ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - 22> Хүлэг баатар буурч - Б. Өлзийсүрэн <Дэд бүлэг-22>
ᠥᠪᠡᠷ ᠦᠨ ᠵᠠᠮ ᠮᠥᠷ ᠢᠶᠡᠷ ᠲᠡᠮᠲᠡᠷᠢᠵᠦ ᠡᠷ᠎ᠡ ᠬᠥᠮᠥᠨ ᠦ ᠡᠷᠴᠢ ᠬᠦᠴᠦ ᠶᠢ ᠣᠯᠵᠤ ᠬᠦᠷᠲᠡᠭᠰᠡᠨ ᠳᠡᠳ᠋ ᠪᠦᠯᠦᠭ
ᠬᠣᠷᠢᠨ ᠬᠣᠶᠠᠷ
ᠤᠬᠠᠭᠠᠨ ᠪᠣᠳᠣᠯ ᠢ᠋ᠶ᠋ᠠᠨ ᠬᠤᠷᠴᠠᠯᠠᠵᠤ
ᠤᠷᠠᠨ ᠠᠷᠭ᠎ᠠ ᠰᠦᠪᠡᠭᠴᠢᠯᠡᠪᠡᠯ
ᠦᠯᠦ ᠪᠦᠲᠦᠬᠦ ᠭᠡᠵᠦ ᠪᠠᠢᠬᠤ ᠦᠭᠡᠢ
ᠦᠯᠡᠮᠵᠢ ᠲᠡᠭᠦᠯᠳᠡᠷ ᠢ᠋ ᠣᠯᠤᠨ᠎ᠠ
ᠵᠠᠮᠤᠬ᠎ᠠ ᠶ᠋ᠢᠨ ᠲᠣᠪᠯᠠᠭᠰᠠᠨ ᠶᠣᠰᠣᠭᠠᠷ ᠨᠠᠮᠤᠷ ᠤ᠋ᠨ ᠠᠳᠠᠭ ᠰᠠᠷ᠎ᠠ ᠶ᠋ᠢᠨ ᠲᠡᠷᠭᠡᠯ ᠡᠳᠦᠷ ᠪᠤᠶᠤ16 ᠳ᠋ᠤ᠌ ᠪᠣᠲᠤᠬᠠᠨ ᠪᠣᠭᠤᠷᠴᠢ ᠳ᠋ᠤ᠌ ᠭᠤᠷᠪᠠᠨ ᠬᠦᠴᠦ ᠪᠡᠷ ᠴᠤᠭᠯᠠᠷᠠᠨ ᠨᠢᠭᠡᠳᠬᠦ ᠪᠡᠷ ᠲᠣᠭᠲᠠᠭᠰᠠᠨ ᠠᠵᠤᠭᠤ᠃ ᠡᠭᠦᠨ ᠢ᠋ ᠲᠣᠭᠣᠷᠢᠯ ᠬᠠᠨ ᠳ᠋ᠤ᠌ ᠮᠡᠳᠡᠭᠳᠡᠵᠦ ᠲᠡᠢᠨ ᠳ᠋ᠦ᠍ ᠮᠣᠷᠳᠠᠬᠤ ᠴᠠᠭ ᠬᠤᠭᠤᠴᠠᠭ᠎ᠠ ᠬᠦᠷᠦᠭᠡᠳ ᠢᠷᠡᠯ᠎ᠡ᠃
ᠲᠦᠩᠬᠡᠯᠢᠭ ᠭᠣᠷᠣᠬᠠᠨ ᠤ᠋ ᠡᠬᠢ᠂ ᠲᠡᠨ᠎ᠡ ᠭᠣᠷᠤᠬᠠᠨᠠ ᠲᠡᠮᠦᠵᠢᠨ ᠴᠡᠷᠢᠭ ᠢ᠋ᠶ᠋ᠡᠨ ᠵᠢᠭᠰᠠᠭᠠᠨ ᠲᠤᠭᠤᠷᠢᠯ ᠬᠠᠨ ᠢ᠋ ᠬᠦᠯᠢᠶᠡᠭᠰᠡᠨᠡ ᠲᠤᠭᠤᠷᠢᠯ ᠬᠠᠨ ᠬᠣᠶᠠᠷ ᠡᠳᠦᠷ ᠢᠷᠡᠭᠰᠡᠨ ᠦᠭᠡᠢ᠃ ᠭᠤᠷᠪᠠᠳᠠᠬᠢ ᠥᠷᠯᠥᠭᠡ ᠲᠡᠰᠦᠭᠰᠡᠨ ᠦᠭᠡᠢ᠂ ᠡᠯᠴᠢ ᠮᠣᠷᠳᠠᠭᠤᠯᠵᠠᠢ᠃ ᠲᠡᠭᠡᠲᠡᠯ᠎ᠡ ᠡᠯᠴᠢ ᠤᠳᠠᠭᠰᠠᠨ ᠦᠭᠡᠢ ᠲᠡᠭᠦᠨ ᠦ᠌ ᠠᠰᠤᠷᠤ ᠶᠡᠬᠡ ᠰᠦᠷ ᠪᠠᠷ᠎ᠠ ᠶ᠋ᠢ ᠥᠨᠳᠥᠷᠯᠢᠭ ᠳᠡᠭᠡᠷ᠎ᠡ ᠡᠴᠡ ᠬᠠᠷᠠᠭᠠᠳ ᠪᠤᠴᠠᠨ ᠢᠷᠡᠵᠦ ᠮᠡᠳᠡᠭᠡᠯᠡᠪᠡ᠃
ᠲᠡᠮᠦᠵᠢᠨ《ᠲᠡᠭᠡᠬᠦ ᠯᠡ ᠤᠴᠢᠷᠲᠠᠢ》 ᠭᠡᠮᠡᠨ ᠪᠠᠶᠠᠷᠯᠠᠵᠤ᠂ ᠠᠢᠯ ᠬᠠᠷᠠᠭᠠᠨ᠎ᠠ ᠤᠷᠤᠭᠤ ᠬᠥᠳᠡᠯᠵᠦ ᠤᠭᠲᠤᠨ ᠵᠣᠭᠣᠭ ᠢᠳᠡᠭᠡ ᠪᠡᠨ ᠪᠡᠯᠡᠳᠬᠡᠲᠡᠯᠡ ᠲᠤᠩ ᠴᠦ᠍ ᠤᠳᠠᠯ ᠦᠭᠡᠢ ᠬᠠᠨ ᠶᠡᠬᠡ ᠴᠡᠷᠢᠭ ᠢ᠋ᠶ᠋ᠡᠨ ᠮᠠᠩᠯᠠᠢᠯᠠᠨ ᠳᠡᠭᠦᠦ ᠵᠠᠬ᠎ᠠ ᠬᠠᠮᠪᠤ᠂ ᠬᠦᠦ ᠰᠡᠩᠭᠦᠮ ᠦ᠋ᠨ ᠬᠠᠮᠲᠤ ᠮᠣᠷᠢᠯᠠᠨ ᠢᠷᠡᠪᠡᠰᠦ ᠲᠡᠳᠡ ᠶᠡᠬᠡᠳᠡ ᠪᠠᠶᠠᠷ ᠬᠥᠷ ᠲᠡᠢ ᠠᠭᠤᠯᠵᠠᠯᠳᠤᠭᠰᠠᠨ ᠠᠪᠠᠢ᠃
ᠲᠡᠮᠦᠵᠢᠨ ᠲᠤᠭᠤᠷᠢᠯ ᠬᠠᠨ ᠢ᠋《ᠡᠴᠢᠭᠡ》ᠭᠡᠮᠡᠨ ᠬᠦᠨᠳᠦᠯᠡᠵᠦ ᠶᠡᠬᠡᠳᠡ ᠨᠠᠷᠢᠨ ᠢᠳᠡᠭᠡ ᠪᠤᠳᠠᠭ᠎ᠠ ᠪᠠᠷ ᠳᠠᠢᠯᠠᠪᠠ᠃ ᠡᠪᠦᠭᠡᠨ ᠬᠠᠨ᠄
— ᠥᠨᠥᠳᠥᠷ ᠶᠡᠬᠡ ᠰᠠᠢᠨ ᠡᠳᠦᠷ᠂ ᠴᠡᠷᠢᠭ ᠦ᠋ᠳ ᠢ᠋ᠶ᠋ᠡᠨ ᠴᠡᠩᠭᠡᠭᠦᠯᠵᠦ ᠥᠨᠵᠢᠶᠡ ᠬᠡᠮᠡᠪᠡᠰᠦ ᠲᠡᠮᠦᠵᠢᠨ᠄
— ᠵᠠᠮᠤᠬ᠎ᠠ ᠠᠨᠳᠠ ᠢᠷᠡᠴᠢᠬᠡᠭᠡᠳ ᠬᠦᠯᠢᠶᠡᠵᠦ ᠶᠠᠳᠠᠨ ᠤᠨᠲᠤᠭᠤᠴᠠᠵᠤ ᠪᠣᠢ ᠪᠣᠯᠪᠠᠤ? ᠭᠡᠬᠦ ᠳ᠋ᠦ᠍ ᠲᠤᠭᠤᠷᠢᠯ ᠬᠠᠨ᠄
— ᠵᠠ ᠶᠠᠭᠠᠬᠢᠬᠤᠪ᠂ ᠨᠢᠭᠡ ᠡᠳᠦᠷ ᠦ᠋ᠨ ᠨᠠᠭᠠᠨ᠎ᠠ ᠴᠠᠭᠠᠨ᠎ᠠ ᠠᠳᠠᠯᠢ ᠳᠠ᠂ ᠠᠳᠠᠯᠢ᠃ ᠢᠷᠡᠭᠡ ᠦᠭᠡᠢ ᠴᠦ᠍ ᠪᠠᠢᠵᠤ ᠪᠣᠯᠬᠤ᠃ ᠴᠡᠷᠢᠭ ᠦ᠋ᠳ ᠢᠵᠢᠯᠢᠰᠢᠵᠦ ᠲᠠᠨᠢᠯᠴᠠᠭ ᠁ ᠭᠡᠯᠡ᠃
ᠡᠢᠨ ᠬᠦ᠌ ᠥᠨᠵᠢᠬᠦ ᠪᠣᠯᠪᠠ᠃
ᠬᠣᠶᠠᠷ ᠲᠠᠯ᠎ᠠ ᠠ᠋ᠴᠠ ᠭᠤᠴᠢ ᠭᠤᠴᠢᠨ ᠰᠢᠯᠢᠳᠡᠭ ᠴᠡᠷᠢᠭ ᠭᠠᠷᠭᠠᠨ ᠲᠡᠮᠡᠴᠡᠭᠡᠨ ᠶᠠᠪᠤᠭᠤᠯᠬᠤ ᠪᠠᠷ ᠪᠣᠯᠤᠯ᠎ᠠ᠃ ᠡᠭᠦᠨ ᠳ᠋ᠦ᠍ 1᠂ ᠮᠣᠷᠢᠨ ᠳᠠᠪᠬᠢᠭᠠᠨ ᠳᠡᠭᠡᠷ᠎ᠡ ᠴᠢᠨᠣ᠎ᠠ ᠶ᠋ᠢᠨ ᠳᠦᠷᠰᠦ ᠪᠦᠬᠦᠢ ᠳᠡᠯᠭᠡᠵᠦ ᠲᠠᠲᠠᠭᠰᠠᠨ ᠠᠷᠠᠰᠤᠨ ᠪᠠᠢ ᠶ᠋ᠢ ᠬᠠᠷᠪᠤᠬᠤ᠃ 2᠂ ᠬᠣᠶᠠᠷ ᠡᠩᠨᠡᠭᠦᠯᠵᠦ ᠵᠥᠷᠢᠭᠦᠦ ᠵᠠᠢ ᠳ᠋ᠤ᠌ ᠲᠠᠪᠤ ᠲᠠᠪᠤ ᠪᠠᠷ ᠪᠤᠰᠬᠠᠭᠰᠠᠨ ᠠᠷᠪᠠᠨ ᠪᠤᠷᠭᠠᠰᠤ ᠶ᠋ᠢ ᠮᠣᠷᠢᠨ ᠳᠠᠪᠬᠢᠭᠠᠨ ᠳᠤᠮᠳᠠ ᠲᠠᠰᠤ ᠴᠠᠪᠴᠢᠵᠤ᠂ ᠳᠡᠭᠦᠵᠢᠯᠡᠵᠦ ᠵᠡᠭᠦᠭᠰᠡᠨ ᠦᠯᠢᠶᠡᠭᠰᠡᠨ ᠳᠠᠪᠤᠰᠠᠩ ᠢ᠋ ᠬᠠᠭ᠎ᠠ ᠬᠠᠳᠬᠤᠬᠤ᠃ 3᠂ ᠮᠣᠷᠢᠨ ᠳᠡᠭᠡᠷ᠎ᠡ ᠡᠴᠡ ᠰᠢᠪᠡᠷ ᠪᠥᠮᠪᠥᠭᠡ ᠰᠢᠭᠦᠷᠦᠨ ᠮᠥᠨ ᠴᠢᠨᠣ᠎ᠠ ᠶ᠋ᠢᠨ ᠳᠦᠷᠰᠦ ᠲᠡᠢ ᠪᠠᠢ ᠳ᠋ᠤ᠌ ᠰᠢᠳᠡᠬᠦ᠃ 4᠂ ᠬᠥᠲᠥᠯᠦᠭᠡ ᠮᠣᠷᠢᠨ ᠳ᠋ᠤ᠌ ᠲᠣᠳᠣᠷᠬᠠᠢ ᠵᠠᠢ ᠶ᠋ᠢᠨ ᠬᠣᠭᠣᠷᠣᠨᠳᠣ ᠡᠮᠡᠭᠡᠯ ᠢ᠋ᠶ᠋ᠡᠨ ᠰᠢᠯᠵᠢᠭᠦᠯᠵᠦ ᠲᠣᠬᠣᠭᠠᠳ ᠮᠣᠷᠢ ᠪᠠᠨ ᠰᠣᠯᠢᠬᠤ᠃ 5᠂ ᠪᠠᠷᠢᠯᠳᠤᠬᠤ ᠭᠡᠰᠡᠨ ᠲᠠᠪᠤᠨ ᠲᠥᠷᠥᠯ ᠦ᠋ᠨ ᠲᠡᠮᠡᠴᠡᠭᠡᠨ ᠪᠠᠭᠲᠠᠨ᠎ᠠ᠃
