ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 26> Хүлэг баатар буурч - Б. Өлзийсүрэн <Гудгар бүлэг-26> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 26> Хүлэг баатар буурч - Б. Өлзийсүрэн <Гудгар бүлэг-26>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 26> Хүлэг баатар буурч - Б. Өлзийсүрэн <Гудгар бүлэг-26>

ᠠᠩᠭᠢᠯᠠᠯ:ᠲᠤᠭᠤᠵᠢ ᠷᠣᠮᠠᠨ
2026-03-18

64

ᠬᠠᠷᠢᠵᠤ ᠨᠢᠴᠤᠵᠤ ᠪᠣᠯᠬᠤ ᠦᠭᠡᠢ ᠬᠠᠳᠠᠨ ᠵᠣᠷᠢᠭ ᠢᠶᠠᠨ ᠦᠵᠡᠭᠦᠯᠦᠭᠰᠡᠨ ᠭᠤᠲᠠᠭᠠᠷ ᠪᠦᠯᠦᠭ

ᠬᠣᠷᠢᠨ ᠵᠢᠷᠭᠤᠭ᠎ᠠ


                ᠬᠣᠷᠢᠨ ᠵᠢᠷᠭᠤᠭ᠎ᠠ
                            ᠠᠲᠠᠭ᠎ᠠ ᠵᠢᠲᠥᠭᠡ᠂ ᠬᠣᠣᠷ ᠰᠢᠷ᠎ᠠ ᠰᠠᠨᠠᠭ᠎ᠠ 
                            ᠠᠨᠳᠠ ᠶ᠋ᠢᠨ ᠬᠣᠯᠪᠣᠭ᠎ᠠ ᠶ᠋ᠢ ᠲᠠᠰᠤᠯᠠᠬᠤ  
                            ᠡᠨᠳᠡᠭᠦᠦ ᠵᠠᠯᠢᠬᠠᠢ ᠵᠠᠢᠷᠠᠩ ᠠᠮᠠ 
                            ᠠᠮᠠᠷᠠᠭ ᠤ᠋ᠨ ᠬᠣᠯᠪᠣᠭ᠎ᠠ ᠶ᠋ᠢ ᠰᠠᠯᠭᠠᠬᠤ   

       ᠵᠢᠳᠠ ᠰᠡᠯᠡᠮ᠎ᠡ ᠵᠥᠷᠢᠯᠳᠦᠵᠦ ᠬᠠᠩᠭᠢᠷ ᠵᠢᠩᠭᠢᠷ ᠭᠢᠯᠠᠯᠵᠠᠨ ᠬᠠᠷᠰᠢᠯᠳᠤᠵᠤ ᠢᠷ ᠦᠵᠦᠭᠦᠷ ᠲᠦ᠍ ᠨᠢ ᠥᠷᠲᠥᠭᠰᠡᠨ ᠬᠥᠮᠦᠰ ᠦ᠋ᠨ ᠳᠠᠭᠤ ᠠᠯᠲᠠᠨ ᠪᠠᠷᠬᠢᠷᠠᠬᠤ ᠭᠠᠰᠠᠯᠬᠤ᠂ ᠮᠣᠷᠢᠳ ᠤ᠋ᠨ ᠢᠨᠴᠠᠭᠠᠬᠤ᠂ ᠬᠠᠷᠢᠶᠠᠯ ᠤ᠋ᠨ ᠬᠠᠬᠢᠷᠭᠠᠨ ᠦᠭᠡᠰ ᠵᠠᠨᠤᠯ ᠬᠣᠷᠣᠰᠤᠯ ᠤ᠋ᠨ ᠲᠣᠭᠣᠰᠣ ᠮᠠᠨᠠᠨ ᠳᠤᠮᠳᠠ ᠬᠣᠯᠢᠯᠳᠤᠨ᠂ ᠡᠯ᠎ᠡ ᠡᠮᠬᠢ ᠵᠠᠮᠪᠠᠷᠠᠭ᠎ᠠ ᠦᠭᠡᠢ ᠶᠠᠪᠤᠳᠠᠯ ᠢ᠋ ᠬᠥᠮᠦᠰ ᠬᠡᠮᠡᠬᠦ ᠤᠬᠠᠭᠠᠨᠲᠤ ᠠᠮᠢᠲᠠᠨ ᠤ᠋ ᠬᠣᠭᠣᠷᠣᠨᠳᠣ ᠪᠠᠨ ᠬᠢᠵᠦ ᠪᠠᠢᠭ᠎ᠠ ᠦᠢᠯᠡᠳᠦᠯ ᠭᠡᠬᠦ ᠳ᠋ᠦ᠍ ᠦᠯᠦ ᠢᠲᠡᠭᠡᠮᠡᠷ ᠪᠢᠯᠡ᠃ ᠬᠥᠮᠦᠰ ᠦ᠋ᠨ ᠦᠶᠡᠷᠬᠡᠯ ᠨᠥᠬᠥᠷᠯᠡᠯ᠂ ᠬᠠᠢᠷ᠎ᠠ ᠳᠤᠷᠠᠯᠠᠯ᠂ ᠨᠢᠩᠵᠢᠨ ᠰᠡᠳᠬᠢᠯ᠂ ᠪᠤᠶᠠᠨ ᠨᠢᠭᠦᠯ ᠬᠠᠮᠢᠭ᠎ᠠ ᠪᠠᠢᠨ᠎ᠠ? ᠤᠨᠤᠨ ᠭᠣᠣᠯ ᠤ᠋ᠨ ᠤᠷᠢᠳᠤ  ᠪᠡᠶ᠎ᠡ ᠡᠴᠡ ᠣᠷᠣᠰᠢᠬᠤ ᠣᠢ ᠬᠥᠪᠴᠢ ᠪᠦᠷᠬᠦᠭᠰᠡᠨ ᠶᠡᠬᠡ ᠶ᠋ᠢᠨ  ᠶᠡᠬᠡ ᠠᠭᠤᠯᠠᠰ ᠤ᠋ᠨ ᠳᠤᠮᠳᠠᠬᠢ ᠳᠠᠯᠠᠨ ᠪᠠᠯᠵᠣᠳ ᠬᠡᠮᠡᠬᠦ ᠠᠷᠠᠢ ᠨᠠᠮᠳᠠᠭᠤ ᠰᠡᠢᠷᠡᠭ ᠮᠣᠳᠣᠲᠠᠢ ᠡᠯ᠎ᠡ ᠭᠠᠵᠠᠷ ᠨᠤᠲᠤᠭ ᠲᠤ ᠡᠢᠮᠦ ᠶᠠᠪᠤᠳᠠᠯ ᠤᠷᠢᠳᠤ ᠡᠮᠦᠨ᠎ᠡ ᠪᠣᠯᠵᠤ ᠪᠠᠢᠭᠰᠠᠨ ᠢ᠋ ᠬᠡᠨ ᠮᠡᠳᠡᠨ᠎ᠡ? ᠡᠨᠡ ᠤᠳᠠᠭ᠎ᠠ ᠳ᠋ᠤ᠌ ᠡᠨᠳᠡ ᠭᠠᠰᠢᠭᠤᠨ ᠨᠢᠯᠪᠤᠰᠤ᠂ ᠪᠦᠯᠢᠶᠡᠨ ᠴᠢᠰᠤ ᠤᠷᠤᠰᠤᠨ ᠬᠥᠷᠥᠰᠥᠨ ᠳ᠋ᠦ᠍ᠨᠢ ᠠᠭᠤᠰᠴᠤ᠂ ᠭᠠᠳᠠᠷᠭᠤ ᠳᠡᠭᠡᠷ᠎ᠡ ᠨᠢ ᠬᠥᠮᠦᠨ ᠮᠣᠷᠢᠳ ᠤ᠋ᠨ ᠬᠡᠭᠦᠷ᠂ ᠰᠢᠷᠬᠠᠲᠤᠭᠰᠠᠳ ᠤ᠋ᠨ ᠮᠥᠯᠬᠥᠨ ᠲᠠᠯᠬᠢᠬᠤ᠂ ᠲᠡᠷᠡᠴᠢᠯᠡᠨ ᠲᠡᠢᠴᠢᠯᠡᠬᠦ ᠨᠢ ᠰᠡᠳᠬᠢᠯ ᠵᠢᠷᠦᠬᠡ ᠰᠢᠮᠰᠢᠷᠡᠭᠦᠯᠦᠮᠡᠷ ᠠᠵᠤᠭᠤ᠃ ᠳᠡᠭᠡᠭᠦᠷ ᠨᠢ ᠴᠢᠰᠤᠨ ᠤ᠋ ᠦᠨᠦᠷ ᠠᠪᠤᠭᠰᠠᠨ ᠲᠣᠮᠣ ᠪᠠᠭ᠎ᠠ ᠵᠦᠢᠯ ᠦ᠋ᠨ ᠰᠢᠪᠠᠭᠤ ᠳᠠᠯᠠᠪᠴᠢ ᠪᠠᠨ ᠠᠯᠲᠠᠨ ᠳᠠᠯᠠᠨ ᠳᠡᠪᠢᠪᠡᠴᠦ ᠬᠠᠷᠠᠬᠠᠨ ᠪᠠᠭᠤᠵᠤ ᠢᠷᠡᠵᠦ ᠵᠢᠷᠦᠬᠡᠯᠡᠬᠦ ᠦᠭᠡᠢ᠂ ᠭᠠᠵᠠᠷ ᠳᠡᠭᠡᠷ᠎ᠡ ᠶᠠᠮᠠᠷ ᠨᠢᠭᠡᠨ ᠬᠥᠳᠡᠯᠭᠡᠭᠡᠨ ᠵᠣᠭᠰᠣᠵᠤ ᠳᠠᠭᠤ ᠴᠢᠮᠡᠭᠡ ᠲᠠᠰᠤᠷᠠᠬᠤ ᠶ᠋ᠢ ᠬᠦᠯᠢᠶᠡᠨ᠎ᠡ᠃ 
       ᠪᠤᠭᠤᠷᠤᠯ ᠲᠡᠦᠬᠡ ᠶ᠋ᠢ ᠦᠶ᠎ᠡ ᠶ᠋ᠢᠨ ᠦᠶ᠎ᠡ ᠰᠠᠬᠢᠵᠤ ᠦᠯᠡᠳᠡᠭᠰᠡᠨ ᠪᠤᠷᠬᠠᠨ ᠬᠠᠯᠳᠤᠨ ᠠᠭᠤᠯᠠ ᠪᠠᠷᠠᠭᠤᠨ ᠬᠣᠢᠮᠣᠷ ᠲᠤ ᠲᠦᠩᠰᠦᠢᠨ ᠠᠭᠤᠷᠰᠠᠬᠤ ᠮᠡᠲᠦ ᠳᠡᠭᠡᠭᠦᠷ ᠨᠢ ᠪᠤᠳᠠᠩ ᠲᠠᠲᠠᠵᠤ᠂ ᠨᠠᠮᠤᠷ ᠤ᠋ᠨ ᠲᠤᠢᠯᠠᠳᠠᠰᠤ《ᠬᠥᠮᠦᠨ ᠲᠠ ᠨᠠᠷ ᠡᠨᠡ ᠭᠠᠵᠠᠷ ᠰᠢᠷᠤᠢᠨ ᠳᠡᠭᠡᠷ᠎ᠡ ᠲᠥᠷᠥᠵᠦ ᠠᠭᠤᠯᠠ ᠤᠰᠤᠨ ᠳ᠋ᠤᠨᠢ ᠰᠢᠲᠦᠵᠦ ᠠᠮᠢ ᠵᠢᠭᠤᠬᠤ ᠠᠲᠠᠯ᠎ᠠ ᠪᠠᠨ ᠶᠠᠭᠤᠨ ᠳ᠋ᠤ᠌ ᠢᠩᠭᠢᠵᠦ ᠪᠡᠶ᠎ᠡ ᠪᠡᠶ᠎ᠡ ᠪᠡᠨ ᠠᠯᠠᠨ ᠬᠢᠳᠤᠨ᠎ᠠ ᠪᠣᠢ? ᠪᠣᠯᠢᠭᠠᠴᠢ!》 ᠭᠡᠬᠦ ᠰᠢᠭ ᠰᠦᠷᠯᠢᠭ ᠦᠵᠡᠭᠳᠡᠨ᠎ᠡ᠃ 
