯᠭᠠᠭᠠᠳ᠂ ᠮᠣᠷᠢ ᠪᠠᠨ ᠬᠠᠷᠠᠵᠤ ᠤᠷᠲᠤ ᠪᠠᠷ ᠰᠠᠨᠠᠭ᠎ᠠ ᠠᠯᠳᠠᠵᠤ ᠬᠢᠲᠤᠭ᠎ᠠ ᠪᠠᠨ ᠰᠤᠭᠤᠯᠤᠨ ᠲᠣᠯᠣᠭᠠᠢ ᠶ᠋ᠢ ᠨᠢ ᠰᠠᠯᠭᠠᠨ ᠠᠪᠴᠤ᠂ ᠡᠮᠡᠭᠡᠯ ᠢ᠋ᠶ᠋ᠡᠨ ᠡᠭᠦᠷᠦᠨ᠂ ᠮᠣᠷᠢᠨ ᠡᠷᠳᠡᠨᠢ ᠶ᠋ᠢᠨ ᠢ᠋ᠶ᠋ᠡᠨ ᠮᠣᠯᠣᠷ ᠲᠣᠯᠣᠭᠠᠢ ᠶ᠋ᠢ ᠲᠡᠪᠡᠷᠢᠨ ᠣᠯᠵᠠ ᠭᠣᠣᠯ ᠤ᠋ᠨ ᠡᠮᠦᠨᠡᠬᠢ ᠦᠷᠭᠦᠯᠵᠢᠯᠡᠭᠰᠡᠨ ᠣᠯᠠᠨ ᠠᠭᠤᠯᠠᠰ ᠠ᠋ᠴᠠ ᠬᠣᠢᠰᠢ ᠬᠣᠰᠢᠭᠤᠷᠠᠭᠰᠠᠨ ᠠᠭᠤᠯᠠ ᠶ᠋ᠢᠨ ᠰᠢᠪᠲᠤᠷᠬᠤ ᠦᠵᠦᠭᠦᠷ ᠥᠨᠳᠥᠷᠯᠢᠭ ᠢ᠋ ᠴᠢᠭᠯᠡᠨ ᠠᠯᠬᠤᠪᠠ᠃ ᠣᠯᠠᠨ ᠳᠣᠣᠷ᠎ᠠ ᠨᠢ ᠴᠠᠷᠴᠠᠵᠤ ᠬᠠᠷᠠᠯᠠᠭᠰᠠᠨ ᠴᠠᠰᠤ ᠴᠦᠯ ᠫᠠᠯ ᠴᠥᠮᠥᠷᠡᠨ ᠴᠢᠬᠠᠷᠠᠵᠤ ᠶᠠᠪᠠᠭᠠᠨ ᠤ᠋ ᠵᠣᠪᠠᠯᠠᠩ ᠢ᠋ ᠪᠠᠷᠤᠭ ᠠᠮᠰᠠᠵᠤ ᠦᠵᠡᠭᠡᠳᠦᠢ ᠡᠷ᠎ᠡ ᠬᠦᠯᠦᠭ ᠮᠣᠷᠢᠨ ᠬᠡᠮᠡᠭᠴᠢ ᠶᠠᠮᠠᠷ ᠶᠡᠬᠡ ᠬᠦᠴᠦ ᠴᠢᠳᠠᠯᠲᠤ ᠠᠪᠤᠷᠭᠤ ᠬᠠᠨᠢ ᠨᠥᠬᠥᠷ ᠪᠣᠯᠬᠤ ᠶ᠋ᠢ ᠤᠬᠠᠭᠠᠷᠠᠨ ᠬᠠᠷᠠᠮᠰᠠᠵᠤ ᠵᠢᠳᠬᠦᠵᠦ ᠶᠠᠪᠤᠯ᠎ᠠ᠃ ᠮᠣᠷᠢᠲᠠᠢ ᠪᠠᠨ ᠪᠠᠢᠭᠰᠠᠨ ᠪᠣᠯ ᠲᠡᠷᠡ ᠵᠠᠭᠤᠷ᠎ᠠ ᠬᠣᠢᠲᠤ ᠥᠨᠳᠥᠷᠯᠢᠭ ᠲᠦ᠍ ᠬᠡᠳᠦᠬᠡᠨ ᠬᠣᠷᠣᠮ ᠤ᠋ᠨ ᠵᠠᠭᠤᠷ᠎ᠠ ᠥᠰᠥᠷᠬᠡᠭᠡᠳ ᠬᠦᠷᠴᠢᠬᠡᠬᠦ ᠭᠠᠵᠠᠷ ᠪᠥᠯᠥᠭᠡ᠃ ᠭᠡᠪᠡᠴᠦ ᠣᠳᠣ ᠴᠠᠰᠤ ᠴᠢᠩᠭᠠᠭᠰᠠᠨ ᠲᠠᠪᠠᠬᠠᠢ ᠪᠠᠨ ᠠᠭᠠᠵᠢᠭᠤ ᠴᠢᠷᠦᠨ ᠬᠡᠯᠲᠦᠷᠢᠬᠦ ᠳ᠋ᠡᠭᠡᠨ《ᠳᠡᠯᠡᠬᠡᠢ ᠨᠢ ᠪᠢᠰᠢ ᠳᠡᠭᠡᠷᠡᠬᠢ ᠨᠢ ᠬᠥᠳᠡᠯᠵᠦ ᠪᠠᠢᠭ᠎ᠠ ᠪᠣᠯᠬᠣᠷ ᠬᠦᠷᠬᠦ ᠳ᠋ᠡᠭᠡᠨ ᠯᠡ ᠬᠦᠷᠦᠨ᠎ᠡ ᠳᠡ !》 ᠭᠡᠵᠦ ᠥᠪᠡᠷ ᠢ᠋ᠶ᠋ᠡᠨ ᠥᠪᠡᠷ ᠲᠡᠭᠡᠨ ᠥᠭᠦᠯᠡᠭᠰᠡᠭᠡᠷ ᠮᠠᠴᠤᠵᠤ ᠶᠠᠪᠤᠯ᠎ᠠ᠃ 
       ᠬᠠᠶᠠ ᠬᠠᠶᠠ ᠵᠣᠭᠰᠣᠵᠤ ᠡᠨᠳᠡ ᠲᠡᠨᠳᠡᠬᠢ ᠶ᠋ᠢᠨ ᠴᠢᠮᠡᠭᠡ ᠴᠢᠩᠨᠠᠪᠠᠰᠤ ᠬᠡᠷᠡᠭ ᠪᠣᠯᠬᠤ᠂ ᠬᠠᠨᠢᠰᠠᠬᠤ ᠶᠠᠭᠤᠮ᠎ᠠ ᠠᠯᠠᠭ᠎ᠠ᠃ ᠬᠠᠷᠢᠨ ᠴᠢᠨᠣ᠎ᠠ ᠶ᠋ᠢᠨ ᠥᠳᠬᠡᠨ ᠰᠢᠩᠭᠡᠨ ᠣᠯᠢᠯᠳᠤᠬᠤ ᠮᠠᠭᠤᠬᠠᠢ ᠭᠤᠨᠢᠭᠲᠠᠢ ᠭᠢᠩᠭᠢᠨᠡᠭᠡ ᠯᠡ ᠰᠣᠨᠣᠰᠳᠠᠬᠤ ᠠᠵᠠᠢ᠃ ᠪᠣᠭᠤᠷᠴᠢ ᠪᠠᠭ᠎ᠠ ᠨᠠᠰᠤᠨ ᠠ᠋ᠴᠠ ᠪᠠᠨ ᠬᠥᠳᠡᠭᠡ ᠬᠡᠭᠡᠷ᠎ᠡ ᠲᠡᠨᠦᠵᠦ ᠭᠠᠭᠴᠠᠭᠠᠷ ᠬᠣᠨᠣᠭᠯᠠᠵᠤ ᠶᠠᠪᠤᠭᠰᠠᠨ ᠢ᠋ ᠠᠯᠢ ᠶ᠋ᠢ ᠲᠡᠷᠡ ᠭᠡᠬᠦ ᠪᠣᠢ? ᠲᠡᠷᠡ ᠴᠠᠭ ᠲᠤ᠌ ᠠᠳᠤᠭᠤᠨ ᠰᠦᠷᠦᠭ᠂ ᠮᠣᠷᠢ ᠡᠷᠳᠡᠨᠢ ᠬᠡᠮᠡᠬᠦ ᠬᠦᠴᠦᠷᠬᠡᠭ ᠬᠦᠯᠦᠭ ᠲᠡᠢ ᠪᠡᠨ ᠶᠠᠪᠤᠭᠰᠠᠨ ᠪᠣᠯᠬᠣᠷ ᠠᠶᠤᠬᠤ ᠭᠡᠳᠡᠭ ᠢ᠋ ᠣᠭᠲᠣ ᠮᠡᠳᠡᠬᠦ ᠦᠭᠡᠢ ᠶᠠᠪᠤᠵᠠᠢ᠃ ᠬᠦᠯᠦᠭ ᠮᠢᠨᠢ! ᠰᠦᠷᠦᠭ ᠮᠢᠨᠢ!  
