ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - 24> Хүлэг баатар буурч - Б. Өлзийсүрэн <Дэд бүлэг-24> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - 24> Хүлэг баатар буурч - Б. Өлзийсүрэн <Дэд бүлэг-24>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - 24> Хүлэг баатар буурч - Б. Өлзийсүрэн <Дэд бүлэг-24>

ᠠᠩᠭᠢᠯᠠᠯ:ᠲᠤᠭᠤᠵᠢ ᠷᠣᠮᠠᠨ
2026-03-16

46

ᠥᠪᠡᠷ ᠦᠨ ᠵᠠᠮ ᠮᠥᠷ ᠢᠶᠡᠷ ᠲᠡᠮᠲᠡᠷᠢᠵᠦ ᠡᠷ᠎ᠡ ᠬᠥᠮᠥᠨ ᠦ ᠡᠷᠴᠢ ᠬᠦᠴᠦ ᠶᠢ ᠣᠯᠵᠤ ᠬᠦᠷᠲᠡᠭᠰᠡᠨ ᠳᠡᠳ᠋ ᠪᠦᠯᠦᠭ

ᠬᠣᠷᠢᠨ ᠳᠥᠷᠪᠡ


               ᠬᠣᠷᠢᠨ ᠳᠥᠷᠪᠡ
                         ᠠᠭᠤᠯᠠ ᠶ᠋ᠢᠨ ᠣᠷᠣᠢ ᠪᠠᠷ ᠮᠠᠨᠠᠨ ᠲᠠᠢ ᠪᠠᠢᠨ᠎ᠠ 
                         ᠤᠴᠢᠷᠲᠠᠢ ᠮᠠᠨᠠᠨ ᠳᠤᠮᠳᠠ ᠨᠠᠷᠠᠨ  ᠪᠠᠢᠨ᠎ᠠ   
                         ᠤᠴᠠᠷᠠᠭᠰᠠᠨ ᠭᠠᠭᠴᠠ ᠶ᠋ᠢ ᠪᠡᠨ ᠬᠠᠷᠠᠶ᠎ᠠ ᠭᠡᠬᠦ ᠪᠡᠷ    
                         ᠠᠭᠤᠯᠵᠠᠬᠤ ᠶ᠋ᠢᠨ ᠠᠷᠭ᠎ᠠ ᠦᠭᠡᠢ ᠬᠣᠯᠠ ᠪᠠᠢᠨ᠎ᠠ   
                                     (ᠪᠤᠷᠢᠶᠠᠳ ᠠᠷᠠᠳ ᠤ᠋ᠨ ᠳᠠᠭᠤᠤ) 
         
       ᠳᠠᠯᠬᠤᠨ ᠬᠡᠮᠡᠬᠦ ᠠᠭᠤᠳᠠᠮ ᠬᠥᠨᠳᠡᠢ ᠳ᠋ᠦ᠍ ᠴᠠᠰᠤ ᠤᠨᠠᠵᠤ ᠵᠠᠷᠢᠮ ᠭᠠᠵᠠᠷ ᠢ᠋ᠶ᠋ᠠᠨ ᠬᠤᠩᠭᠠᠷᠯᠠᠭᠰᠠᠨ ᠠᠪᠠᠢ᠃ ᠲᠡᠷᠡᠭᠦᠬᠡᠨ ᠳ᠋ᠡᠭᠡᠨ ᠤᠰᠤ ᠤᠮᠳᠠᠭ᠎ᠠ ᠳᠤᠲᠠᠮᠠᠭ᠂ ᠠᠢᠯ ᠬᠣᠲᠠᠯᠠ ᠴᠥᠭᠡᠨ᠂ ᠡᠪᠡᠰᠦ ᠤᠷᠭᠤᠮᠠᠯ ᠥᠳᠬᠡᠨ ᠤᠷᠭᠤᠳᠠᠭ ᠵᠡᠯᠢᠭᠦᠳ ᠨᠤᠲᠤᠭ ᠠᠵᠢ᠃ ᠲᠡᠷᠡ ᠡᠪᠦᠯ ᠭᠡᠨᠡᠳᠲᠡ ᠬᠥᠮᠦᠨ᠂ ᠮᠠᠯ᠂ ᠠᠴᠢᠶ᠎ᠠ ᠬᠥᠰᠬᠡ ᠪᠠᠭᠰᠢᠷᠠᠨ ᠳᠦᠭᠦᠷᠴᠡᠢ᠃ 
