ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - 23> Хүлэг баатар буурч - Б. Өлзийсүрэн <Дэд бүлэг-23> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - 23> Хүлэг баатар буурч - Б. Өлзийсүрэн <Дэд бүлэг-23>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - 23> Хүлэг баатар буурч - Б. Өлзийсүрэн <Дэд бүлэг-23>

ᠠᠩᠭᠢᠯᠠᠯ:ᠲᠤᠭᠤᠵᠢ ᠷᠣᠮᠠᠨ
2026-03-15

80

ᠥᠪᠡᠷ ᠦᠨ ᠵᠠᠮ ᠮᠥᠷ ᠢᠶᠡᠷ ᠲᠡᠮᠲᠡᠷᠢᠵᠦ ᠡᠷ᠎ᠡ ᠬᠥᠮᠥᠨ ᠦ ᠡᠷᠴᠢ ᠬᠦᠴᠦ ᠶᠢ ᠣᠯᠵᠤ ᠬᠦᠷᠲᠡᠭᠰᠡᠨ ᠳᠡᠳ᠋ ᠪᠦᠯᠦᠭ

ᠬᠣᠷᠢᠨ ᠭᠤᠷᠪᠠ

 
               ᠬᠣᠷᠢᠨ ᠭᠤᠷᠪᠠ 
                  ᠰᠤᠮᠤ ᠣᠨᠢᠯᠠᠭᠰᠠᠨ ᠳᠠᠢᠰᠤᠨ ᠤ᠋ ᠥᠭᠡᠳᠡ ᠡᠴᠡ 
                        ᠠᠩᠬ᠎ᠠ ᠰᠥᠷᠦᠨ ᠳᠠᠢᠯᠠᠯᠳᠤᠬᠤ ᠳ᠋ᠤ᠌ ᠵᠢᠷᠦᠬᠡ ᠰᠢᠮᠰᠢᠷᠡᠳᠡᠭ ᠯᠡ ᠶᠦᠮ᠂ 
                        ᠴᠢᠰᠤ ᠦᠵᠡᠭᠡᠳ ᠳᠤᠮᠳᠠ ᠨᠢ ᠣᠷᠣᠭᠠᠳ ᠬᠠᠳᠬᠤᠯᠳᠤᠴᠢᠬᠠᠬᠤ ᠪᠠᠷ 
                        ᠠᠶᠤᠬᠤ ᠭᠡᠳᠡᠭ ᠠᠯᠠᠭ᠎ᠠ ᠪᠣᠯᠴᠢᠬᠠᠳᠠᠭ ᠶᠤᠮ᠃ 

       ᠥᠷᠥᠨ᠎ᠡ ᠶ᠋ᠢᠨ ᠲᠩᠷᠢ ᠬᠠᠶᠠᠭ᠎ᠠ ᠪᠠᠷ ᠢ᠋ᠶ᠋ᠠᠨ ᠤᠯᠠᠢᠵᠤ ᠶᠠᠭᠠᠷᠠᠨ ᠨᠠᠷᠠᠨ ᠠᠭᠤᠯᠠ ᠶ᠋ᠢᠨ ᠲᠣᠯᠣᠭᠠᠢ ᠰᠢᠷᠭᠤᠲᠠᠯ᠎ᠠ ᠲᠡᠭᠦᠨ ᠦ᠌ ᠪᠥᠮᠪᠥᠭᠡᠯᠢᠭ ᠭᠤᠷᠪᠠᠨ ᠪᠡᠶ᠎ᠡ ᠶ᠋ᠢᠨ ᠵᠠᠢ ᠦᠯᠡᠲᠡᠯ᠎ᠡ᠃ 
       — ᠴᠡᠷᠢᠭ ᠦ᠋ᠳ ᠵᠢᠭᠰᠠᠭᠠᠳ! ᠵᠢᠭᠰᠠᠭᠠᠳ! ᠭᠡᠰᠡᠨ ᠲᠤᠰᠢᠶᠠᠯ ᠪᠠᠭᠤᠯ᠎ᠠ᠃ ᠴᠡᠷᠢᠭ ᠦ᠋ᠳ ᠮᠣᠷᠢ ᠮᠣᠷᠢᠨ ᠳ᠋ᠠᠭᠠᠨ ᠮᠣᠷᠳᠠᠨ ᠲᠠᠪᠤᠲᠤ᠂ ᠠᠷᠪᠠᠲᠤ ᠪᠠᠷ ᠢ᠋ᠶ᠋ᠠᠨ ᠥᠪᠡᠷ ᠥᠪᠡᠷᠰᠡᠳ ᠦ᠋ᠨ ᠪᠠᠢᠷᠢ ᠶ᠋ᠢ ᠡᠵᠡᠯᠡᠪᠡ᠃ ᠲᠤᠭ ᠰᠦᠯᠳᠡ ᠶ᠋ᠢᠨ ᠲᠢᠲᠢᠮ ᠦᠵᠦᠭᠦᠷ ᠳᠡᠭᠡᠭᠰᠢ ᠪᠡᠨ ᠰᠡᠷᠡᠯᠵᠡᠨ᠂ ᠴᠠᠴᠤᠭ ᠬᠢᠭᠢᠷᠢ ᠨᠠᠮᠢᠷᠠᠨ ᠪᠦᠷ ᠴᠦ᠍ ᠰᠦᠷ ᠴᠢᠮᠡᠭ ᠲᠡᠢ ᠠᠵᠤᠭᠤ᠃  
       ᠬᠢᠯᠤᠭᠤ ᠭᠣᠣᠯ ᠤ᠋ᠨ ᠪᠠᠷᠠᠭᠤᠨ ᠪᠡᠶ᠎ᠡ ᠳ᠋ᠦ᠍ ᠳᠡᠭᠡᠷ᠎ᠡ ᠡᠴᠡ ᠨᠢ ᠬᠠᠷᠠᠪᠠᠯ ᠵᠠᠬ᠎ᠠ ᠬᠠᠮᠪᠤ᠂ ᠲᠣᠭᠣᠷᠢᠯ᠂ ᠲᠡᠮᠦᠵᠢᠨ᠂ ᠵᠠᠮᠤᠬ᠎ᠠ ᠤᠳᠤᠷᠢᠳᠤᠭᠰᠠᠨ ᠴᠡᠷᠢᠭ ᠦ᠋ᠳ ᠡᠮᠦᠨ᠎ᠡ ᠡᠴᠡ ᠪᠡᠨ ᠤᠮᠠᠷ᠎ᠠ ᠤᠷᠤᠭᠤ ᠬᠡᠰᠡᠭ ᠬᠡᠰᠡᠭ ᠢ᠋ᠶ᠋ᠡᠷ ᠵᠢᠭᠰᠠᠨ ᠳᠥᠷᠪᠡᠯᠵᠢᠨ ᠬᠡᠯᠪᠡᠷᠢ ᠶ᠋ᠢᠨ ᠡᠷᠢᠶᠡᠯᠵᠢᠯᠡᠵᠦ ᠠᠯᠠᠭᠯᠠᠭᠰᠠᠨ ᠬᠡ ᠠᠶᠠᠲᠠᠢ ᠬᠠᠷᠠᠭᠳᠠᠬᠤ ᠪᠤᠶᠤ᠃ ᠲᠡᠳᠡ ᠬᠣᠭᠣᠷᠣᠨᠳᠣ ᠪᠠᠨ ᠬᠤᠭᠤᠰ ᠮᠣᠳᠣ ᠵᠠᠢ ᠲᠠᠢ᠂ ᠪᠡᠶ᠎ᠡ ᠪᠡᠶᠡᠰ ᠦ᠋ᠨ ᠬᠠᠰᠬᠢᠷᠬᠤ ᠦᠭᠡ ᠲᠤᠰᠢᠶᠠᠯ ᠪᠡᠶ᠎ᠡ ᠪᠡᠶ᠎ᠡ ᠳ᠋ᠡᠭᠡᠨ ᠲᠡᠳᠦᠢ ᠯᠡ ᠳᠤᠭᠤᠯᠳᠠᠬᠤ ᠪᠠᠷ ᠦᠭᠡᠢ ᠵᠢᠭᠰᠠᠭᠰᠠᠨ ᠠᠵᠢ᠃ 
       ᠲᠡᠮᠦᠵᠢᠨ ᠥᠪᠡᠷᠦᠨ ᠴᠡᠷᠢᠭ ᠦ᠋ᠨ ᠤᠷᠢᠳᠤ ᠭᠠᠷᠴᠤ ᠰᠡᠯᠡᠮ᠎ᠡ ᠪᠡᠨ ᠰᠤᠭᠤᠯᠵᠤ ᠳᠡᠭᠡᠭᠰᠢ ᠡᠷᠭᠦᠭᠡᠳ᠄ 
       — ᠮᠢᠨᠦ ᠨᠥᠬᠥᠳ ᠴᠡᠷᠢᠭ ᠦ᠋ᠳ᠂ ᠪᠦᠬᠦ ᠴᠡᠷᠢᠭ ᠡᠷᠡᠰ ᠲᠤᠭᠤᠯᠵᠤ ᠪᠠᠢ᠃ ᠲᠤᠰᠢᠶᠠᠬᠤ ᠨᠢ᠄ ᠲᠠ ᠪᠢᠳᠡ ᠥᠭᠡᠳᠡ ᠡᠴᠡ ᠰᠤᠮᠤ ᠣᠨᠢᠯᠠᠵᠤ᠂ ᠰᠡᠯᠡᠮ᠎ᠡ ᠳᠠᠢᠯᠠᠭᠰᠠᠨ ᠬᠦᠴᠦᠲᠡᠢ ᠳᠠᠢᠰᠤᠨ ᠲᠠᠢ ᠰᠥᠷᠦᠨ ᠪᠠᠢᠯᠳᠤᠬᠤ ᠲᠤᠯᠤᠯᠳᠤᠭᠠᠨ ᠳ᠋ᠤ᠌ ᠣᠷᠣᠬᠤ ᠴᠠᠭ ᠪᠣᠯᠤᠯ᠎ᠠ᠃ ᠪᠢᠳᠡᠨ ᠳ᠋ᠦ᠍ ᠣᠷᠣᠭᠰᠢ ᠪᠠᠨ ᠲᠠᠪᠰᠢᠬᠤ ᠠ᠋ᠴᠠ ᠥᠭᠡᠷ᠎ᠡ ᠤᠬᠤᠷᠢᠬᠤ ᠵᠠᠮ ᠪᠠᠢᠬᠤ ᠦᠭᠡᠢ᠃ ᠳᠠᠢᠰᠤᠨ ᠢ᠋ ᠢᠯᠠᠵᠤ ᠤᠰᠠᠳᠬᠠᠬᠤ ᠠ᠋ᠴᠠ ᠥᠭᠡᠷ᠎ᠡ ᠠᠮᠢ ᠪᠠᠨ ᠠᠯᠳᠠᠬᠤ ᠡᠷᠬᠡ ᠪᠠᠢᠬᠤ ᠦᠭᠡᠢ᠃ ᠠᠮᠢ ᠪᠣᠯ ᠬᠠᠮᠤᠭ ᠠ᠋ᠴᠠ ᠦᠨᠡᠲᠡᠢ᠃ ᠡᠢᠮᠦ ᠳ᠋ᠦ᠍ ᠪᠡᠶ᠎ᠡ ᠪᠡᠶ᠎ᠡ ᠪᠡᠨ ᠬᠣᠢᠮᠣᠰᠣᠵᠤ᠂ ᠭᠤᠷᠮᠤᠰᠤᠯᠠᠵᠤ ᠬᠠᠮᠠᠭᠠᠯᠠᠨ᠂ ᠠᠯᠢᠪᠠ ᠠᠶᠤᠯ ᠢ᠋ ᠬᠠᠮᠰᠠᠵᠤ ᠳᠠᠪᠠᠪᠠᠯ ᠵᠣᠬᠢᠨ᠎ᠠ᠃ ᠣᠶᠤᠨ ᠤᠬᠠᠭᠠᠨ᠂ ᠡᠷ᠎ᠡ ᠵᠣᠷᠢᠭ᠂ ᠠᠷᠭ᠎ᠠ ᠰᠠᠮᠪᠠᠭ᠎ᠠ᠂ ᠬᠦᠴᠦ ᠴᠢᠳᠠᠯ ᠢ᠋ᠶ᠋ᠠᠨ ᠬᠤᠷᠴᠠ ᠵᠡᠪᠰᠡᠭ ᠲᠡᠢ ᠪᠡᠨ ᠬᠣᠣᠰᠯᠠᠭᠤᠯᠵᠤ ᠴᠢᠳᠠᠪᠠᠯ ᠶᠠᠮᠠᠷ ᠴᠦ᠍ ᠳᠠᠢᠰᠤᠨ ᠢ᠋ ᠢᠯᠠᠵᠤ ᠴᠢᠳᠠᠨ᠎ᠠ᠃ ᠢᠯᠠᠯᠲᠠ ᠶ᠋ᠢᠨ ᠲᠥᠯᠥᠭᠡ! ᠮᠥᠩᠬᠡ ᠲᠩᠷᠢ ᠢᠪᠡᠭᠡᠲᠦᠭᠡᠢ! ᠬᠤᠷᠤᠢ! ᠬᠤᠷᠤᠢ! ᠭᠡᠵᠦ ᠤᠷᠠᠢ ᠬᠠᠰᠬᠢᠷᠤᠮᠠᠭᠴᠠ ᠪᠦᠬᠦ ᠴᠡᠷᠢᠭ《ᠬᠤᠷᠤᠢ! ᠬᠤᠷᠤᠢ! ᠬᠤᠷᠤᠢ!》 ᠭᠡᠮᠡᠨ ᠭᠠᠵᠠᠷ ᠳᠡᠯᠡᠬᠡᠢ ᠳᠣᠷᠭᠢᠲᠠᠯ᠎ᠠ  ᠴᠤᠤᠷᠢᠶᠠᠲᠤᠭᠤᠯᠪᠠᠢ᠃ 
       ᠲᠡᠮᠦᠵᠢᠨ ᠮᠣᠷᠢᠨ ᠤ᠋ ᠪᠠᠨ ᠠᠮᠠ ᠶ᠋ᠢ ᠡᠷᠭᠢᠭᠦᠯᠵᠦ《ᠤᠷᠤᠭᠰᠢ ᠪᠠᠨ ᠳᠠᠪᠰᠢᠭᠠᠳ!》 ᠭᠡᠮᠡᠨ ᠬᠠᠰᠬᠢᠷᠤᠭᠠᠳ ᠥᠪᠡᠷ ᠢ᠋ᠶ᠋ᠡᠨ ᠲᠦᠷᠦᠭᠦᠯᠡᠨ ᠠᠯᠬᠤᠭᠤᠯᠤᠯ᠎ᠠ᠃ ᠰᠢᠷᠭ᠎ᠠ ᠮᠣᠷᠢ ᠨᠢ ᠳᠡᠭᠦᠭᠡᠯᠵᠡᠨ ᠬᠣᠶᠠᠷ ᠲᠡᠰᠢᠶ᠎ᠡ ᠨᠢ ᠬᠣᠯᠪᠢᠯᠵᠠᠨ ᠡᠮᠡᠭᠡᠯ ᠳᠡᠭᠡᠷ᠎ᠡ ᠪᠡᠨ ᠰᠣᠨᠳᠣᠭᠣᠢ ᠰᠠᠭᠤᠵᠤ ᠲᠠᠰᠢᠶ᠎ᠠ ᠲᠤᠯᠤᠨ ᠶᠠᠪᠤᠭ᠎ᠠ ᠵᠠᠯᠠᠭᠤ ᠵᠠᠩᠵᠤᠨ ᠤ᠋ ᠨᠠᠷᠢᠨ ᠥᠨᠳᠥᠷ ᠪᠡᠶ᠎ᠡ ᠭᠤᠸᠠᠯᠢᠭ ᠴᠡᠮᠴᠡᠭᠡᠷ ᠦᠵᠡᠭᠳᠡᠨ᠎ᠡ᠃ ᠲᠡᠷᠡ ᠡᠷ᠎ᠡ ᠶ᠋ᠢᠨ ᠲᠣᠯᠣᠭᠠᠢ ᠳ᠋ᠤ᠌ ᠲᠣᠭᠲᠣᠭ᠎ᠠ ᠪᠡᠬᠢ ᠶ᠋ᠢ ᠭᠡᠨᠡᠳᠡᠭᠦᠯᠦᠨ ᠳᠠᠭᠠᠷᠢᠵᠤ ᠡᠭᠦᠷ ᠲᠦ᠋ᠨᠢ ᠪᠠᠷᠢᠵᠤ ᠬᠠᠢᠷᠠᠲᠤ ᠬᠠᠨᠢ ᠪᠥᠷᠲᠡ ᠪᠡᠨ ᠣᠯᠵᠤ ᠠᠪᠬᠤ ᠭᠡᠰᠡᠨ ᠪᠣᠳᠣᠯ᠁ ᠳᠠᠢᠰᠤᠨ ᠤ᠋ ᠥᠭᠡᠳᠡ ᠡᠴᠡ ᠰᠤᠮᠤ ᠣᠨᠢᠯᠠᠵᠤ᠂ ᠰᠡᠯᠡᠮ᠎ᠡ ᠳᠠᠯᠠᠢᠵᠤ ᠦᠵᠡᠭᠡ ᠦᠭᠡᠢ ᠠᠷᠳᠠᠭ ᠣᠩᠭᠣᠨ ᠵᠠᠯᠠᠭᠤ ᠡᠷ᠎ᠡ ᠳ᠋ᠦ᠍ ᠭᠠᠭᠴᠠᠬᠠᠨ ᠢᠯᠠᠬᠤ ᠯᠠ ᠵᠣᠷᠢᠯᠭ᠎ᠠ᠂ ᠭᠡᠬᠦ ᠳ᠋ᠡᠭᠡᠨ ᠶᠠᠭᠠᠬᠢᠵᠤ ᠭᠡᠳᠡᠭ ᠨᠢ ᠲᠣᠳᠣᠷᠬᠠᠢ ᠦᠭᠡᠢ᠃ ᠠᠷᠤ ᠳ᠋ᠤᠨᠢ ᠶᠠᠪᠤᠭ᠎ᠠ ᠪᠣᠭᠤᠷᠴᠢ ᠮᠠᠩᠭᠤᠰ ᠤ᠋ᠨ ᠠᠮᠠᠨ ᠳ᠋ᠤ᠌ ᠣᠷᠣᠵᠤ᠂ ᠲᠡᠭᠦᠰᠬᠡᠨ ᠦ᠌ ᠰᠠᠨᠠᠭᠠᠨ ᠳ᠋ᠤ᠌ ᠣᠷᠣᠮ᠎ᠠ ᠦᠭᠡᠢ ᠪᠢᠴᠢᠬᠠᠨ ᠠᠷᠭ᠎ᠠ ᠤᠬᠠᠭᠠᠨ ᠤ᠋ ᠠᠴᠢ ᠪᠠᠷ ᠲᠡᠳᠡᠨ ᠦ᠌ ᠭᠠᠷ ᠠ᠋ᠴᠠ ᠮᠣᠯᠲᠣᠷᠴᠤ ᠰᠥᠨᠥᠭᠡᠭᠰᠡᠨ᠂ ᠪᠤᠲᠠᠯᠠᠭᠰᠠᠨ᠃ ᠡᠳᠦᠭᠡ ᠤᠷᠢᠳᠠ ᠠ᠋ᠴᠠ ᠤᠭᠲᠤᠬᠤ ᠳᠠᠢᠰᠤᠨ ᠲᠡᠳᠡᠨ ᠲᠡᠢ ᠠᠳᠠᠯᠢ ᠪᠤᠰᠤ᠃ ᠵᠢᠩᠬᠢᠨᠢ ᠵᠡᠪᠰᠡᠭ ᠪᠠᠷᠢᠭᠰᠠᠨ ᠳᠠᠢᠰᠤᠨ᠃ ᠲᠡᠮᠦᠵᠢᠨ ᠦ᠌ ᠠᠷᠤ ᠠ᠋ᠴᠠ ᠵᠢᠭᠰᠠᠵᠤ ᠶᠠᠪᠤᠭ᠎ᠠ ᠵᠠᠯᠠᠭᠤᠰ ᠳᠠᠢᠰᠤᠨ᠂ ᠲᠡᠢᠨ ᠭᠡᠳᠡᠭ ᠢ᠋ ᠮᠡᠳᠡᠬᠦ ᠦᠭᠡᠢ᠂ ᠦᠵᠡᠭᠡ ᠦᠭᠡᠢ᠂ ᠲᠡᠢᠨ ᠭᠡᠳᠡᠭ ᠢ᠋ ᠦᠯᠢᠭᠡᠷ ᠲᠤᠤᠯᠢ᠂ ᠤᠷᠢᠳ ᠬᠣᠵᠢᠳ ᠳᠠᠢᠳᠤᠵᠤ ᠶᠠᠪᠤᠭᠰᠠᠨ ᠡᠪᠦᠭᠡᠳ ᠬᠥᠭᠰᠢᠳ ᠦ᠋ᠨ ᠠᠮᠠᠨ ᠠ᠋ᠴᠠ ᠯᠠ ᠰᠣᠨᠣᠰᠤᠭᠰᠠᠨ᠃ ᠠᠮᠢ ᠨᠠᠰᠤᠨ ᠤ᠋ ᠥᠷᠢᠰᠦᠯᠳᠦᠭᠡᠨ᠂ ᠠᠢᠳᠠᠰ ᠬᠦᠢᠲᠡᠰ᠃ ᠲᠡᠢᠨ ᠳ᠋ᠦ᠍ ᠣᠷᠣᠭᠰᠠᠨ ᠬᠥᠮᠦᠨ ᠠᠮᠢᠳᠤ ᠭᠠᠷᠤᠨ᠎ᠠ ᠭᠡᠬᠦ ᠪᠠᠲᠤᠯᠠᠭ᠎ᠠ ᠦᠭᠡᠢ᠃ ᠭᠡᠬᠦ ᠳ᠋ᠡᠭᠡᠨ ᠦᠬᠦᠨ᠎ᠡ ᠭᠡᠵᠦ ᠣᠷᠣᠳᠠᠭ ᠦᠭᠡᠢ᠂ ᠢᠯᠠᠨ᠎ᠠ᠂ ᠳᠡᠢᠯᠦᠨ᠎ᠡ᠂ ᠠᠮᠢᠳᠤ ᠮᠡᠨᠳᠦ ᠡᠷᠭᠢᠵᠦ ᠢᠷᠡᠨ᠎ᠡ ᠭᠡᠵᠦ ᠪᠣᠳᠣᠵᠤ ᠣᠷᠣᠳᠠᠭ᠃ ᠳᠠᠢᠰᠤᠨ ᠲᠠᠢ ᠲᠤᠯᠤᠯᠳᠤᠬᠤ ᠮᠥᠴᠡ ᠲᠤᠩ ᠣᠢᠷᠠᠬᠠᠨ᠃ ᠭᠤᠷᠪᠠᠨ ᠶᠡᠬᠡ ᠬᠦᠴᠦ ᠮᠥᠨ ᠭᠤᠷᠪᠠᠨ ᠶᠡᠬᠡ ᠬᠦᠴᠦᠨ ᠦ᠌ ᠥᠭᠡᠳᠡ ᠡᠴᠡ ᠳᠠᠪᠰᠢᠵᠤ ᠶᠠᠪᠤᠭ᠎ᠠ᠃ ᠲᠡᠢᠷ ᠤᠰᠤᠨ᠂ ᠲᠣᠭᠲᠣᠭ᠎ᠠ ᠪᠡᠬᠢ᠂ ᠬᠠᠲᠠᠢ ᠳᠠᠷᠮᠠᠯᠠ ᠶ᠋ᠢᠨ ᠬᠦᠷᠢᠶ᠎ᠡ ᠥᠷᠭᠥᠭᠡ ᠶ᠋ᠢ50—60 ᠮᠣᠳᠣ ᠬᠢᠷᠢ ᠭᠡᠵᠦ ᠪᠠᠭᠴᠠᠭᠠᠯᠠᠵᠤ ᠶᠠᠷᠢᠯᠴᠠᠭᠰᠠᠨ᠃ ᠲᠡᠷᠡ ᠬᠦᠷᠬᠦ ᠳ᠋ᠦ᠍ ᠰᠥᠨᠢ ᠳᠦᠯᠢ ᠥᠩᠭᠡᠷᠡᠬᠦ ᠪᠣᠯᠤᠨ᠎ᠠ᠃ ᠳᠠᠢᠰᠤᠨ ᠶᠠᠮᠠᠷ ᠨᠢᠭᠡᠨ ᠮᠡᠳᠡᠭᠡ ᠠᠪᠤᠭᠰᠠᠨ ᠪᠣᠯ ᠥᠭᠡᠳᠡ ᠡᠴᠡ ᠤᠭᠲᠤᠨ ᠢᠷᠡᠬᠦ ᠤᠴᠢᠷ ᠲᠠᠢ᠃ ᠲᠡᠭᠡᠪᠡᠯ ᠡᠨᠡ ᠡᠮᠦᠨᠡᠬᠢ ᠥᠭᠡᠳᠡ ᠶ᠋ᠢᠨ ᠴᠠᠭᠠᠨ᠎ᠠ ᠴᠦ᠍ ᠲᠤᠯᠭᠠᠷᠠᠵᠤ ᠪᠣᠯᠵᠣᠰᠢ ᠦᠭᠡᠢ᠃ ᠬᠤᠭᠤᠰ ᠮᠥᠴᠡ ᠬᠢᠷᠢ ᠶᠠᠪᠤᠭᠠᠳ ᠲᠡᠮᠦᠵᠢᠨ《ᠪᠠᠭ᠂ ᠬᠡᠰᠡᠭ ᠪᠦᠯᠦᠭ ᠦ᠋ᠳ᠂ ᠪᠠᠢᠷᠢ ᠪᠠᠨ ᠡᠵᠡᠯᠡᠭᠡᠳ!》 ᠭᠡᠮᠡᠨ ᠲᠤᠰᠢᠶᠠᠵᠤ ᠴᠤᠪᠤᠭ᠎ᠠ ᠵᠢᠭᠰᠠᠭᠠᠯ᠂ ᠡᠩᠨᠡᠭᠡ ᠵᠢᠭᠰᠠᠭᠠᠯ ᠳ᠋ᠤ᠌ ᠣᠷᠣᠵᠤ ᠪᠣᠭᠤᠷᠴᠢ ᠲᠡᠮᠦᠵᠢᠨ ᠲᠡᠢ ᠶᠠᠷᠢᠯᠴᠠᠵᠤ ᠲᠣᠬᠢᠷᠠᠭᠰᠠᠨ ᠶᠣᠰᠣᠭᠠᠷ ᠬᠣᠷᠢᠨ ᠴᠡᠷᠢᠭ ᠲᠡᠢ ᠶᠡᠬᠡ ᠴᠡᠷᠢᠭ ᠦ᠋ᠨ ᠲᠦᠷᠦᠭᠦᠦ ᠬᠣᠰᠢᠭᠤᠴᠢᠯᠠᠨ ᠶᠠᠪᠤᠵᠤ ᠳᠠᠢᠰᠤᠨ ᠤᠭᠲᠤᠨ ᠢᠷᠡᠪᠡᠯ ᠮᠡᠳᠡᠭᠡᠯᠡᠬᠦ ᠵᠣᠷᠢᠯᠭ᠎ᠠ ᠪᠠᠷ ᠬᠥᠮᠦᠨ ᠪᠦᠷᠢ ᠲᠣᠬᠣᠮ ᠣᠯᠤᠮᠠᠯᠠᠭᠰᠠᠨ ᠬᠥᠲᠥᠯᠦᠭᠡ ᠮᠣᠷᠢ ᠲᠠᠢ ᠲᠦᠷᠦᠭᠦᠯᠡᠨ ᠴᠣᠢᠯᠠᠵᠤ ᠭᠠᠷᠪᠠ᠃ ᠴᠣᠬᠣᠮ ᠳ᠋ᠠᠭᠠᠨ ᠪᠣᠭᠤᠷᠴᠢ ᠶ᠋ᠢᠨ ᠪᠣᠳᠣᠯ ᠳ᠋ᠤ᠌ ᠬᠡᠷᠡᠢᠳ ᠦ᠋ᠨ ᠬᠠᠭᠠᠨ ᠠ᠋ᠴᠠ ᠲᠦᠷᠦᠭᠦᠯᠡᠵᠦ ᠬᠠᠲᠠᠢ ᠳᠠᠷᠮᠠᠯᠠ ᠶ᠋ᠢ ᠪᠠᠷᠢᠬᠤ ᠬᠣᠷᠣᠬᠠᠢ ᠬᠦᠷᠴᠦ᠂ ᠡᠢᠨᠬᠦ ᠶᠠᠪᠤᠭ᠎ᠠ ᠵᠠᠯᠠᠭᠤ ᠡᠷ᠎ᠡ ᠶ᠋ᠢᠨ ᠣᠮᠣᠭᠯᠠᠩ ᠰᠡᠳᠬᠢᠯ᠂ ᠬᠥᠬᠡ ᠡᠪᠦᠭᠡᠨ ᠦ᠌ ᠥᠭᠭᠦᠭᠰᠡᠨ ᠥᠴᠢᠭ ᠦᠨᠡᠨ ᠪᠣᠯᠵᠤ ᠪᠡᠶᠡᠯᠡᠬᠦ᠂ ᠬᠤᠳᠠᠯ ᠪᠣᠯ ᠳᠠᠢᠰᠤᠨ ᠤ᠋ ᠤᠲᠤᠭᠠᠨ(ᠪᠦᠭᠭᠦᠯᠲᠡ) ᠳ᠋ᠦ᠍ ᠣᠷᠣᠵᠤ ᠪᠣᠯᠬᠤ ᠮᠡᠲᠦ ᠪᠣᠳᠣᠯ ᠤ᠋ᠳ ᠡᠷᠭᠢᠯᠳᠦᠵᠦ ᠪᠠᠢᠯ᠎ᠠ᠃ ᠭᠡᠪᠡᠴᠦ ᠵᠣᠷᠢᠭ ᠰᠢᠨᠲᠠᠷᠠᠭᠰᠠᠨ ᠦᠭᠡᠢ᠃ ᠶᠡᠬᠡ ᠴᠡᠷᠢᠭ ᠡᠴᠡ ᠪᠡᠨ ᠬᠣᠯᠠ ᠲᠠᠰᠤᠷᠠᠯ᠎ᠠ᠃ ᠬᠡᠯᠲᠡᠭᠡᠢ ᠰᠠᠷᠠᠨ ᠮᠠᠨᠳᠤᠭᠠᠳ ᠨᠡᠯᠢᠶᠡᠳ ᠠᠯᠤᠰ ᠢ᠋ ᠬᠠᠷᠠᠬᠤ ᠮᠥᠩᠭᠥᠨ ᠲᠤᠶᠠᠭ᠎ᠠ ᠪᠠᠨ ᠰᠠᠴᠤᠯ᠎ᠠ᠃ ᠡᠨᠡ ᠴᠦ᠍ ᠪᠠᠰᠠ ᠲᠡᠳᠡᠨ ᠳ᠋ᠦ᠍ ᠨᠢᠭᠡᠨ ᠵᠦᠢᠯ ᠦ᠋ᠨ ᠲᠦᠰᠢᠭ ᠬᠠᠨᠢ᠃ ᠬᠣᠢᠲᠤ ᠤᠷᠢᠳᠤ ᠬᠣᠶᠠᠷ ᠠᠭᠤᠯᠠ ᠶ᠋ᠢᠨ ᠬᠡᠴᠡ ᠶ᠋ᠢ ᠪᠠᠷᠢᠵᠤ ᠪᠠᠷᠢᠮᠵᠢᠶᠠᠯᠠᠨ ᠡᠮᠦᠨᠡᠬᠢ ᠵᠠᠮ ᠣᠭᠰᠢᠨ᠂ ᠳᠠᠢᠰᠤᠨ ᠤ᠋ ᠡᠭᠦᠷ ᠣᠢᠷᠠᠳᠬᠤ ᠲᠣᠰᠤᠮ ᠰᠡᠳᠬᠢᠯ ᠲᠦᠭᠰᠢᠨ᠂ ᠵᠢᠷᠦᠬᠡ ᠪᠤᠯᠭᠢᠯᠠᠬᠤ ᠠᠪᠠᠴᠤ ᠪᠤᠴᠠᠬᠤ ᠰᠢᠨᠲᠠᠷᠠᠬᠤ ᠠᠷᠭ᠎ᠠ ᠦᠭᠡᠢ᠂ ᠰᠠᠨᠠᠭ᠎ᠠ ᠴᠦ᠍ ᠦᠭᠡᠢ᠃ ᠭᠠᠵᠠᠷ ᠤ᠋ᠨ ᠳᠤᠮᠳᠠ ᠬᠦᠷᠪᠡᠦ? ᠭᠡᠬᠦ ᠪᠠᠷᠢᠮᠵᠢᠶᠠᠨ ᠳ᠋ᠤ᠌ ᠮᠣᠷᠢᠨ ᠠ᠋ᠴᠠ ᠪᠠᠨ ᠮᠣᠷᠢᠨ ᠳ᠋ᠤ᠌ ᠦᠰᠦᠷᠦᠨ ᠮᠣᠷᠳᠠᠵᠤ ᠰᠣᠯᠢᠵᠤ ᠴᠡᠷᠢᠭ ᠦ᠋ᠳ ᠪᠠᠰᠠ ᠴᠦ᠍ ᠬᠥᠭᠵᠢᠶᠡᠨ ᠲᠡᠢ᠂ ᠬᠥᠭᠡᠷᠦᠭᠡᠨ ᠲᠡᠢ ᠦᠭᠡ ᠰᠣᠯᠢᠯᠴᠠᠨ ᠳᠠᠪᠬᠢᠯᠳᠤᠨ᠎ᠠ᠃ ᠴᠢᠭ ᠪᠠᠷᠢᠵᠤ ᠶᠠᠪᠤᠭᠰᠠᠨ ᠠᠷᠤ ᠶ᠋ᠢᠨ ᠱᠣᠪᠬᠣ ᠣᠷᠭᠢᠯ ᠦᠵᠡᠭᠳᠡᠬᠦ ᠪᠡᠨ ᠪᠣᠯᠢᠵᠤ ᠵᠢᠷᠦᠬᠡᠨ ᠱᠣᠪᠬᠣ ᠠᠭᠤᠯᠠ ᠶ᠋ᠢᠨ ᠪᠠᠷᠠᠭᠤᠨ ᠰᠤᠭᠤ ᠤᠷᠤᠭᠤ ᠣᠷᠣᠯ᠎ᠠ᠃ ᠠᠯᠤᠰ ᠲᠤ ᠠᠢᠯ ᠬᠣᠲᠠ ᠨᠤᠭᠤᠳ ᠦᠵᠡᠭᠳᠡᠵᠦ ᠠᠭᠤᠯᠠ ᠪᠠᠯ ᠢ᠋ᠶ᠋ᠠᠷ ᠡᠪᠦᠯᠵᠢᠶ᠎ᠡ ᠣᠲᠣᠭ ᠤ᠋ᠳ ᠵᠠᠮ ᠵᠠᠭᠤᠷ᠎ᠠ ᠳᠠᠭᠠᠷᠢᠯᠳᠤᠵᠤ ᠥᠩᠭᠡᠷᠡᠭᠰᠡᠭᠡᠷ᠃ ᠲᠡᠷᠡ ᠪᠦᠷᠢ ᠨᠣᠬᠠᠢ ᠶ᠋ᠢᠨ ᠳᠠᠭᠤ ᠴᠢᠮᠡᠭᠡ ᠠᠨᠢᠷ ᠭᠠᠷᠴᠤ ᠪᠠᠢᠪᠠ᠃ ᠠᠭᠤᠯᠠ ᠥᠩᠭᠡᠷᠡᠵᠦ ᠶᠡᠬᠡ ᠬᠥᠨᠳᠡᠢ ᠤᠷᠤᠭᠤ ᠣᠷᠣᠬᠤ ᠨᠢ ᠬᠥᠬᠡ ᠡᠪᠦᠭᠡᠨ ᠦ᠌ ᠥᠭᠭᠦᠭᠰᠡᠨ ᠮᠡᠳᠡᠭᠦᠯᠭᠡ ᠪᠡᠷ ᠪᠣᠯ ᠶᠡᠷᠦ ᠨᠢ ᠪᠠᠷᠠᠭᠤᠨ ᠳᠠᠰᠢ ᠪᠠᠨ ᠬᠠᠲᠠᠢ ᠲᠠᠷᠮᠠᠯᠠ ᠶ᠋ᠢᠨ ᠬᠦᠷᠢᠶ᠎ᠡ ᠲᠤᠩ ᠴᠦ᠍ ᠣᠢᠷᠠᠲᠤᠭᠰᠠᠨ ᠤ᠋ ᠲᠡᠮᠳᠡᠭ ᠭᠡᠯᠲᠡᠢ᠃ ᠲᠡᠭᠦᠨ ᠦ᠌ ᠬᠡᠯᠡᠭᠰᠡᠨ ᠢ᠋ᠶ᠋ᠡᠷ ᠵᠢᠷᠦᠬᠡᠨ ᠱᠣᠪᠬᠣ ᠠᠭᠤᠯᠠ ᠪᠠᠷᠠᠭᠤᠨ ᠲᠠᠰᠢ ᠪᠠᠨ ᠨᠠᠮᠰᠠᠨ ᠨᠠᠮᠰᠠᠭᠰᠠᠭᠠᠷ ᠬᠣᠰᠢᠭᠤ ᠪᠠᠷ ᠰᠢᠪᠲᠤᠷᠠᠨ᠎ᠠ᠃ ᠲᠡᠷᠡ ᠰᠢᠪᠲᠤᠷᠠᠭᠠᠨ ᠳ᠋ᠤ᠌ ᠬᠠᠷᠠᠭᠤᠯ ᠤ᠋ᠨ ᠴᠥᠭᠡᠪᠲᠦᠷ ᠴᠡᠷᠢᠭ ᠪᠣᠢ᠃ ᠡᠢᠮᠦ ᠬᠠᠷᠠᠭᠤᠯ ᠬᠣᠭᠣᠷᠣᠨᠳᠣ ᠪᠠᠨ ᠲᠠᠪᠤ ᠠ᠋ᠴᠠ ᠵᠢᠷᠭᠤᠭᠠᠨ ᠬᠢᠷᠢ ᠮᠣᠳᠣ ᠵᠠᠢᠲᠠᠢ ᠬᠡᠳᠦ ᠬᠡᠳᠦ ᠪᠠᠢᠳᠠᠭ᠃ ᠪᠤᠰᠤᠳ ᠬᠣᠶᠠᠷ ᠲᠤ ᠴᠦ᠍ ᠪᠣᠢ ᠭᠡᠰᠡᠨ᠃ ᠬᠠᠷᠠᠭᠤᠯ ᠠ᠋ᠴᠠ ᠶᠡᠬᠡ ᠬᠦᠷᠢᠶ᠎ᠡ ᠬᠦᠷᠲᠡᠯ᠎ᠡ ᠳᠥᠷᠪᠡ ᠡᠴᠡ ᠲᠠᠪᠤᠨ ᠮᠣᠳᠣ᠃ ᠦᠨᠡᠬᠡᠷ ᠳᠠᠢᠰᠤᠨ ᠤ᠋ ᠬᠦᠷᠢᠶ᠎ᠡ ᠲᠦᠨᠡᠷᠡᠨ ᠬᠠᠷᠠᠭᠳᠠᠵᠤ᠂ ᠭᠠᠵᠠᠷ ᠤ᠋ᠨ ᠥᠩᠭᠡᠨ ᠳ᠋ᠦ᠍ ᠬᠠᠷᠠᠭᠳᠠᠬᠤ ᠪᠠᠨ ᠪᠠᠢᠨ ᠬᠠᠷᠠᠭᠤᠯ ᠤ᠋ᠨ ᠴᠡᠷᠢᠭ ᠦ᠋ᠳ ᠲᠠᠢᠪᠤᠩ ᠨᠣᠢᠷᠰᠤᠭᠰᠠᠨ ᠪᠣᠯᠤᠯᠲᠠᠢ᠃《ᠬᠠᠷᠠᠭᠤᠯ ᠢ᠋ ᠳᠠᠭᠠᠷᠢᠬᠤ ᠤᠤ? ᠪᠠᠢᠬᠤ ᠤᠤ?》 