       ᠴᠢᠨᠣ᠎ᠠ ᠶ᠋ᠢᠨ ᠳᠠᠭᠤ ᠣᠢᠷᠠᠲᠤᠭᠰᠠᠭᠠᠷ᠂ ᠣᠯᠠᠰᠢᠷᠠᠭᠰᠠᠭᠠᠷ ᠪᠠᠢᠬᠤ ᠰᠢᠭ᠋᠃ ᠳᠣᠲᠣᠷ᠎ᠠ ᠠᠷᠵᠠᠭᠠᠨᠠᠵᠤ ᠵᠢᠷᠦᠬᠡ ᠰᠢᠮᠰᠢᠷᠡᠬᠦ ᠠᠵᠠᠢ᠃ ᠰᠦᠷᠦᠭ ᠴᠢᠨᠣ᠎ᠠ ᠶᠠᠪᠤᠭ᠎ᠠ ᠶᠤᠮ ᠪᠣᠯᠪᠠ ᠤᠤ? ᠣᠳᠣ ᠵᠡᠬᠡᠢ ᠣᠷᠣᠭᠠᠨ ᠤ᠋ ᠦᠶ᠎ᠡ ᠪᠣᠢ᠎ᠠ᠃ ᠰᠦᠷᠦᠭ ᠴᠢᠨᠣ᠎ᠠ ᠢᠷᠡᠪᠡᠯ ᠴᠠᠪᠴᠢᠬᠤ ᠠ᠋ᠴᠠ ᠥᠭᠡᠷ᠎ᠡ ᠵᠠᠮ ᠦᠭᠡᠢ᠃ ᠲᠠᠪᠤ ᠠ᠋ᠴᠠ ᠠᠷᠪᠠᠨ ᠴᠢᠨᠣ᠎ᠠ ᠶ᠋ᠢᠨ ᠬᠣᠩᠰᠢᠶᠠᠷ᠂ ᠲᠣᠯᠣᠭᠠᠢ ᠰᠠᠯᠭᠠᠵᠤ ᠪᠣᠯᠬᠤ ᠶᠤᠮ᠃ ᠬᠣᠷᠢ ᠶ᠋ᠢ ᠪᠣᠯ ᠳᠠᠪᠠᠬᠤ ᠦᠭᠡᠢ ᠯᠡ ᠪᠣᠯᠪᠠ ᠤᠤ ᠳᠠ᠃ ᠵᠠ ᠶᠠᠭᠠᠬᠢᠬᠤ ᠪᠣᠢ᠃ ᠢᠷᠡᠪᠡᠯ ᠴᠦ᠍ ᠢᠷᠡᠭ! ᠪᠢ ᠬᠠᠮᠢᠭᠠᠰᠢ ᠪᠠᠨ ᠵᠠᠢᠯᠠᠬᠤ ᠪᠣᠢ?  ᠡᠢᠨ ᠲᠡᠢᠨ ᠪᠣᠳᠣᠭᠰᠠᠭᠠᠷ ᠨᠢᠭᠡ ᠮᠡᠳᠡᠬᠦ ᠳ᠋ᠦ᠍ ᠴᠠᠰᠤ ᠬᠥᠯ ᠡᠴᠡ ᠴᠢᠩᠭᠠᠭᠠᠬᠤ ᠪᠠᠨ ᠪᠣᠯᠢᠭᠠᠳ ᠰᠢᠭᠤᠷᠴᠤ ᠬᠠᠷᠠᠯᠠᠭᠰᠠᠨ ᠬᠠᠵᠠᠭᠤ ᠥᠨᠳᠥᠷᠯᠢᠭ ᠥᠭᠡᠳᠡ ᠮᠠᠴᠤᠵᠤ ᠶᠠᠪᠤᠭ᠎ᠠ ᠨᠢ ᠵᠣᠷᠢᠭᠰᠠᠨ ᠲᠡᠷᠡ ᠬᠠᠢᠷᠬᠠᠨ ᠠᠵᠤᠭᠤ᠃ ᠬᠥᠯ ᠴᠦ᠍ ᠬᠥᠩᠭᠡᠷᠡᠵᠦ᠂ ᠬᠥᠯᠥᠰᠥ ᠴᠦ᠍ ᠭᠠᠷᠴᠢᠬᠠᠵᠤ ᠁ ᠬᠡᠰᠡᠭ ᠵᠠᠭᠤᠷ᠎ᠠ ᠵᠣᠭᠰᠣᠵᠤ ᠠᠵᠢᠭᠰᠠᠨ ᠢ᠋ᠶ᠋ᠠᠨ ᠬᠥᠯ ᠠᠮᠠᠷᠠᠬᠤ ᠪᠠᠷ ᠰᠠᠭᠤᠪᠠ᠃ ᠴᠢᠮᠡᠭᠡ ᠣᠭᠲᠣ ᠠᠯᠠᠭ᠎ᠠ᠃ ᠥᠨᠥᠬᠢ ᠥᠯᠥᠨ ᠴᠢᠨᠣ᠎ᠠ ᠶ᠋ᠢᠨ ᠳᠠᠭᠤ ᠲᠠᠰᠤᠷᠠᠵᠤ ᠨᠠᠮ ᠭᠦᠮ᠃ 
       ᠲᠡᠷᠲᠡᠭᠡ ᠪᠠᠷᠠᠭᠤᠨ ᠳᠡᠭᠡᠳᠦ ᠲᠩᠷᠢ ᠳ᠋ᠦ᠍ ᠵᠢᠷᠭᠤᠭᠠᠨ ᠮᠡᠴᠢᠳ ᠣᠭᠤᠷᠴᠠᠬᠠᠯᠠᠨ ᠪᠦᠷᠦᠯᠵᠡᠵᠦ᠂ ᠲᠡᠭᠦᠨ ᠦ᠌ ᠠᠷᠤ ᠠ᠋ᠴᠠ ᠭᠤᠷᠪᠠᠨ ᠮᠠᠷᠠᠯ ᠡᠯᠳᠡᠵᠦ ᠶᠠᠪᠤᠭ᠎ᠠ ᠰᠢᠭ᠋᠃ ᠮᠥᠨ ᠲᠡᠷᠡ ᠬᠡᠮᠵᠢᠶᠡᠨ ᠦ᠌ ᠵᠠᠢ ᠳ᠋ᠤ᠌ ᠠᠷᠤ ᠠ᠋ᠴᠠ ᠨᠢ ᠦᠳᠡᠰᠢ ᠶ᠋ᠢᠨ ᠭᠢᠯᠠᠭᠠᠨ ᠬᠥᠭᠡᠭᠡᠵᠦ᠂ ᠲᠡᠳᠡᠭᠡᠷ ᠬᠡᠳᠦᠨ ᠣᠳᠣ ᠪᠠᠷᠠᠭᠤᠨ ᠬᠣᠢᠲᠤ ᠵᠦᠭ ᠬᠤᠷᠠᠯᠳᠤᠨ ᠤᠷᠤᠯᠳᠤᠵᠤ ᠶᠠᠪᠤᠬᠤ ᠰᠢᠭ᠋᠃ ᠲᠡᠳᠡ ᠴᠤᠪᠤᠨ ᠴᠤᠪᠤᠭᠰᠠᠭᠠᠷ ᠳᠠᠯᠳᠠ ᠣᠷᠣᠬᠤ ᠴᠠᠭ ᠲᠤ᠌ ᠦᠦᠷ ᠦ᠋ᠨ ᠴᠣᠯᠮᠣᠨ ᠵᠡᠭᠦᠨ ᠵᠦᠭ ᠡᠴᠡ  ᠰᠢᠷᠭᠠᠯᠳᠠᠨ ᠭᠠᠷᠳᠠᠭ ᠠᠵᠤᠭᠤ᠃ ᠦᠦᠷ ᠴᠠᠢᠬᠤ ᠴᠤ᠌ ᠡᠳᠦᠢ᠃ ᠵᠡᠬᠡᠢ ᠯᠡ ᠰᠥᠨᠢ ᠳᠤᠮᠳᠠ ᠪᠠᠨ ᠣᠷᠣᠵᠤ ᠪᠠᠢᠬᠤ ᠴᠠᠭ᠃ ᠪᠣᠭᠤᠷᠴᠢ ᠡᠪᠦᠯ ᠦ᠋ᠨ ᠰᠥᠨᠢ ᠶ᠋ᠢᠨ ᠤᠷᠲᠤ ᠳ᠋ᠤ᠌ ᠵᠣᠭᠰᠣᠭᠠᠯ ᠳ᠋ᠠᠭᠠᠨ ᠪᠥᠭᠡᠮᠨᠡᠷᠡᠵᠦ ᠬᠣᠷᠭᠣᠭᠰᠠᠨ ᠠᠳᠤᠭᠤᠨ ᠰᠦᠷᠦᠭ ᠦ᠋ᠨ ᠵᠠᠬ᠎ᠠ ᠳ᠋ᠤ᠌ ᠣᠭᠲᠠᠷᠭᠤᠢ ᠳ᠋ᠤ᠌ ᠲᠦᠭᠡᠭᠰᠡᠨ ᠣᠳᠣᠳ ᠢ᠋ ᠲᠣᠭᠠᠯᠠᠵᠤ᠂ ᠠᠯᠢ ᠨᠢ ᠬᠠᠮᠢᠭᠠᠰᠢᠯᠠᠵᠤ ᠪᠠᠢᠷᠢ ᠪᠠᠨ ᠰᠡᠯᠭᠦᠬᠦ ᠶ᠋ᠢ ᠠᠵᠢᠵᠤ ᠭᠠᠢᠬᠠᠳᠠᠭ ᠰᠠᠨ᠃ ᠲᠩᠷᠢ ᠶ᠋ᠢᠨ ᠤᠮᠠᠷ᠎ᠠ ᠡᠲᠡᠭᠡᠳ ᠲᠦ᠍ ᠭᠢᠯᠠᠯᠵᠠᠬᠤ ᠳᠣᠯᠣᠭᠠᠨ ᠡᠪᠦᠭᠡᠨ ᠬᠡᠮᠡᠬᠦ ᠲᠠᠬᠢᠷ ᠡᠰᠢ ᠲᠡᠢ ᠰᠢᠨᠠᠭ᠎ᠠ ᠮᠠᠶᠢᠭ ᠤ᠋ᠨ ᠣᠳᠣᠳ ᠬᠠᠮᠢᠭᠠᠰᠢ ᠴᠤ᠌ ᠦᠯᠦ ᠬᠥᠳᠡᠯᠵᠦ᠂  ᠪᠠᠢᠷᠢ ᠪᠠᠨ ᠦᠯᠦ ᠰᠡᠯᠭᠦᠬᠦ ᠲᠣᠳᠣ ᠲᠣᠮᠣ ᠰᠢᠷᠭᠠᠯ ᠣᠳᠣ ᠶ᠋ᠢ ᠡᠷᠭᠢᠨ ᠲᠣᠭᠣᠷᠢᠵᠤ ᠰᠢᠨᠠᠭᠠᠨ ᠳᠥᠷᠪᠡ ᠨᠢ ᠣᠷᠣᠢ ᠳᠡᠭᠡᠷ᠎ᠡ ᠭᠠᠷᠬᠤ ᠴᠠᠭ ᠲᠤ᠌ ᠦᠦᠷ ᠬᠠᠶᠠᠭᠠᠷᠠᠨ ᠭᠡᠭᠡᠷᠡᠵᠦ ᠢᠷᠡᠳᠡᠭ᠃ ᠲᠡᠷᠡ ᠭᠠᠳᠠᠰᠤ ᠮᠡᠲᠦ ᠬᠥᠳᠡᠯᠦᠭᠴᠢ ᠣᠨᠴᠠᠭᠠᠢ ᠲᠣᠳᠣ ᠭᠠᠭᠴᠠ ᠣᠳᠣ ᠶ᠋ᠢ ᠠᠯᠲᠠᠨ ᠭᠠᠳᠠᠰᠤ ᠭᠡᠮᠡᠨ ᠰᠢᠲᠦᠬᠦ ᠪᠥᠯᠥᠭᠡ᠃ 
