ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠠᠷᠪᠠ ᠶᠢᠰᠦ> Хүлэг баатар буурч - Б. Өлзийсүрэн <Дэд бүлэг-19>
ᠥᠪᠡᠷ ᠦᠨ ᠵᠠᠮ ᠮᠥᠷ ᠢᠶᠡᠷ ᠲᠡᠮᠲᠡᠷᠢᠵᠦ ᠡᠷ᠎ᠡ ᠬᠥᠮᠥᠨ ᠦ ᠡᠷᠴᠢ ᠬᠦᠴᠦ ᠶᠢ ᠣᠯᠵᠤ ᠬᠦᠷᠲᠡᠭᠰᠡᠨ ᠳᠡᠳ᠋ ᠪᠦᠯᠦᠭ
ᠠᠷᠪᠠ ᠶᠢᠰᠦ
ᠠᠷᠪᠠ ᠶᠢᠰᠦ
ᠤᠶᠠᠭ᠎ᠠ ᠵᠠᠩᠭᠢᠷᠠᠪᠠᠯ ᠤᠴᠢᠭ ᠢ᠋ ᠣᠯᠬᠤ ᠬᠡᠴᠡᠭᠦᠦ
ᠬᠡᠴᠡᠭᠦᠦ ᠭᠡᠳ ᠣᠷᠬᠢᠵᠤ ᠪᠣᠯᠬᠤ ᠦᠭᠡᠢ
ᠬᠡᠷᠦᠭᠡᠰᠦᠨ ᠦ᠌ ᠤᠴᠢᠷ ᠢ᠋ ᠣᠯᠬᠤ ᠯᠠ ᠬᠡᠷᠡᠭᠲᠡᠢ
ᠥᠷᠯᠥᠭᠡᠭᠦᠷ ᠲᠡᠮᠦᠵᠢᠨ᠂ ᠪᠣᠭᠣᠷᠴᠢ ᠬᠣᠶᠠᠷ ᠮᠣᠷᠳᠠᠨ ᠪᠠᠷᠠᠭᠤᠨ ᠬᠣᠢᠰᠢ ᠶᠠᠪᠤᠵᠤ ᠲᠠᠬᠢᠯᠲᠤ ᠬᠡᠮᠡᠬᠦ ᠨᠢᠭᠡᠨ ᠥᠨᠳᠥᠷᠯᠢᠭ ᠳᠡᠭᠡᠷ᠎ᠡ ᠭᠠᠷᠪᠠ᠃ ᠣᠷᠣᠢ ᠳᠡᠭᠡᠷᠡᠬᠢ ᠴᠢᠯᠠᠭᠤᠨ ᠣᠪᠣᠭ᠎ᠠ᠂ ᠶᠣᠳᠠᠷ ᠮᠣᠳᠣ᠂ ᠴᠠᠴᠤᠭ ᠶᠡᠨᠳᠡᠷ ᠭᠠᠩᠳᠠᠵᠤ ᠬᠥᠰᠡᠷᠡᠢᠰᠦᠭᠰᠡᠨ ᠨᠢ ᠣᠢᠷ᠎ᠠ ᠳ᠋ᠤ᠌ ᠲᠡᠳᠦᠢ ᠯᠡ ᠲᠠᠬᠢᠵᠤ ᠲᠠᠢᠭ᠎ᠠ ᠦᠭᠡᠢ ᠪᠣᠯᠪᠠᠤ ᠭᠡᠯᠲᠡᠢ᠃
ᠲᠡᠮᠦᠵᠢᠨ《ᠡᠨᠡ ᠤᠭ ᠨᠢ ᠰᠦᠯᠳᠡᠰᠦᠨ ᠦ᠌ ᠬᠢᠨ ᠦ᠌ ᠲᠠᠬᠢᠯᠭ᠎ᠠ ᠰᠢᠦ ᠳᠡ᠃ ᠰᠣᠷᠬᠠᠨ ᠰᠢᠷ᠎ᠠ ᠠᠬᠠᠢ᠂ ᠴᠢᠯᠠᠭᠤᠨ᠂ ᠬᠠᠲᠠᠭᠠᠨ᠁ ᠪᠢ ᠨᠢᠭᠡ ᠰᠡᠷᠭᠦᠭᠡᠶ᠎ᠡ》 ᠭᠡᠵᠦ ᠪᠣᠳᠣᠬᠤ ᠳ᠋ᠤ᠌ ᠪᠠᠷᠤᠭ ᠨᠢᠯᠪᠤᠰᠤ ᠲᠤᠰᠠᠯᠠᠭᠤᠯᠬᠤ ᠰᠢᠬᠠᠨ ᠵᠢᠰᠢᠭᠦᠦ ᠬᠠᠷᠠᠪᠠ᠃ ᠲᠡᠷᠡ ᠬᠢᠷ᠎ᠠ ᠠ᠋ᠴᠠ ᠶᠡᠬᠡ ᠠᠯᠤᠰ ᠬᠣᠯᠠ ᠶ᠋ᠢ ᠦᠵᠡᠵᠦ ᠪᠣᠯᠬᠤ ᠠᠵᠢ᠃ ᠤᠮᠠᠷ᠎ᠠ ᠶ᠋ᠢᠨ ᠨᠢᠳᠦᠨ ᠦ᠌ ᠦᠵᠦᠭᠦᠷ ᠲᠦ᠍ ᠬᠠᠷᠠᠭᠳᠠᠬᠤ ᠠᠭᠤᠯᠠᠰ ᠤ᠋ᠨ ᠣᠷᠣᠢ ᠨᠠᠷᠠᠨ ᠳ᠋ᠤ᠌ ᠭᠢᠯᠲᠠᠭᠠᠨᠠ ᠴᠠᠰᠤᠨ ᠨᠥᠮᠥᠷᠭᠡ ᠨᠢ ᠯᠠᠪᠲᠠᠢ ᠲᠠᠨᠢᠭᠳᠠᠨ᠎ᠠ᠃ ᠪᠠᠷᠠᠭᠤᠨ ᠵᠦᠭ ᠲᠡᠭᠦᠨ ᠢ᠋ ᠪᠣᠳᠣᠪᠠᠯ ᠣᠢᠷᠠᠯᠴᠠᠭ᠎ᠠ ᠴᠠᠰᠤᠲᠤ ᠴᠠᠭᠠᠨ ᠮᠠᠩᠨᠠᠢ ᠲᠠᠢ ᠠᠭᠤᠯᠠᠰ ᠭᠢᠯᠠᠯᠵᠠᠬᠤ ᠠᠪᠠᠢ᠃ ᠦᠨᠡᠨ ᠳ᠋ᠡᠭᠡᠨ ᠪᠣᠭᠣᠷᠴᠢ ᠵᠤᠨ ᠤ᠋ ᠴᠠᠭ ᠲᠤ᠌ ᠴᠠᠰᠤ ᠮᠥᠰᠥᠨ ᠣᠷᠣᠢ ᠲᠠᠢ ᠠᠭᠤᠯᠠᠰ ᠢ᠋ ᠠᠩᠬ᠎ᠠ ᠤᠳᠠᠭ᠎ᠠ ᠬᠠᠷᠠᠵᠤ ᠪᠠᠢᠭ᠎ᠠ ᠤᠴᠢᠷ ᠰᠦᠷᠳᠡᠵᠦ ᠪᠢᠰᠢᠷᠡᠮ᠎ᠡ᠃
ᠲᠡᠮᠦᠵᠢᠨ ᠪᠣᠭᠣᠷᠴᠢ ᠶ᠋ᠢᠨ ᠮᠥᠷᠦᠨ ᠡᠴᠡ ᠲᠦᠰᠢᠵᠦ᠄
— ᠲᠡᠷᠲᠡᠭᠡ ᠤᠮᠠᠷ᠎ᠠ ᠶ᠋ᠢᠨ ᠠᠭᠤᠯᠠᠰ ᠪᠠᠢᠭᠠᠯ ᠳᠠᠯᠠᠢ ᠶ᠋ᠢᠨ ᠨᠠᠭᠠᠨ᠎ᠠ ᠬᠢ ᠰᠢᠶᠠᠨ ᠤ᠋ ᠠᠭᠤᠯᠠᠰ ᠤ᠋ᠨ ᠬᠡᠰᠡᠭ ᠦᠵᠦᠭᠦᠷ᠃ ᠲᠡᠭᠦᠪᠡᠷ ᠮᠠᠨ ᠤ᠋ ᠳᠠᠢᠰᠤᠨ ᠲᠠᠷᠭᠤᠲᠠᠢ ᠬᠢᠷᠢᠯᠳᠣᠭ ᠠᠯᠪᠠᠲᠤ ᠬᠠᠷᠢᠶᠠᠲᠤ ᠨᠠᠷ ᠲᠠᠢ ᠪᠠᠨ ᠪᠠᠢᠭ᠎ᠠ᠃ ᠲᠡᠭᠦᠨ ᠡᠴᠡ ᠪᠠᠷᠠᠭᠤᠨ ᠳᠠᠰᠢ ᠵᠠᠯᠭᠠᠭ ᠨᠢ ᠨᠥᠭᠦᠭᠡ ᠳᠠᠢᠰᠤᠨ ᠮᠡᠷᠭᠢᠳ᠃ ᠪᠢ ᠴᠢᠮᠠᠶ᠋ᠢ ᠠᠶᠤᠯᠲᠠᠢ ᠬᠣᠶᠠᠷ ᠳᠠᠢᠰᠤᠨ ᠤ᠋ ᠵᠦᠭ ᠶᠠᠪᠤᠭᠤᠯᠵᠤ ᠪᠠᠢᠨ᠎ᠠ᠃ ᠲᠡᠭᠡᠬᠦ ᠳ᠋ᠡᠭᠡᠨ ᠴᠢᠮᠠᠲᠤ ᠬᠣᠣᠷ ᠠᠶᠤᠯ ᠤᠴᠠᠷᠠᠬᠤ ᠦᠭᠡᠢ ᠭᠡᠰᠡᠨ ᠢᠲᠡᠭᠡᠯᠲᠡᠢ ᠤᠴᠢᠷ ᠶᠠᠪᠤᠭᠤᠯᠵᠤ ᠪᠠᠢᠭ᠎ᠠ ᠶᠤᠮ᠃ ᠪᠠᠷᠠᠭᠤᠨ ᠬᠣᠢᠰᠢ ᠪᠠᠨ ᠢᠩᠭᠢᠭᠡᠳ ᠶᠠᠪᠤᠪᠠᠯ ᠭᠡᠵᠦ ᠭᠠᠷ ᠢ᠋ᠶ᠋ᠠᠷ ᠢ᠋ᠶ᠋ᠠᠨ ᠵᠢᠭᠠᠨ᠄
— ᠲᠡᠷᠲᠡᠭᠡ ᠳᠥᠩᠭᠡᠭᠦᠷ ᠬᠥᠬᠡ ᠠᠭᠤᠯᠠ ᠶ᠋ᠢᠨ ᠠᠷᠤ ᠪᠠᠷ ᠣᠷᠣᠮᠠᠭᠴᠠ ᠵᠡᠭᠦᠨᠰᠢ ᠤᠷᠤᠰᠬᠤ ᠨᠠᠷᠢᠨ ᠭᠣᠣᠯ᠂ ᠤᠷᠲᠤ ᠬᠥᠨᠳᠡᠢ ᠬᠣᠭᠣᠯᠠᠢ ᠲᠠᠭᠠᠷᠠᠨ᠎ᠠ᠃ ᠪᠤᠷᠭᠠᠰᠤ ᠬᠠᠢᠯᠠᠰᠤ ᠲᠠᠢ ᠭᠣᠣᠯ ᠤ᠋ᠨ ᠪᠠᠷᠠᠭᠤᠨ ᠪᠡᠶ᠎ᠡ ᠶ᠋ᠢ ᠪᠠᠷᠢᠵᠤ ᠥᠭᠰᠥᠭᠡᠳ ᠶᠠᠪᠤᠨ᠎ᠠ᠃ ᠲᠡᠭᠡᠲᠡᠯ᠎ᠡ ᠭᠣᠣᠯ ᠤ᠋ᠨ ᠬᠥᠨᠳᠡᠢ ᠪᠡᠷ ᠠᠢᠯ᠂ ᠮᠠᠯ ᠦᠵᠡᠭᠳᠡᠵᠦ ᠪᠣᠯᠬᠤ᠃ ᠲᠡᠭᠡᠪᠡᠯ ᠵᠣᠷᠢᠭᠰᠠᠨ ᠠᠢᠯ ᠢ᠋ᠶ᠋ᠠᠨ ᠰᠤᠷᠠᠭᠯᠠᠭᠠᠳ ᠣᠯᠪᠠᠯ ᠠᠵᠢᠯ ᠪᠦᠲᠦᠨ᠎ᠡ᠃ ᠲᠡᠭᠡᠭᠡᠳ ᠴᠠᠭᠠᠰᠢᠬᠢ ᠨᠢ ᠴᠢᠨᠦ ᠰᠡᠳᠬᠢᠯ ᠣᠶᠤᠨ᠂ ᠠᠪᠢᠶᠠᠰ ᠠᠪᠬᠠᠯᠵᠢ ᠮᠡᠳᠡᠭ ᠭᠡᠳ ᠬᠣᠶᠠᠭᠤᠯᠠ ᠲᠡᠪᠡᠷᠢᠯᠴᠡᠨ ᠮᠣᠷᠳᠠᠵᠤ ᠬᠣᠶᠠᠷ ᠲᠡᠰᠢ ᠰᠠᠯᠪᠠ᠃
ᠡᠵᠡᠨ ᠡᠴᠡ ᠪᠡᠨ ᠠᠩᠬ᠎ᠠ ᠤᠳᠠᠭ᠎ᠠ ᠳᠠᠭᠠᠭᠠᠯᠭᠠᠪᠤᠷᠢ ᠠᠪᠤᠭᠠᠳ ᠶᠠᠪᠤᠵᠤ ᠪᠠᠢᠭ᠎ᠠ ᠪᠣᠭᠣᠷᠴᠢ ᠳ᠋ᠤ᠌ ᠠᠮᠠᠷᠬᠠᠨ ᠴᠤ᠌ ᠶᠤᠮ ᠰᠢᠭ᠋᠂ ᠬᠡᠴᠡᠭᠦᠦ ᠴᠦ᠍ ᠶᠦᠮ ᠰᠢᠭ᠂ ᠲᠡᠭᠦᠨ ᠦ᠌ ᠭᠠᠷ ᠲᠤ᠌ ᠤᠷᠲᠤᠬᠠᠨ ᠤᠷᠭ᠎ᠠ᠂ ᠪᠦᠳᠦᠭᠦᠨ ᠮᠣᠨᠣᠰᠣᠨ ᠲᠠᠰᠢᠭᠤᠷ ᠬᠣᠶᠠᠷ ᠠ᠋ᠴᠠ ᠥᠭᠡᠷ᠎ᠡ ᠶᠠᠭᠤ ᠴᠤ᠌ ᠦᠭᠡᠢ᠃ ᠠᠩᠬ᠎ᠠ ᠭᠡᠷ ᠡᠴᠡ ᠪᠡᠨ ᠭᠠᠷᠤᠭᠰᠠᠨ ᠰᠢᠭ᠋ ᠢ᠋ᠶ᠋ᠡᠨ ᠪᠥᠭᠲᠥᠷ ᠬᠣᠩᠭᠣᠷ ᠢ᠋ᠶ᠋ᠠᠨ ᠤᠨᠤᠵᠤ᠂ ᠥᠷᠮᠥᠭ ᠨᠥᠮᠥᠷᠭᠡ ᠪᠡᠨ ᠡᠮᠡᠭᠡᠯ ᠳ᠋ᠡᠭᠡᠨ ᠪᠥᠭᠲᠦᠷᠴᠡᠢ᠃ ᠮᠣᠷᠢ ᠰᠢᠯᠢᠵᠦ ᠤᠨᠤᠭᠠᠳ ᠶᠠᠪᠤ ᠭᠡᠬᠦ ᠳ᠋ᠦ᠍ ᠨᠢ《ᠮᠢᠨᠦ ᠪᠥᠭᠡᠨ ᠬᠣᠩᠭᠣᠷ ᠨᠠᠮ᠎ᠠ ᠶ᠋ᠢ ᠬᠠᠮᠢᠭ᠎ᠠ ᠴᠤ᠌ ᠭᠠᠵᠠᠷᠳᠠᠭᠤᠯᠬᠤ ᠦᠭᠡᠢ》 ᠬᠡᠮᠡᠵᠡᠢ᠃ ᠲᠡᠮᠦᠵᠢᠨ ᠦ᠌ ᠬᠤᠪᠢ ᠳ᠋ᠤ᠌ ᠪᠤᠭᠤᠷᠴᠢ ᠲᠡᠭᠦᠨ ᠦ᠌ ᠠᠩᠬᠠᠨ ᠤ᠋ ᠡᠩᠬᠡ ᠶ᠋ᠢᠨ ᠡᠯᠴᠢ ᠲᠤᠯᠠ ᠲᠡᠷᠡ ᠵᠡᠪᠰᠡᠭ ᠦᠭᠡᠢ ᠡᠩ ᠦ᠋ᠨ ᠶᠠᠪᠤᠬᠤ ᠨᠢ ᠵᠥᠪ ᠭᠡᠵᠦ ᠡᠢᠨ ᠶᠠᠪᠤᠭᠤᠯᠵᠠᠢ᠃ ᠨᠢᠭᠡᠨᠲᠡ ᠵᠠᠮ ᠳ᠋ᠤ᠌ ᠭᠠᠷᠤᠭᠰᠠᠨ᠂ ᠶᠠᠪᠤᠭᠠᠳ ᠯᠠ ᠪᠠᠢᠬᠤ ᠠ᠋ᠴᠠ ᠥᠭᠡᠷ᠎ᠡ ᠶᠠᠭᠠᠬᠢᠬᠤ ᠪᠣᠢ᠃ ᠭᠣᠣᠯ ᠲᠥᠯᠥᠪ ᠱᠣᠭᠰᠢᠭᠤᠯᠵᠤ ᠠᠶᠠᠲᠠᠢᠬᠠᠨ ᠴᠠᠭᠠᠨ ᠭᠠᠵᠠᠷ ᠶᠥᠷᠭᠡᠭᠦᠯᠵᠦ᠂ ᠬᠠᠲᠠᠷᠢᠭᠤᠯᠵᠤ ᠦᠵᠡᠯ᠎ᠡ᠃ ᠭᠠᠵᠠᠷ ᠬᠣᠷᠣᠵᠤ ᠯᠠ ᠪᠣᠢ᠂ ᠦᠳᠡ ᠶ᠋ᠢᠨ ᠬᠠᠯᠠᠭᠤᠨ ᠨᠠᠷᠠ ᠴᠦ᠍ ᠰᠢᠷᠠᠵᠤ ᠯᠠ ᠪᠠᠢᠭ᠎ᠠ᠃ ᠲᠦᠩᠬᠦᠭᠡᠷ ᠬᠥᠬᠡ ᠠᠭᠤᠯᠠ ᠴᠤ᠌ ᠬᠥᠬᠡ ᠯᠡ ᠬᠡᠪ ᠢ᠋ᠶ᠋ᠡᠷ ᠢ᠋ᠶ᠋ᠡᠨ ᠲᠦᠩᠬᠦᠢᠨ᠎ᠡ᠃ ᠡᠨᠡ ᠭᠠᠵᠠᠷ ᠡᠵᠡᠭᠦᠢ ᠴᠦᠯ ᠭᠡᠯᠲᠡᠢ᠃ ᠭᠠᠵᠠᠷ ᠢ᠋ᠶ᠋ᠠᠷ ᠬᠤᠯᠤᠭᠠᠨ᠎ᠠ ᠵᠤᠷᠠᠮ᠎ᠠ ᠭᠦᠶᠦᠯᠳᠦᠬᠦ ᠨᠢ ᠬᠠᠶᠠ ᠬᠠᠶᠠ ᠦᠵᠡᠭᠳᠡᠨ᠎ᠡ᠃ ᠳᠡᠭᠡᠭᠦᠷ ᠡᠯᠢᠶ᠎ᠡ ᠪᠦᠷᠭᠦᠳ ᠪᠠᠰᠠ ᠡᠷᠭᠢᠯᠳᠦᠬᠦ ᠲᠡᠳᠦᠢ᠃ ᠬᠠᠶᠠ ᠴᠠᠷᠴᠠᠭ᠎ᠠ ᠳᠤᠤᠭᠠᠷᠴᠤ ᠥᠪᠡᠷ ᠲᠡᠢ ᠮᠥᠷᠭᠥᠯᠳᠦᠭᠰᠡᠨ ᠨᠢᠭᠡ ᠨᠢ ᠭᠠᠵᠠᠷ ᠫᠢᠳ ᠬᠢᠨ ᠤᠨᠠᠵᠤ᠂ ᠬᠠᠷᠢᠨ ᠡᠷᠢᠶᠡᠨ ᠮᠡᠷᠢᠶᠡᠨ ᠡᠷᠪᠡᠬᠡᠢ ᠳᠠᠯᠪᠠᠯᠵᠠᠨ ᠨᠢᠰᠴᠦ ᠨᠢᠭᠡ ᠴᠡᠴᠡᠭ ᠡᠴᠡ ᠨᠥᠭᠦᠭᠡ ᠳ᠋ᠦ᠍ ᠰᠠᠭᠤᠬᠤ ᠠᠭᠠᠳ ᠪᠠᠰᠠ ᠬᠡᠳᠡᠭᠡᠨ᠎ᠡ ᠵᠥᠭᠡᠢ ᠶ᠋ᠢᠨ ᠳᠠᠭᠤ ᠭᠠᠷᠴᠤ ᠮᠣᠷᠢ ᠰᠢᠷᠪᠠᠯᠵᠠᠬᠤ ᠠᠪᠠᠢ᠃
