ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠬᠣᠷᠢᠨ ᠨᠢᠭᠡ〕 Цаг төрийн үймээн – Д ᠂ Намдаг - Цаг төрийн үймээн ᠂ гуравдугаар бүлэг - 21 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠬᠣᠷᠢᠨ ᠨᠢᠭᠡ〕 Цаг төрийн үймээн – Д ᠂ Намдаг - Цаг төрийн үймээн ᠂ гуравдугаар бүлэг - 21

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠬᠣᠷᠢᠨ ᠨᠢᠭᠡ〕 Цаг төрийн үймээн – Д ᠂ Намдаг - Цаг төрийн үймээн ᠂ гуравдугаар бүлэг - 21

ᠠᠩᠭᠢᠯᠠᠯ:ᠲᠤᠭᠤᠵᠢ ᠷᠣᠮᠠᠨ
2026-03-14

56

ᠡᠨᠡ ᠵᠠᠭᠤᠷ᠎ᠠ ᠶᠠᠭᠤ ᠪᠣᠯᠪᠠ


       ᠢᠳᠡ ᠰᠠᠢᠬᠠᠨ ᠵᠤᠨ ᠤ᠋ ᠳᠤᠮᠳᠠ ᠰᠠᠷ᠎ᠠ ᠶ᠋ᠢᠨ ᠡᠬᠢ ᠪᠡᠷ ᠠᠷᠠᠳ ᠤ᠋ᠨ ᠵᠢᠷᠤᠮᠲᠤ ᠴᠡᠷᠢᠭ ᠪᠣᠭᠳᠠ ᠶ᠋ᠢᠨ ᠬᠦᠷᠢᠶ᠎ᠡ ᠣᠷᠣᠬᠤ ᠪᠠᠷ ᠶᠠᠪᠤᠵᠤ  ᠪᠠᠢᠯ᠎ᠠ᠃ ᠬᠠᠵᠠᠭᠤ ᠳ᠋ᠤᠨᠢ ᠤᠯᠠᠭᠠᠨ ᠠᠷᠮᠢ ᠶ᠋ᠢᠨ ᠶᠡᠬᠡ ᠠᠩᠭᠢ ᠬᠡᠳᠦᠨ ᠠᠷᠪᠠᠨ ᠤ᠋ ᠭᠠᠵᠠᠷ ᠳᠠᠮᠨᠠᠯᠳᠤᠨ ᠬᠦᠪᠦᠷᠡᠯᠳᠦᠨ ᠶᠠᠪᠤᠨ᠎ᠠ᠃ ᠠᠶᠠᠨ ᠵᠠᠮ ᠤ᠋ᠨ ᠤᠷᠲᠤ ᠳ᠋ᠤ᠌ ᠭᠤᠲᠤᠯ ᠬᠤᠪᠴᠠᠰᠤ ᠡᠯᠡᠭᠳᠡᠭᠰᠡᠨ᠂ ᠤᠷᠠᠭᠳᠠᠭᠰᠠᠨ᠂ ᠴᠢᠷᠠᠢ ᠵᠢᠰᠦ ᠭᠠᠩᠳᠠᠭᠰᠠᠨ ᠪᠣᠷᠣᠯᠠᠭᠰᠠᠨ ᠡᠨᠡ ᠲᠡᠷᠡ ᠨᠢ ᠲᠤᠩ ᠶᠡᠬᠡ᠂ ᠭᠡᠯ᠎ᠡ ᠴᠦ᠍ ᠬᠡᠨᠡᠭ ᠦᠭᠡᠢ᠃ ᠢᠳᠡᠬᠦ ᠬᠣᠭᠣᠯᠠ ᠨᠢ ᠶᠡᠬᠡᠪᠴᠢᠯᠡᠨ ᠪᠦᠳᠦᠭᠦᠨ ᠭᠤᠯᠢᠷ ᠤ᠋ᠨ ᠰᠢᠷᠦᠭᠦᠨ ᠬᠠᠷ᠎ᠠ ᠲᠠᠯᠬ᠎ᠠ᠃ ᠮᠣᠩᠭᠣᠯ ᠣᠷᠣᠨ ᠬᠡᠳᠦᠢᠪᠡᠷ ᠴᠠᠭ ᠲᠥᠷᠥ ᠶ᠋ᠢᠨ ᠶᠡᠬᠡ ᠦᠢᠮᠡᠭᠡᠨ ᠳ᠋ᠦ᠍ ᠪᠠᠭ᠎ᠠ ᠦᠭᠡᠢ ᠨᠡᠷᠪᠡᠭᠳᠡᠭᠰᠡᠨ ᠪᠣᠯᠪᠠᠴᠤ ᠭᠣᠣᠯ ᠭᠣᠷᠣᠬ᠎ᠠ᠂ ᠬᠤᠳᠤᠭᠤᠷ ᠬᠥᠳᠦᠬᠡᠷ ᠦ᠋ᠳ ᠬᠣᠭᠣᠰᠣᠨ ᠪᠢᠰᠢ᠂ ᠣᠨᠴᠠᠭᠠᠢ ᠳ᠋ᠠᠭᠠᠨ ᠲᠡᠰᠪᠦᠷᠢ ᠬᠠᠲᠠᠭᠤᠵᠢᠯ ᠪᠦᠬᠦᠢ ᠠᠷᠠᠳ ᠣᠯᠠᠨ ᠤ᠋ ᠭᠠᠷ ᠤ᠋ᠨ ᠮᠠᠯ ᠤ᠋ᠳ ᠨᠢ ᠮᠥᠨ ᠯᠡ ᠬᠥᠮᠦᠨ ᠠᠮᠢᠲᠠᠨ ᠢ᠋ᠶ᠋ᠠᠨ ᠡᠯᠪᠡᠭ ᠲᠡᠵᠢᠭᠡᠵᠦ ᠴᠢᠳᠠᠬᠤ ᠬᠡᠮᠵᠢᠶ᠎ᠡ ᠲᠡᠢ ᠪᠡᠷ ᠦᠯᠡᠳᠡᠵᠡᠢ᠃ ᠭᠡᠪᠡᠴᠦ ᠤᠯᠠᠭᠠᠨ ᠠᠷᠮᠢ ᠲᠡᠭᠦᠨ ᠤᠷᠤᠭᠤ ᠭᠠᠷ ᠰᠡᠷᠪᠡᠢᠭᠰᠡᠨ ᠵᠦᠢᠯ ᠦᠭᠡᠢ᠂ ᠲᠡᠢᠮᠦ ᠶᠣᠰᠣ ᠴᠦ᠍ ᠠᠯᠠᠭ᠎ᠠ᠃
       ᠡᠳᠦᠷ ᠦ᠋ᠨ ᠬᠠᠯᠠᠭᠤᠨ《ᠰᠢᠨᠧᠯ》 ᠬᠡᠮᠡᠬᠦ ᠠᠷᠤ ᠳ᠋ᠠᠭᠠᠨ ᠣᠨᠣᠭᠣᠲᠠᠢ ᠤᠷᠢ ᠥᠷᠮᠥᠭ ᠳᠠᠨᠽᠠᠨ ᠳᠡᠪᠡᠯ ᠢ᠋ᠶ᠋ᠡᠨ ᠲᠣᠨᠲᠣᠢᠯᠭᠠᠨ ᠴᠡᠭᠡᠵᠢᠨ ᠪᠡᠶ᠎ᠡ ᠳ᠋ᠡᠭᠡᠨ ᠣᠷᠢᠶᠠᠨ ᠪᠠᠭᠯᠠᠵᠤ ᠫᠤᠤ ᠪᠠᠨ ᠮᠥᠷᠥᠪᠴᠢᠯᠡᠨ ᠵᠢᠷᠤᠮᠲᠤ ᠴᠡᠷᠢᠭ ᠦ᠋ᠨ ᠮᠣᠷᠢᠲᠠᠨ ᠠᠩᠭᠢ ᠲᠠᠢ ᠠᠨᠠ ᠮᠠᠨᠠ ᠭᠢᠰᠬᠢᠯᠡᠨ ᠶᠠᠪᠤᠨ᠎ᠠ᠃  
       ᠡᠮᠦᠨᠡᠬᠢ ᠵᠠᠮ ᠤ᠋ᠨ ᠳᠠᠢᠰᠤᠨ ᠨᠤᠭᠤᠳ ᠠ᠋ᠴᠠ ᠰᠡᠷᠭᠡᠢᠯᠡᠭᠰᠡᠨ ᠬᠠᠢᠭᠤᠯ ᠤ᠋ᠳ ᠪᠤᠶᠤ ᠬᠠᠵᠠᠭᠤ ᠬᠠᠪᠢᠷᠭ᠎ᠠ ᠶ᠋ᠢ ᠰᠡᠷᠭᠡᠢᠯᠡᠬᠦ ᠳ᠋ᠦ᠍ ᠭᠠᠷᠤᠭᠰᠠᠨ ᠣᠷᠣᠰ ᠴᠡᠷᠢᠭ ᠦ᠋ᠳ ᠡᠴᠡ ᠮᠣᠩᠭᠣᠯ ᠠᠢᠯ ᠤ᠋ᠳ ᠤᠷᠤᠭᠤ ᠣᠴᠢᠬᠤ ᠳ᠋ᠤ᠌᠂ ᠣᠷᠣᠰ ᠯᠠ ᠭᠡᠪᠡᠯ ᠪᠠᠷᠤᠨ ᠣᠩᠭᠸᠷᠠᠨ ᠤ᠋ ᠬᠢᠨ ᠰᠢᠭ ᠢ᠋ᠶ᠋ᠡᠷ ᠦᠵᠡᠬᠦ ᠪᠣᠯᠤᠭᠰᠠᠨ ᠬᠥᠮᠦᠰ᠄《ᠣᠷᠣᠰ ᠣᠷᠣᠰ》 ᠭᠡᠵᠦ ᠠᠶᠤᠨ ᠱᠤᠤᠭᠢᠯᠳᠤᠭᠠᠳ ᠬᠦᠷᠦᠯᠴᠡᠨ ᠢᠷᠡᠵᠦ ᠤᠤᠭᠤᠬᠤ ᠶᠠᠭᠤᠮ᠎ᠠ ᠭᠤᠶᠤᠬᠤ ᠳ᠋ᠤᠨᠢ ᠠᠶᠤᠬᠤ ᠪᠠᠨ ᠪᠠᠢᠨ ᠭᠠᠢᠬᠠᠭᠠᠳ᠂ ᠰᠦ ᠲᠠᠷᠠᠭ ᠠ᠋ᠴᠠ ᠪᠠᠨ ᠡᠬᠢᠯᠡᠨ ᠥᠪᠡᠷᠰᠡᠳ ᠦ᠋ᠨ ᠢ᠋ᠶ᠋ᠡᠨ ᠠᠯᠢ ᠡᠷᠬᠢᠮᠯᠡᠳᠡᠭ ᠢ᠋ᠶ᠋ᠡᠷ ᠵᠣᠴᠢᠯᠠᠨ᠎ᠠ᠃ ᠣᠴᠢᠭᠰᠠᠨ ᠣᠷᠣᠰ ᠴᠡᠷᠢᠭ ᠬᠠᠷᠢᠭᠤ ᠪᠠᠶᠠᠷᠯᠠᠭᠰᠠᠨ ᠢ᠋ᠶ᠋ᠠᠨ ᠭᠠᠷ ᠬᠤᠷᠤᠭᠤᠨ ᠤ᠋ ᠪᠠᠨ ᠳᠣᠬᠢᠶ᠎ᠠ ᠪᠠᠷ ᠡᠷᠭᠦᠨ ᠬᠠᠮᠤᠭ ᠲᠦᠷᠦᠭᠦᠨ ᠭᠦᠶᠦᠯᠳᠦᠨ ᠢᠷᠡᠭᠰᠡᠨ ᠡᠯᠢᠭᠡᠨ ᠲᠠᠯ᠎ᠠ ᠪᠠᠨ ᠴᠠᠭᠠᠨ ᠢᠳᠡᠭᠡ ᠪᠡᠷ ᠬᠠᠯᠲᠠᠷᠳᠠᠭᠤᠯᠤᠭᠰᠠᠨ ᠳᠡᠪᠡᠯ ᠲᠡᠢ᠂ ᠳᠡᠪᠡᠯ ᠦᠭᠡᠢ ᠪᠢᠴᠢᠬᠠᠨ ᠪᠠᠭᠠᠴᠤᠳ ᠲᠤᠨᠢ ᠫᠤᠤᠳᠠᠭᠰᠠᠨ ᠰᠤᠮᠤ ᠶ᠋ᠢᠨ ᠢ᠋ᠶ᠋ᠡᠨ ᠬᠥᠨᠳᠡᠢ ᠬᠣᠩᠬᠢᠶ᠎ᠠ ᠪᠡᠯᠡᠭᠯᠡᠨ ᠶᠠᠪᠤᠨ᠎ᠠ᠃ ᠠᠷᠤ ᠳ᠋ᠤᠨᠢ ᠪᠠᠶᠠᠷᠯᠠᠭᠰᠠᠨ ᠬᠡᠦᠬᠡᠳ ᠲᠡᠭᠠᠨ ᠨᠣᠬᠠᠢ ᠬᠣᠷᠢᠵᠤ ᠥᠭᠭᠦᠨ᠎ᠡ᠃ ᠡᠮᠡᠭᠡᠳ ᠬᠥᠭᠰᠢᠳ《ᠡᠰᠢ ᠬᠥᠭᠡᠷᠦᠬᠦᠢ》 ᠭᠡᠵᠦ ᠳᠠᠭᠤ ᠠᠯᠲᠠᠨ ᠠᠷᠤ ᠳ᠋ᠠᠭᠠᠨ ᠠᠪᠤ ᠲᠠᠢ ᠡᠬᠡ ᠲᠡᠢ᠂ ᠭᠡᠷ  ᠣᠷᠣᠨ᠂ ᠠᠬ᠎ᠠ ᠳᠡᠭᠦᠦ ᠨᠠᠷ ᠲᠠᠢ ᠠᠮᠢᠲᠠᠨ ᠤ᠋ ᠦᠷ᠎ᠡ ᠶᠠᠪᠤᠭ᠎ᠠ ᠨᠢ ᠮᠡᠳᠡᠭᠡᠵᠢ ᠶ᠋ᠢᠨ ᠬᠡᠷᠡᠭ ᠭᠡᠵᠦ ᠨᠢᠳᠦᠨ ᠦ᠌ ᠨᠢᠯᠪᠤᠰᠤ ᠳᠤᠰᠤᠯᠠᠭᠤᠯᠤᠭᠠᠳ᠂ ᠢᠷᠡᠭᠡᠳᠦᠢ ᠶ᠋ᠢᠨ ᠦᠢᠯᠡ ᠬᠡᠷᠡᠭ ᠰᠦ ᠴᠠᠭᠠᠨ ᠪᠠᠢᠲᠤᠭᠠᠢ ᠭᠡᠵᠦ ᠰᠦ ᠡᠷᠭᠦᠨ᠎ᠡ᠃ ᠬᠣᠢᠰᠢᠳᠠ ᠪᠠᠨ ᠤᠯᠠᠭᠠᠨ ᠠᠷᠮᠢ ᠶ᠋ᠢᠨ ᠬᠢᠨ ᠡᠴᠡ ᠢᠷᠡᠨ᠎ᠡ ᠪᠠᠢᠬᠤ ᠭᠡᠵᠦ ᠰᠦ ᠪᠡᠨ ᠪᠡᠯᠡᠳᠬᠡᠨ ᠵᠡᠬᠡᠨ᠎ᠡ᠃ ᠬᠡᠷᠪᠡ ᠬᠣᠷᠢ ᠭᠤᠴᠢᠭᠠᠳ ᠢᠷᠡᠪᠡᠯ ᠨᠢᠭᠡ ᠬᠣᠲᠠ ᠶ᠋ᠢᠨ ᠠᠢᠯ ᠡᠯᠪᠡᠭ ᠬᠠᠩᠭᠠᠵᠤ ᠴᠢᠳᠠᠨ᠎ᠠ᠃ ᠳᠥᠴᠢ ᠲᠠᠪᠢ ᠶ᠋ᠢ ᠴᠦ᠍ ᠴᠢᠳᠠᠨ᠎ᠠ᠃ ᠬᠠᠷᠢᠨ ᠳᠠᠯᠠ ᠨᠠᠶᠠ ᠪᠠᠷ ᠢᠷᠡᠪᠡᠯ ᠠᠷᠭ᠎ᠠ ᠪᠤᠶᠤ ᠦᠨᠢᠶ᠎ᠡ ᠮᠠᠯ ᠢ᠋ᠶ᠋ᠠᠨ ᠬᠥᠭᠡᠭᠡᠵᠦ ᠠᠪᠴᠢᠷᠠᠬᠤ ᠳ᠋ᠤ᠌ ᠬᠦᠷᠬᠦ ᠪᠣᠢ ᠊ᠶ᠎ᠡ᠃ ᠭᠡᠲᠡᠯ᠎ᠡ ᠤᠯᠠᠭᠠᠨ ᠠᠷᠮᠢ ᠶ᠋ᠢᠨ ᠬᠢᠨ ᠠᠢᠯ ᠤ᠋ᠳ ᠢᠶᠠᠷ ᠣᠷᠣᠬᠤ ᠨᠢ ᠲᠤᠩ ᠬᠣᠪᠣᠷ᠂ ᠣᠯᠠᠭᠤᠯᠠ ᠪᠠᠨ ᠪᠣᠯ ᠪᠦᠷ ᠴᠦ᠍ ᠦᠭᠡᠢ᠂ ᠭᠠᠭᠴᠠᠬᠠᠨ ᠵᠢᠷᠤᠮᠲᠤ ᠴᠡᠷᠢᠭ ᠦ᠋ᠳ ᠲᠡᠢ ᠮᠥᠷᠥ ᠵᠡᠷᠭᠡᠴᠡᠨ ᠶᠠᠪᠤᠭ᠎ᠠ ᠶ᠋ᠢᠨ ᠢ᠋ᠶ᠋ᠡᠨ ᠬᠤᠪᠢ ᠳ᠋ᠤ᠌ ᠶᠠᠮᠠᠷ ᠨᠢᠭᠡ ᠵᠥᠪ ᠵᠠᠪᠰᠢᠶᠠᠨ ᠭᠠᠷᠪᠠᠯ ᠬᠦᠷᠦᠯᠴᠡᠨ ᠠᠭᠤᠯᠵᠠᠯᠳᠤᠬᠤ ᠨᠢ ᠮᠠᠰᠢ ᠣᠯᠠᠨ᠃ ᠲᠡᠭᠡᠬᠦ ᠳ᠋ᠡᠭᠡᠨ ᠬᠡᠨ ᠨᠢ ᠪᠣᠯᠪᠠᠴᠤ ᠨᠢᠭᠡ ᠵᠦᠢᠯ ᠢ᠋ ᠡᠷᠢᠬᠦ ᠶ᠋ᠢᠨ ᠡᠭᠦᠳᠡ ᠡᠴᠡ ᠪᠢᠰᠢ᠂ ᠪᠦᠳᠦᠭᠦᠨ ᠰᠢᠷᠬᠡᠭᠲᠦ ᠮᠠᠬᠤᠷ ᠬᠡᠮᠡᠬᠦ ᠲᠠᠮᠠᠬᠢ ᠪᠠᠷ ᠢ᠋ᠶ᠋ᠠᠨ ᠵᠣᠴᠢᠯᠠᠬᠤ ᠪᠠ ᠲᠠᠨᠢᠯᠴᠠᠬᠤ᠂ ᠢᠷᠡᠩᠭᠦᠲᠡ ᠪᠡᠨ ᠪᠠᠶᠠᠷ ᠪᠠᠬᠠᠳᠤᠯ ᠲᠠᠢ ᠪᠠᠷ ᠢᠨᠢᠶᠡᠨ《ᠳ᠋ᠷᠠᠰ᠂ ᠪᠷᠢᠰ》 ᠥᠭᠦᠯᠡᠨ ᠭᠠᠷ ᠢ᠋ᠶ᠋ᠠᠨ ᠰᠤᠩᠭᠠᠨ ᠪᠠᠷᠠᠭᠤᠨ ᠭᠠᠷ ᠢ᠋ ᠴᠢᠩᠭᠠᠳᠠ ᠠᠳᠬᠤᠭᠠᠳ ᠪᠣᠷᠣ ᠨᠣᠭᠣᠭᠠᠨ ᠳᠠᠪᠤᠤ ᠴᠠᠮᠴᠠ ᠶ᠋ᠢᠨ ᠢ᠋ᠶ᠋ᠡᠨ ᠳᠡᠭᠡᠳᠦ ᠡᠩᠭᠡᠷ ᠦ᠋ᠨ ᠤᠭᠤᠲᠠ ᠰᠠᠪᠠ ᠠ᠋ᠴᠠ ᠵᠤᠷᠪᠤᠰ ᠴᠠᠭᠠᠰᠤ ᠭᠠᠷᠭᠠᠨ ᠪᠠᠷᠢᠭᠤᠯᠤᠭᠠᠳ ᠳᠡᠭᠡᠷ᠎ᠡ ᠡᠴᠡ ᠨᠢ ᠪᠦᠳᠦᠭᠦᠨ ᠰᠢᠷᠬᠡᠭᠲᠦ ᠮᠠᠬᠤᠷ ᠠ᠋ᠴᠠ ᠪᠠᠨ ᠴᠢᠮᠬᠢᠨ ᠠᠪᠴᠤ ᠫᠢᠵᠢᠭᠢᠨᠡᠭᠦᠯᠦᠨ ᠠᠰᠠᠭᠠᠨ᠎ᠠ᠃ ᠥᠪᠡᠷ ᠢ᠋ᠶ᠋ᠡᠨ ᠲᠡᠷᠡ ᠲᠠᠮᠠᠬᠢ ᠶ᠋ᠢ ᠪᠣᠷᠣᠯᠠᠭᠤᠯᠬᠤ ᠳ᠋ᠠᠭᠠᠨ ᠲᠤᠩ ᠴᠢᠳᠠᠮᠠᠭᠠᠢ᠂ ᠴᠠᠭᠠᠰᠤᠨ ᠤ᠋ ᠨᠢᠭᠡ ᠵᠠᠬ᠎ᠠ ᠶ᠋ᠢ ᠬᠡᠯᠡᠨ ᠦ᠌ ᠪᠡᠨ ᠦᠵᠦᠭᠦᠷ ᠢ᠋ᠶ᠋ᠡᠷ ᠰᠢᠯᠡᠮᠡᠳᠡᠨ ᠭᠠᠭᠴᠠᠬᠠᠨ ᠢᠮᠡᠷᠬᠦ ᠳ᠋ᠡᠭᠡᠨ ᠱᠠᠪ ᠬᠢᠭᠰᠡᠨ ᠶᠠᠩᠵᠤᠤᠷ ᠪᠣᠯᠭᠠᠨ᠎ᠠ᠃ ᠥᠪᠡᠷ ᠦ᠋ᠨ ᠢ᠋ᠶ᠋ᠡᠨ ᠬᠢᠭᠰᠡᠨ ᠲᠡᠷᠡ ᠶᠠᠩᠵᠤᠤᠷ ᠢ᠋ ᠲᠠᠲᠠᠬᠤ ᠵᠠᠭᠤᠷ᠎ᠠ ᠨᠠᠢᠷᠰᠠᠭ ᠳᠣᠲᠣᠨᠣ ᠶ᠋ᠢᠨ ᠰᠡᠳᠬᠢᠯ ᠢ᠋ᠶ᠋ᠡᠷ ᠣᠯᠠᠨ ᠢ᠋ ᠶᠠᠷᠢᠨ᠎ᠠ᠃ ᠡᠮᠦᠨ᠎ᠡ ᠪᠡᠨ ᠬᠡᠯᠡ ᠮᠡᠳᠡᠬᠦ ᠦᠭᠡᠢ ᠬᠥᠮᠦᠨ ᠪᠠᠢᠭ᠎ᠠ ᠶ᠋ᠢ ᠰᠠᠢᠨ ᠮᠡᠳᠡᠵᠦ ᠪᠠᠢᠪᠠᠴᠤ ᠶᠠᠷᠢᠨ᠎ᠠ᠃ 
       ᠭᠡᠪᠡᠴᠦ ᠵᠢᠷᠤᠮᠲᠤ ᠴᠡᠷᠢᠭ ᠦ᠋ᠨ ᠲᠦᠷᠦᠭᠦᠨ ᠪᠠᠷᠤᠨ ᠤᠩᠬᠸᠷᠡᠨ ᠢ᠋ ᠬᠠᠮᠲᠤᠷᠠᠨ ᠴᠣᠬᠢᠭᠰᠠᠨ ᠤ᠋ ᠳᠠᠷᠠᠭᠠᠬᠠᠨ ᠲᠠᠢ ᠠᠩᠬ᠎ᠠ ᠤᠳᠠᠭ᠎ᠠ ᠶ᠋ᠢᠨ ᠠᠭᠤᠯᠵᠠᠯᠳᠤᠬᠤ ᠶᠡᠬᠡ ᠪᠠᠶᠠᠷ ᠳᠡᠭᠡᠷ᠎ᠡ ᠮᠥᠨ ᠡᠢᠨᠬᠦ ᠶᠠᠷᠢᠭᠰᠠᠨ ᠢ᠋ ᠬᠡᠯᠡᠮᠥᠷᠴᠢᠨ ᠣᠷᠴᠢᠭᠤᠯᠤᠭᠰᠠᠨ ᠢ᠋ᠶ᠋ᠠᠷ《ᠲᠠᠨ ᠤ᠋ ᠤᠯᠤᠰ ᠲᠤᠰᠠᠭᠠᠷ ᠲᠣᠭᠲᠠᠨᠢᠨ᠎ᠠ᠃ ᠠᠷᠠᠳ ᠲᠦᠮᠡᠨ ᠴᠢᠨᠢ ᠴᠥᠮ ᠡᠷᠬᠡ ᠴᠢᠯᠥᠭᠡ ᠣᠯᠵᠤ᠂ ᠰᠢᠨ᠎ᠡ ᠶᠣᠰᠣ᠂ ᠰᠢᠨ᠎ᠡ ᠵᠠᠮ ᠢ᠋ᠶ᠋ᠠᠷ ᠰᠠᠢᠬᠠᠨ ᠬᠥᠭᠵᠢᠨ᠎ᠡ᠃ ᠯᠧᠨᠢᠨ ᠢ᠋ ᠮᠡᠳᠡᠨ᠎ᠡ ᠤᠤ? ᠪᠢᠳᠡᠨ ᠢ᠋ ᠯᠧᠨᠢᠨ ᠲᠠ ᠨᠠᠷ ᠲᠤ ᠲᠤᠰᠠᠯᠠ ᠭᠡᠵᠦ ᠶᠠᠪᠤᠭᠤᠯᠤᠭᠰᠠᠨ ᠶᠤᠮ ᠰᠢᠦ》 ᠭᠡᠵᠦ ᠪᠠᠢᠨ᠎ᠠ ᠭᠡᠵᠦ ᠣᠢᠯᠠᠭᠠᠭᠤᠯᠤᠭᠰᠠᠨ ᠢ᠋ᠶ᠋ᠠᠷ ᠣᠢᠯᠠᠭᠠᠨ《ᠠ᠂ ᠵᠠ᠂ ᠵᠠ》 ᠭᠡᠵᠦ ᠲᠣᠯᠣᠭᠠᠢ ᠳᠣᠬᠢᠨ ᠢᠨᠢᠶᠡᠨ᠎ᠡ᠃ 
       ᠠᠷᠠᠳ ᠤ᠋ᠨ ᠵᠢᠷᠤᠮᠲᠤ ᠴᠡᠷᠢᠭ ᠦ᠋ᠳ ᠦ᠋ᠨ ᠮᠠᠩᠯᠠᠢ ᠳ᠋ᠤ᠌ ᠰᠦᠬᠡᠪᠠᠭᠠᠲᠤᠷ᠂ ᠪᠣᠳᠤᠤ ᠲᠦᠷᠦᠭᠦᠦ ᠲᠡᠢ ᠬᠡᠰᠡᠭ ᠤᠯᠤᠰ ᠶᠠᠪᠤᠭ᠎ᠠ ᠪᠢᠯᠡ᠃ ᠲᠤᠬᠠᠢᠯᠠᠪᠠᠯ ᠲᠡᠳᠡᠨ ᠦ᠌ ᠳᠤᠮᠳᠠ ᠪᠠᠯᠳᠠᠨᠴᠡᠷᠢᠩ ᠡᠪᠦᠷ ᠲᠡᠭᠡᠨ ᠮᠥᠩᠭᠥᠨ ᠳᠤᠭᠲᠤᠢᠲᠤ ᠬᠣᠣᠰ ᠪᠢᠷ᠂ ᠲᠣᠮᠣ ᠭᠠᠤᠯᠢᠨ ᠶᠠᠩᠲᠠᠢ ᠲᠠᠢ ᠪᠥᠭᠡᠳ ᠠᠷᠤ ᠳ᠋ᠤ᠌ ᠪᠠᠨ ᠲᠣᠮᠣ ᠸᠠᠳᠠᠩ ᠲᠠᠢ ᠠᠯᠪᠠᠨ ᠪᠢᠴᠢᠭ ᠪᠦᠰᠡᠯᠡᠵᠡᠢ᠃ ᠰᠡᠳᠬᠢᠯ ᠦ᠋ᠨ ᠪᠠᠢᠳᠠᠯ ᠮᠠᠰᠢ ᠲᠡᠨᠢᠭᠦᠨ᠂ ᠡᠷ᠎ᠡ ᠬᠥᠮᠦᠨ ᠪᠣᠯᠵᠤ ᠡᠯᠳᠡᠪ ᠢ᠋ ᠵᠣᠷᠢᠨ ᠶᠠᠪᠤᠭᠰᠠᠨ ᠤ᠋ ᠡᠴᠦᠰ ᠦ᠋ᠨ ᠵᠣᠷᠢᠯᠭ᠎ᠠ  ᠠᠱ᠌ᠢᠭᠦᠢ ᠨᠢᠭᠡ ᠵᠥᠪᠲᠦᠨ᠂ ᠵᠢᠪᠬᠤᠯᠠᠩᠲᠠᠢ ᠪᠡᠶᠡᠯᠡᠭᠰᠡᠨ ᠢ᠋ ᠬᠤᠪᠢ ᠵᠠᠶᠠᠭ᠎ᠠ ᠭᠡᠵᠦ ᠪᠣᠳᠣᠨ᠎ᠠ᠃ ᠬᠣᠶᠠᠷ ᠲᠤ᠂ ᠥᠪᠡᠷ ᠦ᠋ᠨ ᠳᠤᠷ᠎ᠠ ᠮᠡᠳᠡᠨ ᠳᠠᠭᠠᠭᠤᠯᠤᠨ ᠭᠠᠷᠤᠭᠰᠠᠨ ᠠᠷᠪᠠᠭᠠᠢ ᠶ᠋ᠢᠨ ᠢ᠋ᠶ᠋ᠡᠨ ᠤᠳᠠᠭ᠎ᠠ ᠳᠠᠷᠠᠭ᠎ᠠ ᠶ᠋ᠢᠨ ᠲᠡᠢᠨ ᠢ᠋ ᠠᠮᠢ ᠪᠡᠶ᠎ᠡ ᠮᠡᠨᠳᠦ ᠪᠡᠷ ᠪᠠᠷᠠᠬᠤ ᠦᠭᠡᠢ᠂ ᠨᠡᠷ᠎ᠡ ᠲᠥᠷᠥ ᠲᠡᠢ ᠳᠠᠪᠠᠨ ᠲᠤᠭᠤᠯᠤᠭᠰᠠᠨ ᠢ᠋ ᠮᠥᠨ ᠲᠡᠭᠦᠨ ᠦ᠌ ᠬᠤᠪᠢ ᠵᠠᠶᠠᠭ᠎ᠠ ᠭᠡᠵᠦ ᠦᠵᠡᠨ ᠪᠠᠶᠠᠷᠯᠠᠨ᠎ᠠ᠃  