       ᠭᠡᠷ ᠣᠷᠣᠨ ᠠ᠋ᠴᠠ ᠪᠠᠨ ᠬᠠᠭᠠᠴᠠᠵᠤ ᠰᠠᠷᠨᠢᠭᠰᠠᠨ ᠬᠥᠮᠦᠰ ᠦ᠋ᠨ ᠭᠠᠰᠠᠯᠠᠩ ᠵᠣᠪᠠᠯᠠᠩ᠂ ᠠᠭᠤᠷ ᠬᠢᠯᠢᠩ᠂ ᠤᠢᠳᠬᠠᠷ ᠭᠤᠨᠢᠭ ᠢ᠋ᠶ᠋ᠠᠷ ᠳᠦᠭᠦᠷᠴᠦ ᠬᠡᠪᠲᠡᠷᠢ ᠪᠠᠭᠤᠴᠠᠨ ᠠ᠋ᠴᠠ ᠪᠠᠨ ᠬᠥᠭᠡᠭᠡᠭᠳᠡᠭᠰᠡᠨ᠂ ᠲᠠᠭᠤᠭᠳᠠᠭᠰᠠᠨ ᠦᠬᠡᠷ ᠬᠣᠨᠢ ᠢᠮᠠᠭᠠᠨ ᠤ᠋ ᠮᠥᠭᠡᠷᠡᠯᠳᠦᠭᠡᠨ᠂ ᠮᠠᠢᠯᠠᠯᠳᠤᠭᠠᠨ ᠳᠠᠭᠤᠨ ᠱᠤᠤᠭᠢᠶᠠᠨ ᠬᠠᠲᠠᠭᠠᠨ᠎ᠠ᠃ ᠤᠭ ᠠ᠋ᠴᠠ ᠬᠡᠭᠡᠷ᠎ᠡ ᠶ᠋ᠢᠨ ᠣᠷᠣᠨ ᠲᠠᠢ ᠬᠡᠴᠡᠭᠦᠦ ᠴᠢᠭᠢᠷᠠᠭ ᠠᠳᠤᠭᠤᠨ ᠰᠦᠷᠦᠭ ᠲᠦ᠍ ᠡᠨᠡ ᠪᠦᠬᠦᠨ ᠣᠭᠲᠣ ᠬᠠᠮᠢᠶ᠎ᠠ ᠦᠭᠡᠢ᠂ ᠴᠠᠰᠤ ᠴᠠᠪᠴᠢᠨ ᠡᠪᠡᠰᠦᠨ ᠦ᠌ ᠠᠯᠢ ᠥᠳᠬᠡᠨ ᠠᠭᠠᠭ ᠲᠠᠢ ᠶ᠋ᠢ ᠰᠢᠷ ᠰᠢᠷ ᠵᠤᠯᠭᠠᠭᠠᠨ ᠭᠦᠦᠷ ᠴᠠᠩ ᠰᠠᠪᠰᠠᠭᠤᠯᠤᠨ ᠲᠠᠭᠠᠷᠠᠬᠤ ᠬᠦᠷᠦᠬᠦ ᠶ᠋ᠢᠨ ᠵᠣᠪᠠᠯᠠᠩ ᠢ᠋ ᠡᠰᠡ ᠬᠠᠢᠬᠤᠷᠬᠤ ᠠᠵᠤᠭᠤ᠃ 
       ᠡᠨᠳᠡ ᠲᠡᠨᠳᠡ ᠪᠤᠲᠠ ᠰᠥᠭᠡᠭ᠂ ᠥᠷᠭᠡᠰᠦ ᠰᠢᠷᠠᠯᠵᠢ ᠰᠢᠲᠠᠭᠠᠨ ᠤᠲᠤᠭ᠎ᠠ ᠮᠠᠨᠠᠷᠠᠭᠤᠯᠵᠤ ᠬᠥᠮᠦᠰ ᠭᠠᠯ ᠤ᠋ᠨ ᠳᠥᠯᠥ ᠦᠵᠡᠬᠦ ᠶ᠋ᠢ ᠣᠷᠣᠯᠳᠣᠵᠠᠭᠠᠬᠤ ᠲᠡᠳᠦᠢ᠃ ᠤᠭ ᠠ᠋ᠴᠠ ᠮᠠᠯ ᠪᠡᠯᠴᠢᠬᠦ ᠨᠢ ᠬᠣᠪᠣᠷ᠂ ᠤᠭ ᠨᠠᠮᠤᠷ ᠠᠳᠤᠭᠤ ᠨᠡᠯᠢᠶᠡᠳ ᠢᠷᠡᠳᠡᠭ ᠴᠦ᠍ ᠣᠳᠣ ᠴᠠᠰᠤᠨ ᠳᠣᠣᠷ᠎ᠠ ᠠ᠋ᠴᠠ ᠬᠣᠮᠣᠯ ᠣᠯᠳᠠᠬᠤ ᠨᠢ ᠡᠷᠳᠡᠨᠢ ᠭᠡᠯᠲᠡᠢ᠃ ᠬᠥᠮᠦᠨ ᠯᠡ ᠶᠦᠮ ᠪᠣᠯᠬᠣᠷ ᠠᠷᠭ᠎ᠠ ᠤᠬᠠᠭᠠᠨ ᠣᠯᠬᠤ ᠶ᠋ᠢ ᠡᠯᠳᠡᠪ ᠢ᠋ᠶ᠋ᠡᠷ ᠬᠢᠴᠢᠶᠡᠬᠦ ᠪᠥᠯᠥᠭᠡ᠃ ᠡᠨᠳᠡ ᠴᠤᠭᠯᠠᠷᠠᠭᠰᠠᠨ ᠬᠥᠮᠦᠰ ᠲᠠᠪᠢ ᠠ᠋ᠴᠠ ᠳᠣᠭᠣᠭᠰᠢ ᠨᠠᠰᠤᠨ ᠤ᠋ ᠡᠷᠡᠴᠦᠳ᠂ ᠳᠥᠴᠢᠨ ᠲᠠᠪᠤ ᠠ᠋ᠴᠠ ᠳᠣᠭᠣᠭᠰᠢ ᠨᠠᠰᠤᠨ ᠤ᠋ ᠡᠮᠡᠰ᠂ ᠠᠷᠪᠠᠨ ᠬᠣᠶᠠᠷ ᠭᠤᠷᠪᠠ ᠠ᠋ᠴᠠ ᠳᠡᠭᠡᠭᠰᠢ ᠨᠠᠰᠤᠨ ᠤ᠋ ᠬᠡᠦᠬᠡᠳ ᠪᠠᠭᠠᠴᠤᠳ ᠪᠣᠯᠠᠢ᠃ ᠨᠠᠰᠤ ᠠᠬᠢᠭᠰᠠᠨ ᠡᠪᠡᠳᠴᠢᠨᠲᠡᠢ ᠡᠮᠭᠡᠭ ᠲᠡᠢ ᠶ᠋ᠢ ᠨᠢ ᠨᠤᠲᠤᠭ ᠲᠤᠨᠢ ᠠᠮᠢ ᠵᠢᠭᠤᠯᠭᠠᠬᠤ ᠲᠡᠳᠦᠢ ᠣᠷᠣᠨ ᠭᠡᠷ᠂ ᠮᠠᠯ ᠲᠠᠢ ᠨᠢ ᠦᠯᠡᠳᠡᠭᠡᠭᠰᠡᠨ᠃ ᠣᠯᠵᠠᠯᠠᠭᠰᠠᠳ ᠳᠤᠮᠳᠠ ᠪᠦᠲᠦᠨ ᠪᠦᠬᠦᠯᠢ ᠠᠢᠯ ᠭᠡᠷ ᠢ᠋ᠶ᠋ᠡᠷ ᠢ᠋ᠶ᠋ᠡᠨ ᠶᠠᠪᠤᠭ᠎ᠠ ᠴᠦ᠍ ᠡᠳᠦᠢ ᠲᠡᠳᠦᠢ᠃ ᠲᠡᠳᠡ ᠥᠪᠡᠷᠦᠨ ᠠᠴᠢᠶ᠎ᠠ ᠬᠥᠰᠬᠡ᠂ ᠮᠠᠯ ᠰᠦᠷᠦᠭ ᠢ᠋ᠶ᠋ᠡᠨ ᠬᠠᠷᠢᠭᠤᠴᠠᠨ ᠨᠡᠭᠦᠳᠡᠯᠯᠡᠵᠦ᠂ ᠤᠬᠠᠭᠠᠨ ᠳ᠋ᠠᠭᠠᠨ ᠳᠠᠭᠠᠷ᠎ᠠ ᠣᠷᠣᠭᠰᠠᠨ ᠲᠤᠯᠠ ᠡᠷᠬᠡ ᠴᠢᠯᠥᠭᠡ ᠢᠯᠡᠭᠦᠦ ᠡᠳ᠋ᠯᠡᠨ ᠲᠤᠰᠠᠭᠠᠷ ᠠᠵᠤ ᠲᠥᠷᠥᠨ ᠪᠣᠢ᠃ ᠬᠠᠷᠢᠨ ᠭᠡᠷ ᠣᠷᠣᠨ ᠠ᠋ᠴᠠ ᠪᠠᠨ ᠲᠠᠰᠤᠷᠠᠭᠰᠠᠨ ᠭᠣᠣᠯ ᠲᠥᠯᠥᠪ ᠵᠠᠯᠠᠭᠤ ᠨᠠᠰᠤᠨ ᠤ᠋ ᠡᠮᠡᠰ ᠪᠦᠰᠡᠭᠦᠢᠴᠦᠳ᠂ ᠪᠠᠭᠠᠴᠤᠳ ᠯᠠ ᠢᠯᠡᠭᠦᠦ ᠵᠣᠪᠠᠯᠠᠩ ᠡᠳ᠋ᠯᠡᠵᠦ ᠶᠠᠪᠤᠭ᠎ᠠ᠃ ᠲᠡᠳᠡ ᠴᠠᠰᠤᠨ ᠬᠣᠷᠣᠭ᠎ᠠ ᠪᠠᠷᠢᠵᠤ ᠨᠥᠮᠥᠷᠢ ᠳ᠋ᠦ᠍ ᠨᠢ ᠡᠯᠳᠡᠪ ᠢ᠋ᠶ᠋ᠡᠷ ᠠᠰᠠᠭᠠᠭᠰᠠᠨ ᠭᠠᠯ ᠤ᠋ᠨ ᠢ᠋ᠶ᠋ᠠᠨ ᠨᠤᠷᠮᠠᠨ ᠳ᠋ᠤ᠌ ᠬᠥᠯᠳᠡᠭᠦᠦ ᠭᠦᠢᠳᠡᠰᠦ᠂ ᠬᠣᠨᠢᠨ ᠬᠣᠷᠭᠣᠯ ᠬᠢᠵᠦ ᠨᠤᠷᠮᠠᠯᠠᠨ ᠲᠡᠭᠦᠨ ᠦ᠌ ᠪᠡᠨ ᠨᠥᠮᠥᠷᠢ ᠨᠥᠭᠡᠯᠭᠡ ᠳ᠋ᠦ᠍ ᠰᠥᠨᠢ ᠶ᠋ᠢ ᠥᠩᠭᠡᠷᠡᠭᠡᠬᠦ᠂ ᠵᠠᠷᠢᠮ ᠨᠢᠭᠡ ᠮᠠᠯ ᠬᠠᠷᠢᠭᠤᠴᠠᠵᠤ ᠶᠠᠪᠤᠭ᠎ᠠ ᠨᠢ ᠬᠣᠨᠢ ᠦᠬᠡᠷ ᠦ᠋ᠨ ᠢ᠋ᠶ᠋ᠡᠨ ᠳᠤᠮᠳᠠ ᠣᠷᠣᠭᠠᠳ ᠬᠠᠯᠠᠭᠤᠨ ᠢᠯᠴᠢᠨ ᠳ᠋ᠦ᠍ᠨᠢ ᠠᠮᠢ ᠪᠠᠨ ᠠᠷᠭᠠᠯᠠᠬᠤ ᠵᠡᠷᠭᠡ ᠶᠠᠩᠵᠤ ᠪᠦᠷᠢ ᠪᠡᠷ ᠯᠡ ᠰᠢᠷ᠎ᠠ ᠨᠠᠷᠠ ᠬᠠᠷ᠎ᠠ ᠬᠣᠨᠣᠭ ᠢ᠋ ᠥᠩᠭᠡᠷᠡᠭᠡᠵᠦ ᠪᠠᠢᠪᠠ᠃ 
       ᠬᠣᠭᠣᠯᠠ ᠬᠦᠨᠡᠰᠦᠨ ᠦ᠌ ᠬᠤᠪᠢ ᠳ᠋ᠤ᠌ ᠥᠯᠥᠨ ᠵᠡᠯᠮᠡᠭᠦᠷ᠂ ᠴᠡᠷᠢᠭ ᠦ᠋ᠳ ᠬᠠᠷᠢᠭᠤᠴᠠᠭᠰᠠᠨ ᠬᠡᠰᠡᠭ ᠲᠡᠭᠡᠨ ᠡᠳᠦᠷ ᠳᠣᠳᠣᠮ ᠪᠠᠭ᠎ᠠ ᠰᠠᠭ᠎ᠠ ᠪᠣᠯᠤᠭᠰᠠᠨ ᠲᠦᠭᠦᠬᠡᠢ ᠮᠢᠬ᠎ᠠ᠂ ᠴᠠᠭᠠᠨ ᠢᠳᠡᠭᠡᠨ ᠦ᠌ ᠵᠦᠢᠯ ᠲᠠᠷᠬᠠᠭᠠᠬᠤ ᠪᠣᠯᠪᠠᠴᠤ ᠲᠡᠷᠡ ᠨᠢ ᠭᠣᠣᠯ ᠵᠢᠭᠤᠬᠤ ᠲᠡᠳᠦᠢᠬᠡᠨ᠂ ᠦᠢᠯᠡ ᠨᠢ ᠢᠷᠡᠭᠰᠡᠨ ᠣᠭᠣᠲᠣᠨ᠎ᠠ ᠬᠤᠯᠤᠭᠠᠨ᠎ᠠ ᠦᠵᠡᠭᠳᠡᠪᠡᠯ ᠲᠡᠷᠡ ᠳᠣᠣᠷ᠎ᠠ ᠨᠢ ᠳᠣᠩᠰᠢᠭᠠᠳ ᠰᠢᠷᠠᠭᠠᠳ ᠢᠳᠡᠴᠢᠬᠡᠬᠦ ᠪᠤᠶᠤ᠃ ᠵᠠᠷᠢᠮ ᠨᠢᠭᠡ ᠠᠵᠠᠲᠠᠢ᠂ ᠨᠢᠭᠤᠷ ᠲᠠᠢ ᠪᠦᠰᠡᠭᠦᠢᠴᠦᠳ ᠴᠡᠷᠢᠭ ᠦ᠋ᠳ ᠦ᠋ᠨ ᠢᠪᠡᠭᠡᠯ ᠳ᠋ᠦ᠍ ᠣᠷᠣᠵᠤ ᠮᠣᠲᠣᠢᠨ᠂ ᠬᠡᠳᠦᠢ ᠪᠡᠷ ᠣᠯᠵᠠᠯᠠᠭᠳᠠᠵᠤ ᠬᠥᠮᠦᠨ ᠦ᠌ ᠡᠷᠬᠡᠨ ᠳ᠋ᠦ᠍ ᠣᠷᠣᠭᠰᠠᠨ ᠴᠦ᠍ ᠡᠷ᠎ᠡ ᠡᠮ᠎ᠡ ᠬᠥᠮᠦᠰ ᠬᠣᠭᠣᠷᠣᠨᠳᠣ ᠪᠠᠨ ᠪᠤᠲᠠ ᠰᠢᠷᠠᠯᠵᠢᠨ ᠤ᠋ ᠤᠲᠤᠭ᠎ᠠ ᠮᠠᠢ ᠶ᠋ᠢᠨ ᠳᠤᠮᠳᠠᠭᠤᠷ ᠰᠡᠳᠬᠢᠯ ᠵᠢᠷᠦᠬᠡᠨ ᠳ᠋ᠡᠭᠡᠨ ᠭᠠᠯ ᠠᠰᠠᠭᠠᠵᠤ ᠢᠵᠢᠯᠢᠰᠢᠨ᠂ ᠲᠡᠭᠦᠨ ᠦ᠌ ᠪᠡᠨ ᠢᠯᠴᠢᠨ ᠳ᠋ᠦ᠍ ᠪᠦᠯᠢᠶᠡᠴᠡᠨ ᠶᠠᠪᠤᠭ᠎ᠠ ᠴᠦ᠍ ᠪᠠᠰᠠ ᠪᠣᠢ ᠠᠵᠤᠭᠤ᠃ 
       ᠣᠯᠵᠠᠯᠠᠭᠳᠠᠭᠰᠠᠨ ᠴᠡᠷᠢᠭ ᠦ᠋ᠳ ᠢ᠋ ᠥᠭᠡᠷ᠎ᠡ ᠭᠠᠵᠠᠷ ᠪᠥᠭᠡᠮᠨᠡᠷᠡᠭᠦᠯᠵᠡᠢ᠃ ᠨᠢᠭᠡ ᠡᠳᠦᠷ ᠪᠣᠭᠤᠷᠴᠢ ᠪᠡᠯᠭᠦᠳᠡᠢ ᠶ᠋ᠢᠨ ᠬᠠᠮᠲᠤ ᠲᠡᠳᠡᠨ ᠳᠡᠭᠡᠷ᠎ᠡ ᠢᠷᠡᠪᠡ᠃ ᠲᠡᠭᠡᠲᠡᠯ᠎ᠡ ᠪᠡᠯᠭᠦᠳᠡᠢ ᠶᠠᠭᠠᠬᠢᠬᠤ ᠪᠠᠨ ᠮᠡᠳᠡᠬᠦ ᠦᠭᠡᠢ ᠬᠥᠮᠦᠨ ᠦ᠌ ᠡᠷᠬᠡᠨ ᠳ᠋ᠦ᠍ ᠣᠷᠣᠭᠰᠠᠨ ᠭᠠᠷ ᠬᠣᠭᠣᠰᠣᠨ ᠴᠡᠷᠢᠭ ᠦ᠋ᠳ ᠡᠴᠡ ᠬᠡᠳᠦ ᠶ᠋ᠢ ᠳᠠᠭᠤᠳᠠᠵᠤ ᠭᠠᠷᠭᠠᠭᠠᠳ᠄  
       — ᠴᠢ ᠮᠢᠨᠦ ᠡᠵᠢ ᠶ᠋ᠢ ᠮᠡᠳᠡᠬᠦ ᠤᠤ? ᠭᠡᠵᠦ ᠠᠰᠠᠭᠤᠪᠠ᠃ ᠨᠥᠭᠦᠭᠡ ᠴᠡᠷᠢᠭ᠄ 
