ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠬᠣᠷᠢ> Хүлэг баатар буурч - Б. Өлзийсүрэн <Дэд бүлэг-20> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠬᠣᠷᠢ> Хүлэг баатар буурч - Б. Өлзийсүрэн <Дэд бүлэг-20>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠬᠣᠷᠢ> Хүлэг баатар буурч - Б. Өлзийсүрэн <Дэд бүлэг-20>

ᠠᠩᠭᠢᠯᠠᠯ:ᠲᠤᠭᠤᠵᠢ ᠷᠣᠮᠠᠨ
2026-03-12

62

ᠥᠪᠡᠷ ᠦᠨ ᠵᠠᠮ ᠮᠥᠷ ᠢᠶᠡᠷ ᠲᠡᠮᠲᠡᠷᠢᠵᠦ ᠡᠷ᠎ᠡ ᠬᠥᠮᠥᠨ ᠦ ᠡᠷᠴᠢ ᠬᠦᠴᠦ ᠶᠢ ᠣᠯᠵᠤ ᠬᠦᠷᠲᠡᠭᠰᠡᠨ ᠳᠡᠳ᠋ ᠪᠦᠯᠦᠭ

ᠬᠣᠷᠢ


               ᠬᠣᠷᠢ 
                  ᠠᠭᠤᠯᠠ ᠥᠨᠳᠥᠷ ᠪᠣᠯᠪᠠᠴᠤ ᠳᠠᠪᠠᠶ᠎ᠠ ᠭᠡᠪᠡᠯ ᠳᠠᠪᠠᠨᠠᠮ  
                        ᠤᠰᠤ ᠭᠦᠨ ᠪᠣᠯᠪᠠᠴᠤ ᠭᠠᠲᠤᠯᠤᠶ᠎ᠠ ᠭᠡᠪᠡᠯ ᠭᠠᠲᠤᠯᠤᠨᠠᠮ 

       ᠦᠳᠡ ᠶ᠋ᠢᠨ ᠨᠠᠷᠠᠨ ᠰᠢᠷᠠᠬᠤ ᠰᠠᠴᠠᠭᠤ ᠪᠣᠭᠤᠷᠴᠢ ᠥᠨᠳᠥᠷ ᠰᠠᠷᠢᠳᠠᠭ ᠠᠭᠤᠯᠠ ᠶ᠋ᠢᠨ ᠳᠤᠮᠳᠠ ᠠ᠋ᠴᠠ ᠥᠩᠭᠡᠷᠡᠭᠰᠡᠨ ᠪᠠᠢᠪᠠ᠃ ᠨᠤᠷᠠᠩᠭᠢ ᠡᠯᠡᠰᠦ ᠬᠠᠢᠷᠭᠤ ᠣᠷᠣᠭᠰᠢ ᠠᠬᠢᠬᠤ ᠳ᠋ᠤ᠌ ᠳᠠᠩᠴᠤ ᠶᠠᠷᠳᠠᠭ᠃ ᠮᠣᠷᠢᠨ ᠠ᠋ᠴᠠ ᠪᠠᠨ ᠪᠠᠭᠤᠵᠤ ᠬᠥᠲᠥᠯᠦᠨ ᠨᠠᠯᠠᠤ ᠡᠷᠭᠢ ᠬᠠᠵᠠᠭᠤᠯᠳᠠᠨ ᠵᠢᠳᠬᠦᠬᠦ ᠪᠦᠷᠢ ᠬᠥᠯᠥᠰᠥ ᠴᠦ᠍ ᠤᠷᠤᠰᠴᠤ ᠤᠰᠤᠨ ᠳ᠋ᠤ᠌ ᠨᠣᠷᠤᠭᠰᠠᠨ ᠪᠣᠯᠵᠣᠮᠣᠷ ᠰᠢᠭ᠋ ᠪᠣᠯᠪᠠ᠃ ᠶᠠᠭᠤᠨ ᠤ᠋ ᠲᠤᠯᠠ ᠢᠩᠭᠢᠵᠦ ᠶᠠᠪᠤᠭ᠎ᠠ ᠪᠢᠯᠡ? ᠲᠡᠢᠮᠦ ᠠ᠋᠂《ᠠᠩᠬᠠᠨ ᠤ᠋ ᠳᠠᠭᠠᠭᠠᠯᠭᠠᠪᠤᠷᠢ!》 ᠶᠢᠰᠦᠭᠡᠢ ᠪᠠᠭᠠᠲᠤᠷ ᠤ᠋ᠨ ᠬᠦᠦ ᠲᠡᠮᠦᠵᠢᠨ ᠳ᠋ᠦ᠍ ᠡᠴᠢᠭᠡ ᠶ᠋ᠢᠨ ᠢ᠋ᠶ᠋ᠡᠨ ᠲᠤᠭ ᠰᠦᠯᠳᠡ ᠶ᠋ᠢ ᠡᠷᠭᠦᠵᠦ ᠲᠥᠷᠥ ᠤᠯᠤᠰ ᠢ᠋ᠶ᠋ᠠᠨ ᠪᠠᠢᠭᠤᠯᠬᠤ ᠳ᠋ᠤ᠌ ᠬᠦᠴᠦᠨ ᠢ᠋ᠶ᠋ᠡᠨ ᠥᠭᠴᠦ ᠵᠢᠳᠬᠦᠨ᠎ᠡ ᠭᠡᠰᠡᠨ ᠲᠠᠩᠭᠠᠷᠢᠭ ᠲᠠᠢ ᠪᠢᠯᠡ ᠪᠢ᠃ ᠪᠤᠴᠠᠬᠤ ᠵᠠᠮ ᠪᠠᠢᠬᠤ ᠦᠭᠡᠢ᠃ ᠢᠩᠭᠢᠵᠦ ᠵᠢᠳᠬᠦᠨ ᠳᠡᠯᠡᠬᠡᠢ ᠨᠢ ᠵᠣᠭᠰᠣᠵᠤ᠂ ᠳᠡᠭᠡᠳᠦᠬᠢ ᠨᠢ ᠬᠥᠳᠡᠯᠵᠦ ᠪᠣᠢ ᠶ᠋ᠢᠨ ᠤᠴᠢᠷ ᠨᠢᠭᠡ ᠮᠡᠳᠡᠬᠦ ᠳ᠋ᠦ᠍ ᠣᠷᠣᠢ ᠳ᠋ᠤᠨᠢ ᠭᠠᠷᠪᠠ᠃ ᠰᠠᠷᠢᠳᠠᠭ ᠤ᠋ᠨ ᠴᠠᠭᠠᠨ᠎ᠠ ᠰᠠᠷᠢᠳᠠᠭ᠃ ᠬᠠᠳᠠ ᠠᠰᠬ᠎ᠠ ᠴᠤ᠌ ᠭᠡᠵᠦ ᠦᠨᠡᠬᠡᠷ ᠠᠶᠤᠮᠠᠷ᠃ ᠠᠶᠤᠮᠠᠷ ᠶᠠᠭᠤᠮ᠎ᠠ ᠬᠠᠳᠠ ᠠᠰᠬᠠᠨ ᠳ᠋ᠠᠭᠠᠨ ᠪᠢᠰᠢ᠂《ᠮᠠᠩᠭᠤᠰ》 ᠨᠢ᠃ ᠪᠠᠭ᠎ᠠ ᠴᠠᠭ ᠲᠤ᠌ ᠬᠠᠳᠠᠨ ᠤ᠋ ᠮᠠᠩᠭᠤᠰ ᠭᠡᠵᠦ ᠶᠠᠷᠢᠳᠠᠭ ᠰᠠᠨ᠃  ᠪᠠᠢᠳᠠᠭ ᠴᠤ᠌ ᠶᠤᠮ ᠤᠤ? ᠪᠠᠢᠳᠠᠭ ᠦᠭᠡᠢ ᠴᠤ᠌ ᠶᠤᠮ ᠤᠤ?  ᠪᠤᠤ ᠮᠡᠳᠡ᠃ ᠣᠳᠣ ᠯᠠ ᠪᠣᠭᠤᠷᠴᠢ ᠲᠡᠭᠦᠨ ᠲᠡᠢ ᠤᠴᠠᠷᠠᠬᠤ ᠨᠢ ᠪᠣᠯᠤᠯᠲᠠᠢ᠃ ᠬᠢᠷ᠎ᠠ ᠳ᠋ᠤ᠌ ᠰᠡᠷᠢᠭᠦᠨ ᠰᠠᠯᠬᠢ ᠲᠠᠢ ᠵᠣᠯᠭᠠᠵᠤ ᠬᠥᠯᠥᠰᠥ ᠬᠠᠲᠠᠵᠤ ᠡᠭᠰᠢᠭᠡᠳ᠂ ᠲᠡᠷᠡ《ᠮᠠᠩᠭᠤᠰ》 ᠲᠠᠢ ᠬᠠᠳᠠᠨ ᠳ᠋ᠤ᠌ ᠣᠴᠢᠬᠤ ᠶ᠋ᠢᠨ ᠲᠤᠯᠠ ᠬᠢᠷ᠎ᠠ ᠳ᠋ᠠᠭᠠᠨ ᠶᠠᠪᠤᠬᠤ ᠨᠢ ᠵᠣᠬᠢᠮᠵᠢᠲᠠᠢ ᠭᠡᠪᠡᠴᠦ ᠲᠡᠷᠡ ᠬᠠᠷᠠᠭᠳᠠᠬᠤ ᠬᠠᠳᠠᠨ ᠳ᠋ᠤ᠌ ᠵᠣᠷᠢᠭᠰᠠᠨ ᠵᠣᠯᠢᠭ ᠤ᠋ᠳ ᠨᠢ ᠪᠠᠢᠭ᠎ᠠ ᠶᠤᠮ ᠤᠤ? ᠵᠢᠳᠬᠦᠵᠦ ᠵᠢᠳᠬᠦᠵᠦ ᠣᠴᠢᠬᠤ ᠳ᠋ᠤᠨᠢ ᠦᠭᠡᠢ ᠪᠣᠯ ᠬᠠᠮᠢᠭᠠᠰᠢ ᠶᠠᠪᠤᠨ᠎ᠠ? ᠭᠡᠭᠴᠢᠯᠡᠨ ᠪᠣᠳᠣᠭᠳᠠᠨ᠎ᠠ᠃《ᠶᠠᠭᠤ ᠪᠣᠯᠪᠠᠴᠤ ᠣᠴᠢᠭᠠᠳ ᠯᠠ ᠦᠵᠡᠶ᠎ᠡ》 ᠭᠡᠳ ᠠᠭᠤᠯᠠ ᠬᠢᠷᠠᠯᠠᠨ ᠬᠡᠰᠡᠭ ᠵᠠᠭᠤᠷ᠎ᠠ ᠶᠠᠪᠤᠭᠠᠳ ᠳᠣᠲᠣᠭᠰᠢ ᠪᠠᠭᠤᠪᠠ᠃ ᠪᠠᠯ ᠳ᠋ᠤ᠌ ᠨᠠᠷᠵᠠ ᠭᠣᠷᠣᠬ᠎ᠠ ᠤᠷᠤᠰᠴᠤ᠂ ᠮᠣᠷᠢ ᠪᠠᠨ ᠤᠰᠤᠯᠠᠵᠤ ᠥᠪᠡᠷ ᠢ᠋ᠶ᠋ᠡᠨ ᠬᠠᠨᠠᠲᠠᠯ᠎ᠠ ᠪᠠᠨ ᠤᠤᠭᠤᠵᠤ ᠴᠡᠩᠭᠡᠯ ᠡᠳ᠋ᠯᠡᠯ᠎ᠡ᠃ ᠲᠡᠭᠡᠲᠡᠯ᠎ᠡ ᠰᠥᠭᠡᠭ ᠦ᠋ᠨ ᠴᠠᠭᠠᠳᠤ ᠳᠣᠣᠷ᠎ᠠ ᠠ᠋ᠴᠠ ᠬᠥᠮᠦᠨ ᠦ᠌ ᠲᠣᠯᠣᠭᠠᠢ ᠱᠣᠪᠣᠯᠵᠠᠨ ᠨᠤᠮᠤ ᠰᠤᠮᠤ ᠠᠭᠰᠠᠵᠤ ᠰᠡᠯᠡᠮ᠎ᠡ ᠵᠡᠭᠦᠭᠰᠡᠨ ᠮᠣᠷᠢᠲᠠᠢ ᠬᠥᠮᠦᠨ ᠭᠠᠷᠴᠤ ᠢᠷᠡᠭᠡᠳ ᠶᠠᠭᠤ ᠶᠠᠭᠤ ᠦᠭᠡᠢ ᠬᠠᠷᠪᠤᠬᠤ ᠪᠣᠯᠤᠯᠲᠠᠢ ᠨᠤᠮᠤ ᠰᠤᠮᠤ ᠪᠠᠨ ᠣᠨᠢᠯᠠᠵᠤ ᠬᠠᠷᠠᠭᠳᠠᠪᠠ᠃ ᠪᠣᠭᠣᠷᠴᠢ ᠭᠠᠷ ᠢ᠋ᠶ᠋ᠠᠨ ᠡᠷᠭᠦᠨ᠄ 