ᠢᠩᠭᠢᠵᠦ ᠶᠠᠪᠤᠭᠰᠠᠭᠠᠷ ᠡᠳᠦᠷ ᠦ᠋ᠨ ᠬᠤᠭᠤᠰ ᠢ᠋ ᠠᠷᠤ ᠳ᠋ᠠᠭᠠᠨ ᠬᠢᠵᠦ᠂ ᠲᠦᠩᠬᠦᠭᠡᠷ ᠬᠥᠬᠡ ᠠᠭᠤᠯᠠᠨ ᠳ᠋ᠤ᠌ ᠣᠢᠷᠠᠲᠤᠨ ᠣᠢᠷᠠᠳᠴᠤ᠂ ᠲᠡᠷᠡ ᠠᠭᠤᠯᠠ ᠨᠢᠭᠡ ᠬᠡᠰᠡᠭ ᠮᠣᠳᠣ᠂ ᠨᠥᠭᠦᠭᠡ ᠬᠡᠰᠡᠭ ᠬᠠᠳᠠ ᠠᠰᠬ᠎ᠠ ᠬᠣᠯᠢᠯᠳᠤᠨ ᠢᠯᠭᠠᠷᠠᠭᠠᠳ ᠢᠷᠡᠬᠦ ᠪᠡᠷ ᠰᠠᠢᠬᠠᠨ ᠠᠭᠤᠯᠠ ᠠᠵᠢ᠃ ᠠᠷᠤ ᠬᠣᠷᠮᠣᠢ ᠪᠠᠷ ᠨᠢ ᠣᠷᠢᠶᠠᠭᠠᠳ ᠢᠷᠡᠲᠡᠯ᠎ᠡ ᠪᠠᠷᠠᠭᠤᠨ ᠬᠣᠢᠨ᠎ᠠ ᠠ᠋ᠴᠠ ᠨᠢ ᠤᠷᠤᠭᠤᠳᠠᠭᠰᠠᠨ ᠨᠠᠷᠢᠪᠲᠤᠷ ᠬᠣᠭᠣᠯᠠᠢ ᠳᠤᠮᠳᠠᠭᠤᠷ ᠭᠣᠣᠯ ᠤᠷᠤᠰᠤᠨ ᠵᠡᠭᠦᠨ ᠳᠠᠰᠢ ᠪᠠᠰᠠ ᠨᠢᠭᠡ ᠠᠭᠤᠯᠠ ᠶ᠋ᠢᠨ ᠠᠷᠤ ᠣᠷᠢᠶᠠᠨ ᠬᠠᠷᠠᠭᠳᠠᠬᠤ ᠦᠭᠡᠢ ᠪᠣᠯᠪᠠ᠃
ᠪᠣᠭᠣᠷᠴᠢ ᠭᠣᠣᠯ ᠤ᠋ᠨ ᠪᠠᠷᠠᠭᠤᠨ ᠬᠠᠶᠠᠯᠭ᠎ᠠ ᠶ᠋ᠢ ᠪᠠᠷᠢᠭᠠᠳ ᠪᠦᠷ ᠶᠥᠷᠭᠡᠭᠦᠯᠵᠦ᠂ ᠬᠠᠲᠠᠷᠢᠭᠤᠯᠤᠨ ᠡᠬᠢᠯᠡᠯ᠎ᠡ᠃ ᠲᠡᠷᠲᠡᠭᠡ ᠨᠢᠳᠦᠨ ᠦ᠌ ᠦᠵᠦᠭᠦᠷ ᠲᠦ᠍ ᠨᠢᠭᠡ ᠶᠠᠭᠤᠮ᠎ᠠ ᠨᠠᠭᠠᠰᠢ ᠬᠥᠳᠡᠯᠵᠦ᠂ ᠬᠣᠶᠠᠷ ᠲᠠᠯ᠎ᠠ ᠠ᠋ᠴᠠ ᠣᠢᠷᠠᠳᠬᠤ ᠪᠦᠷᠢ ᠯᠦᠭᠯᠦᠭᠡᠷ ᠠᠴᠢᠶᠠᠲᠠᠢ ᠬᠥᠰᠬᠡ ᠲᠡᠷᠭᠡ ᠪᠣᠯᠬᠤ ᠨᠢ ᠲᠠᠨᠢᠭᠳᠠᠪᠠ᠃ ᠡᠪᠡᠰᠦ ᠠᠴᠢᠭᠰᠠᠨ ᠭᠤᠷᠪᠠᠨ ᠦᠬᠡᠷ ᠲᠡᠷᠭᠡ ᠶ᠋ᠢ ᠬᠥᠲᠥᠯᠦᠭᠰᠡᠨ ᠢᠮᠠᠭᠠᠨ ᠰᠠᠬᠠᠯ ᠲᠠᠢ᠂ ᠥᠨᠳᠥᠷ ᠲᠤᠷᠠᠩᠬᠠᠢ᠂ ᠰᠡᠷᠪᠡᠭᠡ ᠪᠡᠷ ᠢ᠋ᠶ᠋ᠡᠨ ᠪᠥᠭᠲᠥᠷᠳᠡᠭᠦᠦ ᠡᠪᠦᠭᠡᠨ ᠪᠣᠭᠣᠷᠴᠢ ᠲᠠᠢ ᠲᠤᠯᠵᠤ ᠢᠷᠡᠭᠡᠳ᠄
— ᠨᠢᠭᠤᠷ ᠲᠠᠭᠠᠨ ᠭᠠᠯ ᠲᠠᠢ\
ᠨᠢᠳᠦᠨ ᠳ᠋ᠡᠭᠡᠨ ᠴᠣᠭ ᠲᠠᠢ\
ᠬᠡᠨ ᠬᠥᠮᠦᠨ ᠦ᠌ ᠦᠷ᠎ᠡ ᠪᠣᠢ?\
ᠬᠡᠷᠡᠭ ᠵᠣᠷᠢᠭ ᠶᠠᠭᠤᠨ ᠳ᠋ᠤ᠌ ᠪᠣᠢ\
ᠬᠡᠳᠦ ᠨᠤᠲᠤᠭ ᠬᠠᠮᠢᠭ᠎ᠠ ᠪᠣᠢ? ᠭᠡᠳ ᠯᠡ ᠶᠡᠬᠡ ᠤᠶᠠᠩᠭᠠᠯᠠᠭᠤᠯᠤᠨ ᠠᠰᠠᠭᠤᠬᠤ ᠳ᠋ᠤ᠌ ᠪᠣᠭᠣᠷᠴᠢ᠄
— ᠬᠣᠯᠠ ᠦᠭᠡᠢ᠂ ᠣᠢᠷ᠎ᠠ\
ᠬᠣᠷᠬᠣᠨᠠᠭ ᠤ᠋ᠨ ᠬᠥᠨᠳᠡᠢ ᠪᠡᠷ ᠨᠤᠲᠤᠭ ᠲᠠᠢ\
ᠬᠣᠨᠢᠴᠢᠨ ᠨᠠᠬᠤ ᠶ᠋ᠢᠨ ᠬᠦᠦ\
ᠨᠠᠭᠠᠴᠤ ᠲᠥᠷᠥᠯ ᠢ᠋ᠶ᠋ᠡᠨ ᠰᠤᠷᠠᠭᠯᠠᠵᠤ ᠶᠠᠪᠤᠨ᠎ᠠ ᠭᠡᠵᠦ ᠠᠳᠠᠯᠢᠬᠠᠨ ᠤᠶᠠᠩᠭᠠᠯᠠᠭᠤᠯᠬᠤ ᠳ᠋ᠤ᠌ ᠡᠪᠦᠭᠡᠨ ᠢᠨᠢᠶᠡᠵᠦ᠂ ᠮᠣᠷᠢᠨ ᠠ᠋ᠴᠠ ᠪᠠᠨ ᠪᠠᠭᠤᠵᠤ ᠲᠡᠷᠡ ᠬᠣᠶᠠᠷ ᠨᠡᠯᠢᠶᠡᠳ ᠶᠠᠷᠢᠯᠴᠠᠨ ᠡᠪᠦᠭᠡᠨ ᠳᠡᠰ ᠳᠡᠰ ᠬᠥᠬᠥᠷᠡᠨ ᠢᠨᠢᠶᠡᠨ᠎ᠡ᠃ ᠡᠪᠦᠭᠡᠨ ᠭᠣᠣᠯ ᠤ᠋ᠨ ᠪᠤᠷᠭᠠᠰᠤᠨ ᠳ᠋ᠤ᠌ ᠡᠪᠦᠯᠵᠢᠶᠡᠨ ᠳ᠋ᠡᠭᠡᠨ ᠡᠪᠡᠰᠦ ᠠᠪᠠᠴᠢᠵᠤ ᠪᠠᠭᠤᠯᠭᠠᠬᠤ ᠪᠠᠷ ᠶᠠᠪᠤᠭ᠎ᠠ᠂ ᠤᠷᠢᠳᠤ ᠵᠠᠯᠠᠭᠤ ᠳ᠋ᠠᠭᠠᠨ ᠪᠡᠷᠲᠡᠨ ᠪᠠᠭᠠᠲᠤᠷ ᠠ᠋ᠴᠠ ᠡᠬᠢᠯᠡᠭᠡᠳ ᠶᠢᠰᠦᠭᠡᠢ ᠶ᠋ᠢᠨ ᠬᠠᠷᠢᠶᠠᠲᠤ ᠴᠡᠷᠢᠭ ᠡᠷ᠎ᠡ ᠶᠠᠪᠤᠭᠰᠠᠨ᠂ ᠡᠳᠦᠭᠡ ᠲᠠᠷᠭᠤᠲᠠᠢ ᠬᠢᠷᠢᠯᠳᠣᠭ ᠠ᠋ᠴᠠ ᠳᠠᠢᠵᠢᠨ ᠠᠯᠤᠰ ᠲᠠᠭᠠᠨ ᠶᠢᠰᠦᠭᠡᠢ ᠶ᠋ᠢᠨ ᠶᠡᠬᠡ ᠬᠥᠪᠡᠭᠦᠨ ᠢ᠋ ᠪᠠᠷᠠᠭᠠᠳᠠᠬᠤ ᠪᠠᠷ ᠵᠠᠬᠠᠯᠠᠵᠤ ᠢᠷᠡᠭᠰᠡᠨ ᠬᠣᠷᠢ ᠭᠠᠷᠤᠢ ᠠᠢᠯ ᠤ᠋ᠳ ᠤ᠋ᠨ ᠲᠤᠬᠠᠢ ᠴᠤ᠌ ᠶᠠᠷᠢᠵᠤ ᠪᠤᠷᠠᠵᠤ ᠥᠭᠭᠦᠯ᠎ᠡ᠃ ᠬᠠᠮᠤᠭ ᠭᠣᠣᠯ ᠨᠢ ᠰᠢᠯᠦᠬᠡᠢ ᠶ᠋ᠢᠨ ᠬᠢ ᠶ᠋ᠢ ᠮᠡᠳᠡᠵᠦ ᠠᠪᠤᠯ᠎ᠠ᠃ ᠢᠩᠭᠢᠰᠬᠢᠵᠦ ᠭᠣᠣᠯ ᠢ᠋ᠶ᠋ᠠᠨ ᠥᠭᠰᠥᠭᠡᠳ ᠶᠠᠪᠤᠲᠠᠯ᠎ᠠ ᠠᠭᠤᠯᠠ ᠶ᠋ᠢᠨ ᠠᠷᠤ ᠳ᠋ᠤ᠌ ᠬᠡᠰᠡᠭ ᠬᠣᠲᠠ ᠠᠢᠯ ᠪᠥᠭᠡᠮᠨᠡᠬᠦᠢ ᠪᠣᠢ ᠭᠡᠨ᠎ᠡ᠃ ᠴᠠᠭᠠᠰᠢ ᠬᠣᠶᠠᠷ ᠠᠮᠠ ᠥᠩᠭᠡᠷᠡᠭᠡᠳ ᠣᠢᠷᠠᠬᠠᠨ ᠬᠣᠶᠠᠷ ᠠᠢᠯ ᠪᠣᠢ᠂ ᠲᠡᠭᠦᠨ ᠦ᠌ ᠪᠠᠷᠠᠭᠤᠨ ᠶᠡᠬᠡ ᠪᠠᠭ᠎ᠠ ᠬᠣᠶᠠᠷ ᠭᠡᠷ ᠲᠡᠢ ᠠᠢᠯ ᠪᠣᠯ ᠰᠢᠯᠦᠬᠡᠢ ᠶ᠋ᠢᠨ ᠬᠢ ᠶᠦᠮ ᠪᠠᠢᠨ᠎ᠠ᠃ ᠡᠪᠦᠭᠡᠨ᠄
— ᠮᠠᠨ ᠤ᠋ ᠡᠨᠡᠭᠦᠷ ᠰᠡᠭᠦᠯ ᠦᠭᠡᠢ ᠴᠢᠨᠣ᠎ᠠ ᠭᠠᠷᠴᠢᠬᠠᠭᠠᠳ ᠠᠢᠯ ᠤ᠋ᠳ ᠪᠥᠭᠡᠮᠨᠡᠷᠡᠨ ᠪᠠᠭᠤᠬᠤ ᠪᠣᠯᠤᠭᠠᠳ ᠪᠠᠢᠭ᠎ᠠ ᠶᠤᠮ᠃ ᠲᠡᠳᠡᠨ ᠦ᠌ ᠬᠢ ᠬᠠᠷᠢᠨ᠁ ᠭᠡᠵᠦ ᠡᠪᠦᠭᠡᠨ ᠢ᠋ ᠪᠢᠲᠡᠭᠦᠦ ᠬᠠᠲᠠᠭᠤ ᠦᠭᠡ ᠬᠡᠯᠡᠬᠦ ᠳ᠋ᠦ᠍ ᠪᠣᠭᠤᠷᠴᠢ᠍《ᠳᠡᠭᠡᠷᠡᠮᠴᠢᠨ ᠬᠤᠯᠠᠭᠠᠢᠴᠢ ᠲᠠᠢ ᠪᠣᠯᠤᠭᠰᠠᠨ ᠶᠤᠮ ᠪᠠᠢᠬ᠎ᠠ》 ᠭᠡᠵᠦ ᠪᠣᠳᠣᠭᠠᠳ᠄
— ᠲᠡᠳᠡᠨ ᠢ᠋ ᠴᠠᠭᠠᠰᠢ ᠬᠠᠷᠠᠭᠤᠯᠴᠢᠬᠠᠬᠤ ᠵᠠᠯᠠᠭᠤᠰ ᠪᠠᠢᠳᠠᠭ ᠦᠭᠡᠢ ᠶᠦᠮ ᠤᠤ? ᠭᠡᠵᠦ ᠠᠰᠠᠭᠤᠪᠠ᠃ ᠡᠪᠦᠭᠡᠨ᠄
— ᠵᠠᠯᠠᠭᠤᠴᠤᠳ ᠴᠥᠭᠡᠨ᠃ ᠬᠢᠷᠢᠯᠳᠣᠭ ᠴᠡᠷᠢᠭ ᠲᠦ᠍ ᠲᠠᠲᠠᠭᠠᠳ ᠠᠪᠤᠭᠠᠳ ᠶᠠᠪᠤᠴᠢᠬᠠᠭᠰᠠᠨ᠃ ᠭᠠᠭᠴᠠ ᠬᠦᠦ ᠲᠡᠢ ᠶᠤᠮᠰᠠᠨ᠃ ᠥᠩᠭᠡᠷᠡᠭᠰᠡᠨ ᠬᠠᠪᠤᠷ ᠶᠠᠪᠤᠭᠠᠳ ᠲᠡᠨᠳᠡ ᠦᠷᠡᠭᠳᠡᠭᠰᠡᠨ ᠰᠤᠷᠠᠭ ᠲᠠᠢ ᠭᠡᠳ ᠳᠠᠭᠤ ᠨᠢ ᠬᠤᠪᠢᠷᠠᠯ᠎ᠠ᠃ ᠴᠠᠭᠠᠰᠢ ᠶᠠᠭᠤᠮ᠎ᠠ ᠠᠰᠠᠭᠤᠵᠤ ᠰᠢᠯᠭᠠᠬᠤ ᠠᠷᠭ᠎ᠠ ᠴᠤ᠌ ᠦᠭᠡᠢ ᠪᠣᠯᠤᠭᠠᠳ ᠡᠪᠦᠭᠡᠨ ᠴᠦ᠍ ᠤᠷᠤᠭᠤ ᠴᠢᠷᠠᠢᠯᠠᠨ ᠮᠣᠷᠳᠠᠵᠤ᠂ ᠦᠬᠡᠷ ᠲᠡᠷᠭᠡ ᠪᠡᠨ ᠬᠥᠲᠥᠯᠦᠭᠡᠳ ᠬᠣᠶᠠᠷ ᠲᠡᠰᠢ ᠪᠣᠯᠪᠠ᠃
ᠵᠣᠷᠢᠭᠰᠠᠨ ᠠᠢᠯ ᠤ᠋ᠨ ᠢ᠋ᠶ᠋ᠠᠨ ᠭᠠᠳᠠᠭ᠎ᠠ ᠣᠴᠢᠪᠠ᠃ ᠶᠡᠬᠡ ᠪᠠᠭ᠎ᠠ ᠬᠣᠶᠠᠷ ᠭᠡᠷ᠂ ᠬᠡᠳᠦᠨ ᠲᠡᠷᠭᠡ᠂ ᠪᠠᠰᠠ ᠴᠢᠩᠭᠡᠯᠢᠭ ᠲᠡᠷᠭᠡ᠂ ᠴᠡᠪᠡᠷᠬᠡᠨ ᠡᠮᠬᠢ ᠴᠡᠭᠴᠡ ᠲᠡᠢ ᠬᠠᠰᠢᠶ᠎ᠠ᠂ ᠮᠣᠷᠢᠨ ᠤ᠋ ᠤᠶᠠᠭ᠎ᠠ᠂ ᠭᠡᠷ ᠡᠴᠡ ᠵᠡᠭᠦᠨ ᠬᠣᠢᠰᠢ ᠨᠢᠭᠡ ᠠᠢᠯ᠂ ᠪᠠᠷᠠᠭᠤᠨ ᠬᠣᠢᠰᠢ ᠬᠡᠳᠦᠨ ᠤᠨᠠᠭ᠎ᠠ ᠵᠡᠯᠡᠯᠡᠨ ᠤᠶᠠᠵᠠᠢ᠃ ᠲᠡᠳᠡᠨ ᠦ᠌ ᠬᠢ ᠡᠴᠡ ᠪᠠᠷᠠᠭᠤᠨ ᠢ᠋ᠶ᠋ᠠᠷ ᠨᠠᠷᠢᠬᠠᠨ ᠭᠣᠷᠣᠬ᠎ᠠ ᠪᠤᠯᠠᠭ ᠬᠣᠢᠲᠤ ᠭᠣᠣᠯ ᠤᠷᠤᠭᠤ ᠨᠡᠢᠯᠡᠳᠡᠭ ᠪᠣᠯᠤᠯᠲᠠᠢ ᠤᠷᠤᠰᠤᠨ᠎ᠠ᠃ ᠰᠢᠯᠦᠬᠡᠢ ᠶ᠋ᠢᠨ ᠠᠳᠤᠭᠤ ᠲᠡᠷᠡ ᠨᠠᠷᠢᠨ ᠭᠣᠷᠣᠬ᠎ᠠ ᠳᠠᠭᠠᠤ ᠲᠠᠷᠬᠠᠵᠠᠢ᠃ ᠡᠳᠦᠷ ᠦ᠋ᠨ ᠬᠠᠯᠠᠭᠤᠨ ᠳ᠋ᠤ᠌ ᠬᠣᠷᠭᠣᠵᠤ ᠵᠠᠯᠠᠨ ᠳᠡᠭᠡᠷ᠎ᠡ ᠵᠣᠭᠰᠣᠭᠠᠳ ᠰᠡᠷᠢᠭᠦᠨ ᠣᠷᠣᠬᠤ ᠪᠠᠷ ᠲᠠᠷᠬᠠᠭᠰᠠᠨ ᠨᠢ ᠲᠡᠷᠡ᠃ ᠮᠣᠷᠢ ᠲᠠᠢ ᠬᠥᠮᠦᠨ ᠣᠴᠢᠬᠤ ᠪᠠᠷ ᠵᠠᠷᠢᠮ ᠨᠢᠭᠡ ᠭᠡᠭᠦᠦ ᠤᠨᠠᠭ᠎ᠠ ᠤᠷᠤᠭᠤ ᠪᠠᠨ ᠦᠦᠷᠰᠡᠨ ᠢᠷᠡᠬᠦ ᠨᠢ ᠤᠬᠠᠭᠠᠨ ᠳ᠋ᠠᠭᠠᠨ ᠤᠨᠠᠭ᠎ᠠ ᠪᠠᠨ ᠬᠠᠷᠠᠮᠯᠠᠵᠤ ᠪᠣᠢ ᠲᠡᠷᠡ ᠠᠵᠢ᠃
ᠬᠣᠶᠠᠷ ᠨᠣᠬᠠᠢ ᠬᠤᠴᠠᠨ ᠢᠷᠡᠯ᠎ᠡ᠃ ᠦᠨᠦᠷᠯᠡᠵᠦ ᠲᠣᠭᠣᠷᠢᠵᠤ ᠪᠣᠷᠭᠣᠬᠤ ᠠ᠋ᠴᠠ ᠪᠢᠰᠢ ᠠᠢᠬᠤᠪᠲᠤᠷ ᠵᠠᠭᠤᠮᠠᠬᠠᠢ ᠨᠣᠬᠠᠳ ᠪᠢᠰᠢ ᠠᠵᠢ᠃ ᠨᠣᠬᠠᠢ ᠶ᠋ᠢᠨ ᠴᠢᠮᠡᠭᠡ ᠪᠡᠷ ᠶᠡᠬᠡ ᠭᠡᠷ ᠡᠴᠡ ᠨᠢᠭᠡᠨ ᠵᠢᠪᠬᠤᠭᠠᠯᠢᠭ ᠪᠦᠰᠡᠭᠦᠢ ᠢᠨᠢᠶᠡᠭᠰᠡᠭᠡᠷ ᠭᠣᠳ ᠬᠢᠨ ᠭᠠᠷᠴᠤ ᠢᠷᠡᠭᠰᠡᠨ ᠢ᠋ᠶ᠋ᠡᠨ ᠲᠠᠨᠢᠬᠤ ᠦᠭᠡᠢ ᠬᠥᠮᠦᠨ ᠪᠣᠯᠬᠤ ᠶ᠋ᠢ ᠬᠠᠷᠠᠭᠠᠳ ᠴᠢᠷᠠᠢ ᠪᠠᠨ ᠲᠥᠪ ᠪᠣᠯᠭᠠᠨ ᠵᠣᠮᠪᠠᠢᠵᠤ ᠨᠣᠬᠠᠢ ᠪᠠᠨ ᠬᠣᠷᠢᠪᠠ᠃ ᠪᠣᠭᠤᠷᠴᠢ᠄
— ᠰᠢᠯᠦᠬᠡᠢ ᠭᠤᠸᠠᠢ ᠶ᠋ᠢᠨ ᠬᠢᠨ ᠮᠥᠨ ᠤᠤ? ᠭᠡᠵᠦ ᠯᠠᠪᠯᠠᠪᠠᠯ ᠲᠡᠷᠡ ᠪᠦᠰᠡᠭᠦᠢ᠄
— ᠮᠥᠨ ᠭᠡᠵᠦ ᠲᠣᠯᠣᠭᠠᠢ ᠳᠣᠬᠢᠯ᠎ᠠ᠃
ᠪᠣᠭᠣᠷᠴᠢ ᠭᠡᠷ ᠲᠦ᠍ ᠣᠷᠣᠪᠠᠯ ᠪᠠᠷᠠᠭᠤᠨ ᠲᠠᠯ᠎ᠠ ᠳ᠋ᠤ᠌ ᠭᠡᠷ ᠦ᠋ᠨ ᠡᠵᠡᠨ ᠴᠢᠳᠥᠷ ᠵᠠᠩᠭᠢᠳᠴᠤ᠂ ᠵᠡᠭᠦᠨ ᠬᠣᠢᠲᠤ ᠲᠠᠯ᠎ᠠ ᠪᠠᠷ ᠨᠡᠯᠢᠶᠡᠳ ᠪᠦᠳᠦᠭᠦᠨ ᠠᠪᠠᠭᠠᠢ ᠨᠢᠭᠡ ᠶᠠᠭᠤᠮ᠎ᠠ ᠳᠡᠯᠭᠡᠵᠦ ᠳᠡᠪᠡᠯ ᠡᠰᠬᠡᠬᠦ ᠭᠡᠵᠦ ᠪᠠᠢᠭ᠎ᠠ ᠶᠤᠮ ᠪᠣᠯᠪᠠᠤ ᠭᠡᠯᠲᠡᠢ᠃ ᠪᠣᠭᠤᠷᠴᠢ ᠮᠡᠨᠳᠦᠯᠡᠭᠡᠳ ᠭᠡᠷ ᠦ᠋ᠨ ᠡᠵᠡᠨ ᠦ᠌ ᠳᠣᠣᠷ᠎ᠠ ᠵᠡᠭᠦᠨ ᠡᠪᠦᠳᠦᠭ ᠢ᠋ᠶ᠋ᠡᠨ ᠨᠤᠭᠤᠯᠵᠤ ᠪᠠᠷᠠᠭᠤᠨ ᠬᠥᠯ ᠳᠡᠭᠡᠷ᠎ᠡ ᠪᠡᠨ ᠴᠣᠮᠴᠣᠢᠨ ᠰᠠᠭᠤᠪᠠ᠃
ᠭᠡᠷ ᠦ᠋ᠨ ᠡᠵᠡᠨ ᠠᠯᠢ ᠠᠯᠢ ᠨᠤᠲᠤᠭ ᠤ᠋ᠨ᠂ ᠬᠡᠨ ᠦ᠌ ᠬᠡᠨ ᠭᠡᠭᠴᠢ᠂ ᠬᠠᠮᠢᠭ᠎ᠠ ᠭᠠᠵᠠᠷ ᠵᠣᠷᠢᠵᠤ ᠶᠠᠪᠤᠭ᠎ᠠ᠂ ᠬᠡᠷᠡᠭ ᠵᠣᠷᠢᠭ ᠢ᠋ ᠠᠰᠠᠭᠤᠯ᠎ᠠ᠃ ᠪᠤᠭᠤᠷᠴᠢ᠄
— ᠬᠣᠷᠬᠣᠨᠠᠭ ᠤ᠋ᠨ ᠳᠡᠭᠡᠳᠦ ᠪᠡᠶ᠎ᠡ ᠪᠡᠷ ᠨᠤᠲᠤᠭᠯᠠᠵᠤ ᠪᠠᠢᠭ᠎ᠠ ᠶᠢᠰᠦᠭᠡᠢ ᠪᠠᠭᠠᠲᠤᠷ ᠤ᠋ᠨ ᠬᠦᠦ ᠲᠡᠮᠦᠵᠢᠨ ᠦ᠌ ᠠᠯᠪᠠᠲᠤ ᠪᠠᠢᠨ᠎ᠠ ᠪᠢ᠃ ᠲᠡᠭᠦᠨ ᠦ᠌ ᠵᠠᠷᠤᠯᠭ᠎ᠠ ᠪᠠᠷ ᠡᠨᠡ ᠭᠠᠵᠠᠷ ᠢ᠋ ᠵᠣᠷᠢᠵᠤ ᠲᠠᠨ ᠤ᠋ ᠬᠢ ᠳ᠋ᠦ᠍ ᠬᠦᠷᠴᠦ ᠢᠷᠡᠯ᠎ᠡ ᠭᠡᠬᠦ ᠳ᠋ᠦ᠍ ᠨᠢ ᠰᠢᠯᠦᠬᠡᠢ ᠬᠢᠵᠦ ᠰᠠᠭᠤᠭᠰᠠᠨ ᠠᠵᠢᠯ ᠢ᠋ᠶ᠋ᠠᠨ ᠣᠷᠬᠢᠵᠤ ᠰᠤᠷ ᠴᠢᠳᠥᠷ ᠢ᠋ᠶ᠋ᠡᠨ ᠬᠤᠮᠢᠵᠤ ᠲᠠᠯᠪᠢᠭᠠᠳ ᠰᠠᠭᠤᠳᠠᠯ ᠢ᠋ᠶ᠋ᠠᠨ ᠵᠠᠰᠠᠵᠤ᠄
— ᠵᠠ ᠬᠦ᠂ ᠲᠡᠮᠦᠵᠢᠨ ᠬᠥᠪᠡᠭᠦᠨ ᠭᠡᠨ᠎ᠡ? ᠬᠠᠮᠢᠭ᠎ᠠ ᠬᠦᠷᠲᠡᠯ᠎ᠡ ᠠᠯᠢ ᠣᠪᠣᠭ ᠠᠢᠮᠠᠭ ᠤ᠋ᠨ ᠡᠵᠡᠨ ᠪᠣᠯᠤᠭᠠᠳ ᠪᠠᠢᠨ᠎ᠠ ᠳᠠ? ᠭᠡᠬᠦ ᠳ᠋ᠦ᠍ ᠨᠢ ᠪᠤᠭᠤᠷᠴᠢ ᠶ᠋ᠢᠨ ᠳᠣᠲᠣᠷ᠎ᠠ ᠲᠡᠮᠦᠵᠢᠨ ᠦ᠌《ᠬᠡᠷᠪᠡ ᠨᠠᠮ᠎ᠠ ᠶ᠋ᠢ ᠠᠰᠠᠭᠤᠵᠤ ᠯᠠᠪᠯᠠᠪᠠᠯ ᠨᠡᠯᠢᠶᠡᠳ ᠥᠯᠥᠭ ᠳᠠᠪᠠᠭᠤ ᠬᠡᠯᠡᠭᠡᠷᠡᠢ》 ᠭᠡᠵᠦ ᠰᠠᠨᠠᠭᠤᠯᠤᠭᠰᠠᠨ ᠨᠢ ᠪᠤᠳᠤᠭᠳᠠᠨ᠄
— ᠰᠢᠣᠰᠠ ᠶ᠋ᠢᠨ ᠭᠣᠣᠯ᠂ ᠶᠡᠷᠦ ᠨᠢ ᠬᠡᠷᠦᠯᠦᠨ ᠡᠴᠡ ᠨᠠᠭᠠᠭᠤᠷ ᠢ᠋ᠶ᠋ᠠᠨ ᠪᠠᠶᠠᠨ ᠤᠯᠠᠭᠠᠨ ᠬᠦᠷᠲᠡᠯᠡᠬᠢ ᠭᠠᠵᠠᠷ ᠨᠤᠲᠤᠭ ᠤ᠋ᠨ ᠰᠠᠷᠨᠢᠮᠠᠯ ᠣᠪᠣᠭ ᠠᠢᠮᠠᠭ ᠤ᠋ᠳ᠂ ᠭᠣᠣᠯ ᠨᠢ ᠪᠣᠷᠵᠢᠭᠢᠨ᠂ ᠪᠦᠬᠦᠨᠤᠭᠦᠳ᠂ ᠪᠠᠭᠠᠲᠤᠳ ᠭᠡᠬᠦ ᠵᠡᠷᠭᠡ ᠨᠢᠭᠡᠳᠴᠦ ᠡᠵᠡᠨ ᠦ᠌ ᠬᠠᠷᠢᠶ᠎ᠠ ᠮᠠᠲᠠᠯ ᠳ᠋ᠤ᠌ ᠨᠢ ᠪᠠᠭᠲᠠᠵᠤ ᠪᠠᠢᠭ᠎ᠠ ᠭᠡᠪᠡᠯ ᠰᠢᠯᠦᠬᠡᠢ᠄
— ᠲᠡᠷᠡ ᠮᠠᠨ ᠤ᠋ ᠡᠨᠡ ᠬᠠᠪᠢ ᠶ᠋ᠢ ᠮᠡᠳᠡᠵᠦ ᠪᠠᠢᠭ᠎ᠠ ᠪᠣᠯᠪᠠᠤ? ᠭᠡᠯᠡ᠃
— ᠮᠡᠳᠡᠵᠦ ᠪᠠᠢᠭ᠎ᠠ ᠭᠡᠬᠦ ᠳ᠋ᠦ᠍ ᠲᠡᠷᠡ ᠪᠡᠷ᠄
— ᠲᠡᠭᠡᠭᠡᠳ ᠲᠠᠨ ᠢ᠋ ᠨᠠᠭᠠᠰᠢ ᠵᠠᠷᠤᠭ᠎ᠠ ᠤᠤ? ᠭᠡᠪᠡ᠃
— ᠲᠠᠨ ᠤ᠋ ᠲᠤᠬᠠᠢ ᠶᠠᠷᠢᠵᠤ ᠪᠠᠢᠨ᠎ᠠ ᠪᠢᠯᠡ᠃ ᠬᠠᠷᠢᠨ ᠲᠠᠨ ᠤ᠋ ᠬᠥᠪᠡᠭᠦᠨ ᠳᠠᠷᠬᠢ ᠶ᠋ᠢ ᠥᠪᠡᠷ ᠲᠡᠭᠡᠨ ᠢᠷᠡᠵᠦ ᠨᠥᠬᠥᠷᠯᠡᠨ ᠬᠦᠴᠦᠨ ᠲᠤᠰᠠᠯᠠᠯᠴᠠᠨ᠎ᠠ ᠤᠤ? ᠭᠡᠵᠦ ᠨᠠᠮ᠎ᠠ ᠶ᠋ᠢ ᠶᠠᠪᠤᠭᠤᠯᠤᠭᠰᠠᠨ ᠭᠡᠵᠦ ᠪᠤᠭᠤᠷᠴᠢ ᠬᠡᠯᠡᠭᠡᠳ ᠥᠪᠡᠷ ᠲᠦ᠍ ᠨᠢ ᠪᠠᠷᠢᠭᠰᠠᠨ ᠠᠶᠠᠭ᠎ᠠ ᠲᠠᠢ ᠠᠢᠷᠠᠭ ᠢ᠋ ᠬᠡᠳᠦ ᠵᠠᠯᠭᠢᠪᠠ᠃ ᠭᠡᠷ ᠦ᠋ᠨ ᠡᠵᠡᠨ᠂ ᠡᠵᠡᠭᠲᠡᠢ ᠬᠣᠶᠠᠷ ᠤ᠋ᠨ ᠴᠢᠷᠠᠢ ᠨᠢᠭᠡᠯᠡ ᠥᠭᠡᠷ᠎ᠡ ᠪᠣᠯᠵᠤ ᠰᠡᠭᠦᠷᠡᠰᠦ ᠠᠯᠲᠠᠨ ᠰᠤᠯᠠᠷᠠᠭᠠᠳ ᠶᠠᠪᠤᠴᠢᠬᠠᠪᠠ᠃ ᠪᠤᠭᠤᠷᠴᠢ《ᠰᠠᠶᠢᠬᠢ ᠡᠪᠦᠭᠡᠨ ᠦ᠌ ᠠᠳᠠᠯᠢ ᠡᠳᠡ ᠬᠦᠦ ᠪᠡᠨ ᠲᠠᠢᠴᠢᠭᠤᠳ ᠤ᠋ᠨ ᠴᠡᠷᠢᠭ ᠲᠦ᠍ ᠶᠠᠪᠤᠭᠤᠯᠤᠭᠠᠳ ᠪᠠᠰᠠ ᠦᠭᠡᠢ ᠪᠣᠯᠭᠠᠭᠰᠠᠨ ᠪᠣᠯᠪᠠᠤ?》 ᠭᠡᠵᠦ ᠪᠣᠳᠣᠭᠠᠳ ᠵᠢᠷᠦᠬᠡᠯᠡᠭᠰᠡᠨ ᠦᠭᠡᠢ᠂ ᠳᠣᠭᠣᠭᠰᠢ ᠬᠠᠷᠠᠨ ᠮᠥᠨ ᠯᠡ ᠠᠢᠷᠠᠭ ᠪᠠᠯᠭᠤᠨ ᠬᠡᠰᠡᠭ ᠰᠠᠭᠤᠭᠰᠠᠨ ᠢ᠋ᠶ᠋ᠠᠨ᠄
— ᠴᠡᠷᠢᠭ ᠲᠦ᠍ ᠶᠠᠪᠤᠭᠰᠠᠨ ᠤᠤ? ᠭᠡᠵᠦ ᠵᠣᠷᠢᠭ ᠭᠠᠷᠭᠠᠨ ᠠᠰᠠᠭᠤᠪᠠ᠃
— ᠦᠭᠡᠢ ᠠ᠋᠂ ᠦᠭᠡᠢ᠃ ᠥᠪᠡᠷ ᠢ᠋ᠶ᠋ᠡᠨ ᠯᠡ ᠠᠯᠠᠭ᠎ᠠ ᠪᠣᠯᠤᠭᠰᠠᠨ᠃ ᠲᠡᠷᠡ ᠬᠥᠮᠦᠨ ᠬᠥᠮᠦᠨ ᠢ᠋ᠶ᠋ᠡᠨ ᠪᠠᠢᠵᠤ᠂ ᠰᠡᠭᠦᠯ ᠦᠭᠡᠢ ᠴᠢᠨᠣ᠎ᠠ ᠲᠠᠢ ᠨᠡᠢᠯᠡᠵᠦ ᠠᠭᠤᠯᠠ ᠶ᠋ᠢᠨ ᠵᠡᠷᠯᠢᠭ ᠠᠷᠢᠶᠠᠲᠠᠨ ᠯᠤᠭ᠎ᠠ ᠨᠢᠭᠡᠨ ᠪᠣᠯᠤᠭᠰᠠᠨ᠃ ᠲᠡᠮᠦᠵᠢᠨ ᠳ᠋ᠦ᠍ ᠲᠡᠭᠡᠵᠦ ᠠᠢᠯᠠᠳᠬᠠᠨ᠎ᠠ ᠤᠤ ᠳᠠ?