       ᠡᠭᠦᠨᠴᠢᠯᠡᠨ ᠪᠠᠯᠳᠠᠨᠴᠡᠷᠢᠩ᠂ ᠬᠥᠮᠦᠨ ᠪᠦᠷᠢ ᠶ᠋ᠢᠨ ᠲᠡᠭᠦᠰᠬᠡᠯ ᠦ᠋ᠨ ᠬᠤᠪᠢ ᠵᠠᠶᠠᠭ᠎ᠠ ᠳᠡᠭᠡᠷ᠎ᠡ ᠠᠪᠠᠴᠢᠨ ᠪᠣᠳᠣᠵᠤ ᠦᠵᠡᠬᠦ ᠳ᠋ᠦ᠍ ᠪᠠᠷᠤᠨ ᠤᠩᠬᠸᠷᠡᠨ ᠦ᠌ ᠬᠢᠨ ᠰᠢᠭ ᠭᠤᠨᠢᠭᠲᠤ ᠬᠤᠪᠢ ᠵᠠᠶᠠᠭ᠎ᠠ ᠦᠭᠡᠢ ᠠᠵᠢ᠃ ᠪᠠᠷᠤᠨ ᠤᠩᠬᠸᠷᠡᠨ ᠪᠣᠯ ᠶᠡᠷᠦ ᠪᠢᠰᠢ ᠶ᠋ᠢᠨ ᠬᠥᠮᠦᠨ᠃ ᠶᠡᠷᠦ ᠪᠢᠰᠢ ᠪᠡᠷ ᠢ᠋ᠶ᠋ᠡᠨ ᠴᠦ᠍ ᠪᠣᠭᠳᠠ ᠶ᠋ᠢᠨ ᠬᠦᠷᠢᠶ᠎ᠡ ᠶ᠋ᠢ ᠡᠵᠡᠮᠰᠢᠵᠦ ᠪᠠᠢᠭᠰᠠᠨ ᠠᠷᠪᠠᠨ ᠮᠢᠩᠭᠠᠨ ᠭᠠᠮᠢᠩ ᠢ᠋ ᠪᠤᠲᠠ ᠴᠣᠬᠢᠭᠰᠠᠨ᠂ ᠬᠣᠷᠢᠨ ᠮᠢᠩᠭ᠎ᠠ ᠪᠠᠢᠯ᠎ᠠ ᠴᠦ᠍ ᠭᠡᠰᠡᠨ ᠥᠭᠡᠷ᠎ᠡ ᠴᠦ᠍ ᠦᠭᠡᠢ ᠪᠠᠷᠰ ᠮᠡᠲᠦ ᠪᠠᠷᠢᠵᠤ ᠢᠳᠡᠬᠦ ᠪᠠᠢᠯ᠎ᠠ᠃ ᠲᠡᠭᠡᠭᠡᠳ ᠮᠥᠨ ᠶᠡᠷᠦ ᠪᠤᠰᠤ ᠶ᠋ᠢᠨ ᠪᠢᠰᠢ ᠪᠡᠷ ᠢ᠋ᠶ᠋ᠡᠨ ᠮᠣᠩᠭᠣᠯ ᠣᠷᠣᠨ ᠢ᠋ ᠲᠡᠷᠡ ᠠᠶ᠎ᠠ ᠪᠠᠷ ᠥᠪᠡᠷ ᠲᠡᠭᠡᠨ ᠲᠡᠳᠡᠨ ᠠᠪᠴᠤ ᠴᠢᠳᠠᠪᠠ᠃ ᠭᠡᠲᠡᠯ᠎ᠡ ᠴᠣᠬᠣᠮ ᠬᠦ᠌ ᠡᠴᠦᠰ ᠨᠢ ᠭᠡᠪᠡᠯ ᠭᠠᠭᠴᠠᠭᠠᠷ ᠢ᠋ᠶ᠋ᠠᠨ᠃ ᠥᠪᠡᠷ ᠦ᠋ᠨ ᠪᠡᠶ᠎ᠡ ᠪᠡᠷ ᠡᠷᠢᠨ ᠰᠢᠯᠢᠵᠦ ᠳᠠᠷᠢ ᠡᠬᠡ ᠯᠠᠮᠠ ᠨᠢ ᠬᠡᠷᠡᠭ ᠪᠢᠰᠢᠳᠡᠭᠰᠡᠨ ᠢ᠋ ᠮᠡᠳᠡᠬᠦ ᠲᠡᠢ ᠪᠡᠨ ᠵᠡᠷᠭᠡ ᠬᠠᠶᠠᠨ ᠵᠢᠭᠤᠳᠠᠵᠠᠢ᠃ ᠲᠡᠭᠦᠪᠡᠷ ᠦᠯᠦ ᠪᠠᠷᠠᠮ ᠮᠥᠨ ᠥᠪᠡᠷ ᠦ᠋ᠨ ᠥᠪᠡᠷ ᠦ᠋ᠨ ᠬᠢᠨᠢ ᠰᠣᠩᠭᠣᠨ ᠡᠷᠢᠵᠦ ᠣᠯᠤᠭᠰᠠᠨ ᠰᠤᠩᠳᠣᠢ ᠬᠦᠩ ᠬᠠᠷᠢᠨ ᠥᠪᠡᠷ ᠢ᠋ ᠨᠢ ᠪᠠᠷᠢᠵᠤ ᠠᠪᠤᠨ ᠵᠥᠪᠯᠡᠯᠲᠦ ᠶ᠋ᠢᠨ ᠠᠷᠮᠢ ᠳ᠋ᠤ᠌ ᠲᠤᠰᠢᠶᠠᠭᠰᠠᠨ ᠪᠠᠢᠬᠤ ᠪᠥᠭᠡᠳ ᠦᠨᠡᠨ ᠴᠢᠨᠠᠷ ᠲᠠᠭᠠᠨ ᠭᠡᠪᠡᠯ ᠪᠠᠷᠤᠨ ᠤᠩᠬᠸᠷᠡᠨ ᠬᠤᠪᠢ ᠵᠠᠶᠠᠭ᠎ᠠ ᠪᠠᠨ ᠬᠡᠷᠬᠢᠨ ᠲᠡᠭᠦᠰᠬᠡᠬᠦ ᠶ᠋ᠢ ᠵᠥᠪᠬᠡᠨ ᠥᠪᠡᠷ ᠢ᠋ᠶ᠋ᠡᠨ ᠡᠷᠢᠨ ᠰᠤᠷᠪᠤᠯᠵᠢᠯᠠᠵᠤ ᠪᠦᠷᠢᠯᠳᠦᠭᠦᠯᠦᠭᠰᠡᠨ ᠡᠴᠡ ᠥᠭᠡᠷ᠎ᠡ ᠶᠠᠭᠤ ᠴᠦ᠍ ᠦᠭᠡᠢ ᠪᠣᠯᠵᠠᠢ᠃ 
       ᠡᠳᠦᠭᠡ ᠬᠢᠶᠠᠭᠲᠤ(ᠠᠯᠲᠠᠨᠪᠤᠯᠠᠭ) ᠠ᠋ᠴᠠ ᠬᠦᠷᠢᠶ᠎ᠡ ᠴᠢᠭᠯᠡᠨ ᠶᠠᠪᠤᠭ᠎ᠠ ᠵᠢᠷᠤᠮᠲᠤ ᠴᠡᠷᠢᠭ ᠦ᠋ᠳ ᠦ᠋ᠨ ᠥᠷᠯᠥᠭᠡ ᠪᠦᠷᠢ ᠮᠣᠷᠲᠠᠨ ᠬᠥᠳᠡᠯᠬᠦ ᠳ᠋ᠦ᠍ ᠥᠭᠡᠳᠡ ᠡᠴᠡ ᠨᠢ ᠨᠠᠷᠠᠨ ᠤ᠋ ᠲᠤᠰᠬᠠᠯ ᠡᠯᠢᠭᠡᠨ ᠲᠠᠯ᠎ᠠ ᠠ᠋ᠴᠠ ᠨᠢ ᠤᠭᠲᠤᠨ ᠲᠤᠰᠬᠤ ᠳ᠋ᠤ᠌ ᠪᠠᠯᠳᠠᠨᠴᠡᠷᠢᠩ《ᠨᠠᠷᠠ ᠪᠢᠳᠠᠨ ᠢ ᠤᠭᠲᠤᠪᠠ》 ᠭᠡᠵᠦ ᠰᠡᠳᠬᠢᠯ ᠲᠠᠭᠠᠯᠠᠨ᠎ᠠ᠃ ᠣᠷᠣᠢ ᠠᠷᠤ ᠲᠠᠯ᠎ᠠ ᠠ᠋ᠴᠠ ᠡᠭᠡᠭᠡᠨ ᠡᠭᠡᠭᠡᠭᠰᠡᠭᠡᠷ ᠰᠢᠩᠭᠡᠬᠦ ᠳ᠋ᠦ᠍ᠨᠢ《ᠮᠠᠷᠭᠠᠰᠢ ᠪᠠᠰᠠ ᠯᠠ ᠥᠭᠡᠳᠡ ᠡᠴᠡ ᠭᠠᠷᠤᠨ ᠪᠢᠳᠡᠨ ᠢ᠋ ᠤᠭᠲᠤᠨ᠎ᠠ》 ᠭᠡᠵᠦ ᠪᠣᠳᠣᠨ᠎ᠠ᠃ 
      《ᠪᠠᠷᠠᠭᠤᠨ ᠬᠠᠷᠠᠭ᠎ᠠ》 ᠬᠡᠮᠡᠬᠦ ᠭᠠᠵᠠᠷ ᠢ᠋ ᠬᠢᠶᠠᠭᠲᠤ᠂ ᠬᠦᠷᠢᠶ᠎ᠡ ᠬᠣᠶᠠᠷ ᠤ᠋ᠨ ᠳᠤᠮᠳᠠ ᠶ᠋ᠢᠨ ᠭᠠᠵᠠᠷ ᠭᠡᠳᠡᠭ᠃ ᠡᠨᠳᠡ ᠵᠢᠷᠤᠮᠲᠤ ᠴᠡᠷᠢᠭ ᠲᠡᠢ ᠮᠥᠷᠥ ᠵᠡᠷᠭᠡᠴᠡᠨ ᠶᠠᠪᠤᠭ᠎ᠠ ᠤᠯᠠᠭᠠᠨ ᠠᠷᠮᠢ ᠶ᠋ᠢᠨ ᠲᠦᠷᠦᠭᠦᠴᠢ ᠬᠡᠰᠡᠭ ᠣᠷᠣᠵᠤ ᠢᠷᠡᠪᠡ᠃ ᠡᠨᠳᠡ ᠨᠤᠲᠤᠭ ᠤ᠋ᠨ ᠠᠢᠯ ᠤ᠋ᠳ ᠣᠯᠠᠨ᠃ ᠤᠯᠤᠰ ᠠᠮᠢᠲᠠᠨ ᠣᠷᠣᠰ ᠯᠠ ᠭᠡᠪᠡᠯ ᠥᠨᠥᠬᠢ ᠪᠠᠷᠤᠨ ᠤᠩᠬᠸᠷᠠᠨ ᠤ᠋ ᠬᠢᠨ ᠰᠢᠭ ᠦᠵᠡᠳᠡᠭ ᠢ᠋ᠶ᠋ᠡᠷ ᠢ᠋ᠶ᠋ᠡᠨ ᠰᠣᠴᠢᠨ᠂ ᠮᠣᠷᠢᠨ ᠳ᠋ᠠᠭᠠᠨ ᠲᠠᠰᠢᠭᠤᠷ ᠥᠭᠭᠦᠨ ᠳᠠᠪᠬᠢᠯᠳᠤᠵᠤ ᠪᠡᠶ᠎ᠡ ᠪᠡᠶ᠎ᠡ ᠳ᠋ᠡᠭᠡᠨ ᠳᠠᠮᠵᠢᠭᠤᠯᠤᠨ ᠮᠡᠳᠡᠭᠳᠡᠪᠡ᠃ ᠡᠨᠡ ᠮᠡᠳᠡᠭᠡ ᠶ᠋ᠢ ᠭᠡᠯᠢᠭ ᠦ᠋ᠨ ᠬᠣᠲᠠᠨ ᠳ᠋ᠤ᠌ ᠢᠷᠡᠬᠦ ᠳ᠋ᠦ᠍ ᠠᠶᠤᠨ ᠰᠣᠴᠢᠬᠤ ᠦᠭᠡᠢ ᠬᠥᠮᠦᠨ ᠭᠠᠭᠴᠠ ᠭᠡᠯᠢᠭ ᠯᠡ ᠪᠠᠢᠯ᠎ᠠ᠃ ᠠ ᠲᠠ ᠮᠢᠨᠢ ᠤᠯᠠᠭᠠᠨ ᠣᠷᠣᠰ ᠪᠠᠢᠯᠭᠦᠢ᠃ ᠲᠡᠢᠮᠦ ᠳᠡ᠂ ᠡᠳᠦᠢ ᠳ᠋ᠦ᠍ ᠤᠯᠠᠭᠠᠨ ᠨᠢ ᠴᠠᠭᠠᠨ ᠣᠷᠣᠰ ᠢ᠋ ᠳᠡᠢᠯᠦᠭᠰᠡᠨ ᠪᠠᠢᠬᠤ ᠶᠣᠰᠣᠲᠠᠢ! ᠭᠡᠵᠦ ᠵᠢᠪᠡᠭᠦᠴᠡᠨ ᠰᠣᠴᠢᠬᠴᠢᠳ ᠢ᠋ ᠲᠠᠢᠪᠤᠰᠢᠷᠠᠭᠤᠯᠤᠨ ᠭᠡᠷ ᠡᠴᠡ ᠭᠠᠷᠴᠤ᠂ ᠢᠷᠡᠬᠦ ᠵᠠᠮ ᠢ᠋ ᠭᠠᠷ ᠡᠷᠭᠦᠨ ᠰᠠᠷᠠᠪᠴᠢᠯᠠᠨ ᠠᠵᠢᠨ᠎ᠠ᠃ ᠡᠳᠡᠨ ᠦ᠌ ᠬᠢ ᠴᠠᠭ ᠲᠥᠷᠥ ᠶ᠋ᠢᠨ ᠦᠢᠮᠡᠭᠡᠨ ᠳ᠋ᠦ᠍ ᠰᠦᠷᠡᠬᠡᠢ ᠦᠷᠡᠭᠳᠡᠭᠰᠡᠨ ᠪᠣᠯᠪᠠᠴᠤ ᠪᠠᠰᠠ ᠭᠠᠳᠠᠨ᠎ᠠ ᠪᠠᠨ ᠠᠷᠪᠠ ᠲᠠᠪᠤᠨ ᠤᠨᠤᠭ᠎ᠠ ᠤᠶᠠᠵᠤ᠂ ᠶᠢᠰᠦᠨ ᠭᠡᠭᠦᠦ ᠰᠠᠭᠠᠨ᠎ᠠ᠃ ᠪᠠᠰᠠ ᠳᠥᠷᠪᠡᠨ ᠦᠨᠢᠶ᠎ᠡ ᠰᠠᠭᠠᠬᠤ ᠲᠤᠯᠠ ᠰᠦ ᠲᠠᠷᠠᠭ ᠥᠷᠥᠮ᠎ᠡ ᠲᠡᠢ᠃ 