ᠭᠡᠯᠴᠡᠵᠦ《ᠪᠠᠢᠬᠤ》 ᠲᠠᠯ᠎ᠠ ᠳ᠋ᠠᠭᠠᠨ ᠰᠢᠢᠳᠪᠦᠷᠢ ᠭᠠᠷᠪᠠ᠃ ᠤᠴᠢᠷ ᠨᠢ ᠡᠳᠡ ᠡᠰᠡᠷᠭᠦᠴᠡᠭᠡ ᠦᠭᠡᠢ ᠪᠠᠢᠬᠤ ᠳ᠋ᠤ᠌ ᠥᠳᠥᠭᠡᠵᠦ ᠳᠠᠭᠤ ᠴᠢᠮᠡᠭᠡ ᠭᠠᠷᠭᠠᠬᠤ ᠠ᠋ᠴᠠ ᠪᠣᠯᠭᠣᠮᠵᠢᠯᠠᠪᠠ᠃ ᠠᠮᠢ ᠨᠠᠰᠤᠨ ᠤ᠋ ᠥᠷᠢᠰᠦᠯᠳᠦᠬᠦ ᠳᠠᠭᠤᠨ ᠬᠠᠰᠬᠢᠷᠤᠭᠠᠨ ᠭᠠᠰᠠᠯᠠᠩ ᠪᠣᠯᠪᠠᠯ ᠰᠥᠨᠢ ᠶ᠋ᠢᠨ ᠴᠢᠮᠡᠭᠡ ᠰᠣᠷᠭᠣᠭ ᠲᠤᠯᠠ ᠲᠣᠭᠣᠷᠢᠵᠤ ᠭᠠᠷᠤᠭᠠᠳ ᠬᠦᠷᠢᠶ᠎ᠡ ᠤᠷᠤᠭᠤ ᠳᠣᠪᠲᠣᠯᠵᠤ ᠭᠣᠣᠯ ᠵᠦᠢᠯ ᠢ᠋ᠶ᠋ᠡᠨ ᠪᠡᠶᠡᠯᠡᠭᠦᠯᠬᠦ ᠨᠢ ᠵᠥᠪ ᠭᠡᠵᠦ ᠦᠵᠡᠵᠡᠢ᠃ ᠲᠡᠳᠡ ᠨᠡᠯᠢᠶᠡᠳ ᠪᠠᠷᠠᠭᠤᠨ ᠢ᠋ᠶ᠋ᠠᠷ ᠲᠡᠶᠠᠯᠠᠨ ᠲᠣᠭᠣᠷᠢᠵᠤ ᠭᠠᠷᠤᠭᠠᠳ ᠶᠡᠬᠡ ᠬᠦᠷᠢᠶᠡᠨ ᠦ᠌ ᠡᠮᠦᠨᠡᠭᠦᠷ ᠰᠠᠵᠢᠯᠠᠭᠤᠯᠤᠨ ᠵᠡᠭᠦᠨ ᠲᠡᠰᠢ ᠡᠷᠭᠢᠵᠦ ᠵᠡᠭᠦᠨ ᠬᠣᠢᠲᠤ ᠲᠠᠯ᠎ᠠ ᠳ᠋ᠤ᠌ ᠦᠵᠡᠭᠳᠡᠬᠦ ᠥᠨᠳᠥᠷ ᠥᠨᠳᠥᠷ ᠲᠣᠮᠣ ᠥᠷᠭᠥᠭᠡ ᠶ᠋ᠢ ᠴᠢᠭᠯᠡᠨ ᠣᠢᠷᠠᠲᠤᠭᠠᠳ ᠬᠦᠷᠢᠶᠡᠨ ᠦ᠌ ᠵᠠᠬ᠎ᠠ ᠬᠦᠷᠦᠮᠡᠭᠴᠡ ᠮᠣᠷᠢᠨ ᠤ᠋ ᠬᠤᠷᠳᠤ ᠪᠠᠷ ᠭᠠᠭᠴᠠᠬᠦ ᠮᠣᠷᠢᠨ ᠲᠦᠪᠡᠷᠭᠡᠨ ᠢ᠋ᠶ᠋ᠡᠷ ᠭᠡᠷ ᠦ᠋ᠳ ᠳᠤᠮᠳᠠᠭᠤᠷ ᠳᠠᠭᠠᠷᠢᠨ ᠣᠷᠣᠨ᠎ᠠ᠃ ᠵᠠᠮ ᠳ᠋ᠤ᠌ ᠲᠣᠬᠢᠶᠠᠯᠳᠤᠬᠤ ᠡᠲᠡᠭᠡᠳ ᠢ᠋ ᠤᠰᠠᠳᠬᠠᠬᠤ ᠪᠣᠯᠤᠨ᠎ᠠ᠃ ᠶᠠᠩᠵᠤ ᠪᠦᠷᠢ ᠶ᠋ᠢᠨ ᠳᠠᠭᠤ ᠤᠷᠠᠢ᠂ ᠬᠤᠷᠤᠢ᠂ ᠬᠢᠭ ᠭᠣᠭ᠋ ᠬᠠᠰᠬᠢᠷᠬᠤ ᠦᠭᠡᠢ᠂ ᠪᠣᠭᠣᠷᠴᠢ ᠨᠡᠷ᠎ᠡ ᠳᠤᠷᠠᠳᠤᠭᠰᠠᠨ ᠨᠠᠢ᠍ᠮᠠᠨ ᠴᠡᠷᠢᠭ ᠦ᠋ᠨ ᠬᠠᠮᠲᠤ ᠲᠣᠮᠣ ᠥᠷᠥᠭᠡᠨ ᠦ᠌ ᠢᠰᠡᠭᠡᠢ ᠡᠭᠦᠳᠡ ᠶ᠋ᠢ ᠭᠡᠷ ᠳᠡᠭᠡᠷ ᠰᠡᠬᠦᠨ ᠬᠠᠶᠠᠵᠤ ᠬᠠᠭᠠᠯᠭ᠎ᠠ ᠶ᠋ᠢ ᠬᠡᠮᠬᠡ ᠲᠡᠳᠡᠨ ᠵᠢᠳᠠ ᠪᠠᠷᠢᠭᠰᠠᠨ ᠴᠡᠷᠢᠭ ᠲᠦᠷᠦᠭᠦᠯᠡᠨ ᠪᠠᠮᠪᠠᠷ ᠠᠰᠠᠭᠠᠭᠰᠠᠨ ᠴᠡᠷᠢᠭ ᠳᠠᠭᠠᠯᠳᠤᠨ ᠴᠤᠪᠤᠷᠠᠨ ᠣᠷᠣᠬᠤ᠂ ᠨᠥᠭᠦᠭᠡ ᠠᠷᠪᠠᠨ ᠬᠣᠶᠠᠷ ᠴᠡᠷᠢᠭ ᠲᠡᠳᠡᠨ ᠢ᠋ ᠬᠠᠮᠠᠭᠠᠯᠠᠨ ᠬᠥᠲᠥᠯᠭᠡ ᠮᠣᠷᠢᠳ ᠪᠣᠯᠤᠨ ᠣᠯᠵᠠᠯᠠᠭᠳᠠᠭᠰᠠᠳ ᠢ᠋ᠶ᠋ᠠᠷ ᠬᠠᠯᠬᠠᠪᠴᠢ ᠬᠢᠵᠦ ᠳᠠᠢᠳᠤᠵᠤ ᠡᠰᠡᠷᠭᠦᠴᠡᠯ ᠢ᠋ ᠨᠢᠴᠤᠭᠠᠬᠤ ᠠᠷᠭ᠎ᠠ ᠲᠥᠯᠥᠪᠯᠡᠭᠡ ᠪᠣᠯᠪᠠᠰᠤᠷᠠᠭᠤᠯᠤᠭᠰᠠᠨ ᠠᠵᠢ᠃ ᠪᠣᠳᠣᠵᠤ ᠲᠥᠯᠥᠪᠯᠡᠭᠰᠡᠨ ᠶᠣᠰᠣᠭᠠᠷ ᠪᠦᠬᠦᠨ ᠢ᠋ ᠬᠢᠪᠡ᠃ ᠬᠠᠲᠠᠢ ᠳᠠᠷᠮᠠᠯᠠ ᠡᠬᠡᠨᠡᠷ ᠲᠡᠢ ᠪᠡᠨ ᠶᠡᠬᠡ ᠴᠢᠮᠡᠭᠡ ᠱᠤᠤᠭᠢᠶᠠᠨ ᠢ᠋ᠶ᠋ᠠᠷ ᠳᠥᠩᠭᠡᠵᠦ ᠰᠡᠷᠡᠭᠡᠳ ᠪᠣᠰᠴᠤ ᠬᠤᠪᠴᠠᠰᠤᠯᠠᠵᠤ ᠪᠠᠢᠪᠠ᠃ ᠬᠠᠮᠠᠭᠠᠯᠠᠯᠲᠠ ᠶ᠋ᠢᠨ ᠴᠡᠷᠢᠭ ᠦ᠋ᠳ ᠨᠢ ᠲᠤᠯᠭᠠᠮᠳᠠᠵᠤ ᠳᠠᠭᠠᠷᠢᠯᠲᠠ ᠳ᠋ᠤ᠌ ᠬᠢᠯᠪᠠᠷᠬᠠᠨ ᠥᠷᠲᠥᠨ ᠦᠷᠡᠭᠳᠡᠵᠡᠢ᠃ ᠪᠣᠭᠤᠷᠴᠢ ᠥᠪᠡᠷ ᠲᠡᠭᠡᠨ ᠭᠤᠷᠪᠠᠨ ᠴᠡᠷᠢᠭ ᠢ᠋ ᠦᠯᠡᠳᠡᠭᠡᠵᠦ ᠪᠤᠰᠤᠳ ᠲᠠᠪᠤᠨ ᠴᠡᠷᠢᠭ ᠢ᠋ ᠭᠠᠷᠭᠠᠵᠤ ᠨᠥᠭᠦᠭᠡ ᠭᠡᠷ ᠡᠴᠡ ᠣᠢᠷ᠎ᠠ ᠳᠣᠲᠣᠨᠣ ᠬᠥᠮᠦᠰ ᠢ᠋ ᠨᠢ ᠣᠯᠵᠠᠯᠠᠨ ᠠᠪᠬᠤ ᠶ᠋ᠢ ᠲᠤᠰᠢᠶᠠᠪᠠ᠃ ᠬᠠᠮᠠᠭᠠᠯᠠᠯᠲᠠ ᠳ᠋ᠤ᠌ ᠲᠠᠯᠪᠢᠭᠰᠠᠨ ᠴᠡᠷᠢᠭ ᠦ᠋ᠳ ᠳᠣᠪᠲᠣᠯᠤᠭᠰᠠᠳ ᠢ᠋ ᠨᠢᠴᠤᠭᠠᠨ ᠳᠠᠷᠤᠵᠤ ᠰᠡᠯᠡᠮ᠎ᠡ ᠶ᠋ᠢᠨ ᠬᠠᠷᠰᠢᠯᠳᠤᠭᠠᠨ᠂ ᠰᠢᠷᠬᠠᠳᠤᠭᠰᠡᠳ ᠦ᠋ᠨ ᠤᠷᠢᠯᠭᠠᠨ ᠪᠠᠷᠬᠢᠷᠠᠭᠠᠨ᠂ ᠬᠠᠷᠢᠶᠠᠯ ᠤ᠋ᠨ ᠮᠠᠭᠤ ᠦᠭᠡᠰ ᠤᠯᠠᠮ ᠤᠯᠠᠮ ᠶᠡᠬᠡᠰᠴᠦ᠂ ᠪᠠᠷᠢᠪᠴᠢᠯᠠᠭᠳᠠᠭᠰᠠᠨ ᠡᠷ᠎ᠡ ᠡᠮ᠎ᠡ᠂ ᠥᠬᠢᠳ ᠬᠡᠦᠬᠡᠳ ᠢ᠋ ᠬᠣᠶᠠᠷ ᠲᠣᠬᠣᠢ ᠪᠠᠷ ᠨᠢ ᠠᠷᠤ ᠳ᠋ᠤᠨᠢ ᠬᠣᠯᠪᠣᠵᠤ᠂ ᠥᠪᠡᠷᠰᠡᠳ ᠢ᠋ᠶ᠋ᠡᠷ ᠨᠢ ᠡᠮᠡᠭᠡᠯ ᠢ᠋ ᠨᠢ ᠡᠭᠦᠷᠦᠭᠦᠯᠦᠨ ᠭᠠᠷᠭᠠᠵᠤ《ᠮᠣᠷᠢ ᠡᠮᠡᠭᠡᠯᠯᠡ!》 ᠭᠡᠵᠦ ᠲᠤᠰᠢᠶᠠᠭᠠᠳ ᠥᠪᠡᠷ ᠢ᠋ᠶ᠋ᠡᠨ ᠭᠡᠷ ᠳᠣᠲᠣᠷ᠎ᠠ ᠲᠣᠢᠮᠣ ᠲᠠᠢ ᠵᠠᠷᠢᠮ ᠡᠳ᠋ᠯᠡᠯ ᠢ᠋ ᠠᠪᠤᠶ᠎ᠠ ᠭᠡᠰᠡᠨ ᠢ᠋ᠶ᠋ᠡᠨ ᠪᠣᠯᠢᠪᠠ᠃ ᠪᠣᠭᠤᠷᠴᠢ ᠳ᠋ᠤ᠌ ᠡᠳ᠋ ᠶᠠᠭᠤᠮ᠎ᠠ ᠪᠤᠰᠤ ᠬᠥᠮᠦᠨ ᠪᠠᠷᠢᠬᠤ ᠴᠢᠬᠤᠯᠠ ᠵᠣᠷᠢᠯᠭ᠎ᠠ ᠪᠠᠢᠭᠰᠠᠨ᠃《 ᠲᠡᠷᠡ ᠲᠡᠢ ᠲᠡᠷᠡ ᠦᠭᠡᠢ ᠡᠳ᠋ ᠶᠠᠭᠤᠮᠠᠰ ᠢ᠋ ᠬᠡᠷᠡᠢᠳ ᠦ᠋ᠨ ᠬᠢᠨ ᠣᠯᠵᠠᠯᠠᠬᠤ ᠪᠤᠢ᠎ᠠ》 ᠭᠡᠮᠡᠨ ᠪᠣᠳᠣᠨ ᠭᠠᠷᠬᠤᠢ ᠳ᠋ᠤ᠌ ᠨᠥᠭᠦᠭᠡ ᠬᠡᠰᠡᠭ ᠡᠴᠡ ᠬᠡᠳᠦᠨ ᠪᠠᠯᠮᠠᠭᠳᠠᠭᠰᠠᠨ ᠬᠥᠮᠦᠨ ᠳᠠᠭᠤᠨ ᠭᠠᠷᠭᠠᠵᠤ ᠪᠠᠢᠪᠠ᠃ ᠲᠡᠳᠡᠨ ᠳ᠋ᠦ᠍ ᠮᠣᠷᠢ ᠡᠮᠡᠭᠡᠯᠯᠡᠨ ᠤᠨᠤᠭᠤᠯᠵᠤ ᠬᠦᠷᠢᠶᠡᠨ ᠡᠴᠡ ᠭᠠᠷᠬᠤ ᠶ᠋ᠢ ᠶᠠᠭᠠᠷᠠᠪᠴᠢᠯᠠᠵᠠᠢ᠃ ᠲᠡᠷᠡ ᠵᠠᠪᠰᠠᠷ ᠣᠯᠵᠠᠯᠠᠭᠳᠠᠭᠰᠠᠳ ᠢ᠋ᠶ᠋ᠠᠷ ᠪᠠᠮᠪᠠᠢ ᠬᠢᠵᠦ ᠪᠠᠢᠯᠳᠤᠭᠰᠠᠭᠠᠷ ᠨᠥᠭᠦᠭᠡ ᠬᠡᠳᠦ ᠶ᠋ᠢ ᠮᠣᠷᠢᠨ ᠳ᠋ᠤ᠌ ᠮᠣᠷᠳᠠᠭᠤᠯᠵᠤ᠂ ᠥᠪᠡᠷ ᠢ᠋ᠶ᠋ᠡᠨ ᠲᠦᠷᠦᠭᠦᠯᠡᠵᠦ ᠵᠡᠭᠦᠨ ᠵᠦᠭ ᠳᠣᠪᠲᠣᠯᠭᠠᠪᠠ᠃ ᠲᠡᠭᠡᠬᠦ ᠳ᠋ᠡᠭᠡᠨ《ᠴᠢᠷᠦᠦᠪ᠂ ᠴᠢᠷᠦᠪ》 ᠭᠡᠮᠡᠨ ᠳᠠᠭᠤᠳᠠᠬᠤ ᠳ᠋ᠤ᠌ ᠲᠡᠭᠦᠨ ᠢ᠋ ᠳᠠᠭᠠᠯᠳᠤᠭᠰᠠᠳ ᠮᠣᠷᠳᠠᠵᠤ ᠠᠷᠤ ᠠ᠋ᠴᠠ ᠨᠢ ᠳᠠᠭᠠᠵᠤ ᠳᠠᠪᠬᠢᠯᠳᠤᠨ᠂ ᠡᠷᠭᠢᠵᠦ ᠬᠠᠷᠪᠤᠯᠳᠤᠨ᠂ ᠵᠠᠮ ᠳ᠋ᠤ᠌ ᠲᠣᠬᠢᠶᠠᠯᠳᠤᠭᠰᠠᠨ ᠪᠦᠬᠦᠨ ᠢ᠋ ᠴᠠᠪᠴᠢᠨ ᠤᠨᠠᠭᠠᠭᠰᠠᠭᠠᠷ ᠬᠦᠷᠢᠶᠡᠨ ᠡᠴᠡ ᠭᠠᠷᠴᠤ ᠳᠠᠪᠬᠢᠯᠳᠤᠨ ᠵᠠᠢ ᠳ᠋ᠤ᠌ ᠭᠠᠷᠴᠤ ᠬᠥᠮᠦᠨ ᠢ᠋ᠶ᠋ᠡᠨ ᠪᠦᠷᠢᠳᠬᠡᠨ ᠦᠵᠡᠪᠡᠰᠦ ᠲᠣᠭ᠎ᠠ ᠪᠦᠷᠢᠨ ᠪᠠᠢᠪᠠ᠃ ᠨᠢᠭᠡ ᠴᠡᠷᠢᠭ ᠬᠦᠨᠳᠦᠬᠡᠨ ᠰᠢᠷᠬᠠᠲᠤᠵᠤ᠂ ᠲᠡᠭᠦᠨ ᠢ᠋ ᠰᠤᠨᠳᠠᠯᠠᠨ ᠢᠷᠡᠵᠡᠢ᠃ ᠳᠥᠷᠪᠡᠨ ᠴᠡᠷᠢᠭ ᠭᠠᠢᠭᠤᠢ ᠬᠥᠩᠭᠡᠪᠲᠦᠷ ᠰᠢᠷᠬᠠᠳᠤᠭᠰᠠᠨ ᠪᠠᠢᠪᠠ᠃ ᠮᠣᠷᠢᠳ ᠨᠡᠯᠢᠶᠡᠳ ᠬᠡᠳᠦ ᠪᠡᠷ ᠬᠣᠷᠣᠭᠳᠠᠵᠠᠢ᠃ ᠣᠯᠵᠠᠯᠠᠭᠳᠠᠭᠰᠠᠳ ᠠ᠋ᠴᠠ ᠡᠷ᠎ᠡ ᠡᠮ᠎ᠡ ᠬᠣᠶᠠᠷ ᠬᠥᠮᠦᠨ ᠰᠢᠷᠬᠠᠳᠤᠭᠰᠠᠨ ᠠᠵᠢ᠃ 
       ᠪᠣᠭᠣᠷᠴᠢ ᠲᠦᠳᠡᠯ ᠦᠭᠡᠢ ᠥᠪᠡᠷᠰᠡᠳ ᠦ᠋ᠨ ᠬᠢᠨ ᠲᠡᠢ ᠪᠡᠨ ᠨᠡᠢᠯᠡᠯ᠎ᠡ᠃ ᠬᠠᠰᠠᠷ ᠲᠠᠢ ᠠᠭᠤᠯᠵᠠᠪᠠᠯ ᠲᠣᠭᠳᠤᠭ᠎ᠠ ᠪᠡᠬᠢ ᠶ᠋ᠢᠨ ᠨᠡᠯᠢᠶᠡᠳ ᠴᠡᠷᠢᠭ ᠤᠭᠲᠤᠨ ᠪᠠᠢᠯᠳᠤᠭᠰᠠᠨ ᠴᠦ᠍ ᠬᠦᠴᠦᠨ ᠮᠡᠬᠦᠰ ᠳᠤᠲᠠᠭᠤ ᠤᠴᠢᠷ ᠲᠡᠷᠡ ᠵᠢᠭᠤᠲᠠᠭᠰᠠᠨ᠂ ᠵᠠᠷᠢᠮ ᠬᠡᠰᠡᠭ ᠨᠢ ᠲᠡᠨᠳᠡ ᠦᠷᠡᠭᠳᠡᠭᠰᠡᠨ ᠭᠡᠨᠡᠮ᠃ ᠲᠡᠮᠦᠵᠢᠨ ᠪᠥᠷᠲᠡ ᠶ᠋ᠢᠨ ᠬᠣᠢᠨ᠎ᠠ ᠠ᠋ᠴᠠ᠂ ᠪᠡᠯᠭᠦᠳᠡᠢ ᠡᠬᠡ ᠶ᠋ᠢᠨ ᠢ᠋ᠶ᠋ᠡᠨ ᠬᠣᠢᠨ᠎ᠠ ᠠ᠋ᠴᠠ ᠨᠡᠬᠡᠨ ᠣᠳᠤᠭᠰᠠᠨ᠃ ᠲᠣᠭᠳᠤᠭ᠎ᠠ ᠪᠡᠬᠢ ᠶᠡᠬᠡ ᠴᠡᠷᠢᠭ ᠠᠢᠰᠤᠢ ᠮᠡᠳᠡᠭᠡ ᠠᠪᠤᠭᠠᠳ ᠥᠪᠡᠷᠦᠨ ᠪᠦᠯᠦᠭ ᠢ᠋ ᠠᠪᠴᠤ ᠬᠡᠰᠡᠭ ᠴᠡᠷᠢᠭ ᠲᠡᠢ ᠠᠯᠢ ᠡᠷᠲᠡ ᠰᠡᠯᠡᠩᠭᠡ ᠤᠷᠤᠭᠤᠳᠠᠭᠰᠠᠨ ᠲᠤᠬᠠᠢ ᠡᠨᠳᠡᠬᠢ ᠬᠥᠮᠦᠰ ᠥᠴᠢᠭ ᠥᠭᠴᠡᠢ᠃ 
       ᠲᠡᠮᠦᠵᠢᠨ ᠶᠠᠪᠤᠬᠤ ᠳ᠋ᠠᠭᠠᠨ ᠬᠠᠰᠠᠷ ᠲᠤ᠄ 
       —  ᠪᠣᠭᠣᠷᠴᠢ ᠶ᠋ᠢ ᠢᠷᠡᠮᠡᠭᠴᠡ ᠲᠠ ᠬᠣᠶᠠᠷ ᠡᠨᠡ ᠲᠣᠭᠳᠤᠭ᠎ᠠ ᠪᠡᠬᠢ ᠶ᠋ᠢᠨ ᠬᠦᠷᠢᠶ᠎ᠡ ᠶ᠋ᠢ ᠡᠵᠡᠯᠡᠨ ᠡᠮᠬᠢᠯᠡ! ᠭᠡᠰᠡᠨ ᠠᠵᠢ᠃ ᠪᠣᠭᠤᠷᠴᠢ ᠰᠢᠷᠬᠠᠲᠤᠭᠰᠠᠨ ᠴᠡᠷᠢᠭ ᠢ᠋ᠶ᠋ᠡᠨ ᠶᠠᠭᠠᠬᠢᠵᠤ ᠪᠠᠢᠷᠢᠯᠠᠭᠤᠯᠬᠤ ᠲᠤᠬᠠᠢ ᠶᠠᠷᠢᠲᠠᠯ᠎ᠠ ᠬᠠᠰᠠᠷ᠄ 
       — ᠪᠢᠳᠡ ᠰᠢᠷᠬᠠᠲᠤᠭᠰᠠᠳ ᠢ᠋ ᠪᠠᠢᠷᠢᠯᠠᠭᠤᠯᠤᠨ ᠠᠰᠠᠷᠠᠬᠤ᠂ ᠣᠯᠵᠠᠯᠠᠭᠰᠠᠳ ᠢ᠋ ᠬᠣᠷᠢᠬᠤ ᠭᠡᠷ ᠦ᠋ᠳ ᠪᠡᠯᠡᠳᠬᠡᠭᠦᠯᠵᠦ ᠪᠠᠢᠭ᠎ᠠ ᠭᠡᠵᠦ ᠳᠠᠰᠢ ᠣᠴᠢᠵᠤ ᠪᠦᠭᠦᠳᠡ ᠶ᠋ᠢ ᠵᠢᠷᠤᠮᠯᠠᠵᠠᠭᠠᠪᠠ᠃ 
       ᠡᠵᠡᠯᠡᠭᠳᠡᠭᠰᠡᠨ ᠬᠦᠷᠢᠶᠡᠨ ᠳ᠋ᠦ᠍ ᠠᠯᠪᠠᠲᠤ ᠵᠠᠷᠤᠴᠠ ᠨᠠᠷ ᠯᠠ ᠦᠯᠡᠳᠡᠵᠦ᠂ ᠲᠡᠳᠡᠭᠡᠷ ᠬᠥᠮᠦᠰ ᠢ᠋ ᠥᠪᠡᠷ ᠥᠪᠡᠷᠰᠡᠳ ᠦ᠋ᠨ ᠪᠠᠢᠷᠢᠨ ᠳ᠋ᠤ᠌ ᠨᠣᠮᠣᠬᠠᠨ ᠬᠦᠯᠢᠴᠡᠩᠭᠦᠢ  ᠪᠠᠢᠬᠤ ᠶ᠋ᠢ ᠲᠤᠰᠢᠶᠠᠵᠤ ᠮᠠᠨᠠᠭ᠎ᠠ ᠬᠦᠯᠢᠶ᠎ᠡ ᠶ᠋ᠢ ᠴᠢᠩᠭᠠᠳᠬᠠᠨ ᠬᠠᠰᠠᠷ ᠲᠡᠷᠡ ᠬᠣᠶᠠᠷ ᠨᠢᠭᠡ ᠭᠡᠷ ᠵᠡᠭᠡᠭᠯᠡᠵᠦ ᠪᠠᠢᠷᠢᠯᠠᠭᠠᠳ ᠪᠠᠢᠲᠠᠯ᠎ᠠ ᠲᠡᠮᠦᠵᠢᠨ ᠡᠴᠡ ᠬᠥᠮᠦᠨ ᠢᠷᠡᠭᠦᠯᠵᠦ᠄ 
       — ᠡᠷᠢᠭᠰᠡᠨ ᠬᠥᠮᠦᠨ ᠢ᠋ᠶ᠋ᠡᠨ ᠣᠯᠪᠠ᠃ ᠳᠣᠣᠷ᠎ᠠ ᠳᠣᠣᠷ᠎ᠠ ᠪᠠᠨ ᠪᠠᠢᠷᠢᠯᠠᠵᠤ ᠬᠣᠨᠣᠭᠯᠠ! ᠭᠡᠰᠡᠨ ᠲᠤᠰᠢᠶᠠᠯ ᠥᠭᠭᠦᠭᠰᠡᠨ ᠪᠥᠭᠡᠳ ᠬᠠᠰᠠᠷ ᠢ᠋ ᠲᠣᠭᠣᠷᠢᠯ ᠬᠠᠨ ᠳ᠋ᠤ᠌ ᠣᠴᠢᠵᠤ ᠡᠨᠡ ᠲᠤᠬᠠᠢ ᠮᠡᠳᠡᠭᠳᠡ! ᠮᠠᠷᠭᠠᠰᠢ ᠦᠳᠡ ᠡᠴᠡ ᠤᠷᠢᠳᠠ ᠵᠠᠮᠤᠬ᠎ᠠ ᠪᠢᠳᠡ ᠣᠴᠢᠵᠤ ᠲᠠᠨ ᠳ᠋ᠤ᠌ ᠪᠠᠷᠠᠭᠠᠯᠠᠨ ᠶᠠᠷᠢᠶ᠎ᠠ ᠬᠡᠯᠡᠯᠴᠡᠭᠡᠷ ᠬᠢᠶ᠎ᠡ ᠭᠡᠵᠦ ᠬᠡᠯᠡ ᠬᠦᠷᠭᠡ! ᠭᠡᠰᠡᠨ ᠠᠵᠤᠭᠤ᠃ ᠡᠭᠦᠨ ᠦ᠌ ᠲᠤᠯᠠ ᠬᠠᠰᠠᠷ ᠬᠡᠳᠦᠨ ᠴᠡᠷᠢᠭ ᠳᠠᠭᠠᠭᠤᠯᠤᠨ ᠮᠡᠳᠡᠭᠡ ᠬᠦᠷᠭᠡᠬᠦ ᠪᠡᠷ ᠳᠣᠪᠲᠣᠯᠭᠠᠪᠠ᠃ 
       ᠪᠣᠭᠣᠷᠴᠢ ᠲᠡᠮᠦᠵᠢᠨ ᠳ᠋ᠦ᠍ ᠬᠠᠲᠠᠢ ᠳᠡᠷᠮᠠᠯᠠ ᠶ᠋ᠢ ᠣᠢᠷ᠎ᠠ ᠳᠣᠲᠣᠨᠣ ᠶ᠋ᠢᠨ ᠬᠢᠨᠢ ᠬᠥᠮᠦᠰ ᠲᠡᠢ ᠣᠯᠵᠠᠯᠠᠵᠤ ᠠᠪᠴᠢᠷᠠᠭᠠᠳ ᠪᠠᠢᠭ᠎ᠠ ᠪᠠᠨ ᠪᠤᠴᠠᠭᠰᠠᠨ ᠮᠡᠳᠡᠭᠡᠴᠢᠨ ᠴᠡᠷᠢᠭ ᠢ᠋ᠶ᠋ᠡᠷ ᠮᠡᠳᠡᠭᠡᠯᠡᠵᠢ᠃ 
       ᠪᠣᠭᠤᠷᠴᠢ ᠭᠡᠨᠡᠳᠲᠡ ᠨᠣᠢᠷ ᠠ᠋ᠴᠠ ᠪᠠᠨ ᠰᠡᠷᠡᠪᠡᠯ ᠭᠡᠷ ᠦ᠋ᠨ ᠳᠣᠲᠣᠷ᠎ᠠ ᠬᠠᠪ ᠬᠠᠷᠠᠩᠭᠤᠢ᠂ ᠵᠢᠬᠡᠭᠦᠨ ᠠᠵᠢ᠃ ᠭᠡᠷᠡᠯ  ᠠᠰᠠᠭᠠᠭᠠᠳ ᠬᠠᠷᠠᠪᠠᠯ ᠰᠥᠨᠢ ᠬᠡᠷᠡᠢᠳ ᠦ᠋ᠨ ᠬᠠᠨ ᠤᠷᠤᠭᠤ ᠶᠠᠪᠤᠭᠰᠠᠨ ᠬᠠᠰᠠᠷ ᠢᠷᠡᠴᠢᠬᠡᠭᠡᠳ ᠪᠥᠬᠡ ᠭᠡᠭᠴᠢ ᠨᠢ ᠬᠤᠷᠬᠢᠷᠠᠵᠤ ᠪᠠᠢᠨ᠎ᠠ᠃ ᠲᠡᠭᠦᠨ ᠦ᠌ ᠣᠷᠣᠵᠤ ᠢᠷᠡᠬᠦ ᠶ᠋ᠢ ᠮᠡᠳᠡᠭᠰᠡᠨ ᠦᠭᠡᠢ ᠶ᠋ᠢ ᠪᠣᠳᠣᠬᠤ ᠳ᠋ᠤ᠌ ᠥᠪᠡᠷ ᠢ᠋ᠶ᠋ᠡᠨ ᠴᠦ᠍ ᠶᠡᠬᠡ ᠯᠡ ᠪᠥᠬᠡ ᠤᠨᠲᠠᠵᠠᠢ᠃ ᠨᠣᠢᠷᠤᠨ ᠳᠤᠮᠳᠠ ᠭᠠᠰᠠᠯᠠᠩ᠂ ᠱᠤᠤᠭᠢᠶᠠᠨ᠂ ᠬᠠᠩᠭᠢᠷ ᠵᠢᠩᠭᠢᠷ ᠭᠡᠬᠦ ᠵᠡᠪᠰᠡᠭ᠂ ᠠᠯᠠᠭᠠᠨ ᠬᠢᠲᠤᠭᠠᠨ ᠪᠣᠯᠤᠭᠠᠳ ᠪᠠᠢᠭᠰᠠᠨ᠃ ᠲᠡᠷᠡ ᠪᠣᠯ ᠵᠡᠭᠦᠳᠦ ᠪᠠᠢᠵᠤ ᠯᠠ ᠳᠠ᠃ ᠭᠡᠬᠦ ᠳ᠋ᠡᠭᠡᠨ ᠯᠡ ᠬᠠᠰᠠᠷ ᠢ᠋ ᠣᠷᠣᠵᠤ ᠢᠷᠡᠬᠦ ᠶ᠋ᠢ ᠮᠡᠳᠡᠳᠡᠭ ᠦᠭᠡᠢ᠃ ᠲᠡᠷᠡ ᠨᠠᠮ᠎ᠠ ᠶ᠋ᠢ ᠤᠨᠲᠠᠭ! ᠭᠡᠵᠦ ᠶᠡᠬᠡ ᠰᠡᠮᠡᠭᠡᠷᠬᠡᠨ ᠣᠷᠣᠵᠤ ᠢᠷᠡᠵᠦ ᠳᠠ᠃ ᠲᠡᠭᠡᠪᠡᠯ ᠪᠢ ᠪᠠᠰᠠ ᠰᠡᠮᠡᠭᠡᠷᠬᠡᠨ ᠪᠣᠰᠤᠭᠠᠳ ᠶᠠᠪᠤᠶ᠎ᠠ᠃ ᠲᠡᠷᠡ ᠤᠨᠲᠠᠭ᠂ ᠤᠨᠲᠠᠭ! ᠭᠡᠵᠦ ᠪᠣᠳᠣᠪᠠ᠃ ᠭᠠᠳᠠᠭ᠎ᠠ ᠴᠠᠬᠠᠷ ᠴᠠᠬᠠᠷ ᠬᠢᠭᠰᠡᠨ ᠬᠥᠯ ᠦ᠋ᠨ ᠴᠢᠮᠡᠭᠡ ᠭᠠᠷᠬᠤ ᠨᠢ ᠶᠠᠭᠤ ᠪᠣᠯᠪᠠ? ᠴᠠᠰᠤ ᠣᠷᠣᠵᠤ ᠰᠢᠦ᠃ ᠰᠥᠨᠢ ᠲᠤᠯᠤᠯᠳᠤᠭᠠᠨ ᠰᠢᠪᠲᠤᠷᠠᠬᠤ ᠦᠶ᠎ᠡ ᠪᠡᠷ ᠡᠭᠦᠯᠡ ᠪᠦᠷᠬᠦᠢᠵᠦ ᠠᠭᠠᠷ ᠲᠩᠷᠢ ᠳ᠋ᠦ᠍ ᠭᠡᠷᠡᠯ ᠢ᠋ᠶ᠋ᠡᠨ ᠰᠠᠴᠤᠨ ᠭᠡᠢᠭᠦᠯᠵᠦ ᠪᠠᠢᠭᠰᠠᠨ ᠰᠠᠷᠠᠨ ᠠᠪᠠᠬᠠᠢ ᠶ᠋ᠢ ᠬᠠᠯᠬᠠᠯᠠᠨ ᠬᠠᠷᠠᠩᠭᠤᠢᠯᠠᠵᠤ ᠠᠭᠰᠠᠨ ᠨᠢ ᠴᠠᠰᠤ ᠣᠷᠣᠬᠤ ᠪᠣᠯᠤᠭ᠎ᠠ ᠤᠤ᠃ ᠶᠡᠷᠦ ᠨᠢ ᠰᠡᠯᠡᠩᠭᠡ ᠶ᠋ᠢᠨ ᠵᠡᠭᠦᠨ ᠪᠡᠶ᠎ᠡ ᠨᠢᠮᠭᠡᠪᠲᠦᠷ ᠴᠠᠰᠤ ᠲᠠᠢ ᠪᠠᠢᠭᠰᠠᠨ ᠬᠢᠷᠢᠨ᠎ᠡ ᠬᠦᠷᠢᠶ᠎ᠡ ᠰᠠᠭᠤᠷᠢᠨ ᠭᠠᠵᠠᠷ ᠲᠠᠭᠠᠨ ᠬᠥᠮᠦᠨ ᠠᠮᠢᠲᠠᠨ ᠤ᠋ ᠬᠥᠯ ᠳ᠋ᠦ᠍ ᠴᠠᠰᠤ ᠦᠷᠡᠭᠳᠡᠵᠦ ᠲᠦᠨᠡᠷ ᠬᠠᠷ᠎ᠠ ᠪᠠᠷᠠᠭᠠᠨ ᠦᠵᠡᠭᠳᠡᠵᠦ ᠪᠠᠢᠭᠰᠠᠨ᠃ 