       ᠳᠠᠯᠠᠨ ᠪᠠᠯᠵᠣᠳ ᠡᠨᠳᠡ ᠡᠴᠡ ᠨᠠᠮ ᠭᠠᠵᠠᠷ᠃ ᠠᠯᠠᠭᠠᠨ ᠬᠢᠲᠤᠭᠠᠨ ᠠᠷᠠᠢ ᠲᠠᠰᠤᠷᠠᠭ᠎ᠠ ᠦᠭᠡᠢ᠃ ᠪᠠᠷᠠᠭᠤᠨ ᠬᠣᠢᠰᠢ ᠤᠷᠤᠭᠤᠳᠠᠭᠰᠠᠨ ᠭᠣᠪᠢᠯ ᠤ᠋ᠨ ᠵᠡᠭᠦᠨ ᠢᠷᠮᠡᠭ ᠳᠡᠭᠡᠭᠦᠷ ᠪᠤᠭᠤᠷᠴᠢ ᠭᠠᠷᠴᠤ ᠢᠷᠡᠯ᠎ᠡ᠃ ᠲᠡᠳᠡᠨ ᠦ᠌ ᠬᠢᠨ ᠪᠠᠷᠠᠭᠤᠨ ᠬᠣᠢᠰᠢ ᠵᠡᠭᠡᠷᠡᠨ ᠬᠠᠪᠴᠢᠯ ᠤᠷᠤᠭᠤ ᠰᠢᠷᠭᠤᠵᠠᠢ᠃ ᠲᠤᠰᠢᠶᠠᠯ ᠰᠣᠨᠣᠰᠤᠭᠰᠠᠨ ᠪᠤᠭᠤᠷᠴᠢ ᠶᠡᠬᠡ ᠴᠡᠷᠢᠭ ᠦ᠋ᠨ ᠢ᠋ᠶ᠋ᠡᠨ ᠠᠷᠤ ᠠ᠋ᠴᠠ ᠳᠠᠪᠬᠢᠨ ᠰᠤᠳᠠᠭ ᠤ᠋ᠨ ᠵᠡᠭᠦᠨ ᠳᠠᠪᠤᠰᠠᠭ ᠲᠠᠭᠠᠨ ᠭᠠᠷᠴᠤ ᠢᠷᠡᠲᠡᠯ᠎ᠡ ᠨᠥᠭᠦᠭᠡ ᠡᠲᠡᠭᠡᠳ ᠡᠴᠡ ᠡᠰᠡᠷᠭᠦ ᠲᠠᠯ᠎ᠠ ᠶ᠋ᠢᠨ ᠬᠢᠨ ᠪᠠᠷᠠᠭᠤᠨ ᠳᠠᠪᠤᠰᠠᠭ ᠳᠡᠭᠡᠷ᠎ᠡ ᠭᠠᠷᠴᠤ ᠢᠷᠡᠵᠦ᠂ ᠪᠡᠶ᠎ᠡ ᠪᠡᠶ᠎ᠡ ᠪᠡᠨ ᠬᠠᠷᠠᠭᠠᠳ ᠮᠣᠷᠢᠳ ᠤ᠋ᠨ ᠢ᠋ᠶ᠋ᠠᠨ ᠠᠮᠠ ᠶ᠋ᠢ ᠲᠠᠲᠠᠵᠤ ᠵᠣᠭᠰᠣᠪᠠ᠃ ᠪᠤᠭᠤᠷᠴᠢ ᠡᠰᠡᠷᠭᠦ ᠡᠲᠡᠭᠡᠳ ᠦ᠋ᠨ ᠮᠩᠯᠠᠢᠯᠠᠬᠴᠢ ᠶ᠋ᠢ ᠲᠠᠨᠢᠭᠠᠳ᠄ 
       — ᠵᠠᠮᠤᠬ᠎ᠠ! ᠴᠢ ᠡᠭᠦᠪᠡᠷ ᠶᠠᠭᠤ ᠬᠢᠩᠰᠢᠬᠥᠴᠢᠯᠠᠨ ᠢᠷᠡᠵᠦ ᠲᠦᠮᠡᠨ ᠦ᠌ ᠠᠯᠠᠭ ᠦᠷᠡᠰ᠂ ᠡᠷᠳᠡᠨᠢᠲᠦ ᠬᠥᠮᠦᠨ ᠦ᠌ ᠪᠡᠶ᠎ᠡ ᠶ᠋ᠢ ᠰᠦᠢᠳᠬᠡᠨ᠎ᠡ ᠪᠣᠢ? ᠳᠣᠭᠣᠳᠤ ᠮᠠᠭᠤ ᠢᠳᠡᠭᠡᠨ ᠦ᠌ ᠪᠡᠨ ᠭᠡᠣᠳᠢ ᠶ᠋ᠢ ᠮᠡᠨᠳᠦ ᠳᠡᠭᠡᠷ᠎ᠡ ᠪᠡᠨ ᠪᠤᠴᠠ! ᠭᠡᠵᠦ ᠥᠭᠦᠯᠡᠬᠦᠢ ᠳ᠋ᠦ᠍ ᠴᠠᠭᠠᠳᠤᠬᠢ ᠨᠢ᠄ 
       — ᠴᠢ ᠠᠷᠣᠯᠠᠳ ᠤ᠋ᠨ ᠮᠠᠭᠤ ᠭᠥᠯᠥᠭᠡ! ᠴᠢ ᠶᠠᠭᠠᠬᠢᠭᠰᠠᠨ ᠶᠡᠬᠡ ᠦᠭᠡ ᠲᠡᠢ ᠪᠣᠯᠴᠢᠬ᠎ᠠ ᠪᠣᠢ? ᠬᠠᠭᠠᠨ ᠤ᠋ ᠰᠢᠳᠠᠷ ᠭᠡᠯ᠎ᠡ ᠤᠤ? ᠮᠤᠨᠳᠠᠭ ᠠᠮᠢᠲᠠᠨ ᠴᠦ᠍ ᠪᠣᠯ᠂ ᠴᠠᠭᠠᠳᠤ ᠴᠢᠩᠭᠢᠰ ᠬᠠᠭᠠᠨ ᠴᠢᠨᠢ《ᠴᠢᠩᠭᠢᠰ》 ᠭᠡᠳ  ᠪᠠᠢᠭ᠎ᠠ ᠁ ᠰᠡᠭᠦᠯ ᠢ᠋ᠶ᠋ᠡᠨ ᠬᠠᠪᠴᠢᠭᠠᠳ ᠬᠠᠪᠴᠢᠯ ᠤᠷᠤᠭᠤ ᠣᠷᠣᠵᠤ ᠶᠠᠪᠤᠭ᠎ᠠ ᠶ᠋ᠢ ᠬᠠᠷᠠᠵᠤ ᠪᠠᠢᠨ᠎ᠠ ᠤᠤ? ᠲᠡᠳᠡ ᠶᠠᠭᠤ ᠪᠣᠯᠬᠤ ᠶ᠋ᠢ ᠮᠡᠳᠡᠵᠦ ᠠᠪ!  ᠭᠡᠪᠡ᠃ 
       — ᠭᠠᠢᠭᠤᠢ ᠴᠦ᠍ ᠪᠠᠢᠯᠭᠦᠢ᠃ ᠮᠠᠨ ᠤ᠋ ᠬᠠᠰᠠᠷ ᠵᠠᠯᠠᠢᠷ ᠠ᠋ᠴᠠ ᠪᠡᠷᠢ ᠪᠠᠭᠤᠯᠭᠠᠭᠰᠠᠨ ᠢ᠋ ᠴᠢ ᠮᠡᠳᠡᠬᠦ ᠪᠠᠢᠬ᠎ᠠ᠃ ᠴᠢᠮᠠᠶ᠋ᠢ ᠠᠯᠠᠭ ᠲᠤᠷᠠᠭᠠᠨ ᠠᠭᠤᠯᠠ ᠶ᠋ᠢ ᠳᠠᠪᠠᠵᠤ ᠶᠠᠳᠠᠵᠤ ᠶᠠᠪᠤᠬᠤ ᠳ᠋ᠤ᠌ ᠬᠠᠰᠠᠷ ᠵᠠᠯᠠᠢᠷ ᠠ᠋ᠴᠠ ᠨᠠᠭᠠᠰᠢ ᠴᠡᠷᠢᠭ ᠬᠥᠳᠡᠯᠭᠡᠭᠰᠡᠨ ᠮᠡᠳᠡᠭᠡ ᠢᠷᠡᠭᠰᠡᠨ᠃ ᠲᠡᠷᠡ ᠶᠡᠬᠡ ᠲᠣᠭᠣᠰᠣ ᠶ᠋ᠢ ᠬᠠᠷᠠᠵᠤ ᠪᠠᠢᠨ᠎ᠠ ᠤᠤ? ᠲᠡᠳᠡ ᠢᠷᠡᠬᠦ ᠪᠡᠷ ᠴᠢ ᠶᠠᠭᠤ ᠪᠣᠯᠬᠤ ᠪᠣᠯ? ᠭᠡᠵᠦ ᠵᠠᠮᠤᠬ᠎ᠠ ᠶ᠋ᠢ ᠰᠦᠷᠳᠡᠭᠦᠯᠬᠦ ᠵᠣᠷᠢᠯᠭ᠎ᠠ ᠪᠠᠷ ᠬᠤᠳᠠᠯ ᠬᠡᠯᠡᠬᠦ ᠰᠠᠴᠠᠭᠤ ᠤᠨᠤᠨ ᠤ᠋ ᠤᠷᠢᠳᠤ ᠪᠡᠶ᠎ᠡ ᠳ᠋ᠦ᠍ ᠬᠤᠢ ᠰᠠᠯᠬᠢ ᠬᠥᠳᠡᠯᠦᠭᠰᠡᠨ ᠶᠦᠮ ᠤᠤ? ᠦᠨᠡᠬᠡᠷ ᠬᠤᠸᠠ ᠰᠢᠷᠭᠠᠯ ᠳᠤᠭᠤᠰᠦᠨᠴᠢᠷ ᠬᠠᠷᠠᠭᠳᠠᠭᠰᠠᠨ ᠨᠢ ᠳᠠᠢᠰᠤᠨ ᠤ᠋ ᠲᠣᠯᠣᠭᠠᠢᠯᠠᠭᠴᠢ ᠳ᠋ᠤ᠌ ᠡᠷᠡᠭᠡᠯᠵᠡᠭᠡ ᠲᠦᠷᠦᠭᠦᠯᠡᠪᠡ᠃ ᠲᠡᠷᠡ ᠪᠡᠷ ᠵᠠᠨᠤᠯᠲᠠᠢ ᠦᠭᠡ ᠬᠡᠯᠡᠵᠦ ᠪᠤᠭᠤᠷᠴᠢ ᠤᠷᠤᠭᠤ ᠰᠤᠮᠤ ᠲᠠᠯᠪᠢᠪᠠ᠃ ᠭᠣᠪᠢᠯ ᠤ᠋ᠨ ᠬᠣᠶᠠᠷ ᠢᠷᠮᠡᠭ ᠡᠴᠡ ᠲᠡᠷᠡ ᠬᠣᠶᠠᠷ ᠤ᠋ᠨ ᠬᠣᠭᠣᠷᠣᠨᠳᠣᠬᠢ ᠵᠠᠢ ᠵᠠᠭᠤᠨ ᠠᠯᠲᠠ ᠠ᠋ᠴᠠ ᠬᠡᠲᠦᠷᠡᠬᠦ ᠦᠭᠡᠢ ᠲᠤᠯᠠ ᠰᠤᠮᠤ ᠪᠤᠭᠤᠷᠴᠢ ᠤᠷᠤᠭᠤ ᠰᠦᠷᠡᠬᠡᠢ ᠡᠷᠴᠢᠲᠡᠢ ᠢᠷᠡᠪᠡᠴᠦ ᠲᠡᠷᠡ ᠪᠡᠷ ᠰᠡᠯᠡᠮ᠎ᠡ ᠪᠡᠨ ᠰᠤᠭᠤᠯᠤᠨ ᠳᠠᠯᠠᠢᠵᠤ ᠬᠤᠭᠤ ᠴᠠᠪᠴᠢᠭᠠᠳ《ᠬᠠᠷᠠᠪᠠᠤ?》 ᠭᠡᠵᠦ ᠬᠡᠯᠡᠭᠡᠳ ᠬᠠᠪᠴᠢᠯ ᠤᠷᠤᠭᠤ ᠣᠷᠣᠵᠤ ᠪᠣᠢ ᠶᠡᠬᠡ ᠴᠡᠷᠢᠭ ᠦ᠋ᠨ ᠢ᠋ᠶ᠋ᠡᠨ ᠠᠷᠤ ᠠ᠋ᠴᠠ ᠳᠠᠪᠬᠢᠨ ᠤᠤᠬᠠᠤ ᠳ᠋ᠤ᠌ ᠵᠠᠮᠤᠬ᠎ᠠ ᠲᠡᠳᠡᠨ ᠦ᠌ ᠴᠥᠭᠡᠨ ᠴᠡᠷᠢᠭ ᠢ᠋ ᠨᠡᠭᠡᠭᠡᠵᠦ ᠵᠢᠷᠦᠬᠡᠯᠡᠭᠰᠡᠨ ᠦᠭᠡᠢ᠃ ᠴᠡᠷᠢᠭ ᠦ᠋ᠨ ᠪᠥᠭᠡᠮ ᠬᠦᠴᠦ ᠨᠢ ᠴᠠᠭᠠᠨ᠎ᠠ ᠬᠣᠯᠠ ᠪᠠᠢᠭᠰᠠᠨ ᠴᠦ᠍ ᠪᠠᠢᠵᠤ ᠪᠣᠯᠬᠤ ᠶᠤᠮ᠃ 