       ᠲᠦᠷᠦᠭᠦᠴᠢ ᠠᠩᠭᠢ ᠶ᠋ᠢᠨ ᠬᠢᠨ ᠤᠷᠲᠤ ᠭᠣᠣᠯ ᠤ᠋ᠨ ᠵᠠᠬ᠎ᠠ ᠳ᠋ᠤ᠌ ᠪᠠᠭᠤᠳᠠᠯᠯᠠᠨ ᠦᠳᠡᠯᠡᠯᠲᠡ ᠶ᠋ᠢᠨ ᠢ᠋ᠶ᠋ᠡᠨ ᠭᠠᠯ ᠢ᠋ ᠲᠦᠯᠡᠵᠦ ᠡᠬᠢᠯᠡᠬᠦ ᠳ᠋ᠦ᠍ ᠬᠡᠯᠢᠭ《ᠬᠥᠶᠢ ᠲᠠ ᠮᠢᠨᠢ ᠡᠳᠡᠨ ᠳ᠋ᠦ᠍ ᠴᠠᠢ ᠶ᠋ᠢᠨ ᠰᠦ! ᠪᠠᠰᠠ ᠤᠮᠳᠠ ᠪᠠᠨ ᠪᠣᠯᠬᠤ ᠶ᠋ᠢᠨ ᠢ᠋ᠶ᠋ᠡᠨ ᠡᠮᠦᠨ᠎ᠡ ᠠᠮᠠᠨ ᠤ᠋ ᠪᠠᠨ ᠴᠠᠩᠭᠠᠭ᠎ᠠ ᠶ᠋ᠢ ᠭᠠᠷᠭᠠᠬᠤ ᠠᠢᠷᠠᠭ ᠲᠠᠷᠠᠭ ᠠᠪᠠᠴᠢ!》 ᠭᠡᠵᠡᠢ᠃ 
       ᠪᠦᠬᠦ ᠬᠣᠲᠠ ᠶ᠋ᠢᠨ ᠡᠮᠡᠭᠲᠡᠢᠴᠦᠳ ᠬᠤᠪᠢᠩ ᠰᠠᠪᠠ ᠲᠠᠢ ᠶᠠᠭᠤᠮᠠᠰ ᠪᠠᠷᠢᠨ ᠶᠠᠭᠠᠷᠠᠨ ᠭᠦᠶᠦᠯᠳᠦᠪᠡ᠃ ᠬᠡᠦᠬᠡᠳ ᠪᠠᠭᠠᠴᠤᠳ ᠨᠢ ᠳᠠᠭᠠᠨ ᠬᠠᠷᠠᠢᠯᠭᠠᠪᠠ᠃ 
       ᠮᠣᠩᠭᠣᠯ ᠬᠥᠮᠦᠰ ᠪᠣᠯ ᠥᠭᠭᠦᠭᠡᠴᠢᠳ ᠪᠥᠭᠡᠳ ᠥᠭᠭᠦᠭᠰᠡᠨ ᠦ᠌ ᠪᠡᠨ ᠬᠠᠷᠢᠭᠤ ᠶ᠋ᠢ ᠭᠣᠷᠢᠳᠠᠭᠴᠢᠳ ᠪᠢᠰᠢ ᠪᠢᠯᠡ᠃ ᠭᠡᠪᠡᠴᠦ ᠥᠭᠭᠦᠭᠰᠡᠨ ᠢ᠋ ᠵᠠᠪᠠᠯ ᠠᠪᠳᠠᠭ ᠶᠣᠰᠣᠲᠠᠢ᠃ ᠬᠡᠯᠢᠭ ᠦ᠋ᠨ ᠪᠡᠷᠢ ᠬᠠᠨᠳᠠᠨᠰᠦᠷᠦᠩ᠂ ᠬᠦᠦ ᠥᠬᠢᠨ ᠳᠤᠯᠮ᠎ᠠ ᠬᠣᠶᠠᠷ《 ᠡᠨᠡ ᠤᠯᠠᠭᠠᠨ ᠣᠷᠣᠰ ᠭᠡᠳᠡᠭ ᠴᠢᠨᠢ ᠴᠠᠭᠠᠨ ᠣᠷᠣᠰ ᠲᠠᠢ ᠪᠠᠨ ᠠᠪ ᠠᠳᠠᠯᠢᠬᠠᠨ ᠴᠢᠷᠠᠢ ᠵᠢᠰᠦ ᠲᠡᠢ ᠶᠦᠮ᠃ ᠰᠦ ᠪᠡᠷ ᠴᠦ᠍ ᠰᠦᠯᠡᠭᠰᠡᠨ ᠦᠭᠡᠢ ᠬᠤᠪᠢᠶᠠᠨ ᠤᠤᠭᠤᠴᠢᠬᠠᠯ᠎ᠠ᠂ ᠠᠢᠷᠠᠭ ᠢ᠋ ᠶᠡᠷᠦ ᠮᠡᠳᠡᠳᠡᠭ ᠦᠭᠡᠢ᠂ ᠬᠤᠯᠤ ᠪᠠᠷ ᠴᠦ᠍ ᠤᠤᠭᠤᠭᠰᠠᠨ ᠦᠭᠡᠢ᠂ ᠬᠤᠪᠢ ᠬᠣᠪᠢᠨ ᠤ᠋ ᠪᠠᠨ ᠲᠡᠮᠦᠷ ᠠᠶᠠᠭ᠎ᠠ ᠪᠠᠷ ᠤᠤᠭᠤᠨ ᠶᠡᠬᠡᠳᠡ ᠬᠠᠴᠢᠷᠬᠠᠨ ᠱᠤᠤᠭᠢᠯᠳᠤᠪᠠ》 ᠭᠡᠰᠡᠨ ᠰᠣᠨᠢᠨ ᠲᠠᠢ ᠢᠷᠡᠬᠦ ᠶ᠋ᠢᠨ ᠢ᠋ᠶ᠋ᠡᠨ ᠵᠡᠷᠭᠡᠴᠡᠭᠡ ᠪᠡᠷ ᠲᠣᠮᠣ ᠲᠠᠪᠠᠭ ᠤ᠋ᠨ ᠬᠢᠷᠢ ᠲᠡᠢ ᠳᠤᠭᠤᠢ ᠪᠥᠨᠲᠥᠭᠡᠷ ᠪᠣᠷᠣ ᠶᠠᠭᠤᠮ᠎ᠠ ᠠᠪᠴᠢᠷᠠᠵᠠᠢ᠃ 
       — ᠵᠠ ᠲᠠ ᠮᠢᠨᠢ᠂ ᠡᠨᠡ ᠴᠢᠨᠢ ᠶᠠᠭᠤ ᠭᠡᠭᠴᠢ ᠪᠣᠢ? 
       — ᠢᠳᠡᠳᠡᠭ ᠶᠠᠭᠤᠮ᠎ᠠ᠂ ᠠᠪᠤ ᠠ᠋! ᠴᠥᠮ ᠡᠢᠮᠦ ᠶᠠᠭᠤᠮ᠎ᠠ ᠢᠳᠡᠵᠦ ᠪᠠᠢᠨ᠎ᠠ ᠭᠡᠵᠦ ᠬᠦᠦ ᠬᠡᠦᠬᠡᠨ ᠦ᠌ ᠪᠡᠨ ᠬᠠᠷᠢᠭᠤᠯᠬᠤ ᠳ᠋ᠤ᠌ ᠬᠡᠯᠢᠭ ᠬᠦᠨᠳᠦᠳᠬᠡᠨ ᠬᠣᠷᠮᠣᠢ ᠳᠡᠪᠢᠰᠦᠨ ᠲᠠᠯᠪᠢᠵᠤ ᠵᠦᠰᠦᠬᠦ ᠳ᠋ᠡᠭᠡᠨ ᠡᠷᠬᠡ ᠦᠭᠡᠢ ᠭᠤᠯᠢᠷ ᠢ᠋ᠶ᠋ᠠᠷ ᠬᠢᠭᠳᠡᠭᠰᠡᠨ ᠢ᠋ ᠨᠢ ᠮᠡᠳᠡᠯ᠎ᠡ᠃ ᠭᠡᠪᠡᠴᠦ ᠶᠠᠮᠠᠷ ᠭᠤᠯᠢᠷ ᠲᠡᠢᠮᠦ ᠪᠦᠳᠦᠭᠦᠨ᠂ ᠬᠠᠷ᠎ᠠ ᠪᠣᠷᠣ ᠥᠩᠭᠡ ᠲᠡᠢ ᠪᠠᠢᠳᠠᠭ ᠢ᠋ ᠮᠡᠳᠡᠬᠦ ᠦᠭᠡᠢ ᠳ᠋ᠡᠭᠡᠨ ᠭᠠᠢᠬᠠᠨ᠎ᠠ᠃ ᠡᠬᠢᠨ ᠦ᠌ ᠵᠦᠰᠦᠮ ᠢ᠋ ᠪᠤᠷᠬᠠᠨ ᠳ᠋ᠠᠭᠠᠨ ᠲᠠᠯᠪᠢᠪᠠ᠃ ᠳᠠᠷᠠᠭᠠᠴᠢ ᠶ᠋ᠢᠨ ᠵᠦᠰᠦᠮ ᠢ᠋ ᠪᠡᠷᠢ ᠬᠡᠦᠬᠡᠨ ᠬᠣᠶᠠᠷ ᠲᠠᠭᠠᠨ᠂ ᠲᠡᠭᠡᠭᠡᠳ ᠥᠪᠡᠷ ᠢ᠋ᠶ᠋ᠡᠨ ᠠᠪᠤᠪᠠ᠃ ᠢᠩᠭᠢᠬᠦ ᠳ᠋ᠦ᠍ ᠬᠠᠷ᠎ᠠ ᠲᠠᠯᠬ᠎ᠠ ᠶ᠋ᠢ ᠠᠩᠬ᠎ᠠ ᠢᠳᠡᠵᠦ ᠦᠵᠡᠬᠦ ᠳ᠋ᠦ᠍ ᠰᠦᠷᠡᠬᠡᠢ ᠰᠢᠷᠦᠭᠦᠨ ᠭᠠᠰᠢᠭᠤᠨ ᠪᠠᠢᠬᠤ ᠨᠢ ᠮᠡᠳᠡᠭᠡᠵᠢ ᠶ᠋ᠢᠨ ᠬᠡᠷᠡᠭ᠃ ᠭᠡᠪᠡᠴᠦ ᠬᠡᠯᠢᠭ ᠰᠠᠢᠲᠤᠷ ᠰᠢᠯᠭᠠᠨ ᠠᠮᠲᠠᠯᠠᠵᠤ ᠦᠵᠡᠭᠡᠳ《 ᠠ᠋ ᠬᠡᠦᠬᠡᠳ ᠦ᠋ᠳ ᠮᠢᠨᠢ ᠠ᠋᠂ ᠡᠨᠡ ᠴᠢᠨᠢ ᠡᠷ᠎ᠡ ᠬᠥᠮᠦᠨ ᠳ᠋ᠦ᠍ ᠲᠠᠮᠢᠷ᠂ ᠵᠣᠷᠢᠭ ᠴᠢᠳᠠᠯ ᠨᠡᠮᠡᠭᠳᠡᠬᠦᠢᠴᠡ ᠠᠮᠲᠠ ᠲᠠᠢ ᠢᠳᠡᠭᠡ ᠪᠠᠢᠬᠤ ᠨᠢ ᠶᠠᠭᠤ ᠪᠣᠢ》 ᠭᠡᠳ ᠳᠠᠬᠢᠨ ᠠᠮᠲᠠᠯᠠᠬᠤ ᠳ᠋ᠠᠭᠠᠨ ᠮᠥᠨ ᠳᠡ᠂ ᠤᠬᠠᠭᠠᠨ ᠰᠠᠨᠠᠭ᠎ᠠ ᠴᠦ᠍ ᠰᠢᠯᠤᠭᠤᠨ ᠰᠢᠳᠤᠷᠭᠤ ᠪᠣᠯᠳᠠᠭ ᠪᠢᠵᠡ ᠭᠡᠵᠦ ᠴᠡᠴᠡᠷᠬᠡᠪᠡ᠃ ᠲᠡᠭᠡᠭᠡᠳ ᠪᠦᠬᠦ ᠬᠣᠲᠠ ᠶ᠋ᠢᠨ ᠬᠥᠮᠦᠨ ᠨᠢᠭᠡᠪᠦᠷᠢ ᠳ᠋ᠦ᠍ ᠬᠦᠷᠦᠯᠴᠡᠭᠦᠯᠦᠨ ᠠᠮᠰᠠᠭᠤᠯᠬᠤ ᠳ᠋ᠠᠭᠠᠨ《 ᠮᠠᠢ! ᠤᠯᠠᠭᠠᠨ ᠣᠷᠣᠰ ᠤ᠋ᠨ ᠢᠳᠡᠭᠡ᠂ ᠠᠮᠰᠠᠭᠰᠠᠨ ᠬᠥᠮᠦᠨ ᠳ᠋ᠦ᠍ ᠪᠠᠶᠠᠷ ᠴᠢᠳᠠᠯ᠂ ᠤᠬᠠᠭᠠᠨ ᠰᠠᠨᠠᠭ᠎ᠠ ᠨᠡᠮᠡᠭᠳᠡᠨ᠎ᠡ》 ᠭᠡᠵᠦ ᠪᠠᠢᠯ᠎ᠠ᠃ 
       ᠵᠢᠷᠤᠮᠲᠤ ᠴᠡᠷᠢᠭ ᠦ᠋ᠳ ᠦ᠋ᠨ ᠡᠨᠳᠡ ᠢᠷᠡᠮᠡᠭᠴᠡ ᠭᠤᠷᠪᠠᠨ ᠬᠥᠮᠦᠨ ᠲᠡᠰᠦᠷᠦᠨ ᠭᠡᠯᠢᠭ ᠦ᠋ᠨ ᠬᠣᠲᠠ ᠤᠷᠤᠭᠤ ᠴᠢᠭᠯᠡᠨ ᠳᠠᠪᠬᠢᠯ᠎ᠠ᠃ ᠡᠳᠡᠨ ᠦ᠌ ᠨᠢᠭᠡ ᠨᠢ ᠬᠦᠷᠡᠯ ᠦ᠋ᠨ ᠬᠦᠦ ᠴᠡᠷᠢᠨᠳᠣᠷᠵᠢ᠂ ᠲᠡᠷᠡ ᠬᠦᠦ ᠭᠣᠣᠯ ᠭᠠᠲᠤᠯᠤᠭᠰᠠᠨ ᠢ᠋ᠶ᠋ᠠᠨ ᠨᠥᠭᠦᠭᠡ ᠬᠣᠶᠠᠷ ᠠ᠋ᠴᠠ ᠪᠠᠨ ᠲᠠᠰᠤᠷᠠᠨ ᠭᠣᠣᠯ ᠥᠭᠰᠥᠨ ᠣᠳᠪᠠ᠃ ᠬᠣᠶᠠᠳᠠᠬᠢ ᠨᠢ ᠪᠠᠭᠠᠰᠠᠩ᠂ ᠭᠡᠷ ᠣᠷᠣᠨ ᠳ᠋ᠠᠭᠠᠨ ᠦᠯᠡᠳᠡᠬᠦ ᠪᠡᠷ ᠪᠦᠷᠢᠮᠦᠰᠦᠨ ᠴᠢᠯᠥᠭᠡ ᠠᠪᠴᠠᠢ᠃ ᠬᠥᠮᠦᠰ ᠲᠡᠭᠦᠨ ᠢ᠋ ᠠᠯᠤᠰ ᠤ᠋ᠨ ᠪᠠᠷ᠎ᠠ ᠠ᠋ᠴᠠ ᠨᠢ ᠲᠠᠨᠢᠨ ᠭᠡᠷ ᠤᠷᠤᠭᠤ ᠨᠢ ᠭᠦᠶᠦᠯᠳᠦᠨ ᠬᠦᠷᠴᠦ ᠤᠭᠲᠤᠨ ᠠᠪᠤᠯ᠎ᠠ᠃ ᠪᠠᠭᠠᠰᠠᠩ ᠴᠦ᠍ ᠭᠡᠷ ᠦ᠋ᠨ ᠢ᠋ᠶ᠋ᠡᠨ ᠬᠥᠮᠦᠰ ᠲᠣᠭ᠎ᠠ ᠲᠣᠯᠣᠭᠠᠢ ᠪᠦᠷᠢᠨ ᠪᠠᠢᠭ᠎ᠠ ᠶ᠋ᠢ ᠣᠯᠵᠤ ᠬᠠᠷᠠᠨ ᠰᠡᠳᠬᠢᠯ ᠠᠮᠤᠰᠬᠢᠬᠰᠡᠨ ᠲᠡᠳᠦᠢ ᠦᠭᠡᠢ᠂ ᠪᠢᠴᠢᠬᠠᠨ ᠪᠡᠶᠡᠲᠦ ᠬᠥᠭᠡᠷᠦᠬᠦᠢ ᠡᠬᠡᠨᠡᠷ ᠦ᠋ᠨ ᠢ᠋ᠶ᠋ᠡᠨ ᠨᠢᠯᠬ᠎ᠠ ᠬᠡᠦᠬᠡᠳ ᠲᠡᠪᠡᠷᠢᠨ ᠵᠣᠭᠰᠣᠵᠤ ᠪᠠᠢᠬᠤ ᠶ᠋ᠢ ᠦᠵᠡᠭᠡᠳ ᠵᠢᠷᠦᠬᠡ ᠴᠣᠬᠢᠯᠠᠨ ᠪᠠᠶᠠᠷᠯᠠᠪᠠ᠃  ᠭᠤᠷᠪᠠᠳᠠᠬᠢ ᠬᠥᠮᠦᠨ ᠳ᠋ᠠᠨᠽᠠᠨ᠃ ᠳ᠋ᠠᠨᠽᠠᠨ ᠢ᠋ ᠢᠷᠡᠨ᠎ᠡ ᠭᠡᠵᠦ ᠬᠦᠯᠢᠶᠡᠭᠰᠡᠨ ᠬᠡᠨ ᠴᠦ᠍ ᠦᠭᠡᠢ᠂ ᠥᠪᠡᠷ ᠢ᠋ᠶ᠋ᠡᠨ ᠭᠡᠯᠢᠭ ᠦ᠋ᠨ ᠬᠣᠢᠲᠤᠬᠢ ᠪᠢᠴᠢᠬᠠᠨ ᠭᠡᠷ ᠢ᠋ ᠲᠠᠨᠢᠨ ᠭᠠᠳᠠᠨ᠎ᠠ ᠨᠢ ᠣᠴᠢᠨ ᠪᠠᠭᠤᠵᠤ ᠭᠡᠷ ᠲᠡᠭᠡᠨ ᠣᠷᠣᠬᠤ ᠳ᠋ᠤ᠌ ᠬᠡᠨ ᠴᠦ᠍ ᠦᠭᠡᠢ᠂ ᠭᠠᠭᠴᠠᠬᠠᠨ ᠣᠷᠣᠨ ᠳᠡᠭᠡᠷ᠎ᠡ ᠡᠮᠡᠭᠲᠡᠢ ᠬᠥᠮᠦᠨ ᠦ᠌ ᠳᠡᠪᠡᠯ ᠬᠤᠪᠴᠠᠰᠤ ᠬᠤᠷᠢᠶᠠᠯᠲᠠ ᠲᠠᠢ ᠪᠠᠢᠭ᠎ᠠ ᠠ᠋ᠴᠠ ᠡᠭᠡᠴᠢ ᠶ᠋ᠢᠨ ᠢ᠋ᠶ᠋ᠡᠨ ᠡᠷᠡᠭᠦᠯ ᠮᠡᠨᠳᠦ ᠰᠡᠳᠬᠢᠯ ᠪᠠᠢᠭ᠎ᠠ ᠶ᠋ᠢ ᠮᠡᠳᠡᠨ ᠰᠡᠳᠬᠢᠯ ᠲᠡᠨᠢᠢᠨ ᠪᠠᠶᠠᠷᠯᠠᠨ᠎ᠠ᠃ ᠡᠬᠡ ᠶ᠋ᠢᠨ ᠢ᠋ᠶ᠋ᠡᠨ ᠶᠠᠭᠤ ᠪᠣᠯᠤᠭᠰᠠᠨ ᠢ᠋ ᠠᠯᠢ ᠬᠡᠳᠦᠢᠨ ᠲᠣᠳᠣᠷᠬᠠᠢ ᠣᠯᠵᠤ ᠰᠣᠨᠣᠰᠤᠭᠰᠠᠨ ᠲᠤᠯᠠ ᠲᠡᠷᠡ ᠲᠤᠬᠠᠢ ᠣᠨᠴᠠᠯᠠᠨ ᠪᠣᠳᠣᠬᠤ ᠶᠠᠭᠤᠮ᠎ᠠ ᠠᠯᠠᠭ᠎ᠠ᠃ ᠭᠡᠲᠡᠯ᠎ᠡ ᠰᠡᠳᠬᠢᠯ ᠳ᠋ᠦ᠍ᠨᠢ ᠨᠢᠭᠡ ᠵᠦᠢᠯ ᠪᠣᠳᠣᠭᠳᠠᠨ ᠰᠣᠴᠢᠪᠠ᠃ ᠳᠡᠮᠡᠢ ᠰᠠᠨᠳᠤᠷᠤᠨ ᠡᠪᠦᠷ ᠢ᠋ᠶ᠋ᠡᠨ ᠲᠡᠮᠲᠡᠷᠢᠪᠡ᠃ ᠡᠨᠡ ᠨᠢ ᠥᠨᠥᠬᠢ ᠬᠡᠳᠦᠨ ᠰᠢᠷ᠎ᠠ ᠬᠤᠪᠠ ᠠᠯᠲᠠᠨ ᠰᠢᠷᠠᠮᠠᠯ ᠰᠠᠭᠰᠠᠭᠠᠷ ᠡᠭᠡᠮᠦᠭ᠃ ᠳᠣᠲᠣᠷ᠎ᠠ ᠨᠢ ᠫᠠᠯ ᠬᠢᠵᠦ ᠶᠠᠭᠠᠬᠢᠭᠰᠠᠨ ᠢ᠋ᠶ᠋ᠠᠨ ᠡᠷᠭᠢᠴᠡᠭᠦᠯᠦᠨ ᠰᠠᠨᠠᠬᠤ ᠳ᠋ᠤ᠌ ᠬᠢᠶᠠᠭᠲᠤ ᠳ᠋ᠤ᠌ ᠪᠠᠷᠤᠨ ᠤᠩᠺᠸᠷᠠᠨ ᠤ᠋ ᠬᠢᠨ ᠲᠡᠢ ᠢᠳᠡ ᠰᠢᠷᠦᠭᠦᠨ ᠲᠤᠯᠤᠯᠳᠤᠵᠤ ᠪᠠᠢᠬᠤ ᠳ᠋ᠤ᠌ ᠰᠤᠮᠤ ᠳᠠᠭᠤᠰᠦᠨ ᠰᠠᠨᠳᠤᠷᠬᠤ ᠳ᠋ᠠᠭᠠᠨ ᠡᠪᠦᠷ ᠲᠦ᠍ ᠭᠠᠷ ᠢ᠋ᠶ᠋ᠠᠨ ᠬᠢᠨ ᠠᠯᠴᠢᠭᠤᠷ ᠲᠤ᠌ ᠪᠣᠭᠤᠳᠠᠯ ᠲᠠᠢ ᠬᠡᠪ ᠢ᠋ᠶ᠋ᠡᠷ ᠨᠢ ᠭᠠᠷᠭᠠᠨ ᠭᠠᠵᠠᠷ ᠲᠤ᠌ ᠲᠠᠯᠪᠢᠵᠤ ᠳᠠᠷᠠᠭ᠎ᠠ ᠨᠢ ᠬᠡᠳᠦᠨ ᠰᠤᠮᠤ ᠠᠪᠤᠭᠰᠠᠨ ᠰᠠᠨᠠᠭᠳᠠᠨ᠎ᠠ᠃ ᠲᠡᠭᠡᠭᠡᠳ ᠲᠡᠨᠳᠡ ᠡᠴᠡ ᠤᠷᠤᠭᠰᠢ ᠳᠠᠪᠬᠢᠬᠤ ᠳ᠋ᠠᠭᠠᠨ ᠠᠪᠬᠤ ᠪᠠᠨ ᠮᠠᠷᠲᠠᠭᠰᠠᠨ ᠨᠢ ᠲᠣᠳᠣᠷᠬᠠᠢ ᠪᠣᠯᠵᠤ ᠢᠷᠡᠪᠡ᠃ 
       ᠭᠡᠷ ᠦ᠋ᠨ ᠡᠭᠦᠳᠡ ᠰᠡᠪᠬᠢᠨ ᠡᠷᠭᠦᠭᠳᠡᠵᠦ ᠡᠮᠡᠭᠲᠡᠢ ᠬᠥᠮᠦᠨ ᠴᠢᠰᠬᠢᠨ ᠪᠠᠷᠬᠢᠷᠠᠨ ᠣᠷᠣᠵᠤ ᠢᠷᠡᠵᠦ ᠳ᠋ᠠᠨᠽᠠᠨ ᠢ᠋ ᠵᠢᠭᠤᠷᠠᠨ ᠠᠪᠤᠪᠠ᠃ ᠡᠨᠡ ᠪᠣᠯ ᠡᠭᠡᠴᠢ ᠨᠢ ᠪᠠᠭᠠᠰᠠᠩ ᠠ᠋ᠴᠠ ᠳ᠋ᠠᠨᠽᠠᠨ ᠤ᠋ ᠢᠷᠡᠭᠰᠡᠨ ᠢ᠋ ᠭᠡᠨᠡᠳᠲᠡ ᠰᠣᠨᠣᠰᠤᠨ ᠤᠬᠠᠭᠠᠨ ᠦᠭᠡᠢ ᠪᠠᠶᠠᠷᠯᠠᠬᠤ ᠶ᠋ᠢᠨ ᠳᠡᠭᠡᠷ᠎ᠡ ᠥᠩᠭᠡᠷᠡᠭᠰᠡᠨ ᠳ᠋ᠦ᠍ ᠪᠦᠬᠦ ᠵᠦᠳᠡᠭᠦᠷᠡᠯ ᠨᠢ ᠨᠢᠭᠡᠮᠦᠰᠦᠨ ᠪᠣᠳᠣᠭᠳᠠᠨ ᠪᠠᠬᠠᠷᠤᠨ  ᠪᠠᠯᠠᠷᠳᠠᠬᠤ ᠠᠵᠢ᠃《ᠡᠪᠡᠢ ᠮᠢᠨᠢ᠂ ᠳᠡᠭᠦᠦ ᠮᠢᠨᠢ᠂ ᠡᠨᠡ ᠳᠡᠯᠡᠬᠡᠢ ᠳ᠋ᠦ᠍ ᠪᠢ ᠭᠠᠭᠴᠠᠭᠠᠷ ᠢ᠋ᠶ᠋ᠠᠨ》ᠴᠦ᠍ ᠭᠡᠬᠦ ᠰᠢᠭ《ᠣᠳᠣ ᠬᠣᠶᠠᠭᠤᠯᠠ ᠪᠠᠨ》ᠴᠦ᠍ ᠭᠡᠬᠦ ᠰᠢᠭ《ᠴᠢᠮ᠎ᠠ ᠲᠠᠢ ᠪᠠᠨ ᠢᠩᠭᠢᠵᠦ ᠠᠭᠤᠯᠵᠠᠨ᠎ᠠ ᠭᠡᠵᠦ ᠣᠭᠲᠣ ᠰᠠᠨᠠᠭ᠎ᠠ ᠦᠭᠡᠢ》ᠴᠦ᠍ ᠭᠡᠬᠦ ᠰᠢᠭ ᠤᠴᠢᠷ ᠨᠡᠴᠢᠷ ᠦᠭᠡᠢ ᠣᠯᠠᠨ ᠢ᠋ ᠥᠭᠦᠯᠡᠨ ᠥᠭᠦᠯᠡᠭᠰᠡᠭᠡᠷ ᠰᠡᠳᠬᠢᠯ ᠠᠭᠤᠵᠢᠷᠠᠪᠠ᠃  
       ᠤᠳᠠᠵᠤ ᠲᠦᠳᠡᠯ ᠦᠭᠡᠢ ᠬᠣᠲᠠ ᠶ᠋ᠢᠨ ᠬᠥᠮᠦᠰ ᠳ᠋ᠠᠨᠽᠠᠨ ᠤ᠋ ᠭᠡᠷ ᠲᠦ᠍ ᠣᠷᠣᠵᠤ ᠢᠷᠡᠨ ᠪᠢᠴᠢᠬᠠᠨ ᠭᠡᠷ ᠲᠦ᠍ ᠴᠢᠬᠢᠴᠡᠯᠳᠦᠨ᠎ᠡ᠃ ᠲᠡᠳᠡᠨ ᠳ᠋ᠦ᠍ ᠳ᠋ᠠᠨᠽᠠᠨ ᠭᠠᠵᠠᠷ ᠳᠣᠣᠷ᠎ᠠ ᠠ᠋ᠴᠠ ᠭᠠᠷᠴᠤ ᠢᠷᠡᠭᠰᠡᠨ ᠰᠢᠭ ᠰᠠᠨᠠᠭᠳᠠᠬᠤ ᠠᠵᠢ᠃ ᠣᠷᠴᠢᠯᠠᠩ ᠤ᠋ᠨ ᠦᠬᠦᠯ ᠬᠠᠭᠠᠴᠠᠯ ᠣᠯᠠᠨ ᠢ᠋ ᠦᠵᠡᠭᠰᠡᠨ ᠡᠮᠡᠭᠡᠳ ᠠᠬᠠᠢ ᠨᠠᠷ《ᠠᠮᠢᠳᠤ ᠶᠠᠭᠤᠮ᠎ᠠ ᠰᠠᠢᠬᠨᠨ᠎ᠡ》 ᠭᠡᠳ ᠥᠩᠭᠡᠷᠡᠭᠰᠡᠨ ᠪᠠᠯᠠᠷᠠᠭᠰᠠᠨ ᠢ᠋ᠶ᠋ᠠᠨ ᠰᠠᠨᠠᠨ ᠳᠤᠷᠠᠰᠤᠨ ᠨᠢᠯᠪᠤᠰᠤ ᠲᠤᠰᠠᠯᠠᠭᠤᠯᠤᠨ᠎ᠠ᠃ ᠡᠪᠦᠭᠡᠳ ᠨᠠᠰᠤᠲᠠᠢ ᠡᠷᠡᠰ ᠦ᠋ᠳ《ᠠ᠋ ᠳᠠ ᠠᠮᠢ ᠮᠡᠨᠳᠦ  ᠶᠠᠪᠤᠵᠤ ᠢᠷᠡᠭᠰᠡᠨ ᠴᠢᠨᠢ ᠪᠤᠷᠬᠠᠨ ᠭᠣᠨᠴᠣᠭᠰᠤᠮ ᠤ᠋ᠨ ᠠᠪᠤᠷᠠᠯ ᠰᠢᠦ ᠳᠡ》 ᠬᠡᠮᠡᠯᠴᠡᠨ᠎ᠡ᠃ ᠬᠠᠷᠢᠭᠤ ᠳ᠋ᠤᠨᠢ ᠳ᠋ᠠᠨᠽᠠᠨ《ᠠ᠋ ᠳᠠ ᠲᠠ ᠮᠢᠨᠢ ᠬᠢᠲᠠᠳ ᠣᠷᠣᠨ ᠨᠦᠰᠡᠷ ᠬᠦᠨᠳᠦ ᠣᠷᠣᠨ ᠪᠠᠢᠨ᠎ᠠ ᠰᠢᠦ᠃ ᠨᠣᠶᠠᠳ᠂ ᠪᠠᠶᠠᠳ᠂᠂ ᠫᠦᠰᠡ ᠳᠡᠯᠭᠡᠭᠦᠷ ᠦ᠋ᠨ ᠳᠠᠩᠵᠢᠶᠠᠳ ᠨᠤᠭᠤᠳ ᠭᠠᠵᠠᠷ ᠤ᠋ᠨ ᠡᠵᠡᠳ ᠨᠠᠷ ᠨᠢ ᠳᠣᠣᠷᠠᠲᠤ ᠬᠥᠮᠦᠰ ᠢ᠋ᠶ᠋ᠡᠨ ᠬᠥᠮᠦᠨ ᠳ᠋ᠦ᠍ ᠪᠠᠢᠲᠤᠭᠠᠢ ᠲᠠᠪᠤ ᠠᠷᠪᠠᠨ ᠮᠥᠩᠭᠥᠨ ᠡᠴᠡ ᠳᠣᠣᠷ᠎ᠠ ᠦᠵᠡᠬᠦ ᠶᠦᠮ᠃ ᠭᠡᠲᠡᠯ᠎ᠡ ᠳᠣᠣᠷᠠᠲᠤ ᠬᠥᠮᠦᠰ ᠨᠢ ᠬᠥᠮᠦᠨ ᠢ᠋ ᠡᠨᠡᠷᠢᠨ ᠲᠡᠳᠬᠦᠬᠦ ᠬᠠᠢᠷᠠᠯᠠᠨ ᠬᠦᠨᠳᠦᠳᠬᠡᠬᠦ ᠨᠢ ᠰᠠᠨᠠᠭᠠᠨ ᠳ᠋ᠤ᠌ ᠪᠠᠭᠲᠠᠰᠢ ᠦᠭᠡᠢ ᠰᠠᠢᠬᠠᠨ ᠠᠷᠢᠭᠤᠨ ᠰᠢᠳᠤᠷᠭᠤ ᠤᠯᠤᠰ ᠪᠠᠢᠬᠤ ᠶᠤᠮ》 ᠭᠡᠬᠦ ᠳ᠋ᠦ᠍ ᠨᠢᠭᠡ ᠨᠢ 