       — ᠦᠭᠡᠢ᠂ ᠮᠡᠳᠡᠬᠦ ᠦᠭᠡᠢ ᠭᠡᠬᠦ ᠳ᠋ᠦ᠍ ᠪᠡᠯᠭᠦᠳᠡᠢ ᠦᠰ ᠬᠢᠯᠢᠩ ᠪᠠᠳᠠᠷᠠᠭᠤᠯᠤᠨ᠄ 
       — ᠣᠯᠵᠤ ᠢᠷ᠎ᠡ ᠭᠡᠳ ᠬᠣᠶᠠᠷ ᠭᠤᠷᠪᠠᠨ ᠴᠡᠷᠢᠭ ᠢ᠋ ᠬᠠᠷᠪᠤᠨ ᠤᠨᠠᠭᠠᠬᠤ ᠳ᠋ᠤ᠌ ᠪᠣᠭᠤᠷᠴᠢ᠄  
       — ᠪᠣᠯᠢ ᠳᠠ᠃ ᠡᠳᠡ ᠶᠠᠭᠤ ᠪᠠᠨ ᠮᠡᠳᠡᠬᠦ ᠪᠣᠢ? ᠮᠡᠳᠡᠬᠦ ᠡᠵᠡᠨ ᠴᠠᠭᠠᠨ᠎ᠠ ᠪᠠᠢᠭ᠎ᠠ᠃ ᠬᠠᠷᠢᠨ ᠴᠢ ᠥᠪᠡᠷ ᠢ᠋ᠶ᠋ᠡᠨ《ᠠᠮᠢᠳᠤ ᠮᠡᠨᠳᠦ》 ᠭᠡᠰᠡᠨ ᠰᠤᠷᠠᠭ ᠭᠠᠷᠭᠠᠭ᠎ᠠ ᠪᠢᠵᠡ ᠳᠡ᠃ ᠤᠷᠢᠳᠤ ᠬᠥᠯ ᠪᠦᠳᠦᠷᠢᠬᠦ ᠳ᠋ᠦ᠍ ᠬᠣᠢᠲᠤ ᠬᠥᠯ ᠢ᠋ ᠲᠠᠰᠢᠭᠤᠷᠳᠠᠬᠤ ᠭᠡᠭᠴᠢ᠁ ᠭᠡᠬᠦ ᠳ᠋ᠦ᠍ᠨᠢ ᠪᠡᠯᠭᠦᠳᠡᠢ᠄  
       — ᠵᠠ᠂ ᠳᠠᠷᠤᠭ᠎ᠠ ᠠ᠋᠂ ᠮᠡᠳᠡᠯ᠎ᠡ ᠭᠡᠵᠦ ᠳᠣᠭᠣᠭᠢᠲᠠᠢ ᠮᠤᠰᠢᠢᠨ ᠢᠨᠢᠶᠡᠭᠡᠳ ᠳᠠᠬᠢᠨ ᠦᠷᠭᠦᠯᠵᠢᠯᠡᠭᠦᠯᠦᠭᠰᠡᠨ ᠦᠭᠡᠢ᠃  
       ᠣᠯᠵᠠᠯᠠᠭᠳᠠᠭᠰᠠᠨ ᠴᠡᠷᠢᠭ ᠦ᠋ᠨ ᠲᠣᠭ᠎ᠠ ᠨᠢᠭᠡᠨᠲᠡ ᠪᠦᠷᠢᠨ ᠭᠠᠷᠤᠭᠰᠠᠨ ᠲᠤᠯᠠ ᠲᠡᠮᠦᠵᠢᠨ ᠳ᠋ᠦ᠍ ᠣᠨᠣᠭᠳᠠᠭᠰᠠᠨ ᠨᠢ ᠡᠨᠳᠡ ᠬᠤᠪᠢᠶᠠᠷᠢᠯᠠᠭᠳᠠᠨ ᠴᠤᠭᠯᠠᠷᠠᠭᠰᠠᠨ ᠪᠠᠢᠵᠠᠢ᠃ ᠲᠡᠮᠦᠵᠢᠨ ᠢᠷᠡᠭᠡᠳ ᠥᠪᠡᠷᠲᠡᠭᠡᠨ《ᠬᠦᠴᠦᠨ ᠵᠢᠳᠬᠦᠨ᠎ᠡ》 ᠭᠡᠰᠡᠨ ᠢ᠋ ᠨᠢ ᠰᠢᠭᠤᠳ ᠴᠡᠷᠢᠭ ᠲᠡᠭᠡᠨ ᠣᠷᠣᠭᠤᠯᠵᠤ ᠦᠯᠡᠳᠡᠭᠰᠡᠨ ᠪᠤᠰᠤᠳ ᠴᠥᠭᠡᠪᠲᠦᠷ ᠢ᠋ ᠨᠢ ᠰᠢᠯᠦᠬᠡᠢ ᠤᠷᠤᠭᠤ《ᠠᠢᠯ ᠳ᠋ᠤ᠌ ᠵᠠᠷᠤᠴᠠ ᠪᠣᠯᠭᠠᠬᠤ ᠪᠠᠷ ᠲᠠᠷᠬᠠᠭᠠᠵᠤ ᠥᠭ》 ᠭᠡᠵᠦ ᠶᠠᠪᠤᠭᠤᠯᠵᠠᠢ᠃  
       ᠳᠠᠷᠠᠭᠠᠬᠢ ᠨᠢᠭᠡᠨ ᠥᠷᠯᠥᠭᠡ ᠳᠥᠷᠪᠡᠨ ᠲᠣᠮᠣ ᠤᠳᠤᠷᠢᠳᠤᠭᠴᠢ ᠳᠠᠭᠠᠭᠤᠯ ᠤ᠋ᠳ ᠲᠠᠢ ᠪᠠᠨ ᠪᠦᠬᠦ ᠣᠯᠵᠠᠯᠠᠭᠳᠠᠭᠰᠠᠳ ᠳᠤᠮᠳᠠᠭᠤᠷ ᠶᠠᠪᠤᠵᠤ ᠬᠠᠲᠠᠢ ᠲᠠᠷᠮᠠᠯᠠ᠂ ᠲᠠᠢᠷ ᠤᠰᠤᠨ ᠬᠣᠶᠠᠷ ᠤ᠋ᠨ ᠬᠠᠷᠢᠶᠠᠯᠠᠯ ᠳᠡᠭᠡᠷ᠎ᠡ ᠲᠡᠮᠦᠵᠢᠨ ᠦ᠌ ᠣᠯᠵᠠᠯᠠᠭᠰᠠᠨ ᠲᠣᠭᠳᠤᠭ᠎ᠠ ᠪᠡᠬᠢ ᠶ᠋ᠢᠨ ᠬᠠᠷᠢᠶᠠᠯᠠᠯ ᠠ᠋ᠴᠠ ᠪᠠᠭᠴᠠᠭ᠎ᠠ ᠪᠠᠷ ᠲᠠᠰᠤᠳᠠᠵᠤ ᠬᠣᠶᠠᠷ ᠬᠡᠰᠡᠭ ᠢ᠋ ᠥᠭᠴᠦ᠂ ᠡᠢᠮᠦ ᠮᠠᠶᠢᠭ ᠢ᠋ᠶ᠋ᠠᠷ ᠬᠥᠮᠦᠨ ᠮᠠᠯ᠂ ᠠᠴᠢᠶ᠎ᠠ ᠬᠥᠰᠬᠡ ᠶ᠋ᠢ ᠭᠤᠷᠪᠠᠨ ᠲᠡᠢᠰᠢ ᠬᠤᠪᠢᠶᠠᠵᠤ ᠥᠪᠡᠷ ᠥᠪᠡᠷᠦᠨ ᠵᠦᠭ ᠠᠪᠴᠤ ᠶᠠᠪᠤᠬᠤ ᠪᠠᠷ ᠲᠣᠭᠲᠠᠭᠠᠳ ᠲᠤᠰ ᠪᠦᠷᠢ ᠪᠠᠬᠠᠨ ᠴᠡᠷᠢᠭ ᠦ᠋ᠳ ᠲᠦ᠍ ᠲᠡᠳᠡᠨ ᠢ᠋ ᠰᠠᠯᠭᠠᠨ ᠲᠠᠭᠤᠬᠤ ᠲᠤᠰᠢᠶᠠᠯ ᠥᠭᠪᠡ᠃ ᠴᠡᠷᠢᠭ ᠦ᠋ᠳ ᠴᠦ᠍ ᠡᠵᠡᠳ ᠦ᠋ᠨ ᠭᠠᠷ ᠰᠤᠩᠭᠠᠭᠰᠠᠨ ᠴᠢᠭ ᠳᠠᠭᠠᠤ ᠲᠠᠰᠤ ᠳᠠᠭᠠᠷᠢᠵᠤ ᠳᠤᠮᠳᠠᠭᠤᠷ ᠨᠢ ᠣᠷᠣᠭᠠᠳ ᠰᠠᠯᠭᠠᠵᠤ ᠲᠤᠰᠠᠭᠠᠷᠯᠠᠬᠤ ᠠᠵᠢᠯ ᠳ᠋ᠠᠭᠠᠨ ᠣᠷᠣᠯ᠎ᠠ᠃  