ᠭᠤᠴᠢ ᠭᠤᠴᠢᠨ ᠴᠡᠷᠢᠭ ᠢ᠋ᠶ᠋ᠡᠨ ᠳᠠᠷᠤᠭ᠎ᠠ ᠨᠠᠷ ᠨᠡᠷ᠎ᠡ ᠵᠢᠭᠠᠨ ᠭᠠᠷᠭᠠᠵᠤ ᠥᠭᠡᠳᠡ ᠥᠭᠡᠳᠡ ᠡᠴᠡ ᠨᠢ ᠬᠠᠷᠠᠭᠤᠯᠵᠤ ᠮᠣᠷᠢ ᠮᠣᠷᠢ ᠶ᠋ᠢ ᠨᠢ ᠪᠠᠷᠢᠭᠤᠯᠤᠨ ᠵᠢᠭᠰᠠᠭᠠᠪᠠ᠃ ᠬᠠᠯᠵᠠ ᠥᠭᠡᠳᠡ ᠡᠴᠡ ᠪᠡᠨ ᠬᠠᠷᠠᠭᠰᠠᠨ ᠬᠣᠶᠠᠷ ᠴᠡᠷᠢᠭ ᠳᠡᠭᠡᠷᠡᠬᠢ ᠲᠠᠪᠤᠨ ᠲᠥᠷᠥᠯ ᠢ᠋ᠶ᠋ᠡᠷ ᠲᠡᠮᠡᠴᠡᠨ᠎ᠡ᠃ ᠳᠠᠷᠤᠭ᠎ᠠ ᠡᠵᠡᠳ ᠭᠣᠣᠯᠯᠠᠨ ᠪᠦᠬᠦ ᠴᠡᠷᠢᠭ ᠳᠤᠭᠤᠢᠷᠠᠨ ᠰᠠᠭᠤᠵᠠᠭᠠᠵᠤ᠂ ᠭᠣᠣᠯ ᠤ᠋ᠨ ᠲᠠᠯᠠᠪᠠᠢ ᠳ᠋ᠤ᠌ ᠦᠵᠡᠭᠦᠯᠪᠦᠷᠢ ᠳ᠋ᠦ᠍ ᠴᠤᠪᠤᠷᠠᠨ ᠶᠠᠪᠤᠭᠳᠠᠵᠤ ᠡᠬᠢᠯᠡᠪᠡ᠃ ᠱᠤᠤᠭᠢᠶᠠᠨ᠂ ᠬᠥᠭᠡᠷᠦᠯᠳᠦᠭᠡᠨ ᠳᠦᠷᠡᠯᠵᠡᠵᠦ ᠡᠬᠢᠨ ᠦ᠌ ᠬᠠᠷᠪᠤᠯᠲᠠ ᠶ᠋ᠢᠨ ᠲᠡᠮᠡᠴᠡᠭᠡᠨ ᠳ᠋ᠦ᠍ ᠳ᠋ᠦᠩ ᠭᠠᠷᠬᠤ ᠳ᠋ᠤ᠌ ᠬᠣᠶᠠᠷ ᠲᠠᠯ᠎ᠠ ᠲᠡᠩᠴᠡᠭᠦᠦ ᠪᠠᠢᠳᠠᠯ ᠲᠠᠢ ᠴᠦ᠍ ᠲᠡᠮᠦᠵᠢᠨ ᠦ᠌ ᠲᠠᠯ᠎ᠠ ᠴᠥᠭᠡᠨ ᠲᠣᠭ᠎ᠠ ᠪᠠᠷ ᠢᠯᠡᠭᠦᠦ ᠪᠣᠯᠤᠯ᠎ᠠ᠃ ᠴᠢᠨᠠᠭᠰᠢ ᠨᠢ ᠬᠣᠶᠠᠷ᠂ ᠭᠤᠷᠪᠠ ᠳ᠋ᠠᠬᠢ ᠲᠡᠮᠡᠴᠡᠭᠡᠨ ᠴᠦ᠍ ᠮᠥᠨ ᠲᠦᠷᠦᠭᠦᠴᠢ ᠬᠢ ᠲᠡᠢ ᠲᠥᠰᠦᠭᠡᠲᠡᠢ ᠳ᠋ᠦᠩ ᠭᠠᠷᠤᠯ᠎ᠠ᠃ ᠳᠥᠷᠪᠡᠳᠡᠬᠢ ᠳ᠋ᠦ᠍ ᠬᠡᠷᠡᠢᠳ ᠦ᠋ᠨ ᠬᠢᠨ ᠬᠡᠲᠦᠷᠬᠡᠢ ᠢᠯᠠᠭᠳᠠᠪᠠ᠃ ᠮᠣᠷᠢᠨ ᠤ᠋ ᠶᠠᠪᠤᠳᠠᠯ ᠳᠤᠮᠳᠠ ᠡᠮᠡᠭᠡᠯ ᠢ᠋ᠶ᠋ᠡᠨ ᠰᠢᠯᠵᠢᠭᠦᠯᠵᠦ ᠮᠣᠷᠢ ᠪᠠᠨ ᠰᠣᠯᠢᠵᠤ ᠤᠨᠤᠬᠤ ᠴᠢᠳᠠᠪᠤᠷᠢ ᠶ᠋ᠢ ᠲᠡᠮᠦᠵᠢᠨ ᠦ᠌ ᠴᠡᠷᠢᠭ ᠦ᠋ᠳ ᠰᠠᠢᠲᠤᠷ ᠡᠵᠡᠮᠰᠢᠭᠰᠡᠨ ᠲᠤᠯᠠ ᠠᠵᠢᠯᠯᠠᠭ᠎ᠠ ᠪᠠᠨ ᠪᠦᠷᠢᠨ ᠭᠢᠯᠠᠯᠵᠠᠲᠠᠯ᠎ᠠ ᠪᠡᠶᠡᠯᠡᠭᠦᠯᠵᠦ ᠪᠠᠢᠬᠤ ᠳ᠋ᠤ᠌ ᠨᠥᠭᠦᠭᠡ ᠲᠠᠯ᠎ᠠ ᠲᠤᠩ ᠳᠣᠷᠣᠢᠬᠠᠨ ᠭᠦᠢᠴᠡᠳᠬᠡᠬᠦ ᠵᠢᠱ᠌ᠢᠶ᠎ᠡ ᠲᠡᠢ᠃ ᠬᠠᠮᠤᠭ ᠤ᠋ᠨ ᠰᠡᠭᠦᠯᠴᠢ ᠶ᠋ᠢᠨ ᠪᠠᠷᠢᠯᠳᠤᠭᠠᠨ ᠳ᠋ᠤ᠌ ᠶᠠᠭ ᠲᠡᠩᠴᠡᠯ᠎ᠡ᠃ ᠲᠡᠮᠦᠵᠢᠨ ᠦ᠌ ᠴᠡᠷᠢᠭ ᠦ᠋ᠨ ᠰᠤᠷᠭᠠᠭᠤᠯᠢ᠂ ᠤᠷ᠎ᠠ ᠴᠢᠳᠠᠪᠤᠷᠢ ᠦᠨᠡᠬᠡᠷ ᠳᠠᠪᠠᠭᠤ ᠨᠢ ᠢᠯᠡᠷᠬᠡᠢ ᠪᠠᠢᠯ᠎ᠠ᠃
ᠲᠤᠭᠤᠷᠢᠯ ᠬᠠᠨ ᠢᠯᠠᠭᠰᠠᠨ ᠴᠡᠷᠢᠭ ᠦ᠋ᠳ ᠲᠦ᠍ ᠠᠯᠲᠠᠨ ᠤᠯᠤᠰ ᠤ᠋ᠨ ᠬᠣᠶᠠᠷ ᠠᠯᠲᠠᠨ ᠵᠣᠭᠣᠰ᠂ ᠲᠡᠩᠴᠡᠭᠰᠡᠨ ᠴᠡᠷᠢᠭ ᠲᠦ᠍ ᠲᠤᠰ ᠲᠤᠰ ᠨᠢᠭᠡ ᠠᠯᠲᠠᠨ ᠵᠣᠭᠣᠰ ᠱᠠᠩᠨᠠᠵᠤ᠂ ᠲᠡᠮᠦᠵᠢᠨ ᠨᠢᠭᠡ ᠲᠤᠤᠱᠠ ᠠᠢᠷᠠᠭ᠂ ᠪᠡᠰᠡᠷᠡᠭ ᠪᠣᠭᠣᠯᠲᠠᠲᠠᠢ ᠶᠠᠭᠤᠮ᠎ᠠ ᠥᠭᠴᠡᠢ᠃ ᠪᠢᠲᠡᠭᠦᠮᠵᠢ ᠳᠣᠲᠣᠷ᠎ᠠ ᠥᠷᠥᠮ᠎ᠡ ᠪᠢᠰᠢᠯᠠᠭ᠂ ᠠᠭᠠᠷᠤᠤᠯ᠂ ᠬᠡᠰᠡᠭ ᠪᠣᠯᠤᠭᠰᠠᠨ ᠮᠢᠬ᠎ᠠ ᠪᠠᠢᠪᠠ᠃ ᠦᠨᠡᠬᠡᠷ ᠲᠡᠷᠡ ᠦᠶ᠎ᠡ ᠳ᠋ᠦ᠍ ᠲᠡᠮᠦᠵᠢᠨ ᠥᠭᠡᠷ᠎ᠡ ᠶᠠᠭᠤ ᠪᠠᠨ ᠥᠭᠬᠦ ᠪᠢᠯᠡ ᠳᠠ!
ᠲᠡᠮᠡᠴᠡᠭᠡᠨ ᠪᠣᠯᠵᠤ ᠪᠠᠢᠬᠤ ᠳ᠋ᠤ᠌ ᠳᠠᠷᠤᠭ᠎ᠠ ᠨᠠᠷ ᠤ᠋ᠨ ᠬᠣᠭᠣᠷᠣᠨᠳᠣ ᠪᠠᠰᠠ ᠲᠡᠮᠡᠴᠡᠭᠡᠨ ᠶᠠᠪᠤᠭᠤᠯᠤᠶ᠎ᠠ ᠭᠡᠮᠡᠨ ᠶᠠᠷᠢᠯᠴᠠᠵᠠᠢ᠃
ᠣᠷᠣᠢᠬᠠᠨ ᠪᠣᠯᠤᠭᠰᠠᠨ ᠲᠤᠯᠠ ᠲᠤᠰ ᠪᠦᠷᠢ ᠲᠠᠪᠤᠨ ᠳᠠᠷᠤᠭ᠎ᠠ ᠭᠠᠷᠭᠠᠵᠤ ᠲᠡᠮᠡᠴᠡᠭᠡᠨ ᠢ᠋ ᠭᠤᠷᠪᠠᠨ ᠲᠥᠷᠥᠯ ᠪᠣᠯᠭᠠᠵᠤ ᠴᠥᠭᠡᠯᠡᠬᠦ ᠪᠡᠷ ᠪᠣᠯᠪᠠ᠃ ᠲᠡᠭᠡᠭᠡᠳ ᠬᠠᠨ ᠡᠵᠡᠨ ᠳᠣᠭᠣᠭᠰᠢᠬᠢ ᠲᠠᠪᠤᠨ ᠬᠥᠮᠦᠨ ᠢ᠋ ᠨᠡᠷᠡᠯᠡᠬᠦ ᠪᠣᠯᠬᠤ ᠳ᠋ᠤ᠌ ᠬᠡᠷᠡᠢᠳ ᠡᠴᠡ ᠰᠡᠩᠭᠦᠮ ᠳᠥᠷᠪᠡᠨ ᠵᠠᠯᠠᠭᠤ ᠵᠠᠬᠢᠷᠤᠭᠴᠢ ᠶ᠋ᠢᠨ ᠬᠠᠮᠲᠤ ᠭᠠᠷᠬᠤ ᠪᠣᠯᠵᠤ᠂ ᠲᠡᠮᠦᠵᠢᠨ ᠦ᠌ ᠲᠠᠯ᠎ᠠ ᠠ᠋ᠴᠠ ᠪᠣᠭᠤᠷᠴᠢ ᠲᠦᠷᠦᠭᠦᠯᠡᠨ ᠬᠠᠰᠠᠷ᠂ ᠪᠡᠯᠭᠦᠳᠡᠢ᠂ ᠵᠡᠯᠮ᠎ᠡ᠂ ᠪᠠᠰᠠ ᠨᠢᠭᠡ ᠬᠡᠲᠡ ᠬᠡᠮᠡᠭᠴᠢ ᠵᠠᠯᠠᠭᠤ ᠵᠠᠬᠢᠷᠤᠭᠴᠢ ᠶ᠋ᠢᠨ ᠬᠠᠮᠲᠤ ᠪᠠᠷᠠᠭᠠᠯᠬᠠᠨ? ᠭᠠᠷᠴᠤ ᠢᠷᠡᠵᠡᠢ᠃
ᠡᠬᠢᠯᠡᠭᠡᠳ ᠰᠡᠩᠭᠦᠮ ᠳᠠᠪᠬᠢᠵᠤ ᠴᠢᠨᠣ᠎ᠠ ᠶ᠋ᠢᠨ ᠰᠡᠷᠪᠡᠭᠡ ᠶ᠋ᠢ ᠰᠤᠮᠤ ᠱᠦᠷᠭᠦᠭᠦᠯᠦᠨ ᠭᠠᠷᠭᠠᠵᠤ᠂ ᠪᠣᠭᠣᠷᠴᠢ ᠠᠮᠠᠨ ᠬᠦᠵᠦᠭᠦᠨ ᠳ᠋ᠦ᠍ᠨᠢ ᠲᠤᠰᠬᠠᠪᠠ᠃ ᠡᠴᠢᠭᠡ ᠲᠤᠭᠤᠷᠢᠯ ᠬᠠᠨ ᠬᠦᠦ ᠪᠡᠨ《ᠤᠨᠤᠵᠠᠢ᠂ ᠤᠨᠤᠵᠠᠢ》 ᠭᠡᠵᠦ ᠬᠥᠭᠡᠷᠦᠨ ᠪᠠᠶᠠᠰᠤᠭᠰᠠᠨ ᠲᠤᠯᠠ ᠬᠡᠳᠦᠢᠪᠡᠷ ᠪᠣᠭᠤᠷᠴᠢ ᠬᠣᠵᠢᠭᠰᠠᠨ ᠴᠦ᠍ ᠡᠨᠡ ᠤᠨᠤᠭ᠎ᠠ ᠶ᠋ᠢ ᠲᠡᠩᠴᠡᠭᠰᠡᠨ ᠭᠡᠵᠦ ᠦᠵᠡᠯ᠎ᠡ᠃ ᠬᠣᠶᠠᠳᠠᠬᠢ ᠳ᠋ᠤ᠌ ᠬᠣᠶᠠᠭᠤᠯᠠ ᠪᠠᠨ ᠪᠤᠷᠭᠠᠰᠤ ᠶ᠋ᠢ ᠪᠦᠷᠢᠨ ᠴᠠᠪᠴᠢᠭᠠᠳ ᠰᠡᠩᠭᠦᠮ ᠪᠥᠮᠪᠥᠭᠡ《ᠳᠠᠪᠤᠰᠠᠩ》 ᠢ᠋ ᠴᠢᠳᠠᠭᠰᠠᠨ ᠦᠭᠡᠢ᠂ ᠮᠥᠨ ᠲᠡᠩᠴᠡᠵᠡᠢ ᠭᠡᠵᠦ ᠦᠵᠡᠯ᠎ᠡ᠃ ᠭᠤᠷᠪᠠᠳᠠᠬᠢ ᠪᠠᠷᠢᠯᠳᠤᠭᠠᠨ ᠳ᠋ᠤ᠌ ᠪᠣᠭᠤᠷᠴᠢ ᠠᠮᠠᠷᠬᠠᠨ ᠬᠠᠶᠠᠴᠢᠬᠠᠯ᠎ᠠ᠃