       — ᠬᠡᠷᠡᠭ ᠦᠭᠡᠢ ᠠ᠋! ᠨᠠᠳᠠᠳᠤ ᠶᠠᠮᠠᠷᠴᠤ ᠵᠡᠪᠰᠡᠭ ᠠᠯᠠᠭ᠎ᠠ᠃ ᠬᠦᠷᠦᠭᠡᠳ ᠢᠷ᠎ᠡ! ᠭᠡᠵᠦ ᠬᠠᠰᠬᠢᠷᠪᠠ᠃ 
       ᠲᠡᠷᠡ ᠡᠲᠡᠭᠡᠳ ᠶᠡᠬᠡ ᠯᠡ ᠪᠣᠯᠭᠣᠮᠵᠢ ᠰᠡᠷᠡᠮᠵᠢ ᠲᠡᠢ ᠪᠡᠷ ᠣᠢᠷᠠᠲᠤᠨ ᠢᠷᠡᠪᠡᠰᠦ ᠦᠶ᠎ᠡ ᠳᠠᠩ ᠤ᠋ᠨ ᠪᠠᠭ᠎ᠠ ᠵᠠᠯᠠᠭᠤ ᠠᠵᠤ᠃ ᠲᠡᠳᠡ ᠮᠡᠨᠳᠦ ᠤᠰᠤ ᠪᠠᠨ ᠮᠡᠳᠡᠯᠴᠡᠨ ᠬᠡᠷᠡᠭ ᠵᠣᠷᠢᠭ ᠢ᠋ᠶ᠋ᠠᠨ ᠶᠠᠷᠢᠯᠴᠠᠪᠠᠯ ᠠᠭᠤᠯᠠ ᠶ᠋ᠢᠨ ᠣᠲᠣᠭ ᠤ᠋ᠨ ᠬᠢ ᠭᠡᠨ᠎ᠡ᠃ ᠠᠭᠤᠯᠠ ᠶ᠋ᠢᠨ ᠣᠲᠣᠭ ᠤ᠋ᠨ ᠬᠢᠨ ᠦᠰᠦᠯᠢᠭ ᠦᠨᠡᠲᠦ ᠠᠩ ᠬᠦᠷᠦᠭᠡ ᠬᠢᠳᠡᠭ᠂ ᠨᠡᠷ᠎ᠡ ᠪᠡᠨ ᠳᠠᠷᠬᠢ ᠭᠡᠵᠦ ᠬᠡᠯᠡᠯ᠎ᠡ᠂ ᠪᠠᠰᠠ ᠲᠤᠩ ᠭᠡᠮ ᠦᠭᠡᠢ᠂ ᠵᠢᠷ ᠦ᠋ᠨ ᠠᠩᠴᠢᠳ ᠠᠵᠤ ᠲᠥᠷᠥᠳᠡᠭ ᠰᠢᠭ ᠶᠠᠷᠢᠪᠠ᠃ ᠠᠭᠤᠯᠠ ᠶ᠋ᠢᠨ ᠬᠢᠷ᠎ᠠ ᠪᠠᠷ ᠮᠣᠷᠢᠲᠠᠢ ᠬᠥᠮᠦᠨ ᠶᠠᠪᠤᠵᠤ ᠪᠠᠢᠬᠤ ᠶ᠋ᠢ ᠬᠠᠷᠠᠭᠠᠳ ᠲᠤᠰᠠᠯᠠᠬᠤ ᠭᠡᠵᠦ ᠢᠷᠡᠭᠰᠡᠨ ᠭᠡᠨ᠎ᠡ᠃ ᠬᠠᠷᠢᠭᠤ ᠳ᠋ᠤᠨᠢ ᠪᠣᠭᠣᠷᠴᠢ ᠥᠪᠡᠷ ᠦ᠋ᠨ ᠨᠡᠷ᠎ᠡ ᠪᠡᠨ《ᠪᠤᠷᠭᠢ》 ᠭᠡᠳ ᠶᠢᠰᠦᠭᠡᠢ ᠶ᠋ᠢᠨ ᠬᠦᠦ ᠲᠡᠮᠦᠵᠢᠨ ᠦ᠌ ᠳᠠᠭᠠᠭᠠᠯᠭᠠᠪᠤᠷᠢ ᠪᠠᠷ ᠶᠠᠪᠤᠭ᠎ᠠ ᠡᠯᠴᠢ᠂ ᠴᠢᠮ᠎ᠠ ᠶ᠋ᠢ ᠠᠪᠠᠴᠢᠬᠤ᠂ ᠠᠭᠤᠯᠠ ᠶ᠋ᠢᠨ ᠣᠲᠣᠭ ᠤ᠋ᠨ ᠬᠢᠨ ᠲᠡᠢ ᠬᠡᠯᠡᠯᠴᠡᠭᠡᠷ ᠬᠢᠬᠦ ᠭᠡᠵᠦ ᠶᠠᠪᠤᠭ᠎ᠠ ᠭᠡᠳ᠄ 
       — ᠴᠢ ᠣᠳᠣ ᠨᠠᠳᠠᠲᠠᠢ ᠶᠠᠪᠤ᠃ ᠲᠡᠮᠦᠵᠢᠨ ᠤᠷᠤᠭᠤ ᠣᠴᠢᠶ᠎ᠠ ᠬᠡᠮᠡᠪᠡᠰᠦ ᠲᠡᠷᠡ᠄ 
       — ᠦᠭᠡᠢ᠂ ᠡᠵᠡᠨ ᠳ᠋ᠡᠭᠡᠨ ᠬᠡᠯᠡᠬᠦ ᠦᠭᠡᠢ ᠶᠠᠪᠤᠵᠤ ᠪᠣᠯᠬᠤ ᠦᠭᠡᠢ ᠭᠡᠪᠡ᠃ ᠪᠤᠭᠤᠷᠴᠢ᠄ 
       — ᠲᠠᠨ ᠤ᠋ ᠡᠵᠡᠨ ᠴᠢᠨᠢ ᠬᠡᠨ ᠶᠦᠮ ᠪᠣᠢ? ᠭᠡᠵᠦ ᠠᠰᠠᠭᠤᠬᠤ ᠳ᠋ᠤ᠌ ᠳᠠᠷᠬᠢ᠄ 
       — ᠬᠠᠷᠭᠢᠯ᠃ ᠡᠯᠴᠢ ᠲᠠ ᠴᠤ᠌ ᠭᠡᠰᠡᠨ ᠬᠠᠷᠭᠢᠯ ᠡᠵᠡᠨ ᠲᠡᠢ ᠣᠴᠢᠵᠤ ᠠᠭᠤᠯᠵᠠ ᠭᠡᠪᠡ᠃ 
       ᠲᠡᠭᠡᠭᠡᠳ ᠠᠭᠤᠯᠠ ᠶ᠋ᠢᠨ ᠪᠠᠯ ᠢ᠋ᠶ᠋ᠠᠷ ᠥᠭᠡᠳᠡ ᠪᠡᠨ ᠡᠷᠭᠢᠵᠦ ᠵᠥᠷᠢᠭ ᠵᠠᠮ ᠢ᠋ᠶ᠋ᠠᠷ ᠥᠭᠰᠥᠨ ᠬᠠᠪᠴᠢᠯ ᠬᠦᠷᠴᠦ ᠠᠭᠤᠢ ᠶ᠋ᠢᠨ ᠠᠮᠠᠨ ᠳ᠋ᠤ᠌ ᠣᠴᠢᠲᠠᠯ᠎ᠠ ᠬᠣᠶᠠᠷ ᠣᠪᠣᠬᠠᠢ ᠨᠠᠪᠰᠠᠢᠨ ᠰᠡᠪᠰᠡᠢᠨ ᠦᠵᠡᠭᠳᠡᠪᠡ᠃ ᠬᠣᠶᠠᠷ ᠨᠣᠬᠠᠢ ᠬᠤᠴᠠᠵᠤ ᠢᠷᠡᠭᠡᠳ ᠳᠠᠷᠬᠢ ᠵᠠᠩᠳᠤᠷᠤᠮᠠᠭᠴᠠ ᠰᠡᠭᠦᠯ ᠢ᠋ᠶ᠋ᠡᠨ ᠰᠢᠷᠪᠠᠭᠠᠳ ᠪᠤᠴᠠᠪᠠ᠃ ᠣᠪᠣᠬᠠᠢ ᠶ᠋ᠢᠨ ᠠᠷᠤ ᠠ᠋ᠴᠠ ᠦᠰᠦ ᠰᠠᠬᠠᠯ ᠥᠳᠬᠡᠨ ᠰᠡᠭᠰᠡᠭᠡᠷ᠂ ᠪᠦᠰᠡᠯᠡᠬᠦ ᠡᠴᠡ ᠪᠡᠨ ᠳᠣᠭᠣᠭᠰᠢ ᠬᠡᠰᠡᠭᠬᠡᠨ ᠪᠡᠶ᠎ᠡ ᠳᠠᠯᠳᠠ᠂ ᠪᠤᠰᠤᠳ ᠨᠢ ᠨᠠᠷᠠ ᠰᠠᠯᠬᠢᠨ ᠳ᠋ᠤ᠌ ᠲᠦᠯᠡᠭᠳᠡᠵᠦ ᠪᠣᠷᠣᠯᠠᠭᠰᠠᠨ᠂ ᠨᠠᠰᠤ ᠪᠡᠶ᠎ᠡ ᠭᠦᠢᠴᠡᠵᠦ ᠬᠦᠳᠡᠷᠵᠢᠭᠰᠡᠨ25—30 ᠣᠷᠴᠢᠮ ᠨᠠᠰᠤᠨ ᠤ᠋ ᠭᠤᠷᠪᠠᠨ ᠡᠷ᠎ᠡ ᠨᠢᠳᠦ ᠰᠢᠲᠦ ᠨᠢ ᠭᠢᠯᠠᠯᠵᠠᠨ ᠢᠨᠢᠶᠡᠵᠦ ᠤᠭᠲᠤᠯ᠎ᠠ᠃ ᠴᠠᠭᠠᠨ᠎ᠠ ᠨᠢ ᠪᠠᠰᠠ ᠨᠢᠭᠡ ᠵᠠᠯᠠᠭᠤ ᠡᠮ᠎ᠡ ᠨᠢᠮᠭᠡᠨ ᠳᠠᠩ ᠬᠤᠪᠴᠠᠰᠤ ᠪᠠᠷ ᠪᠡᠶ᠎ᠡ ᠪᠡᠨ ᠬᠠᠯᠬᠠᠯᠠᠵᠠᠢ᠃  
       ᠪᠣᠭᠣᠷᠴᠢ ᠲᠡᠳᠡᠨ ᠲᠡᠢ ᠶᠡᠬᠡ ᠯᠡ ᠡᠶᠡᠯᠰᠡᠭ ᠶᠠᠩᠵᠤ ᠦᠵᠡᠭᠦᠯᠦᠨ ᠮᠡᠨᠳᠦᠯᠡᠵᠦ᠂ ᠲᠣᠯᠣᠭᠠᠢ ᠮᠡᠬᠦᠢᠨ ᠬᠦᠨᠳᠦᠯᠡᠪᠡ᠃ ᠲᠡᠳᠡᠨ ᠦ᠌ ᠠᠰᠠᠭᠤᠭᠰᠠᠨ ᠰᠣᠨᠢᠷᠬᠠᠭᠰᠠᠨ ᠳ᠋ᠤ᠌ ᠬᠠᠷᠢᠭᠤᠯᠵᠤ ᠬᠡᠯᠡᠶ᠎ᠡ ᠭᠡᠰᠡᠨ ᠦᠭᠡ ᠪᠡᠨ ᠬᠡᠯᠡᠵᠦ ᠠᠮᠵᠢᠭᠠᠳ ᠠᠪᠤᠯ᠎ᠠ᠃ ᠭᠡᠲᠡᠯ᠎ᠡ ᠲᠡᠳᠡ᠄ 
       — ᠲᠠᠯ᠎ᠠ ᠶ᠋ᠢᠨ ᠬᠡᠳᠦᠨ ᠵᠢᠭᠠᠯ ᠤ᠋ᠳ ᠤᠯᠤᠰ ᠪᠠᠢᠭᠤᠯᠤᠨ ᠲᠣᠭᠯᠠᠵᠤ ᠪᠠᠢᠭ᠎ᠠ ᠶᠤᠮ ᠪᠢᠵᠡ ᠳᠡ᠃ ᠬᠠ᠂ ᠬᠠ᠂ ᠬᠠ᠂ ᠡᠯᠴᠢ ᠨᠢ ᠡᠨᠡ ᠭᠡᠯᠴᠡᠨ ᠳᠣᠭᠣᠭᠢᠯᠠᠪᠠ᠃ 
       ᠪᠣᠭᠣᠷᠴᠢ ᠶ᠋ᠢ ᠣᠴᠢᠬᠤ ᠳ᠋ᠤ᠌ ᠬᠡᠦᠬᠡᠨ ᠲᠣᠭᠣᠭ᠎ᠠ ᠨᠡᠷᠡᠵᠦ ᠪᠠᠢᠪᠠ᠃ ᠢᠰᠬᠦᠯᠡᠩ ᠰᠠᠢᠬᠠᠨ ᠦᠨᠦᠷ ᠬᠠᠩᠬᠤᠯᠤᠨ᠎ᠠ᠃ ᠵᠢᠮᠢᠰ ᠢᠰᠬᠡᠵᠦ ᠠᠷᠢᠬᠢ ᠨᠡᠷᠡᠳᠡᠭ ᠠᠵᠢ᠃ ᠠᠷᠢᠬᠢ ᠠᠭᠤᠳᠠᠯᠵᠤ ᠬᠦᠢᠲᠡᠨ ᠤᠰᠤᠨ ᠳ᠋ᠤ᠌ ᠰᠣᠢᠵᠤ ᠭᠠᠯ ᠳᠡᠭᠡᠷ᠎ᠡ ᠮᠢᠬ᠎ᠠ ᠴᠢᠨᠠᠬᠤ ᠪᠠᠷ ᠮᠢᠬ᠎ᠠ ᠠᠪᠴᠢᠷᠠᠬᠤ ᠳ᠋ᠤᠨᠢ ᠪᠤᠭᠤᠷᠴᠢ ᠳ᠋ᠤ᠌《ᠨᠢᠭᠡᠯᠡ ᠪᠢᠰᠢ ᠮᠢᠬ᠎ᠠ ᠪᠠᠢᠨ᠎ᠠ ᠳᠠ》 ᠭᠡᠵᠦ ᠰᠡᠵᠢᠭ ᠲᠥᠷᠥᠪᠡ᠃ ᠲᠤᠩ ᠰᠢᠨᠡᠬᠡᠨ ᠪᠣᠯᠤᠯᠲᠠᠢ ᠬᠠᠷᠠᠭᠳᠠᠨ᠎ᠠ᠃ ᠤᠰᠤᠨ ᠳ᠋ᠤ᠌ ᠰᠣᠢᠭᠰᠠᠨ ᠠᠷᠢᠬᠢ ᠪᠠᠨ ᠠᠪᠴᠢᠷᠠᠵᠤ ᠲᠣᠭᠣᠷᠢᠨ ᠰᠠᠭᠤᠭᠠᠳ ᠰᠥᠩᠨᠡᠵᠦ ᠪᠤᠭᠤᠷᠴᠢ ᠶ᠋ᠢ ᠴᠤ᠌ ᠠᠯᠤᠰᠯᠠᠯ ᠦᠭᠡᠢ ᠥᠭᠪᠡ᠃ ᠲᠡᠭᠦᠨ ᠢ᠋ ᠨᠢ ᠠᠪᠴᠤ ᠪᠠᠷᠢᠵᠤ ᠮᠥᠩᠬᠡ ᠲᠩᠷᠢ᠂ ᠠᠭᠤᠯᠠ ᠣᠪᠣᠭ᠎ᠠ ᠨᠡᠷᠡᠯᠡᠨ ᠢᠨᠴᠠᠳᠠᠵᠤ ᠡᠷᠭᠦᠭᠡᠳ ᠡᠷᠭᠢᠭᠦᠯᠵᠦ ᠥᠭᠬᠦ ᠳ᠋ᠦ᠍᠄《ᠤᠤᠭᠤ》 ᠭᠡᠵᠦ ᠲᠤᠰᠢᠶᠠᠩᠭᠤᠢ ᠵᠠᠩᠳᠤᠷᠪᠠ᠃ ᠪᠤᠭᠤᠷᠴᠢ᠄《ᠤᠤᠭᠤᠳᠠᠭ ᠦᠭᠡᠢ》 ᠭᠡᠵᠦ ᠪᠤᠴᠠᠭᠠᠯ᠎ᠠ᠃ ᠲᠡᠳᠡ ᠥᠪᠡᠷᠰᠡᠳ ᠢ᠋ᠶ᠋ᠡᠨ ᠪᠠᠯᠭᠤᠵᠤ᠂ ᠪᠥᠵᠢᠵᠦ ᠶᠡᠬᠡᠳᠡ ᠨᠠᠷᠭᠢᠬᠤ ᠶᠠᠩᠵᠤᠲᠠᠢ᠃ ᠪᠤᠭᠤᠷᠴᠢ《ᠲᠡᠷᠢᠭᠦᠨ》 ᠭᠡᠳ ᠪᠠᠢᠭ᠎ᠠ ᠬᠠᠷᠭᠢᠯ ᠭᠡᠭᠴᠢ ᠡᠲᠡᠭᠡᠳ ᠲᠦ᠋ᠨᠢ ᠬᠠᠨᠳᠤᠵᠤ᠄ 
       — ᠲᠠ ᠮᠠᠨ ᠤ᠋ ᠡᠵᠡᠨ ᠳ᠋ᠦ᠍ ᠶᠠᠮᠠᠷ ᠬᠠᠷᠢᠭᠤ ᠥᠭᠬᠦ ᠪᠣᠢ? ᠳᠠᠷᠬᠢ ᠶ᠋ᠢ ᠨᠠᠳᠠᠲᠠᠢ ᠶᠠᠪᠤᠭᠤᠯᠬᠤ ᠤᠤ? ᠭᠡᠵᠦ ᠵᠣᠷᠢᠭᠤᠳᠠ ᠠᠰᠠᠭᠤᠪᠠ᠃ ᠬᠠᠷᠭᠢᠯ ᠬᠡᠮᠡᠭᠴᠢ ᠪᠡᠷ ᠳᠠᠷᠬᠢ ᠤᠷᠤᠭᠤ ᠬᠠᠷᠠᠵᠤ᠄ 
       — ᠶᠠᠪᠤᠬᠤ ᠤᠤ? ᠭᠡᠵᠦ ᠠᠰᠠᠭᠤᠬᠤ ᠳ᠋ᠤ᠌ ᠴᠠᠭᠠᠳᠤᠬᠢ ᠨᠢ᠄ 
       — ᠦᠭᠡᠢ ᠭᠡᠵᠦ ᠲᠣᠯᠣᠭᠠᠢ ᠰᠡᠭᠰᠦᠷᠪᠡ᠃ ᠬᠠᠷᠭᠢᠯ ᠶᠡᠬᠡᠳᠡ ᠮᠠᠭᠠᠳᠠᠢᠵᠤ᠄ 
       — ᠡᠢᠮᠦ ᠯᠡ ᠪᠠᠢᠨ᠎ᠠ᠃ ᠬᠠᠷᠠᠭ᠎ᠠ ᠪᠢᠵᠡ? ᠭᠡᠪᠡ᠃ ᠪᠣᠭᠣᠷᠴᠢ ᠶᠡᠬᠡᠳᠡ ᠤᠷᠮ᠎ᠠ ᠭᠤᠳᠤᠷᠠᠭᠰᠠᠨ ᠴᠢᠷᠠᠢ ᠭᠠᠷᠭᠠᠨ᠄ 
       — ᠵᠠ᠂ ᠵᠠ᠂ ᠶᠠᠭᠠᠬᠢᠶ᠎ᠠ ᠭᠡᠬᠦ ᠪᠣᠢ? ᠬᠠᠷᠢᠨ ᠲᠠ ᠮᠠᠨ ᠤ᠋ ᠡᠵᠡᠨ ᠳ᠋ᠦ᠍ ᠶᠠᠮᠠᠷ ᠦᠭᠡ ᠠᠢᠯᠠᠳᠬᠠᠬᠤ ᠰᠠᠨ ᠪᠣᠯ? ᠭᠡᠰᠡᠨ ᠳ᠋ᠦ᠍ ᠴᠠᠭᠠᠳᠤᠬᠢ ᠨᠢ ᠶᠡᠬᠡᠳᠡ ᠲᠣᠬᠣᠭᠤᠷᠬᠠᠭᠰᠠᠨ ᠪᠠᠢᠳᠠᠯ ᠲᠠᠢ ᠬᠥᠬᠡ ᠢᠨᠢᠶᠡᠳᠦ ᠪᠡᠷ᠄ 
       — ᠲᠡᠷᠡ ᠲᠡᠮᠦᠵᠢᠨ ᠡᠵᠡᠨ ᠴᠢᠨᠢ ᠠᠭᠤᠯᠠ ᠶ᠋ᠢᠨ ᠡᠵᠡᠨ ᠨᠠᠳᠠ ᠳᠡᠭᠡᠷ᠎ᠡ ᠥᠪᠡᠷ ᠢ᠋ᠶ᠋ᠡᠨ ᠢᠷᠡᠵᠦ ᠮᠥᠷᠭᠥᠨ᠎ᠡ ᠪᠢᠵᠡ! ᠭᠡᠯ᠎ᠡ᠃ ᠪᠣᠭᠣᠷᠴᠢ᠄
       — ᠵᠠ᠂ ᠵᠠ ᠮᠡᠳᠡᠯ᠎ᠡ᠃ ᠪᠢ ᠶᠠᠪᠤᠶ᠎ᠠ ᠳᠠ ᠭᠡᠳ ᠪᠣᠰᠲᠠᠯ᠎ᠠ ᠨᠥᠭᠦᠭᠡ ᠭᠤᠷᠪᠠᠨ ᠪᠠᠷᠭᠢᠯ ᠡᠷ᠎ᠡ ᠪᠣᠰᠴᠤ ᠢᠷᠡᠭᠡᠳ ᠪᠠᠷᠢᠭᠠᠳ ᠠᠪᠴᠤ᠄
       — ᠤᠶᠠᠭ᠎ᠠ ᠠᠪᠴᠢᠷᠠ ᠭᠡᠵᠦ ᠬᠡᠨ ᠳ᠋ᠦ᠍ ᠴᠦ᠍ ᠶᠦᠮ ᠲᠤᠰᠢᠶᠠᠲᠠᠯ᠎ᠠ ᠨᠥᠭᠦᠭᠡ ᠡᠮ᠎ᠡ ᠰᠣᠷᠣᠨ ᠣᠭᠣᠰᠣᠷ ᠠᠪᠴᠢᠷᠠᠪᠠ᠃ ᠲᠡᠷᠡ ᠨᠢ ᠬᠥᠮᠦᠨ ᠳ᠋ᠦ᠍ ᠵᠣᠷᠢᠭᠤᠯᠤᠭᠰᠠᠨ ᠴᠢᠳᠥᠷ ᠲᠤᠱᠠ ᠭᠡᠯᠲᠡᠢ᠃ ᠬᠣᠶᠠᠷ ᠪᠤᠭᠤᠯᠠᠭ᠎ᠠ ᠳ᠋ᠤᠨᠢ ᠣᠷᠢᠶᠠᠵᠤ ᠲᠠᠲᠠᠭᠠᠳ ᠠᠷᠤ ᠳ᠋ᠤ᠌ ᠨᠢ ᠤᠶᠠᠵᠤ ᠬᠥᠯ ᠢ᠋ ᠨᠢ ᠲᠤᠱᠠᠭᠠᠳ ᠪᠤᠭᠤᠯᠠᠭᠠᠨ ᠤ᠋ ᠤᠶᠠᠭ᠎ᠠ ᠲᠠᠢ ᠨᠢ ᠬᠣᠯᠪᠣᠴᠢᠬᠠᠪᠠ᠃ ᠲᠡᠭᠡᠭᠡᠳ ᠵᠡᠭᠦᠨ ᠣᠪᠣᠬᠠᠢ ᠶ᠋ᠢᠨ ᠬᠠᠪᠴᠢᠰᠤᠨ ᠳ᠋ᠤ᠌ ᠪᠡᠯᠡᠳᠬᠡᠭᠰᠡᠨ ᠱᠣᠩ ᠳ᠋ᠤ᠌ ᠤᠶᠠᠴᠢᠬᠠᠯ᠎ᠠ᠃ ᠢᠩᠭᠢᠭᠡᠳ ᠬᠠᠮᠢᠭᠠᠰᠢ ᠪᠠᠨ ᠴᠤ᠌ ᠦᠭᠡᠢ ᠪᠣᠯᠤᠭᠰᠠᠨ ᠪᠣᠯᠪᠠᠴᠤ ᠪᠣᠭᠣᠷᠴᠢ ᠮᠥᠴᠡᠭᠡ ᠪᠡᠨ ᠠᠯᠳᠠᠯ ᠦᠭᠡᠢ᠄ 
       — ᠲᠠ ᠨᠠᠷ ᠠᠮᠢᠨ ᠠ᠋ᠴᠠ ᠪᠠᠨ ᠤᠢᠳᠤᠭᠰᠠᠨ ᠠᠮᠢᠲᠠᠳ ᠶᠤᠮ ᠤᠤ? ᠮᠠᠨ ᠤ᠋ ᠡᠵᠡᠨ ᠮᠢᠨᠦ ᠠᠷᠤ ᠠ᠋ᠴᠠ ᠢᠷᠡᠵᠦ ᠪᠦᠭᠦᠳᠡ ᠶ᠋ᠢ ᠴᠢᠨᠢ ᠬᠥᠨᠥᠭᠡᠨ᠎ᠡ ᠭᠡᠪᠡ᠃ ᠲᠡᠳᠡ ᠢᠨᠢᠶᠡᠯᠳᠦᠨ ᠥᠨᠥ ᠬᠠᠷᠭᠢᠯ᠄ 
       — ᠲᠡᠭᠡ᠂ ᠲᠡᠭᠡ᠃ ᠬᠡᠨ ᠨᠢ ᠬᠡᠨ ᠢ᠋ ᠪᠡᠨ ᠬᠥᠨᠥᠭᠡᠬᠦ ᠶ᠋ᠢ ᠲᠩᠷᠢ ᠮᠡᠳᠡᠨ᠎ᠡ ᠠ᠋ ᠭᠡᠵᠦ ᠢᠨᠢᠶᠡᠯᠳᠦᠵᠡᠭᠡᠨ᠎ᠡ᠃  ᠪᠣᠭᠣᠷᠴᠢ ᠴᠠᠭ ᠮᠥᠴᠡ ᠬᠦᠯᠢᠶᠡᠬᠦ ᠡᠴᠡ ᠥᠭᠡᠷ᠎ᠡ ᠠᠷᠭ᠎ᠠ ᠦᠭᠡᠢ ᠪᠣᠯᠤᠯ᠎ᠠ᠃ ᠬᠠᠷᠠᠩᠭᠤᠢ ᠪᠣᠯᠵᠤ ᠲᠡᠳᠡ ᠴᠢᠨᠠᠭᠰᠠᠨ ᠮᠢᠬ᠎ᠠ ᠪᠠᠨ ᠭᠠᠷᠭᠠᠵᠤ ᠠᠷᠢᠬᠢ ᠪᠠᠨ ᠤᠤᠭᠤᠨ ᠨᠠᠷᠭᠢᠯᠳᠤᠬᠤ ᠳ᠋ᠠᠭᠠᠨ ᠶᠡᠬᠡᠯ᠎ᠡ ᠬᠥᠭᠵᠢᠶᠡᠨ ᠲᠡᠢ ᠪᠣᠯᠤᠯᠲᠠᠢ᠃ 
       ᠨᠥᠭᠦᠭᠡ ᠬᠡᠦᠬᠡᠨ ᠨᠢ ᠴᠢᠨᠠᠭᠰᠠᠨ ᠬᠡᠰᠡᠭ ᠮᠢᠬ᠎ᠠ ᠪᠠᠷᠢᠵᠤ ᠢᠷᠡᠵᠦ ᠪᠤᠭᠤᠷᠴᠢ ᠳ᠋ᠤ᠌ ᠥᠭᠬᠦ ᠳ᠋ᠦ᠍ ᠨᠢ ᠪᠤᠭᠤᠷᠴᠢ᠄ 
       — ᠢᠳᠡᠬᠦ ᠦᠭᠡᠢ᠂ ᠢᠳᠡᠬᠦ ᠦᠭᠡᠢ ᠭᠡᠯ᠎ᠡ᠃ ᠬᠡᠦᠬᠡᠨ ᠮᠢᠬ᠎ᠠ ᠶ᠋ᠢ ᠬᠠᠵᠠᠭᠤ ᠳ᠋ᠤᠨᠢ ᠲᠠᠯᠪᠢᠴᠢᠬᠠᠭᠠᠳ ᠣᠴᠢᠵᠤ ᠲᠡᠳᠡᠨ ᠳ᠋ᠦ᠍ ᠪᠡᠨ ᠪᠤᠭᠤᠷᠴᠢ ᠶ᠋ᠢᠨ ᠬᠡᠯᠡᠭᠰᠡᠨ ᠢ᠋ ᠨᠢ ᠬᠡᠯᠡᠬᠦ ᠳ᠋ᠦ᠍ ᠡᠵᠡᠨ ᠬᠡᠮᠡᠭᠴᠢ ᠨᠢ᠄ 
       — ᠶᠠᠭᠠᠬᠢᠬᠤᠪ᠂ ᠶᠠᠭᠠᠬᠢᠬᠤᠪ᠂ ᠲᠡᠷᠡ ᠲᠡᠢ ᠲᠡᠷᠡ ᠦᠭᠡᠢ ᠬᠣᠨᠣᠭ ᠤ᠋ᠨ ᠲᠣᠭ᠎ᠠ ᠨᠢ ᠴᠥᠭᠡᠨ ᠦᠯᠡᠳᠡᠭᠰᠡᠨ ᠠᠮᠢᠲᠠᠨ᠂ ᠰᠢᠪᠬᠠᠷᠴᠤ ᠯᠠ ᠪᠠᠢᠭ ᠭᠡᠬᠦ ᠨᠢ ᠰᠣᠨᠣᠰᠳᠠᠪᠠ᠃ 
       ᠲᠡᠳᠡ ᠤᠨᠲᠠᠵᠤ ᠬᠡᠪᠲᠡᠬᠦ ᠶᠠᠭᠤᠮ᠎ᠠ ᠪᠣᠯᠤᠯ᠎ᠠ᠃ ᠬᠣᠶᠠᠷ ᠰᠡᠭᠰᠡᠭᠡᠷ ᠣᠷᠣᠵᠤ ᠢᠷᠡᠭᠡᠳ ᠪᠤᠭᠤᠷᠴᠢ ᠶ᠋ᠢ ᠤᠶᠠᠭᠠᠨ ᠠ᠋ᠴᠠ ᠨᠢ ᠭᠠᠷᠭᠠᠵᠤ ᠰᠢᠭᠡᠭᠡᠯᠭᠡᠳ ᠣᠪᠣᠬᠠᠢ ᠶ᠋ᠢᠨ ᠭᠣᠣᠯ ᠳ᠋ᠤ᠌ ᠭᠠᠵᠠᠷ ᠳᠡᠭᠡᠷ᠎ᠡ ᠭᠡᠳᠡᠷᠭᠦ ᠬᠠᠷᠠᠭᠤᠯᠤᠨ ᠬᠡᠪᠲᠡᠭᠦᠯᠦᠭᠡᠳ ᠳᠡᠭᠡᠭᠦᠷ ᠨᠢ ᠡᠯᠳᠡᠵᠦ ᠵᠥᠭᠡᠯᠡᠷᠡᠭᠦᠯᠦᠭᠰᠡᠨ ᠭᠤᠷᠪᠠᠨ ᠬᠥᠮᠦᠨ ᠦ᠌ ᠠᠷᠠᠰᠤ ᠲᠠᠯᠪᠢᠭᠠᠳ᠂ ᠥᠪᠡᠷᠰᠡᠳ ᠢ᠋ᠶ᠋ᠡᠨ ᠬᠡᠪᠲᠡᠬᠦ ᠳᠡᠪᠢᠰᠬᠡᠷ ᠬᠣᠶᠠᠷ ᠢ᠋ ᠬᠣᠶᠠᠷ ᠲᠠᠯ᠎ᠠ ᠪᠠᠷ ᠥᠨᠥᠬᠢ ᠭᠠᠷ ᠬᠥᠯ ᠦ᠋ᠨ ᠤᠷᠲᠤ ᠠᠷᠠᠰᠤᠨ ᠳᠡᠭᠡᠭᠦᠷ ᠳᠡᠪᠢᠰᠴᠦ ᠬᠣᠶᠠᠷ ᠲᠠᠯ᠎ᠠ ᠠ᠋ᠴᠠ ᠨᠢ ᠰᠢᠬᠠᠵᠤ ᠬᠡᠪᠲᠡᠪᠡ᠃ 
       ᠠᠷᠢᠬᠢ ᠬᠠᠩᠬᠤᠯᠬᠤ ᠬᠢᠭᠡᠳ ᠪᠤᠰᠤᠳ ᠦᠨᠦᠷ᠂ ᠢᠯᠠᠩᠭᠤᠶ᠎ᠠ ᠲᠡᠳᠡᠨ ᠢ᠋ ᠰᠠᠶᠢᠬᠠᠨ ᠬᠥᠮᠦᠨ ᠦ᠌ ᠮᠢᠬ᠎ᠠ ᠢᠳᠡᠭᠰᠡᠨ ᠭᠡᠵᠦ ᠪᠣᠳᠣᠬᠤ ᠠ᠋ᠴᠠ ᠣᠢ ᠭᠤᠲᠤᠮ᠎ᠠ᠃ ᠪᠥᠭᠡᠯᠵᠢᠰᠦ ᠴᠢᠳᠬᠤᠨ᠎ᠠ᠃ ᠨᠥᠭᠦᠭᠡ ᠳᠠᠷᠬᠢ ᠶ᠋ᠢ ᠮᠠᠨᠠᠭᠠᠨ ᠳ᠋ᠤ᠌ ᠭᠠᠷᠭᠠᠬᠤ ᠳ᠋ᠠᠭᠠᠨ᠄ 
       — ᠠᠯᠤᠰ ᠤ᠋ᠨ ᠴᠢᠮᠡᠭᠡ ᠠᠪᠢᠶ᠎ᠠ ᠴᠢᠩᠨᠠᠵᠤ ᠰᠡᠵᠢᠭ ᠭᠠᠷᠪᠠᠯ ᠪᠢᠳᠡᠨ ᠢ᠋ ᠰᠡᠷᠡᠭᠡ! ᠭᠡᠵᠦ ᠲᠤᠰᠢᠶᠠᠪᠠ᠃ ᠲᠡᠷᠡ ᠨᠢ ᠪᠦᠷᠢᠨ ᠵᠡᠪᠰᠡᠭᠯᠡᠭᠡᠳ ᠮᠠᠨᠠᠭᠠᠨ ᠤ᠋ ᠪᠠᠢᠷᠢ ᠤᠷᠤᠭᠤ ᠶᠠᠪᠤᠯ᠎ᠠ᠃ ᠨᠠᠷᠢᠨ ᠵᠥᠷᠢᠭ ᠵᠠᠮ ᠢ᠋ᠶ᠋ᠠᠷ ᠵᠡᠭᠦᠨ ᠬᠢᠷ᠎ᠠ ᠥᠭᠡᠳᠡ ᠭᠠᠷᠴᠤ ᠰᠠᠭᠤᠳᠠᠭ ᠲᠡᠢᠮᠦ ᠨᠢᠭᠡ  ᠰᠠᠷᠠᠪᠴᠢᠯᠠᠬᠤ ᠶᠠᠭᠤᠮ᠎ᠠ ᠶ᠋ᠢ ᠪᠤᠭᠤᠷᠴᠢ ᠬᠠᠷᠠᠵᠤ ᠠᠮᠵᠢᠭᠰᠠᠨ ᠪᠥᠯᠥᠭᠡ᠃ ᠲᠠᠢᠰᠢ ᠶᠠᠪᠤᠭᠤᠯᠬᠤ ᠳ᠋ᠠᠭᠠᠨ ᠥᠨᠥᠬᠢ 《ᠠᠭᠤᠯᠠ ᠶ᠋ᠢᠨ ᠡᠵᠡᠨ》᠄
       — ᠮᠠᠨ ᠤ᠋ ᠬᠣᠶᠠᠷ ᠨᠣᠬᠠᠢ ᠠᠯᠤᠰ ᠤ᠋ᠨ ᠴᠢᠮᠡᠭᠡ ᠶ᠋ᠢ ᠴᠢᠮ᠎ᠠ ᠠ᠋ᠴᠠ ᠢᠯᠡᠭᠦᠦ ᠮᠡᠳᠡᠷᠡᠵᠦ ᠴᠢᠳᠠᠬᠤ ᠪᠠᠢᠬ᠎ᠠ ! ᠭᠡᠵᠦ ᠨᠣᠬᠠᠢ ᠳ᠋ᠠᠭᠠᠨ ᠶᠡᠬᠡ ᠨᠠᠢᠳᠠᠪᠤᠷᠢ ᠲᠠᠯᠪᠢᠵᠤ ᠮᠠᠨᠠᠭᠠᠴᠢᠨ ᠤ᠋ ᠤᠷᠮ᠎ᠠ ᠶ᠋ᠢ ᠬᠤᠭᠤᠯᠪᠠ᠃ 
       — ᠵᠠ᠂ ᠲᠡᠭᠡᠭᠡᠳ ᠪᠦᠭᠦᠳᠡ ᠣᠷᠣ᠂ ᠬᠡᠪᠲᠡᠷᠢ᠂ ᠪᠠᠢᠬᠤ ᠪᠠᠢᠷᠢ ᠪᠠᠨ ᠡᠵᠡᠯᠡᠵᠡᠭᠡᠵᠡᠢ᠃ ᠠᠷᠢᠬᠢᠨ ᠳ᠋ᠠᠭᠠᠨ ᠴᠣᠬᠢᠭᠤᠯᠤᠭᠰᠠᠨ ᠬᠠᠵᠠᠭᠤ ᠶ᠋ᠢᠨ ᠬᠣᠶᠠᠷ ᠲᠡᠭᠡᠰᠬᠢᠭᠡᠳ ᠬᠤᠷᠬᠢᠷᠠᠭᠠᠳ ᠥᠭᠴᠦ᠂ ᠪᠠᠷᠠᠭᠤᠨ ᠬᠣᠶᠠᠷ ᠵᠢᠭᠠᠰᠤ ᠨᠠᠭᠠᠯᠳᠤᠭᠤᠯᠤᠨ ᠵᠢᠷᠭᠠᠵᠤ ᠠᠯᠳᠠᠬᠤ ᠨᠢ ᠲᠡᠷᠡ᠃ 
       ᠪᠣᠭᠣᠷᠴᠢ ᠶ᠋ᠢᠨ ᠨᠣᠢᠷ ᠶᠠᠭᠠᠬᠢᠯ᠎ᠠ ᠭᠡᠵᠦ ᠬᠦᠷᠬᠦ ᠪᠣᠢ? ᠳᠣᠣᠷ᠎ᠠ ᠠ᠋ᠴᠠ ᠰᠤᠷ ᠤ᠋ᠨ ᠵᠠᠩᠭᠢᠯᠠᠭ᠎ᠠ ᠨᠤᠬᠤᠵᠤ᠂ ᠬᠦᠯᠢᠭᠲᠡᠢ ᠭᠠᠷ ᠬᠥᠯ ᠴᠢᠯᠡᠵᠦ ᠪᠠᠳᠠᠢᠷᠠᠨ᠂ ᠬᠥᠮᠦᠨ ᠦ᠌ ᠠᠷᠠᠰᠤᠨ ᠬᠤᠴᠢᠯᠭᠠᠨ ᠳ᠋ᠤ᠌ ᠳᠠᠷᠤᠭᠤᠯᠵᠤ ᠲᠠᠷᠴᠢᠯᠠᠬᠤ ᠶ᠋ᠢᠨ ᠶᠡᠬᠡᠪᠡᠷ ᠲᠠᠷᠴᠢᠯᠠᠵᠤ ᠬᠡᠪᠲᠡᠬᠦ ᠵᠠᠭᠤᠷ᠎ᠠ ᠥᠪᠡᠷ ᠢ᠋ ᠪᠡᠨ ᠴᠢᠯᠥᠭᠡᠯᠡᠵᠦ ᠡᠳᠡᠨ ᠢ᠋ ᠲᠣᠨᠢᠯᠭᠠᠬᠤ ᠡᠯᠳᠡᠪ ᠶᠠᠭᠤᠮ᠎ᠠ ᠪᠣᠳᠣᠭᠳᠠᠨ᠎ᠠ᠃《ᠲᠡᠭᠦᠰᠬᠡᠨ ᠦ᠌ ᠦᠰᠦᠨ ᠳ᠋ᠦ᠍ᠨᠢ ᠬᠢᠵᠦ ᠥᠭᠭᠦᠭᠰᠡᠨ ᠬᠢᠲᠤᠭ᠎ᠠ ᠯᠠ ᠭᠠᠭᠴᠠ ᠠᠪᠤᠷᠠᠬᠤ ᠵᠡᠪᠰᠡᠭ ᠮᠥᠨ》 ᠭᠡᠵᠦ ᠪᠣᠳᠣᠭᠳᠠᠨ ᠠᠪᠬᠤ ᠭᠡᠬᠦ ᠳ᠋ᠦ᠍ ᠠᠪᠬᠤ ᠠᠷᠭ᠎ᠠ ᠠᠯᠠᠭ᠎ᠠ᠃ ᠭᠡᠪᠡᠴᠦ ᠢᠩᠭᠢᠵᠦ ᠬᠡᠪᠲᠡᠵᠦ ᠪᠣᠯᠬᠤ ᠦᠭᠡᠢ᠃ ᠵᠣᠪᠠᠯᠠᠩ ᠢ᠋ ᠭᠡᠲᠦᠯᠵᠦ ᠯᠡ ᠠᠮᠢ ᠪᠠᠨ ᠠᠪᠤᠷᠠᠬᠤ ᠶᠣᠰᠣᠲᠠᠢ᠃ ᠡᠢᠨᠬᠦ ᠪᠤᠭᠤᠯᠠᠭ᠎ᠠ ᠪᠠᠨ ᠣᠷᠢᠶᠠᠵᠤ ᠰᠣᠢᠭᠰᠠᠨ ᠰᠤᠷ ᠬᠥᠳᠡᠯᠬᠦ ᠪᠦᠷᠢ ᠴᠢᠩᠭᠠᠷᠠᠵᠤ ᠪᠤᠯᠴᠢᠩ ᠡᠪᠡᠳᠬᠡᠵᠦ ᠴᠢᠨᠦᠷᠡᠭᠦᠯᠪᠡᠴᠦ ᠨᠢᠭᠡ ᠭᠠᠷ ᠢ᠋ᠶ᠋ᠠᠨ ᠠᠮᠠᠨ ᠳ᠋ᠠᠭᠠᠨ ᠣᠢᠷᠠᠲᠤᠭᠤᠯᠵᠤ ᠨᠥᠭᠦᠭᠡ ᠭᠠᠷ ᠢ᠋ᠶ᠋ᠠᠷ ᠢ᠋ᠶ᠋ᠠᠨ ᠲᠠᠲᠠᠵᠤ ᠰᠤᠷ ᠢ᠋ ᠠᠮᠠᠨ ᠳ᠋ᠠᠭᠠᠨ ᠣᠷᠣᠭᠤᠯᠵᠤ᠂ ᠠᠷᠠᠭ᠎ᠠ ᠰᠣᠶᠣᠭ᠎ᠠ ᠬᠣᠶᠠᠷ ᠤ᠋ᠨ ᠵᠠᠭᠠᠭ ᠲᠤ ᠵᠠᠭᠤᠵᠤ ᠠᠪᠤᠭᠠᠳ ᠬᠡᠪᠢᠵᠦ ᠦᠵᠡᠲᠡᠯ᠎ᠡ ᠴᠣᠭᠣᠷᠠᠵᠤ ᠪᠠᠢᠭ᠎ᠠ ᠪᠣᠯᠤᠯᠲᠠᠢ᠃ ᠤᠷᠮ᠎ᠠ ᠵᠣᠷᠢᠭ ᠴᠤ᠌ ᠣᠷᠣᠵᠤ ᠠᠭᠠᠵᠢᠭᠤ ᠤᠳᠠᠭᠠᠨ ᠬᠡᠪᠢᠭᠡᠳ ᠪᠠᠢᠪᠠ᠃ ᠨᠢᠭᠡ ᠭᠠᠷ ᠢ᠋ᠶ᠋ᠠᠷ ᠢ᠋ᠶ᠋ᠠᠨ ᠲᠠᠲᠠᠭᠠᠳ ᠯᠠ ᠬᠡᠪᠢᠬᠦ ᠳ᠋ᠦ᠍ ᠰᠦᠷᠡᠬᠡᠢ ᠰᠤᠨᠵᠤ ᠦᠨᠡᠬᠡᠷ ᠰᠡᠢᠮᠡᠢᠵᠦ ᠢᠷᠡᠭᠰᠡᠨ ᠢ᠋ᠶ᠋ᠡᠨ ᠲᠠᠰᠤᠷᠠᠯ᠎ᠠ᠃ ᠭᠠᠷ ᠢ᠋ᠶ᠋ᠠᠨ ᠭᠠᠷᠭᠠᠵᠤ᠂ ᠬᠥᠳᠡᠯᠭᠡᠨ ᠪᠠᠵᠠᠯᠠᠵᠤ᠂ ᠦᠰᠦᠨ ᠡᠴᠡ ᠪᠡᠨ ᠬᠢᠲᠤᠭ᠎ᠠ ᠪᠠᠨ ᠠᠪᠤᠪᠠ᠃ ᠬᠠᠵᠠᠭᠤ ᠶ᠋ᠢᠨ ᠨᠢᠭᠡ ᠵᠣᠯᠢᠭ ᠭᠡᠳᠡᠷᠭᠦ ᠪᠡᠨ ᠬᠠᠷᠠᠭᠠᠳ《ᠬᠣᠭᠣᠯᠠᠢ ᠪᠠᠨ ᠣᠭᠲᠣᠯᠤᠭᠤᠯᠬᠤ ᠳ᠋ᠤ᠌ ᠪᠡᠯᠡᠨ》 ᠭᠡᠰᠡᠨ ᠰᠢᠭ ᠬᠡᠪᠲᠡᠨ᠎ᠡ᠃ ᠳᠡᠭᠡᠷ᠎ᠡ ᠡᠴᠡ ᠳᠠᠷᠤᠭᠰᠠᠨ ᠬᠥᠮᠦᠨ ᠦ᠌ ᠠᠷᠠᠰᠤ ᠶ᠋ᠢ ᠵᠦᠰᠦᠵᠦ ᠴᠡᠭᠡᠵᠢᠨ ᠪᠡᠶ᠎ᠡ ᠪᠡᠨ ᠴᠢᠯᠥᠭᠡᠯᠡᠭᠡᠳ ᠨᠥᠭᠥᠭᠡᠳᠡᠬᠢ ᠶ᠋ᠢᠨ ᠠᠮᠠᠨ ᠳᠡᠭᠡᠷ᠎ᠡ ᠨᠢ ᠨᠢᠭᠡ ᠭᠠᠷ ᠢ᠋ᠶ᠋ᠠᠨ ᠣᠢᠷᠠᠲᠤᠭᠤᠯᠵᠤ᠂ ᠨᠥᠭᠦᠭᠡ ᠭᠠᠷ ᠢ᠋ᠶ᠋ᠠᠷ ᠢ᠋ᠶ᠋ᠠᠨ ᠪᠠᠭᠠᠯᠵᠤᠤᠷ ᠢ᠋ ᠨᠢ ᠬᠠᠮᠤᠭ ᠲᠡᠩᠬᠡᠭᠡ ᠪᠡᠷ ᠢ᠋ᠶ᠋ᠡᠨ ᠣᠭᠲᠣᠯᠤᠨ ᠠᠮᠠ ᠶ᠋ᠢ ᠨᠢ ᠳᠠᠷᠤᠪᠠ᠃ ᠲᠡᠳᠦᠢ ᠯᠡ ᠳᠠᠭᠤ ᠴᠢᠮᠡᠭᠡ ᠭᠠᠷᠤᠭᠰᠠᠨ ᠦᠭᠡᠢ《ᠬᠤᠷ᠂ ᠬᠤᠷ》 ᠭᠡᠬᠦ ᠠᠪᠢᠶ᠎ᠠ ᠴᠠᠭᠠᠨ ᠮᠥᠭᠡᠷᠰᠦ ᠪᠡᠷ ᠨᠢ ᠭᠠᠷᠬᠤ ᠲᠡᠳᠦᠢ ᠠᠵᠢ᠃ ᠨᠥᠭᠥᠭᠡᠳᠡᠬᠢ ᠶ᠋ᠢᠨ ᠬᠢᠨᠢ ᠡᠭᠡᠯᠵᠢ᠃ ᠲᠡᠷᠡ ᠨᠢ ᠴᠠᠰᠢ ᠬᠠᠷᠠᠭᠠᠳ ᠠᠲᠤᠢᠵᠤ ᠲᠦᠭᠳᠦᠢᠨ ᠬᠡᠪᠲᠡᠬᠦ ᠲᠤᠯᠠ ᠬᠣᠭᠣᠯᠠᠢ ᠶ᠋ᠢ ᠨᠢ ᠰᠢᠭᠤᠳ ᠣᠭᠲᠣᠯᠬᠤ ᠠᠷᠭ᠎ᠠ ᠦᠭᠡᠢ᠃ ᠵᠣᠷᠢᠭᠤᠳᠠ ᠬᠥᠨᠳᠡᠢᠷᠡᠬᠦ ᠮᠠᠶᠢᠭ ᠦᠵᠡᠭᠦᠯᠲᠡᠯ᠎ᠡ ᠢᠷᠠᠭᠯᠠᠨ ᠡᠷᠭᠢᠬᠦ ᠰᠠᠴᠠᠭᠤ ᠥᠨᠥᠬᠢ ᠬᠡᠴᠡᠭᠦᠦ ᠦᠢᠯᠡᠳᠦᠯ ᠢ᠋ᠶ᠋ᠡᠨ ᠬᠢᠪᠡ᠃ ᠬᠠᠵᠠᠭᠤ ᠶ᠋ᠢᠨ ᠬᠣᠶᠠᠷ ᠦᠬᠦᠳᠡᠯ ᠪᠣᠯᠤᠭᠠᠳ ᠰᠤᠷ ᠰᠢᠭ᠋ ᠰᠤᠨᠵᠤ ᠬᠡᠪᠲᠡᠬᠦ ᠨᠢ ᠲᠡᠷᠡ᠃ 
       ᠪᠣᠰᠤᠨ ᠰᠠᠭᠤᠵᠤ ᠬᠥᠰᠢᠭᠰᠡᠨ᠂ ᠴᠢᠯᠡᠭᠰᠡᠨ ᠪᠡᠶ᠎ᠡ ᠪᠡᠨ ᠵᠢᠭᠠᠬᠠᠨ ᠶᠠᠩᠵᠤᠯᠠᠭᠠᠳ ᠪᠦᠰᠡ ᠪᠡᠨ ᠣᠯᠵᠤ᠂ ᠵᠢᠵᠢᠭ ᠬᠢᠲᠤᠭ᠎ᠠ ᠪᠠᠨ ᠪᠥᠰᠡᠨ ᠳ᠋ᠡᠭᠡᠨ ᠵᠠᠩᠭᠢᠳᠴᠤ ᠬᠢᠮᠠᠭᠠᠳᠠᠨ᠂ ᠪᠦᠰᠡ ᠪᠡᠨ ᠪᠦᠰᠡᠯᠡᠨ ᠨᠢᠭᠡ ᠰᠡᠯᠡᠮ᠎ᠡ ᠠᠪᠴᠤ ᠵᠡᠭᠦᠪᠡ᠃  
      《ᠣᠳᠣ ᠶᠠᠭᠠᠬᠢᠬᠤ ᠪᠣᠢ? ᠪᠠᠷᠠᠭᠤᠨ ᠬᠣᠶᠠᠷ ᠢ᠋ ᠳᠦᠭᠦᠷᠭᠡᠬᠦ ᠠᠮᠠᠷᠬᠠᠨ᠃ ᠭᠡᠪᠡᠴᠦ ᠡᠮ᠎ᠡ ᠶ᠋ᠢ ᠨᠢ ᠠᠯᠠᠮ᠎ᠠ ᠦᠭᠡᠢ ᠪᠠᠢᠨ᠎ᠠ᠃ ᠡᠮ᠎ᠡ ᠬᠥᠮᠦᠨ ᠢ᠋ᠶ᠋ᠡᠷ ᠭᠠᠷ ᠢ᠋ᠶ᠋ᠠᠨ ᠴᠢᠰᠤᠳᠠᠬᠤ ᠮᠠᠭᠤ ᠶᠣᠷᠣ᠃ ᠡᠨᠡ ᠡᠷ᠎ᠡ ᠡᠴᠡ ᠥᠴᠢᠭ ᠠᠪᠤᠮᠠᠷ᠃ ᠲᠡᠭᠡᠬᠦᠯᠡᠷ ᠮᠠᠨᠠᠭᠠᠴᠢ ᠲᠠᠢ ᠤᠴᠢᠷ ᠢ᠋ᠶ᠋ᠠᠨ ᠣᠯᠤᠯᠴᠠᠮᠠᠷ᠃ ᠲᠡᠷᠡ ᠡᠳᠦᠢ ᠳ᠋ᠦ᠍ ᠳᠤᠭᠵᠢᠷᠠᠵᠤ ᠯᠠ ᠪᠠᠢᠭ᠎ᠠ᠃ ᠪᠠᠰᠠ ᠨᠢᠭᠡ ᠬᠡᠴᠡᠭᠦᠦ ᠶᠠᠭᠤᠮ᠎ᠠ ᠪᠣᠯ ᠬᠣᠶᠠᠷ ᠨᠣᠬᠠᠢ᠂ ᠠᠷᠭᠠᠯᠠᠨ᠎ᠠ ᠳᠠ》 ᠭᠡᠮᠡᠨ ᠪᠣᠳᠣᠵᠤ ᠰᠢᠢᠳᠮᠡᠭᠡᠢᠬᠡᠨ ᠬᠢᠲᠤᠭ᠎ᠠ ᠪᠠᠨ ᠰᠤᠭᠤᠯᠵᠤ ᠬᠣᠶᠠᠷ ᠦᠬᠦᠳᠡᠯ ᠦ᠋ᠨ ᠥᠭᠡᠵᠡᠭ ᠦ᠋ᠨ ᠵᠤᠵᠠᠭᠠᠨ ᠮᠢᠬᠠᠨ ᠠ᠋ᠴᠠ ᠪᠥᠭᠡᠮ ᠮᠢᠬ᠎ᠠ ᠣᠭᠲᠣᠯᠵᠤ ᠨᠣᠬᠠᠢ ᠳ᠋ᠤ᠌ ᠱᠣᠭᠰᠢᠷᠠᠨ ᠳᠠᠭᠤᠳᠠᠵᠤ ᠥᠭᠭᠦᠭᠡᠳ ᠬᠠᠭᠠᠰ ᠢ᠋ ᠨᠢ ᠬᠣᠯᠠ ᠰᠢᠲᠦᠬᠦᠢ ᠳ᠋ᠦ᠍ ᠬᠣᠶᠠᠷ ᠨᠣᠬᠠᠢ ᠶ᠋ᠢᠨ ᠬᠣᠷᠣᠬᠠᠢ ᠬᠥᠳᠡᠯᠵᠦ ᠬᠣᠪᠳᠣᠭᠯᠠᠨ ᠡᠮᠬᠦᠯᠡᠪᠡ᠃ 
       ᠨᠢᠭᠡ ᠳᠡᠪᠡᠯ᠂ ᠬᠡᠰᠡᠭ ᠰᠤᠷ ᠠᠪᠴᠤ ᠳᠡᠪᠡᠯ ᠡᠴᠡ ᠨᠢ ᠬᠡᠰᠡᠭ ᠳᠠᠪᠤᠤ ᠥᠮᠥᠯᠦᠨ ᠣᠭᠲᠣᠴᠢᠵᠤ ᠪᠠᠷᠢᠭᠰᠠᠭᠠᠷ᠂ ᠭᠤᠲᠤᠯ ᠢ᠋ᠶ᠋ᠠᠨ ᠲᠠᠢᠯᠵᠤ ᠵᠥᠪᠬᠡᠨ ᠣᠢᠮᠣᠰᠤ ᠪᠠᠷ ᠢ᠋ᠶ᠋ᠠᠨ ᠮᠠᠨᠠᠭᠠᠨ ᠤ᠋ ᠵᠥᠷᠢᠭ ᠵᠠᠮ ᠢ᠋ᠶ᠋ᠠᠷ ᠭᠡᠲᠡᠨ ᠥᠭᠰᠥᠵᠦ ᠣᠢᠷᠠᠳᠪᠠᠰᠤ ᠮᠠᠨᠠᠭᠠᠴᠢ ᠶ᠋ᠢᠨ ᠡᠭᠦᠷᠭᠡ ᠬᠦᠯᠢᠶᠡᠭᠰᠡᠨ ᠳᠠᠷᠬᠢ ᠰᠠᠨᠠᠭᠰᠠᠨ ᠶᠣᠰᠣᠭᠠᠷ ᠬᠤᠷᠬᠢᠷᠠᠵᠤ ᠪᠠᠢᠪᠠ᠃ ᠠᠷᠭ᠎ᠠ ᠦᠭᠡᠢ ᠳᠡ᠂ ᠡᠵᠡᠨ ᠨᠢ ᠲᠡᠭᠦᠨ ᠡᠴᠡ ᠢᠯᠡᠭᠦᠦ ᠬᠣᠶᠠᠷ ᠨᠣᠬᠠᠢ ᠳ᠋ᠠᠭᠠᠨ ᠨᠠᠢᠳᠠᠪᠤᠷᠢ ᠲᠠᠯᠪᠢᠭᠰᠠᠨ ᠶᠤᠮ ᠴᠢᠨᠢ᠃ 