       ᠬᠥᠮᠦᠰ ᠬᠢᠭᠡᠳ ᠮᠠᠯ᠂ ᠠᠴᠢᠶ᠎ᠠ ᠬᠥᠰᠬᠡ ᠶ᠋ᠢ ᠭᠤᠷᠪᠠᠨ ᠬᠡᠰᠡᠭ ᠪᠣᠯᠭᠠᠨ ᠲᠠᠰᠤᠳᠠᠵᠤ ᠬᠤᠪᠢᠶᠠᠭᠠᠳ ᠠᠯᠳᠠᠵᠤ ᠲᠠᠭᠤᠵᠤ ᠡᠬᠢᠯᠡᠬᠦᠢ ᠳ᠋ᠦ᠍ ᠮᠠᠯ ᠴᠦ᠍ ᠶᠠᠭᠠᠬᠢᠬᠤᠪ᠂ ᠲᠥᠯ ᠨᠢ ᠡᠬᠡ ᠪᠡᠨ ᠳᠠᠭᠠᠭᠠᠳ ᠮᠠᠢᠯᠠᠵᠤ ᠮᠥᠭᠡᠷᠡᠯᠳᠦᠭᠡᠳ ᠰᠠᠯᠤᠭᠠᠳ ᠶᠠᠪᠤᠴᠢᠬᠠᠯ᠎ᠠ᠃ ᠠᠳᠤᠭᠤ ᠪᠣᠯ ᠵᠠᠷᠢᠮ ᠨᠢ ᠵᠢᠭᠤᠲᠠᠵᠤ ᠨᠥᠭᠦᠭᠡ ᠰᠦᠷᠦᠭ ᠲᠦ᠍ ᠴᠦ᠍ ᠣᠷᠣᠬᠤ ᠨᠢ ᠣᠷᠣᠵᠤ ᠯᠠ ᠪᠠᠢᠯ᠎ᠠ᠃ ᠬᠠᠷᠢᠨ ᠬᠥᠮᠦᠨ ᠭᠡᠭᠴᠢ ᠦᠨᠡᠬᠡᠷ ᠬᠡᠴᠡᠭᠦᠦ ᠭᠠᠯ ᠤᠰᠤᠨ ᠤ᠋ ᠭᠠᠰᠢᠭᠤᠨ ᠵᠣᠪᠠᠯᠠᠩ ᠳ᠋ᠤ᠌ ᠤᠴᠠᠷᠠᠵᠤ ᠡᠴᠢᠭᠡ ᠡᠬᠡ᠂ ᠦᠷ᠎ᠡ ᠬᠡᠦᠬᠡᠳ᠂ ᠠᠬ᠎ᠠ ᠳᠡᠭᠦᠦ᠂ ᠠᠮᠠᠷᠠᠭ ᠬᠠᠨᠢ ᠪᠡᠶ᠎ᠡ ᠪᠡᠶ᠎ᠡ ᠡᠴᠡ ᠪᠡᠨ ᠰᠠᠯᠵᠤ ᠲᠠᠭᠤᠭᠳᠠᠨ᠂ ᠭᠠᠵᠠᠷ ᠬᠠᠭᠠᠷᠠᠵᠤ᠂ ᠲᠩᠷᠢ ᠲᠡᠰᠦᠷᠡᠮ᠎ᠡ ᠪᠠᠷᠬᠢᠷᠠᠭᠠᠳ ᠱᠤᠤᠭᠢᠶᠠᠨ ᠪᠣᠯᠵᠤ᠂ ᠵᠢᠭᠤᠲᠠᠭᠰᠠᠨ ᠰᠥᠷᠭᠡᠯᠳᠦᠭᠰᠡᠨ ᠨᠢᠭᠡ ᠶ᠋ᠢ ᠨᠢ ᠪᠣᠷᠤᠬᠠᠢᠳᠠᠵᠦ᠂ ᠡᠰᠢ ᠳᠠᠰᠢ ᠨᠢ ᠰᠠᠯᠭᠠᠵᠤ ᠢᠯᠭᠠᠨ᠂ ᠲᠡᠷᠭᠡ ᠴᠢᠷᠭ᠎ᠠ ᠬᠠᠬᠢᠨᠠᠯᠳᠤᠨ ᠭᠤᠷᠪᠠᠨ ᠵᠦᠭ ᠬᠣᠯᠠᠳᠠᠵᠤ ᠪᠡᠶ᠎ᠡ ᠪᠡᠶ᠎ᠡ ᠶ᠋ᠢᠨ ᠪᠠᠷ᠎ᠠ ᠲᠠᠰᠤᠷᠠᠵᠤ ᠨᠠᠷᠠ ᠴᠦ᠍ ᠵᠢᠷᠭᠠᠪᠠ᠃ 
       ᠡᠨᠳᠡ ᠪᠣᠯᠵᠤ ᠥᠩᠭᠡᠷᠡᠨ ᠪᠣᠢ ᠠᠷᠪᠠᠨ ᠬᠠᠷ᠎ᠠ ᠬᠣᠨᠣᠭ ᠢ᠋ ᠪᠣᠭᠤᠷᠴᠢ ᠲᠡᠮᠦᠵᠢᠨ ᠦ᠌ ᠳᠠᠷᠠᠭᠠᠬᠢ ᠲᠤᠰᠢᠶᠠᠯᠲᠠᠨ ᠤ᠋ ᠬᠤᠪᠢ ᠳ᠋ᠤ᠌ ᠡᠳᠦᠷ ᠪᠦᠷᠢ ᠨᠢᠳᠦ ᠪᠡᠷ ᠦᠵᠡᠵᠦ ᠰᠡᠳᠬᠢᠯ ᠰᠢᠮᠰᠢᠷᠡᠨ ᠶᠠᠪᠤᠵᠤ ᠪᠥᠯᠥᠭᠡ᠃ ᠲᠡᠷᠡ ᠨᠢᠭᠡᠨ ᠵᠤᠨ ᠤ᠋ ᠥᠷᠯᠥᠭᠡ ᠮᠡᠷᠭᠢᠳ ᠦ᠋ᠳ ᠭᠤᠷᠪᠠᠨ ᠵᠠᠭᠤᠨ ᠴᠡᠷᠢᠭ ᠢ᠋ᠶ᠋ᠡᠷ ᠭᠠᠷ ᠬᠣᠭᠣᠰᠣᠨ ᠶᠠᠳᠠᠭᠤ ᠳᠣᠷᠣᠢ ᠨᠢᠭᠡᠨ ᠪᠦᠯᠢ ᠠᠢᠯ ᠢ᠋ ᠳᠣᠪᠲᠣᠯᠤᠨ ᠢᠷᠡᠵᠦ ᠤᠷᠢᠯᠠᠭᠤᠯᠤᠨ ᠴᠢᠷᠠᠯᠠᠭᠤᠯᠤᠨ ᠰᠠᠯᠭᠠᠵᠤ ᠰᠠᠨᠳᠤᠷᠭᠠᠨ᠂ ᠳᠡᠭᠡᠷᠡᠯᠬᠡᠵᠦ ᠳᠡᠭᠡᠷᠡᠮᠳᠡᠭᠰᠡᠨ ᠦᠭᠡᠢ ᠪᠣᠯ ᠡᠢᠮᠦ ᠶᠠᠪᠤᠳᠠᠯ ᠪᠣᠯᠬᠤ ᠪᠠᠢᠭᠰᠠᠨ ᠤᠤ? ᠨᠢᠭᠡᠨ ᠪᠦᠯᠢ ᠠᠢᠯ ᠤ᠋ᠨ ᠬᠠᠷ᠎ᠠ ᠭᠤᠨᠢᠭ᠂ ᠦᠰ ᠬᠣᠨᠵᠢᠩ ᠦᠰᠦᠨ ᠥᠰᠦᠭᠰᠡᠭᠡᠷ ᠠᠯᠳᠠᠭᠰᠠᠨ ᠢ᠋ᠶ᠋ᠠᠨ ᠡᠷᠭᠢᠭᠦᠯᠵᠦ ᠠᠪᠬᠤ ᠵᠣᠷᠢᠯᠭ᠎ᠠ ᠪᠠᠷ ᠪᠦᠬᠦᠯᠢ ᠪᠦᠲᠦᠨ ᠤᠯᠤᠰ ᠣᠷᠣᠨ ᠢ᠋ ᠡᠢᠮᠦ ᠳ᠋ᠦ᠍ ᠬᠦᠷᠭᠡᠵᠡᠢ᠃ ᠬᠡᠨ ᠦ᠌ ᠵᠥᠪ᠂ ᠬᠡᠨ ᠦ᠌ ᠬᠢᠨᠢ ᠪᠤᠷᠤᠭᠤ ᠪᠣᠢ ? 