       ᠲᠡᠢᠨ ᠬᠦ᠌ ᠪᠠᠭ᠎ᠠ ᠨᠠᠰᠤᠨ ᠳ᠋ᠠᠭᠠᠨ ᠲᠩᠷᠢ ᠶ᠋ᠢᠨ ᠡᠷᠬᠡᠰ ᠢ᠋ ᠰᠢᠷᠳᠡᠨ ᠱᠣᠬᠣᠭᠣᠷᠬᠠᠵᠤ ᠪᠠᠢᠭᠰᠠᠨ ᠢ᠋ᠶ᠋ᠠᠨ ᠰᠠᠨᠠᠨ ᠬᠦᠯᠦᠭ ᠦ᠋ᠨ ᠢ᠋ᠶ᠋ᠡᠨ ᠲᠣᠯᠣᠭᠠᠢ ᠶ᠋ᠢ ᠲᠡᠪᠡᠷᠢᠨ ᠲᠡᠪᠡᠷᠢᠨ᠂ ᠬᠦᠢᠲᠡᠨ ᠪᠣᠯᠤᠭᠰᠠᠨ ᠬᠤᠰᠢᠭᠤᠨ ᠳ᠋ᠤᠨᠢ ᠤᠷᠤᠭᠤᠯ ᠢ᠋ᠶ᠋ᠠᠨ ᠬᠦᠷᠭᠡᠨ ᠨᠢᠯᠪᠤᠰᠤ ᠤᠨᠠᠭᠠᠨ᠂ ᠤᠷᠲᠤ ᠪᠠᠷ ᠰᠡᠭᠦᠷᠡᠰᠦ ᠠᠯᠲᠠᠨ᠄《ᠠᠷᠪᠠᠨ ᠨᠠᠢ᠍ᠮᠠᠨ ᠵᠢᠯ ᠦ᠋ᠨ ᠲᠡᠷᠲᠡᠭᠡ ᠬᠡᠷᠦᠯᠦᠨ ᠮᠥᠷᠡᠨ ᠦ᠌ ᠡᠮᠦᠨᠡᠬᠢ ᠪᠠᠷᠠᠭᠤᠨ ᠲᠠᠷᠭᠤᠨ ᠠᠭᠤᠯᠠ ᠶ᠋ᠢᠨ ᠪᠠᠷᠠᠭᠤᠨ ᠬᠤᠸᠠ ᠲᠤᠯᠤᠭᠠᠳ ᠳᠤᠮᠳᠠ᠂ ᠲᠤᠩᠭᠠᠯᠠᠭᠬᠠᠨ ᠬᠦᠢᠲᠡᠨ ᠤᠰᠤ ᠲᠠᠢ ᠬᠤᠤᠳᠤᠭ ᠤ᠋ᠨ ᠳᠡᠷᠭᠡᠳᠡ ᠲᠡᠮᠦᠷᠴᠢ ᠡᠴᠢᠭᠡ ᠶ᠋ᠢᠨ ᠬᠤᠷᠳᠤᠨ ᠬᠣᠩᠭᠣᠷ ᠠᠵᠢᠷᠭ᠎ᠠ ᠶ᠋ᠢᠨ ᠦᠷ᠎ᠡ ᠳᠠᠬᠢ ᠶ᠋ᠢᠨ ᠤᠳᠤᠮᠲᠠᠢ ᠭᠡᠬᠦ ᠮᠠᠨ ᠤ᠋ ᠰᠠᠷᠠᠯ ᠪᠠᠢᠳᠠᠰᠤ ᠶ᠋ᠢᠨ ᠬᠡᠪᠡᠯᠢ ᠳ᠋ᠦ᠍ ᠨᠡᠪᠲᠡᠷᠡᠨ᠂ ᠠᠮᠢᠲᠠᠨ ᠤ᠋ ᠳᠦᠷᠰᠦ ᠣᠯᠵᠤ ᠠᠳᠤᠭᠤᠨ ᠪᠡᠶ᠎ᠡ ᠶ᠋ᠢ ᠡᠳ᠋ᠯᠡᠭᠰᠡᠨ ᠴᠠᠭ ᠠ᠋ᠴᠠ ᠳᠠᠭᠠᠨ ᠨᠠᠰᠤᠨ ᠠ᠋ᠴᠠ ᠪᠠᠨ ᠠᠷᠪᠠᠨ ᠲᠠᠪᠤᠨ ᠵᠢᠯ ᠲᠦᠷᠦᠭᠦᠦ ᠮᠠᠩᠨᠠᠢ ᠠᠪᠴᠤ ᠭᠠᠢᠬᠠᠭᠳᠠᠵᠤ ᠠᠭᠰᠠᠨ ᠬᠦᠯᠦᠭ ᠮᠢᠨᠢ ᠪᠢᠯᠡ ᠴᠢ! ᠴᠢᠮ᠎ᠠ ᠪᠠᠷ ᠢ᠋ᠶ᠋ᠠᠨ ᠬᠥᠯᠭᠡᠯᠡᠭᠰᠡᠨ ᠴᠠᠭ ᠲᠤ᠌ ᠶᠠᠮᠠᠷ ᠴᠦ᠍ ᠳᠠᠢᠰᠤᠨ ᠮᠢᠨᠦ ᠭᠠᠷ ᠠ᠋ᠴᠠ ᠭᠠᠷᠬᠤ ᠦᠭᠡᠢ ᠭᠡᠮᠡᠨ ᠰᠠᠨᠠᠵᠤ ᠶᠠᠪᠤᠭᠰᠠᠨ ᠶᠤᠮᠰᠠᠨ᠂ ᠬᠡᠷᠦᠯᠦᠨ ᠭᠣᠣᠯ ᠤ᠋ᠨ ᠤᠨᠠᠭ᠎ᠠ ᠮᠢᠨᠢ! ᠬᠡᠷᠦᠯᠦᠨ! ᠬᠡᠷᠦᠯᠦᠨ! ᠬᠡᠷᠦᠯᠦᠨᠵᠢᠨ ᠮᠢᠨᠢ! ᠬᠡᠨᠡᠭᠡᠨ ᠲᠣᠮᠣᠭ᠎ᠠ ᠦᠭᠡᠢ ᠨᠠᠰᠤᠨ ᠳ᠋ᠠᠭᠠᠨ ᠴᠢᠮᠠᠲᠠᠢ ᠪᠠᠨ ᠤᠴᠠᠷᠠᠵᠤ ᠬᠠᠢᠷ᠎ᠠ ᠰᠡᠳᠬᠢᠯ ᠦ᠋ᠨ ᠠᠮᠲᠠ ᠶ᠋ᠢ ᠮᠡᠳᠡᠷᠡᠵᠦ᠂ ᠬᠠᠨᠢ ᠶ᠋ᠢᠨ ᠵᠠᠶᠠᠭ᠎ᠠ ᠬᠦᠰᠡᠯ ᠢ᠋ ᠮᠥᠷᠥᠭᠡᠳᠴᠦ ᠶᠠᠪᠤᠭᠰᠠᠨ ᠰᠠᠨ᠃ ᠲᠥᠷᠥᠭᠦᠯᠵᠦ ᠥᠭᠭᠦᠭᠰᠡᠨ ᠭᠠᠭᠴᠠ ᠬᠦᠦ ᠴᠢᠨᠢ ᠥᠨᠥ ᠡᠷ᠎ᠡ ᠶ᠋ᠢᠨ ᠴᠡᠭᠡᠯ ᠳ᠋ᠦ᠍ ᠬᠦᠷᠦᠭᠡᠳ ᠬᠠᠮᠤᠭ ᠮᠣᠩᠭᠣᠯ ᠤ᠋ᠨ ᠬᠠᠭᠠᠨ ᠡᠵᠡᠨ ᠦ᠌ ᠳᠡᠷᠭᠡᠳᠡ ᠶ᠋ᠢᠨ ᠠᠯᠪᠠᠨ ᠳ᠋ᠤ᠌ ᠬᠦᠴᠦᠨ ᠵᠢᠳᠬᠦᠵᠦ ᠶᠠᠪᠤᠨ᠎ᠠ᠃ ᠥᠭᠡᠯᠡᠨ ᠬᠦᠦ ᠪᠡᠨ ᠦᠵᠡᠭᠰᠡᠨ ᠰᠠᠨ ᠪᠣᠯ ᠴᠢ ᠮᠢᠨᠢ ᠬᠡᠴᠢᠨᠡᠭᠡᠨ ᠶᠡᠬᠡ ᠪᠠᠶᠠᠷᠯᠠᠬᠤ ᠪᠠᠢᠭᠰᠠᠨ ᠪᠣᠯ!》 ᠭᠡᠮᠡᠨ ᠰᠡᠳᠬᠢᠯ ᠬᠣᠷᠣᠮᠬᠠᠨ ᠵᠠᠭᠤᠷ᠎ᠠ ᠰᠢᠯᠵᠠᠷᠠᠨ ᠪᠣᠳᠣᠭᠰᠠᠨ ᠢ᠋ᠶ᠋ᠠᠨ ᠪᠣᠰᠴᠤ ᠵᠦᠭ ᠵᠦᠭ ᠠᠵᠢᠨ ᠬᠠᠷᠠᠭᠠᠳ ᠭᠠᠵᠠᠷ ᠤ᠋ᠨ ᠥᠭᠡᠳᠡ ᠮᠠᠴᠤᠨ ᠰᠠᠵᠢᠯᠠᠪᠠ᠃ ᠲᠡᠭᠡᠵᠦ ᠶᠠᠪᠤᠬᠤ ᠵᠠᠭᠤᠷ᠎ᠠ ᠪᠠᠨ᠄ 
            《ᠬᠡᠷᠦᠯᠦᠨ ᠳ᠋ᠦ᠍ ᠢᠨᠦ ᠲᠥᠷᠥᠭᠰᠡᠨ  
              ᠬᠡᠪᠲᠡᠢ ᠬᠠᠯᠢᠭᠤᠨ ᠰᠠᠷᠠᠯ ᠮᠣᠷᠢ ᠮᠢᠨᠢ 
              ᠳᠦᠭᠦᠰᠢᠨ ᠳ᠋ᠦ᠍ᠨᠢ ᠲᠤᠯᠵᠤ  
              ᠡᠷ᠎ᠡ ᠬᠥᠮᠦᠨ ᠣᠨᠣᠯᠲᠠᠢ ᠰᠠᠢᠨ ᠮᠣᠷᠢ ᠮᠢᠨᠦ   
              ᠤᠷᠤᠯᠳᠤᠭᠠᠨ ᠤ᠋ ᠪᠠᠨ ᠲᠦᠷᠦᠭᠦᠨ ᠳ᠋ᠦ᠍  
              ᠤᠯᠠᠭᠠᠨ ᠬᠥᠭᠡᠰᠦ ᠪᠡᠨ ᠰᠠᠬᠠᠷᠠᠭᠤᠯᠵᠤ ᠢᠷᠡᠳᠡᠭ ᠰᠠᠨ  
              ᠤᠭᠲᠤᠭᠤᠯᠴᠢᠨ ᠢ᠋ᠶ᠋ᠠᠨ ᠲᠠᠨᠢᠵᠤ   
              ᠤᠯᠠᠮ ᠤᠯᠠᠮ ᠢ᠋ᠶ᠋ᠠᠷ ᠬᠤᠷᠳᠤᠯᠠᠳᠠᠭ ᠰᠠᠨ ᠪᠢᠯᠡ  
              ᠪᠠᠷᠢᠴᠠᠭᠠᠨ ᠤ᠋ ᠪᠠᠨ ᠦᠶ᠎ᠡ ᠳ᠋ᠦ᠍ 
              ᠪᠠᠷᠳᠠᠮ ᠵᠠᠩ ᠢ᠋ᠶ᠋ᠠᠷ ᠳᠦᠷᠦᠭᠦᠯᠦᠭᠰᠡᠭᠡᠷ ᠢᠷᠡᠳᠡᠭ ᠰᠠᠨ ᠪᠢᠯᠡ  
              ᠡᠵᠡᠨ ᠮᠢᠨᠦ ᠶ᠋ᠢᠨ ᠢ᠋ᠶ᠋ᠡᠨ ᠲᠥᠯᠥᠭᠡ 