       ᠣᠢᠷᠠᠲᠤᠨ ᠣᠢᠷᠠᠲᠤᠭᠰᠠᠭᠠᠷ ᠳᠡᠪᠡᠯ ᠢ᠋ᠶ᠋ᠡᠷ ᠲᠣᠯᠣᠭᠠᠢ ᠶ᠋ᠢ ᠨᠢ ᠪᠢᠲᠡᠭᠦᠯᠡᠵᠦ ᠳᠠᠷᠤᠨ ᠠᠮᠠᠨ ᠳ᠋ᠤᠨᠢ ᠳᠠᠪᠤᠤ ᠴᠢᠬᠢᠵᠦ ᠬᠣᠶᠠᠷ ᠭᠠᠷ ᠢ᠋ ᠨᠢ ᠰᠤᠷ ᠢ᠋ᠶ᠋ᠠᠷ ᠡᠭᠡᠯᠳᠦᠷᠭᠡᠯᠡᠵᠦ ᠪᠣᠭᠣᠭᠠᠳ ᠰᠤᠷ ᠢ᠋ᠶ᠋ᠠᠨ ᠬᠣᠩᠭᠣᠨ ᠳᠣᠣᠭᠤᠷ ᠨᠢ ᠣᠷᠣᠭᠤᠯᠵᠤ ᠮᠥᠷᠦᠨ ᠦ᠌ ᠬᠢᠨᠢ ᠳᠣᠲᠣᠷ᠎ᠠ ᠲᠠᠯ᠎ᠠ ᠪᠠᠷ ᠨᠢ ᠬᠦᠵᠦᠭᠦᠨ ᠳᠡᠭᠡᠭᠦᠷ ᠨᠢ ᠲᠣᠬᠣᠵᠤ ᠳᠣᠭᠣᠭᠰᠢ ᠬᠣᠯᠪᠣᠭᠠᠳ ᠴᠢᠩᠭᠠᠬᠠᠨ ᠤᠶᠠᠯ᠎ᠠ᠃ ᠪᠦᠲᠡᠭᠦᠯᠵᠦ ᠦᠬᠦᠭᠦᠯᠬᠦ ᠦᠭᠡᠢ ᠶ᠋ᠢᠨ ᠲᠤᠯᠠᠳᠠ ᠲᠣᠯᠣᠭᠠᠢ ᠶ᠋ᠢ ᠨᠢ ᠭᠠᠷᠭᠠᠵᠤ ᠬᠦᠯᠢᠭ ᠤᠶᠠᠭ᠎ᠠ ᠶ᠋ᠢ ᠨᠢ ᠪᠡᠬᠢᠯᠡᠭᠡᠳ ᠮᠠᠨᠠᠭᠠᠨ ᠤ᠋ ᠣᠪᠣᠬᠠᠢ ᠳ᠋ᠤᠨᠢ ᠠᠷᠭᠠᠮᠵᠢᠵᠤ ᠣᠷᠬᠢᠪᠠ᠃ ᠣᠳᠣ《ᠠᠭᠤᠯᠠ ᠶ᠋ᠢᠨ ᠶᠡᠬᠡ ᠡᠵᠡᠨ》 ᠲᠡᠢ ᠤᠴᠠᠷᠠᠬᠤ ᠪᠣᠯᠤᠯ᠎ᠠ᠃ ᠨᠠᠭᠠᠳᠤ ᠲᠠᠯ᠎ᠠ ᠳ᠋ᠤ᠌ ᠰᠠᠢᠬᠠᠨ ᠳᠤᠭᠵᠢᠷᠠᠵᠤ ᠪᠠᠢᠨ᠎ᠠ ᠥᠨᠥᠬᠢ ᠴᠢᠨᠢ᠃ ᠰᠡᠯᠡᠮ᠎ᠡ ᠪᠡᠨ ᠬᠣᠶᠠᠷ ᠭᠠᠷ ᠲᠠᠭᠠᠨ ᠪᠠᠷᠢᠵᠤ ᠡᠷᠭᠦᠭᠡᠳ ᠴᠡᠭᠡᠵᠢ ᠤᠷᠤᠭᠤ ᠨᠢ ᠨᠡᠪᠲᠡ ᠰᠢᠭᠠᠪᠠ᠃ ᠲᠡᠷᠡ ᠶᠡᠬᠡ ᠬᠦᠴᠦᠷᠬᠡᠭ ᠡᠷ᠎ᠡ ᠨᠢᠭᠡ ᠮᠠᠭᠤᠬᠠᠢ ᠳᠠᠭᠤ ᠠᠯᠳᠠᠭᠠᠳ ᠪᠣᠰᠬᠤ ᠭᠡᠰᠡᠨ ᠢ᠋ᠶ᠋ᠡᠨ ᠴᠢᠳᠠᠭᠰᠠᠨ ᠦᠭᠡᠢ᠃ ᠲᠡᠷᠡ ᠠᠩᠭᠠᠯᠵᠠᠨ ᠢᠷᠪᠠᠢᠵᠤ᠄ 
       — ᠥᠨᠥᠬᠢ ᠲᠡᠮᠦᠵᠢᠨ ᠭᠡᠭᠴᠢ ᠨᠢ ᠢᠷᠡᠭᠡ ᠤᠤ? ᠭᠡᠵᠦ ᠳᠣᠷᠣᠢ ᠳᠠᠭᠤᠨ ᠢ᠋ᠶ᠋ᠠᠷ ᠠᠰᠠᠭᠤᠬᠤ ᠳ᠋ᠤ᠌ ᠪᠣᠭᠤᠷᠴᠢ᠄ 
       — ᠲᠡᠢᠮᠦ ᠠ᠋᠂ ᠪᠢ ᠲᠡᠮᠦᠵᠢᠨ᠂ ᠴᠢᠮ᠎ᠠ ᠲᠠᠢ ᠶᠠᠷᠢᠬᠤ ᠭᠡᠵᠦ ᠢᠷᠡᠯ᠎ᠡ᠃ ᠠᠰᠠᠭᠤᠭᠰᠠᠨ ᠪᠦᠬᠦᠨ ᠢ᠋ ᠦᠨᠡᠨ ᠵᠥᠪ ᠬᠠᠷᠢᠭᠤᠯ᠃ ᠨᠢᠭᠡ ᠳ᠋ᠦ᠍᠂ ᠴᠢ ᠠᠯᠢ ᠨᠤᠲᠤᠭ ᠤ᠋ᠨ? ᠬᠡᠨ ᠭᠡᠭᠴᠢ ᠪᠣᠢ? ᠭᠡᠪᠡ᠃ ᠲᠡᠷᠡ ᠬᠠᠷᠭᠢᠯ ᠭᠡᠭᠴᠢ《ᠪᠢ᠂ ᠪᠢ ᠁》 ᠭᠡᠬᠦ ᠡᠴᠡ ᠢᠯᠡᠭᠦᠦ ᠦᠭᠡ ᠳᠤᠤᠭᠠᠷᠴᠤ ᠴᠢᠳᠠᠭᠰᠠᠨ ᠦᠭᠡᠢ᠂ ᠴᠡᠭᠡᠵᠢ ᠨᠢ ᠬᠡᠷᠴᠢᠭᠢᠨᠡᠨ ᠬᠣᠭᠣᠯᠠᠢ ᠨᠢ ᠰᠥᠭᠡᠩᠭᠢᠳᠡᠵᠦ ᠪᠦᠳᠡᠭᠢᠷᠡᠭᠡᠳ ᠶᠠᠭᠤᠨ ᠮᠡᠳᠡᠭᠦᠯᠭᠡ ᠥᠭᠬᠦ ᠲᠡᠢ᠂ ᠮᠠᠨᠲᠠᠢ᠂ ᠠᠮᠢᠰᠬᠤᠭ᠎ᠠ ᠪᠠᠨ ᠬᠤᠷᠢᠶᠠᠴᠢᠬᠠᠬᠤ ᠨᠢ ᠲᠡᠷᠡ᠃ ᠬᠡᠦᠬᠡᠨ ᠢ᠋《ᠪᠣᠰ!》 ᠭᠡᠰᠡᠨ ᠳ᠋ᠦ᠍ ᠪᠣᠰᠤᠭᠰᠠᠨ ᠦᠭᠡᠢ᠂ ᠶᠠᠷᠳᠠᠭᠯᠠᠵᠤ ᠬᠡᠪᠲᠡᠭᠡᠳ ᠪᠠᠢᠬᠤᠯᠠᠷ ᠬᠤᠴᠢᠯᠭ᠎ᠠ ᠶ᠋ᠢ ᠨᠢ ᠬᠣᠣ ᠲᠠᠲᠠᠵᠤ ᠬᠠᠶᠠᠭᠠᠳ ᠱᠠᠯᠳᠠᠩ ᠥᠭᠡᠵᠡᠭ ᠳᠡᠭᠡᠷ᠎ᠡ ᠨᠢ ᠣᠷᠢᠶᠠᠯᠭᠠᠲᠠᠯ᠎ᠠ ᠳᠠᠭᠤ ᠠᠯᠲᠠᠨ ᠠᠷᠭ᠎ᠠ ᠪᠤᠰᠤ ᠪᠣᠰᠤᠭᠠᠳ ᠬᠤᠪᠴᠠᠰᠤ ᠪᠠᠨ ᠡᠮᠦᠰᠬᠦ ᠭᠡᠬᠦ ᠳ᠋ᠦ᠍ᠨᠢ《ᠲᠠᠰᠢ ᠪᠠᠨ ᠶᠠᠪᠤ !》 ᠭᠡᠵᠦ ᠵᠠᠩᠳᠤᠷᠤᠭᠠᠳ ᠱᠠᠯᠳᠠᠩ ᠨᠢᠴᠦᠭᠦᠨ ᠬᠡᠪ ᠢ᠋ᠶ᠋ᠡᠷ ᠨᠢ ᠬᠥᠭᠡᠭᠡᠵᠦ《ᠭᠠᠯ ᠨᠣᠴᠣᠭ᠎ᠠ!》 ᠭᠡᠵᠦ ᠲᠤᠰᠢᠶᠠᠪᠠ᠃ ᠪᠡᠯᠡᠨ ᠴᠣᠭ ᠢ᠋ᠶ᠋ᠠᠷ ᠭᠠᠯ ᠴᠤ᠌ ᠶᠠᠳᠠᠬᠤ ᠶᠠᠭᠤᠮ᠎ᠠ ᠦᠭᠡᠢ ᠠᠰᠠᠵᠤ᠂ ᠮᠣᠳᠣ ᠣᠪᠣᠭᠠᠯᠠᠭᠠᠳ ᠳᠦᠷᠡᠯᠵᠡᠭᠦᠯᠵᠦ ᠭᠤᠷᠪᠠᠨ ᠬᠡᠭᠦᠷ ᠢ᠋ ᠴᠢᠷᠦᠵᠦ ᠭᠠᠯ ᠳᠡᠭᠡᠷ᠎ᠡ ᠬᠠᠶᠠᠯ᠎ᠠ᠃ ᠳᠡᠭᠡᠷ᠎ᠡ ᠡᠴᠡ ᠨᠢ ᠣᠪᠣᠬᠠᠢ ᠨᠢ ᠨᠤᠷᠠᠨ ᠣᠪᠣᠭᠠᠷᠠᠵᠤ《ᠴᠠᠳ᠂ ᠫᠢᠳ》 ᠬᠢᠨ ᠶᠡᠬᠡ ᠭᠠᠯ ᠳᠤᠮᠳᠠ ᠭᠤᠷᠪᠠᠨ ᠬᠡᠭᠦᠷ ᠵᠣᠳᠣᠯᠳᠤᠬᠤ ᠮᠠᠶᠢᠭ ᠦᠵᠡᠭᠦᠯᠦᠨ ᠥᠨᠳᠡᠢᠵᠦ ᠪᠡᠶ᠎ᠡ ᠪᠡᠶ᠎ᠡ ᠪᠡᠨ ᠨᠤᠳᠤᠷᠴᠤ ᠲᠡᠢᠴᠢᠬᠦ ᠳ᠋ᠦ᠍ ᠪᠣᠭᠤᠷᠴᠢ ᠢᠨᠢᠶᠡᠳᠦ  ᠠᠯᠲᠠᠨ ᠬᠥᠭᠡᠷᠬᠦ ᠳ᠋ᠦ᠍ ᠬᠡᠦᠬᠡᠨ ᠭᠤᠨᠢᠭᠯᠠᠨ ᠤᠬᠢᠯᠠᠭᠰᠠᠨ ᠢ᠋ᠶ᠋ᠠᠨ᠄ 
       — ᠴᠢ ᠮᠠᠭᠤᠬᠠᠢ ᠠᠮᠢᠲᠠᠨ ᠪᠠᠢᠨ᠎ᠠ᠃ ᠠᠮᠢᠳᠤ ᠪᠠᠷ ᠨᠢ ᠰᠢᠲᠠᠭᠠᠯ᠎ᠠ ᠰᠢᠦ ᠳᠡ ᠭᠡᠪᠡ᠃ ᠪᠣᠭᠤᠷᠴᠢ ᠬᠠᠷᠢᠭᠤ ᠳ᠋ᠤᠨᠢ᠄ 
       — ᠲᠠ ᠨᠠᠷ ᠠ᠋ᠴᠠ ᠳᠣᠣᠷ᠎ᠠ ᠭᠡᠵᠦ ᠤᠤ? ᠲᠠ ᠨᠠᠷ ᠬᠥᠮᠦᠨ ᠪᠠᠷᠢᠵᠤ ᠢᠳᠡᠳᠡᠭ ᠠᠷᠢᠶᠠᠲᠠᠨ᠃ ᠰᠡᠭᠦᠯ ᠦᠭᠡᠢ ᠴᠢᠨᠣ᠎ᠠ ᠪᠢᠵᠡ ᠳᠡ! ᠭᠡᠳ  
       — ᠴᠢ ᠶᠡᠷᠦ ᠨᠢ ᠠᠯᠢ ᠨᠤᠲᠤᠭ? ᠶᠠᠭᠠᠬᠢᠵᠤ ᠡᠳᠡ ᠨᠠᠷ ᠲᠠᠢ ᠨᠡᠢᠯᠡᠭᠰᠡᠨ ᠪᠣᠢ? ᠭᠡᠵᠦ ᠠᠰᠠᠭᠤᠪᠠ᠃ 
       — ᠪᠢ ᠬᠡᠷᠡᠢᠳ᠃ ᠲᠤᠤᠯᠠ ᠶ᠋ᠢᠨ ᠡᠬᠢ ᠪᠡᠷ ᠨᠤᠲᠤᠭᠯᠠᠳᠠᠭ᠃ ᠬᠠᠪᠤᠷ ᠬᠣᠨᠢ ᠬᠠᠷᠢᠭᠤᠯᠵᠤ ᠶᠠᠪᠤᠲᠠᠯ᠎ᠠ ᠡᠨᠡ ᠬᠠᠷᠭᠢᠯ ᠣᠴᠢᠵᠤ ᠨᠠᠮ᠎ᠠ ᠶ᠋ᠢ ᠪᠠᠷᠢᠵᠤ ᠠᠪᠴᠢᠷᠠᠵᠤ᠂ ᠠᠶᠤᠬᠤ ᠥᠯᠥᠰᠬᠦ ᠶ᠋ᠢᠨ ᠡᠷᠬᠡ ᠪᠡᠷ ᠡᠳᠡᠨ ᠲᠡᠢ ᠳᠠᠰᠤᠭᠰᠠᠨ ᠭᠡᠪᠡ᠃ 