ᠬᠠᠰᠠᠷ ᠬᠠᠷᠪᠤᠭᠠᠳ ᠢᠯᠠᠵᠤ᠂ ᠰᠡᠯᠡᠮᠡᠨ ᠳ᠋ᠦ᠍ ᠲᠡᠩᠴᠡᠵᠦ᠂ ᠪᠠᠷᠢᠯᠳᠤᠭᠠᠨ ᠳ᠋ᠤ᠌ ᠢᠯᠠᠭᠳᠠᠵᠤ ᠨᠡᠢᠲᠡ ᠳ᠋ᠦᠩ ᠢ᠋ᠶ᠋ᠡᠷ ᠲᠡᠩᠴᠡᠯ᠎ᠡ᠃ ᠵᠡᠯᠮ᠎ᠡ ᠡᠬᠢᠨ ᠦ᠌ ᠬᠣᠶᠠᠷ ᠲᠤ᠌ ᠲᠡᠩᠴᠡᠵᠦ᠂ ᠪᠠᠷᠢᠯᠳᠤᠭᠠᠨ ᠳ᠋ᠤ᠌ ᠢᠯᠠᠭᠳᠠᠪᠠ᠃ ᠵᠡᠯᠮ᠎ᠡ ᠶ᠋ᠢᠨ ᠬᠤᠪᠢ ᠳ᠋ᠤ᠌ ᠡᠬᠢᠨ ᠦ᠌ ᠬᠠᠷᠪᠤᠭᠠᠨ ᠳ᠋ᠤ᠌ ᠴᠢᠨᠣ᠎ᠠ ᠶ᠋ᠢᠨ ᠴᠡᠭᠡᠵᠢᠨ ᠳ᠋ᠦ᠍ ᠰᠤᠮᠤ ᠪᠠᠨ ᠵᠣᠭᠣᠭᠰᠠᠨ ᠪᠣᠯ ᠥᠷᠢᠰᠦᠯᠳᠦᠭᠴᠢ ᠨᠢ ᠭᠤᠶᠠᠨ ᠳ᠋ᠤᠨᠢ ᠣᠨᠣᠵᠠᠢ᠃
ᠪᠡᠯᠭᠦᠳᠡᠢ ᠪᠣᠯᠤᠨ ᠵᠠᠯᠠᠭᠤ ᠳᠠᠷᠤᠭ᠎ᠠ ᠬᠡᠲᠡ ᠬᠣᠶᠠᠷ ᠬᠡᠷᠡᠢᠳ ᠦ᠋ᠨ ᠥᠷᠢᠰᠦᠯᠳᠦᠭᠴᠢ ᠪᠡᠨ ᠪᠤᠰᠤᠳ ᠠ᠋ᠴᠠ ᠪᠠᠨ ᠢᠯᠡᠭᠦᠦ ᠳᠠᠪᠠᠭᠤ ᠪᠠᠷ ᠢᠯᠠᠵᠤ ᠲᠡᠮᠡᠴᠡᠭᠡᠨ ᠳᠠᠭᠤᠰᠪᠠ᠃ ᠲᠤᠭᠤᠷᠢᠯ ᠬᠠᠨ ᠢᠯᠠᠭᠰᠠᠨ ᠳᠠᠷᠤᠭ᠎ᠠ ᠨᠠᠷ ᠲᠤ᠌ ᠠᠷᠪᠠᠨ᠂ ᠲᠡᠩᠴᠡᠭᠰᠡᠨ ᠳ᠋ᠦ᠍ᠨᠢ ᠲᠠᠪᠤᠨ ᠠᠯᠲᠠᠨ ᠵᠣᠭᠣᠰ ᠢ᠋ᠶ᠋ᠠᠷ ᠱᠠᠩᠨᠠᠵᠤ᠂ ᠲᠡᠮᠦᠵᠢᠨ ᠬᠤᠨᠳᠠᠭ᠎ᠠ ᠠᠷᠢᠬᠢ᠂ ᠪᠢᠲᠡᠭᠦᠮᠵᠢ(ᠪᠣᠭᠣᠯᠲᠠ ᠲᠠᠢ ᠶᠠᠭᠤᠮ᠎ᠠ) ᠪᠠᠷ ᠢ᠋ᠶ᠋ᠠᠨ ᠱᠠᠩᠨᠠᠭᠰᠠᠨ ᠪᠠᠢᠨ᠎ᠠ᠃
ᠳᠠᠷᠠᠭ᠎ᠠ ᠨᠢ ᠲᠦᠳᠡᠭ ᠭᠠᠯ ᠠᠰᠠᠭᠠᠵᠤ ᠪᠥᠵᠢᠭᠯᠡᠨ ᠨᠠᠭᠠᠳᠴᠤ ᠬᠣᠨᠣᠭᠯᠠᠭᠠᠳ ᠥᠷᠯᠥᠭᠡᠭᠦᠷ ᠪᠣᠲᠤᠬᠠᠨ ᠪᠣᠭᠤᠷᠴᠢ ᠶ᠋ᠢᠨ ᠵᠦᠭ ᠬᠥᠳᠡᠯᠵᠦ ᠣᠷᠣᠢᠬᠠᠨ ᠬᠦᠷᠦᠯ᠎ᠡ᠃
ᠵᠠᠮᠤᠬ᠎ᠠ ᠢᠷᠡᠴᠢᠬᠡᠭᠰᠡᠨ᠂ ᠲᠡᠳᠡᠨ ᠦ᠌ ᠪᠠᠷ᠎ᠠ ᠪᠠᠷ ᠴᠡᠷᠢᠭ ᠢ᠋ᠶ᠋ᠡᠨ ᠵᠢᠭᠰᠠᠭᠠᠵᠤ ᠤᠭᠲᠤᠪᠠ᠃ ᠵᠠᠮᠤᠬ᠎ᠠ᠄
—《ᠪᠣᠷᠣᠭ᠎ᠠ ᠲᠣᠬᠢᠶᠠᠯᠳᠤᠪᠠᠴᠤ ᠪᠣᠯᠵᠣᠭᠠᠨ ᠠ᠋ᠴᠠ ᠬᠣᠵᠢᠮᠳᠠᠬᠤ ᠦᠭᠡᠢ᠂ ᠬᠤᠷ᠎ᠠ ᠲᠣᠬᠢᠶᠠᠯᠳᠤᠪᠠᠴᠤ ᠬᠤᠷᠠᠯ ᠠ᠋ᠴᠠ ᠰᠠᠭᠠᠲᠠᠬᠤ ᠦᠭᠡᠢ》 ᠭᠡᠳᠡᠭ ᠭᠡᠬᠦ ᠳ᠋ᠦ᠍ ᠲᠤᠭᠤᠷᠢᠯ ᠬᠠᠨ᠄
— ᠲᠣᠭᠲᠠᠭᠰᠠᠨ ᠪᠣᠯᠵᠣᠭᠠᠨ ᠠ᠋ᠴᠠ ᠭᠤᠷᠪᠠᠨ ᠡᠳᠦᠷ ᠬᠣᠵᠢᠮᠳᠠᠭᠰᠠᠨ ᠲᠤᠯᠠ ᠲᠣᠷᠭᠠᠵᠤ ᠪᠤᠷᠤᠭᠤᠰᠢᠶᠠᠬᠤ ᠶ᠋ᠢ ᠵᠠᠮᠤᠬ᠎ᠠ ᠳᠡᠭᠦᠦ ᠮᠡᠳᠡ ᠭᠡᠯᠡ᠃
ᠲᠡᠳᠡ ᠲᠡᠨᠳᠡ ᠪᠡᠨ ᠵᠣᠭᠣᠭ ᠢᠳᠡᠭᠡ ᠪᠠᠷᠢᠯᠴᠠᠵᠤ ᠣᠷᠣᠢᠵᠢᠨ ᠭᠤᠷᠪᠠᠨ ᠲᠡᠷᠢᠭᠦᠨ ᠲᠡᠢᠨ ᠦ᠌ ᠪᠡᠨ ᠲᠥᠯᠥᠪᠯᠡᠭᠡ ᠶ᠋ᠢ ᠶᠠᠷᠢᠯᠴᠠᠨ᠂ ᠰᠢᠳᠠᠷ ᠲᠦᠰᠢᠮᠡᠳ ᠢ᠋ᠶ᠋ᠡᠨ ᠪᠠᠰᠠ ᠳᠠᠭᠤᠳᠠᠨ ᠣᠷᠣᠯᠴᠠᠭᠤᠯᠤᠯᠠ᠃ ᠮᠠᠷᠭᠠᠰᠢ ᠭᠢᠯᠤᠭᠤ ᠭᠣᠣᠯ ᠤᠷᠤᠭᠤ ᠬᠥᠳᠡᠯᠵᠦ᠂ ᠲᠡᠨᠳᠡ ᠥᠨᠵᠢᠨ ᠬᠣᠨᠣᠨ ᠪᠠᠢᠵᠤ ᠰᠠᠯ ᠪᠣᠭᠣᠵᠤ ᠭᠣᠣᠯ ᠢ᠋ ᠭᠠᠲᠤᠯᠬᠤ᠂ ᠦᠳᠡᠰᠢ ᠪᠡᠷ ᠮᠣᠷᠳᠠᠵᠤ ᠰᠥᠨᠢ ᠳᠠᠭᠠᠷᠢᠬᠤ ᠪᠠᠷ ᠲᠣᠭᠲᠠᠪᠠ᠃
ᠥᠷᠯᠥᠭᠡ ᠬᠥᠳᠡᠯᠵᠦ ᠳᠡᠭᠡᠳᠦ ᠤᠳᠤᠷᠢᠳᠤᠭᠴᠢ ᠳᠠᠷᠤᠭ᠎ᠠ ᠨᠠᠷ ᠥᠨᠳᠥᠷᠯᠢᠭ ᠳᠡᠭᠡᠷ᠎ᠡ ᠭᠠᠷᠴᠤ ᠬᠢᠯᠤᠭᠤ ᠭᠣᠣᠯ ᠤ᠋ᠨ ᠴᠠᠭᠠᠳᠤ ᠠᠭᠤᠯᠠᠰ᠂ ᠰᠡᠯᠡᠩᠭᠡ ᠮᠥᠷᠡᠨ ᠦ᠌ ᠵᠡᠭᠦᠨ ᠪᠡᠶ᠎ᠡ ᠶ᠋ᠢᠨ ᠭᠠᠵᠠᠷ ᠨᠤᠲᠤᠭ ᠢ᠋ ᠠᠵᠢᠭᠯᠠᠨ ᠭᠤᠷᠪᠠᠨ ᠮᠡᠷᠭᠢᠳ ᠦ᠋ᠨ ᠠᠯᠢ ᠨᠢ ᠬᠠᠮᠢᠭᠠᠭᠤᠷ ᠪᠠᠢᠷᠢᠰᠢᠨ ᠨᠤᠲᠤᠭᠯᠠᠵᠤ ᠪᠠᠢᠬᠤ᠂ ᠬᠡᠷᠬᠢᠨ ᠣᠷᠣᠰᠢᠨ ᠰᠠᠭᠤᠵᠤ ᠪᠣᠢ ᠲᠠᠯ᠎ᠠ ᠪᠠᠷ ᠲᠠᠭᠠᠮᠠᠭᠯᠠᠨ ᠶᠠᠷᠢᠯᠴᠠᠬᠤ ᠳ᠋ᠤᠨᠢ ᠲᠡᠮᠦᠵᠢᠨ ᠭᠠᠢᠬᠠᠵᠤ᠄
— ᠰᠡᠯᠡᠩᠭᠡ ᠶ᠋ᠢᠨ ᠴᠠᠭᠠᠳᠤ ᠪᠡᠶ᠎ᠡ ᠳ᠋ᠦ᠍ ᠮᠡᠷᠭᠢᠳ ᠦ᠋ᠳ ᠪᠠᠢᠬᠤ ᠦᠭᠡᠢ ᠭᠡᠵᠦ ᠤᠤ ? ᠭᠡᠵᠦ ᠲᠤᠭᠤᠷᠢᠯ ᠬᠠᠨ᠂ ᠵᠠᠮᠤᠬ᠎ᠠ ᠨᠠᠷ ᠠ᠋ᠴᠠ ᠠᠰᠠᠭᠤᠪᠠ᠃
— ᠪᠠᠢᠯ ᠦᠭᠡᠢ ᠶᠠᠭᠠᠬᠢᠬᠤᠪ! ᠭᠡᠬᠦ ᠳ᠋ᠡᠭᠡᠨ ᠨᠠᠭᠠᠳᠤ ᠲᠠᠯ᠎ᠠ ᠳ᠋ᠠᠭᠠᠨ ᠭᠣᠣᠯ ᠬᠦᠴᠦ ᠨᠢ ᠪᠠᠢᠭ᠎ᠠ ᠭᠡᠵᠦ ᠵᠠᠬ᠎ᠠ ᠬᠠᠮᠪᠤ ᠬᠡᠯᠡᠪᠡ᠃
— ᠪᠢᠳᠡ ᠰᠡᠯᠡᠩᠭᠡ ᠶ᠋ᠢᠨ ᠴᠠᠭᠠᠳᠤ ᠲᠠᠯ᠎ᠠ ᠳ᠋ᠤ᠌ ᠭᠠᠷᠴᠤ ᠪᠠᠢᠯᠳᠤᠬᠤ ᠤᠤ?
