ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ < ᠳᠡᠳ᠋ ᠪᠦᠯᠦᠭ - 21> Хүлэг баатар буурч - Б. Өлзийсүрэн <Дэд бүлэг-21> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ < ᠳᠡᠳ᠋ ᠪᠦᠯᠦᠭ - 21> Хүлэг баатар буурч - Б. Өлзийсүрэн <Дэд бүлэг-21>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ < ᠳᠡᠳ᠋ ᠪᠦᠯᠦᠭ - 21> Хүлэг баатар буурч - Б. Өлзийсүрэн <Дэд бүлэг-21>

ᠠᠩᠭᠢᠯᠠᠯ:ᠲᠤᠭᠤᠵᠢ ᠷᠣᠮᠠᠨ
2026-03-13

104

ᠥᠪᠡᠷ ᠦᠨ ᠵᠠᠮ ᠮᠥᠷ ᠢᠶᠡᠷ ᠲᠡᠮᠲᠡᠷᠢᠵᠦ ᠡᠷ᠎ᠡ ᠬᠥᠮᠥᠨ ᠦ ᠡᠷᠴᠢ ᠬᠦᠴᠦ ᠶᠢ ᠣᠯᠵᠤ ᠬᠦᠷᠲᠡᠭᠰᠡᠨ ᠳᠡᠳ᠋ ᠪᠦᠯᠦᠭ

ᠬᠣᠷᠢᠨ ᠨᠢᠭᠡ


               ᠬᠣᠷᠢᠨ ᠨᠢᠭᠡ  
                  ᠬᠥᠮᠦᠨ ᠬᠣᠶᠠᠷ ᠪᠣᠯ ᠨᠢᠭᠡ ᠨᠢ ᠠᠬᠠᠯᠠᠨ᠎ᠠ   
                        ᠨᠣᠬᠠᠢ ᠬᠣᠶᠠᠷ ᠪᠣᠯ ᠬᠣᠭᠣᠯᠠ ᠪᠠᠨ ᠪᠤᠯᠢᠶᠠᠯᠳᠤᠨ᠎ᠠ  

       ᠨᠠᠮᠤᠷ ᠤ᠋ᠨ ᠠᠳᠠᠭ ᠰᠠᠷ᠎ᠠ ᠪᠠᠷᠤᠭ ᠳᠤᠮᠳᠠ ᠪᠠᠨ ᠣᠷᠣᠵᠤ ᠠᠭᠤᠯᠠᠨ ᠳ᠋ᠤ᠌ ᠴᠠᠰᠤ ᠲᠣᠭᠲᠠᠭᠰᠠᠨ ᠦᠶ᠎ᠡ᠃ ᠲᠡᠮᠦᠵᠢᠨ ᠡᠨᠡ ᠨᠠᠮᠤᠷ ᠲᠠᠷᠬᠠᠮᠠᠯ ᠣᠪᠣᠭ ᠠᠢᠮᠠᠭ ᠤ᠋ᠳ ᠢ᠋ ᠨᠢᠭᠡᠳᠬᠡᠭᠰᠡᠨ ᠦ᠌ ᠦᠷ᠎ᠡ ᠳ᠋ᠦᠩ ᠳ᠋ᠦ᠍ ᠶᠡᠬᠡᠬᠡᠨ ᠭᠠᠵᠠᠷ ᠨᠤᠲᠤᠭ ᠢ᠋ ᠬᠠᠮᠤᠷᠤᠭᠰᠠᠨ ᠢᠷᠭᠡᠳ ᠦ᠋ᠳ ᠢ᠋ ᠵᠠᠬᠢᠷᠭᠠᠨ ᠳ᠋ᠠᠭᠠᠨ ᠣᠷᠣᠭᠤᠯᠵᠠᠢ᠃ ᠴᠡᠷᠢᠭ ᠨᠢ ᠭᠡᠬᠦ ᠳ᠋ᠦ᠍ ᠮᠢᠩᠭ᠎ᠠ ᠭᠡᠳᠡᠭ ᠦᠭᠡᠢ ᠶᠦᠮ ᠠ᠋ ᠭᠡᠬᠦ ᠳ᠋ᠦ᠍ ᠪᠠᠭᠰᠢᠷᠠᠭᠰᠠᠨ ᠴᠡᠷᠢᠭ ᠡᠷᠡᠰ ᠴᠤᠭᠯᠠᠷᠠᠬᠤ ᠪᠣᠯᠵᠤ᠂ ᠲᠡᠳᠡᠨ ᠢ᠋ ᠲᠠᠪᠤ᠂ ᠠᠷᠪᠠ ᠪᠠᠷ ᠪᠠᠭ ᠨᠢᠭᠡᠴᠢ ᠳ᠋ᠦ᠍ ᠬᠤᠪᠢᠶᠠᠵᠤ ᠲᠤᠰ ᠪᠦᠷᠢ ᠳ᠋ᠦ᠍ ᠳᠠᠷᠤᠭ᠎ᠠ᠂ ᠠᠬᠠᠯᠠᠭᠴᠢ ᠲᠣᠮᠢᠯᠠᠵᠤ ᠤᠯᠠᠮ ᠢ᠋ᠶ᠋ᠠᠷ ᠪᠠᠭ᠂ ᠬᠡᠰᠡᠭ᠂ ᠪᠦᠯᠦᠭ ᠪᠣᠯᠤᠨ ᠲᠣᠮᠣᠷᠠᠬᠤ ᠪᠣᠯᠠᠢ᠃ ᠪᠣᠭᠣᠷᠴᠢ ᠳ᠋ᠤ᠌ ᠨᠡᠯᠢᠶᠡᠳ ᠲᠣᠮᠣᠬᠠᠨ ᠪᠦᠯᠦᠭ ᠣᠨᠣᠭᠠᠵᠠᠢ᠃ ᠴᠡᠷᠢᠭ ᠦ᠋ᠳ ᠲᠡᠢ ᠪᠡᠨ ᠲᠠᠨᠢᠯᠴᠠᠬᠤ᠂ ᠠᠵᠢᠯ ᠰᠤᠷᠭᠠᠭᠤᠯᠢᠯᠠᠯ ᠵᠣᠬᠢᠶᠠᠨ ᠪᠠᠢᠭᠤᠯᠬᠤ ᠵᠡᠷᠭᠡ ᠪᠡᠷ ᠬᠡᠰᠡᠭ ᠬᠤᠭᠤᠴᠠᠭ᠎ᠠ ᠥᠩᠭᠡᠷᠡᠵᠦ ᠪᠦᠷ ᠴᠡᠷᠢᠭ ᠦ᠋ᠳ ᠦ᠋ᠨ ᠳᠤᠮᠳᠠ ᠣᠷᠣᠵᠤ ᠬᠠᠮᠲᠤ ᠠᠮᠢᠳᠤᠷᠠᠬᠤ ᠪᠣᠯᠪᠠ᠃ ᠴᠡᠷᠢᠭ ᠦ᠋ᠨ ᠳᠤᠮᠳᠠ ᠲᠣᠭᠲᠠᠭᠠᠭᠰᠠᠨ ᠬᠠᠲᠠᠭᠤ ᠲᠢᠭ ᠵᠢᠷᠤᠮ《ᠳᠡᠭᠡᠷ᠎ᠡ ᠡᠴᠡ ᠳᠣᠭᠣᠭᠰᠢ ᠱᠠᠲᠤ ᠳᠠᠷᠠᠭᠠᠯᠠᠨ ᠵᠠᠬᠢᠷᠬᠤ᠂ ᠠᠬᠠᠯᠠᠬᠤ ᠬᠥᠮᠦᠨ ᠦ᠌ ᠲᠤᠰᠢᠶᠠᠯ ᠢ᠋ ᠦᠭᠡ ᠳᠠᠭᠤ ᠦᠭᠡᠢ ᠪᠡᠶᠡᠯᠡᠭᠦᠯᠬᠦ᠃ ᠠᠮᠢ ᠡᠷᠡᠰᠳᠡᠵᠦ ᠪᠣᠯᠬᠤ ᠣᠰᠤᠯᠲᠠᠢ ᠵᠦᠢᠯ ᠥᠭᠡᠳᠡ ᠭᠠᠭᠴᠠᠭᠠᠷ ᠲᠡᠮᠡᠦᠯᠵᠦ ᠪᠣᠯᠬᠤ ᠦᠭᠡᠢ᠃ ᠠᠮᠢ ᠪᠣᠯ ᠴᠢᠨᠦ ᠬᠠᠮᠤᠭ ᠤ᠋ᠨ ᠦᠨᠡᠲᠦ ᠴᠢᠬᠤᠯᠠ ᠡᠷᠳᠡᠨᠢ᠃ ᠲᠡᠢᠮᠦ ᠵᠦᠢᠯ ᠳ᠋ᠦ᠍ ᠬᠣᠶᠠᠷ ᠪᠣᠯᠤᠨ ᠲᠡᠭᠦᠨ ᠡᠴᠡ ᠳᠡᠭᠡᠭᠰᠢ ᠲᠣᠭ᠎ᠠ ᠪᠠᠷ ᠬᠠᠮᠲᠤᠷᠠᠬᠤ᠃ ᠴᠡᠷᠢᠭ ᠦ᠋ᠨ ᠬᠥᠮᠦᠨ ᠬᠣᠶᠠᠷ ᠪᠣᠯᠤᠨ ᠲᠡᠭᠦᠨ ᠡᠴᠡ ᠳᠡᠭᠡᠭᠰᠢ ᠲᠣᠭ᠎ᠠ ᠪᠠᠷ ᠶᠠᠪᠤᠬᠤ ᠳ᠋ᠤ᠌ ᠵᠠᠪᠠᠯ ᠲᠤᠰᠢᠶᠠᠯ ᠲᠠᠢ᠂ ᠴᠢᠳᠠᠪᠤᠷᠢᠲᠠᠢ ᠬᠥᠮᠦᠨ ᠨᠢ ᠠᠬᠠᠯᠠᠬᠤ᠃ ᠴᠡᠷᠢᠭ ᠦ᠋ᠨ ᠬᠥᠮᠦᠨ ᠮᠣᠷᠢ ᠪᠣᠯᠤᠨ ᠵᠡᠪᠰᠡᠭ ᠢ᠋ᠶ᠋ᠡᠨ ᠠᠮᠢ ᠪᠡᠶ᠎ᠡ ᠠᠳᠠᠯᠢ ᠬᠠᠮᠠᠭᠠᠯᠠᠬᠤ᠂ ᠮᠣᠷᠢ ᠮᠠᠯ ᠲᠠᠢ ᠬᠠᠲᠠᠭᠤ ᠰᠢᠷᠦᠭᠦᠨ ᠬᠠᠷᠢᠴᠠᠪᠠᠯ ᠰᠢᠢᠳᠬᠡᠬᠦ᠃ ᠣᠯᠵᠠᠨ ᠤ᠋ ᠵᠦᠢᠯ ᠢ᠋ ᠳᠠᠩ ᠢ᠋ᠶ᠋ᠠᠷ ᠳᠤᠷ᠎ᠠ ᠮᠡᠳᠡᠨ ᠠᠪᠴᠤ ᠪᠣᠯᠬᠤ ᠦᠭᠡᠢ᠂ ᠳᠡᠭᠡᠷ᠎ᠡ ᠡᠴᠡ ᠳᠣᠭᠣᠭᠰᠢ ᠬᠤᠪᠢᠶᠠᠷᠢᠯᠠᠵᠤ ᠬᠦᠷᠲᠡᠭᠡᠨ᠎ᠡ᠃ ᠣᠯᠵᠠᠯᠠᠭᠳᠠᠭᠰᠠᠨ ᠡᠩ ᠦ᠋ᠨ ᠨᠣᠮᠣᠬᠠᠨ ᠬᠥᠮᠦᠰ ᠢ᠋ ᠳᠠᠷᠤᠯᠠᠵᠤ ᠬᠡᠷᠴᠡᠭᠡᠢᠯᠡᠵᠦ ᠪᠣᠯᠬᠤ ᠦᠭᠡᠢ᠃ ᠡᠯ᠎ᠡ ᠵᠢᠷᠤᠮ ᠢ᠋ ᠴᠡᠷᠢᠭ ᠡᠴᠡ ᠡᠬᠢᠯᠡᠭᠡᠳ ᠳᠡᠭᠡᠳᠦ ᠲᠤᠰᠢᠶᠠᠯᠲᠠ ᠪᠦᠭᠦᠳᠡ ᠴᠡᠭᠡᠵᠢᠯᠡᠨ ᠬᠠᠲᠠᠭᠤ ᠳᠠᠭᠠᠵᠤ ᠮᠣᠷᠳᠠᠨ᠎ᠠ》 ᠭᠡᠬᠦ ᠵᠡᠷᠭᠡ ᠲᠣᠭᠲᠠᠭᠠᠵᠠᠢ᠃  
       ᠴᠡᠷᠢᠭ ᠦ᠋ᠨ ᠲᠠᠯ᠎ᠠ ᠪᠠᠷ ᠬᠢ  ᠪᠦᠬᠦᠢ ᠯᠡ ᠬᠡᠷᠡᠭ ᠶᠠᠪᠤᠳᠠᠯ ᠳ᠋ᠤ᠌ ᠪᠤᠭᠤᠷᠴᠢ᠂ ᠵᠠᠯᠠᠮ᠎ᠠ᠂ ᠬᠠᠰᠠᠷ᠂ ᠪᠡᠯᠭᠦᠳᠡᠢ ᠨᠠᠷ ᠵᠥᠪᠯᠡᠭᠴᠢ ᠪᠣᠯᠵᠤ ᠪᠤᠭᠤᠷᠴᠢ ᠶ᠋ᠢ ᠴᠡᠷᠢᠭ ᠦ᠋ᠨ ᠬᠡᠷᠡᠭ ᠮᠡᠳᠡᠭᠴᠢ ᠪᠡᠷ ᠳᠠᠪᠬᠤᠷ ᠲᠣᠮᠢᠯᠠᠵᠠᠢ᠃ 