       — ᠠᠬᠠᠢ ᠪᠠᠰᠠ ᠲᠡᠢᠮᠦ ᠪᠠᠢᠨ᠎ᠠ ᠪᠣᠢ! ᠭᠡᠵᠦ ᠭᠠᠢᠬᠠᠭᠰᠠᠨ ᠴᠢᠷᠠᠢ ᠭᠠᠷᠭᠠᠨ᠎ᠠ᠃ 
       — ᠲᠡᠭᠡᠯᠭᠦᠢ ᠶᠠᠭᠠᠬᠢᠬᠤᠪ᠃ ᠪᠢ ᠴᠣᠬᠣᠮ ᠲᠡᠢᠮᠦ ᠬᠥᠮᠦᠰ ᠦ᠋ᠨ ᠠᠴᠢ ᠢᠪᠡᠭᠡᠯ ᠢ᠋ᠶ᠋ᠡᠷ ᠠᠮᠢ ᠪᠡᠶ᠎ᠡ ᠮᠡᠨᠳᠦ ᠶᠠᠪᠤᠵᠤ ᠣᠷᠣᠨ ᠨᠤᠲᠤᠭ ᠲᠠᠭᠠᠨ ᠢᠷᠡᠭᠰᠡᠨ ᠰᠢᠦ ᠭᠡᠳ ᠵᠠᠯᠠᠭᠤ ᠨᠠᠢᠵᠠ ᠸᠠᠩ ᠬᠠᠢ ᠲᠤᠤ᠂ ᠡᠪᠦᠭᠡᠨ ᠲᠠᠷᠢᠶᠠᠴᠢᠨ ᠯᠤᠤ ᠯᠢ᠂ ᠲᠡᠭᠦᠨ ᠦ᠌ ᠭᠡᠷ ᠪᠦᠯᠢ ᠶ᠋ᠢᠨ ᠬᠥᠮᠦᠰ᠂ ᠲᠡᠳᠡᠭᠡᠷ ᠦ᠋ᠨ ᠬᠡᠷᠬᠢᠨ ᠠᠴᠢ ᠲᠤᠰᠠ ᠪᠣᠯᠤᠭᠰᠠᠨ ᠢ᠋ ᠰᠡᠳᠬᠢᠯ ᠬᠥᠳᠡᠯᠦᠨ ᠶᠠᠷᠢᠵᠤ ᠭᠠᠷᠪᠠ᠃ ᠲᠣᠭᠣᠷᠢᠨ ᠰᠠᠭᠤᠭᠴᠢᠳ᠄ 
       — ᠵᠠ ᠵᠠ ᠭᠡᠵᠦ ᠳᠥᠭᠥᠨ ᠰᠠᠭᠤᠵᠤ ᠴᠢᠬᠢ ᠲᠠᠯᠪᠢᠨ ᠴᠢᠩᠨᠠᠨ᠎ᠠ᠃ ᠬᠡᠯᠢᠭ ᠭᠠᠭᠴᠠᠭᠠᠷ ᠢ᠋ᠶ᠋ᠠᠨ ᠲᠡᠳᠦᠢ ᠯᠡ ᠣᠢᠰᠢᠶᠠᠬᠤ ᠦᠭᠡᠢ ᠪᠥᠭᠡᠳ ᠬᠢᠲᠠᠳ ᠢᠷᠭᠡᠳ ᠢ᠋ ᠪᠠᠬᠠᠳᠤᠨ ᠰᠠᠢᠰᠢᠶᠠᠬᠤ ᠶ᠋ᠢ ᠡᠰᠡᠷᠭᠦᠴᠡᠬᠦ ᠰᠢᠨᠵᠢᠲᠡᠢ᠄ ᠵᠠ ᠲᠡᠷᠡ ᠴᠦ᠍ ᠲᠡᠢᠮᠦ ᠯᠡ ᠪᠠᠢᠵᠠᠢ᠃ ᠭᠡᠪᠡᠴᠦ ᠴᠢ ᠬᠢᠲᠠᠳ ᠬᠥᠮᠦᠨ᠂ ᠬᠥᠮᠦᠨ ᠢ᠋ ᠬᠡᠴᠢᠨᠡᠭᠡᠨ ᠮᠠᠭᠤᠬᠠᠢ ᠠᠷᠤ ᠪᠠᠷ ᠨᠢ ᠲᠠᠯᠪᠢᠬᠤ ᠶ᠋ᠢᠨ ᠡᠮᠦᠨ᠎ᠡ ᠲᠡᠴᠢᠨᠡᠨ ᠰᠠᠢᠬᠠᠨ ᠢᠨᠢᠶᠡᠭᠰᠡᠨ ᠴᠢᠷᠠᠢ ᠪᠠᠷ ᠬᠦᠨᠳᠦᠳᠬᠡᠨ ᠮᠡᠬᠡᠯᠡᠳᠡᠭ ᠢ᠋ ᠣᠯᠵᠤ ᠬᠠᠷᠠᠪᠠᠤ? ᠡᠴᠦᠰ ᠲᠦ᠋ᠨᠢ ᠬᠥᠮᠦᠨ ᠬᠡᠴᠢᠨᠡᠭᠡᠨ ᠨᠣᠮᠣᠬᠠᠨ ᠳᠠᠷᠤᠤ ᠪᠠᠢᠬᠤ ᠶ᠋ᠢᠨ ᠬᠢᠷᠢ ᠪᠡᠷ ᠳᠡᠴᠢᠨᠡᠨ ᠣᠮᠣᠭ ᠪᠠᠷᠳᠠᠮ ᠪᠠᠢᠳᠠᠭ ᠢ᠋ ᠣᠯᠵᠤ ᠠᠵᠢᠪᠠᠤ ᠳᠠ? ᠭᠡᠬᠦ ᠳ᠋ᠦ᠍ᠨᠢ ᠳ᠋ᠠᠨᠽᠠᠨ ᠠᠩᠬ᠎ᠠ ᠰᠠᠨᠠᠭ᠎ᠠ ᠠᠪᠤᠨ᠂ ᠲᠡᠢᠮᠦ ᠠ᠋ ᠭᠡᠳ ᠴᠠᠭᠠᠨᠳᠠᠯᠠᠢ ᠳᠠᠩᠵᠢᠶᠠᠳ᠂ ᠭᠠᠵᠠᠷ ᠤ᠋ᠨ ᠡᠵᠡᠨ ᠳᠡ ᠯᠣᠣᠶᠧ ᠨᠠᠷ ᠤ᠋ᠨ ᠬᠡᠷᠬᠡᠭᠰᠡᠨ ᠢ᠋ ᠶᠠᠷᠢᠪᠠ᠃ ᠡᠭᠦᠨ ᠳ᠋ᠦ᠍ ᠭᠡᠯᠢᠭ ᠤᠤᠬᠠᠢ ᠭᠡᠰᠡᠨ ᠰᠢᠭ ᠰᠠᠬᠠᠯ ᠢ᠋ᠶ᠋ᠠᠨ ᠢᠯᠢᠨ ᠢᠨᠢᠶᠡᠮᠰᠦᠭᠯᠡᠵᠦ᠄ ᠵᠠ ᠪᠣᠯᠵᠠᠢ᠃ ᠴᠢ ᠣᠯᠵᠠ ᠣᠮᠣᠭ ᠣᠯᠤᠭ᠎ᠠ ᠦᠭᠡᠢ ᠪᠣᠯᠪᠠᠴᠤ ᠲᠡᠭᠦᠨ ᠡᠴᠡ ᠳᠤᠲᠠᠭᠤ ᠦᠭᠡᠢ ᠶᠡᠬᠡ ᠶᠠᠭᠤᠮ᠎ᠠ ᠦᠵᠡᠵᠦ ᠬᠠᠰᠢᠷ ᠰᠠᠭᠤᠭᠠᠳ ᠢᠷᠡᠵᠡᠢ᠃ ᠡᠨᠡ ᠴᠢᠨᠢ ᠴᠢᠮ᠎ᠠ ᠳ᠋ᠤ᠌ ᠡᠭᠦᠷᠢᠳᠡ ᠬᠡᠷᠡᠭ ᠪᠣᠯᠤᠨ᠎ᠠ᠃ ᠬᠠᠷᠢᠨ ᠮᠠᠨ ᠤ᠋ ᠳᠣᠷᠵᠢ ᠮᠥᠨ ᠪᠠᠭ᠎ᠠ ᠦᠭᠡᠢ ᠶᠠᠭᠤᠮ᠎ᠠ ᠦᠵᠡᠭᠰᠡᠨ ᠪᠠᠢᠬᠤ ᠠᠲᠠᠯ᠎ᠠ ᠶᠡᠷᠦ ᠬᠠᠯᠠ ᠳᠥᠯᠥ ᠦᠵᠡᠭᠰᠡᠨ ᠰᠢᠨᠵᠢ ᠦᠭᠡᠢ ᠪᠠᠢᠭᠰᠠᠨ ᠳᠠ᠃ ᠬᠠᠷᠢᠨ ᠣᠳᠣ ᠠᠮᠤᠷ ᠮᠡᠨᠳᠦ ᠶᠠᠪᠤᠭ᠎ᠠ ᠪᠣᠯ ᠡᠷᠬᠡ ᠦᠭᠡᠢ ᠨᠢᠭᠡ ᠬᠥᠮᠦᠨ ᠪᠣᠯᠬᠤ ᠲᠠᠢᠰᠢ ᠪᠠᠨ ᠬᠠᠨᠳᠤᠭᠠᠳ ᠢᠷᠡᠬᠦ ᠪᠣᠯ ᠤᠤ ᠭᠡᠵᠦ ᠭᠣᠷᠢᠳᠠᠵᠤ ᠪᠠᠢᠨ᠎ᠠ ᠭᠡᠳ ᠪᠤᠷᠭᠠᠰᠤᠨ ᠲᠠᠶᠠᠭ ᠢ᠋ᠶ᠋ᠠᠨ ᠲᠤᠯᠤᠨ ᠪᠣᠰᠴᠤ ᠭᠠᠷᠴᠤ ᠣᠳᠪᠠ᠃ ᠪᠤᠰᠤᠳ ᠬᠥᠮᠦᠰ ᠴᠦ᠍ ᠣᠷᠣᠢ ᠶ᠋ᠢᠨ ᠮᠠᠯ ᠰᠠᠭᠠᠯᠢ ᠰᠦᠨ ᠦ᠌ ᠪᠡᠨ ᠠᠵᠢᠯ ᠳ᠋ᠤ᠌ ᠬᠠᠪᠴᠢᠭᠳᠠᠨ ᠭᠠᠷᠴᠠᠢ᠃
       ᠳ᠋ᠠᠨᠽᠠᠨ ᠭᠡᠷ ᠲᠦ᠍ ᠭᠠᠭᠴᠠᠭᠠᠷ ᠦᠯᠡᠳᠡᠪᠡ᠃ ᠰᠡᠳᠬᠢᠯ ᠦ᠋ᠨ ᠪᠠᠢᠳᠠᠯ ᠨᠢᠭᠡ ᠯᠡ ᠲᠠᠪᠠ ᠦᠭᠡᠢ᠂ ᠡᠨᠡ ᠨᠢ ᠬᠡᠯᠢᠭ ᠦ᠋ᠨ ᠶᠠᠷᠢᠶ᠎ᠠ ᠲᠤᠩ ᠰᠦᠷᠡᠬᠡᠢ ᠤᠬᠠᠭᠠᠨ ᠲᠠᠢ ᠪᠠᠢᠪᠠᠴᠤ ᠪᠦᠬᠦ ᠬᠢᠲᠠᠳ ᠢᠷᠭᠡᠳ ᠢ᠋ ᠣᠢᠰᠢᠶᠠᠵᠤ ᠦᠵᠡᠬᠦ ᠦᠭᠡᠢ ᠪᠠᠢᠭ᠎ᠠ ᠠ᠋ᠴᠠ ᠪᠣᠯᠵᠠᠢ᠃《ᠬᠥᠭᠡᠷᠦᠬᠦᠢ ᠬᠢᠲᠠᠳ ᠢᠷᠭᠡᠳ ᠮᠠᠰᠢ ᠬᠦᠨᠳᠦ ᠪᠡᠷ ᠳᠠᠷᠤᠯᠠᠭᠳᠠᠨ ᠮᠥᠯᠵᠢᠭᠳᠡᠵᠦ ᠪᠠᠢᠨ᠎ᠠ ᠳᠠ᠃ ᠲᠡᠷᠡ ᠵᠣᠪᠠᠯᠠᠩ ᠠ᠋ᠴᠠ ᠰᠠᠯᠪᠠᠯ ᠬᠡᠴᠢᠨᠡᠭᠡᠨ ᠰᠠᠢᠬᠠᠨ ᠪᠢᠯᠡ᠃ ᠡᠳᠡᠨ ᠢ᠋ ᠮᠣᠩᠭᠣᠯ ᠪᠢᠳᠡ ᠶᠠᠭᠠᠬᠢᠵᠤ ᠪᠣᠯᠬᠤ ᠪᠣᠢ?》 