ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠠᠷᠪᠠᠨ ᠨᠠᠢ᠍ᠮᠠ> Хүлэг баатар буурч - Б. Өлзийсүрэн <Дэд бүлэг-18> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠠᠷᠪᠠᠨ ᠨᠠᠢ᠍ᠮᠠ> Хүлэг баатар буурч - Б. Өлзийсүрэн <Дэд бүлэг-18>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠳᠡᠳ᠋ ᠪᠦᠯᠦᠭ - ᠠᠷᠪᠠᠨ ᠨᠠᠢ᠍ᠮᠠ> Хүлэг баатар буурч - Б. Өлзийсүрэн <Дэд бүлэг-18>

ᠠᠩᠭᠢᠯᠠᠯ:ᠲᠤᠭᠤᠵᠢ ᠷᠣᠮᠠᠨ
2026-03-10

54

ᠥᠪᠡᠷ ᠦᠨ ᠵᠠᠮ ᠮᠥᠷ ᠢᠶᠡᠷ ᠲᠡᠮᠲᠡᠷᠢᠵᠦ ᠡᠷ᠎ᠡ ᠬᠥᠮᠥᠨ ᠦ ᠡᠷᠴᠢ ᠬᠦᠴᠦ ᠶᠢ ᠣᠯᠵᠤ ᠬᠦᠷᠲᠡᠭᠰᠡᠨ ᠳᠡᠳ᠋ ᠪᠦᠯᠦᠭ

ᠠᠷᠪᠠᠨ ᠨᠠᠢ᠍ᠮᠠ


                  ᠠᠷᠪᠠᠨ ᠨᠠᠢ᠍ᠮᠠ 
                        ᠠᠶᠠᠭᠠᠨ ᠤ᠋ ᠬᠠᠷᠢᠭᠤ ᠡᠳᠦᠷ ᠲᠡᠭᠡᠨ  
                        ᠠᠭᠲᠠ ᠶ᠋ᠢᠨ ᠬᠠᠷᠢᠭᠤ ᠵᠢᠯ ᠳ᠋ᠡᠭᠡᠨ   

       ᠲᠡᠮᠦᠵᠢᠨ ᠲᠡᠷᠡ ᠭᠤᠷᠪᠠ ᠶ᠋ᠢ ᠲᠤᠭᠤᠷᠢᠯ ᠬᠠᠨ ᠳᠣᠲᠣᠨᠣᠴᠢᠯᠠᠨ ᠬᠦᠯᠢᠶᠡᠨ ᠠᠪᠴᠤ᠄ 
       — ᠪᠢ ᠲᠡᠮᠦᠵᠢᠨ ᠴᠢᠮᠠᠲᠤ ᠪᠤᠲᠠᠷᠠᠭᠰᠠᠨ ᠤᠯᠤᠰ ᠢ᠋ ᠴᠢᠨᠢ ᠪᠤᠴᠠᠭᠠᠵᠤ ᠬᠤᠷᠢᠶᠠᠵᠤ ᠥᠭᠭᠦᠶ᠎ᠡ᠃ ᠴᠠᠷ ᠨᠢ ᠴᠡᠭᠡᠵᠢᠨ ᠳ᠋ᠡᠭᠡᠨ᠂ ᠪᠥᠭᠡᠷ᠎ᠡ ᠨᠢ ᠪᠥᠭᠰᠡᠨ ᠳ᠋ᠡᠭᠡᠨ ᠪᠠᠢᠭ! ᠭᠡᠵᠦ ᠨᠢᠳᠤᠨᠤᠨ ᠬᠡᠯᠡᠭᠡ ᠦᠭᠡᠢ ᠪᠢᠯᠢᠤ! ᠣᠳᠣ ᠲᠡᠢᠮᠦ ᠶᠠᠪᠤᠳᠠᠯ ᠪᠣᠯᠤᠭᠰᠠᠨ ᠠᠪᠠᠰᠤ ᠠᠯᠳᠠᠭᠳᠠᠭᠰᠠᠨ ᠡᠮᠡᠰ ᠬᠡᠦᠬᠡᠳ ᠢ᠋ ᠴᠢᠨᠢ ᠮᠡᠷᠭᠢᠳ ᠡᠴᠡ ᠡᠭᠡᠭᠦᠯᠵᠦ ᠠᠪᠴᠤ ᠥᠭᠭᠦᠨ᠎ᠡ᠃ ᠲᠠ ᠨᠠᠷ ᠲᠠᠪᠠᠲᠠᠢ ᠮᠠᠨ ᠤ᠋ ᠳ᠋ᠤ᠌ ᠬᠣᠨᠣᠨ ᠥᠨᠵᠢᠨ ᠰᠠᠭᠠᠲᠠ᠃ ᠪᠢ ᠥᠪᠡᠷ ᠦ᠋ᠨ ᠰᠢᠳᠠᠷ ᠨᠣᠶᠠᠳ ᠲᠠᠢ ᠪᠠᠨ ᠬᠡᠯᠡᠯᠴᠡᠵᠦ ᠬᠡᠷᠬᠢᠨ ᠴᠡᠷᠢᠭ ᠶᠦ᠍ᠭᠡᠨ ᠪᠡᠯᠡᠳᠬᠡᠬᠦ ᠶ᠋ᠢ ᠵᠥᠪᠯᠡᠶ᠎ᠡ ᠭᠡᠵᠡᠢ᠃ ᠬᠡᠳᠦ ᠬᠣᠨᠣᠭ ᠬᠦᠯᠢᠶᠡᠭᠰᠡᠨ ᠦ᠌ ᠡᠴᠦᠰ ᠲᠦ᠍ ᠲᠤᠭᠤᠷᠢᠯ ᠬᠠᠨ᠄ 
       — ᠪᠢᠳᠡ ᠳᠠᠢᠯᠠᠷ᠎ᠠ ᠮᠣᠷᠳᠠᠬᠤ ᠳ᠋ᠤ᠌ ᠬᠣᠶᠠᠷ ᠲᠦᠮᠡᠨ ᠴᠡᠷᠢᠭ ᠭᠠᠷᠭᠠᠶ᠎ᠠ ᠭᠡᠯᠴᠡᠯ᠎ᠡ᠃ ᠲᠡᠮᠦᠵᠢᠨ ᠴᠢ ᠥᠪᠡᠷ ᠦ᠋ᠨ ᠲᠦᠮᠡᠨ ᠢ᠋ᠶ᠋ᠡᠨ ᠪᠡᠯᠡᠳᠭᠡ᠃ ᠡᠨᠡ ᠲᠡᠢᠨ ᠳ᠋ᠦ᠍ ᠵᠠᠮᠤᠬ᠎ᠠ ᠳᠡᠭᠦᠦ ᠶ᠋ᠢ ᠣᠷᠣᠯᠴᠠᠭᠤᠯᠤᠶ᠎ᠠ᠃ ᠭᠤᠷᠪᠠᠨ ᠮᠡᠷᠭᠢᠳ ᠬᠦᠴᠦᠷᠬᠡᠭ ᠤᠯᠤᠰ᠂ ᠭᠣᠣᠮᠠᠢ ᠬᠥᠳᠡᠯᠵᠦ ᠪᠣᠯᠬᠤ ᠦᠭᠡᠢ᠃ ᠬᠠᠷᠢᠨ ᠲᠡᠢᠨ ᠳ᠋ᠦ᠍ ᠬᠡᠵᠢᠶ᠎ᠡ᠂ ᠬᠠᠮᠢᠭ᠎ᠠ ᠠ᠋ᠴᠠ ᠬᠡᠷᠬᠢᠨ ᠣᠷᠣᠬᠤ ᠶ᠋ᠢ ᠵᠠᠮᠤᠬ᠎ᠠ ᠮᠡᠳᠡᠭ᠃ ᠵᠠᠮᠤᠬ᠎ᠠ ᠳ᠋ᠤ᠌ ᠣᠴᠢᠵᠤ ᠬᠡᠯᠡ ᠬᠦᠷᠭᠡ ! ᠭᠡᠯ᠎ᠡ᠃ ᠲᠡᠮᠦᠵᠢᠨ ᠲᠡᠳᠡ ᠴᠦ᠍ ᠬᠡᠷᠡᠭ ᠪᠦᠲᠦᠬᠦ ᠲᠡᠰᠢ ᠶᠠᠪᠤᠵᠤ ᠪᠠᠢᠭ᠎ᠠ ᠳ᠋ᠤ᠌ ᠪᠠᠶᠠᠷᠯᠠᠵᠤ ᠭᠤᠷᠪᠠᠭᠤᠯᠠ ᠪᠤᠴᠠᠬᠤ ᠵᠠᠮ ᠳ᠋ᠠᠭᠠᠨ ᠵᠥᠪᠯᠡᠯᠳᠦᠵᠦ ᠶᠡᠬᠡ ᠠᠬ᠎ᠠ ᠲᠡᠮᠦᠵᠢᠨ ᠡᠢᠨᠬᠦ ᠰᠢᠢᠳᠪᠦᠷᠢ ᠭᠠᠷᠭᠠᠪᠠ᠃   