— ᠠᠷᠭ᠎ᠠ ᠦᠭᠡᠢ ᠬᠡᠷᠡᠭᠴᠡᠭᠡ ᠭᠠᠷᠪᠠᠯ ᠪᠠᠢᠯᠳᠤᠨ᠎ᠠ᠃ ᠪᠢᠳᠡ ᠬᠥᠮᠦᠨ ᠢ᠋ᠶ᠋ᠡᠨ ᠯᠡ ᠣᠯᠵᠤ ᠠᠪᠬᠤ ᠢᠯᠡᠭᠦᠦ ᠴᠢᠬᠤᠯᠠ ᠰᠢᠦ ᠳᠡ ᠭᠡᠮᠡᠨ ᠲᠤᠭᠤᠷᠢᠯ ᠬᠠᠨ ᠲᠡᠮᠦᠵᠢᠨ ᠤᠷᠤᠭᠤ ᠬᠠᠷᠠᠵᠤ ᠢᠨᠢᠶᠡᠭᠡᠳ ᠲᠡᠢᠮᠦ ᠪᠢᠵᠡ? ᠭᠡᠵᠦ ᠨᠡᠮᠡᠵᠦ ᠬᠡᠯᠡᠪᠡ᠃ ᠴᠠᠭᠠᠳᠤᠬᠢ ᠨᠢ ᠲᠣᠯᠣᠭᠠᠢ ᠲᠣᠬᠢᠬᠤ ᠠ᠋ᠴᠠ ᠢᠯᠡᠭᠦᠦ ᠦᠭᠡ ᠬᠡᠯᠡᠭᠰᠡᠨ ᠦᠭᠡᠢ᠃ ᠲᠣᠭᠣᠷᠢᠯ ᠬᠠᠮᠤᠭ ᠤ᠋ᠨ ᠠᠬᠠᠮᠠᠳ ᠮᠥᠷᠲᠡᠭᠡᠨ ᠬᠠᠨ ᠬᠥᠮᠦᠨ ᠦ᠌ ᠬᠤᠪᠢ ᠳ᠋ᠤ᠌ ᠵᠣᠩᠬᠢᠯᠠᠬᠤ ᠪᠠᠢᠷᠢ ᠡᠵᠡᠯᠡᠨ ᠮᠣᠷᠢᠨ ᠳᠡᠭᠡᠷ᠎ᠡ ᠪᠡᠨ ᠰᠣᠨᠳᠣᠭᠣᠢ ᠰᠠᠭᠤᠨ ᠲᠠᠰᠢᠶ᠎ᠠ ᠪᠠᠨ ᠲᠤᠯᠤᠨ ᠪᠠᠢᠭᠰᠠᠨ ᠢ᠋ᠶ᠋ᠠᠨ ᠭᠠᠷ ᠢ᠋ᠶ᠋ᠠᠨ ᠥᠭᠡᠳᠡ ᠪᠣᠯᠭᠠᠵᠤ ᠰᠠᠬᠠᠯ ᠢ᠋ᠶ᠋ᠠᠨ ᠢᠯᠢᠭᠰᠡᠨ ᠢ᠋ᠶ᠋ᠡᠨ᠂ ᠪᠠᠷᠠᠭᠤᠨ ᠬᠣᠢᠲᠤ ᠵᠦᠭ ᠰᠤᠩᠭᠠᠨ ᠵᠢᠭᠠᠵᠤ᠂ ᠤᠷᠢᠳᠤ ᠶᠠᠷᠢᠯᠴᠠᠭᠰᠠᠨ ᠶᠣᠰᠣᠭᠠᠷ ᠵᠠᠮᠤᠬ᠎ᠠ ᠳᠡᠭᠦᠦ ᠪᠠᠷᠠᠭᠤᠨ ᠭᠠᠷ ᠪᠣᠯᠵᠤ᠂ ᠲᠡᠷᠡ ᠵᠦᠭ ᠭᠡᠮᠡᠨ ᠬᠣᠢᠭᠤᠷ ᠵᠢᠭᠠᠵᠤ᠄
— ᠤᠸᠠᠰ ᠮᠡᠷᠭᠢᠳ ᠦ᠋ᠨ ᠲᠡᠢᠷ ᠤᠰᠤᠨ ᠲᠠᠢ᠂ ᠣᠳᠤᠢᠳ ᠤ᠋ᠳ ᠶᠠᠭᠠᠬᠢᠬᠤ ᠠᠷᠭ᠎ᠠ ᠦᠭᠡᠢ ᠭᠣᠣᠯ ᠲᠥᠪ ᠪᠠᠷᠢᠵᠤ ᠪᠠᠢᠭ᠎ᠠ᠃ ᠡᠢᠮᠦ ᠳ᠋ᠦ᠍ ᠲᠡᠮᠦᠵᠢᠨ ᠬᠦᠦ ᠲᠣᠭᠲᠣᠭ᠎ᠠ ᠪᠡᠬᠢ ᠤᠷᠤᠭᠤ᠁ ᠭᠡᠵᠦ ᠲᠤᠰ ᠪᠦᠷᠢ ᠬᠤᠷᠤᠭᠤ ᠪᠠᠷ ᠴᠢᠴᠢᠯᠡᠨ ᠵᠢᠭᠠᠬᠤ ᠳ᠋ᠠᠭᠠᠨ ᠵᠢᠭᠠᠬᠠᠨ ᠬᠠᠨᠢᠶᠠᠪᠠ᠃ ᠠᠯᠤᠰ ᠤ᠋ᠨ ᠴᠠᠰᠤᠲᠤ ᠠᠭᠤᠯᠠᠰ ᠨᠠᠷᠠᠨ ᠳ᠋ᠤ᠌ ᠭᠢᠯᠠᠯᠵᠠᠨ ᠤᠨᠢᠶᠠᠷ ᠴᠠᠩ ᠲᠠᠲᠠᠵᠤ ᠴᠠᠢᠯᠠᠯᠵᠠᠭᠠᠳ ᠨᠠᠭᠠᠭᠤᠷ ᠬᠠᠷᠠᠯᠠᠭ ᠪᠣᠷᠣᠯᠠᠭ ᠠᠭᠤᠯᠠᠰ ᠰᠢᠷᠭᠠᠯ ᠬᠥᠨᠳᠡᠢ ᠠᠯᠠᠭᠯᠠᠨ ᠡᠷᠢᠶᠡᠯᠵᠡᠨ ᠦᠵᠡᠭᠳᠡᠨ᠎ᠡ᠃
ᠲᠡᠳᠡ ᠪᠦᠭᠦᠳᠡ ᠬᠥᠳᠡᠯᠬᠦ ᠭᠡᠲᠡᠯ᠎ᠡ ᠪᠤᠭᠤᠷᠴᠢ ᠲᠡᠨᠳᠡ ᠡᠴᠡ ᠡᠯᠢᠭᠡ ᠪᠡᠨ ᠳᠠᠷᠤᠨ ᠮᠡᠬᠦᠢᠰᠬᠢᠵᠦ᠄
— ᠨᠠᠳᠠᠳᠤ ᠠᠢᠯᠠᠳᠬᠠᠬᠤ ᠵᠦᠢᠯ ᠪᠠᠢᠨ᠎ᠠ ᠭᠡᠵᠦ ᠴᠢᠩᠭ᠎ᠠ ᠳᠠᠭᠤ ᠪᠠᠷ ᠬᠡᠯᠡᠪᠡᠯ ᠪᠦᠭᠦᠳᠡ ᠰᠡᠷᠡᠰᠬᠢᠨ ᠲᠡᠭᠦᠨ ᠲᠠᠢᠰᠢ ᠬᠠᠷᠠᠬᠤᠢ ᠳ᠋ᠤ᠌ ᠲᠤᠭᠤᠷᠢᠯ ᠬᠠᠨ᠄
— ᠠᠢᠯᠠᠳᠬ᠎ᠠ᠂ ᠠᠢᠯᠠᠳᠬ᠎ᠠ ᠭᠡᠪᠡ᠃ ᠪᠤᠭᠤᠷᠴᠢ᠄
— ᠮᠠᠨ ᠤ᠋ ᠬᠢᠨ ᠲᠠᠯ᠎ᠠ ᠭᠠᠵᠠᠷ ᠤ᠋ᠨ ᠴᠡᠷᠢᠭ ᠦ᠋ᠳ᠂ ᠰᠠᠯ ᠢ᠋ᠶ᠋ᠠᠷ ᠭᠠᠷᠳᠠᠭ ᠤᠰᠤ ᠭᠣᠣᠯ ᠢ᠋ ᠦᠵᠡᠭᠡ ᠦᠭᠡᠢ᠃ ᠡᠢᠮᠦ ᠡᠴᠡ ᠪᠢᠳᠡᠨ ᠳ᠋ᠦ᠍ ᠰᠠᠯ ᠰᠦᠯᠵᠢᠵᠦ᠂ ᠵᠠᠩᠭᠢᠳᠬᠤ᠂ ᠪᠡᠬᠢᠯᠡᠬᠦ᠂ ᠴᠢᠭᠲᠠᠯᠠᠬᠤ ᠠᠷᠭ᠎ᠠ ᠤᠬᠠᠭᠠᠨ ᠢ᠋ᠶ᠋ᠠᠨ ᠵᠢᠭᠠᠵᠤ ᠰᠣᠶᠣᠷᠬᠠᠬᠤ ᠪᠤᠶᠤ᠃ ᠡᠭᠦᠨ ᠡᠴᠡ ᠪᠣᠯᠵᠤ ᠵᠢᠭᠠᠬᠠᠨ ᠰᠠᠭᠠᠲᠠᠬᠤ ᠮᠠᠭᠠᠳ ᠦᠭᠡᠢ᠃ ᠪᠣᠳᠣᠵᠠᠭᠠᠵᠤ ᠵᠢᠭᠠᠵᠤ ᠰᠤᠷᠭᠠᠨ᠎ᠠ ᠪᠢᠵᠡ ᠳᠡ ᠭᠡᠯᠡ᠃
— ᠡᠨᠡ ᠨᠡᠭᠡᠷᠡᠨ ᠪᠣᠳᠣᠭᠤᠰᠢᠲᠠᠢ ᠵᠦᠢᠯ ᠪᠠᠢᠨ᠎ᠠ ᠰᠢᠦ ᠭᠡᠵᠦ ᠲᠤᠭᠤᠷᠢᠯ ᠬᠠᠨ ᠬᠡᠯᠡᠬᠦ ᠳ᠋ᠦ᠍ ᠵᠠᠮᠤᠬ᠎ᠠ᠄
— ᠲᠡᠭᠡᠨ᠎ᠡ ᠠ᠋᠂ ᠲᠡᠭᠡᠨ᠎ᠡ᠃ ᠲᠠ ᠨᠠᠷ ᠬᠠᠶᠠᠬᠤ ᠦᠭᠡᠢ ᠨᠢ ᠯᠠᠪ ᠭᠡᠬᠦ ᠳ᠋ᠦ᠍ ᠲᠤᠭᠤᠷᠢᠯ ᠬᠠᠨ᠄
— ᠶᠡᠷᠦ ᠡᠴᠡ ᠪᠡᠨ ᠥᠨᠥᠳᠥᠷ ᠬᠢᠯᠤᠭᠤ ᠮᠥᠷᠡᠨ ᠬᠦᠷᠴᠦ ᠨᠠᠭᠠᠳᠤ ᠲᠠᠯ᠎ᠠ ᠳ᠋ᠤ᠌ ᠨᠢ ᠬᠣᠨᠣᠭᠯᠠᠭᠠᠳ ᠮᠠᠷᠭᠠᠰᠢ ᠭᠠᠲᠤᠯᠤᠶ᠎ᠠ ᠭᠡᠪᠡᠰᠦ᠄
— ᠲᠡᠷᠡ ᠨᠢ ᠵᠥᠪ ᠠ᠋᠃ ᠮᠠᠨ ᠤ᠋ ᠬᠢᠨ ᠳ᠋ᠦ᠍ ᠴᠦ᠍ ᠭᠡᠰᠡᠨ ᠰᠠᠯ ᠬᠢᠵᠦ᠂ ᠡᠵᠡᠮᠰᠢᠵᠦ ᠴᠢᠳᠠᠬᠤ ᠦᠭᠡᠢ ᠴᠡᠷᠢᠭ ᠪᠠᠢᠭ᠎ᠠ ᠯᠠ ᠳᠠ ᠭᠡᠵᠡᠭᠡᠬᠦ ᠨᠢ ᠴᠦ᠍ ᠰᠣᠨᠣᠰᠳᠠᠪᠠ᠃
ᠶᠡᠬᠡ ᠴᠡᠷᠢᠭ ᠬᠠᠨ ᠤ᠋᠂ ᠵᠠᠬ᠎ᠠ ᠬᠠᠮᠪᠤ ᠶ᠋ᠢᠨ ᠂ ᠲᠡᠮᠦᠵᠢᠨ ᠦ᠌᠂ ᠵᠠᠮᠤᠬ᠎ᠠ ᠶ᠋ᠢᠨ ᠳᠥᠷᠪᠡᠨ ᠭᠠᠯ ᠪᠣᠯᠵᠤ ᠭᠣᠣᠯ ᠤᠷᠤᠭᠤ ᠣᠴᠢᠵᠤ ᠪᠠᠭᠤᠳᠠᠯᠯᠠᠪᠠ᠃
ᠦᠳᠡᠰᠢ ᠪᠤᠭᠤᠷᠴᠢ ᠥᠪᠡᠷ ᠦ᠋ᠨ ᠪᠦᠯᠦᠭ ᠴᠡᠷᠢᠭ ᠡᠴᠡ ᠬᠡᠨ ᠰᠠᠯ ᠪᠠᠷᠢᠵᠤ ᠭᠣᠣᠯ ᠭᠠᠷᠴᠤ ᠴᠢᠳᠠᠬᠤ ᠶ᠋ᠢ ᠳᠣᠲᠣᠭᠤᠷ ᠨᠢ ᠶᠠᠪᠤᠵᠤ ᠠᠰᠠᠭᠤᠬᠤ ᠳ᠋ᠤ᠌ ᠪᠠᠰᠠ ᠴᠦ᠍ ᠬᠡᠳᠦᠨ ᠴᠡᠷᠢᠭ《ᠴᠢᠳᠠᠨ᠎ᠠ》 ᠭᠡᠵᠦ ᠬᠠᠷᠢᠭᠤᠯᠬᠤᠢ ᠳ᠋ᠤ᠌《ᠶᠡᠬᠡ ᠰᠠᠢᠨ ᠪᠠᠢᠨ᠎ᠠ᠃ ᠮᠠᠷᠭᠠᠰᠢ ᠪᠤᠰᠤᠳ ᠲᠠᠭᠠᠨ ᠵᠢᠭᠠᠵᠤ ᠥᠭᠴᠦ ᠭᠠᠷᠤᠨ᠎ᠠ ᠰᠢᠦ》 ᠭᠡᠳ ᠭᠤᠷᠪᠠᠨ ᠴᠡᠷᠢᠭ ᠢ᠋ ᠢᠯᠭᠠᠨ ᠳᠠᠭᠠᠭᠤᠯᠵᠤ ᠭᠣᠣᠯ ᠤ᠋ᠨ ᠡᠷᠭᠢ ᠳᠡᠭᠡᠷ᠎ᠡ ᠣᠴᠢᠭᠠᠳ᠄
— ᠲᠠ ᠭᠤᠷᠪᠠ ᠣᠳᠣᠬᠠᠨ ᠰᠠᠯ ᠬᠢᠵᠦ ᠥᠨᠥ ᠰᠥᠨᠢ ᠤᠰᠤ ᠭᠠᠲᠤᠯᠤᠨ᠃ ᠮᠠᠷᠭᠠᠰᠢ ᠠᠮᠢᠳᠤ ᠬᠡᠯᠡ ᠣᠯᠵᠠᠯᠠᠭᠰᠠᠨ ᠪᠠᠢ᠃ ᠲᠡᠷᠲᠡᠭᠡ ᠪᠠᠷᠠᠭᠤᠨ ᠬᠣᠢᠲᠤ ᠥᠨᠳᠥᠷᠯᠢᠭ᠂ ᠵᠡᠭᠦᠨ ᠤᠷᠢᠳᠤ ᠬᠢ ᠲᠡᠷᠡ ᠬᠠᠷᠠᠭᠳᠠᠬᠤ ᠥᠨᠳᠥᠷᠯᠢᠭ ᠢ᠋ ᠬᠣᠭᠣᠷᠣᠨᠳᠣ ᠨᠢ ᠵᠡᠯ᠎ᠡ ᠲᠠᠲᠠᠭᠰᠠᠨ ᠭᠡᠵᠦ ᠪᠣᠳᠣᠭᠠᠳ ᠣᠯᠵᠠᠯᠠᠭᠰᠠᠨ ᠬᠥᠮᠦᠨ ᠲᠡᠢ ᠪᠡᠨ ᠲᠡᠷᠡ ᠵᠠᠯᠠᠨ ᠳᠡᠭᠡᠷ᠎ᠡ ᠪᠠᠢᠵᠤ ᠪᠠᠢ᠃ ᠬᠡᠦᠬᠡᠳ᠂ ᠡᠮᠡᠭᠲᠡᠢ ᠬᠥᠮᠦᠨ ᠣᠯᠵᠠᠯᠠᠬᠤ ᠬᠡᠷᠡᠭ ᠦᠭᠡᠢ᠃ ᠪᠣᠯᠵᠤ ᠥᠭᠪᠡᠯ ᠨᠠᠰᠤ ᠠᠬᠢᠭᠰᠠᠨ ᠡᠷ᠎ᠡ ᠬᠥᠮᠦᠨ᠃ ᠵᠠ ᠶᠠᠮᠠᠷ ᠴᠦ᠍ ᠭᠡᠰᠡᠨ ᠠᠮᠢᠳᠤ ᠬᠡᠯᠡ ᠬᠡᠷᠡᠭᠲᠡᠢ᠃ ᠮᠠᠲᠠᠪᠠᠤ? ᠭᠡᠵᠦ ᠲᠤᠰᠢᠶᠠᠬᠤ ᠳ᠋ᠤ᠌ ᠲᠤᠰᠢᠶᠠᠯ ᠠᠪᠤᠭᠰᠠᠨ ᠴᠡᠷᠢᠭ ᠦ᠋ᠳ᠄
— ᠮᠡᠳᠡᠯ᠎ᠡ ᠭᠡᠵᠡᠭᠡᠪᠡ᠃ ᠪᠤᠭᠤᠷᠴᠢ᠄
— ᠣᠯᠵᠠᠯᠠᠭᠰᠠᠨ ᠬᠥᠮᠦᠨ ᠢ᠋ ᠨᠢᠭᠡ ᠳ᠋ᠦ᠍᠂ ᠠᠶᠤᠯᠭᠠᠵᠤ ᠰᠦᠷᠳᠡᠭᠦᠯᠵᠦ ᠪᠣᠯᠬᠤ ᠦᠭᠡᠢ᠃ ᠲᠡᠭᠦᠨ ᠲᠡᠢ ᠡᠶᠡᠯᠳᠡᠭ ᠬᠠᠷᠢᠯᠴᠠᠬᠤ ᠬᠡᠷᠡᠭᠲᠡᠢ᠃ ᠬᠣᠶᠠᠷ ᠲᠤ᠂ ᠪᠠᠢᠴᠠᠭᠠᠵᠤ ᠪᠣᠯᠬᠤ ᠦᠭᠡᠢ᠃ ᠭᠤᠷᠪᠠ ᠳ᠋ᠤ᠌᠂ ᠠᠯᠳᠠᠵᠤ ᠣᠰᠣᠯᠳᠠᠵᠤ ᠪᠣᠯᠬᠤ ᠦᠭᠡᠢ᠃ ᠮᠠᠲᠠᠪᠠᠤ? ᠭᠡᠬᠦ ᠳ᠋ᠦ᠍ ᠲᠣᠮᠢᠯᠠᠭᠳᠠᠭᠰᠠᠨ ᠭᠤᠷᠪᠠᠨ ᠴᠡᠷᠢᠭ᠄
— ᠮᠡᠳᠡᠯ᠎ᠡ ᠭᠡᠮᠡᠨ ᠮᠡᠬᠦᠢᠰᠬᠢᠪᠡ᠃
— ᠪᠢᠳᠡ ᠤᠰᠤ ᠭᠠᠲᠤᠯᠵᠤ《ᠴᠢᠷᠦᠤᠪ》 ᠳᠣᠬᠢᠶ᠎ᠠ ᠥᠭᠭᠦᠨ᠎ᠡ᠃ ᠲᠠ ᠨᠠᠷ ᠪᠠᠰᠠ᠁ ᠢᠩᠭᠢᠵᠦ ᠪᠢᠳᠡ ᠪᠡᠶ᠎ᠡ ᠪᠡᠶ᠎ᠡ ᠪᠡᠨ ᠣᠯᠤᠨ᠎ᠠ᠃ ᠮᠡᠳᠡᠪᠡ ᠤᠤ?