              ᠡᠨᠡ ᠪᠡᠶ᠎ᠡ ᠡᠴᠦᠰᠯᠡᠪᠡ ᠰᠠᠷᠠᠯ ᠮᠣᠷᠢ ᠮᠢᠨᠦ》 ᠭᠡᠮᠡᠨ ᠳᠠᠭᠤᠯᠠᠭᠰᠠᠭᠠᠷ᠂ ᠠᠭᠤᠯᠠ ᠶ᠋ᠢᠨ ᠣᠷᠣᠢ ᠴᠢᠭᠯᠡᠨ ᠨᠢᠯᠪᠤᠰᠤ ᠪᠠᠨ ᠳᠤᠰᠤᠯᠠᠭᠤᠯᠤᠨ᠂ ᠨᠢᠰᠦ ᠪᠡᠨ ᠲᠡᠳᠡᠨ ᠲᠡᠳᠡᠨ ᠭᠡᠯᠳᠦᠷᠢᠨᠡᠮ᠃ ᠡᠨᠡ ᠳᠠᠭᠤᠤ ᠶ᠋ᠢ ᠪᠣᠭᠣᠷᠴᠢ ᠬᠣᠵᠢᠮ ᠨᠠᠢᠷ᠂ ᠨᠠᠭᠠᠳᠤᠮ ᠪᠦᠷᠢ ᠳ᠋ᠦ᠍ ᠰᠢᠷᠦᠩᠬᠠᠢᠯᠠᠨ ᠠᠶᠠᠯᠳᠠᠭ ᠪᠠᠢᠭᠰᠠᠨ ᠭᠡᠳᠡᠭ᠃  
       ᠡᠨᠡ ᠭᠤᠨᠢᠭᠲᠤ ᠰᠥᠨᠢ ᠲᠡᠷᠡ ᠪᠡᠷ ᠮᠠᠴᠤᠨ ᠨᠣᠴᠣᠭᠰᠠᠭᠠᠷ ᠬᠠᠢᠷᠬᠠᠨ ᠤ᠋ ᠣᠷᠣᠢ ᠳ᠋ᠤ᠌ ᠭᠠᠷᠤᠯ᠎ᠠ᠃ ᠪᠠᠭᠠᠪᠲᠤᠷ ᠴᠢᠯᠠᠭᠤᠨ ᠣᠪᠣᠭ᠎ᠠ ᠪᠠᠢᠨ᠎ᠠ᠃ ᠶᠠᠮᠠᠷ ᠨᠢᠭᠡᠨ ᠲᠠᠬᠢᠯᠭ᠎ᠠ ᠶ᠋ᠢᠨ ᠭᠠᠵᠠᠷ ᠪᠣᠯᠬᠤ ᠨᠢ ᠲᠣᠳᠣ ᠠ᠋ᠴᠠ ᠲᠣᠳᠣ᠃ ᠠᠯᠢ ᠨᠢᠭᠡ ᠣᠪᠣᠭ ᠤ᠋ᠨ ᠲᠠᠬᠢᠯᠭ᠎ᠠ ᠪᠣᠯᠤᠯᠲᠠᠢ᠃ ᠪᠤᠭᠤᠷᠴᠢ᠄《ᠶᠠᠮᠠᠷ ᠣᠪᠣᠭ ᠪᠠᠢᠵᠤ ᠪᠣᠯᠬᠤ ᠪᠣᠢ? ᠮᠠᠨ ᠤ᠋ ᠡᠷᠲᠡᠨ ᠦ᠌ ᠣᠪᠣᠭ ᠴᠠᠦᠵᠢᠨ ᠣᠷᠳᠠᠭᠠᠢ ᠶ᠋ᠢᠨ ᠤᠳᠤᠮ ᠠ᠋ᠴᠠ ᠤᠤ? ᠮᠠᠭᠠᠳ ᠦᠭᠡᠢ ᠠ᠋᠃ ᠬᠠᠪᠲᠠᠷᠭᠠᠰ᠂ ᠬᠠᠨᠢᠬᠢᠰ ᠤ᠋ᠨ ᠬᠢ ᠴᠦ᠍ ᠪᠠᠢᠵᠤ ᠪᠣᠯᠬᠤ᠃ ᠡᠰᠡᠪᠡᠯ ᠵᠠᠯᠠᠢᠷ ᠤ᠋ᠨ ᠬᠢᠨ ᠦ᠌ ᠨᠢᠭᠡ ᠣᠪᠣᠭ ᠤᠳᠤᠮ ᠤ᠋ᠨ ᠬᠢᠨ ᠪᠠᠢᠵᠤ ᠪᠣᠯᠤᠮᠠᠷ᠃ ᠵᠠ᠂ ᠠᠯᠢ ᠨᠢ ᠴᠦ᠍ ᠪᠣᠯ᠂ ᠬᠦᠨᠳᠦᠲᠡᠢ ᠯᠡ ᠬᠠᠢᠷᠬᠠᠨ ᠪᠠᠢᠨ᠎ᠠ》 ᠭᠡᠮᠡᠨ ᠪᠣᠳᠣᠭᠠᠳ ᠡᠮᠡᠭᠡᠯ ᠢ᠋ᠶ᠋ᠡᠨ ᠨᠢᠷᠤᠭᠤᠨ ᠠ᠋ᠴᠠ ᠪᠠᠨ ᠪᠠᠭᠤᠯᠭᠠᠵᠤ᠂ ᠮᠣᠯᠣᠷ ᠡᠷᠳᠡᠨᠢ ᠮᠣᠷᠢᠨ ᠲᠣᠯᠣᠭᠠᠢ ᠪᠠᠨ ᠤᠮᠠᠷ᠎ᠠ ᠵᠦᠭ ᠠᠯᠲᠠᠨ ᠭᠠᠳᠠᠰᠤ ᠣᠳᠣ ᠴᠢᠭᠯᠡᠭᠦᠯᠵᠦ ᠣᠪᠣᠭᠠᠨ ᠳᠡᠭᠡᠷ᠎ᠡ ᠲᠠᠯᠪᠢᠭᠠᠳ᠂ ᠰᠢᠨᠵᠢᠵᠦ ᠠᠵᠢᠨ ᠡᠪᠲᠡᠢᠬᠡᠨ ᠵᠠᠰᠠᠯᠭ᠎ᠠ ᠬᠢᠭᠡᠳ᠂ ᠬᠥᠬᠥᠯ ᠢ᠋ ᠨᠢ ᠬᠣᠶᠠᠷ ᠠᠯᠠᠭ᠎ᠠ ᠪᠠᠷ ᠢ᠋ᠶ᠋ᠠᠨ ᠳᠡᠭᠡᠭᠰᠢ ᠰᠢᠪᠲᠤᠷᠴᠤ ᠪᠤᠰᠬᠠᠨ ᠬᠣᠶᠠᠷ ᠨᠢᠳᠦᠨ ᠦ᠌ ᠬᠢᠨᠢ ᠬᠠᠵᠠᠭᠤ ᠠ᠋ᠴᠠ ᠬᠠᠪᠲᠠᠭᠠᠢ ᠴᠢᠯᠠᠭᠤ ᠢᠷᠮᠡᠭᠯᠡᠭᠦᠯᠦᠨ ᠪᠤᠰᠬᠠᠵᠤ ᠬᠠᠭᠠᠯᠲᠠ ᠪᠣᠯᠭᠠᠨ ᠲᠦᠰᠢᠭᠦᠯᠪᠡ᠃ ᠡᠨᠡ ᠨᠢ ᠬᠡᠷᠢᠶᠡᠨ ᠳ᠋ᠦ᠍ ᠬᠠᠢᠷᠠᠲᠤ ᠬᠦᠯᠦᠭ ᠦ᠋ᠨ ᠢ᠋ᠶ᠋ᠡᠨ ᠨᠢᠳᠦ ᠶ᠋ᠢ ᠨᠢ ᠤᠬᠤᠭᠤᠯᠬᠤ ᠦᠭᠡᠢ ᠭᠡᠰᠡᠨ ᠪᠣᠳᠣᠯ ᠪᠠᠢᠵᠠᠢ᠃ 
       ᠣᠪᠣᠭᠠᠨ ᠤ᠋ ᠡᠮᠦᠨ᠎ᠡ ᠬᠡᠰᠡᠭ ᠵᠠᠭᠤᠷ᠎ᠠ ᠵᠣᠭᠰᠣᠵᠤ ᠲᠣᠯᠣᠭᠠᠢ ᠮᠡᠬᠦᠢᠨ ᠬᠦᠨᠳᠦᠳᠬᠡᠭᠡᠳ᠂ ᠡᠮᠡᠭᠡᠯ ᠢ᠋ᠶ᠋ᠡᠨ ᠡᠭᠦᠷᠦᠨ ᠥᠪᠡᠷᠰᠡᠳ ᠦ᠋ᠨ ᠬᠢᠨ ᠢ᠋ᠶ᠋ᠡᠨ ᠪᠠᠢᠭ᠎ᠠ ᠭᠡᠰᠡᠨ ᠵᠦᠭ ᠢ᠋ ᠪᠠᠷᠢᠵᠤ᠂ ᠠᠭᠤᠯᠠᠨ ᠤ᠋ ᠪᠠᠷᠠᠭᠤᠨ ᠬᠣᠢᠲᠤ ᠤᠷᠤᠭᠤ ᠪᠠᠭᠤᠪᠠ᠃ ᠠᠭᠤᠯᠠ ᠠᠷᠤ ᠪᠠᠷ ᠢ᠋ᠶ᠋ᠠᠨ ᠠᠷᠮᠠᠭ ᠲᠠᠷᠮᠠᠭ ᠮᠣᠳᠣᠲᠠᠢ ᠠᠵᠢ᠃ ᠮᠣᠳᠣ ᠵᠠᠬᠠᠯᠠᠰᠬᠢᠨ ᠪᠠᠭᠤᠵᠤ ᠶᠠᠪᠤᠬᠤ ᠳ᠋ᠠᠭᠠᠨ ᠨᠢᠭᠡ ᠤᠷᠲᠤ ᠠ᠋ᠴᠠ ᠤᠷᠲᠤ ᠨᠠᠷᠢᠨ ᠤᠨᠠᠩᠭᠢ ᠮᠣᠳᠣ ᠰᠤᠭᠤ ᠲᠠᠲᠠᠵᠤ᠂ ᠮᠥᠴᠢᠷ ᠢ᠋ ᠨᠢ ᠬᠢᠲᠤᠭ᠎ᠠ ᠪᠠᠷ ᠢ᠋ᠶ᠋ᠠᠨ ᠣᠭᠲᠣᠴᠢᠨ ᠬᠠᠶᠠᠭᠠᠳ᠂ ᠦᠨᠳᠦᠰᠦ ᠪᠣᠯᠴᠤᠤ ᠶ᠋ᠢ ᠨᠢ ᠦᠯᠡᠳᠡᠭᠡᠭᠡᠳ᠂ ᠭᠠᠵᠠᠷ ᠤ᠋ᠨ ᠤᠷᠤᠭᠤ ᠲᠤᠯᠵᠤ᠂ ᠴᠠᠰᠤᠨ ᠤ᠋ ᠨᠢᠮᠭᠡᠨ ᠢ᠋ ᠪᠠᠷᠢᠰᠬᠢᠨ ᠶᠠᠪᠤᠵᠤ ᠪᠠᠭᠤᠯ᠎ᠠ᠃ ᠭᠠᠵᠠᠷ ᠤ᠋ᠨ ᠨᠠᠮ ᠳᠣᠣᠷ᠎ᠠ ᠪᠠᠭᠤᠵᠤ ᠢᠷᠡᠭᠡᠳ ᠪᠡᠶ᠎ᠡ ᠨᠣᠵᠣᠭᠣᠷᠠᠵᠤ ᠨᠣᠢᠷ ᠬᠦᠷᠦᠮᠡᠷ ᠪᠣᠯᠬᠤ ᠪᠠᠷ ᠬᠣᠶᠠᠷ ᠨᠢᠭᠡ ᠡᠪᠰᠢᠶᠡᠵᠦ ᠥᠳᠬᠡᠨ ᠡᠪᠡᠰᠦ ᠰᠢᠷᠭᠠᠯᠲᠤᠭᠰᠠᠨ ᠭᠠᠵᠠᠷ ᠢᠷᠡᠭᠡᠳ ᠴᠠᠰᠤᠨ ᠤ᠋ ᠨᠢᠮᠭᠡᠨ ᠢ᠋ ᠬᠠᠷᠠᠨ ᠰᠠᠯᠬᠢᠨ ᠤ᠋ ᠤᠷᠤᠭᠤ ᠡᠮᠡᠭᠡᠯ ᠢ᠋ᠶ᠋ᠡᠨ ᠲᠦᠰᠢᠵᠦ ᠲᠠᠰᠢᠭᠤᠷ ᠢ᠋ᠶ᠋ᠠᠨ ᠲᠤᠯᠤᠨ ᠵᠡᠭᠦᠷᠮᠡᠭᠯᠡᠵᠦ ᠪᠠᠢᠭᠰᠠᠨ ᠢ᠋ᠶ᠋ᠠᠨ ᠵᠡᠭᠦᠳᠦᠯᠡᠵᠦ᠂ ᠨᠢᠭᠡ ᠶᠡᠬᠡ ᠥᠨᠳᠥᠷ ᠥᠭᠡᠳᠡ ᠮᠠᠴᠤᠵᠤ ᠠᠪᠠᠷᠢᠬᠤ ᠭᠡᠳ ᠴᠢᠳᠠᠬᠤ ᠦᠭᠡᠢ ᠪᠤᠳᠤᠯᠢᠵᠤ ᠮᠤᠩᠭᠠᠨᠢᠵᠤ ᠵᠣᠪᠠᠵᠤ ᠶᠠᠳᠠᠨ ᠠᠪᠠᠢ᠃ ᠲᠡᠭᠡᠲᠡᠯ᠎ᠡ ᠴᠢᠮᠡᠭᠡ ᠭᠠᠷᠬᠤ ᠰᠠᠴᠠᠭᠤ ᠰᠣᠴᠢᠨ ᠰᠡᠷᠢᠪᠡᠯ ᠣᠢᠷᠠᠯᠴᠠᠭ᠎ᠠ ᠡᠮᠡᠭᠡᠯᠲᠡᠢ ᠮᠣᠷᠢ ᠵᠢᠯᠣᠭᠣ ᠴᠤᠯᠪᠤᠭᠤᠷ ᠢ᠋ᠶ᠋ᠠᠨ ᠴᠢᠷᠦᠨ ᠴᠠᠰᠤ ᠴᠠᠪᠴᠢᠨ ᠡᠪᠡᠰᠦ ᠵᠤᠯᠭᠠᠭᠠᠨ ᠰᠢᠷ ᠰᠢᠷ ᠵᠠᠵᠢᠯᠬᠤ ᠠᠵᠢ᠃《ᠮᠣᠷᠢ! ᠮᠣᠷᠢ!》 