       — ᠲᠤᠭᠤᠷᠢᠯ ᠬᠠᠨ《ᠲᠦᠮᠡᠨ ᠴᠡᠷᠢᠭ ᠠᠪᠤᠭᠠᠳ》 ᠭᠡᠵᠦ ᠨᠠᠳᠠᠳᠤ ᠬᠡᠯᠡᠵᠦ ᠪᠠᠢᠨ᠎ᠠ᠃ ᠲᠦᠮᠡ ᠪᠠᠢᠲᠤᠭᠠᠢ ᠵᠠᠭᠤᠨ ᠴᠡᠷᠢᠭ ᠭᠠᠷᠭᠠᠬᠤ ᠠᠮᠤᠷ ᠦᠭᠡᠢ ᠃ ᠢᠩᠭᠢᠬᠦᠯᠡᠷ《ᠲᠦᠮᠡ》 ᠭᠡᠳᠡᠭ ᠢ᠋《ᠪᠦᠬᠦ》 ᠭᠡᠰᠡᠨ ᠦᠭᠡ ᠭᠡᠵᠦ ᠣᠢᠯᠠᠭᠠᠶ᠎ᠠ᠃ ᠲᠡᠳᠡ ᠴᠦ᠍ ᠲᠡᠢᠮᠦ ᠲᠦᠮᠡ ᠪᠡᠷ ᠨᠢ ᠵᠢᠭᠰᠠᠭᠠᠬᠤ ᠶᠠᠭᠤ ᠯᠠ ᠪᠣᠯ? ᠬᠡᠷᠪᠡ ᠲᠡᠢᠮᠦ ᠲᠦᠮᠡ ᠲᠦᠮᠡᠨ ᠴᠡᠷᠢᠭ ᠲᠡᠢ ᠶᠦᠮ ᠪᠣᠯ ᠮᠡᠷᠭᠢᠳ ᠢ᠋ ᠠᠯᠢ ᠬᠡᠳᠦᠢᠨᠡᠢ ᠴᠣᠬᠢᠭᠠᠳ ᠡᠷᠬᠡᠨ ᠳ᠋ᠡᠭᠡᠨ ᠣᠷᠣᠭᠤᠯᠴᠢᠬᠠᠬᠤ ᠪᠠᠢᠭᠰᠠᠨ ᠪᠢᠵᠡ᠃ ᠪᠠᠢᠩᠭᠤ ᠲᠡᠳᠡ ᠮᠥᠷᠭᠥᠯᠳᠦᠵᠦ ᠬᠡᠨ ᠨᠢ ᠴᠦ᠍ ᠳᠡᠢᠯᠦᠭᠰᠡᠨ ᠶᠠᠭᠤᠮ᠎ᠠ ᠦᠭᠡᠢ ᠯᠡ ᠪᠠᠢᠨ᠎ᠠ᠃ ᠲᠤᠭᠤᠷᠢᠯ ᠪᠠᠭ᠎ᠠ ᠨᠠᠰᠤᠨ ᠳ᠋ᠠᠭᠠᠨ ᠮᠡᠷᠭᠢᠳ ᠲᠦ᠍ ᠣᠯᠵᠠᠯᠠᠭᠳᠠᠵᠤ ᠪᠣᠭᠣᠯᠴᠢᠯᠠᠭᠳᠠᠵᠤ ᠶᠠᠪᠤᠭᠰᠠᠨ ᠤ᠋ ᠦᠰ ᠬᠣᠨᠵᠢᠩ ᠪᠠᠢᠭ᠎ᠠ᠃ ᠲᠡᠭᠡᠭᠡᠳ ᠴᠦ᠍ ᠦᠰ ᠢ᠋ᠶ᠋ᠡᠨ ᠠᠪᠴᠤ ᠴᠢᠳᠠᠬᠤ ᠦᠭᠡᠢ ᠪᠠᠢᠭ᠎ᠠ᠃  
       — ᠲᠡᠭᠡᠬᠦᠯᠡᠷ ᠪᠢᠳᠡ ᠶᠠᠭᠠᠬᠢᠬᠤ ᠪᠣᠢ? 
       — ᠲᠡᠭᠡᠬᠦᠯᠡᠷ ᠪᠢᠳᠡ ᠶᠢᠰᠦᠭᠡᠢ ᠪᠠᠭᠠᠲᠤᠷ ᠤ᠋ᠨ ᠬᠥᠪᠡᠭᠦᠳ ᠨᠠᠰᠤ ᠪᠡᠶ᠎ᠡ ᠥᠰᠴᠦ ᠡᠷ᠎ᠡ ᠶ᠋ᠢᠨ ᠴᠢᠨᠡᠭᠡᠨ ᠳ᠋ᠦ᠍ ᠬᠦᠷᠦᠭᠰᠡᠨ ᠭᠡᠳᠡᠭ ᠢ᠋ᠶ᠋ᠡᠨ ᠬᠠᠷᠠᠭᠤᠯᠬᠤ ᠴᠠᠭ ᠪᠣᠯᠵᠠᠢ᠃ ᠪᠢᠳᠡ ᠭᠤᠷᠪᠠᠭᠤᠯᠠ ᠨᠥᠬᠥᠳ ᠴᠡᠷᠢᠭ ᠢ᠋ᠶ᠋ᠡᠨ ᠳᠠᠭᠠᠭᠤᠯᠤᠨ᠂ ᠡᠴᠢᠭᠡ ᠶ᠋ᠢᠨ ᠲᠤᠭ ᠰᠦᠯᠳᠡ ᠶ᠋ᠢ ᠵᠠᠯᠠᠨ ᠲᠠᠢᠴᠢᠭᠤᠳ ᠠ᠋ᠴᠠ ᠳᠠᠢᠵᠢᠵᠤ ᠰᠠᠷᠨᠢᠭᠰᠠᠨ ᠬᠢᠶᠠᠨ᠂ ᠪᠣᠷᠵᠢᠭᠢᠨ᠂ ᠪᠦᠭᠦᠨᠦᠳ᠂ ᠪᠣᠳᠣᠭᠤᠳ ᠂ ᠪᠠᠭᠠᠷᠵᠠ᠂ ᠬᠠᠴᠢᠭᠤᠨ ᠵᠡᠷᠭᠡ ᠬᠡᠷᠦᠯᠦᠨ ᠪᠠᠶᠠᠨ ᠤᠯᠠᠭᠠᠨ᠂ ᠰᠡᠩᠭᠦᠷ᠂ ᠬᠣᠷᠬᠣᠨᠠᠭ ᠤ᠋ᠨ ᠬᠥᠨᠳᠡᠢ᠂ ᠰᠢᠤᠰᠠ ᠶ᠋ᠢᠨ ᠭᠣᠣᠯ ᠢ᠋ᠶ᠋ᠠᠷ ᠨᠤᠲᠤᠭᠯᠠᠨ ᠪᠦᠬᠦᠢ ᠲᠠᠷᠠᠬᠠᠢ ᠪᠤᠲᠠᠷᠬᠠᠢ᠂ ᠰᠠᠷᠨᠢᠮᠠᠯ ᠣᠪᠣᠭ ᠠᠢᠮᠠᠭ ᠤ᠋ᠨ ᠬᠢᠨ ᠢ᠋ ᠥᠪᠡᠷ ᠲᠡᠭᠡᠨ ᠲᠠᠲᠠᠬᠤ ᠠᠵᠢᠯ ᠬᠢᠨ᠎ᠡ᠃ ᠡᠬᠢᠨ ᠦ᠌ ᠡᠨᠡ ᠠᠯᠬᠤᠮ ᠠᠮᠵᠢᠯᠲᠠ ᠲᠠᠢ ᠪᠣᠯᠬᠤᠯ᠎ᠠ ᠪᠢᠳᠡ ᠭᠠᠷ ᠮᠤᠬᠤᠷ ᠪᠢᠰᠢ ᠪᠣᠯᠤᠨ᠎ᠠ᠃ 
       — ᠠᠬ᠎ᠠ ᠶ᠋ᠢᠨ ᠵᠥᠪ᠃ ᠪᠢᠳᠡ ᠬᠥᠳᠡᠯᠦᠶ᠎ᠡ ᠭᠡᠵᠦ ᠪᠡᠯᠭᠦᠳᠡᠢ ᠬᠡᠯᠡᠯ᠎ᠡ᠃ ᠲᠡᠮᠦᠵᠢᠨ ᠪᠣᠳᠣᠯᠭᠠᠰᠢᠷᠠᠨ ᠰᠠᠭᠤᠭᠰᠠᠨ ᠢ᠋ᠶ᠋ᠠᠨ᠄ 
       — ᠡᠨᠡ ᠴᠦ᠍ ᠢᠩᠭᠢᠭᠡᠳ ᠪᠣᠯᠬᠤ ᠪᠤᠶᠤ᠃ ᠬᠠᠷᠢᠨ ᠪᠣᠭᠣᠷᠴᠢ ᠶ᠋ᠢ ᠪᠡᠨ ᠶᠠᠭᠠᠬᠢᠶ᠎ᠠ ᠳᠠ ᠪᠠᠢᠵᠠ ᠭᠡᠬᠦ ᠳ᠋ᠦ᠍ ᠬᠣᠶᠠᠷ ᠳᠡᠭᠦᠦ ᠨᠢ᠄ 
       — ᠪᠣᠭᠣᠷᠴᠢ ᠶᠠᠭᠠᠬᠢᠵᠤ ᠭᠡᠵᠦ? ᠭᠠᠢᠬᠠᠨ ᠠᠰᠠᠭᠤᠪᠠ᠃  
       — ᠪᠣᠭᠣᠷᠴᠢ ᠨᠠᠳᠠ ᠰᠢᠭ᠋ ᠵᠣᠪᠠᠯᠠᠩ ᠳ᠋ᠤ᠌ ᠤᠨᠠᠭᠰᠠᠨ ᠬᠥᠮᠦᠨ᠂ ᠮᠢᠨᠦᠬᠢ ᠠᠮᠢᠳᠤ᠂ ᠬᠥᠮᠦᠨ ᠦ᠌ ᠭᠠᠷ ᠠ᠋ᠴᠠ ᠪᠤᠴᠠᠭᠠᠵᠤ ᠠᠪᠬᠤ ᠲᠤᠬᠠᠢ ᠶᠠᠷᠢᠵᠤ ᠪᠠᠢᠨ᠎ᠠ᠃ ᠲᠡᠭᠦᠨ ᠦ᠌ ᠬᠢ ᠲᠩᠷᠢ ᠶ᠋ᠢᠨ ᠣᠷᠣᠨ ᠳ᠋ᠤ᠌᠂ ᠪᠤᠴᠠᠭᠠᠵᠤ ᠠᠪᠬᠤ ᠠᠷᠭ᠎ᠠ ᠦᠭᠡᠢ᠃ ᠰᠠᠨᠠᠭ᠎ᠠ ᠰᠡᠳᠬᠢᠯ ᠢ᠋ ᠨᠢ ᠥᠭᠡᠳᠡ ᠲᠠᠲᠠᠬᠤ ᠬᠡᠷᠡᠭᠲᠡᠢ ᠪᠠᠢᠨ᠎ᠠ᠃ 
       ᠬᠣᠶᠠᠷ ᠳᠡᠭᠦᠦ ᠶ᠋ᠢᠨ ᠬᠢᠨᠢ ᠨᠢᠳᠦ ᠲᠣᠮᠣ ᠪᠣᠯᠵᠤ᠂ ᠠᠬ᠎ᠠ ᠶ᠋ᠢ ᠪᠡᠨ ᠳᠦᠷᠯᠡᠢᠨ ᠬᠠᠷᠠᠪᠠ᠃ ᠲᠡᠮᠦᠵᠢᠨ ᠪᠠᠰᠠ ᠥᠭᠡᠳᠡ ᠡᠴᠡ ᠨᠢ ᠬᠠᠷᠠᠵᠤ᠄ 
       — ᠶᠠᠩ ᠰᠠᠷᠢᠳᠠᠭ ᠤ᠋ᠨ ᠠᠷᠤ ᠤᠷᠤᠭᠤ ᠬᠡᠰᠡᠭ ᠠᠢᠯ ᠬᠢᠷᠢᠯᠳᠣᠭ ᠠ᠋ᠴᠠ ᠵᠠᠢ ᠪᠠᠷᠢᠵᠤ ᠲᠠᠰᠤᠷᠠᠨ ᠨᠤᠲᠤᠭᠯᠠᠵᠤ ᠰᠠᠭᠤᠭ᠎ᠠ ᠭᠡᠰᠡᠨ᠃ ᠲᠠ ᠨᠠᠷ ᠶᠠᠭᠤᠮ᠎ᠠ ᠲᠤᠭᠤᠯᠤᠭᠰᠠᠨ ᠤᠤ? 