— ᠮᠡᠳᠡᠯ᠎ᠡ᠃
ᠪᠣᠭᠣᠷᠴᠢ ᠳᠠᠬᠢᠭᠠᠳ ᠳᠣᠬᠢᠶ᠎ᠠ ᠪᠠᠷ ᠬᠠᠷᠢᠯᠴᠠᠬᠤ ᠲᠤᠬᠠᠢ ᠨᠠᠷᠢᠨ ᠬᠡᠯᠡᠵᠦ ᠥᠭᠴᠦ ᠪᠠᠲᠤ ᠨᠤᠲᠠ ᠴᠡᠭᠡᠵᠢᠯᠡᠭᠦᠯᠪᠡ᠃ ᠳᠠᠷᠤᠢ《ᠴᠢᠷᠦᠣᠪ》 ᠭᠡᠰᠡᠨ ᠳᠣᠬᠢᠶ᠎ᠠ ᠪᠣᠯ ᠪᠡᠶ᠎ᠡ ᠪᠡᠶ᠎ᠡ ᠪᠡᠨ ᠣᠯᠬᠤ ᠳᠣᠬᠢᠶ᠎ᠠ᠃ ᠪᠣᠭᠣᠷᠴᠢ ᠭᠡᠰᠡᠨ ᠨᠡᠷ᠎ᠡ ᠶ᠋ᠢᠨ ᠲᠣᠩᠭᠣᠷᠤᠤ ᠬᠡᠯᠡᠯᠭᠡ᠃ ᠡᠨᠡ ᠲᠣᠩᠭᠣᠷᠤᠤ ᠦᠭᠡ ᠶ᠋ᠢ ᠣᠯᠠᠨ ᠬᠤᠪᠢᠷᠠᠭᠠᠵᠤ ᠳᠠᠭᠤ ᠭᠠᠷᠭᠠᠨ ᠬᠠᠷᠢᠯᠴᠠᠬᠤ ᠰᠤᠷᠭᠠᠭᠤᠯᠢ ᠳᠠᠰᠬᠠᠯ ᠢ᠋ ᠴᠡᠷᠢᠭ ᠳᠤᠮᠳᠠ ᠪᠠᠨ ᠪᠠᠢᠬᠤ ᠳ᠋ᠠᠭᠠᠨ ᠣᠯᠠᠨᠲᠠ ᠬᠢᠯᠭᠡᠵᠦ ᠪᠠᠢᠭᠰᠠᠨ ᠶᠤᠮ᠃ ᠵᠢᠱ᠌ᠢᠶ᠎ᠡ ᠨᠢ《ᠴᠢᠷ ᠴᠢᠷ》 ᠭᠡᠪᠡᠯ ᠣᠰᠤᠯᠲᠠᠢ᠂ ᠲᠦᠭᠰᠢᠭᠦᠷᠢᠲᠡᠢ᠂《ᠴᠢᠷᠷᠷ》 ᠭᠡᠪᠡᠯ ᠲᠤᠰᠠᠯᠠᠭᠠᠷᠠᠢ᠂ ᠠᠶᠤᠯ᠃《ᠴᠢᠷᠣᠣᠪ᠂ ᠴᠢᠷᠣᠣᠪ》 ᠭᠡᠪᠡᠯ《ᠨᠠᠭᠠᠰᠢ ᠢᠷ᠎ᠡ》 ᠭᠡᠬᠦ ᠵᠡᠷᠭᠡ ᠪᠡᠷ ᠣᠯᠠᠨ ᠬᠤᠪᠢᠷᠠᠭᠠᠵᠤ ᠠᠮᠢᠲᠠᠨ ᠤ᠋ ᠳᠠᠭᠤ ᠠᠪᠢᠶ᠎ᠠ ᠪᠣᠯᠭᠠᠨ ᠬᠡᠷᠡᠭᠯᠡᠬᠦ ᠪᠡᠷ ᠴᠡᠭᠡᠵᠢᠯᠡᠭᠰᠡᠨ ᠲᠦᠯᠬᠢᠭᠦᠷ ᠶᠦᠮ᠃
ᠦᠳᠡᠰᠢ ᠴᠡᠷᠢᠭ ᠦ᠋ᠳ ᠬᠣᠭᠣᠯᠠ ᠤᠮᠳᠠ ᠪᠠᠨ ᠢᠳᠡᠵᠦ ᠤᠤᠭᠤᠵᠤ ᠠᠮᠠᠷᠠᠵᠤ ᠵᠠᠷᠢᠮ ᠨᠢ ᠭᠣᠣᠯ ᠤ᠋ᠨ ᠤᠰᠤᠨ ᠠ᠋ᠴᠠ ᠵᠢᠭᠠᠰᠤ ᠰᠡᠷᠡᠭᠡᠳᠡᠬᠦ ᠭᠡᠵᠦ ᠤᠷᠤᠯᠳᠤᠵᠤ᠂ ᠵᠠᠷᠢᠮ ᠨᠢ ᠲᠣᠭᠯᠠᠵᠤ ᠪᠠᠢᠲᠠᠯ᠎ᠠ᠄
— ᠲᠠᠨ ᠲᠠᠢ ᠵᠠᠳᠠᠷᠠᠨ ᠤ᠋ ᠨᠢᠭᠡ ᠴᠡᠷᠢᠭ ᠠᠭᠤᠯᠵᠠᠶ᠎ᠠ ᠭᠡᠵᠦ ᠪᠠᠢᠨ᠎ᠠ ᠭᠡᠵᠦ ᠰᠢᠳᠠᠷ ᠴᠡᠷᠢᠭ ᠨᠢ ᠮᠡᠳᠡᠭᠦᠯᠬᠦ ᠳ᠋ᠦ᠍ ᠪᠣᠭᠣᠷᠴᠢ ᠵᠣᠲᠣᠭᠣᠷ ᠮᠠᠢᠬᠠᠨ ᠠ᠋ᠴᠠ ᠭᠠᠷᠴᠤ ᠣᠴᠢᠪᠠᠰᠤ ᠨᠤᠲᠤᠭ ᠤ᠋ᠨ ᠬᠦᠦ᠂ ᠡᠪᠦᠭᠡᠨ ᠪᠠᠭᠠᠲᠤᠷ ᠪᠤᠷᠴᠤᠤ ᠶ᠋ᠢᠨ ᠬᠣᠶᠠᠷ ᠱᠠᠪᠢ ᠶ᠋ᠢᠨ ᠨᠢᠭᠡ ᠨᠢ ᠪᠣᠯᠬᠤ ᠰᠦᠬᠡ ᠪᠠᠢᠪᠠ᠃ ᠨᠤᠲᠤᠭ ᠤ᠋ᠨ ᠬᠥᠪᠡᠭᠦᠳ ᠪᠠᠶᠠᠷᠯᠠᠯᠳᠤᠨ ᠠᠭᠤᠯᠵᠠᠵᠤ᠄
— ᠴᠢ ᠶᠡᠷᠦ ᠨᠢ ᠡᠨᠳᠡ ᠨᠡᠯᠢᠶᠡᠳ ᠲᠣᠮᠣ ᠳᠠᠷᠤᠭ᠎ᠠ ᠶᠤᠮ ᠤᠤ ᠳᠠ ᠭᠡᠵᠦ ᠰᠦᠬᠡ ᠨᠢ ᠬᠡᠯᠡᠪᠡᠯ ᠪᠣᠭᠣᠷᠴᠢ᠄
— ᠲᠡᠢᠮᠦ ᠠ᠋᠂ ᠪᠢ ᠡᠨᠳᠡ ᠨᠡᠯᠢᠶᠡᠳ ᠲᠣᠮᠣ ᠳᠠᠷᠤᠭ᠎ᠠ᠃ ᠬᠠᠷᠢᠨ ᠴᠢ ᠶᠠᠭᠠᠬᠢᠭᠠᠳ ᠡᠨᠳᠡ ᠴᠡᠷᠢᠭ ᠲᠦ᠍ ᠶᠠᠪᠤᠵᠤ ᠪᠠᠢᠳᠠᠭ ᠶᠤᠮ ᠪᠣᠢ?