       ᠪᠣᠭᠣᠷᠴᠢ ᠨᠢᠭᠡ ᠰᠤᠨᠢᠶᠠᠭᠠᠳ ᠭᠠᠳᠠᠭᠰᠢ ᠭᠠᠷᠪᠠᠯ ᠴᠠᠰᠤ ᠣᠷᠣᠨ ᠰᠢᠭᠤᠷᠴᠤ ᠲᠩᠷᠢ ᠮᠠᠭᠤᠬᠠᠢᠷᠠᠵᠠᠢ᠃ ᠰᠥᠨᠢ ᠨᠢ ᠭᠠᠯ ᠮᠡᠰᠡᠨ ᠦ᠌ ᠠᠶᠤᠯ ᠳ᠋ᠤ᠌ ᠥᠷᠲᠥᠵᠦ ᠡᠳᠦᠷ ᠲᠩᠷᠢ ᠬᠤᠢᠰᠠᠭᠠᠨᠠᠨ ᠮᠡᠷᠭᠢᠳ ᠦ᠋ᠨ ᠨᠤᠲᠤᠭ ᠲᠤ᠌ ᠮᠠᠭᠤ ᠶᠠᠭᠤᠮ᠎ᠠ ᠨᠢᠭᠤᠷᠯᠠᠵᠠᠢ᠃ ᠮᠣᠷᠢ ᠠᠪᠴᠢᠷᠠᠭᠤᠯᠵᠤ ᠨᠢᠭᠡ ᠴᠡᠷᠢᠭ ᠦ᠋ᠨ ᠬᠠᠮᠲᠤ ᠬᠦᠷᠢᠶᠡᠨ ᠦ᠌ ᠳᠤᠮᠳᠠᠭᠤᠷ ᠰᠢᠭᠤᠷᠭ᠎ᠠ ᠲᠠᠢ ᠴᠦ᠍ ᠭᠡᠰᠡᠨ ᠡᠳᠦᠷ ᠦ᠋ᠨ ᠭᠡᠷᠡᠯ ᠭᠡᠭᠡ ᠲᠡᠢ ᠴᠠᠭ ᠢ᠋ᠶ᠋ᠠᠷ ᠶᠠᠪᠤᠵᠤ ᠦᠵᠡᠪᠡ᠃ ᠮᠡᠷᠭᠢᠳ ᠦ᠋ᠨ ᠬᠡᠭᠦᠷ  ᠡᠨᠳᠡ ᠲᠡᠨᠳᠡ ᠦᠭᠡᠢ᠂ ᠪᠠᠷᠤᠭ ᠯᠠ ᠴᠠᠰᠤᠨ ᠳ᠋ᠤ᠌ ᠳᠠᠷᠤᠭᠳᠠᠨ ᠠᠯᠳᠠᠵᠤ ᠠᠲᠤᠷᠢᠵᠤ ᠰᠤᠨᠵᠤ᠂ ᠠᠮᠠ ᠪᠠᠨ ᠠᠩᠭᠠᠢᠵᠤ᠂ ᠨᠢᠳᠦ ᠪᠡᠨ ᠬᠠᠷᠠᠵᠤ᠂ ᠵᠠᠷᠢᠮ ᠨᠢ ᠥᠷᠥᠭᠡᠰᠦᠨ ᠨᠢᠳᠦ ᠪᠡᠨ ᠠᠨᠢᠵᠤ ᠬᠡᠪᠲᠡᠭᠡ ᠨᠢ ᠦᠨᠡᠬᠡᠷ ᠠᠢᠳᠠᠰ ᠬᠦᠢᠲᠡᠰ ᠲᠥᠷᠥᠮ᠎ᠡ᠃ ᠲᠡᠢᠨ ᠭᠡᠵᠦ ᠡᠢᠮᠦ ᠡᠨᠡᠷᠢᠯ ᠦᠭᠡᠢ᠂ ᠡᠯᠡᠭ ᠳᠣᠭᠣᠭᠢ ᠠᠵᠢ᠃ ᠵᠠᠬᠠᠳᠠᠭᠤᠬᠠᠨ ᠦᠬᠦᠭᠰᠡᠨ ᠨᠢᠭᠡ ᠴᠡᠷᠢᠭ ᠦ᠋ᠨ ᠨᠢᠳᠦ ᠶ᠋ᠢ ᠬᠡᠷᠢᠶ᠎ᠡ ᠳᠤᠩᠰᠢᠵᠤ ᠪᠠᠢᠭᠰᠠᠨ ᠢ᠋ᠶ᠋ᠠᠨ ᠬᠥᠮᠦᠨ ᠦ᠌ ᠪᠠᠷ᠎ᠠ ᠪᠠᠷ ᠨᠢᠰᠦᠨ ᠣᠳᠪᠠ᠃ ᠬᠦᠷᠢᠶ᠎ᠡ ᠶ᠋ᠢ ᠲᠣᠭᠣᠷᠢᠵᠤ ᠳᠤᠮᠳᠠᠭᠤᠷ ᠨᠢ ᠰᠦᠯᠵᠢᠨ ᠦᠵᠡᠵᠦ ᠳᠠᠭᠤᠰᠤᠭᠠᠳ ᠰᠢᠷᠬ᠎ᠠ ᠲᠠᠢ ᠴᠡᠷᠢᠭ ᠦ᠋ᠳ ᠳᠡᠭᠡᠷ᠎ᠡ ᠪᠡᠨ ᠣᠷᠣᠪᠠ᠃ ᠬᠠᠲᠠᠢ ᠳᠠᠷᠮᠠᠯᠠ ᠶ᠋ᠢ ᠣᠯᠵᠠᠯᠠᠬᠤ ᠪᠠᠢᠯᠳᠤᠭᠠᠨ ᠳ᠋ᠤ᠌ ᠬᠦᠨᠳᠦ ᠰᠢᠷᠬᠠᠲᠤᠭᠰᠠᠨ ᠴᠡᠷᠢᠭ ᠨᠠᠰᠤ ᠪᠠᠷᠠᠵᠤ᠂ ᠬᠥᠩᠭᠡᠨ ᠰᠢᠷᠬ᠎ᠠ ᠲᠠᠢ ᠨᠢ ᠭᠠᠢᠭᠤᠢ ᠪᠠᠢᠪᠠ᠃ 
       ᠲᠡᠨᠳᠡ ᠡᠴᠡ ᠭᠠᠷᠴᠤ ᠬᠠᠲᠠᠢ ᠳᠠᠷᠮᠠᠯᠠ ᠤᠷᠤᠭᠤ ᠣᠷᠣᠪᠠ᠃ ᠲᠡᠳᠡ ᠪᠣᠰᠤᠨ ᠮᠡᠬᠦᠯᠵᠡᠨ ᠰᠥᠬᠥᠳᠦᠵᠡᠭᠡᠪᠡ᠃ ᠭᠠᠯ ᠦᠭᠡᠢ ᠭᠡᠷ ᠲᠦ᠍ ᠵᠢᠬᠡᠭᠦᠴᠡᠨ ᠵᠣᠳᠤᠷᠭᠤᠬᠠᠨ ᠶᠠᠩᠵᠤ ᠲᠠᠢ ᠦᠵᠡᠭᠳᠡᠨ᠎ᠡ᠃ ᠪᠣᠭᠤᠷᠴᠢ᠄ 
       — ᠡᠳᠡᠨ ᠳ᠋ᠦ᠍ ᠭᠠᠯ ᠲᠦᠯᠡᠵᠦ ᠥᠭ!  ᠲᠣᠭᠲᠣᠭ᠎ᠠ ᠪᠡᠬᠢ ᠶ᠋ᠢᠨ ᠵᠣᠭᠣᠷᠢᠨ ᠠ᠋ᠴᠠ ᠮᠢᠬ᠎ᠠ ᠠᠪᠴᠢᠷᠠᠵᠤ ᠡᠪᠳᠡᠵᠦ ᠵᠢᠷᠭᠢᠵᠦ ᠥᠭ᠃ ᠥᠪᠡᠷᠰᠡᠳ ᠢ᠋ᠶ᠋ᠡᠨ ᠴᠢᠨᠠᠵᠤ ᠪᠣᠷᠣᠯᠠᠭᠤᠯᠵᠤ ᠢᠳᠡᠭ᠃ ᠬᠠᠷᠢᠨ ᠬᠢᠲᠤᠭ᠎ᠠ ᠰᠡᠯᠡᠮ᠎ᠡ ᠪᠤᠤ ᠥᠭ᠃ ᠭᠠᠷ ᠢ᠋ᠶ᠋ᠠᠷ ᠢ᠋ᠶ᠋ᠠᠨ  ᠪᠠᠷᠢᠭᠠᠳ ᠰᠢᠳᠦ ᠪᠡᠷ ᠢ᠋ᠶ᠋ᠡᠨ ᠵᠣᠯᠭᠠᠭᠠᠳ ᠢᠳᠡᠨ᠎ᠡ ᠪᠢᠵᠡ ᠭᠡᠪᠡ᠃ 
       ᠬᠠᠲᠠᠢ ᠳᠠᠷᠮᠠᠯᠠ ᠭᠡᠳᠡᠭ ᠨᠠᠰᠤ ᠬᠡᠪᠡᠢᠵᠦ ᠶᠠᠪᠤᠭ᠎ᠠ ᠨᠠᠮᠪᠠᠵᠢᠭᠤ ᠬᠥᠮᠦᠨ ᠪᠣᠰᠴᠤ ᠪᠣᠭᠤᠷᠴᠢ ᠤᠷᠤᠭᠤ ᠣᠢᠷᠠᠲᠤᠨ ᠢᠷᠡᠵᠦ ᠰᠥᠬᠥᠷᠡᠨ᠄
       — ᠲᠠ ᠪᠢᠳᠡᠨ ᠢ᠋ ᠶᠠᠭᠠᠬᠢᠬᠤ ᠭᠡᠵᠦ ᠪᠠᠢᠨ᠎ᠠ? ᠨᠢᠭᠦᠯᠡᠰᠴᠦ ᠥᠷᠥᠰᠢᠶᠡᠮᠦ? ᠭᠡᠮᠡᠨ ᠳᠣᠷᠣᠢ ᠳᠠᠭᠤ ᠪᠠᠷ ᠥᠭᠦᠯᠡᠬᠦ ᠨᠢ ᠶᠠᠭᠠᠬᠢᠬᠤ ᠠᠷᠭ᠎ᠠ ᠦᠭᠡᠢ ᠢᠯᠠᠭᠳᠠᠵᠤ ᠠᠷᠭ᠎ᠠ ᠪᠠᠨ ᠪᠠᠷᠠᠭᠰᠠᠨ ᠬᠥᠮᠦᠨ ᠦ᠌ ᠰᠢᠨᠵᠢ ᠲᠥᠷᠬᠦ ᠠᠵᠤᠭᠤ᠃ 
       — ᠲᠡᠮᠦᠵᠢᠨ ᠡᠵᠡᠨ ᠮᠡᠳᠡᠨ᠎ᠡ ᠭᠡᠵᠦ ᠲᠣᠪᠴᠢᠬᠠᠨ ᠬᠠᠷᠢᠭᠤ ᠥᠭᠬᠦ ᠳ᠋ᠦ᠍ ᠨᠥᠭᠥᠭᠡᠳᠡᠬᠢ᠄ 
       — ᠲᠠ ᠲᠡᠮᠦᠵᠢᠨ ᠪᠢᠰᠢ ᠶᠦᠮ ᠤᠤ? ᠭᠡᠪᠡᠯ ᠪᠣᠭᠤᠷᠴᠢ᠄ 
       — ᠪᠢᠰᠢ ᠠ᠋ ᠪᠢᠰᠢ ᠭᠡᠳ ᠭᠠᠷᠴᠤ ᠣᠳᠬᠤ ᠳ᠋ᠤ᠌ ᠴᠠᠭᠠᠨ᠎ᠠ ᠨᠢ᠄ 
       — ᠡᠨᠡ ᠲᠡᠮᠦᠵᠢᠨ ᠦ᠌ ᠶᠠᠭᠤ ᠨᠢ ᠶᠦᠮ ᠪᠣᠯ?  
       — ᠶᠡᠬᠡ ᠮᠠᠲᠠᠯ ᠤ᠋ᠨ ᠠᠮᠢᠲᠠᠨ ᠶᠤᠮ᠃ ᠡᠳᠦᠢ ᠵᠢᠭᠠᠬᠠᠨ ᠠ᠋ᠴᠠ ᠪᠠᠨ᠁ 
       — ᠶᠠᠭ ᠦᠭᠡᠢ ᠶᠠᠰᠤᠨ ᠬᠡᠳᠡᠷᠭᠡ ᠳᠡ᠃ 
       —  ᠵᠠ ᠪᠣᠯᠢ᠂ ᠪᠣᠯᠢ! ᠳᠤᠭᠤᠯᠴᠢᠬᠠᠪᠠᠯ ᠶᠠᠭᠠᠬᠢᠨ᠎ᠠ ᠭᠡᠯᠴᠡᠬᠦ ᠶ᠋ᠢ ᠬᠠᠭᠠᠯᠭᠠᠨ ᠤ᠋ ᠴᠠᠭᠠᠨ᠎ᠠ ᠪᠣᠭᠤᠷᠴᠢ ᠥᠷᠥᠭᠡᠰᠦᠨ ᠬᠥᠯ ᠢ᠋ᠶ᠋ᠡᠨ ᠥᠯᠮᠡᠢᠳᠡᠨ ᠴᠢᠩᠨᠠᠵᠤ ᠰᠣᠨᠣᠰᠤᠭᠠᠳ ᠢᠨᠢᠶᠡᠳᠦ ᠪᠡᠨ ᠪᠠᠷᠢᠵᠤ ᠶᠠᠳᠠᠨ ᠴᠠᠭᠠᠰᠢ ᠶᠠᠪᠤᠪᠠ᠃ 
       ᠲᠡᠷᠡ ᠥᠪᠡᠷᠦᠨ ᠪᠣᠯᠤᠨ ᠬᠠᠰᠠᠷ ᠤ᠋ᠨ ᠠᠩᠭᠢ ᠠ᠋ᠴᠠ ᠲᠠᠪᠤ ᠲᠠᠪᠤᠨ ᠳᠠᠷᠤᠭ᠎ᠠ ᠨᠠᠷ ᠢ᠋ ᠳᠠᠭᠤᠳᠠᠵᠤ ᠲᠣᠭᠳᠤᠭ᠎ᠠ ᠶ᠋ᠢᠨ ᠥᠷᠥᠭᠡᠨ ᠳ᠋ᠦ᠍ ᠣᠴᠢᠭᠠᠳ ᠲᠡᠳᠡᠨ ᠳ᠋ᠦ᠍᠄ 
       — ᠡᠭᠦᠨ ᠢ᠋ ᠵᠠᠰᠠᠵᠤ ᠢᠳᠡᠭᠡ ᠵᠠᠭᠤᠰᠢ ᠲᠠᠯᠪᠢᠬᠤ ᠲᠠᠪᠴᠠᠩ ᠰᠠᠭᠤᠳᠠᠯ ᠪᠡᠯᠡᠳᠭᠡ! ᠣᠳᠣᠬᠠᠨ ᠲᠡᠮᠦᠵᠢᠨ ᠵᠠᠮᠤᠬ᠎ᠠ ᠨᠠᠷ ᠢᠷᠡᠨ᠎ᠡ᠃ ᠡᠨᠳᠡᠬᠢ ᠶ᠋ᠢᠨ ᠰᠠᠩ ᠠ᠋ᠴᠠ ᠬᠣᠭᠣᠯᠠ ᠬᠦᠨᠡᠰᠦᠨ ᠦ᠌ ᠵᠦᠢᠯ ᠠᠪᠴᠢᠷᠠᠵᠤ ᠡᠳᠡᠨ ᠦ᠌ ᠲᠣᠭᠣᠭᠠᠴᠢ ᠵᠠᠷᠤᠴᠠ ᠨᠠᠷ ᠢ᠋ᠶ᠋ᠠᠷ ᠤᠤᠭᠤᠰᠢ ᠵᠠᠭᠤᠰᠢ ᠪᠡᠯᠡᠳᠬᠡᠭᠦᠯ! ᠲᠠ ᠨᠠᠷ ᠥᠪᠡᠷᠰᠡᠳ ᠢ᠋ᠶ᠋ᠡᠨ ᠴᠦ᠍ ᠢᠳᠡᠵᠦ ᠤᠤᠭᠤ! ᠬᠠᠷᠢᠨ ᠬᠢᠭᠰᠡᠨ ᠡᠲᠡᠭᠡᠳ ᠢ᠋ᠶ᠋ᠡᠷ ᠥᠪᠡᠷᠰᠡᠳ ᠢ᠋ᠶ᠋ᠡᠷ ᠨᠢ ᠠᠮᠰᠠᠭᠤᠯᠵᠤ᠂ ᠵᠥᠭᠡᠭᠡᠵᠦ ᠪᠠᠷᠢᠬᠤ ᠠᠵᠢᠯ ᠳ᠋ᠤ᠌ ᠲᠠ ᠨᠠᠷ ᠥᠪᠡᠷᠰᠡᠳ ᠢ᠋ᠶ᠋ᠡᠨ ᠬᠥᠳᠡᠯᠭᠡᠭᠡᠷᠡᠢ! ᠭᠡᠵᠦ ᠲᠤᠰᠢᠶᠠᠭᠠᠳ ᠭᠠᠷᠴᠤ ᠪᠠᠰᠠ ᠬᠡᠳᠦᠨ ᠴᠡᠷᠢᠭ ᠳᠠᠷᠤᠭ᠎ᠠ ᠨᠠᠷ ᠢ᠋ ᠳᠠᠭᠤᠳᠠᠵᠤ᠄
       — ᠮᠡᠷᠭᠢᠳ ᠦ᠋ᠨ ᠦᠬᠦᠭᠰᠡᠨ ᠴᠡᠷᠢᠭ᠂ ᠵᠡᠪᠰᠡᠭ ᠮᠡᠰᠡ ᠶ᠋ᠢ ᠴᠤᠭᠯᠠᠭᠤᠯᠵᠤ  ᠬᠠᠳᠠᠭᠠᠯᠠ ᠭᠡᠵᠦ ᠲᠤᠰᠢᠶᠠᠪᠠ᠃ ᠲᠡᠭᠡᠲᠡᠯ᠎ᠡ《ᠲᠤᠭᠤᠷᠢᠯ ᠬᠠᠨ ᠢᠷᠡᠯ᠎ᠡ》 ᠭᠡᠯᠴᠡᠵᠦ ᠲᠡᠳᠡᠨ ᠢ᠋ ᠬᠦᠨᠳᠦᠳᠬᠡᠨ ᠬᠦᠯᠢᠶᠡᠨ ᠠᠪᠤᠭᠠᠳ ᠪᠡᠯᠡᠳᠬᠡᠭᠰᠡᠨ ᠥᠷᠥᠭᠡᠨ ᠳ᠋ᠦ᠍ ᠣᠷᠣᠭᠤᠯᠵᠤ ᠬᠠᠰᠠᠷ ᠢ᠋ ᠳᠠᠭᠤᠳᠠᠨ《ᠬᠠᠨ ᠵᠣᠴᠢᠯᠠᠵᠤ ᠢᠷᠡᠯ᠎ᠡ》 ᠭᠡᠵᠦ ᠪᠤᠰᠬᠠᠪᠠ᠃ 
       ᠲᠦᠳᠡᠯ ᠦᠭᠡᠢ《ᠲᠡᠮᠦᠵᠢᠨ ᠵᠠᠮᠤᠬ᠎ᠠ ᠬᠣᠶᠠᠷ ᠢᠷᠡᠵᠦ ᠶᠠᠪᠤᠨ᠎ᠠ》 ᠭᠡᠰᠡᠨ ᠮᠡᠳᠡᠭᠡ ᠢᠷᠡᠬᠦ ᠳ᠋ᠦ᠍ ᠪᠣᠭᠣᠷᠴᠢ ᠲᠣᠰᠣᠨ ᠤᠭᠲᠤᠵᠤ᠂ ᠥᠩᠭᠡᠷᠡᠭᠰᠡᠨ ᠰᠥᠨᠢ ᠬᠢᠭᠡᠳ ᠥᠷᠯᠥᠭᠡᠨ ᠦ᠌ ᠪᠦᠬᠦᠢᠯᠡ ᠶᠠᠪᠤᠳᠠᠯ᠂ ᠲᠣᠭᠣᠷᠢᠯ ᠬᠠᠨ ᠬᠥᠪᠡᠭᠦᠨ ᠪᠣᠯᠤᠨ ᠳᠡᠭᠦᠦ ᠨᠠᠷ ᠤ᠋ᠨ ᠬᠠᠮᠲᠤ ᠢᠷᠡᠭᠰᠡᠨ ᠢ᠋ ᠢᠯᠡᠳᠬᠡᠵᠦ ᠮᠡᠳᠡᠭᠡᠯᠡᠯ᠎ᠡ᠃ ᠲᠡᠮᠦᠵᠢᠨ᠄  