       ᠢᠷᠭᠡᠳ ᠦ᠋ᠨ ᠬᠡᠷᠡᠭ ᠢ᠋ ᠮᠡᠳᠡᠬᠦ ᠵᠠᠬᠢᠷᠤᠭᠴᠢ ᠪᠠᠷ ᠰᠢᠯᠦᠬᠡᠢ ᠶ᠋ᠢ ᠲᠣᠮᠢᠯᠠᠯ᠎ᠠ᠃  
       ᠲᠡᠮᠦᠵᠢᠨ ᠢ᠋ ᠡᠮᠦᠨ᠎ᠡ ᠵᠦᠭ ᠠᠶᠠᠯᠠᠯ ᠵᠣᠬᠢᠶᠠᠵᠤ ᠬᠠᠷᠢᠶᠠᠲᠤ ᠨᠠᠷ ᠢ᠋ᠶ᠋ᠠᠨ ᠡᠮᠬᠢᠯᠡᠨ ᠪᠠᠢᠭᠤᠯᠬᠤ ᠦᠶ᠎ᠡ ᠳ᠋ᠦ᠍ ᠪᠤᠭᠤᠷᠴᠢ ᠠᠷᠤ ᠶ᠋ᠢᠨ ᠬᠢᠨ ᠤᠷᠤᠭᠤ ᠡᠷᠭᠢᠵᠦ ᠶᠠᠪᠤᠭᠰᠠᠨ ᠶᠤᠮ᠃ ᠲᠡᠭᠦᠨ ᠢ᠋ ᠣᠴᠢᠬᠤ ᠳ᠋ᠤ᠌ ᠬᠣᠷᠢᠭᠠᠳ ᠡᠷᠡᠴᠦᠳ《ᠠᠭᠤᠯᠠ ᠶ᠋ᠢᠨ ᠮᠠᠩᠭᠤᠰ》 ᠢ᠋ ᠳᠠᠷᠤᠬᠤ ᠪᠠᠷ ᠵᠡᠪᠰᠡᠭᠯᠡᠨ ᠮᠣᠷᠳᠠᠭᠠᠳ ᠲᠡᠳᠡ ᠡᠷᠭᠢᠵᠦ ᠢᠷᠡᠭᠡ ᠦᠭᠡᠢ ᠲᠦᠭᠰᠢᠭᠦᠷᠢᠲᠡᠢ ᠪᠠᠢᠪᠠ᠃ ᠲᠡᠭᠦᠰᠬᠡᠨ ᠲᠡᠢ ᠠᠮᠢᠨᠴᠢᠯᠠᠨ ᠶᠠᠷᠢᠶ᠎ᠠ ᠪᠣᠯᠬᠤ ᠢᠯᠳᠠᠮ ᠳ᠋ᠤ᠌ ᠡᠨᠡ ᠨᠤᠲᠤᠭ ᠤ᠋ᠨ ᠬᠢᠨ ᠦ᠌ ᠳᠤᠮᠳᠠ《ᠥᠨᠥ ᠥᠷᠯᠥᠭᠡ ᠲᠡᠭᠦᠨ ᠦ᠌ ᠠᠬ᠎ᠠ ᠳᠠᠷᠬᠢ ᠶ᠋ᠢ ᠲᠠᠨᠢᠬᠤ ᠮᠡᠳᠡᠬᠦ ᠬᠥᠮᠦᠰ ᠬᠠᠷᠠᠵᠤ᠂ ᠲᠡᠭᠦᠨ ᠢ᠋ ᠨᠢᠭᠡ ᠬᠡᠦᠬᠡᠨ᠂ ᠬᠣᠶᠠᠷ ᠨᠣᠬᠠᠢ ᠳᠠᠭᠠᠭᠤᠯᠤᠭᠠᠳ ᠬᠥᠲᠥᠯᠦᠭᠡ ᠮᠣᠷᠢᠨ ᠠᠴᠢᠶ᠎ᠠ ᠲᠠᠢ ᠪᠠᠷᠠᠭᠤᠨ ᠬᠣᠢᠲᠤ ᠵᠦᠭ ᠶᠠᠪᠤᠴᠢᠬᠠᠯ᠎ᠠ᠃ ᠡᠴᠢᠭᠡ ᠨᠢ ᠣᠴᠢᠭᠠᠳ ᠶᠠᠪᠤᠭᠤᠯᠤᠭᠰᠠᠨ ᠮᠠᠭᠠᠳ ᠦᠭᠡᠢ》 ᠭᠡᠰᠡᠨ ᠴᠤᠤᠭᠢᠶᠠᠨ ᠭᠠᠷᠤᠭᠠᠳ ᠪᠠᠢᠭ᠎ᠠ ᠶ᠋ᠢ ᠰᠣᠨᠣᠰᠪᠠ᠃ 
       ᠰᠢᠯᠦᠬᠡᠢ ᠶ᠋ᠢᠨ ᠢᠷᠡᠬᠦ ᠶ᠋ᠢ ᠬᠦᠯᠢᠶᠡᠵᠦ ᠪᠠᠢᠲᠠᠯ᠎ᠠ ᠲᠡᠷᠡ ᠪᠡᠷ ᠢᠷᠡᠵᠦ᠂ ᠠᠭᠤᠯᠠ ᠶ᠋ᠢᠨ《ᠰᠡᠭᠦᠯ ᠦᠭᠡᠢ ᠴᠢᠨᠣ᠎ᠠ》 ᠨᠤᠭᠤᠳ ᠳᠣᠲᠣᠷ᠎ᠠ ᠪᠠᠨ ᠡᠪᠳᠡᠷᠡᠯᠴᠡᠵᠦ ᠭᠤᠷᠪᠠ ᠶ᠋ᠢ ᠪᠡᠨ ᠨᠤᠬᠤᠵᠤ ᠰᠢᠲᠠᠭᠠᠭᠠᠳ ᠪᠤᠰᠤᠳ ᠨᠢ ᠠᠯᠠᠭ᠎ᠠ ᠪᠣᠯᠵᠠᠢ᠃ ᠬᠠᠯᠠᠭᠤᠨ ᠨᠣᠷᠮ᠎ᠠ ᠨᠢ ᠬᠡᠪ ᠢ᠋ᠶ᠋ᠡᠷ ᠢ᠋ᠶ᠋ᠡᠨ᠂ ᠰᠢᠲᠠᠭᠰᠠᠨ ᠬᠡᠭᠦᠷ ᠳᠤᠮᠳᠠ ᠮᠠᠨ ᠤ᠋ ᠮᠠᠭᠤ ᠬᠦᠦ ᠪᠠᠢᠭ᠎ᠠ ᠡᠰᠡᠬᠦ ᠶ᠋ᠢ ᠨᠢ ᠲᠠᠨᠢᠭᠰᠠᠨ ᠦᠭᠡᠢ᠃ ᠬᠠᠷᠢᠨ ᠡᠨᠳᠡ ᠢᠷᠡᠭᠡᠳ ᠲᠡᠭᠦᠨ ᠢ᠋ ᠠᠮᠢᠳᠤ ᠮᠡᠨᠳᠦ ᠪᠣᠯᠤᠯᠲᠠᠢ ᠭᠡᠳᠡᠭ ᠢ᠋ ᠰᠣᠨᠣᠰᠤᠯ᠎ᠠ ᠭᠡᠪᠡ᠃ ᠴᠣᠬᠣᠮ ᠦᠨᠡᠨ ᠢ᠋ ᠪᠤᠭᠤᠷᠴᠢ᠂ ᠲᠡᠭᠦᠰᠬᠡᠨ ᠬᠣᠶᠠᠷ ᠯᠠ ᠮᠡᠳᠡᠬᠦ ᠪᠥᠭᠡᠳ ᠲᠡᠳᠡ ᠡᠭᠦᠨ ᠢ᠋ ᠨᠢᠭᠤᠴᠠᠯᠠᠭᠰᠠᠨ ᠲᠤᠯᠠ ᠪᠤᠰᠤᠳ ᠲᠤ᠌ ᠪᠠ ᠡᠨᠡ ᠨᠤᠲᠤᠭ ᠤ᠋ᠨ ᠬᠢᠨ ᠳ᠋ᠦ᠍ ᠴᠤᠤ ᠶᠠᠷᠢᠶ᠎ᠠ ᠬᠡᠪ ᠢ᠋ᠶ᠋ᠡᠷ ᠢ᠋ᠶ᠋ᠡᠨ ᠦᠯᠡᠳᠡᠵᠡᠢ᠃ 
