ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 27> Хүлэг баатар буурч - Б. Өлзийсүрэн <Гудгар бүлэг-27> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 27> Хүлэг баатар буурч - Б. Өлзийсүрэн <Гудгар бүлэг-27>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 27> Хүлэг баатар буурч - Б. Өлзийсүрэн <Гудгар бүлэг-27>

ᠠᠩᠭᠢᠯᠠᠯ:ᠲᠤᠭᠤᠵᠢ ᠷᠣᠮᠠᠨ
2026-03-19

63

ᠬᠠᠷᠢᠵᠤ ᠨᠢᠴᠤᠵᠤ ᠪᠣᠯᠬᠤ ᠦᠭᠡᠢ ᠬᠠᠳᠠᠨ ᠵᠣᠷᠢᠭ ᠢᠶᠠᠨ ᠦᠵᠡᠭᠦᠯᠦᠭᠰᠡᠨ ᠭᠤᠲᠠᠭᠠᠷ ᠪᠦᠯᠦᠭ

ᠬᠣᠷᠢᠨ ᠳᠣᠯᠣᠭ᠎ᠠ


                ᠬᠣᠷᠢᠨ ᠳᠣᠯᠣᠭ᠎ᠠ 
                           ᠥᠭᠡᠳᠡ ᠪᠡᠨ ᠬᠠᠶᠠᠭᠰᠠᠨ ᠴᠢᠯᠠᠭᠤ 
                           ᠥᠪᠡᠷ ᠦ᠋ᠨ ᠲᠣᠯᠣᠭᠠᠢ ᠳᠡᠭᠡᠷ᠎ᠡ ᠪᠠᠭᠤᠬᠤ ᠴᠤ᠌ ᠪᠣᠢ 
                           ᠥᠪᠡᠷ ᠦ᠋ᠨ ᠮᠠᠭᠤ ᠦᠢᠯᠡ ᠢᠯᠡᠷᠡᠪᠡᠯ 
                           ᠥᠪᠡᠷ ᠢ᠋ ᠨᠢ ᠪᠢᠴᠢᠵᠦ ᠰᠢᠭᠢᠳᠬᠦ ᠴᠦ᠍ ᠪᠣᠢ     

       ᠲᠡᠢᠨ ᠳ᠋ᠦ᠍ ᠶᠠᠪᠤᠭᠰᠠᠨ ᠬᠥᠮᠦᠰ ᠡᠷᠭᠢᠵᠦ ᠢᠷᠡᠯ᠎ᠡ᠃ ᠥᠯᠳᠡᠭᠡᠭᠰᠡᠨ ᠠᠷᠤ ᠭᠡᠷ ᠦ᠋ᠨ ᠬᠢᠨ ᠰᠡᠳᠬᠢᠯ ᠲᠦᠭᠰᠢᠨ ᠬᠦᠯᠢᠶᠡᠵᠦ ᠪᠠᠢᠭᠰᠠᠨ ᠶᠤᠮ᠃  ᠲᠡᠭᠦᠰᠬᠡᠯ ᠨᠢ ᠭᠤᠴᠢᠭᠠᠳ ᠠᠢᠯ ᠪᠦᠯᠢ ᠶ᠋ᠢᠨ ᠬᠥᠮᠦᠰ ᠲᠦ᠍ ᠡᠮᠭᠡᠨᠢᠯ ᠦ᠋ᠨ ᠮᠡᠳᠡᠭᠡ ᠢᠷᠡᠵᠦ ᠡᠯᠢᠭᠡ ᠡᠮᠲᠡᠷᠡᠨ ᠬᠣᠴᠣᠷᠪᠠ᠃ 
       ᠪᠣᠭᠣᠷᠴᠢ ᠬᠣᠶᠠᠷ ᠳᠣᠯᠣᠭ᠎ᠠ ᠬᠣᠨᠣᠭ ᠶᠠᠪᠤᠭᠠᠳ ᠲᠡᠢᠨ ᠡᠴᠡ ᠪᠤᠴᠠᠵᠤ ᠢᠷᠡᠯ᠎ᠡ᠃ ᠭᠡᠷ ᠦ᠋ᠨ ᠭᠠᠳᠠᠨ᠎ᠠ ᠮᠥᠩᠭᠥᠵᠢᠨ ᠥᠬᠢᠨ ᠨᠢ ᠦᠰᠦ ᠪᠡᠨ ᠰᠠᠭᠰᠠᠢᠯᠭᠠᠨ ᠭᠦᠶᠦᠵᠦ ᠶᠠᠪᠤᠨ᠎ᠠ᠃ ᠭᠠᠳᠠᠭᠤᠷ ᠶᠠᠪᠤᠭ᠎ᠠ ᠵᠠᠷᠤᠴᠠ᠂ ᠠᠶᠠᠭᠠᠴᠢ ᠨᠠᠷ ᠴᠦ᠍《ᠡᠵᠡᠨ ᠢᠷᠡᠯ᠎ᠡ》  ᠭᠡᠯᠴᠡᠵᠦ ᠪᠢᠴᠢᠬᠠᠨ ᠥᠬᠢᠨ ᠬᠤᠩᠬ᠎ᠠ ᠲᠣᠷᠵᠢᠭᠢᠨᠠᠭᠤᠯᠤᠭᠰᠠᠭᠠᠷ ᠭᠦᠶᠦᠵᠦ ᠢᠷᠡᠬᠦ ᠳ᠋ᠦ᠍ ᠡᠴᠢᠭᠡ ᠨᠢ ᠲᠣᠰᠴᠤ ᠡᠷᠭᠦᠭᠡᠳ᠄ 
       — ᠮᠢᠨᠦ ᠥᠬᠢᠨ ᠰᠠᠢᠨ ᠰᠠᠭᠤᠵᠤ ᠪᠠᠢᠪᠠᠤ?  ᠭᠡᠮᠡᠨ ᠡᠩᠬᠦᠷᠡᠢᠯᠡ ᠦᠨᠦᠰᠪᠡᠯ᠄  
       — ᠳᠡᠭᠦᠦ᠂ ᠳᠡᠭᠦᠦ ᠭᠡᠵᠦ ᠲᠡᠷᠡ ᠪᠢᠴᠢᠬᠠᠨ ᠠᠮᠢᠲᠠᠨ ᠥᠭᠡᠳᠡ ᠡᠴᠡ ᠨᠢ ᠱᠤᠯᠤᠭᠠᠨᠠᠬᠤ ᠳ᠋ᠤ᠌ ᠪᠤᠭᠤᠷᠴᠢ《ᠡᠩ᠂ ᠵᠠ᠂ ᠵᠠ》 ᠭᠡᠮᠡᠨ ᠭᠡᠷ ᠲᠡᠭᠡᠨ ᠣᠷᠣᠪᠠᠰᠤ ᠲᠡᠭᠦᠰᠬᠡᠨ ᠭᠤᠸ᠎ᠠ ᠥᠯᠥᠭᠡᠢ ᠲᠡᠢ ᠪᠢᠴᠢᠬᠠᠨ ᠬᠦᠦ ᠪᠡᠨ ᠡᠷᠭᠦᠵᠦ᠄  
       — ᠬᠦᠦ ! ᠭᠡᠮᠡᠨ ᠭᠠᠭᠴᠠᠬᠠᠨ ᠦᠭᠡ ᠬᠡᠯᠡᠵᠦ ᠡᠴᠢᠭᠡ ᠳ᠋ᠦ᠍ᠨᠢ ᠥᠭᠭᠦᠭᠡᠳ ᠡᠷ᠎ᠡ ᠨᠥᠬᠥᠷ ᠦ᠋ᠨ ᠢ᠋ᠶ᠋ᠡᠨ ᠮᠥᠷᠥ ᠶ᠋ᠢ ᠲᠦᠰᠢᠨ ᠨᠢᠯᠪᠤᠰᠤ ᠳᠤᠰᠤᠯᠠᠭᠤᠯᠤᠨ ᠤᠬᠢᠯᠠᠪᠠ᠃ ᠲᠡᠢᠨ ᠬᠡᠮᠡᠭᠴᠢ ᠡᠨᠡᠷᠢᠯ ᠦᠭᠡᠢ ᠢᠷᠲᠦ ᠮᠡᠰᠡ ᠶ᠋ᠢᠨ ᠥᠭᠡᠳᠡ ᠡᠴᠡ ᠶᠠᠪᠤᠭᠰᠠᠨ ᠪᠣᠯᠬᠣᠷ ᠮᠢᠬ᠎ᠠ ᠴᠢᠰᠤᠨ ᠳ᠋ᠤ᠌ ᠲᠥᠷᠥᠭᠰᠡᠨ ᠬᠥᠮᠦᠨ ᠪᠡᠶ᠎ᠡ ᠲᠡᠭᠦᠨ ᠳ᠋ᠦ᠍ ᠥᠷᠲᠥᠵᠦ ᠪᠣᠯᠬᠤ ᠶ᠋ᠢ ᠬᠡᠨ ᠪᠠᠢᠭ ᠭᠡᠬᠦ ᠪᠢᠯᠡ᠃ ᠡᠢᠮᠦ ᠡᠴᠡ ᠲᠡᠷᠡ ᠨᠢᠭᠡᠨ ᠡᠮᠡᠭᠲᠡᠢ ᠶ᠋ᠢᠨ ᠰᠡᠳᠬᠢᠯ ᠲᠡᠢᠨ ᠳ᠋ᠦ᠍ ᠶᠠᠪᠤᠭᠰᠠᠨ ᠨᠥᠬᠥᠷ ᠦ᠋ᠨ ᠢ᠋ᠶ᠋ᠡᠨ ᠠᠷᠤ ᠠ᠋ᠴᠠ ᠰᠠᠨᠠᠭᠠᠰᠢᠷᠠᠨ ᠵᠣᠪᠠᠨᠢᠵᠤ ᠲᠡᠷᠡ ᠬᠣᠭᠣᠷᠣᠨᠳᠣ ᠪᠢᠴᠢᠬᠠᠨ ᠬᠦᠦ ᠪᠡᠨ ᠲᠥᠷᠥᠭᠦᠯᠵᠦ ᠠᠮᠤᠷᠵᠢᠭᠠᠳ ᠰᠠᠭᠤᠭ᠎ᠠ ᠨᠢ ᠡᠨᠡ ᠪᠥᠯᠥᠭᠡ᠃ 
       — ᠵᠠ᠂ ᠵᠠ᠂ ᠠᠮᠢᠳᠤ ᠮᠡᠨᠳᠦ ᠯᠠ ᠶᠠᠪᠤᠭᠠᠳ ᠢᠷᠡᠯ᠎ᠡ ᠰᠢᠦ ᠳᠡ᠃ ᠬᠠᠷᠢᠨ ᠴᠢ ᠮᠢᠨᠢ ᠠᠮᠤᠷᠵᠢᠴᠢᠬᠠᠵᠠᠢ᠃ ᠬᠡᠵᠢᠶ᠎ᠡ ᠲᠥᠷᠥᠪᠡ? ᠭᠡᠵᠦ ᠪᠣᠭᠣᠷᠴᠢ ᠡᠬᠡᠨᠡᠷ ᠢ᠋ᠶ᠋ᠡᠨ ᠬᠠᠯᠠᠮᠵᠢᠯᠠᠨ ᠠᠰᠠᠭᠤᠬᠤ ᠳ᠋ᠤ᠌ ᠡᠬᠡᠨᠡᠷ ᠨᠢ᠄ 
       — ᠴᠢᠮ᠎ᠠ ᠶ᠋ᠢ ᠶᠠᠪᠤᠭᠰᠠᠨ ᠤ᠋ ᠬᠣᠶᠠᠷ ᠬᠣᠨᠣᠭ ᠳᠡᠭᠡᠷ᠎ᠡ ᠭᠡᠪᠡ᠃  
       — ᠨᠡᠷ᠎ᠡ ᠥᠭᠭᠦᠭᠰᠡᠨ ᠤᠤ? ᠬᠡᠨ ᠪᠣᠢ ᠳᠠ? ᠮᠢᠨᠦ ᠬᠦᠦ? ᠭᠡᠬᠦ ᠳ᠋ᠦ᠍᠄  
       — ᠶᠠᠭᠠᠬᠢᠯ᠎ᠠ ᠭᠡᠵᠦ᠂ ᠡᠴᠢᠭᠡ ᠨᠢ ᠴᠢᠮ᠎ᠠ ᠶ᠋ᠢ ᠡᠵᠡᠭᠦᠢ ᠳ᠋ᠦ᠍ ᠬᠡᠨ ᠨᠡᠷ᠎ᠡ ᠥᠭᠬᠦ ᠪᠣᠢ? 