       — ᠬᠠᠲᠠᠢ ᠲᠠᠷᠮᠠᠯᠠ ᠬᠠᠮᠢᠭ᠎ᠠ ᠪᠠᠢᠨ᠎ᠠ ᠭᠡᠵᠦ ᠠᠰᠠᠭᠤᠬᠤ ᠳ᠋ᠤ᠌᠄ 
       — ᠲᠡᠨᠳᠡ᠂ ᠭᠡᠷ ᠲᠦ᠍᠁ ᠭᠡᠵᠦ ᠲᠠᠰᠢᠭᠤᠷ ᠢ᠋ᠶ᠋ᠠᠨ ᠡᠷᠭᠦᠨ ᠵᠢᠭᠠᠪᠠᠯ᠄  
       — ᠣᠴᠢᠵᠤ ᠦᠵᠡᠶ᠎ᠡ᠃ ᠶᠠᠮᠠᠷ ᠶᠠᠩᠵᠤ ᠶ᠋ᠢᠨ ᠡᠲᠡᠭᠡᠳ ᠪᠣᠯ?  ᠭᠡᠳ ᠲᠡᠷᠡ ᠲᠡᠢᠰᠢ ᠮᠣᠷᠢᠨ ᠤ᠋ ᠠᠮᠠ ᠶ᠋ᠢ ᠡᠷᠭᠢᠭᠦᠯᠦᠯ᠎ᠡ᠃ ᠲᠡᠮᠦᠵᠢᠨ ᠭᠡᠨᠡᠳᠲᠡ ᠨᠢᠭᠡ ᠵᠦᠢᠯ ᠰᠠᠨᠠᠬᠤ ᠰᠢᠭ᠋᠄ 
       — ᠬᠠᠨ ᠡᠴᠢᠭᠡ ᠶ᠋ᠢ ᠮᠣᠷᠢᠯᠠᠵᠤ ᠢᠷᠡᠭᠡᠳ ᠪᠠᠢᠬᠤ ᠳ᠋ᠤ᠌ ᠬᠠᠲᠠᠢ ᠳᠠᠷᠮᠠᠯᠠ ᠳ᠋ᠤ᠌ ᠪᠠᠷᠠᠯᠠᠬᠤ ᠭᠡᠵᠦ ᠶᠠᠭᠤ ᠪᠢᠯᠡ᠃ ᠳᠠᠷᠠᠭ᠎ᠠ ᠪᠣᠯᠤᠶ᠎ᠠ᠃ ᠲᠡᠷᠡ ᠬᠠᠮᠢᠭ᠎ᠠ ᠣᠴᠢᠬᠤ ᠪᠣᠢ? ᠨᠢᠭᠡᠨᠲᠡ ᠯᠡ ᠭᠠᠷ ᠲᠤ᠌ ᠣᠷᠣᠭᠰᠠᠨ ᠠ᠋ᠴᠠ ᠬᠣᠢᠰᠢ ᠭᠡᠳ ᠢᠨᠢᠶᠡᠭᠡᠳ ᠰᠢᠭᠤᠳ ᠲᠣᠭᠲᠤᠭ᠎ᠠ ᠶ᠋ᠢᠨ ᠥᠷᠥᠭᠡ ᠤᠷᠤᠭᠤ ᠬᠡᠷᠡᠢᠳ ᠦ᠋ᠨ ᠬᠠᠨ ᠢ᠋ ᠵᠣᠷᠢᠵᠤ ᠣᠴᠢᠨ ᠭᠡᠷ ᠲᠦ᠍ ᠣᠷᠣᠪᠠᠰᠤ ᠲᠣᠭᠣᠷᠢᠯ ᠬᠣᠢᠮᠣᠷ ᠭᠣᠯᠯᠠᠨ ᠨᠠᠮᠪᠠᠯᠢᠭ ᠰᠠᠭᠤᠵᠤ  ᠪᠠᠢᠯ᠎ᠠ᠃ ᠲᠡᠮᠦᠵᠢᠨ ᠵᠠᠮᠤᠬ᠎ᠠ ᠬᠣᠶᠠᠷ ᠮᠡᠬᠦᠢᠨ ᠶᠣᠰᠣᠯᠠᠵᠤ ᠬᠦᠨᠳᠦᠳᠬᠡᠯ ᠦᠢᠯᠡᠳᠦᠭᠡᠳ ᠲᠡᠮᠦᠵᠢᠨ ᠡᠪᠦᠭᠡᠨ ᠬᠠᠨ ᠤ᠋ ᠪᠠᠷᠠᠭᠤᠨ ᠲᠠᠯ᠎ᠠ ᠳ᠋ᠤ᠌᠂ ᠵᠠᠮᠤᠬ᠎ᠠ ᠵᠡᠭᠦᠨ ᠭᠠᠷ ᠲᠤ᠌ ᠣᠴᠢᠵᠤ ᠰᠠᠭᠤᠪᠠ᠃ ᠲᠤᠭᠤᠷᠢᠯ ᠬᠠᠨ᠄  
       — ᠵᠠ᠂ ᠬᠥᠪᠡᠭᠦᠳ ᠳᠡᠭᠦᠦ ᠨᠠᠷ᠂  ᠳᠠᠢᠰᠤᠨ ᠢ᠋ᠶ᠋ᠠᠨ ᠳᠠᠷᠤᠵᠤ ᠳᠠᠷᠬᠠᠨ ᠴᠣᠯᠠ ᠪᠠᠨ ᠮᠠᠨᠳᠤᠭᠤᠯᠵᠤ᠂ ᠦᠰᠲᠡᠨ ᠢ᠋ᠶ᠋ᠡᠨ ᠳᠠᠷᠤᠵᠤ ᠥᠷᠭᠡᠨ ᠴᠣᠯᠠ ᠪᠠᠨ ᠮᠠᠨᠳᠤᠭᠤᠯᠵᠤ ᠶᠠᠪᠤᠨ᠎ᠠ ᠤᠤ? ᠭᠡᠮᠡᠨ ᠡᠷᠲᠡᠨ ᠦ᠌ ᠦᠭᠡᠰ ᠡᠴᠡ ᠡᠰᠢ ᠲᠡᠳᠡᠨ ᠮᠡᠨᠳᠦᠯᠡᠯ᠎ᠡ᠃  
       ᠲᠡᠳᠡ ᠡᠢᠨᠬᠦ  ᠪᠡᠯᠭᠡ ᠲᠡᠢ ᠰᠠᠢᠬᠠᠨ ᠦᠭᠡ ᠪᠡᠷ ᠬᠠᠷᠢᠯᠴᠠᠨ ᠢᠷᠥᠭᠡᠯᠴᠡᠵᠦ᠂ ᠮᠡᠷᠭᠢᠳ ᠢ᠋ ᠭᠡᠨᠡᠳᠡᠭᠦᠯᠦᠨ ᠬᠡᠷᠬᠢᠨ ᠳᠠᠭᠠᠷᠢᠭᠰᠠᠨ᠂ ᠢᠯᠠᠭᠰᠠᠨ ᠢ᠋ᠶ᠋ᠠᠨ ᠢᠳᠡ ᠬᠠᠪᠤ ᠪᠣᠯᠭᠠᠨ ᠶᠠᠷᠢᠶ᠎ᠠ ᠡᠬᠢᠯᠡᠵᠦ ᠢᠳᠡᠭᠡ ᠵᠣᠭᠣᠭ ᠪᠠᠷᠢᠭᠰᠠᠨ ᠳᠠᠷᠤᠭ᠎ᠠ ᠨᠠᠷ ᠣᠷᠣᠵᠤ ᠢᠷᠡᠵᠦ ᠲᠡᠳᠡᠨ ᠦ᠌ ᠡᠮᠦᠨ᠎ᠡ ᠠᠭᠤᠷ ᠰᠠᠪᠰᠠᠭᠤᠯᠤᠨ ᠥᠷᠥᠵᠦ ᠲᠠᠯᠪᠢᠪᠠ᠃ 
       ᠳᠠᠢᠰᠤᠨ ᠢ᠋ᠶ᠋ᠠᠨ ᠳᠠᠷᠤᠭᠰᠠᠨ ᠪᠠᠭᠠᠲᠤᠷ ᠤ᠋ᠳ ᠢᠯᠠᠯᠲᠠ ᠪᠠᠨ ᠲᠡᠮᠳᠡᠭᠯᠡᠨ ᠢᠳᠡᠭᠡ ᠪᠤᠳᠠᠭ᠎ᠠ ᠤᠷᠤᠭᠤ ᠪᠠᠨ ᠣᠷᠣᠵᠤ ᠬᠤᠨᠳᠠᠭ᠎ᠠ ᠡᠷᠭᠦᠨ ᠲᠠᠮᠰᠢᠶᠠᠯᠵᠠᠭᠠᠨ᠎ᠠ᠃ ᠲᠡᠭᠡᠲᠡᠯ᠎ᠡ ᠭᠠᠳᠠᠨ᠎ᠠ ᠠ᠋ᠴᠠ ᠠᠭᠤᠷ ᠴᠠᠩ ᠰᠠᠪᠰᠠᠭᠤᠯᠤᠨ ᠪᠡᠯᠭᠦᠳᠡᠢ ᠣᠷᠣᠵᠤ ᠢᠷᠡᠯ᠎ᠡ᠃ ᠲᠡᠭᠦᠨ ᠦ᠌ ᠮᠠᠯᠠᠭᠠᠢ ᠪᠣᠯᠤᠨ ᠵᠢᠷᠪᠢᠬᠡᠷ ᠲᠠᠴᠢᠷ ᠰᠠᠬᠠᠯ ᠳ᠋ᠤ᠌ ᠴᠠᠰᠤ ᠴᠠᠩ ᠬᠤᠷᠠᠵᠠᠢ᠃ ᠲᠡᠷᠡ ᠪᠡᠷ ᠮᠡᠬᠦᠢᠨ ᠶᠣᠰᠣᠯᠠᠵᠤ ᠪᠦᠭᠦᠳᠡ ᠶ᠋ᠢᠨ ᠠᠮᠤᠷ ᠢ᠋ ᠮᠡᠳᠡᠬᠦᠢ ᠳ᠋ᠦ᠍ ᠲᠡᠮᠦᠵᠢᠨ᠄ 
       — ᠡᠵᠢ ᠶ᠋ᠢᠨ ᠢ᠋ᠶ᠋ᠡᠨ ᠰᠤᠷᠠᠭ ᠢ᠋ ᠭᠠᠷᠭᠠᠪᠠᠤ? ᠭᠡᠵᠦ ᠠᠰᠠᠭᠤᠬᠤ ᠳ᠋ᠤ᠌ ᠪᠡᠯᠭᠦᠳᠡᠢ᠄ 
       — ᠡᠵᠢ ᠮᠢᠨᠢ ᠪᠢᠳᠡᠨ ᠡᠴᠡ ᠨᠢᠭᠤᠷ ᠪᠤᠷᠤᠭᠤᠯᠠᠵᠤ ᠡᠨᠡ ᠭᠠᠵᠠᠷ ᠤ᠋ᠨ ᠨᠢᠭᠡ ᠳᠤᠮᠳᠠ ᠵᠡᠷᠭᠡ ᠶ᠋ᠢᠨ ᠲᠤᠰᠢᠶᠠᠯ ᠤ᠋ᠨ ᠨᠣᠶᠠᠨ ᠢ᠋ ᠳᠠᠭᠠᠭᠠᠳ ᠶᠠᠪᠤᠭᠰᠠᠨ ᠰᠤᠷᠠᠭ ᠪᠠᠢᠨ᠎ᠠ ᠭᠡᠵᠦ ᠭᠤᠲᠤᠷᠠᠩᠭᠤᠢ ᠬᠡᠯᠡᠪᠡ᠃ ᠲᠡᠮᠦᠵᠢᠨ᠄ 
       — ᠵᠠ ᠶᠠᠭᠠᠬᠢᠬᠤᠪ ᠳᠠ᠃ ᠵᠠᠮ ᠢ᠋ᠶ᠋ᠠᠨ ᠣᠯᠵᠤ ᠵᠠᠶᠠᠭ᠎ᠠ ᠪᠠᠨ ᠲᠦᠰᠢᠬᠦ ᠬᠠᠨᠢ ᠳᠠᠭᠠᠭᠰᠠᠨ ᠪᠣᠯ ᠰᠠᠢᠨ᠃ ᠬᠣᠵᠢᠮ ᠤ᠋ᠨ ᠨᠢᠭᠡ ᠡᠳᠦᠷ᠂ ᠬᠣᠢᠴᠢ ᠶ᠋ᠢᠨ ᠮᠠᠷᠭᠠᠰᠢ ᠬᠤᠪᠢ ᠵᠠᠶᠠᠭᠠᠨ ᠤ᠋ ᠡᠷᠬᠡ ᠪᠡᠷ ᠪᠢᠳᠡᠨ ᠲᠡᠢ ᠪᠡᠨ ᠠᠭᠤᠯᠵᠠᠵᠤ ᠤᠴᠠᠷᠠᠬᠤ ᠶ᠋ᠢ ᠬᠡᠨ ᠪᠠᠢᠭ ᠭᠡᠬᠦ ᠪᠣᠢ᠃ ᠳᠡᠭᠦᠦ ᠮᠢᠨᠢ ᠰᠠᠨᠠᠭ᠎ᠠ ᠠᠮᠤᠷ ᠪᠠᠢ᠃ ᠰᠠᠭᠤᠵᠤ ᠢᠳᠡᠭᠡ ᠪᠤᠳᠠᠭᠠᠨ ᠳ᠋ᠤ᠌ ᠬᠥᠷ ᠭᠡᠪᠡᠰᠦ ᠪᠠᠷᠠᠭᠤᠨ ᠵᠢᠭᠦᠷ ᠦ᠋ᠨ ᠠᠳᠠᠭ ᠲᠤ ᠰᠠᠭᠤᠵᠤ ᠪᠠᠢᠭᠰᠠᠨ ᠪᠣᠭᠤᠷᠴᠢ ᠪᠣᠰᠴᠤ ᠥᠪᠡᠷ ᠡᠴᠡ ᠪᠡᠨ ᠳᠡᠭᠡᠭᠰᠢ ᠰᠠᠭᠤᠯᠭᠠᠭᠠᠳ ᠥᠪᠡᠷ ᠢ᠋ᠶ᠋ᠡᠨ ᠠᠳᠠᠭ ᠲᠤ ᠰᠠᠭᠤᠪᠠ᠃ ᠡᠨᠡ ᠨᠢ ᠴᠦ᠍ ᠵᠥᠪ᠃ ᠬᠡᠳᠦᠢᠪᠡᠷ ᠪᠣᠭᠤᠷᠴᠢ ᠪᠦᠬᠦ ᠴᠡᠷᠢᠭ ᠦ᠋ᠨ ᠶᠡᠷᠦᠩᠬᠡᠢᠯᠡᠨ ᠵᠠᠬᠢᠷᠬᠤ ᠬᠦᠯᠦᠭ ᠪᠣᠯᠪᠠᠴᠤ ᠶᠡᠬᠡ ᠤᠷᠤᠭ ᠤ᠋ᠨ ᠳᠡᠭᠡᠷ᠎ᠡ ᠰᠠᠭᠤᠳᠠᠯ ᠡᠵᠡᠯᠡᠬᠦ ᠶᠣᠰᠣ ᠦᠭᠡᠢ ᠭᠡᠰᠡᠨ ᠳ᠋ᠡᠭᠡᠨ ᠲᠡᠭᠡᠭᠰᠡᠨ ᠪᠠᠢᠵᠠᠢ᠃  
       ᠲᠣᠭᠣᠷᠢᠯ ᠤᠯᠤᠰ ᠤ᠋ᠨ ᠬᠠᠨ᠂ ᠪᠦᠭᠦᠳᠡ ᠶ᠋ᠢᠨ ᠠᠬᠠᠮᠠᠳ ᠤ᠋ᠨ ᠬᠤᠪᠢ ᠳ᠋ᠤ᠌ ᠠᠮᠠ ᠨᠡᠭᠡᠭᠡᠵᠦ᠄ 
       — ᠪᠢᠳᠡ ᠨᠢᠭᠡᠨᠲᠡ ᠳᠠᠢᠰᠤᠨ ᠢ᠋ᠶ᠋ᠠᠨ ᠳᠠᠷᠤᠵᠤ ᠦᠰᠲᠡᠨ ᠢ᠋ᠶ᠋ᠡᠨ ᠥᠷᠥᠯᠡᠯ᠎ᠡ᠃ ᠣᠳᠣ ᠴᠠᠭᠠᠰᠢ ᠶᠠᠭᠠᠬᠢᠬᠤ ᠪᠣᠢ? ᠭᠡᠳᠡᠭ ᠢ᠋ᠶ᠋ᠡᠨ ᠵᠥᠪᠯᠡᠨ ᠬᠡᠯᠡᠯᠴᠡᠵᠦ ᠲᠣᠭᠲᠠᠬᠤ ᠨᠢ ᠵᠦᠢ᠃ ᠬᠡᠯᠡᠯᠴᠡᠬᠦ ᠬᠡᠷᠡᠭ ᠦ᠋ᠨ ᠡᠬᠢᠨ ᠳ᠋ᠦ᠍ ᠲᠡᠢᠨ ᠢ᠋ᠶ᠋ᠡᠨ ᠦᠷᠭᠦᠯᠵᠢᠯᠡᠬᠦ ᠤᠤ? ᠵᠣᠭᠰᠣᠭᠠᠬᠤ ᠤᠤ? ᠭᠡᠳᠡᠭ ᠪᠣᠳᠣᠯ ᠣᠷᠣᠵᠤ ᠪᠠᠢᠨ᠎ᠠ ᠭᠡᠪᠡ᠃ ᠪᠦᠭᠦᠳᠡ ᠠᠮᠠᠨ ᠳ᠋ᠠᠭᠠᠨ ᠭᠡᠭᠰᠡᠨ ᠢ᠋ᠶ᠋ᠡᠨ ᠬᠦᠯᠬᠦᠵᠦ ᠪᠠᠷᠢᠭᠰᠠᠨ ᠴᠠᠢ ᠪᠠᠨ ᠣᠭᠣᠴᠢᠯᠠᠭᠰᠠᠨ ᠢ᠋ᠶ᠋ᠠᠨ ᠪᠣᠳᠣᠯᠭ᠎ᠠ ᠪᠣᠯᠤᠨ ᠬᠡᠰᠡᠭ ᠰᠠᠭᠤᠲᠠᠯ᠎ᠠ ᠵᠠᠮᠤᠬ᠎ᠠ᠄ 
       — ᠢᠮᠠᠭᠠᠨ ᠤ᠋ ᠮᠢᠬ᠎ᠠ ᠬᠠᠯᠠᠭᠤᠨ ᠳᠡᠭᠡᠷ᠎ᠡ ᠪᠡᠨ ᠭᠡᠳᠡᠭ᠃ ᠮᠡᠷᠭᠢᠳ ᠢ᠋ ᠨᠢᠭᠡᠮᠦᠰᠦᠨ ᠳᠠᠭᠤᠰᠬᠠᠴᠢᠬᠠᠬᠤ ᠨᠢ ᠵᠥᠪ ᠪᠤᠶᠤ ᠭᠡᠪᠡᠯ᠄ 
       — ᠠᠵᠢᠯ ᠬᠢᠪᠡᠯ ᠳᠠᠭᠤᠰᠲᠠᠯ᠎ᠠ᠂ ᠳᠠᠪᠤᠰᠤ ᠬᠢᠪᠡᠯ ᠠᠭᠤᠰᠲᠠᠯ᠎ᠠ ᠭᠡᠯᠴᠡᠳᠡᠭ᠃ ᠪᠢ ᠵᠠᠮᠤᠬ᠎ᠠ ᠠᠨᠳᠠ ᠶ᠋ᠢᠨ ᠵᠥᠪ ᠭᠡᠮᠡᠨ ᠪᠣᠳᠣᠨᠠᠮ ᠭᠡᠵᠦ ᠪᠡᠯᠭᠦᠳᠡᠢ ᠨᠡᠯᠢᠶᠡᠳ ᠶᠡᠬᠡ ᠶ᠋ᠢᠨ ᠰᠢᠭᠢᠷ᠎ᠡ ᠭᠠᠷᠭᠠᠨ ᠬᠡᠯᠡᠯ᠎ᠡ᠃ 