      ᠪᠣᠭᠣᠷᠴᠢ ᠪᠤᠴᠠᠵᠤ ᠢᠷᠡᠭᠡᠳ ᠵᠠᠯᠠᠮ᠎ᠠ ᠶ᠋ᠢᠨ ᠬᠠᠮᠲᠤ ᠦᠯᠡᠳᠡᠭᠰᠡᠨ ᠠᠷᠪᠠ ᠭᠠᠷᠤᠢ ᠴᠡᠷᠢᠭ ᠢ᠋ᠶ᠋ᠡᠨ ᠰᠤᠷᠭᠠᠭᠤᠯᠢᠯᠠᠨ᠂ ᠠᠩ ᠬᠥᠷᠥᠭᠡᠨ ᠳ᠋ᠦ᠍ ᠶᠠᠪᠤᠭᠤᠯᠵᠤ ᠬᠣᠭᠣᠯᠠ ᠬᠦᠨᠡᠰᠦᠨ ᠳ᠋ᠦ᠍ ᠮᠢᠬ᠎ᠠ ᠤᠲᠤᠵᠤ᠂ ᠬᠠᠲᠠᠭᠠᠵᠤ ᠪᠣᠷᠴᠠᠯᠠᠨ᠂ ᠠᠩ ᠤ᠋ᠨ ᠠᠷᠠᠰᠤ ᠡᠯᠳᠡᠭᠦᠯᠵᠦ ᠮᠠᠢᠬᠠᠨ ᠬᠢᠯᠭᠡᠨ᠂ ᠪᠦᠷ ᠵᠠᠷᠢᠮ ᠭᠠᠷ ᠤ᠋ᠨ ᠤᠷ᠎ᠠ ᠲᠠᠢ ᠪᠠᠷ ᠨᠢ ᠨᠤᠮᠤ ᠰᠤᠮᠤ ᠬᠦᠷᠲᠡᠯ᠎ᠡ ᠬᠢᠯᠭᠡᠪᠡ᠃ ᠡᠨᠡ ᠵᠠᠪᠰᠠᠷ ᠪᠣᠭᠣᠷᠴᠢ ᠶ᠋ᠢᠨ ᠠᠷᠤ ᠠ᠋ᠴᠠ ᠰᠢᠯᠦᠬᠡᠢ ᠶ᠋ᠢᠨ ᠬᠢ ᠬᠠᠶᠠᠭ᠎ᠠ  ᠠᠢᠯ ᠲᠠᠢ ᠪᠠᠨ ᠨᠡᠭᠦᠵᠦ ᠢᠷᠡᠪᠡ᠃ ᠲᠡᠳᠡᠨ ᠢ᠋ ᠢᠷᠡᠭᠰᠡᠨ ᠦ᠌ ᠬᠡᠳᠦ ᠬᠣᠨᠣᠭ ᠤ᠋ᠨ ᠳᠠᠷᠠᠭ᠎ᠠ ᠲᠡᠳᠡᠨ ᠦ᠌ ᠠᠷᠤ ᠠ᠋ᠴᠠ ᠪᠠᠰᠠ ᠬᠣᠶᠠᠷ ᠠᠢᠯ ᠨᠡᠭᠦᠵᠦ ᠢᠷᠡᠨ ᠲᠡᠮᠦᠵᠢᠨ ᠦ᠌ ᠣᠲᠣᠭ ᠪᠦᠯᠢ ᠨᠡᠮᠡᠭᠳᠡᠭᠰᠡᠭᠡᠷ ᠪᠠᠢᠯ᠎ᠠ᠃ 
       ᠲᠡᠮᠦᠵᠢᠨ ᠬᠣᠷᠢ ᠭᠠᠷᠤᠢ ᠬᠣᠨᠣᠭ ᠶᠠᠪᠤᠵᠤ ᠢᠷᠡᠬᠦ ᠳ᠋ᠡᠭᠡᠨ ᠳᠠᠭᠠᠭᠤᠯᠵᠤ ᠶᠠᠪᠤᠭᠰᠠᠨ ᠴᠡᠷᠢᠭ ᠢ᠋ᠶ᠋ᠡᠨ ᠪᠦᠭᠦᠳᠡ ᠶ᠋ᠢ ᠰᠢᠨ᠎ᠡ ᠴᠡᠷᠢᠭ ᠢ᠋ᠶ᠋ᠡᠷ ᠰᠣᠯᠢᠭᠰᠠᠨ ᠪᠠᠢᠯ᠎ᠠ᠃ ᠲᠡᠮᠦᠵᠢᠨ᠂ ᠪᠣᠭᠣᠷᠴᠢ᠂ ᠵᠡᠯᠮ᠎ᠡ ᠬᠣᠶᠠᠷ ᠢ᠋᠄ 
       — ᠲᠠ ᠬᠣᠶᠠᠷ ᠶᠡᠬᠡ ᠰᠠᠢᠨ ᠠᠵᠢᠯ ᠬᠢᠭᠰᠡᠨ ᠪᠠᠢᠨ᠎ᠠ ᠭᠡᠵᠦ ᠰᠠᠢᠰᠢᠶᠠᠨ᠂ ᠰᠢᠯᠦᠬᠡᠢ ᠶ᠋ᠢ ᠨᠡᠭᠦᠨ ᠢᠷᠡᠭᠰᠡᠨ ᠳ᠋ᠦ᠍ ᠪᠠᠶᠠᠷᠯᠠᠵᠤ᠂ ᠲᠡᠭᠦᠨ ᠢ᠋ ᠳᠠᠭᠤᠳᠠᠭᠤᠯᠤᠨ ᠶᠡᠬᠡᠳᠡ ᠬᠦᠨᠳᠦᠳᠬᠡᠨ ᠵᠣᠴᠢᠯᠠᠵᠤ᠄ 
       — ᠲᠠᠨ ᠢ᠋ ᠡᠴᠢᠭᠡ ᠶ᠋ᠢᠨ ᠮᠢᠨᠢ ᠳᠣᠲᠣᠨᠣ ᠰᠢᠳᠠᠷ ᠬᠣᠷᠴᠢ ᠪᠠᠢᠭᠰᠠᠨ ᠪᠣᠯᠬᠣᠷ ᠨᠠᠭᠠᠰᠢ ᠢᠷᠡᠨ᠎ᠡ ᠭᠡᠵᠦ ᠪᠢ ᠪᠠᠲᠤ ᠰᠠᠨᠠᠵᠤ ᠪᠠᠢᠭᠰᠠᠨ ᠪᠢᠯᠡ᠃ ᠪᠢᠳᠡ ᠬᠠᠷ᠎ᠠ ᠨᠤᠲᠤᠭ ᠳᠡᠭᠡᠷ᠎ᠡ ᠪᠡᠨ ᠬᠠᠶᠠᠭᠳᠠᠭᠰᠠᠨ ᠲᠡᠷᠡ ᠨᠢᠭᠡ ᠦᠶ᠎ᠡ ᠪᠡᠨ ᠪᠣᠳᠣᠪᠠᠯ ᠰᠡᠷᠭᠦᠵᠦ᠂ ᠬᠡᠷᠦᠯᠦᠨ ᠦ᠌ ᠰᠠᠪᠠ ᠭᠠᠵᠠᠷ ᠢ᠋ᠶ᠋ᠠᠷ ᠪᠠᠢᠭ᠎ᠠ ᠲᠠᠷᠬᠠᠮᠠᠯ ᠣᠪᠣᠭ ᠠᠢᠮᠠᠭ ᠢ᠋ ᠡᠴᠢᠭᠡ ᠶ᠋ᠢᠨ ᠲᠤᠭ ᠰᠦᠯᠲᠠᠨ ᠳᠣᠣᠷ᠎ᠠ ᠨᠢᠭᠡᠳᠬᠡᠵᠦ ᠡᠮᠬᠢᠯᠡᠪᠡ᠃ ᠯᠠᠪᠲᠠᠢ ᠮᠢᠩᠭ᠎ᠠ ᠭᠠᠷᠤᠢ ᠠᠢᠯ ᠡᠷᠦᠬᠡ ᠪᠠᠢᠨ᠎ᠠ᠃ ᠨᠤᠲᠤᠭ ᠬᠡᠰᠡᠭ ᠲᠤᠨᠢ ᠠᠬᠠᠯᠠᠬᠤ ᠳᠠᠷᠤᠭ᠎ᠠ᠂ ᠨᠣᠶᠠᠳ ᠲᠣᠮᠢᠯᠠᠯ᠎ᠠ᠃ ᠢᠩᠭᠢᠬᠦ ᠪᠡᠷ ᠨᠡᠯᠢᠶᠡᠳ ᠲᠢᠭ ᠵᠢᠷᠤᠮ ᠲᠠᠢ ᠪᠣᠯᠤᠭᠰᠠᠨ ᠪᠤᠶᠤ᠃  ᠪᠠᠷᠠᠭᠤᠨ ᠲᠠᠯ᠎ᠠ ᠳ᠋ᠤ᠌ ᠮᠠᠨᠢ ᠨᠠᠢᠳᠠᠪᠤᠷᠢ ᠲᠠᠢ ᠲᠦᠰᠢᠭ ᠲᠤᠯᠭᠠᠭᠤᠷᠢ ᠬᠡᠷᠡᠢᠳ ᠤᠯᠤᠰ ᠪᠠᠢᠭ᠎ᠠ᠃ ᠬᠠᠨ ᠲᠤᠭᠤᠷᠢᠯ ᠡᠴᠢᠭᠡ ᠶ᠋ᠢᠨ ᠮᠢᠨᠢ ᠳᠣᠲᠣᠨᠣ ᠬᠥᠮᠦᠨ᠃ ᠣᠷᠣᠭᠰᠢ ᠪᠠᠨ ᠵᠦᠷᠬᠢᠨ ᠦ᠌ ᠬᠢᠨ ᠪᠠᠢᠭ᠎ᠠ᠃ ᠲᠡᠳᠡᠨ ᠦ᠌ ᠤᠳᠤᠷᠢᠳᠤᠭᠴᠢ ᠰᠡᠴᠡ ᠪᠡᠬᠢ ᠮᠠᠨ ᠤ᠋ ᠣᠪᠣᠭ ᠲᠥᠷᠥᠯ᠂ ᠰᠠᠶᠢ ᠶᠠᠪᠤᠬᠤ ᠳ᠋ᠠᠭᠠᠨ ᠲᠡᠭᠦᠨ ᠲᠡᠢ ᠠᠭᠤᠯᠵᠠᠭᠰᠠᠨ᠃ ᠪᠢᠳᠡᠨ ᠳ᠋ᠦ᠍ ᠭᠠᠢ ᠪᠣᠯᠬᠤ ᠦᠭᠡᠢ᠂ ᠬᠠᠨᠢ ᠴᠤ᠌ ᠪᠣᠯᠬᠤ ᠦᠭᠡᠢ ᠭᠡᠳᠡᠭ ᠢ᠋ᠶ᠋ᠡᠨ ᠲᠡᠳᠡ ᠬᠡᠯᠡᠭᠰᠡᠨ᠃ ᠲᠡᠭᠦᠨ ᠡᠴᠡ ᠵᠡᠭᠦᠨ ᠢ᠋ᠶ᠋ᠡᠷ ᠬᠡᠷᠦᠯᠦᠨ ᠡᠴᠡ ᠣᠷᠣᠭᠰᠢ ᠲᠦᠮᠡᠨ ᠲᠦᠪᠭᠦᠨ ᠦ᠌ ᠬᠢᠨ ᠨᠤᠲᠤᠭᠯᠠᠳᠠᠭ᠃ ᠲᠡᠳᠡ ᠤᠯᠤᠰ ᠳᠣᠷᠣᠢ᠃ ᠵᠡᠭᠦᠨᠰᠢᠯᠡᠬᠦ ᠲᠣᠰᠤᠮ ᠬᠣᠩᠭᠢᠷᠠᠳ᠂ ᠬᠠᠲᠠᠭᠢᠨ᠂ ᠰᠠᠯᠵᠢᠭᠤᠳ ᠣᠳᠣᠬᠠᠨ ᠳ᠋ᠠᠭᠠᠨ ᠴᠢᠯᠥᠭᠡᠲᠡᠢ ᠪᠠᠢᠨ᠎ᠠ᠃ ᠲᠡᠳᠡᠨ ᠢ᠋ ᠬᠥᠨᠳᠡᠵᠦ ᠬᠥᠳᠡᠯᠭᠡᠬᠦ ᠬᠡᠷᠡᠭ ᠦᠭᠡᠢ ᠭᠡᠵᠦ ᠪᠢ ᠪᠣᠳᠣᠵᠤ ᠪᠠᠢᠭ᠎ᠠ᠃ ᠬᠠᠷᠢᠨ ᠤᠨᠤᠨ ᠤ᠋ ᠬᠣᠢᠭᠤᠷ ᠵᠠᠳᠠᠷᠠᠨ ᠠᠢᠮᠠᠭ ᠪᠠᠢᠭ᠎ᠠ᠃ ᠲᠡᠳᠡᠨ ᠦ᠌ ᠲᠣᠯᠣᠭᠠᠢᠯᠠᠭᠴᠢ ᠵᠠᠮᠤᠬ᠎ᠠ ᠮᠢᠨᠦ ᠠᠨᠳᠠ ᠨᠥᠬᠥᠷ᠂ ᠨᠠᠳᠠ ᠠ᠋ᠴᠠ ᠨᠢᠭᠡ ᠠᠬ᠎ᠠ᠃ ᠲᠡᠭᠦᠨ ᠲᠡᠢ ᠪᠢ ᠨᠥᠬᠥᠷᠯᠡᠵᠦ᠂ ᠬᠠᠮᠲᠤᠷᠠᠵᠤ ᠠᠵᠢᠯᠯᠠᠬᠤ ᠰᠠᠨᠠᠭ᠎ᠠ ᠪᠠᠢᠨ᠎ᠠ᠃ 
       ᠡᠨᠡ ᠪᠦᠬᠦ ᠶᠠᠷᠢᠶ᠎ᠠ ᠶ᠋ᠢ ᠰᠢᠯᠦᠬᠡᠢ ᠨᠡᠯᠢᠶᠡᠳ ᠭᠠᠢᠬᠠᠰᠢᠷᠠᠭᠰᠠᠨ ᠶᠠᠩᠵᠤᠲᠠᠢ ᠰᠣᠨᠣᠰᠴᠤ ᠰᠠᠭᠤᠪᠠ᠃ ᠲᠡᠮᠦᠵᠢᠨ ᠰᠢᠯᠦᠬᠡᠢ ᠶ᠋ᠢ ᠬᠠᠷᠠᠵᠤ ᠢᠨᠢᠶᠡᠪᠬᠢᠯᠡᠨ᠄ 