       — ᠪᠢ ᠴᠢᠮᠠᠶ᠋ᠢ ᠠᠮᠢᠳᠤ ᠦᠯᠡᠳᠡᠭᠡᠨ᠎ᠡ᠃ ᠬᠣᠶᠠᠷ ᠨᠣᠬᠠᠢ ᠲᠠᠢ ᠯᠠ ᠬᠣᠴᠣᠷᠬᠤ ᠪᠠᠢᠬ᠎ᠠ᠃ ᠳᠠᠷᠬᠢ ᠶ᠋ᠢ ᠪᠢ ᠠᠪᠠᠴᠢᠵᠤ ᠲᠡᠮᠦᠵᠢᠨ ᠳ᠋ᠦ᠍ ᠲᠤᠰᠢᠶᠠᠬᠤ ᠶᠣᠰᠣᠲᠠᠢ᠃ ᠬᠠᠷᠢᠨ ᠴᠢ ᠲᠤᠤᠯᠠ ᠶ᠋ᠢᠨ ᠡᠬᠢᠨ ᠳ᠋ᠦ᠍ (ᠨᠤᠲᠤᠭᠯᠠᠳᠠᠭ) ᠶᠤᠮ ᠪᠣᠯ ᠭᠡᠷ ᠣᠷᠣᠨ ᠢ᠋ᠶ᠋ᠠᠨ ᠪᠠᠷᠠᠭᠠᠳᠠᠵᠤ ᠬᠥᠮᠦᠨ ᠪᠣᠯᠵᠤ ᠦᠵᠡ᠃ ᠲᠡᠢᠮᠦ ᠴᠦ᠍ ᠬᠣᠯᠠ ᠪᠢᠰᠢ ᠪᠢᠵᠡ ᠭᠡᠬᠦ ᠳ᠋ᠦ᠍ ᠨᠥᠭᠦᠭᠡ ᠬᠡᠦᠬᠡᠨ᠄ 
       — ᠨᠠᠳᠠᠳᠤ ᠮᠣᠷᠢ ᠴᠤ᠌ ᠪᠣᠢ ᠯᠠ ᠳᠠ᠃ ᠬᠠᠪᠴᠢᠯ ᠤ᠋ᠨ ᠪᠤᠯᠠᠭ ᠲᠤ᠂ ᠣᠢᠷᠠᠬᠠᠨ ᠬᠣᠶᠠᠷ ᠮᠣᠷᠢ ᠬᠠᠰᠢᠶᠠᠨ ᠳ᠋ᠤ᠌ ᠪᠣᠢ᠃ ᠲᠡᠨᠳᠡ ᠪᠡᠨ ᠴᠦ᠍ ᠢᠳᠡᠬᠦ ᠡᠪᠡᠰᠦ ᠲᠡᠢ᠃ ᠳᠡᠭᠡᠷ᠎ᠡ ᠨᠢ ᠡᠪᠡᠰᠦ ᠬᠠᠳᠤᠵᠤ ᠬᠠᠶᠠᠳᠠᠭ᠃ ᠳᠠᠩᠴᠤ ᠣᠴᠢᠬᠤ ᠭᠠᠵᠠᠷ ᠣᠷᠣᠨ ᠪᠠᠢᠬᠤ ᠦᠭᠡᠢ᠃ ᠠᠢᠯ ᠤ᠋ᠨ ᠵᠠᠷᠤᠴᠠ᠂ ᠥᠨᠥᠴᠢᠨ ᠶᠠᠳᠠᠭᠤ ᠬᠥᠮᠦᠨ᠃ ᠲᠡᠭᠡᠭᠡᠳ ᠴᠦ᠍ ᠠᠢᠯ ᠤ᠋ᠨ ᠬᠣᠨᠢ ᠶᠠᠭᠤ ᠪᠣᠯᠤᠭᠰᠠᠨ ᠪᠣᠯ? ᠪᠤᠤ ᠮᠡᠳᠡ᠃ ᠡᠢᠮᠦ ᠡᠴᠡ ᠴᠢ ᠯᠡ ᠨᠠᠮ᠎ᠠ ᠶ᠋ᠢ ᠠᠪᠴᠤ ᠶᠠᠪᠤᠵᠤ᠂ ᠪᠣᠭᠣᠯ ᠵᠠᠷᠤᠴᠠ ᠪᠠᠨ ᠪᠣᠯᠭᠠᠨ᠎ᠠ ᠤᠤ? ᠪᠣᠷᠣᠭᠴᠢᠨ ᠰᠢᠪᠡᠭᠴᠢᠨ ᠢ᠋ᠶ᠋ᠡᠨ ᠪᠣᠯᠭᠠᠨ᠎ᠠ ᠤᠤ? ᠥᠪᠡᠷ ᠢ᠋ᠶ᠋ᠡᠨ ᠯᠡ ᠮᠡᠳᠡ᠃ ᠡᠬᠡᠨᠡᠷ ᠴᠢᠨᠢ ᠪᠣᠯᠳᠠᠭ ᠪᠣᠯ? ᠭᠡᠵᠦ ᠰᠥᠬᠥᠷᠦᠨ ᠭᠤᠶᠤᠯ᠎ᠠ᠃ ᠪᠣᠭᠣᠷᠴᠢ ᠬᠦᠢᠲᠡᠨ ᠢ᠋ᠶ᠋ᠡᠷ ᠢᠨᠢᠶᠡᠵᠦ᠄ 
       —  ᠡᠬᠡᠨᠡᠷ ᠭᠡᠨ᠎ᠡ? ᠴᠢ ᠨᠠᠮ᠎ᠠ ᠶ᠋ᠢ ᠨᠢᠭᠡᠯᠡ ᠡᠳᠦᠷ ᠢᠳᠡᠴᠢᠬᠡᠨ᠎ᠡ ᠰᠢᠦ ᠳᠡ᠃ ᠠᠯᠢ ᠨᠢ ᠴᠦ᠍ ᠨᠠᠳᠠᠳᠤ ᠬᠡᠷᠡᠭ ᠦᠭᠡᠢ᠃ ᠴᠢ ᠥᠪᠡᠷ ᠦ᠋ᠨ ᠢ᠋ᠶ᠋ᠡᠨ ᠯᠡ ᠠᠶ᠎ᠠ ᠶ᠋ᠢ ᠪᠣᠳᠣ᠃ ᠬᠠᠷᠢᠨ ᠣᠳᠣ ᠬᠤᠪᠴᠠᠰᠤ ᠪᠠᠨ ᠡᠮᠦᠰ ᠭᠡᠯ᠎ᠡ᠃ 
       ᠲᠡᠭᠡᠭᠡᠳ ᠲᠡᠭᠦᠨ ᠦ᠌ ᠬᠣᠶᠠᠷ ᠪᠤᠭᠤᠯᠠᠭ᠎ᠠ ᠶ᠋ᠢ ᠠᠷᠤ ᠳ᠋ᠤᠨᠢ ᠰᠣᠢᠵᠤ᠂ ᠲᠤᠱᠠᠵᠤ ᠬᠦᠯᠢᠭᠡᠳ ᠥᠨᠥᠬᠢ ᠥᠪᠡᠷ ᠢ᠋ ᠨᠢ ᠤᠶᠠᠭᠰᠠᠨ ᠱᠣᠩ ᠠ᠋ᠴᠠ ᠨᠢ ᠤᠶᠠᠭᠠᠳ᠂ ᠬᠣᠶᠠᠷ ᠮᠣᠷᠢ ᠪᠠᠷᠢᠵᠤ ᠢᠷᠡᠬᠦ ᠪᠡᠷ ᠶᠠᠪᠤᠬᠤ ᠳ᠋ᠠᠭᠠᠨ ᠭᠡᠨᠡᠳᠲᠡ ᠪᠣᠳᠣᠭᠰᠠᠨ ᠨᠢ《ᠶᠡᠷᠦ ᠨᠢ ᠳᠠᠷᠬᠢ ᠶ᠋ᠢ ᠠᠪᠴᠤ ᠶᠠᠪᠤᠬᠤ ᠶ᠋ᠢ ᠪᠣᠯᠢᠶ᠎ᠠ᠃ ᠲᠡᠮᠦᠵᠢᠨ ᠳ᠋ᠦ᠍ ᠮᠢᠬᠠᠴᠢᠨ ᠨᠥᠬᠥᠷ ᠴᠡᠷᠢᠭ ᠬᠡᠷᠡᠭ ᠦᠭᠡᠢ᠃ ᠡᠨᠡ ᠬᠣᠶᠠᠷ ᠢ᠋ ᠦᠯᠡᠳᠡᠭᠡᠶ᠎ᠡ 》 ᠭᠡᠵᠦ ᠪᠣᠳᠣᠪᠠ᠃ ᠲᠡᠭᠡᠭᠡᠳ ᠵᠥᠪᠬᠡᠨ ᠥᠪᠡᠷ ᠢ᠋ᠶ᠋ᠡᠨ ᠪᠥᠭᠲᠥᠷ ᠬᠣᠩᠭᠣᠷ ᠢ᠋ᠶ᠋ᠠᠨ ᠪᠠᠷᠢᠵᠤ ᠡᠮᠡᠭᠡᠯᠯᠡᠭᠡᠳ ᠲᠡᠳᠡ ᠬᠣᠶᠠᠷ ᠲᠤ ᠭᠠᠭᠴᠠ ᠨᠤᠮᠤ᠂ ᠬᠡᠳᠦᠨ ᠰᠤᠮᠤ᠂ ᠨᠢᠭᠡ ᠰᠡᠯᠡᠮ᠎ᠡ ᠦᠯᠡᠳᠡᠭᠡᠭᠡᠳ ᠪᠤᠰᠤᠳ ᠵᠡᠪᠰᠡᠭ ᠢ᠋ ᠨᠢ ᠭᠠᠯ ᠳᠡᠭᠡᠭᠦᠷ ᠬᠡᠳᠦᠨᠲᠡ ᠬᠤᠷᠤᠢᠯᠠᠨ ᠠᠷᠢᠭᠤᠯᠠᠵᠤ ᠪᠠᠭᠯᠠᠵᠤ ᠬᠦᠯᠢᠭᠡᠳ ᠠᠪᠴᠤ ᠶᠠᠪᠤᠬᠤ ᠪᠠᠷ ᠪᠡᠯᠡᠳᠬᠡᠪᠡ᠃ ᠮᠣᠷᠳᠠᠬᠤ ᠶ᠋ᠢᠨ ᠢ᠋ᠶ᠋ᠡᠨ ᠡᠮᠦᠨ᠎ᠡ ᠬᠡᠦᠬᠡᠨ ᠦ᠌ ᠭᠠᠷ ᠤ᠋ᠨ ᠬᠦᠯᠢᠶ᠎ᠡ ᠶ᠋ᠢ ᠰᠤᠯᠠᠷᠠᠭᠤᠯᠵᠤ ᠬᠦᠯᠢᠶ᠎ᠡ ᠲᠣᠣᠷᠯᠠᠭᠠᠰᠤ ᠪᠠᠨ ᠲᠠᠢᠯᠬᠤ ᠪᠣᠯᠤᠯᠴᠠᠭ᠎ᠠ ᠲᠠᠢ ᠪᠣᠯᠭᠠᠴᠢᠬᠠᠭᠠᠳ᠄ 
       — ᠢᠩᠭᠢᠬᠦ ᠳ᠋ᠦ᠍ ᠴᠢᠨᠦ ᠨᠡᠷ᠎ᠡ ᠬᠡᠨ ᠪᠣᠢ? ᠭᠡᠵᠦ ᠠᠰᠠᠭᠤᠪᠠᠯ ᠬᠡᠦᠬᠡᠨ᠄ 
       — ᠪᠣᠷᠣᠬᠠᠨ ᠭᠡᠵᠦ ᠬᠠᠷᠢᠭᠤᠯᠪᠠ᠃ 
       — ᠭᠤᠷᠪᠠᠨ ᠮᠣᠷᠢ᠂ ᠬᠣᠶᠠᠷ ᠨᠣᠬᠠᠢ᠂ ᠠᠩ ᠤ᠋ᠨ ᠦᠰᠦ ᠠᠷᠠᠰᠤ ᠭᠡᠳ ᠪᠠᠰᠠ ᠴᠤ᠌ ᠡᠳ᠋ ᠬᠣᠭᠰᠢᠯ ᠲᠠ ᠬᠣᠶᠠᠷ ᠲᠤ᠌ ᠦᠯᠡᠲᠡᠯ᠎ᠡ᠃ ᠬᠥᠮᠦᠨ ᠢᠳᠡᠬᠦ ᠪᠡᠨ ᠪᠣᠯᠢᠵᠤ᠂ ᠬᠥᠮᠦᠨ ᠦ᠌ ᠠᠳᠠᠯᠢ ᠠᠮᠢᠳᠤᠷᠠᠬᠤ ᠶ᠋ᠢ ᠪᠣᠳᠣᠭᠠᠷᠠᠢ ᠭᠡᠵᠦ ᠬᠡᠯᠡᠭᠡᠳ ᠪᠣᠭᠤᠷᠴᠢ ᠪᠤᠴᠠᠬᠤ ᠪᠠᠷ ᠬᠥᠳᠡᠯᠪᠡ᠃ ᠦᠦᠷ ᠮᠠᠩᠬᠠᠢᠲᠠᠯ᠎ᠠ ᠴᠠᠢᠵᠤ ᠪᠠᠢᠯ᠎ᠠ᠃ ᠠᠭᠤᠯᠠ ᠲᠠᠢ ᠭᠠᠵᠠᠷ ᠱᠣᠭᠰᠢᠭᠤᠯᠤᠰᠬᠢᠨ ᠴᠠᠭᠠᠨ ᠭᠠᠵᠠᠷ ᠬᠠᠲᠠᠷᠢᠭᠤᠯᠤᠭᠰᠠᠭᠠᠷ ᠦᠳᠡ ᠡᠴᠡ ᠬᠣᠢᠰᠢ ᠬᠦᠷᠦᠭᠡᠳ ᠢᠷᠡᠯ᠎ᠡ᠃ 
       ᠪᠣᠭᠣᠷᠴᠢ ᠶᠠᠪᠤᠭᠰᠠᠨ ᠶᠠᠪᠤᠳᠠᠯ ᠢ᠋ᠶ᠋ᠠᠨ ᠨᠢᠭᠡᠳ ᠨᠢᠭᠡ ᠦᠭᠡᠢ ᠲᠣᠭᠠᠴᠢᠨ ᠶᠠᠷᠢᠪᠠᠯ ᠲᠡᠮᠦᠵᠢᠨ᠄ 
       — ᠵᠠ᠂ ᠮᠥᠨ᠂ ᠦ᠂  ᠤᠤᠬᠠᠢᠰ ᠭᠡᠵᠦ ᠤᠷᠮᠠᠰᠢᠭᠤᠯᠤᠨ ᠨᠠᠷᠢᠪᠴᠢᠯᠠᠨ ᠠᠰᠠᠭᠤᠵᠤ᠂ ᠶᠠᠷᠢᠶ᠎ᠠ ᠲᠠᠰᠤᠯᠤᠭᠰᠠᠨ ᠦᠭᠡᠢ ᠰᠣᠨᠣᠰᠪᠠ᠃ ᠲᠡᠭᠡᠭᠡᠳ ᠶᠠᠷᠢᠶ᠎ᠠ ᠳᠠᠭᠤᠰᠤᠮᠠᠭᠴᠠ᠄ 