       — ᠪᠢ ᠰᠠᠨᠠᠯ ᠨᠢᠭᠡ ᠪᠠᠢᠨ᠎ᠠ ᠭᠡᠵᠦ ᠬᠠᠰᠠᠷ ᠲᠣᠪᠴᠢᠬᠠᠨ ᠪᠣᠪᠲᠤᠨᠠᠪᠠ᠃ ᠵᠠᠬ᠎ᠠ ᠬᠠᠮᠪᠤ ᠠᠪᠠᠭ᠎ᠠ ᠪᠠᠨ ᠳᠠᠷᠠᠭᠠᠯᠠᠨ ᠰᠠᠭᠤᠵᠤ ᠪᠠᠢᠭᠰᠠᠨ ᠰᠡᠩᠭᠦᠮ ᠳᠣᠣᠷ᠎ᠠ ᠪᠠᠨ ᠥᠨᠳᠡᠯᠵᠡᠨ᠄ 
       — ᠵᠥᠪ᠂ ᠵᠥᠪ!   ᠲᠣᠭᠲᠣᠭ᠎ᠠ ᠪᠡᠬᠢ᠂ ᠲᠡᠢᠷ ᠤᠰᠤᠨ ᠢ᠋ ᠪᠦᠷᠢᠮᠦᠰᠦᠨ ᠤᠰᠠᠳᠬᠠᠵᠤ᠂ ᠮᠡᠷᠭᠢᠳ ᠢ᠋ ᠰᠥᠨᠥᠭᠡᠬᠦ ᠬᠡᠷᠡᠭᠲᠡᠢ ᠲᠡᠳᠡᠨ ᠦ᠌ ᠤᠷᠢᠳᠤ ᠦᠶ᠎ᠡ ᠶ᠋ᠢᠨ ᠬᠢᠨ ᠬᠠᠨ ᠠᠪᠤ ᠶ᠋ᠢ ᠠᠷᠪᠠ ᠬᠦᠷᠬᠦ ᠦᠭᠡᠢ ᠨᠠᠰᠤᠨ ᠳ᠋ᠤ᠌ ᠨᠢ ᠣᠯᠵᠠᠯᠠᠵᠤ ᠪᠠᠢᠭᠰᠠᠨ ᠭᠡᠳᠡᠭ᠃ ᠣᠳᠣ ᠦᠰ ᠬᠣᠨᠵᠢᠶ᠎ᠠ ᠪᠠᠨ ᠠᠪᠬᠤ ᠴᠠᠭ ᠪᠣᠯᠤᠭᠰᠠᠨ ᠭᠡᠯ᠎ᠡ᠃ 
       ᠵᠠᠬ᠎ᠠ ᠬᠠᠮᠪᠤ ᠬᠣᠭᠣᠯᠠᠢ ᠪᠠᠨ ᠵᠠᠰᠠᠵᠤ ᠪᠠᠭᠤᠷᠢᠲᠠᠢᠬᠠᠨ ᠳᠦᠷᠢ ᠦᠵᠡᠭᠦᠯᠵᠦ᠄ 
       — ᠳᠡᠭᠦᠦ ᠨᠠᠷ᠂ ᠵᠠᠯᠠᠭᠤᠰ ᠤ᠋ᠨ ᠴᠢᠰᠤ ᠰᠢᠩᠭᠡᠨ᠂ ᠰᠥᠰᠥ ᠣᠷᠭᠢᠯᠤᠭᠤᠨ ᠪᠣᠯᠬᠣᠷ ᠲᠠ ᠨᠠᠷ ᠤ᠋ᠨ ᠪᠣᠳᠣᠯ ᠰᠠᠨᠠᠭ᠎ᠠ ᠶ᠋ᠢ ᠪᠢ ᠪᠤᠷᠤᠭᠤ ᠭᠡᠬᠦ ᠦᠭᠡᠢ᠃ ᠭᠡᠬᠦ ᠳ᠋ᠡᠭᠡᠨ ᠣᠳᠣ ᠭᠠᠳᠠᠭ᠎ᠠ ᠴᠠᠰᠤ ᠬᠠᠶᠠᠯᠠᠵᠤ  ᠪᠠᠢᠨ᠎ᠠ᠃ ᠴᠠᠭ ᠤ᠋ᠨ ᠬᠠᠲᠠᠭᠤ᠂ ᠴᠠᠰᠤᠨ ᠤ᠋ ᠬᠠᠢᠷᠭᠤ ᠢᠷᠡᠯ᠎ᠡ᠃  ᠡᠢᠮᠦ ᠦᠷ᠎ᠡ ᠳ᠋ᠦ᠍ ᠳᠠᠢᠳᠤᠬᠤ ᠭᠡᠳᠡᠭ ᠠᠮᠠᠷ ᠦᠭᠡᠢ᠃ ᠮᠡᠷᠭᠢᠳ ᠦ᠋ᠨ ᠳᠡᠭᠡᠳᠦ ᠡᠷᠬᠡ ᠮᠡᠳᠡᠯᠲᠡᠨ ᠡᠳᠦᠢ ᠳ᠋ᠦ᠍ ᠭᠣᠣᠯ ᠤ᠋ᠨ ᠴᠠᠭᠠᠳᠤ ᠭᠠᠷᠤᠭᠰᠠᠨ ᠭᠡᠵᠦ ᠪᠢ ᠪᠣᠳᠣᠵᠤ ᠪᠠᠢᠨ᠎ᠠ᠃ ᠲᠡᠳᠡ ᠰᠡᠯᠡᠩᠭᠡ ᠮᠥᠷᠡᠨ ᠢ᠋ ᠭᠠᠲᠤᠯᠬᠤ ᠲᠣᠮᠣ ᠵᠠᠪᠢ ᠣᠩᠭᠣᠴᠠ ᠲᠠᠢ᠂ ᠲᠡᠳᠡᠨ ᠢ᠋ ᠰᠡᠯᠢᠭᠦᠷᠳᠡᠬᠦ ᠤᠰᠤᠴᠢᠨ ᠰᠡᠯᠢᠭᠦᠷᠴᠢᠨ ᠲᠡᠢ᠃ ᠲᠡᠢᠮᠦ ᠡᠴᠡ ᠪᠢᠳᠡ ᠲᠡᠳᠡᠨ ᠢ᠋ ᠬᠥᠭᠡᠭᠡᠵᠦ ᠮᠥᠷᠡᠨ ᠭᠠᠲᠤᠯᠤᠶ᠎ᠠ ᠭᠡᠬᠦ ᠳ᠋ᠦ᠍ ᠵᠠᠪᠢ ᠣᠩᠭᠣᠴᠠ ᠬᠢᠬᠦ᠂ ᠬᠡᠵᠢᠶ᠎ᠡ ᠲᠡᠭᠦᠨ ᠢ᠋ ᠡᠵᠡᠮᠰᠢᠵᠦ ᠵᠢᠯᠣᠭᠣᠳᠬᠤ ᠬᠡᠨ ᠪᠢᠯᠡ? ᠰᠡᠯᠡᠩᠭᠡ ᠶ᠋ᠢᠨ ᠮᠥᠰᠥ ᠬᠥᠯᠳᠡᠬᠦ ᠶ᠋ᠢ ᠬᠦᠯᠢᠶᠡᠪᠡᠯ ᠪᠠᠷᠤᠭ ᠰᠠᠷ᠎ᠠ ᠶ᠋ᠢᠨ ᠵᠠᠢ ᠪᠠᠢᠨ᠎ᠠ᠃ ᠡᠢᠮᠦ ᠡᠴᠡ ᠡᠨᠡ ᠤᠳᠠᠭ᠎ᠠ ᠲᠡᠢᠨ ᠢ᠋ ᠦᠷᠭᠦᠯᠵᠢᠯᠡᠭᠦᠯᠬᠦ ᠪᠡᠨ ᠲᠦᠳᠡᠭᠡᠯᠵᠡᠬᠦ ᠨᠢ ᠵᠥᠪ ᠭᠡᠮᠡᠨ ᠮᠤᠩᠬᠠᠭᠯᠠᠨ ᠪᠣᠳᠣᠵᠤ ᠰᠠᠭᠤᠨ᠎ᠠ᠃ ᠪᠦᠭᠦᠳᠡ ᠣᠯᠠᠨ ᠢ᠋ᠶ᠋ᠠᠨ《ᠳᠣᠪᠲᠣᠯᠤᠶ᠎ᠠ᠂ ᠳᠠᠪᠰᠢᠶ᠎ᠠ》 ᠭᠡᠪᠡᠯ ᠭᠠᠭᠴᠠᠭᠠᠷ ᠢ᠋ᠶ᠋ᠠᠨ ᠬᠣᠴᠣᠷᠬᠤ ᠨᠢ ᠴᠦ᠍ ᠶᠠᠭᠤᠨ ᠭᠡᠮᠡᠨ ᠲᠣᠯᠣᠭᠠᠢ ᠳᠣᠬᠢᠯᠵᠠᠨ ᠮᠡᠬᠦᠢᠪᠡ᠃  
       ᠣᠳᠣ ᠶᠠᠭᠠᠬᠢᠬᠤ ᠴᠦ᠍ ᠠᠷᠭ᠎ᠠ ᠦᠭᠡᠢ ᠲᠡᠮᠦᠵᠢᠨ ᠦ᠌ ᠦᠭᠡ ᠳᠤᠤᠭᠠᠷᠬᠤ ᠡᠭᠡᠯᠵᠢ ᠲᠤᠯᠭᠠᠷᠠᠪᠠ᠃  
       ᠲᠡᠮᠦᠵᠢᠨ ᠳᠣᠣᠷ᠎ᠠ ᠪᠠᠨ ᠰᠠᠭᠤᠳᠠᠯ ᠢ᠋ᠶ᠋ᠠᠨ ᠵᠠᠰᠠᠵᠤ᠂ ᠢᠨᠢᠶᠡᠮᠰᠦᠭᠯᠡᠭᠰᠡᠨ ᠢ᠋ᠶ᠋ᠡᠨ ᠨᠢᠭᠤᠷ ᠢ᠋ᠶ᠋ᠠᠨ ᠢᠯᠢᠵᠦ ᠪᠢᠴᠢᠬᠠᠨ ᠰᠠᠬᠠᠯ ᠢ᠋ᠶ᠋ᠠᠨ ᠢᠮᠡᠷᠦᠨ᠄ 
       — ᠬᠠᠨ ᠡᠴᠢᠭᠡ᠂ ᠵᠠᠬ᠎ᠠ ᠠᠬ᠎ᠠ᠂ ᠵᠠᠮᠤᠬ᠎ᠠ ᠠᠨᠳᠠ᠂ ᠲᠠ ᠨᠠᠷ ᠮᠢᠨᠢ ᠨᠠᠮ᠎ᠠ ᠶ᠋ᠢ ᠡᠬᠡᠨᠡᠷ ᠢ᠋ᠶ᠋ᠡᠨ ᠣᠯᠵᠤ ᠠᠪᠤᠭᠠᠳ ᠰᠠᠨᠠᠭ᠎ᠠ ᠠᠮᠤᠷᠴᠤ᠂ ᠰᠠᠢᠬᠠᠨ ᠵᠢᠷᠭᠠᠵᠤ ᠰᠠᠭᠤᠬᠤ ᠶ᠋ᠢ ᠪᠣᠳᠣᠯ᠎ᠠ ᠭᠡᠬᠦ ᠦᠭᠡᠢ  ᠪᠣᠢ ᠭᠡᠮᠡᠨ ᠥᠴᠢᠰᠦ᠃ ᠨᠠᠳᠠ ᠪᠣᠯ ᠡᠴᠢᠭᠡ ᠶ᠋ᠢᠨ ᠭᠠᠯ ᠭᠣᠯᠣᠮᠲᠠ ᠶ᠋ᠢ ᠰᠠᠬᠢᠵᠤ᠂ ᠲᠤᠭ ᠰᠦᠯᠳᠡ ᠶ᠋ᠢ ᠨᠢ ᠥᠭᠡᠳᠡ ᠮᠠᠨᠳᠤᠭᠤᠯᠬᠤ ᠭᠠᠭᠴᠠᠬᠠᠨ ᠵᠣᠷᠢᠯᠭ᠎ᠠ ᠪᠣᠢ᠃ ᠡᠴᠢᠭᠡ ᠶ᠋ᠢᠨ ᠬᠠᠷᠢᠶᠠᠨ ᠳ᠋ᠤ᠌ ᠪᠠᠢᠭᠰᠠᠨ ᠪᠣᠷᠵᠢᠭᠢᠨ ᠣᠪᠣᠭ ᠤ᠋ᠨ ᠲᠠᠷᠬᠠᠵᠤ ᠪᠤᠲᠠᠷᠠᠭᠰᠠᠨ ᠣᠪᠣᠭ ᠤ᠋ᠳ᠂ ᠠᠯᠪᠠᠲᠤ ᠠᠷᠠᠳ ᠤ᠋ᠳ ᠢ᠋ ᠨᠢ ᠡᠴᠢᠭᠡ ᠶ᠋ᠢᠨ ᠲᠤᠭ ᠰᠦᠯᠳᠡ ᠳ᠋ᠦ᠍ ᠮᠥᠷᠭᠥᠭᠦᠯᠵᠦ᠂ ᠬᠠᠭᠠᠰ ᠬᠤᠭᠤᠰ ᠵᠠᠬᠢᠷᠭᠠᠨ ᠳ᠋ᠠᠭᠠᠨ ᠣᠷᠣᠭᠤᠯᠵᠤ᠂ ᠴᠡᠷᠢᠭ ᠳᠠᠢᠴᠢᠯᠠᠵᠤ ᠭᠠᠷᠤᠭᠰᠠᠨ᠃ ᠡᠢᠮᠦ ᠳ᠋ᠦ᠍ ᠠᠷᠤ ᠲᠠᠯ᠎ᠠ ᠪᠠᠨ ᠣᠷᠬᠢᠭᠠᠳ ᠳᠠᠢᠳᠤᠬᠤ ᠶ᠋ᠢ ᠮᠥᠩᠬᠡ ᠲᠩᠷᠢ ᠲᠠᠭᠠᠰᠢᠶᠠᠬᠤ ᠦᠭᠡᠢ ᠪᠤᠶᠤ ᠭᠡᠯ᠎ᠡ᠃  
       ᠲᠣᠭᠣᠷᠢᠯ ᠲᠡᠮᠦᠵᠢᠨ ᠦ᠌ ᠦᠭᠡ ᠶ᠋ᠢ ᠠᠩᠬᠠᠷᠤᠯ ᠲᠠᠢ ᠰᠣᠨᠣᠰᠴᠤ᠂ ᠲᠣᠯᠣᠭᠠᠢ ᠳᠣᠬᠢᠨ ᠰᠠᠭᠤᠭᠰᠠᠨ ᠢ᠋ᠶ᠋ᠠᠨ᠄ 
       — ᠲᠡᠮᠦᠵᠢᠨ ᠬᠦᠦ ᠶ᠋ᠢᠨ ᠵᠥᠪ᠃ ᠪᠢ ᠴᠦ᠍ ᠭᠡᠯ᠎ᠡ ᠠᠷᠤ ᠲᠠᠯ᠎ᠠ ᠪᠠᠲᠤ ᠪᠡᠬᠢ ᠭᠡᠬᠦ ᠶᠠᠭᠤ ᠪᠢᠯᠡ? ᠨᠠᠢ᠍ᠮᠠᠨ ᠨᠤᠭᠤᠳ ᠨᠠᠮ᠎ᠠ ᠶ᠋ᠢ ᠦᠷᠭᠦᠯᠵᠢ ᠲᠦᠭᠰᠢᠶᠡᠳᠡᠭ᠃ ᠡᠢᠮᠦ ᠡᠴᠡ ᠮᠡᠷᠭᠢᠳ ᠲᠡᠢ ᠦᠷᠭᠦᠯᠵᠢᠯᠡᠭᠦᠯᠦᠨ ᠳᠠᠢᠳᠤᠬᠤ ᠠ᠋ᠴᠠ ᠣᠭᠣᠷᠬᠤ ᠨᠢ ᠵᠥᠪ ᠭᠡᠵᠦ ᠪᠣᠳᠣᠵᠤ ᠪᠠᠢᠨ᠎ᠠ ᠭᠡᠪᠡᠰᠦ ᠬᠦᠦ ᠰᠡᠩᠭᠦᠮ ᠥᠨᠳᠡᠯᠵᠡᠨ《ᠠᠪᠤ ᠠ᠋》 ᠭᠡᠬᠦ ᠶ᠋ᠢ ᠲᠣᠭᠣᠷᠢᠯ ᠲᠣᠭᠣᠮᠰᠠᠷᠯᠠᠭᠰᠠᠨ ᠦᠭᠡᠢ᠄ 
       — ᠪᠤᠴᠠᠬᠤ ᠨᠢ ᠵᠥᠪ ᠪᠤᠶ᠎ᠡ ᠭᠡᠪᠡ᠃ ᠰᠡᠩᠭᠦᠮ ᠳᠠᠭᠵᠠ᠄ 
       — ᠠᠪᠤ ᠠ᠋᠂ ᠠᠪᠤ ᠠ᠋ ᠭᠡᠬᠦ ᠳ᠋ᠦ᠍ᠨᠢ ᠡᠴᠢᠭᠡ ᠨᠢ᠄ 
       — ᠶᠠᠭᠤ ᠭᠡᠪᠡ? ᠭᠡᠵᠦ ᠤᠴᠠᠭᠠᠷᠯᠠᠩᠭᠤᠢ  ᠬᠥᠮᠥᠰᠬᠡ ᠪᠡᠨ ᠵᠠᠩᠭᠢᠳᠪᠠ᠃ ᠰᠡᠩᠭᠦᠮ᠄ 
       — ᠲᠠ ᠠᠪᠠᠭ᠎ᠠ ᠠᠬ᠎ᠠ ᠲᠠᠢ ᠪᠤᠴᠠ ᠯᠠ ᠳᠠ᠃ ᠨᠠᠳᠠᠳᠤ ᠳ᠋ᠤ᠌ ᠴᠡᠷᠢᠭ ᠦ᠋ᠨ ᠢ᠋ᠶ᠋ᠡᠨ ᠬᠠᠭᠠᠰ ᠢ᠋ ᠦᠯᠡᠳᠡᠭᠡ᠃ ᠲᠡᠮᠦᠵᠢᠨ᠂ ᠵᠠᠮᠤᠬ᠎ᠠ ᠠᠨᠳᠠ ᠨᠠᠷ ᠴᠦ᠍ ᠪᠠᠰᠠ ᠴᠡᠷᠢᠭ ᠬᠤᠪᠢᠶᠠᠵᠤ ᠪᠠᠢᠯᠳᠤᠬᠤ ᠨᠢ ᠪᠠᠢᠯᠳᠤᠵᠤ ᠦᠯᠡᠳᠡᠬᠦ ᠨᠢ ᠦᠯᠡᠳᠡᠵᠦ ᠪᠣᠯᠬᠤ  ᠪᠢᠰᠢᠦ? ᠭᠡᠪᠡ᠃ ᠲᠣᠭᠣᠷᠢᠯ ᠬᠠᠨ《ᠬᠡᠩ》 ᠭᠡᠵᠦ ᠰᠡᠭᠦᠷᠡᠰᠦ ᠠᠯᠲᠠᠨ᠄ 