       — ᠲᠤᠭᠤᠯᠤᠭᠰᠠᠨ᠃ 
       — ᠲᠡᠷᠡ ᠳᠤᠮᠳᠠ ᠠᠪᠤ ᠶ᠋ᠢᠨ ᠬᠣᠷᠴᠢ ᠠᠭᠰᠠᠨ ᠰᠢᠯᠦᠬᠡᠢ ᠭᠤᠸᠠᠢ ᠶ᠋ᠢᠨ ᠬᠢ ᠪᠠᠢᠭ᠎ᠠ ᠭᠡᠵᠦ ᠪᠢ ᠰᠣᠨᠣᠰᠤᠭᠰᠠᠨ᠃ ᠦᠨᠡᠨ ᠪᠣᠯᠪᠠᠤ? ᠬᠠᠰᠠᠷ ᠪᠡᠯᠭᠦᠳᠡᠢ ᠬᠣᠶᠠᠷ᠄  
       — ᠦᠨᠡᠨ᠂ ᠦᠨᠡᠨ ᠭᠡᠯᠴᠡᠯ᠎ᠡ᠃ ᠲᠡᠮᠦᠵᠢᠨ᠄  
       — ᠲᠡᠭᠡᠪᠡᠯ ᠰᠠᠢᠨ ᠪᠠᠢᠨ᠎ᠠ᠃ ᠲᠡᠳᠡᠨ ᠦ᠌ ᠲᠡᠭᠦᠰᠬᠡᠨ ᠲᠤᠩ ᠠᠶᠠᠲᠠᠢᠬᠠᠨ ᠬᠡᠦᠬᠡᠨ ᠪᠣᠯᠤᠭ᠎ᠠ ᠳᠠ᠃ ᠬᠠᠷᠢᠨ ᠬᠠᠳᠠᠮ ᠤ᠋ᠨ ᠣᠴᠢᠬᠤ ᠪᠣᠯᠪᠠᠤ ? ᠦᠭᠡᠢ ᠤᠤ? ᠭᠡᠪᠡᠯ ᠬᠣᠶᠠᠷ ᠳᠡᠭᠦᠦ ᠨᠢ ᠢᠨᠢᠶᠡᠯᠳᠦᠨ᠄ 
       — ᠦᠭᠡᠢ ᠠ᠋ ᠂ ᠭᠡᠷ ᠲᠡᠭᠡᠨ ᠪᠠᠢᠭ᠎ᠠ ᠭᠡᠰᠡᠨ ᠭᠡᠪᠡ᠃ ᠲᠡᠮᠦᠵᠢᠨ᠄  
       — ᠶᠠᠭᠤᠨ ᠰᠠᠢᠨ ᠶᠤᠮ? ᠪᠤᠭᠤᠷᠴᠢ ᠶ᠋ᠢ ᠲᠡᠭᠦᠨ ᠦ᠌ ᠠᠬ᠎ᠠ ᠳᠠᠷᠬᠢ ᠶ᠋ᠢ ᠳᠠᠭᠤᠳᠠᠬᠤ ᠨᠡᠷ᠎ᠡ ᠪᠡᠷ ᠶᠠᠪᠤᠭᠤᠯᠤᠶ᠎ᠠ ᠭᠡᠵᠦ ᠪᠣᠳᠣᠭᠰᠠᠨ ᠶᠤᠮ᠃ ᠳᠠᠷᠬᠢ ᠨᠠᠳᠠ ᠠ᠋ᠴᠠ ᠨᠢᠭᠡ ᠠᠬ᠎ᠠ᠂ ᠪᠢᠳᠡ ᠬᠣᠶᠠᠷ ᠲᠣᠭᠯᠠᠵᠤ ᠥᠰᠦᠭᠰᠡᠨ᠃ ᠨᠠᠮ᠎ᠠ ᠶ᠋ᠢ ᠢᠷ᠎ᠡ ᠭᠡᠬᠦ ᠳ᠋ᠦ᠍ ᠢᠷᠡᠵᠦ ᠲᠠᠭᠠᠷᠠᠨ᠎ᠠ᠃ ᠲᠡᠭᠡᠪᠡᠯ ᠪᠣᠭᠣᠷᠴᠢ ᠶ᠋ᠢ ᠶᠠᠪᠤᠭᠤᠯᠤᠨ᠎ᠠ ᠭᠡᠪᠡ᠃ ᠨᠥᠭᠦᠭᠡ ᠬᠣᠶᠠᠷ ᠨᠢ ᠢᠨᠢᠶᠡᠯᠳᠦᠪᠡ᠃ ᠲᠡᠮᠦᠵᠢᠨ ᠴᠦ᠍ ᠢᠨᠢᠶᠡᠬᠦ ᠠᠶᠠᠳᠠᠭᠠᠳ᠄ 