            ᠬᠣᠯᠲᠣ ᠮᠠᠭᠤ ᠰᠢᠪᠠᠭᠤ 
            ᠬᠤᠯᠤᠭᠠᠨ᠎ᠠ ᠣᠭᠣᠲᠣᠨ᠎ᠠ ᠢᠳᠡᠬᠦ 
            ᠵᠠᠶᠠᠭ᠎ᠠ ᠲᠠᠢ ᠪᠠᠢᠲᠠᠯ᠎ᠠ  
            ᠬᠤᠨ ᠭᠠᠯᠠᠭᠤ ᠢᠳᠡᠶ᠎ᠡ ᠭᠡᠮᠡᠨ 
            ᠬᠣᠰᠢᠭᠤ ᠪᠠᠨ ᠪᠢᠯᠡᠭᠦᠳᠡᠬᠦ ᠮᠡᠲᠦ  
            ᠬᠤᠪᠠᠬᠠᠢ ᠮᠠᠭᠤ ᠴᠢᠯᠡᠭᠦᠷ ᠪᠢ   
            ᠬᠤᠲᠤᠭᠲᠤ ᠦᠵᠢᠨ ᠬᠠᠲᠤᠨ ᠢ᠋   
            ᠬᠤᠪᠢᠯᠠᠨ ᠠᠪᠴᠤ  
            ᠬᠣᠲᠠᠯᠠ ᠣᠯᠠᠨ ᠮᠡᠷᠭᠢᠳ ᠲᠦ᠍  
            ᠬᠣᠣᠷ ᠬᠥᠨᠥᠭᠡᠯ ᠪᠣᠯᠪᠠᠢ᠃ 
       ᠡᠨᠡ ᠪᠣᠯ ᠪᠤᠭᠤᠷᠴᠢ ᠶ᠋ᠢᠨ ᠪᠣᠳᠣᠯ ᠡᠷᠭᠢᠴᠡᠭᠦᠯᠦᠯ ᠦ᠋ᠨ ᠬᠠᠷᠢᠭᠤ ᠪᠣᠯᠠᠢ᠃《ᠣᠭᠣᠲᠣᠨ᠎ᠠ ᠶ᠋ᠢᠨ ᠤᠷᠰᠢᠭ ᠣᠯᠠᠨ ᠳ᠋ᠠᠭᠠᠨ》 ᠭᠡᠭᠴᠢ ᠪᠡᠷ ᠨᠢᠭᠡ ᠮᠠᠭᠤ ᠦᠢᠯᠡ ᠶ᠋ᠢᠨ ᠠᠷᠤ ᠠ᠋ᠴᠠ ᠲᠦᠮᠡᠨ ᠤᠷᠰᠢᠭ ᠳᠠᠭᠠᠬᠤ ᠠᠵᠢ᠃ ᠨᠢᠭᠡᠨᠲᠡ ᠲᠣᠭᠲᠤᠭ᠎ᠠ ᠪᠡᠬᠢ ᠶ᠋ᠢᠨ ᠦᠢᠯᠡᠳᠦᠭᠰᠡᠨ ᠬᠡᠷᠡᠭ ᠡᠴᠡ ᠲᠡᠮᠦᠵᠢᠨ ᠦ᠌ ᠮᠠᠲᠠᠯ ᠳ᠋ᠤ᠌ ᠣᠷᠣᠭᠰᠠᠨ ᠬᠥᠮᠦᠰ ᠠᠷᠭ᠎ᠠ ᠪᠤᠶᠤ ᠰᠢᠨ᠎ᠡ ᠨᠥᠬᠥᠴᠡᠯ ᠪᠠᠢᠳᠠᠯ ᠳ᠋ᠤ᠌ ᠳᠠᠭᠠᠵᠤ ᠲᠡᠰᠴᠦ᠂ ᠠᠵᠤ ᠲᠥᠷᠥᠯ ᠦ᠋ᠨ ᠢ᠋ᠶ᠋ᠡᠨ ᠠᠶ᠎ᠠ ᠶ᠋ᠢ ᠪᠣᠳᠣᠬᠤ ᠠ᠋ᠴᠠ ᠥᠭᠡᠷ᠎ᠡ ᠵᠠᠮ ᠦᠭᠡᠢ᠃ ᠤᠰᠤ ᠭᠠᠲᠤᠯᠵᠤ ᠠᠭᠤᠯᠠ ᠳᠠᠪᠠᠭᠠᠳ ᠢᠷᠡᠬᠦ ᠪᠡᠷ ᠬᠥᠮᠦᠰ ᠳᠠᠭᠤ ᠱᠣᠣ ᠲᠠᠢ᠂ ᠦᠭᠡ ᠶᠠᠷᠢᠶ᠎ᠠ ᠲᠠᠢ᠂ ᠢᠨᠢᠶᠡᠬᠦ ᠳ᠋ᠦ᠍ ᠢᠨᠢᠶᠡᠵᠦ ᠠᠶᠠᠭᠯᠠᠬᠤ ᠳ᠋ᠤ᠌ ᠠᠶᠠᠭᠯᠠᠬᠤ ᠪᠣᠯᠵᠤ ᠢᠷᠡᠪᠡ᠃ ᠬᠥᠮᠦᠨ ᠬᠡᠮᠡᠭᠴᠢ ᠮᠠᠷᠲᠠᠬᠤ ᠰᠠᠨᠠᠬᠤ ᠶ᠋ᠢᠨ ᠬᠣᠶᠠᠷ ᠲᠤᠢᠯ ᠳ᠋ᠤ᠌ ᠣᠷᠣᠰᠢᠵᠤ ᠲᠣᠭᠲᠠᠨᠢᠳᠠᠭ ᠵᠢᠮ᠎ᠡ ᠲᠡᠢ ᠠᠵᠢ᠃ ᠵᠠᠮ ᠵᠠᠭᠤᠷ᠎ᠠ ᠵᠠᠷᠢᠮ ᠵᠠᠯᠠᠭᠤ ᠪᠦᠰᠡᠭᠦᠢᠴᠦᠳ ᠢ᠋ ᠴᠡᠷᠢᠭ᠂ ᠲᠠᠪᠤᠲᠤ ᠠᠷᠪᠠᠲᠤ ᠶ᠋ᠢᠨ ᠳᠠᠷᠤᠭ᠎ᠠ ᠠᠬᠠᠯᠠᠭᠴᠢ ᠨᠠᠷ ᠰᠣᠩᠭᠣᠵᠤ ᠠᠪᠤᠭᠰᠠᠨ ᠴᠦ᠍ ᠪᠣᠢ᠃ ᠲᠡᠳᠡᠨ ᠳ᠋ᠦ᠍ ᠤᠨᠤᠭᠠᠨ ᠤ᠋ ᠮᠣᠷᠢ ᠰᠠᠭᠠᠯᠢ ᠶ᠋ᠢᠨ ᠦᠨᠢᠶ᠎ᠡ ᠥᠭᠴᠦ ᠭᠡᠷ ᠣᠷᠣᠨ ᠳ᠋ᠤ᠌ ᠨᠢ ᠶᠠᠪᠤᠭᠤᠯᠵᠠᠢ᠃ ᠲᠡᠷᠡ ᠴᠦ᠍ ᠪᠤᠤ ᠬᠡᠯᠡ᠂ ᠬᠠᠲᠠᠢ ᠳᠠᠷᠮᠠᠯᠠ ᠶ᠋ᠢᠨ ᠬᠣᠷᠢᠨ ᠨᠠᠰᠤ ᠬᠦᠷᠦᠭᠡ ᠦᠭᠡᠢ ᠪᠠᠭ᠎ᠠ ᠡᠬᠡᠨᠡᠷ ᠢ᠋ ᠬᠡᠲᠡ ᠵᠠᠬᠢᠷᠤᠭᠴᠢ ᠳ᠋ᠤ᠌ ᠥᠭᠪᠡ᠃ ᠬᠡᠲᠡ ᠪᠣᠯ ᠲᠡᠭᠦᠨ ᠡᠴᠡ ᠴᠥᠭᠡᠨ ᠠᠬ᠎ᠠ᠂ ᠴᠣᠪᠣᠭᠣ ᠰᠡᠷᠭᠦᠯᠡᠩ᠂ ᠰᠠᠢᠨ ᠳᠠᠷᠤᠭ᠎ᠠ᠃ ᠠᠪᠤᠭᠰᠠᠨ ᠥᠭᠭᠦᠭᠳᠡᠭᠰᠡᠨ ᠬᠣᠶᠠᠷ ᠤ᠋ᠨ ᠰᠡᠳᠬᠢᠯ ᠳ᠋ᠦ᠍ ᠲᠠᠭᠠᠯᠠᠮᠵᠢᠲᠠᠢ ᠶᠠᠪᠤᠳᠠᠯ ᠪᠣᠯᠪᠠ᠃ ᠲᠡᠷᠡ ᠴᠢᠷᠠᠢᠯᠢᠭ ᠪᠦᠰᠡᠭᠦᠢ ᠬᠣᠷᠢ ᠭᠠᠷᠤᠢ ᠨᠠᠰᠤ ᠪᠠᠷ ᠠᠬ᠎ᠠ ᠨᠣᠶᠠᠨ ᠤ᠋ ᠡᠷᠬᠡᠰᠢᠶᠡᠯ ᠳ᠋ᠦ᠍ ᠬᠦᠴᠦ ᠪᠡᠷ ᠠᠪᠲᠠᠭᠰᠠᠨ ᠪᠠᠢᠭᠰᠠᠨ ᠨᠢ ᠦᠶ᠎ᠡ ᠨᠠᠰᠤᠨ ᠤ᠋ ᠵᠠᠯᠠᠭᠤ ᠡᠷ᠎ᠡ ᠳ᠋ᠦ᠍ ᠣᠴᠢᠨ᠎ᠠ ᠭᠡᠳᠡᠭ ᠲᠤᠩ ᠴᠤᠬᠠᠭ ᠠᠵᠠ ᠵᠠᠶᠠᠭ᠎ᠠ ᠪᠥᠯᠥᠭᠡ᠃ ᠲᠡᠭᠦᠨ ᠦ᠌ ᠬᠠᠮᠲᠤ ᠣᠯᠵᠠᠯᠠᠭᠳᠠᠭᠰᠠᠨ ᠬᠣᠶᠠᠷ ᠳᠡᠭᠦᠦ ᠶ᠋ᠢ ᠨᠢ ᠪᠠᠰᠠ ᠳᠠᠭᠠᠭᠤᠯᠤᠨ ᠥᠭᠴᠡᠢ᠃ 
       ᠬᠠᠲᠠᠢ ᠲᠡᠷᠮᠠᠯᠠ ᠶ᠋ᠢ ᠣᠯᠵᠠᠯᠠᠬᠤ ᠲᠤᠯᠤᠯᠳᠤᠭᠠᠨ ᠬᠡᠳᠦᠢ ᠬᠣᠷᠣᠮᠬᠠᠨ ᠵᠠᠭᠤᠷ᠎ᠠ ᠪᠣᠯᠤᠭᠰᠠᠨ ᠴᠦ᠍ ᠠᠮᠢ ᠨᠠᠰᠤ ᠡᠷᠡᠰᠳᠡᠭᠰᠡᠨ ᠴᠡᠷᠢᠭ ᠢᠷᠭᠡᠨ ᠨᠡᠯᠢᠶᠡᠳ ᠲᠣᠭᠠᠲᠠᠢ᠃ ᠲᠡᠭᠦᠨ ᠦ᠌ ᠳᠣᠲᠣᠷ᠎ᠠ ᠬᠠᠲᠠᠢ ᠶ᠋ᠢᠨ ᠬᠦᠷᠭᠡᠨ ᠥᠬᠢᠨ ᠬᠣᠶᠠᠷ ᠨᠢ ᠰᠢᠷᠠᠭᠳᠤᠭᠰᠠᠨ ᠪᠥᠯᠥᠭᠡ᠃ ᠪᠣᠭᠤᠷᠴᠢ ᠬᠠᠲᠠᠢ ᠶ᠋ᠢ ᠣᠯᠵᠠᠯᠠᠨ ᠭᠡᠷ ᠡᠴᠡ ᠨᠢ ᠭᠠᠷᠭᠠᠲᠠᠯ᠎ᠠ ᠪᠠᠷᠠᠭᠤᠨ ᠬᠣᠢᠲᠤ ᠭᠡᠷ ᠡᠴᠡ ᠨᠢᠭᠡᠨ ᠡᠷ᠎ᠡ ᠭᠠᠷᠴᠤ ᠢᠷᠡᠵᠦ ᠰᠡᠯᠡᠮ᠎ᠡ ᠵᠥᠷᠢᠭᠦᠯᠪᠡ᠃ ᠲᠡᠷᠡ ᠬᠣᠶᠠᠷ ᠬᠡᠰᠡᠭ ᠵᠠᠭᠤᠷ᠎ᠠ ᠰᠡᠯᠡᠮᠡᠳᠡᠯᠴᠡᠵᠦ ᠬᠡᠨ ᠨᠢ ᠴᠦ᠍ ᠬᠡᠨ ᠢ᠋ ᠪᠡᠨ ᠳᠡᠢᠯᠬᠦ ᠦᠭᠡᠢ ᠪᠠᠢᠲᠠᠯ᠎ᠠ ᠡᠬᠡᠨᠡᠷ ᠨᠢ ᠭᠠᠷᠴᠤ ᠢᠷᠡᠵᠦ ᠤᠷᠢᠳᠤᠭᠤᠷ ᠣᠷᠣᠵᠤ ᠵᠢᠳᠠᠨ ᠤ᠋ ᠦᠵᠦᠭᠦᠷ ᠲᠦ᠍ ᠥᠷᠲᠥᠵᠦ᠂ ᠨᠢᠭᠡᠨ ᠴᠠᠪᠴᠢᠯᠲᠠ ᠪᠠᠷ ᠨᠥᠬᠥᠷ ᠨᠢ ᠰᠢᠷᠠᠭᠳᠤᠵᠤ ᠰᠡᠯᠡᠮ᠎ᠡ ᠪᠡᠨ ᠠᠯᠲᠠᠨ ᠣᠯᠵᠠᠯᠠᠭᠳᠠᠵᠠᠢ᠃ 