ᠪᠣᠭᠣᠷᠴᠢ ᠶᠡᠷᠦ ᠡᠨᠡ ᠦᠭᠡ ᠶ᠋ᠢ ᠣᠢᠯᠠᠭᠠᠭᠰᠠᠨ ᠦᠭᠡᠢ᠂ ᠨᠢᠭᠡᠯᠡ ᠪᠢᠲᠡᠭᠦᠦ ᠬᠠᠲᠠᠭᠤ ᠶᠠᠭᠤᠮ᠎ᠠ᠃ ᠡᠬᠡ ᠶ᠋ᠢᠨ ᠨᠢᠳᠦᠨ ᠳ᠋ᠦ᠍ ᠨᠢᠯᠪᠤᠰᠤ ᠴᠡᠢᠯᠡᠭᠡᠨᠡᠵᠦ ᠬᠠᠴᠠᠷ ᠢ᠋ᠶ᠋ᠠᠨ ᠳ᠋ᠠᠭᠠᠨ ᠪᠥᠮᠪᠥᠷᠢᠬᠦ ᠬᠠᠷᠠᠭᠳᠠᠨ᠎ᠠ᠃
— ᠡᠯᠴᠢ ᠬᠦᠦ ᠲᠠ᠂ ᠥᠨᠥ ᠣᠷᠣᠢ ᠪᠣᠯᠵᠤ᠂ ᠥᠨᠵᠢᠭᠡᠳ ᠶᠠᠪᠤᠨ᠎ᠠ ᠪᠢᠵᠡ᠃ ᠬᠣᠭᠣᠯᠠ ᠬᠢᠵᠦ ᠥᠭᠭᠦᠶ᠎ᠡ ᠳᠡ᠃ ᠲᠡᠭᠦᠰᠬᠡᠨ ᠴᠢ ᠰᠡᠷᠡᠯᠵᠢᠨ ᠴᠢᠩᠭᠡᠯᠢᠭ ᠡᠴᠡ ᠣᠳᠤᠭᠰᠠᠨ ᠬᠠ ᠠᠪᠤᠭᠠᠳ ᠢᠷ᠎ᠡ ᠭᠡᠵᠦ ᠡᠴᠢᠭᠡ ᠬᠡᠯᠡᠬᠦ ᠳ᠋ᠦ᠍ ᠪᠦᠰᠡᠭᠦᠢ ᠭᠣᠳ ᠦᠰᠦᠷᠦᠨ ᠭᠠᠷᠪᠠ᠃ ᠲᠡᠭᠦᠰᠬᠡᠨ ᠬᠠ ᠪᠠᠷᠢᠵᠤ ᠢᠷᠡᠮᠡᠭᠴᠡ ᠡᠴᠢᠭᠡ ᠬᠡᠳᠦᠨ ᠬᠡᠰᠡᠭ ᠪᠣᠯᠭᠠᠭᠠᠳ ᠥᠭᠴᠦ ᠡᠬᠡ ᠨᠢ᠄
— ᠮᠢᠨᠦ ᠬᠦᠦ ᠵᠡᠭᠦᠨ ᠭᠡᠷ ᠲᠦ᠍ ᠪᠠᠭ᠎ᠠ ᠲᠣᠭᠣᠭᠠᠨ ᠳ᠋ᠠᠭᠠᠨ ᠴᠢᠨᠠᠴᠢᠬᠠ ᠭᠡᠵᠦ ᠪᠤᠪᠠᠲᠤᠨᠠᠪᠠ᠃ ᠣᠷᠣᠢ ᠶ᠋ᠢᠨ ᠠᠵᠢᠯ ᠥᠷᠨᠢᠵᠦ ᠭᠡᠭᠦᠦ ᠪᠡᠨ ᠰᠠᠭᠠᠬᠤ ᠭᠡᠬᠦ ᠳ᠋ᠦ᠍ᠨᠢ ᠪᠤᠭᠤᠷᠴᠢ᠄
— ᠪᠢ ᠤᠨᠠᠭ᠎ᠠ ᠲᠠᠲᠠᠵᠤ ᠥᠭᠭᠦᠶ᠎ᠡ ᠭᠡᠪᠡᠰᠦ ᠡᠴᠢᠭᠡ᠄
— ᠵᠠ ᠲᠡᠭᠡ ᠳᠡ᠃ ᠤᠭ ᠨᠢ ᠡᠯᠴᠢ ᠵᠣᠴᠢᠨ ᠬᠥᠮᠦᠨ ᠢ᠋ ᠲᠡᠭᠡᠵᠦ ᠵᠠᠷᠤᠬᠤ ᠶᠣᠰᠣ ᠦᠭᠡᠢ ᠳᠡ᠃ ᠪᠠᠭ᠎ᠠ ᠬᠥᠮᠦᠨ ᠪᠠᠢᠨ᠎ᠠ᠃ ᠮᠢᠨᠦ ᠬᠦᠦ ᠬᠠᠮᠲᠤ ᠶᠠᠪᠤᠭᠠᠳ ᠭᠡᠭᠦᠦ ᠪᠡᠨ ᠰᠠᠭᠠᠭᠠᠳ ᠢᠷ᠎ᠡ ᠭᠡᠪᠡ᠃ ᠢᠩᠭᠢᠭᠡᠳ ᠭᠡᠭᠦᠦ ᠶ᠋ᠢᠨ ᠵᠡᠯ᠎ᠡ ᠤᠷᠤᠭᠤ ᠲᠡᠭᠦᠰᠬᠡᠨ ᠲᠡᠢ ᠬᠠᠮᠲᠤ ᠶᠠᠪᠤᠬᠤ ᠰᠢᠯᠲᠠᠭ ᠭᠠᠷᠴᠤ᠂ ᠲᠡᠷᠡ ᠪᠦᠰᠡᠭᠦᠢ ᠲᠡᠮᠦᠵᠢᠨ ᠦ᠌ ᠬᠢᠨ ᠢ᠋ ᠰᠤᠷᠠᠭᠯᠠᠵᠤ ᠪᠦᠭᠦᠳᠡ ᠶ᠋ᠢ ᠨᠡᠷ᠎ᠡ ᠵᠢᠰᠦ ᠪᠡᠷ ᠨᠢ ᠨᠡᠷᠡᠯᠡᠵᠦ᠂ ᠰᠠᠯᠵᠤ ᠨᠡᠭᠦᠬᠦ ᠦᠶ᠎ᠡ ᠳ᠋ᠦ᠍ ᠥᠪᠡᠷ ᠢ᠋ᠶ᠋ᠡᠨ ᠨᠠᠢ᠍ᠮᠠᠨ ᠨᠠᠰᠤ ᠲᠠᠢ ᠪᠠᠢᠭᠰᠠᠨ ᠭᠡᠪᠡ᠃ ᠲᠡᠮᠦᠵᠢᠨ᠂ ᠪᠡᠯᠭᠦᠳᠡᠢ᠂ ᠬᠠᠰᠠᠷ ᠢ᠋ ᠡᠬᠡᠨᠡᠷ ᠠᠪᠤᠭᠰᠠᠨ ᠤᠤ? ᠭᠡᠬᠦ ᠵᠡᠷᠭᠡ ᠶᠡᠷᠦ ᠠᠮᠠ ᠬᠠᠭᠤᠷᠠᠢ ᠪᠠᠢᠬᠤ ᠦᠭᠡᠢ ᠱᠤᠯᠤᠭᠠᠨᠠᠭᠠᠳ ᠰᠢᠯᠭᠠᠭᠠᠳ᠁ ᠲᠡᠭᠡᠵᠦ ᠲᠡᠭᠡᠵᠦ ᠨᠢᠭᠡ ᠵᠠᠪ ᠲᠤᠨᠢ ᠪᠣᠭᠣᠷᠴᠢ᠄
— ᠲᠠᠨ ᠤ᠋ ᠠᠬ᠎ᠠ ᠬᠠᠮᠢᠭ᠎ᠠ ᠶᠠᠪᠤᠭᠰᠠᠨ ᠬᠥᠮᠦᠨ ᠪᠣᠢ? ᠭᠡᠵᠦ ᠠᠰᠠᠭᠤᠯ᠎ᠠ᠃
— ᠮᠠᠨ ᠤ᠋ ᠠᠬ᠎ᠠ ᠤᠤ? ᠬᠡᠯᠡᠬᠦ ᠳ᠋ᠦ᠍ ᠬᠡᠴᠡᠭᠦᠦ᠃ ᠵᠠ ᠶᠠᠭᠠᠬᠢᠪᠠ᠂ ᠬᠡᠯᠡᠵᠦ ᠥᠭᠭᠦᠨ᠎ᠡ᠃
— ᠵᠠ ᠰᠣᠨᠣᠰᠤᠶ᠎ᠠ᠃ ᠬᠡᠯᠡᠭᠡᠴᠢ ᠳᠡ᠂
— ᠴᠢᠮᠠᠲᠤ ᠲᠡᠢᠮᠦ ᠴᠢᠬᠤᠯᠠ ᠤᠤ?
— ᠴᠢᠬᠤᠯᠠ᠂ ᠲᠡᠮᠦᠵᠢᠨ ᠡᠵᠡᠨ ᠦ᠌ ᠳᠠᠭᠠᠭᠠᠯᠭᠠᠪᠤᠷᠢ᠂ ᠮᠡᠳᠡᠵᠦ ᠣᠴᠢᠬᠤ ᠶᠣᠰᠣᠲᠠᠢ ᠰᠢᠦ ᠳᠡ᠃
— ᠵᠠ᠂ ᠵᠠ᠃ ᠲᠡᠭᠡᠵᠦ ᠪᠠᠢᠭᠠᠳ ᠬᠡᠯᠡᠵᠦ ᠥᠭᠭᠦᠨ᠎ᠡ᠃
ᠢᠩᠭᠢᠵᠦ ᠬᠥᠩᠬᠥᠷ ᠭᠠᠩᠭᠠᠷ ᠭᠡᠵᠦ ᠪᠠᠢᠲᠠᠯ᠎ᠠ ᠵᠢᠷᠭᠤᠭᠠᠬᠠᠨ ᠭᠡᠭᠦᠦ ᠳᠣᠣᠷᠠᠬᠠᠨ ᠢ᠋ᠶ᠋ᠠᠨ ᠰᠠᠭᠠᠵᠤ ᠪᠠᠷᠠᠭᠠᠳ ᠪᠤᠴᠠᠬᠤ ᠪᠣᠯᠪᠠ᠃ ᠭᠡᠷ ᠲᠦ᠍ ᠣᠷᠣᠵᠤ ᠪᠦᠭᠦᠳᠡ ᠴᠤᠭᠯᠠᠷᠠᠵᠤ ᠬᠣᠭᠣᠯᠠ ᠢᠳᠡᠬᠦ ᠪᠣᠯᠵᠤ ᠪᠣᠭᠣᠷᠴᠢ ᠳ᠋ᠤ᠌ ᠳᠠᠯᠤ᠂ ᠳᠥᠷᠪᠡᠨ ᠥᠨᠳᠥᠷ ᠲᠠᠯᠪᠢᠵᠤ ᠬᠦᠨᠳᠦᠯᠡᠪᠡ᠃ ᠪᠣᠭᠣᠷᠴᠢ ᠭᠠᠢᠬᠠᠵᠤ ᠮᠢᠬᠠᠨ ᠳ᠋ᠤ᠌ ᠭᠠᠷ ᠬᠦᠷᠴᠦ ᠴᠢᠳᠠᠬᠤ ᠦᠭᠡᠢ ᠬᠠᠷᠠᠭᠠᠳ ᠰᠠᠭᠤᠵᠤ ᠪᠠᠢᠲᠠᠯ᠎ᠠ ᠭᠡᠷ ᠦ᠋ᠨ ᠡᠵᠡᠨ᠄
— ᠲᠠ ᠬᠣᠭᠣᠯᠠ ᠪᠠᠨ ᠵᠣᠭᠣᠭᠯᠠ ᠭᠡᠵᠦ ᠭᠡᠷ ᠳᠡᠯᠭᠡᠨ ᠶᠣᠰᠣᠷᠬᠠᠪᠠ᠃
— ᠠᠪᠤ ᠰᠢᠭ᠋ ᠢ᠋ᠶ᠋ᠡᠨ ᠬᠥᠮᠦᠨ ᠦ᠌ ᠳᠡᠷᠭᠡᠳᠡ ᠳᠠᠯᠤ ᠪᠠᠷᠢᠵᠤ ᠶᠠᠭᠠᠬᠢᠵᠤ ᠪᠣᠯᠬᠤ ᠪᠣᠢ? ᠭᠡᠵᠦ ᠪᠣᠭᠣᠷᠴᠢ ᠶ᠋ᠢ ᠬᠡᠯᠡᠬᠦ ᠳ᠋ᠦ᠍ ᠰᠢᠯᠦᠬᠡᠢ《ᠬᠡ᠂ ᠬᠡ》 ᠭᠡᠵᠦ ᠢᠨᠢᠶᠡᠭᠡᠳ᠄
— ᠲᠠᠨ ᠢ᠋ ᠳᠡᠭᠡᠳᠦ ᠡᠵᠡᠨ ᠦ᠌ ᠵᠣᠴᠢᠨ ᠭᠡᠰᠡᠨ ᠶᠦᠮ ᠳᠡ᠃ ᠵᠠ ᠶᠠᠭᠠᠬᠢᠬᠤᠪ᠂ ᠪᠢ ᠭᠦᠨᠳᠡᠭᠡᠳ ᠥᠭᠭᠦᠶ᠎ᠡ ᠭᠡᠵᠦ ᠭᠡᠷ ᠦ᠋ᠨ ᠡᠵᠡᠨ ᠳᠠᠯᠤ ᠶ᠋ᠢ ᠠᠪᠴᠤ ᠬᠣᠶᠠᠷ ᠲᠠᠯ᠎ᠠ ᠠ᠋ᠴᠠ ᠨᠢ ᠵᠦᠰᠦᠵᠦ ᠠᠮᠰᠠᠨ ᠬᠠᠭᠤᠳᠠᠰᠤᠨ ᠳᠠᠭᠠᠤ ᠨᠢᠮᠭᠡᠨ ᠡᠯᠡᠵᠦ ᠣᠭᠲᠣᠯᠵᠤ ᠠᠪᠤᠭᠠᠳ ᠪᠣᠭᠣᠷᠴᠢ᠂ ᠭᠡᠷᠭᠡᠢ᠂ ᠥᠬᠢᠨ ᠭᠤᠷᠪᠠ ᠳ᠋ᠠᠭᠠᠨ ᠬᠤᠪᠢᠶᠠᠵᠤ ᠥᠭᠭᠦᠭᠡᠳ᠄
— ᠵᠠ᠂ ᠣᠳᠣ ᠪᠣᠯᠤᠨ᠎ᠠ᠂ ᠬᠦᠦ ᠮᠢᠨᠢ ᠢᠳᠡ᠂ ᠢᠳᠡ ᠭᠡᠬᠦ ᠳ᠋ᠦ᠍ ᠪᠣᠭᠣᠷᠴᠢ ᠮᠢᠬ᠎ᠠ ᠶ᠋ᠢ ᠨᠢᠮᠭᠡᠨ ᠨᠢᠮᠭᠡᠨ ᠡᠯᠡᠵᠦ ᠢᠳᠡᠵᠦ ᠡᠬᠢᠯᠡᠪᠡ᠃ ᠡᠨᠡ ᠲᠡᠷᠡᠬᠡᠨ ᠶᠠᠷᠢᠵᠤ᠂ ᠲᠡᠭᠦᠰᠬᠡᠨ ᠭᠡᠷ ᠦ᠋ᠨ ᠬᠣᠢᠭᠤᠷ ᠵᠠᠰᠠᠭᠰᠠᠨ ᠬᠥᠯ ᠲᠡᠢ ᠣᠷᠣ ᠰᠠᠨᠳᠠᠢᠯᠠᠨ ᠪᠠᠷᠤᠭ ᠪᠣᠭᠣᠷᠴᠢ ᠶ᠋ᠢᠨ ᠠᠷᠤ ᠳ᠋ᠤ᠌ ᠰᠠᠭᠤᠵᠤ ᠪᠠᠢᠲᠠᠯ᠎ᠠ ᠡᠵᠡᠭᠲᠡᠢ ᠡᠷᠭᠢᠨᠡᠭ ᠦ᠋ᠨ ᠳᠡᠭᠡᠭᠦᠷ ᠭᠠᠷ ᠢ᠋ᠶ᠋ᠠᠨ ᠶᠠᠪᠤᠭᠤᠯᠵᠤ ᠸᠠᠭᠠᠷ ᠰᠠᠪᠠ ᠲᠠᠢ ᠶᠠᠭᠤᠮ᠎ᠠ ᠭᠠᠷᠭᠠᠵᠤ ᠬᠣᠶᠠᠷ ᠮᠥᠩᠭᠥᠨ ᠠᠶᠠᠭᠠᠨ ᠳ᠋ᠤ᠌ ᠰᠥᠩᠨᠡᠵᠦ ᠨᠢᠭᠡ ᠶ᠋ᠢ ᠨᠢ ᠨᠥᠬᠥᠷ ᠲᠡᠭᠡᠨ᠂ ᠨᠥᠭᠦᠭᠡ ᠶ᠋ᠢ ᠨᠢ《ᠪᠣᠭᠣᠷᠴᠢ ᠳ᠋ᠤ᠌ ᠥᠭ》 ᠭᠡᠵᠦ ᠲᠡᠭᠦᠰᠬᠡᠨ ᠳ᠋ᠦ᠍ ᠬᠡᠯᠡᠬᠦ ᠳ᠋ᠦ᠍ ᠲᠡᠷᠡ ᠪᠡᠷ ᠤᠬᠤᠰᠬᠢᠨ ᠪᠣᠰᠴᠤ ᠴᠡᠯᠡᠯᠵᠡᠲᠡᠯᠡ ᠬᠢᠭᠰᠡᠨ ᠰᠠᠷᠬᠤᠳ ᠡᠮᠦᠨ᠎ᠡ ᠨᠢ ᠢᠷᠡᠵᠦ ᠪᠠᠷᠢᠪᠠᠰᠤ ᠳᠣᠲᠣᠷ᠎ᠠ ᠨᠢ ᠪᠦᠰᠡᠭᠦᠢ ᠶ᠋ᠢᠨ ᠢᠨᠢᠶᠡᠮᠰᠦᠭᠯᠡᠭᠰᠡᠨ ᠳᠦᠷᠢ ᠲᠣᠳᠣ ᠲᠣᠰᠣᠨ ᠬᠠᠷᠠᠭᠳᠠᠵᠤ᠂ ᠲᠡᠭᠦᠨ ᠢ᠋ ᠲᠣᠰᠣᠨ ᠠᠪᠤᠭᠠᠳ ᠪᠠᠯᠭᠤᠬᠤ ᠳ᠋ᠤ᠌ ᠲᠡᠷᠲᠡᠭᠡ ᠨᠢᠭᠡᠨ ᠵᠡᠭᠦᠳᠦ ᠰᠠᠨᠠᠭᠠᠨ ᠳ᠋ᠤᠨᠢ ᠣᠷᠣᠵᠠᠢ᠃ ᠠᠪᠤᠭᠠᠳ ᠬᠠᠷᠠᠲᠠᠯ᠎ᠠ ᠥᠪᠡᠷ ᠦ᠋ᠨ ᠬᠢᠨᠢ ᠳᠦᠷᠰᠦ ᠲᠣᠰᠴᠢᠬᠠᠪᠠ᠃ ᠪᠣᠭᠣᠷᠴᠢ ᠪᠠᠭ᠎ᠠ ᠪᠠᠭ᠎ᠠ ᠰᠢᠮᠡᠨ ᠤᠤᠭᠤᠵᠤ ᠪᠠᠢᠲᠠᠯ᠎ᠠ ᠠᠷᠤ ᠳ᠋ᠤᠨᠢ ᠰᠠᠭᠤᠭ᠎ᠠ ᠲᠡᠭᠦᠰᠬᠡᠨ ᠥᠪᠡᠷ ᠲᠡᠢ ᠨᠢ ᠵᠡᠷᠭᠡᠴᠡᠨ ᠦᠵᠡᠭᠳᠡᠬᠦ ᠨᠢ ᠠᠷᠢᠬᠢ ᠶ᠋ᠢ ᠪᠦᠷ ᠠᠮᠲᠠ ᠣᠷᠣᠭᠤᠯᠴᠢᠬᠠᠬᠤ ᠰᠢᠭ᠋᠃ ᠪᠣᠭᠣᠷᠴᠢ ᠪᠦᠷ ᠵᠣᠷᠢᠭ ᠣᠷᠣᠨ ᠬᠥᠨᠲᠥᠷᠴᠢᠬᠡᠯᠡ᠃ ᠳᠣᠲᠣᠷ᠎ᠠ ᠬᠠᠯᠠᠭᠤ ᠰᠢᠲᠠᠭᠠᠳ ᠮᠠᠨᠠᠯᠵᠠᠭᠠᠳ ᠲᠤᠩ ᠴᠤ᠌ ᠰᠣᠨᠢᠨ ᠠᠵᠤᠭᠤ᠃
ᠪᠠᠭ᠎ᠠ ᠵᠢᠭᠠᠬᠠᠨ ᠶᠠᠷᠢᠶ᠎ᠠ ᠬᠥᠭᠡᠷᠦᠭᠡ ᠪᠣᠯᠵᠤ ᠲᠡᠭᠡᠰᠬᠢᠭᠡᠳ ᠤᠨᠲᠠᠵᠤ ᠬᠡᠪᠲᠡᠬᠦ ᠪᠣᠯᠤᠭᠠᠳ ᠲᠡᠭᠦᠰᠬᠡᠨ ᠥᠪᠡᠷ ᠦ᠋ᠨ ᠰᠠᠨᠳᠠᠢᠯᠠᠵᠤ ᠰᠠᠭᠤᠭᠰᠠᠨ ᠣᠷᠣᠨ ᠳ᠋ᠤ᠌ ᠬᠣᠨᠣᠴᠠ ᠳ᠋ᠤ᠌ ᠣᠷᠣ ᠵᠠᠰᠠᠯ᠎ᠠ᠃ ᠭᠡᠷ ᠦ᠋ᠨ ᠡᠵᠡᠨ ᠬᠣᠨᠣᠴᠠ ᠶ᠋ᠢ ᠳᠠᠭᠠᠭᠤᠯᠤᠨ ᠭᠠᠷᠴᠤ ᠭᠡᠷ ᠡᠴᠡ ᠣᠷᠣᠭᠰᠢ ᠵᠠᠢᠳᠠᠭᠤᠬᠠᠨ ᠶᠠᠪᠤᠵᠤ ᠪᠡᠶ᠎ᠡ ᠬᠥᠩᠭᠡᠯᠡᠭᠦᠯᠦᠭᠡᠳ ᠣᠷᠣᠵᠤ ᠢᠷᠡᠬᠦ ᠳ᠋ᠦ᠍ ᠪᠠᠷᠠᠭᠤᠨ ᠵᠡᠭᠦᠨ ᠣᠷᠣ ᠴᠤ᠌ ᠵᠠᠰᠠᠭᠳᠠᠵᠠᠢ᠃ ᠬᠣᠶᠠᠷ ᠡᠷ᠎ᠡ ᠨᠢᠭᠡ ᠨᠢᠭᠡ ᠣᠷᠣ ᠡᠵᠡᠯᠡᠨ ᠬᠡᠪᠲᠡᠭᠡᠳ ᠠᠪᠤᠯ᠎ᠠ᠃ ᠡᠬᠡ ᠥᠬᠢᠨ ᠬᠣᠶᠠᠷ ᠭᠠᠷᠴᠤ ᠣᠷᠣᠨ ᠣᠷᠣᠢ ᠶ᠋ᠢᠨ ᠰᠦ ᠰᠠᠭᠠᠯᠢ ᠶ᠋ᠢᠨ ᠠᠵᠢᠯ ᠢ᠋ ᠠᠮᠵᠢᠭᠤᠯᠵᠤ᠂ ᠪᠣᠭᠣᠷᠴᠢ ᠪᠢᠴᠢᠬᠠᠨ ᠠᠷᠢᠬᠢᠨ ᠳ᠋ᠠᠭᠠᠨ ᠪᠡᠶ᠎ᠡ ᠪᠠᠳᠠᠢᠷᠠᠰᠬᠢᠵᠤ ᠴᠢᠮᠡᠭᠡ ᠴᠢᠩᠨᠠᠨ ᠵᠡᠭᠦᠷᠮᠡᠭᠯᠡᠵᠦ ᠪᠠᠢᠲᠠᠯ᠎ᠠ ᠭᠡᠷᠡᠯ ᠤᠨᠲᠠᠷᠠᠵᠤ ᠡᠬᠡ ᠡᠷ᠎ᠡ ᠨᠥᠬᠥᠷ ᠦ᠋ᠨ ᠢ᠋ᠶ᠋ᠡᠨ ᠬᠠᠵᠠᠭᠤ ᠪᠠᠷ᠂ ᠥᠬᠢᠨ ᠵᠡᠭᠦᠨ ᠣᠷᠣ ᠤᠷᠤᠭᠤ ᠣᠷᠣᠭᠰᠠᠨ ᠵᠡᠷᠭᠡ ᠶ᠋ᠢ ᠮᠡᠳᠡᠷᠡᠵᠦ ᠬᠡᠪᠲᠡᠲᠡᠯ᠎ᠡ᠁
ᠬᠠᠷᠠᠩᠭᠤᠢ! ᠬᠠᠷᠠᠩᠭᠤᠢ ᠶ᠋ᠢᠨ ᠳᠤᠮᠳᠠ
ᠬᠠᠮᠢᠭ᠎ᠠ ᠨᠢᠭᠡᠲᠡᠢ ᠭᠡᠷᠡᠯ ᠪᠠᠢᠨ᠎ᠠ ᠤᠤ?
ᠬᠠᠯᠠᠭᠤᠨ ᠢᠯᠴᠢ ᠲᠥᠭᠡᠨᠡᠭᠡᠳ ᠪᠠᠢᠨ᠎ᠠ
ᠣᠯᠳᠠᠭ ᠬᠡᠷᠡᠭ ᠠ᠋! ᠣᠯᠳᠠᠭ ᠬᠡᠷᠡᠭ
ᠣᠢᠷᠠᠳᠬᠤ ᠲᠣᠰᠤᠮ ᠬᠠᠯᠠᠭᠤᠨ ᠪᠠᠢᠨ᠎ᠠ
ᠣᠪᠣᠯᠵᠠᠬᠤ ᠵᠢᠷᠦᠬᠡ ᠬᠠᠯᠠᠰᠢᠷᠠᠭᠠᠳ ᠪᠠᠢᠨ᠎ᠠ
ᠬᠠᠵᠠᠭᠤ ᠳ᠋ᠤᠨᠢ ᠣᠴᠢᠬᠤ ᠴᠤ᠌ ᠣᠴᠢᠯ᠎ᠠ
ᠬᠠᠯᠠᠭᠤᠨ ᠴᠤ᠌ ᠶᠤᠮ ᠰᠢᠭ᠋᠂
ᠬᠠᠯᠠᠲᠠᠢ ᠴᠤ᠌ ᠶᠤᠮ ᠰᠢᠭ᠋
ᠬᠠᠳᠬᠤᠭᠠᠳ ᠠᠪᠬᠤ ᠪᠣᠯᠪᠠᠤ?
ᠬᠠᠵᠠᠭᠠᠳ ᠠᠪᠬᠤ ᠪᠣᠯᠪᠠᠤ?
ᠶᠠᠭᠠᠬᠢᠳᠠᠭ ᠪᠣᠯ?
ᠬᠥᠨᠵᠢᠯᠡ ᠶ᠋ᠢᠨ ᠰᠡᠵᠢᠭᠦᠷ ᠢ᠋ ᠨᠢ ᠰᠡᠬᠦᠯ᠎ᠡ
ᠬᠥᠬᠢᠭᠦᠨ ᠠᠮᠢᠰᠬᠤᠭ᠎ᠠ ᠤᠭᠲᠤᠯ᠎ᠠ
ᠡᠪᠦᠷ ᠲᠦ᠍ ᠨᠢ ᠣᠷᠣᠬᠤ ᠶ᠋ᠢᠨ ᠴᠠᠭ ᠲᠤ᠌
ᠣᠩᠭᠣᠨ ᠪᠡᠶ᠎ᠡ ᠨᠢ ᠭᠠᠢᠬᠠᠮᠰᠢᠭ
ᠡᠵᠡᠯᠡᠭᠡᠳ ᠠᠪᠬᠤ ᠶ᠋ᠢᠨ ᠴᠠᠭ ᠲᠤ᠌
ᠡᠨᠡ ᠬᠣᠷᠸ᠎ᠠ ᠮᠢᠨᠦᠬᠢ! ᠨᠢᠭᠡ ᠮᠡᠳᠡᠭᠰᠡᠨ ᠨᠢ ᠥᠷᠯᠥᠭᠡ ᠪᠣᠯᠤᠭᠠᠳ ᠨᠠᠷᠠ ᠭᠠᠷᠤᠭᠰᠠᠨ ᠪᠠᠢᠵᠠᠢ᠃ ᠪᠤᠭᠤᠷᠴᠢ ᠥᠨᠳᠡᠢᠵᠦ ᠭᠠᠷᠪᠠᠯ ᠭᠡᠷ ᠲᠦ᠍ ᠬᠥᠮᠦᠨ ᠠᠯᠠᠭ᠎ᠠ᠂ ᠭᠠᠭᠴᠠᠭᠠᠷ ᠦᠯᠡᠳᠡᠵᠡᠢ᠃
ᠪᠣᠰᠤᠨ ᠬᠠᠷᠠᠢᠵᠤ ᠬᠤᠪᠴᠠᠰᠤᠯᠠᠭᠠᠳ ᠭᠠᠳᠠᠭᠰᠢ ᠭᠠᠷᠬᠤ ᠳ᠋ᠠᠭᠠᠨ ᠢᠴᠢᠬᠦ ᠶ᠋ᠢᠨ ᠶᠡᠬᠡ ᠪᠡᠷ ᠢᠴᠢᠪᠡ᠃ ᠡᠬᠡ ᠥᠬᠢᠨ ᠪᠣᠯᠤᠨ ᠬᠣᠢᠲᠤ ᠭᠡᠷ ᠦ᠋ᠨ ᠬᠡᠦᠬᠡᠳ ᠭᠤᠷᠪᠠ ᠦᠨᠢᠶᠡᠨ ᠵᠠᠯᠠᠨ ᠳᠡᠭᠡᠷ᠎ᠡ ᠬᠠᠷᠠᠭᠳᠠᠨ᠎ᠠ᠃ ᠬᠣᠨᠢ ᠵᠡᠭᠦᠨ ᠡᠮᠦᠨ᠎ᠡ ᠵᠦᠭ ᠪᠡᠯᠴᠢᠭᠡᠷᠯᠡᠨ ᠭᠠᠷᠴᠤ᠂ ᠡᠴᠢᠭᠡ ᠠᠳᠤᠭᠤ ᠪᠠᠨ ᠬᠣᠷᠢᠶᠠᠨ ᠢᠷᠡᠵᠦ ᠠᠪᠠᠢ᠃ ᠪᠤᠭᠤᠷᠴᠢ ᠭᠡᠭᠦᠦ ᠶ᠋ᠢᠨ ᠵᠡᠯ᠎ᠡ ᠲᠠᠢᠰᠢ ᠣᠴᠢᠵᠤ ᠡᠴᠢᠭᠡ ᠲᠡᠢ ᠨᠢ ᠬᠠᠮᠵᠢᠯᠴᠠᠨ ᠤᠨᠠᠭ᠎ᠠ ᠪᠠᠷᠢᠯᠴᠠᠨ ᠤᠶᠠᠭᠠᠳ ᠭᠡᠷ ᠲᠦ᠍ ᠣᠷᠣᠪᠠ᠃ ᠲᠤᠯᠭᠠᠨ ᠤ᠋ ᠬᠣᠢᠲᠤ ᠬᠢ ᠨᠠᠮᠬᠠᠨ ᠲᠠᠯᠪᠢᠭᠤᠷ ᠳᠡᠭᠡᠷ᠎ᠡ ᠳᠣᠮᠪᠣ ᠲᠠᠢ ᠴᠠᠢ ᠠ᠋ᠴᠠ ᠠᠭᠤᠷ ᠰᠠᠪᠰᠠᠵᠤ᠂ ᠠᠶᠠᠭᠠᠨ ᠳ᠋ᠤ᠌ ᠬᠢᠵᠦ ᠲᠠᠯᠪᠢᠭᠰᠠᠨ ᠥᠷᠥᠮ᠎ᠡ ᠲᠡᠢ ᠬᠤᠳᠬᠤᠰᠢ ᠡᠵᠡᠨ ᠢ᠋ᠶ᠋ᠡᠨ ᠬᠦᠯᠢᠶᠡᠨ ᠪᠠᠢᠨ᠎ᠠ᠃ ᠶᠡᠬᠡ ᠪᠠᠭ᠎ᠠ ᠬᠣᠶᠠᠷ ᠡᠷ᠎ᠡ ᠴᠠᠢ ᠠᠶᠠᠭᠠᠯᠠᠨ ᠤᠤᠭᠤᠵᠤ ᠰᠠᠭᠤᠲᠠᠯ᠎ᠠ ᠡᠬᠡ ᠥᠬᠢᠨ ᠬᠣᠶᠠᠷ ᠴᠤ᠌ ᠣᠷᠣᠵᠤ ᠢᠷᠡᠯ᠎ᠡ᠃ ᠪᠦᠭᠦᠳᠡ ᠴᠤᠭᠯᠠᠷᠠᠵᠤ ᠴᠠᠢ ᠤᠤᠭᠤᠵᠤ ᠰᠠᠭᠤᠬᠤ ᠵᠠᠭᠤᠷ᠎ᠠ ᠰᠢᠯᠦᠬᠡᠢ᠄
— ᠡᠯᠴᠢ ᠬᠦᠦ ᠥᠨᠥ ᠶᠠᠪᠤᠬᠤ ᠤᠤ? ᠥᠨᠵᠢᠬᠦ ᠤᠤ? ᠭᠡᠳ ᠪᠣᠳᠣᠯᠭᠠᠰᠢᠷᠠᠨ《ᠲᠡᠷᠡ ᠲᠡᠮᠦᠵᠢᠨ ᠡᠨᠡ ᠬᠦᠦ ᠶ᠋ᠢ ᠡᠢᠰᠢ ᠶᠠᠪᠤᠭᠤᠯᠳᠠᠭ ᠨᠢ ᠨᠢᠭᠡ ᠯᠡ ᠤᠴᠢᠷ ᠪᠣᠢ᠃ ᠮᠠᠨ ᠤ᠋ ᠬᠦᠦ ᠶ᠋ᠢᠨ ᠲᠤᠬᠠᠢ ᠮᠡᠳᠡᠭᠰᠡᠨ ᠴᠦ᠍ ᠪᠠᠢᠵᠤ ᠪᠣᠯᠤᠨ᠎ᠠ᠃ ᠦᠭᠡᠢ ᠴᠦ᠍ ᠪᠠᠢᠵᠤ ᠪᠣᠯᠤᠨ᠎ᠠ᠃ ᠲᠡᠷᠡ ᠶᠠᠭᠠᠬᠢᠬᠤ ᠪᠣᠢ? ᠡᠨᠡ ᠬᠦᠦ ᠨᠢᠭᠡ ᠯᠡ ᠤᠴᠢᠷ ᠲᠠᠢ ᠢᠷᠡᠭᠰᠡᠨ ᠪᠠᠢᠵᠤ ᠲᠠᠭᠠᠷᠠᠨ᠎ᠠ》 ᠭᠡᠵᠦ ᠪᠣᠳᠣᠭᠠᠳ᠄
— ᠥᠨᠵᠢ᠂ ᠥᠨᠵᠢ᠃ ᠮᠠᠨ ᠤ᠋ ᠥᠬᠢᠨ ᠲᠡᠢ ᠭᠣᠣᠯ ᠤ᠋ᠨ ᠪᠠᠷᠠᠭᠤᠨ ᠠᠭᠤᠯᠠ ᠠᠷᠤᠯᠠᠵᠤ ᠶᠠᠪᠤ᠃ ᠪᠣᠷᠣ ᠲᠣᠪᠴᠠᠭ ᠳᠡᠭᠡᠷ᠎ᠡ ᠭᠠᠷᠲᠠᠯ᠎ᠠ ᠠᠢᠯ ᠤ᠋ᠳ ᠪᠠᠷᠤᠭ ᠯᠠ ᠪᠦᠭᠦᠳᠡ ᠬᠠᠷᠠᠭᠳᠠᠨ᠎ᠠ᠃ ᠲᠡᠭᠦᠰᠬᠡᠨ ᠴᠢ ᠬᠡᠯᠡᠵᠦ ᠥᠭ᠃ ᠲᠡᠭᠡᠭᠡᠳ ᠲᠠ ᠬᠣᠶᠠᠷ ᠭᠣᠣᠯ ᠤᠷᠤᠭᠤ ᠣᠷᠣᠵᠤ ᠮᠣᠢᠯ᠂ ᠪᠠᠵᠠᠭᠤᠨᠠ᠂ ᠮᠡᠬᠡᠷ ᠲᠡᠭᠦ ᠯᠡ ᠳᠡ᠃ ᠮᠠᠨ ᠤ᠋ ᠥᠬᠢᠨ ᠬᠠᠨᠢ ᠡᠷᠢᠭᠡᠳ ᠯᠡ ᠭᠣᠣᠯ ᠤᠷᠤᠭᠤ ᠶᠠᠪᠤᠵᠤ ᠴᠢᠳᠠᠬᠤ ᠦᠭᠡᠢ᠁ ᠭᠡᠪᠡ᠃ ᠲᠡᠭᠦᠰᠬᠡᠨ ᠡᠨᠡ ᠦᠭᠡ ᠶ᠋ᠢ ᠡᠴᠢᠭᠡ ᠡᠴᠡ ᠰᠣᠨᠣᠰᠤᠭᠠᠳ ᠢᠴᠢᠬᠦ᠂ ᠪᠠᠶᠠᠷᠯᠠᠬᠤ ᠵᠡᠷᠭᠡᠴᠡᠨ ᠨᠢᠷᠤᠭᠤ ᠪᠠᠷ ᠨᠢ ᠬᠥᠯᠥᠰᠥ ᠳ᠋ᠡᠭᠠᠨ ᠭᠦᠶᠦᠬᠦ ᠰᠢᠭ ᠪᠣᠯᠪᠠ᠃ ᠡᠴᠢᠭᠡ᠄