       — ᠴᠢ ᠠᠰᠢᠭᠦᠢ ᠮᠤᠯᠲᠤᠷᠠᠭᠠᠳ ᠢᠷᠡᠪᠡᠦ? ᠴᠢᠮᠠᠶ᠋ᠢ ᠬᠠᠰᠢᠭᠳᠠᠪᠠᠤ? ᠭᠡᠵᠦ ᠠᠶᠤᠯ᠎ᠠ ᠭᠡᠵᠦ ᠴᠢᠩᠭᠢᠰ ᠬᠠᠭᠠᠨ ᠡᠷᠭᠦᠮᠵᠢᠯᠡᠭᠳᠡᠭᠡᠳ ᠤᠳᠠᠭ᠎ᠠ ᠦᠭᠡᠢ ᠲᠡᠮᠦᠵᠢᠨ ᠢ᠋ ᠤᠭᠲᠤᠬᠤ ᠳ᠋ᠤ᠌ ᠪᠤᠭᠤᠷᠴᠢ᠄ 
       — ᠵᠦᠭᠡᠷ᠂ ᠪᠢ ᠲᠡᠭᠦᠨ ᠢ᠋ ᠠᠶᠤᠯᠭᠠᠴᠢᠬᠠᠭᠰᠠᠨ᠃ ᠬᠠᠰᠠᠷ ᠵᠠᠯᠠᠢᠷ ᠤ᠋ᠨ ᠴᠡᠷᠢᠭ ᠢ᠋ ᠠᠪᠤᠭᠠᠳ ᠢᠷᠡᠵᠦ ᠶᠠᠪᠤᠭ᠎ᠠ ᠭᠡᠵᠦ ᠬᠤᠳᠠᠯ ᠬᠡᠯᠡᠲᠡᠯ᠎ᠡ ᠬᠠᠷᠢᠨ ᠤᠨᠤᠨ ᠤ᠋ ᠤᠷᠢᠳᠤ ᠪᠡᠶ᠎ᠡ ᠳ᠋ᠦ᠍ ᠲᠣᠭᠣᠰᠣ ᠴᠦ᠍ ᠶᠤᠮ ᠤᠤ? ᠶᠠᠭᠤ ᠴᠦ᠍ ᠶᠤᠮ ᠤᠤ? ᠬᠠᠷᠠᠭᠳᠠᠬᠤ ᠳ᠋ᠤ᠌ ᠨᠢ《ᠲᠡᠷᠡ!》 ᠭᠡᠵᠦ ᠵᠢᠭᠠᠭᠰᠠᠨ ᠶᠤᠮ᠃ ᠵᠠᠮᠤᠬ᠎ᠠ ᠡᠳᠦᠭᠡ ᠵᠢᠷᠦᠬᠡᠨ ᠳ᠋ᠦ᠍ᠨᠢ ᠴᠢᠰᠤ ᠬᠤᠷᠠᠵᠤ ᠪᠤᠴᠠᠭᠠᠳ ᠶᠠᠪᠤᠴᠢᠬᠠᠬᠤ ᠪᠠᠢᠯᠭᠦᠢ ᠭᠡᠪᠡ᠃ 
       ᠴᠢᠩᠭᠢᠰ ᠬᠠᠭᠠᠨ《ᠬᠡ᠂ ᠬᠡ》 ᠭᠡᠵᠦ ᠢᠨᠢᠶᠡᠭᠡᠳ᠄ 
       — ᠪᠣᠭᠣᠷᠴᠢ ᠴᠢ ᠡᠯᠳᠡᠪ ᠢ᠋ ᠳᠣᠣᠷ᠎ᠠ ᠨᠢ ᠰᠥᠪᠩᠴᠢᠯᠡᠬᠥ ᠶᠦᠮ᠃ ᠵᠥᠪ ᠯᠡ ᠪᠠᠢᠨ᠎ᠠ ᠭᠡᠪᠡ᠃ ᠲᠡᠷᠡ ᠬᠣᠭᠣᠷᠣᠨᠳᠣ ᠴᠢᠩᠭᠢᠰ ᠬᠠᠭᠠᠨ ᠠᠴᠢᠶ᠎ᠠ ᠬᠥᠰᠬᠡ ᠪᠡᠨ ᠴᠤᠪᠤᠷᠠᠭᠤᠯᠤᠨ ᠡᠩᠨᠡᠭᠦᠯᠵᠦ ᠪᠤᠷᠭᠠᠰᠤ ᠲᠣᠷᠯᠣᠭ ᠠ᠋ᠴᠠ ᠡᠬᠢᠯᠡᠭᠡᠳ ᠮᠣᠳᠣ ᠮᠥᠴᠢᠷ ᠣᠭᠲᠣᠯᠤᠭᠤᠯᠤᠨ ᠠᠪᠴᠢᠷᠠᠭᠤᠯᠵᠤ ᠣᠪᠣᠢᠭᠰᠠᠨ ᠣᠴᠣᠢᠭᠰᠠᠨ ᠬᠠᠭᠠᠯᠲᠠ ᠪᠣᠰᠬᠠᠭᠠᠳ ᠶᠠᠭᠤᠮ᠎ᠠ ᠶᠠᠭᠤᠮ᠎ᠠ ᠶ᠋ᠢ ᠠᠮᠵᠢᠭᠤᠯᠵᠤ ᠯᠠ ᠪᠠᠢᠪᠠ᠃   
       ᠵᠠᠮᠤᠬ᠎ᠠ《ᠬᠠᠪᠴᠢᠯ ᠳ᠋ᠤ᠌ ᠨᠡᠪᠲᠡᠷᠡᠵᠦ ᠳᠠᠢᠰᠤᠨ ᠢ᠋ ᠴᠣᠬᠢᠬᠤ ᠠᠮᠠᠷ ᠪᠢᠰᠢ᠂ ᠲᠡᠭᠡᠭᠡᠳ ᠴᠦ᠍ ᠦᠨᠡᠬᠡᠷ ᠵᠠᠯᠠᠢᠷ ᠤ᠋ᠨ ᠴᠡᠷᠢᠭ ᠢᠷᠡᠬᠦ ᠶᠦᠮ ᠪᠣᠯ ᠬᠢᠯᠪᠠᠷᠬᠠᠨ ᠴᠣᠬᠢᠭᠳᠠᠵᠤ ᠪᠣᠯᠤᠨ᠎ᠠ》 ᠭᠡᠮᠡᠨ ᠪᠣᠳᠣᠭᠠᠳ ᠴᠡᠷᠢᠭ ᠦ᠋ᠳ ᠲᠡᠭᠡᠨ᠄  
       — ᠪᠢᠳᠡ ᠲᠡᠮᠦᠵᠢᠨ ᠢ᠋ ᠵᠡᠭᠡᠷᠡᠨ ᠬᠠᠪᠴᠢᠯ ᠳ᠋ᠤ᠌ ᠰᠢᠬᠠᠵᠤ ᠢᠯᠠᠯ᠎ᠠ᠃ ᠳᠠᠢᠴᠠᠷ ᠤ᠋ᠨ ᠥᠰᠢᠶ᠎ᠡ ᠶ᠋ᠢ ᠠᠪᠤᠯ᠎ᠠ ᠭᠡᠳ ᠵᠠᠳᠠᠷᠠᠨ ᠤᠷᠤᠭᠤ ᠪᠠᠨ ᠪᠤᠴᠠᠪᠠ᠃ ᠥᠷᠯᠥᠭᠡᠨ ᠡᠴᠡ ᠦᠳᠡ ᠥᠩᠭᠡᠷᠡᠲᠡᠯ᠎ᠡ ᠪᠣᠯᠤᠭᠰᠠᠨ ᠪᠣᠭᠣᠨᠢᠬᠠᠨ ᠬᠤᠭᠤᠴᠠᠭᠠᠨ ᠳ᠋ᠤ᠌ ᠡᠨᠡ ᠲᠡᠢᠨ ᠰᠢᠷᠦᠭᠦᠬᠡᠨ ᠪᠣᠯᠵᠤ ᠠᠯᠢ ᠠᠯᠢ ᠲᠠᠯ᠎ᠠ ᠳ᠋ᠠᠭᠠᠨ ᠦᠯᠡᠮᠵᠢ ᠬᠣᠬᠢᠷᠠᠯ ᠤᠴᠠᠷᠠᠵᠠᠢ᠃  
       ᠲᠡᠮᠦᠵᠢᠨ ᠥᠩᠭᠡᠷᠡᠭᠰᠡᠨ ᠵᠢᠯ ᠬᠠᠷ᠎ᠠ ᠵᠥᠷᠬᠢᠨ ᠦ᠌ ᠬᠥᠬᠡ ᠨᠠᠭᠤᠷ ᠲᠤ ᠳᠠᠭᠠᠷ᠎ᠠ ᠢᠷᠡᠭᠰᠡᠨ ᠠᠪᠠᠭ᠎ᠠ ᠠᠬ᠎ᠠ ᠨᠠᠷ᠂ ᠲᠠᠯ᠎ᠠ ᠶ᠋ᠢᠨ ᠢᠵᠠᠭᠤᠷᠲᠠᠨ ᠨᠤᠭᠤᠳ ᠤ᠋ᠨ ᠬᠤᠷᠠᠯᠳᠠᠢ ᠪᠠᠷ ᠭᠤᠷᠪᠠᠨ ᠭᠣᠣᠯ ᠤ᠋ᠨ ᠡᠬᠢᠨ ᠳ᠋ᠦ᠍ ᠣᠷᠣᠰᠢᠬᠤ ᠬᠠᠮᠤᠭ ᠮᠣᠩᠭᠣᠯ ᠤ᠋ᠨ ᠬᠠᠭᠠᠨ ᠢ᠋ᠶ᠋ᠠᠷ ᠡᠷᠭᠦᠮᠵᠢᠯᠡᠭᠳᠡᠨ᠂《ᠴᠢᠩᠭᠢᠰ ᠬᠠᠭᠠᠨ》 ᠴᠣᠯᠠ ᠠᠪᠤᠭᠠᠳ ᠨᠢᠭᠡᠨ ᠵᠢᠯ ᠦ᠋ᠨ ᠨᠢᠭᠤᠷ ᠦᠵᠡᠵᠦ ᠪᠠᠢᠲᠠᠯ᠎ᠠ ᠡᠢᠨᠬᠦ ᠭᠡᠨᠡᠳᠲᠡ ᠶ᠋ᠢᠨ ᠰᠠᠨᠠᠮᠰᠠᠷ ᠦᠭᠡᠢ ᠳᠠᠢᠰᠤᠨ ᠭᠠᠷᠴᠤ ᠢᠷᠡᠵᠦ ᠲᠤᠯᠭᠠᠷᠠᠭᠰᠠᠨ ᠲᠤᠯᠤᠯᠳᠤᠭᠠᠨ ᠲᠠᠢ ᠤᠴᠠᠷᠠᠵᠤ ᠢᠯᠠᠭᠰᠠᠨ ᠴᠦ᠍ ᠪᠢᠰᠢ᠂ ᠢᠯᠠᠭᠳᠠᠭᠰᠠᠨ ᠴᠦ᠍ ᠪᠢᠰᠢ ᠪᠣᠯᠵᠠᠢ᠃  
       ᠴᠢᠩᠭᠢᠰ ᠦ᠋ᠨ ᠴᠡᠷᠢᠭ ᠦ᠋ᠨ ᠲᠣᠭ᠎ᠠ ᠳᠠᠢᠰᠤᠨ ᠤ᠋ ᠬᠢ ᠡᠴᠡ ᠳᠤᠲᠠᠭᠤ ᠪᠠᠢᠭᠰᠠᠨ ᠴᠦ᠍ ᠡᠷ᠎ᠡ ᠴᠡᠷᠢᠭ ᠪᠠᠢᠯᠳᠤᠬᠤ ᠴᠢᠳᠠᠪᠤᠷᠢ ᠢᠯᠡᠭᠦᠦ ᠳᠠᠪᠠᠭᠤ ᠲᠤᠯᠠ ᠠᠮᠢᠨ ᠦᠷᠡᠭᠳᠡᠭᠰᠡᠳ ᠳᠠᠢᠰᠤᠨ ᠠ᠋ᠴᠠ ᠭᠤᠷᠪᠠ ᠳᠠᠬᠢᠨ ᠴᠥᠭᠡᠨ ᠪᠠᠢᠪᠠ᠃ ᠳᠠᠢᠰᠤᠨ ᠠᠮᠢ ᠦᠷᠡᠭᠳᠡᠭᠰᠡᠳ ᠢ᠋ᠶ᠋ᠡᠨ ᠠᠪᠴᠤ ᠶᠠᠪᠤᠭ᠎ᠠ ᠦᠭᠡᠢ᠂ ᠴᠥᠭᠡᠨ ᠲᠣᠭᠠᠨ ᠤ᠋ ᠨᠡᠷᠡᠲᠡᠢ ᠠᠯᠳᠠᠷᠲᠠᠢ ᠬᠥᠮᠦᠰ ᠦ᠋ᠨ ᠢ᠋ᠶ᠋ᠡᠨ ᠴᠣᠭᠴᠠᠰ ᠢ᠋ ᠠᠪᠴᠤ ᠶᠠᠪᠤᠭᠰᠠᠨ ᠰᠤᠷᠠᠭ ᠭᠠᠷᠤᠭᠰᠠᠨ ᠨᠢ ᠡᠨᠡ ᠲᠣᠭ᠎ᠠ ᠶ᠋ᠢ ᠬᠠᠷᠢᠴᠠᠭᠤᠯᠵᠤ ᠦᠵᠡᠬᠦ ᠳ᠋ᠦ᠍ ᠲᠤᠰᠠ ᠪᠣᠯᠤᠭᠰᠠᠨ ᠪᠠᠢᠨ᠎ᠠ᠃ 
       ᠪᠠᠢᠯᠳᠤᠭᠠᠨ ᠤ᠋ ᠳᠤᠮᠳᠠᠭᠤᠷ ᠵᠠᠮᠤᠬ᠎ᠠ ᠶ᠋ᠢᠨ ᠬᠠᠷᠢᠶᠠᠨ ᠳ᠋ᠤ᠌ ᠶᠠᠪᠤᠭᠰᠠᠨ ᠴᠢᠨᠦᠰ ᠣᠪᠣᠭ ᠤ᠋ᠨ ᠬᠡᠰᠡᠭ ᠴᠡᠷᠢᠭ ᠴᠢᠩᠭᠢᠰ ᠦ᠋ᠨ ᠲᠠᠯ᠎ᠠ ᠳ᠋ᠤ᠌ ᠪᠠᠭᠤᠵᠤ ᠥᠭᠴᠡᠢ᠃  ᠲᠡᠳᠡᠨ ᠦ᠌ ᠡᠵᠡᠨ ᠡᠴᠡ ᠪᠡᠨ ᠤᠷᠪᠠᠭᠰᠠᠨ ᠰᠢᠯᠲᠠᠭᠠᠨ ᠢ᠋ ᠪᠠᠢᠴᠠᠭᠠᠬᠤ ᠳ᠋ᠤ᠌᠄ 