       — ᠵᠠ᠂ ᠪᠣᠭᠣᠷᠴᠢ ᠴᠢ ᠡᠷ᠎ᠡ ᠵᠣᠷᠢᠭ ᠭᠠᠷᠭᠠᠵᠤ ᠬᠣᠣᠰ ᠦᠭᠡᠢ ᠭᠠᠪᠢᠶ᠎ᠠ ᠪᠠᠢᠭᠤᠯᠵᠤ ᠯᠠ ᠳᠠ᠃ ᠲᠡᠷᠡ ᠠᠷᠤ ᠶ᠋ᠢᠨ ᠬᠢᠨ ᠡᠴᠡ ᠬᠣᠷᠢᠭᠠᠳ ᠵᠡᠪᠰᠡᠭᠯᠡᠭᠰᠡᠨ ᠡᠷᠡᠰ ᠭᠠᠷᠴᠤ ᠲᠡᠳᠡᠭᠡᠷ ᠳᠠᠢᠰᠤᠨ ᠢ᠋ ᠤᠰᠠᠳᠬᠠᠴᠢᠬᠠᠨ᠎ᠠ ᠭᠡᠬᠦ ᠳ᠋ᠦ᠍ ᠡᠷᠡᠭᠡᠯᠵᠡᠭᠡ ᠲᠡᠢ ᠮᠥᠷᠲᠡᠭᠡᠨ ᠬᠠᠷᠢᠨ ᠥᠪᠡᠷᠰᠡᠳ ᠢ᠋ᠶ᠋ᠡᠨ ᠶᠡᠬᠡ ᠬᠣᠬᠢᠷᠠᠯ ᠠᠮᠰᠠᠵᠤ ᠮᠡᠳᠡᠬᠦ ᠠᠶᠤᠯᠲᠠᠢ ᠳᠠᠢᠰᠤᠨ ᠢ᠋ ᠴᠢ ᠤᠷᠠᠨ ᠠᠷᠭ᠎ᠠ᠂ ᠠᠶᠤᠮᠰᠢᠭ ᠦᠭᠡᠢ ᠵᠣᠷᠢᠭ ᠭᠠᠷᠭᠠᠵᠤ᠂ ᠪᠠᠰᠠ ᠲᠡᠷᠡ ᠲᠡᠭᠦᠰᠬᠡᠨ ᠦ᠌ ᠤᠷᠠᠨ ᠤᠬᠠᠭᠠᠨ ᠲᠠᠢ ᠬᠣᠣᠰᠯᠠᠭᠤᠯᠤᠨ ᠭᠠᠭᠴᠠᠭᠠᠷ ᠢ᠋ᠶ᠋ᠠᠨ ᠳᠠᠷᠤᠵᠤ ᠴᠢᠳᠠᠭᠰᠠᠨ ᠨᠢ ᠪᠠᠬᠠᠷᠬᠠᠮ᠎ᠠ ᠶᠤᠮ᠃ ᠭᠡᠪᠡᠴᠦ ᠴᠢᠮᠠᠶ᠋ᠢ ᠪᠢ ᠰᠠᠢᠰᠢᠶᠠᠬᠤ ᠪᠢᠰᠢ᠂ ᠬᠠᠷᠢᠨ ᠵᠢᠮᠡᠯᠡᠬᠦ ᠶ᠋ᠢᠨ ᠶᠡᠬᠡ ᠪᠡᠷ ᠵᠢᠮᠡᠯᠡᠵᠦ ᠬᠠᠲᠠᠭᠤᠬᠠᠨ ᠳᠣᠩᠭᠣᠳᠤᠨ᠎ᠠ᠃ ᠴᠢ ᠳᠤᠷ᠎ᠠ ᠵᠣᠷᠢᠭ ᠢ᠋ᠶ᠋ᠠᠷ ᠢ᠋ᠶ᠋ᠠᠨ ᠭᠠᠪ ᠭᠠᠭᠴᠠᠭᠠᠷ ᠢ᠋ᠶ᠋ᠠᠨ ᠠᠮᠢ ᠪᠡᠶ᠎ᠡ ᠲᠥᠷᠢᠨ ᠶᠠᠪᠤᠭᠰᠠᠨ ᠴᠢᠨᠢ ᠪᠤᠷᠤᠭᠤ᠃ ᠬᠥᠮᠦᠨ ᠳ᠋ᠦ᠍ ᠠᠮᠢᠨ ᠠ᠋ᠴᠠ ᠢᠯᠡᠭᠦᠦ ᠦᠨ᠎ᠡ ᠲᠡᠢ ᠶᠠᠭᠤᠮ᠎ᠠ ᠶᠠᠭᠤ ᠪᠠᠢᠬᠤ ᠪᠢᠯᠡ? ᠴᠢᠮᠠᠶ᠋ᠢ ᠦᠷᠡᠭᠳᠡᠪᠡᠯ ᠪᠢ ᠶᠠᠭᠠᠬᠢᠬᠤ ᠪᠣᠢ? ᠲᠡᠷᠡ ᠰᠠᠢᠬᠠᠨ ᠠᠪᠤ ᠡᠵᠢ ᠶ᠋ᠢᠨ ᠴᠢᠨᠢ ᠨᠢᠭᠤᠷ ᠢ᠋ ᠶᠠᠭᠠᠬᠢᠵᠤ ᠬᠠᠷᠠᠵᠤ᠂ ᠶᠠᠭᠤ ᠬᠡᠯᠡᠬᠦ ᠪᠣᠢ? ᠡᠨᠡ ᠪᠣᠯ ᠰᠠᠨᠠᠭᠠᠨ ᠳ᠋ᠤ᠌ ᠪᠠᠭᠲᠠᠬᠤ ᠦᠭᠡᠢ ᠬᠡᠷᠡᠭ᠃ ᠴᠢᠨᠦ ᠡᠨᠡ ᠶᠠᠪᠤᠳᠠᠯ ᠠ᠋ᠴᠠ ᠨᠠᠳᠠᠳᠤ ᠲᠣᠭᠲᠠᠭᠠᠬᠤ ᠴᠢᠬᠤᠯᠠ ᠲᠠᠢ ᠨᠢᠭᠡ ᠵᠢᠷᠤᠮ ᠰᠠᠨᠠᠭᠳᠠᠯ᠎ᠠ᠃ ᠮᠠᠲᠠᠪᠠᠤ? 
       — ᠮᠡᠳᠡᠯ᠎ᠡ ᠭᠡᠳ ᠢᠨᠢᠶᠡᠪᠡ᠃ ᠬᠣᠶᠠᠭᠤᠯᠠ ᠵᠢᠭᠠᠬᠠᠨ ᠢᠨᠢᠶᠡᠯᠳᠦᠭᠡᠳ ᠲᠡᠮᠦᠵᠢᠨ᠄ 
       — ᠵᠠ᠂ ᠪᠣᠭᠣᠷᠴᠢ ᠮᠢᠨᠢ ᠴᠢ ᠢᠷᠡᠯ᠎ᠡ᠃ ᠴᠢᠮᠠᠶ᠋ᠢ ᠬᠦᠯᠢᠶᠡᠵᠦ ᠤᠳᠠᠪᠠᠯ ᠬᠣᠢᠨ᠎ᠠ ᠠ᠋ᠴᠠ ᠴᠢᠨᠢ ᠶᠠᠪᠤᠬᠤ ᠪᠠᠢᠭᠰᠠᠨ᠃ ᠢᠷᠡᠯ᠎ᠡ᠂ ᠣᠳᠣ ᠳᠠᠷᠠᠭ᠎ᠠ ᠶ᠋ᠢᠨ ᠢ᠋ᠶ᠋ᠡᠨ ᠠᠵᠢᠯ ᠳ᠋ᠤ᠌ ᠶᠠᠭᠠᠷᠠᠪᠴᠢᠯᠠᠬᠤ ᠬᠡᠷᠡᠭᠲᠡᠢ ᠪᠣᠯᠤᠯ᠎ᠠ᠃ ᠬᠠᠰᠠᠷ᠂ ᠪᠡᠯᠭᠦᠳᠡᠢ ᠪᠢᠳᠡ ᠭᠤᠷᠪᠠ ᠪᠠᠭ ᠴᠡᠷᠢᠭ ᠠᠪᠤᠭᠠᠳ ᠡᠴᠢᠭᠡ ᠶ᠋ᠢᠨ ᠢ᠋ᠶ᠋ᠡᠨ ᠲᠤᠭ ᠰᠦᠯᠳᠡ ᠶ᠋ᠢ ᠵᠠᠯᠠᠵᠤ ᠣᠪᠣᠭ ᠠᠢᠮᠠᠭ ᠤ᠋ᠳ ᠤ᠋ᠨ ᠲᠠᠷᠬᠠᠵᠤ ᠪᠤᠲᠠᠷᠠᠭᠰᠠᠨ ᠠᠢᠯ ᠬᠣᠲᠠᠯᠠ ᠪᠠᠷ ᠯᠠᠪᠲᠠᠢ ᠠᠷᠪᠠᠨ ᠬᠡᠳᠦ ᠬᠣᠨᠣᠭ ᠶᠠᠪᠤᠨ᠎ᠠ᠃ ᠢᠯᠡᠭᠦᠦ ᠴᠦ᠍ ᠬᠤᠭᠤᠴᠠᠭ᠎ᠠ ᠡᠵᠡᠯᠡᠵᠦ ᠪᠣᠯᠤᠨ᠎ᠠ᠃ ᠡᠨᠳᠡ ᠠᠷᠪᠠ ᠭᠠᠷᠤᠢ ᠴᠡᠷᠢᠭ ᠦᠯᠡᠳᠡᠭᠡᠨ᠎ᠡ᠃ ᠪᠢᠳᠡᠨ ᠦ᠌ ᠡᠵᠡᠭᠦᠢ ᠳ᠋ᠦ᠍ ᠴᠢ ᠠᠬᠠᠯᠠᠵᠤ ᠴᠢᠨᠦ ᠲᠤᠰᠠᠯᠠᠬᠤ ᠪᠠᠷ ᠵᠠᠯᠮ᠎ᠠ ᠪᠠᠢᠬᠤ ᠪᠣᠯᠤᠨ᠎ᠠ ᠭᠡᠵᠦ ᠵᠢᠭᠠᠪᠤᠷᠢᠯᠠᠪᠠ᠃ ᠪᠠᠰᠠ ᠲᠡᠮᠦᠵᠢᠨ ᠬᠡᠰᠡᠭ ᠵᠠᠭᠤᠷ᠎ᠠ ᠪᠣᠳᠣᠯᠬᠢᠯᠠᠭᠰᠠᠨ ᠢ᠋ᠶ᠋ᠠᠨ᠄ 
       — ᠴᠢ ᠮᠠᠷᠭᠠᠰᠢ ᠠᠷᠤ ᠶ᠋ᠢᠨ ᠬᠢᠨ ᠤᠷᠤᠭᠤ ᠪᠠᠨ ᠪᠤᠴᠠᠵᠤ ᠣᠴᠢ᠃ ᠴᠠᠭᠠᠳᠤ ᠲᠡᠭᠦᠰᠬᠡᠨ ᠴᠢᠨᠢ ᠥᠨᠥᠳᠥᠷ ᠴᠢᠨᠦ ᠲᠥᠯᠥᠭᠡ ᠰᠢᠨᠠᠯᠵᠤ ᠰᠠᠭᠤᠭ᠎ᠠ᠃ ᠲᠡᠭᠦᠨ ᠳ᠋ᠡᠭᠡᠨ ᠣᠴᠢᠵᠤ ᠠᠯᠳᠠᠷ ᠭᠠᠪᠢᠶ᠎ᠠ᠂ ᠠᠮᠢᠳᠤ ᠮᠡᠨᠳᠦ ᠪᠡᠨ ᠦᠵᠡᠭᠦᠯ᠃ ᠬᠠᠷᠢᠨ ᠭᠤᠷᠪᠠᠨ ᠴᠡᠷᠢᠭ ᠳᠠᠭᠠᠭᠤᠯᠵᠤ ᠶᠠᠪᠤ ᠭᠡᠬᠦ ᠳ᠋ᠦ᠍ ᠪᠣᠭᠣᠷᠴᠢ᠄ 
       — ᠴᠡᠷᠢᠭ ᠢ᠋ᠶ᠋ᠡᠷ ᠶᠠᠭᠠᠬᠢᠬᠤ ᠪᠣᠢ? ᠭᠡᠪᠡᠯ ᠲᠡᠮᠦᠵᠢᠨ᠄ 
       —  ᠴᠢ ᠨᠠᠳᠠᠲᠠᠢ ᠲᠡᠷᠰᠡᠯᠳᠦᠬᠦ ᠨᠢ ᠤᠤ? ᠳᠠᠭᠠᠭᠤᠯᠵᠤ ᠶᠠᠪᠤ! ᠭᠡᠵᠦ ᠪᠢ ᠬᠡᠯᠡᠵᠦ ᠪᠠᠢᠨ᠎ᠠ᠃ ᠴᠢᠨᠦ ᠠᠮᠢ ᠨᠠᠳᠠᠳᠤ ᠶᠡᠬᠡ ᠦᠨᠡᠲᠡᠢ᠃ ᠬᠤᠭᠤᠴᠠᠭ᠎ᠠ ᠪᠠᠭ᠎ᠠ ᠴᠤ᠌ ᠭᠡᠰᠡᠨ ᠴᠢᠨᠦ ᠢᠷᠡᠭᠰᠡᠨ ᠵᠠᠪᠰᠠᠷ ᠶᠠᠭᠤᠮ᠎ᠠ ᠥᠭᠡᠷᠡᠴᠢᠯᠡᠭᠳᠡᠭᠰᠡᠨ ᠪᠠᠢᠵᠤ ᠪᠣᠯᠤᠨ᠎ᠠ᠃ ᠦᠭᠡᠢ ᠴᠦ᠍ ᠪᠠᠢᠵᠤ ᠪᠣᠯᠤᠨ᠎ᠠ ᠭᠡᠳ ᠳᠣᠷᠣᠭᠰᠢ ᠬᠠᠷᠠᠨ ᠪᠣᠳᠣᠯᠬᠢᠯᠠᠨ ᠰᠠᠭᠤᠭᠰᠠᠨ ᠢ᠋ᠶ᠋ᠠᠨ ᠪᠣᠭᠣᠷᠴᠢ ᠶ᠋ᠢᠨ ᠰᠡᠷᠪᠡᠭᠡᠨ ᠳᠡᠭᠡᠭᠦᠷ ᠭᠠᠷ ᠢ᠋ᠶ᠋ᠠᠨ ᠲᠠᠯᠪᠢᠭᠠᠳ᠄ 
       —  ᠴᠢ ᠮᠢᠨᠦ ᠦᠭᠡᠨ ᠳ᠋ᠦ᠍ ᠣᠷᠣ! ᠭᠡᠯ᠎ᠡ᠃ 
       — ᠵᠠ᠂ ᠵᠠ ᠮᠡᠳᠡᠯ᠎ᠡ ᠭᠡᠵᠦ ᠪᠣᠭᠣᠷᠴᠢ ᠬᠠᠷᠢᠭᠤ ᠥᠭᠪᠡ᠃