       — ᠪᠢ ᠴᠢᠮᠠᠶ᠋ᠢ ᠴᠡᠷᠢᠭ ᠦ᠋ᠨ ᠢ᠋ᠶ᠋ᠡᠨ ᠬᠠᠭᠠᠰ ᠲᠠᠢ ᠣᠷᠬᠢᠴᠢᠬᠠᠭᠠᠳ ᠶᠠᠭᠤ ᠪᠣᠳᠣᠵᠤ ᠰᠠᠭᠤᠬᠤ ᠪᠢᠯᠡ? ᠬᠠᠨ ᠰᠢᠷᠡᠭᠡ ᠥᠪᠯᠡᠭᠦᠯᠬᠦ ᠭᠠᠭᠴᠠ ᠬᠥᠪᠡᠭᠦᠨ ᠲᠡᠢ ᠬᠥᠮᠦᠨ ᠪᠢ᠃ ᠨᠠᠰᠤ ᠮᠢᠨᠢ ᠲᠠᠪᠢ ᠭᠠᠷᠤᠯ᠎ᠠ᠃ ᠮᠢᠨᠦ ᠡᠴᠢᠭᠡ ᠬᠤᠷᠴᠠᠬᠤᠰ ᠪᠣᠢᠷᠤᠭ ᠳᠥᠴᠢᠨ ᠬᠥᠪᠡᠭᠦᠨ ᠲᠡᠢ ᠪᠥᠯᠥᠭᠡ᠃ ᠲᠡᠳᠡ ᠣᠯᠠᠨ ᠡᠬᠡ ᠶ᠋ᠢᠨ ᠬᠥᠪᠡᠭᠦᠨ ᠪᠣᠯᠬᠣᠷ ᠵᠥᠷᠢᠴᠡᠯ ᠲᠡᠮᠡᠴᠡᠯ ᠡᠴᠡ ᠪᠡᠨ ᠪᠣᠯᠤᠭᠠᠳ ᠲᠤᠩ ᠴᠥᠭᠡᠨ ᠦᠯᠡᠳᠡᠵᠦ ᠭᠡᠮ᠃ ᠨᠠᠳᠠᠳᠤ ᠠᠷᠠᠢᠭᠡᠵᠦ ᠵᠠᠶᠠᠭᠠᠭᠰᠠᠨ ᠨᠢ ᠴᠢ᠃ ᠶᠠᠳᠠᠵᠤ ᠳᠥᠷᠪᠡᠨ ᠬᠥᠪᠡᠭᠦᠨ ᠲᠡᠢ ᠪᠣᠯ ᠥᠭᠡᠷ᠎ᠡ ᠭᠡᠬᠦ ᠰᠠᠨ᠃ ᠪᠣᠯᠳᠠᠭ ᠦᠭᠡᠢ ᠶᠦᠮ᠂ ᠬᠦᠦ ᠮᠢᠨᠢ ᠭᠡᠪᠡᠰᠦ ᠵᠠᠮᠤᠬ᠎ᠠ᠄ 
       — ᠬᠠᠨ ᠠᠬ᠎ᠠ ᠳᠠᠢᠳᠤᠬᠤ ᠳᠤᠷ᠎ᠠ ᠦᠭᠡᠢ ᠪᠣᠯ ᠪᠢ ᠴᠦ᠍ ᠭᠡᠰᠡᠨ ᠳ᠋ᠡᠭᠠᠨ ᠪᠢᠰᠢᠷᠡᠶ᠎ᠡ᠃ ᠨᠠᠳᠠ ᠴᠦ᠍ ᠭᠡᠰᠡᠨ ᠠᠷᠤ ᠲᠠᠯ᠎ᠠ ᠪᠥᠬᠡ ᠪᠠᠲᠤ ᠭᠡᠬᠦ ᠶᠠᠭᠤᠮ᠎ᠠ ᠮᠡᠬᠦᠰ᠃ ᠪᠤᠴᠠᠶ᠎ᠠ᠂ ᠪᠤᠴᠠᠶ᠎ᠠ ᠭᠡᠪᠡ᠃  
       — ᠵᠠ ᠲᠡᠭᠡᠪᠡᠯ ᠪᠤᠴᠠᠬᠤ ᠪᠠᠷ ᠰᠢᠢᠳᠬᠦ ᠰᠢᠦ ᠳᠡ᠃ ᠲᠡᠷᠡ ᠨᠢ ᠴᠦ᠍ ᠵᠥᠪ ᠪᠤᠶᠤ ᠲᠤᠭᠤᠷᠢᠯ ᠬᠠᠨ ᠳ᠋ᠦᠩᠨᠡᠯᠲᠡ ᠮᠠᠶᠢᠭᠲᠠᠢ ᠬᠡᠯᠡᠪᠡ᠃ ᠭᠠᠳᠠᠨ᠎ᠠ ᠠ᠋ᠴᠠ ᠠᠭᠤᠷ ᠰᠠᠪᠰᠠᠭᠰᠠᠨ ᠬᠠᠯᠠᠭᠤᠨ ᠪᠤᠤᠵᠠ᠂ ᠵᠠᠭᠤᠰᠢ ᠣᠷᠣᠵᠤ ᠢᠷᠡᠵᠦ᠂ ᠲᠡᠳᠡ ᠬᠡᠰᠡᠭ ᠵᠠᠭᠤᠷ᠎ᠠ ᠶᠠᠷᠢᠶ᠎ᠠ ᠵᠠᠪᠰᠠᠷᠯᠠᠪᠠ᠃ ᠡᠨᠡ ᠬᠠᠨ ᠠ᠋ᠴᠠ ᠭᠠᠳᠠᠨ᠎ᠠ ᠵᠠᠬ᠎ᠠ ᠬᠠᠮᠪᠤ᠂ ᠵᠠᠮᠤᠬ᠎ᠠ ᠶ᠋ᠢᠨ ᠰᠢᠳᠠᠷ ᠲᠤᠰᠠᠯᠠᠬᠤ ᠵᠠᠳᠠᠷᠠᠨ ᠤ᠋ ᠮᠣᠯᠠᠭᠯᠠᠬᠤ ᠬᠣᠶᠠᠷ ᠠᠬᠠᠮᠠᠳ ᠤ᠋ᠨ ᠲᠣᠭᠠᠨ ᠳ᠋ᠤ᠌ ᠣᠷᠣᠬᠤ ᠪᠠᠷ ᠪᠥᠯᠥᠭᠡ᠃ ᠲᠡᠢᠮᠦ ᠡᠴᠡ ᠲᠤᠭᠤᠷᠢᠯ ᠬᠠᠨ ᠬᠤᠨᠳᠠᠭ᠎ᠠ ᠡᠷᠭᠦᠬᠦ ᠳ᠋ᠡᠭᠡᠨ ᠵᠥᠪᠬᠡᠨ ᠡᠨᠡ ᠬᠣᠶᠠᠷ ᠤᠷᠤᠭᠤ ᠳᠣᠬᠢᠵᠤ ᠰᠠᠷᠬᠤᠳ ᠪᠠᠯᠭᠤᠵᠤ ᠪᠠᠢᠪᠠ᠃ ᠪᠤᠰᠤᠳ ᠨᠢ ᠴᠥᠮ ᠬᠣᠷᠢ ᠬᠦᠷᠬᠦ ᠦᠭᠡᠢ ᠨᠠᠰᠤᠨ ᠤ᠋ ᠪᠠᠭ᠎ᠠ ᠵᠠᠯᠠᠭᠤᠰ ᠲᠤᠯᠠ ᠠᠷᠢᠬᠢ ᠰᠠᠷᠬᠤᠳ ᠲᠤ ᠡᠬᠢᠨ ᠦ᠌ ᠬᠤᠨᠳᠠᠭ᠎ᠠ ᠠ᠋ᠴᠠ ᠬᠣᠢᠰᠢ ᠠᠮᠠ ᠬᠦᠷᠭᠡᠭᠰᠡᠨ ᠦᠭᠡᠢ ᠪᠣᠯᠠᠢ᠃ ᠲᠣᠭᠣᠷᠢᠯ ᠬᠠᠨ᠄ 
       — ᠳᠠᠷᠠᠭ᠎ᠠ ᠶ᠋ᠢᠨ ᠶᠠᠷᠢᠶᠠᠨ ᠳ᠋ᠠᠭᠠᠨ ᠣᠷᠣᠬᠤ ᠤᠤ ᠳᠠ? ᠲᠡᠢᠨ ᠦ᠌ ᠣᠯᠵᠠ ᠪᠠᠨ ᠬᠡᠷᠬᠢᠨ ᠬᠤᠪᠢᠶᠠᠬᠤ ᠲᠠᠯ᠎ᠠ ᠪᠠᠷ ᠶᠠᠷᠢᠯᠴᠠᠬᠤ ᠨᠢ ᠵᠦᠢ ᠪᠤᠶ᠎ᠡ? ᠭᠡᠬᠦ ᠳ᠋ᠦ᠍᠄ 
       — ᠭᠤᠷᠪᠠᠨ ᠬᠦᠴᠦᠨ ᠳ᠋ᠡᠭᠡᠨ ᠤᠤ? ᠡᠰᠡᠪᠡᠯ ᠬᠤᠪᠢ ᠲᠡᠩᠴᠡᠭᠦᠯᠬᠦ ᠤᠤ? ᠭᠡᠵᠦ ᠵᠠᠬ᠎ᠠ ᠬᠠᠮᠪᠤ ᠳᠤᠤᠭᠠᠷᠪᠠ᠃ 
       — ᠠᠯᠢ ᠨᠢ ᠴᠦ᠍ ᠪᠣᠯᠬᠤ ᠶᠤᠮ ᠭᠡᠵᠦ ᠵᠠᠮᠤᠬ᠎ᠠ ᠮᠢᠰᠢᠯᠵᠡᠪᠡ᠃ 
       ᠲᠡᠮᠦᠵᠢᠨ ᠰᠠᠭᠤᠳᠠᠯ ᠠ᠋ᠴᠠ ᠪᠠᠨ ᠪᠣᠰᠴᠤ ᠡᠮᠦᠨᠡᠬᠢ ᠲᠠᠭᠱᠠ ᠲᠠᠢ ᠠᠷᠢᠬᠢ ᠪᠠᠨ ᠡᠷᠭᠦᠨ ᠪᠠᠷᠢᠵᠤ᠄  
            ᠥᠴᠦᠬᠡᠨ ᠮᠢᠨᠦ ᠬᠦᠰᠡᠯ ᠪᠣᠯ 
            ᠡᠷᠦᠬᠡ ᠭᠡᠷ ᠢ᠋ᠶ᠋ᠡᠨ ᠪᠦᠷᠢᠨ ᠪᠣᠯᠭᠠᠬᠤ ᠪᠥᠯᠥᠭᠡ  
            ᠡᠴᠢᠭᠡ ᠬᠠᠨ ᠲᠣᠭᠣᠷᠢᠯ  
            ᠡᠷᠬᠢᠮ ᠠᠨᠳᠠ ᠵᠠᠮᠤᠬ᠎ᠠ ᠨᠠᠷ  
            ᠡᠪ ᠬᠦᠴᠦ ᠶ᠋ᠢ ᠨᠢᠭᠡᠳᠬᠡᠵᠦ  
            ᠡᠷᠬᠡᠲᠦ ᠲᠩᠷᠢ ᠶ᠋ᠢᠨ ᠥᠷᠥᠰᠢᠶᠡᠯ ᠢ᠋ᠶ᠋ᠡᠷ 
            ᠡᠬᠡ ᠳᠡᠯᠡᠬᠡᠢ ᠶ᠋ᠢᠨ ᠢᠪᠡᠭᠡᠯ ᠢ᠋ᠶ᠋ᠡᠷ 
            ᠡᠷᠲᠡᠨ ᠦ᠌ ᠥᠰᠢᠶᠡᠲᠦ ᠮᠡᠷᠭᠢᠳ ᠦ᠋ᠨ 
            ᠡᠯᠢᠭᠡ ᠵᠢᠷᠦᠬᠡ ᠶ᠋ᠢ ᠡᠮᠲᠡᠯᠵᠦ  
            ᠡᠷᠬᠢᠮ ᠲᠥᠷᠥ ᠶ᠋ᠢ ᠨᠢ ᠰᠥᠨᠥᠭᠡᠵᠦ  
            ᠡᠵᠡᠮᠰᠢᠬᠦ ᠭᠡᠷ ᠢ᠋ ᠨᠢ ᠬᠣᠭᠣᠰᠣᠯᠠᠵᠤ 
            ᠡᠯᠪᠡᠭ ᠵᠦᠢᠯ ᠢ᠋ ᠨᠢ ᠣᠯᠵᠠᠯᠠᠪᠠ  
            ᠣᠯᠵᠠ ᠠᠰᠢᠭ ᠢ᠋ ᠬᠤᠪᠢᠶᠠᠬᠤ ᠳ᠋ᠤ᠌  
            ᠣᠯᠠᠨ ᠴᠥᠭᠡᠨ ᠳ᠋ᠡᠭᠡᠨ ᠲᠡᠩᠴᠡᠭᠦᠯᠦᠶ᠎ᠡ ᠬᠡᠮᠡᠭᠡᠳ ᠪᠠᠷᠢᠭᠰᠠᠨ ᠪᠠᠷᠢᠭᠰᠠᠨ ᠢ᠋ᠶ᠋ᠠᠨ ᠬᠦᠷᠲᠡᠬᠦ ᠶ᠋ᠢ ᠬᠦᠰᠡᠪᠡ᠃《ᠣᠯᠠᠨ ᠴᠥᠭᠡᠨ ᠳ᠋ᠡᠭᠡᠨ》 ᠭᠡᠳᠡᠭ ᠨᠢ ᠵᠠᠬ᠎ᠠ ᠬᠠᠮᠪᠤ ᠶ᠋ᠢᠨ ᠰᠠᠨᠠᠯ ᠶᠣᠰᠣᠭᠠᠷ ᠴᠡᠷᠢᠭ ᠦ᠋ᠨ ᠲᠣᠭᠠᠨ ᠳ᠋ᠠᠭᠠᠨ ᠬᠤᠪᠢᠶᠠᠶ᠎ᠠ ᠭᠡᠰᠡᠨ ᠰᠠᠨᠠᠭ᠎ᠠ ᠶᠤᠮ᠃ ᠲᠡᠮᠦᠵᠢᠨ ᠡᠴᠡ ᠴᠠᠭᠠᠳᠤᠭᠤᠯᠠ ᠨᠢ ᠲᠤᠰ ᠲᠤᠰ ᠲᠠᠭᠠᠨ ᠬᠣᠶᠠᠷ ᠳᠠᠭᠵᠠ ᠢᠯᠡᠭᠦᠦ ᠪᠥᠯᠥᠭᠡ᠃ ᠣᠯᠵᠠᠯᠠᠭᠰᠠᠨ ᠬᠥᠮᠦᠨ᠂ ᠮᠠᠯ᠂ ᠡᠳ᠋ ᠬᠥᠷᠥᠩᠭᠡ ᠶ᠋ᠢ ᠬᠠᠮᠢᠭ᠎ᠠ ᠶᠠᠭᠠᠬᠢᠵᠤ ᠬᠤᠪᠢᠶᠠᠬᠤ ᠪᠠᠨ ᠶᠠᠷᠢᠯᠴᠠᠭᠠᠳ ᠠᠭᠤᠵᠢᠮ ᠲᠡᠨᠢᠭᠦᠨ ᠪᠣᠢᠳᠠ ᠵᠡᠯᠢᠭᠦᠳ ᠲᠠᠯᠬᠤᠨ ᠠᠷᠠᠯ ᠳ᠋ᠤ᠌ ᠪᠥᠭᠡᠮᠨᠡᠷᠡᠭᠦᠯᠦᠶ᠎ᠡ ᠭᠡᠯᠴᠡᠵᠦ ᠲᠣᠭᠲᠠᠭᠠᠳ ᠲᠠᠷᠬᠠᠬᠤ ᠭᠡᠲᠡᠯ᠎ᠡ ᠪᠤᠭᠤᠷᠴᠢ ᠭᠡᠷ ᠦ᠋ᠨ ᠪᠠᠷᠠᠭᠤᠨ ᠤᠷᠲᠤ ᠵᠢᠭᠦᠷ ᠡᠴᠡ ᠪᠣᠰᠴᠤ ᠮᠡᠬᠦᠢᠨ᠄ 
       —  ᠨᠠᠳᠠᠳᠤ ᠠᠢᠯᠠᠳᠬᠠᠬᠤ  ᠦᠭᠡ ᠪᠠᠢᠨ᠎ᠠ ᠭᠡᠮᠡᠨ ᠮᠡᠬᠦᠢᠬᠦ ᠳ᠋ᠦ᠍ᠨᠢ᠄ 
       — ᠠᠢᠯᠠᠳᠬ᠎ᠠ᠂ ᠠᠢᠯᠠᠳᠬ᠎ᠠ! ᠭᠡᠯᠴᠡᠪᠡ᠃  
       — ᠡᠨᠡ ᠬᠦᠷᠢᠶᠡᠨ ᠳᠤᠮᠳᠠᠭᠤᠷ ᠶᠠᠪᠤᠬᠤ ᠳ᠋ᠤ᠌ ᠠᠯᠠᠭᠳᠠᠭᠰᠠᠨ ᠴᠡᠷᠢᠭ ᠢᠷᠭᠡᠳ ᠦ᠋ᠨ ᠬᠡᠭᠦᠷ ᠣᠯᠠᠨ ᠪᠣᠢ᠃ ᠪᠤᠰᠤᠳ ᠬᠦᠷᠢᠶᠡᠨ ᠳ᠋ᠦ᠍ ᠴᠦ᠍ ᠪᠠᠢᠵᠤ ᠯᠠ ᠲᠠᠭᠠᠷᠠᠨ᠎ᠠ᠃ ᠲᠡᠭᠦᠨ ᠢ᠋ ᠶᠠᠭᠠᠬᠢᠬᠤ ᠪᠣᠢ? ᠭᠡᠷ ᠣᠷᠣᠨ ᠢ᠋ ᠨᠢ ᠠᠴᠢᠭᠠᠳ ᠬᠥᠳᠡᠯᠬᠦ ᠳ᠋ᠦ᠍ ᠵᠤᠳ ᠲᠤ᠌ ᠦᠬᠦᠭᠰᠡᠨ ᠮᠠᠯ ᠤ᠋ᠨ ᠰᠡᠭ ᠰᠢᠭ ᠨᠤᠲᠤᠭ ᠳᠡᠭᠡᠷ᠎ᠡ ᠪᠡᠨ ᠦᠯᠡᠳᠡᠬᠦ ᠡᠪ ᠦᠭᠡᠢ ᠶᠦᠮ᠃ ᠡᠳᠡ ᠨᠠᠷ ᠴᠢᠨᠢ ᠬᠥᠮᠦᠨ ᠶᠦᠮ ᠳᠡ᠃ ᠠᠮᠢᠳᠤ ᠪᠠᠷ ᠦᠬᠦᠭᠰᠡᠨ ᠢ᠋ ᠨᠢ ᠣᠷᠣᠰᠢᠭᠤᠯᠪᠠᠯ  ᠵᠣᠬᠢᠯᠲᠠᠢ ᠪᠤᠰᠤ ᠤᠤ? ᠭᠡᠪᠡᠯ᠄ 
       — ᠥ᠂ ᠲᠡᠷᠡ ᠵᠥᠪ! ᠭᠡᠯᠴᠡᠵᠦ ᠲᠠᠷᠬᠠᠪᠠ᠃