       — ᠮᠠᠨ ᠤ᠋ ᠡᠵᠡᠨ ᠴᠡᠷᠢᠭ ᠦ᠋ᠳ ᠲᠦ᠍ ᠬᠠᠯᠠᠮᠵᠢ ᠦᠭᠡᠢ᠂ ᠬᠠᠷᠭᠢᠰ ᠬᠠᠲᠠᠭᠤ᠃ ᠴᠢᠩᠭᠢᠰ ᠬᠠᠭᠠᠨ ᠢ᠋  ᠴᠡᠷᠢᠭ ᠲᠡᠭᠡᠨ ᠶᠡᠬᠡᠳᠡ ᠡᠭᠡᠯᠢᠲᠡᠢ ᠭᠡᠵᠦ ᠰᠣᠨᠣᠰᠤᠭᠰᠠᠨ ᠭᠡᠮᠡᠨ ᠥᠴᠢᠭ ᠥᠭᠴᠢᠬᠡᠪᠡ᠃ ᠲᠡᠳᠡ ᠪᠣᠯᠤᠨ ᠪᠤᠰᠤᠳ ᠣᠯᠵᠠᠯᠠᠭᠳᠠᠭᠰᠠᠳ ᠤ᠋ᠨ ᠠᠮᠠᠨ ᠥᠴᠢᠭ ᠢ᠋ ᠠᠪᠴᠤ ᠥᠪᠡᠷ ᠦ᠋ᠨ ᠥᠯᠮᠡᠢ ᠳ᠋ᠦ᠍ ᠰᠥᠭᠦᠳᠦᠭᠦᠯᠦᠨ ᠴᠡᠷᠢᠭ ᠦ᠋ᠨ ᠬᠠᠷ᠎ᠠ ᠰᠦᠯᠳᠡ ᠳ᠋ᠡᠭᠡᠨ《ᠴᠢᠩᠭᠢᠰ ᠬᠠᠭᠠᠨ ᠳ᠋ᠤ᠌ ᠬᠦᠴᠦ ᠪᠡᠨ ᠦᠨᠡᠨᠴᠢ ᠪᠡᠷ ᠡᠷᠭᠦᠨ᠎ᠡ》 ᠭᠡᠰᠡᠨ ᠲᠠᠩᠭᠠᠷᠢᠭ ᠦᠷᠦᠭᠦᠯᠦᠨ ᠮᠥᠷᠭᠥᠭᠦᠯᠵᠦ᠂ ᠲᠡᠳᠡᠨ ᠢ᠋ ᠴᠡᠷᠢᠭ ᠲᠡᠭᠡᠨ ᠠᠪᠤᠭᠰᠠᠨ ᠪᠣᠯᠠᠢ᠃ 
       ᠲᠡᠳᠡᠭᠡᠷ ᠨᠢ ᠭᠤᠴᠢᠭᠠᠳ ᠲᠣᠭᠠᠨ ᠤ᠋ ᠬᠥᠮᠦᠰ ᠪᠥᠭᠡᠳ ᠴᠢᠩᠭᠢᠰ ᠬᠠᠭᠠᠨ ᠤ᠋ ᠬᠣᠬᠢᠷᠠᠭᠰᠠᠨ ᠴᠡᠷᠢᠭ ᠦ᠋ᠨ ᠲᠣᠭ᠎ᠠ ᠲᠠᠢ ᠠᠳᠠᠯᠢ ᠠᠵᠢ᠃ ᠴᠢᠨᠦᠰ ᠣᠪᠣᠭᠲᠠᠨ ᠢ᠋ ᠨᠢ ᠪᠣᠭᠤᠷᠴᠢ ᠳ᠋ᠤ᠌ ᠥᠭᠴᠦ ᠬᠠᠷᠢᠭᠤᠴᠠᠭᠤᠯᠤᠨ᠄  
       — ᠡᠳᠡ ᠶᠠᠮᠠᠷ ᠴᠦ᠍ ᠬᠥᠷᠥᠩᠭᠡ᠂ ᠠᠮᠢ ᠵᠢᠭᠤᠬᠤ ᠬᠡᠷᠡᠭᠰᠡᠯ ᠦᠭᠡᠢ ᠬᠥᠮᠦᠰ ᠲᠤᠯᠠ ᠴᠡᠷᠢᠭ ᠦ᠋ᠨ ᠬᠠᠩᠭᠠᠮᠠᠵᠢᠨ ᠳ᠋ᠤ᠌ ᠪᠠᠢᠯᠭᠠᠵᠤ᠂ ᠡᠬᠡᠨᠡᠷ ᠠᠪᠤᠭᠰᠠᠨ ᠨᠢᠭᠡᠨ ᠳ᠋ᠦ᠍ᠨᠢ ᠭᠡᠷ᠂ ᠮᠠᠯ ᠣᠯᠭᠣᠵᠤ ᠠᠰᠠᠷᠠ! ᠭᠡᠵᠦ ᠬᠠᠭᠠᠨ ᠵᠠᠷᠯᠢᠭ ᠪᠠᠭᠤᠯᠭᠠᠵᠠᠢ᠃ ᠪᠤᠰᠤᠳ ᠢ᠋ ᠵᠠᠯᠮ᠎ᠠ ᠳ᠋ᠤ᠌ ᠮᠥᠨ ᠠᠳᠠᠯᠢ ᠬᠠᠷᠢᠭᠤᠴᠠᠭᠤᠯᠪᠠ᠃ 
       ᠵᠠᠮᠤᠬ᠎ᠠ ᠪᠤᠴᠠᠬᠤ ᠵᠠᠮ ᠳ᠋ᠠᠭᠠᠨ ᠴᠢᠨᠦᠰ ᠣᠪᠣᠭ ᠤ᠋ᠨ ᠬᠢᠨ ᠳ᠋ᠦ᠍ ᠠᠭᠤᠷᠰᠠᠵᠤ᠂ ᠨᠤᠲᠤᠭ ᠤ᠋ᠨ ᠵᠠᠬ᠎ᠠ ᠳ᠋ᠤ᠌ ᠣᠷᠣᠮᠠᠭᠴᠠ ᠪᠠᠨ ᠲᠡᠳᠡᠨ ᠦ᠌ ᠪᠠᠭᠠᠴᠤᠳ ᠵᠠᠯᠠᠭᠤᠰ ᠢ᠋ ᠪᠠᠷᠢᠵᠤ ᠠᠪᠴᠤ ᠲᠡᠮᠦᠯᠦᠨ ᠲᠠᠷᠴᠢᠯᠠᠭᠠᠵᠤ ᠤᠳᠤᠷᠢᠳᠤᠭᠴᠢ ᠨᠡᠭᠦᠳᠠᠢ ᠴᠠᠭᠠᠨ ᠢ᠋ ᠠᠯᠠᠵᠤ ᠲᠣᠯᠣᠭᠠᠢ ᠶ᠋ᠢ ᠨᠢ ᠮᠣᠷᠢᠨ ᠰᠡᠭᠦᠯ ᠡᠴᠡ ᠵᠡᠭᠦᠵᠦ ᠲᠣᠬᠣᠭᠤᠷᠬᠠᠨ ᠶᠠᠪᠤᠭᠰᠠᠨ ᠨᠢ ᠥᠪᠡᠷᠦᠨ ᠬᠠᠷᠢᠶᠠᠲᠤ ᠣᠯᠠᠨ ᠤ᠋ ᠳᠤᠷ᠎ᠠ ᠦᠭᠡᠢᠴᠡᠯ ᠵᠢᠭᠰᠢᠯ ᠢ᠋ ᠲᠥᠷᠥᠭᠦᠯᠵᠦ᠂ ᠬᠠᠮᠤᠭ ᠤ᠋ᠨ ᠰᠢᠯᠢᠳᠡᠭ ᠳᠠᠢᠴᠢᠨ ᠣᠷᠭᠤᠳ ᠠᠢᠮᠠᠭ ᠤ᠋ᠨ ᠵᠤᠷᠴᠢᠳᠠᠢ᠂ ᠮᠠᠩᠭᠤᠳ ᠠᠢᠮᠠᠭ ᠤ᠋ᠨ ᠬᠣᠢᠯᠳᠠᠷ ᠪᠣᠯᠤᠨ ᠬᠣᠩᠬᠣᠳᠠᠨ ᠤ᠋ ᠮᠡᠩᠯᠢᠭ ᠬᠥᠪᠡᠭᠦᠳ ᠦ᠋ᠨ ᠢ᠋ᠶ᠋ᠡᠨ ᠬᠠᠮᠲᠤ ᠵᠠᠮᠤᠬ᠎ᠠ ᠠ᠋ᠴᠠ ᠰᠠᠯᠵᠤ ᠲᠠᠰᠤᠷᠠᠨ ᠠᠢᠮᠠᠭ ᠢ᠋ᠶ᠋ᠠᠷ ᠢ᠋ᠶ᠋ᠠᠨ ᠨᠡᠭᠦᠳᠡᠯᠯᠡᠨ ᠢᠷᠡᠵᠡᠢ᠃ ᠡᠨᠡ ᠦᠶ᠎ᠡ ᠳ᠋ᠦ᠍ ᠴᠢᠩᠭᠢᠰ ᠬᠠᠭᠠᠨ᠂ ᠵᠠᠮᠤᠬ᠎ᠠ ᠬᠣᠶᠠᠷ ᠲᠤᠰ ᠪᠦᠷᠢ ᠳ᠋ᠡᠭᠡᠨ ᠠᠷᠪᠠᠨ ᠭᠤᠷᠪᠠᠨ ᠬᠦᠷᠢᠶ᠎ᠡ ᠲᠡᠢ ᠪᠠᠢᠭᠰᠠᠨ ᠲᠤᠯᠠ ᠵᠠᠰᠠᠭ ᠵᠠᠬᠢᠷᠭ᠎ᠠ᠂ ᠬᠥᠮᠦᠨ ᠠᠮᠠ ᠶ᠋ᠢᠨ ᠬᠤᠪᠢ ᠳ᠋ᠤ᠌ ᠲᠡᠩᠴᠡᠭᠦᠦ ᠪᠠᠢᠳᠠᠯ ᠲᠠᠢ ᠪᠠᠢᠭᠰᠠᠨ ᠭᠡᠵᠦ ᠪᠣᠯᠬᠤ ᠶᠤᠮ᠃ 
       ᠡᠨᠡ ᠲᠡᠢᠨ ᠵᠢᠭᠤᠷᠠᠯᠳᠤᠵᠤ ᠤᠳᠠᠭᠰᠠᠨ ᠪᠣᠯ ᠬᠡᠷᠬᠢᠨ ᠲᠡᠭᠦᠰᠬᠦ ᠨᠢ ᠲᠣᠳᠣᠷᠬᠠᠢ ᠦᠭᠡᠢ᠃ ᠵᠠᠮᠤᠬ᠎ᠠ《ᠲᠡᠮᠦᠵᠢᠨ ᠠᠶᠤᠵᠤ ᠬᠠᠪᠴᠢᠯ ᠳ᠋ᠤ᠌ ᠰᠢᠷᠭᠤᠭᠰᠠᠨ ᠲᠤᠯᠠ ᠪᠢᠳᠡ ᠢᠯᠠᠯ᠎ᠠ》 ᠭᠡᠵᠦ ᠪᠤᠴᠠᠭᠰᠠᠨ ᠪᠣᠯ ᠴᠢᠩᠭᠢᠰ ᠬᠠᠭᠠᠨ ᠬᠠᠪᠴᠢᠯ ᠳ᠋ᠤ᠌ ᠪᠡᠬᠢᠯᠡᠯᠲᠡ ᠬᠢᠵᠦ ᠬᠣᠷᠢᠭᠯᠠᠨ ᠪᠠᠢᠯᠳᠤᠬᠤ᠂ ᠬᠣᠶᠠᠷ ᠲᠠᠯ᠎ᠠ ᠶ᠋ᠢᠨ ᠥᠨᠳᠥᠷᠯᠢᠭ ᠢ᠋ ᠡᠵᠡᠯᠡᠵᠦ ᠬᠡᠰᠡᠭ ᠰᠠᠭᠠᠳ ᠪᠡᠬᠢᠯᠡᠯᠲᠡ ᠬᠢᠵᠦ᠂ ᠲᠦᠷᠦᠭᠦᠯᠡᠵᠦ ᠢᠷᠡᠭᠰᠡᠨ ᠢ᠋ ᠨᠢ ᠰᠢᠲᠦ ᠰᠤᠭᠤᠯᠬᠤ ᠮᠠᠶᠢᠭ ᠢ᠋ᠶ᠋ᠠᠷ ᠡᠭᠡᠯᠵᠢᠯᠡᠨ ᠴᠣᠬᠢᠬᠤ ᠪᠣᠳᠣᠯᠭ᠎ᠠ ᠪᠣᠯᠪᠠᠰᠤᠷᠠᠭᠤᠯᠵᠠᠢ᠃  
       ᠲᠡᠢᠨ ᠲᠡᠢᠨᠬᠦ ᠦᠷᠭᠦᠯᠵᠢᠯᠡᠭᠰᠡᠨ ᠦᠭᠡᠢ᠃ ᠳᠠᠪᠴᠢᠭᠤ ᠬᠠᠪᠴᠢᠯ ᠠ᠋ᠴᠠ ᠴᠡᠷᠢᠭ ᠦ᠋ᠳ ᠢ᠋ᠶ᠋ᠡᠨ ᠭᠠᠷᠭᠠᠵᠤ᠂ ᠲᠠᠪᠤᠲᠤ ᠠᠷᠪᠠᠲᠤ ᠪᠠᠷ ᠢ᠋ᠶ᠋ᠠᠨ ᠬᠣᠭᠣᠯᠠ ᠪᠠᠨ ᠬᠢᠵᠦ ᠢᠳᠡᠵᠦ ᠤᠤᠭᠤᠵᠤ ᠨᠠᠷᠭᠢᠬᠤ ᠶ᠋ᠢ ᠲᠤᠰᠢᠶᠠᠭᠠᠳ᠂ ᠥᠨᠳᠥᠷ ᠲᠤᠰᠢᠶᠠᠯᠲᠠᠨ᠂  ᠳᠠᠷᠤᠭ᠎ᠠ ᠨᠠᠷ ᠬᠢᠭᠡᠳ ᠰᠠᠶᠢ ᠪᠠᠢᠯᠳᠤᠭᠠᠨ ᠳ᠋ᠤ᠌ ᠭᠠᠷᠮᠠᠭᠠᠢ ᠪᠠᠢᠯᠳᠤᠭᠰᠠᠨ ᠬᠥᠮᠦᠰ ᠢ᠋ ᠬᠠᠪᠴᠢᠯ ᠤ᠋ᠨ ᠠᠮᠠᠨ ᠳ᠋ᠠᠭᠠᠨ ᠬᠠᠭᠠᠨ ᠥᠪᠡᠷ ᠢ᠋ᠶ᠋ᠡᠨ ᠳᠠᠢᠯᠠᠵᠤ ᠵᠣᠭᠣᠭ ᠢᠳᠡᠭᠡ ᠪᠠᠷᠢᠵᠤ ᠬᠦᠨᠳᠦᠳᠬᠡᠯ ᠦᠵᠡᠭᠦᠯᠬᠦ ᠪᠡᠷ ᠰᠢᠢᠳᠦᠯ᠎ᠡ᠃ 