ᠭᠡᠵᠦ ᠣᠯᠵᠠᠭᠤᠷᠬᠠᠨ ᠰᠡᠷᠭᠦᠵᠦ᠂ ᠬᠥᠮᠦᠨ ᠭᠡᠳᠡᠭ ᠢ᠋ᠶ᠋ᠡᠨ ᠲᠠᠨᠢᠭᠤᠯᠬᠤ ᠶ᠋ᠢᠨ ᠲᠤᠯᠠ ᠬᠣᠭᠣᠯᠠᠢ ᠪᠠᠨ ᠵᠠᠰᠠᠨ ᠬᠠᠨᠢᠶᠠᠬᠤ ᠠᠪᠢᠶ᠎ᠠ ᠭᠠᠷᠭᠠᠭᠠᠳ ᠪᠣᠰᠬᠤᠢ ᠳ᠋ᠤ᠌᠂ ᠮᠣᠷᠢ ᠴᠢᠬᠢ ᠰᠣᠷᠲᠣᠢᠨ ᠬᠠᠷᠠᠭᠰᠠᠨ ᠢ᠋ᠶ᠋ᠠᠨ ᠴᠠᠭᠠᠰᠢ ᠱᠣᠭᠰᠢᠰᠬᠢᠭᠡᠳ ᠵᠣᠭᠰᠣᠵᠤ ᠡᠪᠡᠰᠦ ᠵᠤᠯᠭᠠᠭᠠᠯ᠎ᠠ᠃ ᠥᠯᠥᠨ ᠮᠣᠷᠢ ᠢᠳᠡᠰᠢᠨ ᠳ᠋ᠦ᠍ ᠰᠢᠨᠤᠬᠤ ᠨᠢ ᠵᠦᠢ᠃ ᠡᠮᠡᠭᠡᠯ ᠢ᠋ᠶ᠋ᠡᠨ ᠣᠷᠬᠢᠭᠠᠳ ᠤᠷᠲᠤ ᠲᠣᠷᠯᠣᠭ ᠢ᠋ᠶ᠋ᠠᠨ ᠪᠠᠷᠢᠵᠤ ᠲᠣᠭᠣᠷᠢᠰᠬᠢᠨ ᠮᠣᠷᠢᠨ ᠳ᠋ᠤ᠌ ᠳᠥᠭᠥᠵᠦ ᠶᠠᠪᠠᠭᠠᠨ ᠰᠠᠭᠤᠭᠠᠳ《ᠬᠠᠢ᠂ ᠬᠠᠢ》 ᠭᠡᠵᠦ ᠠᠷᠭᠠᠳᠠᠬᠤ ᠠᠶᠠᠰ ᠲᠠᠢ ᠴᠢᠮᠡᠭᠡ ᠥᠭᠴᠦ ᠠᠯᠭᠤᠷᠬᠠᠨ ᠣᠢᠷᠠᠳᠪᠠ᠃ ᠣᠢᠷᠠᠳᠬᠤᠯᠠᠷ ᠮᠣᠷᠢ ᠴᠠᠭᠠᠰᠢ ᠵᠢᠭᠠᠬᠠᠨ ᠲᠠᠶᠠᠯᠠᠵᠦ᠂ ᠪᠣᠰᠤᠭ᠎ᠠ ᠰᠠᠭᠤᠭ᠎ᠠ ᠬᠣᠶᠠᠷ ᠣᠢᠷᠠᠲᠤᠰᠬᠢᠬᠦ ᠪᠣᠯᠪᠠᠴᠤ ᠮᠣᠷᠢ ᠪᠠᠰᠠᠯᠠ ᠭᠠᠷ ᠲᠤ᠌ ᠣᠷᠣᠵᠤ ᠥᠭᠬᠦ ᠦᠭᠡᠢ ᠪᠣᠭᠤᠷᠴᠢ ᠶ᠋ᠢ ᠵᠣᠪᠠᠭᠠᠬᠤ ᠠᠵᠢ᠃ ᠲᠡᠷᠡ ᠪᠡᠷ ᠲᠣᠷᠯᠣᠭ ᠤ᠋ᠨ ᠶᠣᠵᠣᠭᠣᠷ ᠲᠤ᠌ ᠲᠡᠭᠡᠭᠡᠯᠡᠭᠦᠷ ᠭᠠᠷᠭᠠᠵᠤ ᠵᠠᠰᠠᠭᠠᠳ ᠲᠡᠭᠦᠨ ᠢ ᠪᠡᠨ ᠣᠷᠣᠭᠰᠢ ᠰᠤᠩᠭᠠᠨ ᠪᠠᠷᠢᠵᠤ《ᠬᠠᠢ᠂ ᠬᠠᠢ》ᠳᠤᠤᠭᠠᠷᠬᠤ ᠰᠢᠪᠡᠨᠡᠬᠦ ᠶ᠋ᠢᠨ ᠬᠣᠭᠣᠷᠣᠨᠳᠣ ᠮᠣᠷᠢ ᠤᠷᠤᠭᠤ ᠳᠥᠭᠥᠨ ᠶᠠᠭ ᠳᠡᠭᠡᠭᠡᠳᠡᠭᠡᠳ ᠠᠪᠬᠤ ᠭᠡᠬᠦᠯᠡᠷ ᠯᠡ ᠲᠥᠭᠡ ᠰᠥᠭᠥᠮ ᠦ᠋ᠨ ᠵᠠᠢ ᠭᠠᠷᠤᠭᠠᠳ᠂ ᠶᠠᠳᠠᠨ ᠶᠠᠳᠠᠬᠤ ᠳ᠋ᠠᠭᠠᠨ ᠪᠣᠭᠣᠷᠴᠢ ᠬᠡᠪᠲᠡᠨ ᠰᠤᠨᠵᠤ ᠴᠦ᠍ ᠦᠵᠡᠯ᠎ᠡ᠃ ᠢᠩᠭᠢᠵᠦ ᠲᠡᠭᠡᠵᠦ ᠨᠡᠯᠢᠶᠡᠳ ᠴᠠᠭ ᠬᠤᠭᠤᠴᠠᠭ᠎ᠠ ᠥᠩᠭᠡᠷᠡᠵᠦ ᠮᠤᠩᠭᠠᠨᠢᠵᠤ ᠪᠠᠢᠲᠠᠯ᠎ᠠ ᠮᠣᠷᠢ ᠦᠷᠭᠦᠬᠦ ᠮᠠᠶᠢᠭ ᠲᠠᠢ ᠡᠷᠭᠢᠬᠦ ᠳ᠋ᠦ᠍ᠨᠢ ᠵᠢᠯᠤᠭᠤᠨ ᠤ᠋ ᠭᠣᠭᠴᠣᠭ᠎ᠠ ᠳᠡᠭᠡᠬᠡᠨ ᠳ᠋ᠦ᠍ᠨᠢ ᠣᠷᠣᠵᠤ ᠡᠨᠡ ᠨᠢ ᠶᠠᠮᠠᠷ ᠠᠵᠠ ᠶᠤᠮ ᠪᠣᠢ? ᠨᠢᠭᠡ ᠬᠢᠷᠡᠰᠦ ᠳᠠᠪᠬᠢᠨ ᠥᠩᠭᠡᠷᠡᠬᠦ ᠵᠠᠭᠤᠷ᠎ᠠ ᠯᠠ ᠪᠣᠯᠵᠤ ᠳᠠ᠃ ᠢᠩᠭᠢᠭᠡᠳ ᠪᠣᠭᠤᠷᠴᠢ ᠮᠣᠷᠢ ᠲᠠᠢ ᠪᠣᠯᠵᠠᠢ᠃ ᠮᠣᠷᠢ ᠪᠠᠨ ᠪᠠᠷᠢᠵᠤ ᠠᠪᠤᠭᠠᠳ ᠨᠢᠳᠦ᠂ ᠳᠤᠬᠤ᠂ ᠬᠠᠮᠠᠷ ᠢ᠋ ᠨᠢ ᠢᠯᠢᠵᠦ ᠵᠥᠭᠡᠯᠡᠨ ᠬᠤᠰᠢᠭᠤᠨ ᠳ᠋ᠤᠨᠢ ᠤᠷᠤᠭᠤᠯ ᠢ᠋ᠶ᠋ᠠᠨ ᠬᠦᠷᠭᠡᠵᠦ《ᠴᠢ ᠬᠦᠯᠦᠭ ᠪᠠᠭᠠᠲᠤᠷ ᠪᠤᠭᠤᠷᠴᠢ ᠶ᠋ᠢᠨ ᠬᠦᠯᠦᠭ ᠪᠣᠯᠬᠤ ᠳᠤᠷ᠎ᠠ ᠦᠭᠡᠢ ᠭᠡᠵᠦ ᠤᠤ? ᠪᠢ ᠬᠦᠯᠦᠭ ᠪᠠᠭᠠᠲᠤᠷ ᠰᠢᠦ ᠳᠡ》 ᠭᠡᠵᠦ ᠳᠤᠬᠤ ᠮᠠᠩᠨᠠᠢ᠂ ᠬᠣᠨᠳᠣᠯᠠᠢ ᠨᠢᠷᠤᠭᠤ ᠶ᠋ᠢ ᠨᠢ ᠢᠯᠢᠨ《ᠵᠠ᠂ ᠮᠣᠷᠢ ᠲᠠᠢ ᠪᠣᠯᠤᠯ᠎ᠠ》 ᠭᠡᠵᠦ ᠬᠡᠯᠡᠭᠡᠳ ᠮᠣᠷᠳᠠᠵᠤ ᠡᠮᠡᠭᠡᠯ ᠤᠷᠤᠭᠤ ᠪᠠᠨ ᠣᠴᠢᠵᠤ᠂ ᠲᠡᠭᠦᠨ ᠢ᠋ ᠠᠪᠴᠤ ᠭᠠᠨᠵᠤᠭᠠᠯᠠᠭᠠᠳ ᠮᠣᠷᠳᠠᠵᠤ᠂ ᠬᠠᠭᠠᠨ ᠤ᠋ ᠪᠠᠨ ᠪᠠᠭᠤᠳᠠᠯᠯᠠᠵᠤ ᠪᠠᠢᠭ᠎ᠠ ᠵᠦᠭ ᠬᠥᠳᠡᠯᠭᠦᠢ ᠯᠦᠭᠡ ᠦᠦᠷ ᠴᠠᠢᠵᠤ᠂ ᠵᠡᠭᠦᠨ ᠲᠠᠯ᠎ᠠ ᠠ᠋ᠴᠠ ᠪᠠᠨ ᠣᠳᠣᠳ ᠪᠦᠳᠡᠭᠢᠷᠡᠨ ᠪᠤᠭᠤᠷᠴᠢ ᠡᠬᠢᠯᠡᠭᠡᠳ ᠱᠣᠭᠰᠢᠵᠤ᠂ ᠳᠠᠷᠠᠭ᠎ᠠ ᠨᠢ ᠶᠦᠷᠭᠦᠭᠦᠯᠦᠨ ᠣᠯᠵᠠ ᠶ᠋ᠢᠨ ᠭᠣᠣᠯ ᠤ᠋ᠨ ᠡᠮᠦᠨᠡᠬᠢ ᠬᠤᠸᠠ ᠬᠥᠪᠡᠭᠡ ᠳᠡᠭᠡᠭᠦᠷ ᠭᠠᠷᠲᠠᠯ᠎ᠠ ᠬᠠᠭᠠᠨ ᠤ᠋ ᠤᠷᠲᠤ ᠬᠠᠷᠠᠭᠳᠠᠯ᠎ᠠ᠃  