       — ᠵᠠ ᠵᠠ᠃ ᠢᠨᠢᠶᠡᠭᠡᠳ ᠪᠠᠢᠬᠤ ᠶᠠᠭᠤ ᠪᠠᠢᠭ᠎ᠠ ᠶᠤᠮ ᠪᠣᠢ? ᠮᠣᠷᠳᠠᠶ᠎ᠠ᠃ ᠬᠠᠷᠢᠵᠠᠭᠠᠶ᠎ᠠ ᠳᠠ ᠭᠡᠯ᠎ᠡ᠃   
       ᠲᠡᠭᠡᠭᠡᠳ ᠲᠡᠳᠡ ᠭᠡᠷ ᠲᠡᠭᠡᠨ ᠢᠷᠡᠯ᠎ᠡ᠃  
       ᠪᠣᠭᠣᠷᠴᠢ᠂ ᠵᠠᠯᠮ᠎ᠠ ᠬᠣᠶᠠᠷ ᠲᠡᠳᠡᠨ ᠢ᠋ ᠤᠭᠲᠤᠵᠤ᠂ ᠬᠢᠵᠦ ᠶᠠᠪᠤᠭᠤᠯᠤᠭᠰᠠᠨ ᠢ᠋ᠶ᠋ᠠᠨ ᠨᠢᠭᠡᠳ ᠨᠢᠭᠡ ᠦᠭᠡᠢ ᠶᠠᠷᠢᠵᠤ ᠢᠨᠢᠶᠡᠯᠳᠦᠨ ᠬᠥᠭᠵᠢᠯᠳᠦᠵᠦ《ᠶᠡᠬᠡ ᠰᠠᠢᠨ᠂ ᠶᠡᠬᠡ ᠰᠠᠢᠨ》 ᠭᠡᠵᠦ ᠲᠡᠮᠦᠵᠢᠨ ᠮᠠᠭᠲᠠᠭᠠᠳ᠄ 
       — ᠪᠢᠳᠡ ᠴᠦ᠍ ᠭᠡᠰᠡᠨ ᠶᠡᠬᠡ ᠤᠷᠮ᠎ᠠ ᠵᠣᠷᠢᠭᠲᠠᠢ ᠢᠷᠡᠯ᠎ᠡ᠃ ᠲᠤᠭᠤᠷᠢᠯ ᠬᠠᠨ ᠪᠢᠳᠡᠨ ᠳ᠋ᠦ᠍ ᠲᠤᠰᠠᠯᠠᠨ᠎ᠠ ᠭᠡᠰᠡᠨ᠃ ᠮᠡᠷᠭᠢᠳ ᠦ᠋ᠳ ᠲᠡᠢ ᠳᠠᠢᠳᠤᠬᠤ ᠯᠠ ᠪᠣᠯᠬᠤ ᠨᠢ᠃ ᠲᠡᠢᠨ ᠭᠡᠳᠡᠭ ᠲᠣᠭᠯᠠᠭᠠᠮ ᠨᠠᠭᠠᠳᠤᠮ ᠪᠢᠰᠢ᠃ ᠠᠮᠢ ᠨᠠᠰᠤᠨ ᠤ᠋ ᠥᠷᠢᠰᠦᠯᠳᠦᠭᠡᠨ᠃ ᠳᠠᠢᠳᠤᠬᠤ ᠶ᠋ᠢᠨ ᠲᠤᠯᠠ ᠶᠡᠬᠡ ᠠᠵᠢᠯ ᠪᠠᠢᠭ᠎ᠠ᠃ ᠠᠵᠢᠯ ᠳ᠋ᠠᠭᠠᠨ ᠣᠷᠣᠵᠠᠭᠠᠨ᠎ᠠ ᠳᠠ ᠭᠡᠯ᠎ᠡ᠃  
       ᠲᠡᠭᠡᠰᠬᠢᠭᠡᠳ ᠲᠡᠮᠦᠵᠢᠨ ᠪᠣᠭᠣᠷᠴᠢ ᠶ᠋ᠢ ᠳᠠᠭᠠᠭᠤᠯᠤᠨ ᠬᠣᠢᠲᠤ ᠳᠣᠪᠣᠴᠠᠭ ᠳᠡᠭᠡᠷ᠎ᠡ ᠭᠠᠷᠴᠤ ᠵᠠᠪᠢᠯᠠᠨ ᠰᠠᠭᠤᠵᠠᠭᠠᠪᠠ᠃ ᠲᠡᠮᠦᠵᠢᠨ ᠪᠣᠭᠣᠷᠴᠢ ᠤᠷᠤᠭᠤ ᠠᠷᠭᠠᠳᠠᠩᠭᠣᠢ ᠬᠠᠨᠳᠤᠵᠤ᠄ 
       — ᠪᠣᠭᠣᠷᠴᠢ ᠠ᠋᠂ ᠪᠢ ᠴᠢᠮᠠᠶ᠋ᠢ ᠨᠢᠭᠡ ᠠᠵᠢᠯ ᠳ᠋ᠤ᠌ ᠲᠣᠬᠣᠭᠠᠵᠤ ᠶᠠᠪᠤᠭᠤᠯᠤᠮᠠᠷ ᠪᠠᠢᠨ᠎ᠠ᠃ ᠤᠬᠠᠭᠠᠨ ᠳ᠋ᠠᠭᠠᠨ ᠠᠩᠬᠠᠨ ᠤ᠋ ᠳᠠᠭᠠᠭᠠᠯᠭᠠᠪᠤᠷᠢ ᠭᠡᠬᠦ ᠤᠤ ᠳᠠ ᠭᠡᠬᠦ ᠳ᠋ᠦ᠍ ᠪᠣᠭᠣᠷᠴᠢ ᠬᠦᠯᠢᠴᠡᠩᠭᠦᠢ ᠪᠡᠷ᠄  