— ᠵᠠ᠂ ᠪᠢ ᠮᠣᠷᠳᠠᠯ᠎ᠠ᠃ ᠨᠠᠮ᠎ᠠ ᠶ᠋ᠢ ᠳᠠᠭᠤᠳᠠᠭᠤᠯᠤᠭᠰᠠᠨ ᠪᠠᠢᠨ᠎ᠠ᠃ ᠲᠠ ᠬᠣᠶᠠᠷ ᠲᠡᠭᠡᠰᠬᠢᠭᠡᠳ ᠶᠠᠪᠤ ᠳᠠ᠃ ᠲᠦᠳᠡᠯ ᠦᠭᠡᠢ ᠲᠡᠳᠡ ᠬᠣᠶᠠᠷ ᠮᠣᠷᠳᠠᠯ᠎ᠠ᠃ ᠳᠠᠪᠬᠢᠬᠤ ᠳ᠋ᠠᠭᠠᠨ ᠳᠠᠪᠬᠢᠵᠤ ᠰᠠᠵᠢᠯᠠᠬᠤ ᠳ᠋ᠠᠭᠠᠨ ᠰᠠᠵᠢᠯᠠᠵᠤ ᠶᠠᠪᠤᠬᠤ ᠳ᠋ᠠᠭᠠᠨ ᠲᠡᠭᠦᠰᠬᠡᠨ ᠨᠢᠳᠦᠨ ᠳ᠋ᠦ᠍ ᠥᠷᠲᠥᠬᠦ ᠬᠠᠷᠠᠭᠳᠠᠬᠤ ᠠᠢᠯ᠂ ᠭᠠᠵᠠᠷ ᠤᠰᠤ ᠶ᠋ᠢ ᠨᠢᠭᠡᠳ ᠨᠢᠭᠡ ᠦᠭᠡᠢ ᠨᠡᠷᠡᠯᠡᠵᠦ ᠬᠡᠯᠡᠵᠦ ᠶᠠᠪᠤᠨ᠎ᠠ᠃ ᠪᠣᠭᠣᠷᠴᠢ ᠴᠤ᠌ ᠯᠠᠪᠯᠠᠵᠤ ᠠᠰᠠᠭᠤᠨ ᠲᠣᠭᠲᠠᠭᠠᠵᠤ ᠠᠪᠬᠤ ᠶ᠋ᠢ ᠴᠢᠷᠮᠠᠢᠨ ᠶᠠᠪᠤᠭᠰᠠᠭᠠᠷ ᠠᠭᠤᠯᠠ ᠶ᠋ᠢᠨ ᠦᠵᠦᠭᠦᠷ ᠦ᠋ᠨ ᠳᠣᠪᠣᠴᠠᠭ ᠳᠡᠭᠡᠷ᠎ᠡ ᠭᠠᠷᠴᠤ ᠬᠣᠶᠠᠭᠤᠯᠠ ᠮᠣᠷᠢᠨ ᠠ᠋ᠴᠠ ᠪᠠᠨ ᠪᠠᠭᠤᠪᠠ᠃ ᠪᠠᠷᠠᠭᠤᠨ᠂ ᠪᠠᠷᠠᠭᠤᠨ ᠬᠣᠢᠰᠢ ᠭᠠᠵᠠᠷ ᠲᠡᠯᠡᠵᠦ ᠠᠯᠤᠰ ᠤ᠋ᠨ ᠠᠢᠯ ᠬᠣᠲᠠᠯᠠ ᠶ᠋ᠢ ᠰᠠᠢᠲᠤᠷ ᠬᠠᠷᠠᠵᠤ᠂ ᠲᠡᠭᠦᠰᠬᠡᠨ ᠭᠣᠣᠯ ᠤ᠋ᠨ ᠬᠣᠢᠲᠤ ᠠᠯᠤᠰ ᠤ᠋ᠨ ᠠᠭᠤᠯᠠᠰ ᠢ᠋ ᠨᠡᠷᠡᠯᠡᠨ ᠪᠣᠭᠣᠷᠴᠢ ᠶ᠋ᠢᠨ ᠣᠢ ᠲᠣᠢᠨ ᠳ᠋ᠤ᠌ ᠶᠡᠬᠡ ᠣᠯᠠᠨ ᠢ᠋ ᠮᠡᠳᠡᠭᠦᠯᠵᠦ ᠥᠭᠭᠦᠭᠡᠳ ᠡᠮᠦᠨ᠎ᠡ ᠵᠦᠭ ᠦ᠋ᠨ ᠨᠡᠯᠢᠶᠡᠳ ᠠᠯᠤᠰ ᠲᠤ᠌ ᠬᠠᠷᠠᠭᠳᠠᠬᠤ ᠬᠠᠳᠠ ᠬᠢᠰᠠᠭᠠᠲᠤ ᠠᠭᠤᠯᠠᠰ ᠢ᠋ ᠠᠵᠢᠭᠯᠠᠨ ᠰᠠᠨᠠᠭ᠎ᠠ ᠠᠯᠳᠠᠵᠤ᠄
— ᠲᠡᠷᠡ ᠥᠭᠡᠳᠡ ᠯᠡ ᠮᠠᠨ ᠤ᠋ ᠮᠠᠭᠤ ᠠᠬ᠎ᠠ ᠪᠠᠢᠭ᠎ᠠ ᠶᠤᠮ ᠤᠤ ᠳᠠ? ᠭᠡᠬᠦ ᠳ᠋ᠦ᠍ ᠪᠣᠭᠣᠷᠴᠢ ᠶᠡᠬᠡᠳᠡ ᠱᠣᠬᠣᠭᠣᠷᠬᠠᠨ《ᠣᠳᠣ ᠯᠠ ᠬᠡᠯᠡᠨ᠎ᠡ ᠭᠡᠰᠡᠨ ᠢ᠋ᠶ᠋ᠡᠨ ᠬᠡᠯᠡᠬᠦ ᠨᠢ》 ᠭᠡᠰᠡᠨ ᠰᠢᠭ᠄
— ᠲᠡᠷᠡ ᠲᠡᠭᠡᠭᠡᠳ ᠲᠡᠨᠳᠡ᠁ ᠭᠡᠪᠡᠯ ᠲᠡᠭᠦᠰᠬᠡᠨ᠄
— ᠲᠡᠨᠳᠡ ᠤᠤ? ᠬᠡᠯᠡᠬᠦ ᠳ᠋ᠦ᠍ ᠬᠡᠴᠡᠭᠦᠦ ᠯᠡ ᠶᠦᠮ ᠭᠡᠳ ᠨᠢᠳᠦᠨ ᠡᠴᠡ ᠨᠢ ᠨᠢᠯᠪᠤᠰᠤ ᠪᠥᠮᠪᠥᠷᠢᠨ ᠪᠣᠭᠣᠷᠴᠢ ᠴᠤ᠌ ᠰᠡᠳᠬᠢᠯ ᠵᠣᠪᠠᠨᠢᠵᠤ᠄《ᠬᠡᠯᠡᠵᠦ ᠪᠣᠯᠳᠠᠭ ᠦᠭᠡᠢ᠂ ᠶᠠᠭᠤ ᠭᠡᠭᠴᠢ ᠪᠣᠯᠤᠭᠰᠠᠨ ᠶᠤᠮ ᠪᠣᠯ ᠳᠠ?》 ᠭᠡᠵᠦ ᠭᠠᠢᠬᠠᠰᠢᠷᠠᠨ ᠲᠡᠭᠦᠨ ᠦ᠌ ᠠᠮᠠ ᠶ᠋ᠢ ᠬᠠᠷᠠᠵᠤ ᠰᠠᠭᠤᠪᠠ᠃ ᠲᠡᠭᠦᠰᠬᠡᠨ ᠰᠠᠨᠠᠭ᠎ᠠ ᠠᠯᠳᠠᠵᠤ ᠨᠢᠯᠪᠤᠰᠤ ᠪᠠᠨ ᠭᠠᠷ ᠤ᠋ᠨ ᠠᠯᠠᠭ᠎ᠠ ᠪᠠᠷ ᠢ᠋ᠶ᠋ᠠᠨ ᠢᠯᠢᠵᠦ ᠠᠷᠴᠢᠭᠠᠳ᠄
— ᠲᠡᠷᠡ᠂ ᠬᠥᠮᠦᠨ ᠢᠳᠡᠳᠡᠭ ᠮᠢᠬᠠᠴᠢᠨ ᠨᠤᠭᠤᠳ ᠲᠠᠢ ᠨᠡᠢᠯᠡᠭᠰᠡᠨ ᠭᠡᠨ᠎ᠡ ᠭᠡᠪᠡ᠃ ᠪᠣᠭᠣᠷᠴᠢ ᠶ᠋ᠢᠨ ᠳᠣᠲᠣᠷ᠎ᠠ ᠰᠡᠷᠰ ᠬᠢᠨ ᠰᠣᠴᠢᠵᠤ᠄
— ᠶᠠᠭᠠᠬᠢᠭᠰᠠᠨ ᠬᠠᠴᠢᠨ ᠶᠠᠭᠤᠮ᠎ᠠ ᠪᠣᠢ? ᠲᠡᠭᠡᠵᠦ ᠪᠣᠯᠤᠨ᠎ᠠ ᠭᠡᠵᠦ ᠤᠤ? ᠲᠡᠢᠮᠦ ᠶᠠᠭᠤᠮ᠎ᠠ ᠪᠠᠢᠵᠤ ᠲᠠᠭᠠᠷᠠᠬᠤ ᠦᠭᠡᠢ ᠭᠡᠵᠦ ᠭᠠᠢᠬᠠᠰᠢᠷᠠᠨ ᠱᠠᠭᠰᠢᠷᠠᠪᠠ᠃
— ᠪᠠᠢᠳᠠᠭ ᠶᠤᠮ ᠪᠠᠢᠨ᠎ᠠ᠃ ᠪᠠᠢᠬᠤ ᠪᠠᠢᠬᠤ ᠳ᠋ᠠᠭᠠᠨ ᠮᠠᠨ ᠤ᠋ ᠠᠬ᠎ᠠ᠁ ᠭᠡᠬᠦ ᠳ᠋ᠦ᠍ ᠪᠣᠭᠣᠷᠴᠢ ᠦᠭᠡ ᠶ᠋ᠢ ᠨᠢ ᠲᠠᠰᠤᠯᠤᠨ᠄ ᠵᠠ᠂ ᠵᠠ ᠭᠡᠵᠦ ᠰᠤᠯᠠᠬᠠᠨ ᠰᠢᠭ᠋ ᠬᠡᠯᠡᠭᠡᠳ《ᠶᠠᠭᠠᠬᠢᠭᠠᠳ ᠲᠡᠭᠡᠳᠡᠭ ᠶᠦᠮ ᠪᠣᠯ ᠳᠠ? ᠪᠢ ᠲᠡᠮᠦᠵᠢᠨ ᠳ᠋ᠦ᠍ ᠶᠠᠭᠤ ᠶᠠᠭᠤ ᠬᠡᠯᠡᠵᠦ ᠣᠴᠢᠨ᠎ᠠ ᠪᠣᠢ? 》 ᠭᠡᠳ ᠠᠭᠤᠯᠠᠰ ᠤ᠋ᠨ ᠵᠦᠭ ᠬᠠᠷᠠᠪᠠ᠃
ᠪᠠᠷᠠᠭᠤᠨ ᠡᠮᠦᠨᠡᠲᠦ ᠠᠯᠤᠰ ᠲᠤ᠌ ᠴᠠᠢᠷᠠᠨ ᠬᠠᠷᠠᠭᠳᠠᠬᠤ ᠴᠠᠰᠤᠲᠤ ᠬᠠᠢᠷᠬᠠᠨ ᠲᠦᠩᠬᠦᠢᠨ᠂ ᠲᠡᠭᠦᠨ ᠡᠴᠡ ᠵᠡᠭᠦᠨ ᠢ᠋ᠶ᠋ᠡᠷ ᠦᠵᠡᠭᠳᠡᠬᠦ ᠰᠡᠷᠪᠡᠭᠡᠷ ᠰᠡᠷᠲᠡᠩ ᠬᠠᠷ᠎ᠠ ᠠᠭᠤᠯᠠᠰ ᠬᠣᠶᠠᠷ ᠥᠩᠭᠡ ᠵᠢᠰᠦ ᠢᠯᠭᠠᠷᠠᠨ᠂ ᠡᠷᠡᠰ ᠲᠠᠰᠤ ᠠᠵᠤᠭᠤ᠃ ᠪᠣᠭᠣᠷᠴᠢ《ᠠᠢ ᠶᠠ! ᠡᠨᠡ ᠬᠠᠷ᠎ᠠ ᠴᠠᠭᠠᠨ ᠤ᠋ ᠵᠠᠪᠰᠠᠷ ᠶᠡᠬᠡ ᠶᠠᠭᠤᠮ᠎ᠠ ᠪᠠᠭᠲᠠᠬᠤ ᠠᠵᠤ᠃ ᠬᠥᠮᠦᠨ ᠬᠥᠮᠦᠨ ᠢ᠋ᠶ᠋ᠡᠨ ᠢᠳᠡᠬᠦ ᠭᠡᠵᠦ ᠶᠠᠭᠤ ᠭᠡᠰᠡᠨ ᠦᠭᠡ ᠪᠣᠢ? ᠦᠯᠢᠭᠡᠷ ᠲᠦ᠍ ᠮᠠᠩᠭᠤᠰ᠂ ᠮᠢᠬᠠᠴᠢᠨ ᠭᠡᠵᠦ ᠶᠠᠷᠢᠳᠠᠭ᠃ ᠠᠢ ᠶᠠ》 ᠭᠡᠵᠦ ᠪᠣᠳᠣᠯᠬᠢᠯᠠᠨ ᠬᠡᠰᠡᠭ ᠵᠠᠭᠤᠷ᠎ᠠ ᠰᠠᠭᠤᠭᠠᠳ ᠲᠡᠭᠦᠰᠬᠡᠨ ᠢ᠋ ᠬᠠᠷᠠᠲᠠᠯ᠎ᠠ ᠲᠡᠷᠡ ᠨᠢ ᠶᠡᠬᠡ ᠯᠡ ᠥᠷᠥᠪᠳᠦᠯᠲᠡᠢ᠂ ᠭᠤᠨᠢᠭᠲᠠᠢ᠃
ᠪᠣᠭᠣᠷᠴᠢ ᠰᠢᠭᠤᠳ ᠪᠣᠰᠴᠤ ᠲᠡᠭᠦᠰᠬᠡᠨ ᠢ᠋ ᠳᠠᠯᠤ ᠮᠥᠷᠦᠨ ᠡᠴᠡ ᠨᠢ ᠲᠡᠮᠲᠡᠷᠢᠵᠦ ᠳᠣᠭᠣᠭᠰᠢ ᠢᠯᠢᠭᠡᠳ᠄
— ᠪᠣᠰ ᠳᠠ᠂ ᠬᠣᠶᠠᠭᠤᠯᠠ ᠶᠠᠪᠤᠶ᠎ᠠ ᠭᠡᠵᠦ ᠠᠷᠭᠠᠳᠠᠩᠭᠤᠢ ᠬᠡᠯᠡᠬᠦ ᠳ᠋ᠦ᠍ ᠴᠠᠭᠠᠳᠤᠬᠢ ᠨᠢ ᠪᠣᠰᠴᠤ ᠮᠣᠷᠳᠠᠨ ᠠᠭᠤᠯᠠ ᠶ᠋ᠢᠨ ᠤᠷᠤᠭᠤ ᠬᠡᠯᠲᠦᠷᠢᠭᠦᠯᠦᠨ ᠳᠣᠷᠣᠭᠰᠢ ᠪᠠᠭᠤᠪᠠ᠃
ᠨᠠᠮ ᠳ᠋ᠤ᠌ ᠣᠷᠣᠭᠠᠳ ᠰᠠᠵᠢᠯᠠᠭᠤᠯᠠᠩᠬᠠᠨ ᠭᠣᠣᠯ ᠤ᠋ᠨ ᠵᠦᠭ ᠬᠣᠶᠠᠭᠤᠯᠠ ᠳᠤᠭᠤᠢᠬᠠᠨ ᠬᠡᠯᠲᠦᠷᠢᠨ᠎ᠡ᠃ ᠲᠡᠭᠦᠰᠬᠡᠨ ᠴᠤᠯᠪᠤᠭᠤᠷ ᠢ᠋ᠶ᠋ᠠᠨ ᠪᠠᠵᠠᠵᠤ ᠢᠮᠢᠴᠡᠨ ᠶᠠᠪᠤᠭᠰᠠᠨ ᠢ᠋ᠶ᠋ᠠᠨ᠄
— ᠪᠢᠩᠭᠡᠷᠡᠭᠦ ᠡᠪᠦᠯ ᠦ᠋ᠨ ᠡᠬᠢᠨ ᠰᠠᠷ᠎ᠠ ᠳ᠋ᠤ᠌ ᠲᠠᠷᠭᠤᠲᠠᠢ ᠡᠵᠡᠨ ᠡᠴᠡ ᠬᠡᠳᠦ ᠬᠡᠳᠦᠨ ᠡᠯᠴᠢ ᠢᠷᠡᠵᠦ ᠡᠨᠡ ᠬᠠᠪᠢ ᠶ᠋ᠢᠨ ᠠᠢᠯ ᠠ᠋ᠴᠠ ᠵᠠᠯᠠᠭᠤᠰ ᠢ᠋ ᠴᠡᠷᠢᠭ ᠲᠦ᠍ ᠲᠠᠲᠠᠵᠤ᠂ ᠠᠯᠪᠠᠨ ᠲᠠᠲᠠᠪᠤᠷᠢ ᠮᠠᠯ ᠠᠪᠤᠭᠰᠠᠨ᠃ ᠮᠠᠨ ᠤ᠋ ᠠᠬ᠎ᠠ ᠲᠡᠭᠦᠨ ᠳ᠋ᠦ᠍ ᠥᠷᠲᠥᠵᠦ ᠴᠡᠷᠢᠭ ᠲᠦ᠍ ᠶᠠᠪᠤᠬᠤ ᠪᠣᠯᠵᠤ ᠬᠥᠮᠦᠨ ᠮᠠᠯ ᠪᠥᠭᠡᠮᠨᠡᠷᠡᠬᠦ ᠦᠶ᠎ᠡ ᠳ᠋ᠦ᠍ ᠣᠷᠭᠣᠴᠢᠬᠠᠭᠰᠠᠨ ᠶᠤᠮ ᠭᠡᠨ᠎ᠡ ᠯᠡ᠃ ᠬᠣᠢᠨ᠎ᠠ ᠠ᠋ᠴᠠ ᠨᠢ ᠡᠨᠡ ᠬᠠᠪᠢ ᠶ᠋ᠢᠨ ᠠᠭᠤᠯᠠ ᠬᠠᠳᠠ ᠪᠠᠷ ᠡᠷᠢᠵᠦ ᠣᠯᠤᠭ᠎ᠠ ᠦᠭᠡᠢ ᠪᠤᠴᠠᠬᠤ ᠳ᠋ᠠᠭᠠᠨ ᠮᠠᠨ ᠤ᠋ ᠬᠢᠨ ᠡᠴᠡ ᠬᠡᠳᠦᠨ ᠮᠠᠯ ᠨᠡᠮᠡᠵᠦ ᠠᠪᠤᠭᠠᠳ ᠶᠠᠪᠤᠭᠰᠠᠨ᠃ ᠲᠡᠭᠡᠭᠡᠳ ᠯᠡ ᠠᠬ᠎ᠠ ᠮᠢᠨᠢ ᠠᠯᠠᠭ᠎ᠠ ᠪᠣᠯᠤᠭᠰᠠᠨ ᠶᠤᠮ ᠭᠡᠪᠡ᠃ ᠪᠣᠭᠣᠷᠴᠢ᠄
— ᠲᠡᠭᠡᠯ᠎ᠡ ᠭᠡᠳ ᠮᠢᠬᠠᠴᠢᠨ ᠪᠣᠯᠬᠤ ᠭᠡᠵᠦ ᠪᠣᠢ? ᠭᠡᠬᠦ ᠳ᠋ᠦ᠍ ᠲᠡᠭᠦᠰᠬᠡᠨ᠄
— ᠲᠡᠢᠮᠦ ᠯᠡ ᠳᠡ᠃ ᠮᠠᠨ ᠤ᠋ ᠬᠢᠨ ᠴᠦ᠍ ᠲᠡᠭᠡᠵᠦ ᠶᠠᠷᠢᠳᠠᠭ ᠪᠠᠢᠭᠰᠠᠨ᠃ ᠬᠠᠪᠤᠷ ᠠ᠋ᠴᠠ《ᠠᠮᠢᠳᠤ ᠶᠠᠪᠤᠨ᠎ᠠ᠃ ᠲᠡᠷᠡ ᠰᠡᠭᠦᠯ ᠦᠭᠡᠢ ᠴᠢᠨᠣ᠎ᠠ ᠲᠠᠢ ᠨᠡᠢᠯᠡᠵᠡᠢ》 ᠭᠡᠬᠦ ᠶᠠᠷᠢᠶ᠎ᠠ ᠭᠠᠷᠤᠭᠰᠠᠨ᠃ ᠲᠡᠭᠡᠲᠡᠯ᠎ᠡ ᠵᠤᠨ ᠤ᠋ ᠡᠬᠢᠨ ᠰᠠᠷ᠎ᠠ ᠳ᠋ᠤ᠌ ᠨᠢᠭᠡ ᠡᠳᠦᠷ ᠡᠵᠢ ᠪᠢᠳᠡ ᠬᠣᠶᠠᠷ ᠭᠡᠷ ᠲᠡᠭᠡᠨ ᠪᠠᠢᠲᠠᠯ᠎ᠠ ᠭᠡᠨᠡᠳᠲᠡ ᠣᠷᠣᠭᠠᠳ ᠢᠷᠡᠭᠰᠡᠨ᠃ ᠶᠣᠰᠣᠲᠠᠢ ᠠᠶᠤᠮᠠᠷ ᠠᠮᠢᠲᠠᠨ! ᠡᠵᠢ《 ᠮᠢᠨᠦ ᠬᠦᠦ!》 ᠭᠡᠳ ᠲᠡᠪᠡᠷᠢᠭᠡᠳ ᠠᠪᠬᠤ ᠭᠡᠲᠡᠯ᠎ᠡ ᠥᠭᠡᠳᠡ ᠡᠴᠡ ᠨᠢ ᠲᠦᠯᠬᠢᠭᠡᠳ《ᠦᠭᠡᠢ ᠠ᠋᠂ ᠨᠠᠳᠠᠳᠤ ᠪᠢᠲᠡᠭᠦᠦ ᠣᠢᠷᠠᠲᠤ !》 ᠭᠡᠬᠦ ᠡᠴᠡ ᠥᠭᠡᠷ᠎ᠡ ᠶᠠᠭᠤ ᠴᠤ᠌ ᠬᠡᠯᠡᠭᠡ ᠦᠭᠡᠢ᠃ ᠡᠵᠢ ᠪᠢᠳᠡ ᠬᠣᠶᠠᠷ ᠤᠬᠢᠯᠠᠭᠰᠠᠨ᠃ ᠲᠡᠷᠡ ᠦᠶ᠎ᠡ ᠳ᠋ᠦ᠍ ᠰᠠᠭᠭᠠᠯᠲᠠ ᠠᠢᠯ ᠳ᠋ᠤ᠌ ᠲᠣᠭᠯᠠᠵᠤ ᠰᠠᠭᠤᠭᠰᠠᠨ ᠠᠪᠤ ᠮᠢᠨᠢ《ᠬᠦᠦ ᠴᠢᠨᠢ ᠢᠷᠡᠯ᠎ᠡ》 ᠭᠡᠬᠦ ᠴᠢᠮᠡᠭᠡᠨ ᠢ᠋ᠶ᠋ᠡᠷ ᠶᠠᠭᠠᠷᠠᠨ ᠢᠷᠡᠪᠡ᠃ ᠬᠥᠮᠦᠰ ᠲᠠᠨᠢᠵᠤ ᠬᠠᠷᠠᠵᠤ ᠯᠠ ᠳᠠ᠃ ᠠᠪᠤ ᠣᠷᠣᠵᠤ ᠢᠷᠡᠭᠡᠳ《ᠬᠦᠦ ᠮᠢᠨᠢ᠂ ᠰᠠᠢᠨ ᠶᠠᠪᠤᠨ᠎ᠠ ᠤᠤ? ᠬᠠᠮᠢᠭ᠎ᠠ ᠶᠠᠭᠠᠬᠢᠵᠤ ᠯᠠ ᠶᠠᠪᠤᠨ᠎ᠠ ᠳᠠ?》 ᠭᠡᠰᠡᠨ᠃ ᠲᠡᠷᠡ ᠤᠷᠢᠳᠤ ᠠ᠋ᠴᠠ ᠨᠢ ᠮᠠᠭᠤᠬᠠᠢ ᠬᠠᠷᠠᠵᠤ《ᠲᠠᠨ ᠳ᠋ᠤ᠌ ᠬᠠᠮᠢᠶ᠎ᠠ ᠦᠭᠡᠢ ᠠ᠋》 ᠭᠡᠬᠦ ᠡᠴᠡ ᠥᠭᠡᠷ᠎ᠡ ᠶᠠᠭᠤ ᠴᠤ᠌ ᠬᠡᠯᠡᠭᠡ ᠦᠭᠡᠢ᠃ ᠡᠵᠢ ᠲᠡᠭᠦᠨ ᠳ᠋ᠦ᠍ ᠦᠨᠢᠶᠡᠨ ᠦ᠌ ᠠᠢᠷᠠᠭ ᠠᠶᠠᠭᠠᠯᠠᠵᠤ ᠥᠭᠬᠦ ᠳ᠋ᠦ᠍ ᠦᠭᠡ ᠦᠭᠡᠢ ᠵᠠᠯᠭᠢᠯᠠᠵᠤ᠂ ᠢᠳᠡᠬᠦ ᠶᠠᠭᠤᠮ᠎ᠠ ᠶ᠋ᠢ ᠪᠥᠭᠡᠮ ᠪᠥᠭᠡᠮ ᠢ᠋ᠶ᠋ᠡᠷ ᠨᠢ ᠡᠮᠬᠦᠯᠡᠵᠦ᠂ ᠶᠡᠬᠡᠯ᠎ᠡ ᠬᠣᠪᠳᠣᠭ ᠬᠠᠷᠠᠭᠳᠠᠭᠰᠠᠨ ᠳᠠ᠃ ᠭᠠᠭᠴᠠᠬᠠᠨ ᠬᠡᠯᠡᠭᠰᠡᠨ ᠦᠭᠡ ᠨᠢ《ᠬᠤᠪᠴᠠᠰᠤ》 ᠭᠡᠵᠦ ᠬᠡᠰᠡᠭ ᠬᠤᠪᠴᠠᠰᠤ ᠠᠪᠴᠤ ᠶᠠᠪᠤᠬᠤ ᠳ᠋ᠤᠨᠢ《ᠢᠷᠡᠬᠦ ᠤᠤ?》 ᠭᠡᠵᠦ ᠠᠰᠠᠭᠤᠬᠤ ᠳ᠋ᠤ᠌《ᠮᠡᠳᠡᠬᠦ ᠦᠭᠡᠢ》 ᠭᠡᠬᠦ ᠡᠴᠡ ᠥᠭᠡᠷ᠎ᠡ ᠶᠠᠭᠤ ᠴᠤ᠌ ᠬᠡᠯᠡᠭᠡ ᠦᠭᠡᠢ᠃ ᠲᠡᠭᠡᠭᠰᠡᠨ ᠨᠢ ᠪᠦᠷ ᠭᠠᠢ ᠳᠠᠭᠠᠷᠢᠵᠤ ᠮᠠᠨ ᠤ᠋ ᠬᠢᠨ ᠦ᠌ ᠡᠨᠡ ᠴᠢᠭ ᠦ᠋ᠨ ᠮᠠᠯ ᠳ᠋ᠤ᠌ ᠶᠠᠪᠤᠭᠰᠠᠨ ᠠᠷᠪᠠᠨ ᠬᠡᠳᠦ ᠲᠡᠢ ᠬᠦᠦ ᠶ᠋ᠢ ᠠᠪᠤᠭᠠᠳ ᠶᠠᠪᠤᠴᠢᠬᠠᠭᠰᠠᠨ ᠭᠡᠯᠴᠡᠵᠦ᠂ ᠲᠡᠷᠡ ᠬᠦᠦ ᠶ᠋ᠢᠨ ᠮᠣᠷᠢ ᠡᠮᠡᠭᠡᠯ ᠬᠠᠵᠠᠭᠠᠷ ᠲᠠᠢ ᠪᠠᠨ ᠠᠳᠤᠭᠤᠨ ᠠ᠋ᠴᠠ ᠪᠠᠨ ᠢᠷᠡᠭᠰᠡᠨ ᠭᠡᠰᠡᠨ᠃ ᠲᠡᠭᠦᠨ ᠡᠴᠡ ᠬᠣᠢᠰᠢ ᠣᠢᠷ᠎ᠠ ᠬᠠᠪᠢ ᠶ᠋ᠢᠨ ᠠᠢᠯ ᠮᠠᠨ ᠤ᠋ ᠬᠢᠨ ᠡᠴᠡ ᠳᠠᠢᠴᠢᠨ ᠨᠡᠭᠦᠵᠦ ᠮᠠᠨ ᠤ᠋ ᠬᠠᠶᠠᠭ᠎ᠠ ᠶ᠋ᠢ ᠰᠠᠬᠢᠳᠠᠭ ᠶᠠᠳᠠᠭᠤᠬᠠᠨ ᠠᠢᠯ ᠯᠠ ᠦᠯᠡᠳᠡᠭᠡᠳ ᠪᠠᠢᠨ᠎ᠠ ᠳᠠ ᠭᠡᠪᠡ᠃
ᠲᠡᠷᠡ ᠬᠣᠶᠠᠷ ᠡᠳᠦᠷᠵᠢᠨ ᠭᠣᠣᠯ ᠢ᠋ᠶ᠋ᠠᠷ ᠶᠠᠪᠤᠵᠤ ᠶᠡᠬᠡ ᠴᠦ᠍ ᠵᠢᠮᠢᠰ ᠲᠡᠭᠦᠯ᠎ᠡ᠃ ᠲᠡᠷᠡ ᠬᠣᠶᠠᠷ ᠤ᠋ᠨ ᠠᠳᠠᠯᠢ ᠵᠢᠮᠢᠰ ᠨᠣᠭᠣᠭᠠᠨ ᠤ᠋ ᠡᠷᠢᠯᠴᠢᠳ ᠪᠠᠰᠠ ᠦᠵᠡᠭᠳᠡᠭᠰᠡᠨ ᠴᠦ᠍ ᠲᠡᠳᠡᠨ ᠲᠡᠢ ᠠᠭᠤᠯᠵᠠᠵᠤ ᠶᠠᠷᠢᠯᠴᠠᠭᠰᠠᠨ ᠦᠭᠡᠢ᠃ ᠣᠷᠣᠢᠬᠠᠨ ᠲᠡᠷᠡ ᠬᠣᠶᠠᠷ ᠪᠤᠴᠠᠵᠤ ᠢᠷᠡᠯ᠎ᠡ᠃ ᠪᠤᠭᠤᠷᠴᠢ ᠶ᠋ᠢᠨ ᠰᠡᠳᠬᠢᠯ ᠳ᠋ᠦ᠍ ᠡᠳᠦᠷ ᠡᠴᠡ ᠬᠣᠢᠰᠢ《ᠲᠡᠷᠡ ᠠᠭᠤᠯᠠ ᠶ᠋ᠢᠨ ᠬᠥᠮᠦᠰ ᠳᠡᠭᠡᠷ᠎ᠡ ᠨᠢ ᠣᠴᠢᠪᠠᠯ ᠪᠠᠭᠤᠯᠭᠠᠭᠠᠳ ᠠᠪᠴᠢᠬᠠᠵᠤ ᠪᠣᠯᠬᠤ ᠪᠣᠯᠪᠠᠤ? ᠲᠡᠷᠡ ᠴᠢᠨᠢ ᠦᠭᠡ ᠬᠡᠯᠡ ᠲᠡᠢ ᠬᠥᠮᠦᠰ ᠰᠢᠦ ᠳᠡ᠃ ᠶᠢᠰᠦᠭᠡᠢ ᠪᠠᠭᠠᠲᠤᠷ ᠤ᠋ᠨ ᠬᠦᠦ ᠲᠡᠮᠦᠵᠢᠨ ᠦ᠌ ᠠᠯᠪᠠᠲᠤ ᠡᠯᠴᠢ ᠭᠡᠵᠦ ᠲᠡᠷᠡ ᠳᠠᠷᠬᠢ ᠳ᠋ᠤ᠌ ᠪᠠᠭ᠎ᠠ ᠶ᠋ᠢᠨ ᠶᠠᠪᠤᠳᠠᠯ ᠢ᠋ ᠨᠢ ᠰᠠᠨᠠᠭᠤᠯᠪᠠᠯ ᠲᠡᠳᠡᠨ ᠳᠤᠷᠠᠲᠠᠶ᠎ᠠ ᠬᠡᠯᠡᠯᠴᠡᠭᠡᠷ ᠲᠣᠬᠢᠷᠠᠵᠤ ᠪᠣᠯᠬᠤ ᠶᠤᠮ᠃ ᠦᠵᠡᠭᠡᠳ ᠠᠯᠳᠠᠶ᠎ᠠ᠂ ᠪᠠᠢᠵᠠ》 ᠪᠣᠳᠣᠭᠳᠠᠨ᠎ᠠ᠃ ᠣᠷᠣᠢ ᠲᠡᠳᠡᠨ ᠦ᠌ ᠬᠠᠶᠠᠭᠠᠨ ᠳ᠋ᠤ᠌ ᠢᠷᠡᠬᠦ ᠳ᠋ᠦ᠍ ᠪᠣᠭᠤᠷᠴᠢ᠄
— ᠮᠠᠷᠭᠠᠰᠢ ᠥᠷᠯᠥᠭᠡ ᠡᠷᠲᠡᠬᠡᠨ ᠪᠤᠴᠠᠨ᠎ᠠ ᠠ᠋ ᠭᠡᠵᠦ ᠲᠡᠭᠦᠰᠬᠡᠨ ᠳ᠋ᠦ᠍ ᠬᠡᠯᠡᠬᠦ ᠳ᠋ᠡᠭᠡᠨ ᠡᠨᠡ ᠪᠣᠳᠣᠯ ᠢ᠋ᠶ᠋ᠠᠨ ᠬᠡᠯᠡᠬᠦ ᠭᠡᠰᠡᠨ ᠢ᠋ᠶ᠋ᠡᠨ ᠠᠮᠠᠨ ᠳ᠋ᠠᠭᠠᠨ ᠲᠡᠪᠴᠢᠵᠦ ᠦᠯᠡᠳᠡᠭᠡᠪᠡ᠃ ᠲᠡᠷᠡ ᠬᠣᠶᠠᠷ ᠮᠠᠯ ᠬᠣᠲᠠᠯᠠᠭᠠᠳ ᠦᠳᠡᠰᠢ ᠶ᠋ᠢᠨ ᠪᠦᠷᠦᠢ ᠪᠡᠷ ᠭᠠᠳᠠᠭᠤᠷ ᠬᠠᠨᠢᠰᠠᠨ ᠦᠶᠡᠷᠬᠡᠵᠦ ᠡᠨᠡ ᠲᠡᠷᠡᠬᠡᠨ ᠢ᠋ ᠶᠠᠷᠢᠵᠤ᠂ ᠡᠴᠢᠭᠡ ᠡᠬᠡ ᠶ᠋ᠢ ᠪᠡᠨ ᠤᠨᠲᠠᠭᠰᠠᠨ ᠬᠣᠢᠨ᠎ᠠ ᠵᠡᠭᠦᠨ ᠭᠡᠷ ᠲᠦ᠍ ᠣᠷᠣᠵᠤ ᠬᠣᠶᠠᠭᠤᠯᠠ ᠣᠷᠣ ᠵᠠᠰᠠᠵᠤ ᠡᠪᠦᠷ ᠲᠡᠭᠡᠨ ᠣᠷᠣᠭᠠᠳ ᠲᠡᠪᠡᠷᠢᠯᠳᠦᠨ ᠴᠡᠩᠭᠡᠯᠡ᠃ ᠥᠷᠯᠥᠭᠡ ᠲᠡᠷᠡ ᠬᠣᠶᠠᠷ ᠨᠠᠷᠠ ᠬᠠᠨ᠎ᠠ ᠶ᠋ᠢᠨ ᠲᠣᠯᠣᠭᠠᠢ ᠰᠢᠭᠦᠷᠡᠵᠦ ᠰᠡᠷᠡᠭᠡᠳ ᠬᠡᠯᠡ ᠪᠡᠨ ᠭᠠᠷᠭᠠᠯᠴᠠᠨ ᠪᠣᠰᠴᠤ ᠢᠨᠢᠶᠡᠯᠳᠦᠯᠡ᠃ ᠲᠡᠭᠡᠲᠡᠯ᠎ᠡ ᠡᠬᠡ ᠨᠢ ᠣᠷᠣᠵᠤ ᠢᠷᠡᠭᠡᠳ᠄
— ᠲᠠ ᠬᠣᠶᠠᠷ ᠪᠠᠷᠠᠭᠤᠨ ᠭᠡᠷ ᠲᠦ᠍ ᠣᠷᠣ᠃ ᠪᠣᠭᠤᠷᠴᠢ ᠳ᠋ᠠᠭᠠᠨ ᠴᠠᠢ ᠠᠶᠠᠭᠠᠯᠠᠵᠤ ᠥᠭ! ᠭᠡᠯᠡ᠃ ᠡᠴᠢᠭᠡ ᠨᠢ ᠠᠳᠤᠭᠤ ᠪᠠᠨ ᠠᠪᠴᠢᠷᠠᠵᠤ᠂ ᠡᠬᠡ ᠨᠢ ᠰᠦ ᠰᠠᠭᠠᠯᠢ ᠶ᠋ᠢᠨ ᠠᠵᠢᠯ ᠲᠠᠢ ᠵᠡᠭᠦᠨ ᠭᠡᠷ ᠲᠦ᠍ ᠲᠤᠯᠠ ᠲᠡᠷᠡ ᠬᠣᠶᠠᠷ ᠶᠠᠷᠢᠬᠤ ᠴᠢᠯᠥᠭᠡ ᠵᠠᠪ ᠲᠠᠢ ᠪᠠᠢᠪᠠ᠃ ᠲᠡᠭᠦᠰᠬᠡᠨ᠄
— ᠡᠷᠲᠡ ᠬᠠᠷᠢᠴᠢᠬᠠᠬᠤ ᠶᠤᠮ ᠪᠠᠢᠭ᠎ᠠ ᠪᠢᠵᠡ ᠳᠡ ᠭᠡᠬᠦ ᠳ᠋ᠦ᠍ ᠪᠣᠭᠤᠷᠴᠢ᠄
— ᠰᠢᠭᠤᠳ ᠶᠠᠪᠤᠪᠠᠯ ᠴᠤ᠌ ᠲᠡᠭᠡᠨ᠎ᠡ ᠯᠡ ᠳᠡ᠃ ᠬᠠᠷᠢᠨ ᠪᠢ ᠲᠡᠷᠡ ᠠᠭᠤᠯᠠ ᠶ᠋ᠢᠨ ᠬᠥᠮᠦᠰ ᠲᠡᠢ ᠬᠡᠯᠡᠯᠴᠡᠭᠡᠷ ᠬᠢᠵᠦ ᠪᠤᠴᠠᠨ᠎ᠠ ᠭᠡᠪᠡ᠃