— ᠵᠠᠳᠠᠷᠠᠨ ᠤ᠋ ᠮᠠᠨ ᠤ᠋ ᠬᠢᠨ ᠡᠴᠡ ᠨᠡᠯᠢᠶᠡᠳ ᠴᠡᠷᠢᠭ ᠲᠠᠲᠠᠭᠰᠠᠨ ᠭᠡᠬᠦ ᠳ᠋ᠦ᠍ ᠪᠣᠭᠣᠷᠴᠢ᠄
— ᠵᠠ ᠵᠠ᠂ ᠠᠪᠤ ᠡᠵᠢ ᠲᠡᠢ ᠮᠢᠨᠢ ᠠᠭᠤᠯᠵᠠᠭᠰᠠᠨ ᠤᠤ? ᠮᠠᠨ ᠤ᠋ ᠬᠢ ᠪᠡᠷ ᠣᠷᠣᠵᠤ ᠪᠠᠢᠪᠠᠤ? ᠭᠡᠵᠦ ᠠᠰᠠᠭᠤᠪᠠ᠃
— ᠪᠢ ᠰᠠᠷ᠎ᠠ ᠶ᠋ᠢᠨ ᠡᠮᠦᠨ᠎ᠡ ᠴᠡᠷᠢᠭ ᠲᠦ᠍ ᠲᠠᠲᠠᠭᠳᠠᠭᠰᠠᠨ ᠯᠠ ᠳᠠ᠃ ᠴᠡᠷᠢᠭ ᠲᠦ᠍ ᠢᠷᠡᠬᠦ ᠡᠴᠡ ᠡᠮᠦᠨ᠎ᠡ ᠣᠷᠣᠵᠤ ᠪᠠᠢᠭᠰᠠᠨ᠃ ᠰᠠᠢᠨ ᠪᠠᠢᠭ᠎ᠠ᠃ ᠴᠢᠨᠦ ᠬᠦᠦ ᠭᠡᠵᠦ ᠨᠢᠭᠡ ᠵᠢᠭᠠᠬᠠᠨ ᠬᠡᠦᠬᠡᠳ ᠮᠥᠯᠬᠥᠵᠦ ᠪᠠᠢᠨ᠎ᠠ ᠪᠢᠯᠡ᠃ ᠴᠢ ᠴᠦ᠍ ᠬᠡᠳᠦᠢ ᠳ᠋ᠦ᠍᠂ ᠬᠠᠮᠢᠭ᠎ᠠ ᠬᠡᠦᠬᠡᠳ ᠲᠡᠢ ᠪᠣᠯᠤᠭᠰᠠᠨ ᠶᠤᠮ ᠪᠣᠢ? ᠭᠡᠵᠦ ᠠᠰᠠᠭᠤᠪᠠᠯ ᠪᠣᠭᠣᠷᠴᠢ ᠪᠣᠳᠣᠯᠭᠠᠰᠢᠷᠠᠨ᠄
— ᠲᠡᠢᠮᠦ ᠠ᠋᠂ ᠪᠢ ᠬᠡᠦᠬᠡᠳ ᠲᠡᠢ᠃ ᠬᠥᠭᠡᠷᠦᠬᠦᠨ ᠪᠠᠢᠨ᠎ᠠ ᠤᠤ? ᠭᠡᠪᠡ᠃
— ᠬᠥᠭᠡᠷᠦᠬᠦᠨ᠂ ᠬᠥᠭᠡᠷᠦᠬᠦᠨ᠃ ᠬᠥᠭᠡᠷᠦᠬᠦᠨ ᠠᠮᠢᠲᠠᠨ ᠨᠠᠮ᠎ᠠ ᠶ᠋ᠢ ᠬᠠᠷᠠᠭᠠᠳ ᠢᠨᠢᠶᠡᠵᠦ᠂ ᠱᠤᠯᠤᠭᠠᠨᠠᠵᠤ ᠪᠠᠢᠨ᠎ᠠ ᠪᠢᠯᠡ᠃ ᠪᠣᠭᠤᠷᠴᠢ ᠰᠦᠷᠡᠬᠡᠢ ᠤᠷᠲᠤ ᠪᠠᠷ ᠰᠠᠨᠠᠭ᠎ᠠ ᠠᠯᠳᠠᠵᠤ᠄
— ᠬᠥᠭᠡᠷᠦᠬᠦᠢ ᠳᠡ᠃ ᠬᠥᠮᠦᠨ ᠯᠡ ᠪᠣᠯᠤᠭ᠂ ᠶᠠᠭᠠᠮᠠᠢ ᠭᠡᠳ ᠥᠪᠡᠷ ᠦ᠋ᠨ ᠡᠷᠬᠡ ᠦᠭᠡᠢ ᠨᠢᠯᠪᠤᠰᠤ ᠤᠨᠠᠭᠠᠵᠤ᠂ ᠨᠥᠭᠦᠭᠡ ᠴᠡᠷᠢᠭ ᠴᠦ᠍ ᠰᠡᠳᠬᠢᠯ ᠵᠣᠪᠠᠭᠰᠠᠨ ᠪᠠᠢᠳᠠᠯ ᠲᠠᠢ ᠰᠢᠯᠢ ᠪᠡᠨ ᠮᠠᠭᠠᠵᠢᠨ᠂ ᠬᠤᠷᠤᠭᠤ ᠭᠠᠷ ᠢ᠋ᠶ᠋ᠠᠨ ᠣᠷᠣᠯᠳᠣᠬᠤ ᠠᠵᠠᠢ᠃
— ᠠᠳᠤᠭᠤ ᠪᠠᠨ ᠶᠠᠭᠠᠬᠢᠵᠤ ᠰᠢᠭ᠋ ᠪᠠᠢᠭ᠎ᠠ ᠪᠣᠯ? ᠪᠢ ᠤᠭ ᠨᠢ ᠭᠠᠯ ᠳ᠋ᠤ᠌ ᠵᠠᠬᠢᠭᠰᠠᠨ ᠦᠭᠡ ᠪᠣᠢ ᠶᠤᠮᠰᠠᠨ ᠭᠡᠵᠦ ᠪᠣᠭᠤᠷᠴᠢ ᠠᠰᠠᠭᠤᠪᠠᠯ
— ᠭᠠᠯ ᠲᠠᠨ ᠤ᠋ ᠠᠳᠤᠭᠤ ᠶ᠋ᠢ ᠬᠠᠷᠠᠳᠠᠭ ᠪᠣᠯᠤᠭᠰᠠᠨ ᠯᠠ ᠳᠠ᠃ ᠣᠳᠣ ᠣᠲᠣᠷ ᠲᠤ᠌ ᠭᠠᠷᠤᠭᠰᠠᠨ ᠪᠠᠢᠬ᠎ᠠ᠃ ᠴᠡᠷᠢᠭ ᠲᠦ᠍ ᠲᠠᠲᠠᠭᠳᠠᠬᠤ ᠰᠢᠬᠠᠭᠰᠠᠨ᠃ ᠠᠪᠤ ᠴᠢᠨᠢ ᠯᠡ ᠠᠳᠤᠭᠤ ᠮᠠᠯ ᠥᠭᠴᠦ ᠪᠠᠢᠵᠤ ᠠᠷᠭᠠᠯᠠᠵᠤ ᠠᠪᠴᠤ ᠦᠯᠡᠳᠡᠭᠰᠡᠨ ᠭᠡᠰᠡᠨ ᠭᠡᠪᠡ᠃
— ᠠᠰᠢᠭᠦᠢ ᠳᠡ᠃ ᠠᠪᠤ ᠮᠢᠨᠢ ᠴᠦ᠍ ᠠᠷᠭ᠎ᠠ ᠲᠠᠢ᠃ ᠪᠢ ᠡᠴᠢᠭᠡ ᠡᠬᠡ᠂ ᠦᠷ᠎ᠡ ᠬᠡᠦᠬᠡᠳ ᠲᠡᠭᠡᠨ ᠬᠠᠢᠷ᠎ᠠ ᠡᠨᠡᠷᠢᠯ ᠦᠭᠡᠢ ᠴᠢᠯᠠᠭᠤᠨ ᠵᠢᠷᠦᠬᠡ ᠲᠡᠢ᠂ ᠴᠢᠨᠣ᠎ᠠ ᠶ᠋ᠢᠨ ᠳᠣᠲᠣᠷ ᠲᠠᠢ ᠬᠥᠮᠦᠨ ᠴᠦ᠍ ᠪᠢᠰᠢ ᠳᠡ᠃ ᠬᠥᠮᠦᠨ ᠦ᠌ ᠯᠡ ᠠᠳᠠᠯᠢ ᠰᠡᠳᠬᠢᠯ ᠲᠡᠢ᠂ ᠬᠦᠷᠡᠩ ᠡᠷᠢᠶᠡᠨ ᠵᠢᠷᠦᠬᠡ ᠲᠡᠢ ᠬᠥᠮᠦᠨ᠃ ᠪᠢ ᠡᠨᠡ ᠲᠡᠮᠦᠵᠢᠨ ᠳ᠋ᠦ᠍ ᠶᠢᠰᠦᠭᠡᠢ ᠡᠴᠢᠭᠡ ᠶ᠋ᠢᠨ ᠲᠤᠭ ᠰᠦᠯᠳᠡ ᠶ᠋ᠢ ᠡᠷᠭᠦᠵᠦ ᠤᠯᠤᠰ ᠭᠡᠷ ᠢ᠋ᠶ᠋ᠡᠨ ᠪᠤᠰᠬᠠᠨ᠎ᠠ ᠭᠡᠬᠦ ᠳ᠋ᠦ᠍ᠨᠢ ᠬᠦᠴᠦ ᠪᠡᠨ ᠡᠷᠭᠦᠵᠦ᠂ ᠰᠡᠳᠬᠢᠯ ᠢ᠋ᠶ᠋ᠡᠨ ᠨᠡᠮᠡᠶ᠎ᠡ ᠭᠡᠵᠦ ᠠᠮᠠ ᠥᠭᠴᠦ ᠠᠨᠳᠠᠭᠠᠢ ᠲᠠᠯᠪᠢᠵᠤ ᠬᠡᠯᠡᠭᠰᠡᠨ ᠳ᠋ᠡᠭᠡᠨ ᠬᠦᠷᠴᠦ᠂ ᠬᠡᠷᠡᠭ ᠢ᠋ ᠨᠢ ᠪᠦᠲᠦᠭᠡᠯᠴᠡᠬᠦ ᠪᠡᠷ ᠶᠠᠪᠤᠵᠤ ᠪᠠᠢᠨ᠎ᠠ᠃ ᠬᠠᠷᠢᠨ ᠴᠢᠮ᠎ᠠ ᠶ᠋ᠢ ᠲᠡᠮᠦᠵᠢᠨ ᠲᠡᠢ ᠠᠭᠤᠯᠵᠠᠭᠤᠯᠤᠶ᠎ᠠ᠂ ᠪᠠᠢᠵᠠ ! ᠭᠡᠪᠡ᠃ ᠲᠡᠮᠦᠵᠢᠨ ᠦ᠌ ᠮᠠᠢᠬᠠᠨ ᠤᠷᠤᠭᠤ ᠣᠴᠢᠵᠤ ᠶᠠᠪᠤᠲᠠᠯ᠎ᠠ ᠲᠡᠷᠡ ᠪᠡᠷ ᠴᠡᠷᠢᠭ ᠦ᠋ᠳ ᠳᠤᠮᠳᠠᠭᠤᠷ ᠶᠠᠪᠤᠵᠤ ᠪᠠᠢᠬᠤ ᠳ᠋ᠤᠨᠢ ᠲᠠᠭᠠᠷᠠᠵᠤ ᠰᠦᠬᠡ ᠶ᠋ᠢ ᠲᠡᠷᠡ ᠳᠣᠣᠷ᠎ᠠ ᠨᠢ ᠲᠠᠨᠢᠵᠤ ᠮᠡᠨᠳᠦᠯᠡᠭᠡᠳ᠄
— ᠵᠠᠮᠤᠬ᠎ᠠ ᠶ᠋ᠢᠨ ᠴᠡᠷᠢᠭ ᠲᠦ᠍ ᠶᠠᠪᠤᠵᠤ ᠪᠠᠢᠨ᠎ᠠ ᠤᠤ? ᠭᠡᠵᠦ ᠠᠰᠠᠭᠤᠵᠤ᠂ ᠴᠠᠭᠠᠳᠤᠬᠢ ᠨᠢ᠄
— ᠲᠡᠢᠮᠦ ᠭᠡᠵᠦ ᠲᠣᠪᠴᠢᠬᠠᠨ ᠬᠠᠷᠢᠭᠤᠯᠤᠯ᠎ᠠ᠃
— ᠵᠠᠮᠤᠬ᠎ᠠ ᠮᠠᠨ ᠤ᠋ ᠬᠠᠷᠢᠶ᠎ᠠ ᠨᠤᠲᠤᠭ ᠳᠡᠪᠢᠰᠬᠡᠷ ᠡᠴᠡ ᠴᠡᠷᠢᠭ ᠲᠠᠲᠠᠭᠰᠠᠨ ᠭᠡᠰᠡᠨ᠃ ᠲᠡᠭᠦᠨ ᠳ᠋ᠦ᠍ ᠣᠷᠣᠵᠤ ᠯᠠ ᠳᠠ ᠭᠡᠳ《ᠮᠠᠨ ᠤ᠋ ᠬᠢ ᠪᠡᠷ ᠣᠷᠣ》 ᠭᠡᠵᠦ ᠰᠤᠭᠤᠳᠠᠨ ᠬᠥᠲᠥᠯᠵᠦ ᠮᠠᠢᠬᠠᠨ ᠳ᠋ᠠᠭᠠᠨ ᠣᠷᠣᠵᠤ᠂ ᠨᠢᠭᠡ ᠲᠤᠤᠱᠠ ᠠᠢᠷᠠᠭ ᠠᠶᠠᠭᠠᠯᠠᠵᠤ᠂ ᠴᠢᠨᠠᠭᠰᠠᠨ ᠮᠢᠬ᠎ᠠ ᠪᠠᠷ ᠳᠠᠢᠯᠠᠨ ᠶᠠᠪᠤᠭᠤᠯᠪᠠ᠃
ᠮᠠᠷᠭᠠᠰᠢ ᠥᠷᠯᠥᠭᠡ ᠡᠴᠡ ᠨᠢ ᠰᠠᠬᠠᠯ ᠡᠪᠡᠰᠦ᠂ ᠲᠣᠷᠯᠣᠭ ᠢ᠋ᠶ᠋ᠠᠷ ᠰᠠᠯ ᠵᠠᠩᠭᠢᠳᠬᠤ ᠠᠵᠢᠯ ᠳ᠋ᠠᠭᠠᠨ ᠣᠷᠣᠵᠤ᠂ ᠬᠡᠪᠡᠭᠡᠨ ᠭᠣᠣᠯ ᠭᠠᠲᠤᠯᠤᠯᠠ᠃ ᠪᠣᠭᠣᠷᠴᠢ ᠥᠴᠥᠭᠡᠳᠦᠷ ᠦ᠋ᠨ ᠶᠠᠪᠤᠭᠤᠯᠤᠭᠰᠠᠨ ᠭᠤᠷᠪᠠᠨ ᠴᠡᠷᠢᠭ ᠲᠡᠢ ᠪᠡᠨ ᠳᠣᠬᠢᠶ᠎ᠠ ᠪᠠᠷ ᠶᠠᠷᠢᠯᠴᠠᠬᠤ ᠳ᠋ᠤ᠌ ᠲᠡᠳᠡ ᠬᠡᠯᠡ ᠣᠯᠵᠠᠯᠠᠭᠰᠠᠨ ᠪᠠᠢᠪᠠ᠃ ᠣᠯᠵᠠᠯᠠᠭᠳᠠᠭᠰᠠᠳ ᠤ᠋ᠨ ᠨᠢᠭᠡᠨ ᠪᠣᠯᠬᠤ ᠠᠬᠢᠮᠠᠭ ᠨᠠᠰᠤᠨ ᠤ᠋ ᠵᠢᠭᠠᠰᠤᠴᠢᠨ ᠮᠡᠷᠭᠢᠳ ᠦ᠋ᠨ ᠪᠠᠢᠷᠢᠯᠠᠯ ᠢ᠋ ᠰᠠᠢᠨ ᠮᠡᠳᠡᠵᠦ ᠪᠠᠢᠵᠠᠢ᠃ ᠲᠡᠭᠦᠨ ᠦ᠌ ᠥᠴᠢᠭ ᠡᠴᠡ ᠬᠠᠭᠠᠳ ᠮᠡᠷᠭᠢᠳ ᠦ᠋ᠨ ᠬᠠᠲᠠᠢ ᠲᠠᠷᠮᠠᠯᠠ ᠶ᠋ᠢ ᠠᠳᠠᠩᠭᠠᠯᠠᠨ ᠮᠡᠳᠡᠵᠦ᠂ ᠲᠡᠭᠦᠨ ᠳ᠋ᠦ᠍ ᠬᠣᠷᠣᠬᠠᠢᠰᠠᠪᠠ᠃ ᠲᠡᠮᠦᠵᠢᠨ ᠬᠡᠷᠡᠭ ᠦ᠋ᠨ ᠡᠵᠡᠨ᠂ ᠬᠡᠩᠭᠡᠷᠭᠡ ᠶ᠋ᠢᠨ ᠴᠣᠬᠢᠭᠤᠷ ᠪᠣᠯᠬᠣᠷ ᠭᠣᠣᠯ ᠪᠠᠢᠷᠢᠯᠠᠯ ᠡᠵᠡᠯᠡᠬᠦ ᠪᠤᠭᠤᠷ᠎ᠠ ᠬᠡᠭᠡᠷ᠎ᠡ ᠭᠡᠳᠡᠭ ᠭᠠᠵᠠᠷ ᠪᠠᠢᠭ᠎ᠠ ᠳᠣᠭᠲᠣᠭ᠎ᠠ ᠪᠡᠬᠢ ᠶ᠋ᠢ ᠴᠢᠭᠯᠡᠵᠦ ᠶᠠᠭᠤᠨ ᠤ᠋ ᠲᠦᠷᠦᠭᠦᠦ ᠪᠥᠷᠲᠡ ᠶ᠋ᠢ ᠣᠯᠬᠤ ᠤᠴᠢᠷ ᠲᠠᠢ ᠲᠤᠯᠠ ᠪᠦᠬᠦ ᠡᠩᠨᠡᠭᠡᠨ ᠦ᠌ ᠲᠥᠪ ᠲᠦ᠍ ᠳᠠᠭᠠᠷᠢᠬᠤ᠂ ᠬᠣᠶᠠᠷ ᠲᠠᠯ᠎ᠠ ᠳ᠋ᠤ᠌ ᠬᠠᠰᠠᠷ᠂ ᠪᠡᠯᠭᠦᠳᠡᠢ ᠪᠠᠷᠠᠭᠤᠨ ᠵᠢᠭᠦᠷ ᠦ᠋ᠨ ᠵᠠᠬ᠎ᠠ ᠳ᠋ᠤ᠌ ᠪᠣᠭᠣᠷᠴᠢ ᠶ᠋ᠢᠨ ᠪᠦᠯᠦᠭ ᠳᠣᠪᠲᠣᠯᠬᠤ ᠲᠤᠯᠠ ᠲᠤᠭᠤᠷᠢᠯ ᠬᠠᠨ ᠲᠠᠢ ᠰᠢᠬᠠᠨ ᠨᠡᠢᠯᠡᠵᠦ ᠶᠠᠪᠤᠨ᠎ᠠ᠃ ᠨᠥᠭᠦᠭᠡ ᠪᠠᠷᠠᠭᠤᠨ ᠵᠢᠭᠦᠷ ᠦ᠋ᠨ ᠵᠠᠬ᠎ᠠ ᠳ᠋ᠤ᠌ ᠵᠡᠯᠮ᠎ᠡ ᠶ᠋ᠢᠨ ᠪᠦᠯᠦᠭ ᠵᠠᠮᠤᠬ᠎ᠠ ᠲᠠᠢ ᠵᠠᠬ᠎ᠠ ᠨᠡᠢᠯᠡᠨ᠎ᠡ᠃
ᠪᠣᠭᠣᠷᠴᠢ ᠣᠯᠵᠠᠯᠠᠭᠰᠠᠨ ᠬᠥᠮᠦᠨ ᠡᠴᠡ ᠮᠡᠳᠡᠬᠦ ᠭᠡᠰᠡᠨ ᠢ᠋ᠶ᠋ᠡᠨ ᠮᠡᠳᠡᠵᠦ ᠠᠪᠤᠭᠠᠳ ᠲᠡᠮᠦᠵᠢᠨ ᠳ᠋ᠦ᠍ ᠬᠦᠷᠭᠡᠵᠦ ᠥᠭᠪᠡ᠃ ᠲᠡᠮᠦᠵᠢᠨ ᠶᠡᠬᠡᠳᠡ ᠣᠯᠵᠠᠭᠤᠷᠬᠠᠨ ᠪᠠᠢᠴᠠᠭᠠᠵᠤ᠄
— ᠨᠡᠷ᠎ᠡ ᠬᠡᠨ ᠪᠣᠢ?