ᠭᠡᠬᠦ ᠶ᠋ᠢᠨ ᠳᠡᠭᠡᠷ᠎ᠡ ᠣᠳᠣ ᠪᠠᠷ ᠬᠡᠯᠢᠭ ᠦ᠋ᠨ ᠰᠠᠨᠠᠭ᠎ᠠ ᠰᠡᠳᠬᠢᠯ ᠢ᠋ ᠡᠷᠭᠢᠭᠦᠯᠵᠦ ᠴᠢᠳᠠᠬᠤ ᠬᠦᠴᠦ ᠦᠭᠡᠢ ᠳ᠋ᠡᠭᠡᠨ ᠭᠤᠲᠤᠷᠠᠬᠤ ᠠᠵᠢ᠃ ᠭᠡᠲᠡᠯ᠎ᠡ ᠠᠷᠠᠳ ᠤ᠋ᠨ ᠨᠠᠮ ᠤ᠋ᠨ《ᠤᠯᠤᠰ ᠣᠷᠣᠨ ᠪᠦᠬᠦᠨ ᠦ᠌ ᠳᠠᠷᠤᠯᠠᠭᠳᠠᠭᠰᠠᠨ ᠠᠷᠠᠳ ᠲᠦᠮᠡᠨ ᠲᠡᠢ ᠬᠠᠨᠢ ᠨᠥᠬᠥᠳ ᠪᠣᠯᠤᠯᠴᠠᠨ᠎ᠠ》 ᠭᠡᠰᠡᠨ ᠪᠠᠲᠤ ᠵᠣᠷᠢᠯᠭ᠎ᠠ ᠰᠠᠨᠠᠭᠠᠨ ᠳ᠋ᠤᠨᠢ ᠣᠷᠣᠵᠠᠢ᠃ ᠲᠡᠭᠡᠭᠡᠳ ᠢᠷᠡᠭᠡᠳᠦᠢ ᠳ᠋ᠦ᠍ ᠬᠢᠲᠠᠳ ᠢᠷᠭᠡᠳ ᠨᠢᠭᠡ ᠮᠡᠳᠡᠬᠦ ᠳ᠋ᠦ᠍ ᠡᠷᠬᠡ  ᠴᠢᠯᠥᠭᠡᠨ ᠦ᠌ ᠪᠡᠨ ᠲᠥᠯᠥᠭᠡ ᠲᠡᠮᠡᠴᠡᠨ ᠪᠣᠰᠬᠤ᠂ ᠲᠡᠭᠦᠨ ᠢ᠋ ᠬᠡᠨ ᠴᠦ᠍ ᠵᠣᠭᠰᠣᠭᠠᠵᠤ ᠦᠯᠦ ᠴᠢᠳᠠᠬᠤ ᠬᠢᠭᠡᠳ ᠬᠥᠮᠦᠨ ᠪᠠᠰᠠ ᠲᠡᠭᠦᠨ ᠳ᠋ᠦ᠍ ᠥᠪᠡᠷ ᠦ᠋ᠨ ᠡᠷᠬᠡ ᠦᠭᠡᠢ ᠲᠠᠲᠠᠭᠳᠠᠨ ᠣᠷᠣᠯᠴᠠᠬᠤ ᠨᠢ ᠵᠠᠢᠯᠠᠰᠢ ᠦᠭᠡᠢ ᠰᠢᠦ ᠳᠡ ᠭᠡᠬᠦ ᠶ᠋ᠢᠨ ᠰᠠᠴᠠᠭᠤ ᠪᠠᠷ ᠲᠡᠷᠡ ᠴᠠᠭ ᠲᠤ ᠮᠥᠨ ᠮᠣᠩᠭᠣᠯ ᠤ᠋ᠨ ᠠᠷᠠᠳ ᠲᠦᠮᠡᠨ᠂ ᠬᠢᠲᠠᠳ ᠤ᠋ᠨ ᠠᠷᠠᠳ ᠲᠦᠮᠡᠨ ᠲᠡᠢ ᠨᠠᠢᠷᠰᠠᠭ ᠨᠥᠬᠥᠷᠯᠡᠬᠦ ᠶ᠋ᠢ ᠭᠡᠯᠢᠭ ᠪᠠᠢᠲᠤᠭᠠᠢ ᠬᠡᠨ ᠴᠦ᠍ ᠬᠣᠢᠰᠢ ᠲᠠᠲᠠᠵᠤ ᠴᠢᠳᠠᠬᠤ ᠦᠭᠡᠢ ᠰᠢᠦ ᠳᠡ ᠭᠡᠵᠦ ᠪᠣᠳᠣᠭᠳᠠᠭᠰᠠᠨ ᠨᠢ ᠰᠡᠳᠬᠢᠯ ᠢ᠋ ᠠᠱ᠌ᠢᠭᠦᠢ ᠠᠭᠤᠵᠢᠷᠠᠭᠤᠯᠵᠠᠢ᠃ 
       ᠡᠭᠡᠴᠢ ᠰᠥᠷᠦᠮ᠎ᠡ ᠨᠢ ᠬᠡᠳᠦᠨ ᠢᠮᠠᠭ᠎ᠠ ᠪᠠᠨ ᠰᠠᠭᠠᠵᠤ ᠳᠠᠭᠤᠰᠤᠨ ᠣᠷᠣᠵᠤ ᠢᠷᠡᠪᠡ᠃ ᠬᠤᠪᠢᠩ ᠪᠢᠴᠢᠬᠠᠨ ᠪᠣᠯᠪᠠᠴᠤ ᠳᠦᠭᠦᠷᠡᠩ ᠰᠦ ᠮᠡᠯᠲᠡᠯᠵᠡᠨ᠎ᠡ᠃ ᠣᠷᠣᠢ ᠶ᠋ᠢᠨ ᠬᠣᠭᠣᠯᠠᠨ ᠳ᠋ᠤ᠌ ᠳ᠋ᠠᠨᠽᠠᠨ ᠰᠢᠨᠡᠬᠡᠨ ᠪᠦᠷᠢᠭᠰᠡᠨ ᠢᠮᠠᠭᠠᠨ ᠲᠠᠷᠠᠭ ᠢᠳᠡᠪᠡ᠃ 
       ᠬᠣᠶᠠᠷ ᠵᠢᠯ ᠢᠳᠡᠭᠡ ᠦᠭᠡᠢ ᠲᠡᠷᠡ ᠢᠳᠡᠭᠡᠨ ᠦ᠌ ᠠᠮᠲᠠ ᠰᠢᠮᠲᠡ ᠬᠡᠴᠢᠨᠡᠭᠡᠨ ᠰᠠᠢᠬᠠᠨ ᠪᠠᠢᠭᠰᠠᠨ ᠢ᠋ ᠡᠨᠳᠡ ᠥᠭᠦᠯᠡᠬᠦ ᠶᠠᠭᠤᠨ᠃ ᠬᠣᠶᠠᠷ ᠵᠢᠯ ᠣᠷᠣᠵᠤ ᠢᠷᠡᠭᠡ ᠦᠭᠡᠢ ᠭᠡᠷ ᠲᠡᠭᠡᠨ ᠢᠷᠡᠭᠡᠳ ᠮᠥᠨ ᠪᠦᠲᠦᠨ ᠵᠢᠯ ᠳᠡᠭᠡᠷ᠎ᠡ ᠨᠢ ᠬᠡᠪᠲᠡᠭᠡ ᠦᠭᠡᠢ ᠵᠥᠭᠡᠯᠡᠨ ᠢᠰᠡᠭᠡᠢ ᠳᠡᠪᠢᠰᠬᠡᠷ ᠳᠡᠭᠡᠷ᠎ᠡ ᠬᠡᠪᠲᠡᠨ ᠪᠡᠶ᠎ᠡ ᠠᠮᠠᠷᠠᠬᠤ ᠳ᠋ᠤ᠌ ᠶᠣᠰᠣᠲᠠᠢ ᠪᠣᠷᠣ ᠭᠡᠷ ᠲᠡᠭᠡᠨ ᠪᠣᠭᠳᠠ᠂ ᠬᠠᠷ᠎ᠠ ᠭᠡᠷ ᠲᠡᠭᠡᠨ ᠬᠠᠭᠠᠨ ᠭᠡᠭᠴᠢ ᠪᠠᠢᠯ᠎ᠠ᠃ ᠡᠭᠡᠴᠢ ᠳᠡᠭᠦᠦ ᠬᠣᠶᠠᠷ ᠨᠢ ᠥᠩᠭᠡᠷᠡᠭᠰᠡᠨ ᠬᠣᠶᠠᠷ ᠵᠢᠯ ᠳ᠋ᠦ᠍ ᠦᠵᠡᠭᠰᠡᠨ ᠲᠤᠭᠤᠯᠤᠭᠰᠠᠨ ᠵᠣᠪᠠᠯᠠᠩ ᠵᠦᠳᠡᠷᠡᠯ ᠢ᠋ᠶ᠋ᠡᠨ ᠳᠦᠩᠭᠡᠷ ᠲᠠᠩᠭᠠᠷ ᠶᠠᠷᠢᠯᠴᠠᠨ᠎ᠠ᠃ ᠲᠡᠷᠡ ᠵᠠᠭᠤᠷ᠎ᠠ ᠳ᠋ᠠᠨᠽᠠᠠ ᠳ᠋ᠤ᠌ ᠥᠨᠥᠬᠢ ᠨᠢᠭᠤᠴᠠ ᠠᠮᠠᠷᠠᠭ ᠡᠮᠡᠭᠲᠡᠢ᠂ ᠲᠡᠷᠡ ᠨᠢ ᠨᠠᠰᠤ ᠪᠡᠶ᠎ᠡ ᠥᠪᠡᠷ ᠲᠡᠢ ᠨᠢ ᠰᠠᠴᠠᠭᠤ᠂ ᠭᠡᠷ ᠣᠷᠣᠨ ᠨᠢ ᠪᠣᠯᠪᠠᠴᠤ ᠳ᠋ᠠᠨᠽᠠᠨ ᠤ᠋ ᠬᠢ ᠡᠴᠡ ᠲᠡᠳᠦᠢ ᠯᠡ ᠳᠠᠪᠠᠭᠤ ᠲᠠᠢ ᠶᠠᠭᠤᠮ᠎ᠠ ᠲᠠᠢ ᠪᠢᠰᠢ᠃ ᠡᠴᠢᠭᠡ ᠡᠬᠡ ᠬᠣᠶᠠᠷ ᠤ᠋ᠨ ᠭᠠᠷ ᠳᠡᠭᠡᠷ᠎ᠡ ᠡᠷᠬᠡ ᠲᠠᠩᠬᠢᠯ ᠥᠰᠦᠭᠰᠡᠨ ᠪᠣᠷᠣᠬᠠᠨ ᠬᠠᠴᠠᠷ ᠲᠠᠢ ᠬᠠᠷᠠᠬᠠᠨ ᠬᠥᠮᠥᠰᠬᠡ ᠲᠡᠢ ᠲᠣᠷᠮᠣᠭᠣᠷᠬᠠᠨ ᠨᠢᠳᠦ ᠲᠡᠢ ᠥᠨᠳᠥᠷᠬᠡᠨ ᠪᠡᠶ᠎ᠡ ᠲᠡᠢ ᠬᠡᠦᠬᠡᠨ᠃ ᠬᠥᠮᠦᠰ ᠲᠡᠭᠦᠨ ᠢ᠋ ᠭᠤᠸ᠎ᠠ ᠰᠠᠢᠬᠠᠨ ᠳ᠋ᠤ᠌ ᠣᠷᠣᠭᠤᠯᠤᠨ ᠦᠵᠡᠳᠡᠭ ᠪᠣᠯᠪᠠᠴᠤ ᠳ᠋ᠠᠨᠽᠠᠨ ᠳ᠋ᠤ᠌ ᠲᠡᠭᠦᠨ ᠰᠢᠭ ᠰᠠᠢᠬᠠᠨ ᠠᠮᠢᠲᠠᠨ ᠡᠨᠡ ᠳᠡᠯᠡᠬᠡᠢ ᠳ᠋ᠦ᠍ ᠪᠠᠢᠳᠠᠭ ᠦᠭᠡᠢ ᠪᠠᠢᠵᠠᠢ᠃ ᠴᠣᠬᠣᠮ ᠬᠦ᠌ ᠬᠣᠯᠪᠣᠭᠳᠠᠯ ᠭᠡᠪᠡᠯ ᠠᠩᠬ᠎ᠠ ᠱᠣᠬᠣᠭᠣᠷᠬᠠᠨ ᠰᠣᠨᠢᠷᠬᠠᠵᠤ ᠡᠬᠢᠯᠡᠭᠰᠡᠨ ᠦ᠌ ᠪᠡᠨ ᠵᠢᠯ᠂ ᠵᠤᠨ ᠴᠠᠭ ᠤ᠋ᠨ ᠵᠤᠭᠠᠲᠦ ᠨᠠᠭᠠᠳᠤᠮ《ᠦᠳᠡᠰᠢ ᠶ᠋ᠢᠨ ᠴᠠᠭᠠᠨ ᠮᠣᠳᠣ ᠬᠠᠶᠠᠯᠲᠠ》 ᠡᠷᠡᠭᠲᠡᠢ᠂ ᠡᠮᠡᠭᠲᠡᠢ ᠵᠠᠯᠠᠭᠤᠰ ᠬᠣᠶᠠᠷ ᠲᠠᠯᠠᠴᠠᠨ ᠮᠣᠳᠣ ᠰᠢᠳᠡᠭᠡᠳ ᠲᠡᠭᠦᠨ ᠢ᠋ ᠪᠤᠯᠢᠶᠠᠯᠳᠤᠬᠤ ᠵᠠᠪᠰᠢᠶᠠᠨ ᠳ᠋ᠤ᠌ ᠳ᠋ᠠᠨᠽᠠᠨ ᠬᠡᠦᠬᠡᠨ ᠦ᠌ ᠴᠡᠭᠡᠵᠢᠨ ᠪᠡᠶ᠎ᠡ ᠶ᠋ᠢ ᠰᠠᠨᠠᠮᠰᠠᠷ ᠦᠭᠡᠢ ᠲᠡᠪᠡᠷᠢᠬᠦ ᠳ᠋ᠦ᠍ ᠡᠷᠡᠭᠦᠯ ᠴᠢᠭᠢᠷᠠᠭ ᠬᠣᠶᠠᠷ ᠰᠠᠢᠬᠠᠨ ᠠᠲᠠᠷ ᠮᠥᠮᠥ ᠨᠢ ᠪᠠᠷᠢᠭᠳᠠᠵᠤ ᠰᠡᠳᠬᠢᠯ ᠪᠤᠯᠢᠶᠠᠭᠰᠠᠨ ᠨᠢᠭᠡ ᠶᠠᠪᠤᠳᠠᠯ ᠪᠣᠢ᠃ ᠳᠠᠷᠠᠭ᠎ᠠ ᠰᠥᠨᠢ᠂  ᠮᠣᠳᠣ ᠬᠠᠶᠠᠯᠲᠠ ᠳ᠋ᠤ᠌ ᠳ᠋ᠠᠨᠽᠠᠨ ᠲᠦᠷᠦᠭᠦᠴᠢ ᠶ᠋ᠢᠨ ᠰᠡᠳᠬᠢᠯ ᠪᠤᠯᠢᠶᠠᠭᠳᠠᠭᠰᠠᠨ ᠳ᠋ᠤ᠌ ᠠᠪᠲᠠᠭᠳᠠᠨ ᠥᠨᠥᠬᠢ ᠬᠡᠦᠬᠡᠨ ᠢ᠋ ᠵᠣᠷᠢᠭᠤᠳᠠ ᠲᠡᠪᠡᠷᠢᠨ ᠳᠡᠭᠡᠷ᠎ᠡ ᠡᠷᠭᠦᠭᠰᠡᠨ ᠪᠥᠭᠡᠳ ᠡᠮᠡᠭᠲᠡᠢ ᠭᠠᠵᠠᠷ ᠬᠠᠶᠠᠭᠳᠠᠬᠤ ᠠ᠋ᠴᠠ ᠠᠶᠤᠨ ᠬᠦᠵᠦᠭᠦᠦ ᠪᠡᠷ ᠨᠢ ᠬᠣᠶᠠᠷ ᠭᠠᠷ ᠵᠥᠷᠢᠭᠦᠯᠦᠨ ᠴᠢᠩᠭᠠᠳᠠ ᠲᠡᠪᠡᠷᠢᠵᠡᠢ᠃ ᠲᠡᠭᠡᠬᠦ ᠳ᠋ᠦ᠍ᠨᠢ ᠲᠡᠭᠦᠨ ᠡᠴᠡ ᠬᠣᠣᠰ ᠦᠭᠡᠢ ᠰᠠᠢᠬᠠᠨ ᠬᠠᠯᠠᠭᠤᠨ ᠠᠮᠢᠰᠬᠤᠯ᠂ ᠵᠦᠢᠷᠯᠡᠰᠢ ᠦᠭᠡᠢ ᠵᠥᠭᠡᠯᠡᠨ ᠡᠶᠡᠯᠳᠡᠭ ᠦᠨᠦᠷ ᠬᠠᠩᠬᠤᠯᠵᠠᠢ᠃ ᠭᠤᠷᠪᠠᠳᠠᠬᠢ ᠤᠴᠠᠷᠠᠯ ᠨᠢ ᠳ᠋ᠠᠨᠽᠠᠨ ᠢ᠋ ᠵᠠᠩᠴᠢᠬᠦᠦ ᠣᠷᠣᠨ᠎ᠠ ᠭᠡᠵᠦ ᠢᠳᠡ ᠬᠥᠷ ᠪᠠᠬᠠᠷᠬᠠᠯ ᠪᠣᠯᠤᠨ ᠳᠠᠪᠬᠢᠵᠤ ᠶᠠᠪᠤᠬᠤ ᠳ᠋ᠤ᠌ ᠬᠡᠦᠬᠡᠨ ᠥᠪᠡᠷ ᠢ᠋ᠶ᠋ᠡᠨ ᠲᠡᠭᠰᠢᠬᠡᠨ ᠰᠠᠢᠬᠠᠨ ᠴᠠᠭᠠᠨ ᠰᠢᠳᠦᠨ ᠦ᠌ ᠪᠡᠨ ᠵᠠᠪᠰᠠᠷ ᠢ᠋ᠶ᠋ᠠᠷ《ᠰᠠᠢᠨ ᠶᠠᠪᠤᠭᠠᠷᠠᠢ》 ᠭᠡᠵᠦ ᠰᠠᠮ ᠰᠢᠪᠡᠨᠡᠭᠡᠳ ᠨᠢᠭᠤᠷ ᠨᠢ ᠴᠢᠰ ᠤᠯᠠᠭᠠᠨ ᠪᠣᠯᠤᠭᠰᠠᠨ ᠶᠠᠪᠤᠳᠠᠯ ᠪᠣᠢ ᠠᠵᠢ᠃ ᠣᠳᠣ ᠲᠡᠷᠡ ᠪᠦᠬᠦᠨ ᠴᠡᠭᠡᠵᠢᠨ ᠳ᠋ᠦ᠍ᠨᠢ ᠲᠣᠪ ᠲᠣᠳᠣᠬᠠᠨ ᠡᠷᠭᠢᠯᠳᠦᠬᠦ ᠳᠣᠳᠣᠮ ᠥᠭᠬᠦ ᠭᠡᠰᠡᠨ ᠪᠡᠯᠡᠭ ᠢ᠋ᠶ᠋ᠡᠨ ᠭᠡᠭᠡᠴᠢᠭᠰᠡᠨ ᠶᠠᠪᠤᠳᠠᠯ ᠤᠯᠠᠮ ᠢ᠋ᠶ᠋ᠠᠷ ᠬᠠᠷᠠᠰᠠᠭᠳᠠᠨ᠎ᠠ᠃ ᠲᠡᠭᠡᠭᠡᠳ᠄ ᠡᠭᠡᠴᠢ ᠠ᠋ ᠰᠢᠷᠣᠪ ᠭᠤᠸᠠᠢ ᠬᠢ ᠬᠠᠮᠢᠭ᠎ᠠ ᠪᠣᠢ? ᠨᠢᠩᠪᠤᠤ ᠡᠪᠦᠭᠡᠨ ᠦ᠌ ᠬᠢ ᠰᠠᠢᠨ ᠪᠠᠢᠳᠠᠭ ᠤᠤ? ᠭᠡᠬᠦᠴᠢᠯᠡᠨ ᠠᠢᠯ ᠤ᠋ᠳ ᠢ᠋ ᠠᠰᠠᠭᠤᠬᠤ ᠨᠢ ᠦᠨᠡᠨ ᠳ᠋ᠡᠭᠡᠨ ᠲᠡᠳᠡᠨ ᠦ᠌ ᠬᠢ ᠶ᠋ᠢ ᠰᠣᠨᠢᠷᠬᠠᠬᠤ ᠳ᠋ᠠᠭᠠᠨ ᠪᠢᠰᠢ᠂ ᠥᠨᠥᠬᠢ ᠡᠮᠡᠭᠲᠡᠢ ᠪᠡᠨ ᠰᠤᠷᠠᠭᠯᠠᠬᠤ ᠶ᠋ᠢᠨ ᠪᠡᠯᠡᠳᠬᠡᠯ ᠪᠠᠢᠪᠠ᠃ 
       ᠵᠠ ᠲᠡᠭᠡᠭᠡᠳ ᠥᠨᠥᠬᠢ ᠬᠡᠨ ᠦ᠌ ᠬᠢ ᠪᠢᠯᠡ ᠳᠠ? ᠠ ᠲᠡᠢᠮᠦ ᠳᠡᠯᠭᠡᠷ ᠦ᠋ᠨ ᠬᠢ ᠬᠠᠮᠢᠭ᠎ᠠ ᠪᠣᠢ? ᠭᠡᠬᠦ ᠳ᠋ᠦ᠍ᠨᠢ ᠡᠭᠡᠴᠢ᠄ 
       — ᠦ ᠲᠡᠳᠡᠨ ᠦ᠌ ᠬᠢ ᠰᠠᠢᠨ᠂ ᠣᠳᠣ ᠡᠨᠡᠭᠦᠬᠡᠨ ᠭᠣᠣᠯ ᠤ᠋ᠨ ᠲᠡᠷᠲᠡᠭᠡ ᠰᠢᠦ ᠳᠡ᠃ 
       — ᠶᠠᠭᠠᠮᠠᠢ ᠳᠠ᠂ ᠭᠡᠷ ᠲᠡᠭᠡᠨ ᠭᠤᠷᠪᠠᠭᠤᠯᠠ ᠪᠠᠢᠳᠠᠭ ᠪᠢᠯᠢᠤ ᠳᠠ᠃ 
       — ᠲᠡᠢᠮᠦ ᠠ᠋ ᠭᠤᠷᠪᠠᠭᠤᠯᠠ ᠪᠠᠨ᠂ ᠬᠠᠷᠢᠨ ᠣᠳᠣ ᠡᠪᠦᠭᠡᠨ ᠡᠮᠡᠭᠡᠨ ᠬᠣᠶᠠᠷ ᠬᠣᠶᠠᠭᠤᠯᠠᠬᠠᠨ ᠢ᠋ᠶ᠋ᠠᠨ ᠪᠣᠯᠤᠭᠰᠠᠨ ᠭᠡᠵᠦ ᠳᠤᠭᠤᠯᠳᠠᠨ᠎ᠠ ᠪᠢᠯᠡ᠃ ᠳ᠋ᠠᠨᠽᠠᠨ ᠰᠣᠴᠢᠨ ᠬᠠᠷᠠᠩᠭᠤᠢ ᠶ᠋ᠢᠨ ᠳᠤᠮᠳᠠ ᠥᠨᠳᠡᠰᠬᠢᠵᠦ 
       — ᠵᠠ ᠶᠠᠭᠠᠬᠢᠭᠠᠳ ᠲᠡᠷᠡ ᠪᠢᠯᠡ? 
       — ᠥᠨᠥᠬᠢ ᠬᠡᠦᠬᠡᠨ ᠳᠠᠵᠢᠳ ᠢ᠋ ᠨᠢ ᠨᠢᠮᠠᠬᠦᠦ ᠪᠣᠰᠬᠠᠨ ᠠᠪᠤᠭᠠᠳ ᠶᠠᠪᠤᠴᠢᠬᠠᠭᠰᠠᠨ ᠭᠡᠨ᠎ᠡ ᠪᠢᠯᠡ᠃ ᠲᠡᠷᠡ ᠬᠣᠶᠠᠷ ᠴᠦ᠍ ᠶᠠᠭᠠᠬᠢᠬᠤᠪ ᠳᠠ ᠲᠡᠭᠡᠭᠡᠳ ᠯᠡ ᠰᠠᠭᠤᠬᠤ ᠯᠠ ᠪᠣᠯᠤᠨ᠎ᠠ᠃ 
       ᠳ᠋ᠠᠨᠽᠠᠨ ᠭᠡᠳᠡᠷᠭᠦ ᠰᠤᠨᠤᠨ ᠤᠨᠠᠪᠠ᠃ ᠳᠠᠬᠢᠨ ᠳᠤᠤᠭᠠᠷᠤᠭᠰᠠᠨ ᠦᠭᠡᠢ᠂ ᠰᠡᠳᠬᠢᠯ ᠳ᠋ᠦ᠍ᠨᠢ ᠪᠥᠭᠡᠮ ᠬᠠᠷ᠎ᠠ ᠶᠠᠭᠤᠮ᠎ᠠ ᠡᠷᠭᠢᠯᠳᠦᠨ ᠬᠦᠨᠳᠦ ᠪᠡᠷ ᠠᠮᠢᠰᠬᠤᠯᠯᠠᠨ᠎ᠠ᠃ 
       ᠬᠥᠮᠦᠨ ᠠᠮᠢᠲᠠᠨ ᠠᠮᠤᠷ ᠵᠢᠮᠦᠷ ᠠᠮᠢᠳᠤᠷᠠᠯ ᠲᠠᠢ ᠵᠣᠯᠭᠠᠭᠰᠠᠨ ᠳ᠋ᠠᠭᠠᠨ ᠰᠡᠳᠬᠢᠯ ᠲᠡᠨᠢᠭᠦᠨ ᠰᠠᠢᠬᠠᠨ ᠨᠣᠢᠷᠰᠤᠵᠤ ᠪᠠᠢᠬᠤ ᠳ᠋ᠤ᠌ ᠳ᠋ᠠᠨᠽᠠᠨ ᠲᠡᠭᠦᠨ ᠦ᠌ ᠪᠦᠬᠦ ᠢᠷᠡᠭᠡᠳᠦᠢ ᠶ᠋ᠢᠨ ᠬᠦᠰᠡᠯ ᠮᠥᠷᠥᠭᠡᠳᠦᠯ ᠡᠴᠡ ᠨᠢ ᠠᠩᠭᠢᠳᠠ ᠪᠣᠯᠤᠨ ᠲᠠᠰᠤᠷᠠᠭᠰᠠᠨ ᠤ᠋ ᠬᠤᠪᠢ ᠳ᠋ᠤ᠌ ᠤᠨᠲᠠᠬᠤ ᠨᠣᠢᠷ ᠨᠢ ᠳᠡᠮᠡᠢ ᠪᠠᠯᠠᠷᠲᠤᠨ ᠬᠤᠯᠵᠢᠵᠠᠢ᠃ ᠭᠡᠲᠡᠯ᠎ᠡ ᠡᠨᠡ ᠬᠣᠲᠠ ᠳᠤ ᠪᠠᠰᠠ ᠳ᠋ᠠᠨᠽᠠᠨ ᠤ᠋ ᠠᠳᠠᠯᠢ ᠤᠨᠲᠠᠵᠤ ᠦᠯᠦ ᠴᠢᠳᠠᠭᠴᠢ ᠨᠢᠭᠡ ᠬᠥᠮᠦᠨ ᠪᠠᠢᠨ᠎ᠠ᠃ ᠲᠡᠷᠡ ᠪᠣᠯ ᠭᠡᠯᠢᠭ ᠦ᠋ᠨ ᠪᠡᠷᠢ ᠬᠠᠨᠳᠠᠨᠰᠦᠷᠦᠩ᠃《ᠬᠥᠮᠦᠨ ᠠᠮᠢᠲᠠᠨ ᠭᠡᠷ ᠣᠷᠣᠨ ᠡᠬᠡᠨᠡᠷ ᠬᠡᠦᠬᠡᠳ ᠭᠡᠵᠦ ᠡᠷᠭᠢᠵᠦ ᠢᠷᠡᠨ ᠪᠠᠶᠠᠷ ᠪᠠᠶᠠᠰᠬᠤᠯᠠᠩ ᠪᠣᠯᠵᠤ ᠪᠠᠢᠬᠤ ᠳ᠋ᠤ᠌ ᠮᠢᠨᠦ ᠡᠷ᠎ᠡ ᠶᠠᠭᠠᠬᠢᠭᠠᠳ ᠢᠷᠡᠳᠡᠭ ᠦᠭᠡᠢ ᠪᠣᠢ? ᠲᠡᠷᠡ ᠮᠢᠨᠢ ᠲᠡᠨᠡᠭ ᠮᠤᠩᠬᠠᠭ ᠲᠠᠭᠠᠨ ᠡᠨᠡ ᠤᠤ᠂ ᠡᠰᠡᠪᠡᠯ ᠨᠠᠮᠠᠶ᠋ᠢ ᠬᠠᠨᠢᠯᠠᠭᠰᠠᠨ ᠬᠠᠨᠢ ᠪᠠᠨ ᠭᠡᠵᠦ ᠦᠵᠡᠳᠡᠭ ᠦᠭᠡᠢ ᠳ᠋ᠡᠭᠡᠨ ᠤᠤ?》 ᠭᠡᠵᠦ ᠣᠯᠠᠨ ᠢ᠋ ᠪᠣᠳᠣᠨ ᠤᠷᠤᠰᠬᠤ ᠨᠢᠯᠪᠤᠰᠤ ᠪᠠᠷ ᠳᠡᠷ᠎ᠡ ᠪᠡᠨ ᠨᠡᠪᠲᠡ ᠰᠢᠪᠲᠤ ᠨᠤᠷᠠᠭᠠᠨ᠎ᠠ᠃ 
       ᠮᠠᠷᠭᠠᠰᠢ ᠨᠢ ᠳ᠋ᠠᠨᠽᠠᠨ ᠡᠷᠲᠡ ᠭᠡᠭᠴᠢ ᠶ᠋ᠢᠨ ᠪᠣᠰᠴᠤ ᠠᠷᠭᠠᠮᠵᠢᠶᠠᠲᠦ ᠮᠣᠷᠢ ᠪᠠᠨ ᠠᠪᠴᠢᠷᠠᠭᠠᠳ ᠡᠭᠡᠴᠢ ᠳ᠋ᠡᠭᠡᠨ ᠲᠤᠬᠠᠲᠠᠢᠬᠠᠨ ᠬᠡᠳᠦᠨ ᠦᠭᠡ ᠵᠠᠬᠢᠨ ᠦᠯᠡᠳᠡᠭᠡᠳ ᠮᠣᠷᠳᠠᠨ ᠶᠠᠪᠤᠵᠠᠢ᠃  ᠲᠡᠭᠦᠨ ᠦ᠌ ᠳᠠᠷᠠᠭ᠎ᠠ ᠬᠣᠯᠠ ᠣᠢᠷ᠎ᠠ ᠶ᠋ᠢᠨ ᠬᠥᠮᠦᠰ ᠳ᠋ᠠᠨᠽᠠᠨ ᠲᠠᠢ ᠠᠭᠤᠯᠵᠠᠬᠤ᠂ ᠦᠵᠡᠭᠰᠡᠨ ᠬᠠᠷᠠᠭᠰᠠᠨ᠂ ᠲᠤᠭᠤᠯᠤᠭᠰᠠᠨ ᠪᠦᠬᠦᠨ ᠢ᠋ ᠨᠢ ᠶᠠᠷᠢᠭᠤᠯᠤᠨ ᠰᠣᠨᠢᠷᠬᠠᠬᠤ ᠪᠠᠷ ᠪᠥᠭᠡᠮ ᠪᠥᠭᠡᠮ ᠢ᠋ᠶ᠋ᠡᠷ ᠢ᠋ᠶ᠋ᠡᠨ ᠢᠷᠡᠪᠡ᠃ ᠢᠩᠭᠢᠬᠦ ᠳ᠋ᠦ᠍ ᠡᠭᠡᠴᠢ ᠨᠢ᠄ 
       — ᠳ᠋ᠠᠨᠽᠠᠨ ᠪᠠᠢᠬᠤ ᠦᠭᠡᠢ ᠠ᠋᠂ ᠠᠷᠠᠳ ᠤ᠋ᠨ ᠵᠢᠷᠤᠮᠲᠤ ᠴᠡᠷᠢᠭ ᠦ᠋ᠳ ᠳᠡᠭᠡᠷ᠎ᠡ ᠪᠡᠨ ᠣᠴᠢᠨ ᠪᠣᠭᠳᠠ ᠶ᠋ᠢᠨ ᠬᠦᠷᠢᠶ᠎ᠡ ᠶ᠋ᠢ ᠴᠢᠯᠥᠭᠡᠯᠡᠬᠦ ᠳ᠋ᠦ᠍ ᠣᠷᠣᠯᠴᠠᠬᠤ ᠪᠠᠷ ᠶᠠᠪᠤᠭᠰᠠᠨ᠃ ᠡᠴᠦᠰ ᠲᠦ᠋ᠨᠢ ᠨᠠᠮᠠᠶ᠋ᠢ ᠴᠦ᠍ ᠠᠪᠠᠴᠢᠨ ᠬᠦᠷᠢᠶᠡᠨ ᠦ᠌ ᠠᠢᠯ ᠪᠣᠯᠭᠠᠬᠤ ᠭᠡᠨ᠎ᠡ ᠪᠢᠯᠡ᠃ ᠢᠩᠭᠢᠬᠦ ᠪᠡᠷ ᠲᠠ ᠨᠠᠷ ᠳ᠋ᠠᠨᠽᠠᠨ ᠲᠠᠢ ᠮᠥᠳᠳᠥ ᠳ᠋ᠡᠭᠡᠨ ᠠᠭᠤᠯᠵᠠᠬᠤ ᠦᠭᠡᠢ ᠪᠣᠢ ᠊ᠶ᠎ᠠ ᠬᠡᠮᠡᠬᠦ ᠠᠵᠢ᠃

         ᠦᠰᠦᠭ ᠠᠮᠢᠯᠠᠭᠤᠯᠤᠭᠰᠠᠨ ᠨᠢ ᠄ ᠲᠡᠭᠷᠢ ᠡᠵᠢ