       — ᠵᠠ᠂ ᠪᠡᠶᠡᠯᠡᠭᠦᠯᠦᠶ᠎ᠡ ᠭᠡᠪᠡ᠃ ᠲᠡᠮᠦᠵᠢᠨ ᠨᠢᠭᠡ ᠴᠢᠯᠠᠭᠤ ᠠᠯᠠᠭᠠᠨ ᠳᠡᠭᠡᠷ᠎ᠡ ᠪᠡᠨ ᠪᠥᠮᠪᠥᠷᠢᠭᠦᠯᠦᠨ ᠤᠷᠤᠯᠳᠤᠵᠤ ᠪᠠᠢᠭᠰᠠᠨ ᠢ᠋ᠶ᠋ᠠᠨ ᠭᠠᠷ ᠢ᠋ᠶ᠋ᠠᠨ ᠡᠷᠭᠦᠵᠦ ᠪᠠᠷᠠᠭᠤᠨ ᠬᠣᠢᠲᠤ ᠵᠦᠭ ᠵᠢᠭᠠᠵᠤ᠄ 
       — ᠬᠡᠨᠲᠡᠢ ᠨᠢᠷᠤᠭᠤᠨ ᠤ᠋ ᠶᠠᠩ ᠰᠠᠷᠢᠳᠠᠭ ᠤ᠋ᠨ ᠠᠷᠤ ᠪᠠᠷ ᠬᠡᠰᠡᠭ ᠪᠤᠰᠠᠭ ᠠᠢᠯ ᠥᠩᠭᠡᠷᠡᠭᠰᠡᠨ ᠨᠠᠮᠤᠷ ᠲᠠᠷᠭᠤᠲᠠᠢ ᠬᠢᠷᠢᠯᠳᠣᠭ ᠠ᠋ᠴᠠ ᠬᠣᠯᠠᠳᠠᠵᠤ ᠨᠠᠭᠠᠰᠢᠯᠠᠵᠤ ᠶᠠᠪᠤᠭ᠎ᠠ ᠭᠡᠰᠡᠨ ᠰᠤᠷᠠᠭ ᠪᠠᠢᠭ᠎ᠠ ᠶᠤᠮ᠃ ᠲᠡᠳᠡᠨ ᠳᠤᠮᠳᠠ ᠮᠠᠨ ᠤ᠋ ᠠᠪᠤ ᠶ᠋ᠢᠨ ᠬᠣᠷᠴᠢ ᠬᠠᠷᠪᠤᠭᠠᠴᠢ ᠠᠭᠰᠠᠨ ᠰᠢᠯᠦᠬᠡᠢ ᠶ᠋ᠢᠨ ᠬᠢ ᠪᠠᠢᠭ᠎ᠠ ᠳᠤᠭᠤᠯᠳᠠᠨ᠎ᠠ᠃ ᠲᠡᠳᠡᠨ ᠦ᠌ ᠬᠥᠪᠡᠭᠦᠨ ᠲᠠᠷᠢᠬᠢ ᠲᠠᠢ ᠪᠢ ᠪᠠᠭ᠎ᠠ ᠳ᠋ᠠᠭᠠᠨ ᠴᠢᠯᠠᠭᠤᠨ ᠲᠣᠭᠯᠠᠭᠠᠮ ᠢ᠋ᠶ᠋ᠠᠷ ᠲᠣᠭᠯᠠᠳᠠᠭ᠂ ᠲᠡᠷᠡ ᠬᠠᠪᠴᠢᠶᠠᠬᠠᠢ ᠪᠠᠷ ᠶᠡᠬᠡ ᠮᠡᠷᠭᠡᠨ ᠬᠠᠷᠪᠤᠳᠠᠭ ᠬᠡᠦᠬᠡᠳ ᠪᠠᠢᠭᠰᠠᠨ᠃ ᠨᠠᠳᠠ ᠠ᠋ᠴᠠ ᠨᠠᠰᠤ ᠪᠠᠷ ᠨᠢᠭᠡ ᠠᠬ᠎ᠠ᠂ ᠨᠠᠳᠠ ᠨᠥᠬᠥᠷ ᠪᠣᠯᠬᠤ ᠶᠣᠰᠣᠲᠠᠢ ᠬᠥᠮᠦᠨ᠃ ᠲᠡᠭᠦᠨ ᠢ᠋ ᠣᠯᠵᠤ ᠢᠷᠡᠬᠦ ᠡᠭᠦᠷᠭᠡ ᠴᠢᠮᠠᠲᠤ ᠣᠨᠣᠭᠠᠵᠤ ᠪᠠᠢᠨ᠎ᠠ᠃ ᠲᠡᠷᠡ ᠨᠠᠭᠠᠰᠢ ᠢᠷᠡᠬᠦ ᠡᠴᠡ ᠳᠤᠷ᠎ᠠ ᠦᠭᠡᠢᠴᠡᠵᠦ ᠪᠣᠯᠤᠨ᠎ᠠ᠃ ᠲᠡᠭᠡᠪᠡᠯ ᠠᠯᠪᠠᠳᠠᠬᠤ ᠬᠡᠷᠡᠭ ᠦᠭᠡᠢ᠃ ᠣᠷᠭᠢ᠂ ᠬᠡᠷᠪᠡ ᠲᠡᠷᠡ ᠢᠷᠡᠬᠦ ᠡᠴᠡ ᠲᠠᠲᠠᠭᠠᠯᠵᠠᠪᠠᠯ ᠲᠡᠷᠡ ᠬᠠᠪᠢ ᠶ᠋ᠢᠨ ᠠᠢᠯ ᠬᠡᠨ ᠦ᠌ ᠬᠢ᠂ ᠬᠠᠮᠢᠭᠠᠭᠤᠷ ᠰᠠᠭᠤᠭ᠎ᠠ ᠶ᠋ᠢ ᠮᠡᠳᠡ᠃ ᠭᠡᠬᠦ ᠳ᠋ᠡᠭᠡᠨ ᠠᠢᠯ ᠢ᠋ᠶ᠋ᠠᠷ ᠣᠷᠣᠬᠤ᠂ ᠬᠡᠰᠦᠬᠦ ᠬᠡᠷᠡᠭ ᠦᠭᠡᠢ᠃ ᠵᠥᠪᠬᠡᠨ ᠰᠢᠯᠦᠬᠡᠢ ᠶ᠋ᠢᠨ ᠬᠡᠨ ᠨᠢᠭᠡᠨ ᠡᠴᠡ ᠯᠡ ᠠᠰᠠᠭᠤᠵᠤ ᠮᠡᠳᠡᠵᠦ ᠪᠣᠯᠬᠤ ᠪᠣᠢ᠃ ᠲᠡᠳᠡᠨ ᠦ᠌ ᠬᠢᠨ ᠴᠢᠮᠠᠶ᠋ᠢ ᠬᠦᠨᠳᠦᠯᠡᠵᠦ ᠬᠦᠯᠢᠶᠡᠨ ᠠᠪᠬᠤ ᠪᠠᠢᠬ᠎ᠠ᠃ ᠮᠠᠨ ᠤ᠋ ᠡᠴᠢᠭᠡ ᠶ᠋ᠢᠨ ᠰᠢᠳᠠᠷ᠂ ᠲᠡᠭᠡᠭᠡᠳ ᠴᠦ᠍ ᠨᠠᠮ᠎ᠠ ᠶ᠋ᠢ ᠪᠠᠭ᠎ᠠ ᠳ᠋ᠤ᠌ ᠨᠠᠳᠠᠳᠤ ᠶᠡᠬᠡ ᠰᠠᠢᠨ᠂ ᠡᠷᠬᠡᠯᠡᠭᠦᠯᠳᠡᠭ ᠪᠠᠢᠭᠰᠠᠨ᠃ ᠪᠣᠯᠣᠮᠵᠢᠲᠠᠢ ᠰᠠᠨᠠᠭᠳᠠᠪᠠᠯ ᠲᠡᠨᠳᠡ ᠰᠠᠭᠠᠲᠠᠵᠤ  ᠴᠤ᠌  ᠪᠣᠯᠤᠨ᠎ᠠ᠃ ᠲᠡᠭᠡᠬᠦ ᠳ᠋ᠡᠭᠡᠨ ᠳᠣᠯᠣᠭ᠎ᠠ ᠬᠣᠨᠣᠭ ᠁ ᠢᠯᠡᠭᠦᠦ ᠤᠳᠠᠪᠠᠯ ᠪᠢᠳᠡ ᠰᠠᠨᠳᠤᠷᠬᠤ ᠪᠤᠶᠤ᠃  
       ᠪᠢ ᠲᠠᠢᠴᠢᠭᠤᠳ ᠲᠤ᠌ ᠪᠠᠷᠢᠭᠳᠠᠭᠠᠳ ᠣᠴᠢᠬᠤ ᠪᠤᠴᠠᠬᠤ ᠵᠠᠮ ᠳ᠋ᠠᠭᠠᠨ ᠪᠠᠢᠭᠰᠠᠨ ᠭᠠᠵᠠᠷ᠃ 50 — 60 ᠮᠣᠳᠣ ᠬᠢᠷᠢ᠃ ᠤᠭ ᠨᠢ ᠰᠢᠷᠦᠭᠦᠬᠡᠨ ᠶᠠᠪᠤᠪᠠᠯ ᠡᠳᠦᠷ ᠦ᠋ᠨ ᠬᠤᠭᠤᠰ ᠤ᠋ᠨ ᠭᠠᠵᠠᠷ᠃ ᠮᠠᠷᠭᠠᠰᠢ ᠥᠷᠯᠥᠭᠡ ᠡᠷᠲᠡᠬᠡᠨ ᠰᠢᠭ ᠮᠣᠷᠳᠠ᠃ ᠪᠢ ᠴᠢᠮᠠᠶ᠋ᠢ ᠭᠠᠷᠭᠠᠵᠤ᠂ ᠥᠨᠳᠥᠷᠯᠢᠭ ᠳᠡᠭᠡᠷ᠎ᠡ ᠡᠴᠡ ᠭᠠᠵᠠᠷ ᠵᠢᠭᠠᠵᠤ ᠥᠭᠭᠦᠨ᠎ᠡ ᠭᠡᠯ᠎ᠡ᠃