       ᠥᠷᠯᠥᠭᠡᠨ ᠦ᠌ ᠨᠠᠷᠠ ᠴᠦ᠍ ᠳᠣᠷᠣᠨ᠎ᠠ ᠠ᠋ᠴᠠ ᠲᠤᠶᠠᠭᠠᠷᠠᠨ ᠥᠨᠳᠡᠢᠬᠦ ᠯᠦᠭᠡ ᠪᠤᠭᠤᠷᠴᠢ ᠥᠪᠡᠷᠦᠨ ᠬᠦᠷᠢᠶᠡᠨ ᠳ᠋ᠦ᠍ ᠢᠷᠡᠵᠦ ᠬᠠᠭᠠᠨ ᠤ᠋ ᠤᠷᠲᠤ ᠤᠷᠤᠭᠤ ᠣᠢᠷᠠᠳᠬᠤ ᠵᠠᠭᠤᠷ᠎ᠠ ᠬᠠᠭᠠᠨ ᠢ᠋ᠶ᠋ᠠᠷ ᠤᠷᠲᠤ ᠠ᠋ᠴᠠ ᠭᠠᠷᠴᠤ ᠰᠤᠨᠢᠶᠠᠨ ᠪᠠᠢᠭᠰᠠᠨ ᠢ᠋ᠶ᠋ᠠᠨ ᠤᠷᠭᠤᠬᠤ ᠨᠠᠷᠠᠨ ᠵᠦᠭ ᠡᠴᠡ ᠢᠷᠡᠵᠦ ᠪᠣᠢ ᠨᠢᠭᠡᠨ ᠮᠣᠷᠳᠠᠨ ᠢ᠋ ᠣᠯᠵᠤ ᠬᠠᠷᠠᠭᠠᠳ᠂ ᠰᠤᠨᠳᠠᠭ ᠳᠤᠷᠠᠨ ᠠᠪᠴᠢᠷᠠᠭᠤᠯᠤᠨ ᠱᠠᠭᠠᠢᠭᠠᠳ《ᠪᠣᠭᠣᠷᠴᠢ!  ᠡᠰᠡᠨ ᠮᠡᠨᠳᠦ ᠢᠷᠡᠯ᠎ᠡ ᠰᠢᠦ ! ᠨᠥᠬᠥᠷ ᠮᠢᠨᠢ ᠴᠢᠬᠤᠯᠠ ᠮᠡᠳᠡᠭᠡ ᠲᠡᠢ ᠢᠷᠡᠨ᠎ᠡ》 ᠭᠡᠵᠦ ᠭᠠᠭᠴᠠᠭᠠᠷ ᠠᠮᠠᠨ ᠳ᠋ᠠᠭᠠᠨ ᠦᠭᠡᠯᠡᠵᠦ ᠲᠡᠰᠴᠦ ᠶᠠᠳᠠᠨ ᠬᠦᠯᠢᠶᠡᠯ᠎ᠡ᠃ ᠪᠤᠭᠤᠷᠴᠢ ᠴᠦ᠍ ᠳᠥᠭᠥᠨ ᠳᠥᠭᠥᠭᠰᠡᠭᠡᠷ ᠢᠷᠡᠯ᠎ᠡ᠃ ᠬᠠᠭᠠᠨ ᠢ᠋ᠶ᠋ᠠᠷ ᠤᠭᠲᠤᠨ ᠣᠴᠢᠵᠤ᠄ 
       — ᠨᠥᠬᠥᠷ ᠮᠢᠨᠢ ᠮᠡᠨᠳᠦ ᠢᠷᠡᠪᠡ᠃ ᠶᠠᠭᠠᠬᠢᠭᠰᠠᠨ ᠰᠠᠢᠨ᠃ ᠥᠨᠥᠬᠢ ᠮᠡᠬᠥᠵᠢᠨ ᠰᠡᠭᠦᠯᠲᠦ ᠶᠠᠭᠠᠬᠢᠭᠰᠠᠨ ᠪᠣᠢ? ᠭᠡᠵᠦ ᠠᠰᠠᠭᠤᠪᠠ᠃  ᠪᠣᠭᠣᠷᠴᠢ᠄
       — ᠭᠤᠷᠪᠠᠨ ᠴᠡᠷᠢᠭ ᠮᠢᠨᠢ ᠬᠥᠭᠡᠭᠡᠳ ᠶᠠᠪᠤᠭᠰᠠᠨ᠃ ᠡᠷᠬᠡᠪᠰᠢ ᠲᠡᠳᠡᠨ ᠦ᠌ ᠭᠠᠷ ᠲᠤ ᠣᠷᠣᠬᠤ ᠪᠣᠢ᠃ ᠪᠢ ᠲᠡᠭᠦᠨ ᠢ᠋ ᠠᠮᠢᠳᠤ ᠪᠠᠷ ᠪᠠᠷᠢᠳᠠᠭ ᠤ᠋ᠨ ᠳᠠᠪᠠᠭᠠᠨ ᠳᠡᠭᠡᠷ᠎ᠡ ᠵᠣᠯᠢᠭ ᠴᠢᠨᠢ ᠰᠠᠷᠠᠯ ᠮᠣᠷᠢᠨ ᠤ᠋ ᠮᠢᠨᠢ ᠳᠡᠦᠷ᠎ᠡ ᠤᠷᠤᠭᠤ ᠵᠢᠳᠠ ᠵᠣᠭᠣᠵᠤ ᠪᠢ ᠵᠣᠯᠢᠭ ᠢ᠋ ᠠᠯᠳᠠᠴᠢᠬᠠᠭᠰᠠᠨ᠃ ᠭᠡᠬᠦ ᠳ᠋ᠡᠭᠡᠨ ᠮᠠᠨ ᠤ᠋ ᠭᠤᠷᠪᠠᠨ ᠴᠡᠷᠢᠭ ᠡᠴᠡ ᠭᠠᠷᠬᠤ ᠦᠭᠡᠢ ᠪᠣ᠌ᠢ᠎ᠡ ᠭᠡᠪᠡᠯ ᠬᠠᠭᠠᠨ ᠢ᠋ᠶ᠋ᠠᠷ᠄ 
       — ᠬᠠᠢᠷᠠᠨ ᠮᠣᠷᠢ! ᠭᠡᠵᠦ ᠰᠡᠭᠦᠷᠡᠰᠦ ᠠᠯᠲᠠᠨ ᠪᠤᠪᠠᠲᠤᠨᠠᠭᠠᠳ᠄ 
       — ᠵᠠ ᠵᠠ·ᠴᠢ ᠣᠷᠣᠵᠤ ᠠᠮᠠᠷᠠ ᠳᠠ᠃ ᠪᠢ ᠭᠠᠳᠠᠭ᠎ᠠ ᠬᠠᠷᠠᠵᠤ ᠪᠠᠢᠶ᠎ᠠ᠃  ᠨᠢᠭᠡ ᠰᠤᠷᠠᠭ ᠭᠠᠷᠬᠤ ᠪᠠᠢᠬ᠎ᠠ᠁ᠮᠡᠬᠥᠵᠢᠨ ᠰᠡᠭᠦᠯᠲᠦ ᠶ᠋ᠢ ᠠᠯᠳᠠᠵᠤ ᠪᠣᠯᠬᠤ ᠦᠭᠡᠢ ᠶᠤᠮᠰᠠᠨ ᠭᠡᠮᠡᠨ ᠶᠠᠳᠠᠷᠠᠵᠤ ᠢᠷᠡᠭᠰᠡᠨ ᠪᠤᠭᠤᠷᠴᠢ ᠶ᠋ᠢ ᠭᠡᠷ ᠲᠦ᠍ ᠣᠷᠣᠭᠤᠯᠤᠭᠠᠳ᠂ ᠥᠪᠡᠷ ᠢ᠋ᠶ᠋ᠡᠨ ᠭᠠᠳᠠᠭ᠎ᠠ ᠦᠯᠡᠲᠡᠯ᠎ᠡ᠃ 
       ᠪᠤᠭᠤᠷᠴᠢ ᠭᠡᠷ ᠲᠦ᠍ ᠣᠷᠣᠵᠤ᠂ ᠬᠠᠯᠠᠭᠤᠨ ᠴᠠᠢ ᠳ᠋ᠤ᠌ ᠮᠢᠬ᠎ᠠ ᠣᠭᠲᠣᠯᠵᠤ ᠭᠡᠰᠬᠡᠨ ᠢᠳᠡᠵᠦ ᠤᠤᠭᠤᠵᠤ ᠲᠤᠩ ᠠᠶᠠᠲᠠᠢ ᠲᠠᠪᠠᠲᠠᠢ ᠪᠣᠯᠤᠭᠰᠠᠨ ᠢ᠋ᠶ᠋ᠠᠨ ᠬᠠᠭᠠᠨ ᠢ᠋ ᠭᠠᠳᠠᠭ᠎ᠠ ᠣᠷᠬᠢᠭᠰᠠᠨ ᠳᠠᠭ᠎ᠠ ᠦᠭᠡᠢ ᠶᠠᠪᠤᠳᠠᠯ ᠢ᠋ᠶ᠋ᠠᠨ ᠭᠡᠮᠰᠢᠨ ᠭᠠᠷᠴᠤ ᠣᠴᠢᠪᠠ᠃ ᠬᠠᠭᠠᠨ ᠰᠦᠪᠡᠭᠡ ᠲᠤᠯᠵᠤ ᠬᠥᠮᠥᠰᠬᠡ ᠪᠡᠨ ᠵᠠᠩᠭᠢᠳᠤᠨ ᠲᠠᠮᠰᠢᠶᠠᠨ᠄ 
       — ᠮᠡᠬᠥᠵᠢᠨ ᠰᠡᠭᠦᠯᠲᠦ ᠶ᠋ᠢ ᠯᠡ ᠠᠯᠳᠠᠵᠤ ᠪᠣᠯᠬᠤ ᠦᠭᠡᠢ ᠶᠤᠮᠰᠠᠨ! ᠠᠷᠠᠢ ᠴᠦ᠍ ᠠᠯᠳᠠᠴᠢᠬᠠᠬᠤ ᠦᠭᠡᠢ ᠪᠠᠢᠬ᠎ᠠ᠃ ᠠᠯᠳᠠᠪᠠᠯ ᠨᠡᠬᠡᠬᠦ ᠯᠡ ᠬᠡᠷᠡᠭᠲᠡᠢ ᠪᠣᠯᠬᠤ ᠨᠢ ᠳᠡ᠃ ᠲᠠᠲ᠋ᠠᠷ ᠤ᠋ᠳ ᠢ᠋ ᠲᠠᠷᠬᠠᠵᠤ ᠪᠤᠲᠠᠷᠠᠭᠰᠠᠨ ᠳᠡᠭᠡᠷ᠎ᠡ ᠨᠢ ᠠᠮᠵᠢᠵᠤ ᠪᠦᠷᠢᠮᠦᠰᠦᠨ ᠴᠣᠬᠢᠪᠠᠯ ᠵᠦᠢᠲᠡᠢ ᠭᠡᠮᠡᠨ ᠪᠤᠭᠤᠷᠴᠢ ᠤᠷᠤᠭᠤ ᠬᠠᠷᠠᠬᠤ ᠳ᠋ᠤ᠌ ᠲᠡᠷᠡ ᠪᠡᠷ ᠥᠭᠡᠳᠡ ᠡᠴᠡ ᠨᠢ᠄  
       — ᠲᠡᠢᠮᠦ ᠠ᠋ ᠭᠡᠮᠡᠨ ᠲᠣᠯᠣᠭᠠᠢ ᠳᠣᠬᠢᠪᠠ᠃ 