— ᠬᠥᠬᠡ᠃
— ᠤᠳᠤᠮ ᠤᠭᠰᠠᠭ᠎ᠠ?
— ᠵᠠᠯᠠᠢᠷ᠃
— ᠶᠠᠭᠠᠬᠢᠭᠠᠳ?
— ᠮᠢᠨᠦ ᠡᠬᠡ ᠮᠡᠷᠭᠢᠳ ᠬᠥᠮᠦᠨ ᠪᠠᠢᠭᠰᠠᠨ ᠶᠤᠮ᠃ ᠨᠠᠮ᠎ᠠ ᠶ᠋ᠢ ᠪᠠᠭ᠎ᠠ ᠪᠠᠢᠬᠤ ᠳ᠋ᠤ᠌ ᠡᠴᠢᠭᠡ ᠲᠡᠢᠨ ᠳ᠋ᠦ᠍ ᠦᠷᠡᠭᠳᠡᠵᠦ᠂ ᠡᠬᠡ ᠮᠠᠨᠢ ᠨᠤᠲᠤᠭ ᠪᠤᠴᠠᠵᠤ ᠢᠷᠡᠭᠰᠡᠨ᠃
— ᠴᠡᠷᠢᠭ ᠲᠦ᠍ ᠣᠷᠣᠵᠤ ᠲᠡᠢᠨ ᠪᠠᠢᠯᠳᠤᠭᠠᠨ ᠳ᠋ᠤ᠌ ᠣᠷᠣᠯᠴᠠᠵᠤ ᠪᠠᠢᠭᠰᠠᠨ ᠤᠤ?
— ᠪᠠᠢᠭᠰᠠᠨ᠃ ᠲᠡᠭᠡᠬᠦ ᠳ᠋ᠡᠭᠡᠨ ᠱᠠᠯᠢᠲᠠᠢ ᠳᠠᠢᠳᠤᠵᠤ ᠪᠠᠢᠭ᠎ᠠ ᠦᠭᠡᠢ᠃ ᠲᠠᠢᠴᠢᠭᠤᠳ᠂ ᠵᠠᠯᠠᠢᠷ ᠤ᠋ᠨ ᠬᠢᠨ ᠲᠡᠢ ᠬᠠᠶᠠ ᠬᠠᠶᠠ ᠱᠦᠷᠬᠥᠴᠡᠯᠳᠥᠬᠥ ᠳ᠋ᠦ᠍ ᠶᠠᠪᠤᠵᠤ ᠪᠠᠢᠭᠰᠠᠨ᠃
— ᠠᠯᠢ ᠨᠢ ᠢᠯᠠᠵᠤ ᠪᠠᠢᠭᠰᠠᠨ ᠪᠣᠢ?
— ᠢᠯᠠᠵᠤ ᠪᠠᠵᠠᠭᠠᠭᠰᠠᠨ ᠶᠠᠭᠤᠮ᠎ᠠ ᠠᠯᠢ ᠠᠯᠢᠨ ᠳ᠋ᠤᠨᠢ ᠪᠠᠢᠭ᠎ᠠ ᠦᠭᠡᠢ᠃
— ᠲᠠᠨ ᠢ᠋ ᠪᠠᠢᠯᠳᠤᠵᠤ ᠪᠠᠢᠬᠤ ᠳ᠋ᠤ᠌ ᠲᠠᠢᠴᠢᠭᠤᠳ ᠤ᠋ᠨ ᠤᠳᠤᠷᠢᠳᠤᠭᠴᠢ ᠨᠢ ᠬᠡᠨ ᠪᠠᠢᠭᠰᠠᠨ ᠪᠣᠢ?
— ᠶᠢᠰᠦᠭᠡᠢ ᠪᠠᠭᠠᠲᠤᠷ ᠯᠠ ᠭᠡᠯᠴᠡᠳᠡᠭ ᠪᠠᠢᠭᠰᠠᠨ᠂ ᠰᠤᠷᠠᠭ ᠦᠭᠡᠢ ᠪᠣᠯᠤᠭᠠᠳ ᠨᠡᠯᠢᠶᠡᠳ ᠤᠳᠠᠵᠤ ᠳᠠ᠃
— ᠪᠢ ᠲᠡᠷᠡ ᠶᠢᠰᠦᠭᠡᠢ ᠪᠠᠭᠠᠲᠤᠷ ᠤ᠋ᠨ ᠬᠦᠦ ᠲᠡᠮᠦᠵᠢᠨ ᠭᠡᠳᠡᠭ᠁ ᠡᠪᠦᠭᠡᠨ ᠪᠣᠰᠴᠤ ᠡᠪᠦᠳᠦᠭ ᠰᠥᠬᠥᠷᠡᠨ ᠮᠡᠬᠦᠢᠵᠦ᠂ ᠲᠠᠭᠠᠷᠢᠮᠠᠯ ᠰᠠᠬᠠᠯ ᠢ᠋ᠶ᠋ᠠᠨ ᠢᠯᠪᠢᠨ᠄
— ᠵᠣᠯᠪᠣᠭ᠎ᠠ ᠲᠠᠢ ᠰᠠᠢᠬᠠᠨ ᠬᠦᠦ ᠪᠠᠢᠨ᠎ᠠ ᠳᠠ᠃ ᠤᠷᠲᠤ ᠨᠠᠰᠤᠯᠠᠵᠤ ᠤᠳᠠᠭᠠᠨ ᠵᠢᠷᠭᠠᠵᠤ ᠤᠯᠤᠰ ᠭᠡᠷ ᠢ᠋ᠶ᠋ᠡᠨ ᠮᠠᠨᠳᠤᠭᠤᠯᠵᠤ ᠶᠠᠪᠤᠭᠠᠷᠠᠢ! ᠭᠡᠵᠦ ᠢᠷᠦᠭᠡᠯ ᠦᠭᠡ ᠬᠡᠯᠡᠪᠡ᠃ ᠲᠡᠮᠦᠵᠢᠨ᠄
— ᠵᠠ ᠵᠠ᠂ ᠰᠠᠢᠬᠠᠨ ᠢᠷᠦᠭᠡᠯ ᠬᠡᠯᠡᠯ᠎ᠡ᠃ ᠲᠠ ᠴᠦ᠍ ᠭᠡᠰᠡᠨ ᠤᠷᠲᠤ ᠨᠠᠰᠤᠯᠠᠵᠤ ᠤᠳᠠᠭᠠᠨ ᠵᠢᠷᠭᠠᠭᠠᠷᠠᠢ ᠭᠡᠳ ᠵᠢᠭᠠᠬᠠᠨ ᠪᠣᠳᠣᠯᠭᠠᠰᠢᠷᠠᠨ ᠥᠷᠥᠭᠡᠰᠦᠨ ᠨᠢᠳᠦ ᠪᠡᠨ ᠠᠨᠢᠵᠤ᠄
— ᠥᠩᠭᠡᠷᠡᠭᠰᠡᠨ ᠵᠤᠨ ᠤ᠋ ᠡᠬᠢᠨ ᠰᠠᠷ᠎ᠠ ᠳ᠋ᠤ᠌ ᠪᠣᠷᠵᠢᠭᠢᠨ ᠠ᠋ᠴᠠ ᠲᠠᠨ ᠤ᠋ ᠡᠵᠡᠨ ᠲᠣᠭᠲᠤᠭ᠎ᠠ ᠪᠡᠬᠢ ᠶ᠋ᠢᠨ ᠣᠯᠵᠠᠯᠠᠵᠤ ᠢᠷᠡᠭᠰᠡᠨ ᠬᠡᠳᠦᠨ ᠡᠮᠡᠰ ᠬᠡᠦᠬᠡᠨ ᠨᠦ᠍ᠭᠦᠳ ᠬᠠᠮᠢᠭᠠᠭᠤᠷ ᠶᠠᠭᠠᠬᠢᠵᠤ ᠰᠠᠭᠤᠳᠠᠭ ᠢ᠋ ᠮᠡᠳᠡᠬᠦ ᠤᠤ? ᠭᠡᠵᠦ ᠠᠰᠠᠭᠤᠪᠠ᠃ ᠣᠯᠵᠠᠯᠠᠭᠳᠠᠭᠰᠠᠨ ᠡᠪᠦᠭᠡᠨ ᠬᠣᠭᠣᠯᠠᠢ ᠵᠠᠰᠠᠵᠤ᠂ ᠬᠠᠨᠢᠶᠠᠬᠤ ᠬᠣᠶᠠᠷ ᠤ᠋ᠨ ᠳᠤᠮᠳᠠᠭᠤᠷ ᠠᠪᠢᠶ᠎ᠠ ᠭᠠᠷᠭᠠᠭᠠᠳ᠄
— ᠮᠡᠳᠡᠨ᠎ᠡ ᠭᠡᠬᠦ ᠳ᠋ᠦ᠍ ᠶᠠᠭᠤ ᠪᠠᠢᠬᠤ ᠪᠣᠢ? ᠭᠡᠬᠦ ᠳ᠋ᠡᠭᠡᠨ ᠰᠣᠨᠣᠰᠴᠤ ᠲᠤᠭᠤᠯᠤᠭᠰᠠᠨ ᠶᠤᠮ ᠪᠠᠢᠨ᠎ᠠ ᠭᠡᠪᠡ᠃ ᠲᠡᠮᠦᠵᠢᠨ᠄
— ᠰᠣᠨᠣᠰᠴᠤ ᠲᠤᠭᠤᠯᠤᠭᠰᠠᠨ ᠢ᠋ᠶ᠋ᠠᠨ ᠬᠡᠯᠡ᠃ ᠲᠡᠳᠡ ᠬᠡᠨ ᠦ᠌ ᠭᠠᠷ ᠲᠤ᠌ ᠪᠠᠢᠭ᠎ᠠ ᠪᠣᠢ? ᠭᠡᠪᠡᠯ ᠨᠥᠭᠦᠭᠡ ᠡᠪᠦᠭᠡᠨ᠄
— ᠨᠢᠭᠡ ᠰᠠᠢᠬᠠᠨ ᠦᠵᠡᠰᠬᠦᠯᠡᠩ ᠲᠡᠭᠦᠯᠳᠡᠷ ᠵᠠᠯᠠᠭᠤᠬᠠᠨ᠂ ᠰᠢᠨᠠᠯᠵᠤ ᠵᠣᠪᠠᠭᠰᠠᠨ ᠬᠠᠲᠤᠨ ᠪᠠᠢᠳᠠᠭ ᠭᠡᠰᠡᠨ᠃ ᠮᠠᠨ ᠤ᠋ ᠡᠵᠡᠨ ᠦ᠌ ᠲᠥᠷᠥᠭᠰᠡᠨ ᠳᠡᠭᠦᠦ ᠴᠢᠯᠡᠬᠡᠷ ᠪᠥᠬᠡ ᠭᠡᠵᠦ ᠨᠢᠭᠡ ᠲᠣᠮᠣ ᠨᠣᠶᠠᠨ ᠤ᠋ ᠳᠡᠷᠭᠡᠳᠡ ᠪᠠᠢᠳᠠᠭ ᠭᠡᠮᠡᠨ ᠶᠠᠷᠢᠳᠠᠭ᠃ ᠠᠷᠭ᠎ᠠ ᠴᠦ᠍ ᠦᠭᠡᠢ ᠳᠡ᠃ ᠲᠡᠷᠡ ᠵᠢᠭᠠᠬᠠᠨ ᠬᠠᠲᠤᠨ ᠰᠠᠨᠠᠭ᠎ᠠ ᠪᠠᠷ ᠤᠨᠠᠯ ᠦᠭᠡᠢ ᠶᠠᠭᠠᠬᠢᠬᠤᠪ! ᠮᠠᠨ ᠤ᠋ ᠲᠡᠷᠡ ᠨᠣᠶᠠᠨ ᠳᠥᠴᠢ ᠬᠣᠯᠠ ᠭᠠᠷᠴᠤ ᠪᠠᠢᠭ᠎ᠠ᠁ ᠭᠡᠯᠴᠡᠳᠡᠭ᠃
— ᠲᠡᠷᠡ ᠨᠣᠶᠠᠨ ᠤ᠋ ᠬᠢ ᠬᠠᠮᠢᠭ᠎ᠠ ᠪᠠᠢᠨ᠎ᠠ? ᠲᠣᠭᠲᠤᠭ᠎ᠠ ᠪᠡᠬᠢ ᠶ᠋ᠢᠨ ᠬᠦᠷᠢᠶᠡᠨ ᠳ᠋ᠦ᠍ ᠤᠤ? ᠭᠡᠵᠦ ᠠᠰᠠᠭᠤᠪᠠᠯ ᠡᠪᠦᠭᠡᠨ᠄
— ᠬᠦᠷᠢᠶᠡᠨ ᠳ᠋ᠦ᠍ ᠭᠡᠵᠦ ᠪᠣᠯᠤᠨ᠎ᠠ᠃ ᠭᠡᠬᠦ ᠳ᠋ᠡᠭᠡᠨ ᠠᠷᠠᠢ ᠵᠡᠭᠦᠨ ᠬᠣᠢᠭᠤᠷ ᠠᠷᠪᠠᠭᠠᠳ ᠮᠣᠳᠣ ᠭᠠᠵᠠᠷ ᠤ᠋ᠨ ᠵᠠᠢ ᠲᠠᠢ ᠪᠠᠢᠭ᠎ᠠ ᠭᠡᠪᠡ᠃ ᠲᠡᠮᠦᠵᠢᠨ᠄
— ᠲᠠ ᠲᠣᠭᠲᠤᠭ᠎ᠠ ᠪᠡᠬᠢ ᠶ᠋ᠢᠨ ᠪᠠᠢᠭ᠎ᠠ ᠪᠣᠭᠣᠷ᠎ᠠ ᠬᠡᠭᠡᠷ᠎ᠡ ᠶ᠋ᠢ ᠲᠣᠳᠣᠷᠬᠠᠢ ᠴᠢᠭ ᠲᠦ᠍᠂ ᠬᠠᠷᠠᠭᠳᠠᠵᠤ ᠪᠠᠢᠭ᠎ᠠ ᠠᠭᠤᠯᠠ ᠶ᠋ᠢᠨ ᠣᠷᠣᠢ ᠥᠨᠳᠥᠷᠯᠢᠭ ᠢ᠋ᠶ᠋ᠡᠷ ᠪᠠᠷᠢᠮᠵᠢᠶᠠᠯᠠᠵᠤ ᠵᠢᠭ᠎ᠠ ᠭᠡᠵᠦ ᠲᠤᠰᠢᠶᠠᠪᠠᠯ ᠡᠪᠦᠭᠡᠨ᠄