       — ᠨᠡᠭᠡᠷᠡᠨ ᠴᠦ᠍ ᠲᠡᠢᠮᠦ ᠶᠦᠮ ᠤᠤ ᠳᠠ? ᠵᠠ ᠲᠡᠭᠡᠪᠡᠯ ᠪᠣᠷᠬᠠᠢ ᠭᠡᠵᠦ ᠨᠡᠷ᠎ᠡ ᠥᠭᠭᠦᠨ᠎ᠡ ᠠ᠋᠃  ᠡᠬᠡ ᠨᠢ ᠰᠣᠴᠢᠬᠤ ᠰᠢᠭ᠋ ᠪᠣᠯᠵᠤ᠄ 
       — ᠶᠠᠭᠤ ᠭᠡᠵᠦ ᠪᠠᠢᠭ᠎ᠠ ᠶᠤᠮ ᠪᠣᠢ? ᠴᠢᠨᠣ᠎ᠠ ᠭᠡᠵᠦ ᠪᠠᠢᠭ᠎ᠠ ᠶᠤᠮ ᠪᠢᠰᠢ ᠤᠤ? ᠭᠡᠬᠦ ᠳ᠋ᠦ᠍ ᠪᠣᠭᠣᠷᠴᠢ ᠢᠨᠢᠶᠡᠮᠰᠦᠭᠯᠡᠨ᠄ 
       — ᠮᠠᠭᠠᠳ ᠦᠭᠡᠢ ᠠ᠋᠃ ᠮᠠᠨ ᠤ᠋ ᠬᠢᠨ ᠲᠠᠰᠢ ᠪᠠᠨ ᠪᠣᠬᠠᠢ ᠴᠤ᠌ ᠭᠡᠬᠦ ᠨᠢ ᠭᠡᠳᠡᠭ ᠶᠦᠮ ᠭᠡᠪᠡ᠃ ᠲᠡᠭᠦᠰᠬᠡᠨ ᠭᠠᠢᠬᠠᠵᠤ᠄ 
       — ᠲᠡᠭᠡᠭᠡᠳ ᠵᠠᠪᠠᠯ? ᠭᠡᠵᠦ ᠠᠰᠠᠭᠤᠪᠠᠯ ᠪᠣᠭᠣᠷᠴᠢ᠄ 
       — ᠮᠠᠨ ᠤ᠋ ᠲᠡᠮᠦᠵᠢᠨ ᠡᠵᠡᠨ ᠢ᠋ ᠮᠡᠨᠳᠦᠯᠡᠬᠦ ᠳ᠋ᠦ᠍ ᠡᠴᠢᠭᠡ ᠨᠢ ᠲᠠᠲ᠋ᠠᠷ ᠤ᠋ᠨ ᠲᠡᠮᠦᠵᠢᠨ ᠦᠭᠡ ᠵᠠᠬᠢᠷᠤᠭᠴᠢ ᠶ᠋ᠢ ᠨᠢ ᠪᠠᠷᠢᠵᠤ ᠢᠷᠡᠵᠦ ᠲᠡᠭᠦᠪᠡᠷ ᠲᠤᠭ ᠢ᠋ᠶ᠋ᠠᠨ ᠲᠠᠬᠢᠵᠤ ᠬᠦᠦ ᠳ᠋ᠡᠭᠡᠨ ᠨᠡᠷ᠎ᠡ ᠶ᠋ᠢ ᠨᠢ ᠥᠭᠭᠦᠭᠰᠡᠨ ᠶᠦᠮ ᠭᠡᠬᠦ ᠳ᠋ᠦ᠍ ᠲᠡᠭᠦᠰᠬᠡᠨ᠄ 
       — ᠲᠡᠭᠡᠵᠦ ᠶᠠᠷᠢᠳᠠᠭ ᠶᠤᠮ ᠪᠢᠯᠡ ᠭᠡᠪᠡ᠃ 
       — ᠲᠡᠭᠡᠬᠦᠯᠡᠷ ᠪᠢ ᠰᠠᠶᠢ ᠶ᠋ᠢᠨ ᠲᠡᠢᠨ ᠳ᠋ᠦ᠍ ᠵᠠᠳᠠᠷᠠᠨ ᠤ᠋ ᠪᠣᠷᠬᠠᠢ ᠪᠠᠭᠠᠲᠤᠷ ᠲᠠᠢ ᠨᠢ ᠲᠤᠯᠭᠠᠷᠠᠵᠤ ᠲᠡᠷᠡ ᠪᠢᠳᠡ ᠬᠣᠶᠠᠷ ᠬᠡᠨ ᠨᠢᠭᠡᠨ ᠢ᠋ ᠪᠡᠨ ᠦᠭᠡᠢ ᠬᠢᠬᠦ ᠶᠣᠰᠣᠲᠠᠢ ᠪᠣᠯᠵᠤ᠂ ᠲᠡᠭᠦᠨ ᠢ᠋ ᠲᠣᠨᠢᠯᠭᠠᠭᠰᠠᠨ ᠢ᠋ᠶ᠋ᠠᠷ ᠪᠢ ᠠᠮᠢ ᠮᠡᠨᠳᠦ ᠭᠠᠷᠴᠤ ᠢᠷᠡᠯ᠎ᠡ᠃ 
       —  ᠶᠧ᠂ ᠮᠥᠩᠬᠡ ᠲᠩᠷᠢ ᠮᠢᠨᠢ ᠭᠡᠵᠦ ᠲᠡᠭᠦᠰᠬᠡᠨ ᠤᠤᠯᠭ᠎ᠠ ᠠᠯᠲᠠᠨ ᠵᠠᠯᠪᠠᠷᠢᠬᠤᠶ᠎ᠠ᠄ 
       — ᠲᠡᠷᠡ ᠪᠢᠳᠡ ᠬᠣᠶᠠᠷ ᠶᠠᠭᠠᠬᠢᠬᠤ ᠠᠷᠭ᠎ᠠ ᠦᠭᠡᠢ ᠲᠤᠯᠭᠠᠷᠠᠨ ᠴᠠᠪᠴᠢᠯᠳᠤᠪᠠ᠃ ᠨᠡᠯᠢᠶᠡᠳ ᠵᠠᠭᠤᠷᠠᠯᠳᠤᠨ ᠲᠡᠮᠡᠴᠡᠯᠳᠦᠵᠦ᠂ ᠮᠢᠨᠦ ᠪᠠᠷᠠᠭᠤᠨ ᠭᠠᠷ ᠤ᠋ᠨ ᠲᠣᠬᠣᠢ ᠪᠠᠷ ᠴᠢᠨᠦᠷᠡᠨ ᠪᠠᠳᠠᠢᠷᠠᠵᠤ᠂ ᠰᠡᠯᠡᠮ᠎ᠡ ᠮᠠᠨᠢ ᠲᠡᠨᠳᠡ ᠦᠰᠦᠷᠦᠭᠡᠳ ᠤᠨᠠᠬᠤ ᠪᠠᠷ《ᠥᠩᠭᠡᠷᠡᠵᠦ ᠳᠡ》 ᠭᠡᠵᠦ ᠳᠣᠲᠣᠷ᠎ᠠ ᠪᠣᠳᠣᠯ ᠳ᠋ᠤ᠌ ᠵᠢᠷᠤᠰᠬᠢᠨ ᠰᠢᠭᠤᠳ ᠮᠣᠷᠢᠨ ᠳᠡᠭᠡᠷ᠎ᠡ ᠡᠴᠡ ᠪᠡᠨ ᠲᠡᠭᠦᠨ ᠢ᠋ ᠲᠡᠪᠡᠷᠢᠭᠡᠳ ᠵᠠᠭᠤᠷᠠᠨ ᠨᠣᠴᠣᠲᠠᠯ᠎ᠠ ᠰᠠᠷᠠᠯ ᠮᠣᠷᠢ ᠮᠢᠨᠢ ᠣᠷᠣᠭᠰᠢ ᠤᠬᠤᠰᠬᠢᠨ ᠳᠡᠭᠦᠯᠢᠵᠦ᠂ ᠥᠨᠥᠬᠢ ᠴᠢᠨᠢ ᠮᠣᠷᠢᠨ ᠤ᠋ ᠪᠠᠨ ᠪᠤᠷᠤᠭᠤ ᠬᠠᠵᠠᠭᠤ ᠤᠷᠤᠭᠤ ᠨᠠᠮ᠎ᠠ ᠶ᠋ᠢ ᠳᠠᠭᠠᠭᠠᠳ ᠭᠤᠯᠠᠰᠴᠤ ᠡᠮᠡᠭᠡᠯ ᠡᠴᠡ ᠪᠡᠨ ᠰᠠᠯᠵᠤ ᠤᠨᠠᠪᠠ᠃ ᠪᠢ ᠲᠡᠷᠡ ᠵᠠᠭᠤᠷ᠎ᠠ ᠮᠣᠷᠢᠨ ᠤ᠋ ᠪᠠᠨ ᠠᠮᠠ ᠶ᠋ᠢ ᠲᠠᠲᠠᠰᠬᠢᠭᠡᠳ ᠰᠡᠯᠡᠮ᠎ᠡ ᠪᠡᠨ ᠰᠢᠭᠦᠷᠴᠦ ᠠᠪᠤᠭᠠᠳ ᠡᠷᠭᠢᠲᠡᠯ᠎ᠡ ᠲᠡᠷᠡ ᠪᠣᠰᠴᠤ ᠬᠠᠷᠠᠭᠳᠠᠨ᠎ᠠ᠃ ᠲᠡᠭᠡᠮᠡᠭᠴᠡ ᠯᠡ ᠰᠡᠯᠡᠮ᠎ᠡ ᠪᠡᠷ ᠢ᠋ᠶ᠋ᠡᠨ ᠰᠢᠷᠪᠢᠵᠦ ᠣᠷᠭᠢᠲᠠᠯ᠎ᠠ ᠁ ᠲᠡᠭᠡᠭᠡᠳ ᠲᠡᠷᠡ ᠳᠠᠭᠤᠰᠤᠭᠰᠠᠨ ᠳᠠ᠃ ᠲᠡᠷᠡ ᠪᠡᠷ ᠰᠡᠯᠡᠮ᠎ᠡ ᠶ᠋ᠢᠨ ᠳᠠᠯᠪᠠᠭᠠᠨ ᠢ᠋ᠶ᠋ᠠᠷ ᠶᠤᠮ ᠤᠤ? ᠮᠥᠷᠥ ᠪᠡᠷ ᠨᠠᠮ᠎ᠠ ᠶ᠋ᠢ ᠴᠣᠬᠢᠵᠤ ᠯᠠ ᠳᠠ᠃ ᠢᠷ ᠲᠠᠭᠠᠷᠠᠭᠰᠠᠨ ᠪᠣᠯ ᠭᠠᠷ ᠰᠠᠨᠵᠢᠬᠤ ᠪᠠᠢᠭᠰᠠᠨ ᠪᠢᠵᠡ᠃ ᠵᠢᠭᠠᠬᠠᠨ ᠬᠦᠨᠳᠦᠬᠦᠷᠯᠡᠰᠬᠢᠵᠦ ᠠᠪᠤᠭᠠᠳ ᠵᠦᠭᠡᠷ ᠪᠣᠯᠤᠭᠰᠠᠨ ᠭᠡᠵᠦ ᠪᠣᠭᠤᠷᠴᠢ ᠶᠠᠷᠢᠪᠠ᠃  
       — ᠠ᠋᠂ ᠮᠥᠩᠬᠡ ᠲᠩᠷᠢ ᠮᠢᠨᠢ!  ᠭᠡᠵᠦ ᠲᠡᠭᠦᠰᠬᠡᠨ ᠳᠠᠬᠢᠨ ᠳᠠᠬᠢᠨ ᠥᠭᠦᠯᠡᠬᠦ ᠳ᠋ᠦ᠍ ᠪᠣᠭᠤᠷᠴᠢ᠄  