       — ᠵᠠ ᠶᠡᠷᠦᠨᠢ ᠬᠥᠮᠦᠰ ᠢ᠋ ᠴᠤᠭᠯᠠᠭᠤᠯᠤᠨ᠎ᠠ ᠪᠠᠢᠬ᠎ᠠ ᠭᠡᠳ ᠬᠠᠭᠠᠨ ᠢ᠋ᠶ᠋ᠠᠷ ᠬᠠᠵᠠᠭᠤ ᠶ᠋ᠢᠨ ᠳᠠᠭᠠᠯᠲᠠ ᠳ᠋ᠠᠭᠠᠨ ᠲᠤᠤᠴᠢᠬᠠᠨ《ᠴᠤᠭᠯᠠᠭᠤᠯ!》 ᠭᠡᠮᠡᠨ ᠲᠤᠰᠢᠶᠠᠯ᠎ᠠ᠃ ᠬᠥᠮᠦᠰ ᠭᠡᠳᠡᠭ ᠨᠢ ᠴᠡᠷᠢᠭ ᠵᠠᠬᠢᠷᠤᠭᠴᠢ ᠳᠠᠷᠤᠭ᠎ᠠ ᠨᠠᠷ ᠠᠵᠢ᠃ ᠲᠤᠰᠢᠶᠠᠯ ᠶᠣᠰᠣᠭᠠᠷ ᠲᠡᠳᠡᠨ ᠦ᠌ ᠲᠦᠷᠦᠭᠦᠴᠢ ᠨᠢ ᠢᠷᠡᠵᠦ ᠪᠠᠢᠪᠠ᠃ ᠲᠡᠭᠡᠲᠡᠯ᠎ᠡ ᠲᠡᠳᠡᠨ ᠦ᠌ ᠬᠦᠷᠢᠶᠡᠨ ᠦ᠌ ᠵᠡᠭᠦᠨ ᠡᠮᠦᠨᠡᠬᠢ ᠬᠥᠪᠡᠭᠡ ᠲᠤᠯᠤᠭᠠᠳ ᠳᠠᠪᠠᠭᠠᠳ ᠬᠣᠶᠠᠷ ᠭᠤᠷᠪᠠᠨ ᠮᠣᠷᠢᠲᠠᠨ ᠴᠤᠬᠤᠯᠵᠠᠨ ᠭᠠᠷᠤᠭᠠᠳ ᠢᠷᠡᠯ᠎ᠡ᠃ ᠲᠡᠳᠡ ᠮᠡᠬᠥᠵᠢᠨ ᠰᠡᠭᠦᠯᠲᠦ ᠶ᠋ᠢᠨ ᠠᠷᠤ ᠠ᠋ᠴᠠ ᠨᠡᠬᠡᠭᠰᠡᠨ ᠭᠤᠷᠪᠠᠨ ᠴᠡᠷᠢᠭ᠂ ᠨᠢᠭᠡ ᠨᠢ ᠰᠢᠷᠬᠠᠲᠤᠵᠤ᠂ ᠬᠠᠷᠢᠨ ᠳᠠᠢᠰᠤᠨ ᠤ᠋ ᠶᠡᠬᠡ ᠨᠣᠶᠠᠨ ᠲᠡᠳᠡᠨ ᠦ᠌ ᠭᠠᠷ ᠲᠤ ᠣᠷᠣᠵᠠᠢ᠃ ᠲᠡᠷᠡ ᠪᠡᠷ ᠶᠡᠬᠡᠳᠡ ᠬᠦᠨᠳᠦ ᠰᠢᠷᠬᠠᠳᠤᠭᠰᠠᠨ ᠪᠠᠢᠨ᠎ᠠ᠃ ᠡᠮᠴᠢ ᠣᠲᠠᠴᠢ ᠶ᠋ᠢ ᠢᠷᠡᠭᠦᠯᠵᠦ ᠴᠡᠷᠢᠭ ᠪᠣᠯᠤᠨ ᠮᠡᠬᠥᠵᠢᠨ ᠰᠡᠭᠦᠯᠲᠦ ᠶ᠋ᠢᠨ ᠰᠢᠷᠬ᠎ᠠ ᠶ᠋ᠢ ᠦᠵᠡᠭᠦᠯᠪᠡ᠃ ᠴᠡᠷᠢᠭ ᠦ᠋ᠨ ᠰᠢᠷᠬ᠎ᠠ ᠬᠥᠩᠭᠡᠨ ᠲᠤᠯᠠ ᠰᠢᠷᠬᠠᠳᠤᠬᠰᠤᠨ ᠤᠷᠤᠭᠤ ᠠᠪᠤᠭᠠᠳ ᠶᠠᠪᠤᠯ᠎ᠠ᠃ ᠬᠠᠷᠢᠨ ᠮᠡᠬᠥᠵᠢᠨ ᠰᠡᠭᠦᠯᠲᠦ ᠶ᠋ᠢᠨ ᠰᠢᠷᠬ᠎ᠠ ᠬᠦᠨᠳᠦ ᠲᠤᠯᠠ ᠬᠠᠭᠠᠨ ᠤ᠋ ᠥᠷᠥᠭᠡᠨ ᠦ᠌ ᠳᠡᠷᠭᠡᠳᠡᠬᠢ ᠭᠡᠷ ᠲᠦ᠍ ᠣᠷᠣᠭᠤᠯᠵᠤ ᠡᠮᠴᠢ ᠨᠠᠷ ᠰᠡᠷᠭᠦᠭᠡᠬᠦ ᠭᠡᠵᠦ ᠬᠢᠲᠠᠳ ᠠᠷᠢᠬᠢ ᠪᠠᠯᠭᠤᠭᠤᠯᠵᠤ᠂ ᠦᠨᠦᠷᠲᠡᠨ ᠵᠦᠢᠯ ᠢ᠋ᠶ᠋ᠡᠷ ᠣᠲᠣᠬᠤ ᠵᠡᠷᠭᠡ ᠪᠡᠷ ᠠᠷᠭᠠᠯᠠᠵᠤ ᠣᠷᠣᠯᠳᠣᠬᠤ ᠠᠪᠠᠢ᠃ ᠭᠡᠪᠡᠴᠦ ᠰᠡᠷᠭᠦᠬᠦ ᠰᠢᠨᠵᠢ ᠠᠯᠠᠭ᠎ᠠ᠃ ᠬᠠᠭᠠᠨ ᠢ᠋ᠶ᠋ᠠᠷ ᠲᠡᠭᠦᠨ ᠳ᠋ᠦ᠍ ᠣᠢᠷᠠᠲᠤᠨ ᠠᠵᠢᠭᠯᠠᠭᠠᠳ᠄ 
       — ᠪᠢ ᠲᠡᠮᠦᠵᠢᠨ ᠪᠠᠢᠨ᠎ᠠ᠃  ᠮᠡᠭᠦᠵᠢᠨ ᠴᠢ ᠨᠠᠮ᠎ᠠ ᠶ᠋ᠢ ᠲᠠᠨᠢᠵᠤ ᠪᠠᠢᠨ᠎ᠠ ᠤᠤ? ᠴᠢᠮᠠᠶ᠋ᠢ ᠡᠮᠴᠢᠯᠡᠵᠦ ᠪᠠᠢᠨ᠎ᠠ᠃ ᠰᠡᠷᠡᠭᠡᠷᠡᠢ᠃ ᠶᠠᠷᠢᠯᠴᠠᠶ᠎ᠠ᠂ ᠬᠣᠶᠠᠭᠤᠯᠠ ᠪᠠᠨ ᠭᠡᠪᠡᠰᠦ ᠴᠠᠭᠠᠳᠤᠬᠢ ᠨᠢ ᠨᠢᠳᠦ ᠪᠡᠨ ᠬᠠᠷᠠᠮᠠᠷ ᠪᠣᠯᠵᠤ ᠭᠥᠯᠢᠢᠭᠡᠳ ᠤᠷᠤᠭᠤᠯ ᠨᠢ ᠬᠥᠳᠡᠯᠬᠦ ᠰᠢᠭ ᠪᠣᠯᠪᠠᠴᠤ ᠦᠭᠡ ᠭᠠᠷᠤᠭᠰᠠᠨ ᠦᠭᠡᠢ᠃ 
       ᠬᠠᠭᠠᠨ ᠢ᠋ᠶ᠋ᠠᠷ ᠪᠣᠰᠴᠤ ᠲᠣᠭᠣᠨᠣ ᠪᠠᠷ ᠣᠷᠣᠵᠤ ᠣᠨᠢ ᠶ᠋ᠢᠨ ᠭᠣᠣᠯ ᠤᠷᠤᠭᠤ ᠪᠠᠭᠤᠵᠤ ᠪᠣᠢ ᠨᠠᠷᠠ ᠶ᠋ᠢ ᠬᠠᠷᠠᠭᠠᠳ᠄ 
       — ᠨᠠᠭᠠᠳᠤᠬᠢ ᠶ᠋ᠢ ᠪᠡᠨ ᠰᠡᠷᠭᠦᠪᠡᠯ ᠨᠠᠳᠠᠳᠤ ᠬᠡᠯᠡᠭᠡᠷᠡᠢ᠃ ᠪᠠᠷᠤᠭ ᠴᠤ᠌ ᠦᠭᠡᠢ ᠪᠠᠢᠬ᠎ᠠ᠃ ᠰᠦᠨᠡᠰᠦ ᠨᠢ ᠨᠢᠭᠡ ᠶᠠᠪᠤᠭᠠᠳ ᠥᠭᠬᠦ ᠰᠢᠭ᠁ ᠭᠡᠵᠦ ᠬᠡᠯᠡᠭᠡᠳ ᠭᠡᠷ ᠦ᠋ᠨ ᠡᠭᠦᠳᠡ ᠪᠡᠷ ᠲᠡᠭᠦᠨ ᠦ᠌ ᠥᠨᠳᠥᠷ ᠨᠢᠷᠤᠭᠤ ᠨᠡᠯᠢᠶᠡᠳ ᠨᠤᠭᠤᠷᠠᠵᠤ ᠪᠥᠭᠲᠥᠢᠨ ᠭᠠᠷᠪᠠᠰᠤ ᠭᠠᠳᠠᠭ᠎ᠠ ᠴᠤᠭᠯᠠᠷᠠᠵᠤ ᠬᠣᠶᠠᠷ ᠭᠤᠷᠪᠠ ᠪᠠᠷ ᠢ᠋ᠶ᠋ᠠᠨ ᠨᠡᠢᠯᠡᠯᠳᠦᠨ ᠬᠥᠭᠵᠢᠯᠲᠡᠢ ᠶᠠᠷᠢᠶ᠎ᠠ ᠳᠡᠯᠭᠡᠵᠦ ᠢᠨᠢᠶᠡᠵᠦ ᠬᠥᠭᠡᠷᠦᠯᠳᠦᠵᠦ ᠪᠠᠢᠭᠰᠠᠨ ᠳᠠᠷᠤᠭ᠎ᠠ ᠨᠠᠷ ᠪᠦᠭᠦᠳᠡ ᠨᠠᠮ ᠭᠦᠮ ᠪᠣᠯᠵᠤ ᠨᠣᠮᠣᠬᠠᠨ ᠵᠣᠭᠰᠣᠵᠠᠭᠠᠬᠤ ᠠᠵᠢ᠃ ᠬᠠᠭᠠᠨ ᠲᠡᠳᠡᠨ ᠦ᠌ ᠳᠤᠮᠳᠠᠭᠤᠷ ᠥᠩᠭᠡᠷᠡᠵᠦ ᠥᠪᠡᠷᠦᠨ ᠥᠷᠥᠭᠡᠨ ᠦ᠌ ᠡᠭᠦᠳᠡ ᠳ᠋ᠦ᠍ ᠣᠴᠢᠭᠠᠳ ᠡᠷᠭᠢᠨ ᠬᠠᠷᠠᠵᠤ᠄ 
       — ᠲᠠ ᠨᠠᠷ ᠣᠷᠣᠭᠠᠷᠠᠢ ᠭᠡᠳ ᠡᠷᠭᠢᠬᠦ ᠳ᠋ᠦ᠍ ᠥᠷᠥᠭᠡᠨ ᠦ᠌ ᠢᠰᠡᠭᠡᠢ ᠡᠭᠦᠳᠡ ᠶ᠋ᠢ ᠳᠠᠭᠠᠯᠲᠠ ᠨᠠᠷ ᠡᠷᠭᠦᠵᠦ ᠣᠷᠣᠭᠤᠯᠪᠠ᠃ ᠳᠠᠷᠤᠭ᠎ᠠ ᠨᠠᠷ ᠡᠵᠡᠨ ᠦ᠌ ᠠᠷᠤ ᠠ᠋ᠴᠠ ᠪᠡᠶ᠎ᠡ ᠪᠠᠶᠠᠨ ᠳ᠋ᠠᠭᠡᠨ ᠨᠠᠢᠷ ᠲᠠᠯᠪᠢᠨ ᠵᠡᠷᠭᠡ ᠳᠡᠰ ᠢ᠋ᠶ᠋ᠡᠷ ᠢ᠋ᠶ᠋ᠡᠨ ᠴᠤᠪᠤᠷᠠᠨ ᠣᠷᠣᠵᠤ᠂ ᠬᠣᠢᠮᠣᠷ ᠵᠠᠪᠢᠯᠠᠨ ᠰᠠᠭᠤᠭ᠎ᠠ ᠡᠵᠡᠨ ᠯᠤᠭ᠎ᠠ ᠰᠥᠭᠥᠳᠦᠨ ᠮᠡᠨᠳᠦᠯᠡᠬᠦᠢ ᠳ᠋ᠦ᠍᠂ ᠲᠡᠷᠡ ᠪᠡᠷ ᠪᠠᠷᠠᠭᠤᠨ ᠡᠪᠦᠳᠦᠭ ᠳᠡᠭᠡᠷ᠎ᠡ ᠭᠠᠷ ᠢ᠋ᠶ᠋ᠠᠨ ᠲᠠᠯᠪᠢᠨ ᠪᠦᠭᠦᠳᠡ ᠲᠡᠢ ᠲᠣᠯᠣᠭᠠᠢ ᠳᠣᠬᠢᠨ ᠢᠨᠢᠶᠡᠮᠰᠦᠭᠯᠡᠨ ᠮᠡᠨᠳᠦᠴᠢᠯᠡᠬᠦ ᠠᠵᠤᠭᠤ᠃ ᠳᠠᠷᠤᠭ᠎ᠠ ᠨᠠᠷ ᠰᠠᠭᠤᠳᠠᠯ ᠢ᠋ᠶ᠋ᠠᠨ ᠡᠵᠡᠯᠡᠮᠡᠭᠴᠡ ᠬᠠᠭᠠᠨ᠄ 