       — 《ᠲᠠ ᠬᠡᠳᠦᠨ ᠵᠠᠯᠠᠭᠤᠰ ᠲᠥᠷᠥ ᠪᠠᠷᠢᠵᠤ ᠲᠣᠭᠯᠠᠵᠤ ᠰᠠᠭᠤᠨ᠎ᠠ》 ᠭᠡᠵᠦ ᠪᠣᠳᠣᠭ᠎ᠠ ᠦᠭᠡᠢ ᠪᠢᠵᠡ! ᠭᠡᠵᠦ ᠠᠰᠠᠭᠤᠬᠤ ᠳ᠋ᠤᠨᠢ ᠰᠢᠯᠦᠬᠡᠢ ᠳᠠᠪ ᠬᠢᠨ ᠰᠣᠴᠢᠬᠤ ᠰᠢᠭ᠋ ᠪᠣᠯᠵᠤ᠂ ᠡᠭᠴᠡᠷᠡᠵᠦ ᠰᠠᠭᠤᠨ ᠳᠦᠷᠡᠯᠵᠡᠨ ᠬᠠᠷᠠᠭᠰᠠᠨ ᠢ᠋ᠶ᠋ᠠᠨ᠄ 
       — ᠦᠭᠡᠢ᠂ ᠦᠭᠡᠢ᠂ ᠶᠠᠭᠠᠬᠢᠯ᠎ᠠ ᠭᠡᠵᠦ ᠲᠡᠭᠡᠵᠦ ᠪᠣᠳᠣᠬᠤ ᠪᠣᠢ? ᠬᠠᠷᠢᠨ  ᠲᠠ ᠮᠣᠩᠭᠣᠯ ᠣᠪᠣᠭᠲᠠᠨ ᠢ᠋ ᠨᠢᠭᠡᠳᠬᠡᠵᠦ ᠵᠠᠬᠢᠷᠬᠤ ᠤᠴᠢᠷᠲᠠᠢ᠃ ᠬᠢᠬᠦ ᠶᠣᠰᠣ ᠲᠠᠢ ᠠᠵᠢᠯ ᠢ᠋ᠶ᠋ᠠᠨ ᠴᠢᠳᠠᠮᠠᠭ ᠰᠠᠢᠨ ᠬᠢᠵᠦ ᠯᠡ ᠶᠠᠪᠤᠭ᠎ᠠ ᠶᠤᠮ ᠪᠠᠢᠨ᠎ᠠ ᠭᠡᠪᠡ᠃ 
       ᠪᠣᠭᠣᠷᠴᠢ ᠰᠢᠯᠦᠬᠡᠢ ᠳ᠋ᠦ᠍ ᠠᠢᠷᠠᠭ ᠠᠷᠢᠬᠢ ᠰᠥᠩᠨᠡᠬᠦ ᠳ᠋ᠦ᠍ ᠲᠡᠮᠦᠵᠢᠨ ᠲᠡᠭᠦᠨ ᠢ᠋ ᠵᠢᠭᠠᠵᠤ᠄ 
       — ᠰᠢᠯᠦᠬᠡᠢ ᠠᠬ᠎ᠠ ᠲᠠ ᠬᠠᠷᠠᠵᠤ ᠪᠠᠢᠭ᠎ᠠ ᠪᠢᠵᠡ? ᠡᠨᠡ ᠮᠢᠨᠦ ᠬᠠᠮᠤᠭ ᠤ᠋ᠨ ᠶᠡᠬᠡ ᠰᠢᠳᠠᠷ ᠬᠥᠮᠦᠨ᠃ ᠳᠠᠷᠠᠭ᠎ᠠ ᠨᠢ ᠵᠠᠷᠴᠢᠭᠤᠳᠠᠢ ᠡᠪᠦᠭᠡᠨ ᠦ᠌ ᠬᠦᠦ ᠵᠡᠯᠮ᠎ᠡ᠂ ᠲᠡᠭᠡᠭᠡᠳ ᠮᠢᠨᠦ ᠳᠡᠭᠦᠦ ᠬᠠᠰᠠᠷ᠂ ᠪᠡᠯᠭᠦᠳᠡᠢ᠃ ᠪᠢᠳᠡ ᠲᠠᠪᠤ ᠯᠠ ᠵᠢᠭᠠᠬᠠᠨ ᠤᠯᠤᠰ ᠢ᠋ ᠵᠠᠰᠠᠵᠤ ᠪᠠᠢᠨ᠎ᠠ᠃ ᠪᠢᠳᠡ ᠦᠨᠡᠬᠡᠷ ᠪᠠᠯᠴᠢᠷᠳᠠᠵᠤ ᠵᠢᠵᠢᠭᠳᠡᠵᠦ ᠪᠠᠢᠨ᠎ᠠ ᠁  ᠢᠩᠭᠢᠬᠦ ᠪᠡᠷ ᠰᠢᠯᠦᠬᠡᠢ ᠠᠬ᠎ᠠ ᠲᠠᠨ ᠢ᠋ ᠪᠢ ᠡᠨᠡ ᠵᠢᠭᠠᠬᠠᠨ ᠤᠯᠤᠰ ᠤ᠋ᠨ ᠠᠷᠠᠳ ᠢᠷᠭᠡᠳ ᠢ᠋ ᠵᠠᠰᠠᠬᠤ ᠵᠠᠬᠢᠷᠬᠤ ᠰᠢᠳᠠᠷ ᠲᠤ᠌ ᠲᠣᠬᠣᠭᠠᠨ ᠲᠣᠮᠢᠯᠠᠨ᠎ᠠ ᠭᠡᠳ ᠲᠡᠭᠦᠨ ᠦ᠌ ᠨᠢᠭᠤᠷ ᠥᠭᠡᠳᠡ ᠡᠭᠴᠡᠯᠡᠨ ᠬᠠᠷᠠᠯ᠎ᠠ᠃ ᠰᠢᠯᠦᠬᠡᠢ ᠤᠤᠯᠭ᠎ᠠ ᠠᠯᠲᠠᠨ᠄ 
       — ᠪᠢ ᠤᠤ ᠳᠠ? ᠲᠡᠢᠮᠦ ᠲᠣᠮᠣ ᠠᠯᠪᠠ ᠶ᠋ᠢ ᠪᠢ ᠴᠢᠳᠠᠬᠤ ᠤᠤ? ᠭᠡᠪᠡ᠃ 
       — ᠲᠡᠭᠦᠨ ᠡᠴᠡ ᠲᠣᠮᠣ ᠠᠯᠪᠠ ᠶ᠋ᠢ ᠴᠢᠳᠠᠨ᠎ᠠ ᠭᠡᠵᠦ ᠪᠢ ᠢᠲᠡᠭᠡᠵᠦ ᠪᠠᠢᠨ᠎ᠠ᠃ ᠲᠡᠭᠡᠬᠦ ᠪᠡᠷ ᠲᠠ ᠬᠢᠴᠢᠶᠡᠵᠦ ᠦᠵᠡ ᠳᠡ ᠭᠡᠬᠦ ᠳ᠋ᠦ᠍ ᠰᠢᠯᠦᠬᠡᠢ᠄ 
       — ᠵᠠ᠂ ᠲᠡᠮᠦᠵᠢᠨ ᠲᠠᠨ ᠤ᠋ ᠢᠲᠡᠭᠡᠯ᠂ ᠥᠨᠳᠥᠷ ᠶᠡᠬᠡ ᠬᠠᠢᠷ᠎ᠠ ᠬᠡᠰᠢᠭ ᠦ᠋ᠨ ᠲᠥᠯᠥᠭᠡ ᠬᠢᠴᠢᠶᠡᠨ ᠵᠢᠳᠬᠦᠶ᠎ᠡ ᠭᠡᠳ ᠪᠣᠰᠴᠤ ᠪᠠᠷᠠᠭᠤᠨ ᠭᠠᠷ ᠢ᠋ᠶ᠋ᠠᠨ ᠵᠢᠷᠦᠬᠡᠨ ᠲᠤᠰ ᠭᠠᠵᠠᠷ ᠲᠤ᠌ ᠬᠠᠪᠰᠤᠷᠴᠤ ᠮᠡᠬᠦᠢᠨ ᠰᠥᠭᠥᠳᠪᠡ᠃ ᠲᠡᠮᠦᠵᠢᠨ ᠰᠢᠯᠦᠬᠡᠢ ᠶ᠋ᠢ ᠰᠤᠭᠤᠨ ᠠ᠋ᠴᠠ ᠨᠢ ᠡᠷᠭᠦᠨ ᠪᠣᠰᠬᠠᠵᠤ᠂ ᠰᠠᠭᠤᠵᠠᠭᠠᠨ ᠨᠢᠭᠡ ᠨᠢᠭᠡ ᠰᠥᠩ ᠪᠠᠷᠢᠵᠤ᠄ 