       — ᠪᠤᠷᠬᠠᠢ᠂ ᠪᠤᠷᠬᠠᠢ᠂ ᠪᠤᠷᠬᠠᠢ ᠭᠡᠵᠦ ᠬᠦᠦ ᠶ᠋ᠢᠨ ᠴᠢᠬᠢᠨ ᠳ᠋ᠦ᠍ ᠬᠡᠯᠡᠵᠦ ᠦᠨᠦᠰᠦᠨ ᠢᠨᠢᠶᠡᠭᠡᠳ ᠲᠡᠭᠦᠰᠬᠡᠨ ᠢ᠋ ᠪᠠᠰᠠ ᠤᠷᠤᠭᠤᠯ ᠬᠦᠷᠭᠡᠨ ᠦᠨᠦᠰᠲᠡᠯ᠎ᠡ ᠨᠥᠬᠥᠷ ᠲᠡᠭᠡᠨ ᠡᠷᠬᠡᠯᠡᠨ ᠨᠠᠯᠠᠵᠤ ᠬᠣᠶᠠᠭᠤᠯᠠ ᠬᠠᠴᠠᠷ ᠢ᠋ᠶ᠋ᠠᠨ ᠨᠠᠭᠠᠨ᠄ 
       — ᠥᠬᠢᠨ᠂ ᠬᠦᠦ ᠬᠣᠶᠠᠷ ᠲᠠᠢ ᠪᠣᠯᠤᠯ᠎ᠠ ᠭᠡᠯᠴᠡᠨ ᠪᠠᠶᠠᠰᠤᠯᠴᠠᠪᠠ᠃  
       ᠨᠢᠭᠡᠨ ᠡᠳᠦᠷ ᠪᠣᠭᠤᠷᠴᠢ ᠬᠠᠭᠠᠨ ᠳ᠋ᠤ᠌ ᠪᠠᠷᠠᠭᠠᠯᠠᠬᠤ ᠪᠠᠷ ᠥᠷᠥᠭᠡᠨ ᠳ᠋ᠦ᠍ᠨᠢ ᠣᠴᠢᠬᠤ ᠳ᠋ᠤ᠌ ᠬᠡᠪᠲᠡᠭᠦᠯ ᠶᠠᠭᠤ ᠬᠡᠯᠡᠬᠦ ᠪᠣᠢ? ᠶᠠᠪᠤᠭᠠᠳ ᠯᠠ ᠣᠷᠣᠯ᠎ᠠ᠃ ᠬᠠᠭᠠᠨ ᠰᠡᠨᠳᠡᠢ ᠳ᠋ᠡᠭᠡᠨ ᠵᠠᠯᠠᠷᠠᠵᠤ ᠡᠮᠦᠨᠡᠬᠢ ᠰᠢᠷᠡᠭᠡᠨ ᠳᠡᠭᠡᠷ᠎ᠡ ᠪᠡᠨ ᠤᠤᠭᠤᠵᠤ ᠪᠠᠢᠭᠰᠠᠨ ᠠᠶᠠᠭ᠎ᠠ ᠲᠠᠢ ᠴᠠᠢ ᠪᠠᠨ ᠲᠠᠯᠪᠢᠵᠤ ᠪᠠᠷᠠᠭᠤᠨ ᠮᠣᠳᠣᠷ ᠢ᠋ᠶ᠋ᠠᠷ ᠡᠪᠦᠳᠦᠭ ᠳᠡᠭᠡᠷ᠎ᠡ ᠪᠡᠨ ᠲᠤᠯᠵᠤ᠄ 
       — ᠵᠠ᠂ ᠪᠣᠭᠣᠷᠴᠢ ᠰᠠᠢᠨ ᠤᠤ? ᠭᠡᠬᠦ ᠳ᠋ᠦ᠍ ᠪᠤᠭᠤᠷᠴᠢ᠄ 
       — ᠪᠢ ᠰᠠᠢᠨ᠂ ᠲᠠ ᠠᠮᠤᠭᠤᠯᠠᠩ ᠤᠤ? ᠪᠢ ᠲᠠᠨ ᠳ᠋ᠤ᠌ ᠪᠠᠷᠠᠭᠠᠯᠠᠬᠤ ᠤᠴᠢᠷ ᠪᠣᠢ ᠭᠡᠯ᠎ᠡ᠃ 
       — ᠵᠠ᠂ ᠬᠡᠯᠡ᠂ ᠬᠡᠯᠡ ᠭᠡᠪᠡᠯ᠄ 
       — ᠪᠢ ᠭᠡᠳᠡᠭ ᠬᠥᠮᠦᠨ ᠨᠤᠲᠤᠭ ᠣᠷᠣᠨ ᠠ᠋ᠴᠠ ᠪᠠᠨ ᠭᠠᠷᠤᠭᠠᠳ ᠠᠷᠪᠠ ᠭᠠᠷᠤᠢ ᠵᠢᠯ ᠦ᠋ᠨ ᠨᠢᠭᠤᠷ ᠦᠵᠡᠬᠦ ᠳ᠋ᠦ᠍ ᠤᠯᠤᠰ ᠣᠷᠣᠨ ᠤ᠋ ᠮᠢᠨᠢ ᠰᠦᠷ ᠰᠦᠯᠳᠡ ᠪᠠᠳᠠᠷᠠᠵᠤ᠂ ᠮᠢᠨᠦ ᠠᠵᠤ ᠲᠥᠷᠥᠯ ᠳ᠋ᠦ᠍ ᠶᠡᠬᠡ ᠥᠭᠡᠷᠡᠴᠢᠯᠡᠯᠲᠡ ᠭᠠᠷᠤᠯ᠎ᠠ᠃ ᠪᠢ ᠡᠨᠳᠡ ᠡᠴᠡ ᠭᠡᠷᠯᠡᠵᠦ ᠥᠬᠢᠨ ᠲᠡᠢ᠂ ᠪᠠᠰᠠ ᠬᠦᠦ ᠲᠡᠢ ᠪᠣᠯᠤᠯ᠎ᠠ ᠰᠢᠦ ᠳᠡ ᠭᠡᠵᠦ ᠪᠤᠭᠤᠷᠴᠢ ᠬᠡᠯᠡᠪᠡᠯ ᠬᠠᠭᠠᠨ᠄ 
       — ᠪᠢ ᠰᠣᠨᠣᠰᠤᠭᠰᠠᠨ᠃ ᠴᠢᠮᠠᠳᠠᠭᠠᠨ ᠲᠠᠯᠠᠷᠬᠠᠵᠤ ᠬᠦᠦ ᠳ᠋ᠦ᠍ ᠴᠢᠨᠢ ᠨᠢᠭᠡ ᠰᠠᠢᠨ ᠤᠳᠤᠮᠲᠠᠢ ᠥᠬᠢᠨ ᠤᠨᠠᠭ᠎ᠠ ᠪᠡᠯᠡᠭᠯᠡᠶ᠎ᠡ᠃  ᠴᠢᠮᠠᠶ᠋ᠢ ᠬᠦᠦ ᠲᠡᠢ ᠪᠣᠯᠤᠭᠰᠠᠨ ᠭᠡᠬᠦ ᠪᠡᠷ᠂ ᠭᠡᠬᠦ ᠪᠡᠷ ᠴᠦ᠍ ᠶᠠᠭᠤ ᠪᠠᠢᠬᠤ ᠪᠣᠢ᠂ ᠮᠡᠳᠡᠭᠡᠵᠢ ᠯᠡ᠂ ᠲᠡᠭᠦᠰᠬᠡᠨ ᠭᠤᠸ᠎ᠠ ᠪᠠᠨ ᠬᠥᠯ ᠬᠦᠨᠳᠦ ᠶ᠋ᠢ ᠦᠵᠡᠵᠦ ᠬᠠᠷᠠᠵᠤ ᠪᠠᠢᠭᠰᠠᠨ ᠶᠤᠮ ᠴᠢᠨᠢ᠃ ᠠᠮᠤᠷᠵᠢᠭᠰᠠᠨ ᠢ᠋ ᠰᠣᠨᠣᠰᠤᠭᠠᠳ ᠪᠠᠶᠠᠷᠯᠠᠯ ᠦᠭᠡᠢ ᠶᠠᠭᠠᠬᠢᠬᠤᠪ᠃ ᠲᠡᠭᠡᠭᠡᠳ ᠪᠢ ᠠᠳᠤᠭᠤᠨ ᠳᠣᠲᠣᠭᠤᠷ ᠶᠠᠪᠤᠭᠰᠠᠨ᠃ ᠦᠵᠡᠵᠦ ᠦᠵᠡᠵᠦ᠂ ᠴᠣᠬᠣᠯᠴᠢᠬᠠᠭᠠᠳ ᠪᠠᠢᠭ᠎ᠠ᠃ ᠠᠯᠢᠪ ᠴᠢ ᠨᠠᠭᠠᠰᠢ ᠰᠠᠭᠤ᠃ ᠴᠢ ᠪᠢᠳᠡ ᠬᠣᠶᠠᠷ ᠶᠣᠰᠣᠷᠬᠠᠭᠠᠳ ᠪᠠᠢᠬᠤ ᠭᠡᠵᠦ ᠳᠡ᠃ ᠨᠢᠭᠡ ᠤᠨᠠᠭ᠎ᠠ ᠬᠦᠦ ᠳ᠋ᠦ᠍ ᠴᠢᠨᠢ ᠵᠢᠰᠦᠯᠡᠴᠢᠬᠡᠭᠰᠡᠨ᠂ ᠲᠡᠭᠦᠨ ᠡᠴᠡ ᠰᠠᠢᠨ ᠬᠦᠯᠦᠭ ᠭᠠᠷᠭᠠᠵᠤ ᠥᠭᠭᠦᠭᠡᠷᠡᠢ ᠭᠡᠪᠡ᠃ ᠪᠤᠭᠤᠷᠴᠢ ᠳᠥᠭᠥᠵᠦ ᠰᠠᠭᠤᠭᠠᠳ᠄  
       — ᠴᠢᠩᠭᠢᠰ ᠬᠠᠭᠠᠨ ᠤ᠋ ᠥᠭᠭᠢᠶᠡᠮᠦᠷ ᠬᠡᠰᠢᠭ ᠲᠦ᠍ ᠪᠠᠶᠠᠷᠯᠠᠯ᠎ᠠ ᠭᠡᠬᠦ ᠳ᠋ᠦ᠍ ᠬᠠᠭᠠᠨ᠄  
       — ᠵᠠ᠂ ᠲᠡᠭᠡᠭᠡᠳ? ᠭᠡᠪᠡ᠃  
       — ᠲᠠ ᠮᠡᠳᠡᠨ᠎ᠡ ᠯᠠ ᠳᠠ᠂ ᠪᠢ ᠶᠠᠷᠢᠳᠠᠭ ᠪᠠᠢᠭᠰᠠᠨ ᠰᠢᠦ ᠳᠡ᠃ ᠬᠥᠭᠡᠷᠦᠬᠦᠢ᠂ ᠬᠡᠷᠣᠯᠣᠨᠵᠢᠨ ᠭᠡᠵᠦ ᠁ ᠥᠭᠡᠯᠡᠨ ᠦ᠌ ᠮᠢᠨᠢ ᠡᠬᠡ ᠁ ᠭᠡᠪᠡᠯ ᠴᠢᠩᠭᠢᠰ ᠬᠠᠭᠠᠨ ᠤᠬᠤᠷᠢᠵᠤ ᠲᠦᠰᠢᠯᠭᠡ ᠪᠡᠨ ᠨᠠᠯᠤᠨ ᠰᠠᠭᠤᠭᠠᠳ ᠪᠣᠳᠣᠯᠭᠠᠰᠢᠷᠠᠨ᠄ 
       — ᠠ᠂ ᠲᠡᠢᠮᠦ ᠮᠠᠲᠠᠯ ᠦᠭᠡᠢ ᠶᠠᠭᠠᠬᠢᠬᠤᠪ᠃ ᠲᠣᠳᠣᠬᠠᠨ ᠰᠠᠨᠠᠵᠤ ᠪᠠᠢᠨ᠎ᠠ ᠭᠡᠯ᠎ᠡ᠃ 
       — ᠪᠢ ᠲᠡᠭᠦᠨ ᠦ᠌ ᠪᠡᠨ ᠡᠴᠢᠭᠡ ᠡᠬᠡ ᠳ᠋ᠦ᠍ ᠣᠴᠢᠵᠤ ᠮᠡᠨᠳᠦ ᠶ᠋ᠢ ᠨᠢ ᠮᠡᠳᠡᠵᠦ ᠡᠨᠡ ᠥᠭᠡᠯᠡᠨ ᠬᠦᠦ ᠪᠡᠨ ᠨᠠᠭᠠᠴᠤ ᠡᠪᠦᠭᠡ᠂ ᠡᠮᠡᠭᠡ ᠳ᠋ᠦ᠍ᠨᠢ ᠠᠭᠤᠯᠵᠠᠭᠤᠯᠬᠤ ᠰᠠᠨᠠᠭᠠᠲᠠᠢ᠃ ᠲᠡᠭᠡᠭᠡᠳ ᠳᠠᠰᠢ ᠶᠠᠪᠤᠬᠤ ᠵᠥᠪᠰᠢᠶᠡᠷᠡᠯ ᠠᠢᠯᠠᠳᠬᠠᠬᠤ ᠭᠡᠵᠦ ᠢᠷᠡᠯ᠎ᠡ᠃ ᠲᠦᠮᠡᠨ ᠲᠥᠪᠬᠦᠨ ᠦ᠌ ᠨᠤᠲᠤᠭ ᠰᠢᠦ ᠳᠡ ᠭᠡᠪᠡᠯ ᠬᠠᠭᠠᠨ ᠪᠣᠳᠣᠯᠬᠢᠯᠠᠨ ᠬᠣᠷᠣᠮ ᠵᠠᠭᠤᠷ᠎ᠠ ᠰᠠᠭᠤᠭᠰᠠᠨ ᠢ᠋ᠶ᠋ᠠᠨ᠄ 
       — ᠪᠣᠯᠣᠯᠭᠦᠢ ᠶᠠᠭᠠᠬᠢᠬᠤᠪ᠂ ᠲᠡᠭᠡ᠂ ᠲᠡᠭᠡ᠃ ᠬᠠᠷᠢᠨ ᠬᠠᠷᠢ ᠭᠠᠵᠠᠷ ᠰᠢᠦ᠃ ᠣᠳᠣ ᠴᠢᠮᠠᠲᠤ ᠨᠥᠬᠥᠷ ᠣᠯᠠᠨ ᠴᠦ᠍ ᠳᠠᠢᠰᠤᠨ ᠬᠠᠮᠢᠭ᠎ᠠ ᠠ᠋ᠴᠠ ᠴᠦ᠍ ᠭᠠᠷᠤᠨ᠎ᠠ᠃ ᠲᠡᠢᠮᠦ ᠡᠴᠡ ᠥᠭᠡᠯᠡᠨ ᠬᠦᠦ ᠪᠡᠨ ᠳᠠᠭᠠᠭᠤᠯᠤᠭᠠᠳ ᠬᠣᠶᠠᠭᠤᠯᠠᠬᠠᠨ ᠢ᠋ᠶ᠋ᠠᠨ ᠱᠣᠭᠰᠢᠵᠤ ᠪᠣᠯᠬᠤ ᠦᠭᠡᠢ ᠰᠢᠦ᠃ ᠴᠢ ᠪᠣᠯ ᠬᠠᠮᠤᠭ ᠮᠣᠩᠭᠣᠯ ᠤᠯᠤᠰ ᠤ᠋ᠨ ᠴᠡᠷᠢᠭ ᠦ᠋ᠨ ᠶᠡᠬᠡ ᠵᠠᠩᠵᠤᠨ᠂ ᠥᠴᠢ ᠲᠥᠴᠢᠨᠡᠨ ᠴᠡᠷᠢᠭ᠂ ᠬᠠᠷᠠᠭᠤᠯ ᠬᠠᠮᠠᠭᠠᠯᠠᠯᠲᠠ ᠲᠠᠢ ᠶᠠᠪᠤᠭᠠᠷᠠᠢ ᠭᠡᠵᠦ ᠵᠠᠷᠯᠢᠭᠯᠠᠪᠠ᠃ ᠪᠣᠭᠤᠷᠴᠢ ᠪᠠᠰᠠ ᠵᠢᠭᠠᠬᠠᠨ ᠬᠣᠯᠭᠤᠰᠬᠢᠨ ᠰᠠᠭᠤᠭᠰᠠᠨ ᠢ᠋ᠶ᠋ᠠᠨ᠄ 
       — ᠲᠡᠭᠡᠭᠡᠳ ᠪᠠᠰᠠ ᠲᠡᠭᠦᠨ ᠢ᠋ ᠮᠢᠨᠢ ᠬᠣᠷᠣᠭᠠᠭᠰᠠᠨ ᠵᠣᠯᠢᠭ ᠤ᠋ᠳ ᠪᠣᠢ ᠃ ᠲᠡᠳᠡᠨ ᠡᠴᠡ ᠪᠠᠰᠠ᠁ ᠥᠷᠢ ᠨᠡᠬᠡᠵᠦ ᠱᠣᠭ ᠬᠢᠮᠡᠷ᠁ ᠭᠡᠬᠦ ᠳ᠋ᠦ᠍ ᠬᠠᠭᠠᠨ᠄ 
      — ᠳᠡᠭᠡᠯ ᠦᠭᠡᠢ ᠶᠠᠭᠠᠬᠢᠬᠤᠪ! ᠬᠥᠮᠦᠨ ᠬᠣᠬᠢᠷᠠᠭᠠᠭᠠᠳ ᠲᠡᠳᠡ ᠵᠠᠪᠰᠢᠭᠠᠳ ᠥᠩᠭᠡᠷᠡᠬᠦ ᠭᠡᠵᠦ ᠶᠠᠭᠤ ᠪᠠᠢᠬᠤ ᠪᠣᠢ? ᠬᠥᠮᠦᠨ ᠦ᠌ ᠦᠨᠦᠷ ᠦᠭᠡᠢ ᠵᠣᠯᠢᠭ ᠤ᠋ᠳ ᠢ᠋ ᠵᠠᠯᠬᠠᠭᠠᠬᠤ ᠬᠡᠷᠡᠭᠲᠡᠢ᠃ ᠬᠡᠷᠡᠭ ᠬᠠᠭᠤᠴᠢᠷᠠᠬᠤ ᠶᠣᠰᠣ ᠦᠭᠡᠢ᠃ ᠵᠠᠯᠬᠠᠭ᠎ᠠ! ᠭᠡᠰᠭᠡ! ᠬᠠᠷᠢᠨ ᠲᠦᠮᠡᠨ ᠲᠦᠪᠭᠦᠨ ᠦ᠌ ᠬᠢᠨ ᠢ᠋ ᠦᠢᠮᠡᠭᠦᠯᠵᠦ ᠪᠣᠯᠬᠤ ᠦᠭᠡᠢ᠃ ᠠᠶᠠᠲᠠᠢᠬᠠᠨ ᠠᠷᠭ᠎ᠠ ᠡᠪ ᠢ᠋ ᠨᠢ ᠣᠯᠤᠭᠠᠳ ᠯᠠ᠁ ᠭᠡᠪᠡ᠃ 
       — ᠵᠠ᠂ ᠬᠠᠭᠠᠨ ᠤ᠋ ᠪᠠᠨ ᠠᠢᠯᠠᠳᠬᠠᠯ ᠢ᠋ ᠶᠣᠰᠣᠴᠢᠯᠠᠨ᠎ᠠ ᠭᠡᠳ ᠪᠣᠰᠤᠭᠠᠳ ᠰᠥᠭᠥᠳᠴᠦ ᠶᠣᠰᠣᠯᠠᠨ ᠭᠠᠷᠬᠤ ᠭᠡᠲᠡᠯ᠎ᠡ ᠴᠢᠩᠭᠢᠰ ᠬᠠᠭᠠᠨ᠄ 
       — ᠰᠠᠭᠤ ᠯᠠ ᠳᠠ᠃ ᠣᠳᠣ ᠨᠢᠭᠡ ᠶᠡᠬᠡ ᠶᠠᠭᠠᠷᠠᠬᠤ ᠳᠠᠪᠴᠢᠭᠤ ᠠᠵᠢᠯ ᠬᠡᠷᠡᠭ ᠭᠠᠢᠭᠤᠢ ᠪᠠᠢᠨ᠎ᠠ᠃ ᠬᠣᠶᠠᠭᠤᠯᠠ ᠵᠢᠭᠠᠬᠠᠨ ᠰᠠᠭᠤᠶ᠎ᠠ᠂ ᠬᠠᠮᠲᠤ ᠬᠣᠭᠣᠯᠠᠯᠠᠶ᠎ᠠ ᠭᠡᠳ ᠲᠦᠰᠢᠯᠭᠡ ᠶ᠋ᠢᠨ ᠢ᠋ᠶ᠋ᠡᠨ ᠠᠷᠤ ᠠ᠋ᠴᠠ ᠬᠢᠲᠠᠳ ᠸᠠᠭᠠᠷ ᠲᠠᠢ ᠳᠠᠷᠠᠰᠤ ᠭᠠᠷᠭᠠᠵᠤ ᠲᠠᠯᠪᠢᠪᠠ᠃ 
       ᠬᠡᠳᠦ ᠬᠣᠨᠣᠭ ᠤ᠋ᠨ ᠳᠠᠷᠠᠭ᠎ᠠ ᠪᠣᠭᠤᠷᠴᠢ ᠵᠣᠷᠢᠭᠰᠠᠨ ᠬᠡᠷᠡᠭ ᠲᠡᠭᠡᠨ ᠬᠣᠶᠠᠷ ᠴᠡᠷᠢᠭ ᠳᠠᠭᠠᠭᠤᠯᠤᠨ ᠥᠭᠡᠯᠡᠨ ᠬᠦᠦ ᠶ᠋ᠢᠨ ᠬᠠᠮᠲᠤ ᠮᠣᠷᠳᠠᠯ᠎ᠠ᠃ ᠨᠤᠲᠤᠭ ᠤ᠋ᠨ ᠵᠠᠬ᠎ᠠ ᠳ᠋ᠤ᠌ ᠣᠴᠢᠭᠠᠳ ᠲᠡᠨᠳᠡ ᠡᠴᠡ ᠭᠤᠴᠢᠭᠠᠳ ᠴᠡᠷᠢᠭ ᠳᠠᠷᠤᠭ᠎ᠠ ᠶ᠋ᠢ ᠳᠠᠭᠤᠳᠠᠨ ᠴᠤᠭᠯᠠᠭᠤᠯᠵᠤ᠂ ᠥᠨᠳᠥᠷ ᠳᠣᠪᠣ ᠥᠩᠭᠡᠷᠡᠨ ᠪᠠᠭᠤᠳᠠᠯᠯᠠᠭᠠᠳ ᠲᠡᠮᠦᠷᠴᠢ ᠶ᠋ᠢᠨ ᠬᠠᠭᠤᠴᠢᠨ ᠨᠤᠲᠤᠭᠯᠠᠵᠤ ᠪᠠᠢᠭᠰᠠᠨ ᠭᠠᠵᠠᠷ ᠢ᠋ᠶ᠋ᠠᠷ ᠥᠪᠡᠷ ᠢ᠋ᠶ᠋ᠡᠨ ᠡᠩ ᠦ᠋ᠨ ᠶᠠᠪᠤᠭᠤᠯ ᠤ᠋ᠨ ᠬᠥᠮᠦᠨ ᠮᠠᠶᠢᠭ ᠢ᠋ᠶ᠋ᠠᠷ ᠶᠠᠪᠤᠵᠤ ᠰᠤᠷᠠᠭᠯᠠᠨ ᠣᠯᠵᠤ ᠮᠡᠳᠡᠭᠡᠳ ᠪᠤᠴᠠᠨ ᠢᠷᠡᠵᠦ᠂ ᠥᠭᠡᠯᠡᠨ ᠬᠦᠦ ᠪᠡᠨ ᠳᠠᠭᠠᠭᠤᠯᠤᠨ ᠲᠡᠳᠡᠨ ᠦ᠌ ᠤᠷᠤᠭᠤ ᠵᠣᠷᠢᠵᠤ ᠣᠴᠢᠯ᠎ᠠ᠃ ᠨᠠᠮᠤᠭᠤᠨ ᠡᠬᠡ ᠭᠠᠳᠠᠨ᠎ᠠ ᠪᠠᠨ ᠶᠠᠮᠠᠷ ᠨᠢᠭᠡ ᠶᠠᠭᠤᠮ᠎ᠠ ᠬᠢᠵᠦ ᠤᠷᠤᠯᠳᠤᠨ ᠪᠠᠢᠭᠰᠠᠨ ᠢ᠋ᠶ᠋ᠠᠨ ᠶᠡᠬᠡ ᠪᠠᠭ᠎ᠠ ᠬᠣᠶᠠᠷ ᠬᠥᠮᠦᠨ ᠢᠷᠡᠵᠦ ᠪᠠᠭᠤᠬᠤ ᠶ᠋ᠢ ᠬᠠᠷᠠᠭᠠᠳ ᠶᠡᠬᠡᠳᠡ ᠠᠵᠢᠭᠯᠠᠨ ᠴᠠᠭᠠᠨ᠎ᠠ ᠪᠠᠨ ᠨᠢᠭᠡᠯᠡ ᠲᠠᠨᠢᠵᠤ ᠮᠡᠳᠡᠬᠦ ᠰᠢᠭ ᠪᠣᠯᠪᠠ᠃ ᠪᠣᠭᠣᠷᠴᠢ ᠥᠭᠡᠯᠡᠨ ᠬᠣᠶᠠᠷ ᠨᠠᠮᠤᠭᠤᠨ ᠡᠬᠡ ᠲᠡᠢ ᠮᠡᠨᠳᠦᠯᠡᠵᠦ ᠭᠡᠷ ᠲᠦ᠍ ᠣᠷᠣᠪᠠᠰᠤ ᠭᠡᠷ ᠦ᠋ᠨ ᠪᠠᠷᠠᠭᠤᠨ ᠬᠣᠢᠮᠣᠷ ᠲᠤ ᠲᠡᠮᠦᠷᠴᠢ ᠪᠠᠰᠠᠯᠠ ᠨᠢᠭᠡ ᠶᠠᠭᠤᠮ᠎ᠠ ᠬᠢᠵᠦ ᠤᠷᠤᠯᠳᠤᠵᠤ ᠪᠠᠢᠭᠰᠠᠨ ᠢ᠋ᠶ᠋ᠠᠨ ᠪᠣᠭᠣᠷᠴᠢ ᠶ᠋ᠢ ᠮᠡᠨᠳᠦᠯᠡᠮᠡᠭᠴᠡ ᠡᠷᠭᠢᠵᠦ ᠬᠠᠷᠠᠭᠠᠳ ᠨᠢᠳᠦ ᠪᠡᠨ ᠲᠣᠮᠣ ᠪᠣᠯᠭᠠᠨ ᠳᠦᠷᠯᠡᠢᠵᠦ ᠪᠠᠰᠠ ᠲᠠᠨᠢᠪᠠ ᠪᠣᠯᠤᠯᠲᠠᠢ᠃  
       ᠪᠣᠭᠣᠷᠴᠢ ᠬᠣᠶᠠᠷ ᠬᠥᠭᠰᠢᠨ ᠳ᠋ᠦ᠍ ᠶᠣᠰᠣᠯᠠᠯ ᠲᠡᠭᠦᠯᠳᠡᠷ ᠵᠣᠯᠭᠠᠵᠤ᠂ ᠬᠦᠦ ᠪᠡᠨ ᠵᠣᠯᠭᠠᠭᠤᠯᠤᠨ《ᠪᠢ ᠪᠣᠭᠣᠷᠴᠢ᠂ ᠡᠨᠡ ᠬᠦᠦ ᠥᠭᠡᠯᠡᠨ 》 ᠭᠡᠵᠦ ᠬᠡᠯᠡᠵᠡᠢ᠃ ᠲᠡᠷᠡ ᠬᠣᠶᠠᠷ《ᠲᠡᠭᠡᠨ᠎ᠡ ᠲᠡᠷᠡ᠃ ᠨᠢᠭᠡᠯᠡ ᠲᠡᠢᠮᠦ ᠴᠦ᠍ ᠪᠣᠯᠪᠠᠤ ᠭᠡᠵᠦ ᠭᠠᠳᠠᠷᠯᠠᠭᠰᠠᠨ》 ᠭᠡᠮᠡᠨ ᠳᠠᠭᠤ ᠠᠯᠳᠠᠵᠤ ᠥᠭᠡᠯᠡᠨ ᠬᠦᠦ ᠶ᠋ᠢ ᠳᠠᠬᠢᠨ ᠳᠠᠬᠢᠨ ᠪᠠᠷᠢᠵᠤ ᠠᠪᠴᠤ ᠦᠨᠦᠰᠪᠡ᠃ 
       ᠬᠣᠶᠠᠷ ᠬᠥᠭᠰᠢᠨ ᠦ᠌ ᠦᠰᠦᠨ ᠳ᠋ᠦ᠍ ᠪᠤᠭᠤᠷᠤᠯ᠂ ᠨᠢᠭᠤᠷ ᠨᠢᠳᠦᠨ ᠳ᠋ᠦ᠍ᠨᠢ ᠦᠷᠴᠢᠯᠡᠭᠡ ᠰᠠᠭᠤᠵᠤ ᠥᠲᠡᠯᠬᠦ ᠰᠢᠨᠵᠢ ᠣᠷᠣᠵᠠᠢ᠃ ᠠᠷᠭ᠎ᠠ ᠴᠦ᠍ ᠦᠭᠡᠢ᠂ ᠵᠢᠷᠠ ᠡᠷᠭᠢᠮ᠎ᠡ ᠨᠠᠰᠤᠨ ᠤ᠋ ᠬᠣᠶᠠᠷ᠃ ᠲᠡᠳᠡ ᠴᠠᠢ ᠬᠣᠭᠣᠯᠠ ᠪᠣᠯᠵᠤ ᠬᠣᠶᠠᠷ ᠬᠥᠪᠡᠭᠦᠨ ᠢ᠋ᠶ᠋ᠡᠨ ᠴᠢᠳᠠᠬᠤ ᠬᠢᠷᠢ ᠪᠡᠷ ᠢ᠋ᠶ᠋ᠡᠨ ᠳᠠᠢᠯᠠᠵᠤ᠂ ᠪᠣᠭᠣᠷᠴᠢ ᠲᠡᠳᠡᠨ ᠳ᠋ᠦ᠍ ᠲᠣᠷᠭ᠎ᠠ ᠬᠣᠷᠭᠣᠢ᠂ ᠪᠣᠣᠪᠣ ᠰᠢᠬᠢᠷ ᠵᠡᠷᠭᠡ ᠨᠠᠷᠢᠨ ᠨᠠᠨᠳᠢᠨ ᠡᠳ᠋ ᠢᠳᠡᠭᠡ᠂ ᠮᠥᠩᠭᠥ ᠵᠣᠭᠣᠰᠤᠨ ᠳᠡᠭᠡᠷ᠎ᠡ ᠠᠷᠢᠬᠢ ᠳᠠᠷᠠᠰᠤ ᠴᠦ᠍ ᠬᠣᠴᠣᠷᠭᠠᠭᠰᠠᠨ ᠦᠭᠡᠢ ᠬᠠᠴᠢᠷᠯᠠᠨ ᠪᠠᠢᠪᠠ᠃ 
       ᠬᠣᠶᠠᠷ ᠭᠡᠢᠴᠢᠨ ᠥᠷᠯᠥᠭᠡᠭᠦᠷ ᠣᠴᠢᠭᠰᠠᠨ ᠪᠠ ᠨᠠᠷᠠ ᠬᠡᠯᠪᠡᠢᠲᠡᠯ᠎ᠡ ᠰᠠᠭᠤᠵᠤ ᠶᠠᠷᠢᠯᠴᠠᠪᠠ᠃ ᠬᠦᠦ ᠨᠢ ᠬᠣᠷᠢ ᠭᠠᠷᠴᠤ ᠶᠠᠪᠤᠭ᠎ᠠ ᠲᠤᠯᠠ ᠪᠡᠷᠢ ᠪᠠᠭᠤᠯᠭᠠᠵᠤ ᠭᠡᠷᠯᠡᠭᠦᠯᠬᠦ ᠰᠠᠨᠠᠭ᠎ᠠ ᠲᠠᠢ ᠪᠠᠢᠭ᠎ᠠ ᠪᠠᠨ ᠬᠣᠶᠠᠷ ᠬᠥᠭᠰᠢᠨ ᠪᠣᠭᠣᠷᠴᠢ ᠳ᠋ᠤ᠌ ᠶᠠᠷᠢᠬᠤ ᠳ᠋ᠤ᠌ ᠪᠣᠭᠣᠷᠴᠢ ᠲᠠᠪᠤᠨ ᠠᠯᠲᠠᠨ ᠵᠣᠭᠣᠰ《ᠭᠡᠷ ᠲᠦ᠍ ᠨᠢ ᠨᠡᠮᠡᠷᠢᠯᠡ 》 ᠭᠡᠵᠦ ᠥᠭᠪᠡ᠃ 
       ᠪᠣᠭᠣᠷᠴᠢ ᠲᠡᠳᠡᠨ ᠡᠴᠡ ᠥᠨᠥᠬᠢ ᠪᠣᠷᠣᠬᠠᠢᠲᠤ᠂ ᠪᠡᠴᠢ᠂ ᠬᠠᠴᠢ ᠨᠠᠷ ᠢ᠋ ᠰᠤᠷᠠᠭᠯᠠᠬᠤᠢ ᠳ᠋ᠤ᠌᠂ ᠬᠣᠶᠠᠷ ᠬᠥᠭᠰᠢᠨ᠄ 
       — ᠲᠡᠳᠡ ᠲᠦᠮᠡᠨ ᠳ᠋ᠦ᠍ ᠭᠠᠢ ᠲᠠᠷᠢᠭᠠᠳ ᠶᠠᠪᠤᠵᠠᠭᠠᠵᠤ ᠯᠠ ᠪᠠᠢᠨ᠎ᠠ ᠭᠡᠯᠴᠡᠪᠡ᠃ ᠪᠣᠷᠤᠬᠠᠢᠲᠤ ᠨᠢ ᠠᠯᠲᠠᠨ ᠤᠯᠤᠰ ᠲᠤ ᠶᠠᠪᠤᠵᠤ ᠡᠮᠴᠢᠯᠡᠭᠦᠯᠵᠦ ᠡᠳᠡᠭᠡᠭᠡᠳ ᠢᠷᠡᠭᠰᠡᠨ᠃ ᠬᠢᠲᠠᠳ ᠭᠠᠵᠠᠷ ᠲᠦᠮᠡᠨ ᠡᠴᠡ ᠠᠪᠴᠤ ᠶᠠᠪᠤᠭᠰᠠᠨ ᠡᠳ᠋ ᠮᠠᠯ ᠢ᠋ᠶ᠋ᠠᠨ ᠲᠡᠨᠳᠡ ᠯᠤᠢᠪᠠᠷᠳᠠᠭᠤᠯᠵᠤ ᠶᠡᠬᠡ ᠥᠷᠢᠨ ᠳ᠋ᠦ᠍ ᠣᠷᠣᠭᠰᠠᠨ ᠭᠡᠯᠴᠡᠳᠡᠭ᠃ ᠲᠡᠷᠡ ᠭᠤᠷᠪᠠ ᠠᠮᠢᠲᠠᠨ ᠤ᠋ ᠠᠳᠤᠭᠤ ᠮᠠᠯ ᠨᠠᠭᠠᠰᠢ ᠴᠠᠭᠠᠰᠢ ᠨᠢ ᠪᠣᠯᠭᠠᠵᠤ ᠪᠦᠲᠦᠯ ᠮᠠᠭᠤᠬᠠᠨ ᠯᠠ ᠶᠠᠪᠤᠳᠠᠭ ᠪᠣᠯᠪᠠᠤ ᠬᠡᠮᠡᠪᠡ᠃  ᠪᠣᠭᠤᠷᠴᠢ᠄ 