       ᠡᠭᠦᠨ ᠦ᠌ ᠲᠤᠯᠠ ᠨᠡᠯᠢᠶᠡᠳ ᠬᠡᠳᠦᠨ ᠬᠥᠮᠦᠰ ᠢ᠋ ᠠᠩ ᠳ᠋ᠤ᠌ ᠶᠠᠪᠤᠭᠤᠯᠵᠤ ᠠᠩ ᠤ᠋ᠨ ᠰᠢᠨ᠎ᠡ ᠮᠢᠬ᠎ᠠ ᠲᠠᠯᠪᠢᠬᠤ᠂ ᠢᠳᠡᠭᠡ ᠵᠣᠭᠣᠭ  ᠪᠡᠯᠡᠳᠬᠡᠬᠦ ᠬᠥᠮᠦᠰ ᠢ᠋ ᠲᠣᠮᠢᠯᠠᠵᠤ᠂ ᠮᠠᠷᠭᠠᠰᠢ ᠦᠳᠡᠰᠢ ᠵᠣᠭᠣᠭ ᠪᠠᠷᠢᠬᠤ ᠪᠠᠷ ᠪᠣᠯᠵᠠᠢ᠃  
       ᠡᠨᠳᠡ ᠬᠤᠷᠠᠨ ᠴᠤᠭᠯᠠᠷᠠᠭᠰᠠᠳ ᠤ᠋ᠨ ᠬᠠᠮᠤᠭ ᠠᠬᠠᠮᠠᠳ ᠨᠢ ᠬᠣᠲᠠᠯᠠ ᠬᠠᠭᠠᠨ ᠤ᠋ ᠭᠤᠷᠪᠠᠳᠠᠬᠢ ᠬᠦᠦ ᠠᠯᠲᠠᠨ ᠲᠠᠪᠢ ᠡᠷᠭᠢᠮ᠎ᠡ ᠨᠠᠰᠤᠲᠠᠢ ᠪᠥᠯᠥᠭᠡ᠃ ᠲᠡᠷᠡ ᠪᠡᠷ ᠥᠩᠭᠡᠷᠡᠭᠰᠡᠨ ᠵᠢᠯ ᠲᠡᠮᠦᠵᠢᠨ ᠢ᠋ ᠬᠠᠭᠠᠨ ᠰᠢᠷᠡᠭᠡᠨ ᠳ᠋ᠦ᠍ ᠡᠷᠭᠦᠮᠵᠢᠯᠡᠬᠦ ᠳ᠋ᠦ᠍ ᠢᠳᠡᠪᠬᠢᠲᠡᠢ ᠣᠷᠣᠯᠴᠠᠨ᠂  
             ᠣᠯᠠᠨ ᠲᠡᠢᠨ ᠳ᠋ᠦ᠍ ᠣᠷᠣᠯᠴᠠᠨ ᠶᠠᠪᠤᠵᠤ  
             ᠣᠨᠴᠠ ᠭᠤᠸ᠎ᠠ ᠥᠬᠢᠳ ᠢ᠋ ᠣᠯᠵᠠᠯᠠᠵᠤ  
             ᠣᠷᠳᠣᠨ ᠰᠠᠢᠬᠠᠨ ᠭᠡᠷ ᠢ᠋ ᠠᠪᠴᠤ  
             ᠣᠯᠠᠨ ᠤ᠋ ᠬᠠᠨ ᠲᠡᠮᠦᠵᠢᠨ ᠳ᠋ᠦ᠍ ᠥᠭᠭᠦᠶ᠎ᠡ ᠭᠡᠵᠦ ᠤᠷᠢᠶᠠᠯᠠᠨ ᠳᠠᠭᠤᠳᠠᠵᠤ ᠪᠠᠢᠵᠠᠢ᠃ 
       ᠲᠡᠢᠨ ᠳ᠋ᠦ᠍ ᠣᠷᠣᠯᠴᠠᠭᠰᠠᠳ ᠤ᠋ᠨ ᠬᠠᠮᠤᠭ ᠤ᠋ᠨ  ᠪᠠᠭ᠎ᠠ ᠨᠢ ᠪᠣᠭᠤᠷᠴᠢ ᠶ᠋ᠢᠨ ᠬᠦᠦ ᠥᠭᠡᠯᠡᠨ ᠪᠣᠯᠠᠢ᠃ ᠴᠢᠩᠭᠢᠰ ᠬᠠᠭᠠᠨ ᠰᠢᠷᠡᠭᠡᠨ ᠳ᠋ᠦ᠍ ᠰᠠᠭᠤᠬᠤ ᠳ᠋ᠤ᠌ ᠡᠴᠢᠭᠡ ᠨᠢ ᠳᠠᠭᠠᠭᠤᠯᠤᠨ ᠠᠪᠴᠢᠷᠠᠵᠤ ᠴᠡᠷᠢᠭ ᠪᠣᠯᠭᠠᠬᠤ ᠶ᠋ᠢ ᠬᠦᠰᠡᠵᠡᠢ᠃ ᠴᠢᠩᠭᠢᠰ ᠬᠠᠭᠠᠨ ᠥᠬᠥᠭᠡᠷᠳᠡᠨ ᠢᠷᠡᠭᠡᠳᠦᠢ ᠶ᠋ᠢ ᠨᠢ ᠵᠥᠩᠨᠡᠵᠦ《ᠴᠡᠷᠪᠢ》 ᠬᠡᠮᠡᠭᠡᠳ ᠵᠠᠯᠠᠢᠷ ᠠ᠋ᠴᠠ ᠢᠷᠡᠭᠰᠡᠨ ᠠᠬ᠎ᠠ ᠳᠡᠭᠦᠦ ᠭᠤᠷᠪᠠᠨ ᠳᠤᠬᠠᠷᠭᠤᠨ ᠤ᠋ ᠪᠠᠭ᠎ᠠ ᠬᠠᠴᠢᠭᠤᠨ ᠲᠣᠬᠣᠷᠭᠤᠨ᠂ ᠮᠠᠩᠭᠤᠳ ᠠᠢᠮᠠᠭ ᠠ᠋ᠴᠠ ᠢᠷᠡᠭᠰᠡᠨ ᠵᠢᠲᠠᠢ᠂ ᠲᠦᠭᠣᠯᠠᠬᠤ᠂ ᠳᠥᠷᠪᠡᠨ ᠬᠥᠪᠡᠭᠦᠳ ᠲᠦ᠍ ᠬᠣᠷᠣᠮᠰᠠᠭ᠎ᠠ ᠠᠭᠰᠠᠭᠤᠯᠵᠤ᠂  
             ᠬᠦᠴᠦ ᠲᠦᠷᠢᠮᠡᠬᠡᠢᠯᠡᠭᠴᠢᠳ ᠦ᠋ᠨ  
             ᠬᠦᠵᠦᠭᠦᠦ ᠶ᠋ᠢ ᠬᠢᠩᠭᠠᠷᠠᠳᠠᠵᠤ  
             ᠣᠮᠣᠭ ᠶᠡᠬᠡᠲᠡᠨ ᠦ᠌  
             ᠣᠮᠣᠷᠤᠤ ᠶ᠋ᠢ ᠣᠭᠲᠣᠯᠵᠤ ᠶᠠᠪᠤ! ᠭᠡᠵᠡᠢ᠃ 
       ᠡᠳᠡᠭᠡᠷ12—15 ᠨᠠᠰᠤᠨ ᠤ᠋ ᠪᠠᠭᠠᠴᠤᠳ ᠨᠢᠭᠡᠨᠲᠡ ᠴᠡᠷᠢᠭ ᠡᠷᠡᠰ ᠦ᠋ᠨ ᠲᠣᠭᠠᠨ ᠳ᠋ᠤ᠌ ᠣᠷᠣᠵᠤ ᠵᠡᠪᠰᠡᠭ ᠠᠭᠰᠠᠵᠤ ᠰᠤᠷᠭᠠᠭᠤᠯᠢᠯᠠᠭᠰᠠᠨ ᠤᠴᠢᠷ ᠡᠯ᠎ᠡ ᠲᠡᠢᠨ ᠳ᠋ᠦ᠍ ᠣᠷᠣᠵᠤ᠂ ᠲᠤᠯᠤᠯᠳᠤᠭᠠᠨ ᠤ᠋ ᠱᠤᠭᠤᠮ ᠳ᠋ᠤ᠌ ᠣᠷᠣᠭ᠎ᠠ ᠦᠭᠡᠢ ᠴᠦ᠍ ᠠᠴᠢᠶ᠎ᠠ ᠬᠥᠰᠬᠡ ᠠᠷᠤ ᠲᠠᠯ᠎ᠠ ᠳ᠋ᠤ᠌ ᠨᠡᠮᠡᠷᠢ ᠲᠤᠰᠠ ᠪᠠᠨ ᠬᠦᠷᠭᠡᠵᠦ ᠳᠠᠢᠰᠤᠨ ᠤ᠋ ᠠᠷᠭ᠎ᠠ ᠠᠭᠠᠰᠢ᠂ ᠲᠡᠢᠨ ᠦ᠌ ᠠᠶᠤᠯ ᠰᠦᠢᠳᠦᠯᠭᠡ ᠶ᠋ᠢ ᠨᠢᠳᠦ ᠪᠡᠷ ᠦᠵᠡᠵᠡᠢ᠃  
       ᠮᠠᠷᠭᠠᠰᠢ ᠶ᠋ᠢᠨ ᠦᠳᠡ ᠪᠣᠯᠵᠤ ᠵᠣᠭᠣᠭ ᠪᠠᠷᠢᠬᠤ ᠶᠣᠰᠣᠯᠠᠯ ᠡᠬᠢᠯᠡᠪᠡ᠃ 
       ᠲᠣᠮᠣ ᠠᠰᠠᠷ ᠵᠣᠭᠣᠵᠤ ᠴᠠᠭᠠᠨ ᠢᠰᠡᠭᠡᠢ ᠳᠡᠪᠢᠰᠦᠨ ᠳᠤᠭᠤᠢᠷᠠᠨ ᠰᠠᠭᠤᠬᠤ ᠪᠠᠷ ᠪᠠᠨᠰᠠ ᠮᠣᠳᠣᠨ ᠲᠠᠯᠪᠢᠭᠤᠷ ᠲᠣᠭᠣᠷᠢᠭᠤᠯᠵᠤ ᠢᠳᠡᠭᠡ ᠰᠢᠭᠦᠰᠦ ᠪᠡᠨ ᠥᠷᠥᠵᠡᠢ᠃ ᠭᠣᠣᠯ ᠳ᠋ᠤᠨᠢ ᠲᠤᠯᠤᠮ ᠲᠠᠢ ᠠᠢᠷᠠᠭ᠂ ᠯᠦᠦ ᠲᠡᠢ ᠳᠠᠷᠠᠰᠤ ᠰᠠᠷᠬᠤᠳ ᠲᠠᠯᠪᠢᠵᠤ᠂ ᠰᠥᠩᠴᠢ ᠪᠠᠭᠤᠷᠴᠢ ᠳᠠᠷᠬᠠᠳ ᠠ᠋ᠴᠠ ᠢᠷᠡᠭᠰᠡᠨ ᠬᠠᠲᠠᠭᠠᠨ᠂ ᠬᠣᠩᠬᠣᠳᠠᠨ ᠠ᠋ᠴᠠ ᠢᠷᠡᠭᠰᠡᠨ ᠰᠤᠢᠬᠡᠲᠤ ᠬᠣᠶᠠᠷ ᠠᠵᠢᠯ ᠳ᠋ᠠᠭᠠᠨ ᠣᠷᠣᠬᠤ ᠠᠪᠠᠢ᠃ ᠲᠣᠭᠣᠷᠢᠭᠤᠯᠵᠤ ᠵᠠᠰᠠᠭᠰᠠᠨ ᠰᠠᠭᠤᠳᠠᠯ ᠤ᠋ᠨ ᠬᠣᠢᠮᠣᠷ ᠲᠥᠪ ᠲᠦ᠍ ᠴᠢᠩᠭᠢᠰ ᠬᠠᠭᠠᠨ᠂ ᠪᠠᠷᠠᠭᠤᠨ ᠭᠠᠷ ᠲᠤ ᠨᠢ ᠠᠯᠲᠠᠨ᠂ ᠴᠠᠭᠠᠰᠢ ᠵᠠᠯᠭᠠᠨ ᠶᠢᠰᠦᠭᠡᠢ ᠪᠠᠭᠠᠲᠤᠷ ᠤ᠋ᠨ ᠣᠳᠬᠣᠨ ᠳᠡᠭᠦᠦ  ᠲᠠᠷᠢᠲᠠᠢ ᠣᠳᠴᠢᠭᠢᠨ᠂ ᠶᠢᠰᠦᠭᠡᠢ ᠶ᠋ᠢᠨ ᠠᠬ᠎ᠠ ᠨᠡᠭᠦᠨ ᠲᠠᠢᠵᠢ ᠶ᠋ᠢᠨ ᠬᠦᠦ ᠬᠣᠴᠠᠷ᠂ ᠶᠢᠰᠦᠭᠡᠢ ᠶ᠋ᠢᠨ ᠶᠡᠬᠡ ᠠᠬ᠎ᠠ ᠮᠡᠩᠭᠡᠲᠦ ᠬᠢᠶᠠᠨ ᠤ᠋ ᠬᠦᠦ ᠥᠩᠭᠥᠷ᠂ ᠴᠢᠩᠭᠢᠰ ᠬᠠᠭᠠᠨ ᠤ᠋ ᠡᠪᠦᠭᠡ ᠡᠴᠢᠭᠡ ᠪᠠᠷᠳᠠᠨ ᠪᠠᠭᠠᠲᠤᠷ ᠤ᠋ᠨ ᠠᠬ᠎ᠠ ᠥᠬᠢᠨ ᠪᠠᠷᠬᠠᠭ ᠤ᠋ᠨ ᠠᠴᠢ ᠰᠡᠴᠡ ᠪᠡᠬᠢ᠂ ᠲᠠᠢᠴᠤ ᠵᠡᠷᠭᠡ ᠠᠪᠠᠭ᠎ᠠ ᠨᠠᠷ ᠨᠠᠰᠤᠨ ᠤ᠋ ᠡᠷᠡᠮᠪᠡ ᠪᠡᠷ ᠰᠠᠭᠤᠵᠤ ᠲᠡᠳᠡᠨ ᠦ᠌ ᠳᠣᠣᠷ᠎ᠠ ᠵᠠᠯᠭᠠᠨ᠂ ᠭᠢᠨᠢᠬᠢᠰ ᠡᠴᠡ ᠢᠷᠡᠭᠰᠡᠨ ᠬᠤᠨᠠᠨ᠂ ᠵᠠᠳᠠᠷᠠᠨ ᠠ᠋ᠴᠠ ᠢᠷᠡᠭᠰᠡᠨ ᠮᠣᠯᠬᠤᠯᠠᠬᠤ᠂ ᠤᠨᠵᠢᠨ ᠰᠠᠬᠠᠢᠳ ᠵᠡᠷᠭᠡ ᠢᠵᠠᠭᠤᠷᠲᠠᠨ᠂ ᠬᠠᠭᠠᠨ ᠤ᠋ ᠵᠡᠭᠦᠨ ᠭᠠᠷ ᠲᠠᠯ᠎ᠠ ᠳ᠋ᠤ᠌ ᠪᠣᠭᠣᠷᠴᠢ᠂ ᠵᠡᠯᠮ᠎ᠡ ᠬᠣᠶᠠᠷ ᠰᠠᠭᠤᠵᠠᠢ᠃ ᠨᠢᠳᠤᠨᠤᠨ ᠵᠢᠯ ᠴᠢᠩᠭᠢᠰ  
        《ᠰᠡᠭᠦᠳᠡᠷ ᠡᠴᠡ ᠥᠭᠡᠷ᠎ᠡ ᠨᠥᠬᠥᠷ ᠦᠭᠡᠢ ᠪᠠᠢᠬᠤ ᠳ᠋ᠤ᠌ 
          ᠰᠡᠭᠦᠯ ᠡᠴᠡ ᠥᠭᠡᠷ᠎ᠡ ᠲᠠᠰᠢᠭᠤᠷ ᠦᠭᠡᠢ ᠪᠠᠢᠬᠤ ᠳ᠋ᠤ᠌   
          ᠰᠡᠭᠦᠯ ᠮᠢᠨᠢ ᠪᠣᠯᠵᠤ ᠰᠡᠳᠬᠢᠯ ᠢ᠋ ᠮᠢᠨᠢ ᠰᠡᠷᠭᠦᠭᠡᠵᠦ 
          ᠰᠠᠨᠠᠭ᠎ᠠ ᠶ᠋ᠢ ᠮᠢᠨᠢ ᠠᠮᠠᠷᠠᠭᠤᠯᠤᠭᠰᠠᠨ 
          ᠵᠢᠷᠦᠬᠡᠨ ᠦ᠌ ᠳᠣᠲᠣᠨᠣ ᠨᠥᠬᠥᠳ ᠮᠢᠨᠢ 
          ᠲᠠ ᠬᠣᠶᠠᠷ ᠬᠠᠮᠤᠭ ᠠ᠋ᠴᠠ ᠤᠷᠢᠳᠠ ᠢᠷᠡᠵᠦ ᠨᠥᠬᠥᠷᠯᠡᠭᠰᠡᠨ ᠲᠤᠯᠠ᠂ 
          ᠬᠠᠮᠤᠭ ᠢ᠋ ᠠᠬᠠᠯᠠᠨ᠎ᠠ》 ᠭᠡᠰᠡᠨ ᠶᠣᠰᠣᠭᠠᠷ ᠬᠠᠭᠠᠨ ᠳ᠋ᠤ᠌ ᠮᠥᠷ ᠲᠤᠯᠤᠨ ᠬᠠᠮᠤᠭ ᠤ᠋ᠨ ᠳᠡᠭᠡᠷ᠎ᠡ ᠰᠠᠭᠤᠭᠰᠠᠨ ᠠᠵᠢ᠃ ᠳᠠᠷᠠᠭ᠎ᠠ ᠨᠢ ᠳᠡᠭᠦᠦ ᠬᠠᠰᠠᠷ᠂ ᠪᠡᠯᠭᠦᠳᠡᠢ᠂ ᠵᠠᠯᠠᠭᠤ ᠳᠠᠷᠤᠭ᠎ᠠ ᠬᠡᠲᠡ᠂ ᠪᠠᠷᠤᠯᠠᠰ ᠠ᠋ᠴᠠ ᠢᠷᠡᠭᠰᠡᠨ ᠬᠤᠪᠢᠯᠠᠢ᠂ ᠤᠷᠢᠶᠠᠩᠬᠠᠢ ᠶ᠋ᠢᠨ ᠰᠦᠪᠡᠭᠡᠳᠠᠢ᠂ ᠴᠠᠤᠷᠬᠠᠨ ᠵᠡᠷᠭᠡ ᠭᠠᠷᠮᠠᠭᠠᠢ ᠪᠠᠢᠯᠳᠤᠭᠰᠠᠨ ᠵᠠᠯᠠᠭᠤᠰ᠂ ᠠᠳᠠᠭ ᠲᠤ ᠨᠢ ᠳᠡᠭᠡᠷᠡᠬᠢ ᠨᠡᠷ᠎ᠡ ᠪᠦᠬᠦᠢ ᠳᠥᠷᠪᠡᠨ ᠬᠥᠪᠡᠭᠦᠨ ᠰᠠᠭᠤᠪᠠ᠃ 
       ᠴᠢᠩᠭᠢᠰ ᠬᠠᠭᠠᠨ ᠰᠥᠩᠴᠢ ᠡᠴᠡ ᠰᠥᠩ ᠦ᠋ᠨ ᠲᠡᠷᠢᠭᠦᠨ ᠬᠤᠨᠳᠠᠭ᠎ᠠ ᠶ᠋ᠢ ᠬᠦᠨᠳᠦᠳᠬᠡᠯᠲᠠᠢᠶ᠎ᠠ ᠲᠣᠰᠣᠨ ᠠᠪᠤᠭᠠᠳ ᠪᠦᠬᠦᠨ ᠳ᠋ᠦ᠍ ᠬᠠᠨᠳᠤᠵᠤ᠄
       — ᠡᠷᠬᠢᠮ ᠬᠦᠨᠳᠦᠲᠦ ᠠᠪᠠᠭ᠎ᠠ ᠠᠬ᠎ᠠ ᠨᠠᠷ᠂ ᠮᠢᠨᠦ ᠵᠢᠷᠤᠮ ᠤ᠋ᠨ ᠳᠣᠲᠣᠨᠣ ᠨᠥᠬᠥᠳ᠂ ᠬᠦᠯᠦᠭ ᠪᠠᠭᠠᠲᠤᠷ ᠤ᠋ᠳ ᠠ᠋᠂ ᠪᠢᠳᠡᠨ ᠦ᠌ ᠤᠯᠤᠰ ᠤ᠋ᠨ ᠭᠣᠯᠣᠮᠲᠠ ᠮᠠᠨᠳᠤᠨ ᠳᠡᠭᠵᠢᠵᠦ᠂ ᠡᠷᠲᠡᠨ ᠦ᠌ ᠡᠪᠦᠭᠡ ᠳᠡᠭᠡᠳᠦᠰ ᠦ᠋ᠨ ᠠᠪᠴᠤ ᠶᠠᠪᠤᠭᠰᠠᠨ ᠬᠠᠮᠤᠭ ᠮᠣᠩᠭᠣᠯ ᠤ᠋ᠨ ᠲᠥᠷᠥ ᠵᠠᠰᠠᠭ ᠮᠢᠨᠢ ᠨᠢᠭᠡᠨ ᠦᠶ᠎ᠡ ᠤᠨᠠᠨ ᠮᠥᠬᠥᠵᠦ ᠶᠠᠪᠤᠭᠰᠠᠨ ᠢ᠋ ᠪᠤᠰᠬᠠᠨ ᠰᠡᠷᠭᠦᠭᠡᠵᠦ ᠢᠷᠡᠭᠰᠡᠨ ᠳ᠋ᠦ᠍ ᠳᠤᠷ᠎ᠠ ᠦᠭᠡᠢᠴᠡᠭᠰᠡᠨ ᠳᠠᠢᠰᠤᠨ ᠣᠯᠠᠨ ᠪᠠᠢᠭ᠎ᠠ᠃ ᠲᠡᠷᠡ ᠳᠤᠮᠳᠠ ᠠ᠋ᠴᠠ ᠮᠢᠨᠦ ᠪᠠᠭ᠎ᠠ ᠶ᠋ᠢᠨ ᠠᠨᠳᠠ ᠵᠠᠮᠤᠬ᠎ᠠ ᠮᠠᠨᠢ ᠡᠬᠢᠯᠡᠵᠦ ᠨᠠᠮ᠎ᠠ ᠶ᠋ᠢ ᠲᠤᠷᠰᠢᠵᠤ ᠦᠵᠡᠯ᠎ᠡ᠃ ᠡᠨᠡ ᠤᠳᠠᠭ᠎ᠠ ᠳ᠋ᠤ᠌ ᠪᠢᠳᠡᠨ ᠳ᠋ᠦ᠍ ᠢᠯᠠᠭᠰᠠᠨ ᠭᠡᠵᠦ ᠭᠠᠢᠬᠠᠭᠤᠯᠬᠤ᠂ ᠢᠯᠠᠭᠳᠠᠯ᠎ᠠ ᠭᠡᠵᠦ ᠭᠣᠮᠣᠷᠬᠠᠬᠤ ᠶᠠᠭᠤᠮ᠎ᠠ ᠦᠭᠡᠢ《ᠬᠣᠨᠢ ᠪᠦᠷᠢᠨ᠂ ᠴᠢᠨᠣ᠎ᠠ ᠴᠠᠳᠬᠤᠯᠠᠩ》 ᠥᠩᠭᠡᠷᠡᠯ᠎ᠡ᠃ ᠪᠢᠳᠡᠨ ᠦ᠌ ᠤᠯᠤᠰ ᠢᠩᠭᠢᠭᠡᠳ ᠰᠠᠨᠠᠭ᠎ᠠ ᠠᠮᠤᠷ ᠰᠠᠭᠤᠭᠠᠳ ᠪᠠᠢᠵᠤ ᠪᠣᠯᠬᠤ ᠦᠭᠡᠢ᠃ ᠲᠠ ᠪᠢᠳᠡᠨ ᠳ᠋ᠦ᠍ ᠲᠠᠢᠴᠢᠭᠤᠳ ᠬᠢᠭᠡᠳ ᠲᠠᠲ᠋ᠠᠷ ᠲᠠᠢ ᠤᠷᠢᠳᠤ ᠶ᠋ᠢᠨ ᠶᠠᠪᠤᠳᠠᠯ ᠢ᠋ᠶ᠋ᠠᠨ ᠡᠷᠭᠢᠵᠦ ᠲᠣᠭᠠᠴᠠᠬᠤ᠂ ᠲᠠᠷᠠᠬᠠᠢ ᠪᠤᠲᠠᠷᠬᠠᠢ ᠣᠯᠠᠨ ᠮᠣᠩᠭᠣᠯᠴᠤᠳ ᠢ᠋ᠶ᠋ᠠᠨ ᠡᠪ ᠵᠦᠢ ᠪᠡᠷ ᠡᠩᠨᠡᠭᠡᠨ ᠳ᠋ᠡᠭᠡᠨ ᠨᠢᠭᠡᠳᠬᠡᠬᠦ ᠠᠵᠢᠯ ᠪᠠᠢᠭ᠎ᠠ᠃ ᠡᠨᠡ ᠪᠦᠬᠦᠨ ᠦ᠌ ᠲᠤᠯᠠ ᠡᠪ ᠬᠦᠴᠦ ᠪᠡᠨ ᠨᠢᠭᠡᠳᠬᠡᠵᠦ᠂ ᠡᠶ᠎ᠡ ᠵᠦᠢ ᠪᠡᠨ ᠣᠯᠤᠯᠴᠠᠵᠤ᠂ ᠳᠠᠢᠰᠤᠨ ᠢ᠋ᠶ᠋ᠠᠨ ᠳᠠᠷᠤᠵᠤ ᠳᠠᠷᠬᠠᠨ ᠤᠯᠤᠰ ᠢ᠋ᠶ᠋ᠠᠨ ᠮᠠᠨᠳᠤᠭᠤᠯᠵᠠᠭᠠᠶ᠎ᠠ ! ᠬᠤᠷᠤᠢ! ᠬᠤᠷᠤᠢ! ᠬᠤᠷᠤᠢ! ᠭᠡᠪᠡᠰᠦ ᠪᠤᠰᠤᠳ ᠣᠯᠠᠨ ᠳᠠᠭᠠᠯᠳᠤᠨ ᠬᠤᠷᠤᠢᠯᠠᠵᠤ ᠴᠤᠤᠷᠢᠶᠠᠳᠠᠭᠤᠯᠤᠨ ᠬᠤᠨᠳᠠᠭ᠎ᠠ ᠪᠠᠨ ᠲᠣᠭᠲᠠᠵᠠᠭᠠᠪᠠ᠃ 