— ᠶᠠᠭᠤᠨ ᠠᠭᠤᠯᠠ ᠶ᠋ᠢᠨ ᠬᠥᠮᠦᠰ? ᠬᠠᠮᠢᠭ᠎ᠠ ᠪᠠᠢᠳᠠᠭ ᠶᠤᠮ ᠪᠣᠢ? ᠭᠡᠵᠦ ᠠᠰᠠᠭᠤᠬᠤ ᠳ᠋ᠤ᠌ ᠪᠣᠭᠤᠷᠴᠢ᠄
— ᠲᠠ ᠨᠠᠷ ᠤ᠋ᠨ ᠶᠠᠷᠢᠭᠠᠳ ᠪᠠᠢᠭ᠎ᠠ《ᠰᠡᠭᠦᠯ ᠦᠭᠡᠢ ᠴᠢᠨᠣ᠎ᠠ》 ᠰᠢᠲᠠ ᠭᠡᠪᠡ᠃ ᠲᠡᠭᠦᠰᠬᠡᠨ ᠪᠦᠷ ᠴᠣᠴᠢᠵᠤ᠄
— ᠶᠠᠭᠤ? ᠶᠠᠭᠠᠬᠢᠵᠤ ᠪᠣᠯᠳᠠᠭ ᠶᠤᠮ ᠪᠣᠢ? ᠲᠡᠳᠡ ᠴᠢᠨᠢ ᠬᠥᠮᠦᠨ ᠪᠢᠰᠢ᠂ ᠬᠥᠮᠦᠨ ᠦ᠌ ᠲᠣᠭᠠᠨ ᠠ᠋ᠴᠠ ᠭᠠᠷᠤᠭᠰᠠᠨ ᠠᠷᠢᠶᠠᠲᠠᠨ ᠨᠤᠭᠤᠳ ᠰᠢᠦ ᠳᠡ ᠭᠡᠬᠦ ᠳ᠋ᠦ᠍ ᠪᠣᠭᠤᠷᠴᠢ᠄
— ᠲᠡᠳᠡᠨ ᠳ᠋ᠦ᠍ ᠶᠠᠷᠢᠳᠠᠭ ᠬᠡᠯᠡ᠂ ᠰᠣᠨᠣᠰᠳᠠᠭ ᠴᠢᠬᠢ᠂ ᠪᠣᠳᠣᠳᠠᠭ ᠲᠣᠯᠣᠭᠠᠢ ᠨᠢ ᠪᠠᠢᠭ᠎ᠠ ᠰᠢᠦ ᠳᠡ ᠭᠡᠵᠦ ᠪᠠᠢᠲᠠᠯ᠎ᠠ ᠲᠡᠭᠦᠰᠬᠡᠨ ᠦ᠌ ᠡᠴᠢᠭᠡ ᠡᠬᠡ ᠨᠢ ᠣᠷᠣᠭᠠᠳ ᠢᠷᠡᠵᠦ ᠶᠠᠷᠢᠶ᠎ᠠ ᠲᠠᠰᠤᠯᠤᠭᠳᠠᠪᠠ᠄ ᠰᠢᠯᠦᠬᠡᠢ ᠡᠪᠦᠭᠡᠨ ᠴᠠᠢ ᠠᠶᠠᠭᠠᠯᠠᠵᠤ ᠠᠪᠤᠭᠠᠳ᠄
— ᠵᠠ᠂ ᠬᠦᠦ ᠣᠳᠣ ᠶᠠᠪᠤᠬᠤ ᠭᠡᠵᠦ ᠪᠠᠢᠨ᠎ᠠ ᠤᠤ? ᠲᠡᠮᠦᠵᠢᠨ ᠳ᠋ᠦ᠍ ᠮᠢᠨᠦ ᠮᠡᠨᠳᠦ ᠶ᠋ᠢ ᠬᠦᠷᠭᠡᠭᠡᠷᠡᠢ᠃ ᠪᠢᠳᠡ᠂ ᠮᠠᠨ ᠤ᠋ ᠠᠷᠤ ᠶ᠋ᠢᠨ ᠬᠢᠨ ᠶᠢᠰᠦᠭᠡᠢ ᠪᠠᠭᠠᠲᠤᠷ ᠤ᠋ᠨ ᠠᠯᠪᠠᠲᠤ ᠭᠡᠳᠡᠭ ᠢ᠋ᠶ᠋ᠡᠨ ᠮᠠᠷᠲᠠᠭ᠎ᠠ ᠦᠭᠡᠢ ᠰᠢᠦ ᠭᠡᠭᠡᠷᠡᠢ ᠭᠡᠪᠡ ᠃ ᠪᠤᠭᠤᠷᠴᠢ᠄
— ᠵᠠ᠂ ᠵᠠ ᠪᠢ ᠤᠯᠠᠮᠵᠢᠯᠠᠵᠤ ᠠᠢᠯᠠᠳᠬᠠᠨ᠎ᠠ ᠠ᠋ ᠭᠡᠪᠡ᠃ ᠲᠡᠭᠦᠰᠬᠡᠨ᠄
— ᠪᠢ ᠪᠤᠭᠤᠷᠴᠢ ᠶ᠋ᠢ ᠭᠠᠷᠭᠠᠵᠤ ᠥᠭᠭᠦᠭᠡᠳ ᠢᠷᠡᠶ᠎ᠡ ᠭᠡᠬᠦ ᠳ᠋ᠦ᠍ ᠡᠴᠢᠭᠡ ᠡᠬᠡ ᠬᠣᠶᠠᠷ ᠨᠢ᠄
— ᠲᠡᠭᠡ ᠯᠡ ᠳᠡ ᠭᠡᠵᠦ ᠵᠥᠪᠰᠢᠶᠡᠷᠡᠨ ᠰᠢᠯᠦᠬᠡᠢ᠄
— ᠪᠢᠲᠡᠭᠡᠢ ᠶᠡᠬᠡ ᠬᠣᠯᠠ ᠶᠠᠪᠤᠭᠠᠷᠠᠢ ᠭᠡᠬᠦ ᠳ᠋ᠦ᠍ᠨᠢ ᠥᠬᠢᠨ᠄
— ᠵᠠ ᠭᠡᠯᠡ᠃
ᠲᠡᠭᠡᠭᠡᠳ ᠲᠡᠷᠡ ᠬᠣᠶᠠᠭᠤᠯᠠ ᠮᠥᠷᠳᠡᠵᠦ ᠰᠠᠵᠢᠯᠠᠭᠤᠯᠤᠨ ᠶᠠᠪᠤᠬᠤ ᠳ᠋ᠠᠭᠠᠨ ᠶᠠᠷᠢᠯᠴᠠᠭᠰᠠᠨ ᠨᠢ᠄
— ᠡᠭᠦᠯᠡᠨ ᠴᠢᠯᠥᠭᠡᠨ ᠦ᠌ ᠨᠠᠷᠠ ᠰᠢᠭ ᠦᠵᠡᠭᠳᠡᠭᠡᠳ ᠥᠩᠭᠡᠷᠡᠬᠦ ᠬᠥᠮᠦᠨ ᠪᠠᠢᠵᠠᠢ᠂ ᠴᠢ ᠮᠠᠨᠢ ᠭᠡᠳ ᠲᠡᠭᠦᠰᠬᠡᠨ ᠤᠬᠢᠯᠠᠴᠢᠬᠠᠪᠠ᠃
— ᠦᠭᠡᠢ ᠳᠡ᠂ ᠪᠢ ᠢᠷᠡᠨ᠎ᠡ᠃
— ᠴᠢᠮ᠎ᠠ ᠶ᠋ᠢ ᠡᠷᠭᠢᠭᠡᠳ ᠢᠷᠡᠨ᠎ᠡ ᠭᠡᠰᠡᠨ ᠪᠣᠯᠬᠣᠷ ᠪᠢ ᠬᠦᠯᠢᠶᠡᠭᠡᠳ ᠯᠡ ᠵᠡᠭᠦᠨ ᠤᠷᠤᠭᠰᠢ ᠪᠠᠨ ᠨᠢᠳᠦ ᠬᠠᠷᠠᠭᠤᠯᠳᠠᠭᠠᠳ ᠯᠠ ᠪᠠᠢᠶ᠎ᠠ ᠭᠡᠵᠦ ᠬᠡᠴᠢᠨᠡᠭᠡᠨ ᠪᠠᠶᠠᠷᠯᠠᠯ᠎ᠠ ᠳᠠ ᠭᠡᠵᠦ ᠭᠤᠨᠢᠭᠲᠠᠢ ᠬᠡᠯᠡᠭᠡᠳ ᠵᠢᠭᠠᠬᠠᠨ ᠪᠣᠳᠣᠯᠭᠠᠰᠢᠷᠠᠨ ᠪᠠᠢᠭᠰᠠᠨ ᠢ᠋ᠶ᠋ᠠᠨ ᠭᠡᠨᠡᠳᠲᠡ ᠨᠢᠳᠦ ᠨᠢ ᠰᠡᠷᠭᠦᠵᠦ᠄
— ᠪᠢ ᠬᠠᠮᠲᠤ ᠶᠠᠪᠤᠶ᠎ᠠ᠂ ᠬᠣᠶᠠᠭᠤᠯᠠ ᠣᠴᠢᠪᠠᠯ ᠮᠠᠨ ᠤ᠋ ᠠᠬ᠎ᠠ ᠰᠢᠭ᠋ ᠶᠠᠭᠤᠮ᠎ᠠ ᠪᠠᠢᠭ᠎ᠠ ᠪᠣᠯᠬᠣᠷ ᠠᠷᠠᠢ ᠴᠢᠮᠠᠶ᠋ᠢ ᠬᠣᠣᠷᠯᠠᠬᠤ ᠦᠭᠡᠢ ᠪᠠᠢᠬ᠎ᠠ᠃
— ᠬᠠᠷᠢᠨ ᠪᠦᠷ ᠳᠣᠣᠷ᠎ᠠ ᠨᠢ ᠠᠯᠠᠨ᠎ᠠ ᠭᠡᠴᠢ᠃ ᠴᠢᠨᠦ ᠨᠥᠬᠥᠷ ᠢ᠋ ᠤᠰᠠᠳᠬᠠᠵᠤ ᠴᠢᠮᠠᠶ᠋ᠢ ᠠᠪᠴᠤ ᠦᠯᠡᠳᠡᠨ᠎ᠡ᠃ ᠲᠡᠳᠡᠨ ᠳ᠋ᠦ᠍ ᠡᠮ᠎ᠡ ᠬᠥᠮᠦᠨ ᠬᠡᠷᠡᠭᠲᠡᠢ ᠰᠢᠦ ᠳᠡ᠃
— ᠨᠡᠭᠡᠷᠡᠨ ᠲᠡᠢᠮᠦ ᠯᠡ ᠶᠦᠮ ᠳᠡ ᠭᠡᠳ ᠲᠡᠭᠦᠰᠬᠡᠨ ᠦᠭᠡ ᠪᠡᠨ ᠦᠷᠭᠦᠯᠵᠢᠯᠡᠭᠦᠯᠵᠦ᠄
— ᠬᠣᠶᠠᠭᠤᠯᠠ ᠪᠠᠨ ᠪᠠᠭᠤᠵᠤ ᠵᠢᠭᠠᠬᠠᠨ ᠰᠠᠭᠤᠶ᠎ᠠ ᠳᠠ ᠭᠡᠵᠦ ᠠᠷᠭᠠᠳᠠᠩᠭᠤᠢ ᠬᠡᠯᠡᠵᠦ ᠪᠠᠭᠤᠪᠠ᠃ ᠲᠡᠷᠡ ᠬᠣᠶᠠᠷ ᠪᠡᠶ᠎ᠡ ᠪᠡᠶ᠎ᠡ ᠪᠡᠨ ᠲᠦᠰᠢᠯᠴᠡᠨ ᠰᠠᠭᠤᠵᠤ᠂ ᠲᠡᠭᠦᠰᠬᠡᠨ᠄
— ᠪᠥᠰᠡᠨ ᠳ᠋ᠡᠭᠡᠨ ᠵᠡᠭᠦᠭᠰᠡᠨ ᠬᠢᠲᠤᠭ᠎ᠠ᠂ ᠰᠢᠯᠪᠢᠭᠦᠷ ᠤᠷᠭ᠎ᠠ ᠬᠣᠶᠠᠷ ᠠ᠋ᠴᠠ ᠥᠭᠡᠷ᠎ᠡ ᠶᠠᠭᠤᠮ᠎ᠠ ᠦᠭᠡᠢ ᠭᠠᠷ ᠮᠤᠬᠤᠷ ᠬᠥᠮᠦᠨ ᠢ᠋ ᠵᠡᠪᠰᠡᠭᠯᠡᠭᠰᠡᠨ ᠮᠠᠭᠤᠬᠠᠢ ᠠᠷᠢᠶᠠᠲᠠᠨ ᠤᠷᠤᠭᠤ ᠣᠴᠢᠨ᠎ᠠ ᠭᠡᠵᠦ ᠪᠣᠳᠣᠬᠤ ᠳ᠋ᠤ᠌ ᠮᠢᠨᠦ ᠠᠢᠳᠠᠰ ᠬᠦᠷᠴᠦ᠂ ᠭᠠᠢᠬᠠᠰᠢ ᠲᠥᠷᠥᠬᠦ ᠶᠦᠮ᠃
— ᠲᠡᠳᠡᠨ ᠲᠡᠢ ᠭᠠᠭᠴᠠ ᠪᠢ ᠬᠡᠴᠢᠨᠡᠭᠡᠨ ᠵᠡᠪᠰᠡᠭ ᠲᠡᠢ ᠪᠠᠢᠭᠠᠳ ᠶᠠᠭᠠᠬᠢᠵᠤ ᠳᠡᠢᠯᠬᠦ ᠪᠣᠢ? ᠬᠠᠷᠢᠨ ᠬᠠᠭᠤᠷᠴᠤ ᠮᠡᠬᠡᠯᠡᠬᠦ᠂ ᠠᠶᠤᠯᠭᠠᠨ ᠰᠦᠷᠳᠡᠭᠦᠯᠵᠦ᠂ ᠲᠤᠯᠭᠠᠬᠤ ᠵᠡᠷᠭᠡ ᠠᠷᠭ᠎ᠠ ᠪᠠᠷ ᠳᠡᠢᠯᠬᠦ ᠰᠠᠨᠠᠭ᠎ᠠ ᠪᠠᠢᠨ᠎ᠠ᠃
— ᠡᠷ᠎ᠡ ᠬᠥᠮᠦᠨ ᠦ᠌ ᠵᠣᠷᠢᠭ ᠪᠣᠳᠣᠯ ᠢ᠋ ᠡᠮ᠎ᠡ ᠪᠢ ᠮᠣᠬᠣᠭᠠᠬᠤ ᠨᠢ ᠪᠤᠷᠤᠭᠤ ᠯᠠ ᠳᠠ᠃ ᠡᠷ᠎ᠡ ᠬᠥᠮᠦᠨ ᠦ᠌ ᠠᠷᠪᠠᠨ ᠭᠤᠷᠪᠠᠨ ᠮᠡᠬᠡ ᠭᠡᠵᠦ ᠪᠠᠢᠳᠠᠭ ᠭᠡᠯᠴᠡᠳᠡᠭ᠃ ᠰᠢᠢᠳᠦᠭᠰᠡᠨ ᠵᠣᠷᠢᠭᠰᠠᠨ ᠳ᠋ᠠᠭᠠᠨ ᠶᠠᠪᠤ ᠳᠠ᠃ ᠪᠢ ᠲᠡᠷᠲᠡᠭᠡᠬᠢ ᠬᠡᠨᠲᠡᠢ ᠬᠠᠢᠷᠬᠠᠨ ᠳ᠋ᠠᠭᠠᠨ ᠮᠥᠷᠭᠥᠵᠦ᠂ ᠳᠡᠭᠡᠷᠡᠬᠢ ᠬᠥᠬᠡ ᠲᠩᠷᠢ ᠳ᠋ᠡᠭᠡᠨ ᠵᠠᠯᠪᠠᠷᠢᠭᠠᠳ ᠰᠦ ᠪᠡᠨ ᠡᠷᠭᠦᠨ ᠭᠤᠶᠤᠬᠤ ᠠ᠋ᠴᠠ ᠥᠭᠡᠷ᠎ᠡ ᠶᠠᠭᠠᠬᠢᠬᠤ ᠪᠢᠯᠡ! ᠭᠡᠳ ᠡᠪᠦᠷ ᠡᠴᠡ ᠪᠡᠨ ᠪᠢᠴᠢᠬᠠᠨ ᠡᠪᠬᠡᠮᠡᠯ ᠨᠢᠮᠭᠡᠨ ᠰᠤᠮᠤᠴᠢ ᠭᠠᠷᠭᠠᠨ᠄
— ᠡᠭᠦᠨ ᠢ᠋ ᠦᠰᠦᠨ ᠳ᠋ᠦ᠍ ᠴᠢᠨᠢ ᠨᠢᠭᠤᠵᠤ ᠥᠭᠭᠦᠶ᠎ᠡ ᠳᠡ ᠭᠡᠪᠡ᠃ ᠬᠣᠶᠠᠷ ᠬᠤᠷᠤᠭᠤ ᠬᠢᠷᠢ ᠱᠣᠪᠬᠣ ᠬᠤᠷᠴᠠ ᠦᠵᠦᠭᠦᠷ ᠢᠷ ᠲᠡᠢ ᠮᠣᠩᠭᠣᠯ ᠳᠠᠷᠬᠠᠨ ᠬᠥᠮᠦᠨ ᠦ᠌ ᠬᠢᠭᠰᠡᠨ ᠬᠥᠭᠡᠷᠦᠬᠦᠨ ᠪᠠᠭᠠᠵᠢ ᠶᠤᠮ᠃
— ᠶᠠᠭᠠᠬᠢᠬᠤᠪ ᠳᠠ᠂ ᠠᠷᠠᠰᠤ ᠬᠥᠷᠥᠰᠥ ᠨᠢᠮᠭᠡᠯᠡᠨ ᠡᠯᠡᠬᠦ᠂ ᠰᠠᠢᠷ ᠰᠠᠷᠢᠰᠤ᠂ ᠢᠯᠭᠡ ᠪᠡᠷ ᠤᠭᠠᠯᠵᠠ ᠤᠬᠤᠵᠤ ᠰᠡᠢᠯᠬᠦ ᠳ᠋ᠦ᠍ ᠬᠡᠷᠡᠭᠯᠡᠳᠡᠭ ᠮᠢᠨᠦ ᠪᠠᠭᠠᠵᠢ ᠶᠤᠮ ᠳᠠ᠃ ᠡᠷ᠎ᠡ ᠬᠥᠮᠦᠨ ᠳ᠋ᠦ᠍ ᠡᠷᠡᠬᠡᠢ ᠭᠤᠷᠪᠠ ᠣᠷᠢᠶᠠᠬᠤ ᠰᠤᠷ ᠬᠡᠷᠡᠭ ᠪᠣᠯᠳᠠᠭ ᠭᠡᠯᠴᠡᠳᠡᠭ ᠁ ᠭᠡᠵᠦ ᠲᠡᠭᠦᠰᠬᠡᠨ ᠬᠡᠯᠡᠭᠡᠳ ᠦᠰᠦᠨ ᠳ᠋ᠦ᠍ᠨᠢ ᠬᠢᠵᠦ ᠨᠢᠭᠤᠴᠠᠯᠠᠪᠠ᠃