       — ᠲᠡᠳᠡᠨ ᠲᠡᠢ ᠠᠭᠤᠯᠵᠠᠵᠤ ᠳᠠᠭ᠎ᠠ ᠪᠠᠨ ᠨᠡᠬᠡᠨ᠎ᠡ ᠳᠡ! ᠭᠡᠪᠡᠰᠦ ᠨᠠᠮᠤᠭᠤᠨ ᠬᠥᠭᠰᠢᠨ᠄ 
       — ᠮᠥᠩᠬᠡ ᠲᠩᠷᠢ ᠮᠢᠨᠢ! ᠶᠠᠭᠠᠬᠢᠬᠤ ᠨᠢ ᠪᠣᠢ ᠳᠠ᠃ ᠠᠯᠳᠠᠭᠰᠠᠨ ᠬᠥᠮᠦᠨ ᠢ᠋ᠶ᠋ᠡᠨ ᠪᠣᠰᠬᠠᠵᠤ ᠴᠢᠳᠠᠬᠤ ᠪᠢᠰᠢ ᠭᠡᠵᠦ ᠪᠣᠪᠳᠤᠨᠠᠪᠠ᠃ 
       — ᠵᠠ ᠳᠠ᠂ ᠶᠡᠬᠡ ᠯᠡ ᠪᠣᠯᠭᠣᠮᠵᠢᠲᠠᠢ ᠣᠷᠣᠯᠳᠣᠬᠤ ᠦᠭᠡᠢ ᠪᠣᠯ ᠲᠡᠳᠡ ᠣᠰᠣᠯᠲᠠᠢ ᠤᠯᠤᠰ ᠰᠢᠦ ᠭᠡᠵᠦ ᠲᠡᠮᠦᠷᠴᠢ ᠡᠴᠢᠭᠡ ᠰᠡᠷᠡᠮᠵᠢ ᠥᠭᠪᠡ᠃ ᠵᠣᠴᠢᠳ ᠲᠡᠭᠡᠰᠬᠢᠭᠡᠳ ᠶᠠᠪᠤᠬᠤ ᠪᠣᠯᠬᠤ ᠳ᠋ᠤ᠌ ᠬᠣᠶᠠᠷ ᠬᠥᠭᠰᠢᠨ᠄ 
       — ᠥᠨᠵᠢᠵᠦ ᠬᠣᠨᠣᠬᠤ ᠦᠭᠡᠢ᠂ ᠶᠠᠭᠠᠬᠢᠭᠰᠠᠨ ᠶᠠᠭᠠᠷᠠᠤ ᠳᠠᠪᠴᠢᠭᠤ ᠶᠤᠮ ᠪᠣᠢ ᠭᠡᠯᠴᠡᠨ ᠠᠷᠭ᠎ᠠ ᠪᠤᠰᠤ ᠶᠠᠪᠤᠭᠤᠯᠬᠤ ᠪᠣᠯᠵᠤ᠂ ᠲᠡᠮᠦᠷᠴᠢ ᠡᠴᠢᠭᠡ ᠥᠭᠡᠯᠡᠨ ᠬᠦᠦ ᠳ᠋ᠦ᠍ ᠬᠡᠲᠡ ᠪᠠᠯ᠂ ᠬᠣᠩᠭᠣᠷ ᠠᠵᠢᠷᠭᠠᠨ ᠤ᠋ ᠦᠷ᠎ᠡ ᠲᠥᠯ ᠳᠠᠭ᠎ᠠ᠂ ᠪᠣᠭᠣᠷᠴᠢ ᠳ᠋ᠤ᠌ ᠪᠠᠰᠠ ᠲᠡᠭᠦᠨ ᠦ᠌ ᠵᠠᠯᠠᠭᠤ ᠮᠣᠷᠢ ᠪᠡᠯᠡᠭᠯᠡᠵᠦ᠂ ᠡᠬᠡ ᠪᠣᠣᠪᠣ ᠰᠢᠬᠢᠷ ᠪᠣᠭᠣᠵᠤ ᠥᠭᠭᠦᠯ᠎ᠡ᠃ ᠲᠡᠳᠡ ᠬᠣᠶᠠᠷ ᠣᠷᠣᠢᠬᠠᠨ ᠮᠣᠷᠳᠠᠵᠤ ᠳᠠᠪᠬᠢᠭᠠᠳ ᠥᠪᠡᠷᠰᠡᠳ ᠦ᠋ᠨ ᠬᠢᠨ ᠳᠡᠭᠡᠷ᠎ᠡ ᠪᠡᠨ ᠣᠴᠢᠪᠠ᠃ 
       ᠪᠣᠭᠣᠷᠴᠢ ᠲᠡᠷᠡ ᠭᠤᠷᠪᠠᠨ ᠡᠲᠡᠭᠡᠳ ᠦ᠋ᠨ ᠰᠤᠷᠠᠭ ᠢ᠋ ᠭᠠᠷᠭ᠎ᠠ ᠭᠡᠵᠦ ᠭᠤᠷᠪᠠᠨ ᠨᠥᠬᠥᠳ ᠲᠦ᠍ ᠡᠭᠦᠷᠭᠡ ᠥᠭᠴᠦ ᠭᠠᠷᠤᠭᠰᠠᠨ᠂ ᠲᠡᠳᠡ ᠴᠦ᠍ ᠲᠤᠰ ᠲᠤᠰ ᠤ᠋ᠨ ᠬᠢᠨᠢ ᠪᠠᠢᠭ᠎ᠠ ᠭᠡᠷ ᠣᠷᠣᠨ ᠢ᠋ ᠨᠢ ᠮᠡᠳᠡᠵᠦ ᠢᠷᠡᠵᠡᠢ᠃ ᠪᠣᠭᠣᠷᠴᠢ ᠬᠦᠦ ᠪᠡᠨ ᠭᠤᠷᠪᠠᠨ ᠬᠥᠮᠦᠨ ᠲᠡᠢ ᠦᠯᠡᠳᠡᠭᠡᠭᠡᠳ ᠥᠪᠡᠷ ᠢ᠋ᠶ᠋ᠡᠨ ᠪᠤᠰᠤᠳ ᠴᠡᠷᠢᠭ ᠢ᠋ᠶ᠋ᠡᠨ ᠳᠠᠭᠠᠭᠤᠯᠤᠨ ᠲᠡᠳᠡᠨ ᠢ᠋ ᠰᠡᠮᠬᠡᠨ ᠪᠠᠷᠢᠬᠤ ᠪᠠᠷ ᠰᠥᠨᠢ ᠣᠴᠢᠲᠠᠯ᠎ᠠ ᠰᠡᠵᠢᠭ ᠠᠪᠤᠭᠰᠠᠨ ᠪᠣᠯᠤᠯᠲᠠᠢ᠂ ᠠᠯᠢ ᠨᠢ ᠴᠦ᠍ ᠭᠡᠷ ᠭᠡᠷ ᠲᠡᠭᠡᠨ ᠪᠠᠢᠭᠰᠠᠨ ᠦᠭᠡᠢ᠃ ᠰᠥᠨᠢ ᠠᠢᠯ ᠠᠢᠯ ᠢ᠋ᠶ᠋ᠠᠷ ᠨᠡᠩᠵᠢᠨ ᠶᠠᠪᠤᠵᠤ᠂ ᠥᠷᠯᠥᠭᠡ ᠦᠦᠷ ᠴᠠᠢᠬᠤ ᠦᠶ᠎ᠡ ᠪᠡᠷ ᠲᠡᠳᠡᠨ ᠦ᠌ ᠴᠤᠭᠯᠠᠷᠠᠭᠰᠠᠨ ᠭᠠᠵᠠᠷ ᠤ᠋ᠨ ᠰᠤᠷᠠᠭ ᠢ᠋ ᠰᠣᠨᠣᠰᠴᠤ ᠣᠴᠢᠪᠠᠰᠤ ᠨᠢᠭᠡ ᠬᠡᠰᠡᠭ ᠪᠦᠯᠢ ᠠᠢᠯ ᠤ᠋ᠨ ᠵᠡᠭᠦᠨ ᠭᠡᠷ ᠲᠦ᠍ ᠪᠠᠢᠭ᠎ᠠ ᠭᠡᠪᠡ᠃ ᠲᠡᠭᠦᠨ ᠢ᠋ ᠲᠣᠭᠣᠷᠢᠵᠤ ᠪᠦᠰᠡᠯᠡᠭᠡᠳ ᠨᠡᠷ᠎ᠡ ᠨᠡᠷ᠎ᠡ ᠪᠡᠷ ᠨᠢ ᠳᠠᠭᠤᠳᠠᠨ ᠭᠠᠷᠴᠤ ᠢᠷᠡᠬᠦ ᠶ᠋ᠢ ᠲᠤᠰᠢᠶᠠᠬᠤ ᠳ᠋ᠤ᠌ ᠲᠡᠳᠡ ᠡᠰᠡ ᠬᠠᠢᠬᠤᠷᠤᠨ ᠬᠡᠨ ᠨᠢ ᠴᠦ᠍ ᠭᠠᠷᠴᠤ ᠢᠷᠡᠭᠰᠡᠨ ᠦᠭᠡᠢ᠃ ᠲᠡᠨᠳᠡ ᠪᠠᠢᠭ᠎ᠠ ᠭᠡᠳᠡᠭ ᠢ᠋ ᠨᠢ ᠲᠡᠷᠡ ᠬᠠᠪᠢ ᠶ᠋ᠢᠨ ᠬᠥᠮᠦᠰ ᠨᠤᠲᠠᠯᠠᠨ ᠬᠡᠯᠡᠵᠡᠭᠡᠵᠦ ᠪᠠᠢᠪᠠ᠃ 