       ᠲᠡᠷᠡ ᠡᠷ᠎ᠡ ᠪᠣᠭᠤᠷᠴᠢ ᠶ᠋ᠢᠨ ᠬᠠᠮᠠᠭᠠᠯᠠᠯᠲᠠ ᠶ᠋ᠢᠨ ᠰᠢᠷᠢᠨ ᠬᠠᠨᠲᠠᠭᠠᠵᠠ ᠶ᠋ᠢᠨ ᠮᠥᠷᠥ ᠶ᠋ᠢ ᠬᠤᠪᠴᠠᠰᠤ ᠲᠠᠢ ᠨᠢ ᠳᠠᠪᠬᠤᠷ ᠳᠡᠰ ᠴᠠᠪᠴᠢᠭᠰᠠᠨ ᠴᠦ᠍ ᠮᠥᠷᠦᠨ ᠦ᠌ ᠬᠢᠨᠢ ᠠᠷᠠᠰᠤ ᠶ᠋ᠢ ᠤᠯᠠᠢᠯᠭᠠᠬᠤ ᠲᠡᠳᠦᠢ ᠢᠯᠢᠵᠦ ᠥᠩᠭᠡᠷᠡᠵᠡᠢ᠃ ᠬᠠᠷᠢᠨ ᠲᠡᠷᠡ ᠨᠥᠬᠥᠷ ᠨᠢ ᠰᠢᠷᠬ᠎ᠠ ᠲᠠᠢ ᠢᠷᠡᠭᠡᠳ ᠪᠠᠷᠠᠭᠤᠨ ᠮᠥᠷᠥ ᠡᠭᠡᠮ ᠢ᠋ᠶ᠋ᠡᠷ ᠠᠪᠤᠭᠰᠠᠨ ᠰᠢᠷᠬ᠎ᠠ ᠨᠢ ᠪᠦᠳᠦᠭᠦᠨ ᠰᠤᠳᠠᠰᠤ ᠲᠠᠭᠠᠷᠠᠭᠰᠠᠨ ᠲᠤᠯᠠ ᠴᠢᠰᠤ ᠠᠯᠳᠠᠭᠰᠠᠭᠠᠷ ᠦᠬᠦᠵᠡᠢ᠃ ᠡᠬᠡᠨᠡᠷ ᠦ᠋ᠨ ᠬᠤᠪᠢ ᠳ᠋ᠤ᠌ ᠰᠡᠯᠡᠮ᠎ᠡ ᠶ᠋ᠢᠨ ᠦᠵᠦᠭᠦᠷ ᠬᠦᠷᠦᠭᠰᠡᠨ ᠲᠡᠳᠦᠢ ᠲᠤᠯᠠ ᠡᠳᠡᠭᠡᠷᠡᠪᠡ᠃ ᠬᠠᠲᠠᠢ ᠲᠠᠷᠮᠠᠯᠠ ᠶ᠋ᠢ ᠶᠡᠬᠡ ᠡᠬᠡᠨᠡᠷ᠂ ᠬᠣᠶᠠᠷ ᠬᠡᠦᠬᠡᠳ᠂ ᠨᠢᠭᠡ ᠵᠠᠷᠤᠴᠠ ᠶ᠋ᠢᠨ ᠬᠠᠮᠲᠤ ᠪᠤᠷᠬᠠᠨ ᠬᠠᠯᠳᠤᠨ ᠤᠷᠤᠭᠤ ᠤᠨᠤᠭᠠᠨ ᠤ᠋ ᠮᠣᠷᠢ᠂ ᠰᠠᠭᠠᠯᠢ ᠶ᠋ᠢᠨ ᠦᠨᠢᠶ᠎ᠡ ᠪᠠᠭᠠᠬᠠᠨ ᠰᠦᠷᠦᠭ ᠬᠣᠨᠢ ᠲᠠᠢ ᠠᠮᠢ  ᠵᠢᠭᠤᠯᠭᠠᠬᠤ ᠪᠠᠷ ᠲᠡᠮᠦᠵᠢᠨ ᠦ᠌ ᠡᠴᠢᠭᠡ ᠶ᠋ᠢᠨ ᠦᠶ᠎ᠡ ᠶ᠋ᠢᠨ ᠡᠷᠲᠡᠨ ᠦ᠌ ᠰᠢᠳᠠᠷ ᠳᠣᠲᠣᠨᠣ ᠬᠥᠮᠦᠨ ᠦ᠌ ᠬᠠᠷᠢᠶ᠎ᠠ ᠬᠢᠨᠠᠯᠲᠠᠨ ᠳ᠋ᠤ᠌ ᠶᠠᠪᠤᠭᠤᠯᠵᠤ᠂ ᠰᠢᠷᠬ᠎ᠠ ᠨᠢ ᠡᠳᠡᠭᠡᠷᠡᠭᠰᠡᠨ ᠬᠡᠦᠬᠡᠨ ᠢ᠋ ᠨᠢ ᠬᠡᠳᠦᠨ ᠪᠠᠭ᠎ᠠ ᠥᠬᠢᠳ ᠪᠦᠰᠡᠭᠦᠢᠴᠦᠳ ᠦ᠋ᠨ ᠬᠠᠮᠲᠤ ᠥᠭᠡᠯᠦᠨ ᠡᠬᠡ ᠶ᠋ᠢᠨ ᠠᠰᠠᠷᠠᠮᠵᠢ ᠳ᠋ᠤ᠌  ᠬᠦᠷᠭᠡᠭᠦᠯᠵᠠᠢ᠃ 
       ᠨᠡᠭᠦᠳᠡᠯ ᠦ᠋ᠨ ᠢᠷᠭᠡᠳ ᠦ᠋ᠨ ᠨᠢᠭᠡᠨ ᠬᠡᠰᠡᠭ ᠢ᠋ ᠬᠣᠷᠬᠤᠨᠤᠭ ᠵᠥᠪᠥᠷ ᠦ᠋ᠨ ᠬᠥᠨᠳᠡᠢ ᠳ᠋ᠦ᠍ ᠦᠯᠡᠳᠡᠭᠡᠬᠦ᠂ ᠬᠡᠰᠡᠭ ᠢ᠋ ᠨᠢ ᠴᠠᠭᠠᠰᠢ ᠨᠤᠲᠤᠭ ᠤ᠋ᠨ ᠭᠦᠨ ᠤᠷᠤᠭᠤ ᠰᠢᠯᠦᠬᠡᠢ ᠶ᠋ᠢᠨ ᠮᠠᠲᠠᠯ ᠳ᠋ᠤ᠌ ᠬᠥᠷᠭᠡᠭᠦᠯᠬᠦ ᠪᠡᠷ ᠶᠠᠪᠤᠭᠤᠯᠪᠠ᠃ ᠡᠯ᠎ᠡ ᠨᠡᠭᠦᠳᠡᠯ ᠢ᠋ ᠪᠠᠭᠤᠬᠤ ᠨᠤᠲᠤᠭ ᠲᠤᠨᠢ ᠬᠦᠷᠭᠡᠬᠦ ᠶ᠋ᠢ ᠬᠡᠲᠡ ᠳ᠋ᠦ᠍ ᠬᠠᠷᠢᠭᠤᠴᠠᠭᠤᠯᠵᠤ ᠦᠯᠡᠳᠡᠭᠰᠡᠨ ᠪᠥᠯᠥᠭᠡ᠃