— ᠪᠣᠭᠣᠷ᠎ᠠ ᠬᠡᠭᠡᠷ᠎ᠡ ᠥᠷᠭᠡᠨ ᠨᠤᠲᠤᠭ ᠯᠠ ᠳᠠ ᠭᠡᠵᠦ ᠰᠠᠬᠠᠯ ᠢ᠋ᠶ᠋ᠠᠨ ᠢᠯᠢᠵᠦ ᠰᠠᠷᠠᠪᠴᠢᠯᠠᠨ ᠬᠠᠷᠠᠵᠤ ᠪᠠᠢᠭᠰᠠᠨ ᠢ᠋ᠶ᠋ᠠᠨ ᠭᠠᠷ ᠢ᠋ᠶ᠋ᠠᠷ ᠢ᠋ᠶ᠋ᠠᠨ ᠵᠢᠭᠠᠵᠤ᠄
— ᠲᠡᠷᠡ ᠨᠢᠭᠡ ᠥᠨᠳᠥᠷ ᠬᠠᠷᠠᠭᠳᠠᠵᠤ ᠪᠠᠢᠭ᠎ᠠ ᠪᠢᠵᠡ? ᠲᠡᠷᠡ ᠴᠢᠭ ᠲᠦ᠍᠁ ᠭᠡᠯᠡ᠃
ᠲᠡᠮᠦᠵᠢᠨ ᠡᠰᠡᠷᠭᠦ ᠲᠠᠯ᠎ᠠ ᠶ᠋ᠢᠨ ᠠᠭᠤᠯᠠ ᠶ᠋ᠢᠨ ᠣᠷᠣᠢ ᠶ᠋ᠢ ᠬᠠᠷᠠᠵᠤ ᠴᠢᠭ ᠬᠣᠯᠪᠣᠵᠤ ᠠᠪᠤᠭᠠᠳ᠄
— ᠲᠡᠷᠡ ᠬᠦᠷᠢᠶᠡᠨ ᠳ᠋ᠦ᠍ ᠬᠢᠷᠢ ᠣᠯᠠᠨ ᠠᠢᠯ ᠡᠷᠦᠬᠡ᠂ ᠬᠡᠨ ᠬᠡᠨ ᠪᠠᠢᠳᠠᠭ ᠪᠣᠢ? ᠭᠡᠵᠦ ᠣᠯᠵᠠᠯᠠᠭᠳᠠᠭᠰᠠᠨ ᠡᠪᠦᠭᠡᠨ ᠡᠴᠡ ᠠᠰᠠᠭᠤᠪᠠᠯ᠄
— ᠣᠯᠠᠨ ᠠ᠋᠂ ᠣᠯᠠᠨ᠃ ᠡᠵᠡᠨ ᠦ᠌ ᠬᠠᠲᠤᠳ ᠠᠪᠠᠬᠠᠢ᠂ ᠦᠷ᠎ᠡ ᠬᠡᠦᠬᠡᠳ᠂ ᠠᠬ᠎ᠠ ᠳᠡᠭᠦᠦ ᠨᠠᠷ ᠠ᠋ᠴᠠ ᠴᠦ᠍ ᠪᠠᠢᠳᠠᠭ ᠪᠠᠢᠬ᠎ᠠ᠃ ᠴᠡᠷᠢᠭ ᠦ᠋ᠨ ᠲᠣᠮᠣ ᠳᠠᠷᠤᠭ᠎ᠠ ᠨᠣᠶᠠᠳ᠂ ᠲᠦᠰᠢᠮᠡᠳ᠂ ᠡᠳᠦᠷ ᠳᠣᠳᠣᠮ ᠤ᠋ᠨ ᠠᠵᠢᠯ ᠵᠠᠯᠭᠠᠭᠤᠯᠬᠤ ᠠᠯᠪᠠᠲᠤ ᠵᠠᠷᠤᠴᠠ᠂ ᠠᠶᠠᠭᠠᠴᠢᠨ ᠰᠢᠪᠡᠭᠴᠢᠨ ᠭᠡᠳ ᠯᠡ ᠁ ᠭᠡᠪᠡ᠃
— ᠴᠡᠷᠢᠭ ᠦ᠋ᠳ? ᠭᠡᠵᠦ ᠠᠰᠠᠭᠤᠪᠠᠯ ᠡᠪᠦᠭᠡᠨ᠄
— ᠳᠣᠯᠣᠭ᠎ᠠ ᠬᠣᠨᠣᠭ ᠢ᠋ᠶ᠋ᠠᠷ ᠡᠭᠡᠯᠵᠢᠯᠡᠳᠡᠭ ᠶᠦᠮ ᠤᠤ? ᠳ᠋ᠠ᠃ ᠡᠵᠡᠨ ᠦ᠌ ᠳᠡᠷᠭᠡᠳᠡ ᠲᠠᠪᠢ ᠵᠢᠷᠠᠨ ᠴᠡᠷᠢᠭ᠂ ᠬᠣᠭᠣᠯᠠ ᠤᠮᠳᠠ ᠲᠠᠢ ᠪᠠᠨ ᠣᠴᠢᠵᠤ ᠰᠠᠬᠢᠨ ᠬᠠᠮᠠᠭᠠᠯᠠᠵᠤ ᠪᠠᠢᠳᠠᠭ ᠭᠡᠰᠡᠨ ᠭᠡᠬᠦ ᠳ᠋ᠦ᠍ ᠲᠡᠮᠦᠵᠢᠨ᠄
— ᠵᠠ᠂ ᠵᠠ ᠪᠢᠳᠡ ᠡᠢᠰᠢ ᠪᠡᠨ ᠢᠷᠡᠶ᠎ᠡ ᠬᠡ ᠥᠬᠡᠢ ᠶᠦᠮ᠃ ᠭᠡᠲᠡᠯ᠎ᠡ ᠲᠠᠨ ᠤ᠋ ᠡᠵᠡᠳ ᠨᠣᠶᠠᠳ ᠪᠢᠳᠡᠨ ᠢ᠋ ᠳᠠᠯᠠᠯᠤᠨ ᠳᠠᠭᠤᠳᠠᠵᠤ ᠯᠠ ᠢᠷᠡᠭᠦᠯᠦᠭᠰᠡᠨ ᠶᠦᠮ ᠰᠢᠦ᠃ ᠵᠢᠭᠠᠬᠠᠨ ᠲᠦᠢᠪᠡᠭᠡᠬᠦ ᠯᠡ ᠪᠠᠢᠬ᠎ᠠ ᠳᠠ᠃ ᠢᠩᠭᠢᠬᠦ ᠳ᠋ᠦ᠍ ᠲᠠ ᠶᠡᠷᠦ ᠨᠢ ᠶᠠᠭᠠᠬᠢᠵᠤ ᠠᠵᠤ ᠲᠥᠷᠥᠳᠡᠭ ᠬᠥᠮᠦᠨ ᠪᠣᠢ? ᠦᠷ᠎ᠡ ᠬᠡᠦᠬᠡᠳ ᠲᠠᠢ ᠯᠠ ᠪᠢᠵᠡ ᠳᠡ? ᠭᠡᠯᠡ᠃
— ᠪᠢ ᠶᠠᠳᠠᠭᠤᠬᠠᠨ ᠠᠮᠢᠳᠤᠷᠠᠯ ᠲᠠᠢ ᠬᠥᠮᠦᠨ᠃ ᠴᠡᠷᠢᠭ ᠴᠤᠤᠬᠠᠢ ᠭᠡᠵᠦ ᠶᠠᠪᠤᠭᠠᠳ ᠣᠷᠣᠢᠬᠠᠨ ᠭᠡᠷᠯᠡᠭᠰᠡᠨ᠃ ᠲᠡᠷᠡ ᠮᠠᠨᠢ ᠳᠥᠴᠢ ᠰᠢᠬᠠᠵᠤ ᠶᠠᠪᠤᠨ᠎ᠠ᠃ ᠬᠡᠦᠬᠡᠳ ᠦ᠋ᠨ ᠬᠠᠮᠤᠭ ᠤ᠋ᠨ ᠲᠣᠮᠣ ᠨᠢ ᠠᠷᠪᠠᠨ ᠭᠤᠷᠪᠠ ᠬᠦᠷᠴᠦ ᠪᠠᠢᠨ᠎ᠠ᠃ ᠪᠠᠭ᠎ᠠ ᠨᠢ ᠭᠤᠷᠪᠠᠨ ᠨᠠᠰᠤ ᠲᠠᠢ᠂ ᠲᠠᠪᠤᠨ ᠨᠠᠰᠤ ᠲᠠᠢ ᠬᠡᠦᠬᠡᠳ ᠲᠡᠢ᠃ ᠬᠥᠷᠥᠩᠭᠡ ᠬᠣᠭᠰᠢᠯ ᠭᠡᠪᠡᠯ ᠬᠣᠶᠠᠷ ᠭᠤᠷᠪᠠᠨ ᠤᠨᠤᠭᠠᠨ ᠤ᠋ ᠮᠣᠷᠢ᠂ ᠨᠢᠭᠡ ᠤᠨᠠᠭ᠎ᠠ ᠲᠠᠢ ᠭᠡᠭᠦᠦ᠂ ᠠᠷᠪᠠ ᠭᠠᠷᠤᠢ ᠦᠬᠡᠷ ᠲᠡᠢ᠃ ᠡᠨᠡ ᠭᠣᠣᠯ ᠢ᠋ ᠰᠠᠬᠢᠵᠤ ᠵᠢᠭᠠᠰᠤ ᠪᠠᠷ ᠠᠮᠢ ᠵᠠᠯᠭᠠᠭᠤᠯᠵᠤ ᠪᠠᠢᠨ᠎ᠠ ᠳᠠ ᠭᠡᠵᠦ ᠥᠴᠢᠪᠡ᠃
— ᠵᠠ᠂ ᠮᠡᠳᠡᠯ᠎ᠡ᠃ ᠲᠠ ᠢᠩᠭᠢᠭᠡᠳ ᠭᠡᠷ ᠲᠡᠭᠡᠨ ᠬᠠᠷᠢ ᠳᠠ ᠭᠡᠰᠡᠨ ᠢ᠋ᠶ᠋ᠡᠨ ᠪᠣᠭᠤᠷᠴᠢ ᠳ᠋ᠤ᠌ ᠬᠠᠨᠳᠤᠵᠤ᠄
— ᠬᠠᠷᠢ ᠴᠦ᠍ ᠭᠡᠵᠦ ᠳᠡ᠂ ᠪᠣᠭᠣᠷᠴᠢ ᠴᠢᠮᠠᠲᠤ ᠠᠰᠠᠭᠤᠬᠤ ᠶᠠᠭᠤᠮ᠎ᠠ ᠪᠠᠢᠨ᠎ᠠ ᠤᠤ? ᠭᠡᠪᠡᠯ ᠪᠣᠭᠤᠷᠴᠢ᠄
— ᠦᠭᠡᠢ᠂ ᠦᠭᠡᠢ᠃ ᠪᠢ ᠲᠦᠷᠦᠭᠦᠨ ᠶᠠᠷᠢᠭᠰᠠᠨ᠃ ᠳᠡᠭᠡᠷ᠎ᠡ ᠨᠢ ᠲᠠ ᠬᠣᠶᠠᠷ ᠤ᠋ᠨ ᠶᠠᠷᠢᠶ᠎ᠠ ᠶ᠋ᠢ ᠰᠣᠨᠣᠰᠤᠭᠰᠠᠨ ᠠ᠋ᠴᠠ ᠬᠣᠢᠰᠢ ᠪᠣᠯᠤᠯ᠎ᠠ ᠭᠡᠪᠡ᠃ ᠲᠡᠮᠦᠵᠢᠨ᠄
— ᠵᠠ᠂ ᠲᠡᠭᠡᠪᠡᠯ ᠬᠥᠬᠡ ᠭᠤᠸᠠᠢ ᠲᠠ ᠪᠢᠳᠡᠨ ᠢ᠋ ᠮᠣᠷᠳᠠᠭᠰᠠᠨ ᠬᠣᠢᠨ᠎ᠠ ᠶᠠᠪᠤᠭᠤᠯᠵᠠᠢ᠃ ᠪᠢᠳᠡ ᠠᠭᠤᠯᠠ ᠶ᠋ᠢᠨ ᠲᠣᠯᠣᠭᠠᠢ ᠳᠡᠭᠡᠷ᠎ᠡ ᠨᠠᠷᠠ ᠣᠴᠢᠬᠤ ᠪᠠᠷ ᠬᠥᠳᠡᠯᠦᠨ᠎ᠡ᠃ ᠣᠳᠣ ᠢᠩᠭᠢᠭᠡᠳ ᠶᠠᠪᠤᠪᠠᠯ ᠨᠢᠭᠡ ᠨᠢ ᠲᠣᠬᠣᠭᠤᠷᠬᠠᠭᠠᠳ ᠬᠠᠷᠪᠤᠴᠢᠬᠠᠬᠤ ᠶ᠋ᠢ ᠬᠡᠨ ᠪᠠᠢᠭ ᠭᠡᠬᠦᠪ? ᠪᠠᠷᠢᠵᠤ ᠠᠪᠴᠤ ᠬᠣᠷᠣᠭᠠᠵᠤ ᠴᠦ᠍ ᠮᠡᠳᠡᠨ᠎ᠡ᠃ ᠲᠠᠨ ᠢ᠋ ᠬᠠᠷᠢᠬᠤ ᠳ᠋ᠤ᠌ ᠭᠡᠷ ᠦ᠋ᠨ ᠬᠢᠨ ᠴᠢᠨᠢ ᠡᠰᠡᠨ ᠮᠡᠨᠳᠦ᠂ ᠰᠠᠢᠨ ᠪᠠᠢᠬᠤ ᠪᠤᠢ᠎ᠠ᠃ ᠮᠠᠨ ᠤ᠋ ᠬᠢᠨ ᠠᠯᠢ ᠨᠢ ᠴᠦ᠍ ᠲᠡᠢᠮᠦ ᠳᠣᠷᠣᠢ ᠬᠥᠮᠦᠰ ᠲᠦ᠍ ᠬᠠᠯᠳᠠᠬᠤ ᠦᠭᠡᠢ᠃ ᠲᠡᠭᠡᠭᠡᠳ ᠲᠠ ᠦᠷ᠎ᠡ ᠬᠡᠦᠬᠡᠳ ᠢ᠋ᠶ᠋ᠡᠨ ᠥᠰᠬᠡᠵᠦ ᠵᠢᠭᠠᠰᠤ ᠪᠠᠨ ᠪᠠᠷᠢᠵᠤ᠂ ᠮᠥᠷᠡᠨ ᠭᠣᠣᠯ ᠢ᠋ᠶ᠋ᠠᠨ ᠰᠢᠲᠦᠨ ᠰᠠᠢᠨ ᠰᠠᠢᠬᠠᠨ ᠠᠵᠤ ᠲᠥᠷᠥᠨ ᠰᠠᠭᠤᠭᠠᠷᠠᠢ! ᠭᠡᠵᠦ ᠢᠨᠢᠶᠡᠮᠰᠦᠭᠯᠡᠨ ᠬᠡᠯᠡᠪᠡ᠃