       ᠲᠡᠭᠡᠭᠡᠳ ᠲᠦᠳᠡᠯ ᠦᠭᠡᠢ ᠨᠠᠢᠷ ᠬᠥᠭᠵᠢᠨ ᠢᠷᠦᠭᠡᠯ ᠮᠠᠭᠲᠠᠭᠠᠯ ᠤ᠋ᠨ ᠤᠷᠠᠨ ᠴᠡᠴᠡᠨ ᠦᠭᠡᠰ ᠤᠷᠤᠯᠳᠤᠵᠤ᠂ ᠤᠯᠠᠭᠠᠨ ᠵᠡᠭᠡᠷᠳᠡ ᠪᠣᠯᠤᠭᠰᠠᠨ ᠬᠥᠮᠦᠰ ᠦ᠋ᠨ ᠶᠠᠷᠢᠶ᠎ᠠ ᠬᠥᠭᠡᠷᠦᠭᠡ ᠥᠷᠨᠢᠯ᠎ᠡ᠃ ᠲᠡᠭᠡᠲᠡᠯ᠎ᠡ ᠴᠢᠩᠭᠢᠰ ᠬᠠᠭᠠᠨ᠄ 
       — ᠡᠨᠡ ᠳᠥᠷᠪᠡᠨ ᠪᠢᠴᠢᠬᠠᠨ ᠪᠠᠭᠠᠲᠤᠷ ᠤ᠋ᠳ ᠢ᠋ᠶ᠋ᠠᠨ ᠲᠡᠮᠡᠴᠡᠯᠳᠦᠭᠦᠯᠦᠶ᠎ᠡ ᠭᠡᠵᠦ ᠥᠬᠦᠭᠡᠷᠳᠡᠩᠭᠦᠢ ᠬᠡᠯᠡᠪᠡᠯ ᠪᠦᠭᠦᠳᠡ᠄ 
       — ᠲᠡᠭᠡᠶ᠎ᠡ᠂ ᠲᠡᠭᠡᠶ᠎ᠡ ᠭᠡᠯᠴᠡᠨ ᠢᠨᠢᠶᠡᠯᠳᠦᠵᠦ ᠲᠡᠷᠡ ᠳᠥᠷᠪᠡ ᠶ᠋ᠢ ᠨᠤᠮᠤ ᠰᠠᠭᠠᠳᠠᠭ ᠢ᠋ ᠨᠢ ᠠᠪᠬᠠᠭᠤᠯᠵᠤ ᠪᠠᠢ ᠵᠣᠬᠢᠶᠠᠨ  ᠬᠠᠷᠪᠤᠯᠲᠤᠭᠤᠯᠪᠠ᠃ ᠬᠠᠷᠪᠤᠭᠠᠴᠢᠳ ᠢ᠋ ᠪᠠᠢ ᠳ᠋ᠤ᠌᠂ ᠵᠠᠢ ᠳ᠋ᠤ᠌ ᠭᠡᠰᠡᠨ ᠬᠣᠶᠠᠷ ᠶᠠᠩᠵᠤ ᠪᠠᠷ ᠲᠤᠰ ᠪᠦᠷᠢ ᠲᠠᠪᠤ ᠲᠠᠪᠤᠨ ᠰᠤᠮᠤ ᠬᠠᠷᠪᠤᠭᠤᠯᠤᠯ᠎ᠠ᠃ ᠲᠡᠭᠡᠭᠰᠡᠨ ᠴᠢᠨᠢ ᠪᠣᠭᠣᠷᠴᠢ ᠶ᠋ᠢᠨ ᠬᠦᠦ ᠥᠭᠡᠯᠡᠨ ᠪᠠᠢ ᠳ᠋ᠤ᠌ ᠣᠨᠣᠭᠠᠭᠰᠠᠨ ᠲᠣᠭ᠎ᠠ ᠪᠠᠷ ᠲᠦᠷᠦᠭᠦᠯᠡᠵᠦ᠂ ᠵᠠᠢ ᠳ᠋ᠤ᠌ ᠰᠡᠭᠦᠯ ᠡᠴᠡ ᠨᠢ ᠬᠣᠶᠠᠷ ᠲᠤ ᠣᠷᠣᠯ᠎ᠠ᠃    
       — ᠠᠷᠭ᠎ᠠ ᠦᠭᠡᠢ ᠪᠢᠷ᠎ᠠ ᠴᠢᠴᠠ ᠳᠤᠲᠠᠵᠤ ᠪᠠᠢᠨ᠎ᠠ ᠭᠡᠯᠴᠡᠪᠡ᠃《ᠰᠡᠯᠡᠮ᠎ᠡ ᠵᠢᠳᠠᠨ ᠳ᠋ᠤ᠌ ᠶᠠᠭᠠᠬᠢᠬᠤ ᠪᠣᠯ? ᠨᠢᠭᠤᠷ ᠠᠮᠠ ᠪᠠᠨ ᠰᠢᠷᠬᠠᠲᠤᠭᠤᠯᠴᠢᠬᠠᠬᠤ ᠪᠣᠯᠪᠠᠤ?》 ᠭᠡᠵᠦ ᠪᠣᠭᠣᠷᠴᠢ ᠶ᠋ᠢ ᠵᠣᠪᠠᠨᠢᠵᠤ ᠪᠠᠢᠲᠠᠯ᠎ᠠ ᠮᠣᠳᠣ ᠴᠣᠭᠣᠯᠵᠤ ᠬᠢᠭᠰᠡᠨ ᠵᠢᠳᠠ ᠰᠡᠯᠡᠮ᠎ᠡ ᠳᠣᠣᠷ᠎ᠠ ᠪᠠᠨ ᠪᠡᠯᠡᠨ ᠪᠣᠯᠵᠤ᠂ ᠳᠥᠷᠪᠡᠨ ᠬᠥᠪᠡᠭᠦᠳ ᠦᠰᠦᠷᠦᠯᠳᠦᠨ ᠬᠠᠷᠠᠢᠯᠳᠤᠵᠤ᠂ ᠪᠢᠴᠢᠬᠠᠨ ᠥᠭᠡᠯᠡᠨ ᠭᠡᠭᠴᠢ ᠦᠯᠢᠵᠦ ᠳᠡᠭᠦᠯᠢᠵᠦ᠂ ᠦᠰᠦᠷᠴᠦ ᠬᠠᠷᠠᠢᠵᠤ᠂ ᠠᠪᠬᠠᠯᠵᠢ ᠰᠠᠮᠪᠠᠭ᠎ᠠ ᠨᠢ ᠰᠦᠷᠡᠬᠡᠢ᠃ ᠳᠠᠷᠠᠭ᠎ᠠ ᠨᠢ ᠪᠠᠷᠢᠯᠳᠤᠭᠤᠯᠵᠤ ᠤᠷᠤᠯᠳᠤᠭᠤᠯᠪᠠ᠃ 
       ᠬᠤᠷᠠᠭᠰᠠᠨ ᠪᠦᠭᠦᠳᠡ ᠬᠥᠬᠥᠷᠡᠯᠳᠦᠨ ᠢᠨᠢᠶᠡᠯᠳᠦᠵᠦ᠂ ᠳᠥᠷᠪᠡᠨ ᠬᠥᠪᠡᠭᠦᠳ ᠦ᠋ᠨ ᠭᠠᠢᠬᠠᠮ᠎ᠠ ᠱᠠᠯᠠᠮᠠᠭ᠂ ᠴᠣᠪᠣᠭᠣ ᠰᠡᠷᠭᠦᠯᠡᠩ ᠳ᠋ᠦ᠍ ᠪᠢᠰᠢᠷᠡᠨ《ᠪᠢᠳᠡᠨ ᠦ᠌ ᠮᠣᠩᠭᠣᠯ ᠮᠠᠨᠳᠤᠨ᠎ᠠ ᠠ》 ᠭᠡᠯᠴᠡᠨ ᠱᠤᠤᠭᠢᠯᠳᠤᠨ ᠪᠢᠴᠢᠬᠠᠨ ᠪᠠᠭᠠᠲᠤᠷ ᠤ᠋ᠳ ᠤ᠋ᠨ ᠲᠡᠮᠡᠴᠡᠭᠡᠨ ᠳᠠᠭᠤᠰᠪᠠ᠃ ᠡᠷᠬᠡᠲᠡᠨ ᠳᠠᠷᠬᠠᠲᠠᠨ ᠰᠠᠭᠤᠳᠠᠯ ᠢ᠋ᠶ᠋ᠠᠨ ᠡᠵᠡᠯᠡᠨ ᠰᠠᠭᠤᠬᠤ ᠳ᠋ᠤ᠌ ᠴᠢᠩᠭᠢᠰ ᠬᠠᠭᠠᠨ᠄  
       — ᠪᠣᠭᠣᠷᠴᠢ ᠶ᠋ᠢᠨ ᠬᠦᠦ ᠥᠭᠡᠯᠡᠨ ᠨᠠᠭᠠᠰᠢ ᠢᠷ᠎ᠡ ! ᠭᠡᠪᠡ᠃ ᠲᠡᠷᠡ ᠵᠢᠭᠠᠬᠠᠨ ᠲᠣᠭᠳᠤᠭᠠᠷ ᠬᠥᠪᠡᠭᠦᠨ ᠬᠠᠭᠠᠨ ᠤ᠋ ᠡᠮᠦᠨ᠎ᠡ ᠶᠣᠰᠣᠯᠠᠨ ᠰᠥᠭᠥᠳᠬᠦᠢ ᠳ᠋ᠦ᠍ ᠬᠠᠭᠠᠨ ᠢ᠋ᠶ᠋ᠠᠷ ᠠᠳᠬᠤ ᠰᠢᠬᠢᠷ ᠠᠮᠲᠠᠲᠠᠨ ᠥᠭᠭᠦᠭᠡᠳ᠄ 
       — ᠡᠨᠡ ᠳᠥᠷᠪᠡᠨ ᠬᠥᠪᠡᠭᠦᠳ ᠲᠦ᠍ ᠨᠢᠭᠡ ᠨᠢᠭᠡ ᠡᠷ᠎ᠡ ᠳᠠᠭ᠎ᠠ ᠵᠢᠭᠠᠵᠤ ᠥᠭ᠃ ᠪᠠᠢᠯᠳᠤᠭᠠᠨ ᠤ᠋ ᠬᠦᠯᠦᠭ ᠪᠣᠯᠭᠠᠭ! ᠭᠡᠵᠦ ᠠᠢᠯᠠᠳᠪᠠ᠃ ᠪᠤᠰᠤᠳ ᠶᠡᠬᠡᠰ ᠳᠡᠭᠡᠳᠦᠰ ᠴᠥᠮ ᠬᠡᠦᠬᠡᠳ ᠦ᠋ᠳ ᠲᠦ᠍ ᠰᠢᠬᠢᠷ ᠪᠣᠣᠪᠣ ᠥᠭᠴᠦ᠂ ᠲᠡᠳᠡ ᠳᠡᠭᠡᠳᠦᠰ ᠦ᠋ᠨ ᠬᠡᠰᠢᠭ ᠢ᠋ ᠲᠦᠩᠬᠦᠢᠲᠡᠯ᠎ᠡ ᠪᠡᠨ ᠡᠪᠦᠷᠯᠡᠭᠡᠳ ᠶᠡᠬᠡ ᠯᠡ《ᠪᠠᠶᠠᠨ》 ᠪᠤᠯᠵᠠᠭᠠᠯ᠎ᠠ᠃ ᠴᠢᠩᠭᠢᠰ ᠬᠠᠭᠠᠨ ᠬᠠᠮᠤᠭ ᠤ᠋ᠨ ᠪᠠᠭ᠎ᠠ ᠥᠭᠡᠯᠡᠨ ᠢ᠋ ᠥᠬᠥᠭᠡᠷᠳᠡᠵᠦ᠂ 