       — ᠲᠠ ᠮᠠᠷᠭᠠᠰᠢ ᠨᠡᠭᠦᠵᠦ ᠰᠡᠩᠭᠦᠷ ᠭᠣᠷᠣᠬᠠᠨ ᠤ᠋ ᠳᠤᠮᠳᠠ ᠬᠢᠷᠢ ᠪᠠᠭᠤᠬᠤ ᠬᠡᠷᠡᠭᠲᠡᠢ᠃ ᠪᠢ ᠵᠠᠯᠮ᠎ᠠ ᠶ᠋ᠢ ᠳᠠᠭᠠᠭᠤᠯᠤᠨ ᠠᠷᠤ ᠠ᠋ᠴᠠ ᠴᠢᠨᠢ ᠣᠴᠢᠵᠤ᠂ ᠬᠡᠷᠦᠯᠦᠨ ᠦ᠌ ᠬᠥᠳᠡᠭᠡ ᠠᠷᠠᠯ ᠳ᠋ᠤ᠌ ᠪᠠᠢᠭ᠎ᠠ ᠬᠢᠨᠠᠯᠲᠠ ᠶ᠋ᠢᠨ ᠪᠠᠭ ᠴᠡᠷᠢᠭ ᠤᠷᠤᠭᠤ ᠲᠠᠨ ᠢ᠋ ᠠᠪᠠᠴᠢᠵᠤ ᠲᠡᠨᠳᠡ ᠣᠲᠣᠭ ᠣᠪᠣᠭ ᠤ᠋ᠨ ᠪᠦᠬᠦ ᠳᠠᠷᠤᠭ᠎ᠠ ᠨᠠᠷ ᠢ᠋ ᠴᠤᠭᠯᠠᠭᠤᠯᠤᠨ ᠬᠤᠷᠠᠯᠳᠤᠵᠤ ᠴᠢᠨᠠᠭᠰᠢᠳᠠ ᠶ᠋ᠢᠨ ᠲᠢᠭ ᠵᠢᠷᠤᠮ ᠢ᠋ᠶ᠋ᠠᠨ ᠲᠣᠭᠲᠠᠭᠠᠨ᠎ᠠ᠃ ᠲᠡᠭᠡᠭᠡᠳ ᠲᠠ ᠲᠡᠨᠳᠡ ᠪᠦᠬᠦ ᠡᠷᠬᠡ ᠮᠠᠲᠠᠯ ᠢ᠋ ᠠᠪᠴᠤ ᠠᠵᠢᠯᠯᠠᠬᠤ ᠪᠣᠯᠠᠢ᠃ ᠲᠡᠭᠡᠬᠦ ᠪᠡᠷ ᠲᠠᠨ ᠤ᠋ ᠡᠭᠦᠷᠭᠡ ᠪᠣᠯ᠄ ᠨᠢᠭᠡ ᠳ᠋ᠦ᠍᠂ ᠨᠤᠲᠤᠭ ᠨᠤᠲᠤᠭ ᠤ᠋ᠨ ᠵᠠᠬᠢᠷᠭ᠎ᠠ ᠶ᠋ᠢ ᠨᠢᠭᠡᠳᠬᠡᠨ ᠨᠢᠭᠡ ᠵᠠᠬᠢᠷᠭᠠᠨ ᠳ᠋ᠤ᠌ ᠪᠡᠬᠢᠵᠢᠭᠦᠯᠦᠨ ᠠᠮᠤᠭᠤᠯᠠᠩ ᠲᠠᠢᠪᠤᠩ ᠪᠠᠢᠳᠠᠯ ᠢ᠋ ᠰᠠᠬᠢᠵᠤ ᠴᠢᠨᠠᠭᠰᠢᠳᠠ ᠶ᠋ᠢᠨ ᠤᠯᠤᠰ ᠤ᠋ᠨ ᠰᠠᠭᠤᠷᠢ ᠶ᠋ᠢ ᠪᠠᠲᠤᠯᠠᠬᠤ᠃ ᠬᠣᠶᠠᠷ ᠲᠤ᠌᠂ ᠴᠡᠷᠢᠭ ᠦ᠋ᠨ ᠲᠣᠭ᠎ᠠ᠂ ᠵᠠᠷ ᠵᠡᠪᠰᠡᠭ ᠢ᠋ ᠨᠡᠮᠡᠭᠳᠡᠭᠦᠯᠦᠨ ᠠᠶᠠᠨ ᠵᠠᠮ ᠤ᠋ᠨ ᠪᠡᠯᠡᠳᠬᠡᠯ ᠲᠡᠢ ᠪᠣᠯᠭᠠᠬᠤ᠃ ᠲᠡᠨᠳᠡ ᠮᠠᠨ ᠤ᠋ ᠪᠠᠭ ᠴᠡᠷᠢᠭ ᠢ᠋ ᠨᠢᠭᠡ ᠴᠡᠷᠢᠭ ᠠᠬᠠᠯᠠᠭᠠᠳ ᠡᠪᠦᠭᠡ ᠳᠡᠭᠡᠳᠦᠰ ᠦ᠋ᠨ ᠦᠶ᠎ᠡ ᠳ᠋ᠦ᠍ ᠴᠡᠷᠢᠭ ᠠᠯᠪᠠᠨ ᠳ᠋ᠤ᠌ ᠬᠦᠴᠦ ᠪᠡᠨ ᠥᠭᠭᠦᠭᠰᠡᠨ ᠥᠨᠳᠥᠷ ᠨᠠᠰᠤ ᠲᠠᠢ ᠡᠪᠦᠭᠡᠨ ᠲᠡᠢ ᠬᠠᠮᠲᠤ ᠪᠠᠢᠭ᠎ᠠ᠃ ᠪᠢ ᠲᠡᠷᠡ ᠡᠪᠦᠭᠡᠨ ᠲᠡᠢ ᠬᠣᠨᠣᠭᠤᠲᠠ ᠥᠨᠵᠢᠭᠦᠲᠡ ᠶᠠᠷᠢᠯᠴᠠᠵᠤ ᠶᠡᠬᠡ ᠦᠨᠡᠲᠡᠢ ᠰᠤᠷᠭᠠᠯ ᠠᠪᠤᠭᠰᠠᠨ᠃ ᠲᠠ ᠲᠡᠷᠡ ᠬᠥᠮᠦᠨ ᠢ᠋ ᠲᠠᠨᠢᠬᠤ ᠪᠠᠢᠬ᠎ᠠ᠂ ᠵᠥᠪᠯᠡᠭᠴᠢ ᠪᠡᠨ ᠪᠣᠯᠭᠠᠭᠠᠷᠠᠢ᠃ ᠠᠮᠢᠳᠤᠷᠠᠯ ᠠᠬᠤᠢ ᠨᠢ ᠲᠡᠢᠮᠦ ᠴᠦ᠍ ᠬᠠᠩᠬᠤᠯᠤᠭᠤᠯᠤᠨ ᠪᠢᠰᠢ ᠪᠣᠯᠤᠯᠲᠠᠢ ᠪᠢᠯᠡ᠃ ᠲᠤᠰᠠᠯᠠᠮᠵᠢ ᠳᠡᠮᠵᠢᠯᠭᠡ ᠦᠵᠡᠭᠦᠯᠵᠦ ᠪᠠᠢᠭᠠᠷᠠᠢ᠃ ᠲᠡᠨᠳᠡᠬᠢ ᠴᠡᠷᠢᠭ ᠢ᠋ ᠵᠠᠬᠢᠷᠤᠭᠤᠯᠬᠤ ᠪᠠᠷ ᠪᠢ ᠵᠡᠯᠮ᠎ᠡ ᠶ᠋ᠢ ᠠᠪᠠᠴᠢᠵᠤ ᠲᠠᠯᠪᠢᠨ᠎ᠠ᠃ ᠨᠠᠮ᠎ᠠ ᠶ᠋ᠢ ᠶᠠᠪᠤᠵᠤ ᠪᠠᠢᠬᠤ ᠳ᠋ᠤ᠌ ᠴᠡᠷᠢᠭ ᠦ᠋ᠨ ᠬᠡᠷᠡᠭᠴᠡᠭᠡᠨ ᠳ᠋ᠦ᠍ ᠵᠣᠷᠢᠭᠤᠯᠵᠤ ᠰᠠᠢᠨ ᠳᠤᠷ᠎ᠠ ᠪᠠᠷ ᠣᠯᠠᠨ ᠮᠠᠯ ᠥᠭᠬᠦ ᠪᠣᠯᠤᠭᠰᠠᠨ᠃ ᠲᠡᠳᠡᠭᠡᠷ ᠢ᠋ ᠨᠤᠲᠤᠭ ᠤ᠋ᠨ ᠵᠠᠬᠢᠷᠤᠭᠴᠢᠳ ᠮᠡᠳᠡᠵᠦ ᠪᠠᠢᠭ᠎ᠠ᠃ ᠲᠡᠷᠡ ᠮᠠᠯ ᠢ᠋ ᠴᠤᠭᠯᠠᠭᠤᠯᠵᠤ ᠰᠠᠢᠨ ᠬᠥᠮᠦᠰ ᠲᠦ᠍ ᠥᠭᠴᠦ ᠮᠠᠯᠯᠠᠭᠤᠯ᠃ ᠰᠠᠩ ᠤ᠋ᠨ ᠰᠦᠷᠦᠭ ᠪᠠᠢᠭᠤᠯᠵᠤ ᠥᠰᠬᠡᠬᠦ ᠳ᠋ᠦ᠍ ᠮᠠᠯ ᠢ᠋ ᠭᠣᠯᠣᠵᠤ ᠰᠢᠯᠢᠵᠦ ᠪᠣᠯᠬᠤ ᠦᠭᠡᠢ᠃ ᠬᠥᠯᠥᠰᠥ ᠬᠦᠴᠦ ᠪᠣᠯᠤᠭᠠᠳ ᠬᠡᠷᠬᠢᠨ ᠶᠠᠭᠠᠬᠢᠵᠤ ᠥᠰᠬᠡᠬᠦ᠂ ᠵᠠᠷᠤᠴᠠᠭᠤᠯᠬᠤ ᠵᠢᠷᠤᠮ ᠢ᠋ ᠲᠣᠭᠲᠠᠭᠠᠨ᠎ᠠ᠃ ᠰᠠᠢᠨ ᠳᠤᠷ᠎ᠠ ᠶ᠋ᠢ ᠬᠠᠷᠠᠭᠠᠯᠵᠠᠨ ᠤᠯᠠᠮ ᠥᠷᠭᠡᠳᠬᠡᠬᠦ ᠬᠡᠷᠡᠭᠲᠡᠢ᠃ ᠨᠣᠴᠢᠲᠠᠢ ᠬᠡᠷᠡᠭ ᠶᠠᠪᠤᠳᠠᠯ ᠢ᠋ ᠴᠠᠭ ᠠᠯᠳᠠᠯ ᠦᠭᠡᠢ ᠮᠡᠳᠡᠭᠳᠡᠵᠦ  ᠪᠠᠢᠬᠤ ᠬᠡᠷᠡᠭᠲᠡᠢ᠃ ᠶᠡᠷᠦ ᠨᠢ ᠪᠢ ᠪᠣᠭᠤᠷᠴᠢ ᠶ᠋ᠢ ᠣᠢᠷ᠎ᠠ ᠣᠢᠷᠠᠬᠠᠨ ᠶᠠᠪᠤᠭᠤᠯᠵᠤ ᠬᠣᠶᠠᠷ ᠲᠠᠯ᠎ᠠ ᠶ᠋ᠢᠨ ᠮᠡᠳᠡᠭᠡ ᠰᠣᠯᠢᠯᠴᠠᠵᠤ ᠪᠠᠢᠬᠤ ᠪᠣᠯᠤᠨ᠎ᠠ ᠭᠡᠬᠦ ᠮᠡᠲᠦ ᠪᠡᠷ ᠨᠠᠷᠢᠨ ᠵᠢᠭᠠᠪᠤᠷᠢ ᠥᠭᠭᠦᠯ᠎ᠡ᠃ 
       ᠡᠨᠡ ᠶᠠᠷᠢᠶᠠᠨ ᠤ᠋ ᠳᠠᠷᠠᠭ᠎ᠠ ᠰᠢᠯᠦᠬᠡᠢ ᠥᠭᠡᠯᠦᠨ ᠡᠬᠡ ᠲᠡᠢ ᠵᠣᠯᠭᠠᠵᠤ ᠪᠠᠷᠠᠯᠠᠬᠨ ᠶᠠᠷᠢᠯᠴᠠᠵᠤ ᠲᠤᠭᠤᠯ ᠲᠠᠢ ᠦᠨᠢᠶ᠎ᠡ ᠡᠷᠭᠦᠨ ᠪᠠᠷᠢᠵᠤ《ᠣᠷᠣᠢ ᠶᠠᠪᠤᠭᠤᠯᠤᠨ᠎ᠠ》 ᠭᠡᠵᠡᠢ᠃  
       ᠲᠡᠷᠡ ᠳᠣᠣᠷ᠎ᠠ ᠪᠠᠨ ᠲᠡᠮᠦᠵᠢᠨ ᠬᠠᠰᠠᠷ᠂ ᠪᠡᠯᠭᠦᠳᠡᠢ ᠬᠣᠶᠠᠷ ᠢ᠋ ᠳᠠᠭᠤᠳᠠᠵᠤ᠂ ᠲᠤᠭᠤᠷᠢᠯ ᠬᠠᠨ ᠤ᠋ ᠬᠡᠯᠡᠭᠰᠡᠨ ᠶᠣᠰᠣᠭᠠᠷ ᠵᠠᠮᠤᠬ᠎ᠠ ᠳ᠋ᠤ᠌ ᠡᠯᠴᠢ ᠪᠣᠯᠭᠠᠨ ᠲᠣᠮᠢᠯᠠᠵᠤ᠂ ᠮᠡᠷᠭᠢᠳ ᠦ᠋ᠨ ᠡᠰᠡᠷᠭᠦ ᠳᠠᠵᠢᠨ ᠳ᠋ᠤ᠌ ᠬᠡᠵᠢᠶ᠎ᠡ ᠬᠠᠮᠢᠭ᠎ᠠ ᠬᠡᠷᠬᠢᠨ ᠣᠷᠣᠯᠴᠠᠬᠤ ᠪᠠᠨ ᠲᠣᠪᠯᠠᠵᠤ ᠢᠷᠡᠭᠦᠯ ᠭᠡᠮᠡᠨ ᠬᠡᠯᠡᠭᠦᠯᠵᠦ ᠲᠡᠳᠡ ᠬᠣᠶᠠᠷ ᠢ᠋《ᠮᠠᠷᠭᠠᠰᠢ ᠥᠷᠯᠥᠭᠡ ᠮᠣᠷᠳᠠ》 ᠭᠡᠯ᠎ᠡ᠃ ᠢᠩᠭᠢᠵᠦ ᠮᠡᠷᠭᠢᠳ ᠲᠡᠢ ᠪᠠᠢᠯᠳᠤᠬᠤ ᠪᠠᠷ ᠨᠠᠮᠤᠷ ᠤ᠋ᠨ ᠬᠡᠳᠦᠨ ᠰᠠᠷ᠎ᠠ ᠪᠡᠯᠡᠳᠬᠡᠯ ᠬᠢᠭᠰᠡᠨ ᠪᠥᠯᠥᠭᠡ᠃