       ᠪᠣᠭᠣᠷᠴᠢ ᠴᠡᠷᠢᠭ ᠦ᠋ᠳ ᠲᠡᠭᠡᠨ《ᠭᠡᠷ ᠢ᠋ ᠡᠷᠭᠦ !》 ᠭᠡᠵᠦ ᠲᠤᠰᠢᠶᠠᠭᠠᠳ ᠲᠡᠳᠡᠨ ᠦ᠌ ᠬᠠᠭᠠᠰ ᠨᠢ ᠭᠡᠷ ᠢ᠋ ᠡᠷᠭᠦᠵᠦ ᠬᠠᠭᠠᠰ ᠨᠢ ᠬᠠᠷᠪᠤᠯᠳᠤᠬᠤ᠂ ᠴᠠᠪᠴᠢᠯᠳᠤᠬᠤ ᠳ᠋ᠤ᠌ ᠪᠡᠯᠡᠨ ᠪᠣᠯᠪᠠ᠃ ᠣᠯᠠᠨ ᠴᠡᠷᠢᠭ  ᠮᠥᠷᠦᠨ ᠳᠡᠭᠡᠷ᠎ᠡ ᠪᠡᠨ ᠭᠠᠷᠲᠠᠯ᠎ᠠ ᠡᠷᠭᠦᠪᠡᠯ ᠨᠢᠭᠡ ᠡᠮ᠎ᠡ᠂ ᠳᠥᠷᠪᠡᠨ ᠡᠷ᠎ᠡ ᠢᠯᠡ ᠭᠠᠷᠴᠤ ᠨᠢᠭᠡ ᠨᠢ ᠪᠣᠭᠤᠷᠴᠢ ᠶ᠋ᠢᠨ ᠨᠢᠭᠡ ᠴᠡᠷᠢᠭ ᠦ᠋ᠨ ᠬᠥᠯ ᠢ᠋ ᠬᠠᠳᠬᠤᠴᠢᠬᠠᠪᠠ᠃ ᠲᠡᠷᠡ ᠣᠯᠠᠨ ᠴᠡᠷᠢᠭ ᠬᠠᠷᠠᠭᠠᠳ ᠵᠣᠷᠢᠭᠯᠠᠵᠤ ᠲᠤᠯᠤᠯᠳᠤᠭᠰᠠᠨ ᠦᠭᠡᠢ᠃ ᠬᠠᠷᠢᠨ ᠥᠨᠥᠬᠢ ᠪᠣᠷᠤᠬᠠᠢᠲᠤ ᠨᠢᠭᠡ ᠪᠥᠭᠡᠷᠡᠩᠬᠡᠢ ᠬᠠᠷ᠎ᠠ ᠶᠠᠭᠤᠮ᠎ᠠ ᠪᠣᠭᠤᠷᠴᠢ ᠤᠷᠤᠭᠤ ᠰᠢᠳᠡᠬᠦ ᠳ᠋ᠦ᠍ ᠲᠡᠷᠡ ᠨᠢ ᠪᠣᠭᠤᠷᠴᠢ ᠶ᠋ᠢ ᠤᠨᠤᠵᠤ ᠣᠴᠢ ᠦᠰᠦᠷᠦᠨ ᠬᠡᠩᠰᠢᠭᠦᠦ ᠦᠨᠦᠷᠲᠦᠵᠦ ᠡᠬᠢᠯᠡᠲᠡᠯ᠎ᠡ ᠪᠣᠭᠤᠷᠴᠢ ᠶ᠋ᠢᠨ ᠬᠠᠵᠠᠭᠤ ᠶ᠋ᠢᠨ ᠨᠢᠭᠡ ᠴᠡᠷᠢᠭ ᠱᠠᠯᠠᠮᠠᠭ ᠭᠡᠭᠴᠢ ᠬᠥᠳᠡᠯᠦᠨ ᠪᠤᠴᠠᠭᠠᠨ ᠢᠰᠬᠦᠯᠪᠡᠯ᠂ ᠥᠨᠥᠬᠢ ᠪᠣᠷᠣᠬᠠᠢᠲᠤ ᠶ᠋ᠢᠨ ᠡᠯᠢᠭᠡᠨ ᠲᠤᠰ ᠭᠠᠵᠠᠷ ᠤᠨᠤᠵᠤ ᠰᠢᠳᠡᠵᠦ ᠣᠴᠢ ᠦᠰᠦᠷᠬᠢᠯᠡᠪᠡ᠃ ᠪᠣᠷᠣᠬᠠᠢᠲᠤ ᠳᠠᠭᠤ ᠲᠠᠯᠪᠢᠨ ᠰᠠᠨᠳᠤᠷᠴᠤ ᠬᠠᠵᠠᠭᠤ ᠶ᠋ᠢᠨ ᠡᠲᠡᠭᠡᠳ ᠤᠷᠤᠭᠤ ᠢᠰᠬᠦᠯᠪᠡᠯ ᠲᠡᠷᠡ ᠡᠷ᠎ᠡ ᠶ᠋ᠢᠨ ᠭᠠᠷ ᠳᠡᠭᠡᠷ᠎ᠡ ᠤᠨᠤᠵᠤ ᠰᠢᠪᠠᠭᠠᠷᠠᠯᠳᠤᠭᠰᠠᠨ ᠶᠠᠭᠤᠮ᠎ᠠ ᠰᠢᠳᠡᠵᠦ᠂ ᠥᠨᠥᠬᠢ ᠨᠢ ᠳᠠᠭᠤ ᠠᠯᠲᠠᠨ ᠭᠠᠷ ᠢ᠋ᠶ᠋ᠠᠨ ᠰᠡᠭᠰᠦᠴᠢᠨ ᠭᠦᠶᠦᠵᠦ ᠰᠦᠢᠳ ᠪᠣᠯᠪᠠ᠃ ᠰᠢᠲᠠᠭᠰᠠᠨ ᠬᠣᠶᠠᠷ ᠡᠲᠡᠭᠡᠳ ᠢ᠋ ᠴᠡᠷᠢᠭ ᠦ᠋ᠳ ᠪᠠᠷᠢᠵᠤ ᠠᠪᠴᠤ ᠨᠣᠴᠣᠯᠳᠤᠨ ᠪᠠᠢᠵᠤ ᠬᠤᠪᠴᠠᠰᠤ ᠶ᠋ᠢ ᠨᠢ ᠲᠠᠢᠴᠢᠵᠤ᠂ ᠪᠣᠷᠣᠬᠠᠢᠲᠦ ᠶ᠋ᠢ ᠴᠢᠷᠮᠡᠨ ᠨᠢᠴᠦᠭᠦᠯᠡᠵᠦ ᠭᠠᠯ ᠠ᠋ᠴᠠ ᠰᠠᠯᠭᠠᠨ᠂ ᠨᠥᠭᠦᠭᠡ ᠪᠠᠴᠢ ᠶ᠋ᠢᠨ ᠳᠡᠪᠡᠯ ᠴᠠᠮᠴᠠ ᠶ᠋ᠢ ᠲᠠᠢᠯᠵᠤ ᠬᠠᠶᠠᠯ᠎ᠠ᠃ ᠪᠣᠷᠣᠬᠠᠢᠲᠤ ᠶ᠋ᠢᠨ ᠨᠢᠭᠤᠷ ᠠᠮᠠ᠂ ᠬᠤᠪᠴᠠᠰᠤ ᠬᠤᠨᠠᠷ ᠰᠢᠲᠠᠵᠤ᠂ ᠲᠡᠷᠡ ᠪᠡᠷ ᠤᠬᠠᠭᠠᠨ ᠠᠯᠲᠠᠨ ᠲᠠᠲᠠᠭᠠᠨᠠᠵᠤ ᠪᠠᠢᠭᠰᠠᠨ ᠢ᠋ᠶ᠋ᠠᠨ ᠦᠬᠦᠴᠢᠬᠡᠪᠡ᠃ ᠴᠢᠷᠮᠡᠨ ᠱᠠᠯᠳᠠᠩ ᠦᠬᠦᠭᠰᠡᠨ ᠪᠣᠷᠤᠬᠠᠢᠲᠤ ᠭᠡᠳᠡᠷᠭᠦ ᠪᠡᠨ ᠬᠠᠷᠠᠨ ᠰᠤᠨᠵᠤ ᠬᠡᠪᠲᠡᠨ᠎ᠡ᠃ ᠲᠣᠭᠣᠷᠢᠭᠰᠠᠨ ᠴᠡᠷᠢᠭ ᠪᠣᠯᠤᠨ ᠨᠤᠲᠤᠭ ᠤ᠋ᠨ ᠬᠥᠮᠦᠰ ᠦ᠋ᠨ ᠢᠨᠢᠶᠡᠳᠦ ᠥᠪᠡᠷᠦᠨ ᠡᠷᠬᠡ ᠦᠭᠡᠢ ᠬᠦᠷᠪᠡᠴᠦ ᠦᠬᠦᠭᠰᠡᠨ ᠬᠥᠮᠦᠨ ᠦ᠌ ᠬᠡᠭᠦᠷ ᠢ᠋ ᠱᠣᠭᠯᠠᠵᠤ ᠢᠨᠢᠶᠡᠯᠲᠡᠢ ᠪᠢᠰᠢ᠂ ᠡᠯᠢᠭᠡ ᠪᠡᠨ ᠳᠠᠷᠤᠵᠤ᠂ ᠬᠠᠮᠠᠷ ᠠᠮᠠ ᠪᠠᠨ ᠲᠠᠭᠯᠠᠨ ᠵᠢᠪᠡᠭᠦᠴᠡᠬᠦ ᠪᠥᠯᠥᠭᠡ᠃ ᠵᠢᠪᠡᠭᠦᠴᠡᠬᠦ ᠶ᠋ᠢᠨ ᠤᠴᠢᠷ ᠬᠡᠮᠡᠪᠡᠰᠦ ᠥᠨᠥᠬᠢ ᠲᠠᠯᠢᠢᠭᠴᠢ ᠶ᠋ᠢᠨ ᠡᠮᠦᠨ᠎ᠡ ᠭᠠᠵᠠᠷ ᠡᠮᠴᠢᠯᠡᠭᠦᠯᠵᠦ ᠡᠳᠡᠭᠡᠷᠡᠭᠰᠡᠨ ᠪᠡᠯᠭᠡ ᠡᠷᠬᠡᠲᠡᠨ ᠦ᠌ ᠦᠵᠦᠭᠦᠷ ᠨᠢ ᠲᠠᠰᠤᠷᠠᠵᠤ ᠭᠠᠭᠴᠠ ᠪᠦᠳᠦᠭᠦᠨ ᠰᠤᠳᠠᠰᠤᠨ ᠳ᠋ᠠᠭᠠᠨ ᠲᠣᠭᠲᠠᠵᠤ ᠰᠠᠨᠵᠢᠭᠰᠠᠨ ᠠᠭᠠᠳ ᠴᠠᠭᠠᠳᠤ ᠬᠡᠰᠡᠭ ᠨᠢ ᠪᠤᠷᠵᠢᠢᠵᠤ ᠮᠣᠨᠴᠣᠢᠭᠰᠠᠨ ᠬᠠᠴᠢᠨ ᠵᠢᠭᠲᠡᠢ ᠶᠠᠭᠤᠮ᠎ᠠ ᠬᠠᠷᠠᠭᠳᠠᠭᠰᠠᠨ ᠳ᠋ᠤ᠌ ᠪᠠᠢᠯ᠎ᠠ᠃ ᠬᠥᠮᠦᠰ ᠢᠨᠢᠶᠡᠪᠡᠴᠦ ᠪᠣᠭᠤᠷᠴᠢ ᠢᠨᠢᠶᠡᠭᠰᠡᠨ ᠦᠭᠡᠢ᠃ ᠬᠥᠮᠥᠰᠬᠡ ᠵᠠᠩᠭᠢᠳᠤᠨ ᠬᠠᠷᠠᠵᠤ《ᠶᠣᠰᠣᠲᠠᠢ ᠰᠢᠢᠳᠬᠡᠯ ᠢ᠋ᠶ᠋ᠡᠨ ᠠᠪᠴᠤ ᠡᠳ᠋ᠯᠡᠵᠦ ᠯᠡ ᠳᠡ》 ᠭᠡᠰᠡᠨ ᠢ᠋ᠶ᠋ᠡᠨ 
       — ᠬᠡᠨ ᠮᠠᠨ ᠤ᠋ ᠴᠡᠷᠢᠭ ᠢ᠋ ᠰᠢᠷᠠᠭᠳᠤᠭᠤᠯᠪᠠ? ᠭᠡᠵᠦ ᠠᠭᠤᠷᠲᠠᠢ ᠪᠠᠷ ᠵᠠᠩᠳᠤᠷᠤᠨ ᠠᠰᠠᠭᠤᠵᠤ《ᠴᠢ ᠤᠤ?》 ᠭᠡᠮᠡᠨ ᠪᠠᠴᠢ ᠤᠷᠤᠭᠤ ᠰᠡᠯᠡᠮ᠎ᠡ ᠪᠡᠨ ᠰᠤᠭᠤᠯᠤᠨ ᠣᠴᠢᠲᠠᠯ᠎ᠠ ᠲᠡᠷᠡ ᠪᠡᠷ᠄ 
       — ᠦᠭᠡᠢ᠂ ᠡᠨᠡ ᠭᠡᠵᠦ ᠨᠥᠭᠦᠭᠡ ᠬᠠᠴᠢ ᠪᠠᠨ ᠵᠢᠭᠠᠪᠠ᠃ ᠲᠡᠭᠦᠨ ᠢ᠋ ᠦᠭᠡ ᠥᠴᠢᠭ ᠦᠭᠡᠢ ᠭᠠᠷ ᠢ᠋ ᠨᠢ ᠲᠠᠰᠤ ᠴᠠᠪᠴᠢᠨ ᠰᠢᠷᠠᠭᠳᠤᠭᠤᠯᠤᠭᠠᠳ ᠲᠣᠪᠴᠢᠬᠠᠨ᠄ 