       — ᠴᠢᠳᠬᠥᠷ ᠦ᠋ᠨ ᠪᠠᠭ᠎ᠠ ᠨᠢ ᠠᠳᠠᠲᠠᠢ ᠭᠡᠭᠴᠢ ᠪᠡᠷ ᠡᠨᠡ ᠲᠤᠩ ᠰᠦᠷᠡᠬᠡᠢ ᠠᠪᠬᠠᠯᠵᠢ ᠲᠠᠢ ᠶᠤᠮ᠃ ᠮᠤᠨᠳᠠᠭ ᠪᠠᠭᠠᠲᠤᠷ ᠡᠷ᠎ᠡ ᠪᠣᠯᠬᠤ ᠶᠤᠮ ᠪᠠᠢᠨ᠎ᠠ᠃ ᠪᠢ ᠵᠥᠴᠢ ᠶ᠋ᠢ ᠪᠡᠨ ᠠᠪᠴᠤ ᠭᠠᠷᠳᠠᠭ ᠪᠠᠢᠵᠤ᠂ ᠡᠨᠡ ᠬᠣᠶᠠᠷ ᠨᠠᠰᠤ ᠴᠢᠴᠠᠤ ᠶᠤᠮ᠃ ᠡᠨᠳᠡ ᠦᠵᠡᠯᠴᠡᠭᠦᠯᠳᠡᠭ ᠪᠠᠢᠵᠤ ᠭᠡᠮᠡᠨ ᠴᠢᠩᠭᠢᠰ ᠬᠠᠭᠠᠨ ᠥᠭᠦᠯᠡᠬᠦ ᠳ᠋ᠦ᠍ ᠪᠤᠰᠤᠳ ᠨᠢ ᠴᠦ᠍ ᠬᠥᠭᠵᠢᠯᠳᠦᠨ《ᠠ᠂ ᠵᠥᠴᠢ ᠰᠦᠷᠡᠬᠡᠢ᠂ ᠴᠣᠪᠣᠭᠣ᠃ ᠬᠡᠨ ᠨᠢ ᠴᠦ᠍ ᠳᠠᠪᠠᠵᠤ ᠮᠠᠭᠠᠳ ᠦᠭᠡᠢ᠃ ᠬᠠᠨ ᠬᠦᠦ ᠵᠥᠴᠢ ᠳᠠᠪᠠᠬᠤ ᠪᠠᠢᠬ᠎ᠠ》 ᠭᠡᠭᠴᠢᠯᠡᠨ ᠬᠠᠭᠠᠨ ᠳ᠋ᠤ᠌ ᠠᠶ᠎ᠠ ᠲᠠᠯ᠎ᠠ ᠵᠠᠰᠠᠬᠤ ᠮᠠᠶᠢᠭᠲᠠᠢ ᠦᠭᠡ ᠴᠦ᠍ ᠬᠠᠪᠴᠢᠭᠤᠯᠬᠤ ᠬᠥᠮᠦᠨ ᠴᠦ᠍ ᠪᠠᠰᠠ ᠣᠯᠠᠨ ᠪᠠᠢᠯ᠎ᠠ᠃ ᠪᠣᠭᠣᠷᠴᠢ ᠶ᠋ᠢᠨ ᠬᠦᠦ ᠥᠭᠡᠯᠡᠨ ᠴᠢᠩᠭᠢᠰ ᠬᠠᠭᠠᠨ ᠤ᠋ ᠨᠠᠶᠠᠨ ᠬᠡᠪᠲᠡᠭᠦᠯ ᠡᠴᠡ ᠡᠬᠢᠯᠡᠭᠡᠳ ᠲᠦᠮᠡᠨ ᠬᠡᠰᠢᠭᠲᠡᠨ ᠳ᠋ᠦ᠍ ᠨᠠᠰᠤᠨ ᠲᠤᠷᠰᠢ ᠬᠦᠴᠦ ᠪᠡᠨ ᠡᠷᠭᠦᠨ ᠳᠣᠲᠣᠭᠠᠳᠤ ᠮᠢᠩᠭᠠᠨ ᠤ᠋ ᠲᠣᠷᠭᠤᠳ ᠤ᠋ᠨ ᠨᠣᠶᠠᠨ ᠵᠠᠬᠢᠷᠤᠭᠴᠢ《ᠥᠭᠡᠯᠡᠨ ᠴᠡᠷᠪᠢ》 ᠭᠡᠵᠦ ᠠᠯᠳᠠᠷᠰᠢᠨ ᠶᠠᠪᠤᠵᠠᠢ᠃ ᠴᠡᠷᠪᠢ ᠪᠣᠯ ᠴᠡᠷᠢᠭ ᠦ᠋ᠨ ᠳᠡᠭᠡᠳᠦ ᠴᠣᠯᠠ᠂ ᠣᠳᠣ ᠪᠠᠷ ᠪᠣᠯ ᠭᠧᠨᠧᠷᠠᠯ ᠲᠠᠢ ᠲᠡᠩᠴᠡᠬᠦ ᠠᠵᠤᠭᠤ᠃ ᠬᠠᠭᠠᠨ ᠵᠠᠷᠯᠢᠭ ᠪᠠᠭᠤᠯᠭᠠᠨ᠄ 
       — ᠥᠨᠥ ᠡᠨᠳᠡ ᠡᠴᠡ ᠬᠥᠳᠡᠯᠵᠦ ᠨᠤᠲᠤᠭ ᠰᠡᠯᠭᠦᠵᠡᠭᠡ᠃ ᠬᠦᠷᠢᠶ᠎ᠡ ᠬᠦᠷᠢᠶ᠎ᠡ ᠪᠡᠷ ᠢ᠋ᠶ᠋ᠡᠨ ᠪᠠᠭᠤᠵᠤ ᠮᠠᠷᠭᠠᠰᠢ ᠬᠦᠷᠢᠶ᠎ᠡ ᠳᠣᠲᠣᠷ᠎ᠠ ᠪᠠᠨ ᠴᠡᠷᠢᠭ ᠦ᠋ᠳ ᠦ᠋ᠨ ᠳᠤᠮᠳᠠ ᠬᠠᠷᠪᠤᠬᠤ ᠴᠠᠪᠴᠢᠬᠤ᠂ ᠥᠭᠡᠷ᠎ᠡ ᠶᠠᠭᠤ ᠶᠠᠭᠤ ᠪᠠᠷ ᠲᠡᠮᠡᠴᠡᠭᠡᠨ ᠬᠢᠵᠦ ᠪᠣᠯᠬᠤ᠂ ᠬᠡᠳᠦᠨ ᠲᠥᠷᠥᠯ ᠢ᠋ᠶ᠋ᠡᠷ ᠤᠷᠤᠯᠳᠤᠭᠠᠨ ᠲᠡᠮᠡᠴᠡᠭᠡᠨ ᠵᠣᠬᠢᠶᠠᠵᠤ ᠲᠥᠷᠥᠯ ᠪᠦᠷᠢ ᠳ᠋ᠦ᠍ ᠰᠢᠯᠭᠠᠷᠠᠭᠰᠠᠨ ᠲᠠᠪᠤᠨ ᠴᠡᠷᠢᠭ ᠭᠠᠷᠭᠠᠵᠤ ᠥᠭ᠃ ᠰᠢᠯᠭᠠᠷᠠᠭᠰᠠᠨ ᠴᠡᠷᠢᠭ ᠢ᠋ᠶ᠋ᠡᠨ ᠶᠠᠭᠠᠬᠢᠵᠤ ᠤᠷᠮᠠᠰᠢᠭᠤᠯᠬᠤ ᠪᠠᠨ ᠥᠪᠡᠷᠰᠡᠳ ᠢ᠋ᠶ᠋ᠡᠨ ᠮᠡᠳᠡ ᠭᠡᠳ《ᠪᠣᠭᠣᠷᠴᠢ ᠠ᠋》  ᠭᠡᠮᠡᠨ ᠳᠠᠭᠤᠳᠠᠪᠠ᠃ ᠪᠤᠭᠤᠷᠴᠢ᠄ 
       — ᠵᠠ᠂ ᠬᠠᠭᠠᠨᠲᠠᠨ ᠭᠡᠵᠦ ᠪᠣᠰᠤᠯ᠎ᠠ᠃ 
       — ᠪᠣᠭᠣᠷᠴᠢ ᠴᠢ ᠰᠡᠩᠭᠦᠷ ᠬᠣᠷᠬᠤᠨᠤᠭ ᠤ᠋ᠨ ᠠᠯᠢ ᠨᠢᠭᠡᠨ ᠬᠥᠨᠳᠡᠢ ᠳ᠋ᠦ᠍ ᠣᠴᠢᠭᠠᠳ ᠬᠦᠷᠢᠶᠡᠨ ᠡᠴᠡ ᠰᠢᠯᠭᠠᠷᠠᠭᠰᠠᠨ ᠴᠡᠷᠢᠭ ᠦ᠋ᠳ ᠢ᠋ ᠲᠡᠮᠡᠴᠡᠯᠳᠦᠭᠦᠯᠵᠦ ᠤᠷᠤᠯᠳᠤᠭᠤᠯᠤᠨ ᠱᠠᠩᠨᠠᠯ ᠤᠷᠮᠠᠰᠢᠯ ᠣᠯᠭᠣᠬᠤ ᠠᠵᠢᠯ ᠢ᠋ ᠳᠠᠭᠠᠭᠠᠵᠤ ᠬᠢᠯᠭᠡ᠃ ᠶᠡᠷᠦ ᠨᠢ ᠴᠡᠷᠢᠭ ᠦ᠋ᠨ ᠳᠠᠢᠳᠤᠬᠤ ᠴᠢᠳᠠᠪᠤᠷᠢ ᠶ᠋ᠢ ᠴᠢᠨᠠᠭᠰᠢᠳᠠ ᠳᠡᠭᠡᠭᠰᠢᠯᠡᠭᠦᠯᠬᠦ ᠬᠡᠷᠡᠭᠲᠡᠢ ᠭᠡᠵᠦ ᠠᠢᠯᠠᠳᠬᠤ ᠳ᠋ᠤ᠌ ᠪᠤᠭᠤᠷᠴᠢ᠄ 
       — ᠮᠡᠳᠡᠯ᠎ᠡ᠂ ᠬᠠᠭᠠᠨ ᠤ᠋ ᠵᠠᠷᠯᠢᠭ ᠢ᠋ ᠶᠣᠰᠣᠭᠠᠷ ᠪᠡᠶᠡᠯᠡᠭᠦᠯᠦᠶ᠎ᠡ ᠬᠡᠮᠡᠵᠡᠢ᠃ 
       ᠰᠠᠶᠢᠬᠢ ᠲᠡᠢᠨ ᠨᠢ ᠭᠡᠨᠡᠳᠲᠡ᠂ ᠰᠠᠨᠠᠮᠰᠠᠷ ᠦᠭᠡᠢ ᠲᠣᠬᠢᠶᠠᠯᠳᠤᠭᠰᠠᠨ ᠢ᠋ᠶ᠋ᠠᠷ ᠪᠣᠭᠣᠨᠢ ᠬᠤᠭᠤᠴᠠᠭᠠᠨ ᠳ᠋ᠤ᠌ ᠪᠣᠯᠵᠤ ᠥᠩᠭᠡᠷᠡᠯ᠎ᠡ᠃ ᠪᠠᠭ᠎ᠠ ᠨᠠᠰᠤᠨ ᠤ᠋ ᠰᠠᠢᠨ ᠠᠨᠳᠠ ᠨᠥᠬᠥᠷ ᠨᠢ ᠭᠡᠨᠡᠳᠡᠭᠦᠯᠦᠨ ᠴᠣᠬᠢᠬᠤ ᠪᠠᠷ ᠡᠯ᠎ᠡ ᠲᠡᠢᠨ ᠢ᠋ ᠥᠳᠥᠭᠡᠵᠡᠢ᠃ ᠥᠩᠭᠡᠨ ᠳ᠋ᠡᠭᠡᠨ ᠬᠤᠯᠠᠭᠠᠢ ᠬᠢᠵᠦ ᠶᠠᠪᠤᠭᠠᠳ ᠠᠮᠢ ᠦᠷᠡᠭᠳᠡᠭᠰᠡᠨ ᠳᠡᠭᠦᠦ ᠶ᠋ᠢᠨ ᠢ᠋ᠶ᠋ᠡᠨ ᠥᠰᠢᠶ᠎ᠡ ᠶ᠋ᠢ ᠠᠪᠬᠤ ᠵᠣᠷᠢᠯᠭ᠎ᠠ ᠰᠢᠯᠲᠠᠭ ᠲᠠᠢ ᠰᠢᠭ᠋ ᠪᠣᠯᠪᠠᠴᠤ ᠴᠠᠭᠠᠨ᠎ᠠ ᠪᠠᠨ ᠪᠣᠯ ᠲᠡᠮᠦᠵᠢᠨ ᠢ᠋ ᠬᠠᠭᠠᠨ ᠰᠢᠷᠡᠭᠡᠨ ᠳ᠋ᠦ᠍ ᠡᠷᠭᠦᠮᠵᠢᠯᠡᠭᠳᠡᠭᠰᠡᠨ ᠦ᠌ ᠠᠲᠠᠭ᠎ᠠ ᠶᠤᠮ᠃ ᠬᠡᠷᠪᠡ ᠵᠠᠮᠤᠬ᠎ᠠ ᠢᠯᠠᠭᠰᠠᠨ ᠪᠣᠯ ᠲᠡᠮᠦᠵᠢᠨ ᠠᠨᠳᠠ ᠠ᠋ᠴᠠ ᠪᠠᠨ ᠬᠠᠭᠠᠨ ᠲᠢᠲᠢᠮ ᠢ᠋ ᠨᠢ ᠪᠤᠯᠢᠶᠠᠨ ᠠᠪᠬᠤ ᠶ᠋ᠢ ᠪᠣᠳᠣᠭᠰᠠᠨ ᠴᠦ᠍ ᠵᠣᠷᠢᠭ ᠲᠡᠪᠴᠢᠶᠡᠷᠢ ᠬᠦᠷᠦᠭᠰᠡᠨ ᠦᠭᠡᠢ ᠪᠤᠴᠠᠭᠰᠠᠨ ᠪᠤᠶᠤ᠃ ᠬᠠᠷᠢᠨ ᠴᠢᠩᠭᠢᠰ ᠬᠠᠭᠠᠨ ᠳ᠋ᠤ᠌ ᠠᠰᠤᠷᠤ ᠶᠡᠬᠡ ᠰᠤᠷᠭᠠᠮᠵᠢ ᠪᠣᠯᠵᠤ ᠳᠠᠢᠰᠤᠨ ᠬᠡᠵᠢᠶ᠎ᠡ᠂ ᠬᠠᠮᠢᠭ᠎ᠠ ᠠ᠋ᠴᠠ ᠭᠠᠷᠤᠭᠠᠳ ᠢᠷᠡᠵᠦ ᠪᠣᠯᠬᠤ ᠶ᠋ᠢ ᠰᠠᠨᠠᠭᠤᠯᠵᠤ ᠤᠯᠤᠰ ᠢ᠋ᠶ᠋ᠠᠨ ᠪᠡᠬᠢᠵᠢᠭᠦᠯᠵᠦ᠂ ᠴᠢᠳᠠᠯ ᠬᠦᠴᠦ ᠪᠡᠨ ᠵᠤᠵᠠᠭᠠᠳᠬᠠᠨ ᠬᠠᠮᠠᠭᠠᠯᠠᠬᠤ ᠳ᠋ᠤ᠌ ᠢᠮᠠᠭᠲᠠ ᠪᠡᠯᠡᠨ ᠪᠠᠢᠬᠤ ᠶ᠋ᠢᠨ ᠴᠢᠬᠤᠯᠠ ᠶ᠋ᠢ ᠮᠡᠳᠡᠷᠡᠭᠦᠯᠪᠡ᠃ ᠡᠨᠡ ᠲᠡᠢᠨ ᠳ᠋ᠦ᠍ ᠤᠷᠢᠳᠤ ᠶ᠋ᠢᠨ ᠪᠠᠭᠠᠲᠤᠷᠯᠢᠭ ᠡᠷᠡᠰ ᠦ᠋ᠨ ᠳᠡᠭᠡᠷ᠎ᠡ ᠤᠷᠢᠶᠠᠩᠬᠠᠢ ᠶ᠋ᠢᠨ ᠰᠦᠪᠡᠭᠡᠳᠡᠢ᠂ ᠪᠠᠷᠤᠯᠠᠰ ᠤ᠋ᠨ ᠬᠤᠪᠢᠯᠠᠢ ᠬᠣᠶᠠᠷ ᠲᠣᠳᠣᠷᠠᠨ ᠨᠡᠮᠡᠭᠳᠡᠵᠡᠢ᠃