       — ᠵᠠ ᠲᠠ ᠨᠠᠷ ᠶᠡᠬᠡ ᠶᠠᠳᠠᠷᠠᠵᠤ ᠪᠠᠢᠨ᠎ᠠ ᠤᠤ? ᠭᠡᠮᠡᠨ ᠠᠰᠠᠭᠤᠪᠠ᠃  
       — ᠦᠭᠡᠢ᠂ ᠵᠦᠭᠡᠷ᠁ ᠭᠡᠮᠡᠨ ᠳᠦᠩᠭᠢᠨᠡᠯᠳᠦᠪᠡ᠃ 
      《ᠵᠠ᠂ ᠲᠡᠭᠡᠪᠡᠯ ᠰᠠᠢᠨ》 ᠭᠡᠵᠦ ᠬᠠᠭᠠᠨ ᠢᠨᠢᠶᠡᠮᠰᠦᠭᠯᠡᠨ᠄ 
       — ᠪᠢᠳᠡ ᠲᠠᠲ᠋ᠠᠷ ᠢ᠋ ᠴᠣᠬᠢᠵᠤ ᠢᠯᠠᠯ᠎ᠠ᠃ ᠲᠣᠯᠣᠭᠠᠢᠯᠠᠭᠴᠢ ᠨᠢ ᠪᠢᠳᠡᠨ ᠦ᠌ ᠭᠠᠷ ᠲᠤ ᠣᠷᠣᠵᠤ᠂ ᠲᠣᠯᠣᠭᠠᠢ ᠦᠭᠡᠢ ᠪᠣᠯᠤᠭᠰᠠᠨ ᠲᠠᠲ᠋ᠠᠷ ᠤ᠋ᠳ ᠬᠠᠮᠤᠭ ᠡᠳ᠋ ᠶᠠᠭᠤᠮ᠎ᠠ᠂ ᠮᠠᠯ ᠰᠦᠷᠦᠭ ᠢ᠋ᠶ᠋ᠡᠨ ᠣᠷᠬᠢᠵᠤ ᠵᠢᠭᠤᠲᠠᠨ ᠣᠳᠯ᠎ᠠ᠃ ᠨᠢᠭᠡᠨᠲᠡ ᠡᠢᠮᠦ ᠪᠣᠯᠤᠭᠰᠠᠨ ᠪᠣᠯᠬᠣᠷ ᠲᠡᠢᠨ᠁ ᠭᠡᠲᠡᠯ᠎ᠡ ᠶᠡᠬᠡ ᠣᠲᠠᠴᠢ ᠣᠷᠣᠵᠤ ᠢᠷᠡᠭᠡᠳ ᠰᠥᠭᠥᠳᠦᠨ᠄ 
       — ᠲᠠᠲ᠋ᠠᠷ ᠤ᠋ᠨ ᠶᠡᠬᠡ ᠨᠣᠶᠠᠨ ᠮᠡᠭᠦᠵᠢᠨ ᠰᠡᠭᠦᠯᠲᠦ ᠨᠢᠭᠡᠨᠲᠡ ᠠᠮᠢᠰᠬᠤᠭ᠎ᠠ ᠬᠤᠷᠢᠶᠠᠵᠤ᠂ ᠨᠠᠰᠤᠨ ᠥᠭᠡᠳᠡ ᠪᠣᠯᠤᠭᠰᠠᠨ ᠢ᠋ ᠬᠠᠭᠠᠨ ᠲᠠᠨ ᠳ᠋ᠤ᠌ ᠠᠢᠯᠠᠳᠬᠠᠬᠤᠶ᠎ᠠ ᠬᠡᠮᠡᠪᠡᠰᠦ ᠴᠢᠩᠭᠢᠰ ᠬᠠᠭᠠᠨ ᠪᠠᠷᠠᠭᠤᠨ ᠡᠪᠦᠳᠦᠭ ᠢ᠋ᠶ᠋ᠡᠨ ᠠᠯᠠᠭᠠᠳᠠᠨ᠄  
       — ᠲᠡᠢᠨ ᠳᠠᠭᠤᠰᠲᠠᠯ᠎ᠠ ᠭᠡᠮᠡᠨ ᠲᠦᠷᠦᠭᠦᠴᠢ ᠶ᠋ᠢᠨ ᠦᠭᠡ ᠪᠡᠨ ᠦᠷᠭᠦᠯᠵᠢᠯᠡᠭᠦᠯᠦᠨ ᠬᠡᠯᠡᠭᠡᠳ᠄ 
       — ᠲᠡᠭᠦᠨ ᠦ᠌ ᠲᠣᠯᠣᠭᠠᠢ ᠶ᠋ᠢ ᠬᠡᠪᠲᠡᠭᠦᠯ ᠦ᠋ᠨ ᠠᠬᠠᠯᠠᠭᠴᠢ ᠳ᠋ᠤ᠌ ᠲᠤᠰᠢᠶᠠ!  ᠸᠠᠩᠭᠢᠩ ᠴᠢᠩᠰᠠᠩ ᠳ᠋ᠤ᠌ ᠪᠡᠯᠡᠭ ᠪᠣᠯᠭᠠᠵᠤ ᠪᠠᠢᠨ᠎ᠠ᠃ ᠵᠠᠷ ᠵᠡᠪᠰᠡᠭ᠂ ᠪᠠᠶᠠᠨ ᠳ᠋ᠤᠨᠢ ᠪᠠᠢᠭ᠎ᠠ ᠦᠨᠡᠲᠦ ᠡᠳ᠋ ᠵᠦᠢᠯᠡᠰ ᠢ᠋ ᠰᠠᠩ ᠳ᠋ᠤ᠌ ᠨᠡᠢᠯᠡᠭᠦᠯ᠃ ᠪᠠᠷᠢᠵᠤ ᠢᠷᠡᠭᠰᠡᠨ ᠭᠤᠷᠪᠠᠨ ᠴᠡᠷᠢᠭ ᠲᠦ᠍ ᠠᠯᠲᠠᠨ ᠤᠯᠤᠰ ᠤ᠋ᠨ ᠠᠷᠪᠠ ᠠᠷᠪᠠᠨ ᠠᠯᠲᠠᠨ ᠵᠣᠭᠣᠰ ᠱᠠᠩᠨᠠᠯ ᠪᠣᠯᠭᠠᠵᠤ ᠥᠭ᠃ ᠲᠡᠢᠨ ᠳᠠᠭᠤᠰᠴᠤ ᠪᠣᠢ ᠪᠣᠯᠬᠣᠷ ᠥᠷᠯᠥᠭᠡᠨ ᠦ᠌ ᠴᠠᠢ᠂ ᠢᠳᠡᠭᠡ ᠪᠤᠳᠠᠭ᠎ᠠ ᠪᠠᠨ ᠪᠦᠭᠦᠳᠡ ᠬᠠᠮᠲᠤ ᠪᠠᠷ ᠢᠳᠡᠵᠦ ᠤᠤᠭᠤᠶ᠎ᠠ᠃ ᠪᠠᠭᠤᠷᠴᠢ ᠰᠥᠩᠴᠢ ᠨᠠᠷ ᠬᠥᠳᠡᠯᠵᠦ ᠦᠵᠡ᠃ ᠮᠠᠨ ᠤ᠋ ᠵᠡᠯᠮ᠎ᠡ᠂ ᠬᠡᠲᠡ ᠨᠠᠷ ᠤ᠋ᠨ ᠪᠠᠭ ᠳᠠᠢᠰᠤᠨ ᠤ᠋ ᠪᠡᠬᠢᠯᠡᠯᠲᠡ ᠶ᠋ᠢ ᠡᠵᠡᠯᠡᠭᠡᠳ ᠡᠮᠬᠢᠯᠡᠵᠦ ᠪᠠᠢᠭ᠎ᠠ᠃ ᠬᠠᠨ ᠠᠪᠤ ᠶ᠋ᠢᠨ ᠪᠠᠭ᠂ ᠸᠠᠩᠭᠢᠩ ᠴᠢᠩᠰᠠᠩ ᠤ᠋ᠨ ᠬᠢᠨ ᠲᠡᠭᠦᠪᠡᠷ ᠪᠠᠢᠭ᠎ᠠ᠃ ᠬᠠᠷᠢᠨ ᠢᠳᠡᠵᠦ ᠤᠤᠭᠤᠵᠠᠭᠠᠭᠠᠳ ᠬᠠᠰᠠᠷ ᠴᠢ ᠬᠠᠨ ᠠᠪᠤ ᠳ᠋ᠤ᠌ ᠮᠡᠭᠦᠵᠢᠨ ᠰᠡᠭᠦᠯᠲᠦ ᠠᠮᠢ ᠦᠷᠡᠭᠳᠡᠭᠰᠡᠨ ᠢ᠋ ᠣᠴᠢᠵᠤ ᠠᠢᠯᠠᠳᠬ᠎ᠠ᠃ ᠲᠣᠯᠣᠭᠠᠢ ᠶ᠋ᠢ ᠨᠢ ᠸᠠᠩᠭᠢᠩ ᠴᠢᠩᠰᠠᠩ ᠳ᠋ᠤ᠌ ᠬᠦᠷᠭᠡᠵᠦ ᠥᠭᠬᠦ ᠭᠤᠷᠪᠠᠨ ᠬᠥᠮᠦᠨ ᠢᠷᠡᠭᠦᠯ᠃ ᠪᠢ ᠪᠠᠰᠠ ᠭᠤᠷᠪᠠᠨ ᠬᠥᠮᠦᠨ ᠭᠠᠷᠭᠠᠨ᠎ᠠ᠃ ᠥᠭᠡᠷ᠎ᠡ ᠰᠠᠨᠠᠯ ᠲᠠᠢ ᠪᠣᠯ ᠲᠡᠭᠦᠨ ᠢ᠋ ᠨᠢ ᠲᠤᠭᠤᠯᠵᠤ ᠢᠷ᠎ᠡ᠃ ᠪᠣᠭᠣᠷᠴᠢ ᠴᠢ ᠡᠵᠡᠯᠡᠭᠳᠡᠭᠰᠡᠨ ᠪᠡᠬᠢᠯᠡᠯᠲᠡ ᠳ᠋ᠦ᠍ ᠣᠴᠢᠵᠤ᠂ ᠣᠯᠵᠠᠯᠠᠭᠳᠠᠭᠰᠠᠳ ᠪᠦᠬᠦᠢᠯᠡ ᠵᠦᠢᠯ ᠢ᠋ ᠲᠣᠭᠠᠯᠠᠵᠤ ᠪᠦᠷᠢᠳᠬᠡᠬᠦ ᠠᠵᠢᠯ ᠢ᠋ ᠨᠥᠭᠦᠭᠡ ᠬᠣᠶᠠᠷ ᠲᠠᠯ᠎ᠠ ᠶ᠋ᠢᠨ ᠬᠢᠨ ᠡᠴᠡ ᠲᠣᠮᠢᠯᠠᠭᠰᠠᠨ ᠲᠥᠯᠥᠭᠡᠯᠡᠭᠴᠢ ᠲᠡᠢ ᠬᠠᠮᠲᠤᠷᠠᠵᠤ ᠬᠢ᠃ ᠲᠡᠭᠡᠭᠡᠳ ᠭᠤᠷᠪᠠᠨ ᠬᠦᠴᠦᠨ ᠲᠡᠢᠨ ᠦ᠌ ᠣᠯᠵᠠ ᠶ᠋ᠢ ᠠᠳᠠᠯᠢ ᠲᠡᠭᠰᠢ ᠬᠤᠪᠢᠶᠠᠬᠤ ᠪᠤᠶᠤ ᠭᠡᠮᠡᠨ ᠬᠠᠭᠠᠨ ᠡᠵᠡᠨ ᠵᠠᠷᠯᠢᠭ ᠪᠠᠭᠤᠯᠭᠠᠵᠠᠢ᠃