       — ᠶᠠᠪᠤᠶ᠎ᠠ ᠭᠡᠳ ᠮᠣᠷᠳᠠᠪᠠᠯ ᠴᠡᠷᠢᠭ ᠦ᠋ᠳ ᠴᠦ᠍ ᠳᠠᠭᠠᠯᠳᠤᠨ ᠳᠠᠪᠬᠢᠵᠠᠭᠠᠪᠠ᠃ 
       ᠡᠨᠡ ᠶᠠᠪᠤᠳᠠᠯ ᠠ᠋ᠴᠠ ᠬᠣᠢᠰᠢ ᠨᠡᠯᠢᠶᠡᠳ ᠬᠡᠳᠦ ᠬᠣᠨᠣᠭ ᠤ᠋ᠨ ᠳᠠᠷᠠᠭ᠎ᠠ ᠲᠦᠮᠡᠨ ᠲᠦᠪᠬᠦᠨ ᠦ᠌ ᠡᠯᠴᠢ ᠴᠢᠩᠭᠢᠰ ᠬᠠᠭᠠᠨ ᠳ᠋ᠤ᠌ ᠢᠷᠡᠯ᠎ᠡ᠃ ᠲᠡᠳᠡ ᠠᠢᠮᠠᠭ ᠤ᠋ᠨ ᠵᠠᠬᠢᠷᠤᠭᠴᠢ ᠠᠴᠢᠭ ᠱ᠌ᠢᠷᠦᠨ ᠦ᠌ ᠬᠡᠯᠡᠭᠦᠯᠦᠭᠰᠡᠨ ᠦᠭᠡ ᠶ᠋ᠢ ᠠᠪᠴᠤ ᠢᠷᠡᠭᠰᠡᠨ ᠨᠢ᠄ 
       — ᠲᠠᠨ ᠤ᠋ ᠪᠣᠭᠣᠷᠴᠢ ᠬᠡᠮᠡᠭᠴᠢ ᠮᠠᠨ ᠤ᠋ ᠵᠠᠬ᠎ᠠ ᠨᠤᠲᠤᠭ ᠲᠤ᠌ ᠴᠡᠷᠢᠭ ᠵᠡᠪᠰᠡᠭᠯᠡᠨ ᠢᠷᠡᠵᠦ᠂ ᠡᠩ ᠦ᠋ᠨ ᠳᠣᠷᠣᠢ ᠠᠷᠠᠳ ᠤ᠋ᠳ ᠢ᠋ ᠠᠶᠤᠯᠭᠠᠨ ᠦᠢᠮᠡᠭᠦᠯᠵᠦ ᠨᠢᠭᠡ ᠬᠥᠮᠦᠨ ᠦ᠌ ᠠᠮᠢ ᠶ᠋ᠢ ᠪᠦᠷᠢᠯᠭᠡᠨ᠂ ᠬᠣᠶᠠᠷ ᠬᠥᠮᠦᠨ ᠢ᠋ ᠰᠢᠷᠠᠭᠳᠤᠭᠤᠯᠤᠨ ᠲᠠᠷᠴᠢᠯᠭᠠᠭᠰᠠᠨ ᠪᠠᠢᠨ᠎ᠠ᠃ ᠡᠨᠡ ᠪᠣᠯ ᠠᠢᠯ ᠬᠦᠷᠰᠢ ᠰᠠᠭᠤᠭ᠎ᠠ ᠲᠤᠭᠤᠷᠭ᠎ᠠ ᠲᠤᠰᠠᠭᠠᠷ ᠭᠦᠷᠦᠨ ᠤᠯᠤᠰ ᠲᠤ᠌ ᠪᠠᠢᠵᠤ ᠦᠯᠦ ᠪᠣᠯᠬᠤ ᠥᠳᠥᠭᠡᠨ ᠬᠠᠳᠬᠤᠯᠭ᠎ᠠ᠃ ᠡᠢᠮᠦ ᠶ᠋ᠢᠨ ᠤᠴᠢᠷ ᠲᠡᠷᠡ ᠭᠡᠮᠲᠦ ᠡᠲᠡᠭᠡᠳ ᠪᠣᠭᠤᠷᠴᠢ ᠶ᠋ᠢ ᠨᠠᠳᠠᠳᠤ ᠲᠤᠰᠢᠶᠠᠵᠤ ᠥᠭ᠃ ᠪᠢ ᠲᠡᠭᠦᠨ ᠲᠡᠢ ᠶᠠᠯ᠎ᠠ ᠬᠡᠯᠡᠯᠴᠡᠨ ᠴᠡᠭᠡᠷᠯᠡᠭᠦᠯᠦᠨ᠎ᠡ᠃ ᠬᠡᠷᠪᠡ ᠡᠯ᠎ᠡ ᠬᠡᠷᠡᠭ ᠢ᠋ ᠦᠯᠦ ᠣᠢᠰᠢᠶᠠᠬᠤ ᠠᠪᠠᠰᠤ ᠪᠢᠳᠡ ᠳᠠᠢᠰᠤᠩᠨᠠᠨ᠎ᠠ ᠭᠡᠵᠡᠢ᠃  
       ᠴᠢᠩᠭᠢᠰ ᠬᠠᠭᠠᠨ ᠡᠯᠴᠢ ᠶ᠋ᠢᠨ ᠡᠨᠡ ᠦᠭᠡ ᠶ᠋ᠢ ᠰᠣᠨᠣᠰᠴᠤ ᠣᠷᠣᠨ ᠪᠠᠢᠷᠢᠨ ᠳ᠋ᠤ᠌ ᠳᠣᠬᠢ ᠲᠤᠬᠠᠲᠠᠢ ᠪᠠᠢᠷᠢᠯᠠᠭᠤᠯᠤᠭᠠᠳ ᠪᠣᠭᠤᠷᠴᠢ ᠶ᠋ᠢ ᠳᠠᠭᠤᠳᠠᠵᠤ ᠢᠷᠡᠭᠦᠯᠪᠡ᠃ ᠬᠠᠭᠠᠨ ᠢ᠋ᠶ᠋ᠠᠷ ᠪᠣᠭᠣᠷᠴᠢ ᠶ᠋ᠢᠨ ᠶᠠᠪᠤᠳᠠᠯ ᠢ᠋ ᠡᠬᠢᠨ ᠡᠴᠡ ᠨᠢ ᠡᠴᠦᠰ ᠪᠣᠯᠲᠠᠯ᠎ᠠ ᠪᠦᠷᠢᠨ ᠮᠡᠳᠡᠬᠦ ᠪᠣᠯᠪᠠᠴᠤ ᠡᠯᠴᠢ ᠶ᠋ᠢᠨ ᠡᠮᠦᠨ᠎ᠡ ᠨᠢᠭᠤᠷᠳᠠᠭᠤᠯᠤᠨ ᠥᠴᠢᠭ ᠠᠪᠤᠪᠠ᠃ ᠬᠠᠭᠠᠨ ᠠᠢᠯᠠᠳᠤᠷᠤᠨ᠄  
       — ᠡᠯᠴᠢ ᠲᠠ ᠨᠠᠷ ᠰᠣᠨᠣᠰᠴᠤ ᠮᠡᠳᠡᠭᠡ ᠪᠤᠶᠤ᠃ ᠮᠠᠨ ᠤ᠋ ᠪᠣᠭᠣᠷᠴᠢ ᠬᠢᠬᠦ ᠶᠣᠰᠣ ᠲᠠᠢ ᠠᠵᠢᠯ ᠢ᠋ᠶ᠋ᠠᠨ ᠬᠢᠭᠰᠡᠨ ᠪᠢᠰᠢᠦ᠃ ᠲᠡᠷᠡ ᠡᠲᠡᠭᠡᠳ ᠶᠠᠯᠠᠲᠤ ᠬᠡᠷᠡᠭ ᠬᠢᠭᠡᠳ ᠶᠠᠯ᠎ᠠ ᠡᠳ᠋ᠯᠡᠭᠡ ᠦᠭᠡᠢ ᠶᠠᠪᠤᠵᠤ ᠥᠪᠡᠷ ᠢ᠋ᠶ᠋ᠡᠨ ᠥᠪᠡᠷᠰᠡᠳ ᠦ᠋ᠨ ᠢ᠋ᠶ᠋ᠡᠨ ᠶᠠᠯ᠎ᠠ ᠶ᠋ᠢ ᠡᠳ᠋ᠯᠡᠵᠦ ᠴᠡᠭᠡᠷᠯᠡᠯ ᠢ᠋ᠶ᠋ᠡᠨ ᠠᠪᠴᠤ ᠳᠠ᠃ ᠬᠠᠷᠢᠨ ᠵᠡᠪᠰᠡᠭ ᠢ᠋ᠶ᠋ᠡᠷ ᠡᠰᠡᠷᠭᠦᠴᠡᠵᠦ ᠮᠠᠨ ᠤ᠋ ᠴᠡᠷᠢᠭ ᠢ᠋ ᠰᠢᠷᠬᠠᠲᠤᠭᠤᠯᠤᠭᠰᠠᠨ ᠡᠲᠡᠭᠡᠳ ᠲᠦ᠍ ᠵᠥᠪ ᠴᠡᠭᠡᠷᠯᠡᠯ ᠦᠵᠡᠭᠦᠯᠵᠡᠢ᠃ ᠮᠠᠨ ᠤ᠋ ᠰᠢᠷᠬᠠᠳᠤᠭᠰᠠᠨ ᠴᠡᠷᠢᠭ ᠢᠯᠠᠷᠢᠰᠢᠭ᠍ᠰᠡᠨ ᠪᠠᠢᠨ᠎ᠠ᠃ ᠲᠠᠨ ᠤ᠋ ᠬᠥᠮᠦᠨ ᠴᠦ᠍ ᠡᠳᠡᠭᠡᠭᠡ ᠪᠣ᠌ᠢ᠎ᠡ᠃ ᠡᠢᠮᠦ ᠶ᠋ᠢᠨ ᠲᠤᠯᠠ ᠪᠤᠭᠤᠷᠴᠢ ᠳ᠋ᠤ᠌ ᠶᠠᠯ᠎ᠠ ᠲᠤᠯᠭᠠᠬᠤ ᠤᠴᠢᠷ ᠦᠭᠡᠢ ᠶᠦᠮ᠃ ᠬᠠᠷᠢᠨ ᠠᠴᠢᠭ ᠱ᠌ᠢᠷᠦᠨ ᠳᠠᠢᠰᠤᠩᠨᠠᠶ᠎ᠠ ᠭᠡᠪᠡᠰᠦ ᠳᠠᠢᠰᠤᠩᠨᠠ᠃ ᠪᠢᠳᠡ ᠬᠦᠯᠢᠶᠡᠵᠦ ᠪᠠᠢᠶ᠎ᠠ᠃ ᠰᠠᠷ᠎ᠠ ᠶ᠋ᠢᠨ ᠬᠤᠭᠤᠴᠠᠭᠠᠨ ᠳ᠋ᠤ᠌ ᠬᠠᠷᠢᠭᠤ ᠪᠠᠨ ᠥᠭ! ᠬᠡᠮᠡᠪᠡ᠃ 
       ᠠᠴᠢᠭ ᠱ᠌ᠢᠷᠦᠨ ᠬᠠᠷᠢᠭᠤ ᠦᠭᠡᠢ ᠪᠥᠭᠡᠳ ᠳᠣᠪᠲᠣᠯᠤᠨ ᠢᠷᠡᠭᠰᠡᠨ ᠴᠦ᠍ ᠦᠭᠡᠢ᠂ ᠬᠠᠷᠢᠨ ᠬᠡᠷᠡᠢᠳ ᠦ᠋ᠨ ᠬᠠᠨ ᠲᠤᠭᠤᠷᠢᠯ ᠳ᠋ᠤ᠌ ᠳᠠᠭᠠᠷ᠎ᠠ ᠣᠷᠣᠵᠠᠢ᠃